ᠡᠷᠳᠡᠨᠢᠳᠠᠯᠠᠢ ᠭᠠᠴᠠᠭᠠᠨ ᠳᠤ ᠪᠣᠯᠣᠭᠰᠠᠨ ᠰᠡᠬᠡᠬᠡᠲᠡᠳ ᠢ ᠣᠭᠲᠣᠬᠤ ᠰᠠᠶᠢᠬᠠᠨ ᠠᠵᠢᠯᠯᠠᠭ᠎ᠠ
ᠨᠡᠶᠢᠲᠡᠯᠡᠭᠰᠡᠨ ᠴᠠᠭ᠄
2018/8/21
           ᠡᠷᠳᠡᠨᠢᠳᠠᠯᠠᠢ ᠭᠠᠴᠠᠭᠠᠨ ᠳᠤ ᠪᠣᠯᠣᠭᠰᠠᠨ ᠰᠡᠬᠡᠬᠡᠲᠡᠳ ᠢ ᠣᠭᠲᠣᠬᠤ ᠰᠠᠶᠢᠬᠠᠨ ᠠᠵᠢᠯᠯᠠᠭ᠎ᠠ                                                 — — — ᠰᠡᠬᠡᠬᠡᠲᠡᠨ ᠤ ᠬᠦᠳᠡᠭᠡ ᠪᠠᠭᠤᠭᠰᠠᠨ 50 ᠵᠢᠯ ᠤᠨ ᠣᠢ ᠳᠤ ᠵᠣᠷᠢᠭᠤᠯᠪᠠ                      ᠨᠠᠢᠮᠠᠨ ᠰᠠᠷ᠎ᠠ ᠶᠢᠨ ᠦᠵᠡᠰᠭᠦᠯᠡᠩᠲᠦ ᠰᠠᠶᠢᠬᠠᠨ ᠦᠵᠦᠮᠦᠴᠢᠨ ᠨᠤᠲᠤᠭ ᠡᠪᠡᠰᠦ ᠪᠡᠯᠴᠢᠭᠡᠷ ᠬᠠᠯᠢᠭᠤᠷᠠᠨ᠂ ᠪᠣᠯᠵᠣᠮᠣᠷ ᠰᠢᠪᠠᠭᠤ ᠳᠣᠩᠭᠤᠳᠤᠭᠠᠳ ᠠᠮᠢᠵᠢᠷᠠᠯ ᠤᠨ ᠬᠦᠴᠦᠨ ᠪᠢᠯᠬᠠᠮ᠎ᠠ ᠪᠠᠶᠢᠨ᠎ᠠ᠃      ᠰᠡᠬᠡᠬᠡᠲᠡᠨ ᠤ ᠬᠦᠳᠡᠭᠡ ᠪᠠᠭᠤᠭᠰᠠᠨ 50 ᠵᠢᠯ ᠤᠨ ᠣᠢ ᠬᠦᠷᠴᠦ ᠢᠷᠡᠬᠦ ᠲᠠᠰᠢᠷᠠᠮ ᠢᠶᠠᠷ᠂ ᠡᠵᠢᠨᠠᠭᠤᠷ ᠪᠠᠯᠭᠠᠰᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠠᠴᠠ ᠡᠷᠳᠡᠨᠢᠳᠠᠯᠠᠢ ᠭᠠᠴᠠᠭᠠᠨ ᠤ ︽ᠬᠤᠶᠠᠷ ᠵᠦᠪᠯᠡᠯ︾ ᠤᠨ ᠭᠡᠰᠢᠭᠦᠳ ᠲᠠᠢ ᠬᠤᠯᠪᠣᠭᠠᠯᠠᠨ᠂  ︽ ᠰᠡᠬᠡᠬᠡᠲᠡᠨ ᠬᠦᠳᠡᠭᠡ ᠪᠠᠭᠤᠭᠰᠠᠨ 50 ᠵᠢᠯ ᠤᠨ ᠣᠢ ᠶᠢ ᠲᠣᠷᠠᠰᠬᠠᠬᠤ ᠨᠠᠶᠢᠷ ᠨᠠᠭᠠᠳᠣᠮ ᠤᠨ ᠬᠦᠳᠡᠯᠭᠡᠭᠡᠨ︾ ᠢ ᠥᠷᠨᠢᠭᠦᠯᠦᠭᠰᠡᠨ ᠪᠠᠶᠢᠨ᠎ᠠ᠃      8 ᠰᠠᠷ᠎ᠠ ᠶᠢᠨ 7 ᠤ ᠡᠳᠦᠷ᠂ ᠥᠷᠯᠦᠭᠡ ᠡᠷᠲᠡ ᠡᠵᠢᠨᠠᠭᠤᠷ ᠪᠠᠯᠭᠠᠰᠣᠨ ᠤ ᠡᠷᠳᠡᠨᠢᠳᠠᠯᠠᠢ ᠭᠠᠴᠠᠭᠠᠨ ᠤ ︽ᠬᠤᠶᠠᠷ ᠵᠦᠪᠯᠡᠯ︾ ᠠᠴᠠ ᠥᠷᠭᠡᠨ ᠣᠯᠠᠨ ᠮᠠᠯᠴᠢᠨ ᠢᠶᠠᠨ ᠵᠣᠬᠢᠶᠠᠨ ᠪᠠᠶᠢᠭᠤᠯᠵᠣ᠂ ᠨᠣᠭᠤᠭᠠᠨ ᠣᠲᠠᠢ ᠠᠭᠤᠯᠠᠨ ᠤ ᠰᠠᠶᠢᠬᠠᠨ ᠡᠪᠦᠷ ᠲᠤ ᠮᠣᠩᠭᠤᠯ ᠢᠶᠠᠷ ᠢᠶᠠᠨ ᠭᠤᠶᠣᠯᠠᠵᠣ᠂ ᠠᠭᠲᠠ ᠬᠦᠯᠦᠭ ᠮᠣᠷᠢ ᠪᠠᠨ ᠣᠨᠣᠵᠣ᠂ ᠠᠯᠣᠰ ᠠᠴᠠ ᠢᠷᠡᠭᠰᠡᠨ ᠬᠦᠨᠳᠦᠲᠦ ᠵᠣᠴᠢᠨ ᠢᠶᠠᠨ ᠬᠦᠯᠢᠶᠡᠵᠦ ᠪᠠᠶᠢᠯ᠎ᠠ᠃ 9 ᠴᠠᠭ ᠤᠨ ᠣᠷᠴᠢᠮ᠂ ᠨᠢᠭᠡ ᠴᠤᠪᠤᠭ᠎ᠠ ᠭᠤᠶᠣ ᠰᠠᠶᠢᠬᠠᠨ ᠮᠠᠰᠢᠨ ᠲᠡᠷᠭᠡ ᠣᠯᠠᠨ ᠤ ᠬᠠᠷᠠᠭᠠᠨ ᠳᠤ ᠲᠣᠳᠣᠷᠠᠵᠣ᠂ ᠰᠡᠬᠡᠬᠡᠲᠡᠨ ᠬᠤᠶᠠᠳᠠᠬᠢ ᠨᠣᠲᠤᠭ ᠲᠤ ᠪᠠᠨ ᠬᠦᠷᠴᠦ ᠢᠷᠡᠭᠰᠡᠨ ᠳᠤ᠂ ᠡᠷᠳᠡᠨᠢᠳᠠᠯᠠᠢ ᠭᠠᠴᠠᠭᠠᠨ ᠤ  ︽ᠬᠤᠶᠠᠷ ᠵᠦᠪᠯᠡᠯ︾ ᠤᠨ ᠭᠡᠰᠢᠭᠦᠳ ᠥᠷᠭᠡᠨ ᠣᠯᠠᠨ ᠮᠠᠯᠴᠢᠨ ᠤ ᠬᠠᠮᠲᠣ᠂ ᠠᠷᠢᠭᠤᠨ ᠴᠠᠭᠠᠨ ᠬᠠᠳᠠᠭ ᠢᠶᠠᠨ ᠳᠡᠯᠭᠡᠨ᠂  ᠠᠮᠲᠠᠲᠣ ᠰᠠᠶᠢᠬᠠᠨ ᠰᠠᠭᠠᠯᠢ ᠶᠢᠨ ᠠᠷᠢᠬᠢ ᠪᠠᠨ ᠡᠷᠭᠦᠵᠦ ᠬᠦᠨᠳᠦᠲᠦ ᠵᠣᠴᠢᠳ ᠢᠶᠠᠨ   ᠬᠦᠯᠢᠶᠡᠨ ᠣᠭᠲᠣᠭᠰᠠᠨ ᠪᠠᠶᠢᠨ᠎ᠠ᠃ ᠰᠡᠬᠡᠬᠡᠲᠡᠳ ᠠᠴᠠ ᠡᠷᠳᠡᠨᠢᠳᠠᠯᠠᠢ ᠭᠠᠴᠠᠭᠠᠨ ᠤ ︽ ᠬᠤᠶᠠᠷ ᠵᠦᠪᠯᠡᠯ︾᠂ ᠮᠠᠯᠴᠢᠨ ᠲᠠᠨᠢᠯ ᠲᠠᠢ ᠪᠠᠨ ᠳᠠᠬᠢᠨᠲᠠ ᠠᠭᠤᠯᠵᠠᠭᠰᠠᠨ ᠳᠤ ᠪᠠᠨ ᠬᠠᠯᠠᠭᠤᠨ ᠪᠠᠶᠠᠷ ᠢᠶᠠᠷ ᠬᠠᠷᠢᠯᠴᠠᠨ ᠲᠡᠪᠡᠷᠢᠯᠴᠡᠨ᠂ ᠪᠠᠶᠠᠷᠯᠠᠨ ᠳᠣᠭᠳᠣᠯᠠᠭᠰᠠᠨ ᠰᠡᠳᠬᠢᠯᠭᠡ ᠪᠠᠨ ᠳᠠᠷᠣᠵᠣ ᠶᠠᠳᠠᠨ ᠪᠠᠶᠢᠯ᠎ᠠ᠃      50 ᠵᠢᠯ ᠤᠨ ᠡᠮᠦᠨ᠎ᠡ᠂ ᠰᠡᠬᠡᠬᠡᠲᠡᠳ ᠠᠩᠬ᠎ᠠ ᠦᠵᠦᠮᠦᠴᠢᠨ ᠤ ᠠᠯᠲᠠᠨ ᠬᠦᠷᠦᠰᠦᠨ ᠳᠤ ᠡᠵᠢᠨᠠᠭᠤᠷ ᠪᠠᠯᠭᠠᠰᠣᠨ ᠤ ᠡᠷᠳᠡᠨᠢᠳᠠᠯᠠᠢ ᠭᠠᠴᠠᠭᠠᠨ ᠤ ᠨᠣᠲᠤᠭ ᠲᠤ ᠠᠩᠬ᠎ᠠ ᠬᠥᠯ ᠭᠢᠰᠬᠢᠬᠦ ᠳᠤ᠂ ᠮᠠᠯᠴᠢᠳ  ᠮᠣᠷᠢ ᠪᠠᠨ ᠣᠨᠣᠵᠣ ᠲᠣᠰᠴᠣ ᠠᠪᠣᠭᠰᠠᠨ ᠶᠤᠮ ᠡ᠃ 50 ᠵᠢᠯ ᠤᠨ ᠳᠠᠷᠠᠭᠠᠬᠢ ᠥᠨᠥᠳᠥᠷ᠂  ᠰᠡᠬᠡᠬᠡᠲᠡᠳ ᠭᠠᠯ ᠵᠠᠯᠠᠭᠤ ᠨᠠᠰᠤ ᠂ ᠭᠠᠩᠭᠠᠩ ᠰᠠᠶᠢᠬᠠᠨ  ᠴᠠᠭ ᠥᠶ᠎ᠡ ᠪᠠᠨ ᠬᠤᠴᠣᠷᠭᠠᠭᠰᠠᠨ ᠬᠤᠪᠢ ᠢᠷᠦᠭᠡᠯ ᠲᠠᠢ ᠡᠨᠡ ᠨᠣᠲᠤᠭ ᠲᠤ ᠬᠠᠷᠢᠭᠠᠳ ᠢᠷᠡᠬᠦ ᠳᠤ᠂ ᠮᠠᠯᠴᠢᠳ ᠮᠦᠨ ᠯᠡ ᠬᠠᠯᠠᠭᠤᠨ ᠰᠡᠳᠬᠢᠯ ᠢᠶᠠᠷ ᠮᠣᠷᠢ ᠣᠨᠣᠵᠣ ᠲᠣᠰᠣᠨ ᠠᠪᠴᠦ ᠪᠠᠶᠢᠭᠠᠳ ᠬᠠᠭᠠᠰ ᠵᠠᠭᠤᠨ ᠢ ᠬᠡᠲᠦᠷᠡᠵᠦ᠂ 70 ᠨᠠᠰᠣᠨ ᠤ ᠳᠠᠪᠠᠭ᠎ᠠ ᠶᠢ ᠳᠠᠪᠠᠭᠰᠠᠨ  ᠰᠡᠬᠡᠬᠡᠲᠡᠳ  ᠬᠤᠪᠢ ᠶᠢᠨ ᠭᠠᠳᠠᠨ᠎ᠠ ᠪᠠᠶᠠᠷᠯᠠᠨ᠂ ᠰᠡᠳᠬᠢᠯ ᠳᠣᠭᠳᠣᠯᠵᠣ ᠪᠠᠶᠢᠯ᠎ᠠ᠃      ︽ᠨᠣᠭᠤᠭᠠᠨ ᠣᠲᠠᠢ︾ ᠵᠣᠭᠠᠴᠠᠯ ᠤᠨ ᠲᠠᠯᠠᠪᠠᠢ ᠳᠤ ᠡᠵᠢᠨᠠᠭᠤᠷ ᠪᠠᠯᠭᠠᠰᠣᠨ ᠤ ᠨᠠᠮ ᠤᠨ ᠬᠤᠷᠢᠶᠠᠨ ᠤ ᠱᠦᠵᠢ ᠪᠠᠢ ᠹᠦ᠋ ᠴᠢᠣᠸᠠᠨ ᠨᠦᠬᠦᠷ ᠠᠴᠠ ᠡᠷᠳᠡᠨᠢᠳᠠᠯᠠᠢ ᠭᠠᠴᠠᠭᠠᠨ ᠳᠤ ᠬᠦᠳᠡᠭᠡ ᠪᠠᠭᠤᠭᠰᠠᠨ ᠰᠡᠬᠡᠬᠡᠲᠡᠳ ᠤᠨ ᠥᠪᠡᠷ ᠤᠨ  ᠬᠤᠶᠠᠳᠡᠬᠢ ᠨᠣᠲᠤᠭ ᠲᠤ ᠪᠠᠨ ᠳᠠᠬᠢᠨ ᠠᠶᠢᠯᠠᠴᠢᠯᠠᠵᠣ ᠢᠷᠡᠭᠰᠡᠨ ᠳᠤ ᠬᠠᠯᠠᠭᠤᠨ ᠶᠠᠷᠢᠶ᠎ᠠ ᠲᠠᠯᠪᠢᠵᠣ᠂ ᠲᠡᠳᠡᠨᠠᠷ ᠤᠨ ᠨᠡᠶᠢᠭᠡᠮ ᠵᠢᠷᠤᠮᠲᠤ ᠮᠠᠯᠵᠢᠬᠤ ᠣᠷᠣᠨ ᠢ ᠪᠦᠲᠦᠭᠡᠨ ᠪᠠᠶᠢᠭᠤᠯᠬᠤ ᠠᠭᠤᠤ ᠶᠡᠭᠡ ᠦᠢᠯᠡᠰ ᠲᠤ ᠡᠷᠬᠢᠮ ᠨᠠᠨᠳᠢᠨ ᠵᠠᠯᠠᠭᠤ ᠨᠠᠰᠤᠨ᠂ ᠣᠶᠣᠨ ᠤᠬᠠᠭᠠᠨ ᠪᠣᠯᠣᠨ ᠬᠦᠴᠦᠨ ᠴᠢᠳᠠᠯ ᠢᠶᠠᠨ  ᠬᠠᠷᠠᠮ ᠦᠭᠡᠢ ᠡᠷᠭᠦᠭᠰᠡᠨ ᠥᠩᠭᠡᠷᠡᠯᠲᠡ ᠳᠤ ᠭᠦᠨ ᠲᠠᠯᠠᠷᠬᠠᠯ ᠢᠶᠠᠨ ᠢᠯᠡᠳᠬᠡᠭᠰᠡᠨ ᠪᠠᠶᠢᠨ᠎ᠠ᠃      ᠬᠠᠯᠠᠭᠤᠨ ᠶᠠᠷᠢᠶ᠎ᠠ ᠳᠠᠭᠤᠰᠣᠭᠰᠠᠨ ᠠᠴᠠ ᠳᠠᠷᠠᠭ᠎ᠠ᠂ ᠰᠡᠬᠡᠬᠡᠲᠡᠳ ᠮᠠᠯᠴᠢᠳ ᠬᠠᠮᠲᠤ ᠶᠢᠨ ᠰᠡᠭᠦᠳᠡᠷ ᠲᠠᠲᠠᠵᠤ᠂ ᠰᠡᠬᠡᠬᠡᠲᠡᠳ ᠠᠴᠠ ᠭᠠᠴᠠᠭᠠᠨ ᠵᠦᠪᠯᠡᠯ ᠳᠤ ᠲᠣᠰᠬᠠᠢ ᠪᠡᠯᠡᠳᠬᠡᠭᠰᠡᠨ ᠪᠡᠯᠡᠭ ᠢᠶᠠᠨ ᠡᠷᠭᠦᠨ ᠳᠡᠪᠰᠢᠭᠦᠯᠦᠭᠰᠡᠨ ᠤ ᠬᠠᠮᠲᠤ ᠡᠷᠳᠡᠨᠢᠳᠠᠯᠠᠢ ᠭᠠᠴᠠᠭᠠᠨ ᠤ ︽ᠬᠤᠶᠠᠷ ᠵᠦᠪᠯᠡᠯ︾ ᠠᠴᠠ ᠬᠠᠷᠢᠭᠤ ᠪᠡᠯᠡᠭ ᠢᠶᠠᠨ ᠪᠠᠷᠢᠭᠰᠠᠨ ᠪᠠᠶᠢᠨ᠎ᠠ᠃      ᠳᠠᠷᠠᠭ᠎ᠠ ᠳᠤ ᠨᠢ᠂ ᠡᠷᠳᠡᠨᠢᠳᠠᠯᠠᠢ ᠭᠠᠴᠠᠭᠠᠨ ᠠᠴᠠ ᠪᠦᠬᠡ ᠪᠠᠷᠢᠯᠳᠣᠬᠤ᠂ ᠮᠣᠷᠢ ᠣᠷᠣᠯᠳᠣᠬᠤ᠂ ᠣᠷᠠᠨ ᠰᠠᠶᠢᠬᠠᠨ ᠤ ᠦᠳᠡᠰᠢᠯᠡᠭᠡ ᠥᠷᠨᠢᠭᠦᠯᠬᠦ ᠵᠡᠷᠭᠡ ᠠᠭᠤᠯᠭ᠎ᠠ ᠪᠠᠶᠠᠯᠢᠭ ᠬᠦᠳᠡᠯᠭᠡᠭᠡᠨ ᠥᠷᠨᠢᠭᠦᠯᠪᠡ᠃ ᠰᠡᠬᠡᠬᠡᠲᠡᠨ ᠠᠴᠠ ᠣᠷᠣᠯᠳᠣᠭᠠᠨ ᠢ ᠰᠣᠨᠢᠷᠬᠠᠬᠤ ᠶᠢᠨ ᠬᠠᠮᠲᠤ᠂  ᠮᠠᠯᠴᠢᠳ ᠲᠠᠢ ᠥᠩᠭᠡᠷᠡᠭᠰᠡᠨ ᠢᠶᠠᠨ ᠳᠣᠷᠠᠳᠬᠠᠵᠣ᠂ 50 ᠵᠢᠯ ᠤᠨ ᠲᠣᠷᠰᠢᠬᠢ ᠲᠠᠯ᠎ᠠ ᠨᠣᠲᠤᠭ ᠤᠨ ᠬᠤᠪᠢᠷᠠᠯᠲᠠ᠂ ᠮᠠᠯᠴᠢᠳ ᠤᠨ ᠦᠵᠡᠯᠲᠡ ᠲᠠᠨᠢᠯᠲᠠ ᠶᠢᠨ ᠬᠤᠪᠢᠷᠠᠯᠲᠠ ᠶᠢᠨ ᠲᠣᠬᠠᠢ ᠶᠠᠷᠢᠯᠴᠠᠵᠣ᠂ ᠡᠬᠡ ᠨᠣᠲᠤᠭ ᠤᠨ ᠢᠶᠠᠨ ᠦᠨᠦᠳᠦᠷ ᠤᠨ ᠬᠤᠪᠢᠷᠠᠯᠲᠠ ᠶᠢᠨ ᠪᠠᠶᠢᠳᠠᠯ ᠳᠤ ᠰᠡᠳᠬᠢᠯ ᠳᠣᠭᠳᠣᠯᠵᠣ᠂ ᠮᠦᠨᠴᠦ ᠡᠵᠢᠨᠠᠭᠤᠷ ᠪᠠᠯᠭᠠᠰᠣᠨ ᠤ ᠨᠠᠮ ᠤᠨ ᠬᠤᠷᠢᠶ᠎ᠠ ᠵᠠᠰᠠᠭ ᠤᠨ ᠣᠷᠳᠣᠨ᠂ ᠡᠷᠳᠡᠨᠢᠳᠠᠯᠠᠢ ᠭᠠᠴᠠᠭᠠᠨ ᠤ ︽ ᠬᠤᠶᠠᠷ ᠵᠦᠪᠯᠡᠯ︾  ᠤᠨ ᠲᠣᠰ ᠣᠳᠠᠭᠠᠨ ᠤ ᠬᠦᠳᠡᠯᠭᠡᠭᠡᠨ ᠢ ᠵᠣᠬᠢᠶᠠᠨ ᠪᠠᠶᠢᠭᠤᠯᠣᠭᠰᠠᠨ ᠳᠤ ᠴᠢᠩ ᠰᠡᠳᠬᠢᠯ ᠤᠨ ᠲᠠᠯᠠᠷᠬᠠᠯ ᠢᠶᠠᠨ ᠢᠯᠡᠳᠬᠡᠭᠰᠡᠨ ᠪᠠᠶᠢᠨ᠎ᠠ᠃      ᠡᠨᠡ ᠣᠳᠠᠭᠠᠨ ᠤ ᠰᠡᠬᠡᠬᠡᠲᠡᠨ ᠬᠦᠳᠡᠭᠡ ᠪᠠᠭᠤᠭᠰᠠᠨ 50 ᠵᠢᠯ ᠤᠨ ᠣᠢ ᠶᠢ ᠳᠣᠷᠠᠰᠬᠠᠭᠰᠠᠨ ᠠᠵᠢᠯᠯᠠᠭ᠎ᠠ ᠪᠠᠷ ᠳᠠᠮᠵᠢᠨ᠂ ᠰᠡᠬᠡᠬᠡᠲᠡᠳ ᠪᠠ ᠮᠠᠯᠴᠢᠨ ᠲᠦᠮᠡᠨ ᠤ ᠬᠤᠭᠤᠷᠣᠨᠳᠣᠬᠢ ᠬᠠᠶᠢᠷ᠎ᠠ ᠰᠡᠳᠬᠢᠯᠭᠡ ᠶᠢ ᠤᠯᠠᠮ ᠨᠢᠭᠡ ᠠᠯᠬᠤᠮ ᠵᠣᠵᠠᠭᠠᠳᠬᠠᠵᠣ  ᠂ ᠮᠥᠩᠬᠡ ᠶᠢᠨ ᠳᠤᠷᠠᠰᠤᠮᠵᠢ ᠳᠤᠷᠠᠳᠬᠠᠯ ᠦᠯᠡᠳᠡᠭᠡᠭᠰᠡᠨ ᠪᠠᠶᠢᠨ᠎ᠠ᠃
 
ᠢᠷᠡᠯᠲᠡ᠄ ᠰᠤᠷᠤᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号