ᠤᠷᠢᠶᠠᠩᠬᠠᠨ ᠤ᠂ ᠶᠤᠨᠳᠤᠨ | | ᠦᠵᠦᠮᠦᠴᠢᠨ ᠤ ᠲᠦᠯ ᠲᠤᠰᠴᠤ ᠪᠤᠶᠢᠵᠢᠭᠤᠯᠬᠤ ᠪᠠ ᠲᠡᠭᠦᠨ ᠤ ᠲᠠᠭᠠᠯᠳᠤᠬᠤ ᠵᠠᠩ ᠦᠢᠯᠡ | | ᠲᠦᠯ ᠳᠤᠰᠴᠤ ᠪᠤᠶᠢᠵᠢᠭᠤᠯᠬᠤ — ᠲᠦᠯ ᠲᠤᠰᠴᠤ ᠪᠤᠶᠢᠵᠢᠭᠤᠯᠬᠤ ᠪᠤᠯ ᠬᠤᠨᠢᠴᠢᠨ ᠠᠶᠢᠯ ᠤᠨ | ᠦᠢᠯᠡᠳᠪᠦᠷᠢᠯᠡᠯ ᠤᠨ ᠬᠠᠮᠤᠭ ᠶᠠᠭᠠᠷᠠᠤ ᠤᠯᠠᠷᠢᠯ ᠪᠤᠯᠤᠨ᠎ᠠ᠃ ᠲᠦᠯ ᠢ ᠪᠢᠯᠢᠭ ᠤᠨ ᠤᠯᠠᠷᠢᠯ ᠤᠨ ᠬᠠᠪᠤᠷ ᠤᠨ ᠳᠤᠮᠳᠠ | ᠰᠠᠷ᠎ᠠ ᠪᠠ ᠰᠡᠭᠦᠯ ᠰᠠᠷ᠎ᠠ ᠢᠶᠠᠷ ᠲᠤᠰᠴᠤ ᠪᠤᠶᠢᠵᠢᠭᠤᠯᠳᠠᠭ᠂ ᠪᠠᠯᠠᠳᠭᠡᠯ ᠠᠵᠢᠯ ᠳᠤ ᠬᠠᠪᠤᠷᠵᠢᠶᠠᠨ ᠤ ᠤᠰᠤ ᠡᠪᠡᠰᠤ | ᠲᠠᠢ ᠪᠠᠯᠴᠢᠭᠡᠷ ᠶᠢ ᠨᠦᠭᠡᠴᠢᠯᠡᠬᠦ᠂ ᠨᠤᠭᠤᠭᠠᠨ ᠡᠪᠡᠰᠦ ᠳᠡᠵᠢᠭᠡᠯ ᠪᠤᠷᠳᠤᠭ᠎ᠠ ᠤᠷᠤᠭᠤᠯᠬᠤ᠂ ᠬᠤᠷᠤᠭ᠎ᠠ ᠨᠦᠮᠦᠷᠢ | ᠬᠢᠬᠦ᠂ ᠬᠤᠭ ︵ᠬᠤᠷᠭᠤᠯ︶ ᠪᠤᠭ ᠴᠤᠭᠯᠠᠭᠤᠯᠬᠤ᠂ ᠬᠤᠷᠠᠭᠠᠨ ᠤᠭᠤᠳᠠ ᠬᠢᠬᠦ᠂ ᠬᠠᠪᠤᠷᠵᠢᠶᠠᠨ ᠳᠤ ᠪᠠᠭᠤᠬᠤ ᠵᠡᠷᠭᠡ | ᠪᠠᠭᠳᠠᠨ᠎ᠠ᠂ ᠲᠦᠯ ᠲᠤᠰᠬᠤ ᠠᠵᠢᠯ ᠳᠤ ᠰᠠᠭᠠᠬᠤ ᠰᠤᠪᠠᠢ ᠢᠯᠭᠠᠬᠤ᠂ ᠰᠠᠭᠠᠬᠤ ︵ᠬᠤᠷᠠᠭ᠎ᠠ ᠲᠠᠢ ᠬᠤᠨᠢ︶ | ᠬᠠᠷᠢᠭᠤᠯᠬᠤ᠂ ᠰᠠᠭᠠᠬᠤ ︵ᠡᠬᠡ ᠬᠤᠷᠠᠭ᠎ᠠ ᠶᠢ ᠤᠯᠭᠤᠬᠤ︶ ᠲᠤᠭᠤᠬᠤ᠂ ᠭᠤᠯᠦᠩᠬᠠᠢ ᠠᠪᠤᠭᠤᠯᠬᠤ᠂ ᠬᠤᠷᠠᠭ᠎ᠠ | ᠵᠢᠭᠰᠠᠬᠤ ︵ᠭᠦᠬᠦᠭᠦᠯᠬᠦ︶᠂ ᠨᠢᠯᠬ᠎ᠠ ᠰᠠᠭᠠᠬᠤ ᠶᠢ ᠲᠤᠰᠠᠭᠠᠷ ᠮᠠᠯᠵᠢᠬᠤ᠂ ᠪᠢᠳᠡᠭᠦᠤ ᠰᠠᠭᠠᠬᠤ ᠢᠯᠭᠠᠬᠤ᠂ | ᠡᠪᠡᠳᠴᠢᠨ ᠭᠡᠮ ᠢ ᠡᠮᠴᠢᠯᠡᠬᠦ ᠵᠡᠷᠭᠡ ᠠᠳᠠᠯ ᠬᠢᠳᠡᠯ ᠦᠷᠭᠦᠯᠵᠢᠯᠡᠳᠡᠭ᠃ ᠲᠦᠴᠢᠨ ᠲᠠᠪᠤ ᠬᠤᠨᠤᠭ ᠤᠨ ᠲᠦᠯ | ᠲᠤᠰᠬᠤ ᠠᠵᠢᠯ ᠰᠢᠪᠳᠤᠷᠭᠠᠨ ᠳᠠᠭᠠᠨ ᠤᠷᠤᠵᠦ ᠵᠤᠨ ᠤ ᠡᠬᠢᠨ ᠰᠠᠷ᠎ᠠ ᠭᠠᠷᠪᠠᠯ ᠬᠤᠷᠠᠭ᠎ᠠ ᠪᠠᠨ ᠢᠷᠭᠡᠯᠡᠳᠡᠭ᠂ | ᠬᠤᠷᠠᠭ᠎ᠠ ᠢᠷᠭᠡᠯᠡᠬᠦ ᠳᠡᠭᠡᠨ ᠬᠤᠷᠠᠭᠠᠨ ᠬᠤᠴᠠ ᠰᠤᠩᠭᠤᠨ ᠲᠠᠯᠪᠢᠬᠤ᠂ ᠬᠤᠷᠠᠭ᠎ᠠ ᠳᠤ ᠴᠢᠬᠢᠨ ᠤ ᠢᠮ ᠬᠢᠬᠦ᠂ ᠬᠤᠨᠢ | ᠲᠤᠭᠠᠯᠠᠬᠤ ᠵᠡᠷᠭᠡ ᠦᠢᠯᠡ ᠶᠠᠪᠤᠳᠠᠯ ᠢ ᠲᠠᠭᠠᠯᠳᠤᠭᠤᠯᠤᠨ ᠬᠢᠳᠡᠭ᠃ | ⑴ ᠰᠠᠭᠠᠬᠤ ᠰᠠᠭᠤᠷᠢᠯᠠᠬᠤ ᠪᠠ ᠬᠠᠷᠢᠭᠤᠯᠬᠤ᠃ ᠰᠠᠭᠠᠬᠤ ᠶᠢ ᠤᠯᠠᠩᠬᠢ ᠳᠠᠭᠠᠨ ᠲᠦᠯ ᠤᠨ ᠬᠦᠭ ᠤᠨ | ᠬᠤᠭᠤᠴᠠᠭ᠎ᠠ ᠶᠢ ᠪᠤᠯᠭᠠᠭᠠᠳ ᠳᠠᠪᠢᠭᠠᠳ ᠲᠤᠯᠤᠭᠠᠢ ︵ᠬᠤᠤᠰ︶ ᠪᠤᠯᠪᠠᠯ ᠲᠤᠰᠠᠭᠠᠷᠯᠠᠨ ᠬᠠᠷᠢᠭᠤᠯᠬᠤ ᠶᠢ ︽ | ᠰᠠᠭᠠᠬᠤ ᠰᠦᠷᠦᠭᠯᠡᠬᠦ︾ ᠭᠡᠨ᠎ᠡ᠂ ᠪᠠᠰᠠ ︽ᠵᠠᠳᠠᠭᠠᠢ ᠰᠠᠭᠠᠬᠤ︾ ᠴᠤ ᠭᠡᠳᠡᠭ᠂ ᠬᠦᠳᠡᠯᠮᠦᠷᠢ ᠬᠦᠴᠦᠨ ᠲᠠᠢ ᠠᠶᠢᠯ | ᠨᠢ ᠬᠤᠷᠠᠭᠠᠯᠠᠬᠤ ᠡᠮ᠎ᠡ ᠬᠤᠨᠢ ᠪᠠᠨ ᠪᠦᠬᠦᠨ ᠢ ᠢᠯᠭᠠᠵᠦ ᠲᠤᠰᠠᠭᠠᠷᠯᠠᠨ ᠮᠠᠯᠵᠢᠬᠤ ᠪᠠᠨ ︽ᠪᠢᠳᠡᠭᠦᠤ ᠰᠠᠭᠠᠬᠤ︾ | ᠭᠡᠨ᠎ᠡ᠂ ᠰᠦᠨᠢ ᠡᠳᠦᠷ ᠤᠨ ᠬᠤᠷᠠᠭᠠᠯᠠᠭᠰᠠᠨ ᠬᠤᠨᠢ ᠪᠠᠨ ᠠᠰ ᠳᠤᠨᠢ ᠪᠠᠶᠢᠯᠭᠠᠬᠤ ᠶᠢ ︽ᠨᠢᠯᠬ᠎ᠠ ᠰᠠᠭᠠᠬᠤ︾ ᠭᠡᠳᠡᠭ᠂ | ᠰᠠᠭᠠᠬᠤ ᠬᠠᠷᠢᠭᠤᠯᠬᠤ ᠳᠤ ᠤᠶᠢᠷ᠎ᠠ ᠪᠡᠯᠴᠢᠭᠡᠷ ᠲᠤ ᠭᠠᠷᠭᠠᠬᠤ᠂ ᠤᠰᠤᠯᠠᠬᠤ᠂ ᠱᠠᠤ ᠬᠤᠵᠢᠷ ᠢᠳᠡᠭᠦᠯᠬᠦ᠂ | ᠦᠷᠯᠦᠭᠡ ᠤᠷᠤᠢ ᠳᠠᠭᠠᠨ ᠲᠤᠭᠤᠵᠦ ᠪᠦᠷᠢᠳᠭᠡᠵᠦ ᠡᠬᠡ ᠲᠦᠯ ᠢ ᠤᠯᠭᠤᠬᠤ᠂ ᠰᠠᠭᠠᠬᠤ ᠶᠢ ᠤᠯᠠᠨ ᠭᠦᠶᠦᠯᠭᠡᠵᠦ | ᠪᠤᠳᠠᠷᠭᠠᠬᠤ ᠦᠭᠡᠢ ᠪᠠᠶᠢᠬᠤ᠂ ᠬᠤᠨᠢᠨ ᠤ ᠨᠤᠭᠤᠭ᠎ᠠ ᠬᠦᠭᠡᠭᠡᠵᠦ ᠮᠠᠭᠤᠳᠠᠬᠤ ᠵᠡᠷᠭᠡ ᠶᠢ ᠠᠩᠬᠠᠷᠤᠨ ᠮᠠᠯᠵᠢᠳᠠᠭ᠃ | ᠰᠤᠪᠠᠢ ᠪᠤᠶᠤ ᠪᠢᠳᠡᠭᠦᠤ ᠰᠠᠭᠠᠬᠤ ᠬᠠᠷᠢᠭᠤᠯᠬᠤ ᠳᠠᠭᠠᠨ ᠡᠳᠦᠷ ᠰᠦᠨᠢ ᠶᠢᠨ ᠬᠤᠷᠠᠭᠠᠯᠠᠬᠤ ᠬᠤᠨᠢ ᠪᠠᠨ ᠰᠡᠶᠢᠳᠤᠷ | ᠠᠵᠢᠭᠯᠠᠬᠤ᠂ ᠪᠡᠷᠳᠡᠵᠦ ᠪᠦᠳᠡᠬᠦ᠂ ᠳᠠᠭᠠᠷᠠᠵᠦ ᠪᠡᠭᠡᠷᠡᠬᠦ᠂ ᠭᠤᠯᠤᠬᠤ ᠪᠤᠶᠤ ᠨᠢᠯᠬ᠎ᠠ ᠬᠤᠷᠠᠭ᠎ᠠ ᠪᠠᠨ ᠭᠡᠭᠡᠵᠦ | ᠬᠠᠶᠠᠬᠤ ᠶᠢ ᠠᠩᠬᠠᠷᠴᠤ᠂ ᠬᠦᠢᠳᠡᠨ ᠡᠳᠦᠷ ᠬᠤᠷᠠᠭᠠᠨ ᠤ ᠡᠯᠭᠡᠳᠡᠬᠦ ︵ᠪᠡᠭᠡᠷᠡᠬᠦ︶ ᠶᠢ ᠰᠡᠷᠭᠡᠶᠢᠯᠡᠨ᠂ ᠬᠤᠷᠠᠭᠠᠨ | ᠤᠭᠤᠳᠠ ᠳᠠᠭᠠᠨ ᠬᠢᠵᠦ ᠠᠪᠴᠢᠷᠠᠨ ᠲᠤᠯᠠᠭᠠᠨ ᠬᠠᠰᠢᠯᠭᠠᠨ ᠳᠤ ᠬᠢᠳᠡᠭ᠂ ᠨᠡᠩ ᠢᠯᠠᠩᠭᠤᠶ᠎ᠠ ᠰᠦᠨᠢ ᠶᠢᠨ | ᠬᠤᠷᠠᠭᠠᠯᠠᠬᠤ ᠬᠤᠨᠢ ᠶᠢ ᠠᠩᠬᠠᠷᠴᠤ᠂ ᠬᠦᠢᠳᠡᠨ ᠴᠠᠰᠤ ᠲᠠᠢ ᠰᠦᠨᠢ ᠶᠢᠨ ᠬᠤᠷᠠᠭ᠎ᠠ ᠶᠢ ᠪᠠᠷᠢᠵᠦ ᠲᠤᠰᠴᠤ ᠠᠪᠳᠠᠭ | ᠶᠤᠮ᠃ | ⑵ ᠰᠠᠭᠠᠬᠤ ᠲᠤᠭᠤᠬᠤ᠃ ᠰᠠᠭᠠᠬᠤ ᠰᠠᠭᠤᠷᠢᠯᠠᠭᠰᠠᠨ ᠤ ᠲᠠᠷᠠᠭ᠎ᠠ᠂ ᠡᠳᠦᠷ ᠤᠨ ᠬᠤᠶᠠᠷ ᠤᠳᠠᠭ᠎ᠠ ᠡᠬᠡ | ᠬᠤᠷᠠᠭ᠎ᠠ ᠶᠢ ᠤᠨᠤᠭᠠᠨ ᠪᠦᠷᠢᠳᠭᠡᠬᠦ ᠶᠢ ︽ᠰᠠᠭᠠᠬᠤ ᠲᠤᠭᠤᠬᠤ︾ ᠭᠡᠳᠡᠭ᠃ ᠰᠠᠭᠠᠬᠤ ᠲᠤᠭᠤᠬᠤ ᠨᠢ ᠭᠤᠤᠯ ᠠᠵᠢᠯ | ᠪᠤᠯᠳᠠᠭ᠂ ᠰᠠᠭᠠᠬᠤ ᠲᠤᠭᠤᠬᠤ ᠳᠤ ᠬᠡᠳᠦᠨ ᠬᠦᠮᠦᠨ ᠬᠡᠷᠡᠭᠰᠡᠵᠦ ᠬᠤᠷᠢᠵᠦ ᠬᠠᠰᠢᠵᠦ ᠦᠭᠬᠦ᠂ ᠪᠠᠷᠢᠵᠦ ᠭᠦᠬᠦᠭᠦᠯᠬᠦ᠂ | ᠡᠬᠡ ᠲᠦᠯ ᠢᠶᠠᠷ ᠨᠢ ᠬᠤᠤᠰᠯᠠᠭᠤᠯᠤᠨ ᠭᠠᠷᠭᠠᠨ᠎ᠠ᠂ ᠰᠤᠯᠢᠭᠳᠠᠨ ᠭᠠᠷᠬᠤ ᠪᠠ ᠢᠯᠡᠭᠦᠤ ᠬᠤᠷᠠᠭ᠎ᠠ ᠳᠠᠭᠠᠭᠤᠯᠵᠦ | ᠭᠠᠷᠬᠤ ᠶᠢ ᠠᠩᠬᠠᠷᠬᠤ ᠵᠡᠷᠭᠡ ᠬᠢᠳᠡᠯ ᠪᠠᠶᠢᠳᠠᠭ᠂ ᠴᠠᠳᠬᠤᠯᠳᠠ ᠮᠠᠭᠤ ᠬᠤᠷᠠᠭᠠᠨ ᠳᠤ ᠦᠨᠢᠶᠠᠨ ᠰᠦ ᠶᠢ ᠤᠭᠵᠢ ᠳᠤ | ᠬᠢᠵᠦ ᠤᠭᠵᠢᠳᠠᠨ ᠳᠡᠵᠢᠭᠡᠳᠡᠭ᠂ ᠲᠤᠭᠤᠭᠠᠳ ᠵᠦᠷᠢᠶ᠎ᠡ ᠭᠠᠷᠪᠠᠯ ᠪᠦᠷᠢᠳᠭᠡᠵᠦ᠂ ᠬᠤᠷᠠᠭ᠎ᠠ ᠢᠰᠢᠭᠡ ᠭᠡᠭᠡᠭᠳᠡᠭᠰᠡᠨ | ᠪᠠᠶᠢᠪᠠᠯ ᠡᠷᠢᠵᠦ ᠤᠯᠬᠤ ᠠᠵᠢᠯ ᠢ ᠬᠢᠨ᠎ᠡ᠃ | ⑶ᠬᠤᠷᠠᠭᠠᠨ ᠤᠭᠤᠳᠠ ᠬᠢᠬᠦ᠃ ᠬᠤᠷᠠᠭᠠᠨ ᠤᠭᠤᠳᠠ ᠪᠤᠯ ᠨᠢᠯᠬ᠎ᠠ ᠬᠤᠷᠠᠭ᠎ᠠ ᠶᠢ ᠤᠭᠤᠳᠠᠯᠠᠨ ᠵᠦᠭᠡᠭᠡᠬᠦ | ᠢᠰᠡᠭᠡᠢ ᠰᠡᠪᠡ ᠶᠢ ᠬᠡᠯᠡᠳᠡᠭ᠃ ᠲᠦᠯ ᠲᠤᠰᠬᠤ ᠪᠡᠯᠡᠳᠭᠡᠯ ᠤᠨ ᠴᠢᠬᠤᠯᠠ ᠬᠡᠷᠡᠭᠰᠡᠯ ᠪᠤᠯᠳᠠᠭ᠃ ᠤᠭᠤᠳᠠᠨ ᠤ | ᠢᠰᠡᠭᠡᠢ ᠶᠢ ᠡᠰᠭᠡᠬᠦ ᠳᠠᠭᠠᠨ ᠤᠷᠳᠤ ᠨᠢ ᠭᠤᠷᠪᠠᠨ ᠲᠦᠬᠡ ᠰᠦᠭᠡᠮ᠂ ᠦᠷᠭᠡᠨ ᠨᠢ ᠭᠤᠷᠪᠠᠨ ᠲᠦᠭᠡ ᠪᠠᠶᠢᠵᠦ᠂ | ᠬᠦᠬᠡ ᠪᠤᠶᠤ ᠴᠠᠭᠠᠨ ᠪᠦᠰ ᠢᠶᠠᠷ ᠭᠠᠳᠠᠷᠯᠠᠨ ᠷᠠ ᠬᠠᠮᠪᠤ᠂ ᠴᠠᠢ ᠬᠦᠷᠢᠶ᠎ᠡ ᠵᠡᠷᠭᠡ ᠬᠡ ᠤᠭᠠᠯᠵᠠ ᠶᠢ ᠭᠠᠷᠭᠠᠵᠦ | ᠲᠡᠮᠡᠭᠡᠨ ᠤᠳᠠᠰᠤ ᠪᠠᠷ ᠰᠢᠷᠢᠳᠡᠭ᠂ ᠬᠢᠯᠭᠠᠰᠤ ᠶᠢᠨ ᠵᠡᠭᠡᠭ ᠪᠠᠷ ᠬᠦᠪᠡᠭᠡ ᠶᠢ ᠨᠢ ᠡᠮᠵᠢᠵᠦ ᠪᠠᠬᠢᠯᠡᠭᠡᠳ᠂ ᠬᠤᠶᠠᠷ | ᠬᠠᠵᠠᠭᠤ ᠢ ᠨᠢ ᠨᠡᠪᠳᠡᠭᠴᠢᠨ ᠤᠶᠤᠳᠠᠭ᠃ ᠪᠠᠰᠠ ᠤᠩᠭᠠᠰᠤ ᠪᠠ ᠬᠢᠯᠭᠠᠰᠤ ᠲᠠᠮᠤᠵᠦ᠂ ᠬᠤᠶᠠᠷ ᠬᠤᠷᠤᠭᠤ ᠦᠷᠭᠡᠨ᠂ | 7 — 8 ᠲᠤᠬᠤᠢ ᠤᠷᠳᠤ ᠤᠭᠤᠰᠤᠷ ᠬᠢᠵᠦ ᠡᠭᠦᠷᠬᠦ ᠪᠠᠷ ᠪᠤᠯᠭᠠᠳᠠᠭ᠃ ᠡᠶᠢᠮᠦ ᠪᠠᠷ ᠤᠭᠤᠳᠠ ᠨᠢ ᠬᠤᠷᠠᠭ᠎ᠠ | ᠲᠤᠰᠤᠨᠠᠪᠬᠤ ᠠᠩᠬᠠᠨ ᠤ ᠦᠯᠦᠭᠡᠢ ᠪᠤᠯᠳᠠᠭ ᠪᠠᠶᠢᠨ᠎ᠠ᠃ | ⑷ ᠤᠭᠵᠠ ᠬᠢᠬᠦ᠃ ᠤᠭᠵᠠ ᠪᠤᠯ ᠬᠤᠷᠭᠠᠨ ᠳᠤ ᠰᠦ ᠦᠭᠬᠦ ᠭᠦᠬᠦᠯᠡᠭᠦᠷ ᠰᠠᠪᠠ ᠪᠤᠯᠤᠨ᠎ᠠ᠃ ᠤᠭᠵᠠ ᠶᠢ | ᠦᠬᠡᠷ ᠤᠨ ᠡᠪᠡᠷ ᠤᠨ ᠬᠦᠨᠳᠡᠢ ᠶᠢ ᠠᠰᠢᠭᠯᠠᠵᠦ᠂ ᠬᠠᠷᠠᠬᠠᠨ ᠦᠵᠦᠭᠦᠷ ᠢ ᠨᠢ ᠲᠠᠭᠠᠷᠢᠨ ᠨᠦᠬᠡᠯᠡᠭᠡᠳ᠂ ᠢᠯᠬᠢ ᠪᠠᠷ | ᠰᠤᠷᠤᠭᠤᠯ ᠭᠦᠬᠦ ᠬᠢᠵᠦ ᠤᠶᠠᠳᠠᠭ᠃ ᠰᠦ ᠳᠡᠭᠡᠨ ᠴᠠᠳᠬᠤ ᠦᠭᠡᠢ ᠬᠤᠷᠠᠭ᠎ᠠ ᠪᠤᠶᠤ ᠡᠬᠡ ᠦᠭᠡᠢ ᠲᠡᠵᠢᠭᠡᠪᠦᠷᠢ | ᠬᠤᠷᠠᠭ᠎ᠠ ᠳᠤ ᠰᠦ ᠦᠭᠴᠤ ᠤᠭᠵᠢᠳᠠᠳᠠᠭ᠃ ᠡᠨᠡ ᠨᠢ ᠮᠦᠨᠴᠤ ᠲᠦᠯ ᠲᠤᠰᠬᠤ ᠠᠵᠢᠯ ᠳᠤ ᠪᠠᠶᠢᠩᠭᠤ | ᠬᠡᠷᠡᠭᠯᠡᠭᠳᠡᠳᠡᠭ ᠡᠳ᠋ ᠪᠤᠶᠤ ᠬᠦᠬᠦᠭᠦᠯᠬᠦ ᠠᠷᠭ᠎ᠠ ᠬᠡᠯᠪᠡᠷᠢ ᠪᠤᠯᠤᠨ᠎ᠠ᠃ | ⑸ ᠭᠤᠯᠤᠩᠬᠠᠢ ᠠᠪᠤᠭᠤᠯᠬᠤ᠃ ᠲᠦᠯ ᠤᠨ ᠦᠶ᠎ᠡ ᠳᠤ᠂ ᠡᠬᠡ ᠨᠢ ᠭᠠᠷᠭᠠᠭᠰᠠᠨ ᠬᠤᠷᠠᠭ᠎ᠠ ᠪᠠᠨ ᠬᠡᠷᠡᠭᠯᠡᠬᠦ | ᠦᠭᠡᠢ ᠬᠠᠶᠠᠵᠦ ᠶᠠᠪᠤᠬᠤ ᠪᠤᠶᠤ ᠭᠦᠬᠦᠬᠦᠯᠬᠦ ᠦᠭᠡᠢ ᠦᠵᠡᠭᠳᠡᠯ ᠢ ︽ᠭᠤᠯᠤᠩᠬᠠᠢ︾ ᠭᠡᠳᠡᠭ᠃ ᠲᠠᠭᠤᠤ ᠲᠠᠭᠤᠯᠠᠨ | ᠭᠤᠯᠤᠩᠬᠠᠢ ᠶᠢ ᠠᠪᠤᠭᠤᠯᠬᠤ ᠶᠢ ︽ᠬᠤᠨᠢ ᠲᠤᠶᠢᠭᠯᠠᠬᠤ︾ ᠭᠡᠳᠡᠭ ᠶᠤᠮ᠃ ᠡᠮ᠎ᠡ ᠬᠤᠨᠢ ᠬᠤᠷᠠᠭ᠎ᠠ ᠪᠠᠨ ᠭᠤᠯᠤᠪᠠᠯ | ᠡᠬᠡ ᠬᠤᠷᠠᠭ᠎ᠠ ᠶᠢ ᠠᠪᠴᠤ ᠤᠶᠠᠵᠦ ᠬᠤᠴᠤᠷᠤᠨ᠂ ︽ᠬᠤᠨᠢ ᠲᠤᠶᠢᠭᠯᠠᠬᠤ︾ ᠳᠠᠭᠤᠤ ᠶᠢ ᠠᠶᠠᠯᠠᠭᠤᠯᠤᠨ ︽ | ᠲᠤᠶᠢᠭ︕ ᠲᠤᠶᠢᠭ︕︾ ᠭᠡᠵᠦ ᠳᠠᠭᠤᠯᠠᠭᠰᠠᠭᠠᠷ ᠪᠠᠶᠢᠵᠦ᠂ ᠡᠬᠡ ᠶᠢᠨ ᠬᠢᠨᠢ ᠰᠡᠳᠭᠢᠯ ᠢ ᠤᠶᠠᠷᠠᠭᠤᠯᠤᠨ᠂ | ᠬᠤᠷᠠᠭ᠎ᠠ ᠪᠠᠨ ᠠᠮᠠᠷᠠᠭᠯᠠᠨ ᠦᠨᠦᠷᠯᠡᠵᠦ᠂ ᠢᠪᠢᠯᠦᠨ ᠭᠦᠬᠦᠬᠦᠯᠬᠦ ᠪᠤᠯᠭᠠᠵᠦ ᠠᠪᠤᠭᠤᠯᠵᠦ ᠳᠠᠯᠪᠢᠬᠤ ᠠᠷᠭ᠎ᠠ ᠶᠢ | ᠬᠡᠷᠡᠭᠯᠡᠳᠡᠭ᠃ ᠪᠠᠰᠠ ᠡᠬᠡ ᠶᠢᠨ ᠬᠢᠨᠢ ᠰᠦ ᠶᠢ ᠬᠤᠷᠠᠭᠠᠨ ᠤ ᠪᠡᠶ᠎ᠡ ᠳᠤ ᠲᠦᠷᠬᠢᠬᠦ᠂ ᠨᠤᠬᠠᠢ ᠤᠶᠠᠵᠦ | ᠭᠠᠩᠭᠢᠨᠠᠭᠤᠯᠤᠨ ᠰᠦᠷ ᠦᠵᠡᠭᠦᠯᠬᠦ ᠵᠡᠷᠭᠡ ᠠᠷᠭ᠎ᠠ ᠶᠢ ᠴᠤ ᠲᠠᠭᠠᠯᠳᠤᠭᠤᠯᠤᠨ ᠠᠪᠳᠠᠭ᠃ ᠬᠤᠨᠢ ᠲᠤᠶᠢᠭᠯᠠᠬᠤ | ᠠᠵᠢᠯ ᠢ ᠠᠶᠢᠯ ᠤᠨ ᠪᠦᠰᠡᠭᠦᠶᠢᠴᠦᠳ ᠭᠤᠤᠯᠳᠠᠭᠤ ᠭᠦᠢᠴᠡᠳᠭᠡᠳᠡᠭ ᠶᠤᠮ᠂ ᠦᠵᠦᠮᠦᠴᠢᠨ ᠳᠤ ︽ᠠᠮᠠᠷᠠᠭᠯᠠᠬᠤ︾ | ᠭᠡᠬᠦ ᠦᠭᠡ ᠶᠢ ᠡᠬᠡ ᠲᠦᠯ ᠤᠨ ᠬᠠᠷᠢᠯᠴᠠᠨ ᠡᠨᠡᠭᠰᠢᠵᠦ᠂ ᠡᠬᠡ ᠨᠢ ᠬᠤᠷᠠᠭ᠎ᠠ ᠪᠠᠨ ᠪᠠᠶᠢᠨ ᠲᠠᠬᠢᠨ ᠦᠨᠦᠷᠯᠡᠬᠦ᠂ | ᠬᠤᠷᠠᠭ᠎ᠠ ᠨᠢ ᠰᠡᠭᠦᠯ ᠢᠶᠠᠨ ᠬᠦᠳᠡᠯᠭᠡᠨ᠂ ᠡᠬᠡ ᠬᠤᠷᠠᠭ᠎ᠠ ᠢᠪᠢᠯᠦᠨ ᠲᠠᠭᠠᠳᠠᠢ ᠭᠦᠬᠦᠬᠦᠯᠬᠦ ᠪᠠᠶᠢᠳᠠᠯ ᠢ ᠲᠦᠷᠰᠦᠯᠡᠬᠦ | ᠦᠢᠯᠡ ᠦᠭᠡ ᠪᠠᠷ ᠬᠡᠷᠡᠭᠯᠡᠳᠡᠭ᠃ ︽ᠰᠢᠷᠠᠨᠳᠠᠨ ᠬᠤᠨᠢ ᠬᠤᠷᠠᠭ᠎ᠠ ᠪᠠᠨ ᠭᠦᠬᠦᠬᠦᠯᠵᠦ ᠪᠠᠶᠢᠨᠠᠤ︖︾᠂ ︽ᠶᠡᠬᠡᠯ᠎ᠡ | ᠠᠮᠠᠷᠠᠭᠯᠠᠨ ᠭᠦᠬᠦᠬᠦᠯᠵᠦ ᠪᠠᠶᠢᠭᠰᠠᠨ︾ ᠭᠡᠵᠦ ᠬᠡᠯᠡᠯᠴᠡᠳᠡᠭ᠃ ᠢᠮᠠᠭ᠎ᠠ ᠶᠢ ᠪᠤᠯ ︽ᠴᠦ᠋︕ ᠴᠦ᠋︕ ᠴᠠᠶᠢᠭ︕ | ᠴᠠᠶᠢᠭ︕︾ ᠭᠡᠵᠦ ᠲᠠᠭᠤᠳᠠᠨ ᠲᠠᠭᠤᠯᠠᠨ ᠠᠪᠤᠭᠤᠯᠳᠠᠭ᠃ | ⑹ ᠬᠠᠪᠤᠷᠵᠢᠶ᠎ᠠ ᠳᠤ ᠪᠠᠭᠤᠬᠤ᠃ ᠬᠠᠪᠤᠷᠵᠢᠶ᠎ᠠ ᠪᠤᠯ ᠬᠠᠪᠤᠷ ᠤᠨ ᠤᠯᠠᠷᠢᠯ ᠳᠤ ᠬᠡᠷᠡᠭᠯᠡᠬᠦ ᠨᠦᠭᠡᠴᠡ | ᠪᠡᠯᠴᠢᠭᠡᠷ ᠢ ᠬᠡᠯᠡᠳᠡᠭ᠃ ᠬᠠᠪᠤᠷᠵᠢᠶ᠎ᠠ ᠳᠤ ᠪᠠᠭᠤᠬᠤ ᠪᠤᠯ ᠬᠤᠨᠢᠨ ᠰᠦᠷᠦᠭ ᠢᠶᠠᠨ ᠠᠪᠴᠤ ᠭᠡᠷ ᠡᠷᠦᠬᠡ ᠪᠠᠷ ᠢᠶᠠᠨ | ᠨᠡᠭᠦᠵᠦ ᠪᠠᠭᠤᠭᠠᠳ ᠲᠦᠯ ᠲᠤᠰᠬᠤ ᠪᠡᠯᠡᠳᠭᠡᠯ ᠠᠵᠢᠯ ᠢᠶᠠᠨ ᠲᠦᠪᠬᠢᠨᠡᠭᠦᠯᠬᠦ ᠪᠤᠶᠤ ᠲᠦᠯ ᠲᠤᠰᠬᠤ ᠠᠵᠢᠯ ᠳᠠᠭᠠᠨ | ᠤᠷᠤᠳᠠᠭ᠃ ᠬᠤᠳᠳᠤᠭ ᠤᠰᠤ ᠪᠠᠨ ᠨᠡᠭᠡᠭᠡᠬᠦ᠂ ᠰᠠᠭᠠᠬᠤ ᠰᠤᠪᠠᠢ ᠪᠠᠨ ᠢᠯᠭᠠᠬᠤ᠂ ᠲᠦᠯᠡᠰᠢ ᠠᠷᠭᠠᠯ ᠢᠶᠠᠨ | ᠤᠷᠤᠭᠤᠯᠬᠤ᠂ ᠲᠠᠪᠢᠭᠠᠯ ᠮᠤᠷᠢᠳ ᠢᠶᠠᠨ ᠪᠠᠷᠢᠬᠤ ᠵᠡᠷᠭᠡ ᠠᠵᠢᠯ ᠢ ᠭᠦᠢᠴᠡᠳᠭᠡᠨ᠎ᠡ᠃ | ⑺ ᠲᠦᠯ ᠤᠨ ᠡᠮ ᠪᠡᠯᠡᠳᠦᠬᠦ᠃ ᠬᠠᠪᠤᠷ ᠤᠨ ᠲᠤᠯᠡᠭᠠᠨ ᠳᠤ ᠬᠠᠶᠠ ᠬᠤᠷᠠᠭ᠎ᠠ ᠢᠰᠢᠭᠡᠨ ᠳᠤ ᠴᠢᠴᠠᠭ᠎ᠠ | ᠠᠯᠳᠠᠬᠤ᠂ ᠭᠡᠳᠡᠰᠦ ᠨᠢ ᠬᠡᠢ ᠲᠦᠭᠦᠷᠬᠦ ᠵᠡᠷᠭᠡ ᠡᠪᠡᠳᠴᠢᠨ ᠳᠤ ᠲᠤᠰᠠ ᠲᠠᠢ ᠴᠢᠳᠬᠤᠬᠤ ᠡᠮ ᠪᠠ ᠠᠷᠢᠭᠤᠳᠬᠠᠬᠤ | ᠡᠮ ᠶᠢ ᠠᠪᠴᠤ᠂ ᠬᠤᠷᠤᠭ᠎ᠠ ᠬᠠᠰᠢᠶ᠎ᠠ ᠪᠠᠨ ᠠᠷᠢᠭᠤᠳᠬᠠᠨ ᠴᠡᠪᠡᠷᠯᠡᠳᠡᠭ ᠶᠤᠮ᠃ ᠢᠩᠭᠢᠬᠦ ᠨᠢ ᠬᠤᠷᠠᠭ᠎ᠠ ᠶᠢᠨ | ᠪᠤᠶᠢᠵᠢᠯᠳᠡ ᠳᠤ ᠠᠰᠢᠭᠳᠠᠢ ᠪᠠᠶᠢᠵᠦ᠂ ᠴᠢᠴᠠᠭ᠎ᠠ ᠠᠯᠳᠠᠬᠤ ᠵᠡᠷᠭᠡ ᠬᠠᠯᠳᠠᠪᠤᠷᠢᠳᠦ ᠡᠪᠡᠳᠴᠢᠨ ᠤ ᠲᠡᠯᠭᠡᠷᠡᠬᠦ ᠶᠢ | ᠰᠡᠷᠭᠡᠶᠢᠯᠡᠵᠦ᠂ ᠬᠤᠨᠢᠨ ᠤ ᠬᠡᠪᠳᠡᠯᠬᠡ ᠶᠢ ᠠᠷᠢᠭᠤᠨ ᠴᠡᠪᠡᠷ ᠪᠠᠶᠢᠯᠭᠠᠵᠦ ᠴᠢᠳᠠᠨ᠎ᠠ᠃ | ᠬᠤᠷᠠᠭ᠎ᠠ ᠢᠷᠭᠡᠯᠡᠬᠦ ᠪᠠ ᠬᠤᠴᠠ ᠰᠤᠩᠭᠤᠬᠤ — ᠬᠤᠷᠠᠭ᠎ᠠ ᠢᠷᠭᠡᠯᠡᠬᠦ ᠶᠢ ᠬᠤᠷᠠᠭ᠎ᠠ ᠴᠠᠭᠠᠯᠠᠬᠤ᠂ | ᠴᠢᠮᠬᠢᠬᠦ᠂ ᠬᠦᠩᠭᠡᠯᠡᠬᠦ ᠴᠤ ᠭᠡᠳᠡᠭ᠂ ᠲᠦᠯ ᠲᠤᠰᠴᠤ ᠪᠠᠷᠠᠭᠠᠳ ᠰᠠᠭᠠᠬᠤ ᠰᠤᠪᠠᠢ ᠨᠡᠶᠢᠯᠡᠭᠦᠯᠬᠦ ᠠᠴᠠ ᠡᠮᠦᠨ᠎ᠡ᠂ | ᠵᠤᠨ ᠤ ᠡᠬᠢᠨ ᠰᠠᠷ᠎ᠠ ᠶᠢᠨ ᠰᠢᠨ᠎ᠡ ᠶᠢᠨ ᠭᠤᠷᠪᠠᠨ᠂ ᠳᠠᠪᠤᠨ᠂ ᠶᠢᠰᠦᠨ᠂ ᠠᠷᠪᠠᠨ ᠨᠢᠭᠡᠨ ᠤ ᠡᠳᠦᠷ ᠲᠤ ᠭᠤᠤᠯᠳᠠᠢ | ᠬᠤᠷᠠᠭ᠎ᠠ ᠪᠠᠨ ᠢᠷᠭᠡᠯᠡᠳᠡᠭ᠂ ᠡᠷ᠎ᠡ ᠬᠤᠷᠠᠭ᠎ᠠ ᠪᠠᠨ ᠪᠦᠬᠦᠨ ᠢ ᠠᠪᠴᠤ ᠬᠤᠴᠤᠷᠤᠭᠠᠳ ᠳᠤᠳᠤᠷ᠎ᠠ ᠠᠴᠠ ᠨᠢ ᠬᠤᠴᠠ | ᠳᠠᠯᠪᠢᠬᠤ ᠬᠤᠷᠠᠭ᠎ᠠ ᠪᠠᠨ ᠰᠢᠯᠢᠨ ᠰᠤᠩᠭᠤᠵᠦ᠂ ᠦᠯᠡᠳᠡᠭᠰᠡᠨ ᠬᠤᠷᠠᠭ᠎ᠠ ᠪᠠᠨ ᠪᠦᠬᠦᠨ ᠢ ᠴᠠᠭᠠᠯᠠᠨ ᠢᠷᠭᠡᠯᠡᠳᠡᠭ᠂ | ᠬᠤᠷᠠᠭ᠎ᠠ ᠴᠠᠭᠠᠯᠠᠬᠤ ᠳᠠᠭᠠᠨ ᠲᠤᠰᠬᠠᠢ ᠰᠤᠮᠤᠴᠢ ︵ᠪᠠᠭ᠎ᠠ ᠬᠢᠳᠤᠭ᠎ᠠ︶ ᠬᠡᠷᠡᠭᠯᠡᠬᠦ᠂ ᠠᠯᠳᠠᠨ ᠪᠠᠭᠠᠨ᠎ᠠ ᠳᠡᠭᠡᠭᠦᠷ | ᠭᠠᠷᠭᠠᠬᠤ᠂ ᠵᠢᠵᠢᠭᠬᠡᠨ ᠰᠠᠭᠤᠯᠭ᠎ᠠ ᠳᠤ ᠴᠢᠳᠡᠮ ︵ᠰᠦ ᠬᠤᠯᠢᠭᠰᠠᠨ︶ ᠲᠠᠢ ᠤᠰᠤ ᠪᠠ ᠪᠤᠳᠠᠭ᠎ᠠ ᠬᠢᠭᠰᠡᠨ ᠢᠶᠠᠨ | ᠳᠤᠲᠤᠷ᠎ᠠ ᠨᠢ ᠰᠠᠶ᠋ᠢ ᠴᠠᠭᠠᠯᠠᠨ ᠠᠪᠤᠭᠰᠠᠨ ᠲᠦᠮᠦᠰᠦ ︵ᠬᠤᠷᠠᠭᠠᠨ ᠪᠦᠭᠡᠷᠳᠡᠩ︶ ᠪᠠᠨ ᠬᠢᠬᠦ᠂ ᠰᠤᠮᠤᠴᠢ ᠪᠠᠨ | ᠰᠠᠯᠬᠢ ᠦᠵᠡᠭᠦᠯᠬᠦ ᠦᠭᠡᠢ ᠪᠢᠳᠡᠭᠦᠯᠦᠨ ᠪᠤᠭᠤᠵᠦ ᠳᠠᠯᠪᠢᠬᠤ ᠵᠡᠷᠭᠡ ᠵᠠᠩᠰᠢᠯ ᠲᠠᠢ᠂ ᠲᠤᠰ ᠠᠵᠢᠯ ᠳᠤ ᠴᠠᠭᠠᠯᠠᠬᠤ | ᠬᠦᠮᠦᠨ᠂ ᠪᠠᠷᠢᠵᠦ ᠦᠭᠬᠦ ᠬᠦᠮᠦᠨ᠂ ᠵᠦᠭᠡᠭᠡᠬᠦ ᠬᠦᠮᠦᠨ ᠵᠡᠷᠭᠡ ᠬᠡᠷᠡᠭᠰᠡᠳᠡᠭ᠂ ᠴᠠᠭᠠᠯᠠᠭᠰᠠᠨ ᠲᠦᠮᠦᠰᠦ ᠪᠠᠨ | ᠪᠤᠳᠠᠭᠠᠨ ᠳᠤ ᠴᠢᠨᠠᠵᠦ ᠢᠳᠡᠳᠡᠭ᠂ ᠴᠠᠭᠠᠯᠠᠭᠰᠠᠨ ᠲᠦᠮᠦᠰᠦ ᠪᠠ ᠤᠬᠢᠶᠠᠭᠰᠠᠨ ᠤᠰᠤ ᠶᠢ ᠨᠤᠬᠠᠢ ᠳᠤ ᠦᠭᠬᠦ ᠪᠤᠶᠤ | ᠦᠨᠦᠷᠯᠡᠭᠦᠯᠬᠦ ᠶᠢ ᠴᠡᠭᠡᠷᠯᠡᠳᠡᠭ᠂ ᠬᠤᠷᠠᠭ᠎ᠠ ᠴᠠᠭᠠᠯᠠᠭᠰᠠᠨ ᠤ ᠭᠤᠷᠪᠠᠳᠤᠭᠠᠷ ᠡᠳᠦᠷ ᠰᠠᠭᠠᠬᠤ ᠰᠤᠪᠠᠢ ᠪᠠᠨ ᠪᠦᠬᠦᠨ ᠢ | ᠨᠡᠶᠢᠯᠡᠭᠦᠯᠵᠦ ᠬᠠᠪᠤᠷ ᠤᠨ ᠲᠦᠯ ᠲᠤᠰᠴᠤ ᠪᠤᠶᠢᠵᠢᠭᠤᠯᠬᠤ ᠠᠵᠢᠯ ᠢᠶᠠᠨ ᠠᠮᠵᠢᠯᠳᠠ ᠲᠠᠢ ᠳᠠᠭᠤᠰᠬᠠᠳᠠᠭ᠃ | ⑴ ᠬᠤᠴᠠ ᠬᠤᠷᠠᠭ᠎ᠠ ᠮᠢᠯᠢᠶᠠᠬᠤ — ᠬᠤᠷᠠᠭ᠎ᠠ ᠢᠷᠭᠡᠯᠡᠬᠦ ᠠᠴᠠ ᠡᠮᠦᠨ᠎ᠡ ᠭᠡᠷ ᠤᠨ ᠡᠵᠡᠨ ᠡᠷᠳᠡᠨ ᠤ | ᠵᠢᠷᠤᠮ ᠢᠶᠠᠷ᠄ ︽ᠴᠠᠳᠤᠯ᠎ᠠ ᠭᠡᠵᠦ ᠴᠠᠭᠠᠨ ᠢᠶᠠᠷ ᠪᠤᠤ ᠬᠤᠴᠠ ᠲᠠᠯᠪᠢ᠂ ᠬᠠᠨᠤᠯ᠎ᠠ ᠭᠡᠵᠦ ᠬᠠᠷ᠎ᠠ ᠪᠠᠷ ᠪᠤᠤ ᠬᠤᠴᠠ | ᠲᠠᠯᠪᠢ︕︾ ᠭᠡᠳᠡᠭᠴᠢᠯᠡᠨ ᠦᠷ᠎ᠡ ᠲᠦᠯ ᠰᠠᠶᠢᠳᠠᠢ᠂ ᠪᠡᠶ᠎ᠡ ᠪᠢᠯᠳᠠᠷ ᠲᠤᠷᠪᠢᠯᠢᠭ᠂ ᠬᠡᠪᠡᠯᠢ ᠲᠡᠩᠴᠡᠭᠦᠨ ᠲᠡᠮᠳᠡᠭ | ᠲᠠᠢ ᠬᠤᠷᠠᠭ᠎ᠠ ᠶᠢ ᠰᠢᠯᠢᠵᠦ ᠪᠠᠷᠢᠭᠠᠳ᠂ ᠴᠠᠭᠠᠨ ᠢᠳᠡᠭᠡᠨ ᠤ ᠮᠢᠯᠢᠶᠠᠳᠠᠰᠤ ᠪᠠᠷ ᠮᠠᠩᠨᠠᠢ ᠶᠢ ᠨᠢ ᠮᠢᠯᠢᠶᠠᠨ ︿︿ | ᠮᠢᠩᠭ᠎ᠠ ᠶᠢᠨ ᠲᠦᠷᠦᠭᠦᠤ ᠮᠠᠩᠨᠠᠢ ᠬᠠᠯᠵᠠᠨ᠂ ᠲᠦᠮᠨ ᠶᠢᠨ ᠲᠦᠷᠦᠭᠦᠤ ᠲᠦᠨᠳᠦᠭᠦᠷ ᠬᠠᠯᠵᠠᠨ᠂ ᠰᠠᠭᠠᠳᠠᠯ ᠦᠭᠡᠢ | ᠰᠠᠶ᠎ᠠ ᠬᠦᠷᠦᠭᠳᠦᠨ᠂ ᠪᠤᠴᠠᠯᠳᠠ ᠦᠭᠡᠢ ᠪᠤᠮ ᠬᠦᠷᠦᠭᠳᠦᠨ︕﹀﹀ ᠭᠡᠵᠦ ᠢᠷᠦᠭᠡᠨ ᠰᠦᠷᠦᠭ ᠲᠤ ᠨᠡᠶᠢᠯᠡᠭᠦᠯᠦᠨ | ᠳᠠᠯᠪᠢᠳᠠᠭ᠃ ᠡᠶᠢᠮᠦ ᠪᠠᠷ ᠦᠵᠦᠮᠦᠴᠢᠨ ᠬᠤᠨᠢᠨ ᠤ ᠪᠦᠬᠦ ᠪᠡᠶ᠎ᠡ ᠶᠢᠨ ᠵᠢᠰᠦᠮ ᠨᠢ ᠴᠠᠭᠠᠨ ᠪᠤᠯᠪᠠᠴᠤ ᠬᠠᠷᠠᠨᠳᠠᠨ | ᠪᠤᠷᠤᠨᠳᠠᠨ᠂ ᠬᠠᠷ᠎ᠠ ᠬᠦᠵᠦᠭᠦᠳᠦ ᠵᠡᠷᠭᠡ ᠦᠩᠭᠡ ᠤᠯᠠᠨᠳᠠᠢ ᠪᠠᠶᠢᠳᠠᠭ ᠨᠢ ᠲᠡᠷᠡ ᠶᠤᠮ ᠭᠡᠨ᠎ᠡ᠂ ︽ᠦᠭᠡᠳᠡᠯᠡᠬᠦ | ᠠᠶᠢᠯ ᠤᠨ ᠦᠭᠡ ᠨᠢ ᠨᠢᠭᠡ᠂ ᠦᠰᠬᠦ ᠮᠠᠯ ᠤᠨ ᠵᠢᠰᠦᠮ ᠨᠢ ᠨᠢᠭᠡ︾ ᠭᠡᠳᠡᠭᠴᠢᠯᠡᠨ ᠲᠡᠷᠡ ᠨᠢ ᠦᠵᠦᠮᠦᠴᠢᠨ | ᠬᠤᠨᠢᠨ ᠤ ᠪᠠᠷᠢᠮᠵᠢᠶ᠎ᠡ ᠪᠤᠯᠤᠨ ᠤᠯᠠᠮᠵᠢᠯᠠᠭᠳᠠᠭᠰᠠᠨ ᠪᠠᠶᠢᠨ᠎ᠠ᠃ | ⑵ ᠬᠤᠷᠠᠭ᠎ᠠ ᠢᠷᠭᠡᠯᠡᠬᠦ ᠬᠦᠮᠦᠨ — ᠬᠤᠷᠠᠭ᠎ᠠ ᠢᠷᠬᠡᠯᠡᠬᠦ ᠠᠵᠢᠯ ᠳᠠᠭᠠᠨ ᠴᠠᠭᠠᠷᠠᠭᠰᠠᠨ ᠪᠠᠶᠢᠳᠠᠭ | ᠲᠤᠰᠬᠠᠢ ᠮᠡᠷᠭᠡᠵᠢᠯ ᠤᠨ ᠬᠦᠮᠦᠨ᠂ ᠴᠠᠭᠠᠯᠠᠬᠤ ᠳᠤ ᠬᠡᠷᠡᠭᠯᠡᠬᠦ ᠰᠤᠮᠤᠴᠢ ᠭᠡᠬᠦ ᠪᠢᠴᠢᠬᠠᠨ ᠬᠢᠳᠤᠭ᠎ᠠ ᠲᠠᠢ ᠪᠠᠶᠢᠳᠠᠭ᠂ | ᠬᠤᠷᠠᠭ᠎ᠠ ᠢᠷᠭᠡᠯᠡᠭᠰᠡᠨ ᠤ ᠲᠠᠷᠠᠭ᠎ᠠ᠂ ᠭᠡᠷ ᠤᠨ ᠡᠵᠡᠨ ᠬᠤᠷᠠᠭ᠎ᠠ ᠢᠷᠭᠡᠯᠡᠭᠰᠡᠨ ᠬᠦᠮᠦᠨ ᠳᠤ ᠤᠤᠯ ᠨᠢ ᠤᠯᠠᠨ | ᠲᠤᠭᠠᠨ ᠤ ᠬᠤᠷᠠᠭ᠎ᠠ ᠢᠷᠭᠡᠯᠡᠭᠰᠡᠨ ᠪᠤᠯ ᠬᠠᠯᠠᠭᠤᠨ ᠬᠤᠰᠢᠭᠤᠳᠤ ᠬᠤᠨᠢ ᠪᠤᠶᠤ ᠲᠡᠪᠡᠯ ᠤᠨ ᠪᠦᠰ ᠪᠠᠷᠠᠭ᠎ᠠ ᠦᠭᠳᠡᠭ᠂ | ᠡᠩ ᠤᠨ ᠲᠤᠭᠳᠠᠮᠠᠯ ᠪᠡᠯᠡᠭ ᠪᠤᠯ ᠬᠤᠨᠤᠭ ᠪᠤᠳᠠᠭ᠎ᠠ ᠲᠦᠭᠦᠷᠭᠡᠭᠰᠡᠨ ᠫᠢᠯᠠᠨ ᠲᠡᠭᠡᠷ᠎ᠡ ᠴᠠᠢ ᠬᠠᠳᠠᠭ ᠪᠤᠶᠤ ᠬᠤᠷᠤᠳ | ᠴᠠᠭᠠᠨ ᠢᠳᠡᠭᠡ ᠲᠠᠢ ᠲᠠᠯᠪᠢᠵᠦ ᠦᠭᠳᠡᠭ ᠪᠠᠶᠢᠨ᠎ᠠ᠂ ᠡᠭᠦᠨ ᠳᠤ ᠴᠠᠭᠠᠯᠠᠭᠴᠢ ᠠᠴᠠ ᠴᠠᠭᠠᠨ ᠢᠳᠡᠭᠡᠨ ᠠᠴᠠ ᠨᠢ | ᠠᠮᠰᠠᠵᠦ᠂ ᠪᠤᠳᠠᠭᠠᠨ ᠠᠴᠠ ᠨᠢ ᠲᠡᠭᠡᠭᠰᠢ ᠰᠠᠴᠤᠵᠦ᠄ ︽ᠢᠷᠭᠡᠯᠡᠭᠰᠡᠨ ᠮᠠᠯ ᠨᠢ ᠪᠤᠳᠠᠭᠠᠨ ᠠᠴᠠ ᠠᠷᠪᠢᠨ ᠪᠤᠯᠤᠭ︕ | ︾ ᠭᠡᠵᠦ ᠢᠷᠦᠭᠡᠯ ᠲᠠᠯᠪᠢᠭᠰᠠᠨ ᠢᠶᠠᠨ ᠬᠦᠯᠢᠶᠡᠨ ᠠᠪᠳᠠᠭ᠃ | ⑶ ᠪᠠᠭᠠᠨ᠎ᠠ — ᠪᠠᠭᠠᠨ᠎ᠠ ᠬᠦᠨᠳᠡᠯᠡᠨ ᠲᠠᠯᠪᠢᠳᠠᠭ ᠨᠢ ᠠᠯᠳᠠᠨ ᠪᠠᠭᠠᠨ᠎ᠠ ᠲᠡᠭᠡᠭᠦᠷ ᠬᠢᠰᠭᠢᠪᠡᠯ ᠴᠠᠭᠠᠯᠠᠭᠰᠠᠨ | ᠮᠠᠯ ᠤᠨ ᠠᠮᠢ ᠪᠡᠶ᠎ᠡ ᠨᠢ ᠪᠦᠬᠡᠵᠢᠭᠦᠨ ᠪᠤᠯᠤᠨ᠎ᠠ ᠭᠡᠳᠡᠭ᠂ ᠲᠤᠮ ᠤᠨ ᠤᠬᠠᠭᠠᠨ ᠲᠠᠢ᠃ | ⑷ ᠪᠤᠳᠠᠭᠠᠨ ᠴᠢᠳᠡᠮ ᠲᠠᠢ ᠰᠠᠭᠤᠯᠭ᠎ᠠ — ᠬᠤᠷᠠᠭᠠᠨ ᠲᠦᠮᠦᠰᠦ ᠬᠢᠬᠦ ᠰᠠᠭᠤᠯᠠᠭ᠎ᠠ ᠳᠤ ᠪᠤᠳᠠᠭ᠎ᠠ ᠪᠠ | ᠰᠦ ᠲᠠᠢ ᠤᠰᠤ ᠬᠢᠳᠡᠭ ᠨᠢ ᠬᠤᠷᠠᠭᠠᠨ ᠤ ᠦᠰᠦᠯᠳᠡ ᠦᠷᠡᠵᠢᠯ ᠬᠢᠭᠡᠳ ᠵᠠᠰᠠᠭ᠎ᠠ ᠶᠢᠨ ᠬᠦᠩᠭᠡᠨ ᠪᠠᠶᠢᠬᠤ ᠶᠢ | ᠪᠡᠯᠭᠡᠳᠡᠭᠰᠡᠨ ᠶᠠᠪᠤᠳᠠᠯ᠂ ᠤᠴᠢᠷ ᠨᠢ ᠪᠤᠳᠠᠭ᠎ᠠ ᠪᠤᠯ ᠤᠯᠠᠨ ᠢ᠂ ᠰᠦ ᠪᠤᠯ ᠵᠦᠭᠡᠯᠡᠨ ᠴᠠᠭᠠᠪᠤᠷᠢ ᠶᠢ ᠲᠦᠯᠦᠭᠡᠯᠡᠳᠡᠭ᠂ | ᠢᠩᠭᠢᠪᠡᠯ ᠶᠠᠮᠠᠷ ᠴᠤ ᠭᠡᠮ ᠪᠤᠯᠬᠤ ᠦᠭᠡᠢ ᠭᠡᠵᠦ ᠲᠡᠳᠡ ᠦᠵᠡᠳᠡᠭ ᠶᠤᠮ᠃ | ⑸ ᠬᠤᠷᠠᠭᠠᠨ ᠲᠦᠮᠦᠰᠦ — ᠢᠷᠭᠡᠯᠡᠭᠰᠡᠨ ᠬᠤᠷᠠᠭᠠᠨ ᠲᠦᠮᠦᠰᠦ ᠶᠢ ᠨᠠᠷᠢᠨ ᠨᠢᠮᠪᠠᠢ ᠦᠰᠦ ᠶᠢ ᠨᠢ | ᠲᠡᠭᠦᠵᠦ ᠠᠷᠢᠯᠭᠠᠭᠠᠳ ᠴᠢᠳᠡᠮ ︵ᠰᠦ︶ ᠲᠠᠢ ᠤᠰᠤᠨ ᠳᠤ ᠪᠤᠳᠠᠭ᠎ᠠ ᠤᠷᠬᠢᠨ ᠴᠢᠨᠠᠵᠦ ᠢᠳᠡᠳᠡᠭ᠃ ᠪᠤᠰᠤᠳ | ᠮᠢᠬ᠎ᠠ ᠨᠤᠭᠤᠭ᠎ᠠ ᠲᠠᠢ ᠬᠤᠯᠢᠵᠦ ᠪᠤᠯᠳᠠᠭ ᠦᠭᠡᠢ ᠠᠷᠢᠭᠤᠨ ᠲᠡᠭᠡᠳᠦ ᠢᠳᠡᠭᠡᠨ ᠪᠤᠯᠬᠤ ᠶᠤᠮ᠃ ᠲᠦᠮᠦᠰᠦ | ᠤᠬᠢᠶᠠᠭᠰᠠᠨ ᠴᠢᠰᠤ ᠲᠠᠢ ᠤᠰᠤ ᠪᠠ ᠵᠠᠰᠠᠭ᠎ᠠ ᠪᠠᠷ ᠭᠠᠷᠤᠭᠰᠠᠨ ᠴᠢᠰᠦ ᠶᠢ ᠨᠤᠬᠠᠢ ᠳᠤ ᠦᠨᠦᠷᠯᠡᠭᠦᠯᠬᠦ ᠪᠤᠶᠤ | ᠢᠳᠡᠭᠦᠯᠳᠡᠭ ᠦᠭᠡᠢ᠂ ᠬᠡᠷᠪᠡ ᠨᠤᠬᠠᠢ ᠲᠤᠯᠢᠶᠠᠪᠠᠯ ᠵᠠᠰᠠᠭᠰᠠᠨ ᠬᠤᠷᠠᠭᠠᠨ ᠤ ᠰᠢᠷᠬ᠎ᠠ ᠨᠢ ᠬᠦᠨᠳᠦᠷᠡᠬᠦ ᠪᠤᠶᠤ | ᠴᠢᠨᠠᠭᠰᠢᠯᠠᠪᠠᠯ ᠭᠡᠮ ᠪᠤᠯᠵᠦ ᠦᠬᠦᠬᠦ ᠠᠶᠤᠯ ᠲᠠᠢ ᠭᠡᠳᠡᠭ᠃ | ᠢᠮ ᠳᠡᠮᠳᠡᠭ ᠬᠢᠬᠦ — ᠠᠯᠳᠠᠵᠦ ᠭᠡᠭᠡᠬᠦ ᠪᠠ ᠪᠤᠰᠤᠳ ᠤᠨ ᠰᠦᠷᠦᠭ ᠲᠠᠢ ᠨᠡᠶᠢᠯᠡᠬᠦ ᠠᠴᠠ ᠪᠤᠯᠵᠦ᠂ | ᠰᠤᠷᠠᠭᠯᠠᠬᠤ᠂ ᠢᠯᠠᠭᠠᠨ ᠳᠠᠨᠢᠬᠤ ᠪᠠ ᠮᠠᠭᠠᠳᠯᠠᠬᠤ ᠶᠢᠨ ᠲᠤᠯᠠᠳᠠ ᠡᠯ᠎ᠡ ᠵᠦᠢᠯ ᠤᠨ ᠢᠮ ᠳᠠᠮᠳᠡᠭ ᠢ ᠬᠢᠵᠦ | ᠳᠠᠯᠪᠢᠳᠠᠭ᠂ ᠬᠤᠷᠠᠭ᠎ᠠ ᠢᠷᠭᠡᠯᠡᠬᠦ ᠡᠳᠦᠷ ᠴᠢᠬᠢᠨ ᠤ ᠢᠮ ᠬᠢᠬᠦ ᠠᠵᠢᠯ ᠬᠠᠮᠳᠤ ᠳᠤᠨᠢ ᠶᠠᠪᠤᠭᠳᠠᠳᠠᠭ᠃ ᠢᠮ | ᠬᠢᠬᠦ ᠳᠤ ᠢᠷ ᠲᠠᠢ ᠬᠠᠶᠢᠴᠢ ᠪᠠᠷ ᠬᠢᠬᠦ ᠭᠡᠰᠡᠨ ᠲᠡᠮᠳᠡᠭ ᠢᠶᠠᠨ ᠲᠤᠳᠤᠷᠬᠠᠢ ᠬᠠᠶᠢᠴᠢᠯᠠᠨ ᠬᠢᠳᠡᠭ᠃ ᠴᠢᠬᠢᠨ ᠤ | ᠢᠮ ᠳᠤ ᠭᠤᠤᠯᠳᠠᠭᠤ᠄ ᠭᠠᠨᠵᠤᠭ᠎ᠠ ᠢᠮ᠂ ᠭᠡᠷᠴᠢᠮ ᠢᠮ᠂ ᠤᠬᠤᠮ ᠢᠮ᠂ ᠠᠯᠤᠬᠠᠨ ᠢᠮ᠂ ᠬᠠᠭᠠᠯᠪᠤᠷᠢ ᠢᠮ᠂ | ᠤᠨᠢ ᠢᠮ᠂ ᠤᠭᠳᠤᠯᠪᠤᠷᠢ ︵ᠳᠠᠭᠠᠷᠢᠭᠤᠯ︶ ᠢᠮ᠂ ᠰᠠᠮ ︵ᠵᠢᠷᠦᠬᠡᠨ︶ ᠢᠮ ᠵᠡᠷᠭᠡ ᠬᠡᠯᠪᠡᠷᠢ ᠪᠠᠷ ᠬᠢᠬᠦ ᠪᠤᠯᠪᠠᠴᠤ | ᠴᠢᠬᠢᠨ ᠤ ᠡᠮᠦᠨ᠎ᠡ ᠠᠷᠤ᠂ ᠳᠡᠭᠡᠭᠰᠢ ᠲᠤᠷᠤᠭᠰᠢ ᠪᠠᠨ ᠤᠭᠳᠤᠯᠤᠨ ᠬᠢᠬᠦ ᠨᠢ ᠠᠳᠠᠯᠢ ᠦᠭᠡᠢ ᠪᠤᠯᠬᠤᠷ ᠳᠠᠭᠤᠳᠠᠯᠭ᠎ᠠ | ᠨᠢ ᠴᠤ ᠬᠤᠪᠢᠷᠠᠳᠠᠭ᠂ ᠲᠤᠬᠠᠶᠢᠯᠠᠪᠠᠯ ᠡᠮᠦᠨ᠎ᠡ ᠭᠠᠨᠵᠤᠭ᠎ᠠ᠂ ᠠᠷᠤ ᠭᠠᠨᠵᠤᠭ᠎ᠠ᠂ ᠡᠮᠦᠨ᠎ᠡ ᠤᠬᠤᠮ᠂ ᠠᠷᠤ ᠤᠬᠤᠮ | ᠭᠡᠬᠦ ᠵᠡᠷᠭᠡ ᠪᠤᠢ᠃ | ᠬᠤᠨᠢ ᠲᠤᠭᠠᠯᠠᠬᠤ — ᠬᠤᠷᠠᠭ᠎ᠠ ᠪᠠᠨ ᠢᠷᠭᠡᠯᠡᠬᠦ᠂ ᠬᠤᠴᠠ ᠰᠤᠩᠭᠤᠨ ᠲᠠᠯᠪᠢᠬᠤ᠂ ᠢᠮ ᠳᠡᠮᠳᠡᠭ ᠬᠢᠬᠦ | ᠵᠡᠷᠭᠡ ᠠᠵᠢᠯ ᠢ ᠪᠠᠷᠠᠭᠰᠠᠨ ᠤ ᠲᠠᠷᠠᠭ᠎ᠠ ᠬᠤᠨᠢᠨ ᠤ ᠶᠡᠭᠡ ᠲᠤᠭᠠᠯᠠᠯᠭ᠎ᠠ ᠬᠢᠵᠦ᠂ ᠲᠦᠷᠦᠯ ᠵᠦᠢᠯ ᠢᠯᠭᠠᠯ ᠢᠶᠠᠷ ᠨᠢ | ᠲᠤᠳᠤᠷᠬᠠᠶᠢᠯᠠᠭᠰᠠᠨ ᠮᠠᠯ ᠤᠨ ᠪᠦᠷᠢᠳᠭᠡᠯ ᠬᠢᠳᠡᠭ᠃ ᠬᠤᠨᠢ ᠶᠢ ᠲᠤᠭᠠᠯᠠᠬᠤ ᠳᠤ ᠴᠤᠪᠤᠭᠤᠯᠵᠦ ᠲᠤᠭᠠᠯᠠᠬᠤ᠂ | ᠬᠠᠰᠢᠵᠦ ᠲᠤᠭᠠᠯᠠᠬᠤ᠂ ᠬᠦᠯᠳᠡᠵᠦ ︵ᠰᠢᠭᠢᠷᠠᠳᠠᠵᠦ︶ ᠲᠤᠭᠠᠯᠠᠬᠤ᠂ ᠪᠡᠯᠴᠢᠭᠡᠷ ᠲᠡᠭᠡᠷ᠎ᠡ ᠲᠤᠭᠳᠠᠭᠠᠨ ᠲᠤᠭᠠᠯᠠᠬᠤ | ᠵᠡᠷᠭᠡ ᠠᠷᠭ᠎ᠠ ᠶᠢ ᠬᠡᠷᠡᠭᠯᠡᠳᠡᠭ᠃ | ᠴᠤᠪᠤᠭᠤᠯᠵᠦ ᠲᠤᠭᠠᠯᠠᠬᠤ᠃ ᠬᠤᠨᠢᠨ ᠤ ᠶᠡᠷᠦᠩᠬᠡᠢ ᠳ᠋ᠦᠩ ᠲᠤᠭ᠎ᠠ ᠶᠢ ᠲᠤᠯᠤᠭᠠᠢ ᠲᠠᠷᠤᠨ ᠲᠤᠭᠠᠯᠠᠵᠦ | ᠠᠪᠬᠤ ᠠᠷᠭ᠎ᠠ ᠪᠤᠯᠤᠨ᠎ᠠ᠃ ᠡᠶᠢᠮᠦ ᠠᠴᠠ ᠭᠡᠭᠡᠷ᠎ᠡ ᠲᠠᠯ᠎ᠠ ᠳᠤ ᠪᠠᠶᠢᠭᠰᠠᠨ ᠴᠤ ᠪᠦᠭᠡᠮᠨᠡᠷᠡᠭᠦᠯᠦᠨ ᠲᠠᠰᠤᠳᠠᠭᠠᠳ | ᠲᠤᠭᠠᠯᠠᠵᠦ ᠪᠤᠯᠳᠠᠭ᠂ ᠢᠩᠬᠢᠵᠦ ᠲᠤᠭᠠᠯᠠᠬᠤ ᠳᠤ ᠮᠤᠷᠢ ᠲᠠᠢ ᠪᠤᠶᠤ ᠶᠠᠪᠠᠭᠠᠨ ᠪᠦᠷ ᠪᠤᠯᠳᠠᠭ᠂ ᠲᠤᠭᠠᠯᠠᠬᠤ ᠬᠦᠮᠦᠨ | ᠨᠢ ᠴᠤᠪᠤᠵᠦ ᠭᠦᠶᠦᠭᠰᠡᠨ ᠬᠤᠨᠢ ᠶᠢ ᠤᠯᠠᠩᠬᠢ ᠳᠠᠭᠠᠨ ᠬᠤᠤᠰ ᠢᠶᠠᠷ ᠲᠤᠭᠠᠯᠠᠳᠠᠭ᠃ ᠴᠤᠪᠤᠵᠦ ᠬᠦᠶᠦᠭᠰᠡᠨ | ᠬᠤᠨᠢ ᠶᠢ ᠨᠢᠭᠡ ᠨᠢᠭᠡ ᠪᠠᠷ ᠲᠤᠭᠠᠯᠠᠪᠠᠯ ᠵᠠᠷᠢᠮ ᠳᠠᠭᠠᠨ ᠦᠵᠡᠵᠦ ᠬᠠᠷᠠᠵᠦ ᠠᠮᠵᠢᠬᠤ ᠦᠭᠡᠢ ᠶᠠᠪᠤᠳᠠᠯ ᠭᠠᠷᠳᠠᠭ ᠪᠠ | ᠲᠤᠭ᠎ᠠ ᠠᠯᠳᠠᠬᠤ ᠤᠴᠢᠷ ᠭᠠᠷᠳᠠᠭ᠂ ᠬᠤᠤᠰ ᠢᠶᠠᠷ ᠲᠤᠭᠠᠯᠠᠪᠠᠯ ᠠᠯᠳᠠᠬᠤ ᠨᠢ ᠴᠦᠭᠡᠨ ᠪᠠᠶᠢᠳᠠᠭ᠃ | ᠬᠦᠯᠳᠡᠵᠦ ᠲᠤᠭᠠᠯᠠᠬᠤ᠃ ᠬᠤᠨᠢᠨ ᠤ ᠲᠦᠷᠦᠯ ᠵᠦᠢᠯ ᠢ ᠨᠠᠷᠢᠨ ᠢᠯᠭᠠᠬᠤ ᠳᠤ ᠬᠡᠷᠡᠭᠯᠡᠳᠡᠭ ᠲᠤᠯᠤᠭᠠᠢ | ᠲᠠᠷᠤᠨ ᠲᠤᠭᠠᠯᠠᠬᠤ ᠠᠷᠭ᠎ᠠ ᠪᠤᠯᠤᠨ᠎ᠠ᠃ ᠬᠤᠨᠢ ᠶᠢ ᠨᠢᠭᠡ ᠨᠢᠬᠡ ᠲᠤᠯᠤᠭᠠᠢ ᠪᠠᠷ ᠬᠦᠯᠳᠡᠨ ᠴᠢᠷᠴᠤ᠂ ᠬᠠᠰᠢᠯᠭ᠎ᠠ ᠶᠢᠨ | ᠠᠮᠠ ᠪᠠᠷ ᠭᠠᠷᠭᠠᠬᠤ ᠲᠤᠯᠠ ᠬᠦᠮᠦᠨ ᠤ ᠬᠦᠴᠦᠨ ᠶᠡᠭᠡ ᠤᠷᠤᠳᠠᠭ᠂ ᠲᠤᠭᠠᠯᠠᠬᠤ ᠬᠦᠮᠦᠨ ᠨᠢ ᠨᠢᠭᠡ ᠨᠢᠭᠡ | ᠲᠤᠯᠤᠭᠠᠢ ᠪᠠᠷ ᠲᠤᠭᠠᠯᠠᠳᠠᠭ᠃ ᠬᠠᠰᠢᠶᠠᠯᠠᠵᠦ ᠲᠤᠭᠠᠯᠠᠪᠠᠯ ᠲᠡᠭᠡᠷᠡᠬᠢ ᠬᠤᠶᠠᠷ ᠲᠤᠭᠠᠯᠠᠬᠤ ᠠᠷᠭ᠎ᠠ ᠶᠢ ᠪᠦᠷ ᠬᠢᠵᠦ | ᠪᠤᠯᠤᠨ᠎ᠠ᠃ | ᠴᠦᠭᠡᠪᠦᠷᠢ ᠰᠦᠷᠦᠭ ᠬᠤᠨᠢ ᠶᠢ ᠪᠤᠳᠠᠷᠠᠨ ᠲᠤᠭᠳᠠᠭᠤᠨ ᠢᠳᠡᠰᠢᠯᠡᠵᠦ ᠪᠠᠶᠢᠬᠤ ᠳᠤᠨᠢ ᠮᠤᠷᠢ ᠪᠠᠷ ᠲᠤᠲᠤᠷ᠎ᠠ | ᠨᠢ ᠶᠠᠪᠤᠵᠦ ᠨᠠᠷᠢᠨ ᠶᠡᠷᠦᠩᠬᠡᠢ ᠲᠤᠭ᠎ᠠ ᠶᠢ ᠠᠪᠴᠤ ᠪᠤᠯᠳᠠᠭ᠂ ᠢᠩᠭᠢᠵᠦ ᠬᠤᠨᠢᠨ ᠰᠦᠷᠦᠭ ᠤᠨ ᠨᠠᠷᠢᠨ ᠲᠤᠭ᠎ᠠ ᠶᠢ | ᠲᠤᠭᠠᠯᠠᠨ ᠳᠡᠮᠳᠡᠭᠯᠡᠵᠦ᠂ ᠠᠶᠢᠯ ᠡᠷᠦᠬᠡ ᠶᠢᠨ ᠲᠠᠩᠰᠠ ᠡᠪᠬᠡᠮᠡᠯ ᠬᠢᠵᠦ ᠡᠵᠡᠮᠰᠢᠳᠡᠭ ᠶᠤᠮ᠃ ᠮᠠᠯ ᠰᠦᠷᠦᠭ ᠤᠨ | ᠲᠤᠭ᠎ᠠ ᠪᠠᠨ ᠨᠠᠷᠢᠨ ᠡᠵᠡᠮᠰᠢᠴᠢᠭᠡᠪᠡᠯ ᠮᠠᠯ ᠤᠨ ᠦᠰᠦᠯᠳᠡ ᠪᠠᠭᠤᠷᠠᠯᠳᠠ᠂ ᠤᠷᠤᠯᠭ᠎ᠠ ᠵᠠᠷᠤᠯᠭ᠎ᠠ ᠨᠢ ᠲᠤᠳᠤᠷᠬᠠᠢ | ᠪᠤᠯᠴᠢᠬᠠᠳᠠᠭ ᠢᠶᠠᠷ ᠠᠮᠢᠳᠤᠷᠠᠯ ᠳᠤ ᠬᠡᠳᠦᠢ ᠵᠠᠷᠤᠴᠠᠭᠤᠯᠬᠤ᠂ ᠲᠠᠬᠢᠨ ᠦᠢᠯᠡᠳᠪᠦᠷᠢᠯᠡᠯ ᠳᠤ ᠬᠡᠷᠡᠭᠯᠡᠬᠦ ᠨᠢ ᠬᠡᠳᠦᠢ | ᠪᠠᠶᠢᠪᠠᠯ ᠵᠤᠬᠢᠬᠤ ᠵᠡᠷᠭᠡ ᠳᠤ ︽ᠲᠤᠲᠤᠷ᠎ᠠ ᠪᠠᠨ ᠲᠤᠭ᠎ᠠ ᠲᠠᠢ︾ ᠪᠤᠯᠴᠢᠬᠠᠳᠠᠭ ᠶᠤᠮ᠃ |