ᠠᠩᠴᠢ ᠵᠢᠷᠭᠠᠯ
ᠨᠡᠶᠢᠲᠡᠯᠡᠭᠰᠡᠨ ᠴᠠᠭ᠄
2017/4/27
ᠪᠠᠷᠭᠤᠴᠣᠳ᠂ ᠠ᠊ ᠬᠦᠭᠵᠢᠯᠳᠣ                                    ᠣᠨ ᠵᠢᠯ ᠤᠨ ᠡᠯᠡᠭᠡᠯᠳᠡ ᠶᠢ ᠦᠩᠭᠡᠷᠡᠭᠰᠡᠨ ᠬᠤᠷᠢᠳᠣᠭᠠᠷ ᠵᠠᠭᠤᠨ ᠤ ᠵᠢᠷᠠᠭᠠᠳ ᠣᠨ ᠤ ᠲᠣᠮᠳᠠᠴᠢ᠂ ᠨᠠᠮᠠᠢᠢ ᠰᠣᠷᠭᠠᠭᠤᠯᠢ ᠳᠤ ᠣᠷᠣᠬᠤ ᠶᠢᠨ ᠠᠯᠳᠠ ᠪᠠᠷ ᠠᠶᠢᠮᠠᠭ ᠣᠭᠰᠠᠭᠠᠨ ᠤ ᠮᠢᠨᠢ ᠨᠢᠬᠡᠨ ᠠᠪᠤ ᠮᠠᠨᠠᠶᠢᠬᠢ ᠪᠠᠷ ᠬᠠᠶᠠ ᠠᠶᠢᠯᠴᠢᠯᠠᠵᠣ ᠠᠪᠤ ᠲᠠᠢ ᠬᠤᠶᠠᠭᠤᠯᠠ ᠠᠳᠣᠭᠤ ᠮᠠᠯ ᠬᠡᠳᠡᠯ᠎ᠡ ᠠᠩ ᠬᠦᠷᠣᠭᠡ ᠶᠢᠨ ᠲᠣᠬᠠᠢ ᠰᠠᠶᠢᠬᠠᠨ ᠵᠣᠭᠤᠭ ᠬᠦᠣᠷᠨᠢᠳᠡᠭ ᠪᠠᠶᠢᠭᠰᠠᠨ᠃  ᠲᠡᠷᠡ ᠠᠪᠤ ᠣᠣᠯ ᠤᠨ ᠦᠵᠦᠮᠦᠴᠢᠨ ᠵᠡᠭᠦᠨ ᠭᠠᠷᠣᠨ ᠬᠤᠰᠢᠭᠤᠨ ᠤ ᠶᠡᠭᠡ ᠭᠤᠣᠯ ᠰᠣᠮᠣᠨ ᠤ ᠪᠠᠷᠭᠤᠴᠣᠳ ᠣᠪᠣᠭᠳᠣ ᠲᠠᠪᠠᠭ᠋ᠠᠢ ᠶᠢᠨ ᠵᠢᠷᠭᠠᠯ ᠭᠡᠳᠡᠭ᠃  ᠪᠠᠭ᠎ᠠ ᠶᠢᠨ ᠨᠠᠰᠣᠨ ᠤ ᠰᠣᠨᠢᠭᠤᠴᠢ ᠵᠠᠩ  ᠳᠠᠭᠠᠨ ᠬᠦᠳᠣᠯᠦᠭᠳᠡᠵᠣ ᠪᠢ᠂ ᠲᠣᠬᠠᠢ ᠶᠢᠨ ᠦᠶ᠎ᠡ ᠨᠠᠰᠣᠳᠠᠨ ᠤ ᠶᠠᠷᠢᠶ᠎ᠠ ᠪᠣᠯᠣᠨ ᠲᠠᠭᠠᠭᠤᠯᠣᠭᠰᠠᠨ ᠨᠣᠬᠠᠳ ᠠᠴᠠ  ᠨᠢ ᠠᠩᠴᠢ ᠬᠦᠮᠦᠨ ᠬᠡᠭᠴᠢ ᠶᠢ ᠠᠩᠬ᠎ᠠ ᠣᠳᠠᠭ᠎ᠠ ᠣᠶᠢᠯᠠᠭᠠᠪᠠ᠃  ᠬᠦᠮᠦᠨ ᠤ ᠬᠤᠷᠸ᠎ᠠ ᠳᠤ ᠨᠢᠭᠡ ᠨᠠᠰᠣ ᠪᠠᠨ ᠨᠠᠷᠠ ᠰᠠᠯᠬᠢᠨ ᠳᠤ ᠡᠯᠡᠭᠡᠵᠣ ᠶᠠᠪᠣᠭᠰᠠᠨ ᠵᠡᠷᠭᠡᠯᠡᠳᠡᠭᠡ ᠪᠠᠷᠢᠭᠠᠳᠠ ᠶᠢᠨ ᠲᠡᠷᠡ ᠬᠦ ᠠᠩᠴᠢ ᠠᠪᠤ ᠪᠣᠯᠣᠨ ᠮᠠᠨ ᠤ ᠠᠪᠤ ᠬᠤᠶᠠᠭᠤᠯᠠ ᠵᠢᠷᠠᠭᠠᠳ ᠣᠨ ᠤ ᠰᠡᠬᠦᠯᠴᠢ ᠪᠠᠷ ᠠᠷᠣ ᠠᠷᠣ ᠠᠴᠠ ᠪᠠᠨ ᠠᠮᠢᠳᠣᠷᠠᠯ ᠤᠨ ᠮᠦᠷ ᠬᠤᠷᠢᠶᠠᠵᠣ ᠲᠦᠷᠦᠭᠰᠡᠨ ᠨᠣᠳᠤᠭ ᠤᠨ ᠢᠶᠠᠨ ᠬᠦᠷᠣᠰᠣᠨ ᠳᠤ ᠪᠣᠴᠠᠵᠠᠢ᠃  ᠬᠤᠵᠢᠮ ᠨᠢ ᠲᠡᠷᠡ ᠠᠪᠤ ᠶᠢ ᠨᠣᠳᠤᠭ ᠣᠰᠣᠨ  ᠳᠠᠭᠠᠨ ᠨᠡᠷᠡᠳᠣ ᠰᠠᠶᠢᠨ ᠠᠩᠴᠢ ᠪᠠᠶᠢᠭᠰᠠᠨ ᠲᠣᠬᠠᠢ ᠪᠣᠰᠣᠳ ᠠᠴᠠ ᠲᠣᠭᠤᠯᠣᠭᠰᠠᠨ ᠰᠣᠷᠠᠭ ᠢᠶᠠᠨ ᠣᠯᠠᠮ ᠢᠶᠠᠷ ᠬᠦᠨᠵᠡᠬᠡᠶᠢᠷᠡᠬᠦᠯᠵᠦ᠂  ᠲᠡᠳᠡᠨ ᠤ ᠠᠴᠢ ᠬᠦᠤ ᠭᠤᠩᠴᠣᠭᠰᠡᠷᠡᠩ ᠠᠬ᠎ᠠ ᠵᠡᠷᠭᠡ ᠪᠣᠳᠠᠳᠣ ᠦᠨᠡᠨ ᠪᠠᠶᠢᠳᠠᠯ ᠢ ᠨᠢ ᠰᠠᠶᠢᠨ ᠮᠡᠳᠡᠳᠡᠭ ᠬᠡᠳᠣᠨ ᠠᠬᠠᠮᠠᠳᠴᠣᠳ ᠢ ᠡᠷᠢᠵᠦ ᠲᠦᠷᠦᠬᠦᠭᠡᠨ ᠲᠣᠰᠬᠠᠢ ᠶᠠᠷᠢᠯᠴᠠᠭ᠎ᠠ ᠠᠪᠣᠭᠰᠠᠨ ᠮᠢᠨᠢ ᠡᠨᠡ ᠪᠢᠯᠡ᠃                      ᠭᠤᠩᠴᠣᠭᠰᠡᠷᠡᠩ ᠠᠬ᠎ᠠ ᠨᠠᠳᠠ ᠳᠤ ᠠᠪᠠᠭ᠎ᠠ ᠮᠢᠨᠢ ᠵᠢᠷᠭᠠᠯ ᠭᠡᠭᠴᠢ ︽ᠠᠩᠴᠢ ᠬᠦᠮᠦᠨ ᠶᠣᠮᠰᠠᠨ︾ ᠭᠡᠵᠣ ᠶᠠᠷᠢᠶ᠎ᠠ ᠪᠠᠨ ᠡᠬᠦᠰᠬᠡᠵᠤ᠂ 1929 ᠣᠨ ᠤ ᠰᠢᠷᠠᠭᠴᠢᠨ ᠮᠣᠭᠠᠢ ᠵᠢᠯ ᠵᠠᠶᠠᠭᠠᠯ᠎ᠠ ᠭᠡᠳᠡᠭ᠃ 1945 ᠣᠨ ᠳᠤ ᠲᠣᠩᠶ᠋ᠢᠳ ᠵᠠᠩᠬᠢ ᠶᠢᠨ ᠦᠬᠢᠨ ᠲᠠᠷᠢᠬᠢ ︵ᠪᠠᠭᠤᠯᠭᠠᠪᠣᠷᠢ ᠨᠡᠷ᠎ᠡ ᠨᠢ ᠬᠤᠳᠤᠭ︶ ᠲᠠᠢ ᠬᠠᠨᠢ ᠶᠢᠨ ᠵᠠᠶᠠᠭ᠎ᠠ ᠬᠤᠯᠪᠣᠵᠣ᠂ ᠠᠶᠢᠯ ᠡᠷᠣᠭᠡ ᠶᠢᠨ ᠠᠮᠢᠳᠣᠷᠠᠯ ᠢᠶᠠᠨ ᠡᠬᠢᠯᠡᠬᠦᠯᠵᠡᠢ᠃  ᠪᠡᠯᠡᠨ ᠦᠬᠡ ᠶᠢᠨ ᠣᠩᠭᠤᠳ ᠲᠠᠢ᠂ ᠲᠠᠭᠤᠯᠠᠵᠣ ᠢᠷᠣᠭᠡᠬᠦ ᠳᠡᠭᠡᠨ ᠠᠪᠢᠶᠠᠰᠯᠢᠭ ᠲᠡᠳᠣᠢ ᠦᠭᠡᠢ ᠮᠠᠯ ᠠᠮᠢᠳᠠᠨ ᠳᠤ ᠨᠢᠳᠣᠯᠢᠭ᠂ ᠬᠦᠶᠣᠳᠡᠭ ᠮᠣᠷᠢ ᠨᠣᠬᠠᠢ  ᠶᠢ ᠰᠢᠨᠵᠢᠳᠡᠭ ᠣᠶᠠᠭᠠᠴᠢ᠂ ᠠᠩᠴᠢ ᠶᠠᠪᠣᠭᠰᠠᠨ ᠨᠢᠭᠡᠨ ᠦᠶ᠎ᠡ ᠶᠢᠨ ᠲᠣᠷᠪᠢᠯᠢᠭ ᠮᠠᠯᠴᠢ ᠬᠦᠮᠦᠨ ᠪᠠᠶᠢᠵᠣ ᠪᠢᠯᠡ᠃  ᠡᠶᠢᠮᠣ ᠪᠠᠷ ᠨᠣᠳᠤᠭ ᠣᠰᠣᠨ ᠤ ᠬᠢᠨ ᠠᠪᠠᠭ᠎ᠠ ᠠᠪᠤ ᠶᠢ ︽ᠬᠠᠷᠠᠨᠳᠠ ᠵᠢᠷᠭᠠᠯ︾ ᠬᠡᠵᠣ ᠡᠷᠬᠦᠮᠵᠢᠯᠡᠨ ᠲᠠᠭᠤᠳᠠᠬᠤ ᠪᠣᠶᠣ ᠲᠡᠭᠦᠦᠨᠡᠷ ᠪᠠᠭᠠᠴᠣᠳ ᠨᠢ ︽ᠵᠢᠷᠭᠠᠯ ᠠᠪᠣᠭᠠᠢ︾ ᠬᠡᠵᠦ ᠬᠦᠨᠳᠣᠳᠭᠡᠨ ᠲᠠᠭᠤᠳᠠᠳᠠᠭ ᠪᠠᠶᠢᠵᠠᠢ᠃      ᠠᠪᠠᠭ᠎ᠠ ᠠᠪᠤ ᠶᠢᠨ ᠠᠩ ᠬᠢᠬᠦ ᠠᠷᠭ᠎ᠠ ᠨᠢ ᠶᠡᠭᠡ ᠦᠪᠡᠷᠮᠢᠴᠠ ᠣᠨᠴᠠᠯᠢᠭ ᠲᠠᠢ ᠪᠠᠶᠢᠳᠠᠭ᠃  ᠡᠪᠣᠯ ᠤᠨ ᠰᠦᠨᠢ ᠰᠢᠨ᠎ᠡ ᠴᠠᠰᠣ ᠣᠷᠣᠵᠣ ᠮᠦᠷ ᠤᠨ ᠬᠢᠷᠠᠮᠠᠭ ᠭᠠᠷᠣᠭᠰᠠᠨ ᠡᠰᠡᠭᠦ ᠶᠢ ᠭᠡᠷ ᠤᠨ ᠬᠠᠶᠠᠭ᠎ᠠ ᠪᠠᠷ ᠭᠠᠷ ᠢᠶᠠᠨ ᠭᠠᠷᠭᠠᠵᠣ ᠦᠵᠡᠳᠡᠭ᠂ ᠭᠡᠷᠪᠡ ᠬᠢᠷᠠᠮᠠᠭᠯᠠᠪᠠᠯ ᠦᠷᠯᠣᠭᠡ ᠡᠷᠳᠡ ᠪᠣᠰᠴᠣ ᠬᠡᠳᠣᠨ ᠨᠣᠬᠠᠢ ᠪᠠᠨ ᠬᠦᠳᠣᠯᠵᠣ ᠪᠣᠭᠤᠨᠢ ᠮᠦᠷ ᠮᠦᠰᠬᠢᠨ ᠠᠯᠢ ᠬᠡᠳᠣᠶᠢᠨ ᠤ ᠮᠣᠷᠢ ᠡᠮᠡᠬᠡᠯᠯᠡᠵᠣ ᠮᠣᠷᠳᠠᠳᠠᠭ᠃ ᠠᠪᠠᠭ᠎ᠠ ᠠᠪᠤ ᠳᠤ ᠬᠡᠳᠣᠨ ᠰᠠᠶᠢᠬᠠᠨ ᠬᠦᠭᠡ ᠨᠣᠬᠠᠳ ᠪᠠᠶᠢᠭᠰᠠᠨ ᠤ ᠲᠣᠳᠣᠷ᠎ᠠ ᠣᠭᠤᠳᠣᠩ ᠬᠦᠬᠡ ᠪᠠ ᠨᠠᠷᠢᠨ ᠬᠦᠭᠡ ᠨᠣᠬᠠᠢ ᠪᠠᠨ ᠦᠪᠦᠷᠯᠢᠭ ᠨᠣᠬᠠᠢ ᠶᠢᠨ ᠣᠳᠣᠮ ᠬᠡᠵᠣ ᠬᠦᠯᠦᠬᠡᠨ ᠳᠤ ᠨᠢ ᠠᠷᠣ ᠬᠤᠷᠴᠢᠨ ᠤ ᠨᠠᠰᠣᠨᠪᠠᠶᠠᠷ ᠤᠨ ᠠᠴᠠ ᠠᠪᠴᠢᠷᠠᠵᠣ ᠲᠡᠵᠢᠭᠡᠭᠰᠡᠨ ᠬᠡᠳᠡᠭ᠃  ᠬᠤᠵᠢᠮ ᠨᠢ ᠦᠨᠡᠭᠡᠷ ᠴᠣ᠋ ᠠᠩ ᠤᠨ ᠠᠮᠢᠳᠠᠨ ᠢ ᠦᠵᠡᠬᠦ ᠨᠢ ᠰᠠᠶᠢᠨ᠂ ᠬᠦᠶᠣᠳᠠᠯ ᠵᠠᠭᠤᠳᠠᠯ ᠬᠤᠣᠰᠯᠠᠭᠰᠠᠨ ᠨᠠᠮᠵᠣᠷ ᠪᠡᠶ᠎ᠡ ᠲᠠᠢ ᠰᠡᠷᠡᠯ ᠰᠣᠷᠭᠤᠭ ᠠᠪᠠ ᠶᠢᠨ ᠨᠣᠬᠠᠢ ᠪᠣᠯᠵᠠᠢ᠃  ᠨᠢᠬᠡ ᠨᠢ ᠣᠭᠤᠳᠣᠩ ᠰᠡᠭᠦᠯ ᠲᠠᠢ᠂ ᠨᠦᠭᠦᠭᠡ ᠨᠢ ᠨᠠᠷᠢᠬᠠᠨ ᠦᠨᠳᠣᠷ ᠪᠡᠶ᠎ᠡ ᠲᠠᠢ᠃  ᠪᠠᠰᠠ ᠨᠢᠭᠡ ᠬᠤᠷᠳᠣᠨ ᠬᠦᠬᠡ ᠬᠢᠴᠢᠢ ᠪᠠᠶᠢᠭᠰᠠᠨ᠃ ᠬᠡᠳᠣᠨ ᠨᠣᠬᠠᠳ ᠨᠢ ᠦᠭᠡ ᠬᠡᠯᠡ ᠲᠠᠢ ᠠᠮᠢᠳᠠᠨ ᠰᠢᠭ᠋ ᠡᠵᠡᠨ ᠤ ᠪᠠᠨ ᠰᠠᠨᠠᠭ᠎ᠠ ᠪᠠᠷ ᠭᠠᠷ ᠤᠨ ᠲᠣᠬᠢᠶ᠎ᠠ ᠶᠢ ᠨᠢ ᠠᠨᠳᠠᠬᠤ ᠦᠭᠡᠢ ᠮᠡᠳᠡᠳᠡᠭ᠃  ᠶᠠᠷᠣᠨᠢ ᠠᠩ ᠤᠨ ᠰᠢᠨ᠎ᠡ᠂ ᠬᠠᠭᠤᠴᠢᠨ ᠮᠦᠷ ᠶᠢ ᠢᠯᠠᠭᠠᠵᠣ ᠲᠠᠨᠢᠬᠤ᠂ ᠦᠨᠦᠷ ᠰᠠᠯᠬᠢ ᠠᠪᠬᠤ᠂ ᠮᠦᠷ ᠮᠦᠰᠬᠢᠬᠦ᠂ ᠡᠵᠡᠨ ᠤ ᠪᠠᠨ ᠭᠠᠷ ᠢ ᠠᠵᠢᠵᠦ ᠬᠠᠨᠵᠣᠢ ︵ᠲᠣᠷᠣᠭᠤ︶ ᠪᠠᠨ ᠭᠡᠳᠡᠷᠭᠡᠨ ᠲᠣᠬᠢᠪᠠᠯ ᠭᠠᠯᠬᠢᠵᠦ᠂ ᠲᠦᠷᠣᠭᠦᠯᠬᠡᠨ ᠲᠣᠬᠢᠪᠠᠯ ᠬᠤᠷᠳᠣᠯᠠᠬᠤ᠂ ᠠᠯᠣᠰ ᠠᠴᠠ ᠲᠠᠯᠠᠯᠪᠠᠯ ᠢᠷᠡᠵᠣ᠂ ᠬᠠᠵᠠᠭᠤ ᠠᠴᠠ ᠨᠢ ᠠᠯᠠᠭ᠎ᠠ ᠪᠠᠷ ᠢᠶᠠᠨ ᠲᠣᠭᠢᠪᠠᠯ ᠬᠡᠪᠳᠡᠭᠦ ᠪᠠ ᠠᠩ ᠤᠨ ᠠᠮᠢᠳᠠᠨ ᠤ ᠪᠠᠭᠠᠯᠵᠣᠣᠷ ᠳᠤᠨᠢ ᠰᠠᠭᠤᠬᠤ ᠠᠴᠠ ᠪᠢᠰᠢ᠂ ᠠᠷᠠᠰᠣ ᠬᠦᠷᠣᠰᠣ ᠶᠢ ᠨᠢ ᠣᠷᠠᠵᠣ ᠰᠦᠢᠳᠭᠡᠳᠡᠭ ᠦᠭᠡᠢ᠂ ᠭᠡᠭᠡᠷ᠎ᠡ ᠭᠠᠳᠠᠨ᠎ᠠ ᠠᠩ ᠤᠨ ᠭᠠᠵᠠᠷ ᠪᠣᠰᠣᠳ ᠠᠩᠴᠢᠳ ᠨᠣᠬᠠᠢ ᠲᠠᠭᠠᠭᠤᠯᠵᠣ ᠢᠷᠡᠬᠦ ᠳᠤ ᠬᠤᠷᠭᠤᠭᠠᠵᠤ ᠬᠤᠴᠠᠬᠤ ᠪᠣᠶᠣ ᠨᠣᠴᠣᠯᠳᠣᠵᠣ ᠬᠡᠷᠡᠯᠳᠣᠬᠦ ᠵᠢᠴᠢ ᠴᠢᠮᠡᠭᠡ ᠠᠨᠢᠷ ᠭᠠᠷᠭᠠᠬᠤ ᠦᠭᠡᠢ ᠳᠤ ᠬᠦᠷᠳᠡᠯ᠎ᠡ ᠭᠤᠶᠣ ᠣᠬᠠᠭᠠᠯᠢᠭ ᠰᠣᠷᠭᠠᠭᠰᠠᠨ ᠪᠠᠶᠢᠳᠠᠭ ᠰᠠᠨ᠃                                        ᠲᠡᠭᠦᠨ ᠤ ᠲᠣᠬᠠᠢ ᠠᠬᠠᠮᠠᠳ ᠺᠠᠳ᠋ᠷ ᠷᠠᠰᠢ ᠨᠠᠰᠣᠳᠠᠨ ᠨᠠᠳᠠᠳᠣ ᠬᠠᠭᠤᠴᠢᠯᠠᠬᠤ ᠳᠠᠭᠠᠨ᠄  ᠵᠢᠷᠭᠠᠯ ᠠᠪᠣᠭᠠᠢ ᠭᠡᠭᠴᠢ ᠦᠵᠦᠮᠦᠴᠢᠨ ᠨᠣᠳᠤᠭ ᠤᠨ ᠵᠡᠭᠦᠨ ᠪᠡᠶ᠎ᠡ ᠶᠢᠨ ᠰᠠᠶᠢᠨ ᠠᠩᠴᠢ ᠶᠢᠨ ᠨᠢᠭᠡ ᠨᠢ ᠪᠢᠯᠡ᠃  ᠠᠯᠢ ᠡᠳᠣᠷ ᠬᠠᠮᠢᠭᠠᠰᠢ ᠪᠠᠨ ᠭᠠᠷᠪᠠᠯ ᠶᠠᠮᠠᠷ ᠭᠠᠵᠠᠷ ᠠᠮᠢᠳᠠᠨ ᠲᠠᠭᠠᠷᠠᠬᠤ᠂ ᠠᠯᠢ ᠭᠡᠴᠡᠭᠦᠦ ᠬᠦᠶᠦᠳᠡᠯ ᠲᠠᠢ᠂ ᠪᠣᠰᠣᠳ ᠤᠨ ᠠᠪᠴᠣ ᠲᠡᠶᠢᠯᠳᠡᠭ ᠦᠭᠡᠢ ᠦᠨᠡᠭᠡ ᠴᠢᠨ᠋ᠸ᠎ᠠ ᠶᠢ ᠠᠪᠠᠯᠠᠵᠣ ᠪᠠᠶᠢᠳᠠᠭ ᠨᠢ ᠲᠡᠭᠦᠨ ᠤ ᠪᠣᠰᠣᠳ ᠠᠴᠠ ᠠᠬᠠᠯᠠᠬᠤ ᠲᠠᠪᠠᠭᠤᠯᠢᠭ ᠲᠠᠯ᠎ᠠ ᠨᠢ ᠪᠣᠯᠬᠤ ᠶᠣᠮ᠃  ᠵᠠᠷᠢᠮ ᠣᠨᠴᠠ ᠭᠡᠴᠡᠬᠦᠦ ᠬᠦᠶᠣᠳᠡᠯ ᠰᠠᠶᠢᠳᠠᠢ᠂ ᠵᠠᠯᠢ ᠮᠡᠭᠡ ᠶᠡᠭᠡᠳᠡᠢ ᠦᠨᠡᠭᠡ ᠶᠢ ᠪᠠᠷᠳᠠᠭᠠᠳᠣ ᠭᠠᠵᠠᠷ ᠠᠴᠠ ᠪᠣᠰᠬᠠᠭᠠᠳ 1 ~ 2 ᠨᠣᠬᠠᠢ ᠲᠠᠷᠣᠭᠠᠳ ᠭᠠᠷᠪᠠᠯ ᠪᠠᠰᠠ ᠦᠬᠡᠷ᠎ᠡ ᠬᠡᠳᠣᠨ ᠨᠣᠬᠠᠢ ᠪᠠᠨ ᠦᠪᠡᠷ ᠢᠶᠠᠨ ᠠᠪᠴᠣ ᠬᠤᠴᠤᠷᠴᠤ ᠪᠠᠶᠢᠭᠠᠳ ᠶᠠᠮᠠᠷ ᠨᠢᠬᠡᠨ ᠬᠢᠷ᠎ᠡ ᠪᠠᠷᠳᠠᠭ᠎ᠠ ᠲᠠᠮᠵᠢᠵᠦ ᠬᠦᠭᠡᠭᠡᠵᠣ ᠢᠷᠡᠬᠦ ᠭᠠᠵᠠᠷ ᠤᠨ ᠪᠠᠶᠢᠴᠨ ᠢᠷᠡᠴᠨ ᠶᠢ ᠠᠮᠠᠳᠠᠵᠣ᠂ ᠬᠤᠰᠢᠭᠤ ᠡᠯᠬᠦᠬᠦᠯᠦᠨ ᠠᠮᠵᠢᠭᠤᠨ ᠨᠣᠬᠠᠳ ᠢᠶᠠᠨ ᠲᠣᠰᠣᠭᠤᠯᠵᠣ ᠵᠣᠪᠠᠭᠤᠷᠢ ᠦᠭᠡᠢ ᠠᠮᠠᠷᠬᠠᠨ ᠠᠩᠨᠠᠵᠣ ᠪᠠᠶᠢᠳᠠᠭ᠂ ᠠᠶᠢᠮᠠᠭ ᠱᠠᠳᠣᠨ ᠤ ︽ᠵᠢᠱᠢᠶᠠᠴᠢ ᠠᠩᠴᠢ︾  ᠶᠢᠨ ᠱᠠᠩᠨᠠᠯ ᠢ ᠲᠣᠰᠴᠣ ᠶᠠᠪᠣᠭᠰᠠᠨ ᠬᠦᠮᠦᠨ ᠳ᠋ᠧ᠃  ᠲᠡᠭᠦᠨ ᠳᠤ ᠪᠠᠰᠠ ᠨᠢᠬᠡ ᠴᠣᠣᠳᠠᠢ ᠬᠦᠶᠣᠳᠡᠭ ᠬᠤᠷᠳᠣᠨ ᠴᠡᠩᠭᠡᠷ ᠮᠣᠷᠢ ᠪᠠᠶᠢᠭᠰᠠᠨ ᠨᠢ ᠴᠢᠨ᠋ᠸ᠎ᠠ ᠨᠡᠯᠢᠶᠡᠳ ᠣᠷᠭᠠᠯᠠᠭᠤᠯᠵᠣ᠂ ᠲᠡᠷᠡ ᠮᠦᠷᠳᠡᠭᠡᠨ ᠮᠠᠨ ᠤ ᠨᠢᠬᠡᠳᠣᠯ ᠤᠨ 1962 ᠣᠨ ᠳᠤ ᠬᠢᠭᠰᠡᠨ ᠶᠡᠭᠡ ᠨᠠᠶᠢᠷ ᠲᠤ ᠲᠡᠷᠢᠬᠦᠯᠡᠵᠣ᠂ ᠪᠣᠰᠣᠳ ᠮᠠᠨᠳᠣᠬᠤᠪᠣᠯᠠᠭ ᠵᠡᠷᠭᠡ ᠬᠡᠳᠣᠨ ᠨᠢᠭᠡᠴᠠ  ᠶᠢᠨ ᠶᠡᠭᠡ ᠨᠠᠶᠢᠷ ᠢᠶᠠᠷ ᠲᠡᠭᠡᠷ᠎ᠡ ᠲᠦᠷᠪᠡ ᠳᠤ ᠬᠦᠶᠣᠵᠣ ᠪᠠᠶᠢᠭᠰᠠᠨ ᠢ ᠨᠢ ᠮᠠᠨ ᠤ ᠨᠠᠰᠣᠨ ᠤ ᠬᠢᠨ ᠠᠨᠳᠠᠬᠤ ᠦᠭᠡᠢ ᠮᠡᠳᠡᠨ᠎ᠡ᠃  ᠵᠢᠷᠭᠠᠯ ᠠᠪᠣᠭᠠᠢ ᠵᠢᠯ ᠰᠠᠷ᠎ᠠ ᠣᠷᠤᠭ ᠬᠤᠷᠢᠮ ᠳᠤ ᠴᠡᠩᠬᠡᠷ ᠮᠣᠷᠢ ᠪᠠᠨ ᠣᠨᠣᠪᠠᠯ᠄ ︽ᠡᠯ ᠬᠦ᠋ ᠲᠸᠣ  ᠪᠠᠷ ᠣᠬᠢᠶᠠᠭᠠᠳ᠂ ᠦᠰᠣ ᠲᠠᠢ ᠰᠣᠮᠣ ᠪᠠᠷ ᠬᠠᠷᠪᠣᠨ᠎ᠠ ᠰᠢᠣ︕︾ ᠬᠡᠵᠣ ᠦᠶ᠎ᠡ ᠬᠤᠷᠠᠭ ᠤᠨ ᠬᠢᠨ ᠢᠶᠠᠨ ᠱᠣᠣᠬᠢᠭᠤᠯᠵᠣ᠂ ᠴᠡᠩᠭᠡᠷ ᠮᠣᠷᠢ ᠨᠢ ᠴᠣ᠋ ᠲᠡᠭᠦᠨ ᠢ ᠠᠷᠢᠬᠢᠨ ᠦᠨᠦᠷ ᠬᠠᠩᠬᠤᠯᠠᠭᠤᠯᠣᠨ᠂ ᠮᠣᠨᠳᠠᠭ᠎ᠠ ᠲᠠᠭᠠᠭᠤᠯᠵᠣ ᠬᠤᠶᠠᠷ ᠲᠠᠯ᠎ᠠ ᠪᠠᠷ ᠢᠶᠠᠨ ᠡᠭᠡᠯᠵᠢᠯᠡᠵᠦ ᠵᠠᠶᠢᠮᠣᠷᠠᠭᠤᠯᠣᠨ ᠬᠡᠯᠪᠡᠷᠢᠵᠣ ᠲᠠᠭᠤᠣ ᠬᠠᠩᠬᠢᠨᠠᠭᠤᠯᠣᠭᠠᠳ ᠢᠷᠡᠬᠦ ᠳᠤ᠂ ᠬᠦᠶᠣᠳᠡᠯ ᠨᠢ ᠣᠯᠠᠮ ᠢᠶᠠᠷ ᠨᠡᠮᠡᠭᠳᠡᠳᠡᠭ ᠶᠡᠭᠡ ᠬᠤᠷᠳᠣᠨ ᠮᠣᠷᠢ ᠪᠠᠶᠢᠭᠰᠠᠨ ᠶᠣᠮ ᠬᠡᠵᠣ  ᠤᠷᠮᠠᠲᠠᠶᠢᠬᠠᠨ ᠶᠠᠷᠢᠯ᠎ᠠ᠃        ᠪᠢ ᠶᠡᠭᠡ ᠠᠩᠴᠢ ᠶᠢ ᠦᠷᠬᠦᠯᠵᠢ ᠲᠠᠭᠠᠵᠣ ᠠᠩ ᠬᠢᠵᠦ ᠶᠠᠪᠣᠳᠠᠭ ᠰᠢᠯᠢ ᠶᠢᠨ ᠭᠤᠣᠯ ᠠᠶᠢᠮᠠᠭ ᠤᠨ ︽ᠭᠠᠷᠠᠮᠠᠭᠠᠢ ᠠᠩᠴᠢ︾ ᠶᠢᠨ ᠮᠧᠳᠠᠯ ᠲᠠᠢ ᠱᠠᠭᠳᠠᠷᠵᠠᠪ ᠠᠬ᠎ᠠ ᠶᠢ ᠲᠣᠰᠬᠠᠶᠢᠯᠠᠨ ᠡᠷᠢᠵᠦ ᠲᠡᠷᠡ ᠲᠣᠬᠠᠢ ᠰᠣᠷᠠᠭᠯᠠᠬᠤ  ᠳᠤ ᠨᠠᠳᠠᠳᠣ ᠡᠶᠢᠨᠬᠦ ᠶᠠᠷᠢᠯ᠎ᠠ᠄ 1963 ᠣᠨ ᠤ ᠡᠪᠣᠯ ᠤᠨ ᠡᠬᠢᠨ ᠰᠠᠷ᠎ᠠ ᠳᠤ ᠮᠠᠨᠠᠶᠢᠬᠢ ᠶᠠᠭ ᠣᠳᠣᠷ ᠨᠡᠭᠦᠬᠦ ᠪᠠᠷ ᠪᠡᠯᠡᠳᠭᠡᠵᠣ ᠪᠠᠶᠢᠬᠤ ᠳᠤ ᠵᠢᠷᠭᠠᠯ ᠠᠪᠣᠭᠠᠢ ᠢᠷᠡᠵᠣ᠂ ᠡᠵᠢ ᠳᠤ ᠮᠢᠨᠢ ᠪᠢ ᠱᠠᠭᠳᠠᠷ ᠢ ᠨᠢᠭᠡ ᠲᠠᠭᠠᠭᠤᠯᠵᠣ ᠭᠠᠷᠣᠶ᠎ᠠ ᠭᠡᠳ ᠨᠠᠮᠠᠢᠢ ᠠᠩ ᠳᠤ ᠲᠠᠭᠠᠭᠤᠯᠵᠣ ᠶᠠᠪᠣᠯ᠎ᠠ᠃  ᠲᠡᠭᠡᠭᠡᠳ ᠣᠳᠣᠬᠢ ᠡᠷᠢᠶᠡᠨᠪᠣᠯᠠᠭ ᠪᠠᠷᠢᠭᠠᠳᠠ ᠶᠢᠨ ᠨᠣᠳᠤᠭ ᠪᠣᠯᠬᠤ ᠰᠡᠷᠳᠡᠩ ᠤᠨ ᠲᠣᠯᠣᠭᠠᠢ ᠶᠢᠨ ᠡᠩᠭᠡᠷ ᠲᠡᠭᠡᠷ᠎ᠡ ᠨᠠᠮᠠᠢᠢ ᠬᠤᠶᠠᠷ ᠮᠣᠷᠢ ᠪᠠᠷᠢᠭᠤᠯᠣᠨ᠂ ᠦᠣᠷ ᠤᠨ ᠬᠠᠷᠠᠩᠭᠤᠢ  ᠪᠠᠷ ᠰᠠᠭᠤᠯᠭᠠᠵᠣ᠂ ᠲᠦᠷᠦᠭᠡ ᠬᠠᠩᠬᠢᠨᠠᠭᠤᠯᠣᠨ ᠮᠣᠷᠢᠳ ᠢᠶᠠᠨ ᠲᠣᠷᠭᠢᠭᠤᠯᠵᠣ ᠪᠣᠯᠬᠤ ᠦᠭᠡᠢ ᠰᠢᠣ ᠬᠡᠵᠣ ᠵᠠᠬᠢᠵᠣ ᠣᠷᠬᠢᠭᠠᠳ᠂ ᠦᠪᠡᠷ ᠢᠶᠠᠨ ᠴᠠᠰᠢ ᠶᠠᠪᠣᠵᠣ ᠣᠳᠣᠭᠰᠠᠨ ᠶᠣᠮ᠃  ᠲᠡᠷᠡ ᠦᠷᠯᠣᠭᠡ ᠦᠣᠷ ᠤᠨ ᠭᠤᠵᠣᠩ ᠣᠷᠣᠬᠤ  ᠠᠴᠠ ᠡᠮᠣᠨ᠎ᠡ ᠮᠢᠨᠣ ᠲᠠᠭᠠᠷᠠᠭᠰᠠᠨ ᠭᠡᠳᠡᠭ ᠢ ᠬᠡᠯᠡᠬᠦ ᠶᠢᠨ ᠠᠷᠭ᠎ᠠ ᠦᠭᠡᠢ᠂ ᠦᠨᠡᠭᠡᠷ ᠴᠣ᠋ ᠲᠡᠰᠴᠣ ᠶᠠᠳᠠᠭᠰᠠᠨ᠃  ᠠᠭᠠᠵᠢᠮ ᠢᠶᠠᠷ ᠨᠠᠷᠠ ᠲᠡᠭᠡᠷ᠎ᠡ ᠭᠠᠷᠴᠣ᠂ ᠪᠡᠶ᠎ᠡ ᠴᠣ᠋ ᠪᠦᠯᠢᠶᠡᠰᠴᠣ ᠢᠷᠡᠭᠦ ᠳᠤ ᠠᠪᠣᠭᠠᠢ ᠲᠡᠷᠡ ᠬᠤᠶᠢᠳᠣ ᠲᠡᠭᠡᠷ᠎ᠡ ᠭᠠᠷᠴᠣ ᠢᠷᠡᠭᠡᠳ ᠨᠠᠮᠠᠢᠢ ᠲᠠᠯᠠᠯᠣᠯ᠎ᠠ᠂ ᠪᠢ ᠬᠤᠷᠳᠣᠨ ᠭᠡᠭᠴᠢ ᠮᠣᠷᠳᠠᠭᠠᠳ ᠣᠶᠢᠷᠠᠳᠣᠵᠣ ᠣᠴᠢᠬᠤ ᠳᠤ ᠴᠠᠭᠠᠳᠣ ᠲᠣᠣᠷ᠎ᠡ ᠨᠢ ᠣᠭᠤᠳᠣᠩ ᠬᠦᠬᠡ ᠨᠣᠬᠠᠢ ᠨᠢᠭᠡ ᠴᠢᠨ᠋ᠸ᠎ᠠ ᠶᠢ ᠪᠠᠭᠠᠯᠵᠣᠣᠷᠳᠠᠨ ᠨᠣᠬᠤᠴᠢᠵᠣ ᠪᠠᠶᠢᠯ᠎ᠠ᠂ ᠲᠡᠳᠡᠨ ᠤ ᠬᠤᠷᠳᠣᠨ ᠬᠦᠭᠡ ᠬᠢᠴᠢᠢ ᠨᠢ ᠬᠠᠵᠠᠭᠤ ᠳᠤ ᠨᠢ ᠬᠡᠯᠡ ᠤᠨᠵᠢᠭᠠᠨᠠᠭᠤᠯᠤᠨ ᠠᠮᠢᠰᠬᠤᠭ᠎ᠠ ᠲᠠᠢ ᠬᠠᠷᠠᠵᠤ ᠵᠣᠭᠰᠣᠨ᠎ᠡ᠃  ᠪᠢ ᠲᠡᠷᠡ ᠣᠳᠠᠭ᠎ᠠ ᠴᠢᠨ᠋ᠸ᠎ᠠ ᠶᠢ ᠠᠩᠬ᠎ᠠ ᠣᠳᠠᠭ᠎ᠠ ᠦᠵᠡᠵᠦ᠂ ᠡᠭᠦᠨ ᠢᠶᠠᠷ ᠡᠬᠢᠯᠡᠵᠣ ᠠᠩ ᠤᠨ ᠭᠠᠨᠵᠤᠭ᠎ᠠ ᠪᠠᠨ ᠮᠢᠯᠢᠶᠠᠯᠭᠠᠭᠰᠠᠨ ᠶᠣᠮ᠃  ᠠᠬᠠᠮᠠᠳ ᠨᠠᠮᠠᠢᠢ ᠬᠡᠣᠭᠡᠳ ᠬᠡᠵᠣ ᠭᠤᠯᠣᠯ ᠦᠭᠡᠢ᠄ ︽ᠡᠨᠡ ᠴᠢᠨ᠋ᠸ᠎ᠠ ᠲᠡᠷᠡ ᠬᠤᠶᠢᠨ᠎ᠡ ᠪᠠᠶᠢᠬᠤ ᠴᠠᠭᠠᠨ ᠲᠣᠪᠣᠭ ᠤᠨ ᠡᠩᠭᠡᠷ ᠠᠴᠠ ᠭᠠᠷᠴᠣ ᠢᠷᠡᠯ᠎ᠡ ᠰᠢᠣ᠃ ᠦᠷᠯᠣᠭᠡ ᠶᠢᠨ ᠴᠢᠨ᠋ᠸ᠎ᠠ ᠭᠡᠳᠡᠷᠭᠡᠨ ᠬᠠᠷᠠᠬᠤ  ᠠᠴᠠ ᠪᠢᠰᠢ᠂ ᠲᠦᠷᠦᠬᠦᠯᠭᠡᠨ ᠬᠠᠷᠠᠳᠠᠭ ᠦᠭᠡᠢ ᠭᠡᠳᠡᠭ ᠨᠢ ᠦᠨᠡᠨ ᠶᠣᠮ᠃  ᠪᠠᠷᠢᠭᠠᠳᠠ ᠶᠢᠨ ᠬᠤᠴᠠᠨ ᠰᠦᠷᠦᠭ ᠣᠳᠣᠷ ᠢᠶᠠᠷ ᠬᠡᠯᠢᠵᠦ ᠭᠠᠷᠬᠤ ᠳᠤ ᠭᠡᠪᠳᠡᠵᠣ ᠬᠤᠴᠣᠷᠣᠭᠠᠳ᠂ ᠬᠠᠷᠢᠨ ᠦᠩᠭᠡᠷᠡᠵᠣ ᠭᠠᠷᠣᠭᠰᠠᠨ ᠲᠠᠷᠠᠭ᠎ᠠ ᠨᠢ ᠲᠠᠬᠢᠵᠦ ᠪᠣᠰᠣᠭᠠᠳ ᠮᠠᠨ ᠤ ᠬᠤᠶᠠᠭᠤᠯᠠ ᠶᠢ ᠠᠰᠯᠠᠨ ᠢᠷᠡᠵᠣ ᠠᠪᠳᠠᠵᠣ ᠪᠠᠶᠢᠭ᠎ᠠ ᠶᠢ ᠨᠢ ᠦᠵᠡᠬᠦ ᠦᠭᠡᠢ ᠤᠤ︾ ᠭᠡᠯ᠎ᠡ᠃  ᠲᠡᠭᠦᠨ ᠠᠴᠠ ᠲᠠᠷᠠᠭ᠎ᠠ᠂ ᠮᠠᠨ ᠤ ᠪᠠᠷᠢᠭᠠᠳᠠ ᠶᠢᠨ ᠵᠢᠭᠵᠡᠢ ᠪᠣᠯᠣᠨ ᠲᠦᠪᠰᠢᠨ ᠨᠠᠷ ᠲᠠᠷᠤᠭ᠎ᠠ ᠱᠦᠵᠢ ᠪᠠᠶᠢᠬᠤ ᠳᠤ ᠪᠠᠨ ᠨᠢᠭᠡ ᠬᠠᠪᠣᠷ ᠪᠡᠯᠳᠡᠷᠭᠡ ᠠᠩᠨᠠᠬᠤ ᠠᠵᠢᠯ ᠢ ᠵᠣᠬᠢᠶᠠᠨ ᠪᠠᠶᠢᠭᠤᠯᠵᠣ ᠵᠢᠷᠭᠠᠯ ᠠᠪᠣᠭᠠᠢ᠂ ᠲᠦ᠊᠂ ᠭᠤᠮᠪᠣᠰᠡᠷᠡᠩ᠂ ᠬᠠᠮᠳᠣ ᠠᠪᠵᠠᠢ᠂ ᠴᠠᠭᠠᠨᠬᠦᠦ᠂ ᠰᠠᠩᠵᠠᠢ ᠠᠮᠪᠠ ᠪᠣᠯᠣᠨ ᠨᠠᠳᠠ ᠲᠠᠢ ᠲᠠᠭᠠᠭᠤᠯᠵᠣ ᠪᠠᠷᠠᠭᠤᠨ ᠡᠮᠣᠨ᠎ᠡ ᠠᠪᠠᠶᠢᠯᠠᠩ ᠤᠨ ᠣᠷᠣᠢ ᠲᠡᠭᠡᠷ᠎ᠡ ᠭᠠᠷᠬᠤ ᠳᠤ ᠡᠩᠭᠡᠷ ᠲᠤ ᠨᠢ ᠬᠡᠳᠣᠨ ᠪᠡᠯᠳᠡᠷᠭᠡ ᠬᠠᠷᠠᠭᠳᠠᠵᠣ᠂ ᠪᠢᠳᠡᠨ ᠢ ᠦᠵᠡᠩᠬᠦᠳᠡ ᠣᠷᠣᠭᠰᠢ ᠰᠣᠪᠣᠷᠠᠭᠠᠳ ᠬᠦᠶᠣᠪᠡ᠃  ᠮᠠᠨᠣᠰ ᠢ ᠲᠠᠪᠬᠢᠭᠤᠯᠣᠭᠠᠳ ᠬᠦᠷᠳᠡᠯ᠎ᠡ ᠨᠦᠬᠡᠨ ᠳᠤ ᠣᠷᠣᠵᠣ ᠪᠠᠶᠢᠯ᠎ᠠ᠂ ᠡᠨᠡ ᠦᠶ᠎ᠡ ᠳᠤ ᠮᠠᠨᠢ ᠴᠠᠭᠠᠨᠬᠦᠦ ᠨᠢᠬᠡ ᠪᠡᠯᠳᠡᠷᠭᠡ ᠶᠢ ᠵᠠᠪᠳᠣᠨ ᠶᠣᠵᠣᠭᠤᠷᠳᠠᠵᠣ ᠠᠪᠴᠣ ᠪᠠᠶᠢᠭᠰᠠᠨ᠃  ᠲᠣᠰ ᠨᠦᠬᠡ ᠨᠢ ᠮᠠᠩᠬᠢᠰᠣᠨ ᠨᠦᠬᠡ ᠲᠠᠭᠠᠷᠠᠭᠠᠳ ᠪᠢᠳᠡ ᠪᠦᠬᠦᠯᠢ 2 ᠡᠳᠣᠷ ᠣᠷᠣᠯᠳᠣᠵᠣ ᠪᠠᠶᠢᠮᠠᠨ ᠰᠠᠶ᠋ᠢ 6 ᠪᠡᠯᠳᠡᠷᠭᠡ ᠶᠢ ᠲᠡᠷᠡ ᠣᠯᠠᠨ ᠰᠠᠷᠬᠢᠶ᠎ᠠ ᠲᠠᠢ ᠨᠦᠬᠡᠨ ᠠᠴᠠ ᠠᠪᠣᠭᠰᠠ ᠶᠣᠮ᠃  ᠬᠤᠵᠢᠮ ᠨᠢ ᠠᠪᠣᠭᠠᠢ ᠠᠩ ᠳᠤ ᠨᠠᠮᠠᠢᠢ ᠣᠯᠠᠨ ᠣᠳᠠᠭ᠎ᠠ ᠲᠠᠭᠠᠭᠤᠯᠵᠣ ᠭᠠᠷᠬᠤ ᠪᠣᠯᠵᠣ ᠠᠷᠪᠢᠨ ᠴᠣ᠋ ᠴᠢᠨ᠋ᠸ᠎ᠠ ᠭᠠᠨᠵᠣᠭᠠᠯᠠᠭᠤᠯᠵᠠᠢ᠃  ᠵᠢᠷᠭᠠᠯ ᠠᠪᠣᠭᠠᠢ ᠪᠣᠯ ᠦᠵᠦᠮᠦᠴᠢᠨ ᠨᠣᠳᠤᠭ ᠤᠨ ᠨᠢᠭᠡᠨ ᠦᠶ᠎ᠡ ᠶᠢᠨ ᠲᠠᠰᠣᠷᠬᠠᠢ ᠰᠠᠶᠢᠨ ᠠᠩᠴᠢ ᠶᠣᠮ ᠬᠡᠵᠣ ᠲᠣᠷᠠᠰᠣᠨ ᠶᠠᠷᠢᠵᠣ᠂ ᠮᠢᠨᠦ ᠠᠩ ᠤᠨ ᠵᠣᠯᠢ ᠪᠦᠷ ᠲᠡᠭᠦᠨ ᠢ ᠲᠠᠭᠠᠵᠣ ᠪᠠᠶᠢᠮᠠᠨ ᠡᠪ ᠵᠦᠢ ᠶᠢ ᠨᠢ ᠵᠠᠬ᠎ᠠ ᠵᠤᠬ᠎ᠠ ᠠᠴᠠ ᠣᠯᠣᠭᠰᠠᠨ ᠲᠡᠳᠣᠢ ᠰᠢᠳᠡ ᠬᠡᠯ᠎ᠡ᠃                    ᠭᠤᠩᠴᠣᠭᠰᠡᠷᠡᠩ ᠠᠬ᠎ᠠ ᠵᠠᠯᠭᠠᠭᠠᠳ᠄ ᠠᠪᠠᠭ᠎ᠠ ᠠᠪᠤ ᠮᠢᠨᠢ ᠣᠯᠠᠨ ᠤ ᠬᠦᠷᠢᠶ᠎ᠡ ᠠᠪᠠ ᠲᠠᠯᠪᠢᠬᠤ ᠠᠴᠠ ᠠᠪᠣᠭᠠᠳ ᠠᠩ ᠭᠡᠪᠡᠯ ᠴᠢᠨ᠋ᠸ᠎ᠠ ᠦᠨᠡᠭᠡ ᠵᠡᠷᠭᠡ ᠵᠡᠷᠯᠢᠭ ᠠᠮᠢᠳᠠᠳ ᠢ ᠬᠠᠮᠢᠭ᠎ᠠ ᠭᠠᠵᠠᠷ ᠤᠨ ᠶᠠᠮᠠᠷ ᠪᠡᠷᠬᠡ ᠪᠠᠷᠳᠠᠭ᠎ᠠ  ᠲᠠᠢ ᠣᠷᠣᠨ ᠪᠠᠶᠢᠴᠠ ᠪᠠᠷ ᠬᠦᠷᠣᠭᠡᠯᠡᠬᠦ᠂ ᠬᠡᠪᠳᠡᠬᠦ᠂ ᠣᠨᠳᠠᠬᠤ ᠪᠠ ᠣᠨᠳᠠᠭ᠎ᠠ ᠲᠡᠭᠡᠷ᠎ᠡ ᠨᠢ ᠬᠦᠷᠣᠬᠦ᠂ ᠦᠭᠡᠳᠡ  ᠠᠴᠠ ᠨᠢ ᠲᠣᠰᠬᠤ ᠵᠡᠷᠭᠡ ᠣᠯᠠᠨ ᠲᠠᠯ᠎ᠠ ᠶᠢᠨ ᠶᠠᠪᠣᠳᠠᠯ ᠮᠦᠷ ᠢ ᠨᠢ ᠲᠣᠪ ᠲᠣᠳᠣᠷᠬᠠᠢ ᠮᠡᠳᠡᠵᠣ ᠪᠠᠶᠢᠳᠠᠭ᠃  ᠡᠪᠣᠯ ᠵᠣᠨ ᠤ ᠠᠯᠢ ᠴᠠᠭ ᠲᠤ ᠭᠡᠳ ᠦᠷᠯᠣᠭᠡ ᠡᠷᠳᠡ ᠪᠣᠰᠴᠣ ᠬᠤᠷᠤᠭ᠎ᠠ ᠬᠤᠳᠠ ᠡᠷᠬᠢᠭᠰᠡᠨ ᠴᠢᠨ᠋ᠸ᠎ᠠ ᠶᠢ ᠨᠡᠭᠡᠭᠦ ᠳᠡᠭᠡᠨ ᠭᠠᠵᠠᠷ ᠤᠨ ᠪᠠᠶᠢᠴᠨ ᠶᠢ ᠠᠵᠢᠵᠣ᠂ ᠣᠨᠣᠴᠢᠳᠠᠢ ᠠᠮᠠᠳᠠᠨ ᠲᠣᠰᠴᠣ ᠬᠦᠷᠬᠦ ᠪᠣᠶᠣ ᠡᠰᠡᠭᠦᠯ᠎ᠡ ᠴᠢᠨ᠋ᠸ᠎ᠠ ᠶᠢ ᠬᠡᠪᠳᠡᠵᠣ ᠣᠨᠳᠠᠭᠰᠠᠨ ᠤ ᠬᠢᠨᠢ ᠲᠠᠷᠠᠭ᠎ᠠ ᠲᠡᠭᠡᠷ᠎ᠡ ᠠᠴᠠ ᠨᠢ ᠰᠢᠭᠤᠳ ᠬᠦᠷᠳᠡᠭ᠃  ᠠᠩ ᠤᠨ ᠠᠮᠢᠳᠠᠨ ᠢ ᠨᠣᠬᠠᠢ ᠳᠠᠭᠠᠨ ᠪᠦᠷᠢᠨ ᠬᠦᠢᠴᠡᠳ ᠦᠵᠡᠬᠦᠯᠵᠦ ᠦᠭᠳᠡᠭ ᠪᠦᠬᠡᠳ ᠣᠯᠠᠩᠬᠢ ᠳᠠᠭᠠᠨ ᠴᠢᠨ᠋ᠸ᠎ᠠ ᠳᠤ ᠨᠣᠬᠠᠳ ᠲᠠᠢ ᠪᠠᠨ ᠵᠡᠷᠭᠡᠴᠡᠨ ᠬᠦᠷᠴᠣ᠂ ᠴᠢᠨ᠋ᠸ᠎ᠠ ᠶᠢ ᠣᠷᠭᠠᠯᠠᠵᠣ ᠬᠠᠷᠪᠣᠬᠤ ︵ᠬᠠᠶᠠᠬᠤ︶ ᠪᠣᠶᠣ ᠨᠣᠬᠠᠳ ᠨᠢ ᠴᠢᠨ᠋ᠸ᠎ᠠ ᠶᠢ ᠲᠠᠷᠣᠵᠣ ᠪᠠᠶᠢᠬᠤ ᠠᠭᠰᠠᠨ ᠳᠤ ᠴᠢᠨ᠋ᠸ᠎ᠠ ᠶᠢᠨ ᠠᠮᠠᠨ ᠳᠤ ᠣᠷᠭ᠎ᠠ ᠶᠢᠨ ᠶᠣᠵᠣᠭᠤᠷ ᠡᠮᠬᠦᠬᠦᠯᠵᠦ᠂ ᠨᠣᠬᠠᠳ ᠢᠶᠠᠨ ᠴᠢᠨ᠋ᠸ᠎ᠠ ᠳᠤ ᠬᠠᠵᠠᠭᠤᠯᠬᠤ ᠶᠢ ᠤᠷᠢᠳᠴᠢᠯᠠᠨ ᠰᠠᠷᠬᠡᠶᠢᠯᠡᠵᠣ ᠴᠢᠳᠠᠳᠠᠭ ᠵᠠᠪᠳᠣᠭᠠᠨ ᠲᠠᠢ ᠠᠩᠴᠢ ᠪᠠᠶᠢᠭᠰᠠᠨ ᠶᠣᠮ ᠭᠡᠳ᠄ ᠠᠪᠠᠭ᠎ᠠ ᠠᠪᠤ ᠶᠢᠨ ᠠᠩ ᠤᠨ ᠲᠣᠬᠠᠢ ᠦᠯᠢᠭᠡᠷ ᠠᠴᠠ ᠬᠠᠭᠤᠴᠢᠯᠠᠪᠠᠯ᠂ ᠨᠢᠬᠡ ᠣᠳᠠᠭ᠎ᠠ ᠪᠠᠷᠢᠭᠠᠳᠠ ᠶᠢᠨ ᠴᠢᠨ᠋ᠸ᠎ᠠ ᠠᠯᠠᠬᠤ ᠡᠭᠦᠷᠭᠡ ᠪᠠᠷ 1965 ᠣᠨ ᠤ ᠬᠠᠪᠣᠷ᠂ ᠲᠣᠬᠠᠢ ᠶᠢᠨ ᠦᠶ᠎ᠡ ᠶᠢᠨ ᠶᠣᠪᠬᠠᠨ ᠠᠪᠣᠭᠠᠢ ᠶᠢᠨ ᠲᠣᠭᠤᠶᠢᠯᠠᠩ ᠠᠴᠠ ᠠᠪᠠᠭ᠎ᠠ ᠠᠪᠤ᠂ ᠡᠷᠢᠶᠡᠨ ᠭᠤᠮᠪᠤ᠂ ᠲᠦ᠊᠂ ᠭᠤᠮᠪᠣᠰᠡᠷᠡᠩ ᠨᠠᠷ ᠲᠠᠢ ᠨᠠᠮᠠᠢᠢ ᠲᠠᠭᠠᠭᠤᠯᠵᠣ᠂ ᠲᠦᠷᠪᠡᠭᠦᠯᠡ ᠪᠠᠨ ᠭᠤᠷᠪᠡ ᠨᠢ ᠮᠣᠷᠢ ᠲᠠᠢ᠂ ᠪᠢ 2 ᠦᠬᠡᠷ ᠲᠡᠷᠭᠡ ᠬᠦᠳᠡᠯᠵᠣ᠂ 3 ᠬᠤᠨᠤᠭ ᠤᠨ ᠲᠣᠳᠣᠷ᠎ᠠ 15 ~ 20 ᠴᠢᠨ᠋ᠸ᠎ᠠ ᠠᠯᠠᠵᠣ ᠢᠷᠡᠬᠦ ᠡᠭᠦᠷᠬᠡ ᠲᠠᠢ ᠣᠳᠣ ᠶᠢᠨ ᠨᠠᠷᠢᠨ ᠬᠢᠷ᠎ᠠ ᠠᠴᠠ ᠭᠠᠷᠴᠣ᠂ ᠴᠠᠭᠠᠨ ᠣᠪᠣᠭ᠎ᠠ᠂ ᠲᠣᠯᠣᠭᠠᠨ ᠲᠠᠪᠠᠭ᠎ᠠ  ᠪᠠᠷ ᠶᠠᠪᠣᠭᠰᠠᠨ ᠶᠣᠮ᠃  ᠲᠡᠷᠡ ᠵᠢᠯ ᠪᠢ 17 ᠨᠠᠰᠣᠳᠠᠢ᠃  ᠭᠤᠮᠪᠣᠰᠡᠷᠡᠩ ᠪᠠᠪᠠ ᠨᠢᠬᠡ ᠣᠳᠠᠭ᠎ᠠ ᠨᠠᠳᠠᠳᠣ ᠮᠣᠷᠢ  ᠪᠠᠨ ᠦᠭᠴᠣ ᠣᠨᠣᠭᠤᠯᠣᠨ᠂ ᠨᠠᠮᠠᠢᠢ ᠪᠡᠯᠳᠡᠷᠭᠡ ᠡᠷᠢᠬᠦ ᠶᠢ ᠦᠵᠡᠵᠦ ᠰᠣᠨᠢᠷᠬᠠᠭ ᠬᠡᠵᠣ ᠶᠠᠪᠣᠭᠤᠯᠣᠭᠰᠠᠨ ᠳᠤ ᠪᠢ ᠴᠣ᠋ ᠬᠦᠯ ᠭᠠᠵᠠᠷ ᠬᠦᠷᠭᠦ ᠦᠭᠡᠢ ᠬᠦᠭᠰᠡᠵᠤ ᠪᠠᠶᠠᠷᠯᠠᠭᠰᠠᠨ ᠶᠣᠮ᠃ ᠲᠣᠰ ᠣᠳᠠᠭ᠎ᠠ ᠪᠢᠳᠡ 2 ᠬᠤᠨᠤᠭ ᠶᠠᠪᠣᠵᠣ᠂ 1 ᠪᠦᠳᠣᠭᠦᠨ ᠴᠢᠨ᠋ᠸ᠎ᠠ᠂ 23 ᠪᠡᠯᠳᠡᠷᠭᠡ ᠲᠠᠢ ᠠᠩᠨᠠᠭᠠᠳ᠂ ᠲᠠᠭᠠᠭᠠᠯᠭᠠᠵᠣ ᠦᠭᠭᠦᠰᠡᠨ ᠡᠭᠦᠷᠭᠡ ᠶᠢ ᠨᠢ 4 ᠲᠠᠪᠠᠭᠤᠯᠣᠨ ᠠᠩᠨᠠᠵᠣ ᠢᠷᠡᠭᠰᠡᠨ ᠣᠳᠠᠭ᠎ᠠ ᠲᠠᠢ ᠪᠠᠶᠢᠳᠠᠭ᠃  ᠡᠬᠦᠨ ᠳᠤ᠂ 3 ᠡᠭᠦᠷ ᠪᠡᠯᠳᠡᠷᠭᠡ ᠨᠡᠩᠵᠢᠵᠦ᠂ 1 ᠡᠭᠦᠷ ᠨᠢ ᠰᠠᠶ᠋ᠢᠬᠠᠨ ᠬᠦᠯᠦᠭᠡᠯᠡᠵᠣ ᠪᠠᠶᠢᠬᠤ ᠲᠠᠭᠠᠷᠠᠯᠳᠣᠵᠠᠢ᠃ ᠪᠣᠰᠣᠳ 2 ᠡᠭᠦᠷ ᠨᠢ ᠬᠦᠯᠦᠬᠡ ᠪᠠᠨ ᠵᠦᠭᠡᠭᠡᠵᠣ ᠪᠠᠶᠢᠬᠤ ᠲᠣᠬᠢᠶᠠᠯᠳᠣᠭᠰᠠᠨ ᠶᠣᠮ᠃  ᠰᠢᠨ᠎ᠡ ᠬᠦᠯᠣᠭᠡᠯᠡᠭᠰᠡᠨ ᠡᠭᠦᠷ ᠲᠤ ᠡᠭᠡ ᠨᠢ ᠪᠠᠶᠢᠭᠰᠠᠨ ᠣᠴᠢᠷ ᠠᠴᠠ ᠨᠦᠬᠡ  ᠶᠢ ᠨᠢ ᠣᠳᠣᠵᠣ ᠪᠠᠶᠢᠮᠠᠨ ᠠᠪᠣᠯ᠎ᠠ᠃  ᠬᠦᠯᠦᠬᠡ ᠪᠠᠨ ᠵᠦᠭᠡᠭᠡᠵᠣ ᠪᠠᠶᠢᠭᠰᠠᠨ 2 ᠡᠭᠦᠷ ᠢ ᠲᠣᠩ ᠨᠠᠷᠢᠨ ᠨᠢᠮᠪᠠᠢ ᠨᠡᠩᠵᠢᠵᠦ ᠪᠠᠶᠢᠭᠠᠳ ᠣᠯᠣᠭᠰᠠᠨ ᠶᠣᠮ ᠳ᠋ᠧ᠃  ᠴᠡᠭᠡᠵᠢᠯᠡᠵᠤ ᠪᠠᠶᠢᠬᠤ ᠪᠠᠷ ᠨᠢᠭᠡ ᠵᠦᠭᠡᠭᠡᠵᠣ ᠪᠠᠶᠢᠬᠤ ᠡᠬᠦᠷ ᠤᠨ ᠨᠢᠭᠡᠯᠡ ᠬᠦᠯᠦᠬᠡ ᠨᠢ ᠨᠦᠬᠡᠨ ᠳᠡᠭᠡᠨ ᠪᠠᠶᠢᠭᠰᠠᠨ ᠪᠣᠯᠬᠤᠷ ᠨᠦᠬᠡᠨ ᠤ ᠠᠮᠠᠰᠠᠷ ᠲᠡᠭᠡᠷ᠎ᠡ ᠨᠢ ᠠᠬᠠᠮᠠᠳᠴᠣᠳ ᠬᠦᠷᠴᠣ ᠭᠠᠰᠠᠯᠵᠤ᠂ ᠭᠠᠩᠬᠢᠨᠠᠬᠤ ᠵᠡᠷᠭᠡ ᠶᠠᠩᠵᠣ ᠪᠦᠷᠢ ᠶᠢᠨ ᠲᠠᠭᠤ ᠭᠠᠷᠭᠠᠵᠣ ᠪᠠᠶᠢᠭᠠᠳ ᠨᠦᠬᠡᠨ ᠠᠴᠠ ᠨᠢ ᠠᠷᠠᠶᠢᠬᠠᠨ ᠭᠠᠷᠭᠠᠵᠣ ᠠᠪᠣᠭᠰᠠᠨ ᠶᠣᠮ᠃  ᠢᠩᠬᠢᠭᠡᠳ ᠦᠨᠦᠬᠢ ᠪᠡᠯᠳᠡᠷᠭᠡ ᠶᠢ ᠨᠠᠮᠠᠢᠢ ᠲᠡᠭᠡᠭᠰᠢ ᠬᠠᠷᠪᠤ ᠬᠡᠵᠣ ᠬᠡᠯᠡᠬᠦ ᠳᠤ ᠪᠢ ᠴᠣ᠋ ᠬᠡᠣᠬᠡᠳ ᠪᠣᠯᠬᠤᠷ ᠶᠡᠬᠡᠯ᠎ᠡ ᠬᠦᠭᠡᠷᠴᠣ ᠲᠣᠷᠠᠳᠠᠢ ᠬᠠᠷᠪᠣᠵᠣ ᠰᠢᠳᠡᠳᠡᠭ ᠪᠠᠶᠢᠪᠠ᠃  ᠲᠣᠰ ᠣᠳᠠᠭ᠎ᠠ ᠲᠡᠳᠡ ᠪᠡᠯᠳᠡᠷᠭᠡ ᠶᠢ ᠡᠯᠢᠬᠡ ᠪᠠᠷ ᠨᠢ ᠰᠢᠨᠵᠢᠯᠡᠨ 2 ᠡᠭᠦᠷ ᠨᠢ ᠲᠣᠰᠪᠣᠷᠢ 7 ᠪᠡᠯᠳᠡᠷᠭᠡ ᠪᠠᠶᠢᠵᠣ᠂ 1 ᠡᠭᠦᠷ ᠨᠢ 9 ᠪᠡᠯᠳᠡᠷᠭᠡ ᠲᠠᠢ ᠪᠠᠶᠢᠭᠰᠠᠨ ᠨᠢ ᠶᠠᠭ ᠡᠯᠢᠬᠡᠨ ᠤ ᠰᠠᠯᠠᠭ᠎ᠠ ᠲᠠᠢ ᠪᠠᠨ ᠲᠤᠭ᠎ᠠ ᠨᠢ ᠵᠦᠷᠢᠶ᠎ᠡ ᠦᠭᠡᠢ ᠲᠠᠭᠠᠷᠠᠵᠣ ᠪᠠᠶᠢᠬᠤ  ᠶᠢ ᠦᠵᠡᠭᠡᠳ᠂ ᠪᠢ ᠲᠡᠷᠡ ᠬᠦ ᠬᠦᠨ ᠣᠬᠠᠭᠠᠨ ᠤ ᠵᠢᠮ᠎ᠡ ᠶᠢ ᠰᠠᠶ᠋ᠢ ᠣᠶᠢᠯᠠᠭᠠᠵᠣ ᠮᠡᠳᠡᠭᠰᠡᠨ ᠶᠣᠮ᠃  ᠠᠪᠠᠭ᠎ᠠ ᠠᠪᠤ ᠲᠠᠢ ᠮᠢᠨᠢ ᠠᠩ ᠳᠤ ᠬᠠᠮᠳᠣ ᠶᠠᠪᠣᠳᠠᠭ᠂ ᠮᠠᠨ ᠤ ᠪᠠᠷᠢᠭᠠᠳᠠ ᠶᠢᠨ ᠠᠬᠠᠮᠠᠳ ᠦᠶ᠎ᠡ ᠶᠢᠨ ᠮᠡᠷᠭᠡᠨ ᠬᠠᠷᠪᠣᠭᠠᠴᠢ ᠣᠣᠸ᠎ᠠ ᠭᠧᠩᠳᠤᠨ᠂ ᠣᠭ᠍ᠶᠣ ᠵᠠᠩᠬᠢ ᠶᠢᠨ ᠬᠠᠮᠳᠣ᠂ ᠡᠷᠢᠶᠡᠨ ᠬᠡᠬᠡᠨ ᠤ ᠭᠤᠮᠪᠤ᠂ ᠡᠰᠡᠷᠡᠭ᠂ ᠳ᠋ᠠᠷᠬᠢᠵᠠᠪ᠂ ᠲᠦᠪᠰᠢᠨ᠂ ᠵᠢᠭᠵᠡᠢ᠂ ᠴᠢᠨᠳᠠᠮᠣᠨᠢ ᠨᠠᠷ ᠪᠠ ᠲᠡᠭᠦᠨ ᠤ ᠲᠡᠭᠦᠣᠨᠡᠷ ᠬᠡᠣᠭᠡᠳ ᠤᠨ ᠲᠣᠳᠣᠷ᠎ᠠ ᠠᠴᠠ ᠨᠢ ᠰᠧᠷᠳᠧ᠂ ᠨᠢᠮ᠎ᠡ᠂ ᠪᠠᠨᠳᠠᠷᠠᠭᠴᠢ᠂ ᠲᠦ᠊ ᠭᠤᠮᠪᠣᠰᠡᠷᠡᠩ᠂ ᠱᠠᠭᠳᠠᠷᠵᠠᠪ ᠨᠠᠷ ᠪᠠ ᠨᠠᠮᠠᠢᠢ ᠲᠠᠭᠠᠭᠤᠯᠵᠣ ᠶᠠᠪᠣᠳᠠᠭ᠃  ᠡᠭᠦᠨ ᠳᠤ ᠱᠠᠭᠳᠠᠷᠵᠠᠪ ᠢ ᠦᠵᠡᠬᠦ ᠨᠢ ᠰᠠᠶᠢᠨ᠂ ᠠᠩ ᠤᠨ ᠬᠤᠷᠣᠬᠠᠢ ᠲᠠᠢ ᠬᠡᠮᠡᠨ ᠲᠣᠭᠤᠵᠣ᠂ ᠠᠷᠪᠢᠨ ᠲᠠᠭᠠᠭᠤᠯᠵᠣ ᠶᠠᠪᠣᠳᠠᠭ ᠪᠠᠶᠢᠭᠰᠠᠨ᠃  ᠱᠠᠭᠳᠠᠷᠵᠠᠪ ᠴᠣ᠋ ᠠᠪᠠᠭ᠎ᠠ ᠳᠤ ᠭᠠᠷ ᠤᠨ ᠱᠠᠪᠢ ᠣᠷᠣᠭᠰᠠᠨ ᠰᠢᠭ᠋ ᠦᠬᠡ ᠲᠠᠭᠤᠨ ᠦᠭᠡᠢ ᠲᠠᠭᠠᠵᠣ ᠶᠠᠪᠣᠭᠰᠠᠭᠠᠷ ᠪᠠᠶᠢᠭᠠᠳ ᠬᠤᠵᠢᠮ ᠨᠢ ᠨᠣᠳᠤᠭ ᠣᠰᠣᠨ ᠳᠠᠭᠠᠨ ᠨᠡᠷᠡᠳᠣ ᠰᠠᠶᠢᠨ ᠠᠩᠴᠢ ᠪᠣᠯᠵᠣ᠂ ᠨᠠᠶᠠᠭᠠᠳ ᠣᠨ  ᠤ ᠡᠬᠢᠨ ᠳᠤ ᠰᠢᠯᠢ ᠶᠢᠨ ᠭᠤᠣᠯ ᠠᠶᠢᠮᠠᠭ ᠤᠨ ᠬᠤᠶᠠᠳᠣᠭᠠᠷ ᠣᠳᠠᠭ᠎ᠠ ᠶᠢᠨ ᠠᠩᠴᠢᠳ ᠤᠨ ᠬᠤᠷᠠᠯ ᠳᠤ ᠣᠷᠣᠯᠴᠠᠵᠣ᠂ ︽ᠭᠠᠷᠮᠠᠭᠠᠢ ᠠᠩᠴᠢ︾ ᠶᠢᠨ ᠱᠠᠩᠨᠠᠯ ᠢ ᠲᠣᠰᠴᠣ ᠦᠩᠭᠡᠷᠡᠪᠡ᠃        ᠠᠪᠠᠭ᠎ᠠ ᠠᠪᠤ ᠶᠢᠨ ᠢᠶᠠᠨ ᠠᠩᠬᠠᠨ ᠳᠤ ᠠᠩᠨᠠᠵᠣ ᠪᠠᠶᠢᠬᠤ ᠦᠶ᠎ᠡ ᠶᠢᠨ ᠠᠪᠠᠭ᠎ᠠ ᠡᠵᠢ ᠪᠠᠷ ᠣᠶᠣᠭᠤᠯᠵᠣ ᠡᠮᠣᠰᠦᠭᠰᠡᠨ ᠡᠯᠪᠡᠩᠬᠦ ᠶᠢᠨ ᠬᠦᠷᠮ᠎ᠡ᠂ ᠦᠨᠡᠭᠡᠨ ᠮᠠᠯᠠᠭᠠᠢ ᠵᠡᠷᠭᠡ ᠶᠢ ᠪᠢᠳᠡ ᠣᠳᠣ ᠪᠣᠯᠳᠠᠯ᠎ᠠ ᠬᠠᠳᠠᠭᠠᠯᠠᠭᠰᠠᠭᠠᠷ᠃  ᠠᠪᠠᠭ᠎ᠠ ᠡᠵᠢ ᠮᠢᠨᠢ ᠬᠡᠭᠴᠢ ᠠᠶᠢᠯ ᠬᠡᠷ ᠤᠨ ᠠᠵᠢᠯ ᠢ ᠲᠣᠳᠣᠮᠳᠠᠬᠤ ᠠᠴᠠ ᠰᠥ ᠰᠠᠭᠠᠯᠢ ᠪᠣᠯᠪᠠᠰᠣᠷᠠᠭᠤᠯᠬᠤ᠂ ᠣᠶᠣᠳᠠᠯ ᠬᠢᠳᠡᠯ ᠳᠤ ᠴᠠᠭᠠᠷᠠᠭᠰᠠᠨ ᠴᠢᠳᠠᠪᠣᠷᠢᠯᠢᠭ ᠬᠦᠮᠦᠨ ᠶᠣᠮ᠃  ᠦᠷᠬᠦᠯᠵᠢ ᠮᠣᠷᠢ ᠣᠨᠤᠭ᠎ᠠ ᠲᠠᠢ ᠣᠶᠢᠷᠠᠳᠣᠵᠣ᠂ ᠮᠠᠯ ᠬᠠᠷ᠎ᠠ ᠳᠤ ᠶᠠᠪᠣᠳᠠᠭ ᠠᠵᠢᠯ ᠬᠦᠳᠡᠯᠮᠣᠷᠢᠴᠢ ᠬᠦᠮᠦᠨ ᠪᠢᠯᠡ᠃  ᠠᠪᠠᠭ᠎ᠠ ᠮᠢᠨᠢ ᠲᠠᠪᠢᠭᠠᠳ ᠣᠨ ᠳᠤ ︽ᠰᠢᠯᠢ ᠶᠢᠨ ᠭᠤᠣᠯ ᠠᠶᠢᠮᠠᠭ ᠤᠨ ᠵᠢᠱᠢᠶᠡᠴᠢ ᠠᠩᠴᠢᠨ᠂ ᠴᠢᠨ᠋ᠸ᠎ᠠ ᠶᠢᠨ ᠪᠠᠭᠠᠳᠣᠷ︾ ᠬᠡᠰᠡᠨ ᠵᠢᠱᠢᠶᠡᠴᠢ ᠠᠩᠴᠢ ᠶᠢᠨ ᠢᠷᠠᠭᠤ ᠠᠯᠳᠠᠷ ᠢ ᠲᠣᠰᠴᠣ ᠶᠠᠪᠣᠵᠠᠢ᠃  ᠠᠪᠠᠭ᠎ᠠ ᠦᠪᠡᠷ ᠢᠶᠠᠨ ᠨᠡᠷᠡᠳᠣ ᠰᠠᠶᠢᠨ ᠠᠩᠴᠢ ᠶᠠᠪᠣᠭᠰᠠᠨ  ᠢᠶᠠᠷ ᠪᠠᠷᠠᠬᠤ ᠦᠭᠡᠢ ᠬᠡᠷᠭᠡᠢ ᠨᠢ ᠬᠤᠳᠤᠭ ︵ᠠᠪᠠᠭ᠎ᠠ ᠡᠵᠢ︶ ᠴᠣ᠋ ᠠᠩ ᠤᠨ ᠪᠠᠭ᠋ᠠᠳᠠᠢ ᠮᠦᠷᠳᠡᠭᠡᠨ ᠵᠠᠷᠢᠮ ᠦᠶ᠎ᠡ  ᠳᠤ ᠬᠤᠳᠠᠨ ᠳᠤ ᠣᠷᠣᠭᠰᠠᠨ ᠴᠢᠨ᠋ᠸ᠎ᠠ ᠶᠢ ᠡᠪᠣᠭᠡᠨ ᠲᠠᠢ ᠪᠠᠨ ᠠᠪᠴᠣ ᠪᠠᠶᠢᠭᠰᠠᠨ ᠢᠶᠠᠷ ᠪᠠᠷᠠᠬᠤ ᠦᠭᠡᠢ ᠪᠠᠰᠠ ᠠᠪᠠᠭ᠎ᠠ ᠶᠢ ᠭᠠᠳᠠᠭᠰᠢ ᠭᠠᠷᠣᠭᠰᠠᠨ ᠬᠤᠭᠤᠷᠣᠨᠳᠣ᠂ ᠬᠤᠳᠠᠨ ᠳᠤ ᠮᠢᠷᠢᠶᠠᠭᠰᠠᠨ ᠴᠢᠨ᠋ᠸ᠎ᠠ ᠳᠤ ᠨᠣᠬᠠᠳ ᠢᠶᠠᠨ ᠲᠠᠯᠪᠢᠵᠣ ᠪᠠᠶᠢᠭᠠᠳ ᠴᠣᠬᠢᠵᠦ ᠠᠪᠣᠭᠰᠠᠨ ᠢ ᠨᠣᠳᠤᠭ ᠣᠰᠣᠨ ᠤ ᠬᠢᠨ ᠴᠣ᠋ ᠠᠨᠳᠠᠬᠤ ᠦᠭᠡᠢ ᠮᠡᠳᠡᠵᠡᠭᠡᠳᠡᠭ ᠶᠣᠮ᠃  ᠠᠪᠠᠭ᠎ᠠ ᠠᠴᠠ ᠲᠠᠷᠠᠭ᠎ᠠ 1970 ᠣᠨ ᠤ 10 ᠰᠠᠷ᠎ᠠ ᠶᠢᠨ ᠰᠢᠨᠡᠳ ᠲᠤ ᠠᠪᠠᠭ᠎ᠠ ᠡᠵᠢ ᠮᠢᠨᠢ ᠪᠠᠷᠠᠭᠤᠨ ᠡᠷᠢᠶᠡᠨ  ᠤ ᠭᠤᠪᠢ ᠶᠢᠨ ᠨᠠᠭᠤᠷ ᠤᠨ ᠬᠦᠷᠢᠶᠡᠨ ᠠᠴᠠ ᠬᠡᠳᠣᠨ ᠨᠣᠬᠠᠳ ᠢᠶᠠᠷ ᠢᠶᠠᠨ 2 ᠴᠢᠨ᠋ᠸ᠎ᠠ ᠭᠠᠨᠵᠣᠭᠠᠯᠠᠵᠣ ᠪᠠᠶᠢᠭᠰᠠᠨ ᠣᠳᠠᠭ᠎ᠠ ᠲᠠᠢ ᠶᠣᠮ᠃  ᠪᠠᠰᠠ 1995 ᠣᠨ ᠤ ᠨᠠᠮᠣᠷ ᠤᠨ ᠨᠢᠬᠡᠨ ᠡᠳᠣᠷ ᠬᠤᠨᠢᠨ ᠳᠤ ᠶᠠᠪᠣᠵᠣ ᠪᠠᠶᠢᠭᠠᠳ᠂ ᠶᠡᠭᠡ ᠡᠪᠡᠰᠣᠨ ᠳᠤ ᠬᠢᠷᠡᠵᠣ ᠬᠡᠪᠳᠡᠭᠰᠡᠨ ᠴᠢᠨ᠋ᠸ᠎ᠠ ᠶᠢ ᠣᠯᠵᠣ ᠦᠵᠡᠭᠡᠳ ᠠᠩᠴᠢ ᠬᠦᠮᠦᠨ ᠤ ᠠᠪᠢᠶᠠᠰ ᠢᠶᠠᠷ ᠲᠡᠮᠡᠲᠡᠶᠢᠬᠡᠨ ᠴᠣᠬᠢᠵᠦ ᠭᠠᠨᠵᠤᠭᠠᠯᠠᠵᠠᠢ᠃  ᠲᠣᠬᠠᠢ ᠶᠢᠨ ᠵᠢᠯ ᠠᠪᠠᠭ᠎ᠠ ᠡᠵᠢ 69 ᠨᠠᠰᠣᠳᠠᠢ ᠪᠠᠶᠢᠵᠣ᠂ ᠡᠨᠡ ᠲᠣᠬᠠᠢ ᠲᠡᠷᠡ ᠦᠶ᠎ᠡ ᠳᠤ ᠡᠷᠢᠶᠡᠨᠭᠤᠪᠢ ᠰᠣᠮᠣᠨ ᠤ ᠣᠳᠣᠷᠢᠳᠣᠯᠭ᠎ᠠ ᠪᠠᠶᠢᠭᠰᠠᠨ ᠯᠾ᠊᠂ ᠪᠠᠳᠣᠮᠦ᠋ᠩᠭᠡ ᠭᠤᠸᠠᠢ ᠰᠢᠯᠢ  ᠶᠢᠨ ᠭᠤᠣᠯ ᠤᠨ ᠡᠳᠣᠷ ᠤᠨ ᠰᠣᠨᠢᠨ ᠳᠤ ᠲᠣᠰᠬᠠᠢ ᠪᠢᠴᠢᠯᠭᠡ ᠪᠠᠷ ᠮᠡᠳᠡᠭᠡᠯᠡᠵᠣ ᠦᠩᠭᠡᠷᠡᠭᠰᠡᠨ ᠶᠣᠮ᠃  ᠠᠪᠠᠭ᠎ᠠ ᠡᠵᠢ ᠮᠢᠨᠢ ᠦᠨᠦ ᠵᠢᠯ 89 ᠨᠠᠰᠣᠨ ᠤ ᠬᠤᠳᠤᠭ ᠢ ᠬᠤᠷᠣᠶᠢᠯᠠᠵᠣ᠂ ᠪᠢᠳᠡᠨ ᠲᠠᠢ ᠬᠠᠮᠳᠣ ᠠᠴᠢ ᠵᠢᠴᠢ ᠨᠠᠷ ᠤᠨ  ᠢᠶᠠᠨ ᠭᠠᠷ ᠲᠡᠭᠡᠷ᠎ᠠ ᠲᠦᠷᠪᠡᠨ ᠦᠶ᠎ᠡ ᠶᠢᠨ ᠬᠢᠨ ᠬᠠᠮᠳᠣ ᠵᠣᠯ ᠵᠢᠷᠭᠠᠯᠳᠠᠢ᠂ ᠠᠵᠤ ᠲᠦᠷᠦᠨ ᠠᠮᠢᠳᠣᠷᠠᠵᠣ ᠪᠠᠶᠢᠬᠤ ᠶᠣᠮ ᠬᠡᠵᠣ ᠭᠤᠩᠴᠣᠭᠰᠡᠷᠡᠩ ᠠᠬ᠎ᠠ ᠲᠣᠳᠣᠷᠠᠭᠤᠯᠵᠣ ᠶᠠᠷᠢᠶ᠎ᠠ ᠪᠠᠨ ᠦᠨᠳᠣᠷᠯᠡᠬᠦᠯᠪᠡ᠃        ᠦᠩᠭᠡᠷᠡᠭᠰᠡᠨ ᠳᠤ ᠮᠠᠨᠣᠰ ᠴᠢᠨᠢ ︽ᠠᠳᠣᠭᠤ ᠮᠠᠯ ᠢᠶᠠᠨ ᠦᠰᠭᠡᠬᠦ ᠶᠢᠨ ᠲᠦᠯᠦᠭᠡ ᠠᠳᠠᠭᠠᠳᠠᠨ ᠴᠢᠨ᠋ᠸ᠎ᠠ ᠶᠢ ᠣᠰᠠᠳᠬᠠᠨ᠎ᠠ︾ ᠭᠡᠵᠤ ᠳᠠᠭᠤᠯᠠᠵᠤ ᠪᠠᠶᠢᠭᠰᠠᠨ᠂ ᠢᠩᠭᠢᠵᠦ ᠬᠢᠵᠦ ᠴᠦ ᠪᠠᠶᠢᠯ᠎ᠠ᠃  ᠠᠩ ᠠᠩᠨᠠᠯ ᠤᠨ ᠰᠣᠶᠣᠯ ᠠᠶᠠᠨᠳᠠᠭᠠᠨ ᠣᠷᠬᠢᠭᠳᠠᠵᠣ ᠪᠠᠶᠢᠭ᠎ᠠ ᠦᠨᠦ ᠴᠠᠭ ᠲᠤ ᠲᠡᠭᠡᠷ᠎ᠡ ᠦᠶ᠎ᠡ ᠶᠢᠨ ᠨᠡᠷᠡᠳᠣ ᠰᠣᠳᠣᠨ ᠠᠩᠴᠢ ᠪᠠᠨ ᠦᠯᠢᠭᠡᠷ ᠳᠡᠦᠬᠡ ᠲᠠᠢ ᠨᠢ ᠲᠡᠮᠳᠡᠭᠯᠡᠬᠦ ᠪᠠᠷ ᠲᠠᠮᠵᠢᠭᠤᠯᠵᠣ᠂ ᠬᠤᠵᠢᠮ ᠤᠨ ᠬᠦᠮᠦᠰ ᠲᠤ ᠴᠢᠨ᠋ᠸ᠎ᠠ ᠪᠤᠯ ᠮᠠᠯ ᠰᠦᠷᠦᠭ ᠲᠤ ᠠᠭᠤᠴᠢᠯᠠᠵᠤ ᠪᠤᠯᠤᠰᠢ ᠦᠭᠡᠢ ᠬᠠᠷᠬᠢᠰ ᠲᠠᠶᠢᠰᠤᠨ ᠪᠣᠯᠬᠤ ᠣᠴᠢᠷ ᠮᠠᠯᠴᠢᠨ ᠲᠦᠮᠡᠨ ᠤᠭᠳᠤᠬᠠᠨ ᠴᠤ ᠨᠠᠶᠢᠷ ᠲᠠᠯᠪᠢᠳᠠᠭ ᠦᠭᠡᠢ ᠶᠣᠮ ᠪᠠᠶᠢᠨ᠎ᠠ ᠭᠡᠳᠡᠭ ᠢ ᠣᠶᠢᠯᠠᠭ᠋ᠬᠤ ᠳᠤ ᠦᠴᠣᠬᠡᠨ ᠴᠣ᠋ ᠭᠡᠰᠡᠨ ᠲᠣᠰᠠ ᠲᠡᠮᠵᠢᠯᠭᠡ ᠪᠣᠯᠵᠣ ᠴᠢᠳᠠᠪᠠᠯ ᠪᠢᠷ ᠬᠦᠳᠡᠯᠭᠡᠭᠰᠡᠨ ᠮᠢᠨᠦ ᠬᠦᠰᠡᠯ ᠪᠡᠶᠡᠯᠡᠭᠳᠡᠬᠦ ᠨᠢ ᠲᠡᠷᠡ ᠶᠣᠮᠰᠠᠨ᠃          
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号