ᠵᠤᠭᠤᠰ ᠪᠤᠯ ᠨᠠᠶᠢᠭᠡᠮ ᠤᠨ ᠠᠵᠤ ᠠᠬᠤᠢ ᠶᠢᠨ ᠭᠦᠭᠵᠢᠯᠳᠠ ᠶᠢᠨ ᠲᠠᠸᠠᠷ ᠤᠨ ᠰᠤᠯᠢᠯᠴᠠᠭᠠᠨ ᠤ | ᠦᠷᠭᠡᠵᠢᠯᠳᠠ ᠶᠢᠨ ᠵᠠᠶᠢᠯᠠᠰᠢ ᠦᠭᠡᠢ ᠪᠦᠳᠤᠭᠡᠭᠳᠡᠭᠦᠨ ᠮᠦᠨ᠃ ᠮᠦᠨ ᠴᠤ ᠨᠠᠶᠢᠭᠡᠮ ᠤᠨ ᠪᠤᠯᠪᠠᠰᠤᠨ ᠤ ᠪᠠᠯᠭᠡ | ᠲᠠᠮᠳᠡᠭ ᠪᠤᠯᠬᠤ ᠶᠤᠮ᠃ ᠮᠠᠷᠺᠰ ︽ᠵᠤᠭᠤᠰᠤᠨ ᠤ ᠭᠡᠯᠪᠡᠷᠢ ᠶᠢ ᠨᠡᠭᠦᠳᠠᠯᠴᠢᠨ ᠦᠨᠳᠤᠰᠤᠳᠠᠨ ᠬᠠᠮᠤᠭ ᠤᠨ | ᠲᠠᠷᠢᠭᠦᠨ ᠳᠤ ᠭᠦᠭᠵᠢᠭᠦᠯᠪᠠ᠃ ᠲᠠᠳᠠ ᠨᠠᠷ ᠤᠨ ᠪᠦᠭᠦ ᠡᠳ᠋ ᠭᠦᠷᠤᠩᠭᠡ ᠨᠢ ᠰᠢᠯᠵᠢᠵᠤ ᠪᠤᠯᠳᠠᠭ ᠪᠦᠭᠡᠳ ᠰᠢᠭᠤᠳ | ᠰᠢᠯᠵᠢᠬᠦᠯᠦᠨ ᠦᠭᠭᠦ ᠭᠡᠯᠪᠡᠷᠢ ᠲᠠᠢ ᠪᠠᠶᠢᠭᠰᠠᠨ ᠪᠠ ᠪᠠᠰᠠ ᠠᠮᠢᠳᠤᠷᠠᠯ ᠤᠨ ᠠᠷᠭ᠎ᠠ ᠨᠢ ᠴᠤ ᠲᠠᠳᠠ ᠨᠠᠷ ᠢ ᠪᠤᠰᠤᠳ | ᠬᠠᠮᠳᠤ ᠶᠢᠨ ᠴᠤᠭᠴᠠ ᠲᠠᠢ ᠦᠷᠭᠦᠯᠵᠢ ᠬᠠᠷᠢᠯᠴᠠᠭᠤᠯᠳᠠᠭ ᠪᠠᠶᠢᠭᠰᠠᠨ ᠤᠴᠢᠷ ᠠᠴᠠ ᠦᠢᠯᠡᠳᠭᠦᠨ ᠢᠶᠠᠨ ᠰᠤᠯᠢᠯᠴᠠᠬᠤ | ᠶᠠᠪᠤᠳᠠᠯ ᠪᠤᠢ ᠪᠤᠯᠵᠠᠢ︾ ᠭᠡᠵᠤ ᠭᠡᠯᠡᠭᠰᠡᠨ ᠪᠢᠯᠠ᠃ ᠭᠡᠪᠡᠴᠤ ᠳᠤᠬᠠᠢ ᠶᠢᠨ ᠦᠶ᠎ᠠ ᠶᠢᠨ ᠵᠤᠭᠤᠰ ᠪᠤᠯ ᠵᠦᠪᠭᠡᠨ | ᠦᠷᠳᠡᠭ ᠤᠨ ᠲᠠᠩᠴᠡᠭᠦᠤ ᠭᠡᠯᠪᠡᠷᠢ ᠳᠤ ᠤᠷᠤᠰᠢᠬᠤ ᠤᠨᠴᠠᠭᠠᠢ ᠲᠠᠸᠠᠷ ᠮᠦᠨ᠃ | ᠯᠤᠪᠰᠠᠩᠴᠦ᠋ᠢᠳᠠᠨ ︽ᠮᠤᠩᠭᠤᠯ ᠵᠠᠩ ᠠᠭᠠᠯᠢ ᠶᠢᠨ ᠦᠢᠯᠠᠪᠤᠷᠢ︾ ᠳᠠᠭᠠᠨ᠄ ︽ᠮᠤᠩᠭᠤᠯ ᠡᠳᠡᠭᠡᠳ ᠠᠴᠠ | ᠪᠦᠰ ᠳᠤᠷᠭᠠᠨ ᠤ ᠵᠦᠢᠯ ᠭᠠᠷᠬᠤ ᠦᠭᠡᠢ ᠳᠤᠯᠠᠳᠠ ᠬᠤᠪᠴᠠᠰᠤ ᠬᠤᠨᠠᠷ ᠵᠠᠭᠦᠤ ᠤᠳᠠᠰᠤ ᠬᠠᠶᠢᠴᠢ ᠰᠠᠪᠠ ᠪᠦᠷᠢ ᠶᠢ | ᠴᠦᠮ ᠭᠢᠳᠠᠳ ᠠᠴᠠ ᠬᠤᠳᠠᠯᠳᠤᠵᠤ ᠠᠪᠬᠤ ᠳᠤᠯᠠ ᠭᠡᠰᠡᠭ ᠮᠦᠡᠭᠭᠦ ᠶᠢ ᠶᠡᠭᠡ ᠡᠷᠭᠢᠮᠯᠠᠮᠤᠢ᠃ ᠡᠭᠦᠨ ᠢᠶᠠᠷ ᠮᠠᠯ | ᠮᠤᠷᠢ ᠶᠢ ᠲᠠᠵᠢᠭᠡᠵᠤ ᠶᠠᠪᠤᠬᠤ ᠤᠴᠢᠷ ᠲᠤ ᠵᠤᠭᠤᠰ ᠢ ᠲᠠᠶᠢᠮᠤ ᠭᠦᠨᠳᠤ ᠪᠠᠷ ᠦᠵᠡᠭᠦ ᠦᠭᠡᠢ᠂ ᠠᠷᠠᠯᠵᠢᠶ᠎ᠠ | ᠬᠤᠳᠠᠯᠳᠤᠭ᠎ᠠ ᠶᠢᠨ ᠭᠦᠮᠦᠰ ᠪᠠᠰᠠ ᠮᠤᠩᠭᠤᠯ ᠠᠶᠢᠮᠠᠭ ᠤᠳ ᠤᠨ ᠠᠭᠠᠯᠢ ᠶᠢ ᠮᠠᠳᠠᠵᠤ ᠲᠠᠪᠤᠨ ᠴᠢᠨ ᠤ ᠦᠯᠤᠭᠡᠢ | ︵ᠮᠦᠡᠭᠭᠦ ᠶᠢᠨ ᠭᠡᠰᠡᠭ︶᠂ ᠨᠢᠭᠡ ᠯᠠᠩ ᠤᠨ ᠦᠯᠤᠭᠡᠢ᠂ ᠠᠷᠪᠠᠨ ᠯᠠᠩ ᠤᠨ ᠦᠯᠤᠭᠡᠢ᠂ ᠬᠤᠷᠢᠨ ᠲᠠᠪᠤᠨ | ᠯᠠᠩ ᠤᠨ ᠦᠯᠤᠭᠡᠢ᠂ ᠲᠠᠪᠢᠨ ᠭᠤᠷᠪᠠᠨ ᠯᠠᠩ ᠤᠨ ᠶᠤᠸᠠᠮᠪᠤᠤ᠂ ᠠᠷᠪᠠᠨ ᠯᠠᠩ ᠤᠨ ᠠᠯᠳᠠ᠂ ᠬᠤᠶᠠᠷ ᠯᠠᠩ ᠤᠨ | ᠠᠯᠳᠠ᠂ ᠡᠳᠡᠭᠡᠷ ᠭᠡᠪᠴᠢᠶᠠᠳᠤ ᠭᠦᠨᠳᠤ ᠬᠤᠪᠢ ᠪᠠᠷ ᠵᠤᠭᠤᠰ ᠤᠨ ᠦᠨ᠎ᠠ ᠶᠢ ᠪᠤᠳᠤᠵᠤ ᠮᠤᠩᠭᠤᠯ ᠤᠨ ᠠᠳᠤᠭᠤ | ᠮᠠᠯ ᠢ ᠠᠪᠤᠮᠤᠢ︾ ᠭᠡᠵᠤ ᠳᠤᠬᠠᠢ ᠶᠢᠨ ᠦᠶ᠎ᠠ ᠶᠢᠨ ᠠᠷᠠᠯᠵᠢᠶ᠎ᠠ ᠮᠠᠶᠢᠮᠠᠢ ᠶᠢᠨ ᠰᠤᠯᠢᠯᠴᠠᠭᠠᠨ ᠤ ᠠᠷᠭ᠎ᠠ ᠶᠢ | ᠳᠤᠳᠤᠷᠬᠠᠢ ᠲᠠᠮᠳᠡᠭᠯᠡᠭᠰᠡᠨ ᠪᠠᠶᠢᠨ᠎ᠠ᠃ ᠡᠶᠢᠮᠤ ᠠᠴᠠ ᠳᠤᠬᠠᠢ ᠶᠢᠨ ᠦᠶ᠎ᠠ ᠶᠢᠨ ᠵᠤᠭᠤᠰ ᠪᠤᠯ ᠪᠤᠳᠠᠳᠤ ᠶᠠᠭᠤᠮ᠎ᠠ ᠶᠢᠨ | ᠵᠤᠭᠤᠰ ᠪᠠᠶᠢᠭᠰᠠᠨ ᠪᠤᠯᠬᠤᠷ ᠡᠳᠤᠭᠡ ᠶᠢᠨ ᠣᠳᠬ᠎ᠠ ᠪᠦᠭᠦᠢ ᠢᠳᠡᠭᠡᠮᠵᠢ ᠶᠢᠨ ᠵᠤᠭᠤᠰ ᠪᠢᠰᠢ ᠶᠤᠮ᠃ ᠮᠠᠨ ᠤ | ᠤᠷᠤᠨ ᠤ ᠵᠠᠷᠢᠮ ᠠᠵᠤ ᠠᠬᠤᠢ ᠶᠢᠨ ᠡᠷᠳᠡᠮᠳᠠᠨ᠂ ︽10 ᠳ᠋ᠤᠭᠠᠷ ᠵᠠᠭᠤᠨ ᠤ ᠦᠶ᠎ᠠ ᠶᠢᠨ ᠮᠤᠩᠭᠤᠯ ᠤᠨ | ᠨᠠᠶᠢᠭᠡᠮ ᠳᠤ ᠵᠤᠭᠤᠰ ᠪᠤᠢ ᠪᠤᠯᠵᠤ᠂ ᠮᠤᠩᠭᠤᠯ ᠤᠨ ᠶᠡᠭᠡ ᠬᠠᠭᠠᠨᠳᠤ ᠤᠯᠤᠰ ᠤᠨ ᠦᠶ᠎ᠠ ᠳᠤ᠂ ᠮᠤᠩᠭᠤᠯ ᠤᠨ | ᠨᠠᠶᠢᠭᠡᠮ ᠳᠠᠬᠢ ᠵᠤᠭᠤᠰ ᠤᠨ ᠲᠦᠷᠦᠯ ᠵᠦᠢᠯ ᠤᠯᠠᠰᠢᠷᠠᠨ᠂ ᠪᠤᠳᠠᠳᠤ ᠶᠠᠭᠤᠮ᠎ᠠ ᠶᠢᠨ ᠵᠤᠭᠤᠰ᠂ ᠴᠢᠳᠬᠤᠮᠠᠯ ᠵᠤᠭᠤᠰ | ᠭᠢᠭᠡᠳ ᠴᠠᠭᠠᠰᠤᠨ ᠵᠤᠭᠤᠰ ᠭᠠᠷᠴᠤ᠂ ᠶᠤᠸᠠᠨ ᠤᠯᠤᠰ ᠤᠨ ᠦᠶ᠎ᠠ ᠳᠤ ᠴᠠᠭᠠᠰᠤᠨ ᠵᠤᠭᠤᠰ ᠨᠢ ᠨᠢᠭᠡᠨᠳᠡ ᠲᠦᠭᠡᠮᠠᠯ | ᠭᠡᠷᠡᠭᠯᠡᠭᠳᠡᠭᠦ ᠰᠤᠯᠢᠯᠴᠠᠭᠠᠨ ᠤ ᠪᠠᠭᠠᠵᠢ ᠪᠤᠯᠤᠭᠰᠠᠨ ᠪᠠᠶᠢᠨ᠎ᠠ︾ ᠭᠡᠵᠠᠢ᠃ ᠮᠤᠩᠭᠤᠯ ᠲᠠᠤᠭᠡ ᠶᠢ ᠰᠠᠭᠦᠵᠤ ᠦᠵᠡᠪᠡᠯ᠂ | 1236 ᠤᠨ ᠤ 3 ᠰᠠᠷ᠎ᠠ ᠳᠤ ︵ᠦᠭᠡᠳᠠᠢ ᠬᠠᠭᠠᠨ ᠤ ᠨᠠᠢᠮᠠᠳᠤᠭᠠᠷ ᠤᠨ︶ ᠶᠧᠯᠢᠤᠢ ᠴᠦᠼᠠᠢ ᠶᠢᠨ | ᠠᠶᠢᠯᠠᠳᠬᠠᠭᠰᠠᠨ ᠶᠤᠰᠤᠭᠠᠷ ᠲᠦᠮᠠᠨ ᠦᠯᠤᠭᠡᠢ ︵ᠲᠠᠪᠤᠨ ᠱᠠᠩ ᠤᠨ ᠮᠦᠡᠭᠭᠦ︶ ᠭᠡᠮᠵᠢᠶᠠᠨ ᠤ ᠪᠠᠷᠯᠠᠭᠰᠠᠨ ᠴᠠᠭᠠᠰᠤᠨ | ᠵᠤᠭᠤᠰ ᠢ ᠮᠤᠩᠭᠤᠯ ᠳᠤ ᠠᠩᠬ᠎ᠠ ᠤᠳᠠᠭ᠎ᠠ ᠭᠡᠷᠡᠭᠯᠡᠵᠠᠢ᠃ | ᠶᠤᠸᠠᠨ ᠤᠯᠤᠰ ᠤᠨ ᠦᠶ᠎ᠠ ᠳᠤ ᠬᠤᠪᠢᠯᠠᠢ ᠬᠠᠭᠠᠨ ᠰᠠᠭᠤᠷᠢᠨ ᠢ ᠵᠠᠯᠭᠠᠮᠵᠢᠯᠠᠭᠰᠠᠨ ᠤ ᠰᠠᠭᠦᠯᠠᠷ᠂ ᠰᠦᠡᠭ᠂ | ᠠᠯᠳᠠᠨ ᠤᠯᠤᠰ ᠤᠨ ᠴᠠᠭᠠᠰᠤᠨ ᠵᠤᠭᠤᠰ ᠬᠡᠷᠡᠭᠵᠢᠬᠦᠯᠦᠭᠰᠡᠨ ᠬᠠᠭᠤᠴᠢᠨ ᠲᠦᠷᠢᠮ ᠢ ᠵᠠᠯᠭᠠᠮᠵᠢᠯᠠᠨ᠂ ᠨᠢᠭᠡᠨ ᠪᠦᠷᠢᠨ | ᠲᠦᠭᠦᠷ ᠶᠤᠸᠠᠨ ᠤᠯᠤᠰ ᠤᠨ ᠴᠠᠭᠠᠰᠤᠨ ᠵᠤᠭᠤᠰ ᠤᠨ ᠲᠦᠷᠢᠮ ᠢ ᠪᠠᠶᠢᠭᠤᠯᠤᠭᠰᠠᠨ ᠠᠴᠠ ᠴᠠᠭᠠᠰᠤᠨ ᠵᠤᠭᠤᠰᠤᠨ ᠤ | ᠭᠦᠭᠵᠢᠯ ᠰᠢᠨ᠎ᠠ ᠨᠢᠭᠡᠨ ᠱᠠᠳᠤ ᠦᠶ᠎ᠠ ᠳᠤ ᠤᠷᠤᠵᠠᠢ᠃ ᠶᠤᠸᠠᠨ ᠤᠯᠤᠰ ᠤᠨ ᠴᠠᠭᠠᠰᠤᠨ ᠵᠤᠭᠤᠰ ᠨᠢ ︽ᠵᠦᠡᠭ | ᠲᠦᠡᠭ ᠴᠠᠭᠠᠰᠤᠨ ᠵᠤᠭᠤᠰ︾᠂ ︽ᠵᠦᠡᠭ ᠲᠦᠡᠭ ᠶᠤᠸᠠᠮᠪᠤᠤ ᠴᠠᠭᠠᠰᠤᠨ ᠵᠤᠭᠤᠰ︾᠂ ︽ᡁᠢ ᠶᠤᠸᠠᠨ ᠴᠠᠭᠠᠰᠤᠨ | ᠵᠤᠭᠤᠰ︾᠂ ︽ᡁᠢ ᠵᠸᠡᠭ ᠴᠠᠭᠠᠰᠤᠨ ᠵᠤᠭᠤᠰ︾᠂ ︽ᡁᠢ ᠳ᠋ᠠ ᠴᠠᠭᠠᠰᠤᠨ ᠵᠤᠭᠤᠰ︾ ᠭᠡᠵᠤ ᠶᠡᠭᠡ ᠲᠦᠯᠤᠪ | ᠲᠠᠪᠤᠨ ᠲᠦᠷᠦᠯ ᠤᠨ ᠵᠤᠭᠤᠰ ᠪᠠᠶᠢᠵᠠᠢ᠃ ᠶᠤᠸᠠᠨ ᠤᠯᠤᠰ ᠤᠨ ᠴᠠᠭᠠᠰᠤᠨ ᠵᠤᠭᠤᠰ ᠤᠨ ᠳᠤᠭ᠎ᠠ ᠭᠡᠮᠵᠢᠶ᠎ᠠ ᠳᠤ | ᠶᠡᠭᠡᠰᠭᠦ ᠪᠠᠭᠠᠰᠬᠤ ᠲᠦᠷᠦ ᠶᠢᠨ ᠪᠤᠳᠤᠯᠭ᠎ᠠ ᠶᠢ ᠬᠡᠷᠡᠭᠵᠢᠬᠦᠯᠦᠭᠰᠡᠨ ᠪᠢᠰᠢ ᠬᠠᠷᠢᠨ ᠵᠦᠪᠭᠡᠨ ᠬᠠᠭᠤᠴᠢᠨ ᠵᠤᠭᠤᠰ ᠢ | ᠰᠤᠯᠢᠵᠤ ᠪᠤᠴᠠᠭᠠᠬᠤ ᠵᠢᠴᠢ ᠠᠯᠳᠠ ᠮᠦᠡᠭᠭᠦ ᠶᠢ ᠠᠷᠠᠯᠵᠢᠶᠠᠯᠠᠬᠤ ᠠᠷᠭ᠎ᠠ ᠳᠤᠳᠤᠷ᠎ᠠ ᠴᠠᠭᠠᠰᠤᠨ ᠵᠤᠭᠤᠰ ᠤᠨ | ᠭᠦᠢᠯᠭᠡᠭᠡᠨ ᠢ ᠬᠠᠪᠰᠤᠷᠤᠭᠰᠠᠨ ᠲᠠᠳᠤᠢ ᠯᠠ ᠠᠵᠢ᠃ | ᠮᠤᠩᠭᠤᠯ ᠬᠠᠭᠠᠨᠳᠤ ᠤᠯᠤᠰ ᠤᠨ ᠦᠶ᠎ᠠ ᠳᠤ᠂ ᠮᠤᠩᠭᠤᠯᠴᠤᠳ ᠪᠠᠰᠠ ᠤᠳᠤᠭ ᠵᠤᠭᠤᠰ ᠭᠡᠷᠡᠭᠯᠡᠵᠤ | ᠪᠠᠶᠢᠭᠰᠠᠨ ᠲᠠᠮᠳᠡᠭᠯᠡᠯ ᠪᠤᠢ᠃ ᠤᠳᠤᠭ ᠵᠤᠭᠤᠰ ᠭᠡᠳᠡᠭ ᠨᠢ ᠦᠨᠳᠤᠷ ᠭᠦᠤ ᠲᠠᠢ ᠵᠢᠭᠡᠯᠡᠯᠭᠡ ᠶᠢᠨ ᠭᠦᠷᠤᠩᠭᠡ ᠶᠢ | ᠭᠡᠯᠡᠳᠡᠭ ᠠᠵᠢ᠃ ᠡᠨᠡ ᠨᠢ ᠪᠠᠷᠠᠭᠤᠨ ᠤᠷᠤᠨ ᠤ ᠬᠤᠳᠠᠯᠳᠤᠭᠠᠴᠢᠨ ᠠᠴᠠ ᠤᠯᠠᠮᠵᠢᠯᠠᠨ ᠢᠷᠡᠭᠰᠡᠨ ᠨᠢᠭᠡᠨ ᠵᠦᠢᠯ ᠤᠨ | ᠵᠤᠭᠤᠰ ᠶᠤᠮ᠃ ᠤᠳᠤᠭ ᠵᠤᠭᠤᠰ ᠪᠤᠯ ᠨᠢᠭᠡᠨ ᠵᠦᠢᠯ ᠤᠨ ᠭᠦᠤᠵᠢᠭᠦ ᠭᠦᠷᠤᠩᠭᠡ ᠮᠦᠨ᠃ ᠭᠦᠤᠵᠢᠭᠦ ᠭᠦᠷᠤᠩᠭᠡ | ᠪᠤᠯ ᠨᠢᠭᠡᠨ ᠦᠨᠢ ᠤᠳᠠᠭᠠᠨ ᠲᠠᠤᠭᠡ ᠲᠠᠢ ᠭᠦᠷᠤᠩᠭᠡ ᠶᠢᠨ ᠭᠡᠯᠪᠡᠷᠢ ᠮᠦᠨ᠃ | ︽ᠬᠠᠷ᠎ᠠ ᠲᠠᠲ᠋ᠠᠷ ᠤᠨ ᠳᠤᠬᠠᠢ ᠭᠡᠷᠡᠭ ᠤᠨ ᠳᠤᠪᠴᠢ︾ ᠭᠡᠮᠡᠭᠦ ᠲᠠᠤᠭᠡᠨ ᠨᠤᠮ ᠳᠤ ︽ᠡᠯ᠎ᠠ ᠭᠠᠵᠠᠷ ᠤᠨ | ᠨᠤᠶᠠᠳ ᠲᠦᠰᠢᠮᠠᠳ ᠨᠢ ᠦᠢᠭᠤᠷ ᠤᠨ ᠵᠢᠭᠡᠯᠡᠪᠤᠷᠢ ᠮᠦᠡᠭᠭᠦ ᠶᠢ ᠭᠡᠷᠡᠭᠯᠡᠭᠡᠳ ᠨᠢᠭᠡᠳᠤᠭᠡᠷ ᠵᠢᠯ ᠳᠤ ᠨᠢᠭᠡ ᠲᠠᠭᠢᠨ | ᠦᠰᠴᠤ᠂ ᠬᠤᠶᠠᠳᠤᠭᠠᠷ ᠵᠢᠯ ᠳᠤ ᠡᠭᠡ ᠭᠦᠤ ᠶᠢ ᠨᠢ ᠪᠠᠰᠠ ᠨᠢᠭᠡ ᠲᠠᠭᠢᠨ ᠦᠰᠭᠡᠮᠤᠢ᠃ ᠡᠭᠦᠨ ᠢ ᠬᠤᠷᠠᠭ᠎ᠠ ᠶᠢᠨ | ᠭᠦᠤ ᠭᠡᠨ᠎ᠠ ᠁ ᠨᠢᠭᠡ ᠦᠯᠤᠭᠡᠢ᠂ ᠵᠢᠯ ᠤᠨ ᠰᠠᠭᠦᠯ ᠳᠤ ᠬᠤᠶᠠᠷ ᠪᠤᠯᠵᠤ᠂ ᠬᠤᠶᠠᠳᠤᠭᠠᠷ ᠵᠢᠯ ᠤᠨ ᠰᠠᠭᠦᠯ ᠳᠤ | ᠲᠦᠷᠪᠡ ᠪᠤᠯᠵᠤ᠂ ᠭᠤᠷᠪᠠᠳᠤᠭᠠᠷ ᠵᠢᠯ ᠤᠨ ᠰᠠᠭᠦᠯ ᠳᠤ ᠨᠠᠢᠮᠠ ᠪᠤᠯᠤᠭᠠᠳ᠂ ᠠᠷᠪᠠᠳᠤᠭᠠᠷ ᠵᠢᠯ ᠤᠨ ᠰᠠᠭᠦᠯ ᠳᠤ ᠴᠢᠪ | ᠭᠡᠮᠡᠨ ᠨᠢᠭᠡ ᠮᠢᠩᠭ᠎ᠠ ᠪᠦᠭᠡᠳ ᠬᠤᠷᠢᠨ ᠲᠦᠷᠪᠠᠨ ᠦᠯᠤᠭᠡᠢ ᠪᠤᠯᠬᠤ ᠶᠤᠮ︾ ᠭᠡᠵᠤ ᠲᠠᠮᠳᠡᠭᠯᠡᠵᠠᠢ᠃ ᠡᠨᠡ ᠨᠢ | ᠪᠠᠯᠠ ᠠᠴᠠ ᠠᠰᠢᠭ ᠡᠭᠦᠰᠴᠤ᠂ ᠠᠰᠢᠭ ᠠᠴᠠ ᠪᠠᠨ ᠭᠦᠤ ᠲᠦᠷᠦᠳᠡᠭ ᠮᠦᠷᠳᠡᠭᠡᠨ ᠭᠦᠤ ᠮᠦᠡᠭᠭᠦ ᠶᠢᠨ ᠨᠤᠷᠮ᠎ᠠ ᠨᠢ | 100% ᠪᠠᠷ ᠦᠰᠴᠤ᠂ ᠵᠡᠷᠭᠡᠳᠤ ᠪᠠᠷ ᠲᠠᠪᠰᠢᠨ ᠨᠡᠮᠡᠭᠳᠡᠳᠡᠭ ᠪᠠᠶᠢᠵᠠᠢ᠃ ᠤᠳᠤᠭ ᠵᠤᠭᠤᠰ ᠢ ᠳᠤᠭᠠᠨ ᠤ | ᠡᠭᠦᠳᠠᠨ ᠠᠴᠠ ᠦᠵᠡᠪᠡᠯ᠂ ᠢᠳᠡᠭᠡᠮᠵᠢᠳᠤ ᠵᠢᠭᠡᠯᠡᠯᠭᠡ ᠪᠠ ᠪᠠᠷᠢᠴᠠᠭᠠᠯᠠᠨ ᠵᠢᠭᠡᠯᠡᠭᠦᠯᠭᠦ᠂ ᠭᠦᠤ ᠠᠴᠠ ᠭᠦᠤ ᠲᠦᠷᠦᠭᠦ | ᠦᠨᠳᠤᠷ ᠭᠦᠤ ᠲᠠᠢ ᠵᠢᠭᠡᠯᠡᠯᠭᠡ ᠶᠢᠨ ᠲᠠᠮᠳᠡᠭ ᠶᠤᠮ᠃ | ᠶᠠᠷᠤᠩᠭᠡᠶᠢᠯᠡᠭᠡᠳ ᠦᠵᠡᠪᠡᠯ᠂ ᠮᠤᠩᠭᠤᠯᠴᠤᠳ ᠤᠨ ᠡᠷᠳᠡᠨ ᠤ ᠠᠷᠠᠯᠵᠢᠶ᠎ᠠ ᠬᠤᠳᠠᠯᠳᠤᠭᠠᠨ ᠤ ᠦᠨᠳᠤᠰᠤᠨ | ᠭᠡᠯᠪᠡᠷᠢ ᠨᠢ ᠲᠠᠭᠦᠨ ᠤ ᠰᠠᠭᠤᠷᠢ ᠪᠤᠯᠬᠤ ᠨᠠᠭᠦᠳᠠᠯ ᠮᠠᠯ ᠠᠵᠤ ᠠᠬᠤᠢ ᠶᠢᠨ ᠠᠷᠭ᠎ᠠ ᠮᠠᠶ᠋ᠢᠭ ᠲᠠᠭᠠᠨ ᠳᠤᠭᠢᠷᠠᠭᠰᠠᠨ | ᠮᠦᠷᠳᠡᠭᠡᠨ ᠡᠨᠡ ᠭᠦ ᠠᠵᠤ ᠠᠬᠤᠢ ᠶᠢᠨ ᠴᠤᠭᠴᠠ ᠶᠢᠨ ᠤᠨᠴᠠᠯᠢᠭ ᠰᠢᠨᠵᠢ ᠶᠢ ᠭᠦᠢᠴᠡᠳ ᠳᠤᠰᠬᠠᠭᠰᠠᠨ ᠪᠠᠶᠢᠳᠠᠭ᠃ | ᠲᠠᠷᠡ ᠨᠢ ᠭᠤᠤᠯᠳᠠᠭᠤ ᠪᠤᠳᠠᠰ ᠢ ᠪᠤᠳᠠᠰ ᠢᠶᠠᠷ ᠰᠤᠯᠢᠯᠴᠠᠬᠤ ᠪᠠ ᠬᠠᠨᠭ᠍ᠰᠢᠯᠠᠵᠤ ᠰᠤᠯᠢᠯᠴᠠᠬᠤ ᠵᠡᠷᠭᠡ ᠠᠷᠭ᠎ᠠ ᠪᠠᠷ | ᠶᠠᠪᠤᠭᠳᠠᠳᠠᠭ᠂ ᠤᠯᠠᠷᠢᠯ ᠤᠨ ᠴᠢᠨᠠᠷᠳᠠᠢ᠂ ᠭᠦᠳᠡᠯᠭᠡᠭᠡᠨᠳᠤ ᠴᠢᠨᠠᠷᠳᠠᠢ᠂ ᠨᠠᠶᠢᠷᠰᠠᠭ ᠴᠢᠨᠠᠷᠳᠠᠢ ᠤᠨᠴᠠᠯᠢᠭ ᠪᠦᠭᠦᠢ | ᠠᠷᠠᠯᠵᠢᠶ᠎ᠠ ᠬᠤᠳᠠᠯᠳᠤᠭ᠎ᠠ ᠶᠤᠮ᠃ |