ᠦᠵᠦᠮᠦᠴᠢᠨ ᠤ ᠨᠡᠷᠡᠳᠦ ᠠᠮᠠᠨ ᠢᠷᠠᠭᠤ ᠨᠠᠶᠢᠷᠠᠭᠴᠢ — ᠠᠮᠤᠭᠤᠯᠠᠩ
ᠨᠡᠶᠢᠲᠡᠯᠡᠭᠰᠡᠨ ᠴᠠᠭ᠄
2017/4/21
ᠤᠷᠢᠶᠠᠩᠬᠠᠨ ᠵᠠ᠊᠂ ᠲᠡᠮᠴᠤᠭ                     ᠦᠵᠦᠮᠦᠴᠢᠨ ᠤ ᠨᠡᠷᠡᠳᠦ ᠠᠮᠠᠨ ᠢᠷᠠᠭᠤ ᠨᠠᠶᠢᠷᠠᠭᠴᠢ — ᠠᠮᠤᠭᠤᠯᠠᠩ      ᠤᠤᠯ ᠤᠨ ᠦᠵᠦᠮᠦᠴᠢᠨ ᠪᠠᠷᠠᠭᠤᠨ ᠬᠤᠰᠢᠭᠤᠨ ᠤ ᠰᠢᠷᠠᠨᠤᠳ ᠰᠤᠮᠤᠨ ᠤ ᠪᠦᠷᠢᠶᠡᠴᠢᠨ ᠤᠪᠤᠭᠳᠤ ᠠᠮᠤᠭᠤᠯᠠᠩ ᠭᠡᠭᠴᠢ ᠶᠡᠭᠡ ᠠᠮᠠᠨ ᠨᠠᠶᠢᠷᠠᠭᠴᠢ ᠬᠦᠮᠦᠨ ᠪᠠᠶᠢᠵᠦ᠂ 19 ᠶᠢᠰᠦᠳᠦᠭᠡᠷ ᠵᠠᠭᠤᠨ ᠤ ᠰᠡᠭᠦᠯᠴᠢ ᠪᠠᠷ ᠲᠦᠷᠦᠵᠦ ᠬᠤᠷᠢᠳᠤᠭᠠᠷ ᠵᠠᠭᠤᠨ ᠤ ᠡᠬᠢ ᠪᠠᠷ ᠠᠮᠢᠳᠤᠷᠠᠵᠦ ᠪᠠᠶᠢᠵᠠᠢ᠃ ᠪᠠᠰᠠ ᠵᠢᠵᠢᠭᠷᠡᠭᠰᠡᠨ ᠰᠢᠳᠦ ᠲᠠᠢ ᠪᠤᠯᠬᠤᠷ ︽ᠰᠢᠳᠦ ᠦᠭᠡᠢ ᠠᠮᠤᠭᠤᠯᠠᠩ︾ ᠴᠤ ᠭᠡᠳᠡᠭ᠃ ᠲᠡᠷᠡ ᠦᠵᠦᠮᠦᠴᠢᠨ ᠤ ᠬᠤᠶᠢᠳᠦ ᠪᠡᠶ᠎ᠡ ᠳᠡᠭᠡᠨ ᠪᠠᠷᠬᠢᠷᠠᠭ᠎ᠠ ᠮᠤᠤᠬᠠᠢ᠂ ᠵᠠᠭᠠᠢ ᠶᠢᠨ ᠷᠠᠰᠢ ᠲᠠᠢ ᠦᠶ᠎ᠡ ᠬᠤᠷᠠᠭ ᠤᠨ ᠪᠠᠰᠠ ᠨᠢᠭᠡᠨ ᠦᠵᠦᠭᠦᠷ ᠮᠠᠯᠴᠢᠨ ᠶᠠᠪᠤᠭᠰᠠᠨ ᠪᠦᠭᠡᠳ ᠨᠡᠷᠡᠳᠡᠢ ᠬᠡᠯᠡᠮᠤᠷᠴᠢ ᠬᠡᠮᠡᠨ ᠠᠯᠳᠠᠷᠰᠢᠵᠦ᠂ ᠨᠢᠭᠡᠨ ᠦᠶ᠎ᠡ ᠶᠢᠨ ᠰᠡᠴᠡᠨ ᠭᠤᠪᠠᠢ ᠬᠡᠯᠡᠯᠭᠡ ᠤᠶᠤᠨ ᠪᠢᠯᠢᠭ ᠬᠤᠷᠴᠠ ᠬᠤᠯᠪᠤᠭ᠎ᠠ ᠨᠠᠶᠢᠷᠠᠭ ᠢᠶᠠᠷ ᠢᠶᠠᠨ ᠤᠷᠤᠰᠬᠠᠵᠦ ᠶᠠᠪᠤᠭᠰᠠᠨ ᠮᠡᠷᠭᠡᠨ ᠬᠦᠮᠦᠨ ᠭᠡᠳᠡᠭ᠃ ᠦᠵᠦᠮᠦᠴᠢᠨ ᠤ ᠠᠷᠠᠳ ᠤᠨ ᠢᠷᠠᠭᠤ ᠨᠠᠶᠢᠷᠠᠭᠴᠢ ᠪᠢᠯᠢᠭ ᠤᠨ ᠲᠡᠮᠦᠷ   ᠲᠠᠢ ᠨᠠᠰᠤ ᠬᠤᠷᠠᠭ ᠤᠨ ᠬᠦᠮᠦᠨ ᠪᠠᠶᠢᠵᠦ᠂ ᠨᠤᠲᠤᠭ ᠤᠰᠤᠨ ᠨᠢ ᠤᠶᠢᠷᠠᠯᠴᠠᠭ᠎ᠠ᠂ ᠦᠷᠦᠭᠡ ᠨᠤᠲᠤᠭ ᠵᠦᠷᠢᠶ᠎ᠡ ᠪᠡᠯᠴᠢᠭᠡᠷ ᠲᠡᠭᠡᠷ᠎ᠡ ᠮᠠᠯᠵᠢᠨ ᠪᠠᠶᠢᠳᠠᠭ ᠠᠴᠠ ᠲᠡᠭᠦᠨ ᠲᠠᠢ ᠪᠠᠭ᠎ᠠ ᠨᠠᠰᠤᠨ ᠠᠴᠠ ᠢᠵᠢᠯᠳᠦᠨ ᠲᠠᠰᠤᠯᠴᠠᠵᠦ ᠨᠠᠭᠠᠳᠤᠨ ᠨᠠᠶᠢᠵᠠᠯᠠᠵᠦ ᠶᠠᠪᠤᠭᠰᠠᠨ ᠨᠦᠬᠦᠳ ᠤᠯᠤᠰ ᠪᠠᠶᠢᠵᠠᠢ᠃ ᠡᠳᠡ ᠬᠤᠶᠠᠭᠤᠯᠠ ᠠᠭᠤᠯᠵᠠᠮᠠᠭᠴᠠ ᠬᠤᠯᠪᠤᠭ᠎ᠠ ᠦᠭᠡ ᠪᠠᠷ ᠬᠠᠷᠢᠯᠴᠠᠨ ᠨᠢᠭᠡᠨ ᠢᠶᠠᠨ ᠵᠢᠳᠭᠦᠭᠦᠯᠵᠦ᠂ ᠲᠠᠭᠠᠷᠢᠭᠤᠯᠵᠦ᠂ ᠬᠤᠴᠢᠯᠠᠵᠦ᠂ ᠦᠭᠡᠨ ᠤ ᠰᠡᠴᠡ ᠪᠤᠯᠢᠶᠠᠯᠳᠤᠳᠠᠭ ᠶᠤᠮ ᠭᠡᠨ᠎ᠡ᠃ ᠠᠮᠤᠭᠤᠯᠠᠩ ᠤᠨ ᠨᠠᠶᠢᠷᠠᠭᠴᠢᠨ ᠤ ᠠᠪᠢᠶᠠᠰ ᠨᠢ ᠠᠷᠪᠠᠭᠠᠳ ᠨᠠᠰᠤᠨ ᠳᠠᠭᠠᠨ ᠡᠬᠢᠯᠡᠨ ᠢᠯᠡᠷᠡᠭᠰᠡᠨ ᠭᠡᠳᠡᠭ᠃             ᠬᠠᠷᠢᠯᠴᠠᠨ ᠠᠪᠤ ᠡᠵᠢ ᠪᠠᠨ ᠬᠤᠴᠢᠯᠠᠵᠦ ᠮᠡᠷᠭᠡ ᠪᠤᠯᠢᠶᠠᠯᠳᠤᠭᠰᠠᠨ ᠨᠢ      ᠨᠢᠭᠡ ᠤᠳᠠᠭ᠎ᠠ ᠬᠡᠤᠬᠡᠳ ᠪᠠᠶᠢᠬᠤ ᠳᠠᠭᠠᠨ ᠠᠮᠤᠭᠤᠯᠠᠩ᠂ ᠲᠡᠮᠦᠷ ᠬᠤᠶᠠᠭᠤᠯᠠ ᠨᠠᠭᠠᠳᠤᠵᠦ ᠪᠠᠶᠢᠭᠠᠳ ᠲᠡᠮᠦᠷ  ᠨᠢ ᠭᠡᠨᠡᠳᠳᠡ ᠠᠯᠢᠶ᠎ᠠ ᠨᠢ ᠬᠦᠳᠡᠯᠵᠦ᠄      ︽ᠡᠭᠦᠯᠡᠨ ᠬᠦᠬᠡ ᠠᠪᠤ ᠲᠠᠢ      ᠦᠨᠡᠰᠦᠨ ᠬᠦᠬᠡ ᠡᠵᠢ ᠲᠠᠢ      ᠦᠬᠦᠯ ᠲᠠᠭᠠᠷᠢᠭᠰᠠᠨ ᠴᠢᠮᠠᠶᠢ      ᠦᠰᠦᠷᠳᠡᠯ᠎ᠡ ᠠᠯᠠᠭᠠᠳᠠᠬᠤ ᠳᠤ ᠶᠠᠭᠠᠬᠢᠳᠠᠭ ᠶᠤᠮ︾ ᠭᠡᠳ ᠠᠮᠤᠭᠤᠯᠠᠩ ᠢᠶᠠᠨ ᠲᠦᠭᠦᠰᠢᠯᠡᠵᠠᠢ᠃ ᠡᠭᠦᠨ ᠳᠤ ᠠᠮᠤᠭᠤᠯᠠᠩ ᠬᠠᠷᠢᠭᠤ ᠳᠤᠨᠢ᠄      ︽ᠰᠢᠷᠠᠰᠤᠨ ᠰᠢᠷ᠎ᠠ ᠠᠪᠤ ᠲᠠᠢ      ᠰᠢᠯᠪᠠ ᠰᠢᠷ᠎ᠠ ᠡᠵᠢ ᠲᠠᠢ      ᠰᠠᠭᠠᠷᠮᠠᠭ ᠢᠶᠠᠷ ᠦᠭᠦᠭᠰᠡᠨ ᠴᠢᠮᠠᠶᠢ      ᠰᠢᠯᠪᠤᠷᠳᠠᠯ᠎ᠠ ᠠᠯᠠᠭᠠᠳᠠᠬᠤ ᠳᠤ ᠶᠠᠭᠠᠬᠢᠳᠠᠭ ᠶᠤᠮ︾ ᠭᠡᠵᠦ ᠦᠬᠡ ᠬᠤᠨᠵᠢᠭᠳᠠᠯ ᠦᠭᠡᠢ ᠬᠤᠴᠢᠯᠠᠵᠦ ᠪᠠᠶᠢᠯ᠎ᠠ ᠭᠡᠳᠡᠭ᠃            ᠠᠮᠤᠭᠤᠯᠠᠩ᠂ ᠲᠡᠮᠦᠷ  ᠬᠤᠶᠠᠭᠤᠯᠠ ᠬᠠᠷᠢᠯᠴᠠᠨ ᠬᠤᠴᠢᠯᠠᠭᠰᠠᠨ ᠨᠢ      ᠪᠢᠯᠢᠭ ᠤᠨ ᠲᠡᠮᠦᠷ ᠤᠨ ᠬᠢᠨ ᠲᠦᠰᠢᠶᠡᠳᠦ ᠶᠢᠨ ᠬᠠᠪᠢ ᠪᠠᠷ ᠵᠤᠰᠠᠵᠦ ᠪᠠᠶᠢᠵᠠᠢ᠃ ᠨᠢᠭᠡᠨ ᠡᠳᠦᠷ ᠲᠡᠮᠦᠷ ᠰᠦᠮ᠎ᠡ ᠰᠠᠩ ᠢᠶᠠᠷ ᠤᠷᠤᠵᠦ ᠯᠠᠮᠠ ᠠᠬᠠᠮᠠᠳ ᠨᠠᠷ ᠢᠶᠠᠨ ᠦᠵᠡᠬᠦ ᠪᠠᠷ ᠬᠦᠷᠢᠶ᠎ᠡ ᠰᠦᠮ᠎ᠡ ᠳᠤ ᠶᠠᠪᠤᠬᠤ ᠵᠠᠮ ᠵᠠᠭᠤᠷ᠎ᠠ᠂ ᠠᠮᠤᠭᠤᠯᠠᠩ ᠢ ᠤᠪᠤᠭᠠᠨ ᠤ ᠠᠷᠤ ᠶᠢᠨ ᠬᠠᠰᠢᠶᠠᠳᠤ ᠶᠢᠨ ᠷᠠᠰᠢᠶᠠᠨ ᠳᠤ ᠰᠠᠭᠤᠵᠦ ᠪᠠᠶᠢᠬᠤ ᠶᠢ ᠰᠤᠨᠤᠰᠤᠭᠠᠳ ᠦᠵᠡᠬᠦ ᠪᠠᠷ ᠲᠠᠮᠵᠢᠳᠠᠭ ᠶᠤᠮ ᠪᠠᠶᠢᠨ᠎ᠠ᠃ ᠲᠡᠮᠦᠷ ᠢ ᠢᠷᠡᠬᠦ ᠳᠤ᠂ ᠠᠮᠤᠭᠤᠯᠠᠩ ᠨᠢ ᠶᠠᠭ ᠤᠰᠤᠨ ᠳᠤ ᠤᠷᠤᠬᠤ ᠪᠠᠷ ᠡᠪᠡᠰᠦᠨ ᠮᠠᠯᠠᠭᠠᠢ ᠲᠠᠯᠪᠢᠵᠦ ᠠᠯᠬᠤᠵᠦ ᠪᠠᠶᠢᠭ᠎ᠠ ᠲᠠᠢ ᠲᠠᠭᠠᠷᠠᠯᠳᠤᠵᠠᠢ᠃ ᠡᠭᠦᠨ ᠢ ᠦᠵᠡᠭᠰᠡᠨ ᠲᠡᠮᠦᠷ ᠲᠡᠰᠭᠡᠯ ᠦᠭᠡᠢ᠄      ︽ᠮᠦᠷᠦ ᠪᠠᠨ ᠪᠦᠷᠭᠦᠭᠰᠡᠨ ᠮᠠᠯᠠᠭᠠᠢ ᠲᠠᠢ      ᠮᠦᠭᠦᠴᠢᠨ ᠬᠢᠳᠡᠳ ᠤᠨ ᠠᠯᠬᠤᠭ᠎ᠠ ᠲᠠᠢ      ᠲᠠᠯᠤ ᠪᠠᠨ ᠪᠦᠷᠭᠦᠭᠰᠡᠨ ᠮᠠᠯᠠᠭᠠᠢ ᠲᠠᠢ      ᠲᠠᠪᠤᠰᠤᠴᠢᠨ ᠬᠢᠳᠡᠳ ᠤᠨ ᠠᠯᠬᠤᠭ᠎ᠠ ᠲᠠᠢ      ᠭᠤᠬᠢᠷ ᠭᠤᠬᠢᠷ ᠠᠯᠬᠤᠬᠤ ᠨᠢ      ᠭᠤᠭᠤᠳ ᠲᠡᠭᠦᠭᠰᠡᠨ ᠬᠢᠳᠡᠳ ᠰᠢᠭ᠋      ᠬᠡᠶᠢᠪᠤᠩ ᠬᠠᠶᠢᠪᠤᠩ ᠠᠯᠬᠤᠬᠤ ᠨᠢ      ᠬᠠᠯᠠᠭᠠᠢ ᠲᠡᠭᠦᠭᠰᠡᠨ ᠬᠢᠳᠡᠳ ᠰᠢᠭ᠋︾ ᠭᠡᠵᠦ ᠬᠤᠴᠢᠯᠠᠵᠦ ᠠᠮᠵᠢᠵᠠᠢ᠃ ᠲᠡᠭᠡᠬᠦ ᠳᠤ ᠠᠮᠤᠭᠤᠯᠠᠩ ᠨᠢ ᠢᠨᠢᠶᠡᠮᠰᠦᠭᠯᠡᠨ ᠲᠤᠭᠤᠢ ᠯᠡ ᠠᠯᠬᠤᠵᠦ ᠪᠠᠶᠢᠵᠠᠢ᠃ ᠪᠢᠯᠢᠭ ᠤᠨ ᠲᠡᠮᠦᠷ ᠭᠡᠷ ᠠᠴᠠ ᠪᠠᠨ ᠭᠠᠷᠬᠤ ᠳᠤ ᠮᠠᠰᠢ ᠶᠠᠭᠠᠷᠠᠤ ᠤᠴᠢᠷ ᠠᠴᠠ ᠪᠤᠯᠵᠦ ᠭᠡᠵᠢᠬᠡ ᠪᠠᠨ ᠪᠤᠭᠤᠵᠦ ᠵᠠᠪᠳᠤᠭᠰᠠᠨ ᠦᠭᠡᠢ᠂ ᠬᠤᠨᠢᠨ ᠤ ᠬᠦᠮᠦᠨ ᠤ ᠪᠠᠨ ᠮᠠᠭᠤ ᠶᠠᠩᠬᠢᠶ᠎ᠠ ᠡᠮᠡᠭᠡᠯ ᠲᠠᠢ ᠰᠠᠷᠠᠯ ᠮᠤᠷᠢ ᠶᠢ ᠤᠨᠤᠵᠦ ᠭᠠᠷᠴᠤ ᠢᠷᠡᠭᠰᠡᠨ ᠶᠤᠮ ᠭᠡᠨ᠎ᠡ᠃ ᠲᠡᠭᠡᠭᠡᠳ ᠠᠮᠤᠭᠤᠯᠠᠩ ᠲᠡᠷᠡ ᠪᠠᠶᠢᠳᠠᠯ ᠢ ᠠᠵᠢᠮᠠᠭᠴᠠ ᠪᠠᠨ ᠲᠡᠮᠦᠷ ᠶᠢ ᠬᠠᠷᠢᠭᠤ ᠢᠩᠬᠢᠵᠦ ᠬᠤᠴᠠᠯᠠᠵᠠᠢ᠄      ︽ᠦᠷᠢᠶᠡᠨ ᠰᠠᠷᠠᠯ ᠮᠤᠷᠢᠨ ᠳᠠᠭᠠᠨ      ᠵᠢᠮᠰᠡᠭ ᠴᠤ ᠦᠭᠡᠢ ᠭᠤᠶᠢᠷᠠᠨᠴᠢ      ᠦᠨᠢᠶᠡᠨ ᠰᠡᠭᠦᠯ ᠤᠨ ᠭᠡᠵᠢᠭᠡ ᠳᠡᠭᠡᠨ      ᠲᠦᠢᠪᠢ ᠴᠤ ᠦᠭᠡᠢ ᠭᠤᠶᠢᠷᠠᠨᠴᠢ      ᠵᠢᠭᠠᠬᠠᠨ ᠰᠠᠷᠠᠯ ᠮᠤᠷᠢᠨ ᠳᠠᠭᠠᠨ      ᠵᠢᠮᠰᠡᠭ ᠴᠤ ᠦᠭᠡᠢ ᠭᠤᠶᠢᠷᠠᠨᠴᠢ      ᠵᠢᠨᠠᠭᠠᠨ ᠰᠡᠭᠦᠯ ᠤᠨ ᠭᠡᠵᠢᠭᠡ ᠳᠡᠭᠡᠨ      ᠲᠤᠶᠢᠪᠢ ᠴᠤ ᠦᠭᠡᠢ ᠭᠤᠶᠢᠷᠠᠨᠴᠢ      ᠤᠨᠠᠭᠠᠨ ᠰᠠᠷᠠᠯ ᠮᠤᠷᠢᠨ ᠳᠠᠭᠠᠨ      ᠤᠷᠭ᠎ᠠ ᠲᠠᠰᠢᠭᠤᠷ ᠴᠤ ᠦᠭᠡᠢ ᠭᠤᠶᠢᠷᠠᠨᠴᠢ      ᠤᠷᠳᠤᠭᠤᠷ ᠬᠤᠶᠢᠭᠤᠷ ᠡᠷᠬᠢᠴᠡᠭᠡᠳ      ᠤᠤᠭᠤᠵᠦ ᠢᠳᠡᠬᠦ ᠶᠢᠨ ᠭᠤᠶᠢᠷᠠᠨᠴᠢ      ᠤᠭᠤᠳᠠᠩ ᠰᠢᠩᠭᠡᠨ ᠭᠡᠵᠢᠭᠡ ᠳᠡᠭᠡᠨ      ᠤᠶᠠᠯᠭ᠎ᠠ ᠴᠤ ᠦᠭᠡᠢ ᠭᠤᠶᠢᠷᠠᠨᠴᠢ︾ ᠭᠡᠵᠦ ᠭᠤᠶᠢᠷᠠᠨᠴᠢ ᠶᠢ ᠨᠢ ᠲᠤᠯᠤᠭ᠎ᠠ ᠲᠠᠭᠤᠳᠠᠯ᠎ᠠ ᠭᠡᠳᠡᠭ᠃      ᠪᠠᠰᠠ ᠨᠢᠭᠡᠨ ᠤᠳᠠᠭ᠎ᠠ ᠠᠳᠤᠭᠤᠨ ᠤ ᠡᠷᠢᠯ ᠢᠶᠠᠷ ᠶᠠᠪᠤᠵᠦ ᠪᠠᠶᠢᠭᠠᠳ ᠡᠭᠦᠳᠡ ᠶᠢᠨ ᠬᠤᠭᠤᠯᠠᠢ ᠪᠠᠷ ᠪᠠᠭᠤᠴᠠ  ᠲᠠᠢ ᠪᠢᠯᠢᠭ ᠤᠨ ᠲᠡᠮᠦᠷ ᠤᠨ ᠳᠤ ᠬᠤᠨᠤᠭᠯᠠᠵᠦ᠂ ᠳ᠋ᠠᠯᠢᠤ ᠨᠠᠭᠠᠳᠤᠮ ᠨᠠᠭᠠᠳᠤᠭᠠᠳ ᠶᠡᠬᠡᠯ᠎ᠡ ᠱᠦᠭᠦᠭᠳᠡᠭᠡᠳ ᠶᠠᠪᠤᠭᠰᠠᠨ ᠭᠡᠨ᠎ᠡ᠃ ᠠᠮᠤᠭᠤᠯᠠᠩ ᠭᠤᠸᠠᠢ ᠬᠠᠷ᠎ᠠ ᠤᠪᠤᠭᠠᠳᠤ ᠳᠤ ᠬᠦᠷᠴᠦ ᠨᠢᠭᠡᠨ ᠲᠠᠨᠢᠯ ᠤᠨ ᠳᠠᠭᠠᠨ ᠦᠳᠡᠯᠡᠬᠦ ᠳᠡᠭᠡᠨ᠂ ᠲᠠᠨᠢᠯ  ᠨᠢ ᠲᠡᠭᠦᠨ ᠠᠴᠠ ︽ᠬᠠᠮᠢᠭ᠎ᠠ ᠬᠤᠨᠤᠭᠠᠳ ᠢᠷᠡᠪᠡ︖︾ ᠭᠡᠬᠦ ᠳᠤ ᠲᠡᠷᠡ ᠲᠦᠷᠦᠭᠦᠤ ᠰᠦᠨᠢ ᠶᠢᠨ ᠲᠡᠮᠦᠷ ᠤᠨ ᠳᠤ ᠨᠠᠭᠠᠳᠤᠭᠰᠠᠨ ᠢᠶᠠᠨ ᠬᠤᠯᠪᠤᠭᠤᠯᠵᠦ ᠢᠩᠬᠢᠵᠦ ᠶᠠᠷᠢᠵᠠᠢ᠄      ︽ᠦᠷ ᠴᠦᠷ ᠢᠶᠠᠷ ᠪᠤᠰᠴᠤ      ᠦᠯᠢᠤ ᠳ᠋ᠠᠯᠢᠤ ᠲᠠᠯᠪᠢᠳᠠᠭ      ᠦᠷᠡᠭᠳᠡᠬᠦ ᠶᠢᠨ ᠰᠢᠨᠵᠢ ᠨᠢ ᠪᠦᠷᠢᠯᠳᠦᠭᠰᠡᠨ      ᠡᠭᠦᠳᠡ ᠶᠢᠨ ᠬᠤᠭᠤᠯᠠᠢ ᠶᠢᠨ ᠬᠡᠳᠦᠨ ᠬᠤᠳᠠ ᠤᠳ      ᠪᠠᠷᠠᠭᠠᠨ ᠦᠷ ᠢᠶᠠᠷ ᠪᠤᠰᠴᠤ      ᠪᠠᠷᠰᠠᠭ ᠳ᠋ᠠᠯᠢᠤ ᠲᠠᠯᠪᠢᠳᠠᠭ      ᠪᠠᠷᠠᠭᠳᠠᠬᠤ ᠶᠢᠨ ᠰᠢᠨᠵᠢ ᠨᠢ ᠪᠦᠷᠢᠯᠳᠦᠭᠰᠡᠨ      ᠪᠠᠷᠠᠭᠤᠨ ᠡᠭᠦᠳᠡ ᠶᠢᠨ ᠬᠡᠳᠦᠨ ᠬᠤᠳᠠ ᠪᠠᠷ ᠬᠤᠨᠤᠭᠠᠳ ᠢᠷᠡᠯ᠎ᠡ︾ ᠭᠡᠵᠦ ᠮᠠᠭᠤᠷᠠᠬᠠᠭᠰᠠᠨ ᠰᠢᠨᠵᠢ ᠲᠠᠢ ᠬᠡᠯᠡᠵᠦ᠂ ᠱᠦᠭᠦᠭᠳᠡᠭᠰᠡᠨ ᠶᠠᠪᠤᠳᠠᠯ ᠢᠶᠠᠨ ᠲᠤᠭᠠᠴᠠᠵᠦ ᠭᠡᠨ᠎ᠡ᠃         ᠠᠳᠤᠭᠤᠨ ᠤ ᠡᠷᠢᠯ ᠢᠶᠠᠷ ᠶᠠᠪᠤᠭᠠᠳ ᠪᠢᠯᠢᠭ ᠤᠨ ᠲᠡᠮᠦᠷ ᠲᠤ ᠭᠠᠷᠳᠠᠭᠠᠭᠳᠠᠭᠰᠠᠨ ᠨᠢ      ᠠᠮᠤᠭᠤᠯᠠᠩ ᠭᠤᠸᠠᠢ ᠠᠳᠤᠭᠤᠨ ᠡᠷᠢᠯ ᠢᠶᠠᠷ ᠶᠠᠪᠤᠵᠦ ᠪᠠᠶᠢᠭᠠᠳ ᠪᠠᠭ᠎ᠠ ᠶᠢᠨ ᠨᠠᠶᠢᠵᠠ ᠲᠡᠮᠦᠷ ᠤᠨ ᠢᠶᠠᠷ ᠪᠠᠭᠤᠵᠦ᠂ ᠴᠠᠢ ᠤᠤᠭᠤᠬᠤ ᠵᠠᠭᠤᠷ᠎ᠠ᠂ ᠠᠯᠳᠠᠭᠰᠠᠨ ᠠᠳᠤᠭᠤᠳ ᠢᠶᠠᠨ ᠰᠤᠷᠠᠭᠯᠠᠬᠤ ᠳᠤ ᠲᠡᠮᠦᠷ ᠬᠠᠷᠢᠭᠤ ᠳᠤᠨᠢ᠄      ︽ᠤᠪᠰᠢ ᠨᠠᠮᠰᠠᠷᠠᠢ ᠶᠢᠨ ᠰᠦᠷᠦᠭ ᠴᠢᠨᠢ      ᠤᠷᠢᠳᠦ ᠰᠦᠨᠢ ᠲᠠᠭᠠᠨ ᠶᠠᠪᠤᠴᠢᠬᠠᠪᠠᠤ      ᠤᠷᠤᠭᠤᠯ ᠳᠠᠭᠠᠨ ᠰᠢᠳᠦ ᠦᠭᠡᠢ ᠠᠮᠤᠭᠤᠯᠠᠩ ᠮᠢᠨᠢ      ᠤᠴᠢᠷ ᠦᠭᠡᠢ ᠡᠷᠢᠭᠡᠳ ᠲᠠᠭᠤᠴᠢᠪᠠᠤ      ᠭᠡᠭᠦᠳ ᠭᠤᠤᠯᠳᠠᠢ ᠠᠳᠤᠭᠤᠳ ᠴᠢᠨᠢ      ᠬᠦᠴᠦᠳᠠᠢ ᠰᠠᠯᠬᠢᠨ ᠳᠤ ᠬᠦᠶᠦᠴᠢᠭᠡᠪᠡᠤ      ᠬᠦᠵᠡᠭᠡ ᠲᠠᠭᠠᠭᠠᠬᠤ ᠦᠭᠡᠢ ᠠᠮᠤᠭᠤᠯᠠᠩ ᠮᠢᠨᠢ      ᠬᠦᠷᠦᠨ ᠢ ᠲᠤᠭᠤᠷᠢᠭᠠᠳ ᠡᠷᠢᠴᠢᠭᠡᠪᠡᠤ      ᠤᠷᠤᠭᠤᠳᠠᠭᠰᠠᠨ ᠠᠳᠤᠭᠤᠳ ᠢᠶᠠᠨ ᠨᠡᠭᠡᠪᠡᠯ ᠴᠢ      ᠤᠯᠭᠤᠭᠤ ᠶᠠᠪᠤᠪᠠᠯ ᠲᠡᠭᠡᠷ᠎ᠡ ᠦᠭᠡᠢ ᠤᠤ      ᠤᠩᠬᠤᠷ ᠠᠶᠠᠭᠠᠨ ᠤ ᠠᠮᠠᠰᠠᠷ ᠲᠡᠭᠡᠷ᠎ᠡ      ᠤᠶᠠᠭ᠎ᠠ ᠲᠠᠢ ᠪᠠᠶᠢᠨᠠᠤ ᠠᠳᠤᠭᠤᠳ ᠴᠢᠨᠢ      ᠪᠤᠳᠠᠷᠠᠭᠰᠠᠨ ᠠᠳᠤᠭᠤᠳ ᠢᠶᠠᠨ ᠡᠷᠢᠪᠡᠯ ᠴᠢ      ᠪᠤᠰᠢᠭᠤᠬᠠᠨ ᠮᠤᠷᠳᠠᠪᠠᠯ ᠲᠡᠭᠡᠷ᠎ᠡ ᠦᠭᠡᠢ ᠤᠤ      ᠪᠤᠳᠠᠭ᠎ᠠ ᠲᠠᠢ ᠠᠶᠠᠭᠠᠨ ᠤ ᠬᠤᠩᠬᠤᠷ ᠲᠤ      ᠪᠤᠯᠠᠭ᠎ᠠ ᠲᠠᠢ ᠪᠠᠶᠢᠨᠠᠤ ᠠᠳᠤᠭᠤᠳ ᠴᠢᠨᠢ︾ ᠭᠡᠵᠦ ᠠᠮᠤᠭᠤᠯᠠᠩ ᠢ ᠱᠤᠭᠯᠠᠨ ᠬᠡᠯᠡᠬᠦ ᠳᠤ᠂ ᠲᠡᠷᠡ ᠬᠡᠳᠦᠶᠢᠪᠡᠷ ᠨᠡᠷ᠎ᠡ ᠭᠠᠷᠤᠭᠰᠠᠨ ᠪᠡᠯᠡᠨ ᠬᠡᠯᠡᠮᠦᠷᠴᠢ ᠪᠤᠯᠪᠠᠴᠦ ᠪᠢᠯᠢᠭ ᠤᠨ ᠲᠡᠮᠦᠷ ᠲᠤ ᠶᠠᠭᠠᠬᠢᠬᠤ ᠶᠢᠨ ᠠᠷᠭ᠎ᠠ ᠦᠭᠡᠢ ᠭᠠᠷᠳᠠᠭᠠᠭᠳᠠᠭᠠᠳ ᠠᠶᠠᠭ᠎ᠠ ᠲᠠᠢ ᠴᠠᠢ ᠪᠠᠨ ᠤᠤᠭᠤᠮᠠᠭᠴᠠ ᠠᠳᠤᠭᠤᠨ ᠤ ᠡᠷᠢᠯ ᠳᠡᠭᠡᠨ ᠮᠤᠷᠳᠠᠭᠰᠠᠨ ᠭᠡᠳᠡᠭ ᠶᠤᠮ᠃                        ᠲᠡᠮᠦᠷ ᠡᠬᠡᠨᠡᠷ ᠢᠶᠠᠨ ᠰᠤᠷᠠᠭᠯᠠᠭᠰᠠᠨ ᠨᠢ      ᠤᠷᠢᠳᠦ ᠵᠢᠯ ᠤᠨ ᠵᠤᠨ ᠤ ᠨᠢᠭᠡᠨ ᠡᠳᠦᠷ᠂ ᠲᠡᠮᠦᠷ ᠤᠨ ᠡᠬᠡᠨᠡᠷ ᠷᠤᠯᠮ᠎ᠠ ᠲᠦᠷᠬᠦᠮᠴᠢᠯᠡᠬᠦ ᠪᠠᠷ ᠶᠠᠪᠤᠬᠤ ᠳᠠᠭᠠᠨ ᠬᠦᠮᠦᠨ ᠢᠶᠠᠷ ᠬᠦᠷᠭᠡᠭᠦᠯᠦᠶ᠎ᠡ ᠭᠡᠵᠦ ᠨᠦᠬᠦᠷ ᠲᠡᠭᠡᠨ ᠬᠡᠯᠡᠭᠡᠳ ᠪᠦᠳᠦᠭᠰᠡᠨ ᠦᠭᠡᠢ ᠪᠤᠯᠬᠤᠷ ᠤᠷᠭ᠎ᠠ ᠶᠢᠨ ᠶᠤᠵᠤᠭᠤᠷ ᠲᠤᠬᠤᠶᠢᠯᠠᠭᠠᠳ ᠤᠷᠮ᠎ᠠ ᠮᠠᠭᠤᠳᠠᠢ ᠮᠤᠷᠳᠡᠵᠦ ᠭᠡᠨ᠎ᠡ᠃ ᠲᠡᠮᠦᠷ ᠭᠤᠸᠠᠢ ᠡᠬᠡᠨᠡᠷ ᠪᠦᠰᠡᠭᠦᠢ ᠬᠦᠮᠦᠨ ᠢ ᠡᠵᠡᠬᠦᠢ ᠭᠠᠭᠴᠠᠭᠠᠷ ᠶᠠᠪᠤᠭᠤᠯᠤᠭᠰᠠᠨ ᠢᠶᠠᠨ ᠮᠤᠷᠢ ᠤᠨᠤᠭᠠᠨ ᠳᠠᠭᠠᠨ ᠬᠠᠶᠠᠭᠳᠠᠨ ᠮᠠᠭᠤᠬᠠᠢ ᠶᠠᠪᠤᠳᠠᠯ ᠪᠤᠯᠬᠤᠢ ᠬᠡᠮᠡᠨ ᠰᠠᠨᠠᠭᠠᠳ ᠠᠷᠤ ᠠᠴᠠ ᠨᠢ ᠨᠡᠬᠡᠵᠦ ᠠᠵᠢᠭᠯᠠᠵᠦ ᠦᠵᠡᠬᠦ ᠪᠠᠷ ᠶᠠᠪᠤᠬᠤ ᠳᠠᠭᠠᠨ ᠶᠠᠭ ᠠᠮᠤᠭᠤᠯᠠᠩ ᠨᠠᠶᠢᠵᠠ ᠲᠠᠢ ᠪᠠᠨ ᠤᠴᠠᠷᠠᠭᠰᠠᠨ ᠪᠠᠶᠢᠵᠠᠢ᠃ ᠲᠡᠷᠡ ᠬᠤᠶᠠᠭᠤᠯᠠ ᠬᠡᠵᠢᠶ᠎ᠡ ᠬᠠᠮᠢᠭ᠎ᠠ ᠠᠭᠤᠯᠵᠠᠭᠰᠠᠨ ᠴᠤ ᠬᠤᠯᠪᠤᠵᠦ ᠰᠢᠯᠦᠭᠯᠡᠬᠦ ᠨᠢ ᠲᠠᠰᠤᠷᠠᠬᠤ ᠦᠭᠡᠢ ᠬᠡᠯᠴᠡᠳᠡᠭ᠃ ᠲᠡᠮᠦᠷ ᠤᠷᠢᠳᠠᠪᠠᠷ᠄      ︽ᠠᠯᠳᠠ ᠶᠤᠵᠤᠭᠤᠷ ᠪᠠᠷᠢᠭᠰᠠᠨ      ᠠᠮᠳᠠᠢ ᠱᠢᠷᠦ ᠪᠠᠨ ᠱᠠᠭᠠᠬᠢᠭᠤᠯᠤᠭᠰᠠᠨ      ᠠᠷᠤ ᠳᠠᠭᠠᠨ ᠸᠠᠳᠠᠩ ᠪᠦᠰᠡᠯᠡᠭᠰᠡᠨ      ᠠᠯᠪᠢᠨ ᠱᠦᠭᠯᠡᠭᠡᠳ ᠠᠭᠤᠷᠯᠠᠭᠰᠠᠨ      ᠠᠷᠵᠠᠭᠠᠢ ᠶᠠᠩᠪᠤᠨ ᠲᠡᠷᠯᠢᠭ ᠲᠠᠢ      ᠠᠮᠠᠨᠴᠢᠷ ᠬᠦᠷᠡᠩ ᠪᠠᠶᠢᠳᠠᠰᠤ ᠲᠠᠢ      ᠠᠭ᠎ᠠ ᠶᠢᠨ ᠲᠡᠮᠦᠷ ᠤᠨ ᠡᠬᠡᠨᠡᠷ ᠭᠡᠭᠴᠢ      ᠠᠮᠤᠭᠤᠯᠠᠩ ᠴᠢᠮ᠎ᠠ ᠳᠤ ᠦᠵᠡᠭᠳᠡᠪᠡᠤ︖︾ ᠭᠡᠵᠦ ᠠᠰᠠᠭᠤᠬᠤ ᠳᠤ ᠰᠢᠳᠦ ᠦᠭᠡᠢ ᠠᠮᠤᠭᠤᠯᠠᠩ ᠡᠯᠭᠦᠵᠦ᠄      ︽ᠱᠦᠷᠭᠡᠨ ᠶᠤᠵᠤᠭᠤᠷ ᠲᠡᠪᠡᠷᠡᠭᠰᠡᠨ      ᠱᠢᠷᠦᠨ ᠰᠦᠢᠬᠡ ᠱᠠᠭᠠᠬᠢᠭᠤᠯᠤᠭᠰᠠᠨ      ᠱᠦᠭᠦᠷᠭᠡᠢ ᠤᠯᠠᠭᠠᠨ ᠠᠵᠢ ᠴᠢᠨᠢ      ᠱᠦᠭᠯᠡᠭᠰᠡᠨ ᠠᠭᠤᠷ ᠨᠢ ᠨᠠᠮᠳᠠᠴᠢᠬᠠᠳ      ᠱᠡᠤᠳᠦ ᠶᠢᠨ ᠪᠦᠳᠦᠭᠦᠨ ᠤ ᠠᠷᠤᠬᠠᠨ ᠲᠡᠭᠡᠷ᠎ᠡ      ᠰᠢᠳᠦ ᠦᠭᠡᠢ ᠨᠠᠳᠠ ᠲᠠᠢ ᠤᠴᠠᠷᠠᠭᠠᠳ      ᠰᠢᠳᠦᠯᠡᠩ ᠪᠠᠶᠢᠳᠠᠰᠤ ᠪᠠᠨ ᠲᠠᠪᠢᠷᠠᠭᠠᠳ      ᠰᠢᠷᠦᠭᠦᠭᠡᠨ ᠲᠤᠷᠬᠢᠭᠤᠯᠵᠦ ᠭᠠᠷᠤᠭᠰᠠᠨ︾ ᠭᠡᠵᠦ ᠬᠠᠷᠢᠭᠤᠯᠤᠭᠠᠳ ᠬᠡᠨ ᠬᠡᠨ ᠳᠡᠭᠡᠨ ᠠᠪᠳᠠᠭᠰᠠᠨ ᠦᠭᠡᠢ ᠮᠦᠷᠳᠡᠭᠡᠨ ᠴᠢᠨᠠᠭᠰᠢ ᠪᠠᠨ ᠡᠯᠳᠡᠪ ᠰᠤᠨᠢᠨ ᠱᠤᠭ ᠭᠠᠷᠭᠠᠵᠦ ᠨᠠᠭᠠᠳᠤᠭᠰᠠᠨ ᠭᠡᠳᠡᠭ᠃           ᠁                       ᠁                       ᠁     ⑴ ᠪᠦᠷᠢᠶᠡᠴᠢᠨ ᠤᠪᠤᠭᠳᠤ ᠠᠮᠤᠭᠤᠯᠠᠩ ᠭᠤᠷᠪᠠᠨ ᠬᠦᠪᠡᠭᠦᠨ ᠲᠠᠢ᠂ ᠶᠡᠭᠡ ᠬᠦᠪᠡᠭᠦᠨ ᠴᠠᠭᠠᠨ ︵ᠯᠠᠮᠠ︶᠂ ᠬᠤᠶᠠᠳᠤᠭᠠᠷ ᠬᠦᠪᠡᠭᠦᠨ ᠦᠰᠬᠦ᠂ ᠭᠤᠳᠠᠭᠠᠷ ᠬᠦᠪᠡᠭᠦᠨ ᠰᠧᠩᠭᠡ ︵ᠭᠤᠨᠴᠤᠭ︶᠂     ⑵ ᠦᠰᠬᠦ ᠶᠢᠨ ᠶᠡᠭᠡ ᠬᠦᠪᠡᠭᠦᠨ ᠵᠠᠳᠠᠮᠪᠠ᠂ ᠬᠤᠶᠠᠳᠤᠭᠠᠷ ᠬᠦᠪᠡᠭᠦᠨ ᠪᠦᠬᠡᠴᠢᠯᠠᠭᠤ ︵ᠯᠠᠮᠠ︶     ⑶ ᠵᠠᠳᠠᠮᠪᠠ ᠶᠢᠨ ᠶᠡᠭᠡ ᠬᠦᠪᠡᠭᠦᠨ ᠪᠠᠨᠳᠠᠷᠠᠭᠴᠢ᠂ ᠶᠡᠭᠡ ᠬᠡᠤᠬᠡᠨ ᠠᠯᠤᠬ᠎ᠠ᠂ ᠬᠤᠶᠠᠳᠤᠭᠠᠷ ᠬᠦᠪᠡᠭᠦᠨ ᠯᠤᠪᠰᠠᠩ᠂ ᠬᠤᠶᠠᠳᠤᠭᠠᠷ ᠬᠡᠤᠬᠡᠨ ᠠᠮᠢᠪᠦ᠋ᠬᠡ᠂ ᠭᠤᠳᠠᠭᠠᠷ ᠬᠦᠪᠡᠭᠦᠨ ᠮᠡᠷᠭᠡᠵᠢᠯᠳᠦ     ⑷ ᠰᠧᠩᠭᠡ ᠶᠢᠨ ᠭᠠᠭᠴᠠ ᠬᠦᠪᠡᠭᠦᠨ ᠮᠤᠤᠭᠦ᠋ᠯᠦᠭᠡ᠂ ᠶᠡᠭᠡ ᠬᠡᠤᠬᠡᠨ ᠨᠠᠷᠠᠨᠴᠢᠮᠡᠭ ︵ᠵᠢᠷᠭᠠᠯ︶᠂ ᠬᠤᠶᠠᠳᠤᠭᠠᠷ ᠬᠡᠤᠬᠡᠨ ᠨᠠᠷᠠᠠᠬᠤᠸᠠᠷ     ⑸ ᠮᠤᠤᠭᠦ᠋ᠯᠦᠭᠡ ᠶᠢᠨ ᠬᠦᠪᠡᠭᠦᠨ ᠮᠦᠩᠭᠡᠨ᠋ᠦ᠋ᠯᠵᠠᠢ᠂ ᠮᠦᠩᠬᠡᠨ᠋ᠦ᠋ᠯᠵᠠᠢ ᠶᠢᠨ ᠬᠡᠤᠬᠡᠳ ᠭᠡᠪᠡᠯ ᠤᠶᠤᠮ᠎ᠠ᠂ ᠨᠠᠩᠰᠠᠯᠮ᠎ᠠ᠂ ᠨᠠᠷᠠᠨᠴᠢᠮᠡᠭ᠂ ᠤᠷᠳᠤᠨᠠᠰᠤᠳᠤ᠂ ᠵᠠᠭᠤᠨᠨᠠᠰᠤᠳᠤ ᠨᠠᠷ ᠪᠤᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号