ᠦᠵᠦᠮᠦᠴᠢᠨ ᠤ ᠨᠠᠮᠤᠷ ᠤᠨ ᠲᠠᠯᠠᠯᠭ᠎ᠠ ᠬᠤᠷᠤᠶᠢᠯᠠᠬᠤ ᠵᠠᠩ ᠦᠢᠯᠡ ᠶᠢᠨ ᠲᠤᠬᠠᠢ
ᠨᠡᠶᠢᠲᠡᠯᠡᠭᠰᠡᠨ ᠴᠠᠭ᠄
2017/4/28
ᠤᠷᠢᠶᠠᠩᠬᠠᠨ ᠤ᠂ ᠶᠤᠨᠳᠤᠨ                                ᠲᠠᠯᠠᠯᠭ᠎ᠠ ᠬᠤᠷᠤᠶᠢᠯᠠᠬᠤ ᠪᠤᠯ ᠦᠵᠦᠮᠦᠴᠢᠨᠴᠤᠳ ᠤᠨ ᠪᠤᠶᠠᠨ ᠭᠡᠰᠢᠭ ᠬᠤᠷᠢᠶᠠᠬᠤ ᠨᠢᠭᠡ ᠵᠦᠢᠯ ᠤᠨ ᠵᠠᠩ ᠦᠢᠯᠡ ᠪᠤᠯᠤᠨ᠎ᠠ᠃ ᠲᠡᠷᠡ ᠨᠢ ᠠᠮᠢᠳᠤᠷᠠᠯ ᠤᠨ ᠲᠤᠮᠳᠠᠬᠢ ᠠᠯᠢᠪᠠ ᠰᠠᠶᠢᠨ ᠰᠠᠶᠢᠬᠠᠨ ᠠᠵᠠ ᠵᠠᠶᠠᠭ᠎ᠠ ᠪᠤᠶᠠᠨ ᠭᠡᠰᠢᠭ  ᠬᠢᠭᠡᠳ ᠮᠠᠯ ᠪᠠ ᠡᠳ᠋ ᠬᠦᠷᠦᠩᠭᠡ ᠪᠠᠨ ᠭᠠᠳᠠᠭᠰᠢ ᠶᠠᠪᠤᠭᠤᠯᠬᠤ ᠦᠭᠡᠢ ᠪᠠᠷ ᠬᠤᠰᠢᠭᠤ ᠨᠤᠲᠤᠭ ᠪᠠ ᠦᠪᠡᠷ ᠤᠨ ᠭᠡᠷ ᠭᠤᠯᠤᠮᠳᠠ ᠲᠡᠭᠡᠷ᠎ᠡ ᠪᠠᠨ ᠦᠶ᠎ᠡ ᠤᠯᠠᠷᠢᠨ ᠪᠠᠳᠤᠵᠢᠭᠤᠯᠤᠨ ᠲᠤᠭᠳᠠᠭᠠᠬᠤ᠂ ᠪᠠᠳᠠᠷᠠᠭᠤᠯᠤᠨ ᠲᠡᠯᠭᠡᠷᠡᠭᠦᠯᠬᠦ᠂ ᠪᠠᠶᠠᠨ ᠴᠢᠨᠡᠭᠡᠯᠢᠭ ᠠᠮᠢᠳᠤᠷᠠᠵᠦ ᠶᠠᠪᠤᠬᠤ ᠤᠳᠬ᠎ᠠ ᠰᠠᠨᠠᠭ᠎ᠠ ᠶᠢ ᠠᠬᠤᠭᠤᠯᠵᠦ ᠪᠠᠶᠢᠳᠠᠭ ᠤᠬᠠᠭᠠᠨ ᠲᠠᠢ ᠶᠤᠮ᠃ ᠲᠠᠯᠠᠯᠭ᠎ᠠ ᠬᠤᠷᠤᠶᠢᠯᠠᠬᠤ ︵ᠲᠠᠯᠠᠯᠭ᠎ᠠ ᠠᠪᠬᠤ᠂ ᠲᠠᠯᠠᠯᠭ᠎ᠠ ᠲᠠᠯᠠᠯᠬᠤ ᠴᠤ ᠭᠡᠳᠡᠭ︶ ᠨᠢ ᠤᠯᠠᠨ ᠵᠦᠢᠯ ᠤᠨ ᠵᠠᠩ ᠦᠢᠯᠡ ᠶᠢᠨ ᠶᠠᠪᠤᠴᠠ ᠳᠤ ᠬᠤᠯᠪᠤᠭᠳᠠᠳᠠᠭ᠂ ᠡᠭᠦᠨ ᠳᠤ ᠲᠦᠷᠪᠡᠨ ᠤᠯᠠᠷᠢᠯ ᠤᠨ ᠲᠠᠯᠠᠯᠭ᠎ᠠ ᠶᠢ ᠬᠤᠷᠤᠶᠢᠯᠠᠬᠤ᠂ ᠰᠢᠨ᠎ᠡ ᠶᠢᠨ ᠨᠢᠭᠡᠨ ᠤ ᠲᠡᠭᠷᠢ ᠲᠤ ᠮᠦᠷᠭᠦᠵᠦ ᠲᠠᠯᠠᠯᠭ᠎ᠠ ᠬᠤᠷᠤᠶᠢᠯᠠᠬᠤ᠂ ᠬᠤᠷᠢᠨ ᠭᠤᠷᠪᠠᠨ ᠤ ᠶᠡᠭᠡ ᠭᠠᠯ ᠲᠠᠬᠢᠯᠭ᠎ᠠ ᠳᠤ ᠲᠠᠯᠠᠯᠭ᠎ᠠ ᠬᠤᠷᠤᠶᠢᠯᠠᠬᠤ᠂ ᠬᠦᠳᠡᠭᠡ ᠰᠦᠯᠳᠡ ᠶᠢᠨ ᠳᠠᠬᠢᠯᠭ᠎ᠠ ᠳᠤ ᠲᠠᠯᠠᠯᠭ᠎ᠠ ᠬᠤᠷᠤᠶᠢᠯᠠᠬᠤ᠂ ᠪᠤᠷᠬᠠᠨ ᠲᠠᠬᠢᠬᠤ ᠳᠤ ᠲᠠᠯᠠᠯᠭ᠎ᠠ ᠬᠤᠷᠤᠶᠢᠯᠠᠬᠤ᠂ ᠤᠪᠤᠭᠠᠨ ᠳᠠᠬᠢᠯᠭ᠎ᠠ ᠳᠤ ᠲᠠᠯᠠᠯᠭ᠎ᠠ ᠬᠤᠷᠤᠶᠢᠯᠠᠬᠤ ᠵᠡᠷᠭᠡ ᠨᠢ ᠡᠳᠡᠭᠡᠷ ᠶᠡᠭᠡ ᠰᠢᠳᠦᠯᠭᠡ ᠶᠢᠨ ᠰᠠᠬᠢᠭᠤᠰᠤ ᠠᠴᠠ ᠪᠤᠶᠠᠨ ᠭᠡᠰᠢᠭ ᠢᠪᠡᠭᠡᠨ᠎ᠡ ᠭᠡᠵᠦ ᠦᠵᠡᠳᠡᠭ᠃ ᠠᠷᠪᠢᠵᠢᠭᠤᠯᠬᠤ ᠪᠠ ᠦᠯᠡᠳᠡᠭᠡᠬᠦ ᠭᠡᠰᠢᠭ ᠲᠠᠯᠠᠯᠭ᠎ᠠ ᠳᠤ ᠨᠠᠮᠤᠷ ᠬᠠᠪᠤᠷ ᠤᠨ ᠲᠦᠯ ᠮᠠᠯ ᠢᠶᠠᠨ ᠮᠡᠨᠳᠦ ᠲᠤᠰᠬᠤ ᠪᠡᠯᠭᠡᠳᠡᠯ ᠢᠶᠠᠷ ᠲᠠᠯᠠᠯᠭ᠎ᠠ ᠠᠪᠳᠠᠭ᠂ ᠦᠯᠡᠳᠡᠭᠡᠬᠦ ᠲᠠᠯᠠᠯᠭ᠎ᠠ ᠳᠤ ᠲᠡᠭᠡᠳᠦ ᠶᠢᠨ ᠪᠤᠶᠠᠨ ᠭᠡᠰᠢᠭ ᠰᠢᠯᠵᠢᠬᠦ ᠠᠴᠠ ᠪᠤᠯᠭᠤᠮᠵᠢᠯᠠᠨ ᠬᠡᠤᠬᠡᠨ ᠮᠤᠷᠳᠠᠭᠤᠯᠪᠠᠯ ᠲᠠᠯᠠᠯᠭ᠎ᠠ ᠬᠤᠷᠤᠶᠢᠯᠠᠬᠤ᠂ ᠤᠷᠤᠰᠢᠭᠤᠯᠭ᠎ᠠ ᠶᠠᠪᠤᠭᠤᠯᠬᠤ ᠳᠤ ᠲᠠᠯᠠᠯᠭ᠎ᠠ ᠬᠤᠷᠤᠶᠢᠯᠠᠵᠦ ᠬᠤᠴᠤᠷᠳᠠᠭ᠂ ᠮᠠᠯ ᠬᠤᠳᠠᠯᠳᠤᠬᠤ ᠪᠤᠶᠤ ᠪᠤᠰᠤᠳ ᠲᠤ ᠮᠠᠯ ᠦᠭᠭᠦᠪᠡᠯ ᠪᠠᠰᠠ ᠠᠳᠤᠭᠤ ᠶᠢ ᠲᠡᠯ ᠮᠤᠨᠳᠠᠭ᠎ᠠ ᠠᠴᠠ ᠨᠢ᠂ ᠦᠬᠡᠷ ᠬᠤᠨᠢ ᠶᠢ ᠰᠡᠭᠦᠯ ᠠᠴᠠ ᠨᠢ᠂ ᠲᠡᠮᠡᠭᠡ ᠶᠢ ᠵᠤᠭᠳᠤᠷ ᠪᠦᠬᠦ ᠵᠡᠷᠭᠡ ᠠᠴᠠ ᠬᠢᠯᠭᠠᠰᠤᠨ ᠤᠷᠮᠤᠭ ᠠᠪᠴᠤ ᠬᠤᠴᠤᠷᠬᠤ ᠳᠠᠭᠠᠨ ᠪᠠᠰᠠ ᠠᠮᠠ ᠶᠢ ᠨᠢ ᠦᠷᠡᠵᠦ ᠠᠮᠢᠰᠬᠤᠭ᠎ᠠ ᠶᠢ ᠨᠢ ᠰᠢᠩᠭᠡᠭᠡᠨ ᠬᠠᠳᠠᠭᠠᠯᠠᠳᠠᠭ᠂ ᠲᠠᠷᠤᠢ ᠲᠠᠯᠠᠯᠭᠠᠨ ᠤᠭᠤᠳᠠ ︵ᠱᠧᠩ︶ ᠪᠤᠶᠤ ᠲᠦᠷᠦᠬᠡ ︵ᠰᠠᠭᠤᠯᠭ᠎ᠠ︶ ᠳᠡᠭᠡᠨ ᠬᠢᠵᠦ᠂ ᠭᠡᠰᠢᠭ ᠪᠤᠯᠭᠠᠨ ᠦᠨᠢ ᠤᠳᠠᠭᠠᠨ ᠬᠠᠳᠠᠭᠠᠯᠠᠬᠤ ᠪᠦᠭᠡᠳ ᠲᠠᠯᠠᠯᠭ᠎ᠠ ᠠᠪᠬᠤ ᠳᠤ ᠬᠡᠷᠡᠭᠯᠡᠳᠡᠭ ᠶᠤᠮ᠃      ᠦᠵᠦᠮᠦᠴᠢᠨᠴᠤᠳ᠂ ᠬᠤᠰᠢᠭᠤ ᠵᠠᠰᠠᠭ ᠪᠠ ᠠᠶᠢᠯ ᠡᠷᠦᠬᠡ ᠪᠠᠷ ᠨᠠᠮᠤᠷ ᠤᠨ ᠤᠯᠠᠷᠢᠯ ᠤᠨ ᠲᠠᠪᠤᠨ ᠬᠤᠰᠢᠭᠤ ᠮᠠᠯ ᠤᠨ ᠭᠡᠰᠢᠭ ᠲᠠᠯᠠᠯᠭ᠎ᠠ ᠬᠤᠷᠤᠶᠢᠯᠠᠬᠤ ᠶᠢ ᠶᠡᠬᠡᠳᠡ ᠴᠢᠬᠤᠯᠠᠴᠢᠯᠠᠨ ᠶᠡᠬᠡᠪᠡᠷ ᠬᠢᠳᠡᠭ ᠪᠠᠶᠢᠵᠠᠢ᠃ ᠡᠭᠦᠨ ᠤ ᠤᠳᠬ᠎ᠠ ᠭᠡᠪᠡᠯ᠄ ᠨᠠᠮᠤᠷ ᠪᠤᠯ ᠡᠳ᠋ ᠮᠠᠯ ᠡᠯᠪᠡᠭ ᠮᠦᠷᠳᠡᠭᠡᠨ ᠪᠠᠶᠠᠨ ᠲᠠᠷᠭᠤᠨ ᠴᠠᠭ ᠲᠤᠯᠠ ᠬᠡᠵᠢᠶᠡᠳᠡ ᠡᠶᠢᠮᠦ ᠪᠠᠶᠢᠬᠤ ᠶᠢᠨ ᠪᠡᠯᠭᠡᠳᠡᠯ ᠪᠠ ᠪᠤᠭ ᠮᠠᠯ ᠤᠨ ᠬᠦᠭᠡᠭᠡᠬᠦ ᠬᠤᠭᠤᠴᠠᠠᠭ᠎ᠠ ᠪᠤᠯᠬᠤ ᠲᠤᠯᠠ ᠢᠷᠡᠬᠦ ᠬᠠᠪᠤᠷ ᠤᠨ ᠲᠦᠯ ᠮᠠᠯ ᠤᠨ ᠲᠤᠭᠳᠠᠨ ᠲᠦᠯᠵᠢᠬᠦ ᠶᠢᠨ ᠦᠷᠡᠵᠢᠬᠦ ᠶᠢᠨ ᠵᠦᠩᠨᠡᠯ ᠢ ᠬᠤᠷᠤᠶᠢᠯᠠᠨ ᠠᠪᠴᠤ ᠪᠠᠶᠢᠬᠤ ᠪᠠ ᠵᠤᠳ ᠭᠠᠮᠰᠢᠭ ᠠᠴᠠ ᠮᠡᠨᠳᠦ ᠭᠡᠳᠦᠯᠭᠡᠬᠦ ᠶᠢᠨ ᠤᠴᠢᠷ ᠤᠬᠠᠭᠠᠨ ᠪᠤᠯᠠᠢ᠃ ᠡᠨᠡ ᠨᠢ ᠮᠠᠯᠴᠢᠳ ᠲᠤ ᠠᠪᠴᠤ ᠬᠡᠯᠡᠪᠡᠯ ᠠᠮᠢᠳᠤᠷᠠᠯ ᠦᠢᠯᠡᠳᠪᠦᠷᠢᠯᠡᠯ ᠲᠠᠢ ᠬᠤᠯᠪᠤᠭᠳᠠᠬᠤ ᠴᠢᠬᠤᠯᠠ ᠬᠤᠷᠤᠶᠢᠯᠠᠬᠤ ᠶᠢᠨ ᠠᠭᠤᠯᠭ᠎ᠠ ᠪᠠᠶᠢᠵᠦ ᠲᠠᠭᠠᠷᠠᠨ᠎ᠠ᠃ ᠪᠢᠯᠢᠭ ᠤᠨ ᠤᠯᠠᠷᠢᠯ ᠤᠨ ᠨᠠᠢᠮᠠᠨ ᠰᠠᠷ᠎ᠠ ᠳᠤ ᠯᠦᠳᠦᠪ ︵ᠪᠤᠶᠠᠨ ᠦᠢᠯᠡᠳᠬᠦ︶ ᠡᠳᠦᠷ ᠢ ᠰᠤᠩᠭᠤᠵᠦ᠂ ᠪᠤᠷᠬᠠᠨ ᠳᠠᠬᠢᠵᠦ ᠲᠠᠯᠠᠯᠭ᠎ᠠ ᠠᠪᠳᠠᠭ ᠵᠤᠷᠰᠢᠯ ᠲᠠᠢ ᠰᠠᠨ᠃ ᠲᠠᠯᠠᠯᠭᠠᠨ ᠳᠠᠬᠢᠯᠭ᠎ᠠ ᠳᠤ ᠭᠠᠭᠴᠠᠬᠦ ᠲᠡᠷᠡ ᠠᠶᠢᠯ ᠤᠨ ᠵᠢᠭᠡ ᠬᠦᠮᠦᠨ ᠢ ᠤᠷᠤᠯᠴᠠᠭᠤᠯᠳᠠᠭ ᠦᠭᠡᠢ ᠤᠴᠢᠷ ᠲᠠᠢ᠃ ᠲᠤᠤᠷ᠎ᠠ ᠪᠢ ᠠᠬᠠᠮᠠᠳ ᠲᠠᠯᠠᠯᠭ᠎ᠠ ᠶᠢᠨ ᠵᠠᠩ ᠦᠢᠯᠡ ᠶᠢᠨ ᠤᠯᠠᠮᠵᠢᠯᠠᠭᠴᠢ ᠪ᠊᠂ ᠤᠳᠬᠠᠨ ᠪᠤᠯᠤᠨ ᠶᠡᠭᠡ ᠵᠤᠬᠢᠶᠠᠯᠴᠢ ᠫ᠊᠂ ᠲᠤᠭᠠᠷ ᠨᠠᠷ ᠤᠨ ᠳᠡᠮᠳᠡᠭᠯᠡᠯ᠂ ᠨᠠᠶᠠ ᠭᠠᠷᠤᠭᠰᠠᠨ ᠵᠦᠷᠮᠢᠳ ᠬᠢᠭᠡᠳ ᠵᠠᠳᠠᠮᠪᠠ ᠨᠠᠰᠤᠳᠠᠨ ᠤ ᠶᠡᠷᠢᠶ᠎ᠡ ᠶᠢ ᠦᠨᠳᠦᠰᠦᠯᠡᠨ ᠨᠠᠶᠢᠷᠠᠭᠤᠯᠵᠦ ᠲᠤᠤᠷᠠᠬᠢ ᠮᠡᠳᠦ ᠳᠡᠰ ᠲᠠᠷᠠᠮ ᠢᠶᠠᠷ ᠵᠢᠭᠰᠠᠭᠠᠨ ᠳᠡᠯᠭᠡᠰᠦᠭᠡᠢ᠄                 ᠨᠢᠭᠡ   ᠲᠠᠯᠠᠯᠭ᠎ᠠ ᠶᠢᠨ ᠭᠤᠤᠯ ᠰᠢᠳᠦᠭᠡᠨ ᠪᠤᠯᠤᠨ ᠬᠡᠷᠡᠭᠯᠡᠭᠳᠡᠬᠦ ᠵᠦᠢᠯᠡᠰ      ᠲᠠᠯᠠᠯᠭᠠᠨ ᠳᠤ ᠬᠡᠷᠡᠭᠯᠡᠬᠦ ᠰᠢᠳᠦᠭᠡᠨ ᠰᠠᠬᠢᠭᠤᠰᠤ᠂ ᠰᠤᠮᠤᠨ ᠲᠠᠯᠠᠯᠭ᠎ᠠ ᠵᠢᠴᠢ ᠤᠭᠤᠳᠠ ᠱᠧᠩ᠂ ᠲᠠᠯᠠᠯᠭᠠᠨ ᠬᠦᠨᠦᠭ᠂ ᠲᠠᠯᠠᠯᠭᠠᠨ ᠰᠢᠷᠡᠭᠡ᠂ ᠲᠠᠯᠠᠯᠭᠠᠨ ᠳᠤ ᠤᠷᠤᠬᠤ ᠡᠯᠳᠡᠪ ᠵᠦᠢᠯᠡᠰ ᠵᠡᠷᠭᠡ ᠶᠢ ᠪᠦᠬᠦᠶᠢᠯᠡ ᠳᠤᠨᠢ ︽ᠲᠠᠯᠠᠯᠭᠠᠨ ᠱᠠᠩ︾ ᠭᠡᠳᠡᠭ᠃ ᠪᠠᠶᠢᠷᠢᠰᠢᠯ ᠨᠢ ᠭᠡᠪᠡᠯ᠄ ᠲᠠᠯᠠᠯᠭᠠᠨ ᠰᠢᠷᠡᠭᠡ ᠳᠡᠭᠡᠷ᠎ᠡ ᠰᠢᠳᠦᠭᠡᠨ ᠢᠶᠠᠨ ᠵᠠᠯᠠᠵᠦ᠂ ᠡᠮᠦᠨ᠎ᠡ ᠨᠢ ᠰᠤᠮᠤᠨ ᠲᠠᠯᠠᠯᠭ᠎ᠠ ᠢᠶᠠᠨ ᠪᠤᠰᠬᠠᠵᠦ ᠲᠠᠯᠪᠢᠨ᠎ᠠ᠂ ᠰᠤᠮᠤᠨ ᠲᠠᠯᠠᠯᠭ᠎ᠠ ᠶᠢ ᠪᠦᠳᠦᠭᠡᠬᠦ ᠳᠤ ᠤᠷᠢᠳᠠᠪᠠᠷ ᠱᠧᠩ ᠪᠤᠶᠤ ᠤᠭᠤᠳᠠᠨ ᠳᠤ ᠤᠯᠠᠨ ᠵᠦᠢᠯ ᠤᠨ ᠡᠷᠳᠡᠨᠢᠰ ᠪᠤᠶᠤ ᠮᠠᠯ ᠤᠨ ᠭᠡᠰᠢᠭ ᠢᠶᠠᠨ ᠬᠢᠵᠦ᠂ ᠲᠠᠭᠯᠠᠭ᠎ᠠ ᠪᠤᠶᠤ ᠪᠦᠳᠦᠭᠡᠯᠭᠡ ᠶᠢ ᠨᠦᠬᠡᠯᠡᠵᠦ᠂ ᠰᠤᠮᠤᠨ ᠦᠵᠦᠭᠦᠷ ᠢᠶᠠᠨ ᠲᠤᠷᠤᠭᠰᠢ ᠬᠠᠨᠳᠤᠭᠤᠯᠤᠨ ᠬᠠᠳᠬᠤᠵᠦ ᠳᠠᠯᠪᠢᠳᠠᠭ᠃      ⒈ ᠲᠠᠯᠠᠯᠭ᠎ᠠ ᠶᠢᠨ ᠭᠤᠤᠯ ᠰᠢᠳᠦᠭᠡᠨ ᠪᠤᠯ ᠠᠷᠪᠠᠨ ᠭᠤᠷᠪᠠᠨ ᠰᠦᠯᠳᠡ ᠲᠡᠭᠷᠢ ︵ᠬᠤᠰᠢᠭᠤ ᠵᠠᠰᠠᠭ ᠤᠨ ᠲᠠᠬᠢᠯᠭᠠᠳᠤ︶ ᠪᠤᠶᠤ ᠶᠢᠰᠦᠨ ᠰᠦᠯᠳᠡ ᠲᠡᠭᠷᠢ ︵ᠬᠤᠰᠢᠭᠤ ᠨᠡᠶᠢᠳᠡ ᠪᠠ ᠠᠶᠢᠯ ᠡᠷᠦᠬᠡ︶ ᠶᠢ ᠲᠠᠬᠢᠬᠤ᠂ ᠪᠠᠶᠠᠨ ᠨᠠᠮᠰᠠᠷᠠᠢ ᠪᠤᠷᠬᠠᠨ ᠢ ᠤᠷᠢᠨ ᠵᠠᠯᠠᠭᠠᠳ ᠭᠡᠰᠢᠭ ᠪᠤᠶᠠᠨ ᠢ ᠲᠠᠭᠠᠳᠬᠠᠨ ᠬᠤᠷᠤᠶᠢᠯᠠᠨ ᠲᠠᠯᠠᠯᠳᠠᠭ ᠠᠵᠤᠭᠤ᠃ ᠲᠠᠬᠢᠯᠭ᠎ᠠ ᠶᠢᠨ ᠵᠠᠰᠠᠯ ᠳᠤ ᠨᠠᠮᠰᠠᠷᠠᠢ ᠶᠢᠨ ᠪᠠᠯᠢᠩ᠂ ᠬᠦᠵᠢ ᠴᠡᠴᠡᠭ᠂ ᠱᠠᠯᠰᠠᠢ ᠵᠡᠷᠭᠡ ᠡᠳ᠋ᠯᠡᠯ᠂ ᠠᠷᠪᠠᠢ᠂ ᠪᠤᠭᠤᠳᠠᠢ᠂ ᠠᠷᠢᠭᠤᠨ ᠴᠠᠪ ︵ᠤᠰᠤᠨ︶᠂ ᠵᠤᠯᠠ ᠬᠦᠵᠢ᠂ ᠠᠷᠢᠬᠢ᠂ ᠰᠦ᠂ ᠬᠤᠷᠤᠳ᠂ ᠴᠠᠢ᠂ ᠮᠢᠬ᠎ᠠ ᠵᠡᠷᠭᠡ ᠶᠢᠨ ᠡᠷᠭᠦᠯ ᠤᠨ ᠵᠦᠢᠯᠳᠡ ᠶᠢ ᠳᠠᠯᠪᠢᠨ᠎ᠡ᠃      ⒉ ᠰᠢᠳᠦᠭᠡᠨ ᠤ ᠡᠮᠦᠨ᠎ᠡ ᠳᠠᠯᠪᠢᠬᠤ ᠰᠤᠮᠤᠨ ᠲᠠᠯᠠᠯᠭ᠎ᠠ᠃ ᠲᠠᠯᠠᠯᠭ᠎ᠠ ᠶᠢᠨ ᠤᠭᠤᠳᠠᠨ ᠳᠤ ᠪᠤᠶᠤ ᠱᠧᠩ ᠳᠤ ᠬᠠᠳᠬᠤᠭᠰᠠᠨ ᠭᠤᠷᠪᠠᠯᠵᠢᠨ ᠦᠵᠦᠭᠦᠷ ᠲᠠᠢ᠂ ᠳᠡᠰ ᠤᠨ ᠦᠳᠦ ᠪᠠᠷ ᠦᠳᠦᠯᠡᠭᠰᠡᠨ ᠰᠤᠮᠤ ᠨᠢ ᠨᠢᠭᠡ ᠬᠤᠷᠤᠭᠤ ᠬᠠᠭᠠᠰ ᠬᠢᠷᠢᠳᠠᠢ ᠨᠠᠷᠢᠨ᠂ ᠬᠤᠶᠠᠷ ᠲᠤᠬᠤᠢ ᠢᠯᠡᠭᠦᠤ ᠤᠷᠳᠤ ᠡᠰᠢ ᠲᠠᠢ᠂ ᠡᠰᠢᠨ ᠤ ᠤᠵᠤᠭᠤᠷ ᠤᠨ ᠭᠡᠰᠡᠭ ᠲᠤ ᠰᠦᠮᠪᠦᠷ ᠠᠭᠤᠯᠠ ᠮᠡᠳᠦ ᠲᠠᠪᠤᠨ ᠤᠷᠤᠢ ᠰᠠᠯᠠᠭ᠎ᠠ ᠲᠠᠢ᠂ ᠤᠵᠤᠭᠤᠷ ᠤᠨ ᠲᠦᠭᠡ ᠬᠢᠷᠢ ᠭᠡᠰᠡᠭ  ᠢ ᠭᠤᠷᠪᠠᠨ ᠲᠠᠯ᠎ᠠ ᠶᠢ ᠨᠢ ᠬᠤᠪᠬᠢ ᠤᠬᠤᠵᠦ ᠦᠳᠦᠯᠡᠭᠰᠡᠨ ᠪᠠᠶᠢᠳᠠᠭ  ᠂ ᠦᠳᠦᠨ ᠤ ᠬᠢᠨᠢ ᠲᠤᠤᠷ᠎ᠠ ᠠᠴᠠ ᠲᠠᠪᠤᠨ ᠦᠩᠭᠡ ᠶᠢᠨ ᠬᠠᠳᠠᠭ ᠲᠤᠷᠳᠤᠩ ᠢ ᠬᠦᠷᠡᠯ ︵ᠤᠰᠤᠨ︶ ᠲᠤᠯᠢ ᠪᠠᠷ ᠲᠠᠷᠤᠵᠦ ᠤᠶᠠᠨ᠎ᠠ᠃ ᠬᠡᠷᠪᠡ ᠬᠦᠷᠡᠯ ᠲᠤᠯᠢ ᠦᠭᠡᠢ ᠪᠤᠯ ᠮᠦᠩᠭᠦᠨ ᠵᠤᠭᠤᠰ ᠪᠤᠶᠤ ᠵᠠᠰ ᠵᠤᠭᠤᠰ ᠲᠤ ᠰᠡᠨᠵᠢ ᠬᠠᠳᠠᠭᠠᠳ ᠭᠬᠢᠪ ᠢᠶᠠᠷ ᠤᠶᠠᠭᠰᠠᠨ ᠴᠤ ᠪᠤᠯᠤᠨ᠎ᠠ᠃      ⒊ ᠲᠠᠯᠠᠯᠭᠠᠨ ᠱᠧᠩ ᠪᠤᠯᠤᠨ ᠲᠠᠭᠠᠷᠴᠤᠭ᠃ ᠲᠠᠯᠠᠯᠭᠠᠨ ᠱᠧᠩ ᠪᠤᠯ ᠠᠮᠤ ᠬᠦᠨᠠᠰᠤᠨ ᠤ ᠬᠡᠮᠵᠢᠭᠦᠷ ᠬᠢᠳᠡᠭ ᠱᠧᠩ ᠲᠠᠢ ᠬᠡᠯᠪᠡᠷᠢ ᠨᠢ ᠠᠳᠠᠯᠢ ᠪᠤᠯᠪᠠᠴᠤ ᠲᠡᠭᠦᠨ ᠠᠴᠠ ᠵᠢᠭᠠᠬᠠᠨ ᠪᠠᠭ᠎ᠠ ᠪᠠᠶᠢᠵᠦ᠂ ᠠᠮᠠᠰᠠᠷ ᠨᠢ ᠰᠠᠷᠪᠠᠭᠠᠷ᠂ ᠢᠷᠤᠭᠠᠷ ᠲᠠᠭᠠᠨ ᠬᠠᠰ ᠲᠠᠮᠠᠭ᠎ᠠ ᠶᠢᠨ ᠵᠢᠷᠤᠭ ᠲᠠᠢ ᠪᠠᠶᠢᠳᠠᠭ᠃ ᠬᠠᠰ ᠲᠠᠮᠠᠭ᠎ᠠ ᠪᠤᠯ ᠵᠢᠷᠤᠬᠠᠢ ᠶᠢᠨ ᠨᠠᠢᠮᠠᠨ ᠤᠷᠤᠨ ᠤ ᠭᠡᠰᠢᠭ ᠬᠤᠳᠤᠭ ᠢ ᠲᠦᠯᠦᠭᠡᠯᠡᠭᠰᠡᠨ ᠳᠡᠮᠳᠡᠭ ᠪᠤᠯᠬᠤ ᠲᠤᠯᠠ ᠵᠠᠪᠠᠯ ᠪᠠᠶᠢᠬᠤ ᠤᠴᠢᠷᠳᠠᠢ᠃ ᠱᠧᠩ ᠤᠨ ᠲᠦᠷᠪᠡᠨ ᠲᠠᠯ᠎ᠠ ᠳᠤ ᠴᠦᠮ ᠴᠢᠨᠳᠠᠮᠤᠨᠢ ᠡᠷᠳᠡᠨᠢ ᠶᠢᠨ ᠵᠢᠷᠤᠭ ᠪᠤᠶᠤ ᠡᠰᠡᠭᠦᠯ᠎ᠡ ᠨᠠᠮᠰᠠᠷᠠᠢ ᠶᠢᠨ ᠪᠠᠷᠢᠭᠰᠠᠨ ᠡᠷᠳᠡᠨᠢ ᠶᠢᠨ ᠴᠠᠭᠠᠨ ᠬᠤᠯᠤᠭᠭᠠᠨ᠎ᠠ ᠴᠢᠨᠳᠠᠮᠤᠨᠢ ᠢᠶᠠᠷ ᠪᠦᠭᠡᠯᠵᠢᠵᠦ ᠪᠠᠶᠢᠭ᠎ᠠ ᠵᠢᠷᠤᠭ ᠲᠠᠢ᠂ ᠠᠮᠠᠰᠠᠷ ᠲᠠᠭᠠᠨ ᠮᠦᠨ ᠮᠤᠳᠤᠨ ᠲᠠᠭᠯᠠᠭ᠎ᠠ  ᠲᠠᠢ᠂ ᠲᠤᠮᠳᠠ ᠪᠠᠨ ᠲᠠᠯᠠᠯᠭᠠᠨ ᠰᠤᠮᠤ ᠬᠠᠳᠬᠤᠵᠦ ᠲᠠᠯᠪᠢᠬᠤ ᠨᠦᠬᠡ ᠲᠠᠢ ᠬᠢᠳᠡᠭ᠃ ᠲᠠᠯᠠᠯᠭᠠᠨ ᠱᠧᠩ ᠢ ᠲᠠᠪᠤᠨ ᠲᠠᠷᠢᠶ᠎ᠠ ᠶᠢᠨ ᠦᠷ᠎ᠡ᠂ ᠡᠷᠳᠡᠨᠢᠰ ᠤᠨ ᠵᠦᠢᠯᠡᠰ ᠪᠤᠶᠤ ᠮᠠᠯ ᠤᠨ ᠭᠡᠰᠢᠭ ᠮᠡᠳᠦ ᠶᠢᠨ ᠤᠩᠭᠠᠰᠤ ᠬᠢᠯᠭᠠᠰᠤ ᠬᠢᠵᠦ ᠲᠦᠭᠦᠷᠭᠡᠭᠡᠳ ᠭᠡᠰᠢᠭ ᠤᠨ ᠬᠦᠷᠢᠶ᠎ᠡ ᠭᠡᠬᠦ ᠲᠤᠯᠤᠭᠠᠨ ᠡᠷᠳᠡᠨᠢ ᠪᠤᠶᠤ ᠨᠠᠢᠮᠠᠨ ᠲᠠᠬᠢᠯ ᠤᠨ ᠵᠢᠷᠤᠭ ᠲᠠᠢ ᠭᠬᠢᠪ ᠢᠶᠠᠷ ᠪᠦᠳᠦᠭᠡᠵᠦ ᠲᠠᠯᠪᠢᠳᠠᠭ᠃      ᠲᠠᠯᠠᠯᠭᠠᠨ ᠲᠠᠭᠠᠷᠴᠤᠭ ᠪᠤᠶᠤ ᠤᠭᠤᠳᠠ ᠭᠡᠵᠦ ᠵᠠᠷᠢᠮ ᠠᠶᠢᠯ ᠨᠢ ᠴᠠᠭᠠᠨ ᠪᠦᠰ ᠢᠶᠠᠷ ᠭᠠᠳᠠᠷᠯᠠᠭᠠᠳ ᠬᠠᠰ ᠲᠠᠮᠠᠭ᠎ᠠ ᠤᠶᠤᠵᠦ ᠬᠢᠭᠰᠡᠨ ᠪᠢᠴᠢᠬᠠᠨ ᠲᠦᠭᠦᠷᠢᠭ ᠬᠡᠯᠪᠡᠷᠢ ᠶᠢᠨ ᠢᠰᠡᠭᠡᠢ ᠰᠠᠪᠠ ᠶᠢ ᠬᠡᠷᠡᠭᠯᠡᠳᠡᠭ᠂ ᠱᠧᠩ ᠤᠨ ᠤᠷᠤᠨ ᠳᠤ ᠲᠠᠯᠠᠯᠭᠠᠨ ᠤ ᠵᠦᠢᠯᠡᠰ ᠢᠶᠠᠨ ᠬᠢᠵᠦ ᠲᠠᠯᠪᠢᠳᠠᠭ᠃ ᠲᠤᠳᠤᠷ᠎ᠠ ᠨᠢ ᠬᠡᠳᠦᠨ ᠦᠶ᠎ᠡ ᠪᠠᠷ ᠢᠶᠠᠨ ᠬᠠᠳᠠᠭᠠᠯᠠᠭᠰᠠᠨ ᠮᠠᠯ ᠤᠨ ᠭᠡᠰᠢᠭ ᠤᠳ ᠪᠠ ᠲᠠᠪᠤᠨ ᠲᠡᠷᠢᠶ᠎ᠡ ᠶᠢᠨ ᠦᠷᠡᠰ ᠪᠠᠶᠢᠳᠠᠭ᠃      ⒋ ᠬᠦᠨᠦᠭ ᠤᠨ ᠮᠢᠬ᠎ᠠ᠃ ᠲᠠᠯᠠᠯᠭᠠᠨ ᠲᠦᠷᠦᠭᠡ ᠶᠢ ᠲᠠᠯᠠᠯᠭᠠᠨ ᠬᠦᠨᠦᠭ ᠭᠡᠳᠡᠭ᠃ ᠲᠠᠯᠠᠯᠭᠠᠨ ᠲᠦᠷᠦᠬᠡ ᠳᠤ ᠬᠤᠨᠢᠨ ᠤ ᠪᠠᠷᠠᠭᠤᠨ ᠬᠠ᠂ ᠬᠤᠨᠢᠨ ᠤ ᠵᠦᠯᠳᠡ᠂ ᠡᠪᠴᠢᠭᠦᠤ᠂ ᠴᠢᠬᠢᠭᠰᠡᠨ ᠬᠤᠰ ᠵᠡᠷᠭᠡ ᠶᠢ ᠪᠤᠴᠠᠯᠤᠭᠰᠠᠨ ᠤᠰᠤᠨ ᠳᠤ ᠪᠤᠷᠤᠯᠠᠭᠤᠯᠤᠨ ᠠᠪᠴᠤ ᠬᠢᠵᠦ ᠲᠠᠯᠪᠢᠭᠠᠳ ᠪᠢᠳᠡᠭᠦᠤ ᠬᠤᠷᠠᠭᠠᠨ ᠤ ᠠᠷᠠᠰᠤ ᠪᠤᠶᠤ ᠰᠡᠮᠵᠡ ᠪᠠᠷ ᠪᠦᠳᠡᠭᠡᠭᠰᠡᠨ ᠪᠠᠶᠢᠳᠠᠭ᠃ ᠵᠦᠯᠳᠡ ᠭᠡᠳᠡᠭ ᠨᠢ ᠬᠤᠨᠢᠨ ᠤ ᠡᠷᠡᠤ᠂ ᠬᠡᠯᠡ᠂ ᠮᠦᠭᠡᠷᠰᠦᠨ ᠬᠤᠭᠤᠯᠠᠢ᠂ ᠤᠯᠠᠭᠠᠨ ᠬᠤᠭᠤᠯᠠᠢ᠂ ᠵᠢᠷᠦᠬᠡ ᠠᠭᠤᠰᠬᠢ ᠲᠠᠢ ᠦᠷᠭᠦᠯᠵᠢ ᠭᠠᠷᠭᠠᠵᠦ ᠠᠪᠤᠭᠰᠠᠨ ᠭᠡᠰᠡᠭ ᠢ ᠬᠡᠯᠡᠳᠡᠭ᠃ ᠡᠭᠦᠨ ᠢ ᠪᠠᠰᠠ ︽ᠵᠢᠳ︾ ᠭᠡᠨ᠎ᠡ᠃ ᠡᠳᠡᠭᠡᠷ ᠢ ᠰᠢᠳᠦᠭᠡᠨ ᠤ ᠡᠮᠦᠨ᠎ᠡ ᠦᠷᠦᠵᠦ ᠳᠠᠯᠪᠢᠬᠤ ᠪᠠ ᠲᠡᠭᠦᠨ ᠤ ᠬᠠᠵᠠᠭᠤ ᠳᠤ ᠲᠤᠯᠤᠭᠠᠨ ᠡᠷᠳᠡᠨᠢ᠂ ᠨᠠᠢᠮᠠᠨ ᠲᠠᠬᠢᠯ ᠤᠨ ᠱᠡᠭᠯᠢ ︵ᠴᠠᠭᠠᠰᠤᠨ ᠵᠢᠷᠤᠭ︶ ᠬᠠᠳᠬᠤᠭᠰᠠᠨ ᠡᠷᠭᠦᠯ ᠫᠢᠯᠠ ᠲᠠᠢ ᠠᠮᠤᠰᠤ ᠶᠢ ᠦᠷᠦᠬᠦ ᠪᠦᠭᠡᠳ ᠪᠠᠰᠠ ᠭᠠᠤᠯᠢᠨ ᠭᠠᠳᠤᠷ᠎ᠠ ᠪᠤᠶᠤ ᠮᠤᠳᠤᠨ ᠴᠠᠷ᠎ᠠ ᠲᠤ ᠪᠦᠬᠦᠯᠢ ᠰᠢᠭᠦᠰᠦ ᠶᠢ ᠲᠤᠯᠤᠭᠠᠢ ᠲᠠᠢ ᠨᠢ ᠬᠢᠵᠦ ᠲᠠᠯᠪᠢᠳᠠᠭ᠃      ᠦᠵᠦᠮᠦᠴᠢᠨ ᠳᠤ ᠲᠦᠷᠦᠭᠡ ᠲᠠᠢ ᠵᠦᠯᠳᠡ ᠪᠠᠨ ᠪᠢᠳᠠᠭᠦᠤ ᠲᠦᠷᠦᠭᠰᠡᠨ ᠬᠤᠷᠠᠭᠠᠨ ᠤ ᠠᠷᠠᠰᠤ ᠪᠠᠷ ᠪᠦᠷᠬᠦᠵᠦ ᠲᠠᠯᠪᠢᠳᠠᠭ ᠤᠨ ᠤᠴᠢᠷ ᠪᠤᠯ ᠬᠠᠪᠤᠷ ᠤᠨ ᠲᠦᠯ ᠤᠨ ᠦᠶ᠎ᠡ ᠪᠦᠭᠰᠡ ᠪᠢᠳᠡᠭᠦᠤ ᠬᠤᠷᠠᠭ᠎ᠠ ᠭᠠᠷᠤᠭᠠᠳ ᠦᠬᠦᠪᠡᠯ ᠲᠡᠭᠦᠨ ᠢ ᠭᠡᠰᠢᠭ ᠬᠤᠳᠤᠭ ᠲᠠᠢ ᠭᠡᠵᠦ ᠦᠵᠡᠳᠡᠭ᠂ ᠡᠶᠢᠮᠦ ᠪᠠᠷ ᠠᠷᠠᠰᠤ ᠶᠢ ᠨᠢ ᠠᠪᠴᠤ ᠬᠦᠨᠦᠭ ᠤᠨ ᠮᠢᠬ᠎ᠠ ᠪᠦᠷᠬᠦᠵᠦ ᠲᠠᠯᠪᠢᠬᠤ ᠤᠯᠠᠮᠵᠢᠯᠠᠯ ᠵᠠᠩᠰᠢᠯ ᠲᠠᠢ ᠠᠵᠤᠭᠤ᠃ ᠲᠠᠯᠠᠯᠭ᠎ᠠ ᠲᠠᠯᠠᠯᠤᠭᠰᠠᠨ ᠤ ᠲᠠᠷᠠᠭ᠎ᠠ ᠭᠤᠷᠪᠠ ᠬᠤᠨᠤᠭ ᠢ ᠦᠩᠭᠡᠷᠡᠭᠡᠳ ᠬᠦᠨᠦᠭ ᠲᠠᠢ ᠵᠦᠯᠳᠡ ᠵᠡᠷᠭᠡ ᠮᠢᠬ᠎ᠠ ᠪᠠᠨ ᠴᠢᠨᠠᠵᠦ ᠭᠡᠷ ᠵᠠᠭᠤᠷ᠎ᠠ ᠢᠳᠡᠬᠦ ᠠᠴᠠ ᠪᠢᠰᠢ ᠪᠤᠰᠤᠳ ᠲᠤ ᠤᠭᠳᠤ ᠢᠳᠡᠭᠦᠯᠳᠡᠭ ᠦᠭᠡᠢ᠂ ᠮᠤᠷᠳᠠᠭᠰᠠᠨ ᠬᠡᠤᠬᠡᠨ ᠳᠤ ᠴᠤ ᠦᠭᠳᠡᠭ ᠦᠭᠡᠢ ᠤᠴᠢᠷ ᠲᠠᠢ ᠪᠢᠯᠡ᠃             ᠬᠤᠶᠠᠷ   ᠲᠠᠬᠢᠯᠭ᠎ᠠ ᠶᠢᠨ ᠵᠠᠩ ᠦᠢᠯᠡ ᠬᠢᠭᠡᠳ ᠲᠡᠭᠦᠨ ᠤ ᠶᠠᠪᠤᠴᠠ ᠶᠢᠨ ᠲᠤᠬᠠᠢ      ⒈ ᠳᠠᠬᠢᠯᠭ᠎ᠠ ᠶᠢᠨ ᠯᠠᠮᠠ ᠨᠠᠷ ᠢ ᠵᠠᠯᠠᠬᠤ ᠪᠠ ᠳᠡᠳᠡᠨ ᠤ ᠦᠢᠯᠡᠳᠦᠬᠦ ᠶᠠᠪᠤᠳᠠᠯ᠃ ᠬᠡᠩᠭᠡᠷᠭᠡ ᠴᠠᠩ᠂ ᠲᠠᠮᠠᠷᠠᠤ ᠬᠤᠩᠬ᠎ᠠ ᠶᠢ ᠲᠤᠤᠭᠠᠷᠭᠠᠵᠦ᠂ ᠭᠤᠤᠯ ᠰᠢᠳᠦᠭᠡᠨ ᠢᠶᠠᠨ ᠤᠷᠢᠵᠦ ᠤᠬᠢᠶᠠᠯ ᠷᠠᠪᠠᠨᠠᠢ ᠡᠷᠭᠦᠵᠦ᠂ ᠰᠠᠩ ᠰᠤᠯᠬᠢ ᠲᠠᠯᠪᠢᠨ᠎ᠠ᠃ ᠭᠡᠷ ᠤᠨ ᠭᠠᠢ ᠶᠢ ᠠᠷᠢᠯᠭᠠᠬᠤ ᠭᠡᠭᠳᠡᠷ ᠪᠠᠯᠢᠩ ᠢ ᠡᠷᠭᠢᠭᠦᠯᠳᠡᠭ᠂ ᠡᠨᠡ ᠨᠢ ᠪᠢᠴᠢᠬᠠᠨ ᠫᠢᠯᠠᠨ ᠳᠤ ᠬᠢᠭᠰᠡᠨ ᠪᠦᠭᠡᠷᠡᠩᠬᠡᠢ ᠭᠤᠷᠪᠠᠨ ᠪᠠᠯᠢᠩ ᠪᠠᠶᠢᠬᠤ ᠪᠦᠭᠡᠳ ᠡᠮᠦᠨ᠎ᠡ ᠨᠢ ᠪᠠᠭᠠᠬᠠᠨ ᠭᠤᠷᠪᠠᠨ ᠵᠤᠯᠠ ᠨᠤᠴᠤᠭᠠᠭᠠᠳ ᠵᠦᠪ ᠭᠤᠷᠪᠠ᠂ ᠪᠤᠷᠤᠭᠤ ᠭᠤᠷᠪᠠ ᠡᠷᠭᠢᠭᠦᠯᠦᠭᠡᠳ ᠲᠡᠷᠡ ᠭᠡᠷ ᠤᠨ ᠡᠵᠡᠨ ᠤ ᠲᠤᠰ ᠵᠢᠯ ᠤᠨ ᠰᠠᠭᠤᠭᠰᠠᠨ ᠤᠷᠤᠨ ᠤ ᠠᠯᠢ ᠮᠠᠭᠤ ᠵᠦᠭ ᠲᠤ ᠬᠠᠶᠠᠵᠦ ᠭᠡᠷ ᠲᠤᠨᠢ ᠬᠠᠷ᠎ᠠ ᠬᠦᠬᠦᠯ ᠤᠩᠭᠤᠰᠤᠭᠠᠨ᠎ᠠ᠂ ᠭᠡᠴᠡᠭᠦᠤ ᠯᠤᠤᠰ ᠢ ᠨᠤᠮᠤᠬᠠᠳᠬᠠᠨ᠎ᠠ ᠭᠡᠵᠦ ᠯᠤᠤᠰ ᠤᠨ ᠰᠡᠷᠵᠢᠮ ᠡᠷᠭᠦᠵᠦ ᠪᠠᠷᠠᠭᠠᠳ ᠲᠠᠯᠠᠯᠭ᠎ᠠ ᠶᠢᠨ ᠭᠤᠤᠯ ᠤᠩᠰᠢᠯᠭ᠎ᠠ ᠪᠤᠯᠬᠤ ︽ᠠᠯᠳᠠᠨ ᠭᠡᠷᠡᠯ ᠤᠨ ᠲᠠᠯᠠᠯᠭ᠎ᠠ︾᠂ ︽ᠨᠠᠮᠰᠠᠷᠠᠢ ᠶᠢᠨ ᠲᠠᠯᠠᠯᠭ᠎ᠠ︾᠂ ︽ᠶᠢᠰᠦᠨ ᠰᠦᠯᠳᠡ ᠶᠢᠨ ᠲᠠᠯᠠᠯᠭ᠎ᠠ︾᠂ ︽ᠲᠠᠮᠷᠢᠨ ᠲᠠᠯᠠᠯᠭ᠎ᠠ︾ ᠵᠡᠷᠭᠡ  ᠲᠠᠯᠠᠯᠭᠠᠨ ᠨᠤᠮ ᠠᠴᠠ ᠰᠤᠩᠭᠤᠨ ᠤᠩᠰᠢᠳᠠᠭ᠃  ᠶᠢᠰᠦᠨ ᠰᠦᠯᠳᠡ ᠪᠤᠯᠤᠨ ᠨᠠᠮᠰᠠᠷᠠᠢ ᠶᠢ ᠳᠠᠬᠢᠨ ᠲᠠᠬᠢᠨ ᠤᠷᠢᠵᠦ ᠮᠠᠨᠳᠠᠯ ᠡᠷᠭᠦᠵᠦ ᠦᠷᠭᠦᠯᠵᠢᠯᠡᠨ ᠤᠩᠰᠢᠳᠠᠭ᠃      ⒉ ᠰᠠᠭᠠᠬᠠᠯᠳᠠ ᠠᠶᠢᠯ ᠢᠶᠠᠨ ᠵᠠᠯᠠᠬᠤ ᠪᠠ ᠪᠡᠯᠡᠳᠭᠡᠬᠦ ᠵᠦᠢᠯᠡᠰ᠃ ᠦᠳᠡ ᠠᠴᠠ ᠡᠮᠦᠨ᠎ᠡ ᠳᠠᠬᠢᠯᠭ᠎ᠠ ᠤᠩᠰᠢᠯᠭ᠎ᠠ ᠶᠢ ᠪᠠᠷᠠᠭᠠᠳ ᠦᠳᠡ ᠶᠢᠨ ᠪᠠᠷᠤᠭ ᠢᠶᠠᠷ ᠠᠶᠢᠯ ᠰᠠᠭᠠᠬᠠᠯᠳᠠ ᠳᠠᠭᠠᠨ ᠲᠠᠯᠠᠯᠭ᠎ᠠ ᠶᠢᠨ ᠴᠠᠢ ᠤᠤᠭᠤᠯᠭᠠᠬᠤ ᠪᠠᠷ ᠵᠠᠯᠠᠳᠠᠭ᠂ ᠡᠭᠦᠨ ᠤ ᠬᠠᠮᠳᠤ ᠲᠠᠬᠢᠯᠭ᠎ᠠ ᠳᠤ ᠬᠡᠷᠡᠭᠯᠡᠬᠦ ᠪᠤᠶᠤ ᠤᠷᠤᠯᠴᠠᠬᠤ ᠬᠦᠮᠦᠨ ᠠᠮᠠ᠂ ᠮᠠᠯ ᠰᠦᠷᠦᠭ᠂ ᠤᠩᠭᠤᠯᠠᠵᠦ ᠰᠡᠳᠡᠷᠯᠡᠬᠦ ᠶᠠᠪᠤᠳᠠᠯ᠂ ᠡᠳ᠋ ᠪᠤᠳᠠᠰ ᠢ ᠪᠦᠬᠦᠨ ᠢ ᠪᠡᠯᠡᠨ ᠵᠠᠯᠠᠨ ᠪᠤᠯᠭᠠᠭᠰᠠᠨ ᠪᠠᠶᠢᠬᠤ ᠬᠡᠷᠡᠭᠳᠡᠢ᠃ ᠲᠠᠯᠠᠯᠭ᠎ᠠ ᠳᠤ ᠢᠷᠡᠭᠰᠡᠳ ᠨᠢ ᠲᠠᠯᠠᠯᠭᠠᠨ ᠰᠢᠳᠦᠭᠡᠨ ᠤ ᠡᠮᠦᠨ᠎ᠡ ᠬᠠᠳᠠᠭ ᠪᠤᠶᠤ ᠡᠳ᠋ ᠢᠳᠡᠭᠡᠨ ᠲᠡᠷᠢᠭᠦᠳᠡᠨ ᠢ ᠡᠷᠭᠦᠳᠡᠭ᠃      ⒊ ᠲᠠᠯᠠᠯᠭ᠎ᠠ ᠶᠢᠨ ᠤᠩᠭᠤᠨ ᠳᠤ ᠮᠠᠯ ᠰᠡᠳᠡᠷᠯᠡᠬᠦ᠃ ᠪᠡᠯᠴᠢᠭᠡᠷ ᠠᠴᠠ ᠮᠠᠯ ᠰᠦᠷᠦᠭ ᠢ ᠠᠪᠴᠢᠷᠠᠭᠰᠠᠨ ᠤ ᠲᠠᠷᠠᠭ᠎ᠠ᠂ ᠰᠢᠳᠦᠭᠡᠨ ᠰᠠᠭᠢᠭᠤᠰᠤ ᠳᠤ ᠰᠡᠳᠡᠷᠯᠡᠬᠦ ᠮᠠᠯ ᠲᠡᠷᠢᠭᠦᠳᠡᠨ ᠢ ᠪᠠᠷᠢᠵᠦ ᠬᠦᠳᠦᠯᠦᠨ ᠢᠷᠡᠭᠡᠳ ᠡᠭᠦᠳᠡ ᠪᠠᠨ ᠳᠡᠭᠡᠷ᠎ᠡ ᠳᠠᠯᠪᠢᠵᠦ ᠰᠢᠳᠦᠭᠡᠨ ᠳᠡᠭᠡᠨ ᠦᠵᠡᠭᠦᠯᠦᠭᠡᠳ ᠤᠩᠭᠤᠯᠠᠨ ᠰᠡᠳᠡᠷᠯᠡᠨ᠎ᠡ᠂ ᠰᠡᠳᠡᠷᠯᠡᠬᠦ ᠳᠡᠭᠡᠨ ᠲᠤᠰᠬᠠᠢ ᠰᠠᠩ ᠢᠶᠠᠷ ᠠᠷᠢᠭᠤᠳᠬᠠᠨ ᠷᠠᠰᠢᠶᠠᠨ ᠰᠠᠴᠤᠭᠰᠠᠨ ᠤ ᠲᠠᠷᠠᠭ᠎ᠠ ᠰᠢᠨ᠎ᠡ ᠬᠢᠭᠰᠡᠨ ᠰᠡᠳᠡᠷ ᠢᠶᠠᠨ ᠵᠡᠭᠦᠯᠭᠡᠵᠦ ᠳᠠᠯᠪᠢᠬᠤ ᠪᠦᠭᠡᠳ ᠰᠡᠳᠡᠷ ᠶᠡᠭᠦᠯᠡᠬᠦ ᠪᠠ ᠰᠢᠨ᠎ᠡ ᠤᠩᠭᠤᠯᠠᠬᠤ ᠶᠠᠪᠤᠳᠠᠯ ᠢ ᠲᠠᠯᠠᠯᠭᠠᠨ ᠠᠴᠠ ᠡᠮᠦᠨ᠎ᠡ ᠭᠦᠢᠴᠡᠳᠭᠡᠳᠡᠭ ᠶᠤᠮ᠃      ⒋ ᠮᠠᠯ ᠰᠦᠷᠦᠭ ᠢᠶᠠᠨ ᠠᠷᠢᠭᠤᠯᠠᠬᠤ᠃ ᠲᠠᠯᠠᠯᠭᠠᠨ ᠤ ᠡᠮᠦᠨ᠎ᠡ ᠪᠦᠬᠦ ᠭᠡᠷ ᠢᠶᠠᠷ  ᠢᠶᠠᠨ ᠰᠦ ᠲᠠᠢ ᠤᠰᠤᠨ ᠳᠤ ᠨᠢᠭᠤᠷ ᠭᠠᠷ ᠢᠶᠠᠨ ᠷᠠᠰᠢᠶᠠᠯᠠᠵᠦ ᠤᠬᠢᠶᠠᠨ᠎ᠠ᠂ ᠦᠳᠡ ᠠᠴᠠ ᠬᠤᠶᠢᠰᠢ ᠰᠦᠷᠦᠭ ᠪᠡᠯᠴᠢᠭᠡᠷ ᠠᠴᠠ ᠡᠷᠭᠢᠬᠦ ᠶᠢᠨ ᠪᠠᠷᠤᠭ ᠲᠤ ︵ᠪᠡᠴᠢ ᠴᠠᠭ ᠤᠨ ᠦᠶ᠎ᠡ︶  ᠮᠠᠯ ᠰᠦᠷᠦᠭ ᠢᠶᠠᠨ ᠬᠤᠷᠢᠶᠠᠵᠦ ᠠᠪᠴᠢᠷᠠᠭᠠᠳ᠂ ᠨᠡᠷᠡᠳᠡᠭ ᠲᠤᠭᠤᠭ᠎ᠠ ᠳᠠᠯᠪᠢᠵᠦ ᠭᠠᠯ ᠬᠢᠭᠰᠡᠨ ᠢᠶᠠᠨ ᠳᠡᠭᠡᠷ᠎ᠡ ᠨᠢ ᠠᠷᠴᠠ᠂ ᠠᠬᠢ ᠬᠦᠭᠦᠷ ᠢ ᠤᠩᠭᠤᠳᠤᠭᠤᠯᠤᠨ᠂ ᠲᠠᠯᠠᠯᠭ᠎ᠠ ᠶᠢᠨ ᠯᠠᠮᠠ ᠠᠴᠠ ︽ᠪᠤᠮᠠᠨ ᠰᠠᠩ︾ ᠤᠩᠰᠢᠵᠦ ᠮᠠᠯ ᠰᠦᠷᠦᠭ ᠭᠠᠵᠠᠷ ᠤᠷᠤᠨ ᠢ ᠪᠦᠬᠦᠨ ᠢ ᠠᠷᠢᠭᠤᠳᠬᠠᠨ᠎ᠠ᠃ ᠴᠢᠩᠭᠢᠭᠡᠳ ᠲᠠᠬᠢᠯᠭ᠎ᠠ ᠶᠢᠨ ᠯᠠᠮᠠ ᠠᠴᠠ ︽ᠨᠠᠮᠰᠠᠷᠠᠢ ᠶᠢᠨ ᠰᠠᠩ ᠳᠠᠬᠢᠯᠭ᠎ᠠ︾ ᠪᠤᠶᠤ ︽ᠶᠢᠰᠦᠨ ᠰᠦᠯᠳᠡ ᠶᠢᠨ ᠲᠠᠯᠠᠯᠭ᠎ᠠ︾ ᠶᠢ ᠤᠩᠰᠢᠨ ᠲᠠᠯᠠᠯᠭ᠎ᠠ ᠬᠤᠷᠤᠶᠢᠯᠠᠬᠤ ᠵᠠᠩ ᠦᠢᠯᠡ ᠶᠢ ᠡᠭᠦᠰᠭᠡᠨ᠎ᠡ᠃ ᠤᠯᠠᠨ ᠮᠠᠯ ᠰᠦᠷᠦᠭ ᠢ ᠰᠠᠩ ᠤᠨ ᠤᠳᠤᠭᠠᠨ ᠤ ᠲᠤᠤᠷ᠎ᠠ ᠬᠤᠷᠢᠶᠠᠵᠦ ᠠᠷᠢᠭᠤᠯᠭ᠎ᠠ ᠶᠢ ᠪᠠᠷᠠᠳᠠᠯ᠎ᠠ ᠦᠷᠭᠦᠯᠵᠢᠯᠡᠭᠦᠯᠦᠨ᠎ᠡ᠃      ⒌ ᠲᠠᠯᠠᠯᠭ᠎ᠠ ᠬᠤᠷᠤᠶᠢᠯᠠᠬᠤ ᠵᠦᠢᠯᠡᠰ ᠪᠠ ᠲᠠᠯᠠᠯᠭ᠎ᠠ ᠠᠪᠬᠤ᠃ ᠲᠠᠯᠠᠯᠭ᠎ᠠ ᠡᠬᠢᠯᠡᠬᠦ ᠦᠶ᠎ᠡ ᠳᠤ ᠡᠭᠦᠳᠡ ᠪᠠᠨ ᠭᠡᠷ ᠳᠡᠭᠡᠷ᠎ᠡ ᠪᠠᠨ ᠰᠡᠭᠦᠵᠦ ᠳᠠᠯᠪᠢᠭᠠᠳ ᠰᠢᠨ᠎ᠡ ᠴᠠᠭᠠᠨ ᠢᠰᠡᠭᠡᠢ ᠲᠤᠯᠭ᠎ᠠ ᠶᠢᠨ ᠡᠮᠦᠨ᠎ᠡ ᠲᠠᠯ᠎ᠠ ᠠᠴᠠ ᠡᠭᠦᠳᠡ ᠭᠠᠷᠳᠠᠯ᠎ᠠ ᠦᠷᠭᠦᠯᠵᠢ ᠲᠠᠪᠢᠰᠦᠨ᠎ᠡ᠂ ᠡᠵᠡᠨ ᠲᠦᠷᠦᠭᠦᠳᠡᠢ ᠬᠦᠮᠦᠰ ᠲᠤᠯᠭ᠎ᠠ ᠶᠢᠨ ᠡᠮᠦᠨ᠎ᠡ ᠠᠴᠠ ᠰᠢᠳᠦᠭᠡᠨ ᠤ ᠵᠦᠭ ᠬᠤᠶᠢᠰᠢ ᠬᠠᠷᠠᠵᠦ ᠰᠠᠭᠤᠨ᠎ᠡ᠂ ᠭᠡᠷ ᠤᠨ ᠡᠵᠡᠨ ᠪᠤᠶᠤ ᠬᠦᠪᠡᠭᠦᠨ ᠨᠢ ᠱᠧᠩ ᠳᠤ ᠬᠠᠳᠬᠤᠭᠰᠠᠨ ᠦᠳᠦᠳᠦ ᠰᠤᠮᠤ ᠶᠢ ᠪᠡᠷᠢᠵᠦ ᠲᠤᠯᠭ᠎ᠠ ᠶᠢᠨ ᠡᠮᠦᠨ᠎ᠡ ᠲᠡᠪᠢᠰᠦᠭᠰᠡᠨ ᠲᠠᠯᠪᠠᠭ ᠳᠡᠭᠡᠷ᠎ᠡ ᠰᠠᠭᠤᠵᠦ ᠲᠡᠷᠢᠭᠦᠯᠡᠨ ᠬᠤᠷᠤᠶᠢᠯᠠᠨ᠎ᠠ᠂ ᠠᠪᠤ ᠨᠢ ᠱᠧᠩ ᠲᠠᠢ ᠲᠠᠯᠠᠯᠭ᠎ᠠ ᠶᠢᠨ ᠤᠭᠤᠳᠠ ᠶᠢ ᠪᠠᠷᠢᠵᠦ ᠬᠤᠷᠤᠶᠢᠯᠠᠳᠠᠭ᠂ ᠡᠨᠡ ᠠᠶᠢᠯ ᠤᠨ ᠡᠵᠢ ᠪᠡᠷᠢᠶᠡᠳ ᠨᠢ ᠲᠠᠯᠠᠯᠭ᠎ᠠ ᠶᠢᠨ ᠲᠦᠷᠦᠭᠡ ᠪᠠᠷᠢᠵᠦ ᠪᠤᠰᠴᠤ ᠵᠤᠭᠰᠤᠭᠠᠳ ᠬᠤᠷᠤᠶᠢᠯᠠᠨ᠎ᠠ᠂ ᠪᠤᠰᠤᠳ ᠬᠦᠮᠦᠰ ᠨᠢ ᠱᠡᠭᠯᠢ ᠬᠠᠳᠬᠤᠭᠰᠠᠨ ᠫᠢᠯᠠ ᠲᠠᠢ ᠠᠮᠤᠰᠤ ᠬᠤᠷᠤᠳ᠂ ᠪᠢᠰᠢᠯᠠᠭ ᠵᠡᠷᠭᠡ ᠶᠢ ᠪᠠᠷᠢᠵᠦ ᠤᠯᠠᠨ ᠲᠠᠢ ᠬᠠᠮᠳᠤ ᠬᠤᠷᠤᠶᠢᠯᠠᠨ᠎ᠠ᠃      ᠬᠤᠰᠢᠭᠤ ᠲᠠᠯᠠᠯᠭᠠᠨ ᠳᠤ ᠨᠤᠶᠠᠨ ᠬᠠᠳᠤᠨ ᠠᠴᠠ ᠡᠬᠢᠯᠡᠭᠡᠳ ᠲᠤᠰᠠᠯᠠᠭᠴᠢ᠂ ᠵᠠᠬᠢᠷᠤᠭᠴᠢ ᠲᠦᠷᠦᠭᠦᠳᠡᠢ ᠶᠠᠮᠤᠨ ᠰᠠᠩ ᠪᠦᠬᠦᠳᠡ᠂ ᠡᠯ᠎ᠡ ᠰᠤᠮᠤ ᠶᠢᠨ ᠵᠠᠩᠬᠢ᠂ ᠮᠠᠯᠴᠢᠳ ᠠᠷᠠᠳ ᠪᠦᠬᠦᠨ ᠢᠶᠠᠷ ᠤᠷᠤᠯᠴᠠᠵᠦ᠂ ᠮᠦᠨ ᠲᠡᠭᠡᠷᠡᠬᠢ ᠳᠡᠰ ᠲᠠᠷᠠᠮ ᠢᠶᠠᠷ ᠨᠠᠮᠤᠷ ᠤᠨ ᠳᠠᠬᠢᠯᠭ᠎ᠠ ᠢᠶᠠᠨ ᠶᠠᠪᠤᠭᠳᠠᠭᠤᠯᠳᠠᠭ᠃      ⒍ ᠰᠤᠮᠤᠨ ᠲᠠᠯᠠᠯᠭ᠎ᠠ ᠪᠠᠷ ᠬᠤᠷᠤᠶᠢᠯᠠᠬᠤ᠃ ᠰᠤᠳᠨᠠᠮᠷᠠᠪᠳᠠᠨ ᠴᠢᠨ ᠸᠠᠩ ᠤᠨ ᠦᠶ᠎ᠡ ᠠᠴᠠ ᠮᠢᠩᠭᠠᠨ ᠴᠠᠭᠠᠨ ᠮᠤᠷᠢᠳᠠᠨ ᠢᠶᠠᠷ ᠲᠠᠯᠠᠯᠭ᠎ᠠ ᠬᠤᠷᠤᠶᠢᠯᠠᠬᠤ ᠪᠦᠭᠡᠳ ᠤᠷᠳᠤᠨ ᠰᠠᠩ ᠪᠠ ᠡᠯ᠎ᠡ ᠮᠠᠯ ᠰᠦᠷᠦᠭ ᠢᠶᠠᠨ ᠲᠤᠭᠤᠷᠢᠨ ᠲᠠᠯᠠᠯᠭ᠎ᠠ ᠠᠪᠴᠤ᠂ ᠪᠦᠬᠦ ᠬᠤᠰᠢᠭᠤ ᠬᠤᠳᠠᠯᠠᠭᠠᠷ ᠤᠨ ᠬᠦᠮᠦᠨ ᠠᠷᠠᠳ ᠪᠤᠯᠤᠨ ᠲᠠᠪᠤᠨ ᠬᠤᠰᠢᠭᠤ ᠮᠠᠯ ᠤᠨ ᠭᠡᠰᠢᠭ ᠪᠤᠶᠠᠨ ᠢ ᠲᠠᠭᠤᠳᠠᠨ ᠬᠤᠷᠤᠶᠢᠯᠠᠳᠠᠭ ᠤᠴᠢᠷ ᠲᠠᠢ᠃ ᠰᠤᠮᠤ ᠲᠠᠢ ᠲᠠᠯᠠᠯᠭ᠎ᠠ ᠪᠠᠷᠢᠭᠰᠠᠨ ᠬᠦᠮᠦᠨ ᠲᠠᠬᠢᠯᠭ᠎ᠠ ᠶᠢᠨ ᠯᠠᠮᠠ ᠶᠢᠨ ᠵᠢᠭᠠᠯᠳᠠ ᠪᠠᠷ ᠭᠡᠷ ᠠᠴᠠ ᠭᠠᠷᠴᠤ ᠭᠡᠷ ᠤᠨ ᠡᠮᠦᠨ᠎ᠡ ᠲᠡᠪᠢᠰᠦᠭᠰᠡᠨ ᠰᠢᠨ᠎ᠡ ᠢᠰᠡᠭᠡᠢ ᠳᠡᠭᠡᠷ᠎ᠡ ᠵᠤᠭᠰᠤᠵᠦ ᠬᠤᠷᠤᠶᠢᠯᠠᠵᠦ ᠪᠠᠶᠢᠬᠤ ᠳᠤ ᠤᠷᠢᠳ ᠨᠢ ᠪᠡᠯᠡᠳᠭᠡᠭᠰᠡᠨ ᠡᠮᠡᠭᠡᠯ ᠲᠤᠬᠤᠭᠰᠠᠨ ᠴᠠᠭᠠᠨ ᠮᠤᠷᠢ ᠶᠢ ᠠᠪᠴᠢᠷᠠᠵᠦ ᠦᠭᠬᠦ ᠳᠤ ᠮᠤᠷᠳᠡᠵᠦ ᠪᠦᠬᠦ ᠠᠶᠢᠯ ᠬᠤᠳᠠ᠂ ᠮᠠᠯ ᠰᠦᠷᠦᠭ ᠢ ᠵᠦᠪ ᠢᠶᠠᠷ ᠭᠤᠷᠪᠠ ᠲᠤᠭᠤᠷᠢᠵᠦ ᠮᠤᠷᠢᠨ ᠭᠦᠶᠦᠳᠡᠯ ᠳᠡᠭᠡᠷ᠎ᠡ ᠶᠡᠭᠡ ᠲᠠᠭᠤᠨ ᠢᠶᠠᠷ ᠬᠤᠷᠤᠶᠢᠯᠠᠵᠦ ᠢᠷᠡᠬᠦ ᠳᠤ ᠬᠦᠮᠦᠨ ᠲᠤᠰᠴᠤ ᠬᠦᠷᠦᠭᠡᠳ ᠮᠤᠷᠢ ᠶᠢ ᠨᠢ ᠠᠪᠬᠤᠶ᠎ᠠ ᠲᠡᠷᠡ ᠲᠠᠯᠠᠯᠭᠠᠨ ᠰᠤᠮᠤ ᠪᠠᠨ ᠬᠤᠷᠤᠶᠢᠯᠠᠭᠰᠠᠭᠠᠷ ᠭᠡᠷ ᠲᠤ ᠤᠷᠤᠵᠦ ᠲᠤᠯᠭ᠎ᠠ ᠶᠢᠨ ᠡᠮᠦᠨ᠎ᠡ ᠲᠡᠪᠢᠰᠦᠭᠰᠡᠨ ᠲᠠᠯᠪᠠᠭ ᠳᠡᠭᠡᠷ᠎ᠡ ᠰᠠᠭᠤᠵᠦ ᠪᠠᠰᠠ ᠨᠢᠭᠡ ᠵᠡᠷᠭᠡ ᠬᠤᠷᠤᠶᠢᠯᠠᠨ᠎ᠠ᠂ ᠬᠤᠷᠤᠶᠢᠯᠠᠬᠤ ᠳᠠᠭᠠᠨ ᠶᠠᠭ ᠲᠠᠯᠠᠯᠭᠠᠨ ᠰᠠᠩ ᠳᠤ ᠤᠶᠠᠩᠭᠠᠯᠠᠭᠰᠠᠨᠴᠢᠯᠠᠨ᠄      ︽ᠤᠨᠠᠭᠠᠨ ᠲᠡᠯ ᠲᠠᠢ ᠠᠵᠢᠷᠭ᠎ᠠ  \   ᠤᠰᠤᠨ ᠵᠢᠷᠤᠭ᠎ᠠ ᠠᠳᠤᠭᠤᠳ        ᠬᠦᠷᠳᠦᠨ ᠡᠪᠡᠷ ᠲᠠᠢ ᠬᠤᠴᠠ \   ᠬᠦᠳᠡᠷ ᠪᠡᠶ᠎ᠡ ᠲᠠᠢ ᠬᠤᠨᠢᠳ        ᠰᠦᠷᠦᠭ ᠤᠨ ᠮᠠᠩᠯᠠᠢ ᠪᠤᠬ᠎ᠠ \   ᠰᠦ ᠰᠠᠶᠢᠳᠠᠢ ᠦᠨᠢᠶᠡᠳ        ᠪᠤᠰᠤᠭ᠎ᠠ ᠪᠦᠬᠦ ᠲᠠᠢ ᠪᠤᠤᠷ᠎ᠠ \ ᠪᠤᠳᠤᠭᠤ ᠢᠩᠭᠡ ᠠᠳᠠ ᠨᠤᠭᠤᠳ        ᠦᠵᠦᠭᠦᠷ ᠡᠪᠡᠷ ᠲᠠᠢ ᠤᠬᠤᠨ᠎ᠠ \ ᠦᠷᠡᠵᠢᠯ ᠰᠠᠶᠢᠳᠠᠢ ᠢᠮᠠᠭᠠᠳ        ᠲᠠᠪᠤᠨ ᠬᠤᠰᠢᠭᠤ ᠮᠠᠯ ᠢ ᠮᠢᠨᠢ \  ᠲᠠᠯ᠎ᠠ ᠲᠦᠭᠦᠷᠡᠩ ᠦᠷᠦᠰᠢᠶᠡᠮᠦ︕ ᠬᠤᠷᠤᠢ ᠬᠤᠷᠤᠢ ᠬᠤᠷᠤᠢ       ᠠᠯᠳᠠᠨ ᠰᠤᠮᠤ ᠲᠠᠢ ᠲᠠᠯᠠᠯᠭ᠎ᠠ ᠪᠠᠷ ᠢᠶᠠᠨ \  ᠠᠯᠤᠰ ᠢᠶᠠᠷ ᠲᠤᠭᠤᠷᠢᠨ ᠬᠤᠷᠤᠶᠢᠯᠠᠶ᠎ᠠ       ᠠᠷᠪᠠᠨ ᠵᠦᠭ ᠤᠨ ᠭᠡᠰᠢᠭ ᠪᠤᠶᠠᠨ ᠢ \  ᠠᠯᠠᠭᠠᠰᠠᠯ ᠦᠭᠡᠢ ᠢᠷᠡᠭᠦᠯᠡᠮᠦ ᠬᠤᠷᠤᠢ ᠬᠤᠷᠤᠢ ᠬᠤᠷᠤᠢ︕︾ ᠭᠡᠬᠦ ᠮᠡᠳᠦᠴᠢᠯᠡᠨ ᠲᠠᠭᠠᠳᠬᠠᠨ ᠬᠤᠷᠤᠶᠢᠯᠠᠳᠠᠭ ᠤᠴᠢᠷ ᠲᠠᠢ᠃      ⒎ ᠲᠠᠯᠠᠯᠭᠠᠨ ᠤ ᠦᠶ᠎ᠡ ᠳᠤ ᠭᠠᠯ ᠢᠶᠠᠨ ᠲᠠᠬᠢᠳᠠᠭ ᠴᠤ ᠪᠤᠢ᠃      ⒏ ᠲᠠᠯᠠᠯᠭ᠎ᠠ  ᠶᠢᠨ ᠡᠳ᠋ ᠢ ᠬᠤᠷᠢᠶᠠᠬᠤ ᠪᠠ ᠰᠦᠷᠦᠭ ᠪᠡᠯᠴᠢᠭᠡᠵᠦ ᠬᠤᠷᠢᠶᠠᠬᠤ ᠶᠤᠰᠤᠨ᠃ ᠲᠠᠯᠠᠯᠭ᠎ᠠ ᠬᠤᠷᠤᠶᠢᠯᠠᠵᠦ ᠵᠠᠪᠰᠠᠷᠯᠠᠬᠤ ᠳᠤ᠂ ᠲᠠᠯᠠᠯᠭ᠎ᠠ ᠶᠢᠨ ᠰᠤᠮᠤ ᠠᠴᠠ ᠲᠡᠷᠢᠭᠦᠯᠠᠨ ᠱᠧᠩ ᠳᠤᠷ ᠵᠠᠯᠠᠵᠦ᠂ ᠪᠤᠰᠤᠳ ᠲᠠᠯᠠᠯᠭᠠᠨ ᠲᠦᠷᠦᠭᠡ᠂ ᠫᠢᠯᠠ ᠰᠠᠪᠠ᠂ ᠬᠤᠷᠤᠳ ᠪᠢᠰᠢᠯᠠᠭ ᠢ ᠪᠦᠷ ᠤᠭ ᠤᠷᠤᠨ ᠳᠤᠨᠢ ᠲᠠᠯᠪᠢᠵᠦ᠂ ᠤᠯᠠᠨ ᠢᠶᠠᠷ ᠢᠶᠠᠨ ᠭᠠᠷᠴᠤ᠂ ᠭᠠᠳᠠᠨ᠎ᠠ ᠬᠤᠷᠢᠶᠠᠭᠰᠠᠨ ᠮᠠᠯ ᠰᠦᠷᠦᠭ ᠤᠳ ᠢ ᠬᠡᠶᠢᠮᠦᠷᠢ ᠶᠢᠨ ᠵᠦᠭ ᠲᠤ ᠪᠡᠯᠴᠢᠭᠡᠵᠦ᠂ ᠤᠷᠤᠢ ᠪᠤᠶᠠᠨ ᠭᠡᠰᠢᠭ ᠤᠨ ᠵᠦᠭ ᠠᠴᠠ ᠮᠠᠯ ᠢᠶᠠᠨ ᠬᠤᠳᠠᠯᠠᠳᠠᠭ᠃      ⒐ ᠲᠠᠯᠠᠯᠭ᠎ᠠ ᠶᠢᠨ ᠨᠠᠭᠠᠳᠤᠮ᠃ ᠲᠠᠯᠠᠯᠭ᠎ᠠ ᠶᠢᠨ ᠰᠡᠭᠦᠯᠴᠢ ᠪᠠᠷ ᠵᠠᠯᠠᠭᠤᠴᠤᠳ ᠪᠠᠭᠠᠴᠤᠳ ᠠᠳᠤᠭᠤ ᠲᠠᠭᠠᠷᠢᠭᠤᠯᠵᠦ ᠨᠠᠭᠠᠳᠤᠨ᠎ᠠ᠂ ᠲᠠᠷᠠᠭᠠᠪᠠᠷ ᠨᠢ ᠭᠡᠷ ᠤᠨ ᠡᠮᠦᠨ᠎ᠡ ᠲᠠᠪᠢᠰᠦᠭᠰᠡᠨ ᠢᠰᠡᠭᠡᠢ ᠳᠡᠭᠡᠷ᠎ᠡ ᠪᠠᠭᠠᠴᠤᠳ ᠬᠡᠤᠬᠡᠳ ᠢ ᠵᠤᠭᠰᠤᠭᠠᠵᠦ᠂ ᠲᠠᠯᠠᠯᠭ᠎ᠠ ᠭᠡᠰᠢᠭ ᠲᠦᠭᠡᠭᠡᠨ᠎ᠡ᠃ ᠲᠦᠭᠡᠭᠡᠬᠦ ᠳᠡᠭᠡᠨ ᠪᠦᠳᠦᠭᠦᠨ ᠲᠡᠪᠢᠭᠦᠷ ᠲᠤ ᠬᠢᠭᠰᠡᠨ ᠬᠤᠷᠤᠳ᠂ ᠪᠢᠰᠢᠯᠠᠭ᠂ ᠪᠢᠳᠡᠮᠤᠷ᠂ ᠬᠠᠭᠠᠷᠢᠭᠰᠠᠨ ᠪᠤᠤᠪᠤ᠂ ᠰᠢᠬᠢᠷ ᠵᠢᠮᠢᠰ ᠲᠡᠷᠢᠭᠦᠳᠡᠨ ᠢ ᠭᠡᠷ ᠤᠨ ᠡᠵᠡᠨ ᠠᠴᠠ ︽ᠬᠡᠤᠭᠡᠳ ᠤᠳ ᠮᠢᠨᠢ ᠲᠡᠭᠷᠢ ᠶᠢᠨ ᠭᠡᠰᠢᠭ ᠭᠦᠷᠳᠡ︾ ᠭᠡᠵᠦ ᠲᠡᠭᠡᠭᠰᠢ ᠪᠠᠨ ᠰᠠᠴᠤᠬᠤ ᠳᠤ ᠤᠯᠠᠨ ᠬᠡᠤᠬᠡᠳ ᠪᠤᠯᠢᠶᠠᠯᠳᠤᠨ ᠲᠤᠰᠴᠤ ᠠᠪᠳᠠᠭ᠂ ᠢᠩᠭᠢᠭᠡᠳ ᠶᠡᠭᠡ ᠪᠠᠭ᠎ᠠ ᠦᠭᠡᠢ ᠬᠤᠪᠢᠶᠠᠯᠴᠠᠨ ᠬᠦᠷᠳᠡᠳᠡᠭ᠃ ᠡᠭᠦᠨ ᠢ ︽ᠲᠠᠯᠠᠯᠭ᠎ᠠ ᠶᠢᠨ ᠭᠡᠰᠢᠭ︾ ᠴᠤ ᠭᠡᠳᠡᠭ᠃ ᠲᠠᠯᠠᠯᠭᠠᠨ ᠭᠡᠰᠢᠭ ᠭᠡᠵᠦ ᠢᠷᠡᠭᠰᠡᠨ ᠬᠦᠮᠦᠰ ᠤᠨ ᠭᠡᠷ ᠲᠤᠨᠢ ᠠᠮᠤᠰᠤ ᠰᠢᠭᠦᠰᠦ ᠵᠡᠷᠭᠡ ᠶᠢ ᠲᠡᠷᠡ ᠤᠷᠤᠢ ᠳᠤᠨᠢ ᠬᠡᠤᠬᠡᠳ ᠪᠠᠭᠠᠴᠤᠳ ᠢᠶᠠᠷ ᠬᠦᠷᠭᠡᠭᠦᠯᠳᠡᠭ ᠶᠤᠰᠤ ᠪᠤᠢ᠃      ⒑ ᠲᠠᠯᠠᠯᠭ᠎ᠠ ᠶᠢᠨ ᠨᠠᠶᠢᠷ᠃ ᠬᠤᠰᠢᠭᠤ ᠬᠤᠳᠠᠯᠠᠭᠠᠷ ᠪᠤᠯ ᠪᠦᠬᠡ ᠶᠢᠨ ᠪᠠᠷᠢᠯᠳᠤᠭᠠᠨ ᠮᠤᠷᠢᠨ ᠤᠷᠤᠯᠳᠤᠭᠠᠨ  ᠲᠠᠢ ᠲᠠᠯᠠᠯᠭᠠᠨ ᠤ ᠶᠡᠭᠡ ᠨᠠᠶᠢᠷ ᠢ ᠡᠷᠬᠢᠯᠡᠨ ᠬᠢᠳᠡᠭ᠂ ᠠᠶᠢᠯ ᠡᠷᠦᠬᠡ ᠪᠤᠯ ᠬᠠᠮᠤᠭ ᠰᠡᠭᠦᠯ ᠳᠤ ᠭᠡᠷ ᠲᠤ ᠪᠠᠭᠤᠵᠦ ᠲᠠᠯᠠᠯᠭ᠎ᠠ ᠶᠢᠨ ᠴᠠᠢ ᠤᠤᠭᠤᠬᠤ ᠶᠢᠨ ᠲᠠᠭᠠᠤ ᠨᠠᠰᠤᠳᠠᠳ ᠠᠴᠠ ᠡᠬᠢᠯᠡᠨ ᠠᠷᠢᠬᠢ ᠬᠡᠮᠨᠡᠨ᠂ ᠬᠠᠷᠢᠭᠤ ᠢᠷᠦᠭᠡᠯ ᠳᠤ ᠮᠦᠷᠭᠦᠵᠦ ᠲᠠᠭᠤᠤ ᠲᠠᠭᠤᠯᠠᠵᠦ ᠨᠠᠶᠢᠷᠯᠠᠳᠠᠭ᠃ ᠨᠠᠶᠢᠷ ᠤᠨ ᠲᠤᠮᠳᠠ ᠲᠠᠯᠠᠯᠭ᠎ᠠ ᠶᠢᠨ ᠰᠢᠭᠦᠰᠦ ᠤᠭᠤᠴᠠ ᠶᠢ ᠲᠠᠬᠢᠯᠭ᠎ᠠ ᠶᠢᠨ ᠯᠠᠮᠠ ᠪᠠ ᠨᠠᠰᠤᠳᠠᠳ ᠲᠤ ᠠᠮᠬᠠᠷᠠᠭᠤᠯᠬᠤ ᠠᠴᠠ ᠡᠮᠦᠨ᠎ᠡ ᠪᠠᠭᠠᠴᠤᠳ ᠪᠤᠰᠴᠤ ᠬᠠᠰᠢᠭᠠᠳ ᠲᠡᠭᠷᠢ ᠰᠢᠳᠦᠭᠡᠨ᠂ ᠭᠠᠯ ᠭᠤᠯᠤᠮᠳᠠ ᠳᠤ ᠡᠷᠭᠦᠵᠦ ᠪᠠᠷᠠᠭᠠᠳ᠂ ᠤᠭᠤᠴᠠᠨ ᠬᠠᠵᠠᠭᠤ ᠶᠢ ᠬᠡᠤᠬᠡᠳ ᠤᠳ ᠲᠤ ᠲᠦᠭᠡᠭᠡᠵᠦ ᠦᠭᠭᠦᠭᠡᠳ᠂ ᠲᠠᠯᠠᠯᠭ᠎ᠠ ᠶᠢᠨ ᠯᠠᠮᠠ ᠪᠤᠯᠤᠨ ᠨᠠᠰᠤᠳᠠᠳ ᠲᠤ ᠤᠭᠤᠴᠠ ᠪᠠᠨ ᠳᠠᠯᠪᠢᠵᠦ ᠦᠭᠴᠤ ᠠᠮᠰᠠᠭᠤᠯᠤᠭᠠᠳ ᠵᠤᠭᠤᠭᠯᠠᠭᠤᠯᠵᠦ ᠪᠤᠴᠠᠭᠠᠳᠠᠭ᠃ ᠨᠡᠯᠢᠶᠡᠳ ᠨᠠᠶᠢᠷᠠᠯᠠᠭᠰᠠᠨ ᠤ ᠲᠠᠷᠠᠭ᠎ᠠ ᠲᠠᠯᠠᠯᠭ᠎ᠠ ᠶᠢᠨ ᠨᠠᠶᠢᠷ ᠦᠨᠳᠦᠷᠯᠡᠨ᠎ᠡ᠃                ᠭᠤᠷᠪᠠ   ᠶᠢᠰᠦᠨ ᠰᠦᠯᠳᠡ ᠶᠢᠨ ᠲᠠᠯᠠᠯᠭ᠎ᠠ ᠶᠢᠨ ᠰᠠᠩ       ᠶᠢᠷᠳᠢᠨᠴᠤ ᠶᠢᠨ ᠬᠠᠷᠠᠩᠭᠤᠢ ᠶᠢ ᠬᠡᠶᠢᠭᠦᠯᠦᠭᠴᠢ ᠨᠠᠷᠠᠨ ᠰᠠᠷᠠᠨ ᠤ ᠭᠡᠰᠢᠭ ᠢ ᠬᠤᠷᠤᠢ᠂ ᠬᠤᠷᠤᠢ᠂ ᠬᠤᠷᠤᠢ︕      ᠢᠯᠡᠳᠳᠡ ᠬᠦᠰᠡᠯ ᠢ ᠬᠠᠩᠭᠠᠭᠴᠢ ᠴᠢᠨᠳᠠᠮᠤᠨᠢ ᠡᠷᠳᠡᠨᠢ ᠶᠢᠨ ᠭᠡᠰᠢᠭ ᠢ ᠬᠤᠷᠤᠢ᠂ ᠬᠤᠷᠤᠢ᠂ ᠬᠤᠷᠤᠢ︕      ᠬᠠᠨ ᠬᠤᠷᠮᠤᠰᠳᠠ ᠲᠡᠷᠢᠭᠦᠳᠡᠨ ᠲᠡᠭᠷᠢ ᠨᠠᠷ ᠤᠨ ᠭᠡᠰᠢᠭ ᠢ ᠬᠤᠷᠤᠢ᠂ ᠬᠤᠷᠤᠢ᠂ ᠬᠤᠷᠤᠢ︕      ᠬᠠᠮᠤᠭ ᠢ ᠵᠠᠬᠢᠷᠤᠭᠴᠢ ᠬᠠᠭᠠᠳ ᠤᠨ ᠬᠦᠮᠦᠨ ᠤ ᠪᠤᠶᠠᠨ ᠭᠡᠰᠢᠭ ᠢ ᠬᠤᠷᠤᠢ᠂ ᠬᠤᠷᠤᠢ᠂ ᠬᠤᠷᠤᠢ︕      ᠡᠭᠦᠷᠢᠳᠡ ᠬᠤᠷᠢᠮ ᠲᠠᠯᠪᠢᠭᠴᠢ ᠯᠤᠤᠰ ᠤᠨ ᠬᠠᠳ ᠤᠨ ᠭᠡᠰᠢᠭ ᠢ ᠬᠤᠷᠤᠢ᠂ ᠬᠤᠷᠤᠢ᠂ ᠬᠤᠷᠤᠢ︕      ᠡᠳ᠋ ᠤᠯᠵᠠ ᠪᠠᠷ ᠪᠢᠯᠬᠠᠮᠠᠯ ᠶᠠᠭᠴᠢᠰ ᠤᠨ ᠪᠤᠶᠠᠨ ᠭᠡᠰᠢᠭ ᠬᠤᠷᠤᠢ᠂ ᠬᠤᠷᠤᠢ᠂ ᠬᠤᠷᠤᠢ︕      ᠢᠯᠠᠭᠤᠭᠰᠠᠨ ᠭᠡᠰᠡᠷ ᠬᠠᠭᠠᠨ ᠤ ᠴᠡᠷᠢᠭ ᠲᠠᠶᠢᠨ ᠤ ᠭᠡᠰᠢᠭ ᠢ ᠬᠤᠷᠤᠢ᠂ ᠬᠤᠷᠤᠢ᠂ ᠬᠤᠷᠤᠢ︕      ᠢᠵᠠᠭᠤᠷ ᠦᠨᠳᠦᠰᠦ ᠳᠡᠯᠭᠡᠷᠡᠭᠦᠯᠬᠦ ᠤᠯᠠᠨ ᠬᠡᠤᠬᠡᠳ ᠤᠨ ᠭᠡᠰᠢᠭ ᠢ ᠬᠤᠷᠤᠢ᠂ ᠬᠤᠷᠤᠢ᠂ ᠬᠤᠷᠤᠢ︕      ᠢᠮᠠᠭᠳᠠ ᠰᠠᠯᠬᠢᠨ ᠭᠦᠶᠦᠳᠡᠯ ᠲᠠᠢ ᠬᠤᠷᠳᠤᠨ ᠮᠤᠷᠢᠨ ᠤ ᠭᠡᠰᠢᠭ ᠢ ᠬᠤᠷᠤᠢ᠂ ᠬᠤᠷᠤᠢ᠂ ᠬᠤᠷᠤᠢ︕      ᠢᠯᠳᠦ ᠮᠡᠰᠡ ᠳᠤ ᠨᠡᠪᠳᠡᠷᠡᠰᠢ ᠦᠭᠡᠢ ᠬᠤᠶᠠᠭ ᠲᠤᠭᠤᠯᠠᠭ᠎ᠠ ᠶᠢᠨ ᠭᠡᠰᠢᠭ ᠬᠤᠷᠤᠢ᠂ ᠬᠤᠷᠤᠢ᠂ ᠬᠤᠷᠤᠢ︕      ᠪᠦᠬᠦᠨ᠎ᠡ ᠵᠦᠭ ᠲᠤ ᠢᠯᠠᠭᠤᠭᠰᠠᠨ ᠬᠤᠳᠠᠯᠠ ᠲᠡᠭᠦᠰ ᠭᠡᠰᠢᠭ ᠤᠳ ᠬᠤᠷᠤᠢ᠂ ᠬᠤᠷᠤᠢ᠂ ᠬᠤᠷᠤᠢ︕      ᠪᠦᠷᠢᠨ ᠦᠯᠵᠠᠢ ᠬᠤᠲᠤᠭ ᠤᠳ ᠡᠨᠡ ᠤᠷᠤᠨ ᠳᠤ ᠪᠢᠯᠬᠠᠭᠳᠤᠨ ᠬᠤᠷᠤᠢ᠂ ᠬᠤᠷᠤᠢ᠂ ᠬᠤᠷᠤᠢ︕      ᠦᠮᠦᠭ ᠲᠦᠰᠢᠭ ᠤᠨ ᠰᠠᠬᠢᠭᠤᠯᠰᠤᠨ ᠰᠦᠯᠳᠡ ᠲᠡᠭᠷᠢ ᠨᠦᠬᠦᠷ ᠰᠠᠯᠳᠠ      ᠡᠳᠦᠷ ᠭᠤᠷᠪᠠ ᠬᠠᠷᠠᠭᠠᠳ ᠰᠦᠨᠢ ᠭᠤᠷᠪᠠ ᠰᠠᠬᠢᠭᠳᠤᠨ︕      ᠠᠷᠤ ᠠᠴᠠ ᠡᠭᠦᠷᠢᠳᠡ ᠲᠦᠰᠢᠵᠦ ᠡᠮᠦᠨ᠎ᠡ ᠠᠴᠠ ᠦᠷᠭᠦᠯᠵᠢ ᠲᠤᠯᠤᠭᠠᠳ      ᠠᠯᠤᠰ ᠶᠠᠪᠤᠬᠤ ᠳᠤ ᠦᠳᠡᠭᠡᠳ ᠡᠷᠭᠢᠵᠦ ᠢᠷᠡᠬᠦ ᠳᠤ ᠤᠭᠳᠤᠭᠳᠤᠨ︕      ᠬᠦᠨᠦᠭᠡᠯ ᠰᠠᠭᠠᠳ ᠲᠤᠳᠬᠠᠷ ᠪᠠ ᠡᠪᠡᠳᠴᠢᠨ ᠠᠳᠠ ᠠᠴᠠ ᠠᠪᠤᠷᠠᠭᠠᠳ      ᠬᠦᠰᠡᠵᠦ ᠰᠠᠨᠠᠭᠰᠠᠨ ᠵᠦᠢᠯ ᠤᠳ ᠦᠪᠡᠷ ᠢᠶᠠᠨ ᠪᠦᠳᠦᠬᠦ ᠪᠤᠯᠳᠤᠭᠠᠢ︕      ᠲᠠᠯᠠᠯᠭᠠᠨ ᠤ ᠰᠡᠭᠦᠯ ᠳᠤ ᠴᠠᠭᠠᠨ ᠪᠤᠳᠠᠭ᠎ᠠ ᠰᠠᠴᠤᠵᠦ᠂ ᠭᠡᠰᠢᠭ ᠬᠤᠲᠤᠭ ᠲᠤᠭᠳᠠᠬᠤ ᠢᠷᠦᠭᠡᠯ ᠲᠠᠯᠪᠢᠨ᠎ᠠ᠂ ᠡᠭᠦᠨ ᠢ ︽ᠷᠠᠰᠢ ᠡᠷᠭᠦᠨ᠎ᠡ︾ ᠭᠡᠳᠡᠭ᠃ ᠲᠡᠷᠡ ᠠᠶᠢᠯ ᠤᠨ ᠬᠢᠨ ᠲᠠᠯᠠᠯᠭ᠎ᠠ ᠲᠠᠯᠠᠯᠤᠭᠰᠠᠨ ᠡᠳ᠋ ᠢᠳᠡᠭᠡᠨ ᠢ ᠪᠦᠬᠦᠨ ᠢ ᠬᠤᠷᠢᠶᠠᠨ᠎ᠠ᠃ ᠲᠠᠯᠠᠯᠭ᠎ᠠ ᠲᠡᠭᠦᠰᠬᠦ ᠳᠤ ᠲᠠᠬᠢᠯᠭ᠎ᠠ ᠶᠢᠨ ᠯᠠᠮᠠ ᠶᠢᠨ ᠬᠤᠮᠬ᠎ᠠ ᠲᠠᠢ ᠷᠠᠰᠢᠶᠠᠨ ᠢ ᠲᠦᠷᠦᠬᠡ ᠳᠤ ᠬᠢᠭᠰᠡᠨ ᠰᠦ ᠲᠠᠢ ᠤᠰᠤᠨ ᠳᠤ ᠨᠡᠶᠢᠯᠡᠭᠦᠯᠦᠭᠡᠳ ᠮᠤᠷᠢ ᠲᠠᠢ ᠪᠠᠷᠢᠨ ᠮᠤᠷᠳᠡᠵᠦ᠂ ᠬᠤᠷᠢᠶᠠᠭᠰᠠᠨ ᠮᠠᠯ ᠰᠦᠷᠦᠭ ᠤᠨ ᠲᠤᠮᠳᠠᠭᠤᠷ ᠶᠠᠪᠤᠵᠦ ᠰᠢᠨᠠᠭ᠎ᠠ ᠪᠠᠷ ᠷᠠᠰᠢᠶᠠᠨ ᠰᠠᠴᠤᠵᠦ ᠮᠠᠯ ᠰᠦᠷᠦᠭ ᠢᠶᠠᠨ ᠷᠠᠰᠢᠶᠠᠯᠠᠨ᠎ᠠ᠃ ᠢᠩᠬᠢᠭᠡᠳ ᠮᠠᠯ ᠰᠦᠷᠦᠭ ᠢᠶᠠᠨ ᠬᠡᠶᠢᠮᠦᠷᠢ ᠪᠤᠶᠤ ᠭᠡᠰᠢᠭ ᠤᠨ ᠵᠦᠭ ᠲᠡᠭᠡᠨ ᠪᠡᠯᠴᠢᠭᠡᠵᠦ ᠳᠠᠯᠪᠢᠨ᠎ᠡ᠃        ᠠᠰᠢᠭᠯᠠᠭᠰᠠᠨ ᠨᠤᠮ ᠵᠦᠢ             ᠪ᠊᠂ ᠤᠳᠬᠠᠨ ᠤ ︽ᠲᠠᠯᠠᠯᠭ᠎ᠠ ᠲᠠᠯᠠᠯᠬᠤ ᠶᠤᠰᠤᠨ︾             ︽ᠮᠤᠩᠭᠤᠯ ᠵᠠᠩ ᠦᠢᠯᠡ ᠶᠢᠨ ᠨᠡᠪᠳᠡᠷᠬᠡᠢ ᠲᠤᠯᠢ᠂ ᠤᠶᠤᠨ ᠤ ᠪᠤᠳᠢ︾             ᠫ᠊᠂ ᠲᠤᠭᠠᠷ ᠤᠨ ︽ᠮᠤᠩᠭᠤᠯ ᠭᠡᠷ ᠤᠨ ᠰᠤᠶᠤᠯ︾            ᠵᠦᠷᠮᠢᠳ ᠨᠠᠰᠤᠳᠠᠨ ᠤ ᠶᠠᠷᠢᠶ᠎ᠠ            ᠵᠠᠳᠠᠮᠪᠠ ᠨᠠᠰᠤᠳᠠᠨ ᠤ ᠶᠠᠷᠢᠶ᠎ᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号