ᠪᠠᠷᠭᠤᠴᠣᠳ᠂ ᠠ᠊ ᠬᠦᠭᠵᠢᠯᠳᠣ | | ᠠᠬᠠᠮᠠᠳ ᠬᠤᠪᠢᠰᠬᠠᠯᠴᠢ ᠠᠯᠳᠠᠷᠳᠣ ᠣᠷᠠᠯᠢᠭᠴᠢᠨ | | — ᠪᠢᠯᠢᠭᠳᠦ ᠶᠢᠨ ᠮᠠᠵᠢᠭ ᠢ ᠲᠣᠷᠠᠳᠬᠠᠨ ᠲᠡᠮᠳᠡᠭᠯᠡᠪᠡ | | ᠴᠠᠭᠠᠭᠴᠢᠨ ᠲᠡᠣᠯᠠᠢ ︵2011 ᠣᠨ︶ ᠵᠢᠯ ᠤᠨ ᠴᠠᠭᠠᠨ ᠰᠠᠷ᠎ᠠ ᠪᠠᠷ ᠪᠢ ᠬᠦᠬᠡᠬᠤᠳᠠᠨ ᠳᠤ ᠠᠩᠬ᠎ᠠ | ᠣᠳᠠᠭ᠎ᠠ ᠰᠢᠨᠡᠯᠡᠬᠦ ᠳᠡᠭᠡᠨ ᠨᠣᠳᠤᠭ ᠤᠨ ᠪᠣᠭᠤᠷᠣᠯ ᠮᠠᠵᠢᠭ ᠨᠠᠰᠣᠳᠠᠨ ᠤ ᠬᠢ ᠶᠢ ᠰᠣᠷᠠᠭᠯᠠᠵᠣ ᠬᠦᠷᠣᠭᠡᠳ᠂ ᠰᠢᠨ᠎ᠡ | ᠶᠢᠨ ᠵᠣᠯᠭᠠᠯᠳᠠ ᠬᠢᠬᠦ ᠦᠶᠡᠰ ᠴᠢᠷᠠᠢ ᠯᠠᠭᠱᠢᠨ ᠴᠠᠯ ᠪᠣᠭᠤᠷᠣᠯ ᠮᠠᠨᠢ ᠲᠣᠳᠣᠷ᠎ᠠ ᠦᠷᠣᠭᠡᠨ ᠠᠴᠠ ᠪᠠᠨ ᠲᠦᠷᠢᠬᠦᠯ | ᠲᠡᠷᠭᠡ ᠪᠠᠷ ᠵᠣᠴᠢᠨ ᠤ ᠦᠷᠦᠬᠡ ᠳᠡᠭᠡᠨ ᠰᠠᠭᠠᠳᠠᠨ ᠨᠠᠳᠠ ᠲᠠᠢ ᠮᠡᠨᠳᠣᠴᠢᠯᠡᠵᠣ᠂ ᠬᠠᠯᠠᠭᠤᠨ ᠵᠣᠭᠤᠭ ᠲᠡᠯᠭᠡᠵᠣ | ᠰᠠᠭᠤᠯ᠎ᠠ᠃ ᠬᠦᠯ ᠨᠢᠷᠣᠭᠤᠨ ᠤ ᠬᠠᠭᠤᠴᠢᠨ ᠢᠶᠠᠷ ᠬᠦᠮᠦᠨ ᠤ ᠭᠠᠷ ᠢ ᠲᠦᠰᠢᠬᠦ ᠪᠣᠯᠣᠭᠰᠠᠨ ᠨᠢ ᠡᠨᠡ ᠪᠠᠶᠢᠵᠠᠢ᠃ | ᠣᠣᠯ ᠨᠢ ᠬᠡᠳᠣ ᠣᠳᠠᠭ᠎ᠠ ᠣᠳᠠᠰᠣ ᠪᠠᠷ ᠬᠠᠷᠢᠴᠠᠬᠤ ᠪᠣᠶᠣ ᠨᠢᠭᠤᠷ ᠣᠴᠠᠷᠠᠵᠣ ᠪᠠᠶᠢᠭᠰᠠᠨ ᠲᠡᠳᠣᠢ᠃ ᠬᠠᠷᠢᠨ ᠡᠨᠡ | ᠣᠳᠠᠭ᠎ᠠ ᠡᠷᠳᠡ ᠡᠳᠣᠭᠡ ᠶᠢᠨ ᠲᠣᠬᠠᠢ ᠵᠣᠭᠤᠭᠳᠠᠵᠣ ᠰᠠᠭᠤᠭᠰᠠᠨ ᠨᠢ ᠮᠠᠨᠣᠰ ᠤᠨ ᠲᠣᠬᠠᠳᠠᠢ ᠶᠠᠷᠢᠯᠴᠠᠭᠠᠨ ᠤ | ᠡᠬᠢᠯᠡᠯᠳᠡ ᠮᠦᠷᠳᠡᠭᠡᠨ ᠲᠡᠭᠦᠰᠭᠡᠯ ᠪᠣᠯᠣᠭᠰᠠᠨ ᠪᠢᠯᠡ᠃ ᠢᠷᠡᠬᠦ ᠡᠪᠣᠯ ᠤᠨ ᠬᠢᠨ ᠡᠬᠢ ᠪᠠᠷ ᠨᠠᠰᠣᠳᠠᠨ ᠢ ᠨᠠᠰᠣᠨ | ᠬᠤᠳᠤᠭ ᠵᠢᠷᠭᠠᠭᠠᠵᠠᠢ ᠬᠡᠰᠡᠨ ᠵᠣᠯ ᠪᠣᠰᠣ ᠴᠢᠮᠡᠭᠡ ᠶᠢ ᠲᠣᠭᠤᠯᠪᠠ᠃ ᠢᠩᠬᠢᠭᠡᠳ ᠮᠢᠨᠦ ᠨᠠᠷᠢᠨ ᠰᠤᠷᠪᠤᠯᠵᠢᠯᠠᠭ᠎ᠠ | ᠠᠪᠴᠣ ᠲᠣᠳᠣᠷᠬᠠᠢ ᠰᠢᠭ᠋ ᠲᠡᠮᠳᠡᠭᠯᠡᠯ ᠬᠢᠬᠦ ᠬᠦᠰᠡᠯ ᠲᠣᠷᠭᠤᠨ ᠪᠣᠯᠣᠭᠰᠠᠨ ᠪᠣᠯᠪᠠᠴᠣ᠂ ᠠᠬᠠᠮᠠᠳ ᠬᠤᠪᠢᠰᠬᠠᠯᠴᠢ | ᠠᠯᠳᠠᠷᠳᠣ ᠣᠷᠠᠯᠢᠭᠴᠢ ᠶᠢᠨ ᠢᠶᠠᠨ ᠣᠯᠣᠰ ᠣᠷᠣᠨ ᠤ ᠴᠢᠯᠣᠬᠡᠯᠡᠯᠳᠡ ᠪᠠ ᠣᠳᠬ᠎ᠠ ᠣᠷᠠᠯᠢᠭ ᠤᠨ ᠦᠢᠯᠡᠰ ᠲᠤ | ᠲᠦᠴᠢ ᠭᠠᠷᠣᠢ ᠵᠢᠯ ᠲᠡᠮᠡᠣᠯᠡᠨ ᠵᠢᠳᠬᠦᠵᠦ ᠢᠷᠡᠭᠰᠡᠨ ᠦᠩᠬᠡᠷᠡᠯᠳᠡ ᠶᠢᠨ ᠲᠣᠬᠠᠢ ᠰᠣᠨᠣᠰᠣᠭᠰᠠᠨ ᠢᠶᠠᠨ ᠲᠣᠷᠠᠳᠬᠠᠯ | ᠪᠣᠯᠭᠠᠨ ᠲᠡᠮᠳᠡᠭᠯᠡᠪᠡ᠃ ᠡᠭᠡ ᠣᠷᠣᠨ ᠤ ᠪᠠᠨ ᠴᠢᠯᠣᠭᠡᠯᠡᠯᠳᠡ ᠶᠢᠨ ᠦᠢᠯᠡᠰ ᠲᠤ ᠦᠪᠡᠷ ᠤᠨ ᠬᠦᠴᠦᠨ ᠴᠢᠳᠡᠯ ᠢᠶᠠᠨ | ᠵᠣᠷᠢᠭᠤᠯᠬᠤ ᠪᠠᠷ ᠠᠷᠪᠠᠨ ᠲᠠᠪᠣᠳᠠᠢ ᠵᠢᠯ ᠢᠶᠠᠨ ᠠᠶᠢᠯᠳᠣᠬᠦᠢ ᠪᠠᠷ ᠲᠦᠷᠦᠬᠦᠯᠦᠬᠦᠯᠡᠭᠰᠡᠨ ᠠᠮᠣᠷ ᠢ ᠬᠠᠮᠠᠭᠠᠯᠠᠬᠤ | ᠴᠡᠷᠢᠭ ᠲᠤ ᠡᠯᠰᠡᠭᠳᠡᠵᠣ᠂ ᠬᠤᠪᠢᠰᠬᠠᠯᠳᠣ ᠴᠡᠷᠢᠭ ᠲᠤ ᠵᠢᠩᠬᠢᠨᠢ ᠪᠠᠷ ᠣᠷᠣᠯᠴᠠᠭᠰᠠᠨ ᠠᠩᠬᠠᠳᠠᠭᠴᠢ ᠬᠦᠮᠦᠰ ᠤᠨ | ᠨᠢᠬᠡ ᠨᠢ ᠪᠣᠯᠬᠤ ᠠᠬᠠᠮᠠᠳ ᠬᠤᠪᠢᠰᠬᠠᠯᠴᠢ ᠮᠠᠵᠢᠭ ︵ᠲᠠᠯᠠᠶᠢᠭᠠᠴᠢ︶ ᠪᠣᠯ ᠣᠣᠯ ᠤᠨ ᠰᠢᠯᠢ ᠶᠢᠨ ᠭᠤᠣᠯ | ᠴᠢᠭᠤᠯᠭᠠᠨ ᠤ ᠦᠵᠦᠮᠦᠴᠢᠨ ᠵᠡᠬᠦᠨ ᠭᠠᠷᠣᠨ ᠬᠤᠰᠢᠭᠤᠨ ᠤ ᠶᠡᠭᠡ ᠭᠠᠭᠢᠯ ᠰᠣᠮᠣᠨ ᠤ ᠡᠷᠭᠦᠳᠡᠭ ᠣᠪᠣᠭᠳᠣ | ᠮᠠᠯᠴᠢᠨ ᠪᠢᠯᠢᠭᠳᠦ ᠶᠢᠨ ᠪᠠᠭ᠎ᠠ ᠬᠦᠪᠡᠭᠦᠨ ᠪᠣᠯᠵᠣ᠂ 1933 ᠣᠨ ᠳᠤ ᠡᠭᠡ ᠲᠡᠮᠣᠷᠠ ︵ᠦᠨᠢᠷ︶ ᠠᠴᠠ ᠣᠯᠠᠭᠠᠢ | ᠶᠢᠨ ᠭᠤᠣᠯ ᠤᠨ ᠣᠷᠣᠰᠬᠠᠯ ᠲᠠᠭᠠᠣ ︽ᠴᠠᠭᠠᠨ ᠡᠷᠬᠢ︾ ᠬᠡᠮᠡᠬᠦ ᠭᠠᠵᠠᠷ ᠵᠠᠶᠠᠭᠠᠵᠠᠢ᠃ ᠮᠠᠵᠢᠭ ᠡᠶᠢᠨᠬᠦ ᠮᠠᠯᠴᠢᠨ | ᠠᠮᠢᠳᠣᠷᠠᠯ ᠤᠨ ᠭᠤᠯᠣᠮᠳᠠ ᠳᠤ ᠦᠰᠴᠣ ᠪᠣᠶᠢᠵᠢᠬᠤ ᠳᠠᠭᠠᠨ ᠬᠠᠷ᠎ᠠ ᠪᠠᠭ᠎ᠠ ᠨᠠᠰᠣᠨ ᠠᠴᠠ ᠪᠠᠨ ᠬᠤᠷᠠᠭ᠎ᠠ ᠲᠣᠭᠤᠯ | ᠲᠠᠢ ᠨᠣᠣᠷᠠᠯᠳᠣᠨ᠂ ᠬᠤᠨᠢ ᠮᠠᠯ ᠳᠤ ᠬᠦᠶᠣᠬᠦ ᠳᠡᠭᠡᠨ ᠬᠤᠯᠣᠰᠣᠨ ᠭᠤᠣᠯ ᠰᠣᠭᠤᠯᠵᠣ ᠦᠯᠢᠶᠡᠭᠡᠳ ᠠᠮᠢᠳᠠᠨ | ᠭᠤᠣᠯᠳᠠᠨ ᠤ ᠲᠠᠭᠤ ᠶᠢ ᠲᠦᠷᠰᠣᠯᠡᠬᠦᠯᠳᠡᠭ ᠠᠪᠢᠶᠠᠰᠯᠢᠭ ᠬᠡᠣᠭᠡᠳ ᠪᠠᠶᠢᠭᠰᠠᠨ ᠢᠶᠠᠷ ᠠᠶᠢᠯ ᠠᠶᠢᠮᠠᠭ ᠤᠨ | ᠲᠣᠮᠣᠭᠠᠳᠠᠨ ᠨᠢ ᠲᠡᠭᠦᠨ ᠢ ᠤᠪᠠᠳᠢᠰ ᠲᠠᠢ ᠴᠣᠪᠣᠭᠤ ᠬᠦᠣ ᠬᠡᠮᠡᠨ ᠮᠠᠭᠳᠠᠳᠠᠭ ᠪᠠᠶᠢᠯ᠎ᠠ ᠭᠡᠳᠡᠭ᠃ | ᠮᠠᠵᠢᠭ ᠠᠷᠪᠠᠨ ᠲᠠᠪᠣᠳᠠᠢ ᠵᠢᠯ ᠢᠶᠠᠨ ︵1948 ᠣᠨ ᠤ ᠨᠠᠮᠣᠷ ᠤᠨ 8 ᠰᠠᠷ᠎ᠠ ᠳᠤ︶ ᠲᠣᠳᠣᠭᠠᠳᠣ ᠶᠢᠨ | ᠲᠠᠶᠢᠨ ᠤ ᠪᠠᠶᠢᠳᠠᠯ ᠢ ᠠᠷᠭᠠᠴᠠᠬᠤ ᠰᠢᠯᠢ ᠶᠢᠨ ᠭᠤᠣᠯ ᠴᠢᠭᠤᠯᠭᠠᠨ ᠤ ᠬᠤᠪᠢᠶᠠᠷᠢ ᠬᠤᠷᠠᠯ ᠤᠨ ᠵᠢᠯᠣᠭᠤᠳᠣᠯᠭ᠎ᠠ ᠪᠠᠷ | ᠬᠤᠳᠣᠷᠠᠩᠭᠠ ᠶᠢᠨ ᠲᠡᠭᠡᠷᠡᠮ ᠢ ᠴᠣᠬᠢᠬᠤ ᠪᠠᠷ ᠬᠤᠰᠢᠭᠤ ᠨᠣᠳᠤᠭ ᠠᠴᠠ ᠪᠠᠨ ᠪᠠᠷᠠᠭᠤᠨ ᠦᠵᠦᠮᠦᠴᠢᠨ ᠬᠤᠰᠢᠭᠤᠨ | ᠤ ᠢᠨᠵᠠᠭᠠᠨ ᠰᠦᠮ᠎ᠡ ᠵᠦᠭ ᠠᠶᠢᠯᠳᠣᠭᠦᠢ ᠲᠠᠢ ᠬᠠᠮᠳᠣ ᠶᠢᠰᠣᠬᠦᠯᠡ ᠬᠦᠳᠣᠯᠣᠬᠡ ᠮᠣᠷᠢ ᠲᠠᠢ ᠮᠣᠷᠳᠠᠵᠣ᠂ ᠠᠮᠣᠷ ᠢ | ᠬᠠᠮᠠᠭᠠᠯᠠᠬᠤ ︽ᠬᠤᠪᠢᠰᠬᠠᠯᠳᠣ ᠴᠡᠷᠢᠭ︾ ᠲᠤ ᠡᠯᠰᠡᠭᠳᠡᠭᠡᠳ ᠣᠯᠣᠰ ᠣᠷᠣᠨ ᠤ ᠪᠠᠨ ᠮᠠᠨᠳᠣᠵᠣ ᠮᠦᠬᠦᠬᠦ ᠠᠶᠣᠯ | ᠲᠦᠭᠰᠢᠬᠦᠷᠢ ᠲᠠᠢ ᠦᠶᠡᠰ ᠲᠡᠭᠡᠷᠡᠮ ᠤᠨ ᠪᠦᠯᠦᠭ ᠲᠠᠢ ᠡᠷᠡᠯᠬᠡᠭᠯᠡᠨ ᠲᠡᠮᠡᠴᠡᠵᠣ᠂ ᠣᠷᠣᠨ ᠨᠣᠳᠤᠭ ᠤᠨ ᠢᠶᠠᠨ ᠠᠮᠣᠷ | ᠲᠦᠪᠰᠢᠨ ᠪᠠ ᠴᠢᠯᠣᠭᠡᠯᠡᠯᠳᠡ ᠶᠢᠨ ᠦᠢᠯᠡᠰ ᠲᠤ ᠭᠠᠷᠮᠠᠭᠠᠶᠢᠯᠠᠨ ᠣᠷᠣᠯᠴᠠᠵᠣ ᠶᠠᠪᠣᠵᠠᠢ᠃ ᠲᠠᠷᠠᠪᠠᠷ ᠵᠠᠯᠭᠠᠭᠠᠳ | 1951 ᠣᠨ ᠳᠤ ᠲᠣᠮᠳᠠᠳᠣ ᠣᠯᠣᠰ ᠤᠨ ᠠᠷᠠᠳ ᠤᠨ ᠴᠢᠯᠣᠭᠡᠯᠡᠬᠦ ᠴᠡᠷᠢᠭ ᠲᠤ ᠡᠯᠰᠡᠭᠳᠡᠵᠣ᠂ ᠰᠢᠯᠢ ᠶᠢᠨ ᠭᠤᠣᠯ | ᠴᠢᠭᠤᠯᠭᠠᠨ ᠤ ᠲᠣᠳᠣᠭᠠᠳᠣ ᠶᠢ ᠬᠠᠮᠠᠭᠠᠯᠠᠬᠤ ᠶᠡᠭᠡ ᠠᠩᠬᠢ ᠶᠢᠨ ᠪᠠᠶᠢᠯᠳᠣᠭᠴᠢ ᠪᠠ ᠦᠪᠣᠷ ᠮᠣᠩᠭᠤᠯ ᠤᠨ | ᠲᠣᠳᠣᠭᠠᠳᠣ ᠶᠢ ᠬᠠᠮᠠᠭᠠᠯᠠᠬᠤ ᠴᠡᠷᠢᠭ ᠠᠩᠬᠢ ᠶᠢᠨ ᠮᠣᠷᠢᠳᠣ ᠴᠡᠷᠢᠭ ᠤᠨ ᠲᠣᠰᠠᠭᠠᠷ ᠬᠤᠷᠢᠶ᠎ᠠ ᠶᠢᠨ ᠪᠠᠶᠢᠯᠳᠣᠭᠴᠢ | ᠪᠣᠯᠵᠣ᠂ ᠲᠣᠰ ᠵᠢᠯ ᠳᠡᠭᠡᠨ ᠪᠠᠶᠢᠯᠳᠣᠭᠴᠢ ᠶᠢᠨ ᠣᠬᠠᠭᠤᠯᠬᠤ ᠠᠩᠬᠢ ᠳᠤ ᠤᠷᠤᠪᠠ᠃ ᠡᠬᠦᠨ ᠤ ᠣᠯᠠᠮ ᠢᠶᠠᠷ | 1953 ᠣᠨ ᠳᠤ ᠬᠦᠭᠡᠬᠤᠳᠠ ᠳᠤ ᠡᠷᠬᠢᠯᠡᠭᠰᠡᠨ ᠴᠡᠷᠢᠭ ᠠᠩᠬᠢ ᠶᠢᠨ ᠣᠳᠬ᠎ᠠ ᠣᠷᠠᠯᠢᠭ ᠤᠨ ᠪᠣᠯᠪᠠᠰᠣᠷᠠᠯ ᠤᠨ | ᠠᠩᠬᠢ ᠳᠤ ᠣᠷᠣᠯᠴᠠᠨ ᠲᠠᠭᠤᠣ ᠣᠷᠠᠯᠢᠭ ᠤᠨ ᠦᠨᠳᠣᠰᠣᠨ ᠮᠡᠳᠡᠯᠭᠡ ᠶᠢ ᠠᠩᠬ᠎ᠠ ᠠᠯᠬᠤᠮ ᠰᠣᠷᠣᠯᠴᠠᠵᠣ᠂ ᠪᠠᠰᠠ | ᠡᠪ ᠬᠠᠮᠳᠣ ᠵᠠᠯᠠᠭᠤᠴᠣᠳ ᠤᠨ ᠡᠪᠯᠡᠯ ᠳᠤ ᠡᠯᠰᠡᠭᠳᠡᠵᠡᠢ᠃ ᠲᠣᠰ ᠨᠠᠮᠣᠷ ᠨᠢ ᠪᠡᠭᠡᠵᠢᠩ ᠳᠤ ᠪᠣᠯᠣᠭᠰᠠᠨ ᠪᠦᠬᠦ | ᠣᠯᠣᠰ ᠤᠨ ᠴᠡᠷᠢᠭ ᠠᠩᠬᠢ ᠶᠢᠨ ᠣᠳᠬ᠎ᠠ ᠣᠷᠠᠯᠢᠭ ᠤᠨ ᠣᠷᠠᠨ ᠰᠠᠶᠢᠬᠠᠨ ᠤ ᠲᠣᠭᠯᠠᠯᠳᠠ ᠳᠤ ᠦᠪᠣᠷ ᠮᠣᠩᠭᠤᠯ | ᠤᠨ ᠲᠣᠳᠣᠭᠠᠳᠣ ᠶᠢ ᠬᠠᠮᠠᠭᠠᠯᠠᠬᠤ ᠴᠡᠷᠢᠭ ᠠᠩᠬᠢ ᠶᠢ ᠲᠦᠯᠦᠭᠡᠯᠡᠵᠦ ᠣᠷᠣᠯᠴᠠᠭᠰᠠᠨ ᠪᠠᠶᠢᠨ᠎ᠠ᠃ | 1954 ᠣᠨ ᠳᠤ ᠦᠪᠣᠷ ᠮᠣᠩᠭᠤᠯ ᠤᠨ ᠲᠣᠳᠣᠭᠠᠳᠣ ᠶᠢ ᠬᠠᠮᠠᠭᠠᠯᠠᠬᠤ ᠴᠡᠷᠢᠭ ᠠᠩᠬᠢ ᠶᠢᠨ ᠠᠵᠢᠯ ᠤᠨ | ᠴᠢᠯᠣᠬᠡᠨ ᠤ ᠣᠷᠠᠨ ᠰᠠᠶᠢᠬᠠᠨ ᠤ ᠲᠣᠭᠯᠠᠯᠳᠠ ᠶᠢᠨ ᠣᠷᠣᠯᠳᠣᠭᠠᠨ ᠳᠤ ᠣᠷᠣᠯᠴᠠᠵᠣ ᠪᠠᠶᠢᠬᠤ ᠳᠠᠭᠠᠨ ᠲᠡᠬᠦᠨ ᠤ | ᠭᠤᠴᠣᠯᠠᠯ ᠬᠦᠭᠵᠢᠮ ᠬᠦᠭᠵᠢᠮᠳᠡᠬᠦ ᠨᠢ ᠦᠵᠡᠭᠴᠢᠳ ᠤᠨ ᠲᠠᠭᠠᠰᠢᠶᠠᠯ ᠳᠤ ᠬᠦᠷᠴᠣ᠂ ᠲᠡᠷᠢᠬᠦᠨ ᠱᠠᠩᠨᠠᠯ ᠢ ᠲᠣᠰᠴᠣ | ᠪᠠᠶᠢᠭᠰᠠᠨ ᠢᠶᠠᠷ ᠪᠠᠷᠠᠬᠤ ᠦᠭᠡᠢ ᠴᠡᠷᠢᠭ ᠠᠩᠬᠢ ᠶᠢᠨ ᠣᠷᠠᠨ ᠰᠠᠶᠢᠬᠠᠨ ᠤ ᠬᠦᠭᠵᠢᠮ ᠤᠨ ᠠᠩᠬᠢ ᠳᠤ ᠯᠢᠩᠪᠤ ᠶᠢᠨ | ᠬᠦᠭᠵᠢᠮᠴᠢᠨ ᠢᠶᠠᠷ ᠭᠤᠤᠯᠳᠠᠯᠭ᠎ᠠ ᠲᠠᠢ ᠡᠯᠰᠡᠭᠳᠡᠵᠡᠢ᠃ | 1956 ᠣᠨ ᠳᠤ ᠮᠣᠷᠢᠳᠣ ᠴᠡᠷᠢᠭ ᠤᠨ ᠪᠠᠶᠢᠯᠳᠣᠭᠴᠢ ᠶᠢᠨ ᠣᠳᠬ᠎ᠠ ᠣᠷᠠᠯᠢᠭ ᠤᠨ ᠣᠷᠣᠯᠳᠣᠭᠠᠨ ᠳᠤ | ᠣᠷᠣᠯᠴᠠᠵᠣ ᠬᠤᠶᠠᠳᠣᠭᠠᠷ ᠲᠡᠰ ᠤᠨ ᠱᠠᠩᠨᠠᠯ ᠢ ᠭᠠᠷᠳᠠᠵᠣ᠂ ᠲᠣᠰ ᠵᠢᠯ ᠳᠡᠭᠡᠨ ᠦᠪᠣᠷ ᠮᠣᠩᠭᠤᠯ ᠤᠨ ᠴᠡᠷᠢᠭ ᠤᠨ | ᠲᠣᠭᠤᠷᠢᠭ ᠤᠨ ᠣᠷᠠᠨ ᠰᠠᠶᠢᠬᠠᠨ ᠤ ᠪᠦᠯᠬᠦᠮ ᠳᠤ ᠰᠢᠯᠵᠢᠵᠦ ᠠᠵᠢᠯᠯᠠᠪᠠ᠃ ᠡᠨᠡ ᠲᠣᠮᠳᠠ ᠬᠦᠬᠡᠨᠠᠭᠤᠷ᠂ | ᠲᠦᠪᠡᠳ ᠤᠨ ᠦᠨᠳᠦᠷᠯᠢᠭ ᠲᠤ ᠡᠭᠦᠷᠭᠡ ᠬᠦᠢᠴᠡᠳᠭᠡᠵᠣ ᠪᠠᠶᠢᠭ᠎ᠠ ᠮᠣᠷᠢᠳᠣ ᠴᠡᠷᠢᠭ ᠤᠨ ᠠᠩᠬᠢ᠂ ᠹᠦᠵᠢᠶᠠᠨ ᠤ | ᠡᠮᠣᠨ᠎ᠡ ᠹᠷᠣᠨᠲ ᠲᠠᠬᠢ ᠴᠡᠷᠢᠭ ᠠᠩᠬᠢ᠂ ᠮᠦᠭᠳᠡᠨ᠂ ᠬᠠᠷᠪᠢᠨ ᠳᠤ ᠪᠠᠶᠢᠭ᠎ᠠ ᠴᠡᠷᠢᠭ ᠠᠩᠬᠢ ᠪᠣᠯᠣᠨ ᠬᠦᠯᠦᠨ ᠪᠣᠶᠢᠷ | ᠵᠡᠷᠭᠡ ᠭᠠᠵᠠᠷ ᠣᠷᠣᠨ ᠢᠶᠠᠷ ᠬᠦᠷᠴᠣ ᠲᠣᠬᠤᠨᠢᠭᠤᠯᠬᠤ ᠲᠣᠭᠯᠠᠯᠳᠠ ᠭᠠᠷᠭᠠᠵᠣ᠂ ᠣᠴᠢᠭᠰᠠᠨ ᠭᠠᠵᠠᠷ ᠤᠨ | ᠣᠳᠣᠷᠢᠳᠣᠯᠭ᠎ᠠ ᠪᠣᠯᠣᠨ ᠲᠡᠳᠡᠭᠡᠷ ᠣᠯᠠᠨ ᠲᠠᠶᠢᠴᠢᠳ ᠤᠨ ᠢᠶᠠᠨ ᠬᠠᠯᠠᠭᠤᠨ ᠬᠦᠷᠢᠶᠡᠯᠡᠯ ᠢ ᠣᠯᠵᠣ᠂ ᠭᠤᠷᠪᠠᠳᠣᠭᠠᠷ | ᠲᠡᠰ ᠤᠨ ᠭᠠᠪᠢᠶ᠎ᠠ ᠪᠠᠶᠢᠭᠤᠯᠵᠣ ᠦᠩᠬᠡᠷᠡᠭᠰᠡᠨ ᠮᠦᠷᠳᠡᠭᠡᠨ ᠲᠦᠪ ᠪᠠ ᠴᠡᠷᠢᠭ ᠠᠩᠬᠢ ᠶᠢᠨ ᠣᠳᠣᠷᠢᠳᠣᠯᠭ᠎ᠠ ᠨᠠᠷ | ᠤᠨ ᠬᠦᠯᠢᠶᠡᠨ ᠠᠭᠤᠯᠵᠠᠯᠳᠠ ᠳᠤ ᠣᠷᠣᠯᠴᠠᠵᠣ ᠪᠠᠶᠢᠪᠠ᠃ ᠲᠡᠷᠡᠴᠢᠯᠡᠨ ᠪᠠᠰᠠ ᠵᠣᠬᠢᠶᠠᠨ ᠪᠠᠶᠢᠭᠤᠯᠣᠯᠳᠠ ᠶᠢᠨ | ᠲᠣᠬᠢᠷᠠᠭᠤᠯᠣᠯᠳᠠ ᠪᠠᠷ ᠲᠠᠷᠬᠠᠨ ᠲᠠᠭᠤᠴᠢ ᠯᠾᠠᠵᠠᠪ ᠲᠤ ᠬᠤᠶᠠᠳᠠᠭᠴᠢ ᠱᠠᠪᠢ ᠪᠠᠷ ᠣᠷᠣᠵᠣ᠂ ᠣᠬᠤᠷ | ᠬᠤᠭᠤᠴᠠᠭᠠᠨ ᠳᠤ ᠣᠷᠳᠣ ᠶᠢᠨ ᠲᠠᠭᠤᠣ ᠲᠠᠭᠤᠯᠠᠬᠤ ᠣᠷ᠎ᠠ ᠠᠪᠢᠶᠠᠰ ᠢ ᠡᠵᠡᠮᠰᠢᠭᠡᠳ ᠦᠪᠡᠷ ᠢ ᠪᠠᠨ ᠲᠠᠪᠳᠠᠨ | ᠪᠣᠯᠪᠠᠰᠣᠷᠠᠭᠤᠯᠵᠠᠢ᠃ ᠡᠬᠦᠨ ᠤ ᠣᠯᠠᠮ ᠢᠶᠠᠷ ᠣᠷᠳᠣ ᠶᠢᠨ ᠲᠠᠭᠤᠴᠢᠨ ᠪᠠ ᠨᠠᠶᠢᠷᠠᠯ ᠲᠠᠭᠤᠣ ᠶᠢᠨ ᠲᠠᠭᠠᠭᠤᠯᠣᠨ | ᠲᠠᠭᠤᠯᠠᠭᠠᠴᠢ ᠪᠣᠯᠵᠣ ᠦᠵᠡᠭᠴᠢᠳ ᠤᠨ ᠰᠡᠳᠬᠢᠯ ᠢ ᠬᠦᠭᠰᠡᠭᠡᠨ ᠰᠣᠨᠣᠷ ᠢ ᠪᠠᠶᠠᠰᠬᠠᠵᠣ ᠪᠠᠶᠢᠭᠰᠠᠨ ᠲᠡᠳᠣᠢ ᠦᠭᠡᠢ | ᠬᠤᠵᠢᠮ ᠨᠢ ᠠᠯᠳᠠᠷᠳᠣ ᠯᠢᠩᠪᠣᠴᠢ ᠪᠣᠯᠵᠠᠢ᠃ ᠮᠠᠵᠢᠭ ᠯᠢᠩᠪᠤ ᠪᠠ ᠹᠯᠦ᠋ᠲ ︵ᠣᠷᠳᠣ ᠯᠢᠩᠪᠤ︶ ᠶᠢ ᠦᠯᠢᠶᠡᠬᠦ ᠪᠠᠷ | ᠢᠶᠠᠨ ᠨᠡᠷ᠎ᠡ ᠠᠯᠳᠠᠷᠰᠢᠭᠰᠠᠨ ᠤ ᠬᠠᠮᠳᠣ ᠪᠠᠰᠠ ᠲᠡᠭᠦᠯᠳᠡᠷ ᠬᠤᠭᠤᠷ ᠶᠢ ᠴᠣ᠋ ᠬᠦᠭᠵᠢᠮᠳᠡᠳᠡᠭ ᠪᠠᠶᠢᠪᠠ᠃ | 1959 ᠣᠨ ᠳᠤ ᠪᠡᠭᠡᠵᠢᠩ ᠬᠤᠳᠠᠨ᠎ᠠ ᠪᠣᠯᠣᠭᠰᠠᠨ ᠪᠦᠬᠦ ᠴᠡᠷᠢᠭ ᠠᠩᠬᠢ ᠶᠢᠨ ᠬᠤᠶᠠᠳᠣᠭᠠᠷ ᠬᠤᠭᠤᠴᠠᠭᠠᠨ | ᠤ ᠣᠳᠬ᠎ᠠ ᠣᠷᠠᠯᠢᠭ ᠤᠨ ᠣᠷᠣᠯᠳᠣᠭᠠᠨ ᠳᠤ ᠣᠷᠣᠯᠴᠠᠬᠤ ᠳᠠᠭᠠᠨ ︽ᠨᠠᠮ ᠢᠶᠠᠨ ᠮᠠᠭᠳᠠᠨ᠎ᠠ︾ ᠬᠡᠬᠦ ᠣᠷᠳᠣ ᠶᠢᠨ | ᠲᠠᠭᠤᠣ ᠪᠠᠷ ᠢᠶᠠᠨ ᠣᠨᠴᠠ ᠲᠡᠰ ᠤᠨ ᠲᠣᠭᠯᠠᠯᠳᠠ ᠶᠢᠨ ︽ᠲᠦᠷᠦ ᠶᠢᠨ ᠱᠠᠩᠨᠠᠯ︾ ᠢ ᠲᠣᠰᠴᠣ᠂ ᠲᠡᠷᠡᠴᠢᠯᠡᠨ ᠵᠸᠤ | ᠶᠡᠷᠣᠩᠬᠡᠢ ᠰᠠᠶᠢᠳ ᠤᠨ ᠬᠦᠯᠢᠶᠠᠨ ᠠᠭᠤᠯᠵᠠᠯᠳᠠ ᠳᠤ ᠣᠷᠣᠯᠴᠠᠵᠠᠢ᠃ 1962 ᠣᠨ ᠳᠤ ᠬᠦᠬᠡᠬᠤᠳᠡᠨᠡ | ᠶᠠᠪᠣᠭᠳᠠᠭᠰᠠᠨ ᠬᠦᠭᠵᠢᠮ ᠤᠨ ᠣᠷᠣᠯᠳᠣᠭᠠᠨ ᠳᠤ ᠯᠢᠩᠪᠤ ᠶᠢᠨ ᠰᠢᠯᠢᠳᠡᠭ ᠱᠠᠩᠨᠠᠯ ᠢ ᠲᠣᠰᠣᠭᠰᠠᠨ ᠪᠦᠬᠡᠳ ᠲᠣᠰ | ᠵᠢᠯ ᠨᠢ ᠡᠪ ᠬᠠᠮᠳᠣ ᠨᠠᠮ ᠳᠤ ᠡᠯᠰᠡᠭᠳᠡᠪᠡ᠃ 1964 ᠣᠨ ᠤ ᠪᠡᠭᠡᠵᠢᠩ ᠳᠤ ᠪᠣᠯᠣᠭᠰᠠᠨ ᠪᠦᠬᠦ ᠴᠡᠷᠢᠭ ᠠᠩᠬᠢ | ᠶᠢᠨ ᠭᠤᠷᠪᠠᠳᠣᠭᠠᠷ ᠬᠤᠭᠤᠴᠠᠭᠠᠨ ᠤ ᠣᠳᠬ᠎ᠠ ᠣᠷᠠᠯᠢᠭ ᠤᠨ ᠣᠷᠣᠯᠳᠣᠭᠠᠨ ᠳᠤ ᠯᠢᠩᠪᠤ ᠶᠢᠨ ᠰᠢᠯᠢᠳᠡᠭ ᠱᠠᠩᠨᠠᠯ ᠢ | ᠲᠣᠰᠣᠭᠰᠠᠨ ᠪᠠᠶᠢᠨ᠎ᠠ᠃ ᠬᠤᠵᠢᠮ ᠨᠢ 1972 ᠣᠨ ᠳᠤ ᠯᠠᠨᠵᠸᠣ ᠬᠤᠳᠠᠨ ᠳᠤ ᠪᠣᠯᠣᠭᠰᠠᠨ ᠪᠦᠬᠦ ᠴᠡᠷᠢᠭ ᠠᠩᠬᠢ | ᠶᠢᠨ ᠲᠦᠷᠪᠡᠳᠣᠭᠡᠷ ᠬᠤᠭᠤᠴᠠᠭ᠎ᠠ ᠪᠣᠯᠣᠨ 1975 ᠣᠨ ᠳᠤ ᠪᠡᠭᠡᠵᠢᠩ ᠬᠤᠳᠠ ᠳᠤ ᠪᠣᠯᠣᠭᠰᠠᠨ ᠪᠦᠬᠦ ᠴᠡᠷᠢᠭ | ᠠᠩᠬᠢ ᠶᠢᠨ ᠲᠠᠪᠣᠳᠣᠭᠠᠷ ᠬᠤᠭᠤᠴᠠᠭᠠᠨ ᠤ ᠣᠳᠬ᠎ᠠ ᠣᠷᠠᠯᠢᠭ ᠤᠨ ᠣᠷᠣᠯᠳᠣᠭᠠᠨ ᠳᠤ ᠪᠠᠰᠠ ᠲᠣᠰᠪᠣᠷᠢ | ᠣᠷᠣᠯᠴᠠᠵᠣ ᠦᠩᠭᠡᠷᠡᠪᠡ᠃ | 1976 ᠣᠨ ᠳᠤ ︽ᠣᠷᠳᠣ ᠵᠠᠮ ᠤᠨ ᠠᠶᠠᠨ ᠲᠠᠶᠢᠨ︾ ᠬᠡᠬᠦ ᠲᠠᠭᠤᠣ ᠬᠦᠭᠵᠢᠮ ᠤᠨ ᠺᠢᠨᠣ᠋ ᠶᠢ ᠲᠣᠭᠯᠠᠬᠤ | ᠡᠭᠦᠷᠭᠡ ᠪᠠᠨ ᠢᠯᠭᠤᠮ ᠰᠠᠶᠢᠬᠠᠨ ᠠᠮᠵᠢᠯᠳᠠ ᠲᠠᠢ ᠬᠦᠢᠴᠡᠳᠭᠡᠭᠡᠳ᠂ ᠵᠸᠣ ᠶᠡᠷᠦᠩᠬᠡᠢ ᠰᠠᠶᠢᠳ ᠪᠣᠯᠣᠨ ᠶᠧ ᠵᠢᠶᠠᠨ | ᠶᠢᠩ᠂ ᠯᠢ ᠰᠢᠶᠡᠨ ᠨᠢᠶᠠᠨ ᠵᠡᠷᠭᠡ ᠨᠠᠮ ᠲᠦᠷᠦ ᠶᠢᠨ ᠣᠳᠣᠷᠢᠳᠣᠯᠭ᠎ᠠ ᠨᠠᠷ ᠤᠨ ᠬᠦᠯᠢᠶᠠᠨ ᠠᠭᠤᠯᠵᠠᠯᠳᠠ ᠳᠤ | ᠣᠷᠣᠯᠴᠠᠵᠣ ᠬᠠᠯᠠᠭᠤᠨ ᠵᠣᠷᠢᠭᠵᠢᠭᠤᠯᠣᠯ ᠪᠠ ᠱᠠᠩᠨᠠᠯ ᠬᠦᠬᠢᠬᠦᠯᠦᠯ ᠲᠠᠢ ᠲᠣᠰᠴᠣ ᠪᠠᠶᠢᠪᠠ᠃ 1977 ᠣᠨ ᠳᠤ | ᠭᠤᠸᠠᠩᠵᠸᠣ ᠬᠤᠳᠠᠨ ᠳᠤ ᠪᠣᠯᠣᠭᠰᠠᠨ ᠣᠯᠠᠨ ᠣᠯᠣᠰ ᠤᠨ ᠠᠷᠠᠯᠵᠢᠶᠠᠨ ᠤ ᠶᠡᠭᠡ ᠬᠤᠷᠠᠯ ᠳᠤ ᠵᠣᠷᠢᠭᠤᠯᠣᠭᠰᠠᠨ | ᠲᠣᠭᠯᠠᠯᠳᠠ ᠶᠢ ᠬᠢᠭᠰᠡᠨ ᠲᠡᠳᠣᠢ ᠦᠭᠡᠢ ᠭᠤᠸᠠᠩᠵᠸᠣ ᠶᠢᠨ ᠴᠡᠷᠢᠭ ᠤᠨ ᠲᠣᠭᠤᠷᠢᠭ ᠪᠣᠯᠣᠨ ᠲᠠᠯᠠᠢ ᠵᠢᠴᠢ ᠠᠭᠠᠷ | ᠤᠨ ᠴᠡᠷᠢᠭ ᠠᠩᠬᠢ᠂ ᠬᠤᠪᠸᠢ ᠮᠣᠵᠢ ᠶᠢᠨ ᠦᠬᠠᠨ ᠤ ᠴᠡᠷᠢᠭ ᠤᠨ ᠲᠣᠭᠤᠷᠢᠭ ᠵᠡᠷᠭᠡ ᠶᠢ ᠲᠣᠬᠤᠭᠤᠨᠢᠭᠤᠯᠵᠣ | ᠲᠣᠭᠯᠠᠵᠣ ᠶᠠᠪᠣᠵᠠᠢ᠃ ᠮᠠᠵᠢᠭ ᠨᠠᠰᠣᠳᠠᠨ ᠣᠷᠢᠳ ᠬᠤᠵᠢᠳ ︽ᠣᠯᠠᠭᠠᠨ ᠲᠣᠭᠴᠢ ᠵᠠᠯᠠᠭᠤ︾᠂ ︽ᠣᠯᠠᠭᠠᠢ ᠶᠢᠨ | ᠭᠤᠣᠯ︾᠂ ︽ᠵᠢᠷᠤᠭ᠎ᠠ ᠶᠢᠨ ᠵᠢᠷᠤᠭ᠎ᠠ ᠶᠢᠨ ᠮᠠᠭᠳᠠᠭᠠᠯ︾᠂ ︽ᠬᠦᠳᠡᠭᠡ ᠶᠢᠨ ᠴᠡᠴᠡᠭᠯᠢᠭ ᠦᠵᠦᠮᠦᠴᠢᠨ︾᠂᠂᠂᠂ | ᠬᠡᠬᠦ ᠮᠡᠳᠣ ᠶᠢᠨ ᠪᠦᠳᠣᠭᠡᠯ ᠢᠶᠠᠨ ︽ᠬᠤᠨ ᠭᠠᠯᠠᠭᠤ︾᠂ ︽ᠦᠨᠢᠷ ᠴᠡᠴᠡᠭ︾ ᠵᠡᠷᠭᠡ ᠰᠡᠳᠬᠦᠯ ᠢᠶᠠᠷ | ᠨᠡᠶᠢᠳᠡᠯᠡᠬᠦᠯᠵᠦ ᠪᠠᠶᠢᠭᠰᠠᠨ ᠮᠦᠷᠳᠡᠭᠡᠨ ᠵᠠᠷᠢᠮ ᠲᠠᠭᠤᠣ ᠶᠢᠨ ᠰᠢᠯᠦᠭ ᠲᠡᠭᠡᠨ ᠦᠪᠡᠷ ᠢᠶᠠᠨ ᠠᠶᠠᠯᠠᠭᠤ ᠵᠣᠬᠢᠶᠠᠭᠰᠠᠨ | ᠪᠠᠶᠢᠳᠠᠭ᠃ ︽ᠰᠣᠶᠣᠯ ᠤᠨ ᠬᠤᠪᠢᠰᠬᠠᠯ︾ ᠤᠨ ᠰᠠᠮᠠᠭᠤᠷᠠᠯ ᠲᠣᠮᠳᠠ ᠬᠦᠷᠦᠩᠭᠡᠳᠣ ᠶᠣᠰᠣᠨ ᠤ ᠵᠠᠮ ᠢᠶᠠᠷ | ᠵᠠᠮᠨᠠᠭᠰᠠᠨ ᠡᠷᠭᠡ ᠪᠠᠷᠢᠭᠴᠢ ︽ᠦᠪᠣᠷ ᠠᠷᠠᠳ ᠤᠨ ᠨᠠᠮ︾ ᠢᠶᠠᠷ ᠬᠤᠷᠢᠭᠳᠠᠵᠣ᠂ ᠣᠷᠳᠣ ᠬᠤᠭᠤᠴᠠᠭ᠎ᠠ ᠪᠠᠷ | ᠲᠡᠮᠡᠴᠡᠭᠳᠡᠬᠦ ᠲᠣᠮᠳᠠ ᠪᠡᠶ᠎ᠡ ᠰᠡᠳᠬᠢᠯ ᠤᠨ ᠬᠠᠯᠠ ᠵᠣᠪᠠᠯᠠᠩ ᠢ ᠬᠦᠨᠳᠣ ᠨᠣᠴᠢᠳᠠᠢ ᠠᠮᠰᠠᠵᠤ ᠬᠦᠵᠦᠭᠦᠦ ᠲᠣᠯᠣᠭᠠᠢ᠂ | ᠬᠦᠯ ᠨᠢᠷᠣᠭᠤᠨ ᠤ ᠡᠪᠡᠳᠴᠢᠨ ᠣᠯᠣᠭᠰᠠᠨ ᠢ ᠶᠠᠭᠤᠨ ᠲᠣᠷᠠᠳᠬᠤ ᠠᠵᠠᠢ᠃ ᠬᠤᠵᠢᠮ ᠨᠢ ᠬᠠᠷᠢᠨ ᠲᠦᠷᠦ ᠶᠢᠨ | ᠪᠣᠳᠣᠯᠭ᠎ᠠ ᠶᠢᠨ ᠨᠠᠶᠢᠳᠠᠪᠣᠷᠢᠵᠢᠭᠤᠯᠣᠯᠳᠠ ᠪᠠᠷ ᠦᠨᠡᠨ ᠴᠠᠭᠠᠨ ᠢᠶᠠᠨ ᠣᠯᠵᠣ᠂ ᠵᠢᠷᠣᠭᠡᠨ ᠰᠢᠷᠬᠠᠯᠠᠭ᠎ᠠ ᠨᠢ | ᠨᠠᠮᠳᠠᠭᠰᠠᠨ ᠴᠣ᠋ ᠶᠠᠰᠣᠨ ᠤ ᠰᠢᠷᠬ᠎ᠠ ᠨᠢ ᠡᠳᠡᠭᠡᠷᠡᠭᠡᠳᠣᠢ ᠪᠠᠷ ᠦᠷᠬᠦᠯᠵᠢᠯᠡᠨ ᠣᠳᠬ᠎ᠠ ᠣᠷᠠᠯᠢᠭ ᠤᠨ ᠦᠢᠯᠡᠰ ᠲᠤ | ᠬᠠᠳᠠᠭᠤᠵᠢᠯᠳᠠᠢ ᠴᠢᠷᠮᠠᠶᠢᠨ ᠠᠵᠢᠯᠯᠠᠵᠣ ᠢᠷᠡᠵᠡᠢ᠃ | 1969 ᠣᠨ ᠤ 11 ᠰᠠᠷ᠎ᠠ ᠠᠴᠠ 1980 ᠣᠨ ᠪᠣᠯᠳᠠᠯᠠᠬᠢ ᠠᠷᠪᠠ ᠭᠠᠷᠣᠢ ᠵᠢᠯ ᠪᠡᠭᠡᠵᠢᠩ ᠤᠨ ᠴᠡᠷᠢᠭ | ᠤᠨ ᠲᠣᠭᠤᠷᠢᠭ ᠤᠨ ︽ᠲᠠᠶᠢᠴᠢᠳ ᠤᠨ ᠬᠠᠨᠢ︾ ᠣᠷᠠᠨ ᠰᠠᠶᠢᠬᠠᠨ ᠤ ᠪᠦᠯᠬᠦᠮ ᠳᠤ ᠰᠢᠯᠵᠢᠵᠦ ᠠᠵᠢᠯᠯᠠᠵᠣ | ᠪᠠᠶᠢᠭᠰᠠᠨ ᠢᠶᠠᠨ ᠦᠪᠣᠷ ᠮᠣᠩᠭᠤᠯ ᠤᠨ ᠴᠡᠷᠢᠭ ᠤᠨ ᠲᠣᠭᠤᠷᠢᠭ ᠤᠨ ᠲᠠᠭᠤᠯᠠᠯᠳᠣ ᠵᠦᠴᠦᠭᠡ ᠶᠢᠨ ᠪᠦᠯᠬᠦᠮ ᠳᠤ | ᠣᠷᠢᠭᠳᠠᠨ ᠢᠷᠡᠵᠣ ᠵᠢᠭᠠᠨ ᠵᠢᠯᠦᠭᠤᠳᠬᠤ ᠡᠭᠦᠷᠭᠡ ᠶᠢ ᠬᠠᠷᠢᠭᠤᠴᠠᠨ ᠠᠵᠢᠯᠯᠠᠵᠠᠢ᠃ ᠲᠣᠰ ᠬᠤᠭᠤᠴᠠᠭᠠᠨ ᠳᠤ | ᠲᠡᠭᠦᠨ ᠤ ᠬᠦᠮᠦᠵᠢᠬᠦᠯᠦᠭᠰᠡᠨ ᠭᠠᠷ ᠤᠨ ᠱᠠᠪᠢ ᠨᠠᠷ ᠬᠡᠪᠡᠯ ᠨᠢᠬᠡᠨ ᠦᠶ᠎ᠡ ᠶᠢᠨ ᠣᠷᠳᠣ ᠶᠢᠨ ᠲᠠᠭᠤᠴᠢ ᠶᠠᠪᠣᠭᠰᠠᠨ | ᠵᠠᠭᠳᠠᠰᠦ᠋ᠷᠦᠩ᠂ ᠪᠠᠶᠠᠨᠴᠠᠭᠠᠨ ︵ᠲᠠᠯᠠᠶᠢᠭᠠᠴᠢ︶ ᠨᠠᠷ ᠲᠣᠷᠠᠳᠣᠭᠳᠠᠬᠤ ᠪᠦᠬᠡᠳ ᠱᠠᠪᠢ ᠰᠢᠣᠸᠠᠢ ᠯᠠᠢ ᠵᠢᠶᠣᠣ ᠭᠡᠳᠡᠭ | ᠵᠠᠯᠠᠭᠤ ᠨᠢ ᠴᠡᠷᠢᠭ ᠤᠨ ᠲᠣᠭᠤᠷᠢᠭ ᠤᠨ ᠣᠷᠠᠨ ᠰᠠᠶᠢᠬᠠᠨ ᠤ ᠲᠡᠳ᠋ ᠲᠠᠷᠤᠭ᠎ᠠ ᠶᠢᠨ ᠲᠣᠰᠢᠶᠠᠯ ᠳᠤ ᠲᠡᠪᠰᠢᠨ | ᠠᠵᠢᠯᠯᠠᠵᠣ ᠬᠡᠳᠡᠭ ᠰᠠᠨ᠃ ᠲᠣᠬᠠᠢ ᠶᠢᠨ ᠦᠶ᠎ᠡ ᠳᠤ ᠨᠡᠷᠡᠳᠣ ᠵᠠᠯᠠᠭᠤ ᠲᠠᠭᠤᠴᠢ ᠵᠠᠭᠳᠠᠰᠦ᠋ᠷᠦᠩ ᠭᠤᠸᠠᠢ ᠪᠠᠭᠰᠢ | ᠶᠢᠨ ᠢᠶᠠᠨ ᠪᠦᠳᠣᠭᠡᠯ ᠪᠣᠯᠬᠤ ︽ᠵᠢᠷᠤᠭ᠎ᠠ ᠶᠢᠨ ᠵᠢᠷᠤᠭ᠎ᠠ ᠶᠢᠨ ᠮᠠᠭᠳᠠᠭᠠᠯ︾ ᠬᠡᠭᠦ ᠣᠷᠳᠣ ᠶᠢᠨ ᠲᠠᠭᠤᠣ ᠶᠢ ᠲᠡᠭᠦᠨ | ᠤ ᠴᠡᠬᠡᠯᠬᠡᠨ ᠬᠤᠭᠤᠯᠠᠢ ᠪᠠᠷ ᠰᠣᠨᠣᠰᠣᠭᠴᠢᠳ ᠤᠨ ᠰᠣᠨᠣᠷ ᠲᠤ ᠬᠦᠷᠴᠣ ᠪᠠᠶᠢᠭᠰᠠᠨ ᠮᠦᠷᠳᠡᠭᠡᠨ ᠮᠠᠵᠢᠭ ᠨᠠᠰᠣᠳᠠᠨ | ᠴᠣ᠋ ᠦᠪᠡᠷ ᠢᠶᠠᠨ ᠦᠪᠣᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠪᠠᠶᠢᠭᠤᠯᠣᠭᠳᠠᠭᠰᠠᠨ ᠲᠦᠴᠢᠨ ᠵᠢᠯ ᠤᠨ | ᠣᠢ ᠶᠢ ᠲᠣᠷᠠᠰᠬᠠᠨ ᠪᠡᠯᠭᠡᠯᠡᠬᠦ ᠠᠵᠢᠯᠯᠠᠭ᠎ᠠ ᠶᠢᠨ ᠣᠷᠠᠨ ᠰᠠᠶᠢᠬᠠᠨ ᠤ ᠲᠣᠭᠯᠠᠯᠳᠠ ᠳᠤ ᠪᠡᠶᠡᠴᠢᠯᠡᠨ ᠣᠷᠣᠯᠴᠠᠵᠣ | ᠪᠠᠶᠢᠪᠠ᠃ ᠲᠡᠷᠡᠪᠡᠷ ᠣᠯᠣᠰ ᠤᠨ ᠬᠤᠶᠠᠳᠣᠭᠠᠷ ᠲᠡᠰ ᠤᠨ ᠲᠣᠭᠯᠠᠭᠴᠢ ᠪᠦᠬᠡᠳ ᠲᠡᠳ᠋ ᠳ᠋ᠢᠸᠢᠽᠢ ᠶᠢᠨ ᠲᠡᠰ ᠤᠨ | ᠺᠠᠳ᠋ᠷ ᠢᠶᠠᠷ ᠠᠵᠢᠯᠯᠠᠵᠣ ᠪᠠᠶᠢᠭᠠᠳ 1989 ᠣᠨ ᠳᠤ ᠠᠵᠢᠯ ᠤᠨ ᠠᠮᠠᠷᠠᠯᠳᠠ ᠪᠠᠨ ᠠᠪᠴᠣ ᠪᠢᠯᠡ᠃ | | ᠠᠵᠢᠯ ᠠᠴᠠ ᠪᠠᠨ ᠲᠠᠷᠬᠠᠯᠠᠭᠳᠠᠭᠰᠠᠨ ᠤ ᠲᠠᠷᠠᠭ᠎ᠠ᠂ ᠠᠯᠢ ᠡᠷᠳᠡ ᠨᠣᠳᠤᠭ ᠣᠰᠣ ᠪᠠᠷ ᠨᠢ ᠲᠠᠭᠤᠯᠠᠭᠳᠠᠵᠣ | ᠪᠠᠶᠢᠳᠠᠭ ᠵᠢᠷᠠᠨ ᠵᠢᠯ ᠲᠠᠰᠣᠷᠠᠭᠰᠠᠨ ᠵᠠᠰᠠᠭ ᠲᠦᠷᠦ ᠶᠢᠨ ᠲᠠᠭᠤᠣ ᠨᠤᠭᠤᠳ ᠢ ᠣᠳᠣᠮ ᠲᠠᠮᠵᠢᠭᠤᠯᠵᠣ ᠰᠡᠷᠭᠦᠬᠡᠨ | ᠠᠮᠢᠯᠠᠭᠤᠯᠬᠤ ᠪᠠᠷ ᠲᠠᠯ᠎ᠠ ᠶᠢ ᠲᠠᠪᠠᠭᠰᠠᠨ ᠪᠣᠭᠤᠷᠣᠯ ᠮᠠᠨᠢ ᠬᠡᠳᠣᠶᠢᠪᠡᠷ ᠶᠠᠪᠣᠵᠣ ᠰᠠᠭᠤᠬᠤ ᠨᠢ ᠬᠦᠴᠢᠷᠳᠡᠳᠡᠭ ᠴᠣ᠋ | ᠲᠡᠷᠡ ᠪᠦᠬᠦᠨ ᠢ ᠲᠡᠰᠪᠣᠷᠢᠯᠡᠨ᠂ ᠲᠠᠶᠠᠭ ᠲᠠᠢ ᠲᠠᠪᠤ ᠵᠢᠷᠭᠤᠭᠠᠨ ᠵᠢᠯ ᠪᠠᠶᠢᠨ ᠲᠡᠬᠢᠨ ᠨᠣᠳᠣᠭᠯᠠᠵᠣ ᠪᠠᠶᠢᠮᠠᠨ | ᠣᠶᠢᠯᠠᠭᠠᠴᠢᠬᠠᠮᠠᠷ ᠬᠦᠮᠦᠰ ᠢ ᠡᠷᠢᠵᠦ ᠰᠣᠷᠪᠣᠯᠵᠢᠯᠠᠭᠠᠳ ᠲᠠᠭᠤᠣ ᠶᠢᠨ ᠦᠬᠡ ᠠᠶᠠᠯᠠᠭᠤ ᠶᠢ ᠣᠣᠯ ᠬᠡᠪ ᠢᠶᠠᠷ ᠨᠢ | ᠲᠡᠮᠳᠡᠭᠯᠡᠵᠣ ᠲᠢᠭᠯᠡᠨ ᠨᠠᠶᠢᠷᠠᠭᠤᠯᠵᠠᠢ᠃ ᠢᠩᠬᠢᠭᠡᠳ ᠬᠤᠷᠢᠨ ᠨᠢᠬᠡᠳᠣᠭᠡᠷ ᠵᠠᠭᠤᠨ ᠤ ᠡᠬᠢᠨ ᠢᠶᠠᠷ ᠬᠢ 2004 ᠣᠨ | ᠤ ᠨᠠᠮᠣᠷ ᠣᠣᠯ ᠤᠨ ᠦᠵᠦᠮᠦᠴᠢᠨ ᠵᠡᠬᠦᠨ ᠭᠠᠷᠣᠨ ᠬᠤᠰᠢᠭᠤᠨ ᠤ ︽ᠲᠦᠷᠦ ᠶᠢᠨ ᠲᠠᠪᠣᠨ ᠲᠠᠭᠤᠣ︾ ᠶᠢᠨ | ᠰᠢᠩᠬᠡᠬᠡᠯᠳᠡ ᠶᠢᠨ ᠲᠠᠪᠠᠭ ᠢ ᠦᠢᠯᠡᠳᠣᠨ ᠲᠠᠷᠬᠠᠭᠠᠪᠠ᠃ ᠲᠡᠭᠦᠨ ᠤ ᠲᠣᠬᠠᠢ ᠠᠯᠳᠠᠷᠳᠣ ᠵᠣᠬᠢᠶᠠᠯᠴᠢ ᠮᠡ᠊᠂ ᠠᠰᠠᠷ᠄ | ︽ᠮᠣᠩᠭᠤᠯ ᠠᠷᠠᠳ ᠤᠨ ᠣᠷᠳᠣ ᠶᠢᠨ ᠲᠠᠭᠤᠣ ᠶᠢᠨ ᠠᠶᠠᠯᠠᠭᠤ ᠬᠦᠭ᠂ ᠠᠶᠢᠵᠠᠮ ᠡᠭᠡᠰᠢᠭ᠂ ᠣᠶᠠᠩᠭ᠎ᠠ | ᠨᠣᠭᠤᠯᠤᠭ᠎ᠠ᠂ ᠦᠩᠭᠡ ᠠᠮᠳᠠ ᠶᠢ ᠠᠯᠢ ᠴᠢᠳᠠᠬᠤ ᠪᠠᠷ ᠣᠣᠯ ᠬᠡᠪ ᠬᠠᠭᠤᠴᠢᠨ ᠮᠠᠶ᠋ᠢᠭ ᠢᠶᠠᠷ ᠨᠢ ᠬᠠᠯᠭᠠᠭᠤ | ᠲᠠᠰᠢᠮᠠᠭᠠᠢ ᠦᠭᠡᠢ ᠵᠦᠪ ᠲᠡᠮᠳᠡᠭᠯᠡᠨ ᠠᠪᠴᠣ᠂ ᠡᠮᠬᠢᠳᠭᠡᠨ ᠲᠢᠭᠯᠢᠵᠦ ᠦᠷ᠎ᠡ ᠬᠤᠶᠢᠴᠢᠰ ᠲᠡᠭᠡᠨ ᠣᠶᠣᠨ ᠤ | ᠬᠦᠷᠦᠩᠬᠡ ᠣᠬᠠᠭᠠᠨ ᠤ ᠬᠦᠨᠡᠰᠣ ᠪᠣᠯᠭᠠᠵᠣ ᠦᠪᠯᠡᠨ ᠦᠯᠡᠳᠡᠭᠡᠵᠣ ᠦᠭᠬᠦᠨ᠎ᠡ ᠬᠡᠭᠴᠢ ᠣᠮᠳᠠᠭᠠᠶᠢᠯᠠᠵᠣ ᠪᠣᠯᠣᠰᠢ | ᠦᠭᠡᠢ ᠬᠦᠨᠳᠡᠴᠠ ᠲᠠᠢ ᠬᠡᠴᠡᠭᠦᠦ ᠠᠵᠢᠯ ᠪᠣᠯᠣᠨ᠎ᠠ᠃ ᠲᠡᠭᠡᠭᠡᠳ ᠮᠠᠵᠢᠭ ᠭᠤᠸᠠᠢ ᠬᠠᠳᠠᠭᠤ ᠲᠠᠰᠬᠠᠯ ᠢᠶᠠᠨ | ᠠᠮᠵᠢᠯᠳᠠ ᠲᠠᠢ ᠪᠡᠶᠡᠯᠡᠬᠦᠯᠣᠯᠡ᠃ ᠡᠨᠡ ᠭᠠᠪᠢᠶ᠎ᠠ ᠶᠢ ᠮᠠᠵᠢᠭ ᠭᠤᠸᠠᠢ ᠳᠤ ᠲᠡᠮᠳᠡᠭᠯᠡᠵᠣ ᠦᠭᠬᠦ ᠨᠢ ᠵᠦᠢ ᠶᠣᠰᠣᠨ | ᠤ ᠶᠠᠪᠣᠳᠠᠯ ᠶᠣᠮ᠃ ᠮᠠᠵᠢᠭ ᠭᠤᠸᠠᠢ ᠶᠢᠨ ᠡᠨᠡᠬᠦ ᠮᠠᠷᠳᠠᠭᠳᠠᠰᠢ ᠦᠭᠡᠢ ᠭᠠᠪᠢᠶ᠎ᠠ ᠲᠡᠬᠦᠨ ᠤ ᠲᠡᠮᠳᠡᠭᠯᠡᠵᠦ | ᠡᠮᠬᠢᠳᠭᠡᠭᠰᠡᠨ ᠲᠦᠷᠦ ᠶᠢᠨ ᠲᠠᠪᠣᠨ ᠲᠠᠭᠤᠣ ᠲᠠᠢ ᠪᠠᠨ ᠣᠷᠳᠣ ᠨᠠᠰᠣᠯᠠᠵᠣ ᠣᠳᠠᠭᠠᠨ ᠣᠷᠣᠰᠢᠨ ᠮᠦᠩᠭᠡᠳᠡ | ᠣᠯᠠᠮᠵᠢᠯᠠᠭᠳᠠᠨᠠ︾ ᠬᠡᠵᠣ ᠰᠡᠳᠬᠢᠯ ᠲᠣᠭᠳᠣᠯᠣᠨ ᠲᠠᠳ᠋ᠯᠠᠯ ᠪᠢᠴᠢᠵᠣ ᠨᠡᠶᠢᠳᠡᠯᠡᠬᠦᠯᠦᠭᠰᠡᠨ ᠪᠣᠳᠣᠭᠳᠠᠬᠤ ᠪᠦᠬᠡᠳ | ᠠᠯᠳᠠᠷᠳᠣ ᠰᠢᠯᠦᠭᠴᠢ ᠪᠡ᠊᠂ ᠣᠳᠽᠡᠷ ᠭᠤᠸᠠᠢ ᠶᠢᠨ᠄ ︽ᠲᠠᠪᠠᠭ ᠰᠡᠭᠦᠯᠳᠣ ᠶᠢᠨ ᠰᠢᠬᠦᠰᠣ ᠠᠴᠠ ᠲᠣᠰᠣᠯᠢᠭ / | ᠲᠠᠷᠠᠭ ᠠᠶᠢᠷᠠᠭ ᠤᠨ ᠲᠡᠭᠡᠵᠢ ᠠᠴᠠ ᠠᠮᠳᠠᠯᠢᠭ / ᠲᠠᠪᠣᠨ ᠰᠠᠶᠢᠬᠠᠨ ᠲᠦᠷᠦ ᠶᠢᠨ ᠲᠠᠭᠤᠣ ᠪᠠᠨ ᠲᠢᠭᠯᠡᠵᠣ / | ᠲᠠ ᠮᠢᠨᠢ᠂ ᠮᠠᠵᠢᠭ ᠮᠢᠨᠢ ᠶᠡᠭᠡ ᠵᠢᠳᠬᠦᠯ ᠭᠠᠷᠭᠠᠯ᠎ᠠ /︾ ᠬᠡᠵᠦ ᠲᠡᠬᠦᠨ ᠤ ᠡᠨᠡᠬᠦ ᠪᠣᠶᠠᠨ ᠤ ᠦᠢᠯᠡᠰ ᠢ ᠮᠠᠭᠳᠠᠵᠣ | ᠣᠶᠠᠩᠭᠠᠯᠠᠭᠰᠠᠨ ᠰᠢᠯᠦᠭ ᠤᠨ ᠪᠠᠳᠠᠭ ᠤᠳ ᠴᠣ᠋ ᠲᠣᠷᠠᠶᠢᠬᠤ ᠶᠣᠮ᠃ | ᠮᠠᠵᠢᠭ 1967 ᠣᠨ ᠳᠤ ᠨᠠᠪᠴᠢᠮ᠎ᠠ ᠲᠠᠢ ᠠᠶᠢᠯ ᠬᠡᠷ ᠪᠠᠶᠢᠭᠤᠯᠵᠣ ᠠᠮᠢᠳᠣᠷᠠᠯ ᠤᠨ ᠵᠠᠶᠠᠭ᠎ᠠ ᠪᠠᠨ | ᠬᠤᠯᠪᠣᠵᠠᠢ᠃ ᠪᠦᠰᠡᠭᠦᠢ ᠨᠢ ᠨᠠᠪᠴᠢᠮᠡ ᠬᠡᠭᠴᠢ ᠬᠦᠯᠦᠨ ᠪᠣᠶᠢᠷ ᠠᠶᠢᠮᠠᠭ ᠤᠨ ᠬᠠᠭᠤᠴᠢᠨ ᠪᠠᠷᠭᠤ ᠬᠤᠰᠢᠭᠤᠨ ᠤ | ᠣᠣᠯ ᠤᠨ ᠡᠸᠡᠩᠬᠢ ᠰᠣᠮᠣ ᠶᠢᠨ ᠣᠣᠭᠠᠯ᠂ ᠠᠷᠪᠠᠨ ᠵᠢᠷᠭᠤᠭᠠᠳᠠᠢ ᠠᠴᠠ ᠪᠠᠨ ᠲᠠᠭᠤᠣ ᠣᠷᠠᠯᠢᠭ ᠤᠨ ᠦᠢᠯᠡᠰ ᠲᠤ | ᠠᠵᠢᠯ ᠤᠨ ᠭᠠᠷᠤᠭ᠎ᠠ ᠠᠪᠴᠣ᠂ ᠭᠤᠴᠢᠭᠠᠳ ᠵᠢᠯ ᠤᠨ ᠬᠦᠭᠡᠭᠡᠴᠡᠯᠳᠣᠯ ᠢᠶᠠᠷ ᠴᠡᠷᠢᠭ ᠠᠩᠬᠢ ᠶᠢᠨ ᠣᠷᠠᠯᠢᠭ ᠤᠨ | ᠪᠦᠯᠬᠦᠮ ᠳᠤ ᠡᠮᠡᠭᠳᠡᠢ ᠶᠢᠨ ᠬᠦᠩᠭᠢᠨᠡᠮ᠎ᠡ ᠬᠤᠭᠤᠯᠠᠢ ᠶᠢᠨ ᠭᠤᠴᠣᠯᠠᠯ ᠲᠠᠭᠤᠴᠢ ᠶᠠᠪᠣᠭᠰᠠᠨ ᠨᠢᠬᠡᠨ ᠪᠢᠯᠡ᠃ ᠣᠣᠯ | ᠨᠢ ᠡᠳᠡ ᠬᠤᠶᠠᠭᠤᠯᠠ ᠵᠠᠯᠠᠭᠤ ᠽᠠᠨᠳᠠᠨ ᠨᠠᠰᠣᠨ ᠠᠴᠠ ᠪᠠᠨ ᠴᠡᠷᠢᠭ ᠠᠩᠬᠢ ᠶᠢᠨ ᠣᠷᠠᠯᠢᠭ ᠤᠨ ᠪᠦᠯᠬᠦᠮ ᠳᠤ | ᠬᠠᠮᠳᠣ ᠳᠠᠭᠠᠨ ᠬᠦᠴᠣ ᠪᠠᠨ ᠡᠷᠭᠦᠴᠣ ᠶᠠᠪᠣᠭᠰᠠᠨ ᠠᠬᠠᠮᠠᠳ ︽ᠨᠠᠷᠠᠳᠣ ᠣᠷᠠᠯᠢᠭᠴᠢᠳ︾ ᠪᠣᠯᠬᠤ ᠮᠦᠷᠳᠡᠭᠡᠨ | ᠣᠳᠬ᠎ᠠ ᠣᠷᠠᠯᠢᠭ ᠲᠤ ᠠᠵᠢᠯ ᠠᠮᠢᠳᠣᠷᠠᠯ ᠢᠶᠠᠨ ᠵᠣᠷᠢᠭᠤᠯᠵᠣ ᠢᠷᠡᠭᠰᠡᠨ ᠦᠩᠬᠡ ᠬᠡᠷᠡᠯᠳᠡᠢ ︽ᠭᠡᠷ ᠪᠦᠯᠢ︾ | ᠪᠣᠯᠣᠨ᠎ᠠ᠃ ᠲᠡᠳᠡᠨ ᠤ ᠬᠢ ᠬᠦᠣ ᠬᠡᠣᠭᠡᠨ ᠤ ᠲᠡᠭᠰᠢ ᠲᠡᠪᠢᠯᠠᠩ ᠲᠠᠢ ᠠᠶᠢᠯ ᠶᠣᠮᠰᠠᠨ᠃ ᠡᠳᠣᠭᠡ ᠬᠦᠪᠡᠬᠦᠨ | ᠲᠣᠷᠣᠨ᠎ᠠ ᠨᠢ ᠬᠦᠬᠡᠬᠤᠳᠠ ᠶᠢᠨ ᠲᠣᠮᠳᠠᠳᠣ ᠣᠯᠣᠰ ᠤᠨ ᠬᠤᠪᠢᠶᠠᠷᠢ ᠪᠠᠩᠬᠢ ᠳᠤ ᠠᠵᠢᠯᠯᠠᠵᠣ ᠪᠠᠶᠢᠬᠤ ᠪᠦᠬᠡᠳ | ᠬᠦᠦ ᠪᠡᠷᠢ ᠮᠠᠨᠰᠢ ᠨᠢ ᠦᠪᠣᠷ ᠮᠣᠩᠭᠤᠯ ᠤᠨ ᠦᠨᠳᠣᠷ ᠵᠡᠷᠭᠡ ᠶᠢᠨ ᠰᠢᠬᠦᠬᠦ ᠬᠤᠷᠢᠶᠠᠨ ᠳᠤ ᠠᠯᠪᠠ ᠲᠠᠢ᠃ ᠣᠮᠪᠣᠯ | ᠬᠦᠦ ᠠᠰᠬᠠᠨ ᠨᠢ ᠣᠷᠵᠢᠨᠣᠨ ᠵᠢᠯ ᠵᠦᠵᠢᠶᠠᠩ ᠬᠤᠳᠠᠨ᠎ᠠ ᠶᠡᠭᠡ ᠰᠣᠷᠭᠠᠭᠤᠯᠢ ᠳᠤ ᠰᠢᠯᠭᠠᠵᠣ ᠣᠷᠣᠵᠠᠢ᠃ ᠦᠬᠢᠨ | ᠣᠯᠠᠭᠠᠨ ᠪᠠ ᠬᠦᠷᠭᠡᠨ ᠭᠤᠣ ᠹᠧᠩ ᠨᠢ ᠬᠦᠬᠡᠬᠤᠳᠠ ᠶᠢᠨ ᠴᠠᠬᠢᠯᠭᠠᠨ ᠬᠦᠴᠣᠨ ᠤ ᠲᠣᠪᠴᠢᠶᠠᠨ ᠳᠤ ᠠᠵᠢᠯᠯᠠᠵᠣ᠂ | ᠵᠢᠬᠡ ᠣᠮᠪᠣᠯ ᠦᠬᠢᠨ ᠭᠤᠣ ᠰᠢᠩ ᠢ ᠨᠢ ᠦᠨᠳᠣᠷ ᠲᠣᠮᠳᠠ ᠳᠤ ᠪᠢᠴᠢᠭ ᠦᠵᠡᠵᠦ ᠪᠣᠢ᠃ ᠨᠠᠪᠴᠢᠮ᠎ᠠ ᠨᠠᠰᠣᠳᠠᠨ | ᠬᠦᠭᠡᠬᠤᠳᠠᠨᠠ ᠬᠡᠣᠭᠡᠳ ᠠᠴᠢᠨᠠᠷ ᠤᠨ ᠢᠶᠠᠨ ᠰᠠᠶᠢᠨ ᠰᠠᠶᠢᠬᠠᠨ ᠳᠤ ᠰᠡᠳᠬᠢᠯ ᠪᠠᠶᠠᠰᠣᠩᠭᠤᠢ ᠠᠮᠢᠳᠣᠷᠠᠨ᠎ᠠ᠃ | | ᠠᠳᠡ ᠪᠢ᠂ ᠲᠠᠯᠠᠶᠢᠭᠠᠴᠢ ᠮᠠᠵᠢᠭ ᠤᠨ ᠲᠣᠭᠤᠯᠵᠣ ᠢᠷᠡᠭᠰᠡᠨ ᠠᠮᠢᠳᠣᠷᠠᠯ ᠦᠢᠯᠡᠰ ᠤᠨ ᠣᠯᠠ ᠮᠦᠷ᠂ | ᠦᠣᠭᠡ ᠲᠡᠣᠭᠡ ᠶᠢᠨ ᠲᠣᠬᠠᠢ ᠠᠯᠢ ᠴᠢᠳᠠᠬᠤ ᠪᠠᠷ ᠴᠣᠬᠤᠰ ᠲᠣᠷᠠᠳᠣᠵᠣ ᠲᠠᠮᠳᠡᠭᠯᠡᠭᠦ ᠶᠢ ᠭᠢᠴᠢᠶᠡᠯᠠ᠃ ᠬᠡᠳᠡᠯ᠎ᠡ | ᠰᠢᠨ᠎ᠡ ᠲᠣᠮᠳᠠᠳᠣ ᠣᠯᠣᠰ ᠪᠠᠶᠢᠭᠤᠯᠣᠭᠳᠠᠬᠤ ᠠᠴᠠ ᠡᠮᠣᠨᠡᠬᠢ ᠬᠠᠳᠠᠭᠤ ᠪᠡᠷᠭᠡᠰᠢᠶᠡᠯᠳᠡᠢ ᠮᠦᠷᠳᠡᠭᠡᠨ ᠠᠶᠣᠯ | ᠲᠦᠭᠰᠢᠬᠦᠷᠢ ᠲᠠᠢ ᠲᠠᠶᠢᠨ ᠤ ᠴᠠᠭ ᠦᠶ᠎ᠡ ᠳᠤ ᠲᠠᠷᠢ ᠶᠢᠨ ᠣᠳᠤᠭ᠎ᠠ ᠪᠣᠷᠬᠢᠷᠠᠭᠰᠠᠨ ᠲᠠᠶᠢᠰᠣᠨ ᠤ ᠰᠣᠮᠣᠨ ᠤ | ᠲᠣᠮᠳᠠᠭᠤᠷ ᠪᠠᠭᠠᠳᠣᠷᠯᠠᠨ ᠲᠡᠮᠡᠴᠡᠵᠣ ᠶᠠᠪᠣᠭᠰᠠᠨ ᠲᠣᠬᠠᠢ ᠠᠰᠠᠭᠤᠨ ᠰᠣᠷᠠᠵᠣ ᠵᠠᠪᠳᠣᠭᠰᠠᠨ ᠦᠭᠡᠢ ᠨᠢ ᠲᠠᠩᠴᠣ | ᠬᠠᠷᠠᠮᠰᠠᠯᠳᠠᠢ ᠪᠣᠯᠵᠠᠢ᠃ ᠬᠡᠪᠡᠴᠣ ᠲᠡᠬᠦᠨ ᠤ ᠲᠡᠷᠡᠬᠦ ᠬᠤᠪᠢᠰᠬᠠᠯᠳᠣ ᠵᠣᠷᠢᠭ ᠰᠠᠨᠠᠭ᠎ᠠ ᠪᠠ ᠦᠢᠯᠡ ᠠᠵᠢᠯᠯᠠᠭ᠎ᠠ ᠶᠢ | ᠣᠳᠣ ᠪᠣᠯᠣᠨ ᠬᠤᠶᠢᠰᠢᠳᠡ ᠶᠢᠨ ᠬᠦᠮᠦᠰ ᠲᠤ ᠣᠯᠠᠮᠵᠢᠯᠠᠵᠣ ᠦᠯᠡᠳᠡᠭᠡᠬᠦ ᠶᠢ ᠵᠣᠷᠢᠭᠰᠠᠨ ᠮᠢᠨᠢ ᠡᠨᠡ ᠪᠢᠯᠡ᠃ |