ᠨᠡᠭᠦᠳᠡᠯᠴᠢᠨ ᠦᠨᠳᠦᠰᠦᠳᠡᠨ ᠤ ᠥᠪ ᠰᠤᠶᠤᠯ — ᠤᠯᠠᠭ᠎ᠠ ᠦᠷᠳᠡᠭᠡ
ᠨᠡᠶᠢᠲᠡᠯᠡᠭᠰᠡᠨ ᠴᠠᠭ᠄
2023/11/30
      ᠮᠣᠩᠭᠤᠯᠴᠤᠳ ᠪᠢᠳᠡ ᠨᠡᠭᠦᠳᠡᠯ ᠤᠨ ᠰᠤᠶᠤᠯ ᠢᠷᠭᠡᠨᠰᠢᠯ ᠲᠠᠢ ᠠᠷᠠᠳ ᠲᠦᠮᠡᠨ ᠪᠥᠭᠡᠳ ᠡᠭᠦᠪᠡᠷ ᠢᠶᠠᠨ ᠳᠡᠯᠡᠬᠡᠢ ᠳᠤ ᠭᠠᠶᠢᠬᠠᠭᠳᠠᠳᠠᠭ ᠪᠢᠯᠡ᠃ ᠨᠡᠭᠦᠳᠡᠯ ᠤᠨ ᠰᠤᠶᠤᠯ ᠢᠷᠭᠡᠨᠰᠢᠯ ᠨᠢ ᠪᠦᠳᠦᠭᠦᠯᠢᠭ᠂ ᠳᠦᠭᠦᠮᠭᠡᠡ ᠨᠡᠶᠢᠭᠡᠮ ᠣᠭᠲᠣ ᠪᠤᠰᠤ᠂ ᠬᠠᠷᠢᠨ ᠥᠪᠡᠷ ᠤᠨ ᠭᠡᠰᠡᠨ ᠣᠨᠴᠠᠯᠢᠭ ᠲᠠᠢ᠂ ᠥᠪᠡᠷ ᠤᠨ ᠭᠡᠰᠡᠨ ᠵᠠᠷᠴᠢᠮ ᠲᠠᠢ᠂ ᠠᠮᠢᠳᠤᠷᠠᠯ ᠤᠨ ᠣᠨᠴᠠᠯᠢᠭ ᠲᠠᠢ᠂ ᠴᠠᠭ ᠤᠨ ᠪᠠᠷᠢᠮᠵᠢᠶ᠎ᠠ ᠲᠠᠢ ᠨᠡᠶᠢᠭᠡᠮ ᠶᠤᠮ᠃ ᠰᠠᠭᠤᠷᠢᠨ ᠰᠣᠶᠣᠯ ᠢᠷᠭᠡᠨᠰᠢᠯ ᠠᠴᠠ ᠣᠯᠠᠨ ᠲᠠᠯ᠎ᠠ ᠪᠠᠷ ᠢᠯᠭᠠᠭ᠎ᠠ ᠲᠠᠢ᠂ ᠳᠠᠪᠠᠭᠤ ᠲᠠᠯ᠎ᠠ ᠪᠠᠶᠢᠨ᠎ᠠ᠂ ᠰᠤᠯᠠ ᠲᠠᠯ᠎ᠠ ᠨᠤᠭᠤᠳ ᠴᠤ ᠪᠤᠢ᠃ ᠳᠡᠯᠡᠬᠡᠢ ᠶᠢᠨ ᠰᠣᠶᠣᠯ ᠢᠷᠭᠡᠨᠰᠢᠯ ᠤᠨ ᠲᠡᠦᠬᠡ ᠶᠢ ᠣᠶᠢᠯᠠᠭᠠᠬᠤ ᠶᠢᠨ ᠲᠤᠯᠠᠳᠠ ᠨᠡᠭᠦᠳᠡᠯ ᠰᠣᠶᠣᠯ ᠢ ᠵᠠᠪᠠᠯ ᠰᠤᠳᠤᠯᠬᠤ ᠶᠣᠰᠣᠲᠠᠢ ᠪᠢᠯᠡ᠃ ᠲᠡᠶᠢᠮᠦ ᠳᠤ ᠪᠠᠨ ᠴᠤ 1960 ᠣᠨ ᠳᠤ ᠣᠯᠠᠨ ᠤᠯᠤᠰ ᠤᠨ ᠬᠤᠯᠪᠤᠭᠠᠳᠣ ᠪᠠᠶᠢᠭᠤᠯᠣᠯᠭ᠎ᠠ ᠶᠢᠨ ᠪᠣᠯᠪᠠᠰᠤᠷᠠᠯ ᠰᠢᠨᠵᠢᠯᠡᠬᠦ ᠤᠬᠠᠭᠠᠨ ᠵᠢᠴᠢ ᠰᠣᠶᠣᠯ ᠤᠨ ᠪᠠᠶᠢᠭᠤᠯᠤᠯᠲᠠ ᠶᠢᠨ ᠳᠡᠷᠭᠡᠳᠡ ᠲᠥᠪ ᠠᠽᠢᠶ᠎ᠠ ᠶᠢᠨ ᠰᠣᠶᠣᠯ ᠢᠷᠭᠡᠨᠰᠢᠯ ᠢ ᠰᠤᠳᠤᠯᠬᠤ ᠲᠥᠪ ᠪᠠᠶᠢᠭᠤᠯᠤᠭᠳᠠᠵᠤ ᠪᠠᠶᠢᠭᠰᠠᠨ ᠪᠣᠯᠤᠯᠲᠠᠢ᠃      ᠣᠯᠠᠭ᠎ᠠ ᠦᠷᠳᠡᠭᠡ ᠶᠢᠨ ᠡᠭᠦᠷᠭᠡ ᠴᠢᠳᠠᠪᠬᠢ      ᠨᠡᠭᠦᠳᠡᠯ ᠤᠨ ᠰᠣᠶᠣᠯ ᠢᠷᠭᠡᠨᠰᠢᠯ ᠤᠨ ᠴᠢᠬᠤᠯᠠ ᠨᠢᠭᠡ ᠠᠭᠤᠯᠭ᠎ᠠ ᠨᠢ ᠤᠯᠠᠭ᠎ᠠ ᠦᠷᠳᠡᠭᠡ ᠶᠤᠮ᠃ ᠥᠷᠲᠡᠭᠡ ᠨᠢ ᠡᠭᠦᠰᠦᠭᠰᠡᠨ ᠴᠠᠭ ᠠᠴᠠ ᠪᠠᠨ ᠡᠬᠢᠯᠡᠨ ᠴᠡᠷᠢᠭ ᠤᠨ ᠬᠠᠲᠠᠭᠤ ᠰᠠᠬᠢᠯᠭ᠎ᠠ᠂ ᠨᠠᠷᠢᠨ ᠵᠣᠬᠢᠶᠠᠨ ᠪᠠᠶᠢᠭᠤᠯᠤᠯᠳᠠ ᠶᠢᠨ ᠰᠢᠰᠲ᠋ᠧᠮ ᠲᠠᠢ ᠪᠥᠭᠡᠳ ᠢᠷᠭᠡᠳ ᠤᠨ ᠮᠠᠯ ᠬᠤᠢ᠂ ᠬᠥᠷᠥᠩᠭᠡ᠂ ᠬᠦᠴᠦᠨ ᠳᠤ ᠲᠤᠯᠭᠠᠭᠤᠷᠢᠯᠠᠭᠰᠠᠨ ᠠᠯᠪᠠ ᠪᠠᠶᠢᠵᠠᠢ᠃ ᠡᠨᠡ ᠠᠯᠪᠠ ᠨᠢ ᠡᠯᠴᠢ ᠲᠥᠯᠦᠭᠡᠯᠡᠭᠴᠢᠳ ᠲᠤ ᠬᠦᠨᠳᠦᠯᠡᠯ ᠦᠵᠡᠭᠦᠯᠬᠦ ᠪᠥᠭᠡᠳ ᠠᠶᠤᠯ ᠦᠭᠡᠢ ᠪᠠᠶᠢᠳᠠᠯ᠂ ᠲᠠᠪᠠ ᠲᠤᠬ᠎ᠠ ᠶᠢ ᠬᠠᠩᠭᠠᠬᠤ᠂ ᠮᠣᠷᠢ ᠤᠨᠤᠭ᠎ᠠ ᠶᠢ ᠰᠡᠯᠪᠢᠬᠦ᠂ ᠭᠠᠵᠠᠷᠴᠢᠯᠠᠬᠤ᠂ ᠠᠮᠠᠷᠠᠭᠠᠬᠤ᠂ ᠬᠤᠭᠤᠯᠠᠯᠠᠵᠤ ᠤᠮᠳᠠᠯᠠᠬᠤ᠂ ᠵᠠᠷ ᠮᠡᠳᠡᠭᠡ᠂ ᠰᠢᠤᠳᠠᠨ᠂ ᠵᠠᠬᠢᠶ᠎ᠠ ᠳᠠᠮᠵᠢᠭᠤᠯᠬᠤ᠂ ᠴᠡᠷᠢᠭ ᠳᠠᠶᠢᠨ ᠤ ᠵᠣᠷᠢᠭᠤᠯᠤᠯᠲᠠ ᠲᠠᠢ ᠵᠦᠢᠯᠡᠰ ᠢ ᠬᠠᠩᠭᠠᠨ ᠨᠡᠶᠢᠯᠡᠭᠦᠯᠬᠦ᠂ ᠪᠦᠷᠢᠳᠬᠡᠯ ᠬᠥᠲᠥᠯᠵᠦ ᠲᠠᠶᠢᠯᠤᠨ ᠭᠠᠷᠭᠠᠬᠤ ᠭᠡᠬᠦ ᠮᠡᠲᠦ ᠡᠭᠦᠷᠭᠡ ᠪᠦᠬᠦᠢ ᠴᠢᠬᠤᠯᠠ ᠠᠯᠪᠠ ᠪᠢᠯᠡ᠃      ᠥᠷᠲᠡᠭᠡᠨ ᠤ ᠠᠯᠪᠠ ᠨᠢ ᠲᠥᠷᠥ ᠶᠢᠨ ᠣᠨᠴᠠᠭᠠᠢ ᠡᠷᠬᠡ ᠳᠠᠷᠬ᠎ᠠ ᠲᠠᠢ ᠡᠯᠴᠢ ᠨᠠᠷ ᠢ ᠤᠨᠤᠭ᠎ᠠ ᠬᠦᠨᠡᠰᠦ ᠪᠠᠷ ᠬᠠᠩᠭᠠᠬᠤ᠂ ᠵᠣᠷᠢᠭᠰᠠᠨ ᠭᠠᠵᠠᠷ ᠲᠤ ᠨᠢ ᠰᠠᠭᠠᠳ ᠦᠭᠡᠢ ᠬᠦᠷᠭᠡᠬᠦ ᠡᠭᠦᠷᠭᠡ ᠲᠠᠢ ᠪᠠᠶᠢᠪᠠ᠃ ᠥᠷᠲᠡᠭᠡᠨ ᠤ ᠠᠯᠪᠠ ᠶᠢ ᠡᠷᠬᠡ ᠳᠠᠷᠬ᠎ᠠ ᠪᠦᠬᠦᠢ ᠥᠷᠲᠡᠭᠡᠨ ᠤ ᠲᠦᠰᠢᠮᠡᠯ ᠬᠠᠷᠢᠭᠤᠴᠠᠳᠠᠭ ᠪᠠᠶᠢᠪᠠ᠃      ᠤᠯᠠᠭ᠎ᠠ ᠦᠷᠳᠡᠭᠡ ᠶᠢ ᠮᠣᠷᠢᠨ ᠥᠷᠲᠡᠭᠡ᠂ ᠤᠷᠭ᠎ᠠ ᠶᠢᠨ ᠤᠯᠠᠭ᠎ᠠ ᠭᠡᠵᠦ ᠬᠤᠶᠠᠷ ᠠᠩᠭᠢᠯᠠᠳᠠᠭ᠃ ᠤᠷᠭ᠎ᠠ ᠶᠢᠨ ᠤᠯᠠᠭ᠎ᠠ ᠭᠡᠳᠡᠭ ᠨᠢ ᠥᠷᠲᠡᠭᠡᠨ ᠤ ᠠᠩᠬᠠᠨ ᠤ ᠬᠡᠯᠪᠡᠷᠢ ᠶᠤᠮ᠃ ᠡᠨᠡ ᠨᠢ ᠮᠣᠷᠢᠨ ᠥᠷᠲᠡᠭᠡ ᠪᠠᠶᠢᠭᠤᠯᠤᠭᠳᠠᠭ᠎ᠠ ᠦᠭᠡᠢ ᠦᠶ᠎ᠡ ᠳᠤ ᠤᠯᠤᠰ ᠭᠦᠷᠦᠨ ᠤ ᠳᠣᠲᠣᠷ᠎ᠠ ᠠᠯᠢᠪᠠ ᠠᠯᠪᠠᠨ ᠬᠡᠷᠡᠭ ᠢᠶᠠᠷ ᠵᠣᠷᠴᠢᠭᠴᠢᠳ ᠲᠤ ᠵᠠᠮ ᠳᠤ ᠨᠢ ᠠᠯᠢ ᠲᠣᠬᠢᠶᠠᠯᠳᠤᠭᠰᠠᠨ ᠠᠶᠢᠯ ᠡᠷᠦᠬᠡ ᠠᠴᠠ ᠤᠨᠤᠭ᠎ᠠ ᠮᠣᠷᠢ ᠠᠪᠴᠤ᠂ ᠬᠦᠨᠡᠰᠦ ᠪᠣᠯᠤᠨ ᠪᠤᠰᠤᠳ ᠱᠠᠭᠠᠷᠳᠠᠯᠭ᠎ᠠ ᠲᠠᠢ ᠵᠦᠢᠯᠡᠰ ᠢ ᠦᠨ᠎ᠡ ᠲᠥᠯᠦᠪᠦᠷᠢ ᠦᠭᠡᠢ ᠭᠠᠷᠭᠠᠭᠤᠯᠤᠨ ᠠᠪᠳᠠᠭ ᠪᠠᠶᠢᠪᠠ᠃ ᠥᠭᠡᠷ᠎ᠡ ᠪᠠᠷ ᠬᠡᠯᠡᠪᠡᠯ ᠤᠷᠭ᠎ᠠ ᠶᠢᠨ ᠤᠯᠠᠭ᠎ᠠ ᠬᠡᠷᠡᠭᠵᠢᠵᠦ ᠪᠤᠢ ᠭᠠᠵᠠᠷ ᠲᠤ ᠠᠶᠢᠯ ᠡᠷᠦᠬᠡ ᠪᠦᠷᠢ ᠥᠷᠲᠡᠭᠡᠨ ᠤ ᠡᠭᠦᠷᠭᠡ ᠶᠢ ᠭᠦᠢᠴᠡᠳᠭᠡᠨ᠎ᠡ ᠭᠡᠰᠡᠨ ᠦᠭᠡ ᠶᠤᠮ᠃ ᠤᠷᠭ᠎ᠠ ᠶᠢᠨ ᠤᠯᠠᠭ᠎ᠠ ᠨᠢ ᠰᠤᠯᠠ ᠲᠠᠯ᠎ᠠ ᠨᠤᠭᠤᠳ ᠶᠡᠭᠡ ᠲᠠᠢ ᠪᠠᠶᠢᠭᠰᠠᠨ᠃ ᠵᠢᠱᠢᠶ᠎ᠡ ᠨᠢ᠂ ᠡᠯᠴᠢ ᠶᠢᠨ ᠶᠠᠪᠤᠵᠤ ᠪᠤᠢ ᠵᠠᠮ ᠳᠤ ᠠᠶᠢᠯ ᠲᠠᠭᠠᠷᠠᠬᠤ ᠦᠭᠡᠢ ᠪᠣᠯ ᠠᠯᠪᠠ ᠰᠠᠭᠠᠳᠠᠳᠠᠭ᠃ ᠪᠠᠰᠠ ᠨᠢᠭᠡ ᠵᠦᠢᠯ ᠨᠢ ᠡᠯᠴᠢ ᠲᠥᠯᠦᠭᠡᠯᠡᠭᠴᠢᠳ ᠥᠪᠡᠷ ᠲᠤ ᠨᠢ ᠦᠭᠭᠦᠭᠳᠡᠭᠰᠡᠡ ᠡᠷᠬᠡ ᠶᠢᠨ ᠳᠠᠭᠠᠤ ᠢᠷᠭᠡᠳ ᠠᠴᠠ ᠬᠡᠷᠡᠭᠴᠡᠭᠡᠨ ᠤ ᠬᠡᠮᠵᠢᠶᠡᠨ ᠠᠴᠠ ᠪᠠᠨ ᠢᠯᠡᠭᠦᠦ ᠮᠠᠯ ᠭᠠᠷᠭᠠᠭᠤᠯᠬᠤ᠂ ᠢᠯᠡᠭᠦᠦ ᠵᠦᠢᠯ ᠱᠠᠭᠠᠷᠳᠠᠵᠤ ᠠᠪᠳᠠᠭ ᠪᠠᠶᠢᠵᠠᠢ᠃ ᠡᠯᠴᠢ ᠲᠥᠯᠥᠭᠡᠯᠡᠭᠴᠢᠳ ᠵᠠᠷᠢᠮ ᠲᠣᠬᠢᠶᠠᠯᠳᠤᠯ ᠳᠤ ᠵᠠᠮ ᠠᠴᠠ ᠭᠠᠵᠢᠬᠤ᠂ ᠲᠦᠭᠡᠷᠢᠬᠦ ᠡᠷᠡᠰᠳᠡᠯ ᠲᠠᠢ ᠪᠠᠶᠢᠭᠰᠠᠨ ᠪᠠᠶᠢᠨ᠎ᠠ᠃ ᠨᠢᠭᠡ ᠠᠶᠢᠯ ᠠᠴᠠ ᠨᠥᠭᠦᠭᠡ ᠠᠶᠢᠯ ᠳᠤ ᠬᠦᠷᠬᠦ ᠵᠠᠮ᠂ ᠬᠤᠭᠤᠴᠠᠭ᠎ᠠ ᠨᠢ ᠲᠡᠷᠡ ᠪᠣᠯᠭᠠᠨ ᠲᠣᠳᠣᠷᠬᠠᠢ ᠪᠤᠰᠤ ᠪᠠᠶᠢᠭᠰᠠᠨ᠂ ᠠᠶᠢᠯ ᠤᠳ ᠤᠨ ᠬᠥᠷᠦᠩᠭᠡ ᠬᠦᠴᠦ ᠬᠠᠷᠢᠯᠴᠠᠨ ᠠᠳᠠᠯᠢ ᠦᠭᠡᠢ ᠪᠠᠶᠢᠳᠠᠭ ᠤᠴᠢᠷ ᠠᠴᠠ ᠠᠯᠪᠠ ᠰᠠᠭᠠᠳᠠᠬᠤ ᠲᠣᠬᠢᠶᠠᠯᠳᠤᠯ ᠭᠠᠷᠳᠠᠭ ᠪᠠᠶᠢᠵᠠᠢ᠃      ᠣᠯᠠᠭ᠎ᠠ ᠦᠷᠳᠡᠭᠡ ᠳᠤ ᠬᠤᠯᠪᠣᠭᠳᠠᠬᠤ ᠬᠠᠣᠯᠢ ᠳᠣᠭᠳᠠᠭᠠᠯ      ᠬᠠᠷᠢᠨ ᠥᠭᠡᠳᠡᠢ ᠬᠠᠭᠠᠨ ᠤ ᠦᠶ᠎ᠡ ᠳᠤ ᠤᠯᠠᠭ᠎ᠠ ᠦᠷᠳᠡᠭᠡ ᠨᠢ ᠮᠣᠷᠢᠨ ᠥᠷᠲᠡᠭᠡ ᠪᠣᠯᠤᠨ ᠥᠷᠭᠡᠵᠢᠭᠰᠡᠨ ᠶᠤᠮ᠃ ᠵᠣᠷᠢᠯᠭ᠎ᠠ ᠨᠢ ᠳᠡᠭᠡᠷᠡᠬᠢ ᠳᠤᠲᠠᠭᠳᠠᠯ ᠤᠳ ᠢ ᠠᠷᠢᠯᠭᠠᠵᠤ᠂ ᠵᠢᠩᠬᠢᠨᠢ ᠲᠥᠷᠦ ᠶᠢᠨ ᠠᠯᠪᠠᠨ ᠤ ᠬᠡᠮᠵᠢᠶᠡᠨ ᠳᠤ ᠠᠪᠠᠴᠢᠭᠰᠠᠨ ᠶᠠᠪᠤᠳᠠᠯ ᠪᠣᠯᠤᠨ᠎ᠠ᠃ ᠮᠣᠷᠢᠨ ᠥᠷᠲᠡᠭᠡ ᠨᠢ ᠭᠤᠣᠯ ᠵᠠᠮ ᠤᠨ ᠳᠠᠭᠠᠤ 30 — 35 ᠺᠢᠯᠣᠮᠧᠳ᠋ᠷ ᠵᠠᠶᠢᠲᠠᠢ ᠪᠠᠶᠢᠷᠢᠯᠠᠨ᠎ᠠ᠃ ᠵᠠᠰᠠᠭ ᠵᠠᠬᠢᠷᠭᠠᠨ ᠤ ᠰᠢᠢᠳᠪᠦᠷᠢ ᠪᠠᠷ ᠲᠣᠮᠢᠯᠠᠭᠳᠠᠭᠰᠠᠨ ᠬᠡᠳᠦ ᠬᠡᠳᠦᠨ ᠡᠷᠦᠬᠡ ᠨᠢ ᠡᠯᠴᠢ ᠲᠥᠯᠥᠭᠡᠯᠡᠭᠴᠢᠳ ᠪᠣᠯᠤᠨ ᠪᠤᠰᠤᠳ ᠵᠣᠴᠢᠳ ᠲᠤ ᠦᠢᠯᠡᠴᠢᠯᠡᠬᠦ ᠡᠭᠦᠷᠭᠡ ᠲᠠᠢ ᠪᠠᠷ ᠵᠣᠬᠢᠶᠠᠨ ᠪᠠᠶᠢᠭᠤᠯᠤᠭᠳᠠᠭᠰᠠᠨ ᠪᠠᠶᠢᠨ᠎ᠠ᠃ ᠲᠡᠳᠡ ᠪᠠᠶᠢᠩᠭᠤ ᠶᠢᠨ ᠦᠢᠯᠡ ᠠᠵᠢᠯᠯᠠᠭ᠎ᠠ ᠲᠠᠢ ᠪᠠᠶᠢᠬᠤ ᠠᠴᠠ ᠭᠠᠳᠠᠨ᠎ᠠ ᠲᠠᠲᠠᠪᠤᠷᠢ ᠶᠢᠨ ᠬᠥᠩᠭᠡᠯᠡᠯᠲᠡ ᠡᠳ᠋ᠯᠡᠨ᠎ᠡ᠃ ᠥᠭᠡᠳᠡᠢ ᠬᠠᠭᠠᠨ ᠤ ᠦᠶ᠎ᠡ ᠳᠤ ᠪᠤᠶᠤ 1229 ᠣᠨ ᠳᠤ ᠤᠷᠭ᠎ᠠ ᠶᠢᠨ ᠠᠯᠪᠠ ᠶᠢ ᠬᠠᠯᠠᠵᠤ᠂ ᠶᠡᠭᠡ ᠭᠦᠷᠦᠨ ᠤ ᠨᠢᠭᠡᠳᠦᠭᠰᠡᠨ ᠤᠯᠠᠭ᠎ᠠ ᠦᠷᠳᠡᠭᠡ ᠶᠢ ᠪᠠᠶᠢᠭᠤᠯᠵᠠᠢ᠃ ᠮᠥᠨ ᠠᠵᠢᠯᠯᠠᠬᠤ ᠵᠢᠷᠤᠮ ᠢ ᠬᠠᠤᠯᠢᠴᠢᠯᠠᠨ ᠪᠠᠲᠤᠯᠠᠭᠰᠠᠨ ᠪᠠᠶᠢᠨ᠎ᠠ᠃ ᠥᠭᠡᠳᠡᠢ ᠬᠠᠭᠠᠨ ᠤ ᠵᠠᠷᠯᠢᠭ ᠢᠶᠠᠷ 37 ᠰᠠᠭᠤᠷᠢᠨ ᠰᠢᠨ᠎ᠠ ᠪᠠᠷ ᠲᠣᠮᠣ ᠥᠷᠲᠡᠭᠡ ᠪᠠᠶᠢᠭᠤᠯᠵᠤ᠂ ᠮᠢᠩᠭᠠᠲᠤ ᠪᠦᠷᠢ ᠰᠠᠭᠤᠷᠢ ᠲᠤᠲᠤᠮ ᠳᠤ ᠤᠯᠠᠭᠠᠴᠢ᠂ ᠤᠯᠠᠭᠠᠨ ᠤ ᠮᠣᠷᠢ᠂ ᠰᠢᠭᠦᠰᠦᠠ ᠤ ᠮᠣᠷᠢ᠂ ᠰᠠᠭᠠᠯᠢ ᠶᠢᠨ ᠭᠡᠭᠦᠦ᠂ ᠬᠥᠯᠪᠦᠷᠢ ᠶᠢᠨ ᠦᠬᠡᠷ᠂ ᠠᠴᠢᠶ᠎ᠠ ᠲᠡᠷᠭᠡ ᠵᠡᠷᠭᠡ ᠶᠢᠨ ᠬᠡᠮᠵᠢᠶ᠎ᠡ ᠶᠢ ᠲᠣᠭᠲᠠᠭᠠᠭᠰᠠᠨ ᠪᠠᠶᠢᠨ᠎ᠠ᠃ ᠮᠥᠨ ᠵᠠᠷ ᠪᠢᠴᠢᠭ ᠦᠭᠡᠢ ᠪᠠᠷ ᠥᠷᠲᠡᠭᠡ ᠪᠠᠷ ᠬᠤᠨᠣᠭᠯᠠᠬᠤ ᠶᠢ ᠬᠤᠷᠢᠬᠯᠠᠵᠦ᠂ ᠥᠷᠲᠡᠭᠡ ᠪᠠᠷ ᠶᠠᠪᠤᠬᠤ ᠬᠤᠭᠤᠯᠠ ᠬᠦᠨᠡᠰᠦᠨ ᠤ ᠬᠡᠮᠵᠢᠶ᠎ᠡ ᠶᠢ ᠲᠣᠭᠲᠠᠭᠠᠵᠤ᠂ ᠬᠡᠲᠦᠷᠡᠭᠦᠯᠦᠨ ᠬᠡᠷᠡᠭᠯᠡᠬᠦ ᠶᠢ ᠬᠠᠲᠠᠭᠤ ᠴᠡᠭᠡᠷᠯᠡᠭᠦᠯᠵᠦ ᠪᠠᠶᠢᠪᠠ᠃ ᠥᠷᠲᠡᠭᠡ ᠤᠯᠠᠭᠠᠴᠢ ᠶᠢᠨ ᠠᠯᠪᠠ ᠶᠢ ᠴᠡᠭᠴᠡᠯᠡᠭᠰᠡᠨ ᠨᠢ ᠥᠭᠡᠳᠡᠢ ᠬᠠᠭᠠᠨ ᠤ 4 ᠰᠠᠶᠢᠨ ᠦᠢᠯᠡ ᠶᠢᠨ ᠨᠢᠭᠡ ᠪᠣᠯᠤᠨ᠎ᠠ᠃      1232 — 1233 ᠣᠨ ᠨᠤᠭᠤᠳ ᠲᠤ ᠥᠷᠲᠡᠭᠡᠨ ᠤ ᠠᠵᠢᠯ ᠢ ᠡᠮᠬᠢ ᠵᠢᠷᠤᠮ ᠲᠠᠢ ᠪᠣᠯᠭᠠᠬᠤ ᠳᠤ ᠴᠢᠭᠯᠡᠭᠳᠡᠭᠰᠡᠨ ᠬᠡᠳᠦ ᠬᠡᠳᠦᠨ ᠨᠡᠮᠡᠯᠲᠡ ᠵᠠᠷᠯᠢᠭ ᠨᠡᠶᠢᠳᠡᠯᠡᠭᠳᠡᠭᠰᠡᠡ ᠪᠠᠶᠢᠪᠠ᠃ ︽ᠫᠠᠶᠢᠰᠠ ᠲᠡᠮᠳᠡᠭ ᠦᠭᠡᠢ ᠥᠷᠲᠡᠭᠡ ᠪᠠᠷ ᠶᠠᠪᠤᠬᠤ ᠶᠢ ᠬᠤᠷᠢᠬᠯᠠᠨ᠎ᠠ︾ ᠬᠡᠮᠡᠵᠡᠢ᠃ ᠥᠷᠲᠡᠭᠡᠨ ᠤ ᠬᠡᠮᠵᠢᠶᠡᠨ ᠤ ᠬᠤᠪᠢ ᠳᠤ ᠲᠣᠮᠣ᠂ ᠳᠤᠮᠳᠠ᠂ ᠪᠠᠭ᠎ᠠ ᠭᠡᠵᠦ 3 ᠬᠤᠪᠢᠶᠠᠭᠳᠠᠨ᠎ᠠ᠃ ᠲᠣᠮᠣ ᠥᠷᠲᠡᠭᠡᠨ ᠳᠤ 1000᠂ ᠳᠤᠮᠳᠠ ᠵᠡᠷᠭᠡ ᠶᠢᠨ ᠥᠷᠲᠡᠭᠡᠨ ᠳᠤ 500᠂ ᠪᠠᠭ᠎ᠠ ᠥᠷᠲᠡᠭᠡᠨ ᠳᠤ 100 ᠰᠢᠬᠠᠮ ᠤᠯᠠᠭᠠᠴᠢ ᠬᠠᠮᠣᠷᠤᠭᠳᠠᠳᠠᠭ ᠪᠠᠶᠢᠪᠠ᠃      ᠣᠯᠠᠭ᠎ᠠ ᠦᠷᠳᠡᠭᠡ ᠶᠢᠨ ᠠᠯᠪᠠ ᠨᠢ ᠾᠦᠩᠨᠦ ᠶᠢᠨ ᠦᠶ᠎ᠡ ᠳᠤ ᠪᠠᠶᠢᠭᠰᠠᠨ ᠭᠡᠵᠦ ᠦᠵᠡᠳᠡᠭ᠃ ᠰᠢᠶᠠᠨᠪᠢ ᠤᠯᠤᠰ ᠲᠤ ︽ᠥᠷᠲᠡᠭᠡᠴᠢᠨ︾ ᠭᠡᠰᠡᠨ ᠠᠯᠪᠠ ᠪᠠᠶᠢᠭᠰᠠᠨ ᠢ ᠮᠣᠩᠭᠤᠯ ᠣᠯᠣᠰ ᠤᠨ ᠬᠢᠲᠠᠳ ᠰᠤᠳᠤᠯᠤᠭᠠᠴᠢ       ᠡ᠊ · ᠰᠦᠬᠡᠪᠠᠭᠠᠲᠤᠷ ᠳᠣᠷᠠᠳᠣᠭᠰᠠᠠ ᠪᠠᠶᠢᠨ᠎ᠠ᠃ ᠬᠠᠷᠢᠨ ᠶᠡᠭᠡ ᠮᠣᠩᠭᠤᠯ ᠤᠯᠤᠰ ᠪᠣᠯᠤᠨ ᠮᠣᠩᠭᠤᠯ ᠤᠨ ᠡᠵᠡᠨᠲᠦ ᠭᠦᠷᠦᠨ ᠤ ᠦᠶ᠎ᠡ ᠳᠤ ᠳᠠᠶᠢᠨ ᠪᠠᠶᠢᠯᠳᠤᠭᠠᠨ ᠶᠡᠭᠡ ᠬᠢᠵᠦ ᠪᠠᠶᠢᠭᠰᠠᠨ ᠨᠢ ᠥᠷᠲᠡᠭᠡᠨ ᠤ ᠠᠯᠪᠠ ᠶᠢ ᠴᠢᠩᠭᠠᠳᠬᠠᠬᠤ ᠵᠡᠷᠭᠡ ᠱᠠᠭᠠᠷᠳᠠᠯᠭ᠎ᠠ ᠶᠢ ᠵᠦᠢ ᠶᠣᠰᠣ ᠪᠠᠷ ᠪᠤᠢ ᠪᠣᠯᠭᠠᠵᠠᠢ᠃ ᠡᠯᠴᠢ ᠨᠠᠷ ᠤᠨ ᠳᠠᠷᠬᠠᠨ ᠡᠷᠬᠡ ᠶᠢ        ᠪᠠᠲᠤᠯᠠᠭᠠᠵᠢᠭᠤᠯᠵᠤ᠂ ᠬᠠᠷᠢ ᠤᠯᠤᠰ ᠲᠤ ᠵᠣᠷᠴᠢᠭᠤᠯᠳᠠᠭ ᠪᠠᠶᠢᠭᠰᠠᠨ ᠪᠠᠶᠢᠨ᠎ᠠ᠃ ᠮᠣᠩᠭᠤᠯ ᠤᠨ ᠬᠠᠭᠠᠳ ᠡᠯᠴᠢ ᠶᠢ ᠬᠦᠨᠳᠦᠯᠡᠨ ᠠᠪᠴᠤ᠂ ᠬᠠᠯᠳᠠᠰᠢ ᠦᠭᠡᠢ ᠡᠷᠬᠡ ᠶᠢ ᠨᠢ ᠬᠦᠨᠳᠦᠯᠡᠳᠡᠭ ᠪᠠᠶᠢᠵᠠᠢ᠃ ᠡᠯᠴᠢ ᠨᠠᠷ ᠢ ᠵᠠᠮ ᠵᠠᠭᠤᠷ᠎ᠠ ᠶᠠᠪᠤᠬᠤ ᠳᠤ ᠨᠢ ᠠᠯᠢ ᠪᠣᠯᠬᠤ ᠪᠠᠷ ᠲᠤᠰᠠᠯᠠᠨ᠎ᠠ᠃ ᠮᠥᠨ ᠬᠠᠭᠤᠷᠮᠠᠴᠢ ᠡᠯᠴᠢ ᠪᠤᠶᠤ ᠬᠠᠭᠤᠷᠮᠠᠴᠢ ᠡᠲᠡᠭᠡᠳ ᠢ ᠴᠠᠭᠠᠵᠠᠯᠠᠬᠤ ᠬᠠᠤᠯᠢ ᠵᠢᠭᠠᠯᠲᠠ ᠪᠠᠰᠠ ᠪᠠᠶᠢᠵᠠᠢ᠃      ᠥᠷᠲᠡᠭᠡᠨ ᠤ ᠵᠣᠬᠢᠶᠠᠨ ᠪᠠᠶᠢᠭᠤᠯᠤᠯᠲᠠ ᠶᠢᠨ ᠦᠨᠳᠦᠰᠦᠨ ᠨᠢᠭᠡᠴᠡ ᠨᠢ ᠥᠷᠲᠡᠭᠡ ᠡᠷᠦᠬᠡ ᠪᠠᠶᠢᠵᠠᠢ᠃ ᠨᠢᠭᠡ ᠥᠷᠲᠡᠭᠡ ᠡᠷᠦᠬᠡ ᠶᠢᠨ ᠠᠯᠪᠠ ᠶᠢ ᠮᠠᠯ ᠬᠥᠷᠥᠩᠭᠡ ᠪᠠᠷ ᠴᠢᠨᠡᠭᠡᠯᠢᠭ ᠨᠢᠭᠡ ᠠᠶᠢᠯ ᠵᠠᠯᠭᠠᠭᠤᠯᠵᠤ ᠪᠣᠯᠳᠠᠭ ᠪᠠ ᠬᠡᠳᠦ ᠬᠡᠳᠦᠨ ᠠᠶᠢᠯ ᠳᠤᠮᠳᠠᠴᠢ ᠪᠠᠷ 4 ᠮᠣᠷᠢ᠂ 1 ᠲᠡᠮᠡᠭᠡ ᠭᠡᠬᠦ ᠮᠡᠲᠦ ᠪᠠᠷ ᠤᠨᠤᠭ᠎ᠠ᠂ ᠬᠦᠨᠡᠰᠦ ᠬᠤᠭᠤᠯᠠ ᠶᠢ ᠨᠡᠶᠢᠯᠡᠭᠦᠯᠵᠦ ᠳᠤᠮᠳᠠ ᠠᠴᠠ ᠪᠠᠨ ᠭᠠᠷᠭᠠᠳᠠᠭ ᠪᠠᠶᠢᠵᠠᠢ᠃ ᠥᠷᠲᠡᠭᠡ ᠪᠦᠷᠢ ᠳᠤ ᠭᠡᠷ᠂ ᠡᠯᠴᠢ ᠳᠤ ᠱᠠᠭᠠᠷᠳᠠᠯᠭ᠎ᠠ ᠲᠠᠢ ᠤᠨᠤᠯᠭ᠎ᠠ᠂ ᠲᠣᠭᠤᠭᠠᠴᠢ᠂ ᠤᠯᠠᠭᠠᠴᠢ᠂ ᠭᠠᠯᠴᠢ ᠵᠡᠷᠭᠡ ᠬᠥᠳᠡᠯᠮᠦᠷᠢ ᠶᠢᠨ ᠬᠤᠪᠢᠶᠠᠷᠢ ᠪᠠᠶᠢᠭᠰᠠᠨ ᠪᠠᠶᠢᠨ᠎ᠠ᠃ ᠥᠷᠲᠡᠭᠡᠯᠡᠨ ᠶᠠᠪᠤᠭᠴᠢᠳ ᠤᠨ ᠬᠡᠷᠡᠭᠯᠡᠬᠦ ᠭᠤᠯᠢᠷ᠂ ᠠᠮᠤ᠂ ᠠᠷᠢᠬᠢ ᠵᠡᠷᠭᠡ ᠶᠢᠨ ᠬᠡᠮᠵᠢᠶ᠎ᠡ ᠨᠢ ᠡᠯᠴᠢ ᠶᠢᠨ ᠡᠷᠭᠡ ᠶᠢᠨ ᠲᠥᠷᠥᠯ ᠠᠴᠠ ᠬᠠᠮᠢᠶᠠᠷᠤᠭᠠᠳ ᠦᠭᠡᠷ᠎ᠠ ᠦᠭᠡᠷ᠎ᠠ ᠬᠡᠮᠵᠢᠶ᠎ᠡ ᠲᠠᠢ ᠪᠠᠶᠢᠳᠠᠭ᠃ ᠥᠷᠲᠡᠭᠡᠨ ᠤ ᠵᠠᠩᠭᠢ ᠪᠢᠴᠢᠭᠡᠴᠢ ᠨᠠᠷ ᠥᠷᠲᠡᠭᠡᠯᠡᠨ ᠵᠣᠷᠴᠢᠭᠴᠢᠳ ᠲᠤ ᠨᠡᠶᠢᠯᠡᠭᠦᠯᠦᠭᠰᠡᠨ ᠭᠡᠷ᠂ ᠬᠦᠨᠡᠰᠦ᠂ ᠤᠨᠤᠯᠭ᠎ᠠ ᠠᠴᠢᠯᠭ᠎ᠠ ᠶᠢᠨ ᠮᠣᠷᠢ᠂ ᠲᠡᠮᠡᠭᠡ ᠬᠡᠴᠢᠨᠡᠨ ᠪᠣᠯᠬᠤ ᠶᠢ ᠲᠣᠳᠣᠷᠬᠠᠶᠢᠯᠠᠭᠰᠠᠨ ᠲᠠᠶᠢᠯᠤᠨ ᠲᠡᠪᠳᠡᠷ ᠦᠢᠯᠡᠳᠴᠦ ᠲᠠᠶᠢᠯᠤᠨ ᠭᠠᠷᠭᠠᠳᠠᠭ ᠪᠠᠶᠢᠵᠠᠢ᠃      ᠣᠯᠠᠭ᠎ᠠ ᠦᠷᠳᠡᠭᠡ ᠶᠢᠨ ᠵᠠᠮ ᠱᠣᠭᠤᠮ      ᠬᠠᠷᠠᠬᠤᠷᠢᠠ ᠠᠴᠠ ᠴᠠᠭᠠᠳᠠᠢ ᠤᠯᠤᠰ᠂ ᠠᠯᠲᠠᠨ ᠣᠷᠳᠣ ᠣᠯᠣᠰ ᠬᠦᠷᠲᠡᠯ᠎ᠡ ᠥᠷᠲᠡᠭᠡ ᠪᠠᠶᠢᠭᠤᠯᠤᠭᠰᠠᠨ ᠪᠠᠶᠢᠨ᠎ᠠ᠃ ᠥᠭᠡᠳᠡᠢ ᠬᠠᠭᠠᠠ ᠤ ᠰᠠᠨᠠᠭᠠᠴᠢᠯᠠᠭ᠎ᠠ ᠪᠠᠷ ᠴᠠᠭᠠᠳᠠᠢ ᠨᠢ ᠪᠠᠲᠤ ᠶᠢᠨ ᠠᠯᠲᠠᠨ ᠣᠷᠳᠣ᠂ ᠮᠣᠩᠭᠤᠯ ᠭᠦᠷᠦᠨ ᠤ ᠨᠡᠶᠢᠰᠯᠡᠯ ᠬᠠᠷᠠᠬᠤᠷᠢᠠ ᠪᠣᠯᠤᠨ ᠪᠤᠰᠤᠳ ᠣᠯᠠᠨ ᠮᠤᠵᠢ ᠶᠢ ᠬᠤᠯᠪᠣᠭᠰᠠᠨ ᠥᠷᠲᠡᠭᠡ ᠵᠠᠮ ᠢ ᠪᠠᠶᠢᠭᠤᠯᠤᠭᠰᠠᠨ ᠪᠣᠯᠤᠨ᠎ᠠ᠃ ᠡᠨᠡᠬᠦ ᠥᠷᠲᠡᠭᠡ ᠨᠢ ᠰᠢᠤᠳᠠᠨ ᠢ ᠰᠠᠭᠠᠳᠠᠭᠤᠯᠬᠤ ᠦᠭᠡᠢ ᠳᠠᠮᠵᠢᠭᠤᠯᠬᠤ᠂ ᠲᠥᠷᠥ ᠠᠴᠠ ᠶᠠᠪᠤᠵᠤ ᠪᠤᠢ ᠡᠯᠴᠢ ᠶᠢ ᠠᠮᠠᠷᠠᠭᠠᠵᠤ᠂ ᠬᠤᠭᠤᠯᠠ ᠣᠮᠳᠠ ᠬᠠᠩᠭᠠᠬᠤ᠂ ᠤᠨᠤᠭ᠎ᠠ ᠪᠠᠷ ᠰᠡᠯᠪᠢᠵᠦ ᠶᠠᠪᠤᠭᠤᠯᠬᠤ᠂ ᠱᠠᠭᠠᠷᠳᠠᠯᠭ᠎ᠠ ᠲᠠᠢ ᠲᠣᠬᠢᠶᠠᠯᠳᠤᠯ ᠳᠤ ᠭᠠᠵᠠᠷᠴᠢᠯᠠᠬᠤ ᠡᠭᠦᠷᠭᠡ ᠲᠠᠢ ᠪᠠᠶᠢᠪᠠ᠃ ᠥᠷᠲᠡᠭᠡᠨ ᠳᠡᠭᠡᠷ᠎ᠡ ᠤᠯᠠᠭᠠᠴᠢ ᠪᠣᠯᠤᠨ ᠮᠣᠷᠢᠳ ᠢ ᠲᠣᠳᠣᠷᠬᠠᠢ ᠬᠤᠭᠤᠴᠠᠭ᠎ᠠ ᠪᠠᠷ ᠰᠣᠯᠢᠳᠠᠭ ᠪᠠᠶᠢᠪᠠ᠃ ᠡᠨᠡ ᠨᠢ ᠴᠠᠭᠠᠳᠠᠢ ᠤᠯᠤᠰ ᠤᠨ ᠲᠡᠮᠡᠭᠡᠨ ᠵᠢᠩ ᠢᠶᠠᠷ ᠠᠴᠢᠶ᠎ᠠ ᠲᠡᠭᠡᠭᠡᠬᠦ᠂ ᠬᠤᠳᠠᠯᠳᠤᠭ᠎ᠠ ᠥᠷᠭᠡᠵᠢᠬᠦ ᠳᠤ ᠢᠳᠡᠪᠬᠢ ᠦᠢᠯᠡᠳᠦᠯ ᠦᠵᠡᠬᠦᠯᠵᠡᠢ᠃ ᠡᠭᠦᠠ ᠳᠤ ᠨᠡᠶᠢᠲᠡ ᠳᠤ ᠪᠠᠨ 1500 ᠥᠷᠲᠡᠭᠡᠨ ᠤ ᠭᠠᠵᠠᠷ ᠪᠠᠶᠢᠪᠠ᠃ ᠡᠨᠡ ᠦᠶ᠎ᠡ ᠳᠤ ᠬᠤᠳᠠᠯᠳᠤᠭᠠᠨ ᠤ ᠲᠣᠷᠭᠠᠨ ᠵᠠᠮ ᠠᠶᠤᠯ ᠦᠭᠡᠢ ᠪᠣᠯᠤᠭᠰᠠᠨ ᠪᠠᠶᠢᠨ᠎ᠠ᠃ ᠶᠤᠸᠠᠨ ᠭᠦᠷᠦᠨ ᠤ ᠦᠶ᠎ᠡ ᠳᠤ ᠣᠷᠣᠰᠢᠨ ᠪᠠᠶᠢᠭ᠎ᠠ ᠨᠤᠲᠤᠭ ᠳᠡᠪᠢᠰᠬᠡᠷ ᠠᠴᠠ ᠬᠠᠮᠢᠶᠠᠷᠤᠭᠤᠯᠤᠨ ᠬᠢᠲᠠᠳ ᠪᠠ ᠮᠣᠩᠭᠤᠯ ᠥᠷᠲᠡᠭᠡ ᠭᠡᠵᠦ ᠠᠩᠭᠢᠯᠠᠵᠤ ᠪᠠᠶᠢᠪᠠ᠃ ᠮᠣᠩᠭᠤᠯ ᠥᠷᠲᠡᠭᠡ ᠨᠢ ᠴᠠᠭᠠᠨ ᠬᠡᠷᠡᠮ ᠠᠴᠠ ᠬᠤᠶᠢᠰᠢ ᠪᠠᠶᠢᠷᠢᠯᠠᠵᠤ ᠪᠠᠶᠢᠭᠰᠠᠨ ᠪᠠ ᠮᠣᠩᠭᠤᠯ ᠬᠦᠮᠦᠨ ᠵᠠᠬᠢᠷᠳᠠᠭ ᠪᠠᠶᠢᠪᠠ᠃ ᠮᠣᠩᠭᠤᠯ ᠥᠷᠲᠡᠭᠡᠨ ᠤ ᠰᠠᠭᠤᠷᠢ ᠲᠤᠲᠤᠮ ᠳᠤ 15 ᠡᠷᠦᠬᠡ ᠶᠢᠨ ᠳᠤᠮᠳᠠ ᠠᠴᠠ 1 ᠮᠣᠷᠢ᠂ 13 ᠡᠷᠦᠬᠡ ᠳᠤᠮᠳᠠ ᠠᠴᠠ 1 ᠦᠬᠡᠷ ᠭᠠᠷᠭᠠᠬᠤ ᠠᠴᠠ ᠭᠠᠳᠠᠨ᠎ᠠ ᠭᠡᠷ᠂ ᠮᠠᠶᠢᠬᠠᠨ᠂ ᠬᠤᠭᠤᠯᠠ ᠬᠦᠨᠡᠰᠦ ᠶᠢ ᠳᠠᠭᠠᠭᠠᠬᠤ ᠡᠭᠦᠷᠭᠡ ᠲᠠᠢ ᠪᠠᠶᠢᠵᠠᠢ᠃ ᠶᠡᠷᠦᠩᠬᠡᠢ ᠳᠤ ᠪᠠᠨ ᠮᠣᠩᠭᠤᠯ ᠥᠷᠲᠡᠭᠡ ᠳᠤ ᠮᠣᠷᠢᠨ ᠥᠷᠲᠡᠭᠡ᠂ ᠦᠬᠡᠷ ᠥᠷᠲᠡᠭᠡ ᠭᠡᠵᠦ ᠬᠤᠶᠠᠷ ᠪᠠᠶᠢᠪᠠ᠃ ᠬᠠᠷᠢᠨ ᠡᠵᠡᠨᠲᠦ ᠭᠦᠷᠦᠨ ᠬᠢᠯᠢ ᠬᠢᠵᠠᠭᠠᠷ ᠢᠶᠠᠨ ᠲᠡᠯᠡᠵᠦ᠂ ᠲᠡᠩᠭᠢᠰ ᠳᠠᠯᠠᠢ ᠲᠠᠢ ᠵᠠᠯᠭᠠᠬᠤ ᠪᠣᠯᠤᠭᠰᠠᠨ ᠢᠶᠠᠷ ᠥᠷᠲᠡᠭᠡ ᠨᠢ ᠬᠠᠭᠤᠷᠠᠢ ᠵᠠᠮ ᠤᠨ ᠥᠷᠲᠡᠭᠡ᠂ ᠤᠰᠤᠨ ᠵᠠᠮ ᠤᠨ ᠥᠷᠲᠡᠭᠡ᠂ ᠨᠣᠬᠠᠢ ᠶᠢᠨ ᠥᠷᠲᠡᠭᠡ᠂ ᠶᠠᠪᠠᠭᠠᠨ ᠥᠷᠲᠡᠭᠡ ᠭᠡᠬᠦ ᠮᠡᠲᠦ ᠪᠠᠷ ᠠᠩᠭᠢᠯᠠᠬᠳᠠᠵᠦ ᠪᠠᠶᠢᠪᠠ᠃      ᠬᠤᠪᠢᠯᠠᠢ ᠬᠠᠭᠠᠨ ᠮᠣᠷᠢᠨ ᠤ ᠦᠨ᠎ᠡ ᠴᠡᠨ᠎ᠡ ᠶᠢ ᠰᠠᠶᠢᠨ ᠮᠡᠳᠡᠳᠡᠭ ᠲᠤᠯᠠ ᠠᠭᠲᠠ ᠮᠣᠷᠢᠳ ᠴᠤᠭᠯᠠᠭᠤᠯᠬᠤ ᠤᠬᠠᠭᠠᠯᠢᠭ ᠲᠣᠭᠲᠠᠯᠴᠠᠭ᠎ᠠ ᠶᠢ ᠪᠤᠢ ᠪᠣᠯᠭᠠᠵᠠᠢ᠃ ᠠᠭᠲᠠ ᠮᠣᠷᠢᠳ ᠨᠢ ᠵᠥᠪᠬᠡᠨ ᠳᠠᠶᠢᠨ ᠲᠤᠯᠤᠯᠳᠤᠭᠠᠨ ᠳᠡᠳᠦᠢ ᠪᠤᠰᠤ᠂ ᠥᠷᠲᠡᠭᠡ ᠤᠯᠠᠭᠠᠴᠢ ᠶᠢᠨ ᠠᠯᠪᠠᠨ ᠳᠤ ᠴᠢᠬᠤᠯᠠ ᠬᠡᠷᠡᠭᠴᠡᠭᠡ ᠲᠠᠢ ᠪᠠᠶᠢᠪᠠ᠃ ᠬᠤᠪᠢᠯᠠᠢ ᠬᠠᠭᠠᠨ ᠠᠭᠲᠠ ᠮᠣᠷᠢᠳ ᠢ ᠥᠷᠲᠡᠭᠡ ᠪᠠᠭᠤᠳᠠᠯ᠂ ᠴᠡᠷᠢᠭ ᠠᠩᠭᠢ᠂ ᠬᠡᠰᠢᠭᠲᠡᠨ ᠨᠠᠷ ᠲᠤ ᠬᠤᠪᠢᠶᠠᠷᠢᠯᠠᠨ ᠣᠨᠣᠭᠠᠬᠤ ᠡᠭᠦᠷᠭᠡ ᠲᠠᠢ       ︽ᠤᠯᠤᠰ ᠤᠨ ᠠᠭᠲᠠ ᠬᠠᠷᠢᠭᠤᠴᠠᠬᠤ ᠬᠤᠷᠢᠶ᠎ᠠ︾ ᠶᠢ ᠪᠠᠶᠢᠭᠤᠯᠵᠠᠢ᠃      ᠬᠠᠷᠢᠨ ᠴᠠᠭᠠᠨ ᠬᠡᠷᠡᠮ ᠠᠴᠠ ᠡᠮᠦᠨᠡᠰᠢ ᠪᠠᠶᠢᠷᠢᠯᠠᠵᠤ ᠪᠠᠶᠢᠭᠰᠠᠨ ᠥᠷᠲᠡᠭᠡ ᠶᠢ ᠨᠣᠬᠠᠢ ᠥᠷᠲᠡᠭᠡ᠂ ᠡᠯᠵᠢᠭᠡᠨ ᠥᠷᠲᠡᠭᠡ ᠭᠡᠵᠦ ᠠᠩᠭᠢᠯᠠᠵᠤ ᠪᠠᠶᠢᠪᠠ᠃ ᠥᠷᠲᠡᠭᠡ ᠶᠢ ᠮᠥᠨ ᠬᠠᠭᠤᠷᠠᠢ ᠥᠷᠲᠡᠭᠡ᠂ ᠤᠰᠤᠨ ᠵᠠᠮ ᠤᠨ ᠥᠷᠲᠡᠭᠡ ᠬᠡᠮᠡᠨ ᠠᠩᠭᠢᠯᠠᠵᠤ ᠪᠠᠶᠢᠵᠠᠢ᠃ ᠢᠯ ᠬᠠᠭᠠᠳ ᠤᠨ ᠤᠯᠤᠰ ᠶᠤᠸᠠᠨ ᠭᠦᠷᠦᠨ ᠬᠤᠭᠤᠷᠣᠨᠳᠣ ᠪᠠᠨ ᠨᠢᠭᠲᠠ ᠬᠠᠷᠢᠯᠴᠠᠭ᠎ᠠ ᠲᠠᠢ ᠪᠠᠶᠢᠵᠤ᠂ ᠬᠤᠳᠠᠯᠳᠤᠭ᠎ᠠ ᠬᠥᠭᠵᠢᠨ᠂ ᠬᠤᠯᠪᠣᠭᠳᠠᠬᠤ ᠪᠣᠭᠤᠮᠲᠠ ᠪᠠᠷ ᠢᠶᠠᠨ ᠲᠣᠷᠭ᠎ᠠ᠂ ᠱᠠᠭᠠᠵᠠᠩ ᠵᠡᠷᠭᠡ ᠶᠢ ᠰᠣᠯᠢᠯᠴᠠᠵᠦ ᠪᠠᠶᠢᠪᠠ᠃      ᠣᠯᠠᠭ᠎ᠠ ᠦᠷᠳᠡᠭᠡ ᠳᠠᠬᠢ ᠣᠴᠠᠷᠠᠯ ᠳᠣᠬᠢᠶᠠᠯᠳᠣᠯ      ᠠᠷᠠᠳ ᠣᠯᠠᠨ ᠥᠷᠲᠡᠭᠡ ᠪᠠᠭᠤᠳᠠᠯ ᠤᠨ ᠠᠯᠪᠠ ᠶᠢ ᠬᠡᠷᠬᠢᠨ ᠭᠦᠢᠴᠡᠳᠭᠡᠵᠦ ᠪᠠᠶᠢᠭᠰᠠᠨ ᠲᠤᠬᠠᠢ ᠷᠡᠰᠢᠳ᠋ ᠠᠳ᠋ ᠳ᠋ᠢᠨ ︽ᠡᠯᠴᠢ ᠮᠡᠳᠡᠭᠡᠴᠢᠳ ᠤᠨ ᠵᠡᠷᠭᠡ ᠵᠢᠩᠳᠠᠭ᠎ᠠ ᠶᠢ ᠳᠠᠭᠠᠯᠳᠤᠨ ᠶᠠᠪᠤᠭ᠎ᠠ ᠬᠦᠮᠦᠰ ᠤᠨ ᠬᠢ ᠨᠢ ᠪᠠᠶᠢᠷᠢ ᠪᠠᠶᠢᠳᠠᠯ ᠬᠠᠷᠠᠭᠤᠯᠵᠤ ᠪᠠᠶᠢᠭᠰᠠᠨ ᠤᠴᠢᠷ ᠠᠯᠢ ᠪᠣᠯᠬᠤ ᠣᠯᠠᠨ ᠰᠢᠳᠠᠷ ᠳᠠᠭᠠᠭᠤᠯᠢ ᠡᠪᠴᠤ ᠶᠠᠪᠤᠬᠤ ᠶᠢ ᠬᠢᠴᠢᠶᠡᠳᠡᠭ ᠃ ᠡᠨᠡ ᠨᠢ ᠶᠠᠪᠤᠨ ᠶᠠᠪᠤᠭᠰᠠᠭᠠᠷ ᠶᠡᠭᠡ ᠬᠠᠭᠠᠨ᠂ ᠳᠡᠭᠡᠳᠦ ᠵᠢᠩᠳᠠᠭ᠎ᠠ ᠶᠢᠨ ᠲᠦᠰᠢᠮᠡᠳ ᠤᠨ ᠣᠭᠲᠣ ᠲᠣᠭᠤᠵᠤ ᠬᠡᠷᠡᠭᠰᠡᠬᠦ ᠦᠭᠡᠢ ᠵᠢᠵᠢᠭ ᠬᠡᠷᠡᠭ ᠠᠵᠢᠯ ᠢ ᠭᠦᠷᠳᠡᠯ᠎ᠠ ᠡᠯᠴᠢ ᠮᠡᠳᠡᠭᠡᠴᠢ ᠨᠠᠷ 200 — 300 ᠳᠠᠭᠠᠭᠤᠯ ᠲᠠᠢ ᠭᠦᠢᠴᠡᠳᠭᠡᠭᠦ ᠭᠡᠵᠦ ᠶᠠᠪᠣᠠ᠂ ᠥᠨᠳᠥᠷ ᠬᠡᠷᠭᠡᠮ ᠪᠦᠬᠦᠢ ᠨᠣᠶᠠᠳ 500 — 1000 ᠪᠠᠷ᠎ᠠ ᠪᠣᠯᠤᠭᠴᠢᠳ ᠤᠨ ᠬᠠᠮᠲᠤ ᠥᠷᠲᠡᠭᠡᠯᠡᠨ ᠳᠠᠪᠬᠢᠳᠠᠭ ᠪᠠᠶᠢᠭᠰᠠᠨ ᠶᠤᠮ︾ ᠬᠡᠮᠡᠵᠡᠢ᠃      ᠫᠧᠷᠰ ᠤᠨ ᠲᠡᠦᠬᠡᠴᠢ ᠡᠶᠢᠨᠬᠦ ᠥᠷᠲᠡᠭᠡ ᠤᠯᠠᠭ᠎ᠠ ᠪᠠᠷ ᠳᠡᠩᠳᠡᠭᠦᠦ ᠣᠯᠠᠨ ᠬᠦᠮᠦᠨ ᠡᠮᠬᠢ ᠵᠠᠮᠪᠠᠷᠠᠭ᠎ᠠ ᠦᠭᠡᠢ ᠦᠢᠯᠡᠴᠢᠯᠡᠭᠦᠯᠳᠡᠭ ᠲᠤᠬᠠᠢ ᠪᠢᠴᠢᠭᠰᠡᠨ ᠪᠣᠯ᠂ ᠥᠭᠡᠷ᠎ᠡ ᠨᠢᠭᠡ ᠲᠡᠦᠬᠡᠴᠢ ᠮᠣᠩᠭᠤᠯ ᠨᠣᠶᠠᠳ ᠡᠷᠬᠢᠮ ᠳᠡᠭᠡᠳᠦᠰ ᠤᠨ ᠡᠯᠴᠢ ᠲᠥᠯᠥᠭᠡᠯᠡᠭᠴᠢᠳ ᠥᠩᠭᠡᠷᠡᠵᠦ ᠪᠠᠶᠢᠭ᠎ᠠ ᠬᠤᠲᠠ ᠲᠣᠰᠬᠤᠨ᠂ ᠠᠶᠢᠯ ᠬᠦᠷᠢᠶᠡᠨ ᠤ ᠬᠦᠮᠦᠨ ᠵᠣᠨ ᠢ ᠬᠡᠷᠬᠢᠨ ᠡᠵᠡᠷᠬᠡᠨ ᠲᠦᠷᠢᠮᠡᠭᠡᠶᠢᠯᠡᠵᠦ᠂ ᠳᠡᠭᠡᠷᠡᠮᠳᠡᠵᠦ ᠪᠠᠶᠢᠭᠰᠠᠨ ᠢ ᠳᠦᠷᠰᠦᠯᠡᠨ ᠪᠢᠴᠢᠭᠰᠡᠨ ᠪᠠᠶᠢᠳᠠᠭ᠃ ᠡᠭᠦᠨ ᠠᠴᠠ ᠦᠵᠡᠬᠦ ᠳᠤ ᠥᠷᠲᠡᠭᠡᠨ ᠤ ᠠᠯᠪᠠ ᠨᠢ ᠨᠤᠲᠤᠭ ᠤᠨ ᠢᠷᠭᠡᠳ ᠲᠤ ᠬᠡᠴᠢᠨᠡᠨ ᠬᠦᠨᠳᠦ ᠪᠠᠶᠢᠭᠰᠠᠨ ᠢ ᠪᠣᠳᠣᠬᠤ ᠯᠠ ᠶᠣᠰᠣᠳᠠᠢ᠃ ᠡᠯᠴᠢ᠂ ᠮᠡᠳᠡᠭᠡᠴᠢᠳ ᠮᠠᠰᠢ ᠣᠯᠠᠨ ᠪᠠᠶᠢᠭᠰᠠᠨ ᠪᠥᠭᠡᠳ ᠤᠨᠤᠭ᠎ᠠ ᠮᠣᠷᠢ ᠨᠢ ᠰᠤᠯᠠᠳᠠᠭᠰᠠᠨ ᠦᠶ᠎ᠡ ᠳᠤ ᠲᠠᠭᠠᠷᠠᠯᠳᠤᠭᠰᠠᠨ ᠠᠷᠠᠳ ᠠᠴᠠ ᠳᠤᠷ᠎ᠠ ᠮᠡᠳᠡᠨ ᠤᠨᠤᠭ᠎ᠠ ᠪᠠᠨ ᠰᠡᠯᠪᠢᠨ ᠴᠢᠨᠠᠭᠰᠢ ᠶᠠᠪᠤᠳᠠᠭ ᠪᠠᠶᠢᠭᠰᠠᠨ᠃      ᠬᠢᠲᠠᠳ ᠲᠡᠦᠬᠡᠴᠢ ᠶᠢᠨ ᠲᠡᠮᠳᠡᠭᠯᠡᠭᠰᠡᠨ ᠢ ᠰᠡᠶᠢᠷᠡᠭᠦᠯᠪᠡᠯ᠄ ︽ᠲᠡᠳᠡ ᠬᠠᠮᠢᠭ᠎ᠠ ᠶᠠᠪᠤᠭᠰᠠᠨ ᠭᠠᠵᠠᠷ ᠢᠶᠠᠨ ᠣᠷᠣᠰᠢᠨ ᠰᠠᠭᠤᠭᠴᠢᠳ ᠢ ᠶᠡᠬᠡᠳᠡ ᠲᠦᠢᠪᠡᠭᠡᠨ ᠰᠠᠠᠳᠣᠷᠭᠠᠨ᠎ᠠ᠃ ᠥᠷᠲᠡᠭᠡ ᠪᠠᠭᠤᠳᠠᠯ ᠳᠤ ᠢᠷᠡᠬᠦ ᠪᠠᠷ ᠢᠶᠠᠨ ᠲᠡᠳᠡ ᠶᠠᠭᠤᠮ᠎ᠠ ᠪᠦᠬᠦᠨ ᠢ ᠱᠠᠭᠠᠷᠳᠠᠨ ᠰᠢᠬᠠᠨ᠎ᠠ᠃ ᠬᠤᠭᠤᠯᠠ ᠴᠠᠢ ᠶᠢ ᠨᠢ ᠥᠴᠥᠬᠡᠨ ᠲᠡᠳᠦᠢ ᠰᠠᠭᠠᠳᠠᠭᠤᠯᠬᠤ ᠳᠤ ᠵᠠᠨᠴᠢᠵᠤ ᠰᠢᠳᠬᠡᠨ᠎ᠡ︾ ᠬᠡᠮᠡᠵᠡᠢ᠃ ᠬᠤᠪᠢᠯᠠᠢ ᠬᠠᠭᠠᠨ ᠥᠷᠲᠡᠭᠡᠨ ᠤ ᠠᠯᠪᠠᠨ ᠳᠤ ᠭᠠᠷᠴᠤ ᠪᠤᠢ ᠪᠡᠷᠬᠡᠰᠢᠶᠡᠯ ᠤᠳ ᠢ ᠲᠣᠭᠠᠴᠠᠠ ᠦᠵᠡᠵᠦ᠂ 1280 ᠣᠨ ᠳᠤ ᠵᠠᠷᠯᠢᠭ ᠪᠠᠭᠤᠯᠭᠠᠠ᠂ ᠥᠷᠲᠡᠭᠡᠨ ᠤ ᠰᠢᠨ᠎ᠡ ᠬᠠᠤᠯᠢ ᠭᠠᠷᠭᠠᠵᠠᠢ᠃ ᠡᠨᠡᠬᠦ ᠬᠠᠤᠯᠢ ᠳᠤ ᠡᠯᠴᠢ ᠨᠠᠷ ᠥᠷᠲᠡᠭᠡ ᠪᠠᠷ ᠦᠢᠯᠡᠴᠢᠯᠡᠭᠦᠯᠬᠦ ᠲᠤᠰᠬᠠᠢ ᠡᠷᠭᠡ ᠶᠢ ᠡᠯᠴᠢ ᠨᠠᠷ ᠤᠨ ᠵᠡᠷᠭᠡ ᠳᠣᠰᠢᠶᠠᠯ ᠢ ᠬᠠᠷᠠᠭᠠᠯᠵᠠᠨ ᠣᠯᠭᠤᠬᠤ ᠪᠠᠷ ᠳᠣᠭᠳᠠᠵᠠᠢ᠃      ᠥᠷᠲᠡᠭᠡ ᠪᠠᠷ ᠶᠠᠪᠤᠭ᠎ᠠ ᠨᠣᠶᠠᠳ ᠤᠨ ᠬᠤᠭᠤᠯᠠ ᠬᠦᠨᠡᠰᠦ ᠬᠡᠷᠡᠭᠯᠡᠬᠦ ᠬᠡᠮᠵᠢᠶ᠎ᠠ ᠶᠢ ᠬᠦᠷᠲᠡᠯ᠎ᠡ ᠬᠠᠲᠠᠭᠤ ᠲᠣᠭᠲᠠᠭᠠᠨ ᠥᠭᠴᠡᠢ᠃ ᠬᠤᠪᠢᠯᠠᠢ ᠬᠠᠭᠠᠨ ᠤ ᠥᠷᠲᠡᠭᠡᠨ ᠤ ᠠᠯᠪᠠ ᠪᠣᠯᠣᠠ ᠦᠢᠯᠡᠴᠢᠯᠡᠭᠡᠨ ᠤ ᠲᠠᠯ᠎ᠠ ᠪᠠᠷ ᠠᠪᠴᠤ ᠬᠡᠷᠡᠭᠵᠢᠭᠦᠯᠦᠭᠰᠡᠨ ᠡᠨᠡ ᠶᠡᠭᠡ ᠠᠵᠢᠯ ᠦᠢᠯᠡᠰ ᠨᠢ ᠲᠤᠬᠠᠢ ᠶᠢᠨ ᠦᠶ᠎ᠠ ᠳᠤ ᠪᠠᠨ ᠶᠤᠸᠠᠨ ᠭᠦᠷᠦᠨ ᠳᠣᠲᠣᠷ᠎ᠠ ᠪᠠᠨ ᠴᠤ᠂ ᠬᠠᠷᠢ ᠤᠯᠤᠰ ᠲᠠᠢ ᠬᠠᠷᠢᠯᠴᠠᠬᠤ ᠬᠠᠷᠢᠯᠴᠠᠭ᠎ᠠ ᠪᠠᠨ ᠬᠥᠭᠵᠢᠭᠦᠯᠬᠦ ᠳᠤ ᠴᠦ ᠨᠡᠩ ᠴᠢᠬᠤᠯᠠ ᠰᠢᠨᠡᠴᠢᠯᠡᠯ ᠪᠣᠯᠤᠭᠰᠠᠨ ᠠᠵᠢ᠃ ᠬᠤᠪᠢᠯᠠᠢ ᠬᠠᠭᠠᠨ ᠬᠠᠭᠠᠨᠴᠢᠯᠠᠵᠤ ᠪᠠᠶᠢᠬᠤ ᠦᠶ᠎ᠡ ᠳᠤ ᠴᠠᠭᠠᠠ ᠭᠡᠷᠡᠮ ᠠᠴᠠ ᠳᠣᠳᠣᠭᠰᠢᠬᠢ ᠭᠠᠵᠠᠷ ᠣᠷᠣᠠ ᠳᠤ 1400 ᠥᠷᠲᠡᠭᠡ ᠠᠵᠢᠯᠯᠠᠵᠤ᠂ 50000 ᠠᠭᠲᠠ ᠮᠣᠷᠢ᠂ 8400 ᠱᠠᠷ᠂ 6700 ᠯᠠᠭᠤᠰᠠ᠂ 4000 ᠲᠡᠷᠭᠡ᠂ 6000 ᠵᠠᠪᠢ᠂ 200 ᠭᠠᠷᠤᠢ ᠨᠣᠬᠠᠢ ᠪᠠᠶᠢᠪᠠ᠃ ᠥᠷᠲᠡᠭᠡᠨ ᠤ ᠭᠠᠵᠠᠷ ᠤᠳ ᠨᠢ ᠬᠤᠭᠤᠷᠣᠨᠳᠣ ᠪᠠᠨ ᠢᠯᠭᠠᠭ᠎ᠠ ᠲᠠᠢ ᠴᠤ ᠭᠡᠰᠡᠨ ᠪᠦᠭᠦᠳᠡ ᠳᠤ ᠨᠢ ᠵᠣᠴᠢᠳ ᠲᠤ ᠵᠣᠷᠢᠭᠤᠯᠤᠭᠰᠠᠨ ᠪᠠᠭᠤᠳᠠᠯ᠂ ᠬᠤᠭᠤᠯᠠ ᠪᠡᠯᠡᠳᠬᠡᠬᠦ ᠥᠷᠦᠭᠡ᠂ ᠭᠤᠣᠯ ᠲᠠᠩᠬᠢᠮ᠂ ᠮᠠᠯ ᠤᠨ ᠬᠠᠰᠢᠶ᠎ᠠ ᠬᠤᠷᠤᠭ᠎ᠠ᠂ ᠦᠷ᠎ᠡ ᠲᠠᠷᠢᠶ᠎ᠠ ᠡᠪᠡᠰᠦ ᠬᠠᠳᠠᠭᠠᠯᠠᠬᠤ ᠭᠦᠮᠦᠷᠭᠡ ᠲᠠᠢ ᠪᠠᠶᠢᠵᠠᠢ᠃      ᠴᠢᠬᠤᠯᠠ ᠮᠡᠳᠡᠭᠡ ᠬᠦᠷᠭᠡᠵᠦ ᠶᠠᠪᠤᠭ᠎ᠠ ᠡᠯᠴᠢ ᠵᠠᠷᠤᠯᠭ᠎ᠠ ᠰᠠᠭᠠᠳ ᠦᠭᠡᠢ ᠶᠠᠪᠤᠪᠠᠯ ᠡᠳᠦᠷ ᠲᠤ 250 ᠮᠢᠯ ᠵᠠᠮ ᠲᠤᠭᠤᠯᠵᠤ ᠴᠢᠳᠠᠳᠠᠭ ᠪᠠᠶᠢᠵᠠᠢ᠃ ᠡᠨᠡ ᠨᠢ 13 ᠳ᠋ᠦ᠋ᠭᠠᠷ ᠵᠠᠭᠤᠨ ᠳᠤ ᠥᠷᠲᠡᠭᠡᠨ ᠤ ᠦᠢᠯᠡᠴᠢᠯᠡᠭᠡ ᠶᠠᠮᠠᠷ ᠶᠡᠭᠡ ᠰᠢᠭᠤᠷᠬᠠᠢ ᠪᠠᠶᠢᠭᠰᠠᠨ ᠢ ᠬᠠᠷᠠᠭᠤᠯᠵᠤ ᠪᠠᠶᠢᠨ᠎ᠠ᠃ ᠡᠨᠡ ᠨᠢ 21 ᠳ᠋ᠦ᠋ᠭᠡᠷ ᠵᠠᠭᠤᠨ ᠤ ᠢᠨᠲ᠋ᠧᠷᠨᠧᠲ ᠲᠠᠢ ᠲᠡᠩᠴᠡᠨ᠎ᠡ᠃      ᠴᠢᠩ ᠣᠯᠣᠰ ᠤᠨ ᠦᠶ᠎ᠡ ᠳᠤ ᠮᠣᠩᠭᠤᠯ ᠨᠤᠲᠤᠭ ᠲᠤ ᠮᠣᠷᠢᠨ ᠥᠷᠲᠡᠭᠡ ᠶᠢ ᠣᠯᠠᠨ ᠢᠶᠠᠷ ᠪᠠᠶᠢᠭᠤᠯᠤᠭᠰᠠᠨ ᠪᠠᠶᠢᠨ᠎ᠠ᠃ ᠴᠠᠭᠠᠨ ᠬᠡᠷᠡᠮ ᠠᠴᠠ ᠬᠤᠶᠢᠰᠢ 5 ᠵᠠᠮ ᠤᠨ ᠳᠠᠭᠠᠤ ᠥᠷᠲᠡᠭᠡ ᠪᠠᠶᠢᠭᠤᠯᠪᠠ᠃ ᠡᠨᠡ ᠨᠢ ᠴᠢᠩ ᠣᠯᠣᠰ ᠤᠨ ᠴᠡᠷᠢᠭ ᠠᠩᠭᠢ ᠨᠤᠭᠤᠳ ᠲᠤ ᠴᠡᠷᠢᠭ ᠤᠨ ᠲᠤᠰᠢᠶᠠᠯ᠂ ᠮᠡᠳᠡᠭᠡ ᠳᠠᠮᠵᠢᠭᠤᠯᠬᠤ ᠵᠣᠷᠢᠯᠭ᠎ᠠ ᠲᠠᠢ 150 ᠭᠠᠷᠤᠢ ᠥᠷᠲᠡᠭᠡ ᠪᠠᠶᠢᠭᠰᠠᠨ ᠶᠤᠮ᠃ ᠥᠷᠲᠡᠭᠡ ᠪᠣᠯᠭᠠᠨ ᠳᠤ 20 — 30 ᠠᠶᠢᠯ ᠠᠯᠪᠠ ᠵᠠᠯᠭᠠᠭᠤᠯᠵᠤ᠂       60 — 90 ᠬᠦᠮᠦᠨ ᠠᠵᠢᠯᠯᠠᠳᠠᠭ ᠪᠠᠶᠢᠪᠠ᠃ ᠴᠢᠩ ᠣᠯᠣᠰ ᠤᠨ ᠦᠶ᠎ᠡ ᠶᠢᠨ ᠥᠷᠲᠡᠭᠡ ᠨᠢ ᠠᠷᠠᠳ ᠣᠯᠠᠨ ᠤ ᠬᠥᠷᠥᠩᠭᠡ᠂ ᠬᠦᠴᠦᠨ ᠳᠡᠭᠡᠷ᠎ᠡ ᠲᠣᠭᠲᠠᠵᠦ ᠪᠠᠶᠢᠪᠠ᠃ ᠳᠣᠬᠠᠢ ᠶᠢᠨ ᠦᠶ᠎ᠠ ᠳᠤ ᠮᠣᠩᠭᠤᠯᠴᠤᠳ ᠣᠯᠠᠨ ᠠᠯᠪᠠ ᠵᠠᠯᠭᠠᠭᠤᠯᠵᠤ ᠪᠠᠶᠢᠭᠰᠠᠨ ᠤ ᠨᠢᠭᠡ ᠨᠢ ᠡᠨᠡ ᠭᠦ ᠣᠯᠠᠭ᠎ᠠ ᠦᠷᠳᠡᠭᠡ ᠶᠢᠨ ᠠᠯᠪᠠ ᠶᠤᠮ᠃ ᠮᠦᠠ ᠥᠷᠲᠡᠭᠡᠨ ᠤ ᠠᠯᠪᠠ ᠶᠢ ᠳᠠᠭᠠᠵᠤ ᠪᠤᠢ ᠪᠣᠯᠤᠭᠰᠠᠨ ᠦᠭᠡᠷ᠎ᠠ ᠨᠢᠭᠡ ᠠᠯᠪᠠ ᠨᠢ ᠬᠠᠷᠠᠭᠤᠯ ᠤᠨ ᠠᠯᠪᠠ ᠪᠠᠶᠢᠪᠠ᠃      ᠬᠤᠲᠤᠭᠲᠤ ᠬᠤᠪᠢᠯᠭᠠᠳ᠂ ᠠᠶᠢᠮᠠᠭ ᠤᠨ ᠨᠣᠶᠠᠳ ᠤᠳ᠂ ᠵᠠᠰᠠᠭ ᠨᠣᠶᠠᠳ ᠤᠳ ᠠᠴᠠ ᠥᠭᠡᠷ᠎ᠡ ᠬᠡᠨ ᠴᠤ ᠥᠷᠲᠡᠭᠡᠨ ᠤ ᠠᠯᠪᠠᠨ ᠠᠴᠠ ᠴᠢᠯᠦᠭᠡᠯᠡᠭᠳᠡᠳᠡᠭ ᠦᠭᠡᠢ ᠪᠠᠶᠢᠪᠠ᠃ ᠠᠷᠠᠳ ᠤᠳ ᠤᠯᠠᠭ᠎ᠠ ᠦᠷᠳᠡᠭᠡ ᠳᠤ ᠬᠠᠮᠤᠭ ᠬᠥᠷᠥᠩᠭᠡ ᠬᠥᠳᠡᠯᠮᠦᠷᠢ ᠪᠠᠨ ᠵᠠᠷᠤᠴᠠᠭᠤᠯᠵᠤ ᠨᠣᠶᠠᠳ ᠲᠦᠰᠢᠮᠡᠳ᠂ ᠡᠯᠴᠢ ᠨᠠᠷ ᠤᠨ ᠣᠷᠣᠨ ᠰᠠᠭᠤᠴᠠ᠂ ᠬᠤᠭᠤᠯᠠ ᠬᠦᠨᠡᠰᠦ ᠶᠢ ᠳᠠᠭᠠᠭᠠᠵᠤ᠂ ᠪᠠᠰᠠ ᠪᠦᠬᠦ ᠠᠯᠪᠠ ᠬᠠᠷᠢᠯᠴᠠᠭᠠᠨ ᠤ ᠰᠢᠤᠳᠠᠨ ᠪᠢᠴᠢᠭ ᠢ ᠳᠠᠮᠵᠢᠭᠤᠯᠳᠠᠭ ᠪᠠᠶᠢᠪᠠ᠃ ᠲᠤᠬᠠᠢ ᠶᠢᠨ ᠦᠶ᠎ᠡ ᠶᠢᠨ ᠮᠠᠨᠵᠤ ᠶᠢᠨ ᠲᠣᠭᠲᠠᠭᠠᠭᠰᠠᠨ ᠬᠠᠤᠯᠢ ᠵᠢᠷᠤᠮ ᠤᠨ ᠳᠠᠭᠠᠤ ᠥᠷᠲᠡᠭᠡᠨ ᠤ ᠨᠢᠭᠡᠨ ᠡᠷᠦᠬᠡ ᠨᠢ 50 ᠠᠳᠤᠭᠤ᠂ 10 ᠲᠡᠮᠡᠭᠡ᠂ 100 ᠬᠤᠨᠢᠨ ᠤ ᠬᠥᠷᠥᠩᠭᠡ ᠲᠠᠢ ᠪᠠᠶᠢᠬᠤ ᠠᠴᠠ ᠭᠠᠳᠠᠨ᠎ᠠ ᠴᠡᠷᠢᠭ ᠡᠷ᠎ᠡ ᠶᠢᠨ ᠤᠨᠤᠯᠭ᠎ᠠ᠂ ᠠᠴᠢᠯᠭᠠᠨ ᠳᠤ ᠲᠤᠰᠬᠠᠶᠢᠯᠠᠨ ᠲᠣᠭᠲᠠᠭᠠᠭᠰᠠᠨ ᠶᠣᠰᠣᠭᠠᠷ ᠮᠣᠷᠢ᠂ ᠲᠡᠮᠡᠭᠡ᠂ ᠨᠤᠮᠤ ᠰᠤᠮᠤ᠂ ᠭᠡᠷ ᠵᠡᠷᠭᠡ ᠶᠢ ᠪᠡᠯᠡᠳᠬᠡᠬᠦ ᠡᠭᠦᠷᠭᠡ ᠲᠠᠢ ᠪᠠᠶᠢᠵᠠᠢ᠃      ᠥᠷᠲᠡᠭᠡᠨ ᠤ ᠠᠯᠪᠠ ᠨᠢ ᠨᠤᠲᠤᠭ ᠤᠨ ᠠᠷᠠᠳ ᠢᠷᠭᠡᠳ ᠳᠡᠭᠡᠷ᠎ᠡ ᠪᠠᠶᠢᠩᠭᠤ ᠬᠦᠨᠳᠦ ᠳᠠᠷᠤᠮᠲᠠ ᠪᠣᠯᠵᠤ᠂ ᠵᠠᠷᠢᠮ ᠠᠶᠢᠯ ᠬᠤᠭᠤᠰᠣᠷᠠᠨ ᠶᠠᠳᠠᠭᠤᠷᠠᠵᠤ ᠪᠠᠶᠢᠭᠰᠠᠨ ᠭᠡᠳᠡᠭ᠃ ᠴᠢᠩ ᠣᠯᠣᠰ ᠤᠨ ᠬᠠᠤᠯᠢ ᠳᠤ ᠥᠷᠲᠡᠭᠡ ᠶᠢ ᠠᠰᠢᠬᠯᠠᠬᠤ ᠡᠯᠴᠢ ᠲᠥᠯᠥᠭᠡᠯᠡᠭᠴᠢᠳ ᠤᠨ ᠬᠦᠨᠡᠰᠦ ᠬᠡᠷᠡᠭᠯᠡᠯ᠂ ᠤᠨᠤᠯᠭ᠎ᠠ ᠠᠴᠢᠯᠭ᠎ᠠ ᠶᠢᠨ ᠮᠣᠷᠢ᠂ ᠬᠥᠲᠥᠴᠢ ᠨᠠᠷ ᠤᠨ ᠲᠤᠭ᠎ᠠ᠂ ᠬᠡᠮᠵᠢᠶ᠎ᠡ ᠶᠢ ᠲᠣᠳᠣᠷᠬᠠᠢ ᠵᠢᠭᠠᠵᠤ ᠥᠭᠭᠦᠭᠰᠡᠨ ᠪᠣᠯᠪᠠᠴᠤ ᠥᠷᠲᠡᠭᠡᠯᠡᠨ ᠶᠠᠪᠤᠭᠴᠢ ᠡᠷᠬᠡᠲᠡᠨ ᠳᠠᠷᠬᠠᠲᠠᠨ ᠨᠤᠭᠤᠳ ᠥᠪᠡᠷ ᠥᠪᠡᠷᠰᠡᠳ ᠤᠨ ᠳᠤᠷ᠎ᠠ ᠵᠤᠷᠢᠬ ᠢᠶᠠᠷ ᠠᠭᠠᠰᠢᠯᠠᠨ ᠠᠷᠠᠳ ᠣᠯᠠᠨ ᠢ ᠴᠢᠷᠦᠭᠳᠡᠭᠦᠯᠵᠦ ᠪᠠᠶᠢᠵᠠᠢ᠃ ᠴᠢᠩ ᠣᠯᠣᠰ ᠤᠨ ᠬᠠᠭᠠᠨ ᠤ ᠵᠠᠷᠯᠢᠭ ᠢᠶᠠᠷ ᠤᠯᠢᠶᠠᠰᠤᠲᠠᠢ ᠶᠢᠨ ᠵᠠᠩᠵᠤᠨ ᠠᠯᠲᠠᠢ ᠳᠤ ᠣᠴᠢᠬᠤ ᠳᠤ ᠪᠠᠨ ᠵᠠᠮ ᠵᠠᠭᠤᠷ᠎ᠠ ᠪᠠᠨ ᠥᠷᠲᠡᠭᠡ ᠲᠤᠲᠤᠮ ᠢᠶᠠᠷ ᠰᠠᠶᠢᠨ ᠮᠣᠩᠭᠤᠯ ᠭᠡᠷ 60᠂ ᠤᠨᠣᠬᠤ ᠰᠠᠶᠢᠨ ᠮᠣᠷᠢ 200᠂ ᠮᠣᠷᠢᠲᠠᠢ ᠤᠯᠠᠭᠠᠴᠢ 150᠂ ᠠᠴᠢᠶ᠎ᠠ ᠲᠡᠮᠡᠭᠡ 100᠂ ᠬᠦᠨᠡᠰᠦᠨ ᠤ ᠬᠤᠨᠢ ᠬᠠᠤᠯᠢ ᠳᠤ ᠵᠢᠭᠠᠭᠰᠠᠨ ᠤ ᠳᠠᠭᠠᠤ ᠪᠦᠷᠢᠳᠦᠭᠦᠯᠬᠦ ᠪᠥᠭᠡᠳ ᠪᠤᠴᠠᠬᠤ ᠳᠤ ᠪᠠᠨ ᠨᠢᠭᠡᠨ ᠰᠠᠭᠤᠷᠢ ᠥᠷᠲᠡᠭᠡᠨ ᠠᠴᠠ ᠤᠨᠤᠬᠤ᠂ ᠠᠴᠢᠬᠤ ᠮᠣᠷᠢ 300᠂ ᠮᠣᠷᠢᠲᠠᠢ ᠤᠯᠠᠭᠠᠴᠢ 200᠂ ᠠᠴᠢᠶ᠎ᠠ ᠲᠡᠮᠡᠭᠡ 180᠂ ᠥᠷᠲᠡᠭᠡᠨ ᠤ ᠭᠠᠵᠠᠷ ᠤᠳ ᠲᠤ ᠪᠠᠷᠢᠬᠤ ᠭᠡᠷ ᠪᠣᠯᠤᠨ ᠮᠠᠶᠢᠬᠠᠨ 100᠂ ᠬᠦᠨᠡᠰᠦᠨ ᠤ ᠣᠯᠠᠨ ᠠᠷᠪᠢᠠ ᠬᠤᠨᠢ ᠪᠡᠯᠡᠳᠭᠡᠭᠦᠯᠵᠦ ᠪᠠᠶᠢᠵᠠᠢ᠃      ᠴᠢᠩ ᠣᠯᠣᠰ ᠤᠨ ᠠᠯᠪᠠᠠ ᠤ ᠳᠠᠯ᠎ᠠ ᠠᠴᠠ ᠥᠷᠲᠡᠭᠡ ᠠᠯᠪᠠ ᠬᠢᠭᠰᠡᠨ ᠤ ᠬᠥᠯᠥᠰᠥ᠂ ᠬᠡᠷᠡᠭᠯᠡᠭᠰᠡᠨ ᠮᠣᠷᠢ ᠲᠡᠮᠡᠭᠡᠨ ᠤ ᠦᠨ᠎ᠡ ᠶᠢ ᠲᠣᠭᠠᠴᠠᠨ ᠣᠯᠭᠤᠳᠠᠭ ᠨᠡᠷ᠎ᠡ ᠲᠠᠢ᠂ ᠲᠡᠭᠦᠨ ᠢ ᠪᠠᠨ ᠠᠯᠳᠠᠭ ᠣᠨᠤᠭ ᠥᠭᠳᠡᠭ ᠪᠠᠶᠢᠭᠰᠠᠨ ᠪᠣᠯᠪᠠᠴᠤ ᠡᠨᠡ ᠨᠢ ᠬᠡᠷᠡᠭ ᠳᠡᠭᠡᠷ᠎ᠡ ᠪᠠᠨ ᠬᠤᠰᠢᠭᠤ ᠨᠤᠲᠤᠭ᠂ ᠠᠷᠠᠳ ᠣᠯᠠᠨ ᠤ ᠭᠠᠷᠭᠠᠭᠰᠠᠠ ᠠᠯᠢᠪᠠ ᠵᠠᠷᠤᠳᠠᠯ ᠤᠨ ᠬᠠᠮᠢᠭ᠎ᠠ ᠨᠢ ᠴᠤ ᠬᠦᠷᠦᠯᠴᠡᠳᠡᠭ ᠦᠭᠡᠢ ᠪᠠᠶᠢᠵᠠᠢ᠃      ᠤᠯᠠᠭ᠎ᠠ ᠦᠷᠳᠡᠭᠡ ᠬᠡᠷᠡᠭᠯᠡᠬᠦ ᠴᠢᠩ ᠣᠯᠣᠰ ᠤᠨ ᠲᠥᠷᠥ ᠶᠢᠨ ᠲᠥᠯᠥᠭᠡᠨ ᠤ ᠰᠠᠶᠢᠳ᠂ ᠲᠦᠰᠢᠮᠡᠳ ᠤᠨ ᠲᠤᠭ᠎ᠠ ᠨᠡᠮᠡᠭᠳᠡᠭᠰᠡᠨ ᠢᠶᠠᠷ ᠲᠡᠳᠡᠨ ᠳᠤ ᠠᠯᠪᠠ ᠬᠠᠭᠠᠬᠤ᠂ ᠳᠠᠭᠠᠯᠳᠤᠬᠤ ᠬᠦᠮᠦᠨ ᠤ ᠲᠤᠭ᠎ᠠ ᠴᠤ ᠨᠡᠮᠡᠭᠳᠡᠵᠡᠢ᠃ ᠡᠨᠡ ᠬᠢᠷᠢ ᠪᠠᠷ ᠲᠡᠳᠡᠨ ᠤ ᠵᠠᠷᠤᠳᠠᠯ᠂ ᠬᠡᠷᠡᠭᠯᠡᠯ ᠢ ᠨᠡᠶᠢᠯᠡᠭᠦᠯᠬᠦ ᠠᠯᠪᠠᠨ ᠤ ᠬᠡᠮᠵᠢᠶ᠎ᠡ ᠴᠤ ᠨᠡᠮᠡᠭᠳᠡᠪᠡ᠃ ᠲᠡᠷᠡᠴᠢᠯᠡᠨ ᠥᠷᠲᠡᠭᠡ ᠤᠯᠠᠭ᠎ᠠ ᠪᠠᠷ ᠳᠠᠭᠠᠷᠢᠨ ᠢᠷᠡᠭᠰᠡᠨ ᠰᠠᠶᠢᠳ ᠨᠠᠷ᠂ ᠶᠡᠬᠡᠰ ᠨᠣᠶᠠᠳ ᠢ ᠬᠤᠰᠢᠭᠤ ᠨᠤᠲᠤᠭ ᠲᠤ ᠪᠠᠨ ᠤᠭᠲᠤᠨ ᠠᠪᠬᠤ᠂ ᠬᠦᠨᠳᠦᠯᠡᠨ ᠳᠠᠶᠢᠯᠠᠬᠤ ᠭᠡᠵᠦ ᠪᠠᠭ᠎ᠠ ᠦᠭᠡᠢ ᠴᠢᠷᠦᠭᠳᠡᠯ ᠤᠴᠠᠷᠠᠭᠤᠯᠵᠤ ᠪᠠᠶᠢᠭᠰᠠᠨ ᠤ ᠵᠡᠷᠭᠡᠴᠡᠭᠡ ᠨᠤᠲᠤᠭ ᠬᠤᠰᠢᠭᠤᠨ ᠤ ᠨᠣᠶᠠᠳ ᠴᠤ ᠲᠡᠳᠡᠨ ᠳᠤ ᠠᠶ᠎ᠠ ᠲᠠᠯ᠎ᠠ ᠦᠵᠡᠬᠦ᠂ ᠨᠢᠭᠡ ᠨᠢᠭᠡᠨ ᠢᠶᠠᠨ ᠬᠤᠪᠯᠠᠬᠤ᠂ ᠥᠪᠡᠷ ᠤᠨ ᠪᠠᠶᠢᠷᠢ ᠰᠠᠭᠤᠷᠢ᠂ ᠠᠯᠪᠠᠨ ᠲᠤᠰᠢᠶᠠᠯ ᠢᠶᠠᠨ ᠨᠡᠮᠡᠬᠦ᠂ ᠴᠣᠯᠠ ᠬᠡᠷᠭᠡᠮ ᠢᠶᠠᠨ ᠠᠬᠢᠭᠤᠯᠬᠤ ᠶᠢᠨ ᠲᠤᠯᠠᠳᠠ ᠲᠣᠳᠣᠷᠬᠠᠢ ᠬᠡᠮᠵᠢᠶᠡᠨ ᠤ ᠠᠪᠯᠢᠭ᠎ᠠ ᠬᠠᠭ᠋ᠤᠤᠯᠢ ᠥᠭᠳᠡᠭ᠃      ᠣᠯᠠᠭ᠎ᠠ ᠦᠷᠳᠡᠭᠡ ᠨᠢ ᠶᠠᠪᠤᠨ ᠶᠠᠪᠤᠭᠰᠠᠭᠠᠷ 20 ᠳ᠋ᠦ᠋ᠭᠡᠷ ᠵᠠᠭᠤᠨ ᠤ ᠡᠬᠢᠨ ᠦᠶ᠎ᠡ ᠲᠠᠢ ᠵᠣᠯᠭᠠᠭᠰᠠᠨ ᠪᠠ ᠳᠡᠭᠡᠷ᠎ᠠ ᠵᠠᠭᠤᠠ ᠤ ᠵᠢᠷᠠᠭᠠᠳ ᠣᠨ ᠳᠤ ᠠᠦ᠋ᠲ᠋ᠣ᠋ ᠲᠡᠭᠡᠭᠡᠪᠦᠷᠢ ᠳᠤ ᠪᠠᠶᠢᠷᠢ ᠪᠠᠨ ᠲᠠᠯᠪᠢᠵᠤ ᠥᠭᠴᠡᠢ᠃      ᠶᠣᠸᠠᠨ ᠤᠯᠣᠰ ᠤᠨ ᠤᠯᠠᠭ᠎ᠠ ᠦᠷᠲᠡᠭᠡ ᠶᠢᠨ ᠵᠠᠮ ᠱᠣᠭᠤᠮ      ᠳᠤᠮᠳᠠᠳᠤ ᠣᠯᠤᠰ ᠦᠷᠦᠨᠡᠳᠠᠬᠢᠨ ᠲᠠᠢ ᠡᠷᠲᠡᠨ ᠠᠴᠠ ᠠᠪᠤᠭᠠᠳ ᠬᠠᠷᠢᠯᠴᠠᠭ᠎ᠠ ᠶᠠᠪᠤᠯᠴᠠᠭ᠎ᠠ ᠲᠠᠢ ᠪᠠᠶᠢᠵᠠᠢ᠃ ᠡᠷᠲᠠᠨ ᠤ ᠴᠦᠨ ᠴᠢᠤ ᠪᠠᠶᠢᠯᠳᠤᠭᠠᠨᠳᠤ ᠤᠯᠤᠰ ᠤᠨ ᠦᠶ᠎ᠡ ᠳᠤ ︽ᠪᠠᠷᠠᠭᠤᠨ ᠴᠡᠷᠢᠭ ᠤᠨ ᠭᠡᠶᠢᠴᠢᠨ︾ ᠭᠡᠬᠦ ᠲᠡᠮᠳᠡᠭᠯᠡᠯ ᠪᠠᠶᠢᠪᠠ᠃ ᠬᠠᠨ ᠤᠯᠤᠰ ᠤᠨ ᠦᠶ᠎ᠡ ᠳᠤ ᠲᠠᠯ᠎ᠠ ᠨᠤᠳᠤᠭ ᠤᠨ ᠨᠡᠪᠲᠡᠷᠡᠯ ᠵᠠᠮ ᠤᠨ ᠡᠮᠦᠨ᠎ᠡ ᠲᠠᠯ᠎ᠠ ᠶᠢ        ︽ᠲᠤᠷᠭᠠᠨ ᠵᠠᠮ︾ ᠭᠡᠵᠤ ᠳᠠᠭᠤᠳᠠᠬᠤ ᠪᠣᠯᠪᠠ᠃ ᠬᠠᠷᠢᠠ ᠳᠤᠷᠤᠨᠠᠳᠤ ᠦᠷᠦᠨᠡᠳᠤ ᠶᠢᠨ ᠶᠠᠪᠤᠯᠴᠠᠭ᠎ᠠ ᠳᠦᠷᠢᠮᠵᠢᠵᠤ ᠪᠦᠷᠢᠯᠳᠤᠭᠡᠳ ᠶᠡᠭᠡ ᠠᠬᠢᠯᠳᠠ ᠲᠠᠢ ᠪᠣᠯᠣᠭᠰᠠᠠ ᠨᠢ ᠶᠡᠭᠡ ᠶᠤᠸᠠᠨ ᠤᠯᠤᠰ ᠤᠨ ᠴᠠᠭ ᠦᠶ᠎ᠡ ᠪᠤᠯᠬᠤ ᠶᠤᠮ᠃ ᠶᠡᠭᠡ ᠮᠤᠩᠭᠤᠯ ᠤᠯᠤᠰ ᠬᠢᠭᠡᠳ ᠶᠤᠸᠠᠨ ᠤᠯᠤᠰ ᠤᠨ ᠦᠶ᠎ᠡ ᠳᠤ ᠳᠤᠮᠳᠠᠳᠤ ᠤᠯᠤᠰ ᠳᠠᠬᠢᠵᠤ ᠰᠢᠨ᠎ᠡ ᠪᠠᠷ ᠨᠢᠭᠡᠳᠴᠦ᠂ ᠴᠠᠭᠠᠳᠠᠢ᠂ ᠬᠢᠪᠴᠠᠭ ︵ᠠᠯᠲᠠᠨ ᠤᠷᠲᠤᠳᠤ ᠤᠯᠤᠰ︶᠂ ᠢᠯ ᠬᠠᠨ ᠵᠡᠷᠭᠡ ᠤᠯᠤᠰ ᠢ ᠪᠠᠭᠲᠠᠭᠠᠨ᠂        ︽ᠶᠡᠭᠡ ᠶᠤᠸᠠᠨ ᠤ ᠶᠡᠭᠡ ᠮᠤᠩᠭᠤᠯ ᠤᠯᠤᠰ︾ ᠤᠨ ᠨᠡᠷ᠎ᠡ ᠳᠤᠤᠷᠠᠬᠢ ᠨᠤᠳᠤᠭ ᠳᠡᠪᠢᠰᠭᠡᠷ 3300 ᠲᠦᠮᠡᠨ ᠳᠡᠭᠰᠢ ᠺᠢᠯᠤᠮᠧᠲᠷ ︵4400 ᠲᠦᠮᠡᠨ ᠳᠡᠭᠰᠢ ᠺᠢᠯᠤᠮᠧᠲᠷ ᠬᠡᠵᠦ ᠪᠠᠰᠠ ᠬᠡᠯᠡᠳᠡᠭ︶ ᠲᠤ ᠬᠦᠷᠴᠡᠢ᠃      ᠶᠣᠸᠠᠠ ᠣᠯᠣᠰ ᠨᠤᠶᠠᠷᠬᠠᠯ ᠢᠶᠠᠨ ᠪᠠᠲᠤᠳᠬᠠᠵᠤ ᠠᠷᠠᠯᠵᠢᠶ᠎ᠠ ᠬᠢᠬᠦ ᠶᠢᠨ ᠲᠦᠯᠦᠭᠡ ᠬᠢᠯᠢ ᠳᠤᠳᠤᠷ᠎ᠠ ᠪᠠᠨ ᠮᠤᠨᠳᠠᠭ ᠶᠡᠭᠡ ᠤᠯᠠᠭ᠎ᠠ ᠦᠷᠳᠡᠭᠡ ᠶᠢᠨ ᠰᠢᠰᠲ᠋ᠧᠮ ᠢ ᠪᠠᠶᠢᠭᠤᠯᠪᠠ᠃ ᠲᠡᠤᠬᠡᠨ ᠲᠡᠮᠳᠡᠭᠯᠡᠯ ᠳᠤ ᠦᠨᠳᠦᠰᠦᠯᠡᠪᠡᠯ᠂ ᠶᠤᠸᠠᠨ ᠤᠯᠤᠰ ᠤᠨ 8 ᠵᠠᠰᠠᠭ ᠵᠠᠬᠢᠷᠭᠠᠨ ᠤ ᠳᠤᠳᠤᠷ᠎ᠠ 913 ᠤᠯᠠᠭ᠎ᠠ ᠦᠷᠲᠡᠭᠡ ᠭᠠᠷᠭᠠᠵᠤ᠂ ᠤᠯᠠᠭ᠎ᠠ ᠶᠢᠨ ᠮᠤᠷᠢ 30 ᠭᠠᠷᠤᠢ ᠲᠦᠮᠡ ᠪᠠᠶᠢᠵᠠᠢ᠃ ᠡᠭᠦᠨ ᠠᠴᠠ ᠭᠠᠳᠠᠨ᠎ᠠ ᠪᠠᠰᠠ ᠶᠡᠭᠡ ᠬᠡᠮᠵᠢᠶᠡᠨ ᠤ ᠤᠰᠤᠨ ᠤᠯᠠᠭ᠎ᠠ᠂ ᠦᠬᠡᠷ ᠤᠨ ᠫᠦᠰᠡ ᠵᠢᠴᠢ ᠨᠤᠬᠠᠢ ᠶᠢᠨ ᠦᠷᠲᠡᠭᠡ᠂ ᠪᠤᠭᠤ ᠶᠢᠨ ᠦᠷᠲᠡᠭᠡ ᠲᠠᠢ ᠪᠠᠶᠢᠪᠠ᠃ ᠳᠠᠯᠠᠢ ᠶᠢᠨ ᠲᠡᠭᠡᠭᠡᠪᠦᠷᠢ ᠶᠢᠨ ᠬᠦᠭᠵᠢᠯᠲᠡ ᠨᠢ ᠳᠤᠷᠤᠨᠠᠳᠤ ᠦᠷᠦᠨᠡᠳᠤ ᠶᠢᠨ ᠠᠷᠠᠯᠵᠢᠶ᠎ᠡ ᠶᠢᠨ ᠬᠡᠯᠪᠡᠷᠢ ᠪᠠ ᠬᠡᠪᠴᠢᠶ᠎ᠡ ᠶᠢ ᠤᠯᠠᠮ ᠨᠢᠭᠡ ᠠᠯᠬᠤᠮ ᠨᠡᠮᠡᠭᠳᠡᠭᠦᠯᠵᠠᠢ᠃ ᠨᠢᠭᠡᠡ ᠦᠶ᠎ᠠ ᠡᠸᠦ᠋ᠷᠦᠫᠡ ᠠᠽᠢᠶ᠎ᠠ ᠬᠤᠶᠠᠷ ᠶᠡᠭᠡ ᠲᠢᠪ ᠤᠨ ᠬᠤᠭᠤᠷᠤᠨᠳᠤ ᠴᠡᠷᠢᠭ ᠳᠠᠶᠢᠨ ᠵᠣᠭᠰᠣᠵᠦ᠂ ᠬᠤᠳᠠᠯᠳᠤᠭ᠎ᠠ ᠠᠷᠠᠯᠵᠢᠶᠠᠨ ᠤ ᠶᠠᠪᠤᠯᠴᠠᠭ᠎ᠠ ᠡᠭᠦᠳᠡ ᠪᠠᠨ ᠵᠠᠷᠲᠠᠶᠢᠲᠠᠯ᠎ᠠ ᠨᠡᠭᠡᠭᠡᠭᠡᠳ ᠤᠷᠢᠳᠤ ᠡᠮᠤᠨ᠎ᠡ ᠪᠠᠶᠢᠭ᠎ᠠ ᠦᠭᠡᠢ ᠬᠡᠪᠴᠢᠶ᠎ᠡ ᠲᠠᠢ ᠳᠤᠷᠤᠨᠠᠳᠤ ᠦᠷᠦᠨᠡᠳᠤ ᠶᠢᠨ ᠶᠡᠭᠡ ᠶᠠᠪᠤᠯᠴᠠᠭ᠎ᠠ ᠡᠭᠦᠰᠦᠭᠰᠡᠨ ᠪᠢᠯᠡ᠃      ᠨᠢᠭᠡ᠂ ᠬᠠᠭᠤᠷᠠᠢ ᠵᠠᠮ ᠤᠨ ᠳᠤᠮᠳᠠ ᠱᠤᠭᠤᠮ      ᠡᠨᠡ ᠱᠤᠭᠤᠮ ᠨᠢ ᠴᠦ ᠲᠤᠬᠠᠢ ᠦᠶ᠎ᠡ ᠶᠢᠨ ᠳᠤᠷᠤᠨᠠᠳᠤ ᠦᠷᠦᠨᠡᠳᠤ ᠶᠢᠨ ᠶᠡᠭᠡ ᠶᠠᠪᠤᠯᠴᠠᠭᠠᠨ ᠤ ᠭᠤᠤᠯ ᠱᠤᠭᠤᠮ ᠪᠤᠯᠵᠤ ᠪᠠᠶᠢᠪᠠ᠃ ᠪᠠᠷᠠᠭᠤᠨ ᠵᠠᠬ᠎ᠠ ᠨᠢ ᠠᠯᠲᠠᠨ ᠤᠷᠲᠤᠳᠤ ᠬᠠᠨ ᠤᠯᠤᠰ ᠤᠨ ᠨᠡᠶᠢᠰᠯᠡᠯ ᠰᠧᠷᠡᠢ ᠪᠠᠷ ᠲᠦᠪᠯᠡᠷᠡᠭᠦᠯᠣᠠ ᠲᠠᠷᠬᠠᠭᠠᠬᠤ ᠭᠠᠵᠠᠷ ᠪᠤᠯᠭᠠᠨ᠂ ᠡᠮᠦᠨᠡᠳᠤ ᠣᠷᠣᠰ ᠤᠨ ᠲᠠᠯ᠎ᠠ ᠨᠤᠳᠤᠭ ᠢᠶᠠᠷ ᠵᠡᠭᠦᠨᠰᠢᠯᠡᠵᠤ᠂ ᠺᠠᠰᠫᠢ ᠲᠠᠩᠬᠢᠰ᠂ ᠭᠢᠷᠭᠠᠰᠤ ᠶᠢᠨ ᠲᠠᠯ᠎ᠠ ᠨᠤᠳᠤᠭ᠂ ᠢᠯᠢ ᠭᠤᠤᠯ ᠤᠨ ᠬᠦᠨᠳᠡᠢ ᠪᠠᠷ ᠳᠠᠮᠵᠢᠨ᠂ ᠠᠯᠢᠮᠠᠷ ᠲᠤ ᠬᠦᠷᠴᠤ᠂ ᠠᠳᠡ ᠠᠴᠠ ᠬᠤᠶᠢᠰᠢᠯᠠᠪᠠᠯ ᠬᠠᠷᠠᠬᠤᠷᠢᠠ ᠳᠤ ᠬᠦᠷᠴᠤ ᠪᠤᠯᠤᠨ᠎ᠠ᠂ ᠵᠡᠭᠦᠨᠰᠢᠯᠡᠪᠡᠯ ᠱᠠᠩᠳᠤ ᠬᠢᠭᠡᠳ ᠲᠠᠶᠢᠳᠤ ᠳᠤ ᠬᠦᠷᠴᠤ ᠪᠤᠯᠤᠨ᠎ᠠ᠃ ᠵᠠᠮ ᠢᠶᠠᠷ ᠢᠶᠠᠨ ᠦᠩᠭᠡᠷᠡᠬᠦ ᠮᠤᠩᠭᠤᠯ ᠤᠨ ᠲᠠᠯ᠎ᠠ ᠨᠤᠳᠤᠭ᠂ ᠲᠦᠪ ᠠᠽᠢᠶ᠎ᠠ ᠶᠢᠨ ᠲᠠᠯ᠎ᠠ ᠨᠤᠳᠤᠭ᠂ ᠫᠧᠷᠰ᠂ ᠬᠢᠪᠴᠠᠭ ᠤᠨ ᠲᠠᠯ᠎ᠠ ᠨᠤᠳᠤᠭ᠂ ᠣᠷᠣᠰ᠂ ᠪᠠᠭ᠎ᠠ ᠠᠽᠢᠶ᠎ᠠ ᠳᠤ ᠪᠦᠷ ᠤᠯᠠᠭ᠎ᠠ ᠶᠢᠨ ᠵᠠᠮ ᠨᠡᠪᠲᠡᠷᠡᠵᠤ ᠪᠠᠶᠢᠪᠠ᠃ ᠵᠠᠭᠦᠨᠰᠢ ᠪᠠᠷᠠᠭᠤᠨᠰᠢ ᠶᠡᠭᠡ ᠵᠠᠮ ᠳᠡᠭᠡᠷ᠎ᠡ ᠵᠠᠮ ᠬᠠᠮᠠᠭᠠᠯᠠᠭᠴᠢ ᠬᠢᠭᠡᠳ ︽ᠴᠡᠪᠡᠷ ᠴᠠᠭᠠᠨ ᠢᠰᠡᠭᠡᠢ ᠪᠦᠷᠭᠡ︾ ᠲᠦᠬᠦᠭᠡᠷᠴᠤ᠂ ᠱᠠᠩᠳᠤ ᠳᠤ ᠪᠠᠰᠠ ᠵᠦᠭᠡᠭᠡᠪᠦᠷᠢᠯᠡᠭᠴᠢ ᠴᠡᠷᠢᠭ ᠲᠠᠢ ᠪᠠᠶᠢᠵᠠᠢ᠃ ︽ᠢᠩᠭᠢᠭᠡᠳ ᠳᠦᠷᠪᠡᠨ ᠵᠦᠭ ᠤᠨ ᠡᠯᠴᠢᠳ ᠬᠤᠨᠤᠭᠯᠠᠪᠠᠯ ᠵᠤᠴᠢᠳ ᠤᠨ ᠪᠠᠭᠤᠳᠠᠯ ᠲᠠᠢ᠂ ᠠᠮᠠᠷᠠᠪᠠᠯ ᠵᠠᠮ᠎ᠠ ᠮᠠᠶᠢᠬᠠᠨ ᠲᠠᠢ᠂ ᠦᠯᠦᠰᠴᠤ ᠤᠮᠳᠠᠭᠠᠰᠪᠠᠯ ᠢᠳᠡᠭᠡᠨ ᠤᠮᠳᠠᠭᠠᠨ ᠲᠠᠢ᠂ ᠱᠠᠳᠤ ᠳᠠᠮᠵᠢᠨ ᠠᠶᠠᠯᠠᠪᠠᠯ ᠵᠤᠷᠢᠭᠰᠠᠨ ᠭᠠᠵᠠᠷ ᠲᠠᠭᠠᠨ ᠯᠠᠪ ᠬᠦᠷᠴᠤ᠂ ᠬᠠᠨ ᠳᠡᠯᠡᠬᠡᠢ ᠬᠠᠮᠳᠤᠷᠠᠭᠰᠠᠨ︾ ᠪᠠᠶᠢᠳᠠᠯ ᠲᠠᠢ ᠪᠠᠶᠢᠬᠰᠠᠠ ᠠᠴᠠ ᠦᠵᠡᠬᠦ ᠳᠤ ᠳᠤᠷᠤᠨᠠᠳᠤ ᠦᠷᠦᠨᠡᠳᠤ ᠶᠢᠨ ᠵᠠᠬᠢᠳᠠᠯ ᠨᠡᠪᠲᠡᠷᠡᠯᠴᠡᠭᠡ ᠬᠢᠭᠡᠳ ᠬᠤᠳᠠᠯᠳᠤᠭ᠎ᠠ ᠠᠷᠠᠯᠵᠢᠶᠠᠨ ᠤ ᠳᠦᠬᠦᠮ ᠤᠨ ᠬᠡᠮᠵᠢᠶ᠎ᠡ ᠶᠢ ᠮᠡᠳᠡᠵᠤ ᠪᠤᠯᠬᠤ ᠶᠤᠮ᠃      ᠬᠤᠶᠠᠷ᠂ ᠬᠠᠭᠤᠷᠠᠢ ᠵᠠᠮ ᠤᠨ ᠤᠮᠠᠷᠠᠳᠤ ᠱᠤᠭᠤᠮ      ᠠᠯᠲᠠᠢ ᠠᠭᠤᠯᠠ ᠶᠢᠨ ᠡᠮᠦᠨ᠎ᠡ ᠪᠠᠯ ᠢᠶᠠᠷ ᠳᠠᠮᠵᠢᠨ ᠪᠠᠶᠢᠭᠠᠯ ᠨᠠᠭᠤᠷ ᠬᠦᠷᠲᠡᠯᠡᠬᠢ ᠶᠢ ᠣᠮᠠᠷᠠᠳᠤ ᠱᠤᠭᠤᠮ ᠤᠨ ᠳᠤᠮᠳᠠ ᠬᠡᠰᠡᠭ ᠭᠡᠳᠡᠭ᠃ ᠪᠠᠶᠢᠭᠠᠯ ᠨᠠᠭᠤᠷ ᠠᠴᠠ ᠶᠡᠭᠡ ᠬᠢᠩᠭᠠᠨ ᠳᠠᠪᠠᠭᠠᠨ ᠤ ᠪᠠᠷᠠᠭᠤᠨ ᠲᠠᠯ᠎ᠠ ᠶᠢ ᠲᠠᠭᠠᠨ ᠡᠮᠦᠨᠡᠰᠢᠯᠡᠪᠡᠯ ᠱᠠᠩᠳᠤ᠂ ᠲᠠᠶᠢᠳᠤ ᠳᠤ ᠬᠦᠷᠴᠤ ᠪᠤᠯᠤᠨ᠎ᠠ᠃ ᠠᠯᠲᠠᠢ ᠠᠭᠤᠯᠠ ᠠᠴᠠ ᠪᠠᠷᠠᠭᠤᠨᠰᠢ ᠠᠯᠲᠠᠨ ᠤᠷᠳᠤᠳᠤ ᠤᠯᠤᠰ ᠤᠨ ᠨᠡᠶᠢᠰᠯᠡᠯ ᠰᠧᠷᠡᠢ ᠶᠢ ᠦᠩᠭᠡᠷᠡᠨ ᠺᠠᠰᠫᠢ ᠲᠠᠩᠬᠢᠰ ᠤᠨ ᠪᠠᠷᠠᠭᠤᠨ ᠡᠷᠭᠢ ᠶᠢ ᠲᠠᠭᠠᠨ ᠡᠮᠦᠨᠡᠰᠢᠯᠡᠪᠡᠯ ᠰᠢᠭᠤᠳ ᠭᠠᠵᠠᠷ ᠤᠨ ᠳᠤᠮᠳᠠᠳᠤ ᠲᠠᠩᠭᠢᠰ ᠲᠤ ᠬᠦᠷᠦᠨ᠎ᠡ᠃ ᠡᠸᠦ᠋ᠷᠦᠫᠡ ᠲᠢᠪ ᠬᠢᠭᠡᠳ ᠠᠷᠠᠪ ᠤᠨ ᠲᠡᠣᠬᠡᠨ ᠮᠠᠲ᠋ᠧᠷᠢᠶᠠᠯ ᠳᠤ ᠰᠧᠷᠡᠢ ᠬᠤᠲᠠ ᠶᠢᠨ ᠲᠣᠬᠠᠢ ᠲᠡᠮᠳᠡᠭᠯᠡᠯ ᠣᠯᠠᠨ ᠪᠠᠶᠢᠵᠤ᠂ ᠬᠤᠲᠠ ᠨᠢ ᠭᠤᠶᠤ᠂ ᠬᠡᠪᠴᠢᠶ᠎ᠡ ᠨᠢ ᠶᠡᠭᠡ᠂ ᠳᠤᠷᠤᠨᠠᠳᠤ ᠦᠷᠦᠨᠡᠳᠤ ᠶᠢᠨ ᠬᠦᠮᠦᠰ ᠤᠨ ᠲᠦᠪᠯᠡᠷᠡᠨ ᠰᠠᠭᠤᠬᠤ ᠲᠤᠭᠤᠷᠢᠭ ᠲᠠᠢ ᠪᠦᠭᠡᠳ ᠵᠠᠬ᠎ᠠ ᠳᠡᠯᠭᠡᠭᠦᠷ ᠲᠠᠢ ᠪᠠᠶᠢᠪᠠ᠃ ᠶᠤᠸᠠᠨ ᠤᠯᠤᠰ ᠤᠨ ︽ᠣᠨᠳᠤᠤ ᠬᠤᠲᠠ ᠶᠢᠨ ᠤᠶᠢᠯᠠᠯᠭ᠎ᠠ︾ ᠳᠤ ︽ᠲᠤᠰ ᠬᠤᠲᠠ ᠨᠢ ᠰᠠᠮᠠᠷᠺᠠᠨᠳ᠋ ᠰᠢᠭ᠋ ᠲᠦᠢᠯ ᠤᠨ ᠪᠠᠶᠠᠨ᠂ ᠬᠤᠲᠠ ᠶᠢᠨ ᠲᠦᠯᠦᠪ ᠭᠡᠷ ᠪᠠᠷᠢᠯᠭ᠎ᠠ ᠨᠢ ᠪᠦᠷ ᠳᠤᠮᠳᠠᠳᠤ ᠤᠯᠤᠰ ᠲᠠᠢ ᠠᠳᠠᠯᠢᠬᠠᠨ᠃ ᠪᠠᠶᠠᠨ ᠡᠯᠪᠡᠭ ᠨᠢ ᠳᠤᠮᠳᠠᠳᠤ ᠤᠯᠤᠰ ᠯᠤᠭ᠎ᠠ ᠲᠦᠰᠦᠭᠡᠲᠠᠢ᠂ ᠬᠤᠳᠠᠯᠳᠤᠭᠠᠴᠢᠳ ᠠᠳᠡ ᠢᠷᠡᠪᠡᠯ ᠤᠯᠠᠩᠬᠢ ᠨᠢ ᠪᠤᠴᠠᠬᠤ ᠳᠤᠷ᠎ᠠ ᠦᠭᠡᠢ︾ ᠭᠡᠵᠤ ᠲᠡᠮᠳᠡᠭᠯᠡᠵᠤ ᠪᠤᠢ᠃ ᠰᠧᠷᠡᠢ ᠬᠤᠲᠠ ᠶᠢᠨ ᠬᠠᠭᠤᠴᠢᠨ ᠪᠠᠭᠤᠷᠢ ᠠᠴᠠ ᠪᠠᠷᠠᠭᠤᠨᠲᠠᠢ ᠪᠠᠶᠢᠭ᠎ᠠ ᠨᠤᠸ᠋ᠭᠤᠷᠤᠳ᠋ ᠲᠤ ᠤᠳᠤ ᠪᠤᠯᠲᠠᠯ᠎ᠠ ︽ᠭᠢᠳᠠᠨ ᠲᠤᠭᠤᠷᠢᠭ ︵ᠳᠤᠮᠳᠠᠳᠤ ᠶᠢᠨ ᠬᠤᠲᠠ︶︾ ᠬᠠᠳᠠᠭᠠᠯᠠᠭᠳᠠᠵᠤ ᠪᠠᠶᠢᠨ᠎ᠠ᠂ ᠮᠤᠰᠺᠸᠡ ᠳᠤ ᠪᠠᠰᠠ ︽ᠭᠢᠳᠠᠨ ᠵᠠᠭᠡᠯᠢ ︵ᠳᠤᠮᠳᠠᠳᠤ ᠶᠢᠨ ᠬᠤᠲᠠ︶︾ ᠦᠯᠡᠳᠡᠭᠰᠡᠭᠡᠷ ᠪᠠᠶᠢᠨ᠎ᠠ᠃      ᠭᠤᠷᠪᠠ᠂ ᠬᠠᠭᠤᠷᠠᠢ ᠵᠠᠮ ᠤᠨ ᠡᠮᠦᠨᠡᠳᠤ ᠱᠤᠭᠤᠮ      ᠪᠠᠷᠠᠭᠤᠨ ᠬᠡᠰᠡᠭ ᠤᠨ ᠦᠨᠳᠦᠰᠦᠨ ᠴᠢᠭᠯᠡᠰᠢ ᠨᠢ ᠬᠠᠨ ᠤᠯᠤᠰ ᠲᠠᠩ ᠤᠯᠤᠰ ᠤᠨ ᠦᠶ᠎ᠡ ᠶᠢᠨ ︽ᠲᠤᠷᠭᠠᠨ ᠵᠠᠮ︾ ᠲᠠᠢ ᠠᠳᠠᠯᠢ᠃ ᠪᠠᠷᠠᠭᠤᠨ ᠦᠵᠦᠭᠦᠷ ᠨᠢ ᠫᠧᠷᠰ ᠪᠤᠯᠤᠩ ᠠᠴᠠ ᠣᠮᠠᠷᠠᠰᠢᠯᠡᠵᠤ᠂ ᠰᠤᠩᠭᠢᠨ᠎ᠠ ᠳᠠᠪᠠᠭ᠎ᠠ       ︵ᠫᠠᠮᠢᠷ ᠤᠨ ᠳᠠᠪᠠᠭ᠎ᠠ︶ ᠶᠢ ᠦᠩᠭᠡᠷᠡᠨ ᠺᠠᠱᠭᠠᠷ ᠲᠤ ᠬᠦᠷᠴᠤ᠂ ᠵᠡᠭᠦᠨᠰᠢ ᠳ᠋ᠦᠨᠬᠤᠸᠠᠩ᠂ ᠰᠦᠸᠧ ᠵᠸᠦ᠂ ᠭᠠᠨ ᠵᠸᠤ ᠪᠠᠷ ᠦᠩᠭᠡᠷᠡᠨ ᠶᠣᠸᠠᠨ ᠤ ᠱᠠᠩᠳᠤ ᠪᠣᠯᠣᠠ ᠲᠠᠶᠢᠳᠤ ᠳᠤ ᠬᠦᠷᠦᠨ᠎ᠡ᠃ ᠮᠠᠷᠺᠦ ᠫᠤᠯᠤ ᠳᠠᠷᠦᠢ ᠡᠨᠡ ᠵᠠᠮ ᠢᠶᠠᠷ ᠳᠤᠮᠳᠠᠳᠤ ᠤᠯᠤᠰ ᠲᠤ ᠢᠷᠡᠵᠠᠢ᠃      ᠳᠦᠷᠪᠡ᠂ ᠳᠠᠯᠠᠢ ᠶᠢᠨ ᠵᠠᠮ      ᠶᠣᠸᠠᠨ ᠤᠯᠤᠰ ᠤᠨ ᠳᠠᠯᠠᠢ ᠳᠡᠭᠡᠷᠡᠬᠢ ᠵᠠᠮ ᠬᠠᠷᠢᠯᠴᠠᠭ᠎ᠠ ᠬᠢᠭᠡᠳ ᠭᠠᠳᠠᠭᠠᠳᠤ ᠲᠠᠢ ᠬᠤᠳᠠᠯᠳᠤᠭ᠎ᠠ ᠨᠡᠪᠲᠡᠷᠡᠬᠦ ᠭᠠᠷᠠᠮ ᠮᠠᠰᠢ ᠬᠦᠭᠵᠢᠵᠠᠢ᠃ ᠶᠤᠸᠠᠨ ᠤᠯᠤᠰ ᠤᠨ ᠦᠶ᠎ᠡ ᠶᠢᠨ ᠭᠤᠤᠯ ᠪᠤᠯᠬᠤ ᠳᠠᠯᠠᠢ ᠶᠢᠨ ᠭᠠᠷᠠᠮ ᠨᠢ ᠴᠢᠤᠸ᠋ᠨᠨᠵᠸᠤ᠂ ᠭᠤᠸ᠋ᠨᠩᠵᠸᠤ᠂ ᠴᠢᠩ ᠶᠤᠸᠠᠨ ︵ᠨᠢᠩᠪᠦ᠋ᠸᠧ︶᠂ ᠬᠠᠩᠵᠸᠤ᠂ ᠱᠠᠩᠬᠠᠢ᠂ ᠸᠧᠨᠵᠸᠤ ᠪᠤᠯᠤᠨ᠎ᠠ᠃ ᠳᠠᠯᠠᠢ ᠤᠨ ᠠᠶᠠᠯᠠᠯ ᠤᠨ ᠱᠤᠭᠤᠮ ᠨᠢ ᠵᠠᠨᠴᠧᠩ ︵ᠣᠳᠤ ᠶᠢᠨ ᠸᠢᠶᠧᠳ᠋ᠨᠠᠮ ᠤᠨ ᠡᠮᠦᠨᠡᠳᠤ ᠬᠡᠰᠡᠭ︶᠂ ᠵᠡᠸ᠋ᠨ᠂ ᠵᠠᠭᠦᠨ ᠠᠹᠷᠢᠺᠡ ᠶᠢᠨ ᠡᠯ᠎ᠡ ᠭᠠᠵᠠᠷ᠂ ᠤᠮᠠᠷᠠᠳᠤ ᠠᠹᠷᠢᠺᠡ ᠪᠤᠯᠤᠨ᠎ᠠ᠂ ᠲᠡᠨᠳᠡ ᠠᠴᠠ ᠬᠠᠭᠤᠷᠠᠢ ᠵᠠᠮ ᠢ ᠰᠤᠯᠢᠭᠠᠳ ᠭᠠᠵᠠᠷ ᠤᠨ ᠳᠤᠮᠳᠠᠳᠤ ᠲᠠᠩᠭᠢᠰ ᠬᠦᠷᠳᠡᠭ᠃ ᠮᠠᠷᠺᠦ ᠫᠤᠯᠤ ᠡᠸᠦ᠋ᠷᠦᠫᠡ ᠲᠢᠪ ᠲᠤ ᠪᠤᠴᠠᠬᠤ ᠳᠠᠭᠠᠨ ᠳᠠᠯᠠᠢ ᠶᠢᠨ ᠵᠠᠮ ᠢᠶᠠᠷ ᠶᠠᠪᠤᠵᠠᠢ᠂ ᠴᠢᠦᠸ᠋ᠨᠨᠵᠸᠤ ᠠᠴᠠ ᠮᠣᠷᠳᠠᠨ᠂ ᠵᠠᠨᠴᠧᠩ᠂ ᠠᠷᠮᠧᠨᠢᠶ᠎ᠠ᠂ ᠺᠦᠨ᠋ᠰᠲ᠋ᠠᠨᠲ᠋ᠢᠨᠪᠤᠯ ︵ᠣᠳᠣ ᠶᠢᠨ ᠢᠰᠲ᠋ᠠᠠᠪᠤᠯ︶ ᠢᠶᠠᠷ ᠳᠠᠮᠵᠢᠨ ᠸᠧᠨᠧᠼᠢᠶ᠎ᠠ ᠳᠤ ᠬᠦᠷᠴᠠᠢ᠃ ᠮᠠᠰᠢ ᠤᠯᠠᠨ ᠠᠷᠠᠪ ᠬᠦᠮᠦᠨ ᠠᠷᠠᠯᠵᠢᠶ᠎ᠠ ᠬᠢᠬᠦ ᠳᠡᠭᠡᠨ ᠬᠠᠭᠤᠷᠠᠢ ᠵᠠᠮ ᠠᠴᠠ ᠳᠠᠯᠠᠢ ᠶᠢᠨ ᠵᠠᠮ ᠰᠤᠯᠢᠵᠤ᠂ ᠫᠧᠷᠰ ᠪᠤᠯᠦᠩ ᠠᠴᠠ ᠡᠨᠡᠳᠭᠡᠭ ᠢᠶᠠᠷ ᠳᠠᠮᠵᠢᠨ ᠭᠤᠸ᠋ᠨᠩᠵᠸᠤ ᠳᠤ ᠢᠷᠡᠳᠡᠭ᠃      ᠲᠠᠪᠤ᠂ ᠵᠡᠭᠦᠨ ᠬᠤᠶᠢᠳᠤ ᠱᠣᠭᠤᠮ      ᠪᠠᠶᠢᠭᠠᠯ ᠨᠠᠭᠤᠷ ᠠᠴᠠ ᠵᠡᠭᠦᠨᠰᠢ᠂ ᠭᠠᠳᠠᠭᠠᠳᠤ ᠬᠢᠩᠭᠠᠨ ᠳᠠᠪᠠᠭ᠎ᠠ ᠠᠴᠠ ᠺᠦᠶᠧ ᠠᠷᠠᠯ ︵ᠰᠠᠬᠠᠯᠢᠨ ᠠᠷᠠᠯ︶ ᠬᠦᠷᠲᠡᠯᠡᠬᠢ ᠦᠷᠭᠡᠨ ᠠᠭᠤᠳᠠᠮ ᠭᠠᠵᠠᠷ ᠣᠷᠣᠨ ᠪᠤᠯ ᠡᠸᠦ᠋ᠷᠦᠫᠡ ᠠᠽᠢᠶ᠎ᠠ ᠶᠢᠨ ᠲᠠᠯ᠎ᠠ ᠨᠤᠳᠤᠭ ᠤᠨ ᠨᠡᠪᠲᠡᠷᠡᠯ ᠵᠠᠮ ᠤᠨ ᠦᠷᠭᠦᠯᠵᠢᠯᠡᠭᠰᠡᠨ ᠵᠡᠭᠦᠨ ᠦᠵᠦᠭᠦᠷ ᠨᠢ ᠪᠤᠯᠤᠨ᠎ᠠ᠃ ᠶᠣᠸᠠᠨ ᠤᠯᠤᠰ ᠤᠨ ᠦᠶ᠎ᠡ ᠳᠤ ᠠᠳᠡ ᠣᠰᠣᠨ ᠲᠠᠲ᠋ᠠᠷ᠂ ᠵᠦᠷᠴᠢᠨ ᠵᠡᠷᠭᠡ ᠤᠯᠠᠨ ᠠᠶᠢᠮᠠᠭ ᠰᠠᠭᠤᠷᠢᠰᠢᠵᠤ ᠪᠠᠶᠢᠪᠠ᠃ ᠶᠡᠷᠦᠩᠬᠡᠢ ᠳᠤᠨᠢ ︽ᠤᠢ ᠶᠢᠨ ᠢᠷᠡᠭᠡᠳ︾ ᠭᠡᠳᠡᠭ᠃ 1235 ᠤᠨ ᠠᠴᠠ ᠬᠤᠶᠢᠨ᠎ᠠ ᠮᠤᠩᠭᠤᠯ ᠶᠣᠸᠠᠨ ᠬᠠᠷᠠᠮᠦ᠋ᠷᠡᠨ ᠤ ᠳᠡᠭᠡᠳᠤ ᠤᠷᠤᠰᠬᠠᠯ ᠤᠷᠴᠢᠮ ᠢᠶᠠᠷ ᠶᠤᠸᠠᠨ ᠤ ᠵᠠᠮ᠂ ᠾᠧ ᠨᠢᠩ ᠵᠠᠮ᠂ ᠾᠧ ᠯᠠᠨ ᠤᠷᠳᠤᠨ ᠢ ᠪᠠᠶᠢᠭᠤᠯᠵᠤ ᠬᠠᠮᠢᠶᠠᠷᠴᠤ ᠪᠠᠶᠢᠵᠠᠢ᠃ ᠲᠡᠤᠬᠡᠨ ᠳᠡᠭᠡᠷ᠎ᠡ ᠬᠠᠮᠤᠭ ᠤᠨ ︽ᠠᠲᠠᠷ ᠵᠡᠯᠢᠭᠦᠳ︾ ᠭᠡᠭᠳᠡᠭᠰᠡᠨ ᠡᠨᠡ ᠶᠡᠭᠡ ᠭᠠᠵᠠᠷ ᠤᠷᠤᠨ ᠨᠢ ᠶᠣᠸᠠᠨ ᠤᠯᠤᠰ ᠤᠨ ᠦᠶ᠎ᠡ ᠳᠤ ᠳᠤᠮᠳᠠᠳᠤ ᠤᠷᠤᠨ ᠤ ᠬᠠᠭᠠᠠᠳᠣ ᠲᠦᠷᠦ ᠲᠠᠢ ᠭᠤᠷᠪᠠᠨ ᠵᠤᠷᠪᠤᠰ ᠵᠠᠮ ᠢᠶᠠᠷ ᠰᠢᠭᠤᠳ ᠨᠡᠪᠲᠡᠷᠡᠯᠴᠡᠵᠤ ᠪᠠᠶᠢᠪᠠ᠃      ᠨᠢᠭᠡ ᠳᠤ᠂ ᠶᠡᠭᠡ ᠬᠢᠩᠭᠠᠨ ᠳᠠᠪᠠᠭᠠᠨ ᠤ ᠪᠠᠷᠠᠭᠤᠨ ᠲᠠᠯ᠎ᠠ ᠶᠢ ᠳᠠᠭᠠᠭᠰᠠᠨ ᠤᠯᠠᠭ᠎ᠠ ᠶᠢᠨ ᠵᠠᠮ ᠱᠤᠭᠤᠮ ᠢᠶᠠᠷ ᠱᠠᠩᠳᠤ ᠬᠢᠭᠡᠳ ᠲᠠᠶᠢᠳᠤ ᠳᠤ ᠨᠡᠪᠲᠡᠷᠡᠨ᠎ᠠ᠃      ᠬᠤᠶᠠᠷ ᠲᠤ᠂ ᠯᠢᠶᠤᠤᠶᠠᠩ ᠵᠠᠬᠢᠷᠭᠠᠨ ᠤ ᠵᠠᠮ ᠲᠠᠭᠠᠤ ᠤᠮᠠᠷᠠᠰᠢᠯᠠᠵᠤ᠂ ᠲᠡᠰᠭᠢᠮ᠎ᠡ ᠬᠦᠢᠲᠡᠨ ᠤᠷᠤᠨ ᠳᠤ ᠤᠷᠤᠭᠰᠠᠨ ᠤ ᠳᠠᠷᠠᠭ᠎ᠠ ︽ᠨᠤᠬᠠᠢ ᠶᠢᠨ ᠵᠠᠮ︾ ︵ᠴᠢᠷᠭ᠎ᠠ︶ ᠢ ᠰᠣᠯᠢᠵᠤ ᠨᠤᠷᠭᠠᠨ ︵ᠣᠳᠣ ᠶᠢᠨ ᠺᠦ᠋ᠶᠧ ᠠᠷᠠᠯ︶ ᠵᠡᠷᠭᠡ ᠭᠠᠵᠠᠷ ᠲᠤ ᠬᠦᠷᠦᠨ᠎ᠡ᠃      ᠭᠤᠷᠪᠠ ᠳᠤ᠂ ᠳᠠᠯᠠᠢ ᠶᠢᠨ ᠵᠠᠮ ᠢᠶᠠᠷ ᠳᠤᠷᠤᠨᠠᠳᠤ ᠲᠠᠩᠭᠢᠰ ᠢᠶᠠᠷ ᠳᠠᠮᠵᠢᠨ ᠤᠮᠠᠷᠠᠰᠢᠯᠠᠵᠤ ᠶᠠᠫᠦᠨ ᠲᠠᠩᠭᠢᠰ ᠳᠡᠭᠡᠷ᠎ᠡ ᠭᠠᠷᠤᠭᠠᠳ ᠺᠦ᠋ᠶᠧ ᠠᠷᠠᠯ ᠬᠢᠭᠡᠳ ᠣᠬᠤᠼᠺ ᠲᠠᠩᠭᠢᠰ ᠤᠨ ᠪᠠᠷᠠᠭᠤᠨ ᠡᠷᠭᠢ ᠬᠦᠷᠦᠨ᠎ᠡ᠃ ᠵᠠᠭᠦᠨ ᠬᠤᠶᠢᠳᠤ ᠱᠭᠤᠮ ᠤᠨ ᠨᠡᠪᠲᠡᠷᠡᠭᠰᠡᠨ ᠨᠢ ᠨᠤᠮᠤᠬᠠᠨ ᠳᠠᠯᠠᠢ ᠶᠢᠨ ᠪᠠᠷᠠᠭᠤᠨ ᠬᠤᠶᠢᠳᠤ ᠬᠦᠪᠡᠭᠡᠨ ᠳᠠᠬᠢ ᠵᠡᠭᠦᠨ ᠬᠤᠶᠢᠳᠤ ᠠᠽᠢᠶ᠎ᠠ ᠶᠢᠨ ᠤᠷᠤᠨ ᠢ ᠳᠤᠮᠳᠠᠳᠤ ᠤᠷᠤᠨ ᠤ ᠬᠠᠭᠠᠠᠳᠣ ᠲᠦᠷᠦ ᠲᠠᠢ ᠰᠢᠭᠤᠳ ᠠᠷᠠᠯᠵᠢᠶᠠᠨ ᠤ ᠬᠠᠷᠢᠴᠠᠭ᠎ᠠ ᠲᠠᠢ ᠪᠤᠯᠭᠠᠵᠤ ᠵᠠᠭᠦᠨ ᠬᠤᠶᠢᠳᠤ ᠬᠢᠵᠠᠭᠠᠷ ᠣᠷᠤᠨ ᠢ ᠦᠷᠭᠡᠳᠭᠡᠵᠡᠢ᠃
 
ᠢᠷᠡᠯᠲᠡ᠄ ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号