ᠦᠵᠦᠮᠦᠴᠢᠨ ᠤ ᠪᠡᠯᠴᠢᠭᠡᠷ ᠨᠤᠲᠤᠭ ᠢᠶᠠᠨ ᠠᠰᠢᠭᠯᠠᠬᠤ ᠠᠷᠭ᠎ᠠ ᠠᠪᠴᠢᠯ
ᠨᠡᠶᠢᠲᠡᠯᠡᠭᠰᠡᠨ ᠴᠠᠭ᠄
2017/6/12
ᠤᠷᠢᠶᠠᠩᠬᠠᠨ ᠤ᠂ ᠶᠤᠨᠳᠤᠨ                    ᠦᠵᠦᠮᠦᠴᠢᠨ ᠤ ᠪᠡᠯᠴᠢᠭᠡᠷ ᠨᠤᠲᠤᠭ ᠢᠶᠠᠨ ᠠᠰᠢᠭᠯᠠᠬᠤ ᠠᠷᠭ᠎ᠠ ᠠᠪᠴᠢᠯ      ᠪᠡᠯᠴᠢᠭᠡᠷ ᠨᠤᠲᠤᠭ ᠪᠤᠯ ᠨᠡᠭᠦᠳᠡᠯ ᠮᠠᠯᠵᠢᠯ ᠤᠨ ᠰᠠᠭᠤᠷᠢ ᠪᠤᠯᠬᠤ ᠮᠦᠷᠳᠡᠭᠡᠨ ᠮᠠᠯ ᠠᠵᠦ ᠠᠬᠤᠢ ᠶᠢᠨ ᠦᠨᠳᠦᠰᠦᠨ ᠦᠢᠯᠡᠳᠪᠦᠷᠢᠯᠡᠯ ᠤᠨ ᠬᠡᠷᠡᠭᠰᠡᠯ ᠪᠤᠯᠵᠦ᠂ ᠮᠠᠯᠴᠢᠳ ᠤᠨ ᠤᠷᠤᠰᠢᠨ ᠲᠤᠭᠳᠠᠨᠢᠬᠤ ᠦᠨᠳᠦᠰᠦᠨ ᠠᠮᠢᠳᠤᠷᠠᠯ ᠤᠨ ᠲᠦᠰᠢᠭ ᠨᠢ ᠪᠤᠯᠵᠦ ᠪᠠᠶᠢᠳᠠᠭ᠃ ᠬᠡᠷᠪᠡ ᠪᠡᠯᠴᠢᠭᠡᠷ ᠨᠤᠲᠤᠭ ᠢᠶᠠᠨ ᠠᠯᠳᠠᠪᠠᠯ ᠠᠮᠢᠳᠤᠷᠠᠯ ᠦᠢᠯᠡᠳᠪᠦᠷᠢᠯᠡᠯ ᠤᠨ ᠦᠨᠳᠦᠰᠦᠨ ᠨᠦᠬᠦᠴᠡᠯ ᠪᠤᠯᠤᠮᠵᠢ ᠪᠠᠨ ᠪᠦᠷᠢᠮᠦᠰᠦᠨ ᠠᠯᠳᠠᠬᠤ  ᠪᠤᠯᠤᠨ᠎ᠠ᠃ ᠶᠠᠭ ᠡᠨᠡᠬᠦ ᠦᠨᠳᠦᠰᠦᠨ ᠠᠮᠢᠨ ᠬᠡᠷᠡᠭᠴᠡᠭᠡ ᠠᠴᠠ ᠪᠠᠨ ᠪᠤᠯᠵᠦ᠂ ᠦᠵᠦᠮᠦᠴᠢᠨ ᠮᠠᠯᠴᠢᠳ ᠪᠡᠯᠴᠢᠭᠡᠷ ᠨᠤᠲᠤᠭ ᠢᠶᠠᠨ ᠨᠠᠨᠳᠢᠩᠨᠠᠨ ᠬᠠᠶᠢᠷᠠᠯᠠᠬᠤ᠂ ᠳᠠᠨᠢᠵᠦ ᠤᠶᠢᠯᠠᠭᠠᠬᠤ ᠮᠦᠷᠳᠡᠭᠡᠨ ᠲᠤᠬᠢᠳᠠᠢ ᠠᠰᠢᠭᠯᠠᠬᠤ ᠮᠡᠳᠡᠯᠭᠡ ᠮᠡᠷᠭᠡᠵᠢᠯ ᠢ ᠪᠦᠳᠦᠭᠡᠯᠴᠢ ᠪᠠᠷ ᠡᠭᠦᠳᠦᠨ ᠡᠵᠡᠮᠰᠢᠵᠦ᠂ ᠤᠯᠠᠮᠵᠢᠯᠠᠨ ᠦᠷᠭᠦᠯᠵᠢᠯᠡᠭᠦᠯᠦᠭᠰᠡᠨ ᠪᠠᠶᠢᠳᠠᠭ᠃ ᠦᠵᠦᠮᠦᠴᠢᠨᠴᠤᠳ᠂ ᠤᠯᠠᠨ ᠬᠦᠳᠡᠯᠭᠡᠭᠡᠨᠳᠦ ᠨᠡᠭᠦᠳᠡᠯ ᠮᠠᠯᠵᠢᠯ ᠤᠨ ᠶᠡᠷᠦᠩᠬᠡᠢ ᠰᠠᠭᠤᠷᠢᠨ ᠳᠡᠭᠡᠷ᠎ᠡ᠂ ᠲᠡᠭᠦᠨ ᠲᠠᠢ ᠤᠶᠠᠯᠳᠤᠭᠰᠠᠨ ᠤᠯᠠᠨ ᠠᠭᠤᠯᠭ᠎ᠠ ᠲᠠᠢ ᠪᠡᠯᠴᠢᠭᠡᠷ ᠤᠨ ᠠᠮᠢ ᠠᠬᠤᠢ ᠶᠢᠨ ᠲᠠᠨᠢᠴᠠ ᠮᠡᠳᠡᠴᠡ ᠬᠢᠭᠡᠳ ᠮᠠᠯᠵᠢᠯᠭ᠎ᠠ ᠶᠢᠨ ᠭᠦᠨᠴᠡ ᠲᠠᠢ ᠲᠤᠷᠰᠢᠯᠭ᠎ᠠ ᠶᠢ ᠡᠭᠦᠳᠦᠭᠰᠡᠨ ᠪᠠᠶᠢᠳᠠᠭ᠃ ᠮᠠᠯᠵᠢᠬᠤᠢ ᠮᠡᠷᠭᠡᠵᠢᠯ ᠢᠶᠠᠷ ᠪᠡᠯᠴᠢᠭᠡᠷ ᠲᠤ ᠵᠤᠬᠢᠴᠠᠬᠤ ᠴᠢᠳᠠᠪᠬᠢ ᠶᠢᠨ ᠲᠠᠯ᠎ᠠ ᠪᠠᠷ᠂ ᠮᠠᠯ ᠮᠠᠯᠵᠢᠬᠤ ᠳᠠᠭᠠᠨ ᠭᠠᠵᠠᠷ ᠵᠦᠢ ᠶᠢᠨ ᠪᠠᠶᠢᠴᠠ᠂ ᠤᠷᠭᠤᠮᠠᠯ ᠤᠨ ᠲᠦᠷᠦᠯ ᠵᠦᠢᠯ᠂ ᠤᠰᠤ ᠲᠤᠨᠤᠳᠠᠰᠤ ᠶᠢ ᠪᠦᠬᠦ ᠲᠠᠯ᠎ᠠ ᠪᠠᠷ ᠬᠠᠷᠠᠭᠠᠯᠵᠠᠨ᠂ ᠮᠠᠯ ᠰᠦᠷᠦᠭ ᠤᠨ ᠤᠨᠴᠠᠯᠢᠭ ᠲᠠᠭᠠᠨ ᠲᠤᠬᠢᠷᠠᠭᠤᠯᠤᠨ ᠮᠠᠯᠵᠢᠵᠦ᠂ ᠪᠡᠯᠴᠢᠭᠡᠷ ᠨᠤᠲᠤᠭ ᠤᠨ ᠵᠤᠬᠢᠴᠠᠯ ᠢ ᠠᠩᠬᠠᠷᠴᠤ᠂ ᠳᠠᠬᠢᠨ ᠬᠡᠷᠡᠭᠯᠡᠬᠦ ᠳᠤ ᠪᠡᠯᠡᠳᠭᠡᠳᠡᠭ᠃ ᠪᠡᠯᠴᠢᠭᠡᠷ ᠢ ᠠᠰᠢᠭᠯᠠᠬᠤ ᠳᠤ ᠤᠯᠠᠷᠢᠯ ᠢᠶᠠᠷ ᠠᠰᠢᠭᠯᠠᠬᠤ᠂ ᠤᠳᠤᠷᠯᠠᠵᠦ ᠠᠰᠢᠭᠯᠠᠬᠤ᠂ ᠮᠠᠯ ᠤᠨ ᠲᠦᠷᠦᠯ ᠵᠦᠢᠯ ᠳᠤ ᠲᠤᠬᠢᠷᠠᠭᠤᠯᠵᠦ ᠠᠰᠢᠭᠯᠠᠬᠤ᠂ ᠬᠤᠷᠯᠠᠭᠤᠯᠵᠦ ᠠᠰᠢᠭᠯᠠᠬᠤ᠂ ᠨᠡᠭᠡᠭᠡᠵᠦ ᠠᠰᠢᠭᠯᠠᠬᠤ᠂ ᠬᠠᠳᠤᠯᠠᠩ ᠢᠶᠠᠷ ᠠᠰᠢᠭᠯᠠᠬᠤ ᠵᠡᠷᠭᠡ ᠤᠯᠠᠨ ᠠᠷᠭ᠎ᠠ ᠠᠪᠴᠢᠯ ᠢ ᠲᠠᠳᠮᠠᠭᠠᠢ ᠪᠠᠷ ᠬᠡᠷᠡᠭᠯᠡᠳᠡᠭ᠃ ᠦᠵᠦᠮᠦᠴᠢᠨᠴᠤᠳ᠂ ᠮᠠᠯ ᠠᠵᠦ ᠠᠬᠤᠢ ᠶᠢ ᠡᠷᠬᠢᠯᠡᠬᠦ ᠶᠠᠪᠤᠴᠠ ᠳᠠᠭᠠᠨ ᠮᠠᠯ ᠬᠢᠭᠡᠳ ᠪᠡᠯᠴᠢᠭᠡᠷ ᠤᠨ ᠬᠤᠭᠤᠷᠤᠨᠳᠤᠬᠢ ᠵᠦᠷᠢᠴᠡᠯ ᠢ ᠰᠠᠢᠳᠪᠦᠷᠢᠯᠡᠬᠦ ᠮᠠᠰᠢ ᠤᠯᠠᠨ ᠤᠬᠢ ᠰᠢᠯᠢᠳᠡᠭ ᠠᠷᠭ᠎ᠠ ᠲᠤᠷᠰᠢᠯᠭ᠎ᠠ ᠶᠢ ᠬᠤᠷᠠᠮᠳᠤᠭᠤᠯᠤᠭᠰᠠᠨ ᠪᠠᠶᠢᠭ᠎ᠠ ᠪᠦᠭᠡᠳ ᠶᠡᠭᠡ ᠰᠢᠰᠲ᠋ᠧᠮ ᠲᠠᠢ ᠪᠠᠷ ᠴᠠᠭ ᠠᠭᠠᠷ᠂ ᠪᠡᠯᠴᠢᠭᠡᠷ ᠤᠷᠭᠤᠮᠠᠯ᠂ ᠮᠠᠯ ᠰᠦᠷᠦᠭ ᠤᠨ ᠪᠠᠶᠢᠳᠠᠯ ᠲᠠᠢ ᠪᠠᠨ ᠵᠤᠬᠢᠴᠠᠭᠤᠯᠤᠨ ᠬᠡᠷᠡᠭᠯᠡᠭᠰᠡᠨ ᠵᠢᠮ᠎ᠡ ᠶᠤᠰᠤ  ᠲᠠᠢ ᠠᠵᠢᠯᠯᠠᠭ᠎ᠠ ᠶᠤᠮ᠃      ⒈ ᠪᠡᠯᠴᠢᠭᠡᠷ ᠤᠨ ᠲᠤᠷᠭᠠᠨ ᠬᠦᠷᠦᠰᠦ ᠶᠢ ᠬᠠᠮᠠᠭᠠᠯᠠᠬᠤ ᠃ ᠪᠡᠯᠴᠢᠭᠡᠷ ᠨᠤᠲᠤᠭ ᠤᠨ ᠬᠦᠷᠦᠰᠦ ᠨᠢ ᠵᠢᠯ ᠤᠨ ᠪᠡᠯᠴᠢᠭᠡᠷ ᠤᠨ ᠤᠷᠭᠤᠴᠠ᠂ ᠴᠠᠭᠠᠨ ᠪᠤᠭ᠂ ᠬᠦᠭᠡ ᠪᠤᠭ ᠨᠢ ᠪᠤᠭᠰᠢᠮᠠᠯ ᠬᠠᠭᠳᠠᠨ ᠲᠠᠪᠬᠤᠷᠭ᠎ᠠ ᠪᠤᠯᠤᠨ ᠪᠦᠷᠢᠳᠦᠭᠡᠳ ᠭᠠᠵᠠᠷ ᠤᠨ ᠬᠠᠷ᠎ᠠ ᠰᠢᠷᠤᠢ ᠶᠢᠨ ᠬᠦᠷᠦᠰᠦ ᠶᠢ ᠵᠤᠯᠠᠨ ᠪᠦᠷᠭᠦᠵᠦ ᠪᠦᠳᠦᠭᠡᠳ᠂ ᠬᠦᠷᠦᠰᠦᠨ ᠤ ᠰᠢᠮ᠎ᠡ ᠲᠠᠵᠢᠭᠡᠯ ᠬᠢᠭᠡᠳ ᠴᠢᠬᠢᠭ ᠢ ᠬᠠᠳᠠᠭᠠᠯᠠᠳᠠᠭ ᠲᠤᠷᠭᠠᠨ ᠪᠦᠷᠬᠦᠪᠴᠢ ᠪᠤᠯᠳᠠᠭ᠃ ᠦᠵᠦᠮᠦᠴᠢᠨᠴᠤᠳ ᠡᠭᠦᠨ ᠢ ︽ᠪᠡᠯᠴᠢᠭᠡᠷ ᠤᠨ ᠲᠤᠷᠭᠠᠨ ᠬᠦᠷᠦᠰᠦ︾ ᠭᠡᠳᠡᠭ᠃ ᠬᠠᠭᠳᠠ ᠡᠪᠡᠰᠦᠨ ᠤ ᠲᠠᠪᠬᠤᠷᠭ᠎ᠠ ᠨᠢ ᠬᠦᠷᠦᠰᠦ ᠰᠢᠷᠤᠢ ᠶᠢ ᠬᠠᠮᠠᠭᠠᠯᠠᠬᠤ ᠪᠠ ᠨᠦᠬᠦᠪᠦᠷᠢᠯᠡᠬᠦ ᠦᠢᠯᠡᠳᠦᠯ ᠲᠠᠢ ᠪᠠᠶᠢᠵᠦ᠂ ᠪᠡᠯᠴᠢᠭᠡᠷ ᠤᠨ ᠠᠮᠢ ᠠᠬᠤᠢ ᠶᠢᠨ ᠲᠦᠯᠵᠢᠬᠦ ᠶᠢᠨ ᠦᠨᠳᠦᠰᠦᠨ ᠨᠦᠬᠦᠴᠡᠯ ᠢ ᠪᠦᠷᠢᠯᠳᠦᠭᠦᠯᠦᠨ ᠦᠭᠳᠡᠭ᠃ ᠡᠶᠢᠮᠤ ᠠᠴᠠ ᠦᠵᠦᠮᠦᠴᠢᠨ ᠤ ᠠᠷᠠᠳ ᠤᠨ ᠰᠡᠴᠡᠨ ᠦᠭᠡᠨ ᠳᠤ ︽ᠭᠤᠷᠪᠠᠨ ᠵᠢᠯ ᠤᠨ ᠬᠦᠭᠡ ᠬᠠᠭᠳᠠ ᠭᠤᠳᠤᠯ ᠤᠨ ᠤᠯᠠ ᠶᠢ ᠲᠤᠰᠤᠳᠠᠳᠠᠭ︾ ︽ ᠬᠠᠪᠤᠷ ᠤᠨ ᠬᠤᠷ᠎ᠠ ᠨᠠᠮᠤᠷ ᠲᠠᠭᠠᠨ ᠲᠤᠰᠤ᠂ ᠬᠠᠭᠳᠠ ᠲᠠᠢ ᠡᠪᠡᠰᠦ ᠦᠨᠢᠳᠡ  ᠳᠡᠭᠡᠨ ᠲᠤᠰᠤ︾ ᠭᠡᠵᠦ ᠪᠠᠶᠢᠳᠠᠭ ᠨᠢ ᠶᠠᠭ ᠡᠨᠡᠬᠦ ᠬᠠᠭᠳᠠ ᠡᠪᠡᠰᠦ ᠪᠤᠯᠬᠤ ᠪᠤᠭ ᠤᠨ ᠲᠠᠪᠬᠤᠷᠭ᠎ᠠ ᠶᠢᠨ ᠴᠢᠬᠤᠯᠠ ᠴᠢᠨᠠᠷ ᠢ ᠦᠭᠦᠯᠡᠭᠰᠡᠨ ᠪᠠᠶᠢᠭ᠎ᠠ ᠶᠤᠮ᠃ ᠪᠤᠭ ᠲᠠᠢ ᠭᠠᠵᠠᠷ ᠪᠡᠯᠴᠢᠭᠡᠷ ᠦᠳᠭᠡᠨ ᠭᠠᠷᠳᠠᠭ ᠶᠤᠰᠤ ᠶᠢ ᠳᠡᠳᠡ ᠰᠠᠶᠢᠨ ᠤᠶᠢᠯᠠᠭᠠᠳᠠᠭ ᠪᠤᠯᠬᠤᠷ ︽ ᠪᠡᠯᠴᠢᠭᠡᠷ ᠤᠨ ᠲᠤᠷᠭᠠᠨ ᠬᠦᠷᠦᠰᠦ ᠶᠢ ᠬᠠᠮᠠᠭᠠᠯᠠᠬᠤ︾ ᠭᠡᠵᠦ ᠲᠦᠷᠪᠡᠨ ᠤᠯᠠᠷᠢᠯ ᠤᠨ ᠪᠡᠯᠴᠢᠭᠡᠷ ᠬᠤᠪᠢᠶᠠᠨ ᠮᠠᠯᠵᠢᠬᠤ᠂ ᠰᠠᠷ᠎ᠠ ᠪᠤᠶᠤ ᠲᠤᠯᠤᠭ᠎ᠠ ᠬᠤᠨᠤᠭ ᠢᠶᠠᠷ ᠤᠳᠤᠷᠯᠠᠨ ᠢᠮᠠᠭᠳᠠ ᠨᠡᠭᠦᠨ ᠰᠢᠯᠵᠢᠳᠡᠭ ᠨᠢ ᠶᠠᠭ ᠡᠨᠡᠬᠦ ᠬᠠᠭᠳᠠ ᠡᠪᠡᠰᠦ ᠪᠤᠯᠬᠤ ᠲᠤᠷᠭᠠᠨ ᠬᠦᠷᠦᠰᠦ ᠶᠢ ᠬᠠᠮᠠᠭᠠᠯᠠᠬᠤ ᠶᠢᠨ ᠲᠤᠯᠠᠳᠠ ᠪᠠᠶᠢᠵᠦ᠂ ᠪᠦᠬᠦ ᠤᠷᠭᠤᠮᠠᠯ ᠤᠨ ᠭᠠᠷᠴᠠ᠂ ᠤᠷᠭᠤᠯᠳᠠ ᠶᠢᠨ ᠬᠤᠭᠤᠴᠠᠭ᠎ᠠ᠂ ᠦᠷᠡᠯᠡᠨ ᠰᠠᠴᠤᠬᠤ ᠵᠡᠷᠭᠡ ᠳᠤᠨᠢ ᠲᠤᠯᠳᠠᠯ᠎ᠠ ᠰᠢᠨᠵᠢᠯᠡᠨ᠂ ᠤᠷᠭᠤᠮᠠᠯ ᠤᠨ ᠦᠢᠯᠡᠳᠪᠦᠷᠢᠯᠡᠯ ᠤᠨ ᠬᠦᠴᠦᠨ ᠢ ᠭᠦᠢᠴᠡᠳ ᠪᠠᠳᠤᠯᠠᠳᠠᠭ᠃ ᠡᠨᠡ ᠪᠤᠯ ᠨᠡᠭᠦᠳᠡᠯ ᠮᠠᠯᠵᠢᠯ ᠤᠨ ᠰᠤᠶᠤᠯ ᠤᠨ ᠡᠭᠦᠰᠪᠦᠷᠢ ᠪᠤᠯᠤᠭᠰᠠᠨ ᠤ ᠰᠢᠯᠳᠠᠭᠠᠨ ᠪᠠᠶᠢᠵᠦ ᠲᠠᠭᠠᠷᠠᠨ᠎ᠠ᠃       ᠬᠠᠭᠳᠠ ᠡᠪᠡᠰᠦ ᠶᠢ ᠦᠵᠦᠮᠦᠴᠢᠨᠴᠤᠳ᠂ ᠴᠠᠭᠠᠨ ᠪᠤᠭ᠂ ᠬᠦᠭᠡ ᠪᠤᠭ᠂ ᠦᠵᠡᠭᠡᠯ ᠪᠤᠭ ᠭᠡᠵᠦ ᠢᠯᠭᠠᠨ ᠶᠠᠷᠢᠳᠠᠭ᠃ ᠪᠤᠭ ᠡᠪᠡᠰᠦ ᠪᠤᠯ ᠮᠠᠯ ᠤᠨ ᠢᠳᠠᠰᠢᠨ ᠤ ᠰᠢᠮ᠎ᠡ ᠲᠡᠵᠢᠭᠡᠯ ᠢ ᠨᠦᠬᠦᠪᠦᠷᠢᠯᠡᠳᠡᠭ ᠦᠨᠳᠦᠷ ᠰᠢᠮ᠎ᠡ ᠲᠡᠵᠢᠭᠡᠯᠳᠦ ᠤᠷᠭᠤᠮᠠᠯ ᠤᠨ ᠪᠤᠭᠰᠢᠮᠠᠯ ᠪᠠᠶᠢᠵᠦ᠂ ᠮᠠᠯᠵᠢᠯ ᠤᠨ ᠡᠩ ᠤᠨ ᠲᠤᠷᠰᠢᠯᠭ᠎ᠠ ᠪᠠᠷ ᠪᠤᠯ ᠬᠠᠪᠤᠷ ᠤᠨ ᠨᠤᠭᠤᠭᠠᠨ ᠤ ᠡᠬᠢᠨ ᠤ ᠦᠶ᠎ᠡ ᠮᠠᠯ ᠨᠤᠭᠤᠭ᠎ᠠ ᠬᠦᠭᠡᠭᠡᠳ ᠮᠠᠭᠤᠳᠠᠬᠤ ᠠᠴᠠ ᠪᠤᠯᠭᠤᠮᠵᠢᠯᠠᠵᠦ᠂ ᠪᠤᠭ ᠨᠤᠭᠤᠭ᠎ᠠ ᠬᠤᠯᠢᠯᠳᠤᠭᠰᠠᠨ ᠪᠡᠯᠴᠢᠭᠡᠷ ᠪᠤᠯᠬᠤ ︽ᠬᠤᠭᠤᠯᠠᠳᠤ ᠪᠤᠭ︾ ᠳᠤ ᠮᠠᠯ ᠢᠶᠠᠨ ᠳᠠᠯᠪᠢᠨ ᠢᠳᠡᠰᠢᠯᠡᠭᠦᠯᠳᠡᠭ᠃ ᠤᠶᠠᠭᠠᠨ ᠤ ᠮᠤᠷᠢ ᠶᠢ ᠭᠡᠳᠡᠰᠦ ᠶᠢ ᠨᠢ ᠴᠢᠩᠭᠠᠯᠠᠬᠤ ᠭᠡᠵᠦ ᠪᠤᠭ ᠲᠠᠢ ᠪᠡᠯᠴᠢᠭᠡᠷ ᠲᠤ ᠠᠷᠭᠠᠮᠵᠢᠳᠠᠭ᠂ ᠮᠠᠯᠴᠢᠳ ᠬᠠᠭᠳᠠᠨ ᠤ ᠪᠡᠯᠴᠢᠭᠡᠷ ᠢ ᠢᠩᠬᠢᠵᠦ ᠲᠤᠬᠢᠷᠠᠮᠵᠢᠳᠠᠢ ᠠᠰᠢᠭᠯᠠᠳᠠᠭ᠃ ᠨᠡᠩ ᠠᠳᠤᠭᠤ ᠪᠤᠯ ᠪᠤᠭ ᠬᠠᠮᠤᠬᠤ ᠲᠤᠷᠠᠰᠢᠯ  ᠲᠠᠢ ᠪᠠᠶᠢᠳᠠᠭ ᠢᠶᠠᠷ ᠡᠪᠦᠯ ᠬᠠᠪᠤᠷ ᠤᠨ ᠤᠯᠠᠷᠢᠯ ᠳᠤ ᠪᠤᠭ ᠲᠠᠢ ᠪᠡᠯᠴᠢᠭᠡᠷ ᠲᠤ ᠲᠤᠭᠳᠠᠪᠦᠷᠢᠳᠠᠢ ᠢᠳᠡᠰᠢᠯᠡᠳᠡᠭ ᠶᠤᠮ᠃ ᠭᠡᠪᠡᠴᠤ ᠰᠢᠮ᠎ᠡ ᠲᠠᠢ ᠲᠤᠭᠳᠠᠪᠦᠷᠢᠳᠠᠢ ᠪᠠᠶᠢᠨ᠎ᠠ ᠭᠡᠳ ᠨᠢᠭᠡ ᠯᠡ ᠭᠠᠵᠠᠷ ᠲᠤ ᠤᠳᠠᠭᠠᠨ ᠳᠠᠯᠪᠢᠵᠦ ᠪᠡᠯᠴᠢᠭᠡᠷ ᠢᠶᠠᠨ ᠬᠠᠯᠴᠠᠭᠠᠶᠢᠷᠠᠭᠤᠯᠬᠤ ᠪᠢᠰᠢ ᠢᠮᠠᠭᠳᠠ  ᠪᠡᠯᠴᠢᠭᠡᠷ ᠢ ᠨᠢ ᠰᠡᠯᠭᠦᠨ ᠦᠭᠴᠤ ᠪᠠᠶᠢᠳᠠᠭ᠃ ᠪᠡᠯᠴᠢᠭᠡᠷ ᠤᠨ ᠲᠤᠷᠭᠠᠨ ᠬᠦᠷᠦᠰᠦ ᠶᠢ ᠬᠠᠮᠠᠭᠠᠯᠠᠬᠤ ᠡᠨᠡ ᠪᠤᠯ ᠪᠡᠯᠴᠢᠭᠡᠷ ᠠᠰᠢᠭᠯᠠᠬᠤ ᠶᠢᠨ ᠬᠠᠮᠤᠭ ᠤᠨ ᠤᠷᠢᠳᠠᠴᠢ ᠱᠠᠭᠠᠷᠳᠠᠯᠭ᠎ᠠ ᠪᠤᠯᠳᠠᠭ ᠤᠴᠢᠷ ᠲᠠᠢ᠃      ⒉ ᠪᠡᠯᠴᠢᠭᠡᠷ ᠢ ᠤᠯᠠᠷᠢᠯ ᠢᠶᠠᠷ ᠪᠤᠶᠤ ᠤᠳᠤᠷᠯᠠᠵᠦ ᠠᠰᠢᠭᠯᠠᠬᠤ᠃  ᠪᠡᠯᠴᠢᠭᠡᠷ ᠢ ᠤᠯᠠᠷᠢᠯ ᠢᠶᠠᠷ ᠪᠤᠶᠤ ᠤᠳᠤᠷᠯᠠᠵᠦ ᠠᠰᠢᠭᠯᠠᠬᠤ ᠨᠢ ᠪᠡᠯᠴᠢᠭᠡᠷ ᠢ ᠳᠠᠵᠢᠷᠰᠢᠭᠤᠯᠬᠤ ᠦᠭᠡᠢ ᠪᠠᠶᠢᠬᠤ ᠦᠨᠳᠦᠰᠦᠨ ᠨᠦᠬᠦᠴᠡᠯ ᠤᠨ ᠲᠤᠤᠷ᠎ᠠ ᠡᠪᠡᠰᠦ ᠤᠷᠭᠤᠮᠠᠯ ᠤᠨ ᠤᠷᠭᠤᠴᠡ ᠶᠢᠨ ᠰᠤᠶᠤᠭᠠᠯᠠᠬᠤ᠂ ᠴᠡᠴᠡᠭᠯᠡᠬᠦ᠂ ᠪᠤᠯᠪᠠᠰᠤᠷᠠᠬᠤ᠂ ᠦᠷ᠎ᠡ ᠰᠠᠴᠤᠬᠤ ᠵᠡᠷᠭᠡ ᠵᠢᠮ᠎ᠡ ᠶᠤᠰᠤ ᠶᠢ ᠬᠦᠨᠳᠦᠳᠭᠡᠨ᠂ ᠠᠯᠢ ᠴᠠᠭ ᠬᠤᠭᠤᠴᠠᠭᠠᠨ ᠳᠤ ᠶᠠᠮᠠᠷ ᠤᠷᠭᠤᠮᠠᠯ ᠤᠷᠭᠤᠨ ᠪᠤᠶᠢᠵᠢᠳᠠᠭ᠂ ᠶᠠᠮᠠᠷ ᠴᠠᠭ ᠦᠶ᠎ᠡ ᠳᠤ ᠠᠯᠢ ᠲᠦᠷᠦᠯ ᠤᠨ ᠡᠪᠡᠰᠦ ᠶᠢ ᠶᠠᠮᠠᠷ ᠮᠠᠯ ᠶᠠᠭᠠᠬᠢᠵᠦ ᠢᠳᠡᠳᠡᠭ ᠵᠡᠷᠭᠡ ᠶᠢ ᠪᠦᠬᠦ ᠲᠠᠯ᠎ᠠ ᠪᠠᠷ ᠬᠠᠷᠠᠭᠠᠯᠵᠠᠨ᠂ ᠤᠯᠠᠨ ᠵᠦᠢᠯ ᠤᠨ ᠶᠠᠩᠵᠦ ᠬᠡᠯᠪᠡᠷᠢ ᠪᠠᠷ ᠤᠯᠠᠨ ᠬᠦᠳᠡᠯᠭᠡᠭᠡᠨᠳᠦ ᠤᠳᠤᠷ ᠨᠡᠭᠦᠳᠡᠯ ᠬᠢᠬᠦ ᠪᠤᠯᠭᠠᠭᠰᠠᠨ ᠠᠰᠢᠭᠳᠠᠢ ᠲᠤᠷᠰᠢᠯᠭ᠎ᠠ ᠶᠢ ᠡᠭᠦᠳᠦᠭᠰᠡᠨ ᠪᠠᠶᠢᠨ᠎ᠠ᠃      ᠬᠠᠪᠤᠷ ᠤᠨ ᠤᠯᠠᠷᠢᠯ ᠳᠤ ᠬᠠᠪᠤᠷᠵᠢᠶᠠᠨ ᠳᠠᠭᠠᠨ ᠪᠠᠭᠤᠭᠰᠠᠨ ᠤ ᠲᠠᠷᠠᠭ᠎ᠠ ᠤᠰᠤ ᠤᠶᠢᠷᠠᠯᠴᠠᠭ᠎ᠠ ᠭᠠᠵᠠᠷ ᠲᠤ ᠰᠠᠭᠠᠬᠤ ᠶᠢᠨ ᠪᠡᠯᠴᠢᠭᠡᠷ᠂ ᠰᠤᠪᠠᠢ ᠶᠢᠨ ᠪᠡᠯᠴᠢᠭᠡᠷ ᠭᠡᠵᠦ ᠢᠯᠠᠭᠠᠬᠤ ᠪᠦᠭᠡᠳ ᠠᠯᠤᠰ ᠤᠨ ᠭᠠᠵᠠᠷ ᠲᠤ ᠠᠳᠤᠭᠤ ᠲᠡᠮᠡᠭᠡ ᠶᠢᠨ ᠪᠡᠯᠴᠢᠭᠡᠷ᠂ ᠤᠶᠢᠷᠠᠯᠴᠠᠭ᠎ᠠ ᠭᠠᠵᠠᠷ ᠲᠤ ᠦᠭᠡᠷ ᠤᠨ ᠪᠡᠯᠴᠢᠭᠡᠷ ᠭᠡᠵᠦ ᠬᠤᠪᠢᠶᠠᠨ ᠮᠠᠯᠵᠢᠳᠠᠭ᠃ ᠵᠤᠨ ᠤ ᠤᠯᠠᠷᠢᠯ ᠳᠤ ᠵᠤᠰᠠᠯᠠᠩ ᠳᠠᠭᠠᠨ ᠵᠤᠰᠠᠬᠤ ᠳᠤ ᠠᠯᠤᠰ ᠤᠨ ᠬᠠᠷᠠᠭ᠎ᠠ ᠲᠠᠢ ᠵᠤ ᠲᠠᠨᠵᠢᠨ ᠲᠡᠭᠡᠷ᠎ᠡ ᠪᠠᠭᠤᠵᠦ᠂ ᠰᠡᠷᠢᠭᠦᠨ ᠠᠮᠢᠰᠬᠤᠯ ᠲᠠᠢ ᠢᠯᠠᠭ᠎ᠠ ᠬᠤᠷᠤᠬᠠᠢ ᠴᠦᠬᠡᠨ ᠪᠠᠶᠢᠬᠤ ᠭᠠᠵᠠᠷ ᠢ ᠰᠤᠩᠭᠤᠳᠠᠭ᠃ ᠨᠠᠮᠤᠷ ᠤᠨ ᠤᠯᠠᠷᠢᠯ ᠳᠤ ᠨᠠᠮᠤᠷᠵᠢᠶ᠎ᠠ ᠳᠠᠭᠠᠨ ᠪᠠᠭᠤᠵᠦ᠂ ᠮᠠᠯ ᠤᠨ ᠲᠠᠷᠭᠤ ᠬᠦᠴᠦ ᠠᠪᠤᠭᠤᠯᠬᠤ ᠶᠢ ᠠᠩᠬᠠᠷᠴᠤ᠂ ᠬᠡᠳᠦ ᠬᠤᠨᠤᠭᠰᠠᠨ ᠤ ᠲᠠᠷᠠᠭ᠎ᠠ ᠡᠪᠡᠰᠦᠨ ᠤ ᠰᠤᠷ ᠬᠡᠷᠪᠡᠭᠳᠡᠵᠦ ᠴᠦᠭᠡᠷᠡᠪᠡᠯ ᠴᠦᠬᠡᠨ ᠬᠤᠨᠤᠭ ᠡᠳᠦᠷ ᠢᠶᠠᠷ ᠪᠡᠯᠴᠢᠭᠡᠷ ᠰᠢᠯᠢᠨ ᠪᠠᠶᠢᠩᠭᠤ ᠬᠦᠩᠭᠡᠨ ᠤᠳᠤᠷ ᠶᠠᠪᠤᠳᠠᠭ᠃ ᠡᠪᠦᠯ ᠤᠨ ᠤᠯᠠᠷᠢᠯ ᠳᠤ ᠨᠦᠮᠦᠷᠢ ᠲᠤᠯᠠᠭᠠᠨ ᠭᠠᠵᠠᠷ ᠪᠠᠭᠤᠵᠦ᠂ ᠮᠠᠯ ᠰᠦᠷᠦᠭ ᠤᠨ ᠬᠡᠪᠳᠡᠯᠭᠡ ᠲᠤᠯᠠᠭᠠᠨ ᠬᠡᠳᠡᠰᠦ ᠲᠦᠭᠦᠷᠡᠩ ᠪᠠᠶᠢᠬᠤ ᠶᠢ ᠠᠩᠬᠠᠷᠳᠠᠭ᠃ ᠡᠩ ᠤᠨ ᠵᠢᠯ ᠳᠤ ᠤᠯᠠᠩᠬᠢ ᠳᠠᠭᠠᠨ ᠡᠨᠡ ᠮᠡᠳᠦ ᠪᠠᠷ ᠡᠭᠡᠯᠵᠢᠯᠡᠵᠦ᠂ ᠮᠠᠰᠢ ᠡᠮᠬᠢ ᠵᠢᠷᠤᠮ ᠲᠠᠢ ᠲᠠᠪᠳᠠᠭᠳᠠᠳᠠᠭ᠃ ᠪᠡᠯᠴᠢᠭᠡᠷ ᠢ ᠮᠠᠯ ᠤᠨ ᠲᠦᠷᠦᠯ ᠢᠶᠠᠷ ᠲᠤᠬᠢᠷᠠᠭᠤᠯᠵᠦ ᠠᠰᠢᠭᠯᠠᠬᠤ ᠨᠢ ᠪᠡᠯᠴᠢᠭᠡᠷ ᠤᠨ ᠠᠰᠢᠭᠯᠠᠮᠵᠢ ᠶᠢᠨ ᠲᠠᠯ᠎ᠠ ᠪᠠᠷ ᠵᠦᠷᠢᠴᠡᠯ ᠦᠭᠡᠢ ᠪᠤᠯᠳᠠᠭ᠃ ᠤᠴᠢᠷ  ᠨᠢ ᠲᠠᠪᠤᠨ ᠬᠤᠰᠢᠭᠤ ᠮᠠᠯ ᠤᠨ ᠢᠳᠡᠰᠢᠯᠡᠬᠦ ᠡᠪᠡᠰᠦ ᠤᠷᠭᠤᠮᠠᠯ᠂ ᠪᠡᠯᠴᠢᠭᠡᠷᠯᠡᠬᠦ ᠬᠡᠯᠪᠡᠷᠢ ᠮᠠᠶ᠋ᠢᠭ ᠨᠢ ᠴᠤ ᠬᠠᠷᠢᠯᠴᠠᠨ ᠠᠳᠠᠯᠢ ᠦᠭᠡᠢ ᠪᠠᠶᠢᠳᠠᠭ᠃      ᠤᠳᠤᠷᠯᠠᠵᠦ ᠠᠰᠢᠭᠯᠠᠬᠤ ᠳᠤ᠂ ᠤᠯᠠᠷᠢᠯ ᠤᠨ ᠨᠤᠲᠤᠭ ᠲᠤ ᠪᠠᠭᠤᠬᠤ ᠳᠠᠭᠠᠨ ᠨᠢᠭᠡ ᠯᠡ ᠨᠤᠲᠤᠭ ᠲᠡᠭᠡᠷ᠎ᠡ ᠪᠠᠨ ᠲᠠᠷᠠᠭ᠎ᠠ ᠤᠯᠠᠷᠢᠯ ᠤᠨ ᠨᠡᠭᠦᠳᠡᠯ ᠢ ᠬᠦᠯᠢᠶᠡᠬᠦ ᠪᠢᠰᠢ᠂ ᠬᠠᠷᠢᠨ ᠤᠯᠠᠷᠢᠯ ᠤᠨ ᠪᠡᠯᠴᠢᠭᠡᠷ ᠤᠨ ᠲᠤᠲᠤᠷ᠎ᠠ ᠪᠠᠨ 7 — 10 ᠬᠤᠨᠤᠭ ᠲᠤ ᠦᠨᠳᠤᠰᠦᠨ ᠳᠡᠭᠡᠨ ᠨᠤᠲᠤᠭ ᠰᠢᠯᠵᠢᠵᠦ ᠨᠡᠭᠦᠳᠡᠭ ᠤᠴᠢᠷ ᠲᠠᠢ᠃ ᠬᠡᠷᠪᠡ ᠭᠡᠷ ᠢᠶᠠᠷ ᠢᠶᠠᠨ ᠨᠡᠭᠦᠬᠦ ᠦᠭᠡᠢ ᠪᠤᠯ ᠮᠦᠨ ᠬᠦᠩᠭᠡᠨ ᠤᠳᠤᠷ ᠤᠷᠢᠳᠠᠪᠡᠷ ᠶᠠᠪᠤᠳᠠᠭ ᠪᠠᠶᠢᠵᠠᠢ᠃ ᠬᠦᠩᠭᠡᠨ ᠤᠳᠤᠷ ᠶᠠᠪᠤᠬᠤ ᠨᠢ ᠬᠠᠪᠤᠷ ᠪᠤᠯ ᠮᠠᠯ ᠰᠦᠷᠦᠭ ᠢᠶᠠᠨ ᠬᠤᠭᠤᠯᠠᠳᠤ ᠪᠤᠭ ᠳᠤ ᠭᠠᠷᠭᠠᠬᠤ᠂ ᠬᠠᠪᠤᠷ ᠤᠨ ᠰᠡᠭᠦᠯᠴᠢ ᠳᠤ ᠨᠤᠭᠤᠭᠠᠨ ᠳᠤ ᠭᠠᠷᠭᠠᠬᠤ ᠳᠤ ᠵᠤᠷᠢᠭᠤᠯᠵᠦ᠂ ᠵᠤᠨ ᠪᠤᠯ ᠤᠶᠢᠷ᠎ᠠ ᠲᠦᠰᠦᠷ ᠤᠨ ᠨᠠᠭᠤᠷ ᠲᠤᠨᠤᠳᠠᠰᠤ ᠪᠡᠯᠴᠢᠭᠡᠷ ᠤᠨ ᠰᠤᠷᠭᠤᠭ ᠢ ᠠᠰᠢᠭᠯᠠᠬᠤ᠂ ᠨᠠᠮᠤᠷ ᠪᠤᠯ ᠮᠠᠯ ᠪᠡᠯᠴᠢᠭᠡᠷᠯᠡᠭᠰᠡᠨ ᠭᠠᠵᠠᠷ ᠠᠴᠠ ᠪᠤᠰᠤᠳ ᠰᠤᠷᠭᠤᠭ ᠪᠡᠯᠴᠢᠭᠡᠷ ᠲᠤ ᠤᠳᠤᠷ ᠬᠦᠭᠡᠭᠡᠬᠦ᠂ ᠭᠤᠪᠢ ᠱᠠᠤ ᠳᠤ ᠤᠷᠤᠭᠤᠯᠬᠤ ᠵᠡᠷᠭᠡ ᠲᠠᠷᠭᠤ ᠠᠪᠤᠭᠤᠯᠬᠤ ᠳᠤ ᠭᠤᠤᠯᠳᠠᠭᠤ ᠵᠤᠷᠢᠭᠤᠯᠵᠦ᠂ ᠡᠪᠦᠯ ᠪᠤᠯ ᠤᠯᠠᠩᠬᠢ ᠳᠠᠭᠠᠨ ᠬᠦᠩᠭᠡᠨ ᠤᠳᠤᠷ ᠶᠠᠪᠤᠬᠤ ᠦᠭᠡᠢ᠂ ᠭᠡᠷ ᠨᠡᠭᠦᠳᠡᠯ ᠢᠶᠠᠷ ᠢᠶᠠᠨ ᠶᠠᠪᠤᠳᠠᠭ ᠪᠦᠭᠡᠳ ᠴᠠᠰᠤᠨ ᠤ ᠨᠢᠮᠭᠡᠨ ᠡᠪᠡᠰᠦᠨ ᠤ ᠰᠤᠷᠭᠤᠭ᠂ ᠭᠠᠵᠠᠷ ᠤᠨ ᠨᠦᠮᠦᠷᠢ ᠶᠢ ᠬᠠᠷᠠᠵᠦ ᠮᠠᠯᠵᠢᠳᠠᠭ᠃ ᠬᠦᠩᠭᠡᠨ ᠤᠳᠤᠷ ᠢ ᠠᠶᠢᠯ ᠡᠷᠦᠬᠡ ᠮᠠᠯ ᠰᠦᠷᠦᠭ ᠢᠶᠠᠷ ᠢᠶᠠᠨ ᠭᠦᠢᠴᠡᠳᠭᠡᠳᠡᠭ ᠪᠠᠶᠢᠪᠠ᠃  ᠬᠦᠩᠭᠡᠨ ᠤᠳᠤᠷ ᠤᠨ ᠠᠷᠭ᠎ᠠ ᠬᠡᠯᠪᠡᠷᠢ ᠨᠢ ᠶᠡᠭᠡ ᠲᠦᠭᠦᠮ ᠲᠡᠷᠤᠢ ᠬᠠᠮ ᠲᠡᠷᠭᠡ᠂ ᠤᠰᠤᠨ ᠭᠠᠩ ᠲᠠᠢ ᠪᠠᠨ ᠠᠪᠴᠤ᠂ ᠠᠯᠢ ᠪᠤᠯᠬᠤ ᠪᠠᠷ ᠰᠦᠷᠦᠭ ᠢᠶᠠᠨ ᠲᠠᠭᠠᠵᠦ ᠶᠠᠪᠤᠨ᠂ ᠮᠠᠨᠠᠭ᠎ᠠ ᠬᠠᠷᠢᠭᠤᠯᠭ᠎ᠠ ᠶᠢ ᠵᠡᠷᠭᠡ ᠳᠤᠨᠢ ᠭᠦᠢᠴᠡᠳᠭᠡᠵᠦ᠂ ᠰᠦᠷᠦᠭ ᠪᠤᠴᠠᠬᠤ ᠶᠠᠪᠤᠳᠠᠯ ᠦᠭᠡᠢ᠂ ᠢᠩᠭᠢᠬᠦ ᠨᠢ ᠨᠢᠭᠡ ᠳᠤ ᠰᠦᠷᠦᠭ ᠬᠦᠭᠡᠭᠡᠭᠳᠡᠬᠦ ᠦᠭᠡᠢ᠂ ᠬᠤᠶᠠᠷ ᠲᠤ ᠪᠡᠯᠴᠢᠭᠡᠷ ᠲᠠᠪᠳᠠᠭᠳᠠᠬᠤ ᠦᠭᠡᠢ ᠬᠤᠤᠰ ᠬᠡᠷᠡᠭᠴᠡᠭᠡᠳᠦ ᠮᠠᠯᠵᠢᠯᠭ᠎ᠠ ᠪᠤᠯᠤᠨ ᠶᠠᠪᠤᠭᠳᠠᠵᠦ ᠪᠠᠶᠢᠳᠠᠭ ᠶᠤᠮ᠃ ᠪᠡᠯᠴᠢᠭᠡᠷ ᠨᠤᠲᠤᠭ ᠤᠨ ᠢᠶᠠᠨ ᠡᠪᠡᠰᠦᠨ ᠤ ᠤᠷᠭᠤᠴᠠ ᠶᠢᠨ ᠪᠠᠶᠢᠳᠠᠯ ᠢ ᠦᠨᠳᠦᠰᠦᠯᠡᠵᠦ ᠬᠤᠯᠠ ᠶᠢᠨ ᠤᠳᠤᠷ ︵ᠪᠤᠰᠤᠳ ᠨᠢᠭᠡᠴᠡ ᠳᠤ︶ ᠶᠠᠪᠤᠬᠤ ᠪᠤᠶᠤ ᠤᠶᠢᠷ᠎ᠠ ᠲᠦᠰᠦᠷ ᠤᠨ ᠤᠳᠤᠷ ᠭᠡᠵᠦ ᠢᠯᠭᠠᠵᠦ ᠶᠠᠪᠤᠭᠳᠠᠳᠠᠭ ᠶᠤᠮ᠃      ⒊ ᠪᠡᠯᠴᠢᠭᠡᠷ ᠢ ᠬᠤᠷᠯᠠᠭᠤᠯᠵᠦ ᠠᠰᠢᠭᠯᠠᠬᠤ᠃ ᠪᠡᠯᠴᠢᠭᠡᠷ ᠢ ᠬᠤᠷᠯᠠᠭᠤᠯᠬᠤ ᠭᠡᠳᠡᠭ ᠪᠤᠯ ᠪᠦᠬᠦᠯᠢ ᠨᠢᠭᠡ ᠠᠴᠠ ᠳᠡᠭᠡᠭᠰᠢ ᠵᠢᠯ ᠮᠠᠯ ᠪᠡᠯᠴᠢᠭᠡᠬᠦ ᠦᠭᠡᠢ ᠦᠨᠵᠢᠭᠡᠵᠦ᠂ ᠪᠡᠯᠴᠢᠭᠡᠷ ᠢᠶᠠᠨ ᠪᠤᠭᠰᠢᠭᠤᠯᠵᠦ ᠬᠦᠷᠦᠰᠦᠯᠡᠭᠦᠯᠬᠦ ᠶᠢ ᠬᠡᠯᠡᠨ᠎ᠡ᠃ ᠡᠨᠡ ᠨᠢ ᠴᠢᠬᠢᠭ ᠢ ᠬᠠᠳᠠᠭᠠᠯᠠᠬᠤ ᠪᠠ ᠡᠪᠡᠰᠦ ᠤᠷᠭᠤᠮᠠᠯ ᠤᠨ ᠤᠷᠭᠤᠯᠳᠠ ᠶᠢᠨ ᠴᠢᠳᠠᠪᠬᠢ ᠶᠢ ᠤᠯᠠᠮ ᠰᠠᠶᠢᠵᠢᠷᠠᠭᠤᠯᠬᠤ ᠶᠢᠨ ᠲᠦᠯᠦᠭᠡ ᠶᠤᠮ᠃ ᠡᠩ ᠤᠨ ᠵᠢᠯ ᠳᠤ ᠪᠤᠯ ᠲᠦᠷᠪᠡᠨ ᠤᠯᠠᠷᠢᠯ ᠪᠤᠶᠤ ᠤᠳᠤᠷᠯᠠᠬᠤ ᠠᠷᠭ᠎ᠠ ᠮᠠᠶ᠋ᠢᠭ ᠢᠶᠠᠷ ᠪᠡᠯᠴᠢᠭᠡᠷ ᠤᠨ ᠲᠠᠷᠤᠭᠠᠰᠤ ᠶᠢ ᠬᠦᠩᠭᠡᠯᠡᠨ᠂ ᠪᠡᠯᠴᠢᠭᠡᠷ ᠤᠨ ᠳᠠᠵᠢᠷᠰᠢᠬᠤ ᠠᠴᠠ ᠰᠡᠷᠭᠡᠶᠢᠯᠡᠨ ᠮᠠᠯ ᠤᠨ ᠳᠠᠯᠬᠢᠭᠳᠠᠯ ᠠᠴᠠ ᠵᠠᠶᠢᠯᠠᠭᠤᠯᠳᠠᠭ᠃ ᠭᠠᠩ ᠬᠠᠭᠰᠠᠷᠭᠠᠨ ᠤᠯᠠᠰᠢᠷᠠᠬᠤ᠂ ᠪᠤᠭ ᠤᠨ ᠳᠠᠪᠬᠤᠷᠭ᠎ᠠ ᠨᠢᠮᠭᠡᠷᠡᠬᠦ ᠤᠨᠴᠤᠭᠤᠢ ᠦᠶ᠎ᠡ ᠳᠤ ᠰᠠᠶ᠋ᠢ ᠡᠶᠢᠮᠦᠷᠬᠦ ᠠᠷᠭ᠎ᠠ ᠶᠢ ᠠᠪᠳᠠᠭ ᠶᠤᠮ᠃ ᠴᠠᠰᠤ ᠵᠤᠳ ᠶᠡᠬᠡᠳᠡᠭᠰᠡᠨ᠂ ᠪᠡᠯᠴᠢᠭᠡᠷ ᠭᠠᠩᠳᠠᠵᠦ ᠬᠤᠪᠠᠭ᠋ᠠᠶᠢᠷᠠᠭᠰᠠᠨ ᠵᠢᠯ ᠳᠤ ᠠᠯᠤᠰ ᠤᠨ ᠤᠳᠤᠷ ᠬᠦᠭᠡᠭᠡᠬᠦ ᠶᠢ ᠡᠷᠬᠢᠮᠯᠡᠳᠡᠭ᠃ ᠡᠭᠦᠨ ᠢ ᠠᠶᠢᠯ ᠠᠶᠢᠮᠠᠭ᠂ ᠦᠨᠳᠤᠰᠦᠨ ᠲᠤᠭᠤᠴᠠᠭ᠎ᠠ ᠶᠢᠨ ᠨᠢᠭᠡᠴᠡ ᠪᠠᠷ ᠵᠤᠬᠢᠶᠠᠨ ᠪᠠᠶᠢᠭᠤᠯᠤᠨ ᠬᠢᠳᠡᠭ᠃ ᠡᠨᠡ ᠨᠢ ᠦᠪᠡᠷ ᠤᠨ ᠨᠤᠲᠤᠭ ᠪᠡᠯᠴᠢᠭᠡᠷ ᠢᠶᠠᠨ ᠳᠠᠯᠪᠢᠵᠦ ᠬᠤᠷᠯᠠᠭᠤᠯᠬᠤ᠂ ᠴᠠᠭᠠᠨ ᠵᠤᠳ ᠠᠴᠠ ᠮᠠᠯ ᠰᠦᠷᠦᠭ ᠢᠶᠠᠨ ᠠᠶᠤᠯ ᠠᠴᠠ ᠵᠠᠶᠢᠯᠠᠭᠤᠯᠬᠤ ᠪᠠᠷ ᠵᠤᠷᠢᠭᠤᠯᠤᠯᠳᠠ ᠪᠤᠯᠭᠠᠳᠠᠭ᠃ ᠪᠡᠯᠴᠢᠭᠡᠷ ᠨᠤᠲᠤᠭ ᠨᠢ ᠭᠠᠩᠳᠠᠭᠰᠠᠨ ᠦᠶ᠎ᠡ ᠳᠤ ᠳᠡᠳᠡ᠂ ᠲᠤᠰ ᠨᠤᠲᠤᠭ ᠳᠡᠭᠡᠷ᠎ᠡ ᠪᠠᠨ ᠲᠡᠰᠪᠦᠷᠢᠯᠡᠨ ᠠᠷᠭᠠᠴᠠᠬᠤ ᠠᠷᠭ᠎ᠠ ᠠᠪᠳᠠᠭ ᠦᠭᠡᠢ ᠮᠦᠷᠳᠡᠭᠡᠨ ᠲᠠᠷᠤᠢ ᠲᠦᠷᠭᠡᠨ ᠨᠡᠬᠦᠬᠦ ᠲᠤᠷᠠᠳᠤᠯᠭ᠎ᠠ ᠭᠠᠷᠭᠠᠨ᠂ ᠪᠡᠯᠴᠢᠭᠡᠷ ᠤᠨ ᠬᠦᠷᠦᠰᠦ ᠡᠪᠳᠡᠭᠳᠡᠨ ᠲᠠᠵᠢᠷᠰᠢᠬᠤ ᠶᠢ ᠰᠡᠷᠭᠡᠶᠢᠯᠡᠨ ᠠᠯᠤᠰ ᠤᠨ ᠤᠳᠤᠷ ᠶᠠᠪᠤᠵᠦ᠂ 1 — 3 ᠵᠢᠯ ᠪᠡᠯᠴᠢᠭᠡᠷ ᠢᠶᠠᠨ ᠲᠠᠯᠪᠢᠵᠦ ᠬᠤᠷᠯᠠᠭᠤᠯᠳᠠᠭ᠃ ᠲᠡᠭᠡᠷ᠎ᠡ ᠵᠠᠭᠤᠨ ᠤ ᠵᠢᠷᠠᠭᠠᠳ ᠤᠨ ᠪᠠ ᠲᠠᠯᠠᠭᠠᠳ ᠤᠨ ᠳᠤ᠂ ᠤᠤᠯ ᠤᠨ ᠠᠯᠳᠠᠬᠢᠯᠢ ᠨᠢᠭᠡᠳᠦᠯ ᠠᠴᠠ ᠵᠤᠬᠢᠶᠠᠨ ᠪᠠᠶᠢᠭᠤᠯᠤᠭᠰᠠᠨ ᠬᠦᠷᠢᠶᠡᠳᠦᠨᠠᠭᠤᠷ ᠲᠤ ᠶᠠᠪᠤᠭᠰᠠᠨ ᠠᠯᠤᠰ ᠤᠨ ᠤᠳᠤᠷ᠂ ᠮᠠᠨᠳᠤᠬᠤᠪᠤᠯᠠᠭ ᠲᠤ ᠶᠠᠪᠤᠭᠰᠠᠨ ᠠᠯᠤᠰ ᠤᠨ ᠤᠳᠤᠷ᠂ ᠪᠠᠶᠠᠨᠬᠦᠭᠡᠪᠦᠷ ᠲᠤ ᠶᠠᠪᠤᠭᠰᠠᠨ ᠠᠯᠤᠰ ᠤᠨ ᠤᠳᠤᠷ ᠵᠡᠷᠭᠡ ᠦᠢᠯᠡ ᠶᠠᠪᠤᠳᠠᠯ ᠡᠨᠡ ᠪᠦᠬᠦᠨ ᠢ ᠵᠢᠱᠢᠶ᠎ᠡ ᠪᠤᠯᠤᠨ ᠭᠡᠷᠡᠴᠢᠯᠡᠵᠦ ᠪᠤᠢ᠃ ᠡᠨᠡ  ᠨᠢ ᠪᠦᠬᠦ ᠪᠡᠯᠴᠢᠭᠡᠷ ᠢᠶᠠᠨ ᠨᠡᠶᠢᠳᠡᠮ ᠳᠤᠨᠢ ᠬᠤᠷᠯᠠᠭᠤᠯᠬᠤ ᠰᠠᠶᠢᠨ ᠲᠤᠬᠢᠶᠠᠯ ᠪᠤᠯᠳᠠᠭ᠂ ᠪᠡᠯᠴᠢᠭᠡᠷ ᠢ ᠬᠤᠷᠯᠠᠭᠤᠯᠵᠦ ᠠᠰᠢᠭᠯᠠᠬᠤ ᠨᠢ ᠡᠪᠡᠰᠦᠨ ᠤ ᠤᠷᠭᠤᠴᠠ ᠪᠠ ᠪᠦᠷᠬᠦᠴᠡ ᠳᠤ ᠲᠤᠩ ᠠᠰᠢᠭᠳᠠᠢ ᠪᠠᠶᠢᠳᠠᠭ᠃      ⒋ ᠪᠡᠯᠴᠢᠭᠡᠷ ᠢ ᠰᠢᠮᠡᠵᠢᠭᠦᠯᠤᠨ ᠨᠡᠭᠡᠭᠡᠵᠦ ᠠᠰᠢᠭᠯᠠᠬᠤ᠃ ᠦᠵᠦᠮᠦᠴᠢᠨ ᠨᠤᠲᠤᠭ ᠦᠷᠭᠡᠨ ᠠᠭᠤᠳᠠᠮ ᠪᠤᠯᠬᠤᠷ ᠮᠠᠯ ᠬᠠᠷ᠎ᠠ ᠳᠠᠮᠠᠢ ᠤᠴᠢᠳᠠᠭ ᠦᠭᠡᠢ ᠴᠦᠯ ᠵᠡᠯᠢᠭᠦᠳ ᠭᠠᠵᠠᠷ ᠪᠠᠶᠢᠭᠰᠠᠨ ᠶᠤᠮ᠂ ᠡᠶᠢᠮᠦᠷᠬᠦ ᠪᠡᠯᠴᠢᠭᠡᠷ ᠨᠢ ᠤᠯᠠᠩᠬᠢ ᠳᠠᠭᠠᠨ ᠭᠤᠤᠯ ᠵᠠᠳᠠᠭᠠᠢ ᠠᠴᠠ ᠬᠤᠯᠠ ᠮᠠᠯ ᠪᠡᠯᠴᠢᠭᠡᠷ ᠢᠶᠠᠷ ᠬᠦᠷᠴᠤ ᠳᠡᠶᠢᠯᠬᠦ ᠦᠭᠡᠢ ᠰᠢᠯᠢ ᠭᠠᠵᠠᠷ ᠪᠠᠶᠢᠳᠠᠭ᠃ ᠡᠰᠡᠪᠡᠯ ᠤᠤᠯ ᠨᠢ ᠪᠡᠯᠴᠢᠭᠡᠷᠯᠡᠨ ᠬᠡᠷᠡᠭᠯᠡᠵᠦ ᠪᠠᠶᠢᠭᠠᠳ ᠶᠠᠮᠠᠷ ᠨᠢᠭᠡᠨ ᠤᠨᠴᠤᠭᠤᠢ ᠰᠢᠯᠳᠠᠭᠠᠨ ᠠᠴᠠ ᠪᠤᠯᠵᠦ ᠬᠠᠶᠠᠭᠳᠠᠭᠠᠳ ᠤᠨ ᠤᠳᠠᠭᠰᠠᠨ ᠪᠡᠯᠴᠢᠭᠡᠷ ᠢ ᠳᠠᠬᠢᠨ ᠠᠰᠢᠭᠯᠠᠬᠤ ᠶᠠᠪᠤᠳᠠᠯ ᠦᠷᠭᠦᠯᠵᠢ ᠭᠠᠷᠳᠠᠭ᠃ ᠡᠶᠢᠮᠦᠷᠬᠦ ᠰᠢᠯᠢ ᠴᠦᠯ ᠤᠨ ᠪᠡᠯᠴᠢᠭᠡᠷ ᠤᠨ ᠡᠪᠡᠰᠦᠨ ᠤ ᠴᠢᠨᠠᠷ ᠠᠨᠠᠢ᠂ ᠡᠪᠡᠰᠦᠨ ᠤ ᠲᠦᠷᠦᠯ ᠵᠦᠢᠯ ᠨᠢ ᠴᠦᠭᠡᠨ᠂ ᠦᠯ ᠰᠢᠮ᠎ᠡ ᠪᠠᠷ ᠲᠤᠳᠠᠮᠠᠭ ᠦᠯᠦᠩ ᠭᠤᠤᠯᠳᠠᠭᠤ ᠪᠠᠶᠢᠳᠠᠭ᠃ ᠡᠨᠡ ᠨᠢ ᠮᠠᠯ ᠳᠤ ᠳᠠᠮᠡᠢ ᠲᠡᠵᠢᠭᠡᠯ ᠪᠤᠯᠳᠠᠭ ᠦᠭᠡᠢ ᠤᠴᠢᠷ ᠦᠵᠡᠬᠦ ᠳᠤ ᠦᠳᠭᠡᠨ ᠰᠠᠶᠢᠬᠠᠨ ᠪᠡᠯᠴᠢᠭᠡᠷ ᠪᠤᠯᠪᠠᠴᠤ ᠮᠠᠯ ᠰᠦᠷᠦᠭ ᠤᠨ ᠡᠴᠡᠵᠦ ᠲᠤᠷᠠᠬᠤ ᠴᠢᠨᠠᠭᠰᠢᠯᠠᠪᠠᠯ ᠦᠬᠦᠵᠦ ᠰᠦᠢᠳᠬᠦ ᠶᠠᠪᠤᠳᠠᠯ ᠦᠷᠭᠦᠯᠵᠢ ᠭᠠᠷᠳᠠᠭ᠃ ᠡᠶᠢᠮᠦᠷᠬᠦ ᠪᠡᠯᠴᠢᠭᠡᠷ ᠢ ᠰᠢᠮᠡᠵᠢᠭᠦᠯᠬᠦ ᠳᠤ ᠴᠠᠰᠤ ᠲᠤᠭᠳᠠᠭᠰᠠᠨ ᠤ ᠲᠠᠷᠠᠭ᠎ᠠ ᠠᠳᠤᠭᠤᠨ ᠰᠦᠷᠦᠭ ᠤᠨ ᠤᠳᠤᠷ ᠶᠠᠪᠤᠵᠦ ᠠᠰᠢᠭᠯᠠᠬᠤ᠂ ᠲᠡᠮᠡᠭᠡᠨ ᠰᠦᠷᠦᠭ ᠢᠶᠠᠷ ᠴᠦᠯ ᠭᠤᠪᠢ ᠶᠢᠨ ᠪᠡᠯᠴᠢᠭᠡᠷ ᠢ ᠠᠰᠢᠭᠯᠠᠬᠤ᠂ ᠭᠠᠵᠠᠷ ᠤᠨ ᠲᠤᠤᠷᠠᠬᠢ ᠤᠰᠤᠨ ᠤ ᠲᠦᠪᠰᠢᠨ ᠳᠡᠭᠡᠷ᠎ᠡ ᠵᠡᠷᠭᠡ ᠤᠨᠴᠠᠯᠢᠭ ᠲᠤ ᠵᠤᠬᠢᠴᠠᠭᠤᠯᠤᠨ ᠬᠤᠳᠳᠤᠭ ᠱᠠᠩᠳᠠ ᠮᠠᠯᠳᠠᠵᠦ᠂ ᠵᠤᠨ ᠨᠠᠮᠤᠷ ᠤᠨ ᠴᠠᠭ ᠬᠤᠨᠢ ᠦᠬᠡᠷ ᠤᠨ ᠤᠳᠤᠷ ᠢᠶᠠᠷ ᠠᠰᠢᠭᠯᠠᠬᠤ ᠮᠡᠳᠦ ᠪᠠᠷ ᠬᠡᠭᠡᠷ᠎ᠡ ᠴᠦᠯ ᠤᠨ ᠪᠡᠯᠴᠢᠭᠡᠷ ᠢ ᠰᠢᠮᠡᠵᠢᠭᠦᠯᠦᠨ ᠠᠰᠢᠭᠯᠠᠭᠰᠠᠭᠠᠷ ᠢᠷᠡᠵᠡᠢ᠃      ᠪᠡᠯᠴᠢᠭᠡᠷ ᠢ ᠰᠢᠮᠡᠵᠢᠭᠦᠯᠬᠦ ᠳᠤ᠂ ᠵᠤᠨ ᠤ ᠲᠦᠷᠦᠭᠦᠴᠢ᠂ ᠨᠤᠭᠤᠭ᠎ᠠ ᠶᠢᠨ ᠤᠷᠭᠤᠯᠳᠠ ᠶᠢᠨ ᠡᠬᠢᠨ ᠤ ᠴᠠᠭ ᠲᠤ᠂ ᠮᠠᠯ ᠰᠦᠷᠦᠭ  ᠢᠶᠠᠷ ᠪᠡᠯᠴᠢᠭᠡᠷ ᠤᠨ ᠠᠯᠢ ᠤᠷᠭᠤᠴᠠ ᠦᠨᠳᠦᠷ ᠢ ᠰᠢᠯᠢᠵᠦ ᠲᠠᠯᠪᠢᠨ ᠨᠡᠶᠢᠳᠡᠮ ᠢᠳᠡᠰᠢᠯᠡᠬᠦᠯᠳᠡᠭ᠂ ᠲᠠᠪᠢᠭᠠᠯ ᠠᠯᠤᠰ ᠤᠨ ᠪᠡᠯᠴᠢᠭᠡᠷ ᠢ ᠠᠳᠤᠭᠤ ᠪᠤᠶᠤ ᠬᠦᠩᠭᠡᠨ ᠣᠳᠤᠷ ᠢᠶᠠᠷ ᠨᠤᠭᠤᠭᠠᠨ ᠤ ᠡᠬᠢᠨ ᠤ ᠦᠶ᠎ᠡ ᠪᠤᠶᠤ ᠨᠠᠮᠤᠷ ᠤᠨ ᠲᠠᠷᠭᠤ ᠠᠪᠤᠭᠤᠯᠬᠤ ᠦᠶ᠎ᠡ ᠳᠤ ᠪᠦᠷ ᠮᠠᠯ ᠶᠠᠪᠤᠭᠤᠯᠵᠦ᠂ ᠡᠪᠡᠰᠦ ᠪᠡᠯᠴᠢᠭᠡᠷ ᠢᠶᠠᠨ ︽ᠬᠤᠭᠤᠯᠠ ᠲᠠᠢ ᠪᠤᠯᠭᠠᠳᠠᠭ︾᠃ ᠡᠭᠦᠨ ᠢ ︽ᠬᠢᠰᠬᠢᠯ ᠪᠤᠯᠭᠠᠬᠤ︾᠂ ︽ᠪᠡᠯᠴᠢᠭᠡᠷ ᠴᠢᠭᠢᠷᠯᠡᠬᠦ︾ ᠭᠡᠳᠡᠭ᠃ ᠨᠤᠭᠤᠭᠠᠨ ᠤ ᠡᠬᠢᠨ ᠤ ᠦᠶ᠎ᠡ ᠳᠤ ᠢᠩᠭᠢᠵᠦ ᠲᠠᠯᠪᠢᠵᠦ ᠢᠳᠡᠰᠢᠯᠡᠭᠦᠯᠬᠦ ᠨᠢ ︽ᠤᠷᠭᠤᠴᠠ ᠶᠢ ᠰᠠᠶᠢᠵᠢᠷᠠᠭᠤᠯᠤᠨ᠂ ᠪᠡᠯᠴᠢᠭᠡᠷ ᠢᠶᠠᠨ ᠰᠢᠮᠡᠵᠢᠭᠦᠯᠵᠦ︾ ᠪᠠᠶᠢᠭ᠎ᠠ ᠤᠴᠢᠷ ᠭᠡᠳᠡᠭ᠃ ᠠᠳᠠᠷ ᠰᠢᠯᠢ ᠶᠢᠨ ᠮᠠᠯ ᠴᠢᠭᠢᠷᠯᠡᠭᠰᠡᠨ ᠦᠭᠡᠢ ᠪᠡᠯᠴᠢᠭᠡᠷ ᠲᠤ ᠰᠦᠷᠦᠭ ᠲᠤᠭᠳᠠᠪᠦᠷᠢᠳᠡᠢ ᠢᠳᠡᠰᠢᠯᠡᠬᠦ ᠦᠭᠡᠢ ᠶᠡᠭᠡ ᠭᠦᠶᠦᠳᠡᠭ᠃ ᠦᠵᠦᠮᠦᠴᠢᠨ ᠤ ᠵᠦᠢᠷ ᠰᠡᠴᠡᠨ ᠦᠭᠡᠨ ᠳᠤ ︽ᠡᠪᠡᠰᠦᠨ ᠤ ᠮᠠᠭᠤ ᠦᠯᠦᠩ᠂ ᠡᠪᠡᠳᠴᠢᠨ ᠤ ᠮᠠᠭᠤ ᠬᠢᠵᠢᠭ︾ ᠭᠡᠵᠦ ᠪᠠᠶᠢᠳᠠᠭ᠃ ᠨᠡᠰᠦᠳᠡᠶᠢᠴᠤᠳ ᠤᠨ ᠶᠠᠷᠢᠬᠤ ᠪᠠᠷ ᠡᠨᠡ ᠪᠤᠯ ᠡᠪᠡᠰᠦ ᠤᠷᠭᠤᠮᠠᠯ ᠨᠢ ᠰᠢᠮ᠎ᠡ ᠮᠠᠭᠤᠳᠠᠢ ᠪᠠᠶᠢᠬᠤ ᠶᠢᠨ ᠢᠯᠡᠷᠡᠯ᠂ ᠨᠤᠭᠤᠭᠠᠨ ᠤ ᠡᠬᠢᠨ ᠤ ᠦᠶ᠎ᠡ ᠮᠠᠯ ᠤᠨ ᠬᠢᠰᠭᠢᠯ ᠪᠤᠯᠭᠠᠵᠦ᠂ ᠵᠤᠨ ᠨᠠᠮᠤᠷ ᠲᠠᠭᠠᠨ ᠮᠠᠯ ᠢᠶᠠᠷ ᠴᠢᠭᠢᠷᠯᠡᠭᠦᠯᠬᠦ ᠬᠡᠷᠡᠭᠳᠡᠢ ᠭᠡᠵᠦ ᠦᠵᠡᠳᠡᠭ᠃ ︽ᠪᠡᠯᠴᠢᠭᠡᠷ ᠴᠢᠭᠢᠷᠯᠡᠬᠦ︾ ᠭᠡᠳᠡᠭ ᠨᠢ ᠮᠡᠯ ᠠᠮᠢᠳᠠᠨ ᠤ ᠬᠦᠯ ᠢᠶᠠᠷ ᠡᠯ᠎ᠡ ᠤᠷᠭᠤᠮᠠᠯ ᠤᠨ ᠲᠤᠭᠤᠰᠤ ᠶᠢᠨ ᠰᠤᠯᠢᠭᠳᠠᠯ ᠢ ᠪᠡᠶᠡᠯᠡᠭᠦᠯᠵᠦ᠂ ᠮᠠᠯ ᠤᠨ ᠢᠯᠭᠠᠳᠠᠰᠤ᠂ ᠲᠤᠭᠤᠷᠠᠢ ᠶᠢᠨ ᠬᠢᠰᠭᠢᠯ ᠢᠶᠠᠷ ᠳᠠᠮᠵᠢᠭᠤᠯᠤᠨ᠂ ᠬᠦᠷᠦᠰᠦ ᠰᠢᠷᠦᠢ ᠶᠢ ᠰᠤᠯᠠᠷᠠᠭᠤᠯᠤᠨ᠂ ᠤᠷᠭᠤᠮᠠᠯ ᠤᠨ ᠲᠦᠷᠦᠯ ᠵᠦᠢᠯ ᠳᠤ ᠪᠤᠷᠳᠤᠭᠤᠷ ᠬᠦᠷᠭᠡᠬᠦ ᠵᠢᠴᠢ ᠡᠪᠡᠰᠦᠨ ᠤ ᠦᠷ᠎ᠡ ᠪᠤᠶᠤ ᠵᠢᠮᠢᠰ ᠬᠠᠯᠢᠰᠤ ᠶᠢ ᠰᠢᠷᠦᠢ ᠳᠤᠨᠢ ᠤᠷᠤᠭᠤᠯᠤᠨ ᠰᠢᠮᠨᠵᠢᠭᠦᠯᠦᠨ ᠳᠡᠵᠢᠭᠡᠯ ᠪᠤᠯᠭᠠᠬᠤ ᠵᠡᠷᠭᠡ ᠦᠢᠯᠡᠳᠦᠯ ᠢ ᠦᠵᠡᠭᠦᠯᠵᠦ᠂ ᠪᠡᠯᠴᠢᠭᠡᠷ ᠤᠨ ᠤᠷᠭᠤᠯᠳᠠ ᠪᠠ ᠰᠢᠮᠡᠵᠢᠭᠦᠯᠦᠯᠳᠡ ᠶᠢ ᠠᠬᠢᠭᠤᠯᠳᠠᠭ ᠪᠠᠶᠢᠨ᠎ᠠ᠃ ᠢᠩᠭᠢᠵᠦ ᠪᠡᠯᠴᠢᠭᠡᠷ ᠢᠶᠠᠨ ᠰᠢᠮᠡᠵᠢᠭᠦᠯᠬᠦ ᠦᠭᠡᠢ ᠪᠤᠯ ᠴᠢᠨᠠᠷ ᠰᠠᠶᠢᠳᠠᠢ ᠰᠢᠮ᠎ᠡ ᠲᠡᠵᠢᠭᠡᠯ ᠭᠦᠢᠴᠡᠳ ᠪᠡᠯᠴᠢᠭᠡᠷ ᠪᠤᠯᠵᠦ ᠴᠢᠳᠠᠬᠤ ᠦᠭᠡᠢ ᠪᠦᠭᠡᠳ ᠮᠠᠯ ᠳᠤ ᠲᠡᠵᠢᠭᠡᠯ ᠪᠤᠯᠵᠦ ᠳᠡᠶᠢᠯᠳᠡᠭ ᠦᠭᠡᠢ ᠪᠠᠶᠢᠵᠦ᠂ ︽ᠦᠯᠦᠩ ᠡᠪᠡᠰᠦ︾ ᠲᠡᠳᠦᠢ ᠪᠤᠯᠳᠠᠭ᠃ ᠦᠯᠦᠩ ᠨᠢ ᠬᠡᠳᠦᠶᠢᠪᠡᠷ ᠡᠪᠡᠰᠦᠨ ᠤ ᠨᠡᠷ᠎ᠡ ᠪᠤᠯᠪᠠᠴᠤ ᠰᠢᠮ᠎ᠡ ᠰᠦᠯ ᠢᠶᠠᠷ ᠬᠠᠮᠤᠭ ᠠᠨᠠᠢ ᠤᠷᠭᠤᠮᠠᠯ ᠪᠤᠯᠬᠤᠷ ᠮᠠᠯᠴᠢᠳ ᠡᠪᠡᠰᠦᠨ ᠤ ᠰᠢᠮ᠎ᠡ ᠶᠢ ᠦᠯᠦᠩ ᠭᠡᠵᠦ ᠬᠡᠯᠡᠯᠴᠡᠬᠦ ᠪᠤᠯᠵᠦ ᠲᠡᠷᠡ ᠨᠢ ᠰᠢᠮ᠎ᠡ ᠰᠦᠯ ᠦᠭᠡᠢ ᠭᠡᠰᠡᠨ ᠤᠳᠬ᠎ᠠ ᠲᠠᠢ ᠪᠤᠯᠤᠭᠰᠠᠨ ᠪᠠᠶᠢᠨ᠎ᠠ᠃ ᠠᠭᠯᠠᠭ ᠰᠢᠨ᠎ᠡ ᠪᠡᠯᠴᠢᠭᠡᠷ ᠨᠢ ᠨᠠᠩ ᠢᠯᠠᠩᠭᠤᠶ᠎ᠠ ᠬᠦᠢᠳᠡᠨ ᠤᠯᠠᠷᠢᠯ ᠳᠤ ᠮᠠᠯ ᠮᠠᠯᠵᠢᠬᠤ ᠳᠤ ᠠᠨᠠᠢ ᠪᠠᠶᠢᠳᠠᠭ ᠢᠶᠠᠷ ᠦᠯᠦ ᠪᠠᠷᠠᠮ ᠡᠴᠡᠵᠦ ᠲᠤᠷᠠᠬᠤ ᠨᠢ ᠲᠦᠷᠭᠡᠨ ᠲᠠᠷᠭᠤ ᠪᠠᠨ ᠬᠠᠳᠠᠭᠠᠯᠠᠵᠦ ᠳᠡᠶᠢᠯᠬᠦ ᠦᠭᠡᠢ ᠪᠠᠶᠢᠳᠠᠭ᠃ ᠡᠶᠢᠮᠦ ᠪᠠᠷ ᠮᠠᠯᠴᠢᠳ ︽ᠪᠡᠯᠴᠢᠭᠡᠷ ᠰᠠᠶᠢᠳᠠᠢ ᠮᠠᠯ ᠪᠠᠷᠳᠠᠮ᠂ ᠮᠠᠯ ᠰᠠᠶᠢᠳᠠᠢ ᠪᠡᠯᠴᠢᠭᠡᠷ ᠰᠤᠷᠭᠤᠭ ᠦᠯ ᠲᠠᠢ︾ ᠭᠡᠬᠦ ᠤᠬᠠᠭᠠᠨ ᠤᠴᠢᠷ ᠢ ᠲᠠᠨᠢᠵᠦ ᠮᠡᠳᠡᠭᠰᠡᠨ ᠢᠶᠠᠷ ᠪᠠᠷᠠᠬᠤ ᠦᠭᠡᠢ᠂  ᠪᠡᠯᠴᠢᠭᠡᠷ ᠢ ︽ᠦᠯ ᠲᠠᠢ ᠭᠡᠬᠦ ᠪᠤᠶᠤ ᠦᠯᠦᠩ︾ ᠭᠡᠳᠡᠭ ᠨᠢ ᠪᠡᠯᠴᠢᠭᠡᠷ ᠤᠨ ᠰᠢᠮ᠎ᠡ ᠰᠠᠶᠢᠳᠠᠢ ᠡᠰᠡᠬᠦ ᠶᠢ ᠬᠡᠮᠵᠢᠶᠡᠯᠡᠨ ᠶᠠᠷᠢᠯᠴᠠᠳᠠᠭ ᠨᠢ ᠡᠨᠡ ᠤᠴᠢᠷ ᠪᠤᠯᠠᠢ᠃ ᠠᠳᠤᠭᠤᠨ ᠰᠦᠷᠦᠭ ᠠᠯᠤᠰ ᠤᠨ ᠪᠡᠯᠴᠢᠭᠡᠷ ᠲᠤ ᠶᠠᠪᠤᠳᠠᠭ ᠢᠶᠠᠷ ᠠᠳᠤᠭᠤ ᠪᠤᠯ ᠰᠢᠯᠢ ᠶᠢᠨ ᠪᠡᠯᠴᠢᠭᠡᠷ ᠢ ᠰᠢᠮᠡᠵᠢᠬᠦᠯᠭᠦ  ᠡᠪᠡᠰᠦᠨ ᠦᠷ᠎ᠡ ᠶᠢ ᠰᠠᠭᠤᠯᠭᠠᠬᠤ ᠴᠢᠳᠠᠮᠠᠭᠠᠢ ᠦᠢᠯᠡᠳᠦᠯ ᠢ ᠦᠵᠡᠭᠦᠯᠵᠦ᠂ ᠬᠡᠭᠡᠷ᠎ᠡ ᠶᠢᠨ ᠵᠡᠷᠯᠢᠭ ᠠᠮᠢᠳᠠᠨ ᠤ ᠰᠦᠷᠦᠭ ᠤᠳ ᠴᠤ ᠡᠨᠡ ᠡᠭᠦᠷᠭᠡ ᠶᠢ ᠪᠡᠶᠡᠯᠡᠭᠦᠯᠵᠦ ᠪᠠᠶᠢᠳᠠᠭ᠃      ᠲᠠᠪᠤᠨ ᠬᠤᠰᠢᠭᠤ ᠮᠠᠯ ᠤᠨ ᠪᠡᠯᠴᠢᠭᠡᠷ ᠤᠨ ᠠᠮᠢ ᠠᠬᠤᠢ ᠳᠤ ᠦᠵᠡᠭᠦᠯᠬᠦ ᠦᠢᠯᠡᠳᠦᠯ ᠪᠤᠯ ᠤᠮᠳᠤᠭᠠᠶᠢᠯᠠᠵᠦ ᠪᠤᠯᠤᠰᠢ ᠦᠬᠡᠢ ᠶᠤᠮ᠃ ᠮᠠᠯ ᠤᠨ ᠲᠤᠭᠤᠷᠠᠢ ᠨᠢ ︽ᠪᠡᠯᠴᠢᠭᠡᠷ ᠰᠢᠮᠡᠵᠢᠭᠦᠯᠬᠦ ᠳᠠᠮᠵᠢᠭᠤᠯᠤᠭᠴᠢ︾ ᠶᠢᠨ ᠴᠢᠳᠠᠪᠬᠢ  ᠲᠠᠢ ᠪᠠᠶᠢᠵᠦ᠂ ᠡᠪᠡᠰᠦᠨ ᠤ ᠦᠷ᠎ᠡ ᠰᠠᠭᠤᠯᠭᠠᠬᠤ᠂ ᠬᠤᠵᠢᠷ ᠲᠠᠪᠤᠰᠤ ᠨᠠᠭᠠᠯᠳᠤᠭᠰᠠᠨ ᠲᠤᠭᠤᠷᠠᠢ ᠪᠠᠷ ᠰᠢᠯᠢ ᠶᠢᠨ ᠨᠤᠭᠤᠭᠠᠨ ᠳᠤ ᠰᠢᠮ᠎ᠡ ᠬᠦᠷᠭᠡᠬᠦ᠂ ᠰᠢᠯᠢ ᠶᠢᠨ ᠡᠪᠡᠰᠦᠨ ᠤ ᠰᠢᠮ᠎ᠡ ᠨᠢ ᠪᠤᠴᠠᠨ ᠭᠤᠪᠢ ᠴᠠᠶᠢᠳᠠᠮ ᠤᠨ ᠪᠡᠯᠴᠢᠭᠡᠷ ᠲᠤ ᠲᠡᠵᠢᠭᠡᠯ ᠪᠤᠯᠭᠠᠬᠤ ᠡᠭᠦᠷᠭᠡ ᠶᠢ ᠴᠢᠳᠠᠮᠠᠭᠠᠢ ᠪᠠᠷ ᠪᠡᠶᠡᠯᠡᠭᠦᠯᠳᠡᠭ᠂ ᠢᠩᠬᠢᠬᠦ ᠨᠢ ᠪᠠᠰᠠ ᠡᠪᠡᠰᠦᠨ ᠤ ᠤᠷᠭᠤᠮᠠᠯ ᠤᠨ ᠲᠦᠷᠦᠯ ᠵᠦᠢᠯ ᠢ ᠤᠯᠠᠰᠢᠷᠠᠭᠤᠯᠳᠠᠭ ᠪᠦᠭᠡᠳ ᠲᠠᠩ ᠭᠠᠭᠴᠠ ᠤᠷᠭᠤᠮᠠᠯ ᠭᠠᠷᠬᠤ ᠶᠢ ᠰᠡᠷᠭᠡᠶᠢᠯᠡᠵᠦ ᠴᠢᠳᠠᠨ᠎ᠠ᠂ ᠮᠠᠯ ᠤᠨ ᠪᠠᠭᠠᠰᠤ ᠰᠢᠭᠡᠰᠦᠨ ᠤ ᠢᠯᠭᠠᠳᠠᠰᠤ ᠨᠢ ᠪᠡᠯᠴᠢᠭᠡᠷ ᠰᠢᠮᠡᠵᠢᠬᠦᠯᠬᠦ ᠶᠢᠨ ᠤᠮᠳᠤᠭᠠᠶᠢᠯᠠᠵᠦ ᠪᠤᠯᠤᠰᠢ ᠦᠭᠡᠢ ᠪᠤᠷᠳᠤᠭᠤᠷ ᠪᠤᠯᠳᠠᠭ᠃ ᠨᠡᠩ ᠢᠯᠠᠩᠭᠤᠶ᠎ᠠ ᠮᠠᠯ ᠤᠨ ᠦᠳᠭᠡᠨ ᠢᠯᠭᠠᠳᠠᠰᠤᠨ ᠳᠤ ᠶᠡᠭᠡ ᠬᠡᠮᠵᠢᠶᠡᠨ ᠤ ᠡᠪᠡᠰᠦᠨ ᠦᠷ᠎ᠡ ᠪᠠᠶᠢᠵᠦ᠂ ᠪᠠᠭᠠᠰᠤᠨ ᠤ ᠲᠠᠷᠠᠭ᠎ᠠ ᠬᠦᠷᠦᠰᠦᠨ ᠤ ᠲᠤᠤᠷ᠎ᠠ ᠤᠷᠤᠪᠠᠯ ᠤᠷᠭᠤᠨ ᠰᠤᠶᠤᠭᠠᠯᠠᠨ᠎ᠠ ᠭᠡᠵᠦ ᠨᠠᠰᠤᠳᠠᠶᠢᠴᠤᠳ ᠬᠡᠯᠡᠳᠡᠭ᠃ ᠡᠭᠦᠨ ᠢ ᠮᠠᠯ ᠢ ᠬᠦᠷᠢᠶᠡᠯᠡᠨ ᠮᠠᠯᠵᠢᠭᠰᠠᠨ ᠦᠢᠷ᠎ᠡ ᠶᠢᠨ ᠬᠤᠭᠤᠴᠠᠭᠠᠨ ᠤ ᠪᠡᠯᠴᠢᠭᠡᠷ ᠤᠨ ᠡᠪᠡᠰᠦᠨ ᠤ ᠤᠷᠭᠤᠮᠠᠯ ᠤᠨ ᠲᠦᠷᠦᠯ ᠵᠦᠢᠯ ᠤᠨ ᠪᠤᠳᠠᠳᠤ ᠪᠠᠶᠢᠳᠠᠯ ᠭᠡᠷᠡᠴᠢᠯᠡᠵᠦ ᠪᠤᠢ᠂ ᠵᠡᠭᠦᠨ ᠦᠵᠦᠮᠦᠴᠢᠨ ᠤ ᠪᠠᠷᠠᠭᠤᠨ ᠪᠡᠶ᠎ᠡ ᠶᠢᠨ ᠰᠤᠮᠤ ᠭᠠᠴᠠᠭ᠎ᠠ ᠶᠢᠨ ᠨᠤᠲᠤᠭ ᠲᠤ 2007 ᠤᠨ ᠳᠤ ᠤᠷᠤᠢ ᠲᠤᠯᠤᠭᠠᠢ ᠦᠭᠡᠢ ᠲᠠᠭᠠᠨ᠎ᠠ ᠭᠤᠭᠤᠳ ᠨᠡᠶᠢᠳᠡᠮ ᠤᠷᠭᠤᠵᠦ᠂ ᠨᠠᠮᠤᠷ ᠪᠤᠯᠬᠤ ᠳᠤ ᠴᠠᠰᠤᠨ ᠮᠡᠳᠦ ᠴᠠᠶᠢᠵᠦ ᠪᠠᠶᠢᠪᠠ᠂ ᠲᠠᠷᠠᠭ᠎ᠠ ᠵᠢᠯ ᠨᠢ ᠲᠠᠩ ᠭᠠᠭᠴᠠ ᠬᠠᠮᠬᠤᠤᠯ ᠱᠢᠷᠠᠯᠵᠢ ᠤᠷᠭᠤᠭᠠᠳ ᠨᠠᠮᠤᠷ ᠪᠤᠯᠬᠤ ᠳᠤ ᠬᠠᠷ᠎ᠠ ᠪᠠᠷᠠᠭᠠᠨ ᠦᠪᠦᠩ ᠪᠤᠳᠢᠤᠯ ᠪᠦᠭᠡᠮᠨᠡᠷᠡᠨ᠂ ᠪᠡᠯᠴᠢᠭᠡᠷ ᠤᠨ ᠡᠪᠡᠰᠦᠨ ᠬᠦᠷᠢᠶᠡᠨ ᠳᠤ  ᠯᠤᠳᠤ ᠶᠡᠭᠡ ᠭᠠᠢ ᠭᠠᠮᠰᠢᠭ ᠠᠪᠴᠢᠷᠠᠵᠦ  ᠂ ᠰᠦᠢᠳᠭᠡᠭᠰᠡᠨ ᠠᠨᠤ ᠴᠦᠭᠡᠨ ᠪᠤᠰᠤ᠃ ᠡᠨᠡ ᠨᠢ ᠮᠠᠯ ᠤᠨ ᠲᠤᠭᠤᠷᠠᠢ ᠶᠢᠨ ᠤᠷᠭᠤᠮᠠᠯ ᠤᠨ ᠰᠤᠯᠢᠯᠴᠠᠭ᠎ᠠ ᠶᠢ ᠪᠡᠶᠡᠯᠡᠭᠦᠯᠬᠦ ᠶᠠᠪᠤᠳᠠᠯ ᠢ ᠬᠠᠷᠰᠢᠯᠠᠭᠰᠠᠨ ᠳᠤ ᠪᠠᠶᠢᠬᠤ ᠶᠢ ᠦᠭᠡᠶᠢᠰᠭᠡᠵᠦ ᠪᠤᠯᠬᠤ ᠦᠭᠡᠢ ᠶᠤᠮ᠂ ᠤᠴᠢᠷ ᠨᠢ ᠮᠠᠯ ᠰᠦᠷᠦᠭ ᠢᠶᠠᠨ ᠬᠦᠷᠢᠶᠠᠯᠠᠨ ᠮᠠᠯᠵᠢᠭᠰᠠᠨ ᠠᠴᠠ ᠶᠠᠪᠤᠬᠤ ᠵᠠᠢ ᠨᠢ ᠬᠢᠵᠠᠭᠠᠷᠯᠠᠭᠳᠠᠵᠦ᠂ ᠭᠤᠪᠢ ᠨᠢ ᠭᠤᠪᠢ ᠳᠠᠭᠠᠨ᠂ ᠲᠠᠯ᠎ᠠ ᠨᠢ ᠲᠠᠯ᠎ᠠ ᠳᠠᠭᠠᠨ ᠪᠡᠯᠴᠢᠭᠡᠷᠯᠡᠬᠦ ︽ᠲᠠᠩ ᠴᠤᠯᠭᠤᠢ ᠮᠠᠯᠵᠢᠯᠭ᠎ᠠ︾ ᠠᠴᠠ ᠪᠤᠯᠤᠭᠰᠠᠨ ᠪᠠᠶᠢᠳᠠᠭ᠃ ᠲᠠᠪᠤᠨ ᠬᠤᠰᠢᠭᠤ ᠮᠠᠯ ᠨᠢ ᠪᠡᠯᠴᠢᠭᠡᠷ ᠤᠨ ᠤᠷᠭᠤᠮᠠᠯ ᠤᠨ ᠲᠦᠷᠦᠯ ᠵᠦᠢᠯ ᠢ ᠲᠡᠩᠴᠡᠭᠦᠨ ᠪᠠᠶᠢᠯᠭᠠᠬᠤ ᠪᠠ ᠪᠡᠯᠴᠢᠭᠡᠷ ᠤᠨ ᠰᠢᠨ᠎ᠡ ᠬᠠᠭᠤᠴᠢᠨ ᠤ ᠰᠤᠯᠢᠭᠳᠠᠯ ᠢ ᠪᠡᠶᠡᠯᠡᠭᠦᠯᠳᠡᠭ ︽ᠠᠮᠢ ᠠᠬᠤᠢ ᠶᠢᠨ ᠬᠦᠳᠡᠯᠭᠡᠭᠴᠢ ᠬᠦᠴᠦᠨ ᠵᠦᠢᠯ︾ ᠭᠡᠳᠡᠭ ᠢ ᠮᠡᠳᠡᠵᠦ ᠪᠤᠯᠤᠨ᠎ᠠ᠃ ᠤᠷᠭᠤᠮᠠᠯ ᠨᠡᠶᠢᠳᠡᠮ ᠲᠦᠯᠵᠢᠬᠦ ᠵᠤᠨ ᠤ ᠡᠬᠢ ᠪᠠ ᠲᠤᠮᠳᠠᠴᠢ ᠪᠠᠷ ︽ᠬᠢᠰᠭᠢᠯ ᠪᠤᠯᠭᠠᠵᠦ ᠪᠡᠯᠴᠢᠭᠡᠷ ᠴᠢᠭᠢᠷᠯᠡᠬᠦ︾ ᠪᠤᠯᠬᠤᠷ ᠤᠳᠤᠷ ᠨᠡᠭᠦᠳᠡᠯ ᠤᠨ ᠴᠠᠭ ᠡᠬᠢᠯᠡᠨ ᠮᠠᠯ ᠰᠦᠷᠦᠭ ᠴᠤ  ︽ᠤᠰᠤᠨ ᠪᠠᠳᠠᠢ︾ ᠠᠪᠬᠤ ᠨᠢ ᠲᠦᠷᠭᠡᠨ ᠪᠠᠶᠢᠵᠦ᠂ ᠲᠦᠷᠭᠡᠨ ᠲᠡᠩᠬᠡᠷᠡᠳᠡᠭ ᠶᠤᠮ᠃ ᠵᠤᠨ ᠤ ᠪᠤᠷᠤᠭᠠᠨᠰᠢᠬᠤ ᠦᠶ᠎ᠡ ᠡᠬᠢᠯᠡᠬᠦ ᠳᠤ ᠵᠤᠰᠠᠯᠠᠩ ᠳᠠᠭᠠᠨ ᠪᠠᠭᠤᠴᠢᠬᠠᠳᠠᠭ᠃ ᠵᠤᠨ ᠤ ᠤᠯᠠᠷᠢᠯ ᠤᠨ ᠪᠤᠷᠤᠭᠠᠨ ᠢ ᠮᠠᠯᠴᠢᠳ ︽ᠢᠨᠵᠠᠭᠠᠨ ᠵᠦᠰᠡ︾  ᠪᠠ ︽ᠮᠦᠭᠦ ᠶᠢᠨ ᠵᠦᠰᠡ︾ ᠭᠡᠵᠦ ᠬᠤᠶᠠᠷ ᠦᠶᠡᠯᠡᠯ ᠤᠨ ᠬᠤᠭᠤᠴᠠᠭ᠎ᠠ ᠪᠠᠷ ᠢᠯᠭᠠᠳᠠᠭ᠂ ᠡᠨᠡ ᠨᠢ ᠲᠠᠯ᠎ᠠ ᠨᠤᠲᠤᠭ ᠤᠨ ᠪᠡᠯᠴᠢᠭᠡᠷ ᠤᠨ ᠠᠮᠢ ᠠᠬᠤᠢ ᠶᠢᠨ ᠭᠤᠤᠯ ᠤᠷᠭᠤᠯᠳᠠ ᠶᠢᠨ ᠴᠠᠭ᠎ᠠ ᠬᠤᠭᠤᠴᠠᠭ᠎ᠠ ᠪᠤᠯᠤᠨ᠎ᠠ᠃ ︽ᠢᠨᠵᠠᠭᠠᠨ ᠵᠦᠰᠡ︾ ᠪᠤᠯ ᠵᠤᠨ ᠤ ᠲᠤᠮᠳᠠ ᠰᠠᠷ᠎ᠠ ᠶᠢᠨ ᠦᠶ᠎ᠡ ᠲᠠᠭᠠᠷᠠᠬᠤ ᠲᠤᠯᠨ ᠨᠠᠮᠤᠬᠠᠨ ᠵᠦᠭᠡᠯᠡᠨ ᠲᠤᠯᠠᠭᠠᠨ ᠪᠤᠷᠤᠭᠠᠨ ᠵᠦᠰᠡᠷᠡᠵᠦ ᠬᠤᠶᠠᠷ ᠭᠤᠷᠪᠠᠨ ᠡᠳᠦᠷ ᠢᠶᠠᠷ ᠤᠷᠤᠵᠦ᠂ ᠴᠢᠬᠢ ᠨᠤᠭᠤᠭᠠᠨ ᠤ ᠤᠷᠭᠤᠯᠳᠠ ᠶᠢ ᠲᠦᠷᠭᠡᠳᠭᠡᠨ ᠠᠬᠢᠭᠤᠯᠳᠠᠭ᠂ ᠡᠨᠡ ᠦᠶ᠎ᠡ ᠵᠡᠭᠡᠷ᠎ᠡ ᠶᠢᠨ ᠰᠦᠷᠦᠭ ᠴᠤ ᠲᠤᠭᠳᠠᠪᠤᠷᠢᠳᠡᠢ ᠪᠤᠯᠳᠠᠭ ᠪᠦᠭᠡᠳ ᠶᠠᠭ ᠰᠢᠷᠭᠠᠴᠢᠨ ᠢᠨᠵᠡᠭᠠᠯᠠᠬᠤ ᠦᠶ᠎ᠡ ᠪᠠᠶᠢᠳᠠᠭ ᠠᠴᠠ ︽ᠢᠨᠵᠠᠭᠠᠨ ᠵᠦᠰᠡ︾ ᠭᠡᠵᠠᠢ᠃ ︽ᠮᠦᠭᠦ ᠶᠢᠨ ᠵᠦᠰᠡ︾ ᠭᠡᠳᠡᠭ ᠪᠤᠯ ᠵᠤᠨ ᠤ ᠰᠡᠭᠦᠯ ᠰᠠᠷ᠎ᠠ ᠶᠢᠨ ᠦᠶ᠎ᠡ ᠳᠠᠬᠢ ᠪᠤᠷᠤᠭᠠᠨ ᠤ ᠬᠤᠭᠤᠴᠠᠭ᠎ᠠ ᠶᠢ ᠬᠡᠯᠡᠳᠡᠭ᠃ ᠡᠨᠡ ᠦᠶ᠎ᠡ ᠪᠡᠯᠴᠢᠭᠡᠷ ᠶᠢᠨ ᠤᠷᠭᠤᠯᠳᠠ ᠦᠳᠭᠡᠷᠡᠵᠦ᠂ ᠤᠷᠭᠤᠮᠠᠯ ᠠᠮᠢᠳᠤ ᠪᠤᠳᠠᠰ ᠪᠦᠬᠦᠨ ᠰᠡᠷᠭᠦᠵᠦ᠂ ᠠᠮᠢᠯᠠᠨ ᠲᠦᠯᠵᠢᠵᠦ ᠤᠷᠭᠤᠯᠳᠠ ᠭᠦᠢᠴᠡᠬᠦ ᠰᠡᠭᠦᠯ ᠤᠨ ᠬᠤᠭᠤᠴᠠᠭᠠᠨ ᠳᠤ ᠤᠷᠤᠳᠠᠭ᠂ ᠬᠦᠨᠳᠡᠢ ᠡᠩᠭᠡᠷ ᠭᠠᠵᠠᠷ ᠲᠤ ︽ᠬᠠᠳᠤᠯᠠᠩ ᠪᠡᠯᠴᠢᠭᠡᠷ︾ ᠭᠠᠷᠴᠤ᠂ ᠬᠠᠯᠢᠭᠤᠷᠠᠨ ᠬᠡᠶᠢᠰᠳᠡᠭ᠂ ︽ᠮᠦᠬᠦ ᠶᠢᠨ ᠵᠦᠰᠡ︾ ᠨᠢ ᠮᠦᠨ ᠵᠦᠭᠡᠯᠡᠨ ᠲᠤᠯᠠᠭᠠᠨ ᠤᠷᠤᠵᠦ᠂ ᠲᠠᠪᠤ ᠭᠤᠷᠪᠡᠨ ᠡᠳᠦᠷ ᠢᠶᠠᠷ ᠵᠦᠰᠡᠷᠡᠬᠦ ᠪᠤᠯᠬᠤᠷ ᠪᠡᠯᠴᠢᠭᠡᠷ ᠶᠢᠨ ᠠᠮᠢ ᠠᠬᠤᠢ ᠶᠢᠨ ᠤᠷᠭᠤᠯᠳᠠ ᠶᠢᠨ ᠦᠷᠡᠯᠡᠨ ᠰᠠᠬᠤᠯᠠᠭᠵᠢᠬᠤ ᠶᠢ ᠤᠯᠠᠮ ᠠᠬᠢᠭᠤᠯᠳᠠᠭ ᠶᠢᠨ ᠬᠠᠮᠳᠤ᠂ ᠲᠠᠯ᠎ᠠ ᠶᠢᠨ ︽ᠴᠠᠭᠠᠨ ᠮᠦᠬᠦ︾ ᠪᠠᠭᠤᠴᠠᠯᠠᠨ ᠬᠦᠷᠢᠶᠡᠯᠡᠵᠦ᠂ ᠨᠤᠭᠤᠭᠠᠨ ᠴᠠᠭᠠᠨ ᠦᠩᠭᠡ ᠪᠠᠷ ᠢᠯᠭᠠᠷᠠᠨ ᠴᠠᠭᠠᠷᠢᠭ ᠳᠠᠳᠠᠨ ᠤᠷᠭᠤᠳᠠᠭ᠃ ᠮᠦᠬᠦ ᠶᠢᠨ ᠬᠦᠷᠢᠶ᠎ᠡ ᠨᠢ ᠶᠠᠭ ᠡᠨᠡ ᠵᠦᠰᠡ ᠪᠤᠷᠤᠭᠠᠨ ᠳᠤ ᠤᠷᠭᠤᠳᠠᠭ ᠪᠤᠯᠬᠤᠷ ︽ᠮᠦᠭᠦ ᠶᠢᠨ ᠵᠦᠰᠡ︾ ᠭᠡᠳᠡᠭ ᠨᠢ ᠲᠠᠷᠠ ᠶᠤᠮ᠃      ⒌ ᠪᠡᠯᠴᠢᠭᠡᠷ ᠢ ᠬᠠᠳᠤᠯᠠᠩ ᠢᠶᠠᠷ ᠠᠰᠢᠭᠯᠠᠬᠤ᠃ ᠪᠠᠶᠢᠭᠠᠯᠢ ᠶᠢᠨ ᠡᠪᠡᠰᠦ ᠪᠡᠯᠴᠢᠭᠡᠷ ᠢ ᠮᠠᠯ ᠠᠵᠦ ᠠᠬᠤᠢ ᠳᠤ ᠠᠰᠢᠭᠯᠠᠬᠤ ᠳᠤ ᠪᠡᠯᠴᠢᠭᠡᠷᠯᠡᠬᠦ ᠪᠠ ᠬᠠᠳᠤᠬᠤ ᠬᠤᠶᠠᠷ ᠵᠦᠢᠯ ᠤᠨ ᠠᠷᠭ᠎ᠠ ᠬᠡᠯᠪᠡᠷᠢ ᠶᠢ ᠠᠪᠳᠠᠭ᠃ ᠦᠵᠦᠮᠦᠴᠢᠨ ᠤ ᠵᠠᠭᠦᠨ ᠰᠤᠮᠤ ᠭᠠᠴᠠᠭ᠎ᠠ ᠶᠢᠨ ᠤᠯᠠᠩᠬᠢ ᠮᠠᠯᠴᠢᠨ ᠡᠷᠦᠬᠡ ᠪᠡᠯᠴᠢᠭᠡᠷ ᠤᠷᠭᠤᠴᠠ ᠰᠠᠶᠢᠳᠠᠢ ᠪᠤᠯᠬᠤᠷ ᠲᠤᠰ ᠬᠤᠶᠠᠷ ᠵᠦᠢᠯ ᠤᠨ ᠬᠡᠯᠪᠡᠷᠢ ᠶᠢ ᠬᠤᠤᠰᠯᠠᠭᠤᠯᠤᠨ ᠬᠡᠷᠡᠭᠯᠡᠳᠡᠭ᠃ ᠬᠠᠳᠤᠯᠠᠩ ᠤᠨ ᠪᠡᠯᠴᠢᠭᠡᠷ ᠢᠶᠠᠨ ᠲᠤᠰᠬᠠᠶᠢᠯᠠᠨ ᠬᠡᠭᠡᠷ᠎ᠡ ᠵᠡᠯᠢᠭᠦᠳ ᠭᠠᠵᠠᠷ ᠢ ᠰᠤᠩᠭᠤᠨ ᠳᠠᠯᠪᠢᠬᠤ ᠪᠤᠶᠤ ᠤᠶᠢᠷᠠᠯᠴᠠᠭ᠎ᠠ ᠬᠠᠳᠤᠯᠠᠩ ᠢᠶᠠᠨ ᠬᠠᠪᠤᠷ ᠤᠨ ᠰᠡᠭᠦᠯᠴᠢ ᠪᠠᠷ ᠳᠠᠯᠪᠢᠵᠦ᠂ ᠤᠷᠭᠤᠴᠠ ᠪᠠ ᠦᠳᠭᠡᠷᠡᠯᠳᠡ ᠶᠢᠨ ᠬᠤᠭᠤᠴᠠᠭᠠᠨ ᠳᠤ ᠮᠠᠯ ᠤᠷᠤᠭᠤᠯᠬᠤ ᠦᠭᠡᠢ ᠬᠠᠮᠠᠭᠠᠯᠠᠵᠦ ᠪᠠᠶᠢᠳᠠᠭ ᠃ ᠶᠡᠷᠦ ᠨᠢ ᠡᠪᠡᠰᠦ ᠬᠠᠳᠤᠬᠤ ᠳᠠᠭᠠᠨ ᠦᠶᠡᠳᠦ ᠡᠪᠡᠰᠦ ᠲᠤᠯᠤᠭᠠᠶᠢᠯᠠᠵᠦ ᠪᠠᠶᠢᠭ᠎ᠠ ᠪᠤᠶᠤ ᠪᠤᠷᠴᠠᠭᠳᠤ ᠡᠪᠡᠰᠦ ᠴᠡᠴᠡᠭᠯᠡᠵᠦ ᠪᠠᠶᠢᠭ᠎ᠠ ᠡᠪᠡᠰᠦᠨ ᠤ ᠰᠢᠮ᠎ᠡ ᠴᠢᠨᠠᠷ ᠮᠠᠰᠢ ᠰᠠᠶᠢᠨ ᠪᠠᠶᠢᠳᠠᠭ ᠴᠠᠭ ᠬᠤᠭᠤᠴᠠᠭᠠᠨ ᠳᠤ ᠬᠠᠳᠤᠬᠤ ᠨᠢ ᠲᠤᠬᠢᠷᠠᠮᠵᠢᠳᠠᠢ ᠪᠠᠶᠢᠳᠠᠭ ᠶᠤᠮ᠂ ᠬᠠᠳᠤᠬᠤ ᠴᠠᠭ ᠨᠢ ᠤᠷᠤᠶᠢᠳᠠᠬᠤ ᠲᠤᠳᠤᠮ ᠡᠪᠡᠰᠦᠨ ᠤ ᠴᠢᠨᠠᠷ ᠨᠢ ᠤᠯᠠᠮ ᠮᠠᠭᠤᠳᠠᠬᠤ ᠪᠤᠯᠬᠤᠷ ᠡᠪᠡᠰᠦ ᠶᠢ ᠡᠷᠳᠡᠭᠡᠨ ᠬᠠᠳᠤᠭᠰᠠᠨ ᠨᠢ ᠠᠰᠢᠭᠳᠠᠢ᠃ ᠦᠵᠦᠮᠦᠴᠢᠨ ᠳᠤ ᠤᠯᠠᠩᠬᠢ ᠳᠠᠭᠠᠨ ᠡᠪᠡᠰᠦ ᠬᠠᠳᠤᠯᠠᠩ ᠤᠨ ᠠᠵᠢᠯ ᠢ  ᠠᠷᠭ᠎ᠠ ᠶᠢᠨ ᠤᠯᠠᠷᠢᠯ ᠤᠨ 8 ᠰᠠᠷ᠎ᠠ ᠶᠢᠨ 15 ᠡᠳᠦᠷ ᠠᠴᠠ 10 ᠰᠠᠷ᠎ᠠ ᠶᠢᠨ ᠡᠬᠢ ᠬᠦᠷᠳᠡᠯᠡᠬᠢ ᠬᠤᠭᠤᠴᠠᠭᠠᠨ ᠳᠤ ᠶᠠᠪᠤᠭᠳᠠᠳᠠᠭ᠃ ᠡᠪᠡᠰᠦ ᠬᠠᠳᠤᠬᠤ ᠳᠠᠭᠠᠨ ᠡᠪᠡᠰᠦᠨ ᠤ ᠤᠭ ᠠᠴᠠ ᠳᠡᠭᠡᠭᠰᠢ ᠭᠤᠷᠪᠠᠨ ᠬᠤᠷᠤᠭᠤ ᠦᠯᠡᠳᠡᠭᠡᠨ ᠬᠠᠳᠤᠳᠠᠭ᠂ ᠢᠩᠭᠢᠬᠦ ᠨᠢ ᠲᠠᠷᠠᠭ᠎ᠠ ᠵᠢᠯ ᠤᠨ ᠡᠪᠡᠰᠦᠨ ᠤ ᠤᠷᠭᠤᠯᠳᠠ ᠶᠢ ᠬᠠᠷᠠᠭᠠᠯᠵᠠᠨ᠂ ᠪᠤᠭ ᠤᠨ ᠪᠦᠷᠬᠦᠴᠡ ᠶᠢ ᠦᠯᠡᠳᠡᠭᠡᠬᠦ ᠶᠢᠨ ᠲᠦᠯᠦᠭᠡ ᠶᠤᠮ᠃ ᠤᠯᠠᠩᠬᠢ ᠳᠠᠭᠠᠨ ᠬᠠᠳᠤᠯᠠᠩ ᠢ ᠵᠢᠯ ᠦᠨᠵᠢᠭᠡᠨ ᠬᠠᠳᠤᠪᠠᠯ ᠪᠡᠯᠴᠢᠭᠡᠷ ᠤᠨ ᠤᠷᠭᠤᠴᠠ ᠳᠤ ᠳᠠᠮᠡᠢ ᠨᠦᠯᠦᠭᠡ ᠪᠤᠯᠳᠠᠭ ᠦᠭᠡᠢ᠃ ᠡᠶᠢᠮᠦ ᠪᠠᠷ ᠬᠠᠳᠤᠯᠠᠩ ᠢ ᠪᠡᠯᠴᠢᠭᠡᠷ ᠡᠭᠡᠯᠵᠢᠯᠡᠨ ᠬᠠᠳᠤᠳᠠᠭ ᠤᠴᠢᠷ ᠲᠠᠢ ᠶᠤᠮ᠃ ᠬᠠᠳᠤᠯᠠᠩ ᠢ ᠦᠷᠭᠡᠨ ᠢᠶᠠᠷ ᠨᠦᠭᠡᠴᠢᠯᠡᠵᠦ ᠲᠠᠷᠤᠰᠢᠯᠠᠭᠤᠯᠬᠤ ᠨᠢ ᠮᠠᠯ ᠢᠶᠠᠨ ᠵᠤᠳ ᠭᠠᠮᠰᠢᠭ ᠢ ᠭᠡᠳᠦᠯᠭᠡᠬᠦ ᠳᠤ ᠭᠤᠤᠯ ᠴᠢᠬᠤᠯᠠ ᠦᠢᠯᠡᠳᠦᠯ ᠭᠠᠷᠭᠠᠪᠠᠴᠤ ᠪᠠᠰᠠ ᠡᠪᠦᠯ ᠬᠠᠪᠤᠷ ᠤᠨ ᠤᠯᠠᠷᠢᠯ ᠤᠨ ᠪᠡᠯᠴᠢᠭᠡᠷ ᠢ ᠳᠠᠵᠢᠷᠰᠢᠭᠤᠯᠬᠤ ᠶᠢ ᠪᠠᠭᠠᠰᠬᠠᠬᠤ ᠦᠢᠯᠡᠳᠦᠯ ᠲᠠᠢ ᠪᠠᠶᠢᠵᠦ᠂ ᠡᠪᠡᠰᠦᠨ ᠤ ᠨᠢᠯᠬ᠎ᠠ ᠰᠤᠶᠤᠭ᠎ᠠ ᠴᠤᠬᠤᠶᠢᠬᠤ ᠦᠶ᠎ᠡ ᠳᠤ ᠢᠳᠡᠪᠬᠢᠳᠡᠢ ᠦᠢᠯᠡᠳᠦᠯ ᠦᠵᠡᠭᠦᠯᠳᠡᠭ ᠶᠤᠮ᠃      ⒍ ᠨᠤᠭᠤ ᠨᠠᠮᠤᠭ ᠭᠠᠵᠠᠷ ᠢ ᠠᠰᠢᠭᠯᠠᠬᠤ᠃ ᠨᠤᠭᠤ ᠭᠠᠵᠠᠷ ᠪᠤᠯ ᠬᠡᠷᠡᠰᠤ᠂ ᠬᠤᠯᠤᠰᠤ᠂ ᠦᠶᠡᠳᠡᠨ᠂ ᠰᠢᠯᠦᠬᠡ ︵ᠰᠤᠯᠢ︶ ᠵᠡᠷᠭᠡ ᠮᠠᠰᠢ ᠤᠯᠠᠨ ᠶᠠᠩᠵᠦᠳᠤ ᠤᠷᠭᠤᠮᠠᠯ ᠤᠨ ᠵᠦᠢᠯᠳᠡ ᠪᠠᠭᠰᠢᠷᠠᠨ ᠤᠷᠭᠤᠳᠠᠭ ᠴᠢᠬᠢᠭᠯᠢᠭ ᠤᠷᠤᠨ ᠪᠤᠯᠤᠨ᠎ᠠ᠂ ᠡᠶᠢᠮᠦᠷᠬᠦ ᠨᠤᠭᠤ ᠭᠠᠵᠠᠷ ᠨᠢ ᠲᠠᠯ᠎ᠠ ᠶᠢᠨ ᠡᠪᠡᠰᠤ ᠶᠢ ᠪᠤᠳᠤᠪᠠᠯ ᠴᠢᠬᠢᠭᠯᠢᠭ ᠨᠤᠶᠢᠳᠡᠨ ᠪᠦᠭᠡᠳ ᠱᠦᠪᠳᠦᠷᠯᠢᠭ ᠬᠤᠵᠢᠷᠯᠢᠭ ᠤᠷᠭᠤᠮᠠᠯ ᠤᠯᠠᠨ ᠭᠠᠷᠳᠠᠭ ᠢᠶᠠᠷ ᠰᠢᠮ᠎ᠡ ᠲᠡᠵᠢᠭᠡᠯ ᠢᠶᠠᠷ ᠦᠨᠳᠦᠷ᠂ ᠮᠠᠯ ᠰᠦᠷᠦᠭ ᠤᠨ ᠶᠠᠮᠠᠷ ᠤᠯᠠᠷᠢᠯ ᠳᠤ ᠴᠤ ᠢᠳᠡᠰᠢᠯᠡᠳᠡᠭ ᠪᠡᠯᠴᠢᠭᠡᠷ ᠪᠤᠯᠳᠠᠭ᠃ ᠨᠤᠭᠤ ᠭᠠᠵᠠᠷ ᠤᠨ ᠤᠨᠴᠠᠯᠢᠭ ᠪᠤᠯ ᠤᠷᠭᠤᠯᠳᠠ ᠶᠢᠨ ᠨᠡᠮᠡᠭᠳᠡᠯ ᠬᠤᠷᠳᠤᠴᠠ ᠲᠦᠷᠭᠡᠨ ᠪᠠᠶᠢᠳᠠᠭ ᠢᠶᠠᠷ ᠮᠠᠯ ᠰᠦᠷᠦᠭ ︽ᠢᠳᠡᠭᠡᠳ ᠪᠠᠷᠠᠭᠳᠠᠰᠢ ᠦᠭᠡᠢ ᠡᠬᠢ ᠪᠠᠶᠠᠯᠢᠭ︾ ᠪᠤᠯᠳᠠᠭ ᠤᠴᠢᠷ ᠲᠠᠢ᠃ ᠮᠠᠯᠴᠢᠳ ᠡᠨᠡᠬᠦ ᠵᠢᠷᠭᠠᠯᠠᠩ ᠤᠨ ᠡᠬᠢ ᠪᠠᠶᠠᠯᠢᠭ ᠤᠨ ᠤᠷᠤᠨ ᠢᠶᠠᠨ ᠨᠢᠳᠦᠨ ᠴᠡᠴᠡᠬᠡᠢ ᠮᠡᠳᠦ ᠬᠠᠶᠢᠷᠠᠯᠠᠳᠠᠭ ᠪᠦᠭᠡᠳ ᠠᠮᠢᠳᠠᠨ ᠵᠢᠭᠦᠷᠳᠡᠨ ᠢ ᠨᠢ ᠠᠯᠠᠳᠠᠭ ᠦᠭᠡᠢ᠂ ᠬᠦᠷᠦᠰᠦ ᠰᠢᠷᠦᠢ ᠶᠢ ᠨᠢ ᠬᠦᠨᠳᠡᠳᠡᠭ ᠦᠭᠡᠢ ᠬᠡᠵᠢᠶᠡᠳᠡ ᠬᠠᠶᠢᠷᠠᠯᠠᠨ ᠬᠠᠮᠠᠭᠠᠯᠠᠵᠦ ᠶᠠᠪᠤᠳᠠᠭ ᠶᠤᠮ᠃ ᠵᠤᠨ ᠤ ᠤᠯᠠᠷᠢᠯ ᠳᠤ ᠪᠤᠷᠤᠭᠠᠨ ᠬᠤᠷ᠎ᠠ ᠡᠯᠪᠡᠭ᠂ ᠢᠯᠠᠭ᠎ᠠ ᠰᠢᠮᠠᠭᠤᠯ ᠬᠦᠳᠡᠯᠬᠦ ᠦᠶ᠎ᠡ ᠳᠤ ᠨᠤᠭᠤ ᠭᠠᠵᠠᠷ ᠢᠶᠠᠨ ᠲᠠᠯᠪᠢᠨ ᠤᠷᠭᠤᠭᠤᠯᠵᠦ᠂ ᠡᠪᠦᠯ ᠳᠡᠭᠡᠨ ᠨᠤᠭᠤ ᠭᠠᠵᠠᠷ ᠤᠨ ᠨᠦᠮᠦᠷᠯᠢᠭ ᠭᠠᠵᠠᠷ ᠢᠷᠡᠵᠦ᠂ ᠦᠩ ᠲᠤᠯᠠᠭᠠᠨ ᠡᠪᠦᠯᠵᠡᠳᠡᠭ ᠪᠠᠶᠢᠪᠠ᠃ ᠵᠡᠭᠦᠨ ᠦᠵᠦᠮᠦᠴᠢᠨ ᠬᠤᠰᠢᠭᠤᠨ ᠳᠠᠭᠠᠨ ᠤᠯᠠᠭᠠᠢ ᠰᠧᠶᠡᠯᠵᠢ ᠶᠢᠨ ᠭᠤᠤᠯ ᠤᠨ ᠭᠦᠪᠡᠭᠡᠨ ᠤ ᠨᠤᠭᠤ ᠭᠠᠵᠠᠷ ᠪᠤᠯ ᠦᠷᠭᠡᠨ ᠢᠶᠠᠷ ᠢᠶᠠᠨ ᠲᠠᠪᠢ ᠵᠢᠷᠠᠨ ᠭᠠᠵᠠᠷ᠂ ᠤᠷᠳᠤ ᠪᠠᠷ ᠢᠶᠠᠨ ᠵᠢᠷᠭᠤᠭᠠᠨ ᠵᠠᠭᠤᠨ ᠬᠤᠷᠢ ᠭᠤᠴᠢᠭᠠᠳ ᠭᠠᠵᠠᠷ ᠦᠷᠭᠦᠯᠵᠢᠯᠡᠵᠦ᠂ ᠬᠠᠵᠠᠭᠤ ᠰᠦᠪᠡᠭᠡᠨ ᠠᠴᠠ ᠪᠠᠨ 15 ᠭᠤᠤᠯ ᠤᠷᠤᠰᠬᠠᠯ ᠤᠨ ᠨᠡᠶᠢᠯᠡᠮᠡᠯ ᠴᠢᠳᠬᠤᠯᠠᠩ ᠲᠠᠢ᠂ ᠤᠯᠠᠨ ᠨᠠᠭᠤᠷ ᠪᠦᠷᠢᠳᠦ ᠶᠢᠨ ᠬᠡᠪᠡᠯᠢ ᠶᠢ ᠪᠢᠯᠬᠠᠭᠤᠯᠤᠭᠰᠠᠨ ᠠᠮᠢ ᠠᠬᠤᠢ ᠶᠢᠨ ᠡᠬᠢ ᠪᠠᠶᠠᠯᠢᠭ ᠤᠨ ᠤᠷᠤᠨ ᠪᠤᠯᠬᠤ ᠮᠦᠷᠳᠡᠭᠡᠨ ᠪᠠᠰᠠ ᠪᠠᠶᠢᠭᠠᠯᠢ ᠶᠢᠨ ᠴᠢᠬᠤᠯᠠ ᠶᠡᠭᠡ ᠤᠰᠤᠨ ᠰᠢᠰᠲ᠋ᠧᠮ ᠤᠨ ᠤᠷᠤᠨ ᠪᠠᠶᠢᠵᠠᠢ᠃ ᠳᠡᠭᠡᠷ᠎ᠡ ᠵᠠᠭᠤᠨ ᠤ ᠰᠡᠭᠦᠯᠴᠢ ᠪᠤᠯᠳᠠᠯ᠎ᠠ ᠤᠯᠠᠭᠠᠢ ᠭᠤᠤᠯ ᠤᠨ ᠰᠠᠪᠠ ᠭᠠᠵᠠᠷ ᠲᠤ 7 ᠰᠤᠮᠤ ᠨᠢᠭᠡᠴᠡ ᠶᠢᠨ 100 ᠲᠦᠮᠡᠨ ᠤᠷᠴᠢᠮ ᠮᠠᠯ ᠰᠦᠷᠦᠭ ᠤᠮᠳᠠᠯᠠᠨ ᠮᠠᠯᠵᠢᠬᠤ ᠳᠤ ᠲᠤᠮᠳᠠᠷᠠᠰᠢ ᠦᠭᠡᠢ ᠪᠠᠶᠢᠳᠠᠭ ᠠᠮᠢ ᠠᠬᠤᠢ ᠶᠢᠨ ᠡᠬᠢ ᠪᠠᠶᠠᠯᠢᠭ ᠤᠨ ᠤᠷᠤᠨ ᠪᠠᠶᠢᠭᠰᠠᠨ ᠶᠤᠮ᠃ ᠤᠯᠠᠭᠠᠢ ᠤᠰᠤᠨ ᠴᠦᠭᠦᠷᠦᠮ ᠢ ᠪᠠᠶᠢᠭᠤᠯᠤᠭᠰᠠᠨ ᠢᠶᠠᠷ ᠡᠨᠡᠬᠦ ᠦᠨᠡᠯᠡᠰᠢ ᠦᠭᠡᠢ ᠠᠮᠢ ᠠᠬᠤᠢ ᠪᠤᠯᠤᠨ ᠤᠰᠤᠨ ᠰᠢᠰᠲ᠋ᠧᠮ ᠤᠨ ᠤᠷᠤᠨ ᠤ ᠮᠦᠬᠦᠯ ᠢ ᠲᠤᠩᠬᠠᠭᠯᠠᠭᠰᠠᠨ ᠶᠤᠮ᠃ ᠤᠳᠤ ᠪᠤᠯᠬᠤᠶ᠎ᠠ ᠬᠠᠳᠤᠵᠦ ᠰᠢᠷᠭᠢᠭᠰᠡᠨ ᠭᠤᠤᠯ ᠤᠨ ᠬᠤᠪᠬᠢ᠂ ᠨᠠᠭᠤᠷ ᠪᠦᠷᠢᠳᠦ ᠶᠢᠨ ᠬᠠᠭᠤᠷᠠᠢ ᠬᠡᠪᠡᠯᠢ ᠠᠴᠠ ᠰᠢᠷᠤᠢ ᠶᠢᠨ ᠰᠢᠭᠤᠷᠭ᠎ᠠ ᠲᠡᠭᠳᠡᠵᠦ᠂ ᠤᠤᠯ ᠨᠢ ᠪᠠᠷᠠᠭᠤᠨᠰᠢ ᠰᠢᠯᠢᠷᠠᠨ ᠤᠷᠤᠰᠬᠤ ᠤᠰᠤᠨ ᠰᠢᠰᠲ᠋ᠧᠮ ᠪᠦᠬᠦᠢ ᠨᠤᠭᠤ ᠭᠠᠵᠠᠷ ᠪᠠᠶᠢᠭᠰᠠᠨ ᠪᠤᠯ ᠤᠳᠤ ᠪᠤᠯᠬᠤ ᠳᠤ ᠵᠡᠭᠦᠨᠰᠢ ᠬᠤᠶᠢᠯᠠᠷᠠᠨ ᠦᠷᠭᠦᠯᠵᠢᠯᠡᠬᠦ ᠰᠢᠷᠤᠢ ᠶᠢᠨ ᠰᠢᠭᠤᠷᠭ᠎ᠠ ᠰᠠᠯᠬᠢᠨ ᠤ ᠬᠤᠭᠤᠯᠠᠢ ᠪᠤᠯᠤᠭᠰᠠᠨ ᠨᠢ ᠮᠠᠯᠴᠢᠳ ᠤᠨ ᠪᠠᠶᠢᠭᠠᠯᠢ ᠪᠡᠯᠴᠢᠭᠡᠷ ᠤᠨ ᠡᠬᠢ ᠪᠠᠶᠠᠯᠢᠭ ᠦᠭᠡᠶᠢᠬᠢᠭᠳᠡᠵᠦ᠂ ᠬᠦᠮᠦᠨ ᠮᠠᠯ ᠤᠨ ᠤᠰᠤ ᠤᠮᠳᠠ ᠶᠢ ᠬᠤᠬᠢᠷᠠᠭᠤᠯᠤᠭᠰᠠᠨ ᠬᠠᠷᠠᠮᠰᠠᠯ ᠤᠨ ᠲᠦᠢᠯ ᠪᠤᠯᠭᠠᠭᠰᠠᠨ ᠪᠠᠶᠢᠳᠠᠭ᠃ ᠰᠧᠶᠡᠯᠵᠢ ᠶᠢᠨ ᠬᠤᠶᠠᠷ ᠪᠤᠭᠳᠠ ᠶᠢᠨ ᠡᠩᠭᠡᠷ ᠳᠠᠬᠢ ᠵᠠᠳᠠᠭᠠᠢ ᠨᠡᠭᠦᠷᠡᠰᠦᠨ ᠠᠭᠤᠷᠬᠠᠢ ᠦᠷᠭᠡᠨ ᠶᠡᠭᠡ ᠪᠡᠯᠴᠢᠭᠡᠷ ᠤᠨ ᠤᠷᠤᠨ ᠢ ᠡᠵᠡᠯᠡᠨ᠂ ᠪᠤᠬᠢᠷᠳᠠᠯ ᠤᠨ ᠬᠠᠷ᠎ᠠ ᠮᠠᠨᠠᠨ ᠪᠤᠰᠴᠤ ᠦᠷᠭᠦᠯᠵᠢᠯᠡᠭᠰᠡᠭᠡᠷ᠃ ᠡᠨᠡ ᠪᠤᠯ ᠦᠩᠭᠡᠷᠡᠭᠰᠡᠨ ᠤ ᠦᠵᠦᠮᠦᠴᠢᠨ ᠪᠡᠶᠢᠯᠡ ᠶᠢᠨ ᠬᠤᠰᠢᠭᠤᠨ ᠤ ᠲᠦᠮᠡᠨ ᠴᠠᠭᠠᠨ ᠠᠳᠤᠭᠤ ᠦᠷᠡᠵᠢᠭᠦᠯᠦᠭᠰᠡᠨ ᠰᠧᠭᠮᠢᠳ ᠪᠠᠶᠠᠨ ᠤ ᠡᠷᠳᠡᠨᠢ ᠶᠢᠨ ᠠᠯᠳᠠᠨ ᠤᠨᠠᠭ᠎ᠠ ᠢᠯᠡᠷᠡᠭᠰᠡᠨ ᠲᠠᠷᠬᠠᠨ ᠤᠷᠤᠨ᠂ ᠤᠳᠤᠬᠢ ᠦᠰᠦᠷᠦᠩᠭᠦᠢ ᠬᠦᠭᠵᠢᠯᠳᠡ ᠲᠠᠢ ᠤᠯᠠᠭᠠᠢ ᠬᠠᠮᠢᠶᠠᠷᠤᠯᠳᠠ ᠶᠢᠨ ᠤᠷᠤᠨ ᠭᠡᠳᠡᠭ ᠪᠤᠯᠤᠨ᠎ᠠ᠃       ⒎ ᠲᠠᠪᠤᠰᠤ ᠱᠠᠤ ᠬᠤᠵᠢᠷ ᠪᠠ ᠭᠤᠪᠢ ᠶᠢᠨ ᠬᠡᠷᠡᠰᠦ ᠢ ᠠᠰᠢᠭᠯᠠᠬᠤ᠃ ᠦᠵᠦᠮᠦᠴᠢᠨ ᠲᠠᠯ᠎ᠠ ᠨᠤᠲᠤᠭ ᠲᠤ ᠬᠠᠮᠢᠭ᠎ᠠ ᠨᠢ ᠪᠤᠯᠤᠭᠰᠠᠨ ᠴᠤ ᠲᠠᠪᠤᠰᠤ ᠱᠠᠤ ᠬᠤᠵᠢᠷ ᠤᠨ ᠨᠠᠭᠤᠷ ᠲᠤᠭᠤᠷᠢᠮ ᠤᠯᠠᠨ ᠪᠠᠶᠢᠳᠠᠭ᠃ ᠪᠡᠯᠴᠢᠭᠡᠷ ᠤᠨ ᠡᠪᠡᠰᠦ ᠤᠷᠭᠤᠮᠠᠯ ᠤᠨ ᠪᠦᠷᠬᠦᠴᠡ ᠲᠠᠢ ᠪᠠᠨ ᠬᠤᠯᠢᠯᠳᠤᠨ ᠪᠠᠶᠢᠳᠠᠭ ᠡᠳᠡᠭᠡᠷ ᠨᠠᠭᠤᠷ ᠪᠦᠷᠢᠳᠦ ᠨᠢ ᠮᠠᠯ ᠰᠦᠷᠦᠭ ᠲᠤ ᠡᠪᠡᠰᠦ ᠤᠰᠤ ᠲᠤᠳᠠᠭᠳᠠᠵᠦ ᠪᠤᠯᠳᠠᠭ ᠦᠭᠡᠢ ᠲᠠᠢ ᠠᠳᠠᠯᠢ ᠪᠠᠷ ᠪᠡᠯᠴᠢᠭᠡᠷ ᠤᠨ ᠭᠠᠷᠤᠯᠳᠠ ᠶᠢᠨ ᠡᠬᠢ ᠪᠠᠶᠠᠯᠢᠭ ᠤᠨ ᠪᠠᠰᠠ ᠨᠢᠭᠡᠨ ᠴᠢᠬᠤᠯᠠ ᠪᠦᠷᠢᠯᠳᠦᠭᠦᠨ ᠬᠡᠰᠡᠭ ᠪᠤᠯᠤᠭ᠎ᠠ᠃ ᠲᠠᠪᠤᠰᠤ ᠱᠠᠤ ᠬᠤᠵᠢᠷ ᠪᠤᠯ ᠮᠠᠯ ᠤᠨ ᠲᠠᠷᠭᠤ ᠠᠪᠬᠤ᠂ ᠲᠠᠷᠭᠤ ᠬᠦᠴᠦ ᠶᠢ ᠲᠤᠭᠳᠠᠭᠠᠨ ᠬᠠᠮᠠᠭᠠᠯᠠᠬᠤ᠂ ᠡᠪᠡᠳᠴᠢᠨ ᠭᠡᠮ ᠢ ᠰᠡᠷᠭᠡᠶᠢᠯᠡᠬᠦ᠂ ᠬᠡᠭᠡᠯ ᠬᠠᠮᠠᠭᠠᠯᠠᠬᠤ᠂ ᠮᠠᠯ ᠢ ᠦᠯᠴᠢᠷᠰᠢᠭᠦᠯᠬᠦ᠂ ᠨᠢᠯᠬ᠎ᠠ ᠮᠠᠯ ᠤᠨ ᠦᠰᠴᠤ ᠪᠤᠶᠢᠵᠢᠬᠤ ᠳᠤ ᠲᠤᠳᠠᠭᠳᠠᠵᠦ ᠪᠤᠯᠤᠰᠢ ᠦᠭᠡᠢ ᠨᠦᠬᠦᠪᠦᠷᠢᠯᠡᠬᠦ ᠡᠯᠮᠧᠨ᠋ᠲ ᠤᠳ ᠪᠤᠯᠤᠨ᠎ᠠ᠃ ᠦᠵᠦᠮᠦᠴᠢᠨ ᠪᠡᠯᠴᠢᠭᠡᠷ ᠨᠤᠲᠤᠭ ᠨᠢ ᠮᠠᠯ ᠤᠨ ᠠᠮᠢᠨ ᠬᠡᠷᠡᠭᠴᠡᠭᠡᠳᠦ ᠡᠪᠡᠰᠦ᠂ ᠤᠰᠤ᠂ ᠲᠠᠪᠤᠰᠤ ᠬᠤᠵᠢᠷ ᠢ ᠪᠦᠷᠢᠨ ᠬᠠᠩᠭᠠᠬᠤ ᠡᠬᠢ ᠪᠠᠶᠠᠯᠢᠭ ᠪᠦᠷᠢᠯᠳᠦᠭᠦᠯᠦᠭᠰᠡᠨ ᠡᠷᠳᠡᠨᠢᠰ ᠤᠨ ᠦᠯᠦᠭᠡᠢ ᠪᠤᠯᠬᠤ ᠶᠤᠮ᠃ ᠨᠠᠭᠤᠷ ᠪᠦᠷᠢᠳᠦᠨ ᠳᠤ ᠱᠤᠷᠪᠤᠭ ᠨᠠᠭᠤᠷ᠂ ᠴᠡᠩᠬᠡᠭ ᠨᠠᠭᠤᠷ ᠤᠨ ᠢᠯᠭᠠᠮᠵᠢ ᠪᠤᠢ᠃ ᠱᠤᠷᠪᠤᠭ ᠨᠠᠭᠤᠷ ᠪᠤᠯ ᠭᠠᠳᠠᠭᠰᠢ ᠤᠷᠤᠰᠬᠤ ᠦᠭᠡᠢ ᠨᠠᠭᠤᠷ ᠤᠨ ᠲᠤᠳᠤᠷ᠎ᠠ ᠨᠢ ᠲᠠᠪᠤᠰᠤ ᠬᠤᠵᠢᠷ ᠤᠨ ᠠᠭᠤᠯᠠᠭᠳᠠᠴᠠ ᠮᠠᠰᠢ ᠡᠯᠪᠡᠭ ᠪᠠᠶᠢᠳᠠᠭ᠃ ᠵᠢᠱᠢᠶᠡᠯᠡᠪᠡᠯ ᠵᠡᠭᠦᠨ ᠦᠵᠦᠮᠦᠴᠢᠨ ᠤ ᠡᠵᠢ ᠨᠠᠭᠤᠷ᠂ ᠪᠠᠭ᠎ᠠ ᠡᠵᠢ᠂ ᠤᠯᠠᠭᠠᠢ ᠶᠢᠨ ᠤᠷᠢᠳᠦ  ᠲᠠᠪᠤᠰᠦᠨ ᠨᠠᠭᠤᠷ᠂ ᠠᠷᠤ ᠲᠠᠪᠤᠰᠤᠨ ᠨᠠᠭᠤᠷ᠂ ᠤᠩᠭᠤᠨ ᠤ ᠶᠡᠭᠡ ᠲᠠᠪᠤᠰᠤᠨ ᠨᠠᠭᠤᠷ᠂ ᠠᠯᠳᠠᠨᠬᠢᠯᠢ ᠶᠢᠨ ᠴᠠᠶᠢᠳᠠᠮ ᠤᠨ ᠭᠤᠷᠪᠠᠨ ᠱᠠᠤ ᠪᠤᠯᠤᠨ ᠪᠠᠷᠠᠭᠤᠨ ᠦᠵᠦᠮᠦᠴᠢᠨ ᠤ ᠶᠡᠭᠡ ᠲᠠᠪᠤᠰᠤᠳᠤ᠂ ᠲᠠᠪᠤᠰᠤᠳᠤ᠂ ᠡᠷᠢᠶᠡᠨ ᠲᠠᠪᠤᠰᠤᠳᠤ᠂ ᠬᠤᠵᠢᠷᠳᠦ ᠭᠤᠷᠪᠠᠨ ᠨᠠᠭᠤᠷ ᠵᠡᠷᠭᠡ ᠨᠢᠭᠡ ᠵᠠᠭᠤ ᠠᠷᠪᠠ ᠭᠠᠷᠤᠢ ᠲᠠᠪᠤᠰᠤ ᠬᠤᠵᠢᠷ ᠱᠠᠤ ᠶᠢᠨ ᠠᠭᠤᠯᠠᠭᠳᠠᠴᠠ ᠲᠠᠢ ᠨᠠᠭᠤᠷ ᠪᠦᠷᠢᠨ ᠪᠤᠰᠤ ᠪᠦᠷᠢᠳᠭᠡᠭᠳᠡᠵᠦ ᠪᠠᠶᠢᠳᠠᠭ ᠠᠵᠠᠢ᠃ ᠮᠠᠯᠴᠢᠳ ᠲᠦᠷᠪᠡᠨ ᠤᠯᠠᠷᠢᠯ ᠤᠨ ᠲᠤᠳᠤᠷ᠎ᠠ ᠰᠠᠷ᠎ᠠ ᠪᠦᠷᠢ ᠮᠠᠯ ᠰᠦᠷᠦᠭ ᠢᠶᠠᠨ ᠲᠠᠪᠤᠰᠤᠳᠠᠢ ᠤᠰᠤ ᠤᠤᠭᠤᠯᠭᠠᠬᠤ ᠪᠤᠶᠤ ᠬᠤᠵᠢᠷ ᠱᠠᠤ ᠲᠤᠯᠢᠶᠠᠯᠭᠠᠵᠦ ᠂ ᠭᠤᠪᠢ ᠴᠠᠶᠢᠳᠠᠮ ᠤᠨ ᠬᠡᠷᠡᠰᠦ ᠳᠤ ᠤᠷᠤᠭᠤᠯᠳᠠᠭ᠃ ᠵᠤᠨ ᠨᠠᠮᠤᠷ ᠤᠨ ᠲᠠᠷᠭᠤ ᠠᠪᠬᠤ ᠦᠶ᠎ᠡ ᠳᠤ ᠲᠠᠪᠤᠰᠤ ᠱᠠᠤ ᠪᠠ ᠬᠡᠷᠡᠰᠦ ᠳᠤ ᠰᠠᠷ᠎ᠠ ᠶᠢᠨ ᠬᠡᠳᠦ ᠤᠳᠠᠭ᠎ᠠ ᠤᠷᠤᠭᠤᠯᠵᠦ ᠬᠤᠨᠢ ᠮᠠᠯ ᠢ ᠲᠡᠩᠬᠡᠷᠡᠬᠦᠯᠤᠨ ᠲᠠᠷᠭᠤ ᠠᠪᠬᠤ ᠶᠢ ᠠᠬᠢᠭᠤᠯᠳᠠᠭ᠂ ᠡᠪᠦᠯ ᠬᠠᠪᠤᠷ ᠲᠠᠭᠠᠨ ᠲᠤᠯᠤᠭᠤᠪᠤᠷᠢᠳᠠᠢ ᠭᠠᠵᠠᠷ ᠠᠴᠠ ᠠᠯᠤᠰ ᠵᠠᠶᠢᠳᠠᠭᠤ ᠪᠤᠯ ᠦᠬᠡᠷ ᠲᠡᠮᠡᠭᠡᠨ ᠲᠡᠷᠭᠡ ᠪᠠᠷ ᠲᠡᠭᠡᠭᠡᠵᠦ᠂ ᠬᠤᠳᠠᠨ ᠤ ᠵᠠᠬ᠎ᠠ ᠳᠤ ᠪᠠᠭᠤᠯᠭᠠᠨ ᠲᠤᠯᠢᠶᠠᠯᠭᠠᠳᠠᠭ᠃ ᠢᠩᠭᠢᠬᠦ ᠨᠢ ᠮᠠᠯ ᠦᠯᠴᠢᠷᠰᠢᠵᠦ ᠰᠠᠯᠬᠢ ᠦᠭᠡᠳᠡ ᠪᠡᠯᠴᠢᠭᠡᠷᠯᠡᠨ ᠢᠳᠡᠰᠢᠯᠡᠳᠡᠭ ᠪᠦᠭᠡᠳ ᠪᠠᠰᠠ ᠮᠠᠯ ᠤᠨ ᠭᠡᠳᠡᠰᠦᠨ ᠤ ᠬᠤᠷᠤᠬᠠᠢ ᠲᠤᠤᠰᠤ ᠶᠢ ᠬᠦᠭᠡᠭᠡᠬᠦ ᠦᠢᠯᠡᠳᠦᠯ ᠲᠠᠢ ᠪᠠᠶᠢᠵᠦ᠂ ᠮᠠᠯ ᠤᠨ ᠡᠴᠡᠵᠦ ᠲᠤᠷᠠᠬᠤ ᠶᠢ ᠰᠡᠷᠭᠡᠶᠢᠯᠡᠵᠦ ᠴᠢᠳᠠᠳᠠᠭ ᠶᠤᠮ᠃ ᠡᠷᠳᠡ ᠰᠤᠳᠨᠠᠮᠷᠠᠪᠳᠠᠨ ᠴᠢᠨ ᠸᠠᠩ᠂ ᠮᠠᠯ ᠤᠨ ᠮᠢᠬ᠎ᠠ ᠱᠦᠯᠳᠦ ᠶᠢᠨ ᠠᠮᠳᠠ ᠶᠢᠨ ᠲᠤᠬᠠᠢ ᠶᠠᠷᠢᠬᠤ ᠳᠠᠭᠠᠨ᠄ ︽ᠡᠵᠢ ᠨᠠᠭᠤᠷ ᠬᠠᠪᠢ ᠶᠢᠨ ᠬᠤᠨᠢᠨ ᠤ ᠮᠢᠬ᠎ᠠ ᠢᠳᠡᠬᠦ ᠳᠤ ᠠᠮᠳᠠ ᠲᠠᠢ ᠪᠠᠶᠢᠳᠠᠭ ᠨᠢ ᠡᠪᠡᠰᠦ ᠤᠰᠤ᠂ ᠱᠠᠤ ᠱᠤᠷᠪᠤᠭ ᠨᠢ ᠲᠡᠩᠴᠡᠭᠰᠡᠨ ᠳᠤ ᠪᠠᠶᠢᠬᠤ ᠶᠤᠮ︾ ᠭᠡᠰᠡᠨ ᠪᠠᠶᠢᠵᠠᠢ᠃ ᠬᠠᠰᠢᠷ ᠲᠤᠷᠰᠢᠯᠭ᠎ᠠ ᠲᠠᠢ ᠮᠠᠯᠴᠢᠳ ᠶᠡᠷᠤᠨᠢ ᠡᠪᠡᠰᠦ ᠪᠤᠯ ᠮᠠᠯ ᠤᠨ ᠮᠢᠬ᠎ᠠ᠂ ᠤᠰᠤ ᠪᠤᠯ ᠦᠭᠡᠬᠦ᠂ ᠱᠠᠤ ᠱᠤᠷᠪᠤᠭ ᠪᠤᠯ ᠮᠠᠯ ᠤᠨ ᠡᠮ ᠭᠡᠵᠦ ᠦᠵᠡᠳᠡᠭ᠃      ᠲᠠᠪᠤᠰᠤ ᠬᠤᠵᠢᠷ ᠱᠠᠤ ᠪᠤᠯᠤᠨ ᠭᠤᠪᠢ ᠴᠠᠶᠢᠳᠠᠮ ᠢ ᠠᠰᠢᠭᠯᠠᠬᠤ ᠳᠠᠭᠠᠨ ᠠᠳᠠᠯᠢ ᠱᠤᠷᠪᠤᠭ ᠤᠰᠤ ᠪᠤᠶᠤ ᠱᠤᠷᠪᠤᠭ ᠪᠡᠯᠴᠢᠭᠡᠷ ᠲᠠᠢ ᠭᠠᠵᠠᠷ ᠲᠤ ᠮᠠᠯ ᠤᠨ ᠡᠪᠡᠳᠴᠢᠨ ᠭᠡᠮ ᠲᠤᠰᠪᠠᠯ ᠠᠳᠠᠯᠢ ᠦᠭᠡᠢ ᠨᠡᠭᠦᠳᠡᠯ ᠪᠠᠭᠤᠳᠠᠯ ᠰᠤᠯᠢᠬᠤ ᠠᠷᠭ᠎ᠠ ᠪᠠᠷ ᠡᠳᠡᠭᠡᠷᠡᠭᠦᠯᠦᠨ ᠵᠠᠰᠠᠬᠤ ᠴᠤ ᠪᠤᠢ᠃ ᠡᠨᠡ ᠨᠢ ᠪᠤᠯ ᠳᠡᠳᠡᠨ ᠤ ᠪᠡᠯᠴᠢᠭᠡᠷ ᠤᠨ ᠤᠷᠭᠤᠮᠠᠯ ᠪᠤᠶᠤ ᠱᠤᠷᠪᠤᠭ ᠨᠠᠭᠤᠷ ᠤᠰᠤᠨ ᠳᠤ ᠲᠡᠷᠡ ᠡᠪᠡᠳᠴᠢᠨ ᠭᠡᠮ ᠬᠢᠵᠢᠭ ᠢ ᠵᠠᠰᠠᠵᠦ ᠴᠢᠳᠠᠬᠤ ᠨᠢᠭᠡ ᠵᠦᠢᠯ ᠤᠨ ᠡᠮᠳᠦ ᠪᠤᠳᠠᠰ ᠪᠠᠶᠢᠬᠤ ᠶᠢ ᠮᠡᠳᠡᠵᠦ ᠠᠰᠢᠭᠯᠠᠭᠰᠠᠨ ᠳᠤ ᠪᠠᠶᠢᠬᠤ ᠶᠤᠮ᠂ ᠡᠭᠦᠨ ᠢ ︽ᠪᠡᠯᠴᠢᠭᠡᠷ ᠢᠶᠠᠷ ᠭᠡᠮ ᠬᠢᠵᠢᠭ ᠢ ᠵᠠᠰᠠᠬᠤ︾ ᠭᠡᠳᠡᠭ᠃                                    ⒏ ᠮᠠᠯ ᠬᠠᠷᠢᠭᠤᠯᠬᠤᠢ ᠶᠢᠨ ᠪᠡᠯᠴᠢᠭᠡᠷ ᠲᠤ ᠵᠤᠬᠢᠴᠠᠬᠤ ᠠᠷᠭ᠎ᠠ ᠬᠡᠯᠪᠡᠷᠢ᠃ ᠨᠤᠲᠤᠭ ᠲᠡᠪᠰᠢᠭᠰᠡᠨ ᠤ ᠲᠠᠷᠠᠭᠠᠬᠢ ᠮᠠᠯ ᠰᠦᠷᠦᠭ ᠤᠨ ᠪᠡᠯᠴᠢᠭᠡᠷ ᠤᠨ ᠬᠠᠷᠢᠭᠤᠯᠭ᠎ᠠ ᠪᠤᠯ ᠰᠢᠨ᠎ᠡ ᠪᠡᠯᠴᠢᠭᠡᠷ ᠲᠤ ᠭᠠᠷᠤᠯ᠎ᠠ ᠭᠡᠳ ᠭᠠᠳᠠᠨ᠎ᠠ ᠪᠠᠨ ᠬᠤᠷᠢᠶᠠᠨ ᠮᠠᠯᠵᠢᠬᠤ ᠪᠢᠰᠢ ᠬᠠᠷᠢᠨ ᠪᠡᠯᠴᠢᠭᠡᠷ ᠲᠤ ᠭᠠᠷᠭᠠᠬᠤ ᠶᠠᠪᠤᠳᠠᠯ ᠪᠠᠶᠢᠳᠠᠭ᠃ ᠪᠡᠯᠴᠢᠭᠡᠷ ᠲᠤ ᠭᠠᠷᠭᠠᠬᠤ ᠭᠡᠳᠡᠭ ᠨᠢ ᠭᠡᠷ ᠠᠴᠠ ᠪᠠᠨ ᠵᠠᠶᠢᠳᠠᠢ ᠶᠠᠪᠤᠭᠤᠯᠵᠦ᠂ ᠰᠢᠯᠢ ᠶᠢᠨ ᠪᠡᠯᠴᠢᠭᠡᠷ ᠲᠤ ᠢᠳᠡᠰᠢᠯᠡᠭᠦᠯᠬᠦ ᠶᠢ ᠵᠢᠭᠠᠳᠠᠭ᠃ ᠭᠡᠷ ᠤᠨ ᠤᠶᠢᠷᠠᠯᠴᠠᠭ᠎ᠠ ᠮᠠᠯ ᠰᠦᠷᠦᠭ ᠬᠠᠷᠢᠭᠤᠯᠪᠠᠯ ︽ᠠᠷᠭᠠᠮᠵᠢᠶ᠎ᠠ ᠳᠠᠭᠡᠷ᠎ᠡ ᠮᠠᠯ ᠢᠶᠠᠨ ᠬᠤᠷᠢᠶᠠᠯ᠎ᠠ︾ ᠭᠡᠵᠦ ᠵᠡᠩᠨᠡᠯᠳᠠᠳᠠᠭ ᠶᠤᠮ᠃ ᠦᠵᠦᠮᠦᠴᠢᠨ ᠤ ᠤᠯᠠᠮᠵᠢᠯᠠᠯᠳᠤ ᠮᠠᠯᠵᠢᠬᠤ ᠠᠷᠭ᠎ᠠ ᠪᠠᠷ ᠪᠤᠯ ᠮᠠᠯ ᠰᠦᠷᠦᠭ ᠢ ᠦᠷᠯᠦᠭᠡ ᠪᠡᠯᠴᠢᠭᠡᠪᠡᠯ ᠤᠷᠤᠢ ᠨᠢᠭᠡᠯᠡ ᠬᠤᠳᠠᠯᠠᠳᠠᠭ᠃ ᠡᠭᠦᠨ ᠳᠤ ᠦᠷᠯᠦᠭᠡ ᠡᠷᠳᠡ ᠳᠤ ︽ᠬᠤᠨᠢ ᠬᠦᠳᠡᠯᠭᠡᠬᠦ ᠬᠦᠮᠦᠨ︾᠂ ᠬᠤᠳᠠᠨ ᠠᠴᠠ ᠬᠠᠷᠢᠭᠤᠯᠬᠤ ᠵᠦᠭ ᠲᠤᠨᠢ ᠰᠦᠷᠦᠭ ᠢ ᠨᠢ ᠬᠦᠳᠡᠯᠭᠡᠵᠦ ᠦᠭᠳᠡᠭ ᠪᠦᠭᠡᠳ ᠦᠳᠡ ᠠᠴᠠ ᠬᠤᠶᠢᠰᠢ ︽ᠤᠭᠳᠤᠭᠤᠯ ᠤᠨ ᠬᠦᠮᠦᠨ︾ ᠲᠤᠰᠴᠤ᠂ ᠮᠠᠯ ᠬᠠᠷᠢᠭᠤᠯᠤᠭᠴᠢ ᠶᠢ ᠢᠳᠡᠭᠦᠯᠵᠦ ᠤᠤᠭᠤᠯᠭᠠᠬᠤ ᠶᠠᠪᠤᠳᠠᠯ ᠪᠠᠶᠢᠬᠤ ᠠᠴᠠ ᠪᠢᠰᠢ᠂ ᠦᠳᠡ ᠳᠤ ᠮᠠᠯ ᠰᠦᠷᠦᠭ ᠢᠶᠠᠷ ᠪᠤᠴᠠᠬᠤ ᠶᠠᠪᠤᠳᠠᠯ ᠦᠭᠡᠢ ᠶᠤᠮ᠃ ᠰᠦᠷᠦᠭ ᠢᠶᠠᠨ ᠪᠡᠯᠴᠢᠭᠡᠬᠦ ᠳᠡᠭᠡᠨ ᠨᠢᠭᠡᠯᠡ ᠵᠦᠭ ᠲᠠᠷᠬᠠᠭᠠᠨ ᠢᠳᠡᠰᠢᠯᠡᠭᠦᠵᠦ ᠶᠠᠪᠤᠭᠰᠠᠭᠠᠷ ᠨᠠᠷᠠ ᠬᠡᠯᠪᠡᠶᠢᠵᠦ ᠦᠳᠡ ᠠᠴᠠ ᠬᠤᠶᠢᠰᠢ ᠪᠤᠯᠬᠤ ᠲᠠᠢ ᠵᠡᠷᠭᠡ ᠰᠠᠶ᠋ᠢ ᠰᠦᠷᠦᠭ ᠡᠷᠭᠢᠵᠦ ᠠᠭᠠᠵᠢᠮ ᠢᠶᠠᠷ ᠪᠤᠴᠠᠨ ᠤᠷᠤᠢ ᠨᠠᠷᠠ ᠰᠢᠩᠭᠡᠭᠰᠡᠨ ᠤ ᠲᠠᠷᠠᠭ᠎ᠠ ᠬᠤᠳᠠᠨ ᠳᠠᠭᠠᠨ ᠢᠷᠡᠳᠡᠭ᠃ ᠨᠢᠭᠡ ᠵᠦᠭ ᠲᠤ ᠤᠯᠠᠨᠳᠡ ᠭᠠᠷᠭᠠᠬᠤ ᠶᠢ ᠴᠡᠭᠡᠷᠯᠡᠵᠦ᠂ ᠡᠳᠦᠷ ᠪᠦᠷᠢ ᠶᠢᠨ ᠪᠡᠯᠴᠢᠭᠡᠷᠯᠡᠬᠦ ᠵᠦᠭ ᠶᠢ ᠴᠤ ᠪᠠᠶᠢᠩᠭᠤ ᠰᠤᠯᠢᠳᠠᠭ᠃ ᠡᠭᠦᠨ ᠤ ᠶᠤᠰᠤ ᠤᠴᠢᠷ ᠪᠤᠯ ᠰᠦᠷᠦᠭ ᠶᠠᠪᠤᠵᠦ ᠪᠤᠴᠠᠬᠤ ᠳᠠᠭᠠᠨ 15 — 20 ᠺᠢᠯᠤᠮᠧᠲᠷ ᠤᠷᠴᠢᠮ ᠭᠠᠵᠠᠷ ᠬᠤᠯᠠ ᠶᠠᠪᠤᠵᠦ᠂ ᠲᠡᠷᠡ ᠡᠳᠦᠷ ᠲᠡᠭᠡᠨ ᠨᠢᠭᠡ ᠭᠠᠵᠠᠷ ᠲᠤ ᠭᠢᠰᠬᠢᠬᠦ ᠠᠴᠠ ᠬᠤᠶᠠᠷ ᠲᠠᠪᠬᠤᠷᠳᠠᠭᠤᠯᠬᠤ ᠦᠭᠡᠢ ᠶᠤᠮ᠃ ᠡᠶᠢᠮᠦ ᠪᠠᠷ ᠨᠢᠯᠬ᠎ᠠ ᠨᠤᠭᠤᠭ᠎ᠠ ᠶᠢ ᠭᠡᠮᠳᠦᠭᠡᠬᠦ ᠪᠠ ᠤᠷᠭᠤᠯᠳᠠ ᠭᠦᠢᠴᠡᠭᠰᠡᠨ ᠡᠪᠡᠰᠦ ᠶᠢ ᠬᠢᠰᠬᠢᠯᠡᠨ ᠰᠦᠢᠳᠭᠡᠬᠦ ᠬᠡᠪᠴᠢᠶ᠎ᠠ ᠲᠦᠢᠯ ᠤᠨ ᠪᠠᠭ᠎ᠠ ᠪᠤᠯᠳᠠᠭ᠃      ᠮᠠᠯᠴᠢᠳ ᠶᠡᠷᠦᠨᠢ ᠡᠷᠳᠡ ᠠᠴᠠ᠂ ᠮᠠᠯ ᠤᠨ ᠲᠤᠭ᠎ᠠ ᠪᠤᠯᠤᠨ ᠪᠡᠯᠴᠢᠭᠡᠷ ᠤᠨ ᠠᠰᠢᠭᠯᠠᠮᠵᠢ ᠶᠢᠨ ᠬᠡᠪᠴᠢᠶ᠎ᠡ  ᠶᠢᠨ ᠬᠤᠭᠤᠷᠤᠨᠳᠤᠬᠢ ᠬᠠᠷᠢᠴᠠᠭ᠎ᠠ ᠶᠢ ᠵᠦᠢ ᠵᠤᠬᠢᠰᠳᠠᠢ ᠠᠰᠢᠭᠯᠠᠨ ᠰᠡᠢᠳᠪᠦᠷᠢᠯᠡᠵᠦ ᠢᠷᠡᠭᠰᠡᠨ ᠪᠠᠶᠢᠳᠠᠭ᠂ ᠨᠢᠭᠡ ᠨᠤᠲᠤᠭ ᠲᠤ ᠤᠳᠠᠭᠠᠨ ᠰᠠᠭᠤᠬᠤ ᠪᠠ ᠮᠠᠯ ᠤᠨ ᠲᠤᠭ᠎ᠠ ᠲᠤᠯᠤᠭᠠᠢ ᠤᠯᠠᠰᠢᠷᠠᠵᠦ᠂ ︽ᠲᠤᠭᠤᠷᠠᠢ ᠶᠢᠨ ᠵᠤᠳ︾ ᠪᠤᠯᠬᠤ ᠠᠴᠠ ᠰᠡᠷᠭᠡᠶᠢᠯᠡᠵᠦ᠂ ᠬᠤᠳᠳᠤᠭ ᠮᠠᠯᠳᠠᠵᠦ ᠰᠢᠯᠢ ᠪᠡᠯᠴᠢᠭᠡᠷ ᠢᠶᠠᠨ ᠠᠰᠢᠭᠯᠠᠬᠤ ᠪᠠ ᠰᠦᠷᠦᠭ ᠰᠠᠯᠭᠠᠨ ᠮᠠᠯᠵᠢᠬᠤ ᠵᠡᠷᠭᠡ ᠪᠦᠳᠦᠮᠵᠢᠳᠡᠢ ᠠᠷᠭ᠎ᠠ ᠶᠢ ᠠᠪᠴᠤ᠂ ᠪᠡᠯᠴᠢᠭᠡᠷ ᠢᠶᠠᠨ ᠵᠤᠬᠢᠰᠳᠠᠢ ᠠᠰᠢᠭᠯᠠᠬᠤ ᠳᠠᠭᠠᠨ ᠦᠢᠯᠡᠴᠢᠯᠡᠭᠦᠯᠦᠭᠰᠡᠨ ᠪᠠᠶᠢᠳᠠᠭ᠃      ⒐ ᠭᠤᠤᠯ ᠤᠷᠤᠰᠬᠠᠯ᠂ ᠪᠤᠯᠠᠭ ᠱᠠᠩᠳᠠ ᠢ ᠠᠰᠢᠭᠯᠠᠵᠦ ᠬᠠᠮᠠᠭᠠᠯᠠᠬᠤ᠃ ᠪᠡᠯᠴᠢᠭᠡᠷ ᠤᠨ ᠤᠰᠤᠨ ᠳᠤ ᠭᠤᠤᠯ ᠤᠷᠤᠰᠬᠠᠯ᠂ ᠪᠤᠯᠠᠭ ᠱᠠᠩᠳᠠ᠂ ᠨᠠᠭᠤᠷ ᠲᠤᠭᠤᠷᠢᠮ ᠪᠠᠶᠢᠳᠠᠭ ᠪᠦᠭᠡᠳ ᠬᠦᠮᠦᠨ ᠤ ᠬᠦᠴᠦ ᠪᠠᠷ ᠮᠠᠯᠳᠠᠭᠰᠠᠨ ᠬᠤᠳᠳᠤᠭ ᠤᠨ ᠤᠰᠤ ᠵᠡᠷᠭᠡ ᠪᠠᠭᠳᠠᠨ᠎ᠠ᠃ ᠮᠠᠯ ᠰᠦᠷᠦᠭ ᠤᠰᠤᠯᠠᠬᠤ ᠪᠠᠨ ᠵᠠᠳᠠᠭᠠᠢ ᠤᠤᠭᠤᠬᠤ᠂ ᠬᠤᠳᠳᠤᠭ ᠤᠤᠭᠤᠬᠤ᠂ ᠴᠠᠰᠤᠯᠠᠬᠤ ᠭᠡᠵᠦ ᠢᠯᠭᠠᠳᠠᠭ᠃ ᠲᠤᠯᠠᠭᠠᠨ ᠤᠯᠠᠷᠢᠯ ᠳᠤ ᠵᠠᠳᠠᠭᠠᠢ ᠤᠰᠤᠯᠠᠬᠤ ᠪᠤᠶᠤ ᠬᠤᠤᠳᠤᠭ ᠲᠤ ᠤᠰᠤᠯᠠᠵᠦ᠂ ᠡᠪᠦᠯ ᠤᠨ ᠤᠯᠠᠷᠢᠯ ᠳᠤ ᠴᠠᠰᠤᠯᠠᠬᠤ ᠪᠠᠷ ᠭᠤᠤᠯ ᠪᠤᠯᠭᠠᠳᠠᠭ᠃ ᠭᠡᠬᠦ ᠳᠡᠭᠡᠨ ᠴᠠᠰᠤᠨ ᠤ ᠵᠦᠭᠡᠯᠡᠨ ᠢ ᠬᠠᠷᠠᠵᠦ ᠪᠡᠯᠴᠢᠭᠡᠷ ᠲᠡᠭᠡᠨ ᠵᠤᠬᠢᠴᠠᠭᠤᠯᠵᠦ ᠮᠠᠯᠵᠢᠳᠠᠭ᠃ ᠮᠤᠩᠭᠤᠯᠴᠤᠳ ᠨᠤᠲᠤᠭ ᠤᠰᠤ ᠪᠠᠨ ︽ᠤᠤᠭᠤᠭᠰᠠᠨ ᠤᠰᠤ ᠷᠠᠰᠢᠶᠠᠨ᠂ ᠤᠨᠠᠭᠰᠠᠨ ᠰᠢᠷᠦᠢ ᠠᠯᠳᠠ︾ ᠭᠡᠵᠦ ᠮᠠᠭᠳᠠᠨ᠂ ᠲᠡᠭᠦᠨ ᠤ ᠦᠨᠡᠳᠦ ᠴᠢᠨᠡᠷ ᠢ ᠲᠠᠨᠢᠵᠦ᠂ ᠴᠡᠪᠡᠷ ᠠᠷᠢᠭᠤᠨ ᠢ ᠨᠢ ᠬᠠᠶᠢᠷᠠᠯᠠᠨ ᠬᠠᠳᠠᠭᠠᠯᠠᠵᠦ ᠶᠠᠪᠤᠳᠠᠭ᠃ ᠡᠶᠢᠮᠦ ᠠᠴᠠ ᠬᠤᠳᠳᠤᠭ ᠤᠰᠤᠨ ᠠᠴᠠ ᠵᠤᠬᠢᠬᠤ ᠵᠠᠶᠢᠳᠠᠢ ᠪᠠᠭᠤᠳᠠᠭ ᠠᠴᠠ ᠪᠢᠰᠢ᠂ ᠬᠤᠳᠳᠤᠭ ᠤᠨ ᠠᠮᠰᠠᠷ ᠳᠡᠭᠡᠷ᠎ᠡ ᠪᠤᠶᠤ ᠤᠰᠤᠨ ᠤ ᠲᠡᠷᠭᠡᠳᠡ ᠬᠦᠷᠴᠦ ᠪᠠᠭᠤᠳᠠᠭ ᠦᠭᠡᠢ ᠶᠤᠮ᠃ ᠪᠤᠯᠠᠭ ᠱᠠᠩᠳᠠ ᠶᠢᠨ ᠡᠬᠢ ᠶᠢ ᠬᠦᠨᠳᠡᠵᠦ ᠪᠤᠯᠳᠠᠭ ᠦᠭᠡᠢ᠂ ᠭᠤᠤᠯ ᠤᠰᠤᠨ ᠳᠤ ᠠᠯᠢᠪᠠ ᠡᠳ᠋ ᠪᠤᠳᠠᠰ ᠤᠬᠢᠶᠠᠵᠦ ᠪᠤᠯᠳᠠᠭ ᠦᠭᠡᠢ᠂ ᠨᠡᠩ ᠢᠯᠠᠩᠭᠤᠶ᠎ᠠ ᠪᠤᠵᠠᠷ ᠪᠤᠷᠳᠠᠭ ᠵᠦᠢᠯ ᠢ ᠤᠶᠢᠷᠠᠳᠤᠭᠤᠯᠵᠦ ᠪᠤᠯᠳᠠᠭ ᠦᠭᠡᠢ ᠵᠡᠷᠭᠡ ᠴᠡᠭᠡᠷ ᠬᠤᠷᠢᠭ᠎ᠠ ᠲᠠᠢ ᠪᠠᠶᠢᠳᠠᠭ᠃ ᠢᠩᠭᠢᠪᠡᠯ ︽ᠯᠤᠤᠰ ᠬᠢᠯᠢᠩᠨᠡᠬᠦ︾ ᠪᠤᠶᠤ ︽ᠭᠠᠵᠠᠷ ᠯᠤᠤᠰ ᠪᠤᠵᠠᠷᠳᠠᠨ᠎ᠡ︾ ᠭᠡᠵᠦ ᠦᠵᠡᠳᠡᠭ᠃ ᠮᠤᠩᠭᠤᠯᠴᠤᠳ ᠤᠰᠤᠨ ᠤ ᠰᠤᠳᠠᠯ ᠲᠠᠰᠤᠯᠬᠤ ᠶᠢ ᠲᠤᠩ ᠬᠢᠴᠢᠶᠡᠵᠦ᠂ ᠪᠤᠯᠠᠭ ᠢ ᠤᠬᠤᠵᠦ ᠮᠠᠯᠳᠠᠬᠤ᠂ ᠪᠤᠯᠠᠵᠦ ᠪᠦᠭᠯᠡᠬᠦ᠂ ᠭᠤᠤᠯ ᠭᠤᠷᠤᠬ᠎ᠠ ᠶᠢ ᠲᠤᠷ᠎ᠠ ᠪᠠᠷ ᠢᠶᠠᠨ ᠬᠠᠰᠢᠵᠦ ᠬᠤᠷᠢᠬᠤ᠂ ᠰᠡᠳᠡᠯᠵᠦ ᠵᠠᠯᠠᠬᠤ ᠵᠡᠷᠭᠡ ᠶᠢ ᠶᠡᠷᠦ ᠠᠴᠠ ᠴᠡᠭᠡᠷᠯᠡᠭᠰᠡᠭᠡᠷ ᠢᠷᠡᠪᠡ᠃      ⒑ ᠲᠠᠷᠭᠤ ᠠᠪᠤᠭᠤᠯᠬᠤ ᠶᠢᠨ ᠪᠡᠯᠴᠢᠭᠡᠷ ᠤᠨ ᠠᠰᠢᠭᠯᠠᠮᠵᠢ ᠲᠠᠢ ᠬᠤᠯᠪᠤᠭᠳᠠᠬᠤ ᠤᠴᠢᠷ᠃ ᠮᠠᠯ ᠤᠨ ᠲᠠᠷᠭᠤ ᠬᠤᠷ ᠠᠪᠤᠭᠤᠯᠬᠤ ᠨᠢ᠂ ᠮᠠᠯᠵᠢᠯ ᠤᠨ ᠤᠬᠠᠭᠠᠨ ᠪᠤᠯᠪᠠᠴᠤ ᠨᠠᠷᠢᠨ ᠠᠵᠢᠭᠯᠠᠪᠠᠯ ᠪᠡᠯᠴᠢᠭᠡᠷ ᠢ ᠰᠢᠨᠵᠢᠯᠡᠬᠦ ᠤᠬᠠᠭᠠᠨᠴᠢ ᠪᠠᠷ ᠠᠰᠢᠭᠯᠠᠭᠰᠠᠨ ᠤ ᠦᠷ᠎ᠡ ᠳ᠋ᠦᠩ ᠪᠤᠯᠬᠤ ᠶᠤᠮ᠃ ᠬᠠᠭᠤᠴᠢ ᠦᠬᠡᠨ ᠳᠤ᠄ ︽ᠲᠤᠰᠤᠨ ᠲᠠᠷᠭᠤ  ᠲᠠᠢ ᠮᠠᠯ ᠵᠤᠨ ᠢ ᠤᠭᠳᠤᠬᠤ ᠳᠤ ᠬᠢᠯᠪᠡᠷ᠂ ᠤᠰᠤᠨ ᠲᠠᠷᠭᠤ ᠲᠠᠢ ᠮᠠᠯ ᠡᠪᠦᠯ ᠢ ᠲᠤᠭᠤᠯᠬᠤ ᠳᠤ ᠪᠡᠷᠬᠡ︾ ᠭᠡᠳᠡᠭ᠃ ᠲᠤᠰᠤᠨ ᠲᠠᠷᠭᠤ ᠠᠪᠤᠭᠤᠯᠬᠤ ᠪᠤᠯ ᠤᠯᠠᠨ ᠶᠠᠩᠵᠤᠳᠤ ᠡᠪᠡᠰᠦᠨ ᠤ ᠴᠢᠨᠡᠷ ᠱᠠᠭᠠᠷᠳᠠᠭᠳᠠᠬᠤ᠂ ᠲᠠᠷᠭᠤᠯᠠᠭᠤᠯᠬᠤ ᠲᠦᠷᠦᠯ ᠤᠨ ᠤᠷᠭᠤᠮᠠᠯ ᠴᠤ ᠡᠯᠪᠡᠭ ᠪᠠᠶᠢᠬᠤ ᠴᠢᠬᠤᠯᠠ ᠲᠠᠢ᠃ ᠡᠨᠡ ᠨᠢ ᠪᠡᠯᠴᠢᠭᠡᠷ ᠢᠶᠠᠨ ᠴᠢᠳᠠᠮᠠᠭᠠᠢ ᠠᠰᠢᠭᠯᠠᠬᠤ ᠪᠤᠯᠤᠨ ᠬᠠᠮᠠᠭᠠᠯᠠᠬᠤ ᠲᠠᠢ ᠰᠢᠭᠤᠳ ᠬᠠᠷᠢᠴᠠᠭ᠎ᠠ ᠲᠠᠢ ᠪᠠᠶᠢᠳᠠᠭ ᠢᠶᠠᠷ ᠦᠯᠦ ᠪᠠᠷᠠᠮ ᠬᠦᠳᠡᠯᠭᠡᠨᠳᠦ ᠨᠡᠭᠦᠳᠡᠯ ᠤᠳᠤᠷ ᠢᠶᠠᠷ ᠶᠠᠪᠤᠵᠦ᠂ ᠰᠤᠷᠭᠤᠭ ᠪᠡᠯᠴᠢᠭᠡᠷ ᠰᠤᠩᠭᠤᠨ ᠬᠡᠷᠡᠭᠯᠡᠬᠦ ᠪᠤᠯᠭᠠᠭᠰᠠᠨ ᠶᠤᠮ᠃ ᠡᠭᠦᠨ ᠳᠤ ᠪᠡᠯᠴᠢᠭᠡᠷ ᠤᠨ ᠤᠯᠠᠨ ᠶᠠᠩᠵᠤ ᠶᠢᠨ ᠤᠷᠭᠤᠮᠠᠯ ᠢ ᠲᠠᠨᠢᠬᠤ᠂ ︽ᠡᠪᠡᠰᠦᠨ ᠤ ᠴᠢᠨᠠᠷ ᠢ ᠭᠦᠨ ᠮᠡᠳᠡᠬᠦ ᠶᠡᠭᠡ ᠤᠬᠠᠭᠠᠨ︾ ᠨᠢᠭᠤᠭᠳᠠᠵᠦ ᠪᠠᠶᠢᠳᠠᠭ᠃ ᠡᠪᠡᠰᠦᠨ ᠤ ᠴᠢᠨᠠᠷ ᠢ ᠲᠠᠨᠢᠵᠦ ᠮᠠᠯᠵᠢᠬᠤ ᠪᠤᠯ ᠭᠠᠭᠴᠠᠬᠦ ᠲᠠᠷᠭᠤ ᠠᠪᠤᠭᠤᠯᠬᠤ ᠳᠡᠭᠡᠷ᠎ᠡ ᠢᠯᠡᠷᠡᠬᠦ ᠲᠡᠳᠦᠢ ᠪᠢᠰᠢ ᠮᠤᠩᠭᠤᠯ ᠡᠮᠨᠡᠯᠭᠡ ᠳᠤ ᠬᠡᠷᠡᠭᠯᠡᠬᠦ ᠡᠮᠳᠦ ᠤᠷᠭᠤᠮᠠᠯ ᠪᠠᠶᠢᠬᠤ ᠠᠴᠠ ᠭᠠᠳᠠᠨ᠎ᠠ ᠪᠡᠯᠴᠢᠭᠡᠷ ᠢᠶᠠᠷ ᠮᠠᠯ ᠤᠨ ᠬᠤᠷᠤᠬᠠᠢ ᠲᠤᠭᠤᠬᠤ ᠵᠡᠷᠭᠡ ᠶᠠᠪᠤᠳᠠᠯ ᠢ ᠪᠡᠶᠡᠯᠡᠭᠦᠯᠵᠦ ᠪᠠᠶᠢᠵᠠᠢ᠃
 
ᠢᠷᠡᠯᠲᠡ᠄ ᠤᠷᠢᠶᠠᠩᠬᠠᠨ ᠤ᠂ ᠶᠤᠨᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号