ᠪᠦᠬᠡ ᠠᠨᠵᠣᠣ ᠪᠠ ᠲᠡᠭᠦᠨ ᠤ ᠲᠣᠮᠣ ᠬᠠᠳᠠ
ᠨᠡᠶᠢᠲᠡᠯᠡᠭᠰᠡᠨ ᠴᠠᠭ᠄
2017/4/27
ᠪᠠᠷᠭᠤᠴᠣᠳ᠂ ᠠ᠊ ᠬᠦᠭᠵᠢᠯᠳᠣ                              ᠪᠦᠬᠡ ᠠᠨᠵᠣᠣ ᠪᠠ ᠲᠡᠭᠦᠨ ᠤ ᠲᠣᠮᠣ ᠬᠠᠳᠠ             ᠠᠨᠵᠦᠦ ᠦᠵᠦᠮᠦᠴᠢᠨ ᠵᠡᠬᠦᠨ ᠭᠠᠷᠣᠨ ᠬᠤᠰᠢᠭᠤᠨ ᠤ ᠡᠩᠡ ᠶᠢᠨ ᠰᠤᠮᠤᠨ ᠤ ᠬᠠᠷᠢᠶᠠᠳᠣ ᠬᠠᠪᠬᠠᠴᠢᠨ ᠤᠪᠤᠭᠳᠦ ᠲᠠᠰᠢᠮ ᠬᠢᠶ᠎ᠠ ᠶᠢᠨ ᠠᠬᠠᠮᠠᠳ ᠬᠦᠪᠡᠭᠦᠨ ᠨᠢ ᠪᠣᠯᠵᠣ ᠵᠠᠶᠠᠭᠠᠪᠠ᠃  ᠲᠡᠷᠡ 1660 ‍ᠭᠠᠳ ᠣᠨ ᠤ ᠦᠶ᠎ᠡ ᠳᠤ᠂ ᠠᠭᠠᠬᠢᠮ᠎ᠠ ᠵᠠᠯᠠᠭᠤ ᠶᠢᠨ ᠬᠡᠶᠢᠮᠦᠷᠢ ᠶᠢ ᠭᠢᠯᠠᠷᠠᠭᠤᠯᠵᠣ ᠠᠪᠣᠷᠭᠤ ᠪᠦᠬᠡ ᠶᠢᠨ ᠠᠯᠳᠠᠷ ᠢ ᠮᠠᠨᠳᠣᠭᠤᠯᠵᠣ ᠶᠠᠪᠣᠵᠠᠢ᠃                          ᠦᠵᠦᠮᠦᠴᠢᠨ ᠠᠶᠢᠮᠠᠭ ᠤᠨ ᠲᠦᠷᠦᠬᠦᠴᠣᠳ ᠮᠠᠨᠵᠣ ᠴᠢᠩ ᠣᠯᠣᠰ ᠤᠨ ᠵᠠᠬᠢᠷᠭᠠᠨ ᠳᠤ ᠣᠷᠣᠵᠣ᠂ ᠦᠵᠦᠮᠦᠴᠢᠨ ᠵᠡᠭᠦᠨ ᠭᠠᠷᠣᠨ ᠬᠤᠰᠢᠭᠤ ᠬᠡᠮᠡᠨ ᠪᠠᠶᠢᠭᠤᠯᠣᠭᠳᠠᠭᠰᠠᠨ ᠤ ᠬᠤᠷᠢᠭᠠᠳ ᠵᠢᠯ ᠤᠨ ᠲᠠᠷᠠᠭ᠎ᠠ ᠪᠣᠯᠣᠭᠰᠠᠨ᠂ ᠡᠩᠬᠡ ᠠᠮᠤᠭᠤᠯᠠᠩ ᠤᠨ ᠲᠠᠪᠣᠳᠣᠭᠠᠷ ︵1666︶ ᠣᠨ᠂ ᠣᠯᠠᠭᠠᠨ ᠮᠣᠷᠢᠨ ᠵᠢᠯ ᠳᠤ ᠬᠡᠶᠢᠪᠡᠩ ᠬᠠᠯᠢᠭᠤᠳᠠᠢ ᠬᠡᠳᠡᠭ ᠭᠠᠵᠠᠷ ᠴᠢᠩ ᠣᠯᠣᠰ ᠤᠨ ᠲᠦᠷᠦ ᠠᠴᠠ ᠡᠷᠬᠢᠯᠡᠵᠣ ᠶᠠᠪᠣᠭᠳᠠᠭᠤᠯᠣᠭᠰᠠᠨ ᠦᠪᠦᠷ ᠲᠦᠴᠢ ᠶᠢᠰᠦᠨ ᠬᠤᠰᠢᠭᠤᠨ ᠤ 1024 ᠪᠦᠬᠡ ᠲᠠᠢ ᠬᠦᠷᠦᠨ ᠤ ᠶᠡᠭᠡ ᠨᠠᠶᠢᠷ ᠲᠤ ᠠᠨᠵᠣᠣ ᠲᠡᠷᠢᠬᠦᠯᠡᠵᠦ᠂ ︽ᠬᠦᠷᠣᠨ ᠤ ᠠᠪᠣᠷᠭᠤ ︾ ᠴᠣᠯᠠ ᠪᠠᠷ ᠠᠯᠳᠠᠷᠰᠢᠵᠠᠢ᠃  ᠡᠭᠦᠨ ᠤ ᠪᠠᠨ ᠲᠠᠷᠠᠭ᠎ᠠ᠂ ᠡᠩᠭᠡ ᠠᠮᠤᠭᠤᠯᠠᠩ ᠤᠨ ᠦᠶ᠎ᠡ ᠪᠠᠷ ᠴᠢᠩ ᠣᠯᠣᠰ ᠤᠨ ᠲᠦᠪ ᠤᠨ ᠭᠠᠵᠠᠷ ᠲᠠᠬᠢ ᠲᠦᠷᠦ ᠶᠢᠨ ᠶᠡᠭᠡ ᠨᠠᠶᠢᠷ ᠲᠤ ᠪᠠᠰᠠ ᠨᠢᠭᠡ ᠣᠳᠠᠭ᠎ᠠ ᠲᠡᠷᠢᠬᠦᠯᠡᠯ᠎ᠡ ᠬᠡᠳᠡᠭ ᠣᠯᠠᠮᠵᠢᠯᠠᠯ ᠶᠠᠷᠢᠶ᠎ᠠ ᠴᠣ᠋ ᠪᠠᠶᠢᠳᠠᠭ᠃      ᠲᠣᠬᠠᠢ ᠦᠶ᠎ᠡ ᠠᠴᠠ ᠡᠬᠢᠯᠡᠨ ᠦᠵᠦᠮᠦᠴᠢᠨ ᠪᠦᠬᠡᠴᠣᠳ ᠤᠨ ᠦᠯᠢᠳᠭᠡᠰᠢ ᠦᠭᠡᠢ ᠰᠦᠷ ᠬᠦᠴᠣᠨ ᠨᠢ ᠲᠠᠶᠠᠭᠠᠷ ᠲᠤ ᠮᠠᠨᠳᠣᠭᠰᠠᠨ ᠪᠦᠭᠡᠳ ᠡᠨᠡ ᠬᠦ ᠠᠯᠳᠠᠷ ᠢ ᠠᠩᠬᠠᠳᠠᠭᠴᠢ ᠮᠠᠨᠳᠣᠭᠤᠯᠣᠭᠰᠠᠨ ᠬᠦᠮᠦᠨ ᠪᠣᠯ ᠲᠠᠷᠣᠢ ᠪᠦᠬᠡ ᠠᠨᠵᠣᠣ ᠪᠢᠯᠡ᠃  ᠲᠡᠷᠡ ᠠᠪᠤᠷᠭᠤ ᠪᠦᠬᠡ ᠪᠠᠨ ᠬᠦᠮᠦᠨ ᠠᠷᠠᠳ ᠨᠢ ᠦᠶ᠎ᠡ ᠣᠯᠠᠷᠢᠨ ᠮᠦᠩᠭᠡ ᠲᠣᠷᠠᠰᠴᠣ᠂ ᠮᠦᠷᠣᠭᠡᠳᠣᠨ ᠰᠠᠨᠠᠭᠠᠯᠵᠠᠭᠰᠠᠭᠠᠷ ᠢᠷᠡᠵᠡᠢ᠃  ᠠᠨᠵᠣᠣ ᠲᠣᠬᠠᠢ ᠶᠢᠨ ᠴᠠᠭ ᠦᠶ᠎ᠡ ᠳᠡᠭᠡᠨ ᠭᠠᠭᠴᠠ ᠬᠤᠶᠠᠷᠬᠠᠨ ᠲᠣᠮᠣ ᠨᠠᠶᠢᠷ ᠲᠤ ᠲᠡᠷᠢᠬᠦᠯᠡᠭᠡᠳ ᠵᠣᠭᠰᠣᠭᠰᠠᠨ ᠪᠢᠰᠢ᠂ ᠬᠠᠷᠢᠨ ᠣᠨ ᠵᠢᠯ ᠤᠨ ᠰᠤᠨᠵᠢᠷᠠᠭᠠᠨ ᠳᠤ ᠪᠣᠳᠠᠳᠠᠢ ᠮᠡᠳᠡᠭᠡ  ᠨᠢ ᠡᠯᠡᠷᠡᠵᠣ ᠪᠠᠯᠠᠷᠬᠠᠢ ᠪᠣᠯᠪᠠ᠃ ᠬᠡᠪᠡᠴᠣ ᠲᠡᠭᠦᠨ ᠤ ᠦᠯᠡᠳᠡᠭᠡᠭᠰᠡᠨ ᠬᠤᠪᠣᠷᠬᠠᠨ ᠨᠠᠨᠳᠢᠨ ᠲᠣᠷᠠᠰᠬᠠᠯᠳᠣ ᠵᠣᠶᠢᠯ ᠨᠢ ᠦᠯᠦᠬᠡᠢ ᠨᠣᠳᠤᠭ ᠤᠨ ᠬᠢᠨᠢ ᠦᠩ ᠰᠢᠮᠡᠯᠢᠭ ᠬᠦᠷᠣᠰᠣᠨ ᠳᠤ ᠡᠭᠦᠷᠢᠳᠡ ᠬᠦᠰᠢᠶᠡᠯᠡᠭᠳᠡᠨ᠎ᠡ᠃  ᠵᠢᠱᠢᠶᠡᠯᠪᠡᠯ᠂ ᠣᠳᠣ ᠶᠢᠨ ᠡᠷᠢᠶᠡᠨᠭᠤᠪᠢ ᠰᠣᠮᠣᠨ ᠤ ᠨᠣᠳᠤᠭ ᠲᠠᠬᠢ ᠪᠠᠷᠠᠭᠤᠨ ᠡᠷᠢᠶᠡᠨ ᠤ ᠨᠢᠭᠤᠷ ᠤᠨ ᠬᠠᠳᠠᠨ ᠤ ᠬᠤᠷᠮᠣᠢ ᠳᠤ ᠪᠠᠶᠢᠭ᠎ᠠ ᠬᠡᠪᠳᠡᠭᠡ ᠦᠬᠡᠷ ᠤᠨ ᠴᠢᠨᠡᠭᠡ ᠪᠦᠳᠣᠭᠦᠨ ᠬᠠᠳᠠ ᠨᠢ ᠠᠨᠵᠣᠣ ᠶᠢᠨ ᠬᠠᠳᠠ ᠬᠡᠮᠡᠨ ᠨᠡᠷᠡᠰᠢᠵᠣ᠂ ᠦᠶ᠎ᠡ ᠲᠠᠮᠵᠢᠨ ᠶᠠᠷᠢᠭᠳᠠᠵᠣ ᠣᠯᠠᠮᠵᠢᠯᠠᠭᠳᠠᠵᠠᠢ᠃                          ᠲᠡᠭᠦᠨ ᠤ ᠲᠣᠬᠠᠢ ᠨᠣᠳᠤᠭ ᠤᠨ ᠪᠣᠭᠤᠷᠣᠯᠴᠣᠳ ᠤᠨ ᠬᠠᠭᠤᠴᠢᠯᠠᠬᠤ ᠪᠠᠷ᠂ ᠠᠨᠵᠣᠣ ᠭᠠᠯ ᠵᠠᠯᠠᠭᠤ ᠴᠣᠭᠳᠠᠢ ᠪᠦᠬᠡ ᠪᠠᠶᠢᠬᠤ ᠳᠠᠭᠠᠨ ᠬᠤᠳᠳᠤᠭ ᠤᠨ ᠪᠦᠬᠦᠷᠭᠡ ᠲᠠᠷᠣᠨ᠎ᠡ ᠬᠡᠵᠣ ᠨᠢᠭᠤᠷ ᠤᠨ ᠬᠠᠳᠠ ᠠᠴᠠ ᠪᠠᠭᠤᠯᠭᠠᠵᠣ ᠠᠳᠡ ᠠᠪᠴᠢᠷᠠᠵᠣ ᠲᠠᠯᠪᠢᠭᠰᠠᠨ ᠶᠣᠮ ᠬᠡᠯᠴᠡᠳᠡᠭ᠃  ᠲᠡᠣᠭᠡ ᠶᠢᠨ ᠲᠣᠷᠠᠳᠬᠠᠯᠳᠣ ᠡᠨᠡ ᠬᠦ ᠬᠠᠳᠠ ᠴᠣ᠋ ᠦᠨᠦ ᠴᠠᠭ ᠤᠨ ᠦᠨᠳᠣᠰᠣᠳᠠᠨ ᠶᠠᠰᠣᠳᠠᠨ ᠤ ᠦᠪ ᠰᠣᠶᠣᠯ ᠤᠨ ᠬᠠᠷᠠᠭᠠᠰᠣ ᠪᠠᠷ ᠡᠷᠳᠡᠮ ᠮᠡᠳᠡᠯᠭᠡᠳᠡᠨ ᠤ ᠠᠩᠬᠠᠷᠣᠯ ᠢ ᠣᠯᠠᠮ ᠢᠶᠠᠷ ᠲᠠᠳᠠᠬᠤ ᠪᠣᠯᠵᠠᠢ᠃  ᠦᠩᠭᠡᠷᠡᠬᠦ ᠵᠠᠭᠤᠨ ᠤ ᠰᠡᠭᠦᠯᠴᠢ ᠪᠠᠷ ᠣᠣᠯ ᠤᠨ ︽ᠰᠢᠯᠢ ᠶᠢᠨ ᠭᠤᠣᠯ ᠤᠨ ᠡᠳᠣᠷ ᠤᠨ ᠰᠣᠨᠢᠨ︾ ᠤ ᠰᠣᠷᠪᠣᠯᠵᠢᠯᠠᠭᠴᠢ ᠬᠠᠶᠢ᠊᠂ ᠪᠣᠶᠠᠬᠠᠷᠪᠢᠵᠢᠬᠤ᠂ ᠦᠪᠣᠷ ᠮᠣᠩᠭᠤᠯ ᠤᠨ ᠪᠦᠬᠡ ᠶᠢᠨ ᠰᠣᠷᠭᠠᠭᠴᠢ ᠠᠪᠣᠷᠭᠤ ᠪᠦᠬᠡ ᠪᠠᠨᠽᠠᠷᠭᠠᠨᠳ᠋ ᠵᠡᠷᠭᠡ ᠨᠦᠬᠦᠳ ᠲᠣᠰᠪᠣᠷᠢ ᠲᠣᠰᠬᠠᠢ ᠢᠷᠡᠵᠣ ᠰᠣᠷᠪᠣᠯᠵᠢᠯᠠᠨ᠂ ᠲᠣᠷᠠᠰᠣᠮᠵᠢ ᠲᠣᠷᠠᠳᠬᠠᠯ᠂ ᠰᠣᠳᠣᠯᠣᠯ ᠤᠨ ᠦᠬᠦᠯᠡᠯ ᠪᠢᠴᠢᠵᠣ ᠵᠢᠷᠤᠭ ᠰᠡᠬᠦᠳᠡᠷ ᠤᠨ ᠬᠠᠮᠳᠣ ᠰᠣᠨᠢᠨ ᠰᠡᠳᠬᠦᠯ ᠢᠶᠠᠷ ᠨᠡᠶᠢᠳᠡᠯᠡᠪᠡ᠃                — ᠠᠪᠣᠷᠭᠤ ᠠᠨᠵᠤᠤ ᠮᠠᠨᠢ ᠠᠩᠬᠠᠨ ᠳᠤ ᠨᠢᠭᠡ ᠣᠳᠠᠭ᠎ᠠ ᠬᠠᠯᠬ᠎ᠠ ᠶᠢᠨ ᠨᠣᠳᠤᠭ ᠢᠶᠠᠷ ᠠᠳᠤᠭᠤᠨ ᠡᠷᠢᠯ  ᠳᠤ ᠶᠠᠪᠣᠬᠤ ᠳᠠᠭᠠᠨ ᠨᠢᠬᠡ ᠠᠶᠢᠯ ᠳᠤ ᠬᠤᠨᠣᠬᠤ ᠪᠣᠯᠵᠣ ᠬᠡᠨ᠎ᠡ᠃  ᠲᠡᠷᠡ ᠠᠶᠢᠯ ᠤᠨ ᠬᠢᠨ ᠲᠡᠭᠦᠨ ᠠᠴᠠ ᠣᠷᠣᠨ ᠨᠣᠳᠤᠭ᠂ ᠣᠪᠣᠭ ᠨᠡᠷ᠎ᠡ ᠶᠢ ᠨᠢ ᠠᠰᠠᠭᠤᠬᠤ ᠳᠤ ᠨᠠᠮᠠᠢᠢ ᠪᠡᠶᠢᠯᠡ ᠶᠢᠨ ᠠᠨᠵᠣᠣ ᠬᠡᠳᠡᠭ ᠡ ᠬᠡᠪᠡ᠃  ᠢᠩᠬᠢᠬᠦ ᠳᠤ ᠲᠠ ᠴᠢᠨᠢ ᠲᠡᠭᠡᠪᠡᠯ ᠦᠵᠦᠮᠦᠴᠢᠨ ᠤ ᠬᠦᠷᠦᠨ ᠤ ᠠᠪᠣᠷᠭᠤ ᠠᠨᠵᠣᠣ ᠮᠦᠨ ᠶᠣᠮ ᠪᠢᠵᠠ ᠬᠡᠵᠣ ᠶᠡᠭᠡ ᠯᠡ ᠬᠠᠯᠠᠭᠤᠮᠰᠤᠭ ᠢᠶᠠᠷ ᠠᠰᠠᠭᠤᠭᠰᠠᠨ ᠳᠤ᠂ ᠠᠨᠵᠣᠣ ᠬᠠᠷᠢᠭᠤ ᠳᠤ ᠨᠢ ᠠᠪᠣᠷᠭᠤ ᠴᠣ᠋ ᠬᠡᠮᠡᠷ ᠶᠠᠭᠤ ᠯᠠ ᠪᠠᠶᠢᠬᠤ ᠪᠣᠢ᠂ ᠪᠠᠭ᠎ᠠ ᠰᠠᠭ᠎ᠠ ᠪᠠᠷᠢᠯᠳᠣᠳᠠᠭ ᠶᠣᠮ ᠬᠡᠵᠡᠢ᠃  ᠲᠡᠭᠡᠭᠡᠳ ᠲᠡᠳᠡᠨᠡᠶᠢᠬᠢᠨ ᠣᠷᠣᠢ ᠶᠢᠨ ᠬᠤᠭᠤᠯᠠᠨ ᠳᠠᠭᠠᠨ ᠪᠦᠬᠦᠯᠢ ᠴᠢᠨᠠᠵᠣ᠂ ᠦᠬᠡᠷ ᠤᠨ ᠬᠠᠷᠢᠳᠣ ᠴᠢᠮᠣᠭᠡ ᠲᠠᠯᠪᠢᠵᠣ ᠦᠭᠬᠦ ᠳᠤ ᠠᠨᠵᠣᠣ ᠴᠣ᠋ ᠰᠣᠨᠵᠢᠭᠳᠠᠵᠣ ᠪᠠᠶᠢᠬᠤ ᠪᠠᠨ ᠮᠡᠳᠡᠵᠣ᠂ ᠴᠢᠮᠣᠭᠡᠨ ᠤ ᠬᠢᠨᠢ ᠮᠢᠬ᠎ᠠ ᠶᠢ ᠢᠳᠡᠴᠢᠭᠡᠭᠡᠳ᠂ ᠶᠠᠰᠣ ᠶᠢ ᠨᠢ ᠬᠤᠶᠠᠷ ᠦᠵᠦᠬᠦᠷ ᠠᠴᠠ ᠨᠢ ᠪᠠᠷᠢᠵᠣ ᠬᠤᠭᠤ ᠲᠠᠷᠣᠭᠠᠳ ᠴᠢᠮᠣᠭᠡ ᠶᠢ ᠨᠢ ᠰᠣᠷᠣᠵᠣ ᠲᠠᠯᠪᠢᠯ᠎ᠠ ᠭᠡᠳᠡᠭ ᠬᠠᠭᠤᠴᠢ ᠲᠠᠢ ᠪᠢᠯᠡ᠃  ᠬᠤᠵᠢᠮ ᠨᠢ ᠠᠨᠵᠣᠣ ᠶᠠᠮᠠᠷ ᠨᠢᠬᠡᠨ ᠰᠢᠯᠳᠠᠭᠠᠨ ᠠᠴᠠ ᠪᠣᠯᠵᠣ ᠡᠷᠳᠡ ᠪᠠᠷᠢᠯᠳᠣᠬᠤ ᠪᠠᠨ ᠵᠣᠭᠰᠣᠭᠰᠠᠨ ᠭᠡᠳᠡᠭ᠃                        ᠠᠨᠵᠣᠣ ᠠᠴᠠ ᠲᠠᠷᠠᠭ᠎ᠠ᠂ ᠡᠳᠡᠨᠡᠶᠢᠬᠢᠨ ᠳᠤ ᠰᠠᠶᠢᠨ ᠪᠦᠬᠡ ᠲᠠᠰᠣᠷᠠᠭᠰᠠᠨ ᠦᠭᠡᠢ ᠪᠦᠭᠡᠳ ᠰᠡᠴᠡᠨ ᠮᠡᠷᠭᠡᠨ ᠬᠦᠮᠦᠨ ᠴᠣ᠋ ᠲᠠᠰᠣᠷᠠᠭᠰᠠᠨ ᠦᠭᠡᠢ ᠪᠠᠶᠢᠵᠦ᠂ ᠭᠠᠯᠢᠶ᠎ᠠ ᠳᠤ ᠢᠷᠡᠳᠡᠯ᠎ᠡ ᠲᠣᠯᠣᠭᠠᠨ ᠦᠶ᠎ᠡ ᠶᠢᠨ ᠪᠦᠬᠡ ᠲᠠᠢ᠂ ᠭᠠᠮᠠᠯᠠ ᠳᠤ ᠢᠷᠡᠳᠡᠯ᠎ᠡ ᠲᠣᠯᠣᠭᠠᠨ ᠦᠶ᠎ᠡ ᠶᠢᠨ ᠵᠠᠬᠢᠷᠣᠭᠴᠢ ︵ᠲᠠᠰᠢᠮ ᠬᠢᠶ᠎ᠡ᠂ ᠲᠡᠭᠦᠨ ᠤ ᠬᠦᠣ ᠣᠨᠳᠣᠷᠬᠤ ᠵᠠᠬᠢᠷᠣᠭᠴᠢ ᠠᠴᠠ ᠫᠣᠩᠰᠤᠭ ᠵᠠᠬᠢᠷᠣᠭᠴᠢ᠂ ᠴᠠᠳᠠᠨᠨᠠᠮᠵᠢᠯ ᠵᠠᠬᠢᠷᠣᠭᠴᠢ᠂ ᠬᠡᠣᠬᠡᠨ ᠵᠠᠯᠠᠨ᠂ ᠰᠠᠮᠠᠨᠵᠠᠭᠠᠨ᠎ᠠ ᠵᠠᠬᠢᠷᠣᠭᠴᠢ ᠂ ᠪᠣᠷᠣ ᠮᠡᠶᠢᠷᠡᠨ᠂ ᠭᠠᠮᠠᠯᠠ ᠵᠠᠬᠢᠷᠣᠭᠴᠢ︶ ᠰᠠᠭᠤᠭᠰᠠᠨ ᠰᠣᠷᠪᠣᠯᠵᠢᠳᠣ ᠡᠷᠣᠭᠡ ᠪᠠᠶᠢᠵᠠᠢ᠃  ᠭᠠᠯᠢᠶ᠎ᠠ ᠶᠢᠨ ᠠᠪᠤ ᠪᠠᠨᠳᠠᠷᠠᠭᠴᠢ ᠨᠠᠶᠠᠨ ᠨᠢᠭᠡ ᠶᠢᠨ ᠱᠠᠩ ᠠᠪᠣᠭᠰᠠᠨ ᠪᠦᠬᠡ ᠪᠦᠬᠡᠳ᠂ ᠭᠠᠯᠢᠶ᠎ᠠ ᠴᠣ᠋ ᠨᠢᠭᠡ ᠵᠢᠯ ᠳᠤ ᠭᠤᠷᠪᠠᠨ ᠨᠠᠶᠢᠷ  ᠲᠤ ᠲᠡᠷᠢᠬᠦᠯᠡᠵᠣ ᠪᠠᠶᠢᠯ᠎ᠠ ᠭᠡᠳᠡᠭ᠃  ᠡᠳᠡᠨᠡᠶᠢᠬᠢᠨ ᠶᠡᠷᠣ ᠨᠢ ᠦᠵᠦᠮᠦᠴᠢᠨ ᠵᠡᠭᠦᠨ ᠭᠠᠷᠣᠨ ᠬᠤᠰᠢᠭᠤᠨ ᠳᠤ ᠦᠶ᠎ᠡ ᠣᠯᠠᠷᠢᠨ ᠰᠠᠶᠢᠬᠠᠨ ᠲᠣᠷᠠᠳᠬᠠᠯ ᠢᠶᠠᠨ ᠦᠯᠡᠳᠡᠭᠡᠭᠰᠡᠨ ᠣᠳᠣᠮ ᠰᠣᠳᠣᠷ ᠲᠠᠢ ᠠᠶᠢᠯ ᠪᠠᠶᠢᠭᠰᠠᠨ ᠭᠡᠯᠴᠡᠳᠡᠭ᠃  ᠠᠨᠵᠤᠤ ᠪᠤᠯ ᠮᠡᠷᠭᠡᠨ ᠰᠡᠴᠡᠨ ᠢᠶᠠᠷ ᠬᠤᠯᠠ ᠣᠶᠢᠷ᠎ᠠ ᠳᠤ ᠠᠯᠳᠠᠷᠰᠢᠭᠰᠠᠨ ᠤᠨᠳᠤᠷᠬᠤ ᠵᠠᠬᠢᠷᠤᠭᠴᠢ᠂ ᠡᠷᠳᠡᠮ ᠨᠤᠮ  ᠢᠶᠠᠷ ᠲᠠᠶᠠᠭᠠᠷ ᠲᠤ ᠴᠤᠤᠳᠠᠢ ᠰᠧᠳᠠᠩ ᠯᠾᠠᠷᠠᠮᠪᠠ ᠨᠠᠷ ᠤᠨ ᠠᠬ᠎ᠠ ᠨᠢ ᠮᠦᠨ ᠮᠦᠷᠳᠡᠭᠡᠨ ᠶᠡᠭᠡ ᠢᠷᠠᠭᠤ ᠨᠠᠶᠢᠷᠠᠭᠴᠢ ᠭᠠᠮᠠᠯᠠ ᠶᠢᠨ ᠵᠢᠷᠭᠤᠭᠠᠨ ᠦᠶ᠎ᠡ ᠶᠢᠨ ᠬᠢᠨᠢ ᠲᠡᠭᠡᠳᠣᠰ ᠨᠢ ᠭᠡᠴᠡᠭᠡᠳᠡᠭ ᠪᠢᠯᠡ᠃            —  ᠬᠤᠷᠢᠳᠣᠭᠠᠷ ᠵᠠᠭᠤᠨ ᠤ ᠰᠡᠭᠦᠯᠴᠢ ᠬᠤᠷᠢᠨ ᠨᠢᠭᠡᠳᠣᠭᠡᠷ ᠵᠠᠭᠤᠨ ᠤ ᠡᠬᠢ ᠪᠠᠷ ᠡᠨᠡᠬᠦ ᠨᠡᠷᠡᠳᠣ ᠪᠦᠬᠡ ᠠᠨᠵᠣᠣ ᠶᠢᠨ ᠨᠣᠳᠤᠭ ᠠᠴᠠ ᠣᠭᠰᠠᠭ᠎ᠠ ᠵᠠᠯᠭᠠᠵᠣ ᠴᠣᠯᠭᠤᠷᠠᠭᠰᠠᠨ ᠣᠯᠣᠰ ᠤᠨ ︽ᠠᠪᠣᠷᠭᠤ︾ ᠨᠢᠬᠡᠨ ᠦᠶ᠎ᠠ ᠶᠢᠨ ᠴᠠᠭ ᠢ ᠡᠵᠡᠯᠡᠭᠰᠡᠨ ᠲᠠᠰᠣᠷᠬᠠᠢ ᠪᠠᠷᠢᠯᠳᠣᠭᠠᠨᠳᠣ ᠠᠪᠣᠷᠭᠤ ᠮᠠᠨᠳᠣᠬᠤᠪᠣᠯᠠᠭ ᠤᠨ ᠪᠠᠶᠠᠷᠪᠠᠭᠠᠳᠣᠷ ᠲᠦᠷᠦᠬᠦᠳᠡᠢ ᠡᠷᠢᠶᠡᠨᠭᠤᠪᠢ ᠶᠢᠨ ᠬᠦᠭᠵᠢᠯᠪᠠᠭᠠᠳᠣᠷ᠂ ᠣᠯᠠᠭᠠᠢ ᠶᠢᠨ ᠨᠠᠷᠠᠰᠣ ᠵᠡᠷᠭᠡ ᠭᠤᠷᠪᠡᠨ ᠠᠪᠣᠷᠭᠤᠴᠣᠳ ᠬᠠᠮᠳᠣᠷᠠᠵᠣ 2002 ᠣᠨ ᠤ ᠵᠣᠨ᠂ ︽ᠬᠦᠷᠣᠨ ᠤ ᠠᠪᠣᠷᠭᠤ ᠠᠨᠵᠣᠣ︾ ᠶᠢ ᠲᠣᠷᠠᠰᠬᠠᠬᠤ ᠳᠠᠭᠠᠨ ᠲᠡᠭᠦᠨ ᠤ ᠲᠣᠮᠣᠭᠳᠣ ᠭᠠᠵᠠᠷ ᠣᠳᠣᠬᠢ ᠭᠠᠬᠢᠯ ᠰᠣᠮᠣᠨ ᠤ ︵ᠣᠣᠯ ᠤᠨ ᠡᠷᠢᠶᠡᠨᠭᠤᠪᠢ︶ ᠨᠣᠳᠤᠭ ᠲᠤ ᠬᠠᠷᠢᠶᠠᠯᠠᠭᠳᠠᠬᠤ ᠪᠠᠷᠠᠭᠤᠨ ᠡᠷᠢᠶᠡᠨ ᠤ ᠨᠢᠭᠤᠷ ᠤᠨ ᠬᠠᠳᠠᠨ ᠤ ᠬᠤᠷᠮᠣᠢ ᠳᠤ ᠪᠠᠶᠢᠭ᠎ᠠ ᠲᠡᠣᠭᠡ ᠶᠢᠨ ᠲᠣᠷᠠᠳᠬᠠᠯᠳᠣ ᠠᠨᠵᠣᠣ ᠶᠢᠨ ᠲᠣᠮᠣ ᠬᠠᠳᠠ  ᠶᠢ ᠲᠠᠬᠢᠵᠦ᠂ ᠲᠡᠷᠭᠡᠳᠡ ᠨᠢ ᠲᠠᠩᠰᠤᠭ ᠨᠠᠶᠢᠷ ᠢ ᠡᠬᠦᠰᠭᠡᠨ ︽ᠬᠦᠷᠣᠨ ᠤ ᠠᠪᠣᠷᠭᠤ ᠠᠨᠵᠣᠣ︾ ᠶᠢᠨ ᠠᠯᠳᠠᠷ ᠢ ᠬᠦᠰᠢᠶ᠎ᠡ ᠪᠣᠰᠬᠠᠨ ᠮᠦᠩᠭᠡᠯᠡᠵᠣ᠂ ᠦᠨᠢ ᠡᠭᠦᠷᠢᠳᠡ ᠶᠢᠨ ᠲᠣᠷᠠᠳᠬᠠᠯ ᠪᠣᠯᠭᠠᠪᠠ᠃                       ︵︽ᠴᠢᠩ ᠣᠯᠣᠰ ᠤᠨ ᠦᠶ᠎ᠡ ᠶᠢᠨ ᠦᠵᠦᠮᠦᠴᠢᠨ ᠵᠡᠭᠦᠨ ᠭᠠᠷᠣᠨ ᠬᠤᠰᠢᠭᠤ︾ ᠬᠡᠮᠡᠬᠦ ᠨᠣᠮ ᠠᠴᠠ ᠡᠰᠢᠯᠡᠵᠣ ᠨᠠᠶᠢᠷᠠᠭᠤᠯᠪᠠ︶  
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号