ᠤᠷᠢᠶᠠᠩᠬᠠᠨ ᠤ᠂ ᠶᠤᠨᠳᠤᠨ | | ᠦᠵᠦᠮᠦᠴᠢᠨ ᠤ ᠮᠡᠨᠳᠦᠴᠢᠯᠡᠬᠦ ᠶᠤᠰᠤᠨ ᠪᠠ ᠪᠢᠳᠡᠭᠦᠯᠡᠵᠦ ᠰᠢᠨᠡᠯᠡᠬᠦ ᠵᠠᠩ ᠦᠢᠯᠡ | ᠪᠢᠳᠡᠭᠦᠯᠡᠵᠦ ᠰᠢᠨᠡᠯᠡᠬᠦ ᠪᠤᠯ ᠮᠤᠩᠭᠤᠯᠴᠦᠳ ᠤᠨ ᠰᠠᠷ᠎ᠠ ᠰᠢᠨ᠎ᠡ ᠶᠢᠨ ᠬᠤᠭᠤᠴᠠᠭᠠᠨ ᠳᠠᠬᠢ ᠨᠢᠭᠡ ᠵᠢᠯ ᠤᠨ | ᠠᠵᠢᠯ ᠦᠢᠯᠡᠰ ᠦᠭᠡᠳᠡ ᠡᠰᠡᠷᠡᠭ ᠡᠷᠦᠭᠡ ᠭᠡᠷ ᠤᠨ ᠬᠦᠮᠦᠨ ᠵᠤᠨ ᠤ ᠵᠤᠯ ᠵᠢᠷᠭᠠᠯ ᠦᠯᠵᠠᠢ ᠪᠡᠯᠭᠡ ᠲᠠᠢ᠂ ᠤᠷᠳᠤ | ᠨᠠᠰᠤᠯᠠᠨ ᠤᠳᠠᠭᠠᠨ ᠵᠢᠷᠭᠠᠬᠤ ᠪᠠ ᠮᠠᠯ ᠰᠦᠷᠦᠭ ᠤᠨ ᠦᠨᠢᠷ ᠦᠰᠦᠯᠳᠡ ᠤᠯᠬᠤ᠂ ᠨᠡᠶᠢᠳᠡ ᠪᠠᠷ ᠠᠮᠤᠭᠤᠯᠠᠩ | ᠡᠩᠬᠡ ᠪᠠᠶᠢᠬᠤ ᠪᠠᠨ ᠵᠦᠩᠨᠡᠭᠰᠡᠨ ᠨᠡᠶᠢᠳᠡᠮ ᠤᠨ ᠴᠢᠨᠠᠷ ᠲᠠᠢ ᠦᠪᠡᠳᠡᠭᠰᠢ ᠶᠡᠭᠡ ᠪᠡᠯᠭᠡᠯᠡᠬᠦ ᠠᠵᠢᠯᠯᠠᠭ᠎ᠠ ᠪᠤᠯᠤᠨ᠎ᠠ᠃ | ᠡᠭᠦᠨ ᠳᠤ ᠦᠵᠦᠮᠦᠴᠢᠨ ᠠᠶᠢᠮᠠᠭ ᠤᠨ ᠪᠢᠳᠡᠭᠦᠯᠡᠵᠦ ᠰᠢᠨᠡᠯᠡᠬᠦ ᠶᠤᠰᠤᠨ ᠪᠤᠯ ᠬᠠᠭᠤᠴᠢᠨ ᠵᠢᠯ ᠤᠨ ᠡᠴᠦᠰ ᠤᠨ ᠨᠢᠭᠡ | ᠡᠳᠦᠷ ᠪᠠ ᠰᠢᠨ᠎ᠡ ᠵᠢᠯ ᠤᠨ ᠡᠬᠢᠨ ᠤ ᠨᠢᠭᠡᠨ ᠡᠳᠦᠷ ᠢ ᠪᠠᠶᠠᠷᠯᠠᠨ ᠲᠤᠷᠡᠰᠬᠠᠬᠤ ᠤᠯᠠᠮᠵᠢᠯᠠᠯᠳᠦ ᠦᠢᠯᠡ | ᠠᠵᠢᠯᠯᠠᠭ᠎ᠠ ᠶᠢᠨ ᠭᠤᠤᠯ ᠬᠡᠯᠪᠡᠷᠢ ᠪᠤᠯᠵᠦ ᠪᠠᠶᠢᠳᠠᠭ᠃ ᠲᠡᠭᠡᠪᠡᠴᠦ ᠰᠢᠨᠡᠯᠡᠬᠦ ᠰᠠᠷ᠎ᠠ ᠰᠢᠨ᠎ᠡ ᠳᠤ ᠵᠤᠷᠢᠭᠤᠯᠤᠭᠰᠠᠨ | ᠦᠢᠯᠡ ᠠᠵᠢᠯᠯᠠᠭ᠎ᠠ ᠨᠢ ᠪᠠᠷᠤᠭ ᠰᠠᠷ᠎ᠠ ᠰᠢᠬᠠᠮ ᠤᠨ ᠴᠠᠭ ᠬᠤᠭᠤᠴᠠᠭ᠎ᠠ ᠬᠡᠷᠡᠭᠰᠡᠳᠡᠭ ᠶᠤᠮ᠃ ᠰᠠᠷ᠎ᠠ ᠰᠢᠨ᠎ᠡ ᠶᠢᠨ | ᠠᠵᠢᠯᠯᠠᠭ᠎ᠠ ᠨᠢ ᠬᠦᠭᠡ ᠰᠠᠷ᠎ᠠ ᠶᠢᠨ ᠭᠠᠯ ᠲᠠᠬᠢᠯᠭ᠎ᠠ ᠠᠴᠠ ᠡᠬᠢᠯᠡᠵᠦ᠂ ᠰᠢᠨ᠎ᠡ ᠨᠤᠲᠤᠭ ᠰᠡᠷᠭᠦᠵᠦ ᠪᠠᠭᠤᠬᠤ᠂ | ᠰᠢᠨ᠎ᠡ ᠶᠢᠨ ᠮᠤᠷᠢᠳ ᠢᠶᠠᠨ ᠬᠦᠩᠭᠡᠷᠡᠭᠡᠬᠦ᠂ ᠬᠡᠤᠬᠡᠨ ᠦᠷ᠎ᠡ ᠪᠠᠨ ᠡᠷᠬᠢᠵᠦ ᠦᠵᠡᠬᠦ᠂ ᠠᠬᠠᠮᠠᠳ ᠨᠠᠰᠤᠳᠠᠳ ᠤᠨ ᠵᠢᠯ | ᠤᠰᠤᠨ ᠢ ᠤᠷᠤᠭᠤᠯᠬᠤ᠂ ᠵᠠᠰᠠᠯ ᠤᠨ ᠬᠤᠪᠴᠠᠰᠦ ᠬᠤᠨᠠᠷ ᠢᠶᠠᠨ ᠪᠡᠯᠡᠳᠦᠬᠦ᠂ ᠰᠢᠨ᠎ᠡ ᠶᠢᠨ ᠪᠤᠤᠪᠤ ᠬᠠᠭᠠᠷᠢᠬᠤ ᠪᠠ | ᠤᠭᠤᠴᠠ ᠰᠢᠭᠦᠰᠦ ᠪᠠᠨ ᠪᠤᠯᠭᠤᠬᠤ᠂ ᠪᠠᠩᠰᠢ ᠪᠤᠤᠵᠠ ᠪᠠᠨ ᠪᠤᠭᠤᠵᠦ ᠲᠠᠯᠪᠢᠬᠤ᠂ ᠰᠢᠨ᠎ᠡ ᠶᠢᠨ ᠬᠤᠪᠢ ᠲᠦᠭᠡᠭᠡᠬᠦ᠂ | ᠠᠯᠳᠠᠨ ︵ᠲᠡᠭᠷᠢ︶ ᠤᠪᠤᠭ᠎ᠠ ᠪᠠᠨ ᠪᠤᠰᠬᠠᠬᠤ᠂ ᠪᠤᠷᠬᠠᠨ ᠲᠠᠬᠢᠯ ᠢᠶᠠᠨ ᠵᠠᠰᠠᠬᠤ᠂ ᠪᠢᠳᠡᠭᠦᠨ ᠤ ᠴᠠᠢ ᠤᠤᠭᠤᠯᠭᠠᠬᠤ᠂ | ᠰᠢᠨᠡᠯᠡᠵᠦ ᠮᠠᠨᠳᠤᠴᠢᠯᠠᠨ ᠵᠤᠯᠭᠠᠬᠤ᠂ ᠰᠢᠨ᠎ᠡ ᠶᠢᠨ ᠴᠠᠢ ᠤᠤᠭᠤᠯᠭᠠᠬᠤ ᠵᠡᠷᠭᠡ ᠮᠠᠰᠢ ᠤᠯᠠᠨ ᠵᠠᠩ ᠦᠢᠯᠡ ᠶᠢ ᠬᠢᠵᠦ | ᠭᠦᠢᠴᠡᠳᠭᠡᠳᠡᠭ ᠤᠴᠢᠷᠳᠡᠢ ᠪᠠᠶᠢᠳᠠᠭ᠃ | ᠰᠢᠨ᠎ᠡ ᠨᠤᠲᠤᠭ ᠰᠡᠷᠭᠦᠵᠦ ᠪᠠᠭᠤᠬᠤ — ᠦᠵᠦᠮᠦᠴᠢᠨ ᠮᠠᠯᠴᠢᠳ ᠰᠠᠷ᠎ᠠ ᠰᠢᠨ᠎ᠡ ᠪᠤᠯᠬᠤ ᠤᠶᠢᠷᠠᠳᠤᠬᠤ ᠳᠤ | ᠨᠤᠲᠤᠭ ᠰᠡᠷᠭᠦᠵᠦ ᠪᠠᠭᠤᠳᠠᠭ᠂ ᠠᠷᠢᠭᠤᠨ ᠴᠡᠪᠡᠷ ᠨᠤᠲᠤᠭ ᠪᠡᠯᠴᠢᠭᠡᠷ ᠰᠡᠷᠭᠦᠭᠡᠬᠦ ᠪᠤᠯ ᠬᠠᠭᠤᠴᠢᠨ ᠰᠢᠷᠦᠢ | ᠲᠤᠭᠤᠰᠤ ᠪᠠᠨ ᠭᠦᠪᠢᠵᠦ᠂ ᠠᠯᠢᠪᠠ ᠪᠤᠵᠠᠷ ᠮᠠᠭᠤᠬᠠᠢ ᠵᠦᠢᠯ ᠢ ᠤᠷᠬᠢᠵᠦ᠂ ᠠᠷᠢᠭᠤᠨ ᠴᠡᠪᠡᠷ ᠦᠯᠵᠠᠢ ᠪᠡᠯᠭᠡ ᠲᠠᠢ | ᠪᠠᠶᠢᠬᠤ ᠶᠢ ᠪᠡᠯᠭᠡᠳᠡᠭᠰᠡᠨ ᠶᠠᠪᠤᠳᠠᠯ ᠶᠤᠮ᠂ ᠰᠢᠨ᠎ᠡ ᠰᠤᠷᠭᠤᠭ ᠤᠷᠴᠢᠨ ᠲᠤᠭᠤᠷᠢᠨ ᠳᠤ ᠬᠦᠮᠦᠨ ᠪᠦᠬᠦᠳᠡ ᠰᠡᠳᠭᠢᠯ | ᠲᠠᠭᠠᠯᠠᠮᠵᠢᠳᠠᠢ᠂ ᠮᠠᠯ ᠰᠦᠷᠦᠭ ᠦᠶᠦᠭ ᠴᠠᠳᠬᠤᠯᠠᠩ ᠪᠠᠶᠢᠬᠤ ᠪᠤᠯᠤᠨ᠎ᠠ᠃ ᠰᠢᠨ᠎ᠡ ᠨᠤᠲᠤᠭ ᠪᠠᠭᠤᠬᠤ ᠳᠠᠭᠠᠨ | ᠭᠡᠷ ᠤᠨ ᠲᠤᠭᠤᠨᠤ ᠤᠨᠢ ᠪᠠᠨ ᠠᠷᠴᠢᠨ ᠵᠦᠯᠭᠦᠵᠦ᠂ ᠰᠢᠨ᠎ᠡ ᠪᠦᠷᠢᠶᠠᠰᠦ ᠨᠤᠮᠦᠷᠭᠡᠨ ᠤᠯᠤᠩ ᠤᠭᠤᠰᠤᠷ ᠢᠶᠠᠨ | ᠰᠢᠨᠡᠳᠭᠡᠵᠦ ᠪᠦᠰᠡᠯᠡᠬᠦ᠂ ᠰᠢᠨ᠎ᠡ ᠭᠦᠰᠢᠭᠡ ᠲᠠᠳᠠᠵᠦ᠂ ᠰᠢᠨ᠎ᠡ ᠰᠢᠷᠳᠡᠭ ᠭᠡᠪᠢᠰ ᠲᠠᠪᠢᠰᠳᠡᠭ᠃ ᠰᠢᠨ᠎ᠡ ᠨᠤᠲᠤᠭ | ᠪᠠᠭᠤᠭᠰᠠᠨ ᠢᠶᠠᠷ ᠮᠠᠯ ᠤᠨ ᠪᠡᠯᠴᠢᠭᠡᠮᠵᠢ ᠤᠶᠢᠷᠠᠳᠤᠵᠦ᠂ ᠮᠤᠷᠢ ᠠᠷᠭᠠᠮᠵᠢᠵᠦ ᠬᠤᠨᠤᠬᠤ ᠳᠤ ᠴᠤ ᠲᠦᠬᠦᠮ ᠪᠤᠯᠳᠠᠭ᠃ | ᠰᠢᠨ᠎ᠡ ᠶᠢᠨ ᠮᠤᠷᠢᠳ ᠢᠶᠠᠨ ᠬᠦᠩᠭᠡᠷᠡᠭᠡᠬᠦ — ᠮᠠᠯᠴᠢᠳ ᠶᠠᠷᠤ ᠨᠢ ᠤᠨᠤᠭᠠᠷᠢ ᠶᠢᠨ ᠮᠤᠷᠢᠳ ᠢᠶᠠᠨ | ᠤᠯᠠᠷᠢᠯ ᠢᠶᠠᠷ ᠤᠨᠤᠵᠦ ᠡᠳ᠋ᠯᠡᠳᠡᠭ᠂ ᠡᠪᠤᠯ ᠬᠠᠪᠤᠷ ᠤᠨ ᠤᠨᠤᠬᠤ ᠮᠤᠷᠢᠳ ᠤᠯᠠᠩᠬᠢ ᠳᠠᠭᠠᠨ ᠲᠠᠷᠭᠤᠨ ᠴᠠᠳᠬᠤᠯᠠᠩ | ᠪᠠᠶᠢᠳᠠᠭ ᠢᠶᠠᠷ ᠬᠠᠭᠠᠰ ᠰᠠᠷ᠎ᠠ ᠶᠢᠨ ᠡᠮᠦᠨ᠎ᠡ ᠪᠠᠷᠢᠵᠦ ᠬᠦᠩᠭᠡᠷᠡᠭᠡᠬᠦ ᠠᠵᠦ ᠲᠠᠢ ᠪᠠᠶᠢᠳᠠᠭ᠃ ᠢᠩᠭᠢᠪᠡᠯ ᠮᠤᠷᠢᠨ ᠤ | ᠠᠮᠢᠰᠬᠤᠭ᠎ᠠ ᠠᠭᠤᠵᠢᠮᠳᠠᠬᠤ᠂ ᠬᠦᠴᠦ ᠲᠠᠷᠭᠤ ᠨᠢ ᠲᠤᠭᠳᠠᠭᠤᠨ ᠪᠤᠯᠵᠦ ᠴᠢᠩᠭᠠᠷᠠᠳᠠᠭ᠃ ᠡᠶᠢᠮᠦ ᠪᠠᠷ ᠲᠠᠪᠬᠢᠬᠤ ᠳᠤ | ᠲᠡᠭᠡᠭᠡᠷ᠎ᠡ ᠦᠭᠡᠢ ᠪᠤᠯᠳᠠᠭ᠃ ᠰᠠᠷ᠎ᠠ ᠰᠢᠨ᠎ᠡ ᠶᠢᠨ ᠪᠠᠶᠠᠷ ᠲᠤ᠂ ᠦᠵᠣᠮᠣᠴᠢᠨ ᠨᠣᠳᠤᠭ ᠲᠤ ᠤᠶᠢᠷ᠎ᠠ ᠤᠷᠴᠢᠮ ᠤᠨ | ᠠᠶᠢᠯ ᠡᠷᠣᠬᠡ ᠪᠠᠷ ᠢᠯᠭᠠᠯ ᠦᠭᠡᠢ ᠳᠠᠷᠠᠭᠠᠯᠠᠨ ᠣᠷᠣᠵᠣ ᠰᠢᠨ᠎ᠡ ᠶᠢᠨ ᠵᠣᠯᠭᠠᠯᠳᠠ ᠬᠢᠳᠡᠭ ᠤᠴᠢᠷ ᠲᠠᠢ᠂ ᠭᠡᠬᠦ ᠳᠡᠭᠡᠨ | ᠠᠶᠢᠯ ᠡᠷᠦᠬᠡ ᠶᠢᠨ ᠬᠤᠯᠠ ᠤᠶᠢᠷ᠎ᠠ ᠶᠢᠨ ᠬᠤᠭᠤᠷᠤᠳᠤᠬᠢ ᠵᠠᠢ ᠨᠢ ᠠᠳᠠᠯᠢ ᠦᠭᠡᠢ ᠪᠤᠯᠬᠤᠷ ᠮᠤᠷᠢᠨ | ᠬᠤᠷᠤᠬᠠᠶᠢᠳᠠᠳ ᠤᠨ ᠮᠤᠷᠢᠨ ᠤ ᠬᠤᠷᠳᠤ ᠪᠠ ᠲᠠᠭᠠᠭᠠᠴᠠ ᠪᠠᠨ ᠮᠡᠳᠡᠭᠡᠯᠴᠡᠵᠦ᠂ ᠠᠶᠠᠨᠳᠠᠭᠠᠨ ᠮᠣᠷᠢᠨ ᠤ ᠬᠤᠷᠳᠣᠨ᠂ | ᠮᠣᠷᠢᠨ ᠤ ᠴᠢᠳᠠᠯ ᠬᠦᠴᠥᠨ ᠢ ᠠᠳ᠋ᠨᠯᠢᠳᠬᠠᠨ ᠢᠯᠡᠷᠡᠬᠦᠯᠬᠦ ᠰᠠᠶᠢᠬᠠᠨ ᠳᠣᠬᠢᠶᠠᠯ ᠪᠣᠯᠳᠠᠭ᠃ ᠡᠭᠦᠨ ᠢᠶᠠᠷ ᠬᠤᠷᠳᠤᠨ | ᠮᠤᠷᠢᠨ ᠤ ᠵᠤᠭᠤᠭ ᠲᠡᠯᠭᠡᠭᠳᠡᠵᠦ᠂ ᠨᠡᠩ ᠢᠯᠠᠩᠭᠤᠶ᠎ᠠ ᠭᠦᠶᠦᠳᠡᠭ ᠤᠳᠤᠮ ᠤᠨ ᠠᠳᠤᠭᠤ ᠲᠠᠢ ᠠᠶᠢᠯ ᠤᠨ ᠠᠭᠳᠠ | ᠮᠤᠷᠢᠳ ᠡᠵᠡᠨ ᠤ ᠪᠠᠨ ᠨᠠᠷᠠ ᠶᠢ ᠠᠯᠳᠠᠷᠰᠢᠭᠤᠯᠵᠦ ᠪᠠᠶᠢᠳᠠᠭ᠃ ᠬᠦᠳᠡᠭᠡ ᠨᠤᠲᠤᠭ ᠤᠨ ᠦᠢᠯᠡᠳᠪᠦᠷᠢᠯᠡᠯ ᠤᠨ | ᠲᠤᠭᠤᠶᠢᠯᠠᠩ ᠤᠨ ᠬᠤᠭᠤᠷᠤᠨᠳᠤ᠂ ᠬᠤᠶᠠᠷ ᠨᠢᠭᠡᠴᠡ ᠶᠢᠨ ᠬᠤᠭᠤᠷᠤᠨᠳᠤ ᠰᠠᠷ᠎ᠠ ᠰᠢᠨ᠎ᠡ ᠶᠢᠨ ᠮᠤᠷᠢᠨ ᠤᠷᠤᠯᠳᠤᠭᠠᠨ | ᠪᠤᠯ ᠶᠡᠭᠡ ᠨᠢᠵᠢᠭᠡᠷ ᠶᠠᠪᠤᠭᠳᠠᠳᠠᠭ ᠪᠠᠶᠢᠭᠰᠠᠨ ᠂ ᠬᠤᠷᠳᠤᠨ ᠮᠤᠷᠢ ᠪᠠ ᠭᠠᠩᠭᠠᠨ ᠮᠤᠷᠢ ᠪᠤᠯ ᠮᠤᠩᠭᠤᠯ ᠡᠷ᠎ᠡ | ᠬᠦᠮᠦᠨ ᠤ ᠬᠡᠶᠢᠮᠦᠷᠢ ᠵᠢᠪᠬᠤᠭ᠎ᠠ ᠪᠤᠯᠵᠦ ᠪᠠᠶᠢᠳᠠᠭ ᠶᠤᠮᠰᠠᠨ᠃ | ᠬᠡᠤᠬᠡᠨ ᠦᠷ᠎ᠡ ᠪᠠᠨ ᠡᠷᠬᠢᠵᠦ ᠦᠵᠡᠬᠦ — ᠨᠡᠭᠦᠳᠡᠯ ᠮᠠᠯᠵᠢᠯ ᠤᠨ ᠨᠦᠬᠦᠴᠠᠯ ᠠᠴᠠ ᠪᠤᠯᠵᠦ᠂ ᠬᠠᠷᠢᠯᠠᠨ | ᠮᠤᠷᠳᠠᠭᠰᠠᠨ ᠠᠮᠠᠷᠠᠭ ᠬᠤᠩᠭᠤᠷ ᠬᠡᠤᠬᠡᠨ ᠦᠷ᠎ᠡ ᠪᠠᠨ ᠡᠷᠭᠢᠵᠦ ᠦᠵᠡᠬᠦ ᠶᠠᠪᠤᠳᠠᠯ ᠪᠤᠯ ᠰᠠᠷ᠎ᠠ ᠰᠢᠨ᠎ᠡ ᠶᠢᠨ ᠨᠢᠭᠡᠨ | ᠪᠠᠶᠠᠷ ᠤᠨ ᠪᠠᠰᠠ ᠨᠢᠭᠡᠨ ᠴᠢᠬᠤᠯᠠ ᠠᠭᠤᠯᠭ᠎ᠠ ᠪᠤᠯᠵᠦ ᠪᠠᠶᠢᠳᠠᠭ᠃ ᠤᠷᠴᠢᠮ ᠤᠨ ᠵᠠᠭᠤᠨ ᠭᠠᠵᠠᠷ ᠤᠨ ᠲᠤᠲᠤᠷᠠᠬᠢ | ᠮᠤᠷᠳᠠᠭᠰᠠᠨ ᠬᠡᠤᠬᠡᠨ ᠨᠦᠭᠦᠳ ᠢᠶᠠᠨ ᠵᠠᠪᠠᠯ ᠡᠷᠬᠢᠵᠦ ᠦᠵᠡᠭᠰᠡᠨ ᠪᠠᠶᠢᠬᠤ ᠤᠴᠢᠷᠳᠠᠢ᠂ ᠡᠭᠦᠨ ᠳᠤ ᠦᠭᠬᠦ ᠪᠡᠯᠡᠭ ᠤᠨ | ᠶᠠᠭᠤᠮᠠᠰ ᠢᠶᠠᠨ ᠸᠠᠳᠠᠩᠨᠠᠨ ᠪᠤᠭᠤᠵᠦ ᠰᠠᠶᠢᠳᠦᠷ ᠴᠢᠩᠭ᠎ᠠ ᠤᠶᠠᠭᠠᠳ᠂ ᠮᠦᠷᠦᠪᠴᠢᠯᠠᠨ ᠡᠭᠦᠷᠴᠦ ᠠᠭᠳᠠ | ᠮᠤᠷᠢᠨ ᠳᠠᠭᠠᠨ ᠮᠤᠷᠳᠡᠵᠦ ᠡᠷᠭᠢᠯᠳᠡ ᠶᠢᠨ ᠵᠠᠮ ᠳᠠᠭᠠᠨ ᠤᠷᠤᠳᠠᠭ ᠪᠢᠯᠡ᠃ ᠡᠷᠭᠢᠭᠡᠴᠢᠨ ᠨᠢ ᠬᠦᠷᠦᠭᠰᠡᠨ ᠬᠤᠳᠠ | ᠤᠷᠤᠭ ᠲᠠᠭᠠᠨ ᠶᠡᠭᠡ ᠬᠦᠨᠳᠦᠳᠠᠢ ᠪᠠᠶᠢᠳᠠᠭ ᠪᠦᠭᠡᠳ ᠬᠦᠭᠡᠷᠴᠦ ᠨᠠᠶᠢᠷᠯᠠᠵᠦ᠂ ᠨᠠᠷᠢᠨ ᠬᠤᠭᠤᠯᠠ ᠪᠠᠷ ᠵᠤᠴᠢᠯᠠᠭᠤᠯᠵᠦ | ᠪᠤᠴᠠᠳᠠᠭ ᠠᠵᠠᠢ᠃ ᠠᠯᠤᠰ ᠤᠨ ᠡᠷᠭᠢᠭᠡᠴᠡᠨ ᠨᠢ ᠲᠠᠯ ᠢ ᠨᠢ ᠵᠠᠰᠠᠭᠰᠠᠨ ᠭᠤᠸᠠᠯᠢᠭ ᠭᠠᠩᠭᠠᠨ ᠮᠤᠷᠢᠨ ᠳᠠᠭᠠᠨ | ᠮᠦᠩᠭᠦᠨ ᠡᠮᠡᠭᠡᠯ ᠢᠶᠠᠨ ᠲᠤᠬᠤᠵᠦ᠂ ᠭᠤᠶᠤᠮᠰᠤᠭ ᠬᠤᠪᠴᠠᠰᠤ ᠪᠠᠨ ᠡᠮᠦᠰᠴᠦ᠂ ᠬᠦᠨᠳᠠᠯᠠᠨ ᠤ ᠭᠠᠵᠠᠷ ᠲᠤ ᠡᠷ᠎ᠡ | ᠬᠦᠮᠦᠨ ᠤ ᠪᠠᠨ ᠰᠠᠶᠢᠨ ᠰᠠᠶᠢᠬᠠᠨ ᠢ ᠭᠠᠶᠢᠬᠠᠭᠤᠯᠤᠩᠬᠠᠨ ᠶᠠᠪᠤᠳᠠᠭ ᠶᠤᠮᠰᠠᠨ᠃ ᠦᠵᠦᠮᠦᠴᠢᠨ ᠤ ︽ᠡᠭᠦᠷ ᠰᠡᠭᠦᠯᠳᠦ | ᠮᠤᠷᠢ︾ ᠭᠡᠬᠦ ᠤᠷᠳᠤ ᠶᠢᠨ ᠲᠠᠭᠤᠤ ᠪᠤᠯ ᠶᠠᠭ ᠬᠡᠤᠬᠡᠨ ᠦᠷ᠎ᠡ ᠪᠠᠨ ᠡᠷᠭᠢᠬᠦ ᠪᠠᠷ ᠶᠠᠪᠤᠵᠦ ᠪᠠᠶᠢᠬᠤ ᠦᠶ᠎ᠡ ᠶᠢᠨ | ᠲᠠᠭᠤᠤ ᠶᠤᠮ᠂ ᠲᠡᠷᠡ ᠲᠠᠭᠤᠤ ᠶᠢᠨ ᠦᠬᠡ ᠳᠤ᠄ | ᠡᠭᠦᠷ ᠨᠢ ᠰᠡᠭᠦᠯ ᠲᠠᠢ ᠯᠠ ᠦᠷᠢᠶᠡᠨ ᠮᠤᠷᠢ ᠡ | ᠦᠵᠦᠮᠦᠴᠢᠨ ᠤ ᠬᠢᠨᠢ ᠭᠡᠭᠦᠤ ᠶᠢᠨ ᠮᠢᠨᠢ ᠤᠨᠠᠭᠠᠨ ᠮᠤᠷᠢ ᠰᠢᠤ ᠳ᠋ᠠ | ᠠ ᠭᠦ᠋᠂ ᠬᠦᠭᠡᠷᠦᠭᠦᠢ ᠯᠠ ᠮᠤᠷᠢ ᠮᠢᠨᠢ | ᠦᠰᠦ ᠪᠠᠨ ᠲᠠᠯᠪᠢᠰᠤᠩᠬᠠᠨ ᠪᠦᠰᠡᠭᠦᠢ ᠲᠡᠭᠦᠤ ᠮᠢᠨᠢ | ᠦᠵᠡᠭᠳᠡᠭᠦᠢ ᠯᠠ ᠠᠭᠤᠯᠠ ᠶᠢᠨ ᠢᠶᠠᠨ ᠬᠠᠮᠢᠭᠠᠭᠤᠷ ᠨᠢ ᠪᠠᠶᠢᠬᠤ ᠪᠤᠯ ᠳ᠋ᠠ | ᠠ ᠬᠦ᠋᠂ ᠬᠦᠭᠡᠷᠦᠭᠦᠢ ᠯᠠ ᠬᠤᠩᠭᠤᠷ ︵ᠲᠡᠭᠦᠤ︶ ᠮᠢᠨᠢ ᠡ ᠁ ᠃ | ᠠᠬᠠᠮᠠᠳ ᠨᠠᠰᠤᠳᠠᠳ ᠤᠨ ᠵᠢᠯ ᠤᠰᠤᠨ ᠢ ᠤᠷᠤᠭᠤᠯᠬᠤ — ᠦᠵᠦᠮᠦᠴᠢᠨ ᠪᠤᠭᠤᠷᠤᠯᠴᠦᠳ ᠦᠷ᠎ᠡ | ᠬᠡᠤᠬᠡᠳ ᠢᠶᠠᠨ ︽ᠵᠢᠯ ᠢᠶᠠᠨ ᠲᠤᠯᠤᠭ᠎ᠠ ᠤᠷᠤᠭᠤᠯ︾ ᠭᠡᠵᠦ ᠢᠷᠦᠭᠡᠨ ᠵᠢᠯ ᠢ ᠨᠢ ᠤᠷᠤᠭᠤᠯᠳᠠᠭ᠂ ᠡᠨᠡ ᠨᠢ ᠲᠠᠷᠤᠢ | ᠠᠷᠪᠠᠨ ᠭᠤᠷᠪᠠ᠂ ᠬᠤᠷᠢᠨ ᠲᠠᠪᠤ᠂ ᠭᠤᠴᠢᠨ ᠲᠤᠯᠤᠭ᠎ᠠ᠂ ᠲᠦᠴᠢ ᠶᠢᠰᠦ᠂ ᠵᠢᠷᠠᠨ ᠨᠢᠭᠡ᠂ ᠲᠠᠯᠠᠨ ᠭᠤᠷᠪᠠ᠂ | ᠨᠠᠶᠠᠨ ᠲᠠᠪᠤ ᠪᠤᠶᠤ᠃ ᠤᠤᠯ ᠨᠢ ᠵᠢᠯ ᠤᠷᠤᠭᠤᠯᠬᠤ ᠨᠠᠰᠤᠨ ᠪᠠᠶᠠᠷ ᠢ ᠰᠠᠳᠤᠨ ᠲᠦᠷᠦᠯ ᠲᠤᠲᠤᠷ᠎ᠠ ᠪᠠᠨ ᠭᠤᠤᠯᠳᠠᠭᠤ | ᠪᠡᠯᠭᠡᠯᠡᠵᠦ ᠪᠠᠶᠢᠭᠰᠠᠨ ᠶᠤᠮ᠂ ᠭᠡᠬᠦ ᠳᠡᠭᠡᠨ ᠵᠢᠷᠠᠨ ᠨᠠᠰᠤᠨ ᠠᠴᠠ ᠲᠡᠭᠡᠭᠰᠢ ᠨᠦᠬᠦᠴᠡᠯ ᠲᠠᠢ ᠨᠢ ︽ᠰᠧᠶ᠋ᠢᠩ ᠤᠨ | ᠨᠠᠭᠠᠳᠤᠮ︾ ᠲᠠᠢ ᠪᠠᠶᠢᠵᠦ᠂ ᠲᠡᠷᠢᠭᠦᠨ ᠱᠠᠩ ᠢ ᠪᠢᠷᠠᠭᠤ ᠲᠠᠯᠪᠢᠳᠠᠭ ᠪᠤᠯᠤᠭᠰᠠᠨ ᠭᠡᠵᠦ ᠨᠠᠰᠤᠳᠠᠶᠢᠴᠦᠳ | ᠬᠠᠭᠤᠴᠢᠯᠠᠳᠠᠭ᠃ ᠲᠡᠭᠦᠨ ᠠᠴᠠ ᠲᠤᠷᠤᠭᠰᠢ ᠨᠢ ᠪᠠᠭᠠᠴᠦᠳ ᠲᠡᠭᠦᠤ ᠨᠠᠷ ᠨᠢ ᠬᠦᠷᠴᠦ ᠵᠢᠯ ᠢ ᠨᠢ ᠤᠷᠤᠭᠤᠯᠳᠠᠭ᠂ | ᠠᠬᠠᠮᠠᠳ ᠬᠦᠮᠦᠰ ᠲᠡᠭᠦᠤ ᠨᠠᠷ ᠤᠨ ᠵᠢᠯ ᠢ ᠬᠦᠷᠴᠦ ᠤᠷᠤᠭᠤᠯᠬᠤ ᠦᠭᠡᠢ᠂ ᠬᠠᠷᠢᠨ ᠲᠡᠭᠦᠮᠡᠳ ᠨᠢ ᠬᠦᠷᠴᠤ | ᠤᠷᠤᠭᠤᠯᠳᠠᠭ ᠵᠠᠩᠰᠢᠯ ᠲᠠᠢ ᠶᠤᠮ᠃ ᠲᠦᠴᠢ ᠶᠢᠰᠦ ᠠᠴᠠ ᠲᠤᠷᠤᠭᠰᠢ ᠬᠦᠮᠦᠰ ᠵᠢᠯ ᠢᠶᠠᠨ ᠠᠶᠢᠯ ᠲᠤᠭᠤᠷᠢᠨ | ᠤᠷᠤᠭᠤᠯᠳᠠᠭ ᠪᠠᠶᠢᠪᠠ᠃ ᠵᠢᠯ ᠤᠷᠤᠭᠤᠯᠬᠤ ᠨᠢ ᠠᠬᠠᠮᠠᠳ ᠨᠠᠰᠤᠳᠠᠳ ᠢᠶᠠᠨ ᠪᠠᠶᠠᠰᠬᠠᠬᠤ᠂ ᠢᠳᠡᠷ ᠵᠠᠯᠠᠭᠤᠰ | ᠪᠠᠭᠠᠴᠦᠳ ᠤᠨ ᠢᠶᠠᠨ ᠤᠷᠳᠤ ᠨᠠᠰᠤᠯᠠᠵᠦ ᠤᠳᠠᠭᠠᠨ ᠵᠢᠷᠭᠠᠬᠤ ᠶᠢ ᠠᠷᠪᠠᠨ ᠬᠤᠶᠠᠷ ᠡᠷᠬᠡᠳᠡᠨ ᠤ ᠵᠢᠯ ᠤᠨ | ᠡᠷᠭᠢᠯᠳᠡ ᠳᠤ ᠨᠢᠭᠡ ᠤᠳᠠᠭ᠎ᠠ ᠪᠠᠯᠭᠡᠯᠡᠵᠦ ᠪᠠᠶᠢᠬᠤ ᠤᠴᠢᠷ ᠶᠤᠮ᠃ | ᠵᠠᠰᠠᠯ ᠤᠨ ᠬᠤᠪᠴᠠᠰᠦ ᠬᠤᠨᠠᠷ ᠢᠶᠠᠨ ᠪᠡᠯᠡᠳᠦᠬᠦ — ᠰᠠᠷ᠎ᠠ ᠰᠢᠨᠡᠳ ᠤᠨ ᠪᠠᠶᠠᠷ ᠲᠤ ᠠᠶᠢᠯ ᠡᠷᠦᠬᠡ ᠶᠢᠨ | ᠪᠦᠷᠢᠯᠳᠦᠭᠦᠨ ᠪᠦᠬᠦᠨ ᠵᠠᠪᠠᠯ ᠰᠢᠨ᠎ᠡ ᠬᠤᠪᠴᠠᠰᠤ ᠬᠤᠨᠠᠷ ᠪᠤᠶᠤ ᠨᠠᠭᠠᠳᠤ ᠵᠠᠬ᠎ᠠ ᠳᠠᠭᠠᠨ ᠰᠢᠨᠡᠷᠬᠦᠤ ᠪᠦᠳᠦᠨ | ᠬᠤᠪᠴᠠᠰᠤ ᠡᠮᠦᠰᠬᠦ ᠵᠠᠩᠰᠢᠯ ᠲᠠᠢ ᠪᠠᠶᠢᠳᠠᠭ᠃ ᠦᠵᠦᠮᠦᠴᠢᠨ ᠭᠡᠷᠭᠡᠶᠢᠴᠤᠳ ᠡᠪᠤᠯ ᠤᠨ ᠰᠠᠷ᠎ᠠ ᠭᠠᠷᠤᠮᠠᠭᠴᠠ ᠭᠡᠷ | ᠪᠦᠯᠢ ᠶᠢᠨ ᠪᠦᠷᠢᠯᠳᠦᠭᠦᠨ ᠪᠦᠬᠦᠨ ᠳᠤ ᠭᠤᠶᠤ ᠰᠠᠶᠢᠬᠠᠨ ᠵᠠᠰᠠᠯ ᠤᠨ ᠬᠤᠪᠴᠠᠰᠤ ᠬᠢᠵᠦ ᠰᠠᠷ᠎ᠠ ᠰᠢᠨ᠎ᠡ ᠪᠤᠶᠤ | ᠭᠠᠳᠠᠭᠰᠢ ᠲᠤᠲᠤᠭᠰᠢ ᠭᠠᠷᠬᠤ ᠳᠤᠨᠢ ᠡᠮᠤᠰᠭᠡᠬᠦ ᠪᠠᠷ ᠪᠡᠯᠡᠳᠭᠡᠵᠦ ᠲᠠᠯᠪᠢᠳᠠᠭ᠃ ᠭᠡᠷ ᠤᠨ ᠡᠵᠡᠨ ᠳᠤ ᠬᠤᠷᠠᠭᠠᠨ | ᠲᠤᠲᠤᠷ᠎ᠠ ᠲᠠᠢ ᠵᠤᠪᠴᠠᠭ᠎ᠠ᠂ ᠬᠠᠷ᠎ᠠ ᠬᠤᠷᠠᠭᠠᠨ ᠤᠷᠤᠢ ᠮᠠᠯᠠᠭᠠᠢ ᠪᠠ ᠴᠢᠬᠢᠪᠴᠢ᠂ ᠤᠭᠠᠯᠵᠠᠳᠤ ᠲᠦᠷᠦᠢ ᠪᠤᠶᠤ | ᠬᠤᠷᠭᠤᠢ ᠡᠮᠵᠢᠶᠡᠷᠢ ᠲᠦᠷᠦᠢ ᠲᠠᠢ ᠪᠤᠯᠢᠭᠠᠷᠢ ᠭᠤᠳᠤᠯ ᠬᠢᠳᠡᠭ ᠪᠦᠭᠡᠳ ᠨᠠᠰᠤᠳᠠᠳ ᠲᠠᠭᠠᠨ ᠲᠤᠬᠢᠷᠠᠭᠤᠯᠤᠭᠰᠠᠨ | ᠲᠡᠪᠡᠯ ᠵᠤᠪᠴᠠᠭ᠎ᠠ ᠪᠤᠶᠤ ᠬᠦᠷᠡᠮᠡ᠂ ᠬᠡᠤᠬᠡᠳ ᠲᠡᠭᠡᠨ ᠵᠤᠬᠢᠴᠠᠭᠰᠠᠨ ᠭᠤᠶᠤᠮᠰᠤᠭ ᠡᠩᠭᠡᠭᠡ ᠲᠡᠭᠳᠡᠭᠡ ᠪᠤᠶᠤ | ᠪᠦᠴᠡᠮᠡᠯ ᠮᠠᠯᠠᠭᠠᠢ᠂ ᠪᠡᠶ᠎ᠡ ᠳᠡᠭᠡᠨ ᠲᠤᠬᠢᠷᠠᠭᠰᠠᠨ ᠤᠯᠠᠭᠠᠨ ᠪᠤᠶᠤ ᠨᠤᠭᠤᠭᠠᠨ ᠲᠤᠷᠭᠠᠨ ᠬᠤᠷᠠᠭᠠᠨ ᠵᠤᠪᠴᠠᠭ᠎ᠠ ᠵᠡᠷᠭᠡ | ᠬᠤᠪᠴᠠᠰᠤ ᠬᠤᠨᠠᠷ ᠢ ᠭᠠᠷ ᠤᠨ ᠤᠷᠠᠨ ᠢᠶᠠᠨ ᠭᠠᠶᠢᠬᠠᠭᠤᠯᠤᠨ ᠤᠷᠠᠯᠠᠨ ᠤᠶᠠᠵᠦ ᠪᠡᠯᠡᠳᠦᠨ ᠲᠠᠯᠪᠢᠳᠠᠭ ᠶᠤᠮᠰᠠᠨ᠂ | ᠤᠷᠠᠨ ᠪᠦᠰᠡᠭᠦᠢ ᠪᠤᠯ ᠭᠡᠷ ᠤᠨ ᠡᠵᠡᠨ ᠳᠡᠭᠡᠨ ᠲᠤᠷᠭᠠᠨ ᠤᠳᠠᠰᠤ ᠪᠠᠷ ᠦᠩᠭᠡ ᠢᠯᠭᠠᠷᠠᠭᠤᠯᠤᠭᠰᠠᠨ ᠲᠠᠮᠠᠬᠢᠨ | ᠬᠡᠤᠳᠡᠢ ᠪᠤᠶᠤ ᠭᠦᠭᠦᠷ ᠤᠨ ᠤᠭᠤᠳᠠ ᠤᠶᠤᠵᠦ ᠭᠠᠷ ᠤᠷᠠᠯᠠᠯ ᠤᠨ ᠵᠠᠰᠠᠯ ᠴᠢᠮᠡᠭᠯᠡᠯ ᠬᠢᠵᠦ ᠦᠭᠳᠡᠭ᠃ ᠤᠭ ᠨᠢ | ᠭᠡᠷ ᠪᠦᠯᠢ ᠶᠢᠨ ᠠᠯᠢᠪᠠ ᠤᠶᠤᠳᠠᠯ ᠬᠢᠳᠡᠯ ᠢ ᠪᠦᠰᠡᠭᠦᠶᠢᠴᠦᠳ ᠪᠦᠬᠦᠨ ᠢ ᠬᠢᠵᠦ ᠭᠦᠢᠴᠡᠳᠭᠡᠳᠡᠭ ᠠᠵᠢᠯ ᠬᠤᠪᠢᠳᠡᠨ | ᠪᠠᠶᠢᠭ᠎ᠠ ᠶᠤᠮ᠃ | ᠰᠢᠨ᠎ᠡ ᠶᠢᠨ ᠪᠤᠤᠪᠤ ᠬᠠᠭᠠᠷᠢᠬᠤ — ᠮᠠᠯᠴᠢᠳ ᠰᠠᠷ᠎ᠠ ᠰᠢᠨ᠎ᠡ ᠶᠢᠨ ᠪᠤᠤᠪᠤ ᠬᠠᠭᠠᠷᠢᠵᠦ᠂ ᠲᠠᠪᠠᠭ ᠵᠠᠰᠠᠬᠤ᠂ | ᠪᠡᠯᠡᠭ ᠡᠷᠬᠢᠯᠳᠡ ᠳᠤ ᠶᠠᠪᠤᠭᠤᠯᠬᠤ᠂ ᠰᠢᠨ᠎ᠡ ᠶᠢᠨ ᠬᠤᠪᠢ ᠦᠭᠬᠦ ᠵᠡᠷᠭᠡ ᠳᠤ ᠲᠤᠰᠬᠠᠢ ᠬᠡᠷᠡᠭᠯᠡᠳᠡᠭ᠃ ᠪᠤᠤᠪᠤ | ᠬᠠᠭᠠᠷᠢᠬᠤ ᠳᠠᠭᠠᠨ ᠲᠤᠭᠤᠭᠠᠨ ᠳᠠᠭᠠᠨ ᠪᠤᠤᠪᠤ ᠬᠠᠭᠠᠷᠢᠬᠤ ᠲᠤᠰᠤ ᠪᠠᠨ ᠬᠠᠶᠢᠯᠤᠭᠤᠯᠵᠦ ᠬᠠᠯᠠᠭᠤᠯᠬᠤ ᠶᠠᠪᠤᠴᠠ ᠳᠤ | ᠲᠦᠩᠫᠤᠩ ᠳᠤ ᠭᠤᠯᠢᠷ ᠢᠶᠠᠨ ᠬᠢᠵᠦ ᠲᠠᠯᠪᠢᠭᠠᠳ᠂ ᠵᠢᠭᠤᠷᠠᠬᠤ ᠰᠢᠨᠠᠭ᠎ᠠ ᠲᠠᠢ ᠤᠰᠤᠨ ᠳᠤ ᠰᠢᠷ᠎ᠠ ᠲᠤᠰᠤ᠂ | ᠪᠤᠷᠠᠮ ᠱᠠᠲ᠋ᠠᠩ ᠪᠤᠶᠤ ᠰᠦᠳᠡ ᠲᠡᠷᠢᠭᠦᠳᠡᠨ ᠢᠶᠠᠨ ᠵᠤᠬᠢᠰᠳᠠᠢ ᠬᠤᠯᠢᠵᠦ ᠪᠤᠴᠠᠯᠭᠠᠭᠠᠳ ᠭᠤᠯᠢᠷ ᠲᠡᠭᠡᠷ᠎ᠡ ᠪᠠᠨ ᠬᠢᠵᠦ | ᠵᠢᠭᠤᠷᠠᠭᠠᠳ ᠰᠠᠶᠢᠳᠦᠷ ᠨᠤᠬᠤᠵᠦ ᠨᠡᠶᠢᠰᠢᠭᠦᠯᠦᠭᠰᠡᠨ ᠢᠶᠠᠨ ᠠᠮᠪᠠᠨ ᠲᠡᠭᠡᠷ᠎ᠡ ᠪᠠᠨ ᠲᠦᠩᠫᠤᠩ ᠢᠶᠠᠷ ᠨᠢ ᠪᠢᠳᠡᠭᠦᠯᠡᠨ | ᠨᠢᠭᠡ ᠭᠡᠰᠡᠭ ᠲᠡᠷᠦᠵᠦ ᠲᠠᠯᠪᠢᠨ᠎ᠠ᠂ ᠢᠩᠭᠢᠭᠡᠳ ᠭᠤᠯᠢᠷ ᠢᠶᠠᠨ ᠬᠡᠰᠡᠭᠯᠡᠨ ᠭᠡᠷᠴᠢᠵᠦ᠂ ᠬᠡᠰᠡᠭᠯᠡᠭᠰᠡᠨ ᠭᠡᠰᠡᠭ ᠢᠶᠠᠨ | ᠠᠮᠪᠠᠨ ᠲᠡᠭᠡᠷ᠎ᠡ ᠪᠠᠨ ᠲᠠᠯᠪᠢᠨ ᠭᠠᠮᠵᠢᠳᠠᠭᠠᠳ ᠵᠤᠬᠢᠬᠤ ᠨᠢᠮᠭᠡᠨ ᠤ ᠬᠡᠮᠵᠢᠶᠡᠨ ᠳᠤ ᠬᠦᠷᠳᠡᠯ᠎ᠡ ᠡᠯᠳᠡᠭᠡᠳ ᠲᠠᠬᠢᠨ | ᠪᠤᠤᠪᠤ ᠶᠢᠨ ᠬᠡᠮᠵᠢᠶ᠎ᠡ ᠪᠠᠷ ᠬᠤᠪᠢ ᠶᠢ ᠨᠢ ᠲᠡᠩᠴᠡᠭᠦᠯᠦᠨ ᠭᠡᠷᠴᠢᠨᠡ᠂ ᠡᠰᠡᠪᠡᠯ ᠪᠤᠤᠪᠤ ᠶᠢᠨ ᠬᠡᠪ ᠪᠠᠶᠢᠪᠠᠯ ᠲᠡᠷᠡ | ᠬᠡᠪ ᠢᠶᠠᠷ ᠢᠶᠠᠨ ᠲᠡᠭᠰᠢᠭᠡᠨ ᠭᠡᠷᠴᠢᠵᠦ ᠬᠢᠳᠡᠭ᠃ ᠪᠤᠤᠪᠤ ᠶᠢᠨ ᠵᠦᠢᠯ ᠳᠤ ᠪᠤᠷᠬᠠᠨ ᠤ ᠬᠠᠶᠢᠷᠤᠭᠤᠯ ︵ᠲᠠᠪᠠᠭ ᠵᠠᠰᠠᠬᠤ︶ | ᠂ ᠭᠡᠰᠢᠭ ᠤᠨ ᠬᠠᠭᠠᠷᠢᠭᠤᠯ᠂ ᠲᠦᠭᠦᠷᠢᠭ ᠠᠮᠳᠠ ᠲᠠᠢ ᠪᠤᠤᠪᠤ᠂ ᠴᠠᠢ ᠶᠢᠨ ᠪᠤᠤᠪᠤ᠂ ᠮᠤᠰᠭᠢᠶᠠ ᠪᠤᠤᠪᠤ᠂ ᠠᠮᠳᠠ ᠲᠠᠢ | ᠲᠡᠯᠳᠡᠤ ᠪᠤᠤᠪᠤ ᠵᠡᠷᠭᠡ ᠬᠡᠯᠪᠡᠷᠢ ᠪᠠᠷ ᠶᠡᠭᠡ ᠪᠠᠭ᠎ᠠ ᠨᠢ ᠠᠳᠠᠯᠢ ᠦᠭᠡᠢ ᠬᠠᠭᠠᠷᠢᠵᠦ ᠬᠡᠤᠳᠡᠶᠢᠯᠡᠵᠦ ᠲᠠᠯᠪᠢᠳᠠᠭ ᠵᠠᠩᠰᠢᠯ | ᠲᠠᠢ᠂ ᠪᠤᠤᠪᠤ ᠬᠠᠭᠠᠷᠢᠬᠤ ᠳᠤ ᠭᠠᠯ ᠤᠨ ᠢᠯᠴᠢ ᠶᠢ ᠰᠠᠶᠢᠳᠦᠷ ᠲᠡᠩᠴᠡᠭᠦᠯᠦᠨ᠎ᠡ᠂ ᠲᠡᠩᠳᠡᠭᠦᠤ ᠰᠢᠷᠦᠭᠦᠨ ᠭᠠᠯ | ᠪᠤᠶᠤ ᠬᠡᠳᠦ ᠵᠦᠬᠡᠯᠡᠨ ᠭᠠᠯ ᠳᠤ ᠬᠠᠭᠠᠷᠢᠬᠤ ᠶᠢ ᠬᠢᠴᠢᠶᠡᠨ᠎ᠡ᠃ ᠲᠡᠬᠢᠪᠡᠯ ᠪᠤᠤᠪᠤ ᠪᠠᠨ ᠡᠷᠭᠢᠭᠦᠯᠬᠦ᠂ ᠬᠤᠶᠠᠷ ᠲᠠᠯ᠎ᠠ ᠶᠢ | ᠨᠢ ᠲᠡᠩᠴᠡᠭᠦᠤ ᠤᠯᠠᠭᠠᠨ ᠰᠢᠷᠭᠠᠯ ᠦᠩᠭᠡ ᠲᠠᠢ ᠪᠤᠯᠭᠤᠬᠤ ᠪᠠᠷ ᠪᠠᠷᠢᠮᠵᠢᠶᠠᠯᠠᠨ᠎ᠠ᠃ ᠡᠭᠦᠨ ᠳᠤ ᠪᠤᠷᠬᠠᠨ ᠤ | ᠬᠠᠭᠠᠷᠢᠭᠤᠯ ᠪᠤᠯ ᠲᠠᠪᠠᠭ ᠫᠢᠯᠡ ᠵᠠᠰᠠᠬᠤ ᠳᠤ ᠬᠡᠷᠡᠭᠯᠡᠬᠦ᠂ ᠭᠡᠰᠢᠭ ᠤᠨ ᠬᠠᠭᠠᠷᠢᠭᠤᠯ ᠪᠤᠯ ᠰᠢᠨᠡᠯᠡᠬᠦ ᠪᠠᠷ | ᠢᠷᠡᠭᠰᠡᠳ ᠲᠤ ᠨᠢᠭᠡ ᠬᠤᠪᠢ ᠦᠭᠬᠦ᠂ ᠲᠦᠭᠦᠷᠢᠭ ᠪᠠ ᠲᠡᠯᠳᠡᠤ ᠪᠤᠤᠪᠤ ᠶᠢ ᠶᠡᠬᠡᠴᠦᠳ ᠤᠨ ᠴᠠᠢ ᠶᠢᠨ ᠬᠢᠴᠠ ᠳᠤ | ᠲᠠᠯᠪᠢᠵᠦ᠂ ᠪᠤᠰᠤᠳ ᠪᠤᠤᠪᠤ ᠶᠢ ᠬᠡᠤᠬᠡᠳ ᠪᠠᠭᠠᠴᠦᠳ ᠤᠨ ᠴᠠᠢ ᠶᠢᠨ ᠬᠢᠴᠡ ᠪᠤᠯᠭᠠᠳᠠᠭ ᠪᠠᠶᠢᠨ᠎ᠠ᠃ | ᠤᠭᠤᠴᠠ ᠰᠢᠭᠦᠰᠦ ᠪᠠᠨ ᠪᠤᠯᠭᠤᠬᠤ — ᠰᠢᠭᠦᠰᠦᠨ ᠬᠤᠨᠢ ᠶᠢ ᠭᠠᠷᠭᠠᠬᠤ ᠳᠤ ᠢᠷᠭᠡ ᠬᠤᠨᠢ ᠪᠠᠶᠢᠬᠤ | ᠬᠡᠷᠡᠭᠳᠡᠢ ᠪᠦᠭᠡᠳ ᠡᠪᠦᠯ ᠤᠨ ᠢᠳᠡᠰᠢᠨ ᠤ ᠦᠶ᠎ᠡ ᠳᠤ ᠤᠭᠤᠴᠠ ᠪᠠᠨ ᠪᠡᠯᠡᠨ ᠪᠤᠯᠭᠠᠨ ᠪᠠᠵᠠᠭᠠᠭᠰᠠᠨ ᠪᠠᠶᠢᠳᠠᠭ᠃ | ᠶᠤᠰᠤ ᠭᠤᠷᠢᠮ ᠲᠠᠢ ᠡᠪᠳᠡᠨ ᠰᠠᠯᠭᠠᠵᠦ ᠴᠢᠨᠠᠵᠦ ᠪᠤᠯᠭᠤᠭᠤᠨᠠ᠂ ᠤᠭᠤᠴᠠ ᠭᠠᠷᠭᠠᠬᠤ ᠳᠠᠭᠠᠨ ᠬᠤᠨᠢᠨ ᠮᠢᠬ᠎ᠠ ᠪᠠᠨ | ᠲᠤᠮᠳᠠᠭᠤᠷ ᠨᠢ ᠰᠠᠯᠭᠠᠬᠤ ᠳᠤ ᠰᠦᠪᠡᠭᠡᠨ ᠭᠤᠷᠪᠠᠨ ᠬᠠᠪᠢᠷᠭ᠎ᠠ ᠪᠠ ᠨᠢᠷᠤᠭᠤᠨ ᠤ ᠨᠠᠷᠢᠨ ᠭᠤᠷᠪᠠᠨ ᠦᠶ᠎ᠡ ᠲᠠᠢ ᠨᠢ | ᠦᠶᠡᠯᠡᠨ ᠠᠪᠬᠤ ᠶᠢᠨ ᠬᠠᠮᠳᠤ ᠬᠤᠶᠠᠷ ᠭᠤᠶ᠎ᠠ ᠶᠢᠨ ᠭᠤᠷᠪᠠᠨ ᠶᠠᠰᠤ ᠶᠢ ᠱᠤᠯᠣᠵᠦ ᠰᠠᠯᠭᠠᠨ ᠠᠪᠤᠭᠠᠳ ᠤᠭᠤᠴᠠᠨ | ᠨᠢᠷᠤᠭᠤ ᠶᠢᠨ ᠦᠵᠦᠭᠦᠷ ᠲᠤ ᠭᠤᠷᠪᠠᠨ ᠦᠶ᠎ᠡ ᠦᠯᠡᠳᠡᠭᠡᠨ ᠨᠤᠭᠤᠯᠵᠦ᠂ ᠬᠤᠩᠭᠤ ᠶᠢᠨ ᠵᠤᠵᠠᠭᠠᠨ ᠮᠢᠬ᠎ᠠ᠂ | ᠦᠭᠡᠬᠦᠨ ᠰᠡᠭᠦᠯ ᠵᠡᠷᠭᠡ ᠶᠢ ᠴᠦᠮ ᠤᠭᠤᠴᠠᠨ ᠳᠤᠨᠢ ᠭᠠᠷᠭᠠᠳᠠᠭ ᠶᠤᠮ᠂ ᠲᠤᠮᠤ ᠲᠤᠭᠤᠭᠠᠨ ᠳᠤ ᠴᠢᠨᠠᠵᠦ | ᠪᠤᠯᠭᠤᠭᠠᠳ ᠬᠦᠷᠦᠭᠡᠨᠡ᠂ ᠰᠢᠷᠡᠭᠡᠨ ᠤ ᠤᠭᠤᠴᠠ ᠶᠢ ᠳᠡᠪᠰᠢᠨ ᠳᠤ ᠳᠠᠪᠠᠭᠯᠠᠬᠤ ᠳᠠᠭᠠᠨ ᠬᠤᠶᠠᠷ ᠬᠠ ᠬᠤᠶᠠᠷ | ᠭᠤᠶ᠎ᠠ ᠶᠢ ᠨᠠᠷᠢᠨ ᠳᠠᠯ᠎ᠠ ᠪᠠᠷ ᠨᠢ ᠳᠡᠭᠡᠭᠰᠢ ᠬᠠᠨᠳᠤᠭᠤᠯᠤᠨ ᠳᠠᠯᠪᠢᠵᠦ᠂ ᠬᠦᠵᠦᠭᠦᠤ ᠰᠡᠭᠡᠷ ᠢ ᠨᠢ ᠲᠡᠷᠡᠯᠡᠭᠦᠯᠦᠨ | ᠡᠪᠴᠢᠭᠦᠤ ᠪᠠᠨ ᠬᠤᠩᠬᠤᠷ ᠳᠠᠯ᠎ᠠ ᠶᠢ ᠨᠢ ᠳᠡᠭᠡᠭᠰᠢ ᠬᠠᠨᠳᠤᠭᠤᠯᠤᠨ ᠳᠠᠯᠪᠢᠭᠰᠠᠨ ᠢᠶᠠᠨ ᠤᠭᠤᠴᠠ ᠪᠠᠨ ᠳᠡᠭᠡᠷ᠎ᠡ ᠨᠢ | ᠬᠦᠮᠦᠷᠢᠵᠦ ᠳᠠᠯᠪᠢᠨ᠎ᠠ᠂ ᠤᠭᠤᠴᠠᠨ ᠤ ᠳᠡᠭᠡᠷ᠎ᠡ ᠨᠢ ᠬᠤᠶᠢᠬᠠᠯᠠᠨ ᠪᠤᠯᠭᠤᠭᠰᠠᠨ ᠬᠤᠨᠢᠨ ᠲᠤᠯᠤᠭᠠᠢ ᠪᠠᠨ ᠮᠠᠩᠨᠠᠢ ᠶᠢ | ᠨᠢ ᠴᠠᠭᠠᠨ ᠰᠢᠷ᠎ᠠ ᠲᠤᠰᠤ ᠪᠠᠷ ᠮᠢᠯᠢᠶᠠᠵᠦ ᠳᠠᠯᠪᠢᠳᠠᠭ᠂ ᠳᠠᠪᠠᠭᠯᠠᠬᠤ ᠳᠠᠭᠠᠨ ᠤᠭᠤᠴᠠᠨ ᠤ ᠨᠢᠷᠤᠭᠤᠨ ᠦᠵᠦᠭᠦᠷ ᠪᠠ | ᠲᠤᠯᠤᠭᠠᠢ ᠶᠢᠨ ᠬᠤᠩᠰᠢᠶᠠᠷ ᠳᠠᠯ᠎ᠠ ᠶᠢ ᠬᠦᠵᠦᠭᠦᠤ ᠰᠡᠭᠡᠷ ᠤᠨ ᠵᠦᠭ ᠲᠤ ᠬᠠᠨᠳᠤᠭᠤᠯᠤᠨ ᠳᠠᠯᠪᠢᠬᠤ ᠤᠴᠢᠷᠳᠠᠢ᠂ | ᠳᠡᠭᠡᠷᠡᠬᠢ ᠪᠤᠯ ᠪᠦᠬᠦᠯᠢ ᠬᠤᠨᠢᠨ ᠤ ᠤᠭᠤᠴᠠᠨ ᠤ ᠬᠡᠯᠪᠡᠷᠢ ᠮᠠᠶ᠋ᠢᠭ ᠪᠤᠯᠤᠨ᠎ᠠ᠃ | ᠪᠠᠩᠰᠢ ᠪᠤᠤᠵᠠ ᠪᠠᠨ ᠪᠤᠭᠤᠵᠦ ᠲᠠᠯᠪᠢᠬᠤ — ᠰᠠᠷ᠎ᠠ ᠰᠢᠨ᠎ᠡ ᠶᠢᠨ ᠬᠤᠭᠤᠴᠠᠭᠠᠨ ᠳᠤ ᠪᠢᠳᠡᠭᠦᠤ ᠬᠤᠭᠤᠯᠠ | ᠢᠳᠡᠬᠦ ᠨᠢ ᠠᠯᠢᠪᠠ ᠦᠢᠯᠡ ᠶᠠᠪᠤᠳᠠᠯ ᠤᠨ ᠪᠢᠳᠡᠭᠦᠤ ᠵᠠᠩᠭᠢᠷᠠᠭ᠎ᠠ ᠶᠢ ᠲᠠᠶᠢᠯᠵᠦ ᠤᠯᠠᠨ ᠦᠢᠯᠡᠰ ᠢ ᠨᠡᠭᠡᠭᠡᠵᠦ | ᠪᠦᠳᠦᠭᠡᠬᠦ ᠤᠯᠠᠮᠵᠢᠯᠠᠯᠳᠤ ᠵᠠᠩᠰᠢᠯ ᠤᠨ ᠪᠡᠯᠭᠡᠳᠡᠯ ᠣᠨᠴᠢᠨᠠᠷ ᠲᠠᠢ ᠢᠳᠡᠭᠡᠨ ᠪᠤᠯᠬᠤ ᠮᠦᠷᠳᠡᠭᠡᠨ | ᠨᠠᠰᠤᠳᠠᠶᠢᠴᠦᠳ ᠤᠨ ᠬᠡᠢ ᠡᠪᠡᠳᠴᠢᠨ ᠢ ᠲᠠᠷᠤᠬᠤ ᠠᠨᠠᠭᠠᠬᠤ ᠤᠬᠠᠭᠠᠨ ᠴᠤ ᠪᠠᠭᠳᠠᠵᠦ ᠪᠠᠶᠢᠬᠤ ᠶᠤᠮ᠃ ᠰᠠᠷ᠎ᠠ | ᠰᠢᠨ᠎ᠡ ᠶᠢᠨ ᠪᠠᠶᠠᠷ ᠠᠴᠠ ᠡᠮᠦᠨ᠎ᠡ ᠶᠡᠭᠡ ᠠᠵᠦ ᠬᠢᠳᠡᠯ ᠪᠤᠯᠭᠠᠵᠦ᠂ ᠪᠤᠤᠵᠠ ᠪᠠᠩᠰᠢ ᠪᠤᠭᠤᠬᠤ ᠠᠵᠢᠯ ᠢᠶᠠᠨ | ᠦᠷᠭᠦᠯᠵᠢᠯᠡᠭᠦᠯᠦᠨ᠎ᠡ᠂ ᠪᠤᠤᠵᠠ ᠶᠢᠨ ᠮᠢᠬ᠎ᠠ ᠨᠠᠶᠢᠷᠠᠭᠤᠯᠬᠤ ᠳᠠᠭᠠᠨ ᠶᠠᠭᠤᠨ ᠤ ᠡᠮᠦᠨ᠎ᠡ ᠬᠠᠷ᠎ᠠ ᠮᠢᠬ᠎ᠠ ᠶᠢ ᠨᠠᠷᠢᠨ | ᠭᠡᠷᠴᠢᠭᠰᠡᠨ ᠢᠶᠠᠨ ᠪᠠᠰᠠ ᠵᠢᠵᠢᠭᠯᠡᠨ ᠴᠠᠪᠴᠢᠵᠦ ᠬᠦᠰᠭᠡᠯᠡᠭᠡᠳ᠂ ᠲᠡᠭᠡᠷ᠎ᠡ ᠨᠢ ᠰᠡᠭᠦᠯ ᠤᠨ ᠦᠭᠡᠬᠦ ᠪᠠ ᠰᠠᠮᠵᠠ | ᠦᠭᠡᠬᠦ ᠶᠢ ᠵᠤᠬᠢᠬᠤ ᠬᠡᠮᠵᠢᠶ᠎ᠡ ᠲᠠᠢ ᠲᠠᠯᠬᠠᠯᠠᠨ ᠴᠠᠪᠴᠢᠵᠦ ᠬᠤᠯᠢᠭᠠᠳ ᠲᠠᠷᠠᠭ᠎ᠠ ᠨᠢ ᠰᠤᠩᠬᠢᠨ᠎ᠡ᠂ ᠰᠠᠷᠢᠰᠦ᠂ | ᠬᠤᠸᠠᠵᠦ᠂ ᠲᠠᠪᠤᠰᠤ ᠵᠡᠷᠭᠡ ᠬᠤᠯᠢᠴᠠ ᠶᠢ ᠨᠠᠶᠢᠷᠠᠭᠤᠯᠤᠨ᠂ ᠨᠠᠶᠢᠷᠠᠭᠤᠯᠤᠭᠰᠠᠨ ᠮᠢᠬ᠎ᠠ ᠲᠠᠢ ᠪᠠᠨ ᠬᠤᠳᠬᠤᠵᠦ | ᠰᠠᠶᠢᠳᠦᠷ ᠮᠠᠵᠢᠨ ᠨᠡᠶᠢᠰᠢᠭᠦᠯᠤᠨ ᠲᠠᠯᠪᠢᠨ᠎ᠠ᠃ | ᠪᠤᠤᠵᠠ ᠶᠢᠨ ᠲᠤᠲᠤᠷ᠎ᠠ ᠨᠠᠶᠢᠷᠠᠭᠤᠯᠭ᠎ᠠ ᠪᠠᠨ ᠪᠠᠷᠠᠭᠠᠭᠠᠳ᠂ ᠪᠤᠤᠵᠠ ᠶᠢᠨ ᠭᠤᠯᠢᠷ ᠢᠶᠠᠨ ᠬᠠᠯᠠᠭᠤᠨ ᠵᠦᠭᠡᠮᠡᠭ | ᠤᠰᠤᠨ ᠳᠤ ᠵᠢᠭᠤᠷᠠᠭᠠᠳ ᠰᠠᠶᠢᠳᠦᠷ ᠨᠤᠬᠤᠵᠦ ᠨᠠᠶᠢᠰᠢᠭᠦᠯᠦᠭᠰᠡᠨ ᠢᠶᠠᠨ ᠲᠦᠩᠫᠤᠩ ᠢᠶᠠᠷ ᠲᠠᠷᠤᠵᠦ ᠲᠠᠯᠪᠢᠨ᠎ᠠ᠃ | ᠪᠠᠭ᠎ᠠ ᠤᠳᠠᠰᠬᠢᠭᠡᠳ ᠠᠮᠪᠠᠨ ᠲᠡᠭᠡᠷ᠎ᠡ ᠪᠠᠨ ᠪᠤᠤᠵᠠ ᠶᠢᠨ ᠭᠤᠯᠢᠷ ᠢᠶᠠᠨ ᠨᠠᠷᠢᠬᠠᠨ ᠪᠦᠭᠡᠷᠡᠩᠬᠡᠶᠢᠯᠡᠨ ᠠᠯᠠᠭᠠᠳᠠᠵᠦ | ᠵᠢᠵᠢᠭ ᠵᠢᠵᠢᠭ ᠲᠤᠩᠭᠤᠢ ᠭᠡᠷᠴᠢᠭᠰᠡᠨ ᠢᠶᠠᠨ ᠬᠠᠪᠳᠠᠭᠠᠶᠢᠯᠠᠨ ᠲᠠᠷᠤᠵᠦ ᠬᠠᠭᠤᠷᠠᠢ ᠭᠤᠯᠢᠷ ᠦᠷᠡᠵᠦ ᠲᠤᠭᠤᠶᠢᠯᠠᠨ | ᠭᠠᠮᠵᠢᠳᠠᠬᠤ ᠳᠤ ᠭᠤᠤᠯ ᠨᠢ ᠬᠦᠳᠦᠭᠦᠷ ᠢᠷᠮᠡᠭ ᠨᠢ ᠨᠢᠮᠭᠡᠨ ᠭᠠᠳᠠᠷ ᠪᠤᠯᠳᠠᠭ᠃ ᠢᠩᠭᠢᠭᠡᠳ ᠪᠤᠤᠵᠠ ᠪᠠᠨ ᠪᠤᠭᠤᠵᠦ | ᠡᠬᠢᠯᠡᠨ᠎ᠡ᠂ ᠪᠤᠤᠵᠠ ᠶᠢᠨ ᠭᠠᠳᠠᠷ ᠲᠡᠭᠡᠷ᠎ᠡ ᠪᠠᠨ ᠲᠤᠲᠤᠷ᠎ᠠ ᠮᠢᠬ᠎ᠠ ᠪᠠᠨ ᠬᠢᠭᠰᠡᠨ ᠢᠶᠠᠨ ᠨᠢᠬᠡ ᠵᠠᠬ᠎ᠠ ᠠᠴᠠ ᠨᠢ | ᠬᠤᠮᠢᠵᠦ ᠴᠢᠮᠬᠢᠵᠦ ᠪᠠᠷᠢᠬᠤ ᠳᠤ ᠭᠤᠤᠯ ᠨᠢ ᠬᠤᠩᠬᠤᠷ ᠲᠤᠭᠤᠷᠢᠭᠰᠠᠨ ᠬᠤᠨᠢᠶᠠᠰᠤ ᠲᠠᠢ ᠪᠤᠤᠵᠠ ᠪᠤᠯᠤᠨ | ᠪᠤᠭᠤᠭᠳᠠᠳᠠᠭ᠃ ᠪᠤᠤᠵᠠ ᠵᠢᠩᠨᠡᠬᠦ ᠳᠤ ᠰᠠᠪᠠᠭᠠᠨ ᠲᠡᠭᠡᠷ᠎ᠡ ᠪᠠᠨ ᠲᠠᠯᠪᠢᠬᠤ ᠳᠠᠭᠠᠨ ᠲᠤᠰᠤᠯᠠᠬᠤ ᠪᠤᠶᠤ ᠨᠢᠮᠭᠡᠨ ᠱᠠ | ᠪᠦᠰ ᠲᠡᠯᠭᠡᠵᠦ ᠪᠤᠤᠵᠠ ᠪᠠᠨ ᠬᠤᠭᠤᠷᠤᠨᠳᠤ ᠨᠢ ᠵᠤᠬᠢᠬᠤ ᠵᠠᠢ ᠲᠠᠢ ᠪᠠᠶᠢᠷᠢᠰᠢᠯᠡᠭᠤᠯᠤᠨ ᠲᠠᠯᠪᠢᠨ᠎ᠠ᠂ ᠤᠰᠤ ᠪᠠᠨ | ᠪᠤᠴᠠᠯᠭᠠᠭᠰᠠᠨ ᠤ ᠲᠠᠷᠠᠭ᠎ᠠ ᠰᠠᠪᠠᠭ᠎ᠠ ᠲᠠᠢ ᠪᠤᠤᠵᠠ ᠪᠠᠨ ᠲᠤᠭᠤᠭᠠᠨ ᠲᠤᠲᠤᠷ᠎ᠠ ᠪᠠᠨ ᠪᠢᠳᠡᠭᠦᠯᠡᠨ ᠲᠠᠯᠪᠢᠵᠦ ᠵᠢᠩᠨᠡᠨ᠎ᠡ᠂ | ᠪᠠᠷᠤᠭ ᠬᠤᠷᠢᠨ ᠮᠢᠨᠦ᠋ᠲ ᠤᠷᠴᠢᠮ ᠵᠢᠩᠨᠡᠪᠡᠯ ᠪᠤᠤᠵᠠ ᠪᠠᠨ ᠪᠤᠯᠭᠤᠴᠢᠬᠠᠳᠠᠭ᠃ ᠨᠢᠭᠡ ᠪᠤᠤᠵᠠ ᠶᠢᠨ ᠶᠡᠭᠡ ᠪᠠᠭ᠎ᠠ | ᠨᠢ ᠪᠠᠷᠤᠭ 4 — 5 ᠰᠠᠨᠲ᠋ᠢᠮᠧᠲᠷ ᠤᠷᠴᠢᠮ ᠪᠠᠶᠢᠳᠠᠭ᠃ | ᠪᠠᠩᠰᠢ ᠶᠢᠨ ᠲᠤᠲᠤᠷ᠎ᠠ ᠨᠠᠶᠢᠷᠠᠭᠤᠯᠭ᠎ᠠ ᠮᠢᠬ᠎ᠠ ᠨᠢ ᠪᠤᠤᠵᠠ ᠶᠢᠨ ᠮᠢᠬ᠎ᠠ ᠲᠠᠢ ᠠᠳᠠᠯᠢ᠂ ᠵᠦᠷᠢᠶ᠎ᠡ ᠨᠢ ᠭᠡᠪᠡᠯ | ᠪᠤᠤᠵᠠ ᠠᠴᠠ ᠬᠤᠯᠠ ᠪᠠᠭ᠎ᠠ᠂ ᠪᠠᠷᠤᠭ 2 — 3 ᠰᠠᠨᠲ᠋ᠢᠮᠧᠲᠷ ᠤᠷᠴᠢᠮ ᠪᠤᠢ᠃ ᠪᠠᠩᠰᠢ ᠪᠤᠭᠤᠬᠤ ᠳᠠᠭᠠᠨ | ᠪᠠᠩᠰᠢ ᠶᠢᠨ ᠭᠠᠳᠠᠷ ᠲᠡᠭᠡᠷ᠎ᠡ ᠪᠠᠨ ᠮᠢᠬ᠎ᠠ ᠪᠠᠨ ᠲᠠᠯᠪᠢᠭᠠᠳ ᠬᠤᠶᠠᠷ ᠲᠠᠯ᠎ᠠ ᠶᠢ ᠨᠢ ᠲᠤᠳᠤᠭᠰᠢ ᠲᠠᠷᠤᠭᠰᠠᠨ ᠢᠶᠠᠨ | ᠬᠤᠶᠠᠷ ᠲᠤᠯᠤᠭᠤᠪᠤᠷ ᠬᠤᠷᠤᠭᠤ ᠪᠠ ᠬᠤᠶᠠᠷ ᠡᠷᠡᠬᠡᠢ ᠬᠤᠷᠤᠭᠤ ᠪᠠᠷ ᠢᠷᠮᠡᠭ ᠢ ᠴᠢᠮᠬᠢᠵᠦ᠂ ᠲᠤᠮᠳᠠ | ᠬᠤᠷᠤᠭᠤ ᠪᠠᠷ ᠢᠶᠠᠨ ᠬᠠᠪᠴᠢᠵᠦ ᠦᠭᠬᠦ ᠳᠤ ᠶᠤᠸᠠᠨᠪᠤᠤ ᠬᠡᠯᠪᠡᠷᠢ ᠶᠢᠨ ᠪᠠᠩᠰᠢ ᠪᠤᠯᠤᠨ ᠬᠢᠭᠳᠡᠳᠡᠭ᠂ ᠪᠠᠰᠠ ᠨᠢᠭᠡᠨ | ᠪᠤᠭᠤᠬᠤ ᠠᠷᠭ᠎ᠠ ᠨᠢ ᠬᠠᠪᠢᠷᠭᠠᠨ ᠰᠠᠷ᠎ᠠ ᠬᠡᠯᠪᠡᠷᠢᠳᠡᠢ ᠠᠷᠤ ᠲᠠᠯ᠎ᠠ ᠳᠠᠭᠠᠨ ᠬᠡᠳᠦᠨ ᠬᠤᠨᠢᠶᠠᠰᠤ ᠲᠠᠢ ᠪᠤᠭᠤᠬᠤ ᠴᠤ | ᠪᠤᠢ᠂ ᠪᠠᠩᠰᠢ ᠶᠢ ᠪᠤᠯᠭᠤᠭᠠᠬᠤ ᠳᠠᠭᠠᠨ ᠤᠯᠠᠩᠬᠢ ᠳᠠᠭᠠᠨ ᠤᠰᠤᠨ ᠳᠤ ᠪᠤᠶᠤ ᠱᠦᠯᠦ ᠲᠠᠢ ᠬᠤᠭᠤᠯᠠᠨ ᠳᠤ ᠴᠢᠨᠠᠵᠦ | ᠪᠤᠯᠭᠤᠭᠠᠳᠠᠭ ᠶᠤᠮ᠃ ᠪᠤᠤᠵᠠ ᠪᠠᠩᠰᠢ ᠶᠢ ᠦᠵᠦᠮᠦᠴᠢᠨ ᠳᠤ ︽ᠨᠠᠷᠢᠨ ᠬᠤᠭᠤᠯᠠ︾ ᠴᠤ ᠭᠡᠵᠦ ᠶᠡᠷᠦᠩᠬᠡᠶᠢᠯᠡᠨ | ᠬᠡᠯᠡᠳᠡᠭ᠃ | ᠰᠢᠨ᠎ᠡ ᠶᠢᠨ ᠬᠤᠪᠢ ᠲᠦᠭᠡᠭᠡᠬᠦ — ᠠᠶᠢᠯ ᠡᠷᠦᠬᠡ ᠤᠳ ᠰᠠᠳᠤᠨ ᠲᠦᠷᠦᠯ ᠵᠠᠭᠤᠷ᠎ᠠ ᠪᠠᠨ ᠪᠢᠳᠡᠭᠦᠨ ᠤ | ᠬᠤᠪᠢ ᠭᠡᠵᠦ ᠲᠦᠭᠡᠭᠡᠬᠦ ᠪᠦᠭᠡᠳ ᠬᠡᠤᠬᠡᠳ ᠲᠡᠭᠦᠤ ᠨᠠᠷ ᠲᠡᠭᠡᠨ ᠪᠤᠶᠤ ᠲᠦᠷᠦᠯ ᠤᠨ ᠬᠢᠨ ᠳᠡᠭᠡᠨ ᠡᠪᠴᠢᠭᠦᠤ᠂ | ᠮᠦᠴᠢ ᠶᠢᠨ ᠳᠡᠭᠡᠷ᠎ᠡ ᠶᠧᠪᠠᠩ ᠪᠤᠶᠤ ᠬᠠᠭᠠᠷᠢᠭᠤᠯ ᠳᠠᠯᠪᠢᠵᠦ ᠬᠦᠮᠦᠨ ᠪᠦᠷᠢ ᠳᠤ ᠦᠭᠭᠦᠨ᠎ᠡ᠂ ᠨᠤᠬᠠᠢ ᠶᠢᠨ ᠬᠤᠪᠢ | ᠭᠡᠵᠦ ᠪᠠᠰᠠ ᠡᠷᠡᠤ ᠰᠢᠭᠢᠷ᠎ᠠ ᠶᠢ ᠦᠭᠬᠦ ᠪᠤᠶᠤ ᠡᠮᠦᠨ᠎ᠡ ᠬᠠᠨ᠎ᠠ ᠶᠢᠨ ᠨᠦᠬᠡᠨ ᠳᠤ ᠬᠢᠵᠦ ᠳᠠᠯᠪᠢᠳᠠᠭ ᠶᠤᠮ᠂ ᠬᠦᠷᠭᠡᠨ | ᠬᠡᠤᠬᠡᠨ ᠳᠤ ᠡᠪᠴᠢᠭᠦᠤ ᠶᠢᠨ ᠬᠤᠪᠢ᠂ ᠵᠩᠡ ᠨᠡᠷ ᠲᠤ ᠰᠦᠪᠡᠭᠡ ᠬᠠᠪᠢᠷᠭ᠎ᠠ ᠡᠪᠦᠷᠯᠡᠭᠦᠯᠳᠡᠭ ᠤᠴᠢᠷ ᠲᠠᠢ᠃ | ᠢᠯᠠᠩᠭᠤᠶ᠎ᠠ ᠭᠡᠷ ᠤᠨ ᠬᠦᠮᠦᠰ ᠲᠤ ᠪᠦᠷ ᠵᠤᠬᠢᠬᠤ ᠬᠤᠪᠢ ᠤᠨᠤᠭᠳᠠᠵᠦ ᠪᠠᠶᠢᠳᠠᠭ ᠶᠤᠮ᠃ | ᠠᠯᠳᠠᠨ ︵ᠲᠡᠭᠷᠢ︶ ᠤᠪᠤᠭ᠎ᠠ ᠪᠠᠨ ᠪᠤᠰᠬᠠᠬᠤ ᠪᠠ ᠲᠠᠬᠢᠬᠤ — ᠴᠠᠭᠠᠨ ᠰᠠᠷ᠎ᠠ ᠶᠢᠨ ᠪᠢᠳᠡᠭᠦᠨ ᠤ | ᠤᠷᠤᠶᠢᠬᠠᠨ ᠭᠡᠷ ᠠᠴᠠ ᠪᠠᠨ ᠤᠷᠤᠭᠰᠢ ᠵᠠᠭᠤᠭᠠᠳ ᠠᠯᠬᠤᠮ ᠤᠨ ᠤᠷᠴᠢᠮ ᠤᠨ ᠵᠠᠶᠢᠳᠠᠢ ᠠᠷᠢᠭᠤᠨ ᠴᠡᠪᠡᠷ ᠭᠠᠵᠠᠷ | ᠨᠢᠭᠡᠨ ᠴᠠᠰᠤᠨ ᠤᠪᠤᠭ᠎ᠠ ᠪᠤᠰᠬᠠᠵᠦ ᠵᠠᠰᠠᠵᠦ ᠲᠠᠯᠪᠢᠨ᠎ᠠ᠂ ᠡᠨᠡᠬᠦ ᠵᠠᠩ ᠦᠢᠯᠡ ᠪᠠᠨ ︽ᠲᠡᠭᠷᠢ ᠲᠠᠬᠢᠬᠤ︾᠂ ︽ | ᠲᠡᠭᠷᠢ ᠳᠤ ᠮᠦᠷᠭᠦᠬᠦ︾ ᠭᠡᠵᠦ ᠬᠡᠯᠡᠳᠡᠭ ᠪᠠ ᠤᠪᠤᠭ᠎ᠠ ᠪᠠᠨ ︽ᠲᠡᠭᠷᠢ ᠤᠪᠤᠭ᠎ᠠ︾ ᠪᠤᠶᠤ ︽ᠠᠯᠳᠠᠨ ᠤᠪᠤᠭ᠎ᠠ︾ | ᠴᠣ᠋ ᠭᠡᠵᠦ ᠨᠡᠷᠡᠯᠡᠳᠡᠭ᠂᠂ ᠲᠠᠬᠢᠯᠭ᠎ᠠ ᠶᠢᠨ ᠴᠠᠭ ᠬᠤᠭᠤᠴᠠᠭ᠎ᠠ ᠨᠢ ᠵᠢᠯ ᠪᠦᠷᠢ ᠶᠢᠨ ᠴᠠᠭᠠᠨ ᠰᠠᠷ᠎ᠠ ᠶᠢᠨ ᠰᠢᠨ᠎ᠡ ᠶᠢᠨ | ᠨᠢᠭᠡᠨ ᠤ ᠦᠷᠯᠦᠭᠡ ᠶᠢᠨ ᠪᠠᠷᠰ ᠴᠠᠭ ᠲᠤ ᠶᠠᠪᠤᠭᠳᠠᠨ᠎ᠠ᠂ ᠭᠡᠷ ᠤᠨ ᠡᠵᠡᠨ ᠲᠦᠷᠦᠭᠦᠤ ᠲᠠᠢ ᠪᠦᠷᠢᠯᠳᠦᠭᠦᠨ ᠨᠦᠭᠦᠳ | ᠵᠠᠰᠠᠯ ᠤᠨ ᠬᠤᠪᠴᠠᠰᠣ ᠪᠠᠨ ᠡᠮᠦᠰᠴᠦ᠂ ᠮᠤᠷᠢ ᠪᠠᠨ ᠤᠨᠤᠵᠦ᠂ ᠨᠤᠮᠤ ᠰᠠᠭᠠᠳᠠᠭ ᠪᠠᠨ ᠠᠭᠰᠠᠵᠦ᠂ ᠡᠷᠭᠦᠯ | ᠲᠠᠬᠢᠯᠭ᠎ᠠ ᠶᠢᠨ ᠵᠦᠢᠯᠡᠰ ᠢᠶᠠᠨ ᠠᠪᠴᠤ᠂ ᠤᠪᠤᠭᠠᠨ ᠳᠠᠭᠠᠨ ᠬᠦᠷᠴᠦ᠂ ᠲᠠᠬᠢᠯᠭ᠎ᠠ ᠶᠢᠨ ᠦᠢᠯᠡ ᠪᠠᠨ ᠲᠦᠪ | ᠬᠢᠴᠢᠶᠡᠩᠭᠦᠢ ᠬᠦᠢᠴᠡᠳᠭᠡᠳᠡᠭ᠂᠂ | ᠲᠡᠭᠷᠢ ᠲᠠᠬᠢᠬᠤ ᠰᠠᠨᠠᠭ᠎ᠠ ᠵᠤᠷᠢᠯᠳᠠ ᠪᠤᠯ ᠲᠦᠷᠪᠡᠨ ᠵᠦᠭ ᠨᠠᠢᠮᠠᠨ ᠵᠤᠪᠬᠢᠰ ᠤᠨ ᠶᠡᠷᠡ ᠶᠢᠰᠦᠨ ᠲᠡᠭᠷᠢ ᠲᠠᠷᠦᠢ | ᠪᠠᠷᠠᠭᠤᠨ ᠵᠦᠭ ᠢ ᠡᠵᠡᠯᠡᠬᠦ ᠲᠠᠪᠢᠨ ᠲᠠᠪᠤᠨ ᠲᠡᠭᠷᠢ᠂ ᠵᠡᠭᠦᠨ ᠵᠦᠭ ᠢ ᠡᠵᠡᠯᠡᠬᠦ ᠲᠦᠴᠢᠨ ᠳᠦᠷᠪᠡᠨ ᠲᠡᠭᠷᠢ ᠲᠤ | ᠲᠠᠬᠢᠯᠭ᠎ᠠ ᠡᠷᠭᠦᠬᠦ ᠬᠢᠭᠡᠳ ᠰᠢᠨ᠎ᠡ ᠨᠢᠭᠡᠨ ᠵᠢᠯ ᠤᠨ ᠠᠶᠢᠯ ᠡᠷᠦᠬᠡ ᠶᠢᠨ ᠬᠡᠶᠢᠮᠤᠷᠢ ᠰᠦᠯᠳᠡ ᠪᠠᠨ ᠰᠡᠷᠭᠦᠭᠡᠨ | ᠮᠠᠨᠳᠣᠭᠤᠯᠵᠦ᠂ ᠮᠠᠯ ᠰᠦᠷᠦᠭ ᠢᠶᠠᠨ ᠠᠷᠪᠢᠵᠢᠭᠤᠯᠬᠤ ᠶᠢ ᠲᠠᠭᠠᠳᠬᠠᠬᠤ᠂ ᠡᠪᠡᠳᠴᠢᠨ ᠬᠦᠨᠦᠭᠡᠯ ᠠᠯᠢᠪᠠ ᠬᠠᠷᠰᠢ | ᠰᠠᠭᠠᠳ ᠲᠤ ᠲᠠᠷᠤᠯᠭ᠎ᠠ ᠬᠢᠬᠦ ᠶᠠᠪᠤᠳᠠᠯ ᠪᠤᠯᠤᠨ᠎ᠠ᠂᠂ ᠲᠠᠬᠢᠯᠭ᠎ᠠ ᠳᠤ ᠪᠡᠯᠡᠳᠭᠡᠬᠦ ᠵᠦᠢᠯᠡᠰ ᠲᠤ᠄⑴ ᠲᠠᠬᠢᠯᠭ᠎ᠠ ᠶᠢᠨ | ᠴᠠᠷ᠎ᠠ ᠳᠠᠭᠠᠨ ᠲᠠᠪᠤᠨ ᠲᠠᠷᠢᠶ᠎ᠠ ᠶᠢᠨ ᠦᠷ᠎ᠡ ᠬᠢᠵᠦ᠂ ᠬᠤᠨᠢᠨ ᠲᠤᠯᠣᠭᠠᠢ ᠳᠤᠮᠳᠠ ᠨᠢ ᠰᠠᠭᠤᠯᠭᠠᠵᠦ᠂ ᠮᠠᠩᠨᠠᠢ ᠶᠢ ᠨᠢ | ᠴᠠᠭᠠᠨ ᠰᠢᠷ᠎ᠠ ᠳᠣᠰᠣ ᠪᠠᠷ ᠮᠢᠯᠢᠶᠠᠵᠦ ᠳᠠᠯᠪᠢᠬᠤ ᠶᠢᠨ ᠬᠠᠮᠲᠦ ᠪᠠᠰᠠ ᠦᠵᠦᠮ ᠴᠢᠪᠠᠭ᠎ᠠ ᠮᠦᠰᠦᠨ ᠰᠢᠬᠢᠷ᠂ ᠴᠠᠭᠠᠨ | ᠢᠳᠡᠭᠡᠨ ᠤ ᠵᠦᠢᠯᠡᠰ ᠢᠶᠠᠷ ᠵᠠᠰᠠᠵᠦ ᠲᠠᠪᠢᠭᠯᠠᠬᠤ ᠪᠤᠶᠤ᠂᠂⑵ ᠨᠢᠭᠡ ᠪᠠᠭᠴᠠ ᠬᠦᠵᠢ ᠶᠢ ᠬᠦᠪᠦᠩ ᠢᠶᠠᠷ ᠤᠷᠢᠶᠠᠭᠠᠳ | ᠰᠢᠷ᠎ᠠ ᠳᠣᠰᠣ ᠴᠢᠳᠬᠤᠵᠦ ᠬᠢᠬᠦ ᠪᠠ ᠪᠤᠰᠤᠳ ᠠᠷᠴᠠ ᠤᠳᠤᠯᠭ᠎ᠠ ᠵᠡᠷᠭᠡ ᠠᠷᠢᠭᠤᠳᠬᠠᠯ ᠤᠨ ᠵᠦᠢᠯᠡᠰ ᠢ ᠪᠡᠯᠡᠬᠡᠨ | ᠪᠤᠯᠭᠠᠵᠦ᠂ ᠮᠦᠷᠭᠦᠯ ᠬᠢᠬᠦ ᠳᠤ ᠬᠡᠷᠡᠭᠰᠡᠬᠦ ᠲᠠᠪᠯᠠᠭ ᠪᠤᠶᠤ ᠵᠢᠵᠢᠭ ᠰᠢᠷᠳᠡᠭ ᠢ ᠴᠤ ᠪᠡᠯᠡᠳᠭᠡᠨ᠎ᠡ᠂᠂ ᠡᠷᠳᠡ ᠶᠢᠨ ᠴᠠᠢ | ᠶᠢᠨ ᠳᠡᠭᠡᠵᠢ ᠪᠠᠨ ᠰᠢᠷ᠎ᠡ ᠳᠣᠰᠣ ᠪᠠᠷ ᠰᠠᠮᠣᠷᠠᠨ ᠡᠷᠭᠦᠳᠡᠭ ᠴᠣ᠋ ᠪᠤᠢ᠂⑶ ᠵᠢᠷᠣᠬᠠᠢ ᠶᠢᠨ ᠶᠤᠰᠤᠭᠠᠷ ᠭᠡᠷ ᠤᠨ ᠡᠵᠡᠨ | ᠨᠢ ᠬᠦᠮᠦᠨ ᠪᠦᠷᠢ ᠶᠢᠨ ᠬᠡᠶᠢᠮᠤᠷᠢ ᠶᠢᠨ ᠵᠦᠭ ᠮᠤᠷᠳᠠᠬᠤ᠂ ᠭᠡᠰᠢᠭ ᠤᠨ ᠵᠦᠭ ᠠᠴᠠ ᠢᠷᠡᠬᠦ ᠶᠤᠰᠤ ᠤᠴᠢᠷ ᠢ | ᠮᠡᠳᠡᠭᠦᠯᠦᠭᠰᠡᠨ ᠤ ᠲᠠᠷᠠᠭ᠎ᠠ ︽ᠠᠯᠳᠠᠨ ᠤᠪᠤᠭ᠎ᠠ︾ ᠠᠴᠠ ᠨᠡᠯᠢᠶᠡᠳ ᠵᠠᠶᠢᠳᠠᠢ ᠦᠪᠡᠷ ᠦᠪᠡᠷ ᠤᠨ ᠲᠠᠷᠤᠯᠭ᠎ᠠ ᠶᠢᠨ | ᠵᠦᠢᠯᠡᠰ ᠢ ᠠᠪᠠᠴᠢᠵᠤ ᠳᠠᠯᠪᠢᠳᠠᠭ ᠪᠠᠶᠢᠨ᠎ᠠ᠂᠂ | ᠲᠡᠭᠷᠢ ᠲᠠᠬᠢᠬᠤ ᠦᠢᠯᠡ ᠶᠢ ᠭᠦᠢᠴᠡᠳᠭᠡᠬᠦ᠂ ᠰᠢᠨ᠎ᠡ ᠶᠢᠨ ᠨᠢᠭᠡᠨ ᠤ ᠦᠷᠯᠦᠬᠡ ᠡᠷᠳᠡ ᠭᠡᠷ ᠤᠨ ᠡᠵᠡᠨ | ᠲᠦᠷᠦᠭᠦᠳᠠᠢ ᠤᠯᠠᠨ ᠢᠶᠠᠷ ᠢᠶᠠᠨ ᠲᠡᠭᠷᠢ ᠤᠪᠤᠭᠠᠨ ᠳᠤ ᠬᠦᠷᠦᠭᠰᠡᠨ ᠤ ᠲᠠᠷᠠᠭ᠎ᠠ᠂ ᠤᠪᠤᠭᠠᠨ ᠤ ᠡᠮᠦᠨ᠎ᠡ ᠳᠡᠪᠰᠡᠭ | ᠳᠡᠭᠡᠷ᠎ᠡ ᠲᠠᠬᠢᠯᠭ᠎ᠠ ᠶᠢᠨ ᠴᠠᠷ᠎ᠠ ᠲᠠᠢ ᠢᠳᠡᠭᠡᠨ ᠢᠶᠠᠨ ᠲᠠᠯᠪᠢᠵᠦ᠂ ᠪᠠᠭᠴᠠ ᠬᠦᠵᠢ ᠪᠠᠨ ᠠᠰᠠᠭᠠᠵᠤ᠂ ᠠᠷᠴᠠ ᠽᠠᠨᠳᠠᠨ | ᠤᠩᠭᠠᠳᠬᠠᠵᠤ᠂ ᠲᠡᠭᠷᠢ ᠳᠤ ᠵᠤᠯᠠ ᠪᠠᠷᠢᠭᠠᠳ ᠴᠠᠭᠠᠨ ᠢᠳᠠᠭᠡᠨ ᠤ ᠲᠡᠭᠡᠵᠢ ᠪᠠᠨ ᠳᠦᠷᠪᠡᠨ ᠵᠦᠭ ᠲᠤ ᠰᠠᠴᠣᠭᠠᠳ᠂ | ᠤᠪᠣᠭ᠎ᠠ ᠪᠠᠨ ᠵᠦᠪ ᠢᠶᠠᠷ ᠭᠤᠷᠪᠠ ᠳᠣᠭᠤᠷᠢᠨᠠ᠂ ᠳᠠᠷᠠᠭ᠎ᠠ ᠪᠠᠷ ᠤᠪᠤᠭᠠᠨ ᠤ ᠡᠮᠦᠨ᠎ᠡ ᠲᠠᠪᠯᠠᠭ ᠰᠢᠷᠳᠡᠭ ᠢᠶᠠᠨ | ᠳᠡᠪᠢᠰᠴᠣ᠂ ᠭᠡᠷ ᠤᠨ ᠡᠵᠡᠨ ᠭᠠᠷᠴᠣ ᠤᠪᠤᠭᠠᠨ ᠠᠴᠠ ᠪᠠᠨ ᠡᠬᠢᠯᠡᠨ ᠨᠠᠷᠠᠨ ᠵᠦᠪ ᠢᠶᠠᠷ ᠬᠤᠷᠮᠤᠢ ᠳᠡᠪᠢᠰᠴᠣ | ᠰᠦᠭᠦᠳᠦᠭᠡ ᠮᠦᠷᠭᠦᠯ ᠬᠢᠵᠦ᠂ ᠲᠦᠷᠪᠡᠨ ᠵᠦᠭ ᠨᠠᠢᠮᠠᠨ ᠵᠤᠪᠬᠢᠰ ᠲᠤ ᠮᠦᠷᠭᠦᠳᠡᠭ ᠪᠠᠶᠢᠨ᠎ᠠ᠂᠂ ᠮᠦᠷᠭᠦᠯ ᠪᠠᠷᠠᠭᠰᠠᠨ | ᠤ ᠳᠠᠷᠠᠭ᠎ᠠ ᠦᠪᠡᠷ ᠦᠪᠡᠷ ᠤᠨ ᠬᠡᠶᠢᠮᠣᠷᠢ ᠶᠢᠨ ᠵᠦᠭ ᠲᠡᠭᠡᠨ ᠮᠤᠷᠳᠠᠵᠤ᠂ ᠳᠠᠷᠤᠯᠭ᠎ᠠ ᠶᠢᠨ ᠵᠦᠢᠯᠡᠰ ᠢᠶᠠᠨ ᠤᠯᠵᠤ | ᠠᠪᠣᠭᠠᠳ ᠭᠡᠰᠢᠭ ᠤᠨ ᠵᠦᠭ ᠲᠤ ᠭᠡᠷ ᠲᠡᠭᠡᠨ ᠡᠷᠭᠢᠵᠦ ᠢᠷᠡᠨ᠎ᠡ᠂᠂ ᠭᠡᠷ ᠲᠡᠭᠡᠨ ᠢᠷᠡᠭᠰᠡᠨ ᠤ ᠳᠠᠷᠠᠭ᠎ᠠ᠂ ᠭᠡᠷ | ᠡᠷᠦᠬᠡ ᠶᠢᠨ ᠰᠢᠨᠡᠯᠡᠬᠦ ᠵᠠᠩ ᠦᠢᠯᠡ ᠪᠠᠨ ᠬᠦᠢᠴᠡᠳᠭᠡᠳᠡᠭ᠂ ᠲᠤᠰ ᠨᠤᠲᠤᠭ ᠠᠴᠠ ᠪᠠᠨ ᠨᠡᠭᠦᠬᠦ ᠳᠡᠭᠡᠨ ᠠᠴᠢᠶ᠎ᠠ | ᠨᠡᠭᠦᠳᠡᠯ ᠢᠶᠠᠷ ᠢᠶᠠᠨ ︽ᠠᠯᠳᠠᠨ ᠤᠪᠤᠭ᠎ᠠ︾ ᠪᠠᠨ ᠨᠠᠷᠠᠨ ᠵᠦᠪ ᠳᠣᠭᠤᠷᠢᠭᠤᠯᠤᠨ ᠮᠦᠷ ᠭᠠᠷᠭᠠᠳᠠᠭ ᠤᠴᠢᠷ ᠲᠠᠢ᠂᠂ | ᠪᠤᠷᠬᠠᠨ ᠲᠠᠬᠢᠯ ᠢᠶᠠᠨ ᠵᠠᠰᠠᠬᠤ — ᠨᠡᠭᠦᠳᠡᠯ ᠮᠠᠯᠵᠢᠯ ᠤᠨ ᠦᠶ᠎ᠡ ᠠᠶᠢᠯ ᠡᠷᠦᠬᠡ ᠶᠠᠷᠤᠨᠢ ᠪᠤᠷᠬᠠᠨ | ᠰᠢᠳᠦᠯᠬᠡ ᠪᠠᠨ ᠬᠡᠵᠢᠶᠡᠳᠡ ᠲᠠᠯᠳᠠ ᠲᠡᠪᠡᠯᠯᠡᠵᠦ ᠲᠠᠯᠪᠢᠬᠤ ᠪᠠ ᠬᠦᠩᠭᠠᠷᠸ᠎ᠠ ᠳᠤ ᠵᠠᠯᠠᠳᠠᠭ ᠤᠴᠢᠷ ᠲᠠᠢ᠃ ᠵᠢᠯ | ᠪᠦᠷᠢ ᠶᠢᠨ ᠪᠢᠳᠡᠭᠦᠨ ᠤ ᠦᠳᠡ ᠠᠴᠠ ᠬᠤᠶᠢᠰᠢ ᠪᠤᠷᠬᠠᠨ ᠢᠶᠠᠨ ᠳᠡᠯᠭᠡᠵᠦ᠂ ᠳᠡᠭᠡᠷ᠎ᠡ ᠳᠠᠯ᠎ᠠ ᠳᠤᠨᠢ ᠤᠨᠢ | ᠳᠠᠭᠠᠭᠤᠯᠤᠨ ᠲᠠᠪᠤᠨ ᠦᠩᠭᠡ ᠶᠢᠨ ᠯᠠᠪᠷᠢ ᠯᠢᠨᠳᠠᠷ ᠳᠠᠳᠠᠨ᠂ ᠬᠦᠵᠢ ᠨᠠᠪᠴᠢ᠂ ᠲᠠᠬᠢᠯ ᠲᠠᠪᠢᠭ ᠵᠡᠷᠭᠡ ᠵᠠᠰᠠᠯ | ᠴᠢᠮᠡᠭᠯᠡᠯ ᠤᠨ ᠵᠦᠢᠯᠳᠡ ᠶᠢ ᠦᠷᠦᠵᠦ᠂ ᠵᠤᠯᠠ ᠬᠦᠵᠢ ᠪᠠᠨ ᠡᠷᠭᠦᠵᠦ᠂ ᠦᠵᠦᠮ ᠰᠢᠬᠢᠷ ᠴᠢᠪᠠᠭ᠎ᠠ ᠵᠡᠷᠭᠡ | ᠠᠮᠳᠠᠳᠠᠨ ᠢᠶᠠᠷ ᠦᠩᠭᠡᠯᠡᠭᠰᠡᠨ ᠬᠠᠭᠠᠷᠢᠭᠤᠯ ᠲᠦᠷᠪᠡᠵᠢᠯᠡᠭᠰᠡᠨ ᠪᠤᠷᠤ ᠢᠳᠡᠭᠡᠨ ᠤ ᠲᠠᠪᠠᠭ᠂ ᠲᠤᠰᠤ ᠬᠤᠷᠤᠳ ᠤᠨ | ᠴᠠᠭᠠᠨ ᠢᠳᠡᠭᠡᠨ ᠤ ᠲᠠᠪᠠᠭ᠂ ᠬᠤᠰ ᠤᠷᠢᠶᠠᠭᠰᠠᠨ ᠱᠠᠭᠠᠨᠳᠦ ᠦᠭᠡᠭᠦᠨ ᠰᠡᠭᠦᠯ ᠲᠡᠷᠢᠭᠦᠳᠡᠨ ᠤᠯᠠᠭᠠᠨ ᠢᠳᠡᠭᠡᠨ ᠤ | ᠲᠠᠪᠠᠭ ᠵᠡᠷᠭᠡ ᠶᠢ ᠨᠠᠮᠪᠠᠭᠠᠯᠠᠨ ᠦᠷᠦᠵᠦ᠂ ᠵᠤᠯᠠ ᠪᠠᠷᠢᠬᠤ ᠪᠠ ᠴᠠᠢ ᠶᠢᠨ ᠲᠡᠭᠡᠵᠢ᠂ ᠷᠠᠰᠢᠶᠠᠨ ᠤᠰᠤᠨ ᠵᠡᠷᠭᠡ ᠶᠢ | ᠬᠢᠵᠦ ᠲᠠᠯᠪᠢᠨ ᠲᠡᠭᠷᠢ ᠪᠤᠷᠬᠠᠨ᠂ ᠲᠡᠭᠡᠳᠦᠰ ᠲᠡᠭᠡᠨ ᠢᠳᠡᠭᠡᠨ ᠤᠮᠳᠠᠭᠠᠨ ᠤ ᠪᠠᠨ ᠲᠡᠭᠡᠵᠢ ᠶᠢ ᠡᠷᠭᠦᠳᠡᠭ ᠵᠠᠩᠰᠢᠯ ᠲᠠᠢ | ᠶᠤᠮ᠃ ᠠᠬᠠᠮᠠᠳ ᠨᠠᠰᠤᠳᠠᠳ ᠠᠴᠠ ᠰᠠᠷ᠎ᠠ ᠰᠢᠨ᠎ᠡ ᠶᠢᠨ ᠲᠠᠭᠠᠳᠬᠠᠯ ᠵᠠᠯᠪᠠᠷᠢᠯ ᠢᠶᠠᠨ ᠬᠢᠵᠦ᠂ ᠰᠢᠨ᠎ᠡ ᠵᠢᠯ ᠤᠨ ᠭᠡᠷ | ᠬᠤᠳᠠᠯᠠᠭᠠᠷ ᠤᠨ ᠠᠮᠤᠷ ᠮᠡᠨᠳᠦ ᠵᠤᠯ ᠵᠢᠷᠭᠠᠯ ᠪᠠ ᠮᠠᠯ ᠰᠦᠷᠦᠭ ᠤᠨ ᠦᠨᠢᠷ ᠦᠰᠦᠯᠳᠡ ᠪᠠᠨ ᠵᠦᠩᠨᠡᠨ ᠪᠡᠯᠭᠡᠳᠡᠳᠡᠭ | ᠶᠤᠮ᠃ ᠪᠤᠷᠬᠠᠨ ᠢᠶᠠᠨ ᠰᠢᠨ᠎ᠡ ᠶᠢᠨ ᠭᠤᠷᠪᠠᠨ ᠳᠤ ᠲᠡᠪᠡᠯᠯᠡᠵᠦ ᠬᠢᠴᠢᠶᠡᠩᠭᠦᠶᠢᠯᠡᠨ ᠬᠤᠷᠢᠶᠠᠵᠦ᠂ ᠭᠦᠩᠭᠠᠷᠸ᠎ᠠ ᠳᠠᠭᠠᠨ | ᠵᠠᠯᠠᠵᠦ ᠲᠠᠯᠪᠢᠳᠠᠭ ᠶᠤᠮᠰᠠᠨ᠃ ᠪᠤᠷᠬᠠᠨ ᠲᠡᠪᠡᠯᠯᠡᠬᠦ ᠳᠡᠭᠡᠨ ᠪᠦᠬᠦ ᠭᠡᠷ ᠤᠨ ᠪᠦᠷᠢᠯᠳᠦᠭᠦᠨ ᠳᠤ ᠭᠡᠰᠢᠭ ᠬᠤᠪᠢᠳᠠᠬᠤ | ᠪᠠ ᠬᠡᠤᠬᠡᠳ ᠤᠳ ᠲᠤ ᠪᠤᠷᠬᠠᠨ ᠤ ᠭᠡᠰᠢᠭ ᠲᠦᠪᠡᠭᠡᠵᠦ ᠠᠮᠳᠠ ᠲᠠᠢ ᠠᠷᠢᠭᠤᠨ ᠬᠠᠶᠢᠷᠤᠭᠤᠯ ᠦᠭᠴᠦ | ᠪᠠᠶᠠᠷᠯᠠᠭᠤᠯᠤᠨ ᠪᠠᠶᠢᠳᠠᠭ᠃ | ᠪᠢᠳᠡᠭᠦᠨ ᠤ ᠴᠠᠢ ᠤᠤᠭᠤᠯᠭᠠᠬᠤ — ᠪᠢᠳᠡᠭᠦᠨ ᠤ ᠴᠠᠢ ᠤᠤᠭᠤᠯᠭᠠᠬᠤ ᠳᠠᠭᠠᠨ ᠤᠷᠢᠳᠠ ᠪᠠᠷ | ᠭᠡᠷ ᠢᠶᠠᠷ ᠢᠶᠠᠨ ᠪᠢᠳᠡᠭᠦᠯᠡᠵᠦ ᠤᠷᠤᠶᠢᠬᠠᠨ ᠬᠠᠷᠢᠯᠴᠠᠨ ᠵᠠᠯᠠᠵᠦ ᠪᠢᠳᠡᠭᠦᠯᠡᠳᠡᠭ᠂ ᠪᠢᠳᠡᠭᠦᠯᠡᠬᠦ ᠳᠡᠭᠡᠨ ᠲᠡᠭᠦᠤ ᠨᠠᠷ | ᠪᠠᠭᠠᠴᠦᠳ ᠨᠢ ᠮᠤᠷᠳᠡᠵᠦ᠂ ᠠᠬᠠᠮᠠᠳ ᠠᠴᠠ ᠨᠢ ᠡᠬᠢᠯᠡᠵᠦ ᠪᠢᠳᠡᠭᠦᠨ ᠤ ᠴᠠᠢ ᠤᠤᠭᠤᠯᠭᠠᠬᠤ ᠪᠠᠷ ᠵᠠᠯᠠᠬᠤ ᠪᠠᠷ | ᠤᠴᠢᠳᠠᠭ ᠶᠤᠮ᠃ ᠠᠬᠠᠮᠠᠳ ᠨᠠᠷ ᠨᠢ ᠵᠠᠯᠠᠭᠳᠠᠨ ᠢᠷᠡᠵᠦ ᠪᠢᠳᠡᠭᠦᠯᠡᠬᠦ ᠪᠦᠭᠡᠳ ᠤᠶᠢᠷ᠎ᠠ ᠬᠠᠪᠢ ᠶᠢᠨ ᠠᠶᠢᠯ | ᠡᠷᠦᠬᠡ ᠪᠠᠷ ᠪᠠᠭᠤᠵᠦ ᠪᠠᠶᠠᠷᠯᠠᠯᠳᠤᠨ ᠬᠦᠭᠡᠷᠦᠯᠳᠦᠳᠡᠭ᠂ ᠪᠠᠷᠢᠶᠠᠳ ᠠᠴᠠ ᠴᠠᠢ ᠠᠶᠠᠭᠠᠯᠠᠵᠦ ᠴᠠᠭᠠᠨ ᠢᠳᠡᠭᠡ | ᠠᠮᠬᠠᠷᠠᠭᠤᠯᠤᠭᠰᠠᠨ ᠢᠶᠠᠨ ᠪᠦᠬᠦᠯᠢ ᠰᠢᠭᠦᠰᠦ ᠪᠢᠳᠡᠭᠦᠤ ᠲᠤᠯᠤᠭᠠᠢ ᠤᠷᠤᠭᠤᠯᠤᠨ ᠳᠡᠯᠪᠢᠨ᠎ᠠ᠂ ᠬᠦᠮᠦᠰ ᠪᠢᠳᠡᠭᠦᠤ | ᠲᠤᠯᠤᠭᠠᠢ ᠶᠢ ᠵᠠᠭᠠᠵᠦ ᠰᠠᠯᠭᠠᠬᠤ ᠳᠠᠭᠠᠨ ︿︿ᠪᠢᠳᠡᠭᠦᠤ ᠲᠤᠯᠤᠭᠠᠢ ᠵᠠᠭᠠᠯᠠ᠂ ᠪᠤᠲᠤᠩ ᠤᠨ ᠠᠮᠰᠠᠷ ᠨᠡᠭᠡᠭᠡᠯ᠎ᠡ᠂ | ᠪᠢᠳᠡᠭᠦᠤ ᠨᠡᠭᠡᠭᠡᠭᠳᠡᠵᠦ᠂ ᠪᠦᠷᠬᠦᠭ ᠠᠷᠢᠯᠤᠯ᠎ᠠ﹀﹀ ᠭᠡᠵᠦ ᠬᠡᠯᠡᠯᠴᠡᠨ ᠪᠡᠶᠡᠷᠯᠡᠯᠳᠤᠨᠠ᠃ ᠠᠷᠢᠬᠢ ᠬᠡᠮᠨᠡᠨ ᠢᠷᠦᠭᠡᠯ | ᠳᠠᠯᠪᠢᠨ ᠳᠠᠭᠤᠯᠠᠨ ᠪᠠᠶᠠᠰᠴᠤ᠂ ᠪᠢᠳᠡᠭᠦᠨ ᠤ ᠪᠠᠩᠰᠢ ᠪᠤᠤᠰᠠ ᠶᠢᠨ ᠬᠤᠭᠤᠯᠠ ᠢᠳᠡᠳᠡᠭ᠃ ᠡᠵᠢ ᠨᠠᠷ ᠠᠴᠠ ᠤᠶᠢᠷ᠎ᠠ | ᠰᠠᠳᠤᠨ ᠳᠠᠭᠠᠨ ᠪᠠᠰᠠ ᠦᠭᠬᠦ ᠬᠤᠪᠢ ᠪᠠᠨ ᠭᠠᠷᠳᠠᠭᠤᠯᠵᠦ ᠪᠠᠶᠢᠳᠠᠭ ᠤᠴᠢᠷ ᠲᠠᠢ᠂ ᠭᠡᠪᠡᠴᠦ ᠦᠳᠡᠰᠢ ᠡᠷᠳᠡ | ᠲᠠᠷᠬᠠᠵᠦ ᠮᠠᠷᠭᠠᠳᠤᠷ ᠤᠨ ᠰᠢᠨ᠎ᠡ ᠶᠢᠨ ᠨᠢᠭᠡᠨ ᠤ ᠶᠠᠪᠤᠳᠠᠯ ᠳᠠᠭᠠᠨ ᠶᠠᠭᠠᠷᠠᠳᠠᠭ᠂ ᠠᠶᠢᠯ ᠳᠤ ᠪᠠ ᠭᠠᠳᠠᠨ᠎ᠠ | ᠬᠤᠨᠤᠬᠤ ᠠᠴᠠ ᠪᠤᠯᠭᠤᠮᠵᠢᠯᠠᠨ᠎ᠠ᠃ | ᠰᠢᠨᠡᠯᠡᠵᠦ ᠮᠠᠨᠳᠤᠴᠢᠯᠠᠨ ᠵᠤᠯᠭᠠᠬᠤ — ᠰᠠᠷ᠎ᠠ ᠰᠢᠨ᠎ᠡ ᠳᠤ ᠮᠠᠨᠳᠤᠴᠢᠯᠠᠨ ᠵᠤᠯᠭᠠᠬᠤ ᠪᠤᠯ ᠰᠢᠨᠡᠯᠠᠴᠢᠳ ᠤᠨ | ᠶᠠᠭᠤᠨ ᠤ ᠤᠷᠢᠳ ᠬᠢᠬᠦ ᠪᠠᠰᠠ ᠬᠦᠮᠦᠨ ᠪᠦᠬᠦᠨ ᠳᠤ ᠬᠢᠬᠦ ᠠᠮᠤᠷ ᠮᠡᠨᠳᠦ ᠶᠢᠨ ᠵᠤᠯᠭᠠᠯᠳᠠ ᠪᠤᠯᠤᠨ᠎ᠠ᠃ | ᠰᠢᠨᠡᠯᠡᠬᠦ ᠳᠡᠭᠡᠨ ᠨᠠᠰᠤᠳᠠᠨ ᠪᠤᠭᠤᠷᠤᠯ ᠠᠬᠠᠰ ᠵᠠᠬᠠᠰ ᠲᠠᠭᠠᠨ ᠤᠷᠢᠳᠴᠢᠯᠠᠨ ᠵᠤᠯᠭᠠᠬᠤ ᠪᠦᠭᠡᠳ ᠵᠤᠯᠭᠠᠬᠤ ᠳᠠᠭᠠᠨ | ᠰᠠᠭᠤᠯᠭᠠᠵᠦ ᠡᠮᠦᠨ᠎ᠡ ᠨᠢ ᠰᠦᠭᠦᠷᠡᠨ ᠮᠦᠷᠭᠦᠭᠰᠡᠨ ᠢᠶᠠᠨ᠄ ︽ᠲᠡᠩᠭᠡᠭᠡ ᠰᠠᠶᠢᠨ ᠰᠢᠨᠠᠯᠠᠪᠠᠤ︖︾ ᠭᠡᠵᠦ | ᠬᠠᠳᠠᠭ ᠢᠶᠠᠨ ᠠᠯᠠᠭᠠᠨ ᠲᠡᠭᠡᠷ᠎ᠡ ᠪᠠᠨ ᠪᠠᠷᠢᠨ ᠮᠠᠨᠳᠤᠴᠢᠯᠠᠨᠡ᠂ ᠡᠭᠦᠨ ᠳᠤ ᠨᠠᠰᠤᠳᠠᠳ ᠠᠴᠠ᠄ ︽ᠵᠠ᠂ ᠤᠷᠳᠤ | ᠨᠠᠰᠤᠯᠠᠵᠦ ᠤᠳᠠᠭᠠᠨ ᠵᠢᠷᠭᠠᠵᠦ ᠶᠠᠪᠤ︕︾ ᠢᠷᠦᠭᠡᠨ ᠵᠦᠩᠨᠡᠵᠦ ᠦᠨᠤᠰᠤᠨ ᠵᠤᠯᠭᠠᠳᠠᠭ ᠵᠠᠩᠰᠢᠯ ᠲᠠᠢ᠃ | ᠤᠯᠠᠩᠬᠢ ᠳᠠᠭᠠᠨ ᠠᠬᠠᠮᠠᠳ ᠨᠢ ᠰᠠᠭᠤᠵᠦ ᠲᠡᠭᠦᠤ ᠨᠠᠷ ᠪᠠᠭᠠᠴᠦᠳ ᠨᠢ ᠵᠤᠭᠰᠤᠵᠦ ᠮᠠᠨᠳᠤᠴᠢᠯᠠᠨ ᠵᠤᠯᠭᠠᠨ᠎ᠠ᠂ ᠦᠶ᠎ᠡ | ᠬᠤᠷᠠᠭ ᠤᠨ ᠬᠢᠨ ᠬᠠᠷᠢᠯᠴᠠᠨ ᠵᠤᠭᠰᠤᠵᠦ ᠮᠠᠨᠳᠤᠴᠢᠯᠠᠨ ᠵᠤᠯᠭᠠᠨ᠎ᠠ᠃ ᠵᠤᠯᠭᠠᠯᠳᠠ ᠪᠠᠷᠠᠭᠰᠠᠨ ᠤ ᠲᠠᠷᠠᠭ᠎ᠠ᠂ ᠪᠠᠰᠠ | ᠭᠦᠭᠦᠷ ᠰᠤᠯᠢᠯᠴᠡᠨ ᠵᠢᠯ ᠤᠨ ᠦᠩᠭᠡ ᠪᠠ ᠨᠤᠲᠤᠭ ᠤᠰᠤᠨ ᠦᠩ ᠲᠠᠪᠠᠳᠠᠢ᠂ ᠮᠠᠯ ᠰᠦᠷᠦᠭ ᠤᠨ ᠲᠠᠷᠭᠤ | ᠬᠦᠴᠦ ᠶᠢᠨ ᠰᠠᠶᠢᠨ ᠢᠶᠠᠨ ᠠᠰᠠᠭᠤᠯᠴᠠᠭᠠᠳ᠂ ᠨᠠᠰᠤᠨ ᠤ ᠶᠡᠭᠡ ᠪᠠᠭ᠎ᠠ ᠪᠠᠷ ᠵᠢᠭᠳᠡᠷᠡᠨ ᠰᠠᠭᠤᠵᠦ᠂ ᠠᠶᠢᠯ ᠤᠨ | ᠪᠡᠷᠢᠶᠡᠳ ᠪᠦᠰᠡᠭᠦᠶᠢᠴᠦᠳ ᠠᠴᠠ ᠴᠠᠢ ᠠᠶᠠᠭᠠᠯᠠᠬᠤ᠂ ᠴᠠᠭᠠᠨ ᠢᠳᠡᠭᠡᠨ ᠠᠮᠬᠠᠷᠠᠭᠤᠯᠬᠤ᠂ ᠰᠢᠨ᠎ᠡ ᠶᠢᠨ ᠬᠤᠭᠤᠯᠠ | ᠬᠢᠵᠦ ᠦᠭᠬᠦ ᠵᠡᠷᠭᠡ ᠬᠦᠨᠳᠦᠯᠡᠯ ᠤᠨ ᠶᠤᠰᠤᠨ ᠢ ᠬᠦᠯᠢᠶᠡᠳᠡᠭ᠂ ᠠᠶᠢᠯ ᠡᠷᠦᠬᠡ ᠨᠢ ᠡᠳᠡᠭᠡᠷ ᠶᠤᠰᠤᠨ ᠢᠶᠠᠨ | ᠭᠦᠢᠴᠡᠳᠭᠡᠭᠰᠡᠨ ᠨᠢ ᠲᠠᠷᠠᠭ᠎ᠠ ᠭᠡᠷ ᠣᠨᠠᠬᠠᠮᠠᠳ ᠪᠤᠭᠤᠷᠤᠯ ᠠᠴᠠ ᠵᠢᠯ ᠵᠢᠷᠬᠢᠭᠰᠡᠨ ᠬᠦᠮᠦᠰ ᠲᠤ ᠪᠡᠯᠡᠭ | ᠭᠠᠷᠳᠠᠭᠤᠯᠵᠦ ︽ᠵᠠ᠂ ᠵᠢᠯ ᠢᠶᠠᠨ ᠲᠤᠯᠤᠭ᠎ᠠ ᠤᠷᠤᠭᠤᠯ ᠡ︕︾ ᠭᠡᠵᠦ ᠢᠷᠦᠭᠡᠨ ᠪᠠᠷᠢᠳᠠᠭ᠃ ᠡᠭᠦᠨ ᠤ ᠬᠠᠮᠳᠤ | ᠤᠯᠠᠨ ᠢᠶᠠᠷ ᠰᠠᠭᠤᠭᠰᠠᠨ ᠤ ᠲᠠᠷᠠᠭ᠎ᠠ ᠠᠬᠠᠮᠠᠳ ᠠᠴᠠ ᠨᠢ ᠢᠷᠦᠭᠡᠯ ᠬᠡᠯᠡᠬᠦ ᠪᠠ ᠬᠠᠷᠢᠭᠤ ᠢᠷᠦᠭᠡᠯ ᠬᠡᠯᠡᠬᠦ ᠵᠡᠷᠬᠡ | ᠪᠡᠯᠭᠡ ᠵᠦᠩᠨᠡᠯ ᠢ ᠲᠠᠯᠪᠢᠵᠦ ᠪᠠᠶᠠᠰᠴᠠᠭᠠᠳᠠᠭ᠂ ᠰᠢᠨᠡᠯᠡᠴᠢᠳ ᠶᠠᠪᠤᠬᠤ ᠳᠠᠭᠠᠨ ᠪᠠᠰᠠ ᠰᠢᠷᠡᠭᠡᠨ ᠢᠷᠦᠭᠡᠯ ᠴᠤ | ᠲᠠᠯᠪᠢᠳᠠᠭ ᠪᠠᠶᠢᠭᠰᠠᠨ ᠰᠠᠨ᠃ ᠦᠵᠦᠮᠦᠴᠢᠨ ᠤ ᠰᠠᠷ᠎ᠠ ᠰᠢᠨ᠎ᠡ ᠶᠢᠨ ᠭᠤᠷᠪᠠᠨ ᠲᠠᠭᠤᠤ ᠭᠡᠪᠡᠯ ︽ᠰᠢᠵᠢᠷ | ᠪᠤᠭᠳᠠ ᠶᠢᠨ ᠰᠢᠯᠢ︾᠂ ︽ᠵᠢᠪᠴᠡᠭᠡᠷ ᠬᠤᠷᠳᠤᠨ ᠰᠢᠷᠭ᠎ᠠ︾᠂ ︽ᠴᠠᠭᠠᠨ ᠵᠡᠭᠡᠷ᠎ᠡ ᠶᠢᠨ ᠰᠢᠯᠢ︾ ᠪᠤᠯᠤᠨ᠎ᠠ᠃ | ︽ᠰᠢᠵᠢᠷ ᠪᠤᠭᠳᠠ ᠶᠢᠨ ᠰᠢᠯᠢ︾ ᠭᠡᠬᠦ ᠲᠠᠭᠤᠤ ᠳᠤ᠄ | ᠰᠢᠵᠢᠷ ᠪᠤᠭᠳᠠ ᠶᠢᠨ ᠰᠢᠯᠢ ᠳᠡᠭᠡᠨ | ᠰᠢᠵᠢᠷᠬᠡᠨ ᠭᠤᠷᠭᠤᠤᠯᠳᠠᠢ ᠲᠤᠩᠭᠤᠳᠤᠨ᠎ᠠ | ᠰᠢᠨ᠎ᠡ ᠵᠢᠯ ᠤᠨ ᠪᠠᠶᠠᠷ ᠲᠠᠭᠠᠨ | ᠵᠢᠭᠳᠡᠯᠡᠩᠬᠡᠨ ᠰᠠᠭᠤᠮᠠᠨ ᠨᠠᠶᠢᠷᠯᠠᠶ᠎ᠠ | ᠠᠯᠳᠠᠨ ᠪᠤᠭᠳᠠ ᠶᠢᠨ ᠰᠢᠯᠢ ᠳᠡᠭᠡᠨ | ᠠᠯᠳᠠᠨ ᠭᠤᠷᠭᠤᠤᠯᠳᠠᠢ ᠲᠤᠩᠭᠤᠳᠤᠨ᠎ᠠ | ᠠᠮᠤᠭᠤᠯᠠᠩᠳᠦ ᠰᠠᠷ᠎ᠠ ᠶᠢᠨ ᠰᠢᠨ᠎ᠡ ᠳᠡᠭᠡᠨ | ᠠᠶᠠᠯᠠᠭᠤᠯᠠᠩᠬᠠᠨ ᠲᠠᠭᠤᠯᠠᠮᠠᠨ ᠨᠠᠶᠢᠷᠯᠠᠶ᠎ᠠ ᠁ | ︽ᠵᠢᠪᠴᠡᠭᠡᠷ ᠬᠤᠷᠳᠤᠨ ᠰᠢᠷᠭ᠎ᠠ︾ ᠭᠡᠬᠦ ᠲᠠᠭᠤᠤ ᠳᠤ᠄ | ᠵᠢᠪᠴᠡᠭᠡᠷ ᠬᠤᠷᠳᠤᠨ ᠰᠢᠷᠭ᠎ᠠ ᠪᠠᠷ ᠢᠶᠠᠨ | ᠵᠢᠪᠴᠡᠯᠡᠩᠬᠡᠨ ᠲᠠᠮᠡᠤᠯᠤᠮᠠᠨ ᠢᠷᠡᠯ᠎ᠡ ᠳ᠋ᠠ | ᠵᠢᠯ ᠰᠠᠷ᠎ᠠ ᠶᠢᠨ ᠢᠶᠠᠨ ᠡᠬᠢᠨ ᠳᠡᠭᠡᠨ | ᠵᠢᠭᠳᠡᠯᠡᠩᠬᠡᠨ ᠰᠠᠭᠤᠮᠠᠨ ᠨᠠᠶᠢᠷᠯᠠᠶ᠎ᠠ ᠁ | ︽ᠴᠠᠭᠠᠨ ᠵᠡᠭᠡᠷ᠎ᠡ ᠶᠢᠨ ᠰᠢᠯᠢ︾ ᠭᠡᠬᠦ ᠲᠠᠭᠤᠤ ᠳᠤ᠄ | ᠴᠠᠭᠠᠨ ᠵᠡᠭᠡᠷ᠎ᠡ ᠶᠢᠨ ᠰᠢᠯᠢ ᠳᠡᠭᠡᠨ | ᠴᠠᠰᠤᠨ ᠤ ᠮᠠᠨᠠᠨ ᠨᠢ ᠲᠠᠳᠠᠯ᠎ᠠ ᠳ᠋ᠠ | ᠴᠠᠭᠠᠨ ᠰᠠᠷ᠎ᠠ ᠶᠢᠨ ᠰᠢᠨᠡᠳ ᠢᠶᠠᠷ ᠢᠶᠠᠨ | ᠡᠵᠢ ᠳᠡᠭᠡᠨ ᠬᠦᠷᠦᠭᠡᠳ ᠵᠤᠯᠭᠠᠶ᠎ᠠ ᠳ᠋ᠠ ᠁ ᠭᠡᠵᠦ ᠨᠠᠰᠤᠳᠠᠶᠢᠴᠦᠳ ᠢᠶᠠᠨ ᠪᠠᠶᠠᠷᠯᠠᠭᠤᠯᠤᠨ ᠠᠶᠢᠯ ᠭᠡᠷ ᠢ | ᠵᠢᠷᠭᠠᠭᠤᠯᠵᠦ ᠬᠦᠭᠵᠢᠯᠳᠦᠨ ᠬᠡᠰᠦᠳᠡᠭ ᠪᠢᠯᠡ᠃ | ᠰᠢᠨ᠎ᠡ ᠶᠢᠨ ᠴᠠᠢ ᠤᠤᠭᠤᠯᠭᠠᠬᠤ — ᠰᠢᠨ᠎ᠡ ᠶᠢᠨ ᠲᠠᠪᠤᠨ ᠠᠴᠠ ᠡᠬᠢᠯᠡᠵᠦ᠂ ᠤᠶᠢᠷ᠎ᠠ ᠰᠠᠭᠠᠬᠠᠯᠳᠠ ᠪᠠᠷ | ᠰᠢᠨᠡᠯᠡᠭᠰᠡᠨ ᠠᠶᠢᠯ ᠡᠷᠦᠬᠡ ᠤᠳ ᠬᠠᠷᠢᠯᠴᠠᠨ ᠵᠠᠯᠠᠵᠦ ᠰᠢᠨ᠎ᠡ ᠶᠢᠨ ᠴᠠᠢ ᠭᠡᠵᠦ ᠤᠤᠭᠤᠯᠭᠠᠳᠠᠭ ᠪᠦᠭᠡᠳ | ᠬᠤᠵᠢᠮ ᠤᠨ ᠢᠶᠠᠨ ᠰᠠᠶᠢᠨ ᠰᠠᠶᠢᠬᠠᠨ ᠨᠦᠬᠦᠷᠰᠡᠭ ᠪᠠᠶᠢᠬᠤ᠂ ᠬᠠᠷᠢᠯᠴᠠᠨ ᠬᠠᠪᠰᠤᠷᠤᠯᠴᠠᠬᠤ᠂ ᠨᠠᠶᠢᠷ ᠬᠦᠷ ᠲᠠᠢ | ᠶᠠᠪᠤᠯᠴᠠᠬᠤ ᠪᠠᠨ ᠪᠡᠯᠭᠡᠳᠡᠳᠡᠭ ᠶᠤᠮ᠃ ᠢᠩᠬᠢᠵᠦ ᠤᠯᠠᠨ ᠠᠶᠢᠯ ᠡᠷᠦᠬᠡ ᠰᠢᠨ᠎ᠡ ᠶᠢᠨ ᠨᠤᠲᠤᠭ ᠠᠴᠠ ᠪᠠᠨ | ᠦᠪᠡᠷ ᠤᠨ ᠲᠤᠷ᠎ᠠ ᠲᠠᠢ ᠪᠡᠯᠴᠢᠭᠡᠷ ᠤᠰᠤᠨ ᠢᠶᠠᠨ ᠲᠠᠭᠠᠵᠦ᠂ ᠰᠠᠯᠤᠨ ᠨᠡᠭᠦᠳᠡᠯᠵᠡᠭᠡᠳᠡᠭ ᠶᠤᠮᠰᠠᠨ᠃ | ᠰᠠᠷ᠎ᠠ ᠰᠢᠨ᠎ᠡ ᠶᠢᠨ ᠪᠠᠶᠠᠷ ᠳᠠᠬᠢ ᠴᠡᠭᠡᠷ — ᠦᠵᠦᠮᠦᠴᠢᠨ ᠮᠤᠩᠭᠤᠯᠴᠦᠳ ᠶᠠᠷᠤ ᠠᠴᠠ ᠠᠮᠢᠳᠤᠷᠠᠯ ᠤᠨ | ᠴᠡᠭᠡᠷ ᠬᠤᠷᠢᠭ᠎ᠠ ᠶᠢ ᠬᠠᠮᠤᠭ ᠠᠴᠠ ᠡᠷᠬᠢᠮᠯᠡᠳᠡᠭ ᠪᠤᠯᠪᠠᠰᠤᠨ ᠶᠤᠰᠤ ᠰᠤᠷᠳᠠᠬᠤᠨ ᠲᠠᠢ ᠠᠷᠠᠳ ᠲᠦᠮᠡᠨ ᠶᠤᠮ᠂ | ᠨᠠᠰᠤᠳᠠᠨ ᠪᠤᠭᠤᠷᠤᠯᠴᠦᠳ ᠠᠴᠠ ᠦᠷ᠎ᠡ ᠬᠤᠶᠢᠴᠢᠰ ᠢᠶᠠᠨ ᠬᠠᠷᠠᠬᠠᠨ ᠪᠠᠭ᠎ᠠ ᠠᠴᠠ ᠨᠢ ᠰᠤᠷᠭᠠᠨ ᠴᠡᠭᠡᠷᠯᠡᠭᠦᠯᠵᠦ | ᠶᠠᠷᠢᠵᠦ ᠪᠠᠶᠢᠳᠠᠭ ᠠᠵᠠᠢ᠃ ᠵᠦᠪᠬᠡᠨ ᠰᠠᠷ᠎ᠠ ᠰᠢᠨ᠎ᠡ ᠶᠢᠨ ᠪᠠᠶᠠᠷ ᠳᠠᠬᠢ ᠴᠡᠭᠡᠷ ᠬᠤᠷᠢᠭ᠎ᠠ ᠠᠴᠠ ᠲᠤᠷᠠᠳᠤᠪᠠᠯ᠄ | ⑴ ᠲᠡᠭᠷᠢ ᠶᠢᠨ ᠬᠠᠷ᠎ᠠ ᠨᠤᠬᠠᠢ ᠶᠢᠨ ᠠᠮᠠᠨ ᠵᠦᠭ ᠮᠦᠷ ᠭᠠᠷᠭᠠᠬᠤ ᠶᠢ ᠴᠡᠭᠡᠷᠯᠡᠨ᠎ᠡ᠂ ᠲᠠᠷᠤᠢ ᠵᠢᠷᠤᠬᠠᠢ ᠶᠢᠨ | ᠰᠠᠭᠤᠳᠠᠯ ᠤᠨ ᠵᠢᠷᠤᠮ ᠢᠶᠠᠷ ᠪᠠᠷᠢᠮᠵᠢᠶᠡᠯᠡᠨᠡ | ⑵ ᠰᠠᠷ᠎ᠠ ᠰᠢᠨ᠎ᠡ ᠶᠢᠨ ᠬᠤᠭᠤᠴᠠᠭᠠᠨ ᠳᠤ ᠡᠮ ᠲᠠᠩ ᠤᠤᠭᠤᠬᠤ ᠶᠢ ᠴᠡᠭᠡᠷᠯᠡᠨ᠎ᠡ᠂ ᠨᠡᠩ ᠢᠯᠠᠩᠭᠤᠷᠠ | ᠪᠢᠳᠡᠭᠦᠨ ᠠᠴᠠ ᠰᠢᠨ᠎ᠡ ᠶᠢᠨ ᠭᠤᠷᠪᠠᠨ ᠬᠦᠷᠳᠡᠯ᠎ᠡ ᠡᠮ ᠬᠡᠷᠡᠭᠯᠡᠬᠦ ᠶᠢ ᠵᠤᠭᠰᠤᠳᠠᠭ | ⑶ ᠪᠢᠳᠡᠭᠦᠨ ᠪᠠ ᠰᠢᠨ᠎ᠡ ᠶᠢᠨ ᠨᠢᠭᠡᠨ ᠳᠤ ᠭᠡᠭᠡᠷ᠎ᠡ ᠭᠠᠳᠠᠨ᠎ᠠ ᠪᠠ ᠠᠶᠢᠯ ᠳᠤ ᠬᠤᠨᠤᠬᠤ ᠶᠢ ᠴᠡᠭᠡᠷᠯᠡᠨ᠎ᠡ᠂ | ᠭᠠᠢ ᠪᠠᠷᠴᠢᠳ ᠤᠴᠠᠷᠠᠬᠤ ᠪᠠ ᠰᠦᠨᠡᠰᠦ ᠲᠦᠭᠡᠷᠢᠨ᠎ᠡ ᠭᠡᠳᠡᠭ | ⑷ ᠮᠠᠯ ᠰᠦᠷᠦᠭ ᠢᠶᠠᠨ ᠭᠡᠭᠡᠷ᠎ᠡ ᠭᠠᠳᠠᠨ᠎ᠠ ᠪᠠ ᠪᠤᠰᠤᠳ ᠤᠨ ᠰᠦᠷᠦᠭ ᠲᠠᠢ ᠨᠡᠶᠢᠯᠡᠭᠦᠯᠦᠨ ᠬᠤᠨᠤᠭᠤᠯᠬᠤ ᠶᠢ | ᠴᠡᠭᠡᠷᠯᠡᠨ᠎ᠡ᠂ ᠮᠠᠯ ᠪᠠᠭᠤᠷᠠᠨ᠎ᠠ ᠭᠡᠳᠡᠭ | ⑸ ᠮᠠᠯ ᠤᠨᠤᠭ᠎ᠠ᠂ ᠨᠤᠬᠠᠢ ᠲᠡᠵᠢᠭᠡᠪᠦᠷᠢ ᠪᠠᠨ ᠬᠠᠷᠢᠶᠠᠵᠦ ᠴᠤᠬᠢᠬᠤ ᠶᠢ ᠴᠡᠭᠡᠷᠯᠡᠨ᠎ᠡ᠂ ᠮᠠᠯ ᠤᠨ ᠭᠡᠰᠢᠭ | ᠵᠠᠶᠢᠯᠠᠨ᠎ᠠ ᠭᠡᠳᠡᠭ | ⑹ ᠬᠡᠯᠡ ᠠᠮᠠ ᠬᠡᠷᠡᠭᠦᠯ ᠵᠤᠳᠤᠭᠠᠨ ᠬᠢᠬᠦ ᠶᠢ ᠴᠡᠭᠡᠷᠯᠡᠨ᠎ᠡ᠂ ᠠᠶᠢᠯ ᠭᠡᠷ ᠪᠤᠳᠠᠷᠠᠨ ᠰᠠᠷᠨᠢᠬᠤ ᠠᠶᠤᠯ ᠳᠤ | ᠤᠴᠠᠷᠠᠨ᠎ᠠ ᠭᠡᠳᠡᠭ ᠁ ᠭᠡᠬᠦ ᠵᠡᠷᠭᠡ ᠴᠡᠭᠡᠷ ᠬᠤᠷᠢᠭ᠎ᠠ ᠮᠠᠰᠢ ᠤᠯᠠᠨ ᠪᠠᠶᠢᠳᠠᠭ ᠪᠢᠯᠡ᠃ | ᠬᠠᠶ᠋ᠢᠭ᠄ ᠵᠡᠭᠦᠨ ᠦᠵᠦᠮᠦᠴᠢᠨ ᠬᠤᠰᠢᠭᠤᠨ ᠤ ᠰᠤᠶᠤᠯ ᠲᠡᠤᠬᠡ ᠶᠢᠨ | ᠨᠡᠶᠢᠭᠡᠮᠯᠢᠭ | |