ᠤᠷᠢᠶᠠᠩᠬᠠᠨ ᠤ᠂ ᠶᠤᠨᠳᠤᠨ | ᠦᠵᠦᠮᠦᠴᠢᠨ ᠤ ᠲᠦᠷᠦᠭᠡᠨ ᠰᠦᠯᠳᠡ ᠶᠢᠨ ᠵᠠᠩ ᠦᠢᠯᠡ | ᠲᠦᠷᠦᠭᠡᠨ ᠰᠦᠯᠳᠡ ᠶᠢ ᠪᠠᠰᠠ ︿︿ᠬᠦᠳᠡᠭᠡ ᠰᠦᠯᠳᠡ﹀﹀ ᠭᠡᠳᠡᠭ᠂ ᠦᠵᠦᠮᠦᠴᠢᠨ ᠤ ᠬᠦᠳᠡᠭᠡ | ᠰᠦᠯᠳᠡ ᠶᠢᠨ ᠳᠠᠬᠢᠯᠭ᠎ᠠ ᠨᠢ ᠳᠡᠷᠤᠢ ᠪᠦᠬᠦ ᠮᠤᠩᠭᠤᠯ ᠳᠤ ᠮᠡᠳᠡᠷᠡᠭᠳᠡᠳᠡᠭ ︿︿ᠴᠠᠭᠠᠨ ᠰᠦᠯᠳᠡ﹀﹀ ᠶᠢᠨ ᠳᠠᠬᠢᠯᠭ᠎ᠠ | ᠮᠦᠨ᠂ ᠪᠠᠰᠠᠴᠤ ᠶᠡᠭᠡ ᠮᠤᠩᠭᠤᠯ ᠤᠨ ︿︿ᠴᠠᠭᠠᠨ ᠰᠦᠯᠳᠡ﹀﹀ ᠪᠠ ︿︿ᠴᠠᠭᠠᠨ ᠲᠤᠭ﹀﹀ ᠤᠨ ᠵᠠᠯᠭᠠᠮᠵᠢᠯᠠᠯ ᠪᠠ | ᠦᠷᠭᠦᠯᠵᠢᠯᠡᠯ ᠭᠡᠵᠦ ᠦᠵᠡᠯᠳᠡᠢ ᠶᠤᠮ᠃ ᠲᠦᠷᠦᠭᠡᠨ ᠰᠦᠯᠳᠡ ᠨᠢ ᠦᠵᠦᠮᠦᠴᠢᠨ ᠵᠡᠭᠦᠨ ᠭᠠᠷᠤᠨ ᠬᠤᠰᠢᠭᠤᠨ ᠤ ︿︿ | ᠬᠦᠳᠡᠭᠡ ᠰᠦᠯᠳᠡ﹀﹀ ᠪᠤᠯᠤᠨ ᠳᠠᠬᠢᠭᠳᠠᠭᠰᠠᠨ ᠢᠶᠠᠷ ᠲᠡᠷᠡ ᠨᠢ ᠴᠠᠭᠠᠨ ᠰᠦᠯᠳᠡ ᠶᠢᠨ ᠠᠭᠤᠯᠭ᠎ᠠ ᠶᠢ | ᠪᠠᠶᠠᠯᠢᠭᠵᠢᠭᠤᠯᠤᠭᠰᠠᠨ ᠢᠶᠠᠷ ᠪᠠᠷᠠᠬᠤ ᠦᠭᠡᠢ ᠴᠠᠭᠠᠨ ᠠᠳᠤᠭᠤᠨ ᠰᠤᠶᠤᠯ ᠤᠨ ᠬᠦᠭᠵᠢᠯᠳᠡ ᠶᠢᠨ ᠪᠡᠯᠭᠡ ᠳᠡᠮᠳᠡᠭ | ᠪᠤᠯᠤᠭᠰᠠᠨ᠂ ᠡᠵᠡᠨ ᠤ ᠴᠠᠭᠠᠨ ᠠᠳᠤᠭᠤᠨ ᠰᠦᠷᠦᠭ ᠢ ᠦᠪᠯᠡᠨ ᠤᠯᠠᠮᠵᠢᠯᠠᠵᠦ ᠦᠰᠭᠡᠨ ᠮᠠᠯᠵᠢᠭᠰᠠᠨ ᠭᠤᠯᠤᠮᠳᠠ | ᠭᠠᠵᠠᠷ ᠪᠤᠯᠤᠭᠰᠠᠨ ᠶᠤᠮ᠃ ᠡᠭᠦᠨ ᠢᠶᠠᠷ ᠡᠵᠡᠨ ᠤ ᠡᠮᠡᠭᠡᠯ ᠤᠨ ᠲᠦᠷᠦᠭᠡ ᠶᠢ ᠳᠠᠬᠢᠳᠠᠭ ᠠᠴᠠ ᠦᠵᠦᠮᠦᠴᠢᠨ ᠤ | ᠠᠳᠤᠭᠤᠨ ᠳᠤ ᠵᠢᠷᠤᠭ᠎ᠠ ᠰᠠᠶᠢᠨ ᠲᠦᠷᠦᠳᠡᠭ ᠭᠡᠵᠦ ᠪᠤᠭᠤᠷᠤᠯ ᠤᠳ ᠮᠠᠨᠢ ᠪᠡᠯᠭᠡᠰᠢᠶᠡᠨ ᠤᠯᠠᠮᠵᠢᠯᠠᠳᠠᠭ ᠠᠵᠤᠭᠤ᠃ | ᠲᠤᠰ ᠰᠦᠯᠳᠡ ᠶᠢ 1646 ᠤᠨ ᠠᠴᠠ 1945 ᠤᠨ ᠪᠤᠯᠳᠠᠯ᠎ᠠ ᠭᠤᠷᠪᠠᠨ ᠵᠠᠭᠤᠨ ᠵᠢᠯ ᠳᠠᠬᠢᠯᠭ᠎ᠠ ᠤᠯᠠᠮᠵᠢᠯᠠᠵᠦ | ᠤᠨ ᠤᠳᠠᠭᠰᠠᠨ ᠪᠠᠶᠢᠳᠠᠭ᠂ ᠡᠨᠡᠬᠦ ᠳᠠᠬᠢᠯᠭ᠎ᠠ ᠨᠢ ᠪᠤᠷᠵᠢᠭᠢᠨ ᠠᠶᠢᠮᠠᠭ ᠤᠪᠤᠭᠳᠠᠨ ᠤ ᠳᠠᠬᠢᠯᠭ᠎ᠠ ᠳᠡᠳᠦᠢ ᠪᠢᠰᠢ | ᠬᠠᠷᠢᠨ ᠲᠦᠷᠦ ᠶᠢᠨ ᠳᠠᠬᠢᠯᠭ᠎ᠠ ᠶᠢᠨ ᠤᠯᠠᠮᠵᠢᠯᠠᠯ ᠪᠤᠯᠬᠤ ᠨᠢ ᠢᠯᠡᠷᠬᠡᠢ᠃ ᠲᠦᠷᠦᠭᠡᠨ ᠰᠦᠯᠳᠡ ᠶᠢᠨ ᠳᠠᠬᠢᠯᠭ᠎ᠠ ᠶᠢ | ᠵᠢᠯ ᠪᠦᠷᠢ ᠶᠢᠨ ᠨᠠᠮᠤᠷ ᠤᠨ ᠡᠭᠢᠨ ᠰᠠᠷ᠎ᠠ ᠶᠢᠨ ᠮᠤᠷᠢᠨ ᠰᠠᠶᠢᠨ ᠡᠳᠦᠷ ᠢ ᠰᠤᠩᠭᠤᠵᠦ ᠬᠢᠳᠡᠭ ᠪᠦᠭᠡᠳ ᠬᠤᠰᠢᠭᠤᠨ ᠤ | ᠸᠠᠩ ᠨᠤᠶᠠᠨ ᠲᠦᠷᠦᠭᠦᠯᠦᠭᠰᠡ ᠵᠡᠷᠭᠡ ᠵᠢᠩᠰᠡᠳᠡᠨ ᠬᠢᠭᠡᠳ ᠬᠠᠷᠠᠴᠤ ᠠᠷᠠᠳ ᠭᠡᠰᠡᠨ ᠦᠭᠡᠢ ᠨᠡᠶᠢᠳᠡ ᠪᠠᠷ ᠳᠠᠬᠢᠵᠦ᠂ | ᠴᠢᠩᠭᠢᠰ ᠡᠵᠡᠨ ᠤ ᠰᠦᠯᠳᠡ ᠳᠤ ᠰᠦᠰᠦᠭ ᠪᠢᠰᠢᠷᠡᠯ ᠢᠶᠠᠨ ᠳᠠᠭᠠᠳᠬᠠᠳᠠᠭ ᠪᠠᠶᠢᠨ᠎ᠠ᠃ ᠲᠦᠷᠦᠭᠡᠨ ᠰᠦᠯᠳᠡ ᠶᠢᠨ | ᠳᠠᠬᠢᠯᠭ᠎ᠠ ᠶᠢᠨ ᠵᠠᠩ ᠦᠢᠯᠡ ᠳᠤ ᠲᠦᠷᠦᠭᠡ ᠪᠤᠯᠤᠨ ᠳᠠᠬᠢᠯᠭ᠎ᠠ ᠶᠢᠨ ᠪᠦᠳᠦᠴᠡ᠂ ᠰᠦᠯᠳᠡ ᠶᠢᠨ ᠵᠠᠩᠭᠢ ᠲᠤᠰᠬᠠᠢ | ᠬᠠᠮᠢᠶᠠᠷᠬᠤ᠂ ᠰᠦᠯᠳᠡ ᠳᠠᠬᠢᠬᠤ ᠦᠢᠯᠡ ᠶᠠᠪᠤᠳᠠᠯ ᠢ ᠭᠦᠢᠴᠡᠳᠭᠡᠬᠦ᠂ ᠳᠠᠬᠢᠯᠭ᠎ᠠ ᠶᠢᠨ ᠲᠤᠭᠴᠢᠳ ᠢ ᠭᠠᠷᠭᠠᠬᠤ᠂ | ᠰᠢᠨ᠎ᠡ ᠨᠤᠲᠤᠭ ᠳᠤ ᠤᠷᠳᠤᠨ ᠢ ᠵᠠᠯᠠᠬᠤ᠂ ᠤᠷᠳᠤᠨ ᠢᠶᠠᠨ ᠪᠠᠷᠢᠵᠦ ᠰᠦᠯᠳᠡ ᠪᠠᠨ ᠪᠠᠶᠢᠷᠢᠯᠠᠭᠤᠯᠬᠤ᠂ ᠲᠤᠭ | ᠰᠦᠯᠳᠡ ᠶᠢ ᠮᠠᠨᠳᠤᠭᠤᠯᠬᠤ᠂ ᠰᠦᠯᠳᠡ ᠶᠢᠨ ᠳᠠᠬᠢᠯᠭ᠎ᠠ ᠶᠢᠨ ᠰᠠᠩ ᠪᠠ ᠠᠷᠢᠭᠤᠳᠬᠠᠯ ᠳᠤ ᠬᠡᠷᠡᠭᠰᠡᠬᠦ ᠵᠤᠯᠠ ᠳᠠᠬᠢᠯ | ᠪᠠ ᠬᠦᠵᠢ ᠲᠡᠷᠢᠭᠦᠳᠡᠨ ᠢ ᠪᠡᠯᠡᠳᠭᠡᠬᠦ᠂ ᠳᠠᠬᠢᠯᠭ᠎ᠠ ᠶᠢᠨ ᠰᠢᠭᠦᠰᠦᠨ ᠤ ᠬᠤᠨᠢ ᠶᠢ ᠭᠠᠷᠭᠠᠬᠤ᠂ ᠳᠠᠬᠢᠯᠭ᠎ᠠ ᠳᠤ | ᠬᠡᠷᠡᠭᠰᠡᠬᠦ ᠤᠯᠠᠭᠠᠨ ᠴᠠᠭᠠᠨ ᠢᠳᠡᠭᠡᠨ ᠢ ᠳᠡᠪᠰᠢ ᠳᠤ ᠳᠠᠪᠠᠭᠯᠠᠬᠤ᠂ ᠳᠠᠬᠢᠯᠭ᠎ᠠ ᠶᠢᠨ ᠨᠠᠶᠢᠷ ᠤᠨ ᠭᠡᠷ ᠢ ᠪᠠᠷᠢᠬᠤ᠂ | ᠳᠠᠬᠢᠯᠭ᠎ᠠ ᠪᠠᠨ ᠶᠠᠪᠤᠭᠳᠠᠭᠤᠯᠬᠤ᠂ ᠮᠤᠷᠢ ᠰᠡᠳᠡᠷᠯᠡᠨ ᠤᠩᠭᠤᠯᠠᠬᠤ᠂ ᠭᠡᠰᠢᠭ ᠤᠨ ᠳᠠᠷᠠᠰᠤ ᠭᠠᠷᠭᠠᠬᠤ ᠪᠠ ᠭᠦᠷᠳᠡᠬᠦ᠂ | ᠴᠡᠭᠡ ᠪᠠᠷᠢᠬᠤ ᠡᠷᠦᠬᠡ ᠭᠠᠷᠭᠠᠬᠤ᠂ ᠨᠠᠶᠢᠷ ᠨᠠᠭᠠᠳᠤᠮ ᠬᠢᠬᠦ ᠪᠠ ᠪᠡᠯᠡᠳᠭᠡᠬᠦ᠂ ᠳᠠᠭᠤᠤ ᠢᠷᠦᠭᠡᠯ ᠡᠷᠭᠦᠯᠴᠡᠨ ᠨᠠᠶᠢᠷᠯᠠᠨ | ᠬᠦᠭᠵᠢᠬᠦ ᠵᠡᠷᠭᠡ ᠤᠯᠠᠨ ᠵᠠᠩ ᠦᠢᠯᠡ ᠶᠢᠨ ᠶᠠᠪᠤᠴᠠ ᠶᠢ ᠦᠩᠭᠡᠷᠡᠭᠡᠳᠡᠭ᠃ | ᠲᠦᠷᠦᠭᠡ ᠪᠠ ᠰᠦᠯᠳᠡ ᠳᠠᠬᠢᠯᠭ᠎ᠠ ᠶᠢᠨ ᠪᠦᠲᠦᠴᠡ — ᠲᠦᠷᠦᠭᠡ ᠪᠤᠯ ᠮᠤᠷᠢᠨ ᠢ ᠤᠨᠤᠬᠤ ᠳᠤ ᠬᠡᠷᠡᠭᠯᠡᠬᠦ | ᠡᠮᠡᠭᠡᠯ ᠠᠴᠠ ᠳᠡᠭᠦᠵᠢᠯᠡᠭᠰᠡᠨ ᠰᠤᠷ ᠭᠤᠭᠴᠤᠭ᠎ᠠ ᠲᠠᠢ ᠲᠦᠷᠦᠭᠡᠯᠡᠨ ᠭᠠᠷᠬᠤ ᠲᠡᠮᠦᠷ ᠪᠤᠶᠤ ᠬᠦᠷᠡᠯ᠂ ᠭᠠᠤᠯᠢ | ᠵᠡᠷᠭᠡ ᠪᠠᠷ ᠴᠢᠳᠬᠤᠭᠰᠠᠨ ᠲᠡᠭᠦᠵᠢᠯᠡᠭᠦᠷ ᠡᠳ᠋ᠯᠡᠯ ᠪᠤᠯᠤᠨ᠎ᠠ᠂ ᠳᠠᠬᠢᠯᠭ᠎ᠠ ᠶᠢᠨ ᠲᠦᠷᠦᠭᠡ ᠪᠤᠯ ᠴᠢᠩᠭᠢᠰ ᠬᠠᠭᠠᠨ ᠤ | ᠡᠳ᠋ᠯᠡᠵᠦ ᠪᠠᠶᠢᠭᠰᠠᠨ ᠡᠮᠡᠭᠡᠯ ᠤᠨ ᠲᠦᠷᠦᠭᠡ ᠪᠤᠯᠬᠤ ᠶᠤᠮ᠃ ᠲᠦᠷᠦᠭᠡ ᠨᠢ ᠲᠦᠷᠦᠭᠡᠨ ᠰᠡᠨᠵᠢ᠂ ᠠᠷᠠᠯ ᠪᠠ ᠳᠠᠪᠠᠭ | ᠵᠡᠷᠭᠡ ᠪᠠᠷ ᠪᠦᠷᠢᠯᠳᠦᠳᠡᠭ᠃ ᠳᠠᠬᠢᠯᠭ᠎ᠠ ᠶᠢᠨ ᠭᠤᠤᠯ ᠤᠷᠳᠤᠨ ᠤ ᠬᠤᠶᠢᠮᠤᠷ ᠳᠤ ᠴᠢᠩᠭᠢᠰ ᠬᠠᠭᠠᠨ ᠤ ᠬᠤᠶᠠᠭ | ᠲᠤᠭᠤᠯᠭ᠎ᠠ ᠬᠡᠳᠦᠷᠦᠭᠰᠡᠨ ᠨᠤᠮᠤ ᠰᠤᠮᠤ ᠠᠭᠰᠤᠭᠰᠠᠨ ᠴᠠᠭᠠᠨ ᠮᠤᠷᠢᠨ ᠬᠦᠯᠦᠭᠯᠡᠭᠰᠡᠨ ᠰᠦᠯᠳᠡ ᠬᠦᠷᠦᠭ ᠢ ᠲᠦᠪ | ᠲᠤᠮᠳᠠ ᠵᠠᠯᠠᠬᠤ ᠶᠢᠨ ᠬᠠᠮᠳᠦ ᠬᠤᠶᠠᠷ ᠳᠠᠯ᠎ᠠ ᠳᠤᠨᠢ ᠴᠠᠭᠠᠨ ᠲᠤᠭ ᠰᠦᠯᠳᠡ ᠶᠢ ᠳᠠᠯᠪᠢᠵᠦ᠂ ᠪᠠᠰᠠ ᠪᠠᠷᠠᠭᠤᠨ ᠳᠠᠯ᠎ᠠ | ᠳᠤᠨᠢ ᠬᠤᠶᠠᠭ ᠲᠤᠭᠤᠯᠭ᠎ᠠ ᠮᠠᠬᠢᠷ ᠰᠠᠯᠠᠮ᠎ᠠ ᠨᠤᠮᠤ ᠰᠤᠮᠤ᠂ ᠵᠡᠭᠦᠨ ᠳᠠᠯ᠎ᠠ ᠳᠤᠨᠢ ᠪᠦᠬᠡ ᠪᠡᠯᠭᠦᠳᠡᠢ ᠶᠢᠨ ᠵᠤᠳᠤᠭ ᠢ | ᠳᠠᠯᠪᠢᠨ᠎ᠠ᠂ ᠳᠡᠭᠡᠷ᠎ᠡ ᠳᠠᠯ᠎ᠠ ᠪᠠᠷ ᠨᠢ ᠲᠠᠪᠤᠨ ᠦᠩᠭᠡ ᠶᠢᠨ ᠪᠦᠰ ᠢᠶᠠᠷ ᠬᠢᠭᠰᠡᠨ ᠯᠠᠪᠢᠷ ᠳᠡᠭᠦᠵᠢᠯᠡᠵᠦ ᠬᠦᠨᠳᠦᠳᠭᠡᠯ | ᠢᠯᠡᠷᠬᠡᠶᠢᠯᠡᠨ᠎ᠡ᠂ ᠰᠦᠯᠳᠡ ᠬᠦᠷᠦᠭ ᠤᠨ ᠡᠮᠦᠨ᠎ᠡ ᠠᠰ ᠲᠤ ᠲᠤᠰᠬᠠᠢ ᠰᠢᠷᠡᠭᠡᠨ ᠳᠡᠭᠡᠷ᠎ᠡ ᠬᠠᠳᠠᠭ ᠵᠠᠩᠭᠢᠳᠤᠭᠰᠠᠨ | ᠲᠦᠷᠦᠭᠡᠨ ᠰᠦᠯᠳᠡ ᠶᠢ ᠬᠢᠴᠢᠶᠡᠩᠭᠦᠶᠢᠯᠡᠨ ᠵᠠᠯᠠᠨ᠎ᠠ᠂ ᠰᠦᠯᠳᠡ ᠬᠦᠷᠦᠭ ᠪᠠ ᠲᠦᠷᠦᠭᠡᠨ ᠰᠦᠯᠳᠡ ᠶᠢᠨ ᠡᠮᠦᠨ᠎ᠡ | ᠳᠠᠬᠢᠯᠭ᠎ᠠ ᠶᠢᠨ ᠵᠠᠰᠠᠯ ᠪᠠ ᠵᠤᠯᠠ ᠬᠦᠵᠢ ᠪᠠᠷᠢᠬᠤ᠂ ᠲᠡᠭᠦᠨ ᠤ ᠡᠮᠦᠨᠡᠭᠦᠷ ᠰᠢᠷᠡᠭᠡ ᠳᠠᠯᠪᠢᠨ ᠳᠡᠪᠰᠢ ᠳᠤ ᠤᠯᠠᠭᠠᠨ | ᠴᠠᠭᠠᠨ ᠢᠳᠡᠭᠡᠨ ᠳᠠᠪᠠᠭᠯᠠᠨ ᠳᠠᠯᠪᠢᠬᠤ᠂ ᠲᠤᠭᠤᠨᠤᠨ ᠤ ᠭᠤᠤᠯ ᠤᠨ ᠠᠰ ᠲᠤ ᠲᠤᠯᠭ᠎ᠠ ᠪᠠᠨ ᠵᠠᠰᠠᠵᠦ ᠳᠠᠯᠪᠢᠨ᠎ᠠ᠃ | ᠡᠨᠡ ᠪᠤᠯ ᠰᠦᠯᠳᠡ ᠶᠢᠨ ᠤᠷᠳᠤᠨ ᠲᠤᠳᠤᠷᠠᠬᠢ ᠰᠦᠯᠳᠡᠨ ᠤ ᠪᠠᠶᠢᠷᠢᠰᠢᠯ᠂ ᠭᠡᠭᠡᠨ ᠰᠦᠯᠳᠡ ᠪᠤᠯᠤᠨ ᠲᠤᠭ ᠰᠦᠯᠳᠡ | ᠂ ᠲᠦᠷᠦᠭᠡᠨ ᠰᠦᠯᠳᠡ ᠪᠤᠯᠤᠨ᠎ᠠ᠃ | ᠰᠦᠯᠳᠡ ᠶᠢᠨ ᠵᠠᠩᠭᠢ ᠪᠠ ᠲᠤᠭᠴᠢᠳ — ᠰᠦᠯᠳᠡ ᠶᠢᠨ ᠵᠠᠩᠭᠢ ᠶᠢ ᠲᠤᠰᠬᠠᠢ ᠲᠤᠭᠳᠠᠭᠠᠬᠤ ᠪᠦᠭᠡᠳ | ᠬᠦᠳᠡᠭᠡ ᠰᠦᠯᠳᠡ ᠶᠢ ᠬᠠᠮᠠᠭᠠᠯᠠᠨ ᠰᠠᠬᠢᠬᠤ᠂ ᠨᠡᠭᠦᠯᠭᠡᠨ ᠰᠢᠯᠵᠢᠭᠦᠯᠬᠦ᠂ ᠪᠦᠬᠦ ᠳᠠᠬᠢᠯᠭ᠎ᠠ ᠶᠢᠨ ᠵᠠᠩ ᠦᠢᠯᠡ ᠶᠢ | ᠬᠠᠮᠢᠶᠠᠷᠬᠤ ᠪᠠ ᠲᠤᠭᠴᠢᠳ ᠢ ᠲᠤᠭᠳᠠᠭᠠᠨ ᠲᠤᠬᠢᠷᠠᠭᠤᠯᠬᠤ᠂ ᠰᠦᠯᠳᠡᠨ ᠳᠤ ᠮᠤᠷᠢ ᠤᠩᠭᠤᠯᠠᠬᠤ ᠶᠢ ᠰᠢᠯᠢᠨ | ᠲᠤᠭᠳᠠᠭᠠᠬᠤ ᠵᠡᠷᠭᠡ ᠡᠭᠦᠷᠭᠡ ᠬᠠᠷᠢᠭᠤᠴᠠᠯᠭ᠎ᠠ ᠶᠢ ᠭᠦᠢᠴᠡᠳᠭᠡᠳᠡᠭ᠂ ᠰᠦᠯᠳᠡ ᠳᠠᠬᠢᠯᠭ᠎ᠠ ᠶᠢᠨ ᠡᠳᠦᠷ ᠪᠦᠬᠦ | ᠳᠠᠬᠢᠯᠭ᠎ᠠ ᠶᠢ ᠡᠷᠬᠢᠯᠡᠭᠦ ᠪᠠᠷ ᠪᠠᠷᠠᠬᠤ ᠦᠭᠡᠢ ᠳᠠᠬᠢᠯᠭ᠎ᠠ ᠶᠢᠨ ᠲᠦᠪ ᠰᠠᠭᠤᠳᠠᠯ ᠳᠤ ᠬᠠᠳᠤᠭᠳᠠᠢ ᠲᠠᠢ ᠪᠠᠨ ᠰᠠᠭᠤᠬᠤ | ᠡᠷᠬᠡ ᠲᠠᠢ᠂ ᠬᠤᠰᠢᠭᠤ ᠸᠠᠩ ᠨᠤᠶᠠᠨ ᠪᠤᠯᠤᠭᠰᠠᠨ ᠴᠤ ᠬᠠᠵᠠᠭᠤ ᠰᠠᠭᠤᠳᠠᠯ ᠳᠤ ᠰᠠᠭᠠᠳᠠᠳᠠᠭ ᠪᠠᠶᠢᠨ᠎ᠠ᠃ ᠵᠠᠩᠭᠢ ᠨᠢ | ᠲᠤᠭᠴᠢ ᠶᠢ 4 —8 ᠶᠢ ᠰᠤᠩᠭᠤᠨ ᠲᠤᠮᠢᠯᠠᠵᠦ᠂ ᠰᠦᠯᠳᠡ ᠶᠢᠨ ᠳᠠᠬᠢᠯᠭ᠎ᠠ ᠶᠢᠨ ᠦᠢᠯᠡ ᠳᠠᠬᠢ ᠭᠡᠰᠡᠭ ᠪᠦᠯᠦᠭ | ᠡᠭᠦᠷᠭᠡ ᠶᠢ ᠳᠠᠭᠠᠭᠠᠯᠭᠠᠵᠦ ᠬᠢᠯᠭᠡᠬᠦ ᠪᠠ ᠰᠦᠯᠳᠡ ᠵᠠᠯᠠᠬᠤ ᠵᠡᠷᠭᠡ ᠶᠢ ᠭᠦᠢᠴᠡᠳᠭᠡᠯᠭᠡᠨ᠎ᠡ᠃ | ᠰᠢᠨ᠎ᠡ ᠨᠤᠲᠤᠭ ᠲᠤ ᠰᠦᠯᠳᠡ ᠪᠠᠨ ᠵᠠᠯᠠᠵᠦ ᠪᠠᠭᠤᠯᠭᠠᠬᠤ — ᠬᠦᠳᠡᠭᠡ ᠰᠦᠯᠳᠡ ᠶᠢᠨ ᠤᠷᠳᠤᠨ ᠢᠶᠠᠨ | ᠵᠠᠩᠭᠢ ᠭᠠᠳᠠᠨ᠎ᠠ ᠪᠠᠨ ᠠᠪᠴᠤ ᠶᠠᠪᠤᠬᠤ ᠳᠠᠭᠠᠨ ᠭᠡᠷ ᠠᠴᠠ ᠪᠠᠨ ᠪᠠᠷᠠᠭᠤᠨ ᠬᠤᠶᠢᠨ᠎ᠠ ᠵᠠᠭᠤᠨ ᠮᠧᠲᠷ ᠤᠨ ᠵᠠᠶᠢᠳᠠᠢ | ᠴᠡᠪᠡᠷ ᠭᠠᠵᠠᠷ ᠲᠤ ᠵᠠᠯᠡᠵᠦ ᠪᠠᠭᠤᠯᠭᠠᠳᠠᠭ᠂ ᠰᠦᠯᠳᠡᠨ ᠤᠷᠳᠤᠨ ᠢ ᠨᠡᠭᠦᠯᠭᠡᠨ ᠰᠢᠯᠵᠢᠭᠦᠯᠬᠦ ᠳᠡᠭᠡᠨ ᠵᠠᠩᠭᠢ ᠨᠢ | ᠰᠦᠯᠳᠡᠨ ᠤᠷᠳᠤᠨ ᠤ ᠰᠡᠤᠬᠡ ᠲᠡᠷᠭᠡᠨ ᠳᠤ ᠮᠤᠷᠢ ᠬᠦᠯᠵᠦ ᠦᠪᠡᠷᠳᠡᠭᠡᠨ ᠭᠦᠳᠦᠯᠦᠨ ᠶᠠᠪᠤᠳᠠᠭ᠂ ᠳᠠᠬᠢᠯᠭ᠎ᠠ ᠶᠢᠨ | ᠡᠳᠦᠷ ᠪᠤᠯᠬᠤ ᠳᠤ ᠵᠠᠪᠠᠯ ᠰᠢᠨ᠎ᠠ ᠨᠤᠲᠤᠭ ᠲᠤ ᠵᠠᠯᠠᠵᠦ ᠪᠠᠭᠤᠯᠭᠠᠳᠠᠭ ᠤᠴᠢᠷ ᠲᠠᠢ ᠪᠠᠶᠢᠳᠠᠭ ᠶᠤᠮ᠃ | ᠤᠷᠳᠤᠨ ᠢᠶᠠᠨ ᠪᠠᠷᠢᠵᠦ ᠰᠦᠯᠳᠡ ᠮᠠᠨᠳᠤᠭᠤᠯᠬᠤ — ᠰᠦᠯᠳᠡ ᠶᠢᠨ ᠤᠷᠳᠤᠨ ᠢ ᠬᠠᠮᠤᠭ ᠤᠨ ᠪᠠᠷᠠᠭᠤᠨ | ᠳᠠᠯ᠎ᠠ ᠳᠤ ᠪᠠᠶᠢᠷᠢᠯᠠᠭᠤᠯᠤᠨ ᠳᠡᠭᠰᠢ ᠰᠠᠶᠢᠬᠠᠨ ᠪᠠᠷᠢᠬᠤ ᠶᠢᠨ ᠬᠠᠮᠳᠦ ᠤᠷᠳᠤᠨ ᠤ ᠡᠮᠦᠨ᠎ᠡ 30 —50 ᠮᠧᠲᠷ ᠤᠨ | ᠵᠠᠶᠢᠳᠠᠢ ᠴᠠᠭᠠᠨ ᠠᠵᠢᠷᠭ᠎ᠠ ᠶᠢᠨ ᠳᠡᠯ ᠭᠦᠭᠦᠯ ᠢᠶᠠᠷ ᠭᠦᠬᠦᠯᠡᠭᠰᠡᠨ ᠴᠠᠭᠠᠨ ᠲᠤᠭ ᠪᠠ ᠬᠠᠷ᠎ᠠ ᠠᠵᠢᠷᠭᠠᠨ ᠳᠡᠯ | ᠭᠦᠭᠦᠯ ᠢᠶᠠᠷ ᠭᠦᠬᠦᠯᠡᠭᠰᠡᠨ ᠬᠠᠷ᠎ᠠ ᠲᠤᠭ ᠵᠡᠷᠭᠡ ᠬᠤᠶᠠᠷ ᠰᠦᠯᠳᠡ ᠲᠤᠭ ᠢᠶᠠᠨ ᠳᠠᠪᠤᠨ ᠠᠯᠳᠠ ᠤᠷᠴᠢᠮ ᠤᠨ | ᠦᠨᠳᠦᠷ ᠤᠯᠠᠭᠠᠨ ᠡᠰᠢᠨ ᠤ ᠳᠡᠭᠡᠷ᠎ᠡ ᠦᠵᠦᠭᠦᠷ ᠲᠤ ᠳᠠᠭᠠᠷᠠᠭᠤᠯᠤᠨ᠂ ᠴᠠᠭᠠᠨ ᠲᠤᠭ ᠢ ᠪᠠᠷᠠᠭᠤᠨ ᠳᠠᠯ᠎ᠠ ᠳᠤ ᠬᠠᠷ᠎ᠠ | ᠲᠤᠭ ᠢ ᠵᠡᠭᠦᠨ ᠳᠠᠯ᠎ᠠ ᠳᠤ ᠳᠡᠭᠰᠢ ᠠᠰᠬᠠᠨ ᠮᠠᠬᠳᠤᠭᠤᠯᠤᠨ ᠪᠤᠰᠬᠠᠵᠦ ᠳᠠᠯᠪᠢᠳᠠᠭ᠂ ᠬᠤᠶᠠᠷ ᠲᠤᠭ ᠤᠨ ᠡᠰᠢᠨ ᠠᠴᠠ | ᠬᠤᠯᠪᠤᠵᠦ᠂ ᠳᠠᠪᠤᠨ ᠦᠩᠭᠡ ᠶᠢᠨ ᠬᠡᠶᠢᠮᠦᠷᠢ ᠶᠢ ᠠᠯᠠᠭᠯᠠᠭᠤᠯᠤᠨ ᠤᠶᠠᠵᠦ ᠳᠠᠯᠪᠢᠳᠠᠭ ᠶᠤᠮ᠃ ᠤᠷᠳᠤᠨ | ᠲᠤᠳᠤᠷᠠᠬᠢ ᠰᠦᠯᠳᠡ ᠶᠢᠨ ᠪᠠᠶᠢᠷᠢᠰᠢᠯ ᠢ ︿︿ᠲᠦᠷᠦᠭᠡ ᠪᠠ ᠰᠦᠯᠳᠡ ᠳᠠᠬᠢᠯᠭ᠎ᠠ ᠶᠢᠨ ᠪᠦᠳᠦᠴᠡ﹀﹀ ᠲᠤ | ᠲᠤᠷᠠᠳᠤᠭᠰᠠᠨ ᠰᠢᠭ᠋ ᠤᠤᠯ ᠤᠨ ᠦᠵᠦᠮᠦᠴᠢᠨ ᠠᠶᠢᠮᠠᠭ ᠤᠨ ᠰᠦᠯᠳᠡ ᠶᠢ ᠬᠤᠶᠢᠮᠦᠷ ᠲᠠᠷᠠᠭᠠᠯᠠᠨ ᠵᠠᠯᠠᠵᠦ᠂ | ᠲᠦᠷᠦᠭᠡᠨ ᠰᠦᠯᠳᠡ ᠪᠠᠨ ᠲᠤᠪᠤᠶᠢᠯᠭᠠᠨ ᠵᠠᠯᠠᠵᠦ ᠪᠠᠶᠢᠷᠢᠯᠠᠭᠤᠯᠤᠨ᠎ᠠ᠃ ᠰᠦᠯᠳᠡ ᠶᠢᠨ ᠭᠡᠷ ᠶᠢᠨ ᠵᠡᠭᠦᠨ ᠳᠠᠯ᠎ᠠ ᠳᠤ | ᠨᠠᠶᠢᠷ ᠤᠨ ᠭᠡᠷ ᠢ ᠵᠢᠯᠡᠷᠡᠭᠦᠯᠦᠨ ᠪᠠᠶᠢᠷᠢᠯᠠᠭᠤᠯᠳᠠᠭ᠃ | ᠰᠦᠯᠳᠡ ᠶᠢᠨ ᠰᠠᠩ ᠪᠠ ᠳᠠᠬᠢᠯᠭ᠎ᠠ ᠶᠢᠨ ᠵᠤᠯᠠ ᠬᠦᠵᠢ ᠬᠡᠷᠡᠭᠰᠡᠯ — ᠭᠡᠭᠡᠨ ᠰᠦᠯᠳᠡ ᠪᠠ ᠲᠦᠷᠦᠭᠡᠨ | ᠰᠦᠯᠳᠡ ᠶᠢᠨ ᠡᠮᠦᠨ᠎ᠡ ᠲᠤᠰᠪᠦᠷᠢ ᠮᠦᠩᠬᠡ ᠵᠤᠯᠠ ᠬᠡᠮᠡᠨ ᠲᠤᠮᠤ ᠳᠠᠬᠢᠯ ᠳᠤ ᠵᠤᠯᠠ ᠬᠢᠵᠦ ᠪᠠᠷᠢᠬᠤ ᠪᠠ ᠬᠤᠶᠠᠷ | ᠳᠠᠯ᠎ᠠ ᠪᠠᠷ ᠨᠢ ᠪᠠᠭ᠎ᠠ ᠴᠦᠴᠦᠭᠡᠨ ᠳᠤ ᠲᠦᠷᠪᠡ ᠲᠦᠷᠪᠡ ᠪᠠᠷ ᠨᠠᠢᠮᠠᠨ ᠵᠤᠯᠠ ᠬᠢᠵᠦ ᠪᠠᠷᠢᠵᠦ ᠳᠠᠯᠪᠢᠳᠠᠭ᠂ ᠮᠦᠨ | ᠶᠢᠰᠦᠨ ᠵᠢᠵᠢᠭ ᠳᠠᠬᠢᠯ ᠳᠤ ᠲᠤᠰᠪᠦᠷᠢ ᠴᠠᠢ ᠤᠰᠤᠨ ᠢ ᠬᠢᠵᠦ ᠦᠷᠦᠵᠦ ᠳᠠᠯᠪᠢᠳᠠᠭ᠂ ᠪᠠᠰᠠ ᠤᠷᠳᠦ ᠬᠡᠯᠪᠡᠷᠢ ᠶᠢᠨ | ᠬᠦᠯᠢᠰ ᠳᠠᠯᠪᠢᠵᠦ᠂ ᠠᠷᠴᠠ ᠬᠦᠵᠢ ᠤᠩᠭᠤᠳᠠᠭᠤᠯᠤᠨ ᠠᠷᠢᠭᠤᠳᠬᠠᠯ ᠬᠢᠳᠡᠭ᠂ ᠵᠠᠩᠭᠢ ᠦᠪᠡᠷᠳᠡᠭᠡᠨ ︿︿ᠪᠤᠭᠳᠠ | ᠴᠢᠩᠭᠢᠰ ᠬᠠᠭᠠᠨ ᠤ ᠰᠠᠩ ᠳᠠᠬᠢᠯᠭ᠎ᠠ ᠬᠡᠷᠡᠭ ᠦᠢᠯᠡᠰ ᠢ ᠲᠦᠷᠭᠡᠨ ᠪᠦᠳᠦᠭᠡᠭᠴᠢ ᠴᠡᠩᠭᠡᠯ ᠤᠨ ᠳᠠᠯᠠᠢ﹀﹀ ᠬᠡᠮᠡᠬᠦ | ᠰᠤᠲᠤᠷ ᠢ ᠪᠡᠯᠡᠨ ᠪᠠᠶᠢᠯᠭᠠᠬᠤ ᠪᠠᠷ ᠪᠠᠷᠠᠬᠤ ᠦᠭᠡᠢ ᠳᠠᠬᠢᠯᠭ᠎ᠠ ᠳᠤ ᠤᠩᠰᠢᠳᠠᠭ᠃ | ᠳᠠᠬᠢᠯᠭ᠎ᠠ ᠶᠢᠨ ᠰᠢᠭᠦᠰᠦᠨ ᠤ ᠬᠤᠨᠢ ᠪᠠ ᠡᠷᠭᠦᠬᠦ ᠤᠭᠤᠴᠠ ᠶᠢ ᠵᠠᠰᠠᠬᠤ — ᠰᠦᠯᠳᠡ ᠳᠠᠬᠢᠯᠭ᠎ᠠ ᠶᠢᠨ | ᠰᠢᠭᠦᠰᠦᠨ ᠬᠤᠨᠢ ᠶᠢ ᠭᠠᠷᠭᠠᠬᠤ ᠳᠤ ᠶᠢᠰᠦᠨ ᠲᠤᠭᠠᠨ ᠤ ᠴᠠᠭᠠᠨ ᠪᠤᠶᠤ ᠰᠢᠷᠠᠨᠳᠠᠨ ᠬᠠᠷᠠᠨᠳᠠᠨ ᠵᠢᠰᠦᠮ ᠤᠨ ᠢᠷᠭᠡ | ᠬᠤᠨᠢ ᠪᠠᠶᠢᠬᠤ ᠬᠡᠷᠡᠭᠳᠡᠢ ᠪᠦᠭᠡᠳ ᠳᠠᠬᠢᠯᠭ᠎ᠠ ᠶᠢᠨ ᠤᠷᠢᠳᠦ ᠡᠳᠦᠷ ᠴᠡᠪᠡᠷ ᠠᠷᠢᠭᠤᠨ ᠭᠠᠵᠠᠷ ᠲᠤ ᠲᠦᠬᠦᠭᠡᠷᠡᠨ ︵ | ᠠᠯᠠᠵᠦ︶ ᠠᠵᠢᠯᠯᠠᠵᠦ᠂ ᠶᠤᠰᠤ ᠭᠤᠷᠢᠮ ᠲᠠᠢ ᠡᠪᠳᠡᠨ ᠰᠠᠯᠭᠠᠵᠦ ᠴᠢᠨᠠᠵᠦ ᠪᠤᠯᠭᠤᠭᠤᠨᠠ᠂ ᠡᠭᠦᠨ ᠳᠤ | ᠳᠠᠬᠢᠯᠭ᠎ᠠ ᠶᠢᠨ ᠤᠭᠤᠴᠠ ᠭᠠᠷᠭᠠᠬᠤ ᠶᠢ ᠤᠨᠴᠠ ᠠᠩᠬᠠᠷᠤᠨ᠎ᠠ᠂ ᠤᠭᠤᠴᠠ ᠭᠠᠷᠭᠠᠬᠤ ᠳᠠᠭᠠᠨ ᠬᠤᠨᠢᠨ ᠮᠢᠬ᠎ᠠ ᠪᠠᠨ | ᠲᠤᠮᠳᠠᠭᠤᠷ ᠨᠢ ᠰᠠᠯᠭᠠᠬᠤ ᠳᠤ ᠰᠦᠪᠡᠭᠡᠨ ᠭᠤᠷᠪᠠᠨ ᠬᠠᠪᠢᠷᠭ᠎ᠠ ᠪᠠ ᠨᠢᠷᠤᠭᠤᠨ ᠤ ᠨᠠᠷᠢᠨ ᠭᠤᠷᠪᠠᠨ ᠦᠶ᠎ᠡ ᠲᠠᠢ ᠨᠢ | ᠦᠶᠡᠯᠡᠨ ᠠᠪᠬᠤ ᠶᠢᠨ ᠬᠠᠮᠳᠤ ᠬᠤᠶᠠᠷ ᠭᠤᠶ᠎ᠠ ᠶᠢᠨ ᠭᠤᠷᠪᠠᠨ ᠶᠠᠰᠤ ᠶᠢ ᠱᠤᠯᠣᠵᠦ ᠰᠠᠯᠭᠠᠨ ᠠᠪᠤᠭᠠᠳ ᠤᠭᠤᠴᠠᠨ | ᠨᠢᠷᠤᠭᠤ ᠶᠢᠨ ᠦᠵᠦᠭᠦᠷ ᠲᠤ ᠭᠤᠷᠪᠠᠨ ᠦᠶ᠎ᠡ ᠦᠯᠡᠳᠡᠭᠡᠨ ᠨᠤᠭᠤᠯᠵᠦ᠂ ᠬᠤᠩᠭᠤ ᠶᠢᠨ ᠵᠤᠵᠠᠭᠠᠨ ᠮᠢᠬ᠎ᠠ᠂ | ᠦᠭᠡᠬᠦᠨ ᠰᠡᠭᠦᠯ ᠵᠡᠷᠭᠡ ᠶᠢ ᠴᠦᠮ ᠤᠭᠤᠴᠠᠨ ᠳᠤᠨᠢ ᠭᠠᠷᠭᠠᠳᠠᠭ ᠶᠤᠮ᠂ ᠲᠤᠮᠤ ᠲᠤᠭᠤᠭᠠᠨ ᠳᠤ ᠴᠢᠨᠠᠵᠦ | ᠪᠤᠯᠭᠤᠭᠠᠳ ᠬᠦᠷᠦᠭᠡᠨᠡ᠂ ᠳᠠᠬᠢᠯᠭ᠎ᠠ ᠶᠢᠨ ᠤᠭᠤᠴᠠ ᠶᠢ ᠳᠡᠪᠰᠢᠨ ᠳᠤ ᠳᠠᠪᠠᠭᠯᠠᠬᠤ ᠳᠠᠭᠠᠨ ᠬᠤᠶᠠᠷ ᠬᠠ ᠬᠤᠶᠠᠷ | ᠭᠤᠶ᠎ᠠ ᠶᠢ ᠨᠠᠷᠢᠨ ᠳᠠᠯ᠎ᠠ ᠪᠠᠷ ᠨᠢ ᠳᠡᠭᠡᠭᠰᠢ ᠬᠠᠨᠳᠤᠭᠤᠯᠤᠨ ᠳᠠᠯᠪᠢᠵᠦ᠂ ᠬᠦᠵᠦᠭᠦᠤ ᠰᠡᠭᠡᠷ ᠢ ᠨᠢ ᠲᠡᠷᠡᠯᠡᠭᠦᠯᠦᠨ | ᠡᠪᠴᠢᠭᠦᠤ ᠪᠠᠨ ᠬᠤᠩᠬᠤᠷ ᠳᠠᠯ᠎ᠠ ᠶᠢ ᠨᠢ ᠳᠡᠭᠡᠭᠰᠢ ᠬᠠᠨᠳᠤᠭᠤᠯᠤᠨ ᠳᠠᠯᠪᠢᠭᠰᠠᠨ ᠢᠶᠠᠨ ᠤᠭᠤᠴᠠ ᠪᠠᠨ ᠳᠡᠭᠡᠷ᠎ᠡ ᠨᠢ | ᠬᠦᠮᠦᠷᠢᠵᠦ ᠳᠠᠯᠪᠢᠨ᠎ᠠ᠂ ᠤᠭᠤᠴᠠᠨ ᠤ ᠳᠡᠭᠡᠷ᠎ᠡ ᠨᠢ ᠬᠤᠶᠢᠬᠠᠯᠠᠨ ᠪᠤᠯᠭᠤᠭᠰᠠᠨ ᠬᠤᠨᠢᠨ ᠲᠤᠯᠤᠭᠠᠢ ᠪᠠᠨ ᠮᠠᠩᠨᠠᠢ ᠶᠢ | ᠨᠢ ᠴᠠᠭᠠᠨ ᠰᠢᠷ᠎ᠠ ᠲᠤᠰᠤ ᠪᠠᠷ ᠮᠢᠯᠢᠶᠠᠵᠦ ᠳᠠᠯᠪᠢᠳᠠᠭ᠂ ᠳᠠᠪᠠᠭᠯᠠᠬᠤ ᠳᠠᠭᠠᠨ ᠤᠭᠤᠴᠠᠨ ᠤ ᠨᠢᠷᠤᠭᠤᠨ ᠦᠵᠦᠭᠦᠷ ᠪᠠ | ᠲᠤᠯᠤᠭᠠᠢ ᠶᠢᠨ ᠬᠤᠩᠰᠢᠶᠠᠷ ᠳᠠᠯ᠎ᠠ ᠶᠢ ᠬᠦᠵᠦᠭᠦᠤ ᠰᠡᠭᠡᠷ ᠤᠨ ᠵᠦᠭ ᠲᠤ ᠬᠠᠨᠳᠤᠭᠤᠯᠤᠨ ᠳᠠᠯᠪᠢᠬᠤ ᠤᠴᠢᠷᠳᠠᠢ᠂ | ᠳᠡᠭᠡᠷᠡᠬᠢ ᠪᠤᠯ ᠪᠦᠬᠦᠯᠢ ᠬᠤᠨᠢᠨ ᠤ ᠤᠭᠤᠴᠠᠨ ᠤ ᠬᠡᠯᠪᠡᠷᠢ ᠮᠠᠶ᠋ᠢᠭ ᠪᠤᠯᠤᠨ᠎ᠠ᠃ | ᠰᠡᠳᠡᠷ ᠬᠢᠬᠦ᠂ ᠳᠠᠮᠠᠭᠠᠯᠠᠬᠤ ᠪᠠ ᠮᠠᠯ ᠤᠩᠭᠤᠯᠠᠬᠤ — ᠰᠦᠯᠳᠡᠨ ᠳᠤ ᠮᠠᠯ ᠤᠩᠭᠤᠯᠠᠨ ᠳᠠᠯᠪᠢᠬᠤ ᠳᠤ | ᠵᠠᠪᠠᠯ ᠳᠠᠪᠤᠨ ᠦᠩᠭᠡ ᠶᠢᠨ ᠰᠡᠳᠡᠷ ᠬᠢᠵᠦ ᠪᠡᠯᠡᠳᠭᠡᠬᠦ ᠬᠡᠷᠡᠭᠳᠡᠢ᠂ ᠬᠦᠬᠡ ᠴᠠᠭᠠᠨ ᠤᠯᠠᠭᠠᠨ ᠰᠢᠷ᠎ᠠ ᠨᠤᠭᠤᠭᠠᠨ ᠵᠡᠷᠭᠡ | ᠳᠠᠪᠤᠨ ᠦᠩᠭᠡ ᠶᠢᠨ ᠲᠤᠷᠭ᠎ᠠ ᠪᠤᠶᠤ ᠪᠦᠰ ᠠᠪᠴᠤ᠂ ᠦᠷᠭᠡᠨ ᠢᠶᠠᠷ ᠨᠢᠭᠡ ᠢᠮᠠᠬᠤ ᠤᠷᠳᠦ ᠪᠠᠷ ᠨᠢᠭᠡ ᠰᠦᠭᠡᠮ ᠶᠢᠨ | ᠬᠡᠮᠵᠢᠶ᠎ᠡ ᠪᠠᠷ ᠤᠶᠠᠭ᠎ᠠ ᠭᠠᠷᠭᠠᠨ ᠬᠢᠭᠰᠡᠨ ᠢᠶᠠᠨ ᠲᠤᠷᠤᠭᠰᠢ ᠤᠨᠵᠠᠶᠢᠬᠤ ᠳᠠᠯ᠎ᠠ ᠶᠢ ᠨᠢ ᠬᠤᠰᠢᠭᠤᠯᠵᠢᠯᠠᠨ ᠤᠭᠳᠤᠯᠵᠦ | ᠳᠠᠯᠪᠢᠳᠠᠭ᠃ ᠴᠠᠭᠠᠨ ᠰᠦᠯᠳᠡ ᠳᠡᠭᠷᠢ ᠳᠤ ᠶᠡᠷᠦᠨᠢ ᠴᠠᠭᠠᠨ ᠮᠤᠷᠢ ᠰᠡᠳᠡᠷᠯᠡᠨ ᠤᠩᠭᠤᠯᠠᠵᠦ᠂ ᠤᠨᠤᠭ᠎ᠠ ᠪᠤᠯᠭᠠᠨ | ᠡᠷᠭᠦᠳᠡᠭ ᠤᠴᠢᠷᠳᠠᠢ᠂ ᠢᠩᠭᠢᠪᠡᠯ ᠴᠠᠭᠠᠨ ᠰᠦᠯᠳᠡ ᠶᠢᠨ ᠭᠡᠭᠡᠨ ᠪᠠᠶᠠᠰᠴᠤ ᠬᠡᠵᠢᠶᠡᠳᠡ ᠬᠤᠰᠢᠭᠤ ᠨᠤᠲᠤᠭ ᠪᠠ | ᠠᠶᠢᠯ ᠡᠷᠦᠬᠡ ᠶᠢ ᠦᠭᠡᠳᠡ ᠬᠡᠶᠢᠮᠦᠷ ᠲᠠᠢ ᠦᠯᠵᠡᠢ ᠮᠦᠷ ᠲᠠᠢ ᠶᠠᠪᠤᠬᠤ ᠶᠢ ᠢᠪᠡᠭᠡᠨ ᠳᠡᠳᠭᠦᠵᠦ ᠶᠠᠪᠤᠳᠠᠭ ᠶᠤᠮ᠃ | ᠤᠩᠭᠤᠯᠠᠨ ᠰᠡᠳᠡᠷᠯᠡᠭᠰᠡᠨ ᠮᠤᠷᠢ ᠶᠢ ᠤᠯᠠᠩᠬᠢ ᠳᠠᠭᠠᠨ ᠭᠡᠷ ᠤᠨ ᠡᠵᠡᠨ ᠠᠴᠠ ᠪᠤᠰᠤᠳ ᠬᠦᠮᠦᠨ ᠤᠨᠤᠵᠦ ᠪᠤᠯᠬᠤ | ᠦᠭᠡᠢ᠂ ᠡᠮᠡᠭᠡᠯ ᠰᠤᠯᠢᠬᠤ ᠪᠠ ᠪᠡᠯᠪᠡᠰᠦᠷᠡᠯ ᠳᠤ ᠬᠡᠷᠡᠭᠯᠡᠵᠦ ᠪᠤᠯᠬᠤ ᠦᠭᠡᠢ᠂ ᠭᠡᠮᠳᠦᠭᠡᠵᠦ ᠰᠡᠪᠳᠦᠭᠡᠵᠦ ᠪᠤᠯᠳᠠᠭ | ᠦᠭᠡᠢ᠂ ᠬᠦᠭᠰᠢᠷᠡᠵᠦ ᠬᠢᠵᠢᠶᠡᠯᠰᠢᠪᠡᠯ ᠳᠠᠬᠢᠨ ᠵᠠᠯᠠᠭᠤ ᠮᠤᠷᠢ ᠵᠢᠭᠠᠵᠦ ᠤᠩᠭᠤᠯᠠᠨ ᠰᠡᠳᠡᠷᠯᠡᠳᠡᠭ ᠵᠡᠷᠭᠡ ᠤᠯᠠᠨ ᠴᠡᠭᠡᠷ | ᠬᠤᠷᠢᠭ᠎ᠠ ᠲᠠᠢ ᠪᠠᠶᠢᠳᠠᠭ ᠶᠤᠮ᠃ ᠤᠩᠭᠤᠨ ᠮᠤᠷᠢᠨ ᠤ ᠲᠤᠬᠠᠢ ᠴᠡᠭᠡᠷ ᠬᠤᠷᠢᠭ᠎ᠠ ᠶᠢ ᠰᠦᠯᠳᠡᠨ ᠵᠠᠩᠭᠢ ᠠᠴᠠ | ᠤᠯᠠᠨ ᠳᠤ ᠨᠡᠶᠢᠳᠡᠯᠡᠵᠦ ᠵᠠᠷᠯᠠᠳᠠᠭ᠂ ᠰᠡᠳᠡᠷᠯᠡᠬᠦ ᠴᠠᠭᠠᠨ ᠮᠤᠷᠢ ᠶᠢ ᠰᠦᠯᠳᠡᠨ ᠵᠠᠩᠭᠢ ᠠᠴᠠ ᠨᠠᠰᠤ ᠵᠢᠰᠤ᠂ ᠪᠠᠶ᠎ᠠ | ᠪᠠᠶᠢᠳᠠᠯ ᠢ ᠨᠢ ᠰᠢᠨᠵᠢᠵᠦ᠂ ᠰᠢᠷᠬ᠎ᠠ ᠰᠤᠷᠪᠢ ᠪᠠᠶᠢᠬᠤ ᠡᠰᠡᠬᠦ ᠶᠢ ᠰᠢᠯᠭᠠᠵᠦ ᠦᠵᠡᠭᠡᠳ ᠨᠠᠷᠢᠨ ᠳᠡᠮᠳᠡᠭᠯᠡᠯ ᠬᠢᠵᠦ | ᠵᠦᠪᠰᠢᠶᠡᠷᠡᠪᠡᠯ ᠰᠠᠶ᠋ᠢ ᠰᠦᠯᠳᠡ ᠳᠡᠭᠷᠢ ᠳᠤ ᠰᠡᠳᠡᠷ ᠵᠡᠭᠦᠯᠭᠡᠨ ᠤᠩᠭᠤᠯᠠᠵᠦ ᠪᠤᠯᠳᠠᠭ᠃ ᠰᠡᠳᠡᠷᠯᠡᠨ | ᠤᠩᠭᠤᠯᠠᠬᠤ ᠳᠠᠭᠠᠨ ᠤᠷᠢᠳᠠᠪᠠᠷ ᠮᠤᠷᠢᠨ ᠭᠤᠶᠠᠨ ᠳᠡᠭᠡᠷ᠎ᠡ ᠨᠢ ︿︿ᠤᠩᠭᠤᠨ﹀﹀ ᠬᠡᠮᠡᠬᠦ ᠦᠰᠦᠭ ᠤᠨ ᠳᠠᠮᠠᠭ᠎ᠠ ᠶᠢ | ᠳᠡᠭᠰᠢ ᠰᠠᠶᠢᠬᠠᠨ ᠲᠤᠷᠠᠶᠢᠳᠠᠯ᠎ᠠ ᠳᠠᠷᠤᠭᠰᠠᠨ ᠢᠶᠠᠨ ᠰᠠᠶ᠋ᠢ ᠳᠠᠪᠤᠨ ᠦᠩᠭᠡ ᠶᠢᠨ ᠰᠡᠳᠡᠷ ᠢᠶᠠᠨ ᠮᠤᠷᠢᠨ ᠤ | ᠮᠤᠨᠳᠠᠭ᠎ᠠ ᠠᠴᠠ ᠨᠢ ᠬᠦᠷᠦᠵᠦ ᠤᠶᠠᠨ᠎ᠠ᠃ | ᠳᠠᠯᠠᠯᠭ᠎ᠠ ᠬᠤᠷᠤᠶᠢᠯᠠᠨ ᠠᠪᠬᠤ — ᠰᠦᠯᠳᠡᠨ ᠳᠠᠯᠠᠯᠭ᠎ᠠ ᠬᠤᠷᠤᠶᠢᠯᠠᠨ ᠠᠪᠬᠤ ᠪᠤᠯ ᠭᠡᠰᠢᠭ ᠪᠤᠶᠠᠨ | ᠲᠤᠭᠳᠠᠭᠠᠨ ᠬᠤᠷᠢᠶᠠᠬᠤ ᠵᠠᠩ ᠦᠢᠯᠡ ᠶᠤᠮ᠂ ᠵᠠᠩᠭᠢ ᠪᠤᠯᠤᠨ ᠲᠤᠭᠴᠢᠳ ᠠᠴᠠ ᠳᠠᠯᠠᠯᠭᠠᠨ ᠰᠠᠪᠠ ᠪᠡᠯᠡᠳᠭᠡᠵᠦ | ᠳᠠᠯᠪᠢᠵᠦ ᠪᠠᠶᠢᠳᠠᠭ᠂ ᠡᠭᠦᠨ ᠳᠤ ᠳᠠᠯᠠᠯᠭᠠᠨ ᠲᠦᠷᠦᠭᠡ ︵ᠰᠠᠭᠤᠯᠭ᠎ᠠ︶᠂ ᠳᠠᠯᠠᠯᠭᠠᠨ ᠱᠧᠩ᠂ ᠳᠠᠯᠠᠯᠭᠠᠨ ᠤᠭᠤᠳᠠ | ᠵᠡᠷᠭᠡ ᠪᠤᠢ᠂ ᠳᠠᠯᠠᠯᠭᠠᠨ ᠰᠠᠪᠠᠨ ᠳᠤ ᠳᠠᠪᠤᠨ ᠳᠠᠷᠢᠶᠠᠨ ᠤ ᠦᠷ᠎ᠡ᠂ ᠮᠠᠯ ᠤᠨ ᠭᠡᠰᠢᠭ᠂ ᠡᠷᠳᠡᠨᠢᠰ ᠤᠨ ᠵᠦᠢᠯᠡᠰ ᠪᠤᠶᠤ | ᠬᠤᠨᠢᠨ ᠤ ᠳᠠᠯᠦ ᠲᠦᠷᠪᠡᠨ ᠦᠨᠳᠦᠷ᠂ ᠱᠠᠭᠠᠨᠳᠦ ᠴᠢᠮᠦᠭᠡ᠂ ᠬᠤᠰ ᠵᠡᠷᠭᠡ ᠢᠳᠡᠭᠡᠨ ᠤ ᠳᠡᠭᠡᠵᠢ ᠵᠡᠷᠭᠡ ᠶᠢ ᠬᠢᠵᠦ | ᠲᠦᠭᠦᠷᠭᠡᠭᠡᠳ ᠬᠠᠪᠬᠠᠰᠤᠯᠠᠬᠤ ᠪᠤᠶᠤ ᠪᠦᠳ᠋ᠨᠭᠡᠨ ᠳᠠᠭᠯᠠᠭᠰᠠᠨ ᠢᠶᠠᠨ ᠳᠠᠯᠠᠯᠭᠠᠨ ᠰᠤᠮᠤ ᠪᠠᠨ ᠬᠠᠳᠬᠤᠵᠦ ᠳᠠᠯᠪᠢᠳᠠᠭ᠂ | ᠳᠠᠯᠠᠯᠭᠠᠨ ᠰᠤᠮᠤ ᠶᠢ ᠨᠤᠮᠤ ᠰᠤᠮᠤ ᠶᠢᠨ ᠬᠡᠯᠪᠡᠷᠢ ᠪᠠᠷ ᠲᠡᠮᠦᠷ ᠪᠤᠶᠤ ᠮᠤᠳᠤ ᠪᠠᠷ ᠬᠢᠵᠦ᠂ ᠰᠤᠮᠤᠨ ᠳᠡᠭᠡᠳᠦ | ᠬᠡᠰᠡᠭ ᠲᠤ ᠭᠤᠷᠪᠠᠨ ᠦᠳᠦ ᠶᠢ ᠵᠡᠷᠭᠡᠴᠡᠭᠦᠯᠦᠨ ᠲᠦᠬᠦᠳᠡᠭᠯᠡᠳᠡᠭ᠂ ᠪᠠᠰᠠ ᠳᠠᠪᠤᠨ ᠦᠩᠭᠡ ᠶᠢᠨ ᠭᠭᠢᠪ ᠲᠤᠷᠭ᠎ᠠ᠂ | ᠬᠠᠳᠠᠭ ᠪᠠᠷ ᠴᠢᠮᠡᠭᠯᠡᠨ ᠰᠤᠮᠤ ᠪᠠᠨ ᠬᠠᠳᠬᠤᠵᠦ ᠳᠠᠯᠪᠢᠳᠠᠭ᠃ | ᠴᠡᠭᠡ ᠪᠠᠷᠢᠬᠤ ᠡᠷᠦᠬᠡ ᠭᠠᠷᠭᠠᠬᠤ — ᠰᠦᠯᠳᠡ ᠶᠢᠨ ᠳᠠᠬᠢᠯᠭ᠎ᠠ ᠳᠤ ᠬᠡᠷᠡᠭᠰᠡᠬᠦ ᠴᠡᠭᠡ ᠪᠠᠷᠢᠬᠤ ᠲᠤᠰᠬᠠᠢ | ᠡᠷᠦᠬᠡ ᠨᠦᠭᠦᠳ ᠪᠠᠶᠢᠳᠠᠭ᠂ ᠲᠡᠳᠡᠭᠡᠷ ᠠᠶᠢᠯ ᠤᠳ ᠤᠨ ᠤᠯᠤᠩ ᠤᠭᠤᠰᠤᠷ ᠨᠢ ᠴᠠᠭᠠᠨ ᠮᠤᠷᠢᠨ ᠤ ᠳᠡᠯ | ᠬᠢᠯᠭᠠᠰᠤ ᠪᠠᠷ ᠳᠠᠮᠤᠵᠦ ᠬᠢᠭᠰᠡᠨ ᠪᠠᠶᠢᠬᠤ ᠵᠢᠷᠤᠮ ᠲᠠᠢ ᠪᠦᠭᠡᠳ ᠰᠠᠭᠠᠯᠢ ᠶᠢᠨ ᠭᠡᠭᠦᠳ ᠨᠢ ᠴᠤ ᠴᠦᠮ ᠴᠠᠭᠠᠨ | ᠵᠢᠰᠦᠮ ᠤᠨ ᠬᠢ ᠪᠠᠶᠢᠳᠠᠭ ᠤᠴᠢᠷᠳᠠᠢ᠂ ᠰᠠᠭᠠᠯᠢᠴᠢᠳ ᠨᠢ ᠵᠠᠪᠠᠯ ᠳᠠᠶᠢᠵᠢᠨᠠᠷ ᠤᠪᠤᠭᠳᠠᠨ ᠢᠶᠠᠷ ᠪᠦᠷᠢᠯᠳᠦᠳᠡᠭ ᠶᠤᠮ᠂ | ᠡᠳᠡᠭᠡᠷ ᠠᠶᠢᠯ ᠡᠷᠦᠬᠡ ᠨᠢ ᠰᠦᠯᠳᠡ ᠳᠡᠭᠷᠢ ᠳᠤ ᠡᠷᠭᠦᠬᠦ ᠰᠠᠴᠤᠯᠢ ᠶᠢ ᠪᠡᠯᠡᠳᠭᠡᠬᠦ ᠪᠠᠷ ᠪᠠᠷᠠᠬᠤ ᠦᠭᠡᠢ ᠳᠠᠬᠢᠯᠭ᠎ᠠ ᠶᠢᠨ | ᠤᠯᠠᠨ ᠤ ᠬᠦᠷᠳᠡᠬᠦ ᠪᠠ ᠨᠠᠶᠢᠷ ᠲᠤ ᠬᠡᠷᠡᠭᠯᠡᠬᠦ ᠴᠡᠭᠡ ᠶᠢ ᠬᠠᠩᠭᠠᠬᠤ ᠡᠭᠦᠷᠭᠡ ᠬᠠᠷᠢᠭᠤᠴᠠᠯᠭ᠎ᠠ ᠲᠠᠢ ᠪᠠᠶᠢᠳᠠᠭ ᠶᠤᠮ᠃ | ᠠᠶᠢᠷᠠᠭ ᠬᠦᠷᠦᠩᠭᠡᠯᠡᠵᠦ ᠴᠡᠭᠡ ᠭᠠᠷᠤᠮᠠᠭᠴᠠ ︿︿ᠦᠷᠡᠰ ᠤᠨ ᠨᠠᠶᠢᠷ﹀﹀ ᠭᠡᠵᠦ ᠬᠢᠳᠡᠭ᠂ ᠡᠬᠢᠨ ᠤ ᠰᠠᠭᠠᠮ᠎ᠠ ᠶᠢᠨ | ᠳᠠᠷᠠᠭ᠎ᠠ ᠲᠡᠭᠷᠢ ᠰᠠᠬᠢᠭᠤᠰᠤ ᠳᠤ ᠡᠷᠭᠦᠭᠦ ᠶᠤᠰᠤᠯᠠᠯ ᠶᠠᠪᠤᠭᠤᠯᠤᠨ᠎ᠠ᠂ ᠡᠭᠦᠨ ᠳᠤ ᠠᠷᠴᠠ ᠬᠦᠵᠢ ᠤᠤᠭᠢᠭᠤᠯᠤᠨ | ᠤᠨᠠᠭ᠎ᠠ ᠭᠡᠭᠦᠳ ᠢᠶᠠᠨ ᠠᠷᠢᠭᠤᠯᠬᠤ᠂ ᠴᠠᠭᠠᠨ ᠢᠳᠡᠭᠡᠨ ᠢᠶᠠᠷ ᠤᠨᠠᠭ᠎ᠠ ᠪᠠᠨ ᠮᠢᠯᠢᠶᠠᠬᠤ᠂5᠂7᠂ 9 ᠲᠤᠭ᠎ᠠ ᠪᠠᠷ | ᠴᠠᠭᠠᠨ ᠮᠤᠷᠢᠳᠠᠨ ᠤ ᠵᠢᠭᠰᠠᠭᠠᠯ ᠢᠶᠠᠷ ᠵᠡᠯ᠎ᠡ ᠲᠤᠭᠤᠷᠢᠨ ᠰᠠᠴᠤᠯᠢ ᠡᠷᠭᠦᠬᠦ ᠪᠠ ᠴᠡᠭᠡᠨ ᠢᠷᠦᠭᠡᠯ ᠬᠡᠯᠡᠬᠦ ᠵᠡᠷᠭᠡ | ᠬᠢᠳᠡᠯ ᠢ ᠬᠦᠢᠴᠡᠳᠭᠡᠳᠡᠭ ᠶᠤᠮ᠃ ᠴᠡᠭᠡᠨ ᠤ ᠢᠷᠦᠭᠡᠯ ᠤᠨ ᠦᠭᠡ ᠠᠨᠤ᠄ | ᠴᠡᠭᠡ ᠭᠡᠳᠡᠭ ᠠᠮᠳᠠᠳᠦ ᠢᠳᠡᠭᠡᠨ | ᠴᠢᠩ ᠴᠠᠭᠠᠨ ᠭᠡᠭᠦᠤ ᠶᠢᠨ ᠰᠦ | ᠴᠢᠩᠭᠢᠰ ᠪᠤᠭᠳᠠ ᠶᠢᠨ ᠡᠷᠬᠢᠮᠯᠡᠨ ᠵᠤᠬᠢᠶᠠᠭᠰᠠ | ᠴᠢᠨᠳᠠᠮᠤᠨᠢ ᠡᠷᠳᠡᠨᠢ ᠶᠢᠨ ᠢᠳᠡᠭᠡᠨ ᠤ ᠳᠡᠭᠡᠵᠢ | ᠤᠰᠤᠨ ᠳᠠᠯᠠᠢ ᠡᠬᠡ ᠲᠠᠢ | ᠲᠤᠰᠤᠨ ᠳᠠᠯᠠᠢ ᠲᠤᠨᠤᠭ ᠲᠠᠢ | ᠪᠠᠷᠰ ᠤᠨ ᠠᠷᠠᠰᠤᠨ ᠠᠷᠠᠭᠳᠠ ᠲᠠᠢ | ᠪᠠᠯᠮᠤᠷ ᠽᠠᠨᠳᠠᠨ ᠪᠦᠯᠢᠭᠦᠷ ᠲᠠᠢ | ᠲᠦᠷᠪᠡᠨ ᠮᠦᠩᠭᠦᠨ ᠬᠦᠯ ᠲᠠᠢ | ᠲᠦᠷᠪᠡᠯᠵᠢᠨ ᠮᠦᠩᠭᠦᠨ ᠲᠤᠯᠢ ᠲᠠᠢ | ᠦᠩᠭᠡ ᠨᠢ ᠭᠢᠯᠳᠦᠭᠡᠨᠡᠭᠰᠡᠨ | ᠦᠨᠳᠦᠷ ᠶᠡᠭᠡ ᠰᠢᠷᠡᠭᠡᠨ ᠳᠡᠭᠡᠷ᠎ᠡ | ᠭᠠᠶᠢᠬᠠᠮᠰᠢᠭ ᠶᠡᠬᠡᠳᠠᠢ | ᠭᠠᠩᠭᠠᠷ ᠴᠠᠭᠠᠨ ᠱᠠᠵᠠᠩ ᠳᠤ | ᠳᠠᠭᠠᠭᠠᠵᠦ ᠶᠠᠳᠠᠳᠠᠯ᠎ᠠ ᠬᠢᠵᠦ | ᠲᠠᠪᠠᠷᠠᠭᠯᠠᠵᠦ ᠭᠠᠷᠳᠠᠯ᠎ᠠ ᠪᠢᠯᠬᠠᠭᠤᠯᠵᠦ | ᠬᠤᠩᠭᠤᠷ ᠠᠯᠠᠭ ᠭᠡᠭᠦᠤ ᠪᠠᠷ | ᠬᠤᠳᠠ ᠶᠦᠭᠡᠨ ᠲᠦᠭᠦᠷᠭᠡᠵᠦ | ᠬᠤᠯᠠᠨ ᠴᠢᠬᠢᠳᠦ ᠤᠨᠠᠭ᠎ᠠ ᠪᠠᠷ | ᠵᠡᠯ᠎ᠡ ᠶᠦᠭᠡᠨ ᠲᠦᠭᠦᠷᠭᠡᠵᠦ | ᠪᠠᠶᠠᠨ ᠳᠡᠮᠪᠡᠷᠡᠯ ᠮᠦᠩᠭᠡ ᠤᠷᠤᠰᠢᠬᠤ ᠶᠢ | ᠪᠠᠳᠦ ᠲᠤᠭᠳᠠᠭᠠᠨ ᠠᠶᠢᠯᠠᠳᠬᠠᠨ ᠪᠠᠷᠢᠪᠠᠢ﹀﹀ ᠬᠡᠮᠡᠨ ᠤᠶᠠᠩᠭᠠᠯᠠᠨ ᠢᠷᠦᠭᠡᠬᠦ ᠳᠤ ᠬᠤᠷᠠᠭᠰᠠᠨ | ᠤᠯᠠᠨ ᠢᠶᠠᠷ ᠢᠶᠠᠨ ︿︿ᠲᠡᠷᠡ ᠢᠷᠦᠭᠡᠯ ᠰᠢᠩᠭᠡᠬᠦ ᠪᠤᠯᠳᠤᠭᠠᠢ︕﹀﹀ ᠭᠡᠵᠦ ᠬᠠᠷᠢᠭᠤ ᠦᠭᠦᠯᠡᠳᠡᠭ ᠶᠤᠮ᠃ | ᠰᠢᠨ᠎ᠠ ᠪᠤᠶᠤ ᠶᠤᠰᠤᠨ ᠤ ᠬᠤᠪᠴᠠᠰᠤ ᠵᠠᠰᠠᠯ ᠡᠮᠦᠰᠬᠦ — ᠰᠦᠯᠳᠠ ᠰᠢᠳᠦᠭᠡᠨ ᠢᠶᠠᠨ ᠬᠦᠨᠳᠦᠳᠭᠡᠭᠰᠡᠨ | ᠬᠦᠮᠦᠰ ᠰᠢᠨ᠎ᠡ ᠭᠤᠶᠤᠮᠰᠤᠭ ᠪᠦᠭᠡᠳ ᠬᠦᠨᠳᠦᠳᠭᠡᠯ ᠤᠨ ᠶᠤᠰᠤᠨ ᠤ ᠲᠦᠷᠦ ᠶᠢᠨ ᠬᠤᠪᠴᠠᠰᠤ ᠪᠠᠨ ᠡᠮᠦᠰᠴᠤ | ᠪᠠᠶᠢᠳᠠᠭ ᠪᠠ ᠡᠷᠡᠭᠳᠡᠶᠢᠴᠤᠳ ᠨᠢ ᠵᠢᠩᠰᠡᠳᠦ ᠮᠠᠯᠠᠭᠠᠢ ᠪᠤᠶᠤ ᠤᠷᠤᠢ ᠮᠠᠯᠠᠭᠠᠢ ᠳᠠᠯᠪᠢᠵᠦ᠂ ᠭᠡᠳᠡ ᠲᠤᠬᠤᠤ ᠪᠠᠨ | ᠵᠡᠭᠦᠵᠦ ᠪᠠᠶᠢᠳᠠᠭ᠂ ᠡᠬᠡᠨᠡᠷ ᠬᠦᠮᠦᠨ ᠪᠤᠯ ᠤᠤᠵᠠᠢ ᠪᠠᠨ ᠡᠮᠦᠰᠴᠤ᠂ ᠵᠢᠨᠳᠠᠭᠠᠷ ᠮᠠᠯᠠᠭᠠᠢ ᠱᠢᠷᠦ ᠮᠦᠩᠭᠦᠨ ᠵᠠᠰᠠᠯ ᠲᠠᠢ | ᠳᠠᠳᠠᠭᠤᠷᠢ ᠪᠠᠨ ᠳᠠᠯᠪᠢᠵᠦ ᠴᠢᠮᠡᠭᠯᠡᠳᠡᠭ᠂ ᠬᠡᠤᠬᠡᠨᠴᠤᠳ ᠨᠢ ᠦᠰᠤ ᠵᠢᠰᠦ ᠪᠠᠨ ᠵᠠᠰᠠᠵᠦ᠂ ᠮᠦᠩᠭᠦ ᠱᠢᠷᠦᠨ ᠴᠢᠮᠡᠭᠯᠡᠯ | ᠲᠠᠢ ᠠᠷᠤᠨ ᠤ ᠠᠮᠠᠳᠠᠢ ᠬᠡᠮᠡᠭᠴᠢ ᠦᠰᠦᠨ ᠤ ᠵᠠᠰᠠᠯ ᠪᠠ ᠪᠤᠷᠬᠠᠨ ᠤ ᠭᠤᠤ ᠬᠡᠮᠡᠭᠴᠢ ᠬᠦᠵᠦᠭᠦᠨ ᠤ ᠵᠠᠰᠠᠯ ᠢᠶᠠᠨ | ᠵᠡᠭᠦᠳᠡᠭ᠂ ᠬᠡᠤᠬᠡᠳ ᠤᠳ ᠰᠢᠨ᠎ᠡ ᠬᠤᠪᠴᠠᠰᠤ ᠡᠮᠦᠰᠬᠦ ᠪᠠ ᠲᠤᠬᠤ ᠲᠠᠢ ᠬᠡᠤᠬᠡᠳ ᠪᠤᠯ ᠦᠰᠦᠨ ᠳᠡᠭᠡᠨ ᠵᠢᠵᠢᠭ | ᠮᠦᠩᠭᠦ ᠱᠢᠷᠦᠨ ᠤᠨᠵᠢᠯᠠᠭ᠎ᠠ ᠳᠡᠭᠦᠵᠢᠯᠡᠳᠡᠭ᠃ | ᠰᠦᠯᠳᠡ ᠳᠠᠬᠢᠯᠭ᠎ᠠ ᠶᠢᠨ ᠶᠣᠰᠤᠯᠠᠯ ᠤᠨ ᠶᠠᠪᠤᠴᠠ — ᠳᠠᠬᠢᠯᠭ᠎ᠠ ᠶᠢᠨ ᠶᠣᠰᠤᠯᠠᠯ ᠢ ᠡᠬᠢᠯᠡᠬᠦ ᠠᠴᠠ | ᠳᠠᠭᠤᠰᠳᠠᠯ᠎ᠠ ᠰᠦᠯᠳᠡᠨ ᠵᠠᠩᠭᠢ ᠡᠷᠬᠢᠯᠡᠨ ᠬᠠᠮᠢᠶᠠᠷᠴᠤ ᠲᠦᠷᠢᠮ ᠭᠤᠷᠢᠮ ᠲᠠᠢ ᠶᠠᠪᠤᠭᠳᠠᠭᠤᠯᠳᠠᠭ᠂ ᠳᠠᠬᠢᠯᠭ᠎ᠠ | ᠡᠬᠢᠯᠡᠮᠡᠭᠴᠡ ᠰᠦᠯᠳᠡᠨ ᠵᠠᠩᠭᠢ ᠨᠢ ᠲᠤᠭᠴᠢᠳ ᠢᠶᠠᠨ ᠳᠠᠭᠠᠭᠤᠯᠤᠨ ᠰᠦᠯᠳᠡᠨ ᠤᠷᠳᠤᠨ ᠳᠤ ᠤᠷᠤᠵᠦ᠂ | ᠰᠦᠯᠳᠡ ᠳᠡᠭᠡᠨ ᠵᠤᠯᠠ ᠠᠰᠠᠭᠠᠨ ᠠᠷᠴᠠ ᠬᠦᠵᠢ ᠤᠩᠭᠠᠰᠬᠠᠨ ᠠᠩᠭᠢᠯᠠᠭᠤᠯᠵᠦ᠂ ᠪᠦᠬᠦᠯᠢ ᠢᠷᠭᠡ ᠶᠢᠨ | ᠰᠢᠭᠦᠰᠦ ᠨᠦᠭᠦᠳ ᠢᠶᠠᠷ ᠭᠤᠤᠯᠯᠠᠭᠤᠯᠤᠨ᠂ ᠴᠠᠭᠠᠨ ᠢᠳᠡᠭᠡᠨ ᠳᠠᠪᠠᠭᠯᠠᠭᠰᠠᠨ ᠳᠡᠪᠰᠢ ᠵᠡᠷᠭᠡ ᠡᠷᠭᠦᠯ ᠢ ᠵᠠᠰᠠᠵᠦ | ᠦᠷᠦᠵᠦ ᠳᠠᠯᠪᠢᠨ᠎ᠠ᠂ ᠴᠠᠭᠠᠨ ᠢᠳᠡᠭᠡᠨ ᠤ ᠰᠠᠴᠤᠯᠢ ᠪᠠᠨ ᠡᠷᠭᠦᠨ᠎ᠡ᠂ ᠳᠠᠷᠠᠭ᠎ᠠ ᠪᠠᠷ ᠨᠢ ᠳᠠᠬᠢᠯᠭ᠎ᠠ ᠳᠤ | ᠤᠷᠤᠯᠴᠠᠭᠰᠠᠳ ᠬᠠᠳᠠᠭ ᠭᠬᠢᠪ ᠪᠠ ᠴᠠᠭᠠᠨ ᠢᠳᠡᠭᠡ ᠪᠠᠨ ᠡᠷᠭᠦᠵᠦ᠂ ᠰᠦ ᠴᠡᠭᠡ ᠠᠷᠵᠠ ᠲᠡᠷᠢᠭᠦᠳᠡᠨ ᠢᠶᠠᠷ ᠰᠠᠴᠤᠯᠢ | ᠡᠷᠭᠦᠳᠡᠭ᠂ ᠡᠷᠭᠦᠯ ᠰᠠᠴᠤᠯᠢ ᠪᠠᠷᠠᠬᠤ ᠳᠤ ᠰᠦᠯᠳᠡᠨ ᠵᠠᠩᠭᠢ ᠶᠢᠨ ᠳᠠᠭᠠᠭᠤᠯᠭ᠎ᠠ ᠪᠠᠷ ᠨᠤᠶᠠᠳ ᠲᠦᠰᠢᠮᠡᠳ ᠠᠴᠠ | ᠡᠬᠢᠯᠡᠨ ᠳᠠᠶᠢᠵᠢ ᠬᠠᠷᠠᠴᠤ ᠳᠤ ᠬᠦᠷᠳᠡᠯ᠎ᠡ ᠪᠦᠬᠦᠳᠡᠭᠡᠷ ᠬᠤᠷᠮᠤᠢ ᠳᠡᠪᠢᠰᠦᠨ ᠨᠠᠮᠠᠨᠴᠢᠯᠠᠨ ᠰᠦᠭᠦᠳᠴᠤ᠄ ︿︿ᠪᠤᠭᠳᠠ | ᠴᠢᠩᠭᠢᠰ ᠬᠠᠭᠠᠨ ᠤ ᠰᠠᠩ ᠳᠠᠬᠢᠯᠭ᠎ᠠ᠂ ᠬᠡᠷᠡᠭ ᠦᠢᠯᠡᠰ ᠢ ᠲᠦᠷᠭᠡᠨ ᠪᠦᠲᠦᠭᠡᠭᠴᠢ ᠴᠡᠩᠭᠡᠯ ᠤᠨ ᠳᠠᠯᠠᠢ ᠬᠡᠮᠡᠬᠦ | ᠰᠤᠳᠤᠷ ᠤᠷᠤᠰᠢᠪᠠᠢ﹀﹀ ᠬᠡᠳᠡᠭ ᠰᠢᠯᠦᠭᠯᠡᠯᠳᠦ ᠰᠤᠳᠤᠷ ᠢ ᠶᠡᠭᠡ ᠳᠠᠭᠤᠨ ᠢᠶᠠᠷ ᠤᠩᠰᠢᠵᠠᠭᠠᠨ᠂ ᠰᠤᠳᠤᠷ ᠤᠨ | ᠠᠶᠢᠵᠢᠮ ᠢᠶᠠᠷ ᠶᠢᠰᠦᠨᠳᠡ ᠮᠦᠷᠭᠦᠨ ᠳᠠᠭᠠᠳᠬᠠᠨ᠎ᠠ᠂ ᠮᠦᠷᠭᠦᠯ ᠪᠠᠷᠠᠭᠰᠠᠨ ᠤ ᠲᠠᠷᠠᠭ᠎ᠠ ᠵᠠᠩᠭᠢ ᠲᠦᠷᠦᠭᠦᠯᠦᠨ | ᠳᠠᠬᠢᠯᠭ᠎ᠠ ᠶᠢᠨ ᠤᠯᠠᠨ ᠲᠠᠢ ᠰᠡᠳᠡᠷᠯᠡᠬᠦ ᠮᠤᠷᠢᠳ ᠤᠨ ᠳᠡᠷᠭᠡᠳᠡ ᠳᠤ ᠬᠦᠷᠴᠤ᠂ ᠮᠤᠷᠢᠳ ᠢᠶᠠᠨ ᠰᠢᠯᠭᠠᠨ | ᠳᠠᠮᠠᠭᠠᠯᠠᠭᠰᠠᠨ ᠢᠶᠠᠨ ᠰᠦᠯᠳᠡ ᠲᠡᠭᠷᠢ ᠶᠢᠨ ᠤᠨᠤᠭ᠎ᠠ ᠪᠠᠷ ᠵᠦᠪᠰᠢᠶᠡᠷᠡᠨ ᠰᠡᠳᠡᠷᠯᠡᠨ ᠤᠩᠭᠤᠯᠠᠵᠦ ᠳᠠᠯᠪᠢᠨ᠎ᠠ᠂ | ᠡᠳᠡᠭᠡᠷ ᠳᠡᠰ ᠳᠠᠷᠠᠮ ᠢ ᠪᠠᠷᠠᠭᠠᠳ ᠵᠠᠩᠭᠢ ᠠᠴᠠ ᠳᠠᠬᠢᠯᠭ᠎ᠠ ᠶᠢᠨ ᠭᠡᠰᠢᠭ ᠶᠢ ᠤᠯᠠᠨ ᠳᠤ ᠲᠦᠭᠡᠭᠡᠨ᠎ᠡ᠂ ᠪᠠᠰᠠ | ᠳᠠᠯᠠᠯᠭ᠎ᠠ ᠶᠢᠨ ᠲᠦᠷᠦᠭᠡ ᠪᠠᠨ ᠠᠪᠴᠤ ᠨᠠᠷᠠᠨ ᠵᠦᠪ ᠢᠶᠠᠷ ᠰᠦᠯᠳᠡ ᠶᠢᠨ ᠭᠡᠰᠢᠭ ᠢ ᠬᠤᠷᠤᠶᠢᠯᠠᠨ ᠠᠪᠤᠨ᠎ᠠ᠂ | ᠴᠤᠭᠯᠠᠭᠰᠠᠳ ᠤᠯᠠᠨ ᠴᠤ ᠬᠤᠪᠢ ᠶᠢᠨ ᠪᠡᠯᠡᠳᠭᠡᠨ ᠠᠪᠴᠢᠷᠠᠭᠰᠠᠨ ᠳᠠᠯᠠᠯᠭ᠎ᠠ ᠶᠢᠨ ᠶᠠᠭᠤᠮᠠᠰ ᠲᠠᠢ ᠪᠠᠨ ᠲᠦᠭᠡᠭᠡᠯ | ᠭᠡᠰᠢᠭ ᠢ ᠨᠡᠶᠢᠯᠡᠭᠦᠯᠦᠨ ᠳᠠᠯᠠᠯᠭ᠎ᠠ ᠬᠤᠷᠤᠶᠢᠯᠠᠨ ᠠᠪᠳᠠᠭ᠂ ᠳᠠᠯᠠᠯᠭ᠎ᠠ ᠬᠤᠷᠤᠶᠢᠯᠠᠵᠦ ᠪᠠᠷᠠᠭᠠᠳ ᠵᠠᠩᠭᠢ ᠶᠢᠨ | ᠬᠠᠳᠤᠭᠳᠠᠢ ᠨᠠᠷ ᠠᠴᠠ ᠶᠡᠭᠡ ᠠᠮᠰᠠᠷ ᠲᠠᠢ ᠰᠠᠪᠠᠨ ᠳᠤ ᠠᠭᠤᠯᠠᠭᠰᠠᠨ ᠴᠡᠭᠡ ᠠᠴᠠ ᠨᠤᠶᠠᠳ ᠲᠦᠰᠢᠮᠡᠳ ᠪᠤᠯᠤᠨ | ᠤᠪᠤᠭ ᠲᠦᠷᠦᠯ ᠤᠨ ᠠᠬᠠᠮᠠᠳ ᠲᠦᠷᠦᠭᠦᠯᠦᠨ ᠠᠪᠴᠢᠷᠠᠭᠰᠠᠨ ᠠᠶᠠᠭ᠎ᠠ ᠳᠤᠨᠢ ᠮᠡᠯᠮᠡᠯᠵᠡᠭᠦᠯᠦᠨ ᠬᠡᠮᠨᠡᠵᠦ | ᠤᠤᠭᠤᠯᠭᠠᠨ᠎ᠠ᠂ ᠭᠡᠪᠡᠴᠤ ᠴᠡᠭᠡ ᠶᠢ ᠤᠤᠭᠤᠬᠤ ᠠᠴᠠ ᠪᠠᠨ ᠡᠮᠦᠨ᠎ᠡ ᠨᠢᠭᠡᠨ ᠤᠨᠴᠠᠭᠠᠢ ᠭᠦᠢᠴᠡᠳᠭᠡᠯ ᠪᠠᠶᠢᠳᠠᠭ᠂ | ᠡᠨᠡ ᠨᠢ ᠤᠪᠤᠭ ᠲᠦᠷᠦᠯ ᠤᠨ ᠠᠬᠠᠮᠠᠳ ᠨᠢ ᠠᠳᠠᠯᠢ ᠤᠭᠰᠠᠭᠠᠳᠠᠨ ᠢᠶᠠᠨ ᠳᠠᠭᠠᠭᠤᠯᠤᠨ ᠦᠪᠡᠷ ᠦᠪᠡᠷ ᠤᠨ ᠤᠪᠤᠭ | ᠤᠭᠰᠠᠭ᠎ᠠ᠂ ᠠᠶᠢᠮᠠᠭ ᠰᠠᠯᠪᠤᠷᠢ ᠪᠠᠨ ᠲᠤᠪᠴᠢ ᠲᠤᠳᠤᠷᠬᠠᠢ ᠲᠦᠭᠦᠮ ᠠᠪᠰᠠᠷᠬᠠᠨ ᠰᠢᠯᠦᠭᠯᠡᠬᠦ ᠬᠡᠯᠪᠡᠷᠢ ᠪᠠᠷ ᠬᠡᠯᠡᠵᠦ | ᠮᠡᠳᠡᠭᠦᠯᠦᠭᠰᠡᠨ ᠤ ᠳᠠᠷᠠᠭ᠎ᠠ ᠨᠠᠰᠤᠨ ᠤ ᠪᠠ ᠵᠡᠷᠭᠡ ᠳᠡᠰ ᠤᠨ ᠲᠠᠷᠠᠭᠠᠯᠠᠯ ᠢᠶᠠᠷ ᠤᠤᠭᠤᠵᠦ ᠭᠦᠢᠴᠡᠳᠭᠡᠳᠡᠭ ᠤᠴᠢᠷ | ᠲᠠᠢ ᠪᠠᠶᠢᠳᠠᠭ᠃ ᠤᠪᠤᠭ ᠤᠭᠰᠠᠭ᠎ᠠ ᠪᠠᠨ ᠮᠡᠳᠡᠬᠦ ᠦᠭᠡᠢ ᠬᠦᠮᠦᠨ ᠴᠡᠭᠡᠨ ᠠᠴᠠ ᠤᠤᠭᠤᠵᠦ ᠪᠤᠯᠳᠠᠭ ᠦᠭᠡᠢ ᠶᠤᠮ᠃ | ᠡᠨᠡ ᠮᠡᠳᠦ ᠪᠠᠷ ᠰᠦᠯᠳᠡ ᠳᠠᠬᠢᠯᠭ᠎ᠠ ᠶᠢᠨ ᠶᠤᠰᠤᠯᠠᠯ ᠦᠨᠳᠦᠷᠯᠡᠭᠰᠡᠨ ᠤ ᠳᠠᠷᠠᠭ᠎ᠠ ᠰᠦᠯᠳᠡᠨ ᠵᠠᠩᠭᠢ ᠪᠤᠯᠤᠨ | ᠬᠠᠳᠤᠭᠳᠠᠢ ᠠᠴᠠ ᠸᠠᠩ ᠨᠤᠶᠠᠳ᠂ ᠠᠬᠠᠮᠠᠳ ᠶᠡᠬᠡᠰ ᠢᠶᠠᠨ ᠨᠠᠶᠢᠷ ᠤᠨ ᠭᠡᠷ ᠲᠤ ᠵᠠᠯᠠᠵᠦ ᠰᠦᠯᠳᠡ ᠶᠢᠨ | ᠳᠠᠬᠢᠯᠭ᠎ᠠ ᠶᠢᠨ ᠠᠮᠵᠢᠯᠳᠡ ᠲᠠᠢ ᠳᠡᠭᠦᠰᠦᠭᠰᠡᠨ ᠳᠤ ᠪᠡᠯᠭᠡᠳᠡᠨ ᠨᠠᠶᠢᠷᠯᠠᠳᠠᠭ᠂ ᠨᠠᠶᠢᠷ ᠨᠢ ︿︿ᠡᠷᠳᠡ ᠶᠢᠨ ᠴᠠᠭᠠᠨ﹀﹀ | ᠭᠡᠬᠦ ᠲᠦᠷᠦ ᠶᠢᠨ ᠳᠠᠭᠤᠤ ᠪᠠᠷ ᠡᠬᠢᠯᠡᠵᠦ᠂ ︿︿ᠠᠪᠢᠳᠠ ᠪᠤᠷᠬᠠᠨ﹀﹀ ᠬᠡᠬᠦ ᠳᠠᠭᠤᠤ ᠪᠠᠷ ᠦᠨᠳᠦᠷᠯᠡᠭᠦᠯᠳᠡᠭ ᠤᠴᠢᠷ | ᠲᠠᠢ ᠪᠠᠶᠢᠳᠠᠭ ᠃ | ᠤᠪᠤᠭ ᠨᠠᠷᠠ ᠪᠠᠨ ᠬᠡᠯᠡᠵᠦ ᠬᠦᠳᠡᠭᠡ ᠰᠦᠯᠳᠡ ᠶᠢᠨ ᠭᠡᠰᠢᠭ ᠠᠴᠠ ᠬᠦᠷᠳᠡᠬᠦ — ᠰᠦᠯᠳᠡ ᠳᠠᠬᠢᠯᠭ᠎ᠠ ᠶᠢᠨ | ᠭᠡᠰᠢᠭ ᠭᠡᠵᠦ ᠲᠤᠮᠤ ᠭᠠᠩ ᠰᠠᠪᠠᠨ ᠳᠤ ᠳᠠᠯᠠᠢ ᠶᠡᠭᠡ ᠬᠦᠷᠦᠩᠭᠡᠯᠡᠭᠰᠡᠨ ᠪᠠᠶᠢᠳᠠᠭ ᠪᠦᠭᠡᠳ ᠬᠦᠮᠦᠰ ᠬᠡᠰᠢᠭ | ᠬᠦᠷᠳᠡᠬᠦ ᠳᠡᠭᠡᠨ ᠵᠠᠪᠠᠯ ᠤᠪᠤᠭ ᠨᠠᠷᠠ ᠪᠠᠨ ᠲᠤᠳᠤᠷᠬᠠᠶᠢᠯᠠᠨ ᠦᠭᠦᠯᠡᠵᠦ ᠬᠡᠯᠡᠭᠡᠳ ᠬᠦᠷᠳᠡᠳᠡᠭ ᠤᠴᠢᠷᠳᠠᠢ ᠪᠠᠶᠢᠳᠠᠭ᠂ | ᠡᠨᠡ ᠲᠤᠬᠠᠢ ᠵᠢᠱᠢᠶ᠎ᠡ ᠠᠴᠠ ᠰᠡᠶᠢᠷᠡᠭᠦᠯᠦᠨ ᠳᠡᠮᠳᠡᠭᠯᠡᠪᠡᠯ᠄ | ᠠᠪᠳᠠᠷᠠᠳᠠᠢ ᠬᠠᠳᠠᠨ ᠤ ᠡᠩᠭᠡᠷ ᠢᠶᠠᠷ | ᠠᠯᠳᠠᠳᠠᠢ ᠠᠴᠠ ᠠᠷᠤ ᠪᠠᠷ | ᠠᠷᠪᠠᠨ ᠲᠦᠮᠡᠨ ᠴᠡᠷᠢᠭ ᠲᠠᠢ | ᠠᠯᠠᠯᠳᠤᠵᠦ ᠲᠤᠯᠤᠯᠳᠤᠭᠰᠠᠨ ᠶᠠᠩᠭᠤᠳ ᠤᠪᠤᠭᠳᠠᠨ ᠪᠢᠳᠡ | ᠠᠯᠳᠠᠨ ᠰᠦᠯᠳᠡ ᠶᠢᠨ ᠭᠡᠰᠢᠭ | ᠠᠷᠢᠭᠤᠨ ᠴᠠᠭᠠᠨ ᠴᠡᠭᠡ ᠶᠦᠭᠡᠨ ᠬᠦᠷᠳᠡᠰᠦᠭᠡᠢ︕ ᠭᠡᠵᠦ ᠬᠡᠯᠡᠵᠦ ᠪᠡᠷᠡᠮᠠᠨᠵᠢᠨ ᠪᠢᠯᠬᠠᠮ᠎ᠠ ᠠᠶᠠᠭᠠᠳᠠᠢ | ᠴᠡᠭᠡ ᠪᠠᠨ ᠵᠠᠯᠭᠢᠯᠠᠨ ᠤᠤᠭᠤᠵᠠᠭᠠᠬᠤ ᠳᠤ᠂ ᠨᠦᠭᠦᠭᠡ ᠨᠢᠭᠡᠨ ᠤᠪᠤᠭ ᠤᠨ ᠠᠬᠠᠮᠠᠳ ᠨᠢ ᠵᠠᠯᠭᠠᠵᠦ᠄ | ᠪᠤᠭᠤ ᠰᠤᠭᠤ ᠬᠤᠶᠠᠷ ᠢ ᠠᠯᠳᠠᠯ ᠦᠭᠡᠢ ᠨᠠᠮᠨᠠᠳᠠᠭ | ᠪᠤᠷᠤᠩᠬᠤᠢ ᠬᠠᠷᠭᠢᠰ ᠳᠠᠶᠢᠰᠤᠨ ᠯᠤᠭ᠎ᠠ | ᠪᠤᠴᠠᠯᠳᠠ ᠦᠭᠡᠢ ᠳᠡᠮᠡᠴᠠᠯᠳᠤᠳᠡᠭ | ᠪᠤᠮᠠᠨ ᠴᠠᠭᠠᠨ ᠤᠪᠤᠭᠳᠠᠨ ᠤ | ᠪᠤᠭᠤᠷᠤᠯ ᠤᠨ ᠠᠶᠢᠮᠠᠭ ᠤᠨ ᠦᠷᠡᠰ ᠪᠢᠳᠡ | ᠠᠴᠢᠳᠦ ᠭᠡᠭᠡᠨ ᠰᠦᠯᠳᠡ ᠶᠢᠨ ᠭᠡᠰᠢᠭ | ᠠᠷᠢᠭᠤᠨ ᠴᠠᠭᠠᠨ ᠴᠡᠭᠡ ᠶᠦᠭᠡᠨ ᠬᠦᠷᠳᠡᠰᠦᠭᠡᠢ︕ ᠭᠡᠵᠦ ᠬᠡᠯᠡᠭᠡᠳ ᠳᠡᠭᠡᠷᠡᠬᠢ ᠮᠡᠳᠦ ᠤᠤᠭᠤᠬᠤ ᠳᠤ | ᠪᠠᠰᠠ ᠦᠭᠡᠷ᠎ᠡ ᠨᠢᠭᠡᠨ ᠤᠪᠤᠭᠳᠠᠨ ᠨᠢ᠄ | ᠲᠤᠷᠤᠢ ᠪᠠᠭᠤᠷᠠᠢ ᠶᠢ ᠳᠠᠷᠤᠯᠠᠳᠠᠭ ᠦᠭᠡᠢ | ᠲᠤᠷᠤᠮᠵᠢᠯᠠᠵᠦ ᠭᠤᠳᠤᠭᠠᠬᠤ ᠶᠢ ᠬᠦᠯᠢᠶᠡᠳᠡᠭ ᠦᠭᠡᠢ | ᠲᠤᠷᠤᠭᠤ ᠶᠢᠨ ᠰᠡᠭᠦᠯ ᠢ ᠭᠤᠳᠤᠭᠨᠠᠭᠤᠯᠳᠠᠭ | ᠲᠤᠭᠰᠢᠨ ᠬᠡᠨᠵᠡ ᠶᠢᠨ ᠠᠶᠢᠮᠠᠭ | ᠲᠤᠳᠤᠭᠠᠳᠤ ᠤᠷᠢᠶᠠᠩᠬᠠᠢ ᠤᠪᠤᠭᠳᠠᠨ ᠪᠢᠳᠡ | ᠲᠡᠭᠷᠢ ᠮᠡᠳᠦ ᠶᠡᠭᠡ ᠰᠦᠯᠳᠡ ᠶᠢᠨ ᠭᠡᠰᠢᠭ ᠢ | ᠲᠡᠩᠴᠡᠭᠦᠷᠢᠳᠡᠶᠢᠶᠡ ᠬᠦᠷᠳᠡᠰᠦᠭᠡᠢ︕ ᠬᠡᠮᠡᠨ ᠤᠤᠭᠤᠨ᠎ᠠ᠂ ᠴᠢᠩᠭᠢᠬᠦ ᠳᠤ ᠪᠠᠰᠠ ᠨᠢᠭᠡᠨ ᠤᠪᠤᠭᠳᠠᠨ ᠤ | ᠠᠬᠠᠮᠠᠳ ᠭᠠᠷᠴᠤ ᠢᠷᠡᠭᠡᠳ᠄ | ᠵᠦᠢ ᠶᠤᠰᠤᠳᠠᠢ | ᠵᠠᠩᠵᠤᠨ ᠤᠪᠤᠭᠳᠠᠢ | ᠬᠤᠨ ᠭᠠᠯᠠᠭᠤ ᠡᠬᠡ ᠲᠠᠢ | ᠬᠤᠷᠮᠤᠰᠳᠠ ᠲᠡᠭᠷᠢ ᠶᠢᠨ ᠵᠢᠭᠡ ᠶᠤᠮ ᠪᠢᠳᠡ ᠨᠠᠷ | ᠨᠠᠷᠠᠨ ᠮᠡᠳᠦ ᠶᠡᠭᠡ ᠰᠦᠯᠳᠡ ᠶᠢᠨ ᠭᠡᠰᠢᠭ ᠢ | ᠨᠠᠮᠠᠨᠴᠢᠯᠠᠨ ᠮᠦᠷᠭᠦᠭᠡᠳ ᠬᠦᠷᠳᠡᠰᠦᠭᠡᠢ︕ ᠭᠡᠳ ᠬᠦᠨᠳᠦᠷᠤᠨ ᠤᠤᠭᠤᠳᠠᠭ ᠶᠤᠮ᠃ | ᠠᠳᠡ᠂ ᠡᠯ᠎ᠡ ᠤᠪᠤᠭ ᠠᠶᠢᠮᠠᠭ ᠤᠨ ᠬᠢᠨ ᠳᠡᠭᠡᠷᠡᠬᠢ ᠮᠡᠳᠦ ᠵᠠᠩ ᠵᠢᠷᠤᠮ ᠢᠶᠠᠷ ᠬᠡᠰᠢᠭ ᠴᠡᠭᠡ ᠬᠦᠷᠳᠡᠬᠦ | ᠳᠠᠰᠢᠷᠠᠮ ᠢᠶᠠᠷ ᠤᠪᠤᠭ ᠤᠭᠰᠠᠭ᠎ᠠ᠂ ᠡᠪᠦᠭᠡ ᠳᠡᠭᠡᠳᠦᠰ ᠤᠨ ᠭᠠᠷᠤᠯ ᠢᠷᠡᠯ ᠢ ᠬᠡᠯᠡᠯᠴᠡᠨ᠂ ᠰᠦᠯᠳᠡ ᠲᠡᠭᠷᠢ ᠳᠤ | ᠠᠮᠠᠯᠠᠯᠳᠤᠬᠤ ᠪᠠᠷ ᠳᠠᠮᠵᠢᠨ ᠦᠪᠡᠷ ᠤᠨ ᠤᠪᠤᠭ ᠭᠠᠷᠤᠯ ᠤᠭᠰᠠᠭ᠎ᠠ ᠠᠶᠢᠮᠠᠭ ᠢᠶᠠᠨ ᠲᠤᠳᠤᠷᠬᠠᠶᠢᠯᠠᠨ᠂ ᠦᠪᠡᠷ ᠢᠶᠠᠨ | ᠪᠤᠶᠤ ᠬᠤᠶᠢᠴᠢ ᠦᠶ᠎ᠡ ᠳᠡᠭᠡᠨ ᠵᠠᠩ ᠦᠢᠯᠡ ᠪᠠᠷ ᠢᠶᠠᠨ ᠳᠠᠮᠵᠢᠭᠤᠯᠤᠨ ᠲᠡᠤᠬᠡ ᠶᠢᠨ ᠶᠤᠰᠤᠭᠠᠷ ᠤᠯᠠᠮᠵᠢᠯᠠᠨ | ᠳᠡᠭᠡᠳᠦᠯᠡᠳᠡᠭ ᠪᠠᠶᠢᠨ᠎ᠠ᠃ | ᠠᠰᠢᠭᠯᠠᠨ ᠦᠨᠳᠦᠰᠦᠯᠡᠭᠰᠡᠨ ᠨᠤᠮ ᠵᠦᠢ | ᠪᠦᠷᠢᠨᠳᠡᠭᠦᠰ ᠨᠠᠷ ᠤᠨ ︿︿ᠮᠤᠩᠭᠤᠯ ᠵᠠᠩ ᠦᠢᠯᠡ ᠶᠢᠨ ᠨᠡᠪᠳᠡᠷᠬᠡᠢ ᠲᠤᠯᠢ — ᠤᠶᠤᠨ ᠤ ᠪᠤᠳᠢ﹀﹀ | ᠤᠭᠤᠨᠤᠰ᠂ ᠴᠤᠭᠳᠤ ᠶᠢᠨ ︿︿ᠴᠢᠩᠭᠢᠰ ᠬᠠᠭᠠᠨ ᠳᠠᠶᠢᠯᠭ᠎ᠠ﹀﹀ | ᠪᠤᠷᠵᠢᠭᠢᠨ᠂ ᠸ᠊ ᠂ ᠨᠠᠮᠵᠢᠯᠰᠦᠷᠦᠩ ᠤᠨ ︿︿ᠦᠵᠦᠮᠦᠴᠢᠨ ᠪᠡᠶᠢᠯᠡ ᠶᠢᠨ ᠬᠤᠰᠢᠭᠤᠨ ᠤ ᠰᠦᠯᠳᠡ ᠳᠠᠬᠢᠯᠭ᠎ᠠ﹀ | ﹀ | ᠪᠤᠷᠵᠢᠭᠢᠨ᠂ ᠨᠠ᠊᠂ ᠳᠠᠮᠷᠢᠨᠵᠠᠪ ᠤᠨ ︿︿ᠤᠤᠯ ᠤᠨ ᠪᠠᠷᠠᠭᠤᠨ ᠦᠵᠦᠮᠦᠴᠢᠨ ᠬᠤᠰᠢᠭᠤᠨ ᠤ ᠰᠦᠯᠳᠡ ᠳᠠᠬᠢᠬᠤ | ᠶᠤᠰᠤᠨ ᠤ ᠲᠤᠬᠠᠢ﹀﹀ | ᠤᠷᠢᠶᠠᠩᠬᠠᠨ᠂ ᠤ᠂ ᠶᠤᠨᠳᠤᠨ ᠤ ︿︿ᠦᠵᠦᠮᠦᠴᠢᠨ ᠪᠡᠶᠢᠯᠡ ᠶᠢᠨ ᠬᠤᠰᠢᠭᠤᠨ ᠤ ᠬᠦᠳᠡᠭᠡ ᠰᠦᠯᠳᠡ ᠶᠢᠨ | ᠲᠤᠬᠠᠢ﹀﹀ | ᠫ᠊᠂ ᠲᠤᠭᠠᠷ ᠤᠨ ︿︿ᠦᠵᠦᠮᠦᠴᠢᠨ ᠤ ᠲᠡᠤᠬᠡ ᠶᠢᠨ ᠪᠠᠷᠢᠮᠳᠠ ᠪᠢᠴᠢᠭ﹀﹀ | ᠲᠦᠪᠳᠤᠨ ᠨᠠᠷ ᠤᠨ ︿︿ᠴᠢᠩ ᠤᠯᠤᠰ ᠶᠢᠨ ᠦᠶ᠎ᠡ ᠶᠢᠨ ᠦᠵᠦᠮᠦᠴᠢᠨ ᠵᠡᠭᠦᠨ ᠭᠠᠷᠤᠨ ᠬᠤᠰᠢᠭᠤ﹀﹀ |