ᠠᠯᠳᠠᠨ ᠵᠢᠯᠤᠭᠤᠳᠤ  ᠪᠠᠶᠠᠨ ᠤᠨᠳᠤᠷᠤᠯ
ᠨᠡᠶᠢᠲᠡᠯᠡᠭᠰᠡᠨ ᠴᠠᠭ᠄
2019/3/5
 ᠤᠷᠢᠶᠠᠩᠬᠠᠨ ᠤ᠂ ᠶᠤᠨᠳᠤᠨ               ᠠᠯᠳᠠᠨ ᠵᠢᠯᠤᠭᠤᠳᠤ  ᠪᠠᠶᠠᠨ ᠤᠨᠳᠤᠷᠤᠯ       ᠭᠠᠷᠴᠠᠭ           ᠨᠢᠭᠡ᠂ ᠭᠡᠷ ᠪᠦᠯᠢ ᠶᠢᠨ ᠠᠮᠢᠳᠤᠷᠠᠯ ᠤᠨ ᠡᠬᠢᠯᠡᠯ           ᠬᠤᠶᠠᠷ᠂ ᠦᠬᠡᠷᠴᠢᠨ ᠪᠤᠯᠤᠭᠰᠠᠨ ᠨᠢ           ᠭᠤᠷᠪᠠ᠂ ︽ᠬᠤᠶᠠᠷ ᠢ ᠲᠤᠭᠳᠠᠭᠠᠵᠦ ᠨᠢᠭᠡ ᠶᠢ ᠱᠠᠩᠨᠠᠬᠤ︾ ᠲᠦᠷᠢᠮ ᠢ ᠬᠡᠷᠡᠭᠵᠢᠭᠦᠯᠦᠭᠰᠡᠨ ᠨᠢ           ᠲᠦᠷᠪᠡ᠂ ᠪᠠᠷᠢᠭᠠᠳᠠ ᠶᠢᠨ ᠠᠵᠢᠯ ᠬᠢᠭᠰᠡᠨ ᠨᠢ           ᠲᠠᠪᠤ᠂  ᠬᠤᠤᠰ ᠲᠠᠭᠠᠭᠠᠴᠢᠯᠠᠯᠳᠠ ᠶᠢᠨ ᠲᠦᠷᠢᠮ ᠢ ᠬᠡᠷᠡᠭᠵᠢᠭᠦᠯᠦᠭᠰᠡᠨ ᠨᠢ           ᠵᠢᠷᠭᠤᠭ᠎ᠠ᠂ ᠦᠨᠳᠦᠰᠦᠨ ᠪᠦᠳᠦᠭᠡᠨ ᠪᠠᠶᠢᠭᠤᠯᠤᠯᠳᠠ ᠶᠢ ᠠᠳᠬᠤᠭᠰᠠᠨ ᠨᠢ           ᠲᠤᠯᠤᠭ᠎ᠠ᠂ ᠰᠢᠨ᠎ᠡ ᠮᠠᠶ᠋ᠢᠭ ᠤᠨ ᠤᠷᠤᠨ ᠰᠠᠭᠤᠴᠠ ᠳᠤ ᠤᠷᠤᠭᠰᠠᠨ ᠨᠢ           ᠨᠠᠢᠮᠡ᠂ ᠮᠠᠯ ᠢᠶᠠᠨ ᠦᠰᠭᠡᠵᠦ ᠮᠢᠩᠭᠠᠳᠤ ᠶᠢᠨ ᠡᠷᠦᠬᠡ ᠪᠤᠯᠤᠭᠰᠠᠨ ᠨᠢ                  ᠠᠯᠳᠠᠨ ᠵᠢᠯᠤᠭᠤᠳᠤ  ᠪᠠᠶᠠᠨ ᠤᠨᠳᠤᠷᠤᠯ                                    —   ᠤᠯᠤᠰ ᠪᠠᠶᠢᠭᠤᠯᠤᠭᠳᠠᠭᠰᠠᠨ 70 ᠵᠢᠯ᠃ ᠦᠭᠡᠷᠡᠴᠢᠯᠡᠯᠳᠡ ᠨᠡᠭᠡᠭᠡᠯᠳᠡ ᠶᠢᠨ 40 ᠵᠢᠯ ᠤᠨ ᠤᠢ ᠳᠤ ᠵᠤᠷᠢᠭᠤᠯᠪᠠ         ᠨᠢᠭᠡ᠂ ᠭᠡᠷ ᠪᠦᠯᠢ ᠶᠢᠨ ᠠᠮᠢᠳᠤᠷᠠᠯ ᠤᠨ ᠡᠬᠢᠯᠡᠯ      ᠦᠨᠳᠦᠷ ᠵᠤ ᠨᠢ ᠠᠯᠤᠰ ᠠᠴᠠ ᠬᠦᠭᠡᠷᠡᠨ ᠬᠠᠷᠠᠭᠠᠨ ᠤ ᠦᠵᠦᠭᠦᠷ ᠨᠡᠯᠦᠶᠢᠵᠦ      ᠦᠷᠭᠡᠨ ᠬᠦᠨᠳᠡᠢ ᠨᠢ ᠨᠤᠭᠤᠭᠠᠷᠠᠨ ᠴᠡᠴᠡᠭ ᠤᠨ ᠲᠠᠪᠠᠯᠭᠠᠨ ᠭᠡᠶᠢᠰᠦᠨ᠎ᠡ      ᠦᠨᠢᠷ ᠰᠦᠷᠦᠭ ᠤᠨ ᠰᠢᠮᠡᠳᠦ ᠪᠡᠯᠴᠢᠭᠡᠷ ᠡᠵᠢ ᠶᠢᠨ ᠮᠢᠨᠢ ᠨᠤᠲᠤᠭ      ᠦᠵᠦᠮᠦᠴᠢᠨ ᠨᠤᠲᠤᠭ ᠤᠨ ᠪᠠᠷᠠᠭᠤᠨ ᠵᠠᠬ᠎ᠠ ᠲᠤᠭᠤᠭᠠᠳᠤ ᠭᠠᠵᠠᠷ ᠰᠠᠶᠢᠬᠠᠨ                    — ︽ᠪᠠᠶᠠᠵᠢᠯ ᠤᠨ ᠬᠠᠷᠭᠤᠢ ᠳᠠᠬᠢ ᠮᠢᠨᠤ ᠨᠤᠲᠤᠭ︾ ᠭᠡᠬᠦ ᠨᠠᠶᠢᠷᠠᠭ ᠠᠴᠠ      ᠰᠢᠷ᠎ᠠ ᠮᠤᠷᠢᠨ ᠵᠢᠯ ᠤᠨ ᠵᠤᠨ ᠪᠠᠶᠢᠵᠦ ᠯᠡ ᠳ᠋ᠠ᠂ ᠨᠦᠢᠳᠡᠨ ᠴᠢᠬᠢᠭ ᠬᠠᠮᠠᠷ ᠠᠩᠭᠢᠯᠠᠭᠤᠯᠤᠭᠰᠠᠨ ᠡᠪᠡᠰᠦᠨ ᠤ ᠰᠡᠬᠦᠳᠡᠷᠢ ᠭᠢᠯᠠᠯᠵᠠᠭᠰᠠᠨ ᠨᠢᠭᠡᠨ ᠦᠷᠯᠦᠭᠡ ᠡᠷᠳᠡ ᠪᠠᠷ᠂ ᠪᠠᠶᠠᠨ ᠵᠤᠰᠠᠯᠠᠩ ᠤᠨ ᠦᠨᠳᠦᠷ ᠠᠴᠠ ᠨᠢᠭᠡᠨ ᠠᠶᠢᠯ ᠨᠡᠭᠦᠭᠰᠡᠭᠡᠷ ᠲᠤᠭᠤᠭᠠᠳᠤ ᠶᠢᠨ ᠡᠮᠦᠨ᠎ᠡ ᠲᠡᠨᠵᠢᠨ᠎ᠡ ᠪᠠᠭᠤᠵᠦ ᠭᠡᠷ ᠢᠶᠠᠨ ᠪᠠᠷᠢᠨ᠎ᠠ᠂ ᠲᠠᠪᠤᠨ ᠬᠠᠨ᠎ᠠ ᠲᠠᠢ ᠭᠡᠷ ᠢᠶᠠᠨ ᠪᠤᠰᠬᠠᠵᠦ᠂ ᠬᠡᠳᠦᠨ ᠲᠡᠷᠭᠡ ᠪᠠᠨ ᠨᠠᠶᠢᠷᠠᠭᠰᠠᠨ ᠢᠶᠠᠨ ᠵᠡᠯ᠎ᠡ ᠪᠠᠨ ᠲᠠᠳᠠᠵᠦ ᠭᠠᠳᠠᠰᠤᠯᠠᠭᠠᠳ ᠬᠡᠳᠦᠨ ᠲᠤᠭᠤᠯ ᠢᠶᠠᠨ ᠤᠶᠠᠨ᠎ᠠ᠃ ᠦᠩᠭᠡ ᠶᠢᠨ ᠴᠡᠴᠡᠭ ᠲᠡᠯᠭᠡᠷᠡᠭᠡᠳ ᠦᠶᠡᠳᠡᠨ ᠤᠷᠭᠤᠮᠠᠯ ᠲᠤᠬᠢᠯᠵᠠᠵᠦ᠂ ᠠᠬᠢ ᠲᠠᠭᠠᠨ᠎ᠠ ᠦᠨᠦᠷ ᠬᠠᠩᠬᠤᠯᠠᠭᠰᠠᠨ ᠪᠠᠶᠢᠭᠠᠯᠢ ᠶᠢᠨ ᠲᠠᠩᠰᠤᠭ ᠲᠤᠭᠤᠭᠠᠳᠤ ᠭᠠᠵᠠᠷ ᠰᠠᠭᠠᠳᠠᠵᠠᠢ᠃ ᠨᠢᠭᠡ ᠮᠤᠷᠢᠳᠠᠨ ᠬᠦᠯᠦᠪᠦᠷᠢ ᠶᠢᠨ ᠦᠬᠡᠷ ᠪᠤᠯᠤᠨ ᠬᠡᠳᠦᠨ ᠦᠨᠢᠶᠡᠳ ᠢᠶᠠᠨ ᠮᠠᠨᠢᠳᠦ ᠶᠢᠨ ᠭᠤᠤᠯ ᠤᠨ ᠤᠰᠤᠨ ᠵᠦᠭ ᠬᠦᠭᠡᠭᠡᠵᠦ ᠲᠠᠯᠪᠢᠨ᠎ᠠ᠂ ᠠᠯᠤᠰ  ᠠᠴᠠ ᠲᠤᠭᠤᠨᠤ ᠪᠠᠷ ᠨᠢ ᠤᠳᠤᠭ᠎ᠠ ᠰᠤᠭᠤᠨᠤᠭᠯᠠᠬᠤ ᠪᠠᠷ ᠬᠡᠷᠭᠡᠢ ᠨᠢ ᠭᠡᠷ ᠲᠤᠲᠤᠷ᠎ᠠ ᠵᠤᠤᠬ᠎ᠠ ᠪᠠᠨ ᠰᠢᠪᠠᠭᠰᠠᠨ ᠢᠶᠠᠨ ᠴᠠᠢ ᠪᠠᠨ ᠪᠡᠯᠨᠳᠦᠨ ᠠᠮᠵᠢᠬᠤ ᠨᠢ ᠪᠤᠯᠤᠯᠳᠠᠢ᠃ ᠡᠨᠡ ᠪᠤᠯ ᠮᠠᠨᠢᠳᠦ — ᠰᠢᠨᠠᠭᠠᠨ ᠢᠶᠠᠷ ᠪᠡᠯᠴᠢᠭᠡᠷ ᠲᠠᠢ᠂ ᠲᠤᠭᠤᠭᠠᠳᠤ ᠬᠡᠮᠡᠬᠦ ᠭᠠᠵᠠᠷ ᠢᠶᠠᠷ ᠨᠤᠲᠤᠭᠳᠠᠢ ᠮᠠᠯᠴᠢᠨ ᠡᠷᠳᠡᠮᠳᠡᠭᠦᠰ ᠤᠨ ᠬᠢ ᠪᠤᠯᠤᠨ᠎ᠠ᠃ ᠲᠡᠭᠦᠨ ᠤ ᠬᠡᠷᠭᠡᠢ ᠰᠠᠷᠠᠨ ᠭᠡᠳᠡᠭ᠃ ᠭᠡᠷ ᠲᠡᠭᠡᠨ ᠤᠢ ᠬᠦᠷᠦᠭᠰᠡᠨ ᠶᠡᠭᠡ ᠬᠦᠤ ᠲᠠᠢ ᠪᠠᠨ ᠭᠤᠷᠪᠠᠭᠤᠯᠠ ᠠᠵᠠᠢ᠃      ᠨᠢᠭᠡᠳᠦᠯ ᠪᠠᠷᠢᠭᠠᠳᠠ ᠶᠢᠨ ᠦᠶ᠎ᠡ ᠪᠠᠶᠢᠵᠤ᠂ ᠬᠠᠮᠲᠦ ᠶᠢᠨ ᠲᠣᠭᠤᠭᠠᠨ ᠠᠴᠠ ᠬᠤᠰᠣᠮ ᠬᠥᠰᠡᠵᠤ ᠬᠥᠨᠡᠰᠦ ᠵᠠᠯᠭᠠᠭᠤᠯᠵᠤ ᠪᠠᠶᠢᠭᠰᠠᠨ ᠴᠠᠭ᠃ ᠰᠠᠶ᠋ᠢᠬᠠᠨ ᠠᠶᠢᠯ ᠭᠡᠷ ᠪᠤᠯᠵᠦ ᠶᠠᠪᠤᠭ᠎ᠠ ᠡᠳᠡᠨᠡᠶᠢᠬᠢᠨ ᠳᠤ ᠪᠤᠰᠤᠳ ᠬᠦᠷᠦᠩᠭᠡ ᠭᠡᠮᠡᠷ ᠶᠠᠭᠤᠮ᠎ᠠ ᠠᠯᠠᠭ᠎ᠠ᠂ ᠪᠠᠰᠠ ᠮᠠᠯ ᠰᠦᠷᠦᠭ ᠭᠡᠵᠦ ᠤᠯᠵᠦ ᠲᠠᠭᠠᠭᠠᠴᠢᠯᠠᠭᠠᠳᠤᠢ ᠪᠤᠯᠬᠤᠷ ᠠᠳᠡ ᠲᠡᠨᠳᠡ ᠠᠴᠠ ᠬᠡᠳᠦᠨ ᠲᠤᠭᠤᠯ ᠲᠠᠢ ᠦᠨᠢᠶ᠎ᠡ ᠴᠤᠭᠯᠠᠭᠤᠯᠵᠦ ᠪᠤᠷᠤ ᠡᠳᠦᠷ ᠬᠤᠨᠤᠭ ᠢ ᠦᠩᠭᠡᠷᠡᠭᠡᠨ᠎ᠡ᠃ ᠠᠰᠢᠭ ᠤᠷᠤᠯᠭ᠎ᠠ ᠭᠡᠪᠡᠯ ᠬᠠᠮᠲᠦ ᠪᠠᠶᠢᠭᠰᠠᠨ ᠤ ᠡᠷᠬᠡ ᠪᠠᠷ ᠮᠠᠯᠵᠢᠯ ᠠᠴᠠ ᠪᠣᠰᠣᠳ ᠢᠯᠡᠭᠦᠤ ᠬᠥᠳᠡᠯᠮᠥᠷᠢ ᠳᠤ ᠣᠷᠣᠯᠴᠠᠵᠦ ᠠᠮᠢ ᠲᠡᠵᠢᠭᠡᠨ᠎ᠡ᠂ ᠡᠳᠦᠷ ᠪᠦᠷᠢ ᠶᠢᠨ ᠠᠷᠪᠠᠨ ᠬᠤᠪᠢ ᠲᠡᠮᠳᠡᠭᠯᠡᠵᠤ ᠬᠤᠪᠢ ᠪᠦᠷᠢ ᠶᠢᠨ ᠦᠨ᠎ᠠ ᠨᠢ 0,12  ᠲᠦᠭᠦᠷᠢᠭ ᠲᠡᠳᠦᠢ ᠯᠠ ᠪᠠᠶᠢᠯ᠎ᠠ᠃ ᠨᠠᠮᠣᠷ ᠤᠨ ᠡᠪᠡᠰᠦ ᠬᠠᠳᠣᠯᠠᠩ᠂ ᠮᠠᠯ ᠤᠨ ᠬᠤᠷᠤᠭ᠎ᠠ ᠬᠠᠰᠢᠶ᠎ᠠ ᠪᠠᠷᠢᠬᠤ᠂ ᠡᠪᠡᠰᠦᠨ ᠬᠥᠷᠢᠶᠡᠯᠡᠩ ᠪᠣᠰᠬᠠᠬᠤ᠂ ᠬᠤᠨᠢᠨ ᠤ ᠭᠠᠷ ᠬᠡᠬᠡᠯᠲᠦᠯᠭᠡ ᠶᠢᠨ ᠮᠡᠷᠭᠡᠵᠢᠯ ᠤᠨ ᠠᠵᠢᠯ᠂ ᠬᠠᠪᠤᠷ ᠲᠦᠯ ᠤᠨ ᠦᠶ᠎ᠡ ᠠᠶᠢᠯ ᠤᠨ ᠰᠠᠭᠠᠬᠤ ︵ᠬᠤᠷᠠᠭᠠᠯᠠᠭᠰᠠᠨ ᠬᠤᠨᠢᠳ︶ ᠶᠢ ᠬᠠᠷᠢᠭᠤᠯᠬᠤ ᠵᠡᠷᠭᠡ ᠦᠢᠯᠡᠳᠪᠦᠷᠢᠯᠡᠯ ᠤᠨ ᠠᠵᠢᠯᠯᠠᠭᠠᠨ ᠳᠤ ᠤᠷᠤᠯᠴᠠᠵᠦ᠂ ᠭᠡᠷ ᠪᠦᠯᠢ ᠶᠢᠨ ᠠᠮᠢᠳᠤᠷᠠᠯ ᠢᠶᠠᠨ ᠲᠦᠩᠭᠡᠵᠢ ᠠᠷᠭᠠᠴᠠᠬᠤ ᠲᠡᠳᠦᠢ᠃ ᠡᠨᠡ ᠨᠢ ᠦᠷᠭᠦᠯᠵᠢ ᠶᠢᠨ ᠴᠢᠨᠠᠷᠳᠠᠢ ᠠᠵᠢᠯ ᠪᠤᠰᠤ ᠲᠤᠯᠠ ᠤᠯᠵᠠᠪᠤᠷᠢ ᠪᠠᠷ ᠲᠤᠩ ᠢᠯᠠᠮ ᠦᠭᠡᠢ ᠪᠠᠭ᠎ᠠ ᠪᠠᠶᠢᠭᠰᠠᠨ ᠶᠤᠮ᠂ ᠲᠡᠷᠡ ᠬᠡᠷᠭᠡᠢ ᠲᠠᠢ  ᠪᠠᠨ ᠨᠢᠭᠡ ᠰᠦᠷᠦᠭ ᠠᠪᠴᠤ ᠲᠠᠭᠠᠭᠠᠴᠢᠯᠠᠨ ᠬᠠᠷᠢᠭᠤᠯᠤᠶ᠎ᠠ ᠭᠡᠵᠦ ᠵᠦᠪᠳᠡᠪᠡᠴᠦ ᠪᠠᠷᠢᠭᠠᠳᠠ ᠠᠴᠠ ᠲᠤᠬᠢᠷᠠᠭᠤᠯᠤᠭ᠎ᠠ ᠦᠭᠡᠢ ᠪᠠᠶᠢᠭᠰᠠᠭᠠᠷ᠃ ᠠᠮᠤ ᠪᠤᠳᠠᠭ᠎ᠠ ᠪᠦᠰ ᠪᠠᠷᠠᠭ᠎ᠠ ᠶᠢᠨ ᠢᠷᠡᠯᠳᠡ ᠭᠡᠪᠡᠯ ᠰᠠᠷ᠎ᠠ ᠶᠢᠨ ᠭᠤᠴᠢᠨ ᠵᠢᠩ ᠰᠢᠷ᠎ᠠ ᠪᠤᠳᠠᠭ᠎ᠠ᠂ ᠬᠤᠷᠢᠨ ᠵᠢᠩ ᠴᠠᠭᠠᠨ ᠭᠤᠯᠢᠷ ᠪᠠᠶᠢᠵᠦ᠂ ᠨᠢᠭᠡ ᠬᠦᠮᠦᠨ ᠤ ᠨᠢᠭᠡ ᠲᠡᠪᠡᠯ ᠤᠨ ᠪᠠᠷᠠᠭ᠎ᠠ᠂ ᠬᠦᠪᠦᠩ ᠬᠤᠶᠠᠷ ᠵᠢᠩ ᠶᠢ ᠬᠠᠩᠭᠠᠨ ᠪᠤᠷᠤᠯᠠᠭᠤᠯᠭ᠎ᠠ ᠶᠢᠨ ᠬᠤᠷᠰᠢᠶ᠎ᠠ ᠪᠠ ᠠᠮᠤ ᠪᠤᠳᠠᠭᠠᠨ ᠤ ᠦᠷᠳᠡᠭᠡᠨ ᠠᠴᠠ ᠬᠤᠳᠠᠯᠳᠤᠨ ᠠᠪᠴᠤ ᠡᠳᠦᠷ ᠬᠤᠨᠤᠭ ᠢ ᠨᠦᠭᠴᠢᠭᠡᠨ᠎ᠡ᠃      ᠲᠡᠷᠡ ᠬᠠᠪᠤᠷ᠂ ᠬᠤᠨᠢᠨ ᠤ ᠲᠦᠯ ᠲᠡᠭᠡᠷ᠎ᠡ ᠰᠠᠭᠠᠬᠤ ᠬᠠᠷᠢᠭᠤᠯᠬᠤ ᠠᠵᠢᠯ ᠳᠤ ᠲᠤᠬᠢᠷᠠᠭᠤᠯᠤᠭᠳᠠᠯ᠎ᠠ᠃ ᠬᠠᠪᠣᠷ ᠤᠨ ᠨᠢᠭᠡᠨ ᠡᠳᠦᠷ᠂ ᠡᠷᠳᠡᠮᠳᠡᠭᠦᠰ ᠭᠡᠷᠭᠡᠢ ᠲᠠᠢ ᠪᠠᠨ ᠬᠤᠨᠢᠨ ᠳᠠᠭᠠᠨ ᠭᠠᠷᠴᠦ ᠰᠠᠭᠠᠬᠤ ᠪᠠᠨ ᠲᠤᠭᠤᠬᠤ ᠪᠠᠷ ᠶᠠᠪᠤᠵᠠᠢ᠃ ︽ᠭᠥᠬᠦᠭᠦᠯᠵᠤ ᠠᠪᠤᠭᠤᠯᠬᠤ︾ ᠶᠠᠪᠣᠳᠠᠯ ᠢᠶᠠᠷ ᠪᠠᠭ᠎ᠠ ᠠᠭᠠᠵᠢᠮᠳᠠᠭᠰᠠᠨ ᠪᠠᠶᠢᠵᠤ ᠳ᠋ᠠ᠂ ᠬᠡᠷᠭᠡᠢ ᠨᠢ ᠭᠡᠷ  ᠲᠡᠭᠡᠨ ᠣᠷᠣᠵᠤ ᠦᠵᠡᠭᠦ ᠳᠤ ᠬᠠᠨᠵᠣᠨ ᠲᠡᠭᠡᠷ᠎ᠠ ᠥᠯᠥᠭᠡᠶᠢᠲᠠᠢ ᠪᠠᠶᠢᠭᠰᠠᠨ ᠪᠢᠴᠢᠬᠠᠨ ᠬᠦᠤ ᠨᠢ ᠪᠠᠷ᠎ᠠ ᠠᠯᠠᠭ᠎ᠠ ᠪᠠᠶᠢᠯ᠎ᠠ᠃ ᠪᠠᠴᠢᠮᠳᠠᠨ ᠠᠵᠢᠭᠯᠠᠪᠠᠯ ᠵᠤᠤᠬ᠎ᠠ ᠶᠢᠨ ᠦᠨᠡᠰᠦᠨ ᠨᠥᠬᠡᠨ ᠳᠤ ᠬᠤᠶᠠᠷ ᠬᠥᠯ ᠨᠢ ᠴᠣᠬᠤᠢᠢᠵᠤ ᠬᠠᠷᠠᠭᠳᠠᠭᠰᠠᠨ ᠳᠤ ︽ᠪᠠᠷᠠᠪᠠ︕︾ ᠬᠡᠮᠡᠨ ᠲᠠᠭᠠᠤ ᠠᠯᠳᠠᠨ ᠶᠠᠭᠠᠷᠠᠨ ᠲᠡᠪᠡᠷᠢᠵᠤ ᠠᠪᠬᠤ ᠳᠤ ᠨᠢᠭᠤᠷ ᠲᠣᠯᠣᠭᠠᠢ ᠠᠮᠠ ᠬᠠᠮᠠᠷ ᠴᠥᠮ ᠦᠨᠡᠰᠦ ᠪᠣᠯᠵᠤ᠂ ᠡᠰᠡᠯᠡ ᠪᠦᠲᠦᠵᠤ ᠦᠬᠦᠭᠰᠡᠨ ᠪᠠᠶᠢᠵᠠᠢ᠃ ᠪᠠᠭ᠎ᠠ ᠣᠳᠠᠭᠰᠠᠨ ᠪᠣᠯ ᠬᠠᠷᠠᠯᠠᠬᠤ ᠨᠢ ᠲᠡᠷᠡ᠂ ᠭᠡᠷᠭᠡᠢ ᠮᠠᠨᠢ ᠨᠢᠭᠤᠷ ᠴᠢᠷᠠᠢ ᠶᠢ ᠨᠢ ᠴᠡᠪᠡᠷᠯᠡᠭᠰᠡᠨ ᠢᠶᠠᠨ ᠠᠮᠢᠰᠬᠤᠭ᠎ᠠ ᠲᠠᠢ ᠪᠠᠶᠢᠬᠤ ᠳᠤᠨᠢ ᠪᠠᠶᠠᠷᠯᠠᠵᠤ᠂ ᠡᠬᠡ ᠬᠥᠮᠥᠨ ᠤ ᠶᠡᠭᠡ ᠬᠠᠶᠢᠷ᠎ᠠ ᠪᠠᠷ ᠨᠢᠯᠪᠣᠰᠣ ᠣᠨᠠᠭᠠᠨ ᠥᠨᠥᠰᠴᠦ᠂ ᠬᠠᠯᠠᠭᠤᠨ ᠬᠠᠴᠠᠷ ᠲᠠᠭᠠᠨ ᠨᠠᠭᠠᠯᠳᠣᠭᠤᠯᠣᠨ ᠡᠩᠬᠦᠷᠡᠶᠢᠯᠡᠵᠠᠢ᠃ ᠲᠡᠷᠡ ᠦᠶ᠎ᠡ ᠳᠤ᠂ ᠵᠠᠯᠠᠭᠤ ᠡᠴᠢᠭᠡ ᠡᠬᠡᠴᠦᠯ ᠬᠡᠤᠬᠡᠳ ᠢᠶᠠᠨ ᠬᠠᠶᠢᠷᠠᠯᠠᠪᠠᠴᠤ ᠬᠡᠤᠬᠡᠳ ᠢᠶᠠᠨ ᠡᠷᠬᠡᠯᠡᠬᠦᠯᠬᠦ ᠶᠠᠪᠤᠳᠠᠯ ᠭᠡᠵᠦ ᠦᠭᠡᠢ᠂ ᠬᠤᠨᠢᠨ ᠳᠠᠭᠠᠨ ᠶᠠᠪᠤᠪᠠᠯ ᠬᠡᠤᠬᠡᠳ ᠢᠶᠠᠨ ᠤᠶᠠᠵᠦ ᠠᠷᠭᠠᠮᠵᠢᠭᠠᠳ ᠲᠠᠯᠪᠢᠳᠠᠭ ᠪᠤᠯᠵᠠᠢ᠃ ᠡᠷᠬᠡ ᠶᠢ ᠰᠤᠷᠭᠠᠬᠤ ᠪᠠᠷ ᠪᠡᠷᠬᠡ ᠶᠢ ᠰᠤᠷᠭ᠎ᠠ ᠭᠡᠳᠡᠭᠴᠢᠯᠡᠨ ᠨᠢᠯᠭ᠎ᠠ ᠬᠡᠤᠬᠡᠳ  ᠲᠤ ᠪᠠᠷᠢᠳᠠᠭ ᠨᠠᠭᠠᠳᠤᠮ ᠤᠨ ᠵᠦᠢᠯᠳᠡ ᠶᠢ ᠦᠭᠴᠤ ᠬᠠᠭᠤᠷᠠᠭᠠᠳ ᠠᠵᠢᠯ ᠳᠠᠭᠠᠨ ᠶᠠᠭᠠᠷᠠᠨ᠎ᠠ᠂ ᠤᠬᠢᠯᠠᠵᠦ ᠲᠡᠪᠬᠡᠴᠡᠬᠦ ᠶᠠᠪᠤᠳᠠᠯ ᠢ ᠬᠠᠷᠠᠭᠠᠯᠵᠠᠬᠤ ᠵᠠᠪ ᠦᠭᠡᠢ᠂ ᠢᠩᠭᠢᠭᠡᠳ ᠤᠳᠠᠪᠠᠯ ᠬᠡᠤᠬᠡᠳ ᠤᠬᠢᠯᠠᠵᠦ ᠪᠠᠶᠢᠭᠠᠳ ᠠᠶᠠᠠᠳᠠᠭᠠᠨ ᠤᠨᠳᠠᠴᠢᠳᠠᠭ ᠵᠠᠩᠰᠢᠯ ᠲᠠᠢ ᠪᠤᠯᠴᠢᠳᠠᠭ ᠪᠠᠶᠢᠨ᠎ᠠ᠃ ᠡᠨᠡ ᠮᠡᠳᠦ ᠪᠠᠷ ᠬᠤᠶᠠᠷ ᠰᠠᠷ᠎ᠠ ᠰᠢᠬᠠᠮ ᠰᠠᠭᠠᠬᠤ ᠬᠠᠷᠢᠭᠤᠯᠤᠭᠠᠳ ᠵᠠᠭᠤ ᠰᠢᠬᠠᠮ ᠵᠤᠭᠤᠰ ᠤᠯᠳᠠᠭ ᠪᠠᠶᠢᠯ᠎ᠠ᠃       ︽ᠰᠤᠶᠤᠯ ᠤᠨ ᠬᠤᠪᠢᠰᠬᠠᠯ ᠤᠨ ᠰᠠᠮᠠᠭᠤᠷᠠᠯ︾ ᠤᠨ ᠭᠠᠢ ᠪᠠᠷ ᠤᠯᠤᠰ ᠬᠤᠴᠤᠷᠤᠩᠭᠤᠢ ᠨᠡᠶᠢᠭᠡᠮ ᠶᠠᠳᠠᠭᠤ ᠪᠤᠯᠬᠤᠷ ᠨᠡᠶᠢᠭᠡᠮ ᠤᠨ ᠬᠡᠷᠡᠭᠯᠡᠭᠡᠨ ᠤ ᠲᠠᠸᠠᠷ ᠭᠡᠵᠦ ᠬᠤᠪᠤᠷ ᠴᠤᠬᠠᠭ ᠵᠦᠪᠬᠡᠨ ᠤᠯᠤᠰ ᠤᠨ ᠬᠤᠪᠢᠶᠠᠷᠢᠯᠠᠯᠳᠠ ᠲᠠᠢ ᠠᠮᠢᠳᠤᠷᠠᠯ ᠤᠨ ᠲᠤᠭᠳᠠᠭᠰᠠᠨ ᠵᠢᠭᠠᠯᠳᠠ ᠲᠠᠢ ᠪᠤᠳᠠᠰ ᠶᠢ ᠬᠤᠳᠠᠯᠳᠤᠨ ᠠᠪᠤᠨ᠎ᠠ᠂ ᠡᠨᠡᠬᠦ ᠬᠤᠴᠤᠷᠤᠩᠭᠤᠢ ᠪᠤᠯᠪᠠᠴᠤ ᠲᠤᠭᠳᠠᠭᠤᠨ ᠠᠮᠢᠳᠤᠷᠠᠯ ᠤᠨ ᠤᠷᠴᠢᠨ ᠳᠤ ᠮᠠᠯᠴᠢᠳ ᠲᠠᠰᠴᠤ᠂ ᠬᠠᠭᠤᠴᠢᠨ ᠨᠡᠶᠢᠭᠡᠮ ᠤᠨ ᠲᠠᠷᠤᠯᠠᠯ ᠮᠦᠯᠵᠢᠯ ᠲᠠᠢ ᠬᠠᠷᠢᠴᠠᠭᠤᠯᠤᠭᠠᠳ᠂ ᠶᠠᠳᠠᠭᠤ ᠪᠠᠶᠠᠨ ᠤ ᠵᠦᠷᠢᠶ᠎ᠡ ᠦᠭᠡᠢ᠂ ᠰᠠᠶᠢᠬᠠᠨ ᠨᠡᠶᠢᠭᠡᠮ ᠳᠤ ᠮᠠᠩᠨᠠᠢ ᠲᠡᠨᠡᠶᠢᠨ ᠠᠮᠢᠳᠤᠷᠡᠵᠦ ᠪᠠᠶᠢᠨ᠎ᠠ ᠭᠡᠵᠦ ᠰᠡᠳᠭᠢᠭᠡᠳ ᠡᠪ ᠬᠠᠮᠳᠤ ᠨᠠᠮ ᠳᠠᠭᠠᠨ ᠬᠦᠨ ᠲᠠᠯᠠᠷᠬᠠᠵᠦ᠂ ᠬᠠᠷᠢᠨ ᠦᠢᠯᠡᠳᠪᠦᠷᠢᠯᠡᠯ ᠠᠮᠢᠳᠤᠷᠠᠯ  ᠳᠠᠭᠠᠨ ᠰᠠᠨᠠᠭ᠎ᠠ ᠲᠦᠭᠦᠷᠡᠩ ᠰᠡᠳᠭᠢᠯ ᠪᠠᠶᠠᠨ ᠠᠵᠦ ᠲᠦᠷᠦᠬᠦ ᠪᠤᠯᠵᠠᠢ᠃ ᠮᠠᠯᠴᠢᠳ ᠮᠠᠨᠢ ᠦᠪᠡᠷ ᠤᠨ ᠰᠤᠶᠤᠯ ᠪᠤᠯᠬᠤ ᠨᠡᠭᠦᠳᠡᠯ ᠮᠠᠯᠵᠢᠯ ᠤᠨ ᠴᠠᠭ ᠦᠶ᠎ᠡ ᠳᠤ ᠪᠠᠶᠢᠭᠰᠠᠨ ᠢᠶᠠᠷ ᠨᠡᠶᠢᠭᠡᠮ ᠶᠠᠳᠠᠭᠤ ᠪᠠᠶᠢᠭᠰᠠᠨ ᠴᠤ ᠲᠠᠪᠤᠨ ᠬᠤᠰᠢᠭᠤ ᠮᠠᠯ ᠤᠨ ᠠᠰᠢᠭ ᠰᠢᠮ᠎ᠡ ᠶᠢᠨ ᠭᠠᠷᠤᠯᠳᠠ ᠪᠠᠨ ᠲᠠᠳᠮᠠᠭᠠᠢ ᠠᠰᠢᠭᠯᠠᠵᠦ᠂ ᠠᠮᠢᠳᠤᠷᠠᠯ ᠢᠶᠠᠨ ᠭᠦᠢᠴᠡᠳ ᠨᠦᠬᠦᠪᠦᠷᠢᠯᠳᠡᠭ ᠪᠠᠶᠢᠭᠰᠠᠨ ᠪᠦᠭᠡᠳ ᠠᠯᠢᠪᠠ ᠬᠡᠷᠡᠭᠯᠡᠭᠡᠨ ᠤ ᠬᠡᠷᠡᠭᠰᠡᠯ ᠤᠨ ᠵᠦᠢᠯᠳᠡ ᠶᠢ ᠦᠪᠡᠷ ᠤᠨ ᠬᠤᠶᠠᠷ ᠭᠠᠷ  ᠢᠶᠠᠷ ᠢᠶᠠᠨ ᠬᠠᠩᠭᠠᠳᠠᠭ ᠬᠦᠳᠡᠯᠮᠦᠷᠢᠴᠢ ᠵᠠᠩ ᠰᠤᠷᠳᠠᠯ ᠢᠶᠠᠨ ᠪᠠᠷᠢᠮᠳᠠᠯᠠᠭᠰᠠᠭᠠᠷ ᠪᠠᠶᠢᠪᠠ᠃ ᠵᠢᠱᠢᠶᠡᠯᠡᠪᠡᠯ ᠢᠰᠡᠭᠡᠢ ᠭᠡᠷ  ᠢᠶᠠᠨ ᠦᠪᠡᠷᠳᠡᠭᠡᠨ ᠬᠢᠵᠦ ᠴᠢᠳᠠᠬᠤ᠂ ᠢᠰᠡᠭᠡᠢ ᠨᠤᠤᠰᠤ ᠪᠠᠨ ᠦᠪᠡᠷᠳᠡᠭᠡᠨ ᠪᠤᠯᠪᠠᠰᠤᠷᠠᠭᠤᠯᠵᠦ ᠴᠢᠳᠠᠬᠤ᠂ ᠠᠯᠢᠪᠠ ᠤᠶᠤᠳᠠᠯ ᠬᠢᠳᠡᠯ᠂ ᠰᠦ ᠴᠠᠭ᠎ᠠ ᠪᠤᠯᠪᠠᠰᠤᠷᠠᠭᠤᠯᠬᠤ᠂ ᠰᠤᠷ ᠡᠳ᠋ᠯᠡᠯ ᠬᠢᠬᠦ᠂ ᠮᠤᠷᠢᠨ ᠡᠳ᠋ᠯᠡᠯ ᠶᠠᠩᠵᠤᠯᠠᠬᠤ᠂ ᠲᠡᠷᠭᠡ ᠬᠦᠰᠭᠡ ᠪᠠᠨ ᠬᠢᠬᠦ ᠪᠠ ᠰᠡᠯᠪᠢᠨ ᠵᠠᠰᠠᠬᠤ ᠵᠡᠷᠭᠡ ᠠᠯᠢ ᠤᠯᠠᠨ ᠠᠮᠢᠳᠤᠷᠠᠯ ᠦᠢᠯᠡᠳᠪᠦᠷᠢᠯᠡᠯ ᠤᠨ ᠦᠨᠳᠦᠰᠦᠨ ᠬᠡᠷᠡᠭᠰᠡᠯ ᠢᠶᠠᠨ ᠦᠪᠡᠷᠳᠡᠭᠡᠨ ᠬᠢᠵᠦ ᠡᠳ᠋ᠯᠡᠵᠦ ᠴᠢᠳᠠᠬᠤ ᠠᠪᠢᠶᠠᠰ ᠪᠢᠯᠢᠭ ᠤᠢ ᠤᠬᠠᠭᠠᠨ ᠬᠦᠮᠦᠨ ᠪᠦᠬᠦᠨ ᠠᠶᠢᠯ ᠪᠤᠯᠭᠠᠨ ᠳᠤ ᠪᠠᠶᠢᠳᠠᠭ᠂ ᠶᠡᠷᠦ ᠠᠴᠠ ᠬᠦᠮᠦᠨ ᠤ ᠭᠠᠷ ᠬᠠᠷᠠᠳᠠᠭ ᠦᠭᠡᠢ ᠤᠷᠠᠨ ᠲᠠᠷᠬᠠᠨ ᠪᠡᠶ᠎ᠡ ᠪᠠᠨ ᠲᠠᠭᠠᠭᠠᠭᠰᠠᠨ ᠠᠮᠢᠳᠤᠷᠠᠯ ᠤᠨ ᠬᠦᠴᠦᠰᠦ ᠲᠠᠢ ᠮᠠᠯᠴᠢᠳ ᠪᠠᠶᠢᠭᠰᠠᠨ ᠨᠢ ᠲᠤᠬᠠᠢ ᠶᠢᠨ ᠦᠶ᠎ᠡ ᠶᠢᠨ ᠦᠨᠡᠨ ᠪᠠᠶᠢᠳᠠᠯ ᠶᠤᠮᠰᠠᠨ᠃      ᠬᠠᠪᠣᠷ ᠤᠨ ᠪᠦᠷᠦᠩᠬᠦᠢ ᠰᠠᠯᠬᠢᠨ ᠳᠤ ᠡᠷᠦᠬᠡᠨ ᠬᠤᠰᠢᠭᠤ ᠲᠡᠷᠪᠡᠯᠵᠡᠵᠤ  ᠂                   ᠬᠠᠮᠠᠬᠤᠤᠯ ᠬᠠᠵᠠᠭᠠᠷ ᠡᠪᠡᠰᠦ ᠨᠦᠭᠦᠳ ᠠᠮᠠᠭᠠᠢ ᠵᠢᠯᠣᠭᠤ ᠦᠭᠡᠢ ᠬᠡᠶᠢᠰᠦᠨ᠎ᠠ                   ᠬᠠᠷᠠᠨᠳᠠᠨ ᠪᠣᠷᠠᠨᠳᠤᠨ ᠬᠤᠷᠠᠭ᠎ᠠ ᠤᠳ ᠬᠤᠷᠤᠭ᠎ᠠ ᠶᠢᠨ ᠨᠥᠮᠣᠷᠢ ᠪᠥᠮᠪᠤᠶᠢᠨ᠎ᠠ                   ᠬᠠᠷᠠᠴᠦ ᠨᠡᠭᠦᠳᠡᠯᠴᠢᠨ ᠮᠠᠯᠴᠢᠳ ᠮᠠᠨᠢ ᠦᠢᠯᠡ ᠬᠢᠰᠡ ᠪᠠᠷ ᠪᠣᠵᠢᠭᠢᠨᠠᠨᠠᠮ᠃                                — ︽ᠲᠦᠷᠦᠭᠦᠣ ᠵᠠᠭᠤᠨ ᠤ ᠤᠯᠠᠷᠢᠯ ᠳᠤ︾ ᠭᠡᠬᠦ ᠰᠢᠯᠦᠭ ᠠᠴᠠ       ᠬᠤᠶᠠᠷ᠂ ᠦᠬᠡᠷᠴᠢᠨ ᠪᠤᠯᠤᠭᠰᠠᠨ ᠨᠢ                ᠨᠡᠭᠦᠳᠡᠯ ᠮᠠᠯᠵᠢᠯ ᠤᠨ ᠭᠤᠤᠯ ᠲᠤᠯᠭᠤᠷ                ᠬᠦᠯᠤᠪᠦᠷᠢ ᠶᠢᠨ ᠲᠤᠷᠪᠢᠳᠦ ᠱᠠᠷ ᠤᠳ ᠮᠢᠨᠤ                ᠵᠢᠳᠬᠦᠬᠦ ᠲᠡᠷᠭᠡᠨ ᠤ ᠠᠷᠠᠭ᠎ᠠ ᠪᠤᠯᠤᠭᠰᠠᠨ                ᠬᠦᠵᠦᠭᠦᠨ ᠭᠠᠪᠢᠶ᠋ᠳᠤ ᠪᠠᠭᠠᠳᠤᠷ ᠤᠳ                ᠨᠡᠯᠦᠭᠡᠷ ᠰᠦᠨ ᠤ ᠬᠦᠷᠦᠩᠭᠡ ᠪᠢᠯᠬᠠᠭᠤᠯᠤᠭᠰᠠᠨ                ᠰᠠᠭᠠᠯᠢ ᠶᠢᠨ ᠦᠭᠭᠢᠶᠡᠮᠦᠷ ᠦᠨᠢᠶᠡᠳ ᠮᠢᠨᠤ                ᠨᠡᠷᠡᠰᠢᠭ ᠢᠳᠡᠭᠡᠨ ᠤ ᠲᠡᠭᠡᠵᠢ ᠪᠤᠯᠤᠭᠰᠠᠨ                ᠲᠡᠯᠡᠩ ᠤᠨ ᠵᠢᠳᠭᠦᠯᠳᠦ ᠭᠠᠪᠢᠶᠠᠳᠠᠳ                ᠠᠮᠢᠳᠤᠷᠠᠯ ᠤᠨ ᠪᠤᠶᠠᠨ ᠢ ᠲᠡᠭᠡᠵᠢᠯᠡᠭᠰᠡᠨ                ᠠᠵᠠ ᠶᠢᠨ ᠭᠡᠰᠢᠭ ᠦᠬᠡᠷ ᠡᠷᠳᠡᠨᠢ ᠪᠠᠨ ᠮᠠᠭᠳᠠᠨ ᠲᠠᠭᠤᠯᠠᠮᠤ︕                     — ︽ᠦᠵᠦᠮᠦᠴᠢᠨ ᠦᠬᠡᠷ ᠢᠶᠠᠨ ᠮᠠᠭᠳᠠᠨ ᠢᠷᠦᠭᠡᠮᠤ︾ ᠭᠡᠬᠦ ᠰᠢᠯᠦᠭ ᠠᠴᠠ      ᠮᠠᠯ ᠰᠦᠷᠦᠭ ᠲᠠᠭᠠᠭᠠᠴᠢᠯᠠᠨ ᠮᠠᠯᠵᠢᠬᠤ ᠨᠢ ᠭᠡᠷ ᠪᠦᠯᠢ ᠶᠢᠨ ᠠᠵᠤ ᠠᠮᠢᠳᠣᠷᠠᠯ ᠲᠠᠢ ᠰᠢᠭᠤᠳ ᠬᠤᠯᠪᠣᠭᠳᠠᠨ᠎ᠠ᠂ ᠡᠷᠳᠡᠮᠳᠡᠭᠦᠰ ᠪᠦᠰᠡᠭᠦᠢ ᠲᠠᠢ ᠪᠠᠨ ᠮᠠᠯ ᠬᠠᠷᠠᠵᠤ ᠵᠣᠭᠤᠰ ᠣᠯᠣᠨ ᠠᠮᠢᠳᠤᠷᠠᠯ ᠤᠨ ᠬᠡᠷᠡᠭᠰᠡᠯ ᠶᠠᠭᠤ ᠠᠪᠬᠤ᠂ ᠶᠠᠭᠠᠬᠢᠵᠤ ᠪᠣᠰᠣᠳ ᠠᠴᠠ ᠬᠤᠴᠣᠷᠬᠤ ᠦᠭᠡᠢ ᠥᠭᠡᠳᠡᠯᠡᠵᠤ ᠶᠠᠪᠣᠬᠤ ᠲᠣᠬᠠᠢ ᠢᠮᠠᠭᠳᠠ ᠵᠥᠪᠳᠡᠯᠴᠡᠨ ᠨᠢᠭᠡᠨ ᠢᠶᠠᠨ ᠵᠣᠷᠢᠭᠵᠢᠭᠤᠯᠳᠠᠭ ᠪᠠᠶᠢᠯ᠎ᠠ᠂ ᠠᠷᠪᠢᠯᠠᠨ ᠭᠠᠮᠨᠠᠵᠤ ᠡᠷᠥᠬᠡ ᠭᠡᠷ ᠢᠶᠠᠨ ᠡᠵᠡᠩᠨᠡᠬᠦ ᠪᠣᠯ ᠠᠮᠢᠳᠣᠷᠠᠬᠤ ᠶᠢᠨ ᠪᠠᠲᠣᠯᠠᠭ᠎ᠠ ᠳᠡᠭᠵᠢᠷᠡᠬᠦ ᠶᠢᠨ ᠦᠨᠳᠦᠰᠦ ᠭᠡᠳᠡᠭ ᠢ ᠲᠡᠷᠡ ᠦᠶ᠎ᠡ ᠠᠴᠠ ᠣᠬᠠᠮᠰᠠᠷᠠᠭᠰᠠᠨ ᠪᠠᠶᠢᠵᠠᠢ᠃ ᠡᠳᠡᠨᠡᠶᠢᠬᠢᠨ  ᠳᠤ ᠠᠪᠴᠦ ᠬᠡᠯᠡᠪᠡᠯ ᠳᠠᠯᠠᠭᠠᠳ ᠣᠨ ᠤ ᠮᠣᠷᠢᠨ ᠵᠢᠯ ᠠᠮᠢᠳᠤᠷᠠᠯ ᠳᠡᠭᠵᠢᠷᠡᠵᠤ ᠬᠡᠶᠢᠮᠣᠷᠢ ᠮᠠᠨᠳᠣᠭᠰᠠᠨ ᠣᠨ ᠭᠡᠬᠦ  ᠳᠤ ᠪᠣᠯᠬᠤ ᠶᠣᠮ᠂ ᠲᠡᠭᠦᠨ ᠤ ᠬᠤᠷᠢᠨ ᠲᠠᠪᠤ ᠶᠢᠨ ᠵᠢᠯ ᠤᠷᠤᠬᠤ ᠳᠤ᠂ ᠠᠪᠠᠭ᠎ᠠ ᠠᠬ᠎ᠠ ᠨᠠᠮᠬᠠᠢ ᠠᠴᠠ ᠬᠠᠯᠠᠭᠤᠨ ᠬᠤᠰᠢᠭᠤ ᠲᠠᠢ ᠦᠬᠡᠷ ᠢᠶᠠᠷ ᠣᠷᠣᠭᠤᠯᠣᠭᠰᠠᠨ᠂ ᠨᠠᠮᠣᠷ ᠬᠤᠳᠠᠯᠳᠣᠬᠤ ᠳᠤ ᠭᠤᠷᠪᠠᠨ ᠵᠠᠭᠤ ᠭᠠᠷᠣᠢ ᠶᠢᠨ ᠶᠡᠭᠡ ᠦᠨ᠎ᠡ ᠪᠠᠷ ᠠᠷᠠᠯᠵᠢᠶᠠᠯᠠᠭᠰᠠᠨ ᠣᠴᠢᠷ ᠨᠢᠭᠡ ᠶᠠᠭᠤᠮ᠎ᠠ ᠪᠣᠯᠭᠠᠬᠤ ᠭᠡᠵᠤ ᠠᠶᠢᠮᠠᠭ ᠠᠴᠠ ᠡᠮᠡᠭᠡᠯ ᠤᠨ ᠮᠥᠩᠭᠦᠨ ᠡᠳ᠋ᠯᠡᠯ ᠠᠪᠣᠭᠰᠠᠨ ᠰᠠᠨ᠃ ᠨᠠᠢᠮᠠᠨ ᠭᠠᠨᠵᠤᠭ᠎ᠠ ᠲᠠᠢ ᠭᠤᠶᠣᠬᠠᠨ ᠮᠥᠩᠭᠦᠨ ᠡᠮᠡᠭᠡᠯ ᠪᠦᠷᠢᠯᠳᠦᠭᠦᠯᠣᠨ ᠬᠡᠶᠢᠲᠦ ᠰᠠᠭᠠᠷᠠᠯ ᠤᠨ ᠨᠢᠷᠤᠭᠤᠨ ᠳᠤ ᠳᠣᠬᠤᠵᠤ᠂ ᠵᠢᠯᠣᠭᠤ ᠰᠦᠢᠵᠤ ᠣᠶᠠᠬᠤ ᠳᠠᠭᠠᠨ ᠴᠤᠭ ᠵᠣᠯᠪᠣᠭ᠎ᠠ ᠰᠡᠷᠭᠦᠨ ᠶᠠᠪᠣᠭ᠎ᠠ ᠡᠷ᠎ᠡ ᠬᠦᠮᠥᠨ ᠤ ᠵᠢᠮᠰᠡᠭ ᠭᠡᠵᠤ ᠳᠣᠲᠣᠷ᠎ᠠ ᠪᠠᠨ ᠪᠠᠭ᠋ᠠᠷᠬᠠᠵᠤ᠂ ᠠᠮᠪᠠ ᠭᠤᠸᠠᠢ ᠳᠤ ᠰᠡᠳᠭᠢᠯ ᠳᠡᠭᠡᠨ ᠲᠠᠯᠠᠷᠬᠠᠨ ᠶᠠᠪᠣᠵᠤ ᠪᠢᠯᠡ᠃      ᠮᠥᠨ ᠵᠢᠯ ᠤᠨ ᠵᠣᠨ ᠤ ᠲᠤᠭ᠎ᠠ ᠪᠠᠷ ᠬᠠᠮᠲᠦ ᠶᠢᠨ ᠨᠢᠭᠡᠨ ᠰᠦᠷᠦᠭ ᠦᠬᠡᠷ ᠶᠢ ᠡᠷᠳᠡᠮᠳᠡᠭᠦᠰ ᠲᠤ ᠲᠠᠭᠠᠭᠠᠴᠢᠯᠠᠭᠤᠯᠤᠨ ᠥᠭᠭᠦᠭᠰᠡᠨ ᠢᠶᠠᠷ ᠲᠡᠷᠡ ᠦᠬᠡᠷᠴᠢᠨ ᠪᠣᠯᠪᠠ᠃ ᠵᠠᠭᠤ ᠭᠠᠷᠣᠢ ᠦᠬᠡᠷ ᠢᠶᠠᠨ ᠪᠦᠷᠢᠳᠭᠡᠬᠦ ᠪᠠ ᠵᠢᠰᠦᠯᠡᠨ ᠲᠠᠨᠢᠬᠤ ᠪᠣᠯ ᠦᠬᠡᠷᠴᠢᠨ ᠲᠡᠭᠦᠨ ᠤ ᠣᠷᠢᠳᠠᠴᠢ ᠠᠵᠢᠯ ᠤᠨ ᠱᠠᠭᠠᠷᠳᠠᠯᠭ᠎ᠠ ᠪᠣᠯᠵᠠᠢ᠂ ᠨᠡᠯᠢᠶᠡᠳ ᠡᠳᠦᠷ ᠰᠦᠷᠦᠭ ᠢᠶᠠᠨ ᠬᠤᠷᠢᠶᠠᠨ ᠪᠦᠷᠢᠳᠭᠡᠵᠤ᠂ ᠲᠥᠷᠥᠯ ᠢᠶᠠᠷ ᠢᠯᠭᠠᠵᠤ ᠵᠢᠰᠦ ᠪᠠᠷ ᠴᠡᠭᠡᠵᠢᠯᠡᠬᠦ ᠭᠡᠵᠤ ᠪᠠᠭᠠᠬᠠᠨ ᠮᠤᠩᠭᠢᠨᠠᠪᠠ᠃ ᠦᠬᠡᠷ ᠰᠦᠷᠦᠭ ᠨᠢ ᠮᠠᠨᠢᠲᠦ ᠶᠢᠨ ᠭᠤᠤᠯ ᠡᠰᠡᠪᠡᠯ ᠰᠢᠨᠠᠭᠠᠨ ᠭᠤᠤᠯ᠂ ᠴᠠᠭᠠᠨ ᠵᠢᠷᠢᠮ ᠪᠢᠰᠢ ᠪᠣᠯ ᠴᠠᠶᠢᠳᠠᠮ ᠤᠨ ᠱᠠᠤ᠂ ᠬᠠᠷ᠎ᠠ ᠲᠡᠯ ᠭᠡᠲᠡᠯ᠎ᠡ ᠬᠠᠷᠠᠭᠠᠨᠠᠲᠦ ᠲᠠᠯ᠎ᠠ ᠭᠡᠳ ᠥᠷᠭᠡᠨ ᠠᠭᠤᠳᠠᠮ ᠪᠡᠯᠴᠢᠭᠡᠷ ᠲᠡᠭᠡᠷ᠎ᠡ ᠳᠤᠷ᠎ᠠ  ᠪᠠᠷ ᠢᠶᠠᠨ ᠪᠡᠯᠴᠢᠳᠡᠭ ᠪᠠᠶᠢᠯ᠎ᠠ᠃ ᠡᠨᠡ ᠨᠢ ᠬᠡᠳᠦ᠋ᠪᠡᠷ ᠮᠣᠷᠢᠨ ᠤ ᠵᠦᠳᠡᠷᠡᠭᠡ ᠪᠡᠶ᠎ᠡ ᠶᠢᠨ ᠴᠢᠯᠡᠭᠡ ᠲᠠᠢ ᠪᠠᠶᠢᠳᠠᠭ ᠪᠣᠯᠪᠠᠴᠦ ᠠᠶᠢᠯ ᠭᠡᠷ ᠪᠣᠯᠣᠭᠠᠳ ᠠᠩᠬ᠎ᠠ ᠣᠳᠠᠭ᠎ᠠ ᠰᠦᠷᠦᠭ ᠠᠪᠴᠦ ᠪᠠᠶᠢᠭ᠎ᠠ ᠪᠣᠯᠬᠤᠷ ᠶᠡᠭᠡ ᠣᠷᠠᠮᠰᠢᠯ ᠲᠠᠢ ᠪᠠᠶᠢᠭᠰᠠᠨ ᠢ ᠶᠠᠭᠤᠨ ᠦᠭᠦᠯᠡᠬᠦ ᠠᠵᠠᠢ᠃ ᠪᠠᠷᠢᠭᠠᠳᠠ ᠶᠢᠨ ᠵᠢᠯ ᠤᠨ ᠡᠴᠦᠰ ᠤᠨ ᠬᠤᠷᠠᠯ ᠲᠡᠭᠡᠷ᠎ᠡ ᠬᠤᠪᠢᠶᠠᠷᠢᠯᠠᠯᠳᠠ  ᠶᠢᠨ ᠨᠠᠷᠢᠨ ᠳᠠᠩᠰᠠ ᠨᠡᠶᠢᠲᠡᠯᠡᠬᠦ ᠳᠤ ᠦᠬᠡᠷ ᠬᠠᠷᠠᠭᠤᠯᠣᠭᠰᠠᠨ ᠣᠷᠣᠯᠭ᠎ᠠ ᠲᠠᠪᠣᠨ ᠵᠠᠭᠤ ᠭᠠᠷᠣᠢ ᠲᠥᠭᠦᠷᠢᠭ ᠣᠯᠣᠭᠰᠠᠨ ᠨᠢ ᠡᠷᠳᠡᠮᠳᠡᠭᠦᠰ ᠲᠤ ᠣᠷᠢᠲᠦ ᠰᠤᠨᠤᠰᠳᠠᠭ᠎ᠠ ᠦᠭᠡᠢ ᠶᠡᠭᠡ ᠲᠤᠭ᠎ᠠ ᠳᠣᠭᠤᠯᠳᠠᠬᠤ ᠶᠣᠮ ᠪᠢᠯᠡ᠂ ᠪᠡᠯᠡᠨ ᠵᠣᠭᠤᠰ ᠢᠶᠠᠨ ᠡᠪᠦᠷᠳᠦᠯᠡᠨ ᠭᠡᠷ ᠲᠡᠭᠡᠨ ᠬᠠᠷᠢᠬᠤ ᠳᠤ ᠭᠡᠷᠭᠡᠢ ᠰᠠᠷᠠᠨ ᠭᠤᠸᠠᠢ ᠪᠠᠶᠠᠷᠯᠠᠨ᠄ ︽ᠣᠶᠣᠳᠠᠯ ᠤᠨ ᠮᠠᠰᠢᠨ ᠠᠪᠣᠨ᠎ᠠ︾ ᠭᠡᠵᠤ ᠰᠦᠢᠳ ᠪᠣᠯᠬᠤ ᠳᠤ ᠲᠡᠷᠡ ᠴᠦ ᠪᠠᠶᠠᠷᠳᠠᠢ ᠵᠥᠪᠰᠢᠶᠡᠷᠡᠨ᠎ᠠ᠂ ᠭᠡᠬᠦ ᠳᠤ ᠣᠯᠬᠤᠶ᠎ᠠ ᠪᠡᠷᠬᠡ ᠶᠠᠪᠣᠳᠠᠯ᠃ ᠣᠴᠢᠷ ᠨᠢ ᠳᠣᠬᠠᠢ ᠶᠢᠨ ᠦᠶ᠎ᠡ ᠬᠡᠷᠡᠭᠯᠡᠭᠡᠨ ᠤ ᠵᠦᠢᠯᠳᠡ ᠬᠤᠪᠣᠷ᠂ ᠲᠤᠭ᠎ᠠ ᠲᠠᠢ ᠬᠡᠲᠦ ᠪᠠᠨ ᠨᠢᠭᠡᠲᠦᠯ  ᠠᠴᠠ ᠪᠠᠷᠢᠭᠠᠳᠠ ᠳᠤ ᠬᠤᠪᠢᠶᠠᠷᠢᠯᠠᠬᠤ᠂ ᠪᠠᠷᠢᠭᠠᠳᠠ ᠠᠴᠠ ᠭᠡᠰᠢᠭᠦᠳ ᠳᠤ ᠨᠣᠭᠳᠠᠭᠤᠯᠣᠨ᠎ᠠ᠃ ᠬᠡᠲᠦ ᠬᠤᠨᠤᠭ ᠤᠨ ᠲᠠᠷᠠᠭ᠎ᠠ ᠲᠡᠷᠡ ᠪᠠᠷ᠂ ᠬᠤᠸᠠ ᠲᠡᠮᠡᠭᠡ ᠪᠠᠨ ᠬᠥᠯᠦᠵᠤ᠂ ᠨᠢᠭᠡᠳᠦᠯ ᠳᠤ ᠬᠦᠷᠴᠦ ᠬᠤᠷᠰᠢᠶᠠᠨ ᠤ ᠡᠷᠬᠢᠯᠡᠭᠴᠢ ᠭᠤᠸᠠᠢ  ᠶᠢ ᠡᠷᠢᠵᠠᠢ᠂ ᠵᠠᠪᠰᠢᠶᠠᠨ ᠢᠶᠠᠷ ᠪᠣᠳᠠᠰ ᠣᠷᠣᠭᠤᠯᠬᠤ ᠲᠠᠭᠠᠷᠠᠵᠤ᠂ ᠱᠠᠩᠬᠠᠢ ᠬᠢᠴᠡ ᠲᠠᠢ ︽ᠲᠠᠯᠠᠪᠴᠢᠳᠦ ᠬᠦᠮᠥᠨ︾ ᠲᠡᠮᠳᠡᠭᠲᠦ ᠭᠤᠶᠣᠮᠰᠤᠭ ᠣᠶᠣᠳᠠᠯ ᠤᠨ ᠮᠠᠰᠢᠨ ᠬᠤᠳᠠᠯᠳᠤᠨ ᠠᠪᠣᠭᠠᠳ ᠣᠯᠵᠠ ᠣᠮᠣᠭᠳᠠᠢ ᠬᠠᠷᠢᠵᠤ ᠭᠡᠷᠭᠡᠢ ᠳᠡᠭᠡᠨ ᠭᠠᠷᠳᠠᠭᠤᠯᠣᠯ᠎ᠠ᠂ ᠬᠡᠷᠭᠡᠢ ᠬᠢᠨᠢ ᠪᠠᠶᠠᠷᠯᠠᠵᠤ ᠪᠠᠶᠢᠬᠤ ᠭᠡᠵᠢ ᠳ᠋ᠠ᠂ ᠶᠠᠭ ᠯᠠ ᠣᠷᠬᠤᠳᠠᠢ ᠣᠯᠣᠭᠰᠠᠨ ᠰᠢᠭ᠋ ᠪᠠᠷᠢᠨ ᠤᠭᠰᠠᠷᠠᠵᠦ ᠪᠠᠶᠢᠨ ᠳ᠋ᠠᠬᠢᠨ ᠵᠥᠯᠬᠦᠵᠤ ᠯᠡ ᠭᠠᠷᠤᠯ᠎ᠠ᠃ ᠠᠶᠢᠯ ᠭᠡᠷ ᠲᠤ ᠪᠠᠰᠠ ᠨᠢᠭᠡᠨ ᠭᠤᠶᠤᠮᠰᠤᠭ ᠡᠳ᠋ ᠨᠡᠮᠡᠭᠳᠡᠵᠦ ᠂ ᠭᠡᠷ ᠲᠤᠲᠤᠷ᠎ᠠ ᠨᠢ ᠭᠡᠭᠡ ᠭᠡᠷᠡᠯ ᠨᠡᠮᠡᠭᠳᠡᠭᠰᠡᠨ ᠰᠢᠭ ᠪᠠᠶᠠᠷᠯᠠᠵᠠᠭᠠᠨ᠎ᠠ᠃       ᠵᠣᠭᠤᠰ ᠢᠶᠠᠨ ᠬᠤᠷᠠᠮᠳᠤᠭᠤᠯᠤᠨ ᠡᠳ᠋ ᠪᠣᠯᠭᠠᠬᠤ ᠪᠣᠯ ᠡᠨᠡ ᠠᠶᠢᠯ ᠤᠨ ᠬᠠᠮᠲᠦ ᠶᠢᠨ ᠬᠥᠰᠡᠯ᠂ ᠶᠦᠮᠵᠢᠭᠦᠨ ᠴᠢᠨᠡᠭᠡᠯᠢᠭ ᠴᠡᠪᠡᠷ ᠳᠣᠬᠢᠯᠢᠭ ᠠᠶᠢᠯ ᠶᠢ ᠭᠦᠢᠴᠡᠬᠦ ᠪᠣᠯ ᠵᠣᠷᠢᠯᠭ᠎ᠠ ᠪᠠᠶᠢᠭ᠎ᠠ ᠶᠣᠮ᠃ ᠰᠢᠷ᠎ᠠ ᠮᠣᠷᠢᠨ ᠵᠢᠯ ᠤᠨ ᠡᠪᠦᠯ  ᠤᠨ ᠡᠬᠢᠨ ᠰᠠᠷ᠎ᠠ ᠪᠠᠷ᠂ ᠡᠳᠡᠨᠡᠶᠢᠬᠢᠨ ᠰᠢᠨ᠎ᠡ ᠰᠦᠮ᠎ᠡ ᠶᠢᠨ ᠡᠮᠥᠨᠡᠬᠢ ᠬᠠᠷᠠᠭᠠᠨᠠᠲᠦ ᠲᠠᠯ᠎ᠠ ᠳᠤ ᠪᠠᠭᠤᠳᠠᠯᠯᠠᠵᠤ᠂ ᠲᠡᠨᠳᠡ ᠪᠠᠨ ᠡᠪᠦᠯ ᠤᠨ ᠢᠳᠡᠰᠢ ᠪᠠᠨ ᠪᠠᠵᠠᠭᠠᠭᠰᠠᠨ ᠪᠠᠶᠢᠵᠠᠢ᠂ ᠪᠦᠰᠡᠭᠦᠢ ᠨᠢ ᠪᠡᠶ᠎ᠡ ᠬᠦᠨᠳᠦ ᠪᠠᠶᠢᠭᠰᠠᠨ ᠴᠦ ᠢᠳᠡᠰᠢᠨ ᠤ ᠭᠡᠳᠡᠰᠦ ᠳᠣᠲᠣᠷ ᠢᠶᠠᠨ ᠴᠡᠪᠡᠷᠯᠡᠨ ᠠᠷᠢᠯᠭᠠᠵᠤ ᠵᠠᠶᠢᠳᠠᠰᠤᠯᠠᠨ ᠬᠥᠯᠳᠡᠭᠡᠨ᠎ᠡ᠃ ᠡᠷᠳᠡᠮᠳᠡᠭᠦᠰ ᠠᠬ᠎ᠠ ᠲᠠᠢ  ᠪᠠᠨ ᠬᠤᠶᠠᠭᠤᠯᠠ ᠡᠪᠳᠡᠵᠤ ᠰᠠᠯᠭᠠᠬᠤ ᠠᠵᠢᠯ ᠢᠶᠠᠨ ᠳᠠᠭᠤᠰᠬᠠᠬᠤ ᠳᠤ ᠦᠳᠡᠰᠢ ᠶᠢᠨ ᠪᠦᠷᠦᠢ ᠪᠣᠯᠵᠠᠢ᠂ ᠬᠦᠪᠡᠭᠦᠨ ᠬᠦᠷᠡᠯᠰᠦ᠋ᠬᠡ ᠴᠦ ᠠᠬ᠎ᠠ ᠶᠢᠨ ᠠᠪᠴᠦ ᠥᠭᠭᠦᠭᠰᠡᠨ ᠲᠣᠭᠯᠠᠭᠠᠮ ᠤᠨ ᠪᠠᠭ᠎ᠠ ᠲᠡᠷᠭᠡ ᠪᠠᠷ ︽ᠦᠳ ᠦᠳ︾ ᠭᠡᠵᠤ ᠬᠥᠭᠡᠷᠦᠨ ᠨᠠᠭᠠᠳᠣᠨ᠎ᠠ᠂ ᠨᠢᠭᠡ ᠡᠳᠦᠷ ᠨᠣᠤᠷᠠᠯᠳᠣᠭᠰᠠᠨ ᠢᠶᠠᠷ ᠶᠠᠳᠠᠷᠠᠵᠤ ᠡᠷᠳᠡ ᠰᠢᠭ ᠠᠮᠣᠰᠭᠢᠵᠠᠢ᠃ ᠳᠡᠮᠡᠢ ᠣᠳᠠᠭ᠎ᠠ ᠦᠭᠡᠢ ᠪᠠᠶᠢᠬᠤ ᠳᠤ ᠭᠡᠷᠭᠡᠢ ᠨᠢ᠄ ︽ᠬᠤᠴᠠᠯᠯᠠᠭ᠎ᠠ ᠪᠣᠯᠣᠯᠲᠠᠢ᠂ ᠭᠡᠳᠡᠰᠦᠨ ᠳᠡᠭᠡᠭᠦᠷ ᠬᠠᠳᠬᠤᠯᠠᠨ ᠡᠪᠡᠳᠬᠦ ᠶᠣᠮ︾ ᠭᠡᠵᠤ ᠰᠢᠪᠡᠨᠡᠨ ᠬᠡᠯᠡᠬᠦ ᠨᠢ ᠪᠢᠯᠡ᠂ ᠲᠡᠷᠡ ᠰᠠᠨᠳᠣᠷᠤᠨ ᠪᠣᠰᠴᠦ᠂ ᠠᠶᠢᠯ ᠠᠴᠠ ᠬᠦᠮᠥᠨ ᠳᠠᠭᠤᠳᠠᠬᠤ ᠪᠠᠷ ᠶᠠᠭᠠᠷᠠᠤ ᠶᠠᠪᠣᠯ᠎ᠠ᠂ ᠪᠡᠷᠭᠡᠳ ᠨᠠᠷ ᠣᠢᠢᠷᠠᠯᠴᠠᠭ᠎ᠠ ᠪᠠᠶᠢᠭᠰᠠᠨ ᠢᠶᠠᠷ ᠲᠠᠷᠣᠢ ᠳᠤᠨᠢ ᠭᠦᠷᠥᠯᠴᠡᠨ ᠢᠷᠡᠵᠠᠢ᠂ ᠢᠩᠭᠡᠭᠡᠳ ᠡᠪᠦᠯ ᠤᠨ ᠡᠬᠢᠨ ᠰᠠᠷᠠᠶᠢᠨ ᠠᠷᠪᠠᠨ ᠬᠤᠶᠠᠷ ᠤᠨ ᠡᠳᠦᠷ ᠨᠢᠭᠡᠨ ᠬᠥᠭᠡᠷᠦᠬᠦᠨ ᠬᠡᠤᠬᠡᠨ ᠲᠠᠢ ᠪᠣᠯᠣᠭᠰᠠᠨ ᠶᠣᠮ᠂ ᠨᠠᠷᠠᠲᠦ ᠶᠢᠨ ᠵᠠᠢ ᠳᠤ ᠬᠦᠤ ᠭᠡᠤᠬᠡᠨ ᠳᠡᠭᠰᠢ ᠵᠠᠶᠠᠭᠠᠭᠰᠠᠨ ᠳᠤ ᠡᠷᠳᠡᠮᠳᠡᠭᠦᠰ ᠬᠤᠪᠢ ᠭᠠᠳᠠᠨ᠎ᠠ ᠪᠠᠶᠠᠷᠯᠠᠬᠤ ᠦᠭᠡᠢ ᠬᠡᠷᠬᠢᠨ ᠴᠢᠳᠠᠬᠤ ᠪᠣᠢ︕ ᠡᠵᠢ ᠨᠢ ᠠᠴᠢ ᠬᠡᠤᠬᠡᠨ ᠢᠶᠠᠨ ᠠᠮᠠᠨ ᠳᠠᠭᠠᠨ ᠬᠢᠪᠡᠯ ᠬᠠᠶᠢᠯᠣᠮᠠᠷ ᠠᠯᠠᠭᠠᠨ ᠳᠡᠭᠡᠷ᠎ᠠ ᠪᠠᠨ ᠲᠠᠯᠪᠢᠪᠠᠯ ᠪᠥᠮᠪᠥᠷᠢᠮᠡᠷ ᠡᠷᠳᠡᠨᠢ ᠮᠡᠲᠦ ᠡᠨᠡᠷᠢᠵᠤ᠂ ᠣᠢ ᠪᠢᠯᠢᠭ ᠰᠠᠶᠢᠳᠠᠢ ᠦᠰᠦᠨ ᠪᠤᠶᠢᠵᠢᠬᠤ ᠶᠢ ᠪᠡᠯᠭᠡᠰᠢᠶᠡᠨ ︽ᠡᠷᠳᠡᠨᠢᠪᠢᠯᠢᠭ︾ ᠭᠡᠰᠡᠨ ᠬᠤᠪᠣᠷᠬᠠᠨ ᠨᠡᠷ᠎ᠡ ᠬᠠᠶᠢᠷᠠᠯᠠᠵᠠᠢ᠃       ᠠᠪᠤ ᠡᠵᠢ ᠶᠢᠨ ᠲᠦᠰᠢᠭ ᠲᠠᠢ ᠰᠠᠶᠢᠬᠠᠨ       ᠠᠬ᠎ᠠ ᠲᠡᠭᠦᠤ ᠶᠢᠨ ᠭᠡᠯᠬᠢᠶ᠎ᠡ ᠲᠠᠢ ᠰᠠᠶᠢᠬᠠᠨ       ᠠᠩᠭ᠎ᠠ ᠨᠢᠯᠬ᠎ᠠ ᠶᠢᠨ ᠪᠦᠤᠪᠠᠢ ᠲᠠᠢ ᠰᠠᠶᠢᠬᠠᠨ       ᠠᠷᠢᠭᠤᠨ ᠬᠤᠯᠪᠤᠭ᠎ᠠ ᠶᠢᠨ ᠵᠢᠷᠭᠠᠯ ᠲᠠᠢ ᠰᠠᠶᠢᠬᠠᠨ                          — ︽ᠰᠠᠶᠢᠬᠠᠨ︾ ᠭᠡᠬᠦ ᠨᠠᠶᠢᠷᠠᠭ ᠠᠴᠠ       ᠭᠤᠷᠪᠠ᠂ ︽ᠬᠤᠶᠠᠷ ᠢ ᠲᠤᠭᠳᠠᠭᠠᠵᠦ ᠨᠢᠭᠡ ᠶᠢ ᠱᠠᠩᠨᠠᠬᠤ︾ ᠲᠦᠷᠢᠮ ᠢ ᠬᠡᠷᠡᠭᠵᠢᠭᠦᠯᠦᠭᠰᠡᠨ ᠨᠢ              ᠠᠯᠳᠠᠷ ᠬᠦᠨᠲᠦ ᠶᠢᠨ ᠭᠢᠯᠪᠠᠭ᠎ᠠ ᠪᠣᠯ ᠨᠠᠮ ᠪᠠᠶᠢᠭᠰᠠᠨ              ᠠᠮᠢᠳᠣᠷᠠᠯ ᠤᠨ ᠵᠠᠮ ᠢ ᠲᠡᠷᠡ ᠵᠢᠭᠠᠪᠠ                ᠠᠤᠭ᠎ᠠ ᠬᠠᠷᠠᠯᠳᠠ ᠨᠢ ᠰᠠᠷᠠᠭᠤᠯᠬᠠᠨ ᠪᠣᠯᠬᠤᠷ              ᠠᠰᠢᠳᠠ ᠶᠢᠨ ᠦᠢᠯᠡᠰ ᠨᠢ ᠮᠥᠩᠬᠡ ᠦᠭᠡᠳᠡᠯᠡᠨ᠎ᠡ                         — ︽ᠰᠡᠳᠭᠢᠯ ᠳᠤ ᠠᠮᠢᠯᠠᠭᠰᠠᠨ ᠨᠠᠷᠠ︾ ᠭᠡᠬᠦ ᠰᠢᠯᠦᠭ ᠠᠴᠠ      1978 ᠣᠨ ᠳᠤ ᠨᠠᠮ ᠤᠨ ︽11,3︾ ᠪᠦᠭᠦᠳᠠ ᠬᠤᠷᠠᠯᠳᠣᠭᠠᠨ ᠢᠶᠠᠷ ᠵᠡᠭᠦᠨ ᠤ ᠦᠵᠡᠯ ᠤᠨ ᠠᠯᠳᠠᠭ᠎ᠠ  ᠶᠢ ᠡᠬᠢᠯᠡᠨ ᠵᠠᠯᠠᠷᠠᠭᠤᠯᠵᠤ᠂ ᠬᠥᠳᠡᠭᠡ ᠳᠣᠰᠬᠤᠨ ᠳᠤ ︽ᠬᠤᠶᠠᠷ ᠢ ᠳᠣᠭᠳᠠᠭᠠᠵᠤ᠂ ᠨᠢᠭᠡ ᠶᠢ ᠱᠠᠩᠨᠠᠬᠤ︾ ᠲᠥᠷᠢᠮ  ᠢ ᠬᠡᠷᠡᠭᠵᠢᠭᠦᠯᠵᠦ᠂ ᠬᠦᠳᠡᠭᠡ ᠠᠵᠦ ᠠᠬᠤᠢ ᠠᠮᠢᠯᠠᠯ ᠤᠨ ᠬᠦᠴᠦᠨ ᠢᠶᠠᠨ ᠤᠯᠵᠦ᠂ ᠮᠠᠯᠴᠢᠨ ᠲᠦᠮᠡᠨ ᠮᠠᠩᠨᠠᠢ ᠲᠡᠨᠡᠶᠢᠨ ᠠᠵᠢᠯᠯᠠᠬᠤ ᠪᠤᠯᠪᠠ᠃ ᠤᠮᠠᠷᠠᠳᠤ ᠶᠢᠨ ᠲᠠᠯ᠎ᠠ ᠨᠤᠲᠤᠭ ᠲᠤ ᠤᠷᠢᠬᠠᠨ ᠬᠠᠪᠤᠷ ᠤᠨ ᠵᠦᠬᠡᠯᠡᠨ ᠬᠤᠷ᠎ᠠ ᠢᠪᠡᠭᠡᠵᠦ᠂ ᠴᠡᠴᠡᠭᠳᠦ ᠰᠠᠶᠢᠬᠠᠨ ᠵᠤᠨ ᠤ ᠠᠮᠢᠰᠬᠤᠯ ᠮᠠᠯᠴᠢᠳ ᠤᠨ ᠰᠡᠳᠭᠢᠯ ᠢ ᠢᠯᠪᠢᠨ᠎ᠠ᠃       ᠰᠢᠷᠠᠭᠴᠢᠨ ᠬᠤᠨᠢᠨ ᠵᠢᠯ ᠤᠨ ᠵᠤᠨ ᠢᠶᠠᠷ᠂ ᠡᠷᠳᠡᠮᠳᠡᠭᠦᠰ ᠦᠬᠡᠷ ᠰᠦᠷᠦᠭ ᠢᠶᠠᠨ ᠲᠠᠭᠠᠭᠠᠴᠢᠯᠠᠨ ᠬᠠᠷᠢᠭᠤᠯᠤᠭᠰᠠᠨ ᠨᠢᠭᠡ ᠵᠢᠯ ᠤᠨ ᠤᠢ ᠪᠤᠯᠵᠦ᠂ ᠵᠤᠨ ᠤ ᠮᠠᠯ ᠤᠨ ᠲᠤᠭ᠎ᠠ ᠪᠦᠷᠢᠳᠭᠡᠯ ᠳᠤ ᠦᠬᠡᠷ ᠰᠦᠷᠦᠭ ᠤᠨ ᠬᠠᠮᠠᠭᠠᠯᠠᠯᠳᠠ ᠨᠢ ᠮᠡᠨᠳᠦ ᠤᠨᠳᠤᠷᠤᠯᠳᠠ ᠠᠪᠴᠤ᠂ ᠲᠦᠯ ᠮᠠᠯ ᠢᠶᠠᠨ ᠵᠠᠭᠤᠨ ᠤ ᠶᠡᠷᠡ ᠪᠠᠷ ᠮᠡᠨᠳᠦ ᠲᠤᠰᠤᠭᠰᠠᠨ  ᠢᠶᠠᠷ᠂ ᠮᠠᠨᠢᠳᠦ ᠶᠢᠨ ᠭᠤᠤᠯ ᠤᠨ ᠬᠦᠪᠡᠭᠡᠨ᠎ᠡ ᠰᠦᠨ ᠤ ᠬᠤᠷ᠎ᠠ ᠪᠠᠭᠤᠵᠦ᠂ ᠦᠨᠢᠶᠡᠳ ᠲᠤᠭᠤᠯ ᠤᠨ ᠮᠦᠭᠡᠷᠡᠬᠦ ᠲᠠᠭᠤᠨ ᠬᠦᠨᠳᠡᠢ ᠲᠠᠭᠠᠨ ᠦᠷᠭᠦᠯᠵᠢᠯᠡᠨ᠎ᠡ᠃ ᠬᠡᠷᠭᠡᠢ ᠰᠠᠷᠠᠨ ᠨᠢ ᠰᠦ ᠰᠠᠭᠠᠯᠢ ᠳᠠᠭᠠᠨ ᠶᠠᠭᠠᠷᠠᠵᠦ᠂ ᠭᠡᠷ ᠤᠨ ᠲᠡᠭᠡᠪᠦᠷ ᠲᠡᠭᠡᠭᠦᠷ ᠬᠤᠷᠤᠳ ᠪᠢᠰᠢᠯᠠᠭ ᠢᠶᠠᠨ ᠦᠷᠦᠵᠦ ᠬᠠᠳᠠᠭᠠᠨ᠂ ᠭᠡᠷ ᠲᠤ ᠬᠤᠶᠠᠷ ᠲᠤᠭᠤᠭ᠎ᠠ ᠳᠤ ᠬᠠᠯᠠᠭᠤᠯᠤᠭᠰᠠᠨ ᠦᠷᠦᠮ ᠬᠦᠰᠢᠷᠡᠨ ᠲᠡᠪᠡᠶᠢᠵᠦ᠂ ᠪᠠᠰᠠ ᠠᠶᠢᠷᠠᠭ ᠪᠦᠯᠢᠬᠦ ᠲᠠᠭᠤᠨ ᠬᠦᠷᠴᠢᠭᠨᠡᠵᠦ᠂ ᠶᠤᠰᠤᠳᠠᠢ ᠮᠠᠯᠴᠢᠨ ᠠᠶᠢᠯ ᠤᠨ ᠪᠠᠶᠠᠯᠢᠭ ᠬᠦᠷᠦᠩᠭᠡ ᠦᠳᠭᠡᠷᠡᠨ᠎ᠡ᠃ ᠭᠤᠤᠯ ᠤᠨ ᠤᠰᠤᠨ ᠠᠴᠠ ᠨᠠᠰᠢ᠂ ᠡᠷᠳᠡᠮᠳᠡᠭᠦᠰ ᠰᠠᠷᠠᠯ ᠮᠤᠷᠢ ᠪᠠᠨ ᠤᠨᠤᠵᠦ᠂ ᠲᠤᠭᠤᠯᠯᠠᠭᠰᠠᠨ ᠦᠨᠢᠶᠡᠳ ᠢᠶᠠᠨ ᠰᠠᠯᠭᠠᠵᠦ᠂ ᠠᠭᠠᠵᠢᠮ ᠢᠶᠠᠷ ᠵᠡᠯ᠎ᠡ ᠵᠦᠭ ᠲᠤ ᠤᠶᠢᠷᠠᠳᠤᠭᠤᠯᠵᠦ ᠶᠠᠪᠤᠨ᠎ᠠ᠃      ᠨᠢᠭᠡᠨ ᠡᠳᠦᠷ ᠪᠠᠷᠢᠭᠠᠳᠠ ᠲᠡᠭᠡᠷ᠎ᠡ ᠬᠤᠷᠠᠯ ᠲᠠᠢ ᠭᠡᠵᠦ ᠴᠢᠮᠡᠭᠡ ᠢᠷᠡᠵᠡᠢ᠃ ᠡᠷᠳᠡᠮᠳᠡᠭᠦᠰ ᠪᠤᠯ ᠴᠡᠷᠢᠭ ᠤᠨ ᠠᠯᠪᠠ ᠬᠠᠭᠠᠵᠦ ᠪᠠᠶᠢᠬᠤ ᠳᠠᠭᠠᠨ ᠡᠪ ᠬᠠᠮᠳᠤ ᠨᠠᠮ ᠳᠤ ᠡᠯᠰᠡᠭᠳᠡᠭᠰᠡᠨ ᠢᠳᠡᠪᠬᠢᠳᠡᠨ ᠵᠠᠯᠠᠭᠤ ᠪᠠᠶᠢᠭ᠎ᠠ ᠶᠤᠮ᠃ ᠮᠠᠷᠭᠠᠰᠢ ᠨᠢ ᠡᠷᠳᠡᠯᠡᠨ ᠤᠯᠠᠭᠠᠨ ᠮᠤᠷᠢ ᠪᠠᠷ ᠢᠶᠠᠨ ᠵᠢᠷᠠᠨ ᠭᠠᠵᠠᠷ ᠤᠨ ᠠᠯᠤᠰ ᠲᠤ ᠪᠠᠶᠢᠭ᠎ᠠ ᠠᠯᠪᠠᠨ ᠭᠡᠷ ᠵᠦᠭ ᠲᠠᠪᠬᠢᠭᠤᠯᠤᠨ᠎ᠠ᠃ ᠬᠤᠷᠠᠯ ᠳᠤ ᠨᠠᠮ ᠤᠨ ᠭᠡᠰᠢᠭᠦᠳ ᠬᠢᠭᠡᠳ ᠵᠠᠬᠢᠷᠤᠯ ᠤᠨ ᠺᠤᠮᠢᠰ ᠤᠨ ᠭᠡᠰᠢᠭᠦᠳ ᠢᠶᠠᠷ ᠪᠦᠷᠢᠯᠳᠦᠭᠰᠡᠨ ᠬᠤᠷᠢ ᠰᠢᠬᠠᠮ ᠬᠦᠮᠦᠨ ᠤᠷᠤᠯᠴᠠᠭᠰᠠᠨ ᠴᠤᠭᠯᠠᠭᠠᠨ ᠪᠤᠯᠪᠠ᠃ ᠬᠤᠷᠠᠯ ᠲᠡᠭᠡᠷ᠎ᠡ᠂ ᠨᠠᠮ ᠤᠨ ᠡᠭᠦᠷ  ᠤᠨ ᠱᠦᠵᠢ ᠦᠨᠢᠷ ᠭᠤᠸᠠᠢ ᠲᠡᠭᠡᠳᠦ ᠱᠠᠳᠤᠨ ᠤ ᠵᠢᠭᠠᠪᠤᠷᠢ ᠶᠢ ᠤᠯᠠᠮᠵᠢᠯᠠᠨ᠎ᠠ᠃ ᠲᠠᠷᠤᠢ ᠰᠢᠯᠢ ᠶᠢᠨ ᠭᠤᠤᠯ ᠠᠶᠢᠮᠠᠭ ᠤᠨ ᠵᠠᠬᠢᠷᠭ᠎ᠠ ᠠᠴᠠ ︽1979᠂ 95 ᠲᠤᠭᠠᠳᠤ︾ ᠪᠢᠴᠢᠭ ᠮᠠᠲ᠋ᠧᠷᠢᠶᠠᠯ ᠢ ᠪᠠᠭᠤᠯᠭᠠᠵᠦ᠂ ︽ᠮᠠᠯᠵᠢᠬᠤ ᠤᠷᠤᠨ ᠤ ᠠᠷᠠᠳ ᠤᠨ ᠬᠦᠩᠱᠧ ᠶᠢᠨ ᠦᠨᠳᠦᠰᠦᠨ ᠲᠤᠭᠠᠴᠠᠭ᠎ᠠ ᠶᠢᠨ ᠨᠢᠭᠡᠴᠡ ᠠᠴᠠ ᠮᠠᠯ ᠰᠦᠷᠦᠭ ᠤᠨ ᠦᠢᠯᠡᠳᠪᠦᠷᠢᠯᠡᠯ ᠤᠨ ᠲᠤᠭᠤᠶᠢᠯᠠᠩ ᠳᠤ ︿ᠬᠤᠶᠠᠷ ᠢ ᠲᠤᠭᠳᠠᠭᠠᠵᠦ ᠨᠢᠭᠡ ᠶᠢ ᠱᠠᠩᠨᠠᠬᠤ﹀ ᠲᠦᠷᠢᠮ ᠢ ᠬᠡᠷᠡᠭᠵᠢᠭᠦᠯᠬᠦ ᠲᠤᠬᠠᠢ ᠪᠠᠶᠢᠷᠢᠯᠠᠭᠤᠯᠤᠯᠳᠠ︾ ᠶᠢ ᠨᠡᠶᠢᠳᠡᠯᠡᠪᠡ᠃ ᠦ᠊ ᠱᠦᠵᠢ ᠠᠴᠠ᠄ ︽ᠤᠳᠤ ᠮᠠᠯᠴᠢᠳ ᠤᠨ ᠪᠠᠶᠠᠵᠢᠨ ᠦᠬᠡᠳᠡᠯᠡᠬᠦ ᠴᠠᠭ ᠪᠤᠯᠵᠠᠢ᠃ ᠲᠡᠭᠡᠳᠦ ᠱᠠᠳᠤᠨ ᠠᠴᠠ ︿ᠬᠤᠶᠠᠷ ᠢ ᠲᠤᠭᠳᠠᠭᠠᠵᠦ᠂ ᠨᠢᠭᠡ ᠶᠢ ᠱᠠᠩᠨᠠᠬᠤ ᠲᠦᠷᠢᠮ﹀  ᠢ ᠬᠡᠷᠡᠭᠵᠢᠬᠦᠯᠬᠦ ᠪᠠᠷ ᠪᠤᠯᠵᠠᠢ᠃ ᠡᠨᠡ ᠪᠤᠯ ᠨᠠᠮ ᠤᠨ ᠲᠦᠷᠦ ᠶᠢᠨ ᠪᠤᠳᠤᠯᠭ᠎ᠠ ᠶᠢᠨ ᠰᠠᠶᠢᠨ ᠰᠢᠤ︕ ᠡᠮᠦᠨ᠎ᠡ ᠵᠢᠯ  ᠤᠳ ᠲᠤ᠂ ᠬᠤᠪᠢᠨ ᠳᠠᠭᠠᠨ ᠮᠠᠯ ᠦᠯᠡᠳᠡᠭᠡᠪᠡᠯ ᠬᠦᠷᠦᠩᠭᠡᠳᠦ ᠶᠤᠰᠤᠨ ᠤ ᠰᠡᠭᠦᠯ ᠢ ᠲᠠᠰᠤᠯᠠᠨ᠎ᠠ ᠭᠡᠳ ᠵᠦᠪᠰᠢᠶᠡᠷᠡᠬᠦ ᠦᠭᠡᠢ ᠪᠠᠶᠢᠭᠰᠠᠨ︾ ᠭᠡᠵᠦ ᠤᠯᠠᠨ ᠲᠠᠯ᠎ᠠ ᠪᠠᠷ ᠲᠠᠶᠢᠯᠪᠤᠷᠢᠯᠠᠨ ᠶᠠᠷᠢᠨ᠎ᠠ᠃ ᠪᠠᠷᠢᠭᠠᠳᠠ ᠶᠢᠨ ᠲᠠᠷᠤᠭ᠎ᠠ ᠯᠠᠮᠵᠠᠪ ᠠᠴᠠ ᠄ ︽ᠲᠡᠭᠡᠳᠦ ᠱᠠᠳᠤᠨ ᠤ ᠵᠢᠭᠠᠪᠤᠷᠢ ᠶᠢ ᠮᠠᠨ ᠤ ᠪᠠᠷᠢᠭᠠᠳᠠ ᠳᠠᠭᠠᠨ ᠶᠠᠭᠠᠬᠢᠵᠦ᠂ ᠶᠠᠮᠠᠷ ᠠᠷᠭ᠎ᠠ ᠪᠠᠷ ᠨᠠᠶᠢᠳᠠᠪᠤᠷᠢᠵᠢᠭᠤᠯᠤᠨ᠎ᠠ ᠭᠡᠳᠡᠭ ᠪᠤᠯ ᠪᠠᠰᠠ ᠨᠢᠭᠡᠨ ᠴᠢᠬᠤᠯᠠ ᠵᠦᠪᠳᠡᠬᠦ ᠰᠡᠳᠤᠪ ᠪᠤᠯᠤᠨ᠎ᠠ᠂ ᠶᠠᠭᠤ ᠪᠤᠯᠤᠭᠰᠠᠨ ᠴᠤ ᠪᠤᠳᠠᠳᠠᠢ ᠨᠤᠷᠮ᠎ᠠ ᠲᠤᠭᠳᠠᠭᠠᠵᠦ᠂ ᠪᠠᠷᠢᠮᠵᠢᠶ᠎ᠠ ᠭᠠᠷᠭᠠᠵᠦ᠂ ᠲᠠᠪᠠᠭᠰᠠᠨ ᠭᠡᠰᠡᠭ ᠢ ᠭᠡᠰᠢᠭᠦᠳ ᠲᠤ ᠦᠨ᠎ᠡ ᠲᠦᠯᠦᠪᠦᠷᠢ ᠦᠭᠡᠢ ᠦᠭᠴᠦ ᠬᠤᠪᠢᠨ ᠳᠠᠭᠠᠨ ᠮᠠᠯ ᠰᠦᠷᠦᠭ ᠲᠠᠢ ᠪᠤᠯᠬᠤ ᠶᠢ ᠵᠤᠷᠢᠭᠵᠢᠭᠤᠯᠤᠨ᠎ᠠ︾ ᠭᠡᠵᠦ ᠶᠠᠷᠢᠨ᠎ᠠ ᠃ ᠡᠭᠦᠨ ᠳᠤ ᠪᠢ ᠴᠢᠬᠢ ᠪᠠᠨ ᠢᠳᠡᠭᠡᠵᠦ ᠶᠠᠳᠠᠨ ᠰᠤᠨᠤᠰᠤᠨ᠎ᠠ᠃ ᠲᠡᠷᠡ ᠬᠤᠷᠠᠯ ᠢᠶᠠᠷ ᠬᠡᠷᠡᠭᠵᠢᠬᠦᠯᠬᠦ ᠲᠦᠰᠦᠪ ᠤᠨ ᠭᠤᠤᠯ ᠠᠭᠤᠯᠭ᠎ᠠ ᠶᠢ ᠶᠠᠷᠢᠯᠴᠠᠨ᠂ ᠭᠡᠰᠢᠭᠦᠳ ᠤᠨ ᠲᠦᠯᠦᠭᠡᠯᠡᠭᠴᠢᠳ ᠤᠨ ᠬᠤᠷᠠᠯ ᠢᠶᠠᠷ ᠶᠠᠷᠢᠯᠴᠠᠨ ᠲᠤᠭᠳᠠᠭᠠᠬᠤ  ᠪᠠᠷ ᠪᠤᠯᠵᠦ ᠬᠤᠷᠠᠯ ᠲᠠᠷᠬᠠᠪᠠ᠃       ᠡᠷᠳᠡᠮᠳᠡᠭᠦᠰ ᠭᠡᠷ ᠲᠡᠭᠡᠨ ᠬᠠᠷᠢᠭᠠᠳ ᠴᠠᠢ ᠤᠤᠭᠤᠬᠤ ᠵᠠᠭᠤᠷ᠎ᠠ᠄ ︽ᠤᠳᠤ ᠮᠠᠨ ᠤ ᠮᠠᠯᠴᠢᠳ ᠤᠨ ᠪᠠᠶᠠᠵᠢᠬᠤ ᠴᠠᠭ ᠢᠷᠡᠵᠡᠢ︾ ᠭᠡᠬᠦ ᠳᠤ ᠪᠦᠰᠡᠭᠦᠢ ᠨᠢ᠄ ︽ᠶᠠᠭᠠᠬᠢᠵᠦ ᠪᠠᠶᠠᠵᠢᠬᠤ ᠶᠤᠮ ᠳ᠋ᠠ︖︾᠂ ︽ᠪᠠᠷᠢᠭᠠᠳᠠ  ᠶᠢᠨ ᠬᠤᠷᠠᠯ ᠢᠶᠠᠷ ᠮᠠᠯ ᠤᠨ ᠲᠤᠭ᠎ᠠ ᠲᠤᠯᠤᠭᠠᠢ ᠪᠤᠶᠤ ᠭᠠᠷᠤᠯᠳᠠ ᠳᠤ ᠬᠠᠷᠢᠴᠠᠯ ᠨᠤᠷᠮ᠎ᠠ ᠲᠤᠭᠳᠠᠭᠠᠵᠦ᠂ ᠲᠠᠪᠠᠭᠰᠠᠨ ᠭᠡᠰᠡᠭ ᠢ ᠨᠢ ᠭᠡᠰᠢᠭᠦᠳ ᠲᠤ ᠦᠭᠭᠦᠨ᠎ᠡ ᠭᠡᠨ᠎ᠡ︾ ᠭᠡᠬᠦ ᠳᠤ᠄ ︽ᠲᠡᠶᠢᠮᠦ ᠰᠠᠶᠢᠬᠠᠨ ᠵᠡᠭᠦᠳᠦ ᠪᠠᠰᠠ ᠪᠡᠶᠡᠯᠡᠭᠳᠡᠬᠦ  ᠶᠤᠮ ᠤᠤ︖︾᠂ ᠲᠡᠷᠡ᠄ ︽ᠲᠡᠷᠡ ᠪᠠᠰᠠ ᠬᠡᠯᠡᠬᠦ ᠶᠢᠨ ᠠᠷᠭ᠎ᠠ ᠦᠭᠡᠢ᠂ ᠵᠢᠱᠢᠶᠡᠯᠡᠪᠡᠯ ᠮᠠᠨ ᠤ ᠦᠬᠡᠷ ᠢᠶᠠᠷ ᠪᠤᠳᠤᠪᠠᠯ ᠬᠠᠮᠠᠭᠠᠯᠠᠯᠳᠠ ᠶᠢᠨ ᠨᠤᠷᠮ᠎ᠠ %97 ᠪᠠᠷ ᠪᠤᠳᠤᠪᠠᠯ ᠬᠠᠮᠠᠭᠠᠯᠠᠯᠳᠠ ᠴᠢᠨᠢ ᠪᠦᠷᠢᠨ ᠪᠤᠯ 3 ᠦᠬᠡᠷ ᠤᠯᠤᠨ᠎ᠠ᠂ ᠦᠷᠡᠵᠢᠯᠳᠡ ᠪᠤᠶᠢᠵᠢᠯᠳᠡ ᠶᠢᠨ ᠨᠤᠷᠮ᠎ᠠ ᠶᠢ %85 ᠪᠠᠷ ᠪᠤᠳᠤᠪᠠᠯ ᠲᠡᠭᠦᠨ ᠠᠴᠠ ᠲᠡᠭᠡᠭᠰᠢ ᠲᠤᠭᠤᠯ ᠪᠤᠶᠢᠵᠢᠭᠤᠯᠤᠭᠰᠠᠨ ᠪᠤᠯ ᠪᠦᠬᠦᠨ ᠢᠶᠠᠷ ᠢᠶᠠᠨ ᠴᠢᠨᠦᠬᠢ ᠪᠤᠯᠤᠨ᠎ᠠ︾ ᠭᠡᠵᠦ ᠲᠠᠶᠢᠯᠪᠤᠷᠢᠯᠠᠬᠤ ᠳᠤ ᠬᠡᠷᠭᠡᠢ ᠨᠢ᠄ ︽ᠲᠡᠭᠡᠪᠡᠯ ᠶᠤᠰᠤᠳᠠᠢ ᠤᠯᠬᠤ ᠨᠢ ᠴᠤ ᠠᠷᠪᠢᠨ ᠲᠤᠯᠠ ᠪᠠᠶᠠᠵᠢᠵᠦ ᠮᠡᠳᠡᠨ᠎ᠡ᠂ ᠭᠡᠳᠡᠯ᠎ᠡ ᠬᠠᠮᠳᠤ ᠨᠡᠶᠢᠳᠡ ᠲᠡᠶᠢᠮᠦ ᠠᠷᠪᠢᠨ ᠮᠠᠯ ᠢ ᠴᠢᠮ᠎ᠡ ᠳᠤ ᠵᠦᠭᠡᠷ ᠦᠭᠭᠦᠴᠢᠭᠡᠨ᠎ᠡ ᠭᠡᠵᠢ ᠤᠤ︕︾ ᠭᠡᠵᠦ ᠲᠠᠳᠠᠭᠠᠯᠵᠠᠨ ᠠᠰᠠᠭᠤᠪᠠᠯ᠄ ︽ᠲᠡᠭᠡᠭᠰᠡᠨ ᠴᠤ ᠨᠤᠷᠮ᠎ᠠ ᠨᠢ ᠭᠡᠳᠦ ᠦᠨᠳᠦᠷ ᠪᠤᠯ ᠲᠡᠶᠢᠮᠦ ᠠᠷᠪᠢᠨ ᠮᠠᠯ ᠢ ᠠᠮᠠᠷᠬᠠᠨ ᠤᠯᠤᠨ᠎ᠠ ᠭᠡᠳᠡᠭ ᠭᠤᠷᠢ ᠦᠭᠡᠢ ᠬᠡᠷᠡᠭ ᠡ᠂ ᠬᠠᠰᠢᠯᠠ ᠴᠢᠷᠮᠠᠶᠢᠯᠭ᠎ᠠ ᠤᠷᠤᠨ᠎ᠠ ᠰᠢᠤ︾ ᠭᠡᠵᠦ ᠢᠷᠡᠭᠡᠳᠦᠢ ᠶᠢᠨ ᠠᠮᠢᠳᠤᠷᠠᠯ ᠤᠨ ᠲᠦᠯᠦᠭᠡ ᠰᠠᠨᠠᠭ᠎ᠠ ᠪᠤᠯᠤᠨ ᠶᠠᠷᠢᠯᠳᠤᠨ᠎ᠠ᠃       ᠲᠡᠷᠡ ᠡᠪᠦᠯ ᠤᠨ ᠲᠠᠰᠤᠯᠠᠨ ᠪᠤᠳᠤᠯᠳᠠ ᠳᠤ ᠡᠳᠡᠨᠡᠶᠢᠬᠢᠨ ᠦᠬᠡᠷ ᠰᠦᠷᠦᠭ ᠶᠢᠨ ᠬᠠᠮᠠᠭᠠᠯᠠᠯᠳᠠ ᠪᠤᠶᠤ ᠲᠥᠯ ᠤᠨ ᠪᠤᠶᠢᠵᠢᠯᠳᠠ ᠨᠢ ᠦᠨᠳᠥᠷ ᠪᠤᠯᠬᠤᠷ᠂ ᠳᠠᠪᠠᠭᠤᠯᠣᠭᠰᠠᠨ ᠭᠡᠰᠡᠭ ᠤᠨ ᠱᠠᠩᠨᠠᠯ ᠭᠡᠵᠤ ᠲᠠᠪᠤ ᠵᠢᠷᠭᠤᠭᠠᠨ ᠲᠣᠭᠤᠯ ᠪᠢᠷᠠᠭᠤ ᠤᠯᠤᠭᠰᠠᠨ ᠢᠶᠠᠷ ᠨᠦᠬᠦᠷ ᠬᠡᠷᠭᠡᠢ ᠬᠤᠶᠠᠭᠤᠯᠠ ᠤᠬᠠᠭᠠᠨ ᠦᠭᠡᠢ ᠪᠠᠶᠠᠷᠯᠠᠵᠠᠢ᠃ ᠲᠡᠷᠡ ᠵᠢᠯ ᠤᠨ ᠠᠰᠢᠭ ᠤᠷᠤᠯᠭ᠎ᠠ ᠶᠢᠨ ᠬᠤᠪᠢᠶᠠᠷᠢᠯᠠᠯᠳᠠ ᠳᠤ ᠤᠯᠠᠩᠬᠢ ᠠᠶᠢᠯ ᠡᠷᠦᠬᠡ ᠲᠠᠪᠠᠭᠤᠯᠤᠭᠰᠠᠨ ᠭᠡᠰᠡᠭ ᠤᠨ ᠱᠠᠩᠨᠠᠯ ᠤᠯᠵᠦ ᠲᠡᠭᠡᠷ᠎ᠡ ᠲᠠᠯ᠎ᠠ ᠶᠢᠨ ᠬᠤᠨᠢᠴᠢᠨ ᠡᠷᠦᠬᠡ 60 —70 ᠬᠤᠷᠠᠭ᠎ᠠ ᠤᠯᠤᠭᠰᠠᠨ ᠳᠤ ᠠᠬᠠᠮᠠᠳ ᠮᠠᠯᠴᠢᠳ ᠶᠡᠬᠡᠪᠡᠷ ᠰᠤᠴᠢᠨ ᠪᠠᠶᠠᠷᠯᠠᠵᠦ᠄ ︽ᠵᠠ᠂ ᠡᠨᠡ ᠪᠤᠯ ᠨᠠᠮ ᠤᠨ ᠲᠦᠷᠦ ᠶᠢᠨ ᠪᠤᠳᠤᠯᠭ᠎ᠠ ᠵᠦᠪ ᠡᠷᠭᠢᠭᠰᠡᠨ ᠤ ᠰᠠᠶᠢᠨ ᠰᠢᠤ᠂ ᠮᠠᠨ ᠤ ᠮᠠᠯᠴᠢᠳ ᠶᠤᠰᠤᠳᠠᠢ ᠪᠠᠶᠠᠵᠢᠬᠤ ᠴᠠᠭ ᠲᠤᠯᠵᠠᠢ᠂ ᠨᠢᠭᠡ ᠵᠢᠯ ᠳᠤ ᠨᠢᠭᠡ ᠰᠦᠷᠦᠭ ᠬᠤᠨᠢ ᠤᠯᠤᠨ᠎ᠠ ᠭᠡᠳᠡᠭ ᠴᠢᠨᠢ︕︾ ᠭᠡᠬᠦ ᠳᠤ ᠵᠠᠷᠢᠮ ᠨᠢ᠄ ︽ᠲᠡᠶᠢᠮᠦ ᠰᠢᠳᠠ᠂ ᠰᠤᠶᠤᠯ ᠤᠨ ᠬᠤᠪᠢᠰᠬᠠᠯ ᠤᠨ ᠦᠶ᠎ᠡ ᠳᠤ᠂ ᠬᠤᠪᠢᠨ ᠤ ᠮᠠᠯ ᠦᠯᠡᠳᠡᠭᠡᠪᠡᠯ ᠬᠦᠷᠦᠩᠭᠡᠳᠦ ᠶᠤᠰᠤᠨ ᠤ ᠰᠡᠭᠦᠯ ᠢ ᠲᠠᠰᠤᠳᠠᠨ᠎ᠠ ᠭᠡᠳ ᠮᠠᠯᠴᠢᠨ ᠪᠢᠳᠡᠨ ᠤ ᠠᠮᠢᠳᠤᠷᠠᠯ  ᠢ ᠶᠠᠭ ᠦᠭᠡᠳᠡᠯᠡᠭᠦᠯᠬᠦ ᠦᠭᠡᠢ ᠪᠠᠶᠢᠭᠰᠠᠨ ᠰᠢᠤ᠂ ᠬᠠᠰᠢᠯᠠ ᠡᠪ ᠬᠠᠮᠳᠤ ᠨᠠᠮ ᠮᠢᠨᠢ ᠵᠦᠪ ᠬᠠᠷᠠᠬᠤ ᠶᠤᠮ ᠪᠠᠶᠢᠨ᠎ᠠ︾ ᠭᠡᠵᠦ ᠢᠳᠡᠭᠡᠯ ᠲᠠᠢ ᠪᠠᠶᠠᠷᠯᠠᠩᠭᠤᠢ ᠪᠠᠷ ᠬᠦᠤᠷᠨᠢᠯᠳᠤᠨ ᠶᠠᠷᠢᠯᠴᠠᠵᠦ ᠪᠠᠶᠢᠯ᠎ᠠ᠃        ᠬᠤᠪᠢ ᠶᠢᠨ ᠭᠡᠬᠦ ᠮᠠᠯ ᠲᠠᠢ ᠪᠤᠯᠴᠢᠬᠠᠯ᠎ᠠ᠂ ᠪᠠᠰᠠ ᠬᠠᠮᠳᠤ ᠶᠢᠨ ᠦᠬᠡᠷ ᠰᠦᠷᠦᠭ ᠤᠨ ᠤᠷᠤᠯᠭ᠎ᠠ ᠨᠢ ᠦᠨᠡᠭᠡᠷ ᠪᠠᠶᠠᠵᠢᠯ ᠤᠨ ᠵᠠᠮ ᠢᠶᠠᠷ ᠬᠦᠳᠦᠯᠵᠦ᠂ ᠠᠮᠢᠳᠤᠷᠠᠯ ᠤᠨ ᠬᠢᠷᠢ ᠲᠦᠪᠰᠢᠨ ᠲᠡᠭᠡᠭᠰᠢᠯᠡᠬᠦ ᠳᠤ ᠠᠵᠦ ᠠᠬᠤᠢ  ᠶᠢᠨ ᠦᠨᠳᠦᠰᠦᠨ ᠨᠦᠬᠦᠴᠡᠯ ᠢ ᠪᠦᠷᠢᠯᠳᠦᠭᠦᠯᠵᠦ ᠦᠭᠴᠠᠢ᠃ ᠭᠠᠭᠴᠠᠬᠦ ᠴᠢᠷᠮᠠᠶᠢᠨ ᠠᠵᠢᠯᠠᠯᠬᠤ ᠪᠠᠨ ᠮᠡᠳᠡ︕ ᠮᠣᠩᠭᠤᠯ ᠭᠡᠷ ᠤᠨ ᠨᠦᠬᠦᠴᠠᠯ ᠪᠠ ᠠᠮᠢᠳᠣᠷᠠᠯ ᠤᠨ ᠬᠢᠷᠢ ᠬᠡᠮᠵᠢᠶ᠎ᠡ ᠡᠳᠦᠷ ᠠᠴᠠ ᠡᠲᠦᠷ ᠰᠠᠶᠢᠵᠢᠷᠠᠵᠤ᠂ ᠬᠡᠪᠢᠰ ᠬᠠᠶᠠᠯᠠᠬᠤ᠂ ᠭᠡᠷ ᠤᠨ ᠮᠣᠳᠣ ᠶᠢ ᠪᠣᠳᠤᠭ ᠰᠠᠭᠤᠯᠭᠠᠬᠤ᠂ ᠭᠡᠷ ᠳᠣᠲᠣᠷᠠᠬᠢ ᠠᠪᠳᠠᠷ᠎ᠠ ᠬᠤᠷᠭᠤ ᠶᠢ ᠰᠢᠨᠡᠳᠭᠡᠬᠦ ᠵᠢᠴᠢ ᠭᠠᠳᠠᠨᠠᠬᠢ ᠬᠠᠮ ᠠᠪᠳᠠᠷ᠎ᠠ ᠪᠠᠨ ᠰᠢᠨ᠎ᠡ ᠪᠠᠷ ᠬᠢᠯᠭᠡᠬᠦ᠂ ᠲᠡᠷᠭᠡ ᠬᠦᠰᠭᠡ ᠨᠡᠮᠡᠬᠦ ᠵᠡᠷᠭᠡ ᠳᠥᠪᠬᠢᠨᠡᠭᠦᠯᠦᠯᠳᠡ ᠬᠢᠭᠰᠡᠨ ᠢᠶᠠᠷ ᠪᠠᠷᠢᠭᠠᠳᠠ ᠳᠠᠭᠠᠨ ᠨᠡᠯᠢᠶᠡᠳ ᠳᠡᠭᠡᠭᠦᠷ ᠣᠷᠣᠬᠤ ᠡᠷᠦᠬᠡ ᠶᠢᠨ ᠨᠢᠭᠡ ᠪᠤᠯᠤᠯ᠎ᠠ᠃ ᠰᠢᠷᠠᠭᠴᠢᠨ ᠬᠤᠨᠢᠨ ᠵᠢᠯ ᠢᠶᠠᠨ ᠦᠳᠡᠵᠤ ᠬᠠᠷ᠎ᠠ ᠪᠡᠴᠢ ᠵᠢᠯ ᠢᠶᠠᠨ ᠣᠭᠳᠤᠬᠤ ᠵᠠᠢ ᠳᠤ ᠡᠳᠡᠨᠡᠶᠢᠬᠢᠨ ᠳᠡᠭᠡᠲᠦ ᠰᠢᠨᠠᠭᠠᠨ ᠭᠡᠳᠡᠭ ᠭᠠᠵᠠᠷ ᠡᠪᠦᠯᠵᠢᠵᠠᠢ᠂ ᠬᠦᠭᠦᠬᠡ ᠰᠠᠷ᠎ᠠ ᠶᠢᠨ ᠬᠤᠷᠢᠨ ᠲᠣᠯᠣᠭᠠᠨ ᠳᠤ ᠪᠦᠰᠡᠭᠦᠢ ᠰᠠᠷᠠᠨ ᠨᠢ ᠬᠤᠶᠠᠳᠣᠭᠠᠷ ᠬᠥᠤ ᠪᠠᠨ ᠬᠥᠩᠭᠡᠵᠢᠪᠡ᠂ ᠠᠬ᠎ᠠ ᠠᠴᠠ ᠨᠢ ᠬᠠᠰ ᠴᠢᠯᠠᠭᠤ ᠠᠳᠠᠯᠢ ᠵᠣᠷᠢᠭ ᠬᠠᠳᠠᠭᠤ ᠥᠭᠡᠳᠡ ᠡᠰᠡᠷᠡᠭ ᠶᠠᠪᠣᠬᠤ ᠶᠢ ᠨᠢ ᠵᠦᠩᠨᠡᠵᠤ ︽ᠬᠠᠰᠡᠷᠳᠡᠨᠢ︾ ᠭᠡᠰᠡᠨ ᠰᠠᠶᠢᠬᠠᠨ ᠨᠡᠷ᠎ᠡ ᠣᠯᠭᠤᠵᠠᠢ᠃ ᠡᠨᠡ ᠬᠡᠤᠬᠡᠳ ᠢ ᠣᠢ ᠥᠩᠭᠡᠷᠡᠭᠰᠡᠨ ᠲᠠᠷᠠᠭ᠎ᠠ ᠨᠢᠭᠡᠨ ᠡᠳᠦᠷ ᠲᠡᠭᠦᠨ ᠤ ᠠᠪᠠᠭ᠎ᠠ ᠠᠬ᠎ᠠ ᠭᠤᠸᠠᠢ ᠨᠠᠮᠬᠠᠢ ᠠᠶᠢᠯᠴᠢᠯᠠᠷ᠎ᠠ ᠢᠷᠡᠪᠡ᠃ ᠡᠨᠡ ᠦᠶ᠎ᠡ ᠵᠣᠤᠬᠠᠨ ᠤ ᠵᠡᠭᠦᠨ ᠲᠠᠯ᠎ᠠ ᠳᠤ ᠥᠨᠥ ᠬᠦᠤ ᠠᠶᠠᠭ᠎ᠠ ᠠᠴᠠ ᠪᠠᠨ ᠴᠠᠢ ᠶᠢᠨ ᠪᠣᠳᠠᠭ᠎ᠠ ᠠᠳᠬᠤᠨ ᠠᠪᠴᠦ ᠠᠮᠠᠨ ᠳᠠᠭᠠᠨ ᠬᠢᠭᠰᠡᠨ ᠢᠶᠠᠷ ᠬᠠᠴᠠᠷ ᠳᠦᠭᠦᠷᠡᠩ ᠪᠣᠳᠠᠭ᠎ᠠ ᠨᠠᠭᠠᠯᠳᠤᠭᠤᠯᠣᠨ᠂ ᠵᠡᠭᠦᠨ ᠰᠢᠷᠳᠡᠭ ᠢᠶᠠᠷ ᠪᠣᠲᠠᠷᠠᠭᠠᠨ ᠪᠠᠶᠢᠬᠤ ᠶᠢ ᠦᠵᠡᠭᠰᠡᠨ ᠠᠬ᠎ᠠ  ᠨᠢ᠄ ︽ᠡᠨᠡ ᠬᠦᠮᠥᠨ ᠢ ᠦᠵᠡᠯ ᠳ᠋ᠠ᠂ ᠶᠠᠮᠠᠷ ᠭᠥᠭᠡᠷᠦᠬᠦᠨ ᠪᠣᠢ᠂ ᠮᠥᠳᠳᠦ ᠪᠣᠳᠠᠭ᠎ᠠ ᠲᠠᠢ ᠡᠷ᠎ᠠ ᠪᠣᠯᠬᠤ ᠰᠢᠨᠵᠢᠳᠠᠢ ᠳ᠋ᠠ︾ ᠭᠡᠵᠤ ᠥᠬᠦᠭᠡᠷᠳᠡᠨ ᠬᠡᠯᠡᠬᠦ ᠳᠤ ᠡᠷᠳᠡᠮᠳᠡᠭᠦᠰ᠄ ︽ᠲᠡᠭᠡᠪᠡᠯ ᠴᠢᠮ᠎ᠠ ᠳᠤ ᠡᠨᠡ ᠬᠡᠤᠬᠡᠳ ᠢ ᠥᠭᠭᠦᠴᠢᠭᠡᠶ᠎ᠠ᠂ ᠲᠠ ᠠᠪᠣᠭᠠᠳ ᠶᠠᠪᠣᠭᠠᠷᠠᠢ︕︾ ᠭᠡᠵᠤ ᠴᠣᠤᠭᠢᠭᠤᠯᠵᠠᠢ᠃ ᠬᠤᠵᠢᠮ ᠨᠢ ᠠᠪᠠᠭ᠎ᠠ ᠠᠬ᠎ᠠ ᠨᠢ᠄ ︽ᠮᠠᠨ ᠤ ᠡᠷᠳᠡᠮᠳᠡᠭᠦᠰ ᠡᠨᠡ ᠬᠦᠤ ᠪᠠᠨ ᠨᠠᠳᠠ ᠳᠤ ᠥᠭᠭᠦᠭᠰᠡᠨ ᠶᠣᠮ︾ ᠭᠡᠳ ᠬᠠᠰᠡᠷᠳᠡᠨᠢ ᠶᠢ ᠪᠠᠭ᠎ᠠ ᠰᠣᠷᠭᠠᠭᠤᠯᠢ  ᠠᠴᠠ ᠳᠣᠮᠳᠠᠲᠦ ᠰᠣᠷᠭᠠᠭᠤᠯᠢ ᠲᠡᠭᠦᠰᠲᠡᠯ᠎ᠡ ᠰᠣᠮᠣᠨ ᠠᠴᠠ ᠬᠤᠰᠢᠭᠤᠨ‌‍ᠳᠦ ᠬᠦᠷᠦᠭᠰᠡᠨ ᠴᠦ ᠠᠰᠠᠷᠠᠨ ᠬᠠᠷᠠᠭᠠᠯᠵᠠᠵᠤ ᠂ ᠰᠣᠶᠣᠯ ᠤᠨ ᠮᠥᠷ ᠬᠥᠭᠡᠯᠭᠡᠵᠤ᠂ ᠲᠥᠷᠥᠭᠰᠡᠨ ᠲᠠᠢ ᠪᠠᠨ ᠠᠳᠠᠯᠢ ᠬᠠᠶᠢᠷᠠᠯᠠᠵᠤ ᠥᠰᠭᠡᠭᠰᠡᠨ ᠶᠡᠭᠡ ᠡᠨᠡᠷᠢᠯ᠂ ᠲᠠᠬᠢᠪᠠᠯ ᠣᠯᠠᠨ ᠬᠡᠤᠬᠡᠳ ᠲᠠᠢ ᠲᠡᠭᠦᠨ ᠤ ᠳᠠᠷᠣᠭᠠᠰᠤ ᠶᠢ ᠬᠥᠩᠬᠡᠯᠡᠭᠰᠡᠨ ᠠᠴᠢ ᠶᠢ ᠨᠢ ᠡᠷᠳᠡᠮᠳᠡᠭᠦᠰ ᠭᠤᠸᠠᠢ ᠰᠡᠳᠭᠢᠯ ᠳᠡᠭᠡᠨ ᠬᠠᠳᠠᠩᠰᠢᠭᠤᠯᠵᠤ ᠶᠠᠪᠣᠳᠠᠭ ᠪᠤᠯᠵᠠᠢ᠃       ᠰᠢᠷᠠᠭᠴᠢᠨ ᠬᠤᠨᠢᠨ ᠵᠢᠯ ᠤᠨ ᠡᠪᠦᠯ ᠤᠨ ᠢᠳᠡᠰᠢᠨ ᠤ ᠦᠶ᠎ᠠ ᠪᠠᠷ ᠡᠳᠡᠨᠡᠶᠢᠬᠢᠨ ᠦᠬᠡᠷ ᠢᠶᠠᠷ ᠴᠠᠶᠢᠳᠠᠮ ᠤᠨ ᠱᠠᠤ ᠭᠡᠬᠦ ᠪᠣᠳᠠ ᠶᠡᠬᠡᠲᠠᠢ ᠭᠠᠵᠠᠷ ᠡᠪᠦᠯᠵᠢᠪᠡ᠃ ᠡᠪᠦᠯ ᠤᠨ ᠨᠢᠭᠡᠨ ᠣᠷᠣᠢ ᠡᠷᠳᠡᠮᠳᠡᠭᠦᠰ ᠣᠷᠭ᠎ᠠ ᠪᠠᠨ ᠴᠢᠷᠴᠦ᠂ ᠮᠣᠷᠢ ᠲᠠᠢ ᠪᠠᠨ ᠱᠣᠭᠰᠢᠭᠤᠯᠣᠭᠰᠠᠭᠠᠷ ᠴᠠᠷᠢᠭ ᠤᠨ ᠬᠤᠭᠤᠯᠠᠢ ᠠᠴᠠ ᠰᠦᠷᠦᠭ ᠢᠶᠠᠨ ᠬᠤᠷᠢᠶᠠᠭᠠᠳ ᠭᠡᠷ ᠲᠡᠭᠡᠨ ᠬᠠᠷᠢᠬᠤ ᠳᠤ ᠨᠢᠭᠡᠨ ᠮᠠᠰᠢᠨ ᠲᠡᠷᠭᠡ ᠢᠷᠡᠭᠰᠡᠨ ᠨᠢ ᠠᠶᠢᠮᠠᠭ ᠤᠨ ᠪᠠᠶᠢᠴᠠᠭᠠᠬᠤ ᠬᠤᠷᠢᠶᠠᠨ ᠳᠤ ᠠᠵᠢᠯ ᠲᠠᠢ ᠬᠠᠮᠲᠦ ᠰᠣᠷᠣᠭᠴᠢ ᠪᠣᠯᠬᠤ ᠬᠦᠬᠡ ᠭᠡᠭᠴᠢ ᠠᠨᠳᠠ ᠨᠢ ᠪᠠᠶᠢᠯ᠎ᠠ᠂ ᠶᠡᠬᠡᠪᠡᠷ ᠪᠠᠶᠠᠷᠯᠠᠯᠳᠤᠨ ᠮᠡᠨᠲᠦ ᠠᠰᠠᠭᠤᠯᠴᠠᠭᠰᠠᠨ ᠢᠶᠠᠨ ᠠᠷᠢᠬᠢ ᠬᠠᠯᠠᠭᠤᠯᠣᠨ ᠠᠷᠵᠠ ᠨᠡᠷᠡᠵᠤ ᠦᠳᠡᠰᠢ ᠶᠢᠨ ᠴᠠᠭ ᠢ ᠨᠥᠭᠴᠢᠭᠡᠪᠡ᠂ ᠭᠡᠨᠡᠳᠳᠠ ᠠᠨᠳᠠ ᠨᠢ᠄ ︽ᠴᠢ ᠰᠣᠨᠣᠰᠴᠦ ᠪᠠᠶᠢᠭᠠᠷᠠᠢ᠂ ᠡᠨᠡ ᠶᠠᠭᠤ ᠪᠣᠢ︖︾ ᠭᠡᠳ ᠳᠦᠷᠪᠡᠯᠵᠢᠨ ᠬᠠᠷ᠎ᠠ ᠬᠠᠶᠢᠷᠴᠠᠭ ᠭᠠᠷᠭᠠᠭᠠᠳ ᠨᠢᠭᠡᠨ ᠳᠣᠪᠴᠢ ᠶᠢ ᠨᠢ ᠳᠠᠷᠣᠬᠤ ᠳᠤ ᠶᠠᠭ ᠯᠠ ᠰᠠᠶ᠋ᠢ ᠶᠢᠨ ᠲᠡᠳᠡᠨᠤᠰ ᠤᠨ ᠬᠥᠭᠡᠷᠤᠯᠲᠦᠵᠤ ᠪᠠᠶᠢᠭᠰᠠᠨ ᠳᠣᠭᠤᠯᠳᠠᠬᠤ ᠶᠣᠮ ᠂  ᠲᠡᠷᠡ ᠶᠡᠭᠡ ᠬᠠᠴᠢᠷᠬᠠᠵᠤ ᠴᠢᠬᠢ ᠪᠠᠨ ᠢᠲᠡᠭᠡᠵᠤ ᠶᠠᠳᠠᠨ ᠴᠢᠩᠨᠠᠬᠤ ᠳᠤ ᠲᠡᠳᠡ ᠤᠯᠠᠮ ᠵᠢᠳᠭᠦᠯᠦᠨ ᠱᠣᠭᠤᠷᠠᠬᠠᠨ᠎ᠠ᠃ ᠡ᠊ ᠭᠤᠸᠠᠢ᠄ ︽ᠡᠨᠡ ᠶᠠᠮᠠᠷ ᠱᠤᠭ ᠲᠠᠢ ᠡᠳ᠋ ᠭᠡᠭᠴᠢ ᠪᠣᠢ᠂ ᠲᠠᠷᠣᠢ ᠳᠠᠭᠠᠨ ᠰᠢᠩᠭᠡᠭᠡᠴᠢᠨ᠎ᠡ ᠭᠡᠳᠡᠭ ᠴᠢᠨᠢ︾ ᠭᠡᠳ ᠭᠠᠶᠢᠬᠠᠬᠤ ᠳᠤ᠄ ︽ᠡᠨᠡ ᠪᠣᠯ ᠳᠠᠭᠤᠨ ᠰᠢᠩᠭᠡᠭᠦᠷ ᠤᠨ ᠮᠠᠰᠢᠨ ᠭᠡᠳᠡᠭ᠂ ᠣᠤᠯ ᠨᠢ ᠣᠯᠣᠰ  ᠠᠴᠠ ᠴᠡᠷᠢᠭ ᠤᠨ ᠶᠠᠪᠣᠳᠠᠯ ᠳᠤ ᠬᠡᠷᠡᠭᠯᠡᠵᠤ ᠪᠠᠶᠢᠭᠰᠠᠨ ᠪᠣᠯ ᠤᠳᠤ ᠨᠠᠷᠢᠯᠢᠭ ᠬᠢᠴᠡ ᠲᠠᠢ ᠪᠣᠯᠭᠠᠭᠠᠳ ᠠᠷᠠᠳ ᠤᠨ ᠨᠠᠭᠠᠳᠣᠮ ᠵᠣᠭᠠᠴᠠᠯ ᠳᠤ ᠬᠡᠷᠡᠭᠯᠡᠬᠦ ᠪᠣᠯᠵᠠᠢ︾ ᠭᠡᠵᠤ ᠠᠨᠳᠠ ᠨᠢ ᠲᠠᠶᠢᠯᠪᠣᠷᠢᠯᠠᠨ ᠶᠠᠷᠢᠵᠤ ᠪᠠᠶᠢᠪᠠ᠂ ᠡᠨᠡ ᠭᠠᠶᠢᠬᠠᠯᠲᠠᠢ ᠡᠳ᠋ ᠣᠯᠳᠠᠳᠠᠭ ᠪᠣᠯ ᠣᠯᠵᠤ ᠥᠭᠬᠦ ᠶᠢ ᠬᠦᠰᠡᠭᠰᠡᠨ ᠳᠤ ᠲᠡᠷᠡ ᠬᠤᠤᠰ ᠬᠡᠷᠡᠭᠯᠡᠭᠦᠷᠲᠦ ᠰᠢᠩᠭᠡᠭᠦᠷ ᠮᠠᠰᠢᠨ ᠣᠯᠵᠤ ᠥᠭᠬᠦ ᠪᠠᠷ ᠲᠤᠬᠢᠷᠠᠯᠴᠠᠵᠠᠢ᠂ ᠰᠠᠷ᠎ᠠ ᠶᠢᠨ ᠳᠠᠷᠠᠭ᠎ᠠ᠂ ᠠᠶᠢᠯ ᠳᠤ ᠪᠠᠶᠢᠪᠠᠯ ᠦᠵᠡᠮᠦᠷ ᠲᠠᠢ ᠠᠪᠳᠠᠷ᠎ᠠ ᠳᠡᠭᠡᠷ᠎ᠠ ᠳᠣᠤᠭᠠᠷᠪᠠᠯ ᠰᠣᠨᠢᠷᠬᠠᠯᠲᠠᠢ ᠨᠢᠭᠡ ᠰᠢᠶᠠᠩᠭᠠᠩ ᠬᠢᠴᠡᠲᠠᠢ ᠬᠤᠤᠰ ᠬᠡᠷᠡᠭᠯᠡᠭᠦᠷᠲᠦ ᠲᠠᠭᠤᠨ ᠰᠢᠩᠭᠡᠭᠦᠷ ᠠᠪᠣᠭᠰᠠᠨ ᠨᠢ ᠬᠤᠪᠣᠷ ᠨᠠᠬᠳᠢᠨ ᠡᠳ᠋ ᠪᠣᠯᠵᠤ᠂ ᠬᠤᠯᠠ ᠶᠢᠨ ᠭᠡᠶᠢᠴᠢᠳ ᠤᠨ ᠪᠠᠭ᠋ᠠᠷᠬᠠᠯ ᠣᠢᠢᠷ᠎ᠠ ᠰᠠᠳᠦᠨ ᠤ ᠰᠣᠨᠢᠷᠬᠠᠯ ᠶᠢ ᠳᠠᠲᠠᠭᠰᠠᠨ ᠰᠠᠶᠢᠬᠠᠨ ᠲᠣᠭᠯᠠᠭᠠᠮ ᠪᠣᠯᠣᠭᠰᠠᠨ ᠪᠠᠶᠢᠯ᠎ᠠ᠃           ᠲᠡᠭᠡᠳᠦ ᠶᠢᠨ ᠰᠦᠯᠳᠡ ᠢᠪᠡᠭᠡᠳᠡᠭ ᠤᠨ ᠡᠷᠬᠡ ᠪᠠᠷ           ᠲᠡᠯᠭᠡᠷ ᠡᠨᠡ ᠭᠤᠯᠤᠮᠳᠠ ᠪᠠᠨ ᠬᠠᠶᠢᠷᠠᠯᠠᠵᠦ ᠶᠠᠪᠤᠳᠠᠭ           ᠠᠭᠤᠤ ᠠᠳᠠᠯ᠎ᠠ ᠦᠴᠦᠭᠡᠨ ᠮᠢᠨᠤ ᠭᠤᠯᠤᠮᠳᠠ           ᠠᠰᠢᠳᠠ ᠴᠡᠴᠡᠭᠯᠡᠬᠦ ᠮᠦᠩᠭᠡ ᠶᠢᠨ ᠭᠤᠯᠤᠮᠳᠠ᠃                           — ︽ᠭᠤᠯᠤᠮᠳᠠ ᠪᠠᠨ ᠭᠡᠵᠦ︾ ᠭᠡᠬᠦ ᠰᠢᠯᠦᠭ ᠠᠴᠠ       ᠲᠦᠷᠪᠡ᠂ ᠪᠠᠷᠢᠭᠠᠳᠠ ᠶᠢᠨ ᠠᠵᠢᠯ ᠬᠢᠭᠰᠡᠨ ᠨᠢ                     ᠪᠡᠶ᠎ᠠ ᠶᠢ ᠮᠢᠨᠢ ᠲᠥᠷᠥᠭᠦᠯᠦᠭᠰᠡᠨ ᠠᠪᠤ ᠡᠵᠢ ᠡᠨᠡᠷᠢᠯᠲᠠᠢ                     ᠪᠢᠯᠢᠭ ᠢ ᠮᠢᠨᠢ ᠬᠥᠮᠥᠵᠢᠬᠦᠯᠦᠭᠰᠡᠨ ᠠᠭᠤᠤ ᠨᠠᠮ ᠭᠡᠷᠡᠯᠲᠠᠢ                     ᠠᠮᠢᠳᠣᠷᠠᠯ ᠢ ᠮᠢᠨᠢ ᠬᠠᠶᠢᠷᠠᠯᠠᠭᠰᠠᠨ ᠡᠬᠡ ᠣᠷᠣᠨ ᠥᠷᠨᠢᠯᠲᠠᠢ                     ᠠᠯᠢᠪᠠ ᠪᠠᠨ ᠪᠢ ᠲᠡᠳᠡᠨ ᠳᠤ ᠵᠣᠷᠢᠭᠤᠯᠣᠨ᠎ᠠ                             — ︽ᠰᠡᠳᠭᠢᠯ ᠳᠤ ᠠᠮᠢᠯᠠᠭᠰᠠᠨ ᠨᠠᠷᠠ︾ ᠭᠡᠬᠦ ᠨᠠᠶᠢᠷᠠᠭ ᠠᠴᠠ      ᠴᠠᠭᠠᠨ ᠪᠡᠴᠢ ᠵᠢᠯ ᠤᠨ ᠡᠪᠦᠯ ᠶᠡᠬᠡᠯ᠎ᠠ ᠵᠣᠤᠳᠠᠷᠠᠬᠤ ᠪᠣᠯᠬᠤᠷ ᠡᠷᠳᠡᠮᠳᠡᠭᠦᠰ ᠤᠨ ᠬᠢᠨ ᠡᠬᠡᠪᠣᠯᠠᠭ ᠮᠠᠯᠵᠢᠯ ᠤᠨ ᠲᠠᠯᠠᠪᠠᠢ ᠶᠢᠨ ᠰᠠᠶᠢᠨ ᠣᠰᠣ ᠭᠡᠬᠦ ᠭᠠᠵᠠᠷ ᠡᠪᠦᠯᠵᠢᠭᠡᠳ ᠴᠠᠭᠠᠭᠴᠢᠨ ᠳᠠᠬᠢᠶ᠎ᠠ ᠵᠢᠯ ᠤᠨ ᠴᠠᠭᠠᠨ ᠰᠠᠷ᠎ᠠ ᠭᠠᠷᠭᠠᠭᠠᠳ ᠰᠢᠨ᠎ᠡ ᠶᠢᠨ ᠳᠥᠷᠪᠡᠨ ᠳᠤ ᠨᠣᠲᠤᠭ ᠲᠠᠭᠠᠨ ᠪᠣᠴᠠᠨ ᠨᠡᠭᠦᠵᠤ᠂ ᠰᠢᠨ᠎ᠠ ᠰᠦᠮ᠎ᠠ ᠶᠢᠨ ᠪᠠᠷᠠᠭᠤᠨ ᠡᠮᠥᠨ᠎ᠠ ᠪᠠᠭᠤᠵᠠᠢ᠂ ᠴᠠᠰᠤ ᠬᠠᠭᠵᠢᠷᠠᠨ ᠦᠶ᠎ᠡ ᠦᠶ᠎ᠡ ᠡᠪᠡᠰᠦ ᠰᠢᠷᠠᠯᠠᠨ ᠬᠡᠶᠢᠰᠴᠦ ᠪᠠᠶᠢᠪᠠ᠃      ᠵᠢᠯ ᠰᠠᠷ᠎ᠠ ᠶᠢᠨ ᠰᠢᠨ᠎ᠡ ᠶᠢᠨ ᠨᠢᠭᠡᠨ ᠤ ᠦᠷᠯᠦᠭᠡ ᠨᠠᠷᠠᠨ ᠤ ᠡᠷᠳᠡ ᠳᠤ᠂ ᠡᠷᠳᠡᠮᠳᠡᠭᠦᠰ ᠭᠤᠸᠠᠢ ᠬᠤᠷᠳᠤᠨ ᠤᠯᠠᠭᠠᠨ ᠮᠤᠷᠢ ᠪᠠᠨ ᠤᠨᠤᠵᠦ᠂ ᠠᠬ᠎ᠠ ᠶᠢᠨ ᠳᠠᠭᠠᠨ ᠬᠦᠷᠴᠦ᠂ ᠪᠤᠭᠤᠷᠤᠯ ᠡᠵᠢ ᠳᠡᠭᠡᠨ ᠡᠩᠬᠡ ᠮᠡᠨᠳᠦ ᠶᠢᠨ ᠵᠤᠯᠭᠠᠯᠳᠠ ᠬᠢᠬᠦᠶ᠎ᠡ ᠡᠬᠡ ᠬᠦᠮᠦᠨ ᠤ ᠬᠠᠯᠠᠭᠤᠨ ᠬᠠᠶᠢᠷ᠎ᠠ ᠪᠠᠷ ᠦᠨᠦᠰᠦᠨ ᠢᠷᠡᠭᠡᠳᠦᠢ ᠶᠢᠨ ᠰᠠᠶᠢᠨ ᠤ ᠢᠷᠦᠭᠡᠯ ᠢ ᠲᠠᠯᠪᠢᠭᠤᠯᠵᠦ ᠪᠢᠯᠡ᠃ ᠲᠡᠭᠦᠨ ᠤ ᠡᠵᠢ ᠪᠤᠯ ᠴᠠᠭ ᠦᠶ᠎ᠡ ᠶᠢᠨ ᠶᠠᠮᠠᠷ ᠴᠤ ᠲᠠᠭᠤᠤ ᠶᠢ ᠮᠡᠳᠡᠬᠦ ᠪᠦᠭᠡᠳ ᠠᠷᠠᠳ ᠤᠨ ᠤᠷᠳᠤ ᠶᠢᠨ ᠲᠠᠭᠤᠤ ᠶᠢ ᠴᠤ ᠬᠠᠩᠭᠢᠨᠠᠳᠠᠯ᠎ᠠ ᠲᠠᠭᠤᠯᠠᠳᠠᠭ ᠬᠦᠮᠦᠨ ᠪᠠᠶᠢᠵᠠᠢ᠃ ᠴᠠᠭᠠᠨ ᠰᠠᠷ᠎ᠠ ᠶᠢᠨ ᠰᠢᠨᠡᠳ ᠤᠨ ᠨᠢᠭᠡᠨ ᠤᠷᠤᠢ᠂ ᠡᠵᠢ ᠨᠢ ᠡᠳᠡᠨᠡᠢ ᠳᠤ ᠢᠷᠡᠵᠦ ᠬᠤᠨᠤᠭᠯᠠᠭᠰᠠᠨ ᠪᠠᠶᠢᠪᠠ᠃ ᠬᠤᠭᠤᠯᠠᠨ ᠤ ᠲᠠᠷᠠᠭ᠎ᠠ ᠨᠡᠯᠢᠶᠡᠳ ᠰᠡᠯᠡᠭᠦᠤ ᠪᠤᠯᠬᠤᠷ ᠮᠤᠷᠢᠨ ᠬᠤᠭᠤᠷ ᠬᠦᠭᠵᠢᠮᠳᠡᠭᠰᠡᠨ ᠢᠶᠠᠨ ᠲᠡᠷᠡ ᠳᠤ᠄ ︽ᠡᠵᠢ ᠲᠠ ︿ᠰᠢᠵᠢᠷ ᠪᠤᠭᠳᠠ ᠶᠢᠨ ᠰᠢᠯᠢ ﹀ ᠪᠠᠨ ᠨᠢᠭᠡ ᠭᠠᠷᠭᠠᠴᠢ ᠳ᠋ᠠ︕︾ ᠭᠡᠰᠡᠨ ᠳᠤ ᠡᠵᠢ ᠨᠢ ᠮᠦᠰᠢᠶᠡᠩᠭᠦᠢ ᠴᠢᠷᠠᠢ ᠪᠠᠷ᠄ ︽ᠤᠳᠤ ᠶᠠᠭᠤᠨ ᠤ ᠬᠢᠨᠢ ᠬᠤᠭᠤᠯᠠᠢ ᠭᠠᠷᠬᠤ ᠪᠤᠢ ᠶᠤᠮ ᠳ᠋ᠠ︕︾ ᠭᠡᠭᠦᠯᠡᠷ᠄ ︽ᠲᠠ ᠲᠤᠭᠤᠤᠷ ᠰᠢᠭ᠋ ᠡᠬᠢᠯᠡᠪᠡᠯ ᠲᠠᠭᠤᠯᠠᠴᠢᠯᠭᠦᠢ ᠳ᠋ᠠ︾ ᠭᠡᠵᠦ ᠦᠷᠨᠢᠭᠦᠯᠵᠠᠢ᠃ ᠨᠠᠰᠤᠳᠠᠨ ᠭᠤᠸᠠᠢ ᠮᠦᠩᠭᠦᠨ ᠪᠤᠭᠤᠷᠤᠯ ᠦᠰᠦ ᠪᠠᠨ ᠢᠯᠪᠢᠭᠰᠡᠭᠡᠷ ᠮᠤᠷᠢᠨ ᠬᠤᠭᠤᠷ ᠢᠶᠠᠷ ᠢᠶᠠᠨ ᠬᠠᠪᠰᠤᠷᠴᠢᠬ᠎ᠠ ᠭᠡᠰᠡᠨ ᠰᠢᠭ ᠡᠷᠳᠡᠮᠳᠡᠭᠦᠰ ᠵᠦᠭ ᠬᠠᠷᠠᠭᠠᠳ᠄ ︽ᠰᠢᠵᠢᠷ ᠪᠤᠭᠳᠠ ᠶᠢᠨ ᠰᠢᠯᠢ ᠳᠤ ᠰᠢᠵᠢᠷᠬᠡᠨ ᠭᠤᠷᠭᠤᠤᠯᠳᠠᠢ ᠨᠢ ᠲᠤᠩᠭᠤᠳᠤᠨ᠎ᠠ ᠁︾ ᠭᠡᠵᠦ ᠡᠪᠯᠡᠭᠦᠬᠡᠨ ᠡᠷᠭᠦᠵᠦ ᠬᠠᠩᠭᠢᠨᠠᠳᠠᠯ᠎ᠠ ᠲᠠᠭᠤᠯᠠᠵᠦ ᠰᠢᠤ᠃ ᠲᠡᠷᠡ ᠰᠢᠩᠭᠡᠭᠡᠯᠳᠡ ᠶᠢᠨ ᠮᠠᠰᠢᠨ ᠢᠶᠠᠨ ᠨᠡᠭᠡᠭᠡᠭᠰᠡᠨ ᠢᠶᠠᠨ ᠬᠤᠭᠤᠷ ᠢᠶᠠᠷ ᠬᠠᠪᠰᠤᠷᠴᠠᠢ᠃ ᠠᠭᠤᠳᠠᠮ ᠴᠡᠯᠭᠡᠷ ᠲᠠᠯ᠎ᠠ ᠳᠠᠭᠠᠨ ᠴᠡᠴᠡᠭ ᠤᠨ ᠲᠠᠪᠠᠯᠭᠠᠨ ᠬᠠᠯᠢᠭᠤᠷᠠᠬᠤᠶ᠎ᠠ ᠤᠷᠳᠤ ᠶᠢᠨ ᠲᠠᠭᠤᠤ ᠶᠢᠨ ᠢᠷᠠᠭᠤ ᠡᠭᠡᠰᠢᠭ ᠢᠶᠠᠷ ᠮᠤᠩᠭᠤᠯ ᠬᠦᠮᠦᠨ ᠤ ᠴᠤᠭ ᠵᠤᠷᠢᠭ ᠪᠠᠳᠠᠷᠠᠨ᠎ᠠ᠂ ᠲᠡᠷᠡ ᠡᠵᠢ ᠠᠴᠠ ᠪᠠᠨ ᠮᠠᠰᠢ ᠤᠯᠠᠨ ᠤᠷᠳᠤ ᠶᠢᠨ ᠲᠠᠭᠤᠤ ᠰᠢᠩᠭᠡᠭᠡᠨ ᠠᠪᠴᠤ ᠰᠤᠷᠤᠭᠠᠳ ᠤᠷᠤᠭ ᠬᠤᠷᠢᠮ ᠲᠡᠭᠡᠷ᠎ᠡ ᠤᠷᠳᠤ ᠶᠢᠨ ᠲᠠᠭᠤᠤ ᠪᠠᠨ ᠡᠷᠭᠦᠵᠦ᠂ ᠬᠤᠭᠤᠯᠠᠢ ᠬᠠᠩᠭᠢᠨᠠᠭᠤᠯᠤᠨ ᠶᠠᠪᠤᠬᠤ ᠪᠤᠯᠵᠠᠢ᠃ ᠲᠡᠷᠡ ᠵᠢᠯ ᠲᠡᠭᠦᠨ ᠤ ᠪᠦᠰᠡᠭᠦᠢ ᠬᠤᠷᠢᠨ ᠲᠠᠪᠤ ᠶᠢᠨ ᠰᠡᠭᠦᠳᠡᠷ ᠵᠡᠷᠭᠡᠴᠡᠭᠰᠡᠨ᠂ ᠪᠠᠷᠰ ᠰᠠᠷ᠎ᠠ ᠶᠢᠨ ᠬᠤᠷᠢᠨ ᠵᠢᠷᠭᠤᠭᠠᠨ ᠳᠤ ᠪᠠᠰᠠ ᠨᠢᠭᠡᠨ ᠬᠦᠪᠡᠭᠦᠨ ᠲᠠᠢ ᠪᠣᠯᠵᠠᠢ᠂ ᠠᠴᠢᠯᠠᠯᠳᠤ ᠡᠮᠡᠭᠡ ᠨᠢ ᠠᠴᠢ ᠬᠦᠤ ᠶᠢᠨ ᠢᠶᠠᠨ ᠤᠢ ᠤᠬᠠᠭᠠᠨ ᠰᠠᠶᠢᠳᠠᠢ ᠪᠣᠯᠠᠭ ᠶᠢᠨ ᠣᠰᠤᠨ ᠮᠡᠲᠦ ᠠᠷᠢᠭᠤᠨ ᠰᠡᠳᠭᠢᠯ ᠲᠠᠢ ᠡᠷᠳᠡᠮ ᠮᠡᠳᠡᠯᠭᠡ  ᠲᠠᠢ ᠪᠣᠯᠬᠤ ᠶᠢ ᠪᠡᠯᠭᠡᠳᠡᠨ ︽ᠰᠡᠷᠭᠦᠯᠡᠩᠪᠣᠯᠠᠭ︾ ᠭᠡᠳᠡᠭ ᠨᠡᠷ᠎ᠠ ᠬᠠᠶᠢᠷᠠᠯᠠᠵᠤ ᠪᠢᠯᠡ᠃      ᠲᠡᠯᠭᠡᠷ ᠵᠣᠨ ᠤ ᠴᠡᠴᠡᠭᠳᠦ ᠬᠦᠳᠡᠭᠡ ᠢᠨᠵᠠᠭᠠᠨ ᠵᠦᠰᠦ ᠪᠠᠭᠤᠭᠰᠠᠨ ᠢᠶᠠᠷ ᠪᠡᠯᠴᠢᠭᠡᠷ ᠦᠳᠭᠡᠷᠡᠨ ᠬᠦᠭᠡᠷᠡᠵᠦ᠂ ᠰᠢᠯᠢ ᠶᠢᠨ ᠪᠡᠯᠴᠢᠭᠡᠷ ᠳᠠᠬᠢ ᠦᠬᠡᠷ ᠤᠳ ᠮᠠᠨᠢᠳᠦ — ᠰᠢᠨᠠᠭᠠᠨ ᠭᠤᠤᠯ ᠵᠦᠭ ᠰᠦᠷᠦᠭ ᠰᠦᠷᠦᠭ ᠢᠶᠠᠷ ᠴᠤᠪᠤᠬᠤ ᠬᠠᠷᠠᠭᠳᠠᠨ᠎ᠠ᠃ ᠡᠷᠳᠡᠮᠳᠡᠭᠦᠰ᠂ ᠨᠢᠭᠡᠲᠦᠯ ᠤᠨ ᠵᠢᠷᠭᠤᠲᠣᠭᠠᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠪᠠᠷ ᠰᠤᠩᠭᠤᠭᠳᠠᠨ ᠣᠷᠣᠯᠴᠠᠬᠤ ᠳᠤ ᠣᠤᠯ ᠤᠨ ᠪᠠᠷᠢᠭᠠᠳᠠ ᠶᠢᠨ ᠳᠠᠷᠤᠭ᠎ᠠ ᠪᠠᠶᠢᠭᠰᠠᠨ ᠯᠠᠮᠵᠠᠪ ᠶᠢ ᠨᠢᠭᠡᠲᠦᠯ ᠤᠨ ᠳᠡᠳ᠋ ᠳᠠᠷᠤᠭ᠎ᠠ ᠪᠠᠷ ᠰᠣᠩᠭᠤᠨ ᠳᠡᠪᠰᠢᠭᠦᠯᠦᠭᠰᠡᠨ ᠪᠠᠶᠢᠵᠠᠢ᠃ ᠡᠶᠢᠮᠦ ᠠᠴᠠ ᠲᠡᠷᠡ ᠪᠠᠷᠢᠭᠠᠳᠠ ᠶᠢᠨ ᠳᠠᠷᠤᠭ᠎ᠠ ᠪᠠᠷ ᠰᠣᠩᠭᠤᠭᠳᠠᠨ ᠠᠵᠢᠯᠯᠠᠬᠤ ᠪᠤᠯᠵᠦ ᠪᠢᠯᠡ᠂ ᠲᠣᠬᠠᠢ  ᠶᠢᠨ ᠦᠶ᠎ᠡ ᠲᠤᠰ ᠪᠠᠷᠢᠭᠠᠳᠠ ᠨᠢ ᠨᠣᠲᠤᠭ ᠠᠭᠤᠳᠠᠮ᠂ ᠬᠦᠮᠥᠨ ᠠᠮᠠ ᠣᠯᠠᠨ᠂ ᠮᠠᠯ ᠰᠦᠷᠦᠭ ᠵᠣᠵᠠᠭᠠᠨ ᠪᠠᠶᠢᠵᠤ᠂ ᠪᠦᠬᠦ ᠨᠣᠲᠤᠭ ᠤᠨ ᠢᠶᠠᠨ ᠳᠣᠮᠳᠠ ᠠᠴᠠ ᠣᠷᠣᠭᠰᠢ ᠡᠮᠥᠨ᠎ᠡ ᠲᠠᠯ᠎ᠠ ᠪᠠᠷ ᠢᠶᠠᠨ ᠲᠥᠪᠯᠡᠷᠡᠨ᠂ ᠬᠤᠶᠢᠲᠦ ᠠᠭᠤᠯᠠᠨ ᠡᠩᠭᠡᠷ ᠠᠴᠠ ᠴᠢᠨᠠᠭᠰᠢ ᠳᠡᠮᠡᠢ ᠭᠠᠷᠳᠠᠭ ᠦᠭᠡᠢ᠂ ᠵᠥᠪᠬᠡᠨ ᠨᠠᠮᠣᠷ ᠤᠨ ᠬᠠᠳᠣᠯᠠᠩ ᠬᠠᠳᠣᠵᠤ ᠣᠷᠣᠭᠤᠯᠳᠠᠭ ᠠᠴᠠ ᠶᠡᠬᠡᠩᠬᠡᠢ ᠨᠣᠲᠤᠭ ᠢᠶᠠᠨ ᠠᠲᠠᠷᠰᠢᠭᠤᠯᠣᠨ ᠣᠷᠬᠢᠳᠠᠭ ᠪᠠᠶᠢᠵᠠᠢ᠃ ᠲᠡᠷᠡ ᠦᠶ᠎ᠡ ᠬᠠᠮᠲᠦ ᠠᠴᠠ ᠲᠣᠭᠤᠴᠠᠭ᠎ᠠ ᠬᠢᠵᠤ᠂ ᠭᠡᠰᠢᠭᠦᠨ ᠲᠥᠮᠡᠨ ᠤ ᠣᠷᠣᠯᠭ᠎ᠠ ᠲᠠᠢ ᠬᠤᠯᠪᠣᠭᠳᠠᠬᠤ ᠰᠦᠷᠦᠭ ᠳᠣᠬᠢᠷᠠᠭᠤᠯᠬᠤ᠂ ᠨᠣᠲᠤᠭ ᠰᠠᠭᠤᠴᠠ ᠶᠢ ᠵᠣᠬᠢᠰᠲᠠᠢ ᠠᠰᠢᠭᠯᠠᠨ ᠡᠵᠡᠮᠰᠢᠬᠦ᠂ ᠠᠷᠠᠳ ᠠᠴᠠ ᠡᠷᠬᠢᠯᠡᠭᠰᠡᠨ ᠪᠠᠭ᠎ᠠ ᠰᠣᠷᠭᠠᠭᠤᠯᠢ ᠲᠠᠢ ᠪᠣᠯᠬᠤᠷ ᠰᠣᠷᠬᠤ ᠨᠠᠰᠣᠨ ᠤ ᠭᠡᠤᠬᠡᠳ  ᠢ ᠰᠣᠷᠣᠯᠴᠠᠭᠤᠯᠬᠤ ᠪᠠ ᠰᠣᠷᠭᠠᠭᠤᠯᠢ ᠶᠢᠨ ᠬᠠᠮᠢᠶᠠᠷᠣᠯᠳᠠ᠂ ᠭᠡᠰᠢᠭᠦᠳ ᠤᠨ ᠠᠰᠢᠭ ᠣᠷᠣᠯᠭ᠎ᠠ ᠬᠤᠪᠢᠶᠠᠷᠢᠯᠠᠬᠤ᠂ ᠪᠣᠰᠣᠳ ᠪᠠᠷᠢᠭᠠᠳᠠ ᠠᠴᠠ ᠲᠣᠬᠢᠷᠠᠭᠤᠯᠳᠠᠭ ᠦᠢᠯᠡᠳᠪᠦᠷᠢᠯᠡᠯ ᠤᠨ ᠴᠢᠨᠠᠷᠲᠠᠢ ᠠᠵᠢᠯᠯᠠᠭ᠎ᠠ ᠨᠤᠭᠤᠳ ᠵᠡᠷᠭᠡ ᠵᠣᠬᠢᠶᠠᠨ ᠪᠠᠶᠢᠭᠤᠯᠬᠤ ᠠᠵᠢᠯ ᠲᠠᠢ ᠨᠣᠤᠷᠠᠯᠳᠣᠬᠤ ᠪᠣᠯᠪᠠ᠃        ᠲᠣᠬᠠᠢ ᠶᠢᠨ ᠦᠶ᠎ᠡ ᠶᠢᠨ ᠨᠣᠲᠤᠭ ᠪᠡᠯᠴᠢᠭᠡᠷ ᠤᠨ ᠡᠵᠡᠮᠰᠢᠬᠦ ᠠᠷᠭ᠎ᠠ ᠭᠡᠪᠡᠯ ᠨᠣᠲᠤᠭ ᠤᠨ ᠲᠣᠮᠳᠠ ᠭᠡᠰᠡᠭ ᠢᠶᠠᠷ ᠬᠠᠪᠣᠷᠵᠢᠶ᠎ᠠ ᠦᠯᠡᠳᠡᠭᠡᠵᠤ᠂ ᠭᠤᠤᠯ ᠵᠠᠳᠠᠭᠠᠢ ᠲᠠᠢ ᠭᠠᠵᠠᠷ ᠢᠶᠠᠷ ᠵᠣᠰᠠᠵᠤ᠂ ᠴᠥᠯᠡᠷᠡᠬᠦ‍ ᠰᠢᠭ ᠪᠡᠯᠴᠢᠭᠡᠷ ᠢᠶᠠᠷ ᠬᠦᠷᠴᠦ ᠡᠪᠦᠯᠵᠢᠳᠡᠭ ᠨᠡᠭᠦᠳᠡᠯ ᠮᠠᠯᠵᠢᠯ ᠪᠣᠯᠣᠨ᠎ᠠ᠃ ᠳ᠋ᠠᠵᠠᠢ ᠠᠴᠠ ᠰᠣᠷᠣᠯᠴᠠᠭᠰᠠᠨ ᠢᠶᠠᠷ ᠬᠡᠲᠦᠨ ᠰᠠᠭᠤᠷᠢ ᠬᠡᠷᠡᠮ ᠬᠠᠰᠢᠶ᠎ᠠ᠂ ᠬᠠᠪᠣᠷᠵᠢᠶ᠎ᠠ ᠪᠠᠷ ᠬᠡᠲᠦᠨ ᠲᠠᠩᠰᠠ ᠰᠢᠪᠠᠷ ᠪᠠᠶᠢᠰᠢᠩ᠂ ᠨᠡᠯᠢᠶᠡᠳ ᠠᠮᠰᠠᠷ ᠬᠤᠳᠲᠤᠭ  ᠠᠴᠠ ᠣᠨᠳᠣᠤ ᠦᠨᠲᠦᠰᠦᠨ ᠪᠦᠲᠦᠭᠡᠨ ᠪᠠᠶᠢᠭᠤᠯᠣᠯᠳᠠ ᠶᠢᠨ ᠵᠥᠢᠯᠳᠡ ᠭᠡᠮᠡᠷ ᠶᠠᠭᠤᠮ᠎ᠠ ᠦᠭᠡᠢ ᠪᠠᠶᠢᠪᠠ᠃ ᠬᠠᠷᠢᠨ ᠪᠠᠷᠢᠭᠠᠳᠠ ᠶᠢᠨ ᠲᠣᠳᠣᠭᠠᠲᠦ ᠡᠵᠡᠩᠨᠡᠯᠳᠡ ᠨᠡᠯᠢᠶᠡᠳ ᠰᠠᠶᠢᠨ ᠪᠠᠶᠢᠵᠤ᠂ ᠭᠤᠴᠢ ᠳᠥᠴᠢᠨ ᠲᠥᠮᠡᠨ ᠲᠥᠭᠦᠷᠢᠭ ᠤᠨ ᠬᠤᠷᠠᠮᠳᠣᠯ ᠲᠠᠢ᠂ ᠮᠠᠰᠢᠨ ᠲᠠᠷᠺᠲ᠋ᠤᠷ ᠭᠤᠷᠪᠠᠨ ᠰᠠᠭᠤᠷᠢ᠂ ᠪᠠᠭ᠎ᠠ ᠬᠡᠯᠪᠡᠷᠢ ᠶᠢᠨ ᠡᠪᠡᠰᠦ ᠬᠠᠳᠣᠬᠤ ᠮᠠᠰᠢᠨ ᠳᠥᠬᠦᠷᠦᠮᠵᠢ ᠲᠠᠢ᠂ ᠭᠤᠷᠪᠠᠨ ᠲᠥᠮᠡ ᠭᠠᠷᠣᠢ ᠲᠣᠯᠣᠭᠠᠢ ᠮᠠᠯ ᠰᠦᠷᠦᠭ ᠲᠠᠢ᠂ ᠳᠠᠪᠠᠭᠤᠯᠣᠭᠰᠠᠨ ᠭᠡᠰᠡᠭ ᠶᠢ ᠭᠡᠰᠢᠭᠦᠳ ᠲᠤ ᠬᠤᠪᠢᠶᠠᠷᠢᠯᠡᠨ ᠱᠠᠩᠨᠠᠳᠠᠭ ᠪᠠᠶᠢᠭᠰᠠᠨ ᠢᠶᠠᠷ ᠢᠳᠡᠪᠬᠢᠵᠢᠯ ᠰᠠᠶᠢᠳᠠᠢ ᠨᠢᠭᠡᠨ ᠬᠠᠮᠲᠦ ᠶᠢᠨ ᠪᠣᠳᠠᠲᠦ ᠴᠣᠭᠴᠠ ᠪᠠᠶᠢᠭᠰᠠᠨ ᠶᠣᠮ᠃ ᠭᠡᠰᠢᠭᠦᠨ ᠲᠥᠮᠡᠨ ᠤ ᠨᠠᠶᠢᠳᠠᠯᠭ᠎ᠠ ᠪᠠᠷ ᠬᠦᠯᠢᠶᠡᠭᠰᠡᠨ ᠡᠭᠦᠷᠭᠡ ᠲᠤᠰᠢᠶᠠᠯ ᠨᠢ ᠲᠡᠭᠦᠨ  ᠳᠤ ᠠᠪᠴᠦ ᠬᠡᠯᠡᠪᠡᠯ ᠪᠦᠬᠦ ᠲᠠᠯ᠎ᠠ ᠶᠢ ᠬᠠᠷᠠᠭᠠᠯᠵᠠᠨ᠂ ᠭᠡᠰᠢᠭᠦᠳ ᠤᠨ ᠣᠷᠣᠯᠭ᠎ᠠ ᠶᠢ ᠨᠡᠮᠡᠭᠳᠡᠭᠦᠯᠬᠦ᠂ ᠬᠠᠮᠲᠦ ᠶᠢᠨ ᠬᠤᠷᠠᠮᠳᠤᠯ ᠶᠢ ᠦᠨᠡᠨᠬᠦ ᠮᠠᠯᠴᠢᠨ ᠲᠥᠮᠡᠨ ᠤ ᠠᠰᠢᠭ ᠳᠣᠰᠠ ᠬᠢᠭᠡᠳ ᠲᠠᠬᠢᠨ ᠦᠢᠯᠡᠳᠪᠦᠷᠢᠯᠡᠯ ᠳᠤ ᠬᠡᠷᠡᠭᠯᠡᠬᠦ ᠪᠣᠯ ᠲᠡᠭᠦᠨ ᠤ ᠶᠡᠷᠦᠩᠬᠡᠢ ᠪᠣᠳᠣᠯᠬᠢᠯᠠᠯ ᠪᠠ ᠬᠢᠳᠡᠯ ᠪᠣᠯᠵᠤ ᠪᠠᠶᠢᠪᠠ᠃ ᠲᠠᠭᠠᠭᠠᠴᠢᠯᠠᠭᠰᠠᠨ ᠰᠦᠷᠦᠭ ᠢᠶᠠᠨ ᠬᠠᠷᠢᠭᠤᠯᠬᠤ ᠪᠠ ᠪᠠᠷᠢᠭᠠᠳᠠ ᠶᠢᠨ ᠲᠠᠷᠤᠭ᠎ᠠ ᠶᠢᠨ ᠠᠵᠢᠯ ᠢ ᠬᠠᠷᠢᠭᠤᠴᠠᠬᠤ ᠨᠢ ᠡᠷᠳᠡᠮᠳᠡᠭᠦᠰ ᠲᠤ ᠬᠢᠭᠡᠳ ᠪᠠᠷᠠᠰᠢ ᠦᠭᠡᠢ ᠶᠠᠪᠤᠳᠠᠯ ᠤᠯᠠᠳᠠᠵᠠᠢ᠃      ᠬᠠᠷ᠎ᠠ ᠨᠤᠬᠠᠢ ᠵᠢᠯ᠂ ᠬᠤᠷ᠎ᠠ ᠪᠣᠷᠣᠭᠠᠨ ᠲᠡᠭᠰᠢ ᠮᠠᠯ ᠰᠦᠷᠦᠭ ᠥᠨᠢᠷ ᠥᠰᠥᠭᠰᠡᠨ ᠢᠶᠠᠷ ᠵᠣᠨ ᠨᠢ ᠰᠢᠯᠢ  ᠶᠢᠨ ᠭᠤᠤᠯ ᠠᠶᠢᠮᠠᠭ ᠶᠡᠭᠡ ᠨᠠᠶᠢᠷ ᠢᠶᠠᠨ ᠪᠤᠯᠠᠭᠠᠨ ᠠᠭᠤᠯᠠ ᠶᠢᠨ ᠵᠡᠭᠦᠨ ᠡᠮᠥᠨ᠎ᠠ ᠡᠩᠭᠡᠷ ᠲᠤ ᠬᠢᠭᠰᠡᠨ᠂ ᠠᠬᠠᠮᠠᠳ ᠱᠦᠵᠢ ᠲᠠᠢ ᠪᠠᠨ ᠵᠥᠪᠳᠡᠯᠴᠡᠨ ᠮᠠᠯᠴᠢᠨ ᠲᠥᠮᠡᠨ ᠢᠶᠠᠨ ᠰᠠᠶᠢᠳᠣᠷ ᠨᠠᠶᠢᠷ ᠰᠣᠨᠢᠷᠬᠠᠭᠤᠯᠬᠤ ᠶᠢᠨ ᠲᠣᠰᠠᠳᠠ ᠭᠤᠷᠪᠠᠨ ᠮᠣᠩᠭᠤᠯ ᠭᠡᠷ ᠪᠠᠷᠢᠬᠤ᠂ ︽ᠴᠢᠯᠣᠭᠡᠯᠡᠬᠦ ᠲᠡᠮᠳᠡᠭᠲᠦ︾ ᠠᠴᠢᠶᠠᠨ ᠤ ᠮᠠᠰᠢᠨ ᠢᠶᠠᠷ ᠨᠠᠶᠢᠷᠴᠢᠳ ᠢ ᠡᠭᠡᠯᠵᠢᠯᠡᠨ ᠵᠥᠭᠡᠪᠦᠷᠢᠯᠡᠬᠦ ᠲᠣᠬᠠᠢ ᠨᠠᠷᠢᠨ ᠪᠠᠶᠢᠷᠢᠯᠠᠭᠤᠯᠣᠭᠰᠠᠨ ᠢᠶᠠᠷ ᠮᠠᠯᠴᠢᠳ ᠶᠡᠭᠡ ᠰᠡᠳᠭᠢᠯ ᠬᠠᠨᠣᠮᠵᠢᠲᠠᠢ ᠪᠠᠶᠢᠭᠰᠠᠨ ᠳ᠋ᠠᠭ᠂ ᠡᠨᠡ ᠣᠳᠠᠭᠠᠨ ᠤ 1024 ᠪᠦᠬᠡ ᠲᠠᠢ ᠲᠣᠮᠥ ᠨᠠᠶᠢᠷ ᠲᠤ ᠲᠤᠰ ᠪᠠᠷᠢᠭᠠᠳᠠ ᠶᠢᠨ ᠮᠠᠯᠴᠢᠨ ᠮᠢᠩᠭᠠᠨ ᠤ ᠭᠧᠨᠳᠤᠨ ᠳᠥᠲᠡᠭᠡᠷᠯᠡᠵᠤ᠂ ᠬᠦᠨᠲᠦ ᠱᠠᠩ ᠭᠦᠷᠲᠡᠭᠰᠡᠨ ᠶᠣᠮ᠂ ᠨᠠᠶᠢᠷ ᠤᠨ ᠲᠠᠷᠠᠭ᠎ᠠ᠂ ᠡᠷᠳᠡᠮᠳᠡᠭᠦᠰ ᠭᠤᠸᠠᠢ ᠦᠯᠡᠳᠡᠵᠤ᠂ ︽ᠵᠢᠷᠭᠠᠯ︾ ᠲᠡᠮᠳᠡᠭᠲᠦ 250 ᠣᠯᠠᠭᠠᠨ ᠥᠩᠭᠡᠳᠠᠢ ᠭᠠᠯᠳᠦ ᠪᠣᠯᠣ ᠠᠪᠣᠭᠰᠠᠨ ᠨᠢ ᠲᠠᠶᠠᠭᠠᠷ ᠤᠨ ᠰᠣᠨᠢᠷᠬᠠᠯ ᠶᠢ ᠲᠠᠳᠠᠭᠰᠠᠨ ᠮᠠᠰᠢᠨ ᠲᠧᠭᠨᠢᠭ ᠣᠳᠣᠬᠢᠴᠢᠯᠠᠯ ᠤᠨ ᠪᠡᠯᠭᠡ ᠲᠡᠮᠳᠡᠭ ᠢᠶᠠᠷ ᠦᠵᠡᠭᠳᠡᠭᠰᠡᠨ ᠬᠤᠪᠢᠯᠭᠠᠨ ᠬᠥᠯᠦᠭ ᠪᠣᠯᠵᠠᠢ᠃ ᠣᠰᠣᠯᠠᠵᠤ ᠡᠪᠡᠰᠦᠯᠡᠬᠦ ᠶᠠᠪᠣᠳᠠᠯ ᠦᠭᠡᠢ᠂ ᠣᠯᠠᠭ᠎ᠠ ᠶᠠᠪᠣᠯᠭᠠᠨ ᠳᠤ ᠬᠤᠷᠳᠦᠨ᠂ ᠡᠳ᠋ᠯᠡᠬᠦ ᠳᠤ ᠳᠥᠭᠦᠮ ᠦᠵᠡᠬᠦ  ᠳᠤ ᠰᠠᠶᠢᠬᠠᠨ ᠭᠡᠵᠤ ᠱᠠᠭᠰᠢᠭᠳᠠᠪᠠ᠃       ᠲᠤᠯᠭ᠎ᠠ ᠶᠢᠨ ᠮᠦᠩᠭᠡ ᠭᠠᠯ ᠳᠠᠭᠠᠨ ᠮᠠᠨᠳᠤᠬᠤ ᠰᠤᠷ ᠤᠨ ᠲᠦᠯᠦ ᠲᠠᠢ       ᠲᠤᠭᠤᠭᠠᠳᠤ ᠰᠢᠨᠠᠭᠠᠨ ᠤ ᠤᠷᠤᠰᠬᠠᠯ ᠳᠠᠭᠠᠨ ᠠᠯᠳᠠᠷᠯᠠᠬᠤ ᠤᠶᠠᠩᠭ᠎ᠠ ᠶᠢᠨ ᠨᠤᠲ ᠲᠠᠢ       ᠲᠠᠯᠠᠢ ᠰᠢᠷᠡᠭᠡ ᠪᠠᠷ ᠦᠷᠦᠭᠳᠡᠭᠰᠡᠨ ᠪᠠᠶᠠᠨ ᠰᠦᠷᠦᠭ ᠤᠨ ᠪᠢᠯᠬᠠᠭ᠎ᠠ ᠲᠠᠢ       ᠲᠠᠶᠢᠴᠢᠨ ᠰᠦᠷᠯᠢᠭ ᠤᠪᠤᠭᠠᠨ ᠳᠠᠭᠠᠨ ᠡᠩᠭᠡ ᠠᠮᠤᠭᠤᠯᠠᠩ ᠤᠨ ᠴᠤᠤᠷᠠᠢ ᠲᠠᠢ                              — ︽ᠪᠠᠳᠠᠷᠠᠬᠤ ᠨᠤᠲᠤᠭ ᠤᠨ ᠤᠶᠠᠩᠭ᠎ᠠ︾ ᠭᠡᠬᠦ ᠨᠠᠶᠢᠷᠠᠭ ᠠᠴᠠ        ᠲᠠᠪᠤ᠂  ᠬᠤᠤᠰ ᠲᠠᠭᠠᠭᠠᠴᠢᠯᠠᠯᠳᠠ ᠶᠢᠨ ᠲᠦᠷᠢᠮ ᠢ ᠬᠡᠷᠡᠭᠵᠢᠭᠦᠯᠦᠭᠰᠡᠨ ᠨᠢ                     ᠠᠷᠠᠳ ᠢᠶᠠᠨ ᠪᠠᠶᠠᠵᠢᠭᠤᠯᠬᠤ ᠬᠠᠪᠣᠷ ᠤᠨ ᠬᠤᠷ᠎ᠠ                     ᠠᠯᠲᠠᠨ ᠬᠢᠯᠢ ᠪᠠᠷ ᠵᠥᠰᠡᠷᠡᠨ᠎ᠡ  ᠂                     ᠠᠷᠢᠭᠤᠨ‌ᠡᠴᠡ ᠠᠷᠢᠭᠤᠨ ᠭᠦᠷᠳᠡᠭᠡᠯ ᠲᠠᠢ                     ᠠᠵᠠ ᠶᠢᠨ ᠵᠢᠷᠭᠠᠯᠡᠩᠳᠦ ᠡᠬᠡ ᠣᠷᠣᠨ ᠮᠢᠨᠢ                               — ︽ᠨᠠᠮ ᠤᠨ ᠠᠯᠳᠠᠷ︾ ᠭᠡᠬᠦ ᠨᠠᠶᠢᠷᠠᠭ ᠠᠴᠠ                   ᠬᠠᠷᠠᠭᠴᠢᠨ ᠭᠠᠭ᠋ᠠᠢ ᠵᠢᠯ ᠪᠣᠯ ᠲᠠᠯ᠎ᠠ ᠨᠣᠲᠤᠭ ᠲᠤ ᠬᠠᠪᠣᠷ ᠤᠨ ᠬᠤᠷ᠎ᠠ ᠪᠠᠭᠤᠵᠤ᠂ ︽ᠮᠠᠩᠵᠠᠨ ᠲᠣᠭᠤᠭ᠎ᠠ  ᠠᠴᠠ ᠪᠣᠳᠠᠭ᠎ᠠ ᠢᠳᠡᠬᠦ︾ ᠶᠠᠪᠣᠳᠠᠯ ᠢ ᠡᠴᠦᠰᠯᠡᠭᠦᠯᠦᠨ᠂ ᠶᠡᠭᠡ ᠲᠠᠭᠠᠭᠠᠴᠢᠯᠠᠯᠳᠠ ᠶᠢ ᠬᠡᠷᠡᠭᠵᠢᠭᠦᠯᠦᠭᠰᠡᠨ ᠣᠨᠴᠠᠭᠠᠢ ᠣᠨ ᠵᠢᠯ ᠪᠣᠯᠬᠤ ᠶᠣᠮ᠃ ᠡᠨᠡ ᠨᠢ ᠲᠠᠷᠣᠢ ᠬᠠᠮᠲᠦ ᠨᠡᠶᠢᠳᠠ ᠶᠢᠨ ᠮᠠᠯ ᠰᠦᠷᠦᠭ ᠪᠤᠯᠤᠨ ᠨᠤᠲᠤᠭ ᠪᠡᠯᠴᠢᠭᠡᠷ ᠢ ᠮᠠᠯᠴᠢᠳ ᠲᠤ ᠬᠤᠪᠢᠶᠠᠨ ᠥᠭᠭᠦᠭᠰᠡᠨ ᠢᠶᠠᠷ ᠦᠨᠳᠦᠰᠦᠨ ᠣᠯᠠᠨ ᠲᠥᠮᠡᠨ ᠶᠡᠭᠡ ᠠᠰᠢᠭ ᠭᠦᠷᠳᠡᠭᠰᠡᠨ ᠪᠠᠶᠢᠭ᠎ᠠ ᠶᠤᠮ᠃ ᠶᠡᠭᠡ ᠲᠠᠭᠠᠭᠠᠴᠢᠯᠠᠯᠳᠠ ᠨᠢ ᠬᠦᠳᠡᠭᠡ ᠠᠵᠦ ᠠᠬᠤᠢ ᠳᠤ ᠦᠨᠳᠦᠰᠦᠨ ᠬᠤᠪᠢᠷᠠᠯᠳᠠ ᠭᠠᠷᠭᠠᠭᠰᠠᠨ ᠲᠤᠮᠤᠬᠠᠨ ᠦᠭᠡᠷᠡᠴᠢᠯᠡᠯᠳᠡ ᠪᠤᠯᠤᠯ᠎ᠠ᠃ ᠮᠠᠯᠴᠢᠨ ᠠᠶᠢᠯ ᠡᠷᠦᠬᠡ ᠪᠦᠬᠦᠨ ᠬᠤᠪᠢᠨ ᠤ ᠭᠡᠬᠦ ᠠᠴᠠ ᠮᠠᠯ ᠰᠦᠷᠦᠭ ᠲᠠᠢ᠂ ᠦᠪᠡᠷ  ᠤᠨ ᠡᠵᠡᠮᠰᠢᠯ ᠭᠡᠬᠦ ᠠᠴᠠ ᠨᠤᠲᠤᠭ ᠪᠡᠯᠴᠢᠭᠡᠷ ᠲᠠᠢ ᠪᠤᠯᠵᠦ᠂ ᠶᠤᠰᠤᠳᠠᠢ ᠪᠡᠶ᠎ᠡ ᠪᠠᠨ ᠲᠠᠭᠠᠭᠠᠭᠰᠠᠨ ᠴᠢᠯᠦᠭᠡᠳᠦ ᠶᠢᠷᠳᠢᠨᠴᠤ ᠳᠤ ᠤᠷᠤᠭᠰᠠᠨ ᠢᠶᠠᠷ ᠮᠠᠩᠨᠠᠢ ᠲᠡᠨᠠᠶᠢᠨ ᠪᠠᠶᠠᠷᠯᠠᠨ᠎ᠠ᠃       ᠪᠠᠷᠢᠭᠠᠳᠠ ᠨᠢ ᠬᠤᠶᠠᠷ ᠲᠥᠮᠡ ᠭᠠᠷᠣᠢ ᠪᠣᠳᠠ ᠪᠣᠭ ᠮᠠᠯ ᠶᠢ 74 ᠡᠷᠦᠬᠡ ᠳᠤ ᠬᠥᠮᠦᠨ ᠠᠮᠠ ᠶᠢᠨ ᠣᠯᠠᠨ ᠴᠥᠭᠡᠨ ᠤ ᠪᠠᠶᠢᠳᠠᠯ ᠢᠶᠠᠷ ᠭᠤᠷᠪᠠᠨ ᠳᠡᠰ ᠬᠤᠪᠢᠶᠠᠨ ᠣᠨᠣᠭᠳᠠᠭᠤᠯᠣᠨ ᠲᠤᠭᠠᠴᠠᠯᠠᠵᠠᠢ᠃ ᠳᠣᠬᠠᠢ ᠶᠢᠨ ᠦᠶ᠎ᠡ᠂ ᠡᠷᠳᠡᠮᠳᠡᠭᠦᠰ ᠤᠨ ᠬᠢ 6 ᠬᠦᠮᠥᠨ ᠠᠮᠠ ᠲᠠᠢ᠂ ᠬᠤᠶᠠᠷ ᠵᠠᠭᠤ ᠳᠠᠯᠠ ᠰᠢᠬᠠᠮ ᠪᠣᠳᠠ ᠪᠣᠭ ᠮᠠᠯ ᠢ ᠬᠤᠪᠢᠶᠠᠨ ᠤᠯᠵᠦ᠂ ᠮᠠᠨᠢᠲᠦ ᠶᠢᠨ ᠭᠤᠤᠯ ᠠᠴᠠ ᠵᠡᠭᠦᠨᠰᠢ ᠨᠣᠲᠣᠭᠯᠠᠨ ᠪᠠᠶᠢᠯ᠎ᠠ᠂ ᠮᠠᠯ ᠰᠦᠷᠦᠭ ᠬᠤᠪᠢᠶᠠᠭᠰᠠᠨ ᠤ ᠵᠤᠨ ᠨᠢ ᠪᠠᠶᠠᠨ ᠵᠣᠰᠠᠯᠠᠩ ᠬᠡᠮᠡᠬᠦ ᠭᠠᠵᠠᠷ ᠤᠨ ᠨᠢᠭᠡᠨ ᠡᠩᠭᠡᠷ ᠨᠦᠮᠦᠷᠢ ᠶᠢᠨ ᠬᠡᠳᠦᠨ ᠳᠡᠷᠡᠰᠦᠲᠠᠢ ᠪᠣᠳᠠᠨ ᠳᠤ 270 ᠺᠦᠸᠠᠲ ᠮᠧᠲᠷ ᠤᠨ ᠪᠠᠭᠳᠠᠭᠠᠮᠵᠢᠲᠠᠢ ᠮᠠᠯ ᠤᠨ ᠫᠧᠩ ᠬᠤᠷᠤᠭ᠎ᠠ ᠶᠢ ᠥᠪᠡᠷᠳᠡᠭᠡᠨ ᠴᠢᠯᠠᠭᠤ ᠭᠠᠷᠭᠠᠨ᠂ ᠠᠬ᠎ᠠ   ᠲᠠᠢ  ᠪᠠᠨ ᠬᠠᠮᠵᠢᠯᠴᠢᠨ ᠪᠣᠰᠬᠠᠭᠰᠠᠨ ᠶᠣᠮ᠂ ᠢᠩᠭᠢᠭᠡᠳ ᠥᠪᠡᠷ ᠤᠨ ᠠᠳᠠᠯ ᠦᠢᠯᠡᠰ ᠢᠶᠠᠨ ᠥᠪᠡᠷᠲᠡᠭᠡᠨ ᠡᠷᠬᠢᠯᠡᠬᠦ ᠠᠩᠬᠠᠨ ᠤ ᠡᠬᠢᠯᠡᠯᠳᠡ ᠪᠠᠨ ᠠᠯᠬᠤᠭᠰᠠᠨ ᠪᠠᠶᠢᠪᠠ᠃      ᠨᠠᠮᠣᠷ ᠤᠨ ᠮᠠᠯ ᠬᠤᠳᠠᠯᠳᠤᠭᠠᠨ ᠤ ᠦᠶ᠎ᠡ ᠳᠤ᠂ ᠨᠢᠭᠡᠳᠦᠯ ᠤᠨ ᠲᠦᠪ ᠵᠦᠭ ᠦᠬᠡᠷ ᠬᠤᠨᠢᠳ ᠢ ᠪᠦᠬᠡᠮ ᠪᠦᠭᠡᠮ ᠢᠶᠠᠷ ᠬᠦᠭᠡᠭᠡᠵᠦ᠂ ᠠᠷᠠᠯᠵᠢᠶᠠᠨ ᠤ ᠭᠠᠵᠠᠷ ᠦᠨ᠎ᠡ ᠬᠠᠩᠰᠢ ᠬᠡᠯᠡᠯᠴᠡᠨ ᠦᠭᠭᠦᠭᠰᠡᠨ ᠢᠶᠠᠷ ᠮᠠᠯᠴᠢᠳ ᠠᠳᠬᠤ ᠠᠳᠬᠤ ᠪᠠᠷ ᠵᠤᠭᠤᠰ ᠰᠠᠪᠠᠯᠠᠨ᠂ ︽ᠮᠠᠩᠵᠠᠨ ᠲᠤᠭᠤᠭ᠎ᠠ︾ ᠶᠢ ᠪᠤᠳᠤᠪᠠᠯ ᠤᠷᠤᠯᠭ᠎ᠠ ᠶᠢᠨ ᠵᠦᠷᠢᠶ᠎ᠡ ᠠᠳᠠᠯᠢᠳᠬᠠᠰᠢ ᠦᠭᠡᠢ ᠪᠠᠶᠢᠵᠦ᠂ ᠦᠨᠡᠬᠡᠷ ᠮᠠᠯᠴᠢᠳ ᠪᠦᠬᠦᠨ ᠪᠠᠶᠠᠨ ᠲᠠᠷᠭᠤᠨ ᠠᠮᠢᠳᠤᠷᠠᠯ ᠤᠨ ᠬᠠᠷᠭᠤᠢ ᠶᠢ ᠠᠯᠬᠤᠵᠦ᠂ ᠲᠡᠭᠡᠭᠦᠷ ᠬᠠᠷᠠᠭ᠎ᠠ ᠲᠠᠢ ᠲᠦᠪᠡᠯᠵᠢᠨ ᠠᠯᠬᠤᠭ᠎ᠠ ᠲᠠᠢ ᠪᠤᠯᠤᠭᠰᠠᠨ ᠬᠠᠷᠠᠭᠳᠠᠨ᠎ᠡ᠃ ᠡᠷᠳᠡᠮᠳᠡᠭᠦᠰ ᠴᠤ ᠡᠭᠦᠨ ᠤ ᠲᠤᠮᠳᠠᠬᠢ ᠨᠢᠭᠡᠨ ᠪᠠᠶᠢᠯ᠎ᠠ᠃ ᠭᠠᠷ ᠳᠡᠭᠡᠷ᠎ᠠ ᠵᠠᠷᠣᠬᠤ ᠵᠣᠭᠤᠰ ᠲᠠᠢ ᠪᠣᠯᠣᠭᠰᠠᠨ ᠢᠶᠠᠨ ᠭᠡᠷ ᠪᠦᠯᠢ ᠶᠢᠨ ᠬᠡᠷᠡᠭᠰᠡᠯ ᠪᠣᠯᠬᠤ ᠨᠠᠷᠠᠨ ᠤ ᠡᠨᠧᠷᠭᠢ ᠶᠢᠨ ᠵᠢᠵᠢᠭ ᠳ᠋ᠧᠩ ᠠᠪᠴᠦ᠂ ᠭᠡᠷᠡᠯᠳᠦᠭᠦᠯᠭᠡ ᠢᠶᠠᠨ ᠪᠣᠯᠭᠠᠭᠰᠠᠨ ᠨᠢ ᠣᠢᠢᠷ᠎ᠠ ᠵᠡᠷᠭᠡᠯᠨᠳᠡᠭᠡ ᠳᠡᠭᠡᠨ ᠪᠠᠭ᠋ᠠᠷᠣᠭᠳᠠᠵᠤ᠂ ᠮᠣᠩᠭᠤᠯ ᠭᠡᠷ ᠪᠣᠯᠪᠠᠴᠦ ᠬᠤᠳᠠ ᠶᠢᠨ ᠠᠶᠢᠯ ᠰᠢᠭ᠋ ᠰᠠᠷᠠᠭᠤᠯᠬᠠᠨ ᠰᠠᠭᠤᠬᠤ ᠪᠣᠯᠵᠠᠢ ᠭᠡᠵᠤ ᠬᠡᠯᠡᠯᠴᠡᠭᠦᠯᠬᠦ ᠪᠣᠯᠪᠠ᠃ ᠡᠨᠡᠬᠦ ᠵᠢᠵᠢᠭ ᠭᠡᠷᠡᠯᠲᠦᠭᠦᠯᠭᠡ ᠪᠣᠯ ᠡᠪᠬᠡᠵᠦ ᠬᠤᠷᠢᠶᠠᠬᠤ ᠳᠤ ᠳᠥᠭᠦᠮ᠂ ᠡᠳᠦᠷ ᠲᠡᠭᠡᠨ ᠨᠠᠷᠠᠨ ᠤ ᠡᠨᠧᠷᠭᠢ ᠢᠶᠠᠷ ᠴᠡᠨᠡᠭᠯᠡᠵᠤ᠂ ᠣᠷᠣᠢ ᠳᠠᠭᠠᠨ ᠠᠪᠣᠨ ᠬᠡᠷᠡᠭᠯᠡᠴᠢᠳᠡᠭ ᠥᠷᠲᠡᠭ ᠳᠣᠤᠷ᠎ᠠ ᠬᠡᠷᠡᠭᠴᠡᠭᠡ ᠪᠠᠷ ᠥᠷᠭᠡᠨ ᠡᠳ᠋ ᠪᠠᠶᠢᠭ᠎ᠠ ᠭᠡᠯᠳᠡᠢ᠃ ᠰᠥᠨᠢ ᠶᠢᠨ ᠭᠡᠷᠡᠯᠲᠦᠭᠦᠯᠭᠡ ᠶᠢ ᠬᠠᠩᠭᠠᠵᠤ᠂ ᠰᠢᠩᠭᠡᠭᠦᠷ ᠷᠠᠳᠢᠤ᠋ ᠪᠠᠨ ᠰᠣᠨᠣᠰᠴᠢᠳᠠᠭ ᠪᠣᠯᠬᠤᠷ ᠮᠠᠯᠴᠢᠳ ᠤᠨ ᠰᠣᠨᠢᠷᠬᠠᠯ ᠳᠤ ᠶᠡᠬᠡᠳᠡ ᠲᠠᠭᠠᠯᠠᠭᠳᠠᠵᠠᠢ᠃ ᠬᠡᠳᠦᠶᠢᠪᠡᠷ ᠢᠯᠠᠭᠤᠮ ᠦᠭᠡᠢ ᠵᠢᠵᠢᠭ ᠶᠠᠪᠤᠳᠠᠯ ᠪᠤᠯᠪᠠᠴᠤ ᠪᠦᠷᠦᠢ ᠬᠠᠷᠠᠩᠭᠤᠢ ᠳᠤ ᠲᠤᠰᠤᠨ ᠲᠠᠩᠬᠤ ᠳᠤ ᠳ᠋ᠧᠩ ᠪᠠᠷᠢᠳᠠᠭ ᠴᠠᠭ ᠦᠶ᠎ᠡ ᠶᠢ ᠡᠴᠦᠰᠯᠡᠭᠦᠯᠪᠡ᠂ ᠰᠢᠨ᠎ᠡ ᠮᠠᠶ᠋ᠢᠭ ᠤᠨ ᠭᠡᠷ ᠪᠦᠯᠢ ᠶᠢᠨ ᠴᠠᠬᠢᠯᠭᠠᠨ ᠬᠡᠷᠡᠭᠯᠡᠬᠦ ᠪᠤᠯᠤᠭᠰᠠᠨ ᠨᠢ ᠰᠢᠨ᠎ᠡ ᠠᠮᠢᠳᠤᠷᠠᠯ ᠤᠨ ᠡᠬᠢᠯᠡᠯᠳᠡ ᠶᠢᠨ ᠪᠡᠯᠭᠡ ᠲᠡᠮᠳᠡᠭ ᠭᠡᠵᠦ ᠦᠵᠡᠬᠦ ᠲᠡᠭᠡᠨ ᠲᠠᠭᠠᠷᠠᠨ᠎ᠠ᠃      ᠭᠥᠬᠡ ᠬᠤᠯᠣᠭᠠᠨ᠎ᠠ ᠵᠢᠯ ᠤᠨ ᠬᠠᠪᠣᠷ ᠪᠣᠯ ᠬᠤᠪᠢᠨ ᠤ ᠳᠥᠷᠪᠡᠨ ᠬᠤᠰᠢᠭᠤ ᠮᠠᠯ ᠤᠨ ᠢᠶᠠᠨ ᠲᠥᠯ ᠳᠤᠰᠣᠭᠰᠠᠨ ᠠᠩᠬᠠᠨ ᠤ ᠵᠢᠯ ᠪᠣᠯᠬᠤ ᠶᠣᠮ᠃ ᠡᠳᠡᠨᠡᠶᠢᠬᠢᠨ ᠰᠢᠨ᠎ᠡ ᠪᠠᠶᠢᠭᠤᠯᠣᠭᠰᠠᠨ ᠫᠧᠩ ᠬᠤᠷᠤᠭ᠎ᠠ ᠲᠠᠢ ᠬᠠᠪᠣᠷᠵᠢᠶᠠᠨ ᠳᠠᠭᠠᠨ ᠪᠠᠭᠤᠭᠰᠠᠨ᠂ ᠲᠡᠭᠡᠬᠦ ᠳᠤ ᠮᠠᠯ ᠣᠰᠣᠯᠠᠬᠤ ᠬᠤᠳᠳᠤᠭ ᠭᠡᠵᠤ ᠦᠭᠡᠢ᠂ ᠡᠶᠢᠮᠥ ᠪᠠᠷ ᠡᠷᠳᠡᠮᠳᠡᠭᠦᠰ ᠠᠬ᠎ᠠ ᠲᠠᠢ ᠪᠠᠨ ᠬᠡᠳᠦᠭᠦᠯᠡ ᠨᠢᠭᠡᠨ ᠨᠠᠮ ᠡᠩᠭᠡᠷ ᠭᠠᠵᠠᠷ ᠲᠤ ᠬᠤᠳᠳᠤᠭ ᠠᠮᠰᠠᠷᠯᠠᠨ ᠮᠠᠯᠳᠠᠵᠤ᠂ ᠭᠤᠷᠪᠠᠨ ᠮᠧᠲᠷ ᠤᠨ ᠭᠦᠨ᠂ ᠬᠠᠳᠠᠨ ᠬᠠᠰᠢᠶᠠᠷᠠᠭ᠎ᠠ ᠲᠠᠢ ᠠᠭᠤᠳᠠᠮ ᠬᠡᠪᠡᠯᠢ ᠲᠠᠢ ᠣᠰᠣ ᠰᠠᠶᠢᠲᠠᠢ ᠬᠤᠳᠳᠤᠭ ᠮᠠᠯᠳᠠᠵᠦ᠂ ᠬᠦᠮᠥᠨ ᠮᠠᠯ ᠤᠨ ᠣᠰᠣᠨ ᠤ ᠠᠰᠠᠭᠤᠳᠠᠯ ᠢ ᠰᠡᠢᠳᠪᠦᠷᠢᠯᠡᠵᠠᠢ᠃ ᠵᠣᠨ ᠨᠢ ᠨᠣᠲᠤᠭ ᠪᠡᠯᠴᠢᠭᠡᠷ ᠶᠢ ᠭᠡᠰᠢᠭᠦᠳ ᠲᠤ ᠬᠤᠪᠢᠳᠠᠨ ᠳᠠᠭᠠᠭᠠᠯᠭᠠᠬᠤ ᠠᠩᠬᠠᠨ ᠤ ᠳᠥᠰᠥᠪ ᠢ ᠭᠠᠷᠭᠠᠵᠤ᠂ ᠭᠡᠰᠡᠭ ᠠᠶᠢᠯ ᠡᠷᠦᠬᠡ ᠶᠢ ᠨᠡᠭᠦᠯᠭᠡᠨ ᠰᠢᠯᠵᠢᠭᠦᠯᠵᠤ ᠳᠡᠭᠰᠢᠯᠡᠬᠦ ᠳᠤ᠂ ᠲᠡᠷᠡ ᠳᠡᠭᠦᠤ ᠳᠡᠭᠡᠨ ᠣᠤᠯ ᠪᠦᠲᠦᠭᠡᠨ ᠪᠠᠶᠢᠭᠤᠯᠣᠯᠳᠠ ᠲᠠᠢ ᠨᠣᠲᠤᠭ ᠢᠶᠠᠨ ᠦᠯᠡᠳᠡᠭᠡᠵᠤ᠂ ᠠᠬ᠎ᠠ ᠲᠠᠢ ᠪᠠᠨ ︽ᠲᠣᠭᠤᠭᠠᠲᠦ︾ ᠭᠡᠳᠡᠭ ᠭᠠᠵᠠᠷ ᠨᠣᠲᠤᠭ ᠬᠤᠪᠢᠳᠡᠨ ᠠᠪᠴᠦ ᠰᠠᠭᠤᠷᠢᠰᠢᠬᠤ ᠪᠠᠷ ᠪᠣᠯᠵᠠᠢ᠂ ᠨᠠᠮᠣᠷ ᠨᠢ ᠬᠤᠶᠠᠷ ᠭᠡᠷ ᠢᠶᠠᠷ ᠢᠶᠠᠨ ᠡᠪᠯᠡᠵᠤ ᠪᠠᠶᠢᠭᠠᠳ ᠪᠠᠷᠢᠭᠠᠳᠠ ᠳᠠᠭᠠᠨ ᠬᠠᠮᠤᠭ ᠠᠩᠬᠠᠨ ᠤ ᠭᠤᠷᠪᠠᠨ ᠵᠠᠩ ᠰᠠᠭᠤᠷᠢᠰᠢᠯ ᠶᠢ ᠪᠣᠰᠬᠠᠭᠰᠠᠨ ᠪᠠᠶᠢᠯ᠎ᠠ᠂ ᠰᠢᠨᠠᠭᠠᠨ — ᠮᠠᠨᠢᠲᠦ ᠬᠤᠶᠠᠷ ᠭᠤᠤᠯ ᠤᠨ ᠣᠷᠣᠰᠬᠠᠯ ᠳᠣᠮᠳᠠ ᠪᠠᠶᠢᠷᠢᠰᠢᠭᠰᠠᠨ ᠠᠯᠣᠰ ᠤᠨ ᠬᠠᠷᠠᠭ᠎ᠠ ᠲᠠᠢ ᠡᠨᠡᠬᠦ ᠲᠣᠭᠤᠭᠠᠲᠦ ᠨᠣᠲᠤᠭ ᠨᠢ ᠲᠡᠭᠦᠨ ᠤ ᠦᠶ᠎ᠡ ᠣᠯᠠᠷᠢᠬᠤ ᠥᠨᠢᠳᠡ  ᠶᠢᠨ ᠠᠯᠳᠠᠨ ᠬᠥᠷᠥᠰᠦ ᠪᠤᠯᠵᠦ᠂ ᠦᠷᠡᠵᠢᠯᠲᠦ ᠰᠦᠷᠦᠭ ᠢᠶᠠᠨ ᠥᠰᠭᠡᠬᠦ ᠥᠷᠭᠡᠨ ᠠᠭᠤᠳᠠᠮ ᠪᠡᠯᠴᠢᠭᠡᠷ ᠨᠢ ᠪᠣᠯᠵᠤ ᠪᠢᠯᠡ᠃ ᠲᠡᠷᠡ ᠨᠠᠮᠣᠷ ᠠᠩᠬ᠎ᠠ ᠣᠳᠠᠭ᠎ᠠ ᠮᠠᠯ ᠢᠶᠠᠨ ᠠᠷᠠᠯᠵᠢᠶᠠᠨ ᠳᠤ ᠬᠤᠳᠠᠯᠳᠤᠭᠠᠳ ᠨᠠᠢᠮᠠᠨ ᠮᠢᠩᠭ᠎ᠠ ᠰᠢᠬᠠᠮ ᠲᠥᠭᠦᠷᠢᠭ ᠤᠨ ᠣᠷᠣᠯᠭ᠎ᠠ ᠣᠯᠣᠭᠰᠠᠨ ᠨᠢ ᠶᠡᠬᠡᠳᠡ ᠪᠠᠶᠠᠵᠢᠭᠰᠠᠨ ᠰᠢᠭ᠋ ᠰᠠᠨᠠᠭᠳᠠᠵᠤ ᠪᠠᠶᠢᠯ᠎ᠠ᠃               ᠬᠤᠷ᠎ᠠ ᠶᠢᠨ ᠰᠡᠷᠢᠭᠦᠨ ᠠᠮᠢᠰᠬᠤᠯ ᠲᠠᠢ               ᠬᠤᠸᠠᠷ ᠤᠨ ᠴᠣᠮᠣᠷᠯᠢᠭ ᠮᠢᠷᠠᠯᠵᠠᠭᠠᠨ ᠲᠠᠢ               ᠬᠤᠷᠳᠤᠨ ᠬᠥᠯᠥᠭ  ᠤᠨ ᠦᠤᠷᠰᠡᠭᠡᠨ ᠲᠠᠢ               ᠬᠤᠨᠢᠨ ᠰᠦᠷᠦᠭ ᠤᠨ ᠪᠢᠯᠬᠠᠭ᠎ᠠ ᠲᠠᠢ                 ᠡᠷᠳᠡᠨᠢᠳᠦ ᠬᠤᠷᠠᠮᠠᠨ ᠲᠣᠭᠤᠭᠠᠲᠤ               ᠡᠵᠢ ᠶᠢᠨ ᠢᠷᠦᠭᠡᠯᠲᠦ ᠨᠤᠲᠤᠭ ᠡ︕                     — ︽ᠪᠤᠳᠤᠯ ᠤᠨ ᠦᠯᠦᠭᠡᠢ︾ ᠭᠡᠬᠦ ᠨᠠᠶᠢᠷᠠᠭ ᠠᠴᠠ      ᠵᠢᠷᠭᠤᠭ᠎ᠠ᠂ ᠦᠨᠳᠦᠰᠦᠨ ᠪᠦᠳᠦᠭᠡᠨ ᠪᠠᠶᠢᠭᠤᠯᠤᠯᠳᠠ ᠶᠢ ᠠᠳᠬᠤᠭᠰᠠᠨ ᠨᠢ               ᠡᠵᠢ ᠶᠢᠨ ᠠᠮᠲᠠᠯᠠᠭᠤᠯᠤᠭᠰᠠᠨ ᠬᠤᠰᠤᠮ ᠢ ᠠᠯᠠᠭ᠎ᠠ ᠲᠣᠰᠣᠨ ᠢᠳᠡᠵᠦ               ᠡᠷᠳᠡᠨᠢ ᠭᠤᠣᠯ ᠤᠨ ᠬᠥᠪᠡᠭᠡ ᠪᠠᠷ ᠬᠤᠷᠠᠭ᠎ᠠ ᠬᠠᠷᠠᠭᠤᠯᠤᠨ ᠲᠣᠭᠯᠠᠬᠤ ᠳᠠᠭᠠᠨ               ᠪᠠᠯᠴᠢᠷ ᠪᠠᠭ᠎ᠠ ᠶᠢᠨ ᠨᠠᠰᠤᠨ ᠠᠴᠠ ᠡᠬᠡ ᠶᠢᠨ ᠬᠠᠶᠢᠷ᠎ᠠ ᠶᠢ ᠬᠦᠷᠳᠡᠵᠦ               ᠪᠠᠳᠠᠷᠠᠬᠤ ᠣᠪᠣᠭᠠᠨ ᠤ ᠠᠷᠤ ᠥᠪᠥᠷ ᠲᠤ ᠠᠭᠠᠷᠤᠯ ᠡᠮᠬᠦᠵᠦ ᠥᠰᠥᠭᠰᠡᠨ ᠪᠢ                     — ︽ᠬᠠᠶᠢᠷ᠎ᠠ ᠰᠢᠩᠭᠡᠭᠰᠡᠨ ᠠᠯᠳᠠᠨ ᠬᠢᠯᠢ︾ ᠭᠡᠬᠦ ᠨᠠᠶᠢᠷᠠᠭ ᠠᠴᠠ       ᠪᠠᠷᠢᠭᠠᠳᠠ ᠶᠢᠨ ᠨᠠᠮ ᠤᠨ ᠡᠭᠦᠷ ᠠᠷᠠᠳ ᠤᠨ ᠵᠥᠪᠯᠡᠯ ᠤᠨ ᠬᠤᠷᠠᠯ ᠢᠶᠠᠷ᠂ ᠨᠡᠶᠢᠳᠡ ᠶᠢᠨ ᠬᠤᠷᠠᠮᠳᠣᠯ ᠠᠴᠠ ᠦᠷᠳᠡᠭ ᠭᠠᠷᠭᠠᠵᠤ᠂ 22 ᠡᠷᠦᠬᠡ ᠶᠢᠨ ᠬᠠᠪᠣᠷᠵᠢᠶᠠᠨ ᠳᠤ 500 ᠮᠦ ᠶᠢᠨ ᠨᠥᠭᠡᠴᠡ ᠪᠡᠯᠴᠢᠭᠡᠷ ᠢ ᠪᠢᠳᠡᠭᠦᠮᠵᠢᠯᠡᠵᠤ᠂ ᠮᠠᠯ ᠤᠨ ᠥᠰᠦᠯᠳᠡ ᠶᠢ ᠪᠠᠳᠣᠯᠠᠬᠤ ᠪᠠᠷ ᠳᠣᠭᠳᠠᠪᠠ᠂ 4 ᠬᠤᠪᠢ ᠪᠠᠷ ᠪᠣᠳᠣᠪᠠᠯ ᠣᠯᠣᠰ ᠪᠤᠯᠤᠨ ᠬᠤᠪᠢ ᠲᠠᠯ᠎ᠠ ᠠᠴᠠ ᠲᠣᠰ ᠪᠦᠷᠢ ᠨᠢᠭᠡ ᠬᠤᠪᠢ᠂ ᠪᠠᠷᠢᠭᠠᠳᠠ ᠠᠴᠠ ᠬᠤᠶᠠᠷ ᠬᠤᠪᠢ ᠪᠠᠷ ᠪᠡᠯᠡ ᠣᠷᠣᠭᠤᠯᠬᠤ ᠪᠠᠷ ᠲᠤᠬᠢᠷᠠᠯᠴᠠᠭᠰᠠᠨ ᠪᠠᠶᠢᠪᠠ᠂ ᠲᠡᠷᠡ ᠦᠶ᠎ᠡ ᠮᠠᠯᠴᠢᠳ ᠨᠣᠲᠤᠭ ᠪᠡᠯᠴᠢᠭᠡᠷ ᠤᠨ ᠬᠠᠮᠠᠭᠠᠯᠠᠯᠳᠠ ᠶᠢ ᠣᠢᠢᠯᠠᠭᠠᠬᠤ ᠦᠭᠡᠢ ᠪᠠᠶᠢᠵᠤ᠂ ᠬᠦᠷᠢᠶ᠎ᠠ ᠳᠠᠳᠠᠬᠤ ᠳᠣᠷ᠎ᠠ ᠦᠭᠡᠢ ᠣᠴᠢᠷ ᠪᠠᠷᠢᠭᠠᠳᠠ ᠶᠢᠨ ᠲᠠᠷᠤᠭ᠎ᠠ ᠪᠤᠯᠤᠭᠰᠠᠨ ᠲᠡᠷᠡ ᠪᠠᠷ ᠤᠯᠠᠨ ᠳᠤ᠄ ︽ᠪᠦᠳᠦᠭᠡᠨ ᠪᠠᠶᠢᠭᠤᠯᠵᠦ ᠮᠠᠯ ᠮᠠᠯᠵᠢᠬᠤ ᠪᠤᠯ ᠮᠠᠯ ᠢᠶᠠᠨ ᠦᠰᠭᠡᠵᠦ ᠬᠠᠮᠠᠭᠠᠯᠠᠬᠤ ᠶᠢᠨ ᠦᠨᠳᠦᠰᠦᠨ ᠨᠦᠬᠦᠴᠡᠯ ᠮᠦᠨ᠂ ᠬᠠᠪᠤᠷᠵᠢᠶᠠᠨ ᠤ ᠡᠪᠡᠰᠦᠨ ᠬᠦᠷᠢᠶ᠎ᠡ ᠪᠤᠯ ᠬᠠᠪᠤᠷ ᠤᠨ ᠭᠠᠴᠢᠭ ᠴᠠᠭ ᠲᠤ᠂ ᠲᠦᠯ ᠢᠶᠠᠨ ᠮᠡᠨᠳᠦ ᠲᠤᠰᠬᠤ  ᠶᠢᠨ ᠵᠠᠩᠬᠢᠯᠭ᠎ᠠ ᠪᠤᠯᠤᠨ᠎ᠠ︾ ᠭᠡᠵᠦ ᠤᠬᠠᠭᠤᠯᠤᠨ ᠲᠠᠶᠢᠴᠢᠯᠠᠭᠰᠠᠨ ᠢᠶᠠᠷ ᠠᠷᠠᠢ ᠭᠡᠵᠦ ᠡᠭᠦᠷᠭᠡ ᠪᠠᠨ ᠪᠡᠶᠡᠯᠡᠭᠦᠯᠵᠡᠢ᠃ ᠡᠷᠳᠡᠮᠳᠡᠭᠦᠰ ᠴᠤ ᠡᠨᠡᠬᠦ ᠠᠩᠬᠠᠨ ᠤ ᠨᠦᠭᠡᠴᠡ ᠪᠡᠯᠴᠢᠭᠡᠷ ᠤᠨ ᠨᠢᠭᠡ ᠰᠠᠭᠤᠷᠢ ᠡᠪᠡᠰᠦᠨ ᠬᠦᠷᠢᠶ᠎ᠡ ᠶᠢ ᠠᠪᠴᠦ᠂ ᠲᠣᠭᠤᠭᠠᠲᠦ ᠶᠢᠨ ᠦᠨᠲᠦᠰᠦᠨ ᠪᠠᠶᠢᠭᠤᠯᠣᠯᠳᠠ ᠶᠢᠨ ᠡᠬᠢᠯᠡᠯᠳᠡ ᠪᠣᠯᠭᠠᠨ ᠮᠢᠯᠢᠶᠠᠵᠤ ᠪᠢᠯᠡ᠃ ᠵᠣᠨ ᠤ ᠰᠡᠭᠦᠯ ᠰᠠᠷ᠎ᠠ ᠳᠤ᠂ ᠪᠦᠰᠡᠭᠦᠢ ᠨᠢ ᠪᠡᠷᠬᠡ ᠬᠦᠩᠭᠡᠵᠢᠯᠳᠡ ᠠᠴᠠ ᠪᠤᠯᠵᠦ᠂ ᠣᠳᠬᠠᠨ ᠬᠦᠤ ᠪᠠᠨ ᠨᠢᠭᠡᠳᠦᠯ ᠤᠨ ᠡᠮᠨᠡᠯᠭᠡ  ᠶᠢᠨ ᠬᠤᠷᠢᠶᠠᠨ ᠳᠤ ᠬᠦᠷᠴᠦ ᠲᠤᠰᠤᠭᠰᠠᠨ᠃ ᠭᠠᠯ ᠤᠨ ᠴᠤᠭ ᠰᠢᠭ᠋ ᠪᠠᠳᠠᠷᠠᠵᠤ᠂ ᠰᠦᠯᠳᠡ ᠬᠡᠶᠢᠮᠣᠷᠢ ᠲᠠᠢ ᠶᠠᠪᠣᠬᠤ  ᠶᠢ ᠨᠢ ᠵᠥᠩᠨᠡᠨ ᠨᠠᠭᠠᠴᠦ ᠡᠵᠢ ᠨᠢ ᠵᠢᠭᠡ ᠬᠦᠤ ᠳᠡᠭᠡᠨ ︽ᠴᠣᠭᠰᠦ᠋ᠯᠳᠡ︾ ᠭᠡᠰᠡᠨ ᠪᠡᠯᠭᠡ ᠳᠡᠮᠪᠡᠷᠨ᠋ᠢ ᠲᠠᠢ ᠵᠢᠪᠬᠤᠭᠠᠲᠦ ᠨᠡᠷ᠎ᠠ ᠥᠭᠴᠦ ᠪᠢᠯᠡ᠃      ᠬᠦᠬᠡᠭᠴᠢᠨ ᠦᠬᠡᠷ ᠵᠢᠯ ᠤᠨ ᠵᠣᠨ ᠢᠶᠠᠷ᠂ ᠦᠬᠡᠷ ᠰᠦᠷᠦᠭ ᠤᠨ ᠡᠭᠦᠯᠳᠡᠷ ᠢ ᠰᠠᠶᠢᠵᠢᠷᠠᠭᠤᠯᠬᠤ ᠪᠠᠷ ᠪᠠᠷᠢᠭᠠᠳᠠ ᠠᠴᠠ ︽ᠲᠠᠯ᠎ᠠ ᠨᠤᠲᠤᠭ ᠤᠨ ᠣᠯᠠᠭᠠᠨ︾ ᠭᠡᠬᠦ ᠲᠠᠪᠣᠨ ᠪᠢᠷᠠᠭᠤᠨ ᠪᠣᠬ᠎ᠠ ᠠᠪᠣᠭᠰᠠᠨ ᠳᠤ ᠡᠷᠳᠡᠮᠳᠡᠭᠦᠰ  ᠶᠢᠨ ᠳᠤ ᠨᠢᠭᠡ ᠶᠢ ᠣᠨᠣᠭᠳᠠᠭᠤᠯᠤᠯ᠎ᠠ᠂ ᠬᠦᠢᠲᠡᠨ ᠤ ᠲᠠᠭᠠᠭᠠᠴᠠ ᠪᠠᠷ ᠠᠨᠠᠢ ᠴᠦ ᠪᠡᠶ᠎ᠠ ᠲᠤᠮᠤ᠂ ᠨᠣᠮᠣᠬᠠᠨ ᠵᠠᠩ  ᠲᠠᠢ ᠡᠨᠡ ᠪᠣᠬ᠎ᠠ ᠶᠢ ᠡᠪᠦᠯ ᠳᠡᠭᠡᠨ ᠨᠥᠮᠥᠷᠢ ᠳᠤᠯᠠᠭᠠᠨ ᠲᠠᠪᠢᠭᠠᠯ ᠬᠦᠷᠢᠶ᠎ᠡ ᠳᠡᠭᠡᠨ ᠨᠡᠮᠨᠡᠭᠡ ᠬᠢᠴᠢᠭᠰᠡᠨ ᠲᠠᠯᠪᠢᠳᠠᠭ᠃ ᠡᠨᠡ ᠬᠦᠷᠡᠩ ᠪᠣᠬ᠎ᠠ ᠲᠥᠯ ᠰᠠᠶᠢᠨ ᠣᠴᠢᠷ ᠦᠬᠡᠷ ᠰᠦᠷᠦᠭ ᠨᠢ ᠶᠡᠬᠡᠪᠡᠷ ᠥᠰᠴᠦ ᠵᠠᠭᠤ ᠶᠢᠨ ᠳᠠᠪᠠᠭ᠎ᠠ ᠶᠢ ᠥᠩᠭᠡᠷᠡᠬᠦ ᠳᠤ ᠲᠤᠰᠤᠭᠰᠠᠨ ᠲᠤᠭᠤᠯ ᠤᠨ ᠤᠯᠠᠩᠬᠢ ᠨᠢ ᠡᠷᠯᠢᠵᠢᠭᠰᠡᠨ ᠤᠯᠠᠭᠠᠨ ᠬᠦᠷᠡᠩ ᠦᠩᠭᠡ ᠪᠤᠯᠤᠭᠰᠠᠨ ᠢᠶᠠᠷ ᠦᠬᠡᠷ ᠰᠦᠷᠦᠭ ᠨᠢ ᠵᠢᠰᠦᠮ ᠨᠢᠭᠡᠳᠡᠢ ᠬᠠᠷᠠᠭᠳᠠᠨ᠎ᠠ᠂ ᠬᠠᠭᠤᠴᠢ ᠦᠭᠡᠨ ᠳᠤ ︽ᠦᠭᠡᠳᠡᠯᠡᠬᠦ ᠠᠶᠢᠯ ᠤᠨ ᠦᠬᠡ ᠨᠢ ᠨᠢᠭᠡ᠂ ᠦᠰᠬᠦ ᠮᠠᠯ ᠤᠨ ᠵᠢᠰᠦᠮ ᠨᠢᠭᠡ︾ ᠭᠡᠭᠴᠢ ᠪᠤᠯᠵᠠᠢ᠃ ᠡᠨᠡ ᠨᠢ ᠨᠣᠲᠤᠭ ᠤᠨ ᠦᠬᠡᠷ ᠢ ᠪᠣᠳᠣᠪᠠᠯ ᠬᠤᠳᠠᠯᠳᠣᠬᠤ ᠳᠤ ᠥᠷᠲᠡᠭ ᠥᠨᠳᠥᠷ ᠪᠠᠶᠢᠵᠦ᠂ ᠰᠦ ᠰᠠᠭᠠᠯᠢ ᠰᠠᠶᠢᠲᠠᠢ ᠦᠨᠢᠶᠡᠳ ᠴᠦ ᠣᠯᠠᠰᠢᠷᠠᠪᠡ᠂ ᠦᠬᠡᠷ ᠡᠷᠳᠡᠨᠢ ᠠᠴᠠ ᠪᠠᠨ ᠦᠷ᠎ᠠ ᠠᠰᠢᠭ ᠣᠯᠠᠨ ᠴᠦ ᠬᠦᠷᠲᠡᠵᠦ ᠶᠠᠪᠤᠵᠠᠢ᠃      ᠡᠷᠳᠡᠮᠳᠡᠭᠦᠰ ᠤᠨ ᠪᠠᠰᠠ ᠬᠢᠳᠡᠯ ᠭᠡᠪᠡᠯ ᠬᠤᠨᠢᠨ ᠤ ᠵᠣᠬᠢᠶᠠᠮᠠᠯ ᠬᠡᠭᠡᠯᠲᠦᠭᠦᠯᠭᠡ ᠶᠢᠨ ᠮᠡᠷᠭᠡᠵᠢᠯ ᠪᠤᠯᠤᠨ᠎ᠠ᠃ ᠲᠡᠷᠡ ᠮᠠᠯ ᠬᠤᠪᠢᠳᠠᠬᠤ ᠳᠤ ᠡᠷᠯᠢᠵᠡ ᠮᠧᠷᠨᠤᠰ ᠬᠤᠨᠢᠳ ᠭᠤᠤᠯᠳᠠᠢ ᠠᠪᠤᠭᠰᠠᠨ ᠣᠴᠢᠷ ᠠᠴᠠ ᠲᠤᠭ᠎ᠠ ᠲᠣᠯᠣᠭᠠᠢ ᠴᠥᠭᠡᠪᠦᠷ ᠠᠰᠢᠭ ᠥᠨᠳᠥᠷ ᠠᠵᠥ ᠦᠢᠯᠡᠰ ᠡᠷᠬᠢᠯᠡᠬᠦ ᠪᠠᠷ ᠣᠷᠣᠯᠳᠣᠵᠤ᠂ ᠥᠪᠡᠷ ᠤᠨ ᠬᠤᠨᠢᠨ ᠳᠠᠭᠠᠨ ᠭᠠᠷ ᠬᠡᠭᠡᠯᠲᠦᠯᠭᠡ ᠬᠢᠵᠤ᠂ ᠬᠡᠭᠡᠯ ᠰᠠᠭᠤᠬᠤ ᠨᠣᠷᠮ᠎ᠠ ᠨᠢ ᠥᠨᠳᠥᠷ ᠴᠦ ᠪᠡᠯᠡᠳᠭᠡᠯ ᠳᠥᠬᠦᠷᠥᠮᠵᠢ ᠪᠠᠷᠣᠭᠲᠠᠢ ᠠᠴᠠ ᠲᠥᠯ ᠲᠣᠰᠬᠤ ᠳᠤ ᠬᠦᠴᠢᠷᠳᠡᠳᠡᠭ ᠪᠠᠶᠢᠯ᠎ᠠ᠂ ᠨᠠᠷᠢᠨ ᠨᠣᠤᠰᠤᠲᠦ ᠬᠤᠷᠠᠭ᠎ᠠ ᠪᠡᠭᠡᠷᠡᠬᠦ ᠨᠢ ᠠᠮᠠᠷᠬᠠᠨ ᠪᠠᠶᠢᠭᠠᠯᠢ ᠶᠢᠨ ᠲᠡᠰᠪᠦᠷᠢ ᠠᠨᠠᠢ᠂ ᠲᠡᠵᠢᠭᠡᠯ ᠠᠪᠬᠤ ᠪᠠᠷ ᠳᠥᠰᠦᠮᠡᠭ ᠵᠡᠷᠭᠡ ᠤᠨᠴᠠᠯᠢᠭ ᠲᠠᠢ᠃ ᠪᠠᠰᠠ ᠲᠡᠭᠡᠷ᠎ᠡ ᠨᠢ ᠪᠣᠷᠣᠯᠠᠭᠤᠯᠭ᠎ᠠ  ᠶᠢᠨ ᠵᠠᠮ ᠮᠥᠷ ᠦᠭᠡᠢ ᠪᠤᠯᠤᠭᠰᠠᠨ ᠭᠡᠪᠡᠯ ᠨᠡᠩ ᠣᠨᠣᠴᠢᠲᠠᠢ᠃ ᠨᠢᠭᠡ ᠣᠳᠠᠭ᠎ᠠ ᠲᠡᠷᠡ ᠬᠤᠨᠢ ᠪᠠᠨ ᠬᠤᠳᠠᠯᠳᠣᠬᠤ  ᠪᠠᠷ ᠨᠢᠭᠡᠳᠦᠯ ᠤᠨ ᠢᠳᠡᠭᠡᠨ ᠤ ᠺᠣᠮᠫᠠᠨᠢ ᠳᠤ ᠣᠴᠢᠬᠤ ᠳᠤ ᠦᠵᠦᠮᠥᠴᠢᠨ ᠡᠭᠦᠯᠳᠡᠷ ᠤᠨ ᠬᠤᠨᠢ ᠠᠪᠬᠤ ᠠᠴᠠ ᠪᠢᠰᠢ ᠡᠨᠡ ᠬᠤᠨᠢ ᠶᠢ ᠴᠢᠨᠢ ᠠᠪᠬᠤ ᠦᠭᠡᠢ ᠭᠡᠯ᠎ᠠ᠂ ᠢᠩᠬᠢᠭᠡᠳ ᠠᠷᠭ᠎ᠠ ᠪᠣᠰᠣ ᠬᠤᠨᠢ ᠪᠠᠨ ᠪᠣᠴᠠᠭᠠᠵᠦ ᠭᠡᠯᠢᠯ᠎ᠡ᠂ ᠨᠣᠤᠰᠣ  ᠨᠢ ᠴᠦ ᠦᠨ᠎ᠡ ᠬᠦᠷᠬᠦ ᠪᠠᠨ ᠪᠣᠯᠢᠪᠠ᠃ ᠲᠡᠷᠡ᠂ ᠬᠤᠨᠢᠨ ᠤ ᠮᠠᠯᠵᠢᠯᠭ᠎ᠠ ᠲᠡᠭᠡᠷ᠎ᠡ ᠭᠡᠳᠦᠨ ᠵᠢᠯ ᠶᠡᠭᠡ ᠠᠰᠢᠭ ᠠᠯᠳᠠᠵᠠᠢ᠃ ᠦᠵᠦᠮᠦᠴᠢᠨ ᠬᠤᠨᠢ ᠲᠠᠢ ᠠᠶᠢᠯ ᠡᠷᠦᠬᠡ ᠵᠢᠯ ᠪᠦᠷᠢ ᠬᠡᠳᠦᠨ ᠵᠠᠭᠤᠨ ᠬᠤᠨᠢ ᠬᠤᠳᠠᠯᠳᠤᠭᠠᠳ ᠠᠰᠢᠭ ᠤᠷᠤᠯᠭ᠎ᠠ ᠶᠡᠭᠡ ᠶᠢᠨ ᠲᠡᠭᠡᠷ᠎ᠡ ᠪᠠᠰᠠ ᠨᠤᠲᠤᠭ ᠤᠨ ᠬᠤᠷᠠᠭ᠎ᠠ ᠦᠯᠴᠢᠷ ᠪᠠᠶᠢᠵᠦ ᠲᠦᠯ ᠲᠤᠰᠬᠤ ᠳᠤ ᠲᠦᠬᠦᠮ ᠪᠠᠶᠢᠵᠠᠢ᠃ ᠡᠭᠦᠨ ᠢ ᠮᠡᠳᠡᠭᠰᠡᠨ ᠲᠡᠷᠡ ᠪᠠᠷ ᠠᠷᠭ᠎ᠠ ᠦᠭᠡᠢ ᠶᠢᠨ ᠡᠷᠬᠡ ᠪᠠᠷ ᠥᠪᠡᠷ ᠤᠨ ᠬᠥᠳᠡᠯᠮᠦᠷᠢ ᠤᠨ ᠦᠷ᠎ᠠ ᠪᠦᠲᠦᠭᠡᠯ ᠢᠶᠠᠨ ᠬᠠᠶᠢᠷᠠᠯᠠᠭᠰᠠᠨ ᠴᠦ ᠦᠵᠦᠮᠦᠴᠢᠨ ᠬᠤᠨᠢ ᠪᠣᠯᠭᠠᠬᠤ ᠪᠠᠷ ︽ᠴᠠᠭᠠᠨ ᠬᠤᠨᠢ︾ ᠪᠠᠨ ᠬᠤᠪᠢ ᠶᠢᠨ ᠠᠷᠠᠯᠵᠢᠶᠠᠨ ᠳᠤ ᠶᠡᠬᠡᠮᠴᠢ ᠶᠢ ᠨᠢ ᠬᠤᠳᠠᠯᠳᠣᠵᠤ᠂ ᠵᠥᠪᠬᠡᠨ ᠵᠠᠭᠤ ᠭᠠᠷᠣᠢ ᠲᠣᠯᠣᠭᠠᠢ ᠦᠯᠡᠳᠡᠭᠡᠯ᠎ᠡ᠂ ᠢᠩᠭᠢᠭᠡᠳ ᠲᠠᠷᠠᠭ᠎ᠠ ᠵᠣᠨ ᠠᠴᠠ ᠨᠢ ᠪᠣᠰᠣᠳ ᠠᠴᠠ ᠦᠵᠦᠮᠦᠴᠢᠨ ᠡᠭᠦᠯᠳᠡᠷ ᠤᠨ ᠬᠤᠨᠢ ᠬᠤᠳᠠᠯᠳᠣᠨ ᠠᠪᠴᠤ ᠰᠦᠷᠦᠭ ᠤᠨ ᠪᠦᠳᠦᠴᠡ ᠪᠠᠨ ᠦᠭᠡᠷᠡᠴᠢᠯᠡᠵᠦ ᠡᠬᠢᠯᠡᠵᠡᠢ᠂ ᠬᠡᠳᠣᠨ ᠵᠢᠯ ᠳᠠᠷᠠᠭᠠᠯᠠᠨ ᠰᠣᠯᠢᠯᠳᠠ ᠬᠢᠭᠰᠡᠨ ᠪᠦᠭᠡᠳ ᠦᠵᠦᠮᠦᠴᠢᠨ ᠬᠤᠨᠢᠨ ᠤ ᠰᠢᠯᠢᠳᠡᠭ ᠡᠭᠦᠯᠳᠡᠷ ᠤᠨ ᠬᠤᠴᠠ ᠲᠠᠯᠪᠢᠭᠰᠠᠨ ᠢᠶᠠᠷ ᠠᠭᠠᠵᠢᠮ ᠳᠠᠭᠠᠨ ᠵᠥᠭᠰᠢᠷᠡᠵᠠᠢ᠃       ᠲᠤᠰ ᠵᠢᠯ ᠳᠤ᠂ ᠵᠠᠰᠠᠭ ᠵᠠᠬᠢᠷᠭᠠᠨ ᠤ ᠪᠠᠶᠢᠭᠤᠯᠤᠮᠵᠢ ᠶᠢᠨ ᠨᠠᠷ᠎ᠠ ᠶᠢ ᠦᠭᠡᠷᠡᠴᠢᠯᠡᠵᠦ᠂ ᠤᠤᠯ ᠤᠨ ︽ᠨᠢᠭᠡᠳᠦᠯ︾ ᠢ ︽ᠰᠤᠮᠤ︾ ᠭᠡᠵᠦ᠂ ︽ᠪᠠᠷᠢᠭᠠᠳᠠ︾ ᠶᠢ ᠡᠬᠢᠯᠡᠭᠡᠳ ︽ᠪᠠᠭ︾ ᠭᠡᠵᠦ ᠪᠠᠶᠢᠭᠰᠠᠨ ᠢᠶᠠᠨ ᠰᠡᠭᠦᠯᠡᠷ  ᠨᠢ ᠲᠠᠬᠢᠨ ᠬᠠᠯᠠᠵᠦ ︽ᠭᠠᠴᠠᠭ᠎ᠠ︾ ᠭᠡᠵᠦ ᠨᠡᠷᠡᠯᠡᠬᠦ ᠪᠤᠯᠤᠭᠰᠠᠨ ᠪᠠᠶᠢᠨ᠎ᠠ᠃      ᠬᠥᠬᠡᠭᠴᠢᠨ ᠦᠬᠡᠷ ᠵᠢᠯ ᠣᠯᠣᠰ ᠬᠤᠪᠢ ᠶᠢᠨ ᠪᠡᠯᠡ ᠣᠷᠣᠭᠤᠯᠣᠭᠰᠠᠨ ᠨᠢᠭᠡ ᠰᠠᠭᠤᠷᠢ 300 ᠮᠦ ᠶᠢᠨ ᠡᠪᠡᠰᠦᠨ ᠬᠦᠷᠢᠶ᠎ᠡ ᠶᠢ ᠲᠡᠭᠦᠨ ᠳᠤ ᠪᠠᠷᠢᠭᠠᠳᠠ ᠶᠢᠨ ᠠᠵᠢᠯ ᠤᠨ ᠬᠠᠷᠠᠭᠠᠯᠵᠠᠯᠠᠯ ᠢᠶᠠᠷ ᠥᠭᠴᠦ ᠲᠠᠳᠠᠭᠤᠯᠣᠭᠰᠠᠨ ᠢᠶᠠᠷ ᠮᠢᠩᠭᠠᠨ ᠮᠦ ᠶᠢᠨ ᠨᠥᠭᠡᠴᠡ ᠪᠡᠯᠴᠢᠭᠡᠷ ᠲᠠᠢ ᠪᠣᠯᠪᠠ᠃ ᠬᠤᠨᠢ ᠦᠬᠡᠷ ᠤᠨ ᠲᠥᠯ ᠳᠣᠰᠬᠤ ᠳᠤ ᠠᠮᠠᠷ᠂ ᠳᠡᠷᠭᠡᠳᠡ  ᠪᠠᠨ ᠲᠥᠯ ᠢᠶᠠᠨ ᠳᠣᠰᠴᠢᠬᠤ ᠪᠣᠯᠬᠤᠷ ᠬᠤᠬᠢᠷᠠᠯ ᠰᠦᠢᠳᠦᠯ ᠪᠠᠭ᠎ᠠ᠂ ᠥᠰᠥᠯᠳᠠ ᠶᠡᠭᠡ ᠪᠣᠯᠣᠭᠰᠠᠨ ᠶᠣᠮ᠃ ᠣᠷᠣᠯᠭ᠎ᠠ ᠰᠠᠶᠢᠨ ᠬᠠᠳᠠᠭᠠᠯᠠᠮᠵᠢ ᠲᠠᠢ ᠪᠣᠯᠣᠭᠰᠠᠨ ᠢᠶᠠᠷ ᠭᠤᠷᠪᠠᠨ ᠬᠦᠷᠲᠦᠲᠦ ᠮᠣᠲ᠋ᠣᠷ ᠲᠡᠷᠭᠡ ᠪᠣᠯᠣᠨ 14 ᠢᠨᠴ  ᠶᠢᠨ ︽ᠪᠤᠳᠤᠭᠳᠠᠢ ᠵᠢᠷᠤᠭᠳᠤ ᠷᠠᠳᠢᠤ᠋︾᠂ ︽yamaha︾ ᠲᠡᠮᠳᠡᠭᠲᠦ ᠴᠠᠬᠢᠯᠭᠠᠨ ᠭᠠᠷᠭᠠᠬᠤ ᠮᠠᠰᠢᠨ ᠵᠡᠷᠭᠡ ᠶᠢ ᠠᠪᠴᠦ᠂ ᠨᠡᠯᠢᠶᠡᠳ ᠴᠢᠨᠡᠭᠡᠯᠢᠭ ᠠᠮᠢᠳᠣᠷᠠᠬᠤ ᠪᠣᠯᠵᠠᠢ᠃ ᠡᠨᠡ ᠦᠶ᠎ᠡ ᠳᠤ᠂ ᠮᠠᠯ ᠤᠨ ᠬᠤᠷᠤᠭ᠎ᠠ ᠬᠠᠰᠢᠶ᠎ᠠ ᠬᠢᠭᠡᠳ ᠨᠦᠭᠡᠴᠡ ᠪᠡᠯᠴᠢᠭᠡᠷ ᠤᠨ ᠡᠪᠡᠰᠦᠨ ᠬᠦᠷᠢᠶ᠎ᠡ ᠶᠢᠨ ᠪᠠᠶᠢᠭᠤᠯᠤᠯᠳᠠ ᠶᠢ ᠰᠠᠶᠢᠨ ᠬᠢᠭᠰᠡᠨ ᠢᠶᠠᠷ ᠮᠠᠯ ᠤᠨ ᠦᠰᠦᠯᠳᠡ ᠶᠢ ᠪᠠᠳᠤᠯᠠᠬᠤ ᠪᠤᠯᠪᠠ᠃ ᠤᠬᠤᠷᠬᠠᠨ ᠬᠤᠶᠠᠷ ᠵᠢᠯ ᠤᠨ ᠬᠤᠨᠢᠨ ᠤ ᠰᠦᠷᠦᠭ ᠤᠨ ᠪᠦᠳᠦᠴᠡ ᠶᠢᠨ ᠦᠭᠡᠷᠡᠴᠢᠯᠡᠯᠳᠡ ᠬᠢᠭᠡᠳ ᠨᠤᠲᠤᠭ ᠤᠨ ᠬᠤᠨᠢ 245 ᠲᠤᠯᠤᠭᠠᠢ᠂ ᠦᠬᠡᠷ 54 ᠲᠤᠯᠤᠭᠠᠢ᠂ ᠠᠳᠤᠭᠤ 23 ᠲᠤᠯᠤᠭᠠᠢ ᠪᠤᠯᠤᠨ ᠮᠠᠯ  ᠤᠨ ᠦᠰᠦᠯᠳᠡ ᠶᠢᠨ ᠰᠠᠭᠤᠷᠢ ᠶᠢ ᠲᠠᠯᠪᠢᠭᠰᠠᠨ ᠪᠠᠶᠢᠯ᠎ᠠ᠃      ᠦᠭᠡᠷ ᠵᠢᠯ ᠤᠨ ᠡᠪᠦᠯ ᠶᠡᠭᠡ ᠵᠤᠳᠠᠷᠠᠬᠤ ᠪᠠᠶᠢᠵᠦ᠂ ᠴᠠᠰᠤ ᠵᠤᠵᠠᠭᠠᠷᠠᠭᠰᠠᠨ ᠢᠶᠠᠷ ᠤᠶᠢᠷ᠎ᠠ ᠬᠠᠪᠢ ᠶᠢᠨ ᠪᠡᠯᠴᠢᠭᠡᠷ ᠲᠠᠷᠤᠭᠳᠡᠨ᠎ᠡ᠂ ᠵᠦᠪᠬᠡᠨ ᠲᠤᠭᠤᠭᠠᠳᠤ ᠶᠢᠨ ᠡᠮᠦᠨ᠎ᠡ ᠠᠷᠤ ᠪᠤᠶᠤ ᠵᠡᠭᠦᠨ ᠬᠦᠨᠳᠡᠢ ᠳᠡᠭᠡᠨ ᠴᠤᠬᠢᠭ᠎ᠠ ᠲᠠᠢ ᠪᠠᠶᠢᠯ᠎ᠠ᠃ ᠬᠡᠳᠦᠶᠢᠪᠡᠷ ᠬᠡᠳᠦ ᠤᠳᠠᠭ᠎ᠠ ᠶᠢᠨ ᠶᠡᠭᠡ ᠰᠢᠭᠤᠷᠭᠠᠨ ᠳᠤ ᠲᠠᠭᠠᠷᠢᠭᠳᠠᠭᠰᠠᠨ ᠪᠤᠯᠪᠠᠴᠤ ᠮᠢᠩᠭᠠᠨ ᠮᠤ᠋ ᠶᠢᠨ ᠨᠦᠭᠡᠴᠡ ᠪᠡᠯᠴᠢᠭᠡᠷ ᠢᠶᠠᠨ ᠭᠠᠮᠳᠠᠢ ᠪᠦᠭᠡᠳ ᠲᠤᠬᠢᠳᠡᠢ ᠠᠰᠢᠭᠯᠠᠵᠦ᠂ ᠲᠡᠭᠷᠢ ᠲᠤᠭᠳᠠᠭᠤᠨ ᠪᠤᠯ ᠰᠦᠷᠦᠭ ᠢᠶᠠᠨ ᠪᠡᠯᠴᠢᠭᠡᠷ ᠲᠤ ᠬᠦᠭᠡᠭᠡᠵᠦ ᠬᠠᠷᠢᠭᠤᠯᠤᠨ᠎ᠠ᠃ ᠡᠨᠡ ᠮᠡᠳᠦ ᠪᠠᠷ ᠡᠪᠦᠯ ᠤᠨ ᠭᠤᠤᠯ ᠢ ᠤᠳᠤᠷ ᠬᠠᠶᠢᠳᠠᠭ ᠬᠦᠭᠡᠭᠡᠭᠰᠡᠨ ᠦᠭᠡᠢ ᠪᠠᠷ ᠦᠩᠭᠡᠷᠡᠭᠡᠵᠡᠢ᠃ ᠴᠠᠭᠠᠨ ᠰᠠᠷ᠎ᠠ ᠤᠶᠢᠷᠠᠳᠤᠨ᠎ᠡ᠂ ᠶᠡᠭᠡ ᠬᠦᠤ ᠨᠢ ᠨᠠᠢᠮᠠᠳᠠᠢ᠂ ᠤᠳᠤ ᠮᠤᠷᠢ ᠤᠨᠤᠬᠤ ᠪᠤᠯᠤᠯ᠎ᠠ ᠬᠡᠮᠡᠨ ᠡᠷᠳᠡᠮᠳᠡᠭᠦᠰ ᠠᠵᠢᠯ ᠤᠨ ᠴᠢᠯᠦᠭᠡ ᠵᠠᠪ ᠢᠶᠠᠷ ᠢᠶᠠᠨ ᠡᠮᠡᠭᠡᠯ ᠵᠠᠰᠠᠵᠦ ᠤᠷᠤᠯᠳᠤᠨ᠎ᠠ᠃      ᠰᠢᠩᠭᠡᠬᠦ ᠨᠠᠷᠠᠨ ᠤ ᠤᠯᠠᠪᠢᠷ ᠲᠤᠶᠠᠭ᠎ᠠ ᠴᠠᠪᠴᠢᠷ ᠤᠨ ᠤᠷᠤᠢ ᠪᠠᠷ ᠲᠠᠯᠳᠠᠯᠠᠨ᠂ ᠲᠠᠯᠠᠢ ᠰᠢᠷᠡᠭᠡᠨ ᠤ ᠲᠡᠭᠡᠭᠦᠷ ᠲᠤᠰᠤᠨ᠎ᠠ᠃ ᠡᠷᠳᠡᠮᠳᠡᠭᠦᠰ ᠤᠷᠤᠢ ᠶᠢᠨ ᠵᠠᠪ ᠴᠢᠯᠦᠭᠡ ᠪᠠᠷ ᠢᠶᠠᠨ ᠶᠡᠭᠡ ᠬᠦᠪᠡᠭᠦᠨ ᠳᠡᠭᠡᠨ ᠮᠦᠩᠭᠦᠨ ᠡᠳ᠋ᠯᠡᠯ ᠪᠦᠬᠦᠢ ᠡᠮᠡᠭᠡᠯ ᠢ ᠵᠠᠰᠠᠵᠦ᠂ ᠭᠠᠨᠵᠤᠭ᠎ᠠ ᠰᠤᠷᠯᠠᠨ᠎ᠠ᠃ ᠠᠴᠢᠶ᠎ᠠ ᠲᠠᠢ ᠲᠡᠷᠭᠡᠨ ᠠᠴᠠ ᠤᠷᠭᠤᠭ᠎ᠠ ᠲᠠᠯ ᠲᠠᠢ ᠬᠦᠭᠰᠢᠨ ᠴᠠᠭᠠᠨ ᠮᠤᠷᠢ ᠲᠤᠯᠤᠭᠠᠢ ᠪᠦᠭᠦᠶᠢᠨ ᠦᠭᠦᠷᠮᠡᠭᠯᠡᠨ ᠵᠤᠭᠰᠤᠨ᠎ᠠ᠂ ᠵᠠᠰᠠᠭᠰᠠᠨ ᠡᠮᠡᠭᠡᠯ ᠢᠶᠠᠨ ᠲᠤᠬᠤᠬᠤ ᠪᠠᠷ ᠭᠠᠷᠬᠤ ᠳᠤ᠂ ᠪᠢᠴᠢᠬᠠᠨ ᠬᠦᠤ ᠬᠦᠯ ᠨᠢ ᠭᠠᠵᠠᠷ ᠬᠦᠷᠬᠦ ᠦᠭᠡᠢ ᠪᠠᠶᠠᠷᠯᠠᠨ ᠲᠠᠭᠠᠭᠠᠳ ᠬᠤᠷᠮᠦᠶᠢᠳᠤᠨ ᠵᠢᠭᠤᠷᠠᠯᠳᠤᠨ᠎ᠠ᠃ ᠪᠤᠯᠢᠭᠠᠷᠢ ᠲᠤᠬᠤᠮ ᠢ ᠨᠢ ᠲᠠᠭᠠᠷᠠᠭᠤᠯᠤᠭᠠᠳ ᠤᠯᠤᠩ ᠴᠢᠪᠢᠯᠠᠭᠤᠷ ᠢ ᠨᠢ ᠴᠢᠩᠭᠠᠯᠠᠭᠰᠠᠨ ᠢᠶᠠᠨ᠄ ︽ᠵᠠ︕ ᠬᠦᠤ ᠮᠢᠨᠢ ᠤᠨᠤᠭᠠᠳ ᠦᠵᠡᠭᠡᠴᠢ︾ ᠭᠡᠳ ᠮᠤᠷᠢᠨ ᠳᠤ ᠡᠷᠭᠦᠨ ᠮᠤᠷᠳᠡᠭᠤᠯᠵᠦ᠂ ᠵᠡᠭᠦᠨ ᠬᠦᠨᠳᠡᠢ ᠵᠦᠭ ᠨᠠᠯᠢᠶᠠᠳ ᠵᠠᠶᠢᠳᠠᠢ ᠭᠠᠵᠠᠷ ᠢᠶᠠᠷ ᠬᠦᠳᠦᠯᠦᠨ ᠠᠯᠬᠤᠭᠤᠯᠵᠠᠢ᠃ ᠡᠷᠭᠢᠵᠦ ᠭᠡᠷ ᠤᠨ ᠤᠶᠢᠷᠠᠯᠴᠠᠭ᠎ᠠ ᠢᠷᠡᠭᠦᠶ᠎ᠡ ᠡᠮᠡᠭᠡ ᠡᠵᠢ ᠨᠢ ᠭᠠᠷᠴᠤ ᠢᠷᠡᠭᠡᠳ ᠢᠨᠢᠶᠡᠮᠰᠦᠭᠯᠡᠭᠰᠡᠨ ᠢᠶᠠᠨ᠄ ︽ ᠮᠢᠨᠤ ᠠᠴᠢ ᠴᠢᠨᠢ ᠪᠦᠳᠦᠭᠦᠨ ᠪᠤᠯᠴᠢᠬᠠᠯ᠎ᠠ᠂ ᠴᠢᠳᠠᠯ ᠤᠷᠤᠴᠢᠬᠠᠵᠠᠢ᠂ ᠡᠮᠡᠭᠡᠯᠳᠦ ᠮᠤᠷᠢ ᠡᠵᠡᠮᠰᠢᠬᠦ ᠪᠠᠷ ᠡᠷ᠎ᠡ ᠪᠤᠯᠤᠯ᠎ᠠ ᠰᠢᠤ︾ ᠭᠡᠵᠦ ᠲᠤᠰᠴᠤ ᠪᠠᠭᠤᠯᠭᠠᠵᠦ ᠠᠪᠤᠭᠠᠳ ᠦᠨᠦᠰᠤᠨ᠎ᠠ᠃ ᠡᠮᠡᠭᠡ ᠨᠢ ᠠᠴᠢ ᠪᠠᠨ ᠭᠦᠳᠦᠯᠵᠦ᠂ ᠭᠡᠷ ᠲᠤ ᠪᠠᠨ ᠠᠪᠴᠤ ᠤᠷᠤᠭᠠᠳ ᠰᠢᠨ᠎ᠡ ᠡᠮᠡᠭᠡᠯ ᠢ ᠨᠢ ᠮᠢᠯᠢᠶᠠᠭᠠᠳ᠄ ︽ᠵᠠ︕ ᠬᠦᠤ ᠮᠢᠨᠢ ᠦᠭᠡᠭᠦᠨ ᠲᠡᠭᠡᠷ᠎ᠡ ᠦᠩᠭᠦᠷᠢᠵᠦ᠂ ᠲᠤᠰᠤᠨ ᠲᠡᠭᠡᠷ᠎ᠡ ᠲᠤᠭᠯᠠᠵᠦ᠂ ᠦᠩᠭᠡ ᠲᠠᠢ ᠲᠤᠷᠭ᠎ᠠ ᠡᠳ᠋ᠯᠡᠨ᠂ ᠦᠯᠦᠭᠡᠢ ᠨᠤᠲᠤᠭ ᠲᠠᠭᠠᠨ ᠡᠵᠡᠨ ᠪᠤᠯᠵᠦ ᠶᠠᠪᠤᠭᠠᠷᠠᠢ︕︾ ᠭᠡᠵᠦ ᠰᠠᠶᠢᠨ ᠰᠠᠶᠢᠬᠠᠨ ᠢ ᠨᠢ ᠢᠷᠦᠭᠡᠨ ᠪᠡᠯᠭᠡᠳᠡᠵᠡᠢ᠃ ᠪᠢᠴᠢᠬᠠᠨ ᠬᠦᠤ ᠡᠮᠡᠭᠡ ᠶᠢᠨ ᠢᠶᠠᠨ ᠦᠭᠭᠦᠭᠰᠡᠨ ᠵᠤᠭᠤᠰ ᠪᠤᠤᠪᠤ ᠶᠢ ᠠᠪᠴᠦ ᠭᠡᠷ ᠲᠡᠭᠡᠨ ᠬᠦᠷᠴᠦ᠂ ᠡᠬᠡ ᠳᠡᠭᠡᠨ ᠰᠢᠨ᠎ᠡ ᠡᠮᠡᠭᠡᠯ ᠲᠤᠬᠤᠵᠦ ᠮᠤᠷᠢ ᠤᠨᠤᠭᠰᠠᠨ᠂ ᠡᠮᠡᠭᠡ ᠶᠢᠨ ᠡᠮᠡᠭᠡᠯ ᠮᠢᠯᠢᠶᠠᠭᠰᠠᠨ ᠢ ᠪᠠᠶᠠᠷᠯᠠᠨ ᠶᠠᠷᠢᠬᠤᠢ ᠳᠤ ᠲᠡᠷᠡ ᠴᠤ ᠦᠭᠦᠭᠡᠷᠳᠡᠨ᠄ ︽ᠮᠢᠨᠤ ᠬᠦᠤ ᠲᠤᠮᠤ ᠪᠤᠯᠴᠢᠭᠰᠠᠨ ᠶᠤᠮ ᠴᠢᠨᠢ ᠲᠡᠭᠡᠯᠭᠦᠢ ᠳ᠋ᠠ︕︾ ᠭᠡᠨ᠎ᠡ᠃       ᠤᠯᠠᠭᠠᠨ ᠪᠠᠷᠰ ᠵᠢᠯ ᠤᠨ ᠬᠠᠪᠤᠷ᠂ ᠲᠦᠯ ᠲᠤᠰᠬᠤ ᠶᠢᠨ ᠲᠠᠭᠠᠤ ᠳᠤ ᠦᠪᠡᠷ ᠤᠨ ᠨᠦᠭᠡᠴᠡ ᠡᠪᠡᠰᠦᠨ ᠬᠦᠷᠢᠶ᠎ᠡ ᠳᠡᠭᠡᠨ ᠨᠢᠭᠡᠨ ᠠᠮᠠᠰᠠᠷ ᠬᠤᠳᠳᠤᠭ ᠮᠠᠯᠳᠠᠵᠦ ᠭᠠᠷᠭᠠᠭᠰᠠᠨ ᠪᠦᠭᠡᠳ ᠲᠤᠭᠤᠭᠠᠳᠤ ᠶᠢᠨ ᠬᠠᠭᠤᠴᠢᠨ ᠬᠤᠳᠳᠤᠭ ︵ᠬᠠᠭᠤᠴᠢᠳ ᠠᠶᠢᠮᠠᠭ ᠤᠨ ᠠᠯᠢ ᠦᠶ᠎ᠡ ᠶᠢᠨ ᠬᠤᠳᠳᠤᠭ ᠢ ᠪᠣᠤ ᠮᠡᠳᠡ︶ ᠤᠨ ᠠᠯᠣᠮ ᠢ ᠣᠯᠵᠤ ᠠᠪᠣᠭᠠᠳ ᠲᠠᠬᠢᠨ ᠰᠢᠨ᠎ᠠ ᠪᠠᠷ ᠬᠠᠰᠢᠵᠠᠢ᠃ ᠣᠤᠯ ᠬᠤᠳᠳᠤᠭ ᠤᠨ ᠢᠷᠣᠭᠠᠯ ᠨᠢ ᠬᠠᠳᠠᠨ ᠳᠡᠪᠢᠰᠭᠡᠷ ᠲᠡᠭᠡᠷ᠎ᠡ ᠰᠠᠭᠤᠭᠰᠠᠨ ᠪᠦᠭᠡᠳ ᠮᠣᠳᠣᠨ ᠬᠠᠰᠢᠶᠠᠷᠠᠭ᠎ᠠ ᠨᠢ ᠲᠡᠷᠡ ᠬᠡᠪ ᠢᠶᠠᠷ ᠢᠶᠠᠨ ᠪᠠᠶᠢᠯ᠎ᠠ᠂ ᠭᠦᠨ ᠨᠢ 2 ᠮᠧᠲᠷ ᠬᠢᠷᠢ ᠲᠠᠢ ᠣᠰᠣ ᠰᠠᠶᠢᠳᠠᠢ ᠬᠤᠳᠳᠤᠭ ᠪᠣᠯᠬᠤᠷ ᠮᠠᠯ ᠣᠰᠣᠯᠠᠬᠤ ᠳᠤ ᠰᠢᠷᠭᠢᠰᠢ ᠦᠭᠡᠢ ᠪᠠᠶᠠᠨ ᠤᠨᠳᠤᠷᠤᠯ ᠲᠠᠢ ᠭᠡᠵᠦ ᠮᠡᠳᠡ᠃ ᠰᠣᠮᠣᠨ ᠤ ᠨᠠᠮ ᠤᠨ ᠬᠤᠷᠢᠶᠠᠨ ᠠᠴᠠ ︽ᠪᠣᠯᠪᠠᠰᠤᠨ ᠡᠷᠣᠬᠡ︾ ᠰᠢᠯᠭᠠᠷᠠᠭᠤᠯᠤᠨ ᠱᠠᠩᠨᠠᠬᠤ ᠳᠤ ᠲᠤᠰ ᠪᠠᠷᠢᠭᠠᠳᠠ  ᠠᠴᠠ ᠵᠢᠷᠭᠤᠭᠠᠨ ᠪᠣᠯᠪᠠᠰᠣᠨ ᠡᠷᠦᠬᠡ ᠶᠢᠨ ᠨᠢᠭᠡ ᠪᠣᠯᠵᠤ ᠭᠡᠷ ᠪᠦᠯᠢ ᠶᠢᠨ ᠥᠩᠭᠡ ᠭᠡᠷᠡᠯ ᠣᠯᠵᠠᠢ᠃ ᠮᠥᠨ ᠵᠢᠯ  ᠤᠨ ᠵᠣᠨ᠂ ᠲᠡᠷᠡ ᠠᠬ᠎ᠠ ᠲᠠᠢ ᠪᠠᠨ ᠬᠠᠮᠳᠦᠷᠠᠵᠤ ᠬᠤᠶᠠᠭᠤᠯᠠ ᠬᠤᠶᠠᠷ ᠵᠠᠩ ᠳᠥᠷᠪᠡᠨ ᠳᠠᠰᠤᠯᠭ᠎ᠠ ᠪᠦᠬᠦᠢ ᠰᠢᠨ᠎ᠡ ᠪᠠᠶᠢᠰᠢᠩ ᠶᠢ ᠰᠣᠮᠣᠨ ᠲᠥᠪ ᠳᠤ ᠪᠠᠷᠢᠭᠤᠯᠵᠦ᠂ ᠡᠵᠢ ᠪᠣᠯᠣᠨ ᠬᠡᠤᠬᠡᠳ ᠤᠳ ᠢᠶᠠᠨ ᠥᠪᠡᠷ ᠤᠨ ᠭᠡᠬᠦ ᠣᠷᠣᠨ ᠰᠠᠭᠤᠴᠠ ᠲᠠᠢ ᠪᠣᠯᠭᠠᠵᠠᠢ᠂ ᠪᠤᠭᠤᠷᠤᠯ ᠡᠵᠢ ᠪᠠᠨ ᠡᠨᠡ ᠮᠡᠳᠦ ᠠᠴᠢᠯᠠᠨ ᠪᠠᠶᠠᠷᠯᠠᠭᠤᠯᠵᠦ ᠶᠠᠪᠤᠵᠠᠢ᠃       ᠡᠷᠳᠡᠮᠳᠡᠭᠦᠰ ᠤᠨ ᠡᠵᠢ᠂ ᠦᠷ᠎ᠡ ᠬᠡᠤᠬᠡᠳ ᠤᠨ ᠢᠶᠠᠨ ᠮᠠᠯ ᠰᠦᠷᠦᠭ ᠨᠢ ᠦᠨᠢᠷ ᠦᠰᠴᠤ᠂ ᠬᠦᠳᠡᠭᠡ ᠰᠤᠮᠤ ᠦᠭᠡᠢ ᠪᠠᠶᠢᠰᠢᠩ ᠭᠡᠷ ᠲᠤ ᠤᠷᠤᠴᠢᠭᠰᠠᠨ ᠦᠭᠡᠳᠡᠯᠡᠬᠦ ᠠᠮᠢᠳᠤᠷᠠᠯ ᠢ ᠨᠢ ᠦᠵᠡᠭᠡᠳ ᠶᠡᠬᠡᠳᠡ ᠰᠡᠳᠭᠢᠯ ᠬᠦᠳᠡᠯᠤᠨ᠄ ︽ᠪᠢᠳᠡᠨ ᠤ ᠵᠠᠯᠠᠭᠤ ᠳᠤ ᠲᠦᠷᠦ ᠶᠢᠨ ᠦᠢᠮᠡᠭᠡᠨ ᠲᠠᠭᠠᠷᠠᠭᠰᠠᠨ ᠲᠠᠢ᠂ ᠬᠡᠵᠢᠶ᠎ᠡ ᠪᠤᠯᠤᠭᠰᠠᠨ ᠴᠤ ᠬᠡᠳᠦᠨ ᠮᠠᠯ ᠢᠶᠠᠨ ᠠᠪᠤᠭᠠᠳ ᠲᠡᠭᠡᠷᠡᠮ ᠬᠤᠯᠠᠭᠠᠢ ᠠᠴᠠ ᠵᠠᠶᠢᠯᠠᠨ ᠨᠡᠭᠦᠵᠦ ᠲᠤᠳᠠᠭᠠᠵᠦ ᠶᠠᠪᠤᠨ᠎ᠠ᠂ ᠠᠮᠤᠷ ᠰᠠᠭᠤᠵᠦ ᠵᠢᠷᠭᠠᠭᠰᠠᠨ ᠤᠳᠠᠭ᠎ᠠ ᠭᠡᠵᠦ ᠨᠢᠭᠡ ᠴᠤ ᠦᠭᠡᠢ᠃ ᠴᠢᠯᠦᠭᠡᠯᠡᠭᠳᠡᠭᠰᠡᠨ ᠤ ᠲᠠᠷᠠᠭ᠎ᠠ ᠭᠡᠳ ᠨᠡᠭᠦᠵᠦ ᠲᠤᠳᠠᠭᠠᠬᠤ ᠶᠠᠪᠤᠳᠠᠯ ᠦᠭᠡᠢ ᠴᠤ ᠮᠠᠯ ᠬᠦᠷᠦᠩᠭᠡ ᠪᠠᠨ ᠪᠦᠬᠦᠨ ᠢ ᠬᠤᠷᠢᠶᠠᠯᠭᠠᠭᠰᠠᠨ ᠰᠢᠤ᠂ ᠤᠯᠠᠨ ᠬᠡᠤᠬᠡᠳ ᠲᠠᠢ ᠪᠢ ᠮᠠᠰᠢ ᠶᠡᠭᠡ ᠭᠠᠴᠢᠭᠳᠠᠵᠦ ᠶᠠᠪᠤᠭᠰᠠᠨ ᠶᠤᠮ ᠳ᠋ᠠ︕ ᠭᠡᠳᠡᠯ᠎ᠡ ᠤᠳᠤ ᠴᠢᠨᠢ ᠨᠠᠮ ᠤᠨ ᠢᠶᠠᠨ ᠵᠦᠪ ᠪᠤᠳᠤᠯᠭ᠎ᠠ ᠶᠢᠨ ᠰᠠᠶᠢᠨ  ᠢᠶᠠᠷ ᠦᠪᠡᠷ ᠤᠨ ᠭᠡᠬᠦ ᠨᠤᠲᠤᠭ ᠲᠠᠢ᠂ ᠮᠠᠯ ᠰᠦᠷᠦᠭ ᠲᠠᠢ᠂ ᠲᠤᠬᠢᠯᠠᠭ ᠰᠠᠶᠢᠬᠠᠨ ᠤᠷᠤᠨ ᠰᠠᠭᠤᠴᠠ ᠲᠠᠢ ᠶᠠᠮᠠᠷ ᠰᠠᠶᠢᠬᠠᠨ ᠵᠢᠷᠭᠠᠯᠳᠠᠢ ᠠᠮᠢᠳᠤᠷᠠᠯ ᠢ ᠬᠢᠵᠦ ᠪᠠᠶᠢᠨᠠᠪ︕ ᠮᠤᠲ᠋ᠤᠷ ᠭᠡᠬᠦ ᠦᠭᠡᠢ ᠪᠤᠯ ᠲᠠᠷᠺᠠᠲ᠋ᠤᠷ ᠭᠡᠳ ᠮᠠᠰᠢᠨᠴᠢᠯᠠᠭᠰᠠᠨ᠂ ᠡᠶᠢᠮᠦ ᠰᠠᠶᠢᠬᠠᠨ ᠠᠮᠢᠳᠤᠷᠠᠯ ᠢ ᠡᠳ᠋ᠯᠡᠨ᠎ᠡ ᠭᠡᠵᠦ ᠪᠢ ᠵᠡᠭᠦᠳᠦᠨ ᠳᠤ ᠴᠤ ᠪᠠᠶᠢᠭᠰᠠᠨ ᠦᠭᠡᠢ ᠰᠢᠤ︾ ᠭᠡᠵᠦ ᠡᠷᠭᠢᠴᠡᠭᠦᠯᠦᠯ᠎ᠡ᠃      ᠤᠯᠠᠭᠴᠢᠨ ᠲᠠᠤᠯᠠᠢ ᠵᠢᠯ ᠤᠨ ᠴᠠᠭᠠᠨ ᠰᠠᠷ᠎ᠠ ᠤᠶᠢᠷᠠᠳᠤᠭᠰᠠᠨ ᠬᠦᠬᠦᠭᠡ ᠰᠠᠷ᠎ᠠ ᠶᠢᠨ ᠬᠤᠷᠢᠳ ᠤᠨ ᠨᠢᠭᠡᠨ ᠲᠤᠩᠭᠠᠯᠠᠭ ᠡᠳᠦᠷ ᠶᠤᠮᠰᠠᠨ᠃ ᠴᠠᠭᠠᠨ ᠰᠠᠷ᠎ᠠ ᠶᠢᠨ ᠪᠠᠶᠠᠷ ᠢᠶᠠᠨ ᠭᠦᠷ ᠨᠠᠷᠭᠢᠶᠠᠨ ᠲᠠᠢ ᠦᠩᠭᠡᠷᠡᠭᠡᠵᠦ᠂ ᠨᠠᠰᠤᠳᠠᠨ ᠨᠢᠯᠬ᠎ᠠ ᠪᠠᠨ ᠪᠠᠶᠠᠰᠬᠠᠬᠤ ᠶᠢᠨ ᠲᠤᠰᠠᠳᠠ᠂ ᠡᠷᠳᠡᠮᠳᠡᠭᠦᠰ ᠭᠤᠸᠠᠢ ᠲᠧᠯᠸᠢᠰ ᠤᠨ ᠠᠭᠠᠷ ᠤᠳᠠᠰᠤ ᠶᠢᠨ ᠪᠠᠭᠠᠨ᠎ᠠ ᠶᠢ ᠠᠬ᠎ᠠ ᠲᠠᠢ ᠪᠠᠨ ᠬᠠᠮᠵᠢᠯᠴᠢᠨ ᠠᠷᠠᠢ ᠯᠡ ᠭᠡᠵᠦ ᠪᠤᠰᠬᠠᠵᠠᠢ᠃ ᠤᠴᠢᠷ ᠨᠢ ᠪᠠᠭᠠᠨ᠎ᠠ ᠶᠢᠨ ᠡᠰᠢ ᠶᠢ ᠮᠤᠳᠤᠨ ᠲᠡᠷᠭᠡᠨ ᠤ ᠠᠷᠠᠯ ᠪᠤᠶᠤ ᠪᠠᠶᠢᠰᠢᠩ ᠤᠨ ᠨᠢᠷᠤᠭᠤ ᠶᠢ ᠲᠡᠮᠦᠷ ᠤᠳᠠᠰᠤ ᠪᠠᠷ ᠵᠠᠯᠭᠠᠨ ᠡᠷᠦᠭᠰᠡᠨ ᠠᠴᠠ ᠮᠠᠰᠢ ᠬᠦᠨᠳᠦ ᠪᠦᠭᠡᠳ ᠦᠨᠳᠦᠷ ᠪᠠᠶᠢᠯ᠎ᠠ᠃ ᠠᠭᠠᠷ ᠤᠳᠠᠰᠤᠨ ᠤ ᠴᠢᠭ ᠢ ᠵᠡᠭᠦᠨᠰᠢ ᠲᠦᠰᠢ ᠠᠭᠤᠯᠠ ᠵᠦᠭ ᠬᠠᠨᠳᠤᠭᠤᠯᠤᠨ ᠤᠭᠰᠤᠷᠴᠤ ᠤᠷᠤᠢ ᠦᠵᠡᠬᠦ ᠪᠠᠷ ᠪᠡᠯᠡᠳᠭᠡᠨ᠎ᠡ᠃ ᠤᠷᠤᠢ ᠨᠢ ᠮᠠᠯ ᠰᠦᠷᠦᠭ ᠢᠶᠠᠨ ᠬᠤᠳᠠᠯᠠᠭᠠᠳ ᠤᠷᠤᠵᠦ ᠢᠷᠡᠬᠦ ᠳᠤ ᠡᠵᠢ ᠮᠢᠨᠢ ᠮᠠᠰᠢ ᠪᠠᠶᠠᠷᠳᠠᠢ ᠪᠠᠷ᠄ ︽ᠵᠠ︕ ᠬᠦᠤ ᠮᠢᠨᠢ ᠦᠨᠤ ᠤᠷᠤᠢ ᠤᠷᠠᠨ ᠰᠠᠶᠢᠬᠠᠨ ᠭᠠᠷᠳᠠᠭ ᠪᠢᠯᠢᠤ︖ ᠰᠠᠶᠢᠬᠠᠨ ᠦᠵᠡᠶ᠎ᠡ︕︾ ᠭᠡᠬᠦᠯᠡᠷ ᠲᠡᠷᠡ ᠪᠠᠷ᠄ ︽ᠲᠦᠰᠢ ᠶᠢᠨ ᠤᠷᠤᠢ ᠲᠡᠭᠡᠷ᠎ᠡ ᠲᠠᠮᠵᠢᠭᠤᠯᠬᠤ ᠦᠷᠳᠡᠭᠡ ᠭᠠᠷᠤᠯ᠎ᠠ ᠭᠡᠰᠡᠨ᠂ ᠭᠠᠷᠤᠯᠭᠦᠢ ᠶᠠᠭᠠᠬᠢᠬᠤᠪ︕︾ ᠭᠡᠵᠦ ᠪᠠᠳᠤᠯᠠᠨ ᠶᠠᠷᠢᠯ᠎ᠠ᠃ ᠲᠡᠭᠦᠨ ᠢ ᠲᠠᠷᠭᠤᠨ ᠮᠢᠬ᠎ᠠ ᠭᠦᠰᠭᠦᠯᠦᠨ ᠴᠠᠢ ᠤᠤᠭᠤᠬᠤ ᠵᠠᠭᠤᠷ᠎ᠠ ᠡᠵᠢ ᠨᠢ ᠠᠴᠢᠨᠠᠷ ᠢᠶᠠᠨ ᠦᠭᠦᠭᠡᠷᠳᠡᠨ ᠡᠷᠬᠡᠯᠡᠭᠦᠯᠦᠨ᠎ᠡ᠃ ᠤᠷᠤᠢ ᠶᠢᠨ ᠨᠠᠢᠮᠠᠨ ᠴᠠᠭ ᠪᠤᠯᠤᠯ᠎ᠠ᠂ ︽YAMAHA︾  ᠲᠡᠮᠳᠡᠭᠳᠦ ᠴᠠᠬᠢᠯᠭᠠᠨ ᠭᠠᠷᠭᠠᠬᠤ ᠮᠠᠰᠢᠨ ᠢᠶᠠᠨ ᠨᠤᠴᠤᠭᠠᠵᠦ᠂ ᠲᠧᠯᠸᠢᠰ ᠢᠶᠠᠨ ᠨᠡᠭᠡᠭᠡᠪᠡᠯ ᠵᠡᠭᠦᠨ ᠦᠵᠦᠮᠦᠴᠢᠨ ᠤ ᠲᠧᠯᠸᠢᠰ ᠨᠡᠪᠳᠡᠷᠡᠭᠦᠯᠭᠡ ᠨᠢ ︽ᠦᠵᠦᠮᠦᠴᠢᠨ ᠨᠤᠲᠤᠭ︾ ᠭᠡᠬᠦ ᠬᠦᠭᠵᠢᠮ ᠤᠨ ᠠᠶᠠᠰ ᠢᠶᠠᠷ ᠡᠬᠢᠯᠡᠨ ᠪᠠᠶᠢᠯ᠎ᠠ᠃ ᠪᠤᠳᠤᠭᠳᠤ ᠲᠧᠯᠸᠢᠰ ᠦᠩᠭᠡ ᠢᠯᠭᠠᠷᠠᠨ ᠴᠡᠭᠡᠨ ᠬᠦᠰᠢᠭᠡᠨ᠎ᠡ ᠲᠤᠲᠤᠷᠠᠬᠤ ᠳᠤ ᠨᠠᠰᠤᠳᠠᠨ ᠭᠤᠸᠠᠢ ᠠᠩᠬ᠎ᠠ ᠤᠳᠠᠭ᠎ᠠ ᠰᠤᠨᠢᠷᠬᠠᠨ ᠦᠵᠡᠵᠦ ᠪᠠᠶᠢᠬᠤ ᠤᠴᠢᠷ ᠲᠠᠭᠤ ᠠᠯᠳᠠᠨ ᠭᠠᠶᠢᠬᠠᠨ ᠰᠤᠨᠢᠷᠬᠠᠵᠦ᠄ ︽ᠬᠠᠢ︕ ᠡᠨᠡ ᠶᠠᠮᠠᠷ ᠰᠠᠶᠢᠬᠠᠨ ᠭᠠᠷᠴᠤ ᠪᠠᠶᠢᠨ᠎ᠠ ᠪᠤᠢ᠂ ᠭᠡᠷ ᠲᠡᠭᠡᠨ ᠰᠠᠭᠤᠭᠠᠳ ᠡᠶᠢᠮᠦ ᠰᠠᠶᠢᠬᠠᠨ ᠶᠠᠭᠤᠮ᠎ᠠ ᠦᠵᠡᠨ᠎ᠡ ᠭᠡᠳᠡᠭ ᠴᠢᠨᠢ᠂ ᠤᠯᠤᠰ ᠤᠨ ᠬᠦᠭᠵᠢᠯ ᠭᠡᠵᠦ ᠦᠨᠡᠬᠡᠷ ᠪᠢᠰᠢᠷᠡᠭᠦᠰᠢᠳᠡᠢ ᠬᠦ᠋︕︾ ᠭᠡᠵᠦ ᠠᠮᠳᠠᠷᠬᠠᠨ ᠦᠵᠡᠨ᠎ᠡ᠂ ᠲᠡᠭᠡᠵᠦ ᠪᠠᠶᠢᠳᠠᠯ᠎ᠠ ᠰᠦᠨᠢᠳ ᠵᠡᠭᠦᠨ ᠬᠤᠰᠢᠭᠤᠨ ᠤ ᠡᠮᠡᠭᠳᠡᠢ ᠲᠠᠭᠤᠴᠢᠨ ᠬᠠᠰ ᠠᠴᠠ ᠦᠪᠡᠷᠳᠡᠭᠡᠨ ᠲᠠᠭᠤᠯᠠᠵᠦ ᠶᠠᠳᠤᠭ᠎ᠠ ᠬᠦᠭᠵᠢᠮᠳᠡᠭᠰᠡᠨ ︽ᠮᠤᠩᠭᠤᠯ ᠶᠠᠳᠤᠭ᠎ᠠ︾ ᠪᠠᠨ ᠡᠪᠯᠡᠭᠦᠨ ᠲᠤᠩᠭᠠᠯᠠᠭ ᠬᠤᠭᠤᠯᠠᠢ ᠡᠳᠡᠭᠡᠳ ᠭᠤᠶᠤᠬᠠᠨ ᠶᠠᠳᠤᠭ᠎ᠠ ᠶᠢᠨ ᠲᠠᠭᠤᠨ ᠲᠠᠢ ᠬᠦᠭ ᠨᠡᠶᠢᠯᠡᠭᠦᠯᠦᠨ ᠭᠠᠷᠭᠠᠬᠤ ᠳᠤ᠂ ᠡᠵᠢ ᠨᠢ ᠤᠯᠠᠮ ᠭᠠᠶᠢᠬᠠᠰᠢᠷᠠᠨ ᠰᠡᠳᠭᠢᠯ ᠬᠦᠳᠡᠯᠵᠦ᠄ ︽ᠡᠨᠡ ᠴᠤ ᠦᠨᠡᠬᠡᠷ ᠴᠢᠳᠠᠪᠤᠷᠢᠳᠠᠢ ᠬᠦᠮᠦᠨ ᠪᠠᠶᠢᠨ᠎ᠠ᠂ ᠲᠠᠭᠤᠴᠢᠨ ᠴᠤ ᠬᠦᠮᠦᠨ ᠪᠠᠶᠢᠨ᠎ᠠ ᠰᠢᠤ᠂ ᠲᠧᠯᠸᠢᠰ ᠲᠡᠭᠡᠷ᠎ᠡ ᠭᠠᠷᠬᠤ ᠴᠢᠨᠢ ᠪᠤᠶᠠᠨ ᠲᠠᠢ ᠯᠡ ᠬᠦᠮᠦᠨ ᠳ᠋ᠠ︕︾ ᠭᠡᠵᠦ ᠮᠠᠭᠳᠠᠨ᠎ᠠ᠃ ᠡᠷᠳᠡᠮᠳᠡᠭᠦᠰ ᠴᠤ ᠪᠠᠰᠠ ᠬᠠᠵᠠᠭᠤ ᠪᠠᠷ ᠨᠢ ᠲᠠᠭᠤᠤ ᠶᠢ ᠨᠢ ᠰᠢᠩᠭᠡᠭᠡᠬᠦ ᠭᠡᠳ ᠪᠠᠴᠢᠮᠳᠠᠨ᠎ᠠ᠃ ᠠᠭᠠᠵᠢᠮ ᠰᠢᠭ᠋ ᠦᠷᠭᠦᠯᠵᠢᠯᠡᠭᠰᠡᠨ ᠲᠧᠯᠸᠢᠰ ᠵᠦᠴᠦᠭᠡ ︽ᠱᠠᠩᠬᠠᠢ ᠲᠠᠨ ᠤᠯᠤᠮ︾ ᠤᠨ ᠭᠡᠰᠡᠭ ᠦᠵᠡᠭᠳᠡᠯ ᠠᠴᠠ ᠰᠤᠨᠢᠷᠬᠠᠵᠠᠢ᠃ ᠦᠨᠦ ᠤᠷᠤᠢ ᠨᠠᠰᠤᠳᠠᠢ ᠪᠤᠭᠤᠷᠤᠯ ᠡᠵᠢ ᠴᠤ ᠪᠠᠶᠠᠷᠯᠠᠨ᠎ᠠ᠂ ᠲᠡᠷᠡ ᠪᠠᠰᠠ ᠪᠠᠶᠠᠷᠯᠠᠨ᠎ᠠ᠂ ᠪᠦᠬᠦ ᠭᠡᠷ ᠪᠠᠷ ᠢᠶᠠᠨ ᠪᠠᠶᠠᠷ ᠭᠦᠷ ᠲᠠᠢ᠂ ᠰᠠᠷᠠᠨ ᠴᠤ ᠴᠠᠢ ᠠᠶᠠᠭᠠᠯᠠᠨ ᠪᠤᠭᠤᠷᠰᠤᠭ ᠲᠠᠯᠪᠢᠵᠦ ᠤᠯᠠᠮ ᠲᠠᠭᠠᠳᠠᠢ ᠯᠡ ᠵᠤᠭᠤᠭ ᠪᠤᠯᠭᠠᠨ᠎ᠠ᠃ ᠪᠠᠶᠠᠷ ᠤᠨ ᠠᠭᠤᠷ ᠲᠤ ᠵᠤᠳ ᠨᠠᠮᠬᠠᠷᠠᠬᠤ ᠰᠢᠭ᠋ ᠪᠤᠯᠵᠦ᠂ ᠪᠠᠭ᠋ᠠᠳᠤᠯ ᠨᠠᠷᠭᠢᠶᠠᠨ ᠲᠠᠢ ᠠᠶᠢᠯ ᠡᠷᠦᠬᠡ ᠳᠤ ᠭᠦᠷ ᠪᠢᠯᠬᠠᠷᠨ᠎ᠠ᠃ ᠪᠤᠭᠤᠷᠤᠯ ᠨᠠᠰᠤᠳᠠᠨ ᠢᠶᠠᠨ ᠪᠠᠶᠠᠷᠯᠠᠭᠤᠯᠵᠦ᠂ ᠪᠤᠳᠤᠯ ᠤᠨ ᠭᠦᠨ ᠳᠡᠭᠡᠨ ᠬᠦᠨᠳᠦᠯᠡᠬᠦ  ᠨᠢ ᠦᠷ᠎ᠡ ᠪᠤᠯᠤᠭᠰᠠᠳ ᠤᠨ ᠡᠭᠦᠷᠭᠡ ᠭᠠᠷᠢᠭᠤᠴᠠᠯᠭ᠎ᠠ ᠪᠠᠶᠢᠬᠤ ᠳᠠᠭᠠᠨ ᠲᠠᠭᠠᠷᠠᠨ᠎ᠠ᠃      ᠴᠡᠴᠡᠭᠳᠦ ᠵᠣᠨ ᠦᠷᠦᠴᠠ ᠪᠠᠨ ᠲᠡᠯᠭᠡᠨ ᠰᠠᠭᠠᠳᠠᠨ᠎ᠠ᠂ ᠨᠠᠮ ᠤᠨ ᠡᠭᠦᠷ ᠤᠨ ᠠᠬᠠᠮᠠᠳ ᠱᠦᠵᠢ ᠭᠤᠸᠠᠢ ᠠᠵᠢᠯ ᠤᠨ ᠠᠮᠠᠷᠠᠯᠳᠠ ᠪᠠᠨ ᠠᠪᠣᠭᠰᠠᠨ ᠳᠤ᠂ ᠡᠷᠳᠡᠮᠳᠡᠭᠦᠰ ᠴᠤ ᠡᠭᠦᠷ ᠤᠨ ᠱᠦᠵᠢ ᠶᠢᠨ ᠳᠣᠰᠢᠶᠠᠯ ᠢ ᠬᠠᠷᠢᠭᠤᠴᠠᠪᠠ᠃ ᠲᠡᠷᠡ ᠭᠠᠴᠠᠭ᠎ᠠ ᠶᠢᠨ ᠠᠵᠢᠯ ᠬᠠᠷᠢᠭᠤᠴᠠᠭᠰᠠᠨ ᠠᠴᠠ ᠨᠡᠶᠢᠳᠡ ᠶᠢᠨ ᠬᠤᠷᠠᠮᠳᠤᠭᠤᠯᠭ᠎ᠠ ᠶᠢᠨ ᠮᠦᠩᠭᠦ ᠶᠢ ᠮᠠᠯᠵᠢᠬᠤ ᠦᠢᠯᠡᠳᠪᠦᠷᠢᠯᠡᠯ ᠤᠨ ︽ᠰᠠᠭᠤᠷᠢ ᠪᠦᠳᠦᠭᠡᠨ ᠪᠠᠶᠢᠭᠤᠯᠤᠯᠳᠠ︾ ᠳᠤ ᠵᠠᠷᠤᠴᠠᠭᠤᠯᠬᠤ ᠶᠢ ᠪᠠᠷᠢᠮᠳᠠᠯᠠᠵᠦ᠂ ᠲᠣᠰ ᠵᠢᠯ ᠳᠤ ᠭᠠᠴᠠᠭ᠎ᠠ ᠠᠴᠠ ᠣᠤᠯ ᠰᠠᠭᠤᠷᠢ ᠡᠷᠦᠬᠡ ᠪᠠᠷ ᠪᠠᠷᠢᠮᠵᠢᠶᠠᠯᠠᠭᠰᠠᠨ ᠭᠤᠷᠪᠠᠨ ᠵᠢᠯ ᠤᠨ ᠲᠤᠲᠤᠷ᠎ᠠ ᠬᠠᠪᠣᠷ ᠤᠨ ᠨᠥᠭᠡᠴᠡ ᠪᠡᠯᠴᠢᠭᠡᠷ ᠲᠠᠢ ᠪᠣᠯᠭᠠᠬᠤ ᠡᠭᠦᠷᠭᠡ ᠪᠠᠨ ᠪᠡᠶᠡᠯᠡᠭᠦᠯᠦᠭᠰᠡᠨ ᠰᠠᠨ᠃ ᠬᠠᠮᠲᠦ ᠬᠤᠪᠢ  ᠶᠢᠨ ᠪᠡᠯᠡ ᠣᠷᠣᠭᠤᠯᠣᠯᠳᠠ ᠪᠠᠷ ᠡᠳᠡᠨᠡᠶᠢᠬᠢᠨ 270 ᠺᠦᠸᠠᠲ ᠮᠧᠲᠷ ᠤᠨ ᠪᠠᠭᠲᠠᠭᠠᠮᠵᠢᠲᠠᠢ ᠮᠠᠯ ᠤᠨ ᠴᠢᠨᠠᠷ ᠰᠠᠶᠢᠳᠠᠢ ᠠᠩᠬᠠᠨ ᠤ ᠫᠧᠩ ᠬᠤᠷᠤᠭ᠎ᠠ ᠶᠢ ᠪᠠᠶᠢᠭᠤᠯᠣᠭᠰᠠᠨ ᠨᠢ ᠳᠠᠭᠠᠭᠤᠯᠬᠤ ᠦᠢᠯᠡᠳᠦᠯ ᠦᠵᠡᠭᠦᠯᠪᠡ᠃ ᠬᠤᠷᠢᠭᠠᠳ ᠮᠠᠯᠴᠢᠨ ᠡᠷᠦᠬᠡ ᠪᠠᠨ ᠲᠠᠶᠢᠴᠢᠯᠠᠵᠦ᠂ ᠬᠤᠷᠤᠭ᠎ᠠ ᠬᠠᠰᠢᠶ᠎ᠠ ᠶᠢᠨ ᠪᠠᠶᠢᠭᠤᠯᠤᠯᠳᠠ ᠬᠢᠬᠦ ᠶᠢ ᠵᠤᠷᠢᠭᠵᠢᠭᠤᠯᠤᠨ᠂ ᠡᠭᠦᠷᠭᠡ ᠪᠠᠨ ᠪᠠᠶᠠᠯᠠᠭᠦᠯᠵᠠᠢ᠃ ᠰᠤᠮᠤᠨ ᠤ ᠪᠠᠭ᠎ᠠ ᠰᠤᠷᠭᠭᠠᠭᠤᠯᠢ ᠶᠢᠨ ᠰᠢᠨ᠎ᠡ ᠪᠠᠷᠢᠯᠭ᠎ᠠ ᠶᠢᠨ ᠪᠠᠶᠢᠭᠤᠯᠤᠯᠳᠠ ᠳᠤ ᠬᠠᠮᠳᠤ ᠶᠢᠨ ᠬᠤᠷᠠᠮᠳᠤᠯ ᠠᠴᠠ 5 ᠲᠦᠮᠡᠨ ᠲᠦᠭᠦᠷᠢᠭ ᠬᠠᠨᠳᠢᠪᠯᠠᠨ ᠦᠭᠴᠤ᠂ ᠰᠤᠷᠭᠠᠨ ᠬᠦᠮᠦᠵᠢᠯ ᠤᠨ ᠠᠵᠢᠯ ᠢ ᠬᠦᠨᠳᠦᠳᠭᠡᠨ ᠦᠵᠡᠵᠦ᠂ ᠲᠡᠮᠵᠢᠨ ᠲᠤᠰᠠᠯᠠᠵᠦ ᠶᠠᠪᠤᠭᠰᠠᠨ ᠪᠠᠶᠢᠪᠠ᠃       ᠡᠷᠳᠡᠮᠳᠡᠭᠦᠰ ᠭᠤᠸᠠᠢ ᠮᠠᠯᠴᠢᠨ ᠲᠦᠮᠡᠨ ᠢᠶᠠᠨ ᠲᠠᠶᠢᠴᠢᠯᠠᠨ᠂ ᠠᠮᠢᠳᠤᠷᠠᠯ ᠤᠨ ᠬᠡᠯᠪᠡᠷᠢ ᠪᠠᠨ ᠬᠤᠪᠢᠷᠠᠭᠤᠯᠬᠤ  ᠶᠢ ᠤᠬᠠᠭᠤᠯᠵᠦ ᠶᠠᠪᠤᠳᠠᠭ ᠢᠶᠠᠷ ᠵᠢᠯ ᠪᠦᠷᠢ ᠨᠤᠷᠮ᠎ᠠ ᠲᠤᠭᠳᠠᠭᠠᠵᠦ᠂ ᠮᠠᠯ ᠤᠨ ᠴᠢᠨᠠᠷ ᠰᠠᠶᠢᠳᠠᠢ ᠬᠤᠷᠤᠭ᠎ᠠ ᠬᠠᠰᠢᠶ᠎ᠠ᠂ ᠬᠠᠪᠤᠷᠵᠢᠶᠠᠨ ᠤ ᠨᠦᠭᠡᠴᠡ ᠪᠡᠯᠴᠢᠭᠡᠷ᠂ ᠪᠡᠯᠴᠢᠭᠡᠷ ᠢ ᠡᠷᠦᠭᠡ ᠳᠤ ᠲᠡᠭᠰᠢᠯᠡᠨ ᠲᠠᠭᠠᠭᠠᠴᠢᠯᠠᠭᠤᠯᠬᠤ᠂ ᠬᠤᠳᠳᠤᠭ ᠤᠰᠤ ᠵᠡᠷᠭᠡ ᠦᠨᠳᠦᠰᠦᠨ ᠪᠠᠶᠢᠭᠤᠯᠤᠯᠳᠠ ᠶᠢ ᠠᠳᠬᠤᠭᠰᠠᠨ ᠢᠶᠠᠷ ᠪᠦᠬᠦ ᠭᠠᠴᠠᠭ᠎ᠠ ᠶᠢᠨ ᠠᠶᠢᠯ ᠡᠷᠦᠬᠡ ᠶᠢᠨ%80 — %100 ᠬᠦᠷᠭᠡᠵᠦ᠂ ᠠᠶᠢᠯ ᠡᠷᠦᠬᠡ ᠪᠦᠬᠦᠨ ᠤ ᠮᠠᠯᠵᠢᠯᠭ᠎ᠠ ᠶᠢᠨ ᠰᠠᠶᠢᠨ ᠰᠠᠭᠤᠷᠢ ᠶᠢ ᠲᠠᠯᠪᠢᠵᠠᠢ᠃      ᠡᠷᠳᠡ ᠴᠠᠭ ᠦᠶ᠎ᠡ ᠳᠡᠭᠡᠨ ᠲᠤᠭᠤᠰᠬ᠎ᠠ ᠰᠢᠳᠠᠭᠠᠭᠰᠠᠨ ᠤᠯᠠ ᠮᠦᠷ ᠲᠠᠢ      ᠡᠳᠦᠭᠡ ᠴᠠᠭ ᠪᠤᠯᠳᠠᠯ᠎ᠠ ᠪᠠᠨ ᠡᠪᠳᠡᠷᠬᠡᠢ ᠬᠡᠷᠡᠮ ᠤᠨ ᠪᠠᠭᠤᠷᠢ ᠪᠠᠶᠢᠭᠰᠠᠨ ᠴᠤ      ᠡᠵᠡᠨ ᠪᠤᠯᠤᠭᠰᠠᠨ ᠮᠢᠨᠤ ᠪᠡᠶ᠎ᠡ ᠦᠭᠡᠷᠡᠴᠢᠯᠡᠯᠳᠡ ᠶᠢᠨ ᠵᠠᠮ ᠢᠶᠠᠷ ᠠᠶᠠᠯᠠᠨ      ᠢᠷᠡᠭᠡᠳᠦᠢ ᠶᠢᠨ ᠰᠠᠶᠢᠬᠠᠨ ᠦᠢᠯᠡᠰ ᠢᠶᠠᠷ ᠢᠶᠠᠨ ᠦᠨᠳᠦᠰᠦᠨ ᠬᠤᠪᠢᠷᠠᠯᠳᠠ ᠭᠠᠷᠭᠠᠨ᠎ᠠ︕                  — ︽ᠪᠠᠶᠠᠵᠢᠯ ᠤᠨ ᠬᠠᠷᠭᠤᠢ ᠳᠠᠬᠢ ᠮᠢᠨᠤ ᠨᠤᠲᠤᠭ︾ ᠭᠡᠬᠦ ᠨᠠᠶᠢᠷᠠᠭ ᠠᠴᠠ       ᠲᠤᠯᠤᠭ᠎ᠠ᠂ ᠰᠢᠨ᠎ᠡ ᠮᠠᠶ᠋ᠢᠭ ᠤᠨ ᠤᠷᠤᠨ ᠰᠠᠭᠤᠴᠠ ᠳᠤ ᠤᠷᠤᠭᠰᠠᠨ ᠨᠢ             ᠲᠦᠪᠰᠢᠨ ᠪᠠᠶᠢᠭᠤᠯᠤᠭᠰᠠᠨ ᠭᠡᠷ ᠤᠨ             ᠰᠦᠷ ᠰᠠᠬᠢᠭᠤᠯᠰᠤᠨ ᠪᠦᠬᠦᠳᠡ ᠳᠤᠷ             ᠲᠦᠮᠡᠨ ᠠᠮᠳᠠᠳᠤ ᠰᠠᠴᠤᠯᠢ ᠪᠠᠨ ᠡᠷᠭᠦᠮᠤ             ᠰᠦᠯᠳᠡ ᠪᠠᠳᠤ ᠢᠷᠦᠭᠡᠯ ᠡᠨᠡ ᠭᠡᠷ ᠲᠤ ᠤᠷᠤᠰᠢᠬᠤ ᠪᠤᠯᠳᠤᠭᠠᠢ︕                                  —  ︽ᠭᠡᠷ ᠤᠨ ᠢᠷᠦᠭᠡᠯ︾ ᠭᠡᠬᠦ ᠨᠠᠶᠢᠷᠠᠭ ᠠᠴᠠ       ᠰᠢᠷ᠎ᠠ ᠯᠤᠤ ᠵᠢᠯ ᠤᠨ ᠵᠣᠨ ᠪᠠᠶᠢᠵᠦ ᠯᠡ ᠳ᠋ᠠ᠃ ᠡᠷᠳᠡᠮᠳᠡᠭᠦᠰ ᠭᠤᠸᠠᠢ ᠥᠪᠡᠷ ᠤᠨ ᠬᠤᠷᠠᠮᠳᠣᠭᠤᠯᠣᠯ ᠢᠶᠠᠷ ᠢᠶᠠᠨ ᠤᠷᠤᠰ ᠴᠤᠬᠤᠢ ᠶᠢᠨ ᠭᠠᠩᠨᠠᠯ ᠲᠠᠢ ᠲᠣᠭᠤᠰᠬ᠎ᠠ ᠪᠦᠲᠦᠴᠡ ᠲᠠᠢ ᠪᠣᠯᠣᠳ ᠴᠣᠩᠬᠤ ᠲᠠᠭᠠᠷᠠᠭᠤᠯᠣᠭᠰᠠᠨ ᠭᠤᠷᠪᠠᠨ ᠵᠠᠩ ᠵᠢᠷᠭᠤᠭᠠᠨ ᠳᠠᠰᠣᠯᠭ᠎ᠠ ᠭᠤᠶᠣᠮᠰᠤᠭ ᠣᠷᠣᠨ ᠰᠠᠭᠤᠴᠠ ᠶᠢ ᠪᠣᠰᠬᠠᠭᠰᠠᠨ ᠨᠢ ᠰᠣᠮᠣᠨ ᠳᠠᠭᠠᠨ ᠣᠷᠦ᠋ᠢᠯᠠᠭᠰᠠᠨ ᠪᠠᠷᠢᠯᠭ᠎ᠠ ᠪᠣᠯᠵᠠᠢ᠂ ᠬᠥᠮᠦᠰ ᠶᠠᠭ ᠬᠤᠳᠠ ᠳᠤ ᠣᠷᠣᠭᠰᠠᠨ ᠰᠢᠭ᠋ ᠭᠡᠵᠤ ᠦᠨᠡᠯᠡᠨ ᠮᠠᠭᠳᠠᠵᠠᠭᠠᠵᠤ ᠪᠠᠶᠢᠯ᠎ᠠ᠂ ᠣᠢᠢᠷ᠎ᠠ ᠬᠠᠪᠢ ᠶᠢᠨ ᠨᠢᠭᠡᠴᠡ ᠶᠢᠨ ᠲᠣᠭᠤᠷᠢᠨ ᠦᠵᠡᠬᠦ ᠴᠢᠭ᠋ ᠪᠣᠯᠣᠭᠰᠠᠨ ᠪᠠᠶᠢᠪᠠ᠃ ᠲᠡᠷᠡ ᠨᠠᠮᠣᠷ᠂ ᠲᠡᠷᠡ ᠰᠢᠯᠢᠨᠬᠤᠳᠠ ᠠᠴᠠ ᠰᠢᠨ᠎ᠡ ᠮᠠᠶ᠋ᠢᠭ ᠤᠨ ᠪᠣᠰᠤᠭ᠎ᠠ ᠬᠤᠷᠭᠤ᠂ ᠵᠦᠬᠡᠯᠡᠨ ᠰᠠᠭᠤᠳᠠᠯ ᠪᠤᠶᠤ ︽yamaha︾ ᠲᠡᠮᠳᠡᠭᠲᠦ ᠴᠠᠬᠢᠯᠭᠠᠨ ᠬᠥᠭᠵᠢᠮᠳᠡᠭᠦᠷ ᠵᠡᠷᠭᠡ ᠦᠨ᠎ᠠ ᠪᠡᠨ᠎ᠠ ᠲᠠᠢ ᠭᠡᠷ ᠤᠨ ᠡᠳ᠋ᠯᠡᠯ ᠣᠷᠣᠭᠤᠯᠣᠭᠠᠳ ᠂ ᠭᠢᠯ ᠴᠢᠯ ᠪᠣᠯᠵᠤ᠂ ᠭᠡᠷ ᠡᠷᠦᠬᠡ ᠪᠠᠷ ᠢᠶᠠᠨ ᠬᠥᠭᠰᠦᠨ ᠪᠠᠶᠠᠷᠯᠠᠵᠤ ᠶᠠᠪᠣᠯ᠎ᠠ᠂ ᠥᠭᠡᠳᠡ ᠲᠠᠢ ᠰᠠᠶᠢᠨ ᠮᠠᠯᠴᠢᠨ ᠪᠣᠯᠵᠤ ᠥᠩᠭᠡᠲᠡᠢ ᠭᠡᠭᠡ ᠲᠠᠢ ᠭᠡᠷ ᠪᠦᠯᠢ ᠪᠤᠯᠵᠦ ᠶᠠᠪᠤᠬᠤ ᠨᠢ ᠡᠷᠳᠡᠮᠳᠡᠭᠦᠰ ᠰᠠᠷᠠᠨ ᠬᠤᠶᠠᠷ ᠤᠨ ᠬᠦᠰᠡᠯ ᠵᠡᠭᠦᠳᠦ ᠪᠤᠯᠵᠦ ᠪᠠᠶᠢᠯ᠎ᠠ᠃ ᠡᠭᠦᠨ ᠢᠶᠠᠷ ᠮᠠᠯ ᠰᠦᠷᠦᠭ ᠭᠡᠳᠡᠭ ᠡᠨᠡᠬᠦ ᠡᠷᠳᠡᠨᠢ ᠪᠠᠨ ᠨᠡᠩ ᠠᠷᠠᠴᠢᠯᠠᠨ ᠥᠰᠭᠡᠬᠦ ᠣᠷᠠᠮᠰᠢᠯ ᠲᠠᠢ ᠪᠤᠯᠵᠠᠢ᠃             ᠰᠢᠷᠠᠭᠴᠢᠨ ᠮᠣᠭᠠᠢ ᠵᠢᠯ ᠢᠶᠠᠨ ᠣᠭᠲᠣᠬᠤ ᠵᠠᠢ ᠳᠤ ᠡᠷᠳᠡᠮᠳᠡᠭᠦᠰ ᠤᠨ ᠭᠤᠴᠢᠨ ᠲᠤᠯᠤᠭ᠎ᠠ ᠤᠷᠤᠬᠤ ᠪᠠ ᠶᠡᠭᠡ ᠬᠦᠤ ᠶᠢᠨ ᠠᠷᠪᠠᠨ ᠭᠤᠷᠪᠠ ᠶᠢᠨ ᠵᠢᠯ ᠵᠢᠷᠭᠡᠭᠰᠡᠨ ᠪᠠᠶᠢᠵᠠᠢ᠂ ᠰᠢᠨ᠎ᠠ ᠲᠦᠪᠬᠢᠨᠡᠭᠦᠨ ᠤᠷᠤᠨ ᠰᠠᠭᠤᠴᠠ ᠳᠠᠭᠠᠨ ᠦᠩᠭᠡ ᠶᠢᠨ ᠭᠡᠷᠡᠯ ᠠᠯᠠᠭᠯᠠᠭᠤᠯᠤᠭᠰᠠᠨ ᠴᠠᠬᠢᠯᠭᠠᠨ ᠳ᠋ᠧᠩ ᠲᠤᠸᠠᠠᠯᠠᠭᠤᠯᠵᠦ᠂ ᠴᠡᠭᠡᠨ ᠬᠦᠰᠢᠭᠡ ᠰᠤᠯᠤᠩᠭᠠᠷᠠᠭᠤᠯᠤᠭᠰᠠᠨ ᠵᠢᠷᠤᠭᠳᠤ ᠷᠠᠳᠢᠤ᠋ ᠰᠤᠨᠢᠷᠬᠠᠴᠢᠭᠰᠠᠨ ᠬᠡᠤᠬᠡᠳ ᠤᠳ ᠲᠠᠢ ᠪᠠᠨ ᠪᠡᠶᠠᠰᠤᠯᠴᠠᠭᠰᠠᠨ ᠬᠦᠭᠵᠢᠶᠡᠨ ᠨᠠᠷᠭᠢᠶᠠᠨ ᠲᠠᠢ ᠰᠢᠨᠡᠯᠡᠵᠠᠢ᠃ ᠰᠢᠨ᠎ᠡ ᠶᠢᠨ ᠬᠤᠭᠤᠴᠠᠭᠠᠨ ᠳᠤ ᠤᠭᠤᠴᠠ ᠬᠠᠰᠢᠭᠰᠠᠨ ᠭᠤᠤᠯ ᠲᠠᠪᠠᠭ ᠤᠨ ᠬᠠᠵᠠᠭᠤ ᠪᠠᠷ ᠯᠤᠩᠬᠤᠳᠤ ᠠᠯᠢᠮ᠎ᠠ᠂ ᠨᠠᠷᠢᠨ ᠪᠤᠭᠤᠷᠰᠤᠭ ᠵᠡᠷᠭᠡ ᠠᠮᠳᠠᠳᠤ ᠢᠳᠡᠭᠡᠨ ᠢ ᠦᠷᠦᠵᠦ ᠲᠠᠪᠢᠭᠯᠠᠨ᠂ ᠮᠤᠷᠢᠨ ᠬᠤᠭᠤᠷ ᠴᠠᠬᠢᠯᠭᠠᠨ ᠬᠦᠭᠵᠢᠮᠳᠡᠭᠦᠷ ᠤᠨ ᠠᠶᠠᠯᠠᠭᠤ ᠡᠭᠦᠰᠭᠡᠨ᠂ ᠬᠡᠤᠬᠡᠳ ᠤᠳ ᠲᠠᠭᠤᠤ ᠲᠠᠭᠤᠯᠠᠨ᠂ ᠠᠮᠢᠳᠤᠷᠠᠯ ᠤᠨ ᠭᠤᠸ᠎ᠠ ᠰᠠᠶᠢᠬᠠᠨ ᠳᠤ ᠡᠷᠦᠬᠡ ᠭᠡᠷ ᠢᠶᠠᠷ ᠢᠶᠠᠨ ᠰᠤᠭᠳᠤᠭᠤᠷᠠᠵᠦ ᠪᠠᠶᠢᠭᠰᠠᠨ ᠲᠡᠭᠦᠨ ᠳᠤ ᠡᠨᠡ ᠪᠦᠬᠦᠨ ᠮᠠᠨᠢ ᠰᠢᠨ᠎ᠡ ᠴᠠᠭ ᠦᠶ᠎ᠡ ᠶᠢᠨ ᠬᠦᠭᠵᠢᠯ ᠪᠠᠳᠠᠷᠠᠯ᠂ ᠲᠦᠷᠦ ᠶᠢᠨ ᠠᠯᠳᠠᠨ ᠵᠢᠯᠤᠭᠤ ᠵᠦᠪ ᠡᠷᠬᠢᠭᠰᠡᠨ ᠤ ᠠᠴᠢ ᠭᠡᠰᠡᠨ ᠪᠤᠳᠤᠯ ᠬᠢᠯᠪᠠᠬᠢᠨ ᠤᠷᠤᠵᠠᠢ᠃ ᠰᠢᠨ᠎ᠡ ᠤᠷᠤᠨ ᠰᠠᠭᠤᠴᠠ ᠪᠠᠶᠢᠭᠤᠯᠤᠭᠰᠠᠨ ᠢᠶᠠᠷ ᠡᠪᠦᠯ ᠬᠠᠪᠤᠷ ᠤᠨ ᠲᠡᠰᠬᠢᠮ᠎ᠡ ᠭᠦᠢᠳᠡᠨ ᠲᠤᠭᠰᠢᠨ ᠰᠠᠯᠬᠢᠨ ᠠᠴᠠ ᠵᠠᠶᠢᠯᠠᠵᠦ᠂ ᠨᠡᠭᠦᠳᠡᠯ ᠤᠨ ᠶᠠᠷᠰᠢᠭ ᠲᠦᠪᠡᠭ ᠲᠠᠢ ᠠᠳᠠᠯ ᠬᠢᠳᠡᠯ  ᠠᠴᠠ ᠴᠢᠯᠦᠭᠡᠯᠡᠭᠳᠡᠨ᠂ ᠠᠮᠤᠷ ᠲᠤᠭᠳᠠᠭᠤᠨ ᠭᠤᠶᠤᠮᠰᠤᠭ ᠡᠳ᠋ᠯᠡᠯ ᠪᠦᠬᠦᠢ ᠤᠷᠤᠨ ᠰᠠᠭᠤᠴᠠ ᠶᠢᠨ ᠨᠦᠬᠦᠴᠡᠯ ᠪᠦᠷᠢᠯᠳᠦᠭᠦᠯᠵᠡᠢ᠃ ᠡᠨᠡ ᠨᠢ ᠠᠷᠠᠳ ᠤᠨ ᠠᠮᠢᠳᠤᠷᠠᠯ ᠤᠨ ᠦᠭᠡᠳᠡᠯᠡᠯ ᠲᠡᠭᠵᠢᠷᠡᠯ ᠢ ᠪᠦᠷᠢᠨ ᠲᠤᠰᠬᠠᠨ᠎ᠠ᠃       ᠴᠠᠭᠠᠨ ᠰᠠᠷ᠎ᠠ ᠶᠢᠨ ᠲᠠᠷᠠᠭ᠎ᠠ᠂ ᠪᠦᠰᠡᠭᠦᠢ ᠰᠠᠷᠠᠨ ᠨᠢ ᠬᠠᠷ᠎ᠠ ᠲᠠᠷᠯᠠᠨ ᠦᠭᠡᠷ ᠲᠡᠭᠡᠨ ᠬᠠᠮ ᠲᠡᠷᠭᠡ ᠪᠠᠨ ᠬᠦᠯᠦᠴᠢᠭᠰᠡᠨ ᠤᠳᠬᠠᠨ ᠬᠦᠪᠡᠭᠦᠨ ᠢᠶᠠᠨ ᠲᠠᠭᠠᠭᠤᠯᠤᠨ᠂ ᠰᠢᠨᠠᠭᠠᠨ ᠭᠤᠤᠯ ᠤᠨ ᠬᠤᠭᠤᠯᠠᠢ ᠳᠤ ᠨᠤᠳᠤᠭᠳᠠᠢ ᠪᠠᠭ᠎ᠠ ᠠᠬ᠎ᠠ ᠶᠢᠨ ᠳᠠᠭᠠᠨ ᠲᠦᠷᠭᠦᠮᠴᠢᠯᠡᠬᠦ ᠪᠠᠷ ᠤᠴᠢᠯ᠎ᠠ᠃ ᠬᠠᠷᠢᠬᠤ ᠪᠤᠯᠬᠤᠢ ᠳᠤ ᠨᠠᠭᠠᠴᠤ ᠡᠵᠢ ᠨᠢ ᠪᠢᠴᠢᠬᠠᠨ ᠵᠢᠭᠡ ᠳᠡᠭᠡᠨ ︽ᠬᠠᠯᠠᠭᠤᠨ ᠬᠤᠰᠢᠭᠤᠳᠤ ᠬᠤᠨᠢ ᠦᠭᠭᠦᠶ᠎ᠡ︾ ᠭᠡᠵᠦ ᠪᠡᠯᠡᠭ ᠬᠠᠶᠢᠷᠠᠯᠠᠬᠤ ᠳᠤ ᠴᠤᠭᠰᠦ᠋ᠯᠳᠡ ᠪᠠᠷ᠄ ︽ᠦᠭᠭᠦᠪᠡᠯ ᠤᠳᠤ ᠬᠠᠮ ᠳᠠᠭᠠᠨ ᠲᠡᠭᠡᠭᠡᠳ ᠠᠪᠠᠴᠢᠨ᠎ᠠ︾ ᠭᠡᠵᠦ ᠲᠤᠯᠭᠠᠨ ᠬᠡᠯᠡᠬᠦ ᠳᠤ ᠨᠠᠭᠠᠴᠤ ᠨᠠᠷ ᠨᠢ ᠦᠭᠦᠭᠡᠷᠳᠡᠨ ᠢᠨᠢᠶᠡᠯᠳᠦᠵᠦ᠄ ︽ᠵᠠ᠂ ᠲᠡᠭᠡᠪᠡᠯ ᠨᠠᠭᠠᠴᠤ ᠨᠢ ᠮᠤᠷᠢ ᠪᠠᠨ ᠡᠮᠡᠭᠡᠯᠯᠡᠭᠡᠳ ᠬᠤᠨᠢ ᠢ ᠴᠢᠨᠢ ᠪᠠᠷᠢᠵᠦ ᠦᠭᠭᠦᠶ᠎ᠡ᠂ ᠮᠢᠨᠤ ᠵᠢᠭᠡ ᠬᠤᠨᠢ ᠪᠠᠨ ᠲᠦᠮᠡ ᠬᠦᠷᠭᠡ︕︾ ᠭᠡᠳ ᠢᠷᠦᠭᠡᠭᠰᠡᠨ ᠢᠶᠠᠨ ᠨᠢᠭᠡᠨ ᠬᠠᠷ᠎ᠠ ᠬᠤᠩᠰᠢᠶᠠᠷ ᠲᠠᠢ ᠲᠠᠷᠭᠤ ᠰᠠᠶᠢᠳᠠᠢ ᠵᠤᠰᠠᠭ ᠪᠠᠷᠢᠵᠦ ᠦᠭᠴᠠᠢ᠃ ᠡᠨᠡ ᠵᠤᠰᠠᠭ ᠬᠤᠨᠢ ᠨᠢ ᠲᠠᠷᠠᠭ᠎ᠠ ᠵᠢᠯ ᠠᠴᠠ ᠨᠢ ᠬᠤᠷᠠᠭᠠᠯᠠᠵᠦ ᠡᠬᠢᠯᠡᠭᠰᠡᠨ᠂ ᠲᠡᠯᠡᠩ ᠰᠦ ᠰᠠᠶᠢᠳᠠᠢ ᠲᠦᠯ ᠦᠷᠡᠵᠢᠯ ᠡᠯᠪᠡᠭ ᠪᠠᠶᠢᠳᠠᠭ ᠢᠶᠠᠷ ᠨᠢ ᠵᠢᠯ ᠪᠦᠷᠢ ᠬᠤᠷᠠᠭ᠎ᠠ ᠲᠠᠭᠠᠭᠤᠯᠴᠢᠭᠰᠠᠨ ᠪᠠᠶᠢᠳᠠᠭ ᠢᠶᠠᠷ ᠶᠡᠭᠡ ᠯᠡ ᠦᠷᠡᠵᠢᠨ ᠦᠰᠪᠡ᠃ ᠲᠡᠷᠡ ᠵᠤᠨ ᠪᠦᠰᠡᠭᠦᠢ ᠲᠠᠢ ᠪᠠᠨ ᠵᠦᠪᠳᠡᠯᠴᠡᠵᠦ᠂ ᠰᠢᠨᠠᠭᠠᠨ ᠭᠤᠤᠯ  ᠤᠨ ᠪᠠᠷᠠᠭᠤᠨ ᠵᠤ ᠳᠤ ᠪᠠᠶᠢᠭ᠎ᠠ ᠬᠠᠳᠠᠮ ᠠᠬ᠎ᠠ ᠳᠠᠭᠠᠨ᠂ ᠬᠤᠨᠢᠨ ᠰᠦᠷᠦᠭ ᠢᠶᠠᠨ ᠵᠢᠯ ᠪᠦᠷᠢ ᠶᠢᠨ ᠲᠠᠪᠢᠨ ᠬᠤᠷᠠᠭ᠎ᠠ ᠪᠠᠷ ᠬᠦᠯᠦᠰᠦ ᠪᠤᠯᠭᠠᠨ ᠲᠠᠭᠠᠭᠠᠴᠢᠯᠠᠭᠤᠯᠤᠨ ᠦᠭᠪᠡ᠃ ᠬᠤᠶᠠᠷ ᠬᠤᠨᠢᠨ ᠰᠦᠷᠦᠭ ᠢ ᠨᠡᠶᠢᠯᠡᠭᠦᠯᠦᠭᠰᠡᠨ ᠢᠶᠠᠷ ᠶᠡᠭᠡᠪᠡᠷ ᠮᠠᠶᠢᠯᠠᠯᠳᠤᠬᠤ ᠳᠤ ᠪᠠᠷᠠᠭᠤᠨ ᠬᠤᠶᠢᠮᠤᠷ ᠰᠠᠭᠤᠵᠦ ᠪᠠᠶᠢᠭᠰᠠᠨ ᠬᠠᠳᠠᠮ ᠡᠵᠢ ᠨᠢ᠄ ︽ᠬᠦᠤ ᠬᠦᠷᠭᠡᠨ ᠤ ᠮᠢᠨᠢ ᠬᠤᠨᠢᠳ ᠲᠦᠮᠡ ᠬᠦᠷᠬᠦ ᠪᠤᠯᠳᠤᠭᠠᠢ︕︾ ᠭᠡᠵᠦ ᠠᠮᠠᠨ ᠢᠷᠦᠭᠡᠯ ᠲᠠᠯᠪᠢᠵᠦ ᠪᠠᠶᠢᠯ᠎ᠠ᠃      ᠴᠠᠭᠠᠨ ᠮᠤᠷᠢᠨ ᠵᠢᠯ ᠤᠨ ᠬᠠᠪᠤᠷ᠂ ᠮᠠᠯ ᠤᠨ ᠦᠰᠦᠯᠳᠡ ᠦᠭᠡᠳᠡ ᠡᠰᠡᠷᠡᠭ ᠪᠠᠶᠢᠵᠦ᠂ ᠤᠨ ᠤ ᠲᠤᠭᠠᠨ ᠳᠤ 7 ᠵᠠᠭᠤᠨ ᠲᠤᠯᠤᠭᠠᠢ ᠪᠤᠯᠤᠨ ᠦᠨᠢᠷ ᠦᠰᠴᠠᠢ᠃ ᠬᠠᠪᠤᠷ ᠤᠨ ᠲᠦᠯ ᠢᠶᠠᠨ ᠦᠪᠡᠷᠳᠡᠭᠡᠨ ᠭᠠᠳᠠᠨ᠎ᠠ ᠪᠠᠨ ᠪᠤᠶᠢᠵᠢᠭᠤᠯᠤᠭᠰᠠᠨ ᠴᠤ ᠬᠤᠷᠠᠭ᠎ᠠ ᠴᠠᠭᠠᠯᠠᠬᠤ ᠦᠶ᠎ᠡ ᠳᠤ ᠬᠠᠳᠠᠮ ᠠᠬ᠎ᠠ ᠶᠢᠨ ᠰᠠᠨᠠᠯ ᠢᠶᠠᠷ ᠲᠠᠪᠢᠨ ᠲᠤᠯᠤᠭᠠᠢ ᠦᠬᠢᠨ ᠬᠤᠷᠠᠭ᠎ᠠ ᠶᠢ ᠰᠢᠯᠢᠵᠦ ᠢᠮ ᠲᠠᠮᠠᠭ᠎ᠠ ᠬᠢᠵᠦ ᠲᠠᠯᠪᠢᠪᠠ᠃ ᠲᠡᠷᠡ ᠦᠶ᠎ᠡ ᠡᠶᠢᠮᠦᠷᠬᠦ ᠦᠨᠳᠦᠷ ᠦᠨ᠎ᠡ ᠬᠠᠩᠰᠢ ᠦᠭᠡᠢ ᠲᠤᠯᠠ ᠬᠦᠮᠦᠰ ᠭᠠᠶᠢᠬᠠᠯᠳᠤᠵᠦ᠄ ︽ᠬᠠᠳᠠᠮ ᠠᠬ᠎ᠠ ᠳᠠᠭᠠᠨ ᠦᠭᠭᠦᠶ᠎ᠡ ᠭᠡᠵᠦ ᠯᠠ ᠦᠭᠴᠤ ᠪᠠᠶᠢᠨ᠎ᠠ ᠰᠢᠳᠡ᠂ ᠡᠶᠢᠮᠦ ᠦᠨ᠎ᠡ ᠭᠡᠵᠦ ᠬᠠᠮᠢᠭ᠎ᠠ ᠪᠠᠶᠢᠬᠤᠪ︾ ᠭᠡᠵᠡᠭᠡᠵᠦ ᠪᠠᠶᠢᠪᠠ᠃ ᠡᠭᠦᠨ ᠳᠤ ᠡᠷᠳᠡᠮᠳᠡᠭᠦᠰ᠄ ︽ᠤᠯᠠᠨ ᠬᠡᠤᠬᠡᠳ ᠲᠠᠢ ᠡᠳᠡᠨᠡᠶᠢᠬᠢ ᠶᠢ ᠮᠠᠨ ᠤ ᠲᠡᠮᠵᠢᠬᠦ ᠦᠭᠡᠢ ᠦᠭᠡᠷ᠎ᠡ ᠬᠡᠨ ᠲᠤᠰᠠᠯᠠᠬᠤ ᠪᠤᠢ︕︾ ᠭᠡᠵᠦ ᠬᠡᠯᠡᠳᠡᠭ ᠪᠠᠶᠢᠪᠠ᠃ ᠲᠡᠷᠡ ᠨᠠᠮᠤᠷ ᠡᠷᠳᠡᠮᠳᠡᠭᠦᠰ ᠭᠤᠸᠠᠢ ᠪᠦᠰᠡᠭᠦᠢ ᠪᠤᠯᠤᠨ ᠤᠳᠬᠠᠨ ᠬᠦᠤ ᠪᠠᠨ ᠲᠠᠭᠠᠭᠤᠯᠤᠨ᠂ ᠪᠡᠭᠡᠵᠢᠩ ᠬᠦᠬᠡᠬᠤᠳᠠ ᠪᠠᠷ ᠵᠤᠭᠠᠴᠠᠨ ᠬᠠᠭᠠᠰ ᠰᠠᠷ᠎ᠠ ᠲᠤᠭᠤᠷᠢᠵᠦ᠂ ᠬᠠᠷᠠᠭ᠎ᠠ ᠪᠠᠨ ᠲᠡᠯᠡᠵᠦ ᠨᠢᠳᠦ ᠨᠡᠭᠡᠭᠡᠭᠰᠡᠨ ᠢᠶᠠᠷ ᠦᠪᠡᠷ ᠤᠨ ᠡᠷᠬᠡ ᠦᠭᠡᠢ ᠤᠯᠤᠰ ᠤᠷᠤᠨ ᠤ ᠬᠦᠭᠵᠢᠯ ᠭᠠᠵᠠᠷ ᠤᠷᠤᠨ ᠤ ᠴᠡᠴᠡᠭᠯᠡᠯ ᠳᠤ ᠰᠡᠳᠭᠢᠯ ᠪᠠᠭ᠋ᠠᠳᠤᠨ ᠶᠠᠪᠤᠭᠰᠠᠨ ᠪᠠᠶᠢᠪᠠ᠃      ᠡᠷᠳᠡᠮᠳᠡᠭᠦᠰ ᠤᠨ ᠬᠢᠨ ᠲᠡᠭᠡᠳᠦ ᠱᠠᠳᠤᠨ ᠤ ︽ᠪᠦᠳᠦᠭᠡᠨ ᠪᠠᠶᠢᠭᠤᠯᠵᠦ ᠮᠠᠯ ᠮᠠᠯᠵᠢᠬᠤ︾ ᠴᠢᠭᠯᠡᠯᠳᠡ ᠶᠢᠨ ᠲᠤᠶᠠᠭᠠᠯᠠᠯ ᠢᠶᠠᠷ ᠶᠤᠰᠤᠳᠠᠢ ᠰᠠᠭᠤᠷᠢᠰᠢᠨ ᠰᠠᠭᠤᠵᠦ ᠤᠳᠤᠷᠯᠠᠨ ᠮᠠᠯᠵᠢᠬᠤ ᠶᠢ ᠪᠠᠶᠠᠯᠡᠭᠦᠯᠵᠡᠢ᠃ ᠵᠤᠨ ᠤ ᠲᠡᠯᠭᠡᠷ ᠤᠯᠠᠷᠢᠯ ᠳᠤ ᠲᠤᠭᠤᠭᠠᠳᠤ ᠶᠢᠨ ᠦᠨᠳᠦᠷ ᠵᠤ ᠲᠡᠭᠡᠷ᠎ᠡ ᠢᠰᠡᠭᠡᠢ ᠴᠠᠭᠠᠨ ᠭᠡᠷ ᠢᠶᠠᠷ ᠢᠶᠠᠨ ᠪᠠᠭᠤᠵᠦ᠂ ᠠᠬᠢ ᠲᠠᠭᠠᠨ᠎ᠠ ᠠᠩᠬᠢᠯᠤᠭᠰᠠᠨ ᠪᠠᠶᠢᠭᠠᠯᠢ ᠶᠢᠨ ᠲᠠᠩᠰᠤᠭ ᠲᠤ ᠰᠠᠭᠠᠳᠠᠵᠦ᠂ ᠵᠡᠯ᠎ᠡ ᠲᠦᠭᠦᠷᠡᠩ ᠲᠤᠭᠤᠯ ᠤᠶᠠᠵᠦ᠂ ᠠᠶᠢᠷᠠᠭ ᠲᠠᠷᠠᠭ ᠪᠢᠯᠬᠠᠷᠠᠭᠤᠯᠤᠨ᠂ ᠦᠷᠦᠮ ᠬᠤᠷᠤᠳ ᠦᠷᠦᠵᠦ ᠠᠮᠢᠳᠤᠷᠠᠯ ᠤᠨ ᠲᠠᠩᠰᠤᠭ ᠢᠶᠠᠨ ᠭᠠᠶᠢᠬᠠᠭᠤᠯᠬᠤ ᠪᠤᠯᠵᠠᠢ᠃ ᠡᠷᠦᠬᠡ ᠭᠡᠷ ᠤᠨ ᠠᠮᠢᠳᠤᠷᠠᠯ ᠤᠨ ᠲᠡᠭᠵᠢᠷᠡᠯ ᠨᠢ ᠤᠨᠤᠬᠤ ᠠᠴᠠ ᠮᠤᠲ᠋ᠤᠷ ᠲᠠᠢ᠂ ᠮᠠᠯ ᠬᠠᠰᠢᠶᠠᠯᠠᠬᠤ ᠠᠴᠠ ᠴᠢᠨᠠᠷ ᠰᠠᠶᠢᠳᠠᠢ ᠬᠤᠷᠤᠭ᠎ᠠ ᠬᠠᠰᠢᠶ᠎ᠠ ᠲᠠᠢ᠂ ᠰᠤᠨᠢᠷᠬᠠᠬᠤ ᠠᠴᠠ ᠦᠩᠭᠡᠳᠦ ᠲᠧᠯᠸᠢᠰ ᠲᠠᠢ᠂ ᠨᠠᠭᠠᠳᠤᠬᠤ ᠠᠴᠠ ᠬᠤᠭᠤᠷ ᠬᠦᠭᠵᠢᠮ ᠬᠡᠳᠦᠨ ᠲᠦᠷᠦᠯ᠂ ᠵᠤᠨ ᠨᠠᠮᠤᠷ ᠲᠠᠭᠠᠨ ᠭᠡᠷ ᠢᠶᠠᠷ ᠢᠶᠠᠨ ᠤᠳᠤᠷᠯᠠᠨ ᠮᠠᠯ ᠰᠦᠷᠦᠭ ᠢᠶᠠᠨ ᠲᠠᠷᠭᠤᠯᠠᠭᠤᠯᠤᠨ ᠬᠤᠷᠯᠠᠭᠤᠯᠵᠦ᠂ ᠡᠪᠦᠯ ᠬᠠᠪᠤᠷ ᠲᠠᠭᠠᠨ ᠰᠢᠨ᠎ᠡ ᠤᠷᠤᠨ ᠰᠠᠭᠤᠴᠠ ᠳᠠᠭᠠᠨ ᠰᠠᠭᠠᠳᠠᠵᠦ᠂ ᠨᠦᠭᠡᠴᠡ ᠪᠡᠯᠴᠢᠭᠡᠷ ᠲᠡᠭᠡᠨ ᠰᠦᠷᠦᠭ ᠢᠶᠠᠨ ᠪᠡᠯᠴᠢᠭᠡᠷᠯᠡᠨ᠎ᠡ᠃       ᠪᠠᠷᠢᠭᠠᠳᠠ ᠶᠢᠨ ᠠᠳᠤᠭᠤᠨ ᠰᠦᠷᠦᠭ ᠠᠴᠠ ᠦᠷ᠎ᠡ ᠲᠦᠯ ᠰᠠᠶᠢᠳᠠᠢ ︽ᠪᠦᠳᠦᠭᠦᠨ ᠪᠤᠷᠤ︾ ᠭᠡᠬᠦ ᠠᠵᠢᠷᠭ᠎ᠠ  ᠲᠠᠢ ᠬᠤᠷᠢᠭᠠᠳ ᠲᠤᠭᠠᠨ ᠤ ᠠᠳᠤᠭᠤ ᠶᠢ ᠡᠷᠳᠡᠮᠳᠡᠭᠦᠰ ᠠᠬ᠎ᠠ ᠲᠡᠭᠦᠤ ᠬᠤᠶᠠᠷ ᠬᠤᠪᠢᠴᠢᠯᠠᠨ ᠠᠪᠤᠭᠰᠠᠨ ᠪᠠᠶᠢᠵᠠᠢ᠃ ᠦᠵᠦᠮᠦᠴᠢᠨ ᠠᠳᠤᠭᠤᠨ ᠤ ᠤᠭᠰᠢᠯ ᠲᠠᠢ ᠡᠳᠡᠭᠡᠷ ᠠᠳᠤᠭᠤᠳ ᠤᠨ ᠲᠤᠲᠤᠷ᠎ᠠ ᠨᠢ ᠨᠢᠭᠡ ᠬᠦᠬᠡ ᠪᠤᠷᠤ ᠡᠷ᠎ᠡ ᠲᠠᠭ᠎ᠠ ᠪᠠᠶᠢᠵᠦ᠂ ᠲᠠᠷᠠᠭ᠎ᠠ ᠵᠢᠯ ᠨᠢ ᠲᠡᠷᠡ ᠪᠠᠷ ᠮᠤᠷᠢ ᠬᠢᠵᠦ ᠤᠨᠤᠬᠤ ᠭᠡᠳ ᠰᠤᠷᠭᠠᠵᠦ ᠠᠪᠴᠠᠢ᠃ ᠤᠯᠠᠭᠠᠨ ᠮᠤᠷᠢ ᠶᠢ ᠲᠠᠭ᠎ᠠ ᠵᠢᠯ ᠳᠤᠨᠢ ᠶᠡᠭᠡ ᠬᠦᠤ ᠳᠡᠭᠡᠨ ᠵᠢᠭᠠᠵᠦ ᠦᠭᠭᠦᠭᠰᠡᠨ ᠢᠶᠠᠷ ᠶᠡᠭᠡ ᠬᠦᠣ ᠨᠢ ᠠᠷᠪᠠᠨ ᠲᠦᠷᠪᠡᠳᠡᠢ ᠠᠴᠠ ᠡᠬᠢᠯᠡᠨ ᠨᠠᠶᠢᠷ ᠨᠠᠭᠠᠳᠤᠮ ᠤᠨ ᠮᠤᠷᠢᠨ ᠤᠷᠤᠯᠳᠤᠭᠠᠨ ᠳᠤ ᠤᠷᠤᠯᠴᠠᠬᠤ ᠪᠤᠯᠵᠠᠢ᠃ ᠲᠤᠰ ᠮᠤᠷᠢᠨ ᠤ ᠤᠨᠴᠠᠯᠢᠭ ᠪᠤᠯ ᠪᠡᠶ᠎ᠡ ᠴᠤᠭᠴᠠ ᠨᠢ ᠦᠨᠳᠦᠷ᠂ ᠤᠷᠳᠤ ᠨᠢᠷᠤᠭᠤ ᠲᠠᠢ᠂ ᠴᠡᠭᠡᠵᠢ ᠦᠷᠭᠡᠨ ᠲᠠᠰᠢᠶ᠎ᠠ ᠠᠭᠤᠵᠢᠮ᠂ ᠰᠡᠷᠪᠡ ᠪᠤᠰᠤᠭ᠎ᠠ᠂ ᠲᠠᠷᠭᠤ ᠬᠦᠴᠦ ᠨᠢᠮᠭᠡᠨ ᠠᠪᠴᠤ᠂ ᠤᠶᠠᠭ᠎ᠠ ᠰᠤᠶᠢᠯᠠᠭ᠎ᠠ ᠲᠡᠮᠡᠢ ᠬᠡᠷᠡᠭᠰᠡᠬᠦ ᠦᠭᠡᠢ ᠪᠤᠯᠪᠠᠴᠤ ᠤᠷᠤᠯᠳᠤᠭᠠᠨ ᠳᠤ ᠤᠷᠤᠯᠴᠠᠬᠤ ᠪᠦᠷᠢ ᠠᠶᠢᠷᠠᠭ ᠤᠨ ᠲᠠᠪᠤ ᠠᠴᠠ ᠪᠠᠭᠤᠬᠤ ᠦᠭᠡᠢ ᠪᠠᠶᠢᠳᠠᠭ ᠠᠵᠠᠢ᠃       ᠬᠠᠷ᠎ᠠ ᠪᠡᠴᠢᠨ ᠵᠢᠯ ᠤᠨ ᠬᠠᠪᠤᠷ᠂ ᠬᠠᠳᠠᠮ ᠡᠵᠢ ᠠᠯᠳᠠᠠᠴᠡᠴᠡᠭ ᠤᠨ ᠲᠠᠯᠠᠨ ᠭᠤᠷᠪᠠ ᠶᠢᠨ ᠨᠠᠰᠤᠨ ᠪᠠᠶᠠᠷ  ᠤᠨ ᠨᠠᠶᠢᠷ ᠤᠨ ᠲᠦᠴᠢᠭᠡᠳ ᠭᠠᠵᠠᠷ ᠤᠨ ᠠᠯᠤᠰ ᠳᠠᠬᠢ ᠲᠠᠯᠠᠭᠠᠳ ᠮᠤᠷᠢᠳ ᠤᠷᠤᠯᠴᠠᠭᠰᠠᠨ ᠡᠮᠡᠭᠡᠯᠳᠦ ᠮᠤᠷᠢᠨ ᠤ ᠤᠷᠤᠯᠳᠤᠭᠠᠨ ᠳᠤ ᠠᠬ᠎ᠠ ᠶᠢᠨ ᠬᠢᠨᠢ ᠰᠠᠷᠠᠯ ᠮᠤᠷᠢ ᠲᠡᠷᠢᠭᠦᠯᠡᠵᠦ᠂ ᠬᠦᠤ ᠬᠦᠷᠡᠯ ᠨᠢ ᠤᠯᠠᠭᠠᠨ ᠮᠤᠷᠢ ᠲᠠᠢ ᠪᠠᠨ ᠲᠡᠳ᠋ᠯᠡᠵᠦ ᠢᠷᠡᠭᠰᠡᠨ ᠢᠶᠠᠷ ᠬᠠᠯᠠᠭᠤᠨ ᠬᠤᠰᠢᠭᠤᠳᠤ ᠢᠷᠭᠡ ᠶᠢᠨ ᠱᠠᠩ ᠬᠦᠷᠳᠡᠵᠡᠢ᠃ ᠭᠤᠳᠠᠭᠠᠷ ᠨᠢ ᠠᠪᠠᠭ᠎ᠠ ᠶᠢᠨ ᠬᠢᠨᠢ ᠬᠠᠷ᠎ᠠ ᠰᠠᠷᠠᠯ ᠮᠤᠷᠢ ᠢᠷᠡᠭᠰᠡᠨ ᠪᠠᠶᠢᠪᠠ᠃ ᠡᠭᠦᠨ ᠳᠤ ᠲᠤᠷᠠᠳᠤᠭᠤᠰᠢᠳᠠᠢ ᠨᠢ᠂ ᠠᠬ᠎ᠠ ᠲᠡᠭᠦᠤ ᠭᠤᠷᠪᠠ ᠶᠢᠨ ᠮᠤᠷᠢ ᠬᠠᠪᠴᠢᠶᠠᠷ ᠦᠭᠡᠢ ᠲᠡᠭᠡᠷ᠎ᠡ ᠭᠤᠷᠪᠠ ᠶᠢ ᠠᠪᠤᠭᠰᠠᠨ ᠨᠢ ᠦᠵᠡᠭᠴᠢᠳ ᠤᠯᠠᠨ ᠢᠶᠠᠷ ᠭᠠᠶᠢᠬᠠᠨ ᠱᠠᠭᠰᠢᠵᠦ᠄ ︽ᠠᠬ᠎ᠠ ᠲᠡᠭᠦᠤ ᠭᠤᠷᠪᠠ ᠶᠢᠨ ᠬᠡᠶᠢᠮᠦᠷᠢ ᠮᠠᠨᠳᠤᠵᠠᠢ ᠰᠢᠤ︕︾ ᠭᠡᠵᠡᠭᠡᠨ᠎ᠡ᠃      ᠡᠷᠳᠡᠮᠳᠡᠭᠦᠰ ᠭᠤᠸᠠᠢ᠂ ᠪᠦᠬᠦ ᠭᠠᠴᠠᠭ᠎ᠠ ᠶᠢᠨ ᠮᠠᠯᠴᠢᠳ ᠤᠨ ᠭᠡᠷ ᠤᠷᠤᠨ ᠰᠠᠭᠤᠴᠠ᠂ ᠭᠡᠷ ᠪᠦᠯᠢ ᠶᠢᠨ ᠭᠡᠷᠡᠯᠳᠦᠭᠦᠯᠭᠡ ᠵᠡᠷᠭᠡ ᠠᠮᠢᠳᠤᠷᠠᠯ ᠤᠨ ᠬᠢᠷᠢ ᠲᠦᠪᠰᠢᠨ ᠤ ᠲᠡᠭᠡᠭᠡᠭᠰᠢᠯᠡᠯᠳᠡ ᠶᠢ ᠠᠳᠬᠤᠬᠤ ᠶᠢ ᠠᠩᠬᠠᠷᠴᠤ᠂ ︽ ᠪᠤᠯᠪᠠᠰᠤᠨ ᠡᠷᠦᠬᠡ︾ ᠶᠢᠨ ᠪᠠᠶᠢᠭᠤᠯᠤᠯᠳᠠ ᠶᠢᠨ ᠠᠵᠢᠯᠯᠠᠭ᠎ᠠ ᠶᠢ ᠦᠨᠡᠨᠬᠦ ᠦᠷᠨᠢᠭᠦᠯᠵᠡᠢ᠃ ᠤᠬᠤᠷᠬᠠᠨ ᠠᠷᠪᠠᠭᠠᠳ ᠵᠢᠯ ᠤᠨ ᠬᠤᠭᠤᠷᠤᠨᠳᠤ %60 ᠡᠷᠦᠬᠡ ᠨᠢ ᠤᠯᠠᠭᠠᠨ ᠲᠤᠭᠤᠰᠬᠠᠨ ᠪᠠᠶᠢᠰᠢᠩ ᠲᠠᠢ᠂ ᠰᠠᠯᠬᠢᠨ ᠬᠦᠷᠳᠦᠨ ᠬᠡᠷᠡᠯᠳᠦᠭᠦᠯᠭᠡ ᠲᠠᠢ ᠬᠤᠰᠢᠭᠤ ᠠᠶᠢᠮᠠᠭ ᠲᠠᠭᠠᠨ ︽ᠪᠤᠯᠪᠠᠰᠤᠨ ᠨᠢᠭᠡᠴᠡ︾ ᠶᠢᠨ ᠠᠯᠳᠠᠷ ᠡᠷᠭᠦᠵᠦ ᠶᠠᠪᠤᠭᠰᠠᠨ ᠪᠠᠶᠢᠯ᠎ᠠ᠃       ᠠᠭᠤᠳᠠᠮ ᠴᠡᠭᠡᠵᠢ ᠲᠠᠢ ᠪᠤᠷᠤ ᠪᠠᠨ       ᠤᠷᠤᠯᠳᠤᠭᠠᠨ ᠳᠤ ᠲᠠᠯᠪᠢᠭᠰᠠᠨ ᠤᠳᠠᠭ᠎ᠠ ᠲᠠᠢ       ᠠᠷᠠᠳ ᠤᠨ ᠨᠠᠶᠢᠷ ᠤᠨ ᠴᠢᠮᠡᠭ ᠪᠤᠯᠤᠨ       ᠠᠬᠢ ᠲᠦᠷᠦᠭᠦᠳᠦ ᠶᠢᠨ ᠱᠠᠩᠨᠠᠯ ᠲᠠᠢ       ᠴᠡᠪᠴᠡᠭᠡᠷ ᠬᠤᠷᠳᠤᠨ ᠤᠯᠠᠭᠠᠨ ᠢᠶᠠᠷ       ᠴᠠᠭᠠᠨ ᠰᠠᠷ᠎ᠠ ᠳᠠᠭᠠᠨ ᠲᠠᠪᠬᠢᠭᠤᠯᠤᠨ᠎ᠠ       ᠴᠡᠯ ᠪᠤᠭᠤᠷᠤᠯ ᠡᠵᠢ ᠳᠡᠭᠡᠨ       ᠴᠢᠮᠪᠠᠢ ᠬᠠᠳᠠᠭ ᠤᠨ ᠵᠤᠯᠭᠠᠯᠳᠠ ᠲᠠᠢ                        — ︽ᠮᠤᠷᠢᠨ ᠤ ᠰᠠᠶᠢᠬᠠᠨ ᠵᠢᠪᠬᠤᠭ᠎ᠠ︾ ᠭᠡᠬᠦ ᠰᠢᠯᠦᠭ ᠠᠴᠠ       ᠨᠠᠢᠮᠡ᠂ ᠮᠠᠯ ᠢᠶᠠᠨ ᠦᠰᠭᠡᠵᠦ ᠮᠢᠩᠭᠠᠳᠤ ᠶᠢᠨ ᠡᠷᠦᠬᠡ ᠪᠤᠯᠤᠭᠰᠠᠨ ᠨᠢ                   ᠲᠡᠭᠡᠳᠦ ᠲᠡᠭᠷᠢ ᠠᠴᠠ ᠢᠪᠡᠭᠡᠭᠰᠡᠨ ᠤᠩᠭᠤᠨ ᠲᠠᠷᠬᠠᠨ ᠰᠦᠷᠦᠭ                   ᠲᠡᠨᠢᠭᠡᠷ ᠲᠠᠯ᠎ᠠ ᠳᠠᠭᠠᠨ ᠪᠢᠯᠬᠠᠷᠠᠭᠰᠠᠨ ᠠᠮᠢᠳᠤᠷᠠᠯ ᠤᠨ ᠪᠠᠳᠤ ᠲᠦᠰᠢᠭ                   ᠲᠡᠮᠦᠵᠢᠨ ᠴᠢᠩᠭᠢᠰ ᠠᠴᠠ ᠦᠪᠯᠡᠭᠰᠡᠨ ᠠᠷᠢᠭᠤᠨ ᠪᠠᠶᠠᠯᠢᠭ ᠬᠦᠷᠦᠩᠭᠡ                   ᠲᠦᠮᠡᠨ ᠢᠷᠭᠡᠳ ᠤᠨ ᠤᠨᠳᠤᠷᠤᠯ᠂ ᠦᠭᠭᠢᠶᠡᠮᠦᠷ ᠲᠡᠭᠰᠢ ᠭᠡᠰᠢᠭ                   ᠦᠯᠡᠮᠵᠢ ᠴᠢᠨᠠᠷ ᠤᠨ ᠪᠤᠶᠠᠨ ᠤ ᠲᠡᠭᠡᠵᠢ                   ᠦᠯᠦᠭᠡᠢ ᠨᠤᠲᠤᠭ ᠤᠨ ᠲᠠᠪᠤᠨ ᠡᠷᠳᠡᠨᠢ ᠪᠠᠨ ᠮᠠᠭᠳᠠᠮᠤ︕                           — ︽ᠬᠤᠨᠢ ᠡᠷᠳᠡᠨᠢ ᠪᠠᠨ ᠮᠢᠯᠢᠶᠠᠨ ᠢᠦᠷᠭᠡᠮᠤ︾ ᠭᠡᠬᠦ ᠨᠠᠶᠢᠷᠠᠭ ᠠᠴᠠ      ᠰᠠᠬᠤᠯᠠᠭ ᠤᠷᠭᠤᠭᠰᠠᠨ ᠪᠡᠯᠴᠢᠭᠡᠷ ᠰᠢᠷᠭᠠᠯ ᠲᠠᠪᠠᠯᠭᠠᠨ ᠲᠤᠯᠬᠢᠯᠠᠬᠤᠶ᠎ᠠ ᠰᠠᠷᠠᠭᠤᠯ ᠰᠠᠶᠢᠬᠠᠨ ᠤᠯᠠᠭᠠᠨ ᠲᠤᠭᠤᠰᠬᠠᠨ ᠪᠠᠶᠢᠰᠢᠩ ᠦᠩᠭᠡ ᠢᠯᠭᠠᠷᠠᠨ ᠬᠠᠷᠠᠭᠳᠠᠨᠠᠮ᠃ ᠴᠠᠪᠴᠢᠷ ᠤᠨ ᠵᠤ ᠨᠢ ᠲᠤᠭᠤᠭᠠᠳᠤ ᠶᠢᠨ ᠬᠤᠩᠭᠤᠷ ᠲᠤ ᠬᠤᠰᠢᠭᠤ ᠲᠦᠷᠢᠨ ᠪᠠᠷᠤᠯᠠᠶᠢᠵᠦ᠂ ᠪᠠᠰᠠ ᠤᠷᠳᠤᠯᠠᠨ ᠰᠤᠨᠤᠭᠰᠠᠭᠠᠷ ᠮᠠᠨᠢᠳᠦ ᠶᠢᠨ ᠭᠤᠤᠯ ᠬᠠᠪᠢᠷᠭᠠᠯᠠᠨ ᠤᠮᠠᠷᠠᠰᠢ ᠦᠷᠭᠦᠯᠵᠢᠯᠡᠵᠡᠢ᠃ ᠲᠦᠯ ᠤᠨ ᠲᠠᠭᠤᠨ ᠢᠶᠠᠷ ᠤᠷᠢᠬᠠᠨ ᠬᠠᠪᠤᠷ ᠰᠠᠭᠠᠳᠠᠭᠰᠠᠨ ᠢ ᠮᠡᠳᠡᠬᠡᠯᠡᠵᠦ᠂ ᠵᠢᠯ ᠤᠨ ᠠᠵᠢᠯ ᠬᠠᠪᠤᠷ ᠲᠠᠭᠠᠨ ᠭᠡᠳᠡᠭᠴᠢᠯᠡᠨ ᠮᠠᠯᠴᠢᠳ ᠤᠨ ᠬᠠᠪᠤᠷ ᠤᠨ ᠶᠠᠭᠠᠷᠠᠤ ᠴᠠᠭ ᠡᠯᠪᠡᠭ ᠬᠤᠷᠢᠶᠠᠯᠳᠠ ᠤᠯᠬᠤ ᠤᠨᠤᠴᠠ ᠪᠤᠯᠬᠤ ᠨᠢ ᠭᠠᠳᠠᠷᠯᠠᠭᠳᠠᠨ᠎ᠠ᠃      ᠠᠯᠤᠰ ᠠᠴᠠ ᠰᠠᠭᠠᠬᠤ ᠲᠤᠭᠤᠬᠤ ᠲᠠᠭᠤᠨ ᠦᠭᠡᠷ ᠮᠦᠭᠡᠷᠡᠬᠦ ᠴᠢᠮᠡᠭᠡ ᠲᠤᠭᠤᠯᠳᠠᠬᠤ ᠠᠴᠠ ᠡᠳᠦᠷ ᠤᠨ ᠠᠵᠢᠯ ᠶᠠᠭᠠᠷᠠᠯᠳᠠᠢ ᠶᠠᠪᠤᠭᠳᠠᠨ᠂ ᠶᠤᠰᠤᠳᠠᠢ ᠤᠨᠤᠭᠰᠠᠨ ᠮᠠᠯᠠᠭᠠᠢ ᠪᠠᠨ ᠠᠪᠬᠤ ᠵᠠᠪ ᠦᠭᠡᠢ᠂ ᠠᠭᠤᠯᠵᠠᠭᠰᠠᠨ ᠪᠦᠬᠦᠨ  ᠲᠠᠢ ᠶᠠᠷᠢᠯᠴᠠᠬᠤ ᠴᠢᠯᠦᠭᠡ ᠦᠭᠡᠢ ᠪᠤᠯᠬᠤ ᠨᠢ ᠡᠨᠡ ᠪᠠᠶᠢᠨ᠎ᠠ᠃ ᠲᠡᠷᠳᠡᠭᠡ ᠬᠦᠳᠦᠯ ᠢᠶᠠᠷ ᠤᠷᠭ᠎ᠠ ᠴᠢᠷᠦᠭᠰᠡᠨ ᠮᠤᠷᠢᠳᠠᠨ ᠦᠬᠡᠷ ᠰᠦᠷᠦᠭ ᠢᠶᠠᠨ ᠬᠤᠷᠢᠶᠠᠨ᠂ ᠰᠦᠷᠦᠭ ᠤᠨ ᠠᠷᠤ ᠠᠴᠠ ᠭᠡᠳᠦ ᠪᠠᠷ ᠨᠢᠯᠬ᠎ᠠ ᠲᠤᠭᠤᠯ ᠤᠳ ᠢ ᠡᠬᠡ  ᠶᠢ ᠨᠢ ᠲᠠᠭᠠᠭᠤᠯᠤᠨ ᠤᠶᠢᠷᠠᠳᠤᠭᠤᠯᠤᠨ᠎ᠠ᠃ ᠠᠳᠡᠬᠢ ᠲᠡᠷᠡᠰᠦᠳᠡᠢ ᠬᠤᠭᠤᠯᠠᠢ ᠳᠤ ᠰᠢᠯᠡᠭᠡᠪᠦᠷ ᠪᠠᠷᠢᠭᠰᠠᠨ ᠪᠦᠰᠡᠭᠦᠢ ᠨᠤᠮᠤᠬᠠᠨ ᠬᠤᠸᠠ ᠮᠤᠷᠢ ᠪᠠᠨ ᠤᠨᠤᠵᠦ᠂ ᠨᠡᠯᠢᠶᠡᠳ ᠬᠤᠨᠢᠨ ᠤ ᠲᠡᠷᠭᠡᠳᠡ ᠡᠬᠡ ᠬᠤᠷᠠᠭ᠎ᠠ ᠶᠢ ᠨᠢ ᠤᠯᠭᠤᠨ ᠶᠠᠭᠠᠷᠠᠯᠳᠠᠢ᠃      ᠮᠤᠷᠢᠳᠡᠨ ᠪᠠ ᠪᠦᠰᠡᠭᠦᠢ ᠢᠩᠭᠢᠵᠦ ᠦᠳᠡ ᠶᠢᠨ ᠡᠮᠦᠨ᠎ᠡ ᠠᠵᠢᠯ ᠬᠢᠳᠡᠯ ᠢᠶᠠᠨ ᠲᠠᠭᠤᠰᠬᠠᠵᠦ ᠭᠡᠷ ᠲᠡᠭᠡᠨ ᠢᠷᠡᠵᠦ ᠦᠳᠡᠯᠡᠬᠦ ᠵᠠᠭᠤᠷ᠎ᠠ᠄ ︽ᠤᠷᠢᠳᠦ ᠰᠦᠨᠢ ᠲᠡᠭᠷᠢ ᠲᠤᠯᠠᠭᠠᠨ ᠪᠤᠯᠬᠤᠷ ᠲᠠᠪᠤᠨ ᠦᠨᠢᠶ᠎ᠡ ᠲᠤᠭᠤᠯᠯᠠᠭᠠᠳ ᠪᠡᠭᠡᠷᠡᠵᠦ ᠬᠦᠯᠳᠡᠭᠰᠡᠨ ᠦᠭᠡᠢ ᠬᠠᠷᠢᠨ ᠰᠦᠨ ᠳᠡᠭᠡᠨ ᠴᠠᠳᠴᠢᠭᠰᠠᠨ ᠲᠤᠭᠯᠠᠨ ᠪᠠᠶᠢᠵᠦ ᠰᠢᠤ︕︾᠂ ︽ᠦᠷᠯᠦᠭᠡ ᠲᠠᠪᠢ ᠭᠠᠷᠤᠢ ᠬᠤᠨᠢ ᠶᠢ ᠡᠬᠡ ᠬᠤᠷᠠᠭ᠎ᠠ ᠪᠠᠷ ᠨᠢ ᠢᠯᠭᠠᠬᠤ ᠳᠤ᠂ ᠬᠠᠷᠢᠨ ᠭᠤᠯᠤᠩᠬᠠᠢ ᠭᠡᠵᠦ  ᠭᠠᠷᠤᠭᠰᠠᠨ ᠦᠭᠡᠢ ︾ ᠭᠡᠵᠦ ᠲᠦᠯ ᠨᠢᠯᠬ᠎ᠠ ᠪᠠᠨ ᠠᠮᠵᠢᠯᠳᠠ ᠲᠠᠢ ᠲᠤᠰᠤᠭᠰᠠᠨ ᠢᠶᠠᠨ ᠬᠦᠭᠡᠷᠦᠯᠳᠦᠨ ᠶᠠᠷᠢᠯᠴᠠᠨ᠎ᠠ᠃ ᠡᠷᠳᠡᠮᠳᠡᠭᠦᠰ ᠰᠠᠷᠠᠨ ᠬᠤᠶᠠᠭᠤᠯᠠ ᠡᠨᠡ ᠮᠡᠳᠦ ᠦᠷᠯᠦᠭᠡ ᠡᠷᠳᠡᠯᠡᠵᠦ᠂ ᠦᠳᠡᠰᠢ ᠠᠭᠠᠵᠢᠮᠳᠠᠵᠦ᠂ ᠶᠠᠳᠠᠷᠠᠬᠤ ᠶᠢᠨ ᠲᠦᠢᠯ ᠳᠤ ᠬᠦᠷᠳᠡᠭ ᠴᠤ ᠮᠠᠯ ᠰᠦᠷᠦᠭ ᠤᠨ ᠦᠨᠢᠷ ᠦᠰᠦᠯᠳᠡ ᠪᠠᠨ ᠪᠤᠳᠤᠪᠠᠯ ᠶᠠᠳᠠᠷᠠᠭ᠎ᠠ ᠨᠢ ᠲᠠᠶᠢᠯᠤᠭᠳᠠᠳᠠᠭ ᠠᠵᠠᠢ᠃      ᠲᠤᠭᠤᠭᠠᠳᠤ ᠶᠢᠨ ᠬᠤᠩᠬᠤᠷ ᠢᠶᠠᠷ ᠦᠬᠡᠷ ᠤᠨ ᠰᠦᠷᠦᠭ ᠪᠢᠯᠬᠠᠷᠠᠵᠦ᠂ ᠲᠤᠷᠭᠠᠨ ᠬᠦᠨᠳᠡᠢ ᠪᠠᠷ ᠨᠢ ᠬᠤᠨᠢᠳ ᠢᠷᠡᠶᠢᠨ᠎ᠠ᠃ ᠵᠤᠨ ᠤ ᠡᠬᠢᠨ ᠰᠠᠷ᠎ᠠ ᠶᠢᠨ ᠰᠢᠨ᠎ᠡ ᠶᠢᠨ ᠲᠠᠪᠤᠨ ᠳᠤ ᠡᠷᠳᠡᠮᠳᠡᠭᠦᠰ ᠤᠨ ᠬᠢᠨ ᠬᠤᠷᠠᠭ᠎ᠠ ᠢᠰᠢᠭᠡ ᠪᠠᠨ ᠴᠠᠭᠠᠯᠠᠨ᠎ᠠ᠃ ᠰᠤᠮᠤᠴᠢ ᠡᠪᠦᠭᠡᠨ ᠠᠯᠳᠠᠨ ᠪᠠᠭᠠᠨ᠎ᠠ ᠪᠠᠨ ᠰᠤᠭᠤᠪᠴᠢᠯᠠᠨ ᠢᠷᠡᠵᠦ ᠦᠷᠦᠵᠦ ᠲᠠᠯᠪᠢᠨ᠎ᠠ᠂ ᠰᠠᠷᠠᠨ ᠭᠤᠸᠠᠢ ᠮᠦᠩᠭᠦᠨ ᠲᠦᠷᠦᠬᠡ ᠪᠠᠨ ᠰᠦ ᠪᠠᠷ ᠮᠢᠯᠢᠶᠠᠨ ᠪᠤᠳᠠᠭ᠎ᠠ ᠤᠷᠬᠢᠨ ᠦᠰᠦᠯᠳᠡ ᠪᠠᠨ ᠪᠡᠯᠭᠡᠳᠡᠨ᠎ᠡ᠃ ᠵᠢᠭᠠᠬᠠᠨ ᠬᠦᠪᠡᠭᠦᠨ ᠨᠢ ᠰᠦᠷᠦᠭ ᠤᠨ ᠮᠠᠩᠯᠠᠢ ᠭᠡᠵᠦ ᠴᠠᠭᠠᠨ ᠬᠤᠷᠠᠭ᠎ᠠ ᠶᠢᠨ ᠮᠠᠩᠨᠠᠢ ᠶᠢ ᠦᠷᠦᠮ ᠢᠶᠠᠷ ᠮᠢᠯᠢᠶᠠᠵᠦ ᠬᠤᠴᠠ ᠲᠠᠯᠪᠢᠨ᠂ ᠲᠦᠮᠡ ᠢᠶᠠᠷ ᠦᠷᠡᠵᠢᠬᠦ ᠮᠠᠯ ᠢᠶᠠᠨ ᠬᠠᠷᠠᠭᠠᠳ᠂ ᠲᠦᠭᠦᠷᠡᠩ ᠴᠢᠷᠠᠢ ᠳᠠᠭᠠᠨ ᠢᠨᠢᠶᠡᠮᠰᠤᠭ᠍ᠯᠡᠯ ᠲᠤᠲᠤᠷᠠᠭᠤᠯᠤᠨ᠎ᠠ᠃ ᠦᠩᠭᠡᠷᠡᠬᠦ ᠬᠠᠪᠤᠷ ᠤᠨ ᠡᠮᠦᠨᠡᠬᠢ ᠠᠷᠪᠠᠭᠠᠳ ᠵᠢᠯ ᠳᠤ ᠦᠰᠬᠦ ᠮᠠᠯ ᠨᠢ ᠭᠤᠷᠪᠠᠨ ᠵᠠᠭᠤ ᠪᠠᠶᠢᠭᠰᠠᠨ ᠪᠤᠯ ᠦᠨᠦ ᠵᠦᠪᠬᠡᠨ ᠢᠮᠨᠠᠵᠦ ᠴᠠᠭᠠᠯᠠᠭᠰᠠᠨ ᠲᠦᠯ ᠨᠢ ᠵᠢᠷᠭᠤᠭᠠᠨ ᠵᠠᠭᠤ ᠶᠢᠨ ᠪᠤᠭᠤᠮᠳᠠ ᠶᠢ ᠲᠠᠪᠠᠵᠦ ᠲᠠᠬᠢᠨ ᠢᠯᠡᠭᠦᠤ ᠪᠠᠷ ᠦᠰᠴᠠᠢ᠃ ᠬᠤᠷᠠᠭ᠎ᠠ ᠴᠠᠭᠠᠯᠠᠬᠤ ᠳᠤ ᠠᠶᠢᠯ ᠰᠠᠭᠠᠬᠠᠯᠳᠠ ᠶᠢᠨ ᠬᠢᠨ ᠢᠷᠡᠵᠦ ᠬᠠᠪᠰᠤᠷᠴᠤ ᠦᠭᠭᠦᠨ᠎ᠡ᠃ ᠠᠬᠠᠮᠠᠳ ᠲᠤᠮᠤᠭᠠᠳᠠᠳ ᠨᠢ᠄ ︽ᠲᠠᠨ ᠤ ᠮᠠᠯ ᠰᠦᠷᠦᠭ ᠤᠶᠢᠷ᠎ᠠ ᠶᠢᠨ ᠵᠢᠯ ᠳᠤ ᠦᠰᠦᠯᠳᠡ ᠶᠡᠬᠡᠳᠡᠢ ᠪᠠᠶᠢᠳᠠᠭ ᠨᠢ ᠶᠠᠮᠠᠷ ᠤᠴᠢᠷ ᠠᠴᠠ ᠪᠤᠢ︖︾᠂ ︽ᠡᠨᠡ ᠪᠤᠯ ᠶᠠᠷᠢᠶᠠᠨ ᠦᠭᠡᠢ ᠪᠦᠳᠦᠭᠡᠨ ᠪᠠᠶᠢᠭᠤᠯᠵᠦ᠂ ᠮᠠᠯᠵᠢᠭᠰᠠᠨ ᠠᠴᠠ ᠮᠠᠯ ᠤᠨ ᠦᠰᠦᠯᠳᠡ ᠲᠤᠭᠳᠠᠭᠤᠨ ᠪᠤᠯᠤᠭᠰᠠᠨ ᠠᠴᠠ ᠰᠢᠤ︕︾ ᠭᠡᠬᠦ ᠳᠤ ᠤᠯᠠᠨ ᠢᠶᠠᠷ ᠡᠷᠳᠡᠮᠳᠡᠭᠦᠰ ᠰᠠᠷᠠᠨ ᠤ ᠠᠵᠢᠯᠴᠢ ᠬᠦᠳᠡᠯᠮᠦᠷᠢᠴᠢ ᠵᠠᠩ᠂ ᠠᠷᠪᠢᠯᠠᠨ ᠭᠠᠮᠨᠠᠳᠠᠭ ᠰᠤᠷᠳᠠᠯ ᠢ ᠪᠢᠰᠢᠷᠡᠨ᠎ᠡ᠃ ᠡᠳᠡᠨᠡᠶᠢᠬᠢᠨ ᠤ ᠮᠠᠯ ᠰᠦᠷᠦᠭ ᠡᠨᠡ ᠵᠢᠯ ᠪᠤᠭ ᠮᠠᠯ ᠮᠢᠩᠭ᠎ᠠ ᠶᠢᠨ ᠲᠤᠭ᠎ᠠ ᠶᠢ ᠲᠡᠪᠡᠵᠦ᠂ ᠦᠬᠡᠷ ᠨᠢ ᠬᠤᠶᠠᠷ ᠵᠠᠭᠤᠨ ᠲᠤᠯᠤᠭᠠᠢ᠂ ᠠᠳᠤᠭᠤ ᠬᠤᠷᠢᠭᠠᠳ ᠲᠤᠯᠤᠭᠠᠢ ᠭᠡᠵᠦ ᠲᠠᠩᠰᠠᠨ᠎ᠠ ᠲᠡᠮᠳᠡᠭᠯᠡᠭᠳᠡᠵᠡᠢ᠃      ᠤᠯᠠᠭᠠᠨ ᠬᠤᠯᠤᠭᠠᠨ᠎ᠠ ᠵᠢᠯ ᠤᠨ ᠨᠤᠭᠤᠭᠠᠨ ᠪᠦᠷᠢᠳᠦ ᠲᠡᠪᠢᠰᠭᠡᠷᠯᠡᠭᠰᠡᠨ ᠵᠤᠨ ᠤ ᠴᠡᠩᠭᠡᠯᠳᠡᠢ ᠴᠠᠭ ᠲᠤ᠂ ᠬᠤᠰᠢᠭᠤ ᠪᠠᠶᠢᠭᠤᠯᠤᠭᠳᠠᠭᠰᠠᠨ ᠲᠦᠴᠢᠨ ᠵᠢᠯ ᠤᠨ ᠤᠢ ᠶᠢ ᠲᠤᠬᠢᠶᠠᠯᠳᠤᠭᠤᠯᠵᠦ᠂ ᠮᠠᠯ ᠤᠨ ᠦᠨᠢᠷ ᠦᠰᠦᠯᠳᠡ300 ᠲᠦᠮᠡ ᠳᠤ ᠬᠦᠷᠦᠭᠰᠡᠨ ᠢᠶᠠᠨ ᠪᠡᠯᠭᠡᠯᠡᠨ ᠠᠷᠠᠳ ᠤᠨ ᠶᠡᠭᠡ ᠨᠠᠶᠢᠷ ᠢᠶᠠᠨ ᠬᠢᠵᠦ᠂ 500 ︽ᠬᠦᠳᠡᠯᠮᠦᠷᠢ ᠶᠢᠨ ᠵᠢᠱᠢᠶᠡᠴᠢ︾᠂ ︽ᠮᠢᠩᠭᠠᠳᠤ ᠶᠢᠨ ᠡᠵᠡᠳ︾ ᠢᠶᠠᠨ ᠲᠤᠲᠤᠷᠠᠭᠤᠯᠤᠨ ᠴᠤᠯᠠᠯᠠᠨ ᠱᠠᠩᠨᠠᠠᠵᠠᠢ᠃ ᠡᠷᠳᠡᠮᠳᠡᠭᠦᠰ ᠪᠦᠰᠡᠭᠦᠢ ᠰᠠᠷᠠᠨ ᠲᠠᠢ ᠪᠠᠨ ᠨᠠᠶᠢᠷ ᠲᠤ ᠤᠷᠢᠭᠳᠠᠨ ᠤᠷᠤᠯᠴᠠᠵᠠᠢ᠂ ᠤᠯᠠᠨ ᠮᠢᠩᠭᠠᠳᠤ ᠶᠢᠨ ᠡᠵᠡᠳ  ᠲᠠᠢ ᠬᠠᠮᠳᠤ ᠡᠷᠳᠡᠮᠳᠡᠭᠦᠰ ︽ᠮᠢᠩᠭᠠᠳᠤ ᠶᠢᠨ ᠡᠷᠦᠬᠡ︾ ᠶᠢᠨ ᠡᠷᠳᠡᠨᠢ ᠶᠢᠨ ᠬᠤᠨᠳᠠᠭ᠎ᠠ ᠶᠢ ᠲᠤᠰᠴᠤ᠂ ᠰᠠᠷᠠᠨ ᠭᠤᠸᠠᠢ ᠤᠯᠠᠨ ᠬᠦᠳᠡᠯᠮᠦᠷᠢ ᠶᠢᠨ ᠵᠢᠱᠢᠶᠡᠴᠦᠳ ᠤᠨ ᠬᠠᠮᠳᠤ ᠬᠤᠰᠢᠭᠤᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠠᠴᠠ ᠤᠯᠭᠤᠭᠰᠠᠨ ︽ᠬᠦᠳᠡᠯᠮᠦᠷᠢ ᠶᠢᠨ ᠵᠢᠱᠢᠶᠡᠴᠢ︾ ᠶᠢᠨ ᠠᠯᠳᠠᠨ ᠮᠧᠲ᠋ᠠᠯ ᠢᠶᠠᠷ ᠡᠩᠭᠡᠷ ᠢᠶᠠᠨ ᠮᠢᠯᠢᠶᠠᠯᠭᠠᠵᠦ ᠢᠷᠠᠭᠤ ᠠᠯᠳᠠᠷ ᠲᠤᠰᠤᠭᠠᠳ᠂ ᠦᠪᠡᠷ ᠤᠨ ᠬᠦᠳᠡᠯᠮᠦᠷᠢ ᠶᠢᠨ ᠦᠷ᠎ᠡ ᠪᠦᠳᠦᠭᠡᠯ ᠢᠶᠠᠨ ᠦᠨᠳᠦᠷ ᠦᠨᠡᠯᠡᠭᠦᠯᠦᠭᠰᠡᠨ ᠳᠡᠭᠡᠨ ᠭᠦᠷ ᠪᠠᠶᠠᠷ ᠪᠢᠯᠬᠠᠭᠤᠯᠤᠨ᠎ᠠ᠃           ᠡᠬᠡ ᠭᠠᠵᠠᠷ ᠤᠨ ᠲᠣᠷᠭᠠᠨ ᠥᠯᠥᠭᠡᠢ ᠳᠤ           ᠡᠩᠬᠦᠷᠡᠢ ᠬᠦᠮᠥᠵᠢᠭᠰᠡᠨ ᠮᠢᠨᠦ ᠪᠡᠶ᠎ᠠ           ᠡᠬᠡ ᠣᠷᠣᠨ ᠤ ᠪᠠᠨ ᠳᠣᠯᠠᠭᠠᠨ ᠡᠪᠦᠷ ᠳᠡᠭᠡᠷ᠎ᠠ           ᠡᠳ᠋ᠯᠡᠬᠦ ᠶᠢᠨ ᠵᠢᠷᠭᠠᠯ ᠲᠠᠢ ᠠᠷᠠᠳ ᠲᠥᠮᠡᠨ ᠮᠢᠨᠢ                      — ︽ᠡᠬᠡ ᠤᠷᠤᠨ ᠮᠢᠨᠢ ᠨᠠᠮᠤᠷᠰᠢᠨ᠎ᠠ︾ ᠭᠡᠬᠦ ᠰᠢᠯᠦᠭ ᠠᠴᠠ      ᠨᠠᠢᠮᠠᠨ ᠲᠡᠬᠢᠯ ᠤᠨ ᠰᠢᠨᠵᠢ ᠪᠠᠷ ᠬᠦᠷᠢᠶᠡᠯᠡᠭᠦᠯᠦᠭᠰᠡᠨ ᠦᠨᠳᠦᠷ ᠲᠠᠬᠢᠯᠭᠠᠳᠤ ᠪᠠᠳᠠᠷᠠᠬᠤ ᠤᠪᠤᠭ᠎ᠠ ᠨᠢ ᠭᠡᠰᠢᠭ  ᠤᠨ ᠪᠠᠶᠠᠨ ᠬᠦᠷᠢᠶ᠎ᠡ ᠲᠠᠳᠠᠵᠦ᠂ ᠬᠤᠷ᠎ᠠ ᠪᠤᠷᠤᠭᠠᠨ ᠲᠡᠭᠰᠢᠷᠡᠨ ᠦᠩᠭᠡ ᠶᠢᠨ ᠴᠡᠴᠡᠭ ᠠᠯᠠᠭᠯᠠᠨ ᠮᠦᠰᠢᠶᠡᠨ᠎ᠡ᠃ ᠮᠠᠨᠢᠳᠦ — ᠡᠷᠳᠡᠨᠢ — ᠪᠠᠶᠠᠨ ᠵᠢᠷᠦᠬᠡ ᠶᠢᠨ ᠭᠤᠷᠪᠠᠨ ᠭᠤᠤᠯ ᠤᠨ ᠠᠮᠢᠰᠬᠤᠯ ᠦᠷᠭᠡᠨ ᠨᠤᠭᠤᠭᠠᠨ ᠲᠠᠯ᠎ᠠ  ᠳᠠᠭᠠᠨ ᠮᠦᠩᠬᠡᠯᠡᠨ ᠤᠷᠤᠰᠤᠭᠰᠠᠭᠠᠷ ᠦᠨᠢᠷ ᠤᠯᠠᠨ ᠮᠠᠯ ᠰᠦᠷᠦᠭ ᠢᠶᠠᠨ ᠤᠮᠳᠠᠯᠠᠨ ᠵᠢᠷᠭᠠᠨ᠎ᠠ᠃ ᠬᠤᠤᠰ ᠲᠠᠭᠠᠭᠠᠴᠢᠯᠠᠯᠳᠠ ᠶᠢᠨ ᠬᠦᠨᠳᠦ ᠪᠡᠯᠭᠡ ᠶᠢ ᠭᠦᠷᠳᠡᠭᠰᠡᠨ ᠮᠠᠯᠴᠢᠳ ᠰᠢᠷᠭᠠᠭᠤ ᠬᠦᠳᠡᠯᠮᠦᠷᠢ ᠡᠯᠪᠡᠭ ᠬᠤᠷᠢᠶᠠᠯᠳᠠ ᠶᠢᠨ ᠦᠷ᠎ᠡ ᠵᠢᠮᠢᠰ ᠰᠠᠭᠤᠵᠦ᠂ ᠭᠠᠴᠠᠭ᠎ᠠ ᠶᠢᠨ ᠪᠦᠬᠦ ᠮᠠᠯ ᠤᠨ ᠦᠨᠢᠷ ᠦᠰᠦᠯᠳᠡ ᠨᠠᠢᠮᠠᠨ ᠲᠦᠮᠡ ᠶᠢᠨ ᠪᠤᠭᠤᠮᠳᠠ ᠶᠢ ᠲᠠᠪᠠᠭᠰᠠᠨ ᠢᠶᠠᠷ ᠪᠦᠬᠦ ᠬᠤᠰᠢᠭᠤᠨ ᠳᠠᠭᠠᠨ ᠬᠤᠶᠠᠳᠤᠭᠠᠷ ᠲᠤ ᠤᠷᠤᠬᠤ ︽ᠪᠠᠶᠠᠨ ᠭᠠᠴᠠᠭ᠎ᠠ︾ ᠪᠤᠯᠵᠦ᠂ ᠬᠠᠮᠳᠤ  ᠶᠢᠨ ᠢᠷᠠᠭᠤ ᠠᠯᠳᠠᠷ ᠢ ᠤᠯᠤᠭᠠᠳ ᠲᠡᠤᠬᠡ ᠶᠢᠨ ᠰᠢᠨ᠎ᠡ ᠬᠠᠭᠤᠳᠠᠰᠤ ᠶᠢ ᠪᠢᠴᠢᠭᠯᠡᠨ᠎ᠡ᠃                        ᠤᠯᠢᠶᠠᠰᠤᠳᠠᠢ ᠳᠤ᠂ 2019 ᠤᠨ ᠤ 3 ᠰᠠᠷ᠎ᠠ ᠳᠤ ᠪᠢᠴᠢᠪᠡᠢ᠃      ᠬᠠᠶ᠋ᠢᠭ᠄ ᠵᠡᠭᠦᠨ ᠦᠵᠦᠮᠦᠴᠢᠨ ᠬᠤᠰᠢᠭᠤᠨ ᠤ ᠠᠬᠠᠮᠠᠳ ᠺᠠᠳᠠᠷ ᠤᠨ ᠲᠤᠪᠴᠢᠶ᠎ᠠ      ᠵᠤᠬᠢᠶᠠᠭᠴᠢ᠄ ᠤᠷᠢᠶᠠᠩᠬᠠᠨ ᠤ᠂ ᠶᠤᠨᠳᠤᠨ᠂ ᠠᠵᠢᠯ ᠠᠴᠠ ᠪᠠᠨ ᠲᠠᠷᠬᠠᠯᠠᠭᠳᠠᠭᠰᠠᠨ ᠠᠬᠠᠮᠠᠳ ᠺᠠᠳᠠᠷ      ᠬᠠᠷᠢᠯᠴᠠᠬᠤ ᠤᠳᠠᠰᠤ᠄ 13654790610
 
ᠢᠷᠡᠯᠲᠡ᠄ ᠤᠷᠢᠶᠠᠩᠬᠠᠨ ᠤ᠂ ᠶᠤᠨᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号