ᠬᠦᠳᠡᠭᠡ ᠰᠦᠯᠳᠡ ᠶᠢᠨ ᠲᠣᠬᠠᠢ
ᠨᠡᠶᠢᠲᠡᠯᠡᠭᠰᠡᠨ ᠴᠠᠭ᠄
2017/4/27
ᠪᠠᠷᠭᠤᠴᠣᠳ᠂ ᠠ᠊ ᠬᠦᠭᠵᠢᠯᠳᠣ                          ᠬᠦᠳᠡᠭᠡ ᠰᠦᠯᠳᠡ ᠶᠢᠨ ᠲᠣᠬᠠᠢ      ᠮᠠᠨᠵᠣ ᠴᠢᠩ ᠣᠯᠣᠰ ᠤᠨ ᠡᠩᠬᠡ ᠠᠮᠣᠭᠤᠯᠠᠩ ᠬᠠᠭᠠᠨ ᠤ ᠦᠶ᠎ᠡ ︵1690 ᠭᠡᠳ ᠣᠨ︶ ᠳᠤ᠂ ᠣᠶᠢᠷᠠᠳ  ᠤᠨ ᠭᠠᠯᠳᠠᠨ ᠪᠣᠱᠣᠭᠳᠣ ᠬᠠᠭᠠᠨ ᠮᠠᠨᠵᠣ ᠶᠢᠨ ᠡᠰᠡᠷᠭᠦ ᠪᠠᠶᠢᠯᠳᠣᠭᠠᠨ ᠳᠤ ᠶᠠᠪᠣᠵᠣ ᠪᠠᠶᠢᠭᠠᠳ ᠲᠣᠬᠠᠢ ᠶᠢᠨ ᠦᠶ᠎ᠡ  ᠳᠡᠭᠡᠨ ᠢᠯᠠᠭᠳᠠᠵᠣ᠂ ᠣᠬᠤᠷᠢᠨ ᠵᠢᠭᠤᠳᠠᠬᠤ ᠳᠠᠭᠠᠨ ᠦᠵᠦᠮᠦᠴᠢᠨ ᠵᠡᠭᠦᠨ ᠭᠠᠷᠣᠨ ᠬᠤᠰᠢᠭᠤᠨ ᠤ ᠵᠡᠭᠦᠨ ᠵᠠᠬ᠎ᠠ  ᠶᠢᠨ ᠨᠣᠳᠤᠭ ᠪᠣᠯᠬᠤ ᠰᠧᠶᠡᠯᠵᠢ ᠶᠢᠨ ᠭᠤᠣᠯ ᠳᠤ ᠴᠡᠷᠢᠭ ᠤᠳ ᠲᠡᠭᠡᠨ ᠲᠠᠬᠢᠵᠣ ᠰᠢᠳᠣᠵᠣ ᠶᠠᠪᠣᠭᠰᠠᠨ ᠰᠡᠣᠬᠡ ᠲᠡᠷᠭᠡ ᠲᠠᠢ ᠰᠦᠯᠳᠡ ᠪᠠᠨ ᠰᠢᠪᠡᠷ ᠲᠤ ᠰᠠᠭᠤᠯᠭᠠᠭᠠᠳ ᠣᠷᠬᠢᠵᠣ ᠶᠠᠪᠣᠭᠰᠠᠨ ᠪᠠᠶᠢᠵᠠᠢ ᠭᠡᠳᠡᠭ᠃                ᠲᠣᠬᠠᠢ ᠶᠢᠨ ᠦᠶ᠎ᠡ ᠳᠤ ᠰᠧᠶᠡᠯᠵᠢ ᠶᠢᠨ ᠭᠤᠣᠯ ᠢᠶᠠᠷ ᠨᠣᠳᠣᠭᠯᠠᠵᠣ ᠪᠠᠶᠢᠭᠰᠠᠨ ᠦᠵᠦᠮᠦᠴᠢᠨ ᠵᠡᠬᠦᠨ ᠭᠠᠷᠣᠨ ᠬᠤᠰᠢᠭᠤᠨ ᠤ ᠮᠠᠯᠴᠢᠨ ᠢᠨᠳᠡᠷ᠎ᠡ ᠭᠡᠳᠡᠭ ᠲᠠᠶᠢᠵᠢ ᠬᠦᠮᠦᠨ ᠡᠨᠡ ᠰᠡᠣᠬᠡ ᠲᠡᠷᠭᠡ ᠲᠠᠢ ᠰᠦᠯᠳᠡ ᠶᠢ ᠰᠢᠪᠡᠷ  ᠠᠴᠠ ᠲᠠᠳᠠᠵᠣ ᠭᠠᠷᠭᠠᠭᠠᠳ ᠭᠠᠳᠠᠨ᠎ᠠ ᠪᠠᠨ ᠠᠪᠴᠢᠷᠠᠭᠠᠳ ᠲᠠᠬᠢᠵᠣ ᠰᠢᠳᠣᠵᠣ ᠪᠠᠶᠢᠬᠤ ᠳᠤᠨᠢ ᠲᠣᠰ ᠬᠤᠰᠢᠭᠤᠨ ᠤ ᠵᠠᠰᠠᠭ ᠨᠣᠶᠠᠨ ᠡᠷᠳᠡᠨᠢ ᠪᠡᠶᠢᠯᠡ ᠪᠣᠮᠪᠠ ᠵᠠᠷᠯᠢᠭ ᠪᠠᠭᠤᠯᠭᠠᠵᠣ ᠢᠨᠳᠡᠷ᠎ᠡ ᠲᠠᠶᠢᠵᠢ ᠶᠢ ᠦᠶ᠎ᠡ ᠶᠢᠨ ᠦᠶ᠎ᠡ ᠳᠤ ᠬᠠᠳᠠᠭᠠᠯᠠᠵᠣ᠂ ᠬᠠᠮᠠᠭᠠᠯᠠᠨ ᠲᠠᠬᠢᠵᠣ ᠰᠢᠳᠣᠵᠣ ᠪᠠᠢ ᠭᠡᠵᠣ ᠡᠨᠡ ᠬᠦᠮᠦᠨ ᠳᠤ ︽ᠰᠦᠯᠳᠡ ᠶᠢᠨ ᠵᠠᠩᠬᠢ︾ ᠭᠡᠰᠡᠨ ᠴᠣᠯᠠ ᠡᠷᠭᠦᠮᠵᠢᠯᠡᠨ ᠦᠭᠴᠣ ᠬᠡᠳᠡᠭ ᠪᠢᠯᠡ︕                ᠡᠭᠦᠨ ᠠᠴᠠ ᠬᠤᠶᠢᠰᠢ ᠬᠦᠳᠡᠭᠡ ᠰᠦᠯᠳᠡ ᠭᠡᠵᠣ ᠨᠡᠷᠡᠯᠡᠭᠡᠳ ᠦᠵᠦᠮᠦᠴᠢᠨ ᠵᠡᠭᠦᠨ ᠭᠠᠷᠣᠨ ᠬᠤᠰᠢᠭᠤᠨ ᠳᠤ ᠣᠯᠠᠨ ᠢᠶᠠᠷ ᠲᠠᠬᠢᠳᠠᠭ ᠰᠢᠳᠣᠭᠡᠨ ᠪᠣᠯᠭᠠᠵᠠᠢ᠃ ᠬᠤᠰᠢᠭᠤ ᠵᠠᠰᠠᠭ ᠨᠣᠶᠠᠨ ᠤ ᠳᠤ ᠲᠠᠬᠢᠳᠠᠭ ︽ᠣᠷᠳᠣᠨ ᠰᠦᠯᠳᠡ︾ ᠭᠡᠵᠣ ᠪᠠᠶᠢᠭᠰᠠᠨ ᠤ ᠣᠴᠢᠷ᠂ ᠡᠨᠡ ᠬᠦ ᠰᠦᠯᠳᠡ ᠶᠢ ︽ᠬᠦᠳᠡᠭᠡ ᠰᠦᠯᠳᠡ︾ ᠬᠡᠮᠡᠨ ᠨᠡᠷᠡᠶᠢᠳᠴᠤ ᠬᠡᠨ᠎ᠡ᠃               ︽ᠬᠦᠳᠡᠭᠡ ᠰᠦᠯᠳᠡ︾ ᠶᠢ ᠣᠯᠠᠨ ᠨᠡᠶᠢᠳᠡ ᠶᠢᠨ ᠲᠣᠮᠳᠠ᠂ ᠴᠢᠩᠬᠢᠰ ᠬᠠᠭᠠᠨ ᠤ ᠮᠣᠷᠢᠨ ᠤ ᠡᠮᠡᠭᠡᠯ ᠤᠨ ᠠᠯᠳᠠᠨ ᠲᠦᠷᠦᠭᠡ ᠭᠡᠭᠦ ᠲᠣᠮᠤᠭ ᠶᠠᠷᠢᠶ᠎ᠠ ᠦᠶ᠎ᠡ ᠶᠢᠨ ᠦᠶ᠎ᠡ ᠣᠯᠠᠮᠵᠢᠯᠠᠭᠳᠠᠵᠣ ᠢᠷᠡᠵᠡᠢ᠃  ᠡᠨᠡ ᠬᠦ ᠰᠡᠣᠬᠡ ᠲᠣᠳᠣᠷ᠎ᠠ ᠬᠠᠳᠠᠭ ᠢᠶᠠᠷ ᠠᠯᠳᠠᠨ ᠲᠦᠷᠣᠭᠡ ᠪᠠᠨ ᠣᠯᠠᠨ ᠲᠠᠪᠬᠤᠷ ᠣᠷᠢᠶᠠᠵᠣ ᠪᠠᠶᠢᠷᠢᠯᠠᠭᠤᠯᠣᠭᠰᠠᠨ ᠪᠠᠶᠢᠵᠣ᠂ ᠦᠩᠭᠡ ᠶᠢᠨ ᠲᠣᠷᠭᠠᠨ ᠬᠠᠳᠠᠭ ᠣᠨᠵᠠᠶᠢᠯᠭᠠᠭᠠᠳ ᠲᠠᠳᠠᠴᠢᠬᠠᠭᠰᠠᠨ ᠪᠢᠳᠡᠭᠦᠣ ᠬᠦᠰᠢᠭᠡ ᠶᠢᠨ ᠴᠠᠭᠠᠨ᠎ᠠ ᠨᠢ ᠲᠠᠬᠢᠯᠭ᠎ᠠ  ᠶᠢᠨ ᠮᠦᠩᠬᠦᠨ ᠲᠠᠬᠢᠯ᠂ ᠵᠣᠯᠠ ᠶᠢᠨ ᠴᠦᠴᠣᠭᠡᠢ᠂ ᠠᠷᠴᠠ ᠬᠦᠵᠢ ᠰᠠᠩ ᠤᠨ ᠪᠤᠶᠢᠪᠤᠷ᠂ ᠵᠣᠯᠠ ᠶᠢᠨ ᠲᠣᠰᠣ ᠵᠡᠷᠭᠡ ᠲᠠᠬᠢᠯᠭ᠎ᠠ ᠰᠢᠳᠣᠭᠡᠨ ᠤ ᠬᠡᠷᠡᠭᠰᠡᠯ ᠢ ᠨᠢ ᠬᠠᠮᠳᠣ ᠪᠠᠶᠢᠯᠭᠠᠵᠣ ᠪᠠᠶᠢᠳᠠᠭ ᠮᠦᠷᠳᠡᠭᠡᠨ ᠦᠷᠭᠦᠯᠵᠢ ᠰᠦᠯᠳᠡ ᠶᠢᠨ ᠬᠠᠮ ᠲᠡᠷᠭᠡ ᠪᠠᠨ ᠭᠡᠷ ᠠᠴᠠ ᠪᠠᠨ ᠡᠮᠣᠨᠡᠰᠢ ᠨᠢᠭᠡ ᠭᠠᠵᠠᠷ ᠤᠨ ᠵᠠᠢ ᠳᠤ ᠪᠠᠶᠢᠯᠭᠠᠵᠣ᠂ ᠡᠳᠣᠷ ᠰᠦᠨᠢ ᠦᠭᠡᠢ ᠰᠠᠬᠢᠨ ᠬᠠᠮᠠᠭᠠᠯᠠᠳᠠᠭ ᠪᠦᠬᠡᠳ ᠨᠡᠭᠦᠵᠦ ᠲᠠᠪᠰᠢᠬᠦ ᠦᠶ᠎ᠡ ᠳᠡᠭᠡᠨ ᠰᠦᠯᠳᠡ ᠶᠢᠨ ᠵᠠᠩᠬᠢ ᠨᠢ ᠲᠡᠷᠡ ᠬᠠᠮ ᠲᠡᠷᠭᠡᠨ ᠳᠤ ᠮᠣᠷᠢ ᠬᠦᠯᠵᠦ ᠬᠦᠳᠣᠯᠣᠨ ᠶᠠᠪᠣᠳᠠᠭ ᠪᠠᠶᠢᠵᠠᠢ᠃  ᠵᠢᠯ ᠪᠦᠷᠢ ᠶᠢᠨ ᠪᠢᠯᠢᠭ ᠤᠨ ᠣᠯᠠᠷᠢᠯ ᠤᠨ ᠲᠣᠯᠣᠭᠠᠨ ᠰᠠᠷ᠎ᠠ ᠳᠤ ᠮᠣᠷᠢᠨ ᠡᠳᠣᠷ ᠢ ᠲᠣᠬᠢᠶᠠᠯᠳᠣᠭᠤᠯᠣᠨ ᠲᠠᠬᠢᠳᠠᠭ ᠬᠡᠰᠡᠨ᠃  ᠲᠡᠷᠡᠴᠢᠯᠡᠨ᠂ ᠨᠣᠳᠤᠭ ᠤᠨ ᠮᠠᠯᠴᠢᠳ ᠤᠨ ᠠᠳᠣᠭᠤ  ᠲᠠᠢ ᠪᠦᠬᠦᠨ ᠡᠨᠡ ᠰᠦᠯᠳᠡ ᠳᠤ ᠨᠢᠬᠡ ᠠᠴᠠ ᠭᠡᠳᠣᠨ ᠡᠷ᠎ᠡ ᠮᠣᠷᠢ ᠣᠩᠭᠤᠯᠠᠵᠣ᠂ ᠲᠠᠬᠢᠯᠭ᠎ᠠ ᠶᠢᠨ ᠦᠶ᠎ᠡ ᠳᠤ ᠬᠠᠳᠠᠭ ᠢᠶᠠᠷ ᠣᠷᠢᠶᠠᠭᠰᠠᠨ ᠰᠦᠯᠳᠡ ᠪᠠᠨ ᠨᠢᠭᠡ ᠬᠠᠳᠠᠭ ᠢᠶᠠᠷ ᠨᠡᠮᠡᠵᠣ ᠣᠷᠢᠶᠠᠳᠠᠭ ᠮᠦᠷᠳᠡᠭᠡᠨ ᠪᠠᠰᠠ ︽ᠴᠢᠩᠬᠢᠰ  ᠤᠨ ᠰᠠᠩ︾ ᠢ ᠣᠩᠰᠢᠬᠤ ᠵᠠᠩᠰᠢᠯ ᠲᠠᠢ ᠪᠠᠶᠢᠭᠰᠠᠨ ᠭᠡᠯᠴᠡᠳᠡᠭ᠃        ᠡᠶᠢᠨ ᠬᠦ ᠴᠢᠩᠬᠢᠰ ᠬᠠᠭᠠᠨ ᠤ ᠮᠣᠷᠢᠨ ᠡᠮᠡᠭᠡᠯ ᠤᠨ ᠠᠯᠳᠠᠨ ᠲᠦᠷᠦᠭᠡ ᠶᠢ ᠲᠠᠬᠢᠭᠰᠠᠨ ᠢᠶᠠᠷ ᠦᠵᠦᠮᠦᠴᠢᠨ ᠵᠡᠭᠦᠨ ᠭᠠᠷᠣᠨ ᠬᠤᠰᠢᠭᠤᠨ ᠤ ᠠᠳᠣᠭᠤᠨ ᠳᠤᠨᠢ ᠵᠢᠷᠤᠭ᠎ᠠ ᠰᠠᠶᠢᠳᠠᠢ᠂ ᠬᠦᠮᠦᠰ ᠨᠢ ᠣᠷᠭᠠᠴᠢ ᠪᠠᠷ ᠨᠡᠷᠡᠳᠡᠢ᠂ ᠪᠦᠬᠡ ᠪᠡᠯᠬᠦᠳᠡᠢ ᠶᠢᠨ ᠵᠣᠳᠤᠭ ᠢ ᠲᠠᠬᠢᠭᠰᠠᠨ ᠢᠶᠠᠷ ᠦᠵᠦᠮᠦᠴᠢᠨ ᠪᠠᠷᠠᠭᠤᠨ ᠭᠠᠷᠣᠨ ᠬᠤᠰᠢᠭᠤ ᠪᠦᠬᠡ ᠰᠠᠶᠢᠳᠡᠢ᠂ ᠪᠡᠶᠢᠯᠡ  ᠶᠢᠨ ᠬᠤᠶᠠᠷ ᠬᠦᠮᠦᠨ ᠶᠠᠪᠣᠪᠠᠯ ᠨᠢᠭᠡ ᠨᠢ ᠣᠷᠭᠠᠴᠢ᠂  ᠸᠠᠩᠭᠠᠢ ᠶᠢᠨ ᠬᠤᠶᠡᠷ ᠬᠦᠮᠦᠨ ᠶᠠᠪᠣᠪᠠᠯ ᠨᠢᠭᠡ ᠨᠢ ᠪᠦᠬᠡ ᠭᠡᠳᠡᠭ ᠬᠠᠭᠤᠴᠢ ᠶᠠᠷᠢᠶ᠎ᠠ ᠦᠶ᠎ᠡ ᠣᠯᠠᠷᠢᠨ ᠦᠵᠦᠮᠦᠴᠢᠨ ᠠᠷᠠᠳ ᠤᠨ ᠲᠣᠮᠳᠠ ᠲᠣᠮᠤᠭ ᠪᠣᠯᠵᠣ ᠶᠠᠷᠢᠭᠳᠠᠳᠠᠭ ᠠᠵᠠᠢ ᠃  
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号