ᠪᠠᠷᠭᠤᠴᠣᠳ᠂ ᠠ᠊ ᠬᠦᠭᠵᠢᠯᠳᠣ | ᠨᠢᠬᠡᠨ ᠦᠶ᠎ᠡ ᠶᠢᠨ ᠨᠡᠷᠡᠳᠣ ᠣᠷᠭᠠᠴᠢ | | ᠨᠢᠬᠡᠨ ᠦᠶ᠎ᠡ ᠶᠢᠨ ᠨᠡᠷᠡᠳᠣ ᠣᠷᠭᠠᠴᠢ ᠶᠠᠪᠣᠭᠰᠠᠨ ᠪᠠᠶᠠᠷᠳᠣ ᠭᠤᠸᠠᠢ᠂ ᠵᠡᠬᠦᠨ ᠦᠵᠦᠮᠦᠴᠢᠨ ᠬᠤᠰᠢᠭᠤᠨ ᠤ | ᠬᠠᠷᠢᠶᠠᠳᠣ᠂ ᠴᠠᠭᠠᠨ ᠣᠪᠣᠭᠳᠣ ᠪᠠᠭᠠᠳᠣᠷᠴᠣᠭᠳᠣ ᠶᠢᠨ ᠸᠴᠢᠷ ᠤᠨ ᠭᠤᠯᠣᠮᠳᠠ ᠳᠤ ᠬᠦᠬᠡ ᠮᠣᠷᠢᠨ ᠵᠢᠯ ︵1954 | ᠣᠨ ᠳᠤ︶ ᠵᠠᠶᠠᠭᠠᠵᠠᠢ᠃ ᠣᠳᠣ ᠭᠠᠬᠢᠯ ᠰᠣᠮᠣᠨ ᠤ ᠷᠠᠰᠢᠶᠠᠨᠪᠣᠯᠠᠭ ᠭᠠᠴᠠᠭᠠᠨ ᠳᠤ ᠮᠢᠩᠭ᠎ᠠ ᠭᠠᠷᠣᠢ ᠮᠠᠯ | ᠮᠠᠯᠵᠢᠭᠰᠠᠨ ᠲᠦᠪᠬᠢᠨᠡᠬᠦᠨ ᠠᠮᠢᠳᠣᠷᠠᠯ ᠲᠠᠢ ᠠᠶᠢᠯ ᠪᠣᠢ᠃ | ᠪᠠᠶᠠᠷᠳᠣ ᠭᠤᠸᠠᠢ᠄ ︽ᠠᠪᠤ ᠮᠢᠨᠢ ᠠᠩᠬᠠᠨ ᠳᠤ ᠣᠷᠤᠭ᠎ᠠ ᠵᠢᠳᠬᠦᠭᠡ ᠮᠣᠷᠢᠳ ᠢ ᠲᠡᠮᠳᠡᠢ ᠪᠠᠷᠢᠳᠠᠭ | ᠮᠦᠷᠳᠡᠭᠡᠨ ᠡᠮᠨᠢᠭ ᠲᠣᠭᠰᠢᠨ ᠢ ᠰᠠᠶᠢᠨ ᠰᠣᠷᠭᠠᠳᠠᠭ ︵ᠡᠮᠨᠢᠭᠴᠢᠨ︶ ᠪᠠᠶᠢᠯ᠎ᠠ ᠬᠡᠰᠡᠨ ᠶᠣᠮ︾ ᠭᠡᠵᠣ ᠬᠠᠭᠤᠴᠢᠯᠠᠪᠠ | ᠃ ᠪᠠᠶᠠᠷᠳᠣ ᠬᠠᠷ᠎ᠠ ᠪᠠᠭ᠎ᠠ ᠨᠠᠰᠣᠨ ᠠᠴᠠ ᠪᠠᠨ ᠬᠠᠮᠳᠣ ᠶᠢᠨ ᠰᠦᠷᠦᠭ ᠤᠨ ᠨᠠᠭᠠᠨ᠎ᠠ ᠴᠠᠭᠠᠨ᠎ᠠ ᠨᠢ ᠶᠠᠪᠣᠬᠤ ᠳᠤ | ᠦᠷᠬᠦᠯᠵᠢ ᠣᠷᠭ᠎ᠠ ᠰᠢᠯᠪᠢᠬᠦᠷ ᠪᠠᠷᠢᠵᠣ ᠣᠶᠢᠷᠠᠳᠣᠭᠰᠠᠨ ᠮᠠᠯ ᠢ ᠣᠷᠭᠠᠯᠠᠬᠤ ᠪᠠᠭ᠋ᠠᠳᠠᠢ ᠬᠡᠣᠭᠡᠳ ᠪᠠᠶᠢᠵᠣ ᠭᠡᠳᠡᠭ᠃ | ᠲᠡᠭᠡᠬᠦ ᠳᠡᠭᠡᠨ ᠲᠡᠷᠡ ᠦᠪᠡᠷ ᠤᠨ ᠲᠣᠷ᠎ᠠ ᠪᠠᠬ᠎ᠠ ᠳᠠᠭᠠᠨ ᠬᠦᠳᠦᠯᠦᠭᠳᠡᠵᠤ ᠬᠠᠮᠢᠭ᠎ᠠ ᠠᠳᠣᠭᠤᠨ ᠲᠡᠯ ᠲᠠᠮᠠᠭ᠎ᠠ ᠪᠣᠯᠵᠣ | ᠪᠠᠶᠢᠪᠠᠯ ᠲᠡᠨᠳᠡ ᠣᠴᠢᠵᠣ ᠦᠵᠡᠨ ᠠᠬᠠᠮᠠᠳ ᠣᠷᠭᠠᠴᠢᠳ ᠤᠨ ᠠᠳᠣᠭᠤ ᠣᠷᠭᠠᠯᠠᠬᠤ ᠶᠢ ᠰᠣᠨᠢᠷᠬᠠᠵᠣ᠂ | ᠰᠢᠷᠭᠤᠭᠤᠯᠬᠤ ᠠᠳᠣᠭᠤᠳ ᠢ ᠨᠢ ᠬᠠᠰᠢᠵᠣ ᠬᠦᠭᠡᠭᠡᠵᠣ ᠦᠭᠳᠡᠭ ᠪᠠᠶᠢᠯ᠎ᠠ ᠬᠡᠰᠡᠨ᠃ ᠡᠶᠢᠨ ᠬᠦ ᠶᠠᠪᠣᠴᠠ ᠳᠠᠭᠠᠨ | ᠲᠡᠷᠡ ᠠᠷᠪᠠᠨ ᠵᠢᠷᠭᠤᠭ᠋ᠳᠠᠢ ᠵᠢᠯ ᠢᠶᠠᠨ ᠠᠳᠣᠭᠤᠨ ᠰᠢᠷᠭᠤᠭᠠᠨ ᠤ ᠵᠠᠪᠠᠵᠢᠨ ᠳᠤ ᠵᠣᠭᠰᠣᠵᠣ ᠪᠠᠶᠢᠳᠠᠯ᠎ᠠ ᠲᠣᠰ | ᠪᠠᠷᠢᠭᠠᠳᠠ ᠶᠢᠨ ᠠ᠊᠂ ᠵᠣᠳᠪᠠ ᠶᠢᠨ ᠣᠯᠠᠭᠠᠨ ᠭᠡᠭᠴᠢ ᠨᠡᠷᠡᠳᠡᠢ ᠲᠠᠭᠠᠷᠢᠳᠠᠭ ᠮᠣᠷᠢ ᠲᠠᠭᠠᠷᠢᠵᠣ ᠢᠷᠡᠬᠦ ᠳᠤ ᠡᠯᠬᠦᠵᠦ | ᠬᠠᠶᠠᠭᠠᠳ ᠣᠷᠭᠠᠴᠢᠨ ᠪᠣᠯᠬᠤ ᠶᠢᠨ ᠠᠩᠬᠠᠨ ᠤ ᠭᠠᠷᠤᠭ᠎ᠠ ᠪᠠᠨ ᠡᠬᠢᠯᠡᠬᠦᠯᠵᠦ᠂ ᠵᠠᠯᠭᠠᠭᠠᠳ ᠪᠠᠰᠠ ᠨᠢᠬᠡ ᠮᠣᠷᠢ | ᠬᠠᠶᠠᠵᠣ ᠠᠬᠠᠮᠠᠳᠴᠣᠳ ᠤᠨ ᠬᠠᠷᠠᠭᠠᠨ ᠳᠤ ᠬᠦᠷᠦᠭᠰᠡᠨ ᠭᠡᠳᠡᠭ᠃ ᠢᠩᠬᠢᠭᠡᠳ ᠠᠬᠠᠮᠠᠳ ᠠᠳᠣᠭᠤᠴᠢᠨ ᠮᠠᠩᠯᠠ | ᠭᠤᠸᠠᠢ ᠶᠡᠬᠡᠳᠡ ᠮᠠᠭᠳᠠᠨ ᠵᠣᠷᠢᠭᠵᠢᠭᠤᠯᠵᠣ᠂ ᠬᠡᠳᠣ ᠬᠤᠨᠤᠭ ᠠᠴᠠ ᠪᠣᠯᠬᠤ ᠬᠦᠷᠰᠢ ᠵᠡᠷᠭᠡᠯᠡᠳᠡᠭᠡ ᠣᠯᠠᠭᠠᠢ ᠨᠢᠭᠡᠳᠣᠯ | ᠤᠨ ᠪᠠᠶᠠᠨᠪᠣᠯᠠᠭ ᠪᠠᠷᠢᠭᠠᠳᠠ ᠶᠢᠨ ᠠᠳᠣᠭᠤᠨ ᠲᠠᠯᠯᠡᠭᠡ ᠳᠤ ᠲᠡᠭᠦᠨ ᠢ ᠲᠠᠭᠠᠭᠤᠯᠵᠣ ᠶᠠᠪᠣᠬᠤ ᠪᠠᠷ ᠰᠶᠢᠳᠵᠣ᠂ ᠬᠡᠷ | ᠲᠤ ᠨᠢ ᠬᠦᠷᠴᠣ ᠲᠡᠭᠦᠨ ᠤ ᠠᠪᠤ ᠠᠴᠠ ᠨᠢ ᠴᠢᠯᠣᠭᠡ ᠠᠪᠬᠤ ᠳᠤ ᠡᠪᠣᠭᠡᠨ ᠶᠡᠬᠡᠯ᠎ᠡ ᠲᠣᠷ᠎ᠠ ᠦᠬᠡᠶᠢᠴᠡᠵᠣ ᠡᠨᠡ | ᠵᠢᠭᠠᠬᠠᠨ ᠬᠡᠣᠭᠡᠳ ᠰᠠᠶ᠋ᠢ ᠬᠤᠶᠠᠷ ᠮᠣᠷᠢ ᠬᠠᠶᠠᠮᠠᠭᠴᠠ ᠬᠠᠷᠢ ᠨᠢᠭᠡᠴᠡ ᠳᠤ ᠲᠠᠨᠠᠷ ᠢ ᠲᠠᠭᠠᠭᠠᠵᠣ ᠰᠡᠨᠳᠡᠭᠡᠨᠡᠬᠦ ᠶᠠᠷᠣ | ᠪᠤᠯᠤᠭ᠎ᠠ ᠦᠬᠡᠢ ᠭᠡᠵᠣ ᠵᠦᠪᠰᠢᠶᠡᠷᠡᠭᠰᠡᠨ ᠦᠭᠡᠢ ᠶᠤᠮ ᠬᠡᠨ᠎ᠡ ᠯᠠᠢ᠃ ᠬᠠᠰᠢᠷ ᠲᠣᠬᠢ ᠠᠳᠣᠭᠤᠴᠢᠨ ᠮᠠᠨᠢ ᠠᠳᠣᠭᠤ | ᠬᠠᠰᠢᠭᠤᠯᠵᠣ ᠬᠦᠬᠡᠬᠡᠯᠬᠡᠶᠡ ᠬᠡᠵᠣ ᠡᠪᠯᠡᠬᠦᠯᠦᠨ ᠭᠤᠶᠣᠬᠤ ᠳᠤ᠂ ᠨᠠᠰᠣᠳᠠᠨ ᠭᠤᠸᠠᠢ ᠲᠣᠷ᠎ᠠ ᠮᠠᠭᠤᠳᠠᠢ ᠲᠣᠯᠣᠭᠠᠢ | ᠲᠣᠬᠢᠭᠰᠠᠨ ᠶᠣᠮ ᠭᠡᠳᠡᠭ᠃ ᠡᠶᠢᠨ ᠬᠦ ᠪᠠᠶᠠᠷᠳᠣ᠂ ᠶᠡᠬᠡᠯ᠎ᠡ ᠬᠦᠷ ᠲᠠᠢ ᠪᠠᠷ ᠪᠠᠷᠢᠭᠠᠳᠠ ᠶᠢᠨ ᠢᠶᠠᠨ ᠠᠬᠠᠮᠠᠳ ᠠ᠊᠂ | ᠵᠣᠳᠪᠠ᠂ ᠣᠳᠰᠡᠷᠡᠩ ᠨᠠᠷ ᠢ ᠲᠠᠭᠠᠵᠣ ᠶᠠᠪᠣᠭᠠᠳ ᠪᠠᠶᠠᠨᠪᠣᠯᠠᠭ ᠤᠨ ᠠᠳᠣᠭᠤᠨ ᠤ ᠰᠠᠷᠠᠯ ᠠᠵᠢᠷᠭ᠎ᠠ᠂ ᠵᠡᠭᠡᠷᠳᠡ | ᠠᠵᠢᠷᠭ᠎ᠠ᠂ ᠬᠦᠷᠡᠩ ᠠᠵᠢᠷᠭ᠎ᠠ᠂ ᠬᠡᠭᠡᠷ ᠠᠵᠢᠷᠭ᠎ᠠ ᠵᠡᠷᠭᠡ ᠲᠦᠷᠪᠡᠨ ᠠᠵᠢᠷᠭ᠎ᠠ ᠶᠢ ᠨᠢᠭᠡᠯᠡ ᠣᠳᠠᠭ᠎ᠠ ᠳᠤ | ᠴᠣᠪᠣᠭᠤᠯᠤᠨ ᠬᠠᠶᠠᠵᠣ ᠢᠷᠡᠭᠰᠡᠨ ᠣᠳᠠᠭ᠎ᠠ ᠲᠠᠢ᠃ ᠡᠬᠦᠨ ᠢᠶᠠᠷ ᠲᠡᠭᠦᠨ ᠤ ᠣᠷᠭᠠᠴᠢ ᠶᠢᠨ ᠨᠡᠷ᠎ᠡ ᠡᠬᠢᠯᠡᠵᠣ | ᠮᠠᠨᠳᠣᠯ᠎ᠠ ᠬᠡᠵᠡᠭᠡᠳᠡᠭ᠃ | ᠪᠠᠶᠠᠷᠳᠣ᠂ ᠶᠡᠭᠡ ᠵᠠᠪᠳᠣᠭᠠᠨ ᠲᠠᠢ ᠮᠦᠷᠳᠡᠭᠡᠨ ᠶᠠᠪᠠᠭᠠᠨ ᠣᠷᠭᠠᠯᠠᠳᠠᠭ᠃ ᠪᠣᠰᠣᠳ ᠤᠨ ᠭᠡᠯᠢᠵᠦ | ᠦᠭᠭᠦᠭᠰᠡᠨ ᠠᠵᠢᠷᠭ᠎ᠠ ᠮᠣᠷᠢᠳ ᠪᠡᠶ᠎ᠡ ᠲᠠᠢ ᠨᠢ ᠵᠡᠷᠭᠡᠴᠡᠵᠣ ᠢᠷᠡᠬᠦ ᠳᠤ ᠲᠦᠷᠣᠭᠡ ᠪᠠᠨ ᠰᠣᠭᠤᠯᠵᠣ ᠵᠠᠪᠳᠣᠪᠠᠯ | ᠣᠷᠭᠠᠯᠠᠵᠣ ᠵᠠᠪᠳᠣᠳᠠᠭ᠂ ᠵᠡᠬᠦᠨ ᠪᠠᠷᠠᠭᠤᠨ ᠬᠤᠶᠠᠷ ᠲᠠᠯ᠎ᠠ ᠲᠠᠢ᠂ ᠣᠷᠭ᠎ᠠ ᠶᠢ ᠭᠤᠯᠤᠭ᠎ᠠ ᠦᠭᠡᠢ ᠪᠠᠷᠢᠵᠣ᠂ ᠬᠡᠨ ᠤ | ᠣᠷᠭ᠎ᠠ ᠪᠠᠷ ᠴᠣ᠋ ᠨᠢᠭᠡ ᠯᠡ ᠠᠳᠠᠯᠢ ᠣᠷᠭᠠᠯᠠᠵᠣ ᠪᠠᠶᠢᠭᠰᠠᠨ ᠬᠡᠯᠴᠡᠳᠡᠭ᠃ ᠲᠡᠷᠡ ᠨᠠᠳᠠ ᠠᠴᠠ ᠭᠤᠷᠪᠡᠨ ᠵᠢᠯ ᠤᠨ | ᠡᠮᠣᠨ᠎ᠡ ᠣᠶᠢᠮᠣᠰᠣ ᠡᠯᠡᠭᠡᠵᠡᠢ᠃ ᠪᠢᠳᠡ ᠬᠤᠶᠠᠭᠤᠯᠡ ᠨᠢᠭᠡᠳᠣᠯ ᠤᠨ ᠰᠣᠷᠭᠠᠭᠤᠯᠢ ᠳᠤ ᠪᠠᠶᠢᠬᠤ ᠠᠴᠠ ᠠᠪᠣᠭᠠᠳ | ᠬᠤᠵᠢᠮ ᠨᠢ ᠮᠠᠨᠠᠶᠢᠬᠢᠨ ᠠᠶᠢᠯ ᠰᠠᠭᠠᠬᠠᠯᠳᠠ ᠪᠠᠶᠢᠭᠰᠠᠨ ᠢᠶᠠᠷ ᠬᠠᠷᠢᠯᠴᠠᠨ ᠰᠠᠶᠢᠨ ᠣᠶᠢᠯᠠᠭᠠᠨ᠎ᠠ᠃ ᠵᠠᠷᠢᠮ ᠦᠶ᠎ᠡ | ᠶᠢᠨ ᠣᠷᠭᠠᠯᠠᠵᠣ ᠪᠠᠶᠢᠭᠰᠠᠨ ᠢ ᠨᠢ ᠦᠵᠡᠵᠦ ᠦᠩᠬᠡᠷᠡᠵᠡᠢ᠃ ᠦᠪᠡᠷ ᠢᠶᠠᠨ ᠬᠤᠶᠠᠷ ᠠᠯᠳᠠ ᠲᠡᠯᠢᠮ ᠤᠨ | ᠪᠦᠳᠣᠬᠦᠨ ᠰᠢᠭ ᠣᠷᠭᠠᠨ ᠳᠤ ᠠᠯᠳᠠ ᠶᠢᠨ ᠭᠠᠳᠠᠨ᠎ᠠ ᠲᠦᠭᠡ ᠬᠢᠷᠢᠳᠡᠢ ᠦᠨᠳᠣᠷ ᠦᠵᠦᠬᠦᠷ ᠲᠣᠬᠢᠶᠠᠵᠣ᠂ ᠬᠤᠶᠠᠷ | ᠭᠡᠳᠡᠰᠣᠨ ᠬᠤᠶᠢᠪᠢ ᠶᠢ ᠨᠡᠶᠢᠯᠡᠬᠦᠯᠦᠨ ᠭᠤᠷᠮᠤᠰᠤᠯᠠᠵᠤ ᠮᠣᠰᠬᠢᠭᠠᠳ ᠪᠠᠭ᠎ᠠ ᠯᠠ ᠬᠠᠰᠣᠭᠠᠳ᠂ ᠣᠷᠭᠠᠨ ᠬᠦᠯᠢᠶᠡᠷ | ᠤᠨ ᠠᠷᠣ ᠳᠤ ᠲᠣᠬᠠᠢ ᠵᠢᠱᠢᠮ ᠤᠨ ᠵᠠᠢ ᠲᠠᠢ ᠰᠢᠵᠢᠮ ᠢᠶᠠᠨ ᠣᠶᠠᠳᠠᠭ᠃ ᠶᠡᠷᠣ ᠨᠢ ᠠᠭᠤᠵᠢᠮ ᠬᠤᠶᠢᠪᠢ ᠲᠠᠢ | ᠣᠷᠭ᠎ᠠ ᠪᠠᠷ ᠲᠠᠭᠠᠷᠢᠵᠣ ᠢᠷᠡᠭᠰᠡᠨ ᠠᠵᠢᠷᠭ᠎ᠠ ᠮᠣᠷᠢᠳ ᠢ ᠴᠢᠬᠢᠨ ᠬᠤᠯᠬᠢ ᠲᠠᠮᠵᠢᠭᠤᠯᠵᠣ ᠨᠠᠷᠢᠨ ᠬᠦᠵᠣᠬᠦᠦ ᠠᠴᠠ | ᠬᠡᠳᠡᠷᠬᠦ ᠪᠠᠨ ᠪᠠᠷᠣᠭᠳᠠᠢ ᠲᠣᠰᠬᠠᠳᠠᠭ ᠦᠭᠡᠢ᠂ ᠲᠤᠭᠳᠤᠷᠴᠤ ᠲᠠᠳᠠᠬᠤ ᠳᠠᠭᠠᠨ ᠠᠪᠢᠶᠠᠰᠯᠢᠭ᠂ ᠨᠢᠳᠣ ᠭᠠᠷ ᠬᠤᠷᠴᠠ | ᠂ ᠬᠦᠯ ᠰᠠᠶᠢᠳᠠᠢ᠂ ᠦᠵᠡᠵᠦ ᠪᠣᠳᠣᠵᠣ ᠵᠠᠪᠳᠣᠳᠠᠭ ᠱᠠᠯᠠᠮᠠᠭᠠᠢ ᠣᠷᠭᠠᠴᠢ ᠪᠣᠯᠬᠤ ᠶᠣᠮ᠃ ᠵᠢᠳᠣᠭᠡᠴᠢ ᠵᠠᠩ ᠨᠢ | ᠬᠦᠳᠡᠯᠬᠦ ᠦᠭᠡᠢ ᠯᠡ ᠶᠣᠮ ᠪᠣᠯ ᠵᠠᠷᠢᠮ ᠳᠠᠭᠠᠨ ᠬᠤᠶᠠᠷ ᠲᠠᠳᠠᠭᠠᠨ ᠲᠡᠭᠡᠷ᠎ᠡ ᠴᠣ᠋ ᠬᠠᠶᠠᠳᠠᠭ ᠠᠪᠢᠶᠠᠰ ᠲᠠᠢ ᠪᠢᠯᠡ᠃ | ᠲᠡᠷᠡ ᠮᠠᠨᠢ ᠭᠤᠴᠢ ᠭᠠᠷᠣᠢ ᠵᠢᠯ ᠠᠳᠣᠭᠤ ᠣᠷᠭᠠᠯᠠᠵᠣ ᠶᠠᠪᠣᠬᠤ ᠳᠠᠭᠠᠨ ᠣᠶᠢᠷ᠎ᠠ ᠬᠠᠪᠢ ᠶᠢᠨ ᠨᠢᠭᠡᠴᠡ ᠪᠠᠷ ᠨᠠᠷᠠ | ᠴᠣᠣ ᠮᠠᠨᠳᠣᠭᠰᠠᠨ ᠣᠨᠴᠠᠭᠠᠢ ᠲᠠᠭᠠᠷᠢᠳᠠᠭ ᠣᠷᠤᠭ᠎ᠠ ᠵᠢᠳᠭᠦᠬᠡ ᠠᠵᠢᠷᠭ᠎ᠠ ᠮᠣᠷᠢᠳ ᠢ ᠣᠯᠠᠨ ᠰᠢᠷᠣᠶᠢᠳᠠᠭᠤᠯᠵᠣ᠂ | ᠵᠠᠷᠢᠮ ᠡᠳᠣᠷ ᠬᠡᠶᠢᠮᠦᠷᠢ ᠮᠠᠨᠳᠣᠪᠠᠯ ᠲᠠᠪᠤ᠂ ᠠᠷᠪᠠᠭᠠᠳ ᠠᠵᠢᠷᠭ᠎ᠠ ᠶᠢ ᠴᠣ᠋ ᠠᠷᠣ ᠠᠷᠣ ᠠᠴᠠ ᠨᠢ ᠲᠠᠷᠠᠭᠠᠯᠠᠭᠤᠯᠵᠣ | ᠬᠠᠶᠠᠭᠰᠠᠨ ᠰᠠᠶᠢᠬᠠᠨ ᠲᠣᠷᠠᠰᠣᠮᠵᠢ ᠴᠣ᠋ ᠪᠠᠶᠢᠳᠠᠭ ᠰᠠᠨ᠃ ᠭᠡᠪᠡᠴᠣ ᠬᠠᠶᠠ ᠵᠠᠷᠢᠮ ᠳᠠᠭᠠᠨ ᠪᠠᠰᠠ ᠬᠤᠭᠤᠰᠣᠨ | ᠭᠠᠷᠭᠠᠬᠤ᠂ ᠣᠷᠭ᠎ᠠ ᠵᠡᠭᠦᠯᠭᠡᠨ ᠮᠣᠳᠣ ᠪᠠᠨ ᠡᠪᠬᠡᠬᠦᠯᠬᠦ ᠵᠡᠷᠭᠡ ᠴᠣ᠋ ᠪᠦᠷ ᠭᠠᠷᠳᠠᠭ ᠯᠡ ᠪᠠᠶᠢᠪᠠ᠃ ᠲᠡᠷᠡ ᠲᠣᠮᠳᠠ | ᠭᠤᠣᠯᠳᠠᠭᠤ ᠲᠣᠰ ᠨᠢᠭᠡᠳᠣᠯ ᠡᠷᠢᠶᠡᠨᠭᠤᠪᠢ ᠪᠣᠯᠣᠨ ᠪᠣᠰᠣᠳ ᠣᠯᠠᠭᠠᠢ᠂ ᠮᠠᠨᠳᠣᠬᠤᠪᠣᠯᠠᠭ᠂ ᠪᠠᠶᠠᠨᠬᠦ᠋ᠭᠡᠪᠣᠷ ᠵᠡᠷᠭᠡ | ᠵᠠᠬ᠎ᠠ ᠵᠡᠷᠭᠡᠯᠡᠳᠡᠭᠡ ᠨᠢᠭᠡᠳᠣᠯ ᠢᠶᠠᠷ ᠠᠳᠣᠭᠤ ᠲᠠᠭᠠᠷᠢᠭᠤᠯᠣᠨ ᠨᠠᠭᠠᠳᠴᠤ ᠶᠠᠪᠣᠬᠤ ᠳᠠᠭᠠᠨ ᠲᠠᠳᠠᠵᠣ ᠬᠡᠯᠡᠬᠦ ᠳᠤ | ᠣᠷᠢᠳ ᠬᠤᠵᠢᠳ 300 ᠭᠠᠷᠣᠢ ᠨᠠᠷᠠ ᠲᠠᠢ ᠨᠡᠷ᠎ᠡ ᠦᠭᠡᠢ ᠲᠠᠭᠠᠷᠢᠳᠠᠭ ᠠᠵᠢᠷᠭ᠎ᠠ ᠮᠣᠷᠢᠳ ᠢ ᠬᠠᠶᠠᠵᠣ ᠶᠠᠪᠣᠭᠰᠠᠨ | ᠬᠡᠵᠣ ᠦᠪᠡᠷ ᠢᠶᠠᠨ ᠨᠠᠳᠠ ᠳᠤ ᠶᠠᠷᠢᠵᠣ ᠪᠠᠶᠢᠭᠰᠠᠨ᠂᠂᠂᠂ | ᠶᠠᠷᠣ ᠠᠴᠠ ᠣᠩᠭᠤᠨ ᠪᠣᠰᠤᠭ᠎ᠠ ᠣᠷᠤᠭ᠎ᠠ ᠵᠢᠳᠭᠦᠬᠡ ᠠᠵᠢᠷᠭ᠎ᠠ ᠮᠣᠷᠢᠳ ᠢ ᠣᠷᠭᠠᠯᠠᠵᠣ ᠬᠠᠶᠠᠯᠠᠨ᠎ᠠ ᠭᠡᠳᠡᠭ | ᠨᠢ ᠶᠡᠬᠡᠯ᠎ᠡ ᠠᠳᠠᠭ᠎ᠠ ᠵᠢᠳᠣᠬᠡ ᠲᠠᠢ ᠪᠠᠶᠢᠳᠠᠭ ᠢ ᠠᠳᠣᠭᠤᠨ ᠤ ᠬᠤᠷᠣᠬᠠᠶᠢᠳᠠᠳ ᠶᠠᠭᠤᠨ ᠠᠨᠳᠠᠬᠤ ᠪᠢᠯᠡ᠃ | ᠬᠠᠶᠠᠭᠰᠠᠨ ᠨᠢ ᠪᠠᠶᠠᠰᠬᠤ ᠳᠤ᠂ ᠬᠠᠶᠠᠭᠤᠯᠣᠭᠰᠠᠨ ᠨᠢ ᠬᠠᠮᠰᠠᠶᠢᠨᠠ᠃ ᠠᠯᠢ ᠪᠣᠯᠬᠤ ᠪᠠᠷ ᠮᠣᠳᠣ ᠶᠢ ᠨᠢ | ᠰᠣᠭᠤᠯᠠᠭᠤᠯᠬᠤ ᠰᠠᠨᠠᠭ᠎ᠠ ᠲᠠᠢ ᠬᠡᠳᠣᠨ ᠠᠷᠳᠠᠭ ᠲᠣᠭᠰᠢᠨ ᠡᠰᠡᠭᠦᠯ᠎ᠡ ᠠᠯᠢ ᠣᠷᠤᠭ᠎ᠠ ᠵᠢᠳᠭᠦᠬᠡ ᠪᠠᠨ ᠪᠦᠬᠦᠨ ᠢ | ᠨᠡᠷ᠎ᠡ ᠵᠢᠭᠠᠨ ᠭᠡᠯᠢᠵᠦ ᠦᠭᠳᠡᠭ ᠳ᠋ᠧ︕ ᠪᠠᠶᠠᠷᠳᠣ ᠭᠤᠸᠠᠢ ᠬᠠᠶᠠᠯᠠᠬᠤ ᠲᠣᠰᠣᠮ ᠵᠣᠷᠢᠭᠵᠢᠵᠣ ᠮᠣᠷᠢᠳ ᠠᠴᠠ | ᠠᠵᠢᠷᠭ᠎ᠠ ᠬᠠᠶᠠᠵᠣ᠂ ᠠᠵᠢᠷᠭ᠎ᠠ ᠠᠴᠠ ᠨᠡᠷ᠎ᠡ ᠲᠠᠢ ᠶᠢ ᠬᠠᠶᠠᠯᠠᠬᠤ ᠪᠣᠯᠵᠠᠢ᠃ ᠲᠡᠷᠡ᠂ 1973 ᠣᠨ ᠤ ᠪᠠᠷᠢᠭᠠᠳᠠ | ᠶᠢᠨ ᠢᠶᠠᠨ ᠠᠳᠣᠭᠤᠨ ᠲᠡᠯᠯᠡᠭᠡ ᠳᠤ ᠲᠣᠰ ᠪᠠᠷᠢᠭᠠᠳᠠ ᠶᠢᠨ ᠴᠣᠶᠢᠵᠢ ᠶᠢᠨ ᠡᠮᠨᠢᠭ ᠰᠠᠷᠠᠯ ᠠᠵᠢᠷᠭ᠎ᠠ ᠭᠡᠭᠴᠢ | ᠭᠠᠳᠠᠨ᠎ᠠ ᠲᠣᠳᠣᠨᠠᠬᠢ ᠣᠯᠠᠨ ᠣᠷᠭᠠᠴᠢᠳ ᠤᠨ ᠣᠷᠭ᠎ᠠ ᠶᠢ ᠵᠡᠭᠦᠵᠣ ᠦᠩᠭᠡᠷᠡᠭᠰᠡᠨ ᠠᠴᠠ ᠪᠢᠰᠢ ᠬᠠᠷᠢᠨ ᠤᠶᠢᠴᠢᠵᠤ | ᠦᠩᠭᠡᠷᠡᠭᠡ ᠦᠭᠡᠢ ᠨᠡᠷᠡᠳᠡᠢ ᠲᠠᠭᠠᠷᠢᠳᠠᠭ ᠣᠩᠭᠤᠨ ᠪᠣᠰᠤᠭ᠎ᠠ ᠮᠣᠯᠳᠣᠩ ᠰᠠᠷᠠᠯ ᠠᠵᠢᠷᠭ᠎ᠠ ᠶᠢ ᠭᠠᠯᠳᠠᠨ ᠤ ᠣᠷᠭ᠎ᠠ | ᠶᠢ ᠵᠢᠭᠡᠯᠡᠨ ᠪᠠᠷᠢᠵᠣ ᠪᠠᠶᠢᠭᠠᠳ ᠰᠢᠷᠭᠤᠭ᠎ᠠ ᠲᠠᠭᠠᠷᠢᠭᠤᠯᠭᠠ ᠳᠤ ᠣᠷᠭᠠᠯᠠᠨ ᠬᠠᠶᠠᠵᠣ᠂ ᠬᠤᠵᠢᠮ ᠨᠢ ᠲᠡᠷᠡ | ᠠᠵᠢᠷᠭ᠎ᠠ ᠴᠣ᠋ ᠲᠠᠬᠢᠵᠦ ᠶᠠᠷᠣ ᠣᠶᠢᠴᠢᠭᠰᠠᠨ ᠦᠭᠡᠢ ᠬᠡᠯᠴᠡᠳᠡᠭ᠃ ᠢᠩᠬᠢᠭᠡᠳ ᠲᠡᠭᠦᠨ ᠤ ᠣᠷᠭᠠᠴᠢ ᠠᠯᠳᠠᠷ | ᠣᠶᠢᠷ᠎ᠠ ᠬᠠᠪᠢ ᠳᠠᠭᠠᠨ ᠣᠯᠠᠮ ᠢᠶᠠᠷ ᠲᠠᠭᠤᠷᠢᠰᠤᠭᠳᠠᠵᠤ ᠡᠬᠢᠯᠡᠭᠰᠡᠨ ᠶᠣᠮᠰᠠᠨ᠃ 1978 ᠣᠨ ᠳᠤ ᠪᠠᠶᠠᠨᠬᠦ᠋ᠬᠡᠪᠣᠷ | ᠨᠢᠭᠡᠳᠣᠯ ᠤᠨ ᠵᠢᠷᠠᠨᠪᠣᠯᠠᠭ ᠪᠠᠷᠢᠭᠠᠳᠠ ᠶᠢᠨ ᠵᠢᠭᠠᠬᠠᠨ ᠢᠳᠠᠮ ᠭᠡᠭᠴᠢ ᠠᠯᠳᠠᠷᠳᠣ ᠪᠦᠭᠡ᠂ ᠨᠡᠷᠡᠳᠣ ᠣᠷᠭᠠᠴᠢ ᠭᠤᠸᠠᠢ | ᠡᠷᠢᠶᠡᠨᠪᠣᠯᠠᠭ ᠤᠨ ᠠᠪᠵᠠᠢ ᠶᠢᠨ ᠲᠠᠮᠷᠢᠨ ᠲᠠᠢ ᠬᠠᠮᠳᠣ ᠲᠡᠳᠡᠨ ᠤ ᠳᠤ ᠢᠷᠡᠵᠣ ᠪᠠᠶᠠᠷᠳᠣ ᠶᠢ ᠲᠠᠭᠠᠭᠤᠯᠣᠨ᠂ | ᠮᠠᠨᠳᠣᠬᠤᠪᠣᠯᠠᠭ ᠲᠠᠯᠠᠪᠠᠢ ᠶᠢᠨ ᠲᠣᠰᠣᠨᠨᠠᠭᠤᠷ ᠪᠠᠷᠢᠭᠠᠳᠠ ᠶᠢᠨ ᠬᠤᠩᠭᠤᠷ᠂ ᠬᠤᠷᠢᠨᠳᠠᠪᠣᠨ ᠤ ᠠᠳᠣᠭᠤ ᠶᠢ ᠵᠣᠷᠢᠵᠣ | ᠰᠢᠷᠭᠤᠭ᠎ᠠ ᠠᠪᠬᠤ ᠪᠠᠷ ᠬᠦᠷᠦᠭᠰᠡᠨ ᠶᠣᠮ ᠬᠡᠨ᠎ᠡ᠃ ᠲᠣᠬᠠᠢ ᠶᠢᠨ ᠦᠶ᠎ᠡ ᠳᠤ ᠲᠡᠳᠡᠨ ᠤ ᠠᠳᠣᠭᠤ ᠨᠢ | ᠲᠤᠷᠵᠢᠰᠦ᠋ᠷᠦᠩ ᠤᠨ ᠠᠳᠣᠭᠤ ᠲᠠᠢ ᠴᠤᠭᠭᠠᠷ ᠠᠷᠣ ᠱᠡᠣᠳᠣ ᠶᠢᠨ ᠬᠦᠷᠢᠶᠡᠨ ᠳᠤ ᠪᠠᠶᠢᠵᠣ᠂ ᠲᠡᠷᠡ ᠡᠳᠣᠷ ᠢᠳᠡᠮ | ᠭᠤᠸᠠᠢ ᠨᠢ 12 ᠠᠵᠢᠷᠭ᠎ᠠ ᠬᠠᠶᠠᠵᠣ᠂ ᠲᠠᠬᠢᠨ ᠪᠠᠶᠠᠷᠳᠣ ᠳᠤ ᠲᠠᠭᠠᠷᠢᠭᠤᠯᠵᠣ ᠦᠭᠬᠦ ᠳᠤ ᠲᠡᠷᠡ ᠪᠦᠬᠦᠨ ᠢ ᠬᠠᠶᠠᠵᠣ | ᠣᠷᠣᠢ ᠪᠣᠴᠠᠬᠤ ᠳᠠᠭᠠᠨ ᠬᠠᠮᠤᠭ ᠰᠡᠭᠦᠯ ᠳᠤᠨᠢ ᠬᠠᠯᠳᠠᠷ ᠠᠵᠢᠷᠭ᠎ᠠ ᠶᠢ ᠭᠠᠵᠠᠷ ᠤᠨ ᠦᠭᠡᠳᠡ ᠬᠦᠶᠣᠵᠣ ᠢᠷᠡᠬᠦ ᠳᠤ | ᠪᠠᠶᠠᠷᠳᠣ ᠣᠷᠭᠠᠯᠠᠵᠣ ᠬᠠᠶᠠᠯ᠎ᠠ ᠭᠡᠳᠡᠭ᠃ ᠲᠤᠷᠵᠢᠰᠦ᠋ᠷᠦᠩ ᠠᠴᠠ ᠪᠡᠶᠢᠯᠡ ᠶᠢᠨ ᠣᠷᠭᠠᠴᠢ ᠪᠠᠶᠠᠷᠳᠣ ᠮᠠᠨᠢ ᠬᠠᠷᠢᠨ | ᠸᠠᠩᠭᠠᠢ ᠣᠷᠭᠠᠴᠢ ᠠᠴᠠ ᠢᠯᠡᠬᠦᠤ ᠨᠢᠭᠡ ᠠᠵᠢᠷᠭ᠎ᠠ ᠰᠢᠷᠣᠶᠢᠳᠠᠭᠤᠯᠵᠣ 13 ᠠᠵᠢᠷᠭ᠎ᠠ ᠬᠠᠶᠠᠯ᠎ᠠ ᠰᠢᠣ ᠬᠡᠵᠣ ᠭᠡᠯᠢᠵᠦ | ᠦᠭᠭᠦᠭᠰᠡᠨ ᠪᠦᠬᠦᠳᠡ ᠶᠢᠨ ᠲᠦᠷᠪᠡ ᠶᠢ ᠨᠢ ᠲᠡᠭᠡᠷ᠎ᠡ ᠨᠢ᠂ ᠲᠦᠷᠪᠡᠯᠵᠢᠨ ᠢ ᠨᠢ ᠲᠣᠣᠷ᠎ᠡ ᠨᠢ ᠣᠷᠣᠭᠤᠯᠣᠭᠰᠠᠨ | ᠳᠠᠭᠠᠨ ᠴᠣ᠋ ᠤᠤ ᠪᠣᠣ ᠮᠡᠳᠡ᠂ ᠵᠢᠳᠣᠭᠡᠭᠦᠯᠦᠭᠰᠡᠨ ᠦᠭᠡ ᠰᠡᠳᠣᠬᠦ ᠳᠤ ᠵᠢᠭᠠᠬᠠᠨ ᠢᠳᠡᠮ ᠠᠴᠠ᠄ ︽ᠵᠠ ᠵᠠ︕ | ᠬᠤᠵᠢᠮ ᠰᠠᠶᠢᠨ ᠲᠠᠭᠠᠷᠢᠳᠠᠭ ᠠᠵᠢᠷᠭ᠎ᠠ ᠭᠠᠷᠪᠠᠯ ᠲᠠᠬᠢᠵᠣ ᠢᠷᠡᠶ᠎ᠡ︕︾ ᠭᠡᠳ ᠮᠣᠷᠳᠠᠭᠰᠠᠨ ᠬᠠᠭᠤᠴᠢ ᠪᠠᠶᠢᠳᠠᠭ | ᠶᠣᠮ ᠬᠡᠵᠣ ᠬᠠᠮᠳᠣ ᠪᠠᠶᠢᠯᠴᠠᠭᠰᠠᠨ ᠲᠣᠷᠵᠢ ᠨᠠᠷ ᠢᠨᠢᠶᠡᠳᠣᠮ ᠪᠣᠯᠭᠠᠨ ᠶᠠᠷᠢᠵᠣ᠂ ᠠᠯᠢᠶ᠎ᠠ ︵ᠪᠠᠶᠠᠷᠳᠣ ᠶᠢᠨ | ᠬᠦᠨᠳᠣᠳᠭᠡᠯ ᠲᠠᠭᠤᠳᠠᠯᠭ᠎ᠠ︶ ᠴᠣ᠋ ᠦᠪᠡᠷ ᠢᠶᠠᠨ ᠰᠠᠶᠢᠨ ᠮᠡᠳᠡᠬᠦ ᠪᠠᠶᠢᠬᠤ ᠳ᠋ᠠ︕ ᠬᠡᠵᠣ ᠬᠠᠭᠤᠴᠢᠯᠠᠵᠣ ᠪᠠᠶᠢᠪᠠ᠃ | | ᠨᠠᠶᠠᠭᠠᠳ ᠣᠨ ᠤ ᠡᠬᠢᠨ ᠢᠶᠠᠷ ᠵᠡᠭᠦᠨ ᠡᠷᠢᠶᠡᠨ ᠤ ᠬᠤᠶᠢᠳᠣ ᠲᠡᠭᠡᠭᠦᠷ ᠵᠢᠷᠠᠨᠪᠣᠯᠠᠭ ᠤᠨ ᠠᠶᠢᠯ ᠤᠳ ᠠᠯᠣᠰ | ᠤᠨ ᠣᠳᠣᠷ ᠢᠶᠠᠷ ᠢᠷᠡᠳᠡᠭ ᠵᠢᠯ ᠤᠨ ᠴᠠᠭᠠᠨ ᠰᠠᠷ᠎ᠠ ᠶᠢᠨ ᠰᠢᠨ᠎ᠡ ᠶᠢᠨ ᠨᠠᠢᠮᠠᠨ ᠳᠤ ᠠᠳᠣᠭᠤ ᠲᠠᠭᠠᠷᠢᠭᠤᠯᠣᠨ | ᠨᠠᠭᠠᠳᠬᠤ ᠰᠣᠷᠠᠭ ᠢ ᠲᠣᠭᠤᠯᠳᠠᠬᠤ ᠳᠤ ᠪᠠᠶᠠᠷᠳᠣ ᠮᠠᠨᠢ ᠬᠡᠳᠣᠭᠦᠯᠡ ᠬᠦᠷᠴᠣ ᠣᠷᠭᠠᠯᠠᠭᠰᠠᠨ ᠪᠣᠯᠪᠠᠴᠣ ᠬᠠᠷᠢᠨ | ᠬᠤᠭᠤᠰᠣᠨ ᠭᠠᠷᠭᠠᠬᠤ ᠵᠢᠴᠢ ᠣᠷᠭ᠎ᠠ ᠪᠠᠨ ᠲᠠᠯᠪᠢᠬᠤ ᠶᠢ ᠪᠦᠷ ᠦᠵᠡᠬᠦᠯᠦᠯ᠎ᠡ ᠭᠡᠳᠡᠭ᠃ ᠣᠷᠣᠢ ᠨᠢ ᠪᠣᠴᠠᠭᠠᠳ | ᠣᠳᠣᠷ ᠤᠨ ᠠᠶᠢᠯ ᠰᠧᠷᠡᠪ ᠤᠨ ᠳ᠋ᠠᠮᠪᠠ ᠶᠢᠨ ᠳᠤ ᠪᠠᠭᠤᠭᠠᠳ ᠭᠠᠷᠬᠤ ᠳᠤ ᠡᠪᠣᠬᠡᠨ ᠲᠡᠭᠦᠨ ᠢ ᠬᠤᠷᠣᠰᠬᠠᠨ᠄ ︽ | ᠪᠠᠶᠢᠯ᠎ᠡ ᠶᠢᠨ ᠬᠠᠷ᠎ᠠ ᠬᠦᠣ ᠦᠨᠦᠳᠣᠷ ᠬᠡᠳᠣᠢ ᠠᠵᠢᠷᠭ᠎ᠠ ᠬᠠᠶᠠᠪᠠ︾ ᠬᠡᠭᠦᠯᠡᠷ ᠪᠠᠶᠠᠷᠳᠣ — ᠨᠢᠭᠡ ᠴᠣ᠋ | ᠬᠠᠶᠠᠭᠰᠠᠨ ᠦᠭᠡᠢ᠂ ᠣᠷᠭ᠎ᠠ ᠪᠠᠨ ᠴᠣ᠋ ᠪᠠᠭ᠋ᠠᠨ ᠲᠠᠯᠪᠢᠭᠰᠠᠨ᠂ ᠲᠠᠬᠢᠵᠣ ᠨᠢᠭᠡ ᠢᠷᠡᠵᠣ ᠦᠵᠡᠨ᠎ᠡ ᠳ᠋ᠧ ᠬᠡᠳ | ᠮᠣᠷᠳᠠᠵᠣ ᠬᠡᠨ᠎ᠡ᠃ ᠬᠠᠷᠢᠨ ᠦᠨᠵᠢᠵᠦ ᠬᠦᠷᠣᠭᠡᠳ ᠵᠢᠷᠠᠨᠪᠣᠯᠠᠭ ᠤᠨ ᠸᠠᠩᠴᠤᠭ ᠤᠨ ᠠᠳᠣᠭᠤᠨ ᠤ ᠨᠡᠷᠡᠳᠡᠢ | ᠲᠠᠭᠠᠷᠢᠳᠠᠭ ᠭᠠᠭ᠋ᠠᠢ ᠪᠣᠷᠣ ᠠᠵᠢᠷᠭ᠎ᠠ ᠠᠴᠠ ᠨᠢ ᠡᠬᠢᠯᠡᠵᠦ ᠮᠠᠨᠠᠷᠠᠭᠠ ᠬᠦᠷᠡᠩ᠂ ᠪᠣᠣᠳᠠᠢ ᠪᠣᠭᠤᠷᠣᠯ᠂ ᠰᠣᠷᠳᠣ | ᠬᠦᠷᠡᠩ ᠵᠡᠷᠭᠡ ᠠᠵᠢᠷᠭ᠎ᠠ ᠶᠢ ᠨᠢ ᠬᠤᠶᠢᠨ᠎ᠡ ᠬᠤᠶᠢᠨ᠎ᠡ ᠠᠴᠠ ᠨᠢ ᠴᠣᠪᠣᠷᠠᠭᠤᠯᠣᠨ ᠬᠠᠶᠠᠵᠠᠢ᠃ ᠢᠩᠬᠢᠭᠡᠳ | ᠨᠦᠬᠦᠭᠡ ᠠᠶᠢᠯ ᠢᠶᠠᠷ ᠲᠠᠭᠠᠷᠢᠨ ᠪᠠᠭᠤᠬᠤ ᠳᠤ ᠡᠪᠣᠭᠡᠨ ᠲᠠᠭᠤ ᠴᠣ᠋ ᠦᠭᠡᠢ ᠪᠠᠶᠢᠯ᠎ᠠ ᠬᠡᠳᠡᠭ᠃ ᠪᠠᠰᠠ ᠨᠢᠭᠡ ᠡᠪᠣᠯ | ᠮᠠᠨᠳᠣᠬᠤᠪᠣᠯᠠᠭ ᠤᠨ ᠠᠳᠣᠭᠤ ᠪᠠᠷᠠᠭᠤᠨ ᠡᠷᠢᠶᠡᠨ ᠤ ᠪᠣᠳᠠᠷᠭᠠᠨ ᠳᠤ ᠭᠤᠪᠢᠯᠠᠵᠣ ᠪᠠᠶᠢᠬᠤ ᠳᠤ ᠪᠠᠶᠠᠷᠳᠣ ᠮᠠᠨᠢ ᠮᠦᠨ | ᠭᠡᠳᠣᠭᠦᠯᠡ ᠬᠦᠷᠣᠭᠡᠳ ᠭᠠᠯᠰᠠᠩ ᠤᠨ ᠨᠡᠷ᠎ᠡ ᠴᠣᠣᠳᠠᠢ ᠬᠠᠷ᠎ᠠ ᠠᠵᠢᠷᠭ᠎ᠠ ᠳᠤᠨᠢ ᠣᠷᠭ᠎ᠠ ᠵᠡᠬᠦᠯᠭᠡᠵᠣ ᠮᠣᠳᠣ ᠪᠠᠨ | ᠡᠪᠬᠡᠬᠦᠯᠦᠨ ᠪᠣᠴᠠᠵᠣ ᠭᠡᠨ᠎ᠡ᠃ ᠢᠩᠬᠢᠭᠡᠳ ᠬᠡᠳᠣ ᠬᠤᠨᠤᠭ ᠤᠨ ᠬᠢᠨ ᠲᠠᠷᠠᠭ᠎ᠠ ᠠᠳᠣᠭᠤ ᠨᠢ ᠵᠠᠭᠦᠨᠰᠢ ᠪᠣᠴᠠᠵᠣ | ᠭᠠᠷᠬᠤ ᠴᠢᠮᠡᠭᠡ ᠶᠢ ᠬᠠᠶᠢᠵᠣ ᠪᠠᠶᠢᠭᠠᠳ ᠷᠠᠰᠢᠶᠠᠨᠪᠣᠯᠠᠭ ᠤᠨ ᠲᠦᠭᠦᠷᠢᠭ ᠤᠨ ᠮᠣᠳᠣᠳᠣ ᠣᠷᠣᠢ ᠳᠤ ᠠᠳᠣᠭᠤᠨ | ᠣᠳᠣᠷ ᠨᠢ ᠢᠷᠡᠵᠣ ᠪᠠᠭᠤᠭᠰᠠᠨ ᠰᠣᠷᠠᠭ ᠢᠶᠠᠷ ᠲᠣᠷᠵᠢ᠂ ᠵᠣᠷᠢᠭᠳᠣ ᠨᠡᠷ ᠢᠶᠠᠨ ᠲᠠᠭᠠᠭᠤᠯᠣᠨ ᠬᠦᠷᠭᠦ ᠳᠤ | ᠠᠳᠣᠭᠤᠴᠢᠨ ᠰᠠᠶᠢᠨ᠋ᠤ᠋ᠴᠢᠷᠠᠯᠳᠤ᠂ ᠡᠷᠳᠡᠨᠢᠪᠢᠯᠢᠭ ᠬᠡᠳᠣᠭᠦᠯᠡ ᠪᠠᠨ ᠬᠠᠷ᠎ᠠ ᠠᠵᠢᠷᠭ᠎ᠠ ᠶᠢ ᠬᠠᠪᠴᠢᠨ ᠲᠠᠭᠠᠷᠢᠭᠤᠯᠵᠣ | ᠦᠭᠭᠦ ᠳᠤ ᠬᠠᠶᠠᠭᠠᠳ᠂ ᠦᠷᠢ ᠪᠠᠨ ᠪᠦᠭᠯᠡᠵᠣ ᠠᠳᠠᠭ᠎ᠠ ᠪᠠᠨ ᠲᠠᠶᠢᠯᠠᠵᠣ ᠪᠠᠶᠢᠭᠰᠠᠨ ᠲᠣᠷᠠᠳᠬᠠᠯ ᠲᠠᠢ ᠶᠠᠪᠣᠵᠠᠢ᠃ | | ᠪᠠᠶᠠᠷᠳᠣ ᠪᠣᠰᠣᠳ ᠨᠢᠭᠡᠴᠠ ᠶᠢᠨ ᠨᠡᠷ᠎ᠡ ᠴᠣᠣᠳᠠᠢ ᠠᠵᠢᠷᠭ᠎ᠠ ᠠᠴᠠ ᠬᠠᠶᠠᠯᠠᠵᠣ ᠪᠠᠶᠢᠭᠰᠠᠨ ᠠᠴᠠ ᠲᠣᠪᠴᠢᠯᠠᠨ | ᠲᠣᠷᠠᠳᠪᠠᠯ᠄ ︽ᠪᠠᠶᠠᠨᠪᠣᠯᠠᠭ ᠲᠤ ᠬᠢᠮᠣᠰᠣᠨ ᠬᠠᠯᠳᠠᠷ᠂ ᠨᠠᠶᠠᠨᠳᠠᠢ ᠶᠢᠨ ᠬᠡᠬᠡᠷ᠂ ᠦᠭᠡᠳᠡᠯᠡᠬᠦ ᠶᠢᠨ ᠬᠠᠯᠳᠠᠷ᠂ ᠬᠠᠮᠠᠷ | ᠤᠨ ᠬᠡᠬᠡᠷ᠂ ᠮᠠᠷᠠᠯ ᠠᠵᠢᠷᠭ᠎ᠠ︾᠂ ︽ᠬᠠᠳᠠᠳᠣ ᠶᠢᠨ ᠣᠯᠠᠭᠠᠨ︾᠂ ︽ᠪᠠᠶᠠᠨᠭᠤᠣᠯ ᠤᠨ ᠬᠠᠯᠢᠭᠤᠨ᠂ ᠬᠠᠯᠳᠠᠷ᠂ | ᠰᠠᠷᠠᠯ᠂ ᠬᠡᠬᠡᠷ︾᠂ ︽ᠭᠡᠰᠡᠭᠠ᠋ᠭᠤᠯᠠ ᠶᠢᠨ ᠯᠾᠮᠵᠠᠪ ᠤᠨ ᠬᠦᠷᠠᠩ︾᠂ ︽ᠲᠣᠰᠣᠨᠨᠠᠭᠤᠷ ᠤᠨ ᠷᠣᠯᠮᠠᠰᠦ᠋ᠷᠦᠩ ᠤᠨ | ᠣᠯᠠᠭᠠᠨ᠂ ᠲᠡᠯᠳᠣ ᠬᠦᠷᠡᠩ᠂ ᠵᠢᠭᠠᠬᠠᠨ ᠣᠯᠠᠭᠠᠨ᠂ ᠤᠭᠤᠳᠤᠩ ᠬᠡᠭᠡᠷ᠂ ᠰᠧᠳᠡᠩ ᠤᠨ ᠬᠡᠬᠡᠷ᠂ ᠡᠭᠡᠷᠡ ᠶᠢᠨ ᠰᠠᠷᠠᠯ | ᠂ ᠰᠣᠬᠤᠷ ᠬᠡᠬᠡᠷ︾᠂ ︽ᠪᠠᠶᠠᠨ᠋ᠠ᠋ᠭᠤᠯᠠ ᠶᠢᠨ ᠭᠠᠯᠰᠠᠩ ᠤᠨ ᠬᠠᠷ᠎ᠠ︾᠂ ︽ᠪᠠᠶᠠᠨᠪᠣᠷᠢᠳᠣ ᠶᠢᠨ ᠴᠠᠪ ᠬᠠᠯᠳᠠᠷ᠂ | ᠴᠢᠪᠠᠭᠠᠨᠴᠠ ᠶᠢᠨ ᠰᠢᠷ᠎ᠠ ᠲᠡᠯ ᠲᠠᠢ ᠬᠡᠭᠡᠷ︾᠂ ︽ᠡᠷᠢᠶᠡᠨᠭᠤᠪᠢ ᠶᠢᠨ ᠬᠠᠯᠵᠠᠨ ᠬᠤᠸᠠ︾᠂ ︽ᠪᠠᠶᠠᠨᠬᠦ᠋ᠭᠡᠪᠣᠷ ᠤᠨ | ᠰᠠᠷᠠᠯ︾᠂ ︽ᠵᠢᠷᠡᠨᠪᠣᠯᠠᠭ ᠤᠨ ᠭᠠᠭ᠋ᠠᠢ ᠪᠣᠷᠣ᠂ ᠮᠠᠨᠠᠷᠠᠭᠠ ᠬᠦᠷᠡᠩ᠂ ᠪᠣᠣᠳᠠᠢ ᠪᠣᠭᠤᠷᠣᠯ᠂ ᠰᠣᠷᠳᠣ ᠬᠦᠷᠡᠩ︾ | ᠪᠣᠯᠣᠨ ᠲᠣᠰ ᠪᠠᠷᠢᠭᠠᠳᠠ ᠶᠢᠨ ᠰᠢᠷ᠎ᠡ ᠬᠠᠯᠳᠠᠷ ᠠᠴᠠ ᠪᠣᠰᠣᠳ ᠴᠣᠶᠢᠵᠢ ᠶᠢᠨ ᠰᠠᠷᠠᠯ᠂ ᠡᠮᠨᠢᠭ ᠬᠡᠬᠡᠷ᠂ ᠬᠤᠮᠪᠣᠳᠣ | ᠶᠢᠨ ᠬᠠᠯᠳᠠᠷ ᠵᠡᠷᠭᠡ ᠨᠡᠷᠡᠳᠡᠢ ᠠᠵᠢᠷᠭᠠᠳ ᠪᠦᠷ ᠲᠡᠭᠦᠨ ᠤ ᠣᠷᠭᠠᠨ ᠳᠤ ᠢᠷᠡᠵᠣ ᠤᠶᠢᠴᠢᠵᠤ᠂ ᠪᠣᠰᠣᠳ ᠲᠠᠭᠠᠷᠢᠵᠣ | ᠵᠢᠳᠭᠦᠳᠡᠭ ᠠᠵᠢᠷᠭ᠎ᠠ ᠮᠣᠷᠢᠳ ᠴᠣ᠋ ᠲᠡᠭᠦᠨ ᠢ ᠠᠰᠯᠠᠵᠣ ᠢᠷᠡᠪᠡᠯ ᠰᠢᠷᠣᠶᠢᠳᠠᠵᠣ ᠭᠠᠷᠬᠤ ᠨᠢ ᠣᠯᠠᠨ ᠪᠠᠶᠢᠳᠠᠭ | ᠭᠡᠰᠡᠨ᠃ ᠲᠡᠭᠦᠨ ᠢ ᠠᠳᠣᠭᠤᠨ ᠰᠢᠷᠭᠤᠭ᠎ᠠ ᠳᠤ ᠲᠠᠪᠬᠢᠭᠤᠯᠵᠣ ᠪᠠᠶᠢᠬᠤ ᠳᠤ ᠦᠷᠬᠦᠯᠵᠢ ᠲᠠᠭᠠᠵᠣ ᠴᠤᠭ ᠶᠠᠪᠣᠳᠠᠭ | ᠨᠠᠰᠣ ᠬᠤᠷᠠᠭ ᠠᠴᠠ ᠨᠢ ᠲᠠᠯᠠᠶᠢᠭᠠᠴᠢ ᠪᠠᠶᠠᠨᠪᠣᠯᠠᠭ᠂ ᠷᠠᠪᠳᠠᠨ ᠨᠠᠷ ᠲᠣᠷᠠᠳᠣᠭᠳᠠᠵᠣ᠂ ᠲᠡᠭᠦᠨ ᠠᠴᠠ ᠲᠡᠭᠦᠦ ᠨᠠᠷ | ᠪᠠ᠊᠂ ᠵᠣᠷᠢᠭᠳᠣ᠂ ᠲᠣᠷᠵᠢ᠂ ᠭᠠᠯᠰᠠᠩᠳᠣᠩᠳᠤᠭ ᠵᠢᠴᠢ ᠣ᠊᠂ ᠪᠠᠶᠠᠷ ᠨᠠᠷ ᠬᠤᠵᠢᠮ ᠨᠢ ᠨᠠᠯᠢᠶᠠᠳ ᠰᠢᠭᠤᠷᠬᠠᠢ | ᠮᠦᠷᠳᠡᠭᠡᠨ ᠬᠠᠶᠠᠴᠠ ᠲᠠᠢ ᠰᠠᠶᠢᠨ ᠣᠷᠭᠠᠴᠢᠳ ᠪᠣᠯᠵᠣ ᠶᠠᠪᠣᠯ᠎ᠠ ᠭᠡᠰᠡᠨ᠃ | ᠪᠠᠶᠠᠷᠳᠣ ᠮᠠᠨᠢ 49 ᠲᠠᠢ ᠵᠢᠯ ᠢᠶᠠᠨ ᠭᠤᠮᠪᠣᠰᠡᠷᠡᠩ ᠤᠨ ᠬᠤᠸᠠ ᠠᠵᠢᠷᠭ᠎ᠠ ᠶᠢ ᠬᠠᠶᠠᠵᠣ᠂ 50 ᠭᠠᠷᠣᠭᠰᠠᠨ | ᠤ ᠲᠠᠷᠠᠭ᠎ᠠ ᠡᠷᠢᠶᠡᠨᠭᠤᠪᠢ ᠶᠢᠨ ᠮᠡᠷᠭᠡᠨᠳᠣ ᠶᠢᠨ ᠵᠡᠭᠡᠷᠳᠡ ᠠᠵᠢᠷᠭ᠎ᠠ ᠶᠢ ᠣᠷᠭᠠᠯᠠᠵᠣ ᠰᠢᠷᠣᠶᠢᠳᠠᠭᠤᠯᠣᠭᠠᠳ᠂ ᠲᠡᠭᠦᠨ | ᠠᠴᠠ ᠬᠤᠶᠢᠰᠢ ᠲᠠᠬᠢᠵᠣ ᠠᠳᠣᠭᠤᠨ ᠰᠢᠷᠭᠤᠭᠠᠨ ᠳᠤ ᠶᠠᠪᠤᠭ᠎ᠠ ᠦᠬᠡᠢ ᠪᠠᠶᠢᠬᠤ ᠶᠣᠮ ᠬᠡᠵᠣ ᠶᠠᠷᠢᠵᠣ ᠪᠠᠶᠢᠯ᠎ᠠ᠃ | ᠲᠡᠷᠡ ᠠᠳᠣᠭᠤ ᠰᠢᠷᠭᠤᠭᠤᠯᠵᠣ ᠣᠷᠭᠠᠯᠠᠬᠤ ᠳᠠᠭᠠᠨ ᠨᠢᠬᠡᠨ ᠦᠶ᠎ᠡ ᠶᠢᠨ ᠨᠡᠷᠡᠳᠣ ᠣᠷᠭᠠᠴᠢ ᠪᠠᠷ ᠪᠠᠷᠠᠬᠤ ᠦᠭᠡᠢ᠂ | ᠮᠣᠷᠢ ᠬᠦᠶᠣᠯᠬᠡᠵᠣ ᠬᠡᠶᠢᠮᠣᠷᠢ ᠰᠡᠷᠭᠦᠭᠡᠬᠦ ᠪᠠᠭ᠋ᠠᠳᠠᠢ ᠪᠠᠶᠢᠳᠠᠭ ᠢᠶᠠᠷ ᠢᠶᠠᠨ ᠲᠡᠭᠦᠨ ᠤ ᠣᠶᠠᠬᠰᠠᠨ ᠬᠠᠯᠢᠭᠤᠨ ᠮᠣᠷᠢ ᠪᠠ | ᠬᠤᠯᠠ ᠮᠣᠷᠢ ᠨᠢ ᠣᠯᠠᠨ ᠣᠳᠠᠭ᠎ᠠ ᠱᠠᠩᠨᠠᠯ ᠲᠣᠰᠴᠠᠢ᠃ ᠬᠤᠯᠠ ᠮᠣᠷᠢ ᠨᠢ ᠦᠩᠭᠡᠷᠡᠬᠦ ᠵᠠᠭᠤᠨ ᠤ ᠰᠡᠬᠦᠯᠴᠢ ᠪᠠᠷ | ᠡᠷᠢᠶᠡᠨᠭᠤᠪᠢ ᠰᠣᠮᠣᠨ ᠤ ᠬᠦᠢᠯᠡᠰᠦᠳᠡᠢ ᠣᠪᠣᠭ᠎ᠠ ᠶᠢᠨ ᠲᠠᠭᠢᠯᠭ᠎ᠠ ᠶᠢᠨ ᠨᠠᠶᠢᠷ ᠲᠤ 4 ᠵᠢᠯ ᠲᠠᠷᠠᠭᠠᠯᠠᠨ ᠲᠡᠷᠢᠬᠦᠯᠡᠵᠣ᠂ | ᠮᠠᠩᠯᠠᠢ ᠬᠦᠯᠦᠭ ᠢᠶᠠᠷ ᠴᠣᠯᠠᠯᠠᠭᠤᠯᠵᠣ ᠪᠠᠶᠢᠵᠠᠢ᠃ |