ᠲᠤᠭᠤᠭ᠎ᠠ ᠨᠡᠷᠡᠬᠦ
ᠨᠡᠶᠢᠲᠡᠯᠡᠭᠰᠡᠨ ᠴᠠᠭ᠄
2020/10/22
      ᠠᠪᠠᠭᠠᠴᠤᠳ ᠦᠨᠢᠶᠡᠨ ᠤ ᠠᠶᠢᠷᠠᠭ᠂ ᠭᠡᠭᠦᠨ ᠤ ᠠᠶᠢᠷᠠᠭ ᠢᠶᠠᠷ ᠲᠤᠭᠤᠭ᠎ᠠ ᠨᠡᠷᠡᠳᠡᠭ᠃ ᠲᠤᠭᠤᠭ᠎ᠠ ᠨᠡᠷᠡᠬᠦ ᠵᠣᠷᠢᠯᠭ᠎ᠠ ᠪᠣᠯ ᠨᠢᠭᠡ ᠳᠤ ᠠᠷᠢᠬᠢ ᠭᠠᠷᠭᠠᠵᠤ ᠠᠪᠬᠤ᠂ ᠬᠤᠶᠠᠷ ᠲᠤ ᠠᠷᠢᠬᠢ ᠭᠠᠷᠭᠠᠵᠤ ᠠᠪᠤᠭᠰᠠᠨ ᠴᠠᠭ᠎ᠠ ᠪᠠᠷ ᠬᠢᠭᠰᠡᠨ ᠬᠤᠷᠤᠳ ᠠᠭᠠᠷᠤᠤᠯ ᠪᠣᠯ ᠬᠦᠴᠢ ᠪᠠᠭ᠎ᠠ ᠲᠠᠢ᠂ ᠢᠳᠡᠬᠦ ᠪᠣᠶᠣ ᠴᠠᠢ ᠶᠢᠨ ᠬᠢᠴᠡ ᠪᠣᠯᠭᠠᠬᠤ ᠳᠤ ᠵᠣᠬᠢᠮᠵᠢ ᠰᠠᠶᠢᠲᠠᠢ ᠪᠠᠶᠢᠳᠠᠭ᠃      ᠲᠤᠭᠤᠭ᠎ᠠ ᠨᠡᠷᠡᠬᠦ ᠲᠦᠬᠦᠭᠡᠷᠦᠮᠵᠢ ᠠᠶᠢᠷᠠᠭ ᠬᠢᠵᠦ ᠪᠤᠴᠠᠯᠭᠠᠬᠤ ᠪᠦᠳᠦᠭᠦᠨ ᠰᠢᠷᠡᠮᠦᠨ ᠲᠤᠭᠤᠭ᠎ᠠ᠂ ᠳᠡᠭᠡᠭᠦᠷ ᠢᠶᠠᠨ ᠱᠤᠮᠪᠤᠭᠤᠷ᠂ ᠳᠤᠤᠭᠤᠷ ᠢᠶᠠᠨ ᠲᠠᠯᠪᠢᠭᠤ ᠠᠮᠠ ᠲᠠᠢ ᠪᠦᠷᠬᠦᠭᠡᠷ ᠭᠡᠳᠡᠭ ᠮᠤᠳᠤᠨ ᠬᠡᠷᠡᠭᠯᠡᠯ᠂ ᠠᠷᠢᠬᠢ ᠲᠤᠰᠬᠤ ᠲᠤᠰᠬᠤᠭᠤᠷ ᠭᠡᠬᠦ ᠸᠠᠭᠠᠷ ᠤᠨ ᠰᠠᠪᠠ᠂ ᠪᠦᠷᠬᠦᠭᠡᠷ ᠤᠨ ᠳᠡᠭᠡᠷᠡᠬᠢ ᠠᠮᠠᠨ ᠳᠡᠭᠡᠷ᠎ᠡ ᠰᠠᠭᠤᠯᠭᠠᠨ ᠤᠰᠤ ᠬᠢᠬᠦ ᠵᠢᠯᠠᠪᠴᠢ ᠭᠡᠬᠦ ᠵᠢᠵᠢᠭ ᠰᠢᠷᠡᠮᠦᠨ ᠲᠤᠭᠤᠭ᠎ᠠ᠂ ᠪᠦᠷᠬᠦᠭᠡᠷ ᠵᠢᠯᠠᠪᠴᠢ ᠬᠤᠶᠠᠷ ᠤᠨ ᠵᠠᠭᠠᠭ ᠢ ᠪᠦᠲᠡᠭᠡᠨ ᠪᠦᠰᠡᠯᠡᠬᠦ ᠣᠷᠢᠶᠠᠯᠲᠠ ᠭᠡᠬᠦ‍ ᠨᠢᠭᠡ ᠦᠵᠦᠭᠦᠷ ᠲᠤ ᠪᠠᠨ ᠬᠤᠶᠠᠷ ᠤᠷᠲᠤ ᠪᠦᠴᠡ ᠪᠦᠬᠦᠢ ᠨᠠᠷᠢᠪᠲᠤᠷ ᠣᠷᠲᠣ ᠢᠰᠡᠭᠡᠢ ᠪᠣᠶᠣ ᠦᠭᠡᠷ᠎ᠡ ᠡᠳ᠋ ᠢᠶᠠᠷ ᠬᠢᠭᠰᠡᠨ ᠤᠷᠢᠶᠠᠯᠲᠠ ᠵᠡᠷᠭᠡ ᠪᠠᠶᠢᠳᠠᠭ᠃      ᠲᠤᠭᠤᠭ᠎ᠠ ᠨᠡᠷᠡᠬᠦ ᠠᠷᠭ᠎ᠠ ᠲᠤᠰᠤ ᠤᠨᠠᠭᠠᠨ ᠠᠪᠤᠭᠰᠠᠨ ᠲᠤᠷᠬ᠎ᠠ ᠲᠠᠢ ᠠᠶᠢᠷᠠᠭ ᠠᠴᠠ ᠪᠦᠳᠦᠭᠦᠨ ᠲᠤᠭᠤᠭᠠᠨ ᠳᠤ ᠰᠦᠭᠦᠮ ᠳᠤᠨᠳᠠᠭᠤᠷ ᠪᠣᠯᠲᠠᠯ᠎ᠠ ᠬᠢᠭᠡᠳ ᠲᠤᠳᠤᠷ᠎ᠠ ᠨᠢ ᠪᠦᠷᠬᠦᠭᠡᠷ ᠢᠶᠠᠨ ᠳᠤᠤᠷᠠᠲᠤ ᠠᠮᠠ ᠪᠠᠷ ᠨᠢ ᠳᠦᠷᠪᠡᠨ ᠬᠤᠷᠤᠭᠤ ᠬᠢᠷᠢ ᠲᠠᠯᠳᠠᠷᠠᠲᠠᠯ᠎ᠠ ᠰᠠᠭᠤᠯᠭᠠᠨ᠎ᠠ᠃ ᠪᠦᠷᠬᠦᠭᠡᠷ ᠤᠨ ᠳᠤᠲᠤᠷ᠎ᠠ ᠠᠷᠢᠬᠢᠨ ᠤ ᠲᠤᠰᠬᠤᠭᠤᠷ ᠢ ᠠᠶᠢᠷᠠᠭ ᠠᠴᠠ ᠨᠡᠯᠢᠶᠡᠳ ᠳᠡᠭᠡᠭᠰᠢ ᠬᠦᠨᠳᠡᠢ᠂ ᠪᠦᠷᠬᠦᠭᠡᠷ ᠤᠨ ᠳᠡᠭᠡᠳᠦ ᠠᠮᠠᠨ ᠠᠴᠠ ᠳᠤᠤᠭᠤᠷᠬᠠᠨ ᠰᠠᠭᠤᠯᠭᠠᠵᠤ᠂ ᠲᠤᠰᠬᠤᠭᠤᠷ ᠤᠨ ᠠᠮᠠᠰᠠᠷ ᠤᠨ ᠬᠤᠶᠠᠷ ᠲᠠᠯ᠎ᠠ ᠳᠠᠬᠢ ᠰᠡᠨᠵᠢᠨ ᠠᠴᠠ ᠤᠶᠠᠭᠰᠠᠨ ᠭᠤᠭᠴᠤᠭ᠎ᠠ ᠶᠢ ᠬᠤᠶᠠᠷ ᠲᠡᠰᠢ ᠪᠦᠷᠬᠦᠭᠡᠷ ᠤᠨ ᠠᠮᠠᠰᠠᠷ ᠤᠨ ᠳᠡᠭᠡᠭᠦᠷ ᠭᠠᠷᠭᠠᠨ᠂ ᠪᠦᠷᠬᠦᠭᠡᠷ ᠤᠨ ᠬᠤᠶᠠᠷ ᠲᠠᠯ᠎ᠠ ᠶᠢᠨ ᠲᠡᠭᠡᠭᠡᠨ ᠪᠡᠶ᠎ᠡ ᠳᠠᠬᠢ ᠴᠢᠬᠢ ᠮᠣᠳᠤᠨ ᠳᠤ ᠡᠯᠭᠦᠨ ᠲᠤᠷᠭᠤᠨ᠎ᠠ᠃ ᠲᠡᠭᠦᠨ ᠤ ᠳᠡᠭᠡᠷ᠎ᠡ ᠵᠢᠯᠠᠪᠴᠢ ᠪᠦᠷᠬᠦᠭᠡᠷ ᠬᠤᠶᠠᠷ ᠤᠨ ᠵᠠᠭᠠᠭ ᠢᠶᠠᠷ ᠠᠭᠤᠷ ᠰᠠᠪᠰᠠᠬᠤ ᠶᠢ ᠰᠡᠷᠭᠡᠶᠢᠯᠡᠨ ᠤᠷᠢᠶᠡᠯᠲᠠ ᠪᠠᠷ ᠬᠡᠳᠦ ᠳᠠᠪᠬᠤᠷᠯᠠᠨ ᠴᠢᠩᠭ᠎ᠠ ᠪᠤᠭᠤᠨ᠂ ᠪᠦᠴᠡ ᠪᠠᠷ ᠨᠢ ᠤᠯᠠᠮ ᠴᠢᠩᠭᠠᠯᠠᠨ ᠤᠷᠢᠶᠠᠵᠤ ᠤᠷᠬᠢᠨ᠎ᠠ᠃ ᠴᠢᠩᠭᠢᠭᠡᠳ ᠵᠢᠯᠠᠪᠴᠢ ᠪᠠᠨ ᠬᠦᠢᠲᠡᠨ ᠤᠰᠤ ᠪᠠᠷ ᠲᠦᠭᠦᠷᠭᠡᠨ᠎ᠡ᠃ ᠡᠳᠡᠭᠡᠷ ᠶᠠᠪᠤᠴᠠ ᠶᠢ ᠲᠤᠭᠤᠭ᠎ᠠ ᠤᠭᠰᠠᠷᠠᠬᠤ ᠭᠡᠳᠡᠭ᠃      ᠲᠤᠭᠤᠭ᠎ᠠ ᠤᠭᠰᠠᠷᠠᠭᠰᠠᠨ ᠤ ᠳᠠᠷᠠᠭ᠎ᠠ ᠠᠶᠢᠷᠠᠭ ᠢᠶᠠᠨ ᠪᠤᠴᠠᠯᠭᠠᠨ᠎ᠠ᠃ ᠠᠶᠢᠷᠠᠭ ᠪᠤᠴᠠᠯᠤᠭᠠᠳ ᠨᠡᠯᠢᠶᠡᠳ ᠤᠳᠠᠭᠰᠠᠨ ᠤ ᠳᠠᠷᠠᠭ᠎ᠠ ᠵᠢᠯᠠᠪᠴᠢ ᠲᠠᠢ ᠤᠰᠤ ᠬᠠᠯᠠᠵᠤ ᠡᠬᠢᠯᠡᠨ᠎ᠡ᠃ ᠡᠭᠦᠨ ᠢ ᠲᠤᠭᠤᠭ᠎ᠠ ᠠᠭᠤᠷ ᠤᠷᠤᠬᠤ ᠭᠡᠳᠡᠭ᠃ ᠲᠤᠭᠤᠭ᠎ᠠ ᠠᠭᠤᠷ ᠣᠷᠣᠭᠰᠠᠨ ᠤ ᠳᠠᠷᠠᠭ᠎ᠠ ᠵᠢᠯᠠᠪᠴᠢ ᠲᠠᠢ ᠤᠰᠤ ᠶᠢ ᠬᠤᠶᠠᠷ ᠠᠴᠠ ᠭᠤᠷᠪᠠᠨ ᠤᠳᠠᠭ᠎ᠠ ᠰᠣᠯᠢᠨ᠎ᠠ᠃ ᠵᠢᠯᠠᠪᠴᠢ ᠲᠠᠢ ᠤᠰᠤ ᠬᠠᠯᠠᠭᠤᠨ ᠪᠦᠯᠢᠶᠡᠨ ᠪᠣᠯᠪᠠᠯ ᠲᠦᠷᠭᠡᠨ ᠰᠤᠯᠢᠬᠤ ᠬᠡᠷᠡᠭᠲᠡᠢ᠂ ᠬᠡᠳᠦ ᠬᠠᠯᠠᠪᠠᠯ ᠠᠷᠢᠬᠢ ᠰᠣᠯᠠᠷᠠᠨ ᠰᠤᠪᠰᠤ ᠠᠷᠢᠬᠢ ᠭᠠᠷᠳᠠᠭ᠃      ᠲᠤᠭᠤᠭ᠎ᠠ ᠨᠡᠷᠡᠬᠦ ᠳᠤ ᠵᠢᠯᠠᠪᠴᠢᠨ ᠳᠤ ᠬᠢᠬᠦ ᠤᠰᠤ ᠬᠡᠳᠦᠢ ᠬᠦᠢᠲᠡᠨ ᠪᠣᠯ ᠠᠷᠢᠬᠢ ᠲᠡᠳᠦᠢ ᠴᠢᠩᠭ᠎ᠠ ᠪᠦᠭᠡᠳ ᠶᠡᠭᠡ ᠭᠠᠷᠳᠠᠭ᠃ ᠠᠶᠢᠷᠠᠭ ᠤᠨ ᠬᠠᠯᠠᠭᠤᠨ ᠠᠭᠤᠷ ᠭᠦᠢᠲᠡᠨ ᠵᠢᠯᠠᠪᠴᠢᠨ ᠳᠤ ᠮᠦᠷᠭᠦᠨ ᠠᠷᠢᠬᠢ ᠪᠣᠯᠣᠨ ᠬᠤᠪᠢᠯᠵᠣ ᠲᠤᠰᠬᠤᠭᠤᠷ ᠣᠷᠣᠭᠤ ᠭᠤᠭᠤᠵᠢᠨ᠎ᠠ᠃ ᠡᠶᠢᠮᠦ ᠤᠴᠢᠷ ᠠᠴᠠ ᠵᠢᠯᠠᠪᠴᠢᠨ ᠳᠠᠬᠢ ᠣᠰᠣᠨ ᠤ ᠬᠦᠢᠲᠡᠨ ᠤ ᠬᠡᠮᠵᠢᠶ᠎ᠡ ᠪᠠ ᠲᠡᠷᠡ ᠤᠰᠤ ᠶᠢ ᠰᠤᠯᠢᠬᠤ ᠲᠤᠭ᠎ᠠ ᠠᠷᠢᠬᠢᠨ ᠤ ᠶᠠᠰᠤ ᠴᠢᠨᠠᠷ ᠲᠠᠢ ᠰᠢᠭᠤᠳ ᠬᠤᠯᠪᠤᠭᠠᠲᠠᠢ᠃ ᠠᠷᠢᠬᠢᠨ ᠤ ᠴᠢᠨᠠᠷ ᠤᠨ ᠰᠠᠶᠢᠨ ᠮᠠᠭᠤ ᠶᠢ ᠨᠦᠯᠦᠭᠡᠯᠡᠬᠦ ᠨᠦᠭᠦᠴᠡᠯ ᠬᠡᠳᠦ ᠬᠡᠳᠦ ᠪᠠᠶᠢᠳᠠᠭ᠃ ᠡᠬᠡ ᠰᠠᠶᠢᠲᠠᠢ ᠠᠷᠢᠬᠢ᠂ ᠲᠤᠭᠤᠭᠠᠨ ᠤ ᠤᠭᠰᠠᠷᠠᠯᠲᠠ ᠰᠠᠶᠢᠨ ᠪᠣᠯᠵᠣ ᠠᠭᠤᠷ ᠭᠠᠳᠠᠭᠰᠢ ᠰᠠᠪᠰᠠᠬᠤ ᠦᠭᠡᠢ᠂ ᠤᠰᠤ ᠰᠠᠶᠢᠨ ᠬᠦᠢᠲᠡᠨ᠂ ᠤᠰᠤ ᠶᠢ ᠬᠡᠲᠦᠷᠬᠡᠢ ᠬᠠᠯᠠᠭᠠᠬᠤ ᠦᠭᠡᠢ᠂ ᠤᠰᠤ ᠶᠢ ᠬᠡᠲᠦᠷᠬᠡᠢ ᠤᠯᠠᠨ ᠰᠤᠯᠢᠬᠤ ᠦᠭᠡᠢ᠂ ᠬᠠᠮᠤᠭ ᠤᠨ ᠤᠯᠠᠨ ᠳᠤ ᠪᠠᠨ ᠭᠤᠷᠪᠠ ᠤᠳᠠᠭ᠎ᠠ ᠰᠤᠯᠢᠬᠤ᠂ ᠭᠠᠯ ᠢ ᠰᠢᠷᠦᠭᠦᠨ ᠪᠠᠶᠢᠯᠭᠠᠬᠤ ᠵᠡᠷᠭᠡ ᠨᠢ ᠰᠠᠶᠢᠨ ᠠᠷᠢᠬᠢ ᠭᠠᠷᠭᠠᠬᠤ ᠨᠦᠭᠦᠴᠡᠯ ᠶᠤᠮ᠃ ᠡᠳᠡᠭᠡᠷ ᠨᠦᠭᠦᠴᠡᠯ ᠤᠨ ᠠᠯᠢ ᠨᠢᠭᠡ ᠶᠢ ᠤᠮᠳᠤᠭᠠᠶᠢᠯᠠᠪᠠᠯ ᠠᠷᠢᠬᠢ ᠰᠤᠪᠰᠤᠷᠠᠳᠠᠭ᠃ ᠭᠠᠭᠴᠠ ᠬᠤᠶᠠᠷᠬᠠᠨ ᠤᠰᠤ ᠪᠠᠷ ᠠᠪᠤᠭᠰᠠᠨ ᠠᠷᠢᠬᠢ ᠬᠠᠮᠤᠭ ᠤᠨ ᠴᠢᠩᠭ᠎ᠠ ᠪᠠᠶᠢᠳᠠᠭ᠃ ᠨᠡᠷᠡᠭᠰᠡᠨ ᠠᠷᠢᠬᠢ ᠪᠠᠨ ᠠᠶᠢᠷᠠᠭ ᠲᠤ ᠪᠤᠴᠠᠭᠠᠨ ᠬᠢᠵᠦ ᠲᠤᠭᠤᠭ᠎ᠠ ᠨᠡᠷᠡᠬᠦ ᠠᠷᠭ᠎ᠠ ᠪᠠᠷ ᠭᠠᠷᠭᠠᠭᠰᠠᠨ ᠠᠷᠢᠬᠢ ᠶᠢ ᠬᠠᠷᠢᠭᠤᠯᠤᠭᠰᠠᠨ ᠠᠷᠢᠬᠢ ᠭᠡᠵᠦ ᠨᠡᠷᠡᠶᠢᠳᠳᠡᠭ᠃ ᠠᠷᠢᠬᠢ ᠶᠢ ᠠᠶᠢᠷᠠᠭ ᠲᠤ ᠨᠢ ᠪᠤᠴᠠᠭᠠᠨ ᠬᠠᠷᠢᠭᠤᠯᠬᠤ ᠠᠷᠭ᠎ᠠ ᠪᠠᠷ ᠭᠠᠷᠭᠠᠭᠰᠠᠨ ᠠᠴᠠ ᠬᠠᠷᠢᠭᠤᠯᠤᠭᠰᠠᠨ ᠠᠷᠢᠬᠢ ᠭᠡᠵᠦ ᠨᠡᠷᠡᠯᠡᠵᠡᠢ᠃ ᠠᠶᠢᠷᠠᠭ ᠤᠨ ᠡᠬᠡ ᠶᠢ ᠴᠢᠩᠭᠠᠯᠠᠬᠤ ᠶᠢᠨ ᠲᠤᠯᠠ ᠠᠷᠢᠬᠢ ᠶᠢ ᠠᠶᠢᠷᠠᠭ ᠲᠤ ᠬᠤᠯᠢᠬᠤ ᠠᠷᠭ᠎ᠠ ᠴᠣ᠋ ᠪᠠᠶᠢᠳᠠᠭ᠃      ᠠᠶᠢᠷᠠᠭ ᠤᠨ ᠡᠬᠡ ᠮᠠᠭᠤᠲᠠᠬᠤ ᠶᠢ ᠠᠶᠢᠷᠠᠭ ᠡᠬᠡ ᠠᠯᠳᠠᠬᠤ ᠭᠡᠳᠡᠭ᠃ ᠡᠬᠡ ᠤᠷᠤᠬᠤ ᠠᠶᠢᠷᠠᠭ ᠢ ᠡᠭᠡᠵᠢᠬᠦ ᠭᠡᠳᠡᠭ᠃      ᠨᠡᠷᠡᠵᠦ ᠭᠠᠷᠭᠠᠭᠰᠠᠨ ᠠᠷᠢᠬᠢᠨ ᠤ ᠪᠠᠨ ᠴᠢᠨᠠᠷ ᠢ ᠰᠢᠯᠭᠠᠬᠤ ᠳᠤ ᠪᠠᠨ ᠲᠤᠭᠤᠭ᠎ᠠ ᠨᠡᠷᠡᠵᠦ ᠠᠷᠢᠬᠢ ᠪᠠᠨ ᠠᠪᠤᠮᠠᠭᠴᠠ ᠬᠠᠯᠪᠠᠭ᠎ᠠ ᠪᠠᠷ ᠪᠠᠭ᠎ᠠ ᠣᠳᠬᠤᠨ ᠠᠪᠴᠤ ᠭᠠᠯ ᠳᠤ ᠪᠠᠨ ᠡᠷᠭᠦᠳᠡᠭ᠃ ᠬᠡᠷᠪᠡ ᠳᠦᠷᠡᠯᠵᠡᠭᠰᠡᠨ ᠭᠠᠯ ᠤᠨ ᠳᠦᠯᠦ ᠵᠤᠤᠬᠠᠨ ᠤ ᠠᠮᠠ ᠪᠠᠷ ᠭᠠᠳᠠᠭᠰᠢ ᠴᠤᠷᠭᠢᠨ ᠭᠠᠷᠴᠤ ᠠᠷᠢᠬᠢ ᠡᠷᠭᠦᠭᠴᠢ ᠪᠦᠰᠡᠭᠦᠢ ᠶᠢᠨ ᠨᠢᠭᠤᠷ ᠠᠮᠠ ᠶᠢ ᠰᠦᠷᠳᠡᠭᠦᠯᠵᠦ ᠪᠠᠶᠢᠪᠠᠯ ᠲᠡᠷᠡ ᠪᠦᠰᠡᠭᠦᠢ ᠶᠢᠨ ᠳᠤᠲᠤᠷ᠎ᠠ ᠪᠠᠶᠠᠷ ᠡᠭᠦᠰᠴᠦ ᠪᠠᠶᠢᠳᠠᠭ᠂ ᠬᠠᠷᠢᠨ ᠲᠡᠭᠡᠵᠦ ᠭᠠᠯ ᠤᠨ ᠳᠦᠯᠦ ᠴᠤᠷᠬᠢᠬᠤ ᠦᠭᠡᠢ᠂ ᠭᠠᠯ ᠤᠨ ᠴᠤᠭ ᠢ ᠬᠠᠷᠠᠯᠠᠭᠤᠯᠤᠨ ᠤᠲᠤᠭ᠎ᠠ ᠭᠠᠷᠴᠤ ᠦᠨᠡᠰᠦ ᠪᠣᠵᠢᠭᠢᠨᠠᠪᠠᠯ ᠠᠷᠢᠬᠢ ᠰᠤᠪᠰᠤᠷᠠᠭᠰᠠᠨ ᠤ ᠲᠡᠮᠳᠡᠭ ᠪᠣᠯᠵᠣ᠂ ᠰᠢᠯᠭᠠᠨ ᠦᠵᠡᠭᠴᠢ ᠶᠢᠨ ᠤᠷᠮ᠎ᠠ ᠶᠢ ᠬᠤᠭᠤᠯᠤᠨ᠎ᠠ᠃      ᠮᠠᠯᠴᠢᠳ ᠰᠢᠮ᠎ᠡ ᠶᠢᠨ ᠠᠷᠢᠬᠢ ᠶᠢ ᠪᠡᠶ᠎ᠡ ᠳᠤ ᠰᠠᠶᠢᠨ ᠭᠡᠵᠦ ᠬᠠᠷ᠎ᠠ ᠠᠷᠢᠬᠢᠨ ᠠᠴᠠ ᠢᠯᠡᠭᠦᠦ ᠡᠷᠬᠢᠮᠯᠡᠨ ᠣᠣᠭᠤᠳᠠᠭ᠃ ᠢᠯᠠᠩᠭᠤᠶ᠎ᠠ ᠡᠪᠦᠯ ᠤᠨ ᠴᠠᠭ ᠣᠷᠣᠢ ᠪᠣᠯᠭᠠᠨ ᠪᠠᠭ᠎ᠠ ᠰᠢᠷ᠎ᠠ ᠲᠤᠰᠤ ᠲᠠᠢ ᠬᠠᠯᠠᠭᠠᠨ ᠤᠤᠭᠤᠪᠠᠯ ᠬᠦᠢᠲᠡᠨ ᠤᠷᠤᠨ ᠤ ᠬᠦᠮᠦᠰ ᠲᠤ ᠨᠢᠭᠡᠨ ᠵᠦᠢᠯ ᠤᠨ ᠰᠤᠪᠢᠯᠠᠯᠲᠠ ᠪᠤᠯᠤᠨ᠎ᠠ ᠭᠡᠵᠦ ᠦᠵᠡᠵᠦ᠂ ᠰᠢᠮ᠎ᠡ ᠶᠢᠨ ᠠᠷᠢᠬᠢ ᠶᠢ ᠶᠡᠭᠡ ᠬᠡᠮᠵᠢᠶ᠎ᠡ ᠪᠠᠷ ᠨᠦᠬᠡᠴᠡᠯᠡᠨ ᠬᠠᠳᠠᠭᠠᠯᠠᠵᠤ ᠡᠪᠦᠯ ᠤᠤᠭᠤᠳᠠᠭ ᠵᠠᠩᠰᠢᠯ ᠲᠠᠢ᠃      ︵ᠢᠷᠡᠯᠲᠡ᠄ ᠨ᠊ · ᠪᠦᠬᠡᠬᠠᠳᠠ᠂ ᠰ᠊ · ᠭᠠᠩᠭᠠᠨᠴᠡᠴᠡᠭ ᠤᠨ ᠨᠠᠶᠢᠷᠠᠭᠤᠯᠤᠭᠰᠠᠨ ︽ᠠᠪᠠᠭ᠎ᠠ ᠵᠠᠩ ᠦᠢᠯᠡ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ᠠᠪᠠᠭ᠎ᠠ ᠵᠠᠩ ᠦᠢᠯᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号