ᠨᠣᠮ ᠤᠨ ᠠᠮᠲᠠ ᠶᠢ ᠰᠡᠮᠭᠡᠨ ᠮᠡᠳᠡᠷᠡᠬᠦᠢ
ᠨᠡᠶᠢᠲᠡᠯᠡᠭᠰᠡᠨ ᠴᠠᠭ᠄
2024/6/28
      ᠰᠠᠶᠢᠨ ᠨᠣᠮ ᠭᠡᠲᠡᠭ ᠪᠣᠯ ᠬᠥᠮᠥᠨ ᠲᠥᠷᠥᠯᠬᠢᠲᠡᠨ ᠤ ᠤᠶᠤᠨ ᠤᠬᠠᠭᠠᠨ ᠤ ᠤᠭᠢ ᠲᠠᠯᠠᠰᠲᠤ ᠶᠤᠮ᠃ ᠣᠨ ᠵᠢᠯ ᠤᠨ ᠤᠷᠳᠤ ᠠᠶᠠᠨ ᠳᠤ ᠰᠢᠯᠢᠭᠳᠡᠵᠦ ᠰᠣᠩᠭᠤᠭᠳᠠᠭᠰᠠᠭᠠᠷ ᠥᠩᠭᠡ ᠭᠢᠯᠠᠯᠵᠠᠭᠰᠠᠨ ᠰᠤᠪᠤᠳ ᠮᠡᠲᠦ ᠰᠠᠶᠢᠨ ᠨᠣᠮ  ᠨᠢ ᠬᠥᠮᠥᠰ ᠤᠨ ᠰᠡᠳᠬᠢᠯ ᠳᠤ ᠲᠣᠭᠤᠭᠳᠠᠨ ᠦᠯᠡᠳᠡᠵᠦ᠂ ᠰᠣᠩᠭᠤᠳᠠᠭ ᠨᠣᠮ ᠤᠨ ᠵᠢᠭᠰᠠᠭᠠᠯᠲᠠ ᠳᠤ ᠪᠠᠭᠲᠠᠭᠳᠠᠨ ᠣᠷᠣᠵᠤ᠂ ᠨᠣᠮ ᠤᠨ ᠪᠠᠭ᠋ᠠᠲᠠᠳ ᠤᠨ ᠪᠢᠴᠢᠭ ᠤᠨ ᠰᠢᠷᠡᠭᠡᠨ᠎ᠡ ᠳᠡᠯᠭᠡᠭᠳᠡᠵᠦ ᠪᠠᠶᠢᠳᠠᠭ᠃ ᠰᠠᠶᠢᠨ ᠨᠣᠮ ᠰᠣᠳᠣᠨ ᠰᠤᠳᠤᠷ ᠨᠢ ᠬᠥᠮᠥᠨ ᠲᠥᠷᠥᠯᠬᠢᠲᠡᠨ ᠤ ᠤᠶᠤᠨ ᠤᠬᠠᠭᠠᠨ ᠤ ᠰᠢᠮ᠎ᠡ ᠠᠮᠲᠠ᠂ ᠤᠭᠤᠷᠠᠭ ᠲᠠᠷᠢᠬᠢᠨ ᠤ ᠬᠢᠨᠢ ᠰᠢᠳᠢᠲᠦ ᠡᠷᠴᠢ᠂ ᠤᠬᠠᠭᠠᠨ ᠮᠡᠳᠡᠷᠡᠯ ᠤᠨ ᠬᠢᠨᠢ ᠵᠦᠭ ᠴᠢᠭᠯᠡᠭᠦᠷ ᠪᠣᠯᠵᠤ᠂ ᠣᠷᠣᠰᠢᠨ ᠠᠮᠢᠳᠤᠷᠠᠬᠤ᠂ ᠥᠰᠴᠦ ᠥᠨᠳᠡᠶᠢᠬᠦ᠂ ᠥᠭᠡᠳᠡᠯᠡᠨ ᠪᠠᠳᠠᠷᠠᠬᠤ᠂ ᠥᠪᠯᠡᠨ ᠦᠯᠡᠳᠡᠭᠡᠬᠦ ᠵᠡᠷᠭᠡ ᠠᠮᠢᠳᠤᠷᠠᠯ ᠤᠨ ᠤᠷᠳᠤ ᠠᠶᠠᠨ ᠵᠠᠮ ᠤᠨ ᠬᠢᠨᠢ ᠬᠦᠰᠡᠯ ᠵᠦᠭ  ᠲᠤ ᠳᠠᠪᠬᠢᠨ ᠬᠦᠷᠬᠦ ᠬᠦᠴᠦᠲᠦ ᠭᠦᠯᠦᠭ᠂ ᠮᠥᠷᠥᠭᠡᠳᠦᠯ ᠵᠦᠭ ᠨᠢ ᠮᠡᠳᠬᠡᠨ ᠣᠶᠢᠷᠠᠲᠤᠭᠤᠯᠬᠤ ᠮᠥᠩᠭᠦᠨ ᠵᠠᠪᠢ ᠪᠣᠯᠵᠤ ᠪᠠᠶᠢᠳᠠᠭ ᠰᠠᠨ᠃ ᠦᠶ᠎ᠡ ᠶᠢᠨ ᠦᠶ᠎ᠡ ᠳᠤ᠂ ᠴᠠᠭ ᠤᠨ ᠤᠷᠳᠤ ᠳᠤ ᠨᠣᠮ ᠲᠠᠢ ᠬᠥᠮᠥᠨ ᠢ ᠳᠡᠭᠡᠳᠦᠯᠡᠨ ︽ᠪᠠᠭᠰᠢ︾ ᠳᠠᠭᠤᠳᠠᠨ ᠡᠷᠭᠦᠵᠦ᠂ ᠪᠢᠴᠢᠭ ᠲᠠᠢ ᠬᠥᠮᠥᠨ ᠢ ᠪᠢᠰᠢᠷᠡᠨ᠂ ᠡᠷᠬᠢᠮᠨᠡᠨ ᠬᠦᠨᠳᠦᠯᠡᠵᠦ᠂ ᠰᠤᠷᠭᠠᠯ ᠢ ᠨᠢ ᠵᠠᠯᠪᠠᠷᠢᠵᠤ ᠭᠦᠷᠲᠡᠨ᠂ ᠨᠣᠮᠯᠠᠬᠤ ᠶᠢ ᠨᠢ ᠬᠢᠴᠢᠶᠡᠨ ᠰᠣᠨᠣᠰᠴᠤ᠂ ᠪᠡᠶ᠎ᠡ ᠪᠠᠨ ᠵᠠᠰᠠᠨ᠂ ᠰᠡᠳᠬᠢᠯ ᠢᠶᠠᠨ ᠲᠡᠭᠰᠢᠯᠡᠨ᠂ ᠵᠠᠶᠠᠭ᠎ᠠ ᠪᠠᠨ ᠡᠷᠭᠦᠵᠦ ᠶᠠᠪᠤᠳᠠᠭ ᠰᠠᠨ᠃      ᠰᠠᠶᠢᠨ ᠨᠣᠮ ᠭᠡᠲᠡᠭ ᠪᠣᠯ ᠲᠤᠭᠤᠯᠤᠭᠠᠳ ᠥᠩᠭᠡᠷᠡᠬᠦ ᠲᠡᠦᠬᠡ ᠶᠢᠨ ᠲᠣᠭᠠᠴᠢᠭᠠᠳ ᠳᠠᠭᠤᠰᠤᠰᠢ ᠦᠭᠡᠢ ᠰᠢᠪᠡᠨᠡᠭᠡ ᠰᠠᠨ᠃ ᠭᠠᠲᠤᠯᠤᠭᠠᠳ ᠭᠠᠷᠬᠤ ᠭᠠᠯᠪᠠ ᠶᠢᠨ ᠭᠠᠩᠳᠠᠰᠢ ᠦᠭᠡᠢ ᠥᠩᠭᠡ ᠨᠢ ᠰᠠᠨ᠃ ᠪᠢᠯᠢᠭᠲᠦ ᠮᠡᠷᠭᠡᠨ ᠶᠡᠬᠡᠰ ᠤᠨ ᠪᠢᠯᠢᠭᠦᠨ ᠤᠶᠤᠨ ᠤ ᠬᠢᠨᠢ ᠲᠦᠰᠦᠷᠭᠡ ᠰᠠᠨ᠂ ᠪᠡᠭᠡᠨ ᠬᠠᠷ᠎ᠠ ᠦᠰᠦᠭ ᠤᠳ ᠨᠢ ᠪᠠᠳᠮᠠᠯᠠᠵᠤ ᠣᠴᠢᠯᠠᠭᠰᠠᠨ ᠲᠦᠯᠦ ᠰᠠᠨ᠃ ᠤᠷᠤᠰᠤᠭᠠᠳ ᠥᠩᠭᠡᠷᠡᠬᠦ ᠴᠠᠭ ᠤᠨ ᠣᠷᠭᠢᠯᠤᠭᠰᠠᠨ ᠪᠤᠯᠠᠭ ᠶᠤᠮᠰᠠᠨ᠃ ᠤᠷᠠᠯᠠᠭᠠᠳ ᠬᠡᠯᠡᠬᠦ ᠴᠠᠴᠠᠨ ᠦᠭᠡᠰ ᠤᠨ ᠣᠨ ᠢ ᠭᠡᠲᠦᠯᠦᠭᠰᠡᠨ ᠭᠢᠯᠪᠠᠭ᠎ᠠ ᠨᠢ ᠶᠤᠮᠰᠠᠨ᠃ ᠲᠤᠯᠭᠠᠷᠠᠵᠤ ᠮᠡᠳᠡᠬᠦ ᠬᠠᠲᠠᠭᠤ ᠠᠴᠠ ᠵᠠᠶᠢᠯᠠᠭᠤᠯᠵᠤ ᠥᠭᠬᠦ ᠤᠬᠠᠭ᠎ᠠ ᠶᠤᠮᠰᠠᠨ᠂ ᠲᠤᠯᠵᠤ ᠢᠷᠡᠭᠰᠡᠨ ᠬᠥᠲᠡᠭᠦᠦ ᠠᠴᠠ ᠠᠰᠠᠷᠠᠵᠤ ᠠᠪᠬᠤ ᠡᠷᠳᠡᠮ ᠶᠤᠮᠰᠠᠨ᠃ ᠢᠷᠡᠬᠦ ᠴᠠᠭ ᠢ ᠤᠭᠲᠤᠵᠤ ᠥᠨᠳᠡᠶᠢᠬᠦ ᠶᠡᠭᠡ ᠡᠷᠴᠢ ᠶᠢᠨ ᠢᠪᠢᠯᠦᠯ ᠶᠤᠮᠰᠠᠨ᠃ ᠡᠰᠡᠨᠢᠬᠦ ᠤᠯᠠᠷᠢᠯ ᠢ ᠭᠡᠶᠢᠭᠦᠯᠵᠦ ᠭᠡᠷᠡᠯᠳᠤᠭᠦ ᠢᠲᠡ ᠢᠲᠡᠭᠡᠯ ᠤᠨ ᠤᠨᠳᠤᠷᠤᠭ᠎ᠠ ᠶᠤᠮᠰᠠᠨ᠃ ᠨᠣᠮ ᠭᠡᠲᠡᠭ ᠪᠣᠯ ᠬᠠᠷᠠᠩᠭᠤᠢ ᠠᠴᠠ ᠭᠡᠭᠡᠨ ᠵᠦᠭ ᠬᠥᠲᠥᠯᠥᠭᠰᠡᠨ ᠵᠠᠮᠴᠢ ᠶᠤᠮ᠃ ᠬᠦᠢᠲᠡᠨ ᠠᠴᠠ ᠬᠠᠯᠠᠭᠤᠨ ᠵᠦᠭ ᠳᠠᠭᠤᠳᠠᠭᠰᠠᠨ ᠤᠷᠠᠢ ᠶᠤᠮ᠃ ᠨᠣᠮ ᠭᠡᠲᠡᠭ ᠪᠣᠯ ᠦᠶ᠎ᠡ ᠲᠠᠮᠵᠢᠨ ᠤᠯᠠᠮᠵᠢᠯᠠᠬᠤ ᠦᠨᠡᠲᠦ ᠡᠷᠳᠡᠨᠢ ᠶᠤᠮ᠃ ᠨᠣᠮ ᠭᠡᠲᠡᠭ ᠪᠣᠯ ᠦᠰᠦᠭ ᠠᠯᠭᠠᠰᠠᠯ ᠦᠭᠡᠢ ᠴᠡᠭᠡᠵᠢᠯᠡᠬᠦ ᠬᠤᠪᠣᠷ ᠡᠳ᠋ ᠶᠤᠮ᠃      ᠨᠣᠮ ᠪᠢᠴᠢᠭ ᠭᠡᠲᠡᠭ ᠪᠣᠯ ᠳᠡᠪᠲᠡᠷᠯᠡᠵᠦ ᠪᠦᠲᠦᠭᠡᠭᠰᠡᠨ ᠡᠷᠳᠡᠨᠢᠲᠦ ᠦᠰᠦᠭ ᠲᠠᠢ ᠬᠤᠷᠠᠮᠠᠯ ᠶᠤᠮ᠃ ᠵᠢᠷᠤᠭ ᠳᠦᠷᠰᠦ ᠪᠠ ᠦᠰᠦᠭ ᠪᠢᠴᠢᠭ ᠲᠠᠢ ᠠᠯᠲᠡᠨ ᠬᠠᠭᠤᠳᠠᠰᠤ ᠶᠢᠨ ᠨᠡᠶᠢᠯᠡᠮᠡᠯ ᠶᠤᠮ᠃ ᠬᠠᠭᠤᠳᠠᠰᠤ ᠴᠠᠭᠠᠰᠤᠨ᠎ᠠ ᠪᠠᠷᠯᠠᠵᠤ ᠬᠡᠪᠯᠡᠭᠳᠡᠭᠰᠡᠨ ᠬᠤᠷᠸ᠎ᠠ ᠳᠡᠯᠡᠬᠡᠢ ᠶᠢᠨ ᠮᠡᠳᠡᠭᠡ ᠵᠠᠩᠭᠢ ᠶᠢ ᠳᠠᠮᠵᠢᠭᠤᠯᠬᠤ ᠪᠣᠯᠣᠮᠵᠢ ᠪᠦᠬᠦᠢ ᠬᠤᠲᠠᠯᠠ ᠳᠤ ᠠᠰᠢᠭᠲᠠᠢ ᠵᠠᠭᠤᠴᠢᠯᠠᠭᠤᠷ ᠢ ᠨᠣᠮ ᠪᠢᠴᠢᠭ ᠭᠡᠲᠡᠭ ᠶᠤᠮ᠃ ᠬᠠᠪᠤᠷ ᠲᠠᠷᠢᠵᠤ᠂ ᠵᠤᠨ ᠳᠡᠯᠭᠡᠷᠡᠵᠦ᠂ ᠨᠠᠮᠤᠷ ᠦᠷᠡᠯᠡᠨ᠂ ᠡᠪᠦᠯ ᠬᠤᠷᠢᠶᠠᠬᠤ ᠡᠯᠪᠡᠭ ᠬᠤᠷᠢᠶᠠᠯᠲᠠ ᠶᠢ ᠨᠣᠮ ᠭᠡᠲᠡᠭ ᠶᠤᠮ᠃ ᠬᠠᠯᠠᠭᠤᠨ ᠬᠦᠢᠲᠡᠨ ᠰᠡᠷᠢᠭᠦᠨ ᠳᠤᠯᠠᠭᠠᠨ ᠢ ᠲᠡᠮᠳᠡᠭᠯᠡᠵᠦ ᠴᠢᠳᠠᠳᠠᠭ ᠰᠢᠳᠢᠲᠦ ᠲᠡᠮᠳᠡᠭᠯᠡᠯ ᠢ ᠨᠣᠮ ᠭᠡᠲᠡᠭ ᠶᠤᠮ᠃ ᠴᠠᠭᠠᠰᠤᠨ ᠠᠴᠠ ᠪᠠᠨ ᠴᠠᠬᠢᠮ ᠳᠤ ᠬᠠᠳᠠᠭᠠᠯᠠᠭᠳᠠᠬᠤ ᠪᠣᠯᠤᠭᠰᠠᠨ ᠢ ᠰᠢᠨ᠎ᠡ ᠨᠣᠮ ᠭᠡᠲᠡᠭ ᠶᠤᠮ᠃ ᠬᠡᠶᠢᠰᠪᠦᠷᠢ ᠵᠠᠶᠢᠴᠠᠨ ᠳᠤ ᠬᠡᠮᠵᠢᠶᠡᠯᠡᠰᠢ ᠦᠭᠡᠢ ᠶᠡᠭᠡ ᠶᠢ ᠪᠠᠭᠲᠠᠭᠠᠵᠤ ᠪᠠᠶᠢᠳᠠᠭ ᠢ ᠰᠢᠨ᠎ᠡ ᠨᠣᠮ ᠭᠡᠲᠡᠭ᠃ ᠭᠱᠠᠨ ᠵᠠᠭᠤᠷ᠎ᠠ ᠠᠳᠬᠤᠨ ᠳᠤ ᠴᠢᠨᠢ ᠳᠡᠯᠭᠡᠭᠳᠡᠨ᠂ ᠬᠤᠷᠤᠭᠤ ᠶᠢᠨ ᠲᠣᠭᠰᠢᠯᠲᠠ ᠶᠢ ᠴᠢᠨᠢ ᠲᠠᠭᠠᠨ᠂ ᠬᠤᠷᠸ᠎ᠠ ᠶᠢᠨ ᠴᠢᠨᠠᠳᠤ ᠳᠤ ᠬᠦᠷᠭᠡᠵᠦ᠂ ᠲᠡᠪᠡᠷᠢ ᠪᠠᠭᠲᠠᠬᠤ ᠦᠭᠡᠢ ᠨᠣᠮ ᠤᠨ ᠠᠭᠤᠯᠭ᠎ᠠ ᠶᠢ ᠲᠤᠰᠤᠯ ᠵᠠᠢ ᠳᠤ ᠪᠠᠭᠯᠠᠵᠤ ᠲᠠᠯᠪᠢᠳᠠᠭ ᠢ ᠨᠢ ᠰᠢᠨ᠎ᠡ ᠴᠠᠭ ᠤᠨ ᠨᠣᠮ ᠭᠡᠲᠡᠭ ᠶᠤᠮ᠃ ᠢᠮᠠᠬᠤ ᠶᠢᠨ ᠵᠠᠢ ᠳᠤ ᠶᠢᠷᠲᠢᠨᠴᠦ ᠶᠢᠨ ᠨᠢᠭᠤᠴᠠ ᠶᠢ ᠪᠠᠭᠲᠠᠭᠠᠵᠤ ᠳᠡᠶᠢᠯᠳᠡᠭ ᠰᠢᠨ᠎ᠡ ᠴᠠᠭ ᠪᠣᠯ ᠭᠢᠯᠪᠠᠭᠠᠲᠤ ᠡᠷᠢᠨ ᠶᠤᠮ᠃ ᠬᠤᠷᠤᠭᠤ ᠢᠮᠡᠷᠬᠦ ᠬᠤᠷᠣᠮ ᠳᠤ ᠮᠡᠳᠡᠭᠡ ᠶᠢ ᠳᠠᠮᠵᠢᠭᠤᠯᠳᠠᠭ ᠭᠠᠶᠢᠬᠠᠮᠰᠢᠭᠲᠤ ᠴᠠᠭ ᠤᠨ ᠨᠣᠮ ᠤᠨ ᠴᠠᠭᠯᠠᠰᠢ ᠦᠭᠡᠢ ᠬᠤᠷᠳᠤ ᠶᠢ ᠪᠠᠭ᠋ᠠᠳᠤᠨ ᠪᠢᠰᠢᠷᠡᠭᠡᠳ ᠪᠠᠷᠠᠰᠢ ᠦᠭᠡᠢ ᠠ᠋᠃      ᠨᠣᠮ ᠪᠢᠴᠢᠭ ᠨᠢ ᠦᠯᠦ ᠮᠠᠷᠲᠠᠬᠤ ᠶᠢᠨ ᠲᠤᠯᠠᠳᠠ ᠪᠦᠲᠦᠭᠡᠭᠳᠡᠭᠰᠡᠨ ᠶᠤᠮ᠃ ᠨᠣᠮ ᠪᠢᠴᠢᠭ ᠨᠢ ᠡᠭᠦᠷᠢᠳᠡ ᠤᠯᠠᠮᠵᠢᠯᠠᠭᠳᠠᠬᠤ ᠶᠢᠨ ᠲᠥᠯᠥᠭᠡ ᠲᠤᠭᠤᠷᠪᠢᠭᠳᠠᠭᠰᠠᠨ ᠶᠤᠮ᠃ ᠨᠣᠮ ᠪᠢᠴᠢᠭ ᠨᠢ ᠴᠠᠭᠠᠰᠤᠨ᠎ᠠ ᠲᠡᠮᠳᠡᠭᠯᠡᠭᠳᠡᠭᠰᠡᠨ ᠦᠨᠡᠲᠦ ᠥᠪ ᠢᠶᠠᠨ ᠬᠥᠮᠥᠨ ᠲᠥᠷᠥᠯᠬᠢᠲᠡᠨ ᠤ ᠠᠯᠲᠡᠨ ᠴᠡᠭᠡᠵᠢᠨ᠎ᠡ ᠰᠢᠩᠭᠡᠬᠡᠨ ᠦᠯᠡᠳᠡᠭᠡᠬᠦ ᠲᠡᠷᠨ ᠴᠠᠭ ᠲᠤ ᠦᠨ᠎ᠡ ᠴᠡᠨ᠎ᠡ ᠨᠢ ᠮᠡᠳᠡᠷᠡᠭᠳᠡᠳᠡᠭ᠃ ᠬᠥᠮᠥᠨ ᠲᠥᠷᠥᠯᠬᠢᠲᠡᠨ ᠤ ᠴᠠᠴᠠᠨ ᠪᠢᠯᠢᠭ ᠤᠨ ᠭᠠᠶᠢᠬᠠᠮᠰᠢᠭ ᠨᠢ ᠴᠠᠭᠠᠰᠤᠨ᠎ᠠ ᠰᠢᠮᠡᠳᠤᠨ᠂ ᠪᠡᠭᠡ ᠶᠢᠨ ᠠᠩᠬᠢᠯᠤᠮᠠᠯ ᠪᠣᠯᠵᠤ ᠦᠨᠦᠰᠲᠡᠭᠦ ᠦᠶ᠎ᠡ ᠳᠤ᠂ ᠨᠣᠮ ᠪᠢᠴᠢᠭ ᠤᠨ ᠦᠨᠡᠲᠦ ᠴᠢᠨᠠᠷ ᠨᠢ ᠪᠦᠷᠢᠳᠳᠡᠭ ᠰᠠᠨ᠃      ᠣᠨ ᠲᠣᠭᠠᠯᠠᠯ ᠤᠨ ᠡᠮᠦᠨᠡᠬᠢ 30 ᠳ᠋ᠤᠭᠠᠷ ᠵᠠᠭᠤᠨ ᠤ ᠪᠠᠷᠤᠭᠴᠠᠭ᠎ᠠ ᠪᠠᠷ ᠡᠷᠲᠡᠨ ᠤ ᠶᠧᠵᠢᠫᠲ ᠬᠡᠮᠡᠬᠦ ᠭᠠᠶᠢᠬᠠᠮᠰᠢᠭᠲᠤ ᠨᠤᠲᠤᠭ ᠤᠨ ᠨᠣᠮ ᠪᠢᠴᠢᠭ ᠤᠨ ᠪᠣᠷᠣ ᠲᠥᠯᠥᠪ ᠨᠢ ᠪᠦᠲᠦᠵᠦ ᠪᠡᠶᠡᠯᠡᠭᠰᠡᠨ ᠬᠡᠮᠡᠨ ᠰᠤᠳᠤᠯᠤᠭᠠᠴᠢᠳ ᠮᠠᠭᠠᠳᠯᠠᠵᠤ ᠲᠥᠰᠥᠭᠡᠯᠡᠳᠡᠭ ᠶᠤᠮᠰᠠᠨ᠃ ᠤᠷᠳᠤ ᠠᠴᠠ ᠤᠷᠳᠤ ᠲᠡᠦᠬᠡᠨ ᠠᠶᠠᠨ᠂ ᠬᠠᠲᠠᠭᠤ ᠠᠴᠠ ᠬᠠᠲᠠᠭᠤ ᠠᠮᠢᠳᠤᠷᠠᠯ ᠤᠨ ᠨᠤᠭᠤᠴᠢᠭᠠᠨ ᠢ ᠲᠤᠭᠤᠯᠤᠨ᠂ ᠨᠣᠮ ᠪᠢᠴᠢᠭ ᠨᠢ ᠥᠪᠡᠷ ᠤᠨ ᠭᠡᠬᠦ ᠬᠡᠪ ᠭᠡᠯᠪᠡᠷᠢ ᠲᠠᠢ ᠪᠣᠯᠵᠤ᠂ ᠳᠦᠷᠰᠦ ᠪᠠᠶᠢᠳᠠᠯ ᠨᠢ ᠲᠥᠯᠥᠪᠵᠢᠨ᠂ ᠲᠥᠰᠥᠪ ᠲᠥᠯᠥᠪᠯᠡᠭᠡ ᠨᠢ ᠪᠦᠷᠢᠳᠦᠨ᠂ ᠤᠳᠬ᠎ᠠ ᠠᠭᠤᠯᠬᠤᠨ ᠤ ᠬᠡᠮᠵᠢᠶ᠎ᠡ ᠨᠢ ᠲᠣᠳᠣᠷᠬᠠᠢ ᠪᠣᠯᠵᠤ᠂ ᠲᠠᠷᠬᠠᠵᠤ ᠳᠡᠯᠭᠡᠷᠡᠬᠦ ᠪᠣᠯᠣᠮᠵᠢ ᠨᠢ ᠤᠯᠠᠨ ᠪᠣᠯᠵᠤ᠂ ᠥᠪᠯᠡᠨ ᠤᠯᠠᠮᠵᠢᠯᠠᠭᠳᠠᠬᠤ ᠰᠢᠨᠵᠢ ᠨᠢ ᠲᠣᠭᠲᠠᠵᠤ᠂ ᠰᠢᠨᠡᠳᠦᠨ ᠬᠤᠪᠢᠷᠠᠬᠤ ᠰᠢᠯᠲᠠᠭᠠᠨ ᠨᠢ ᠴᠤ ᠨᠡᠮᠡᠭᠳᠡᠨ᠂ ᠥᠭᠡᠳᠡᠯᠡᠨ ᠬᠥᠭᠵᠢᠬᠦ ᠡᠷᠴᠢ ᠬᠦᠴᠦ  ᠨᠢ ᠪᠠᠲᠤᠵᠢᠨ᠂ ᠬᠥᠮᠥᠨ ᠲᠥᠷᠥᠯᠬᠢᠲᠡᠨ ᠤ ᠬᠥᠭᠵᠢᠯ ᠤᠨ ᠵᠠᠮ ᠮᠥᠷ ᠢ ᠤᠳᠤᠷᠢᠳᠬᠤ ᠰᠣᠶᠣᠯ ᠤᠨ ᠴᠠᠮᠬᠠᠭ ᠪᠤᠯᠬᠤ  ᠨᠢ ᠢᠯᠨ ᠲᠣᠳᠣᠷᠬᠠᠢ ᠪᠣᠯᠵᠠᠢ᠃      ᠨᠣᠮ ᠪᠢᠴᠢᠭ ᠭᠡᠲᠡᠭ ᠤᠨ ᠠᠩᠬᠠᠨ ᠤ ᠡᠬᠡ ᠨᠢ ᠮᠣᠳᠣ ᠴᠢᠯᠠᠭᠤᠨ ᠳᠡᠭᠡᠷ᠎ᠡ ᠰᠡᠶᠢᠯᠦᠭᠳᠡᠵᠦ ᠪᠠᠶᠢᠯ᠎ᠠ᠂ ᠶᠠᠰᠤ ᠲᠡᠮᠦᠷ ᠳᠡᠭᠡᠷ᠎ᠡ ᠴᠤ ᠰᠡᠶᠢᠯᠦᠭᠳᠡᠵᠦ ᠪᠠᠶᠢᠯ᠎ᠠ᠂ ᠪᠥᠰ ᠪᠠᠷᠠᠭᠠᠨ ᠳᠡᠭᠡᠷ᠎ᠡ ᠵᠢᠷᠤᠭᠳᠠᠨ ᠪᠢᠴᠢᠭᠳᠡᠵᠦ ᠪᠠᠶᠢᠭᠰᠠᠨ ᠶᠤᠮ᠃ ᠴᠠᠭ ᠤᠨ ᠴᠠᠭᠢᠯᠤᠯ ᠤᠨ ᠳᠤᠮᠳᠠ᠂ ᠴᠠᠭᠠᠰᠤ ᠬᠡᠮᠡᠬᠦ ᠰᠢᠨ᠎ᠡ ᠵᠠᠭᠤᠴᠢ ᠨᠢ ᠨᠣᠮ ᠪᠢᠴᠢᠭ ᠤᠨ ᠬᠥᠭᠵᠢᠯ ᠢ ᠤᠷᠭᠢᠯ ᠱᠠᠲᠤᠨ᠎ᠠ ᠬᠦᠷᠭᠡᠵᠦ ᠴᠢᠳᠠᠵᠠᠢ᠃ ᠴᠠᠭᠠᠰᠤᠨ ᠪᠠᠷ ᠤᠨ ᠨᠣᠮ ᠪᠢᠴᠢᠭ ᠤᠨ ᠡᠭᠦᠷᠴᠦ ᠳᠦᠭᠦᠷᠬᠦ ᠳᠤ ᠬᠥᠩᠭᠡᠬᠡᠨ᠂ ᠦᠰᠦᠭᠯᠡᠵᠤ ᠨᠢᠳᠦᠯᠡᠬᠦ ᠳᠤ ᠲᠣᠳᠣᠬᠠᠨ᠂ ᠦᠨ᠎ᠡ ᠬᠠᠩᠰᠢ ᠨᠢ ᠬᠢᠮᠳᠠᠬᠠᠨ᠂ ᠡᠷᠭᠢᠭᠦᠯᠵᠦ ᠤᠩᠰᠢᠬᠤ ᠳᠤ ᠠᠮᠠᠷᠬᠠᠨ ᠵᠡᠷᠭᠡ ᠰᠣᠳᠣᠨ ᠰᠢᠨᠵᠢ ᠪᠠᠷ ᠢᠶᠠᠨ ᠴᠠᠭ ᠤᠨ ᠴᠢᠭᠲᠠᠭᠠᠨ ᠤ ᠴᠠᠯᠮ᠎ᠠ ᠣᠭᠤᠰᠣᠷ ᠢ ᠨᠢ ᠠᠳᠬᠤᠵᠤ ᠠᠮᠵᠢᠭᠰᠠᠨ         ᠶᠤᠮ᠃      ᠨᠣᠮ ᠤᠨ ᠬᠡᠪ ᠭᠡᠯᠪᠡᠷᠢ ᠨᠢ ᠲᠦᠮᠡᠨᠲᠡ ᠬᠤᠪᠢᠷᠠᠵᠤ ᠮᠢᠩᠭᠠᠨᠲᠠ ᠥᠭᠡᠷᠡᠲᠦᠯ᠎ᠡ ᠴᠤ ᠭᠡᠰᠡᠨ᠂ ᠲᠤᠰᠬᠠᠵᠤ ᠪᠦᠬᠦᠢ ᠨᠠᠷᠢᠯᠢᠭ ᠠᠭᠤᠯᠭ᠎ᠠ᠂ ᠲᠤᠭᠤᠷᠪᠢᠵᠤ ᠬᠡᠪᠯᠡᠭᠰᠡᠨ ᠭᠡᠳᠤ ᠶᠢᠨ ᠵᠣᠷᠢᠯᠭ᠎ᠠ᠂ ᠭᠦᠷᠦᠭᠡᠳ ᠣᠴᠢᠬᠤ ᠶᠢᠨ ᠬᠦᠰᠡᠯ ᠮᠥᠷᠥᠭᠡᠳᠦᠯ ᠨᠢ ᠭᠠᠯ ᠬᠠᠯᠠᠭᠤᠨ ᠬᠡᠪ ᠢᠶᠠᠷ ᠢᠶᠠᠨ ᠪᠠᠶᠢᠵᠤ᠂ ᠬᠠᠨᠳᠤᠭᠤᠯᠵᠤ ᠵᠣᠷᠢᠭᠤᠯᠤᠭᠰᠠᠨ ᠡᠵᠡᠨ ᠪᠡᠶ᠎ᠡ ᠨᠢ ᠲᠣᠭᠲᠠᠩᠭᠤᠢ ᠰᠢᠨᠵᠢ ᠪᠠᠨ ᠪᠠᠲᠤᠳᠠ ᠬᠠᠳᠠᠭᠠᠯᠠᠭᠰᠠᠭᠠᠷ ᠪᠠᠶᠢᠵᠤ᠂ ᠮᠠᠨᠤᠰ ᠤᠨ ᠳᠤᠯᠠᠭᠠᠨ ᠠᠯᠠᠭᠠᠨ᠎ᠠ ᠳᠡᠯᠭᠡᠭᠳᠡᠵᠦ ᠪᠠᠶᠢᠭ᠎ᠠ ᠪᠢᠯᠡ᠃      ᠰᠠᠶᠢᠨ ᠰᠠᠶᠢᠬᠠᠨ᠂ ᠭᠤᠸ᠎ᠠ ᠲᠠᠩᠰᠤᠭ᠂ ᠲᠥᠪ ᠴᠢᠬᠢᠮᠡᠢ᠂ ᠠᠷᠢᠭᠤᠨ ᠲᠠᠷᠬᠠᠨ ᠪᠣᠯ ᠬᠥᠮᠥᠨ ᠲᠥᠷᠥᠯᠬᠢᠲᠡᠨ ᠤ ᠮᠥᠷᠥᠭᠡᠳᠦᠯ ᠤᠨ ᠲᠣᠷᠭᠠᠨ ᠮᠡᠳᠡᠷᠡᠮᠵᠢ ᠨᠢ ᠶᠤᠮ᠃ ᠣᠷᠴᠢᠯᠠᠩ ᠶᠢᠷᠲᠢᠨᠴᠦ ᠶᠢᠨ ᠲᠤᠬᠠᠢ ᠵᠥᠪ ᠮᠡᠳᠡᠯᠭᠡ ᠶᠢ ᠬᠥᠮᠥᠨ ᠲᠥᠷᠥᠯᠬᠢᠲᠡᠨ ᠳᠤ ᠣᠯᠭᠤᠵᠤ ᠴᠢᠳᠠᠳᠠᠭ ᠨᠣᠮ ᠢ ᠰᠠᠶᠢᠨ ᠨᠣᠮ ᠭᠡᠲᠡᠭ᠃ ᠤᠴᠢᠷ ᠨᠢ ᠵᠥᠪ ᠤᠨᠤᠯ᠂ ᠵᠢᠩᠬᠢᠨᠢ ᠮᠡᠳᠡᠯᠭᠡ ᠨᠢ ᠬᠥᠮᠥᠨ ᠲᠥᠷᠥᠯᠬᠢᠲᠡᠨ ᠤ ᠦᠢᠯᠡᠳᠦᠯᠭᠡ ᠶᠢᠨ ᠵᠥᠪ ᠴᠢᠭᠯᠡᠯ ᠢ ᠵᠢᠯᠤᠭᠤᠳᠴᠤ ᠴᠢᠳᠠᠳᠠᠭ᠃ ᠵᠥᠪ ᠮᠡᠳᠡᠯᠭᠡ᠂ ᠵᠥᠪ ᠠᠷᠭ᠎ᠠ ᠶᠢ ᠬᠠᠩᠭᠠᠵᠤ ᠥᠭᠴᠦ ᠴᠢᠳᠠᠬᠤ ᠭᠡᠲᠡᠭ ᠪᠣᠯ ᠰᠠᠶᠢᠨ ᠨᠣᠮ ᠢ ᠦᠨᠡᠯᠡᠬᠦ ᠰᠠᠭᠤᠷᠢ ᠪᠠᠷᠢᠮᠵᠢᠶ᠎ᠠ  ᠨᠢ ᠲᠡᠷᠨ ᠪᠢᠯᠡ᠃ ᠳᠠᠶᠠᠭᠠᠷ ᠤᠯᠠᠨ ᠳᠤ ᠮᠡᠳᠡᠷᠡᠭᠳᠡᠭᠰᠡᠨ ᠰᠣᠩᠭᠤᠳᠠᠭ ᠨᠣᠮ ᠪᠣᠯ ᠣᠨᠴᠠ ᠰᠠᠶᠢᠨ ᠨᠣᠮ ᠤᠨ ᠬᠡᠪᠴᠢᠶᠡᠨ ᠳᠤ ᠪᠠᠭᠲᠠᠳᠠᠭ᠃ ᠰᠣᠩᠭᠤᠳᠠᠭ ᠨᠣᠮ ᠪᠢᠴᠢᠭ ᠭᠡᠲᠡᠭ ᠪᠣᠯ ᠥᠨᠢ ᠤᠳᠠᠭᠠᠨ ᠲᠡᠦᠬᠡ ᠶᠢᠨ ᠤᠷᠤᠰᠬᠠᠯ ᠤᠨ ᠰᠢᠭᠰᠢᠯᠲᠡ ᠰᠣᠩᠭᠤᠯᠲᠠ ᠶᠢ ᠲᠡᠮᠵᠢᠨ᠂ ᠥᠩᠭᠡ ᠭᠢᠯᠪᠠᠭ᠎ᠠ ᠪᠠᠨ ᠮᠥᠩᠬᠡ ᠬᠠᠳᠠᠭᠠᠯᠠᠵᠤ ᠴᠢᠳᠠᠭᠰᠠᠨ ᠦᠯᠢᠭᠡᠷ ᠳᠠᠭᠤᠷᠢᠶᠠᠯ ᠤᠨ ᠴᠢᠨᠠᠷ ᠲᠠᠢ᠂ ᠡᠷᠬᠡ ᠰᠦᠷᠲᠦ ᠴᠢᠨᠠᠷ᠂ ᠡᠷᠬᠢᠮᠨᠡᠨ ᠨᠠᠨᠳᠢᠩᠨᠠᠬᠤ ᠦᠨ᠎ᠡ ᠴᠠᠨ᠎ᠡ ᠪᠦᠬᠦᠢ ᠪᠦᠭᠦ᠋ᠢᠯᠨ ᠤᠷᠠᠨ ᠪᠦᠲᠦᠭᠡᠯ ᠢ ᠬᠡᠯᠡᠳᠡᠭ᠃ ᠠᠳᠠᠯᠢ ᠪᠤᠰᠤ ᠴᠠᠭ ᠡᠷᠢᠨ ᠤ ᠲᠦᠷᠦ ᠭᠦᠷᠦᠨ᠂ ᠠᠳᠠᠯᠢ ᠪᠤᠰᠤ ᠠᠷᠠᠰᠤᠲᠠᠨ ᠶᠠᠰᠤᠲᠠᠨ ᠤ ᠬᠥᠮᠥᠨ ᠠᠷᠠᠳ ᠤᠨ ᠰᠣᠩᠭᠤᠳᠠᠭ ᠨᠣᠮ ᠤᠨ ᠪᠠᠷᠢᠮᠵᠢᠶ᠎ᠠ ᠨᠢ ᠮᠠᠰᠢ ᠵᠥᠷᠢᠶ᠎ᠡ ᠲᠠᠢ᠃ ᠬᠥᠮᠥᠨ ᠲᠥᠷᠥᠯᠬᠢᠲᠡᠨ ᠤ ᠬᠥᠭᠵᠢᠯ ᠲᠡᠪᠰᠢᠯ ᠤᠨ ᠪᠦᠭᠦ᠋ᠢᠯᠨ ᠱᠠᠲᠤ ᠦᠶ᠎ᠡ ᠳᠤ᠂ ᠰᠠᠶᠢᠨ ᠰᠠᠶᠢᠬᠠᠨ ᠢ ᠬᠦᠰᠡᠨ ᠮᠥᠷᠥᠭᠡᠳᠦᠭᠰᠡᠨ᠂ ᠭᠤᠸ᠎ᠠ ᠰᠠᠶᠢᠬᠠᠨ ᠢ ᠪᠠᠭ᠋ᠠᠳᠤᠨ ᠪᠠᠭ᠋ᠠᠷᠬᠠᠭᠰᠠᠨ᠂ ᠡᠷᠡᠯᠬᠡᠭ ᠵᠣᠷᠢᠭ ᠢ ᠰᠢᠳᠤᠨ ᠪᠢᠰᠢᠷᠡᠭᠰᠡᠨ᠂ ᠡᠩᠬᠡ ᠲᠠᠶᠢᠪᠤᠩ ᠢ ᠳᠡᠭᠡᠳᠦᠯᠡᠨ ᠰᠢᠲᠦᠭᠰᠡᠨ ᠵᠡᠷᠭᠡ ᠰᠠᠶᠢᠨ ᠰᠠᠶᠢᠬᠠᠨ᠂ ᠭᠤᠸ᠎ᠠ ᠭᠠᠶᠢᠬᠠᠮᠰᠢᠭ᠂ ᠡᠩᠬᠡ        ᠠᠮᠤᠭᠤᠯᠠᠩ᠂ ᠡᠰᠡᠨᠢᠯ ᠮᠠᠨᠳᠤᠯ ᠢ ᠵᠣᠷᠢᠭᠰᠠᠨ ᠬᠦᠰᠡᠯ ᠮᠥᠷᠥᠭᠡᠳᠦᠯᠲᠦ ᠴᠢᠭᠯᠡᠯ ᠨᠢ ᠨᠡᠶᠢᠳᠡᠮ ᠳᠡᠭᠡᠨ ᠢᠵᠢᠯ ᠰᠢᠨᠵᠢ ᠲᠠᠢ ᠪᠠᠶᠢᠳᠠᠭ ᠰᠠᠨ᠃      ᠰᠣᠩᠭᠤᠳᠠᠭ ᠨᠣᠮ ᠪᠢᠴᠢᠭ ᠨᠢ ᠬᠥᠮᠥᠨ ᠲᠥᠷᠥᠯᠬᠢᠲᠡᠨ ᠢ ᠰᠠᠶᠢᠨ ᠰᠠᠶᠢᠬᠠᠨ ᠵᠦᠭ ᠲᠤ ᠳᠠᠭᠠᠭᠤᠯᠤᠨ᠂ ᠭᠡᠷᠡᠯ ᠭᠡᠭᠡ ᠵᠦᠭ ᠬᠥᠲᠥᠯᠬᠦ ᠰᠢᠳᠢ ᠤᠪᠠᠳᠢᠰ ᠲᠠᠢ ᠶᠤᠮ᠃ ᠪᠦᠷᠢᠨ ᠪᠦᠲᠦᠨ ᠮᠡᠳᠡᠯᠭᠡ ᠶᠢᠨ ᠬᠡᠯᠬᠢᠶᠡᠰᠦ᠂ ᠰᠢᠰᠲ᠋ᠧᠮᠵᠢᠭᠰᠡᠨ ᠤᠨᠤᠯ ᠢ ᠬᠠᠩᠭᠠᠵᠤ ᠴᠢᠳᠠᠳᠠᠭ ᠨᠣᠮ ᠨᠢ ᠰᠠᠶᠢᠨ ᠨᠣᠮ ᠳᠤ ᠲᠣᠭᠠᠴᠠᠭᠳᠠᠳᠠᠭ᠃ ᠨᠣᠮ ᠢ ᠬᠠᠶᠢᠷᠠᠯᠠᠨ ᠤᠩᠰᠢᠬᠤ ᠨᠢ ᠬᠠᠷᠠᠴᠠ ᠬᠠᠷᠠᠭ᠎ᠠ ᠪᠠᠨ ᠥᠷᠭᠡᠳᠬᠡᠨ᠂ ᠮᠡᠳᠡᠯᠭᠡ ᠮᠡᠳᠡᠴᠡ ᠪᠠᠨ ᠲᠡᠯᠡᠭᠦ ᠶᠢᠨ ᠲᠥᠯᠥᠭᠡ ᠶᠤᠮᠰᠠᠨ᠃ ᠰᠠᠶᠢᠨ ᠨᠣᠮ ᠪᠣᠯ ᠶᠠᠮᠠᠷ ᠨᠢᠭᠡᠨ ᠬᠦᠷᠢᠶ᠎ᠡ ᠴᠠᠷᠠᠭ᠎ᠠ ᠶᠢᠨ ᠬᠤᠪᠢ ᠳᠤ᠂ ᠬᠥᠮᠥᠨ ᠲᠥᠷᠥᠯᠬᠢᠲᠡᠨ ᠳᠤ ᠪᠦᠷᠢᠨ ᠪᠦᠲᠦᠨ ᠮᠡᠳᠡᠯᠭᠡ ᠶᠢ ᠬᠠᠩᠭᠠᠨ ᠥᠭᠴᠦ᠂ ᠰᠢᠮ᠎ᠡ ᠭᠦᠷᠲᠡᠭᠦ ᠭᠡᠰᠡᠨ ᠬᠦᠰᠡᠯ ᠢ ᠨᠢ ᠬᠠᠩᠭᠠᠵᠤ ᠴᠢᠳᠠᠳᠠᠭ᠃ ᠬᠥᠮᠥᠰ ᠲᠤ ᠠᠷᠭ᠎ᠠ ᠲᠤᠷᠰᠢᠯᠭ᠎ᠠ ᠬᠠᠩᠭᠠᠨ᠂ ᠶᠠᠪᠤᠳᠠᠯ ᠠᠶᠠᠯᠠᠯ ᠢ ᠨᠢ ᠰᠢᠯᠤᠭᠤᠨ ᠰᠢᠭᠤᠳ ᠪᠤᠯᠭᠠᠵᠤ ᠴᠢᠳᠠᠳᠠᠭ ᠰᠠᠨ᠃ ᠠᠷᠭ᠎ᠠ ᠲᠤᠷᠰᠢᠯᠭ᠎ᠠ ᠭᠡᠲᠡᠭ ᠪᠣᠯ ᠠᠲᠠᠷᠠᠮᠠᠭᠠᠳᠤ ᠠᠮᠢᠳᠤᠷᠠᠯ ᠤᠨ ᠥᠭᠰᠥᠭᠡᠨ ᠳᠤᠮᠳᠠ ᠮᠡᠷᠡᠶᠢᠵᠦ ᠶᠠᠪᠤᠬᠤ ᠳᠠᠭᠠᠨ ᠬᠤᠷᠠᠮᠳᠤᠭᠤᠯᠵᠤ ᠣᠯᠣᠭᠰᠠᠨ ᠦᠨᠡᠲᠦ ᠡᠷᠳᠡᠨᠢ ᠶᠢ ᠨᠡᠷᠡᠯᠡᠳᠡᠭ ᠶᠤᠮᠰᠠᠨ᠃      ᠨᠣᠮ ᠪᠢᠴᠢᠭ ᠭᠡᠲᠡᠭ ᠤᠷᠠᠨ ᠪᠦᠲᠦᠭᠡᠯᠴᠢ ᠶᠢᠨ ᠣᠷᠭᠢᠯᠤᠨ ᠪᠠᠳᠠᠷᠠᠭᠰᠠᠨ ᠠᠪᠢᠶᠠᠰ ᠣᠩᠭᠤᠳ᠂ ᠤᠶᠢᠭ᠎ᠠ ᠦᠭᠡᠢ ᠶᠡᠭᠡ ᠬᠦᠴᠦ ᠭᠦᠲᠡᠯᠮᠤᠷᠢ ᠪᠠᠷ ᠲᠤᠭᠤᠷᠪᠢᠵᠤ ᠪᠦᠲᠦᠭᠡᠭᠳᠡᠭᠰᠡᠨ ᠤᠶᠤᠨ ᠤᠬᠠᠭᠠᠨ ᠤ ᠰᠢᠳᠢᠲᠦ ᠲᠠᠷᠠᠰᠤ ᠪᠢᠯᠡ᠃ ᠶᠠᠳᠠᠷᠠᠭᠰᠠᠨ ᠴᠠᠭ ᠲᠤ ᠲᠡᠩᠬᠡᠭᠡ ᠬᠠᠶᠢᠷᠠᠯᠠᠵᠤ᠂ ᠤᠮᠳᠠᠭᠠᠰᠤᠭᠰᠠᠨ ᠦᠶ᠎ᠡ ᠳᠤ ᠷᠠᠰᠢᠶᠠᠨ ᠪᠣᠯᠵᠤ᠂ ᠮᠤᠬᠤᠷᠳᠠᠭᠰᠠᠨ ᠦᠶ᠎ᠡ ᠳᠤ ᠴᠠᠮᠬᠠᠭ ᠪᠣᠯᠵᠤ᠂ ᠴᠤᠴᠠᠷᠲᠠᠬᠰᠠᠨ ᠴᠠᠭ ᠲᠤ ᠲᠠᠶᠢᠳᠬᠤᠷᠠᠯ ᠪᠤᠯᠲᠠᠭ ᠴᠤᠬᠠᠭ ᠡᠷᠳᠡᠨᠢ ᠶᠤᠮ᠃ ᠨᠣᠮ ᠢ ᠭᠠᠷ ᠲᠠᠭᠠᠨ ᠪᠠᠷᠢᠵᠤ᠂ ᠨᠢᠳᠦ ᠪᠠᠷ ᠦᠰᠦᠭ ᠢ ᠨᠢ ᠦᠭᠦᠭᠡᠷᠳᠤᠨ᠂ ᠤᠳᠬ᠎ᠠ ᠶᠢ ᠨᠢ ᠴᠡᠭᠡᠵᠢᠨ ᠳᠡᠭᠡᠨ ᠲᠤᠩᠭᠠᠵᠤ᠂ ᠵᠦᠢ ᠶᠢ ᠨᠢ ᠪᠢᠰᠢᠯᠭᠠᠨ ᠪᠠᠶᠢᠵᠤ ᠠᠮᠢᠳᠤᠷᠠᠯ ᠤᠨ ᠢᠶᠠᠨ ᠠᠯᠬᠤᠭ᠎ᠠ ᠶᠠᠪᠤᠴᠠ ᠪᠣᠯᠭᠠᠨ ᠨᠣᠮ ᠪᠢᠴᠢᠭ ᠤᠨ ᠰᠢᠳᠢ ᠤᠪᠠᠳᠢᠰ ᠢ ᠨᠢ ᠮᠡᠳᠡᠷᠡᠵᠦ ᠶᠠᠪᠤᠵᠠᠭᠠᠶ᠎ᠠ︕
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号