ᠦᠵᠦᠮᠦᠴᠢᠨ ᠠᠷᠠᠳ ᠤᠨ ᠡᠷᠡᠭᠦᠯ ᠮᠡᠡᠳᠣ ᠶᠢᠨ ᠵᠠᠩ ᠦᠢᠯᠡ
ᠨᠡᠶᠢᠲᠡᠯᠡᠭᠰᠡᠨ ᠴᠠᠭ᠄
2017/4/25
ᠭᠤ ᠳᠠᠪᠬᠠᠢ                  ᠦᠵᠦᠮᠦᠴᠢᠨ ᠠᠷᠠᠳ ᠤᠨ ᠡᠷᠡᠭᠦᠯ ᠮᠡᠡᠳᠣ ᠶᠢᠨ ᠵᠠᠩ ᠦᠢᠯᠡ      ᠦᠵᠦᠮᠦᠴᠢᠨ ᠠᠶᠢᠮᠠᠭ ᠪᠣᠯ ᠨᠡᠭᠦᠳᠡᠯᠴᠢᠨ ᠮᠠᠯᠴᠢᠳ ᠪᠦᠭᠡᠳ ᠠᠶᠠᠯᠠᠯ ᠨᠡᠭᠦᠳᠡᠯ ᠤᠨ ᠳᠣᠮᠳᠠ ᠪᠠᠨ ᠮᠠᠰᠢ ᠣᠯᠠᠨ ᠠᠮᠢᠳᠣᠷᠠᠯ ᠤᠨ ᠵᠠᠩ ᠦᠢᠯᠡ ᠶᠢ ᠪᠣᠢ ᠪᠣᠯᠭᠠᠵᠠᠢ᠃ ᠡᠭᠦᠨ ᠤ ᠲᠣᠳᠣᠷ᠎ᠠ ᠪᠠᠰᠠ ᠡᠷᠡᠭᠦᠯ ᠡᠩᠬᠡ ᠶᠢᠨ ᠵᠠᠩ ᠦᠢᠯᠡ ᠴᠦ ᠪᠠᠭᠲᠠᠵᠦ ᠪᠠᠶᠢᠭ᠎ᠠ ᠶᠤᠮ᠃ ᠨᠡᠭᠦᠳᠡᠯᠴᠢᠨ ᠮᠣᠩᠭᠤᠯᠴᠣᠳ ᠤᠨ ᠡᠷᠲᠡᠨ ᠤ ᠠᠮᠢᠳᠣᠷᠠᠯ ᠤᠨ ᠲᠣᠬᠠᠢ   ᠶᠢᠨ ᠢᠦᠢ᠂  ᠪᠠ᠊᠂ ᠠᠭᠤᠯᠠ ᠨᠠᠷ ︽ ᠵᠠᠰᠠᠯ ᠤᠨ ᠣᠬᠠᠭᠠᠨ︾ ① ᠬᠡᠮᠡᠬᠦ ᠵᠢᠭᠠᠬᠤ ᠪᠢᠴᠢᠭ ᠲᠤ  ᠂ ᠫᠡᠷᠢᠰ ᠤᠨ ᠷᠠᠰᠢᠳ᠋ᠳᠢᠨ ︽ᠰᠣᠳᠣᠷ ᠤᠨ ᠴᠢᠭᠤᠯᠭᠠᠨ︾ ᠤ ᠲᠣᠳᠣᠷᠠᠬᠢ ᠨᠢᠭᠡᠨ ᠵᠣᠷᠪᠣᠰ ᠢ ᠡᠰᠢ ᠲᠠᠳᠠᠨ ᠬᠡᠯᠡᠬᠦ ᠳᠡᠭᠡᠨ᠄ ︽ᠴᠢᠩᠭᠢᠰ ᠬᠠᠭᠠᠨ ᠠᠴᠠ ᠡᠮᠦᠨ᠎ᠡ ᠡᠸ᠋ᠪᠢ ᠭᠤᠣᠯ ᠤᠨ ᠳᠡᠭᠡᠳᠣ ᠣᠷᠣᠰᠬᠠᠯ ᠤᠨ ᠣᠢ ᠱᠢᠭᠤᠢ ᠪᠠᠷ ᠠᠮᠢᠳᠣᠷᠠᠵᠦ ᠪᠠᠶᠢᠭᠰᠠᠨ  ︵ᠣᠢ ᠶᠢᠨ ᠢᠷᠡᠭᠡᠳ︶ ᠣᠷᠰᠣᠳ᠂ ᠲᠡᠯᠡᠩᠭᠦᠨ᠂ ᠭᠢᠰᠳᠢᠨ ᠵᠡᠷᠭᠡ ᠣᠯᠠᠨ ᠠᠶᠢᠮᠠᠭ ᠤᠳ ᠮᠣᠩᠭᠤᠯ ᠡᠮ ᠢ ᠰᠠᠶᠢᠨ ᠮᠡᠳᠡᠳᠡᠭ ᠪᠦᠭᠡᠳ ᠮᠣᠩᠭᠤᠯ ᠣᠯᠠᠮᠵᠢᠯᠠᠯᠳᠣ ᠡᠪᠡᠳᠴᠢᠨ ᠵᠠᠰᠠᠨ ᠳᠡᠯᠡᠬᠡᠢ ᠳ᠋ᠠᠬᠢᠨ᠎ᠠ ᠠᠯᠳᠠᠷᠰᠢᠵᠣᠬᠤᠢ  ᠁︾ ᠭᠡᠰᠡᠨ ᠪᠠᠶᠢᠳᠠᠭ᠃  ᠬᠡᠷᠪᠡ ᠦᠵᠦᠮᠦᠴᠢᠨ ᠢ ︽ᠣᠢ ᠶᠢᠨ ᠢᠷᠡᠭᠡᠳ ︵ᠣᠶᠢᠷᠠᠳ︶ ᠠᠴᠠ ᠢᠷᠡᠯᠳᠡᠢ︾ ᠭᠡᠵᠦ ᠪᠣᠳᠣᠪᠠᠯ ᠡᠷᠡᠭᠦᠯ ᠮᠡᠡᠳᠦ ᠶᠢᠨ ᠲᠣᠬᠠᠢ ᠵᠠᠩ ᠵᠠᠩᠰᠢᠯ ᠨᠢ ᠪᠠᠰᠠ ᠡᠭᠦᠨ ᠲᠠᠢ ᠬᠤᠯᠪᠣᠭ᠎ᠠ ᠲᠠᠢ ᠴᠦ ᠪᠣᠯᠪᠠᠣ ᠭᠡᠮᠡᠨ ᠵᠢᠱᠢᠵᠦ ᠪᠠᠶᠢᠨ᠎ᠠ᠃ ᠶᠡᠷᠣ ᠨᠢ ᠦᠵᠦᠮᠦᠴᠢᠨ ᠪᠣᠯ  ᠨᠡᠯᠢᠶᠡᠳ ᠳᠡᠭᠡᠷ᠎ᠡ ᠦᠶ᠎ᠡ ᠠᠴᠠ ᠡᠬᠢᠯᠡᠭᠡᠳ ᠠᠷᠢᠭᠤᠨ ᠴᠡᠪᠡᠷ᠂ ᠡᠷᠡᠭᠦᠯ ᠮᠡᠡᠳᠣ᠂ ᠡᠮ ᠲᠠᠩ ᠤᠨ ᠲᠣᠬᠠᠢ ᠲᠠᠢ ᠵᠠᠩ  ᠦᠢᠯᠡ ᠲᠠᠢ  ᠪᠠᠶᠢᠭᠰᠠᠨ ᠪᠦᠭᠡᠳ ᠡᠳᠣᠭᠡ ᠳᠤ ᠢᠷᠡᠳᠡᠯ᠎ᠡ ᠣᠯᠠᠮᠵᠢᠯᠠᠭᠳᠠᠭᠰᠠᠭᠠᠷ ᠪᠠᠶᠢᠭ᠎ᠠ ᠶᠤᠮ᠃ ᠲᠡᠷᠡ ᠮᠥᠷᠲᠡᠭᠡᠨ ᠲᠡᠳᠡᠭᠡᠷ ᠵᠠᠩ ᠦᠢᠯᠡ ᠨᠢ ᠶᠠᠪᠣᠭᠠᠨ ᠳᠠᠭᠠᠨ ᠣᠷᠴᠢᠨ ᠠᠬᠤᠢ   ᠶᠢᠨ ᠣᠨᠴᠠᠯᠢᠭ᠂ ᠠᠵᠢᠯ ᠠᠮᠢᠳᠣᠷᠠᠯ ᠤᠨ ᠣᠨᠴᠠᠯᠢᠭ᠂ ᠵᠠᠩ ᠳᠠᠳᠬᠠᠯ ᠤᠨ ᠣᠨᠴᠠᠯᠢᠭ ᠪᠠ ᠢᠳᠡᠭᠡᠨ ᠣᠮᠳᠠᠭᠠᠨ ᠤ ᠣᠠᠴᠠᠯᠢᠭ᠂ ᠡᠮᠦᠰᠴᠦ ᠵᠡᠭᠦᠬᠦ᠂ ᠭᠤᠶᠣᠯᠠᠯ ᠵᠠᠰᠠᠯ ᠤᠨ ᠣᠨᠴᠠᠯᠢᠭ ᠵᠡᠷᠭᠡ ᠲᠠᠢ ᠣᠶᠠᠯᠳᠣᠨ᠂ ᠦᠵᠦᠮᠦᠴᠢᠨ ᠤ ᠥᠪᠡᠷᠮᠢᠴᠡ ᠣᠠᠴᠠᠯᠢᠭ ᠲᠠᠢ ᠡᠷᠡᠭᠦᠯ ᠮᠡᠡᠳᠣ ᠶᠢᠨ ᠰᠣᠶᠣᠯ ᠪᠣᠯᠪᠠᠰᠣᠨ ᠪᠣᠶᠣ ᠡᠷᠡᠭᠦᠯ ᠡᠩᠬᠡ ᠶᠢᠨ ᠵᠠᠩ ᠦᠢᠯᠡ ᠪᠣᠯᠵᠦ ᠪᠦᠷᠢᠯᠳᠦᠭᠰᠡᠨ ᠶᠤᠮ ᠪᠠᠶᠢᠨ᠎ᠠ ᠭᠡᠵᠦ ᠦᠵᠡᠵᠦ ᠪᠠᠶᠢᠨ᠎ᠠ᠃                         ᠨᠢᠭᠡ  ᠂ ᠡᠷᠡᠭᠦᠯ  ᠣᠷᠣᠰᠢᠬᠤᠢ  ᠵᠠᠩ ᠦᠢᠯᠡ      ᠦᠵᠦᠮᠦᠴᠢᠨ ᠶᠡᠷᠣ ᠨᠢ ᠨᠡᠯᠢᠶᠡᠳ ᠡᠷᠲᠡᠨ ᠦᠶ᠎ᠡ ᠠᠴᠠ ᠡᠬᠢᠯᠡᠨ ︽ᠡᠷᠡᠭᠦᠯ ᠪᠡᠶ᠎ᠡ ᠰᠠᠷᠠᠭᠤᠯ ᠣᠬᠠᠭᠠᠨ  ︾  ᠲᠠᠢ ᠪᠠᠶᠢᠬᠤ ᠶᠢ ᠡᠷᠬᠢᠮᠯᠡᠬᠦ ᠪᠠ ︽ᠡᠷᠡᠭᠦᠯ ᠶᠠᠪᠣᠪᠠᠯ ᠲᠦᠮᠡᠨ ᠯᠠᠩ︾ ᠭᠡᠬᠦ ᠮᠡᠲᠦ   ᠪᠠᠷ ᠪᠡᠶ᠎ᠡ ᠮᠠᠬᠠᠪᠣᠳ᠂ ᠰᠡᠳᠭᠢᠯ ᠰᠠᠨᠠᠭᠠᠨ ᠤ ᠡᠷᠡᠭᠦᠯ ᠡᠩᠬᠡ ᠶᠢ ᠠᠩᠬᠠᠷᠣᠳᠠᠭ ᠪᠠᠶᠢᠭᠰᠠᠨ ᠪᠠᠶᠢᠵᠡᠢ᠃ ᠡᠳᠡᠭᠡᠷ ᠵᠠᠩ ᠦᠢᠯᠡ ᠶᠢᠨ ᠡᠬᠢ ᠰᠣᠷᠪᠣᠯᠵᠢ  ᠢᠷᠡᠯᠲᠡ ᠶᠢ ᠨᠠᠷᠢᠪᠴᠢᠯᠠᠪᠠᠯ ᠪᠠᠷᠤᠭ ᠮᠣᠩᠭᠤᠯ ᠤᠨ ︽ᠪᠦᠭᠡ ᠮᠥᠷᠭᠦᠯ︾ ᠤᠨ ᠦᠶ᠎ᠡ ᠠᠴᠠ ᠮᠥᠷᠳᠡᠵᠦ ᠪᠣᠯᠬᠤ ᠪᠦᠭᠡᠳ  ᠮᠣᠩᠭᠤᠯᠴᠣᠳ ᠤᠨ ︽ᠲᠡᠭᠷᠢ ᠭᠠᠵᠠᠷ︾ ᠶᠢ ᠰᠢᠲᠦᠳᠡᠭ ᠵᠠᠩ ᠵᠠᠩᠰᠢᠯ ᠲᠠᠢ ᠬᠤᠯᠪᠣᠭ᠎ᠠ ᠲᠠᠢ ᠪᠣᠯᠪᠠᠣ ᠭᠡᠵᠦ ᠰᠠᠨᠠᠭᠳᠠᠨ᠎ᠠ᠃ ︽ᠮᠣᠩᠭᠤᠯ ᠤᠨ ᠬᠤᠷᠢᠶᠠᠩᠭᠤᠢ ᠲᠡᠣᠬᠡ︾ ② ᠳᠤ ᠰᠣᠳᠣᠯᠣᠭᠰᠠᠨ  ᠢ ᠦᠨᠳᠦᠰᠦᠯᠡᠪᠡᠯ ᠪᠠᠷᠤᠭ ︽11 ᠳ᠋ᠣᠭᠡᠷ ᠵᠠᠭᠤᠨ ᠤ ᠰᠡᠭᠦᠯᠴᠢ ᠠᠴᠠ 12 ᠳ᠋ᠣᠭᠠᠷ ᠵᠠᠭᠤᠨ ᠤ ᠡᠬᠢᠨ ᠳᠤ ᠬᠠᠮᠤᠭ ᠮᠣᠩᠭᠤᠯ ᠣᠯᠣᠰ ᠪᠠᠶᠢᠭᠤᠯᠣᠭᠳᠠᠵᠡᠢ︾ ᠭᠡᠰᠡᠨ ᠪᠠᠶᠢᠳᠠᠭ ᠠᠴᠠ ᠪᠣᠳᠣᠪᠠᠯ ᠮᠠᠯᠴᠢᠳ ᠪᠣᠶᠣ ᠮᠠᠯᠵᠢᠯ ᠣᠷᠴᠢᠨ ᠠᠬᠤᠢ ᠂  ᠮᠠᠯᠵᠢᠯ ᠠᠮᠢᠳᠣᠷᠠᠯ ᠤᠨ ᠠᠷᠢᠭᠤᠨ ᠴᠡᠪᠡᠷᠴᠢ ᠵᠠᠩ ᠵᠠᠩᠰᠢᠯ ᠵᠡᠷᠭᠡ ᠨᠢ ᠯᠠᠪᠲᠠᠢ ᠲᠡᠷᠡ ᠦᠶ᠎ᠡ ᠠᠴᠠ ᠡᠬᠢᠯᠡᠭᠰᠡᠨ ᠪᠠᠶᠢᠵᠦ᠂ ︽ᠲᠥᠯᠭᠡ ᠵᠠᠶᠠᠭ᠎ᠠ︾ ᠦᠵᠡᠭᠦᠯᠬᠦ ᠪᠣᠯᠣᠭᠰᠠᠨ ᠪᠠ ᠮᠢᠬ᠎ᠠ ᠱᠥᠯᠦ ᠪᠠᠷ ᠪᠡᠶ᠎ᠡ ᠴᠠᠬᠢᠷᠠᠭᠵᠢᠭᠤᠯᠵᠦ ᠡᠬᠢᠯᠡᠭᠰᠡᠨ ᠪᠣᠯᠣᠯᠲᠠᠢ ᠭᠡᠵᠦ ᠪᠣᠳᠣᠨ᠎ᠠ᠃ ᠴᠣᠬᠤᠮ ᠬᠦ ︽ᠡᠮᠴᠢᠯᠡᠬᠦ ᠵᠠᠰᠠᠬᠤ ᠪᠠ ᠡᠮ ᠲᠠᠩ︾ ᠤᠨ ᠲᠣᠬᠠᠢ ᠵᠠᠩ ᠵᠠᠩᠰᠢᠯ ᠨᠢ ᠪᠣᠯ ᠮᠥᠨ ᠲᠡᠷᠡ ᠬᠦ ᠦᠶ᠎ᠡ ᠠᠴᠠ ᠰᠠᠶ᠋ᠢ ᠰᠢᠰᠲ᠋ᠧᠮᠵᠢᠭᠰᠡᠨ ᠪᠠᠶᠢᠬ᠎ᠠ ᠭᠡᠵᠦ ᠦᠵᠡᠨ᠎ᠡ᠃ ᠮᠣᠩᠭᠤᠯ ᠲᠡᠣᠬᠡᠨ ᠪᠢᠴᠢᠭ ︽ᠪᠣᠯᠣᠷ ᠡᠷᠢᠬᠡ︾ ③ ᠬᠡᠮᠡᠬᠦ ᠰᠣᠳᠣᠷ ᠲᠤ᠂ ᠨᠡᠶᠢᠲᠡ ᠶᠢᠨ ᠣᠨ ᠲᠣᠭᠠᠯᠠᠯ ᠤᠨ 1212 ᠣᠨ  ᠤ ᠦᠶᠡᠰ ᠴᠢᠩᠭᠢᠰ ᠬᠠᠭᠠᠨ᠂ ᠴᠡᠴᠡᠭ ᠵᠢᠮᠢᠰᠲᠦ ᠬᠡᠷᠡᠯᠦᠨ ᠭᠤᠣᠯ ᠤᠨ ᠬᠦᠪᠡᠭᠡᠨ ᠳᠤ ᠭᠡᠭᠦᠣ  ᠵᠢᠯᠢᠯᠡᠨ ︽ᠴᠡᠭᠡ︾ ᠭᠠᠷᠭᠠᠨ᠂ ᠪᠣᠷᠬᠠᠨ ᠲᠡᠭᠷᠢ ᠳᠤ ︽ ᠰᠦ ᠴᠡᠭᠡᠨ ᠰᠠᠴᠣᠯᠢ ᠡᠷᠭᠦᠭᠰᠡᠨ ᠁︾  ᠭᠡᠳᠡᠭ ᠲᠡᠮᠳᠡᠭᠯᠡᠯ ᠪᠠᠶᠢᠳᠠᠭ᠃ ᠪᠠᠷᠤᠭ ᠲᠡᠭᠦᠨ ᠠᠴᠠ ᠬᠤᠶᠢᠰᠢ ︽ᠠᠶᠢᠷᠠᠭ᠂ ᠴᠡᠭᠡ᠂ ᠰᠦ︾ ᠨᠢ ᠮᠠᠯᠴᠢᠨ ᠠᠷᠠᠳ ᠤᠨ ︽ᠡᠮ ᠵᠠᠰᠠᠯ︾ ᠤᠨ ᠵᠠᠩ ᠵᠠᠩᠰᠢᠯ ᠳᠤ ᠣᠷᠣᠭᠰᠠᠨ ᠪᠣᠯᠪᠠᠣ ᠭᠡᠵᠦ ᠰᠠᠨᠠᠭᠳᠠᠨ᠎ᠠ᠃ ᠮᠥᠨ ᠲᠡᠷᠡ ᠬᠦ ᠣᠳᠠᠭ᠎ᠠ ᠴᠢᠩᠭᠢᠰ ᠬᠠᠭᠠᠨ ᠲᠦᠰᠢᠮᠡᠳ ᠳᠠᠭᠠᠭᠰᠠᠳ ᠢᠶᠠᠨ ᠴᠣᠭᠯᠠᠭᠤᠯᠣᠨ᠂ ᠮᠣᠷᠢ ᠶᠢ ᠮᠣᠩᠭᠤᠯ ᠤᠨ ︽ᠮᠣᠯᠣᠷ ᠡᠷᠳᠡᠨᠢ︾ ᠭᠡᠮᠡᠨ ᠨᠡᠶᠢᠲᠡᠯᠡᠭᠰᠡᠨ ᠭᠡᠳᠡᠭ ᠪᠠ ︽ᠠᠷᠭ᠎ᠠ ᠪᠢᠯᠢᠭ ᠢ ᠮᠡᠳᠡᠪᠡᠰᠣ ᠯᠡ᠂ ᠠᠯᠢᠪᠠ ᠬᠦᠴᠦᠲᠡᠨ ᠢ ᠡᠷᠬᠡᠨ ᠳᠡᠭᠡᠨ ᠣᠷᠣᠭᠤᠯᠶᠣ ᠃ ᠠᠷᠭ᠎ᠠ ᠪᠢᠯᠢᠭ ᠢ ᠡᠰᠡ ᠣᠬᠠᠪᠠᠰᠣ᠂ ᠠᠯᠭᠠᠨ ᠳᠠᠭᠠᠨ ᠪᠢᠴᠢᠭᠰᠡᠨ ᠢ ᠴᠦ ᠲᠣᠭᠲᠠᠭᠠᠬᠤᠶ᠎ᠠ ᠪᠡᠷᠬᠡ︾ ᠭᠡᠰᠡᠨ ᠰᠣᠷᠭᠠᠯ ᠦᠭᠡᠰ ᠬᠠᠶᠢᠷᠠᠯᠠᠭᠰᠠᠨ ᠭᠡᠳᠡᠭ ᠶᠤᠮ᠃ ᠡᠭᠦᠨᠳᠦ ︽ᠠᠷᠭ᠎ᠠ ᠪᠢᠯᠢᠭ   ᠤᠨ ᠣᠨᠣᠯ︾  ᠪᠠ ︽ ᠬᠠᠯᠠᠭᠤᠨ ᠬᠦᠢᠲᠡᠨ   ᠤ ᠣᠨᠣᠯ︾ ᠢ ᠴᠢᠩᠭᠢᠰ ᠬᠠᠭᠠᠨ  ᠡᠵᠢᠮᠰᠢᠨ ᠣᠯᠠᠷᠢᠭᠤᠯᠵᠦ ᠪᠠᠶᠢᠭᠰᠠᠨ ᠢᠶᠠᠷ ᠪᠠᠷᠠᠬᠤ ᠦᠭᠡᠢ ᠪᠦᠬᠦ   ᠬᠡᠣᠬᠡᠳ ᠳᠦᠰᠢᠮᠡᠳ ᠳᠡᠭᠡᠨ ᠣᠬᠠᠭᠤᠯᠵᠦ ᠪᠠᠶᠢᠭᠰᠠᠨ ᠨᠢ ᠲᠣᠩ ᠶᠡᠭᠡ ᠰᠣᠨᠢᠷᠬᠠᠯᠲᠠᠢ ᠪᠣᠳᠣᠭᠳᠠᠬᠤ ᠪᠢᠰᠢᠣ᠃ ᠲᠡᠭᠡᠪᠡᠯ ᠲᠡᠳᠡᠭᠡᠷ ᠣᠯᠠᠨ ︽ᠰᠢᠲᠠᠷ︾ ᠳᠠᠭᠠᠭᠰᠠᠳ ᠲᠣᠳᠣᠷ᠎ᠠ ᠦᠵᠦᠮᠦᠴᠢᠨ  ᠠᠶᠢᠮᠠᠭ ᠤᠨ  ᠬᠦᠮᠦᠰ ᠪᠠᠰᠠ ᠪᠠᠶᠢᠵᠦ ᠪᠣᠯᠬᠤ ᠪᠢᠰᠢᠣ᠃  ᠦᠵᠦᠮᠦᠴᠢᠨ ᠤ ᠡᠮ ᠳᠣᠮ ᠤᠨ ᠲᠣᠬᠠᠢ ᠵᠠᠩ ᠦᠢᠯᠡ ᠶᠢ ᠨᠡᠷᠢᠪᠴᠢᠯᠠᠪᠠᠯ ︽ᠠᠯᠲᠠᠨ ᠲᠣᠪᠴᠢ  ︾④  ᠬᠡᠮᠡᠬᠦ ᠰᠣᠳᠣᠷ ᠤᠨ᠄ ︽ᠦᠵᠦᠮᠦᠴᠢᠨ ᠤ ᠡᠯᠳᠦᠩᠭᠡ︾ ᠭᠡᠭᠴᠢ ᠬᠦᠮᠦᠨ ᠪᠠᠲᠦᠮᠥᠩᠬᠡ ᠬᠠᠭᠠᠨ ︵1500 ᠣᠨ ᠤ ᠲᠥᠯᠥᠪ ᠳᠤ︶ ᠤ ᠴᠡᠷᠢᠭ ᠲᠤ ᠪ᠊ ᠪᠠᠶᠢᠭᠰᠠᠨ ᠭᠡᠳᠡᠭ ᠮᠥᠷᠲᠡᠭᠡᠨ ᠳᠠᠶᠢᠨ ᠪᠠᠶᠢᠯᠳᠣᠭᠠᠨ ᠳᠤᠨᠢ ᠠᠷᠭ᠎ᠠ ᠣᠬᠠᠭᠠᠨ ᠰᠦᠪᠡᠭᠴᠢᠯᠡᠨ ︽ᠠᠷᠭ᠎ᠠ ᠪᠢᠯᠢᠭ ᠤᠨ ᠣᠨᠣᠯ︾ ᠢ ᠣᠯᠠᠷᠢᠭᠤᠯᠣᠨ᠂ ︽ᠭᠠᠯ ᠢ ᠣᠰᠣ ᠪᠠᠷ ᠳᠠᠷᠣᠬᠤ︾ ᠬᠡᠮᠡᠬᠦ ᠳᠣᠮ ᠳᠠᠷᠣᠯᠭ᠎ᠠ ᠬᠢᠵᠦ ᠥᠭᠴᠦ ᠪᠠᠶᠢᠭᠰᠠᠨ  ᠁︾  ᠭᠡᠳᠡᠭ ᠠᠴᠠ ᠣᠶᠢᠯᠭᠠᠵᠦ ᠪᠣᠯᠬᠤ ᠶᠤᠮ᠃ ᠪᠣᠳᠣᠳᠠᠢ ᠪᠠᠷ ᠬᠡᠯᠡᠬᠦ ᠳᠤ ᠦᠵᠦᠮᠦᠴᠢᠨ ︽ᠭᠡᠭᠦᠣ ᠶᠢᠨ ᠰᠦ ᠪᠠᠷ ᠡᠮ ᠳᠠᠷᠣᠭᠤᠯᠵᠦ ᠣᠣᠭᠤᠬᠤ︾  ᠪᠠ ︽ᠴᠡᠭᠡ ᠪᠠᠷ ᠪᠡᠶ᠎ᠡ ᠰᠣᠪᠢᠯᠠᠬᠤ︾ ᠵᠠᠩᠰᠢᠯ︔  ︽ᠰᠢᠷᠬᠠᠨ ᠤ ᠴᠢᠰᠣ ᠶᠢ ᠬᠥᠪᠥᠩ ᠰᠢᠲᠠᠭᠠᠵᠦ ᠳᠠᠷᠣᠬᠤ︾ ᠪᠣᠶᠣ ︽ᠮᠠᠯ ᠤᠨ ᠬᠠᠯᠠᠭᠤᠨ ᠮᠢᠬ᠎ᠠ ᠪᠠᠷ ᠬᠥᠬᠦᠭᠦᠯᠬᠦ︾ ᠵᠡᠷᠭᠡ ᠨᠢ ᠪᠣᠯ ᠳᠡᠭᠡᠳᠣᠰ ᠠᠴᠠ ᠣᠯᠠᠮᠵᠢᠯᠠᠭᠰᠠᠨ ᠡᠷᠡᠭᠦᠯ ᠮᠡᠡᠳᠣ  ᠶᠢᠨ ᠵᠠᠩᠰᠢᠯ ᠪᠣᠯᠬᠤ ᠪᠦᠭᠡᠳ ᠣᠳᠣ ᠪᠣᠯᠲᠠᠯ᠎ᠠ ᠬᠡᠷᠡᠭᠵᠢᠭᠦᠯᠦᠭᠰᠡᠭᠡᠷ ᠪᠠᠶᠢᠭ᠎ᠠ ᠶᠤᠮ᠃ ᠦᠵᠦᠮᠦᠴᠢᠨ ᠳᠤ ᠣᠳᠣ ᠴᠦ ᠭᠡᠰᠡᠨ ᠵᠣᠨ ᠨᠠᠮᠣᠷ ᠤᠨ ᠣᠯᠠᠷᠢᠯ ᠪᠣᠯᠣᠭᠰᠠᠭᠠᠷ ᠯᠠ ᠠᠶᠢᠯ ᠤᠳ ᠨᠢᠭᠡ ᠬᠤᠶᠠᠷ ᠭᠡᠭᠦᠣ ᠣᠶᠠᠵᠦ ᠰᠠᠭᠠᠨ ︽ᠴᠡᠭᠡᠨ ᠰᠣᠪᠢᠯᠠᠯᠲᠠ︾ ᠬᠢᠳᠡᠭ ᠪᠠᠶᠢᠨ᠎ᠠ᠃ ᠥᠩᠭᠡᠷᠡᠭᠰᠡᠨ ᠳᠤ ︽ᠰᠦᠮ᠎ᠡ ᠬᠡᠶᠢᠳ︾ ᠤᠨ ᠡᠪᠦᠭᠡᠨ ᠯᠠᠮᠨᠠᠷ ᠴᠦ ᠪᠠᠰᠠ ︽ ᠪᠠᠮ᠂ ᠠᠭᠰᠠᠭ᠎ᠠ ᠡᠪᠡᠳᠴᠢᠨ ᠠᠴᠠ ᠰᠡᠷᠭᠡᠶᠢᠯᠡᠨ᠎ᠡ︾ ᠭᠡᠮᠡᠨ ᠬᠦᠳᠡᠭᠡ ᠭᠠᠳᠠᠭ᠎ᠠ ᠭᠠᠷᠴᠦ  ᠡᠷᠡᠭᠦᠯ ᠣᠷᠴᠢᠨ ᠳᠤ ᠴᠡᠪᠡᠷ ᠠᠭᠠᠷ ᠠᠮᠢᠰᠬᠤᠯ ᠠᠪᠬᠤ ᠶᠢᠨ ᠵᠡᠷᠭᠡᠴᠡᠭᠡᠪᠡᠷ ᠬᠠᠪᠣᠷ   ᠤᠨ ᠴᠠᠭ ᠲᠤ ︽ᠬᠠᠯᠢᠶᠠᠷ᠂ ᠬᠠᠯᠠᠭᠠᠢ᠂ ᠬᠦᠮᠡᠯᠢ᠂ ᠰᠣᠩᠭᠢᠨ᠎ᠠ ᠁︾ ᠵᠡᠷᠭᠡ ᠶᠢᠨ ᠬᠦᠬᠡ ᠨᠣᠭᠤᠭ᠎ᠠ ᠶᠢ ᠲᠡᠭᠦᠵᠦ ᠢᠳᠡᠳᠡᠭ ᠵᠠᠩᠰᠢᠯ ᠲᠠᠢ ᠪᠠᠶᠢᠵᠡᠢ᠃ ᠮᠠᠯᠴᠢᠳ ᠵᠢᠯ ᠪᠦᠷᠢ ᠶᠢᠨ ᠨᠠᠮᠣᠷ ᠤᠨ ᠰᠡᠭᠦᠯ ᠰᠠᠷ᠎ᠠ ᠠᠴᠠ ᠡᠬᠢᠯᠡᠨ  ᠪᠠᠷᠤᠭ 4 — 5 ᠰᠠᠷ᠎ᠠ ᠰᠢᠬᠠᠮ ᠤᠨ ᠣᠷᠲᠣ ᠬᠤᠭᠤᠴᠠᠭ᠎ᠠ ᠪᠠᠷ ᠴᠡᠪᠡᠷ ᠠᠷᠢᠭᠤᠨ ︽ᠴᠠᠰᠣᠨ ᠤ ᠣᠰᠣ︾ ᠶᠢ  ᠬᠠᠶᠢᠯᠠᠭᠤᠯᠵᠦ ᠣᠣᠭᠤᠳᠠᠭ ᠪᠠᠶᠢᠭᠰᠠᠨ ᠪᠣᠶᠣ ᠣᠲᠣᠷ ᠬᠠᠶᠢᠳᠠᠭ ᠢᠶᠠᠷ ᠨᠡᠭᠦᠵᠦ  ᠰᠠᠭᠤᠬᠤ ᠨᠢ ᠣᠯᠠᠨ ᠪᠠᠶᠢᠳᠠᠭ ᠪᠣᠯᠬᠤᠷ ︽ᠣᠰᠣ ᠬᠤᠳᠳᠤᠭ︾  ᠰᠣᠯᠢᠬᠤ ᠨᠢ ᠴᠦ ᠣᠯᠠᠨ ᠪᠠᠶᠢᠵᠡᠢ᠃ ᠲᠡᠷᠡ ᠨᠢ ᠦᠨᠡᠨ ᠲᠡᠭᠡᠨ ᠪᠣᠯ ᠣᠰᠣᠨ ᠤ ᠬᠤᠣᠷᠳᠠᠯ ᠢ ᠰᠡᠷᠭᠡᠶᠢᠯᠡᠬᠦ᠂ ᠵᠠᠶᠢᠯᠠᠬᠤ ᠵᠡᠷᠭᠡ ᠶᠢᠨ  ᠳᠠᠪᠠᠰᠢᠩᠭᠤᠢ ᠦᠢᠯᠡᠳᠣᠯ ᠲᠠᠢ ᠪᠠᠶᠢᠭᠰᠠᠨ ᠪᠠᠶᠢᠵᠡᠢ  ᠃                          ᠬᠤᠶᠠᠷ  ᠂ ᠢᠳᠡᠭᠡᠨ ᠣᠮᠳᠠᠭᠠᠨ ᠤ ᠵᠠᠩ ᠦᠢᠯᠡ      ᠦᠵᠦᠮᠦᠴᠢᠨ ᠤ ᠢᠳᠡᠭᠡᠨ ᠣᠮᠳᠠᠭᠠᠨ ᠤ ᠵᠣᠬᠢᠴᠠᠭᠤᠯᠣᠯᠭ᠎ᠠ ᠪᠠ ᠠᠷᠢᠭᠤᠨ ᠴᠡᠪᠡᠷ ᠢ ᠡᠷᠬᠢᠮᠯᠡᠬᠦ ᠵᠠᠩ ᠵᠠᠩᠰᠢᠯ ᠪᠣᠯ ᠠᠯᠢ ᠣᠯᠠᠨ ᠪᠠᠶᠢᠳᠠᠭ ᠶᠤᠮ᠃ ᠲᠡᠭᠦᠨᠳᠦ ᠠᠶᠢᠷᠠᠭ᠂ ᠴᠠᠭ᠎ᠠ᠂ ᠰᠦ᠂ ᠰᠢᠷ᠎ᠠ ᠲᠣᠰᠣ᠂ ᠮᠢᠬ᠎ᠠ ᠱᠥᠯᠥ ᠵᠡᠷᠭᠡ ᠢᠳᠡᠭᠡᠨ ᠣᠮᠳᠠᠭᠠᠨ ᠢᠶᠠᠷ ᠪᠡᠶ᠎ᠡ ᠮᠠᠬᠠᠪᠣᠳ ᠤᠨ ᠰᠢᠮ᠎ᠡ ᠲᠡᠵᠢᠭᠡᠯ ᠢᠶᠠᠨ ᠲᠡᠩᠴᠷᠭᠦᠯᠳᠡᠭ ᠳᠠᠳᠬᠠᠯ ᠨᠢ ᠦᠨᠡᠨ  ᠲᠡᠭᠡᠨ ᠪᠣᠯ  ᠮᠥᠨᠬᠦ ᠡᠷᠡᠭᠦᠯ ᠮᠡᠡᠳᠣ ᠠᠷᠢᠭᠤᠨ ᠴᠠᠪᠡᠷ ᠤᠨ ᠲᠣᠬᠠᠢ ᠲᠠᠢ ᠵᠠᠩ ᠵᠠᠩᠰᠢᠯ ᠪᠣᠯᠬᠤ ᠶᠤᠮ᠃ ᠢᠳᠡᠭᠡᠨ ᠣᠮᠳᠠᠭᠠᠨ ᠤ ᠡᠷᠲᠡᠨ ᠤ ᠨᠣᠮ ᠳᠤ᠄⑤ ︽ᠲᠡᠭᠷᠢ ᠪᠣᠯᠪᠠᠰᠣ ᠪᠣᠳᠠᠰ ᠢ ᠲᠥᠷᠦᠭᠦᠯᠵᠦ᠂ ᠭᠠᠵᠠᠷ ᠪᠣᠯᠪᠠᠰᠣ ᠪᠣᠳᠠᠰ ᠢ ᠲᠡᠵᠢᠭᠡᠵᠦ᠂ ᠡᠭᠦᠨᠴᠡ ᠲᠡᠭᠷᠢ ᠭᠠᠵᠠᠷ ᠤᠨ ᠠᠭᠤᠷ ᠢ ᠠᠭᠤᠯᠵᠦ ᠲᠥᠷᠥᠬᠦ ᠲᠣᠯᠠ ᠲᠡᠭᠷᠢ᠂ ᠭᠠᠵᠠᠷ᠂ ᠬᠦᠮᠦᠨ ᠭᠤᠷᠪᠠ ᠶᠢ ᠡᠷᠳᠡᠮ ᠬᠡᠮᠡᠮᠣᠢ᠃︾ ᠭᠡᠰᠡᠨ ᠪᠠᠶᠢᠳᠠᠭ  ᠃ ᠡᠨᠡ ᠨᠢ ᠪᠣᠯ ᠢᠳᠡᠭᠡᠨ ᠣᠮᠳᠠᠭᠠᠨ ᠬᠦᠮᠦᠨ ︽ᠭᠤᠷᠪᠠ︾ ᠪᠣᠯ ᠬᠠᠷᠢᠯᠴᠠᠨ ᠣᠶᠠᠯᠳᠣᠯ ᠲᠠᠢ᠂ ᠵᠣᠬᠢᠴᠠᠯᠳᠣᠯ ᠲᠠᠢ᠂ ᠲᠡᠩᠴᠡᠯᠳᠣᠯ ᠲᠠᠢ ᠪᠠᠶᠢᠬᠤ   ᠨᠢ ︽ᠡᠷᠳᠡᠮ  ᠪᠣᠯᠠᠢ︾  ᠭᠡᠰᠡᠨ ᠠᠭᠤᠯᠭ᠎ᠠ ᠪᠣᠯᠣᠨ᠎ᠠ᠃ ᠥᠭᠡᠷ᠎ᠡ ᠪᠠᠷ ᠬᠡᠯᠡᠪᠡᠯ ᠡᠨᠡ ᠨᠢ ᠳᠠᠷᠣᠢ ᠡᠩᠬᠡ ᠮᠡᠡᠳᠣ ᠶᠢᠨ ᠵᠠᠩ ᠦᠢᠯᠡ ᠡᠰᠢᠨᠡᠬᠦ  ᠶᠢᠨ ᠣᠷᠢᠳᠠᠯ ᠪᠣᠯᠣᠨ᠎ᠠ᠃ ᠡᠩ ᠤᠨ ᠦᠭᠡᠨ ᠳᠤ ︽ᠦᠬᠡᠷ ᠤᠨ ᠮᠢᠬ᠎ᠠ ᠵᠠᠭᠤ ᠬᠤᠨᠣᠪᠠᠯ ᠡᠮ ᠪᠣᠯᠣᠨ᠎ᠠ︾ ᠭᠡᠰᠡᠨ ᠦᠭᠡ ᠪᠠᠶᠢᠳᠠᠭ᠃ ᠥᠭᠡᠷ᠎ᠡ ᠪᠠᠷ ᠬᠡᠯᠡᠪᠡᠯ ︽ᠲᠠᠪᠣᠨ ᠬᠤᠰᠢᠭᠤ︾ ᠮᠠᠯ ᠤᠨ ᠰᠢᠮ᠎ᠡ ᠪᠣᠯ ᠲᠣᠰ ᠲᠣᠰ ᠤᠨ ᠦᠢᠯᠡᠳᠣᠯ ᠲᠠᠢ ︽ᠡᠮ︾ ᠪᠣᠯᠣᠨ᠎ᠠ᠃  ᠵᠢᠱᠢᠶᠡᠯᠡᠪᠡᠯ᠄ ᠬᠡᠢ ᠡᠪᠡᠳᠴᠢᠨ ᠳᠤ ᠬᠤᠨᠢᠨ ᠲᠣᠯᠣᠭᠠᠢ ᠳᠤ ᠡᠮ ᠬᠤᠯᠢᠭᠠᠳ ᠴᠢᠨᠠᠭᠠᠳ᠂ ︽ᠱᠠᠵᠠ︾ ᠭᠡᠵᠦ ᠢᠳᠡᠭᠦᠯᠳᠡᠭ︔  ᠬᠤᠨᠢᠨ ᠤ ᠡᠯᠢᠭᠡ᠂ ᠦᠬᠡᠷ ᠤᠨ ᠰᠥᠰᠦ ︵ᠭᠢᠸᠠᠩ ︶ ᠶᠢ  ᠰᠢᠷ᠎ᠠ ᠶᠢᠨ ᠡᠮ ᠳᠤ ᠣᠷᠣᠨ᠎ᠠ ᠭᠡᠵᠦ ᠠᠪᠣᠳᠠᠭ᠃ ᠢᠮᠠᠭᠠᠨ ᠤ ᠬᠥᠯᠳᠡᠭᠦᠣ ᠡᠯᠢᠭᠡ ᠶᠢ ᠢᠳᠡᠪᠡᠯ ᠨᠢᠳᠣᠨ ᠳᠤ ᠰᠠᠶᠢᠨ ᠭᠡᠬᠦ︔ ᠪᠥᠭᠡᠷ᠎ᠡ ᠢᠳᠡᠪᠡᠯ ᠪᠥᠭᠡᠷ᠎ᠡ ᠳᠤ ᠰᠠᠶᠢᠨ ᠭᠡᠬᠦ︔ ᠬᠤᠴᠠ᠂ ᠬᠤᠷᠭ᠎ᠠ ᠤ ᠲᠦᠮᠦᠰᠦ᠂ ᠮᠠᠯ ᠤᠨ ᠬᠠᠯᠢᠰᠣ ︵ᠬᠤᠶᠢᠲᠣᠬᠢ︶ ᠶᠢ ᠰᠦᠨ ᠳᠤ ᠴᠢᠨᠠᠵᠦ ᠢᠳᠡᠪᠡᠯ ᠲᠠᠮᠢᠷ ᠨᠥᠬᠦᠨ᠎ᠡ ᠭᠡᠬᠦ ᠮᠡᠲᠦ ᠪᠠᠷ ᠮᠠᠯ ᠤᠨ ᠴᠣᠯᠣ ᠰᠠᠪᠠ ᠶᠢ ᠴᠦ ︽ᠡᠮ︾ ᠪᠣᠶᠣ ︽ᠡᠮ ᠤᠨ ᠬᠦᠯᠦᠭ︾ ᠪᠣᠯᠭᠠᠨ ᠬᠡᠷᠡᠭᠯᠡᠳᠡᠭ ᠵᠠᠩᠰᠢᠯ ᠲᠠᠢ ᠪᠠᠶᠢᠵᠡᠢ᠃ ᠴᠢᠨᠠᠭᠰᠢᠯᠠᠪᠠᠯ ᠣᠬᠤᠨ᠎ᠠ ᠶᠢᠨ ᠡᠪᠡᠷ ᠤᠨ ᠦᠨᠡᠰᠦ᠂ ᠬᠤᠴᠠ ᠶᠢᠨ ᠰᠢᠭᠡᠰᠣ ᠶᠢ ᠬᠦᠷᠲᠡᠯ᠎ᠡ ︽ᠡᠮ ᠳᠣᠮ︾ ᠳᠤ ᠬᠡᠷᠡᠭᠯᠡᠳᠡᠭ ᠪᠠᠶᠢᠵᠡᠢ᠃ ᠳᠣᠬᠠᠶᠢᠯᠠᠪᠠᠯ ᠦᠵᠦᠮᠦᠴᠢᠨ ᠳᠤ ︽ᠭᠠᠯ ᠣᠴᠠᠷᠠᠭ᠎ᠠ ᠦᠭᠡᠢ ᠱᠦᠯᠦ︾ ᠭᠡᠮᠡᠨ ︽ᠪᠣᠷᠬᠤᠯᠠᠭᠰᠠᠨ ᠮᠢᠬ᠎ᠠ︾ ᠤ ᠱᠦᠯᠦ ᠪᠠᠷ ᠡᠮ ᠳᠠᠷᠣᠭᠤᠯᠵᠦ ᠥᠭᠭᠦᠳᠡᠭ  ᠪᠠᠶᠢᠪᠠ ᠭᠡᠨ᠎ᠡ᠃ ᠬᠤᠨᠢᠨ ᠤ ᠪᠣᠷᠪᠢ᠂ ᠲᠣᠶᠢᠭ᠂ ᠳᠠᠯᠣ ᠤ ᠪᠠᠷᠢᠭᠤᠯ᠂ ᠣᠬᠤᠷ ᠰᠡᠭᠦᠯ ᠤᠨ ᠶᠠᠰᠣ ᠶᠢ ᠰᠠᠶᠢᠲᠣᠷ ᠴᠢᠨᠠᠭᠰᠠᠨ ︽ᠳᠥᠷᠪᠡᠨ ᠰᠢᠮᠡᠲᠦ ᠶᠢᠨ ᠱᠦᠯᠦ︾   ᠪᠠᠷ ︽ᠬᠡᠢ ᠡᠪᠡᠳᠴᠢᠨ︾ ᠢ ᠵᠠᠰᠠᠳᠠᠭ ᠪᠠᠶᠢᠪᠠ︔ ᠪᠢᠲᠡᠭᠦᠣ ᠱᠦᠯᠦ᠂ ᠵᠠᠳᠠᠭᠠᠢ ᠱᠦᠯᠦ᠂ ᠭᠤᠣᠯ ᠢᠳᠡᠭᠡ ᠤ ᠱᠥᠯᠦ ᠭᠡᠬᠦᠴᠢᠯᠡᠨ ᠮᠠᠯ ᠤᠨ ᠰᠢᠮ᠎ᠡ ᠶᠢ ᠠᠰᠢᠭᠯᠠᠬᠤ ᠠᠴᠠ ᠭᠠᠳᠠᠨ᠎ᠠ ᠵᠡᠷᠯᠢᠭ ᠠᠷᠢᠶᠠᠲᠠᠨ ᠤ ᠴᠣᠯᠣ ᠰᠠᠪᠠ ᠮᠢᠬ᠎ᠠ ᠶᠢ ᠪᠠᠰᠠ ᠡᠮ ᠢᠶᠠᠷ ᠬᠡᠷᠡᠭᠯᠡᠳᠡᠭ ᠪᠠᠶᠢᠵᠡᠢ᠃ ᠵᠢᠱᠢᠶᠡᠯᠡᠪᠡᠯ ᠲᠠᠷᠪᠠᠭᠠᠨ ᠳᠠᠪᠣᠰᠠᠩ ᠢᠶᠠᠷ ᠰᠢᠭᠡᠰᠣᠨ ᠤ ᠡᠪᠡᠳᠴᠢᠨ ᠢ ᠵᠠᠰᠠᠳᠠᠭ︔  ᠲᠠᠷᠪᠠᠭᠠᠨ ᠰᠣᠶᠤᠭ᠎ᠠ ᠪᠠᠷ ᠰᠢᠳᠦ ᠶᠢ ᠡᠮᠴᠢᠯᠡᠳᠡᠭ᠃ ᠮᠠᠩᠭᠢᠰᠣ ᠶᠢᠨ ᠥᠭᠡᠬᠦ᠂ ᠲᠣᠰᠣ  ᠪᠠᠷ ᠭᠠᠯ ᠳᠤ ᠬᠠᠯᠠᠭᠰᠠᠨ ᠰᠢᠷᠬ᠎ᠠ ᠶᠢ ᠵᠠᠰᠠᠳᠠᠭ᠃ ᠴᠢᠨ᠋ᠸ᠎ᠠ ᠶᠢᠨ ᠴᠢᠰᠣ᠂ ᠮᠢᠬ᠎ᠠ ᠪᠠᠷ ᠪᠠᠰᠠ ᠡᠪᠡᠳᠴᠢᠨ ᠵᠠᠰᠠᠳᠠᠭ ᠪᠠᠶᠢᠵᠡᠢ᠃ ︽ᠠᠶᠢᠷᠠᠭ᠂ ᠰᠦ︾ ᠪᠣᠯ ᠮᠥᠨᠴᠦ ᠡᠮᠴᠢᠯᠭᠡᠨ ᠤ ᠦᠢᠯᠡᠳᠣᠯ ᠲᠠᠢ ᠪᠠᠶᠢᠳᠠᠭ᠃ ᠴᠠᠭ᠎ᠠ ᠳᠤ ᠪᠠᠭ᠎ᠠ ᠰᠠᠭ᠎ᠠ ᠭᠤᠯᠢᠷ ᠬᠤᠯᠢᠵᠦ᠂ ᠰᠢᠷ᠎ᠠ ᠲᠣᠰᠣ ᠰᠠᠮᠣᠷᠠᠨ᠂ ᠪᠣᠷᠠᠮ ᠱᠠᠭᠠᠲᠠᠩ ᠬᠤᠯᠢᠭᠠᠳ ᠪᠣᠴᠠᠯᠭᠠᠪᠠᠯ ︽ᠬᠢᠷᠠᠮ᠂ ᠵᠣᠲᠠᠩ︾ ᠭᠡᠭᠴᠢ ᠳᠡᠭᠡᠳᠦ ᠳᠡᠰ ᠤᠨ ᠬᠤᠭᠤᠯᠠ ᠭᠡᠳᠡᠭ ᠪᠠᠶᠢᠵᠡᠢ᠃ ᠰᠠᠭᠠᠯᠢ ᠶᠢᠨ ᠠᠷᠢᠬᠢ ᠶᠢ ᠴᠦ ᠲᠠᠮᠢᠷᠵᠢᠭᠤᠯᠬᠤ ᠪᠣᠶᠣ ᠬᠦᠢᠲᠡᠨ ᠡᠪᠡᠳᠴᠢᠨ ᠢ ᠠᠷᠢᠯᠭᠠᠬᠤ ᠳᠤ ᠥᠭᠭᠦᠳᠡᠭ ᠪᠣᠶᠣ ᠡᠮ ᠤᠨ ︽ᠬᠦᠯᠦᠭ  ︾ ᠪᠣᠯᠭᠠᠳᠠᠭ ᠪᠠᠶᠢᠵᠡᠢ᠃ ︽ᠰᠢᠷ᠎ᠠ ᠲᠣᠰᠣ︾ ᠨᠢ ᠨᠡᠩ ᠴᠦ ᠡᠮ ᠤᠨ ︽ᠬᠦᠯᠦᠭ︾ ᠲᠤ ᠣᠷᠣᠳᠠᠭ ᠪᠣᠶᠣ ︽ᠬᠡᠢ  ᠶᠢ ᠳᠠᠷᠣᠬᠤ ᠦᠢᠯᠡᠳᠣᠯ ᠲᠠᠢ︾ ᠭᠡᠵᠦ ᠦᠵᠡᠳᠡᠭ ᠪᠠᠶᠢᠨ᠎ᠠ᠃ ︽ᠭᠦᠴᠢᠯᠢᠭ ᠠᠶᠢᠷᠠᠭ︾ ᠪᠣᠯ ᠬᠤᠣᠷ᠎ᠠ ᠶᠢ ᠲᠠᠶᠢᠯᠠᠨ᠂ ᠥᠳᠬᠡᠨ ᠢ ᠰᠢᠩᠭᠢᠷᠡᠭᠦᠯᠳᠡᠭ ᠴᠢᠳᠠᠯ ᠲᠠᠢ ᠭᠡᠳᠡᠭ᠃ ᠶᠡᠷᠣᠳᠡᠭᠡᠨ ︽ᠰᠦ︾ ᠪᠣᠯ ︽ᠴᠠᠭᠠᠨ ᠢᠳᠡᠭᠡᠨ︾ ᠤ ᠬᠠᠮᠤᠭ ᠡᠬᠢ ᠮᠠᠲ᠋ᠧᠷᠢᠶᠠᠯ ᠪᠣᠯᠬᠤᠷ ᠲᠡᠵᠢᠭᠡᠯ ᠰᠠᠶᠢᠲᠠᠢ ᠭᠡᠳᠡᠭ ᠪᠦᠭᠡᠳ ᠮᠣᠩᠭᠤᠯᠴᠣᠳ ᠤᠨ ᠡᠷᠲᠡ ᠠᠴᠠ ᠡᠳᠡᠯᠡᠵᠦ ᠠᠰᠢᠭᠯᠠᠵᠦ ᠢᠷᠡᠭᠰᠡᠨ ᠢᠳᠡᠭᠡᠨ ᠣᠮᠳᠠᠭᠠᠨ ᠪᠣᠯᠣᠨ᠎ᠠ᠃ ᠢᠯᠠᠩᠭᠤᠶ᠎ᠠ ᠰᠦ ᠶᠢ ᠪᠠᠰᠠ  ︽ᠪᠣᠯᠣᠭᠰᠠᠨ ᠰᠦ︾ ᠪᠠ ︽ᠲᠦᠭᠦᠬᠡᠢ ᠰᠦ  ︾ ᠭᠡᠮᠡᠨ ᠢᠯᠭᠠᠵᠦ᠂ ︽ᠪᠣᠯᠣᠭᠰᠠᠨ ᠰᠦ︾ ᠨᠢ ᠨᠣᠶᠢᠷ ᠢ ᠬᠦᠷᠦᠭᠦᠯᠦᠨ᠂ ᠢᠯᠴᠢ  ᠶᠢ ᠡᠭᠦᠰᠬᠡᠨ ᠲᠠᠮᠢᠷᠵᠢᠭᠤᠯᠣᠨ᠎ᠠ ᠭᠡᠵᠦ ᠦᠵᠡᠳᠡᠭ ᠨᠢ ᠮᠣᠩᠭᠤᠯ ᠡᠮᠨᠡᠯᠭᠡ ᠶᠢᠨ ᠣᠬᠠᠭᠠᠨ ᠤ ᠨᠣᠮ ᠪᠢᠴᠢᠭ ᠤᠨ ᠰᠣᠳᠣᠯᠭᠠᠨ ᠲᠠᠢ ᠠᠳᠠᠯᠢᠬᠠᠨ ᠪᠠᠶᠢᠳᠠᠭ᠃ ᠠᠬᠠᠮᠠᠳ   ᠤᠳ ᠤᠨ ᠬᠠᠭᠤᠴᠢᠯᠠᠬᠤ ᠪᠠᠷ ᠡᠷᠲᠡ ᠨᠢᠭᠡᠨ ᠴᠠᠭ ᠳᠤ ᠶᠤᠮ ᠭᠡᠨ᠎ᠡ᠃ ᠳᠠᠶᠢᠨ ᠳᠤ ᠮᠣᠷᠳᠠᠭᠰᠠᠨ ᠦᠵᠦᠮᠦᠴᠢᠨ ᠴᠡᠷᠢᠭ ᠲᠤ ᠭᠡᠨᠡᠣᠲᠡ ᠭᠡᠳᠡᠰᠣ ᠡᠪᠡᠳᠳᠣᠨ ︽ᠭᠦᠶᠦᠯᠭᠡᠬᠦ  ︵ᠪᠠᠭᠠᠰᠣ ᠠᠯᠳᠠᠬᠤ︶︾ ᠡᠪᠡᠳᠴᠢᠨ ᠳᠡᠯᠭᠡᠷᠴᠦ ᠭᠡᠨ᠎ᠡ᠃ ᠡᠭᠦᠨᠳᠦ ᠨᠣᠶᠠᠨ ᠨᠢ ᠠᠷᠭ᠎ᠠ ᠮᠣᠬᠤᠷᠳᠠᠬᠤ ᠳᠠᠭᠠᠨ ᠪᠦᠭᠦᠳᠡᠨ ᠳᠤ ︽ᠴᠡᠭᠡ︾   ᠪᠠᠨ ᠣᠣᠭᠤᠯᠭᠠᠭᠰᠠᠨ ᠳᠤ ᠬᠠᠷᠢᠨ ᠰᠠᠨᠠᠭᠰᠠᠨ ᠠᠴᠠ ᠭᠠᠳᠠᠭᠤᠷ ︽ᠭᠦᠶᠦᠯᠭᠡᠬᠦ︾ ᠨᠢ ᠵᠣᠭᠰᠣᠭᠠᠭᠰᠠᠨ ᠶᠤᠮ ᠭᠡᠨ᠎ᠡ᠃ ᠢᠩᠭᠢᠭᠡᠳ ︽ᠪᠠᠭᠠᠰᠣ ᠠᠯᠳᠠᠵᠦ ᠪᠠᠶᠢᠲᠠᠯ᠎ᠠ ᠪᠠᠭᠠᠰᠣ ᠠᠯᠳᠠᠭᠤᠯᠬᠤ ᠶᠠᠭᠤᠮ᠎ᠠ ᠣᠣᠭᠤᠯᠭᠠᠪᠠ︾ ᠭᠡᠳᠡᠭ ᠢ ᠬᠦᠮᠦᠰ ᠶᠡᠬᠡᠳᠡ ᠭᠠᠶᠢᠬᠠᠵᠡᠢ᠃ ᠰᠡᠭᠦᠯᠡᠷ ᠨᠢ ᠪᠣᠳᠣᠬᠤ ᠳᠤ ᠲᠡᠷᠡ ᠨᠢ ᠪᠠᠷᠤᠭ ︽ᠬᠠᠯᠠᠭᠤᠨ ᠬᠢᠵᠢᠭ︾ ᠪᠠᠶᠢᠭᠰᠠᠨ ᠪᠣᠯᠬᠤᠷ ︽ᠬᠠᠯᠠᠭᠤᠨ︾ ᠨᠢ ᠳᠠᠷᠣᠭᠳᠠᠬᠤ ᠲᠠᠢ ᠵᠡᠷᠭᠡ ︽ᠰᠠᠭᠤᠯᠭᠠᠬᠤ︾ ᠨᠢ ᠬᠠᠷᠢᠨ ᠵᠣᠭᠰᠣᠭᠰᠠᠨ ᠪᠣᠯᠣᠯᠲᠠᠢ ᠭᠡᠯᠴᠡᠳᠡᠭ ᠶᠤᠮ᠃ ᠢᠳᠡᠭᠡᠨ ᠤ ᠬᠤᠣᠷ ᠢ ᠰᠡᠷᠭᠡᠶᠢᠯᠡᠬᠦ ᠲᠠᠯ᠎ᠠ ᠪᠠᠷ ᠬᠡᠯᠡᠬᠦ ᠳᠤ ︽ᠦᠬᠡᠷ ᠤᠨ ᠶᠠᠰᠣᠨ ᠴᠢᠮᠦᠭᠡ ᠶᠢᠨ ᠬᠠᠨᠳᠠ︾ ᠭᠡᠭᠴᠢ ᠢᠳᠡᠭᠡᠨ ᠢ ᠬᠢᠬᠦ ᠳᠡᠭᠡᠨ ︽ ᠁ ᠮᠥᠩᠭᠦᠨ ᠬᠠᠯᠪᠠᠭ᠎ᠠ  ᠪᠠᠷ ᠵᠣᠭᠰᠣᠯᠲᠠ ᠦᠭᠡᠢ ᠵᠢᠭᠤᠷᠠᠨ ᠁ ᠬᠢᠨ᠎ᠡ︾  ᠭᠡᠳᠡᠭ ᠵᠠᠩᠰᠢᠯ ᠨᠢ  ᠢᠳᠡᠭᠡᠨ ᠤ ᠠᠷᠢᠭᠤᠨ ᠴᠡᠪᠡᠷ ᠢ ᠴᠢᠬᠤᠯᠴᠢᠯᠠᠵᠦ ᠪᠠᠶᠢᠭᠰᠠᠨ ᠢ ᠭᠡᠷᠡᠴᠢᠯᠡᠵᠦ ᠪᠣᠯᠣᠨ᠎ᠠ᠃ ᠢᠩᠭᠢᠬᠦᠯᠡᠷ ᠦᠵᠦᠮᠦᠴᠢᠨ ᠠᠶᠢᠮᠠᠭ ᠪᠣᠯ  ᠨᠡᠯᠢᠶᠡᠳ ᠳᠡᠭᠡᠷ᠎ᠡ ᠦᠶ᠎ᠡ ᠠᠴᠠ  ᠡᠬᠢᠯᠡᠭᠡᠳ ᠢᠳᠡᠭᠡᠨ ᠣᠮᠳᠠᠭᠠᠨ ᠤ ᠵᠠᠰᠠᠯᠭ᠎ᠠ ᠲᠠᠢ ᠪᠠᠶᠢᠭᠰᠠᠨ ᠪᠠᠶᠢᠵᠦ ᠪᠣᠯᠬᠤ ᠪᠦᠭᠡᠳ ᠢᠳᠡᠭᠡᠨ ᠣᠮᠳᠠᠭᠠᠠᠨ ᠤ ᠠᠷᠢᠭᠤᠨ ᠴᠡᠪᠡᠷ ᠢ  ᠶᠡᠭᠡ ᠠᠩᠬᠠᠷᠠᠳᠠᠭ ᠵᠠᠩ  ᠳᠠᠳᠬᠠᠯ ᠲᠠᠢ  ᠪᠠᠶᠢᠭᠰᠠᠨ ᠪᠣᠯᠣᠯᠲᠠᠢ᠃                     ᠭᠤᠷᠪᠠ᠂ ᠰᠣᠶᠣᠯ ᠰᠣᠷᠭᠠᠯ ᠤᠨ ᠵᠠᠩ ᠦᠢᠯᠡ      ᠡᠪᠡᠳᠴᠢᠨ ᠦᠵᠡᠭᠦᠯᠬᠦ ᠶᠢ ᠦᠵᠦᠮᠦᠴᠢᠨ ᠳᠤ ᠣᠣᠯ ᠨᠢ ︽ᠡᠮᠴᠢ ᠵᠠᠯᠠᠬᠤ︾ ᠭᠡᠳᠡᠭ ᠪᠠᠶᠢᠵᠡᠢ᠃ ᠦᠵᠦᠮᠦᠴᠢᠨ ᠤ  ᠳᠡᠭᠡᠳᠣᠯ ᠤᠨ ᠨᠡᠷ᠎ᠡ ᠴᠣᠣ ᠲᠠᠢ ᠡᠮᠴᠢᠳ ᠳᠣᠮᠴᠢᠳ ᠠᠴᠠ ᠳᠣᠷᠠᠳᠣᠪᠠᠯ ᠠᠷᠪᠠᠨ ᠵᠢᠷᠭᠤᠭᠠᠳᠣᠭᠠᠷ ᠵᠠᠭᠤᠨ ᠤ ᠦᠶ᠎ᠡ ᠶᠢᠨ ᠭᠦᠩ ᠭᠤᠮᠪᠣᠵᠠᠪ ᠪᠠ ᠲᠡᠭᠦᠨ ᠤ ︽ᠲᠣᠯᠣᠭᠠᠨ ᠡᠷᠳᠡᠨᠢ ᠶᠢᠨ ᠮᠥᠬᠦᠯᠢᠭ︾ ᠬᠡᠮᠡᠬᠦ ᠵᠣᠷ ᠣᠯᠠᠮᠵᠢᠯᠠᠭᠳᠠᠵᠦ ᠪᠠᠶᠢᠭᠰᠠᠨ ᠢᠶᠠᠷ ᠪᠠᠷᠠᠬᠤ ᠦᠭᠡᠢ ᠰᠡᠭᠦᠯ ᠤᠨ ᠦᠶ᠎ᠡ ᠶᠢᠨ ᠦᠵᠦᠮᠦᠴᠢᠨ ᠴᠢᠨ ᠸᠠᠩ ᠰᠣᠨᠣᠮᠷᠠᠪᠲᠠᠨ ᠠᠴᠠ ᠲᠡᠷᠢᠭᠦᠯᠡᠨ ᠮᠣᠩᠭᠤᠯ ᠠᠨᠠᠭᠠᠬᠤ ᠣᠬᠠᠭᠠᠨ ᠢ ᠨᠡᠯᠢᠶᠡᠳ ᠰᠢᠰᠲ᠋ᠧᠮ ᠲᠠᠢ ᠰᠣᠷᠴᠦ ᠰᠣᠳᠣᠯᠣᠵᠦ ᠪᠠᠶᠢᠭᠰᠠᠨ ᠭᠡᠳᠡᠭ ᠶᠤᠮ᠃ ᠮᠠᠲ᠋ᠧᠷᠢᠶᠠᠯ ᠢ ᠦᠨᠳᠦᠰᠦᠯᠡᠪᠡᠯ ᠪᠠᠷᠤᠭ 1800 ᠣᠨ ᠤ ᠲᠥᠯᠥᠪ ᠳᠤ ︽ᠮᠣᠯᠣᠮ ᠯᠠᠮᠠ ᠶᠢᠨ ᠬᠦᠷᠢᠶ᠎ᠠ︾ ᠵᠡᠷᠭᠡ ᠰᠦᠮ᠎ᠡ ᠬᠡᠶᠢᠳ ᠲᠤ ︽ᠮᠠᠨᠪᠠ ᠷᠠᠰᠠᠩ︾ ᠭᠡᠭᠴᠢ ᠮᠣᠩᠭᠤᠯ ᠡᠮᠨᠡᠯᠭᠡ ᠶᠢᠨ ᠣᠬᠠᠭᠠᠨ  ᠤ ᠰᠠᠯᠪᠣᠷᠢ ᠪᠠᠶᠢᠭᠤᠯᠣᠭᠳᠠᠪᠠ᠃ ᠲᠡᠭᠦᠨ ᠠᠴᠠ ᠭᠠᠳᠠᠨ᠎ᠠ ᠡᠪᠡᠳᠴᠢᠨ ᠦᠵᠡᠭᠦᠯᠬᠦ ᠳᠡᠭᠡᠨ ᠵᠠᠪᠠᠯ ᠰᠥᠮ᠎ᠡ᠂ ᠯᠠᠮᠠ  ᠪᠠᠷ  ᠵᠦᠭ ᠴᠢᠭ ᠦᠵᠡᠭᠦᠯᠵᠦ᠂ ᠣᠴᠠᠷᠢᠯ ᠪᠠᠷᠢᠯᠳᠣᠯᠭ᠎ᠠ ᠶᠢ ᠬᠠᠷᠠᠳᠠᠭ ᠪᠣᠯᠣᠭᠰᠠᠨ ᠪᠠᠶᠢᠵᠡᠢ᠃ ᠣᠳᠣ ᠪᠣᠳᠣᠬᠤᠯᠠᠷ ᠲᠡᠷᠡ ᠨᠢ ᠪᠠᠷᠤᠭ ᠵᠢᠷᠣᠬᠠᠶᠢᠴᠢ ᠣᠬᠠᠭᠠᠨ᠂ ︽ᠠᠷᠭ᠎ᠠ ᠪᠢᠯᠢᠭ   ᠤᠨ ᠣᠨᠣᠯ︾  ᠪᠠ  ︽ᠲᠠᠪᠣᠨ ᠮᠠᠬᠠᠪᠣᠳ︾ ᠤᠨ ᠣᠬᠠᠭᠠᠨ ᠢᠶᠠᠷ ᠦᠵᠡᠯᠭᠡ ᠲᠥᠯᠭᠡ ᠦᠵᠡᠵᠦ᠂ ᠡᠪᠡᠳᠴᠢᠲᠡᠨ ᠪᠠ ᠡᠪᠡᠳᠴᠢᠨ ᠣᠯᠣᠭᠰᠠᠨ ᠴᠠᠭ ᠦᠶ᠎ᠡ ᠪᠠᠷ ᠨᠢ ᠨᠣᠭᠤᠯᠣᠨ ᠪᠣᠳᠣᠵᠦ᠂ ᠠᠯᠢ ᠵᠦᠭ ᠨᠢ ︽ᠢᠪᠡᠭᠡᠯ︾ ᠪᠣᠯᠬᠤ ᠪᠠ ᠬᠠᠮᠢᠭᠠᠰᠢ ᠭᠠᠷᠣᠪᠠᠯ ᠣᠯᠭᠤᠮ ᠣᠷᠣᠭᠰᠢᠲᠠᠢ ᠪᠣᠯᠬᠤ ᠭᠡᠮᠡᠨ ᠲᠥᠰᠥᠪᠯᠡᠨ ᠪᠣᠳᠣᠵᠦ ᠥᠭᠭᠦᠳᠡᠭ ᠪᠠᠶᠢᠭᠰᠠᠨ ᠪᠣᠶᠣ ᠡᠮᠴᠢ ᠡᠪᠡᠳᠴᠢᠲᠡᠨ ᠬᠤᠶᠠᠷ ᠤᠨ ︽ᠣᠷᠣᠨ ᠰᠠᠭᠤᠳᠠᠯ︾ ᠢ ᠲᠣᠭᠠᠯᠠᠬᠤ ᠠᠷᠭ᠎ᠠ᠂ ︽ᠲᠠᠪᠣᠨ ᠮᠠᠬᠠᠪᠣᠳ︾ ᠤᠨ ᠡᠬᠡ ᠬᠦᠪᠡᠭᠦᠨ᠂ ᠨᠥᠬᠦᠷ ᠲᠠᠶᠢᠰᠣᠨ ᠪᠣᠯᠣᠯᠴᠠᠬᠤ  ᠠᠷᠭ᠎ᠠ ᠵᠡᠷᠭᠡ ᠪᠠᠷ  ᠪᠣᠳᠣᠵᠦ ᠭᠠᠷᠭᠠᠳᠠᠭ ᠣᠬᠠᠭᠠᠨ  ᠪᠠᠶᠢᠵᠡᠢ᠃  ᠲᠡᠷᠡ ᠮᠥᠷᠲᠡᠭᠡᠨ ᠦᠵᠦᠮᠦᠴᠢᠨ  ᠳᠤ ᠡᠮᠴᠢ ᠬᠦᠮᠦᠨ ᠢ ᠶᠡᠬᠡᠳᠡ ᠬᠦᠨᠳᠦᠳᠬᠡᠨ ︽ᠮᠠᠠᠷᠠᠨᠪᠠ︾ ᠭᠡᠬᠦ ᠪᠣᠶᠣ ︽ᠡᠮᠴᠢ ᠮᠠᠮᠠ︾ ᠭᠡᠵᠦ ᠳᠠᠭᠤᠳᠠᠳᠠᠭ  ᠪᠠᠶᠢᠵᠡᠢ᠃ ᠪᠠᠰᠠ ᠡᠮ ᠠᠪᠬᠤ ᠶᠢ ︽ᠡᠮ ᠵᠠᠯᠠᠬᠤ︾ ᠭᠡᠳᠡᠭ ᠵᠠᠩᠰᠢᠯ ᠲᠠᠢ ᠪᠠᠶᠢᠵᠡᠢ᠃ ᠡᠮᠴᠢ ᠨᠢ ᠪᠣᠭᠤᠭᠰᠠᠨ ᠡᠮ  ᠢᠶᠠᠨ ᠵᠠᠪᠠᠯ ᠥᠪᠡᠷ ᠤᠨ ᠭᠠᠷ ᠢᠶᠠᠷ ᠢᠶᠠᠨ ᠭᠠᠷᠲᠠᠭᠤᠯᠵᠦ ᠥᠭᠭᠦᠳᠡᠭ ᠮᠥᠷᠲᠡᠭᠡᠨ ︽ᠣᠲᠠᠴᠢ ᠶᠢᠨ ᠲᠠᠷᠨᠢ︾ ᠭᠡᠭᠴᠢ  ᠶᠢ ᠣᠩᠰᠢᠳᠠᠭ ᠵᠠᠩᠰᠢᠯ ᠲᠠᠢ ᠪᠠᠶᠢᠵᠡᠢ᠃ ᠡᠨᠡᠬᠦ ᠲᠠᠷᠨᠢ ᠤ ᠲᠣᠬᠠᠢ ︽ᠠᠯᠲᠠᠨ ᠬᠠᠳᠠᠮᠠᠯ ︵ᠳᠣᠣᠷᠠᠳᠣ︶︾⑥ ᠬᠡᠮᠡᠬᠦ ᠮᠣᠩᠭᠤᠯ ᠡᠮᠨᠡᠯᠭᠡ ᠶᠢᠨ ᠰᠣᠳᠣᠷ ᠲᠤ ᠲᠡᠮᠳᠡᠭᠯᠡᠭᠰᠡᠨ ᠢᠶᠠᠷ ᠪᠣᠯ ᠡᠮᠴᠢ ᠨᠢ ᠡᠮ ᠢᠶᠠᠨ ᠥᠭᠭᠦ ᠳᠡᠭᠡᠨ ᠵᠠᠪᠠᠯ᠄ ︽ᠰᠠᠳᠠᠶ᠎ᠠ ᠲᠧᠷᠳᠠᠨ᠎ᠠ ᠺᠧ ᠺᠧ ᠪᠢ ᠺᠧ ᠪᠢᠮᠠᠯᠧ ᠪᠢᠮᠠᠯᠧ ᠸᠡᠯᠧ ᠸᠠᠯᠠ ᠽᠠᠠᠳᠠᠷ᠎ᠠ ᠠᠮᠢᠷᠢᠳᠠᠨᠢ ᠭᠤᠬᠡ ᠰᠤᠬ᠎ᠠ᠂ ᠰᠠᠩ ᠺᠡ ᠰᠠᠸᠠᠷᠢᠸᠠᠷᠠ ᠳ᠋ᠠᠨᠠᠪᠷᠢᠰᠠᠪᠠᠷᠢᠶ᠋ᠸᠠᠷ᠎ᠠ ᠰᠠᠶᠠᠽᠠ ᠰᠠᠷᠸ᠎ᠠ  ᠸᠠᠶᠠᠳᠢ ᠱᠠᠠᠳᠢᠩ ᠭᠦᠷᠦ ᠭᠦᠷᠦ ᠰᠤᠬ᠎ᠠ ︵ᠡᠨᠡᠳᠬᠡᠭ ᠲᠠᠷᠨᠢ ᠶᠢ ᠠᠪᠢᠶᠠᠴᠢᠯᠠᠪᠠ︶︾ ᠭᠡᠵᠦ ᠣᠩᠰᠢᠵᠦ ᠥᠭᠭᠦᠳᠡᠭ  ᠪᠠᠶᠢᠵᠡᠢ᠃ ᠡᠨᠡ ᠨᠢ ︽ᠡᠮ ᠤᠨ ᠷᠢᠳᠢ ᠰᠢᠳᠢ ᠶᠢ ᠪᠦᠷᠢᠳᠦᠭᠦᠯᠦᠨ᠂ ᠡᠪᠡᠳᠴᠢᠲᠡᠨ ᠤ ᠭᠠᠢ ᠪᠠᠷᠴᠢᠳ ᠡᠷᠲᠡᠬᠡᠨ ᠰᠠᠷᠨᠢᠨ ᠵᠠᠶᠢᠯᠠᠬᠤ ᠪᠣᠯᠳᠣᠭᠠᠢ︾ ᠭᠡᠰᠡᠨ ᠣᠳᠬ᠎ᠠ ᠲᠠᠢ ᠦᠭᠡ ᠶᠤᠮ ᠭᠡᠨ᠎ᠡ᠃ ︽ᠡᠮ ᠵᠠᠯᠠᠭᠰᠠᠳ︾ ᠨᠢ ᠪᠣᠭᠤᠯᠲᠠ ᠲᠠᠢ ᠡᠮ ᠢᠶᠠᠨ ᠲᠣᠰᠣᠵᠦ ᠠᠪᠬᠤ  ᠳᠠᠭᠠᠨ ᠵᠠᠪᠠᠯ ᠵᠥᠪ ᠭᠠᠷ ᠢᠶᠠᠷ ᠢᠶᠠᠨ ᠳᠣᠰᠣᠵᠦ᠂ ᠮᠠᠩᠨᠠᠢ ᠳᠡᠭᠡᠷ᠎ᠡ ᠪᠠᠨ ︽ᠬᠦᠷᠭᠡᠵᠦ︾ ᠠᠪᠳᠠᠭ ᠵᠠᠩᠰᠢᠯ ᠲᠠᠢ ᠪᠠᠶᠢᠵᠡᠢ᠃ ᠠᠶᠢᠷᠠᠭ ︽ᠴᠡᠭᠡ︾ ᠢᠰᠭᠡᠬᠦ ᠭᠠᠩ ᠰᠠᠪᠠ ᠶᠢ ᠭᠡᠷ ᠤᠨ ᠵᠡᠭᠦᠨ ᠲᠠᠯ᠎ᠠ ᠳᠤ ᠪᠠᠶᠢᠷᠠᠯᠠᠭᠤᠯᠬᠤ ᠶᠢ ᠴᠡᠭᠡᠷᠡᠯᠡᠨ᠎ᠡ᠃ ᠢᠩᠭᠢᠬᠦ ᠨᠢ ︽ᠡᠮᠲᠦ ᠢᠳᠡᠭᠡᠨ ᠢ ᠬᠥᠩᠭᠡᠪᠴᠢᠯᠡᠭᠰᠡᠨ︾ ᠮᠡᠲᠦ ᠭᠡᠵᠦ ᠦᠵᠡᠳᠡᠭ ᠪᠠᠶᠢᠵᠡᠢ᠃ ᠨᠢᠳᠣᠨ ᠳᠤᠨᠢ ᠬᠤᠭ ᠲᠣᠭᠤᠰᠣ ᠣᠷᠣᠭᠠᠳ᠂ ᠬᠠᠷᠠᠵᠦ ᠪᠣᠯᠬᠤ ᠦᠭᠡᠢ ︽ᠲᠣᠷᠠᠬᠤ︾ ᠳᠤ ᠬᠦᠷᠦᠪᠡᠯ ᠨᠢᠳᠦ ᠪᠠᠨ ᠨᠡᠭᠡᠭᠡᠳ ︽ᠨᠢᠳᠣᠨ ᠳᠠᠬᠢ ᠪᠠᠨ ᠠᠷᠢᠯᠭ᠎ᠠ︕︾  ᠭᠡᠮᠡᠨ ᠬᠦᠴᠦᠲᠡᠢ ᠲᠣᠷᠭᠢᠪᠠᠯ ᠳᠠᠷᠣᠢ ︽ᠭᠠᠷᠠᠴᠢᠬᠠᠨ᠎ᠠ︾ ᠭᠡᠳᠡᠭ᠃ ᠨᠢᠳᠣᠨ ᠳᠤ ᠬᠡᠷᠪᠡ ︽ᠡᠪᠦᠳᠦᠭ  ︵ᠢᠳᠡᠭᠡᠯᠡᠪᠡᠯ︶︾ ᠭᠠᠷᠠᠪᠠᠯ᠂ ᠥᠷᠯᠦᠭᠡ ᠡᠪᠦᠳᠦᠭ ᠢᠶᠠᠷ ᠢᠶᠠᠨ ᠦᠷᠡᠵᠦ ︽ᠡᠮ ᠪᠣᠯ ︵ ᠪᠣᠯᠣᠭᠠᠰᠠᠢ︶︕ ᠳᠣᠮ ᠪᠣᠯ  ︵ ᠪᠣᠯᠣᠭᠠᠰᠠᠢ︶︕︾ ᠭᠡᠮᠡᠨ ᠳᠣᠮᠨᠠᠬᠤ ᠪᠣᠶᠣ ᠡᠰᠡᠭᠦᠯ᠎ᠡ ︽ᠨᠣᠬᠠᠢ ᠶᠢᠨ ᠰᠠᠬᠠᠯ ᠢᠶᠠᠷ ᠬᠠᠳᠬᠤᠨ ᠬᠠᠭᠠᠯᠠᠪᠠᠯ ᠳᠠᠷᠣᠢ ᠳᠤᠨᠢ ᠢᠳᠡᠭᠡ ᠨᠢ ᠭᠠᠷᠴᠦ ᠡᠳᠡᠭᠡᠷᠡᠨ᠎ᠡ︾ ᠭᠡᠳᠡᠭ ᠪᠠᠶᠢᠵᠡᠢ᠃ ᠨᠣᠶᠢᠷ ᠬᠤᠯᠵᠢᠪᠠᠯ ᠲᠤᠭ᠎ᠠ ᠲᠣᠭᠠᠯᠠᠭᠤᠯᠬᠤ︔ ᠠᠶᠣᠵᠦ ᠰᠣᠴᠢᠭᠰᠠᠨ ᠬᠦᠮᠦᠨ ᠳᠤ ᠲᠠᠷᠨᠢ ᠭᠦᠷᠢᠮ ᠣᠩᠰᠢᠨ ︽ᠰᠦᠨᠡᠰᠣ ᠳᠠᠭᠤᠳᠠᠬᠤ︾ ᠬᠡᠮᠡᠭᠰᠡᠨ ᠵᠠᠩ ᠵᠠᠩᠰᠢᠯ ᠪᠠᠶᠢᠳᠠᠭ︔  ᠨᠢᠯᠬ᠎ᠠ ᠬᠤᠬᠡᠳ ᠶᠠᠮᠠᠷ ᠨᠢᠭᠡᠨ ᠶᠠᠭᠤᠮ᠎ᠠ ᠠᠴᠠ ᠠᠶᠣᠳᠠᠭ ᠪᠣᠶᠣ ᠠᠶᠣᠭᠰᠠᠨ ᠪᠠᠶᠢᠪᠠᠯ ᠨᠥᠭᠦᠭᠡ ᠶᠠᠭᠤᠮ᠎ᠠ ᠶᠢ ᠨᠢ ᠵᠣᠷᠢᠭᠤᠳᠠ ᠵᠠᠭᠤᠠᠲᠠ ᠬᠡᠯᠡᠭᠦᠯᠬᠦ ᠪᠣᠶᠣ ᠦᠵᠡᠭᠦᠯᠬᠦ ᠵᠠᠩᠰᠢᠯ︔ ᠮᠣᠷᠢ ᠣᠨᠣᠭᠠᠨ ᠠᠴᠠ ᠣᠶᠢᠴᠢᠵᠦ ᠳᠣᠰᠣᠭᠠᠳ ᠲᠡᠷᠢᠬᠢ ᠮᠡᠳᠡᠷᠡᠯ ᠨᠢ ᠳᠣᠷᠭᠢᠵᠦ  ᠬᠦᠳᠡᠯᠦᠭᠰᠡᠨ ᠪᠠᠶᠢᠪᠠᠯ ᠬᠠᠵᠢᠭᠤ ᠳᠤᠨᠢ ᠭᠠᠵᠠᠷ ᠴᠣᠬᠢᠵᠦ ︽ ᠳᠣᠷᠭᠢᠭᠤᠯᠣᠨ︾ ᠵᠠᠰᠠᠬᠤ ᠵᠡᠷᠭᠡ ᠠᠷᠭ᠎ᠠ ᠪᠠᠶᠢᠳᠠᠭ ᠨᠢ ᠪᠦᠷ ᠯᠠ ᠳᠣᠮ ᠰᠢᠳᠢ   ᠲᠠᠢ ᠵᠠᠰᠠᠯ ᠪᠣᠯᠣᠨ᠎ᠠ᠃ ᠡᠳᠡᠭᠡᠷ ᠪᠣᠯ ᠳᠠᠷᠣᠢ ᠡᠮᠴᠢ ᠳᠣᠮᠴᠢ   ᠶᠢᠨ ᠬᠠᠮᠢᠶ᠎ᠠ  ᠲᠠᠢ ᠥᠪ ᠰᠣᠶᠣᠯ ᠪᠣᠶᠣ ᠡᠮ ᠳᠣᠮ ᠤᠨ ᠲᠣᠬᠠᠢ ᠲᠠᠢ ᠣᠯᠠᠮᠵᠢᠯᠠᠯᠲᠦ ᠵᠠᠩ ᠦᠢᠯᠡ ᠪᠣᠯᠣᠨ᠎ᠠ᠃                         ᠳᠥᠷᠪᠡ᠂ ᠡᠮ ᠲᠠᠩ ᠤᠨ ᠵᠠᠩ ᠦᠢᠯᠡ      ᠦᠵᠦᠮᠦᠴᠢᠨ ᠪᠣᠯ  ᠣᠷᠴᠢᠮᠬᠠᠨ ᠪᠣᠯᠲᠠᠯ᠎ᠠ ᠨᠡᠭᠦᠳᠡᠯ ᠠᠮᠢᠳᠣᠷᠠᠯ ᠢᠶᠠᠷ ᠢᠶᠠᠨ ᠪᠠᠶᠢᠭᠰᠠᠭᠠᠷ ᠪᠠᠶᠢᠭ᠎ᠠ ᠬᠦᠮᠦᠰ ᠪᠣᠯᠬᠤᠷ ᠣᠣᠯ ᠤᠨ ᠨᠡᠭᠦᠳᠡᠯ ᠠᠮᠢᠳᠣᠷᠠᠯ ᠶᠢᠨ ᠦᠶ᠎ᠡ ᠶᠢᠨ ᠡᠮ ᠡᠮᠴᠢᠯᠭᠡ ᠪᠠ ᠠᠷᠢᠭᠤᠨ ᠴᠡᠪᠡᠷ ᠤᠨ ᠲᠣᠬᠠᠢ ᠵᠠᠩ  ᠳᠠᠳᠬᠠᠯ ᠢ ᠡᠳᠣᠢ ᠲᠡᠳᠣᠢ ᠬᠠᠳᠠᠭᠠᠯᠠᠭᠰᠠᠭᠠᠷ ᠪᠠᠶᠢᠭ᠎ᠠ ᠶᠤᠮ᠃ ᠦᠵᠦᠮᠦᠴᠢᠨ ᠳᠤ  ᠡᠷᠲᠡᠨ ᠠᠴᠠ ᠠᠪᠣᠭᠠᠳ ᠡᠪᠡᠰᠣ ᠮᠣᠳᠣᠨ᠂ ᠬᠠᠳᠠ ᠰᠢᠷᠣᠢ ᠶᠢᠨ ︽ᠡᠮ ᠲᠠᠩ︾ ᠢ ᠲᠠᠨᠢᠬᠤ᠂ ᠲᠡᠭᠦᠬᠦ᠂ ᠨᠠᠶᠢᠷᠠᠭᠤᠯᠬᠤ ᠪᠠ ᠬᠡᠷᠡᠭᠯᠡᠬᠦ ᠠᠯᠢ ᠣᠯᠠᠨ ᠣᠯᠠᠮᠵᠢᠯᠠᠯᠲᠦ ᠵᠠᠩ ᠵᠣᠷᠰᠢᠯ ᠲᠠᠢ ᠪᠠᠶᠢᠵᠡᠢ᠃  ᠵᠢᠱᠢᠶᠡᠯᠡᠬᠦ ᠳᠤ ᠡᠷᠳᠡᠨᠢ ᠶᠢᠨ ᠡᠮ ᠲᠥᠷᠥᠯ ᠠᠴᠠ ᠠᠯᠲᠠ᠂ ᠮᠥᠩᠭᠦ᠂ ᠭᠠᠣᠯᠢ  ᠂ ᠵᠡᠰ᠂ ᠱᠢᠷᠦ᠂ ᠣᠭ᠍ᠶᠣ᠂ ᠲᠠᠨ᠎ᠠ᠂ ᠰᠣᠪᠣᠳ᠂ ᠬᠠᠰ᠂ ᠳᠣᠩ᠂  ᠭᠠᠷᠲᠠᠮ᠎ᠠ᠂ ᠢᠪᠠᠭ᠋ᠠᠢ᠂ ᠮᠠᠨᠣ᠂ ᠣᠰᠣᠨ ᠪᠣᠯᠣᠷ᠂ ᠳᠡᠨᠢᠭᠡᠷ ᠢ ᠡᠮ ᠭᠡᠮᠡᠨ ᠡᠷᠬᠢᠮᠯᠡᠵᠦ ᠪᠠᠶᠢᠭᠰᠠᠨ ᠪᠠ ᠳᠠᠪᠣᠰᠣ᠂ ᠬᠤᠵᠢᠷ᠂ ᠴᠠᠢ ᠵᠡᠷᠭᠡ ᠶᠢ ᠴᠦ ᠪᠦᠷ ︽ᠡᠮ︾ ᠢᠶᠠᠷ ᠦᠵᠡᠵᠦ ᠪᠠᠶᠢᠵᠡᠢ᠃ ᠡᠪᠡᠳᠬᠦ ᠳᠤ ︽ᠳᠠᠪᠣᠰᠣᠨ ᠵᠢᠩ︾ ᠲᠠᠯᠪᠢᠬᠤ︔ ᠰᠢᠷᠪᠣᠰᠦ ᠲᠠᠳᠠᠪᠠᠯ ︽ᠬᠦᠬᠡ ᠠᠷᠭᠠᠯ ᠤᠨ ᠦᠨᠡᠰᠣ︾ ᠶᠢ ᠲᠦᠷᠬᠢᠬᠦ ᠪᠠ ︽ᠴᠠᠢ ᠶᠢᠨ ᠵᠢᠩ︾ ᠪᠠᠷᠢᠬᠤ ᠵᠡᠷᠭᠡ ᠵᠠᠩᠰᠢᠯ ᠨᠢ  ᠪᠣᠯ ᠪᠦᠷ ᠯᠡ ᠦᠢᠯᠡᠳᠣᠯᠭᠡ ᠠᠴᠠ ᠢᠷᠡᠭᠰᠡᠨ ᠳᠣᠷᠰᠢᠯᠭ᠎ᠠ ᠪᠠᠶᠢᠳᠠᠭ᠃ ᠡᠪᠡᠰᠣ ᠣᠷᠭᠤᠮᠠᠯ ᠤᠨ ᠡᠮ ᠠᠴᠠ ᠵᠢᠱᠢᠶᠡᠯᠡᠬᠦ ᠳᠤ ᠭᠦᠯᠡᠰᠦ᠂ ᠦᠷᠡᠯ᠂ ᠴᠠᠶᠢᠷ᠂ ᠠᠭᠢ᠂ ᠵᠡᠭᠡᠷᠭᠡᠨ᠎ᠡ᠂ ᠰᠢᠬᠢᠷ ᠡᠪᠡᠰᠣ᠂ ᠭᠠᠩᠭ᠎ᠠ ᠡᠪᠡᠰᠣ᠂ ᠬᠠᠶᠢᠴᠢ ᠡᠪᠡᠰᠣ᠂ ᠣᠯᠠ ᠡᠪᠡᠰᠣ᠂ ᠬᠤᠩᠭᠤᠷ ᠵᠣᠯᠠ ᠡᠪᠡᠰᠣ᠂ ᠭᠤᠭᠤᠳ᠂ ᠲᠠᠭᠠᠨ᠎ᠠ᠂ ᠮᠠᠩᠭᠢᠷ᠂ ᠬᠦᠮᠡᠯᠢ᠂ ᠵᠡᠷᠯᠢᠭ  ᠭᠤᠭᠤᠳ᠂ ᠰᠣᠩᠭᠢᠨ᠎ᠠ᠂ ᠬᠠᠯᠠᠭᠠᠢ᠂ ᠰᠠᠷᠠᠨ᠎ᠠ ᠮᠡᠲᠦ ᠶᠢᠨ ᠡᠪᠡᠰᠣ ᠣᠷᠭᠤᠮᠠᠯ ᠤᠳ ᠢ ᠲᠠᠨᠢᠨ ᠬᠡᠷᠡᠭᠯᠡᠳᠡᠭ ᠪᠠᠶᠢᠵᠡᠢ᠃ ᠠᠯᠲᠠ ᠮᠥᠩᠭᠦ   ᠶᠢᠨ ᠬᠡᠷᠡᠭᠴᠡᠭᠡ ᠪᠠᠷ ᠵᠢᠱᠢᠶᠡᠯᠡᠬᠦ ᠳᠤ᠂ ︽ᠠᠯᠲᠠ ᠶᠢ ᠵᠡᠭᠦᠪᠡᠯ ᠠᠮᠢᠨ ᠳᠤ ᠣᠷᠣᠨ᠎ᠠ︾ ᠭᠡᠬᠦ ᠪᠠ ᠮᠥᠩᠭᠦ ᠶᠢ ᠡᠳᠡᠯᠡᠪᠡᠯ ︽ᠬᠤᠣᠷ ᠠᠴᠠ ᠰᠡᠷᠭᠡᠶᠢᠯᠡᠨ᠎ᠡ︾ ᠭᠡᠳᠡᠭ ᠪᠠᠶᠢᠪᠠ᠃ ᠡᠨᠡ ᠲᠣᠬᠠᠢ ︽ᠪᠠᠳᠣᠮᠥᠩᠬᠡ ᠳᠠᠶᠣᠨ ᠬᠠᠭᠠᠨ ᠪᠠᠷ ᠨᠢᠭᠡᠨ ᠣᠳᠠᠭ᠎ᠠ ᠮᠥᠩᠭᠦᠨ ᠠᠶᠠᠭ᠎ᠠ ᠪᠠᠷ ᠦᠷᠦᠵᠦ ᠬᠤᠳᠣᠭᠤᠳᠣᠠ ᠤ ᠪᠡᠳᠭᠢ ᠡᠪᠡᠳᠴᠢᠨ ᠢ ᠵᠠᠰᠠᠵᠦ ᠡᠳᠡᠭᠡᠷᠡᠭᠦᠯᠦᠭᠰᠡᠨ ᠁  ︾ ᠭᠡᠳᠡᠭ ᠲᠡᠮᠳᠡᠭᠯᠡᠯ ᠪᠠᠶᠢᠳᠠᠭ᠃ ᠪᠠᠰᠠ  ᠮᠠᠯᠴᠢᠳ ᠠᠮᠢᠳᠣᠷᠠᠯ ᠤᠨ ᠳᠣᠮᠳᠠ ᠪᠠᠨ ᠪᠠᠰᠠ ᠵᠣᠩᠰᠢ ᠴᠢᠯᠠᠭᠤ᠂ ᠣᠰᠣᠨ ᠪᠣᠯᠣᠷ ᠵᠡᠷᠭᠡ ᠶᠢ ᠣᠰᠣᠨ ᠤ ᠭᠠᠩ ᠰᠠᠪᠠᠨ ᠳᠠᠭᠠᠨ ᠬᠢᠪᠡᠯ ︽ᠣᠰᠣᠨ ᠤ ᠦᠨᠦᠷ᠂ ᠬᠤᠣᠷ ᠢ ᠳᠠᠷᠣᠨ᠎ᠠ︾ ᠭᠡᠳᠡᠭ ᠪᠠᠶᠢᠵᠡᠢ᠃ ᠡᠳᠡᠭᠡᠷ ᠠᠴᠠ ᠭᠠᠳᠠᠨ᠎ᠠ ︽ᠣᠭ᠍ᠶᠣ︾ ᠶᠢ ᠵᠡᠭᠦᠪᠡᠯ ᠡᠯᠢᠭᠡᠨ ᠡᠪᠡᠳᠴᠢᠨ ᠢ ᠰᠡᠷᠭᠡᠶᠢᠯᠡᠨ᠎ᠡ︔  ︽ᠭᠠᠷᠲᠠᠮ᠎ᠠ︾ ᠢ ᠵᠡᠭᠦᠪᠡᠯ ᠰᠠ ᠡᠪᠡᠳᠴᠢᠨ ᠢ ᠰᠡᠷᠭᠡᠶᠢᠯᠡᠨ᠎ᠡ ᠭᠡᠬᠦ ᠮᠡᠲᠦ ᠪᠠᠷ ᠪᠠᠷᠢᠮᠲᠠᠯᠠᠵᠦ ᠢᠷᠡᠭᠰᠡᠨ ᠪᠠᠶᠢᠨ᠎ᠠ᠃ ᠢᠯᠠᠩᠭᠤᠶ᠎ᠠ ᠴᠠᠢ ︵ᠵᠡᠷᠯᠢᠭ ᠴᠠᠢ ᠶᠢ ᠪᠠᠭᠲᠠᠭᠠᠭᠰᠠᠨ︶ ᠣᠣᠭᠤᠬᠤ ᠵᠠᠩᠰᠢᠯ   ᠨᠢ ᠪᠣᠯ ᠮᠠᠯᠴᠢᠳ ᠤᠨ ᠪᠡᠶ᠎ᠡ ᠶᠢᠨ ᠶᠠᠳᠠᠷᠭᠠᠨ᠂ ᠴᠢᠯᠡᠭᠡ   ᠶᠢ ᠲᠠᠶᠢᠯᠠᠬᠤ ᠣᠳᠣᠮᠰᠢᠯᠲᠦ ᠣᠮᠳᠠᠭᠠᠨ ᠪᠠᠶᠢᠵᠡᠢ᠃ ︽ᠲᠡᠮᠡᠭᠡᠨ ᠰᠡᠭᠦᠯ︾  ᠭᠡᠬᠦ ᠡᠪᠡᠰᠣ ᠶᠢ ︽ᠬᠡᠭᠡᠷ᠎ᠡ ᠶᠢᠨ ᠴᠠᠢ︾  ᠭᠡᠮᠡᠨ ᠴᠢᠨᠠᠵᠦ ᠣᠣᠭᠤᠳᠠᠭ ᠨᠢ ᠬᠡᠷᠡᠭ ᠳᠡᠭᠡᠷ᠎ᠡ  ᠪᠠᠨ ︽ᠡᠪᠡᠰᠣᠨ ᠡᠮ︾ ᠢ ᠴᠢᠨᠠᠵᠦ ᠣᠣᠭᠤᠵᠦ ᠪᠠᠶᠢᠭᠰᠠᠨ ᠬᠡᠷᠡᠭ  ᠠᠵᠡᠢ᠃ ︽ᠳᠠᠪᠣᠰᠣ︾ ᠶᠢ ᠴᠦ ᠮᠥᠨ ᠠᠳᠠᠯᠢᠬᠠᠨ ᠢᠶᠠᠷ ᠬᠤᠭᠤᠯᠠ ᠴᠠᠢ ᠤ ᠠᠮᠲᠠ᠂ ᠬᠤᠯᠢᠰᠢ ᠪᠣᠯᠭᠠᠳᠠᠭ ᠪᠠ ᠬᠦᠮᠦᠨ ᠤ ᠪᠡᠶ᠎ᠡ ᠮᠠᠬᠠᠪᠣᠳ ᠤᠨ ︽ᠡᠰ ᠡᠨᠡᠸ᠋ᠷᠭᠢ︾   ᠶᠢ ᠨᠥᠬᠦᠪᠦᠷᠢᠯᠷᠵᠦ ᠪᠠᠶᠢᠭᠰᠠᠨ ︽ᠣᠮᠳᠠᠭᠠᠨ︾ ᠪᠣᠯᠣᠯᠲᠠᠢ ᠭᠡᠵᠦ ᠦᠵᠡᠨ᠎ᠡ᠃ ᠳᠠᠬᠢᠪᠠᠯ ᠮᠠᠯᠴᠢᠳ ᠣᠣᠯ ᠠᠴᠠ ᠪᠠᠨ ᠠᠪᠣᠭᠠᠳ ᠪᠠᠶᠢᠭᠠᠯᠢ ᠶᠢᠨ ᠬᠠᠯᠠᠭᠤᠨ ᠬᠦᠢᠲᠡᠨ ᠣᠰᠣᠨ ᠵᠠᠰᠠᠯ — ︽ᠷᠠᠰᠢᠶᠠᠨ ᠵᠠᠰᠠᠯ︾ ᠢ  ᠶᠡᠬᠡᠳᠡ ᠡᠷᠬᠢᠮᠯᠡᠭᠰᠡᠭᠡᠷ ᠢᠷᠡᠵᠡᠢ᠃ ᠳᠣᠬᠠᠶᠢᠯᠠᠪᠠᠯ ᠦᠵᠦᠮᠦᠴᠢᠨ ᠳᠤ ᠣᠳᠣ ᠪᠠᠨ ᠢᠶᠠᠨ ᠠᠰᠢᠭᠯᠠᠵᠦ ᠪᠠᠶᠢᠭ᠎ᠠ ᠪᠠᠶᠢᠭᠠᠯᠢ ᠶᠢᠨ ︽ᠷᠠᠰᠢᠶᠠᠨ︾ ᠭᠡᠪᠡᠯ  ᠄ ᠬᠤᠳᠣᠭᠤᠳᠣᠨ ᠳᠤ ᠰᠠᠶᠢᠨ ᠪᠠᠶᠢᠳᠠᠭ ᠲᠣᠰ ᠬᠤᠰᠢᠭᠤᠨ ᠤ ᠠᠯᠲᠠᠠᠬᠢᠯᠢ ᠰᠣᠮᠣᠨ ᠤ ︽ᠰᠢᠨ᠎ᠡ ᠰᠦᠮ᠎ᠡ ᠶᠢᠨ ᠷᠠᠰᠢᠶᠠᠨ︾  ︔ ᠦᠶ᠎ᠡ ᠭᠡᠰᠢᠭᠦᠨ ᠤ ᠡᠪᠡᠳᠴᠢᠨ ᠳᠤ ᠰᠠᠶᠢᠨ ᠪᠠᠶᠢᠳᠠᠭ ︽ᠮᠣᠯᠣᠮ ᠯᠠᠮᠠ ᠶᠢᠨ ᠬᠦᠷᠢᠶ᠎ᠡ︾ ᠰᠦᠮ᠎ᠡ ᠶᠢᠨ ︽ᠠᠷᠣ ᠶᠢᠨ  ᠬᠠᠰᠢᠶᠠᠲᠦ ᠶᠢᠨ ᠷᠠᠰᠢᠶᠠᠨ︾ ᠪᠠ ᠪᠦᠬᠦ ᠪᠡᠶ᠎ᠡ᠂ ᠲᠠᠪᠣᠨ ᠡᠷᠬᠡᠲᠡᠨ ᠳᠤ ᠰᠠᠶᠢᠨ ᠪᠠᠶᠢᠳᠠᠭ  ᠲᠣᠰ ᠬᠤᠰᠢᠭᠤᠨ ᠤ ᠣᠣᠯ ᠤᠨ ᠡᠷᠢᠶᠡᠡᠭᠤᠪᠢ ᠰᠣᠮᠣᠨ ᠤ ︽ᠭᠦᠢᠯᠡᠰᠦᠲᠡᠢ ᠶᠢᠨ ᠷᠠᠰᠢᠶᠠᠨ︾ ᠵᠡᠷᠭᠡ ᠨᠢ ᠪᠦᠷ ᠣᠣᠭᠤᠵᠦ ᠪᠣᠯᠬᠤ ᠮᠥᠷᠲᠡᠭᠡᠨ ᠣᠬᠢᠶᠠᠵᠦ ᠣᠷᠣᠵᠦ ᠪᠣᠯᠳᠠᠭ ︽ᠰᠢᠳᠡᠲᠦ  ᠷᠠᠰᠢᠶᠠᠨ︾  ᠶᠤᠮ᠃                         ᠲᠠᠪᠤ᠂ ᠴᠡᠭᠡᠷ ᠬᠤᠷᠢᠭ᠎ᠠ ᠶᠢᠨ ᠵᠠᠩ ᠦᠢᠯᠡ      ᠨᠡᠭᠦᠳᠡᠯ ᠠᠮᠢᠳᠣᠷᠠᠯ ᠳᠠᠭᠠᠨ ᠵᠣᠬᠢᠴᠡᠭᠰᠠᠨ ᠮᠠᠰᠢ ᠣᠯᠠᠨ ᠡᠷᠡᠭᠦᠯ ᠡᠩᠬᠡ ᠣᠷᠣᠰᠢᠬᠤ ᠶᠢᠨ ᠵᠠᠩ  ᠦᠢᠯᠡ   ᠶᠢᠨ ᠲᠣᠳᠣᠷ᠎ᠠ ᠣᠷᠢᠳᠴᠢᠯᠠᠨ ᠰᠡᠷᠭᠡᠶᠢᠯᠡᠬᠦ ᠣᠳᠬ᠎ᠠ ᠲᠠᠢ ᠵᠠᠩ ᠦᠢᠯᠡ ᠪᠠᠰᠠ ᠪᠠᠶᠢᠳᠠᠭ᠃  ᠮᠣᠩᠭᠤᠯᠴᠣᠳ ᠤᠨ ᠣᠯᠠᠮᠵᠢᠯᠠᠯᠲᠦ ︽ᠮᠥᠩᠭᠦᠨ ᠠᠶᠠᠭ᠎ᠠ︾ ᠳᠤ ᠢᠳᠡᠵᠦ ᠣᠣᠭᠤᠳᠠᠭ ᠪᠠ ︽ᠮᠥᠩᠭᠦᠨ ᠰᠠᠪᠠᠬ᠎ᠠ︾   ᠶᠢ ᠡᠳᠡᠯᠡᠬᠦ ᠵᠡᠷᠭᠡ ᠨᠢ ᠪᠣᠯ ᠳᠠᠷᠣᠢ ᠢᠳᠡᠭᠡᠨ ᠣᠮᠳᠠᠭᠠᠨ ᠤ ᠬᠤᠣᠷ ᠢ ᠲᠡᠩᠰᠡᠬᠦ  ᠰᠡᠷᠭᠡᠶᠢᠯᠡᠬᠦ ᠦᠢᠯᠡᠳᠣᠯ ᠲᠠᠢ  ᠪᠠᠶᠢᠭᠰᠠᠨ ᠪᠠᠶᠢᠵᠡᠢ᠃  ᠪᠠᠷᠤᠭ ᠳᠡᠭᠡᠷ᠎ᠡ ᠵᠠᠭᠤᠨ ᠤ ᠳᠣᠮᠳᠠᠴᠢ ᠦᠶ᠎ᠡ ᠳᠤ ᠢᠷᠡᠳᠡᠯ᠎ᠡ ᠬᠦᠮᠦᠰ ᠭᠠᠳᠠᠭᠰᠢ ᠭᠠᠷᠠᠬᠤ ᠳᠠᠭᠠᠨ ᠪᠦᠷ ᠯᠠ ᠥᠪᠡᠷ ᠥᠪᠡᠷ ᠤᠨ ᠠᠶᠠᠭ᠎ᠠ ᠪᠠᠨ ᠡᠪᠦᠷᠲᠡᠯᠡᠨ ᠶᠠᠪᠣᠳᠠᠭ ᠪᠠ ︽ᠠᠶᠠᠭᠠᠨ ᠬᠡᠣᠳᠡᠢ  ︵ ᠣᠭᠤᠲᠠ︶︾   ᠲᠠᠢ ᠪᠠᠶᠢᠵᠡᠢ᠃ ᠣᠣᠭᠤᠬᠤ ︽ᠣᠰᠣ︾ ᠶᠢ ᠮᠠᠯᠴᠢᠳ ᠣᠣᠯ ᠠᠴᠠ ᠢᠶᠠᠨ ᠶᠡᠬᠡᠳᠡ ᠠᠩᠬᠠᠷᠠᠳᠠᠭ ᠪᠠᠶᠢᠵᠡᠢ᠃ ᠶᠡᠷᠣᠨᠢ ᠳᠣᠭᠲᠠᠮᠠᠯ ᠣᠰᠣᠨ ᠠᠴᠠ ᠣᠣᠭᠤᠬᠤ ᠶᠢ ᠴᠡᠭᠡᠷᠡᠯᠡᠳᠡᠭ ᠪᠠᠶᠢᠪᠠ᠃  ᠡᠳᠡᠭᠡᠷ ᠨᠢ ᠡᠪᠡᠳᠴᠢᠨ ᠬᠢᠵᠢᠭ ᠬᠠᠯᠳᠠᠪᠦᠷᠢᠯᠠᠬᠤ ᠠᠴᠠ ᠰᠡᠷᠭᠡᠶᠢᠯᠡᠵᠦ ᠪᠠᠶᠢᠭᠰᠠᠨ ᠰᠠᠶᠢᠨ ᠰᠠᠶᠢᠬᠠᠨ ᠳᠠᠳᠬᠠᠯ ᠪᠠᠶᠢᠵᠡᠢ᠃ ᠦᠵᠦᠮᠦᠴᠢᠨᠴᠣᠳ ᠨᠡᠭᠦᠵᠦ ᠰᠠᠭᠤᠬᠤ ᠳᠠᠭᠠᠨ ᠬᠦᠷᠲᠡᠯ᠎ᠡ ᠨᠣᠲᠤᠭ ᠪᠠᠭᠤᠴᠠ ᠪᠠᠨ ᠴᠡᠪᠡᠷᠯᠡᠬᠦ ᠰᠠᠶᠢᠨ ᠰᠠᠶᠢᠬᠠᠨ ᠵᠠᠩᠰᠢᠯ ᠲᠠᠢ ᠪᠠᠶᠢᠵᠦ᠂ ᠬᠤᠭ ᠨᠣᠪᠰᠢ ᠪᠠᠨ ᠭᠠᠵᠠᠷ ᠲᠤ ᠭᠦᠨ ᠳᠤ ᠪᠣᠯᠠᠳᠠᠭ ᠪᠣᠶᠣ ᠰᠢᠨ᠎ᠡ ᠪᠠᠭᠤᠭᠰᠠᠨ ᠨᠣᠲᠤᠭ ᠪᠠᠭᠤᠴᠠᠨ ᠳᠠᠭᠠᠨ ᠪᠣᠯ ᠦᠨᠡᠰᠣ ᠨᠣᠷᠮ᠎ᠠ ᠪᠠᠨ ᠬᠠᠶᠠᠬᠤ ᠵᠦᠭ ᠴᠢᠭ᠂ ᠵᠠᠢ ᠪᠠ ᠥᠳᠭᠡᠨ ᠰᠢᠩᠭᠡᠨ ︽ᠮᠥᠷ︾ ᠢᠶᠠᠨ ᠬᠤᠯᠠ ᠬᠠᠶᠠᠳᠠᠭ ᠵᠠᠩᠰᠢᠯ ᠲᠠᠢ ᠪᠠᠶᠢᠵᠡᠢ᠃ ᠡᠮᠴᠢ ᠵᠠᠯᠠᠬᠤ ᠪᠠᠷ  ᠶᠠᠪᠣᠬᠤ ᠳᠠᠭᠠᠨ ᠶᠡᠷᠦ ᠨᠢ ᠵᠠᠶᠢᠳᠠᠩ ᠮᠣᠷᠢ ᠣᠨᠣᠬᠤ ᠪᠣᠶᠣ ᠬᠥᠲᠥᠯᠵᠦ ᠶᠠᠪᠣᠳᠠᠭ ᠦᠭᠡᠢ ᠪᠠᠶᠢᠵᠡᠢ᠃ ᠣᠴᠢᠷ ᠨᠢ ᠵᠠᠶᠢᠳᠠᠩ ᠢᠶᠠᠷ ᠶᠠᠪᠣᠪᠠᠯ ︽ᠬᠤᠭᠤᠰᠣᠨ ᠢᠷᠡᠨ᠎ᠡ︾  ᠭᠡᠳᠡᠭ  ᠪᠣᠶᠣ ︽ᠣᠴᠢᠷ  ᠶᠠᠪᠣᠳᠠᠯ ᠪᠦᠲᠦᠮᠵᠢ ᠦᠭᠡᠢ ᠪᠣᠯᠣᠨ᠎ᠠ︾ ᠡᠰᠡᠭᠦᠯ᠎ᠡ  ︽ᠡᠪᠡᠳᠴᠢᠨ ᠡᠳᠡᠭᠡᠷᠡᠬᠦ ᠦᠭᠡᠢ ᠪᠣᠯᠣᠨ᠎ᠠ  ︾ ᠭᠡᠵᠦ ᠦᠵᠡᠳᠡᠭ ᠪᠠᠶᠢᠵᠡᠢ᠃ ᠡᠮ ᠲᠠᠩ ᠤᠨ ᠲᠣᠬᠠᠢ ᠲᠠᠢ ᠴᠡᠭᠡᠷ ᠬᠤᠷᠢᠭ᠎ᠠ ᠴᠦ ᠭᠡᠳ ᠣᠯᠠᠨ ᠪᠠᠶᠢᠵᠡᠢ᠃ ᠳᠣᠬᠠᠶᠢᠯᠠᠪᠠᠯ ᠬᠡᠣᠬᠡᠳ ᠪᠠᠭᠠᠴᠣᠳ ᠳᠤ ᠴᠢᠨᠠᠭᠰᠠᠨ ︽ᠬᠤᠨᠢᠨ ᠤ ᠲᠣᠯᠣᠭᠠᠢ  ︾ ᠶᠢ ᠢᠳᠡᠭᠦᠯᠳᠡᠭ ᠦᠭᠡᠢ ᠵᠠᠩᠰᠢᠯ  ᠲᠠᠢ  ᠪᠠᠶᠢᠳᠠᠭ᠃ ᠣᠴᠢᠷ ᠨᠢ ᠬᠡᠣᠬᠡᠳ ᠤᠨ  ᠪᠡᠶ᠎ᠡ ᠮᠠᠬᠠᠪᠣᠳ ᠤᠨ ᠥᠰᠥᠯᠲᠡ ᠶᠢᠨ ᠴᠠᠭ ᠬᠤᠭᠤᠴᠠᠭ᠎ᠠ ᠪᠣᠯᠬᠤᠷ ︽ᠡᠪᠡᠳᠴᠢᠨ ᠬᠢᠵᠢᠭ ᠠᠮᠣᠷᠬᠠᠨ ᠬᠠᠯᠳᠠᠪᠦᠷᠢᠯᠡᠨ᠎ᠡ︾ ᠭᠡᠵᠦ ᠦᠵᠡᠳᠡᠭ  ᠪᠠᠶᠢᠵᠡᠢ᠃ ᠶᠡᠷᠦ ᠶᠢᠨ ᠦᠶ᠎ᠡ ᠳᠤ ᠬᠦᠮᠦᠰ ᠢ ︽ᠡᠷᠡᠭᠦᠦ ᠰᠢᠨᠠ ᠪᠠᠨ ᠪᠣᠣ ᠲᠣᠯᠵᠦ ᠰᠠᠭᠤ︾ ᠭᠡᠳᠡᠭ᠃ ᠬᠡᠷᠪᠡ ᠡᠷᠡᠣ ᠰᠢᠨᠠ ᠪᠠᠨ ᠳᠣᠯᠪᠠᠯ ︽ᠡᠷᠡᠣ  ᠪᠠᠨ ᠲᠣᠯᠪᠠᠯ ᠡᠪᠡᠳᠬᠦ ᠶᠢᠨ ᠢᠷᠠᠸ᠎ᠠ᠂ ᠰᠢᠨᠠ ᠪᠠᠨ ᠳᠣᠯᠪᠠᠯ ᠰᠢᠨᠣᠯᠵᠦ ᠵᠣᠪᠬᠠᠣ ᠶᠢᠨ ᠲᠡᠮᠳᠡᠭ︾ ᠭᠡᠳᠡᠭ  ᠪᠠᠶᠢᠨ᠎ᠠ᠃ ᠡᠮ ᠣᠣᠭᠤᠬᠤ ᠳᠠᠭᠠᠨ ︽ᠡᠮ︾ ᠢᠶᠠᠨ ᠠᠮᠠᠨ ᠳᠠᠭᠠᠨ ᠬᠢᠬᠦ ᠶᠢᠨ ᠵᠠᠭᠤᠷ᠎ᠠ ᠲᠤ ᠭᠠᠵᠠᠷ ᠳᠣᠣᠷ᠎ᠠ ᠣᠨᠠᠭᠠᠪᠠᠯ ᠲᠡᠭᠦᠨ ᠢ  ᠳᠠᠬᠢᠨ ᠲᠡᠭᠦᠵᠦ ᠠᠪᠬᠤ ᠶᠢ ᠴᠡᠭᠡᠷᠯᠡᠳᠡᠭ᠃ ᠢᠩᠭᠢᠬᠦ ᠨᠢ ︽ᠡᠪᠡᠳᠴᠢᠨ ᠢᠶᠠᠨ ᠲᠡᠭᠦᠵᠦ  ᠪᠠᠶᠢᠭ᠎ᠠ ᠲᠠᠢ ᠠᠳᠠᠯᠢ︾ ᠭᠡᠵᠦ ᠬᠡᠯᠡᠳᠡᠭ ᠪᠠᠶᠢᠨ᠎ᠠ᠃ ᠶᠠᠮᠠᠷᠪᠠ ᠡᠮᠴᠢ ᠶᠢ ᠰᠠᠶᠢᠨ ᠮᠠᠭᠤ ᠭᠡᠬᠦ ᠪᠣᠶᠣ ᠶᠡᠭᠡ ᠪᠠᠭ᠎ᠠ ᠭᠡᠵᠦ ᠢᠯᠭᠠᠬᠤ  ᠶᠢ ᠴᠡᠭᠡᠷᠯᠡᠳᠡᠭ᠃ ᠣᠴᠠᠷᠢᠯ ᠪᠠᠷᠢᠯᠳᠣᠯᠭ᠎ᠠ ᠵᠣᠬᠢᠴᠠᠪᠠᠯ  ︽ᠶᠠᠮᠡᠷ ᠴᠦ ᠡᠮᠴᠢ ᠠᠴᠠ ᠡᠮ ᠣᠣᠭᠤᠵᠦ ᠪᠣᠯᠣᠨ᠎ᠠ︾ ᠭᠡᠳᠡᠭ᠃ ᠡᠮᠴᠢ ᠶᠢᠨ ᠥᠭᠭᠦᠭᠰᠡᠨ ᠡᠮ ᠲᠠᠩ ᠢ ︽ ᠪᠠᠭ᠎ᠠ︾ ᠭᠡᠮᠡᠨ ᠴᠢᠮᠠᠯᠠᠬᠤ ᠶᠢ ᠴᠡᠭᠡᠷᠯᠡᠨ᠎ᠡ᠃ ᠢᠩᠭᠢᠬᠦ ᠨᠢ ᠡᠮ ᠤᠨ ︽ᠡᠷᠳᠡᠮ ᠬᠦᠴᠦ︾ ᠶᠢ ᠪᠠᠭᠤᠷᠠᠭᠤᠯᠣᠨ᠎ᠠ ᠭᠡᠳᠡᠭ ᠪᠠ ᠭᠡᠳᠡᠷᠭᠦ ᠪᠠᠨ ᠡᠪᠡᠳᠴᠢᠨ ᠤ ᠬᠦᠴᠦᠨ ᠢ ︽ᠠᠭᠲᠠᠭᠤᠯᠣᠨ᠎ᠠ︾ ᠭᠡᠵᠦ ᠦᠵᠡᠳᠡᠭ ᠪᠠᠶᠢᠨ᠎ᠠ᠃ ᠠᠯᠢ ᠨᠢᠭᠡᠨ ᠠᠶᠢᠯ ᠳᠤᠨᠢ ᠬᠡᠷᠪᠡ ᠬᠠᠯᠳᠠᠪᠦᠷᠢᠲᠦ ᠡᠪᠡᠳᠴᠢᠨ ᠢᠯᠡᠷᠡᠪᠡᠯ ᠡᠭᠦᠳᠡᠨ ᠳᠡᠭᠡᠷ᠎ᠡ ᠪᠠᠨ ︽ᠣᠯᠠᠭᠠᠨ ᠪᠦᠰᠡ︾ ᠣᠶᠠᠵᠦ ᠬᠡᠶᠢᠰᠭᠡᠨ᠂ ᠪᠣᠰᠣᠳ ᠳᠤ ᠰᠡᠷᠡᠮᠵᠢ ᠪᠣᠯᠭᠠᠳᠠᠭ ᠪᠠᠶᠢᠨ᠎ᠠ᠃ ᠦᠵᠦᠮᠦᠴᠢᠨ ᠳᠤ  ᠪᠠᠰᠠ ᠡᠪᠡᠳᠴᠢᠨ ᠬᠢᠵᠢᠭ ᠠᠴᠠ ᠰᠡᠷᠭᠡᠶᠢᠯᠡᠬᠦ ᠲᠣᠬᠠᠢ ᠲᠠᠢ ᠬᠡᠣᠬᠡᠳ ᠤᠨ  ︽ᠵᠡᠭᠦᠯᠲᠡ ︵ᠦᠨᠦᠷᠲᠦ ᠡᠮ︶︾ ᠭᠡᠵᠦ ᠪᠠᠶᠢᠳᠠᠭ ᠶᠤᠮ᠃ ᠪᠠᠰᠠ ︽ᠷᠠᠰᠢᠶᠠᠨ ᠣᠳᠣᠯᠭ᠎ᠠ︾ ᠭᠡᠭᠴᠢ ᠠᠷᠢᠭᠤᠳᠬᠠᠯ  ᠤᠨ ᠳᠣᠮ ᠳᠠᠷᠣᠯᠭ᠎ᠠ ᠬᠢᠳᠡᠭ ᠪᠠᠶᠢᠵᠡᠢ᠃ ᠲᠡᠷᠡ ᠨᠢ ᠳᠠᠷᠣᠢ ᠠᠷᠴᠠ᠂ ᠽᠠᠠᠳᠠᠨ᠂ ᠠᠭᠢ ᠭᠦᠭᠦᠯ᠂ ᠵᠡᠭᠡᠷᠭᠡᠨ᠎ᠡ᠂ ᠭᠠᠩᠭ᠎ᠠ ᠡᠪᠡᠰᠣ᠂ ᠱᠦᠳᠠᠭ ᠵᠡᠷᠭᠡ ᠶᠢᠨ ᠦᠨᠦᠷᠲᠦ ᠡᠮ ᠣᠷᠭᠤᠮᠠᠯ ᠢ  ︽ᠭᠠᠯ ᠤᠨ ᠴᠤᠭ ᠨᠣᠷᠮ᠎ᠠ︾ ᠳᠡᠭᠡᠷ᠎ᠡ ᠲᠠᠯᠪᠢᠨ ᠣᠩᠭᠤᠳᠬᠠᠨ᠂ ᠭᠡᠷ᠂ ᠣᠷᠣ᠂ ᠬᠤᠲᠠ᠂ ᠰᠦᠷᠦᠭ ᠢᠶᠠᠨ ᠴᠦ ᠪᠠᠶᠢᠩᠭᠤ ᠠᠷᠢᠭᠤᠳᠬᠠᠳᠠᠭ ᠪᠠᠶᠢᠵᠡᠢ᠃  ᠰᠡᠭᠦᠯᠳᠡᠵᠦ ᠢᠷᠡᠭᠡᠳ ᠪᠠᠰᠠ ᠰᠦᠮ᠎ᠡ ᠯᠠᠮ᠎ᠠ ᠠᠴᠠ ︽ ᠷᠠᠰᠢᠶᠠᠨ ᠣᠳᠣᠯᠭ᠎ᠠ︾ ᠭᠡᠭᠴᠢ ᠶᠢ ᠵᠠᠯᠠᠳᠠᠭ ᠪᠣᠯᠪᠠ᠃  ᠪᠠᠰᠠ ︽ᠴᠠᠰᠣᠨ ᠤ ᠣᠰᠣ︾ ᠪᠠᠷ ᠦᠷᠬᠦᠯᠵᠢ ᠭᠠᠷ ᠢᠶᠠᠨ ᠣᠬᠢᠶᠠᠬᠤ  ᠪᠠ ︽ᠪᠣᠷᠣᠭᠠᠨ ᠤ ᠣᠰᠣ︾ ᠪᠠᠷ ᠪᠡᠶ᠎ᠡ  ᠪᠠᠨ ᠣᠬᠢᠶᠠᠬᠤ ᠵᠡᠷᠭᠡ   ᠶᠢᠨ ᠣᠯᠠᠮᠵᠢᠯᠠᠯᠲᠦ ᠵᠠᠩ ᠵᠠᠩᠰᠢᠯ ᠲᠠᠢ ᠪᠠᠶᠢᠵᠡᠢ  ᠃                        ᠵᠢᠷᠭᠤᠭ᠎ᠠ᠂ ᠡᠮᠴᠢᠯᠡᠵᠦ ᠵᠠᠰᠠᠬᠤ ᠶᠢᠨ ᠵᠠᠩ ᠦᠢᠯᠡ      ᠦᠵᠦᠮᠦᠴᠢᠨ ᠳᠤ ᠣᠯᠠᠮᠵᠢᠯᠠᠯᠲᠦ ᠡᠮᠴᠢᠯᠭᠡ ᠪᠣᠯᠣᠨ ᠵᠠᠰᠠᠯᠭ᠎ᠠ ᠬᠢᠬᠦ  ᠵᠠᠩ ᠵᠠᠩᠰᠢᠯ ᠥᠷᠭᠡᠨ ᠳᠡᠯᠭᠡᠷᠡᠭᠰᠡᠨ ᠪᠠᠶᠢᠳᠠᠭ᠃ ᠳᠣᠬᠠᠶᠢᠯᠠᠪᠠᠯ  ᠬᠦᠢᠲᠡᠨ ᠭᠡᠮ ᠳᠤ ︽ᠰᠡᠪᠡᠰᠣᠨ ᠵᠠᠰᠠᠯ︾ ᠬᠢᠬᠦ  ︔  ᠶᠡᠭᠡ ᠡᠪᠡᠳᠬᠦ ᠳᠤ ︽ ᠳᠠᠪᠣᠰᠣᠨ ᠵᠠᠰᠠᠯ︾ ᠪᠠᠷᠢᠬᠤ︔ ᠡᠮᠡᠭᠲᠡᠶᠢᠴᠣᠳ ᠤᠨ ᠪᠡᠷᠬᠡ ᠬᠥᠩᠭᠡᠵᠢᠯᠲᠡ ᠳᠤ ︽ ᠪᠦᠭᠡ ᠢᠳᠣᠭᠠᠨ ︵ᠡᠬᠡ ᠪᠠᠷᠢᠭᠠᠴᠢ  ︶︾ ᠢ ᠵᠠᠯᠠᠬᠤ︔  ᠬᠡᠣᠬᠡᠳ  ᠬᠥᠩᠭᠡᠵᠢᠭᠰᠡᠨ ᠠᠶᠢᠯ ᠨᠢ ᠡᠭᠦᠳᠡᠨ ᠳᠡᠭᠡᠷ᠎ᠡ ᠪᠠᠨ ︽ᠬᠦᠣ ᠲᠠᠢ ᠪ᠊ ᠪᠣᠯᠣᠭᠰᠠᠨ ᠪᠣᠯ ᠨᠣᠮᠣ ᠤᠨ ᠭᠢᠯᠪᠡᠷ ᠲᠠᠯᠪᠢᠬᠤ᠂ ᠬᠡᠣᠬᠡᠨ ᠲᠠᠢ ᠪᠣᠯᠣᠭᠰᠠᠨ ᠪᠣᠯ ᠲᠣᠷᠭ᠎ᠠ ᠳᠣᠷᠳᠣᠩ ᠪᠠᠷᠠᠭ᠎ᠠ ᠪᠦᠰᠡ ᠣᠶᠠᠵᠦ︾  ᠬᠥᠯ ᠴᠡᠭᠡᠷᠯᠡᠬᠦ  ᠵᠡᠷᠭᠡ  ᠵᠠᠩᠰᠢᠯ ᠲᠠᠢ ᠪᠠᠶᠢᠵᠡᠢ᠃ ᠭᠡᠨᠡᠣᠲᠡ ᠬᠳᠬᠤᠯᠬᠤ ᠡᠪᠡᠳᠴᠢᠨ ᠳᠤ ︽ᠵᠡᠭᠡᠷᠭᠡᠨ᠎ᠡ ᠴᠢᠨᠠᠵᠦ ᠣᠣᠭᠤᠯᠭᠠᠬᠤ︾︔ ᠣᠭᠰᠣᠷᠠᠨ ᠬᠠᠨᠢᠶᠠᠬᠤ ᠳᠤ ︽ᠦᠵᠦᠮ ᠤᠨ ᠱᠦᠮᠦᠰᠦ︾   ᠶᠢ ᠣᠣᠭᠤᠯᠭᠠᠬᠤ︔  ᠬᠥᠯ ᠨᠢᠷᠣᠭᠤᠨ ᠡᠪᠡᠳᠬᠦ ᠳᠤ ︽ᠭᠠᠯ ᠲᠦᠷᠡᠮ᠎ᠡ᠂ ᠵᠢᠩ︾   ᠢᠶᠠᠷ ᠬᠠᠯᠠᠭᠤᠯᠬᠤ ᠪᠠ ᠠᠭᠤᠰᠬᠢ ᠬᠤᠳᠣᠭᠤᠳᠣᠨ ᠤ ᠭᠡᠮ ᠲᠠᠢ ᠪᠣᠯ ︽ᠴᠡᠭᠡᠨ ᠰᠣᠪᠢᠯᠠᠯᠲᠠ︾ ᠬᠢᠬᠦ︔  ᠬᠡᠢ ᠡᠪᠡᠳᠴᠢᠨ ᠪᠣᠶᠣ ᠨᠠᠰᠣᠲᠠᠢ ᠬᠦᠮᠦᠨ  ᠳᠤ ᠪᠣᠯ ᠬᠤᠨᠢ ᠦᠬᠡᠷ ᠤᠨ ︽ᠱᠥᠯᠦᠨ ᠵᠠᠰᠠᠯᠭ᠎ᠠ︾ ᠬᠢᠬᠦ ᠵᠡᠷᠭᠡ   ᠶᠢᠨ ᠵᠠᠩᠰᠢᠯ ᠲᠠᠢ ᠪᠠᠶᠢᠵᠡᠢ᠃      ᠡᠩ ᠤᠨ ᠨᠢᠭᠡᠨ ᠳᠣᠮᠤᠭ ᠶᠠᠷᠢᠬᠤ ᠳᠤ ︽ᠦᠵᠦᠮᠦᠴᠢᠨ ᠤ ᠬᠢᠨ ᠤ ᠵᠡᠭᠡᠷᠭᠡᠨ᠎ᠡ ︵ᠣᠷᠭᠤᠮᠠᠯ ᠡᠮ︶ ᠪᠠᠷ ᠲᠣᠭᠤᠭᠠᠨ ᠱᠦᠭᠦᠷ︾  ᠬᠢᠭᠰᠡᠨ ᠲᠣᠬᠠᠢ ᠲᠠᠢ  ᠣᠯᠠᠮᠵᠢᠯᠠᠯᠲᠦ ᠶᠠᠷᠢᠶ᠎ᠠ ᠪᠠᠶᠢᠳᠠᠭ᠃ ᠣᠣᠯ ᠨᠢ ᠮᠠᠯᠴᠢᠳ ᠡᠪᠦᠯ  ᠤᠨ ᠣᠯᠠᠷᠢᠯ ᠪᠣᠯᠣᠭᠰᠠᠭᠠᠷ ᠯᠠ ᠴᠠᠰᠣᠨ ᠤ ᠣᠰᠣ ᠶᠢ ᠬᠠᠶᠢᠯᠠᠭᠤᠯᠣᠨ  ᠣᠣᠭᠤᠳᠠᠭ ᠪᠦᠭᠡᠳ ᠬᠠᠶᠢᠯᠠᠭᠤᠯᠣᠭᠰᠠᠨ ᠣᠰᠣ ᠪᠠᠨ ᠬᠠᠮᠬᠤᠣᠯ ᠪᠣᠶᠣ ᠵᠡᠭᠡᠷᠭᠡᠨ᠎ᠡ ᠪᠠᠷ ᠲᠣᠭᠤᠭᠠᠨ ᠱᠦᠭᠦᠷ ᠬᠢᠵᠦ ᠲᠣᠩᠭᠠᠳᠠᠭ ᠪᠠᠶᠢᠵᠡᠢ᠃ ᠢᠩᠭᠢᠭᠡᠳ  ᠣᠳᠠᠭᠠᠨ ᠳᠠᠭᠠᠨ  ᠪᠦᠭᠦᠳᠡᠭᠡᠷ ᠢᠶᠠᠷ ᠲᠣᠭᠤᠭ᠎ᠠ ᠪᠠᠨ ᠪᠠᠰᠠ  ︽ᠵᠡᠭᠡᠷᠭᠡᠨ᠎ᠡ ᠱᠦᠭᠦᠷ  ︾ ᠢᠶᠠᠷ ᠣᠬᠢᠶᠠᠪᠠᠯ  ᠂ ᠴᠠᠢ   ᠨᠢ ᠢᠯᠡᠭᠦᠣ ᠠᠮᠲᠠᠯᠢᠭ ᠪᠣᠯᠬᠤ ᠶᠢ  ᠮᠡᠳᠡᠵᠡᠢ᠃ ᠡᠨᠡ ᠨᠢ ᠳᠠᠷᠣᠢ ᠲᠡᠷᠡᠬᠦ ︽ᠵᠡᠭᠡᠷᠭᠡᠨ᠎ᠡ︾ ᠶᠢᠨ ᠠᠮᠳᠠ᠂ ᠦᠨᠦᠷ᠂ ᠴᠢᠳᠠᠯ ᠨᠢ ᠲᠣᠭᠤᠭᠠᠨ ᠳᠤ ᠦᠯᠦ ᠮᠡᠳᠡᠭ  ᠪᠠᠶᠢᠳᠠᠭ ᠠᠴᠠ ᠪᠣᠯᠵᠦ᠂ ᠴᠢᠨᠠᠭᠰᠠᠨ ᠴᠠᠢ ᠨᠢ ︽ᠢᠯᠡᠭᠦᠣ ᠠᠮᠳᠠᠯᠢᠭ ᠪᠣᠯᠳᠠᠭ  ︾ ᠢ ᠣᠬᠠᠵᠦ ᠮᠡᠳᠡᠵᠦ ᠭᠡᠨ᠎ᠡ᠃ ᠠᠭᠠᠵᠢᠮ ᠳᠠᠭᠠᠨ ᠡᠨᠡ ᠨᠢ  ᠨᠢᠭᠡ ᠵᠦᠢᠯ ᠤᠨ ᠡᠷᠡᠭᠦᠯ ᠮᠡᠡᠳᠣ ᠶᠢᠨ ᠣᠯᠠᠮᠵᠢᠯᠠᠯ  ᠪᠣᠯᠪᠠ ᠭᠡᠳᠡᠭ ᠶᠤᠮ᠃ ‍ᠠ᠊ ︽ᠰᠡᠪᠰᠣᠨ ᠵᠠᠰᠠᠯ ᠤᠨ ᠳᠣᠮᠤᠭ︾ ᠲᠤ᠂ ᠦᠵᠦᠮᠦᠴᠢᠨ ᠤ ᠨᠢᠭᠡᠨ ᠨᠣᠶᠠᠨ  ᠤ ︽ᠬᠠᠳᠣᠨ︾ ᠨᠢ   ᠭᠡᠨᠡᠣᠲᠡ ᠬᠥᠯ ᠭᠠᠷ᠂ ᠬᠦᠵᠦᠭᠦᠣ ᠲᠣᠯᠣᠭᠠᠢ ᠨᠢ ᠬᠦᠳᠡᠯᠵᠦ ᠪᠠᠷᠢᠬᠤ ᠶᠢᠨ ᠠᠷᠭ᠎ᠠ ᠦᠭᠡᠢ ᠪᠣᠯᠣᠭᠰᠠᠨ ᠳᠤ᠂ ᠬᠤᠨᠢᠴᠢᠨ ᠡᠪᠦᠭᠡᠨ ᠨᠢ ︽ᠰᠡᠪᠡᠰᠣᠯᠡᠵᠦ︾  ᠵᠠᠰᠠᠭᠠᠳ ᠡᠳᠡᠭᠡᠷᠡᠭᠦᠯᠪᠡ ᠭᠡᠨ᠎ᠡ᠃ ᠢᠩᠭᠢᠭᠡᠳ ᠨᠣᠶᠠᠨ ᠤ ᠰᠠᠶᠢᠰᠢᠶᠠᠯ ᠢ ᠣᠯᠣᠭᠰᠠᠨ ᠪᠠ ᠰᠡᠪᠡᠰᠣᠨ ᠵᠠᠰᠠᠯ ᠬᠢᠳᠡᠭ ᠪᠣᠯᠣᠤᠭᠰᠠᠨ ᠭᠡᠳᠡᠭ ᠳᠣᠮᠤᠭ ᠪᠠᠶᠢᠳᠠᠭ ᠶᠤᠮ᠃ ᠦᠵᠦᠮᠦᠴᠢᠨ ᠤ ᠢᠯᠢᠵᠦ ᠨᠣᠬᠤᠯᠠᠬᠤ ᠪᠠ ᠶᠠᠰᠣ ᠪᠠᠷᠢᠬᠤ ᠵᠠᠩᠰᠢᠯ ᠪᠣᠯ ᠨᠡᠯᠢᠶᠡᠳ ᠡᠷᠲᠡᠨ ᠠᠴᠠ ᠣᠯᠠᠮᠵᠢᠯᠠᠯ ᠲᠠᠢ ᠭᠡᠳᠡᠭ ᠶᠤᠮ᠃ ᠢᠯᠠᠩᠭᠤᠶ᠎ᠠ ︽ᠶᠠᠰᠣ ᠪᠠᠷᠢᠬᠤ︾ ᠠᠷᠭ᠎ᠠ ᠪᠣᠯ ᠦᠵᠦᠮᠦᠴᠢᠨ ᠠᠷᠠᠳ ᠤᠨ ᠨᠡᠭᠦᠳᠡᠯ ᠠᠮᠢᠳᠣᠷᠠᠯ ᠤᠨ ᠳᠣᠮᠳᠠ ᠠᠴᠠ  ᠳ᠋ᠦᠩᠨᠡᠭᠰᠡᠨ ᠮᠥᠷᠲᠡᠭᠡᠨ ︽ᠢᠯᠢᠬᠦ᠂ ᠪᠠᠷᠢᠬᠤ︾ ᠶᠢ  ᠣᠶᠠᠯᠳᠣᠭᠤᠯᠤᠭᠰᠠᠨ ᠪᠠᠶᠢᠳᠠᠭ ᠪᠣᠯᠬᠤᠷ ᠦᠵᠦᠮᠦᠴᠢᠨ ᠳᠤ ᠬᠦᠮᠦᠰ ︽ᠪᠠᠷᠶᠠᠴᠢ︾ ᠶᠢ ︽ᠢᠯᠢᠭᠡᠴᠢ︾ ᠭᠡᠵᠦ ᠳᠠᠭᠤᠳᠠᠳᠠᠭ ᠶᠤᠮ᠃ ᠲᠡᠷᠡ ᠨᠢ ᠶᠠᠰᠣ ᠶᠢ ᠵᠠᠯᠭᠠᠬᠤ ᠪᠠᠷ ᠪᠠᠷᠠᠬᠤ ᠦᠭᠡᠢ  ᠬᠤᠶᠠᠩ ᠰᠢᠷ᠎ᠠ ᠣᠰᠣ ᠵᠡᠷᠭᠡ ᠵᠠᠷᠢᠮ ᠡᠪᠡᠳᠴᠢᠨ ᠢ ᠴᠦ ᠬᠠᠮᠲᠦ ᠳᠤᠨᠢ ᠵᠠᠰᠠᠳᠠᠭ ᠪᠠᠶᠢᠵᠡᠢ᠃ ᠡᠨᠡ ᠲᠣᠬᠠᠢ ᠪᠠ᠊᠂ ᠵᠢᠭᠮᠡᠳ ᠪᠠᠭᠰᠢ ᠶᠢᠨ ᠨᠠᠶᠢᠷᠠᠭᠤᠯᠣᠭᠰᠠᠨ ︽ᠮᠣᠩᠭᠤᠯ ᠠᠨᠠᠭᠠᠬᠤ ᠣᠬᠠᠭᠠᠨ ᠤ ᠲᠡᠣᠬᠡ︾⑦ ᠭᠡᠳᠡᠭ ᠨᠣᠮ ᠳᠠᠭᠠᠨ᠄ ︽ ᠁ ᠦᠵᠦᠮᠦᠴᠢᠨ ᠤ ᠶᠠᠰᠣ ᠪᠠᠷᠢᠬᠤ ᠪᠠ ︽ᠵᠠᠩᠭᠢᠯᠭᠠᠰᠣ ᠣᠶᠠᠭ᠎ᠠ︾ ᠪᠠᠷ ᠲᠣᠭᠳᠠᠪᠦᠷᠵᠢᠭᠤᠯᠬᠤ ᠮᠡᠷᠭᠡᠵᠢᠯ ᠨᠢ ᠪᠣᠯ ᠪᠠᠷᠤᠭ ᠠᠷᠪᠠᠨ ᠭᠤᠷᠪᠠᠳᠣᠭᠠᠷ ᠵᠠᠭᠤᠨ ᠤ ᠦᠶ᠎ᠡ   ᠶᠢᠨ ︽ᠥᠭᠡᠳᠡᠢ ᠬᠠᠭᠠᠨ︾ ᠤ ᠨᠢᠷᠣᠭᠤᠨ ᠡᠪᠡᠳᠴᠢᠨ ᠢ ︽ᠡᠷᠳᠡᠨᠢᠲᠦ ᠴᠢᠯᠠᠭᠤᠨ ᠪᠦᠰᠡ︾ ᠪᠠᠷ ᠵᠠᠰᠠᠵᠦ  ᠡᠳᠡᠭᠡᠷᠡᠭᠦᠯᠦᠭᠰᠡᠨ ᠮᠡᠷᠭᠡᠵᠢᠯ ᠠᠴᠠ ᠣᠯᠪᠠᠭ᠎ᠠ ᠲᠠᠢ  ᠁︾ ᠭᠡᠵᠦ ᠦᠨᠡᠯᠡᠭᠰᠡᠨ ᠪᠠᠶᠢᠳᠠᠭ ᠪᠦᠭᠡᠳ ︽ᠴᠥᠬᠡᠨ ᠦᠯᠳᠡᠭᠡᠳ ᠪᠠᠶᠢᠭ᠎ᠠ ᠥᠪ ᠰᠣᠶᠣᠯ ᠪᠣᠯᠬᠤ ᠶᠤᠮ︾ ᠭᠡᠵᠡᠢ᠃ ᠬᠡᠳᠣᠶᠢᠪᠡᠷ ᠶᠠᠰᠣ ᠪᠠᠷᠢᠬᠤ ᠮᠡᠷᠭᠡᠵᠢᠯ ᠨᠢ ᠮᠣᠩᠭᠤᠯ ᠡᠮᠨᠡᠯᠭᠡ ᠶᠢᠨ ᠨᠢᠭᠡᠨ ︽ᠰᠠᠯᠪᠣᠷᠢ︾ ᠪᠣᠶᠣ ᠬᠠᠮᠢᠶ᠎ᠠ ᠭᠠᠵᠠᠷ ᠴᠦ ᠪᠦᠷ ᠶᠠᠰᠣ ᠪᠠᠷᠢᠳᠠᠭ ᠪᠣᠯᠪᠠᠴᠦ ᠬᠠᠷᠢᠨ  ᠦᠵᠦᠮᠦᠴᠢᠨ ᠤ ︽ ᠪᠠᠷᠢᠶᠠᠴᠢᠳ︾ ᠪᠣᠯ ᠡᠷᠲᠡᠨ ᠤ  ᠣᠯᠠᠮᠵᠢᠯᠠᠯᠲᠦ ᠣᠨᠴᠠᠯᠢᠭ ᠪᠠ ᠳᠠᠪᠠᠭᠤᠯᠢᠭ ᠢ ᠰᠢᠩᠭᠡᠨ ᠠᠪᠣᠭᠰᠠᠨ ᠮᠡᠷᠭᠡᠵᠢᠯ  ᠪᠦᠭᠡᠳ ᠣᠳᠣ ᠢᠷᠡᠳᠡᠯ᠎ᠡ  ᠮᠠᠯᠴᠢᠨ  ᠲᠦᠮᠡᠨ ᠢᠶᠠᠨ ᠠᠪᠣᠷᠠᠨ ᠳᠣᠰᠠᠯᠠᠭᠰᠠᠭᠠᠷ ᠢᠷᠡᠭᠰᠡᠨ ᠳᠦᠭᠦᠮ ᠵᠠᠰᠠᠯ ᠪᠣᠯᠬᠤ ᠶᠤᠮ᠃ ᠵᠢᠱᠢᠶ᠎ᠡ ᠪᠠᠷ ᠬᠡᠯᠡᠬᠦ ᠳᠤ ᠲᠣᠰ ᠬᠤᠰᠢᠭᠤᠨ ᠤ ᠠᠯᠲᠠᠠᠬᠢᠯᠢ ᠰᠣᠮᠣᠨ ᠤ ᠮᠠᠯᠴᠢᠨ ᠡᠭᠦᠯᠡᠩᠬᠤᠸᠠᠷ᠂ ᠨᠠᠪᠴᠢ᠂ ᠡᠬᠡᠪᠣᠯᠠᠭ ᠰᠣᠮᠣᠨ ᠤ ᠮᠠᠯᠴᠢᠨ ᠪᠦᠲᠦᠭᠡᠭᠴᠢ᠂ ᠣᠯᠠᠭᠠᠨ ᠨᠡᠷ ᠪᠠ ᠣᠣᠯ ᠤᠨ ᠣᠯᠠᠭᠠᠢ ᠰᠣᠮᠣᠨ ᠤ ᠮᠠᠯᠴᠢᠨ ᠷᠠᠰᠢᠰᠡᠷᠡᠩ ᠵᠡᠷᠭᠡ ᠶᠢᠨ ︽ᠢᠯᠡᠭᠡᠴᠢᠳ ᠪᠠᠷᠢᠶᠠᠴᠢᠳ︾ ᠪᠣᠯ ᠢᠯᠢᠵᠦ ᠨᠣᠬᠤᠯᠠᠬᠤ ᠶᠢ ᠣᠶᠠᠯᠳᠣᠭᠤᠯᠣᠭᠰᠠᠨ ᠥᠪ ᠰᠣᠶᠣᠯ ᠤᠨ ᠣᠯᠠᠮᠵᠢᠯᠠᠭᠴᠢ᠂ ᠳᠠᠭᠠᠭᠤᠯᠣᠭᠴᠢ ᠬᠦᠮᠦᠰ ᠶᠤᠮ᠃ ᠲᠡᠷᠡ ᠮᠥᠷᠲᠡᠭᠡᠨ ᠶᠠᠰᠣ ᠪᠠᠷᠢᠬᠤ ᠣᠳᠣᠮᠰᠢᠯ ᠨᠢ ᠣᠳᠣ ᠢᠷᠡᠭᠡᠳ  ︽ ᠣᠯᠠᠮᠵᠢᠯᠠᠬᠤ︾ ᠪᠠ ︽ᠬᠦᠮᠦᠵᠢᠭᠦᠯᠬᠦ︾ ᠬᠤᠶᠠᠷ ᠲᠠᠯ᠎ᠠ ᠪᠠᠷ ᠥᠷᠭᠡᠵᠢᠵᠦ ᠪᠠᠶᠢᠭ᠎ᠠ ᠪᠦᠭᠡᠳ ᠬᠤᠶᠢᠰᠢᠳᠡ ︽ᠭᠡᠷ ᠪᠦᠯᠢ︾ ᠶᠢᠨ ᠬᠦᠷᠢᠶ᠎ᠡ ᠬᠡᠪᠴᠢᠶ᠎ᠡ ᠪᠠᠷ ᠣᠯᠠᠮᠵᠢᠯᠠᠬᠤ  ᠪᠠ ᠬᠦᠮᠦᠵᠢᠭᠦᠯᠬᠦ᠂ ᠰᠢᠨ᠎ᠡ   ᠬᠥᠭᠵᠢᠯ ᠤᠨ ᠬᠠᠨᠳᠣᠰᠢ  ᠬᠠᠷᠠᠯᠲᠠ ᠲᠠᠢ ᠪᠣᠯᠣᠭᠠᠳ ᠪᠠᠶᠢᠭ᠎ᠠ ᠶᠤᠮ᠃                         ᠳᠤᠯᠤᠭ᠎ᠠ᠂ ᠢᠷᠦᠭᠡᠵᠦ ᠮᠠᠭᠲᠠᠬᠤ ᠶᠢᠨ ᠵᠠᠩ ᠦᠢᠯᠡ      ᠡᠷᠡᠭᠦᠯ ᠮᠡᠡᠳᠣ ᠶᠢᠨ ᠡᠷᠢᠯ ᠭᠦᠰᠡᠯ ᠤᠨ ᠲᠣᠬᠠᠢ ᠭᠡᠪᠡᠯ ︽ᠳᠠᠬᠢᠯᠭ᠎ᠠ ᠶᠢᠨ ᠰᠠᠩ ᠢᠷᠦᠭᠡᠯ︾ ᠳᠤ ︽ ᠡᠪᠡᠳᠴᠢᠨ ᠦᠭᠡᠢ ᠡᠷᠡᠭᠦᠯ ᠣᠷᠣᠰᠢᠬᠤ᠂ ᠡᠩᠬᠡ ᠮᠥᠩᠬᠡ︾ ᠪᠠᠶᠢᠬᠤ ᠶᠢ ᠬᠦᠰᠡᠭᠰᠡᠨ ᠦᠭᠡᠰ ᠣᠯᠠᠨ ᠪᠠᠶᠢᠳᠠᠭ ᠶᠤᠮ᠃ ᠮᠥᠨᠴᠦ ᠡᠳᠣᠷ ᠤᠨ ᠣᠳᠠᠭᠠᠨ ᠬᠤᠨᠤᠭ ᠤᠨ ᠵᠣᠵᠠᠭᠠᠨ ᠪᠠᠷ ᠡᠳᠣᠢ ᠲᠡᠳᠣᠢ ᠵᠦᠢᠷ ᠰᠡᠴᠡᠨ᠂ ᠬᠤᠯᠪᠣᠭ᠎ᠠ ᠬᠤᠱᠣᠩ ᠦᠭᠡᠰ ᠪᠣᠯᠣᠨ ᠬᠡᠯᠡᠭᠳᠡᠳᠡᠭ ᠪᠣᠯᠵᠡᠢ᠃ ᠵᠢᠱᠢᠶᠡᠯᠡᠪᠡᠯ᠂ ︽ᠡᠭᠦᠯᠡ ᠦᠭᠡᠢ ᠡᠳᠣᠷ ᠰᠠᠶᠢᠬᠠᠨ᠂ ᠡᠪᠡᠳᠴᠢᠨ ᠦᠭᠡᠢ ᠪᠡᠶ᠎ᠡ ᠰᠠᠶᠢᠬᠠᠨ︾ ᠭᠡᠬᠦ︔ ︽ᠥᠷᠢ ᠦᠭᠡᠢ ᠪᠣᠯ ᠪᠠᠶᠠᠨ᠂ ᠡᠪᠡᠳᠴᠢᠨ ᠦᠭᠡᠢ ᠪᠣᠯ ᠵᠢᠷᠭᠠᠯ︾ ᠭᠡᠬᠦ︔ ︽ᠬᠢᠮᠣᠰᠣ ᠪᠠᠨ ᠠᠪᠣᠪᠠᠯ ᠬᠤᠭ ᠦᠭᠡᠢ᠂ ᠬᠤᠪᠴᠠᠰᠣ ᠪᠠᠨ ᠣᠬᠢᠶᠠᠪᠠᠯ ᠭᠬᠢᠷ ᠦᠭᠡᠢ︾ ᠭᠡᠬᠦ︔ ︽ ᠭᠡᠷ ᠢᠶᠠᠨ ᠱᠦᠭᠦᠷᠳᠡᠪᠡᠯ ᠴᠡᠪᠡᠷ᠂ ᠭᠡᠵᠢᠭᠡ ᠪᠠᠨ ᠣᠬᠢᠶᠠᠪᠠᠯ ᠠᠷᠢᠭᠤᠨ︾ ᠭᠡᠬᠦ ︽ᠪᠦᠭᠦᠳᠡᠭᠡᠷ ᠢᠶᠠᠨ ᠵᠦᠪᠯᠡᠪᠡᠯ ᠪᠣᠷᠣᠭᠤ ᠦᠭᠡᠢ᠂ ᠪᠦᠯᠢᠶᠡᠨ ᠣᠰᠣ ᠪᠠᠷ ᠣᠬᠢᠶᠠᠪᠠᠯ ᠭᠬᠢᠷ ᠦᠭᠡᠢ︾ ᠭᠡᠳᠡᠭ᠂ ︽ᠡᠷᠡᠭᠦᠯ ᠢ ᠬᠦᠰᠡᠪᠡᠯ ᠴᠡᠪᠡᠷ ᠶᠠᠪᠤ᠂ ᠡᠷᠳᠡᠮ  ᠢ ᠬᠦᠰᠡᠪᠡᠯ ᠪᠢᠴᠢᠭ ᠰᠣᠷ︾ ᠭᠡᠬᠦ ᠪᠠ ︽ ᠪᠡᠶ᠎ᠡ ᠪᠠᠶᠢᠪᠠᠯ ᠪᠡᠭᠡᠵᠢᠩ︾ ᠭᠡᠰᠡᠨ ᠦᠭᠡᠰ ᠴᠦ ᠪᠠᠶᠢᠳᠠᠭ ᠶᠤᠮ᠃ ᠡᠳᠡᠭᠡᠷ ᠨᠢ ᠴᠣᠬᠤᠮ ᠳᠠᠭᠠᠨ ᠪᠣᠯ ᠪᠦᠷ ᠯᠡ  ᠬᠦᠮᠦᠰ ᠤᠨ ᠡᠷᠡᠭᠦᠯ ᠡᠩᠬᠡ  ᠲᠣᠬᠠᠢ ᠦᠵᠡᠯᠲᠡ ᠪᠣᠶᠣ ᠲᠣᠷᠰᠢᠯᠭ᠎ᠠ  ᠶᠢᠨ ᠬᠤᠷᠢᠶᠠᠩᠭᠤᠢ ᠪᠣᠯᠣᠨ᠎ᠠ᠃ ᠦᠵᠦᠮᠦᠴᠢᠨ ᠳᠤ ᠡᠷᠡᠭᠦᠯ ᠮᠡᠡᠳᠦ ᠪᠠ ᠡᠮ ᠲᠠᠩ ᠤᠨ ᠲᠣᠬᠠᠢ ᠳᠠᠭᠤᠣ ᠰᠢᠯᠦᠭ ᠴᠦ ᠣᠯᠠᠨ ᠪᠠᠶᠢᠳᠠᠭ᠃ ᠵᠢᠱᠢᠶᠡᠯᠡᠬᠦ ᠳᠤ 20 ᠳ᠋ᠣᠭᠠᠷ ᠵᠠᠭᠤᠨ ᠤ ᠦᠵᠦᠮᠦᠴᠢᠨ ᠤ ᠨᠡᠷᠡᠲᠦ ᠮᠣᠩᠭᠤᠯ ᠡᠮᠴᠢ ᠪᠠᠨᠳᠠᠷᠠᠭᠴᠢ ᠮᠠᠠᠷᠠᠠᠪᠠ ᠭᠤᠸᠠᠢ ᠨᠢᠭᠡᠨ ︽ᠡᠪᠦᠳᠦᠭ ᠤᠨ ᠬᠠᠪᠣᠳᠠᠷ ᠲᠠᠢ︾ ᠡᠪᠡᠳᠴᠢᠲᠡ ᠳᠤ ︽ᠪᠠᠷᠣᠶᠢᠪᠦ — 3︾ ᠤᠨ ᠲᠠᠩ ᠢ ᠦᠬᠡᠷ ᠤᠨ ᠬᠠᠯᠠᠭᠤᠨ ᠪᠠᠭᠠᠰᠣ ᠪᠠᠷ ᠵᠢᠭᠤᠷᠠᠨ ︽ᠬᠦᠬᠦᠭᠦᠯᠵᠦ ︵ᠱᠠᠪᠠᠵᠦ︶ ᠦᠵᠡ ᠳ᠋ᠠ︕  ︾ ᠭᠡᠵᠦ ᠥᠭᠭᠦᠭᠰᠡᠨ ᠭᠡᠨ᠎ᠡ᠃ ᠲᠡᠭᠡᠬᠦ ᠳᠤ ᠲᠡᠷᠡ ᠬᠦ ᠡᠪᠡᠳᠴᠢᠲᠡ ᠦᠯᠦ ᠲᠣᠭᠤᠭᠰᠠᠨ ᠪᠠᠶᠢᠳᠠᠯ ᠲᠠᠢ ᠪᠠᠷ ︽ᠡᠷᠭᠦᠴᠡ ᠬᠠᠳᠠᠭ︾ ᠢᠶᠠᠨ ᠪᠠᠷᠢᠵᠦ᠄ ︽ᠮᠠᠩᠬᠠᠭ ᠲᠠᠢ ᠡᠮ ᠢᠶᠠᠨ ᠬᠠᠶᠢᠷᠠᠯᠠᠴᠢᠬᠠᠪᠠᠣ᠂ ᠮᠠᠯ ᠤᠨ ᠪᠠᠭᠠᠰᠣ ᠪᠠᠷ ᠣᠷᠣᠯᠠᠭᠤᠯᠴᠢᠬᠠᠪᠠᠣ᠃ ᠮᠠᠨ ᠤ ᠪᠡᠶ᠎ᠡ ᠤ ᠬᠢᠨᠢ ᠯᠠᠢ ᠦᠦ᠂ ᠮᠠᠷᠭᠠᠰᠢ ᠭᠠᠶᠢᠭᠤᠢ ᠪᠣᠯᠬᠤ ᠪᠣᠯᠪᠠᠣ᠃ ᠦᠨᠡᠲᠡᠢ ᠡᠮ  ᠢᠶᠠᠨ ᠬᠠᠶᠢᠷᠠᠯᠠᠴᠢᠬᠠᠪᠠᠣ᠂ ᠦᠬᠡᠷ ᠤᠨ ᠪᠠᠭᠠᠰᠣ ᠪᠠᠷ ᠣᠷᠣᠯᠠᠭᠤᠯᠴᠢᠬᠠᠪᠠᠣ᠂ ᠦᠢᠯᠡ ᠨᠢ ᠮᠠᠨ ᠤ ᠬᠢ ᠪᠣᠯᠣᠭᠰᠠᠨ ᠪᠣᠯ᠂ ᠡᠪᠡᠳᠬᠦ ᠨᠢ ᠯᠠᠪᠲᠠᠢ ᠨᠠᠮᠳᠠᠯᠭᠦᠢ ᠳ᠋ᠠ᠃ ᠁︾ ᠭᠡᠬᠦ ᠮᠡᠲᠦ ᠪᠠᠷ ᠰᠢᠯᠦᠭᠯᠡᠭᠰᠡᠨ ᠭᠡᠳᠡᠭ ᠶᠤᠮ᠃ ᠨᠡᠷᠡᠲᠦ ᠰᠢᠯᠦᠭᠴᠢᠨ ᠫ᠊᠂ ᠳᠣᠭᠠᠷ ᠭᠤᠸᠠᠢ ᠴᠦ ᠮᠣᠩᠭᠤᠯ ᠡᠮᠴᠢ ᠶᠢ ᠮᠠᠭᠲᠠᠬᠤ ᠳᠠᠭᠠᠨ᠄ ︽ ᠠᠩᠬ᠎ᠠ ᠡᠭᠦᠰᠦᠯ ᠨᠢ ᠬᠡᠢ᠂ ᠰᠢᠷ᠎ᠠ᠂ ᠪᠠᠳᠭᠠᠨ ᠭᠡᠬᠦ᠂ ᠠᠷᠭ᠎ᠠ ᠪᠢᠯᠢᠭ ᠲᠠᠪᠣᠨ ᠮᠠᠬᠠᠪᠣᠳ ᠤᠨ ᠬᠠᠷᠢᠴᠠᠭ᠎ᠠ ᠭᠡᠬᠦ᠂ ᠠᠷᠠᠢ ᠳᠦᠭᠦᠮᠬᠡᠨ ᠰᠢᠭ ᠣᠬᠠᠭᠠᠨ ᠭᠡᠳᠡᠭ ᠪᠣᠯᠪᠠᠴᠦ᠂ ᠠᠴᠢ ᠲᠣᠰᠠ ᠨᠢ ᠬᠠᠷᠢᠨ ᠬᠡᠵᠢᠶᠡᠳᠡ ᠮᠥᠩᠬᠡ ᠁︾ ᠭᠡᠰᠡᠨ ᠪᠠᠶᠢᠳᠠᠭ᠃ ︽ ᠬᠦᠩᠬᠡᠷ ᠰᠣᠨᠢᠷᠬᠠᠭᠰᠠᠨ ᠪᠣᠳᠣᠯ︾ ᠭᠡᠬᠦ ᠰᠢᠯᠦᠭ ᠲᠡᠭᠡᠨ ᠢᠷᠠᠭᠤ ᠨᠠᠶᠢᠷᠠᠭᠴᠢ ᠨ᠊᠂ ᠲᠡᠮᠡᠴᠡᠯᠲᠦ ᠭᠤᠸᠠᠢ᠄ ︽ᠬᠦᠷᠡᠩ ᠶᠠᠭᠠᠨ ᠳᠣᠷᠠᠳᠣᠩ ᠢ ᠬᠦᠰᠡᠷ᠎ᠡ ᠳᠡᠯᠭᠡᠭᠡᠳ ᠬᠠᠶᠠᠭᠰᠠᠨ ᠰᠢᠭ᠂ ᠬᠦᠷᠢᠶᠡᠲᠦ ᠬᠠᠳᠠᠲᠦ ᠶᠢᠨ ᠰᠢᠯᠢ ᠪᠠᠷ  ᠂ ᠬᠦᠩᠬᠡᠷ ᠴᠡᠴᠭ ᠤᠨ ᠣᠷᠭᠤᠭᠰᠠᠨ ᠭᠡᠵᠢ ᠡ ᠁︾ ᠭᠡᠵᠦ ᠨᠣᠲᠤᠭ ᠤᠨ ᠣᠷᠭᠤᠮᠠᠯ ᠢᠶᠠᠨ ᠲᠠᠨᠢᠯᠴᠠᠭᠤᠯᠣᠭᠰᠠᠨ ᠮᠥᠷᠲᠡᠭᠡᠨ ︽ ᠁ ᠬᠦᠯ ᠤᠨ ᠰᠡᠭᠡᠷ ᠰᠡᠯᠬᠡᠷᠡᠬᠦ᠂ ᠬᠥᠩᠭᠡᠨ ᠴᠢᠨᠠᠷ ᠤᠨ ᠪᠠᠮ᠂ ᠬᠦᠨᠳᠦᠢ ᠬᠡᠪᠡᠯᠢ ᠶᠢ ᠳᠦᠭᠦᠷᠭᠡᠬᠦ᠂ ᠬᠥᠭᠡᠪᠣᠷ ᠣᠰᠣᠨ ᠪᠡᠲᠡᠭᠢ ᠶᠢ  ᠁︾ ᠵᠠᠰᠠᠳᠠᠭ ᠭᠡᠮᠡᠨ ︽ᠬᠦᠩᠬᠦᠷ  ︵ ᠬᠦᠩᠭᠡᠯ︶ ᠴᠡᠴᠡᠭ︾ ᠤᠨ ᠴᠢᠨᠠᠷ ᠴᠢᠳᠠᠯ ᠢ ᠴᠦ ᠪᠢᠰᠢᠷᠡᠭᠰᠡᠨ ᠪᠠᠶᠢᠳᠠᠭ ᠶᠤᠮ᠃  ᠲᠡᠷᠡ ᠪᠠᠰᠠ ᠵᠠᠯᠭᠠᠭᠠᠳ ︽ᠣᠷᠭᠤᠮᠠᠯ ᠤᠨ ᠰᠢᠨᠵᠯᠡᠭᠴᠢ ᠪᠣᠯᠣᠭᠰᠠᠨ ᠪᠣᠯ᠂ ᠠᠭᠤᠰᠮᠠᠯ ᠪᠣᠯᠭᠠᠭᠠᠳ ᠰᠣᠳᠣᠯᠠᠬᠤ ᠰᠠᠨ᠂ ᠠᠭᠤᠰᠬᠢᠨ ᠳᠤ ᠬᠡᠷᠪᠡ ᠳᠣᠰᠠᠲᠠᠢ ᠪᠣᠯ  ᠂ ᠣᠰᠣᠨ ᠳᠤ ᠴᠢᠨᠠᠭᠠᠳ ᠭᠦᠷᠲᠡᠭᠦ  ᠶᠣᠮᠰᠠᠨ᠃︾  ᠭᠡᠮᠡᠨ ᠬᠦᠰᠡᠯ ᠡᠷᠡᠮᠵᠢᠯᠡᠯ ᠢᠶᠠᠨ ᠣᠶᠠᠩᠭᠠᠯᠠᠭᠰᠠᠨ ᠪᠠᠶᠢᠳᠠᠭ ᠶᠤᠮ᠃ ᠣᠷᠴᠢᠮ ᠤᠨ ᠵᠢᠯ ᠤᠳ ᠠᠴᠠ ᠲᠣᠰ ᠬᠦᠮᠦᠨ ᠴᠦ ᠪ᠊ ᠭᠡᠳ ︽᠁ ᠠᠷᠭ᠎ᠠ ᠪᠢᠯᠢᠭ ᠬᠠᠯᠠᠭᠤᠨ ᠬᠦᠢᠲᠡᠨ ᠤ ᠣᠬᠠᠭᠠᠨ ᠢᠶᠠᠷ᠂ ᠠᠨᠠᠭᠠᠨ ᠦᠢᠯᠡᠳᠬᠦ ᠣᠪᠠᠳᠢᠰ ᠪᠦᠬᠦᠨ ᠢ ᠲᠣᠪᠴᠢᠯᠠᠭᠰᠠᠨ᠂ ᠠᠮᠣᠷᠵᠢᠭᠤᠯᠣᠨ ᠠᠮᠢᠯᠠᠭᠤᠯᠬᠤ ᠣᠨᠣᠯ ᠮᠡᠳᠡᠯᠭᠡ ᠶᠢ ᠰᠣᠶᠣᠷᠬᠠᠭᠴᠢ᠂ ᠠᠪᠣᠷᠠᠯ ᠶᠡᠭᠡ ᠲᠠᠢ ᠣᠲᠠᠴᠢ ᠪᠠᠭᠰᠢ ᠨᠠᠷ ᠲᠠᠭᠠᠨ ᠮᠥᠷᠭᠦᠮᠦ︕  ᠁︾  ᠭᠡᠬᠦ ᠦᠭᠡᠰ ᠲᠠᠢ ︽ᠡᠮᠴᠢ ᠶᠢᠨ ᠢᠷᠦᠭᠡᠯ︾   ᠶᠢ ᠵᠣᠬᠢᠶᠠᠨ ᠪᠦᠲᠦᠭᠡᠵᠦ᠂ ︽ᠵᠢᠷᠢᠮ ᠤᠨ ᠣᠳᠬ᠎ᠠ ᠣᠷᠠᠯᠢᠭ︾ ᠬᠡᠮᠡᠬᠦ ᠰᠡᠳᠭᠦᠯ ᠳᠤ ᠨᠡᠶᠢᠲᠡᠯᠡᠭᠦᠯᠦᠭᠰᠡᠨ ᠪᠠᠶᠢᠳᠠᠭ ᠪᠠ ︽ᠡᠮᠴᠢ ᠶᠢᠨ ᠭᠤᠷᠪᠠᠨ ᠬᠤᠷᠣᠢ︾ ᠬᠡᠮᠡᠬᠦ ᠭᠠᠷᠴᠠᠭ ᠢᠶᠠᠷ ᠮᠣᠩᠭᠤᠯ ᠠᠨᠠᠭᠠᠬᠤ ᠣᠬᠠᠭᠠᠨ ᠤ ᠦᠨᠳᠦᠰᠦᠨ ᠣᠨᠣᠯ ᠢ ᠰᠢᠯᠦᠭᠯᠡᠨ ︽ᠵᠣᠣ ᠣᠳᠠ ᠶᠢᠨ ᠬᠡᠯᠡ ᠪᠢᠴᠢᠭ︾ ᠬᠡᠮᠡᠬᠦ ᠰᠡᠳᠭᠦᠯ ᠳᠤ  ᠨᠡᠶᠢᠲᠡᠯᠡᠪᠡ᠃ ᠲᠡᠷᠡᠬᠡᠨ ᠵᠢᠯ ︽ᠰᠢᠯᠢ ᠶᠢᠨ ᠭᠤᠣᠯ ᠤᠨ ᠡᠳᠣᠷ ᠤᠨ ᠰᠣᠨᠢᠨ︾  ᠳᠤ ᠪᠠᠰᠠ ︽ ᠮᠠᠨᠣᠰᠢᠲᠠᠩ ᠤᠨ ᠮᠠᠭᠲᠠᠭᠠᠯ︾ ᠬᠡᠮᠡᠬᠦ ᠰᠢᠯᠦᠭ ᠢᠶᠠᠨ ᠨᠡᠶᠢᠲᠡᠯᠡᠭᠦᠯᠦᠭᠰᠡᠨ ᠪᠠ  ︽ᠣᠪᠠᠳᠢᠰ ᠤᠨ ᠠᠷᠨᠪᠠᠨ ᠵᠣᠷ︾ ᠭᠡᠬᠦ ᠰᠢᠯᠦᠭ ᠣᠶᠠᠩᠭ᠎ᠠ ᠪᠠᠨ ᠬᠦᠷᠭᠡᠪᠡ᠃  ᠲᠡᠭᠦᠨ ᠤ ᠳᠠᠭᠤ ᠪᠠᠰᠠ ︽ᠠᠷᠭ᠎ᠠ ᠪᠢᠯᠢᠭ ᠢ ᠬᠤᠣᠰᠯᠠᠭᠤᠯᠣᠭᠰᠠᠨ ᠠᠨᠠᠭᠠᠬᠤ ᠭᠡᠭᠡᠨ ᠰᠣᠷᠭᠠᠯ ᠲᠠᠢ᠂ ᠠᠭᠠᠷᠠᠣ ᠽᠠᠠᠳᠠᠨ ᠢᠶᠠᠷ ᠨᠠᠶᠢᠷᠠᠭᠤᠯᠣᠭᠰᠠᠨ ᠷᠠᠰᠢᠶᠠᠨ ᠨᠢᠭᠤᠴᠠ ᠶᠢᠨ ᠣᠪᠠᠳᠢᠰ ᠲᠠᠢ ᠁ ᠬᠦᠰᠡᠯᠡᠩ ᠰᠠᠶᠢᠬᠠᠨ ᠮᠣᠩᠭᠤᠯ ᠡᠮᠴᠢ ᠬᠦᠬᠡ ᠮᠣᠩᠭᠤᠯ ᠤᠨ ᠣᠲᠠᠴᠢ ᠁︾  ᠭᠡᠰᠡᠨ ᠦᠭᠡ ᠲᠠᠢ ︽ᠬᠦᠬᠡ ᠣᠲᠠᠴᠢ︾ ᠬᠡᠮᠡᠬᠦ ᠳᠠᠭᠤᠣ ᠪᠠᠨ 1991 ᠣᠨ ᠤ 1 ᠰᠠᠷ᠎ᠠ ᠶᠢᠨ ︽ᠥᠪᠥᠷ ᠮᠣᠩᠭᠤᠯ ᠤᠨ ᠡᠳᠣᠷ ᠤᠨ ᠰᠣᠨᠢᠨ︾ ᠳᠤ ᠨᠡᠶᠢᠲᠡᠯᠡᠭᠦᠯᠵᠦ᠂ ᠮᠣᠩᠭᠤᠯ ᠡᠮᠴᠢᠳ ᠳᠣᠮᠴᠢᠳ ᠢᠶᠠᠨ ᠠᠯᠳᠠᠷ ᠭᠠᠪᠢᠶ᠎ᠠ  ᠶᠢ ᠳᠣᠷᠠᠰᠣᠨ ᠳᠠᠭᠤᠯᠠᠭᠰᠠᠨ ᠶᠤᠮ᠃ ᠡᠳᠡᠭᠡᠷ ᠨᠢ ᠪᠣᠯ ᠪᠦᠷ ᠯᠠ ᠦᠵᠦᠮᠦᠴᠢᠨ ᠠᠷᠠᠳ ᠤᠨ  ᠡᠷᠡᠭᠦᠯ ᠮᠡᠡᠳᠦ ᠶᠢᠨ ᠡᠭᠡᠰᠢᠭ ᠳᠠᠭᠤᠯᠠᠯ ᠮᠥᠨ ᠪᠣᠯᠬᠤ ᠪᠠᠷ ᠪᠠᠷᠠᠬᠤ ᠦᠭᠡᠢ ᠮᠥᠨᠴᠦ ᠡᠮ ᠡᠮᠨᠡᠯᠭᠡ ᠶᠢᠨ ᠬᠠᠮᠢᠶ᠎ᠠ ᠲᠠᠢ ᠵᠠᠩ ᠦᠢᠯᠡ ᠪᠣᠯᠣᠨ᠎ᠠ ᠭᠡᠵᠦ ᠦᠵᠡᠨ᠎ᠡ  ᠃      ᠬᠤᠷᠢᠶᠠᠩᠭᠤᠶᠢᠯᠠᠭᠠᠳ ᠬᠡᠯᠡᠪᠡᠯ᠂ ᠡᠷᠡᠭᠦᠯ ᠡᠩᠬᠡ   ᠶᠢᠨ  ᠦᠢᠯᠡ ᠦᠢᠯᠡᠰ ᠪᠣᠯ ᠬᠦᠮᠦᠨ ᠲᠥᠷᠥᠯᠬᠢᠲᠡᠨ ᠤ ᠬᠠᠮᠲᠦ ᠶᠢᠨ ᠡᠷᠢᠯ ᠬᠦᠰᠡᠯ ᠪᠣᠯᠬᠤ ᠶᠤᠮ᠃ ᠮᠥᠨᠴᠦ ᠦᠵᠦᠮᠦᠴᠢᠨ   ᠤ ᠳᠡᠭᠡᠳᠣᠰ ᠠᠴᠠ ᠢᠶᠠᠨ ᠠᠪᠣᠭᠠᠳ ᠣᠳᠣ ᠢᠷᠡᠲᠡᠯ᠎ᠡ ᠪᠠᠨ ︽ᠡᠪᠡᠳᠴᠢᠨ ᠦᠭᠡᠢ ᠡᠷᠡᠭᠦᠯ ᠣᠷᠣᠰᠢᠬᠤ᠂ ᠥᠯᠵᠢ ᠮᠡᠡᠳᠦ  ᠵᠢᠷᠭᠠᠬᠠᠬᠤ︾ ᠵᠡᠷᠭᠡ ᠶᠢ ᠬᠦᠰᠡᠵᠦ ᠢᠷᠡᠭᠰᠡᠨ ᠨᠢᠭᠡᠨ ᠭᠦᠰᠡᠯ ᠵᠣᠷᠢᠯᠲᠠ ᠪᠠᠶᠢᠵᠡᠢ᠃  ᠥᠭᠡᠷ᠎ᠡ ᠪᠠᠷ ᠬᠡᠯᠡᠪᠡᠯ   ᠬᠦᠮᠦᠰ ᠣᠷᠣᠰᠢᠨ ᠲᠣᠭᠲᠠᠨᠢᠬᠤ᠂ ᠠᠵᠦ ᠲᠥᠷᠦᠬᠦ ᠳᠡᠭᠡᠨ ᠣᠷᠴᠢᠨ ᠲᠣᠭᠤᠷᠢᠨ ᠳᠠᠭᠠᠨ ᠵᠣᠬᠢᠷᠠᠭᠰᠠᠨ ᠡᠷᠡᠭᠦᠯ ᠡᠩᠬᠡ ᠶᠢᠨ ᠬᠠᠮᠲᠦ ᠶᠢᠨ ᠵᠠᠩ ᠦᠢᠯᠡ  ᠶᠢ ᠪᠣᠢ  ᠪᠣᠯᠭᠠᠭᠰᠠᠨ ᠪᠠᠶᠢᠨ᠎ᠠ᠃  ᠣᠣᠯ ᠤᠨ ᠡᠶᠢᠮᠣᠷᠬᠦ ᠰᠠᠶᠢᠨ ᠰᠠᠶᠢᠬᠠᠨ ᠠᠷᠠᠳ ᠤᠨ ᠵᠠᠩ ᠵᠠᠩᠰᠢᠯ ᠢ ᠣᠯᠠᠮᠵᠢᠯᠠᠬᠤ ᠴᠢᠬᠤᠯᠠ ᠲᠠᠢ   ᠶᠢ ᠪᠣᠣ ᠬᠡᠯᠡ ᠬᠠᠷᠢᠨ ᠵᠠᠯᠭᠠᠮᠵᠢᠯᠠᠨ ᠪᠠᠳᠠᠷᠠᠭᠤᠯᠬᠤ ᠬᠡᠷᠡᠭᠲᠡᠢ ᠭᠡᠵᠦ ᠦᠵᠡᠨ᠎ᠡ᠃ ᠮᠥᠨᠴᠦ  ᠡᠳᠡᠭᠡᠷ ︽ᠬᠦᠰᠡᠯ ᠮᠥᠷᠥᠭᠡᠳᠣᠯ︾ ᠤᠨ ᠲᠥᠯᠥᠭᠡ ᠬᠦᠮᠦᠰ ᠦᠶ᠎ᠡ ᠦᠶ᠎ᠡ ᠪᠠᠷ ᠢᠶᠠᠨ ᠵᠢᠳᠭᠦᠵᠦ ᠲᠡᠮᠦᠯᠡᠵᠦ ᠢᠷᠡᠭᠰᠡᠨ ᠪᠠᠶᠢᠳᠠᠭ ᠶᠤᠮ᠃ ᠬᠠᠮᠤᠭ ᠤᠨ ᠳᠥᠭᠦᠮ ᠨᠢᠭᠡᠨ ᠵᠢᠱᠢᠶ᠎ᠡ ᠪᠠᠷ ᠬᠡᠯᠡᠬᠦ ᠳᠤ ᠬᠦᠮᠦᠰ ᠶᠡᠷᠣᠨᠢ ᠬᠠᠷᠢᠯᠴᠠᠨ ᠠᠭᠤᠯᠵᠢᠬᠤ ᠳᠠᠭᠠᠨ ︽ᠵᠠ ᠰᠠᠶᠢᠨᠣ︖ ᠮᠡᠡᠳᠦ ᠦᠦ︖  ᠨᠠᠰᠣᠲᠠᠨ ᠤ ᠲᠡᠩᠬᠡᠭᠡ ᠰᠠᠶᠢᠨ ᠦᠦ︖ ᠯᠠᠭᠰᠢᠨ ᠲᠣᠩᠭᠠᠯᠠᠭ ᠦᠦ︖ ᠭᠡᠷ ᠬᠤᠲᠠᠯᠠᠷ ᠮᠡᠡᠳᠦ ᠦᠦ︖︾ ᠭᠡᠮᠡᠨ ᠮᠡᠡᠳᠣᠴᠢᠯᠡᠨ ᠵᠣᠯᠭᠠᠳᠠᠭ ᠨᠢ ᠳᠠᠷᠣᠢ ᠮᠣᠩᠭᠤᠯᠴᠣᠳ ᠤᠨ ᠡᠷᠡᠭᠦᠯ ᠰᠠᠷᠠᠭᠤᠯ ᠠᠮᠢᠳᠣᠷᠠᠬᠤ ᠶᠢᠨ ᠪᠡᠯᠭᠡᠳᠡᠯ᠂ ᠡᠮᠨᠡᠯᠭᠡ ᠵᠠᠰᠠᠯ ᠢ ᠡᠷᠬᠢᠮᠯᠡᠬᠦ ᠶᠢᠨ ᠵᠠᠩ ᠦᠢᠯᠡ ᠮᠥᠨ ᠭᠡᠵᠦ ᠬᠡᠯᠡᠬᠦ ᠳᠤ ᠪᠣᠯᠣᠮᠠᠷ ᠪᠠᠶᠢᠨ᠎ᠠ᠃ ᠳᠠᠬᠢᠭᠠᠳ ᠬᠡᠯᠡᠪᠡᠯ ᠦᠵᠦᠮᠦᠴᠢᠨ ᠠᠷᠠᠳ ᠤᠨ ᠵᠠᠩ ᠵᠠᠩᠰᠢᠯ  ᠲᠤ ᠠᠬᠠᠮᠠᠳ ᠨᠠᠰᠣᠲᠠᠶᠢᠴᠣᠳ ᠨᠢ ᠬᠡᠣᠬᠡᠳ ᠠᠴᠢᠨᠠᠷ ᠢᠶᠠᠨ ︽ᠥᠨᠳᠣᠷ ᠪᠣᠯᠣᠭᠠᠷᠠᠢ︕ ᠥᠨᠢᠷ ᠶᠠᠪᠣᠭᠠᠷᠠᠢ︕ ᠥᠭᠡᠳᠡᠯᠡᠵᠦ ᠶᠠᠪᠣᠭᠠᠷᠠᠢ︕︾ ᠭᠡᠮᠡᠨ ᠢᠷᠦᠭᠡᠳᠡᠭ ᠦᠭᠡᠰ ᠪᠣᠶᠣ ᠬᠤᠶᠢᠴᠢ ᠦᠶ᠎ᠡ ᠪᠠᠨ ︽ᠣᠷᠲᠣ  ᠨᠠᠰᠣᠯᠠᠷᠠᠢ︕  ᠵᠢᠷᠭᠠᠵᠦ ᠶᠠᠪᠣᠭᠠᠷᠠᠢ︕  ︾ ᠭᠡᠰᠡᠨ ᠢᠷᠦᠭᠡᠯ ᠢᠶᠠᠨ ᠲᠠᠯᠪᠢᠳᠠᠭ᠃ ᠪᠠᠰᠠᠬᠦ ᠬᠡᠣᠬᠡᠳ ᠳᠡᠭᠦᠨᠡᠷ ᠲᠤ ︽ᠳᠣᠯᠣᠭᠠᠨ ᠵᠢᠯ ᠢᠶᠠᠨ ᠪᠠᠷᠠᠴᠢᠳ ᠦᠭᠡᠢ ᠣᠷᠣᠭᠤᠯᠣᠭᠠᠷᠠᠢ︕︾ ᠭᠡᠬᠦ ᠮᠡᠲᠦ ᠶᠢᠨ ᠢᠷᠦᠭᠡᠯ ᠥᠭᠭᠦᠳᠡᠭ ᠨᠢ ᠪᠦᠷ ᠯᠡ ᠬᠦᠮᠦᠰ  ᠢ ︽ᠡᠷᠡᠭᠦᠯ ᠡᠩᠬᠡ ᠣᠷᠣᠰᠢᠭᠤᠯᠬᠤ  ︾   ᠶᠢᠨ ᠪᠡᠯᠭᠡᠳᠡᠯ ᠪᠣᠯᠬᠤ ᠪᠦᠭᠡᠳ ︽ ᠣᠷᠲᠣ ᠨᠠᠰᠣᠯᠠᠨ ᠣᠳᠠᠭᠠᠨ ᠵᠢᠷᠭᠠᠭᠤᠯᠬᠤ︾   ᠶᠢᠨ ᠲᠣᠬᠠᠢ ᠲᠠᠢ ᠠᠷᠠᠳ ᠤᠨ ᠵᠠᠩ ᠦᠢᠯᠡ ᠪᠣᠯᠣᠨ᠎ᠠ᠃                             ᠯᠠᠪᠯᠠᠯᠲᠠ ᠪᠣᠯᠭᠠᠭᠰᠠᠨ ᠨᠣᠮ ᠲᠡᠪᠲᠡᠷ᠄        ①  ︽ ᠵᠠᠰᠠᠯ ᠤᠨ ᠣᠬᠠᠭᠠᠨ︾᠃ 6᠂ 7 ᠳ᠋ᠣᠭᠠᠷ ᠨᠢᠭᠤᠷ ᠲᠤ᠃  ᠯᠢᠶᠣᠨᠢᠩ ᠤᠨ ᠦᠨᠳᠦᠰᠦᠲᠡᠨ ᠤ ᠬᠡᠪᠯᠡᠯ ᠤᠨ ᠬᠤᠷᠢᠶ᠎ᠠ᠃  1994 ᠣᠨ ᠤ ᠬᠡᠪᠯᠡᠯ᠃      ②  ︽ ᠮᠣᠩᠭᠤᠯ ᠤᠨ ᠬᠤᠷᠢᠶᠠᠩᠭᠤᠢ ᠲᠡᠣᠬᠡ︾  ᠃ 14 ᠳ᠋ᠣᠭᠡᠷ ᠨᠢᠭᠤᠷ ᠲᠤ᠃ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠃ 1985 ᠣᠨ ᠤ ᠬᠡᠪᠯᠡᠯ᠃      ③  ︽ ᠪᠣᠯᠣᠷ ᠡᠷᠢᠬᠡ︾  ᠃ 70᠂ 100  ᠳ᠋ᠣᠭᠠᠷ ᠨᠢᠭᠤᠷ ᠲᠤ᠃ ᠥᠪᠥᠷ ᠮᠣᠩᠭᠤᠯ ᠤᠨ ᠠᠷᠠᠳ  ᠤᠨ ᠬᠡᠪᠯᠡᠯ ᠤᠨ ᠬᠤᠷᠢᠶ᠎ᠠ᠃ 1985 ᠣᠨ ᠤ ᠬᠡᠪᠯᠡᠯ᠃      ④  ︽ ᠬᠤᠷᠢᠶᠠᠩᠭᠤᠢ ᠠᠯᠲᠠᠨ ᠲᠣᠪᠴᠢ︾᠃ 197  ᠳ᠋ᠣᠭᠠᠷ ᠨᠢᠭᠤᠷ ᠲᠤ᠃ ᠥᠪᠥᠷ ᠮᠣᠩᠭᠤᠯ ᠤᠨ  ᠰᠣᠷᠭᠠᠨ ᠬᠦᠮᠦᠵᠢᠯ ᠤᠨ ᠬᠡᠪᠯᠡᠯ ᠤᠨ ᠬᠤᠷᠢᠶ᠎ᠠ᠃ 1980 ᠣᠨ   ᠤ ᠬᠡᠪᠯᠡᠯ᠃      ⑤  ︽ ᠢᠳᠡᠭᠡᠨ ᠣᠮᠳᠠᠭᠠᠨ ᠤ ᠵᠢᠩᠬᠢᠨᠢ ᠲᠣᠪᠴᠢ  ︾᠃ 7᠂ 107 ᠳ᠋ᠣᠭᠠᠷ ᠨᠢᠭᠤᠷ ᠲᠤ᠃ ᠥᠪᠥᠷ ᠮᠣᠩᠭᠤᠯ ᠤᠨ ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ᠃ 2014 ᠣᠨ ᠤ ᠬᠡᠪᠯᠡᠯ᠃      ⑥  ︽ ᠠᠯᠲᠠᠨ ᠬᠠᠳᠠᠮᠠᠯ  ︵ᠳᠣᠣᠷᠠᠳᠣ︶︾᠃ 1203 ᠳ᠋ᠣᠭᠠᠷ ᠨᠢᠭᠤᠷ ᠲᠤ᠃ ᠥᠪᠥᠷ ᠮᠣᠩᠭᠤᠯ  ᠤᠨ ᠠᠷᠠᠳ ᠤᠨ ᠬᠡᠪᠯᠡᠯ ᠤᠨ ᠬᠤᠷᠢᠶ᠎ᠠ᠃ 1984 ᠣᠨ ᠤ ᠬᠡᠪᠯᠡᠯ᠃      ⑦  ︽ ᠮᠣᠩᠭᠤᠯ ᠠᠨᠠᠭᠠᠬᠤ ᠣᠬᠠᠭᠠᠨ ᠤ ᠲᠡᠣᠬᠡ︾᠃ 26᠂ 52 ᠳ᠋ᠣᠭᠠᠷ ᠨᠢᠭᠤᠷ ᠲᠤ᠃ ᠥᠪᠥᠷ ᠮᠣᠩᠭᠤᠯ ᠤᠨ ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ᠃ 2002 ᠣᠨ ᠤ ᠬᠡᠪᠯᠡᠯ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号