ᠤᠮ ᠰᠠᠶᠢᠨ ᠠᠮᠤᠭᠤᠯᠠᠩ ᠪᠤᠯᠳᠤᠭᠠᠢ | ᠤᠮ ᠽᠠᠨᠳᠠᠨ ᠰᠢᠷᠡᠭᠡᠨ ᠲᠡᠭᠡᠷ᠎ᠡ ᠴᠢᠨᠢ | ᠤᠭᠤᠴᠡ ᠶᠤ᠋ ᠪᠠᠨ ᠲᠠᠯᠪᠢᠶ᠎ᠡ | ᠤᠷᠤᠭ ᠲᠦᠷᠦᠯ ᠤᠨ ᠠᠬ᠎ᠠ ᠲᠡᠭᠦᠦ ᠳᠡᠭᠡᠨ | ᠰᠢᠭᠦᠰᠦ ᠶᠠᠭᠤ ᠪᠠᠨ ᠠᠶᠢᠯᠠᠳᠬᠠᠶᠡ | ᠽᠠᠨᠳᠠᠨ ᠮᠤᠳᠤᠨ ᠰᠢᠷᠡᠭᠡᠨ ᠲᠡᠭᠡᠷ᠎ᠡ ᠪᠠᠨ | ᠰᠠᠷᠬᠤᠳ ᠶᠤ᠋ ᠪᠠᠨ ᠰᠦᠩᠨᠡᠶᠡ | ᠰᠠᠶᠢᠬᠠᠨ ᠲᠦᠷᠦᠯ ᠤᠨ ᠠᠬ᠎ᠠ ᠲᠡᠭᠦᠦ ᠳᠡᠭᠡᠨ | ᠰᠦᠩ ᠤᠨ ᠲᠡᠭᠡᠵᠢ ᠪᠠᠨ ᠠᠶᠢᠯᠠᠳᠬᠠᠶᠡ | ᠪᠤᠶᠠᠨᠲᠦ ᠮᠤᠩᠭᠤᠯ ᠤᠨ ᠵᠠᠩᠰᠢᠯ ᠢᠶᠠᠷ | ᠪᠤᠭᠤᠷᠤᠯ ᠲᠡᠭᠡᠳᠤᠰ ᠤᠨ ᠵᠤᠷᠰᠢᠯ ᠢᠶᠠᠷ | ᠪᠡᠯᠡᠭ ᠤᠨ ᠲᠡᠷᠢᠭᠦᠨ ᠳᠤ ᠶᠠᠪᠤᠳᠠᠭ | ᠪᠦᠬᠦᠯᠢ ᠨᠢᠭᠡᠨ ᠰᠢᠭᠦᠰᠦ ᠪᠢᠯᠡ᠃ | ᠬᠤᠯᠤᠭᠠᠨ᠎ᠡ ᠵᠢᠯ ᠤᠨ ᠬᠤᠷᠠᠭ᠎ᠠ | ᠦᠭᠡᠷ ᠵᠢᠯ ᠤᠨ ᠦᠰᠪᠦᠷᠢ | ᠪᠠᠷᠰ ᠵᠢᠯ ᠳᠤ ᠪᠦᠳᠦᠭᠦᠷᠡᠭᠰᠡᠨ | ᠪᠡᠯᠭᠡᠲᠦ ᠨᠠᠶᠢᠷ ᠤᠨ ᠲᠡᠷᠢᠭᠦᠨ ᠲᠡᠭᠡᠵᠢ ᠪᠢᠯᠡ᠃ | ᠲᠦᠮᠡᠨ ᠬᠤᠨᠢᠨ ᠤ ᠲᠦᠷᠦᠭᠦᠦ | ᠮᠢᠩᠭᠠᠨ ᠬᠤᠨᠢᠨ ᠤ ᠮᠠᠩᠯᠠᠢ | ᠠᠷᠦ ᠬᠠᠩᠭᠠᠢ ᠳᠤ ᠬᠤᠷᠠᠭᠠᠯᠠᠬᠰᠡᠨ | ᠠᠳᠠᠷ ᠭᠠᠵᠠᠷ ᠢᠳᠡᠰᠢᠯᠡᠭᠰᠡᠨ | ᠬᠠᠨ ᠠᠭᠤᠯᠠ ᠶᠢᠨ ᠪᠡᠯᠴᠢᠭᠡᠷ ᠲᠠᠢ | ᠬᠠᠷᠠᠵᠡ ᠪᠤᠯᠠᠭ ᠤᠨ ᠤᠮᠲᠡ ᠲᠠᠢ | ᠬᠢᠯᠭᠠᠨ᠎ᠡ ᠪᠤᠭ ᠤᠨ ᠢᠳᠡᠰᠢ ᠲᠠᠢ | ᠬᠠᠩᠭᠠᠢ ᠭᠤᠪᠢ ᠨᠤᠳᠤᠭ ᠲᠠᠢ | ᠲᠠᠷᠬᠠᠨ ᠤ ᠨᠤᠳᠤᠭ ᠤᠨ | ᠲᠠᠷᠭᠤᠨ ᠰᠦᠷᠦᠭ ᠤᠨ ᠬᠤᠨᠢ ᠶᠤᠮᠰᠠᠨ᠃ | ᠡᠪᠡᠰᠦᠨ ᠤ ᠰᠤᠷ ᠢ ᠢᠲᠡᠵᠦ | ᠤᠰᠤᠨ ᠤ ᠲᠤᠩᠭᠠᠯᠠᠭ ᠢ ᠤᠤᠭᠤᠵᠦ | ᠡᠵᠡᠨ ᠬᠦᠮᠦᠨ ᠳᠡᠭᠡᠨ ᠡᠭᠡᠯᠢᠲᠠᠢ | ᠢᠵᠢᠯᠢ ᠰᠦᠷᠦᠭ ᠲᠡᠭᠡᠨ ᠦᠭᠡᠲᠠ ᠲᠠᠢ | ᠬᠤᠷᠠᠭᠠᠯᠵᠢᠨ ᠰᠠᠶᠢᠬᠠᠨ ᠲᠠᠭᠤ ᠲᠠᠢ | ᠬᠤᠩᠭᠤᠷ ᠰᠠᠶᠢᠬᠠᠨ ᠵᠢᠰᠦ ᠲᠠᠢ | ᠬᠤᠨᠢᠨ ᠤ ᠲᠡᠷᠢᠭᠦᠨ ᠳᠤ ᠶᠠᠪᠤᠳᠠᠭ | ᠬᠤᠳᠠᠨ ᠤ ᠵᠠᠬ᠎ᠠ ᠳᠤ ᠬᠡᠪᠳᠡᠳᠡᠭ | ᠲᠡᠪᠡᠯ ᠬᠢᠪᠡᠯ ᠠᠷᠡᠰᠦ ᠨᠢ ᠰᠠᠶᠢᠬᠠᠨ | ᠲᠡᠭᠡᠪᠦᠷ ᠬᠢᠪᠡᠯ ᠤᠩᠭᠠᠰᠦ ᠨᠢ ᠰᠠᠶᠢᠬᠠᠨ | ᠪᠤᠷᠬᠠᠨ ᠰᠢᠳᠦᠭᠡᠨ ᠢ ᠲᠠᠬᠢᠳᠠᠭ | ᠪᠤᠶᠠᠨ ᠶᠡᠭᠡᠲᠠᠢ ᠰᠢᠭᠦᠰᠦ | ᠪᠤᠬᠲᠡ ᠮᠡᠷᠭᠡᠳ ᠢ ᠲᠠᠶᠢᠯᠠᠳᠠᠭ | ᠪᠦᠬᠦᠯᠢ ᠨᠢᠭᠡᠨ ᠰᠢᠭᠦᠰᠦ | ᠪᠤᠰᠤᠳ ᠤᠯᠠᠨ ᠢ ᠲᠠᠶᠢᠯᠠᠳᠠᠭ | ᠪᠤᠯᠤᠭᠰᠡᠨ ᠨᠢᠭᠡᠨ ᠰᠢᠭᠦᠰᠦ | ᠲᠦᠷᠦ ᠶᠢᠨ ᠲᠠᠶᠢᠯᠠᠯᠭ᠎ᠠ ᠳᠤ ᠶᠠᠪᠤᠳᠠᠭ | ᠲᠡᠷᠢᠭᠦᠨ ᠬᠦᠨᠲᠦᠲᠦ ᠰᠢᠭᠦᠰᠦ | ᠲᠡᠭᠡᠲᠦ ᠮᠡᠷᠭᠡᠳ ᠢ ᠲᠠᠶᠢᠯᠠᠳᠠᠭ | ᠲᠤᠭᠤᠢ ᠰᠡᠭᠦᠯ ᠲᠠᠢ ᠰᠢᠭᠦᠰᠦ | ᠲᠦᠷᠦᠯ ᠰᠠᠳᠤᠨ ᠢᠶᠠᠨ ᠲᠠᠶᠢᠯᠠᠳᠠᠭ | ᠲᠠᠷᠭᠤᠨ ᠬᠤᠨᠢᠨ ᠤ ᠰᠢᠭᠦᠰᠦ | ᠠᠯᠢᠪᠡ ᠲᠠᠶᠢᠯᠠᠯᠭ᠎ᠠ ᠳᠤ ᠶᠠᠪᠤᠳᠠᠭ | ᠠᠯᠳᠠᠷ ᠨᠡᠷ᠎ᠡ ᠲᠠᠢ ᠰᠢᠭᠦᠰᠦ ᠪᠢᠯᠡ᠃ | ᠲᠤᠷᠠᠨ ᠬᠤᠶᠠᠷ ᠨᠢᠳᠤ ᠲᠠᠢ | ᠲᠤᠩ ᠴᠠᠭᠠᠨ ᠰᠢᠲᠦ ᠲᠠᠢ | ᠦᠨᠦᠷᠴᠢ ᠰᠠᠶᠢᠬᠠᠨ ᠬᠠᠮᠠᠷ ᠲᠠᠢ | ᠤᠷᠠᠨ ᠰᠠᠶᠢᠬᠠᠨ ᠲᠠᠩᠨᠠᠢ ᠲᠠᠢ | ᠰᠡᠷᠪᠠᠶᠢᠭ᠍ᠰᠡᠨ ᠬᠤᠶᠠᠷ ᠡᠪᠡᠷ ᠲᠠᠢ | ᠰᠡᠷᠲᠡᠶᠢᠭᠰᠡᠨ ᠬᠤᠶᠠᠷ ᠴᠢᠬᠢ ᠲᠠᠢ | ᠬᠠᠨ᠎ᠡ ᠶᠢᠨ ᠴᠢᠨᠡᠭᠡ ᠪᠡᠶ᠎ᠡ ᠲᠠᠢ | ᠬᠠᠪᠬᠠᠰ ᠤᠨ ᠴᠢᠨᠡᠭᠡ ᠰᠡᠭᠦᠯ ᠲᠠᠢ | ᠠᠷᠴᠡ ᠲᠦᠷᠪᠠᠨ ᠲᠤᠭᠤᠷᠠᠢ ᠲᠠᠢ | ᠤᠬᠤᠷ ᠵᠢᠷᠭᠤᠭᠠᠨ ᠬᠦᠵᠦᠭᠦᠦ ᠲᠠᠢ | ᠠᠷᠪᠠᠨ ᠬᠤᠶᠠᠷ ᠰᠡᠭᠡᠷ ᠲᠠᠢ | ᠬᠤᠷᠢᠨ ᠵᠢᠷᠭᠤᠭᠠᠨ ᠬᠠᠪᠢᠷᠭ᠎ᠠ ᠲᠠᠢ | ᠬᠤᠳᠤᠭᠤᠷ ᠨᠠᠢᠮᠠᠨ ᠨᠢᠷᠤᠭᠤ ᠲᠠᠢ | ᠰᠦᠪᠡᠭᠡ ᠭᠤᠷᠪᠠᠨ ᠬᠠᠪᠢᠷᠭ᠎ᠠ ᠲᠠᠢ | ᠲᠠᠯᠦ ᠲᠦᠷᠪᠠᠨ ᠦᠨᠳᠦᠷ ᠲᠠᠢ | ᠰᠡᠭᠦᠵᠢ ᠱᠠᠭᠠᠨᠲᠦ ᠴᠢᠮᠦᠭᠡ ᠲᠠᠢ | ᠬᠠᠷᠢᠲᠦ ᠪᠤᠬᠳᠤᠭᠤᠰᠦ ᠲᠤᠭᠤᠷᠠᠢ ᠲᠠᠢ | ᠠᠮᠳᠠᠳᠦ ᠢᠲᠡᠭᠡᠨ ᠤ ᠲᠡᠭᠡᠵᠢ ᠶᠢ | ᠵᠠᠭᠠᠨ ᠤ ᠶᠠᠰᠤᠨ ᠫᠢᠯᠠᠨ ᠳᠤ ᠬᠢᠵᠦ | ᠽᠠᠨᠳᠠᠨ ᠮᠤᠳᠤᠨ ᠲᠠᠪᠠᠭ ᠲᠤ ᠰᠠᠪᠠᠯᠡᠵᠦ | ᠬᠠᠭᠠᠨ ᠬᠦᠮᠦᠨ ᠳᠤ ᠲᠠᠯᠪᠢᠵᠦ | ᠬᠠᠷᠠᠴᠦ ᠬᠦᠮᠦᠨ ᠢᠶᠠᠷ ᠬᠦᠨᠲᠡᠭᠦᠯᠵᠦ | ᠬᠤᠷᠴᠡ ᠬᠢᠳᠤᠭ᠎ᠠ ᠪᠠᠷ ᠵᠦᠰᠦᠭᠦᠯᠵᠦ | ᠬᠠᠵᠠᠭᠤ ᠪᠤᠯᠭᠠᠨ ᠳᠤ ᠲᠦᠭᠡᠭᠡᠵᠦ | ᠬᠠᠮᠲᠦ ᠳᠠᠶᠠᠭᠠᠷ ᠢᠶᠠᠨ ᠵᠤᠭᠤᠬᠯᠠᠳᠠᠭ ᠪᠤᠯᠬᠤᠷ | ᠤᠳᠤᠮᠲᠦ ᠮᠤᠩᠭᠤᠯ ᠤᠨ ᠵᠠᠩᠰᠢᠯ ᠢᠶᠠᠷ | ᠤᠭᠤᠴᠡ ᠰᠢᠭᠦᠰᠦ ᠪᠠᠨ ᠲᠠᠯᠪᠢᠵᠦ | ᠤᠷᠢᠲᠦ ᠶᠢᠨ ᠢᠷᠦᠭᠡᠯ ᠤᠨ ᠤᠴᠠᠷᠠᠯ ᠢᠶᠠᠷ | ᠠᠭᠤᠯᠵᠠᠨ ᠰᠠᠭᠤᠭᠰᠡᠨ ᠢᠶᠠᠷ ᠢᠶᠠᠨ ᠨᠠᠶᠢᠷᠯᠠᠵᠠᠭᠠᠶᠡ︕ | ᠬᠠᠯᠠᠭᠤᠨ ᠬᠤᠰᠢᠭᠤᠳᠤ ᠬᠤᠨᠢᠨ ᠰᠢᠭᠦᠰᠦ ᠶᠢᠨ ᠢᠶᠠᠨ | ᠬᠠᠮᠤᠭ ᠲᠡᠭᠡᠵᠢ ᠶᠢ ᠨᠢ ᠵᠤᠭᠤᠬᠯᠠᠭᠤᠯᠤᠶᠡ | ᠬᠠᠭᠠᠨᠲᠦ ᠢᠷᠭᠡᠳ ᠪᠦᠭᠦᠳᠡᠭᠡᠷ ᠢᠶᠠᠨ | ᠬᠠᠮᠲᠦ ᠳᠠᠶᠠᠭᠠᠷ ᠢᠶᠠᠷ ᠢᠶᠠᠨ ᠨᠠᠶᠢᠷᠯᠠᠵᠠᠭᠠᠶᠡ︕ | ᠵᠠ︕ ᠰᠡᠭᠦᠯ ᠱᠠᠭᠠᠨᠲᠦ ᠶᠢ ᠨᠢ ᠠᠪᠤᠭᠠᠳ | ᠰᠦᠯᠲᠡ ᠳᠡᠭᠡᠨ ᠲᠠᠬᠢᠴᠢᠬᠠ | ᠰᠢᠭᠦᠰᠦ ᠶᠢᠨ ᠲᠡᠭᠡᠵᠢ ᠶᠢ ᠪᠠᠨ | ᠠᠪᠤᠭᠠᠳ ᠭᠠᠯ ᠳᠠᠭᠠᠨ ᠡᠷᠭᠦᠴᠢᠭᠡ | ᠠᠮᠪᠠᠨ ᠢᠷᠭᠡ ᠶᠢᠨ ᠰᠢᠭᠦᠰᠦ ᠶᠢ ᠪᠠᠨ | ᠠᠶᠠᠳᠠᠢ ᠰᠠᠶᠢᠬᠠᠨ ᠵᠤᠭᠤᠬᠯᠠᠭᠠᠷᠠᠢ︕ | ᠠᠷᠢᠭᠤᠨ ᠰᠠᠷᠬᠤᠳ ᠤᠨ ᠢᠶᠠᠨ ᠲᠡᠭᠡᠵᠢ ᠶᠢ | ᠪᠠᠭ᠋ᠠᠳᠠᠢ ᠰᠠᠶᠢᠬᠠᠨ ᠪᠠᠯᠭᠤᠭᠠᠷᠠᠢ ᠭᠡᠵᠦ ᠪᠢ | ᠬᠦᠭᠡ ᠮᠤᠩᠭᠤᠯ ᠤᠨ ᠵᠠᠩᠰᠢᠯ ᠢᠶᠠᠷ | ᠬᠦᠲᠡᠭᠡ ᠨᠤᠳᠤᠭ ᠤᠨ ᠵᠠᠩᠰᠢᠯ ᠢᠶᠠᠷ | ᠬᠤᠨᠢᠴᠢᠨ ᠬᠦᠮᠦᠨ ᠤ ᠲᠡᠳᠬᠠᠯ ᠢᠶᠠᠷ | ᠬᠦᠨᠲᠦᠲᠦ ᠰᠢᠭᠦᠰᠦ ᠪᠠᠨ ᠢᠷᠦᠭᠡᠶ᠎ᠡ᠃ |