ᠮᠤᠷᠢᠨ ᠴᠤᠯᠠ ᠲᠠᠭᠤᠳᠠᠬᠤ ᠶᠤᠰᠤ
ᠨᠡᠶᠢᠲᠡᠯᠡᠭᠰᠡᠨ ᠴᠠᠭ᠄
2020/7/27
      ᠮᠤᠩᠭᠤᠯ ᠦᠨᠳᠤᠰᠤᠳᠡᠨ ᠤ ᠲᠤᠮᠳᠠ ᠮᠤᠷᠢᠨ ᠴᠤᠯᠠ ᠲᠠᠭᠤᠳᠠᠬᠤ ᠶᠤᠰᠤ ᠲᠡᠯᠭᠡᠷᠡᠭᠡᠳ ᠬᠡᠳᠤᠨ ᠵᠠᠭᠤᠨ ᠵᠢᠯ ᠤᠨ ᠲᠡᠤᠭᠡ ᠲᠠᠢ ᠪᠤᠯᠪᠠ᠃ ᠲᠡᠷᠡ ᠨᠢ ᠢᠷᠦᠭᠡᠯ ᠮᠠᠬᠳᠠᠭᠠᠯ ᠬᠢᠬᠡᠳ ᠠᠷᠠᠳ ᠤᠨ ᠲᠠᠭᠤᠤ ᠲᠠᠢ ᠨᠦᠭᠦᠴᠡᠯᠳᠤᠨ ᠬᠦᠭᠵᠢᠨ ᠲᠡᠯᠭᠡᠷᠡᠭᠡᠳ᠂ ᠮᠤᠩᠭᠤᠯ ᠤᠨ ᠤᠳᠬ᠎ᠠ ᠰᠤᠶᠤᠯ ᠤᠨ ᠨᠢᠭᠡ ᠴᠢᠬᠤᠯᠠ ᠪᠦᠷᠢᠯᠳᠦᠭᠦᠨ ᠬᠡᠰᠡᠭ ᠪᠤᠯᠪᠠ᠃ ᠨᠠᠭᠠᠳᠤᠮ ᠳᠤ ᠲᠡᠷᠢᠭᠦᠯᠡᠭᠰᠡᠨ ᠪᠤᠶᠤ ᠪᠠᠷᠢᠭᠠᠨ ᠳᠤ ᠤᠷᠤᠬᠰᠠᠨ ᠮᠤᠷᠢᠳ ᠢ ᠬᠠᠮᠤᠭ ᠶᠡᠭᠡ ᠪᠡᠯᠭᠡᠳᠡᠢ ᠰᠠᠶᠢᠬᠠᠨ ᠦᠭᠡᠰ ᠢᠶᠠᠷ ᠢᠷᠦᠭᠡᠵᠤ ᠮᠠᠬᠳᠠᠨ ᠲᠠᠭᠤᠯᠠᠬᠤ ᠶᠢ ᠮᠤᠷᠢᠨ ᠴᠤᠯᠠ ᠲᠠᠭᠤᠳᠠᠬᠤ ᠬᠡᠨ᠎ᠠ᠃ ᠴᠤᠯᠠ ᠲᠠᠭᠤᠳᠠᠵᠤ ᠱᠠᠩᠨᠠᠯ ᠤᠯᠭᠤᠬᠤ ᠦᠶ᠎ᠠ ᠳᠤ᠂ ᠱᠠᠩᠨᠠᠯ ᠬᠦᠷᠳᠡᠭᠦ ᠮᠤᠷᠢᠳ ᠢ ᠤᠨᠤᠬᠰᠠᠨ ᠬᠡᠤᠭᠡᠳ ᠳ᠋ᠤᠭᠠᠷ ᠤᠨ ᠲᠠᠰ ᠲᠠᠷᠠᠭᠠᠯᠠᠯ ᠢᠶᠠᠷ ᠢᠶᠠᠨ ᠵᠢᠬᠰᠠᠵᠤ ᠤᠶᠠᠭᠠᠴᠢᠨ ᠨᠢ ᠬᠦᠳᠤᠯᠦᠭᠡᠳ ᠨᠠᠶᠢᠷ ᠤᠨ ᠶᠤᠰᠤᠯᠠᠯ ᠤᠨ ᠴᠡᠴᠡᠷ ᠢ ᠡᠷᠬᠢᠭᠦ ᠳᠤ ᠤᠶᠠᠭᠠᠴᠢᠨ ᠠᠴᠠ ᠮᠤᠷᠢ ᠤᠨᠤᠬᠰᠠᠨ ᠬᠡᠤᠭᠡᠳ ᠤᠨ ᠨᠤᠳᠤᠭ ᠤᠷᠤᠨ᠂ ᠮᠤᠷᠢᠨ ᠤ ᠵᠢᠰᠤ᠂ ᠲᠦᠷᠰᠤ ᠪᠠᠶᠢᠳᠠᠯ ᠵᠡᠷᠭᠡ ᠠᠭᠤᠯᠭ᠎ᠠ ᠶᠢ ᠪᠠᠭᠳᠠᠭᠠᠵᠤ ᠲᠡᠷᠢᠭᠦᠯᠡᠭᠰᠡᠨ ᠮᠤᠷᠢ ᠪᠠᠨ ᠬᠤᠷᠳᠤᠨ ᠬᠦᠯᠳᠡᠨ᠂ ᠨᠢᠰᠭᠦ ᠵᠢᠭᠦᠷᠳᠡᠨ᠂ ᠠᠪᠤᠷᠭᠤ ᠬᠦᠴᠦᠳᠠᠨ᠂ ᠠᠯᠮᠠᠰ ᠵᠤᠷᠢᠬᠳᠠᠨ ᠬᠡᠭᠦ ᠮᠡᠳᠤ ᠪᠠᠷ ᠵᠦᠢᠷᠯᠡᠨ ᠮᠠᠬᠳᠠᠵᠤ ᠤᠷᠠᠯᠢᠭ ᠲᠦᠷᠰᠦᠯᠢᠭ ᠠᠷᠠᠳ ᠤᠨ ᠠᠮᠠᠨ ᠶᠠᠷᠢᠶᠠᠨ ᠤ ᠬᠡᠯᠪᠠᠷᠢ ᠪᠠᠷ ᠰᠢᠯᠦᠭᠯᠡᠵᠤ᠂ ᠮᠤᠷᠢᠨ ᠬᠤᠭᠤᠷ᠂ ᠱᠠᠡᠵᠠ᠂ ᠯᠢᠩᠪᠤ ᠮᠠᠳᠤ ᠮᠤᠩᠭᠤᠯ ᠬᠦᠭᠵᠢᠮ ᠢᠶᠠᠷ ︽ᠠᠳᠤᠭᠤᠴᠢᠨ ᠠᠰᠠᠷ︾᠂ ︽ᠰᠦᠷᠦᠭ ᠠᠰᠠᠷ︾᠂ ︽ᠨᠠᠢᠮᠠᠨ ᠠᠶᠠᠯᠭᠤ︾ ᠶᠢ ᠬᠦᠭᠵᠢᠮᠳᠡᠵᠤ ᠮᠤᠷᠢᠨ ᠤ ᠮᠠᠬᠳᠠᠭᠠᠯ ᠤᠨ ᠤᠷᠳᠤ ᠶᠢᠨ ᠲᠠᠭᠤᠤ ᠶᠢᠨ ᠡᠭᠡᠰᠢᠭ ᠲᠤᠮᠳᠠ ᠮᠤᠷᠢᠨ ᠴᠤᠯᠠ ᠪᠠᠨ ᠤᠷᠠᠨ ᠲᠤᠳᠤ ᠠᠶᠠᠯᠭᠤ ᠪᠠᠷ ᠤᠶᠠᠩᠭᠠᠯᠠᠨ ᠲᠠᠭᠤᠳᠠᠨ᠎ᠠ᠃ ᠡᠯ᠎ᠠ ᠭᠠᠵᠠᠷ ᠤᠨ ᠮᠤᠷᠢᠨ ᠴᠤᠯᠠ ᠲᠠᠭᠤᠳᠠᠬᠤ ᠬᠡᠯᠪᠠᠷᠢ ᠪᠠ ᠠᠭᠤᠯᠭ᠎ᠠ ᠨᠢ ᠶᠡᠭᠡ ᠲᠦᠯᠦᠪ ᠠᠳᠠᠯᠢ ᠪᠤᠯᠪᠠᠴᠤ ᠠᠭᠤᠯᠭ᠎ᠠ ᠪᠠ ᠠᠶᠠᠯᠭᠤ ᠨᠢ ᠪᠠᠰᠠ ᠲᠤᠰ ᠲᠤᠰ ᠤᠨ ᠤᠨᠴᠠᠯᠢᠭ ᠲᠠᠢ ᠪᠠᠶᠢᠳᠠᠭ᠃ ᠵᠢᠷᠢᠮ ᠠᠶᠢᠮᠠᠭ ᠤᠨ ᠮᠤᠷᠢᠨ ᠴᠤᠯᠠ ᠶᠢᠨ ᠲᠠᠭᠤᠳᠠᠯᠭ᠎ᠠ ᠠᠴᠠ ᠵᠢᠱᠢᠶᠠᠯᠠᠪᠠᠯ᠄ ︽ᠵᠠ ᠁ ᠮᠠᠨ ᠤ ᠡᠨᠡ ᠮᠤᠷᠢ ᠪᠤᠯ ᠠᠳᠤᠭᠤᠨ ᠠᠴᠠ ᠮᠢᠨᠢ ᠲᠦᠷᠦᠭᠰᠡᠨ ᠠᠯᠢᠶ᠎ᠠ ᠵᠠᠩ ᠲᠠᠢ ᠤᠨᠠᠭ᠎ᠠ᠂ ᠠᠭᠤᠯᠠ ᠤᠪᠤᠭ᠎ᠠ ᠶᠢᠨ ᠲᠠᠬᠢᠯᠭ᠎ᠠ ᠲᠡᠭᠡᠷ᠎ᠠ ᠠᠯᠳᠠᠷ ᠭᠠᠷᠤᠬᠰᠠᠨ ᠬᠦᠯᠦᠭ᠂ ᠰᠦᠷᠦᠭ ᠠᠴᠠ ᠮᠢᠨᠢ ᠰᠢᠯᠭᠠᠷᠠᠬᠰᠠᠨ ᠰᠤᠷᠭᠤᠭ ᠠᠯᠢᠶ᠎ᠠ ᠤᠨᠠᠭ᠎ᠠ᠂ ᠰᠦᠮ᠎ᠠ ᠬᠡᠶᠢᠳ ᠤᠨ ᠨᠠᠶᠢᠷ ᠲᠡᠭᠡᠷ᠎ᠠ ᠰᠦᠷ ᠮᠠᠨᠳᠤᠭᠤᠯᠤᠬᠰᠠᠨ ᠬᠦᠯᠦᠭ᠂ ᠡᠪᠡᠰᠤᠨ ᠯᠤᠤ ᠶᠢᠨ ᠲᠤᠯᠤᠭᠠᠢ ᠲᠠᠢ ᠡᠭᠦᠯᠠ ᠲᠠᠳᠠᠮᠠᠷ ᠰᠠᠮᠵᠢ ᠲᠠᠢ ᠰᠠᠯᠬᠢ ᠤᠷᠢᠮᠠᠷ ᠰᠡᠭᠦᠯ ᠲᠠᠢ ᠰᠠᠬᠰᠠᠭ ᠤᠨ ᠦᠵᠦᠭᠦᠷ ᠨᠢ ᠭᠠᠯ ᠲᠠᠢ᠂ ᠲᠡᠪᠬᠢᠵᠤ ᠠᠪᠤᠭᠠᠳ ᠲᠤᠪᠳᠤᠯᠪᠠᠯ ᠲᠠᠭᠠᠭᠠᠬᠤ ᠠᠮᠢᠳᠠᠨ ᠪᠠᠶᠢᠬᠤ ᠦᠭᠡᠢ᠂ ᠲᠠᠪᠬᠤᠷ ᠲᠠᠰᠢᠭᠤᠷ ᠢᠳᠡᠭᠦᠯᠪᠠᠯ ᠳᠠᠩ ᠬᠦᠡᠭ ᠬᠠᠷᠪᠤᠭᠠᠳ ᠤᠢᠢᠷᠠᠳᠤᠬᠤ ᠦᠭᠡᠢ᠂ ᠦᠷᠦᠪᠬᠢᠨ ᠠᠪᠤᠭᠠᠳ ᠬᠦᠳᠡᠯᠪᠠᠯ ᠦᠳᠤᠳᠡᠨ ᠵᠢᠭᠦᠷᠳᠡᠨ ᠵᠡᠷᠭᠡᠴᠡᠭᠦ ᠦᠭᠡᠢ᠂ ᠦᠯᠮᠡᠢ ᠬᠠᠪᠰᠤᠷᠤᠭᠠᠳ ᠲᠦᠯᠬᠢᠪᠠᠯ ᠦᠨᠳᠡᠭᠡᠨ ᠰᠤᠮᠤᠨ ᠠᠴᠠ ᠬᠤᠴᠤᠷᠬᠤ ᠦᠭᠡᠢ᠂ ᠵᠦᠪ ᠲᠠᠢ ᠲᠠᠯ᠎ᠠ ᠠᠴᠠ ᠪᠠᠨ ᠵᠢᠭᠰᠢᠭᠦ ᠦᠭᠡᠢ᠂ ᠵᠦᠷ ᠢ ᠭᠤᠷᠪᠠᠨᠳᠠ ᠬᠦᠢᠴᠡᠳᠡᠭ᠂ ᠪᠤᠷᠤᠭᠤ ᠲᠠᠢ ᠲᠠᠯ᠎ᠠ ᠠᠴᠠ ᠪᠠᠨ ᠪᠤᠰᠳᠠᠭ ᠦᠭᠡᠢ᠂ ᠪᠤᠭᠤ ᠶᠢ ᠭᠤᠷᠪᠠᠨᠳᠠ ᠰᠠᠭᠤᠯᠭᠠᠳᠠᠭ᠂ ᠲᠦᠷᠦᠭᠡᠨ ᠳᠤ ᠲᠤᠷᠠᠬᠤ ᠳᠤ ᠴᠢᠷᠦᠭᠦ ᠦᠭᠡᠢ᠂ ᠲᠤᠤᠷ᠎ᠠ ᠨᠢ ᠤᠨᠠᠬᠤ ᠳᠤ ᠢᠰᠭᠦᠯᠭᠦ ᠦᠭᠡᠢ᠂ ᠨᠤᠬᠠᠢ ᠤᠷᠤᠬᠤ ᠳᠤ ᠨᠠᠳᠬᠤᠬᠤ ᠦᠭᠡᠢ᠂ ᠨᠤᠮᠤᠨ ᠤ ᠨᠦᠭᠡᠨ ᠳᠤ ᠪᠦᠳᠤᠷᠢᠭᠦ ᠦᠭᠡᠢ᠂ ᠤᠨᠠᠭᠤᠯᠢ ᠦᠰᠦᠷᠦᠭᠡᠨ ᠤᠢᠢᠴᠢᠬᠤ ᠦᠭᠡᠢ᠂ ᠤᠰᠤᠨ ᠤ ᠬᠦᠨ ᠳᠤ ᠤᠷᠤᠭᠤᠳᠠᠬᠤ ᠦᠭᠡᠢ᠂ ᠠᠶᠢᠯ ᠲᠤᠭᠤᠷᠢᠪᠠᠯ ᠠᠯᠢᠶ᠎ᠠ ᠲᠠᠢ᠂ ᠠᠯᠠᠯᠳᠤᠭᠠᠨ ᠳᠤ ᠮᠤᠷᠳᠠᠪᠠᠯ ᠢᠯᠠᠯᠳᠠ ᠲᠠᠢ᠂ ᠡᠶᠢᠮᠦ ᠰᠦᠷᠡᠭᠡᠢ ᠬᠤᠷᠳᠤᠨ ᠮᠤᠷᠢ ᠨᠢ ᠡᠨᠡ ᠡᠳᠤᠷ ᠲᠡᠷᠢᠭᠦᠯᠡᠭᠰᠡᠨ ᠪᠤᠯᠬᠤᠷ ᠤᠷᠤᠨ ᠨᠤᠳᠤᠭ ᠤᠨ ᠡᠳ᠋ ᠪᠤᠳᠠᠰ ᠢᠶᠠᠷ ᠤᠨᠴᠠᠭᠠᠢᠢᠯᠠᠨ ᠬᠦᠬᠢᠭᠦᠯᠪᠠ︾ ᠬᠡᠵᠤ ᠴᠤᠯᠠ ᠲᠠᠭᠤᠳᠠᠳᠠᠭ ᠪᠠᠶᠢᠨ᠎ᠠ᠃ ᠵᠠᠷᠢᠮ ᠭᠠᠵᠠᠷ ᠲᠤ ᠮᠤᠷᠢᠨ ᠴᠤᠯᠠ ᠲᠠᠭᠤᠳᠠᠬᠤ ᠳᠤ ᠲᠡᠷᠢᠭᠦᠯᠡᠭᠰᠡᠨ ᠮᠤᠷᠢᠨ ᠤ ᠡᠵᠡᠨ ᠳᠤ ᠴᠡᠭᠡ ᠪᠠᠷᠢᠵᠤ᠂ ᠲᠤᠰ ᠮᠤᠷᠢᠨ ᠤ ᠲᠠᠯ᠂ ᠰᠡᠭᠦᠯ᠂ ᠬᠤᠨᠳᠤᠯᠠᠢ ᠳᠤ ᠴᠡᠭᠡ ᠰᠠᠴᠤᠵᠤ ᠮᠢᠯᠢᠶᠠᠳᠠᠭ᠃ ᠵᠠᠷᠢᠮ ᠭᠠᠵᠠᠷ ᠲᠤ ᠲᠠᠪᠤᠳᠤᠭᠠᠷ ᠲᠤ ᠬᠦᠷᠴᠤ ᠢᠷᠡᠭᠰᠡᠨ ᠮᠤᠷᠢ ᠶᠢ ︽ᠠᠶᠢᠷᠠᠭ ᠤᠨ ᠲᠠᠪᠤ︾ ᠬᠡᠵᠤ ᠲᠤᠰᠬᠠᠢᠢᠯᠠᠨ ᠴᠤᠯᠠ ᠲᠠᠭᠤᠳᠠᠬᠤ ᠴᠤ ᠪᠤᠢ᠃
 
ᠢᠷᠡᠯᠲᠡ᠄ ᠣᠷᠳᠣᠰ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号