ᠦᠵᠦᠮᠦᠴᠢᠨ ᠠᠶᠢᠮᠠᠭ ᠤᠨ ᠰᠤᠳᠤᠯᠤᠯ ᠤᠨ ᠲᠤᠬᠠᠢ
ᠨᠡᠶᠢᠲᠡᠯᠡᠭᠰᠡᠨ ᠴᠠᠭ᠄
2017/4/12
ᠤᠷᠢᠶᠠᠩᠬᠠᠨ ᠤ  ᠂ ᠶᠤᠨᠳᠤᠨ                                                                           ᠦᠵᠦᠮᠦᠴᠢᠨ ᠠᠶᠢᠮᠠᠭ ᠤᠨ ᠰᠤᠳᠤᠯᠤᠯ ᠤᠨ ᠲᠤᠬᠠᠢ      ᠨᠢᠬᠡ  ᠦᠵᠦᠮᠦᠴᠢᠨ ᠠᠶᠢᠮᠠᠭ ᠤᠨ ᠡᠭᠦᠰᠦᠯ ᠤᠨ ᠲᠤᠬᠠᠢ      ᠦᠵᠦᠮᠦᠴᠢᠨ ᠠᠶᠢᠮᠠᠭ ᠤᠨ ᠡᠭᠦᠰᠦᠯ ᠭᠠᠷᠤᠯ ᠤᠨ ᠲᠤᠬᠠᠢ ᠤᠯᠠᠩᠬᠢ ᠲᠡᠤᠬᠡᠴᠢᠳ ᠲᠡᠤᠬᠡᠨ ᠠᠮᠠᠨ ᠤᠯᠠᠮᠵᠢᠯᠠᠯ᠂ ᠤᠤᠭᠠᠯ ᠭᠠᠵᠠᠷ ᠤᠨ ᠤᠯᠠᠮᠵᠢ ᠨᠡᠷ᠎ᠡ᠂ ᠤᠪᠤᠭ ᠤᠭᠰᠠᠭ᠎ᠠ ᠶᠢᠨ ᠢᠵᠠᠭᠤᠷ᠂ ᠠᠮᠢᠳᠤᠷᠠᠯ ᠵᠠᠩ ᠦᠢᠯᠡ ᠂ ᠮᠠᠯ ᠠᠵᠦ ᠠᠬᠤᠢ ᠵᠡᠷᠭᠡ ᠳᠠᠯ᠎ᠠ ᠪᠠᠷ ᠬᠤᠯᠪᠤᠨ ᠰᠤᠳᠤᠯᠬᠤ ᠶᠢᠨ ᠳ᠋ᠦᠩ ᠳᠤ ᠤᠶᠢᠷᠠᠳ ᠠᠶᠢᠮᠠᠭ ᠤᠨ ᠨᠢᠭᠡ ᠭᠡᠰᠡᠭ ᠭᠡᠵᠦ ᠦᠵᠡᠳᠡᠭ᠂ ᠤᠶᠢᠷᠠᠳ ᠪᠤᠯ ᠡᠷᠳᠡᠨ ᠤ ᠨᠢᠭᠡᠨ ᠠᠶᠢᠮᠠᠭ ᠪᠦᠯᠦᠭ ᠪᠤᠯᠤᠨ᠎ᠠ᠂ ᠮᠠᠰᠢ ᠡᠷᠳᠡ ᠴᠠᠭ ᠲᠤ ᠪᠠᠶᠢᠭᠠᠯ ᠳᠠᠯᠠᠢ ᠶᠢᠨ ᠡᠮᠦᠨᠡᠭᠦᠷ ᠨᠤᠲᠤᠭᠯᠠᠵᠦ ᠪᠠᠶᠢᠭᠰᠠᠨ ᠠᠩᠴᠢᠨ ᠠᠶᠢᠮᠠᠭ ᠤᠳ ᠪᠢᠯᠡ ᠭᠡᠵᠦ ᠯᠢᠤ ᠶᠢᠨ ᠰᠦᠸᠧ ︽ᠮᠤᠩᠭᠤᠯ ᠤᠨ ᠲᠦᠭᠡᠮᠡᠯ ᠲᠡᠤᠬᠡ︾ ᠭᠡᠬᠦ ᠨᠤᠮ ᠳᠠᠭᠠᠨ ᠲᠡᠮᠳᠡᠭᠯᠡᠵᠠᠢ᠂ ᠮᠤᠩᠭᠤᠯ ᠤᠨ ᠦᠨᠳᠦᠷᠯᠢᠭ ᠤᠨ ᠠᠯᠳᠠᠢ ᠨᠢᠷᠤᠭᠤ ᠤᠷᠴᠢᠮ ᠢᠶᠠᠷ ᠡᠬᠢᠨ ᠳᠡᠭᠡᠨ ᠠᠩ ᠠᠩᠨᠠᠯ ᠡᠷᠬᠢᠯᠡᠨ ᠠᠮᠢᠳᠤᠷᠠᠵᠦ ᠪᠠᠶᠢᠬᠰᠠᠨ ᠤᠶᠢᠷᠠᠳ ᠤᠳ ᠬᠤᠵᠢᠮ ᠨᠢ ᠠᠳᠡ ᠠᠴᠠ ᠮᠠᠯᠵᠢᠯ ᠢ ᠬᠦᠯᠢᠶᠡᠨ ᠠᠮᠢᠳᠤᠷᠠᠬᠤ ᠪᠤᠯᠵᠠᠢ᠂ ᠵᠠᠷᠢᠮ ᠬᠦᠮᠦᠰ ᠤᠶᠢᠷᠠᠳ ᠤᠨ ᠳᠡᠭᠡᠳᠦᠰ ᠢ ᠳᠠᠩ ᠤᠯᠤᠰ ᠤᠨ ᠦᠶ᠎ᠡ ᠶᠢᠨ ᠭᠢᠷᠭᠢᠰᠴᠤᠳ ᠮᠦᠨ ᠭᠡᠵᠦ ᠬᠡᠯᠡᠳᠡᠭ᠂ ᠴᠢᠩᠭᠢᠰ ᠬᠠᠭᠠᠨ ᠮᠤᠩᠭᠤᠯ ᠤᠨ ᠡᠯ᠎ᠡ ᠠᠶᠢᠮᠠᠭ ᠢ ᠬᠤᠷᠢᠶᠠᠨ ᠨᠢᠭᠡᠳᠭᠡᠬᠦ ᠠᠴᠠ ᠡᠮᠦᠨ᠎ᠡ ᠤᠶᠢᠷᠠᠳ ᠨᠢ ︿︿ᠤᠢ ᠶᠢᠨ ᠢᠷᠭᠡᠨ﹀﹀ ᠳᠤ ᠪᠠᠭᠳᠠᠵᠦ᠂ ᠲᠶᠦ᠋ᠷᠺ ᠤᠭᠰᠠᠭᠠᠳᠠᠨ ᠪᠠᠶᠢᠭᠰᠠᠨ ᠶᠤᠮ᠂ ︿︿ᠶᠤᠸᠠᠨ ᠤᠯᠤᠰ ᠤᠨ ᠰᠢᠨ᠎ᠡ ᠲᠡᠤᠬᠡ﹀﹀ ᠳᠤ ᠲᠡᠳᠡᠨ ᠢ ᠴᠠᠭᠠᠨ ᠲᠠᠲ᠋ᠠᠷ ᠤᠨ ᠨᠢᠭᠡ ᠠᠶᠢᠮᠠᠭ ᠪᠤᠯᠭᠠᠨ ᠪᠢᠴᠢᠵᠠᠢ᠃ 12 ᠳ᠋ᠤᠭᠠᠷ ᠵᠠᠭᠤᠨ ᠤ ᠦᠶ᠎ᠡ᠂ ᠤᠢ ᠶᠢᠨ ᠲᠦᠮᠡᠨ ᠤ ᠲᠦᠷᠦᠭᠦᠤ ᠬᠤᠳᠠᠭ᠎ᠠ ᠪᠠᠬᠢ ᠭᠡᠳᠡᠭ ᠬᠦᠮᠦᠨ ᠪᠠᠶᠢᠵᠦ᠂ ᠮᠤᠩᠭᠤᠯ ᠤᠨ ᠶᠡᠭᠡ ᠨᠢᠭᠡᠳᠦᠯ ᠤᠨ ᠦᠶ᠎ᠡ ᠮᠢᠩᠭᠠᠨ ᠤ ᠨᠤᠶᠠᠨ ᠪᠤᠯᠤᠭᠰᠠᠨ ᠶᠤᠮ᠃      ᠦᠵᠦᠮᠦᠴᠢᠨ ᠠᠶᠢᠮᠠᠭ ᠪᠦᠯᠦᠭ ᠪᠤᠯ ᠤᠷᠳᠤ ᠬᠤᠭᠤᠴᠠᠭᠠᠨ ᠤ ᠲᠡᠤᠬᠡᠨ ᠦᠩᠭᠡᠷᠡᠯᠳᠡ ᠶᠢᠨ ᠶᠠᠪᠤᠴᠠ ᠶᠢ ᠲᠤᠭᠤᠯᠤᠭᠰᠠᠨ ᠤᠯᠠᠨ ᠤᠪᠤᠭᠳᠠᠨ ᠶᠠᠰᠤᠳᠠᠨ ᠤ ᠪᠦᠷᠢᠯᠳᠦᠯ ᠪᠤᠯᠤᠨ᠎ᠠ᠂ ᠦᠵᠦᠮᠦᠴᠢᠨ ᠠᠶᠢᠮᠠᠭ ᠤᠨ ᠡᠭᠦᠰᠦᠯ ᠤᠨ ᠲᠤᠬᠠᠢ ᠨᠠᠷᠢᠨ ᠲᠤᠳᠤᠷᠬᠠᠢ ᠲᠡᠮᠳᠡᠭᠯᠡᠯ ᠦᠭᠡᠢ ᠪᠤᠯᠪᠠᠴᠤ ᠤᠶᠢᠷ᠎ᠠ ᠦᠶ᠎ᠡ ᠶᠢᠨ ᠰᠤᠳᠤᠯᠭᠠᠴᠢᠳ ᠤᠨ ᠭᠡᠰᠡᠭ ᠪᠦᠯᠦᠭ ᠵᠤᠬᠢᠶᠠᠯ ᠠᠴᠠ ᠠᠵᠢᠭᠯᠠᠪᠠᠯ ᠲᠡᠤᠬᠡ ᠰᠤᠳᠣᠯᠭᠠᠴᠢ ᠫᠡ᠊ ᠳᠤᠭᠠᠷ ︿︿ᠦᠵᠦᠮᠦᠴᠢᠨ ᠤ ᠲᠡᠤᠬᠡ ᠶᠢᠨ ᠪᠠᠷᠢᠮᠳᠠ ᠪᠢᠴᠢᠭ ᠤᠳ﹀﹀ ᠭᠡᠬᠦ ᠨᠤᠮ ᠤᠨ ᠲᠠᠭᠠᠯᠳᠤᠭᠤᠯᠤᠯ ᠤᠨ ᠭᠡᠰᠡᠭ ᠲᠡᠭᠡᠨ ᠦᠵᠦᠮᠦᠴᠢᠨ ᠤᠪᠤᠭ ᠤᠭᠰᠠᠭ᠎ᠠ ᠶᠢᠨ ᠲᠠᠯ᠎ᠠ ᠠᠴᠠ ᠰᠢᠨᠵᠢᠯᠡᠭᠰᠡᠨ ᠢᠶᠠᠨ ︿︿ᠪᠤᠷᠤᠰᠦ᠂ ᠦᠵᠡᠭᠡᠳ᠂ ᠰᠠᠷᠳᠠᠭᠤᠯ ᠮᠡᠳᠦ ᠶᠢᠨ ᠤᠪᠤᠭ ᠤᠨ ᠲᠠᠯ᠎ᠠ ᠪᠠᠷ ᠬᠡᠯᠡᠭᠰᠡᠨ ᠴᠤ ᠤᠶᠢᠷᠠᠳ ᠮᠤᠩᠭᠤᠯ ᠲᠠᠢ ᠠᠶᠢᠮᠠᠭ ᠲᠦᠷᠦᠯ﹀﹀ ᠪᠤᠯᠬᠤᠷ ᠤᠶᠢᠷᠠᠳ ᠠᠶᠢᠮᠠᠭ ᠤᠨ ᠤᠭᠰᠠᠭ᠎ᠠ ᠭᠠᠷᠤᠯ  ᠲᠠᠢ ᠭᠡᠵᠦ ᠦᠵᠡᠪᠡ᠂ ᠮᠤᠩᠭᠤᠯ ᠤᠯᠤᠰ ᠤᠨ ᠮᠠᠯ ᠠᠵᠦ ᠠᠬᠤᠢ ᠶᠢᠨ ᠰᠤᠳᠤᠯᠭᠠᠴᠢ ᠵᠡ᠊ ᠭᠤᠨᠴᠤᠭᠵᠠᠪ ︿︿ᠬᠤᠨᠢᠨ ᠤ ᠠᠵᠦ ᠠᠬᠤᠢ﹀﹀ ᠭᠡᠬᠦ ᠨᠤᠮ ᠤᠨ ᠦᠵᠦᠮᠦᠴᠢᠨ ᠤᠪᠤᠭ ᠤᠨ ᠬᠤᠨᠢ ᠭᠡᠬᠦ ᠪᠦᠯᠦᠭ ᠲᠡᠭᠡᠨ ᠦᠵᠦᠮᠦᠴᠢᠨ ᠤᠭᠤᠴᠠᠨ ᠰᠡᠭᠦᠯᠳᠦ ᠬᠤᠨᠢ ᠶᠢ ᠪᠠᠷᠠᠭᠤᠨ ᠮᠤᠩᠭᠤᠯ ᠤᠨ ᠤᠭᠤᠴᠠᠨ ᠰᠡᠭᠦᠯᠳᠦ ᠬᠤᠨᠢ ᠲᠠᠢ ᠭᠠᠷᠤᠯ ᠡᠭᠦᠰᠦᠯ ᠤᠨ ᠬᠤᠯᠪᠤᠭ᠎ᠠ ᠲᠠᠢ ᠭᠡᠵᠦ ᠦᠵᠡᠭᠰᠡᠨ ᠪᠠ ᠦᠵᠦᠮᠦᠴᠢᠨ ᠶᠠᠰᠤᠳᠠᠨ ᠤ ᠪᠡᠯᠡᠳᠭᠡᠭᠰᠡᠨ ᠠᠭᠠᠷᠤᠯ ᠬᠤᠷᠤᠳ ᠵᠡᠷᠭᠡ ᠴᠠᠭᠠᠨ ᠢᠳᠡᠭᠡᠨ ᠤ ᠠᠮᠳᠠ ᠴᠢᠨᠠᠷ ᠬᠡᠯᠪᠡᠷᠢ ᠮᠠᠶ᠋ᠢᠭ ᠨᠢ ᠪᠠᠷᠠᠭᠤᠨ ᠮᠤᠩᠭᠤᠯ ᠤᠨ ᠮᠠᠯᠴᠢᠳ ᠤᠨ ᠬᠢ ᠲᠠᠢ ᠠᠳᠠᠯᠢᠬᠠᠨ ᠵᠤᠵᠠᠭᠠᠨ ᠰᠢᠬᠠᠵᠦ ᠲᠦᠷᠪᠡᠯᠵᠢᠨ ᠭᠡᠷᠴᠢᠵᠦ ᠬᠠᠳᠠᠭᠠᠭᠰᠠᠨ ᠵᠡᠷᠭᠡ ᠵᠠᠩ ᠦᠢᠯᠡ ᠶᠢᠨ ᠲᠠᠯ᠎ᠠ ᠪᠠᠷ ᠴᠤ ᠠᠳᠠᠯᠢᠪᠳᠤᠷ ᠭᠡᠵᠦ ᠦᠵᠡᠭᠰᠡᠨ ᠪᠠᠶᠢᠳᠠᠭ᠂ ᠭᠤ ᠳᠠᠪᠬᠠᠢ ᠨᠦᠬᠦᠷ ︿︿ᠦᠵᠦᠮᠦᠴᠢᠨ ᠠᠶᠢᠮᠠᠭ ᠤᠨ ᠶᠡᠭᠡ ᠨᠡᠭᠦᠳᠡᠯ ᠤᠨ ᠲᠤᠬᠠᠢ ᠲᠦᠭᠦᠮ ᠦᠭᠦᠯᠡᠬᠦ ᠨᠢ﹀﹀ ᠭᠡᠬᠦ ᠵᠤᠬᠢᠶᠠᠯ ᠳᠠᠭᠠᠨ ᠮᠠᠨᠳᠤᠬᠠᠢ ᠰᠡᠴᠡᠨ ᠬᠠᠳᠤᠨ ᠤᠶᠢᠷᠠᠳ ᠢ ᠡᠷᠬᠡᠰᠢᠶᠡᠯ ᠳᠡᠭᠡᠨ ᠤᠷᠤᠭᠤᠯᠤᠭᠰᠠᠨ ᠤ ᠳᠠᠷᠠᠭ᠎ᠠ ᠲᠠᠪᠤᠨ ᠵᠤᠷᠪᠤᠰ ᠴᠡᠭᠡᠷ ᠵᠢᠷᠤᠮ ᠢ ᠲᠤᠭᠳᠠᠭᠠᠵᠦ ᠦᠭᠭᠦᠭᠰᠡᠨ ᠠᠴᠠ ᠦᠵᠦᠮᠦᠴᠢᠨ ᠤ ᠵᠠᠩ ᠦᠢᠯᠡ ᠶᠢᠨ ᠲᠠᠯ᠎ᠠ ᠠᠴᠠ ᠰᠢᠨᠵᠢᠯᠡᠨ ᠮᠠᠯᠠᠭᠠᠢ ᠶᠢᠨ ᠵᠠᠯᠠᠭ᠎ᠠ ᠶᠢ ᠪᠤᠭᠤᠨᠢ ᠬᠢᠳᠡᠭ᠂ ᠭᠡᠭᠦᠤ ᠶᠢᠨ ᠰᠦ ᠶᠢ ︿︿ᠴᠡᠭᠡ﹀﹀ ᠭᠡᠬᠦ᠂ ᠶᠡᠬᠡᠰ ᠤᠨ ᠳᠡᠷᠭᠡᠳᠡ ᠬᠡᠵᠢᠶᠡᠳᠡ ᠴᠤᠮᠴᠤᠶᠢᠨ ᠰᠠᠭᠤᠬᠤ᠂ ᠮᠢᠬ᠎ᠠ ᠶᠢ ᠤᠯᠠᠩᠬᠢ ᠳᠠᠭᠠᠨ ᠰᠢᠳᠦ  ᠪᠠᠷ ᠢᠶᠠᠨ ᠬᠠᠵᠠᠵᠦ ᠢᠳᠡᠬᠦ ᠵᠡᠷᠭᠡ ᠨᠢ ᠲᠡᠷᠡ ᠦᠶ᠎ᠡ ᠠᠴᠠ ᠡᠬᠢᠯᠡᠭᠰᠡᠨ ᠪᠠᠶᠢᠬ᠎ᠠ ᠭᠡᠵᠦ ᠦᠵᠡᠭᠰᠡᠨ ᠪᠠᠶᠢᠨ᠎ᠠ᠃      ᠲᠡᠭᠡᠪᠡᠯ ᠳᠡᠭᠡᠷ᠎ᠡ ᠰᠢᠨᠵᠢᠯᠡᠯ ᠠᠴᠠ ᠠᠵᠢᠭᠯᠠᠪᠠᠯ ᠤᠭᠰᠠᠭ᠎ᠠ ᠵᠦᠢ᠂ ᠵᠠᠩ ᠦᠢᠯᠡ᠂ ᠮᠠᠯ ᠠᠵᠦ ᠠᠬᠤᠢ ᠵᠡᠷᠭᠡ ᠲᠠᠯ᠎ᠠ ᠪᠠᠷ ᠦᠵᠦᠮᠦᠴᠢᠨ ᠠᠶᠢᠮᠠᠭ ᠢ ᠤᠶᠢᠷᠠᠳ ᠠᠶᠢᠮᠠᠭ ᠤᠨ ᠨᠢᠭᠡ ᠭᠡᠰᠡᠭ ᠪᠤᠯᠬᠤ ᠲᠡᠭᠡᠷ᠎ᠡ ᠦᠵᠡᠯᠳᠡ ᠨᠢᠭᠡᠳᠦᠯᠳᠠᠢ ᠪᠠᠶᠢᠨ᠎ᠠ᠂ ᠦᠵᠦᠮᠦᠴᠢᠨ ᠤ ᠠᠮᠠᠨ ᠤᠯᠠᠮᠵᠢᠯᠠᠯ ᠳᠤ ︿︿ᠠᠯᠳᠠᠢ ᠬᠠᠩᠭᠠᠢ ᠶᠢᠨ ᠦᠵᠦᠮ ᠤᠨ ᠴᠠᠭᠠᠨ ᠠᠭᠤᠯᠠ ᠠᠴᠠ ᠨᠡᠭᠦᠵᠦ ᠢᠷᠡᠯ᠎ᠡ﹀﹀ ᠭᠡᠳᠡᠭ ᠨᠢ ᠤᠶᠢᠷᠠᠳ ᠲᠠᠢ ᠨᠤᠲᠤᠭ ᠨᠢᠭᠡᠳᠠᠢ ᠭᠡᠰᠡᠨ ᠦᠭᠡ᠂ ᠡᠭᠦᠨ ᠢ ᠦᠵᠦᠮᠦᠴᠢᠨ ᠤ ᠬᠤᠶᠠᠷ ᠤᠳᠠᠭᠠᠨ ᠤ ᠠᠯᠳᠠᠢ ᠤᠷᠤᠨ ᠤ ᠬᠠᠶᠢᠨ ᠰᠢᠨᠵᠢᠯᠡᠭᠡ ᠨᠢ ᠠᠭᠤᠯᠠ ᠤᠰᠤᠨ ᠤ ᠪᠤᠳᠠᠳᠦ ᠤᠷᠤᠰᠢᠬᠤᠢ ᠪᠠᠷ ᠪᠠᠷᠢᠮᠳᠠ ᠪᠤᠯᠭᠠᠵᠦ ᠨᠤᠳᠠᠯᠠᠭᠰᠠᠨ ᠪᠠᠶᠢᠭ᠎ᠠ ᠶᠤᠮ᠂ ᠦᠭᠡ ᠬᠡᠯᠡᠴᠡ ᠶᠢᠨ ᠲᠠᠯ᠎ᠠ ᠪᠠᠷ ᠬᠤᠪᠳᠦ᠂ ᠪᠠᠶᠠᠨ ᠦᠯᠦᠭᠡᠢ ᠪᠠᠷ ᠠᠮᠢᠳᠤᠷᠠᠨ ᠪᠠᠶᠢᠭ᠎ᠠ ᠮᠠᠯᠴᠢᠳ ᠤᠨ ᠦᠭᠡ ᠶᠠᠷᠢᠶ᠎ᠠ ᠠᠴᠠ ᠬᠠᠯᠬ᠎ᠠ ᠠᠪᠢᠶ᠎ᠠ ᠰᠢᠭ᠋ ᠰᠢᠳᠦ ᠪᠠᠨ ᠬᠡᠯᠡᠨ ᠤ ᠦᠵᠦᠭᠦᠷ ᠢᠶᠠᠷ ᠴᠤᠬᠢᠵᠦ ᠬᠡᠯᠡᠭᠦ ᠪᠢᠰᠢ ᠬᠠᠷᠢᠨ ᠬᠡᠯᠡ ᠪᠠᠨ ᠲᠠᠩᠨᠠᠢ ᠳᠠᠭᠠᠨ ᠲᠤᠯᠭᠠᠵᠦ ᠬᠡᠯᠡᠬᠦ ᠨᠢ ᠦᠵᠦᠮᠦᠴᠢᠨ ᠠᠪᠢᠶ᠎ᠠ ᠲᠠᠢ ᠲᠦᠰᠦᠳᠠᠢ ᠪᠠᠶᠢᠨ᠎ᠠ᠂ ᠡᠶᠢᠮᠦ ᠪᠠᠷ ᠦᠭᠡ ᠨᠢ ᠲᠤᠳᠦ ᠤᠶᠢᠯᠠᠭᠠᠮᠵᠢᠳᠠᠢ ᠪᠠᠶᠢᠳᠠᠭ᠂ ᠡᠭᠦᠨ ᠠᠴᠠ ᠭᠠᠵᠠᠷ ᠵᠦᠢ᠂ ᠠᠪᠢᠶ᠎ᠠ ᠵᠦᠢ ᠶᠢᠨ ᠲᠠᠯ᠎ᠠ ᠪᠠᠷ ᠴᠤ ᠤᠶᠢᠷᠠᠯᠴᠠᠭ᠎ᠠ ᠭᠡᠳᠡᠭ ᠢ ᠮᠡᠳᠡᠵᠦ ᠪᠤᠯᠤᠨ᠎ᠠ᠂ ᠦᠵᠦᠮᠦᠴᠢᠨ ᠠᠶᠢᠮᠠᠭ ᠤᠨ ᠡᠭᠦᠰᠦᠯ ᠬᠦᠭᠵᠢᠯ ᠢ ᠤᠭᠰᠠᠭ᠎ᠠ ᠵᠦᠢ᠂ ᠵᠠᠩ ᠦᠢᠯᠡ᠂ ᠭᠠᠵᠠᠷ ᠵᠦᠢ᠂ ᠠᠪᠢᠶ᠎ᠠ ᠵᠦᠢ᠂ ᠮᠠᠯ ᠠᠵᠦ ᠠᠬᠤᠢ ᠵᠡᠷᠭᠡ ᠤᠯᠠᠨ ᠲᠠᠯ᠎ᠠ ᠶᠢᠨ ᠰᠢᠨᠵᠢᠯᠡᠭᠡᠨ ᠠᠴᠠ ᠤᠶᠢᠷᠠᠳ ᠠᠴᠠ ᠭᠠᠷᠤᠯ ᠲᠠᠢ ᠭᠡᠳᠡᠭ ᠢ ᠨᠤᠳᠠᠯᠠᠵᠦ ᠪᠤᠯᠬᠤ ᠪᠦᠭᠡᠳ ᠲᠡᠤᠬᠡ ᠶᠢᠨ ᠤᠯᠠᠨ ᠳᠠᠪᠳᠠᠯᠳᠠ ᠬᠤᠪᠢᠷᠠᠯᠳᠠ ᠠᠴᠠ ᠤᠯᠠᠨ ᠤᠭᠰᠠᠭᠠᠳᠠᠨ ᠶᠠᠰᠤᠳᠠᠨ ᠤ ᠪᠦᠷᠢᠯᠳᠦᠯ ᠪᠤᠯᠤᠨ ᠬᠦᠭᠵᠢᠭᠰᠡᠨ ᠢ ᠴᠤ ᠦᠭᠡᠶᠢᠰᠭᠡᠵᠦ ᠪᠤᠯᠬᠤ ᠦᠭᠡᠢ ᠶᠤᠮ᠃ ᠦᠵᠦᠮᠦᠴᠢᠨ ᠠᠶᠢᠮᠠᠭ ᠤᠨ ᠪᠦᠷᠢᠯᠳᠦᠯ ᠢ ᠤᠷᠴᠢᠨ ᠦᠶ᠎ᠡ ᠶᠢᠨ ᠲᠡᠤᠬᠡᠨ ᠠᠴᠠ ᠠᠵᠢᠭᠯᠠᠭᠰᠠᠨ ᠴᠤ᠂ ᠤᠮᠠᠷᠠᠳᠦ ᠶᠤᠸᠠᠨ ᠤᠯᠤᠰ ᠤᠨ ᠦᠶ᠎ᠡ ᠳᠤ ᠡᠷᠬᠡᠭᠦᠳ᠂ ᠯᠠᠤᠰᠴᠢᠨ᠂ ᠰᠠᠷᠬᠤᠳ᠂ ᠳᠠᠪᠠᠳ ᠵᠡᠷᠭᠡ ᠤᠳᠤᠭ ᠠᠶᠢᠮᠠᠭ ᠤᠳ ᠦᠵᠦᠮᠦᠴᠢᠨ ᠠᠶᠢᠮᠠᠭ ᠲᠤ ᠪᠠᠭᠳᠠᠭᠳᠠᠵᠠᠢ᠂ ᠤᠳᠤ ᠶᠢᠨ ᠦᠵᠦᠮᠦᠴᠢᠨ ᠤ ᠪᠦᠭᠡᠨᠡᠷ ᠠᠶᠢᠮᠠᠭ᠂ ᠤᠷᠳᠤᠴᠢᠨ ᠤᠪᠤᠭᠳᠠᠨ᠂ ᠯᠠᠮᠠ ᠶᠢᠨ ᠠᠶᠢᠮᠠᠭ ᠵᠡᠷᠭᠡ ᠠᠶᠢᠮᠠᠭ ᠪᠦᠯᠦᠭ ᠨᠢ ᠠᠭᠠᠵᠢᠮ ᠴᠢᠩ ᠤᠯᠤᠰ ᠤᠨ ᠦᠶ᠎ᠡ ᠳᠤ ᠰᠡᠭᠦᠯᠡᠷ ᠢᠷᠡᠭᠰᠡᠨ ᠭᠤᠷᠪᠠᠨ ᠵᠠᠭᠤᠨ ᠵᠢᠯ ᠪᠤᠯᠵᠦ ᠪᠠᠶᠢᠭ᠎ᠠ ᠦᠵᠦᠮᠦᠴᠢᠨ ᠤ ᠬᠤᠵᠢᠭᠤ  ᠪᠦᠷᠢᠯᠳᠦᠯ ᠭᠡᠰᠡᠭ ᠪᠤᠯᠤᠭᠰᠠᠨ ᠶᠤᠮ᠃            ᠦᠵᠦᠮᠦᠴᠢᠨ ᠭᠡᠬᠦ ᠨᠡᠷ᠎ᠡ ᠶᠢᠨ ᠡᠭᠦᠰᠦᠯ ᠪᠠ ᠤᠳᠬ᠎ᠠ ᠵᠦᠢ ᠶᠢᠨ ᠲᠤᠬᠠᠢ ᠭᠠᠳᠠᠭᠠᠲᠦ ᠳᠣᠳᠣᠭᠠᠲᠦ ᠶᠢᠨ ᠵᠠᠷᠢᠮ ᠡᠷᠳᠡᠮᠳᠡᠳ ᠰᠣᠳᠣᠯᠭᠠᠳᠠᠳ ︽ᠦᠵᠡᠮᠡᠷ ᠲᠤ ᠲᠣᠷ᠎ᠠ ᠲᠠᠢ ᠠᠴᠠ ᠦᠵᠡᠮᠡᠷᠴᠢᠨ ᠪᠤᠯᠣᠭᠰᠠᠨ︾᠂ ︽ᠬᠠᠷᠠᠭᠤᠯ ᠵᠤᠭᠰᠣᠬᠤ ᠶᠢ ᠦᠵᠡᠮᠦ ᠭᠡᠵᠦ ᠬᠡᠯᠡᠳᠡᠭ ᠠᠴᠠ ᠴᠢᠨ ᠳᠠᠭᠠᠪᠤᠷᠢ ᠵᠠᠯᠭᠠᠵᠤ ᠦᠵᠦᠮᠦᠴᠢᠨ ᠪᠤᠯᠤᠭᠰᠠᠨ︾᠂ ︽ᠬᠠᠭᠠᠨ ᠤ ᠦᠵᠦᠭᠦᠷ ᠴᠡᠷᠢᠭ ᠲᠤ ᠶᠠᠪᠤᠵᠤ ᠪᠠᠶᠢᠭᠰᠠᠨ ᠢᠶᠠᠷ ᠨᠢ ᠦᠵᠦᠮᠦᠴᠢᠨ ᠪᠤᠯᠤᠭᠰᠠᠨ︾ ᠭᠡᠬᠦ ᠵᠡᠷᠭᠡ ᠲᠠᠭᠠᠮᠠᠭᠯᠠᠯ ᠪᠠ ᠰᠣᠳᠣᠯᠤᠯᠳᠠ ᠶᠢ ᠫ᠊ ᠲᠤᠭᠠᠷ ᠠᠪᠤᠭᠠᠢ ︽ᠵᠦᠪᠬᠡᠨ ᠦᠭᠡ ᠶᠢᠨ ᠦᠨᠳᠦᠰᠦ ᠢᠵᠠᠭᠤᠷ ᠤᠨ ᠲᠠᠭᠠᠪᠤᠷᠢ ᠶᠢᠨ ᠠᠭᠤᠯᠭ᠎ᠠ ᠶᠢ ᠦᠵᠡᠵᠦ ᠳᠠᠭᠠᠮᠠᠭᠯᠠᠭᠰᠠᠨ ᠲᠡᠳᠦᠢ ᠠᠴᠠ ᠪᠢᠰᠢ᠂ ᠶᠠᠮᠠᠷ ᠨᠢᠭᠡᠨ ᠲᠡᠦᠬᠡ ᠶᠢᠨ ᠦᠨᠳᠦᠰᠦ ᠪᠠᠷᠢᠮᠳᠠ ᠲᠠᠢ ᠨᠤᠳᠠᠯᠠᠯᠳᠠ ᠪᠢᠰᠢ︾ ᠭᠡᠵᠦ ᠦᠵᠡᠭᠰᠡᠨ ᠪᠦᠭᠡᠳ ︽ᠦᠵᠦᠮ︾ ᠭᠡᠳᠡᠭ ᠦᠭᠡᠨ ᠳᠤ ᠴᠢᠨ ᠳᠠᠭᠠᠪᠤᠷᠢ ᠵᠠᠯᠭᠠᠭᠠᠳ ︽ᠦᠵᠦᠮᠴᠢᠨ WUZHUMQIN︾ ᠪᠤᠯᠣᠭᠰᠠᠨ ᠭᠡᠬᠦ ᠨᠤᠳᠠᠯᠠᠯᠳᠠ ᠶᠢ ᠬᠢᠭᠰᠡᠨ  ᠨᠢ ᠤᠨᠤᠪᠴᠢᠳᠠᠢ ᠭᠡᠵᠦ ᠠᠵᠢᠭᠯᠠᠭᠳᠠᠨ᠎ᠠ᠃      ᠡᠯᠡᠰᠦᠨ ᠤ ︽ᠦᠵᠦᠮᠦᠴᠢᠨ ᠭᠡᠳᠡᠭ ᠨᠡᠷ᠎ᠡ︾ ᠭᠡᠬᠦ ᠤᠬᠤᠷ ᠦᠭᠦᠯᠡᠯ᠂ ᠨ᠊ ᠲᠡᠮᠡᠴᠡᠯᠳᠦ ᠶᠢᠨ ︽ᠦᠵᠦᠮᠦᠴᠢᠨ ᠭᠡᠳᠡᠭ ᠨᠡᠷ᠎ᠡ ᠶᠢᠨ ᠢᠷᠡᠯᠳᠡ ᠪᠠ ᠲᠡᠭᠦᠨ ᠤ ᠪᠢᠴᠢᠯᠭᠡ ᠶᠢᠨ ᠲᠤᠬᠠᠢ ᠠᠰᠠᠭᠤᠳᠠᠯ︾ ᠭᠡᠬᠦ ᠰᠢᠨᠵᠢᠯᠭᠡᠨ  ᠤ ᠦᠭᠦᠯᠡᠯ᠂ ᠭᠤ ᠷᠠᠭᠸ᠎ᠠ ᠶᠢᠨ ︽ᠦᠵᠦᠮᠦᠴᠢᠨ ᠮᠤᠩᠭᠤᠯᠴᠣᠳ︾ ᠭᠡᠬᠦ ᠰᠢᠨᠵᠢᠯᠡᠭᠡᠨ ᠤ ᠦᠭᠦᠯᠡᠯ ᠤᠳ ᠨᠢ ᠫ᠊᠂ ᠳᠣᠭᠠᠷ ᠠᠪᠤᠭᠠᠢ ᠶᠢᠨ ᠰᠣᠳᠣᠯᠣᠯ ᠲᠠᠢ ᠦᠵᠡᠯᠳᠡ ᠨᠢᠭᠡᠳᠦᠯᠳᠡᠢ ᠪᠠᠶᠢᠬᠤ ᠪᠦᠭᠡᠳ ᠠᠭᠤᠯᠭ᠎ᠠ ᠶᠢᠨ ᠡᠭᠦᠰᠦᠯ ᠦᠰᠦᠭ ᠤᠨ ᠪᠦᠲᠦᠴᠡ ᠶᠢᠨ ᠳᠡᠯ᠎ᠠ ᠪᠠᠷ ᠨᠠᠷᠢᠨ ᠰᠣᠳᠣᠯᠤᠭᠰᠠᠨ ᠪᠠᠶᠢᠳᠠᠭ᠂ ᠨ᠊ ᠲᠡᠮᠡᠴᠡᠯᠲᠦ ᠭᠤᠸᠠᠢ ᠠᠴᠠ ᠤᠳᠤ  ᠶᠢᠨ ︽ᠦᠵᠦᠮᠦᠴᠢᠨ︾ ᠭᠡᠬᠦ ᠪᠢᠴᠢᠯᠭᠡ ᠶᠢ ᠬᠢᠳᠡᠳ ᠠᠪᠢᠶᠠᠨ ᠤ ︽ᠦ᠋ ᠵᠦ ᠮᠦ᠋ ᠴᠢᠨ乌珠穆沁WUZHUMUQIN︾ ᠭᠡᠬᠦ ᠳᠠᠭᠤᠳᠠᠯᠭ᠎ᠠ ᠠᠴᠠ ᠢᠷᠡᠯᠳᠡ ᠲᠠᠢ ᠪᠤᠷᠣᠭᠤ ᠪᠢᠴᠢᠯᠭᠡ ᠭᠡᠵᠦ ᠦᠵᠡᠭᠰᠡᠨ ᠪᠦᠭᠡᠳ ︽ᠪᠤᠯᠤᠷ ᠲᠤᠯᠢ︾ ᠵᠡᠷᠭᠡ ᠲᠡᠦᠬᠡᠨ ᠪᠢᠴᠢᠭ ᠪᠤᠯᠣᠨ ︽ᠴᠢᠩ ᠤᠯᠣᠰ ᠳᠤᠷ ᠲᠠᠭᠠᠭᠰᠠᠨ ᠮᠤᠩᠭᠤᠯ ᠴᠢᠭᠤᠯᠭᠠᠨ ᠬᠤᠰᠢᠭᠤᠳ ᠤᠨ ᠤᠷᠤᠨ ᠪᠠᠶᠢᠷᠢ︾ ᠬᠡᠮᠡᠬᠦ ᠲᠡᠦᠬᠡᠨ ᠪᠢᠴᠢᠭ ᠲᠤ ᠦᠵᠦᠮᠦᠴᠢᠨ ᠭᠡᠳᠡᠭ ᠨᠡᠷ᠎ᠡ ᠶᠢ ︽ᠦᠵᠦᠮᠴᠢᠨ WUZHUMQIN︾ ᠭᠡᠵᠦ ᠲᠡᠮᠳᠡᠭᠯᠡᠭᠰᠡᠨ ᠢ ᠨᠢᠭᠡᠨ ᠲᠡᠦᠬᠡ ᠶᠢᠨ ᠮᠡᠳᠡᠯᠭᠡᠳᠡᠨ ᠤ ᠬᠤᠪᠢ ᠳᠤ ᠨᠡᠷ᠎ᠡ ᠶᠢᠨ ᠦᠨᠡᠨ ᠢᠷᠡᠯᠳᠡ ᠶᠢ ᠦᠨᠳᠦᠰᠦᠯᠡᠭᠰᠡᠨ ᠵᠦᠪ  ᠪᠢᠴᠢᠯᠭᠡ ᠭᠡᠰᠡᠨ ᠬᠠᠩᠭᠠᠮᠵᠢᠳᠠᠢ ᠰᠣᠳᠣᠯᠭ᠎ᠠ ᠶᠢ ᠬᠢᠭᠰᠡᠨ ᠪᠠᠶᠢᠨ᠎ᠠ᠃      ᠲᠡᠳᠡᠨ ᠤ ᠰᠣᠳᠣᠯᠣᠯ ᠤᠨ ᠬᠦᠨᠳᠦᠳᠭᠡᠭᠦᠰᠢᠳᠠᠢ ᠲᠠᠯ᠎ᠠ ᠨᠢ ᠭᠡᠪᠡᠯ ᠦᠵᠦᠮᠦᠴᠢᠨ ᠠᠶᠢᠮᠠᠭ ᠤᠨ ᠡᠭᠦᠰᠦᠭᠰᠡᠨ ᠭᠠᠵᠠᠷ ᠤᠷᠤᠨ ᠬᠢᠭᠡᠳ ᠵᠠᠩ ᠦᠢᠯᠡ ᠠᠴᠠ ᠡᠰᠢᠯᠡᠵᠦ᠂ ᠲᠡᠦᠬᠡᠨ ᠪᠤᠳᠠᠲᠦ ᠬᠡᠷᠡᠭ ᠤᠴᠢᠷ  ᠢᠶᠠᠷ ᠪᠠᠷᠢᠮᠳᠡ ᠪᠤᠯᠭᠠᠵᠦ᠂ ᠤᠯᠠᠮᠵᠢᠯᠠᠯᠲᠦ ᠦᠪᠡᠷᠮᠢᠴᠡ ᠬᠡᠯᠡᠯᠭᠡ ᠲᠠᠢ ᠬᠤᠯᠪᠤᠵᠦ ᠨᠢᠭᠳᠠᠯᠠᠨ ᠰᠣᠳᠣᠯᠣᠭᠰᠠᠨ ᠳᠤ ᠪᠠᠶᠢᠬᠤ ᠶᠤᠮ᠃      ᠡᠨᠡ ᠲᠤᠬᠠᠢ ᠰᠣᠳᠣᠯᠭ᠎ᠠ ᠶᠢ ᠦᠵᠦᠮᠦᠴᠢᠨ ᠠᠮᠠᠨ ᠤᠯᠠᠮᠵᠢᠠᠯᠠᠯ ᠬᠢᠭᠡᠳ ᠦᠪᠡᠷᠮᠢᠴᠡ ᠠᠮᠠᠨ ᠠᠶᠠᠯᠠᠭᠤ ︵ᠬᠡᠯᠡᠯᠭᠡ︶ ᠶᠢ ᠤᠶᠠᠯᠳᠣᠭᠤᠯᠣᠨ ᠴᠢᠨᠠᠭᠰᠢᠳᠠ ᠭᠦᠨᠵᠡᠭᠡᠶᠢᠷᠡᠭᠦᠯᠪᠡᠯ ᠤᠯᠠᠮ ᠤᠨᠤᠪᠴᠢᠳᠡᠢ ᠪᠣᠯᠬᠤ ᠰᠢᠭ᠋ ᠰᠠᠨᠠᠭᠳᠠᠨ᠎ᠠ᠃ ᠦᠵᠦᠮᠦᠴᠢᠨ ᠠᠶᠢᠮᠠᠭ  ᠤᠨ ᠠᠮᠠᠨ ᠤᠯᠠᠮᠵᠢᠯᠠᠯ ᠳᠤ ︽ᠠᠯᠳᠠᠢ ᠬᠠᠩᠭᠠᠢ ᠶᠢᠨ ᠦᠵᠦᠮ ᠤᠨ ᠴᠠᠭᠠᠨ ᠠᠭᠤᠯᠠ  ᠠᠴᠠ ᠨᠡᠭᠦᠵᠦ ᠢᠷᠡᠪᠡ︾ ᠭᠡᠳᠡᠭ᠃ ᠦᠵᠦᠮ ᠤᠨ ᠴᠠᠭᠠᠨ ᠠᠭᠤᠯᠠ ᠪᠤᠯ ᠮᠤᠩᠭᠤᠯ ᠤᠯᠤᠰ ᠤᠨ ᠪᠠᠶᠠᠨ —  ᠦᠯᠦᠭᠡᠢ ᠠᠶᠢᠮᠠᠭ ᠤᠨ ᠠᠯᠳᠠᠢ ᠰᠣᠮᠣᠨ ᠤ ᠪᠠᠷᠠᠭᠤᠨ ᠪᠡᠶ᠎ᠡ ᠳᠤ ᠪᠠᠶᠢᠷᠢᠰᠢᠵᠦ ᠪᠤᠢ᠃ ᠡᠨᠡᠬᠦ ᠠᠮᠠᠨ ᠤᠯᠠᠮᠵᠢᠯᠠᠯ ᠨᠢ ᠤᠳᠤ ᠪᠤᠳᠠᠲᠦ ᠤᠷᠤᠰᠢᠬᠤᠢ  ᠪᠠᠷ ᠨᠣᠳᠠᠯᠠᠭᠳᠠᠭᠰᠠᠨ ᠪᠠᠶᠢᠨ᠎ᠠ᠃ ᠦᠵᠦᠮ ᠤᠨ ᠴᠠᠭᠠᠨ ᠠᠭᠤᠯᠠ ᠨᠢ ᠦᠨᠡᠨ ᠪᠤᠳᠠᠲᠦ ᠭᠠᠵᠠᠷ ᠤᠨ ᠨᠡᠷ᠎ᠡ ᠪᠤᠯᠣᠭᠰᠠᠨ ᠤ ᠬᠤᠪᠢ ᠳᠤ ᠦᠵᠦᠮ ᠭᠡᠳᠡᠭ ᠨᠢ ᠲᠤᠰ ᠠᠭᠤᠯᠠᠨ ᠤ ᠲᠤᠳᠤᠳᠬᠠᠯ ᠨᠡᠷ᠎ᠡ ᠪᠤᠯᠤᠨ᠎ᠠ᠂ ᠡᠨᠡ ᠤᠳᠬ᠎ᠠ  ᠠᠭᠤᠯᠭ᠎ᠠ ᠠᠴᠠ ᠦᠵᠡᠪᠡᠯ ᠳ᠋ᠠᠷᠮᠠᠳ᠋ᠯᠾᠠ ᠭᠡᠳᠡᠭ ᠬᠦᠮᠦᠨ ᠤ ᠲᠦᠪᠡᠳ ᠬᠡᠯᠡᠨ ᠤ ᠲᠡᠦᠬᠡᠨ ᠵᠤᠬᠢᠶᠠᠯ ᠳᠤ ᠲᠡᠮᠳᠡᠭᠯᠡᠭᠳᠡᠭᠰᠡᠨ ︽ᠵᠡᠷᠯᠢᠭ ᠦᠵᠦᠮ︾ ᠨᠢ ᠡᠨᠡ ᠴᠠᠭᠠᠨ ᠠᠭᠤᠯᠠᠨ ᠳᠤ ᠲᠤᠬᠠᠢ ᠶᠢᠨ ᠦᠶ᠎ᠡ ᠤᠷᠭᠤᠵᠦ ᠪᠠᠶᠢᠭᠰᠠᠨ ᠪᠠ ᠲᠡᠭᠦᠨ ᠢᠶᠠᠷ ᠨᠢ ᠦᠵᠦᠮ ᠤᠨ ᠴᠠᠭᠠᠨ ᠠᠭᠤᠯᠠ ᠭᠡᠵᠦ ᠨᠡᠷᠡᠯᠡᠭᠰᠡᠨ ᠪᠠᠶᠢᠵᠦ ᠲᠠᠭᠠᠷᠠᠨ᠎ᠠ᠃ ᠦᠵᠦᠮᠦᠴᠢᠨ ᠭᠡᠳᠡᠭ ᠨᠡᠷ᠎ᠡ ᠡᠨᠡ ᠠᠭᠤᠯᠠᠨ ᠠᠴᠠ ᠢᠷᠡᠯᠳᠡ ᠲᠠᠢ ᠪᠦᠭᠡᠳ ᠦᠵᠦᠮᠦᠴᠢᠨ ᠠᠶᠢᠮᠠᠭ ᠴᠣ᠋ ᠡᠨᠡ ᠤᠤᠭᠠᠯ ᠨᠤᠳᠤᠭ ᠢᠶᠠᠨ ᠳᠣᠷᠠᠰᠬᠠᠨ᠂ ᠠᠶᠢᠮᠠᠭ ᠤᠨ ᠨᠡᠷ᠎ᠡ ᠪᠤᠯᠭᠠᠭᠰᠠᠨ ᠨᠢ ᠢᠯᠡᠷᠬᠡᠢ ᠶᠤᠮ᠃ ᠦᠵᠦᠮ ᠭᠡᠭᠴᠢ ᠤᠷᠭᠤᠮᠠᠯ ᠤᠨ ᠳᠣᠬᠠᠢ ᠡᠷᠳᠡ ᠦᠶ᠎ᠡ ᠶᠢᠨ ᠳ᠋ᠠᠷᠮᠠᠳ᠋ᠯᠾᠠ ᠶᠢᠨ ︽ᠵᠡᠷᠯᠢᠭ ᠦᠵᠦᠮ︾ ᠭᠡᠵᠦ ᠲᠡᠮᠳᠡᠭᠯᠡᠭᠰᠡᠨ ᠪᠠ ᠵ᠊ ᠰᠠᠷᠠᠨᠳᠣᠭᠤᠯᠭ᠎ᠠ ᠶᠢᠨ ︽ᠦᠵᠦᠮᠦᠴᠢᠨ ᠤ ᠭᠠᠷᠤᠯ ᠡᠭᠦᠰᠦᠯ ᠤᠨ ᠲᠤᠬᠠᠢ ᠰᠢᠨ᠎ᠡ ᠰᠦᠪᠡᠭᠴᠢᠯᠡᠯ︾ ᠭᠡᠬᠦ ᠰᠢᠨᠵᠢᠯᠡᠭᠡᠨ ᠤ ᠦᠭᠦᠯᠡᠯ ᠳᠡᠭᠡᠨ ᠮᠤᠩᠭᠤᠯ ᠤᠯᠣᠰ ᠤᠨ ᠬᠤᠶᠢᠲᠦ ᠪᠡᠶ᠎ᠡ ᠪᠠᠷ ᠤᠷᠤᠰᠢᠬᠤ ᠬᠦᠪᠰᠦᠭᠦᠯ ᠤᠨ ᠭᠠᠵᠠᠷ ᠤᠷᠤᠨ ᠢᠶᠠᠷ ᠵᠡᠷᠯᠢᠭ ᠦᠵᠦᠮ ᠪᠠᠭᠰᠢᠷᠠᠨ ᠤᠷᠭᠤᠵᠦ ᠪᠠᠶᠢᠳᠠᠭ ᠪᠠ ᠤᠳᠤ ᠪᠤᠯᠳᠠᠯ᠎ᠠ ᠬᠠᠭᠤᠴᠢᠨ ᠠᠷᠭ᠎ᠠ ᠪᠠᠷ ᠢᠶᠠᠨ ᠦᠵᠦᠮ ᠤᠨ ᠠᠷᠢᠬᠢ ᠨᠡᠷᠡᠵᠦ ᠪᠤᠯᠪᠠᠰᠤᠷᠠᠭᠤᠯᠣᠨ ᠠᠰᠢᠭᠯᠠᠨ ᠬᠡᠷᠡᠭᠯᠡᠵᠦ ᠪᠠᠶᠢᠬᠤ ᠲᠤᠬᠠᠢ ᠨᠠᠷᠢᠨ ᠮᠡᠳᠡᠭᠡᠯᠡᠭᠰᠡᠨ ᠢ ᠬᠠᠷᠢᠭᠤᠴᠠᠭᠤᠯᠣᠨ ᠦᠵᠡᠪᠡᠯ ᠠᠯᠳᠠᠢ ᠬᠠᠩᠭᠠᠢ ᠶᠢᠨ ᠨᠢᠷᠣᠭᠤᠳ ᠢᠶᠠᠷ ᠡᠨᠡᠬᠦ  ᠵᠡᠷᠯᠢᠭ ᠤᠷᠭᠤᠮᠠᠯ ᠨᠡᠶᠢᠳᠡᠮ ᠪᠠᠶᠢᠳᠠᠭ  ᠢ ᠮᠡᠳᠡᠵᠦ ᠪᠣᠯᠣᠨ᠎ᠠ᠃ ᠦᠵᠦᠮᠦᠴᠢᠨ ᠠᠮᠠᠨ ᠠᠶᠠᠯᠠᠭᠤ ᠶᠢᠨ ᠲᠠᠯ᠎ᠠ ᠪᠠᠷ ᠨᠢᠭᠳᠠᠯᠠᠪᠠᠯ ᠦᠵᠦᠮᠦᠴᠢᠨᠴᠤᠳ ᠤᠨ ᠨᠡᠶᠢᠳᠡᠮ ᠤᠨ ᠬᠡᠯᠡᠯᠭᠡ ᠳᠤ ︽ᠦᠵᠡᠮᠡᠷᠴᠢᠨ︾᠂ ︽ᠦᠵᠡᠮᠵᠢᠴᠢᠨ︾᠂ ︽ᠦᠵᠦᠭᠦᠷᠴᠢᠨ︾ ᠭᠡᠵᠦ ᠦᠪᠡᠷ ᠤᠨ ᠠᠶᠢᠮᠠᠭ ᠪᠦᠯᠦᠭ ᠢᠶᠠᠨ ᠨᠡᠷᠡᠯᠡᠨ ᠲᠠᠭᠤᠳᠠᠳᠠᠭ ᠦᠭᠡᠢ ᠪᠦᠭᠡᠳ ᠴᠡᠪᠡᠷ ᠲᠤᠳᠤ ᠬᠡᠯᠡᠴᠡ ᠪᠠᠷ ᠢᠶᠠᠨ ︽ᠦᠵᠦᠮᠴᠢᠨ WUZHUMQIN︾ ᠭᠡᠵᠦ ᠤᠳᠤ ᠪᠤᠯᠳᠠᠯ᠎ᠠ ᠬᠠᠳᠠᠭᠠᠯᠠᠭᠰᠠᠭᠠᠷ ᠪᠤᠢ᠃ ᠡᠨᠡᠬᠦ ᠲᠤᠳᠤ ᠬᠡᠯᠡᠴᠡ ᠠᠴᠠ ᠨᠢ ᠦᠪᠡᠷᠮᠢᠴᠡ ᠤᠯᠠᠮᠵᠢᠯᠠᠯᠲᠦ ᠬᠡᠯᠡᠯᠭᠡ ᠨᠢ ᠦᠶ᠎ᠡ ᠶᠢᠨ ᠦᠶ᠎ᠡ ᠬᠠᠳᠠᠩᠰᠢᠵᠦ᠂ ᠲᠡᠳᠡᠨ ᠳᠤ ᠦᠵᠦᠮ ᠲᠠᠢ ᠤᠷᠭᠤᠮᠠᠯ ᠪᠦᠬᠦᠢ ᠡᠯᠪᠡᠭ ᠰᠠᠶᠢᠬᠠᠨ ᠭᠠᠵᠠᠷ ᠠᠴᠠ ᠨᠡᠭᠦᠵᠦ ᠢᠷᠡᠭᠰᠡᠨ ᠭᠡᠵᠦ ᠭᠦᠨ ᠰᠡᠳᠭᠢᠭᠳᠡᠭᠰᠡᠨ ᠲᠡᠦᠬᠡᠨ ᠤᠬᠠᠮᠰᠠᠷ ᠪᠤᠯᠤᠨ ᠪᠦᠷᠢᠯᠳᠦᠯ᠎ᠡ ᠭᠡᠵᠦ ᠦᠵᠡᠵᠦ ᠪᠤᠯᠣᠨ᠎ᠠ᠂ ᠲᠠᠬᠢᠪᠠᠯ ᠦᠵᠦᠮᠦᠴᠢᠨ ᠬᠡᠯᠡᠯᠭᠡ ᠶᠢᠨ ᠪᠠᠰᠠ ᠨᠢᠭᠡ ᠢᠳᠡᠭᠡᠭᠦᠰᠢᠳᠠᠢ ᠨᠢ ᠭᠡᠪᠡᠯ ᠪᠤᠰᠤᠳ ᠦᠨᠳᠦᠰᠦᠳᠡᠨ ᠶᠠᠰᠣᠳᠡᠨ ᠤ ᠠᠮᠠᠨ ᠠᠶᠠᠯᠠᠭᠤ ᠳᠤ ᠨᠦᠯᠦᠭᠡᠯᠡᠭᠳᠡᠭᠡ ᠦᠭᠡᠢ ᠤᠴᠢᠷ ᠬᠡᠯᠡᠨ ᠤ ᠮᠡᠳᠡᠷᠡᠮᠵᠢ ᠪᠠ ᠤᠬᠠᠮᠰᠠᠷ ᠨᠢ ᠦᠨᠳᠦᠷ ᠪᠠᠶᠢᠵᠦ᠂ ᠲᠡᠳᠡᠨ ᠤ ᠦᠪᠡᠷ ᠤᠨ ᠤᠤᠭᠠᠯ ᠨᠤᠳᠤᠭ ᠤᠨ  ᠢᠶᠠᠨ ᠡᠭᠦᠰᠦᠯ ᠭᠠᠷᠤᠯ ᠢ ᠬᠠᠯᠠᠭᠤ ᠪᠤᠷᠤᠭᠤ ᠠᠪᠢᠶᠠᠯᠠᠬᠤ ᠶᠤᠰᠤ ᠦᠭᠡᠢ ᠶᠣᠮ᠃ ᠡᠭᠦᠨ ᠢ ᠦᠵᠦᠮᠦᠴᠢᠨ ᠤ ᠨᠡᠶᠢᠳᠡᠮ ᠤᠨ ᠬᠡᠯᠡᠯᠭᠡ ᠠᠴᠠ ᠤᠶᠢᠯᠠᠭᠠᠵᠦ ᠪᠤᠯᠬᠤ ᠪᠦᠭᠡᠳ ᠤᠯᠠᠭᠠᠨᠬᠠᠳᠠ ᠬᠤᠳᠠ ᠶᠢᠨ ᠬᠠᠷᠠᠴᠢᠨ ᠬᠤᠰᠢᠭᠤᠨ ᠳᠤ ᠪᠦᠬᠦᠢ ᠦᠵᠦᠮᠦᠴᠢᠨ ᠤᠭᠰᠠᠭᠠᠳᠠᠳ ᠬᠡᠴᠢᠨᠡᠨ ᠤᠨ ᠤ ᠲᠡᠦᠬᠡᠨ ᠬᠤᠭᠤᠴᠠᠭ᠎ᠠ ᠶᠢ ᠦᠩᠭᠡᠷᠡᠭᠡᠭᠡᠳ ᠦᠭᠡ ᠬᠡᠯᠡ ᠦᠰᠦᠭ ᠪᠢᠴᠢᠭ ᠨᠢ ᠤᠰᠠᠳᠣᠭᠰᠠᠨ ᠪᠤᠯᠪᠠᠴᠤ ᠦᠵᠦᠮᠦᠴᠢᠨ ᠬᠡᠮᠡᠬᠦ ᠲᠠᠭᠤᠳᠠᠯᠭ᠎ᠠ ᠪᠠᠨ ᠤᠳᠤ ᠪᠤᠯᠳᠠᠯ᠎ᠠ ᠪᠦᠷᠢᠨ ᠴᠡᠪᠡᠷ ᠬᠠᠳᠠᠭᠠᠯᠠᠭᠰᠠᠭᠠᠷ ᠪᠠᠶᠢᠭ᠎ᠠ ᠶᠠᠪᠤᠳᠠᠯ ᠤᠳ ᠭᠡᠷᠡᠴᠢᠯᠡᠵᠦ ᠪᠤᠢ᠃ ᠲᠡᠭᠡᠷᠡᠬᠢ ᠰᠢᠨᠵᠢᠯᠡᠯ ᠢᠶᠠᠨ ᠤᠯᠠᠮᠵᠢᠯᠠᠯ ᠶᠠᠷᠢᠶ᠎ᠠ —  ᠵᠡᠷᠯᠢᠭ ᠦᠵᠦᠮ —  ᠦᠪᠡᠷᠮᠢᠴᠡ ᠬᠡᠯᠡᠴᠡ —  ᠰᠡᠳᠭᠢᠮᠵᠢ ᠤᠬᠠᠮᠰᠠᠷ — ᠪᠤᠳᠠᠳᠤ ᠤᠷᠤᠰᠢᠬᠤᠢ ᠭᠡᠵᠦ ᠲᠤᠮᠢᠶᠠᠯᠠᠪᠠᠯ ᠦᠵᠦᠮᠦᠴᠢᠨ ᠭᠡᠬᠦ ᠨᠡᠷᠡᠶᠢᠳᠦᠯ ᠨᠢ ᠦᠵᠦᠮ ᠭᠡᠳᠡᠭ ᠤᠷᠭᠤᠮᠠᠯ ᠠᠴᠠ ᠡᠭᠦᠰᠦᠯ ᠲᠠᠢ ᠠᠶᠢᠮᠠᠭ  ᠤᠨ ᠨᠡᠷ᠎ᠡ ᠦᠭᠡ ᠭᠡᠵᠦ ᠪᠠᠳᠣᠳᠠᠢ ᠬᠡᠯᠡᠵᠦ ᠪᠤᠯᠬᠤ ᠶᠤᠮ᠃      ᠲᠡᠤᠬᠡ ᠲᠡᠮᠳᠡᠭᠯᠡᠯ ᠠᠴᠠ ᠲᠤᠲᠤᠷᠠᠭᠤᠯᠬᠤ ᠨᠢ      ᠦᠵᠦᠮᠦᠴᠢᠨ ᠠᠮᠠᠨ ᠤᠯᠠᠮᠵᠢᠯᠠᠯ ᠤᠨ ᠰᠤᠳᠤᠯᠭᠠᠨ ᠪᠤᠯ ᠦᠵᠦᠮᠦᠴᠢᠨ ᠲᠡᠤᠬᠡ ᠶᠢ ᠰᠤᠳᠤᠯᠬᠤ ᠰᠠᠭᠤᠷᠢ ᠮᠦᠨ᠃ ᠡᠨᠡ ᠪᠤᠯ ᠲᠤᠮᠤᠭ ᠲᠡᠳᠦᠢ ᠪᠢᠰᠢ ᠬᠠᠷᠢᠨ ᠦᠵᠦᠮᠦᠴᠢᠨ ᠠᠶᠢᠮᠠᠭ ᠤᠨ ᠲᠡᠤᠬᠡ ᠶᠢᠨ ᠤᠯᠠᠮᠵᠢᠯᠠᠯ ᠤᠨ ᠪᠤᠳᠠᠳᠤ ᠲᠤᠰᠬᠠᠯ ᠪᠤᠶᠤ ᠰᠤᠷᠠᠭ ᠵᠠᠩᠭᠢ ᠮᠦᠨ᠂ ᠲᠡᠭᠡᠬᠦ ᠮᠦᠷᠳᠡᠭᠡᠨ ᠮᠠᠨ ᠤ ᠲᠡᠭᠡᠳᠦᠰ ᠤᠳ ᠤᠨ ᠦᠯᠡᠳᠡᠭᠡᠭᠰᠡᠨ ᠬᠠᠮᠳᠤ ᠶᠢᠨ ᠤᠶᠤᠨ ᠤ ᠬᠦᠷᠦᠩᠭᠡ ᠭᠡᠵᠦ ᠦᠵᠡᠯᠳᠡᠢ᠃ ᠭᠡᠳᠡᠯ᠎ᠡ ᠡᠨᠡᠬᠦ ᠠᠶᠢᠮᠠᠭ ᠪᠦᠯᠦᠭ ᠨᠢ ᠬᠡᠵᠢᠶ᠎ᠡ ᠪᠦᠷᠢᠯᠳᠦᠭᠰᠡᠨ᠂ ᠶᠠᠭᠠᠬᠢᠵᠦ ᠤᠯᠠᠷᠢᠵᠦ ᠢᠷᠡᠭᠰᠡᠨ ᠭᠡᠳᠡᠭ ᠨᠢ ᠲᠤᠲᠤᠷᠬᠠᠢ ᠲᠡᠤᠬᠡᠨ ᠪᠤᠳᠠᠳᠤ ᠲᠡᠮᠳᠡᠭᠯᠡᠯ ᠭᠡᠵᠦ ᠤᠳᠤ ᠪᠤᠯᠳᠠᠯ᠎ᠠ ᠢᠯᠡᠷᠡᠭᠡᠳᠦᠢ ᠪᠠᠶᠢᠭᠰᠠᠭᠠᠷ᠂ ᠶᠠᠭ ᠦᠵᠦᠮᠦᠴᠢᠨ ᠠᠶᠢᠮᠠᠭ ᠤᠨ ᠢᠯᠡᠷᠡᠭᠰᠡᠨ ᠲᠡᠤᠬᠡᠨ ᠲᠡᠮᠳᠡᠭᠯᠡᠯ ᠭᠡᠪᠡᠯ ︽ᠯᠤ᠂ ᠠᠯᠳᠠᠨ ᠲᠤᠪᠴᠢ︾ ᠪᠤᠯᠬᠤ ᠶᠤᠮ᠂ ᠲᠠᠷᠤᠢ 16 ᠳ᠋ᠤᠭᠠᠷ ᠵᠠᠭᠤᠨ ᠤ ᠡᠬᠢ ᠪᠠᠳᠤᠮᠦ᠋ᠩᠬᠡ ᠲᠠᠶᠠᠨ ᠬᠠᠭᠠᠨ ᠤ  ᠶᠡᠭᠡ ᠮᠤᠩᠭᠤᠯ ᠤᠨ ᠨᠢᠭᠡᠳᠭᠡᠯ ᠤᠨ ᠦᠶ᠎ᠡ ᠪᠤᠯᠤᠨ᠎ᠠ᠃ ᠡᠭᠦᠨ ᠠᠴᠠ ᠡᠮᠦᠨ᠎ᠡ ᠭᠡᠪᠡᠯ ᠢᠨᠵᠡᠨᠠᠰᠢ ᠶᠢᠨ ︽ᠬᠦᠬᠡ ᠰᠤᠳᠤᠷ︾ ᠳᠠᠬᠢ ᠭᠤᠴᠢᠨ ᠵᠢᠷᠭᠤᠭᠠᠨ ᠶᠡᠭᠡ ᠤᠯᠤᠰ ᠲᠠᠯᠠᠨ ᠬᠤᠶᠠᠷ ᠠᠶᠢᠮᠠᠭ ᠲᠤ ᠲᠤᠷᠠᠳᠤᠭᠳᠠᠬᠤ ᠦᠵᠦᠮᠦᠴᠢᠨ ᠭᠡᠬᠦ ᠲᠤᠷᠠᠳᠤᠯᠳᠠ ᠠᠴᠠ ᠪᠤᠳᠤᠪᠠᠯ ᠨᠠᠢᠮᠠᠨ ᠵᠠᠭᠤ ᠭᠠᠷᠤᠢ ᠵᠢᠯ ᠪᠤᠯᠵᠦ ᠪᠠᠶᠢᠨ᠎ᠠ᠂ ᠭᠡᠬᠦ ᠳᠤ ᠵᠠᠷᠢᠮ ᠲᠡᠤᠬᠡ ᠶᠢᠨ ᠰᠤᠳᠤᠯᠭᠠᠳᠠᠳ ︽ᠬᠦᠭᠡ ᠰᠤᠳᠤᠷ︾ ᠢ ᠤᠷᠠᠨ ᠵᠤᠬᠢᠶᠠᠯ ᠭᠡᠬᠦ ᠪᠦᠭᠡᠳ ᠲᠡᠤᠬᠡ ᠶᠢᠨ ᠡᠰᠢ ᠪᠠᠷᠢᠮᠳᠠ ᠪᠤᠯᠭᠠᠬᠤ ᠳᠤ ᠨᠠᠶᠢᠳᠠᠪᠤᠷᠢ ᠦᠭᠡᠢ ᠭᠡᠵᠦ ᠦᠵᠡᠳᠡᠭ᠃ ᠭᠡᠪᠡᠴᠦ ᠡᠨᠡᠬᠦ ᠶᠡᠭᠡ ᠵᠤᠬᠢᠶᠠᠯᠴᠢ ᠶᠢᠨ ᠲᠤᠷᠠᠳᠤᠯᠳᠠ ᠶᠢ ᠦᠭᠡᠶᠢᠰᠭᠡᠵᠦ ᠪᠤᠯᠬᠤ ᠦᠭᠡᠢ ᠰᠤᠷᠠᠭ ᠴᠢᠮᠡᠭᠡᠨ ᠤ ᠨᠡᠭᠡᠭᠡᠯᠳᠡ ᠬᠢᠵᠦ ᠪᠤᠯᠬᠤ ᠶᠤᠮ᠃ ᠲᠡᠭᠡᠪᠡᠯ ᠦᠵᠦᠮᠦᠴᠢᠨ ᠰᠤᠳᠤᠯᠤᠯ ᠳᠤ ᠬᠠᠮᠤᠭ ᠤᠨ ᠨᠠᠶᠢᠳᠠᠪᠤᠷᠢᠳᠡᠢ ᠲᠡᠤᠬᠡᠨ ᠦᠨᠳᠦᠰᠦᠯᠡᠯ ᠪᠤᠯ ᠦᠵᠦᠮᠦᠴᠢᠨ ᠤ ᠤᠯᠠᠮᠵᠢᠯᠠᠯᠳᠤ ᠠᠮᠠᠨ ᠤᠯᠠᠮᠵᠢᠯᠠᠯ ᠪᠤᠯᠤᠨ ᠲᠡᠤᠬᠡᠨ ᠤᠷᠳᠤ ᠶᠢᠨ ᠲᠠᠭᠤᠤ ᠨᠢ ᠦᠨᠡᠮᠰᠢᠭᠦᠰᠢᠳᠡᠢ ᠰᠤᠷᠠᠭ ᠵᠠᠩᠭᠢ ᠪᠤᠯᠵᠦ ᠪᠤᠯᠬᠤ ᠶᠤᠮ᠃      ⒈ ᠶᠡᠭᠡ ᠮᠤᠩᠭᠤᠯ ᠤᠨ ᠦᠶ᠎ᠡ ᠶᠢᠨ ᠦᠵᠦᠮᠦᠴᠢᠨ᠃ ᠮᠢᠨᠤ ᠦᠵᠡᠬᠦ ᠪᠠᠷ᠂ ᠦᠵᠦᠮᠦᠴᠢᠨ ᠤ ᠤᠯᠠᠨ ᠤᠪᠤᠭ ᠤᠨ ᠪᠦᠷᠢᠯᠳᠦᠯ ᠪᠤᠯ ᠴᠢᠩᠭᠢᠰ ᠬᠠᠭᠠᠨ ᠤ ᠶᠡᠭᠡ ᠮᠤᠩᠭᠤᠯ ᠤᠨ ᠨᠢᠭᠡᠳᠭᠡᠯ ᠤᠨ ᠦᠶ᠎ᠡ ᠳᠤ ᠮᠠᠨᠳᠤᠯᠡᠭᠰᠠᠨ ᠪᠠᠶᠢᠵᠦ ᠪᠤᠯᠬᠤ ᠪᠦᠭᠡᠳ ᠮᠤᠩᠭᠤᠯ ᠤᠯᠤᠰ ᠤᠨ ᠲᠡᠤᠬᠡ ᠰᠤᠳᠤᠯᠭᠠᠴᠢ ᠫᠦᠷᠪᠦᠵᠠᠪ ᠤᠨ ︿︿ᠬᠤᠳᠤᠭᠤᠶᠢᠳ ᠤᠨ ᠤᠭᠰᠠᠭ᠎ᠠ ᠭᠠᠷᠤᠯ ᠪᠠ ᠲᠡᠤᠬᠡ ᠶᠢᠨ ᠠᠰᠠᠭᠤᠳᠠᠯ﹀﹀ ᠭᠡᠬᠦ ᠵᠤᠬᠢᠶᠠᠯ ᠳᠠᠭᠠᠨ ᠲᠤᠷᠠᠳᠤᠭᠰᠠᠨ ᠰᠢᠭ᠋ ︿︿ ︔︔ ᠬᠤᠶᠢᠴᠢ ︵ᠬᠤᠶᠢᠳ︶᠂ ᠤᠩᠭᠤᠳ᠂ ᠦᠵᠢᠶᠡᠳ᠂ ᠶᠦᠷᠭᠡᠨ ᠮᠢᠩᠭᠠᠨ᠂ ᠦᠵᠦᠮᠦᠴᠢᠨ ᠭᠡᠬᠦ ᠮᠡᠳᠦ ᠪᠠᠷ ᠮᠢᠩᠭᠠᠨ ︾ ᠪᠤᠯᠤᠨ ᠪᠠᠶᠢᠭᠤᠯᠤᠭᠳᠠᠭᠰᠠᠨ ᠪᠠᠶᠢᠵᠦ ᠮᠡᠳᠡᠬᠦ ᠶᠤᠮ᠃ ᠲᠡᠷᠡ ᠦᠶ᠎ᠡ ᠳᠤ ᠴᠢᠰᠦᠨ ᠲᠦᠷᠦᠯ ᠤᠨ ᠠᠶᠢᠮᠠᠭ ᠤᠭᠰᠠᠭᠠᠳᠠᠨ ᠶᠠᠰᠤᠳᠠᠳ ᠬᠠᠮᠤᠭ ᠤᠯᠠᠨ ᠢᠶᠠᠷ ᠬᠤᠯᠢᠯᠳᠤᠨ ᠦᠮᠴᠢᠯᠡᠭᠳᠡᠨ᠂ ᠭᠡᠰᠡᠭᠯᠡᠭᠳᠡᠨ ᠬᠤᠪᠢᠶᠠᠭᠳᠠᠨ᠂ ᠨᠡᠶᠢᠯᠡᠯᠴᠡᠨ ᠠᠭᠤᠰᠤᠭᠰᠠᠨ ᠴᠠᠭ ᠦᠶ᠎ᠡ ᠪᠤᠯᠤᠨ᠎ᠠ᠂ ᠡᠶᠢᠮᠦ ᠢᠶᠠᠷ ᠬᠡᠵᠢᠶ᠎ᠡ ᠪᠤᠯᠪᠠᠴᠤ ᠠᠯᠳᠠᠢ — ᠬᠠᠩᠭᠠᠢ ᠶᠢᠨ ᠭᠠᠵᠠᠷ ᠤᠷᠤᠨ ᠠᠴᠠ ᠤᠯᠠᠨ ᠤᠪᠤᠭᠳᠠᠨ ᠶᠠᠰᠤᠳᠠᠳ ᠪᠠ ᠠᠶᠢᠮᠠᠭ ᠤᠭᠰᠠᠭ᠎ᠠ ᠨᠤᠭᠤᠳ ᠢᠷᠡᠵᠦ ᠪᠦᠷ ᠪᠤᠯᠬᠤ ᠶᠤᠮ ᠂ ᠨᠡᠩ ᠦᠵᠦᠮᠦᠴᠢᠨ ᠠᠶᠢᠮᠠᠭ ᠨᠢ ᠴᠠᠬᠠᠷ ᠤᠨ ᠨᠢᠭᠡᠨ ᠤᠳᠤᠭ ᠤᠨ ᠬᠤᠪᠢ ᠪᠠᠷ ᠨᠡᠭᠦᠵᠦ ᠨᠤᠲᠤᠭᠯᠠᠬᠤ ᠨᠢ ᠬᠠᠭᠠᠨ ᠤ ᠬᠠᠮᠠᠭᠠᠯᠠᠯᠳᠠ ᠶᠢᠨ ᠪᠠᠶᠢᠭᠤᠯᠤᠮᠵᠢ ᠪᠤᠯᠤᠭᠰᠠᠨ ᠤ ᠬᠤᠪᠢ ᠳᠤ ᠪᠦᠷᠢᠨ ᠡᠷᠬᠡ ᠲᠠᠢ ᠪᠠᠶᠢᠵᠦ ᠪᠤᠯᠤᠨ᠎ᠠ᠂ ᠵᠠᠪᠠᠯ ᠬᠠᠮᠤᠭ ᠮᠤᠩᠭᠤᠯ ᠤᠨ ᠴᠠᠭ ᠦᠶ᠎ᠡ ᠲᠠᠢ ᠠᠯᠪᠠ ᠪᠠᠷ ᠲᠤᠬᠤᠭᠰᠠᠨ ᠤ ᠬᠡᠷᠡᠭ ᠠᠯᠠᠭ᠎ᠠ ᠪᠢᠯᠡ᠃ ᠡᠶᠢᠮᠦ ᠨᠦᠬᠦᠴᠡᠯ ᠤᠨ ᠲᠤᠤᠷ᠎ᠠ ᠵᠠᠭᠤᠨ ᠵᠢᠯ ᠪᠤᠶᠤ ᠬᠡᠳᠦᠨ ᠵᠠᠭᠤᠨ ᠵᠢᠯ ᠪᠤᠯᠤᠭᠠᠳ ᠲᠡᠤᠬᠡ ᠶᠢᠨ ᠶᠠᠮᠠᠷ ᠨᠢᠬᠡᠨ ᠰᠢᠯᠳᠠᠭᠠᠨ ᠠᠴᠠ ᠨᠡᠭᠦᠨ ᠰᠢᠯᠵᠢᠬᠦ ᠳᠡᠭᠡᠨ ᠲᠡᠷᠡ ᠨᠢ ᠪᠠᠰᠠ ᠤᠯᠠᠨ ᠦᠶ᠎ᠡ ᠶᠢ ᠦᠩᠭᠡᠷᠡᠭᠡᠭᠰᠡᠨ ᠨᠤᠲᠤᠭ ᠤᠰᠤᠨ ᠪᠤᠯᠬᠤᠷ ᠤᠤᠭᠠᠯ ᠨᠤᠲᠤᠭ ᠭᠡᠵᠦ ᠬᠡᠯᠡᠬᠦ ᠨᠢ ᠲᠡᠮᠡᠢ ᠪᠤᠷᠤᠭᠤᠳᠠᠬᠤ ᠪᠠᠷ ᠦᠭᠡᠢ ᠶᠤᠮ᠂ ᠤᠤᠭᠠᠯ ᠨᠤᠲᠤᠭ ᠭᠡᠳᠡᠭ ᠨᠢ ᠲᠡᠷᠡ ᠬᠠᠪᠢ ᠶᠢᠨ ᠭᠠᠵᠠᠷ ᠨᠤᠲᠤᠭ ᠢᠶᠠᠷ ᠪᠠᠶᠢᠵᠦ ᠤᠨ ᠤᠳᠠᠭᠰᠠᠨ᠂ ᠲᠡᠭᠡᠳᠦᠰ ᠤᠨ ᠬᠡᠳᠦᠨ ᠦᠶ᠎ᠡ ᠪᠠᠨ ᠲᠡᠨᠳᠡ ᠤᠩᠭᠤᠯᠠᠵᠦ ᠤᠷᠤᠰᠢᠭᠤᠯᠤᠭᠰᠠᠨ ᠭᠡᠰᠡᠨ ᠰᠠᠨᠠᠭ᠎ᠠ ᠠᠭᠤᠯᠠᠭᠳᠠᠵᠦ ᠪᠠᠶᠢᠬᠤ ᠶᠤᠮ᠂ ᠬᠠᠷᠢᠨ ᠲᠡᠨᠳᠡ ᠠᠴᠠ ᠬᠦᠮᠦᠨ ᠮᠠᠯ ᠨᠢ ᠡᠭᠦᠰᠴᠤ ᠬᠦᠭᠵᠢᠯ᠎ᠡ ᠭᠡᠰᠡᠨ ᠤᠳᠬ᠎ᠠ ᠪᠢᠰᠢ ᠪᠠᠶᠢᠬᠤ ᠭᠡᠵᠦ ᠪᠢ ᠮᠤᠩᠬᠠᠭᠯᠠᠨ᠎ᠠ᠂ ᠠᠮᠠᠨ ᠤᠯᠠᠮᠵᠢᠯᠠᠯ ᠢ ᠲᠡᠤᠬᠡ ᠶᠢᠨ ᠲᠡᠮᠳᠡᠭᠯᠡᠯ ᠠᠴᠠ ᠤᠯᠠᠮ ᠨᠠᠷᠢᠪᠴᠢᠯᠠᠪᠠᠯ᠄       ᠴᠢᠩᠭᠢᠰ ᠬᠠᠭᠠᠨ ᠤ ᠦᠶ᠎ᠡ ᠶᠢᠨ ᠴᠠᠬᠠᠷ ᠤᠨ ᠬᠤᠪᠢᠷᠠᠯᠳᠠ ᠭᠡᠪᠡᠯ ︽ᠯᠤ᠂ ᠠᠯᠳᠠᠨ ᠲᠤᠪᠴᠢ︾ ᠳᠤ ᠳᠡᠮᠳᠡᠭᠯᠡᠭᠰᠡᠨ ᠢ ᠦᠨᠳᠦᠰᠦᠯᠡᠪᠡᠯ᠂ ᠬᠠᠭᠠᠨ ᠢᠶᠠᠷ ᠴᠢᠯᠡᠭᠡᠨ ᠲᠡᠭᠡᠭᠰᠢ ᠪᠤᠯᠤᠭᠰᠠᠨ ᠲᠤᠷ ᠶᠡᠭᠡ ᠲᠦᠷᠦ ᠶᠢ ᠰᠡᠳᠭᠢᠭᠰᠡᠨ ᠤᠳᠬᠠᠨ ᠪᠡᠷᠢ ᠰᠤᠷᠬᠠᠭᠳᠠᠨᠢ ᠳᠤ᠄ ︽ᠪᠢ ᠴᠢᠮᠠᠶᠢ ᠪᠠᠷᠢ ᠭᠡᠵᠦ ᠪᠤᠤ ᠬᠡᠯᠡᠰᠦ᠂ ᠪᠠᠬᠢ ᠲᠠᠶᠢᠬᠤ ᠭᠡᠰᠦ᠂ ᠰᠢᠤ ᠭᠡᠵᠦ ᠪᠤᠤ ᠬᠡᠯᠡᠶ᠎ᠡ᠂ ᠰᠤᠳᠠᠢ ᠲᠠᠶᠢᠬᠤ ᠬᠡᠮᠡᠶ᠎ᠡ︾ ᠭᠡᠵᠦ ᠴᠤᠯᠠ ᠦᠭᠭᠦᠭᠡᠳ ᠨᠠᠢᠮᠠᠨ ᠤᠳᠤᠭ ᠴᠠᠭᠠᠷ ᠲᠦᠮᠡᠨ ᠢ ᠰᠤᠩᠭᠤᠵᠦ ᠦᠭᠴᠤ ᠰᠤᠶᠤᠷᠬᠠᠪᠠ᠃ ᠡᠭᠦᠨ ᠠᠴᠠ ᠴᠠᠬᠠᠷ ᠲᠦᠮᠡᠨ ᠨᠢ ᠲᠤᠯᠤᠢ ᠶᠢᠨ ᠬᠤᠶᠢᠴᠢᠰ ᠲᠤ ᠬᠠᠷᠢᠶᠠᠯᠠᠭᠳᠠᠬᠤ ᠪᠤᠯᠤᠭᠰᠠᠨ ᠢ ᠬᠠᠷᠠᠭᠤᠯᠵᠦ ᠪᠠᠶᠢᠨ᠎ᠠ᠃ ᠡᠨᠡ ᠦᠶ᠎ᠡ ᠠᠯᠳᠠᠢ — ᠬᠠᠩᠭᠠᠢ ᠪᠠᠷ ᠨᠤᠳᠤᠭᠯᠠᠨ ᠪᠠᠶᠢᠭᠰᠠᠨ ᠦᠵᠦᠮᠦᠴᠢᠨ ᠤᠳᠤᠭ ︵ᠠᠶᠢᠮᠠᠭ︶ ᠨᠢ ᠤᠲ᠋ᠠᠬᠢ᠂ ᠮᠠᠽᠦ᠋ᠸᠤ᠋ ᠶᠢᠨ ︽ᠬᠤᠪᠢᠯᠠᠢ ᠬᠠᠭᠠᠨ︾ ᠭᠡᠬᠦ ᠨᠤᠮ ᠳᠤ ᠬᠡᠯᠡᠭᠰᠡᠨᠴᠢᠯᠠᠨ ᠲᠤᠯᠤᠢ ᠶᠢᠨ ᠬᠢᠨ ︽᠁ ᠲᠡᠳᠡᠨᠤᠰ ᠬᠠᠭᠠᠨᠳᠤ ᠤᠯᠤᠰ ᠤᠨ ᠨᠡᠶᠢᠰᠯᠠᠯ ᠬᠠᠷ᠎ᠠ ᠬᠤᠷᠢᠨ ᠠᠴᠠ ᠠᠰᠳᠠᠭᠠᠨ ᠦᠭᠡᠷ᠎ᠡ ᠲᠤᠬᠢᠷᠠᠮᠵᠢᠳᠡᠢ ᠤᠷᠤᠨ ᠰᠠᠭᠤᠴᠠ ᠶᠢ ᠤᠯᠵᠦ ᠡᠰᠡ ᠴᠢᠳᠠᠪᠠ︾ ᠭᠡᠰᠡᠨ ᠠᠴᠠ ᠦᠵᠡᠪᠡᠯ ᠲᠤᠯᠤᠢ ᠶᠢᠨ ᠬᠤᠶᠢᠴᠢᠰ ᠲᠡᠷᠡ ᠦᠶ᠎ᠡ ᠬᠠᠷ᠎ᠠ ᠬᠤᠷᠢᠨ ᠢᠶᠠᠷ ᠰᠠᠭᠤᠵᠦ ᠪᠠᠶᠢᠭᠰᠠᠨ ᠭᠡᠬᠦ ᠠᠴᠠ ᠡᠨᠡ ᠨᠢ ᠬᠠᠩᠭᠠᠢ ᠨᠢᠷᠤᠭᠤ ᠪᠠᠷ ᠨᠤᠲᠤᠭᠯᠠᠨ ᠪᠠᠶᠢᠭᠰᠠᠨ ᠢ ᠲᠡᠤᠬᠡ ᠶᠢᠨ ᠶᠤᠰᠤᠭᠠᠷ ᠮᠡᠳᠡᠷᠡᠬᠦ ᠬᠡᠷᠡᠭᠳᠡᠢ ᠪᠦᠭᠡᠳ ᠬᠠᠭᠠᠨ ᠨᠡᠶᠢᠰᠯᠡᠯ ᠢ ᠬᠠᠮᠠᠭᠠᠯᠠᠬᠤ ᠴᠠᠬᠠᠷ ᠲᠦᠮᠡᠨ ᠢ ᠰᠤᠷᠬᠠᠭᠳᠠᠨᠢ ᠵᠠᠬᠢᠷᠤᠨ ᠪᠠᠶᠢᠭᠰᠠᠨ ᠦᠶ᠎ᠡ ᠲᠤᠯᠠ ᠤᠶᠢᠷᠠᠯᠴᠠᠭ᠎ᠠ ᠠᠯᠳᠠᠢ ᠨᠢᠷᠤᠭᠤ ᠪᠠᠷ ᠨᠤᠲᠤᠭᠯᠠᠨ ᠪᠠᠶᠢᠭᠰᠠᠨ ᠦᠵᠦᠮᠦᠴᠢᠨ ᠮᠢᠩᠭᠠᠨ ᠨᠢ ᠲᠡᠷᠡ ᠦᠶ᠎ᠡ ᠳᠤ ᠴᠠᠬᠠᠷ ᠤᠨ ᠬᠠᠷᠢᠶᠠᠨ ᠳᠤ ᠬᠠᠷᠢᠶᠠᠯᠠᠭᠳᠠᠭᠰᠠᠨ ᠪᠠᠶᠢᠵᠦ ᠪᠤᠯᠤᠨ᠎ᠠ᠃ ᠡᠨᠡᠬᠦ ᠲᠡᠤᠬᠡᠨ ᠲᠡᠮᠳᠡᠭᠯᠡᠯ ᠤᠨ ᠨᠡᠶᠢᠰᠢᠪᠤᠷᠢ ᠨᠢ ᠶᠠᠭ ᠦᠵᠦᠮᠦᠴᠢᠨ ᠤ ᠠᠮᠠᠨ ᠤᠯᠠᠮᠵᠢᠯᠠᠯ ᠤᠨ ᠬᠦᠷᠢᠶ᠎ᠡ ᠬᠡᠪᠴᠢᠶ᠎ᠠ᠂ ᠵᠦᠭ ᠴᠢᠭᠯᠡᠯ ᠲᠠᠢ ᠲᠤᠬᠢᠷᠠᠯᠴᠠᠵᠦ ᠪᠠᠶᠢᠬᠤ ᠶᠤᠮ᠂ ᠢᠩᠭᠢᠬᠦ ᠮᠦᠷᠳᠡᠭᠡᠨ ᠬᠤᠪᠢᠯᠠᠢ ᠬᠠᠭᠠᠨ ᠤ ᠦᠶ᠎ᠡ ᠤᠷᠤᠭᠰᠢ ᠰᠢᠯᠵᠢᠵᠦ ᠰᠢᠯᠢ ᠶᠢᠨ ᠭᠤᠤᠯ ᠤᠨ ᠡᠪᠡᠰᠦᠳᠦ ᠲᠠᠯ᠎ᠠ ᠪᠤᠯᠬᠤ ᠱᠠᠩᠳᠤ ᠨᠡᠶᠢᠰᠯᠡᠯ ᠤᠨ ᠬᠠᠪᠢ ᠪᠠᠷ ᠬᠠᠭᠠᠨ ᠤ ᠰᠢᠭᠤᠳ ᠵᠠᠬᠢᠷᠤᠯ ᠤᠨ ᠲᠤᠤᠷᠠᠬᠢ ᠮᠠᠯᠵᠢᠯ ᠢ ᠬᠢᠭᠰᠡᠨ ᠪᠠᠶᠢᠵᠦ ᠪᠤᠯᠤᠨ᠎ᠠ᠃      ⒉ ᠤᠮᠠᠷᠠᠳᠤ ᠶᠤᠸᠠᠨ ᠤᠯᠤᠰ ᠤᠨ ᠦᠶ᠎ᠡ ᠶᠢᠨ ᠦᠵᠦᠮᠦᠴᠢᠨ᠃ ︽ᠤᠮᠠᠷᠠᠳᠤ ᠶᠤᠸᠠᠨ ᠤ ᠲᠡᠤᠬᠡ︾ ᠶᠢ ᠦᠨᠳᠦᠰᠦᠯᠡᠪᠡᠯ᠂ ᠢᠩᠴᠠᠩ ᠬᠤᠳᠠ ᠠᠯᠳᠠᠭᠳᠠᠬᠤ ᠬᠢᠷᠢ ᠳᠤ᠂ ᠠᠶᠤᠰᠢᠷᠢᠳᠠᠷ᠎ᠠ ᠬᠠᠭᠠᠨ ᠬᠠᠷᠠᠬᠤᠷᠤᠮ ᠳᠤ ᠤᠴᠢᠭᠠᠳ ︿ᠡᠴᠢᠭᠡ ᠶᠢᠨ ᠢᠶᠠᠨ ᠤᠷᠤ ᠶᠢ ᠵᠠᠯᠭᠠᠮᠵᠢᠯᠠᠨ ᠤᠯᠠᠨ ᠮᠤᠩᠭᠤᠯ ᠢᠶᠠᠨ ᠵᠠᠬᠢᠷᠤᠨ ᠰᠠᠭᠤᠭᠰᠠᠨ﹀ ᠪᠦᠭᠡᠳ ᠬᠠᠷᠠᠬᠤᠷᠤᠮ ᠳᠤ ᠨᠡᠶᠢᠰᠯᠡᠪᠡ᠃ 1372 ᠤᠨ ᠳᠤ ᠮᠢᠩ ᠤᠯᠤᠰ ᠭᠤᠷᠪᠠᠨ ᠵᠠᠮ ᠢᠶᠠᠷ ᠭᠤᠪᠢ ᠶᠢᠨ ᠠᠷᠤ ᠶᠢ ᠲᠠᠶᠢᠯᠠᠭᠰᠠᠨ ᠳᠤ ᠪᠢᠯᠢᠭᠳᠦ ᠬᠠᠭᠠᠨ ᠴᠡᠷᠢᠭ ᠢᠯᠠᠭᠳᠠᠭᠰᠠᠨ ᠪᠤᠯᠪᠠᠴᠦ ᠲᠠᠬᠢᠨ ᠲᠡᠭᠰᠢᠯᠡᠨ ᠨᠤᠶᠠᠷᠬᠠᠯ ᠢᠶᠠᠨ ᠪᠠᠳᠤᠯᠠᠵᠦ ᠂ ᠶᠡᠭᠡ ᠤᠷᠤ ︵ᠤᠷᠳᠤᠨ︶ ᠪᠠᠨ ᠠᠯᠳᠠᠢ ᠠᠭᠤᠯᠠᠨ ᠳᠤ ᠨᠡᠭᠦᠯᠭᠡᠭᠰᠡᠨ ᠪᠠᠶᠢᠵᠠᠢ᠃ ᠨᠡᠭᠦᠳᠡᠯ ᠮᠠᠯᠵᠢᠯ ᠤᠨ ᠪᠤᠳᠠᠳᠤ ᠨᠦᠬᠦᠴᠡᠯ ᠪᠤᠯ ᠴᠡᠷᠢᠭ ᠲᠠᠶᠢᠨ ᠤ ᠬᠦᠳᠡᠯᠭᠡᠨᠳᠦ ᠲᠠᠶᠢᠨ ᠬᠢᠬᠦ ᠪᠠ ᠬᠦᠮᠦᠨ ᠪᠤᠳᠠᠰ ᠤᠨ ᠬᠦᠴᠦᠨ ᠢ ᠨᠦᠬᠦᠪᠦᠷᠢᠯᠡᠬᠦ᠂ ᠲᠠᠶᠢᠨ ᠠᠴᠠ ᠵᠠᠶᠢᠯᠠᠨ ᠶᠠᠪᠤᠬᠤ᠂ ᠠᠷᠤ ᠲᠠᠯ᠎ᠠ ᠪᠠᠨ ᠬᠠᠮᠠᠭᠠᠯᠠᠬᠤ ᠵᠡᠷᠭᠡ ᠳᠤ ᠭᠠᠷᠮᠠᠭᠠᠢ ᠦᠢᠯᠡᠳᠦᠯ ᠦᠵᠡᠭᠦᠯᠵᠦ ᠪᠠᠶᠢᠭᠰᠠᠨ ᠶᠤᠮ᠃ ᠡᠶᠢᠮᠦᠷᠬᠦ ᠴᠠᠭ ᠦᠶ᠎ᠡ ᠪᠠᠶᠢᠭᠰᠠᠨ ᠶᠤᠮ ᠴᠢᠨᠢ ᠦᠵᠦᠮᠦᠴᠢᠨ ᠠᠶᠢᠮᠠᠭ ᠨᠢ ᠠᠯᠳᠠᠢ — ᠬᠠᠩᠭᠠᠢ ᠶᠢᠨ ᠦᠵᠦᠮ ᠤᠨ ᠴᠠᠭᠠᠨ ᠠᠭᠤᠯᠠ ᠪᠠᠷ ᠲᠠᠬᠢᠨ ᠬᠦᠷᠴᠤ ᠮᠠᠯᠵᠢᠵᠦ ᠪᠠᠶᠢᠭᠠᠳ ᠪᠠᠳᠤᠮᠦ᠋ᠩᠬᠡ ᠲᠠᠶᠠᠨ ᠬᠠᠭᠠᠨ ᠤ ᠦᠶ᠎ᠡ᠂ ᠲᠦᠷᠦᠪᠤᠯᠤᠳ ᠪᠤᠶᠤ ᠪᠤᠳᠢ ᠠᠯᠠᠭ ᠬᠠᠭᠠᠨ ᠤ ᠦᠶ᠎ᠡ ᠳᠤ ᠬᠠᠩᠭᠠᠢ ᠨᠢᠷᠤᠭᠤᠨ ᠠᠴᠠ ᠭᠠᠯᠪᠠ ᠱᠠᠩᠬ᠎ᠠ ᠶᠢᠨ ᠭᠤᠪᠢ ᠲᠠᠮᠵᠢᠨ᠂ ᠤᠳᠤ ᠶᠢᠨ ᠰᠢᠯᠢ ᠶᠢᠨ ᠭᠤᠤᠯ ᠤᠨ ᠡᠪᠡᠰᠦᠳᠦ ᠲᠠᠯ᠎ᠠ ᠲᠠᠭᠠᠨ ᠪᠤᠴᠠᠨ ᠢᠷᠡᠭᠰᠡᠨ ᠲᠡᠤᠬᠡᠨ ᠪᠤᠯᠤᠯᠴᠠᠭ᠎ᠠ ᠪᠦᠷᠢᠨ ᠪᠠᠶᠢᠬᠤ ᠶᠤᠮ᠃ ︽ᠠᠶᠤᠰᠢᠷᠢᠳᠠᠷ᠎ᠠ ᠬᠠᠭᠠᠨ ᠬᠠᠷᠠᠬᠤᠷᠤᠮ ᠳᠤ ᠨᠡᠶᠢᠰᠯᠡᠭᠰᠡᠨ︾ ᠭᠡᠬᠦ ᠠᠴᠠ ᠦᠵᠡᠬᠦ ᠳᠤ ᠴᠠᠬᠠᠷ ᠤᠨ ᠨᠢᠭᠡᠨ ᠤᠳᠤᠭ ᠪᠤᠯᠤᠭᠰᠠᠨ ᠦᠵᠦᠮᠦᠴᠢᠨ ᠠᠶᠢᠮᠠᠭ ᠨᠢ ᠮᠦᠨ ᠠᠯᠳᠠᠢ — ᠬᠠᠩᠭᠠᠢ ᠪᠠᠷ ᠬᠦᠷᠴᠦ ᠮᠠᠯᠵᠢᠨ᠂ ᠵᠠᠭᠤ ᠬᠤᠷᠢ ᠰᠢᠬᠠᠮ ᠵᠢᠯ ᠪᠤᠯᠤᠯ᠎ᠠ ᠭᠡᠵᠦ ᠦᠵᠡᠵᠦ ᠪᠤᠯᠬᠤ ᠪᠦᠭᠡᠳ ᠠᠷᠪᠠᠨ ᠲᠠᠪᠤᠳᠤᠭᠠᠷ ᠵᠠᠭᠤᠨ ᠤ ᠰᠡᠭᠦᠯᠴᠢ ᠦᠶ᠎ᠡ ᠪᠠᠳᠤᠮᠦ᠋ᠩᠬᠡ ᠲᠠᠶᠠᠨ ᠬᠠᠭᠠᠨ ᠢ ᠲᠠᠭᠠᠯᠳᠤᠨ ᠡᠪᠡᠰᠦᠳᠦ ᠲᠠᠯ᠎ᠠ ᠳᠠᠭᠠᠨ ᠪᠤᠴᠠᠨ ᠢᠷᠡᠭᠰᠡᠨ ᠪᠠᠶᠢᠪᠠ᠃ ︽ᠴᠢᠩ ᠤᠯᠤᠰ ᠤᠨ ᠲᠡᠤᠬᠡ ᠶᠢᠨ ᠡᠬᠢ ᠪᠢᠴᠢᠭ︾ ᠳᠠᠬᠢ ᠦᠵᠦᠮᠦᠴᠢᠨ ᠤ ᠪᠦᠯᠦᠭ ᠲᠤ ︽᠁ ᠲᠦᠷᠦᠪᠤᠯᠤᠳ ᠬᠠᠩᠭᠠᠢ ᠠᠭᠤᠯᠠᠨ ᠠᠴᠠ ᠡᠮᠦᠨᠡᠰᠢ ᠨᠡᠭᠦᠵᠦ ᠢᠷᠡᠬᠦ ᠳᠤ᠂ ᠪᠤᠳᠢ ᠠᠯᠠᠭ ᠵᠠᠯᠭᠠᠮᠵᠢᠯᠠᠪᠠ︾ ᠭᠡᠵᠦ ︽ᠮᠤᠩᠭᠤᠯ ᠤᠨ ᠨᠡᠭᠦᠳᠡᠯ ᠮᠠᠯᠵᠢᠯ ᠤᠨ ᠲᠡᠮᠳᠡᠭᠯᠡᠯ︾ ᠳᠤ ︽᠁ ᠲᠦᠷᠦᠪᠤᠯᠤᠤᠳ ᠬᠠᠩᠭᠠᠢ ᠠᠭᠤᠯᠠᠨ ᠠᠴᠠ ᠭᠤᠪᠢ ᠳᠤᠷ ᠰᠢᠯᠵᠢᠵᠦ ᠮᠠᠯᠵᠢᠨ ᠰᠠᠭᠤᠪᠠᠢ︾ ᠭᠡᠵᠦ ᠲᠡᠮᠳᠡᠭᠯᠡᠵᠦ ᠪᠠᠶᠢᠳᠠᠭ᠃ ᠡᠳᠡᠭᠡᠷ ᠲᠡᠤᠬᠡᠨ ᠲᠡᠮᠳᠡᠭᠯᠡᠯ ᠤᠳ ᠢ ᠨᠢᠭᠳᠠᠯᠠᠪᠠᠯ᠂ ᠲᠦᠷᠦᠪᠤᠯᠤᠳ ᠤᠨ ᠦᠶ᠎ᠡ ᠳᠤ ᠦᠵᠦᠮᠦᠴᠢᠨ ᠠᠶᠢᠮᠠᠭ ᠨᠢ ᠬᠠᠩᠭᠠᠢ ᠨᠢᠷᠤᠭᠤ ᠠᠴᠠ ᠭᠤᠪᠢ ᠳᠤ ᠮᠠᠯᠵᠢᠨ ᠰᠠᠭᠤᠭᠰᠠᠨ ᠨᠢ ᠲᠤᠲᠤᠷᠬᠠᠢ ᠪᠤᠯᠪᠠᠴᠤ᠂ ᠭᠤᠪᠢ ᠶᠢᠨ ᠡᠮᠦᠨᠡᠬᠢ ᠡᠪᠡᠰᠤᠳᠤ ᠲᠠᠯ᠎ᠠ ᠳᠤ ᠢᠷᠡᠵᠦ ᠨᠡᠭᠦᠳᠡᠯᠯᠡᠨ ᠮᠠᠯᠵᠢᠭᠰᠠᠨ ᠨᠢ ᠪᠤᠳᠢ ᠠᠯᠠᠭ ᠤᠨ ᠦᠶ᠎ᠡ ᠭᠡᠰᠡᠨ ᠤᠬᠠᠭᠳᠠᠬᠤᠨ ᠪᠤᠯᠵᠦ ᠲᠠᠭᠠᠷᠠᠨ᠎ᠠ ᠃ ᠡᠭᠦᠨ ᠤ ᠤᠴᠢᠷ ᠨᠢ ︽ᠬᠠᠩᠭᠠᠢ ᠠᠭᠤᠯᠠᠨ ᠠᠴᠠ ᠨᠡᠭᠦᠵᠦ ᠢᠷᠡᠬᠦ ᠳᠤ ᠪᠤᠳᠢ ᠠᠯᠠᠭ ᠵᠠᠯᠭᠠᠮᠵᠢᠯᠠᠭᠰᠠᠨ︾ ᠲᠡᠮᠳᠡᠭᠯᠡᠯ ᠰᠢᠭᠤᠳ ᠲᠤᠰᠬᠠᠵᠦ ᠪᠠᠶᠢᠨ᠎ᠠ᠃ ᠭᠤᠪᠢ ᠳᠤ ᠮᠠᠯᠵᠢᠨ ᠰᠠᠭᠤᠯ᠎ᠠ ᠭᠡᠳᠡᠭ ᠨᠢ ᠤᠳᠤ ᠶᠢᠨ ᠮᠤᠩᠭᠤᠯ ᠤᠯᠤᠰ ᠤᠨ ᠡᠮᠦᠨᠡᠭᠤᠪᠢ ᠠᠶᠢᠮᠠᠭ ᠤᠨ ᠡᠮᠦᠨ᠎ᠡ ᠪᠡᠶ᠎ᠡ ᠪᠠᠷ ᠪᠠᠶᠢᠷᠢᠰᠢᠵᠦ ᠪᠠᠶᠢᠭ᠎ᠠ ᠱᠠᠩᠬ᠎ᠠ ᠶᠢᠨ ᠨᠢᠷᠤᠭᠤ ᠶᠢ ᠲᠦᠰᠢᠭᠯᠡᠭᠰᠡᠨ ︽ᠭᠠᠯᠪᠠ ᠶᠢᠨ ᠭᠤᠪᠢ︾ ᠤᠷᠴᠢᠮ ᠤᠨ ᠭᠠᠵᠠᠷ ᠤᠷᠤᠨ ᠢ ᠵᠢᠭᠠᠵᠦ ᠪᠤᠢ᠃ ᠡᠨᠡ ᠨᠢ ᠦᠵᠦᠮᠦᠴᠢᠨ ᠤᠯᠠᠮᠵᠢᠯᠠᠯ ᠶᠠᠷᠢᠶᠠᠨ ᠤ ︽ᠭᠠᠭᠴᠠ ᠪᠦᠬᠦᠳᠦ ᠲᠡᠮᠡᠭᠡ ᠲᠠᠢ ᠭᠠᠯᠪᠠ ᠱᠠᠩᠬ᠎ᠠ ᠶᠢᠨ ᠭᠤᠪᠢ ᠠᠴᠠ ᠨᠡᠭᠦᠵᠦ ᠢᠷᠡᠭᠰᠡᠨ ︾ ᠲᠠᠢ ᠠᠮᠠ ᠰᠡᠭᠡᠷ ᠵᠤᠯᠭᠠᠵᠦ ᠪᠠᠶᠢᠳᠠᠭ᠃  ᠡᠳᠡᠭᠡᠷ ᠲᠡᠤᠬᠡᠨ ᠲᠡᠮᠳᠡᠭᠯᠡᠯ ᠨᠢ ᠦᠵᠦᠮᠦᠴᠢᠨ ᠤ ᠠᠮᠠᠨ ᠤᠯᠠᠮᠵᠢᠯᠠᠯ ᠳᠠᠬᠢ ︽ᠠᠯᠳᠠᠢ — ᠬᠠᠩᠭᠠᠢ ᠶᠢᠨ ᠦᠵᠦᠮ ᠤᠨ ᠴᠠᠭᠠᠨ ᠠᠭᠤᠯᠠ ᠠᠴᠠ ᠨᠡᠭᠦᠵᠦ ᠢᠷᠡᠯ᠎ᠡ︾ ᠭᠡᠳᠡᠭ ᠢ ᠲᠤᠲᠤᠷᠠᠭᠤᠯᠤᠨ ᠮᠠᠭᠠᠳᠯᠠᠵᠦ ᠦᠭᠦᠯᠡᠨ ᠪᠤᠢ᠃ ᠤᠮᠠᠷᠠᠳᠤ ᠶᠤᠸᠠᠨ ᠤᠯᠤᠰ ᠤᠨ ᠦᠶ᠎ᠡ ᠳᠤ᠂ ᠴᠠᠬᠠᠷ ᠲᠦᠮᠡᠨ ᠨᠢ ︽ᠠᠯᠳᠠᠨ ᠬᠦᠷᠳᠦᠨ ᠮᠢᠩᠭᠠᠨ ᠭᠡᠭᠡᠰᠦᠳᠦ︾ ᠬᠡᠮᠡᠬᠦ ᠪᠢᠴᠢᠭ ᠲᠤ ᠲᠤᠳᠤᠷᠬᠠᠢ ᠢᠯᠭᠠᠨ ᠴᠠᠬᠠᠷ ᠠᠶᠢᠮᠠᠭ ᠤᠨ ᠪᠦᠷᠢᠯᠳᠦᠯ ᠢ ᠨᠠᠷᠢᠨ ᠲᠤᠭᠠᠴᠠᠪᠠ᠂ ᠡᠭᠦᠨ ᠳᠤ᠄ ︽ᠴᠠᠬᠠᠷ ᠲᠦᠮᠡᠨ ᠢᠨᠤ᠄ ᠠᠤᠬᠠᠨ᠂ ᠨᠠᠢᠮᠠᠨ᠂ ᠰᠦᠨᠢᠳ᠂ ᠦᠵᠦᠮᠤᠨ ᠦᠯᠬᠡ ᠶᠢᠨ ᠵᠡᠭᠦᠨ ᠲᠦᠷᠪᠡᠨ ᠤᠳᠤᠭ ᠪᠤᠢ᠃ ᠵᠦᠢᠳ᠂ ᠪᠤᠷᠤᠳ᠂ ᠠᠯᠠᠭ᠂ ᠠᠯᠠᠭᠴᠢᠤᠳ ᠡᠳᠡ ᠢᠨᠤ ᠠᠷᠤ ᠶᠢᠨ ᠪᠠᠷᠠᠬᠤᠨ ᠲᠦᠷᠪᠡᠨ ᠤᠳᠤᠭ ᠬᠡᠮᠡᠮᠤᠢ︾᠂ ᠡᠨᠡ ︽ᠦᠵᠦᠮᠦᠨ︾ ᠭᠡᠳᠡᠭ ᠨᠢ ᠲᠠᠷᠤᠢ ᠦᠵᠦᠮᠦᠴᠢᠨ ᠤᠳᠤᠭ ᠪᠤᠯᠬᠤ ᠨᠢ ᠲᠤᠳᠤᠷᠠᠵᠦ ᠪᠠᠶᠢᠨ᠎ᠠ᠃ ᠪᠠᠳᠤᠮᠦ᠋ᠩᠬᠡ ᠲᠠᠶᠠᠨ ᠬᠠᠭᠠᠨ ᠤ ᠦᠶ᠎ᠡ ᠳᠤ ︽ᠦᠵᠦᠮᠦᠴᠢᠨ ᠤ ᠡᠯᠳᠦᠩᠭᠡ ᠪᠠᠭᠰᠢ︾ ᠭᠡᠵᠦ ︽ᠯᠤ᠂ ᠠᠯᠳᠠᠨ ᠲᠤᠪᠴᠢ︾ ᠳᠤ ᠲᠡᠮᠳᠡᠭᠯᠡᠵᠦ ᠪᠠᠶᠢᠬᠤ ᠠᠴᠠ ᠦᠵᠡᠬᠦ ᠳᠤ ᠦᠵᠦᠮᠦᠴᠢᠨ ᠪᠤᠯ ᠴᠠᠬᠠᠷ ᠤᠨ ᠨᠢᠭᠡ ᠤᠳᠤᠭ ᠭᠡᠳᠡᠭ ᠨᠢ ᠮᠠᠷᠭᠤᠭᠠᠨ ᠦᠭᠡᠢ᠂ ᠬᠠᠩᠭᠠᠢ ᠠᠴᠠ ᠨᠡᠭᠦᠵᠦ ᠭᠤᠪᠢ ᠲᠠᠮᠵᠢᠨ ᠢᠷᠡᠭᠰᠡᠨ ᠢᠶᠠᠷ ︽ᠦᠯᠬᠡ ᠶᠢᠨ ᠵᠡᠭᠦᠨ ᠲᠦᠷᠪᠡᠨ ᠤᠳᠤᠭ︾ ᠤᠨ ᠨᠢᠭᠡ ᠪᠤᠯᠤᠭᠰᠠᠨ ᠶᠤᠮ      ᠭᠤᠷᠪᠠ  ᠤᠩᠭᠤᠨ ᠲᠤᠷᠠᠯ ᠬᠢᠭᠡᠳ ᠦᠵᠦᠮᠦᠴᠢᠨ ᠠᠶᠢᠮᠠᠭ      ᠤᠩᠭᠤᠨ ᠳᠣᠷᠠᠯ ᠪᠤᠯ ᠴᠢᠩᠭᠢᠰ ᠬᠠᠭᠠᠨ ᠤ ᠠᠷᠪᠠᠨ ᠨᠠᠢᠮᠠᠳᠣᠭᠠᠷ ᠦᠶ᠎ᠡ ᠶᠢᠨ ᠠᠴᠢ ᠪᠦᠭᠡᠳ ᠪᠤᠳᠢ ᠠᠯᠠᠭ ᠬᠠᠭᠠᠨ ᠤ ᠤᠳᠬᠤᠨ ᠬᠦᠪᠡᠭᠦᠨ ᠪᠤᠯᠣᠨ᠎ᠠ᠃ ᠲᠡᠷᠡ ᠤᠮᠠᠷᠠᠲᠦ  ᠶᠤᠸᠠᠨ ᠤᠯᠤᠰ ᠤᠨ ᠰᠡᠭᠦᠯᠴᠢ ᠶᠢᠨ ᠦᠶ᠎ᠡ ︵1525 —— 1590 ᠤᠨ︶ ᠳᠤ ᠠᠮᠢᠳᠣᠷᠠᠵᠦ ᠪᠠᠶᠢᠭᠰᠠᠨ ᠦᠵᠦᠮᠦᠴᠢᠨ ᠠᠶᠢᠮᠠᠭ ᠤᠨ ᠠᠬᠠᠯᠠᠭᠴᠢ ᠪᠦᠭᠡᠳ ᠲᠡᠳ᠋ ᠮᠢᠩᠭᠠᠲᠦ ᠶᠢᠨ ᠲᠣᠰᠢᠶᠠᠯ ᠲᠠᠢ ᠪᠠᠶᠢᠪᠠ᠂ ᠤᠩᠭᠤᠨ ᠲᠤᠷᠠᠯ ᠦᠵᠦᠮᠦᠴᠢᠨ ᠠᠶᠢᠮᠠᠭ ᠤᠨ ᠠᠩᠬᠠᠨ ᠤ ᠠᠬᠠᠯᠠᠭᠴᠢ ᠪᠤᠯᠣᠭᠰᠠᠨ ᠤ ᠬᠤᠪᠢ ᠳᠤ ᠦᠵᠦᠮᠦᠴᠢᠨ ᠠᠶᠢᠮᠠᠭ ᠤᠨ ᠲᠤᠳᠤᠷ᠎ᠠ ᠬᠠᠮᠤᠭ ᠤᠨ ᠶᠡᠭᠡ ᠨᠡᠶᠢᠭᠡᠮ ᠤᠨ ᠨᠦᠯᠦᠭᠡ ᠲᠠᠢ᠂ ᠦᠵᠦᠮᠦᠴᠢᠨ ᠠᠮᠠᠨ ᠣᠯᠠᠮᠵᠢᠯᠠᠯ ᠳᠤ ᠶᠡᠬᠡᠬᠡᠨ ᠤᠷᠤᠨ ᠵᠠᠢ ᠶᠢ ᠡᠵᠡᠯᠡᠭᠰᠡᠭᠡᠷ ᠢᠷᠡᠭᠰᠡᠨ ᠲᠡᠦᠬᠡᠨ ᠬᠦᠮᠦᠨ ᠪᠤᠯᠬᠤ ᠶᠤᠮ᠃ ᠲᠡᠷᠡ ᠬᠦᠨᠳᠦᠳᠭᠡᠯ ᠶᠡᠬᠡᠳᠡᠢ ᠨᠡᠷ᠎ᠡ ᠲᠦᠷᠦ ᠲᠠᠢ ᠪᠠᠶᠢᠳᠠᠭ ᠢᠶᠠᠷ ᠬᠤᠵᠢᠮ ᠨᠢ ᠦᠵᠦᠮᠦᠴᠢᠨ ᠠᠷᠠᠳ ᠤᠨ ᠳᠤᠮᠳᠠ ᠤᠶᠤᠨ ᠰᠦᠯᠳᠡ ᠶᠢᠨ ᠰᠢᠳᠦᠭᠡᠨ ᠤ ᠬᠡᠯᠪᠡᠷᠢ ᠪᠤᠯᠣᠨ ᠤᠯᠠᠮᠵᠢᠯᠠᠭᠳᠠᠭᠰᠠᠨ ᠪᠠᠶᠢᠨ᠎ᠠ᠃ ᠳᠤᠣᠷ᠎ᠠ ᠪᠢᠳᠡ ᠤᠩᠭᠤᠨ ᠳᠣᠷᠠᠯ ᠨᠤᠶᠠᠨᠳᠠᠨ ᠤ ᠲᠤᠬᠠᠢ ᠲᠡᠦᠬᠡᠨ ᠲᠡᠮᠳᠡᠭᠯᠡᠯ ᠤᠨ ᠡᠰᠢᠯᠡᠯ᠂ ᠦᠵᠦᠮᠦᠴᠢᠨ ᠤ ᠠᠮᠠᠨ ᠤᠯᠠᠮᠵᠢᠯᠠᠯ ᠪᠠ ᠲᠠᠬᠢᠯᠭ᠎ᠠ ᠶᠢᠨ ᠰᠢᠳᠦᠭᠡᠨ ᠪᠤᠯᠤᠭᠰᠠᠨ᠂ ᠬᠠᠭᠤᠴᠢ ᠰᠤᠳᠤᠯᠤᠯ ᠤᠨ ᠡᠰᠢ ᠪᠠᠷᠢᠮᠳᠠ ᠵᠡᠷᠭᠡ ᠲᠠᠯ᠎ᠠ ᠪᠠᠷ ᠠᠵᠢᠭᠯᠠᠯᠳᠠ ᠬᠢᠶ᠎ᠡ︕        ᠨᠢᠭᠡ᠂ ︽ᠯᠣ᠂ ᠠᠯᠳᠠᠨ ᠳᠣᠪᠴᠢ︾᠂ ︽ᠭᠠᠩᠭ᠎ᠠ ᠶᠢᠨ ᠤᠷᠤᠰᠬᠠᠯ︾᠂ ︽ᠡᠷᠳᠡᠨᠢ ᠶᠢᠨ ᠳᠣᠪᠴᠢ︾᠂ ︽ᠮᠤᠩᠭᠤᠯ ᠤᠨ ᠨᠡᠭᠦᠳᠡᠯ ᠮᠠᠯᠵᠢᠯ ᠤᠨ ᠲᠡᠮᠳᠡᠭᠯᠡᠯ︾᠂ ︽ᠴᠢᠩ ᠤᠯᠣᠰ ᠤᠨ ᠲᠡᠦᠬᠡ ᠶᠢᠨ ᠡᠬᠡ ᠪᠢᠴᠢᠭ︾᠂ ︽ᠵᠠᠷᠯᠢᠭ ᠢᠶᠠᠷ  ᠳᠤᠭᠳᠠᠭᠠᠭᠰᠠᠨ ᠭᠠᠳᠠᠭᠠᠳᠦ ᠮᠤᠩᠭᠤᠯ ᠬᠤᠳᠤᠩ ᠠᠶᠢᠮᠠᠭ ᠤᠨ ᠸᠠᠩ ᠬᠦᠩ ᠤᠨ ᠢᠯᠡᠳᠭᠡᠯ ᠱᠠᠰᠳᠢᠷ ︾᠂  ︽ᠮᠤᠩᠭᠤᠯ ᠤᠨ ᠨᠡᠪᠳᠡᠷᠬᠡᠢ ᠲᠡᠦᠬᠡ︾ ᠵᠡᠷᠭᠡ ᠲᠡᠦᠬᠡ ᠲᠡᠮᠳᠡᠭᠯᠡᠯ ᠢ ᠦᠨᠳᠦᠰᠦᠯᠡᠪᠡᠯ ᠤᠩᠭᠤᠨ ᠳᠤᠷᠠᠯ ᠪᠤᠯ ᠪᠤᠳᠠᠲᠦ ᠲᠡᠦᠬᠡᠨ ᠬᠦᠮᠦᠨ ᠪᠤᠯᠬᠤ ᠪᠠ ᠦᠵᠦᠮᠦᠴᠢᠨ ᠠᠶᠢᠮᠠᠭ ᠤᠨ ᠠᠬᠠᠯᠠᠭᠴᠢ ᠲᠦᠷᠦᠭᠦᠴᠢ ᠭᠡᠳᠡᠭ ᠢ ᠭᠦᠢᠴᠡᠳ ᠨᠤᠳᠠᠯᠠᠭᠰᠠᠨ ᠪᠠᠶᠢᠳᠠᠭ᠃ ᠤᠩᠭᠤᠨ ᠳᠣᠷᠠᠯ ᠦᠵᠦᠮᠦᠴᠢᠨ᠂ ᠯᠠᠦᠰᠴᠢᠨ᠂ ᠡᠷᠭᠢᠭᠦᠳ ᠵᠡᠷᠭᠡ ᠠᠶᠢᠮᠠᠭ ᠨᠤᠳᠤᠭ ᠢ ᠨᠢᠭᠡᠳᠭᠡᠭᠡᠳ ︽ᠦᠵᠦᠮᠦᠴᠢᠨ ᠠᠶᠢᠮᠠᠭ︾ ᠭᠡᠵᠦ ᠨᠡᠷᠡᠯᠡᠭᠰᠡᠨ ᠶᠠᠪᠤᠳᠠᠯ ᠪᠤᠯ ᠦᠵᠦᠮᠦᠴᠢᠨ ᠠᠶᠢᠮᠠᠭ ᠤᠨ ᠦᠷᠭᠡᠵᠢᠨ ᠤᠯᠠᠰᠢᠷᠠᠵᠦ᠂ ᠬᠦᠴᠦᠷᠬᠡᠭᠵᠢᠨ ᠪᠤᠵᠠᠭᠠᠶᠢᠷᠠᠭᠰᠠᠨ ᠵᠠᠰᠠᠭ ᠵᠠᠬᠢᠷᠭᠠᠨ ᠤ ᠪᠠᠶᠢᠭᠤᠯᠤᠮᠵᠢ ᠪᠤᠯᠤᠭᠰᠠᠨ ᠢ ᠬᠠᠷᠠᠭᠤᠯᠵᠠᠢ᠃ ᠲᠡᠷᠡ ᠴᠡᠷᠢᠭ ᠵᠠᠰᠠᠭ ᠤᠨ ᠵᠢᠯᠣᠭᠤᠳᠣᠭᠴᠢ ᠪᠠᠶᠢᠭᠰᠠᠨ ᠤ ᠬᠤᠪᠢ ᠳᠤ ᠪᠤᠳᠢ ᠠᠯᠠᠭ᠂ ᠳᠡᠷᠡᠶᠢᠰᠦᠨ ᠭᠦᠳᠡᠩ᠂ ᠲᠦᠮᠡᠨ ᠵᠠᠰᠠᠭᠲᠦ ᠵᠡᠷᠭᠡ ᠮᠤᠩᠭᠤᠯ ᠤᠨ ᠭᠤᠷᠪᠠᠨ ᠬᠠᠭᠠᠨ ᠤ ᠲᠦᠷᠦ ᠳᠤ ᠦᠢᠯᠡᠴᠢᠯᠡᠭᠰᠡᠨ ᠭᠠᠪᠢᠶᠠᠲᠦ ᠰᠠᠶᠢᠳ ᠪᠤᠯᠬᠤ ᠶᠢ ᠲᠤᠳᠤᠷᠬᠠᠶᠢᠯᠠᠭᠰᠠᠨ ᠪᠠᠶᠢᠳᠠᠭ᠃      ᠬᠤᠶᠠᠷ᠂ ᠦᠵᠦᠮᠦᠴᠢᠨ ᠤ ᠠᠮᠠᠨ ᠤᠯᠠᠮᠵᠢᠯᠠᠯ ᠤᠨ ᠳᠣᠮᠤᠭ ᠪᠠ ᠲᠠᠬᠢᠯᠭ᠎ᠠ ᠶᠢᠨ ᠵᠠᠩ ᠦᠢᠯᠡ ᠠᠴᠠ ᠨᠢᠭᠳᠠᠯᠠᠪᠠᠯ ︵1︶ ᠤᠩᠭᠤᠨ ᠳᠣᠷᠠᠯ ᠪᠤᠳᠢ ᠠᠯᠠᠭ ᠬᠠᠭᠠᠨ ᠤ ᠤᠳᠬᠤᠨ ᠬᠦᠪᠡᠭᠦᠨ ᠤᠴᠢᠷ ᠮᠤᠩᠭᠤᠯ ᠤᠨ ᠵᠠᠩ ᠵᠢᠷᠤᠮ ᠢᠶᠠᠷ ᠬᠠᠭᠠᠨ ᠤ ᠤᠣᠯ ᠤᠨ ᠭᠠᠯ ᠭᠤᠯᠤᠮᠳᠠ ᠶᠢ ᠵᠠᠯᠭᠠᠮᠵᠢᠯᠠᠭᠰᠠᠨ ᠢᠶᠠᠷ ᠦᠵᠦᠮᠦᠴᠢᠨ ᠠᠶᠢᠮᠠᠭ ᠤᠨ ᠠᠬᠠᠯᠠᠭᠴᠢ ᠨᠤᠶᠠᠨ ᠪᠤᠯᠤᠯ᠎ᠠ ᠭᠡᠳᠡᠭ᠂ ᠲᠣᠰᠢᠶᠠᠯ ᠵᠡᠷᠭᠡ ᠨᠢ ᠳᠡᠳ᠋ ᠮᠢᠩᠭᠠᠲᠦ ᠶᠢᠨ ᠨᠤᠶᠠᠨ ᠪᠤᠯᠣᠭᠰᠠᠨ ᠪᠠᠶᠢᠵᠠᠢ᠃ ︵2︶ ᠤᠯᠠᠭᠠᠢ ᠭᠤᠤᠯ ᠤᠨ ᠠᠮᠠ ᠪᠤᠯᠬᠤ ᠬᠡᠷᠦᠭᠡ ᠬᠤᠶᠠᠷ ᠬᠠᠳᠠᠨ ᠤ ᠪᠠᠷᠠᠭᠤᠨ ᠬᠤᠶᠢᠰᠢ ᠨᠠᠮᠠᠬᠠᠨ ᠬᠤᠱᠤᠤ ᠪᠠᠶᠢᠳᠠᠭ᠂ ᠡᠷᠳᠡ ᠦᠶ᠎ᠡ ᠤᠩᠭᠤᠨ ᠳᠣᠷᠠᠯ ᠨᠣᠶᠠᠨ ᠲᠦᠷᠪᠡᠨ ᠬᠦᠴᠦᠳᠡᠨ ᠢᠶᠠᠷ ᠬᠦᠷᠢᠶᠡᠯᠡᠭᠦᠯᠦᠭᠰᠡᠨ ᠪᠡᠯᠭᠡ ᠳᠡᠮᠪᠡᠷᠡᠢ ᠲᠠᠢ ᠭᠠᠵᠠᠷ ᠬᠡᠮᠡᠨ ᠠᠳᠡ ᠵᠤᠰᠠᠳᠠᠭ ᠪᠠᠶᠢᠭᠰᠠᠨ ᠢᠶᠠᠷ ᠲᠡᠭᠦᠨ ᠢ ︽ᠤᠩᠭᠤᠨ ᠬᠤᠱᠤᠤ︾ ᠭᠡᠵᠦ ᠨᠡᠷᠡᠯᠡᠬᠦ ᠪᠤᠯᠣᠭᠰᠠᠨ ᠭᠡᠨ᠎ᠡ᠂ ︽ᠤᠩᠭᠤᠨ ᠬᠤᠱᠤᠤ︾ ᠳᠡᠭᠡᠷ᠎ᠡ ᠤᠳᠤ ᠪᠤᠯᠳᠠᠯ᠎ᠠ ᠪᠠᠷᠢᠯᠭ᠎ᠠ ᠶᠢᠨ ᠤᠯᠠ ᠮᠦᠷ ᠦᠯᠡᠳᠡᠭᠰᠡᠭᠡᠷ ᠪᠠᠶᠢᠭ᠎ᠠ ᠶᠤᠮ᠃ ︵3︶ ᠤᠩᠭᠤᠨ ᠳᠣᠷᠠᠯ ᠨᠤᠶᠠᠨ ᠲᠠᠭᠠᠯᠠᠯ ᠪᠤᠯᠣᠭᠠᠳ ᠤᠳᠣ ᠶᠢᠨ ︽ᠤᠩᠭᠤᠨ ᠴᠠᠪᠴᠢᠷ︾ ᠳᠤ ᠤᠷᠤᠰᠢᠯᠠᠭᠤᠯᠣᠭᠰᠠᠨ ᠢᠶᠠᠷ ᠲᠡᠷᠡ ᠬᠠᠪᠢ ᠶᠢᠨ ᠭᠠᠵᠠᠷ ᠢ ︽ᠤᠩᠭᠤᠨ︾ ᠭᠡᠵᠦ ᠨᠡᠷᠡᠯᠡᠯ᠎ᠡ ᠭᠡᠳᠡᠭ᠃ ︵4︶ ᠦᠵᠦᠮᠦᠴᠢᠨ ᠮᠠᠯᠴᠢᠳ ᠤᠩᠭᠤᠨ ᠳᠣᠷᠠᠯ ᠨᠤᠶᠠᠨᠳᠠᠨ ᠤ ᠨᠡᠷ᠎ᠡ ᠲᠦᠷᠦ  ᠶᠢ ᠳᠣᠷᠠᠰᠬᠠᠬᠤ ᠶᠢᠨ ᠲᠤᠯᠠᠳᠠ ᠤᠩᠭᠤᠨ ᠦᠨᠳᠦᠷ ᠬᠡᠮᠡᠬᠦ  ᠠᠭᠤᠯᠠ ᠶᠢᠨ ᠤᠷᠤᠢ ᠳᠤ ᠴᠢᠯᠠᠭᠤᠨ ᠣᠪᠤᠭ᠎ᠠ ᠪᠤᠰᠬᠠᠵᠦ᠂ ︿︿ᠤᠩᠭᠤᠨ ᠤᠪᠤᠭ᠎ᠠ﹀﹀ ᠬᠡᠮᠡᠨ ᠨᠡᠷᠡᠯᠡᠯᠴᠡᠨ᠂ ᠲᠠᠬᠢᠯᠭ᠎ᠠ ᠶᠢᠨ ᠵᠠᠩ ᠦᠢᠯᠡ ᠪᠤᠯᠭᠠᠵᠦ᠂ ᠡᠳᠦᠭᠡ ᠪᠤᠯᠳᠠᠯ᠎ᠠ ᠲᠦᠷᠪᠡᠨ ᠵᠠᠭᠤᠨ ᠤᠨ ᠪᠤᠯᠪᠠ᠂᠂      ᠳᠡᠭᠡᠷᠡᠬᠢ ᠤᠯᠠᠮᠵᠢᠯᠠᠯ ᠲᠣᠮᠤᠭ ᠪᠠ ᠲᠠᠬᠢᠯᠭ᠎ᠠ ᠶᠢᠨ ᠵᠠᠩ ᠦᠢᠯᠡ ᠠᠴᠠ ᠣᠩᠭᠤᠨ ᠳᠣᠷᠠᠯ ᠦᠵᠦᠮᠦᠴᠢᠨ ᠤ ᠡᠨᠡᠬᠦ ᠭᠠᠵᠠᠷ ᠲᠤ ᠠᠯᠳᠠᠨ ᠰᠦᠯᠳᠡ ᠪᠠᠨ ᠬᠡᠶᠢᠮᠤᠷᠯᠠᠵᠦ᠂ ᠠᠷᠢᠭᠤᠨ ᠴᠢᠨᠳᠠᠷ ᠢᠶᠠᠨ ᠮᠦᠩᠬᠡᠯᠡᠵᠦ᠂ ᠠᠮᠢᠳᠣᠷᠠᠯ ᠤᠨ ᠵᠠᠮ ᠮᠦᠷ ᠢᠶᠠᠨ ᠦᠨᠢᠳᠡ ᠰᠢᠩᠭᠡᠭᠡᠨ ᠦᠯᠡᠳᠡᠭᠡᠭᠰᠡᠨ ᠢ ᠮᠡᠳᠡᠵᠦ ᠪᠤᠯᠬᠤ ᠪᠦᠭᠡᠳ ᠠᠷᠠᠳ ᠲᠦᠮᠡᠨ ᠤ ᠪᠠᠨ ᠵᠢᠷᠦᠬᠡᠨ  ᠳᠤ ᠦᠨᠢᠳᠡ ᠬᠠᠳᠠᠩᠰᠢᠭᠰᠠᠨ ᠭᠡᠳᠡᠭ ᠢ ᠬᠠᠷᠠᠭᠤᠯᠵᠦ ᠪᠠᠶᠢᠨ᠎ᠠ᠃  ᠬᠦᠷᠢᠶ᠎ᠡ ᠰᠦᠮ᠎ᠡ ᠶᠢᠨ ︽ᠤᠩᠭᠤᠨ ᠤᠪᠤᠭ᠎ᠠ︾ ᠶᠢ ᠲᠠᠬᠢᠭᠰᠠᠨ ᠲᠤᠬᠠᠢ ᠳᠣᠮᠤᠭ ᠲᠤ ᠮᠣᠯᠣᠮ ᠯᠠᠮᠠ ᠶᠢᠨ ᠵᠢᠷᠭᠤᠳᠣᠭᠠᠷ ᠳᠦᠷᠢ ᠶᠢᠨ ᠭᠡᠭᠡᠨᠳᠡᠨ ᠭᠤᠨᠴᠤᠭᠷᠠᠰᠢ ᠬᠤᠷᠢᠨ ᠬᠤᠶᠠᠷ ᠨᠠᠰᠤᠨ ᠳᠠᠭᠠᠨ ᠨᠢᠭᠡᠨ ᠰᠦᠨᠢ ᠶᠢᠨ ᠵᠡᠭᠦᠳᠦᠨ ᠳᠤ ︽ᠨᠠᠳᠠ ᠳᠤ ᠭᠠᠵᠠᠷ ᠤᠨ ᠡᠵᠡᠨ ᠤ ᠳᠦᠷᠰᠦ ᠦᠵᠡᠭᠳᠡᠪᠡ︾ ᠭᠡᠳ ᠦᠩᠭᠡ ᠢᠯᠭᠠᠷᠠᠭᠤᠯᠤᠨ ᠵᠢᠷᠣᠭᠠᠳ ᠡᠷᠢᠭᠦᠯᠦᠭᠰᠡᠨ ᠳᠤ ᠶᠠᠭ ᠡᠨᠡᠬᠦ  ︽ᠤᠩᠭᠤᠨ ᠤᠪᠤᠭ᠎ᠠ︾ ᠬᠡᠮᠡᠭᠴᠢ ᠠᠭᠤᠯᠠ ᠮᠦᠨ ᠪᠠᠶᠢᠵᠦ᠂ ︽ᠨᠤᠷᠪᠤᠸᠠᠩᠵᠢᠯ︾ ᠬᠡᠮᠡᠬᠦ ᠨᠡᠷ᠎ᠡ ᠬᠠᠶᠢᠷᠠᠯᠠᠨ ᠲᠠᠬᠢᠭᠰᠠᠨ ᠢᠶᠠᠷ ᠨᠠᠮᠢᠷᠠᠭ᠎ᠠ ᠬᠤᠷ᠎ᠠ ᠪᠠᠭᠤᠵᠦ ᠭᠠᠩ ᠳᠠᠯᠪᠢᠭᠳᠠᠭᠰᠠᠨ ᠭᠡᠳᠡᠭ᠂᠂ ᠳᠣᠮᠤᠭ ᠠᠴᠠ ᠪᠢᠳᠡ ᠪᠦᠭᠡ ᠮᠦᠷᠭᠦᠯ ᠤᠨ ᠲᠠᠬᠢᠯᠭ᠎ᠠ ᠶᠢᠨ ᠶᠤᠰᠤᠨ ᠲᠠᠢ ᠪᠠᠶᠢᠭᠰᠠᠨ ᠡᠨᠡᠬᠦ ᠤᠪᠤᠭ᠎ᠠ ᠨᠢ ᠡᠨᠡ ᠦᠶ᠎ᠡ ᠠᠴᠠ ᠰᠢᠷ᠎ᠠ ᠶᠢᠨ ᠱᠠᠰᠢᠨ ᠤ ᠲᠠᠬᠢᠯᠭ᠎ᠠ  ᠶᠢᠨ ᠦᠩᠭᠡ ᠤᠷᠤᠭᠰᠠᠨ ᠢ ᠬᠠᠷᠠᠭᠤᠯᠵᠤ ᠪᠠᠶᠢᠬᠤ ᠪᠦᠭᠡᠳ ᠭᠡᠭᠡᠨᠳᠡᠨ ᠳᠤ ᠵᠡᠭᠦᠲᠦ ᠦᠭᠭᠦᠭᠰᠡᠨ ᠨᠢ ᠡᠨᠡᠬᠦ ︽ᠭᠠᠵᠠᠷ ᠤᠨ ᠡᠵᠡᠳ︾ ᠭᠡᠳᠡᠭ ᠨᠢ ᠳᠡᠳᠡᠨ ᠤ ᠳᠡᠭᠡᠳᠦᠰ ᠤᠨ ᠬᠢᠨᠢ ᠤᠩᠭᠤᠨ ᠰᠢᠳᠦᠭᠡᠨ ᠲᠠᠢ ᠭᠠᠵᠠᠷ ᠪᠤᠯᠬᠤ ᠶᠢ ᠲᠤᠳᠣᠷᠬᠠᠶᠢᠯᠠᠵᠠᠢ᠂᠂      ᠭᠤᠷᠪᠠ᠂ ᠬᠠᠭᠤᠴᠢ ᠰᠣᠳᠣᠯᠣᠯ ᠤᠨ ᠳᠠᠯ᠎ᠠ ᠠᠴᠠ ᠦᠵᠡᠬᠦ ᠳᠤ ᠤᠳᠤ ᠶᠢᠨ ᠤᠯᠢᠶᠠᠰᠣᠳᠠᠢ ᠪᠠᠯᠭᠠᠰᠣᠨ ᠤ ᠡᠩᠬᠡᠵᠢᠷᠭᠠᠯᠠᠩ ᠭᠠᠴᠠᠭ᠎ᠠ ᠳᠤ ᠪᠦᠬᠦᠢ ᠤᠩᠭᠤᠨ ᠴᠠᠪᠴᠢᠷ ᠬᠡᠮᠡᠬᠦ ᠭᠠᠵᠠᠷ ᠪᠠᠶᠢᠭ᠎ᠠ ︽ᠤᠩᠭᠤᠨ ᠪᠤᠯᠠᠰᠢ︾᠂ ︽ᠤᠩᠭᠤᠨ ᠤᠪᠤᠭ᠎ᠠ︾ ᠬᠢᠭᠡᠳ ᠪᠠᠶᠠᠨ — ᠭᠤᠪᠢ ᠭᠠᠴᠠᠭ᠎ᠠ ᠳᠤ ᠪᠦᠬᠦᠢ ︿︿ᠤᠩᠭᠤᠨ ᠬᠤᠱᠤᠤ﹀﹀ ᠵᠡᠷᠭᠡ ᠭᠠᠵᠠᠷ ᠤᠷᠣᠨ ᠪᠤᠯ  ᠬᠠᠭᠤᠴᠢ ᠰᠣᠳᠣᠯᠣᠯ ᠤᠨ ᠭᠡᠷᠡᠴᠢ ᠪᠤᠯᠬᠤ ᠪᠦᠭᠡᠳ ᠶᠡᠭᠡ ᠰᠣᠳᠣᠯᠭᠠᠨ ᠤ ᠦᠷᠳᠡᠭ ᠲᠠᠢ ᠭᠡᠵᠦ ᠦᠵᠡᠨ᠎ᠡ᠃      ᠳᠡᠭᠡᠷᠡᠬᠢ ᠭᠤᠷᠪᠠᠨ ᠳᠠᠯ᠎ᠠ ᠪᠠᠷ ᠤᠶᠢᠯᠠᠭᠠᠬᠤ ᠳᠤ ᠲᠡᠦᠬᠡ ᠳᠡᠮᠳᠡᠭᠯᠡᠯ ᠳᠠᠬᠢ ᠤᠩᠭᠤᠨ ᠳᠣᠷᠠᠯ ᠨᠢ ᠦᠵᠦᠮᠦᠴᠢᠨ ᠠᠶᠢᠮᠠᠭ ᠤᠨ ᠠᠬᠠᠯᠠᠭᠴᠢ ᠤᠩᠭᠤᠨ ᠳᠣᠷᠠᠯ ᠮᠦᠨ ᠪᠤᠯᠬᠤ ᠪᠠ ᠡᠨᠡ ᠬᠠᠪᠢ ᠶᠢᠨ ᠭᠠᠵᠠᠷ ᠤᠷᠤᠨ ᠳᠤ ᠠᠮᠢᠳᠣᠷᠠᠭᠰᠠᠨ ᠤᠯᠠ ᠮᠦᠷ ᠢᠶᠠᠨ ᠦᠯᠡᠳᠡᠭᠡᠵᠦ᠂ ᠠᠯᠳᠠᠨ ᠶᠠᠰᠣ ᠪᠠᠨ ᠣᠷᠣᠰᠢᠭᠤᠯᠤᠭᠰᠠᠨ ᠪᠠᠶᠢᠵᠦ ᠦᠵᠦᠮᠦᠴᠢᠨ ᠠᠶᠢᠮᠠᠭ ᠤᠨ ᠳᠣᠮᠳᠠ ᠦᠨᠢᠳᠠ ᠬᠠᠳᠠᠩᠰᠢᠭᠰᠠᠨ ᠲᠡᠦᠬᠡᠨ ᠬᠦᠮᠦᠨ ᠭᠡᠵᠦ ᠬᠡᠯᠡᠬᠦ ᠳᠤ ᠪᠣᠷᠤᠭᠤᠳᠠᠬᠤ ᠶᠠᠪᠤᠳᠠᠯ ᠦᠭᠡᠢ ᠶᠤᠮ᠂᠂        ᠲᠦᠷᠪᠡ  ᠦᠵᠦᠮᠦᠴᠢᠨ ᠤ ᠠᠮᠠᠨ ᠤᠯᠠᠮᠵᠢᠯᠠᠯ ᠬᠢᠭᠡᠳ ᠲᠡᠤᠬᠡᠨ ᠤᠷᠳᠤ ᠶᠢᠨ ᠲᠠᠭᠤᠤ ᠶᠢᠨ ᠲᠤᠬᠠᠢ      ᠦᠵᠦᠮᠦᠴᠢᠨ ᠠᠶᠢᠮᠠᠭ᠂ ᠡᠷᠳᠡ ᠲᠡᠭᠡᠳᠦ ᠠᠴᠠ ᠠᠪᠤᠭᠠᠳ ︽ᠠᠮᠠᠨ ᠤᠯᠠᠮᠵᠢᠯᠠᠯ︾ ᠬᠢᠭᠡᠳ ︽ᠤᠷᠳᠤ ᠶᠢᠨ ᠲᠠᠭᠤᠤ︾ ᠪᠠᠷ ᠢᠶᠠᠨ ᠦᠪᠡᠷ ᠤᠨ ᠨᠡᠭᠦᠳᠡᠯ ᠮᠠᠯᠵᠢᠯ ᠤᠨ ᠲᠡᠤᠬᠡᠨ ᠤᠯᠠ ᠮᠦᠷ ᠢᠶᠠᠨ ᠤᠯᠠᠮᠵᠢᠯᠠᠨ ᠬᠠᠳᠠᠭᠠᠯᠠᠭᠰᠠᠭᠠᠷ ᠢᠷᠡᠭᠰᠡᠨ ᠰᠠᠴᠤᠷᠠᠩᠭᠤᠢ ᠲᠡᠤᠬᠡ ᠲᠠᠢ ᠶᠤᠮ᠃ ᠡᠨᠡ ᠬᠡᠯᠪᠡᠷᠢ ᠶᠢᠨ ᠰᠤᠶᠤᠯ ᠤᠨ ᠤᠤᠷ ᠴᠢᠨᠠᠷ ᠨᠢ ᠦᠵᠦᠮᠦᠴᠢᠨ ᠶᠠᠰᠤᠳᠠᠳ ᠤᠨ ᠤᠢ ᠪᠢᠯᠢᠭ ᠪᠤᠰᠤᠳ ᠠᠴᠠ ᠤᠨᠴᠠᠯᠢᠭᠳᠠᠬᠤ ᠵᠦᠢᠯ ᠪᠤᠯᠤᠭᠰᠠᠨ ᠮᠦᠷᠳᠡᠭᠡᠨ ᠠᠮᠠᠨ ᠤᠯᠠᠮᠵᠢᠯᠠᠯ ᠬᠢᠭᠡᠳ ᠤᠷᠳᠤ ᠶᠢᠨ ᠲᠠᠭᠤᠤ ᠨᠢ ᠲᠤᠰ ᠠᠶᠢᠮᠠᠭ ᠤᠨ ᠲᠡᠤᠬᠡ ᠰᠤᠶᠤᠯ ᠤᠨ ᠠᠴᠢᠶᠠᠯᠠᠪᠤᠷᠢ ᠪᠤᠯᠬᠤ ᠨᠢ ᠵᠠᠶᠢᠯᠠᠰᠢ ᠦᠭᠡᠢ ᠶᠤᠮ᠃ ᠨᠡᠶᠢᠭᠡᠮ ᠰᠤᠶᠤᠯ ᠬᠦᠭᠵᠢᠭᠡᠳᠦᠢ ᠲᠡᠤᠬᠡᠨ ᠲᠡᠷᠡ ᠦᠶ᠎ᠡ ᠨᠡᠶᠢᠳᠡ ᠤᠯᠠᠨ ᠳᠠᠭᠠᠨ ᠦᠶ᠎ᠡ ᠤᠯᠠᠮᠵᠢᠯᠠᠨ ᠮᠡᠳᠡᠭᠦᠯᠬᠦ ᠡᠨᠡ ᠬᠦ ᠤᠨᠴᠠᠭᠠᠢ ᠮᠡᠳᠡᠷᠡᠮᠵᠢ ᠶᠢᠨ ᠠᠷᠭ᠎ᠠ ᠠᠪᠴᠢᠯ ᠨᠢ ᠦᠭᠡ ᠬᠡᠯᠡᠯᠭᠡ ᠲᠠᠭᠤᠤ ᠬᠤᠭᠤᠯᠠᠢ ᠪᠠᠷ ᠢᠶᠠᠨ ᠵᠠᠭᠤᠴᠢ ᠠᠴᠢᠶᠠᠯᠠᠪᠤᠷᠢ ᠪᠤᠯᠭᠠᠵᠦ᠂ ᠤᠶᠤᠨ ᠲᠠᠷᠢᠬᠢᠨ ᠳᠠᠭᠠᠨ ᠲᠤᠭᠳᠠᠭᠠᠵᠦ᠂ ᠮᠠᠷᠳᠠᠭᠳᠠᠰᠢ ᠦᠭᠡᠢ ᠰᠡᠳᠭᠢᠬᠦᠢ ᠶᠢᠨ ᠰᠤᠶᠤᠯ ᠤᠨ ᠬᠡᠯᠪᠡᠷᠢ ᠪᠤᠯᠤᠨ ᠲᠤᠭᠳᠠᠨᠢᠭᠰᠠᠨ ᠪᠠᠶᠢᠨ᠎ᠠ᠃ ᠲᠡᠷᠡ ᠪᠤᠯ ᠲᠡᠤᠬᠡ ᠶᠢᠨ ᠦᠨᠡᠨ ᠦᠩᠭᠡᠷᠡᠯᠳᠡ ᠶᠢ ᠲᠤᠰᠬᠠᠭᠰᠠᠨ ᠰᠡᠳᠭᠢᠬᠦᠢ ᠶᠢᠨ ᠴᠡᠭᠡᠵᠢᠯᠡᠬᠦᠢ ᠴᠢᠳᠠᠪᠬᠢ ᠶᠢᠨ ᠬᠦᠴᠦᠨ ᠪᠤᠯᠤᠨ᠎ᠠ᠃ ᠡᠭᠦᠨ ᠠᠴᠠ ᠦᠵᠦᠮᠦᠴᠢᠨ ᠠᠮᠠᠨ ᠤᠯᠠᠮᠵᠢᠯᠠᠯ ᠪᠠ ᠲᠡᠤᠬᠡᠨ ᠤᠷᠳᠤ ᠶᠢᠨ ᠲᠠᠭᠤᠤ ᠨᠢ ᠦᠵᠦᠮᠦᠴᠢᠨ ᠠᠶᠢᠮᠠᠭ ᠤᠨ ᠲᠡᠤᠬᠡ ᠰᠤᠶᠤᠯ ᠤᠨ ᠡᠷᠳᠡᠨᠢᠰ ᠤᠨ ᠬᠦᠮᠦᠷᠭᠡ ᠳᠠᠬᠢ ᠢᠬᠡᠷ᠎ᠡ ᠲᠦᠷᠦᠭᠰᠡᠨ ᠠᠳᠠᠯᠢ ᠪᠤᠰᠤ ᠬᠡᠯᠪᠡᠷᠢ ᠶᠢᠨ ᠰᠤᠶᠤᠯ ᠤᠨ ᠤᠤᠷ ᠭᠡᠵᠦ ᠦᠵᠡᠬᠦ ᠳᠡᠭᠡᠨ ᠲᠠᠭᠠᠷᠠᠨ᠎ᠠ᠃      ᠲᠡᠤᠬᠡ ᠲᠡᠮᠳᠡᠭᠯᠡᠯ ᠢ ᠦᠨᠳᠦᠰᠦᠯᠡᠪᠡᠯ ᠦᠵᠦᠮᠦᠴᠢᠨ ᠠᠶᠢᠮᠠᠭ ᠨᠢ 13 ᠳ᠋ᠤᠭᠠᠷ ᠵᠠᠭᠤᠨ ᠤ ᠡᠬᠢ ᠪᠠᠷ ᠮᠤᠩᠭᠤᠯ ᠤᠨ ᠶᠡᠭᠡ ᠨᠢᠭᠡᠳᠦᠯ ᠢ ᠪᠡᠶᠡᠯᠡᠬᠦᠯᠬᠦ ᠦᠶ᠎ᠡ ᠨᠢᠭᠡ ᠠᠶᠢᠮᠠᠭ ᠪᠦᠯᠦᠭ ᠶᠢᠨ ᠬᠤᠪᠢ ᠪᠠᠷ ᠢᠯᠡᠷᠡᠵᠦ ᠪᠠᠶᠢᠵᠠᠢ᠂ ᠮᠤᠩᠭᠤᠯ ᠦᠨᠳᠦᠰᠦᠳᠡᠨ ᠤ ᠲᠤᠲᠤᠷ᠎ᠠ ᠪᠠᠨ ᠨᠡᠯᠢᠶᠡᠳ ᠡᠷᠳᠡᠨ ᠤ ᠠᠶᠢᠮᠠᠭ ᠪᠦᠯᠦᠭ ᠲᠤ ᠲᠤᠭᠠᠴᠠᠭᠳᠠᠬᠤ ᠮᠠᠭᠠᠳ᠃ ᠦᠵᠦᠮᠦᠴᠢᠨ ᠶᠠᠰᠤᠳᠠᠳ ᠨᠡᠭᠦᠳᠡᠯᠴᠢᠨ ᠠᠶᠢᠮᠠᠭ ᠪᠤᠯᠤᠭᠰᠠᠨ ᠤ ᠬᠤᠪᠢ ᠳᠤ ᠠᠯᠳᠠᠢ ᠨᠢᠷᠤᠭᠤ ᠠᠴᠠ ᠠᠯᠳᠠᠨ ᠬᠢᠩᠭᠠᠨ ᠤ ᠡᠩᠬᠡᠷ ᠬᠦᠷᠳᠡᠯ᠎ᠡ᠂ ᠬᠤᠶᠢᠳᠦ ᠬᠠᠩᠭᠠᠢ ᠨᠢᠷᠤᠭᠤ᠂ ᠬᠡᠷᠦᠯᠤᠨ ᠮᠦᠷᠡᠨ ᠠᠴᠠ ᠡᠮᠦᠨ᠎ᠡ ᠬᠤᠷᠴᠢᠨ ᠤ ᠲᠠᠯ᠎ᠠ᠂ ᠯᠤᠤᠬ᠎ᠠ ᠶᠢᠨ ᠭᠤᠤᠯ ᠤᠨ ᠬᠦᠪᠡᠭᠡ ᠬᠦᠷᠳᠡᠯᠡᠬᠢ ᠦᠷᠭᠡᠨ ᠠᠭᠤᠳᠠᠮ ᠮᠤᠩᠭᠤᠯ ᠨᠤᠲᠤᠭ ᠲᠠᠭᠠᠨ ᠲᠤᠷ᠎ᠠ ᠪᠠᠷ ᠨᠡᠭᠦᠳᠡᠯᠯᠡᠨ ᠲᠠᠪᠠ ᠢᠶᠠᠷ ᠢᠶᠠᠨ ᠮᠠᠯᠵᠢᠵᠦ ᠢᠷᠡᠭᠰᠡᠨ ᠦᠨᠢ ᠤᠳᠠᠭᠠᠨ ᠤ ᠲᠡᠤᠬᠡ ᠲᠠᠢ ᠪᠢᠯᠡ᠃ ᠲᠡᠤᠬᠡᠨ ᠶᠡᠭᠡ ᠨᠡᠭᠦᠳᠡᠯ ᠤᠨ ᠤᠷᠳᠤ ᠬᠤᠭᠤᠴᠠᠭᠠᠨ ᠤ ᠶᠠᠪᠤᠴᠠ ᠳᠠᠭᠠᠨ ᠲᠡᠭᠦᠨ ᠤ ᠦᠪᠡᠷᠮᠢᠴᠡ ᠤᠨᠴᠠᠯᠢᠭ ᠪᠦᠬᠦᠢ ᠦᠢᠯᠡᠳᠪᠦᠷᠢᠯᠡᠯ ᠠᠮᠢᠳᠤᠷᠠᠯ ᠵᠠᠩ ᠦᠢᠯᠡ᠂ ᠤᠤᠭᠠᠯ ᠭᠠᠵᠠᠷ ᠤᠰᠤᠨ ᠢᠶᠠᠨ ᠬᠠᠶᠢᠷᠠᠯᠠᠬᠤ ᠰᠡᠳᠭᠢᠯ ᠤᠨ ᠤᠶᠢᠯᠤᠭ᠎ᠠ ᠪᠠᠷ ᠢᠶᠠᠨ ᠢᠯᠡᠳᠭᠡᠭᠳᠡᠭᠰᠡᠨ ᠦᠵᠦᠮᠦᠴᠢᠨ ᠠᠷᠠᠳ ᠤᠨ ᠠᠮᠠᠨ ᠤᠯᠠᠮᠵᠢᠯᠠᠯ ᠪᠤᠶᠤ ᠤᠷᠳᠤ ᠶᠢᠨ ᠲᠠᠭᠤᠤ ᠨᠢ ᠴᠤ ᠲᠠᠭᠠᠯᠳᠤᠨ ᠪᠤᠢ ᠪᠤᠯᠵᠦ ᠢᠷᠡᠵᠡᠢ᠃ ᠦᠵᠦᠮᠦᠴᠢᠨ ᠠᠶᠢᠮᠠᠭ ᠲᠤᠷᠤᠨ᠎ᠠ ᠵᠦᠭ ᠤᠨ ᠶᠡᠭᠡ ᠨᠡᠭᠦᠳᠡᠯ ᠢ ᠬᠦᠭᠡᠭᠡᠵᠦ᠂ ᠭᠤᠪᠢ ᠶᠢᠨ ᠡᠮᠦᠨᠡᠬᠢ ᠡᠪᠡᠰᠦᠳᠦ ᠲᠠᠯ᠎ᠠ ᠳᠤ ᠤᠷᠳᠤ ᠶᠢᠨ ᠲᠠᠭᠤᠤ ᠲᠠᠢ ᠪᠠᠨ ᠴᠤᠭᠭᠠᠷ ᠢᠷᠡᠯ᠎ᠡ ᠭᠡᠵᠦ ᠬᠡᠯᠡᠵᠦ ᠪᠤᠯᠤᠨ᠎ᠠ᠃ ᠦᠵᠦᠮᠦᠴᠢᠨᠴᠤᠳ᠂ ᠰᠢᠯᠢ ᠶᠢᠨ ᠭᠤᠤᠯ ᠤᠨ ᠲᠠᠯ᠎ᠠ ᠨᠤᠲᠤᠭ ᠲᠤ ᠢᠷᠡᠭᠡᠳ ᠲᠠᠪᠤᠨ ᠵᠠᠭᠤᠨ ᠵᠢᠯ ᠤᠨ ᠲᠡᠤᠬᠡ ᠲᠠᠢ ᠪᠤᠯᠵᠠᠢ᠃ ᠲᠠᠪᠤᠨ ᠵᠠᠭᠤᠨ ᠤᠨ ᠤ ᠲᠤᠷᠰᠢ ᠠᠮᠠᠨ ᠤᠯᠠᠮᠵᠢᠯᠠᠯ ᠪᠤᠯᠤᠨ ᠤᠷᠳᠤ ᠶᠢᠨ ᠲᠠᠭᠤᠤ ᠨᠢ ᠦᠵᠦᠮᠦᠴᠢᠨ ᠤᠭᠰᠠᠭᠠᠳᠠᠳ ᠤᠨ ᠤᠶᠤᠨ ᠳᠤᠨᠢ ᠠᠭᠤᠰᠴᠤ᠂ ᠴᠢᠰᠦᠨ ᠳᠤᠨᠢ ᠰᠢᠩᠭᠡᠭᠡᠭᠰᠡᠭᠷ ᠢᠷᠡᠪᠡ᠃ ᠲᠡᠤᠬᠡ ᠶᠢᠨ ᠤᠯᠠᠨ ᠤᠳᠠᠭ᠎ᠠ ᠶᠢᠨ ᠬᠠᠳᠠᠭᠤ ᠲᠠᠯᠬᠢᠭᠳᠠᠯ ᠢ ᠲᠤᠭᠤᠯᠤᠭᠠᠳ ᠮᠦᠨ ᠯᠡ ᠠᠶᠠᠯᠠᠭᠤ ᠲᠠᠭᠤᠤ ᠪᠠᠷ ᠢᠶᠠᠨ ᠡᠭᠡᠰᠢᠭᠯᠡᠵᠦ᠂ ᠠᠮᠠᠨ ᠶᠠᠷᠢᠶ᠎ᠠ ᠪᠠᠷ ᠢᠶᠠᠨ ᠤᠯᠠᠮᠵᠢᠯᠠᠭᠰᠠᠭᠠᠷ ᠢᠷᠡᠭᠰᠡᠨ ᠠᠭᠤᠤ ᠶᠡᠭᠡ ᠲᠡᠭᠡᠳᠦᠰ ᠲᠠᠢ ᠳᠡᠭᠡᠨ ᠬᠤᠶᠢᠴᠢᠰ ᠪᠤᠯᠤᠭᠰᠠᠨ ᠪᠢᠳᠡ ᠨᠠᠷ ᠲᠤᠩ ᠤᠮᠤᠭᠰᠢᠭᠤᠨ ᠪᠠᠶᠢᠳᠠᠭ ᠶᠤᠮᠰᠠᠨ᠃ ᠲᠡᠭᠡᠪᠡᠯ ᠦᠵᠦᠮᠦᠴᠢᠨ ᠠᠮᠠᠨ ᠤᠯᠠᠮᠵᠢᠯᠠᠯ ᠬᠢᠭᠡᠳ ᠲᠡᠤᠬᠡᠨ ᠤᠷᠳᠤ ᠶᠢᠨ ᠲᠠᠭᠤᠤ ᠨᠢ ᠶᠠᠭᠠᠬᠢᠵᠦ ᠦᠵᠦᠮᠦᠴᠢᠨ ᠠᠶᠢᠮᠠᠭ ᠤᠨ ᠶᠡᠭᠡ ᠨᠡᠭᠦᠳᠡᠯ ᠢ ᠲᠡᠤᠬᠡ ᠶᠢᠨ ᠶᠤᠰᠤᠭᠠᠷ ᠲᠤᠰᠬᠠᠵᠦ ᠪᠠᠶᠢᠬᠤ ᠲᠤᠬᠠᠢ ᠠᠵᠢᠭᠯᠠᠯᠳᠠ ᠬᠢᠰᠦᠭᠡᠢ᠄       ᠨᠢᠭᠡ᠂ ᠤᠤᠭᠠᠯ ᠨᠤᠲᠤᠭ ᠪᠤᠯᠤᠨ ᠶᠡᠭᠡ ᠨᠡᠭᠦᠳᠡᠯ ᠤᠨ ᠤᠯᠠ ᠮᠦᠷ ᠢ ᠲᠤᠰᠬᠠᠭᠰᠠᠨ ᠠᠮᠠᠨ ᠤᠯᠠᠮᠵᠢᠯᠠᠯ       ᠠᠮᠠᠨ ᠤᠯᠠᠮᠵᠢᠯᠠᠯ ᠤᠨ ᠠᠭᠤᠯᠭ᠎ᠠ᠄ ︽ᠠᠯᠳᠠᠢ — ᠬᠠᠩᠭᠠᠢ — ᠭᠠᠯᠪᠠ ᠱᠠᠩᠬ᠎ᠠ ᠶᠢᠨ ᠭᠤᠪᠢ ᠠᠴᠠ ᠨᠡᠭᠦᠵᠦ ᠢᠷᠡᠪᠡ︾ ︽ᠭᠠᠯᠪᠠ ᠱᠠᠩᠬ᠎ᠠ ᠶᠢᠨ ᠭᠤᠪᠢ ᠠᠴᠠ ᠭᠠᠭᠴᠠ ᠪᠦᠭᠦᠳᠦ ᠲᠡᠮᠡᠭᠡᠳ ᠲᠠᠢ ᠨᠡᠭᠦᠵᠦ ᠢᠷᠡᠪᠡ︾ ︽ᠦᠵᠦᠮ ᠤᠨ ᠴᠠᠭᠠᠨ ᠠᠭᠤᠯᠠ᠂ ᠬᠤᠨᠢ ᠮᠠᠶᠢᠯᠠᠬᠴᠢ᠂ ᠲᠦᠷᠦᠭᠡ ᠬᠠᠩᠨᠠᠭᠤᠷ ᠤᠨ ᠬᠠᠪᠴᠢᠯ ᠭᠡᠳᠡᠭ ᠭᠠᠵᠠᠷ ᠲᠤ ᠨᠤᠲᠤᠭᠯᠠᠵᠦ ᠪᠠᠶᠢᠪᠠ︾ ︽ᠦᠵᠦᠮᠦᠴᠢᠨ ᠲᠡᠭᠡᠳᠦ ᠦᠶ᠎ᠡ ᠳᠡᠭᠡᠨ ᠦᠵᠦᠮ ᠤᠨ ᠴᠠᠭᠠᠨ ᠠᠭᠤᠯᠠᠨ ᠳᠤ ᠵᠡᠷᠯᠢᠭ ᠦᠵᠦᠮ ᠲᠡᠭᠦᠵᠦ ᠠᠮᠢᠳᠤᠷᠠᠵᠦ ᠪᠠᠶᠢᠪᠠ︾       ᠵᠠᠩ ᠲᠠᠳᠬᠠᠯ ᠤᠨ ᠰᠢᠨᠵᠢ ᠲᠡᠮᠳᠡᠭ᠄ ︽ᠪᠤᠴᠠᠬᠤ ᠵᠦᠭ ᠪᠠᠷᠠᠭᠤᠨ ᠬᠤᠶᠢᠨ᠎ᠡ ᠶᠤᠮ ᠭᠡᠵᠦ ᠡᠮᠡᠭᠡᠯ ᠤᠨ ᠪᠦᠭᠦᠷᠭᠡ ᠪᠠᠨ ᠪᠠᠷᠠᠭᠤᠨ ᠬᠤᠶᠢᠰᠢ ᠬᠠᠨᠳᠤᠭᠤᠯᠵᠦ ᠲᠠᠯᠪᠢᠳᠠᠭ︾ ︽ᠲᠡᠭᠡᠳᠦ ᠶᠢᠨ ᠪᠤᠶᠠᠨᠳᠤ ᠨᠤᠲᠤᠭ ᠪᠠᠷᠠᠭᠤᠨ ᠬᠤᠶᠢᠨ᠎ᠡ ᠪᠠᠶᠢᠨ᠎ᠠ ᠭᠡᠵᠦ ᠲᠤᠭᠤᠭ᠎ᠠ ᠪᠠᠨ ᠪᠠᠷᠠᠭᠤᠨ ᠬᠤᠶᠢᠰᠢ ᠵᠦᠭ ᠭᠡᠯᠵᠡᠶᠢᠯᠭᠡᠵᠦ ᠲᠠᠯᠪᠢᠳᠠᠭ︾ ᠡᠳᠡᠭᠡᠷ ᠪᠤᠯ ᠦᠵᠦᠮᠦᠴᠢᠨ ᠨᠡᠭᠦᠳᠡᠯᠴᠢᠳ ᠤᠨ ᠪᠠᠶᠢᠩᠭᠤ ᠶᠢᠨ ᠤᠯᠠᠮᠵᠢᠯᠠᠯ᠂ ᠦᠭᠡ ᠶᠠᠷᠢᠶ᠎ᠠ ᠵᠠᠩ ᠦᠢᠯᠡ ᠳᠤᠨᠢ ᠭᠦᠨ ᠰᠢᠩᠭᠡᠭᠰᠡᠨ ᠪᠠᠶᠢᠳᠠᠭ᠃       ᠲᠡᠤᠬᠡ ᠱᠠᠰᠳᠢᠷ ᠤᠨ ᠲᠡᠮᠳᠡᠭᠯᠡᠯ ᠪᠠᠷᠢᠮᠳᠠ᠄ ︽ᠢᠯᠡᠳᠭᠡᠯ ᠱᠠᠰᠳᠢᠷ︾ ᠤᠨ ᠦᠵᠦᠮᠦᠴᠢᠨ ᠤ ᠪᠦᠯᠦᠭ ᠲᠤ ︽ᠶᠤᠸᠠᠨ ᠤᠯᠤᠰ ᠤᠨ ᠲᠠᠶᠢᠽᠦ ᠬᠠᠭᠠᠨ ᠤ ᠠᠷᠪᠠᠨ ᠵᠢᠷᠭᠤᠳᠤᠭᠠᠷ ᠦᠶ᠎ᠡ ᠶᠢᠨ ᠠᠴᠢ ᠲᠦᠷᠦ ᠪᠤᠯᠤᠳ ᠬᠠᠩᠭᠠᠢ ᠠᠭᠤᠯᠠᠨ ᠠᠴᠠ ᠭᠤᠪᠢ ᠶᠢᠨ ᠡᠮᠦᠨ᠎ᠡ ᠡᠳᠡᠭᠡᠳ ᠲᠤᠷ ᠨᠡᠭᠦᠵᠦ ᠨᠤᠲᠤᠭᠯᠠᠨ ᠰᠠᠭᠤᠵᠤᠬᠤᠢ︾ ︽ᠴᠢᠩ ᠤᠯᠤᠰ ᠤᠨ ᠲᠡᠤᠬᠡ ᠶᠢᠨ ᠡᠬᠡ ᠪᠢᠴᠢᠭ︾ ᠳᠠᠬᠢ ᠦᠵᠦᠮᠦᠴᠢᠨ ᠤ ᠪᠦᠯᠦᠭ ᠲᠤ ︽ᠶᠤᠸᠠᠨ ᠲᠠᠶᠢᠽᠦ ᠶᠢᠨ ᠠᠷᠪᠠᠨ ᠵᠢᠷᠭᠤᠳᠤᠭᠠᠷ ᠦᠶ᠎ᠡ ᠶᠢᠨ ᠦᠷ᠎ᠡ ᠠᠴᠢ ᠲᠦᠷᠦᠪᠤᠯᠤᠳ᠂ ᠬᠠᠩᠭᠠᠢ ᠠᠭᠤᠯᠠᠨ ᠠᠴᠠ ᠡᠮᠦᠨᠡᠰᠢ ᠨᠡᠭᠦᠵᠦ ᠢᠷᠡᠬᠦ ᠳᠤ᠂ ᠬᠦᠪᠡᠭᠦᠨ ᠪᠤᠳᠢ ᠠᠯᠠᠭ ᠵᠠᠯᠭᠠᠮᠵᠢᠯᠠᠪᠠᠢ︾ ᠭᠡᠵᠦ ᠦᠵᠦᠮᠦᠴᠢᠨ ᠤ ᠠᠬᠠᠯᠠᠭᠴᠢ ᠲᠦᠷᠦᠪᠤᠯᠤᠳ ᠤᠨ ᠦᠶ᠎ᠡ ᠪᠠ ᠲᠡᠭᠦᠨ ᠤ ᠨᠤᠲᠤᠭ ᠰᠠᠭᠤᠴᠠ᠂ ᠪᠤᠳᠠᠢ ᠠᠯᠠᠭ ᠠᠶᠢᠮᠠᠭ ᠤᠨ ᠠᠬᠠᠯᠠᠭᠴᠢ ᠶᠢ ᠵᠠᠯᠭᠠᠮᠵᠢᠯᠠᠭᠰᠠᠨ ᠵᠡᠷᠭᠡ ᠶᠢᠨ ᠲᠠᠯ᠎ᠠ ᠪᠠᠷ ᠲᠤᠳᠤᠷᠬᠠᠢ ᠲᠡᠮᠳᠡᠭᠯᠡᠯ ᠲᠠᠢ ᠪᠠᠶᠢᠳᠠᠭ᠃      ᠮᠤᠩᠭᠤᠯ ᠤᠯᠤᠰ ᠤᠨ ᠡᠷᠳᠡᠮᠳᠡᠨ ᠵ᠊᠂ ᠭᠤᠨᠴᠤᠭᠵᠠᠪ ᠬᠤᠨᠢᠨ ᠤ ᠲᠤᠬᠠᠢ ᠰᠤᠳᠤᠯᠬᠤ ᠳᠠᠭᠠᠨ ᠦᠵᠦᠮᠦᠴᠢᠨ ᠠᠶᠢᠮᠠᠭ ᠤᠨ ᠲᠠᠯ᠎ᠠ ᠪᠠᠷ ᠰᠤᠷᠪᠤᠯᠵᠢᠯᠠᠵᠦ ᠲᠤᠳᠤᠯᠠᠭᠰᠠᠨ ᠪᠠᠶᠢᠪᠠ᠃ ᠲᠡᠷᠡ ︽ᠬᠤᠨᠢᠨ ᠤ ᠠᠵᠦ ᠠᠬᠤᠢ︾ ᠭᠡᠬᠦ ᠨᠤᠮ ᠳᠠᠭᠠᠨ ︽ᠦᠵᠦᠮᠦᠴᠢᠨ ᠶᠠᠰᠤᠳᠠᠨ ᠨᠤᠭᠤᠳ ᠲᠡᠭᠡᠷ᠎ᠡ ᠦᠶ᠎ᠡ ᠳᠤ ᠪᠠᠷᠠᠭᠤᠨ ᠮᠤᠩᠭᠤᠯ ᠤᠨ ᠬᠤᠨᠢ ᠮᠠᠶᠢᠯᠠᠬᠤ᠂ ᠲᠦᠷᠦᠭᠡ ᠬᠠᠩᠭᠢᠨᠠᠬᠤ᠂ ᠦᠵᠦᠮ ᠤᠨ ᠴᠠᠭᠠᠨ ᠠᠭᠤᠯᠠ ᠬᠡᠮᠡᠬᠦ ᠨᠤᠲᠤᠭ ᠢᠶᠠᠷ ᠨᠤᠲᠤᠭᠯᠠᠨ ᠠᠮᠢᠳᠤᠷᠠᠵᠦ ᠪᠠᠶᠢᠭᠠᠳ ᠲᠤᠬᠠᠢ ᠶᠢᠨ ᠦᠶ᠎ᠡ ᠳᠤ ᠰᠢᠯᠵᠢᠨ ᠤᠳᠤ ᠶᠢᠨ ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠭ ᠲᠤ ᠪᠠᠷᠠᠭᠤᠨ ᠵᠡᠭᠦᠨ ᠬᠤᠶᠠᠷ ᠬᠤᠰᠢᠭᠤ ᠪᠤᠯᠤᠨ ᠰᠠᠭᠤᠷᠢᠰᠢᠵᠡᠢ︾ ᠭᠡᠵᠦ ᠲᠤᠳᠤᠷᠠᠭᠤᠯᠤᠭᠰᠠᠨ ᠤ ᠬᠠᠮᠳᠤ ᠲᠦᠷᠦᠭᠡ ᠬᠠᠩᠭᠢᠨᠠᠭᠤᠷ ᠤᠨ ᠬᠠᠪᠴᠢᠯ᠂ ᠬᠤᠨᠢ ᠮᠠᠶᠢᠯᠠᠬᠤ᠂ ᠦᠵᠦᠮᠦᠴᠢᠨ ᠠᠭᠤᠯᠠ ᠵᠡᠷᠭᠡ ᠭᠠᠵᠠᠷ ᠤᠨ ᠪᠠᠶᠢᠷᠢᠰᠢᠯ ᠢ ᠶᠡᠭᠡ ᠲᠦᠯᠦᠪ ᠨᠠᠷᠢᠨ ᠲᠤᠭᠠᠴᠠᠭᠰᠠᠨ ᠪᠠᠶᠢᠳᠠᠭ᠃      ᠲᠡᠭᠡᠷᠡᠬᠢ ᠠᠮᠠᠨ ᠤᠯᠠᠮᠵᠢᠯᠠᠯ ᠠᠴᠠ ᠦᠵᠦᠮᠦᠴᠢᠨ ᠠᠶᠢᠮᠠᠭ ᠨᠢ ᠡᠷᠳᠡ ᠲᠡᠭᠡᠷ᠎ᠡ ᠦᠶ᠎ᠡ ᠳᠤ ᠠᠯᠳᠠᠢ — ᠬᠠᠩᠭᠠᠢ — ᠭᠠᠯᠪᠠ ᠱᠠᠩᠬ᠎ᠠ ᠵᠡᠷᠭᠡ ᠭᠠᠵᠠᠷ ᠢᠶᠠᠷ ᠨᠡᠭᠦᠳᠡᠯᠯᠡᠨ ᠮᠠᠯᠵᠢᠵᠦ ᠪᠠᠶᠢᠭᠰᠠᠨ ᠢ ᠬᠠᠷᠠᠭᠤᠯᠵᠦ ᠪᠠᠶᠢᠬᠤ ᠮᠦᠷᠳᠡᠭᠡᠨ ᠲᠡᠤᠬᠡ ᠳᠡᠮᠳᠡᠭᠯᠡᠯ ᠤᠨ ᠪᠠᠷᠢᠮᠳᠠ ᠪᠠᠷ ᠡᠭᠦᠨ ᠢ ᠨᠤᠳᠠᠯᠠᠵᠦ ᠪᠠᠶᠢᠨ᠎ᠠ᠃      ᠬᠤᠶᠠᠷ᠂ ᠲᠡᠤᠬᠡᠨ ᠤᠷᠳᠤ ᠶᠢᠨ ᠲᠠᠭᠤᠤ ᠶᠢᠨ ᠤᠯᠠᠮᠵᠢᠯᠠᠭ᠎ᠠ      ᠲᠠᠭᠤᠤ ᠶᠢᠨ ᠠᠭᠤᠯᠭ᠎ᠠ᠄      ᠦᠵᠦᠮᠦᠴᠢᠨ ᠠᠷᠠᠳ ᠤᠨ ᠲᠡᠤᠬᠡᠨ ᠰᠦᠯᠳᠡ ᠲᠠᠭᠤᠤ ︽ᠶᠡᠭᠡ ᠪᠤᠭᠳᠠ ᠪᠤᠯᠠᠭᠠᠨ ᠬᠠᠩᠭᠠᠢ︾ ᠭᠡᠬᠦ ᠲᠠᠭᠤᠤ ᠶᠢᠨ ᠦᠭᠡ ᠳᠤ᠄      ︽ᠶᠡᠭᠡ ᠪᠤᠭᠳᠠ ᠪᠤᠯᠠᠭᠠᠨ ᠬᠠᠩᠭᠠᠢ      ᠠᠭᠤᠵᠢᠮᠬᠠᠨ ᠲᠡᠨᠢᠭᠦᠨ ᠮᠠᠨ ᠤ ᠬᠠᠩᠭᠠᠢ      ᠠᠷᠤ ᠠᠷᠤ ᠳᠠᠭᠠᠨ ᠠᠯᠢᠮ᠎ᠠ ᠲᠠᠢ ᠬᠠᠩᠭᠠᠢ      ᠠᠯᠢᠮ᠎ᠠ ᠶᠢᠨ ᠰᠢᠮᠦᠰᠠᠢ ᠨᠢ ᠲᠡᠯᠭᠡᠷᠡᠭᠰᠡᠨ ᠬᠠᠩᠭᠠᠢ      ᠦᠪᠦᠷ ᠦᠪᠦᠷ ᠲᠡᠭᠡᠨ ᠦᠵᠦᠮ ᠲᠠᠢ ᠬᠠᠩᠭᠠᠢ      ᠦᠵᠦᠮ ᠤᠨ ᠰᠢᠮᠦᠰᠡᠢ ᠨᠢ ᠲᠡᠯᠭᠡᠷᠡᠭᠰᠡᠨ ᠬᠠᠩᠭᠠᠢ ᠁︾ ᠭᠡᠵᠦ ᠤᠶᠠᠩᠭᠠᠯᠠᠨ ᠲᠠᠭᠤᠯᠠᠵᠦ ᠤᠯᠠᠮᠵᠢᠯᠠᠨ ᠦᠯᠡᠳᠡᠭᠡᠪᠡ᠃ ᠲᠤᠰ ᠲᠠᠭᠤᠤ ᠶᠢ ᠦᠵᠦᠮᠦᠴᠢᠨ ᠠᠬᠠᠯᠠᠭᠴᠢ ᠬᠠᠩᠭᠠᠢ ᠳᠤ ᠨᠤᠲᠤᠭᠯᠠᠵᠦ ᠪᠠᠶᠢᠬᠤ ᠳᠠᠭᠠᠨ ᠬᠠᠭᠠᠨ ᠪᠠᠯᠭᠠᠰᠤ ᠳᠤ ᠮᠤᠷᠢᠯᠠᠬᠤ ᠳᠠᠭᠠᠨ ᠲᠠᠭᠤᠯᠠᠭᠰᠠᠨ ᠲᠠᠭᠤᠤ ᠭᠡᠵᠦ ᠶᠠᠷᠢᠭᠳᠠᠳᠠᠭ᠃ ᠲᠤᠰ ᠲᠠᠭᠤᠤ ᠶᠢ ᠵᠤᠬᠢᠶᠠᠭᠳᠠᠭᠰᠠᠨ ᠴᠠᠭ ᠬᠤᠭᠤᠴᠠᠭ᠎ᠠ ᠶᠢᠨ ᠲᠠᠯ᠎ᠠ ᠠᠴᠠ ᠬᠡᠯᠡᠪᠡᠯ ᠬᠠᠩᠭᠠᠢ ᠨᠢᠷᠤᠭᠤ ᠪᠠᠷ ᠪᠠᠶᠢᠵᠦ ᠪᠠᠶᠢᠭᠠᠳ ᠭᠠᠯᠪᠠ ᠱᠠᠩᠬ᠎ᠠ ᠶᠢᠨ ᠭᠤᠪᠢ ᠳᠤ ᠰᠢᠯᠵᠢᠬᠦ ᠳᠡᠭᠡᠨ ᠲᠠᠭᠤᠯᠠᠭᠳᠠᠭᠰᠠᠨ ᠨᠢ ᠲᠤᠲᠤᠷᠬᠠᠢ ᠮᠦᠷᠳᠡᠭᠡᠨ ᠭᠠᠵᠠᠷ ᠤᠰᠤᠨ ᠤ ᠪᠤᠳᠠᠳᠠᠢ ᠨᠡᠷᠡᠶᠢᠳᠦᠯ  ᠨᠢ ᠤᠳᠤ ᠪᠤᠯᠳᠠᠯ᠎ᠠ ᠬᠠᠳᠠᠭᠠᠯᠠᠭᠳᠠᠨ ᠪᠠᠶᠢᠬᠤ ᠠᠴᠠ ᠢᠯᠡᠳᠭᠡᠭᠳᠡᠵᠦ ᠪᠠᠶᠢᠨ᠎ᠠ᠃      ᠬᠠᠩᠭᠠᠢ ᠨᠢᠷᠤᠭᠤ ᠪᠤᠯ ᠮᠤᠩᠭᠤᠯ ᠤᠯᠤᠰ ᠤᠨ ᠤᠳᠤ ᠶᠢᠨ ᠠᠷᠤ ᠬᠠᠩᠭᠠᠢ᠂ ᠪᠠᠶᠠᠬᠤᠩᠭᠤᠷ᠂ ᠵᠠᠪᠬᠠᠨ᠂ ᠦᠪᠦᠷ ᠬᠠᠩᠭᠠᠢ ᠵᠡᠷᠭᠡ ᠠᠶᠢᠮᠠᠭ ᠤᠳ ᠤᠨ ᠨᠤᠲᠤᠭ ᠲᠡᠪᠢᠰᠭᠡᠷ ᠢᠶᠠᠷ ᠬᠦᠨᠳᠡᠯᠢᠳᠦᠨ ᠪᠠᠶᠢᠭ᠎ᠠ ᠠᠭᠤᠳᠠᠮ ᠪᠦᠭᠡᠳ ᠤᠷᠳᠤ ᠨᠢᠷᠤᠭᠤ ᠪᠦᠬᠡᠳ ᠠᠭᠤᠯᠠᠰ ᠤᠨ ᠪᠦᠯᠦᠭᠯᠡᠯ ᠪᠤᠯᠤᠨ᠎ᠠ᠃ ᠬᠠᠩᠭᠠᠢ ᠨᠢᠷᠤᠭᠤ ᠠᠴᠠ ᠤᠷᠤᠭᠰᠢ ᠦᠷᠭᠡᠨ ᠲᠠᠯ᠎ᠠ ᠳᠤ ᠪᠠᠶᠠᠠᠬᠤᠩᠭᠤᠷ ᠠᠶᠢᠮᠠᠭ ᠤᠨ ᠨᠤᠲᠤᠭ ᠤᠨ ᠵᠡᠭᠦᠨ ᠡᠮᠦᠨ᠎ᠡ ᠭᠡᠰᠡᠭ ᠲᠤ ︽ᠶᠡᠭᠡ ᠪᠤᠭᠳᠠ ᠠᠭᠤᠯᠠ︾ ᠭᠡᠬᠦ ᠲᠠᠯᠠᠢ ᠶᠢᠨ ᠲᠦᠪᠰᠢᠨ ᠠᠴᠠ ᠲᠡᠭᠡᠭᠰᠢ 3957 ᠮᠧᠲᠷ ᠡᠷᠭᠦᠭᠳᠡᠵᠦ ᠪᠠᠶᠢᠭ᠎ᠠ ᠶᠡᠭᠡ ᠠᠭᠤᠯᠠ ᠪᠤᠢ᠂ ᠤᠶᠢᠷᠠᠯᠴᠠᠭ᠎ᠠ ᠬᠤᠷᠮᠤᠢ ᠳᠤᠨᠢ ︽ᠤᠷᠤᠭ ᠨᠠᠭᠤᠷ︾ ᠮᠡᠯᠳᠡᠶᠢᠵᠦ᠂ ᠲᠤᠰ ᠨᠠᠭᠤᠷ ᠢ ᠠᠷᠪᠢᠵᠢᠭᠤᠯᠤᠨ ᠤᠨᠳᠤᠷᠠᠭᠤᠯᠵᠦ ᠪᠠᠶᠢᠭ᠎ᠠ ᠬᠠᠩᠭᠠᠢ ᠨᠢᠷᠤᠭᠤ ᠠᠴᠠ ᠡᠬᠢ ᠠᠪᠤᠭᠰᠠᠨ ᠲᠦᠢ ᠶᠢᠨ ᠭᠤᠤᠯ ᠤᠨ ᠴᠢᠳᠬᠤᠯᠠᠩ ᠪᠤᠯᠤᠨ᠎ᠠ᠃ ᠬᠠᠩᠭᠠᠢ ᠨᠢᠷᠤᠭᠤ ᠶᠢᠨ ᠵᠡᠭᠦᠨ ᠭᠡᠰᠡᠭ ᠪᠦᠭᠡᠳ ᠠᠷᠤ ᠬᠠᠩᠭᠠᠢ ᠠᠶᠢᠮᠠᠭ ᠤᠨ ᠨᠤᠲᠤᠭ ᠲᠤ ︽ᠪᠤᠯᠠᠭᠠᠨ ᠠᠭᠤᠯᠠ︾ ᠭᠡᠵᠦ ᠪᠠᠶᠢᠳᠠᠭ᠃ ᠦᠵᠦᠮᠦᠴᠢᠨᠴᠤᠳ᠂ ᠲᠡᠭᠡᠷ᠎ᠡ ᠦᠶ᠎ᠡ ᠳᠡᠭᠡᠨ ᠡᠳᠡᠭᠡᠷ ᠨᠤᠲᠤᠭ ᠤᠰᠤᠨ ᠢᠶᠠᠨ ︽ᠶᠡᠭᠡ ᠪᠤᠭᠳᠠ — ᠪᠤᠯᠠᠭᠠᠨ — ᠬᠠᠩᠭᠠᠢ︾ ᠭᠡᠵᠦ ᠲᠤᠮᠢᠶᠠᠯᠠᠭᠠᠳ ᠲᠠᠭᠤᠤ ᠡᠭᠡᠰᠢᠭ ᠢᠶᠠᠷ ᠢᠶᠠᠨ ᠬᠠᠳᠠᠭᠠᠯᠠᠨ ᠤᠯᠠᠮᠵᠢᠯᠠᠭᠰᠠᠨ ᠢᠶᠠᠷ ᠦᠯᠦ ᠪᠠᠷᠠᠮ ᠦᠵᠦᠮᠦᠴᠢᠨ ᠠᠶᠢᠮᠠᠭ ᠤᠨ ᠰᠦᠯᠳᠡ ᠲᠠᠭᠤᠤ ᠪᠤᠯᠭᠠᠭᠰᠠᠨ ᠪᠠᠶᠢᠨ᠎ᠠ᠃      ᠠᠯᠳᠠᠢ ᠨᠢᠷᠤᠭᠤ ᠪᠤᠯ ᠮᠤᠩᠭᠤᠯ ᠤᠯᠤᠰ ᠤᠨ ᠪᠠᠷᠠᠭᠤᠨ ᠵᠠᠬ᠎ᠠ ᠪᠠᠷ ᠪᠠᠶᠢᠷᠢᠰᠢᠵᠦ ᠪᠠᠶᠢᠳᠠᠭ ᠪᠦᠭᠡᠳ ᠤᠳᠤ ᠶᠢᠨ ᠪᠠᠶᠠᠨ ᠦᠯᠦᠭᠡᠢ᠂ ᠬᠤᠪᠳᠤ᠂ ᠭᠤᠪᠢ ᠠᠯᠳᠠᠢ᠂ ᠡᠮᠦᠨᠡᠭᠤᠪᠢ ᠵᠡᠷᠭᠡ ᠠᠶᠢᠮᠠᠭ ᠤᠳ ᠤᠨ ᠨᠤᠲᠤᠭ ᠢᠶᠠᠷ ᠬᠠᠷᠢᠶᠠᠯᠠᠭᠳᠠᠨ᠎ᠠ᠃ ᠠᠯᠳᠠᠢ ᠨᠢᠷᠤᠭᠤ ᠪᠠᠷ ᠠᠶᠠᠯᠠᠵᠦ ᠪᠠᠶᠢᠬᠤ ᠳᠤ ᠬᠤᠪᠳᠤ ᠠᠶᠢᠮᠠᠭ ᠤᠨ ᠨᠤᠲᠤᠭ ᠲᠤ ᠦᠵᠦᠮᠦᠴᠢᠨ ᠠᠷᠠᠳ ᠤᠨ ᠲᠡᠤᠬᠡᠨ ᠲᠠᠭᠤᠤ ᠳᠤ ᠬᠤᠯᠪᠤᠭᠳᠠᠭᠰᠠᠨ ᠭᠠᠵᠠᠷ ᠤᠨ ᠨᠡᠷ᠎ᠡ ᠲᠤᠳᠤᠷᠬᠠᠢ ᠢᠯᠡᠷᠡᠵᠦ ᠪᠠᠶᠢᠪᠠ᠃ ᠬᠤᠪᠳᠤ ᠬᠤᠳᠠ ᠠᠴᠠ ᠪᠠᠷᠠᠭᠤᠨ ᠡᠮᠦᠨᠡᠰᠢ ᠬᠤᠷᠢᠭᠠᠳ ᠭᠠᠵᠠᠷ ᠤᠨ ᠤᠷᠴᠢᠮ ᠳᠤ ︽ᠶᠡᠭᠡ ᠦᠯᠢ︾ ᠭᠡᠬᠦ ᠠᠭᠤᠯᠠᠷᠬᠠᠭ ᠭᠠᠵᠠᠷ ᠪᠤᠢ ᠪᠦᠭᠡᠳ ᠲᠡᠭᠦᠨ ᠠᠴᠠ ᠤᠷᠤᠭᠰᠢ ᠤᠶᠢᠷᠠᠯᠴᠠᠭ᠎ᠠ ︽ᠦᠯᠢ ᠶᠢᠨ ᠲᠠᠪᠠᠭ᠎ᠠ︾ ᠭᠡᠵᠦ ᠦᠨᠳᠦᠷ  ᠲᠠᠪᠠᠭ᠎ᠠ ᠪᠠᠶᠢᠳᠠᠭ᠂ ᠲᠤᠰ ᠲᠠᠪᠠᠭ᠎ᠠ ᠠᠴᠠ ᠵᠡᠭᠦᠨᠰᠢ ᠴᠢᠭᠯᠡᠯ ᠳᠤ ︽ᠬᠤᠪᠳᠤ ᠶᠢᠨ ᠰᠢᠷᠡᠭᠡ︾ ᠭᠡᠬᠦ ᠡᠮᠦᠨᠡᠰᠢ ᠬᠤᠶᠢᠰᠢ ᠤᠷᠳᠤᠯᠠᠭᠰᠠᠨ ᠲᠡᠪ ᠲᠡᠭᠰᠢᠭᠡᠨ ᠰᠢᠷᠡᠭᠡ ᠭᠡᠮᠡᠷᠭᠡᠨ ᠦᠨᠳᠦᠷ ᠨᠢᠷᠤᠭᠤ ᠪᠠᠶᠢᠨ᠎ᠠ᠂ ᠬᠤᠪᠳᠤ ᠬᠤᠳᠠ ᠠᠴᠠ ᠴᠡᠴᠡᠭ ᠰᠤᠮᠤᠨ ᠳᠤ ᠶᠠᠪᠤᠬᠤ ᠵᠠᠮ ᠤᠨ ᠪᠠᠷᠠᠭᠤᠨ ᠲᠠᠯ᠎ᠠ ᠳᠤ ᠦᠵᠡᠭᠳᠡᠵᠦ ᠪᠠᠶᠢᠳᠠᠭ᠃       ︽ᠦᠯᠢ ᠶᠢᠨ ᠲᠠᠪᠠᠭ᠎ᠠ︾ ᠭᠡᠬᠦ ᠲᠠᠭᠤᠤ ᠶᠢᠨ ᠠᠭᠤᠯᠭ᠎ᠠ᠄       ︽ᠦᠯᠢ ᠶᠢᠨ ᠲᠠᠪᠠᠭ᠎ᠠ ᠨᠢ ᠦᠨᠳᠦᠷᠬᠡᠨ ᠳ᠋ᠠ ᠦᠨᠳᠦᠷᠬᠡᠨ       ᠦᠨᠳᠡᠬᠡᠨ ᠰᠢᠷᠭ᠎ᠠ ᠶᠢ ᠮᠢᠨᠢ ᠵᠢᠪᠡᠷᠡᠭᠡᠨ᠎ᠡ ᠳ᠋ᠠ ᠵᠢᠪᠡᠷᠡᠭᠡᠨ᠎ᠡ       ᠦᠪᠡᠷ ᠤᠨ ᠲᠤᠷ᠎ᠠ ᠪᠠᠷ ᠢᠶᠠᠨ ᠪᠤᠯᠤᠭᠠᠰᠠᠢ ᠳ᠋ᠠ       ᠦᠨᠵᠢᠭᠦᠳᠡ ᠯᠡ ᠬᠤᠨᠤᠭᠤᠳᠠ ᠪᠠᠷ       ᠨᠠᠶᠢᠷᠯᠠᠩᠬᠠᠨ ᠰᠠᠭᠤᠬᠤ ᠦᠭᠡᠢ ᠤᠤ ᠁  ︾ ᠭᠡᠵᠦ ᠲᠠᠭᠤᠯᠠᠳᠠᠭ᠃       ᠦᠯᠢ ᠭᠡᠳᠡᠭ ᠦᠭᠡ ᠪᠤᠯ ᠲᠡᠭᠰᠢᠬᠡᠨ ᠬᠠᠷᠠᠭᠠᠨ ᠠᠴᠠ ᠨᠡᠯᠢᠶᠡᠳ ᠲᠡᠭᠡᠭᠦᠷ ᠬᠠᠷᠠᠬᠤ ᠦᠨᠳᠦᠷᠯᠢᠭ ᠭᠠᠵᠠᠷ ᠢ ᠬᠡᠯᠡᠨ᠎ᠡ᠃ ᠦᠯᠢᠵᠦ ᠬᠠᠷᠠᠬᠤ ᠪᠠᠶᠢᠳᠠᠯ ᠭᠠᠷᠳᠠᠭ᠃ ︽ᠦᠯᠢ ᠶᠢᠨ ᠲᠠᠪᠠᠭ᠎ᠠ︾ ᠭᠡᠳᠡᠭ ᠨᠢ ᠦᠨᠳᠦᠷ ᠪᠦᠭᠡᠳ ᠶᠡᠬᠡᠳᠡ ᠡᠷᠡᠰᠬᠦ ᠲᠠᠪᠠᠭ᠎ᠠ ᠶᠢ ᠨᠡᠷᠡᠯᠡᠭᠰᠡᠨ ᠲᠠᠭᠤᠳᠠᠯᠭ᠎ᠠ ᠪᠤᠯᠬᠤ ᠶᠤᠮ᠂ ᠡᠶᠢᠮᠦ ᠠᠴᠠ ᠦᠯᠢ ᠶᠢᠨ ᠲᠠᠪᠠᠭ᠎ᠠ ᠦᠨᠳᠦᠷᠬᠡᠨ ᠪᠤᠯᠤᠭᠰᠠᠨ ᠪᠠ ᠮᠤᠷᠢ ᠬᠦᠷᠳᠡᠯ᠎ᠡ ᠲᠠᠪᠠᠭ᠋ᠤ ᠪᠠᠨ ᠬᠠᠯᠠᠰᠢᠷᠠᠳᠠᠭ ᠪᠠᠶᠢᠨ᠎ᠠ᠃ ᠵᠤᠬᠢᠶᠠᠭᠰᠠᠨ ᠬᠦᠮᠦᠨ ᠴᠤ ᠲᠤᠰ ᠭᠠᠵᠠᠷ ᠤᠨ ᠤᠨᠴᠠᠯᠢᠭ ᠢᠶᠠᠷ ᠢᠶᠠᠨ ᠵᠦᠢᠷᠯᠡᠨ᠂ ᠠᠯᠤᠰ ᠵᠠᠮ ᠤᠨ ᠪᠡᠷᠬᠡ ᠳᠤ ᠠᠬ᠎ᠠ ᠲᠡᠭᠦᠤ ᠰᠠᠳᠤᠨ ᠠᠴᠠ ᠪᠠᠨ ᠬᠤᠯᠠᠳᠠᠵᠦ ᠲᠦᠪᠳᠡᠬᠦ ᠦᠭᠡᠢ ᠪᠠᠶᠢᠭᠰᠠᠨ ᠪᠠ ᠦᠪᠡᠷ ᠤᠨ ᠡᠷᠬᠡ ᠴᠢᠯᠦᠭᠡ ᠲᠠᠢ ᠠᠮᠢᠳᠤᠷᠠᠯ ᠢᠶᠠᠨ ᠬᠦᠰᠡᠨ ᠡᠷᠡᠮᠡᠯᠵᠡᠯᠡᠭᠰᠡᠨ ᠪᠠᠶᠢᠳᠠᠯ ᠢ ᠲᠤᠰᠬᠠᠵᠠᠢ᠃       ︽ᠬᠢᠰᠭᠢᠳᠡᠯ ᠰᠠᠶᠢᠳᠦ  ︾  ᠭᠡᠬᠦ ᠲᠠᠭᠤᠤ ᠶᠢᠨ ᠠᠭᠤᠯᠭ᠎ᠠ᠄       ︽ᠬᠢᠰᠭᠢᠳᠡᠯ ᠰᠠᠶᠢᠳᠦ ᠦᠷᠢᠶᠡᠨ ᠵᠡᠭᠡᠷᠳᠡ ᠮᠤᠷᠢ ᠮᠢᠨᠢ       ᠢᠵᠢᠯᠢ ᠶᠢᠨ ᠢᠶᠠᠨ ᠬᠤᠶᠢᠬᠠᠨ ᠠᠴᠠ ᠴᠠᠪᠴᠢᠯᠠᠩᠬᠠᠨ ᠲᠡᠮᠦᠯᠡᠳᠡᠭ ᠶᠤᠮ ᠰᠢᠤ ᠳ᠋ᠠ       ᠬᠤᠶᠢᠰᠢ ᠪᠠᠨ ᠮᠤᠷᠳᠡᠯ᠎ᠡ ᠰᠢᠤ ᠬᠤᠪᠳᠤ ᠶᠢᠨ ᠰᠢᠷᠡᠭᠡ ᠶᠢᠨ ᠬᠠᠷᠠᠴᠤᠳ ᠨᠢ       ᠬᠤᠩᠭᠤᠷ ᠤᠨ ᠢᠶᠠᠨ ᠬᠤᠶᠢᠨ᠎ᠠ ᠠᠴᠠ ᠭᠤᠨᠢᠭᠯᠠᠩᠬᠠᠨ ᠰᠠᠨᠠᠳᠠᠭ ᠯᠡ ᠶᠤᠮ ᠰᠢᠤ ᠳ᠋ᠠ ᠁  ︾ ᠭᠡᠵᠦ ᠲᠠᠭᠤᠯᠠᠵᠦ ᠪᠠᠶᠢᠨ᠎ᠠ᠃ ᠡᠨᠡ ᠲᠠᠭᠤᠤ ᠨᠢ ᠦᠵᠦᠮᠦᠴᠢᠨᠴᠤᠳ ᠬᠤᠪᠳᠤ ᠶᠢᠨ ᠰᠢᠷᠡᠭᠡ ᠬᠡᠮᠡᠬᠦ ᠭᠠᠵᠠᠷ ᠠᠴᠠ ᠴᠡᠷᠢᠭ ᠤᠨ ᠠᠯᠪᠠ ᠪᠤᠶᠤ ᠶᠡᠭᠡ ᠨᠡᠭᠦᠳᠡᠯ ᠤᠨ ᠴᠢᠬᠤᠯᠠᠴᠢᠯᠠᠭ᠎ᠠ ᠠᠴᠠ ᠰᠠᠯᠵᠦ ᠠᠮᠠᠷᠠᠭ ᠬᠤᠩᠭᠤᠷ᠂ ᠠᠶᠢᠯ ᠡᠷᠦᠬᠡ ᠪᠠᠨ ᠰᠠᠨᠠᠵᠦ ᠮᠦᠷᠦᠭᠡᠳᠦᠭᠰᠡᠨ ᠲᠠᠭᠤᠤ ᠪᠤᠯᠬᠤ ᠨᠢ ᠢᠯᠡᠷᠬᠡᠢ᠃ ᠲᠤᠰ ᠬᠤᠶᠠᠷ ᠲᠠᠭᠤᠤ ᠪᠤᠯ ᠪᠠᠷᠤᠭ ᠠᠯᠳᠠᠢ ᠤᠷᠤᠨ ᠠᠴᠠ ᠬᠠᠩᠭᠠᠢ ᠵᠦᠭ ᠨᠡᠭᠦᠨ ᠰᠢᠯᠵᠢᠭᠰᠡᠨ ᠤ ᠲᠠᠷᠠᠭ᠎ᠠ ᠪᠠᠷ ᠵᠤᠬᠢᠶᠠᠭᠳᠠᠭᠰᠠᠨ ᠭᠡᠮᠡᠷ ᠠᠵᠢᠭᠯᠠᠭᠳᠠᠨ᠎ᠠ᠃ ᠡᠭᠦᠨ ᠠᠴᠠ ᠲᠡᠤᠬᠡᠨ ᠲᠠᠭᠤᠤ ᠪᠤᠯᠤᠨ ᠤᠳᠠᠭᠠᠨ ᠤᠨ ᠲᠠᠭᠤᠯᠠᠭᠳᠠᠨ ᠤᠯᠠᠮᠵᠢᠯᠠᠭᠳᠠᠭᠰᠠᠨ ᠪᠠᠶᠢᠨ᠎ᠠ᠃ ᠲᠡᠤᠬᠡᠨ ᠤᠷᠳᠤ ᠶᠢᠨ ᠲᠠᠭᠤᠤ ᠪᠤᠯ ᠶᠠᠷᠢᠶᠠᠨ ᠦᠭᠡᠢ ᠲᠡᠤᠬᠡᠨ ᠲᠤᠷᠠᠰᠤᠮᠵᠢ ᠪᠤᠶᠤ ᠲᠡᠮᠳᠡᠭᠯᠡᠯ ᠪᠠᠶᠢᠵᠦ᠂ ᠨᠢᠭᠡᠨ ᠠᠶᠢᠮᠠᠭ ᠪᠦᠯᠦᠭ ᠤᠨ ᠲᠡᠤᠬᠡᠨ ᠦᠩᠭᠡᠷᠡᠯᠳᠡ ᠶᠢ ᠰᠢᠪᠡᠨᠡᠵᠦ ᠪᠠᠶᠢᠬᠤ ᠶᠢ ᠮᠡᠳᠡᠵᠦ ᠪᠤᠯᠤᠨ᠎ᠠ᠂  ᠲᠡᠷᠡ ᠮᠦᠷᠳᠡᠭᠡᠨ ᠡᠳᠡᠭᠡᠷ ᠠᠶᠠᠯᠠᠭᠤ ᠲᠠᠭᠤᠤ ᠨᠢ ᠮᠠᠰᠢ ᠴᠢᠬᠤᠯᠠ ᠰᠤᠳᠤᠯᠭᠠᠨ ᠤ ᠦᠷᠳᠡᠭ ᠲᠠᠢ ᠦᠨᠡᠯᠡᠰᠢ ᠦᠭᠡᠢ ᠰᠤᠶᠤᠯ ᠤᠨ ᠦᠪ ᠪᠤᠯᠬᠤ ᠶᠤᠮ᠃ ᠦᠵᠦᠮᠦᠴᠢᠨ ᠠᠮᠠᠨ ᠤᠯᠠᠮᠵᠢᠯᠠᠯ ᠪᠤᠯᠤᠨ ᠲᠡᠤᠬᠡᠨ ᠤᠷᠳᠤ ᠶᠢᠨ ᠲᠠᠭᠤᠤ ᠶᠢᠨ ᠠᠭᠤᠯᠭ᠎ᠠ ᠵᠤᠷᠢᠯᠳᠡ ᠠᠴᠠ ᠰᠢᠨᠵᠢᠪᠡᠯ ᠪᠦᠷ ᠯᠡ ᠲᠡᠤᠬᠡᠨ ᠭᠠᠵᠠᠷ ᠤᠰᠤᠨ ᠤ ᠲᠤᠷᠠᠰᠤᠮᠵᠢ ᠪᠦᠭᠡᠳ ᠤᠯᠠ ᠮᠦᠷ ᠤᠨ ᠲᠠᠯ᠎ᠠ ᠠᠴᠠ ᠦᠵᠡᠪᠡᠯ ᠶᠠᠭᠠᠬᠢᠨ ᠠᠷᠭ᠎ᠠ ᠦᠭᠡᠢ ᠨᠢᠭᠡᠳᠦᠯᠳᠡᠢ ᠪᠠᠶᠢᠳᠠᠭ᠂ ᠡᠶᠢᠮᠦ ᠠᠴᠠ ᠪᠢᠳᠡ ᠡᠷᠳᠡ ᠲᠡᠭᠡᠳᠦᠰ ᠠᠴᠠ ᠦᠪᠯᠡᠭᠰᠡᠨ ᠠᠮᠠᠨ ᠤᠯᠠᠮᠵᠢᠯᠠᠯ ᠪᠤᠯᠤᠨ ᠠᠷᠠᠳ ᠤᠨ ᠤᠷᠳᠤ ᠶᠢᠨ ᠲᠠᠭᠤᠤ ᠶᠢᠨ ᠢᠶᠠᠨ ᠲᠡᠤᠬᠡᠨ ᠮᠦᠨ ᠴᠢᠨᠠᠷ ᠢ ᠰᠤᠳᠤᠯᠵᠦ᠂ ᠦᠨᠡᠨ ᠤ ᠲᠡᠭᠡᠳᠦ ᠶᠤᠮ ᠭᠡᠵᠦ ᠢᠳᠡᠭᠡᠵᠦ ᠤᠷᠤᠢ ᠶᠢᠨ ᠴᠢᠮᠡᠭ ᠪᠤᠯᠭᠠᠬᠤ ᠳᠠᠭᠠᠨ ᠲᠠᠭᠠᠷᠠᠨ᠎ᠠ᠃ ᠦᠵᠦᠮᠦᠴᠢᠨ ᠲᠡᠤᠬᠡ ᠰᠤᠳᠤᠯᠠᠭᠠᠴᠢᠳ ᠮᠠᠨᠢ ᠬᠡᠳᠦᠨ ᠵᠠᠭᠤᠨ ᠵᠢᠯ ᠢᠶᠠᠷ ᠡᠪᠦᠭᠡ ᠲᠡᠭᠡᠳᠦᠰ ᠤᠳ ᠮᠠᠨᠢ ᠬᠤᠳᠠᠯ ᠶᠡᠷᠦ ᠶᠠᠷᠢᠭ᠎ᠠ ᠦᠭᠡᠢ᠂ ᠬᠤᠭᠤᠰᠤᠨ ᠶᠠᠭᠤᠮ᠎ᠠ ᠤᠯᠠᠮᠵᠢᠯᠠᠭ᠎ᠠ ᠦᠭᠡᠢ ᠭᠡᠳᠡᠭ ᠲᠤ ᠢᠳᠡᠭᠡᠯᠳᠡᠢ ᠪᠠᠶᠢᠬᠤ ᠬᠡᠷᠡᠭᠳᠡᠢ᠃      ᠭᠤᠷᠪᠠ  ᠲᠡᠤᠭᠡ ᠲᠡᠮᠳᠡᠭᠯᠡᠯ ᠤᠨ ᠡᠰᠢᠯᠡᠯ ᠢᠶᠠᠷ ᠦᠵᠦᠮᠦᠴᠢᠨ ᠤ ᠨᠡᠭᠦᠳᠡᠯ ᠢ ᠵᠢᠱᠢᠬᠦ ᠨᠢ      ︽ᠴᠢᠩ ᠤᠯᠤᠰ ᠤᠨ ᠲᠡᠤᠬᠡ ᠶᠢᠨ ᠡᠬᠢ ᠪᠢᠴᠢᠭ︾ ᠳᠠᠬᠢ ᠦᠵᠦᠮᠦᠴᠢᠨ ᠤ ᠪᠦᠯᠦᠭ ᠲᠤ ︽᠁ ᠲᠦᠷᠦᠪᠤᠯᠤᠳ ᠬᠠᠩᠭᠠᠢ ᠠᠭᠤᠯᠠᠨ ᠠᠴᠠ ᠡᠮᠦᠨᠡᠰᠢ ᠨᠡᠭᠦᠵᠦ ᠢᠷᠡᠬᠦ ᠳᠤ᠂ ᠪᠤᠳᠢ ᠠᠯᠠᠭ ᠵᠠᠯᠭᠠᠮᠵᠢᠯᠠᠪᠠ︾ ᠭᠡᠵᠦ ︽ᠮᠤᠩᠭᠤᠯ ᠤᠨ ᠨᠡᠭᠦᠳᠡᠯ ᠮᠠᠯᠵᠢᠯ ᠤᠨ ᠲᠡᠮᠳᠡᠭᠯᠡᠯ︾ ᠳᠤ ︽᠁ ᠲᠦᠷᠦᠪᠤᠯᠤᠤᠳ ᠬᠠᠩᠭᠠᠢ ᠠᠭᠤᠯᠠᠨ ᠠᠴᠠ ᠭᠤᠪᠢ ᠳᠤᠷ ᠰᠢᠯᠵᠢᠵᠦ ᠮᠠᠯᠵᠢᠨ ᠰᠠᠭᠤᠪᠠᠢ︾ ᠭᠡᠵᠦ ᠲᠡᠮᠳᠡᠭᠯᠡᠵᠦ ᠪᠠᠶᠢᠳᠠᠭ᠃ ᠡᠳᠡᠭᠡᠷ ᠲᠡᠤᠬᠡᠨ ᠲᠡᠮᠳᠡᠭᠯᠡᠯ ᠤᠳ ᠢ ᠨᠢᠭᠳᠠᠯᠠᠪᠠᠯ᠂ ᠲᠦᠷᠦᠪᠤᠯᠤᠳ ᠤᠨ ᠦᠶ᠎ᠡ ᠳᠤ ᠦᠵᠦᠮᠦᠴᠢᠨ ᠠᠶᠢᠮᠠᠭ ᠨᠢ ᠬᠠᠩᠭᠠᠢ ᠨᠢᠷᠤᠭᠤ ᠠᠴᠠ ᠭᠤᠪᠢ ᠳᠤ ᠮᠠᠯᠵᠢᠨ ᠰᠠᠭᠤᠭᠰᠠᠨ ᠨᠢ ᠲᠤᠲᠤᠷᠬᠠᠢ ᠪᠤᠯᠪᠠᠴᠤ᠂ ᠭᠤᠪᠢ ᠶᠢᠨ ᠡᠮᠦᠨᠡᠬᠢ ᠡᠪᠡᠰᠤᠳᠤ ᠲᠠᠯ᠎ᠠ ᠳᠤ ᠢᠷᠡᠵᠦ ᠨᠡᠭᠦᠳᠡᠯᠯᠡᠨ ᠮᠠᠯᠵᠢᠭᠰᠠᠨ ᠨᠢ ᠪᠤᠳᠢ ᠠᠯᠠᠭ ᠤᠨ ᠦᠶ᠎ᠡ ᠭᠡᠰᠡᠨ ᠤᠬᠠᠭᠳᠠᠬᠤᠨ ᠪᠤᠯᠵᠦ ᠲᠠᠭᠠᠷᠠᠨ᠎ᠠ᠃ ᠡᠭᠦᠨ ᠤ ᠤᠴᠢᠷ ᠨᠢ ︽ᠬᠠᠩᠭᠠᠢ ᠠᠭᠤᠯᠠᠨ ᠠᠴᠠ ᠨᠡᠭᠦᠵᠦ ᠢᠷᠡᠬᠦ ᠳᠤ ᠪᠤᠳᠢ ᠠᠯᠠᠭ ᠵᠠᠯᠭᠠᠮᠵᠢᠯᠠᠭᠰᠠᠨ︾ ᠲᠡᠮᠳᠡᠭᠯᠡᠯ ᠰᠢᠭᠤᠳ ᠲᠤᠰᠬᠠᠵᠦ ᠪᠠᠶᠢᠨ᠎ᠠ᠃ ᠭᠤᠪᠢ ᠳᠤ ᠮᠠᠯᠵᠢᠨ ᠰᠠᠭᠤᠯ᠎ᠠ ᠭᠡᠳᠡᠭ ᠨᠢ ᠤᠳᠤ ᠶᠢᠨ ᠮᠤᠩᠭᠤᠯ ᠤᠯᠤᠰ ᠤᠨ ᠡᠮᠦᠨᠡᠭᠤᠪᠢ ᠠᠶᠢᠮᠠᠭ ᠤᠨ ᠡᠮᠦᠨ᠎ᠡ ᠪᠡᠶ᠎ᠡ ᠪᠠᠷ ᠪᠠᠶᠢᠷᠢᠰᠢᠵᠦ ᠪᠠᠶᠢᠭ᠎ᠠ ᠱᠠᠩᠬ᠎ᠠ ᠶᠢᠨ ᠨᠢᠷᠤᠭᠤ ᠶᠢ ᠲᠦᠰᠢᠭᠯᠡᠭᠰᠡᠨ ︽ᠭᠠᠯᠪᠠ ᠶᠢᠨ ᠭᠤᠪᠢ︾ ᠤᠷᠴᠢᠮ ᠤᠨ ᠭᠠᠵᠠᠷ ᠤᠷᠤᠨ ᠢ ᠵᠢᠭᠠᠵᠦ ᠪᠤᠢ᠃ ᠡᠨᠡ ᠨᠢ ᠦᠵᠦᠮᠦᠴᠢᠨ ᠤᠯᠠᠮᠵᠢᠯᠠᠯ ᠶᠠᠷᠢᠶᠠᠨ ᠤ ︽ᠭᠠᠭᠴᠠ ᠪᠦᠬᠦᠳᠦ ᠲᠡᠮᠡᠭᠡ ᠲᠠᠢ ᠭᠠᠯᠪᠠ ᠱᠠᠩᠬ᠎ᠠ ᠶᠢᠨ ᠭᠤᠪᠢ ᠠᠴᠠ ᠨᠡᠭᠦᠵᠦ ᠢᠷᠡᠭᠰᠡᠨ︾ ᠲᠠᠢ ᠠᠮᠠ ᠰᠡᠭᠡᠷ ᠵᠤᠯᠭᠠᠵᠦ ᠪᠠᠶᠢᠳᠠᠭ᠃ ᠦᠵᠦᠮᠦᠴᠢᠨ ᠠᠶᠢᠮᠠᠭ᠂ ᠤᠷᠤᠨᠰᠢᠨ ᠰᠠᠭᠤᠵᠦ ᠪᠠᠶᠢᠭᠰᠠᠨ ᠤᠤᠭᠠᠯ ᠨᠤᠲᠤᠭ ᠢᠶᠠᠨ ᠭᠠᠵᠠᠷ ᠤᠰᠤᠨ ᠤ ᠤᠨᠴᠠᠭᠠᠢ ᠨᠡᠷᠡᠶᠢᠳᠦᠯ ᠢᠶᠠᠷ ᠲᠤᠮᠢᠶᠠᠯᠠᠨ ᠡᠭᠡᠰᠢᠭ ᠤᠶᠠᠩᠭ᠎ᠠ ᠪᠤᠯᠭᠠᠵᠦ᠂ ᠲᠡᠤᠬᠡᠨ ᠤᠯᠠ ᠮᠦᠷ ᠢᠶᠠᠨ ᠲᠤᠷᠠᠶᠢᠯᠭᠠᠨ ᠦᠯᠡᠳᠡᠭᠡᠭᠰᠡᠨ ᠨᠢ ᠬᠠᠴᠢᠷᠬᠠᠯᠳᠠᠢ ᠪᠦᠭᠡᠳ ᠶᠡᠭᠡ ᠰᠤᠳᠤᠯᠭᠠᠨ ᠤ ᠦᠷᠳᠡᠭ ᠲᠠᠢ ᠶᠤᠮ᠃ ᠲᠡᠤᠬᠡ ᠶᠢᠨ ᠦᠨᠡᠨ ᠪᠤᠯ ᠭᠡᠵᠢᠶᠡᠳᠡ ᠮᠦᠩᠭᠡ ᠰᠠᠶᠢᠬᠠᠨ ᠢᠶᠠᠷ ᠢᠶᠠᠨ ᠪᠠᠶᠢᠳᠠᠭ᠂ ᠡᠪᠡᠰᠦᠳᠦ ᠲᠠᠯ᠎ᠠ ︵ᠦᠪᠦᠷ ᠮᠤᠩᠭᠤᠯ ᠤᠨ ᠵᠡᠭᠦᠨ ᠲᠠᠯ᠎ᠠ︶ ᠳᠤ ᠢᠷᠡᠭᠡᠳ ᠲᠠᠪᠤᠨ ᠵᠠᠭᠤᠨ ᠤᠨ ᠪᠤᠯᠤᠭᠰᠠᠨ ᠲᠡᠤᠬᠡᠨ ᠤᠷᠳᠤ ᠬᠤᠭᠤᠴᠠᠭ᠎ᠠ ᠳᠤ ᠦᠵᠦᠮᠦᠴᠢᠨ ᠠᠶᠢᠮᠠᠭ ᠤᠨ ᠶᠡᠭᠡ ᠨᠡᠭᠦᠳᠡᠯ ᠰᠢᠯᠵᠢᠯ ᠢ ᠲᠤᠤᠷᠠᠬᠢ ᠮᠡᠳᠦ ᠲᠤᠮᠢᠶᠠᠯᠠᠨ ᠵᠠᠭᠪᠤᠷᠢᠯᠠᠵᠦ ᠪᠤᠯᠤᠨ᠎ᠠ᠃       ︵1︶᠂ ᠠᠯᠳᠠᠢ ᠤᠷᠤᠨ ᠢᠶᠠᠷ ᠨᠤᠲᠤᠭᠯᠠᠵᠦ ᠪᠠᠶᠢᠬᠤ ᠳᠠᠭᠠᠨ ︽ᠠᠯᠳᠠᠢ ᠶᠢᠨ ᠦᠵᠦᠮ ᠤᠨ ᠴᠠᠭᠠᠨ ᠠᠭᠤᠯᠠ᠂ ᠲᠦᠷᠦᠭᠡ ᠬᠠᠩᠭᠢᠨᠠᠭᠤᠷ ᠤᠨ ᠬᠠᠪᠴᠢᠯ᠂ ᠬᠤᠨᠢ ᠮᠠᠶᠢᠯᠠᠬᠤ︾ ᠵᠡᠷᠭᠡ ᠤᠨᠴᠠᠭᠠᠢ ᠨᠡᠷᠡᠳᠦ ᠭᠠᠵᠠᠷ ᠤᠰᠤᠨ ᠤ ᠨᠡᠷᠡᠶᠢᠳᠦᠯ ᠢᠶᠠᠷ ᠲᠤᠮᠢᠶᠠᠯᠠᠨ ᠤᠯᠠᠮᠵᠢᠯᠠᠪᠠ᠃ ᠡᠨᠡ ᠨᠢ ᠪᠠᠷᠤᠭ 13 ᠳ᠋ᠤᠭᠠᠷ ᠵᠠᠭᠤᠨ ᠠᠴᠠ ᠠᠷᠪᠠᠨ ᠲᠦᠷᠪᠡᠳᠦᠭᠡᠷ ᠵᠠᠭᠤᠨ ᠤ ᠰᠡᠭᠦᠯᠴᠢ ᠪᠠᠶᠢᠵᠦ ᠮᠠᠳᠠᠨ᠎ᠠ᠃       ︵2︶᠂ ᠬᠠᠩᠭᠠᠢ ᠨᠢᠷᠤᠭᠤ ᠪᠠᠷ ᠮᠠᠯᠵᠢᠨ ᠰᠠᠭᠤᠵᠦ ᠪᠠᠶᠢᠬᠤ ᠳᠠᠭᠠᠨ ︽ᠶᠡᠭᠡ ᠪᠤᠭᠳᠠ — ᠪᠤᠯᠠᠭᠠᠨ — ᠬᠠᠩᠭᠠᠢ︾ ᠵᠡᠷᠭᠡ ᠭᠠᠵᠠᠷ ᠢᠶᠠᠷ ᠨᠡᠷᠡᠶᠢᠳᠦᠨ ᠲᠤᠮᠢᠶᠠᠯᠠᠭᠠᠳ ᠲᠠᠭᠤᠤ ᠵᠤᠬᠢᠶᠠᠨ ᠠᠯᠳᠠᠷᠰᠢᠭᠤᠯᠤᠨ ᠤᠯᠠᠮᠵᠢᠯᠠᠪᠠ᠃ ᠡᠨᠡ ᠨᠢ ᠪᠠᠷᠤᠭ 14 ᠳ᠋ᠤᠭᠠᠷ ᠵᠠᠭᠤᠨ ᠤ ᠰᠡᠭᠦᠯᠴᠢ ᠠᠴᠠ ᠠᠷᠪᠠᠨ ᠲᠠᠪᠤᠳᠤᠭᠠᠷ ᠵᠠᠭᠤᠨ ᠤ ᠰᠡᠭᠦᠯᠴᠢ ᠦᠶ᠎ᠡ ᠪᠤᠯᠤᠨ᠎ᠠ       ︵3︶᠂ ᠭᠤᠪᠢ ᠪᠠᠷ ᠨᠡᠭᠦᠳᠡᠯᠯᠡᠨ ᠠᠮᠢᠳᠤᠷᠠᠬᠤ ᠳᠠᠭᠠᠨ ︽ᠭᠠᠯᠪᠠ — ᠱᠠᠩᠬ᠎ᠠ ᠶᠢᠨ ᠭᠤᠪᠢ ᠠᠴᠠ ᠭᠠᠭᠴᠠ ᠪᠦᠬᠦᠳᠦ ᠲᠡᠮᠡᠭᠡᠳ ᠲᠠᠢ ᠢᠷᠡᠯ᠎ᠡ︾ ᠭᠡᠬᠦ ᠠᠮᠠᠨ ᠤᠯᠠᠮᠵᠢᠯᠠᠯ ᠦᠯᠡᠳᠡᠭᠡᠪᠡ᠃ ᠡᠨᠡ ᠨᠢ 15 ᠵᠠᠭᠤᠨ ᠤ ᠰᠡᠭᠦᠯᠴᠢ ᠠᠴᠠ ᠠᠷᠪᠠᠨ ᠵᠢᠷᠭᠤᠳᠤᠭᠠᠷ ᠵᠠᠭᠤᠨ ᠤ ᠡᠬᠢᠨ ᠤ ᠦᠶ᠎ᠡ ᠪᠠᠶᠢᠵᠦ ᠲᠠᠭᠠᠷᠨ᠎ᠠ᠃       ᠲᠡᠭᠡᠷᠡᠬᠢ ᠰᠢᠨᠵᠢᠯᠡᠭᠡᠨ ᠠᠴᠠ ᠦᠵᠦᠮᠦᠴᠢᠨ ᠠᠶᠢᠮᠠᠭ ᠤᠨ ᠲᠡᠭᠡᠳᠦᠰ ᠤᠨ ᠦᠶ᠎ᠡ ᠦᠶ᠎ᠡ ᠶᠢᠨ ᠠᠮᠠᠨ ᠤᠯᠠᠮᠵᠢᠯᠠᠯ ᠨᠢ ᠦᠯᠢᠭᠡᠷ ᠲᠤᠮᠤᠭ ᠪᠢᠰᠢ ᠬᠠᠷᠢᠨ ᠦᠨᠡᠨ ᠪᠤᠳᠠᠳᠠᠢ ᠨᠡᠭᠦᠳᠡᠯ ᠮᠠᠯᠵᠢᠯ ᠤᠨ ᠨᠤᠲᠤᠭ ᠤᠰᠤᠨ ᠢᠶᠠᠨ ᠲᠡᠤᠬᠡᠨ ᠴᠠᠭ ᠦᠶ᠎ᠡ ᠪᠠᠷ ᠲᠤᠳᠤᠷᠬᠠᠶᠢᠯᠠᠨ ᠵᠢᠷᠤᠭᠯᠠᠭᠰᠠᠨ ᠪᠠᠶᠢᠨ᠎ᠠ ᠭᠡᠳᠡᠭ ᠢ ᠤᠶᠢᠯᠠᠭᠠᠵᠦ ᠪᠤᠯᠤᠨ᠎ᠠ᠃ ᠦᠵᠦᠮᠦᠴᠢᠨ ᠬᠦᠮᠦᠨ ᠲᠡᠤᠬᠡᠨ ᠠᠴᠠ ᠪᠠᠨ ᠠᠪᠤᠭᠠᠳ ᠤᠢ ᠪᠢᠯᠢᠭ ᠢᠶᠠᠷ ᠬᠡᠨ ᠠᠴᠠ ᠴᠤ ᠤᠷᠤᠶᠢᠯᠠᠵᠦ᠂ ᠤᠷᠴᠢᠯᠠᠩ ᠲᠡᠯᠡᠬᠡᠢ ᠶᠢᠨ ᠠᠭᠤᠳᠠᠮ ᠭᠡᠳᠡᠭ ᠢ ᠬᠡᠨ ᠠᠴᠠ ᠴᠤ ᠤᠷᠢᠳᠠᠵᠦ ᠰᠡᠷᠡᠭᠰᠡᠨ ᠠᠴᠠ ᠮᠤᠩᠭᠤᠯ ᠨᠡᠭᠦᠳᠡᠯ ᠮᠠᠯᠵᠢᠯ ᠤᠨ ᠭᠠᠷᠮᠠᠭᠠᠢ ᠪᠡᠶᠡᠯᠡᠭᠦᠯᠦᠭᠴᠢ᠂ ᠮᠤᠷᠢᠳᠠᠨ ᠦᠨᠳᠦᠰᠦᠳᠡᠨ ᠤ ᠠᠮᠢᠳᠤᠷᠠᠯ ᠵᠠᠩ ᠦᠢᠯᠡ ᠶᠢᠨ ᠰᠤᠳᠤᠨ ᠠᠶᠢᠮᠠᠭ ᠪᠦᠯᠦᠭ ᠪᠤᠯᠵᠦ ᠴᠢᠳᠠᠭᠰᠠᠨ ᠪᠠᠶᠢᠨ᠎ᠠ᠃      ᠲᠠᠪᠤ   ᠦᠵᠦᠮᠦᠴᠢᠨ ᠤ ᠲᠤᠮᠤᠭᠳᠤ ᠤᠯᠠᠮᠵᠢᠯᠠᠯ ᠤᠨ ᠦᠨᠡᠨ ᠲᠦᠷᠬᠦ                            — ᠵᠡᠭᠦᠨ ᠦᠵᠦᠮᠦᠴᠢᠨ ᠬᠤᠰᠢᠭᠤᠨ ᠤ ᠬᠤᠶᠠᠳᠡᠬᠢ ᠤᠳᠠᠭᠠᠨ ᠤ                                 ᠤᠤᠭᠠᠯ ᠨᠤᠲᠤᠭ ᠢᠶᠠᠨ ᠬᠠᠶᠢᠨ ᠰᠢᠨᠵᠢᠯᠡᠭᠰᠡᠨ ᠦᠩᠭᠡᠷᠡᠯᠳᠡ      ᠵᠡᠭᠦᠨ ᠦᠵᠦᠮᠦᠴᠢᠨ ᠬᠤᠰᠢᠭᠤᠨ ᠤ ᠤᠤᠭᠠᠯ ᠨᠤᠲᠤᠭ ᠢᠶᠠᠨ ᠬᠠᠶᠢᠨ ᠰᠢᠨᠵᠢᠯᠡᠬᠦ ᠬᠤᠶᠠᠳᠡᠬᠢ ᠠᠶᠠᠯᠠᠯ 2008 ᠤᠨ ᠤ 8 ᠰᠠᠷ᠎ᠠ ᠶᠢᠨ 27 ᠡᠳᠦᠷ ᠠᠴᠠ 9 ᠰᠠᠷ᠎ᠠ ᠶᠢᠨ 19 ᠡᠳᠦᠷ ᠬᠦᠷᠳᠡᠯ᠎ᠡ ᠶᠠᠪᠤᠭᠳᠠᠵᠠᠢ᠃ ᠬᠠᠶᠢᠨ ᠰᠢᠨᠵᠢᠯᠡᠯᠳᠡ ᠨᠢ ᠦᠵᠦᠮᠦᠴᠢᠨ ᠤ ᠠᠯᠳᠠᠷᠳᠤ ᠲᠡᠤᠬᠡᠨ ᠠᠮᠠᠨ ᠤᠯᠠᠮᠵᠢᠯᠠᠯ ᠳᠠᠬᠢ ᠠᠯᠳᠠᠢ — ᠬᠠᠩᠭᠠᠢ ᠶᠢᠨ ᠦᠵᠦᠮ ᠤᠨ ᠴᠠᠭᠠᠨ ᠠᠭᠤᠯᠠ᠂ ᠲᠦᠷᠦᠭᠡ ᠬᠠᠩᠭᠢᠨᠠᠭᠤᠷ ᠤᠨ ᠬᠠᠪᠴᠢᠯ᠂ ᠬᠤᠨᠢ ᠮᠠᠶᠢᠯᠠᠬᠤ ᠵᠡᠷᠭᠡ ᠭᠠᠵᠠᠷ ᠤᠷᠤᠨ ᠢᠶᠠᠷ ᠨᠤᠲᠤᠭᠯᠠᠵᠦ ᠪᠠᠶᠢᠭᠰᠠᠨ ᠭᠡᠬᠦ ᠪᠠᠷᠤᠭ ᠲᠠᠪᠤᠨ ᠵᠠᠭᠤᠨ ᠵᠢᠯ ᠤᠨ ᠡᠮᠦᠨᠡᠬᠢ ᠲᠡᠤᠬᠡ ᠶᠢᠨ ᠦᠨᠡᠨ ᠢ ᠨᠤᠳᠠᠯᠠᠬᠤ ᠪᠠᠷ ᠵᠤᠷᠢᠭᠤᠯᠤᠯᠳᠠ ᠪᠤᠯᠭᠠᠭᠰᠠᠨ ᠶᠤᠮ᠃ ᠦᠵᠦᠮᠦᠴᠢᠨ ᠠᠶᠢᠮᠠᠭ ᠤᠨ ᠠᠮᠠᠨ ᠤᠯᠠᠮᠵᠢᠯᠠᠯ ᠤᠨ ᠦᠨᠡᠨ ᠲᠦᠷᠬᠦ ᠶᠢ ᠢᠯᠡᠷᠡᠭᠦᠯᠦᠨ ᠨᠤᠳᠠᠯᠠᠬᠤ ᠪᠤᠯ ᠦᠵᠦᠮᠦᠴᠢᠨ ᠤ ᠲᠡᠤᠬᠡ ᠰᠤᠶᠤᠯ ᠤᠨ ᠠᠵᠢᠯ ᠢ ᠠᠬᠢᠭᠤᠯᠬᠤ ᠪᠠ ᠮᠤᠩᠭᠤᠯ ᠤᠨ ᠦᠨᠳᠦᠷᠯᠢᠭ ᠠᠯᠳᠠᠢ ᠤᠷᠤᠨ ᠲᠠᠢ ᠶᠠᠪᠤᠯᠴᠠᠬᠤ ᠰᠤᠶᠤᠯ ᠤᠨ ᠰᠤᠯᠢᠯᠴᠠᠭ᠎ᠠ ᠶᠢ ᠬᠦᠭᠵᠢᠭᠦᠯᠬᠦ ᠳᠤ ᠴᠢᠬᠤᠯᠠ ᠶᠡᠭᠡ ᠠᠴᠢ ᠬᠤᠯᠪᠤᠭᠳᠠᠯ ᠲᠠᠢ ᠶᠤᠮ᠃      2006 ᠤᠨ ᠳᠤ ᠪᠤᠯᠤᠭᠰᠠᠨ ᠠᠩᠬᠠᠳᠤᠭᠠᠷ ᠤᠳᠠᠭᠠᠨ ᠤ ᠬᠠᠶᠢᠨ ᠰᠢᠨᠵᠢᠯᠡᠯᠳᠡ ᠪᠠᠷ ᠮᠤᠩᠭᠤᠯ ᠤᠯᠤᠰ ᠤᠨ ᠪᠠᠶ᠋ᠬᠠᠦ᠋ᠯᠦᠭᠡᠢ ᠠᠶᠢᠮᠠᠭ ᠤᠨ ᠰᠠᠭᠰᠠᠢ᠂ ᠠᠯᠳᠠᠢ ᠵᠡᠷᠭᠡ ᠰᠤᠮᠤᠨ ᠳᠤ ᠴᠠᠭᠠᠨ ᠠᠭᠤᠯᠠ — ᠲᠦᠷᠦᠭᠡ ᠬᠠᠩᠭᠢᠨᠠᠭᠤᠷ ᠤᠨ ᠬᠠᠪᠴᠢᠯ — ᠬᠤᠨᠢ ᠮᠠᠶᠢᠯᠠᠬᠤ ᠵᠡᠷᠭᠡ ᠠᠭᠤᠯᠠ ᠤᠰᠤᠨ ᠪᠠᠶᠢᠬᠤ ᠶᠢ ᠤᠯᠠᠨ ᠲᠠᠯ᠎ᠠ ᠪᠠᠷ ᠰᠢᠨᠵᠢᠯᠡᠨ ᠲᠤᠳᠤᠷᠬᠠᠶᠢᠯᠠᠭᠰᠠᠨ ᠪᠠᠶᠢᠳᠠᠭ᠃ ᠡᠨᠡ ᠤᠳᠠᠭ᠎ᠠ ᠪᠢᠳᠡ ᠠᠩᠬᠠᠳᠤᠭᠠᠷ ᠬᠠᠶᠢᠨ ᠰᠢᠨᠵᠢᠯᠡᠯᠳᠡ ᠶᠢᠨ ᠰᠠᠭᠤᠷᠢᠨ ᠲᠡᠭᠡᠷ᠎ᠡ ᠴᠠᠭ ᠤᠯᠠᠷᠢᠯ ᠤᠨ ᠠᠰᠢᠭᠳᠡᠢ ᠲᠤᠬᠢᠶᠠᠯ ᠢ ᠵᠨᠪᠳᠤᠵᠦ᠂ ᠡᠳᠡᠭᠡᠷ ᠠᠭᠤᠯᠠ ᠤᠰᠤᠨ ᠤ ᠤᠷᠤᠰᠢᠨ ᠪᠤᠢ ᠲᠤᠬᠠᠢ ᠶᠢᠨ ᠭᠠᠵᠠᠷ ᠲᠤᠨᠢ ᠬᠦᠷᠴᠤ᠂ ᠵᠢᠷᠤᠭ ᠲᠦᠷᠰᠦ ᠶᠢᠨ ᠡᠰᠢ ᠪᠠᠷᠢᠮᠳᠠ ᠪᠠᠷ ᠨᠤᠳᠠᠯᠠᠵᠦ ᠢᠯᠡᠷᠡᠭᠦᠯᠬᠦ ᠶᠢ ᠴᠢᠷᠮᠠᠶᠢᠭᠰᠠᠨ ᠶᠤᠮ᠃      ᠮᠤᠩᠭᠤᠯ ᠤᠯᠤᠰ ᠤᠨ ᠪᠠᠶ᠋ᠬᠠᠦ᠋ᠯᠦᠭᠡᠢ ᠠᠶᠢᠮᠠᠭ ᠤᠨ ᠰᠠᠭᠰᠠᠢ ᠰᠤᠮᠤ ᠪᠤᠯ ᠲᠤᠮᠳᠠᠳᠤ ᠤᠯᠤᠰ ᠤᠨ ᠰᠢᠨᠵᠢᠶᠠᠩ ᠤᠷᠤᠨ ᠤ ᠠᠯᠳᠠᠢ ᠠᠶᠢᠮᠠᠭ ︵ᠬᠤᠳᠠ︶ ᠤᠨ ᠬᠢᠯᠢ ᠪᠠᠷ ᠬᠦᠷᠰᠢᠯᠡᠵᠦ ᠪᠠᠶᠢᠳᠠᠭ ᠴᠤᠯ ᠮᠠᠯᠵᠢᠬᠤ ᠬᠢᠯᠢ ᠶᠢᠨ ᠰᠤᠮᠤ ᠪᠤᠯᠬᠤ ᠪᠦᠭᠡᠳ ᠺᠠᠽᠠᠭ᠂ ᠮᠤᠩᠭᠤᠯ ᠦᠨᠳᠦᠰᠦᠳᠡᠨ ᠲᠦᠪᠯᠡᠷᠡᠨ ᠰᠠᠭᠤᠷᠢᠰᠢᠵᠦ ᠪᠠᠶᠢᠳᠠᠭ᠃ ᠠᠳᠡᠬᠢ ᠬᠦᠮᠦᠰ ᠤᠯᠠᠩᠬᠢ ᠨᠢ ᠺᠠᠽᠠᠭ᠂ ᠮᠤᠩᠭᠤᠯ᠂ ᠤᠷᠤᠰ ᠭᠤᠷᠪᠠᠨ ᠬᠡᠯᠡ ᠮᠡᠳᠡᠳᠡᠭ ᠪᠠᠶᠢᠵᠦ᠂ ᠮᠠᠯ ᠠᠵᠦ ᠠᠬᠤᠢ ᠶᠢᠨ ᠲᠠᠯ᠎ᠠ ᠪᠠᠷ ᠺᠠᠽᠠᠭ ᠤᠭᠤᠴᠠᠨ ᠰᠡᠭᠦᠯᠳᠦ ᠤᠯᠠᠭᠠᠨ ᠬᠤᠨᠢᠳ᠂ ᠬᠠᠷ᠎ᠠ ᠪᠤᠶᠤ ᠤᠯᠠᠭᠠᠨ ᠢᠮᠠᠭᠠᠳ᠂ ᠰᠠᠷᠯᠤᠭ ᠦᠬᠡᠷ᠂ ᠮᠤᠩᠭᠤᠯ ᠠᠳᠤᠭᠤ ᠵᠡᠷᠭᠡ ᠮᠠᠯ ᠰᠦᠷᠦᠭ ᠢ ᠲᠠᠪᠠᠭᠤᠯᠢᠭ ᠪᠤᠯᠭᠠᠨ ᠨᠡᠭᠦᠳᠡᠯ ᠮᠠᠯᠵᠢᠯ ᠬᠢᠵᠦ ᠪᠠᠶᠢᠳᠠᠭ᠃ ᠪᠡᠯᠴᠢᠭᠡᠷ ᠲᠠᠵᠢᠷᠰᠢᠭᠤ ᠨᠢᠮᠭᠡᠨ ᠪᠤᠯᠪᠠᠴᠤ᠂ ᠴᠠᠰᠤᠳᠤ ᠤᠷᠬᠢᠯ ᠤᠨ ᠠᠭᠤᠷᠰᠢᠯ ᠤᠨ ᠨᠦᠬᠦᠴᠡᠯ ᠠᠴᠠ ᠪᠤᠯᠤᠭᠰᠠᠨ ᠨᠠᠭᠤᠷ ᠲᠤᠭᠤᠷᠢᠮ ᠭᠤᠤᠯ ᠤᠷᠤᠰᠬᠠᠯ ᠶᠡᠭᠡ ᠡᠯᠪᠡᠭ᠃ ᠪᠠᠶᠢᠷᠢᠰᠢᠯ ᠤᠨ ᠲᠠᠯ᠎ᠠ ᠠᠴᠠ ᠦᠵᠡᠪᠡᠯ ᠠᠯᠳᠠᠢ ᠨᠢᠷᠤᠭᠤᠨ ᠤ ᠲᠡᠭᠡᠳᠦ ᠡᠭᠢᠨ ᠳᠠᠬᠢ ᠮᠦᠩᠭᠡ ᠴᠠᠰᠤᠳᠤ ᠤᠷᠭᠢᠯ ᠤᠯᠠᠨᠳᠠᠢ᠂ ᠦᠨᠳᠦᠷ ᠰᠦᠷᠯᠢᠭ ᠬᠠᠳᠠᠳᠤ ᠠᠭᠤᠯᠠᠰ ᠤᠨ ᠲᠤᠮᠳᠠ ᠤᠷᠤᠰᠢᠵᠦ᠂ ᠰᠠᠭᠰᠠᠢ ᠬᠤᠪᠳᠤ ᠵᠡᠷᠭᠡ ᠭᠤᠷᠪᠠᠨ ᠭᠤᠤᠯ ᠤᠨ ᠠᠭᠤᠯᠵᠠᠷ ᠲᠤ ᠪᠠᠶᠢᠷᠢᠯᠠᠵᠦ᠂ ᠰᠠᠭᠰᠠᠢ ᠭᠤᠤᠯ ᠢᠶᠠᠷ ᠵᠠᠰᠠᠭ ᠵᠠᠬᠢᠷᠭᠠᠨ ᠤ ᠨᠡᠷᠡᠰᠢᠯ ᠢᠶᠠᠨ ᠪᠤᠯᠭᠠᠵᠠᠢ᠃ ᠠᠶᠢᠮᠠᠭ ᠤᠨ ᠲᠦᠪ ᠠᠴᠠ ᠪᠠᠨ 29 ᠺᠢᠯᠤᠮᠧᠲᠷ ᠤᠨ ᠵᠠᠶᠢᠳᠠᠢ᠃      ᠪᠢᠳᠡ ᠰᠠᠭᠰᠠᠢ ᠰᠤᠮᠤ ᠪᠠᠷ ᠴᠢᠭ᠋ ᠪᠤᠯᠭᠠᠵᠦ᠂ ᠬᠤᠶᠠᠷ ᠵᠠᠮ ᠤᠨ ᠴᠢᠭᠯᠡᠯ ᠢᠶᠠᠷ ᠬᠠᠶᠢᠨ ᠰᠢᠨᠵᠢᠯᠡᠯᠳᠡ ᠪᠠᠨ ᠬᠢᠭᠰᠡᠨ ᠶᠤᠮ᠃ ᠨᠢᠭᠡᠳᠦᠭᠡᠷ ᠵᠠᠮ ᠱᠤᠭᠤᠮ ᠨᠢ ᠰᠠᠭᠰᠠᠢ ᠭᠤᠤᠯ ᠤᠨ ᠠᠮᠠᠨ ᠠᠴᠠ ᠡᠬᠢᠯᠡᠵᠦ ᠤᠷᠤᠭᠰᠢ ᠴᠢᠭᠯᠡᠯ ᠢᠶᠠᠷ ᠭᠤᠤᠯ ᠤᠨ ᠤᠷᠴᠢᠨ ᠢ ᠲᠠᠭᠠᠵᠦ᠂ ᠲᠡᠭᠡᠳᠦ ᠡᠬᠢ ᠪᠤᠯᠬᠤ ᠴᠠᠭᠠᠨ ᠠᠭᠤᠯᠠ ᠶᠢ ᠤᠯᠵᠦ ᠠᠪᠬᠤ ᠶᠠᠪᠤᠳᠠᠯ ᠪᠤᠯᠤᠨ᠎ᠠ᠃ ᠬᠤᠶᠠᠳᠤᠭᠠᠷ ᠱᠤᠭᠤᠮ ᠨᠢ ᠰᠠᠭᠰᠠᠢ ᠰᠤᠮᠤ ᠠᠴᠠ ᠭᠠᠷᠴᠤ ᠪᠠᠷᠠᠭᠤᠨᠰᠢ ᠴᠢᠭᠯᠡᠯ ᠢᠶᠠᠷ ᠬᠠᠷᠠᠩᠭᠠᠳᠤ ᠶᠢᠨ ᠭᠤᠤᠯ ᠲᠠᠮᠵᠢᠨ᠂ ᠳᠠᠶᠠᠩ ᠤᠨ ᠨᠠᠭᠤᠷ ᠬᠦᠷᠴᠤ᠂ ᠲᠡᠭᠦᠨ ᠠᠴᠠ ᠤᠷᠤᠭᠰᠢ ᠴᠢᠭᠯᠡᠯ ᠳᠠᠬᠢ ᠬᠤᠨᠢ ᠮᠠᠶᠢᠯᠠᠬᠤ ︵ᠠᠯᠳᠠᠨ ᠤ ᠰᠠᠯᠠᠭ᠎ᠠ︶ ᠳᠤ ᠬᠦᠷᠬᠦ ᠶᠠᠪᠤᠳᠠᠯ ᠪᠤᠯᠤᠨ᠎ᠠ᠃ ᠨᠢᠭᠡ᠂ ᠰᠠᠭᠰᠠᠢ ᠰᠤᠮᠤᠨ ᠤ ᠵᠠᠰᠠᠭ ᠲᠠᠷᠤᠭ᠎ᠠ ᠺ᠊᠂ ᠪᠦᠯᠠᠲ ᠭᠤᠸᠠᠢ ᠲᠠᠢ ᠲᠡᠭᠦᠨ ᠤ ᠬᠠᠰᠢᠷ ᠵᠢᠯᠤᠭᠤᠴᠢ ᠰᠠᠶᠢᠫᠢᠲ ᠶᠢᠨ ᠬᠠᠮᠳᠤ ᠪᠠᠭ᠎ᠠ ᠮᠠᠰᠢᠨ ᠢᠶᠠᠷ ᠠᠶᠠᠯᠠᠪᠠ᠃ ᠰᠠᠭᠰᠠᠢ ᠰᠤᠮᠤᠨ ᠠᠴᠠ ᠤᠯᠠᠭᠠᠨ ᠲᠠᠪᠠᠭ᠎ᠠ — ᠰᠠᠭᠰᠠᠢ ᠭᠤᠤᠯ — ᠵᠤᠰᠤᠳᠤ ᠶᠢᠨ ᠬᠦᠷᠢᠶ᠎ᠡ — ᠬᠦᠭᠡ ᠲᠠᠪᠠᠭ᠎ᠠ ᠵᠡᠷᠭᠡ ᠭᠠᠵᠠᠷ ᠢᠶᠠᠷ ᠲᠠᠪᠠᠨ ᠲᠤᠭᠤᠯᠵᠦ᠂ ᠪᠤᠶᠠᠨᠳᠤ ᠰᠤᠮᠤᠨ ᠤ ᠲᠦᠪ ᠲᠤ ᠬᠦᠷᠴᠤ᠂ ᠭᠤᠤᠯ ᠤᠨ ᠲᠡᠨᠵᠢᠨ ᠳᠤ ᠨᠠᠮᠤᠷᠵᠢᠵᠦ ᠪᠠᠶᠢᠭ᠎ᠠ ᠤᠷᠢᠶᠠᠩᠬᠠᠨ ᠠᠶᠢᠮᠠᠭ ᠤᠨ ᠬᠦᠮᠦᠨ ᠲᠡᠮᠦᠷ ᠤᠨ ᠭᠠᠩᠳᠤᠯᠭ᠎ᠠ ᠶᠢ ᠡᠷᠢᠨ ᠤᠴᠢᠵᠦ᠂ ᠵᠠᠮᠴᠢᠯᠠᠭᠤᠯᠬᠤ ᠪᠠᠷ ᠪᠤᠯᠤᠭᠰᠠᠨ ᠶᠤᠮ᠃ ᠭᠠᠩᠳᠤᠯᠭ᠎ᠠ ᠭᠤᠸᠠᠢ ᠶᠢ ᠤᠯᠠᠭᠠᠨᠪᠠᠭᠠᠳᠤᠷ ᠬᠤᠳᠠ ᠳᠤ ᠠᠵᠢᠯᠯᠠᠵᠦ ᠪᠠᠶᠢᠭ᠎ᠠ ᠷᠢᠨᠴᠢᠨᠳᠤᠷᠵᠢ ᠬᠡᠯᠡᠵᠦ ᠦᠭᠭᠦᠭᠰᠡᠨ ᠪᠠᠶᠢᠭ᠎ᠠ ᠯᠡ ᠳ᠋ᠠ᠃      ᠭᠠᠩᠳᠤᠯᠭ᠎ᠠ ᠠᠴᠠ ᠪᠢᠳᠡ᠂ ᠦᠵᠦᠮᠦᠴᠢᠨ ᠤ ᠤᠤᠭᠠᠯ ᠨᠤᠲᠤᠭ ᠤᠨ ᠲᠤᠬᠠᠢ ᠰᠤᠷᠠᠭᠯᠠᠬᠤ ᠳᠤ ᠡᠳᠡᠨᠡᠶᠢᠬᠢᠨ ᠲᠦᠷᠦᠭᠡ ᠬᠠᠩᠭᠢᠨᠠᠭᠤᠷ ᠤᠨ ᠬᠠᠪᠴᠢᠯ ᠠᠴᠠ ᠤᠶᠢᠷᠠᠯᠴᠠᠭ᠎ᠠ ᠵᠤᠰᠠᠳᠠᠭ᠂ ᠡᠨᠡᠬᠦ ᠬᠠᠪᠴᠢᠯ ᠤᠨ ᠨᠡᠷ᠎ᠡ ᠪᠤᠯ ᠶᠡᠭᠡ ᠡᠷᠳᠡ ᠶᠢᠨ ᠲᠡᠤᠬᠡᠨ ᠨᠡᠷ᠎ᠡ ᠭᠡᠰᠡᠨ ᠭᠡᠬᠦ ᠪᠠᠳᠤᠳᠠᠢ ᠴᠢᠮᠡᠭᠡ ᠶᠢ ᠰᠤᠨᠤᠰᠤᠭᠠᠳ ᠮᠠᠰᠢ ᠶᠡᠭᠡ ᠪᠠᠶᠠᠷᠯᠠᠪᠠ᠃ ᠭᠠᠩᠳᠤᠯᠭ᠎ᠠ ᠶᠢᠨ ᠵᠠᠮᠴᠢᠯᠠᠭ᠎ᠠ ᠪᠠᠷ ᠪᠤᠶᠠᠨᠳᠤ ᠰᠤᠮᠤ ᠠᠴᠠ ᠪᠠᠷᠠᠭᠤᠨᠰᠢ ᠴᠠᠯᠭᠠᠷ ᠤᠨ ᠨᠠᠭᠤᠷ — ᠲᠡᠪᠰᠡᠩ ᠤᠨ ᠡᠩᠭᠡᠷ — ᠨᠠᠮᠤᠭᠳᠤ ᠬᠦᠨᠳᠡᠢ — ᠰᠢᠷ᠎ᠡ ᠬᠦᠪᠡ ᠵᠡᠷᠭᠡ ᠭᠠᠵᠠᠷ ᠢ ᠵᠦᠳᠡᠨ ᠲᠤᠭᠤᠯᠵᠦ᠂ ᠰᠢᠷ᠎ᠡ ᠬᠦᠪᠡ ᠶᠢᠨ ᠲᠡᠭᠡᠷ᠎ᠡ ᠠᠴᠠ ︽ᠲᠦᠷᠦᠬᠡ ᠬᠠᠩᠭᠢᠨᠠᠭᠤᠷ ᠤᠨ ᠬᠠᠪᠴᠢᠯ︾ ᠢ ᠪᠠᠷᠠᠭᠠᠯᠠᠨ ᠰᠡᠭᠦᠳᠡᠷᠯᠡᠭᠰᠡᠨ ᠪᠠᠶᠢᠵᠦ ᠪᠢᠯᠡ᠃ ᠠᠳᠡ ᠠᠴᠠ ᠲᠦᠷᠦᠭᠡ ᠬᠠᠩᠭᠢᠨᠠᠭᠤᠷ ᠤᠨ ᠬᠠᠪᠴᠢᠯ 4 ᠺᠢᠯᠤᠮᠧᠲᠷ ᠤᠷᠴᠢᠮ ᠵᠠᠶᠢᠳᠠᠢ ᠪᠠᠶᠢᠯ᠎ᠠ᠂ ᠲᠤᠮᠳᠠ ᠨᠢ ᠠᠶᠠᠭ᠎ᠠ ᠨᠠᠭᠤᠷ ᠪᠠᠶᠢᠬᠤ ᠪᠦᠭᠡᠳ ᠡᠷᠭᠢᠨ ᠲᠤᠭᠤᠷᠢᠨ ᠨᠠᠮᠤᠭ ᠭᠠᠵᠠᠷ ᠪᠤᠯᠠᠭ ᠲᠠᠭᠠᠪᠴᠢ ᠶᠡᠬᠡᠳᠡᠢ ᠤᠷᠤᠭᠰᠢ ᠲᠠᠭᠠᠭᠰᠠᠨ ᠬᠦᠨᠳᠡᠢ ᠶᠢᠨ ᠲᠡᠭᠡᠳᠦ ᠡᠬᠢ ᠪᠠᠶᠢᠭᠰᠠᠨ ᠶᠤᠮ᠃      ⑴  ᠲᠦᠷᠦᠭᠡ ᠬᠠᠩᠭᠢᠨᠠᠭᠤᠷ ᠤᠨ ᠬᠠᠪᠴᠢᠯ      ᠲᠦᠷᠦᠭᠡ ᠬᠠᠩᠭᠢᠨᠠᠭᠤᠷ ᠤᠨ ᠬᠠᠪᠴᠢᠯ ᠪᠤᠯ ᠦᠵᠦᠮᠦᠴᠢᠨ ᠤ ᠠᠮᠠᠨ ᠤᠯᠠᠮᠵᠢᠯᠠᠯ ᠳᠠᠬᠢ ᠠᠯᠳᠠᠢ ᠤᠷᠤᠨ ᠳᠤ ᠪᠠᠶᠢᠭ᠎ᠠ ᠭᠤᠷᠪᠠᠨ ᠠᠯᠳᠠᠷᠳᠤ ᠭᠠᠵᠠᠷ ᠤᠨ ᠨᠢᠭᠡ ᠨᠢ ᠪᠤᠯᠤᠨ᠎ᠠ᠃ ᠲᠤᠰ ᠬᠠᠪᠴᠢᠯ ᠨᠢ ᠮᠤᠩᠭᠤᠯ ᠤᠯᠤᠰ ᠤᠨ ᠪᠠᠶ᠋ᠬᠠᠦ᠋ᠯᠦᠭᠡᠢ ᠠᠶᠢᠮᠠᠭ ᠤᠨ ᠰᠠᠭᠰᠠᠢ ᠰᠤᠮᠤᠨ ᠤ ᠪᠠᠷᠠᠭᠤᠨ ᠡᠮᠦᠨ᠎ᠡ ᠪᠡᠶ᠎ᠡ ᠪᠤᠯᠬᠤ ᠲᠠᠶᠠᠩ ᠤᠨ ᠨᠠᠭᠤᠷ ᠠᠴᠠ ᠵᠡᠭᠦᠨᠰᠢ 20 ᠺᠢᠯᠤᠮᠧᠲᠷ ᠤᠨ ᠵᠠᠢ ᠳᠤ ᠤᠷᠤᠰᠢᠬᠤ ᠶᠡᠭᠡ ᠬᠠᠳᠠᠨ ᠬᠠᠪᠴᠢᠯ ᠪᠤᠯᠤᠨ᠎ᠠ᠃ ᠬᠤᠶᠢᠳᠦ ᠦᠷᠭᠡᠷᠢᠭ ᠤᠨ 48。 ᠵᠡᠭᠦᠨ ᠤᠷᠳᠤᠷᠢᠭ ᠤᠨ 89。 ᠤᠨ ᠰᠤᠯᠢᠪᠢᠴᠠᠯ ᠤᠨ ᠵᠠᠢ ᠳᠤ ᠪᠤᠢ᠃ ᠡᠮᠦᠨ᠎ᠡ ᠲᠠᠯ᠎ᠠ ᠪᠠᠷ ᠢᠶᠠᠨ ᠴᠠᠰᠤᠳᠤ ᠤᠷᠭᠢᠯ ᠶᠡᠭᠡ ᠰᠢᠬᠢᠷᠳᠡᠢ ︵ᠭᠠᠵᠠᠷ ᠤᠨ ᠵᠢᠷᠤᠭ ᠤᠨ ᠬᠠᠯᠠᠭᠠᠰᠢ ᠠᠭᠤᠯᠠ︶ ᠠᠭᠤᠯᠠ ᠪᠠᠶᠢᠵᠦ᠂ ᠵᠡᠭᠦᠨ ᠲᠠᠯ᠎ᠠ ᠪᠠᠷ ᠢᠶᠠᠨ ᠨᠠᠷᠢᠨ ᠭᠤᠤᠯ ᠤᠷᠤᠰᠴᠤ᠂ ᠬᠦᠨᠳᠡᠢ ᠶᠢᠨ ᠲᠤᠮᠳᠠ ᠪᠡᠶ᠎ᠡ ᠳᠠᠬᠢ ᠬᠠᠷ᠎ᠠ ᠨᠠᠭᠤᠷ ᠲᠤ ᠴᠢᠳᠬᠤᠨ᠎ᠠ᠃ ᠵᠡᠭᠦᠨ ᠬᠤᠶᠢᠳᠦ ᠲᠠᠯ᠎ᠠ ᠪᠠᠷ ᠢᠶᠠᠨ ᠴᠠᠭᠠᠨ ᠠᠰᠬᠠᠳᠤ ᠠᠭᠤᠯᠠ ᠶᠢ ᠲᠦᠰᠢᠵᠦ᠂ ᠪᠠᠷᠠᠭᠤᠨ ᠬᠤᠶᠢᠳᠦ ᠲᠠᠯ᠎ᠠ ᠪᠠᠷ ᠢᠶᠠᠨ ᠲᠠᠶᠠᠩ ᠤᠨ ᠨᠠᠭᠤᠷ ᠤᠨ ᠴᠠᠭᠠᠯᠭᠠᠨ ᠳᠤ ᠵᠠᠯᠭᠠᠨ᠎ᠠ᠃ ᠪᠠᠷᠠᠭᠤᠨ ᠡᠮᠦᠨᠡᠰᠢ ᠪᠠᠨ ᠬᠤᠨᠢ ᠮᠠᠶᠢᠯᠠᠬᠤ ᠳᠤ ᠬᠦᠷᠳᠡᠭ᠃ ᠤᠳᠤ ᠶᠢᠨ ᠨᠤᠳᠤᠭᠴᠢᠳ ᠴᠤ ︽ᠲᠦᠷᠦᠭᠡ ᠬᠠᠩᠭᠢᠨᠠᠭᠤᠷ ᠤᠨ ᠬᠠᠪᠴᠢᠯ︾ ᠭᠡᠵᠦ ᠨᠡᠷᠡᠯᠡᠭᠰᠡᠭᠡᠷ ᠪᠠᠶᠢᠨ᠎ᠠ᠃      ᠬᠤᠶᠠᠷ᠂ ᠲᠦᠷᠦᠭᠡ ᠬᠠᠩᠭᠢᠨᠠᠭᠤᠷ ᠤᠨ ᠬᠠᠪᠴᠢᠯ ᠠᠴᠠ ᠪᠢᠳᠡ ᠰᠢᠬᠢᠷᠳᠡᠢ ᠶᠢᠨ ᠬᠠᠷ᠎ᠠ ᠨᠠᠭᠤᠷ — ᠰᠢᠬᠢᠷᠳᠡᠢ ᠶᠢᠨ ᠭᠤᠤᠯ — ᠠᠯᠳᠠᠢ ᠰᠤᠮᠤ — ᠬᠠᠷᠠᠭᠠᠶᠢᠳᠦ ᠭᠡᠬᠦ ᠠᠭᠤᠯᠠ ᠶᠢ ᠲᠠᠪᠠᠵᠦ᠂ ᠬᠠᠷᠠᠭᠠᠶᠢᠳᠦ ᠠᠴᠠ ᠤᠷᠤᠭᠰᠢ 56 ᠺᠢᠯᠤᠮᠧᠲᠷ ᠤᠨ ᠠᠯᠤᠰ ᠲᠤ ᠬᠠᠷᠠᠭᠳᠠᠬᠤ ᠴᠠᠭᠠᠨ ᠠᠭᠤᠯᠠ ᠶᠢ ᠪᠠᠷᠠᠭᠠᠯᠠᠪᠠ᠃ ᠶᠡᠭᠡ ᠤᠨᠢᠶᠠᠷ ᠲᠠᠢ ᠪᠤᠯᠬᠤᠷ ᠰᠡᠭᠦᠳᠡᠷᠯᠡᠵᠦ ᠴᠢᠳᠠᠭᠰᠠᠨ ᠦᠭᠡᠢ᠂ ᠦᠳᠡᠰᠢ ᠶᠠᠪᠤᠭᠰᠠᠭᠠᠷ ᠶᠡᠭᠡ ᠠᠭᠤᠯᠠ ᠶᠢᠨ ᠬᠤᠷᠮᠤᠢ ᠳᠤ ᠪᠦᠬᠦᠢ ᠤᠯᠠᠭᠠᠨᠬᠠᠳᠠ ᠪᠠᠭ ᠤᠨ ᠲᠦᠪ ᠲᠤ ᠬᠦᠷᠴᠤ ᠠᠶᠢᠯ ᠳᠤ ᠬᠤᠨᠤᠭᠯᠠᠭᠰᠠᠨ ᠪᠠᠶᠢᠵᠦ ᠪᠢᠯᠡ᠃     ⑵ ᠠᠯᠳᠠᠢ ᠶᠢᠨ ᠴᠠᠭᠠᠨ ᠠᠭᠤᠯᠠ ᠪᠠ ᠰᠠᠭᠰᠠᠢ ᠭᠤᠤᠯ     ᠠᠯᠳᠠᠢ ᠬᠠᠩᠭᠠᠢ ᠶᠢᠨ ᠦᠵᠦᠮ ᠤᠨ ᠴᠠᠭᠠᠨ ᠠᠭᠤᠯᠠ ᠪᠤᠯ ᠦᠵᠦᠮᠦᠴᠢᠨ ᠤ ᠠᠮᠠᠨ ᠤᠯᠠᠮᠵᠢᠯᠠᠯ ᠳᠠᠬᠢ ᠠᠯᠳᠠᠷᠳᠤ ᠭᠤᠷᠪᠠᠨ ᠭᠠᠵᠠᠷ ᠤᠨ ᠨᠢᠭᠡ ᠨᠢ ᠮᠦᠨ᠃ ᠡᠨᠡ ᠪᠤᠯ ᠲᠦ᠋ ᠵᠢᠢ ᠠᠪᠤᠭᠠᠢ ᠶᠢᠨ ᠲᠡᠮᠳᠡᠭᠯᠡᠭᠰᠡᠨ ︽ᠠᠯᠳᠠᠢ ᠨᠢᠷᠤᠭᠤᠨ ᠤ ᠤᠮᠠᠷᠳᠡᠬᠢ ᠭᠠᠯ ᠬᠦᠷᠢᠶᠡᠳᠦ ᠠᠭᠤᠯᠠ︾ ᠲᠠᠷᠤᠢ ᠮᠦᠨ᠃ ᠲᠤᠰ ᠠᠭᠤᠯᠠᠰ ᠤᠨ ᠪᠦᠯᠦᠭᠯᠡᠯ ᠠᠴᠠ ᠡᠬᠢ ᠠᠪᠴᠤ ᠤᠨᠳᠤᠷᠴᠤ ᠬᠤᠶᠢᠰᠢ ᠬᠤᠪᠳᠤ ᠭᠤᠤᠯ ᠳᠤ ᠨᠡᠶᠢᠯᠡᠳᠡᠭ 150 ᠺᠢᠯᠤᠮᠧᠲᠷ ᠤᠷᠳᠤ ᠲᠤᠮᠤᠬᠠᠨ ᠭᠤᠤᠯ ᠢ ᠲᠠᠷᠤᠢ ᠰᠠᠭᠰᠠᠢ ᠭᠤᠤᠯ ᠭᠡᠳᠡᠭ᠃ ᠵᠡᠭᠦᠨ ᠤᠷᠳᠤᠷᠢᠭ ᠤᠨ 89。15、 ᠬᠤᠶᠢᠳᠦ ᠦᠷᠭᠡᠷᠢᠭ ᠤᠨ 48。22、 ᠤᠨ ᠪᠠᠶᠢᠷᠢᠰᠢᠯ ᠳᠤ ᠤᠷᠤᠰᠢᠳᠠᠭ᠂ ᠲᠡᠤᠬᠡ ᠲᠡᠮᠳᠡᠭᠯᠡᠯ ᠳᠠᠬᠢ ︽ᠰᠢᠭ᠌ᠰᠦᠨ︾ ᠮᠦᠨ ᠪᠤᠯᠤᠮᠤᠢ᠃ ᠡᠨᠡᠬᠦ ᠠᠭᠤᠯᠠ ᠨᠢ ᠤᠳᠤ ᠶᠢᠨ ᠮᠤᠩᠭᠤᠯ ᠤᠯᠤᠰ ᠤᠨ ᠭᠠᠵᠠᠷ ᠤᠨ ᠵᠢᠷᠤᠭ ᠲᠤ ᠮᠦᠨ ︽ᠴᠠᠭᠠᠨ ᠠᠭᠤᠯᠠ︾ ᠭᠡᠬᠦ ᠨᠠᠷ᠎ᠠ ᠪᠠᠨ ᠬᠠᠳᠠᠭᠠᠯᠠᠭᠰᠠᠭᠠᠷ ᠪᠠᠶᠢᠨ᠎ᠠ᠂ ᠴᠠᠭᠠᠨ ᠠᠭᠤᠯᠠ ᠨᠢ ᠵᠡᠭᠦᠨ ᠤᠷᠳᠤᠷᠢᠭ ᠤᠨ 90。 ᠬᠤᠶᠢᠳᠦ ᠦᠷᠭᠡᠷᠢᠭ  48。 ᠶᠢᠨ ᠰᠤᠯᠢᠪᠢᠴᠠᠯ ᠳᠤ ᠤᠷᠤᠰᠢᠵᠦ ᠪᠠᠶᠢᠳᠠᠭ᠃     ᠲᠠᠯᠠᠢ ᠶᠢᠨ ᠲᠦᠪᠰᠢᠨ ᠠᠴᠠ ᠲᠡᠭᠡᠭᠰᠢ 3556 ᠮᠧᠲᠷ ᠡᠷᠭᠦᠭᠳᠡᠭᠰᠡᠨ ᠴᠠᠭᠠᠨ ᠠᠭᠤᠯᠠ ᠨᠢ ᠭᠤᠷᠪᠠᠨ ᠤᠷᠤᠢ  ᠲᠠᠢ ᠪᠠᠶᠢᠵᠦ᠂ ᠪᠠᠷᠠᠭᠤᠨ ᠲᠠᠯ᠎ᠠ ᠶᠢᠨ ᠤᠷᠤᠢ ᠨᠢ ᠱᠤᠪᠬᠤ ᠰᠢᠭ᠋᠂ ᠶᠡᠭᠡ ᠴᠠᠰᠤ ᠲᠠᠢ ᠮᠤᠨᠳᠠᠭ ᠲᠤᠮᠤ ᠴᠤᠭᠴᠠ ᠪᠦᠬᠦᠢ ᠲᠠᠷᠭᠤᠨ ᠠᠭᠤᠯᠠ ᠪᠠᠶᠢᠯ᠎ᠠ᠃ ᠠᠳᠡᠬᠢ ᠨᠠᠰᠤᠳᠠᠳ ᠤᠨ ᠬᠡᠯᠡᠬᠦ ᠪᠠᠷ ᠴᠠᠭᠠᠨ ᠠᠭᠤᠯᠠ ᠶᠢ ᠪᠠᠰᠠ ᠵᠢᠷᠦᠬᠡ ᠠᠭᠤᠯᠠ ᠭᠡᠳᠡᠭ ᠪᠦᠭᠡᠳ ᠲᠤᠰ ᠠᠭᠤᠯᠠᠨ ᠳᠤ ᠤᠷᠠᠯᠭᠠᠨ᠂ ᠲᠤᠰᠢᠯ᠂ ᠨᠤᠬᠠᠢ ᠶᠢᠨ ᠬᠤᠰᠢᠭᠤ᠂ ᠤᠯᠠᠭᠠᠨ ᠬᠠᠳ᠂ ᠦᠮᠡᠬᠡᠢ ᠬᠠᠷ᠎ᠠ᠂ ᠦᠬᠡᠷ ᠤᠨ ᠨᠢᠳᠦ ᠵᠡᠷᠭᠡ ᠵᠢᠮᠢᠰᠦᠯᠢᠭ ᠤᠷᠭᠤᠮᠠᠯ ᠶᠡᠭᠡ ᠡᠯᠪᠡᠭ ᠭᠠᠷᠳᠠᠭ ᠶᠤᠮ ᠪᠡᠶᠢᠨ᠎ᠡ᠃ ᠤᠷᠠᠯᠭᠠᠨ ᠭᠡᠳᠡᠭ ᠪᠤᠷᠭᠠᠰᠤᠯᠢᠭ ᠤᠷᠭᠤᠮᠠᠯ ᠶᠠᠭ ᠯᠡ ᠯᠠᠮᠠᠨᠠᠷ ᠤᠨ ᠤᠷᠬᠢᠮᠵᠢ ᠰᠢᠭ᠋ ᠠᠭᠤᠯᠠᠨ ᠤ ᠶᠡᠭᠡ ᠪᠡᠶ᠎ᠡ ᠶᠢ ᠡᠵᠡᠯᠡᠨ ᠰᠠᠬᠤᠯᠢᠭ ᠤᠷᠭᠤᠭᠰᠠᠨ ᠨᠢ ᠭᠠᠶᠢᠬᠠᠯᠳᠠᠢ︔ ᠡᠨᠡ ᠤᠷᠠᠯᠭᠠᠨ ᠨᠢ ᠵᠢᠮᠢᠰ ᠤᠷᠭᠤᠬᠤ ᠪᠦᠭᠡᠳ ᠪᠠᠭᠰᠢᠷᠠᠨ ᠤᠷᠭᠤᠭᠰᠠᠨ ᠢᠶᠠᠷ ᠲᠤᠲᠤᠷ᠎ᠠ ᠨᠢ ᠮᠤᠷᠢ ᠪᠤᠶᠤ ᠲᠡᠷᠭᠡ ᠲᠠᠢ ᠶᠠᠪᠤᠬᠤ ᠳᠤ ᠶᠡᠭᠡ ᠬᠦᠴᠢᠷᠳᠡᠬᠦ ᠠᠵᠠᠢ᠃ ᠠᠭᠤᠯᠠ ᠶᠢᠨ ᠵᠡᠭᠦᠨ ᠪᠠᠷᠠᠭᠤᠨ ᠰᠤᠭᠤ ᠪᠠᠷ ᠤᠯᠠᠭᠠᠨᠬᠠᠳᠠ ᠶᠢᠨ ᠭᠤᠤᠯ ᠪᠤᠶᠤ ᠲᠦᠷᠭᠡᠨ ᠤ ᠭᠤᠤᠯ ᠢᠬᠢᠷᠯᠡᠨ ᠤᠷᠤᠰᠴᠤ᠂ ᠡᠩᠭᠡᠷ ᠤᠨ ᠰᠢᠷ᠎ᠠ ᠲᠡᠨᠵᠢ ᠶᠢᠨ ᠬᠤᠷᠮᠤᠢ ᠳᠤ ᠤᠷᠤᠰᠬᠠᠯ ᠨᠡᠶᠢᠯᠡᠨ ᠰᠠᠭᠰᠠᠢ ᠶᠢᠨ ᠭᠤᠤᠯ ᠪᠤᠯᠤᠨ ᠴᠢᠳᠬᠤᠯᠠᠵᠦ᠂ ᠬᠦᠨᠳᠡᠢ ᠶᠢᠨ ᠬᠡᠪᠡᠯᠢ ᠲᠦᠭᠦᠷᠭᠡᠨ᠂ ᠠᠯᠤᠰ ᠤᠨ ᠵᠠᠮ ᠢᠶᠠᠨ ᠦᠷᠭᠦᠯᠵᠢᠯᠡᠭᠦᠯᠵᠡᠢ᠃ ᠰᠢᠷ᠎ᠠ ᠲᠡᠨᠵᠢᠨ ᠤ ᠲᠤᠮᠳᠠ ︽ᠬᠠᠭᠠᠨ ᠰᠢᠷᠡᠭᠡ︾ ᠭᠡᠬᠦ ᠬᠤᠪᠢᠯᠭᠠᠨ ᠴᠢᠯᠠᠭᠤ ᠰᠠᠭᠠᠳᠠᠨ᠎ᠠ᠂ ᠲᠡᠭᠦᠨ ᠠᠴᠠ ᠤᠶᠢᠷᠠᠯᠴᠠᠭ᠎ᠠ ᠡᠷᠳᠡᠨ ᠤ ᠬᠠᠳᠠ ᠴᠢᠯᠠᠭᠤ ᠤᠪᠤᠭᠠᠯᠠᠭᠰᠠᠨ ᠲᠤᠮᠤ ᠪᠤᠩᠬᠤᠨ ᠬᠠᠷᠠᠭᠳᠠᠨ᠎ᠠ᠃      ᠴᠠᠭᠠᠨ ᠠᠭᠤᠯᠠ ᠶᠢᠨ ᠡᠷᠭᠢᠨ ᠤᠷᠴᠢᠨ ᠤᠯᠠᠭᠠᠨᠬᠠᠳᠠ᠂ ᠲᠠᠪᠤᠨ ᠱᠤᠷᠤᠩ ᠤᠨ ᠤᠷᠤᠢ᠂ ᠬᠤᠷᠢᠮᠳᠦ᠂ ᠬᠠᠶᠢᠷᠳᠦ᠂ ᠲᠦᠷᠭᠡᠨ ᠭᠡᠬᠦ ᠵᠡᠷᠭᠡ ᠱᠤᠪᠬᠤ ᠤᠷᠤᠶᠢᠳᠦ ᠴᠠᠰᠤᠳᠤ ᠤᠷᠬᠢᠯ ᠢᠶᠠᠷ ᠬᠦᠷᠢᠶᠡᠯᠡᠭᠦᠯᠦᠭᠰᠡᠨ ᠲᠤᠭᠤᠷᠢᠨ ᠪᠠᠶᠢᠳᠠᠯ ᠨᠢ ᠦᠨᠡᠬᠡᠷ ᠭᠠᠯ ᠨᠤᠴᠤᠵᠦ ᠪᠠᠶᠢᠭ᠎ᠠ ᠶᠤᠮ ᠰᠢᠭ᠋ ᠬᠠᠷᠠᠭᠳᠠᠬᠤ ᠪᠤᠯᠬᠤᠷ ︽ᠭᠠᠯ ᠬᠦᠷᠢᠶᠡᠳᠦ ᠠᠭᠤᠯᠠ︾ ᠭᠡᠵᠦ ᠨᠡᠷᠡᠯᠡᠭᠰᠡᠨ ᠴᠤ ᠪᠤᠯᠪᠠᠤ ᠭᠡᠵᠦ ᠡᠷᠬᠡ ᠦᠭᠡᠢ ᠰᠠᠨᠠᠭᠳᠠᠭᠤᠯᠤᠨ᠎ᠠ᠃ ᠴᠠᠭᠠᠨ ᠠᠭᠤᠯᠠ ᠨᠢ ᠲᠦᠷᠦᠭᠡ ᠬᠠᠩᠭᠢᠨᠠᠭᠤᠷ ᠤᠨ ᠬᠠᠪᠴᠢᠯ ᠠᠴᠠ ᠵᠡᠭᠦᠨ ᠤᠷᠤᠭᠰᠢ ᠠᠰ ᠱᠤᠭᠤᠮ ᠢᠶᠠᠷ ᠪᠤᠳᠤᠪᠠᠯ 55 ᠺᠢᠯᠤᠮᠧᠲᠷ ᠤᠨ ᠤᠷᠴᠢᠮ ᠵᠠᠶᠢᠳᠠᠢ ᠭᠠᠵᠠᠷ ᠲᠤ ᠪᠤᠢ᠃      ᠪᠢᠳᠡ ᠴᠠᠭᠠᠨ ᠠᠭᠤᠯᠠ ᠠᠴᠠ ᠪᠤᠴᠠᠬᠤ ᠳᠠᠭᠠᠨ ᠰᠠᠭᠰᠠᠢ ᠶᠢᠨ ᠭᠤᠤᠯ ᠤᠨ ᠬᠦᠪᠡᠭᠡ ᠲᠠᠭᠠᠤ ᠦᠵᠡᠰᠭᠦᠯᠡᠩᠳᠦ ᠭᠠᠵᠠᠷ ᠪᠤᠯᠬᠤ ᠠᠯᠳᠠᠢ ᠰᠤᠮᠤ — ᠲᠠᠯᠤᠳᠤ ᠶᠢᠨ ᠬᠠᠪᠴᠢᠯ᠂ ᠬᠠᠳᠠᠨ ᠬᠢᠰᠠ ︵ᠠᠰᠬ᠎ᠠ︶᠂ ᠬᠡᠯᠡᠯᠴᠡᠭᠡᠳᠦ᠂ ᠬᠦᠨᠳᠡᠯᠡᠨ ᠬᠦᠬᠡ ᠶᠢ ᠲᠠᠮᠵᠢᠨ ᠪᠤᠶᠠᠨᠳᠤ ᠰᠤᠮᠤᠨ ᠳᠤ ᠭᠠᠩᠳᠤᠯᠭ᠎ᠠ ᠶᠢᠨ ᠳᠤ ᠦᠳᠡᠯᠡᠵᠦ᠂ ᠦᠳᠡ ᠶᠢᠨ ᠬᠤᠶᠢᠨ᠎ᠡ ᠰᠠᠭᠰᠠᠢ ᠰᠤᠮᠤᠨ ᠳᠤ ᠪᠤᠴᠠᠭᠰᠠᠨ ᠪᠠᠶᠢᠵᠦ ᠪᠢᠯᠠ᠃ ᠨᠢᠭᠡᠳᠦᠭᠡᠷ ᠠᠶᠠᠯᠠᠯ ᠤᠨ ᠱᠤᠭᠤᠮ ᠨᠢ ᠢᠩᠭᠢᠵᠦ ᠬᠤᠶᠠᠷ ᠶᠡᠭᠡ ᠠᠯᠳᠠᠷᠳᠠᠢ ᠭᠠᠵᠠᠷ ᠤᠨ ᠪᠠᠷ᠎ᠠ ᠶᠢ ᠪᠠᠷᠠᠭᠠᠯᠠᠭᠰᠠᠨ ᠪᠠ ᠵᠢᠷᠤᠭ ᠲᠦᠷᠬᠦ ᠶᠢᠨ ᠤᠯᠵᠠ ᠲᠠᠢ ᠠᠮᠵᠢᠯᠳᠠ ᠲᠠᠢ ᠪᠤᠯᠪᠠ᠃      ᠭᠤᠷᠪᠠ᠂ ᠺ᠊᠂ ᠪᠦᠯᠠᠲ ᠲᠠᠷᠤᠭ᠎ᠠ ᠶᠢᠨ ᠲᠠᠭᠠᠭᠤᠯᠭ᠎ᠠ ᠪᠠᠷ ᠪᠢᠳᠡ ᠬᠤᠶᠠᠳᠤᠭᠠᠷ ᠠᠶᠠᠯᠠᠯ ᠤᠨ ᠱᠤᠭᠤᠮ ᠢᠶᠠᠨ 9 ᠰᠠᠷ᠎ᠠ ᠶᠢᠨ 15 ᠡᠳᠦᠷ ᠤᠨ ᠦᠷᠯᠦᠭᠡ ᠡᠷᠳᠡ ᠳᠤ ᠪᠠᠷᠠᠭᠤᠨᠰᠢ ᠴᠢᠭᠯᠡᠯ ᠢᠶᠠᠷ ᠰᠠᠭᠰᠠᠢ ᠰᠤᠮᠤ — ᠰᠠᠭᠰᠠᠢ ᠭᠤᠤᠯ ᠤᠨ ᠬᠦᠭᠦᠷᠭᠡ — ᠮᠤᠳᠤᠨ ᠬᠦᠰᠢᠶ᠎ᠡ ᠶᠢᠨ ᠲᠠᠪᠠᠭ᠎ᠠ — ᠬᠠᠷᠠᠩᠭᠠᠳᠤ ᠶᠢᠨ ᠭᠤᠤᠯ — ᠴᠡᠩᠭᠡᠯ ᠤᠨ ᠬᠠᠷ᠎ᠠ ᠨᠠᠭᠤᠷ — ᠬᠤᠵᠢᠷᠳᠦ ᠶᠢᠨ ᠲᠠᠪᠠᠭ᠎ᠠ — ᠬᠤᠷᠤᠭᠠᠨ ᠭᠤᠤᠯ ᠤᠨ ᠬᠦᠭᠦᠷᠭᠡ — ᠴᠢᠮᠦᠭᠡ ᠭᠤᠤᠯ ᠢᠶᠠᠷ ᠲᠠᠮᠵᠢᠨ᠂ ᠲᠠᠶᠠᠩ ᠤᠨ ᠨᠠᠭᠤᠷ ᠤᠨ ᠡᠮᠦᠨ᠎ᠡ ᠬᠦᠪᠡᠭᠡᠨ ᠳᠠᠬᠢ ᠠᠶᠢᠯ ᠳᠤ ᠦᠳᠡᠯᠡᠵᠦ᠂ ᠲᠡᠨᠳᠡ ᠠᠴᠠ ᠵᠡᠭᠦᠨ ᠤᠷᠤᠭᠰᠢ ᠰᠤᠩᠬᠢᠨᠠᠳᠤ ᠶᠢᠨ ᠲᠠᠪᠠᠭ᠎ᠠ — ᠲᠦᠷᠦᠭᠡ ᠬᠠᠩᠭᠢᠨᠠᠭᠤᠷ ᠤᠨ ᠪᠠᠷᠠᠭᠤᠨ ᠲᠠᠯ᠎ᠠ — ᠬᠤᠨᠢ ᠮᠠᠶᠢᠯᠠᠬᠤ ᠳᠤ ᠬᠦᠷᠦᠭᠰᠡᠨ ᠶᠤᠮ᠃      ⑶ ᠬᠤᠨᠢ ᠮᠠᠶᠢᠯᠠᠬᠤ ᠶᠢᠨ ᠭᠠᠵᠠᠷ      ᠬᠤᠨᠢ ᠮᠠᠶᠢᠯᠠᠬᠤ ᠪᠤᠯ ᠦᠵᠦᠮᠦᠴᠢᠨ ᠤ ᠠᠮᠠᠨ ᠤᠯᠠᠮᠵᠢᠯᠠᠯ ᠳᠠᠬᠢ ᠠᠯᠳᠠᠷᠳᠤ ᠭᠤᠷᠪᠠᠨ ᠭᠠᠵᠠᠷ ᠤᠨ ᠨᠢᠭᠡ ᠨᠢ ᠪᠤᠯᠤᠨ᠎ᠠ᠃ ᠬᠤᠨᠢ ᠮᠠᠶᠢᠯᠠᠬᠤ ᠨᠢ ᠲᠦᠷᠦᠭᠡ ᠬᠠᠩᠭᠢᠨᠠᠭᠤᠷ ᠤᠨ ᠬᠠᠪᠴᠢᠯ ᠠᠴᠠ ᠪᠠᠷᠠᠭᠤᠨ ᠤᠷᠤᠭᠰᠢ ᠬᠤᠷᠢᠭᠠᠳ ᠺᠢᠯᠤᠮᠧᠲᠷ ᠤᠨ ᠵᠠᠶᠢᠳᠠᠢ ᠪᠠᠶᠢᠵᠦ᠂ ᠵᠡᠭᠦᠨ ᠤᠷᠳᠤᠷᠢᠭ ᠤᠨ 89。 ᠬᠤᠶᠢᠳᠦ ᠦᠷᠭᠡᠷᠢᠭ ᠤᠨ 48。 ᠤᠨ ᠰᠤᠯᠢᠪᠢᠴᠠᠯ ᠳᠤ ᠪᠠᠶᠢᠷᠢᠰᠢᠵᠦ ᠪᠤᠢ᠃ ᠨᠤᠲᠤᠭ ᠤᠨ ᠬᠦᠮᠦᠰ ᠬᠤᠨᠢ ᠮᠠᠶᠢᠯᠠᠬᠤ ᠪᠤᠶᠤ ᠠᠯᠳᠠᠨ ᠤ ᠰᠠᠯᠠᠭ᠎ᠠ ᠭᠡᠵᠦ ᠨᠡᠷᠡᠯᠡᠵᠦ ᠪᠤᠢ᠃ ᠡᠨᠡ ᠭᠠᠵᠠᠷ ᠤᠨ ᠪᠠᠶᠢᠳᠠᠯ ᠭᠡᠪᠡᠯ ᠨᠠᠷᠠᠰᠤᠨ ᠮᠤᠳᠤᠨ ᠤᠢ ᠲᠠᠢ᠂ ᠠᠷᠴᠠ ᠤᠷᠠᠯᠭᠠᠨ ᠵᠡᠷᠭᠡ ᠵᠦᠢᠯ ᠤᠨ ᠤᠷᠭᠤᠮᠠᠯ ᠪᠠᠭᠰᠢᠷᠠᠭᠰᠠᠨ ᠬᠠᠳᠠᠨ ᠠᠰᠬ᠎ᠠ ᠲᠠᠢ ᠠᠭᠤᠯᠠᠨ ᠰᠠᠯᠠᠭ᠎ᠠ ᠬᠠᠪᠴᠢᠯ ᠪᠤᠯᠤᠨ᠎ᠠ᠃ ᠲᠤᠰ ᠬᠠᠳᠠᠨ ᠠᠰᠬ᠎ᠠ ᠠᠴᠠ ᠲᠠᠪᠤᠨ ᠴᠤᠯᠦ ᠶᠢᠨ ᠡᠪᠡᠳᠴᠢᠨ ᠳᠤ ᠰᠠᠶᠢᠨ ᠷᠠᠰᠢᠶᠠᠨ ᠪᠤᠯᠠᠭ ᠤᠨᠳᠤᠷᠴᠤ ᠪᠤᠢ᠃ ᠤᠳᠤ ᠶᠢᠨ ᠬᠦᠮᠦᠰ ᠰᠠᠯᠠᠭ᠎ᠠ ᠶᠢᠨ ᠲᠡᠭᠡᠳᠦ ᠡᠬᠢ ᠶᠢ ︽ᠬᠤᠨᠢ ᠮᠠᠶᠢᠯᠠᠬᠤ︾ ᠭᠡᠵᠦ᠂ ᠲᠤᠤᠷᠠᠳᠤ ᠠᠮᠠᠨ ᠲᠠᠰᠢ ᠠᠯᠳᠠᠨ ᠰᠠᠯᠠᠭ᠎ᠠ ᠭᠡᠵᠦ ᠲᠠᠭᠤᠳᠠᠯᠴᠠᠵᠦ ᠪᠤᠢ᠃ ᠤᠭ ᠨᠢ ᠲᠤᠰ ᠰᠠᠯᠠᠭ᠎ᠠ ᠶᠢᠨ ᠠᠮᠠᠨ ᠳᠤ ᠠᠯᠳᠠ ᠮᠠᠯᠳᠠᠭᠰᠠᠨ ᠨᠦᠬᠡᠨ ᠤ ᠤᠷᠤᠮ ᠶᠡᠭᠡ ᠲᠤᠯᠠ ᠲᠡᠭᠦᠨ ᠢᠶᠠᠷ ᠨᠢ ᠠᠯᠳᠠᠨ ᠤ ᠰᠠᠯᠠᠭ᠎ᠠ ᠭᠡᠰᠡᠨ ᠨᠢ ᠲᠤᠲᠤᠷᠬᠠᠢ ᠤᠶᠢᠷ᠎ᠠ ᠶᠢᠨ ᠨᠠᠷ᠎ᠠ ᠦᠭᠡ ᠪᠤᠯᠤᠨ᠎ᠠ᠃ ᠡᠶᠢᠮᠦ ᠠᠴᠠ ᠡᠨᠡ ᠭᠠᠵᠠᠷ ᠤᠤᠯ ᠨᠢ ︽ᠬᠤᠨᠢ ᠮᠠᠶᠢᠯᠠᠬᠤ︾ ᠭᠡᠰᠡᠨ ᠲᠠᠭᠤᠳᠠᠯᠭ᠎ᠠ ᠲᠠᠢ ᠭᠠᠵᠠᠷ ᠪᠠᠶᠢᠭᠰᠠᠨ ᠨᠢ ᠮᠠᠷᠭᠤᠭᠠᠨ ᠦᠭᠡᠢ ᠶᠤᠮ᠃ ᠶᠠᠭ ᠯᠡ ᠮᠤᠩᠭᠤᠯ ᠤᠯᠤᠰ ᠤᠨ ᠬᠤᠨᠢᠨ ᠤ ᠠᠵᠦ ᠠᠬᠤᠢ ᠶᠢᠨ ᠰᠤᠳᠤᠯᠭᠠᠳᠠᠨ ᠪᠦᠭᠡᠳ ᠡᠷᠳᠡᠮᠳᠡᠨ ᠵᠠ᠊᠂ ᠭᠤᠨᠴᠤᠭᠵᠠᠪ ᠤᠨ ᠲᠡᠮᠳᠡᠭᠯᠡᠯ ᠳᠠᠬᠢ ︽ᠤᠢ ᠬᠦᠪᠴᠢ ᠷᠠᠰᠢᠶᠠᠨ ᠤᠰᠤ ᠲᠠᠢ ᠰᠠᠶᠢᠬᠠᠨ︾ ᠬᠤᠨᠢ ᠮᠠᠶᠢᠯᠠᠬᠤ ᠶᠢᠨ ᠭᠠᠵᠠᠷ ᠮᠦᠨ ᠪᠠᠶᠢᠨ᠎ᠠ᠃ ᠦᠵᠦᠮᠦᠴᠢᠨ ᠲᠤᠮᠤᠭ ᠲᠤ ᠲᠡᠮᠳᠡᠭᠯᠡᠭᠰᠡᠨ ᠨᠢ ᠡᠷᠳᠡ ᠲᠡᠭᠡᠷ᠎ᠡ ᠦᠶ᠎ᠡ ᠭᠡᠰᠡᠭ ᠲᠡᠭᠡᠷᠡᠮᠴᠢᠳ ᠤᠨ ᠲᠤᠪᠳᠤᠯᠭᠠᠨ ᠠᠴᠠ ᠲᠦᠷᠪᠡᠭᠰᠡᠨ ᠨᠤᠲᠤᠭ ᠤᠨ ᠮᠤᠩᠭᠤᠯᠴᠤᠤᠳ ᠬᠤᠨᠢ ᠪᠠᠨ ᠤᠷᠬᠢᠭᠠᠳ ᠵᠢᠭᠤᠳᠠᠨ ᠵᠠᠶᠢᠯᠠᠵᠠᠢ᠂ ᠡᠭᠦᠨ ᠠᠴᠠ ᠡᠵᠡᠨ ᠦᠭᠡᠢ ᠬᠤᠴᠤᠷᠤᠭᠰᠠᠨ ᠬᠤᠨᠢᠳ ᠲᠤᠭᠳᠠᠪᠤᠷᠢ ᠠᠯᠳᠠᠵᠦ ᠮᠠᠶᠢᠯᠠᠭᠰᠠᠠᠭᠠᠷ ᠰᠡᠭᠦᠯ ᠳᠡᠭᠡᠨ ᠵᠡᠷᠯᠢᠭᠰᠢᠭᠰᠡᠨ ᠭᠡᠨ᠎ᠡ᠂ ᠡᠭᠦᠨ ᠢ ᠦᠨᠳᠦᠰᠦᠯᠡᠵᠦ ︽ᠬᠤᠨᠢ ᠮᠠᠶᠢᠯᠠᠬᠤ︾ ᠬᠡᠮᠡᠨ ᠨᠡᠷᠡᠯᠡᠬᠦ ᠪᠤᠯᠵᠠᠢ᠃ ᠬᠤᠨᠢ ᠮᠠᠶᠢᠯᠠᠬᠤ ᠠᠴᠠ ᠪᠠᠷᠠᠭᠤᠨ ᠬᠤᠶᠢᠰᠢ ᠲᠠᠶᠠᠩ ᠤᠨ ᠨᠠᠭᠤᠷ ᠤᠨ ᠤᠶᠢᠷᠠᠯᠴᠠᠭ᠎ᠠ ︽ᠬᠤᠷᠠᠭᠠᠨ ᠭᠤᠤᠯ︾᠂ ︽ᠬᠤᠷᠤᠭᠠᠨ ᠨᠠᠭᠤᠷ︾ ᠵᠡᠷᠭᠡ ᠭᠠᠵᠠᠷ ᠤᠰᠤᠨ ᠤ ᠨᠡᠷ᠎ᠡ ᠤᠯᠠᠨ ᠪᠠᠶᠢᠬᠤ ᠠᠴᠠ ᠦᠵᠡᠬᠦ ᠳᠤ ᠡᠷᠳᠡ ᠦᠶ᠎ᠡ ᠡᠨᠡ ᠭᠠᠵᠠᠷ ᠢᠶᠠᠷ ᠬᠤᠨᠢᠨ ᠤ ᠠᠵᠦ ᠠᠬᠤᠢ ᠶᠡᠭᠡ ᠬᠦᠭᠵᠢᠯᠳᠡ ᠲᠠᠢ ᠪᠠᠶᠢᠵᠦ᠂ ᠲᠡᠭᠦᠨ ᠢᠶᠠᠷ ᠭᠠᠵᠠᠷ ᠤᠨ ᠨᠠᠷ᠎ᠠ ᠪᠠᠨ ᠪᠤᠯᠭᠠᠵᠦ ᠲᠤᠷᠠᠰᠬᠠᠨ ᠬᠠᠳᠠᠭᠠᠯᠠᠭᠰᠠᠨ ᠨᠢ ᠲᠤᠳᠤᠷᠬᠠᠢ ᠠᠵᠢᠭᠯᠠᠭᠳᠠᠨ᠎ᠠ᠃      ᠠᠮᠠᠨ ᠤᠯᠠᠮᠵᠢᠯᠠᠯ — ᠲᠡᠤᠬᠡ ᠳᠡᠮᠳᠡᠭᠯᠡᠯ — ᠪᠤᠳᠠᠳᠠᠢ ᠤᠷᠤᠰᠢᠬᠤᠢ ᠵᠡᠷᠭᠡ ᠭᠤᠷᠪᠠᠨ ᠲᠠᠯ᠎ᠠ ᠪᠠᠷ ᠬᠠᠷᠢᠴᠠᠭᠤᠯᠤᠨ ᠰᠢᠨᠵᠢᠯᠡᠭᠡᠳ ᠦᠵᠦᠮᠦᠴᠢᠨ ᠤ ᠠᠮᠠᠨ ᠤᠯᠠᠮᠵᠢᠯᠠᠯ ᠨᠢ ᠲᠤᠮᠤᠭ ᠲᠡᠳᠦᠢ ᠪᠠᠶᠢᠭᠰᠠᠨ ᠪᠤᠯ ᠦᠨᠤ ᠬᠠᠷᠢᠨ ᠲᠡᠤᠬᠡ ᠶᠢᠨ ᠦᠨᠡᠨ ᠪᠤᠯᠵᠦ᠂ ᠠᠭᠤᠯᠠ ᠤᠰᠤᠨ ᠤ ᠦᠩᠭᠡ ᠲᠦᠷᠬᠦ ᠪᠠᠷ ᠢᠶᠠᠨ ᠢᠯᠡᠷᠡᠨ ᠲᠤᠲᠤᠷᠠᠯ᠎ᠠ᠂ ᠡᠭᠦᠨ ᠠᠴᠠ ᠡᠪᠦᠭᠡ ᠲᠡᠭᠡᠳᠦ ᠠᠴᠠ ᠤᠯᠠᠮᠵᠢᠯᠠᠭᠰᠠᠨ ᠲᠤᠮᠤᠭ ᠨᠢ ᠲᠡᠤᠬᠡ ᠶᠢᠨ ᠦᠨᠡᠨ ᠤ ᠠᠴᠢᠶᠠᠯᠠᠪᠤᠷᠢ ᠪᠠᠶᠢᠵᠦ᠂ ᠲᠡᠤᠬᠡ ᠶᠢᠨ ᠦᠨᠡᠨ ᠨᠢ ᠦᠶ᠎ᠡ ᠤᠯᠠᠷᠢᠨ ᠬᠤᠯᠠᠳᠠᠪᠠᠯ ᠮᠠᠷᠳᠠᠭᠳᠠᠨ ᠭᠡᠭᠡᠭᠳᠡᠵᠦ᠂ ᠤᠨ ᠤᠳᠠᠪᠠᠯ ᠲᠤᠮᠤᠭ ᠪᠤᠯᠤᠨ ᠦᠯᠡᠳᠡᠳᠡᠭ ᠶᠤᠰᠤ ᠶᠢ ᠤᠬᠠᠨ ᠮᠡᠳᠡᠵᠦ ᠪᠤᠯᠤᠨ᠎ᠠ᠃      ᠵᠢᠷᠭᠤᠭ᠎ᠠ  ᠠᠶᠠᠯᠠᠯ ᠰᠢᠨᠵᠢᠯᠡᠯ ᠤᠨ ᠠᠮᠵᠢᠯᠳᠠ ᠪᠦᠳᠦᠮᠵᠢ ᠬᠢᠭᠡᠳ ᠠᠯᠳᠠᠢ ᠳᠠᠬᠢ ᠵᠠᠩ ᠦᠢᠯᠡ ᠶᠢᠨ ᠲᠤᠬᠠᠢ ᠠᠵᠢᠭᠯᠠᠯᠳᠠ      ᠬᠤᠶᠠᠷ ᠤᠳᠠᠭᠠᠨ ᠤ ᠠᠯᠳᠠᠢ ᠤᠷᠤᠨ ᠢᠶᠠᠷ ᠬᠠᠶᠢᠨ ᠰᠢᠨᠵᠢᠯᠡᠯᠳᠡ ᠬᠢᠵᠦ᠂ ᠦᠵᠦᠮᠦᠴᠢᠨ ᠤ ᠡᠷᠳᠡ ᠳᠡᠭᠡᠳᠦᠳ ᠤᠨ ᠢᠶᠠᠨ ᠠᠯᠬᠤᠵᠦ ᠦᠩᠭᠡᠷᠡᠭᠰᠡᠨ ᠠᠯᠳᠠᠨ ᠬᠦᠷᠦᠰᠦᠨ ᠲᠡᠭᠡᠷ᠎ᠡ ᠬᠦᠯ ᠭᠢᠰᠭᠢᠨ ᠶᠠᠪᠤᠵᠦ᠂ ᠠᠮᠢᠰᠬᠤᠯᠠᠵᠦ ᠦᠩᠭᠡᠷᠡᠭᠰᠡᠨ ᠴᠡᠪᠡᠷ ᠠᠭᠠᠷ ᠢ ᠴᠡᠭᠡᠵᠢ ᠠᠭᠤᠵᠢᠷᠠᠳᠠᠯ᠎ᠠ ᠠᠮᠢᠰᠬᠤᠯᠠᠵᠦ᠂ ᠷᠠᠰᠢᠶᠠᠯᠠᠵᠦ ᠦᠩᠭᠡᠷᠡᠭᠰᠡᠨ ᠲᠤᠩᠭᠠᠯᠠᠭ ᠤᠰᠤᠨ ᠢ ᠴᠠᠩᠭ᠎ᠠ ᠪᠠᠨ ᠬᠠᠨᠤᠳᠠᠯ᠎ᠠ ᠠᠮᠳᠠᠰᠢᠶᠠᠵᠦ᠂ ᠲᠤᠷᠠᠰᠬᠠᠵᠦ ᠦᠯᠡᠳᠡᠭᠡᠭᠰᠡᠨ ᠲᠡᠷᠡ ᠰᠠᠶᠢᠬᠠᠨ ᠠᠭᠤᠯᠠ ᠤᠰᠤᠨ ᠢ ᠨᠢᠳᠦ ᠬᠤᠵᠢᠷᠯᠠᠨ ᠪᠠᠭ᠋ᠠᠷᠬᠠᠬᠤ ᠳᠠᠭᠠᠨ ᠦᠪᠡᠷ ᠢ ᠪᠠᠨ ᠪᠠᠰᠠ ᠵᠤᠯ ᠲᠠᠢ ᠬᠦᠮᠦᠨ ᠭᠡᠰᠡᠨ ᠤᠮᠤᠭᠰᠢᠯ ᠲᠦᠷᠦᠭᠳᠡᠳᠡᠭ ᠲᠡᠭᠡᠬᠦ ᠮᠦᠷᠳᠡᠭᠡᠨ ᠲᠤᠤᠷᠠᠬᠢ ᠠᠶᠠᠯᠠᠯ ᠰᠢᠨᠵᠢᠯᠡᠯ ᠤᠨ ᠠᠮᠵᠢᠯᠳᠠ ᠪᠦᠳᠦᠮᠵᠢ ᠤᠯᠤᠭᠰᠠᠨ ᠳᠠᠭᠠᠨ ᠤᠯᠵᠠᠭᠤᠷᠬᠠᠳᠠᠭ ᠶᠤᠮᠰᠠᠨ᠃      ︵1︶᠂ ᠦᠵᠦᠮᠦᠴᠢᠨ ᠤ ᠤᠤᠭᠠᠯ ᠨᠤᠳᠤᠭ ᠤᠨ ᠲᠤᠬᠠᠢ ᠠᠮᠠᠨ ᠤᠯᠠᠮᠵᠢᠯᠠᠯ ᠨᠢ ᠵᠦᠪᠬᠡᠨ ᠲᠤᠮᠤᠭ ᠲᠡᠳᠦᠢ ᠪᠢᠰᠢ ᠬᠠᠷᠢᠨ ᠲᠠᠪᠤᠨ ᠵᠠᠭᠤᠨ ᠵᠢᠯ ᠠᠴᠠ ᠡᠮᠦᠨᠡᠬᠢ ᠦᠵᠦᠮᠦᠴᠢᠨ ᠠᠶᠢᠮᠠᠭ ᠤᠨ ᠤᠷᠤᠨᠰᠢᠨ ᠮᠠᠯᠵᠢᠵᠦ ᠪᠠᠶᠢᠭᠰᠠᠨ ᠪᠤᠳᠠᠳᠦ ᠭᠠᠵᠠᠷ ᠤᠷᠤᠨ ᠤ ᠦᠨᠡᠨ ᠳᠡᠮᠳᠡᠭᠯᠡᠯ ᠪᠤᠯᠬᠤ ᠶᠢ ᠲᠤᠳᠤᠷᠬᠠᠶᠢᠯᠠᠵᠦ᠂ ᠦᠵᠦᠮᠦᠴᠢᠨ ᠠᠶᠢᠮᠠᠭ ᠤᠨ ᠲᠤᠷᠤᠨ᠎ᠠ ᠵᠦᠭ ᠨᠡᠭᠦᠳᠡᠯᠯᠡᠭᠰᠡᠨ ᠲᠡᠤᠬᠡᠨ ᠤᠯᠠ ᠮᠦᠷ ᠪᠤᠯᠬᠤ ᠶᠢ ᠪᠠᠳᠤᠳᠠᠢ ᠬᠠᠷᠠᠭᠤᠯᠵᠦ᠂ ᠪᠠᠰᠠ ᠲᠡᠤᠬᠡᠳᠦ ᠭᠤᠷᠪᠠᠨ ᠭᠠᠵᠠᠷ ᠤᠨ ᠠᠭᠤᠯᠠ ᠤᠰᠤᠨ ᠤ ᠵᠢᠷᠤᠭ ᠲᠦᠷᠰᠦ ᠶᠢ ᠠᠪᠴᠢᠷᠠᠭᠰᠠᠨ ᠪᠠ ᠤᠳᠤ ᠠᠮᠢᠳᠤᠷᠠᠵᠦ ᠪᠠᠶᠢᠭ᠎ᠠ ᠮᠠᠯᠴᠢᠳ ᠠᠴᠠ ᠤᠯᠠᠮᠵᠢᠯᠠᠯ ᠳᠠᠬᠢ ᠭᠠᠵᠠᠷ ᠤᠨ ᠨᠡᠷ᠎ᠡ ᠶᠢ ᠬᠠᠳᠠᠭᠠᠯᠠᠵᠦ ᠪᠠᠶᠢᠬᠤ ᠶᠢ ᠪᠤᠳᠠᠳᠦ ᠬᠡᠷᠡᠭ ᠤᠴᠢᠷ ᠢᠶᠠᠷ ᠲᠤᠳᠤᠷᠬᠠᠶᠢᠯᠠᠪᠠ᠂ ᠡᠨᠡ ᠪᠤᠯ ᠦᠵᠦᠮᠦᠴᠢᠨᠴᠤᠳ ᠠᠩᠬ᠎ᠠ ᠤᠳᠠᠭ᠎ᠠ ᠲᠡᠭᠡᠳᠦᠰ ᠤᠨ ᠢᠶᠠᠨ ᠨᠤᠲᠤᠭ ᠲᠤ ᠬᠦᠷᠴᠦ᠂ ᠲᠡᠤᠬᠡᠨ ᠲᠤᠳᠤᠷᠬᠠᠶᠢᠯᠠᠯᠳᠠ ᠬᠢᠵᠦ ᠪᠠᠶᠢᠭ᠎ᠠ ᠶᠠᠪᠤᠳᠠᠯ ᠪᠤᠯᠤᠨ᠎ᠠ᠃ ᠲᠡᠤᠬᠡ ᠳᠡᠮᠳᠡᠭᠯᠡᠯ ᠪᠠ ᠠᠮᠠᠨ ᠤᠯᠠᠮᠵᠢᠯᠠᠯ ᠤᠨ ᠰᠢᠨᠵᠢᠯᠡᠯ ᠢᠶᠠᠷ ᠦᠵᠦᠮᠦᠴᠢᠨ ᠤ ᠲᠡᠤᠬᠡᠨ ᠤᠯᠡ ᠮᠦᠷ ᠤᠨ ᠶᠠᠪᠤᠴᠠ ᠶᠢ ᠠᠯᠳᠠᠢ ᠨᠢᠷᠤᠭᠤ — ᠬᠠᠩᠭᠠᠢ ᠨᠢᠷᠤᠭᠤ — ᠭᠠᠯᠪᠠ ᠱᠠᠩᠬ᠎ᠠ ᠶᠢᠨ ᠭᠤᠪᠢ — ᠰᠢᠯᠢ ᠶᠢᠨ ᠭᠤᠤᠯ ᠤᠨ ᠲᠠᠯ᠎ᠠ ᠨᠤᠲᠤᠭ — ᠯᠢᠶᠤᠤᠳᠦᠩ ᠤᠷᠤᠨ — ᠰᠢᠯᠢ ᠶᠢᠨ ᠭᠤᠤᠯ ᠤᠨ ᠲᠠᠯ᠎ᠠ ᠨᠤᠲᠤᠭ — ᠠᠷᠤ ᠬᠠᠩᠭᠠᠢ ᠬᠡᠷᠦᠯᠦᠨ ᠮᠦᠷᠡᠨ — ᠰᠢᠯᠢ ᠶᠢᠨ ᠭᠤᠤᠯ ᠤᠨ ᠲᠠᠯ᠎ᠠ ᠨᠤᠲᠤᠭ ᠭᠡᠬᠦ ᠲᠤᠮᠢᠶᠠᠯᠠᠯ ᠢ ᠭᠠᠷᠭᠠᠵᠦ ᠪᠤᠯᠤᠨ᠎ᠠ᠂ ᠤᠶᠢᠷᠠᠳ ᠠᠶᠢᠮᠠᠭ ᠮᠠᠰᠢ ᠡᠷᠳᠡ ᠴᠠᠭ ᠠᠴᠠ ᠪᠠᠷᠠᠭᠤᠨ ᠬᠤᠶᠢᠳᠦ ᠠᠯᠳᠠᠢ ᠤᠷᠤᠨ ᠢᠶᠠᠷ ᠠᠩ ᠠᠩᠨᠠᠯ ᠡᠷᠬᠢᠯᠡᠵᠦ ᠪᠠᠶᠢᠭᠰᠠᠨ ᠢᠶᠠᠨ ᠠᠳᠡ ᠠᠴᠠ ᠪᠠᠨ ᠮᠠᠯᠵᠢᠯ ᠤᠨ ᠦᠢᠯᠡᠰ ᠡᠷᠬᠢᠯᠡᠬᠦ ᠪᠤᠯᠤᠭᠰᠠᠨ ᠭᠡᠵᠦ ᠡᠷᠳᠡᠮᠳᠡᠳ ᠦᠵᠡᠳᠡᠭ᠂ ᠦᠵᠦᠮᠦᠴᠢᠨ ᠠᠶᠢᠮᠠᠭ ᠴᠤ ᠤᠶᠢᠷᠠᠳ ᠤᠨ ᠨᠢᠭᠡ ᠪᠦᠯᠦᠭ ᠪᠤᠯᠤᠭᠰᠠᠨ ᠤ ᠬᠤᠪᠢ ᠳᠤ ᠠᠯᠳᠠᠢ ᠨᠢᠷᠤᠭᠤᠨ ᠤ ᠦᠵᠦᠮ ᠤᠨ ᠴᠠᠭᠠᠨ ᠠᠭᠤᠯᠠ ᠬᠠᠪᠢ ᠪᠠᠷ ᠮᠠᠯᠵᠢᠯ ᠢ ᠬᠦᠯᠢᠶᠡᠭᠰᠡᠨ ᠤᠴᠢᠷ ᠠᠴᠠ ᠦᠵᠦᠮᠦᠴᠢᠨ ᠤ ᠨᠡᠭᠦᠳᠡᠯ ᠮᠠᠯᠵᠢᠯ ᠤᠨ ᠰᠤᠶᠤᠯ ᠪᠤᠯᠪᠠᠰᠤᠨ ᠠᠳᠡ ᠠᠴᠠ ᠡᠬᠢᠯᠡᠭᠰᠡᠨ ᠢᠶᠠᠷ ᠲᠡᠭᠦᠨ ᠢ ︽ᠤᠤᠭᠠᠯ ᠨᠤᠲᠤᠭ︾ ᠭᠡᠬᠦ ᠨᠢ ᠵᠦᠢᠳᠠᠢ ᠶᠤᠮ᠂ ᠦᠵᠦᠮᠦᠴᠢᠨᠴᠤᠳ ᠠᠯᠳᠠᠢ ᠨᠢᠷᠤᠭᠤᠨ ᠤ ᠦᠵᠦᠮ ᠤᠨ ᠴᠠᠭᠠᠨ ᠠᠭᠤᠯᠠ — ᠲᠦᠷᠦᠭᠡ ᠬᠠᠩᠭᠢᠨᠠᠭᠤᠷ ᠤᠨ ᠬᠠᠪᠴᠢᠯ — ᠬᠤᠨᠢ ᠮᠠᠶᠢᠯᠠᠬᠤ ᠵᠡᠷᠭᠡ ᠭᠠᠵᠠᠷ ᠤᠰᠤᠨ ᠢ ᠡᠳᠦᠷ ᠤᠨ ᠪᠤᠳᠤᠯ ᠰᠦᠨᠢ ᠶᠢᠨ ᠵᠡᠭᠦᠳᠤᠨ ᠳᠡᠭᠡᠨ ᠢᠮᠠᠭᠳᠠ ᠴᠢᠬᠤᠯᠠᠴᠢᠯᠠᠳᠠᠭ ᠤᠨ ᠤᠴᠢᠷ  ᠨᠢ ᠲᠡᠷᠡ ᠭᠠᠵᠠᠷ ᠠᠴᠠ ᠮᠠᠯᠵᠢᠯ ᠤᠨ ᠬᠦᠭᠵᠢᠯ ᠪᠠᠳᠠᠷᠠᠯ ᠢ ᠤᠯᠤᠭᠰᠠᠨ᠂ ᠠᠩ ᠭᠦᠷᠦᠭᠡᠨ ᠤ ᠤᠷᠤᠨ ᠭᠠᠷᠤᠨ ᠠᠮᠢᠳᠤᠷᠠᠯ ᠠᠴᠠ ᠪᠠᠨ ᠭᠠᠳᠠᠨ᠎ᠠ ᠪᠠᠨ ᠦᠪᠡᠷ ᠤᠨ ᠭᠡᠬᠦ ᠲᠤᠭᠳᠠᠪᠤᠷᠢᠳᠠᠢ ᠮᠠᠯ  ᠬᠦᠷᠦᠩᠭᠡ ᠤᠨ ᠰᠢᠨ᠎ᠡ ᠦᠢᠯᠡᠰ ᠢ ᠡᠷᠬᠢᠯᠡᠬᠦ ᠪᠤᠯᠤᠭᠰᠠᠨ᠂ ᠡᠶᠢᠮᠦ ᠪᠠᠷ ᠲᠡᠷᠡ ᠭᠠᠵᠠᠷ ᠨᠢ ᠶᠡᠭᠡ ᠨᠡᠭᠦᠳᠡᠯ ᠤᠨ ᠠᠩᠬᠠᠨ ᠤ ᠡᠬᠢᠯᠡᠯᠳᠡ ᠶᠢᠨ ᠴᠢᠭ᠋ ᠪᠤᠯᠤᠭᠰᠠᠨ ᠢᠶᠠᠷ ᠳᠡᠳᠡᠨ ᠤ ᠲᠡᠭᠡᠳᠦ ᠶᠢᠨ ᠬᠢᠨᠢ ᠬᠠᠮᠤᠭ ᠤᠨ ᠭᠦᠨ ᠲᠤᠷᠠᠰᠤᠮᠵᠢᠳᠠᠢ ᠬᠦᠰᠡᠯ ᠮᠦᠷᠦᠭᠡᠳᠦᠯ ᠤᠨ ᠪᠤᠮᠪᠠ ᠶᠢᠨ ᠤᠷᠤᠨ ᠪᠤᠯᠵᠦ᠂ ᠤᠯᠠᠮᠵᠢᠯᠠᠯ ᠤᠨ ᠬᠦᠴᠦᠨ ᠤ ᠡᠬᠢ ᠪᠤᠯᠠᠭ ᠪᠤᠯᠵᠦ ᠮᠦᠩᠬᠡᠷᠡᠭᠰᠡᠨ ᠶᠤᠮ᠃      ᠠᠮᠠᠨ ᠤᠯᠠᠮᠵᠢᠯᠠᠯ ᠤᠨ ᠤᠬᠠᠮᠰᠠᠷ ᠨᠢ ᠤᠶᠤᠨ ᠰᠠᠨᠠᠭᠠᠨ ᠤ ᠬᠦᠴᠦᠨ ᠪᠤᠯᠤᠨ ᠬᠤᠪᠢᠷᠠᠬᠤ ᠦᠶ᠎ᠡ ᠳᠤ ᠬᠦᠮᠦᠰ ᠲᠤ ᠲᠤᠷᠠᠰᠤᠨ ᠶᠠᠷᠢᠭᠳᠠᠬᠤ᠂ ᠡᠷᠢᠭᠳᠡᠨ ᠦᠭᠡᠶᠢᠯᠡᠭᠳᠡᠬᠦ ᠴᠢᠨᠠᠭᠰᠢᠯᠠᠪᠠᠯ ᠰᠤᠨᠤᠰᠤᠭᠠᠳ ᠶᠤᠮ ᠤᠤ᠂ ᠦᠵᠡᠭᠡᠳ ᠰᠠᠨᠠᠭ᠎ᠠ ᠨᠢ ᠳᠠᠶᠢᠪᠤᠰᠢᠷᠠᠬᠤ ᠵᠡᠷᠭᠡ ᠰᠡᠳᠭᠢᠯᠭᠡ ᠶᠢᠨ ᠢᠯᠡᠷᠡᠯ ᠨᠢ ᠮᠤᠩᠭᠤᠯᠴᠤᠳ ᠤᠨ ᠨᠤᠲᠤᠭ ᠤᠰᠤᠨ ᠢᠶᠠᠨ ᠬᠠᠶᠢᠷᠠᠯᠠᠬᠤ᠂ ᠪᠠᠶᠢᠭᠠᠯᠢ ᠪᠠᠨ ᠰᠢᠳᠦᠬᠦ ᠬᠠᠯᠠᠭᠤᠨ ᠡᠰ ᠴᠢᠰᠤᠨ ᠳᠤᠨᠢ ᠤᠷᠤᠰᠴᠤ᠂ ᠡᠯᠢᠭᠡᠨ ᠳᠤᠨᠢ ᠰᠢᠩᠭᠡᠭᠰᠡᠨ ᠲᠠᠢ ᠨᠢᠭ᠌ᠳᠡ ᠬᠤᠯᠪᠤᠭ᠎ᠠ ᠲᠠᠢ ᠶᠤᠮ᠃ ᠦᠵᠦᠮᠦᠴᠢᠨ ᠶᠠᠰᠤᠳᠠᠳ ᠨᠢ ᠶᠠᠭ ᠡᠶᠢᠮᠦᠷᠬᠦ ᠠᠮᠠᠨ ᠤᠯᠠᠮᠵᠢᠯᠠᠯ ᠤᠨ ᠳᠠᠯᠳᠠ ᠤᠬᠠᠮᠰᠠᠷ ᠪᠠ ᠤᠶᠤᠨ ᠤ ᠬᠦᠴᠦᠨ ᠪᠦᠬᠦᠢ ᠤᠯᠤᠰ ᠶᠤᠮ᠂ ᠡᠨᠡ ᠲᠤᠬᠠᠢ ᠮᠢᠨᠤ ᠠᠵᠢᠭᠯᠠᠯᠳᠠ ᠬᠢᠭᠰᠡᠨ ᠢᠶᠠᠷ ᠪᠤᠯ ᠠᠩᠬᠠᠳᠤᠭᠠᠷ ᠬᠠᠶᠢᠨ ᠰᠢᠨᠵᠢᠯᠡᠯᠳᠡ ᠬᠢᠬᠦ ᠪᠠᠷ ᠶᠠᠪᠤᠬᠤ ᠦᠶ᠎ᠡ ᠲᠠᠪᠬᠠᠢ ᠨᠦᠬᠦᠷ ᠨᠠᠳᠠ ᠳᠤ ᠰᠢᠷ᠎ᠠ ᠬᠠᠳᠠᠭ ᠦᠭᠭᠦᠭᠡᠳ ︽ᠲᠡᠭᠡᠳᠦ ᠶᠢᠨ ᠭᠠᠵᠠᠷ ᠢᠶᠠᠷ ᠬᠦᠷᠬᠦ ᠶᠤᠮ ᠴᠢᠨᠢ ᠡᠭᠦᠨ ᠢ ᠡᠷᠭᠦᠭᠡᠳᠡᠭᠡ᠂ ᠪᠠᠰᠠ ᠮᠢᠨᠤ ᠰᠡᠳᠭᠢᠯ ᠪᠤᠯᠬᠤ ᠪᠢᠰᠢᠤ ᠳ᠋ᠠ︾ ᠭᠡᠵᠦ ᠨᠠᠶᠢᠳᠠᠭᠰᠠᠨ᠂ ᠢᠷᠡᠭᠰᠡᠨ ᠤ ᠳᠠᠷᠠᠭ᠎ᠠ ᠬᠠᠷᠢᠭᠤ ᠮᠡᠳᠡᠭᠦᠯᠦᠯᠳᠠ ᠶᠢ ᠰᠤᠨᠤᠰᠤᠭᠠᠳ ᠲᠡᠷᠡ ︽ᠲᠡᠤᠬᠡᠨ ᠠᠴᠠ ᠦᠵᠦᠮ ᠤᠨ ᠴᠠᠭᠠᠨ ᠠᠭᠤᠯᠠ ᠠᠴᠠ ᠨᠡᠭᠦᠵᠦ ᠢᠷᠡᠭᠰᠡᠨ ᠭᠡᠳᠡᠭ᠂ ᠲᠡᠭᠡᠪᠡᠴᠦ ᠬᠦᠷᠴᠦ ᠦᠵᠡᠭᠰᠡᠨ ᠬᠦᠮᠦᠨ ᠭᠡᠵᠦ ᠠᠯᠠᠭ᠎ᠠ᠂ ᠰᠤᠨᠤᠰᠬᠤ ᠳᠤ ᠯᠠᠮᠠ ᠶᠢᠨ ᠬᠦᠷᠢᠶ᠎ᠡ ᠰᠦᠮ᠎ᠡ ᠶᠢᠨ ᠨᠢᠭᠡᠨ ᠬᠡᠤᠬᠡᠨ ᠯᠠᠮᠠ ᠭᠡᠳᠡᠭ ᠬᠦᠮᠦᠨ ᠪᠠᠷᠠᠭᠤᠨ ᠭᠠᠵᠠᠷ ᠢᠶᠠᠷ ᠶᠠᠪᠤᠭᠠᠳ ᠡᠶᠢᠮᠦ ᠭᠠᠵᠠᠷ ᠪᠠᠶᠢᠨ᠎ᠠ ᠭᠡᠯ᠎ᠡ ᠭᠡᠰᠡᠨ᠂ ᠭᠡᠪᠡᠴᠦ ᠡᠨᠡ ᠨᠢ ᠳᠠᠮ ᠶᠠᠷᠢᠶ᠎ᠠ ᠲᠡᠳᠦᠢ᠂ ᠡᠨᠡ ᠤᠳᠠᠭ᠎ᠠ ᠦᠵᠦᠮᠦᠴᠢᠨᠴᠤᠳ ᠦᠪᠡᠷᠳᠡᠭᠡᠨ ᠶᠠᠪᠤᠵᠦ ᠪᠠᠳᠤᠳᠠᠢ ᠴᠢᠮᠡᠭᠡ ᠤᠯᠵᠦ ᠢᠷᠡᠭᠰᠡᠨ ᠨᠢ ᠲᠤᠰ ᠠᠶᠢᠮᠠᠭ ᠤᠨ ᠲᠡᠤᠬᠡᠨ ᠳᠠᠬᠢ ᠶᠡᠭᠡ ᠶᠠᠪᠤᠳᠠᠯ︾ ᠭᠡᠵᠦ ᠦᠨᠡᠯᠡᠨ ᠶᠠᠷᠢᠵᠦ ᠪᠠᠶᠢᠪᠠ᠂ ᠪᠢ ᠶᠠᠪᠤᠬᠤ ᠠᠴᠠ ᠪᠠᠨ ᠡᠮᠦᠨ᠎ᠡ ᠮᠤᠩᠭᠤᠯ ᠤᠯᠤᠰ ᠤᠨ ᠲᠡᠤᠬᠡ ᠶᠢᠨ ᠬᠦᠷᠢᠶᠡᠯᠡᠩ ᠤᠨ ᠨᠢᠭᠡᠨ ᠰᠤᠳᠤᠯᠭᠠᠳᠠᠨ ᠠᠴᠠ ᠡᠳᠡᠭᠡᠷ ᠭᠠᠵᠠᠷ ᠢ ᠰᠤᠷᠠᠭᠯᠠᠬᠤ ᠳᠤ ︽ᠳᠠᠨᠠᠷ ᠶᠠᠪᠤᠭᠰᠠᠨ ᠤ ᠬᠡᠷᠡᠭ ᠦᠭᠡᠢ᠂ ᠡᠶᠢᠮᠦ ᠭᠠᠵᠠᠷ ᠮᠤᠩᠭᠤᠯ ᠳᠤ ᠪᠠᠶᠢᠬᠤ ᠦᠭᠡᠢ᠂ ᠡᠨᠡ ᠪᠤᠯ ᠲᠤᠮᠤᠭ ᠤᠨ ᠭᠠᠵᠠᠷ ᠤᠰᠤᠨ ᠰᠢᠤ︾ ᠭᠡᠬᠦ ᠬᠠᠷᠢᠭᠤᠯᠳᠠ ᠶᠢ ᠤᠯᠤᠭᠰᠠᠨ ᠂ ᠬᠤᠪᠳᠦ ᠠᠶᠢᠮᠠᠭ ᠲᠤ ᠬᠦᠷᠦᠭᠡᠳ ᠴᠢᠮᠡᠭᠡ ᠠᠨᠢᠷ ᠦᠭᠡᠢ ᠪᠤᠯᠬᠤ ᠳᠤ ᠪᠢᠳᠡ ᠪᠠᠰᠠ ᠪᠠᠴᠢᠮᠳᠠᠨ ᠵᠤᠪᠠᠭᠰᠠᠨ ᠤᠳᠠᠭ᠎ᠠ ᠴᠤ ᠪᠤᠢ᠂ ᠤᠳᠤ ᠪᠠᠳᠤᠳᠠᠢ ᠰᠤᠷᠠᠭ ᠢ ᠰᠤᠨᠤᠰᠤᠭᠠᠳ ᠡᠶᠢᠮᠦᠷᠬᠦ ᠦᠨᠡᠯᠡᠯᠳᠡ ᠶᠢ ᠤᠯᠤᠭᠰᠠᠨ ᠳᠤ ᠨᠠᠳᠠᠳᠦ ᠮᠠᠷᠳᠠᠭᠳᠠᠰᠢ ᠦᠭᠡᠢ ᠰᠠᠭᠤᠭᠳᠠᠯ ᠪᠤᠯᠤᠭᠰᠠᠨ ᠶᠤᠮ᠃      ᠡᠨᠡ ᠵᠢᠯ ᠤᠨ ᠴᠠᠭᠠᠨ ᠰᠠᠷ᠎ᠠ ᠶᠢᠨ ︵ᠦᠬᠡᠷ ᠵᠢᠯ︶ ᠰᠢᠨᠡᠳ ᠢᠶᠠᠷ ᠨᠠᠶᠠ ᠬᠦᠷᠦᠭᠰᠡᠨ ᠨᠠᠰᠤᠳᠠᠨ᠂ ᠠᠬᠠᠮᠠᠳ ᠬᠤᠰᠢᠭᠤ ᠳᠠᠷᠤᠭ᠎ᠠ ᠲᠦᠪᠳᠡᠨ ᠭᠤᠸᠠᠢ ᠳᠠᠪᠬᠠᠢ ᠪᠢᠳᠡᠨ ᠢ ᠭᠡᠷ ᠲᠡᠭᠡᠨ ᠳᠠᠭᠤᠳᠠᠭᠤᠯᠤᠭᠰᠠᠨ᠂ ᠪᠢᠳᠡᠨ ᠢ ᠬᠦᠷᠬᠦ ᠳᠤ ᠨᠠᠰᠤᠳᠠᠨ ᠶᠡᠬᠡᠳᠡ ᠪᠠᠶᠠᠷᠯᠠᠵᠦ᠄ ︽ᠪᠢ ᠰᠤᠨᠢᠨ ᠳᠡᠭᠡᠷ᠎ᠡ ᠠᠴᠠ ᠳᠠᠨᠠᠷ ᠤᠨ ᠲᠡᠭᠡᠳᠦ ᠶᠢᠨ ᠭᠠᠵᠠᠷ ᠢᠶᠠᠷ ᠶᠠᠪᠤᠵᠦ᠂ ᠤᠤᠭᠠᠯ ᠨᠤᠲᠤᠭ ᠢᠶᠠᠨ ᠤᠯᠵᠦ ᠨᠤᠳᠠᠯᠠᠭᠰᠠᠨ ᠳᠤ ᠲᠤᠩ ᠶᠡᠭᠡ ᠪᠠᠶᠠᠷᠯᠠᠵᠦ ᠪᠠᠶᠢᠨ᠎ᠠ᠂ ᠳᠠᠨᠠᠷ ᠦᠵᠦᠮᠦᠴᠢᠨ ᠤ ᠲᠠᠪᠤᠨ ᠵᠠᠭᠤᠨ ᠵᠢᠯ ᠤᠨ ᠳᠠᠰᠤᠷᠠᠭᠰᠠᠨ ᠲᠡᠤᠬᠡ ᠶᠢ ᠵᠠᠯᠭᠠᠭᠤᠯᠤᠭᠰᠠᠨ ᠪᠤᠶᠠᠨ ᠤ ᠶᠠᠪᠤᠳᠠᠯ ᠢ ᠬᠢᠭᠰᠡᠨ ᠰᠢᠤ︾ ᠭᠡᠵᠦ ᠰᠡᠳᠭᠢᠯ ᠬᠦᠳᠡᠯᠦᠨ ᠶᠠᠷᠢᠭᠰᠠᠨ ᠢᠶᠠᠨ ︽ᠰᠢᠨ᠎ᠡ ᠮᠠᠯᠴᠢᠳ ᠤᠨ ᠰᠤᠨᠢᠨ︾ ᠢᠶᠠᠨ ᠭᠠᠷᠭᠠᠵᠦ ᠦᠵᠡᠭᠦᠯᠪᠡ᠂ ᠲᠤᠰ ᠰᠤᠨᠢᠨ ᠳᠤ ᠦᠵᠦᠮᠦᠴᠢᠨ ᠨᠤᠲᠤᠭᠳᠠᠢ ᠤ ᠰᠡᠴᠡᠨᠪᠠᠳᠦ ᠮᠡᠳᠡᠭᠡ ᠶᠢ ᠤᠯᠤᠮᠠᠭᠴᠠ ᠨᠡᠶᠢᠳᠡᠯᠡᠭᠦᠯᠵᠦ ᠭᠠᠷᠭᠠᠭᠰᠠᠨ ᠪᠦᠭᠡᠳ ᠦᠪᠡᠷ ᠤᠨ ︽ᠦᠵᠦᠮᠦᠴᠢᠨ ᠤ ᠠᠳᠤᠭᠤᠨ ᠰᠤᠶᠤᠯ︾ ᠬᠡᠬᠦ ᠨᠤᠮ ᠳᠠᠭᠠᠨ ᠭᠡᠷᠡᠯ ᠵᠢᠷᠤᠭ ᠢ ᠨᠢ ᠤᠷᠤᠭᠤᠯᠤᠭᠰᠠᠨ ᠪᠠᠶᠢᠭ᠎ᠠ ᠶᠤᠮ᠃      ᠰᠧᠮ᠎ᠠ᠂ ᠠᠯᠤᠬ᠎ᠠ᠂ ᠮᠠ᠊ ᠰᠠᠮᠪᠤᠤ ᠵᠡᠷᠭᠡ ᠤᠯᠠᠨ ᠠᠬᠠᠮᠠᠳ ᠨᠠᠷ ︽ᠶᠡᠬᠡᠯ᠎ᠡ ᠬᠤᠯᠠ ᠭᠠᠵᠠᠷ ᠶᠤᠮ ᠪᠠᠶᠢᠨ᠎ᠠ᠂ ᠳᠠᠨᠠᠷ ᠪᠠᠰᠠ ᠬᠤᠪᠢ ᠲᠠᠢ ᠤᠯᠤᠰ ᠡ︾ ᠭᠡᠵᠡᠭᠡᠵᠦ ᠪᠠᠶᠢᠪᠠ᠂ ᠮᠢᠨᠤ ᠬᠠᠮᠳᠦ ᠰᠤᠷᠤᠯᠭᠠᠳᠠᠨ ᠪᠤᠶᠠᠨᠳᠡᠯᠭᠡᠷ ᠭᠤᠸᠠᠢ ︽ᠳᠠᠨᠠᠷ ᠪᠠᠰᠠ ᠵᠤᠯ ᠲᠠᠢ ᠶᠤᠮ ᠡ᠂ ᠳᠠᠷᠠᠭ᠎ᠠ ᠤᠳᠠᠭ᠎ᠠ ᠶᠠᠪᠤᠪᠠᠯ ᠨᠠᠮ᠎ᠠ ᠶᠢ ᠳᠠᠭᠠᠭᠤᠯᠤᠭᠠᠳ ᠶᠠᠪᠤ᠂ ᠪᠢ ᠰᠦᠢᠳᠭᠡᠯ ᠢᠶᠠᠨ ᠦᠪᠡᠷᠳᠡᠭᠡᠨ ᠬᠠᠷᠢᠭᠤᠴᠠᠶ᠎ᠠ︾ ᠭᠡᠵᠦ ᠭᠤᠶᠤᠵᠦ ᠪᠠᠶᠢᠭᠰᠠᠨ᠂ ᠡᠳᠡᠭᠡᠷ ᠪᠠᠶᠢᠳᠠᠯ ᠠᠴᠠ ᠠᠵᠢᠭᠯᠠᠬᠤ ᠳᠤ ᠡᠨᠡ ᠲᠤᠬᠠᠢ ᠠᠬᠠᠮᠠᠳ ᠨᠠᠷ ᠶᠡᠭᠡ ᠰᠤᠨᠢᠷᠬᠠᠯ ᠲᠠᠢ ᠪᠦᠭᠡᠳ ᠬᠦᠰᠡᠯ ᠡᠷᠡᠮᠵᠡᠯᠡᠯ ᠤᠨ ᠬᠠᠯᠠᠭᠤᠨ ᠰᠡᠳᠭᠢᠯᠭᠡ ᠨᠢᠭᠤᠭᠳᠠᠵᠦ ᠪᠠᠶᠢᠬᠤ ᠪᠠ ᠬᠠᠰᠢᠯᠠ ᠤᠯᠠᠮᠵᠢᠯᠠᠯ ᠤᠨ ᠬᠦᠴᠦᠨ ᠤ ᠤᠴᠢᠷ ᠪᠤᠯᠬᠤ ᠨᠢ ᠢᠯᠡᠷᠬᠡᠢ ᠪᠠᠶᠢᠨ᠎ᠠ  ᠃      ︵2︶  ᠮᠠᠯ ᠰᠦᠷᠦᠭ ᠤᠨ ᠤᠭᠰᠠᠭ᠎ᠠ ᠤᠳᠤᠮ ᠪᠤᠯᠤᠨ ᠵᠠᠩ ᠦᠢᠯᠡ ᠶᠢᠨ ᠳᠠᠯ᠎ᠠ ᠪᠠᠷ ᠬᠢ ᠢᠵᠢᠯ ᠳᠠᠯ᠎ᠠ ᠤᠯᠠᠨ ᠪᠠᠶᠢᠬᠤ ᠲᠤᠬᠠᠢ᠂ ᠮᠠᠯ ᠡᠭᠦᠯᠳᠡᠷ ᠤᠨ ᠤᠳᠤᠮ ᠤᠭᠰᠠᠭ᠎ᠠ ᠳᠠᠬᠢ ᠢᠵᠢᠯ ᠲᠠᠯ᠎ᠠ ᠭᠡᠪᠡᠯ 2006 ᠤᠨ ᠤ ᠬᠠᠪᠤᠷ᠂ ᠪᠢᠳᠡ ᠬᠤᠪᠳᠦ ᠠᠶᠢᠮᠠᠭ ᠤᠨ ᠴᠡᠴᠡᠭ ᠰᠤᠮᠤᠨ ᠤ ᠬᠡᠳᠦᠨ ᠮᠠᠯᠵᠢᠬᠤ ᠡᠷᠦᠬᠡ ᠪᠠᠷ ᠳᠠᠮᠵᠢᠭᠰᠠᠨ ᠶᠤᠮ᠂ ᠰᠠᠭᠠᠬᠤ ᠰᠤᠪᠠᠢ ᠨᠡᠶᠢᠯᠡᠭᠡᠳᠦᠢ ᠪᠠᠶᠢᠭᠰᠠᠨ ᠴᠠᠭ᠂ ᠡᠷᠭᠢ ᠶᠢᠨ ᠨᠦᠮᠦᠷᠢ ᠪᠠᠷ ᠬᠤᠷᠠᠭ᠎ᠠ ᠤᠳ ᠬᠤᠶᠢᠨᠠᠷᠠᠨ ᠲᠤᠭᠯᠠᠵᠦ ᠪᠠᠶᠢᠪᠠ᠂ ᠪᠠᠭᠤᠵᠦ ᠦᠵᠡᠬᠦ ᠳᠤ ᠮᠦᠨ ᠦᠵᠦᠮᠦᠴᠢᠨ ᠬᠤᠨᠢᠳ ᠲᠠᠢ ᠠᠳᠠᠯᠢᠬᠠᠨ ᠲᠦᠭᠦᠷᠢᠭ ᠰᠡᠭᠦᠯ ᠬᠢᠯᠭᠠᠰᠤᠨ ᠤᠩᠭᠠᠰᠤ᠂ ᠬᠠᠷᠠᠨᠳᠠᠨ ᠪᠤᠷᠤᠨᠳᠤᠨ ᠵᠢᠰᠦᠮ ᠵᠡᠷᠭᠡ ᠨᠢ ᠵᠦᠷᠢᠶ᠎ᠡ ᠦᠭᠡᠢ᠂ ᠪᠡᠶ᠎ᠡ ᠶᠢᠨ ᠭᠠᠯᠪᠢᠷ ᠲᠦᠷᠬᠦ ᠨᠢ ᠴᠣ᠋ ᠠᠳᠠᠯᠢ ᠪᠠᠶᠢᠭᠰᠠᠨ᠂ ᠭᠡᠳᠡᠯ᠎ᠡ ᠺᠠᠽᠠᠭ ᠤᠨ ᠤᠭᠤᠴᠠᠨ ᠰᠡᠭᠦᠯᠳᠦ ᠬᠤᠨᠢᠳ ᠦᠰᠦᠳ ᠦᠭᠡᠷ᠎ᠡ ᠪᠠᠶᠢᠵᠦ᠂ ᠪᠡᠶ᠎ᠡ ᠪᠦᠳᠦᠭᠦᠨ ᠮᠦᠷᠳᠡᠭᠡᠨ ᠰᠠᠯᠠᠭ᠎ᠠ ᠰᠡᠭᠦᠯ ᠲᠠᠢ ᠤᠨᠳᠤᠤ ᠲᠦᠷᠦᠯ ᠪᠤᠯᠬᠤ ᠨᠢ ᠢᠯᠡᠷᠬᠡᠢ ᠪᠠᠶᠢᠯ᠎ᠠ᠂ ᠨᠢᠳᠤᠨᠤᠨ ᠨᠠᠮᠤᠷ ᠰᠠᠭᠰᠠᠢ ᠰᠤᠮᠤᠨ ᠳᠤ ᠬᠡᠳᠦ ᠬᠤᠨᠤᠬᠤ ᠳᠤ ᠰᠤᠮᠤᠨ ᠳᠡᠭᠡᠷ᠎ᠡ ᠢᠷᠡᠬᠦ ᠮᠤᠷᠢᠳᠡᠳ ᠤᠯᠠᠩᠬᠢ ᠨᠢ ᠲᠠᠷᠭᠤᠨ ᠴᠠᠭᠠᠨ ᠮᠤᠷᠢ ᠤᠨᠤᠴᠢᠭᠰᠠᠨ ᠶᠠᠪᠤᠵᠦ ᠪᠠᠶᠢᠯ᠎ᠠ᠂ ᠭᠡᠪᠡᠴᠦ ᠡᠳᠡᠭᠡᠷ ᠮᠤᠷᠢᠳ ᠨᠢ ᠦᠵᠦᠮᠦᠴᠢᠨ ᠠᠳᠤᠭᠤᠨ ᠤ ᠪᠠᠶ᠎ᠡ ᠲᠦᠷᠬᠦ  ᠲᠠᠢ ᠲᠦᠯᠦᠪ ᠮᠤᠩᠭᠤᠯ ᠮᠤᠷᠢᠳ ᠪᠠᠶᠢᠭᠰᠠᠨ᠂ ᠬᠤᠪᠳᠦ ᠪᠠᠷ ᠶᠠᠪᠤᠵᠦ ᠪᠠᠶᠢᠬᠤ ᠳᠤ ᠴᠡᠩᠬᠡᠷ ᠪᠤᠷᠤ ᠦᠩᠭᠡᠳᠡᠢ ᠴᠠᠶᠢᠪᠤᠷ ᠵᠢᠰᠦᠮ ᠤᠨ ᠠᠳᠤᠭᠤᠳ ᠳᠠᠭᠠᠷᠠᠵᠦ ᠪᠠᠶᠢᠭᠰᠠᠨ ᠨᠢ ᠦᠵᠦᠮᠦᠴᠢᠨ ᠨᠤᠲᠤᠭ ᠲᠠᠭᠠᠨ ᠶᠠᠪᠤᠵᠦ ᠪᠠᠶᠢᠬᠤ ᠰᠢᠭ᠋ ᠰᠠᠨᠠᠭᠳᠠᠵᠦ ᠪᠠᠶᠢᠯ᠎ᠠ᠃ ᠵᠠᠩ ᠳᠠᠳᠬᠠᠯ ᠵᠠᠩ ᠦᠢᠯᠡ ᠶᠢᠨ ᠳᠠᠯ᠎ᠠ ᠪᠠᠷ ᠢᠵᠢᠯ ᠳᠠᠯ᠎ᠠ ᠭᠡᠪᠡᠯ ᠳᠡᠭᠡᠷ᠎ᠡ ᠵᠠᠭᠤᠨ ᠤ ᠵᠢᠷᠠᠭᠠᠳ ᠤᠨ ᠳᠤ ᠪᠠᠭ᠎ᠠ ᠪᠠᠶᠢᠬᠤᠢ ᠳᠤ ᠮᠠᠨᠠᠶᠢᠬᠢᠨ ᠬᠤᠨᠢ ᠠᠯᠠᠵᠦ ᠦᠪᠴᠢᠭᠰᠡᠨ ᠤ ᠳᠠᠷᠠᠭ᠎ᠠ᠂ ᠲᠦᠷᠪᠡᠨ ᠮᠦᠴᠢ ᠪᠠᠷ ᠨᠢ ᠰᠠᠯᠭᠠᠵᠦ ᠭᠡᠷ ᠤᠨ ᠪᠠᠷᠠᠭᠤᠨ ᠡᠮᠦᠨ᠎ᠡ ᠬᠠᠨ᠎ᠠ ᠶᠢᠨ ᠲᠤᠯᠤᠭᠠᠢ ᠠᠴᠠ ᠳᠡᠭᠦᠵᠢᠯᠡᠨ ᠳᠠᠯᠪᠢᠳᠠᠭ᠂ ᠱᠦᠯᠦ ᠲᠠᠢ ᠬᠤᠭᠤᠯᠠ ᠬᠢᠬᠦ ᠦᠶ᠎ᠡ ᠵᠤᠵᠠᠭᠠᠨ ᠮᠢᠬᠠᠨ ᠠᠴᠠ ᠨᠢ ᠤᠭᠳᠤᠯᠤᠨ ᠠᠪᠴᠤ ᠭᠦᠰᠭᠦᠯᠡᠳᠡᠭ ᠪᠠᠶᠢᠭᠰᠠᠨ ᠳ᠋ᠠ᠂ ᠡᠨᠡ ᠤᠳᠠᠭ᠎ᠠ ᠮᠠᠩᠬᠠᠨ ᠰᠤᠮᠤᠨ ᠤ ᠵᠠᠬᠠᠴᠢᠨ ᠶᠠᠰᠤᠳᠠᠨ ᠰᠦᠷᠦᠩᠵᠡᠪ᠂ ᠴᠡᠴᠡᠭ ᠰᠤᠮᠤᠨ ᠤ ᠮᠦᠩᠬᠡᠰᠠᠶᠢᠬᠠᠨ ᠤ ᠵᠡᠷᠭᠡ ᠠᠶᠢᠯ ᠤᠳ ᠡᠳᠡᠭᠡᠷ ᠵᠠᠩ ᠦᠢᠯᠡ ᠪᠠᠨ ᠬᠠᠳᠠᠭᠠᠯᠠᠵᠦ ᠪᠠᠶᠢᠬᠤ ᠶᠢ ᠤᠯᠵᠦ ᠦᠵᠡᠭᠰᠡᠨ ᠪᠦᠭᠡᠳ ᠳᠠᠳᠡᠨᠡᠶᠢᠬᠢᠨ ᠳᠤ ᠪᠢᠳᠡ ᠦᠳᠡᠯᠡᠵᠦ ᠱᠦᠯᠦ ᠲᠠᠢ ᠬᠤᠭᠤᠯᠠ ᠢᠳᠡᠭᠰᠡᠨ ᠪᠠᠶᠢᠭ᠎ᠠ ᠶᠤᠮ᠃      ᠴᠠᠭᠠᠨ ᠢᠳᠡᠭᠡᠨ ᠤ ᠵᠠᠩ ᠦᠢᠯᠡ ᠶᠢᠨ ᠲᠠᠯ᠎ᠠ ᠪᠠᠷ ᠭᠠᠩ ᠳᠤ ᠠᠶᠢᠷᠠᠭᠯᠠᠨ ᠬᠦᠷᠦᠩᠭᠡᠯᠡᠵᠦ᠂ ᠬᠦᠴᠦᠯᠢᠭ ᠬᠤᠷᠤᠳ ᠰᠢᠬᠠᠨ ᠬᠢᠵᠦ ᠪᠢᠳᠡᠮᠦᠷᠯᠡᠨ ᠬᠠᠳᠠᠭᠠᠳᠠᠭ ᠨᠢ ᠪᠢᠳᠡᠨ ᠳᠤ ᠴᠠᠢ ᠠᠶᠠᠭᠠᠯᠠᠨ ᠬᠢᠵᠦ ᠦᠭᠬᠦ ᠳᠤ ᠪᠦᠷ ᠢᠯᠡᠷᠡᠵᠦ ᠪᠠᠶᠢᠪᠠ᠂ ᠮᠤᠩᠭᠤᠯ ᠤᠯᠤᠰ ᠤᠨ ᠵᠠ᠊᠂ ᠭᠤᠨᠴᠤᠭᠵᠠᠪ ᠤᠨ ︽ᠦᠵᠦᠮᠦᠴᠢᠨ ᠶᠠᠰᠤᠳᠠᠨ ᠨᠤᠭᠤᠳ ᠤᠨ ᠪᠡᠯᠡᠳᠭᠡᠭᠰᠡᠨ ᠠᠭᠠᠷᠣᠯ ᠬᠤᠷᠤᠳ ᠵᠡᠷᠭᠡ ᠴᠠᠭᠠᠨ ᠢᠳᠡᠭᠡᠨ ᠤ ᠠᠮᠳᠠ ᠴᠢᠨᠠᠷ᠂ ᠬᠡᠯᠪᠡᠷᠢ ᠮᠠᠶ᠋ᠢᠭ ᠨᠢ ᠪᠠᠷᠠᠭᠤᠨ ᠮᠤᠩᠭᠤᠯ ᠤᠨ ᠮᠠᠯᠴᠢᠳ ᠤᠨ ᠬᠢ ᠲᠠᠢ ᠠᠳᠠᠯᠢᠬᠠᠨ ᠵᠤᠵᠠᠭᠠᠨ ᠰᠢᠬᠠᠵᠦ᠂ ᠲᠦᠷᠪᠡᠯᠵᠢᠨ ᠭᠡᠷᠴᠢᠵᠦ ᠬᠠᠳᠠᠭᠠᠳᠠᠭ︾ ᠭᠡᠵᠦ ᠳᠡᠮᠳᠡᠭᠯᠡᠭᠰᠡᠨ ᠨᠢ ᠴᠠᠭᠠᠨ ᠢᠳᠡᠭᠡᠨ ᠤ ᠳᠠᠯ᠎ᠠ ᠪᠠᠷ ᠬᠤᠶᠠᠷ ᠤᠷᠤᠨ ᠤ ᠮᠠᠯᠴᠢᠳ ᠤᠨ ᠢᠵᠢᠯ ᠳᠠᠯ᠎ᠠ ᠶᠢ ᠠᠮᠢᠳᠤᠯᠢᠭ ᠪᠠᠷ ᠲᠤᠰᠬᠠᠨ ᠦᠭᠦᠯᠡᠭᠰᠡᠨ ᠪᠠᠶᠢᠭ᠎ᠠ ᠶᠤᠮ᠃      ᠲᠡᠬᠢᠯᠭ᠎ᠠ ᠶᠢᠨ ᠵᠠᠩ ᠦᠢᠯᠡ ᠶᠢᠨ ᠳᠠᠯ᠎ᠠ ᠪᠠᠷ᠂ ᠪᠢᠳᠡ ᠠᠯᠳᠠᠢ ᠰᠤᠮᠤᠨ ᠤ ᠳᠠᠯᠠ ᠭᠠᠷᠤᠭᠰᠠᠨ ᠨᠠᠰᠤᠳᠠᠨ ᠯᠢᠰᠢᠸ᠋ ᠶᠢ ᠰᠤᠷᠪᠤᠯᠵᠢᠯᠠᠬᠤ ᠳᠤ ︿︿ᠮᠠᠨᠠᠶᠢᠬᠢᠨ ᠶᠡᠷᠦ ᠨᠢ ᠡᠷᠳᠡ ᠳᠡᠭᠡᠳᠦ ᠠᠴᠠ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠦᠷᠯᠦᠭᠡ ᠡᠷᠳᠡ ᠳᠤ ᠪᠤᠰᠬᠠᠭᠰᠠᠨ ᠤᠪᠤᠭᠠᠨ ᠳᠠᠭᠠᠨ ᠭᠠᠷᠴᠤ ᠲᠡᠭᠷᠢ ᠳᠤ ᠳᠠᠭᠠᠳᠬᠠᠨ᠂ ᠠᠷᠪᠠᠨ ᠭᠤᠷᠪᠠᠨ ᠠᠯᠳᠠᠢ ᠳᠠᠭᠠᠨ ᠮᠦᠷᠭᠦᠵᠦ ᠪᠠᠷᠠᠭᠰᠠᠨ ᠤ ᠳᠠᠷᠠᠭ᠎ᠠ ᠰᠠᠶ᠋ᠢ ᠭᠡᠷ ᠡᠷᠦᠬᠡ ᠪᠠᠷ ᠢᠶᠠᠨ ᠰᠢᠨᠡᠯᠡᠳᠡᠭ﹀﹀ ᠭᠡᠵᠦ ᠬᠡᠯᠡᠭᠰᠡᠨ ᠨᠢ ᠪᠦᠬᠡ ᠮᠦᠷᠭᠦᠯ ᠤᠨ ᠳᠠᠬᠢᠯᠭ᠎ᠠ ᠶᠢᠨ ᠵᠠᠩ ᠦᠢᠯᠡ ᠶᠢᠨ ᠳᠠᠯᠠᠪᠡᠷ ᠦᠵᠦᠮᠦᠴᠢᠨ ᠤ ᠰᠢᠨ᠎ᠡ ᠶᠢᠨ ᠨᠢᠭᠡᠨ ᠤ ᠲᠡᠭᠷᠢ ᠳᠠᠬᠢᠬᠤ ᠵᠠᠩ ᠦᠢᠯᠡ ᠲᠠᠢ ᠠᠳᠠᠯᠢ ᠪᠠᠶᠢᠨ᠎ᠠ᠃      ᠬᠤᠪᠴᠠᠰᠦ ᠵᠠᠰᠠᠯ ᠤᠨ ᠳᠠᠯ᠎ᠠ ᠪᠠᠷ ᠪᠢᠳᠡ ᠠᠯᠳᠠᠢ ᠪᠤᠶᠠᠨᠳᠦ ᠬᠤᠶᠠᠷ ᠰᠤᠮᠤ ᠪᠠᠷ ᠰᠤᠷᠪᠤᠯᠵᠢᠯᠠᠬᠤ ᠳᠤ ᠤᠷᠳᠦ ᠬᠤᠪᠴᠠᠰᠦ ᠲᠠᠢ ᠪᠠᠨ ᠶᠠᠪᠤᠭᠰᠠᠨ ᠶᠤᠮ᠂ ᠠᠯᠳᠠᠢ ᠰᠤᠮᠤᠨ ᠤ ᠯᠢᠰᠢᠸ᠋ ᠨᠠᠰᠤᠳᠠᠨ᠂ ᠪᠤᠶᠠᠨᠳᠦ ᠰᠤᠮᠤᠨ ᠤ ᠭᠠᠩᠳᠤᠯᠭ᠎ᠠ ᠪᠤᠯᠤᠨ ᠳᠡᠭᠦᠨ ᠤ ᠠᠪᠠᠭ᠎ᠠ ᠡᠭᠡᠴᠢ ᠨᠠᠷ ᠪᠢᠳᠡᠨ ᠤ ᠬᠤᠪᠴᠠᠰᠦ ᠶᠢ ᠦᠵᠡᠭᠡᠳ ᠶᠡᠬᠡᠪᠡᠷ ᠭᠠᠶᠢᠬᠠᠵᠦ ︽ᠳᠠᠨᠠᠷ ᠬᠠᠮᠢᠭᠠᠬᠢ ᠶᠢᠨ ᠤᠯᠤᠰ ᠪᠤᠢ᠂ ᠡᠶᠢᠮᠦ ᠰᠠᠶᠢᠬᠠᠨ ᠠᠭᠤᠵᠢᠮ ᠬᠤᠪᠴᠠᠰᠤ ᠲᠠᠢ ᠶᠠᠪᠤᠭ᠎ᠠ ᠨᠢ᠂ ᠮᠠᠨ ᠤ ᠡᠪᠦᠭᠡ ᠶᠢᠨ ᠦᠶ᠎ᠡ ᠳᠤ ᠶᠠᠭ ᠡᠶᠢᠮᠦᠷᠬᠦ ᠦᠷᠭᠡᠨ ᠲᠦᠷᠪᠡᠯᠵᠢᠨ ᠡᠩᠭᠡᠷ ᠲᠠᠢ᠂ ᠬᠤᠷᠭᠤᠢ ᠡᠮᠵᠢᠶᠡᠷᠳᠠᠢ ᠠᠭᠤᠵᠢᠮ ᠬᠤᠪᠴᠠᠰᠤ ᠡᠮᠦᠰᠴᠦ ᠪᠠᠶᠢᠭᠰᠠᠨ᠂ ᠤᠳᠤ ᠪᠦᠷ ᠬᠠᠯᠬ᠎ᠠ ᠶᠢᠨ ᠪᠠᠷᠢᠭᠤ ᠬᠤᠪᠴᠠᠰᠤ ᠡᠮᠦᠰᠬᠦ ᠪᠤᠯᠤᠭᠰᠠᠨ︾ ᠭᠡᠵᠦ ᠪᠠᠶᠢᠭᠰᠠᠨ ᠪᠦᠭᠡᠳ ᠭᠠᠩᠳᠤᠯᠭ᠎ᠠ ᠭᠤᠸᠠᠢ ᠡᠪᠦᠭᠡ ᠠᠪᠤ ᠶᠢᠨ ᠢᠶᠠᠨ ᠰᠡᠭᠦᠳᠡᠷ ᠢ ᠵᠢᠭᠠᠵᠦ ᠶᠠᠷᠢᠨ᠎ᠠ᠂ ᠬᠤᠪᠴᠠᠰᠤ ᠵᠠᠰᠠᠯ ᠤᠨ ᠲᠤᠬᠠᠢ ᠶᠠᠷᠢᠯᠴᠠᠵᠦ ᠪᠠᠶᠢᠭᠠᠳ ᠭᠠᠩᠳᠤᠯᠭ᠎ᠠ᠂ ᠰᠠᠶᠢᠫᠢᠲ ᠨᠠᠷ ︽ᠡᠨᠡ ᠵᠢᠯ ᠤᠨ 6 ᠰᠠᠷ᠎ᠠ ᠶᠢᠨ ᠦᠶ᠎ᠡ ᠪᠠᠷ ᠬᠤᠪᠳᠦ ᠠᠶᠢᠮᠠᠭ ︿ᠢᠵᠠᠭᠤᠷ ᠰᠤᠶᠤᠯ﹀ ᠤᠨ ᠦᠵᠡᠭᠦᠯᠦᠯᠭᠡ ᠬᠢᠬᠦ ᠳᠤ ᠦᠵᠦᠮᠦᠴᠢᠨ ᠬᠤᠪᠴᠠᠰᠤ ᠵᠠᠰᠠᠯ ᠭᠡᠵᠦ ᠲᠧᠯᠸᠢᠰ ᠳᠡᠭᠡᠷ᠎ᠡ ᠭᠠᠷᠴᠦ ᠪᠠᠶᠢᠭᠰᠠᠨ︾ ᠭᠡᠪᠡ᠃ ᠤᠯᠠᠭᠠᠨᠪᠠᠭᠳᠤᠷ ᠤᠨ ᠰᠠᠭᠤᠭᠠᠯᠢ ᠢᠷᠭᠡᠨ ᠳ᠋ᠠᠰᠢᠪᠠᠯ ᠭᠤᠸᠠᠢ ᠪᠠᠰᠠ᠄ ︽ᠤᠯᠠᠭᠠᠨᠪᠠᠭᠠᠳᠤᠷ ᠬᠤᠳᠠ ᠳᠤ ᠬᠤᠪᠳᠤ ᠠᠶᠢᠮᠠᠭ ᠠᠴᠠ ᠦᠵᠦᠮᠦᠴᠢᠨ ᠬᠤᠪᠴᠠᠰᠤᠨ ᠤ ᠦᠵᠡᠭᠦᠯᠦᠯᠭᠡ ᠬᠢᠭᠰᠡᠨ︾ ᠭᠡᠵᠦ ᠭᠤ ᠲᠠᠪᠬᠠᠢ ᠳᠤ ᠮᠡᠳᠡᠭᠳᠡᠭᠰᠡᠨ ᠪᠠᠶᠢᠨ᠎ᠠ᠃ ᠳᠡᠭᠡᠪᠡᠯ ᠦᠵᠦᠮᠦᠴᠢᠨ ᠬᠤᠪᠴᠠᠰᠤ ᠵᠠᠰᠠᠯ ᠨᠢ ᠳᠡᠨᠳᠡᠬᠢ ᠬᠤᠴᠤᠷᠴᠤ ᠦᠯᠡᠳᠡᠭᠡᠭᠰᠡᠨ ᠦᠵᠦᠮᠦᠴᠢᠨᠴᠤᠳ ᠠᠴᠠ ᠤᠯᠠᠮᠵᠢᠯᠠᠭᠰᠠᠨ ᠬᠤᠪᠴᠠᠰᠤ ᠤᠤ᠂ ᠡᠰᠡᠪᠡᠯ ᠮᠤᠩᠭᠤᠯ ᠲᠤᠭᠠᠳᠠᠨ ᠤ ᠨᠡᠶᠢᠳᠡ ᠶᠢᠨ ᠬᠤᠪᠴᠠᠰᠤᠨ ᠤ ᠦᠯᠢᠭᠡᠷ ᠬᠡᠪ ᠴᠤ ᠶᠤᠮ ᠤᠤ ᠭᠡᠳᠡᠭ ᠢ ᠰᠤᠳᠤᠯᠤᠭᠤᠰᠢᠳᠠᠢ ᠶᠤᠮ᠃      ︵3︶  ᠠᠯᠳᠠᠢ ᠤᠷᠤᠨ ᠳᠠᠬᠢ ᠦᠵᠦᠮᠦᠴᠢᠨ ᠤ ᠲᠤᠬᠠᠢ ᠳᠠᠮ ᠲᠤᠰᠬᠠᠯ ᠢ ᠰᠢᠨᠵᠢᠯᠡᠪᠡᠯ ᠴᠡᠴᠡᠭ ᠰᠤᠮᠤᠨ ᠤ ᠲᠠᠯᠠ ᠭᠠᠷᠤᠭᠰᠠᠨ ᠪᠠᠷᠭᠤᠴᠤᠳ ᠤᠪᠤᠭᠳᠦ ᠳᠠᠮᠪᠢ ᠭᠤᠸᠠᠢ᠄ ︽ᠦᠵᠦᠮ ᠤᠨ ᠴᠠᠭᠠᠨ ᠠᠭᠤᠯᠠ ᠨᠢ ᠦᠨᠡᠬᠡᠷ ᠪᠠᠶᠠᠯᠢᠭ ᠲᠠᠢ ᠨᠤᠲᠤᠭ ᠳ᠋ᠠ ᠭᠡᠵᠦ ᠪᠠᠭ᠎ᠠ ᠳᠠᠭᠠᠨ ᠳᠠᠭᠤᠯᠠᠵᠦ ᠪᠠᠶᠢᠭᠰᠠᠨ︾ ᠭᠡᠪᠡ᠂ ᠡᠭᠦᠨ ᠠᠴᠠ ᠦᠵᠦᠮ ᠤᠨ ᠴᠠᠭᠠᠨ ᠠᠭᠤᠯᠠ ᠨᠢ ᠡᠷᠳᠡ ᠦᠶ᠎ᠡ ᠬᠦᠨᠳᠦᠳᠭᠡᠯ ᠠᠯᠳᠠᠷ ᠲᠠᠢ ᠭᠠᠵᠠᠷ ᠤᠰᠤᠨ ᠪᠠᠶᠢᠵᠦ᠂ ᠮᠤᠩᠭᠤᠯ ᠤᠨ ᠬᠤᠪᠢᠰᠬᠠᠯ ᠤᠨ ᠡᠬᠢᠨ ᠤ ᠦᠶ᠎ᠡ ᠢᠷᠡᠳᠡᠯ᠎ᠡ ᠳᠠᠭᠤᠯᠠᠭᠳᠠᠵᠦ ᠪᠠᠶᠢᠭᠰᠠᠨ ᠨᠢ ᠢᠯᠡᠷᠬᠡᠢ᠂ ᠲᠡᠭᠡᠪᠡᠯ ᠡᠨᠡ ᠲᠠᠭᠤᠤ ᠶᠢ ᠶᠠᠮᠠᠷ ᠬᠦᠮᠦᠨ ᠤᠯᠠᠮᠵᠢᠯᠠᠭᠰᠠᠨ ᠪᠤᠢ ᠭᠡᠪᠡᠯ ᠶᠠᠷᠢᠶᠡᠨ ᠦᠭᠡᠢ ᠦᠵᠦᠮᠦᠴᠢᠨ ᠤ ᠦᠯᠡᠳᠡᠵᠦ ᠬᠤᠴᠤᠷᠤᠭᠰᠠᠨ ᠨᠢᠭᠡ ᠭᠡᠰᠡᠭ ᠬᠦᠮᠦᠰ ᠪᠤᠯᠬᠤ ᠨᠢ ᠲᠡᠮ ᠲᠤᠰᠬᠠᠭᠳᠠᠵᠦ ᠪᠤᠢ᠂ ᠡᠭᠦᠨ ᠢᠶᠠᠷ ᠪᠠᠷᠠᠬᠤ ᠦᠭᠡᠢ ᠠᠯᠳᠠᠢ ᠨᠢᠷᠤᠭᠤᠨ ᠳᠤ ᠦᠵᠦᠮ ᠤᠨ ᠴᠠᠭᠠᠨ ᠠᠭᠤᠯᠠ ᠭᠡᠬᠦ ᠭᠠᠵᠠᠷ ᠪᠠᠶᠢᠬᠤ ᠶᠢ ᠴᠤ ᠭᠡᠷᠡᠴᠢᠯᠡᠭᠰᠡᠨ ᠪᠠᠶᠢᠭ᠎ᠠ ᠶᠤᠮ᠃      ᠷᠢᠨᠴᠢᠨᠳᠤᠷᠵᠢ ᠭᠤᠸᠠᠢ ︽ᠪᠠᠶᠠᠨ ᠦᠯᠦᠭᠡᠢ ᠠᠶᠢᠮᠠᠭ ᠤᠨ ᠪᠤᠶᠠᠨᠳᠦ ᠰᠤᠮᠤᠨ ᠳᠤ ᠪᠠᠶᠠᠨᠪᠠ ᠭᠡᠬᠦ ᠦᠵᠦᠮᠦᠴᠢᠨ ᠭᠠᠷᠤᠯᠳᠠᠨ ᠪᠠᠶᠢᠨ᠎ᠠ︾ ᠭᠡᠰᠡᠨ᠂ ᠳ᠋ᠠᠰᠢᠪᠠᠯ ︽ᠤᠪᠰᠦ ᠠᠶᠢᠮᠠᠭ ᠤᠨ ᠬᠠᠨ ᠬᠦᠬᠦᠢ ᠨᠢᠷᠤᠭᠤ ᠪᠠᠷ ᠦᠵᠦᠮᠦᠴᠢᠨ ᠳᠠᠳᠠᠯᠭ᠎ᠠ ︵ᠠᠪᠢᠶ᠎ᠠ︶ ᠲᠠᠢ ᠬᠦᠮᠦᠰ ᠪᠤᠢ︾ ᠭᠡᠵᠦ ᠮᠡᠳᠡᠭᠡᠯᠡᠭᠰᠡᠨ᠂ ᠭᠠᠩᠳᠤᠯᠭ᠎ᠠ ᠨᠠᠷ ︽ᠬᠤᠪᠳᠦ ᠠᠶᠢᠮᠠᠭ ᠲᠤ ᠦᠵᠦᠮᠦᠴᠢᠨ ᠵᠠᠰᠠᠯ ᠤᠨ ᠦᠵᠡᠭᠦᠯᠦᠯᠭᠡ ᠬᠢᠯ᠎ᠡ︾᠂ ᠳ᠋ᠠᠰᠢᠪᠠᠯ ᠤᠨ ︽ᠤᠯᠠᠭᠠᠨᠪᠠᠭᠠᠳᠤᠷ ᠬᠤᠳᠠ ᠳᠤ ᠬᠤᠪᠳᠤ ᠠᠶᠢᠮᠠᠭ ᠠᠴᠠ ᠦᠵᠦᠮᠦᠴᠢᠨ ᠬᠤᠪᠴᠠᠰᠤ ᠶᠢᠨ ᠦᠵᠡᠭᠦᠯᠦᠯᠭᠡ ᠬᠢᠭᠰᠡᠨ︾ ᠭᠡᠬᠦ ᠵᠡᠷᠭᠡ ᠶᠠᠷᠢᠶ᠎ᠠ ᠲᠤᠰᠬᠠᠯ  ᠨᠢ ᠠᠯᠳᠠᠢ ᠤᠷᠤᠨ ᠳᠤ ᠦᠵᠦᠮᠦᠴᠢᠨ ᠤ ᠨᠢᠭᠡ ᠬᠡᠰᠡᠭ ᠠᠶᠢᠯ ᠡᠷᠦᠬᠡ ᠦᠯᠡᠳᠡᠭᠰᠡᠨ ᠭᠡᠳᠡᠭ ᠢ ᠮᠡᠳᠡᠵᠦ ᠪᠤᠯᠬᠤ ᠪᠦᠭᠡᠳ ᠬᠤᠪᠳᠦ᠂ ᠪᠠᠶᠠᠨ ᠦᠯᠦᠭᠡᠢ᠂ ᠤᠪᠰᠦ ᠵᠡᠷᠭᠡ ᠪᠠᠷᠠᠭᠤᠨ ᠪᠡᠶ᠎ᠡ ᠠᠶᠢᠮᠠᠭ ᠢᠶᠠᠷ ᠦᠵᠦᠮᠦᠴᠢᠨ ᠶᠠᠰᠤᠳᠠᠨ ᠲᠠᠷᠬᠠᠵᠦ ᠪᠠᠶᠢᠬᠤ ᠶᠢ ᠰᠤᠳᠤᠯᠤᠭᠤᠰᠢᠳᠠᠢ ᠶᠤᠮ᠂ ᠬᠦᠮᠦᠨ ᠤ ᠪᠤᠳᠠᠳᠦ ᠴᠤᠭᠴᠠ ᠦᠭᠡᠢ ᠪᠤᠯ ᠬᠤᠪᠴᠠᠰᠦ ᠵᠠᠰᠠᠯ᠂ ᠬᠡᠯᠡ ᠠᠪᠢᠶ᠎ᠠ ᠭᠡᠵᠦ ᠤᠯᠠᠮᠵᠢᠯᠠᠭᠳᠠᠨ ᠲᠤᠭᠳᠠᠵᠦ ᠴᠢᠳᠠᠬᠤ ᠦᠭᠡᠢ ᠨᠢ ᠮᠡᠳᠡᠭᠡᠵᠢ ᠶᠢᠨ ᠬᠡᠷᠡᠭ ᠶᠤᠮ᠃      ᠬᠡᠯᠡ ᠠᠪᠢᠶ᠎ᠠ ᠶᠢᠨ ᠳᠠᠯ᠎ᠠ ᠪᠠᠷ ᠠᠯᠳᠠᠢ ᠤᠷᠤᠨ ᠤ ᠮᠤᠩᠭᠤᠯᠴᠤᠳ ᠤᠨ ᠦᠬᠡ ᠶᠠᠷᠢᠶ᠎ᠠ ᠨᠢ ᠪᠢᠳᠡᠨ ᠳᠤ ᠶᠡᠭᠡ ᠤᠶᠢᠯᠠᠭᠠᠮᠵᠢᠳᠠᠢ᠂ ᠬᠠᠯᠬ᠎ᠠ ᠦᠭᠡ ᠶᠢ ᠪᠤᠳᠤᠪᠠᠯ ᠤᠳᠠᠭᠠᠯᠢᠭ ᠪᠦᠭᠡᠳ ᠲᠤᠳᠦ ᠰᠤᠨᠤᠰᠬᠠᠯᠳᠠᠢ ᠪᠠᠶᠢᠨ᠎ᠠ᠂ ᠮᠦᠨ ᠦᠵᠦᠮᠦᠴᠢᠨ ᠬᠡᠯᠡᠴᠡ ᠰᠢᠭ ᠬᠡᠯᠡᠨ ᠤ ᠦᠵᠦᠭᠦᠷ ᠢᠶᠠᠨ ᠳᠠᠩᠨᠠᠢ ᠳᠠᠭᠠᠨ ᠲᠤᠯᠭᠠᠵᠦ ᠠᠪᠢᠶᠠᠯᠠᠬᠤ ᠲᠠᠢ  ᠬᠤᠯᠪᠤᠭ᠎ᠠ  ᠲᠠᠢ ᠰᠢᠭ᠋ ᠠᠵᠢᠭᠯᠠᠭᠳᠠᠨ᠎ᠠ᠂ ᠳᠠᠬᠢᠪᠠᠯ ᠮᠤᠩᠭᠤᠯ ᠤᠯᠤᠰ ᠤᠨ ᠤᠪᠰᠤ ᠠᠶᠢᠮᠠᠭ ᠢᠶᠠᠷ ᠨᠤᠲᠤᠭᠳᠠᠢ ᠳᠠᠭᠤᠴᠢᠨ ᠪᠤᠷᠠᠮ᠎ᠠ ᠶᠢᠨ ︽ᠵᠠᠬᠠᠴᠢᠨ ᠠᠶᠢᠮᠠᠭ ᠤᠨ ᠪᠡᠰᠡᠷᠡᠭ ᠳᠠᠭᠤᠤ ᠨᠢ ᠦᠵᠦᠮᠦᠴᠢᠨ ᠤ ᠪᠡᠰᠡᠷᠡᠭ ᠳᠠᠭᠤᠤ ᠲᠠᠢ ᠠᠳᠠᠯᠢᠬᠠᠨ︾ ᠭᠡᠵᠦ ᠰᠢᠨᠵᠢᠯᠡᠭᠰᠡᠨ ᠨᠢ ᠬᠤᠶᠠᠷ ᠤᠷᠤᠨ ᠤ ᠬᠦᠮᠦᠰ ᠤᠨ ᠬᠡᠯᠡ ᠠᠪᠢᠶ᠎ᠠ ᠵᠠᠩ ᠦᠢᠯᠡ ᠶᠢᠨ ᠳᠠᠯ᠎ᠠ ᠪᠠᠷ ᠬᠢ ᠢᠵᠢᠯᠰᠢᠭ ᠪᠠᠶᠢᠬᠤ ᠶᠢ ᠬᠠᠷᠠᠭᠤᠯᠤᠭᠰᠠᠨ ᠶᠤᠮ᠃      ᠮᠠᠨ ᠤ ᠬᠤᠰᠢᠭᠤᠨ ᠤ ᠤᠤᠭᠠᠯ ᠨᠤᠲᠤᠭ ᠤᠨ ᠲᠤᠬᠠᠢ ᠰᠢᠨᠵᠢᠯᠡᠯᠳᠡ ᠶᠡᠷᠦᠩᠬᠡᠢ ᠳᠡᠭᠡᠨ ᠶᠡᠭᠡ ᠠᠮᠵᠢᠯᠳᠠ ᠲᠠᠢ ᠪᠤᠯᠤᠭᠰᠠᠨ ᠮᠦᠷᠳᠡᠭᠡᠨ ᠮᠠᠰᠢ ᠤᠯᠠᠨ ᠰᠤᠳᠤᠯᠭᠠᠨ ᠤ ᠰᠡᠳᠦᠪ ᠢ ᠠᠪᠴᠢᠷᠠᠭᠰᠠᠨ ᠪᠠᠶᠢᠨ᠎ᠠ᠂ ᠬᠤᠷᠢᠶᠠᠩᠭᠤᠶᠢᠯᠠᠪᠠᠯ ⑴ ᠲᠡᠤᠬᠡᠨ ᠠᠮᠠᠨ ᠤᠯᠠᠮᠵᠢᠯᠠᠯ ᠢᠶᠠᠨ ᠲᠡᠤᠬᠡ ᠶᠢᠨ ᠦᠨᠡᠨ ᠤ ᠪᠤᠳᠠᠳᠦ ᠤᠷᠤᠰᠢᠬᠤᠢ ᠶᠢᠨ ᠭᠡᠷᠡᠴᠢ ᠪᠠᠷᠢᠮᠳᠠ ᠪᠠᠷ ᠮᠡᠳᠡᠭᠦᠯᠦᠭᠰᠡᠨ᠂⑵ ᠦᠵᠦᠮᠦᠴᠢᠨ ᠤ ᠠᠮᠠᠨ ᠤᠯᠠᠮᠵᠢᠯᠠᠯ ᠨᠢ ᠶᠡᠭᠡ ᠨᠡᠭᠦᠳᠡᠯ ᠤᠨ ᠲᠡᠤᠬᠡᠨ ᠤᠯᠠ ᠮᠦᠷ ᠤᠨ ᠲᠤᠰᠬᠠᠯ ᠭᠡᠳᠡᠭ ᠢ ᠤᠯᠠᠨ ᠳᠠᠯ᠎ᠠ ᠶᠢᠨ ᠬᠠᠷᠢᠴᠠᠭᠤᠯᠤᠯ ᠰᠢᠨᠵᠢᠯᠡᠯ ᠢᠶᠠᠷ ᠲᠤᠳᠤᠷᠬᠠᠶᠢᠯᠠᠭᠰᠠᠨ᠂⑶ ᠠᠯᠳᠠᠢ ᠤᠷᠤᠨ ᠳᠤ ᠦᠵᠦᠮᠦᠴᠢᠨ ᠶᠠᠰᠤᠳᠠᠨ ᠭᠠᠷᠤᠯᠳᠠᠨ ᠪᠠᠶᠢᠨ᠎ᠠ ᠭᠡᠳᠡᠭ ᠰᠢᠨ᠎ᠡ ᠰᠡᠳᠦᠪ ᠢ ᠲᠤᠷᠡᠳᠴᠦ᠂ ᠦᠵᠦᠮᠦᠴᠢᠨ ᠰᠤᠳᠤᠯᠤᠯ ᠤᠨ ᠬᠦᠷᠢᠶ᠎ᠡ ᠴᠠᠷ᠎ᠠ ᠶᠢ ᠦᠷᠭᠡᠳᠭᠡᠭᠰᠡᠨ ᠵᠡᠷᠭᠡ ᠭᠤᠷᠪᠡᠨ ᠳᠠᠯ᠎ᠠ ᠪᠠᠷ ᠳ᠋ᠦᠩᠨᠡᠵᠦ ᠪᠤᠯᠤᠨ᠎ᠠ᠃      ᠲᠤᠯᠤᠭ᠎ᠠ   ᠦᠵᠦᠮᠦᠴᠢᠨ ᠠᠶᠢᠮᠠᠭ ᠪᠦᠯᠦᠭ ᠤᠨ ᠡᠭᠦᠰᠦᠯ ᠬᠦᠭᠵᠢᠯ ᠤᠨ ᠤᠯᠠᠷᠢᠯᠳᠠ      ᠦᠵᠦᠮᠦᠴᠢᠨ ᠠᠶᠢᠮᠠᠭ ᠤᠨ ᠡᠭᠦᠰᠦᠯ ᠭᠠᠷᠤᠯ ᠤᠨ ᠲᠤᠬᠠᠢ ᠤᠯᠠᠩᠬᠢ ᠲᠡᠤᠬᠡᠴᠢᠳ᠂ ᠲᠡᠤᠬᠡᠨ ᠠᠮᠠᠨ ᠤᠯᠠᠮᠵᠢᠯᠠᠯ᠂ ᠤᠤᠭᠠᠯ ᠭᠠᠵᠠᠷ ᠤᠨ ᠤᠯᠠᠮᠵᠢ ᠨᠡᠷ᠎ᠡ᠂ ᠤᠪᠤᠭ ᠤᠭᠰᠠᠭ᠎ᠠ ᠶᠢᠨ ᠢᠵᠠᠭᠤᠷ᠂ ᠠᠮᠢᠳᠤᠷᠠᠯ ᠵᠠᠩ ᠦᠢᠯᠡ ᠂ ᠮᠠᠯ ᠠᠵᠦ ᠠᠬᠤᠢ ᠵᠡᠷᠭᠡ ᠲᠠᠯ᠎ᠠ ᠪᠠᠷ ᠬᠤᠯᠪᠤᠨ ᠰᠤᠳᠤᠯᠬᠤ ᠶᠢᠨ ᠳ᠋ᠦᠩ ᠳᠤ ᠡᠷᠳᠡᠨ ᠤ ᠤᠶᠢᠷᠠᠳ ᠠᠶᠢᠮᠠᠭ ᠤᠨ ᠨᠢᠭᠡ ᠭᠡᠰᠡᠭ ᠭᠡᠵᠦ ᠦᠵᠡᠳᠡᠭ᠃ ᠤᠶᠢᠷᠠᠳ ᠪᠤᠯ ᠨᠢᠭᠡᠨ ᠡᠷᠳᠡᠨ ᠤ ᠠᠶᠢᠮᠠᠭ ᠪᠤᠯᠤᠨ᠎ᠠ᠂ ᠮᠠᠰᠢ ᠡᠷᠳᠡ ᠴᠠᠭ ᠠᠴᠠ ᠮᠤᠩᠭᠤᠯ ᠤᠨ ᠦᠨᠳᠦᠷᠯᠢᠭ ᠠᠯᠳᠠᠢ ᠨᠢᠷᠤᠭᠤ ᠤᠷᠴᠢᠮ ᠢᠶᠠᠷ ᠠᠩ ᠠᠩᠨᠠᠯ ᠡᠷᠬᠢᠯᠡᠨ ᠠᠮᠢᠳᠤᠷᠠᠵᠦ ᠪᠠᠶᠢᠪᠠ᠃ ᠵᠠᠷᠢᠮ ᠬᠦᠮᠦᠰ ᠤᠶᠢᠷᠠᠳ ᠤᠨ ᠲᠡᠭᠡᠳᠦᠰ ᠢ ᠲᠠᠩ ᠤᠯᠤᠰ ᠤᠨ ᠦᠶ᠎ᠡ ᠶᠢᠨ ᠬᠢᠷᠬᠢᠰᠴᠤᠳ ᠮᠦᠨ ᠭᠡᠵᠦ ᠬᠡᠯᠡᠳᠡᠭ᠃ ᠴᠢᠩᠭᠢᠰ ᠬᠠᠭᠠᠨ ᠮᠤᠩᠭᠤᠯ ᠤᠨ ᠡᠯ᠎ᠡ ᠠᠶᠢᠮᠠᠭ ᠢ ᠬᠤᠷᠢᠶᠠᠨ ᠨᠢᠭᠡᠳᠭᠡᠬᠦ ᠠᠴᠠ ᠡᠮᠦᠨ᠎ᠡ ᠤᠶᠢᠷᠠᠳ ᠨᠢ ︽ᠤᠢ ᠶᠢᠨ ᠢᠷᠭᠡᠨ︾ ᠳᠤ ᠪᠠᠭᠳᠠᠵᠦ᠂ ᠲᠶᠦ᠋ᠷᠺ ᠤᠭᠰᠠᠭᠠᠳᠠᠨ ᠪᠠᠶᠢᠭᠰᠠᠨ ᠶᠤᠮ᠃ ︽ᠶᠤᠸᠠᠨ ᠤᠯᠤᠰ ᠤᠨ ᠰᠢᠨ᠎ᠡ ᠲᠡᠤᠬᠡ︾ ᠳᠤ ᠲᠡᠳᠡᠨ ᠢ ᠴᠠᠭᠠᠨ ᠲᠠᠲ᠋ᠠᠷ ᠤᠨ ᠨᠢᠭᠡ ᠠᠶᠢᠮᠠᠭ ᠪᠤᠯᠭᠠᠨ ᠪᠢᠴᠢᠵᠠᠢ᠃      1207 ᠤᠨ ᠳᠤ ᠴᠢᠩᠭᠢᠰ ᠬᠠᠭᠠᠨ ᠤ ᠠᠬᠠᠮᠠᠳ ᠬᠦᠪᠡᠭᠦᠨ ᠵᠦᠴᠢ ᠬᠠᠷᠠᠬᠤᠷᠤᠮ ᠠᠴᠠ ᠮᠤᠷᠳᠡᠵᠦ᠂ ᠪᠠᠷᠠᠭᠤᠨ ᠬᠤᠶᠢᠳᠦ ᠶᠢᠨ ᠡᠯ᠎ᠡ ᠠᠶᠢᠮᠠᠭ ᠢ ᠲᠠᠶᠢᠯᠠᠨ ᠲᠠᠭᠠᠭᠤᠯᠬᠤ ᠦᠶ᠎ᠡ ᠳᠤ ᠤᠶᠢᠷᠠᠳ ᠤᠨ ᠲᠦᠷᠦᠭᠦᠤ ᠬᠤᠳᠠᠭ᠎ᠠ ᠪᠠᠬᠢ ᠠᠶᠢᠮᠠᠭ ᠤᠯᠠᠨ ᠢᠶᠠᠨ ᠠᠪᠴᠤ ᠬᠠᠮᠤᠭ ᠲᠦᠷᠦᠭᠦᠨ ᠳᠤ ᠲᠠᠭᠠᠷ᠎ᠠ ᠢᠷᠡᠪᠡ᠃ ᠴᠢᠩᠭᠢᠰ ᠬᠠᠭᠠᠨ ᠠᠴᠠ ᠲᠡᠳᠡᠨ ᠤ ᠤᠤᠯ ᠰᠠᠭᠤᠭ᠎ᠠ ᠭᠠᠵᠠᠷ ᠠᠯᠳᠠᠢ ᠨᠢᠷᠤᠭᠤᠨ ᠤ ᠡᠬᠢ ᠶᠧᠨᠢᠰᠠᠢ ᠮᠦᠷᠠᠨ ᠤ ᠲᠡᠭᠡᠳᠦ ᠤᠷᠤᠰᠬᠠᠯ ᠤᠷᠤᠨ ᠳᠤ ᠲᠦᠷᠪᠡᠨ ᠮᠢᠩᠭᠠᠨ ᠪᠠᠶᠢᠭᠤᠯᠵᠦ᠂ ᠬᠤᠳᠠᠭ᠎ᠠ ᠪᠠᠬᠢ ᠶᠢ ᠮᠢᠩᠭᠠᠨ ᠤ ᠨᠤᠶᠠᠨ ᠪᠤᠯᠭᠠᠵᠠᠢ᠃ ᠲᠤᠬᠠᠢ ᠶᠢᠨ ᠦᠶ᠎ᠡ ᠶᠢᠨ ᠤᠶᠢᠷᠠᠳ ᠤᠨ ᠲᠦᠷᠪᠡᠨ ᠮᠢᠩᠭᠠᠨ ᠪᠤᠯ ᠬᠤᠶᠢᠳ ︵ᠬᠤᠶᠢᠰᠢ︶᠂ ᠦᠵᠢᠶᠡᠳ᠂ ᠶᠦᠷᠭᠡᠨ ᠮᠢᠩᠭᠠᠨ᠂ ᠦᠵᠦᠮᠦᠴᠢᠨ ᠪᠤᠯᠤᠨ᠎ᠠ᠃ ᠲᠡᠷᠡ ᠦᠶ᠎ᠡ ᠶᠢᠨ ᠦᠵᠦᠮᠦᠴᠢᠨᠴᠤᠳ ᠨᠢ᠂ ᠠᠯᠳᠠᠢ ᠨᠢᠲᠤᠭᠤᠨ ᠤ ᠲᠡᠭᠡᠳᠦ ᠡᠬᠢ ᠪᠠᠷ ᠪᠠᠶᠢᠷᠢᠰᠢᠬᠤ ᠦᠵᠦᠮ ᠤᠨ ᠴᠠᠠᠭᠠᠨ ᠠᠭᠤᠯᠠ᠂ ᠲᠦᠷᠦᠭᠡ ᠬᠠᠩᠭᠢᠨᠠᠭᠤᠷ ᠤᠨ ᠬᠠᠪᠴᠢᠯ᠂ ᠬᠤᠨᠢ ᠮᠠᠶᠢᠯᠠᠬᠤ ︵ᠤᠳᠤ ᠶᠢᠨ ᠮᠤᠩᠭᠤᠯ ᠤᠯᠤᠰ ᠤᠨ ᠪᠠᠶᠠᠨ — ᠦᠯᠦᠭᠡᠢ ᠠᠶᠢᠮᠠᠭ ᠤᠨ ᠠᠯᠳᠠᠢ ᠰᠤᠮᠤ᠂ ᠰᠠᠭᠰᠠᠢ ᠰᠤᠮᠤ ᠶᠢᠨ ᠬᠠᠷᠢᠶᠠᠨ ᠳᠤ ᠪᠤᠢ︶ ᠵᠡᠷᠭᠡ ᠭᠠᠵᠠᠷ ᠢᠶᠠᠷ ᠨᠡᠭᠦᠳᠡᠯ ᠮᠠᠯᠵᠢᠯ ᠤᠨ ᠠᠮᠢᠳᠤᠷᠠᠯ ᠬᠢᠵᠦ᠂ ᠴᠠᠭᠠᠨ ᠠᠳᠤᠭᠤᠳ ᠪᠠ ᠦᠭᠡᠬᠦᠨ ᠰᠡᠭᠦᠯᠳᠦ ᠬᠤᠨᠢᠳ ᠭᠤᠤᠯᠯᠠᠨ ᠮᠠᠯᠵᠢᠵᠦ᠂ ᠱᠢᠭ᠌ᠰᠢᠳ ︵ᠰᠠᠭᠰᠠᠢ︶ ᠤᠨ ᠭᠤᠤᠯ ᠲᠠᠭᠠᠤ ᠨᠤᠲᠤᠭᠯᠠᠵᠦ ᠪᠠᠶᠢᠪᠠ᠃ ᠮᠠᠯ ᠠᠵᠦ ᠠᠬᠤᠢ ᠪᠠᠷ ᠭᠤᠤᠯ ᠠᠵᠦ ᠠᠬᠤᠢ ᠪᠤᠯᠭᠠᠳᠠᠭ ᠪᠦᠭᠡᠳ ᠠᠩ ᠠᠩᠨᠠᠯ ᠢᠶᠠᠷ ᠨᠦᠬᠦᠪᠦᠷᠢᠯᠡᠨ ᠠᠮᠢᠳᠤᠷᠠᠯ ᠤᠨ ᠬᠡᠷᠡᠭᠴᠡᠭᠡ ᠪᠠᠨ ᠬᠠᠩᠭᠠᠳᠠᠭ ᠪᠠᠶᠢᠵᠠᠢ᠃ ᠨᠡᠭᠦᠳᠡᠯᠯᠡᠵᠦ ᠰᠢᠯᠵᠢᠬᠦ ᠳᠡᠭᠡᠨ ᠮᠤᠷᠢ ᠦᠬᠡᠷ ᠤᠨᠤᠵᠦ ᠬᠦᠯᠵᠦ᠂ ᠮᠤᠬᠤᠯᠠᠭ ᠲᠡᠷᠭᠡ ᠪᠠᠷ ᠭᠡᠷ ᠪᠤᠯᠭᠠᠵᠦ᠂ ᠪᠠᠭᠤᠳᠠᠯᠯᠠᠵᠦ ᠰᠠᠭᠤᠬᠤ ᠳᠠᠭᠠᠨ ᠮᠠᠶᠢᠬᠠᠨ ᠲᠤᠪᠤ ᠪᠠᠷ ᠦᠷᠦᠭᠡ ᠪᠤᠯᠭᠠᠳᠠᠭ ᠪᠠᠶᠢᠵᠠᠢ᠃      ᠠᠷᠪᠠᠨ ᠭᠤᠷᠪᠠᠳᠤᠭᠠᠷ ᠵᠠᠭᠤᠨ ᠤ ᠬᠤᠷᠢᠭᠠᠳ ᠤᠨ ᠤ ᠦᠶ᠎ᠡ ᠪᠠᠷ ᠴᠢᠩᠭᠢᠰ ᠬᠠᠭᠠᠨ ᠲᠦᠪ ᠠᠽᠢᠶ᠎ᠠ ᠳᠤ ᠠᠶᠠᠨ ᠳᠠᠶᠢᠨ ᠬᠢᠵᠦ᠂ ᠯᠤᠳᠤ ᠶᠡᠭᠡ ᠰᠢᠨ᠎ᠡ ᠭᠠᠵᠠᠷ ᠨᠤᠲᠤᠭ ᠤᠯᠵᠦ ᠡᠵᠡᠯᠡᠭᠰᠡᠨ ᠢᠶᠠᠷ ᠵᠦᠴᠢ᠂ ᠴᠠᠭᠠᠳᠠᠢ᠂ ᠦᠭᠡᠳᠡᠢ ᠭᠤᠷᠪᠠᠨ ᠬᠦᠪᠡᠭᠦᠨ ᠳᠡᠭᠡᠨ ᠨᠤᠲᠤᠭ ᠬᠤᠪᠢᠶᠠᠨ ᠰᠤᠶᠤᠷᠬᠠᠵᠦ᠂ ᠮᠤᠩᠭᠤᠯᠴᠤᠳ ᠤᠨ ᠵᠠᠩ ᠵᠠᠩᠰᠢᠯ ᠢᠶᠠᠷ ᠢᠶᠠᠨ ᠤᠳᠬᠤᠨ ᠬᠦᠪᠡᠭᠦᠨ ᠲᠤᠯᠤᠢ ᠳᠠᠭᠠᠨ ᠮᠤᠩᠭᠤᠯ ᠤᠨ ᠡᠬᠡ ᠨᠤᠲᠤᠭ ᠢᠶᠠᠨ ᠦᠮᠴᠢᠯᠡᠭᠦᠯᠦᠭᠰᠡᠨ ᠪᠠᠶᠢᠵᠠᠢ᠃ ᠶᠠᠭ ᠡᠭᠦᠨ ᠤ ᠰᠡᠭᠦᠯᠴᠢ ᠪᠠᠷ᠂ ᠤᠶᠢᠷᠠᠳ ᠤᠨ ᠲᠦᠷᠪᠡᠨ ᠮᠢᠩᠭᠠᠨ ᠤ ᠨᠢᠭᠡ ᠪᠤᠯᠬᠤ ᠦᠵᠦᠮᠦᠴᠢᠨ ᠨᠢ ᠵᠦᠴᠢ ᠶᠢᠨ ᠬᠠᠷᠢᠶᠠᠳᠤ ᠪᠠᠶᠢᠭᠰᠠᠨ ᠢᠶᠠᠨ ᠲᠤᠯᠤᠢ ᠶᠢᠨ ᠤᠭᠰᠠᠭ᠎ᠠ ᠶᠢᠨ ᠬᠠᠷᠢᠶᠠᠳᠤ ᠪᠤᠯᠵᠦ ᠤᠯᠠᠷᠢᠪᠠ᠃ ᠡᠭᠦᠨ ᠠᠴᠠ ᠶᠡᠭᠡ ᠮᠤᠩᠭᠤᠯ ᠤᠯᠤᠰ ᠤᠨ ᠦᠶ᠎ᠡ ᠳᠤ᠂ ᠦᠵᠦᠮᠦᠴᠢᠨ ᠮᠢᠩᠭᠠᠨ ᠨᠢ ᠴᠠᠬᠠᠷ ᠤᠨ ᠨᠢᠭᠡ ᠤᠳᠤᠭ ᠪᠤᠯᠵᠦ ᠬᠤᠪᠢᠯᠠᠢ ᠬᠠᠭᠠᠨ ᠢ ᠲᠠᠭᠠᠯᠳᠤᠨ ᠠᠯᠳᠠᠢ — ᠬᠠᠩᠭᠠᠢ ᠶᠢᠨ ᠨᠢᠷᠤᠭᠤᠨ ᠠᠴᠠ ᠪᠠᠭᠤᠵᠦ᠂ ᠡᠪᠡᠰᠦᠳᠦ ᠲᠠᠯ᠎ᠠ ᠳᠤ ᠢᠷᠡᠭᠰᠡᠨ ᠢᠷᠭᠡᠳ ᠭᠡᠵᠦ ᠤᠶᠢᠯᠠᠭᠠᠵᠦ ᠪᠤᠯᠬᠤ ᠪᠦᠭᠡᠳ 1368 ᠤᠨ ᠳᠤ ᠶᠤᠸᠠᠨ ᠤᠯᠤᠰ ᠤᠨ ᠡᠴᠦᠰ ᠤᠨ ᠬᠠᠭᠠᠨ ᠲᠤᠭᠤᠨᠳᠡᠮᠦᠷ ᠪᠡᠬᠡᠵᠢᠩ ᠬᠤᠳᠠ ᠪᠠᠨ ᠤᠷᠬᠢᠵᠦ ᠤᠮᠠᠷᠠᠰᠢ ᠱᠠᠩᠳᠤ ᠶᠢ ᠲᠠᠮᠵᠢᠨ ᠤᠳᠤ ᠶᠢᠨ ᠦᠪᠦᠷ ᠮᠤᠩᠭᠤᠯ ᠤᠨ ᠭᠡᠰᠢᠭᠳᠡᠨ ᠬᠤᠰᠢᠭᠤᠨ ᠤ ᠲᠠᠯᠠᠢ ᠨᠠᠭᠤᠷ ︵ᠢᠩᠴᠠᠩ︶ ᠲᠤ ᠤᠬᠤᠷᠢᠨ ᠢᠷᠡᠭᠰᠡᠨ ᠶᠤᠮ᠃ 1372 ᠤᠨ ᠳᠤ ᠮᠢᠩ ᠤᠯᠤᠰ ᠭᠤᠷᠪᠠᠨ ᠵᠠᠮ ᠢᠶᠠᠷ ᠭᠤᠪᠢ ᠶᠢᠨ ᠠᠷᠤ ᠶᠢ ᠲᠠᠶᠢᠯᠠᠭᠰᠠᠨ ᠳᠤ᠂ ᠪᠢᠯᠢᠭᠳᠦ ᠬᠠᠭᠠᠨ ᠴᠡᠷᠢᠭ ᠢᠯᠠᠭᠳᠠᠭᠰᠠᠨ ᠪᠤᠯᠪᠠᠴᠦ ᠲᠠᠬᠢᠨ ᠲᠡᠭᠰᠢᠯᠡᠨ ᠨᠤᠶᠠᠷᠬᠠᠯ ᠢᠶᠠᠨ ᠪᠠᠳᠤᠯᠠᠵᠦ᠂ ᠶᠡᠭᠡ ᠤᠷᠤ ︵ᠤᠷᠳᠤᠨ︶ ᠪᠠᠨ ᠠᠯᠳᠠᠢ ᠠᠭᠤᠯᠠᠨ ᠳᠤ ᠨᠡᠭᠦᠯᠭᠡᠭᠰᠡᠨ ᠪᠠᠶᠢᠵᠠᠢ᠃ ᠠᠶᠤᠰᠢᠳᠢᠷ᠎ᠡ ᠬᠠᠭᠠᠨ ᠠᠴᠠ ᠬᠤᠶᠢᠰᠢ ᠤᠮᠠᠷᠠᠳᠤ ᠮᠤᠩᠭᠤᠯ ᠤᠨ ᠬᠠᠭᠠᠳ ᠨᠢ ᠠᠯᠳᠠᠢ — ᠬᠠᠩᠭᠠᠢ ᠭᠡᠬᠦ ᠬᠤᠶᠠᠷ ᠶᠡᠭᠡ ᠨᠢᠷᠤᠭᠤᠳ ᠢᠶᠠᠷ ᠨᠡᠶᠢᠰᠠᠯᠡᠵᠦ ᠪᠠᠶᠢᠭᠰᠠᠨ ᠢᠶᠠᠨ ᠪᠠᠳᠤᠮᠦ᠋ᠩᠭᠡ ᠲᠠᠶᠠᠨ ᠬᠠᠭᠠᠨ ᠤ ᠦᠶ᠎ᠡ ᠳᠤ ᠴᠠᠭᠠᠨ ᠬᠡᠷᠡᠮ ᠠᠴᠠ ᠬᠤᠶᠢᠰᠢᠬᠢ ᠡᠪᠡᠰᠦᠳᠦ ᠲᠠᠯ᠎ᠠ ᠳᠤ ᠢᠷᠡᠭᠰᠡᠨ ᠭᠡᠵᠦ ᠦᠵᠡᠵᠦ ᠪᠤᠯᠬᠤ ᠪᠦᠭᠡᠳ ᠦᠵᠦᠮᠦᠴᠢᠨ ᠤᠳᠤᠭ ᠨᠢ ᠴᠠᠬᠠᠷ ᠲᠦᠮᠡᠨ ᠤ ᠬᠠᠷᠢᠶᠠᠨ ᠳᠤ ᠪᠠᠭᠳᠠᠬᠤ ᠤᠴᠢᠷ ᠮᠦᠨ ᠲᠠᠭᠠᠯᠳᠤᠨ ᠨᠡᠭᠦᠵᠦ ᠰᠢᠯᠵᠢᠵᠦ ᠪᠠᠶᠢᠭᠰᠠᠨ ᠨᠢ ᠮᠡᠳᠡᠭᠡᠵᠢ ᠶᠠᠪᠤᠳᠠᠯ ᠶᠤᠮ᠃      ᠪᠠᠳᠤᠮᠦ᠋ᠩᠭᠡ ᠲᠠᠶᠠᠨ ᠬᠠᠭᠠᠨ ᠤᠶᠢᠷᠠᠳ ᠠᠶᠢᠮᠠᠭ ᠤᠳ ᠢ ᠠᠬᠠᠮᠠᠳ ᠬᠦᠪᠡᠭᠦᠨ ᠲᠦᠷᠦᠪᠤᠯᠤᠳ ᠲᠤ ᠬᠠᠷᠢᠶᠡᠳᠤ ᠢᠷᠭᠡᠨ ᠪᠤᠯᠭᠠᠨ ᠦᠮᠴᠢᠯᠡᠭᠦᠯᠦᠭᠰᠡᠨ ᠢᠶᠠᠷ ᠦᠵᠦᠮᠦᠴᠢᠨ ᠠᠶᠢᠮᠠᠭ ᠴᠤ ᠲᠡᠭᠦᠨ ᠤ ᠨᠤᠶᠠᠷᠬᠠᠯ ᠢ ᠬᠦᠯᠢᠶᠡᠬᠦ ᠪᠤᠯᠵᠠᠢ᠃ ᠲᠤᠬᠠᠢ ᠶᠢᠨ ᠦᠶ᠎ᠡ ᠶᠢᠨ ᠦᠵᠦᠮᠦᠴᠢᠨ ᠮᠢᠩᠭᠠᠨ ᠳᠤ ᠦᠵᠦᠮ ᠤᠨ ᠠᠭᠤᠯᠠ ᠶᠢᠨ ᠮᠤᠩᠭᠤᠯᠴᠤᠳ ᠪᠤᠯᠬᠤ ᠦᠵᠦᠮᠦᠴᠢᠨ᠂ ᠬᠠᠭᠤᠴᠢᠳ᠂ ᠰᠦᠨᠢᠳ᠂ ᠠᠤᠬᠠᠨ᠂ ᠨᠠᠢᠮᠠᠨ ᠵᠡᠷᠭᠡ ᠠᠶᠢᠮᠠᠭ ᠤᠳ ᠪᠦᠷᠢᠯᠳᠦᠭᠦᠨ ᠪᠤᠯᠵᠦ ᠪᠠᠶᠢᠪᠠ  ᠃ ᠲᠦᠷᠦᠪᠤᠯᠤᠳ ᠤᠨ ᠦᠶ᠎ᠡ ᠳᠤ ᠦᠵᠦᠮᠦᠴᠢᠨ ᠠᠶᠢᠮᠠᠭ ᠨᠢ ᠬᠠᠩᠭᠠᠢ ᠬᠠᠨ ᠬᠢᠭᠡᠳ ᠭᠠᠯᠪᠠ ᠱᠠᠩᠬ᠎ᠠ ᠶᠢᠨ ᠭᠤᠪᠢ ᠪᠠᠷ ᠨᠤᠲᠤᠭᠯᠠᠨ ᠮᠠᠯᠵᠢᠵᠦ ᠪᠠᠶᠢᠯ᠎ᠠ᠃ ᠦᠵᠦᠮᠦᠴᠢᠨ ᠤ ᠲᠡᠤᠬᠡᠳᠦ ᠠᠷᠠᠳ ᠤᠨ ᠲᠠᠭᠤᠤ ︽ᠶᠡᠭᠡ ᠪᠤᠭᠳᠠ ᠪᠤᠯᠠᠭᠠᠨ ᠬᠠᠩᠭᠠᠢ︾ ᠪᠤᠯ ᠶᠠᠭ ᠡᠨᠡ ᠦᠶ᠎ᠡ ᠵᠤᠬᠢᠶᠠᠭᠳᠠᠨ ᠤᠯᠠᠮᠵᠢᠯᠠᠭᠳᠠᠭᠰᠠᠨ ᠪᠠᠶᠢᠭ᠎ᠠ ᠶᠤᠮ᠃ ᠲᠦᠷᠦᠪᠤᠯᠤᠳ ᠢ ᠲᠠᠶᠠᠨ ᠬᠠᠭᠠᠨ ᠤ ᠵᠠᠷᠯᠢᠭ ᠢᠶᠠᠷ ᠤᠷᠢᠶᠠᠩᠬᠠᠨ ᠬᠠᠷᠠᠴᠢᠨ ᠬᠤᠶᠠᠷ ᠠᠶᠢᠮᠠᠭ ᠢ ᠡᠶᠡᠯᠡᠭᠦᠯᠦᠷ᠎ᠡ ᠶᠠᠪᠤᠬᠤ ᠵᠠᠮ ᠵᠠᠭᠤᠷ᠎ᠠ ᠪᠠᠷᠠᠭᠤᠨ ᠮᠤᠩᠭᠤᠯ ᠤᠨ ᠲᠦᠷᠦᠭᠦᠴᠤᠳ ᠬᠤᠤᠷᠯᠠᠵᠦ ᠬᠤᠷᠤᠭᠠᠭᠰᠠᠨ ᠶᠤᠮ᠃ ᠢᠩᠭᠢᠭᠡᠳ ᠲᠡᠭᠦᠨ ᠤ ᠠᠬᠠᠮᠠᠳ ᠬᠦᠪᠡᠭᠦᠨ ᠪᠤᠳᠢ ᠠᠯᠠᠭ ᠦᠵᠦᠮᠦᠴᠢᠨ ᠤ ᠠᠬᠠᠯᠠᠭᠴᠢ ᠪᠤᠯᠪᠠ᠃ ᠪᠤᠳᠢ ᠠᠯᠠᠭ ᠠᠬᠠᠯᠠᠭᠴᠢ ᠶᠢᠨ ᠦᠶ᠎ᠡ ᠦᠵᠦᠮᠦᠴᠢᠨ ᠠᠶᠢᠮᠠᠭ ᠭᠤᠪᠢ ᠶᠢᠨ ᠡᠮᠦᠨ᠎ᠡ ᠡᠪᠡᠰᠦᠳᠦ ᠲᠠᠯ᠎ᠠ ᠳᠤ ᠨᠤᠲᠤᠭᠰᠢᠨ ᠮᠠᠯᠵᠢᠵᠦ ᠪᠠᠶᠢᠪᠠ᠂ ᠪᠠᠳᠤᠮᠦ᠋ᠩᠭᠡ ᠲᠠᠶᠠᠨ ᠬᠠᠭᠠᠨ ᠤ ᠦᠶ᠎ᠡ ᠦᠵᠦᠮᠦᠴᠢᠨ ᠨᠢ ᠵᠡᠭᠦᠨ ᠭᠠᠷᠤᠨ ᠴᠠᠬᠠᠷ ᠲᠦᠮᠡᠨ ᠤ ᠨᠠᠢᠮᠠᠨ ᠤᠳᠤᠭ ᠤᠨ ᠨᠢᠭᠡ ᠪᠤᠯᠵᠦ ᠪᠠᠶᠢᠪᠠ᠃      1510 ᠤᠨ ᠳᠤ ᠲᠠᠶᠠᠨ ᠬᠠᠭᠠᠨ ᠤ ᠪᠠᠷᠠᠭᠤᠨ ᠭᠤᠷᠪᠠᠨ ᠲᠦᠮᠡᠨ ᠳᠤ ᠵᠢᠨᠦᠩ ᠢᠶᠠᠷ ᠲᠤᠮᠢᠯᠠᠭᠰᠠᠨ ᠬᠤᠶᠠᠳᠤᠭᠠᠷ ᠬᠦᠪᠡᠭᠦᠨ ᠤᠯᠤᠰᠪᠤᠯᠤᠳ ᠢ ᠶᠦᠩᠰᠢᠶᠡᠪᠤ ᠶᠢᠨ ᠲᠦᠷᠦᠭᠦᠤ ᠢᠪᠠᠷᠠᠢ ᠲᠠᠶᠢᠱᠢ ᠪᠤᠯᠤᠨ ᠤᠷᠳᠤᠰ ᠤᠨ ᠮᠠᠨᠳᠤᠯᠠᠢ ᠠᠬᠠᠯᠠᠭᠴᠢ ᠬᠤᠶᠠᠷ ᠬᠤᠤᠪᠢᠯᠳᠤᠨ ᠠᠷᠭ᠎ᠠ ᠭᠠᠷᠠᠭᠠᠵᠦ ᠬᠤᠷᠤᠭᠠᠭᠠᠳ᠂ ᠬᠠᠭᠠᠨ ᠤ ᠡᠰᠡᠷᠬᠦ ᠴᠡᠷᠢᠭ ᠬᠦᠳᠡᠯᠭᠡᠨ ᠤᠷᠪᠠᠵᠠᠢ᠃ ᠲᠠᠷᠠᠭ᠎ᠠ ᠵᠢᠯ ᠨᠢ ᠪᠠᠳᠤᠮᠦ᠋ᠩᠭᠡ ᠲᠠᠶᠠᠨ ᠬᠠᠭᠠᠨ ᠤᠯᠤᠰᠪᠤᠯᠤᠳ ᠤᠨ ᠦᠰᠢᠯ ᠢ ᠠᠪᠬᠤ ᠪᠠᠷ ᠶᠡᠭᠡ ᠴᠡᠷᠢᠭ ᠳᠠᠶᠢᠴᠢᠯᠠᠨ ᠬᠦᠳᠡᠯᠭᠡᠬᠦ ᠳᠡᠭᠡᠨ ᠠᠯᠠᠭᠴᠢᠳ ᠤᠨ ᠴᠠᠭᠠᠨ ᠵᠠᠭᠠᠷᠢᠨ᠂ ᠦᠵᠦᠮᠦᠴᠢᠨ ᠤ ᠡᠯᠳᠦ᠋ᠩᠭᠡ ᠪᠠᠭᠰᠢ ᠬᠤᠶᠠᠭᠤᠯᠠ ᠶᠢ ᠴᠡᠷᠢᠭ ᠤᠨ ᠵᠦᠪᠳᠡᠭᠴᠢ ᠪᠠᠷ ᠵᠠᠯᠠᠵᠦ᠂ ᠠᠷᠭ᠎ᠠ ᠡᠷᠭᠦᠭᠦᠯᠦᠨ᠂ ᠲᠠᠯᠠᠨ ᠲᠡᠷᠢᠭᠦᠨ ︵ᠲᠠᠯᠠᠨ ᠬᠠᠷ᠎ᠠ ᠠᠭᠤᠯᠠ︶ ᠬᠡᠮᠡᠬᠦ ᠭᠠᠵᠠᠷ ᠬᠦᠷᠴᠤ᠂ ᠢᠪᠠᠷᠠᠢ ᠳᠠᠶᠢᠱᠢ ᠮᠠᠨᠳᠤᠯᠠᠢ ᠠᠬᠠᠯᠠᠭᠴᠢ ᠶᠢᠨ ᠴᠡᠷᠢᠭ ᠲᠠᠢ ᠰᠡᠢᠳᠪᠦᠷᠢᠳᠦ ᠪᠠᠶᠢᠯᠳᠤᠭᠠᠨ ᠬᠢᠵᠦ᠂ ᠡᠷᠡᠯᠬᠡᠭ ᠭᠠᠷᠮᠠᠭᠠᠢ ᠪᠠᠷ ᠪᠠᠶᠢᠯᠳᠤᠨ ᠢᠯᠠᠯᠳᠠ ᠤᠯᠤᠭᠠᠳ᠂ ᠶᠦᠩᠰᠢᠶᠡᠪᠤ ᠤᠷᠳᠤᠰ ᠤᠨ ᠤᠷᠪᠠᠯᠭᠠᠨ ᠢ ᠲᠠᠷᠤᠵᠦ᠂ ᠪᠠᠷᠠᠭᠤᠨ ᠭᠤᠷᠪᠠᠨ ᠲᠦᠮᠡᠨ ᠢᠶᠠᠨ ᠳᠠᠬᠢᠨ ᠲᠦᠪᠰᠢᠳᠭᠡᠨ ᠠᠪᠴᠠᠢ᠃ 1512 ᠤᠨ ᠳᠤ ᠲᠠᠶᠠᠨ ᠬᠠᠭᠠᠨ ᠨᠠᠢᠮᠠᠨ ᠴᠠᠭᠠᠨ ᠦᠷᠦᠭᠡᠨ ᠤ ᠡᠮᠦᠨ᠎ᠡ᠂ ᠭᠤᠷᠪᠠᠳᠤᠭᠠᠷ ᠬᠦᠪᠡᠭᠦᠨ ᠪᠠᠷᠰᠪᠤᠯᠤᠳ ᠢ ᠪᠠᠷᠠᠭᠤᠨ ᠭᠤᠷᠪᠠᠨ ᠲᠦᠮᠡᠨ ᠤ ᠵᠢᠨᠦᠩ ᠡᠷᠭᠦᠮᠵᠢᠯᠡᠨ ᠲᠠᠷᠤᠩᠭᠤᠶᠢᠯᠠᠨ ᠰᠠᠭᠤᠯᠭᠠᠬᠤ ᠶᠢ ᠵᠡᠷᠯᠠᠪᠠ᠃ ᠡᠭᠦᠨ ᠢᠶᠠᠷ ᠤᠮᠠᠷᠠᠳᠤ ᠶᠤᠸᠠᠨ ᠤᠯᠤᠰ ᠢ ᠨᠢᠭᠡᠳᠭᠡᠬᠦ ᠦᠢᠯᠡᠰ ᠢᠶᠠᠨ ᠪᠡᠶᠡᠯᠡᠭᠦᠯᠵᠦ᠂ ᠬᠠᠭᠠᠨ ᠤ ᠡᠷᠬᠡ ᠶᠢ ᠠᠯᠳᠠᠨ ᠤᠷᠤᠭᠳᠠᠨ ᠤ ᠭᠠᠷ ᠲᠤ ᠪᠤᠴᠠᠭᠠᠨ ᠠᠪᠴᠢᠷᠠᠭᠰᠠᠨ ᠪᠠᠶᠢᠨ᠎ᠠ᠃      1517 ᠤᠨ ᠳᠤ ᠲᠠᠶᠠᠨ ᠬᠠᠭᠠᠨ ᠢ ᠨᠠᠰᠤ ᠨᠦᠭᠴᠢᠭᠰᠡᠨ ᠤ ᠲᠠᠷᠠᠭ᠎ᠠ᠂ ᠲᠡᠭᠦᠨ ᠤ ᠠᠬᠠᠮᠠᠳ ᠬᠦᠪᠡᠭᠦᠨ ᠦᠵᠦᠮᠦᠴᠢᠨ ᠤ ᠠᠬᠠᠯᠠᠭᠴᠢ ᠪᠠᠶᠢᠭᠰᠠᠨ ᠲᠦᠷᠦᠪᠤᠯᠤᠳ ᠰᠠᠭᠤᠷᠢᠨ ᠵᠠᠯᠭᠠᠮᠵᠢᠯᠠᠬᠤ ᠶᠤᠰᠤᠳᠠᠢ ᠪᠤᠯᠪᠠᠴᠤ ᠡᠷᠳᠡ ᠨᠠᠰᠤ ᠪᠠᠷᠠᠭᠰᠠᠨ ᠲᠤᠯᠠ ᠲᠡᠭᠦᠨ ᠤ ᠬᠦᠪᠡᠭᠦᠨ ᠪᠤᠳᠢ ᠠᠯᠠᠭ ᠵᠠᠯᠭᠠᠮᠵᠢᠯᠠᠬᠤ ᠨᠢ ᠵᠦᠢᠳᠡᠢ ᠶᠤᠮ᠃ ᠭᠡᠪᠡᠴᠤ ᠲᠠᠶᠠᠨ ᠬᠠᠭᠠᠨ ᠤ ᠭᠤᠳᠠᠭᠠᠷ ᠬᠦᠪᠡᠭᠦᠨ ᠪᠠᠷᠠᠭᠤᠨ ᠭᠠᠷᠤᠨ ᠵᠢᠨᠦᠩ ᠪᠠᠷᠰᠪᠤᠯᠤᠳ ᠬᠦᠴᠦᠷᠭᠡᠭ ᠶᠡᠭᠡ ᠴᠡᠷᠢᠭ ᠤᠨ ᠬᠦᠴᠦᠨ ᠳᠡᠭᠡᠨ ᠡᠷᠳᠦᠨ ᠪᠤᠳᠢ ᠠᠯᠠᠭ ᠢ ᠪᠠᠭ᠎ᠠ ᠬᠡᠮᠡᠨ ᠪᠠᠰᠤᠵᠦ᠂ ᠬᠠᠭᠠᠨ ᠤᠷᠤ ᠰᠠᠭᠤᠭᠠᠳ ᠰᠠᠶᠢᠨ ᠠᠯᠠᠭ ᠬᠡᠮᠡᠵᠦ᠂ ᠬᠤᠶᠠᠷ ᠵᠢᠯ ᠰᠠᠭᠤᠷᠢᠨ ᠳᠤ ᠰᠠᠭᠤᠪᠠ᠃ ᠦᠵᠦᠮᠦᠴᠢᠨ ᠠᠬᠠᠯᠠᠭᠴᠢ ᠪᠤᠳᠢ ᠠᠯᠠᠭ 1504 ᠤᠨ ᠳᠤ ᠲᠦᠷᠦᠵᠠᠢ᠂ ᠲᠡᠷᠡ 1519 ᠤᠨ ᠳᠤ ᠵᠡᠭᠦᠨ ᠭᠠᠷᠤᠨ ᠲᠦᠮᠡᠨ ᠤ ᠲᠤᠮᠤ ᠨᠤᠶᠠᠳ ᠲᠦᠰᠢᠮᠡᠳ ᠢᠶᠠᠨ ᠲᠠᠭᠠᠭᠤᠯᠤᠨ ᠤᠷᠳᠤᠰ ᠲᠤ ᠤᠴᠢᠵᠦ᠂ ᠴᠢᠩᠭᠢᠰ ᠬᠠᠭᠠᠨ ᠤ ᠨᠠᠢᠮᠠᠨ ᠴᠠᠭᠠᠨ ᠭᠡᠷ ᠲᠤ ᠮᠦᠷᠬᠦᠭᠦ ᠲᠠᠰᠢᠷᠠᠮ ᠢᠶᠠᠷ ᠪᠠᠷᠠᠭᠤᠨ ᠭᠠᠷᠤᠨ ᠵᠢᠨᠦᠩ ᠪᠠᠷᠰᠪᠤᠯᠤᠳ ᠠᠴᠠ ᠬᠠᠭᠠᠨ ᠰᠠᠭᠤᠷᠢᠨ ᠢᠶᠠᠨ ᠡᠭᠡᠭᠦᠯᠦᠨ ᠠᠪᠤᠪᠠ᠃ ᠪᠤᠳᠢ ᠠᠯᠠᠭ ᠵᠡᠭᠦᠨ ᠭᠠᠷᠤᠨ ᠲᠦᠮᠡᠨ ᠢᠶᠠᠨ ᠬᠠᠷᠢᠶᠠᠯᠠᠨ ᠵᠠᠬᠢᠷᠴᠤ᠂ ᠴᠠᠬᠠᠷ ᠢ ᠡᠵᠡᠯᠡᠨ ᠤᠮᠠᠷᠠᠳᠤ ᠤᠯᠤᠰ ᠤᠨ ᠵᠡᠭᠦᠨ ᠭᠡᠰᠡᠭ ᠲᠤ ᠤᠷᠳᠤᠯᠠᠵᠦ ᠪᠠᠶᠢᠪᠠ᠃ ᠴᠠᠬᠠᠷ ᠲᠦᠮᠡᠨ ᠳᠤ ᠠᠤᠬᠠᠨ᠂ ᠨᠠᠢᠮᠠᠨ᠂ ᠤᠩᠨᠢᠭᠤᠳ᠂ ᠭᠡᠰᠢᠭᠳᠡᠨ᠂ ᠦᠵᠦᠮᠦᠴᠢᠨ᠂ ᠬᠠᠭᠤᠴᠢᠳ᠂ ᠰᠦᠨᠢᠳ ᠵᠡᠷᠭᠡ ᠠᠶᠢᠮᠠᠭ ᠤᠳ ᠪᠠᠭᠳᠠᠵᠦ ᠪᠠᠶᠢᠪᠠ᠃ ᠪᠤᠳᠢ ᠠᠯᠠᠭ ᠬᠠᠭᠠᠨ ᠰᠠᠭᠤᠷᠢᠨ ᠳᠤ ᠰᠠᠭᠤᠭᠰᠠᠨ ᠤ ᠲᠠᠷᠠᠭ᠎ᠠ ᠲᠡᠭᠦᠨ ᠤ ᠭᠤᠳᠠᠭᠠᠷ ᠬᠦᠪᠡᠭᠦᠨ ᠤᠩᠭᠤᠨ ᠲᠤᠷᠬᠠᠯ ᠦᠵᠦᠮᠦᠴᠢᠨ ᠤ ᠠᠬᠠᠯᠠᠭᠴᠢ ᠪᠤᠯᠤᠭᠰᠠᠨ ᠪᠦᠭᠡᠳ ᠶᠠᠭ ᠡᠨᠡ ᠦᠶ᠎ᠡ ᠳᠤ ᠦᠵᠦᠮᠦᠴᠢᠨ ᠨᠢ ᠠᠶᠢᠮᠠᠭ ᠭᠡᠬᠦ ᠵᠠᠰᠠᠭ ᠵᠠᠬᠢᠷᠭᠠᠨ ᠤ ᠬᠤᠪᠢ ᠪᠠᠷ ᠵᠤᠬᠢᠶᠠᠨ ᠪᠠᠶᠢᠭᠤᠯᠤᠭᠳᠠᠵᠦ᠂ ᠦᠵᠦᠮᠦᠴᠢᠨ᠂ ᠯᠠᠤᠰᠴᠢᠨ᠂ ᠡᠷᠬᠡᠭᠦᠳ ᠵᠡᠷᠭᠡ ᠠᠶᠢᠮᠠᠭ ᠤᠳᠤᠭ ᠢ ᠨᠢᠭᠡᠳᠭᠡᠭᠡᠳ ᠦᠵᠦᠮᠦᠴᠢᠨ ᠬᠡᠮᠡᠨ ᠨᠡᠷᠡᠯᠡᠵᠦ᠂ ᠤᠤᠭᠠᠯ ᠨᠤᠲᠤᠭ ᠤᠨ ᠨᠡᠷ᠎ᠡ ᠪᠠᠨ ᠦᠨᠢᠳᠡ ᠲᠤᠷᠠᠰᠬᠠᠨ ᠬᠠᠳᠠᠭᠠᠯᠠᠵᠠᠢ᠃ ᠤᠩᠭᠤᠨ ᠲᠤᠷᠬᠠᠯ ᠨᠤᠶᠠᠨ ᠪᠤᠯ ᠪᠤᠳᠢ ᠠᠯᠠᠭ᠂ ᠲᠡᠷᠡᠶᠢᠰᠦᠨ ᠬᠦᠳᠡᠩ᠃ ᠲᠦᠮᠡᠨ ᠵᠠᠰᠠᠭᠳᠤ ᠵᠡᠷᠭᠡ ᠭᠤᠷᠪᠠᠨ ᠬᠠᠭᠠᠨ ᠤ ᠲᠦᠷᠦ ᠳᠤ ᠦᠢᠯᠡᠴᠢᠯᠡᠭᠰᠡᠨ ᠭᠠᠪᠢᠶᠠᠳᠤ ᠰᠠᠶᠢᠳ ᠪᠦᠭᠡᠳ ᠦᠵᠦᠮᠦᠴᠢᠨ ᠠᠶᠢᠮᠠᠭ ᠢ ᠬᠠᠮᠤᠭ ᠤᠷᠳᠤ ᠬᠤᠭᠤᠴᠠᠭ᠎ᠠ ᠨᠤᠶᠠᠷᠬᠠᠭᠰᠠᠨ ᠠᠶᠢᠮᠠᠭ ᠤᠨ ᠠᠬᠠᠯᠠᠭᠴᠢ ᠪᠤᠯᠤᠭᠰᠠᠨ ᠶᠤᠮ᠃ ᠲᠡᠷᠡ ᠦᠵᠦᠮᠦᠴᠢᠨ ᠨᠤᠲᠤᠭ ᠤᠨ ᠤᠩᠭᠤᠨ ᠴᠠᠪᠴᠢᠷ ᠬᠡᠮᠡᠬᠦ ᠭᠠᠵᠠᠷ ᠶᠠᠰᠤ ᠪᠠᠨ ᠤᠷᠤᠰᠢᠭᠤᠯᠤᠭᠰᠠᠨ ᠢᠶᠠᠷ ᠦᠵᠦᠮᠦᠴᠢᠨ ᠲᠦᠮᠡᠨ ᠤ ᠰᠡᠳᠭᠢᠯ ᠳᠤ ᠦᠨᠢᠳᠡ ᠬᠠᠳᠠᠩᠰᠢᠵᠠᠢ᠃ ᠡᠶᠢᠮᠦ ᠠᠴᠠ ᠤᠩᠭᠤᠨ ᠲᠤᠷᠬᠠᠯ ᠢ ᠦᠵᠦᠮᠦᠴᠢᠨ ᠠᠶᠢᠮᠠᠭ ᠤᠨ ᠠᠬᠠᠯᠠᠭᠴᠢ ᠨᠤᠶᠠᠨ ᠭᠡᠳᠡᠭ ᠨᠢ ᠲᠡᠷᠡ ᠪᠢᠯᠡ᠃ ᠦᠵᠦᠮᠦᠴᠢᠨ ᠠᠶᠢᠮᠠᠭ ᠨᠢ ᠪᠤᠷᠵᠢᠭᠢᠨ᠂ ᠲᠠᠶᠢᠴᠢᠭᠤᠳ᠂ ᠬᠡᠷᠡᠶᠢᠳ᠂ ᠰᠠᠷᠳᠠᠭᠤᠯ᠂ ᠪᠤᠷᠤᠰᠤ᠂ ᠲᠠᠯᠠᠩᠭᠦᠰ᠂ ᠰᠢᠪᠠᠭᠤᠴᠢᠨ᠂ ᠯᠠᠤᠰᠴᠢᠨ ᠵᠡᠷᠭᠡ ᠨᠠᠢᠮᠠᠨ ᠤᠲᠤᠭ ᠤᠨ ᠤᠪᠤᠭ ᠲᠦᠷᠦᠯ ᠢᠶᠠᠷ ᠦᠨᠳᠦᠰᠦᠨ ᠨᠢᠭᠡᠴᠡ ᠪᠤᠯᠭᠠᠵᠠᠢ᠃      ᠪᠤᠳᠢ ᠠᠯᠠᠭ ᠬᠢᠭᠡᠳ ᠤᠩᠭᠤᠨ ᠲᠤᠷᠬᠠᠯ ᠤᠨ ᠦᠶ᠎ᠡ ᠳᠤ᠂ ᠴᠠᠬᠠᠷ ᠲᠦᠮᠡᠨ ᠪᠠ ᠦᠵᠦᠮᠦᠴᠢᠨ ᠠᠶᠢᠮᠠᠭ ᠨᠢ ᠯᠢᠶᠤᠤ ᠡᠾᠧ᠂ ᠬᠤᠨ ᠡᠾᠧ᠂ ᠲᠠᠢ ᠽᠢ ᠡᠾᠧ ᠭᠤᠷᠪᠠᠨ ︵ᠯᠢᠶᠤᠤᠨᠢᠩ ᠮᠤᠵᠢ ᠶᠢᠨ ᠲᠤᠮᠳᠠ ᠲᠤᠤᠷ᠎ᠠ ᠪᠡᠶ᠎ᠡ︶ ᠭᠤᠤᠯ ᠤᠨ ᠤᠷᠤᠰᠬᠠᠯ ᠲᠠᠭᠠᠤ ᠤᠷᠤᠨ ᠢᠶᠠᠷ ᠯᠢᠶᠤᠤᠳᠦᠩ ᠬᠤᠶᠢᠭ ᠤᠨ ᠳᠠᠯᠠᠢ ᠬᠦᠪᠡᠭᠡᠯᠡᠨ ᠮᠠᠯᠵᠢᠨ ᠨᠤᠲᠤᠭᠰᠢᠵᠦ ᠪᠠᠶᠢᠪᠠ᠃ ᠡᠨᠡ ᠦᠶ᠎ᠡ ᠦᠵᠦᠮᠦᠴᠢᠨ ᠠᠶᠢᠮᠠᠭ ᠨᠢ ᠲᠠᠪᠤᠨ ᠬᠤᠰᠢᠭᠤ ᠮᠠᠯ ᠢᠶᠠᠨ ᠦᠰᠭᠡᠨ ᠦᠷᠡᠵᠢᠭᠦᠯᠵᠦ᠂ ᠪᠤᠭᠳᠠ ᠠᠭᠤᠯᠠ ᠠᠴᠠ ᠮᠤᠳᠤ ᠲᠡᠭᠡᠭᠡᠳᠡᠭ ᠪᠤᠯᠤᠭᠰᠠᠨ ᠢᠶᠠᠷ ᠲᠤᠭᠤᠨᠠᠳᠤ ᠭᠡᠷ ᠲᠤ ᠰᠠᠭᠤᠵᠦ᠂ ᠮᠤᠳᠤᠨ ᠲᠡᠷᠭᠡ ᠶᠢ ᠬᠡᠷᠡᠭᠯᠡᠬᠦ ᠪᠤᠯᠵᠦ᠂ ᠦᠬᠡᠷ ᠢ ᠭᠠᠷᠰᠢᠭᠤᠯᠤᠨ ᠡᠳ᠋ᠯᠡᠨ ᠨᠡᠭᠦᠳᠡᠯ ᠤᠨ ᠤᠷᠳᠤ ᠠᠴᠢᠶ᠎ᠠ ᠬᠦᠰᠭᠡ ᠲᠠᠢ ᠪᠤᠯᠤᠨ᠂ ᠡᠵᠢ ᠨᠠᠭᠤᠷ ᠠᠴᠠ ᠲᠠᠪᠤᠰᠤ ᠲᠡᠭᠡᠭᠡᠵᠦ᠂ ᠡᠮᠦᠨ᠎ᠡ ᠭᠠᠵᠠᠷ ᠠᠴᠠ ᠠᠮᠤ ᠪᠤᠳᠠᠭ᠎ᠠ ᠲᠡᠭᠡᠭᠡᠵᠦ᠂ ᠠᠮᠢᠳᠤᠷᠠᠯ ᠤᠨ ᠬᠢᠷᠢ ᠬᠡᠮᠵᠢᠶ᠎ᠡ ᠨᠢ ᠴᠤ ᠰᠠᠶᠢᠵᠢᠷᠠᠭᠰᠠᠨ ᠪᠠᠶᠢᠨ᠎ᠠ᠃     1623 ᠤᠨ ᠳᠤ ᠦᠵᠦᠮᠦᠴᠢᠨ ᠠᠶᠢᠮᠠᠭ ᠤᠨ ᠠᠬᠠᠯᠠᠭᠴᠢ ᠤᠩᠭᠤᠨ ᠲᠤᠷᠬᠠᠯ ᠤᠨ ᠲᠠᠪᠤᠳᠤᠭᠠᠷ ᠬᠦᠪᠡᠭᠦᠨ ᠲᠤᠷᠵᠢ ᠰᠡᠴᠡᠨ ᠵᠢᠨᠦᠩ ᠲᠡᠭᠦᠨ ᠤ ᠶᠡᠭᠡ ᠠᠬ᠎ᠠ ᠴᠤᠭᠳᠤ ᠶᠢᠨ ᠬᠦᠤ ᠰᠡᠷᠡᠩ ᠲᠠᠶᠢᠵᠢ ᠲᠠᠢ ᠪᠠᠨ ᠶᠡᠭᠡ ᠬᠦᠷᠤᠨ ᠤ ᠲᠠᠶᠢᠨ ᠤ ᠬᠦᠯ ᠠᠴᠠ ᠵᠠᠶᠢᠯᠠᠬᠤ ᠶᠢᠨ ᠲᠤᠰᠠᠳᠠ ᠯᠢᠭᠳᠡᠨ ᠬᠤᠳᠤᠭᠳᠤ ᠬᠠᠭᠠᠨ ᠠᠴᠠ ᠰᠠᠯᠵᠦ᠂ ᠬᠠᠷᠢᠶᠠᠳᠤ ᠠᠶᠢᠮᠠᠭ ᠢᠶᠠᠨ ᠲᠠᠭᠠᠭᠤᠯᠤᠨ᠂ ᠭᠤᠪᠢ ᠶᠢᠨ ᠠᠷᠤ ᠳᠠᠬᠢ ᠬᠠᠯᠬ᠎ᠠ ᠶᠢᠨ ᠰᠡᠴᠡᠨ ᠬᠠᠨ ᠱᠤᠯᠤᠢ ᠶᠢ ᠡᠷᠢᠵᠦ ᠤᠴᠢᠭᠠᠳ ᠠᠷᠤ ᠬᠠᠩᠭᠠᠢ — ᠬᠡᠷᠦᠯᠦᠨ ᠭᠤᠤᠤᠯ ᠤᠨ ᠬᠦᠪᠡᠭᠡ ᠲᠠᠭᠠᠤ ᠨᠤᠲᠤᠭᠰᠢᠨ ᠮᠠᠯᠵᠢᠪᠠ᠃ ᠲᠡᠷᠡ ᠦᠶ᠎ᠡ ᠳᠤ ᠬᠠᠭᠤᠴᠢᠳ᠂ ᠰᠦᠨᠢᠳ᠂ ᠠᠪᠠᠭ᠎ᠠ᠂ ᠠᠪᠠᠭ᠋ᠠᠨᠠᠷ ᠵᠡᠷᠭᠡ ᠠᠶᠢᠮᠠᠭ ᠴᠤ ᠮᠦᠨ ᠤᠷᠢᠳ ᠬᠤᠵᠢᠳ ᠬᠠᠯᠬ᠎ᠠ ᠳᠤ ᠨᠡᠭᠦᠪᠡ᠃     1635 ᠤᠨ ᠳᠤ ᠬᠠᠯᠬ᠎ᠠ ᠶᠢᠨ ᠰᠡᠴᠡᠨ ᠬᠠᠨ ᠪᠤᠯᠤᠨ ᠦᠵᠦᠮᠦᠴᠢᠨ ᠤ ᠲᠤᠷᠵᠢ ᠰᠡᠴᠡᠨ ᠵᠢᠨᠦᠩ ᠵᠡᠷᠭᠡ ᠪᠤᠰᠤᠳ ᠠᠶᠢᠮᠠᠭ ᠤᠨ ᠲᠦᠷᠦᠭᠦᠴᠤᠳ ᠬᠤᠯᠪᠤᠭᠠᠯᠠᠨ᠂ ᠴᠢᠩ ᠤᠯᠤᠰ ᠲᠤ ᠲᠠᠭᠠᠬᠤ ᠪᠢᠴᠢᠭ ᠡᠷᠭᠦᠵᠦ᠂ ᠠᠳᠤᠭᠤ ᠮᠠᠯ ᠲᠡᠷᠢᠭᠦᠳᠡᠨ ᠤ ᠪᠡᠯᠡᠭ ᠤᠨ ᠵᠦᠢᠯᠡᠰ ᠬᠦᠷᠭᠡᠵᠦ ᠶᠠᠪᠤᠯᠴᠠᠭᠰᠠᠨ ᠠᠴᠠ ᠴᠢᠩ ᠤᠯᠤᠰ ᠤᠨ ᠵᠦᠪᠰᠢᠶᠡᠷᠡᠯ ᠢᠶᠠᠷ 1637 ᠤᠨ ᠳᠤ ᠲᠤᠷᠵᠢ ᠰᠡᠴᠡᠨ ᠵᠢᠨᠦᠩ ᠬᠠᠷᠢᠶᠠᠳᠤ ᠠᠶᠢᠮᠠᠭ ᠢᠶᠠᠨ ᠲᠠᠭᠠᠭᠤᠯᠤᠨ ᠲᠠᠭᠠᠷ᠎ᠠ ᠢᠷᠡᠵᠦ᠂ ᠠᠯᠳᠠᠨ ᠬᠢᠩᠭᠠᠨ ᠤ ᠡᠩᠭᠡᠷ ᠤᠯᠠᠭᠠᠢ ᠰᠧᠶᠠᠯᠵᠢ ᠶᠢᠨ ᠭᠤᠤᠯ ᠲᠠᠭᠠᠤ ᠮᠠᠯᠵᠢᠨ ᠨᠤᠲᠤᠭᠰᠢᠪᠠ᠃ ᠴᠢᠩ ᠤᠯᠤᠰ ᠠᠴᠠ ᠦᠵᠦᠮᠦᠴᠢᠨ ᠠᠶᠢᠮᠠᠭ ᠲᠤ ᠨᠡᠶᠢᠰᠯᠡᠯ ᠪᠡᠭᠡᠵᠢᠩ ᠠᠴᠠ 1163 ᠭᠠᠵᠠᠷ ᠤᠨ ᠵᠠᠶᠢᠳᠠᠢ᠂ ᠵᠡᠭᠦᠨᠰᠢ ᠪᠠᠷᠠᠭᠤᠨᠰᠢ ᠪᠠᠨ 360 ᠭᠠᠵᠠᠷ᠂  ᠡᠮᠦᠨᠡᠰᠢ ᠤᠮᠠᠷᠠᠰᠢ ᠪᠠᠨ 425 ᠭᠠᠵᠠᠷ᠂ ᠵᠡᠭᠦᠨᠰᠢ ᠪᠠᠨ ᠰᠤᠯᠤᠨ ᠠᠭᠤᠯᠠ ᠬᠦᠷᠴᠤ᠂ ᠪᠠᠷᠠᠭᠤᠨᠰᠢ ᠪᠠᠨ ᠬᠠᠭᠤᠴᠢᠳ᠂ ᠡᠮᠦᠨᠡᠰᠢ ᠪᠠᠨ ᠪᠠᠭᠠᠷᠢᠨ᠂ ᠤᠮᠠᠷᠠᠰᠢ ᠪᠠᠨ ᠭᠤᠪᠢ ᠳᠤ ᠬᠦᠷᠬᠦ ᠠᠭᠤᠳᠠᠮ ᠪᠡᠯᠴᠢᠭᠡᠷ ᠢ ᠬᠤᠪᠢᠶᠠᠷᠢᠯᠠᠵᠦ ᠦᠭᠭᠦᠭᠰᠡᠨ ᠨᠢ ᠦᠵᠦᠮᠦᠴᠢᠨ ᠤ ᠲᠠᠯ᠎ᠠ ᠨᠤᠲᠤᠭ ᠭᠡᠵᠦ ᠠᠯᠳᠠᠷᠰᠢᠭᠰᠠᠨ ᠪᠢᠯᠡ᠃     1641 ᠤᠨ ᠳᠤ ᠲᠠᠶᠢᠴᠢᠩ ᠤᠯᠤᠰ ᠤᠨ ᠲᠡᠭᠡᠳᠦ ᠡᠷᠳᠡᠮᠳᠦ ᠶᠢᠨ ᠵᠢᠷᠭᠤᠳᠤᠭᠠᠷ ᠤᠨ ᠳᠤ ᠦᠵᠦᠮᠦᠴᠢᠨ ᠤ ᠠᠬᠠᠯᠠᠭᠴᠢ ᠲᠤᠷᠵᠢ ᠵᠢᠨᠦᠩ ᠢ ᠬᠤᠱᠤᠢ ᠰᠡᠴᠡᠨ ᠴᠢᠨ ᠸᠠᠩ ᠡᠷᠭᠦᠮᠵᠢᠯᠡᠵᠦ᠂ ᠰᠡᠴᠡᠨ ᠴᠤᠯᠠ ᠶᠢ ᠨᠢ ᠬᠠᠳᠠᠭᠠᠯᠠᠵᠦ᠂ ᠲᠠᠪᠬᠤᠷ ᠫᠦᠩᠯᠦ ᠬᠦᠷᠳᠡᠭᠡᠵᠦ ᠬᠦᠪᠡᠭᠦᠨ ᠠᠴᠢᠨᠠᠷ ᠲᠤᠨᠢ ᠦᠶ᠎ᠡ ᠤᠯᠠᠷᠢᠨ ᠵᠠᠯᠭᠠᠮᠵᠢᠯᠠᠭᠤᠯᠪᠠ᠃     1646 ᠤᠨ ᠳᠤ ᠦᠵᠦᠮᠦᠴᠢᠨ ᠠᠶᠢᠮᠠᠭ ᠢ ᠬᠤᠶᠠᠷ ᠬᠤᠰᠢᠭᠤ ᠪᠤᠯᠭᠠᠨ ᠵᠠᠰᠠᠭᠯᠠᠵᠦ᠂ ᠦᠵᠦᠮᠦᠴᠢᠨ ᠪᠠᠷᠠᠭᠤᠨ ᠭᠠᠷᠤᠨ ᠬᠤᠰᠢᠭᠤ ᠶᠢ ᠲᠤᠷᠵᠢ ᠰᠡᠴᠡᠨ ᠴᠢᠨ ᠸᠠᠩ ᠳᠤ ᠦᠭᠴᠤ᠂ ᠬᠤᠷᠢᠨ ᠲᠠᠪᠤᠨ ᠰᠤᠮᠤ ᠬᠠᠷᠢᠶᠠᠯᠠᠭᠤᠯᠵᠠᠢ᠃ ᠦᠵᠦᠮᠦᠴᠢᠨ ᠵᠡᠭᠦᠨ ᠭᠠᠷᠤᠨ ᠬᠤᠰᠢᠭᠤ ᠶᠢ ᠰᠡᠷᠡᠩ ᠪᠡᠶᠢᠯᠡ ᠳᠤ ᠦᠭᠴᠤ᠂ ᠶᠢᠰᠦᠨ ᠰᠤᠮᠤ ᠬᠠᠷᠢᠶᠠᠯᠠᠭᠤᠯᠤᠭᠰᠠᠨ ᠪᠠᠶᠢᠨ᠎ᠠ᠃ ᠡᠭᠦᠨ ᠠᠴᠠ ᠰᠢᠯᠢ ᠶᠢᠨ ᠭᠤᠤᠯ ᠴᠢᠭᠤᠯᠭᠠᠨ ᠤ ᠠᠷᠪᠠᠨ ᠬᠤᠰᠢᠭᠤᠨ ᠳᠤ ᠬᠠᠷᠢᠶᠠᠯᠠᠭᠳᠠᠪᠠ᠃ ᠡᠭᠦᠨ ᠳᠤ ᠬᠤᠶᠠᠷ ᠦᠵᠦᠮᠦᠴᠢᠨ᠂ ᠬᠤᠶᠠᠷ ᠰᠦᠨᠢᠳ᠂ ᠬᠤᠶᠠᠷ ᠬᠠᠭᠤᠴᠢᠳ᠂ ᠲᠦᠷᠪᠡᠨ ᠠᠪᠠᠭ᠎ᠠ ᠵᠡᠷᠭᠡ ᠪᠤᠯᠤᠨ᠎ᠠ᠃     18 ᠳ᠋ᠤᠭᠠᠷ ᠵᠠᠭᠤᠨ ᠠᠴᠠ ᠨᠠᠰᠢ ᠦᠵᠦᠮᠦᠴᠢᠨ ᠠᠶᠢᠮᠠᠭ ᠲᠤ᠂ ᠮᠠᠰᠢ ᠤᠯᠠᠨ ᠲᠡᠤᠬᠡ ᠰᠤᠳᠤᠯᠤᠯ ᠤᠨ ᠡᠷᠳᠡᠮᠳᠡᠳ ᠴᠤᠯᠭᠤᠷᠠᠨ ᠭᠠᠷᠴᠤ᠂ ᠰᠤᠶᠤᠯ ᠤᠨ ᠬᠦᠭᠵᠢᠯᠳᠡ ᠳᠤ ᠨᠦᠯᠦᠭᠡ ᠪᠦᠬᠦᠢ ᠲᠡᠤᠬᠡᠨ ᠨᠤᠮ ᠰᠤᠳᠤᠷ ᠢ ᠲᠤᠭᠤᠷᠪᠢᠨ᠂ ᠮᠤᠩᠭᠤᠯ ᠰᠤᠶᠤᠯ ᠤᠨ ᠦᠢᠯᠡᠰ ᠲᠤ ᠭᠠᠪᠢᠶ᠎ᠠ ᠨᠡᠷ᠎ᠡ ᠪᠠᠨ ᠲᠠᠭᠤᠷᠢᠰᠤᠭᠤᠯᠤᠭᠰᠠᠨ ᠪᠠᠶᠢᠨ᠎ᠠ᠃ ᠡᠭᠦᠨ ᠳᠤ ᠳᠡᠯᠡᠬᠡᠢ ᠶᠢᠨ ᠮᠤᠩᠭᠤᠯ ᠰᠤᠳᠤᠯᠭᠠᠨ ᠳᠤ ᠲᠡᠤᠬᠡᠨ ᠲᠤᠯᠭᠤᠷ ᠪᠢᠴᠢᠭ ᠢᠶᠠᠷ ᠦᠨᠡᠯᠡᠭᠳᠡᠵᠦ ᠪᠠᠶᠢᠭ᠎ᠠ ᠨᠢ ᠪᠡᠭᠡᠵᠢᠩ ᠳᠠᠬᠢ ᠲᠠᠩᠭᠤᠳ ᠪᠢᠴᠢᠭ ᠤᠨ ᠰᠤᠷᠭᠠᠭᠤᠯᠢ ᠶᠢᠨ ᠲᠡᠷᠢᠭᠦᠨ ᠠᠮᠪᠠᠨ ᠡᠷᠳᠡᠮᠳᠡᠨ ᠭᠦᠩ ᠭᠤᠮᠪᠤᠵᠠᠪ ᠤᠨ ︽ᠭᠠᠩᠭ᠎ᠠ ᠶᠢᠨ ᠤᠷᠤᠰᠬᠠᠯ︾᠂ ︽ᠮᠡᠷᠭᠡᠳ ᠭᠠᠷᠬᠤ ᠶᠢᠨ ᠤᠷᠤᠨ︾᠂ ︽ᠵᠠᠨᠠᠭ ᠴᠤᠶᠢᠵᠢᠩ︾᠂ ᠬᠦᠷᠢᠶ᠎ᠡ ᠰᠦᠮ᠎ᠡ ᠶᠢᠨ ᠮᠤᠯᠤᠮ ᠯᠠᠮᠠ ᠲᠠᠨᠽᠠᠨᠷᠠᠭᠸ᠎ᠠ ᠶᠢᠨ ᠬᠡᠯᠡ ᠰᠢᠨᠵᠢᠯᠡᠯ ᠤᠨ ︽ᠤᠭᠳᠠᠷᠭᠤᠢ ᠶᠢᠨ ᠮᠠᠨᠢ︾᠂ ᠦᠵᠦᠮᠦᠴᠢᠨ ᠪᠡᠶᠢᠯᠡ ᠶᠢᠨ ᠬᠤᠰᠢᠭᠤᠨ ᠤ ᠭᠠᠬᠢᠯ ᠰᠦᠮ᠎ᠡ ᠶᠢᠨ ᠪᠠᠷᠠᠭᠤᠨ ᠯᠠᠮᠠ ᠭᠦᠤᠰᠢ ᠯᠤᠪᠰᠠᠩᠳᠠᠨᠵᠢᠨ ᠤ ︽ᠠᠯᠳᠠᠨ ᠲᠤᠪᠴᠢ ︾᠂ ᠢᠨᠵᠠᠭᠠᠨ ᠰᠦᠮ᠎ᠡ ᠶᠢᠨ ᠭᠡᠭᠡᠨ — ᠳ᠋ᠠᠾᠷᠮ᠎ᠠ ᠶᠢᠨ ︽ᠠᠯᠳᠠᠨ ᠬᠦᠷᠳᠦᠨ ᠮᠢᠩᠭᠠᠨ ᠬᠡᠭᠡᠰᠦᠳᠦ︾᠂ ᠤᠪᠤᠭᠠᠳᠤ ᠬᠠᠮᠪᠤ ᠭᠡᠭᠡᠨ ᠰᠦᠮ᠎ᠡ ᠶᠢᠨ ᠤᠷᠠᠨ ᠱᠠᠪᠷᠤᠩ ᠯᠤᠪᠰᠠᠩᠳᠠᠨᠵᠢᠨᠵᠠᠮᠰᠤ ᠶᠢᠨ ︽ᠭᠡᠭᠡᠨ ᠪᠤᠯᠤᠷ ᠡᠷᠢᠭᠡ︾ ᠵᠡᠷᠭᠡ ᠵᠤᠬᠢᠶᠠᠯ ᠪᠦᠳᠦᠭᠡᠯ ᠤᠳ ᠪᠤᠢ᠃     1899 ᠤᠨ ᠳᠤ᠂ ᠰᠤᠳᠨᠠᠮᠷᠠᠪᠳᠠᠨ ᠦᠵᠦᠮᠦᠴᠢᠨ ᠪᠠᠷᠠᠭᠤᠨ ᠬᠤᠰᠢᠭᠤᠨ ᠤ ᠵᠠᠰᠠᠭ ᠬᠤᠱᠤᠢ ᠴᠢᠨ ᠸᠠᠩ ᠵᠠᠯᠭᠠᠮᠵᠢᠯᠠᠪᠠ᠃ ᠰᠤᠳᠨᠠᠮᠷᠠᠪᠳᠠᠨ ᠪᠤᠯ ᠴᠢᠩᠭᠢᠰ ᠬᠠᠭᠠᠨ ᠤ ᠭᠤᠴᠢᠨ ᠬᠤᠶᠠᠳᠤᠭᠠᠷ ᠦᠶ᠎ᠡ ᠶᠢᠨ ᠠᠴᠢ ᠪᠤᠯᠬᠤ ᠪᠦᠭᠡᠳ ᠰᠢᠯᠢ ᠶᠢᠨ ᠭᠤᠤᠯ ᠤᠨ ᠴᠢᠭᠤᠯᠭᠠᠨ ᠤ ᠳᠡᠳ᠋ ᠪᠤᠶᠤ ᠵᠢᠩᠬᠢᠨᠢ ᠲᠠᠷᠤᠭ᠎ᠠ ᠶᠢᠨ ᠲᠤᠰᠢᠶᠠᠯ ᠤᠨ ᠠᠯᠪᠠᠨ ᠳᠤ ᠭᠤᠴᠢ ᠭᠠᠷᠤᠢ ᠵᠢᠯ ᠦᠢᠯᠡᠴᠢᠯᠡᠵᠦ᠂ ᠲᠤᠬᠠᠢ ᠶᠢᠨ ᠦᠶ᠎ᠡ ᠶᠢᠨ ᠴᠠᠬᠠᠷ ᠮᠤᠵᠢ ᠶᠢᠨ ᠵᠠᠰᠠᠭ ᠤᠨ ᠶᠠᠪᠤᠳᠠᠯ ᠤᠨ ᠬᠤᠷᠢᠶᠠᠨ ᠤ ᠳᠡᠳ᠋ ᠬᠤᠷᠢᠶᠠᠨ ᠲᠠᠷᠤᠭ᠎ᠠ᠂ ᠬᠤᠷᠢᠶᠠᠨ ᠲᠠᠷᠤᠭ᠎ᠠ᠂ ᠠᠮᠤᠷ ᠢ ᠬᠠᠮᠠᠭᠠᠯᠠᠬᠤ ᠶᠡᠷᠦᠩᠬᠡᠢ ᠰᠧᠯᠢᠩ᠂ ᠬᠠᠭᠤᠷᠮᠠᠭ ᠮᠤᠩᠭᠤᠯ ᠤᠨ ᠴᠡᠷᠢᠭ ᠵᠠᠰᠠᠭ ᠤᠨ ᠤᠷᠳᠤᠨ ᠤ ᠳᠡᠳ᠋ ᠲᠡᠷᠢᠭᠦᠯᠡᠭᠴᠢ ᠵᠡᠷᠭᠡ ᠲᠦᠷᠦ ᠨᠡᠶᠢᠭᠡᠮ ᠤᠨ ᠴᠢᠬᠤᠯᠠ ᠲᠤᠰᠢᠶᠠᠯ ᠤᠳ ᠢ ᠬᠠᠪᠰᠤᠷᠭᠠᠨ ᠬᠠᠷᠢᠭᠤᠴᠠᠵᠦ ᠪᠠᠶᠢᠭᠰᠠᠨ ᠦᠪᠦᠷ ᠮᠤᠩᠭᠤᠯ ᠤᠨ ᠲᠡᠤᠬᠡᠨ ᠳᠤ ᠴᠢᠬᠤᠯᠠ ᠨᠦᠯᠦᠭᠡ ᠪᠦᠬᠦᠢ ᠨᠡᠷ᠎ᠡ ᠬᠦᠨᠳᠦᠳᠡᠢ ᠠᠯᠳᠠᠷ ᠴᠤᠤᠳᠤ ᠤᠯᠤᠰ ᠲᠦᠷᠦᠴᠢᠨ ᠪᠠᠶᠢᠪᠠ᠃     1945 ᠤᠨ ᠳᠤ᠂ ᠳᠡᠯᠡᠬᠡᠢ ᠶᠢᠨ ᠬᠤᠶᠠᠳᠤᠭᠠᠷ ᠳᠠᠶᠢᠨ ᠤ ᠦᠶ᠎ᠡ ᠳᠤ ᠦᠵᠦᠮᠦᠴᠢᠨ ᠵᠡᠭᠦᠨ ᠭᠠᠷᠤᠨ ᠬᠤᠰᠢᠭᠤᠨ ᠤ ᠪᠡᠶᠢᠯᠡ ᠸᠠᠩ ᠮᠢᠨᠵᠦᠤᠷᠳᠤᠷᠵᠢ ᠶᠠᠫᠤᠨ ᠹᠠᠱᠢᠰᠲ ᠤᠨ ᠲᠠᠷᠤᠯᠠᠯ ᠠᠴᠠ ᠠᠩᠭᠢᠵᠢᠷᠠᠨ ᠶᠡᠬᠡᠩᠬᠢ ᠠᠶᠢᠯ ᠡᠷᠦᠬᠡ ᠪᠠᠨ ᠲᠠᠭᠠᠭᠤᠯᠤᠨ᠂ ᠮᠤᠩᠭᠤᠯ ᠤᠯᠤᠰ ᠲᠤ ᠨᠡᠭᠦᠨ ᠶᠠᠪᠤᠪᠠ᠃ ᠦᠵᠦᠮᠦᠴᠢᠨ ᠪᠠᠷᠠᠭᠤᠨ ᠬᠤᠰᠢᠭᠤᠨ ᠤ ᠴᠦᠭᠡᠪᠦᠷ ᠠᠶᠢᠯ ᠡᠷᠦᠭᠡ ᠴᠤ ᠮᠤᠩᠭᠤᠯ ᠳᠤ ᠨᠡᠭᠦᠪᠡ᠃     1946 ᠤᠨ ᠳᠤ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠬᠦᠳᠡᠯᠭᠡᠭᠡᠨ ᠤ ᠬᠤᠯᠪᠤᠭᠠᠳᠤ ᠬᠤᠷᠠᠯ ᠤᠨ ᠵᠡᠭᠦᠨ ᠭᠤᠷᠪᠠᠨ ᠬᠤᠰᠢᠭᠤᠨ ᠤ ᠰᠠᠯᠪᠤᠷᠢ ᠪᠠ ᠵᠠᠰᠠᠭ ᠤᠨ ᠤᠷᠳᠤᠨ ᠢ ᠪᠠᠶᠢᠭᠤᠯᠤᠭᠠᠳ ᠬᠤᠰᠢᠭᠤᠨ ᠳᠠᠷᠤᠭ᠎ᠠ ᠰᠤᠩᠭᠤᠨ ᠭᠠᠷᠭᠠᠵᠦ᠂ ᠤᠷᠤᠨ ᠨᠤᠲᠤᠭ ᠤᠨ ᠠᠮᠤᠷ ᠢ ᠬᠠᠮᠠᠭᠠᠯᠠᠬᠤ ᠠᠩᠭᠢ ᠶᠢ ᠵᠤᠬᠢᠶᠠᠨ ᠪᠠᠶᠢᠭᠤᠯᠪᠠ᠃ ᠲᠤᠬᠠᠢ ᠶᠢᠨ ᠦᠶ᠎ᠡ ᠶᠢᠨ ᠵᠡᠭᠦᠨ ᠭᠤᠷᠪᠠᠨ ᠬᠤᠰᠢᠭᠤᠨ ᠳᠤ 17 ᠰᠤᠮᠤ ᠪᠠᠶᠢᠭᠤᠯᠵᠦ ︵ᠬᠠᠭᠤᠴᠢᠳ 3 ᠰᠤᠮᠤ᠂ ᠦᠵᠦᠮᠦᠴᠢᠨ ᠪᠠᠷᠠᠭᠤᠨ ᠬᠤᠰᠢᠭᠤᠨ ᠤ 12 ᠰᠤᠮᠤ᠂ ᠦᠵᠦᠮᠦᠴᠢᠨ ᠵᠡᠭᠦᠨ ᠭᠠᠷᠤᠨ ᠬᠤᠰᠢᠭᠤᠨ ᠤ 2 ᠰᠤᠮᠤ︶ ᠨᠢᠭᠡᠳᠦᠯᠳᠡᠢ ᠬᠠᠮᠢᠶᠠᠷᠤᠨ᠂ ᠵᠡᠭᠦᠨ ᠭᠤᠷᠪᠠᠨ ᠬᠤᠰᠢᠭᠤ ᠭᠡᠵᠦ ᠨᠡᠷᠡᠯᠡᠪᠡ᠃ ᠦᠵᠦᠮᠦᠴᠢᠨ ᠪᠠᠷᠠᠭᠤᠨ ᠬᠤᠰᠢᠭᠤᠨ ᠤ ᠰᠠᠯᠪᠤᠷᠢ ᠬᠤᠷᠠᠯ ᠢ ᠸᠠᠠᠩᠭᠠᠢ ᠰᠦᠮ᠎ᠡ ᠳᠤ ᠪᠠᠶᠢᠭᠤᠯᠵᠦ᠂ ᠪᠠᠭᠠᠳᠤᠷᠴᠢᠯᠠᠭᠤ ᠪᠠ ᠮᠦᠩᠭᠡᠪᠠᠭᠠᠳᠤᠷ ᠨᠠᠷ ᠰᠠᠯᠪᠤᠷᠢ ᠬᠤᠷᠠᠯ ᠤᠨ ᠡᠷᠬᠢᠯᠡᠭᠴᠢ᠂ ᠳᠡᠳ᠋ ᠡᠷᠬᠢᠯᠡᠭᠴᠢ ᠪᠤᠯᠵᠦ᠂ ᠮᠢᠵᠢᠳᠵᠠᠩᠴᠢᠪᠨᠢᠩᠪᠤ ᠴᠢᠨ ᠸᠠᠩ ᠢ ᠬᠤᠰᠢᠭᠤᠨ ᠤ ᠠᠷᠠᠳᠴᠢᠯᠠᠭᠰᠠᠨ ᠵᠠᠰᠠᠭ ᠤᠨ ᠤᠷᠳᠤᠨ ᠤ ᠲᠠᠷᠤᠭ᠎ᠠ ᠪᠠᠷ ᠰᠤᠩᠭᠤᠵᠦ᠂ ᠪᠠᠭᠠᠳᠤᠷᠴᠢᠯᠠᠭᠤ ᠮᠦᠩᠬᠡᠪᠠᠭᠠᠳᠤᠷ ᠨᠠᠷ ᠢ ᠳᠡᠳ᠋ ᠬᠤᠰᠢᠭᠤᠨ ᠲᠠᠷᠤᠭ᠎ᠠ ᠪᠠᠷ ᠰᠤᠩᠭᠤᠪᠠ᠂ ᠬᠠᠷᠢᠶ᠎ᠠ 12 ᠰᠤᠮᠤ ᠲᠠᠢ᠃ ᠦᠵᠦᠮᠦᠴᠢᠨ ᠵᠡᠭᠦᠨ ᠭᠠᠷᠤᠨ ᠬᠤᠰᠢᠭᠤᠨ ᠤ ᠰᠠᠯᠪᠤᠷᠢ ᠬᠤᠷᠠᠯ ᠢ ᠭᠠᠪᠵᠦ ᠯᠠᠮᠠ ᠶᠢᠨ ᠰᠦᠮ᠎ᠡ ᠳᠤ ᠪᠠᠶᠢᠭᠤᠯᠵᠦ᠂ ᠷᠠᠰᠢᠰᠠᠮᠪᠤᠤ ᠪᠠ ᠭᠤᠤᠯᠳᠤ ᠨᠠᠷ ᠰᠠᠯᠪᠤᠷᠢ ᠬᠤᠷᠠᠯ ᠤᠨ ᠡᠷᠬᠢᠯᠡᠭᠴᠢ᠂ ᠳᠡᠳ᠋ ᠡᠷᠬᠢᠯᠡᠭᠴᠢ ᠪᠤᠯᠵᠦ᠂ ᠰᠢᠸ᠎ᠠ ᠵᠠᠯᠠᠨ ᠢ ᠬᠤᠰᠢᠭᠤᠨ ᠤ ᠠᠷᠠᠳᠴᠢᠯᠠᠭᠰᠠᠨ ᠵᠠᠰᠠᠭ ᠤᠨ ᠤᠷᠳᠤᠨ ᠤ ᠲᠠᠷᠤᠭ᠎ᠠ ᠪᠠᠷ ᠰᠤᠩᠭᠤᠵᠦ᠂ ᠷᠠᠰᠢᠰᠠᠮᠪᠤᠤ ᠭᠤᠤᠯᠳᠤ ᠨᠠᠷ ᠢ ᠳᠡᠳ᠋ ᠬᠤᠰᠢᠭᠤᠨ ᠲᠠᠷᠤᠭ᠎ᠠ ᠪᠠᠷ ᠰᠤᠩᠭᠤᠪᠠ᠂ ᠬᠠᠷᠢᠶ᠎ᠠ 2 ᠰᠤᠮᠤ ᠲᠠᠢ᠃ ᠬᠠᠭᠤᠴᠢᠳ ᠵᠡᠭᠦᠨ ᠭᠠᠷᠤᠨ ᠬᠤᠰᠢᠭᠤᠨ ᠤ ᠰᠠᠯᠪᠤᠷᠢ ᠬᠤᠷᠠᠯ ᠢ ᠬᠠᠭᠤᠴᠢᠳ ᠸᠠᠩ ᠤᠨ ᠰᠦᠮ᠎ᠡ ᠳᠤ ᠪᠠᠶᠢᠭᠤᠯᠵᠦ᠂ ᠰᠦᠬᠡ ᠰᠠᠯᠪᠤᠷᠢ ᠬᠤᠷᠠᠯ ᠤᠨ ᠡᠷᠬᠢᠯᠡᠭᠴᠢ ᠪᠤᠯᠵᠦ᠂ ᠯᠾᠠᠮᠤᠳᠤᠩᠷᠤᠪ ᠸᠠᠩ ᠢ ᠬᠤᠰᠢᠭᠤᠨ ᠤ ᠠᠷᠠᠳᠴᠢᠯᠠᠭᠰᠠᠨ ᠵᠠᠰᠠᠭ ᠤᠨ ᠤᠷᠳᠤᠨ ᠤ ᠬᠤᠰᠢᠭᠤᠨ ᠲᠠᠷᠤᠭ᠎ᠠ ᠪᠠᠷ ᠰᠤᠩᠭᠤᠵᠦ᠂ ᠮᠠᠩᠯᠠᠢ ᠶᠢ ᠳᠡᠳ᠋ ᠬᠤᠰᠢᠭᠤᠨ ᠲᠠᠷᠤᠭ᠎ᠠ ᠪᠠᠷ ᠰᠤᠩᠭᠤᠪᠠ᠂ ᠬᠠᠷᠢᠶ᠎ᠠ 3 ᠰᠤᠮᠤ ᠲᠠᠢ᠃     1947 ᠤᠨ ᠳᠤ᠂ ᠭᠡᠰᠢᠭᠳᠡᠯᠠᠢ ᠪᠠᠷ ᠲᠤᠭᠤᠶᠢᠯᠠᠩ ᠤᠨ ᠲᠠᠷᠤᠭ᠎ᠠ ᠪᠤᠯᠭᠠᠭᠰᠠᠨ ᠲᠤᠮᠳᠠᠳᠤ ᠤᠯᠤᠰ ᠤᠨ ᠡᠪ ᠬᠠᠮᠳᠤ ᠨᠠᠮ ᠤᠨ ᠪᠠᠭ᠎ᠠ ᠲᠤᠭᠤᠶᠢᠯᠠᠩ ᠪᠠᠶᠢᠭᠤᠯᠤᠭᠳᠠᠵᠦ᠂ 1948 ᠤᠨ ᠳᠤ ᠡᠪ ᠬᠠᠮᠳᠤ ᠨᠠᠮ ᠤᠨ ᠵᠡᠭᠦᠨ ᠪᠦᠯᠦᠭ ᠭᠤᠤᠯ ᠬᠤᠰᠢᠭᠤᠨ ᠤ ᠠᠵᠢᠯᠯᠠᠬᠤ ᠺᠤᠮᠢᠰ ᠪᠠᠶᠢᠭᠤᠯᠤᠭᠳᠠᠵᠠᠢ᠃     1949 ᠤᠨ ᠳᠤ᠂ ᠤᠤᠯ ᠤᠨ ᠵᠡᠭᠦᠨ ᠭᠤᠷᠪᠠᠨ ᠬᠤᠰᠢᠭᠤ ᠪᠠᠨ ᠦᠭᠡᠷᠡᠴᠢᠯᠡᠨ᠂ ᠵᠡᠭᠦᠨ ᠬᠤᠯᠪᠤᠭᠠᠳᠤ ᠬᠤᠰᠢᠭᠤ ᠪᠤᠯᠭᠠᠨ ᠪᠠᠶᠢᠭᠤᠯᠤᠭᠰᠠᠨ ᠤ ᠬᠠᠮᠳᠤ ᠰᠦᠬᠡ ᠪᠠᠷ ᠱᠦᠵᠢ ᠪᠤᠯᠭᠠᠭᠰᠠᠨ ᠵᠡᠭᠦᠨ ᠬᠤᠯᠪᠤᠭᠠᠳᠤ ᠬᠤᠰᠢᠭᠤᠨ ᠤ ᠨᠠᠮ ᠤᠨ ᠠᠵᠢᠯᠯᠠᠬᠤ ᠬᠤᠷᠢᠶ᠎ᠠ ᠶᠢ ᠵᠤᠬᠢᠶᠠᠨ ᠪᠠᠶᠢᠭᠤᠯᠪᠠ᠃     1956 ᠤᠨ ᠳᠤ᠂ ᠵᠡᠭᠦᠨ ᠬᠤᠯᠪᠤᠭᠠᠳᠤ ᠬᠤᠰᠢᠭᠤ ᠶᠢᠨ ᠪᠠᠶᠢᠭᠤᠯᠤᠮᠵᠢ ᠶᠢ ᠦᠭᠡᠷᠡᠴᠢᠯᠡᠨ᠂ ᠵᠡᠭᠦᠨ ᠦᠵᠤᠮᠦᠴᠢᠨ ᠬᠤᠰᠢᠭᠤ ᠪᠠ ᠪᠠᠷᠠᠭᠤᠨ ᠦᠵᠦᠮᠦᠴᠢᠨ ᠬᠤᠰᠢᠭᠤ ᠬᠤᠶᠠᠷ ᠬᠤᠰᠢᠭᠤ ᠪᠤᠯᠭᠠᠨ ᠵᠠᠰᠠᠭᠯᠠᠵᠦ᠂ ᠰᠢᠯᠢ ᠶᠢᠨ ᠭᠤᠤᠯ ᠠᠶᠢᠮᠠᠭ ᠲᠤ ᠬᠠᠷᠢᠶᠠᠯᠠᠭᠤᠯᠪᠠ᠂ ᠡᠭᠦᠨ ᠠᠴᠠ ᠤᠤᠯ ᠤᠨ ᠬᠠᠭᠤᠴᠢᠳ ᠬᠤᠶᠠᠷ ᠬᠤᠰᠢᠭᠤᠨ ᠤ ᠶᠡᠬᠡᠩᠬᠢ ᠨᠤᠲᠤᠭ ᠪᠡᠯᠴᠢᠭᠡᠷ ᠬᠤᠶᠠᠷ ᠦᠵᠦᠮᠦᠴᠢᠨ ᠳᠤ ᠪᠠᠭᠳᠠᠭᠳᠠᠭᠰᠠᠨ ᠪᠠᠶᠢᠨ᠎ᠠ᠃      ᠤᠳᠤ ᠦᠵᠦᠮᠦᠴᠢᠨᠴᠤᠳ ᠭᠤᠤᠯᠳᠠᠭᠤ ᠰᠢᠯᠢ ᠶᠢᠨ ᠭᠤᠤᠯ ᠠᠶᠢᠮᠠᠭ ᠤᠨ ᠦᠵᠦᠮᠦᠴᠢᠨ ᠵᠡᠭᠦᠨ ᠪᠠᠷᠠᠭᠤᠨ ᠬᠤᠶᠠᠷ ᠬᠤᠰᠢᠭᠤ ᠪᠠᠷ ᠭᠤᠤᠯᠯᠠᠵᠦ᠂ ᠮᠤᠩᠭᠤᠯ ᠤᠯᠤᠰ ᠤᠨ ᠲᠤᠷᠤᠨᠠᠳᠤ ᠠᠶᠢᠮᠠᠭ ᠤᠨ ᠰᠡᠷᠭᠦᠯᠡᠩᠬᠠᠷᠠᠭᠠᠳᠤ ᠰᠤᠮᠤ᠂ ᠪᠠᠶᠠᠨᠳᠦ᠋ᠮᠡᠨ ᠰᠤᠮᠤ᠂ ᠪᠤᠯᠠᠭᠠᠨ ᠰᠤᠮᠤ᠂ ᠰᠦᠬᠡᠪᠡᠭᠠᠳᠤᠷ ᠠᠶᠢᠮᠠᠭ ᠤᠨ ᠡᠷᠳᠡᠨᠢᠴᠠᠭᠠᠨ ᠰᠤᠮᠤ ᠵᠢᠴᠢ ᠤᠯᠠᠭᠠᠨᠪᠠᠭᠠᠳᠤᠷ ᠬᠤᠳᠠ ᠪᠠᠷ ᠲᠠᠷᠬᠠᠵᠦ ᠪᠠᠶᠢᠳᠠᠭ᠃                           ᠤᠯᠢᠶᠠᠰᠤᠳᠠᠢ ᠳᠤ᠂ ᠬᠦᠬᠡ ᠮᠤᠷᠢᠨ ᠵᠢᠯ ᠤᠨ ᠵᠤᠨ ᠤ ᠡᠬᠢᠨ ᠰᠠᠷ᠎ᠠ᠃                           ᠬᠠᠶ᠋ᠢᠭ᠄ ᠵᠡᠭᠦᠨ ᠦᠵᠦᠮᠦᠴᠢᠨ ᠬᠤᠰᠢᠭᠤᠨ ᠤ ᠲᠡᠤᠬᠡ ᠰᠤᠶᠤᠯ ᠤᠨ ᠨᠡᠶᠢᠭᠡᠮᠯᠢᠭ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号