ᠦᠵᠦᠮᠦᠴᠢᠨ ᠭᠠᠯ ᠳᠠᠬᠢᠯᠭ᠎ᠠ
ᠨᠡᠶᠢᠲᠡᠯᠡᠭᠰᠡᠨ ᠴᠠᠭ᠄
2017/4/28
ᠤᠷᠢᠶᠠᠩᠬᠠᠨ ᠤ᠂ ᠶᠤᠨᠳᠤᠨ                        ᠦᠵᠦᠮᠦᠴᠢᠨᠴᠤᠳ᠂ ︿︿ᠭᠠᠯ ᠳᠠᠬᠢᠯᠭ᠎ᠠ ᠶᠢᠨ ᠰᠤᠳᠤᠷ﹀﹀ ᠢᠶᠠᠷ ᠬᠦᠳᠦᠯᠪᠦᠷᠢ ᠪᠤᠯᠭᠠᠵᠦ᠂ ᠲᠡᠷᠡ ᠵᠢᠷᠤᠮᠵᠢᠯ ᠢᠶᠠᠷ ᠵᠢᠯ ᠤᠨ ᠳᠠᠬᠢᠯᠭ᠎ᠠ᠂ ᠤᠯᠠᠷᠢᠯ ᠤᠨ ᠳᠠᠬᠢᠯᠭ᠎ᠠ᠂ ᠰᠠᠷ᠎ᠠ ᠶᠢᠨ ᠳᠠᠬᠢᠯᠭ᠎ᠠ ᠂ ᠡᠳᠦᠷ ᠤᠨ ᠳᠠᠬᠢᠯᠭ᠎ᠠ ᠡᠷᠭᠦᠵᠦ ᠭᠠᠯ ᠢᠶᠠᠨ ᠳᠠᠬᠢᠵᠦ ᠪᠠᠶᠢᠭᠰᠠᠨ ᠤᠯᠠᠮᠵᠢᠯᠠᠯ ᠲᠠᠢ᠂ ᠳᠠᠬᠢᠯᠭ᠎ᠠ ᠨᠢ ᠠᠶᠢᠯ ᠡᠷᠦᠬᠡ ᠶᠢᠨ ᠳᠠᠬᠢᠯᠭ᠎ᠠ᠂ ᠲᠦᠷᠦ ᠶᠢᠨ ᠳᠠᠬᠢᠯᠭ᠎ᠠ ︵ᠶᠡᠭᠡ ᠳᠠᠬᠢᠯᠭ᠎ᠠ︶ ᠭᠡᠵᠦ ᠢᠯᠭᠠᠨ᠎ᠠ᠂ ᠦᠵᠦᠮᠦᠴᠢᠨ ᠤ ᠰᠦᠯᠳᠡᠨ ᠵᠠᠩᠭᠢ ᠨᠢ ᠶᠡᠭᠡ ᠭᠠᠯ ᠳᠠᠬᠢᠯᠭ᠎ᠠ ᠶᠢ ᠡᠷᠬᠢᠯᠡᠨ ᠭᠦᠢᠴᠡᠳᠭᠡᠳᠡᠭ ᠪᠠᠶᠢᠵᠠᠢ᠂ ᠶᠡᠭᠡ ᠭᠠᠯ ᠳᠠᠬᠢᠯᠭ᠎ᠠ ᠶᠢᠨ ᠴᠠᠭ ᠬᠤᠭᠤᠴᠠᠭ᠎ᠠ ᠨᠢ ᠵᠢᠯ ᠪᠦᠷᠢ ᠶᠢᠨ ᠯᠠ ᠰᠠᠷ᠎ᠠ ᠶᠢᠨ ᠬᠤᠷᠢᠨ ᠭᠤᠷᠪᠡᠨ ᠪᠤᠶᠤ ᠬᠤᠷᠢᠨ ᠲᠦᠷᠪᠡᠨ ᠤ ᠡᠳᠦᠷ ᠪᠠᠶᠢᠵᠦ᠂ ᠬᠤᠰᠢᠭᠤᠨ ᠤ ᠸᠠᠩ ᠨᠤᠶᠠᠨ ᠲᠦᠷᠦᠭᠦᠯᠡᠭᠰᠡᠨ ᠵᠡᠷᠬᠡ ᠵᠢᠩᠰᠡᠳᠡᠳ ᠬᠢᠭᠡᠳ ᠠᠷᠠᠳ ᠮᠠᠯᠴᠢᠳ ᠨᠡᠶᠢᠳᠡ ᠪᠠᠷ ᠳᠠᠬᠢᠵᠦ᠂ ᠡᠵᠡᠨ ᠤ ᠭᠠᠯ ᠭᠤᠯᠤᠮᠳᠠ ᠳᠤ ᠰᠦᠰᠦᠭ ᠪᠢᠰᠢᠷᠡᠯ ᠢᠶᠠᠨ ᠳᠠᠭᠠᠳᠬᠠᠳᠠᠭ ᠪᠠᠶᠢᠨ᠎ᠠ᠃ ᠦᠵᠦᠮᠦᠴᠢᠨ ᠳᠤ ᠡᠨᠡ ᠭᠠᠯ ᠳᠠᠬᠢᠯᠭ᠎ᠠ ᠶᠢ ᠰᠦᠯᠳᠡᠨ ᠵᠠᠩᠭᠢ ᠭᠦᠢᠴᠡᠳᠭᠡᠵᠦ ᠪᠠᠶᠢᠬᠤ ᠠᠴᠠ ᠦᠵᠡᠬᠦ ᠳᠤ ᠡᠨᠡ ᠪᠤᠯ ᠡᠵᠡᠨ ᠴᠢᠩᠭᠢᠰ ᠤᠨ ᠭᠠᠯ ᠭᠤᠯᠤᠮᠳᠠ ᠶᠢᠨ ᠳᠠᠬᠢᠯᠭ᠎ᠠ ᠪᠤᠯᠬᠤ ᠠᠴᠠ ᠪᠢᠰᠢ ᠡᠯ᠎ᠡ ᠪᠤᠷᠵᠢᠭᠢᠨ ᠤᠪᠤᠭᠳᠠᠳ ᠤᠨ ᠬᠤᠪᠢ ᠶᠢᠨ ᠭᠡᠷ ᠤᠨ ᠳᠠᠬᠢᠯᠭ᠎ᠠ ᠪᠢᠰᠢ ᠭᠡᠳᠡᠭ ᠨᠢ ᠲᠤᠳᠤᠷᠬᠠᠢ ᠪᠠᠶᠢᠨ᠎ᠠ᠂ ᠲᠦᠷᠦ ᠶᠢᠨ ᠲᠤᠰᠢᠶᠠᠯᠳᠠᠨ ᠬᠠᠮᠢᠶᠠᠷᠤᠨ ᠶᠠᠪᠤᠭᠳᠠᠭᠤᠯᠵᠦ ᠪᠠᠶᠢᠬᠤ ᠠᠴᠠ ᠲᠦᠷᠦ ᠶᠢᠨ ᠶᠡᠭᠡ ᠭᠠᠯ ᠳᠠᠬᠢᠯᠭ᠎ᠠ ᠪᠤᠯᠬᠤ ᠨᠢ ᠢᠯᠡᠷᠬᠡᠢ ᠪᠤᠢ᠃      ᠭᠠᠯ ᠳᠠᠬᠢᠯᠭ᠎ᠠ ᠶᠢᠨ ᠵᠠᠩ ᠦᠢᠯᠡ ᠳᠤ ᠬᠡᠷᠡᠭᠰᠡᠬᠦ ᠪᠤᠳᠠᠰ ᠤᠨ ᠵᠦᠢᠯᠳᠡ ᠭᠡᠪᠡᠯ ᠭᠤᠤᠯ ᠰᠢᠳᠦᠭᠡᠨ —  ᠤᠩᠭᠤᠨ ᠲᠤᠯᠭ᠎ᠠ  ︵ᠳᠠᠬᠢᠯᠭ᠎ᠠ ᠳᠤ ᠬᠡᠷᠡᠭᠯᠡᠳᠡᠭ ᠲᠤᠯᠭ᠎ᠠ︶᠂ ᠭᠡᠳᠡ ᠴᠠᠬᠢᠭᠤᠷ᠂ ᠭᠠᠯ ᠤᠨ ᠰᠠᠩ᠂ ᠳᠠᠬᠢᠯᠭ᠎ᠠ ᠶᠢᠨ ᠴᠠᠭᠠᠨ ᠪᠤᠶᠤ ᠰᠢᠷᠠᠨᠳᠤᠨ ᠵᠢᠰᠤᠮ ᠤᠨ ᠬᠤᠨᠢ᠂ ᠵᠠᠯᠮ᠎ᠠ ᠰᠡᠳᠡᠷ ︵ᠲᠠᠪᠤᠨ ᠦᠩᠭᠡ ᠶᠢᠨ ᠲᠤᠷᠭ᠎ᠠ ᠪᠦᠰ︶᠂ ᠲᠠᠪᠤᠨ ᠳᠠᠷᠢᠶᠠᠨ ᠦᠷ᠎ᠡ᠂ ᠲᠠᠪᠤᠨ ᠡᠷᠳᠡᠨᠢᠰ ᠤᠨ ᠵᠦᠢᠯ ᠂ ᠵᠤᠯᠠ ᠬᠦᠵᠢ᠂ ᠤᠳᠤᠯᠭ᠎ᠠ ᠰᠠᠩ ᠤᠨ ᠵᠦᠢᠯᠳᠡ᠂ ᠳᠠᠯᠠᠯᠭᠠᠨ ᠲᠦᠷᠦᠭᠡ᠂ ᠡᠷᠭᠦᠯ ᠤᠨ ᠠᠷᠢᠬᠢ ᠰᠢᠷ᠎ᠠ ᠲᠤᠰᠤ᠂ ᠴᠢᠪᠠᠭ᠎ᠠ ᠦᠵᠦᠮ ᠵᠡᠷᠭᠡ ᠠᠮᠳᠠᠳᠠᠨ ᠤ ᠵᠦᠢᠯᠳᠡ᠂ ᠡᠪᠡᠰᠦ ᠮᠤᠳᠤᠨ ᠵᠡᠷᠭᠡ ᠲᠦᠯᠡᠰᠢᠨ ᠤ ᠵᠦᠢᠯᠳᠡ ᠤᠳ ᠤᠷᠤᠳᠠᠭ᠂  ᠭᠠᠯ ᠳᠠᠬᠢᠯᠭ᠎ᠠ ᠶᠢᠨ ᠪᠡᠯᠡᠳᠭᠡᠯ ᠠᠵᠢᠯ ᠳᠤ ᠳᠠᠬᠢᠯᠭ᠎ᠠ ᠶᠢᠨ ᠬᠤᠨᠢ ᠲᠦᠬᠦᠭᠡᠷᠡᠬᠦ ᠪᠠ ᠡᠷᠭᠦᠯ ᠤᠨ ᠵᠦᠢᠯᠳᠡ ᠶᠢ ᠪᠦᠷᠢᠨᠰᠢᠭᠦᠯᠬᠦ᠂ ᠲᠤᠯᠭ᠎ᠠ ᠵᠠᠰᠠᠬᠤ᠂ ᠳᠠᠯᠠᠯᠭ᠎ᠠ ᠠᠪᠬᠤ᠂ ᠯᠠᠮᠠ ᠵᠠᠯᠠᠬᠤ ︵ᠵᠠᠷᠢᠮ ᠠᠶᠢᠯ ᠯᠠᠮᠠ ᠪᠠᠷ ᠳᠠᠬᠢᠯᠭ᠎ᠠ ᠶᠢᠨ ᠰᠤᠳᠤᠷ ᠢᠶᠠᠨ ᠤᠩᠰᠢᠭᠤᠯᠳᠠᠭ ᠪᠤᠢ︶᠂ ᠤᠭᠤᠴᠠ ᠵᠠᠰᠠᠬᠤ᠂ ᠲᠦᠷᠦᠯ ᠲᠦᠷᠦᠭᠰᠡᠳ ᠢᠶᠠᠨ ᠵᠠᠯᠠᠬᠤ᠂ ᠲᠦᠷᠦ ᠶᠢᠨ ᠬᠤᠪᠴᠠᠰᠦ ᠵᠠᠰᠠᠯ ᠪᠤᠶᠤ ᠰᠢᠨ᠎ᠠ ᠬᠤᠪᠴᠠᠰᠤ ᠡᠮᠦᠰᠬᠦ᠂ ᠭᠡᠷ ᠤᠷᠤᠨ ᠢᠶᠠᠨ ᠴᠡᠪᠡᠷᠯᠡᠬᠦ᠂ ᠭᠠᠯ ᠳᠤ ᠤᠩᠭᠤᠯᠠᠬᠤ ᠮᠠᠯ ᠢᠶᠠᠨ ᠪᠠᠷᠢᠬᠤ᠂ ᠮᠠᠯ ᠰᠦᠷᠦᠭ ᠢᠶᠠᠨ ᠠᠷᠢᠭᠤᠯᠬᠤ ᠵᠡᠷᠭᠡ ᠵᠦᠢᠯᠡᠰ ᠪᠠᠭᠳᠠᠨ᠎ᠠ᠃      ᠲᠤᠯᠭ᠎ᠠ ᠪᠠ ᠲᠡᠭᠦᠨ ᠤ ᠪᠦᠲᠦᠴᠡ — ᠲᠤᠯᠭ᠎ᠠ ᠪᠤᠯ ᠨᠡᠭᠦᠳᠡᠯᠴᠢᠨ ᠮᠤᠩᠭᠤᠯᠴᠤᠳ ᠤᠨ ᠢᠰᠡᠭᠡᠢ ᠭᠡᠷ ᠲᠤ ᠬᠡᠷᠡᠭᠯᠡᠳᠡᠭ ᠭᠠᠯ ᠲᠦᠯᠡᠰᠢᠨ ᠤ ᠡᠳ᠋ᠯᠡᠯ ᠪᠤᠯᠤᠨ᠎ᠠ᠂ ᠲᠤᠯᠭ᠎ᠠ ᠶᠢ ᠭᠠᠩ ᠲᠡᠮᠦᠷ ᠢᠶᠠᠷ ᠤᠯᠠᠭᠠᠨ ᠭᠠᠯ ᠳᠤ ᠳᠡᠪᠳᠡᠵᠦ ᠬᠢᠬᠦ ᠪᠠ ᠠᠷᠭᠠᠯ ᠢᠶᠠᠷ ᠭᠤᠤᠯᠳᠠᠢ ᠲᠦᠯᠡᠰᠢ ᠪᠤᠯᠭᠠᠵᠦ᠂ ᠭᠡᠷ ᠡᠷᠦᠬᠡ ᠪᠠᠨ ᠲᠤᠯᠠᠭᠠᠯᠠᠨ ᠲᠡᠮᠦᠷ ᠲᠤᠭᠤᠭ᠎ᠠ ᠪᠠᠨ ᠳᠡᠯᠪᠢᠵᠦ᠂ ᠬᠤᠭᠤᠯᠠ ᠴᠠᠢ ᠪᠠᠨ ᠪᠤᠯᠭᠤᠭᠠᠵᠦ ᠢᠳᠡᠳᠡᠭ ᠶᠤᠮ᠂ ᠲᠤᠯᠭ᠎ᠠ ᠨᠢ ᠵᠤᠤᠬ᠎ᠠ ᠶᠢᠨ ᠦᠢᠯᠡᠳᠦᠯ ᠢ ᠦᠵᠡᠭᠦᠯᠵᠦ ᠪᠠᠶᠢᠪᠠ᠂ ᠲᠤᠯᠭ᠎ᠠ ᠪᠤᠯ ᠤᠯᠠᠩᠬᠢ ᠳᠠᠭᠠᠨ ᠲᠦᠷᠪᠡᠨ ᠲᠤᠲᠤᠭᠤ ︵ᠤᠴᠤᠭ︶᠂ ᠲᠦᠷᠪᠡᠨ ᠱᠠᠯᠠᠮ᠂ ᠲᠦᠷᠪᠡᠨ ᠬᠠᠰᠠᠭ᠂ ᠬᠤᠶᠠᠷ ᠪᠠᠷᠢᠭᠤᠯ ︵ᠭᠠᠷᠬ᠎ᠠ︶ ᠪᠠ ᠭᠤᠭᠴᠤᠭ᠎ᠠ᠂ ᠠᠷᠪᠠᠨ ᠵᠢᠷᠭᠤᠭᠠᠨ ᠬᠠᠳᠠᠭᠠᠰᠤ ᠵᠡᠷᠭᠡ ᠪᠠᠷ ᠪᠦᠷᠢᠯᠳᠦᠳᠡᠭ᠃ ᠭᠤᠶᠤᠮᠰᠤᠭ ᠬᠢᠴᠡᠳᠠᠢ ᠲᠤᠯᠭ᠎ᠠ ᠨᠢ ᠲᠦᠷᠪᠡᠨ ᠲᠤᠲᠤᠭᠤ ᠳᠠᠭᠠᠨ ᠤᠭᠠᠯᠵᠠ ᠭᠠᠷᠭᠠᠭᠰᠠᠨ ᠪᠠᠶᠢᠳᠠᠭ᠂ ᠵᠡᠷᠢᠮ ᠶᠡᠬᠡᠰ ᠤᠨ ᠲᠤᠯᠭ᠎ᠠ ᠨᠢ ᠵᠢᠷᠭᠤᠭᠠᠨ ᠲᠤᠳᠤᠭᠤ᠂ ᠱᠠᠯᠠᠮ᠂ ᠲᠦᠷᠪᠡᠨ ᠬᠠᠰᠠᠭ ᠢᠶᠠᠷ ᠬᠢᠳᠡᠭ ᠴᠤ ᠪᠤᠢ᠃ ᠲᠤᠯᠭ᠎ᠠ ᠶᠢ ᠶᠡᠭᠡ ᠪᠠᠭ᠎ᠠ ᠬᠢᠬᠦ ᠪᠦᠭᠡᠳ ᠪᠠᠰᠠ ᠡᠩ ᠤᠨ ᠬᠡᠷᠡᠭᠯᠡᠭᠡᠨ ᠤ ᠲᠤᠯᠭ᠎ᠠ᠂ ᠤᠩᠭᠤᠨ ᠲᠤᠯᠭ᠎ᠠ ᠭᠡᠵᠦ ᠢᠯᠭᠠᠵᠦ᠂ ᠤᠩᠭᠤᠨ ᠲᠤᠯᠭ᠎ᠠ ᠶᠢ ᠬᠤᠶᠢᠮᠦᠷ ᠵᠠᠯᠠᠬᠤ ᠪᠠ ᠳᠠᠬᠢᠯᠭ᠎ᠠ ᠳᠤ ᠯᠡ ᠬᠡᠷᠡᠭᠯᠡᠳᠡᠭ᠂ ᠡᠩ ᠤᠨ ᠲᠤᠯᠭ᠎ᠠ ᠳᠤ ᠭᠤᠷᠪᠠᠨ ᠬᠠᠰᠠᠭ ᠲᠠᠢ ᠬᠢᠬᠦ ᠮᠦᠨ ᠪᠤᠢ᠃      ᠳᠠᠬᠢᠯᠭ᠎ᠠ ᠶᠢᠨ ᠬᠤᠨᠢ ᠶᠢ ᠲᠦᠬᠦᠭᠡᠷᠡᠬᠦ —  ᠴᠠᠭᠠᠨ ᠪᠤᠶᠤ ᠰᠢᠷᠠᠨᠳᠤᠨ ᠵᠢᠰᠤᠮ ᠤᠨ ᠰᠢᠷᠬ᠎ᠠ ᠰᠡᠪ ᠦᠭᠡᠢ ᠬᠤᠨᠢ ᠶᠢ ᠠᠯᠠᠵᠦ᠂ ᠴᠡᠪᠡᠷ ᠰᠠᠶᠢᠬᠠᠨ ᠡᠪᠳᠡᠵᠦ ᠰᠠᠯᠭᠠᠭᠠᠳ᠂ ᠡᠪᠴᠢᠭᠦᠤ᠂ ᠱᠠᠭᠠᠨᠳᠦ᠂ ᠲᠦᠷᠪᠡᠨ ᠦᠨᠳᠦᠷ ᠬᠠᠪᠢᠰᠦ᠂ ᠰᠡᠮᠵᠡ ᠵᠡᠷᠭᠡ ᠶᠢ ᠳᠠᠬᠢᠯᠭ᠎ᠠ ᠳᠤ ᠦᠯᠡᠳᠡᠭᠡᠵᠦ᠂ ᠪᠤᠰᠤᠳ ᠮᠢᠬ᠎ᠠ ᠶᠢ ᠨᠢ ᠴᠢᠨᠠᠵᠦ ᠪᠤᠯᠭᠤᠭᠠᠳ ᠳᠠᠬᠢᠯᠭ᠎ᠠ ᠶᠢᠨ ᠨᠠᠶᠢᠷ ᠲᠤ ᠪᠡᠯᠡᠳᠭᠡᠨ᠎ᠡ      ᠭᠠᠯ ᠤᠨ ᠡᠷᠭᠦᠯᠳᠡ —  ᠭᠠᠯ ᠳᠤ ᠡᠷᠭᠦᠬᠦ ᠡᠷᠭᠦᠯᠳᠡ ᠶᠢ ᠬᠤᠨᠢᠨ ᠤ ᠡᠪᠴᠢᠭᠦᠤ ᠪᠠᠨ ᠭᠡᠷᠰᠡᠩ ᠪᠠ ᠬᠤᠷᠮᠤᠢ ᠶᠢ ᠨᠢ ᠱᠤᠯᠤᠵᠦ ᠠᠪᠤᠭᠠᠳ ᠰᠡᠪ ᠦᠭᠡᠢ ᠠᠪᠤᠭᠰᠠᠨ ᠰᠡᠮᠵᠡ ᠪᠠᠨ ᠳᠡᠯᠭᠡᠵᠦ᠂ ᠲᠤᠲᠤᠷ᠎ᠠ ᠨᠢ ᠡᠪᠴᠢᠭᠦᠤ ᠪᠠᠨ ᠳᠠᠯᠪᠢᠵᠦ ᠬᠤᠩᠬᠤᠷ ᠳᠤᠨᠢ ᠱᠠᠭᠠᠨᠳᠦ᠂ ᠲᠦᠷᠪᠡᠨ ᠦᠨᠳᠦᠷ ︵ᠬᠠᠪᠢᠰᠦ︶᠂ ᠰᠢᠷ᠎ᠠ ᠲᠤᠰᠤ ᠦᠭᠡᠬᠦᠨ ᠬᠠᠯᠢᠮ᠂ ᠲᠠᠪᠤᠨ ᠦᠩᠭᠡ ᠶᠢᠨ ᠲᠤᠷᠭ᠎ᠠ ᠪᠦᠰ᠂ ᠡᠷᠳᠡᠨᠢᠰ ᠤᠨ ᠵᠦᠢᠯᠡᠰ᠂ ᠲᠤᠯᠤᠭᠠᠨ ᠰᠢᠷᠬᠡᠭ ᠰᠢᠷ᠎ᠠ ᠬᠢᠯᠭᠠᠨᠨ᠎ᠡ᠂ ᠶᠢᠰᠦᠨ ᠮᠦᠬᠦᠯᠢᠭ ᠤᠯᠠᠭᠠᠨ ᠴᠢᠪᠠᠭ᠎ᠠ ᠵᠡᠷᠭᠡ ᠠᠮᠳᠠᠳᠠᠨ ᠤ ᠳᠡᠭᠡᠵᠢ ᠶᠢ ᠬᠢᠵᠦ ᠪᠤᠭᠤᠬᠤ ᠪᠦᠭᠡᠳ ᠲᠡᠮᠡᠭᠡᠨ ᠤ ᠪᠤᠶᠤ ᠬᠤᠨᠢᠨ ᠤ ᠤᠩᠭᠠᠰᠤᠨ ᠤᠳᠠᠰᠦ ᠪᠠᠷ ᠤᠷᠢᠶᠠᠵᠦ ᠳᠠᠯᠪᠢᠨ᠎ᠠ᠂ ᠵᠡᠷᠢᠮ ᠨᠢ ᠡᠪᠴᠢᠭᠦᠨ ᠳᠡᠭᠡᠷ᠎ᠡ ᠳᠠᠪᠤᠨ ᠬᠤᠰᠢᠭᠤ ᠮᠠᠯ ᠤᠨ ᠲᠦᠷᠰᠦ ᠪᠦᠬᠦᠢ ᠪᠠᠯᠢᠩ ᠬᠢᠵᠦ ᠡᠷᠭᠦᠬᠦ ᠴᠤ ᠪᠤᠢ᠃      ᠵᠠᠯᠮ᠎ᠠ ᠬᠢᠬᠦ —  ᠲᠤᠯᠭ᠎ᠠ ᠶᠢᠨ ᠲᠤᠳᠤᠭᠤ ᠪᠠ ᠡᠷᠭᠦᠯ ᠳᠤ ᠬᠡᠷᠡᠭᠯᠡᠬᠦ ᠪᠠᠷ ᠬᠦᠬᠡ᠂ ᠴᠠᠭᠠᠨ᠂ ᠤᠯᠠᠭᠠᠨ᠂ ᠰᠢᠷ᠎ᠠ᠂ ᠨᠤᠭᠤᠭᠠᠨ ᠵᠡᠷᠭᠡ ᠲᠠᠪᠤᠨ ᠦᠩᠭᠡ ᠵᠢᠨ‌‍ᠲ᠋ᠤᠷᠭ᠎ᠠ ᠪᠤᠶᠤ ᠪᠦᠰ ᠢᠶᠠᠷ ᠵᠠᠯᠮ᠎ᠠ ᠬᠢᠳᠡᠭ᠂ ᠦᠷᠭᠡᠨ ᠢᠶᠠᠷ ᠨᠢᠭᠡ ᠢᠮᠠᠬᠤ ᠤᠷᠳᠦ ᠪᠠᠷ ᠢᠶᠠᠨ ᠨᠢᠭᠡ ᠰᠦᠭᠡᠮ ︵ᠭᠤᠷᠪᠠᠨ ᠢᠮᠠᠬᠤ︶ ᠤᠷᠴᠢᠮ ᠤᠨ ᠲᠤᠷᠭ᠎ᠠ ᠪᠦᠰ ᠪᠠᠷ ᠲᠠᠪᠤ ᠶᠢ ᠪᠡᠯᠡᠳᠭᠡᠳᠡᠭ᠂ ᠲᠦᠷᠪᠡ ᠶᠢ ᠨᠢ ᠲᠤᠳᠤᠭᠤᠨ ᠳᠤ ᠡᠯᠭᠦᠬᠦ ᠪᠠᠷ᠂ ᠨᠢᠭᠡ ᠶᠢ ᠨᠢ ᠡᠪᠴᠢᠭᠦᠨ ᠤ ᠬᠠᠮᠳᠦ ᠭᠠᠯ ᠳᠤ ᠡᠷᠭᠦᠬᠦ ᠪᠠᠷ ᠬᠢᠳᠡᠭ ᠶᠤᠮ᠂ ᠵᠠᠯᠮ᠎ᠠ ᠶᠢ ᠡᠮᠦᠰᠭᠡᠯ ᠴᠤ ᠭᠡᠳᠡᠭ᠂ ᠭᠠᠯ ᠭᠠᠯᠠᠶᠢᠬᠠᠨ ᠡᠬᠡ ᠳᠤ ᠡᠮᠦᠰᠭᠡᠯ ᠬᠤᠪᠴᠠᠰᠦ ᠡᠷᠭᠦᠵᠦ ᠪᠠᠶᠢᠬᠤ ᠤᠴᠢᠷ ᠲᠠᠢ᠂ ᠦᠵᠦᠮᠦᠴᠢᠨᠴᠤᠳ ᠲᠠᠪᠤᠨ ᠦᠩᠭᠡ ᠶᠢ ᠬᠦᠬᠡ ᠲᠡᠭᠷᠢ᠂ ᠴᠠᠭᠠᠨ ᠡᠭᠦᠯᠡ᠂ ᠤᠯᠠᠭᠠᠨ ᠭᠠᠯ᠂ ᠨᠤᠭᠤᠭᠠᠨ ᠤᠷᠭᠤᠮᠠᠯ᠂ ᠰᠢᠷ᠎ᠠ ᠰᠢᠷᠤᠢ ︵ᠪᠦᠮᠪᠦᠷᠴᠡᠭ︶ ᠭᠡᠵᠦ ᠳᠠᠶᠢᠯᠪᠤᠷᠢᠯᠠᠳᠠᠭ᠃ ᠬᠦᠬᠡ ᠦᠩᠭᠡ ᠶᠢ ᠳᠡᠭᠡᠷ᠎ᠡ ᠳᠠᠯ᠎ᠠ ᠳᠤ ᠭᠠᠷᠭᠠᠵᠦ᠂ ᠴᠠᠭᠠᠨ᠂ ᠤᠯᠠᠭᠠᠨ᠂ ᠰᠢᠷ᠎ᠠ᠂ ᠨᠤᠭᠤᠭᠠᠨ ᠭᠡᠬᠦ ᠲᠠᠷᠠᠭᠠᠯᠠᠯ ᠢᠶᠠᠷ ᠤᠩᠭᠠᠰᠤᠨ ᠤᠳᠠᠰᠤ ᠪᠠᠷ ᠰᠦᠪᠡᠯᠡᠨ ᠭᠤᠭᠴᠤᠭ᠎ᠠ ᠭᠠᠷᠭᠠᠨ ᠬᠢᠳᠡᠭ ᠶᠤᠮ᠃      ᠰᠡᠳᠡᠷ ᠬᠢᠬᠦ —  ᠭᠠᠯ ᠳᠠᠬᠢᠯᠭ᠎ᠠ ᠤᠨ ᠦᠶ᠎ᠡ ᠳᠤ ᠮᠠᠯ ᠤᠩᠭᠤᠯᠠᠬᠤ ᠳᠤ ᠬᠡᠷᠡᠭᠯᠡᠳᠡᠭ ᠲᠠᠪᠤᠨ ᠦᠩᠭᠡ ᠶᠢᠨ ᠪᠦᠰ ᠲᠤᠷᠭ᠎ᠠ ᠪᠤᠶᠤ ᠲᠤᠷᠭᠠᠨ ᠤᠳᠠᠰᠤ ᠪᠠᠷ ᠬᠢᠭᠰᠡᠨ ᠰᠠᠯᠠᠮᠠᠭ᠎ᠠ ᠡᠳ᠋᠂ ᠳᠠᠷᠤᠢ ᠵᠠᠯᠮ᠎ᠠ ᠶᠢᠨ ᠨᠦᠭᠦᠭᠡ ᠨᠡᠷᠡᠶᠢᠳᠦᠯ ᠪᠤᠯᠬᠤ ᠶᠤᠮ᠂ ᠦᠷᠭᠡᠨ ᠪᠠ ᠤᠷᠳᠦ ᠨᠢ ᠵᠠᠯᠮ᠎ᠠ ᠲᠠᠢ ᠠᠳᠠᠯᠢ ᠪᠠᠶᠢᠵᠦ᠂ ᠰᠡᠳᠡᠷᠯᠡᠬᠦ ᠮᠠᠯ ᠢᠶᠠᠨ ᠦᠨᠳᠦᠰᠦᠯᠡᠨ ᠬᠦᠵᠦᠪᠴᠢ ᠪᠤᠶᠤ ᠤᠶᠠᠭᠠᠨ ᠤ ᠪᠦᠴᠡ ᠭᠠᠷᠭᠠᠵᠦ ᠬᠢᠳᠡᠭ᠂ ᠦᠳᠡᠰᠢ ᠮᠠᠯ ᠢᠶᠠᠨ ᠰᠡᠳᠡᠷᠯᠡᠬᠦ ᠳᠡᠭᠡᠨ ᠭᠠᠯ ᠤᠨ ᠰᠠᠩ ᠢᠶᠠᠷ ᠠᠷᠢᠭᠤᠯᠬᠤ ᠪᠠ ᠯᠠᠮᠠ ᠪᠠᠷ ᠷᠠᠪᠨᠠᠶᠢᠯᠠᠭᠤᠯᠤᠭᠰᠠᠨ ᠤ ᠳᠠᠷᠠᠭ᠎ᠠ ᠰᠠᠶ᠋ᠢ ᠬᠡᠷᠡᠭᠯᠡᠳᠡᠭ᠃      ᠲᠤᠯᠭ᠎ᠠ ᠵᠠᠰᠠᠬᠤ — ᠭᠡᠷ ᠤᠨ ᠲᠦᠪ ᠲᠤᠮᠳᠠ ᠲᠤᠭᠤᠨᠤᠨ ᠤ ᠭᠤᠤᠯ ᠠᠰᠠᠯᠠᠭᠤᠯᠵᠦ ᠳᠠᠬᠢᠯᠭ᠎ᠠ ᠶᠢᠨ ᠤᠩᠭᠤᠨ ᠲᠤᠯᠭ᠎ᠠ ᠪᠠᠨ ᠳᠡᠭᠰᠢ ᠰᠠᠶᠢᠬᠠᠨ ᠵᠠᠯᠠᠵᠦ ᠳᠠᠯᠪᠢᠭᠠᠳ ᠲᠤᠲᠤᠷ᠎ᠠ ᠨᠢ ᠬᠦᠬᠡ ᠠᠷᠭᠠᠯ᠂ ᠬᠠᠶᠢᠯᠠᠰᠤ ᠪᠤᠶᠤ ᠴᠠᠷᠠᠰᠤᠨ ᠮᠤᠳᠤᠨ ᠢ ᠬᠠᠭᠠᠯᠤᠨ ᠲᠦᠷᠪᠡᠯᠵᠢᠯᠡᠭᠦᠯᠦᠨ ᠵᠢᠷᠭᠢᠯᠡᠭᠰᠡᠨ ᠢᠶᠠᠨ ᠲᠦᠷᠪᠡᠨ ᠲᠤᠳᠤᠭᠤ ᠳᠤᠨᠢ ᠳᠠᠪᠤᠨ ᠦᠩᠭᠡ ᠶᠢᠨ ᠪᠦᠰ ᠢᠶᠠᠷ ᠨᠠᠮᠠᠭ᠎ᠠ ᠰᠠᠶᠢᠳᠠᠢ ᠳᠡᠷᠡᠰᠦ ᠪᠤᠶᠤ ᠵᠢᠩᠰᠡ ᠬᠤᠯᠤᠰᠤ ᠤᠷᠢᠶᠠᠨ ᠤᠶᠠᠵᠦ᠂ ᠲᠦᠷᠪᠡᠨ ᠳᠠᠯ᠎ᠠ  ᠳᠤᠨᠢ ᠵᠠᠯᠮ᠎ᠠ ᠬᠢᠵᠦ᠂ ᠰᠡᠭᠦᠯ ᠦᠭᠡᠬᠦ ᠪᠤᠶᠤ ᠰᠡᠮᠵᠢᠨ ᠦᠭᠡᠬᠦ ᠡᠯᠭᠦᠵᠦ ᠳᠠᠯᠪᠢᠬᠤ᠂ ᠬᠠᠰᠠᠭ ᠢ ᠨᠢ ᠦᠶ᠎ᠡ ᠰᠡᠭᠦᠯ ᠢᠶᠠᠷ ᠴᠢᠮᠡᠵᠦ ᠳᠠᠯᠪᠢᠨ᠎ᠠ      ᠳᠠᠯᠠᠯᠭ᠎ᠠ ᠠᠪᠬᠤ —  ᠳᠠᠯᠠᠯᠭ᠎ᠠ ᠠᠪᠬᠤ ᠪᠤᠯ ᠭᠡᠰᠢᠭ ᠪᠤᠶᠠᠨ ᠬᠤᠷᠢᠶᠠᠬᠤ ᠦᠢᠯᠡ ᠶᠤᠮ᠂ ᠡᠭᠦᠨ ᠳᠤ ᠠᠭᠠᠷᠦ ᠮᠤᠳᠤᠨ ᠢᠶᠠᠷ ᠬᠢᠭᠰᠡᠨ ᠵᠢᠵᠢᠭ ᠳᠠᠯᠠᠯᠠᠭᠠᠨ ᠲᠦᠷᠦᠭᠡᠨ ᠳᠤ ᠪᠤᠳᠠᠭ᠎ᠠ ᠰᠠᠴᠤᠵᠦ᠂ ᠱᠠᠭᠠᠨᠳᠦ᠂ ᠲᠦᠷᠪᠡᠨ ᠦᠨᠳᠦᠷ ︵ᠬᠠᠪᠢᠰᠤ︶᠂ ᠭᠤᠳᠤᠩ ᠲᠠᠢ ᠰᠡᠭᠦᠯ᠂ ᠪᠢᠳᠡᠭᠦᠤ ᠬᠤᠰ᠂ ᠡᠪᠴᠢᠭᠦᠨ ᠭᠡᠷᠰᠡᠩ ᠪᠠ ᠬᠤᠷᠮᠤᠢ᠂ ᠬᠠᠳᠠᠭ ᠳᠡᠷᠢᠭᠦᠳᠡᠨ ᠢ ᠬᠢᠵᠦ᠂ ᠬᠤᠨᠢᠨ ︵ᠬᠤᠷᠠᠭ᠎ᠠ︶ ᠠᠷᠠᠰᠤ ᠪᠠᠷ ᠪᠦᠲᠦᠭᠡᠵᠦ ᠳᠠᠯᠪᠢᠨ᠎ᠠ᠂ ᠬᠡᠷᠡᠭᠯᠡᠬᠦ ᠳᠡᠭᠡᠨ ᠤᠷᠢᠳᠠᠪᠡᠷ ᠭᠠᠷ ᠢᠶᠠᠨ ᠤᠬᠢᠶᠠᠨ ᠴᠡᠪᠡᠷᠯᠡᠭᠰᠡᠨ ᠢᠶᠠᠨ ᠲᠦᠷᠦᠭᠡ ᠪᠠᠨ ᠭᠠᠷᠭᠠᠨ ᠠᠪᠴᠤ᠂ ᠠᠷᠴᠠ ᠬᠦᠵᠢ ᠪᠠᠷ ᠠᠷᠢᠭᠤᠯᠤᠨ᠂ ᠠᠮᠰᠠᠷ ᠢ ᠨᠢ ᠰᠢᠷ᠎ᠠ ᠴᠠᠭᠠᠨ ᠲᠤᠰᠤ ᠪᠠᠷ ᠮᠢᠯᠢᠶᠠᠳᠠᠭ ᠶᠤᠮ᠃ ᠭᠠᠯ ᠳᠠᠬᠢᠯᠭ᠎ᠠ ᠶᠢᠨ ᠳᠠᠯᠠᠯᠭ᠎ᠠ ᠶᠢ ᠭᠡᠷ ᠤᠨ ᠡᠵᠡᠭᠳᠡᠢ ᠬᠦᠮᠦᠨ ᠬᠤᠷᠤᠶᠢᠯᠠᠨ ᠠᠪᠳᠠᠭ᠃      ᠭᠡᠷ ᠦᠷᠦᠭᠡ ᠪᠠᠨ ᠴᠡᠪᠡᠷᠯᠡᠬᠦ —  ᠭᠠᠯ ᠳᠠᠬᠢᠬᠤ ᠠᠴᠠ ᠡᠮᠦᠨ᠎ᠡ ᠭᠠᠯ ᠤᠨ ᠲᠤᠭᠤᠰᠤ ᠭᠦᠪᠢᠬᠦ ᠪᠠᠷ ᠰᠢᠷᠳᠡᠭ ᠳᠡᠪᠢᠰᠭᠡᠷ ᠢᠶᠠᠨ ᠭᠠᠷᠭᠠᠵᠦ᠂ ᠭᠡᠷ ᠤᠨ ᠪᠦᠷᠢᠶᠡᠰᠦ ᠪᠠᠨ ᠬᠠᠭᠤᠯᠤᠨ ᠤᠳᠤᠭ᠎ᠠ ᠲᠤᠭᠤᠰᠤ ᠶᠢ ᠨᠢ ᠰᠡᠭᠰᠤᠷᠴᠤ᠂ ᠲᠤᠭᠤᠨᠤ ᠬᠠᠨ᠎ᠠ ᠶᠢᠨ ᠬᠦ᠋ ᠪᠤᠷᠲᠤᠭ ᠢ ᠠᠷᠢᠯᠭᠠᠵᠦ  ᠭᠡᠷ ᠤᠷᠤᠨ ᠢᠶᠠᠨ ᠲᠦᠪᠬᠢᠨᠡᠭᠦᠯᠦᠨ ᠵᠠᠰᠠᠵᠦ ᠪᠠᠷᠢᠳᠠᠭ᠂ ᠭᠡᠷ ᠲᠤᠳᠤᠷᠠᠬᠢ ᠪᠤᠷᠬᠠᠨ ᠤ ᠭᠦᠩᠭᠠᠷᠪᠠ᠂ ᠠᠪᠳᠠᠷ᠎ᠠ᠂ ᠬᠤᠷᠭᠤ ᠡᠷᠭᠢᠨᠡᠭ ᠪᠠᠨ ᠵᠦᠯᠭᠦᠵᠦ᠂ ᠲᠤᠭᠤᠭ᠎ᠠ ᠰᠢᠨᠠᠭ᠎ᠠ ᠠᠶᠠᠭ᠎ᠠ ᠰᠠᠪᠠᠬ᠎ᠠ ᠪᠠᠨ ᠤᠬᠢᠶᠠᠨ᠂ ᠠᠷᠴᠠ ᠬᠦᠵᠢ ᠪᠠᠷ ᠠᠷᠢᠭᠤᠯᠤᠨ ᠳᠠᠯᠪᠢᠳᠠᠭ᠂ ᠪᠠᠰᠠ ᠭᠡᠷ ᠤᠨ ᠤᠶᠢᠷ᠎ᠠ ᠬᠠᠪᠢ ᠶᠢᠨ ᠬᠤᠭ ᠨᠤᠪᠰᠢ ᠪᠠᠨ ᠴᠤ ᠴᠡᠪᠡᠷᠯᠡᠨ ᠳᠠᠯᠪᠢᠳᠠᠭ ᠤᠴᠢᠷ ᠲᠠᠢ᠃      ᠬᠤᠪᠴᠠᠰᠤ ᠵᠠᠰᠠᠯ ᠡᠮᠦᠰᠬᠦ —  ᠭᠠᠯ ᠰᠢᠳᠦᠭᠡᠨ ᠢᠶᠠᠨ ᠬᠦᠨᠳᠦᠳᠭᠡᠵᠦ᠂ ᠬᠦᠮᠦᠰ ᠰᠢᠨ᠎ᠡ ᠰᠠᠶᠢᠬᠠᠨ ᠪᠦᠭᠡᠳ ᠬᠦᠨᠳᠦᠳᠭᠡᠯ ᠤᠨ ᠶᠤᠰᠤᠨ ᠤ ᠬᠤᠪᠴᠠᠰᠤ ᠪᠠᠨ ᠭᠠᠯ ᠳᠠᠬᠢᠯᠭ᠎ᠠ ᠤᠨ ᠡᠳᠦᠷ ᠡᠮᠦᠰᠳᠡᠭ᠂ ᠲᠦᠷᠦ ᠶᠣᠰᠤᠨ ᠤ ᠬᠤᠪᠴᠠᠰᠤ ᠲᠠᠢ ᠡᠷᠡᠭᠳᠡᠶᠢᠴᠤᠳ ᠨᠢ ᠵᠢᠩᠰᠡᠳᠦ ᠮᠠᠯᠠᠭᠠᠢ ᠪᠤᠶᠤ ᠤᠷᠤᠢ ᠮᠠᠯᠠᠭᠠᠢ ᠪᠠᠨ ᠳᠠᠯᠪᠢᠵᠦ᠂ ᠭᠡᠳᠡ ᠲᠤᠬᠤ ᠪᠠᠨ ᠵᠡᠭᠦᠵᠦ᠂ ᠬᠠᠷ᠎ᠠ ᠬᠤᠷᠠᠭᠠᠨ ᠬᠦᠷᠮ᠎ᠡ ᠡᠮᠦᠰᠴᠤ ᠪᠠᠶᠢᠳᠠᠭ ᠪᠠ ᠡᠬᠡᠨᠡᠷ ᠬᠦᠮᠦᠨ ᠪᠤᠯ ᠤᠤᠵᠠᠢ ᠪᠠᠨ ᠡᠮᠦᠰᠴᠤ᠂ ᠵᠢᠨᠳᠠᠭᠠᠷ ᠮᠠᠯᠠᠭᠠᠢ ᠱᠢᠷᠦ ᠮᠦᠩᠭᠦᠨ ᠵᠠᠰᠠᠯ ᠲᠠᠢ ᠳᠠᠳᠠᠭᠤᠷᠢ ᠪᠠᠨ ᠳᠠᠯᠪᠢᠵᠦ ᠴᠢᠮᠡᠭᠯᠡᠳᠡᠭ᠂ ᠬᠡᠤᠬᠡᠨᠴᠤᠳ  ᠨᠢ ᠦᠰᠦ ᠵᠢᠰᠦ ᠪᠠᠨ ᠵᠠᠰᠠᠵᠦ᠂ ᠮᠦᠩᠭᠦ ᠱᠢᠷᠦᠨ ᠴᠢᠮᠡᠭᠯᠡᠯ ᠲᠠᠢ ᠠᠷᠤᠨ ᠤ ᠠᠮᠠᠳᠠᠢ ᠬᠡᠮᠡᠭᠴᠢ ᠦᠰᠦᠨ ᠤ ᠵᠠᠰᠠᠯ ᠪᠠ ᠪᠤᠷᠬᠠᠨ ᠭᠤᠤ ᠬᠡᠮᠡᠭᠴᠢ ᠬᠦᠵᠦᠭᠦᠨ ᠤ ᠵᠠᠰᠠᠯ ᠢᠶᠠᠨ ᠵᠡᠭᠦᠳᠡᠭ᠂ ᠡᠭᠦᠨ ᠤ ᠳᠠᠭᠠᠤ ᠪᠦᠰᠡᠭᠦᠶᠢᠴᠤᠳ ᠠᠯᠳᠠ ᠮᠦᠩᠭᠦ ᠱᠢᠷᠦ ᠰᠤᠪᠤᠳ ᠢᠶᠠᠷ ᠬᠢᠭᠰᠡᠨ ᠡᠭᠡᠮᠡᠭ ᠢᠶᠠᠷ ᠴᠢᠬᠢᠨ ᠤ ᠵᠠᠰᠠᠯ ᠬᠢᠳᠡᠭ᠂ ᠬᠡᠤᠬᠡᠳ ᠤᠳ ᠰᠢᠨ᠎ᠡ ᠬᠤᠪᠴᠠᠰᠤ ᠡᠮᠦᠰᠬᠦ ᠪᠠ ᠲᠤᠬᠤ ᠲᠠᠢ ᠬᠡᠤᠬᠡᠳ ᠦᠰᠦᠨ ᠳᠡᠭᠡᠨ ᠵᠢᠵᠢᠭ ᠮᠦᠩᠭᠦ ᠱᠢᠷᠦᠨ ᠤᠨᠵᠢᠯᠠᠭ᠎ᠠ ᠳᠡᠭᠦᠵᠢᠯᠡᠳᠡᠭ ᠶᠤᠮ᠃      ᠮᠠᠯ ᠰᠡᠳᠡᠷᠯᠡᠬᠦ ᠪᠠ ᠠᠷᠢᠭᠤᠯᠬᠤ — ᠤᠯᠠᠩᠬᠢ ᠠᠶᠢᠯ ᠡᠷᠦᠬᠡ ᠭᠠᠯ ᠳᠠᠭᠠᠨ ᠮᠠᠯ ᠰᠡᠳᠡᠷᠯᠡᠨ ᠤᠩᠭᠤᠯᠠᠳᠠᠭ ᠂ ᠡᠨᠡ ᠨᠢ ᠭᠠᠯ ᠤᠨ ᠪᠤᠷᠬᠠᠨ ᠳᠤ ᠮᠠᠯ ᠬᠦᠷᠦᠩᠭᠡ ᠡᠷᠭᠦᠵᠦ ᠪᠠᠶᠢᠬᠤ ᠤᠬᠠᠭᠠᠨ ᠲᠠᠢ ᠶᠤᠮ᠂ ᠭᠠᠯ ᠤᠨ ᠪᠤᠷᠬᠠᠨ ᠤ ᠮᠠᠯ   ᠨᠢ ᠰᠦᠷᠦᠭ ᠲᠤ ᠪᠠᠶᠢᠬᠤ ᠲᠤᠯᠠ ᠮᠠᠯ ᠰᠦᠷᠦᠭ ᠲᠤ ᠡᠪᠡᠳᠴᠢᠨ ᠬᠢᠵᠢᠭ᠂ ᠬᠤᠤᠷᠯᠠᠯ ᠰᠦᠢᠳᠦᠯ ᠳᠤ ᠤᠴᠠᠷᠠᠬᠤ ᠦᠭᠡᠢ ᠭᠡᠵᠦ ᠦᠵᠡᠳᠡᠭ᠂ ᠭᠠᠯᠠᠶᠢᠬᠠᠨ ᠡᠬᠡ ᠶᠢᠨ ᠤᠨᠤᠭ᠎ᠠ ᠪᠤᠯ ᠤᠯᠠᠭᠠᠨ ᠢᠮᠠᠭ᠎ᠠ ᠪᠠᠶᠢᠳᠠᠭ ᠠᠴᠠ ᠤᠯᠠᠩᠬᠢ ᠳᠠᠭᠠᠨ ᠤᠯᠠᠭᠠᠨ ᠤᠷᠤᠭ ᠢᠮᠠᠭ᠎ᠠ ᠰᠡᠳᠡᠷᠯᠡᠵᠦ ᠳᠠᠯᠪᠢᠳᠠᠭ᠂ ᠤᠯᠠᠭᠠᠨ ᠢᠮᠠᠭ᠎ᠠ ᠦᠭᠡᠢ ᠪᠤᠯ ᠲᠠᠪᠤᠨ ᠬᠤᠰᠢᠭᠤ ᠮᠠᠯ ᠤᠨ ᠢᠶᠠᠨ ᠰᠤᠷᠭᠤᠭ ᠳᠡᠭᠰᠢ ᠰᠠᠶᠢᠬᠠᠨ ᠪᠡᠶ᠎ᠡ ᠲᠠᠢ ᠠᠴᠠ   ᠨᠢ ᠰᠢᠯᠢᠵᠦ ᠰᠡᠳᠡᠷᠯᠡᠨ ᠳᠠᠯᠪᠢᠳᠠᠭ᠃ ᠭᠠᠯ ᠳᠠᠬᠢᠯᠭ᠎ᠠ ᠶᠢᠨ ᠶᠤᠰᠤᠨ ᠪᠠᠷᠠᠭᠰᠠᠨ ᠤ ᠳᠠᠷᠠᠭ᠎ᠠ ᠤᠩᠭᠤᠯᠠᠭᠰᠠᠨ ᠮᠠᠯ ᠢᠶᠠᠨ ᠰᠦᠷᠦᠭ ᠲᠡᠭᠡᠨ ᠨᠡᠶᠢᠯᠡᠭᠦᠯᠦᠨ ᠳᠠᠯᠪᠢᠬᠤ ᠪᠦᠭᠡᠳ ᠠᠷᠢᠭᠤᠯᠭ᠎ᠠ ᠶᠢᠨ ᠰᠠᠪᠠᠨ ᠳᠤ ᠨᠤᠷᠤᠮ ᠬᠢᠵᠦ ᠳᠡᠭᠡᠷ᠎ᠡ ᠨᠢ ᠬᠠᠲᠠᠭᠠᠨ ᠬᠠᠳᠠᠭᠠᠯᠠᠭᠰᠠᠨ ᠠᠭᠢ ᠪᠤᠶᠤ ᠭᠠᠩᠭ᠎ᠠ ᠡᠪᠡᠰᠦ᠂ ᠠᠷᠴᠠ ᠤᠲᠤᠯᠭ᠎ᠠ ᠶᠢᠨ ᠵᠦᠢᠯᠳᠡ ᠶᠢ ᠤᠩᠭᠤᠳᠤᠭᠤᠯᠤᠭᠰᠠᠨ ᠢᠶᠠᠨ ᠬᠤᠳᠠᠨ ᠳᠠᠬᠢ ᠮᠠᠯ ᠰᠦᠷᠦᠭ ᠢᠶᠠᠨ ᠰᠠᠯᠬᠢᠨ ᠳᠡᠭᠡᠷ᠎ᠡ ᠳᠠᠯ᠎ᠠ ᠳᠤᠨᠢ ᠳᠠᠯᠪᠢᠵᠦ ᠤᠲᠤᠵᠦ ᠠᠷᠢᠭᠤᠯᠤᠨ᠎ᠠ᠂ ᠡᠨᠡ ᠨᠢ ᠠᠯᠢᠪᠠ ᠪᠤᠵᠠᠷ ᠪᠤᠷᠲᠤᠭ ᠬᠤᠤᠷᠯᠠᠯ ᠢ ᠬᠦᠭᠡᠭᠡᠵᠦ᠂ ᠡᠪᠡᠳᠴᠢᠨ ᠬᠢᠵᠢᠭ ᠢ ᠰᠡᠷᠭᠡᠶᠢᠯᠡᠬᠦ ᠤᠬᠠᠭᠠᠨ ᠲᠠᠢ ᠪᠠᠶᠢᠳᠠᠭ᠃      ᠤᠭᠤᠴᠠ ᠵᠠᠰᠠᠬᠤ ᠪᠠ ᠬᠠᠰᠢᠬᠤ —  ᠬᠤᠨᠢᠨ ᠤᠭᠤᠴᠠ ᠪᠤᠯ ᠪᠦᠬᠦᠯᠢ ᠰᠢᠭᠦᠰᠦᠨ ᠤ ᠳᠠᠷᠠᠭ᠎ᠠ ᠤᠷᠤᠬᠤ ᠬᠦᠨᠳᠦᠳᠭᠡᠯ ᠤᠨ ᠢᠳᠡᠭᠡᠨ ᠤ ᠲᠦᠷᠦᠯ ᠵᠦᠢᠯ ᠪᠤᠯᠤᠨ᠎ᠠ᠂ ᠤᠭᠤᠴᠠ ᠵᠠᠰᠠᠬᠤ ︵ᠳᠠᠪᠠᠭᠯᠠᠬᠤ︶ ᠳᠤ ᠮᠢᠬ᠎ᠠ ᠪᠠᠨ ᠴᠢᠨᠠᠵᠦ ᠪᠤᠯᠭᠤᠭᠰᠠᠨ ᠢᠶᠠᠨ ᠫᠢᠯᠡᠨ ᠳᠠᠭᠠᠨ ᠬᠤᠶᠠᠷ ᠬᠠ ᠬᠤᠶᠠᠷ ᠭᠤᠶ᠎ᠠ ᠶᠢ ᠨᠠᠷᠢᠨ ᠳᠠᠯ᠎ᠠ ᠪᠠᠷ ᠨᠢ ᠳᠡᠭᠡᠭᠰᠢ ᠬᠠᠳᠤᠭᠤᠯᠤᠨ ᠳᠠᠯᠪᠢᠵᠦ᠂ ᠬᠦᠵᠦᠭᠦᠤ ᠰᠡᠭᠡᠷ ᠶᠢ ᠨᠢ ᠳᠡᠷᠡᠯᠡᠭᠦᠯᠦᠨ ᠡᠪᠴᠢᠭᠦᠤ ︵ᠡᠪᠴᠢᠭᠦᠤ ᠶᠢᠨ ᠪᠦᠳᠦᠷᠬᠡᠢ ᠶᠢ  ᠨᠢ ᠨᠤᠭᠤᠯᠵᠦ ᠠᠪᠤᠨ᠎ᠠ︶ ᠪᠠᠨ ᠬᠤᠩᠬᠤᠷ ᠳᠠᠯ᠎ᠠ ᠶᠢ ᠨᠢ ᠲᠡᠭᠡᠭᠰᠢ ᠬᠠᠳᠤᠭᠤᠯᠤᠨ ᠳᠠᠯᠪᠢᠭᠰᠠᠨ ᠢᠶᠠᠨ ᠤᠭᠤᠴᠠ ᠪᠠᠨ ᠳᠡᠭᠡᠷ᠎ᠡ ᠨᠢ ᠬᠦᠮᠦᠷᠢᠵᠦ ᠳᠠᠯᠪᠢᠨ᠎ᠠ᠂ ᠤᠭᠤᠴᠠᠨ ᠤ ᠳᠡᠭᠡᠷ᠎ᠡ ᠨᠢ ᠬᠤᠶᠢᠬᠠᠯᠠᠨ ᠪᠤᠯᠭᠤᠭᠰᠠᠨ ᠬᠤᠨᠢᠨ ᠲᠤᠯᠤᠭᠠᠢ ᠪᠠᠨ ᠮᠠᠩᠨᠠᠢ ᠶᠢ ᠨᠢ ᠴᠠᠭᠠᠨ ᠰᠢᠷ᠎ᠠ ᠲᠤᠰᠤ ᠪᠠᠷ ᠮᠢᠯᠢᠶᠠᠵᠦ ᠳᠠᠯᠪᠢᠨ᠎ᠠ᠂ ᠳᠠᠪᠠᠭᠯᠠᠬᠤ ᠳᠠᠭᠠᠨ ᠤᠭᠤᠴᠠᠨ ᠤ ᠨᠢᠷᠤᠭᠤᠨ ᠦᠵᠦᠭᠦᠷ ᠪᠠ ᠲᠤᠯᠤᠭᠠᠢ ᠶᠢᠨ ᠬᠤᠩᠰᠢᠶᠠᠷ ᠳᠠᠯ᠎ᠠ ᠶᠢ ᠬᠦᠵᠦᠭᠦᠤ ᠰᠡᠭᠡᠷ ᠤᠨ ᠳᠠᠯ᠎ᠠ ᠵᠦᠭ ᠬᠠᠨᠳᠤᠭᠤᠯᠵᠦ ᠳᠠᠯᠪᠢᠬᠤ ᠤᠴᠢᠷᠳᠠᠢ᠂ ᠳᠡᠭᠡᠷᠡᠬᠢ ᠪᠤᠯ ᠪᠦᠬᠦᠯᠢ ᠤᠭᠤᠴᠠᠨ ᠤ ᠬᠡᠯᠪᠡᠷᠢ ᠮᠠᠶ᠋ᠢᠭ ᠪᠤᠯᠤᠨ᠎ᠠ᠃ ᠤᠭᠤᠴᠠ ᠬᠠᠰᠢᠬᠤ ᠳᠤ ᠤᠭᠤᠴᠠ ᠬᠦᠨᠳᠡᠭᠴᠢ ᠠᠴᠠ ᠤᠷᠢᠳᠠᠪᠡᠷ ᠴᠠᠭᠠᠨ ᠢᠳᠡᠭᠡᠨ ᠠᠴᠠ ᠲᠡᠭᠷᠢ ᠪᠠ ᠭᠠᠯ ᠪᠤᠷᠬᠠᠨ ᠳᠤ ᠡᠷᠭᠦᠵᠦ᠂ ᠰᠢᠭᠦᠰᠦᠨ ᠲᠤᠯᠤᠭᠠᠢ ᠶᠢᠨ ᠮᠠᠩᠨᠠᠢ ᠶᠢ ᠬᠢᠳᠤᠭ᠎ᠠ ᠪᠠᠷ ᠲᠤᠨᠤᠯᠵᠢᠨ ᠵᠦᠰᠦᠵᠦ ᠬᠦᠨᠳᠡᠨ᠎ᠡ᠂ ᠡᠨᠡ ᠨᠢ ᠮᠠᠯ ᠤᠨ ᠦᠷᠡᠵᠢᠨ ᠲᠦᠯᠵᠢᠬᠦ ᠶᠢ ᠪᠡᠯᠭᠡᠳᠡᠭᠰᠡᠨ ᠤᠬᠠᠭᠠᠨ ᠲᠠᠢ᠃ ᠬᠦᠨᠳᠡᠭᠰᠡᠨ ᠲᠤᠯᠤᠭᠠᠢ ︵ᠰᠢᠨ᠎ᠡ ᠶᠢᠨ ᠨᠢᠭᠡᠨ ᠤ ᠲᠡᠭᠷᠢ ᠳᠤ ᠮᠦᠷᠭᠦᠭᠦ ᠳᠤ ᠬᠡᠷᠡᠭᠯᠡᠨ᠎ᠡ︶ ᠪᠠᠨ ᠲᠤᠰᠬᠠᠢ ᠵᠢᠵᠢᠭ ᠫᠢᠯᠡᠨ ᠳᠤ ᠪᠤᠷᠬᠠᠨ ᠤ ᠠᠪᠳᠡᠷ᠎ᠠ ᠳᠡᠭᠡᠷ᠎ᠡ ᠳᠡᠯᠪᠢᠨ᠎ᠠ᠂ ᠤᠭᠤᠴᠠ ᠬᠠᠰᠢᠬᠤ ᠳᠠᠭᠠᠨ ᠤᠭᠤᠴᠠ ᠶᠢᠨ ᠭᠤᠤᠯ ᠳᠤ ᠮᠦᠨ ᠲᠤᠨᠤᠯᠵᠢᠨ ᠵᠦᠰᠦᠵᠦ ᠳᠡᠮᠳᠡᠭᠯᠡᠭᠰᠡᠨ ᠢᠶᠠᠨ ᠭᠠᠯ ᠤᠨ ᠪᠤᠷᠬᠠᠨ ᠳᠤ ᠳᠡᠭᠡᠵᠢ ᠶᠢ ᠨᠢ ᠡᠷᠭᠦᠵᠦ ᠳᠠᠷᠠᠭ᠎ᠠ ᠨᠢ ᠬᠤᠶᠠᠷ ᠬᠠᠵᠠᠭᠤ ᠪᠠ ᠰᠡᠭᠦᠯ ᠠᠴᠠ ᠨᠢ ᠬᠠᠰᠢᠵᠦ ᠵᠦᠰᠦᠭᠡᠳ ᠰᠤᠯᠪᠢᠴᠠᠭᠤᠯᠤᠨ ᠳᠠᠯᠪᠢᠵᠦ᠂ ᠤᠯᠠᠨ ᠳᠤ ᠭᠡᠰᠢᠭ ᠲᠦᠭᠡᠭᠡᠨ᠎ᠡ᠃      ᠭᠠᠯ ᠤᠨ ᠴᠡᠭᠡᠷ ᠶᠤᠰᠤᠨ — ᠦᠵᠦᠮᠦᠴᠢᠨᠴᠤᠳ᠂ ᠭᠠᠯ ᠲᠤᠯᠭ᠎ᠠ ᠪᠠᠨ ᠠᠶᠢᠯ ᠭᠡᠷ ᠤᠨ ᠠᠮᠢᠨ ᠰᠦᠨᠡᠰᠤ ᠪᠦᠭᠡᠳ ᠬᠠᠮᠤᠭ ᠴᠡᠪᠡᠷ ᠠᠷᠢᠭᠤᠨ᠂ ᠬᠦᠴᠦᠨ ᠴᠢᠳᠠᠯ ᠲᠠᠢ᠂ ᠢᠳᠡ ᠰᠢᠳᠢ ᠲᠠᠢ᠂ ᠦᠭᠡᠳᠡᠯᠡᠨ ᠳᠡᠭᠵᠢᠷᠡᠬᠦ ᠶᠢᠨ ᠪᠡᠯᠭᠡ ᠳᠡᠮᠳᠡᠭ ᠢᠶᠠᠷ ᠦᠵᠡᠳᠡᠭ᠂ ᠡᠶᠢᠮᠦ ᠠᠴᠠ ᠭᠠᠯ ᠢᠶᠠᠨ ᠬᠦᠨᠳᠦᠯᠡᠨ ᠳᠡᠭᠡᠳᠦᠯᠡᠵᠦ᠂ ᠠᠶᠤᠵᠦ ᠪᠢᠰᠢᠷᠡᠨ᠂ ᠦᠢᠯᠡ ᠠᠵᠢᠯᠯᠠᠭ᠎ᠠ ᠪᠠᠨ ᠬᠢᠮᠭᠠᠳᠠᠵᠦ ᠬᠠᠮᠢᠶᠠᠷᠴᠤ ᠤᠯᠠᠨ ᠴᠡᠭᠡᠷ ᠶᠤᠰᠤᠨ ᠲᠠᠢ ᠪᠠᠶᠢᠳᠠᠭ᠃ ᠭᠠᠯ ᠭᠤᠯᠤᠮᠳᠠ ᠪᠤᠯᠬᠤ — ᠲᠤᠯᠭ᠎ᠠ ᠨᠤᠷᠤᠮ ᠳᠡᠭᠡᠭᠦᠷ ᠠᠯᠬᠤᠨ ᠭᠠᠷᠴᠤ ᠪᠤᠯᠬᠤ ᠦᠭᠡᠢ᠂ ᠭᠠᠯ ᠵᠦᠭ ᠬᠢᠳᠤᠭ᠎ᠠ ᠰᠢᠪᠦᠭᠡ ᠶᠢᠨ ᠦᠵᠦᠭᠦᠷ ᠬᠠᠨᠳᠤᠭᠤᠯᠵᠦ ᠪᠤᠯᠬᠤ ᠦᠭᠡᠢ᠂ ᠤᠩᠭᠤᠨ ᠲᠤᠯᠭ᠎ᠠ ᠳᠤ ᠬᠦᠯ ᠡᠭᠡᠭᠡᠵᠦ ᠪᠤᠯᠬᠤ ᠦᠭᠡᠢ᠂ ᠭᠠᠯ ᠢ ᠬᠠᠷᠢᠶᠠᠵᠦ ᠮᠠᠭᠤᠯᠠᠵᠦ ᠪᠤᠯᠬᠤ ᠦᠭᠡᠢ ᠭᠡᠬᠦ ᠪᠦᠭᠡᠳ ᠪᠠᠰᠠ ᠭᠠᠯ ᠳᠤ ᠪᠤᠵᠡᠷ ᠪᠤᠷᠳᠠᠭ ᠶᠠᠭᠤᠮ᠎ᠠ ᠤᠷᠤᠬᠤ ᠠᠴᠠ ᠬᠢᠴᠢᠶᠡᠬᠦ ᠴᠢᠬᠤᠯᠠ ᠲᠠᠢ ᠪᠠᠶᠢᠳᠠᠭ᠂ ᠡᠭᠦᠨ ᠳᠤ ᠨᠤᠬᠠᠢ ᠰᠢᠪᠠᠭᠤᠨ ᠵᠡᠷᠭᠡ ᠡᠯᠳᠡᠪ ᠠᠮᠢᠳᠠᠨ ᠤ ᠪᠠᠭᠠᠰᠤ ᠰᠢᠭᠡᠰᠦᠨ ᠪᠠ  ᠭᠠᠷ ᠬᠦᠯ ᠤᠨ ᠬᠢᠮᠤᠰᠤ ᠤᠷᠤᠬᠤ ᠶᠢ ᠴᠢᠩᠭ᠎ᠠ ᠴᠡᠭᠡᠷᠯᠡᠳᠡᠭ᠂ ᠮᠦᠨᠴᠤ ᠨᠢᠰᠦ ᠨᠢᠯᠪᠤᠰᠤ ᠪᠤᠶᠤ ᠬᠦᠩᠭᠡᠵᠢᠭᠰᠡᠨ ᠡᠮᠡᠭᠳᠡᠢ ᠶᠢᠨ ᠭᠠᠯ ᠳᠤ ᠤᠶᠢᠷᠠᠲᠤᠬᠤ᠂ ᠭᠠᠯ ᠳᠤ ᠰᠦ ᠲᠤᠰᠤᠭᠠᠬᠤ᠂ ᠤᠰᠤ ᠤᠷᠤᠬᠤ᠂ ᠭᠠᠯ ᠤᠨ ᠳᠡᠭᠡᠭᠦᠷ ᠪᠤᠵᠠᠷ ᠶᠠᠭᠤᠮᠡᠰ ᠡᠷᠭᠢᠭᠦᠯᠬᠦ ᠶᠢ ᠴᠣ᠋ ᠴᠡᠭᠡᠷᠯᠡᠨ᠎ᠡ᠂ ᠬᠡᠷᠪᠡ ᠭᠠᠯ ᠪᠤᠵᠠᠷᠳᠠᠪᠠᠯ ᠡᠪᠡᠳᠴᠢᠨ ᠳᠠᠬᠤᠯ ᠳᠡᠯᠭᠡᠷᠡᠨ᠎ᠡ ᠭᠡᠳᠡᠭ᠂ ᠭᠠᠯ ᠳᠠᠬᠢᠯᠭ᠎ᠠ ᠶᠢᠨ ᠭᠤᠷᠪᠠᠨ ᠬᠤᠨᠤᠭ ᠲᠤ ᠮᠠᠯ ᠪᠤᠳᠠᠰ ᠭᠠᠷᠭᠠᠵᠦ ᠪᠤᠯᠬᠤ ᠦᠭᠡᠢ᠂ ᠬᠡᠷᠪᠡ ᠭᠠᠷᠭᠠᠪᠠᠯ ᠪᠤᠶᠠᠨ ᠭᠡᠰᠢᠭ ᠨᠢᠮᠭᠡᠷᠡᠨ᠎ᠡ ᠭᠡᠳᠡᠭ ᠶᠤᠮ᠃      ᠭᠠᠯ ᠳᠠᠬᠢᠬᠤ ᠶᠢᠨ ᠶᠤᠰᠤᠨ ᠪᠠ ᠶᠠᠪᠤᠴᠠ — ᠭᠠᠯ ᠳᠠᠬᠢᠯᠭ᠎ᠠ ᠶᠢᠨ ᠤᠷᠤᠢ᠂ ᠤᠭᠳᠠᠷᠭᠤᠢ ᠶᠢᠨ ᠤᠳᠤᠳ ᠲᠦᠭᠡᠵᠦ᠂ ᠤᠯᠠᠨ ᠮᠠᠯ ᠰᠦᠷᠦᠭ ᠢᠶᠠᠨ ᠬᠤᠳᠠᠯᠠᠭᠰᠠᠨ ᠤ ᠳᠠᠷᠠᠭ᠎ᠠ᠂ ᠭᠡᠷ ᠤᠨ ᠬᠦᠮᠦᠰ ᠪᠦᠭᠦᠳᠡᠭᠡᠷ ᠶᠣᠰᠤᠨ ᠤ ᠬᠤᠪᠴᠠᠰᠦ ᠵᠠᠰᠠᠯ ᠢᠶᠠᠨ ᠡᠮᠦᠰᠴᠦ᠂ ᠭᠠᠯ ᠳᠤ ᠡᠷᠭᠦᠬᠦ ᠵᠦᠢᠯᠳᠡ ᠪᠠᠨ ᠪᠡᠯᠡᠨ ᠪᠤᠯᠭᠠᠭᠰᠠᠨ ᠢᠶᠠᠨ ᠭᠠᠯ ᠲᠤᠯᠭ᠎ᠠ ᠪᠠᠨ ᠲᠤᠭᠤᠷᠢᠨ ᠰᠠᠭᠤᠵᠠᠭᠠᠵᠦ᠂ ᠳᠠᠬᠢᠯᠭ᠎ᠠ ᠪᠠᠨ ᠬᠦᠯᠢᠶᠠᠨ᠎ᠠ᠂ ᠭᠡᠷ ᠤᠨ ᠡᠵᠡᠨ ︵ᠳᠠᠬᠢᠯᠭ᠎ᠠ ᠶᠢᠨ ᠯᠠᠮᠠ︶ ᠠᠴᠠ ᠭᠠᠯ ᠪᠤᠷᠬᠠᠨ ᠳᠠᠭᠠᠨ ᠵᠤᠯᠠ ᠪᠠᠨ ᠠᠰᠠᠭᠠᠵᠦ᠂ ᠬᠦᠵᠢ ᠰᠠᠩ ᠢᠶᠠᠨ ᠤᠩᠭᠤᠳᠤᠭᠤᠯᠤᠨ ᠡᠷᠭᠦᠭᠰᠡᠨ ᠢᠶᠠᠨ ᠭᠡᠷ ᠤᠨ ᠡᠵᠡᠨ ᠪᠤᠯᠤᠨ ᠡᠵᠡᠭᠳᠡᠢ ᠠᠴᠠ ᠭᠠᠯ ᠢᠶᠠᠨ ᠨᠤᠴᠤᠭᠠᠨ᠂ ᠭᠦᠭᠵᠢᠭᠡᠨ ᠲᠦᠷᠡᠯᠵᠢᠭᠦᠯᠦᠨ᠎ᠡ᠂ ᠭᠡᠷ ᠤᠨ ᠡᠵᠡᠨ ᠲᠤᠯᠭ᠎ᠠ ᠶᠢᠨ ᠡᠮᠦᠨ᠎ᠡ ᠳᠡᠪᠢᠰᠦᠭᠰᠡᠨ ᠳᠡᠪᠠᠯᠠᠭ ᠳᠡᠭᠡᠷ᠎ᠡ ᠴᠤᠮᠴᠣᠶᠢᠨ ᠰᠠᠭᠤᠵᠦ᠂ ᠭᠠᠯ ᠳᠠᠬᠢᠯᠭ᠎ᠠ ᠶᠢᠨ ᠰᠠᠩ ᠢᠶᠠᠨ ᠡᠬᠢᠯᠡᠭᠦᠯᠦᠨ ᠤᠩᠰᠢᠵᠦ᠄              ︿︿ᠤᠮ ᠰᠠᠶᠢᠨ ᠠᠮᠤᠭᠤᠯᠠᠩ ᠪᠤᠯᠳᠤᠭᠠᠢ                ᠡᠩᠬᠡ ᠰᠠᠶᠢᠨ ᠵᠢᠷᠭᠠᠯᠠᠩ ᠪᠤᠯᠲᠤᠭᠠᠢ                ᠳᠡᠭᠡᠷ᠎ᠡ ᠮᠦᠩᠬᠡ ᠲᠡᠭᠷᠢ ᠶᠢ                ᠳᠡᠪᠰᠢ ᠶᠢᠨ ᠴᠢᠨᠡᠭᠡ ᠪᠦᠬᠦᠢ ᠠᠴᠠ                ᠲᠤᠤᠷ᠎ᠠ ᠡᠳᠦᠭᠡᠨ ᠳᠡᠯᠡᠬᠡᠢ ᠶᠢ                ᠦᠯᠮᠡᠢ ᠶᠢᠨ ᠲᠡᠳᠦᠢ ᠪᠦᠬᠦᠢ ᠠᠴᠠ                ᠰᠦᠮᠪᠦᠷ ᠶᠡᠭᠡ ᠠᠭᠤᠯᠠ ᠶᠢ ᠲᠤᠪᠤ ᠲᠡᠳᠦᠢ ᠪᠦᠬᠦᠢ ᠠᠴᠠ                ᠰᠦᠨ ᠶᠡᠭᠡ ᠳᠠᠯᠠᠢ ᠶᠢ ᠱᠠᠯᠪᠠᠭ ᠲᠡᠳᠦᠢ ᠪᠦᠬᠦᠢ ᠠᠴᠠ                ᠡᠭᠦᠷᠢᠳᠡ ᠶᠢᠨ ᠰᠦᠷᠳᠦ                ᠡᠭᠦᠳᠦᠨ ᠵᠠᠶᠠᠭᠠᠭᠰᠠᠨ ᠭᠠᠯ ᠭᠠᠯᠠᠶᠢᠬᠠᠨ ᠡᠬᠡ ᠳᠡᠭᠡᠨ                ᠡᠪᠴᠢᠭᠦᠤ ᠲᠡᠷᠢᠭᠦᠳᠡᠨ ᠢ ᠡᠷᠭᠦᠨᠡᠮ                ᠡᠰᠦᠭ ᠲᠠᠷᠠᠰᠤᠨ ᠢ ᠲᠤᠰᠤᠭᠠᠨᠠᠮ                ᠦᠭᠡᠳᠡ ᠲᠠᠢ ᠦᠵᠡᠰᠭᠦᠯᠡᠩ ᠴᠢᠷᠠᠢ ᠪᠠᠷ                ᠦᠷᠨᠢᠨ ᠪᠠᠶᠠᠰᠬᠤ ᠪᠤᠯᠳᠤᠭᠠᠢ᠂ ᠬᠤᠷᠤᠢ︕ ᠬᠤᠷᠤᠢ︕ ᠬᠤᠷᠤᠢ︕﹀﹀ ᠭᠡᠵᠦ ᠢᠷᠦᠭᠡᠭᠰᠡᠨ ᠢᠶᠠᠨ ᠭᠡᠷ ᠤᠨ ᠡᠵᠡᠨ ᠪᠤᠰᠴᠤ᠂ ᠳᠠᠪᠠᠭᠯᠠᠭᠰᠠᠨ ᠳᠠᠬᠢᠯᠭ᠎ᠠ ᠶᠢᠨ ᠬᠤᠨᠢᠨ ᠡᠪᠴᠢᠭᠦᠤ ᠳᠡᠷᠢᠭᠦᠳᠡᠨ ᠢᠶᠠᠨ ᠬᠢᠴᠢᠶᠡᠩᠭᠦᠶᠢᠯᠡᠨ ᠭᠠᠯ ᠳᠠᠭᠠᠨ ᠡᠷᠭᠦᠭᠰᠡᠨ ᠢᠶᠠᠨ ᠭᠤᠷᠪᠠᠨᠳᠡ ᠰᠦᠭᠦᠳᠴᠦ ᠶᠢᠰᠦᠨᠳᠡ ᠮᠦᠷᠭᠦᠨ᠎ᠡ᠂ ᠭᠡᠷ ᠬᠤᠳᠠᠯᠠᠭᠠᠷ ᠢᠶᠠᠨ ᠳᠠᠭᠠᠵᠦ ᠡᠷᠭᠦᠯ ᠮᠦᠷᠭᠦᠯ ᠢᠶᠠᠨ ᠬᠢᠨ᠎ᠡ᠂ ᠮᠦᠷᠭᠦᠵᠦ ᠪᠠᠷᠠᠭᠠᠳ ᠭᠡᠷ ᠤᠨ ᠡᠵᠡᠨ ᠭᠠᠯ ᠤᠨ ᠰᠠᠩ ᠢᠶᠠᠨ ᠦᠷᠭᠦᠯᠵᠢᠯᠡᠭᠦᠯᠦᠨ ᠤᠩᠰᠢᠭᠰᠠᠭᠠᠷ ᠳᠠᠯᠠᠯᠭ᠎ᠠ ᠶᠢᠨ ᠪᠦᠯᠦᠭ ᠲᠤ ᠬᠦᠷᠬᠦ ᠳᠤ᠄                ︿︿ᠮᠦᠩᠬᠡ ᠲᠡᠭᠷᠢ ᠡᠴᠢᠭᠡ ᠶᠢᠨ ᠮᠢᠨᠤ ᠪᠤᠶᠠᠨ ᠭᠡᠰᠢᠭ  ᠬᠤᠷᠤᠢ ᠬᠤᠷᠤᠢ                  ᠨᠠᠷᠠ ᠰᠠᠷᠠ᠂ ᠤᠳᠤᠨ ᠮᠡᠴᠢᠳ ᠤᠨ ᠪᠤᠶᠠᠨ ᠭᠡᠰᠢᠭ  ᠬᠤᠷᠤᠢ ᠬᠤᠷᠤᠢ                  ᠭᠠᠩᠭ᠎ᠠ ᠮᠦᠷᠡᠨ ᠮᠡᠳᠦ ᠰᠢᠷᠭᠢᠰᠢ ᠦᠭᠡᠢ ᠪᠤᠶᠠᠨ  ᠭᠡᠰᠢᠭ ᠬᠤᠷᠤᠢ ᠬᠤᠷᠤᠢ                  ᠬᠠᠨ ᠰᠦᠮᠪᠤᠷ ᠮᠡᠳᠦ ᠪᠠᠳᠦ ᠪᠠᠬᠢ ᠪᠤᠶᠠᠨ ᠭᠡᠰᠢᠭ  ᠬᠤᠷᠤᠢ ᠬᠤᠷᠤᠢ︕                          ᠁                    ᠁         ᠬᠦᠳᠡᠭᠡ ᠳᠤ ᠪᠠᠶᠢᠬᠤ ᠲᠠᠪᠤᠨ ᠬᠤᠰᠢᠭᠤ ᠮᠠᠯ ᠤᠨ ᠮᠠᠨᠢ ᠰᠦᠷ ᠰᠦᠨᠡᠰᠦᠨ ᠤ ᠪᠤᠶᠠᠨ ᠭᠡᠰᠢᠭ ᠬᠤᠷᠤᠢ ᠬᠤᠷᠤᠢ         ᠵᠤᠭᠳᠤᠷ ᠶᠡᠬᠡᠳᠦ ᠪᠤᠤᠷ᠎ᠠ᠂ ᠲᠠᠭᠤᠨ ᠶᠡᠬᠡᠳᠦ ᠪᠤᠬ᠎ᠠ᠂ ᠳᠡᠯ ᠶᠡᠬᠡᠳᠦ ᠠᠵᠢᠷᠭ᠎ᠠ᠂ ᠰᠡᠭᠦᠯ ᠶᠡᠬᠡᠳᠦ ᠬᠤᠴᠠ᠂ ᠨᠤᠯᠤᠤᠷ ᠶᠡᠬᠡᠳᠦ ᠤᠬᠤᠨ᠎ᠠ ᠶᠢᠨ ᠰᠦᠷ ᠰᠦᠨᠡᠰᠦᠨ ᠤ ᠪᠤᠶᠠᠨ ᠭᠡᠰᠢᠭ ᠬᠤᠷᠤᠢ ᠬᠤᠷᠤᠢ         ᠳᠡᠯᠡᠩ ᠶᠡᠬᠡᠳᠡᠢ ᠭᠡᠭᠦᠤ᠂ ᠰᠦ ᠰᠠᠶᠢᠳᠠᠢ ᠦᠨᠢᠶ᠎ᠡ ᠶᠢᠨ ᠰᠦᠷ ᠰᠦᠨᠡᠰᠦᠨ ᠬᠤᠷᠤᠢ ᠬᠤᠷᠤᠢ         ᠳᠠᠯᠠᠯᠤᠭᠰᠠᠨ ᠢ ᠮᠢᠨᠦ ᠳᠠᠯᠳᠢᠷᠠᠯ ᠦᠭᠡᠢ᠂ ᠳᠠᠭᠠᠭᠠᠰᠢ ᠦᠭᠡᠢ ᠪᠤᠶᠠᠨ ᠭᠡᠰᠢᠭ ᠠᠳᠡ ᠢᠷᠡᠨ ᠬᠤᠷᠠᠲᠤᠭᠠᠢ ᠂ ᠬᠤᠷᠤᠢ ᠬᠤᠷᠤᠢ ᠁﹀﹀ ᠭᠡᠵᠦ ᠤᠩᠰᠢᠬᠤ ᠶᠢᠨ ᠬᠠᠮᠳᠦ ᠳᠠᠯᠠᠯᠭᠠᠨ ᠲᠦᠷᠦᠭᠡ ᠪᠠᠨ ᠬᠤᠷᠤᠶᠢᠯᠠᠨ ᠳᠠᠯᠠᠯᠭ᠎ᠠ ᠠᠪᠳᠠᠭ᠂ ᠪᠠᠰᠠ ᠬᠤᠳᠠᠨ ᠳᠤ ᠪᠠᠶᠢᠬᠤ ᠮᠠᠯ ᠢᠶᠠᠨ ᠠᠷᠴᠠ ᠰᠠᠩ ᠵᠡᠷᠭᠡ ᠤᠲᠤᠯᠭ᠎ᠠ ᠲᠡᠷᠢᠭᠦᠳᠡᠨ ᠢᠶᠠᠷ ᠠᠷᠢᠭᠤᠯᠤᠨ᠎ᠠ᠂ ᠳᠠᠬᠢᠯᠭ᠎ᠠ ᠪᠠᠨ ᠪᠠᠷᠠᠭᠰᠠᠨ ᠤ ᠳᠠᠷᠠᠭ᠎ᠠ  ᠳᠠᠬᠢᠯᠭ᠎ᠠ ᠶᠢᠨ ᠤᠯᠠᠨ ᠳᠤ ᠴᠠᠢ ᠠᠶᠠᠭᠠᠯᠠᠵᠦ᠂ ᠴᠠᠭᠠᠨ ᠢᠳᠡᠭᠡ ᠠᠮᠬᠠᠷᠠᠭᠤᠯᠵᠦ᠂ ᠤᠭᠤᠴᠠ ᠬᠦᠨᠳᠡᠵᠦ᠂ ᠤᠭᠤᠴᠠᠨ ᠭᠡᠰᠢᠭ ᠲᠦᠭᠡᠬᠦ ᠪᠠ ᠠᠷᠵᠠ ᠰᠠᠷᠬᠤᠳ ᠬᠡᠮᠨᠡᠨ᠂ ᠢᠷᠦᠭᠡᠯ ᠪᠡᠯᠭᠡ ᠶᠢᠨ ᠦᠭᠡ ᠬᠡᠯᠡᠯᠴᠡᠨ᠂ ᠲᠦᠷᠦ ᠶᠢᠨ ᠭᠤᠷᠪᠠᠨ ᠳᠠᠭᠤᠤ ᠪᠠᠨ ᠨᠠᠶᠢᠷᠯᠠᠨ ᠲᠠᠭᠤᠯᠠᠵᠠᠭᠠᠵᠦ᠂ ᠭᠠᠯ ᠳᠠᠬᠢᠯᠭ᠎ᠠ ᠶᠢᠨ ᠠᠮᠤᠰᠤ ᠲᠠᠢ ᠬᠤᠭᠤᠯᠠ ᠵᠤᠭᠤᠭ ᠢᠶᠠᠨ ᠢᠳᠡᠵᠡᠭᠡᠵᠦ ᠳᠠᠷᠬᠠᠳᠠᠭ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号