ᠬᠠᠯᠬ᠎ᠠ ᠶᠢᠨ ᠠᠭᠤᠳᠠᠮ ᠨᠤᠲᠤᠭ  ᠬᠠᠯᠠᠮᠵᠢ ᠶᠢᠨ ᠤᠨᠳᠤᠷᠤᠯ ᠲᠠᠢ ᠴᠤᠭᠯᠠᠭᠠᠨ
ᠨᠡᠶᠢᠲᠡᠯᠡᠭᠰᠡᠨ ᠴᠠᠭ᠄
2018/10/9
ᠤᠷᠢᠶᠠᠩᠬᠠᠨ ᠤ᠂ ᠶᠤᠨᠳᠤᠨ                 ᠬᠠᠯᠬ᠎ᠠ ᠶᠢᠨ ᠠᠭᠤᠳᠠᠮ ᠨᠤᠲᠤᠭ  ᠬᠠᠯᠠᠮᠵᠢ ᠶᠢᠨ ᠤᠨᠳᠤᠷᠤᠯ ᠲᠠᠢ ᠴᠤᠭᠯᠠᠭᠠᠨ                                             —  ᠬᠦᠩᠭᠠᠷᠠᠪᠳᠠᠨ ᠸᠠᠩᠳᠠᠨ ᠤ 85 ᠨᠠᠰᠤᠨ ᠤ ᠪᠠᠶᠠᠷ ᠵᠢᠴᠢ ︿ᠬᠦᠳᠡᠯᠮᠦᠷᠢ ᠶᠢᠨ ᠤᠯᠠᠭᠠᠨ ᠲᠤᠭ ᠤᠳᠤᠨ﹀ ᠤ ᠮᠢᠯᠢᠶᠠᠯᠭ᠎ᠠ ᠳᠤ                     ᠨᠢᠭᠡ                        ᠰᠢᠷ᠎ᠠ ᠨᠤᠬᠠᠢ ᠵᠢᠯ ᠤᠨ ᠨᠠᠮᠤᠷ ᠤᠨ ᠲᠤᠮᠳᠠ ᠰᠠᠷ᠎ᠠ ᠶᠢᠨ ᠰᠢᠨ᠎ᠡ ᠶᠢᠨ ᠲᠦᠷᠪᠡᠨ ᠤ ᠨᠠᠮᠤᠬᠠᠨ ᠰᠠᠶᠢᠬᠠᠨ ᠡᠳᠦᠷ ᠪᠠᠶᠢᠵᠦ ᠪᠢᠯᠡ᠃ ᠦᠷᠯᠦᠭᠡ ᠶᠢᠨ ᠲᠦᠷᠪᠡᠨ ᠴᠠᠭ ᠲᠤ᠂ ᠬᠠᠯᠬ᠎ᠠ ᠳᠤ ᠪᠦᠬᠦᠢ ︽ᠵᠢᠭᠠᠬᠠᠨ ᠸᠠᠩ︾ ᠤᠨ ᠨᠠᠶᠠᠨ ᠲᠠᠪᠤᠨ ᠨᠠᠰᠤᠨ ᠤ ᠪᠠᠶᠠᠷ ᠵᠢᠴᠢ ᠮᠤᠩᠭᠤᠯ ᠤᠯᠤᠰ ᠤᠨ ᠬᠦᠳᠡᠯᠮᠦᠷᠢ ᠶᠢᠨ ᠤᠯᠠᠭᠠᠨ ᠤᠳᠤᠨ ᠱᠠᠩᠨᠠᠯ ᠤᠨ ᠮᠢᠯᠢᠶᠠᠯᠭ᠎ᠠ ᠶᠢᠨ ᠨᠠᠭᠠᠳᠤᠮ ᠳᠤ ᠤᠷᠤᠯᠴᠠᠬᠤ ᠪᠦᠯᠬᠦᠮ ᠤᠯᠢᠶᠠᠰᠤᠳᠠᠢ ᠠᠴᠠ ᠮᠤᠷᠳᠠᠪᠠ᠃ ᠲᠦᠯᠦᠭᠡᠯᠡᠭᠴᠢᠳ ᠤᠨ ᠪᠦᠯᠬᠦᠮ ᠨᠢ ᠮᠦᠩᠬᠡᠪᠠᠭᠠᠳᠤᠷ ᠢᠶᠠᠷ ᠪᠦᠯᠬᠦᠮ ᠤᠨ ᠲᠠᠷᠤᠭ᠎ᠠ ᠪᠤᠯᠭᠠᠭᠰᠠᠨ ᠤ ᠶᠤᠨᠳᠤᠨ᠂ ᠲᠡᠮᠴᠤᠭ᠂ ᠷᠢ᠊ ᠰᠡᠴᠡᠨᠳᠦ᠂ ᠲᠡᠮᠦᠷᠪᠠᠭᠠᠳᠤᠷ᠂ ᠨᠠᠷᠠᠠᠴᠤᠭᠳᠤ᠂ ᠨᠠᠰᠤᠠᠮᠦ᠋ᠩᠬᠡ ᠵᠡᠷᠭᠡ ᠬᠤᠷᠢ ᠰᠢᠬᠠᠮ ᠬᠦᠮᠦᠰ ᠢᠶᠠᠷ ᠪᠦᠷᠢᠯᠳᠦᠪᠠ᠃        ᠦᠭᠡ ᠡᠪ ᠲᠠᠭᠠᠷᠠᠭᠰᠠᠨ ᠪᠦᠯᠬᠦᠮ ᠤᠨ ᠬᠢᠨ ᠴᠠᠭ ᠲᠦᠷᠦ ᠶᠢᠨ ᠰᠠᠶᠢᠬᠠᠨ ᠵᠠᠮ ᠬᠠᠷᠭᠤᠢ ᠶᠢᠨ ᠲᠦᠬᠦᠮ ᠪᠤᠯᠤᠭᠰᠠᠨ ᠢ ᠬᠡᠯᠡᠯᠴᠡᠭᠰᠡᠭᠡᠷ ᠬᠠᠷ᠎ᠠ ᠭᠤᠪᠢ ᠤᠷᠤᠬᠤ ᠳᠤ ᠦᠷ ᠤᠨ ᠬᠡᠬᠡ ᠤᠷᠤᠵᠦ ᠪᠠᠶᠢᠯ᠎ᠠ᠃ ᠮᠦᠩᠬᠡᠪᠠᠭᠠᠳᠤᠷ᠂ ᠲᠡᠮᠴᠤᠭ ᠪᠤᠯ ᠡᠬᠡᠪᠤᠯᠠᠭ ᠰᠤᠮᠤ ᠪᠠᠷ ᠨᠤᠲᠤᠭ ᠲᠠᠢ᠂ ᠨᠤᠲᠤᠭ ᠤᠨ ᠪᠠᠷ᠎ᠠ ᠪᠠᠨ ᠬᠠᠷᠠᠭᠰᠠᠨ ᠲᠡᠮᠴᠤᠭ ᠭᠤᠸᠠᠢ ᠰᠢᠪᠠᠷ ᠤᠨ ᠴᠠᠪᠴᠢᠷ ᠭᠡᠮᠡᠬᠦ ᠭᠠᠵᠠᠷ ᠤᠨ ᠬᠤᠶᠢᠭᠤᠷ ᠭᠠᠷᠬᠤ ᠳᠤ᠄ ︽ᠲᠡᠭᠡᠷ᠎ᠡ ᠵᠠᠭᠤᠨ ᠤ ᠲᠠᠪᠢᠭᠠᠳ ᠤᠨ ᠤ ᠦᠶ᠎ᠡ ᠳᠤ᠂ ᠡᠷᠬᠢᠮ ᠠᠮᠪᠠ ᠶᠢᠨ ᠮᠠᠨᠠᠶᠢᠬᠢᠨ ᠲᠠᠢ ᠬᠡᠵᠢᠶᠡᠳᠡ ᠠᠶᠢᠯ ᠰᠠᠭᠠᠬᠠᠯᠳᠠ ᠶᠠᠪᠤᠳᠠᠭ ᠪᠠᠶᠢᠵᠠᠢ᠃ ᠨᠢᠭᠡᠨ ᠤᠳᠠᠭ᠎ᠠ ᠡᠨᠡ ᠰᠢᠪᠠᠷ ᠤᠨ ᠴᠠᠪᠴᠢᠷ ᠤᠨ ᠬᠤᠶᠢᠳᠦ ᠬᠦᠪᠡᠭᠡᠨ ᠳᠤ ᠠᠶᠢᠮᠠᠭ ᠤᠨ ᠨᠢᠭᠡ ᠲᠠᠷᠤᠭ᠎ᠠ ᠪᠠᠭ᠎ᠠ ᠮᠠᠰᠢᠨ ᠲᠠᠢ  ᠪᠠᠨ ᠶᠠᠪᠤᠵᠦ ᠪᠠᠶᠢᠭᠠᠳ ᠰᠢᠪᠠᠷᠳᠠᠭᠠᠳ ᠭᠠᠷᠭᠠᠵᠦ ᠲᠡᠶᠢᠯᠬᠦ ᠦᠭᠡᠢ ᠠᠷᠭ᠎ᠠ ᠪᠠᠨ ᠪᠠᠷᠠᠵᠦ ᠪᠠᠶᠢᠵᠠᠢ᠃ ᠨᠠᠷᠠ ᠰᠢᠩᠭᠡᠬᠦ ᠴᠤ ᠤᠶᠢᠷᠠᠳᠤᠨ᠎ᠡ᠃ ᠲᠡᠭᠡᠵᠦ ᠪᠠᠶᠢᠳᠠᠯ᠎ᠠ ᠵᠡᠭᠦᠨ ᠬᠤᠶᠢᠳᠦ ᠡᠩᠬᠡᠷ ᠢᠶᠠᠷ ᠨᠢᠭᠡᠨ ᠮᠤᠷᠢᠳᠠᠨ ᠶᠠᠪᠤᠬᠤ ᠬᠠᠷᠠᠭᠳᠠᠬᠤ ᠳᠤ ᠡᠨᠡ ᠬᠡᠳᠦᠭᠦᠯᠡ ᠤᠯᠵᠦ ᠦᠵᠡᠭᠡᠳ ᠭᠠᠷ ᠲᠠᠯᠠᠯᠤᠨ ᠲᠠᠭᠤᠳᠠᠬᠤ ᠳᠤ ᠲᠡᠷᠡ ᠬᠦᠮᠦᠨ ᠤᠯᠵᠦ ᠦᠵᠡᠭᠰᠡᠨ ᠪᠤᠯᠤᠯᠳᠡᠢ ᠲᠡᠳᠡᠨ ᠵᠦᠭ ᠬᠦᠷᠴᠦ ᠢᠷᠡᠵᠡᠢ᠃ ᠠᠶᠢᠮᠠᠭ ᠤᠨ ᠲᠠᠷᠤᠭ᠎ᠠ ᠨᠠᠷ ᠴᠦ ᠠᠮᠪᠠ ᠶᠢ ᠲᠠᠨᠢᠬᠤ ᠪᠤᠯᠬᠤᠷ ᠠᠮᠤᠷ ᠠᠰᠠᠭᠤᠯᠴᠠᠨ ᠮᠠᠨᠳᠤ ᠮᠡᠳᠡᠯᠴᠡᠭᠰᠡᠨ ᠢᠶᠠᠨ ᠲᠠᠷᠤᠭ᠎ᠠ ᠭᠤᠸᠠᠢ᠄ ᠵᠠ᠂ ᠴᠢ ᠢᠷᠡᠭᠰᠡᠨ ᠨᠢ ᠰᠠᠶᠢᠨ ᠪᠤᠯᠤᠯ᠎ᠠ᠃ ᠪᠢᠳᠡ ᠠᠳᠡ ᠰᠠᠭᠠᠳᠠᠭᠠᠳ ᠨᠢᠭᠡ ᠡᠳᠦᠷ ᠪᠤᠯᠴᠢᠬᠠᠯ᠎ᠠ᠂ ᠪᠢᠳᠡᠨ ᠢ ᠨᠢᠭᠡ ᠤᠨᠤᠭ᠎ᠠ ᠳᠤ ᠵᠠᠯᠭᠠᠭᠤᠯᠪᠡᠯ ᠶᠠᠮᠠᠷ ᠪᠤᠢ︖ ᠭᠡᠬᠦ  ᠳᠤ ᠡᠷᠬᠢᠮᠪᠠᠳᠤ ᠭᠤᠸᠠᠢ ᠰᠢᠪᠠᠷᠳᠠᠭᠰᠠᠨ ᠲᠡᠷᠭᠡ ᠶᠢ ᠨᠢᠭᠡ ᠲᠤᠭᠤᠷᠢᠵᠦ ᠦᠵᠡᠭᠡᠳ᠄ ᠲᠡᠷᠭᠡᠨ ᠤ ᠠᠷᠤ ᠶᠢᠨ ᠲᠡᠮᠦᠷ  ᠠᠴᠠ ᠪᠠᠷᠢᠭᠠᠳ ᠡᠷᠭᠦᠪᠡᠯ ᠭᠠᠷᠭᠠᠴᠢᠬᠠᠬᠤ ᠦᠭᠡᠢ ᠤᠤ︕ ᠭᠡᠰᠡᠨ ᠳᠤ ᠱᠤᠭ ᠶᠦᠮᠦᠷᠯᠢᠭ ᠦᠬᠡ ᠲᠠᠢ ᠡᠷᠢᠶᠡᠨ ᠲᠡᠮᠳᠢᠨ ᠭᠡᠬᠦ ᠵᠢᠯᠤᠭᠤᠴᠢ᠄ ᠡᠷᠬᠢᠮᠪᠠᠳᠤ ᠡ᠂ ᠲᠠ ᠴᠢᠨᠢ ᠪᠦᠬᠡ ᠬᠦᠮᠦᠨ ᠭᠡᠬᠦ ᠠᠴᠠ ᠪᠢᠰᠢ᠂ ᠶᠠᠮᠠᠷ ᠲᠠᠭᠠᠨ ᠠᠷᠰᠯᠠᠨ ᠵᠠᠭᠠᠨ ᠪᠤᠯᠵᠦ ᠤᠤ︖︾ ᠭᠡᠰᠡᠨ ᠳᠤ ᠡᠷᠬᠢᠮ ᠠᠮᠪᠠ᠄ ᠶᠠᠭᠤ ᠪᠤᠯᠤᠭᠰᠠᠨ ᠴᠤ ᠪᠢ ᠨᠢᠭᠡ ᠡᠷᠭᠦᠵᠦ ᠦᠵᠡᠶ᠎ᠡ᠂ ᠲᠠᠨᠤᠰ ᠪᠤᠳᠠᠨ ᠤ ᠦᠨᠳᠦᠰᠦ᠂ ᠬᠠᠳᠠ ᠴᠢᠯᠠᠭᠤ ᠲᠡᠭᠦᠵᠦ ᠪᠤᠯᠤ ᠲᠤᠤᠷ᠎ᠠ ᠨᠢ ᠬᠢᠬᠦ ᠶᠢ ᠪᠤᠳᠤ ᠭᠡᠰᠡᠨ  ᠢᠶᠠᠨ ᠲᠡᠷᠭᠡᠨ ᠤ ᠠᠷᠤ ᠶᠢᠨ ᠲᠡᠮᠦᠷ ᠵᠢᠶᠠᠰᠠ ᠠᠴᠠ ᠲᠡᠷᠯᠢᠭ ᠤᠨ ᠲᠤᠷᠤᠭᠤ ᠪᠠᠨ ᠲᠠᠪᠬᠤᠷᠯᠠᠵᠦ ᠪᠠᠷᠢᠭᠠᠳ ᠬᠢᠰᠭᠢᠴᠠ ᠪᠠᠨ ᠯᠠᠪᠳᠠᠭᠤᠨ ᠵᠤᠭᠰᠤᠭᠰᠠᠨ ᠢᠶᠠᠨ ᠭᠡᠨᠡᠳᠳᠡ ᠬᠦᠴᠦᠯᠠᠨ ᠡᠷᠭᠦᠭᠦ ᠳᠤ᠂ ᠰᠢᠪᠠᠷ ᠲᠤ ᠭᠦᠨ ᠰᠢᠭᠢᠳᠦᠭᠰᠡᠨ ᠲᠡᠷᠭᠡᠨ ᠪᠤᠯᠤ ᠶᠢ ᠤᠰᠤ ᠰᠢᠪᠠᠷ ᠢ ᠨᠢ ᠭᠤᠷᠴᠢᠭᠢᠨᠡᠳᠡᠯ᠎ᠡ ᠭᠤᠭᠤᠵᠢᠭᠤᠯᠵᠦ ᠰᠢᠪᠠᠷ ᠠᠴᠠ ᠰᠤᠭᠤᠯᠤᠨ ᠭᠠᠷᠭᠠᠭᠰᠠᠨ ᠳᠤ ᠲᠡᠷᠡ ᠬᠡᠳᠦᠭᠦᠯᠡ ᠴᠤ ᠪᠤᠯᠤ ᠲᠤᠤᠷ᠎ᠠ ᠨᠢ ᠪᠤᠳᠠ ᠴᠢᠯᠠᠭᠤ ᠪᠠᠨ ᠬᠢᠵᠦ ᠠᠮᠵᠢᠵᠠᠢ᠃ ᠵᠢᠯᠤᠭᠤᠴᠢ ᠭᠤᠸᠠᠢ ᠴᠤ ᠲᠡᠷᠭᠡ ᠪᠠᠨ ᠨᠤᠴᠤᠭᠠᠨ ᠤᠬᠤᠷᠢᠭᠤᠯᠤᠭᠰᠠᠨ ᠴᠢᠨᠢ ᠲᠡᠮᠡᠢ ᠬᠦᠴᠦ ᠤᠷᠤᠭᠰᠠᠨ ᠦᠭᠡᠢ ᠬᠤᠪᠬᠤ ᠦᠰᠦᠷᠦᠨ ᠭᠠᠷᠤᠯ᠎ᠠ ᠭᠡᠳᠡᠭ᠃ ᠪᠠᠶᠠᠷᠯᠠᠭᠰᠠᠨ ᠲᠠᠷᠤᠭ᠎ᠠ ᠢᠶᠠᠷ᠄ ᠡᠷᠬᠢᠮᠪᠠᠳᠤ ᠲᠠ ᠶᠠᠮᠠᠷ ᠶᠡᠭᠡ ᠴᠢᠳᠠᠯ ᠲᠠᠢ ᠬᠦᠮᠦᠨ ᠪᠤᠢ᠂ ᠬᠡᠷᠪᠡ ᠲᠠ ᠢᠷᠡᠭᠰᠡᠨ ᠦᠭᠡᠢ ᠪᠤᠯ ᠪᠢᠳᠡ ᠬᠡᠳᠦᠭᠦᠯᠡ ᠡᠨᠡ ᠰᠢᠪᠠᠷ ᠲᠠᠢ ᠵᠢᠭᠤᠷᠠᠭᠠᠳ ᠬᠡᠳᠦ ᠬᠤᠨᠤᠬᠤ ᠶᠤᠮ ᠪᠤᠤ ᠮᠡᠳᠡ︕ ᠭᠡᠵᠦ ᠰᠡᠳᠭᠢᠯ ᠬᠦᠳᠡᠯᠤᠨ ᠬᠡᠯᠡᠵᠡᠢ᠃ ᠡᠷᠬᠢᠮ ᠠᠮᠪᠠ ᠴᠤ ᠲᠡᠳᠡᠨ ᠢ ᠲᠠᠭᠠᠭᠤᠯᠤᠨ ᠭᠡᠷ ᠲᠡᠭᠡᠨ ᠠᠪᠠᠴᠢᠨ ᠵᠤᠴᠢᠯᠠᠯ᠎ᠠ ᠭᠡᠳᠡᠭ︾ ᠭᠡᠵᠦ ᠬᠠᠭᠤᠴᠢᠯᠠᠯ᠎ᠠ᠃ ᠪᠢᠳᠡᠨ ᠢ ᠪᠠᠶᠠᠨ ᠪᠤᠯᠠᠭ ᠤᠨ ᠵᠡᠭᠦᠨ ᠬᠤᠶᠢᠨ᠎ᠠ ᠬᠦᠷᠬᠦ ᠳᠤ ᠤᠯᠠᠭᠠᠨ ᠨᠠᠷᠠᠨ ᠤ ᠲᠤᠶᠠᠭ᠎ᠠ ᠠᠭᠤᠯᠠ ᠶᠢᠨ ᠲᠤᠯᠤᠭᠠᠢ ᠶᠢ ᠲᠠᠭᠠᠯᠠᠵᠦ ᠪᠠᠶᠢᠪᠠ᠃      ᠪᠢᠳᠡ ᠪᠡᠯᠭᠦᠳᠡᠢ ᠪᠠᠯᠭᠠᠰᠤᠨ ᠳᠤ ᠦᠷᠯᠦᠭᠡ ᠶᠢᠨ ᠴᠠᠢ ᠤᠤᠭᠤᠵᠦ ᠠᠮᠤᠰᠬᠢᠭᠡᠳ ᠲᠠᠬᠢᠨ ᠰᠦᠨᠢᠳ ᠵᠡᠬᠦᠨ ᠬᠤᠰᠢᠭᠤ ᠶᠢ ᠲᠠᠮᠵᠢᠨ ᠬᠦᠬᠡᠷᠦᠨ ᠰᠢᠯᠡᠷᠡᠭᠰᠡᠨ ᠲᠠᠮᠤᠴᠢ ᠶᠢᠨ ᠠᠭᠤᠳᠠᠮ ᠲᠠᠯ᠎ᠠ ᠶᠢ ᠲᠤᠭᠤᠯᠤᠭᠰᠠᠭᠠᠷ 11 ᠴᠠᠭ  ᠲᠤ ᠡᠷᠢᠶᠠᠨ ᠬᠤᠳᠠ ᠳᠤ ᠢᠷᠡᠵᠡᠢ᠃ ᠤᠷᠤᠢ ᠲᠡᠭᠡᠷ᠎ᠡ ᠠᠴᠠ ᠤᠭᠳᠠᠷᠭᠤᠢ ᠶᠢᠨ ᠨᠠᠷᠠᠨ ᠲᠤᠯᠠᠶᠢᠵᠦ᠂ ᠨᠠᠮᠤᠷ ᠤᠨ ᠰᠢᠷ᠎ᠠ ᠨᠠᠷᠠ ᠭᠡᠳᠡᠭ ᠨᠢ ᠪᠤᠯᠵᠦ᠂ ᠬᠦᠯᠦᠰᠦ ᠠᠰᠬᠠᠷᠠᠭᠤᠯᠤᠨ ᠪᠠᠶᠢᠯ᠎ᠠ᠃ ᠬᠢᠯᠢ ᠲᠠᠪᠠᠭ᠋ᠤ ᠫᠠᠰᠫᠤᠷᠲ ᠢᠶᠠᠨ ᠠᠪᠤᠭᠰᠠᠨ ᠢᠶᠠᠨ ᠴᠠᠢ ᠴᠤ ᠤᠤᠭᠤᠵᠦ ᠠᠮᠵᠢᠯ ᠦᠭᠡᠢ ᠪᠠᠷ ᠵᠠᠮ ᠢᠶᠠᠨ ᠬᠤᠷᠤᠭᠠᠬᠤ ᠶᠢ ᠪᠤᠳᠤᠵᠦ᠂ ᠮᠤᠩᠭᠤᠯ ᠤᠯᠤᠰ ᠤᠨ ᠠᠶᠠᠠᠴᠢᠨ ᠤ ᠮᠠᠰᠢᠨ ᠳᠤ ᠭᠠᠷᠬᠤ ᠳᠤ ᠮᠠᠰᠢ ᠴᠡᠪᠡᠷ ᠲᠤᠬᠢᠯᠢᠭ ᠬᠠᠨ ᠤᠯᠤᠰ ᠤᠨ ᠬᠢᠴᠡ ᠪᠦᠬᠦᠢ ᠭᠤᠶᠤᠮᠰᠤᠭ ᠮᠠᠰᠢᠨ ᠪᠠᠶᠢᠪᠠ᠃ ᠤᠯᠠᠭᠠᠠᠪᠠᠭᠠᠳᠤᠷ ᠬᠤᠳᠠ ᠬᠦᠷᠳᠡᠯ᠎ᠡ 180 ᠶᠤᠸᠠᠨ ᠬᠤᠷᠢᠶᠠᠨ᠎ᠠ᠃ 1 ᠴᠠᠭ ᠶᠢᠨ ᠦᠶ᠎ᠡ ᠳᠤ ᠲᠡᠷᠭᠡᠨ ᠳᠤ ᠭᠠᠷᠴᠤ ᠡᠷᠢᠶᠡᠨ ᠤ ᠬᠢᠯᠢ ᠶᠢᠨ ᠪᠤᠭᠤᠮᠳᠠ— ᠮᠤᠩᠭᠤᠯ ᠤᠨ ᠵᠠᠮ ᠤᠨ ᠦᠳᠡ ᠬᠢᠯᠢ ᠶᠢᠨ ᠪᠤᠭᠤᠮᠳᠠ ᠢᠶᠠᠷ ᠭᠦᠢᠴᠡᠳᠭᠡᠯ ᠰᠢᠯᠭᠠᠯᠳᠠ ᠬᠢᠯᠭᠡᠭᠰᠡᠭᠡᠷ ᠭᠤᠷᠪᠠᠨ ᠴᠠᠭ ᠲᠤ ᠰᠠᠶ᠋ᠢ ᠵᠤᠷᠢᠭᠰᠠᠨ ᠵᠠᠮ ᠳᠠᠭᠠᠨ ᠤᠷᠤᠵᠠᠢ ᠃ ᠬᠤᠶᠢᠰᠢ ᠪᠠᠭ᠎ᠠ ᠶᠠᠪᠤᠭᠠᠳ ︽ᠵᠠᠮ ᠤᠨ ᠦᠳᠡ︾ ᠭᠡᠬᠦ ᠲᠤᠮᠤ ᠬᠠᠭᠠᠯᠭ᠎ᠠ ᠶᠢᠨ ᠲᠡᠨᠳᠡ ᠲᠡᠷᠭᠡ ᠵᠤᠭᠰᠤᠨ᠎ᠠ᠂ ᠲᠤᠰ ᠡᠭᠦᠳᠡ ᠶᠢᠨ ᠬᠤᠶᠠᠷ ᠲᠠᠯ᠎ᠠ ᠳᠤ ᠲᠡᠮᠡᠭᠡᠨ ᠤ ᠬᠡᠳᠦᠨ ᠱᠤᠭᠤᠮᠠᠯ ᠢ ᠪᠦᠳᠦᠭᠡᠵᠦ ᠲᠠᠯᠪᠢᠭᠰᠠᠨ ᠨᠢ ᠡᠷᠬᠡ ᠦᠭᠡᠢ ᠲᠡᠤᠬᠡ ᠶᠢᠨ ᠡᠷᠭᠢᠴᠡᠭᠦᠯᠦᠯ ᠳᠤ ᠤᠷᠤᠭᠤᠯᠤᠭᠰᠠᠨ ᠪᠤᠯᠤᠯᠳᠠᠢ᠂ ᠲᠡᠮᠦᠷᠪᠠᠭᠠᠳᠤᠷ ᠭᠤᠸᠠᠢ ᠬᠡᠳᠦ  ᠠᠵᠢᠭᠯᠠᠭᠰᠠᠨ ᠢᠶᠠᠨ᠄ ︽ᠮᠠᠨ ᠤ ᠲᠡᠭᠡᠳᠦ ᠤᠳ ᠤᠨ ᠬᠡᠯᠡᠳᠡᠭ ᠭᠠᠯᠪᠠ ᠱᠠᠩᠬᠤ ᠶᠢᠨ ᠭᠤᠪᠢ ᠠᠴᠠ ᠭᠠᠭᠴᠠ ᠪᠦᠬᠦᠳᠦ ᠲᠡᠮᠡᠭᠡ ᠲᠠᠢ ᠢᠷᠡᠯ᠎ᠡ ᠭᠡᠳᠡᠭ᠃ ᠲᠡᠷᠡ ᠤᠯᠠᠮᠵᠢᠯᠠᠯ ᠢ ᠮᠦᠷᠳᠡᠵᠦ ᠠᠳᠡ ᠱᠤᠭᠤᠭᠰᠠᠨ ᠪᠢᠰᠢ ᠪᠤᠢ ᠳ᠋ᠠ︕ ︾ ᠭᠡᠵᠦ ᠶᠠᠷᠢᠨ᠎ᠠ᠃ ᠮᠦᠩᠬᠡᠪᠠᠭᠠᠳᠤᠷ ᠡᠯᠭᠦᠵᠦ᠄ ︽ᠡᠨᠡ ᠭᠤᠪᠢ ᠪᠠᠷᠤᠭ ᠭᠠᠯᠪᠠ ᠱᠠᠩᠬᠤ ᠶᠢᠨ ᠭᠤᠪᠢ ᠶᠢᠨ ᠨᠢᠭᠡ ᠭᠡᠰᠡᠭ ᠪᠠᠶᠢᠵᠦ ᠴᠤ ᠮᠡᠳᠡᠨ᠎ᠡ ᠰᠢᠤ᠂ ᠬᠠᠰᠢᠯᠠ ᠲᠡᠮᠡᠭᠡ ᠶᠡᠬᠡᠳᠡᠢ ᠭᠠᠵᠠᠷ ᠶᠤᠮ ᠪᠠᠶᠢᠨ᠎ᠠ︾ ᠭᠡᠬᠦ ᠳᠤ ᠷᠢ᠊ ᠰᠡᠴᠡᠨᠳᠦ᠄ ︽ᠭᠤᠪᠢ ᠨᠤᠲᠤᠭ ᠲᠡᠮᠡᠭᠡ ᠲᠠᠢ ᠰᠠᠶᠢᠬᠠᠨ᠂ ᠭᠤᠪᠢ ᠶᠢᠨ ᠤᠯᠠᠭᠠᠨ ᠲᠡᠮᠡᠭᠡ ᠭᠡᠵᠦ ᠮᠤᠩᠭᠤᠯ ᠤᠷᠤᠨ ᠳᠠᠭᠠᠨ ᠨᠡᠷᠡᠳᠡᠢ᠂ ᠶᠡᠷᠦ ᠨᠢ ᠡᠯᠡᠰᠦ ᠮᠠᠩᠬᠠᠨ ᠳᠤ ᠬᠡᠷᠡᠭᠯᠡᠬᠦ ᠴᠢᠬᠤᠯᠠ ᠤᠨᠤᠯᠭ᠎ᠠ ᠪᠤᠯᠵᠦ ᠢᠷᠡᠭᠰᠡᠨ ᠤᠷᠳᠤ ᠤᠳᠠᠭᠠᠨ ᠲᠡᠤᠬᠡ ᠲᠠᠢ︾ ᠭᠡᠵᠦ ᠶᠠᠷᠢᠯᠴᠠᠭᠰᠠᠭᠠᠷ ᠲᠡᠷᠭᠡᠨ ᠳᠡᠭᠡᠨ ᠭᠠᠷᠴᠤ ᠵᠠᠮ ᠢᠶᠠᠨ ᠬᠤᠷᠤᠭᠠᠨ᠎ᠠ᠃      ᠡᠨᠡ ᠨᠠᠮᠤᠷ ᠭᠤᠪᠢ ᠲᠠᠯ᠎ᠠ ᠶᠢᠨ ᠪᠡᠯᠴᠢᠭᠡᠷ ᠲᠤ ᠶᠡᠭᠡ ᠬᠤᠷ᠎ᠠ ᠤᠰᠤ ᠪᠠᠭᠤᠭᠰᠠᠨ ᠢᠶᠠᠷ ᠬᠤᠩᠬᠤᠷ ᠭᠠᠵᠠᠷ ᠪᠤᠯᠭᠠᠨ ᠨᠠᠭᠤᠷ ᠲᠤᠭᠳᠠᠨ ᠮᠡᠯᠳᠡᠶᠢᠵᠦ᠂ ᠤᠷᠢᠳᠦ ᠡᠮᠦᠨ᠎ᠡ ᠭᠠᠷᠤᠭ᠎ᠠ ᠦᠭᠡᠢ ᠡᠪᠡᠰᠦ ᠪᠡᠯᠴᠢᠭᠡᠷ ᠤᠷᠭᠤᠯ᠎ᠠ ᠭᠡᠯᠴᠡᠨ᠎ᠡ ᠃ ᠡᠨᠡ ᠤᠳᠠᠭ᠎ᠠ ᠶᠢᠨ ᠶᠡᠭᠡ ᠦᠶᠡᠷ ᠲᠤ ᠲᠡᠮᠦᠷ ᠵᠠᠮ ᠲᠠᠰᠤᠷᠠᠵᠦ ᠬᠡᠳᠦᠨ ᠡᠳᠦᠷ ᠭᠠᠯ ᠲᠡᠷᠭᠡ ᠵᠤᠭᠰᠤᠯ᠎ᠠ ᠭᠡᠵᠦ ᠴᠤ ᠲᠤᠭᠤᠯᠳᠠᠨ᠎ᠠ᠃ ᠨᠡᠯᠢᠶᠡᠳ ᠤᠳᠠᠭᠠᠨ ᠠᠶᠠᠯᠠᠭᠰᠠᠭᠠᠷ ᠰᠠᠶᠢᠨ ᠱᠠᠨᠳᠠ ᠬᠡᠮᠡᠬᠦ ᠭᠠᠵᠠᠷ ᠢᠷᠡᠵᠦ ᠲᠦᠷ ᠪᠠᠭᠤᠳᠠᠯᠯᠠᠵᠠᠢ᠃ ᠲᠡᠨᠳᠡ ᠠᠴᠠ ᠤᠷᠤᠢ ᠶᠢᠨ ᠢᠳᠡᠬᠦ ᠬᠤᠭᠤᠯᠠ ᠪᠤᠤᠰᠠ ᠠᠪᠴᠤ ᠲᠠᠬᠢᠨ ᠲᠡᠷᠭᠡᠨ᠎ᠡ ᠭᠠᠷᠴᠤ ᠬᠡᠳᠦᠭᠦᠯᠡ ᠬᠤᠪᠢᠶᠠᠯᠴᠠᠨ ᠵᠤᠭᠤᠭᠯᠠᠭᠰᠠᠭᠠᠷ ᠠᠶᠠᠨ ᠢᠶᠠᠨ ᠦᠷᠭᠦᠯᠵᠢᠯᠡᠭᠦᠯᠵᠡᠢ᠃      9 ᠰᠠᠷ᠎ᠠ ᠶᠢᠨ 14 ᠤ ᠡᠳᠦᠷ᠃ ᠪᠢᠳᠡ ᠰᠦᠨᠢ ᠲᠤᠮᠳᠠ ᠶᠢᠨ 1 ᠴᠠᠭ ᠦᠩᠭᠡᠷᠡᠭᠡᠭᠡᠳ ᠤᠯᠠᠭᠠᠠᠪᠠᠭᠠᠳᠤᠷ ᠬᠤᠳᠠ ᠳᠤ ᠬᠦᠷᠴᠦ ᠲᠡᠷᠭᠡᠨ ᠠᠴᠠ ᠪᠠᠭᠤᠬᠤ ᠳᠤ᠂ ᠰᠦᠨᠢ ᠶᠢᠨ ᠤᠳᠤᠳ ᠭᠢᠯᠠᠯᠵᠠᠨ ᠰᠡᠷᠢᠭᠦᠨ ᠰᠠᠯᠬᠢ ᠦᠯᠢᠶᠡᠨ ᠵᠢᠩᠭᠢᠨᠠᠮ᠎ᠠ ᠪᠠᠶᠢᠯ᠎ᠠ᠃ ᠬᠦᠩᠭᠠᠷᠠᠪᠳᠠᠨ ᠤ ᠬᠦᠷᠭᠡᠨ ᠭᠠᠩᠪᠠᠳᠤ ᠵᠠᠬᠢᠷᠤᠯ ᠪᠤᠯᠤᠨ ᠬᠡᠤᠬᠡᠨ ᠠᠳᠢᠶ᠎ᠠ ᠨᠠᠷ ᠪᠢᠳᠡᠨ ᠢ ᠬᠠᠯᠠᠭᠤᠨ ᠢᠶᠠᠷ ᠤᠭᠳᠤᠨ ᠠᠪᠤᠭᠠᠳ ᠭᠤᠷᠪᠠᠳᠤᠭᠠᠷ ᠬᠤᠷᠢᠶᠠᠯᠠᠯ ᠤᠨ ᠪᠤᠷᠬᠠᠠᠳᠤ ᠪᠠᠭᠤᠳᠠᠯ ᠳᠤ ᠲᠤᠬᠢᠷᠠᠭᠤᠯᠤᠭᠰᠠᠨ ᠪᠠᠶᠢᠭ᠎ᠠ ᠶᠤᠮ᠃ ᠭᠠᠩᠪᠠᠳᠤ᠄ ︽ᠲᠠᠨᠠᠷ ᠰᠠᠶᠢᠬᠠᠨ ᠠᠮᠤᠰᠬᠢ᠂ ᠮᠠᠷᠭᠠᠰᠢ ᠦᠳᠡ ᠠᠴᠠ ᠬᠤᠶᠢᠰᠢ ᠲᠤᠮᠳᠠᠭᠤᠪᠢ ᠳᠤ ᠶᠠᠪᠤᠬᠤ ᠪᠠᠷ ᠪᠤᠯᠤᠶ᠎ᠠ᠂ ᠶᠠᠭᠠᠷᠠᠭᠰᠠᠨ ᠤ ᠬᠡᠷᠡᠭ ᠦᠭᠡᠢ᠂ ᠰᠠᠶᠢᠨ ᠠᠮᠠᠷᠠᠭᠠᠷᠠᠢ︕︾ ᠭᠡᠵᠦ ᠲᠤᠬᠤᠨᠢᠭᠤᠯᠤᠭᠠᠳ ᠶᠠᠪᠤᠯ᠎ᠠ᠃ ᠬᠤᠷᠢᠨ ᠨᠢᠭᠡᠨ ᠴᠠᠭ ᠤᠨ ᠤᠷᠳᠤ ᠠᠶᠠᠨ ᠬᠦᠭᠡᠭᠡᠭᠰᠡᠨ ᠪᠢᠳᠡ ᠴᠤ ᠶᠡᠭᠡ ᠶᠠᠳᠠᠷᠠᠭᠰᠠᠨ ᠪᠤᠯᠬᠤᠷ ᠤᠷᠤᠨ ᠲᠡᠭᠡᠷ᠎ᠡ ᠪᠠᠨ ᠭᠠᠷᠤᠮᠠᠭᠴᠠ ᠤᠨᠳᠠᠵᠦ ᠤᠷᠬᠢᠵᠠᠢ᠃      ᠲᠦᠨᠵᠢᠠᠭᠠᠷᠪᠤ ᠪᠤᠭᠳᠠ ᠠᠭᠤᠯᠠ ᠰᠦᠭᠯᠡᠶᠢᠨ ᠲᠦᠩᠬᠡᠶᠢᠬᠦ ᠳᠤ ᠠᠷᠤ ᠬᠤᠷᠮᠤᠢ ᠪᠠᠷ ᠨᠢ ᠲᠤᠤᠯᠠ ᠭᠤᠤᠯ ᠤᠨ ᠲᠤᠩᠭᠠᠯᠠᠭ ᠤᠷᠤᠰᠬᠠᠯ ᠪᠠᠷᠠᠭᠤᠨᠰᠢ ᠱᠤᠤᠬᠢᠨ ᠤᠷᠤᠰᠤᠨ᠎ᠠ᠃ ᠨᠠᠶᠢᠰᠯᠠᠯ ᠤᠯᠠᠭᠠᠠᠪᠠᠭᠠᠳᠤᠷ ᠬᠤᠳᠠ ᠨᠠᠷᠭᠢᠶᠠᠨᠳᠤ ᠬᠦᠭᠵᠢᠯ ᠢᠶᠠᠨ ᠡᠭᠡᠰᠢᠭᠯᠡᠬᠦ ᠳᠤ ᠨᠠᠷᠠᠨ ᠤ ᠠᠯᠳᠠᠨ ᠭᠡᠷᠡᠯ ᠬᠦᠮᠦᠨ ᠵᠤᠨ ᠢᠶᠠᠨ ᠢᠪᠡᠭᠡᠨ᠎ᠡ᠃ ᠦᠳᠡ ᠶᠢᠨ ᠪᠠᠷᠤᠭ  ᠲᠤ᠂ ᠲᠤᠷᠤᠨᠠᠳᠤ ᠠᠶᠢᠮᠠᠭ ᠤᠨ ᠤᠯᠤᠰ ᠤᠨ ᠭᠠᠪᠢᠶᠠᠳᠤ ᠡ᠊ᠳ᠋ ᠤᠨ ᠵᠠᠰᠠᠭᠴᠢ᠂ ᠦᠵᠦᠮᠦᠴᠢᠨ ᠰᠤᠳᠤᠯᠤᠯ ᠢ ᠲᠡᠮᠵᠢᠬᠦ ᠨᠡᠶᠢᠭᠡᠮᠯᠢᠭ ᠤᠨ ᠲᠡᠷᠢᠭᠦᠨ ᠲᠦᠪᠳᠠᠠᠨᠢᠮ᠎ᠠ ᠭᠤᠸᠠᠢ ᠪᠢᠳᠡᠨ ᠢ ᠬᠦᠯᠢᠶᠠᠨ ᠠᠪᠴᠤ ᠵᠤᠴᠢᠯᠯᠠᠭ᠎ᠠ ᠬᠢᠪᠡ᠂ ᠲᠡᠷᠡ᠄ ᠮᠠᠨ ᠤ ᠨᠤᠶᠠᠠᠳᠠᠨ ᠤ 85 ᠨᠠᠰᠤᠨ ᠤ ᠪᠠᠶᠠᠷ ᠵᠢᠴᠢ ᠬᠦᠳᠡᠯᠮᠦᠷᠢ ᠶᠢᠨ ᠤᠯᠠᠭᠠᠨ ᠲᠤᠭ ᠤᠳᠤᠨ ᠤ ᠮᠢᠯᠢᠶᠠᠯᠭ᠎ᠠ ᠶᠢᠨ ᠨᠠᠶᠢᠷ ᠨᠠᠭᠠᠳᠤᠮ ᠳᠤ᠂ ᠲᠠᠨᠠᠷ ᠲᠡᠷᠡ ᠬᠤᠯᠠ ᠠᠴᠠ ᠰᠡᠳᠭᠢᠯ ᠭᠠᠷᠭᠠᠵᠦ ᠬᠦᠷᠦᠯᠴᠠᠨ ᠢᠷᠡᠭᠰᠡᠨ  ᠳᠤ ᠪᠢ ᠲᠤᠩ ᠲᠠᠯᠠᠷᠬᠠᠵᠦ ᠪᠠᠶᠢᠨ᠎ᠠ ᠭᠡᠰᠡᠨ ᠪᠦᠭᠡᠳ ᠮᠦᠩᠬᠡᠪᠠᠭᠠᠳᠤᠷ᠂ ᠲᠡᠮᠴᠤᠭ ᠵᠡᠷᠭᠡ ᠲᠠᠷᠤᠭ᠎ᠠ ᠨᠠᠷ ᠪᠠ ᠤᠯᠠᠨ  ᠳᠤ ᠤᠭᠳᠤᠵᠦ ᠪᠠᠶᠢᠬᠤ ᠪᠠᠨ ᠢᠯᠡᠳᠭᠡᠵᠦ ᠭᠡᠮ ᠲᠡᠪᠰᠢᠭᠦᠯᠪᠡ᠃ ᠮᠤᠩᠭᠤᠯ ᠤᠯᠤᠰ ᠤᠨ ᠢᠷᠠᠨ ᠤᠯᠤᠰ ᠲᠤ ᠰᠠᠭᠤᠭ᠎ᠠ ᠡᠯᠴᠢᠨ ᠳ᠋ᠠᠮᠪᠢᠨᠢᠮ᠎ᠠ᠂ ᠲᠤᠷᠤᠨᠠᠳᠤ ᠶᠢᠨ ᠰᠡᠷᠭᠦᠯᠡᠩ ᠰᠤᠮᠤᠨ ᠤ ᠢᠷᠭᠡᠳ ᠤᠨ ᠬᠤᠷᠠᠯ ᠤᠨ ᠲᠠᠷᠤᠭ᠎ᠠ ᠴᠤᠭᠳᠤᠵᠠᠪ᠂ ᠤᠯᠤᠰ ᠤᠨ ︽ᠬᠤᠤᠰ ᠠᠪᠤᠷᠭᠤ ᠮᠠᠯᠴᠢᠨ︾ ᠤᠳᠠᠷᠰᠠᠳ ᠨᠠᠷ ᠲᠠᠢ ᠲᠠᠨᠢᠯᠴᠠᠨ ᠵᠤᠭᠤᠭ ᠲᠡᠯᠭᠡᠪᠡ᠃ ᠳ᠋ᠠᠮᠪᠢᠨᠢᠮ᠎ᠠ᠄ ᠪᠢ ᠤᠷᠢᠳᠦ ᠭᠦᠷᠰᠢ ᠲᠠᠢ ᠤᠯᠠᠨ ᠶᠠᠪᠤᠯᠴᠠᠳᠠᠭ ᠦᠭᠡᠢ᠃ ᠮᠠᠨ ᠤ ᠲᠦᠪᠳᠡᠠᠨᠢᠮ᠎ᠠ ᠭᠤᠸᠠᠢ ᠪᠤᠯ ᠦᠵᠦᠮᠦᠴᠢᠨ ᠰᠤᠳᠤᠯᠤᠯ ᠢ ᠲᠡᠮᠵᠢᠬᠦ ᠨᠡᠶᠢᠭᠡᠮᠯᠢᠭ ᠤᠨ ᠲᠠᠷᠤᠭ᠎ᠠ ᠶᠢᠨ ᠲᠤᠰᠢᠶᠠᠯ ᠢ ᠤᠯᠠᠨ ᠵᠢᠯ ᠬᠠᠷᠢᠭᠤᠴᠠᠵᠦ ᠢᠷᠡᠭᠰᠡᠨ᠂ ᠵᠠᠷᠢᠮ ᠨᠢ ᠨᠢᠭᠡ ᠨᠠᠰᠤ ᠪᠠᠷ ᠨᠢ ᠬᠠᠷᠢᠭᠤᠴᠠᠭᠤᠯᠬᠤ ᠭᠡᠳ ᠪᠠᠶᠢᠳᠠᠭ᠃ ᠮᠦᠨᠴᠦ ᠲᠤᠷᠤᠨᠠᠳᠤ ᠠᠶᠢᠮᠠᠭ  ᠤᠨ ᠰᠠᠩ ᠤᠨ ᠶᠠᠮᠤᠨ ᠤ ᠲᠠᠷᠤᠭ᠎ᠠ ᠪᠠᠷ ᠨᠢᠭᠡ ᠨᠠᠰᠤ ᠪᠠᠷ ᠢᠶᠠᠨ ᠠᠵᠢᠯᠯᠠᠭᠰᠠᠨ ᠤᠯᠤᠰ ᠤᠨ ᠭᠠᠪᠢᠶᠠᠳᠤ ᠡᠳ᠋ ᠤᠨ ᠵᠠᠰᠠᠭᠴᠢ ᠶᠤᠮ᠂ ᠤᠯᠤᠰ ᠤᠨ ᠬᠡᠮᠵᠢᠶᠡᠨ ᠤ ᠭᠠᠪᠢᠶᠠᠳᠤ ᠪᠤᠯᠤᠨ᠎ᠠ ᠭᠡᠳᠡᠭ ᠪᠤᠯ ᠪᠢᠳᠡᠨ ᠪᠦᠬᠦᠨ ᠤ ᠪᠠᠭ᠋ᠠᠷᠬᠠᠯ᠂ ᠦᠵᠦᠮᠦᠴᠢᠨ ᠲᠦᠮᠡᠨ ᠤ ᠮᠠᠨᠢ ᠤᠮᠤᠭᠰᠢᠯ ᠶᠤᠮ᠃ ᠲᠦᠪᠳᠡᠠᠨᠢᠮ᠎ᠠ ᠭᠤᠸᠠᠢ ᠪᠤᠯ ᠰᠠᠳᠤᠨ ᠲᠦᠷᠦᠯ ᠤᠨ ᠬᠤᠪᠢ  ᠳᠤ ᠴᠤ ᠲᠡᠷᠡ᠂ ᠠᠯᠪᠠᠨ ᠶᠠᠪᠤᠳᠠᠯ ᠤᠨ ᠤᠴᠢᠷ ᠲᠤ ᠲᠡᠷᠡ ᠤᠷᠢᠳᠦ ᠬᠦᠷᠰᠢ ᠲᠠᠢ ᠪᠠᠨ ᠤᠯᠠᠨ ᠶᠠᠪᠤᠯᠴᠠᠳᠠᠭ ᠡᠶᠢᠮᠦ ᠬᠦᠮᠦᠨ᠂ ᠡᠨᠡ ᠮᠠᠨᠢ ᠶᠠᠪᠤᠵᠦ ᠢᠷᠡᠭᠰᠡᠨ ᠢᠶᠠᠨ ᠨᠠᠳᠠ ᠳᠤ ᠦᠷᠭᠦᠯᠵᠢ ᠶᠠᠷᠢᠳᠠᠭ᠃ ᠬᠤᠪᠢ ᠶᠢᠨ ᠶᠠᠪᠤᠳᠠᠯ ᠪᠤᠶᠤ ᠠᠯᠪᠠᠨ ᠶᠠᠪᠤᠳᠠᠯ ᠢᠶᠠᠷ ᠬᠦᠷᠬᠦ ᠳᠤ ᠯᠡ ᠰᠠᠶᠢᠬᠠᠨ ᠬᠦᠯᠢᠶᠡᠵᠦ ᠠᠪᠳᠠᠭ ᠶᠤᠮ ᠪᠠᠶᠢᠨ᠎ᠠ᠃ ᠪᠢ ᠰᠤᠨᠤᠰᠤᠭᠠᠳ ᠲᠤᠩ ᠶᠡᠭᠡ ᠪᠠᠶᠠᠷᠳᠠᠢ ᠪᠠᠶᠢᠨ᠎ᠠ ᠬᠡᠮᠡᠨ ᠬᠤᠨᠳᠠᠭ᠎ᠠ ᠡᠷᠭᠦᠵᠦ ᠲᠠᠯᠠᠷᠬᠠᠯ ᠢᠯᠡᠷᠬᠡᠶᠢᠯᠡᠨ᠎ᠡ᠃ ᠲᠠᠶᠢᠯᠠᠯᠭ᠎ᠠ ᠳᠤ ᠮᠦᠩᠬᠡᠪᠠᠭᠠᠳᠤᠷ ᠲᠠᠷᠤᠭ᠎ᠠ ᠪᠤᠯᠤᠨ ᠲᠡᠮᠴᠤᠭ᠂ ᠤ ᠶᠤᠨᠳᠤᠨ᠂ ᠨᠠᠷᠠᠠᠴᠤᠭᠳᠤ᠂ ᠷᠢ᠊ ᠰᠡᠴᠡᠨᠳᠦ᠂ ᠠ᠊ ᠲᠠᠮᠦᠷᠪᠠᠭᠠᠳᠤᠷ ᠨᠠᠷ ᠤᠷᠤᠯᠴᠠᠵᠦ ᠂ ᠶᠠᠷᠢᠶ᠎ᠠ ᠬᠦᠷᠦᠭᠡ ᠪᠤᠯᠵᠦ ᠪᠢᠯᠠ᠃      ᠦᠳᠡ ᠠᠴᠠ ᠬᠤᠶᠢᠰᠢ ᠭᠠᠩᠪᠠᠳᠤ ᠵᠠᠬᠢᠷᠤᠯ ᠤᠨ ᠲᠤᠬᠢᠷᠠᠭᠤᠯᠤᠭᠰᠠᠨ ᠠᠷᠪᠠ ᠭᠠᠷᠤᠢ ᠲᠡᠷᠭᠡ ᠵᠤᠴᠢᠳ ᠢᠶᠠᠨ ᠲᠤᠰᠴᠤ᠂ ᠨᠠᠭᠠᠳᠤᠮ ᠳᠤ ᠬᠡᠷᠡᠭᠰᠡᠬᠦ ᠶᠠᠭᠤᠮᠠᠰ ᠢᠶᠠᠨ ᠲᠡᠭᠡᠭᠡᠵᠦ ᠤᠯᠠᠭᠠᠠᠪᠠᠭᠠᠳᠤᠷ ᠠᠴᠠ ᠮᠤᠷᠳᠡᠵᠦ᠂ 300 ᠺᠢᠯᠤᠮᠧᠲᠷ ᠤᠨ ᠠᠯᠤᠰ ᠲᠤ ᠪᠠᠶᠢᠭ᠎ᠠ ᠲᠤᠮᠳᠠᠭᠤᠪᠢ ᠠᠶᠢᠮᠠᠭ ᠢ ᠵᠤᠷᠢᠯ᠎ᠠ᠃               ᠨᠠᠮᠤᠷ ᠤᠨ ᠰᠢᠷᠭᠠᠯ ᠦᠩᠭᠡ ᠪᠠᠷ ᠬᠤᠴᠠᠭᠳᠠᠭᠰᠠᠨ ᠭᠤᠪᠢ ᠲᠠᠯ᠎ᠠ               ᠨᠠᠷᠢᠨ ᠬᠠᠷᠭᠤᠢ ᠵᠤᠷᠠᠶᠢᠨ ᠲᠡᠭᠷᠢ ᠶᠢᠨ ᠬᠠᠶᠠᠭ᠎ᠠ ᠲᠠᠢ ᠵᠠᠯᠭᠠᠯᠳᠤᠨ᠎ᠡ               ᠨᠠᠰᠤᠨ ᠪᠠᠶᠠᠷ ᠤᠨ ᠦᠯᠵᠡᠶᠢᠳᠦ ᠤᠴᠠᠷᠠᠯ ᠬᠠᠯᠬ᠎ᠠ ᠦᠵᠦᠮᠦᠴᠢᠨ ᠢ ᠬᠤᠯᠪᠤᠵᠦ               ᠨᠠᠯᠠᠭᠠᠷ  ᠬᠦᠳᠡᠭᠡ ᠶᠢᠨ ᠭᠤᠪᠢ ᠶᠢᠨ ᠴᠡᠭᠡᠯ ᠳᠤ ᠵᠢᠷᠭᠠᠯᠳᠤ ᠲᠠᠭᠤᠯᠠᠯ ᠪᠢᠴᠢᠭᠯᠡᠨ᠎ᠡ᠃            ᠬᠦᠩᠭᠠᠷᠠᠪᠳᠠᠨ ᠭᠤᠸᠠᠢ ᠬᠦᠭᠰᠢᠨ ᠦᠯᠵᠠᠶᠢᠪᠠᠶᠠᠷ ᠤᠨ ᠨᠤᠲᠤᠭ ᠪᠤᠯᠬᠤ ᠰᠠᠶᠢᠠᠴᠠᠭᠠᠨ ᠰᠤᠮᠤᠨ ᠳᠤ ᠰᠠᠭᠤᠷᠢᠰᠢᠨ ᠰᠠᠭᠤᠬᠤ ᠪᠤᠯᠤᠭᠰᠠᠨ ᠪᠠᠶᠢᠪᠠ᠃ ᠭᠡᠤᠬᠡᠨ ᠠᠳᠢᠶ᠎ᠠ ᠶᠢᠨ ᠬᠢᠨᠢ ᠬᠠᠨᠢ ᠨᠦᠬᠦᠷ ᠭᠠᠩᠪᠠᠳᠤ ᠭᠤᠸᠠᠢ ᠶᠢᠨ ᠲᠦᠷᠦᠭᠰᠡᠨ ᠨᠤᠲᠤᠭ ᠤᠰᠤᠨ ᠨᠢ ᠠᠳᠡ ᠪᠠᠶᠢᠵᠦ᠂ ᠢᠩᠬᠢᠵᠦ ᠲᠠᠪᠢᠯᠠᠩ ᠲᠠᠭᠠᠷᠠᠵᠦ ᠵᠠᠶᠠᠭ᠎ᠠ ᠬᠤᠯᠪᠤᠭᠰᠠᠨ ᠪᠠᠶᠢᠵᠠᠢ ᠃ ᠠᠶᠢᠮᠠᠭ ᠤᠨ ᠲᠦᠪ ᠠᠴᠠ ᠬᠤᠶᠢᠰᠢ ᠪᠠᠶᠢᠭ᠎ᠠ ᠲᠡᠯᠭᠡᠷᠴᠤᠭᠳᠤ ᠰᠤᠮᠤᠨ ᠤ ᠡᠮᠦᠨ᠎ᠡ ᠲᠡᠭᠰᠢᠬᠡᠨ ᠰᠢᠷ᠎ᠠ ᠬᠠᠪᠳᠠᠭᠠᠢ ᠲᠡᠭᠡᠷ᠎ᠡ ᠪᠢᠳᠡ ᠠᠷᠤ ᠲᠡᠷᠭᠡ ᠪᠠᠨ ᠬᠦᠯᠢᠶᠡᠵᠦ ᠪᠦᠭᠡᠮᠨᠠᠷᠠᠪᠠ᠃ ᠡᠨᠡ ᠤᠳᠠᠭ᠎ᠠ ᠶᠢᠨ ᠨᠠᠭᠠᠳᠤᠮ ᠳᠤ ᠬᠦᠯᠦᠨ ᠪᠦᠢᠷ ᠠᠶᠢᠮᠠᠭ ᠠᠴᠠ ᠨᠢᠭᠡ ᠬᠦᠨᠳᠦᠳᠦ ᠵᠤᠴᠢᠨ ᠢᠷᠡᠭᠰᠡᠨ ᠨᠢ ᠲᠠᠭᠤᠴᠢᠨ ᠠᠯᠳᠠᠠᠪᠤᠳᠢ ᠪᠠᠶᠢᠯ᠎ᠠ᠃ ᠠᠯᠳᠠᠠᠪᠤᠳᠢ ᠪᠤᠯ ᠡᠸ᠋ᠩᠬᠢ ᠦᠨᠳᠦᠰᠦᠳᠡᠨ᠂ ᠲᠠᠭᠤᠤ ᠤᠷᠠᠯᠢᠭ ᠲᠤ ᠪᠠᠭ᠋ᠠᠳᠠᠢ ᠮᠦᠷᠳᠡᠭᠡᠨ ᠠᠪᠢᠶᠠᠰᠤᠯᠢᠭ ᠤᠷᠠᠨ ᠲᠠᠭᠤᠯᠠᠯᠭ᠎ᠠ ᠶᠢᠨ ᠮᠡᠷᠭᠡᠵᠢᠯ ᠲᠠᠢ᠃ ᠲᠡᠭᠦᠨ ᠤ ᠪᠠᠭ᠎ᠠ ᠪᠢᠴᠢᠬᠠᠨ ᠨᠢ ᠵᠡᠭᠦᠨ ᠦᠵᠦᠮᠦᠴᠢᠨ ᠬᠤᠰᠢᠭᠤᠨ ᠤ ᠲᠧᠯᠸᠢᠰ ᠬᠤᠷᠢᠶᠠᠨ ᠤ ᠬ᠋᠊ ᠂ ᠪᠡᠷᠰ ᠲᠤ ᠮᠤᠷᠳᠠᠭᠰᠠᠨ ᠶᠤᠮ ᠪᠠᠶᠢᠵᠠᠢ᠃ ᠢᠩᠭᠢᠵᠦ ᠲᠠᠨᠢᠯᠴᠠᠨ ᠨᠢᠭᠡ ᠲᠡᠷᠭᠡᠨ ᠳᠤ ᠠᠶᠠᠯᠠᠵᠦ ᠲᠤᠮᠳᠠᠭᠤᠪᠢ ᠠᠶᠢᠮᠠᠭ ᠲᠤ ᠬᠠᠮᠳᠤ ᠶᠠᠪᠤᠭ᠎ᠠ ᠮᠠᠨᠢ ᠡᠨᠡ ᠪᠢᠯᠡ᠃ ᠲᠡᠯᠭᠡᠷᠴᠤᠭᠳᠤ ᠰᠤᠮᠤᠨ ᠤ ᠠᠯᠤᠰ ᠤᠨ ᠪᠠᠷ᠎ᠠ ᠲᠠᠢ ᠤᠳᠬᠠᠠᠪᠠᠭᠠᠳᠤᠷ᠂ ᠠᠯᠳᠠᠠᠪᠤᠳᠢ ᠪᠢᠳᠡ ᠲᠤᠷᠠᠰᠬᠠᠯ ᠤᠨ ᠰᠡᠭᠦᠳᠡᠷ ᠠᠪᠬᠤᠭᠤᠯᠪᠠ᠃ ᠲᠡᠨᠳᠡ ᠠᠴᠠ ᠲᠡᠮᠡᠢ ᠬᠤᠯᠠ ᠦᠭᠡᠢ ᠠᠶᠢᠮᠠᠭ ᠤᠨ ᠨᠤᠲᠤᠭ ᠤᠨ ᠵᠠᠭᠠᠭ ᠪᠤᠯᠬᠤ ᠬᠠᠭᠠᠯᠭᠠᠳᠤ ᠤᠪᠤᠭᠠᠨ ᠲᠡᠭᠡᠷ᠎ᠡ ᠬᠦᠷᠬᠦ ᠳᠤ ᠲᠤᠮᠳᠠᠭᠤᠪᠢ ᠠᠶᠢᠮᠠᠭ ᠤᠨ ᠲᠠᠭᠤᠯᠠᠯᠳᠤ ᠵᠦᠴᠦᠭᠡ ᠶᠢᠨ ᠪᠦᠯᠬᠦᠮ ᠤᠨ ᠲᠠᠭᠤᠴᠢᠳ ᠨᠠᠷ ᠪᠢᠳᠡᠨ ᠢ ᠤᠭᠳᠤᠨ ᠠᠪᠴᠤ᠂ ᠴᠠᠭᠠᠨ ᠢᠳᠡᠭᠡᠨ ᠠᠮᠬᠠᠷᠠᠭᠤᠯᠵᠦ ᠴᠡᠭᠡ ᠬᠡᠮᠨᠡᠨ ᠲᠠᠭᠤᠤ ᠬᠤᠭᠤᠷ ᠡᠭᠦᠰᠭᠡᠭᠰᠡᠨ ᠬᠠᠯᠠᠭᠤᠨ ᠤᠭᠳᠤᠯᠭ᠎ᠠ ᠪᠤᠯᠵᠦ ᠬᠦᠨᠳᠦᠳᠭᠡᠯ ᠲᠠᠢ ᠪᠠᠷ ᠲᠤᠰᠴᠤ ᠠᠪᠤᠭᠰᠠᠨ ᠪᠠᠶᠢᠯ᠎ᠠ᠃      ᠰᠦᠷᠯᠢᠭ ᠲᠡᠭᠳᠡᠷᠳᠦ ᠬᠠᠳᠠᠨ ᠠᠰᠬ᠎ᠠ ᠶᠢᠨ ᠡᠩᠬᠡᠷ ᠲᠤ ᠪᠠᠶᠢᠷᠢᠯᠠᠭᠰᠠᠨ ︽ᠠᠮᠠᠨ ᠬᠦᠨᠳᠡᠢ︾ ᠬᠡᠮᠡᠬᠦ ᠵᠢᠭᠤᠯᠴᠢᠯᠠᠯ ᠤᠨ ᠭᠠᠵᠠᠷ ᠤᠨ ᠢᠰᠡᠭᠡᠢ ᠦᠷᠦᠭᠡᠨ ᠳᠤ ᠬᠤᠨᠤᠭ ᠲᠤᠬᠢᠷᠠᠭᠤᠯᠪᠠ᠃ ᠴᠡᠪᠡᠷ ᠰᠠᠷᠠᠭᠤᠯ ᠤᠷᠴᠢᠨ᠂ ᠪᠠᠶᠠᠨ ᠰᠢᠷᠡᠭᠡ ᠦᠷᠦᠭᠡᠰᠦᠳᠡᠢ᠃ ᠠᠳᠤᠭᠤᠨ ᠮᠢᠬᠠᠨ ᠤ ᠭᠡᠷᠡᠴᠢᠮᠡᠯ᠂ ᠠᠷᠢᠭᠤᠨ ᠴᠡᠭᠡ ᠶᠢᠨ ᠦᠨᠦᠷ᠂ ᠰᠡᠳᠭᠢᠯ ᠳᠤ ᠬᠦᠷᠴᠦ ᠲᠠᠭᠠᠯᠠᠮᠵᠢᠳᠠᠢ ᠰᠠᠨᠠᠭᠳᠠᠭᠤᠯᠤᠨ᠎ᠠ᠃ ᠮᠠᠨ ᠤ ᠨᠢᠭᠡ ᠭᠡᠷ ᠲᠤ ᠨᠠᠶᠠᠨ ᠨᠠᠰᠤ ᠶᠢ ᠲᠠᠪᠠᠭᠰᠠᠨ ᠶᠠᠩᠭᠠᠳ ᠤ᠂ ᠵᠠᠳᠠᠮᠪᠠ ︵ᠤᠯᠤᠰ ᠤᠨ ᠪᠠᠷᠢᠯᠭ᠎ᠠ ᠶᠢᠨ ᠢᠨᠵᠧᠨᠧᠷ︶᠂ ᠨᠠᠶᠠᠨ ᠨᠠᠰᠤ ᠶᠢ ᠲᠦᠬᠦᠵᠦ ᠶᠠᠪᠤᠭ᠎ᠠ ᠰᠠᠶᠢᠠᠪᠤᠶᠠᠨ ︵ᠤᠯᠤᠰ ᠤᠨ ᠭᠠᠵᠠᠷ ᠵᠦᠢ ᠶᠢᠨ ᠡᠷᠳᠡᠮᠳᠡᠨ︶᠂ ᠵᠢᠷᠤᠭ ᠲᠦᠷᠰᠦ ᠰᠡᠭᠦᠳᠡᠷᠯᠡᠭᠴᠢ ᠲᠦᠷᠦᠮᠠᠨᠳᠤᠬᠤ ᠨᠠᠷ ᠷᠢ᠊᠂ ᠰᠡᠴᠡᠨᠳᠦ ᠪᠢᠳᠡ ᠲᠠᠪᠤᠭᠤᠯᠠ ᠲᠤᠭᠤᠨᠤ ᠲᠠᠢ ᠭᠡᠷ ᠲᠤ ᠲᠤᠯᠤᠭᠠᠢ ᠬᠤᠯᠪᠤᠨ ᠲᠤᠭᠤᠭ᠎ᠠ ᠲᠠᠢ ᠬᠤᠭᠤᠯᠠᠨ ᠳᠤ ᠬᠤᠰᠢᠭᠤ ᠲᠦᠷᠢᠨ ᠰᠠᠭᠤᠵᠠᠢ᠃ ᠮᠤᠩᠭᠤᠯ ᠤᠯᠤᠰ ᠤᠨ ᠡᠨᠡ ᠭᠤᠷᠪᠠᠨ ᠬᠦᠮᠦᠨ ᠪᠤᠯ ᠲᠤᠷᠤᠨᠠᠳᠤ ᠠᠶᠢᠮᠠᠭ ᠢᠶᠠᠷ ᠨᠤᠲᠤᠭᠳᠠᠢ ᠦᠵᠦᠮᠦᠴᠢᠨ ᠬᠦᠮᠦᠰ ᠪᠤᠯᠤᠨ᠎ᠠ᠃ ᠪᠢᠳᠡ ᠦᠤᠬᠡ ᠲᠡᠤᠬᠡ ᠪᠠᠨ ᠬᠡᠯᠡᠯᠴᠡᠨ᠂ ᠦᠬᠡ ᠠᠮᠠ ᠪᠠᠨ ᠤᠯᠤᠯᠴᠠᠨ ᠲᠠᠨᠢᠯᠴᠠᠭᠰᠠᠨ ᠪᠦᠭᠡᠳ ᠵᠠᠳᠠᠮᠪᠠ ᠨᠠᠰᠤᠳᠠᠨ ᠪᠢᠳᠡᠨ ᠳᠤ ︽ᠵᠦᠪ ᠠᠮᠢᠳᠤᠷᠠᠬᠤ᠂ ᠤᠷᠳᠤ ᠨᠠᠰᠤᠯᠠᠬᠤ ᠤᠬᠠᠭᠠᠨ ᠠᠴᠠ︾ ᠭᠡᠬᠦ ᠦᠪᠡᠷ ᠤᠨ ᠨᠠᠶᠢᠷᠠᠭᠤᠯᠤᠭᠰᠠᠨ ᠨᠤᠮ ᠢᠶᠠᠨ ᠪᠡᠯᠭᠡᠯᠡᠨ ᠬᠦᠷᠭᠡᠪᠡ᠃      ᠤᠷᠤᠢ ᠨᠢ ᠬᠦᠩᠭᠠᠷᠠᠪᠳᠠᠨ ᠨᠠᠰᠤᠳᠠᠨ ᠪᠢᠳᠡᠨ ᠤ ᠢᠷᠡᠭᠰᠡᠨ ᠢ ᠰᠤᠨᠤᠰᠤᠭᠠᠳ ᠪᠠᠭᠤᠳᠠᠯ ᠤᠨ ᠭᠠᠵᠠᠷ ᠢᠷᠡᠬᠦ  ᠳᠤ ᠮᠠᠨ ᠤ ᠪᠦᠯᠬᠦᠮ ᠤᠨ ᠬᠢᠨ ᠤᠷᠢᠳᠠᠪᠠᠷ ᠬᠦᠷᠴᠦ ᠮᠠᠨᠳᠤ ᠠᠰᠠᠭᠤᠨ ᠵᠤᠯᠭᠠᠭᠰᠠᠨ ᠪᠠᠶᠢᠭ᠎ᠠ ᠶᠤᠮ᠃ ᠨᠠᠰᠤᠳᠠᠨ ᠭᠤᠸᠠᠢ ᠶᠡᠬᠡᠳᠡ ᠪᠠᠶᠠᠷᠯᠠᠨ᠄ ︽ᠲᠠᠨᠠᠷ ᠠᠯᠤᠰ ᠬᠤᠯᠠ ᠦᠵᠦᠮᠦᠴᠢᠨ ᠠᠴᠠ ᠠᠳᠡ ᠬᠦᠷᠦᠯᠴᠠᠨ ᠵᠤᠯᠭᠠᠬᠤ ᠪᠠᠷ ᠢᠷᠡᠭᠰᠡᠨ ᠳᠤ ᠪᠢ ᠲᠤᠩ ᠪᠠᠶᠠᠷᠯᠠᠵᠦ ᠪᠠᠶᠢᠨ᠎ᠠ︾ ᠭᠡᠳ ᠰᠠᠷᠬᠤᠳ ᠡᠷᠭᠦᠨ ᠭᠡᠰᠢᠭ ᠭᠦᠷᠳᠡᠭᠡᠵᠦ ᠪᠠᠶᠢᠯ᠎ᠠ᠃ ᠪᠢᠳᠡ ᠴᠤ ᠸᠠᠩᠳᠠᠨ ᠳᠤ ᠢᠷᠦᠭᠡᠯ ᠲᠠᠢ ᠬᠡᠮ ᠪᠠᠷᠢᠨ᠂ ᠤᠷᠳᠤ ᠶᠢᠨ ᠲᠠᠭᠤᠤ   ᠪᠠᠨ ᠲᠠᠭᠤᠯᠠᠵᠦ ᠬᠦᠷ ᠨᠡᠮᠡᠷᠢᠯᠡᠨ᠎ᠡ᠃ ᠲᠡᠷᠡ ᠤᠷᠤᠢ ᠮᠠᠨᠠᠶᠢᠬᠢᠨ ᠲᠤᠷᠤᠨᠠᠳᠤ ᠠᠶᠢᠮᠠᠭ ᠤᠨ ᠰᠡᠷᠭᠦᠯᠡᠩ ᠰᠤᠮᠤᠨ ᠤ ᠭᠡᠷ ᠲᠤ ᠬᠦᠷᠴᠦ  ᠬᠠᠷᠢᠯᠴᠠᠨ ᠲᠠᠨᠢᠯᠴᠠᠨ᠂ ᠴᠤᠭᠳᠤᠵᠠᠪ ᠲᠠᠷᠤᠭ᠎ᠠ᠂ ᠠᠪᠤᠷᠭᠤ ᠮᠠᠯᠴᠢᠨ ᠤᠳᠠᠷᠰᠠᠳ ᠨᠠᠷ ᠤᠭᠳᠤᠨ ᠠᠪᠴᠤ ᠨᠤᠲᠤᠭ ᠤᠨ ᠭᠠᠷᠤᠯᠳᠠ ᠪᠠᠨ ᠲᠡᠯᠭᠡᠵᠦ ᠬᠦᠷ ᠪᠠᠶᠠᠷ ᠪᠤᠯᠤᠭᠰᠠᠨ ᠪᠠᠶᠢᠵᠦ ᠪᠢᠯᠡ᠃                    ᠬᠤᠶᠠᠷ      9 ᠰᠠᠷ᠎ᠠ ᠶᠢᠨ 15 ᠤ ᠡᠳᠦᠷ᠃ ᠴᠡᠯᠮᠡᠭ ᠲᠤᠩᠭᠠᠯᠠᠭ᠂ ᠬᠦᠭᠡ ᠤᠬᠳᠠᠷᠭᠤᠢ ᠶᠢᠨ ᠴᠡᠭᠡᠯ ᠳᠤ ᠬᠤᠷᠨᠭᠠᠨ ᠴᠠᠭᠠᠨ ᠡᠭᠦᠯᠡᠰ ᠬᠦᠪᠪᠦᠯᠵᠡᠨ ᠨᠡᠭᠦᠵᠦ᠂ ᠭᠤᠪᠢ ᠶᠢᠨ ᠨᠤᠭᠤᠭᠠᠨ ᠲᠠᠯ᠎ᠠ ᠳᠤ ᠲᠤᠮᠳᠠᠭᠤᠪᠢ ᠠᠶᠢᠮᠠᠭ ᠤᠨ ᠤᠯᠠᠨ ᠪᠠᠷᠢᠯᠭ᠎ᠠ ‍ᠤᠳ‌ᠨᠠᠮᠤᠭᠤᠨ ᠲᠠᠶᠢᠪᠤᠩ ᠰᠠᠭᠠᠳᠠᠨ᠎ᠠ᠃ ᠪᠢᠳᠡ ᠦᠷᠯᠦᠭᠡ ᠶᠢᠨ ᠴᠠᠢ ᠪᠠᠨ ᠤᠤᠭᠤᠭᠠᠳ ᠡᠷᠳᠡ ᠶᠢᠨ ᠰᠠᠶᠢᠬᠠᠨ ᠳᠤ ᠲᠤᠷᠠᠰᠬᠠᠯ ᠤᠨ ᠰᠡᠭᠦᠳᠡᠷ ᠠᠪᠬᠤᠭᠤᠯᠵᠠᠢ᠃ ᠵᠢᠭᠤᠯᠴᠢᠯᠠᠯ ᠤᠨ ᠭᠠᠵᠠᠷ ᠠᠴᠠ ᠠᠶᠢᠮᠠᠭ ᠤᠨ ︽ᠲᠦᠪ ᠬᠠᠯᠬ᠎ᠠ ᠶᠢᠨ ᠲᠠᠭᠤᠯᠠᠯᠳᠤ ᠵᠦᠴᠦᠭᠡ ᠶᠢᠨ ᠲᠢᠶᠠᠲᠷ︾ ᠲᠤ ᠰᠢᠭᠤᠳ ᠬᠦᠷᠪᠡ᠃ ᠲᠠᠶᠢᠰᠠᠨ ᠤ ᠲᠤᠮᠤ ᠬᠦᠰᠢᠭᠡ ᠲᠡᠭᠡᠷ᠎ᠡ ︽ᠲᠤᠮᠳᠠᠭᠤᠪᠢ ᠠᠶᠢᠮᠠᠭ ᠤᠨ ᠤᠷᠤᠰᠢᠨ ᠰᠠᠭᠤᠭᠴᠢ᠂ ᠵᠡᠭᠦᠨ ᠦᠵᠦᠮᠦᠴᠢᠨ ᠬᠤᠰᠢᠭᠤᠨ ᠤ ᠡᠷᠳᠡᠨᠢ ᠪᠡᠶᠢᠯᠡ᠂ ᠵᠢᠶᠦ᠋ᠨ ᠸᠠᠩ ᠮ᠊᠂ ᠰᠤᠳᠨᠠᠮᠳᠤᠷᠵᠢ ᠶᠢᠨ ︿ᠬᠦᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠤᠳᠤᠨ﹀ ᠤ ᠮᠢᠯᠢᠶᠠᠯᠭ᠎ᠠ︾ ᠭᠡᠬᠦ ᠺᠢᠷᠢᠯ ᠦᠰᠦᠭ ᠤᠨ ᠬᠦᠨᠳᠡᠯᠡᠨ ᠢᠯᠡᠷᠬᠡᠶᠢᠯᠡᠯ ᠢ ᠴᠡᠭᠡᠨ ᠬᠦᠰᠢᠬᠡ ᠲᠡᠭᠡᠷ᠎ᠡ ᠲᠤᠷᠠᠶᠢᠳᠠᠯ᠎ᠠ ᠪᠢᠴᠢᠵᠡᠢ᠃ ᠦᠰᠦᠭ ᠤᠨ ᠲᠡᠭᠡᠷ᠎ᠡ ᠲᠠᠯ᠎ᠠ ᠶᠢᠨ ᠪᠠᠷᠠᠭᠤᠨ ᠦᠨᠴᠦᠭ ᠲᠤ ︽ᠬᠦᠳᠡᠯᠮᠦᠷᠢ ᠶᠢᠨ ᠤᠯᠠᠭᠠᠨ ᠲᠤᠭ︾  ᠶᠢᠨ ᠮᠧᠲᠠᠯ ᠤᠨ ᠵᠢᠷᠤᠭ᠂ ᠲᠤᠮᠳᠠ ᠨᠢ ᠶᠢᠰᠦᠨ ᠴᠠᠭᠠᠨ ᠲᠤᠭ ᠰᠦᠯᠳᠡ᠂ ᠵᠡᠭᠦᠨ ᠲᠠᠯ᠎ᠠ ᠳᠤᠨᠢ ᠵᠢᠭᠠᠬᠠᠨ ᠸᠠᠩ  ᠤᠨ ᠬᠦᠷᠦᠭ ᠢ ᠵᠢᠷᠤᠭᠯᠠᠨ ᠪᠠᠶᠢᠷᠢᠯᠠᠭᠤᠯᠵᠠᠢ᠃  ︽ᠭᠠᠩ ᠢᠯᠴᠢ ᠺᠤᠮᠫᠠᠨᠢ︾ ᠶᠢᠨ ᠡᠷᠬᠢᠯᠡᠭᠰᠡᠨ ᠡᠨᠡ ᠤᠳᠠᠭ᠎ᠠ  ᠶᠢᠨ ᠴᠤᠭᠯᠠᠭᠠᠨ ᠳᠤ ᠲᠤᠮᠳᠠᠭᠤᠪᠢ ᠠᠶᠢᠮᠠᠭ ᠤᠨ ᠤᠳᠤᠷᠢᠳᠤᠯᠭ᠎ᠠ᠂ ᠲᠤᠷᠤᠨᠠᠳᠤ ᠶᠢᠨ ᠲᠡᠮᠦᠷ ᠵᠠᠮ ᠤᠨ ᠲᠠᠰᠤᠭ ᠤᠨ ᠤᠳᠤᠷᠢᠳᠤᠯᠭ᠎ᠠ᠂ ᠦᠵᠦᠮᠦᠴᠢᠨ ᠰᠤᠳᠤᠯᠤᠯ ᠢ ᠲᠡᠮᠵᠢᠬᠦ ᠨᠡᠶᠢᠭᠡᠮᠯᠢᠭ ᠪᠤᠯᠤᠨ ᠦᠪᠦᠷ ᠮᠤᠩᠭᠤᠯ ᠤᠨ ᠵᠡᠭᠦᠨ ᠦᠵᠦᠮᠦᠴᠢᠨ ᠬᠤᠰᠢᠭᠤᠨ ᠤ ᠲᠦᠯᠦᠭᠡᠯᠡᠭᠴᠢᠳ ᠤᠨ ᠪᠦᠯᠬᠦᠮ ᠤᠨ ᠬᠢᠨ᠂ ᠠᠪᠠᠭ᠎ᠠ ᠬᠤᠰᠢᠭᠤᠨ ᠤ ᠰᠠᠳᠦᠨ ᠲᠦᠷᠦᠯ ᠨᠠᠷ ᠵᠡᠷᠭᠡ ᠤᠯᠠᠨ ᠲᠠᠯ᠎ᠠ ᠶᠢᠨ ᠬᠦᠮᠦᠰ ᠤᠷᠤᠯᠴᠠᠪᠠ᠃ ᠭᠠᠩᠪᠠᠳᠤ ᠵᠠᠬᠢᠷᠤᠯ ᠠᠴᠠ ᠬᠦᠩᠭᠠᠷᠠᠪᠳᠠᠨ ᠭᠤᠸᠠᠢ ᠶᠢᠨ 85 ᠨᠠᠰᠤᠨ ᠤ ᠪᠠᠶᠠᠷ᠂ ᠤᠯᠤᠰ ᠤᠨ ︿ᠬᠦᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠤᠳᠤᠨ ﹀ ᠤ ᠮᠢᠯᠢᠶᠠᠯᠭ᠎ᠠ ᠶᠢᠨ ᠴᠤᠭᠯᠠᠭᠠᠨ ᠡᠬᠢᠯᠡᠭᠰᠡᠨ ᠢ ᠵᠠᠷᠯᠠᠪᠠ᠃ ᠴᠤᠭᠯᠠᠭᠠᠨ ᠡᠷᠬᠢᠯᠡᠭᠴᠢ ᠠᠴᠠ ︽ᠲᠤᠮᠳᠠᠭᠤᠪᠢ ᠠᠶᠢᠮᠠᠭ ᠲᠤ ᠤᠷᠤᠰᠢᠨ ᠰᠠᠭᠤᠭᠴᠢ᠂ ᠵᠡᠭᠦᠨ ᠦᠵᠦᠮᠦᠴᠢᠨ ᠬᠤᠰᠢᠭᠤᠨ ᠤ ᠡᠷᠳᠡᠨᠢ ᠪᠡᠶᠢᠯᠡ᠂ ᠵᠢᠶᠦ᠋ᠨ ᠸᠠᠩ ᠮ᠊᠂ ᠰᠤᠳᠨᠠᠮᠳᠤᠷᠵᠢ ᠶᠢᠨ ᠲᠤᠪᠴᠢ ᠨᠠᠮᠳᠠᠷ︾ ᠢ ᠲᠠᠨᠢᠯᠴᠠᠭᠤᠯᠤᠭᠰᠠᠨ ᠤ ᠬᠠᠮᠳᠤ ᠲᠤᠮᠳᠠᠭᠤᠪᠢ ᠠᠶᠢᠮᠠᠭ ᠪᠤᠯᠤᠨ ᠲᠤᠷᠤᠨᠠᠳᠤ ᠶᠢᠨ ᠲᠡᠮᠦᠷ ᠵᠠᠮ ᠤᠨ ᠰᠠᠯᠠᠭ᠎ᠠ ᠮᠦᠴᠢᠷ ᠠᠴᠠ ᠮᠢᠯᠢᠶᠠᠯᠭ᠎ᠠ ᠶᠢᠨ ᠴᠢᠭᠤᠯᠭᠠᠨ ᠲᠡᠭᠡᠷ᠎ᠡ ᠪᠠᠶᠠᠷ ᠤᠨ ᠦᠬᠡ ᠬᠡᠯᠡᠭᠰᠡᠨ ᠪᠦᠭᠡᠳ ᠬᠦᠩᠭᠠᠷᠠᠪᠳᠠᠨ ᠭᠤᠸᠠᠢ ᠳᠤ ᠠᠯᠳᠠᠨ ᠮᠧᠲᠠᠯ ᠵᠡᠭᠦᠯᠭᠡᠨ ᠢᠷᠠᠭᠤ ᠠᠯᠳᠠᠷ ᠤᠨ ᠦᠨᠡᠮᠯᠡᠯ ᠤᠯᠭᠤᠵᠠᠢ᠃ ᠵᠡᠭᠦᠨ ᠦᠵᠦᠮᠦᠴᠢᠨ ᠬᠤᠰᠢᠭᠤᠨ ᠤ ᠲᠦᠯᠦᠭᠡᠯᠡᠭᠴᠢᠳ ᠤᠨ ᠪᠦᠯᠬᠦᠮ ᠤᠨ ᠲᠠᠷᠤᠭ᠎ᠠ ᠪᠤᠷᠵᠢᠭᠢᠨ ᠮᠦᠩᠬᠡᠪᠠᠭᠠᠳᠤᠷ ᠪᠠᠶᠠᠷ ᠤᠨ ᠦᠬᠡ ᠬᠡᠯᠡᠭᠰᠡᠨ ᠤ ᠬᠠᠮᠳᠤ ᠬᠦᠩᠭᠠᠷᠠᠪᠳᠠᠨ ᠸᠠᠩᠳᠠᠨ ᠳᠤ ᠵᠡᠭᠦᠨ ᠦᠵᠦᠮᠦᠴᠢᠨ ᠬᠤᠰᠢᠭᠤᠨ ᠤ ᠨᠠᠮ ᠵᠠᠰᠠᠭ ᠤᠨ ᠤᠳᠤᠷᠢᠳᠤᠯᠭ᠎ᠠ ᠶᠢᠨ ᠪᠠᠶᠠᠷ ᠤᠨ ᠮᠠᠨᠳᠤᠴᠢᠯᠠᠯ ᠢ ᠲᠠᠮᠵᠢᠭᠤᠯᠤᠭᠰᠠᠨ ᠪᠠᠶᠢᠯ᠎ᠠ᠃ ᠲᠤᠷᠤᠨᠠᠳᠤ ᠶᠢᠨ ᠲᠦᠪᠳᠠᠠᠨᠢᠮ᠎ᠠ᠂ ᠵᠡᠭᠦᠨ ᠦᠵᠦᠮᠦᠴᠢᠨ ᠤ ᠤ᠂ ᠶᠤᠨᠳᠤᠨ ᠤᠷᠢᠯᠭ᠎ᠠ ᠪᠠᠷ ᠲᠤᠰ ᠲᠤᠰ ᠦᠬᠡ ᠬᠡᠯᠡᠵᠦ ᠪᠠᠶᠠᠷ ᠬᠦᠷᠭᠡᠵᠡᠢ᠃ ᠬᠦᠩᠭᠠᠷᠠᠪᠳᠠᠨ ︵ᠰᠤᠳᠨᠠᠮᠳᠤᠪᠵᠠᠢ︶ ᠤ ᠲᠤᠪᠴᠢ ᠲᠡᠤᠬᠡ ᠠᠴᠠ ᠲᠦᠬᠦᠮ ᠲᠤᠷᠠᠳᠪᠠᠯ᠄      ᠮᠢᠨᠵᠤᠤᠷᠳᠤᠷᠵᠢ ᠶᠢᠨ ᠰᠤᠳᠨᠠᠮᠳᠤᠪᠵᠠᠢ ᠪᠤᠯ ᠴᠢᠩᠭᠢᠰ ᠬᠠᠭᠠᠨ ᠤ ᠭᠤᠴᠢᠨ ᠲᠦᠷᠪᠡᠳᠦᠭᠡᠷ ᠦᠶ᠎ᠡ ᠶᠢᠨ ᠠᠴᠢ᠂ ᠤᠤᠯ ᠤᠨ ᠦᠵᠦᠮᠦᠴᠢᠨ ᠵᠡᠭᠦᠨ ᠭᠠᠷᠤᠨ ᠬᠤᠰᠢᠭᠤᠨ ᠤ ᠠᠷᠪᠠᠨ ᠲᠠᠪᠤᠳᠤᠭᠠᠷ ᠦᠶ᠎ᠡ ᠶᠢᠨ ᠸᠠᠩ ᠪᠤᠯᠬᠤ ᠪᠦᠭᠡᠳ ᠤᠳᠤ ᠶᠢᠨ ᠡᠷᠡᠭᠦᠯ ᠮᠠᠨᠳᠤ ᠪᠠᠶᠢᠭ᠎ᠠ ᠬᠠᠮᠤᠭ ᠰᠡᠭᠦᠯᠴᠢ ᠶᠢᠨ ᠨᠤᠶᠠᠨᠳᠠᠨ ᠪᠤᠯᠤᠨ᠎ᠠ᠃ ᠲᠤᠰ ᠸᠠᠩᠳᠠᠨ 1945 ᠤᠨ ᠤ ᠲᠡᠯᠡᠬᠡᠢ ᠶᠢᠨ ᠬᠤᠶᠠᠳᠤᠭᠠᠷ ᠲᠠᠶᠢᠨ ᠤ ᠦᠶ᠎ᠡ᠂ ᠲᠦᠷᠦ ᠶᠢᠨ ᠤᠯᠠᠷᠢᠯ ᠬᠤᠪᠢᠰᠤᠯ ᠤᠨ ᠰᠢᠯᠳᠠᠭᠠᠨ  ᠢᠶᠠᠷ ᠠᠷᠤ ᠮᠤᠩᠭᠤᠯ ᠳᠤ ᠨᠡᠭᠦᠵᠦ ᠪᠡᠶᠢᠯᠡ ᠸᠠᠩ ᠤᠨ ᠵᠡᠷᠭᠡ ᠢ ᠨᠢ ᠪᠠᠶᠢᠯᠭᠠᠭᠰᠠᠨ ᠪᠦᠭᠡᠳ ᠠᠷᠠᠳ ᠤᠨ ᠬᠤᠪᠢᠰᠬᠠᠯ  ᠤᠨ ᠶᠤᠰᠤ ᠲᠢᠭᠯᠢᠮ ᠢ ᠲᠠᠭᠠᠭᠰᠠᠨ ᠪᠠᠶᠢᠪᠠ᠃ ᠠᠷᠪᠠᠨ ᠨᠠᠰᠤᠳᠠᠢ ᠵᠢᠭᠠᠬᠠᠨ ᠸᠠᠩ ᠮᠠᠨᠢ ᠮᠤᠩᠭᠤᠯ ᠤᠯᠤᠰ ᠤᠨ ᠴᠤᠶᠢᠪᠠᠯᠰᠠᠩ ᠠᠶᠢᠮᠠᠭ ᠤᠨ 10 ᠵᠢᠯ ᠤᠨ ᠲᠦᠷᠢᠮᠳᠤ ᠰᠤᠷᠭᠠᠭᠤᠯᠢ ᠳᠤ ᠰᠤᠷᠤᠯᠴᠠᠨ ᠰᠤᠷᠤᠯᠭ᠎ᠠ ᠲᠡᠭᠦᠰᠦᠭᠡᠳ ᠬᠤᠵᠢᠮ ᠨᠢ ᠪᠠᠶᠠᠠᠳᠦ᠋ᠮᠡᠨ ᠲᠡᠮᠦᠷ ᠵᠠᠮ ᠤᠨ ᠲᠠᠰᠤᠭ ᠤᠨ ᠠᠵᠢᠯᠴᠢᠨ ᠪᠤᠯᠵᠠᠢ᠃ ᠡᠨᠡᠬᠦ ᠠᠵᠢᠯ ᠤᠨ ᠪᠠᠶᠢᠷᠢ ᠲᠡᠭᠡᠷ᠎ᠡ ᠲᠡᠷᠡ 38 ᠵᠢᠯ ᠲᠡᠰᠪᠦᠷᠢ ᠬᠠᠳᠠᠭᠤᠵᠢᠯᠳᠠᠢ ᠠᠵᠢᠯᠯᠠᠬᠤ ᠳᠠᠭᠠᠨ ᠪᠠᠶᠢᠭᠤᠯᠭ᠎ᠠ ᠨᠢᠭᠡᠴᠡ ᠶᠢᠨ ︽ᠬᠦᠳᠡᠯᠮᠦᠷᠢ ᠶᠢᠨ ᠠᠪᠤᠷᠭᠤ︾ ᠪᠠᠷ ᠤᠯᠠᠠᠳᠠ ᠰᠢᠯᠭᠠᠷᠠᠨ ᠦᠨᠡᠯᠡᠭᠳᠡᠭᠰᠡᠨ ᠭᠠᠷᠮᠠᠭᠠᠢ ᠠᠵᠢᠯᠴᠢᠨ ᠪᠤᠯᠤᠭᠰᠠᠨ᠂ 2001 ᠤᠨ ᠳᠤ ᠦᠨᠳᠦᠷ ᠨᠠᠰᠤᠨ ᠤ ᠲᠡᠳᠭᠦᠪᠦᠷᠢ ᠲᠤ ᠭᠠᠷᠤᠭᠰᠠᠨ ᠪᠠᠶᠢᠯ᠎ᠠ᠃ ᠭᠡᠪᠡᠴᠦ ᠲᠡᠷᠡ ᠪᠡᠶ᠎ᠡ ᠠᠮᠵᠢᠭᠰᠠᠨ ᠦᠭᠡᠢ ᠪᠠᠷ ᠲᠤᠮᠳᠠᠭᠤᠪᠢ ᠠᠶᠢᠮᠠᠭ ᠤᠨ ︽ᠭᠠᠩ ᠢᠯᠴᠢ ᠺᠤᠮᠫᠠᠨᠢ︾ ᠳᠤ ᠬᠦᠷᠴᠦ ᠠᠵᠢᠯᠯᠠᠵᠦ᠂ ᠬᠡᠳᠦᠶᠢᠪᠡᠷ ᠨᠠᠰᠤ ᠠᠭᠰᠢᠷᠠᠭᠰᠠᠨ ᠪᠤᠯᠪᠠᠴᠤ ᠮᠠᠰᠢ ᠬᠠᠷᠢᠭᠤᠴᠠᠯᠭᠠᠳᠠᠢ ᠪᠠᠷ ᠠᠵᠢᠯ ᠡᠬᠦᠷᠭᠡ ᠪᠠᠨ ᠪᠡᠶᠡᠯᠡᠭᠦᠯᠵᠦ ᠢᠷᠡᠭᠰᠡᠨ ᠢᠶᠠᠷ ᠺᠤᠮᠫᠠᠨᠢ  ᠶᠢᠨ ᠤᠯᠠᠨ ᠤ ︽ᠠᠮᠪᠠ︾ ᠡᠷᠭᠦᠮᠵᠢᠯᠡᠭᠳᠡᠨ ᠢᠳᠡᠭᠡᠯ ᠬᠦᠨᠳᠦᠳᠭᠡᠯ ᠢ ᠤᠯᠵᠦ ᠡᠳᠦᠭᠡ ᠳᠤᠷ ᠬᠦᠷᠳᠡᠯ᠎ᠡ ᠨᠡᠶᠢᠭᠡᠮ ᠨᠡᠶᠢᠳᠡ ᠳᠤ ᠬᠦᠴᠦᠨ ᠴᠢᠷᠮᠠᠶᠢᠯᠭ᠎ᠠ ᠪᠠᠨ ᠦᠵᠡᠭᠦᠯᠦᠭᠰᠡᠭᠡᠷ ᠢᠷᠡᠪᠡ᠃ ᠲᠡᠷᠡ ᠮᠠᠯ ᠠᠵᠦ ᠠᠬᠤᠢ᠂ ᠲᠡᠮᠦᠷ ᠵᠠᠮ ᠤᠨ ᠦᠢᠯᠡᠰ᠂ ᠠᠭᠤᠷᠬᠠᠢ ᠠᠬᠤᠶᠢᠯᠠᠯ ᠵᠡᠷᠭᠡ ᠤᠯᠠᠨ ᠠᠵᠢᠯ ᠤᠨ ᠹᠷᠣᠨᠲ ᠲᠡᠭᠡᠷ᠎ᠡ 67 ᠵᠢᠯ ᠨᠢᠭᠡᠨ ᠡᠳᠦᠷ ᠮᠡᠳᠦ ᠠᠵᠢᠯᠯᠠᠪᠠ᠃ ᠨᠠᠶᠠᠨ ᠲᠠᠪᠤᠨ ᠦᠨᠳᠦᠷ ᠨᠠᠰᠤ ᠬᠦᠷᠳᠡᠯ᠎ᠡ ᠠᠵᠢᠯᠯᠠᠳᠠᠭ ᠡᠶᠢᠮᠦ ᠪᠤᠭᠤᠷᠤᠯ ᠲᠡᠯᠡᠬᠡᠢ ᠶᠢᠨ ᠲᠡᠤᠬᠡᠨ ᠳᠤ ᠶᠡᠭᠡ ᠬᠤᠪᠤᠷ ᠪᠠᠶᠢᠬ᠎ᠠ︕ ᠮᠤᠩᠭᠤᠯ ᠤᠯᠤᠰ ᠠᠴᠠ ᠬᠦᠩᠭᠠᠷᠠᠪᠳᠠᠨ ᠭᠤᠸᠠᠢ ᠶᠢᠨ ᠡᠨᠡᠬᠦ ᠮᠢᠳᠠᠷᠠᠰᠢ ᠦᠭᠡᠢ ᠵᠤᠷᠢᠭ ᠰᠠᠨᠠᠭ᠎ᠠ ᠶᠢ ᠦᠨᠳᠦᠷ ᠦᠨᠡᠯᠡᠵᠦ ︽ᠬᠦᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠤᠳᠤᠨ︾ ᠢᠶᠠᠷ ᠱᠠᠩᠨᠠᠭᠤᠯᠤᠭᠰᠠᠨ ᠪᠠᠶᠢᠨ᠎ᠠ᠃ ᠦᠨᠦᠳᠦᠷ ᠲᠤᠮᠳᠠᠭᠤᠪᠢ ᠠᠶᠢᠮᠠᠭ ᠤᠨ ︽ᠭᠠᠩ ᠢᠯᠴᠢ ᠺᠤᠮᠫᠠᠨᠢ︾᠂ ᠦᠵᠦᠮᠦᠴᠢᠨ ᠰᠤᠳᠤᠯᠤᠯ ᠢ ᠲᠡᠮᠵᠢᠬᠦ ᠨᠡᠶᠢᠭᠡᠮᠯᠢᠭ ᠠᠴᠠ ᠨᠠᠰᠤᠳᠠᠨ ᠭᠤᠸᠠᠢ ᠳᠤ ᠮᠢᠯᠢᠶᠠᠯᠭ᠎ᠠ ᠶᠢᠨ ᠨᠠᠶᠢᠷ ᠬᠢᠵᠦ ᠲᠤᠷᠠᠰᠬᠠᠨ ᠲᠡᠮᠳᠡᠭᠯᠡᠵᠦ ᠪᠠᠶᠢᠭ᠎ᠠ ᠶᠠᠪᠤᠳᠠᠯ ᠪᠤᠯ ᠴᠢᠬᠤᠯᠠ ᠤᠳᠤᠬᠢ ᠠᠴᠢ ᠬᠤᠯᠪᠤᠭᠳᠠᠯ ᠲᠠᠢ ᠦᠢᠯᠡ ᠶᠠᠪᠤᠳᠠᠯ ᠪᠤᠯᠬᠤ ᠶᠤᠮ᠃      ᠮᠤᠩᠭᠤᠯ ᠤᠯᠤᠰ ᠤᠨ ᠢᠷᠭᠡᠨ᠂ ᠦᠵᠦᠮᠦᠴᠢᠨ ᠤ ᠵᠢᠭᠠᠬᠠᠨ ᠸᠠᠩ ︵ᠰᠤᠳᠨᠠᠮᠳᠤᠪᠵᠠᠢ︶ ᠪᠤᠯ ᠴᠢᠩᠭᠢᠰ ᠬᠠᠭᠠᠨ ᠤ ᠠᠯᠳᠠᠨ ᠤᠷᠤᠭᠳᠠᠨ ᠤ ᠦᠷ᠎ᠡ ᠬᠤᠶᠢᠴᠢᠰ᠂ ᠮᠦᠨᠴᠦ ᠨᠢᠭᠡᠨ ᠲᠡᠤᠬᠡᠨ ᠬᠦᠮᠦᠨ ᠮᠦᠨ᠃ ᠦᠵᠦᠮᠦᠴᠢᠨ  ᠤ ᠲᠡᠤᠬᠡᠨ ᠳᠠᠬᠢ ᠬᠠᠮᠤᠭ ᠡᠴᠦᠰ ᠤᠨ ᠪᠡᠶᠢᠯᠡ ᠸᠠᠩ ᠭᠡᠬᠦ ᠲᠡᠤᠬᠡᠨ ᠬᠠᠭᠤᠳᠠᠰᠤᠨ ᠳᠤ ᠨᠠᠷ᠎ᠠ ᠨᠢ ᠲᠤᠷᠠᠶᠢᠵᠦ ᠪᠠᠶᠢᠬᠤ ᠪᠠᠷ ᠦᠯᠦ ᠪᠠᠷᠠᠮ ᠪᠠᠰᠠ ᠦᠵᠦᠮᠦᠴᠢᠨ ᠲᠡᠤᠬᠡ ᠶᠢᠨ ᠠᠴᠢᠶᠠᠯᠠᠪᠤᠷᠢ ᠪᠠ ᠦᠷᠭᠦᠯᠵᠢᠯᠡᠬᠦᠯᠬᠦ ᠦᠢᠯᠡᠳᠦᠯ ᠢ ᠭᠠᠷᠭᠠᠭᠰᠠᠨ ᠶᠤᠮ᠃ 2015 ᠤᠨ ᠳᠤ ᠦᠵᠦᠮᠦᠴᠢᠨ ᠵᠡᠭᠦᠨ ᠭᠠᠷᠤᠨ ᠬᠤᠰᠢᠭᠤᠨ ᠤ ᠤᠯᠠᠮᠵᠢᠯᠠᠯᠳᠤ ᠬᠦᠳᠡᠭᠡ ᠰᠦᠯᠳᠡ ᠶᠢᠨ ᠲᠠᠬᠢᠯᠭ᠎ᠠ ᠶᠢ ᠰᠡᠷᠭᠦᠭᠡᠨ ᠦᠢᠯᠡᠳᠦᠬᠦ ᠶᠢ ᠵᠦᠪᠰᠢᠶᠡᠷᠡᠭᠰᠡᠨ ᠪᠦᠭᠡᠳ ᠰᠦᠯᠳᠡᠨ ᠤ ᠨᠡᠭᠡᠭᠡᠯᠳᠡ ᠶᠢᠨ ᠶᠤᠰᠤᠯᠠᠯ ᠳᠤ ᠪᠡᠶ᠎ᠡ ᠪᠠᠷ ᠢᠶᠠᠨ ᠤᠷᠤᠯᠴᠠᠨ᠂ ᠵᠡᠭᠦᠨ ᠦᠵᠦᠮᠦᠴᠢᠨ ᠬᠤᠰᠢᠭᠤᠨ ᠤ ᠬᠤᠰᠢᠭᠤ ᠲᠠᠷᠤᠭ᠎ᠠ ᠪᠦᠬᠡᠴᠢᠯᠠᠭᠤ ᠶᠢᠨ ᠬᠠᠮᠳᠤ ᠬᠦᠰᠢᠭᠡ ᠰᠡᠭᠦᠵᠦ ᠤᠯᠠᠨ ᠤ ᠮᠡᠯᠮᠡᠢ ᠳᠤ ᠵᠤᠯᠭᠠᠭᠤᠯᠤᠭᠰᠠᠨ ᠪᠠᠶᠢᠭ᠎ᠠ ᠶᠤᠮ᠃ 2018 ᠤᠨ ᠤ ᠵᠡᠭᠦᠨ ᠦᠵᠦᠮᠦᠴᠢᠨ ᠬᠤᠰᠢᠭᠤᠨ ᠤ ᠬᠦᠳᠡᠭᠡ ᠰᠦᠯᠳᠡ ᠶᠢᠨ ᠲᠠᠬᠢᠯᠭ᠎ᠠ ᠳᠤ ᠲᠠᠬᠢᠨᠳᠠ ᠢᠷᠡᠵᠦ ᠤᠷᠤᠯᠴᠠᠨ ᠲᠡᠭᠡᠳᠦ ᠶᠢᠨ ᠭᠡᠭᠡᠨ ᠢᠶᠠᠨ ᠪᠠᠶᠠᠷᠯᠠᠭᠤᠯᠤᠭᠰᠠᠨ ᠢᠶᠠᠷ ᠪᠠᠷᠠᠬᠤ ᠦᠭᠡᠢ ᠦᠵᠦᠮᠦᠴᠢᠨ ᠨᠤᠲᠤᠭ ᠲᠤ ᠴᠢᠩᠭᠢᠰ ᠬᠠᠭᠠᠨ  ᠤ ᠲᠠᠬᠢᠯᠭ᠎ᠠ ᠶᠢ ᠤᠯᠠᠮᠵᠢᠯᠠᠨ ᠦᠪᠯᠡᠬᠦ ᠳᠤ ᠬᠤᠪᠢ ᠨᠡᠮᠡᠷᠢ ᠪᠠᠨ ᠦᠵᠡᠭᠦᠯᠪᠡ᠃ ᠡᠨᠡ ᠪᠤᠯ ᠦᠨᠡᠯᠡᠭᠦᠰᠢᠳᠡᠢ ᠨᠢᠭᠡᠨ ᠲᠡᠤᠬᠡᠨ ᠶᠠᠪᠤᠳᠠᠯ ᠪᠤᠯᠤᠨ ᠲᠡᠮᠳᠡᠭᠯᠡᠭᠳᠡᠵᠦ ᠪᠤᠢ᠃ ᠦᠵᠦᠮᠦᠴᠢᠨ ᠠᠶᠢᠮᠠᠭ ᠬᠡᠳᠦᠶᠢᠪᠡᠷ ᠲᠤᠮᠳᠠᠳᠤ ᠮᠤᠩᠭᠤᠯ ᠬᠤᠶᠠᠷ ᠤᠯᠤᠰ ᠲᠤ ᠠᠵᠦ ᠲᠦᠷᠦᠨ ᠠᠮᠢᠳᠤᠷᠠᠨ ᠪᠠᠶᠢᠪᠠᠴᠤ ᠤᠳᠤᠮ ᠤᠭᠰᠠᠭ᠎ᠠ ᠨᠢᠭᠡᠳᠡᠢ᠂ ᠦᠬᠡ ᠬᠡᠯᠡ ᠨᠢᠭᠡᠳᠡᠢ᠂ ᠲᠡᠤᠬᠡ ᠰᠤᠶᠤᠯ ᠨᠢ ᠨᠢᠭᠡᠳᠡᠢ ᠪᠠᠶᠢᠳᠠᠭ ᠢᠶᠠᠷ ᠬᠤᠵᠢᠮ ᠬᠤᠶᠠᠷ ᠤᠯᠤᠰ ᠤᠨ ᠰᠤᠶᠤᠯ ᠤᠨ ᠬᠠᠷᠢᠯᠴᠠᠭᠠᠨ ᠳᠤ ᠭᠡᠰᠡᠨ᠂ ᠠᠵᠦ ᠠᠬᠤᠢ ᠶᠢᠨ ᠰᠤᠯᠢᠴᠠᠭᠠᠨ ᠳᠤ ᠴᠤ ᠭᠡᠰᠡᠨ ᠨᠢᠭᠡᠨ ᠡᠶ᠎ᠡ ᠨᠡᠶᠢᠷ ᠲᠠᠢ᠂ ᠬᠤᠶᠠᠷ ᠤᠯᠤᠰ ᠤᠨ ᠨᠦᠬᠦᠷᠯᠡᠯ ᠳᠤ ᠠᠰᠢᠭᠳᠠᠢ ᠨᠢᠭᠡᠨ ᠰᠤᠶᠤᠯ ᠤᠨ ᠭᠢᠯᠡᠰ ᠴᠢᠭ ᠢᠶᠠᠷ ᠲᠤᠲᠤᠷᠠᠨ᠎ᠠ ᠭᠡᠳᠡᠭ ᠲᠤ ᠢᠳᠡᠭᠡᠯᠳᠡᠢ ᠪᠠᠶᠢᠨ᠎ᠠ ᠭᠡᠵᠦ ᠤ᠂ ᠶᠤᠨᠳᠤᠨ ᠢᠶᠠᠷ ᠤᠯᠠᠨ ᠳᠤ ᠬᠠᠨᠳᠤᠨ ᠨᠠᠶᠢᠳᠠᠨ ᠤᠴᠢᠷᠯᠠᠵᠠᠢ᠃      ᠪᠠᠶᠠᠷ ᠤᠨ ᠶᠠᠷᠢᠶᠠᠨ ᠤ ᠲᠠᠷᠠᠭ᠎ᠠ᠂ ᠲᠤᠮᠳᠠᠭᠤᠪᠢ ᠠᠶᠢᠮᠠᠭ ᠤᠨ ᠲᠠᠭᠤᠯᠠᠯᠳᠤ ᠵᠦᠴᠦᠭᠡ ᠶᠢᠨ ᠪᠦᠯᠬᠦᠮ ᠤᠨ ᠰᠢᠯᠢᠳᠡᠭ ᠲᠤᠭᠯᠠᠯᠳᠠ ᠶᠢ ᠰᠤᠨᠢᠷᠬᠠᠪᠠ᠃ ᠲᠤᠭᠯᠠᠯᠳᠠ ᠶᠢᠨ ᠲᠠᠯᠠᠪᠠᠢ ᠶᠢᠨ ᠵᠠᠰᠠᠯ ᠤᠨᠴᠤᠭᠤᠢ ᠰᠠᠶᠢᠬᠠᠨ ᠨᠢᠳᠦ ᠬᠢᠯᠠᠰᠤᠮ᠎ᠠ ᠪᠠᠶᠢᠵᠦ᠂ ᠭᠡᠷᠡᠯ ᠤᠨ ᠲᠤᠬᠢᠷᠠᠭᠤᠯᠭ᠎ᠠ ᠵᠤᠬᠢᠮᠵᠢᠳᠡᠢ᠂ ᠲᠤᠭᠯᠠᠭᠴᠢ ᠶᠢᠨ ᠬᠤᠪᠴᠠᠰᠤ ᠵᠠᠰᠠᠯ ᠦᠵᠡᠮᠵᠢᠳᠡᠢ ᠂ ᠲᠠᠭᠤᠯᠠᠯᠭ᠎ᠠ ᠶᠢᠨ ᠤᠷᠠᠯᠢᠭ ᠡᠳᠡᠭᠡᠳ ᠡᠭᠡᠰᠢᠭᠯᠡᠩ ᠲᠠᠢ᠃ ᠬᠠᠯᠬ᠎ᠠ ᠠᠷᠠᠳ ᠤᠨ ᠤᠷᠳᠤ ᠶᠢᠨ ᠲᠠᠭᠤᠤ᠂ ᠪᠤᠭᠤᠨᠢ ᠲᠠᠭᠤᠤ᠂ ᠮᠤᠩᠭᠤᠯ ᠤᠷᠠᠨ ᠪᠦᠵᠢᠭ᠂ ᠮᠤᠷᠢᠨ ᠬᠤᠭᠤᠷ ᠪᠤᠯᠤᠨ ᠮᠤᠩᠭᠤᠯ ᠶᠠᠳᠤᠭ᠎ᠠ ᠶᠢᠨ ᠭᠤᠴᠤᠯᠠᠯ᠂ ᠦᠵᠦᠮᠦᠴᠢᠨ ᠠᠷᠠᠳ ᠤᠨ ᠲᠠᠭᠤᠤ ᠵᠡᠷᠭᠡ ᠤᠯᠠᠨ ᠰᠠᠶᠢᠬᠠᠨ ᠲᠦᠷᠰᠦᠯᠡᠯ ᠪᠦᠬᠦᠢ ᠲᠠᠭᠤᠤ ᠬᠤᠭᠤᠯᠠᠢ ᠶᠢᠨ ᠤᠷᠠᠯᠢᠭ  ᠤᠨ ᠭᠤᠶᠤᠮᠰᠤᠭ ᠢ ᠰᠤᠨᠢᠷᠬᠠᠭᠤᠯᠪᠠ᠃ ᠪᠢᠳᠡ ᠤᠷᠠᠨ ᠰᠠᠶᠢᠬᠠᠨ ᠤ ᠲᠤᠭᠯᠠᠯᠳᠠ ᠶᠢ ᠰᠡᠳᠭᠢᠯ ᠪᠠᠭ᠋ᠠᠳᠤᠨ ᠰᠤᠨᠢᠷᠬᠠᠵᠦ ᠦᠵᠡᠭᠰᠰᠡᠨ ᠢᠶᠠᠨ᠄ ︽ᠶᠠᠮᠠᠷ ᠰᠠᠶᠢᠬᠠᠨ ᠲᠤᠭᠯᠠᠯᠳᠠ ᠪᠤᠢ᠂ ᠲᠠᠭᠤᠴᠢᠳ ᠪᠦᠵᠢᠭᠴᠢᠳ ᠤᠨ ᠠᠪᠢᠶᠠᠰ ᠴᠢᠳᠠᠪᠤᠷᠢ ᠢᠶᠠᠷ ᠦᠵᠡᠬᠦ ᠳᠤ ᠶᠡᠭᠡ ᠦᠨᠳᠦᠷ ᠪᠤᠯᠪᠠᠰᠤᠷᠠᠯ ᠲᠠᠢ ᠬᠦᠮᠦᠰ ᠪᠠᠶᠢᠨ᠎ᠠ ᠰᠢᠤ︾ ᠭᠡᠬᠦ ᠳᠤ ᠭᠠᠩᠪᠠᠳᠤ ᠭᠤᠸᠠᠢ ᠤᠮᠤᠭᠯᠠᠩᠭᠤᠢ ᠪᠠᠷ᠄ ︽ᠲᠡᠶᠢᠮᠦ ᠰᠢᠤ᠂ ᠮᠠᠨ ᠤ ᠲᠤᠮᠳᠠᠭᠤᠪᠢ ᠶᠢᠨ ᠲᠠᠭᠤᠯᠠᠯᠳᠤ ᠵᠦᠴᠦᠭᠡ ᠶᠢᠨ ᠪᠦᠯᠬᠦᠮ ᠪᠤᠯ ᠮᠤᠩᠭᠤᠯ ᠤᠯᠤᠰ ᠲᠠᠭᠠᠨ ᠪᠠᠰᠠ ᠠᠯᠳᠠᠷᠳᠠᠢ᠂ ᠭᠠᠳᠠᠭᠠᠳᠤ ᠳᠤ ᠭᠠᠷᠴᠤ ᠲᠤᠭᠯᠠᠳᠠᠭ ᠤᠯᠤᠰ ᠶᠤᠮ ᠳ᠋ᠠ︕︾ ᠭᠡᠨ᠎ᠡ᠃ ᠲᠤᠭᠯᠠᠯᠳᠠ ᠨᠢ ᠤᠯᠠᠨ ᠤ ᠬᠠᠯᠠᠭᠤᠨ ᠠᠯᠠᠭ᠎ᠠ ᠲᠠᠰᠢᠯᠳᠠ᠂ ︽ᠨᠠᠶᠢᠷᠯᠠᠨ ᠪᠦᠵᠢᠭᠯᠡᠶ᠎ᠡ︾ ᠭᠡᠬᠦ ᠤᠷᠠᠨ ᠪᠦᠵᠢᠭ ᠤᠨ ᠬᠦᠷ ᠬᠦᠭᠵᠢᠶᠡᠨ ᠤ ᠲᠤᠮᠳᠠ ᠠᠮᠵᠢᠯᠳᠠ ᠲᠠᠢ ᠦᠨᠳᠦᠷᠯᠡᠪᠡ᠃ ᠦᠳᠡ ᠠᠴᠠ ᠬᠤᠶᠢᠰᠢ ᠰᠤᠶᠤᠯᠠᠩ ᠮᠤᠷᠢ ᠪᠤᠯᠤᠨ ᠲᠠᠭ᠎ᠠ ᠶᠢᠨ ᠤᠷᠤᠯᠳᠤᠭᠠᠨ ᠶᠠᠪᠤᠭᠤᠯᠤᠭᠰᠠᠨ᠂ ᠨᠠᠶᠢᠷᠠᠭᠳᠠᠭᠰᠠᠨ ᠮᠤᠷᠢᠳ ᠢ ᠰᠦ ᠴᠠᠭ᠎ᠠ ᠪᠠᠷ ᠮᠢᠯᠢᠶᠠᠭᠰᠠᠨ ᠢᠶᠠᠨ ᠴᠤᠯᠠ ᠶᠢ ᠨᠢ ᠲᠠᠭᠤᠳᠠᠵᠦ᠂ ᠮᠠᠩᠨᠠᠢ ᠶᠢᠨ ᠮᠧᠲᠠᠯ ᠪᠠ ᠡᠳ᠋ ᠪᠤᠳᠠᠰ ᠤᠨ ᠱᠠᠩᠨᠠᠯ ᠤᠯᠭᠤᠭᠰᠠᠨ ᠪᠠᠶᠢᠨ᠎ᠠ᠃      ᠤᠷᠤᠢ ᠨᠢ ᠠᠶᠢᠮᠠᠭ ᠤᠨ ᠰᠤᠶᠤᠯ ᠤᠨ ᠦᠷᠭᠦᠭᠡᠨ ᠳᠤ ᠤᠭᠳᠤᠯᠭ᠎ᠠ ᠵᠤᠴᠢᠯᠭ᠎ᠠ ᠶᠢᠨ ᠨᠠᠶᠢᠷ ᠪᠤᠯᠪᠠ᠃ ᠲᠢᠩᠬᠢᠮ ᠨᠢ ᠬᠤᠶᠠᠷ ᠲᠠᠪᠬᠤᠷ ᠠᠰᠠᠷᠯᠢᠭ ᠮᠤᠩᠭᠤᠯ ᠭᠡᠷ ᠤᠨ ᠬᠡᠯᠪᠡᠷᠢ ᠲᠠᠢ ᠭᠤᠸᠠᠯᠢᠭ ᠪᠠᠷᠢᠯᠭ᠎ᠠ ᠪᠠᠶᠢᠭᠰᠠᠨ ᠪᠦᠭᠡᠳ ᠭᠡᠷ ᠲᠤᠲᠤᠷ᠎ᠠ ᠤᠷᠤᠪᠠᠯ ᠠᠭᠤᠵᠢᠮ ᠰᠠᠷᠠᠭᠤᠯᠭᠠᠨ ᠭᠡᠳᠡᠭ ᠨᠢ ᠡᠳᠡᠭᠡᠳ ᠰᠠᠶᠢᠬᠠᠨ ᠬᠠᠷᠠᠭᠳᠠᠨ᠎ᠠ᠃ ᠬᠤᠶᠢᠮᠦᠷ ᠬᠠᠨ᠎ᠠ ᠲᠠᠭᠠᠭᠤᠯᠤᠨ ᠮᠤᠩᠭᠤᠯ ᠤᠨ ᠶᠡᠭᠡ ᠬᠠᠭᠠᠳ ᠤᠨ ᠭᠤᠴᠢ ᠭᠠᠷᠤᠢ ᠬᠦᠷᠦᠭ ᠢ ᠡᠩᠨᠡᠭᠦᠯᠦᠨ ᠡᠯᠭᠦᠵᠦ᠂ ᠡᠵᠡᠨ ᠴᠢᠩᠭᠢᠰ ᠤᠨ ᠬᠦᠷᠦᠭ ᠲᠦᠪ ᠲᠤᠮᠳᠠ ᠨᠢ ᠰᠠᠭᠠᠳᠠᠭᠰᠠᠨ ᠢᠶᠠᠷ ᠤᠯᠠᠮ ᠲᠤᠬᠢᠯᠢᠭ ᠰᠦᠷᠯᠡᠭᠦᠨ ᠪᠤᠯᠵᠠᠢ᠃ ᠨᠠᠢᠮᠠᠨ ᠲᠤᠯᠭᠠᠭᠤᠷᠢᠳᠦ ᠡᠨᠡ ᠲᠤᠮᠤ ᠭᠡᠷ ᠤᠨ ᠪᠠᠭᠳᠠᠭᠠᠮᠵᠢ ᠶᠢ ᠪᠠᠷᠤᠭ ︽ᠮᠢᠩᠭᠠᠨ ᠬᠤᠨᠢᠨ ᠤ ᠬᠤᠳᠠ︾ ᠴᠢᠨᠡᠭᠡ ᠭᠡᠮᠡᠷ ᠠᠭᠤᠵᠢᠮ ᠨᠢᠵᠢᠭᠡᠷ ᠪᠠᠶᠢᠯ᠎ᠠ᠃ ᠭᠤᠶᠤᠮᠰᠤᠭ ᠰᠠᠶᠢᠯᠪᠦᠷᠢᠳᠡᠢ ᠦᠷᠭᠡᠨ ᠰᠢᠷᠡᠭᠡ ᠶᠢᠨ ᠲᠡᠭᠡᠷ᠎ᠡ ᠬᠠᠯᠬ᠎ᠠ  ᠶᠢᠨ ᠬᠦᠨᠳᠦᠳᠭᠡᠯ ᠤᠨ ᠶᠤᠰᠤᠯᠠᠯ ᠳᠤ ᠬᠡᠷᠡᠭᠯᠡᠳᠡᠭ ᠲᠤᠮᠤ ᠲᠠᠪᠠᠭ ᠢ ᠤᠯᠠ ᠪᠤᠤᠪᠤ ᠪᠠᠷ ᠵᠢᠭᠢᠷᠬᠡᠯᠡᠨ ᠴᠠᠭᠠᠨ ᠢᠳᠡᠭᠡᠨ  ᠢᠶᠠᠷ ᠪᠦᠷᠢᠵᠦ ᠨᠠᠮᠪᠠᠯᠢᠭ ᠵᠠᠰᠠᠵᠦ᠂ ᠬᠠᠵᠠᠭᠤ ᠳᠤᠨᠢ ᠪᠠᠰᠠ ᠨᠢᠭᠡᠨ ᠲᠤᠮᠤ ᠢᠷᠭᠡ ᠶᠢᠨ ᠰᠢᠭᠦᠰᠦ ᠲᠠᠯᠪᠢᠭᠠᠰᠤᠳᠠᠢ᠃ ᠲᠤᠭᠤᠷᠢᠭᠤᠯᠤᠨ ᠵᠠᠰᠠᠭᠰᠠᠨ ᠠᠶᠠᠭᠠᠨ ᠰᠢᠷᠡᠭᠡ ᠲᠡᠭᠡᠷ᠎ᠡ ᠴᠠᠭᠠᠨ ᠢᠳᠡᠭᠡᠨ ᠤ ᠲᠠᠪᠠᠭ ᠭᠡᠳᠡᠯ᠎ᠡ ᠵᠢᠮᠢᠰᠯᠢᠭ ᠢᠳᠡᠭᠡᠨ ᠤ ᠲᠠᠪᠠᠭ ᠭᠡᠳ ᠮᠠᠰᠢ ᠤᠯᠠᠨ ᠵᠦᠢᠯᠳᠡ ᠪᠠᠷ ᠲᠠᠩᠰᠤᠭᠯᠠᠨ ᠵᠠᠰᠠᠵᠠᠢ᠃ ᠭᠡᠷ ᠤᠨ ᠬᠤᠶᠢᠮᠦᠷ ᠲᠤ ᠤᠭᠠᠯᠵᠠᠨ ᠬᠡ ᠪᠦᠬᠦᠢ ᠦᠨᠳᠦᠷ ᠲᠦᠰᠢᠯᠭᠡ ᠲᠠᠢ ᠬᠤᠶᠠᠷ ᠠᠭᠤᠵᠢᠮ ᠰᠠᠨᠳᠠᠯᠢ ᠲᠡᠭᠡᠷ᠎ᠡ ᠬᠦᠩᠭᠠᠷᠠᠪᠳᠠᠨ ᠨᠤᠶᠠᠨ ᠪᠤᠯᠤᠨ ᠲᠡᠭᠦᠨ ᠤ ᠬᠠᠳᠤᠭᠳᠠᠢ ᠦᠯᠵᠡᠶᠢᠪᠠᠶᠠᠷ ᠮᠤᠷᠢᠯᠠᠨ ᠰᠠᠭᠠᠳᠠᠬᠤ ᠳᠤ ᠪᠢᠳᠡ ᠬᠤᠶᠠᠷ ᠲᠠᠯ᠎ᠠ ᠳᠤᠨᠢ ᠵᠢᠭᠦᠷᠯᠡᠨ ᠰᠠᠭᠤᠵᠠᠭᠠᠪᠠ᠃      ᠬᠦᠨᠳᠦᠳᠭᠡᠯ ᠤᠨ ᠨᠠᠶᠢᠷ ᠢ ᠭᠠᠩ ᠢᠯᠴᠢ ᠺᠤᠮᠫᠠᠨᠢ ᠵᠤᠬᠢᠶᠠᠨ ᠪᠠᠶᠢᠭᠤᠯᠤᠨ ᠵᠠᠰᠠᠵᠦ᠂ ᠵᠠᠬᠢᠷᠤᠯ ᠭᠠᠩᠪᠠᠳᠤ ᠡᠷᠬᠢᠯᠡᠵᠦ ᠶᠠᠪᠤᠭᠤᠯᠪᠠ᠃ ᠲᠡᠷᠡ ᠬᠡᠯᠡᠬᠦ ᠳᠡᠭᠡᠨ᠄ ︽ᠨᠠᠰᠤᠳᠠᠨ ᠪᠤᠯ ᠮᠢᠨᠤ ᠬᠠᠳᠠᠮ ᠠᠪᠤ ᠶᠤᠮ᠃ ᠨᠠᠮᠠᠶᠢ ᠨᠡᠭᠦᠷᠡᠰᠦᠨ ᠠᠭᠤᠷᠬᠠᠢ ᠡᠷᠬᠢᠯᠡᠬᠦ ᠦᠶ᠎ᠡ ᠳᠤ ︿ᠭᠠᠩ ᠢᠯᠴᠢ ᠺᠤᠮᠫᠠᠨᠢ﹀ ᠳᠤ ᠢᠷᠡᠵᠦ ᠠᠵᠢᠯᠯᠠᠭᠰᠠᠨ᠂ ᠤᠳᠤ ᠨᠢᠭᠡᠨᠳᠡ 18 ᠵᠢᠯ ᠪᠤᠯᠴᠢᠬᠠᠯ᠎ᠠ᠃ ᠠᠷᠪᠠᠨ ᠨᠠᠢᠮᠠᠨ ᠵᠢᠯ ᠤᠨ ᠲᠤᠷᠰᠢ ᠬᠠᠳᠠᠮ ᠠᠪᠤ ᠮᠢᠨᠢ ᠨᠠᠮᠠᠶᠢ ᠲᠦᠷᠦᠭᠰᠡᠨ ᠬᠦᠤ  ᠪᠠᠨ ᠰᠢᠭ᠋ ᠬᠠᠷᠠᠭᠠᠯᠵᠠᠨ ᠬᠠᠪᠰᠤᠷᠴᠦ᠂ ᠺᠤᠮᠫᠠᠨᠢ ᠶᠢᠨ ᠠᠵᠢᠯ ᠢ ᠭᠢᠯᠠᠷᠠᠳᠠᠯ᠎ᠠ ᠪᠡᠶᠡᠯᠡᠭᠦᠯᠵᠦ ᠢᠷᠡᠭᠰᠡᠨ᠂ ᠺᠤᠮᠫᠠᠨᠢ ᠶᠢᠨ ᠭᠠᠳᠠᠨ᠎ᠠ ᠲᠤᠲᠤᠨ᠎ᠠ ᠠᠵᠢᠯ ᠳᠤ ᠬᠡᠵᠢᠶᠡᠳᠡ ᠰᠠᠨᠠᠭ᠎ᠠ ᠲᠠᠯᠪᠢᠵᠦ᠂ ᠮᠠᠰᠢ ᠬᠠᠷᠢᠭᠤᠴᠠᠯᠭ᠎ᠠ ᠲᠠᠢ ᠮᠠᠨᠠᠵᠦ ᠬᠠᠷᠠᠵᠦ ᠪᠠᠶᠢᠳᠠᠭ ᠶᠤᠮ᠃ ᠺᠤᠮᠫᠠᠨᠢ ᠶᠢᠨ ᠶᠠᠭᠤᠮ᠎ᠠ ᠶᠢ ᠪᠤᠰᠤᠳ ᠲᠤ ᠨᠢᠭᠤᠷ ᠬᠠᠷᠠᠵᠦ ᠲᠠᠯ᠎ᠠ ᠵᠠᠰᠠᠬᠤ ᠶᠠᠪᠤᠳᠠᠯ ᠭᠡᠵᠦ ᠪᠠᠶᠢᠳᠠᠭ ᠦᠭᠡᠢ᠃ ᠠᠵᠢᠯ ᠦᠢᠯᠡᠰ ᠲᠡᠭᠡᠨ ᠦᠨᠡᠨᠴᠢ ᠰᠢᠳᠦᠷᠭᠤ ᠶᠡᠭᠡ ᠬᠦᠨᠳᠦᠳᠭᠡᠯᠳᠡᠢ ᠨᠠᠰᠤᠳᠠᠨ ᠶᠤᠮ ᠡ︾ ᠭᠡᠵᠦ ᠰᠡᠳᠭᠢᠯ ᠬᠦᠳᠡᠯᠤᠨ ᠶᠠᠷᠢᠵᠦ ᠪᠠᠶᠢᠭᠰᠠᠨ ᠢᠶᠠᠨ᠄ ︽ᠪᠢ ᠤᠳᠤ ᠠᠪᠤ ᠢᠶᠠᠨ ᠦᠳᠡᠯᠦᠭᠡ ᠨᠠᠰᠤᠨ ᠳᠤᠨᠢ ᠵᠢᠷᠭᠠᠭᠤᠯᠤᠶ᠎ᠠ ᠬᠡᠮᠡᠨ ᠤᠯᠠᠭᠠᠠᠪᠠᠭᠠᠳᠤᠷ ᠬᠤᠳᠠ ᠳᠤ ᠭᠡᠷ ᠤᠷᠤᠨ ᠰᠠᠭᠤᠴᠠ ᠶᠢᠨ ᠭᠠᠵᠠᠷ ᠬᠤᠳᠠᠯᠳᠤᠨ ᠠᠪᠤᠭᠰᠠᠨ ᠪᠦᠭᠡᠳ ᠲᠠᠷᠠᠭ᠎ᠠ ᠵᠢᠯ ᠠᠴᠠ ᠰᠢᠭᠦᠷᠳᠦ ᠠᠬ᠎ᠠ ᠲᠠᠢ ᠬᠤᠷᠰᠢᠵᠦ ᠪᠠᠷᠢᠭᠠᠳ᠂ ᠨᠠᠰᠤᠳᠠᠨ ᠳᠠᠭᠠᠨ ᠬᠤᠳᠠ ᠳᠤ ᠭᠡᠷ ᠤᠷᠤᠨ ᠲᠠᠢ ᠪᠤᠯᠭᠠᠵᠦ ᠦᠭᠭᠦᠨ᠎ᠡ︾ ᠭᠡᠰᠡᠨ ᠢᠶᠠᠨ ᠤᠷᠤᠨ ᠰᠠᠭᠤᠴᠠ ᠶᠢᠨ ᠭᠠᠷ ᠭᠦᠢᠴᠡᠳᠭᠡᠯ ᠤᠨ ᠪᠢᠴᠢᠭ ᠲᠠᠩᠰᠠ ᠶᠢ ᠬᠦᠩᠭᠠᠷᠠᠪᠳᠠᠨ ᠪᠤᠯᠤᠨ ᠲᠡᠭᠦᠨ ᠤ ᠬᠠᠳᠤᠨ ᠳᠤ ᠭᠠᠷᠳᠠᠭᠤᠯᠤᠨ ᠡᠷᠭᠦᠯ᠎ᠡ᠃ ᠡᠶᠢᠮᠦᠷᠬᠦ ᠬᠠᠶᠢᠷ᠎ᠠ ᠬᠠᠯᠠᠮᠵᠢ ᠶᠢᠨ ᠨᠠᠨᠳᠢᠨ ᠭᠡᠯᠬᠢᠶ᠎ᠡ ᠮᠦᠩᠭᠦᠨ ᠭᠤᠤᠯ ᠪᠤᠯᠤᠨ ᠤᠷᠤᠰᠴᠤ ᠤᠷᠬᠢᠯᠬᠤ ᠳᠤ ᠡᠨᠡᠬᠦ ᠬᠦᠮᠦᠨ ᠤ ᠰᠡᠳᠭᠢᠯ ᠢ ᠬᠦᠳᠡᠯᠭᠡᠮ᠎ᠡ ᠦᠢᠯᠡ ᠶᠠᠪᠤᠳᠠᠯ ᠳᠤ ᠰᠠᠭᠠᠳᠠᠭᠰᠠᠨ ᠤᠯᠠᠨ ᠪᠦᠬᠦᠳᠡᠭᠡᠷ ᠪᠠᠶᠠᠰᠴᠤ ᠠᠯᠠᠭ᠎ᠠ ᠲᠠᠰᠢᠨ ᠪᠠᠶᠠᠷ ᠬᠦᠷᠭᠡᠨ᠎ᠡ᠃      ᠭᠠᠩᠪᠠᠳᠤ ᠪᠤᠯ ᠬᠦᠳᠡᠷ ᠴᠢᠬᠢᠷᠠᠭ ᠴᠤᠭᠴᠠᠰ ᠲᠠᠢ ᠬᠡᠪ ᠲᠤᠮᠳᠠ ᠶᠢᠨ ᠪᠡᠶ᠎ᠡ ᠲᠠᠢ᠂ ᠰᠡᠳᠭᠢᠯ ᠢᠳᠡᠭᠡᠯ ᠢ ᠡᠷᠬᠢᠮᠯᠡᠳᠡᠭ ᠲᠦᠪ ᠭᠤᠤᠯᠴᠢ ᠶᠢ ᠪᠠᠷᠢᠮᠳᠠᠯᠠᠳᠠᠭ ᠮᠤᠩᠭᠤᠯ ᠡᠷ᠎ᠡ ᠪᠤᠯᠬᠤ ᠶᠤᠮ᠃ ᠲᠡᠷᠡ ᠭᠠᠯ ᠵᠠᠯᠠᠭᠤ ᠨᠠᠰᠤᠨ  ᠳᠠᠭᠠᠨ ᠡᠷᠳᠡᠮ ᠮᠡᠷᠭᠡᠵᠢᠯ ᠢ ᠬᠠᠶᠢᠵᠦ᠂ ᠭᠠᠳᠠᠭᠠᠳᠤ ᠬᠦᠷᠦᠨ ᠳᠤ ᠭᠠᠷᠴᠤ᠂ ᠤᠷᠤᠰ ᠠᠩᠭ᠍ᠯᠢ ᠭᠧᠷᠮᠠᠨ ᠵᠡᠷᠭᠡ ᠤᠯᠠᠨ ᠬᠡᠯᠡ ᠰᠤᠶᠤᠯ ᠳᠤ ᠨᠡᠪᠳᠡᠷᠡᠭᠰᠡᠨ ᠢᠶᠠᠷ ᠬᠠᠷᠠᠭ᠎ᠠ ᠪᠠᠨ ᠬᠤᠯᠠᠳᠬᠠᠵᠦ᠂ ᠲᠡᠯᠡᠬᠡᠢ ᠬᠠᠶᠢᠭᠰᠠᠨ ᠮᠡᠳᠡᠯᠭᠡ ᠮᠡᠳᠡᠴᠡ ᠲᠠᠢ ᠪᠤᠯᠵᠦ ᠬᠦᠮᠦᠵᠢᠨ ᠶᠠᠪᠤᠭᠰᠠᠨ ᠪᠠᠶᠢᠵᠠᠢ᠃ ᠤᠯᠤᠰ ᠲᠠᠭᠠᠨ ᠬᠠᠷᠢᠭᠰᠠᠨ ᠤ ᠲᠠᠷᠠᠭ᠎ᠠ ᠦᠨᠳᠦᠰᠦᠨ ᠱᠠᠳᠤᠨ ᠤ ᠠᠯᠪᠠ ᠠᠵᠢᠯ ᠪᠠ ᠠᠶᠢᠮᠠᠭ ᠤᠨ ᠱᠠᠳᠤᠨ ᠤ ᠤᠳᠤᠷᠢᠳᠬᠤ ᠠᠵᠢᠯ ᠵᠡᠷᠭᠡ ᠶᠢ ᠬᠠᠷᠢᠭᠤᠴᠠᠨ᠂ ᠤᠯᠤᠰ ᠭᠡᠷ ᠲᠡᠭᠡᠨ ᠤᠶᠤᠨ  ᠢᠶᠠᠨ ᠰᠢᠪᠬᠠᠨ ᠵᠢᠳᠭᠦᠯ ᠢᠶᠠᠨ ᠦᠵᠡᠭᠦᠯᠵᠦ ᠵᠠᠯᠠᠭᠤ ᠢᠳᠡᠷ ᠨᠠᠰᠤ ᠪᠠᠨ ᠵᠤᠷᠢᠭᠤᠯᠵᠦ ᠶᠠᠪᠤᠵᠠᠢ᠃ ᠵᠠᠰᠠᠭ ᠲᠦᠷᠦ  ᠶᠢᠨ ᠠᠵᠢᠯ᠂ ᠠᠵᠦ ᠠᠬᠤᠶᠢᠯᠠᠯ ᠤᠨ ᠠᠵᠢᠯ ᠠᠯᠢ ᠶᠢ ᠨᠢ ᠡᠷᠬᠢᠯᠡᠨ ᠬᠢᠭᠰᠡᠨ ᠴᠤ ᠠᠮᠵᠢᠯᠳᠠ ᠳᠤ ᠬᠦᠷᠳᠡᠭ ᠶᠢᠨ ᠤᠴᠢᠷ ᠨᠡᠶᠢᠭᠡᠮ ᠨᠡᠶᠢᠳᠡ ᠮᠠᠯᠴᠢᠨ ᠤᠯᠠᠨ ᠳᠠᠭᠠᠨ ᠲᠤᠰᠠ ᠲᠡᠮᠵᠢᠯᠭᠡ ᠪᠤᠯᠵᠦ ᠶᠠᠪᠤᠳᠠᠭ ᠢᠶᠠᠷ ᠠᠷᠠᠳ ᠲᠦᠮᠡᠨ ᠤ  ᠪᠠᠨ ᠬᠦᠷᠢᠶᠡᠯᠡᠯ ᠢ ᠬᠦᠨ ᠤᠯᠤᠭᠰᠠᠨ ᠪᠠᠶᠢᠯ᠎ᠠ᠃ ᠤᠷᠳᠤ ᠬᠤᠭᠤᠴᠠᠭᠠᠨ ᠤ ᠲᠤᠷᠰᠢ ᠲᠡᠷᠡ ︽ᠭᠠᠩ ᠢᠯᠴᠢ ᠺᠤᠮᠫᠠᠨᠢ︾ ᠶᠢ ᠪᠠᠶᠢᠭᠤᠯᠤᠨ ᠲᠠᠷᠤᠭᠠᠯᠠᠵᠦ᠂ ᠪᠦᠬᠦ ᠠᠶᠢᠮᠠᠭ ᠤᠨ ᠢᠯᠴᠢ ᠲᠤᠯᠠᠭᠠᠯᠭ᠎ᠠ ᠶᠢᠨ ᠠᠵᠢᠯ ᠢ ᠡᠷᠴᠢᠮᠳᠡᠢ ᠬᠢᠵᠦ᠂ ᠨᠡᠶᠢᠭᠡᠮ ᠠᠷᠠᠳ ᠲᠠᠭᠠᠨ ᠬᠠᠯᠠᠭᠤᠨ ᠲᠤᠯᠠᠭᠠᠨ ᠢ ᠬᠦᠷᠭᠡᠵᠦ ᠪᠤᠶᠠᠨ ᠤ ᠦᠢᠯᠡᠰ ᠢ ᠬᠢᠵᠦ ᠵᠢᠳᠭᠦᠭᠰᠡᠭᠡᠷ ᠡ︕      ᠲᠤᠮᠳᠠᠭᠤᠪᠢ ᠠᠶᠢᠮᠠᠭ ᠤᠨ ᠲᠠᠭᠤᠯᠠᠯᠳᠤ ᠵᠦᠴᠦᠭᠡ ᠶᠢᠨ ᠪᠦᠯᠬᠦᠮ ᠤᠨ ᠬᠢᠨ ᠬᠦᠩᠭᠠᠷᠠᠪᠳᠠᠨ ᠤ ᠨᠠᠶᠢᠷ ᠨᠠᠭᠠᠳᠤᠮ ᠳᠤ ᠲᠤᠰᠬᠠᠢ ᠵᠤᠷᠢᠭᠤᠯᠤᠭᠰᠠᠨ ᠡᠭᠡᠰᠢᠭ ᠲᠠᠭᠤᠤ ᠲᠠᠢ ᠤᠷᠠᠨ ᠰᠠᠶᠢᠬᠠᠨ ᠤ ᠲᠤᠭᠯᠠᠯᠳᠠ ᠭᠠᠷᠭᠠᠨ᠎ᠠ᠃ ᠲᠦᠪ ᠲᠤᠮᠳᠠ ᠲᠠᠪᠠᠭᠯᠠᠨ ᠲᠠᠯᠪᠢᠭᠰᠠᠨ ᠢᠷᠭᠡ ᠶᠢᠨ ᠰᠢᠭᠦᠰᠦ ᠶᠢ ᠲᠡᠪᠰᠢᠬᠦᠯᠬᠦ ᠪᠠᠷ ᠵᠡᠭᠦᠨ ᠦᠵᠦᠮᠦᠴᠢᠨ ᠬᠤᠰᠢᠭᠤᠨ ᠤ ᠢᠷᠦᠭᠡᠯᠴᠢ ᠪ᠊᠂ ᠨᠠᠷᠠᠠᠴᠤᠭᠳᠤ ᠠᠴᠠ ︽ᠢᠷᠭᠡ ᠶᠢᠨ ᠰᠢᠭᠦᠰᠦ ᠬᠦᠨᠳᠡᠬᠦ ᠢᠷᠦᠭᠡᠯ︾ ᠢ ᠬᠡᠯᠡᠭᠰᠡᠨ ᠤ ᠲᠠᠷᠠᠭ᠎ᠠ᠂ ᠰᠦᠬᠡᠪᠠᠭᠠᠳᠤᠷ ᠠᠶᠢᠮᠠᠭ ᠤᠨ ᠡᠷᠳᠡᠨᠢᠴᠠᠭᠠᠨ ᠰᠤᠮᠤ ᠪᠠᠷ ᠨᠤᠲᠤᠭᠳᠠᠢ ᠬᠠᠳᠠᠬᠢᠨ ᠪ᠊᠂ ᠰᠢᠬᠦᠷᠳᠦ ᠭᠤᠸᠠᠢ ᠢᠷᠭᠡ ᠶᠢᠨ ᠪᠦᠬᠦᠯᠢ ᠰᠢᠭᠦᠰᠦ ᠶᠢ ᠬᠦᠨᠳᠡᠵᠦ᠂ ᠲᠡᠭᠡᠵᠢ ᠶᠢ ᠨᠢ ᠭᠠᠯ ᠲᠤᠯᠭ᠎ᠠ ᠳᠤ ᠡᠷᠭᠦᠭᠰᠡᠨ ᠢᠶᠠᠨ ᠤᠭᠤᠴᠠ ᠪᠤᠯᠭᠠᠨ ᠵᠠᠰᠠᠭᠰᠠᠨ ᠢᠶᠠᠷ ᠤᠯᠠᠨ ᠳᠤ ᠨᠤᠶᠠᠨ ᠤ ᠭᠡᠰᠢᠭ ᠪᠤᠯᠭᠠᠨ ᠲᠦᠭᠡᠭᠡᠨ᠎ᠡ᠃ ᠰᠢᠬᠦᠷᠳᠦ ᠪᠤᠯ 1943 ᠤᠨ ᠳᠤ ᠡᠴᠢᠭᠡ ᠪᠠᠯᠵᠢᠨᠢᠩᠪᠤ ᠡᠬᠡ ᠪᠦᠳᠡᠳ ᠤᠨ ᠬᠤᠶᠠᠳᠤᠭᠠᠷ ᠬᠦᠪᠡᠭᠦᠨ ᠪᠤᠯᠵᠦ ᠲᠦᠷᠦᠵᠠᠢ᠃ ᠲᠡᠷᠡ ᠪᠠᠭ᠎ᠠ ᠨᠠᠰᠤᠨ  ᠠᠴᠠ ᠴᠢᠨ᠋ᠸ᠎ᠠ ᠭᠤᠤᠯ ᠤᠨ ᠰᠤᠷᠭᠠᠭᠤᠯᠢ ᠳᠤ ᠨᠠᠢᠮᠠᠨ ᠵᠢᠯ ᠤᠨ ᠲᠦᠷᠢᠮᠳᠤ ᠰᠤᠷᠭᠠᠭᠤᠯᠢ ᠳᠤ ᠰᠤᠷᠤᠯᠭ᠎ᠠ ᠲᠡᠭᠦᠰᠭᠡᠭᠡᠳ ᠡᠷᠳᠡᠮ ᠰᠤᠶᠤᠯ ᠤᠨ ᠮᠦᠷ ᠬᠦᠭᠡᠭᠡᠵᠦ᠂ ᠤᠯᠤᠰ ᠤᠨ ᠠᠯᠪᠠᠨ ᠳᠤ ᠵᠢᠳᠭᠦᠵᠦ᠂ ᠤᠯᠤᠰ ᠤᠨ ᠡᠳ᠋  ᠤᠨ ᠵᠠᠰᠠᠭ ᠤᠨ ᠠᠵᠢᠯ ᠳᠤ ᠭᠠᠪᠰᠢᠭᠠᠶᠢᠯᠠᠨ ᠠᠵᠢᠯᠯᠠᠵᠦ᠂ ︽ᠤᠯᠤᠰ ᠤᠨ ᠭᠠᠪᠢᠶᠠᠳᠦ ᠡᠳ᠋ ᠤᠨ ᠵᠠᠰᠠᠭᠴᠢ︾ ᠪᠤᠯᠤᠭᠰᠠᠨ ᠮᠦᠷᠳᠡᠭᠡᠨ ᠬᠤᠵᠢᠮ ᠨᠢ ᠤᠯᠤᠰ ᠤᠨ ᠠᠵᠦ ᠠᠬᠤᠢ ᠶᠢᠨ ᠬᠦᠭᠵᠢᠯᠳᠡ ᠳᠤ ᠬᠤᠪᠢ ᠨᠡᠮᠡᠷᠢ ᠪᠠᠨ ᠤᠷᠤᠭᠤᠯᠵᠦ᠂ ᠤᠯᠠᠨ ᠲᠦᠷᠦᠯ ᠤᠨ ᠬᠤᠪᠢ ᠶᠢᠨ ᠡᠵᠡᠩᠨᠡᠯᠳᠡ ᠶᠢᠨ ᠠᠵᠦ ᠠᠬᠤᠶᠢᠯᠠᠯ ᠪᠠᠶᠢᠭᠤᠯᠤᠨ ᠠᠰᠢᠭ ᠤᠷᠤᠯᠭ᠎ᠠ ᠡᠭᠦᠳᠴᠤ ᠠᠮᠵᠢᠯᠳᠠ ᠳᠤ ᠬᠦᠷᠦᠭᠰᠡᠨ ᠪᠠᠶᠢᠭ᠎ᠠ ᠶᠤᠮ᠃ ᠲᠡᠷᠡ ᠪᠤᠯ ᠰᠤᠨᠤᠷ ᠠᠨᠠᠢ ᠲᠦᠯᠡᠢ ᠬᠦᠮᠦᠨ ᠪᠤᠯᠪᠠᠴᠤ ᠺᠢᠷᠢᠯ ᠦᠰᠦᠭ ᠤᠨ ᠪᠢᠴᠢᠮᠡᠯ ᠢᠶᠠᠷ ᠬᠦᠮᠦᠨ ᠲᠠᠢ ᠨᠡᠪᠳᠡᠷᠡᠯᠴᠡᠨ ᠦᠪᠡᠷ ᠲᠡᠭᠡᠨ ᠪᠤᠯ ᠶᠠᠷᠢᠴᠢᠬᠠᠳᠠᠭ ᠬᠦᠮᠦᠨ ᠪᠠᠶᠢᠯ᠎ᠠ᠃      ᠮᠠᠨ ᠤ ᠪᠦᠯᠬᠦᠮ ᠤᠨ ᠤᠯᠠᠭᠤᠯᠠ ᠦᠵᠦᠮᠦᠴᠢᠨ ᠤ ᠪᠠᠨ ᠵᠤᠷᠰᠢᠯ ᠶᠤᠰᠤᠭᠠᠷ ᠸᠠᠩᠳᠠᠨ ᠳᠤ ᠵᠢᠯ ᠤᠷᠤᠭᠤᠯᠬᠤ ᠶᠤᠰᠤᠨ ᠢ ᠭᠦᠢᠴᠡᠳᠭᠡᠪᠡ᠃ ᠰᠦᠯᠳᠡᠨ ᠲᠠᠭᠠᠭᠠᠮᠠᠯ ᠮᠦᠩᠬᠡᠪᠠᠭᠠᠳᠤᠷ ᠠᠴᠠ ᠵᠡᠭᠦᠨ ᠦᠵᠦᠮᠦᠴᠢᠨ ᠬᠤᠰᠢᠭᠤᠨ ᠤ ᠬᠦᠳᠡᠭᠡ ᠰᠦᠯᠳᠡ ᠶᠢᠨ ᠵᠦᠪᠯᠡᠯ ᠢᠶᠠᠨ ᠲᠦᠯᠦᠭᠡᠯᠡᠨ ︽ᠤᠳᠤᠮ ᠵᠠᠯᠭᠠᠭᠰᠠᠠᠨ ᠬᠡᠷᠬᠢᠮ ᠤᠭᠰᠠᠭ᠎ᠠ ᠤᠯᠠᠮᠵᠢᠯᠠᠭᠰᠠᠨ ᠴᠠᠳᠢᠭ︾ ᠬᠡᠮᠡᠬᠦ ᠤᠷᠠᠨ ᠪᠢᠴᠢᠯᠭᠡ ᠶᠢᠨ ᠡᠯᠭᠦᠮᠡᠯ ᠪᠤᠯᠤᠨ ᠮᠤᠷᠢᠨ ᠤ ᠭᠠᠤᠯᠢᠨ ᠱᠤᠭᠤᠮᠠᠯ ᠲᠡᠷᠢᠭᠦᠳᠡᠨ ᠢ ᠪᠡᠯᠭᠡᠯᠡᠨ ᠬᠦᠷᠭᠡᠪᠡ᠃ ᠲᠡᠷᠢᠭᠦᠯᠡᠭᠴᠢ ᠲᠡᠮᠴᠤᠭ ᠵᠡᠭᠦᠨ ᠦᠵᠦᠮᠦᠴᠢᠨ ᠬᠤᠰᠢᠭᠤᠨ ᠤ ᠰᠤᠶᠤᠯ ᠲᠡᠤᠬᠡ ᠶᠢᠨ ᠨᠡᠶᠢᠭᠡᠮᠯᠢᠭ ᠢᠶᠠᠨ ᠲᠦᠯᠦᠭᠡᠯᠡᠵᠦ ︽ᠲᠡᠭᠡᠳᠦᠰ ᠴᠢᠩᠭᠢᠰ ᠤᠨ ᠪᠤᠷᠵᠢᠭᠢᠨ ᠢᠵᠠᠭᠤᠷ ᠲᠡᠯᠡᠬᠡᠢ ᠳᠤ ᠠᠤᠭ᠎ᠠ ᠠᠯᠳᠠᠨ ᠤᠷᠤᠭᠳᠠᠨ︾ ᠭᠡᠬᠦ ᠬᠡᠮᠡᠷᠯᠢᠭ ᠲᠤᠭ ᠪᠤᠯᠤᠨ ᠦᠵᠦᠮᠦᠴᠢᠨ ᠬᠤᠨᠢᠨ ᠤ ᠭᠠᠤᠯᠢᠨ ᠱᠤᠭᠤᠮᠠᠯ ᠪᠡᠯᠭᠡᠯᠡᠵᠡᠢ᠃ ᠢᠷᠦᠭᠡᠯᠴᠢ ᠨᠠᠰᠤᠨᠮᠦ᠋ᠩᠭᠡ ᠪᠠᠷ ᠮᠦᠩᠭᠦᠨ ᠠᠶᠠᠭ᠎ᠠ ᠳᠤ ᠰᠠᠷᠬᠤᠳ ᠮᠡᠯᠮᠡᠯᠵᠡᠭᠦᠯᠦᠭᠰᠡᠨ ᠢᠶᠠᠨ ︽ᠠᠷᠢᠬᠢᠨ ᠢᠷᠦᠭᠡᠯ︾ ᠬᠡᠯᠡᠵᠦ᠂ ᠪᠦᠯᠬᠦᠮ ᠤᠨ ᠤᠯᠠᠨ ᠢᠶᠠᠷ ᠸᠠᠩᠳᠠᠨ ᠳᠤ ᠪᠠᠶᠠᠷ ᠤᠨ ᠬᠡᠮ ᠢᠶᠠᠨ ᠪᠠᠷᠢᠭᠰᠠᠨ ᠤ ᠲᠠᠭᠠᠤ ᠳᠤ ︽ᠦᠰᠴᠤ ᠲᠦᠷᠦᠭᠰᠡᠨ ᠦᠵᠦᠮᠦᠴᠢᠨ ᠨᠤᠲᠤᠭ︾ ᠢᠶᠠᠨ ᠦᠨᠳᠦᠷ ᠲᠠᠭᠤᠨ ᠢᠶᠠᠷ ᠲᠠᠭᠤᠯᠠᠵᠦ ᠡᠷᠭᠦᠭᠰᠡᠨ ᠳᠤ ᠨᠠᠰᠤᠳᠠᠨ ᠭᠤᠸᠠᠢ ᠪᠠᠶᠠᠷᠯᠠᠨ ᠲᠠᠯᠠᠷᠬᠠᠵᠦ ᠪᠠᠶᠢᠬᠤ ᠪᠠᠨ ᠢᠯᠡᠳᠭᠡᠨ ᠰᠠᠷᠬᠤᠳ ᠢ ᠬᠦᠨᠳᠦᠷᠴᠦ ᠪᠠᠶᠢᠪᠠ᠃      ᠠᠶᠢᠮᠠᠭ ᠤᠨ ᠲᠠᠭᠤᠯᠠᠯᠳᠤ ᠵᠦᠴᠦᠭᠡ ᠶᠢᠨ ᠪᠦᠯᠬᠦᠮ ᠤᠨ ᠠᠯᠳᠠᠷᠳᠦ ᠲᠠᠭᠤᠴᠢᠳ ᠤᠷᠳᠤ ᠶᠢᠨ ᠲᠠᠭᠤᠤ ᠪᠠᠨ ᠬᠠᠩᠭᠢᠨᠠᠭᠤᠯᠤᠨ ᠤᠷᠠᠨ ᠪᠦᠵᠢᠭ ᠢᠶᠠᠨ ᠪᠦᠵᠢᠭᠯᠡᠵᠦ᠂ ᠨᠠᠶᠢᠷ ᠤᠨ ᠬᠦᠭ ᠦᠨᠳᠦᠷ ᠬᠡᠮᠵᠢᠶᠡᠨ ᠳᠤ ᠬᠦᠷᠴᠦ ᠪᠠᠶᠢᠯ᠎ᠠ᠃ ᠦᠪᠦᠷ ᠮᠤᠩᠭᠤᠯ ᠤᠨ ᠬᠦᠯᠦᠨ ᠪᠤᠶᠢᠷ ᠠᠶᠢᠮᠠᠭ ᠤᠨ ᠡᠮᠡᠭᠳᠡᠢ ᠲᠠᠭᠤᠴᠢᠨ ᠠᠯᠳᠠᠠᠪᠤᠳᠢ ᠭᠤᠸᠠᠢ ︽ᠮᠤᠩᠭᠤᠯ ᠤᠨ ᠲᠠᠯ᠎ᠠ ᠨᠤᠲᠤᠭ︾ ᠭᠡᠬᠦ ᠲᠠᠭᠤᠤ ᠪᠠᠨ ᠡᠷᠭᠦᠵᠦ ᠸᠠᠩᠳᠠᠨ ᠪᠤᠯᠤᠨ ᠤᠯᠠᠨ ᠤ ᠲᠠᠭᠠᠰᠢᠶᠠᠯ ᠳᠤ ᠬᠦᠷᠴᠦ ᠪᠠᠶᠢᠯ᠎ᠠ᠃           ᠲᠦᠭᠦᠵᠢᠭᠡ ᠠᠯᠤᠰ ᠠᠴᠠ ᠢᠷᠡᠭᠡᠳ \  ᠲᠦᠭᠦᠷᠡᠩ ᠠᠮᠢᠰᠬᠤᠭ᠎ᠠ ᠠᠪᠬᠤ ᠳᠤ ᠮᠢᠨᠢ           ᠮᠦᠩᠭᠡ ᠶᠢᠨ ᠤᠰᠤ ᠶᠢ ᠠᠮᠰᠠᠬᠤ ᠰᠢᠭ᠋ \  ᠴᠠᠯᠮᠠᠨ ᠴᠠᠯᠮᠠᠨ ᠤᠤᠭᠤᠵᠢᠮ           ᠶᠠᠭᠠᠬᠢᠭᠰᠠᠨ ᠴᠡᠩᠬᠡᠭ ᠶᠤᠮ ᠪᠤᠢ \  ᠮᠤᠩᠭᠤᠯ ᠤᠨ ᠠᠷᠢᠭᠤᠨ ᠠᠭᠠᠷ           ᠶᠠᠭᠠᠬᠢᠭᠰᠠᠨ ᠴᠡᠯᠮᠡᠭ ᠶᠤᠮ ᠪᠤᠢ \  ᠮᠤᠩᠭᠤᠯ ᠤᠨ ᠬᠦᠭᠡ ᠲᠡᠭᠷᠢ           ᠠᠶᠠᠨ ᠤ ᠰᠢᠪᠠᠭᠤᠳ ᠤᠨ ᠴᠤᠪᠤᠭ᠎ᠠ \  ᠠᠯᠵᠢᠶᠠᠨ ᠴᠤᠴᠠᠵᠦ ᠭᠠᠳᠤᠯᠠᠭᠠᠳ           ᠠᠯᠠᠭ ᠨᠢᠳᠦᠨ ᠤ ᠦᠵᠦᠭᠦᠷ ᠲᠤ \  ᠬᠠᠶᠠᠭ᠎ᠠ ᠬᠢᠵᠠᠭᠠᠷ ᠦᠭᠡᠢ ᠴᠡᠯᠡᠶᠢᠭᠡᠳ           ᠶᠠᠮᠠᠷ ᠠᠭᠤᠳᠠᠮ ᠶᠤᠮ ᠪᠤᠢ \  ᠮᠤᠩᠭᠤᠯ ᠤᠨ ᠲᠠᠯ᠎ᠠ ᠨᠤᠲᠤᠭ           ᠶᠠᠭᠠᠬᠢᠭᠰᠠᠨ ᠠᠭᠤᠵᠢᠭᠤ ᠶᠤᠮ ᠪᠤᠢ \  ᠮᠤᠩᠭᠤᠯ ᠬᠦᠮᠦᠨ ᠤ ᠰᠡᠳᠭᠢᠯ  ᠁      ᠡᠨᠡ ᠤᠳᠠᠭ᠎ᠠ ᠶᠢᠨ ᠲᠠᠶᠢᠯᠠᠯᠭ᠎ᠠ ᠨᠢᠵᠢᠭᠡᠷ ᠶᠡᠭᠡ ᠪᠠᠶᠢᠵᠦ᠂ ᠪᠠᠷᠤᠭ ᠬᠤᠶᠠᠷ ᠵᠠᠭᠤᠨ ᠬᠦᠮᠦᠨ ᠳᠤ ᠬᠦᠷᠴᠠᠢ᠃ ᠨᠡᠶᠢᠷ ᠠᠭᠠᠵᠢᠮ ᠪᠤᠯᠳᠠᠯ᠎ᠠ ᠦᠷᠭᠦᠯᠵᠢᠯᠡᠵᠦ᠂ ᠬᠤᠶᠠᠷ ᠤᠷᠤᠨ ᠤ ᠠᠷᠠᠳ ᠲᠦᠮᠡᠨ ᠤ ᠰᠤᠶᠤᠯ ᠤᠨ ᠭᠡᠯᠬᠢᠶ᠎ᠡ ᠨᠦᠬᠦᠷᠯᠡᠯ ᠤᠨ ᠲᠠᠭᠤᠨ ᠪᠤᠯᠤᠨ ᠠᠭᠠᠷ ᠲᠤ ᠴᠤᠤᠷᠢᠶᠠᠳᠤᠨ᠎ᠠ᠃                 ᠭᠤᠷᠪᠠ      9 ᠰᠠᠷ᠎ᠠ ᠶᠢᠨ 16 ᠡᠳᠦᠷ᠃ ᠦᠷᠯᠦᠭᠡ ᠴᠡᠯᠮᠡᠭ ᠲᠤᠩᠭᠠᠯᠠᠭ᠂ ᠨᠠᠮᠤᠭᠤᠨ ᠲᠠᠶᠢᠪᠤᠩ ᠰᠠᠯᠬᠢ ᠦᠭᠡᠢ᠃ ᠶᠤᠰᠤᠳᠠᠢ ᠨᠠᠯᠠᠭᠠᠷ ᠨᠠᠮᠤᠷ ᠰᠠᠭᠠᠳᠠᠵᠦ᠂ ᠨᠠᠷᠠ ᠲᠤᠯᠠᠶᠢᠵᠦ ᠴᠡᠪᠡᠷ ᠠᠮᠢᠰᠬᠤᠯ ᠳᠤ ᠬᠦᠮᠦᠨ ᠠᠮᠢᠳᠠᠨ ᠲᠠᠶᠢᠪᠤᠷᠠᠨ᠎ᠠ᠃ ᠬᠦᠬᠡ ᠤᠭᠳᠠᠷᠭᠤᠢ ᠳᠤ ᠮᠤᠩᠭᠤᠯ ᠤᠯᠤᠰ ᠤᠨ ᠰᠤᠶᠤᠮᠪᠤ ᠶᠢᠨ ᠰᠦᠯᠳᠡ ᠲᠠᠢ ᠤᠯᠠᠭᠠᠨ ᠠᠯᠠᠭ ᠲᠦᠷᠦ ᠶᠢᠨ ᠲᠠᠯᠪᠠᠭ᠎ᠠ ᠨᠠᠶᠢᠷ ᠤᠨ ᠲᠠᠯᠠᠪᠠᠢ ᠤᠨ ᠲᠤᠮᠳᠠ ᠠᠶᠠᠷᠯᠠᠨ ᠨᠠᠮᠢᠷᠠᠨ᠎ᠠ᠃ ᠪᠦᠬᠡ ᠶᠢᠨ ᠪᠠᠷᠢᠯᠳᠤᠭᠠᠨ ᠡᠬᠢᠯᠡᠬᠦ ᠪᠤᠯᠤᠯ᠎ᠠ᠂ ᠲᠠᠯᠠᠪᠠᠢ ᠶᠢᠨ ᠬᠤᠶᠢᠮᠦᠷ ᠲᠠᠶᠢᠰᠠᠨ ᠳᠤ ᠭᠤᠤᠯ ᠡᠵᠡᠨ ᠸᠠᠩᠳᠠᠨ ᠭᠤᠸᠠᠢ ᠲᠦᠪ ᠲᠤᠮᠳᠠ ᠳᠤᠷ ᠰᠠᠭᠠᠳᠠᠵᠦ᠂ ᠨᠠᠶᠢᠷ ᠰᠤᠨᠢᠷᠬᠠᠵᠦ ᠪᠠᠶᠢᠨ᠎ᠠ᠃ ᠪᠦᠬᠡ ᠶᠢᠨ ᠮᠠᠭᠳᠠᠭᠤ ᠤᠶᠠᠩᠭᠠᠯᠠᠨ ᠡᠬᠡᠰᠢᠭᠯᠡᠭᠰᠡᠨ ᠤ ᠲᠠᠷᠠᠭ᠎ᠠ᠂ ᠬᠠᠯᠬ᠎ᠠ ᠶᠢᠨ ᠡᠯ᠎ᠡ ᠭᠠᠵᠠᠷ ᠠᠴᠠ ᠢᠷᠡᠭᠰᠡᠨ ᠪᠦᠬᠡᠴᠦᠳ ᠵᠤᠳᠤᠭ ᠱᠤᠳᠤᠭ ᠢᠶᠠᠷ ᠵᠠᠰᠠᠵᠦ ᠨᠠᠶᠢᠷ ᠤᠨ ᠲᠠᠯᠠᠪᠠᠢ ᠳᠤ ᠮᠠᠭᠰᠢᠨ ᠤᠷᠤᠵᠦ ᠢᠷᠡᠨ᠎ᠡ᠃ ᠡᠨᠡ ᠤᠳᠠᠭ᠎ᠠ ᠶᠢᠨ ᠨᠠᠶᠢᠷ ᠲᠤ 128 ᠰᠢᠯᠢᠳᠡᠭ ᠪᠦᠬᠡᠴᠦᠳ ᠪᠠᠷᠢᠯᠳᠤᠪᠠ᠃ ᠨᠠᠶᠢᠷ ᠤᠨ ᠬᠦᠷᠢᠶ᠎ᠡ ᠪᠠᠷ ᠠᠯᠤᠰ ᠠᠴᠠ ᠢᠷᠡᠭᠰᠡᠨ ᠵᠤᠴᠢᠳ ᠰᠠᠨᠳᠠᠯᠢ ᠲᠠᠯᠪᠢᠨ ᠲᠤᠭᠤᠷᠢᠨ ᠰᠠᠭᠤᠵᠦ ᠲᠠᠭᠠᠳᠠᠢ ᠰᠤᠨᠢᠷᠬᠠᠨ᠎ᠡ᠃ ᠨᠠᠭᠠᠳᠤᠮᠴᠢᠳ ᠨᠤᠭᠤᠭᠠᠨ ᠲᠠᠯ᠎ᠠ ᠶᠢᠨ ᠨᠠᠮᠤᠭᠤᠨ ᠤᠷᠴᠢᠨ ᠳᠤ ᠪᠦᠬᠡ ᠰᠤᠨᠢᠷᠬᠠᠬᠤ ᠳᠠᠭᠠᠨ ᠴᠡᠭᠡ ᠰᠢᠮᠠᠨ ᠪᠤᠤᠪᠤ ᠪᠤᠭᠤᠷᠰᠤᠭ ᠢᠳᠠᠨ ᠴᠡᠩᠭᠡᠯ ᠤᠨ ᠲᠠᠯᠠᠢ ᠳᠤ ᠲᠠᠩᠰᠤᠭᠯᠠᠨ᠎ᠠ᠃ ᠢᠯᠠᠭᠰᠠᠨ ᠪᠦᠬᠡ ᠶᠢᠨ ᠪᠤᠤᠪᠤ ᠶᠢᠨ ᠭᠡᠰᠢᠭ ᠴᠤ ᠵᠠᠯᠭ᠎ᠠ ᠪᠠᠷ ᠠᠯᠠᠭ᠎ᠠ ᠲᠦᠭᠦᠷᠭᠡᠵᠦ ᠪᠠᠶᠢᠯ᠎ᠠ᠃ ᠪᠦᠬᠡ ᠶᠢᠨ ᠪᠠᠷᠢᠯᠳᠤᠭᠠᠨ ᠳᠤ ᠳ᠋ᠦᠩ ᠳᠤ ᠰᠦᠬᠡᠪᠠᠭᠠᠳᠤᠷ ᠠᠶᠢᠮᠠᠭ ᠤᠨ ᠡᠷᠳᠡᠨᠢᠴᠠᠭᠠᠨ ᠰᠤᠮᠤᠨ ᠤ ᠦᠰᠬᠦᠪᠠᠶᠠᠷ ᠲᠡᠷᠢᠭᠦᠯᠡᠵᠦ᠂ ᠲᠤᠮᠳᠠᠭᠤᠪᠢ ᠠᠶᠢᠮᠠᠭ ᠤᠨ ᠳ᠋ᠠᠱᠢ ᠲᠡᠳ᠋ᠯᠡᠭᠰᠡᠨ ᠪᠠᠶᠢᠭ᠎ᠠ ᠶᠤᠮ᠃ ᠬᠦᠮᠦᠰ ᠤᠨ ᠬᠡᠯᠡᠯᠴᠡᠬᠦ ᠪᠠᠷ ᠦᠰᠬᠦᠪᠠᠶᠠᠷ ᠪᠤᠯ ᠰᠢᠬᠦᠷᠳᠦ ᠶᠢᠨ ᠠᠪᠴᠢᠷᠠᠭᠰᠠᠨ ᠵᠠᠯᠠᠭᠤ ᠪᠦᠬᠡ᠂ ᠦᠵᠦᠮᠦᠴᠢᠨ ᠬᠡᠤᠬᠡᠳ ᠬᠡᠬᠦ ᠶᠤᠮ᠃ ᠡᠨᠡ ᠬᠤᠶᠠᠷ ᠵᠠᠯᠠᠭᠤ ᠪᠦᠬᠡ ᠪᠡᠶ᠎ᠡ ᠨᠢ ᠲᠡᠩᠴᠡᠭᠦᠤ ᠪᠦᠭᠡᠳ ᠬᠦᠳᠡᠷᠯᠢᠭ᠂ ᠪᠦᠬᠡ ᠶᠢᠨ ᠡᠷᠳᠡᠮ ᠬᠢᠴᠠ ᠪᠠᠷ ᠤᠷᠠᠨ ᠱᠠᠯᠠᠮᠠᠭᠠᠢ᠂ ᠰᠠᠶᠢᠬᠠᠨ ᠪᠦᠬᠡᠴᠦᠳ ᠪᠠᠶᠢᠯ᠎ᠡ᠃ ᠳ᠋ᠠᠱᠢ ᠶᠢᠨ ᠪᠡᠶ᠎ᠡ ᠦᠰᠪᠠᠶᠠᠷ  ᠢ ᠪᠤᠳᠤᠪᠠᠯ ᠶᠡᠭᠡ ᠮᠠᠷᠢᠶᠠᠯᠢᠭ ᠴᠤᠯᠠᠷᠬᠤ ᠪᠡᠶ᠎ᠡ ᠮᠠᠷᠢᠶ᠎ᠠ ᠲᠡᠩᠴᠡᠭᠰᠡᠨ ᠪᠦᠬᠡ᠂ ᠦᠰᠬᠦᠪᠠᠶᠠᠷ ᠳ᠋ᠠᠱᠢ ᠶᠢ ᠪᠤᠳᠤᠪᠠᠯ ᠨᠠᠷᠢᠨ ᠡᠴᠡᠩᠬᠡᠶᠢᠪᠳᠤᠷ ᠪᠤᠯᠪᠠᠴᠤ ᠰᠢᠷᠪᠤᠰᠤ ᠴᠢᠩᠭ᠎ᠠ ᠬᠢᠴᠡ ᠲᠦᠭᠦᠷᠡᠩ ᠪᠦᠬᠡ ᠪᠠᠶᠢᠨ᠎ᠠ᠃ ᠤᠯᠠᠨ ᠬᠦᠮᠦᠰ ᠬᠤᠶᠠᠷ ᠲᠠᠰᠤᠷᠬᠠᠢ ᠪᠦᠬᠡ ᠲᠠᠢ ᠪᠠᠨ ᠲᠤᠷᠠᠰᠬᠠᠯ ᠤᠨ ᠰᠡᠭᠦᠳᠡᠷ ᠠᠪᠬᠤᠭᠤᠯᠬᠤ ᠪᠠᠷ ᠶᠠᠭᠠᠷᠠᠯᠳᠤᠵᠦ ᠪᠠᠶᠢᠯ᠎ᠠ᠃      ᠦᠳᠡ ᠪᠤᠯᠬᠤ ᠳᠤ ᠨᠠᠭᠠᠳᠤᠮ ᠤᠨ ᠬᠠᠮᠤᠭ ᠰᠡᠭᠦᠯᠴᠢ ᠶᠢᠨ ᠠᠭᠤᠯᠭ᠎ᠠ ᠦᠨᠳᠦᠷᠯᠡᠵᠦ᠂ ᠸᠠᠩᠳᠠᠨ ᠭᠤᠸᠠᠢ ᠰᠢᠪᠦᠭᠡ ᠶᠢᠨ ᠲᠦᠷᠪᠡᠨ ᠪᠦᠬᠡ ᠶᠢ ᠦᠨᠦᠷᠯᠡᠨ ᠲᠠᠭᠠᠯᠠᠵᠦ ᠱᠠᠩᠨᠠᠯ ᠭᠠᠷᠳᠠᠭᠤᠯᠤᠨ᠎ᠠ᠃ ᠮᠠᠨ ᠤ ᠦᠪᠦᠷ ᠮᠤᠩᠭᠤᠯ  ᠠᠴᠠ ᠬᠦᠷᠦᠭᠰᠡᠨ ᠪᠦᠯᠬᠦᠮ ᠤᠨ ᠬᠢᠨ ᠸᠠᠩᠳᠠᠨ ᠪᠤᠯᠤᠨ ᠠᠬᠠᠮᠠᠳ ᠨᠠᠰᠤᠳᠠᠳ ᠲᠠᠢ ᠲᠤᠷᠨᠰᠬᠠᠯ ᠤᠨ ᠭᠡᠷᠡᠯ ᠵᠢᠷᠤᠭ ᠠᠪᠬᠤᠭᠤᠯᠤᠭᠰᠠᠨ ᠢᠶᠠᠨ ᠲᠤᠮᠤ ᠮᠤᠩᠭᠤᠯ ᠭᠡᠷ ᠲᠤ ᠬᠦᠨᠳᠦᠳᠭᠡᠯ ᠤᠨ ᠠᠭᠤᠯᠵᠠᠯᠳᠠ ᠦᠳᠡᠯᠳᠡ ᠶᠢᠨ ᠬᠤᠷᠢᠮ ᠨᠠᠶᠢᠷ ᠲᠤ ᠤᠷᠤᠯᠴᠠᠪᠠ᠃ ᠭᠠᠩᠪᠠᠳᠤ ᠵᠠᠬᠢᠷᠤᠯ ᠨᠠᠶᠢᠷ ᠲᠡᠭᠡᠷ᠎ᠡ ᠤᠯᠠᠨ ᠳᠤ ᠬᠠᠨᠳᠤᠨ ᠬᠡᠯᠡᠬᠦ ᠳᠡᠭᠡᠨ᠄ ︽ᠡᠨᠡ ᠤᠳᠠᠭ᠎ᠠ ᠶᠢᠨ ᠨᠠᠰᠤᠳᠠᠨ ᠤ ᠨᠠᠶᠢᠷ ᠨᠠᠭᠠᠳᠤᠮ ᠤᠯᠠᠨ ᠤ ᠴᠢᠷᠮᠠᠶᠢᠯᠭ᠎ᠠ ᠪᠠᠷ ᠮᠠᠰᠢ ᠠᠮᠵᠢᠯᠳᠠ ᠲᠠᠢ ᠪᠤᠯᠤᠯ᠎ᠠ᠂ ᠨᠠᠰᠤᠳᠠᠨ ᠤ ᠪᠠᠨ ᠪᠤᠶᠠᠨ ᠳᠤ ᠰᠢᠳᠦᠭᠰᠡᠨ ᠤ ᠪᠠᠶᠢᠬ᠎ᠠ︕ ᠤᠯᠠᠨ ᠭᠠᠵᠠᠷ ᠤᠨ ᠰᠠᠶᠢᠨ ᠪᠦᠬᠡᠴᠦᠳ ᠨᠠᠶᠢᠷ ᠤᠨ ᠴᠢᠮᠡᠭ ᠪᠤᠯᠵᠦ ᠪᠠᠷᠢᠯᠳᠤᠯ᠎ᠠ᠂ ᠨᠤᠲᠤᠭ ᠤᠨ ᠮᠠᠯᠴᠢᠳ ᠮᠠᠨᠢ ᠰᠤᠶᠤᠯᠠᠩ ᠮᠤᠷᠢ᠂ ᠲᠠᠭ᠎ᠠ ᠶᠢᠨ ᠤᠷᠤᠯᠳᠤᠭᠠᠨ ᠳᠤ ᠢᠷᠡᠵᠦ ᠤᠷᠤᠯᠴᠠᠯ᠎ᠠ᠃ ᠨᠠᠶᠢᠷ ᠤᠨ ᠠᠭᠤᠯᠭ᠎ᠠ ᠲᠡᠭᠦᠰ ᠪᠦᠷᠢᠳᠴᠤ ᠶᠠᠪᠤᠭᠳᠠᠭᠰᠠᠨ ᠳᠤ ᠪᠢ ᠲᠤᠩ ᠲᠠᠯᠠᠷᠬᠠᠵᠦ ᠪᠠᠶᠢᠨ᠎ᠠ︾ ᠭᠡᠵᠦ ᠲᠤᠭᠳᠤᠯᠤᠭᠰᠠᠨ ᠰᠡᠳᠭᠢᠯ ᠢᠶᠠᠷ ᠬᠤᠷᠠᠭᠰᠠᠨ ᠤᠯᠠᠨ ᠤ ᠰᠠᠶᠢᠨ ᠰᠠᠶᠢᠬᠠᠨ ᠦᠯᠵᠡᠢ ᠪᠡᠯᠭᠡ ᠲᠠᠢ ᠶᠠᠪᠤᠬᠤ ᠶᠢ ᠵᠦᠩᠨᠡᠨ ᠬᠤᠨᠳᠠᠭ᠎ᠠ ᠡᠷᠭᠦᠨ᠎ᠡ᠃ ᠲᠡᠷᠡ ᠪᠠᠰᠠ᠄ ︽ᠮᠠᠨ ᠤ ᠠᠪᠤ ᠶᠢᠨ ᠬᠡᠶᠢᠮᠦᠷᠢ ᠦᠭᠡᠳᠡ ᠪᠠᠶᠢᠨ᠎ᠠ᠂ ᠬᠠᠰᠢᠯᠠ ᠦᠵᠦᠮᠦᠴᠢᠨ ᠸᠠᠩ ᠪᠤᠯᠬᠤᠷ ᠨᠢ ᠦᠵᠦᠮᠦᠴᠢᠨ ᠬᠦᠤ ᠨᠢ ᠲᠡᠷᠢᠭᠦᠯᠡᠴᠢᠭᠡᠯ᠎ᠡ︾ ᠭᠡᠵᠦ ᠶᠠᠷᠢᠵᠦ ᠪᠠᠶᠢᠭᠰᠠᠨ  ᠨᠢ ᠰᠠᠨᠠᠭᠠᠨ ᠳᠤ ᠤᠷᠤᠬᠤ ᠶᠤᠮ ᠪᠢᠯᠡ᠃      ︽ᠵᠢᠭᠠᠬᠠᠨ ᠸᠠᠩ︾ ᠬᠦᠩᠭᠠᠷᠠᠪᠳᠠᠨ ᠬᠠᠳᠤᠨ ᠲᠠᠢ ᠪᠠᠨ ᠭᠤᠤᠯ ᠰᠢᠷᠡᠭᠡᠨ ᠳᠤ ᠰᠠᠭᠠᠳᠠᠭᠰᠠᠨ ᠢᠶᠠᠨ ᠬᠤᠨᠳᠠᠭ᠎ᠠ ᠡᠷᠭᠦᠨ᠄ ︽ᠦᠨᠦᠳᠦᠷ ᠨᠠᠳᠠ ᠳᠤ ᠵᠤᠷᠢᠭᠤᠯᠤᠭᠰᠠᠨ ᠮᠢᠯᠢᠶᠠᠯᠭ᠎ᠠ ᠶᠢᠨ ᠨᠠᠶᠢᠷ ᠨᠠᠭᠠᠳᠤᠮ ᠮᠠᠰᠢ ᠠᠮᠵᠢᠯᠳᠠ ᠲᠠᠢ ᠦᠨᠳᠦᠷᠯᠡᠯ᠎ᠡ᠂ ᠡᠨᠡ ᠦᠢᠯᠡ ᠠᠵᠢᠯᠯᠠᠭ᠎ᠠ ᠶᠢ ᠵᠤᠬᠢᠶᠠᠨ ᠪᠠᠶᠢᠭᠤᠯᠤᠭᠰᠠᠨ ︿ᠭᠠᠩ ᠢᠯᠴᠢ ᠺᠤᠮᠫᠠᠨᠢ﹀ ᠶᠢᠨ ᠪᠦᠬᠦ ᠤᠳᠤᠷᠢᠳᠤᠯᠭ᠎ᠠ ᠠᠵᠢᠯᠳᠠᠳ᠂ ᠠᠯᠤᠰ ᠬᠤᠯᠠ ᠶᠢᠨ ᠦᠵᠦᠮᠦᠴᠢᠨ ᠨᠤᠲᠤᠭ ᠠᠴᠠ ᠢᠷᠡᠭᠰᠡᠨ ᠬᠦᠨᠳᠦᠳᠦ ᠵᠤᠴᠢᠳ᠂ ᠲᠤᠷᠤᠨᠠᠳᠤ ᠠᠶᠢᠮᠠᠭ ᠠᠴᠠ ᠢᠷᠡᠭᠰᠡᠨ ᠨᠡᠶᠢᠵᠠ ᠨᠦᠬᠦᠳ ᠰᠠᠳᠤᠨ ᠲᠦᠷᠦᠯ᠂ ᠡᠵᠢ ᠶᠢᠨ ᠮᠢᠨᠢ ᠨᠤᠲᠤᠭ ᠠᠪᠠᠭ᠎ᠠ ᠠᠴᠠ ᠢᠷᠡᠭᠰᠡᠨ ᠲᠡᠭᠦᠤ ᠨᠠᠷ ᠰᠠᠳᠤᠨ ᠲᠦᠷᠦᠯ ᠪᠤᠯᠤᠨ ᠠᠳᠡ ᠮᠤᠷᠢᠯᠠᠨ ᠰᠠᠭᠠᠳᠠᠭᠰᠠᠨ ᠪᠦᠬᠦ ᠨᠠᠶᠢᠵᠠ ᠠᠨᠳᠠ ᠨᠠᠷ ᠲᠠᠭᠠᠨ ᠪᠠᠶᠠᠷᠯᠠᠨ ᠲᠠᠯᠠᠷᠬᠠᠭᠰᠠᠨ ᠰᠡᠳᠭᠢᠯ ᠢᠶᠠᠨ ᠢᠯᠡᠳᠭᠡᠵᠦ ᠭᠡᠮ ᠡᠷᠭᠦᠵᠦ ᠪᠠᠶᠢᠨ᠎ᠠ᠂ ᠲᠠᠨᠠᠷ ᠲᠡᠪᠡᠳᠡᠢ ᠰᠠᠭᠤᠵᠦ ᠰᠠᠶᠢᠬᠠᠨ ᠨᠠᠶᠢᠷᠯᠠᠵᠦ ᠬᠦᠭᠵᠢᠭᠡᠷᠡᠢ︕ ᠲᠡ ᠪᠦᠬᠦᠨ ᠤ ᠡᠷᠡᠭᠦᠯ ᠮᠡᠨᠳᠦ᠂ ᠭᠡᠷ ᠪᠦᠯᠢ  ᠶᠢᠨ ᠵᠤᠯ ᠵᠢᠷᠭᠠᠯ ᠢ ᠪᠡᠯᠭᠡᠳᠡᠶ᠎ᠡ︕︾ ᠭᠡᠵᠦ ᠤᠯᠠᠨ ᠳᠤ ᠬᠠᠨᠳᠤᠨ ᠬᠤᠨᠳᠠᠭ᠎ᠠ ᠡᠷᠭᠦᠨ ᠭᠡᠰᠢᠭ ᠤᠨ ᠬᠡᠮ ᠢᠶᠠᠨ ᠡᠷᠭᠦᠯ᠎ᠡ᠃ ᠪᠢᠳᠡ ᠨᠠᠰᠤᠳᠠᠨ ᠤ ᠪᠠᠨ ᠢᠷᠦᠭᠡᠯ ᠤᠨ ᠬᠡᠮ ᠢ ᠲᠤᠭᠳᠠᠭᠠᠵᠦ᠂ ᠨᠢᠭᠡ ᠦᠶ᠎ᠡ ᠨᠠᠶᠢᠷᠯᠠᠭᠰᠠᠨ ᠢᠶᠠᠨ ᠤᠯᠠᠭᠠᠠᠪᠠᠭᠳᠤᠷ ᠬᠤᠳᠠ ᠳᠤ ᠪᠤᠴᠠᠬᠤ ᠪᠠᠨ ᠬᠡᠯᠡᠭᠰᠡᠨ ᠳᠤ ᠸᠠᠩᠳᠠᠨ ᠬᠤᠪᠢ ᠭᠡᠰᠢᠭ ᠲᠦᠭᠡᠭᠡᠵᠦ ᠭᠠᠷ ᠢᠶᠠᠷ ᠢᠶᠠᠨ ᠭᠠᠷᠳᠠᠭᠤᠯᠤᠨ ᠦᠭᠴᠦ ᠪᠠᠶᠢᠯ᠎ᠠ᠃ ᠭᠠᠩᠪᠠᠳᠤ ᠭᠤᠸᠠᠢ ᠦᠪᠡᠷ ᠤᠨ ᠲᠡᠭᠦᠤ ᠭᠠᠩᠪᠠᠭᠠᠳᠤᠷ ᠤᠨ ᠲᠡᠷᠬᠡ ᠶᠢ  ᠲᠤᠬᠢᠷᠠᠭᠤᠯᠵᠦ ᠦᠭᠭᠦᠭᠰᠡᠨ ᠳᠤ ᠪᠢᠳᠡ ᠸᠠᠩᠳᠠᠨ ᠳᠤ ᠰᠠᠯᠬᠤ ᠶᠤᠰᠤ ᠬᠢᠵᠦ ᠠᠶᠠᠷᠯᠠᠯ᠎ᠠ︕           ᠲᠦᠷᠪᠡᠭᠰᠡᠨ ᠲᠠᠶᠢᠨ ᠤ ᠰᠠᠮᠠᠭᠤᠨ ᠴᠠᠭ ᠲᠤ ᠲᠦᠷᠦᠵᠦ ᠵᠠᠶᠠᠭᠠᠭᠰᠠᠨ ᠴᠤ           ᠲᠦᠷᠦ ᠶᠢᠨ ᠠᠮᠤᠭᠤᠯᠠᠩ ᠴᠠᠭ ᠳᠠᠭᠠᠨ ᠦᠢᠯᠡᠰ ᠲᠡᠭᠡᠨ ᠵᠢᠳᠭᠦᠭᠰᠡᠨ           ᠲᠦᠪᠰᠢᠨ ᠠᠭᠤᠳᠠᠮ ᠪᠤᠳᠤᠯ ᠤᠶᠤᠨ ᠢ ᠴᠡᠭᠡᠵᠢᠨ ᠳᠡᠭᠡᠨ ᠠᠭᠤᠯᠤᠭᠰᠠᠨ           ᠲᠦᠷᠦᠯᠬᠢ ᠴᠠᠶᠢᠯᠭᠠᠨ ᠰᠡᠳᠭᠢᠯᠳᠠᠢ ︽ᠲᠦᠷᠦ ᠶᠢᠨ ᠤᠳᠤᠨ︾ ᠸᠠᠩᠳᠠᠨ ᠮᠢᠨᠢ ᠬᠦᠨᠳᠦᠳᠭᠡᠯᠳᠡᠢ︕      ᠤᠯᠠᠭᠠᠠᠪᠠᠭᠠᠳᠤᠷ ᠬᠤᠳᠠᠨ᠎ᠠ ᠪᠢᠳᠡ ᠬᠤᠶᠠᠷ ᠡᠳᠦᠷ ᠰᠠᠭᠠᠳᠠᠵᠦ ᠬᠤᠳᠠ ᠶᠢᠨ ᠦᠩᠬᠡ ᠦᠵᠡᠮᠵᠢ ᠶᠢ ᠰᠤᠨᠢᠷᠬᠠᠨ᠎ᠠ᠃ ᠰᠦᠬᠡᠪᠠᠭᠠᠳᠤᠷ ᠠᠭᠤᠳᠠᠮ ᠲᠠᠯᠠᠪᠠᠢ᠂ ᠵᠢᠪᠰᠡᠨᠳᠠᠮᠪᠠ ᠶᠢᠨ ᠰᠦᠮ᠎ᠡ᠂ ᠨᠠᠷᠠᠨ ᠲᠤᠤᠯᠠ ᠵᠠᠬ᠎ᠠ ᠵᠡᠭᠡᠯᠢ  ᠪᠠᠷ ᠵᠤᠭᠠᠴᠠᠨ ᠲᠤᠭᠤᠷᠢᠪᠡ᠂ ᠪᠠᠰᠠ ᠭᠠᠩᠪᠠᠳᠤ ᠶᠢᠨ ᠪᠦᠰᠡᠭᠦᠢ ᠠᠳᠢᠶ᠎ᠠ ᠶᠢᠨ ᠲᠠᠭᠠᠭᠤᠯᠭ᠎ᠠ ᠪᠠᠷ ᠮᠤᠩᠭᠤᠯ ᠤᠯᠤᠰ  ᠤᠨ ᠨᠡᠷᠡᠳᠦ ᠪᠦᠳᠦᠭᠳᠡᠭᠦᠨ ︽ᠭᠤᠪᠢ︾ ᠲᠡᠮᠳᠡᠭᠳᠦ ᠢᠮᠠᠭᠠᠨ ᠨᠤᠯᠤᠤᠷ ᠤᠨ ᠲᠡᠯᠭᠡᠭᠦᠷ ᠢᠶᠠᠷ ᠤᠷᠤᠵᠦ᠂ ᠬᠦᠩᠭᠡᠨ ᠭᠤᠸᠠᠯᠢᠭ ᠮᠦᠷᠳᠡᠭᠡᠨ ᠴᠠᠪᠠᠷ ᠴᠡᠮᠴᠡᠭᠡᠷ ᠡᠮᠦᠰᠭᠡᠯ ᠤᠨ ᠵᠦᠢᠯ ᠠᠴᠠ ᠬᠡᠳᠦᠨ ᠵᠠᠬ᠎ᠠ ᠶᠢ ᠰᠤᠨᠢᠭᠤᠴᠢᠯᠠᠨ ᠠᠪᠴᠠᠭᠠᠨ᠎ᠠ᠃ ᠦᠳᠡ ᠳᠤ ᠠᠳᠢᠶ᠎ᠠ ᠭᠤᠸᠠᠢ ᠪᠢᠳᠡᠨ ᠢ ᠰᠤᠯᠤᠩᠭᠤᠰ ᠬᠤᠭᠤᠯᠠᠨ ᠠᠰᠠᠷ ᠲᠤ ᠤᠷᠢᠵᠦ᠂ ᠬᠠᠷᠢ ᠬᠦᠷᠤᠨ ᠤ ᠢᠳᠡᠭᠡᠨ ᠢᠶᠠᠷ ᠵᠤᠴᠢᠯᠠᠵᠦ ᠬᠠᠯᠠᠭᠤᠮᠰᠤᠭ ᠰᠠᠶᠢᠬᠠᠨ ᠬᠠᠯᠠᠭᠤᠨ ᠵᠤᠭᠤᠭ ᠲᠡᠯᠭᠡᠵᠦ ᠠᠮᠤᠰᠬᠢᠯᠭᠡᠭᠰᠡᠨ ᠪᠠᠶᠢᠵᠦ ᠪᠢᠯᠡ᠃      9 ᠰᠠᠷ᠎ᠠ ᠶᠢᠨ 19 ᠡᠳᠦᠷ᠃ ᠭᠠᠩᠪᠠᠳᠤ ᠠᠳᠢᠶ᠎ᠠ ᠬᠤᠶᠠᠭᠤᠯᠠ ᠪᠢᠳᠡᠨ ᠤ ᠠᠮᠤᠷ ᠲᠦᠪᠰᠢᠨ ᠢ ᠪᠤᠳᠤᠯᠬᠢᠯᠡᠵᠦ ᠪᠠᠳᠤᠯᠭᠠᠳᠠᠢ ᠬᠡᠮᠡᠨ ᠶᠡᠭᠡ ᠬᠦᠷᠭᠡᠨ ᠢᠶᠠᠨ ᠠᠮᠧᠷᠢᠺᠡ ᠬᠢᠴᠡ ᠲᠠᠢ ᠬᠤᠷᠳᠤᠨ ᠲᠡᠷᠭᠡ ᠪᠠᠷ ᠤᠯᠠᠭᠠᠠᠪᠠᠭᠠᠳᠤᠷ — ᠵᠠᠮ ᠤᠨ ᠦᠳᠡ ᠬᠢᠯᠢ ᠶᠢᠨ ᠪᠤᠭᠤᠮᠳᠠ ᠬᠦᠷᠳᠡᠯ᠎ᠡ ᠬᠦᠷᠭᠡᠭᠦᠯᠵᠦ ᠦᠭᠪᠡ᠃ ᠦᠷᠯᠦᠭᠡ  ᠶᠢᠨ 7 ᠴᠠᠭ ᠲᠤ ᠬᠤᠳᠠ ᠠᠴᠠ ᠭᠠᠷᠴᠤ᠂ ᠪᠤᠭᠳᠠ ᠠᠭᠤᠯᠠ ᠶᠢᠨ ᠪᠠᠷᠠᠭᠤᠨ ᠲᠤᠭᠤᠤᠷ ᠦᠩᠭᠡᠷᠡᠨ᠂ ᠲᠦᠪ ᠠᠶᠢᠮᠠᠭ ᠶᠢ ᠲᠠᠮᠵᠢᠨ᠂ ᠭᠤᠪᠢ ᠰᠦᠮᠪᠦᠷ ᠠᠶᠢᠮᠠᠭ᠂ ᠲᠤᠮᠳᠠᠭᠤᠪᠢ ᠠᠶᠢᠮᠠᠭ᠂ ᠲᠤᠷᠤᠨ᠎ᠠ ᠭᠤᠪᠢ ᠠᠶᠢᠮᠠᠭ ᠤᠨ ᠦᠷᠭᠡᠨ ᠠᠭᠤᠳᠠᠮ ᠨᠤᠲᠤᠭ ᠢ ᠲᠡᠮᠵᠢᠭ᠌ᠰᠠᠭᠠᠷ ᠦᠳᠡ ᠠᠴᠠ ᠬᠤᠶᠢᠰᠢ ᠭᠤᠷᠪᠠᠨ ᠴᠠᠭ ᠲᠤ ᠡᠷᠢᠶᠡᠨ ᠬᠤᠳᠠ ᠬᠦᠷᠴᠦ ᠢᠷᠡᠵᠡᠢ᠃ ᠡᠨᠡ ᠤᠳᠠᠭ᠎ᠠ ᠶᠢᠨ ᠲᠤᠯᠤᠭᠠᠨ ᠡᠳᠦᠷ ᠤᠨ ᠠᠶᠠᠯᠠᠯ ᠮᠠᠨᠢ ᠦᠯᠵᠡᠢ ᠮᠦᠷ ᠲᠠᠢ ᠠᠮᠤᠷ ᠠᠮᠤᠭᠤᠯᠠᠩ ᠶᠠᠪᠤᠭᠳᠠᠵᠦ᠂ ᠤᠯᠠᠨ ᠰᠠᠶᠢᠬᠠᠨ ᠬᠠᠯᠬ᠎ᠠ ᠨᠤᠲᠤᠭ ᠤᠨ ᠦᠩᠭᠡ ᠦᠵᠡᠮᠵᠢ᠂ ᠬᠦᠮᠦᠨ ᠵᠤᠨ ᠤ ᠲᠤᠯᠠᠭᠠᠨ ᠬᠠᠯᠠᠭᠤᠨ ᠰᠡᠳᠭᠢᠯ ᠳᠤ ᠱᠤᠩᠪᠠᠵᠦ᠂ ᠤᠯᠠᠨ ᠰᠠᠶᠢᠬᠠᠨ ᠤᠯᠵᠠ ᠤᠮᠤᠭ ᠲᠠᠢ᠂ ᠲᠦᠷᠦᠭᠳᠡᠯ ᠰᠠᠭᠤᠳᠠᠯ  ᠲᠠᠢ ᠬᠠᠷᠢᠵᠦ ᠢᠷᠡᠭᠰᠡᠨ ᠪᠠᠶᠢᠵᠦ ᠪᠢᠯᠡ᠃
 
ᠢᠷᠡᠯᠲᠡ᠄ ᠤᠷᠢᠶᠠᠩᠬᠠᠨ ᠤ᠂ ᠶᠤᠨᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号