ᠮᠤᠩᠭᠤᠯ ᠭᠡᠷ  ᠤᠨ ᠢᠷᠦᠭᠡᠯ ( ᠬᠤᠶᠠᠷ )
ᠨᠡᠶᠢᠲᠡᠯᠡᠭᠰᠡᠨ ᠴᠠᠭ᠄
2020/12/4
      ᠲᠥᠷᠦ ᠤᠯᠤᠰ ᠪᠠᠳᠤᠵᠢᠵᠤ  ᠲᠥᠮᠡᠨ ᠥᠯᠵᠡᠢ ᠪᠥᠷᠢᠳᠦᠭᠰᠡᠨ  ᠂        ᠳᠡᠬᠦᠰ ᠡᠩᠬᠡ ᠵᠢᠷᠭᠠᠯᠳᠤ  ᠳᠥᠪᠰᠢᠨ ᠰᠠᠶᠢᠨ ᠥᠨᠥᠳᠦᠷ  ᠂        ᠲᠠᠶᠢᠴᠢᠨ ᠶᠡᠭᠡ ᠳᠥᠷᠦ ᠶᠢᠨ ᠭᠤᠯᠤᠮᠳᠠ ᠶᠢ ᠠᠩᠬ᠎ᠠ ᠡᠬᠦᠰᠭᠡᠭᠰᠡᠨ  ᠂        ᠳᠠᠯᠠᠢ ᠴᠠᠭᠠᠨ ᠥᠷᠬᠦᠭᠡ ᠪᠠᠨ ᠳᠤᠷᠠᠳᠬᠠᠨ ᠪᠠᠶᠢᠵᠤ ᠢᠷᠦᠭᠡᠮᠦ᠃        ᠪᠠᠳᠠᠷᠠᠬᠰᠠᠨ ᠶᠡᠭᠡ ᠬᠦᠷᠦᠨ ᠤ  ᠰᠠᠭᠤᠷᠢᠨ ᠢ ᠠᠩᠬ᠎ᠠ ᠪᠠᠶᠢᠭᠤᠯᠤᠭᠰᠠᠨ᠂        ᠪᠠᠳᠤ ᠴᠠᠭᠠᠨ ᠥᠷᠬᠦᠭᠡ  ᠶᠢ  ᠮᠠᠬᠳᠠᠨ ᠰᠠᠶᠢᠰᠢᠶᠠᠵᠤ ᠢᠷᠤᠬᠡᠮᠦ᠃        ᠢᠯᠡᠷᠬᠡᠶ᠎ᠡ ᠳᠡᠥᠭᠡ  ᠶᠢᠨ ᠰᠤᠷᠪᠤᠯᠵᠢᠳᠤ ᠤᠤᠷ ᠮᠤᠩᠭᠤᠯᠴᠤᠳ ᠤᠨ ᠡᠬᠦᠳᠦᠭᠰᠡᠨ᠂        ᠢᠰᠡᠭᠡᠢ ᠴᠠᠭᠠᠨ ᠥᠷᠬᠦᠭᠡ ᠶᠢ  ᠥᠨᠡᠯᠡᠨ ᠪᠢᠰᠢᠷᠡᠵᠦ ᠢᠷᠦᠭᠡᠮᠦ᠃        ᠭᠠᠩ ᠳᠡᠮᠤᠷ ᠳᠤᠯᠭ᠎ᠠ ᠶᠢ ᠪᠠᠳᠤ ᠰᠠᠭᠤᠷᠢᠨ ᠳᠤ ᠳᠠᠯᠪᠢᠵᠤ  ᠂        ᠭᠠᠯ ᠭᠤᠯᠤᠮᠳᠠ ᠶᠢ ᠤᠯᠠᠮᠵᠢᠯᠠᠨ  ᠮᠢᠩᠭᠠᠨ ᠤᠨ ᠢ ᠦᠩᠭᠡᠷᠡᠭᠰᠡᠨ ᠴᠦ  ᠂        ᠡᠷᠳᠡᠨ ᠠᠴᠠ ᠲᠥᠷᠦᠵᠦ ᠮᠠᠨᠳᠤᠯᠡᠭᠰᠡᠨ  ᠡᠬᠦᠯᠢᠲᠦ ᠡᠨᠡ ᠥᠷᠬᠦᠭᠡ ᠪᠠᠨ      ᠡᠳᠦᠭᠡ ᠪᠤᠯᠳᠠᠯ᠎ᠠ ᠮᠤᠩᠭᠤᠯᠴᠤᠳ ᠡᠷᠬᠢᠮ ᠳᠡᠭᠡᠲᠦ ᠪᠠᠷ ᠦᠨᠡᠯᠡᠳᠡᠭ ᠪᠢᠯᠡ᠃      ᠳᠡᠷᠡ ᠵᠢᠷᠤᠮ ᠢ ᠮᠥᠷᠳᠡᠵᠦ ᠲᠡᠭᠷᠢ ᠶᠢᠨ ᠳᠠᠭᠠᠯᠠᠯ ᠢ ᠳᠠᠭᠠᠪᠠᠰᠤ  ᠂        ᠪᠥᠷᠳᠡ ᠴᠢᠨ᠋ᠸ᠎ᠠ ᠠᠴᠠ ᠡᠬᠦᠰᠦᠯᠳᠦ  ᠪᠦᠬᠦᠶᠢᠯᠡ ᠮᠤᠩᠭᠤᠯ ᠤᠨ ᠵᠠᠩᠰᠢᠯ ᠳᠤ  ᠂        ᠮᠤᠩᠭᠤᠯ ᠭᠡᠷ  ᠢ ᠪᠥᠬᠦᠯᠢ ᠪᠠᠷ  ᠮᠤᠳᠤ ᠪᠥᠷᠢᠶᠡᠰᠦ  ᠶᠢ ᠬᠦᠷᠳᠡᠯ᠎ᠡ  ᠂        ᠠᠶᠢᠷᠠᠭ ᠰᠥᠨ ᠢᠶᠠᠷ ᠮᠢᠯᠢᠶᠡᠵᠤ  ᠠᠶᠠᠯᠠᠭᠤᠯᠠᠨ ᠢᠷᠦᠭᠡᠨᠡᠮ ᠪᠥᠯᠦᠭᠡ  ᠃        ᠥᠷᠬᠦᠭᠡ ᠪᠠᠷᠢᠬᠰᠠᠨ ᠭᠠᠵᠠᠷ ᠨᠢ  ᠦᠨᠳᠦᠷ ᠳᠡᠨᠵᠢ  ᠶᠢᠨ ᠳᠡᠭᠡᠷ᠎ᠡ  ᠂        ᠥᠪᠡᠳᠡᠰᠢ ᠪᠠᠶᠢᠳᠠᠯ ᠢ ᠠᠵᠢᠪᠠᠰᠤ  ᠦᠯᠵᠡᠢ ᠭᠡᠰᠢᠭ ᠨᠢ ᠬᠤᠷᠠᠨᠠᠮ  ᠃        ᠪᠠᠷᠢᠬᠰᠠᠨ ᠭᠠᠵᠠᠷ  ᠤᠨ ᠪᠠᠶᠢᠴᠠ ᠶᠢ  ᠪᠠᠷᠠᠭᠤᠨ ᠵᠥᠭ ᠠᠴᠠ ᠠᠵᠢᠪᠠᠰᠤ  ᠂        ᠪᠠᠶᠠᠨ ᠥᠨᠢᠷ ᠳᠤᠬᠳᠠᠨᠢᠵᠤ  ᠪᠠᠳᠤᠵᠢᠬᠤ ᠶᠢᠨ ᠰᠢᠨᠵᠢ ᠳᠤᠳᠤᠷᠠᠨᠠᠮ  ᠃        ᠨᠠᠷᠢᠨ ᠯᠠᠪᠯᠠᠵᠤ ᠰᠢᠨᠵᠢᠬᠦᠯ᠎ᠡ  ᠨᠻᠢᠮᠡᠨ ᠳᠠᠯ᠎ᠠ  ᠳᠤ ᠤᠶᠠᠬᠰᠠᠨ᠂        ᠨᠠᠶᠠᠨ ᠬᠤᠶᠠᠷ ᠤᠭᠤᠰᠤᠷᠳᠠᠢ  ᠨᠠᠨᠳᠢᠨ ᠴᠠᠭᠠᠨ ᠥᠷᠬᠦᠭᠡ ᠪᠠᠶᠢᠨᠠᠮ  ᠃        ᠳᠠᠰᠢᠶ᠎ᠠ ᠵᠥᠷᠢᠬᠦᠯᠭᠡ ᠪᠥᠬᠦᠨ ᠢ  ᠳᠠᠷᠤᠵᠤ ᠪᠠᠬᠢᠯᠡᠨ ᠤᠶᠠᠬᠰᠠᠨ᠂      ᠳᠠᠯᠠᠨ ᠬᠤᠶᠠᠷ ᠤᠭᠤᠰᠤᠷᠳᠠᠢ  ᠳᠠᠯᠠᠢ ᠴᠠᠭᠠᠨ ᠥᠷᠬᠦᠭᠡ ᠪᠠᠶᠢᠨᠠᠮ  ᠃        ᠥᠷᠬᠦᠭᠡ ᠶᠢᠨ ᠪᠥᠬᠦ ᠵᠦᠢᠯ ᠠᠴᠠ ᠥᠨᠥᠳᠦᠷ ᠵᠡᠷᠢᠮ  ᠢ ᠢᠷᠦᠭᠡᠪᠡᠰᠦ  ᠂        ᠬᠠᠩᠭᠠᠢ ᠬᠠᠨ ᠤ ᠮᠤᠳᠤ ᠪᠠᠷ  ᠬᠠᠵᠢᠭᠤ ᠶᠠᠭᠤ  ᠶᠢ ᠨᠢ ᠬᠢᠭᠰᠡᠨ᠂        ᠬᠠᠨᠳᠠᠭᠠᠢ ᠪᠤᠭᠤ ᠶᠢᠨ ᠰᠢᠷᠢ ᠪᠠᠷ ᠬᠠᠮᠳᠤᠷᠠᠭᠤᠯᠵᠤ ᠪᠠᠬᠢᠯᠡᠨ ᠦᠳᠡᠭᠰᠡᠨ  ᠂        ᠥᠯᠵᠡᠢ ᠵᠠᠩᠬᠢᠶ᠎ᠠ ᠰᠢᠨᠵᠢᠳᠤ  ᠬᠠᠨ᠎ᠠ ᠳᠡᠬᠦᠨ ᠢ ᠮᠢᠯᠢᠶᠠᠮᠤ  ᠃        ᠤᠷᠳᠤ ᠬᠠᠩᠭᠠᠢ ᠶᠢᠨ ᠮᠤᠳᠤ ᠪᠠᠷ ᠬᠠᠷᠤᠭᠤᠯᠳᠤᠵᠤ ᠶᠠᠭᠤ ᠶᠢ ᠨᠢ ᠬᠢᠭᠰᠡᠨ᠂        ᠤᠨᠠᠭ᠎ᠠ ᠳᠠᠭ᠎ᠠ ᠶᠢᠨ ᠬᠢᠯᠭᠠᠰᠤ ᠪᠠᠷ  ᠰᠡᠬᠡᠯᠳᠦᠷᠭᠡ ᠶᠠᠭᠤ  ᠶᠢ ᠨᠢ ᠭᠢᠭᠰᠡᠨ᠂        ᠠᠯᠳᠠᠨ ᠰᠢᠬᠦᠷ ᠰᠢᠨᠵᠢᠳᠦ ᠤᠨᠢ ᠳᠡᠬᠦᠨ ᠢ ᠮᠢᠯᠢᠶᠠᠮᠤ᠃        ᠠᠷᠤ ᠬᠠᠩᠭᠠᠢ ᠶᠢᠨ ᠮᠤᠳᠤ ᠪᠠᠷ ᠭᠤᠤᠯ ᠶᠠᠭᠤ  ᠶᠢ ᠨᠢ ᠭᠢᠭᠰᠡᠨ᠂        ᠠᠷᠢᠶᠠᠳᠠᠨ ᠪᠠᠷᠰ ᠤᠨ ᠰᠢᠷᠢ ᠪᠠᠷ  ᠬᠤᠷᠤᠭᠤ ᠶᠠᠭᠤ  ᠶᠢ ᠨᠢ ᠦᠳᠡᠭᠰᠡᠨ  ᠂        ᠨᠠᠷᠠᠨ  ᠤ ᠳᠤᠩᠭᠠᠯᠠᠬ ᠬᠡᠷᠡᠯ  ᠢ  ᠨᠠᠰᠢ ᠪᠠᠨ ᠭᠡᠶᠢᠭᠦᠯᠵᠦ ᠤᠷᠤᠭᠤᠯᠳᠠᠬ  ᠂        ᠭᠠᠯ ᠤᠨ ᠪᠥᠷᠬᠦᠭᠡ ᠤᠳᠤᠭ᠎ᠠ ᠶᠢ  ᠭᠠᠳᠠᠬᠰᠢ ᠪᠠᠨ ᠭᠠᠷᠭᠠᠵᠤ ᠶᠠᠪᠤᠭᠤᠯᠳᠠᠬ  ᠂        ᠳᠤᠮᠤ ᠬᠥᠷᠳᠦᠨ ᠤ ᠰᠢᠨᠵᠢᠳᠤ ᠳᠤᠭᠤᠨᠤ ᠳᠡᠬᠦᠨ ᠢ ᠮᠢᠯᠢᠶᠠᠮᠤ  ᠃        ᠬᠡᠨᠳᠠᠢ ᠬᠠᠨ ᠤ ᠮᠤᠳᠤ ᠪᠠᠷ  ᠬᠢᠷᠦᠭᠡᠳᠦᠵᠦ ᠶᠠᠭᠤ  ᠶᠢ ᠨᠢ ᠬᠢᠭᠰᠡᠨ᠂      ᠬᠡᠯᠪᠡᠷᠢ ᠳᠥᠷᠪᠡᠯᠵᠢᠨ ᠬᠥᠷᠢᠶ᠎ᠡ ᠶᠢ ᠬᠡᠮᠵᠢᠵᠦ ᠬᠠᠷᠤᠭᠤᠯᠳᠤᠵᠤ ᠬᠢᠭᠰᠡᠨ᠂        ᠬᠠᠭᠠᠨ ᠬᠠᠷᠠᠴᠤ ᠠᠳᠠᠯᠢᠬᠠᠨ  ᠬᠠᠮᠤᠬ ᠪᠥᠬᠦᠳᠡᠭᠡᠷ ᠰᠢᠷᠭᠤᠳᠠᠬ  ᠂        ᠬᠠᠶᠢᠷᠰᠤᠳᠤ ᠵᠢᠭᠠᠰᠤ ᠶᠢᠨ ᠰᠢᠨᠵᠢᠳᠤ  ᠬᠠᠭᠠᠯᠭ᠎ᠠ ᠳᠡᠬᠦᠨ ᠢ ᠮᠢᠯᠢᠶᠠᠮᠤ  ᠃        ᠳᠠᠪᠬᠤᠷ ᠴᠠᠭᠠᠨ ᠳᠡᠭᠡᠪᠥᠷᠳᠦ  ᠳᠠᠷᠭᠠᠷ ᠢᠰᠡᠬᠡᠢ ᠳᠤᠭᠤᠷᠭᠠᠳᠤ  ᠂        ᠬᠤᠶᠠᠷ ᠵᠡᠷᠭᠡᠴᠡᠭᠰᠡᠨ ᠵᠡᠬᠡᠭᠲᠦ  ᠬᠤᠰᠢᠯᠠᠨ ᠬᠢᠯᠭᠠᠰᠤᠨ ᠪᠥᠰᠡᠯᠡᠬᠦᠷᠲᠦ  ᠂        ᠠᠷᠤ ᠬᠤᠶᠢᠰᠢ ᠪᠠᠨ ᠰᠡᠬᠦᠭᠡᠰᠲᠦ  ᠠᠮᠠ ᠳᠥᠷᠪᠡᠯᠵᠢᠨ ᠡᠷᠦᠭᠡᠲᠦ  ᠂        ᠳᠠᠩᠭᠤᠳ ᠴᠡᠭᠭᠮᠠ ᠡᠮᠵᠢᠶᠡᠷᠳᠦ  ᠳᠠᠩᠨᠢ ᠰᠡᠷᠢᠮᠡᠯ ᠡᠬᠦᠳᠡᠳᠦ  ᠂        ᠤᠷᠤᠭ᠎ᠠ ᠮᠤᠷᠢᠨ  ᠤ ᠳᠡᠯ  ᠢᠶᠠᠷ  ᠤᠷᠢᠶᠠᠵᠤ ᠳᠡᠮᠤᠵᠤ ᠬᠢᠭᠰᠡᠨ᠂        ᠤᠷᠤᠬᠰᠠᠨ ᠪᠤᠤᠷ᠎ᠠ  ᠶᠢᠨ ᠵᠤᠬᠳᠤᠷ  ᠢᠶᠠᠷ  ᠤᠶᠠᠵᠤ ᠰᠡᠷᠢᠵᠦ ᠬᠢᠭᠰᠡᠨ  ᠂        ᠤᠭᠤᠰᠤᠷ ᠪᠥᠴᠢ ᠳᠡᠷᠢᠬᠦᠳᠡᠨ ᠤᠯᠠᠨ ᠵᠦᠢᠯ  ᠢ ᠬᠠᠮᠳᠤᠳᠬᠠᠵᠤ  ᠂      ᠳᠤᠷᠠᠳᠬᠠᠨ ᠢᠷᠦᠭᠡᠵᠦ ᠮᠢᠯᠢᠶᠠᠭᠠᠳ ᠳᠤᠬᠠᠢ ᠶᠤᠰᠤᠨ ᠢ ᠬᠦᠢᠴᠡᠳᠭᠡᠶ᠎ᠡ  ᠃        ᠲᠥᠷᠦ ᠤᠯᠤᠰ ᠴᠢᠨᠢ ᠡᠩᠬᠡᠵᠢᠵᠦ ᠲᠡᠮᠦᠷ ᠮᠠᠳᠤ ᠪᠠᠬᠢᠵᠢᠭᠡᠳ  ᠂        ᠳᠥᠷᠦᠭᠰᠡᠨ ᠨᠤᠲᠤᠬ ᠴᠢᠨᠢ ᠮᠠᠨᠳᠤᠵᠤ  ᠲᠥᠮᠡᠨ ᠢᠷᠭᠡᠨ ᠠᠮᠤᠷᠵᠢᠭᠠᠳ  ᠂        ᠥᠪᠴᠢ ᠪᠥᠬᠦᠨ  ᠢᠶᠠᠷ ᠵᠢᠷᠭᠠᠬᠤᠢ ᠶᠢᠨ ᠦᠯᠵᠡᠶᠢᠳᠦ ᠢᠷᠦᠭᠡᠯ  ᠢ ᠳᠡᠪᠰᠢᠬᠦᠯᠦᠶ᠎ᠡ !
 
ᠢᠷᠡᠯᠲᠡ᠄ ᠲᠣᠳᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号