ᠠᠯᠳᠠᠨ ᠵᠢᠯᠤᠭᠤᠳᠤ  ᠪᠠᠶᠠᠨ ᠤᠨᠳᠤᠷᠤᠯ  ︵ᠨᠢᠭᠡ︶
ᠨᠡᠶᠢᠲᠡᠯᠡᠭᠰᠡᠨ ᠴᠠᠭ᠄
2019/1/3
 ᠤᠷᠢᠶᠠᠩᠬᠠᠨ ᠤ᠂ ᠶᠤᠨᠳᠤᠨ              ᠠᠯᠳᠠᠨ ᠵᠢᠯᠤᠭᠤᠳᠤ  ᠪᠠᠶᠠᠨ ᠤᠨᠳᠤᠷᠤᠯ  ︵ᠨᠢᠭᠡ︶                                    —  ᠦᠭᠡᠷᠡᠴᠢᠯᠡᠯᠳᠡ ᠨᠡᠭᠡᠭᠡᠯᠳᠡ ᠶᠢᠨ 40 ᠵᠢᠯ ᠳᠤ ᠵᠤᠷᠢᠭᠤᠯᠤᠭᠰᠠᠨ ᠡᠷᠦᠬᠡ ᠭᠡᠷ ᠤᠨ ᠲᠡᠭᠵᠢᠷᠠᠯ ᠤᠨ ᠪᠠᠷᠢᠮᠳᠠᠳᠤ ᠤᠷᠠᠨ ᠵᠤᠬᠢᠶᠠᠯ            ᠨᠢᠭᠡ᠂ ᠭᠡᠷ ᠪᠦᠯᠢ ᠶᠢᠨ ᠠᠮᠢᠳᠤᠷᠠᠯ ᠤᠨ ᠡᠬᠢᠯᠡᠯ      ᠦᠨᠳᠦᠷ ᠵᠤ ᠨᠢ ᠠᠯᠤᠰ ᠠᠴᠠ ᠬᠦᠭᠡᠷᠡᠨ ᠬᠠᠷᠠᠭᠠᠨ ᠤ ᠦᠵᠦᠭᠦᠷ ᠨᠡᠯᠦᠶᠢᠵᠦ      ᠦᠷᠭᠡᠨ ᠬᠦᠨᠳᠡᠢ ᠨᠢ ᠨᠤᠭᠤᠭᠠᠷᠠᠨ ᠴᠡᠴᠡᠭ ᠤᠨ ᠲᠠᠪᠠᠯᠭᠠᠨ ᠭᠡᠶᠢᠰᠦᠨ᠎ᠡ      ᠦᠨᠢᠷ ᠰᠦᠷᠦᠭ ᠤᠨ ᠰᠢᠮᠡᠳᠦ ᠪᠡᠯᠴᠢᠭᠡᠷ ᠡᠵᠢ ᠶᠢᠨ ᠮᠢᠨᠢ ᠨᠤᠲᠤᠭ      ᠦᠵᠦᠮᠦᠴᠢᠨ ᠨᠤᠲᠤᠭ ᠤᠨ ᠪᠠᠷᠠᠭᠤᠨ ᠵᠠᠬ᠎ᠠ ᠲᠤᠭᠤᠭᠠᠳᠤ ᠭᠠᠵᠠᠷ ᠰᠠᠶᠢᠬᠠᠨ                      — ︽ᠪᠠᠶᠠᠵᠢᠯ ᠤᠨ ᠬᠠᠷᠭᠤᠢ ᠳᠠᠬᠢ ᠮᠢᠨᠤ ᠨᠤᠲᠤᠭ︾ ᠭᠡᠬᠦ ᠨᠠᠶᠢᠷᠠᠭ ᠠᠴᠠ      ᠰᠢᠷ᠎ᠠ ᠮᠤᠷᠢᠨ ᠵᠢᠯ ᠤᠨ ᠵᠤᠨ ᠪᠠᠶᠢᠵᠦ ᠯᠡ ᠳ᠋ᠠ᠂ ᠨᠦᠢᠳᠡᠨ ᠴᠢᠬᠢᠭ ᠬᠠᠮᠠᠷ ᠠᠩᠭᠢᠯᠠᠭᠤᠯᠤᠭᠰᠠᠨ ᠡᠪᠡᠰᠦᠨ ᠤ ᠰᠡᠬᠦᠳᠡᠷᠢ ᠭᠢᠯᠠᠯᠵᠠᠭᠰᠠᠨ ᠨᠢᠭᠡᠨ ᠦᠷᠯᠦᠭᠡ ᠡᠷᠳᠡ ᠪᠠᠷ᠂ ᠪᠠᠶᠠᠨ ᠵᠤᠰᠠᠯᠠᠩ ᠤᠨ ᠦᠨᠳᠦᠷ ᠠᠴᠠ ᠨᠢᠭᠡᠨ ᠠᠶᠢᠯ ᠨᠡᠭᠦᠭᠰᠡᠭᠡᠷ ᠲᠤᠭᠤᠭᠠᠳᠤ ᠶᠢᠨ ᠡᠮᠦᠨ᠎ᠡ ᠲᠡᠨᠵᠢᠨ᠎ᠡ ᠪᠠᠭᠤᠵᠦ ᠭᠡᠷ ᠢᠶᠠᠨ ᠪᠠᠷᠢᠨ᠎ᠠ᠂ ᠲᠠᠪᠤᠨ ᠬᠠᠨ᠎ᠠ ᠲᠠᠢ ᠭᠡᠷ ᠢᠶᠠᠨ ᠪᠤᠰᠬᠠᠵᠦ᠂ ᠬᠡᠳᠦᠨ ᠲᠡᠷᠭᠡ ᠪᠠᠨ ᠨᠠᠶᠢᠷᠠᠭᠰᠠᠨ ᠢᠶᠠᠨ ᠵᠡᠯ᠎ᠡ ᠪᠠᠨ ᠲᠠᠳᠠᠵᠦ ᠭᠠᠳᠠᠰᠤᠯᠠᠭᠠᠳ ᠬᠡᠳᠦᠨ ᠲᠤᠭᠤᠯ ᠢᠶᠠᠨ ᠤᠶᠠᠨ᠎ᠠ᠃ ᠦᠩᠭᠡ ᠶᠢᠨ ᠴᠡᠴᠡᠭ ᠲᠡᠯᠭᠡᠷᠡᠭᠡᠳ ᠦᠶᠡᠳᠡᠨ ᠤᠷᠭᠤᠮᠠᠯ ᠲᠤᠬᠢᠯᠵᠠᠵᠦ᠂ ᠠᠬᠢ ᠲᠠᠭᠠᠨ᠎ᠠ ᠦᠨᠦᠷ ᠬᠠᠩᠬᠤᠯᠠᠭᠰᠠᠨ ᠪᠠᠶᠢᠭᠠᠯᠢ ᠶᠢᠨ ᠲᠠᠩᠰᠤᠭ ᠲᠤᠭᠤᠭᠠᠳᠤ ᠭᠠᠵᠠᠷ ᠰᠠᠭᠠᠳᠠᠵᠠᠢ᠃ ᠨᠢᠭᠡ ᠮᠤᠷᠢᠳᠠᠨ ᠬᠦᠯᠦᠪᠦᠷᠢ ᠶᠢᠨ ᠦᠬᠡᠷ ᠪᠤᠯᠤᠨ ᠬᠡᠳᠦᠨ ᠦᠨᠢᠶᠡᠳ ᠢᠶᠠᠨ ᠮᠠᠨᠢᠳᠦ ᠶᠢᠨ ᠭᠤᠤᠯ ᠤᠨ ᠤᠰᠤᠨ ᠵᠦᠭ ᠬᠦᠭᠡᠭᠡᠵᠦ ᠲᠠᠯᠪᠢᠨ᠎ᠠ᠂ ᠠᠯᠤᠰ  ᠠᠴᠠ ᠲᠤᠭᠤᠨᠤ ᠪᠠᠷ ᠨᠢ ᠤᠳᠤᠭ᠎ᠠ ᠰᠤᠭᠤᠨᠤᠭᠯᠠᠬᠤ ᠪᠠᠷ ᠬᠡᠷᠭᠡᠢ ᠨᠢ ᠭᠡᠷ ᠲᠤᠲᠤᠷ᠎ᠠ ᠵᠤᠤᠬ᠎ᠠ ᠪᠠᠨ ᠰᠢᠪᠠᠭᠰᠠᠨ ᠢᠶᠠᠨ ᠴᠠᠢ ᠪᠠᠨ ᠪᠡᠯᠨᠳᠦᠨ ᠠᠮᠵᠢᠬᠤ ᠨᠢ ᠪᠤᠯᠤᠯᠳᠠᠢ᠃ ᠡᠨᠡ ᠪᠤᠯ ᠮᠠᠨᠢᠳᠦ — ᠰᠢᠨᠠᠭᠠᠨ ᠢᠶᠠᠷ ᠪᠡᠯᠴᠢᠭᠡᠷ ᠲᠠᠢ᠂ ᠲᠤᠭᠤᠭᠠᠳᠤ ᠬᠡᠮᠡᠬᠦ ᠭᠠᠵᠠᠷ ᠢᠶᠠᠷ ᠨᠤᠲᠤᠭᠳᠠᠢ ᠮᠠᠯᠴᠢᠨ ᠡᠷᠳᠡᠮᠳᠡᠭᠦᠰ ᠤᠨ ᠬᠢ ᠪᠤᠯᠤᠨ᠎ᠠ᠃ ᠲᠡᠭᠦᠨ ᠤ ᠬᠡᠷᠭᠡᠢ ᠰᠠᠷᠠᠨ ᠭᠡᠳᠡᠭ᠃ ᠭᠡᠷ ᠲᠡᠭᠡᠨ ᠤᠢ ᠬᠦᠷᠦᠭᠰᠡᠨ ᠶᠡᠭᠡ ᠬᠦᠤ ᠲᠠᠢ ᠪᠠᠨ ᠭᠤᠷᠪᠠᠭᠤᠯᠠ ᠠᠵᠠᠢ᠃      ᠨᠢᠭᠡᠳᠦᠯ ᠪᠠᠷᠢᠭᠠᠳᠠ ᠶᠢᠨ ᠦᠶ᠎ᠡ ᠪᠠᠶᠢᠵᠤ᠂ ᠬᠠᠮᠲᠦ ᠶᠢᠨ ᠲᠣᠭᠤᠭᠠᠨ ᠠᠴᠠ ᠬᠤᠰᠣᠮ ᠬᠥᠰᠡᠵᠤ ᠬᠥᠨᠡᠰᠦ ᠵᠠᠯᠭᠠᠭᠤᠯᠵᠤ ᠪᠠᠶᠢᠭᠰᠠᠨ ᠴᠠᠭ᠃ ᠰᠠᠶ᠋ᠢᠬᠠᠨ ᠠᠶᠢᠯ ᠭᠡᠷ ᠪᠤᠯᠵᠦ ᠶᠠᠪᠤᠭ᠎ᠠ ᠡᠳᠡᠨᠡᠶᠢᠬᠢᠨ ᠳᠤ ᠪᠤᠰᠤᠳ ᠬᠦᠷᠦᠩᠭᠡ ᠭᠡᠮᠡᠷ ᠶᠠᠭᠤᠮ᠎ᠠ ᠠᠯᠠᠭ᠎ᠠ᠂ ᠪᠠᠰᠠ ᠮᠠᠯ ᠰᠦᠷᠦᠭ ᠭᠡᠵᠦ ᠤᠯᠵᠦ ᠲᠠᠭᠠᠭᠠᠴᠢᠯᠠᠭᠠᠳᠤᠢ ᠪᠤᠯᠬᠤᠷ ᠠᠳᠡ ᠲᠡᠨᠳᠡ ᠠᠴᠠ ᠬᠡᠳᠦᠨ ᠲᠤᠭᠤᠯ ᠲᠠᠢ ᠦᠨᠢᠶ᠎ᠡ ᠴᠤᠭᠯᠠᠭᠤᠯᠵᠦ ᠪᠤᠷᠤ ᠡᠳᠦᠷ ᠬᠤᠨᠤᠭ ᠢ ᠦᠩᠭᠡᠷᠡᠭᠡᠨ᠎ᠡ᠃ ᠠᠰᠢᠭ ᠤᠷᠤᠯᠭ᠎ᠠ ᠭᠡᠪᠡᠯ ᠬᠠᠮᠲᠦ ᠪᠠᠶᠢᠭᠰᠠᠨ ᠤ ᠡᠷᠬᠡ ᠪᠠᠷ ᠮᠠᠯᠵᠢᠯ ᠠᠴᠠ ᠪᠣᠰᠣᠳ ᠢᠯᠡᠭᠦᠤ ᠬᠥᠳᠡᠯᠮᠥᠷᠢ ᠳᠤ ᠣᠷᠣᠯᠴᠠᠵᠦ ᠠᠮᠢ ᠲᠡᠵᠢᠭᠡᠨ᠎ᠡ᠂ ᠡᠳᠦᠷ ᠪᠦᠷᠢ ᠶᠢᠨ ᠠᠷᠪᠠᠨ ᠬᠤᠪᠢ ᠲᠡᠮᠳᠡᠭᠯᠡᠵᠤ ᠬᠤᠪᠢ ᠪᠦᠷᠢ ᠶᠢᠨ ᠦᠨ᠎ᠠ ᠨᠢ 0,12  ᠲᠦᠭᠦᠷᠢᠭ ᠲᠡᠳᠦᠢ ᠯᠠ ᠪᠠᠶᠢᠯ᠎ᠠ᠃ ᠨᠠᠮᠣᠷ ᠤᠨ ᠡᠪᠡᠰᠦ ᠬᠠᠳᠣᠯᠠᠩ᠂ ᠮᠠᠯ ᠤᠨ ᠬᠤᠷᠤᠭ᠎ᠠ ᠬᠠᠰᠢᠶ᠎ᠠ ᠪᠠᠷᠢᠬᠤ᠂ ᠡᠪᠡᠰᠦᠨ ᠬᠥᠷᠢᠶᠡᠯᠡᠩ ᠪᠣᠰᠬᠠᠬᠤ᠂ ᠬᠤᠨᠢᠨ ᠤ ᠭᠠᠷ ᠬᠡᠬᠡᠯᠲᠦᠯᠭᠡ ᠶᠢᠨ ᠮᠡᠷᠭᠡᠵᠢᠯ ᠤᠨ ᠠᠵᠢᠯ᠂ ᠬᠠᠪᠤᠷ ᠲᠦᠯ ᠤᠨ ᠦᠶ᠎ᠡ ᠠᠶᠢᠯ ᠤᠨ ᠰᠠᠭᠠᠬᠤ ︵ᠬᠤᠷᠠᠭᠠᠯᠠᠭᠰᠠᠨ ᠬᠤᠨᠢᠳ︶ ᠶᠢ ᠬᠠᠷᠢᠭᠤᠯᠬᠤ ᠵᠡᠷᠭᠡ ᠦᠢᠯᠡᠳᠪᠦᠷᠢᠯᠡᠯ ᠤᠨ ᠠᠵᠢᠯᠯᠠᠭᠠᠨ ᠳᠤ ᠤᠷᠤᠯᠴᠠᠵᠦ᠂ ᠭᠡᠷ ᠪᠦᠯᠢ ᠶᠢᠨ ᠠᠮᠢᠳᠤᠷᠠᠯ ᠢᠶᠠᠨ ᠲᠦᠩᠭᠡᠵᠢ ᠠᠷᠭᠠᠴᠠᠬᠤ ᠲᠡᠳᠦᠢ᠃ ᠡᠨᠡ ᠨᠢ ᠦᠷᠭᠦᠯᠵᠢ ᠶᠢᠨ ᠴᠢᠨᠠᠷᠳᠠᠢ ᠠᠵᠢᠯ ᠪᠤᠰᠤ ᠲᠤᠯᠠ ᠤᠯᠵᠠᠪᠤᠷᠢ ᠪᠠᠷ ᠲᠤᠩ ᠢᠯᠠᠮ ᠦᠭᠡᠢ ᠪᠠᠭ᠎ᠠ ᠪᠠᠶᠢᠭᠰᠠᠨ ᠶᠤᠮ᠂ ᠲᠡᠷᠡ ᠬᠡᠷᠭᠡᠢ ᠲᠠᠢ  ᠪᠠᠨ ᠨᠢᠭᠡ ᠰᠦᠷᠦᠭ ᠠᠪᠴᠤ ᠲᠠᠭᠠᠭᠠᠴᠢᠯᠠᠨ ᠬᠠᠷᠢᠭᠤᠯᠤᠶ᠎ᠠ ᠭᠡᠵᠦ ᠵᠦᠪᠳᠡᠪᠡᠴᠦ ᠪᠠᠷᠢᠭᠠᠳᠠ ᠠᠴᠠ ᠲᠤᠬᠢᠷᠠᠭᠤᠯᠤᠭ᠎ᠠ ᠦᠭᠡᠢ ᠪᠠᠶᠢᠭᠰᠠᠭᠠᠷ᠃ ᠠᠮᠤ ᠪᠤᠳᠠᠭ᠎ᠠ ᠪᠦᠰ ᠪᠠᠷᠠᠭ᠎ᠠ ᠶᠢᠨ ᠢᠷᠡᠯᠳᠡ ᠭᠡᠪᠡᠯ ᠰᠠᠷ᠎ᠠ ᠶᠢᠨ ᠭᠤᠴᠢᠨ ᠵᠢᠩ ᠰᠢᠷ᠎ᠠ ᠪᠤᠳᠠᠭ᠎ᠠ᠂ ᠬᠤᠷᠢᠨ ᠵᠢᠩ ᠴᠠᠭᠠᠨ ᠭᠤᠯᠢᠷ ᠪᠠᠶᠢᠵᠦ᠂ ᠨᠢᠭᠡ ᠬᠦᠮᠦᠨ ᠤ ᠨᠢᠭᠡ ᠲᠡᠪᠡᠯ ᠤᠨ ᠪᠠᠷᠠᠭ᠎ᠠ᠂ ᠬᠦᠪᠦᠩ ᠬᠤᠶᠠᠷ ᠵᠢᠩ ᠶᠢ ᠬᠠᠩᠭᠠᠨ ᠪᠤᠷᠤᠯᠠᠭᠤᠯᠭ᠎ᠠ ᠶᠢᠨ ᠬᠤᠷᠰᠢᠶ᠎ᠠ ᠪᠠ ᠠᠮᠤ ᠪᠤᠳᠠᠭᠠᠨ ᠤ ᠦᠷᠳᠡᠭᠡᠨ ᠠᠴᠠ ᠬᠤᠳᠠᠯᠳᠤᠨ ᠠᠪᠴᠤ ᠡᠳᠦᠷ ᠬᠤᠨᠤᠭ ᠢ ᠨᠦᠭᠴᠢᠭᠡᠨ᠎ᠡ᠃      ᠲᠡᠷᠡ ᠬᠠᠪᠤᠷ᠂ ᠬᠤᠨᠢᠨ ᠤ ᠲᠦᠯ ᠲᠡᠭᠡᠷ᠎ᠡ ᠰᠠᠭᠠᠬᠤ ᠬᠠᠷᠢᠭᠤᠯᠬᠤ ᠠᠵᠢᠯ ᠳᠤ ᠲᠤᠬᠢᠷᠠᠭᠤᠯᠤᠭᠳᠠᠯ᠎ᠠ᠃ ᠬᠠᠪᠣᠷ ᠤᠨ ᠨᠢᠭᠡᠨ ᠡᠳᠦᠷ᠂ ᠡᠷᠳᠡᠮᠳᠡᠭᠦᠰ ᠭᠡᠷᠭᠡᠢ ᠲᠠᠢ ᠪᠠᠨ ᠬᠤᠨᠢᠨ ᠳᠠᠭᠠᠨ ᠭᠠᠷᠴᠦ ᠰᠠᠭᠠᠬᠤ ᠪᠠᠨ ᠲᠤᠭᠤᠬᠤ ᠪᠠᠷ ᠶᠠᠪᠤᠵᠠᠢ᠃ ︽ᠭᠥᠬᠦᠭᠦᠯᠵᠤ ᠠᠪᠤᠭᠤᠯᠬᠤ︾ ᠶᠠᠪᠣᠳᠠᠯ ᠢᠶᠠᠷ ᠪᠠᠭ᠎ᠠ ᠠᠭᠠᠵᠢᠮᠳᠠᠭᠰᠠᠨ ᠪᠠᠶᠢᠵᠤ ᠳ᠋ᠠ᠂ ᠬᠡᠷᠭᠡᠢ ᠨᠢ ᠭᠡᠷ  ᠲᠡᠭᠡᠨ ᠣᠷᠣᠵᠤ ᠦᠵᠡᠭᠦ ᠳᠤ ᠬᠠᠨᠵᠣᠨ ᠲᠡᠭᠡᠷ᠎ᠠ ᠥᠯᠥᠭᠡᠶᠢᠲᠠᠢ ᠪᠠᠶᠢᠭᠰᠠᠨ ᠪᠢᠴᠢᠬᠠᠨ ᠬᠦᠤ ᠨᠢ ᠪᠠᠷ᠎ᠠ ᠠᠯᠠᠭ᠎ᠠ ᠪᠠᠶᠢᠯ᠎ᠠ᠃ ᠪᠠᠴᠢᠮᠳᠠᠨ ᠠᠵᠢᠭᠯᠠᠪᠠᠯ ᠵᠤᠤᠬ᠎ᠠ ᠶᠢᠨ ᠦᠨᠡᠰᠦᠨ ᠨᠥᠬᠡᠨ ᠳᠤ ᠬᠤᠶᠠᠷ ᠬᠥᠯ ᠨᠢ ᠴᠣᠬᠤᠢᠢᠵᠤ ᠬᠠᠷᠠᠭᠳᠠᠭᠰᠠᠨ ᠳᠤ ︽ᠪᠠᠷᠠᠪᠠ︕︾ ᠬᠡᠮᠡᠨ ᠲᠠᠭᠠᠤ ᠠᠯᠳᠠᠨ ᠶᠠᠭᠠᠷᠠᠨ ᠲᠡᠪᠡᠷᠢᠵᠤ ᠠᠪᠬᠤ ᠳᠤ ᠨᠢᠭᠤᠷ ᠲᠣᠯᠣᠭᠠᠢ ᠠᠮᠠ ᠬᠠᠮᠠᠷ ᠴᠥᠮ ᠦᠨᠡᠰᠦ ᠪᠣᠯᠵᠤ᠂ ᠡᠰᠡᠯᠡ ᠪᠦᠲᠦᠵᠤ ᠦᠬᠦᠭᠰᠡᠨ ᠪᠠᠶᠢᠵᠠᠢ᠃ ᠪᠠᠭ᠎ᠠ ᠣᠳᠠᠭᠰᠠᠨ ᠪᠣᠯ ᠬᠠᠷᠠᠯᠠᠬᠤ ᠨᠢ ᠲᠡᠷᠡ᠂ ᠭᠡᠷᠭᠡᠢ ᠮᠠᠨᠢ ᠨᠢᠭᠤᠷ ᠴᠢᠷᠠᠢ ᠶᠢ ᠨᠢ ᠴᠡᠪᠡᠷᠯᠡᠭᠰᠡᠨ ᠢᠶᠠᠨ ᠠᠮᠢᠰᠬᠤᠭ᠎ᠠ ᠲᠠᠢ ᠪᠠᠶᠢᠬᠤ ᠳᠤᠨᠢ ᠪᠠᠶᠠᠷᠯᠠᠵᠤ᠂ ᠡᠬᠡ ᠬᠥᠮᠥᠨ ᠤ ᠶᠡᠭᠡ ᠬᠠᠶᠢᠷ᠎ᠠ ᠪᠠᠷ ᠨᠢᠯᠪᠣᠰᠣ ᠣᠨᠠᠭᠠᠨ ᠥᠨᠥᠰᠴᠦ᠂ ᠬᠠᠯᠠᠭᠤᠨ ᠬᠠᠴᠠᠷ ᠲᠠᠭᠠᠨ ᠨᠠᠭᠠᠯᠳᠣᠭᠤᠯᠣᠨ ᠡᠩᠬᠦᠷᠡᠶᠢᠯᠡᠵᠠᠢ᠃ ᠲᠡᠷᠡ ᠦᠶ᠎ᠡ ᠳᠤ᠂ ᠵᠠᠯᠠᠭᠤ ᠡᠴᠢᠭᠡ ᠡᠬᠡᠴᠦᠯ ᠬᠡᠤᠬᠡᠳ ᠢᠶᠠᠨ ᠬᠠᠶᠢᠷᠠᠯᠠᠪᠠᠴᠤ ᠬᠡᠤᠬᠡᠳ ᠢᠶᠠᠨ ᠡᠷᠬᠡᠯᠡᠬᠦᠯᠬᠦ ᠶᠠᠪᠤᠳᠠᠯ ᠭᠡᠵᠦ ᠦᠭᠡᠢ᠂ ᠬᠤᠨᠢᠨ ᠳᠠᠭᠠᠨ ᠶᠠᠪᠤᠪᠠᠯ ᠬᠡᠤᠬᠡᠳ ᠢᠶᠠᠨ ᠤᠶᠠᠵᠦ ᠠᠷᠭᠠᠮᠵᠢᠭᠠᠳ ᠲᠠᠯᠪᠢᠳᠠᠭ ᠪᠤᠯᠵᠠᠢ᠃ ᠡᠷᠬᠡ ᠶᠢ ᠰᠤᠷᠭᠠᠬᠤ ᠪᠠᠷ ᠪᠡᠷᠬᠡ ᠶᠢ ᠰᠤᠷᠭ᠎ᠠ ᠭᠡᠳᠡᠭᠴᠢᠯᠡᠨ ᠨᠢᠯᠭ᠎ᠠ ᠬᠡᠤᠬᠡᠳ  ᠲᠤ ᠪᠠᠷᠢᠳᠠᠭ ᠨᠠᠭᠠᠳᠤᠮ ᠤᠨ ᠵᠦᠢᠯᠳᠡ ᠶᠢ ᠦᠭᠴᠤ ᠬᠠᠭᠤᠷᠠᠭᠠᠳ ᠠᠵᠢᠯ ᠳᠠᠭᠠᠨ ᠶᠠᠭᠠᠷᠠᠨ᠎ᠠ᠂ ᠤᠬᠢᠯᠠᠵᠦ ᠲᠡᠪᠬᠡᠴᠡᠬᠦ ᠶᠠᠪᠤᠳᠠᠯ ᠢ ᠬᠠᠷᠠᠭᠠᠯᠵᠠᠬᠤ ᠵᠠᠪ ᠦᠭᠡᠢ᠂ ᠢᠩᠭᠢᠭᠡᠳ ᠤᠳᠠᠪᠠᠯ ᠬᠡᠤᠬᠡᠳ ᠤᠬᠢᠯᠠᠵᠦ ᠪᠠᠶᠢᠭᠠᠳ ᠠᠶᠠᠠᠳᠠᠭᠠᠨ ᠤᠨᠳᠠᠴᠢᠳᠠᠭ ᠵᠠᠩᠰᠢᠯ ᠲᠠᠢ ᠪᠤᠯᠴᠢᠳᠠᠭ ᠪᠠᠶᠢᠨ᠎ᠠ᠃ ᠡᠨᠡ ᠮᠡᠳᠦ ᠪᠠᠷ ᠬᠤᠶᠠᠷ ᠰᠠᠷ᠎ᠠ ᠰᠢᠬᠠᠮ ᠰᠠᠭᠠᠬᠤ ᠬᠠᠷᠢᠭᠤᠯᠤᠭᠠᠳ ᠵᠠᠭᠤ ᠰᠢᠬᠠᠮ ᠵᠤᠭᠤᠰ ᠤᠯᠳᠠᠭ ᠪᠠᠶᠢᠯ᠎ᠠ᠃       ︽ᠰᠤᠶᠤᠯ ᠤᠨ ᠬᠤᠪᠢᠰᠬᠠᠯ ᠤᠨ ᠰᠠᠮᠠᠭᠤᠷᠠᠯ︾ ᠤᠨ ᠭᠠᠢ ᠪᠠᠷ ᠤᠯᠤᠰ ᠬᠤᠴᠤᠷᠤᠩᠭᠤᠢ ᠨᠡᠶᠢᠭᠡᠮ ᠶᠠᠳᠠᠭᠤ ᠪᠤᠯᠬᠤᠷ ᠨᠡᠶᠢᠭᠡᠮ ᠤᠨ ᠬᠡᠷᠡᠭᠯᠡᠭᠡᠨ ᠤ ᠲᠠᠸᠠᠷ ᠭᠡᠵᠦ ᠬᠤᠪᠤᠷ ᠴᠤᠬᠠᠭ ᠵᠦᠪᠬᠡᠨ ᠤᠯᠤᠰ ᠤᠨ ᠬᠤᠪᠢᠶᠠᠷᠢᠯᠠᠯᠳᠠ ᠲᠠᠢ ᠠᠮᠢᠳᠤᠷᠠᠯ ᠤᠨ ᠲᠤᠭᠳᠠᠭᠰᠠᠨ ᠵᠢᠭᠠᠯᠳᠠ ᠲᠠᠢ ᠪᠤᠳᠠᠰ ᠶᠢ ᠬᠤᠳᠠᠯᠳᠤᠨ ᠠᠪᠤᠨ᠎ᠠ᠂ ᠡᠨᠡᠬᠦ ᠬᠤᠴᠤᠷᠤᠩᠭᠤᠢ ᠪᠤᠯᠪᠠᠴᠤ ᠲᠤᠭᠳᠠᠭᠤᠨ ᠠᠮᠢᠳᠤᠷᠠᠯ ᠤᠨ ᠤᠷᠴᠢᠨ ᠳᠤ ᠮᠠᠯᠴᠢᠳ ᠲᠠᠰᠴᠤ᠂ ᠬᠠᠭᠤᠴᠢᠨ ᠨᠡᠶᠢᠭᠡᠮ ᠤᠨ ᠲᠠᠷᠤᠯᠠᠯ ᠮᠦᠯᠵᠢᠯ ᠲᠠᠢ ᠬᠠᠷᠢᠴᠠᠭᠤᠯᠤᠭᠠᠳ᠂ ᠶᠠᠳᠠᠭᠤ ᠪᠠᠶᠠᠨ ᠤ ᠵᠦᠷᠢᠶ᠎ᠡ ᠦᠭᠡᠢ᠂ ᠰᠠᠶᠢᠬᠠᠨ ᠨᠡᠶᠢᠭᠡᠮ ᠳᠤ ᠮᠠᠩᠨᠠᠢ ᠲᠡᠨᠡᠶᠢᠨ ᠠᠮᠢᠳᠤᠷᠡᠵᠦ ᠪᠠᠶᠢᠨ᠎ᠠ ᠭᠡᠵᠦ ᠰᠡᠳᠭᠢᠭᠡᠳ ᠡᠪ ᠬᠠᠮᠳᠤ ᠨᠠᠮ ᠳᠠᠭᠠᠨ ᠬᠦᠨ ᠲᠠᠯᠠᠷᠬᠠᠵᠦ᠂ ᠬᠠᠷᠢᠨ ᠦᠢᠯᠡᠳᠪᠦᠷᠢᠯᠡᠯ ᠠᠮᠢᠳᠤᠷᠠᠯ  ᠳᠠᠭᠠᠨ ᠰᠠᠨᠠᠭ᠎ᠠ ᠲᠦᠭᠦᠷᠡᠩ ᠰᠡᠳᠭᠢᠯ ᠪᠠᠶᠠᠨ ᠠᠵᠦ ᠲᠦᠷᠦᠬᠦ ᠪᠤᠯᠵᠠᠢ᠃ ᠮᠠᠯᠴᠢᠳ ᠮᠠᠨᠢ ᠦᠪᠡᠷ ᠤᠨ ᠰᠤᠶᠤᠯ ᠪᠤᠯᠬᠤ ᠨᠡᠭᠦᠳᠡᠯ ᠮᠠᠯᠵᠢᠯ ᠤᠨ ᠴᠠᠭ ᠦᠶ᠎ᠡ ᠳᠤ ᠪᠠᠶᠢᠭᠰᠠᠨ ᠢᠶᠠᠷ ᠨᠡᠶᠢᠭᠡᠮ ᠶᠠᠳᠠᠭᠤ ᠪᠠᠶᠢᠭᠰᠠᠨ ᠴᠤ ᠲᠠᠪᠤᠨ ᠬᠤᠰᠢᠭᠤ ᠮᠠᠯ ᠤᠨ ᠠᠰᠢᠭ ᠰᠢᠮ᠎ᠡ ᠶᠢᠨ ᠭᠠᠷᠤᠯᠳᠠ ᠪᠠᠨ ᠲᠠᠳᠮᠠᠭᠠᠢ ᠠᠰᠢᠭᠯᠠᠵᠦ᠂ ᠠᠮᠢᠳᠤᠷᠠᠯ ᠢᠶᠠᠨ ᠭᠦᠢᠴᠡᠳ ᠨᠦᠬᠦᠪᠦᠷᠢᠯᠳᠡᠭ ᠪᠠᠶᠢᠭᠰᠠᠨ ᠪᠦᠭᠡᠳ ᠠᠯᠢᠪᠠ ᠬᠡᠷᠡᠭᠯᠡᠭᠡᠨ ᠤ ᠬᠡᠷᠡᠭᠰᠡᠯ ᠤᠨ ᠵᠦᠢᠯᠳᠡ ᠶᠢ ᠦᠪᠡᠷ ᠤᠨ ᠬᠤᠶᠠᠷ ᠭᠠᠷ  ᠢᠶᠠᠷ ᠢᠶᠠᠨ ᠬᠠᠩᠭᠠᠳᠠᠭ ᠬᠦᠳᠡᠯᠮᠦᠷᠢᠴᠢ ᠵᠠᠩ ᠰᠤᠷᠳᠠᠯ ᠢᠶᠠᠨ ᠪᠠᠷᠢᠮᠳᠠᠯᠠᠭᠰᠠᠭᠠᠷ ᠪᠠᠶᠢᠪᠠ᠃ ᠵᠢᠱᠢᠶᠡᠯᠡᠪᠡᠯ ᠢᠰᠡᠭᠡᠢ ᠭᠡᠷ  ᠢᠶᠠᠨ ᠦᠪᠡᠷᠳᠡᠭᠡᠨ ᠬᠢᠵᠦ ᠴᠢᠳᠠᠬᠤ᠂ ᠢᠰᠡᠭᠡᠢ ᠨᠤᠤᠰᠤ ᠪᠠᠨ ᠦᠪᠡᠷᠳᠡᠭᠡᠨ ᠪᠤᠯᠪᠠᠰᠤᠷᠠᠭᠤᠯᠵᠦ ᠴᠢᠳᠠᠬᠤ᠂ ᠠᠯᠢᠪᠠ ᠤᠶᠤᠳᠠᠯ ᠬᠢᠳᠡᠯ᠂ ᠰᠦ ᠴᠠᠭ᠎ᠠ ᠪᠤᠯᠪᠠᠰᠤᠷᠠᠭᠤᠯᠬᠤ᠂ ᠰᠤᠷ ᠡᠳ᠋ᠯᠡᠯ ᠬᠢᠬᠦ᠂ ᠮᠤᠷᠢᠨ ᠡᠳ᠋ᠯᠡᠯ ᠶᠠᠩᠵᠤᠯᠠᠬᠤ᠂ ᠲᠡᠷᠭᠡ ᠬᠦᠰᠭᠡ ᠪᠠᠨ ᠬᠢᠬᠦ ᠪᠠ ᠰᠡᠯᠪᠢᠨ ᠵᠠᠰᠠᠬᠤ ᠵᠡᠷᠭᠡ ᠠᠯᠢ ᠤᠯᠠᠨ ᠠᠮᠢᠳᠤᠷᠠᠯ ᠦᠢᠯᠡᠳᠪᠦᠷᠢᠯᠡᠯ ᠤᠨ ᠦᠨᠳᠦᠰᠦᠨ ᠬᠡᠷᠡᠭᠰᠡᠯ ᠢᠶᠠᠨ ᠦᠪᠡᠷᠳᠡᠭᠡᠨ ᠬᠢᠵᠦ ᠡᠳ᠋ᠯᠡᠵᠦ ᠴᠢᠳᠠᠬᠤ ᠠᠪᠢᠶᠠᠰ ᠪᠢᠯᠢᠭ ᠤᠢ ᠤᠬᠠᠭᠠᠨ ᠬᠦᠮᠦᠨ ᠪᠦᠬᠦᠨ ᠠᠶᠢᠯ ᠪᠤᠯᠭᠠᠨ ᠳᠤ ᠪᠠᠶᠢᠳᠠᠭ᠂ ᠶᠡᠷᠦ ᠠᠴᠠ ᠬᠦᠮᠦᠨ ᠤ ᠭᠠᠷ ᠬᠠᠷᠠᠳᠠᠭ ᠦᠭᠡᠢ ᠤᠷᠠᠨ ᠲᠠᠷᠬᠠᠨ ᠪᠡᠶ᠎ᠡ ᠪᠠᠨ ᠲᠠᠭᠠᠭᠠᠭᠰᠠᠨ ᠠᠮᠢᠳᠤᠷᠠᠯ ᠤᠨ ᠬᠦᠴᠦᠰᠦ ᠲᠠᠢ ᠮᠠᠯᠴᠢᠳ ᠪᠠᠶᠢᠭᠰᠠᠨ ᠨᠢ ᠲᠤᠬᠠᠢ ᠶᠢᠨ ᠦᠶ᠎ᠡ ᠶᠢᠨ ᠦᠨᠡᠨ ᠪᠠᠶᠢᠳᠠᠯ ᠶᠤᠮᠰᠠᠨ᠃ᠬᠠᠪᠣᠷ ᠤᠨ ᠪᠦᠷᠦᠩᠬᠦᠢ ᠰᠠᠯᠬᠢᠨ ᠳᠤ ᠡᠷᠦᠬᠡᠨ ᠬᠤᠰᠢᠭᠤ ᠲᠡᠷᠪᠡᠯᠵᠡᠵᠤ  ᠂               ᠬᠠᠮᠠᠬᠤᠤᠯ ᠬᠠᠵᠠᠭᠠᠷ ᠡᠪᠡᠰᠦ ᠨᠦᠭᠦᠳ ᠠᠮᠠᠭᠠᠢ ᠵᠢᠯᠣᠭᠤ ᠦᠭᠡᠢ ᠬᠡᠶᠢᠰᠦᠨ᠎ᠠ               ᠬᠠᠷᠠᠨᠳᠠᠨ ᠪᠣᠷᠠᠨᠳᠤᠨ ᠬᠤᠷᠠᠭ᠎ᠠ ᠤᠳ ᠬᠤᠷᠤᠭ᠎ᠠ ᠶᠢᠨ ᠨᠥᠮᠣᠷᠢ ᠪᠥᠮᠪᠤᠶᠢᠨ᠎ᠠ               ᠬᠠᠷᠠᠴᠦ ᠨᠡᠭᠦᠳᠡᠯᠴᠢᠨ ᠮᠠᠯᠴᠢᠳ ᠮᠠᠨᠢ ᠦᠢᠯᠡ ᠬᠢᠰᠡ ᠪᠠᠷ ᠪᠣᠵᠢᠭᠢᠨᠠᠨᠠᠮ᠃                           — ︽ᠲᠦᠷᠦᠭᠦᠣ ᠵᠠᠭᠤᠨ ᠤ ᠤᠯᠠᠷᠢᠯ ᠳᠤ︾ ᠭᠡᠬᠦ ᠰᠢᠯᠦᠭ ᠠᠴᠠ       ᠬᠤᠶᠠᠷ᠂ ᠦᠬᠡᠷᠴᠢᠨ ᠪᠤᠯᠤᠭᠰᠠᠨ ᠨᠢ          ᠨᠡᠭᠦᠳᠡᠯ ᠮᠠᠯᠵᠢᠯ ᠤᠨ ᠭᠤᠤᠯ ᠲᠤᠯᠭᠤᠷ          ᠬᠦᠯᠤᠪᠦᠷᠢ ᠶᠢᠨ ᠲᠤᠷᠪᠢᠳᠦ ᠱᠠᠷ ᠤᠳ ᠮᠢᠨᠤ          ᠵᠢᠳᠬᠦᠬᠦ ᠲᠡᠷᠭᠡᠨ ᠤ ᠠᠷᠠᠭ᠎ᠠ ᠪᠤᠯᠤᠭᠰᠠᠨ          ᠬᠦᠵᠦᠭᠦᠨ ᠭᠠᠪᠢᠶ᠋ᠳᠤ ᠪᠠᠭᠠᠳᠤᠷ ᠤᠳ          ᠨᠡᠯᠦᠭᠡᠷ ᠰᠦᠨ ᠤ ᠬᠦᠷᠦᠩᠭᠡ ᠪᠢᠯᠬᠠᠭᠤᠯᠤᠭᠰᠠᠨ          ᠰᠠᠭᠠᠯᠢ ᠶᠢᠨ ᠦᠭᠭᠢᠶᠡᠮᠦᠷ ᠦᠨᠢᠶᠡᠳ ᠮᠢᠨᠤ          ᠨᠡᠷᠡᠰᠢᠭ ᠢᠳᠡᠭᠡᠨ ᠤ ᠲᠡᠭᠡᠵᠢ ᠪᠤᠯᠤᠭᠰᠠᠨ          ᠲᠡᠯᠡᠩ ᠤᠨ ᠵᠢᠳᠭᠦᠯᠳᠦ ᠭᠠᠪᠢᠶᠠᠳᠠᠳ          ᠠᠮᠢᠳᠤᠷᠠᠯ ᠤᠨ ᠪᠤᠶᠠᠨ ᠢ ᠲᠡᠭᠡᠵᠢᠯᠡᠭᠰᠡᠨ          ᠠᠵᠠ ᠶᠢᠨ ᠭᠡᠰᠢᠭ ᠦᠬᠡᠷ ᠡᠷᠳᠡᠨᠢ ᠪᠠᠨ ᠮᠠᠭᠳᠠᠨ ᠲᠠᠭᠤᠯᠠᠮᠤ︕                  — ︽ᠦᠵᠦᠮᠦᠴᠢᠨ ᠦᠬᠡᠷ ᠢᠶᠠᠨ ᠮᠠᠭᠳᠠᠨ ᠢᠷᠦᠭᠡᠮᠤ︾ ᠭᠡᠬᠦ ᠰᠢᠯᠦᠭ ᠠᠴᠠ      ᠮᠠᠯ ᠰᠦᠷᠦᠭ ᠲᠠᠭᠠᠭᠠᠴᠢᠯᠠᠨ ᠮᠠᠯᠵᠢᠬᠤ ᠨᠢ ᠭᠡᠷ ᠪᠦᠯᠢ ᠶᠢᠨ ᠠᠵᠤ ᠠᠮᠢᠳᠣᠷᠠᠯ ᠲᠠᠢ ᠰᠢᠭᠤᠳ ᠬᠤᠯᠪᠣᠭᠳᠠᠨ᠎ᠠ᠂ ᠡᠷᠳᠡᠮᠳᠡᠭᠦᠰ ᠪᠦᠰᠡᠭᠦᠢ ᠲᠠᠢ ᠪᠠᠨ ᠮᠠᠯ ᠬᠠᠷᠠᠵᠤ ᠵᠣᠭᠤᠰ ᠣᠯᠣᠨ ᠠᠮᠢᠳᠤᠷᠠᠯ ᠤᠨ ᠬᠡᠷᠡᠭᠰᠡᠯ ᠶᠠᠭᠤ ᠠᠪᠬᠤ᠂ ᠶᠠᠭᠠᠬᠢᠵᠤ ᠪᠣᠰᠣᠳ ᠠᠴᠠ ᠬᠤᠴᠣᠷᠬᠤ ᠦᠭᠡᠢ ᠥᠭᠡᠳᠡᠯᠡᠵᠤ ᠶᠠᠪᠣᠬᠤ ᠲᠣᠬᠠᠢ ᠢᠮᠠᠭᠳᠠ ᠵᠥᠪᠳᠡᠯᠴᠡᠨ ᠨᠢᠭᠡᠨ ᠢᠶᠠᠨ ᠵᠣᠷᠢᠭᠵᠢᠭᠤᠯᠳᠠᠭ ᠪᠠᠶᠢᠯ᠎ᠠ᠂ ᠠᠷᠪᠢᠯᠠᠨ ᠭᠠᠮᠨᠠᠵᠤ ᠡᠷᠥᠬᠡ ᠭᠡᠷ ᠢᠶᠠᠨ ᠡᠵᠡᠩᠨᠡᠬᠦ ᠪᠣᠯ ᠠᠮᠢᠳᠣᠷᠠᠬᠤ ᠶᠢᠨ ᠪᠠᠲᠣᠯᠠᠭ᠎ᠠ ᠳᠡᠭᠵᠢᠷᠡᠬᠦ ᠶᠢᠨ ᠦᠨᠳᠦᠰᠦ ᠭᠡᠳᠡᠭ ᠢ ᠲᠡᠷᠡ ᠦᠶ᠎ᠡ ᠠᠴᠠ ᠣᠬᠠᠮᠰᠠᠷᠠᠭᠰᠠᠨ ᠪᠠᠶᠢᠵᠠᠢ᠃ ᠡᠳᠡᠨᠡᠶᠢᠬᠢᠨ  ᠳᠤ ᠠᠪᠴᠦ ᠬᠡᠯᠡᠪᠡᠯ ᠳᠠᠯᠠᠭᠠᠳ ᠣᠨ ᠤ ᠮᠣᠷᠢᠨ ᠵᠢᠯ ᠠᠮᠢᠳᠤᠷᠠᠯ ᠳᠡᠭᠵᠢᠷᠡᠵᠤ ᠬᠡᠶᠢᠮᠣᠷᠢ ᠮᠠᠨᠳᠣᠭᠰᠠᠨ ᠣᠨ ᠭᠡᠬᠦ  ᠳᠤ ᠪᠣᠯᠬᠤ ᠶᠣᠮ᠂ ᠲᠡᠭᠦᠨ ᠤ ᠬᠤᠷᠢᠨ ᠲᠠᠪᠤ ᠶᠢᠨ ᠵᠢᠯ ᠤᠷᠤᠬᠤ ᠳᠤ᠂ ᠠᠪᠠᠭ᠎ᠠ ᠠᠬ᠎ᠠ ᠨᠠᠮᠬᠠᠢ ᠠᠴᠠ ᠬᠠᠯᠠᠭᠤᠨ ᠬᠤᠰᠢᠭᠤ ᠲᠠᠢ ᠦᠬᠡᠷ ᠢᠶᠠᠷ ᠣᠷᠣᠭᠤᠯᠣᠭᠰᠠᠨ᠂ ᠨᠠᠮᠣᠷ ᠬᠤᠳᠠᠯᠳᠣᠬᠤ ᠳᠤ ᠭᠤᠷᠪᠠᠨ ᠵᠠᠭᠤ ᠭᠠᠷᠣᠢ ᠶᠢᠨ ᠶᠡᠭᠡ ᠦᠨ᠎ᠡ ᠪᠠᠷ ᠠᠷᠠᠯᠵᠢᠶᠠᠯᠠᠭᠰᠠᠨ ᠣᠴᠢᠷ ᠨᠢᠭᠡ ᠶᠠᠭᠤᠮ᠎ᠠ ᠪᠣᠯᠭᠠᠬᠤ ᠭᠡᠵᠤ ᠠᠶᠢᠮᠠᠭ ᠠᠴᠠ ᠡᠮᠡᠭᠡᠯ ᠤᠨ ᠮᠥᠩᠭᠦᠨ ᠡᠳ᠋ᠯᠡᠯ ᠠᠪᠣᠭᠰᠠᠨ ᠰᠠᠨ᠃ ᠨᠠᠢᠮᠠᠨ ᠭᠠᠨᠵᠤᠭ᠎ᠠ ᠲᠠᠢ ᠭᠤᠶᠣᠬᠠᠨ ᠮᠥᠩᠭᠦᠨ ᠡᠮᠡᠭᠡᠯ ᠪᠦᠷᠢᠯᠳᠦᠭᠦᠯᠣᠨ ᠬᠡᠶᠢᠲᠦ ᠰᠠᠭᠠᠷᠠᠯ ᠤᠨ ᠨᠢᠷᠤᠭᠤᠨ ᠳᠤ ᠳᠣᠬᠤᠵᠤ᠂ ᠵᠢᠯᠣᠭᠤ ᠰᠦᠢᠵᠤ ᠣᠶᠠᠬᠤ ᠳᠠᠭᠠᠨ ᠴᠤᠭ ᠵᠣᠯᠪᠣᠭ᠎ᠠ ᠰᠡᠷᠭᠦᠨ ᠶᠠᠪᠣᠭ᠎ᠠ ᠡᠷ᠎ᠡ ᠬᠦᠮᠥᠨ ᠤ ᠵᠢᠮᠰᠡᠭ ᠭᠡᠵᠤ ᠳᠣᠲᠣᠷ᠎ᠠ ᠪᠠᠨ ᠪᠠᠭ᠋ᠠᠷᠬᠠᠵᠤ᠂ ᠠᠮᠪᠠ ᠭᠤᠸᠠᠢ ᠳᠤ ᠰᠡᠳᠭᠢᠯ ᠳᠡᠭᠡᠨ ᠲᠠᠯᠠᠷᠬᠠᠨ ᠶᠠᠪᠣᠵᠤ ᠪᠢᠯᠡ᠃      ᠮᠥᠨ ᠵᠢᠯ ᠤᠨ ᠵᠣᠨ ᠤ ᠲᠤᠭ᠎ᠠ ᠪᠠᠷ ᠬᠠᠮᠲᠦ ᠶᠢᠨ ᠨᠢᠭᠡᠨ ᠰᠦᠷᠦᠭ ᠦᠬᠡᠷ ᠶᠢ ᠡᠷᠳᠡᠮᠳᠡᠭᠦᠰ ᠲᠤ ᠲᠠᠭᠠᠭᠠᠴᠢᠯᠠᠭᠤᠯᠤᠨ ᠥᠭᠭᠦᠭᠰᠡᠨ ᠢᠶᠠᠷ ᠲᠡᠷᠡ ᠦᠬᠡᠷᠴᠢᠨ ᠪᠣᠯᠪᠠ᠃ ᠵᠠᠭᠤ ᠭᠠᠷᠣᠢ ᠦᠬᠡᠷ ᠢᠶᠠᠨ ᠪᠦᠷᠢᠳᠭᠡᠬᠦ ᠪᠠ ᠵᠢᠰᠦᠯᠡᠨ ᠲᠠᠨᠢᠬᠤ ᠪᠣᠯ ᠦᠬᠡᠷᠴᠢᠨ ᠲᠡᠭᠦᠨ ᠤ ᠣᠷᠢᠳᠠᠴᠢ ᠠᠵᠢᠯ ᠤᠨ ᠱᠠᠭᠠᠷᠳᠠᠯᠭ᠎ᠠ ᠪᠣᠯᠵᠠᠢ᠂ ᠨᠡᠯᠢᠶᠡᠳ ᠡᠳᠦᠷ ᠰᠦᠷᠦᠭ ᠢᠶᠠᠨ ᠬᠤᠷᠢᠶᠠᠨ ᠪᠦᠷᠢᠳᠭᠡᠵᠤ᠂ ᠲᠥᠷᠥᠯ ᠢᠶᠠᠷ ᠢᠯᠭᠠᠵᠤ ᠵᠢᠰᠦ ᠪᠠᠷ ᠴᠡᠭᠡᠵᠢᠯᠡᠬᠦ ᠭᠡᠵᠤ ᠪᠠᠭᠠᠬᠠᠨ ᠮᠤᠩᠭᠢᠨᠠᠪᠠ᠃ ᠦᠬᠡᠷ ᠰᠦᠷᠦᠭ ᠨᠢ ᠮᠠᠨᠢᠲᠦ ᠶᠢᠨ ᠭᠤᠤᠯ ᠡᠰᠡᠪᠡᠯ ᠰᠢᠨᠠᠭᠠᠨ ᠭᠤᠤᠯ᠂ ᠴᠠᠭᠠᠨ ᠵᠢᠷᠢᠮ ᠪᠢᠰᠢ ᠪᠣᠯ ᠴᠠᠶᠢᠳᠠᠮ ᠤᠨ ᠱᠠᠤ᠂ ᠬᠠᠷ᠎ᠠ ᠲᠡᠯ ᠭᠡᠲᠡᠯ᠎ᠡ ᠬᠠᠷᠠᠭᠠᠨᠠᠲᠦ ᠲᠠᠯ᠎ᠠ ᠭᠡᠳ ᠥᠷᠭᠡᠨ ᠠᠭᠤᠳᠠᠮ ᠪᠡᠯᠴᠢᠭᠡᠷ ᠲᠡᠭᠡᠷ᠎ᠡ ᠳᠤᠷ᠎ᠠ  ᠪᠠᠷ ᠢᠶᠠᠨ ᠪᠡᠯᠴᠢᠳᠡᠭ ᠪᠠᠶᠢᠯ᠎ᠠ᠃ ᠡᠨᠡ ᠨᠢ ᠬᠡᠳᠦ᠋ᠪᠡᠷ ᠮᠣᠷᠢᠨ ᠤ ᠵᠦᠳᠡᠷᠡᠭᠡ ᠪᠡᠶ᠎ᠡ ᠶᠢᠨ ᠴᠢᠯᠡᠭᠡ ᠲᠠᠢ ᠪᠠᠶᠢᠳᠠᠭ ᠪᠣᠯᠪᠠᠴᠦ ᠠᠶᠢᠯ ᠭᠡᠷ ᠪᠣᠯᠣᠭᠠᠳ ᠠᠩᠬ᠎ᠠ ᠣᠳᠠᠭ᠎ᠠ ᠰᠦᠷᠦᠭ ᠠᠪᠴᠦ ᠪᠠᠶᠢᠭ᠎ᠠ ᠪᠣᠯᠬᠤᠷ ᠶᠡᠭᠡ ᠣᠷᠠᠮᠰᠢᠯ ᠲᠠᠢ ᠪᠠᠶᠢᠭᠰᠠᠨ ᠢ ᠶᠠᠭᠤᠨ ᠦᠭᠦᠯᠡᠬᠦ ᠠᠵᠠᠢ᠃ ᠪᠠᠷᠢᠭᠠᠳᠠ ᠶᠢᠨ ᠵᠢᠯ ᠤᠨ ᠡᠴᠦᠰ ᠤᠨ ᠬᠤᠷᠠᠯ ᠲᠡᠭᠡᠷ᠎ᠡ ᠬᠤᠪᠢᠶᠠᠷᠢᠯᠠᠯᠳᠠ  ᠶᠢᠨ ᠨᠠᠷᠢᠨ ᠳᠠᠩᠰᠠ ᠨᠡᠶᠢᠲᠡᠯᠡᠬᠦ ᠳᠤ ᠦᠬᠡᠷ ᠬᠠᠷᠠᠭᠤᠯᠣᠭᠰᠠᠨ ᠣᠷᠣᠯᠭ᠎ᠠ ᠲᠠᠪᠣᠨ ᠵᠠᠭᠤ ᠭᠠᠷᠣᠢ ᠲᠥᠭᠦᠷᠢᠭ ᠣᠯᠣᠭᠰᠠᠨ ᠨᠢ ᠡᠷᠳᠡᠮᠳᠡᠭᠦᠰ ᠲᠤ ᠣᠷᠢᠲᠦ ᠰᠤᠨᠤᠰᠳᠠᠭ᠎ᠠ ᠦᠭᠡᠢ ᠶᠡᠭᠡ ᠲᠤᠭ᠎ᠠ ᠳᠣᠭᠤᠯᠳᠠᠬᠤ ᠶᠣᠮ ᠪᠢᠯᠡ᠂ ᠪᠡᠯᠡᠨ ᠵᠣᠭᠤᠰ ᠢᠶᠠᠨ ᠡᠪᠦᠷᠳᠦᠯᠡᠨ ᠭᠡᠷ ᠲᠡᠭᠡᠨ ᠬᠠᠷᠢᠬᠤ ᠳᠤ ᠭᠡᠷᠭᠡᠢ ᠰᠠᠷᠠᠨ ᠭᠤᠸᠠᠢ ᠪᠠᠶᠠᠷᠯᠠᠨ᠄ ︽ᠣᠶᠣᠳᠠᠯ ᠤᠨ ᠮᠠᠰᠢᠨ ᠠᠪᠣᠨ᠎ᠠ︾ ᠭᠡᠵᠤ ᠰᠦᠢᠳ ᠪᠣᠯᠬᠤ ᠳᠤ ᠲᠡᠷᠡ ᠴᠦ ᠪᠠᠶᠠᠷᠳᠠᠢ ᠵᠥᠪᠰᠢᠶᠡᠷᠡᠨ᠎ᠠ᠂ ᠭᠡᠬᠦ ᠳᠤ ᠣᠯᠬᠤᠶ᠎ᠠ ᠪᠡᠷᠬᠡ ᠶᠠᠪᠣᠳᠠᠯ᠃ ᠣᠴᠢᠷ ᠨᠢ ᠳᠣᠬᠠᠢ ᠶᠢᠨ ᠦᠶ᠎ᠡ ᠬᠡᠷᠡᠭᠯᠡᠭᠡᠨ ᠤ ᠵᠦᠢᠯᠳᠡ ᠬᠤᠪᠣᠷ᠂ ᠲᠤᠭ᠎ᠠ ᠲᠠᠢ ᠬᠡᠲᠦ ᠪᠠᠨ ᠨᠢᠭᠡᠲᠦᠯ  ᠠᠴᠠ ᠪᠠᠷᠢᠭᠠᠳᠠ ᠳᠤ ᠬᠤᠪᠢᠶᠠᠷᠢᠯᠠᠬᠤ᠂ ᠪᠠᠷᠢᠭᠠᠳᠠ ᠠᠴᠠ ᠭᠡᠰᠢᠭᠦᠳ ᠳᠤ ᠨᠣᠭᠳᠠᠭᠤᠯᠣᠨ᠎ᠠ᠃ ᠬᠡᠲᠦ ᠬᠤᠨᠤᠭ ᠤᠨ ᠲᠠᠷᠠᠭ᠎ᠠ ᠲᠡᠷᠡ ᠪᠠᠷ᠂ ᠬᠤᠸᠠ ᠲᠡᠮᠡᠭᠡ ᠪᠠᠨ ᠬᠥᠯᠦᠵᠤ᠂ ᠨᠢᠭᠡᠳᠦᠯ ᠳᠤ ᠬᠦᠷᠴᠦ ᠬᠤᠷᠰᠢᠶᠠᠨ ᠤ ᠡᠷᠬᠢᠯᠡᠭᠴᠢ ᠭᠤᠸᠠᠢ  ᠶᠢ ᠡᠷᠢᠵᠠᠢ᠂ ᠵᠠᠪᠰᠢᠶᠠᠨ ᠢᠶᠠᠷ ᠪᠣᠳᠠᠰ ᠣᠷᠣᠭᠤᠯᠬᠤ ᠲᠠᠭᠠᠷᠠᠵᠤ᠂ ᠱᠠᠩᠬᠠᠢ ᠬᠢᠴᠡ ᠲᠠᠢ ︽ᠲᠠᠯᠠᠪᠴᠢᠳᠦ ᠬᠦᠮᠥᠨ︾ ᠲᠡᠮᠳᠡᠭᠲᠦ ᠭᠤᠶᠣᠮᠰᠤᠭ ᠣᠶᠣᠳᠠᠯ ᠤᠨ ᠮᠠᠰᠢᠨ ᠬᠤᠳᠠᠯᠳᠤᠨ ᠠᠪᠣᠭᠠᠳ ᠣᠯᠵᠠ ᠣᠮᠣᠭᠳᠠᠢ ᠬᠠᠷᠢᠵᠤ ᠭᠡᠷᠭᠡᠢ ᠳᠡᠭᠡᠨ ᠭᠠᠷᠳᠠᠭᠤᠯᠣᠯ᠎ᠠ᠂ ᠬᠡᠷᠭᠡᠢ ᠬᠢᠨᠢ ᠪᠠᠶᠠᠷᠯᠠᠵᠤ ᠪᠠᠶᠢᠬᠤ ᠭᠡᠵᠢ ᠳ᠋ᠠ᠂ ᠶᠠᠭ ᠯᠠ ᠣᠷᠬᠤᠳᠠᠢ ᠣᠯᠣᠭᠰᠠᠨ ᠰᠢᠭ᠋ ᠪᠠᠷᠢᠨ ᠤᠭᠰᠠᠷᠠᠵᠦ ᠪᠠᠶᠢᠨ ᠳ᠋ᠠᠬᠢᠨ ᠵᠥᠯᠬᠦᠵᠤ ᠯᠡ ᠭᠠᠷᠤᠯ᠎ᠠ᠃ ᠠᠶᠢᠯ ᠭᠡᠷ ᠲᠤ ᠪᠠᠰᠠ ᠨᠢᠭᠡᠨ ᠭᠤᠶᠤᠮᠰᠤᠭ ᠡᠳ᠋ ᠨᠡᠮᠡᠭᠳᠡᠵᠦ ᠂ ᠭᠡᠷ ᠲᠤᠲᠤᠷ᠎ᠠ ᠨᠢ ᠭᠡᠭᠡ ᠭᠡᠷᠡᠯ ᠨᠡᠮᠡᠭᠳᠡᠭᠰᠡᠨ ᠰᠢᠭ ᠪᠠᠶᠠᠷᠯᠠᠵᠠᠭᠠᠨ᠎ᠠ᠃      ᠵᠣᠭᠤᠰ ᠢᠶᠠᠨ ᠬᠤᠷᠠᠮᠳᠤᠭᠤᠯᠤᠨ ᠡᠳ᠋ ᠪᠣᠯᠭᠠᠬᠤ ᠪᠣᠯ ᠡᠨᠡ ᠠᠶᠢᠯ ᠤᠨ ᠬᠠᠮᠲᠦ ᠶᠢᠨ ᠬᠥᠰᠡᠯ᠂ ᠶᠦᠮᠵᠢᠭᠦᠨ ᠴᠢᠨᠡᠭᠡᠯᠢᠭ ᠴᠡᠪᠡᠷ ᠳᠣᠬᠢᠯᠢᠭ ᠠᠶᠢᠯ ᠶᠢ ᠭᠦᠢᠴᠡᠬᠦ ᠪᠣᠯ ᠵᠣᠷᠢᠯᠭ᠎ᠠ ᠪᠠᠶᠢᠭ᠎ᠠ ᠶᠣᠮ᠃ ᠰᠢᠷ᠎ᠠ ᠮᠣᠷᠢᠨ ᠵᠢᠯ ᠤᠨ ᠡᠪᠦᠯ  ᠤᠨ ᠡᠬᠢᠨ ᠰᠠᠷ᠎ᠠ ᠪᠠᠷ᠂ ᠡᠳᠡᠨᠡᠶᠢᠬᠢᠨ ᠰᠢᠨ᠎ᠡ ᠰᠦᠮ᠎ᠡ ᠶᠢᠨ ᠡᠮᠥᠨᠡᠬᠢ ᠬᠠᠷᠠᠭᠠᠨᠠᠲᠦ ᠲᠠᠯ᠎ᠠ ᠳᠤ ᠪᠠᠭᠤᠳᠠᠯᠯᠠᠵᠤ᠂ ᠲᠡᠨᠳᠡ ᠪᠠᠨ ᠡᠪᠦᠯ ᠤᠨ ᠢᠳᠡᠰᠢ ᠪᠠᠨ ᠪᠠᠵᠠᠭᠠᠭᠰᠠᠨ ᠪᠠᠶᠢᠵᠠᠢ᠂ ᠪᠦᠰᠡᠭᠦᠢ ᠨᠢ ᠪᠡᠶ᠎ᠡ ᠬᠦᠨᠳᠦ ᠪᠠᠶᠢᠭᠰᠠᠨ ᠴᠦ ᠢᠳᠡᠰᠢᠨ ᠤ ᠭᠡᠳᠡᠰᠦ ᠳᠣᠲᠣᠷ ᠢᠶᠠᠨ ᠴᠡᠪᠡᠷᠯᠡᠨ ᠠᠷᠢᠯᠭᠠᠵᠤ ᠵᠠᠶᠢᠳᠠᠰᠤᠯᠠᠨ ᠬᠥᠯᠳᠡᠭᠡᠨ᠎ᠡ᠃ ᠡᠷᠳᠡᠮᠳᠡᠭᠦᠰ ᠠᠬ᠎ᠠ ᠲᠠᠢ  ᠪᠠᠨ ᠬᠤᠶᠠᠭᠤᠯᠠ ᠡᠪᠳᠡᠵᠤ ᠰᠠᠯᠭᠠᠬᠤ ᠠᠵᠢᠯ ᠢᠶᠠᠨ ᠳᠠᠭᠤᠰᠬᠠᠬᠤ ᠳᠤ ᠦᠳᠡᠰᠢ ᠶᠢᠨ ᠪᠦᠷᠦᠢ ᠪᠣᠯᠵᠠᠢ᠂ ᠬᠦᠪᠡᠭᠦᠨ ᠬᠦᠷᠡᠯᠰᠦ᠋ᠬᠡ ᠴᠦ ᠠᠬ᠎ᠠ ᠶᠢᠨ ᠠᠪᠴᠦ ᠥᠭᠭᠦᠭᠰᠡᠨ ᠲᠣᠭᠯᠠᠭᠠᠮ ᠤᠨ ᠪᠠᠭ᠎ᠠ ᠲᠡᠷᠭᠡ ᠪᠠᠷ ︽ᠦᠳ ᠦᠳ︾ ᠭᠡᠵᠤ ᠬᠥᠭᠡᠷᠦᠨ ᠨᠠᠭᠠᠳᠣᠨ᠎ᠠ᠂ ᠨᠢᠭᠡ ᠡᠳᠦᠷ ᠨᠣᠤᠷᠠᠯᠳᠣᠭᠰᠠᠨ ᠢᠶᠠᠷ ᠶᠠᠳᠠᠷᠠᠵᠤ ᠡᠷᠳᠡ ᠰᠢᠭ ᠠᠮᠣᠰᠭᠢᠵᠠᠢ᠃ ᠳᠡᠮᠡᠢ ᠣᠳᠠᠭ᠎ᠠ ᠦᠭᠡᠢ ᠪᠠᠶᠢᠬᠤ ᠳᠤ ᠭᠡᠷᠭᠡᠢ ᠨᠢ᠄ ︽ᠬᠤᠴᠠᠯᠯᠠᠭ᠎ᠠ ᠪᠣᠯᠣᠯᠲᠠᠢ᠂ ᠭᠡᠳᠡᠰᠦᠨ ᠳᠡᠭᠡᠭᠦᠷ ᠬᠠᠳᠬᠤᠯᠠᠨ ᠡᠪᠡᠳᠬᠦ ᠶᠣᠮ︾ ᠭᠡᠵᠤ ᠰᠢᠪᠡᠨᠡᠨ ᠬᠡᠯᠡᠬᠦ ᠨᠢ ᠪᠢᠯᠡ᠂ ᠲᠡᠷᠡ ᠰᠠᠨᠳᠣᠷᠤᠨ ᠪᠣᠰᠴᠦ᠂ ᠠᠶᠢᠯ ᠠᠴᠠ ᠬᠦᠮᠥᠨ ᠳᠠᠭᠤᠳᠠᠬᠤ ᠪᠠᠷ ᠶᠠᠭᠠᠷᠠᠤ ᠶᠠᠪᠣᠯ᠎ᠠ᠂ ᠪᠡᠷᠭᠡᠳ ᠨᠠᠷ ᠣᠢᠢᠷᠠᠯᠴᠠᠭ᠎ᠠ ᠪᠠᠶᠢᠭᠰᠠᠨ ᠢᠶᠠᠷ ᠲᠠᠷᠣᠢ ᠳᠤᠨᠢ ᠭᠦᠷᠥᠯᠴᠡᠨ ᠢᠷᠡᠵᠠᠢ᠂ ᠢᠩᠭᠡᠭᠡᠳ ᠡᠪᠦᠯ ᠤᠨ ᠡᠬᠢᠨ ᠰᠠᠷᠠᠶᠢᠨ ᠠᠷᠪᠠᠨ ᠬᠤᠶᠠᠷ ᠤᠨ ᠡᠳᠦᠷ ᠨᠢᠭᠡᠨ ᠬᠥᠭᠡᠷᠦᠬᠦᠨ ᠬᠡᠤᠬᠡᠨ ᠲᠠᠢ ᠪᠣᠯᠣᠭᠰᠠᠨ ᠶᠣᠮ᠂ ᠨᠠᠷᠠᠲᠦ ᠶᠢᠨ ᠵᠠᠢ ᠳᠤ ᠬᠦᠤ ᠭᠡᠤᠬᠡᠨ ᠳᠡᠭᠰᠢ ᠵᠠᠶᠠᠭᠠᠭᠰᠠᠨ ᠳᠤ ᠡᠷᠳᠡᠮᠳᠡᠭᠦᠰ ᠬᠤᠪᠢ ᠭᠠᠳᠠᠨ᠎ᠠ ᠪᠠᠶᠠᠷᠯᠠᠬᠤ ᠦᠭᠡᠢ ᠬᠡᠷᠬᠢᠨ ᠴᠢᠳᠠᠬᠤ ᠪᠣᠢ︕ ᠡᠵᠢ ᠨᠢ ᠠᠴᠢ ᠬᠡᠤᠬᠡᠨ ᠢᠶᠠᠨ ᠠᠮᠠᠨ ᠳᠠᠭᠠᠨ ᠬᠢᠪᠡᠯ ᠬᠠᠶᠢᠯᠣᠮᠠᠷ ᠠᠯᠠᠭᠠᠨ ᠳᠡᠭᠡᠷ᠎ᠠ ᠪᠠᠨ ᠲᠠᠯᠪᠢᠪᠠᠯ ᠪᠥᠮᠪᠥᠷᠢᠮᠡᠷ ᠡᠷᠳᠡᠨᠢ ᠮᠡᠲᠦ ᠡᠨᠡᠷᠢᠵᠤ᠂ ᠣᠢ ᠪᠢᠯᠢᠭ ᠰᠠᠶᠢᠳᠠᠢ ᠦᠰᠦᠨ ᠪᠤᠶᠢᠵᠢᠬᠤ ᠶᠢ ᠪᠡᠯᠭᠡᠰᠢᠶᠡᠨ ︽ᠡᠷᠳᠡᠨᠢᠪᠢᠯᠢᠭ︾ ᠭᠡᠰᠡᠨ ᠬᠤᠪᠣᠷᠬᠠᠨ ᠨᠡᠷ᠎ᠡ ᠬᠠᠶᠢᠷᠠᠯᠠᠵᠠᠢ᠃       ᠠᠪᠤ ᠡᠵᠢ ᠶᠢᠨ ᠲᠦᠰᠢᠭ ᠲᠠᠢ ᠰᠠᠶᠢᠬᠠᠨ       ᠠᠬ᠎ᠠ ᠲᠡᠭᠦᠤ ᠶᠢᠨ ᠭᠡᠯᠬᠢᠶ᠎ᠡ ᠲᠠᠢ ᠰᠠᠶᠢᠬᠠᠨ       ᠠᠩᠭ᠎ᠠ ᠨᠢᠯᠬ᠎ᠠ ᠶᠢᠨ ᠪᠦᠤᠪᠠᠢ ᠲᠠᠢ ᠰᠠᠶᠢᠬᠠᠨ       ᠠᠷᠢᠭᠤᠨ ᠬᠤᠯᠪᠤᠭ᠎ᠠ ᠶᠢᠨ ᠵᠢᠷᠭᠠᠯ ᠲᠠᠢ ᠰᠠᠶᠢᠬᠠᠨ                         — ︽ᠰᠠᠶᠢᠬᠠᠨ︾ ᠭᠡᠬᠦ ᠨᠠᠶᠢᠷᠠᠭ ᠠᠴᠠ       ᠭᠤᠷᠪᠠ᠂ ︽ᠬᠤᠶᠠᠷ ᠢ ᠲᠤᠭᠳᠠᠭᠠᠵᠦ ᠨᠢᠭᠡ ᠶᠢ ᠱᠠᠩᠨᠠᠬᠤ︾ ᠲᠦᠷᠢᠮ ᠢ ᠬᠡᠷᠡᠭᠵᠢᠭᠦᠯᠦᠭᠰᠡᠨ ᠨᠢ              ᠠᠯᠳᠠᠷ ᠬᠦᠨᠲᠦ ᠶᠢᠨ ᠭᠢᠯᠪᠠᠭ᠎ᠠ ᠪᠣᠯ ᠨᠠᠮ ᠪᠠᠶᠢᠭᠰᠠᠨ              ᠠᠮᠢᠳᠣᠷᠠᠯ ᠤᠨ ᠵᠠᠮ ᠢ ᠲᠡᠷᠡ ᠵᠢᠭᠠᠪᠠ                ᠠᠤᠭ᠎ᠠ ᠬᠠᠷᠠᠯᠳᠠ ᠨᠢ ᠰᠠᠷᠠᠭᠤᠯᠬᠠᠨ ᠪᠣᠯᠬᠤᠷ              ᠠᠰᠢᠳᠠ ᠶᠢᠨ ᠦᠢᠯᠡᠰ ᠨᠢ ᠮᠥᠩᠬᠡ ᠦᠭᠡᠳᠡᠯᠡᠨ᠎ᠡ                         — ︽ᠰᠡᠳᠭᠢᠯ ᠳᠤ ᠠᠮᠢᠯᠠᠭᠰᠠᠨ ᠨᠠᠷᠠ︾ ᠭᠡᠬᠦ ᠰᠢᠯᠦᠭ ᠠᠴᠠ      1978 ᠣᠨ ᠳᠤ ᠨᠠᠮ ᠤᠨ ︽11,3︾ ᠪᠦᠭᠦᠳᠠ ᠬᠤᠷᠠᠯᠳᠣᠭᠠᠨ ᠢᠶᠠᠷ ᠵᠡᠭᠦᠨ ᠤ ᠦᠵᠡᠯ ᠤᠨ ᠠᠯᠳᠠᠭ᠎ᠠ  ᠶᠢ ᠡᠬᠢᠯᠡᠨ ᠵᠠᠯᠠᠷᠠᠭᠤᠯᠵᠤ᠂ ᠬᠥᠳᠡᠭᠡ ᠳᠣᠰᠬᠤᠨ ᠳᠤ ︽ᠬᠤᠶᠠᠷ ᠢ ᠳᠣᠭᠳᠠᠭᠠᠵᠤ᠂ ᠨᠢᠭᠡ ᠶᠢ ᠱᠠᠩᠨᠠᠬᠤ︾ ᠲᠥᠷᠢᠮ  ᠢ ᠬᠡᠷᠡᠭᠵᠢᠭᠦᠯᠵᠦ᠂ ᠬᠦᠳᠡᠭᠡ ᠠᠵᠦ ᠠᠬᠤᠢ ᠠᠮᠢᠯᠠᠯ ᠤᠨ ᠬᠦᠴᠦᠨ ᠢᠶᠠᠨ ᠤᠯᠵᠦ᠂ ᠮᠠᠯᠴᠢᠨ ᠲᠦᠮᠡᠨ ᠮᠠᠩᠨᠠᠢ ᠲᠡᠨᠡᠶᠢᠨ ᠠᠵᠢᠯᠯᠠᠬᠤ ᠪᠤᠯᠪᠠ᠃ ᠤᠮᠠᠷᠠᠳᠤ ᠶᠢᠨ ᠲᠠᠯ᠎ᠠ ᠨᠤᠲᠤᠭ ᠲᠤ ᠤᠷᠢᠬᠠᠨ ᠬᠠᠪᠤᠷ ᠤᠨ ᠵᠦᠬᠡᠯᠡᠨ ᠬᠤᠷ᠎ᠠ ᠢᠪᠡᠭᠡᠵᠦ᠂ ᠴᠡᠴᠡᠭᠳᠦ ᠰᠠᠶᠢᠬᠠᠨ ᠵᠤᠨ ᠤ ᠠᠮᠢᠰᠬᠤᠯ ᠮᠠᠯᠴᠢᠳ ᠤᠨ ᠰᠡᠳᠭᠢᠯ ᠢ ᠢᠯᠪᠢᠨ᠎ᠠ᠃      ᠰᠢᠷᠠᠭᠴᠢᠨ ᠬᠤᠨᠢᠨ ᠵᠢᠯ ᠤᠨ ᠵᠤᠨ ᠢᠶᠠᠷ᠂ ᠡᠷᠳᠡᠮᠳᠡᠭᠦᠰ ᠦᠬᠡᠷ ᠰᠦᠷᠦᠭ ᠢᠶᠠᠨ ᠲᠠᠭᠠᠭᠠᠴᠢᠯᠠᠨ ᠬᠠᠷᠢᠭᠤᠯᠤᠭᠰᠠᠨ ᠨᠢᠭᠡ ᠵᠢᠯ ᠤᠨ ᠤᠢ ᠪᠤᠯᠵᠦ᠂ ᠵᠤᠨ ᠤ ᠮᠠᠯ ᠤᠨ ᠲᠤᠭ᠎ᠠ ᠪᠦᠷᠢᠳᠭᠡᠯ ᠳᠤ ᠦᠬᠡᠷ ᠰᠦᠷᠦᠭ ᠤᠨ ᠬᠠᠮᠠᠭᠠᠯᠠᠯᠳᠠ ᠨᠢ ᠮᠡᠨᠳᠦ ᠤᠨᠳᠤᠷᠤᠯᠳᠠ ᠠᠪᠴᠤ᠂ ᠲᠦᠯ ᠮᠠᠯ ᠢᠶᠠᠨ ᠵᠠᠭᠤᠨ ᠤ ᠶᠡᠷᠡ ᠪᠠᠷ ᠮᠡᠨᠳᠦ ᠲᠤᠰᠤᠭᠰᠠᠨ  ᠢᠶᠠᠷ᠂ ᠮᠠᠨᠢᠳᠦ ᠶᠢᠨ ᠭᠤᠤᠯ ᠤᠨ ᠬᠦᠪᠡᠭᠡᠨ᠎ᠡ ᠰᠦᠨ ᠤ ᠬᠤᠷ᠎ᠠ ᠪᠠᠭᠤᠵᠦ᠂ ᠦᠨᠢᠶᠡᠳ ᠲᠤᠭᠤᠯ ᠤᠨ ᠮᠦᠭᠡᠷᠡᠬᠦ ᠲᠠᠭᠤᠨ ᠬᠦᠨᠳᠡᠢ ᠲᠠᠭᠠᠨ ᠦᠷᠭᠦᠯᠵᠢᠯᠡᠨ᠎ᠡ᠃ ᠬᠡᠷᠭᠡᠢ ᠰᠠᠷᠠᠨ ᠨᠢ ᠰᠦ ᠰᠠᠭᠠᠯᠢ ᠳᠠᠭᠠᠨ ᠶᠠᠭᠠᠷᠠᠵᠦ᠂ ᠭᠡᠷ ᠤᠨ ᠲᠡᠭᠡᠪᠦᠷ ᠲᠡᠭᠡᠭᠦᠷ ᠬᠤᠷᠤᠳ ᠪᠢᠰᠢᠯᠠᠭ ᠢᠶᠠᠨ ᠦᠷᠦᠵᠦ ᠬᠠᠳᠠᠭᠠᠨ᠂ ᠭᠡᠷ ᠲᠤ ᠬᠤᠶᠠᠷ ᠲᠤᠭᠤᠭ᠎ᠠ ᠳᠤ ᠬᠠᠯᠠᠭᠤᠯᠤᠭᠰᠠᠨ ᠦᠷᠦᠮ ᠬᠦᠰᠢᠷᠡᠨ ᠲᠡᠪᠡᠶᠢᠵᠦ᠂ ᠪᠠᠰᠠ ᠠᠶᠢᠷᠠᠭ ᠪᠦᠯᠢᠬᠦ ᠲᠠᠭᠤᠨ ᠬᠦᠷᠴᠢᠭᠨᠡᠵᠦ᠂ ᠶᠤᠰᠤᠳᠠᠢ ᠮᠠᠯᠴᠢᠨ ᠠᠶᠢᠯ ᠤᠨ ᠪᠠᠶᠠᠯᠢᠭ ᠬᠦᠷᠦᠩᠭᠡ ᠦᠳᠭᠡᠷᠡᠨ᠎ᠡ᠃ ᠭᠤᠤᠯ ᠤᠨ ᠤᠰᠤᠨ ᠠᠴᠠ ᠨᠠᠰᠢ᠂ ᠡᠷᠳᠡᠮᠳᠡᠭᠦᠰ ᠰᠠᠷᠠᠯ ᠮᠤᠷᠢ ᠪᠠᠨ ᠤᠨᠤᠵᠦ᠂ ᠲᠤᠭᠤᠯᠯᠠᠭᠰᠠᠨ ᠦᠨᠢᠶᠡᠳ ᠢᠶᠠᠨ ᠰᠠᠯᠭᠠᠵᠦ᠂ ᠠᠭᠠᠵᠢᠮ ᠢᠶᠠᠷ ᠵᠡᠯ᠎ᠡ ᠵᠦᠭ ᠲᠤ ᠤᠶᠢᠷᠠᠳᠤᠭᠤᠯᠵᠦ ᠶᠠᠪᠤᠨ᠎ᠠ᠃      ᠨᠢᠭᠡᠨ ᠡᠳᠦᠷ ᠪᠠᠷᠢᠭᠠᠳᠠ ᠲᠡᠭᠡᠷ᠎ᠡ ᠬᠤᠷᠠᠯ ᠲᠠᠢ ᠭᠡᠵᠦ ᠴᠢᠮᠡᠭᠡ ᠢᠷᠡᠵᠡᠢ᠃ ᠡᠷᠳᠡᠮᠳᠡᠭᠦᠰ ᠪᠤᠯ ᠴᠡᠷᠢᠭ ᠤᠨ ᠠᠯᠪᠠ ᠬᠠᠭᠠᠵᠦ ᠪᠠᠶᠢᠬᠤ ᠳᠠᠭᠠᠨ ᠡᠪ ᠬᠠᠮᠳᠤ ᠨᠠᠮ ᠳᠤ ᠡᠯᠰᠡᠭᠳᠡᠭᠰᠡᠨ ᠢᠳᠡᠪᠬᠢᠳᠡᠨ ᠵᠠᠯᠠᠭᠤ ᠪᠠᠶᠢᠭ᠎ᠠ ᠶᠤᠮ᠃ ᠮᠠᠷᠭᠠᠰᠢ ᠨᠢ ᠡᠷᠳᠡᠯᠡᠨ ᠤᠯᠠᠭᠠᠨ ᠮᠤᠷᠢ ᠪᠠᠷ ᠢᠶᠠᠨ ᠵᠢᠷᠠᠨ ᠭᠠᠵᠠᠷ ᠤᠨ ᠠᠯᠤᠰ ᠲᠤ ᠪᠠᠶᠢᠭ᠎ᠠ ᠠᠯᠪᠠᠨ ᠭᠡᠷ ᠵᠦᠭ ᠲᠠᠪᠬᠢᠭᠤᠯᠤᠨ᠎ᠠ᠃ ᠬᠤᠷᠠᠯ ᠳᠤ ᠨᠠᠮ ᠤᠨ ᠭᠡᠰᠢᠭᠦᠳ ᠬᠢᠭᠡᠳ ᠵᠠᠬᠢᠷᠤᠯ ᠤᠨ ᠺᠤᠮᠢᠰ ᠤᠨ ᠭᠡᠰᠢᠭᠦᠳ ᠢᠶᠠᠷ ᠪᠦᠷᠢᠯᠳᠦᠭᠰᠡᠨ ᠬᠤᠷᠢ ᠰᠢᠬᠠᠮ ᠬᠦᠮᠦᠨ ᠤᠷᠤᠯᠴᠠᠭᠰᠠᠨ ᠴᠤᠭᠯᠠᠭᠠᠨ ᠪᠤᠯᠪᠠ᠃ ᠬᠤᠷᠠᠯ ᠲᠡᠭᠡᠷ᠎ᠡ᠂ ᠨᠠᠮ ᠤᠨ ᠡᠭᠦᠷ  ᠤᠨ ᠱᠦᠵᠢ ᠦᠨᠢᠷ ᠭᠤᠸᠠᠢ ᠲᠡᠭᠡᠳᠦ ᠱᠠᠳᠤᠨ ᠤ ᠵᠢᠭᠠᠪᠤᠷᠢ ᠶᠢ ᠤᠯᠠᠮᠵᠢᠯᠠᠨ᠎ᠠ᠃ ᠲᠠᠷᠤᠢ ᠰᠢᠯᠢ ᠶᠢᠨ ᠭᠤᠤᠯ ᠠᠶᠢᠮᠠᠭ ᠤᠨ ᠵᠠᠬᠢᠷᠭ᠎ᠠ ᠠᠴᠠ ︽1979᠂ 95 ᠲᠤᠭᠠᠳᠤ︾ ᠪᠢᠴᠢᠭ ᠮᠠᠲ᠋ᠧᠷᠢᠶᠠᠯ ᠢ ᠪᠠᠭᠤᠯᠭᠠᠵᠦ᠂ ︽ᠮᠠᠯᠵᠢᠬᠤ ᠤᠷᠤᠨ ᠤ ᠠᠷᠠᠳ ᠤᠨ ᠬᠦᠩᠱᠧ ᠶᠢᠨ ᠦᠨᠳᠦᠰᠦᠨ ᠲᠤᠭᠠᠴᠠᠭ᠎ᠠ ᠶᠢᠨ ᠨᠢᠭᠡᠴᠡ ᠠᠴᠠ ᠮᠠᠯ ᠰᠦᠷᠦᠭ ᠤᠨ ᠦᠢᠯᠡᠳᠪᠦᠷᠢᠯᠡᠯ ᠤᠨ ᠲᠤᠭᠤᠶᠢᠯᠠᠩ ᠳᠤ ︿ᠬᠤᠶᠠᠷ ᠢ ᠲᠤᠭᠳᠠᠭᠠᠵᠦ ᠨᠢᠭᠡ ᠶᠢ ᠱᠠᠩᠨᠠᠬᠤ﹀ ᠲᠦᠷᠢᠮ ᠢ ᠬᠡᠷᠡᠭᠵᠢᠭᠦᠯᠬᠦ ᠲᠤᠬᠠᠢ ᠪᠠᠶᠢᠷᠢᠯᠠᠭᠤᠯᠤᠯᠳᠠ︾ ᠶᠢ ᠨᠡᠶᠢᠳᠡᠯᠡᠪᠡ᠃ ᠦ᠊ ᠱᠦᠵᠢ ᠠᠴᠠ᠄ ︽ᠤᠳᠤ ᠮᠠᠯᠴᠢᠳ ᠤᠨ ᠪᠠᠶᠠᠵᠢᠨ ᠦᠬᠡᠳᠡᠯᠡᠬᠦ ᠴᠠᠭ ᠪᠤᠯᠵᠠᠢ᠃ ᠲᠡᠭᠡᠳᠦ ᠱᠠᠳᠤᠨ ᠠᠴᠠ ︿ᠬᠤᠶᠠᠷ ᠢ ᠲᠤᠭᠳᠠᠭᠠᠵᠦ᠂ ᠨᠢᠭᠡ ᠶᠢ ᠱᠠᠩᠨᠠᠬᠤ ᠲᠦᠷᠢᠮ﹀  ᠢ ᠬᠡᠷᠡᠭᠵᠢᠬᠦᠯᠬᠦ ᠪᠠᠷ ᠪᠤᠯᠵᠠᠢ᠃ ᠡᠨᠡ ᠪᠤᠯ ᠨᠠᠮ ᠤᠨ ᠲᠦᠷᠦ ᠶᠢᠨ ᠪᠤᠳᠤᠯᠭ᠎ᠠ ᠶᠢᠨ ᠰᠠᠶᠢᠨ ᠰᠢᠤ︕ ᠡᠮᠦᠨ᠎ᠡ ᠵᠢᠯ  ᠤᠳ ᠲᠤ᠂ ᠬᠤᠪᠢᠨ ᠳᠠᠭᠠᠨ ᠮᠠᠯ ᠦᠯᠡᠳᠡᠭᠡᠪᠡᠯ ᠬᠦᠷᠦᠩᠭᠡᠳᠦ ᠶᠤᠰᠤᠨ ᠤ ᠰᠡᠭᠦᠯ ᠢ ᠲᠠᠰᠤᠯᠠᠨ᠎ᠠ ᠭᠡᠳ ᠵᠦᠪᠰᠢᠶᠡᠷᠡᠬᠦ ᠦᠭᠡᠢ ᠪᠠᠶᠢᠭᠰᠠᠨ︾ ᠭᠡᠵᠦ ᠤᠯᠠᠨ ᠲᠠᠯ᠎ᠠ ᠪᠠᠷ ᠲᠠᠶᠢᠯᠪᠤᠷᠢᠯᠠᠨ ᠶᠠᠷᠢᠨ᠎ᠠ᠃ ᠪᠠᠷᠢᠭᠠᠳᠠ ᠶᠢᠨ ᠲᠠᠷᠤᠭ᠎ᠠ ᠯᠠᠮᠵᠠᠪ ᠠᠴᠠ ᠄ ︽ᠲᠡᠭᠡᠳᠦ ᠱᠠᠳᠤᠨ ᠤ ᠵᠢᠭᠠᠪᠤᠷᠢ ᠶᠢ ᠮᠠᠨ ᠤ ᠪᠠᠷᠢᠭᠠᠳᠠ ᠳᠠᠭᠠᠨ ᠶᠠᠭᠠᠬᠢᠵᠦ᠂ ᠶᠠᠮᠠᠷ ᠠᠷᠭ᠎ᠠ ᠪᠠᠷ ᠨᠠᠶᠢᠳᠠᠪᠤᠷᠢᠵᠢᠭᠤᠯᠤᠨ᠎ᠠ ᠭᠡᠳᠡᠭ ᠪᠤᠯ ᠪᠠᠰᠠ ᠨᠢᠭᠡᠨ ᠴᠢᠬᠤᠯᠠ ᠵᠦᠪᠳᠡᠬᠦ ᠰᠡᠳᠤᠪ ᠪᠤᠯᠤᠨ᠎ᠠ᠂ ᠶᠠᠭᠤ ᠪᠤᠯᠤᠭᠰᠠᠨ ᠴᠤ ᠪᠤᠳᠠᠳᠠᠢ ᠨᠤᠷᠮ᠎ᠠ ᠲᠤᠭᠳᠠᠭᠠᠵᠦ᠂ ᠪᠠᠷᠢᠮᠵᠢᠶ᠎ᠠ ᠭᠠᠷᠭᠠᠵᠦ᠂ ᠲᠠᠪᠠᠭᠰᠠᠨ ᠭᠡᠰᠡᠭ ᠢ ᠭᠡᠰᠢᠭᠦᠳ ᠲᠤ ᠦᠨ᠎ᠡ ᠲᠦᠯᠦᠪᠦᠷᠢ ᠦᠭᠡᠢ ᠦᠭᠴᠦ ᠬᠤᠪᠢᠨ ᠳᠠᠭᠠᠨ ᠮᠠᠯ ᠰᠦᠷᠦᠭ ᠲᠠᠢ ᠪᠤᠯᠬᠤ ᠶᠢ ᠵᠤᠷᠢᠭᠵᠢᠭᠤᠯᠤᠨ᠎ᠠ︾ ᠭᠡᠵᠦ ᠶᠠᠷᠢᠨ᠎ᠠ ᠃ ᠡᠭᠦᠨ ᠳᠤ ᠪᠢ ᠴᠢᠬᠢ ᠪᠠᠨ ᠢᠳᠡᠭᠡᠵᠦ ᠶᠠᠳᠠᠨ ᠰᠤᠨᠤᠰᠤᠨ᠎ᠠ᠃ ᠲᠡᠷᠡ ᠬᠤᠷᠠᠯ ᠢᠶᠠᠷ ᠬᠡᠷᠡᠭᠵᠢᠬᠦᠯᠬᠦ ᠲᠦᠰᠦᠪ ᠤᠨ ᠭᠤᠤᠯ ᠠᠭᠤᠯᠭ᠎ᠠ ᠶᠢ ᠶᠠᠷᠢᠯᠴᠠᠨ᠂ ᠭᠡᠰᠢᠭᠦᠳ ᠤᠨ ᠲᠦᠯᠦᠭᠡᠯᠡᠭᠴᠢᠳ ᠤᠨ ᠬᠤᠷᠠᠯ ᠢᠶᠠᠷ ᠶᠠᠷᠢᠯᠴᠠᠨ ᠲᠤᠭᠳᠠᠭᠠᠬᠤ  ᠪᠠᠷ ᠪᠤᠯᠵᠦ ᠬᠤᠷᠠᠯ ᠲᠠᠷᠬᠠᠪᠠ᠃      ᠡᠷᠳᠡᠮᠳᠡᠭᠦᠰ ᠭᠡᠷ ᠲᠡᠭᠡᠨ ᠬᠠᠷᠢᠭᠠᠳ ᠴᠠᠢ ᠤᠤᠭᠤᠬᠤ ᠵᠠᠭᠤᠷ᠎ᠠ᠄ ︽ᠤᠳᠤ ᠮᠠᠨ ᠤ ᠮᠠᠯᠴᠢᠳ ᠤᠨ ᠪᠠᠶᠠᠵᠢᠬᠤ ᠴᠠᠭ ᠢᠷᠡᠵᠡᠢ︾ ᠭᠡᠬᠦ ᠳᠤ ᠪᠦᠰᠡᠭᠦᠢ ᠨᠢ᠄ ︽ᠶᠠᠭᠠᠬᠢᠵᠦ ᠪᠠᠶᠠᠵᠢᠬᠤ ᠶᠤᠮ ᠳ᠋ᠠ︖︾᠂ ︽ᠪᠠᠷᠢᠭᠠᠳᠠ  ᠶᠢᠨ ᠬᠤᠷᠠᠯ ᠢᠶᠠᠷ ᠮᠠᠯ ᠤᠨ ᠲᠤᠭ᠎ᠠ ᠲᠤᠯᠤᠭᠠᠢ ᠪᠤᠶᠤ ᠭᠠᠷᠤᠯᠳᠠ ᠳᠤ ᠬᠠᠷᠢᠴᠠᠯ ᠨᠤᠷᠮ᠎ᠠ ᠲᠤᠭᠳᠠᠭᠠᠵᠦ᠂ ᠲᠠᠪᠠᠭᠰᠠᠨ ᠭᠡᠰᠡᠭ ᠢ ᠨᠢ ᠭᠡᠰᠢᠭᠦᠳ ᠲᠤ ᠦᠭᠭᠦᠨ᠎ᠡ ᠭᠡᠨ᠎ᠡ︾ ᠭᠡᠬᠦ ᠳᠤ᠄ ︽ᠲᠡᠶᠢᠮᠦ ᠰᠠᠶᠢᠬᠠᠨ ᠵᠡᠭᠦᠳᠦ ᠪᠠᠰᠠ ᠪᠡᠶᠡᠯᠡᠭᠳᠡᠬᠦ  ᠶᠤᠮ ᠤᠤ︖︾᠂ ᠲᠡᠷᠡ᠄ ︽ᠲᠡᠷᠡ ᠪᠠᠰᠠ ᠬᠡᠯᠡᠬᠦ ᠶᠢᠨ ᠠᠷᠭ᠎ᠠ ᠦᠭᠡᠢ᠂ ᠵᠢᠱᠢᠶᠡᠯᠡᠪᠡᠯ ᠮᠠᠨ ᠤ ᠦᠬᠡᠷ ᠢᠶᠠᠷ ᠪᠤᠳᠤᠪᠠᠯ ᠬᠠᠮᠠᠭᠠᠯᠠᠯᠳᠠ ᠶᠢᠨ ᠨᠤᠷᠮ᠎ᠠ %97 ᠪᠠᠷ ᠪᠤᠳᠤᠪᠠᠯ ᠬᠠᠮᠠᠭᠠᠯᠠᠯᠳᠠ ᠴᠢᠨᠢ ᠪᠦᠷᠢᠨ ᠪᠤᠯ 3 ᠦᠬᠡᠷ ᠤᠯᠤᠨ᠎ᠠ᠂ ᠦᠷᠡᠵᠢᠯᠳᠡ ᠪᠤᠶᠢᠵᠢᠯᠳᠡ ᠶᠢᠨ ᠨᠤᠷᠮ᠎ᠠ ᠶᠢ %85 ᠪᠠᠷ ᠪᠤᠳᠤᠪᠠᠯ ᠲᠡᠭᠦᠨ ᠠᠴᠠ ᠲᠡᠭᠡᠭᠰᠢ ᠲᠤᠭᠤᠯ ᠪᠤᠶᠢᠵᠢᠭᠤᠯᠤᠭᠰᠠᠨ ᠪᠤᠯ ᠪᠦᠬᠦᠨ ᠢᠶᠠᠷ ᠢᠶᠠᠨ ᠴᠢᠨᠦᠬᠢ ᠪᠤᠯᠤᠨ᠎ᠠ︾ ᠭᠡᠵᠦ ᠲᠠᠶᠢᠯᠪᠤᠷᠢᠯᠠᠬᠤ ᠳᠤ ᠬᠡᠷᠭᠡᠢ ᠨᠢ᠄ ︽ᠲᠡᠭᠡᠪᠡᠯ ᠶᠤᠰᠤᠳᠠᠢ ᠤᠯᠬᠤ ᠨᠢ ᠴᠤ ᠠᠷᠪᠢᠨ ᠲᠤᠯᠠ ᠪᠠᠶᠠᠵᠢᠵᠦ ᠮᠡᠳᠡᠨ᠎ᠡ᠂ ᠭᠡᠳᠡᠯ᠎ᠡ ᠬᠠᠮᠳᠤ ᠨᠡᠶᠢᠳᠡ ᠲᠡᠶᠢᠮᠦ ᠠᠷᠪᠢᠨ ᠮᠠᠯ ᠢ ᠴᠢᠮ᠎ᠡ ᠳᠤ ᠵᠦᠭᠡᠷ ᠦᠭᠭᠦᠴᠢᠭᠡᠨ᠎ᠡ ᠭᠡᠵᠢ ᠤᠤ︕︾ ᠭᠡᠵᠦ ᠲᠠᠳᠠᠭᠠᠯᠵᠠᠨ ᠠᠰᠠᠭᠤᠪᠠᠯ᠄ ︽ᠲᠡᠭᠡᠭᠰᠡᠨ ᠴᠤ ᠨᠤᠷᠮ᠎ᠠ ᠨᠢ ᠭᠡᠳᠦ ᠦᠨᠳᠦᠷ ᠪᠤᠯ ᠲᠡᠶᠢᠮᠦ ᠠᠷᠪᠢᠨ ᠮᠠᠯ ᠢ ᠠᠮᠠᠷᠬᠠᠨ ᠤᠯᠤᠨ᠎ᠠ ᠭᠡᠳᠡᠭ ᠭᠤᠷᠢ ᠦᠭᠡᠢ ᠬᠡᠷᠡᠭ ᠡ᠂ ᠬᠠᠰᠢᠯᠠ ᠴᠢᠷᠮᠠᠶᠢᠯᠭ᠎ᠠ ᠤᠷᠤᠨ᠎ᠠ ᠰᠢᠤ︾ ᠭᠡᠵᠦ ᠢᠷᠡᠭᠡᠳᠦᠢ ᠶᠢᠨ ᠠᠮᠢᠳᠤᠷᠠᠯ ᠤᠨ ᠲᠦᠯᠦᠭᠡ ᠰᠠᠨᠠᠭ᠎ᠠ ᠪᠤᠯᠤᠨ ᠶᠠᠷᠢᠯᠳᠤᠨ᠎ᠠ᠃      ᠲᠡᠷᠡ ᠡᠪᠦᠯ ᠤᠨ ᠲᠠᠰᠤᠯᠠᠨ ᠪᠤᠳᠤᠯᠳᠠ ᠳᠤ ᠡᠳᠡᠨᠡᠶᠢᠬᠢᠨ ᠦᠬᠡᠷ ᠰᠦᠷᠦᠭ ᠶᠢᠨ ᠬᠠᠮᠠᠭᠠᠯᠠᠯᠳᠠ ᠪᠤᠶᠤ ᠲᠥᠯ  ᠤᠨ ᠪᠤᠶᠢᠵᠢᠯᠳᠠ ᠨᠢ ᠦᠨᠳᠥᠷ ᠪᠤᠯᠬᠤᠷ᠂ ᠳᠠᠪᠠᠭᠤᠯᠣᠭᠰᠠᠨ ᠭᠡᠰᠡᠭ ᠤᠨ ᠱᠠᠩᠨᠠᠯ ᠭᠡᠵᠤ ᠲᠠᠪᠤ ᠵᠢᠷᠭᠤᠭᠠᠨ ᠲᠣᠭᠤᠯ ᠪᠢᠷᠠᠭᠤ ᠤᠯᠤᠭᠰᠠᠨ ᠢᠶᠠᠷ ᠨᠦᠬᠦᠷ ᠬᠡᠷᠭᠡᠢ ᠬᠤᠶᠠᠭᠤᠯᠠ ᠤᠬᠠᠭᠠᠨ ᠦᠭᠡᠢ ᠪᠠᠶᠠᠷᠯᠠᠵᠠᠢ᠃ ᠲᠡᠷᠡ ᠵᠢᠯ ᠤᠨ ᠠᠰᠢᠭ ᠤᠷᠤᠯᠭ᠎ᠠ ᠶᠢᠨ ᠬᠤᠪᠢᠶᠠᠷᠢᠯᠠᠯᠳᠠ ᠳᠤ ᠤᠯᠠᠩᠬᠢ ᠠᠶᠢᠯ ᠡᠷᠦᠬᠡ ᠲᠠᠪᠠᠭᠤᠯᠤᠭᠰᠠᠨ ᠭᠡᠰᠡᠭ ᠤᠨ ᠱᠠᠩᠨᠠᠯ ᠤᠯᠵᠦ ᠲᠡᠭᠡᠷ᠎ᠡ ᠲᠠᠯ᠎ᠠ ᠶᠢᠨ ᠬᠤᠨᠢᠴᠢᠨ ᠡᠷᠦᠬᠡ 60 —70 ᠬᠤᠷᠠᠭ᠎ᠠ ᠤᠯᠤᠭᠰᠠᠨ ᠳᠤ ᠠᠬᠠᠮᠠᠳ ᠮᠠᠯᠴᠢᠳ ᠶᠡᠬᠡᠪᠡᠷ ᠰᠤᠴᠢᠨ ᠪᠠᠶᠠᠷᠯᠠᠵᠦ᠄ ︽ᠵᠠ᠂ ᠡᠨᠡ ᠪᠤᠯ ᠨᠠᠮ ᠤᠨ ᠲᠦᠷᠦ ᠶᠢᠨ ᠪᠤᠳᠤᠯᠭ᠎ᠠ ᠵᠦᠪ ᠡᠷᠭᠢᠭᠰᠡᠨ ᠤ ᠰᠠᠶᠢᠨ ᠰᠢᠤ᠂ ᠮᠠᠨ ᠤ ᠮᠠᠯᠴᠢᠳ ᠶᠤᠰᠤᠳᠠᠢ ᠪᠠᠶᠠᠵᠢᠬᠤ ᠴᠠᠭ ᠲᠤᠯᠵᠠᠢ᠂ ᠨᠢᠭᠡ ᠵᠢᠯ ᠳᠤ ᠨᠢᠭᠡ ᠰᠦᠷᠦᠭ ᠬᠤᠨᠢ ᠤᠯᠤᠨ᠎ᠠ ᠭᠡᠳᠡᠭ ᠴᠢᠨᠢ︕︾ ᠭᠡᠬᠦ ᠳᠤ ᠵᠠᠷᠢᠮ ᠨᠢ᠄ ︽ᠲᠡᠶᠢᠮᠦ ᠰᠢᠳᠠ᠂ ᠰᠤᠶᠤᠯ ᠤᠨ ᠬᠤᠪᠢᠰᠬᠠᠯ ᠤᠨ ᠦᠶ᠎ᠡ ᠳᠤ᠂ ᠬᠤᠪᠢᠨ ᠤ ᠮᠠᠯ ᠦᠯᠡᠳᠡᠭᠡᠪᠡᠯ ᠬᠦᠷᠦᠩᠭᠡᠳᠦ ᠶᠤᠰᠤᠨ ᠤ ᠰᠡᠭᠦᠯ ᠢ ᠲᠠᠰᠤᠳᠠᠨ᠎ᠠ ᠭᠡᠳ ᠮᠠᠯᠴᠢᠨ ᠪᠢᠳᠡᠨ ᠤ ᠠᠮᠢᠳᠤᠷᠠᠯ ᠢ ᠶᠠᠭ ᠦᠭᠡᠳᠡᠯᠡᠭᠦᠯᠬᠦ ᠦᠭᠡᠢ ᠪᠠᠶᠢᠭᠰᠠᠨ ᠰᠢᠤ᠂ ᠬᠠᠰᠢᠯᠠ ᠡᠪ ᠬᠠᠮᠳᠤ ᠨᠠᠮ ᠮᠢᠨᠢ ᠵᠦᠪ ᠬᠠᠷᠠᠬᠤ ᠶᠤᠮ ᠪᠠᠶᠢᠨ᠎ᠠ︾ ᠭᠡᠵᠦ ᠢᠳᠡᠭᠡᠯ ᠲᠠᠢ ᠪᠠᠶᠠᠷᠯᠠᠩᠭᠤᠢ ᠪᠠᠷ ᠬᠦᠤᠷᠨᠢᠯᠳᠤᠨ ᠶᠠᠷᠢᠯᠴᠠᠵᠦ ᠪᠠᠶᠢᠯ᠎ᠠ᠃      ᠬᠤᠪᠢ ᠶᠢᠨ ᠭᠡᠬᠦ ᠮᠠᠯ ᠲᠠᠢ ᠪᠤᠯᠴᠢᠬᠠᠯ᠎ᠠ᠂ ᠪᠠᠰᠠ ᠬᠠᠮᠳᠤ ᠶᠢᠨ ᠦᠬᠡᠷ ᠰᠦᠷᠦᠭ ᠤᠨ ᠤᠷᠤᠯᠭ᠎ᠠ ᠨᠢ ᠦᠨᠡᠭᠡᠷ ᠪᠠᠶᠠᠵᠢᠯ ᠤᠨ ᠵᠠᠮ ᠢᠶᠠᠷ ᠬᠦᠳᠦᠯᠵᠦ᠂ ᠠᠮᠢᠳᠤᠷᠠᠯ ᠤᠨ ᠬᠢᠷᠢ ᠲᠦᠪᠰᠢᠨ ᠲᠡᠭᠡᠭᠰᠢᠯᠡᠬᠦ ᠳᠤ ᠠᠵᠦ ᠠᠬᠤᠢ  ᠶᠢᠨ ᠦᠨᠳᠦᠰᠦᠨ ᠨᠦᠬᠦᠴᠡᠯ ᠢ ᠪᠦᠷᠢᠯᠳᠦᠭᠦᠯᠵᠦ ᠦᠭᠴᠠᠢ᠃ ᠭᠠᠭᠴᠠᠬᠦ ᠴᠢᠷᠮᠠᠶᠢᠨ ᠠᠵᠢᠯᠠᠯᠬᠤ ᠪᠠᠨ ᠮᠡᠳᠡ︕ ᠮᠣᠩᠭᠤᠯ ᠭᠡᠷ ᠤᠨ ᠨᠦᠬᠦᠴᠠᠯ ᠪᠠ ᠠᠮᠢᠳᠣᠷᠠᠯ ᠤᠨ ᠬᠢᠷᠢ ᠬᠡᠮᠵᠢᠶ᠎ᠡ ᠡᠳᠦᠷ ᠠᠴᠠ ᠡᠲᠦᠷ ᠰᠠᠶᠢᠵᠢᠷᠠᠵᠤ᠂ ᠬᠡᠪᠢᠰ ᠬᠠᠶᠠᠯᠠᠬᠤ᠂ ᠭᠡᠷ ᠤᠨ ᠮᠣᠳᠣ ᠶᠢ ᠪᠣᠳᠤᠭ ᠰᠠᠭᠤᠯᠭᠠᠬᠤ᠂ ᠭᠡᠷ ᠳᠣᠲᠣᠷᠠᠬᠢ ᠠᠪᠳᠠᠷ᠎ᠠ ᠬᠤᠷᠭᠤ ᠶᠢ ᠰᠢᠨᠡᠳᠭᠡᠬᠦ ᠵᠢᠴᠢ ᠭᠠᠳᠠᠨᠠᠬᠢ ᠬᠠᠮ ᠠᠪᠳᠠᠷ᠎ᠠ ᠪᠠᠨ ᠰᠢᠨ᠎ᠡ ᠪᠠᠷ ᠬᠢᠯᠭᠡᠬᠦ᠂ ᠲᠡᠷᠭᠡ ᠬᠦᠰᠭᠡ ᠨᠡᠮᠡᠬᠦ ᠵᠡᠷᠭᠡ ᠳᠥᠪᠬᠢᠨᠡᠭᠦᠯᠦᠯᠳᠡ ᠬᠢᠭᠰᠡᠨ ᠢᠶᠠᠷ ᠪᠠᠷᠢᠭᠠᠳᠠ ᠳᠠᠭᠠᠨ ᠨᠡᠯᠢᠶᠡᠳ ᠳᠡᠭᠡᠭᠦᠷ ᠣᠷᠣᠬᠤ ᠡᠷᠦᠬᠡ ᠶᠢᠨ ᠨᠢᠭᠡ ᠪᠤᠯᠤᠯ᠎ᠠ᠃ ᠰᠢᠷᠠᠭᠴᠢᠨ ᠬᠤᠨᠢᠨ ᠵᠢᠯ ᠢᠶᠠᠨ ᠦᠳᠡᠵᠤ ᠬᠠᠷ᠎ᠠ ᠪᠡᠴᠢ ᠵᠢᠯ ᠢᠶᠠᠨ ᠣᠭᠳᠤᠬᠤ ᠵᠠᠢ ᠳᠤ ᠡᠳᠡᠨᠡᠶᠢᠬᠢᠨ ᠳᠡᠭᠡᠲᠦ ᠰᠢᠨᠠᠭᠠᠨ ᠭᠡᠳᠡᠭ ᠭᠠᠵᠠᠷ ᠡᠪᠦᠯᠵᠢᠵᠠᠢ᠂ ᠬᠦᠭᠦᠬᠡ ᠰᠠᠷ᠎ᠠ ᠶᠢᠨ ᠬᠤᠷᠢᠨ ᠲᠣᠯᠣᠭᠠᠨ ᠳᠤ ᠪᠦᠰᠡᠭᠦᠢ ᠰᠠᠷᠠᠨ ᠨᠢ ᠬᠤᠶᠠᠳᠣᠭᠠᠷ ᠬᠥᠤ ᠪᠠᠨ ᠬᠥᠩᠭᠡᠵᠢᠪᠡ᠂ ᠠᠬ᠎ᠠ ᠠᠴᠠ ᠨᠢ ᠬᠠᠰ ᠴᠢᠯᠠᠭᠤ ᠠᠳᠠᠯᠢ ᠵᠣᠷᠢᠭ ᠬᠠᠳᠠᠭᠤ ᠥᠭᠡᠳᠡ ᠡᠰᠡᠷᠡᠭ ᠶᠠᠪᠣᠬᠤ ᠶᠢ ᠨᠢ ᠵᠦᠩᠨᠡᠵᠤ ︽ᠬᠠᠰᠡᠷᠳᠡᠨᠢ︾ ᠭᠡᠰᠡᠨ ᠰᠠᠶᠢᠬᠠᠨ ᠨᠡᠷ᠎ᠡ ᠣᠯᠭᠤᠵᠠᠢ᠃ ᠡᠨᠡ ᠬᠡᠤᠬᠡᠳ ᠢ ᠣᠢ ᠥᠩᠭᠡᠷᠡᠭᠰᠡᠨ ᠲᠠᠷᠠᠭ᠎ᠠ ᠨᠢᠭᠡᠨ ᠡᠳᠦᠷ ᠲᠡᠭᠦᠨ ᠤ ᠠᠪᠠᠭ᠎ᠠ ᠠᠬ᠎ᠠ ᠭᠤᠸᠠᠢ ᠨᠠᠮᠬᠠᠢ ᠠᠶᠢᠯᠴᠢᠯᠠᠷ᠎ᠠ ᠢᠷᠡᠪᠡ᠃ ᠡᠨᠡ ᠦᠶ᠎ᠡ ᠵᠣᠤᠬᠠᠨ ᠤ ᠵᠡᠭᠦᠨ ᠲᠠᠯ᠎ᠠ ᠳᠤ ᠥᠨᠥ ᠬᠦᠤ ᠠᠶᠠᠭ᠎ᠠ ᠠᠴᠠ ᠪᠠᠨ ᠴᠠᠢ ᠶᠢᠨ ᠪᠣᠳᠠᠭ᠎ᠠ ᠠᠳᠬᠤᠨ ᠠᠪᠴᠦ ᠠᠮᠠᠨ ᠳᠠᠭᠠᠨ ᠬᠢᠭᠰᠡᠨ ᠢᠶᠠᠷ ᠬᠠᠴᠠᠷ ᠳᠦᠭᠦᠷᠡᠩ ᠪᠣᠳᠠᠭ᠎ᠠ ᠨᠠᠭᠠᠯᠳᠤᠭᠤᠯᠣᠨ᠂ ᠵᠡᠭᠦᠨ ᠰᠢᠷᠳᠡᠭ ᠢᠶᠠᠷ ᠪᠣᠲᠠᠷᠠᠭᠠᠨ ᠪᠠᠶᠢᠬᠤ ᠶᠢ ᠦᠵᠡᠭᠰᠡᠨ ᠠᠬ᠎ᠠ  ᠨᠢ᠄ ︽ᠡᠨᠡ ᠬᠦᠮᠥᠨ ᠢ ᠦᠵᠡᠯ ᠳ᠋ᠠ᠂ ᠶᠠᠮᠠᠷ ᠭᠥᠭᠡᠷᠦᠬᠦᠨ ᠪᠣᠢ᠂ ᠮᠥᠳᠳᠦ ᠪᠣᠳᠠᠭ᠎ᠠ ᠲᠠᠢ ᠡᠷ᠎ᠠ ᠪᠣᠯᠬᠤ ᠰᠢᠨᠵᠢᠳᠠᠢ ᠳ᠋ᠠ︾ ᠭᠡᠵᠤ ᠥᠬᠦᠭᠡᠷᠳᠡᠨ ᠬᠡᠯᠡᠬᠦ ᠳᠤ ᠡᠷᠳᠡᠮᠳᠡᠭᠦᠰ᠄ ︽ᠲᠡᠭᠡᠪᠡᠯ ᠴᠢᠮ᠎ᠠ ᠳᠤ ᠡᠨᠡ ᠬᠡᠤᠬᠡᠳ ᠢ ᠥᠭᠭᠦᠴᠢᠭᠡᠶ᠎ᠠ᠂ ᠲᠠ ᠠᠪᠣᠭᠠᠳ ᠶᠠᠪᠣᠭᠠᠷᠠᠢ︕︾ ᠭᠡᠵᠤ ᠴᠣᠤᠭᠢᠭᠤᠯᠵᠠᠢ᠃ ᠬᠤᠵᠢᠮ ᠨᠢ ᠠᠪᠠᠭ᠎ᠠ ᠠᠬ᠎ᠠ ᠨᠢ᠄ ︽ᠮᠠᠨ ᠤ ᠡᠷᠳᠡᠮᠳᠡᠭᠦᠰ ᠡᠨᠡ ᠬᠦᠤ ᠪᠠᠨ ᠨᠠᠳᠠ ᠳᠤ ᠥᠭᠭᠦᠭᠰᠡᠨ ᠶᠣᠮ︾ ᠭᠡᠳ ᠬᠠᠰᠡᠷᠳᠡᠨᠢ ᠶᠢ ᠪᠠᠭ᠎ᠠ ᠰᠣᠷᠭᠠᠭᠤᠯᠢ  ᠠᠴᠠ ᠳᠣᠮᠳᠠᠲᠦ ᠰᠣᠷᠭᠠᠭᠤᠯᠢ ᠲᠡᠭᠦᠰᠲᠡᠯ᠎ᠡ ᠰᠣᠮᠣᠨ ᠠᠴᠠ ᠬᠤᠰᠢᠭᠤᠨ‌‍ᠳᠦ ᠬᠦᠷᠦᠭᠰᠡᠨ ᠴᠦ ᠠᠰᠠᠷᠠᠨ ᠬᠠᠷᠠᠭᠠᠯᠵᠠᠵᠤ ᠂ ᠰᠣᠶᠣᠯ ᠤᠨ ᠮᠥᠷ ᠬᠥᠭᠡᠯᠭᠡᠵᠤ᠂ ᠲᠥᠷᠥᠭᠰᠡᠨ ᠲᠠᠢ ᠪᠠᠨ ᠠᠳᠠᠯᠢ ᠬᠠᠶᠢᠷᠠᠯᠠᠵᠤ ᠥᠰᠭᠡᠭᠰᠡᠨ ᠶᠡᠭᠡ ᠡᠨᠡᠷᠢᠯ᠂ ᠲᠠᠬᠢᠪᠠᠯ ᠣᠯᠠᠨ ᠬᠡᠤᠬᠡᠳ ᠲᠠᠢ ᠲᠡᠭᠦᠨ ᠤ ᠳᠠᠷᠣᠭᠠᠰᠤ ᠶᠢ ᠬᠥᠩᠬᠡᠯᠡᠭᠰᠡᠨ ᠠᠴᠢ ᠶᠢ ᠨᠢ ᠡᠷᠳᠡᠮᠳᠡᠭᠦᠰ ᠭᠤᠸᠠᠢ ᠰᠡᠳᠭᠢᠯ ᠳᠡᠭᠡᠨ ᠬᠠᠳᠠᠩᠰᠢᠭᠤᠯᠵᠤ ᠶᠠᠪᠣᠳᠠᠭ ᠪᠤᠯᠵᠠᠢ᠃      ᠰᠢᠷᠠᠭᠴᠢᠨ ᠬᠤᠨᠢᠨ ᠵᠢᠯ ᠤᠨ ᠡᠪᠦᠯ ᠤᠨ ᠢᠳᠡᠰᠢᠨ ᠤ ᠦᠶ᠎ᠠ ᠪᠠᠷ ᠡᠳᠡᠨᠡᠶᠢᠬᠢᠨ ᠦᠬᠡᠷ ᠢᠶᠠᠷ ᠴᠠᠶᠢᠳᠠᠮ ᠤᠨ ᠱᠠᠤ ᠭᠡᠬᠦ ᠪᠣᠳᠠ ᠶᠡᠬᠡᠲᠠᠢ ᠭᠠᠵᠠᠷ ᠡᠪᠦᠯᠵᠢᠪᠡ᠃ ᠡᠪᠦᠯ ᠤᠨ ᠨᠢᠭᠡᠨ ᠣᠷᠣᠢ ᠡᠷᠳᠡᠮᠳᠡᠭᠦᠰ ᠣᠷᠭ᠎ᠠ ᠪᠠᠨ ᠴᠢᠷᠴᠦ᠂ ᠮᠣᠷᠢ ᠲᠠᠢ ᠪᠠᠨ ᠱᠣᠭᠰᠢᠭᠤᠯᠣᠭᠰᠠᠭᠠᠷ ᠴᠠᠷᠢᠭ ᠤᠨ ᠬᠤᠭᠤᠯᠠᠢ ᠠᠴᠠ ᠰᠦᠷᠦᠭ ᠢᠶᠠᠨ ᠬᠤᠷᠢᠶᠠᠭᠠᠳ ᠭᠡᠷ ᠲᠡᠭᠡᠨ ᠬᠠᠷᠢᠬᠤ ᠳᠤ ᠨᠢᠭᠡᠨ ᠮᠠᠰᠢᠨ ᠲᠡᠷᠭᠡ ᠢᠷᠡᠭᠰᠡᠨ ᠨᠢ ᠠᠶᠢᠮᠠᠭ ᠤᠨ ᠪᠠᠶᠢᠴᠠᠭᠠᠬᠤ ᠬᠤᠷᠢᠶᠠᠨ ᠳᠤ ᠠᠵᠢᠯ ᠲᠠᠢ ᠬᠠᠮᠲᠦ ᠰᠣᠷᠣᠭᠴᠢ ᠪᠣᠯᠬᠤ ᠬᠦᠬᠡ ᠭᠡᠭᠴᠢ ᠠᠨᠳᠠ ᠨᠢ ᠪᠠᠶᠢᠯ᠎ᠠ᠂ ᠶᠡᠬᠡᠪᠡᠷ ᠪᠠᠶᠠᠷᠯᠠᠯᠳᠤᠨ ᠮᠡᠨᠲᠦ ᠠᠰᠠᠭᠤᠯᠴᠠᠭᠰᠠᠨ ᠢᠶᠠᠨ ᠠᠷᠢᠬᠢ ᠬᠠᠯᠠᠭᠤᠯᠣᠨ ᠠᠷᠵᠠ ᠨᠡᠷᠡᠵᠤ ᠦᠳᠡᠰᠢ ᠶᠢᠨ ᠴᠠᠭ ᠢ ᠨᠥᠭᠴᠢᠭᠡᠪᠡ᠂ ᠭᠡᠨᠡᠳᠳᠠ ᠠᠨᠳᠠ ᠨᠢ᠄ ︽ᠴᠢ ᠰᠣᠨᠣᠰᠴᠦ ᠪᠠᠶᠢᠭᠠᠷᠠᠢ᠂ ᠡᠨᠡ ᠶᠠᠭᠤ ᠪᠣᠢ︖︾ ᠭᠡᠳ ᠳᠦᠷᠪᠡᠯᠵᠢᠨ ᠬᠠᠷ᠎ᠠ ᠬᠠᠶᠢᠷᠴᠠᠭ ᠭᠠᠷᠭᠠᠭᠠᠳ ᠨᠢᠭᠡᠨ ᠳᠣᠪᠴᠢ ᠶᠢ ᠨᠢ ᠳᠠᠷᠣᠬᠤ ᠳᠤ ᠶᠠᠭ ᠯᠠ ᠰᠠᠶ᠋ᠢ ᠶᠢᠨ ᠲᠡᠳᠡᠨᠤᠰ ᠤᠨ ᠬᠥᠭᠡᠷᠤᠯᠲᠦᠵᠤ ᠪᠠᠶᠢᠭᠰᠠᠨ ᠳᠣᠭᠤᠯᠳᠠᠬᠤ ᠶᠣᠮ ᠂  ᠲᠡᠷᠡ ᠶᠡᠭᠡ ᠬᠠᠴᠢᠷᠬᠠᠵᠤ ᠴᠢᠬᠢ ᠪᠠᠨ ᠢᠲᠡᠭᠡᠵᠤ ᠶᠠᠳᠠᠨ ᠴᠢᠩᠨᠠᠬᠤ ᠳᠤ ᠲᠡᠳᠡ ᠤᠯᠠᠮ ᠵᠢᠳᠭᠦᠯᠦᠨ ᠱᠣᠭᠤᠷᠠᠬᠠᠨ᠎ᠠ᠃ ᠡ᠊ ᠭᠤᠸᠠᠢ᠄ ︽ᠡᠨᠡ ᠶᠠᠮᠠᠷ ᠱᠤᠭ ᠲᠠᠢ ᠡᠳ᠋ ᠭᠡᠭᠴᠢ ᠪᠣᠢ᠂ ᠲᠠᠷᠣᠢ ᠳᠠᠭᠠᠨ ᠰᠢᠩᠭᠡᠭᠡᠴᠢᠨ᠎ᠡ ᠭᠡᠳᠡᠭ ᠴᠢᠨᠢ︾ ᠭᠡᠳ ᠭᠠᠶᠢᠬᠠᠬᠤ ᠳᠤ᠄ ︽ᠡᠨᠡ ᠪᠣᠯ ᠳᠠᠭᠤᠨ ᠰᠢᠩᠭᠡᠭᠦᠷ ᠤᠨ ᠮᠠᠰᠢᠨ ᠭᠡᠳᠡᠭ᠂ ᠣᠤᠯ ᠨᠢ ᠣᠯᠣᠰ  ᠠᠴᠠ ᠴᠡᠷᠢᠭ ᠤᠨ ᠶᠠᠪᠣᠳᠠᠯ ᠳᠤ ᠬᠡᠷᠡᠭᠯᠡᠵᠤ ᠪᠠᠶᠢᠭᠰᠠᠨ ᠪᠣᠯ ᠤᠳᠤ ᠨᠠᠷᠢᠯᠢᠭ ᠬᠢᠴᠡ ᠲᠠᠢ ᠪᠣᠯᠭᠠᠭᠠᠳ ᠠᠷᠠᠳ ᠤᠨ ᠨᠠᠭᠠᠳᠣᠮ ᠵᠣᠭᠠᠴᠠᠯ ᠳᠤ ᠬᠡᠷᠡᠭᠯᠡᠬᠦ ᠪᠣᠯᠵᠠᠢ︾ ᠭᠡᠵᠤ ᠠᠨᠳᠠ ᠨᠢ ᠲᠠᠶᠢᠯᠪᠣᠷᠢᠯᠠᠨ ᠶᠠᠷᠢᠵᠤ ᠪᠠᠶᠢᠪᠠ᠂ ᠡᠨᠡ ᠭᠠᠶᠢᠬᠠᠯᠲᠠᠢ ᠡᠳ᠋ ᠣᠯᠳᠠᠳᠠᠭ ᠪᠣᠯ ᠣᠯᠵᠤ ᠥᠭᠬᠦ ᠶᠢ ᠬᠦᠰᠡᠭᠰᠡᠨ ᠳᠤ ᠲᠡᠷᠡ ᠬᠤᠤᠰ ᠬᠡᠷᠡᠭᠯᠡᠭᠦᠷᠲᠦ ᠰᠢᠩᠭᠡᠭᠦᠷ ᠮᠠᠰᠢᠨ ᠣᠯᠵᠤ ᠥᠭᠬᠦ ᠪᠠᠷ ᠲᠤᠬᠢᠷᠠᠯᠴᠠᠵᠠᠢ᠂ ᠰᠠᠷ᠎ᠠ ᠶᠢᠨ ᠳᠠᠷᠠᠭ᠎ᠠ᠂ ᠠᠶᠢᠯ ᠳᠤ ᠪᠠᠶᠢᠪᠠᠯ ᠦᠵᠡᠮᠦᠷ ᠲᠠᠢ ᠠᠪᠳᠠᠷ᠎ᠠ ᠳᠡᠭᠡᠷ᠎ᠠ ᠳᠣᠤᠭᠠᠷᠪᠠᠯ ᠰᠣᠨᠢᠷᠬᠠᠯᠲᠠᠢ ᠨᠢᠭᠡ ᠰᠢᠶᠠᠩᠭᠠᠩ ᠬᠢᠴᠡᠲᠠᠢ ᠬᠤᠤᠰ ᠬᠡᠷᠡᠭᠯᠡᠭᠦᠷᠲᠦ ᠲᠠᠭᠤᠨ ᠰᠢᠩᠭᠡᠭᠦᠷ ᠠᠪᠣᠭᠰᠠᠨ ᠨᠢ ᠬᠤᠪᠣᠷ ᠨᠠᠬᠳᠢᠨ ᠡᠳ᠋ ᠪᠣᠯᠵᠤ᠂ ᠬᠤᠯᠠ ᠶᠢᠨ ᠭᠡᠶᠢᠴᠢᠳ ᠤᠨ ᠪᠠᠭ᠋ᠠᠷᠬᠠᠯ ᠣᠢᠢᠷ᠎ᠠ ᠰᠠᠳᠦᠨ ᠤ ᠰᠣᠨᠢᠷᠬᠠᠯ ᠶᠢ ᠳᠠᠲᠠᠭᠰᠠᠨ ᠰᠠᠶᠢᠬᠠᠨ ᠲᠣᠭᠯᠠᠭᠠᠮ ᠪᠣᠯᠣᠭᠰᠠᠨ ᠪᠠᠶᠢᠯ᠎ᠠ᠃      ᠲᠡᠭᠡᠳᠦ ᠶᠢᠨ ᠰᠦᠯᠳᠡ ᠢᠪᠡᠭᠡᠳᠡᠭ ᠤᠨ ᠡᠷᠬᠡ ᠪᠠᠷ      ᠲᠡᠯᠭᠡᠷ ᠡᠨᠡ ᠭᠤᠯᠤᠮᠳᠠ ᠪᠠᠨ ᠬᠠᠶᠢᠷᠠᠯᠠᠵᠦ ᠶᠠᠪᠤᠳᠠᠭ      ᠠᠭᠤᠤ ᠠᠳᠠᠯ᠎ᠠ ᠦᠴᠦᠭᠡᠨ ᠮᠢᠨᠤ ᠭᠤᠯᠤᠮᠳᠠ      ᠠᠰᠢᠳᠠ ᠴᠡᠴᠡᠭᠯᠡᠬᠦ ᠮᠦᠩᠭᠡ ᠶᠢᠨ ᠭᠤᠯᠤᠮᠳᠠ᠃                  — ︽ᠭᠤᠯᠤᠮᠳᠠ ᠪᠠᠨ ᠭᠡᠵᠦ︾ ᠭᠡᠬᠦ ᠰᠢᠯᠦᠭ ᠠᠴᠠ       ᠲᠦᠷᠪᠡ᠂ ᠪᠠᠷᠢᠭᠠᠳᠠ ᠶᠢᠨ ᠠᠵᠢᠯ ᠬᠢᠭᠰᠡᠨ ᠨᠢ                 ᠪᠡᠶ᠎ᠠ ᠶᠢ ᠮᠢᠨᠢ ᠲᠥᠷᠥᠭᠦᠯᠦᠭᠰᠡᠨ ᠠᠪᠤ ᠡᠵᠢ ᠡᠨᠡᠷᠢᠯᠲᠠᠢ                 ᠪᠢᠯᠢᠭ ᠢ ᠮᠢᠨᠢ ᠬᠥᠮᠥᠵᠢᠬᠦᠯᠦᠭᠰᠡᠨ ᠠᠭᠤᠤ ᠨᠠᠮ ᠭᠡᠷᠡᠯᠲᠠᠢ                ᠠᠮᠢᠳᠣᠷᠠᠯ ᠢ ᠮᠢᠨᠢ ᠬᠠᠶᠢᠷᠠᠯᠠᠭᠰᠠᠨ ᠡᠬᠡ ᠣᠷᠣᠨ ᠥᠷᠨᠢᠯᠲᠠᠢ                ᠠᠯᠢᠪᠠ ᠪᠠᠨ ᠪᠢ ᠲᠡᠳᠡᠨ ᠳᠤ ᠵᠣᠷᠢᠭᠤᠯᠣᠨ᠎ᠠ                        — ︽ᠰᠡᠳᠭᠢᠯ ᠳᠤ ᠠᠮᠢᠯᠠᠭᠰᠠᠨ ᠨᠠᠷᠠ︾ ᠭᠡᠬᠦ ᠨᠠᠶᠢᠷᠠᠭ ᠠᠴᠠ      ᠴᠠᠭᠠᠨ ᠪᠡᠴᠢ ᠵᠢᠯ ᠤᠨ ᠡᠪᠦᠯ ᠶᠡᠬᠡᠯ᠎ᠠ ᠵᠣᠤᠳᠠᠷᠠᠬᠤ ᠪᠣᠯᠬᠤᠷ ᠡᠷᠳᠡᠮᠳᠡᠭᠦᠰ ᠤᠨ ᠬᠢᠨ ᠡᠬᠡᠪᠣᠯᠠᠭ ᠮᠠᠯᠵᠢᠯ ᠤᠨ ᠲᠠᠯᠠᠪᠠᠢ ᠶᠢᠨ ᠰᠠᠶᠢᠨ ᠣᠰᠣ ᠭᠡᠬᠦ ᠭᠠᠵᠠᠷ ᠡᠪᠦᠯᠵᠢᠭᠡᠳ ᠴᠠᠭᠠᠭᠴᠢᠨ ᠳᠠᠬᠢᠶ᠎ᠠ ᠵᠢᠯ ᠤᠨ ᠴᠠᠭᠠᠨ ᠰᠠᠷ᠎ᠠ ᠭᠠᠷᠭᠠᠭᠠᠳ ᠰᠢᠨ᠎ᠡ ᠶᠢᠨ ᠳᠥᠷᠪᠡᠨ ᠳᠤ ᠨᠣᠲᠤᠭ ᠲᠠᠭᠠᠨ ᠪᠣᠴᠠᠨ ᠨᠡᠭᠦᠵᠤ᠂ ᠰᠢᠨ᠎ᠠ ᠰᠦᠮ᠎ᠠ ᠶᠢᠨ ᠪᠠᠷᠠᠭᠤᠨ ᠡᠮᠥᠨ᠎ᠠ ᠪᠠᠭᠤᠵᠠᠢ᠂ ᠴᠠᠰᠤ ᠬᠠᠭᠵᠢᠷᠠᠨ ᠦᠶ᠎ᠡ ᠦᠶ᠎ᠡ ᠡᠪᠡᠰᠦ ᠰᠢᠷᠠᠯᠠᠨ ᠬᠡᠶᠢᠰᠴᠦ ᠪᠠᠶᠢᠪᠠ᠃      ᠵᠢᠯ ᠰᠠᠷ᠎ᠠ ᠶᠢᠨ ᠰᠢᠨ᠎ᠡ ᠶᠢᠨ ᠨᠢᠭᠡᠨ ᠤ ᠦᠷᠯᠦᠭᠡ ᠨᠠᠷᠠᠨ ᠤ ᠡᠷᠳᠡ ᠳᠤ᠂ ᠡᠷᠳᠡᠮᠳᠡᠭᠦᠰ ᠭᠤᠸᠠᠢ ᠬᠤᠷᠳᠤᠨ ᠤᠯᠠᠭᠠᠨ ᠮᠤᠷᠢ ᠪᠠᠨ ᠤᠨᠤᠵᠦ᠂ ᠠᠬ᠎ᠠ ᠶᠢᠨ ᠳᠠᠭᠠᠨ ᠬᠦᠷᠴᠦ᠂ ᠪᠤᠭᠤᠷᠤᠯ ᠡᠵᠢ ᠳᠡᠭᠡᠨ ᠡᠩᠬᠡ ᠮᠡᠨᠳᠦ ᠶᠢᠨ ᠵᠤᠯᠭᠠᠯᠳᠠ ᠬᠢᠬᠦᠶ᠎ᠡ ᠡᠬᠡ ᠬᠦᠮᠦᠨ ᠤ ᠬᠠᠯᠠᠭᠤᠨ ᠬᠠᠶᠢᠷ᠎ᠠ ᠪᠠᠷ ᠦᠨᠦᠰᠦᠨ ᠢᠷᠡᠭᠡᠳᠦᠢ ᠶᠢᠨ ᠰᠠᠶᠢᠨ ᠤ ᠢᠷᠦᠭᠡᠯ ᠢ ᠲᠠᠯᠪᠢᠭᠤᠯᠵᠦ ᠪᠢᠯᠡ᠃ ᠲᠡᠭᠦᠨ ᠤ ᠡᠵᠢ ᠪᠤᠯ ᠴᠠᠭ ᠦᠶ᠎ᠡ ᠶᠢᠨ ᠶᠠᠮᠠᠷ ᠴᠤ ᠲᠠᠭᠤᠤ ᠶᠢ ᠮᠡᠳᠡᠬᠦ ᠪᠦᠭᠡᠳ ᠠᠷᠠᠳ ᠤᠨ ᠤᠷᠳᠤ ᠶᠢᠨ ᠲᠠᠭᠤᠤ ᠶᠢ ᠴᠤ ᠬᠠᠩᠭᠢᠨᠠᠳᠠᠯ᠎ᠠ ᠲᠠᠭᠤᠯᠠᠳᠠᠭ ᠬᠦᠮᠦᠨ ᠪᠠᠶᠢᠵᠠᠢ᠃ ᠴᠠᠭᠠᠨ ᠰᠠᠷ᠎ᠠ ᠶᠢᠨ ᠰᠢᠨᠡᠳ ᠤᠨ ᠨᠢᠭᠡᠨ ᠤᠷᠤᠢ᠂ ᠡᠵᠢ ᠨᠢ ᠡᠳᠡᠨᠡᠢ ᠳᠤ ᠢᠷᠡᠵᠦ ᠬᠤᠨᠤᠭᠯᠠᠭᠰᠠᠨ ᠪᠠᠶᠢᠪᠠ᠃ ᠬᠤᠭᠤᠯᠠᠨ ᠤ ᠲᠠᠷᠠᠭ᠎ᠠ ᠨᠡᠯᠢᠶᠡᠳ ᠰᠡᠯᠡᠭᠦᠤ ᠪᠤᠯᠬᠤᠷ ᠮᠤᠷᠢᠨ ᠬᠤᠭᠤᠷ ᠬᠦᠭᠵᠢᠮᠳᠡᠭᠰᠡᠨ ᠢᠶᠠᠨ ᠲᠡᠷᠡ ᠳᠤ᠄ ︽ᠡᠵᠢ ᠲᠠ ︿ᠰᠢᠵᠢᠷ ᠪᠤᠭᠳᠠ ᠶᠢᠨ ᠰᠢᠯᠢ ﹀ ᠪᠠᠨ ᠨᠢᠭᠡ ᠭᠠᠷᠭᠠᠴᠢ ᠳ᠋ᠠ︕︾ ᠭᠡᠰᠡᠨ ᠳᠤ ᠡᠵᠢ ᠨᠢ ᠮᠦᠰᠢᠶᠡᠩᠭᠦᠢ ᠴᠢᠷᠠᠢ ᠪᠠᠷ᠄ ︽ᠤᠳᠤ ᠶᠠᠭᠤᠨ ᠤ ᠬᠢᠨᠢ ᠬᠤᠭᠤᠯᠠᠢ ᠭᠠᠷᠬᠤ ᠪᠤᠢ ᠶᠤᠮ ᠳ᠋ᠠ︕︾ ᠭᠡᠭᠦᠯᠡᠷ᠄ ︽ᠲᠠ ᠲᠤᠭᠤᠤᠷ ᠰᠢᠭ᠋ ᠡᠬᠢᠯᠡᠪᠡᠯ ᠲᠠᠭᠤᠯᠠᠴᠢᠯᠭᠦᠢ ᠳ᠋ᠠ︾ ᠭᠡᠵᠦ ᠦᠷᠨᠢᠭᠦᠯᠵᠠᠢ᠃ ᠨᠠᠰᠤᠳᠠᠨ ᠭᠤᠸᠠᠢ ᠮᠦᠩᠭᠦᠨ ᠪᠤᠭᠤᠷᠤᠯ ᠦᠰᠦ ᠪᠠᠨ ᠢᠯᠪᠢᠭᠰᠡᠭᠡᠷ ᠮᠤᠷᠢᠨ ᠬᠤᠭᠤᠷ ᠢᠶᠠᠷ ᠢᠶᠠᠨ ᠬᠠᠪᠰᠤᠷᠴᠢᠬ᠎ᠠ ᠭᠡᠰᠡᠨ ᠰᠢᠭ ᠡᠷᠳᠡᠮᠳᠡᠭᠦᠰ ᠵᠦᠭ ᠬᠠᠷᠠᠭᠠᠳ᠄ ︽ᠰᠢᠵᠢᠷ ᠪᠤᠭᠳᠠ ᠶᠢᠨ ᠰᠢᠯᠢ ᠳᠤ ᠰᠢᠵᠢᠷᠬᠡᠨ ᠭᠤᠷᠭᠤᠤᠯᠳᠠᠢ ᠨᠢ ᠲᠤᠩᠭᠤᠳᠤᠨ᠎ᠠ ᠁︾ ᠭᠡᠵᠦ ᠡᠪᠯᠡᠭᠦᠬᠡᠨ ᠡᠷᠭᠦᠵᠦ ᠬᠠᠩᠭᠢᠨᠠᠳᠠᠯ᠎ᠠ ᠲᠠᠭᠤᠯᠠᠵᠦ ᠰᠢᠤ᠃ ᠲᠡᠷᠡ ᠰᠢᠩᠭᠡᠭᠡᠯᠳᠡ ᠶᠢᠨ ᠮᠠᠰᠢᠨ ᠢᠶᠠᠨ ᠨᠡᠭᠡᠭᠡᠭᠰᠡᠨ ᠢᠶᠠᠨ ᠬᠤᠭᠤᠷ ᠢᠶᠠᠷ ᠬᠠᠪᠰᠤᠷᠴᠠᠢ᠃ ᠠᠭᠤᠳᠠᠮ ᠴᠡᠯᠭᠡᠷ ᠲᠠᠯ᠎ᠠ ᠳᠠᠭᠠᠨ ᠴᠡᠴᠡᠭ ᠤᠨ ᠲᠠᠪᠠᠯᠭᠠᠨ ᠬᠠᠯᠢᠭᠤᠷᠠᠬᠤᠶ᠎ᠠ ᠤᠷᠳᠤ ᠶᠢᠨ ᠲᠠᠭᠤᠤ ᠶᠢᠨ ᠢᠷᠠᠭᠤ ᠡᠭᠡᠰᠢᠭ ᠢᠶᠠᠷ ᠮᠤᠩᠭᠤᠯ ᠬᠦᠮᠦᠨ ᠤ ᠴᠤᠭ ᠵᠤᠷᠢᠭ ᠪᠠᠳᠠᠷᠠᠨ᠎ᠠ᠂ ᠲᠡᠷᠡ ᠡᠵᠢ ᠠᠴᠠ ᠪᠠᠨ ᠮᠠᠰᠢ ᠤᠯᠠᠨ ᠤᠷᠳᠤ ᠶᠢᠨ ᠲᠠᠭᠤᠤ ᠰᠢᠩᠭᠡᠭᠡᠨ ᠠᠪᠴᠤ ᠰᠤᠷᠤᠭᠠᠳ ᠤᠷᠤᠭ ᠬᠤᠷᠢᠮ ᠲᠡᠭᠡᠷ᠎ᠡ ᠤᠷᠳᠤ ᠶᠢᠨ ᠲᠠᠭᠤᠤ ᠪᠠᠨ ᠡᠷᠭᠦᠵᠦ᠂ ᠬᠤᠭᠤᠯᠠᠢ ᠬᠠᠩᠭᠢᠨᠠᠭᠤᠯᠤᠨ ᠶᠠᠪᠤᠬᠤ ᠪᠤᠯᠵᠠᠢ᠃ ᠲᠡᠷᠡ ᠵᠢᠯ ᠲᠡᠭᠦᠨ ᠤ ᠪᠦᠰᠡᠭᠦᠢ ᠬᠤᠷᠢᠨ ᠲᠠᠪᠤ ᠶᠢᠨ ᠰᠡᠭᠦᠳᠡᠷ ᠵᠡᠷᠭᠡᠴᠡᠭᠰᠡᠨ᠂ ᠪᠠᠷᠰ ᠰᠠᠷ᠎ᠠ ᠶᠢᠨ ᠬᠤᠷᠢᠨ ᠵᠢᠷᠭᠤᠭᠠᠨ ᠳᠤ ᠪᠠᠰᠠ ᠨᠢᠭᠡᠨ ᠬᠦᠪᠡᠭᠦᠨ ᠲᠠᠢ ᠪᠣᠯᠵᠠᠢ᠂ ᠠᠴᠢᠯᠠᠯᠳᠤ ᠡᠮᠡᠭᠡ ᠨᠢ ᠠᠴᠢ ᠬᠦᠤ ᠶᠢᠨ ᠢᠶᠠᠨ ᠤᠢ ᠤᠬᠠᠭᠠᠨ ᠰᠠᠶᠢᠳᠠᠢ ᠪᠣᠯᠠᠭ ᠶᠢᠨ ᠣᠰᠤᠨ ᠮᠡᠲᠦ ᠠᠷᠢᠭᠤᠨ ᠰᠡᠳᠭᠢᠯ ᠲᠠᠢ ᠡᠷᠳᠡᠮ ᠮᠡᠳᠡᠯᠭᠡ  ᠲᠠᠢ ᠪᠣᠯᠬᠤ ᠶᠢ ᠪᠡᠯᠭᠡᠳᠡᠨ ︽ᠰᠡᠷᠭᠦᠯᠡᠩᠪᠣᠯᠠᠭ︾ ᠭᠡᠳᠡᠭ ᠨᠡᠷ᠎ᠠ ᠬᠠᠶᠢᠷᠠᠯᠠᠵᠤ ᠪᠢᠯᠡ᠃      ᠲᠡᠯᠭᠡᠷ ᠵᠣᠨ ᠤ ᠴᠡᠴᠡᠭᠳᠦ ᠬᠦᠳᠡᠭᠡ ᠢᠨᠵᠠᠭᠠᠨ ᠵᠦᠰᠦ ᠪᠠᠭᠤᠭᠰᠠᠨ ᠢᠶᠠᠷ ᠪᠡᠯᠴᠢᠭᠡᠷ ᠦᠳᠭᠡᠷᠡᠨ ᠬᠦᠭᠡᠷᠡᠵᠦ᠂ ᠰᠢᠯᠢ ᠶᠢᠨ ᠪᠡᠯᠴᠢᠭᠡᠷ ᠳᠠᠬᠢ ᠦᠬᠡᠷ ᠤᠳ ᠮᠠᠨᠢᠳᠦ — ᠰᠢᠨᠠᠭᠠᠨ ᠭᠤᠤᠯ ᠵᠦᠭ ᠰᠦᠷᠦᠭ ᠰᠦᠷᠦᠭ ᠢᠶᠠᠷ ᠴᠤᠪᠤᠬᠤ ᠬᠠᠷᠠᠭᠳᠠᠨ᠎ᠠ᠃ ᠡᠷᠳᠡᠮᠳᠡᠭᠦᠰ᠂ ᠨᠢᠭᠡᠲᠦᠯ ᠤᠨ ᠵᠢᠷᠭᠤᠲᠣᠭᠠᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠪᠠᠷ ᠰᠤᠩᠭᠤᠭᠳᠠᠨ ᠣᠷᠣᠯᠴᠠᠬᠤ ᠳᠤ ᠣᠤᠯ ᠤᠨ ᠪᠠᠷᠢᠭᠠᠳᠠ ᠶᠢᠨ ᠳᠠᠷᠤᠭ᠎ᠠ ᠪᠠᠶᠢᠭᠰᠠᠨ ᠯᠠᠮᠵᠠᠪ ᠶᠢ ᠨᠢᠭᠡᠲᠦᠯ ᠤᠨ ᠳᠡᠳ᠋ ᠳᠠᠷᠤᠭ᠎ᠠ ᠪᠠᠷ ᠰᠣᠩᠭᠤᠨ ᠳᠡᠪᠰᠢᠭᠦᠯᠦᠭᠰᠡᠨ ᠪᠠᠶᠢᠵᠠᠢ᠃ ᠡᠶᠢᠮᠦ ᠠᠴᠠ ᠲᠡᠷᠡ ᠪᠠᠷᠢᠭᠠᠳᠠ ᠶᠢᠨ ᠳᠠᠷᠤᠭ᠎ᠠ ᠪᠠᠷ ᠰᠣᠩᠭᠤᠭᠳᠠᠨ ᠠᠵᠢᠯᠯᠠᠬᠤ ᠪᠤᠯᠵᠦ ᠪᠢᠯᠡ᠂ ᠲᠣᠬᠠᠢ  ᠶᠢᠨ ᠦᠶ᠎ᠡ ᠲᠤᠰ ᠪᠠᠷᠢᠭᠠᠳᠠ ᠨᠢ ᠨᠣᠲᠤᠭ ᠠᠭᠤᠳᠠᠮ᠂ ᠬᠦᠮᠥᠨ ᠠᠮᠠ ᠣᠯᠠᠨ᠂ ᠮᠠᠯ ᠰᠦᠷᠦᠭ ᠵᠣᠵᠠᠭᠠᠨ ᠪᠠᠶᠢᠵᠤ᠂ ᠪᠦᠬᠦ ᠨᠣᠲᠤᠭ ᠤᠨ ᠢᠶᠠᠨ ᠳᠣᠮᠳᠠ ᠠᠴᠠ ᠣᠷᠣᠭᠰᠢ ᠡᠮᠥᠨ᠎ᠡ ᠲᠠᠯ᠎ᠠ ᠪᠠᠷ ᠢᠶᠠᠨ ᠲᠥᠪᠯᠡᠷᠡᠨ᠂ ᠬᠤᠶᠢᠲᠦ ᠠᠭᠤᠯᠠᠨ ᠡᠩᠭᠡᠷ ᠠᠴᠠ ᠴᠢᠨᠠᠭᠰᠢ ᠳᠡᠮᠡᠢ ᠭᠠᠷᠳᠠᠭ ᠦᠭᠡᠢ᠂ ᠵᠥᠪᠬᠡᠨ ᠨᠠᠮᠣᠷ ᠤᠨ ᠬᠠᠳᠣᠯᠠᠩ ᠬᠠᠳᠣᠵᠤ ᠣᠷᠣᠭᠤᠯᠳᠠᠭ ᠠᠴᠠ ᠶᠡᠬᠡᠩᠬᠡᠢ ᠨᠣᠲᠤᠭ ᠢᠶᠠᠨ ᠠᠲᠠᠷᠰᠢᠭᠤᠯᠣᠨ ᠣᠷᠬᠢᠳᠠᠭ ᠪᠠᠶᠢᠵᠠᠢ᠃ ᠲᠡᠷᠡ ᠦᠶ᠎ᠡ ᠬᠠᠮᠲᠦ ᠠᠴᠠ ᠲᠣᠭᠤᠴᠠᠭ᠎ᠠ ᠬᠢᠵᠤ᠂ ᠭᠡᠰᠢᠭᠦᠨ ᠲᠥᠮᠡᠨ ᠤ ᠣᠷᠣᠯᠭ᠎ᠠ ᠲᠠᠢ ᠬᠤᠯᠪᠣᠭᠳᠠᠬᠤ ᠰᠦᠷᠦᠭ ᠳᠣᠬᠢᠷᠠᠭᠤᠯᠬᠤ᠂ ᠨᠣᠲᠤᠭ ᠰᠠᠭᠤᠴᠠ ᠶᠢ ᠵᠣᠬᠢᠰᠲᠠᠢ ᠠᠰᠢᠭᠯᠠᠨ ᠡᠵᠡᠮᠰᠢᠬᠦ᠂ ᠠᠷᠠᠳ ᠠᠴᠠ ᠡᠷᠬᠢᠯᠡᠭᠰᠡᠨ ᠪᠠᠭ᠎ᠠ ᠰᠣᠷᠭᠠᠭᠤᠯᠢ ᠲᠠᠢ ᠪᠣᠯᠬᠤᠷ ᠰᠣᠷᠬᠤ ᠨᠠᠰᠣᠨ ᠤ ᠭᠡᠤᠬᠡᠳ  ᠢ ᠰᠣᠷᠣᠯᠴᠠᠭᠤᠯᠬᠤ ᠪᠠ ᠰᠣᠷᠭᠠᠭᠤᠯᠢ ᠶᠢᠨ ᠬᠠᠮᠢᠶᠠᠷᠣᠯᠳᠠ᠂ ᠭᠡᠰᠢᠭᠦᠳ ᠤᠨ ᠠᠰᠢᠭ ᠣᠷᠣᠯᠭ᠎ᠠ ᠬᠤᠪᠢᠶᠠᠷᠢᠯᠠᠬᠤ᠂ ᠪᠣᠰᠣᠳ ᠪᠠᠷᠢᠭᠠᠳᠠ ᠠᠴᠠ ᠲᠣᠬᠢᠷᠠᠭᠤᠯᠳᠠᠭ ᠦᠢᠯᠡᠳᠪᠦᠷᠢᠯᠡᠯ ᠤᠨ ᠴᠢᠨᠠᠷᠲᠠᠢ ᠠᠵᠢᠯᠯᠠᠭ᠎ᠠ ᠨᠤᠭᠤᠳ ᠵᠡᠷᠭᠡ ᠵᠣᠬᠢᠶᠠᠨ ᠪᠠᠶᠢᠭᠤᠯᠬᠤ ᠠᠵᠢᠯ ᠲᠠᠢ ᠨᠣᠤᠷᠠᠯᠳᠣᠬᠤ ᠪᠣᠯᠪᠠ᠃      ᠲᠣᠬᠠᠢ ᠶᠢᠨ ᠦᠶ᠎ᠡ ᠶᠢᠨ ᠨᠣᠲᠤᠭ ᠪᠡᠯᠴᠢᠭᠡᠷ ᠤᠨ ᠡᠵᠡᠮᠰᠢᠬᠦ ᠠᠷᠭ᠎ᠠ ᠭᠡᠪᠡᠯ ᠨᠣᠲᠤᠭ ᠤᠨ ᠲᠣᠮᠳᠠ ᠭᠡᠰᠡᠭ ᠢᠶᠠᠷ ᠬᠠᠪᠣᠷᠵᠢᠶ᠎ᠠ ᠦᠯᠡᠳᠡᠭᠡᠵᠤ᠂ ᠭᠤᠤᠯ ᠵᠠᠳᠠᠭᠠᠢ ᠲᠠᠢ ᠭᠠᠵᠠᠷ ᠢᠶᠠᠷ ᠵᠣᠰᠠᠵᠤ᠂ ᠴᠥᠯᠡᠷᠡᠬᠦ‍ ᠰᠢᠭ ᠪᠡᠯᠴᠢᠭᠡᠷ ᠢᠶᠠᠷ ᠬᠦᠷᠴᠦ ᠡᠪᠦᠯᠵᠢᠳᠡᠭ ᠨᠡᠭᠦᠳᠡᠯ ᠮᠠᠯᠵᠢᠯ ᠪᠣᠯᠣᠨ᠎ᠠ᠃ ᠳ᠋ᠠᠵᠠᠢ ᠠᠴᠠ ᠰᠣᠷᠣᠯᠴᠠᠭᠰᠠᠨ ᠢᠶᠠᠷ ᠬᠡᠲᠦᠨ ᠰᠠᠭᠤᠷᠢ ᠬᠡᠷᠡᠮ ᠬᠠᠰᠢᠶ᠎ᠠ᠂ ᠬᠠᠪᠣᠷᠵᠢᠶ᠎ᠠ ᠪᠠᠷ ᠬᠡᠲᠦᠨ ᠲᠠᠩᠰᠠ ᠰᠢᠪᠠᠷ ᠪᠠᠶᠢᠰᠢᠩ᠂ ᠨᠡᠯᠢᠶᠡᠳ ᠠᠮᠰᠠᠷ ᠬᠤᠳᠲᠤᠭ  ᠠᠴᠠ ᠣᠨᠳᠣᠤ ᠦᠨᠲᠦᠰᠦᠨ ᠪᠦᠲᠦᠭᠡᠨ ᠪᠠᠶᠢᠭᠤᠯᠣᠯᠳᠠ ᠶᠢᠨ ᠵᠥᠢᠯᠳᠡ ᠭᠡᠮᠡᠷ ᠶᠠᠭᠤᠮ᠎ᠠ ᠦᠭᠡᠢ ᠪᠠᠶᠢᠪᠠ᠃ ᠬᠠᠷᠢᠨ ᠪᠠᠷᠢᠭᠠᠳᠠ ᠶᠢᠨ ᠲᠣᠳᠣᠭᠠᠲᠦ ᠡᠵᠡᠩᠨᠡᠯᠳᠡ ᠨᠡᠯᠢᠶᠡᠳ ᠰᠠᠶᠢᠨ ᠪᠠᠶᠢᠵᠤ᠂ ᠭᠤᠴᠢ ᠳᠥᠴᠢᠨ ᠲᠥᠮᠡᠨ ᠲᠥᠭᠦᠷᠢᠭ ᠤᠨ ᠬᠤᠷᠠᠮᠳᠣᠯ ᠲᠠᠢ᠂ ᠮᠠᠰᠢᠨ ᠲᠠᠷᠺᠲ᠋ᠤᠷ ᠭᠤᠷᠪᠠᠨ ᠰᠠᠭᠤᠷᠢ᠂ ᠪᠠᠭ᠎ᠠ ᠬᠡᠯᠪᠡᠷᠢ ᠶᠢᠨ ᠡᠪᠡᠰᠦ ᠬᠠᠳᠣᠬᠤ ᠮᠠᠰᠢᠨ ᠳᠥᠬᠦᠷᠦᠮᠵᠢ ᠲᠠᠢ᠂ ᠭᠤᠷᠪᠠᠨ ᠲᠥᠮᠡ ᠭᠠᠷᠣᠢ ᠲᠣᠯᠣᠭᠠᠢ ᠮᠠᠯ ᠰᠦᠷᠦᠭ ᠲᠠᠢ᠂ ᠳᠠᠪᠠᠭᠤᠯᠣᠭᠰᠠᠨ ᠭᠡᠰᠡᠭ ᠶᠢ ᠭᠡᠰᠢᠭᠦᠳ ᠲᠤ ᠬᠤᠪᠢᠶᠠᠷᠢᠯᠡᠨ ᠱᠠᠩᠨᠠᠳᠠᠭ ᠪᠠᠶᠢᠭᠰᠠᠨ ᠢᠶᠠᠷ ᠢᠳᠡᠪᠬᠢᠵᠢᠯ ᠰᠠᠶᠢᠳᠠᠢ ᠨᠢᠭᠡᠨ ᠬᠠᠮᠲᠦ ᠶᠢᠨ ᠪᠣᠳᠠᠲᠦ ᠴᠣᠭᠴᠠ ᠪᠠᠶᠢᠭᠰᠠᠨ ᠶᠣᠮ᠃ ᠭᠡᠰᠢᠭᠦᠨ ᠲᠥᠮᠡᠨ ᠤ ᠨᠠᠶᠢᠳᠠᠯᠭ᠎ᠠ ᠪᠠᠷ ᠬᠦᠯᠢᠶᠡᠭᠰᠡᠨ ᠡᠭᠦᠷᠭᠡ ᠲᠤᠰᠢᠶᠠᠯ ᠨᠢ ᠲᠡᠭᠦᠨ  ᠳᠤ ᠠᠪᠴᠦ ᠬᠡᠯᠡᠪᠡᠯ ᠪᠦᠬᠦ ᠲᠠᠯ᠎ᠠ ᠶᠢ ᠬᠠᠷᠠᠭᠠᠯᠵᠠᠨ᠂ ᠭᠡᠰᠢᠭᠦᠳ ᠤᠨ ᠣᠷᠣᠯᠭ᠎ᠠ ᠶᠢ ᠨᠡᠮᠡᠭᠳᠡᠭᠦᠯᠬᠦ᠂ ᠬᠠᠮᠲᠦ ᠶᠢᠨ ᠬᠤᠷᠠᠮᠳᠤᠯ ᠶᠢ ᠦᠨᠡᠨᠬᠦ ᠮᠠᠯᠴᠢᠨ ᠲᠥᠮᠡᠨ ᠤ ᠠᠰᠢᠭ ᠳᠣᠰᠠ ᠬᠢᠭᠡᠳ ᠲᠠᠬᠢᠨ ᠦᠢᠯᠡᠳᠪᠦᠷᠢᠯᠡᠯ ᠳᠤ ᠬᠡᠷᠡᠭᠯᠡᠬᠦ ᠪᠣᠯ ᠲᠡᠭᠦᠨ ᠤ ᠶᠡᠷᠦᠩᠬᠡᠢ ᠪᠣᠳᠣᠯᠬᠢᠯᠠᠯ ᠪᠠ ᠬᠢᠳᠡᠯ ᠪᠣᠯᠵᠤ ᠪᠠᠶᠢᠪᠠ᠃ ᠲᠠᠭᠠᠭᠠᠴᠢᠯᠠᠭᠰᠠᠨ ᠰᠦᠷᠦᠭ ᠢᠶᠠᠨ ᠬᠠᠷᠢᠭᠤᠯᠬᠤ ᠪᠠ ᠪᠠᠷᠢᠭᠠᠳᠠ ᠶᠢᠨ ᠲᠠᠷᠤᠭ᠎ᠠ ᠶᠢᠨ ᠠᠵᠢᠯ ᠢ ᠬᠠᠷᠢᠭᠤᠴᠠᠬᠤ ᠨᠢ ᠡᠷᠳᠡᠮᠳᠡᠭᠦᠰ ᠲᠤ ᠬᠢᠭᠡᠳ ᠪᠠᠷᠠᠰᠢ ᠦᠭᠡᠢ ᠶᠠᠪᠤᠳᠠᠯ ᠤᠯᠠᠳᠠᠵᠠᠢ᠃        ᠬᠠᠷ᠎ᠠ ᠨᠤᠬᠠᠢ ᠵᠢᠯ᠂ ᠬᠤᠷ᠎ᠠ ᠪᠣᠷᠣᠭᠠᠨ ᠲᠡᠭᠰᠢ ᠮᠠᠯ ᠰᠦᠷᠦᠭ ᠥᠨᠢᠷ ᠥᠰᠥᠭᠰᠡᠨ ᠢᠶᠠᠷ ᠵᠣᠨ ᠨᠢ ᠰᠢᠯᠢ  ᠶᠢᠨ ᠭᠤᠤᠯ ᠠᠶᠢᠮᠠᠭ ᠶᠡᠭᠡ ᠨᠠᠶᠢᠷ ᠢᠶᠠᠨ ᠪᠤᠯᠠᠭᠠᠨ ᠠᠭᠤᠯᠠ ᠶᠢᠨ ᠵᠡᠭᠦᠨ ᠡᠮᠥᠨ᠎ᠠ ᠡᠩᠭᠡᠷ ᠲᠤ ᠬᠢᠭᠰᠡᠨ᠂ ᠠᠬᠠᠮᠠᠳ ᠱᠦᠵᠢ ᠲᠠᠢ ᠪᠠᠨ ᠵᠥᠪᠳᠡᠯᠴᠡᠨ ᠮᠠᠯᠴᠢᠨ ᠲᠥᠮᠡᠨ ᠢᠶᠠᠨ ᠰᠠᠶᠢᠳᠣᠷ ᠨᠠᠶᠢᠷ ᠰᠣᠨᠢᠷᠬᠠᠭᠤᠯᠬᠤ ᠶᠢᠨ ᠲᠣᠰᠠᠳᠠ ᠭᠤᠷᠪᠠᠨ ᠮᠣᠩᠭᠤᠯ ᠭᠡᠷ ᠪᠠᠷᠢᠬᠤ᠂ ︽ᠴᠢᠯᠣᠭᠡᠯᠡᠬᠦ ᠲᠡᠮᠳᠡᠭᠲᠦ︾ ᠠᠴᠢᠶᠠᠨ ᠤ ᠮᠠᠰᠢᠨ ᠢᠶᠠᠷ ᠨᠠᠶᠢᠷᠴᠢᠳ ᠢ ᠡᠭᠡᠯᠵᠢᠯᠡᠨ ᠵᠥᠭᠡᠪᠦᠷᠢᠯᠡᠬᠦ ᠲᠣᠬᠠᠢ ᠨᠠᠷᠢᠨ ᠪᠠᠶᠢᠷᠢᠯᠠᠭᠤᠯᠣᠭᠰᠠᠨ ᠢᠶᠠᠷ ᠮᠠᠯᠴᠢᠳ ᠶᠡᠭᠡ ᠰᠡᠳᠭᠢᠯ ᠬᠠᠨᠣᠮᠵᠢᠲᠠᠢ ᠪᠠᠶᠢᠭᠰᠠᠨ ᠳ᠋ᠠᠭ᠂ ᠡᠨᠡ ᠣᠳᠠᠭᠠᠨ ᠤ 1024 ᠪᠦᠬᠡ ᠲᠠᠢ ᠲᠣᠮᠥ ᠨᠠᠶᠢᠷ ᠲᠤ ᠲᠤᠰ ᠪᠠᠷᠢᠭᠠᠳᠠ ᠶᠢᠨ ᠮᠠᠯᠴᠢᠨ ᠮᠢᠩᠭᠠᠨ ᠤ ᠭᠧᠨᠳᠤᠨ ᠳᠥᠲᠡᠭᠡᠷᠯᠡᠵᠤ᠂ ᠬᠦᠨᠲᠦ ᠱᠠᠩ ᠭᠦᠷᠲᠡᠭᠰᠡᠨ ᠶᠣᠮ᠂ ᠨᠠᠶᠢᠷ ᠤᠨ ᠲᠠᠷᠠᠭ᠎ᠠ᠂ ᠡᠷᠳᠡᠮᠳᠡᠭᠦᠰ ᠭᠤᠸᠠᠢ ᠦᠯᠡᠳᠡᠵᠤ᠂ ︽ᠵᠢᠷᠭᠠᠯ︾ ᠲᠡᠮᠳᠡᠭᠲᠦ 250 ᠣᠯᠠᠭᠠᠨ ᠥᠩᠭᠡᠳᠠᠢ ᠭᠠᠯᠳᠦ ᠪᠣᠯᠣ ᠠᠪᠣᠭᠰᠠᠨ ᠨᠢ ᠲᠠᠶᠠᠭᠠᠷ ᠤᠨ ᠰᠣᠨᠢᠷᠬᠠᠯ ᠶᠢ ᠲᠠᠳᠠᠭᠰᠠᠨ ᠮᠠᠰᠢᠨ ᠲᠧᠭᠨᠢᠭ ᠣᠳᠣᠬᠢᠴᠢᠯᠠᠯ ᠤᠨ ᠪᠡᠯᠭᠡ ᠲᠡᠮᠳᠡᠭ ᠢᠶᠠᠷ ᠦᠵᠡᠭᠳᠡᠭᠰᠡᠨ ᠬᠤᠪᠢᠯᠭᠠᠨ ᠬᠥᠯᠦᠭ ᠪᠣᠯᠵᠠᠢ᠃ ᠣᠰᠣᠯᠠᠵᠤ ᠡᠪᠡᠰᠦᠯᠡᠬᠦ ᠶᠠᠪᠣᠳᠠᠯ ᠦᠭᠡᠢ᠂ ᠣᠯᠠᠭ᠎ᠠ ᠶᠠᠪᠣᠯᠭᠠᠨ ᠳᠤ ᠬᠤᠷᠳᠦᠨ᠂ ᠡᠳ᠋ᠯᠡᠬᠦ ᠳᠤ ᠳᠥᠭᠦᠮ ᠦᠵᠡᠬᠦ  ᠳᠤ ᠰᠠᠶᠢᠬᠠᠨ ᠭᠡᠵᠤ ᠱᠠᠭᠰᠢᠭᠳᠠᠪᠠ᠃      ᠲᠤᠯᠭ᠎ᠠ ᠶᠢᠨ ᠮᠦᠩᠭᠡ ᠭᠠᠯ ᠳᠠᠭᠠᠨ ᠮᠠᠨᠳᠤᠬᠤ ᠰᠤᠷ ᠤᠨ ᠲᠦᠯᠦ ᠲᠠᠢ      ᠲᠤᠭᠤᠭᠠᠳᠤ ᠰᠢᠨᠠᠭᠠᠨ ᠤ ᠤᠷᠤᠰᠬᠠᠯ ᠳᠠᠭᠠᠨ ᠠᠯᠳᠠᠷᠯᠠᠬᠤ ᠤᠶᠠᠩᠭ᠎ᠠ ᠶᠢᠨ ᠨᠤᠲ ᠲᠠᠢ      ᠲᠠᠯᠠᠢ ᠰᠢᠷᠡᠭᠡ ᠪᠠᠷ ᠦᠷᠦᠭᠳᠡᠭᠰᠡᠨ ᠪᠠᠶᠠᠨ ᠰᠦᠷᠦᠭ ᠤᠨ ᠪᠢᠯᠬᠠᠭ᠎ᠠ ᠲᠠᠢ                  ᠲᠠᠶᠢᠴᠢᠨ ᠰᠦᠷᠯᠢᠭ ᠤᠪᠤᠭᠠᠨ ᠳᠠᠭᠠᠨ ᠡᠩᠭᠡ ᠠᠮᠤᠭᠤᠯᠠᠩ ᠤᠨ ᠴᠤᠤᠷᠠᠢ ᠲᠠᠢ                     — ︽ᠪᠠᠳᠠᠷᠠᠬᠤ ᠨᠤᠲᠤᠭ ᠤᠨ ᠤᠶᠠᠩᠭ᠎ᠠ︾ ᠭᠡᠬᠦ ᠨᠠᠶᠢᠷᠠᠭ ᠠᠴᠠ    ︵ᠦᠷᠭᠦᠯᠵᠢᠯᠡᠯ ᠪᠤᠢ︶
 
ᠢᠷᠡᠯᠲᠡ᠄ ᠤᠷᠢᠶᠠᠩᠬᠠᠨ ᠤ᠂ ᠶᠤᠨᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号