ᠦᠨᠳᠦᠷ ᠲᠡᠭᠡᠳᠦ ᠶᠢᠨ ᠰᠦᠷ ᠭᠡᠷᠡᠯ ᠦᠷ᠎ᠡ ᠬᠤᠶᠢᠴᠢᠰ ᠤᠨ ᠦᠨᠡᠨᠴᠢ ᠤᠯᠠᠮᠵᠢᠯᠠᠯ
ᠨᠡᠶᠢᠲᠡᠯᠡᠭᠰᠡᠨ ᠴᠠᠭ᠄
2019/8/20
ᠤᠷᠢᠶᠠᠩᠬᠠᠨ ᠤ᠂ ᠶᠤᠨᠳᠤᠨ                 —ᠵᠡᠭᠦᠨ ᠦᠵᠦᠮᠦᠴᠢᠨ ᠤ ᠪᠦᠭᠡᠨᠡᠷ ᠤᠪᠤᠭ᠎ᠠ ᠶᠢᠨ ᠲᠠᠬᠢᠯᠭ᠎ᠠ ᠶᠢᠨ ᠨᠠᠶᠢᠷ ᠤᠨ ᠲᠡᠮᠳᠡᠭᠯᠡᠯ      ᠨᠠᠷᠠ ᠬᠤᠷ᠎ᠠ ᠲᠡᠩᠴᠡᠭᠰᠡᠨ ᠲᠡᠯᠭᠡᠷ ᠵᠤᠨ ᠤ ᠤᠯᠠᠷᠢᠯ ᠨᠠᠮᠢᠷᠠᠭ᠎ᠠ ᠪᠤᠷᠤᠭᠠᠨ ᠠᠮᠢᠰᠬᠤᠯᠠᠭᠰᠠᠨ ᠨᠠᠮᠤᠷ ᠤᠨ ᠲᠡᠷᠢᠭᠦᠨ ᠰᠠᠷ᠎ᠠ ᠶᠢᠨ ᠰᠢᠨ᠎ᠡ ᠶᠢᠨ ᠶᠢᠰᠦᠨ ᠤ ᠦᠯᠵᠡᠶᠢᠳᠦ ᠰᠠᠶᠢᠬᠠᠨ ᠡᠳᠦᠷ᠂ ᠦᠵᠡᠮᠵᠢᠳᠦ ᠰᠦᠷᠯᠢᠭ ᠦᠨᠳᠦᠷ ᠬᠠᠶᠢᠷᠬᠠᠨ ᠪᠤᠯᠬᠤ ᠪᠦᠭᠡᠨᠡᠷ ᠤᠪᠤᠭ᠎ᠠ ᠶᠢᠨ ᠲᠠᠬᠢᠯᠭ᠎ᠠ ᠶᠢᠨ ᠨᠠᠶᠢᠷ ᠪᠤᠯᠪᠠ᠃ ᠡᠨᠡ ᠵᠢᠯ ᠤᠨ ᠤᠪᠤᠭᠠᠨ ᠲᠠᠬᠢᠯᠭ᠎ᠠ ᠶᠢ ᠵᠡᠭᠦᠨ ᠦᠵᠦᠮᠦᠴᠢᠨ ᠤ ᠠᠯᠳᠠᠠᠬᠢᠯᠢ ᠰᠤᠮᠤᠨ ᠤ ᠪᠠᠳᠠᠷᠠᠬᠤ ᠪᠠᠷ ᠨᠤᠲᠤᠭᠳᠠᠢ ᠤᠷᠢᠶᠠᠩᠬᠠᠨ ᠤᠪᠤᠭᠳᠤ ᠶᠤᠨᠳᠤᠨ ᠤ ᠰᠡᠷᠭᠦᠯᠡᠩᠪᠤᠯᠠᠭ᠂ ᠲᠤᠷᠵᠢ ᠶᠢᠨ ᠪᠠᠭᠠᠨ᠎ᠠ ᠪᠤᠯᠤᠨ ᠪᠠᠶᠠᠠᠬᠦᠭᠡᠪᠦᠷ ᠤᠨ ᠡᠷᠬᠢᠮᠪᠠᠳᠤ ᠨᠠᠷ ᠲᠠᠭᠠᠭᠠᠴᠢᠯᠠᠨ ᠬᠢᠭᠰᠡᠨ ᠪᠠᠶᠢᠨ᠎ᠠ᠃      ᠰᠢᠨ᠎ᠡ ᠶᠢᠨ ᠨᠠᠢᠮᠠᠨ ᠤ ᠦᠷ ᠤᠨ ᠬᠠᠷᠠᠩᠭᠤᠢ ᠪᠠᠷ ᠰᠡᠷᠭᠦᠯᠡᠩᠪᠤᠯᠠᠭ ᠵᠡᠷᠭᠡ ᠲᠠᠬᠢᠯᠭ᠎ᠠ ᠶᠢᠨ ᠠᠶᠢᠯ ᠤᠳ ᠭᠡᠷ ᠡᠷᠦᠬᠡ ᠪᠠᠷ ᠴᠦᠪᠡᠩ ᠳᠤ ᠪᠠᠭᠤᠵᠦ᠂ ᠲᠠᠬᠢᠯᠭ᠎ᠠ ᠶᠢᠨ ᠪᠡᠯᠡᠳᠭᠡᠯ ᠠᠵᠢᠯ ᠢᠶᠠᠨ ᠦᠷᠭᠦᠯᠵᠢᠯᠡᠭᠦᠯᠦᠨ᠎ᠡ᠃ ᠱᠠᠩ ᠶᠢᠨ ᠮᠠᠯ᠂ ᠤᠶᠠᠭᠠᠨ ᠤ ᠮᠤᠷᠢ ᠪᠠᠨ ᠲᠡᠭᠡᠭᠡᠵᠦ ᠪᠠᠭᠤᠯᠭᠠᠬᠤ᠂ ᠮᠢᠬ᠎ᠠ ᠰᠢᠭᠦᠰᠦ ᠴᠢᠨᠠᠬᠤ᠂ ᠲᠠᠬᠢᠯᠭᠠᠴᠢᠳ ᠲᠤ ᠬᠤᠭᠤᠯᠠ ᠴᠠᠢ ᠬᠢᠵᠦ ᠦᠭᠬᠦ ᠵᠡᠷᠭᠡ ᠦᠢᠯᠡᠴᠢᠯᠡᠭᠡ ᠬᠢᠳᠡᠯ ᠳᠤ ᠶᠠᠭᠠᠷᠠᠤ ᠮᠦᠷᠳᠡᠭᠡᠨ ᠲᠠᠬᠢᠯᠭ᠎ᠠ ᠶᠢᠨ ᠵᠦᠢᠯ ᠳᠤ ᠯᠠᠮᠠ ᠵᠠᠯᠠᠬᠤ᠂ ᠤᠪᠤᠭ᠎ᠠ ᠵᠠᠰᠠᠬᠤ᠂ ᠤᠷᠭᠠᠨ ᠬᠡᠶᠢᠮᠦᠷᠢ ᠪᠡᠯᠡᠳᠦᠬᠦ᠂ ᠰᠦᠯᠳᠡ ᠬᠡᠶᠢᠮᠦᠷᠯᠡᠬᠤ ᠵᠡᠷᠭᠡ ᠠᠵᠢᠯ ᠶᠢ ᠱᠠᠯᠠᠪᠳᠠᠨ᠎ᠠ᠃ ᠡᠳᠡᠨᠡᠶᠢᠬᠢᠨ ᠤᠪᠤᠭ᠎ᠠ ᠠᠴᠠ ᠲᠠᠪᠤ ᠵᠢᠷᠭᠤᠭᠠᠨ ᠵᠠᠭᠤᠨ ᠭᠠᠵᠠᠷ ᠵᠠᠶᠢᠳᠠᠢ ᠪᠠᠶᠢᠳᠠᠭ᠃ ᠪᠢ ᠪᠠᠰᠠ ᠬᠦᠪᠡᠭᠦᠨ ᠰᠡᠷᠭᠦᠯᠡᠩᠪᠤᠯᠠᠭ ᠤᠨ ᠤᠪᠤᠭ᠎ᠠ ᠲᠠᠬᠢᠬᠤ ᠶᠢ ᠲᠤᠬᠢᠶᠠᠯᠳᠤᠭᠤᠯᠤᠨ᠂ ᠨᠢᠭᠡᠨ ᠴᠢᠯᠠᠭᠤᠨ ᠢᠯᠡᠷᠬᠡᠶᠢᠯᠡᠯ ᠬᠢᠯᠭᠡᠵᠦ ᠡᠷᠭᠦᠭᠰᠡᠨ ᠪᠠᠶᠢᠭ᠎ᠠ ᠶᠤᠮ᠃ ᠡᠨᠡ ᠪᠤᠯ ᠮᠢᠨᠤ ᠦᠨᠳᠦᠷ ᠲᠡᠭᠡᠳᠦ ᠤᠳ ᠲᠤ ᠡᠷᠬᠦᠬᠦ ᠦᠨᠡᠨᠴᠢ ᠰᠦᠰᠦᠭ ᠤᠨ ᠮᠠᠨᠢ ᠢᠯᠡᠷᠡᠭᠦᠯᠦᠯ ᠪᠤᠯᠭᠠᠪᠠ᠃ ᠲᠡᠷᠡ ᠢᠯᠡᠷᠬᠡᠶᠢᠯᠡᠯ ᠳᠤ ︽ᠪᠦᠭᠡᠨᠡᠷ ᠤᠪᠤᠭ᠎ᠠ︾ ᠭᠡᠵᠦ ᠲᠤᠮᠤ ᠦᠰᠦᠭ ᠢᠶᠠᠷ ᠲᠤᠲᠤᠷᠠᠭᠤᠯᠵᠦ᠂ ᠬᠤᠶᠠᠷ ᠲᠠᠯ᠎ᠠ ᠳᠤᠨᠢ ᠬᠠᠳᠤᠨ ᠡᠬᠡ ᠶᠢᠨ ︽ᠤᠮᠤᠭ ᠦᠭᠡᠢ ᠤᠳᠤᠭ ᠭᠡᠵᠦ ᠪᠠᠶᠢᠳᠠᠭ ᠦᠭᠡᠢ᠂ ᠤᠳᠤᠭ ᠤᠨ ᠡᠷᠬᠢᠮ ᠵᠦᠢᠯᠡᠰ ᠨᠢ ᠤᠪᠤᠭ᠎ᠠ ᠪᠤᠯᠤᠮᠤᠢ᠂ ᠤᠪᠤᠭ᠎ᠠ ᠤᠳᠤᠭ ᠢ ᠮᠠᠨᠠᠵᠦ ᠪᠠᠶᠢᠨᠠᠮ᠂ ᠤᠪᠤᠭ᠎ᠠ ᠭᠡᠳᠡᠭ  ᠨᠢ ᠨᠤᠲᠤᠭ ᠤᠨ ᠲᠠᠮᠠᠭ᠎ᠠ ᠪᠤᠯᠠᠢ︾ ᠭᠡᠬᠦ ᠠᠶᠢᠯᠠᠳᠬᠠᠯ ᠢ ᠤᠯᠠᠮᠵᠢᠯᠠᠨ ᠮᠦᠩᠬᠡᠯᠡᠪᠡᠢ᠃ ᠢᠯᠡᠷᠬᠡᠶᠢᠯᠡᠯ ᠤᠨ ᠠᠷᠤ ᠲᠠᠯ᠎ᠠ ᠳᠤ᠄      ︽ᠪᠦᠭᠡᠨᠡᠷ ᠠᠶᠢᠮᠠᠭ ᠪᠤᠯᠪᠠᠰᠣ ᠴᠠᠭᠠᠳᠠᠢ ᠪᠦᠬᠡ ᠶᠢᠨ ᠤᠳᠤᠮ ᠭᠡᠯᠴᠡᠳᠡᠭ ᠤᠷᠢᠶᠠᠩᠬᠠᠨ ᠤᠪᠤᠭ ᠤᠨ ᠵᠠᠷᠴᠠᠭᠤᠳᠠᠢ ᠶᠢᠨ ᠵᠠᠯᠮ᠎ᠠ ᠵᠠᠩᠵᠤᠨ ᠤ ᠬᠤᠶᠢᠴᠢᠰ ᠪᠤᠯᠠᠢ᠃ 17 ᠳ᠋ᠤᠭᠠᠷ ᠵᠠᠭᠤᠨ ᠤ ᠰᠡᠭᠦᠯᠴᠢ ᠪᠠᠷ ᠠᠷᠤ ᠬᠠᠩᠭᠠᠢ ᠠᠭᠤᠯᠠᠨ ᠠᠴᠠ ᠭᠠᠯᠳᠠᠨ᠂ ᠴᠤᠭᠳᠤ ᠬᠡᠮᠡᠬᠦ ᠠᠬ᠎ᠠ ᠲᠡᠭᠦᠤ ᠬᠤᠶᠠᠭᠤᠯᠠ ᠦᠵᠦᠮᠦᠴᠢᠨ ᠨᠤᠲᠤᠭ ᠲᠤᠷ ᠨᠡᠭᠦᠨ ᠢᠷᠡᠵᠦ᠂ ᠯᠠᠮᠠ ᠶᠢᠨ ᠬᠦᠷᠢᠶ᠎ᠡ ᠰᠦᠮ᠎ᠡ ᠶᠢᠨ ᠬᠠᠷᠢᠶᠠᠳᠤ ᠪᠦᠭᠡᠨᠡᠷ ᠬᠤᠷᠢᠨ ᠪᠤᠯᠤᠨ ᠨᠤᠲᠤᠭᠰᠢᠯᠤᠭ᠎ᠠ᠃ ᠴᠠᠭᠠᠨ ᠰᠦᠯᠳᠡᠳᠦ ᠬᠠᠰᠢᠶᠠᠳᠤ ᠶᠢᠨ ᠪᠡᠶᠡᠨ ᠤᠪᠤᠭ᠎ᠠ ᠶᠢ ᠪᠤᠰᠬᠠᠨ ᠲᠠᠬᠢᠵᠦ ᠤᠳᠤᠮ ᠤᠭᠰᠠᠭ᠎ᠠ ᠦᠶ᠎ᠡ ᠤᠯᠠᠮᠵᠢᠯᠠᠭᠰᠠᠨ  ᠢᠶᠠᠷ ᠲᠠᠶᠠᠭᠠᠷ ᠲᠤ ︽ᠪᠦᠭᠡᠨᠡᠷ ᠤᠪᠤᠭ᠎ᠠ︾ ᠬᠡᠮᠡᠨ ᠠᠯᠳᠠᠷᠰᠢᠪᠠᠢ᠃      ᠪᠦᠬᠡ ᠮᠦᠷᠭᠦᠯ ᠤᠨ ᠢᠵᠠᠭᠤᠷ ᠡᠷᠳᠡᠮᠳᠦ ᠲᠡᠭᠡᠳᠦ ᠶᠢᠨ ᠰᠦᠷ ᠭᠡᠷᠡᠯ ᠳᠤᠷ ᠰᠢᠳᠦᠵᠦ ᠲᠤᠰ ᠢᠯᠡᠷᠬᠡᠶᠢᠯᠡᠯ  ᠢᠶᠠᠷ ᠲᠤᠲᠤᠷᠬᠠᠶᠢᠯᠠᠵᠦ ᠪᠠᠶ᠋ᠰᠬᠠᠨ ᠮᠦᠩᠬᠡᠯᠡᠮᠦᠢ︕                                                        ᠤᠷᠢᠶᠠᠩᠬᠠᠨ ᠤ᠂ ᠶᠤᠨᠳᠤᠨ ᠡᠷᠭᠦᠪᠡ   2019,08,09︾ ᠭᠡᠵᠦ ᠪᠢᠴᠢᠭᠯᠡᠨ᠂ ᠲᠤᠰ ᠤᠪᠤᠭᠠᠨ ᠤ ᠡᠭᠦᠰᠦᠯ ᠢᠵᠠᠭᠤᠷ ᠶᠢ ᠲᠤᠲᠤᠷᠠᠭᠤᠯᠤᠨ ᠲᠤᠷᠠᠰᠬᠠᠯ ᠪᠤᠯᠭᠠᠭᠰᠠᠨ ᠪᠠᠶᠢᠭ᠎ᠠ ᠶᠤᠮ᠃ ᠰᠡᠷᠭᠦᠯᠡᠩᠪᠤᠯᠠᠭ᠂ ᠪᠠᠭᠠᠨ᠎ᠠ᠂ ᠡᠷᠬᠢᠮᠪᠠᠳᠤ ᠵᠡᠷᠭᠡ ᠲᠠᠬᠢᠯᠭ᠎ᠠ ᠶᠢᠨ ᠲᠠᠭᠠᠭᠠᠮᠠᠯ ᠨᠠᠷ ᠨᠢᠭᠡᠨ ᠲᠤᠮᠤ ᠲᠠᠬᠢᠯᠭ᠎ᠠ ᠶᠢᠨ ᠴᠢᠯᠠᠭᠤᠨ ᠰᠢᠷᠡᠭᠡ ᠪᠤᠯᠤᠨ ᠬᠤᠶᠠᠷ ᠭᠡᠰᠡᠭ ᠤᠳᠤᠯᠭ᠎ᠠ ᠶᠢᠨ ᠱᠠᠩᠯᠤ ᠡᠷᠭᠦᠭᠰᠡᠨ ᠨᠢ ᠪᠠᠰᠠ ᠨᠢᠬᠡᠨ ᠰᠠᠶᠢᠬᠠᠨ ᠦᠨᠢᠳᠡ ᠶᠢᠨ ᠬᠡᠷᠡᠭᠯᠡᠭᠡᠨ ᠤ ᠴᠢᠮᠡᠭ ᠲᠤᠷᠠᠰᠬᠠᠯ ᠪᠤᠯᠭᠠᠭᠰᠠᠨ ᠨᠢ ᠰᠠᠬᠢᠭᠤᠰᠤ ᠶᠢᠨ ᠲᠠᠭᠠᠯᠠᠯ ᠤᠯᠠᠨ ᠤ ᠰᠠᠶᠢᠰᠢᠶᠠᠯ ᠢ ᠤᠯᠬᠤ ᠨᠢ ᠯᠠᠪᠳᠠᠢ ᠶᠤᠮ᠃      ᠲᠠᠬᠢᠯᠭ᠎ᠠ ᠶᠢᠨ ᠦᠷᠯᠦᠭᠡ ᠡᠷᠳᠡ ᠪᠢᠳᠡᠭᠦᠤ ᠡᠭᠦᠯᠡ ᠲᠠᠢ᠂ ᠠᠯᠤᠰ ᠢᠶᠠᠷ ᠪᠤᠷᠤᠭᠠᠨ ᠤ ᠡᠭᠦᠯᠡᠰ ᠡᠪᠬᠡᠷᠡᠨ᠎ᠡ᠃ ᠲᠠᠯᠠᠢ ᠶᠢᠨ ᠲᠦᠪᠰᠢᠨ ᠠᠴᠠ ᠲᠡᠭᠡᠭᠰᠢ 1171 ᠦᠨᠳᠦᠷᠯᠢᠭ ᠲᠤ ᠡᠷᠭᠦᠭᠳᠡᠵᠦ ᠪᠠᠶᠢᠭ᠎ᠠ ᠪᠦᠭᠡᠨᠡᠷ ᠤᠪᠤᠭ᠎ᠠ ᠮᠠᠨᠢ ᠴᠠᠭᠠᠨ ᠲᠤᠭ ᠰᠦᠯᠳᠡ ᠪᠠᠷ ᠬᠡᠶᠢᠮᠦᠷᠯᠠᠭᠤᠯᠵᠦ᠂ ᠲᠠᠪᠤᠨ ᠦᠩᠭᠡ ᠶᠢᠨ ᠤᠷᠭᠠᠨ ᠬᠡᠶᠢᠮᠦᠷᠢ ᠪᠤᠯᠤᠨ ᠵᠡᠯ᠎ᠡ ᠬᠡᠶᠢᠮᠦᠷᠢ ᠲᠠᠳᠠᠭᠰᠠᠨ ᠢᠶᠠᠷ ᠰᠦᠷ ᠵᠢᠪᠬᠤᠭᠠᠳᠠᠢ ᠬᠠᠷᠠᠭᠳᠠᠨ᠎ᠠ᠃ ᠠᠭᠤᠯᠠᠨ ᠤᠷᠤᠢ ᠳᠤ ᠭᠠᠷᠤᠬᠤᠶ᠎ᠠ ᠤᠯᠠᠨ ᠠᠭᠤᠯᠠᠰ ᠵᠢᠵᠢᠭᠷᠡᠵᠦ᠂ ᠠᠭᠤᠳᠠᠮ ᠲᠠᠯ᠎ᠠ ᠶᠢᠨ ᠭᠤᠪᠢ ᠬᠤᠭᠤᠯᠠᠢ ᠪᠠᠷ ᠦᠶ᠎ᠡ ᠦᠶ᠎ᠡ ᠵᠦᠭᠡᠯᠡᠨ ᠬᠤᠷ᠎ᠠ ᠴᠠᠶᠢᠷᠳᠠᠨ᠎ᠠ᠃      ᠪᠢᠳᠡ ᠭᠤᠴᠢᠨ ᠠᠯᠬᠤᠮ ᠶᠢᠨ ᠵᠠᠢ ᠠᠴᠠ ᠪᠡᠶ᠎ᠡ ᠪᠠᠨ ᠠᠷᠢᠭᠤᠯᠠᠵᠦ ᠤᠪᠤᠭᠠᠨ ᠳᠠᠭᠠᠨ ᠭᠠᠷᠤᠯ᠎ᠠ᠃ ᠤᠪᠤᠭᠠᠨ ᠲᠠᠭᠠᠭᠠᠮᠠᠯ ᠨᠠᠷ ᠰᠢᠨ᠎ᠡ ᠰᠦᠮ᠎ᠡ ᠶᠢᠨ ᠯᠠᠮᠠᠳᠠᠨ ᠪᠠᠭᠠᠳᠤᠷ ᠢ ᠵᠠᠯᠠᠭᠰᠠᠨ ᠢᠶᠠᠷ ᠲᠡᠷᠡ ᠲᠠᠬᠢᠯᠭ᠎ᠠ ᠶᠢᠨ ᠵᠢᠷᠤᠮ ᠢᠶᠠᠷ ᠶᠠᠪᠤᠭᠤᠯᠪᠠ᠃ ᠲᠠᠬᠢᠯᠭ᠎ᠠ ᠶᠢᠨ ᠰᠠᠩ ᠤᠩᠰᠢᠬᠤ ᠶᠢᠨ ᠲᠤᠮᠳᠠ ᠠᠷᠴᠠ ᠰᠠᠩ ᠲᠠᠯᠪᠢᠬᠤ᠂ ᠲᠠᠬᠢᠯᠭ᠎ᠠ ᠶᠢᠨ ᠵᠦᠢᠯᠳᠡ ᠶᠢ ᠦᠷᠦᠬᠦ᠂ ᠵᠤᠯᠠ ᠪᠠᠷᠢᠬᠤ᠂ ᠡᠷᠭᠦᠯ ᠰᠠᠴᠤᠯᠢ ᠬᠢᠯᠭᠡᠬᠦ᠂ ᠲᠠᠯᠠᠯᠭ᠎ᠠ ᠠᠪᠬᠤ ᠰᠦᠰᠦᠭᠯᠡᠨ ᠮᠦᠷᠬᠦᠬᠦ ᠵᠡᠷᠭᠡ ᠵᠠᠩ ᠦᠢᠯᠡ ᠶᠢᠨ ᠲᠡᠰ ᠲᠠᠷᠠᠭ᠎ᠠ ᠪᠠᠷ ᠬᠢᠭᠳᠡᠵᠡᠢ᠃ ᠲᠤᠰᠬᠠᠢ ᠴᠠᠭᠠᠨ ᠢᠳᠡᠭᠡᠨ ᠪᠠᠷ ᠵᠠᠰᠠᠭᠰᠠᠨ ᠲᠠᠪᠠᠭ ᠲᠠᠢ ᠵᠦᠢᠯᠡᠰ ᠶᠢ ᠴᠢᠯᠠᠭᠤᠨ ᠰᠢᠷᠡᠭᠡᠨ᠎ᠡ ᠲᠠᠯᠪᠢᠵᠦ ᠡᠷᠭᠦᠭᠡᠳ᠂ ᠪᠠᠰᠠ ᠰᠦᠨ ᠰᠠᠴᠤᠯᠢ ᠪᠠᠷ ᠤᠪᠤᠭ᠎ᠠ ᠪᠠᠨ ᠲᠤᠭᠤᠷᠢᠨ ᠡᠷᠭᠦᠪᠡ᠂ ᠪᠢ ᠬᠤᠶᠠᠷ ᠪᠠᠭ᠎ᠠ ᠠᠴᠢ ᠬᠦᠤ ᠠᠵᠠᠵᠠᠶᠠᠭ᠎ᠠ᠂ ᠡᠯᠪᠡᠭᠪᠠᠶᠠᠷ ᠢᠶᠠᠨ ᠲᠠᠭᠠᠭᠤᠯᠵᠦ᠂ ᠤᠪᠤᠭᠠᠨ ᠳᠠᠭᠠᠨ ᠲᠠᠨᠢᠭᠤᠯᠵᠦ᠂ ᠡᠷᠭᠦᠯ ᠲᠠᠭᠠᠳᠬᠠᠯ ᠬᠢᠬᠦ ᠶᠤᠰᠤᠨ ᠶᠢ ᠦᠵᠡᠭᠦᠯᠦᠭᠰᠡᠨ ᠪᠦᠭᠡᠳ ᠬᠢᠯᠭᠡᠭᠰᠡᠨ ᠪᠠᠶᠢᠭ᠎ᠠ ᠶᠤᠮ᠃ ᠡᠨᠡ ᠪᠤᠯ ᠲᠠᠷᠤᠢ ᠤᠯᠠᠮᠵᠢᠯᠠᠯ ᠭᠡᠵᠦ ᠪᠢ ᠲᠤᠲᠤᠷ᠎ᠠ ᠪᠠᠨ ᠪᠤᠳᠤᠬᠤ ᠪᠦᠭᠡᠳ ᠲᠡᠳᠡᠨ ᠤᠨ ᠨᠢᠯᠬ᠎ᠠ ᠲᠠᠷᠢᠬᠢᠨ ᠳᠤ ᠰᠠᠭᠤᠭᠳᠠᠬᠤ ᠶᠢ ᠬᠦᠰᠡᠨ ᠪᠦᠯᠦᠭᠡ᠃      ᠤᠯᠠᠨ ᠮᠦᠷᠭᠦᠯᠴᠢᠳ ᠲᠡᠷᠭᠡ ᠲᠠᠢ᠂ ᠮᠤᠲ᠋ᠤᠷ ᠲᠠᠢ ᠢᠷᠡᠵᠦ ᠮᠦᠷᠭᠦᠯ ᠲᠠᠭᠠᠳᠬᠠᠯ ᠢᠶᠠᠨ ᠬᠢᠵᠦ ᠪᠤᠴᠠᠨ᠎ᠠ᠃ ᠲᠠᠬᠢᠯᠭ᠎ᠠ ᠶᠢᠨ ᠶᠤᠰᠤᠨ ᠲᠠᠭᠤᠰᠤᠭᠰᠠᠨ ᠤ ᠲᠠᠷᠠᠭ᠎ᠠ᠂ ᠲᠦᠷᠪᠡ ᠲᠠᠪᠤᠨ ᠪᠦᠭᠡ ᠦᠳᠦᠳᠦ ᠲᠢᠳᠠᠮ ᠢᠶᠠᠨ ᠲᠠᠯᠪᠢᠵᠦ ᠢᠵᠠᠭᠤᠷ ᠬᠤᠪᠴᠠᠰᠤ ᠵᠠᠰᠠᠯ ᠢᠶᠠᠨ ᠭᠡᠳᠦᠷᠴᠦ᠂ ᠲᠠᠯ᠎ᠠ ᠬᠡᠩᠭᠡᠷᠭᠡ ᠪᠠᠨ ᠪᠠᠷᠢᠨ ᠢᠷᠡᠵᠦ᠂ ᠤᠪᠤᠭᠠᠨ ᠳᠤ ᠲᠠᠬᠢᠯᠭ᠎ᠠ ᠲᠠᠭᠠᠳᠬᠠᠯ ᠬᠢᠬᠦ ᠨᠢ ᠪᠠᠰᠠ ᠨᠢᠭᠡᠨ ᠰᠤᠨᠢᠷᠬᠠᠯᠳᠠᠢ ᠤᠯᠠᠮᠵᠢᠯᠠᠯ ᠤᠨ ᠢᠵᠠᠭᠤᠷ ᠶᠤᠰᠤᠨ ᠭᠡᠯᠳᠡᠢ᠃ ᠪᠦᠭᠡᠨᠡᠷ ᠤᠪᠤᠭ᠎ᠠ ᠪᠤᠯ ᠡᠷᠳᠡᠨ ᠤ ᠤᠯᠠᠮᠵᠢᠯᠠᠯᠳᠤ ᠲᠠᠬᠢᠯᠭᠠᠳᠤ ᠤᠪᠤᠭ᠎ᠠ ᠪᠤᠯᠬᠤᠷ ᠡᠶᠢᠮᠦ ᠬᠡᠯᠪᠡᠷᠢ ᠪᠠᠷ ᠲᠠᠬᠢᠬᠤ ᠨᠢ ᠵᠦᠢᠳᠡᠢ ᠭᠡᠬᠦ ᠰᠠᠨᠠᠭ᠎ᠠ ᠪᠤᠳᠤᠯ ᠨᠠᠳᠠ ᠳᠤ ᠡᠷᠬᠡ ᠦᠭᠡᠢ ᠲᠦᠷᠦᠭᠳᠡᠨ᠎ᠡ᠃ ᠡᠨᠡ ᠦᠶ᠎ᠡ ᠪᠢ ᠪᠠᠰᠠ ᠦᠪᠡᠷ ᠶᠢᠨ ᠤᠪᠤᠭᠠᠨ ᠳᠠᠭᠠᠨ ᠡᠷᠬᠦᠬᠦ ︽ᠦᠴᠢᠯ ᠰᠠᠩ︾ ᠢᠶᠠᠨ ᠤᠩᠰᠢᠭᠰᠠᠨ ᠢᠶᠠᠨ ᠤᠪᠤᠭᠠᠨ ᠤ ᠴᠠᠭᠠᠨ ᠰᠦᠯᠳᠡ ᠶᠢᠨ ᠲᠤᠬᠠᠢ ᠰᠢᠨᠵᠢᠯᠡᠭᠡᠨ ᠤ ᠦᠭᠦᠯᠡᠯ ᠪᠠ ᠬᠠᠳᠠᠭ ᠤᠨ ᠬᠠᠮᠳᠤ ᠤᠪᠤᠭᠠᠨ ᠳᠠᠭᠠᠨ ᠨᠠᠨᠳᠢᠩᠨᠠᠨ ᠡᠷᠭᠦᠪᠡ᠃ ᠲᠤᠰ ᠤᠪᠤᠭ᠎ᠠ ᠬᠤᠶᠠᠷ ᠭᠡᠰᠡᠭ ᠲᠠᠬᠢᠯᠭ᠎ᠠ ᠶᠢᠨ ᠶᠤᠰᠤᠨ ᠲᠠᠢ᠂ ᠨᠢᠭᠡ ᠨᠢ ᠡᠨᠡ ᠭᠤᠤᠯ ᠤᠪᠤᠭᠠᠨ ᠲᠠᠬᠢᠯᠭ᠎ᠠ᠂ ᠨᠦᠬᠦᠭᠡ ᠨᠢ ᠵᠡᠭᠦᠨ ᠬᠤᠶᠢᠳᠦ ᠲᠤᠤᠷ᠎ᠠ ᠪᠠᠶᠢᠬᠤ ︽ᠬᠡᠤᠬᠡᠳ ᠤᠨ ᠤᠪᠤᠭ᠎ᠠ︾ ᠪᠤᠯᠤᠨ᠎ᠠ᠃ ᠭᠤᠤᠯ ᠤᠪᠤᠭᠠᠨ ᠤᠨ ᠪᠠᠷᠠᠭᠤᠨ ᠳᠠᠬᠢ ᠵᠡᠷᠭᠡᠴᠡᠭᠡ ᠦᠨᠳᠦᠷᠯᠢᠭ ᠲᠤ ᠮᠠᠨ ᠤ ᠡᠪᠦᠭᠡ ᠠᠪᠤ ᠶᠢᠨ ᠭᠠᠷᠳᠠᠭ ᠪᠠᠰᠠ ᠨᠢᠭᠡᠨ ᠵᠢᠵᠢᠭ ᠤᠪᠤᠭ᠎ᠠ ᠪᠤᠢ᠃ ᠤᠯᠠᠨ ᠲᠡᠮᠦᠷ ᠲᠤᠤᠷ ᠢᠶᠠᠷ ᠬᠦᠷᠢᠶᠡᠯᠡᠭᠰᠡᠨ ᠪᠤᠯᠬᠤᠷ ᠤᠷᠤᠵᠦ ᠴᠢᠳᠠᠭᠰᠠᠨ ᠦᠭᠡᠢ ᠠᠯᠤᠰ ᠠᠴᠠ ᠰᠠᠩ ᠤᠳᠤᠯᠭ᠎ᠠ ᠲᠠᠯᠪᠢᠵᠦ ᠴᠠᠭᠠᠨ ᠰᠦᠨ ᠤ ᠰᠠᠴᠤᠯᠢ ᠡᠷᠭᠦᠭᠰᠡᠨ ᠢᠶᠠᠨ ︽ᠬᠡᠤᠬᠡᠳ ᠤᠨ ᠤᠪᠤᠭ᠎ᠠ︾ ᠢ ᠴᠢᠭᠯᠡᠯ᠎ᠡ᠃ ᠬᠡᠤᠬᠡᠳ ᠤᠨ ᠤᠪᠤᠭ᠎ᠠ ᠢ ᠪᠠᠰᠠ ᠲᠠᠬᠢᠯᠭ᠎ᠠ ᠲᠠᠢ ᠪᠤᠯᠬᠤᠷ ︽ᠤᠩᠭᠤᠨ ᠲᠤᠪᠤᠭ︾ ᠴᠤ ᠭᠡᠳᠡᠭ᠃ ᠲᠤᠰ ᠲᠤᠪᠤᠭ ᠶᠢᠨ ᠤᠷᠤᠢ ᠳᠤ ᠭᠤᠤᠯ ᠤᠪᠤᠭ᠎ᠠ᠂ ᠬᠤᠶᠠᠷ ᠱᠠᠪᠢ ᠤᠪᠤᠭ᠎ᠠ ᠲᠠᠢ ᠭᠤᠷᠪᠠᠨ ᠭᠡᠰᠡᠭ ᠤᠪᠤᠭ᠎ᠠ ᠪᠤᠢ᠃ ᠮᠠᠨ ᠤ ᠬᠡᠳᠦᠡ ᠭᠡᠷ ᠶᠢᠨ ᠲᠤᠯᠤᠭᠠᠨ ᠠᠴᠢᠨᠠᠷ ᠬᠤᠶᠢᠴᠢᠰ ᠤᠷᠤᠯᠴᠠᠨ᠂ ᠤᠪᠤᠭᠠᠨ ᠳᠠᠭᠠᠨ ᠲᠠᠬᠢᠯ ᠡᠷᠭᠦᠵᠦ᠂ ᠲᠠᠭᠠᠳᠬᠠᠯ ᠬᠢᠭᠰᠡᠨ ᠪᠠᠶᠢᠭ᠎ᠠ᠂ ᠲᠡᠳᠡᠨ ᠤ  ᠪᠠᠨ ᠡᠷᠡᠭᠦᠯ ᠰᠠᠷᠠᠭᠤᠯ ᠦᠰᠴᠦ ᠪᠤᠶᠢᠵᠢᠬᠤ ᠪᠠ ᠬᠦᠮᠦᠨ ᠤ ᠶᠢᠷᠳᠢᠨᠴᠤ ᠳᠤ ᠬᠡᠷᠡᠭᠴᠡᠭᠡ ᠲᠠᠢ ᠰᠠᠶᠢᠨ ᠰᠠᠶᠢᠬᠠᠨ ᠶᠠᠪᠤᠬᠤ ᠶᠢ ᠲᠡᠭᠡᠳᠦ ᠶᠢᠨ ᠰᠦᠷ ᠤᠪᠤᠭᠠᠨ ᠰᠠᠬᠢᠭᠤᠰᠤ ᠲᠠᠭᠠᠨ ᠲᠠᠭᠠᠳᠬᠠᠨᠠᠮ᠃                                                                          ᠤᠪᠤᠭᠠᠨ ᠨᠠᠶᠢᠷ ᠤᠨ ᠪᠦᠬᠡ ᠶᠢᠨ ᠪᠠᠷᠢᠯᠳᠤᠭᠠᠨ ᠤ ᠲᠡᠭᠡᠳᠦ ᠲᠦᠷᠪᠡ ᠳᠤ ᠵᠢᠷᠠᠠᠪᠤᠯᠠᠭ ᠢᠶᠠᠷ ᠨᠤᠲᠤᠭᠳᠠᠢ ᠤᠯᠤᠰ ᠤᠨ ᠠᠪᠤᠷᠭᠤ ᠵᠠᠮᠪᠠᠯ ᠤᠨ ᠠᠮᠤᠷᠰᠠᠨᠠᠭ᠎ᠠ᠂ ᠮᠤᠩᠭᠤᠯ ᠤᠯᠤᠰ ᠤᠨ ᠠᠶᠢᠮᠠᠭ ᠤᠨ ᠬᠤᠷᠴᠠ ᠠᠷᠰᠯᠠᠨ ᠨᠤᠮᠢᠨᠳᠠᠯᠠᠢ᠂ ᠤᠯᠤᠰ ᠤᠨ ᠠᠪᠤᠷᠭᠤ ᠪᠠᠶᠠᠠᠬᠦᠭᠡᠪᠦᠷ ᠶᠢᠨ ᠪᠠᠶᠠᠠᠪᠠᠳᠤ᠂ ᠤᠯᠢᠶᠠᠰᠤᠳᠠᠢ ᠶᠢᠨ ᠠᠯᠳᠠᠠᠸᠠᠴᠢᠷ ᠨᠠᠷ ᠦᠯᠡᠳᠡᠵᠦ᠂ ᠠᠮᠤᠷᠰᠠᠨᠠᠭ᠎ᠠ ᠪᠠᠶᠠᠠᠪᠠᠳᠤ ᠪᠠᠷ᠂ ᠨᠤᠮᠢᠨᠳᠠᠯᠠᠢ ᠠᠯᠳᠠᠠᠸᠠᠴᠢᠷ ᠢᠶᠠᠷ ᠲᠤᠰ ᠲᠤᠰ ᠲᠠᠪᠠᠵᠦ᠂ ᠲᠡᠷᠢᠭᠦᠨ ᠲᠡᠳ᠋ ᠳᠤ ᠠᠮᠤᠷᠰᠠᠨᠠᠭ᠎ᠠ ᠨᠤᠮᠢᠠᠳᠠᠯᠠᠢ ᠶᠢ ᠬᠠᠶᠠᠵᠦ᠂ ᠨᠠᠶᠢᠷ ᠤᠨ ᠱᠠᠩ ᠭᠦᠷᠳᠡᠪᠡ᠃      ᠲᠠᠬᠢᠯᠭ᠎ᠠ ᠶᠢᠨ ᠨᠠᠶᠢᠷ ᠲᠤ ᠡᠯ᠎ᠡ ᠰᠤᠮᠤ ᠪᠠᠯᠭᠠᠰᠤᠨ ᠤ ᠤᠶᠠᠭᠠᠴᠢᠳ ᠴᠤᠭᠯᠠᠷᠠᠨ ᠲᠦᠴᠢ ᠭᠠᠷᠤᠢ ᠮᠤᠷᠢᠳ ᠤᠷᠤᠯᠴᠠᠵᠦ᠂ ᠭᠤᠴᠢ ᠭᠠᠷᠤᠢ ᠭᠠᠵᠠᠷ ᠶᠢᠨ ᠠᠯᠤᠰ ᠠᠴᠠ ᠲᠠᠯᠪᠢᠵᠠᠢ᠃ ᠬᠤᠷᠳᠤᠨ ᠮᠤᠷᠢᠨ ᠤ ᠤᠷᠤᠯᠳᠤᠭᠠᠨ ᠳᠤ᠂ ᠪᠠᠶᠠᠠᠬᠦᠭᠡᠪᠦᠷ ᠤᠨ ᠵᠢᠷᠠᠨᠳᠠᠢ ᠶᠢᠨ ᠨᠤᠭᠤᠭᠠᠨ ᠬᠠᠷ᠎ᠠ ᠮᠤᠷᠢ ᠲᠠᠰᠤᠷᠠᠨ ᠲᠡᠷᠢᠭᠦᠯᠡᠵᠦ᠂ ᠡᠭᠡᠪᠤᠯᠠᠭ ᠤᠨ ᠲᠡᠯᠭᠡᠷᠡᠩᠬᠦᠢ ᠶᠢᠨ ᠭᠡᠬᠡᠷ ᠮᠤᠷᠢ ᠠᠮᠠᠨ ᠬᠦᠵᠦᠭᠦᠯᠡᠵᠦ᠂ ᠵᠢᠷᠠᠠᠪᠤᠯᠠᠭ ᠤᠨ ᠮᠦᠩᠬᠡᠵᠠᠭᠠᠨ ᠤ ᠬᠡᠭᠡᠷ ᠮᠤᠷᠢ ᠭᠤᠳᠠᠭᠠᠷᠯᠠᠨ᠂ ᠪᠠᠶᠠᠠᠬᠦᠭᠡᠪᠦᠷ ᠤᠨ ᠢᠳᠡᠮᠵᠠᠪ ᠤᠨ ᠬᠦᠷᠡᠩ ᠮᠤᠷᠢ ᠲᠦᠳᠡᠭᠡᠷᠯᠡᠵᠦ᠂ ᠲᠠᠭᠤᠳᠤᠨᠠᠭᠤᠷ ᠤᠨ ᠬᠠᠰᠪᠠᠭᠠᠳᠤᠷ ᠤᠨ ᠬᠡᠭᠡᠷ ᠮᠤᠷᠢ ᠠᠶᠢᠷᠠᠭ ᠶᠢᠨ ᠲᠠᠪᠤ ᠲᠤ ᠢᠷᠡᠵᠦ᠂ ᠨᠠᠶᠢᠷᠴᠢᠳ ᠤᠯᠠᠨ ᠤ ᠮᠡᠯᠮᠡᠢ ᠶᠢ ᠪᠠᠶᠠᠰᠬᠠᠨ᠂ ᠴᠤᠯᠠ ᠪᠠᠨ ᠲᠠᠭᠤᠳᠠᠭᠤᠯᠵᠦ ᠡᠵᠡᠨ ᠢᠶᠠᠨ ᠪᠠᠶᠠᠷᠯᠠᠭᠤᠯᠤᠭᠠᠳ ᠨᠠᠶᠢᠷ ᠤᠨ ᠱᠠᠩ ᠪᠠᠨ ᠲᠤᠰᠤᠨ᠎ᠠ᠃ ᠱᠠᠩ ᠭᠦᠷᠳᠡᠭᠰᠡᠨ ᠬᠦᠯᠦᠭ ᠤᠳ ᠲᠤ᠄ ᠪᠠᠶᠠᠠᠬᠦᠭᠡᠪᠦᠷ ᠤᠨ ᠲᠡᠮᠦᠷᠪᠠᠭᠠᠳᠤᠷ ᠤᠨ ᠰᠠᠷᠠᠯ᠂ ᠪᠠᠳᠠᠷᠠᠬᠤ ᠶᠢᠨ ᠰᠠᠶᠢᠠᠪᠠᠶᠠᠷ ᠤᠨ ᠬᠡᠭᠡᠷ᠂ ᠪᠠᠷᠠᠭᠤᠨ ᠦᠵᠦᠮᠦᠴᠢᠨ ᠤ ᠭᠠᠩᠳᠡᠮᠦᠷ ᠤᠨ ᠬᠠᠯᠢᠭᠤᠨ᠂ ᠤᠳᠬᠠᠨᠪᠠᠶᠠᠷ ᠤᠨ ᠬᠡᠭᠡᠷ᠂ ᠪᠠᠶᠠᠨ ᠴᠠᠭᠠᠨ ᠤ ᠪᠠᠯᠳᠠᠨ ᠤ ᠬᠠᠷ᠎ᠠ᠂ ᠪᠡᠶᠡᠡᠬᠦᠭᠡᠪᠦᠷ ᠤᠨ ᠢᠳᠡᠮᠵᠠᠪ ᠤᠨ ᠠᠯᠠᠭ᠂ ᠪᠠᠶᠠᠨ ᠴᠠᠭᠠᠨ ᠤ ᠬᠤᠪᠢᠰᠬᠠᠯᠳᠤ ᠶᠢᠨ ᠬᠦᠷᠡᠩ᠂ ᠲᠠᠭᠤᠳᠤᠨᠠᠭᠤᠷ ᠤᠨ ᠲᠦᠮᠡᠨᠨᠠᠰᠤᠳᠤ ᠶᠢᠨ ᠰᠠᠷᠠᠯ᠂ ᠪᠡᠶᠡᠡᠬᠦᠭᠡᠪᠦᠷ ᠤᠨ ᠡᠷᠳᠡᠨᠢᠪᠠᠭᠠᠳᠤᠷ ᠤᠨ ᠬᠠᠷ᠎ᠠ᠂ ᠬᠦᠪᠴᠢᠠᠭᠤᠪᠢ ᠶᠢᠨ ᠰᠦᠯᠳᠡ ᠶᠢᠨ ᠪᠤᠭᠤᠷᠤᠯ᠂ ᠪᠠᠶᠠᠠᠬᠦᠭᠡᠪᠦᠷ ᠤᠨ ᠬᠦᠷᠡᠯ ᠤᠨ ᠪᠤᠷᠤ ᠵᠡᠷᠭᠡ ᠮᠤᠷᠢᠳ ᠰᠢᠯᠭᠠᠷᠠᠵᠦ ᠱᠠᠩ ᠢᠶᠠᠨ ᠲᠤᠰᠤᠭᠰᠠᠨ ᠪᠠᠶᠢᠨ᠎ᠠ᠃      ᠤᠪᠤᠭᠠᠨ ᠲᠠᠬᠢᠯᠭ᠎ᠠ ᠶᠢᠨ ᠦᠶ᠎ᠡ ᠪᠠᠷ ᠲᠡᠭᠷᠢ ᠰᠠᠬᠢᠭᠤᠰᠤ ᠪᠠᠶᠠᠰᠴᠤ᠂ ᠬᠤᠰᠢᠭᠤ ᠨᠤᠲᠤᠭ ᠤᠨ ᠬᠡᠪᠴᠢᠶᠠᠨ ᠳᠤ ᠡᠭᠦᠯᠡ ᠪᠤᠷᠤᠭᠠᠨ ᠵᠤᠵᠠᠭᠠᠷᠠᠵᠦ᠂ ᠤᠯᠠᠨ ᠭᠠᠵᠠᠷ ᠬᠤᠷ᠎ᠠ ᠪᠤᠷᠤᠭᠠᠨ ᠤᠷᠤᠵᠦ᠂ ᠤᠷᠭᠤᠮᠠᠯ ᠪᠡᠯᠴᠢᠭᠡᠷ ᠠᠮᠢᠯᠠᠨ ᠦᠳᠭᠡᠷᠡᠵᠦ᠂ ᠠᠯᠳᠠᠨ ᠨᠠᠮᠤᠷ ᠤᠨ ᠰᠢᠵᠢᠷ ᠤᠯᠠᠷᠢᠯ ᠳᠤ ᠠᠷᠠᠳ ᠮᠠᠯᠴᠢᠳ ᠤᠨ ᠡᠯᠪᠡᠭ ᠪᠠᠶᠠᠨ ᠵᠤᠯ ᠵᠢᠷᠭᠠᠯᠳᠤ ᠠᠮᠢᠳᠣᠷᠠᠯ ᠲᠡᠯᠭᠡᠭᠳᠡᠨ᠎ᠡ᠃
 
ᠢᠷᠡᠯᠲᠡ᠄ ᠤᠷᠢᠶᠠᠩᠬᠠᠨ ᠤ᠂ ᠶᠤᠨᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号