︽ᠬᠦᠩᠬᠡᠷ ᠴᠡᠴᠡᠭ︾ ᠤᠨ ᠭᠠᠶᠢᠬᠠᠮᠰᠢᠭ
ᠨᠡᠶᠢᠲᠡᠯᠡᠭᠰᠡᠨ ᠴᠠᠭ᠄
2018/1/12
ᠭᠣ ᠲᠠᠪᠬᠠᠢ                          ︽ᠬᠦᠩᠬᠡᠷ ᠴᠡᠴᠡᠭ︾ ᠤᠨ ᠭᠠᠶᠢᠬᠠᠮᠰᠢᠭ                                               ᠭᠤᠣᠯ ᠠᠭᠤᠯᠭ᠎ᠠ᠄  ᠲᠣᠰ ᠦᠭᠦᠯᠡᠯ ᠳᠤ ᠵᠡᠭᠦᠨ ᠦᠵᠦᠮᠦᠴᠢᠨ ᠬᠤᠰᠢᠭᠤᠨ ᠤ ᠠᠬᠠᠮᠠᠳ ᠵᠣᠬᠢᠶᠠᠯᠴᠢ ᠨᠡ᠊ ᠲᠡᠮᠡᠴᠡᠯᠲᠦ ᠭᠤᠸᠠᠢ ᠶᠢᠨ ︽ᠬᠦᠩᠬᠡᠷ ᠰᠣᠨᠢᠷᠬᠠᠭᠰᠠᠨ ᠪᠣᠳᠣᠯ︾ ᠬᠡᠮᠡᠬᠦ ᠨᠢᠭᠡᠨ ᠰᠢᠯᠦᠭ ᠪᠠᠷ ᠵᠢᠱᠢᠶ᠎ᠡ ᠲᠠᠳᠠᠨ ᠳᠠᠭᠤᠣ ᠰᠢᠯᠦᠭ ᠬᠢᠭᠡᠳ ᠡᠮᠲᠦ ᠣᠷᠭᠤᠮᠠᠯ  ᠤᠨ ᠣᠶᠠᠯᠳᠣᠯ᠂ ᠮᠣᠩᠭᠤᠯ ᠡᠮ ᠪᠠ ᠨᠣᠲᠤᠭ ᠪᠡᠯᠴᠡᠭᠡᠷ ᠢᠶᠠᠨ ᠬᠠᠮᠠᠭᠠᠯᠠᠬᠤ ᠶᠢ ᠴᠢᠬᠤᠯᠴᠢᠯᠠᠭᠰᠠᠨ ᠪᠦᠭᠡᠳ ᠲᠡᠭᠦᠪᠡᠷ ᠳᠠᠮᠵᠢᠭᠤᠯᠣᠨ ᠮᠠᠯᠴᠢᠨ ᠲᠦᠮᠡᠨ ᠤ ᠨᠢᠭᠡᠨ ᠰᠢᠷᠬᠢᠭ ᠡᠪᠡᠰᠣ᠂ ᠨᠢᠭᠡ ᠪᠣᠲᠠ ᠴᠡᠴᠡᠭᠡᠰ ᠢᠶᠠᠨ ᠬᠦᠷᠲᠡᠯ᠎ᠡ ᠬᠠᠷᠠᠵᠦ ᠬᠠᠶᠢᠷᠠᠯᠠᠨ ᠬᠠᠮᠠᠭᠠᠯᠠᠳᠠᠭ ᠰᠠᠶᠢᠨ ᠰᠠᠶᠢᠬᠠᠨ ᠵᠠᠩ ᠴᠢᠨᠠᠷ  ᠢ ᠨᠢ ᠪᠢᠰᠢᠷᠡᠨ  ᠪᠠᠭ᠋ᠠᠳᠣᠵᠦ ᠦᠭᠦᠯᠡᠭᠰᠡᠨ ᠪᠠᠶᠢᠨ᠎ᠠ᠃      ᠵᠠᠩᠭᠢᠯᠭ᠎ᠠ ᠶᠢᠨ ᠦᠭᠡᠰ᠄  ᠬᠦᠩᠬᠡᠷ ᠴᠡᠴᠡᠭ᠃  ᠡᠮᠲᠦ ᠣᠷᠭᠤᠮᠠᠯ ︽ᠨᠠᠪᠴᠢᠷᠬᠠᠭ ᠣᠷᠳᠣᠣᠴᠠ︾᠂ ᠮᠣᠩᠭᠤᠯ ᠡᠮ ᠰᠠᠷᠠᠳᠨᠠᠭ  ︵ᠬᠠᠷ᠎ᠠ ᠰᠠᠷᠠᠳ︶᠂ ᠳ᠋ᠠᠭᠱᠠ᠃      ᠦᠵᠦᠮᠦᠴᠢᠨ ᠨᠣᠲᠤᠭ ᠪᠣᠯ ᠲᠡᠣᠬᠡᠨ ᠠᠴᠠ ᠠᠪᠣᠭᠠᠳ ᠡᠪᠡᠰᠣ ᠣᠷᠭᠤᠮᠠᠯ ᠰᠠᠬᠤᠯᠠᠭ ᠲᠠᠩᠰᠤᠭ᠂ ᠣᠯᠠᠷᠢᠯ ᠤᠨ ᠥᠩᠭᠡ  ᠠᠭᠠᠷ ᠢᠯᠭᠠᠮ ᠲᠣᠳᠣ ᠪᠠᠶᠢᠳᠠᠭ ᠪᠣᠯᠬᠤᠷ ᠡᠯ᠎ᠡ ᠵᠦᠢᠯ ᠤᠨ ᠡᠮᠲᠦ ᠣᠷᠭᠤᠮᠠᠯ ᠡᠯᠪᠡᠭ  ᠳᠡᠯᠪᠡᠭ ᠣᠷᠭᠤᠳᠠᠭ ᠭᠠᠵᠠᠷ ᠤᠨ ᠨᠢᠭᠡ ᠶᠤᠮ᠃ ᠵᠢᠱᠢᠶᠡᠯᠡᠪᠡᠯ ᠳᠤ ᠵᠥᠪᠬᠡᠨ ᠶᠠᠭᠠᠨ ᠥᠩᠭᠡ ᠶᠢᠨ ᠣᠷᠭᠤᠮᠠᠯ ᠭᠡᠬᠦ  ᠳᠤ ᠯᠡ ᠬᠤᠩᠭᠤᠷ ᠵᠣᠯᠠ᠂ ᠵᠢᠷᠦᠭᠸ᠎ᠠ᠂ ᠣᠷᠳᠣᠣᠴᠠ᠂ ᠪᠠᠱᠠᠭ᠎ᠠ᠂ ᠭᠠᠩᠭ᠎ᠠ ᠡᠪᠡᠰᠣ ᠭᠡᠬᠦᠴᠢᠯᠡᠨ ᠴᠡᠴᠡᠭ ᠬᠤᠸᠠᠷ ᠤᠳ ᠣᠯᠠᠨ ᠳᠡᠯᠭᠡᠷᠡᠳᠡᠭ ᠶᠤᠮ᠃ ᠲᠡᠭᠦᠨ ᠤ ᠲᠣᠲᠣᠷ᠎ᠠ ᠠᠴᠠ ᠠᠳᠡ ︽ᠬᠦᠩᠬᠦᠷ ᠴᠡᠴᠡᠭ︾ ᠬᠡᠮᠡᠬᠦ ᠨᠢᠭᠡᠨ  ᠰᠢᠯᠦᠭ ᠢᠶᠠᠷ ᠰᠡᠳᠣᠪᠯᠡᠵᠦ᠂ ᠲᠡᠭᠦᠨ ᠢ ᠲᠠᠨᠢᠯᠴᠠᠭᠤᠯᠬᠤ ᠶᠢᠨ ᠵᠡᠷᠭᠡᠴᠡᠭᠡᠪᠡᠷ ᠣᠷᠭᠤᠮᠠᠯ᠂ ᠡᠮᠲᠦ ᠪᠣᠳᠠᠰ᠂ ᠮᠣᠩᠭᠤᠯ ᠡᠮ ᠤᠨ ᠨᠡᠷ᠎ᠡ ᠲᠣᠮᠢᠶ᠎ᠠ ᠵᠡᠷᠭᠡ ᠲᠠᠯ᠎ᠠ ᠪᠠᠷ ᠠᠳᠠᠯᠢᠳᠬᠠᠨ ᠬᠠᠷᠢᠴᠠᠭᠤᠯᠵᠦ ᠡᠮᠲᠦ ᠴᠢᠨᠠᠷ ᠪᠠ ᠣᠶᠠᠩᠭ᠎ᠠ ᠰᠢᠯᠦᠭ ᠤᠨ ᠣᠶᠠᠯᠳᠠᠯ  ᠭᠠᠶᠢᠬᠠᠮᠰᠢᠭ ᠢ ᠦᠭᠦᠯᠡᠶ᠎ᠡ᠃        ᠮᠣᠩᠭᠤᠯ ᠡᠮ ᠢ ᠪᠠᠭᠲᠠᠭᠠᠭᠰᠠᠨ ᠬᠡᠭᠡᠷ᠎ᠡ ᠲᠠᠯ᠎ᠠ ᠶᠢᠨ ᠥᠩᠭᠡ ᠢᠯᠭᠠᠷᠠᠭᠰᠠᠨ ᠴᠡᠴᠡᠭ ᠨᠠᠪᠴᠢ ᠪᠠᠨ ᠰᠢᠯᠦᠭᠯᠡᠨ ᠮᠠᠭᠲᠠᠳᠠᠭ ᠪᠣᠯ ᠮᠣᠩᠭᠤᠯ ᠰᠢᠯᠦᠭᠴᠢ ᠶᠢᠨ ᠪᠠᠰᠠ ᠨᠢᠭᠡᠨ ᠣᠨᠴᠠᠯᠢᠭ ᠶᠤᠮ᠃ ᠵᠢᠱᠢᠶᠡᠯᠡᠬᠦ ᠳᠤ ᠶᠡᠭᠡ ᠡᠮᠴᠢ ᠢᠰᠢᠳᠠᠠᠽᠡᠡᠸᠠᠩᠵᠢᠯ ᠤᠨ ᠰᠢᠯᠦᠭ᠂ ᠬᠡᠰᠢᠭᠪᠡᠲᠦ ᠶᠢᠨ ᠰᠢᠯᠦᠭ᠂ ᠮᠡᠷᠭᠡᠨ ᠭᠡᠭᠡᠨ ᠤ ᠰᠢᠯᠦᠭᠯᠡᠯ ᠳᠤ ᠪᠦᠷ ᠮᠣᠩᠭᠤᠯ ᠡᠮ ᠡᠮᠨᠡᠯᠭᠡ ᠪᠠᠷ ᠰᠡᠳᠣᠪᠯᠡᠭᠰᠡᠨ ᠰᠢᠯᠦᠭ ᠪᠠᠶᠢᠳᠠᠭ ᠶᠤᠮ᠃ ᠰᠡᠭᠦᠯ ‍ᠤᠨ‌ᠦᠶ᠎ᠡ ᠶᠢᠨ ᠵᠣᠬᠢᠶᠠᠯᠴᠢ ᠰᠢᠯᠦᠭᠴᠢ ᠨᠡᠷ ᠴᠦ ᠪᠠᠰᠠ ᠣᠷᠭᠤᠮᠠᠯ ᠤᠨ ᠮᠠᠭᠲᠠᠭᠠᠯ᠂ ᠡᠮ ᠡᠮᠨᠡᠯᠭᠡ ᠶᠢᠨ ᠲᠣᠬᠠᠢ ᠲᠠᠢ ᠰᠢᠯᠦᠭ ᠣᠶᠠᠩᠭ᠎ᠠ ᠣᠯᠠᠠᠲᠠ ᠨᠠᠶᠢᠷᠠᠭᠤᠯᠣᠭᠰᠠᠨ ᠪᠠᠶᠢᠳᠠᠭ ᠶᠣᠮ᠃ ᠳᠣᠬᠠᠶᠢᠯᠠᠪᠠᠯ ᠵᠡᠭᠦᠨ ᠦᠵᠦᠮᠦᠴᠢᠨ ᠤ ᠠᠬᠠᠮᠠᠳ ᠵᠣᠬᠢᠶᠠᠯᠴᠢ ᠨᠠ᠊ ᠲᠡᠮᠡᠴᠡᠯᠲᠦ ᠭᠤᠸᠠᠢ ᠶᠢᠨ ︽ᠬᠡᠭᠡᠷ᠎ᠡ ᠶᠢᠨ ᠣᠳᠠᠪᠠᠯ᠎ᠠ︾ ᠪᠠ ︽ᠬᠦᠩᠬᠡᠷ ᠰᠣᠨᠢᠷᠬᠠᠭᠰᠠᠨ ᠪᠣᠳᠣᠯ ︾ ᠭᠡᠬᠦ ᠵᠡᠷᠭᠡ ᠶᠢᠨ ᠰᠢᠯᠦᠭ  ᠪᠢᠴᠢᠵᠦ ᠨᠡᠶᠢᠲᠡᠯᠡᠭᠰᠡᠨ ᠪᠠᠶᠢᠳᠠᠭ ᠶᠤᠮ᠃ ᠵᠡᠭᠦᠨ ᠦᠵᠦᠮᠦᠴᠢᠨ ᠤ ᠠᠬᠠᠮᠠᠳ ᠵᠣᠬᠢᠶᠠᠯᠴᠢ ᠫᠡ᠊ ᠳᠣᠭᠠᠷ ᠭᠤᠸᠠᠢ ᠴᠦ ᠭᠡᠳ ︽ᠵᠠᠫᠣᠽᠢᠽᠢ ᠴᠡᠴᠡᠭ︾᠂ ︽ᠠᠷᠣᠷ᠎ᠠ ᠶᠢᠨ ᠨᠠᠶᠢᠷ︾ ᠭᠡᠬᠦ ᠮᠡᠲᠦ ᠶᠢᠨ ᠰᠢᠯᠦᠭ ᠮᠠᠭᠲᠠᠭᠠᠯ ᠨᠡᠶᠢᠲᠡᠯᠡᠭᠦᠯᠵᠦ᠂ ᠮᠣᠩᠭᠤᠯ ᠡᠮ ᠪᠠ ᠣᠷᠭᠤᠮᠠᠯ ᠢ ᠣᠶᠠᠩᠭᠠᠯᠠᠵᠦ ᠰᠢᠯᠦᠭᠯᠡᠭᠰᠡᠨ ᠪᠠᠶᠢᠳᠠᠭ ᠶᠤᠮ᠃ ᠲᠡᠭᠦᠨ ᠤ ᠲᠣᠳᠣᠷ᠎ᠠ ᠠᠴᠠ ᠦᠵᠦᠮᠦᠴᠢᠨ ᠤ ᠠᠬᠠᠮᠠᠳ ᠢᠷᠠᠭᠤ ᠨᠠᠶᠢᠷᠠᠭᠴᠢ ᠨᠡ᠊ ᠲᠡᠮᠡᠴᠡᠯᠲᠦ ᠭᠤᠸᠠᠢ ᠶᠢᠨ 1980 ‍ᠭᠠᠳ ᠣᠨ ᠳᠤ ᠨᠡᠶᠢᠲᠡᠯᠡᠭᠰᠡᠨ ︽ᠬᠦᠩᠬᠡᠷ ᠰᠣᠨᠢᠷᠬᠠᠭᠰᠠᠨ ᠪᠣᠳᠣᠯ︾ ᠬᠡᠮᠡᠬᠦ ᠨᠢᠭᠡᠨ  ᠮᠠᠭᠲᠠᠭᠠᠯ ᠰᠢᠯᠦᠭ  ᠲᠠᠢ ᠣᠶᠠᠯᠳᠣᠭᠤᠯᠵᠦ᠂ ᠮᠣᠩᠭᠤᠯ ᠡᠮ ᠡᠮᠨᠡᠯᠭᠡ ᠪᠠ  ᠮᠣᠩᠭᠤᠯ ᠳᠠᠭᠤᠣ ᠰᠢᠯᠦᠭ ᠤᠨ  ᠠᠭᠤᠰᠣᠯᠴᠠᠯ ᠵᠣᠬᠢᠴᠠᠯ ᠢ ᠰᠣᠨᠢᠷᠬᠠᠭᠤᠯᠣᠶ᠎ᠠ᠃      ᠨᠡ᠊  ᠲᠡᠮᠡᠴᠡᠯᠲᠦ ᠭᠤᠸᠠᠢ ᠨᠢᠭᠡ ᠣᠳᠠᠭ᠎ᠠ ᠠᠵᠢᠯ ᠢᠶᠠᠷ ᠣᠣᠯ ᠤᠨ ᠬᠦᠷᠢᠶᠡᠨᠠᠭᠤᠷ ᠰᠣᠮᠣᠨ ᠳᠤ ᠬᠥᠳᠡᠭᠡ ᠪᠠᠭᠤᠯᠭᠠᠭᠰᠠᠨ ᠪᠠᠶᠢᠵᠡᠢ᠃ ᠲᠡᠭᠡᠭᠡᠳ ᠲᠠᠯ᠎ᠠ ᠰᠢᠯᠢ ᠶᠢ ᠪᠦᠷᠬᠦᠭᠰᠡᠨ ᠬᠦᠷᠡᠩ ᠶᠠᠭᠠᠨ ︽ᠬᠦᠩᠬᠡᠷ ᠴᠡᠴᠡᠭ ︾ ᠢ ᠦᠵᠡᠭᠡᠳ ᠣᠷᠠᠮ᠎ᠠ ᠪᠠᠬ᠎ᠠ ᠨᠢ ᠣᠨᠳᠣᠷᠴᠦ᠄ ︽ ᠬᠦᠷᠡᠩ ᠶᠠᠭᠠᠨ ᠴᠡᠴᠡᠭ ᠢ / ᠬᠦᠰᠡᠷ᠎ᠡ ᠳᠡᠯᠭᠡᠭᠡᠳ ᠬᠠᠶᠠᠭᠰᠠᠨ ᠰᠢᠭ  /  ᠬᠦᠷᠢᠶᠡᠲᠦ ᠬᠠᠲᠠᠳᠦ ᠶᠢᠨ ᠰᠢᠯᠢ ᠪᠠᠷ / ᠬᠦᠩᠬᠡᠷ ᠴᠡᠴᠡᠭ ᠤᠨ ᠣᠷᠭᠤᠭᠰᠠᠨ ᠭᠡᠵᠡᠢ ᠡ ᠁︾ ᠭᠡᠵᠦ ᠥᠪᠡᠷ ᠤᠨ ᠡᠷᠬᠡ ᠦᠭᠡᠢ ᠪᠠᠭ᠋ᠠᠷᠠᠨ ᠰᠢᠯᠦᠭᠯᠡᠭᠰᠡᠨ ᠪᠡᠶᠢᠵᠡᠢ᠃ ᠳᠣᠬᠠᠢ ᠦᠶᠡᠰ ᠬᠦᠮᠦᠰ ᠲᠡᠭᠦᠨ ᠢ ᠢᠷᠠᠭᠤ ᠨᠠᠶᠢᠷᠠᠭ ᠲᠡᠳᠣᠢ ᠭᠡᠮᠡᠨ ᠳᠡᠮᠡᠢ ᠶᠡᠭᠡ ᠠᠩᠬᠠᠷᠠᠭᠰᠠᠨ ᠦᠭᠡᠢ ᠥᠩᠭᠡᠷᠭᠡᠵᠡᠢ᠃ ᠣᠳᠣ ᠪᠣᠯᠣᠭᠠᠳ ︽ᠬᠦᠩᠬᠡᠷ ᠴᠡᠴᠡᠭ︾  ᠢ ᠰᠠᠨᠠᠭᠠᠨ ᠳᠤ ᠣᠷᠣᠬᠤ ᠳᠤ ᠰᠠᠶ᠋ᠢ ᠥᠨᠥᠬᠢ ᠣᠶᠠᠩᠭ᠎ᠠ ᠶᠢᠨ ᠶᠠᠭᠠᠨ ᠴᠡᠴᠡᠭ  ᠪᠣᠳᠣᠭᠳᠠᠵᠡᠢ᠃ ᠢᠩᠭᠢᠭᠡᠳ ᠠᠰᠠᠭᠤᠵᠦ ᠰᠣᠷᠣᠭᠯᠠᠭᠰᠠᠨ ᠪᠣᠯᠪᠠᠴᠦ ︽ᠲᠣᠳᠣᠷᠠᠬᠠᠢ ᠮᠡᠳᠡᠬᠦ︾ ᠬᠦᠮᠦᠨ ᠴᠥᠭᠡᠷᠡᠭᠰᠡᠨ ᠨᠢ ᠬᠠᠷᠢᠨ ᠬᠠᠷᠠᠮᠰᠠᠯᠲᠠᠢ ᠪᠠᠶᠢᠯ᠎ᠠ᠃ ᠲᠡᠭᠡᠭᠡᠪᠡᠴᠦ ᠵᠣᠯ ᠢᠶᠠᠷ ᠣᠣᠯ ᠤᠨ ᠴᠠᠭᠠᠠᠨᠠᠭᠤᠷ ᠰᠣᠮᠣᠨ ᠤ ᠮᠣᠩᠭᠤᠯ ᠡᠮᠴᠢ ᠪᠠᠲᠦ ᠭᠤᠸᠠᠢ᠂ ᠣᠣᠯ ᠤᠨ ᠬᠦᠷᠢᠶᠡᠲᠦᠨᠠᠭᠤᠷ ᠰᠣᠮᠣᠨ ᠤ ᠮᠣᠩᠭᠤᠯ ᠡᠮᠴᠢ ᠵᠠᠩ ᠰᠢᠪᠠᠭᠤ ᠨᠥᠬᠦᠷ᠂ ᠬᠤᠰᠢᠭᠤ ᠮᠣᠩᠭᠤᠯ ᠡᠮᠨᠡᠯᠭᠡ ᠶᠢᠨ ᠬᠤᠷᠢᠶᠠᠨ ᠤ ᠡᠮᠴᠢ ᠪᠣᠶᠠᠠᠲᠦ ᠵᠡᠷᠭᠡ ᠨᠥᠬᠦᠳ ︽ ᠬᠦᠩᠬᠡᠷ ᠴᠡᠴᠡᠭ︾ ᠢ ᠲᠡᠭᠦᠨ ᠣᠯᠣᠭᠰᠠᠨ ᠰᠠᠭᠤᠷᠢᠨ ᠳᠡᠭᠡᠷ᠎ᠡ ᠠᠯᠠᠱᠠ ᠠᠶᠢᠮᠠᠭ  ᠤᠨ ᠲᠠᠨᠢᠯ ᠡᠮᠴᠢ ᠴᠣᠭᠲᠦ ᠭᠤᠸᠠᠢ᠂ ᠥᠪᠥᠷ ᠮᠣᠩᠭᠤᠯ ᠤᠨ ᠡᠮᠨᠡᠯᠭᠡ ᠶᠢᠨ ᠶᠡᠭᠡ ᠰᠣᠷᠭᠠᠭᠤᠯᠢ  ᠶᠢᠨ ᠠᠬᠠᠮᠠᠳ ᠪᠠᠭᠰᠢ ᠰᠡᠷᠡᠩᠨᠠᠮᠵᠢᠯ᠂ ᠳᠠᠸ᠎ᠠ ᠨᠡᠷ ᠠᠴᠠ ᠯᠡᠪᠯᠡᠭ᠌ᠰᠠᠨ ᠰᠠᠭᠤᠷᠢᠨ ᠳᠡᠭᠡᠷ᠎ᠡ  ᠬᠦᠷᠡᠩ ᠶᠠᠭᠠᠨ ᠥᠩᠭᠡ  ᠲᠠᠢ ︽ᠬᠦᠩᠬᠡᠷ ᠴᠡᠴᠡᠭ︾ ᠭᠡᠳᠡᠭ ᠨᠢ ᠳᠠᠷᠣᠢ ᠡᠮᠲᠦ ᠣᠷᠭᠤᠮᠠᠯ ︽ᠨᠠᠪᠴᠢᠷᠬᠠᠭ ᠣᠷᠳᠣᠣᠴᠠ︾  ᠮᠥᠨ  ᠪᠣᠯᠣᠯᠲᠠᠢ ᠭᠡᠵᠦ ᠰᠢᠨᠵᠢᠯᠡᠭᠰᠡᠨ ᠪᠠᠶᠢᠨ᠎ᠠ      ᠨᠢᠭᠡ ᠳᠤ᠂ ᠬᠥᠳᠡᠭᠡ ᠶᠢᠨ ︽ᠬᠦᠩᠬᠡᠷ ᠴᠡᠴᠡᠭ  ︾ ᠤᠨ ᠲᠣᠬᠠᠢ᠃      ᠰᠢᠯᠢ ᠶᠢᠨ ᠭᠤᠣᠯ ᠠᠶᠢᠮᠠᠭ ᠤᠨ ᠡᠯ᠎ᠡ ᠭᠠᠵᠠᠷ ᠲᠤ ᠨᠡᠶᠢᠳᠡᠮ ᠣᠷᠭᠤᠳᠠᠭ  ᠭᠡᠳᠡᠭ ᠪᠣᠯᠪᠠᠴᠦ᠂ ᠮᠠᠨ ᠤ ᠵᠡᠭᠦᠨ ᠦᠵᠦᠮᠦᠴᠢᠨ ᠬᠤᠰᠢᠭᠤᠨ ᠤ ᠵᠡᠭᠦᠨ ᠡᠮᠦᠨ᠎ᠡ ᠬᠡᠳᠣᠨ ᠰᠣᠮᠣ ᠪᠠᠷ ᠢᠯᠡᠭᠦᠣ ᠣᠷᠭᠤᠳᠠᠭ ᠪᠠᠶᠢᠨ᠎ᠠ᠃ ᠳᠠᠷᠣᠢ ᠣᠣᠯ ᠤᠨ ᠬᠦᠷᠢᠶᠡᠲᠦᠨᠠᠭᠤᠷ ᠰᠣᠮᠣᠨ ᠤ ᠬᠠᠲᠠᠲᠦ ᠶᠢᠨ ᠰᠢᠯᠢ᠂ ᠣᠣᠯ ᠤᠨ ᠴᠠᠭᠠᠠᠨᠠᠭᠤᠷ ᠰᠣᠮᠣᠨ ᠤ ᠪᠣᠮᠲᠦ ᠶᠢᠨ ᠲᠠᠯ᠎ᠠ ᠵᠡᠷᠭᠡ ᠰᠢᠯᠢᠷᠬᠡᠭ ᠡᠯᠰᠣᠷᠬᠡᠭ ᠭᠠᠵᠠᠷ ᠲᠤ ᠭᠤᠣᠯᠳᠠᠭᠤ ᠣᠷᠭᠤᠳᠠᠭ ᠪᠠᠶᠢᠭᠰᠠᠨ ᠪᠠᠶᠢᠨ᠎ᠠ᠃ ︽ᠬᠦᠩᠬᠡᠷ ᠴᠡᠴᠡᠭ  ︾ ᠭᠡᠰᠡᠨ ᠦᠭᠡ ᠶᠢ ︽ᠬᠦᠩᠬᠡ︾ ᠭᠡᠳᠡᠭ ᠶᠠᠭᠠᠨ ᠴᠡᠴᠡᠭ  ᠪᠣᠯᠪᠠᠣ᠂ ᠬᠦᠮᠡᠯᠢ ᠪᠣᠶᠣ ᠲᠠᠭᠠᠨ᠎ᠠ ᠴᠦ ᠶᠤᠮ ᠦᠦ ᠭᠡᠵᠦ ᠣᠯᠠᠨ ᠲᠠᠯ᠎ᠠ ᠪᠠᠷ ᠠᠳᠠᠯᠢᠳᠬᠠᠯ᠎ᠠ᠃ ᠬᠠᠷᠢᠴᠠᠭᠤᠯᠣᠭᠰᠠᠨ ᠤ ᠳ᠋ᠦᠩ ᠲᠤ ᠨᠠ᠊ ᠲᠡᠮᠡᠴᠡᠯᠲᠦ ᠭᠤᠸᠠᠢ  ᠶᠢᠨ ᠮᠠᠭᠲᠠᠭᠰᠠᠨ ᠲᠡᠷᠡ ᠬᠦ ︽ᠬᠦᠩᠬᠡᠷ ᠴᠡᠴᠡᠭ︾ ᠭᠡᠳᠡᠭ ᠪᠣᠯ ᠠᠷᠠᠢ ᠴᠦ ᠪᠢᠰᠢ ᠮᠠᠶ᠋ᠢᠭ ᠲᠠᠢ ᠪᠦᠭᠡᠳ ᠦᠵᠦᠮᠦᠴᠢᠨ ᠳᠤ ᠦᠷᠬᠦᠯᠵᠢ ᠣᠷᠭᠤᠳᠠᠭ ᠬᠤᠨᠴᠢᠷ ︵黄芪︶᠂  ᠬᠠᠯᠢᠶᠠᠷ ︵茗葱︶᠂ ᠬᠦᠩᠬᠡᠯ ︵沙葱︶  ᠴᠦ ᠪᠢᠰᠢ᠂ ᠪᠦᠭᠡᠳ ᠬᠦᠮᠡᠯᠢ ︵蒙古 葱︶᠂ ᠮᠠᠩᠭᠢᠷ ︵山葱 —知母︶ ᠪᠣᠶᠣ ᠲᠠᠭᠠᠨ᠎ᠠ  ︵多根葱︶ ᠵᠡᠷᠭᠡ ᠶᠢᠨ ᠬᠦᠷᠡᠩ ᠪᠣᠶᠣ ᠶᠠᠭᠠᠨ ᠥᠩᠭᠡᠲᠦ ᠴᠡᠴᠡᠭ ᠣᠷᠭᠤᠮᠠᠯ ᠤᠳ  ᠠᠯᠢ ᠨᠢ ᠴᠦ ᠠᠷᠠᠢ ᠪᠢᠰᠢ  ᠪᠠᠶᠢᠯ᠎ᠠ᠃      ᠬᠠᠷᠢᠴᠠᠭᠤᠯᠣᠭᠰᠠᠨ ᠤ ᠳ᠋ᠦᠩ ᠳᠤ ᠥᠭᠡᠷ᠎ᠡ ᠨᠢᠭᠡᠨ ᠵᠦᠢᠯ ᠤᠨ ᠮᠣᠩᠭᠤᠯ ᠡᠮ ︽ᠬᠠᠷ᠎ᠠ ᠰᠠᠷᠠᠳ︾ ᠭᠡᠳᠡᠭ ᠪᠣᠶᠣ ᠲᠦᠪᠡᠳ ᠢᠶᠠᠷ ︽ ᠰᠠᠷᠠᠳᠨᠠᠭ ᠪᠣᠶᠣ ᠳ᠋ᠠᠭᠱᠠ︾ ᠭᠡᠳᠡᠭ  ᠮᠥᠨ ᠪᠣᠯᠪᠠᠣ ᠭᠡᠮᠡᠨ  ᠳᠥᠰᠥᠭᠯᠡᠪᠡ᠃  ᠳᠠᠷᠣᠢ ᠬᠢᠲᠠᠳ ᠢᠶᠠᠷ ︽多叶棘豆 ᠪᠣᠶᠣ 黑萼棘豆︾ ᠭᠡᠳᠡᠭ ᠣᠷᠭᠤᠮᠠᠯ ᠮᠥᠨ  ᠪᠣᠯᠣᠯᠲᠠᠢ ᠭᠡᠮᠡᠨ ᠰᠦᠪᠡᠭᠴᠢᠯᠡᠭᠰᠡᠨ ᠪᠠᠶᠢᠨ᠎ᠠ᠃      ᠬᠤᠶᠠᠷ ᠲᠤ᠂   ︽ᠬᠦᠩᠬᠡᠷ ᠴᠡᠴᠡᠭ  ︾ ᠤᠨ ᠠᠮᠠᠳᠠ ᠴᠢᠳᠠᠯ ᠤᠨ ᠲᠣᠬᠠᠢ ᠃      ᠨᠡ᠊ ᠲᠡᠮᠡᠴᠡᠯᠲᠦ ᠭᠤᠸᠠᠢ ᠰᠢᠯᠦᠭ ᠲᠡᠭᠡᠨ ᠪᠠᠰᠠ᠄ ︽ ᠁ ᠬᠤᠷᠣᠬᠠᠶᠢᠲᠦ ᠱᠠᠯᠪᠠᠭ ᠣᠣᠭᠤᠭᠰᠠᠨ ᠠᠴᠠ / ᠬᠤᠨᠢᠨ ᠤ ᠭᠡᠳᠡᠰᠣᠨ ᠳᠤ ᠦᠷᠵᠢᠳᠡᠭ /  ᠬᠤᠳᠣᠭᠤᠳᠣᠨ ᠬᠠᠲᠠᠶᠢᠷ ᠡᠪᠡᠳᠴᠢᠨ ᠤ / ᠬᠤᠭ ᠢ ᠠᠷᠢᠯᠭᠠᠵᠦ ᠬᠥᠭᠡᠭᠡᠳᠡᠭ︾ ᠭᠡᠵᠦ / ᠬᠦᠩᠬᠡᠷ ᠴᠡᠴᠡᠭ ᠤᠨ ᠦᠢᠯᠡᠳᠣᠯ ᠢ / ᠬᠦᠣᠷᠨᠢᠵᠦ ᠰᠠᠶᠢᠬᠠᠨ ᠶᠠᠷᠢᠳᠠᠭ / ᠳᠣᠷᠰᠢᠯᠭᠠᠲᠦ ᠬᠠᠰᠢᠷ ᠮᠠᠯᠴᠢᠳ ᠤᠨ / ᠳᠣᠷᠠᠳᠴᠦ ᠪᠠᠶᠢᠭᠰᠠᠨ ᠨᠢ ᠰᠠᠨᠠᠭᠳᠠᠨ᠎ᠠ ᠁ ᠬᠥᠯ ᠤᠨ ᠰᠡᠭᠡᠷ ᠰᠡᠯᠬᠦᠷᠡᠬᠦ / ᠬᠥᠩᠭᠡᠨ ᠴᠢᠨᠠᠷ ᠤᠨ ᠪᠠᠮ /  ᠬᠦᠨᠳᠦᠢ ᠬᠡᠪᠡᠯᠢ ᠶᠢ ᠳᠦᠭᠦᠷᠭᠡᠬᠦ / ᠬᠥᠭᠡᠪᠥᠷ ᠣᠰᠣᠨ ᠪᠡᠲᠡᠭᠢ /  ᠰᠢᠨ᠎ᠡ ᠬᠠᠭᠤᠴᠢᠨ ᠪᠦᠬᠦᠨ  ᠢ / ᠰᠢᠭᠡᠰᠣᠨ ᠮᠥᠷ ᠢᠶᠠᠷ ᠣᠳᠣᠭᠤᠯᠬᠤ / ᠬᠠᠷ᠎ᠠ ᠰᠠᠷᠠᠳ ᠬᠡᠮᠡᠭᠴᠢ / ᠬᠠᠪᠣᠩ ᠤᠨ ᠲᠣᠭᠤᠯᠭ᠎ᠠ ᠶᠢᠨ ᠡᠮ ᠁ ︾ ᠭᠡᠮᠡᠨ ᠲᠣᠰ ᠣᠷᠭᠤᠮᠠᠯ ᠤᠨ ᠲᠦᠪᠡᠳ ᠮᠣᠩᠭᠤᠯ ᠨᠡᠷ᠎ᠡ ᠪᠠ ᠬᠤᠷᠣᠬᠠᠢ ᠬᠥᠭᠡᠭᠡᠵᠦ᠂ ᠰᠢᠭᠡᠯᠭᠡᠬᠦ᠂ ᠨᠢᠶᠠᠨ ᠢ ᠨᠢᠲᠣᠯᠠᠬᠤ ᠦᠢᠯᠡᠳᠣᠯ ᠢ ᠴᠦ ᠰᠢᠯᠦᠭᠯᠡᠭᠰᠡᠨ ᠪᠠᠶᠢᠳᠠᠭ ᠶᠤᠮ᠃ ᠡᠨᠡ ᠨᠢ ᠮᠥᠨ ᠴᠦ ᠮᠠᠯᠴᠢᠳ ᠤᠨ ᠬᠡᠯᠡᠳᠡᠭ ︽ᠬᠠᠲᠠᠶᠢᠷ ᠤᠨ ᠶᠠᠭᠠᠨ ᠴᠡᠴᠡᠭ᠂ ᠴᠠᠭᠠᠨ ᠴᠡᠴᠡᠭ ᠁︾ ᠲᠠᠢ ᠴᠢᠳᠠᠯ ᠦᠢᠯᠡᠳᠣᠯ ᠤᠨ ᠲᠠᠯ᠎ᠠ ᠪᠠᠷ ᠶᠠᠪ ᠴᠠᠪ ᠨᠡᠶᠢᠴᠡᠵᠦ ᠪᠠᠶᠢᠭ᠎ᠠ ᠶᠤᠮ᠃ ᠮᠠᠯᠴᠢᠳ ᠤᠨ ᠣᠯᠠᠮᠵᠢᠯᠠᠯᠲᠦ ᠬᠡᠯᠡᠯᠭᠡ ᠪᠠᠷ ᠪᠣᠯ ︽ᠬᠦᠩᠬᠡᠷ ᠴᠡᠴᠡᠭ︾ ᠨᠢ ᠮᠠᠯ ᠤᠨ ᠡᠪᠡᠳᠴᠢᠨ ᠳᠤ ᠳᠣᠰᠠ ᠲᠠᠢ ᠪᠠᠷ ᠪᠠᠷᠠᠬᠤ ᠦᠭᠡᠢ ᠡᠮ ᠬᠤᠪᠣᠷ ᠦᠶ᠎ᠡ ᠳᠤ ︽ᠬᠤᠷᠣᠬᠠᠢ ᠶᠢ ᠬᠥᠭᠡᠭᠡᠨ᠂ ᠰᠢᠷ᠎ᠠ ᠣᠰᠣ ᠶᠢ ᠬᠠᠲᠠᠭᠠᠬᠤ ᠪᠠ ᠴᠢᠰᠣ ᠶᠢ ᠰᠢᠩᠭᠢᠷᠡᠭᠦᠯᠦᠨ᠎ᠠ︾ ᠭᠡᠵᠦ ᠣᠣᠭᠤᠳᠠᠭ ᠪᠠᠶᠢᠪᠠ ᠭᠡᠨ᠎ᠡ᠃ ᠣᠷᠭᠤᠮᠠᠯ ᠤᠨ ᠰᠣᠳᠣᠯᠭᠠᠨ ᠢ ᠦᠨᠳᠦᠰᠦᠯᠡᠪᠡᠯ ︽ᠬᠠᠷ᠎ᠠ ᠰᠠᠷᠠᠳ ︵ᠬᠦᠩᠬᠡᠷ ᠴᠡᠴᠡᠭ︶᠄ ︽100 ᠰᠡᠡᠲ᠋ᠢᠮᠧᠲᠷ ᠤᠨ ᠲᠥᠯᠥᠪ ᠥᠨᠳᠣᠷ ᠣᠷᠭᠤᠳᠠᠭ ᠣᠷᠭᠤᠮᠠᠯ᠂ 7 — 8 ᠳ᠋ᠣᠭᠠᠷ ᠰᠠᠷ᠎ᠠ ᠳᠤ ᠬᠠᠪᠣᠷ ᠪᠠ ᠨᠠᠮᠣᠷ ᠬᠤᠶᠠᠷᠲᠠ ᠴᠡᠴᠡᠭ ᠳᠡᠯᠭᠡᠳᠡᠭ ᠣᠷᠭᠤᠮᠠᠯ ᠪᠣᠯᠣᠨ᠎ᠠ᠃ ᠡᠮ ᠤᠨ ᠨᠣᠮ ᠳᠡᠭᠡᠷ᠎ᠡ ︽ᠣᠷᠳᠣᠣᠴᠠ︾ ᠶᠢ ᠠᠮᠲᠠᠯᠢᠭ ᠪᠦᠭᠡᠳ ᠪᠦᠯᠢᠶᠡᠨ ᠴᠢᠨᠠᠷ ᠲᠠᠢ᠂ ᠭᠤᠣᠯᠳᠠᠭᠤ ᠪᠦᠭᠡᠷ᠎ᠡ ᠪᠠᠷ ᠳᠠᠮᠵᠢᠵᠦ᠂ ᠳᠠᠪᠣᠰᠠᠩ ᠳᠤ ᠰᠢᠩᠭᠢᠨ᠎ᠡ︾ ᠭᠡᠰᠡᠨ ᠪᠠᠶᠢᠳᠠᠭ ᠪᠠ ᠮᠥᠨ ᠴᠦ ︽ᠬᠤᠣᠷ᠎ᠠ  ᠶᠢ ᠲᠠᠶᠢᠯᠣᠨ᠂ ᠶᠠᠷ᠎ᠠ ᠶᠢ ᠠᠨᠠᠭᠠᠨ᠂ ᠰᠢᠭᠡᠯᠭᠡᠨ᠂ ᠬᠠᠪᠣᠩ ᠢ ᠬᠠᠷᠢᠭᠤᠯᠬᠤ᠂ ᠬᠤᠳᠣᠭᠤᠳᠣ ᠤ ᠴᠢᠩᠬ᠎ᠠ᠂ ᠣᠰᠣᠨ ᠬᠠᠪᠣᠩ ᠶᠢ ᠵᠠᠰᠠᠨ᠎ᠠ᠃ ᠬᠡᠷᠪᠡ ᠬᠠᠨᠳᠠ ᠡᠮ ᠪᠣᠯᠭᠠᠪᠠᠯ ᠪᠢᠲᠡᠭᠦᠣ ᠬᠠᠪᠣᠳᠠᠷ ᠢ ᠬᠠᠷᠢᠭᠤᠯᠣᠨ᠎ᠠ︾  ᠭᠡᠰᠡᠨ ᠪᠠᠶᠢᠳᠠᠭ ᠶᠣᠮ  ᠃        ᠭᠤᠷᠪᠠ ᠳᠤ᠂  ︽ᠬᠦᠩᠬᠡᠷ ᠴᠡᠴᠡᠭ︾ ᠤᠨ ᠨᠡᠷ᠎ᠡ ᠲᠣᠮᠢᠶ᠎ᠠ ᠶᠢᠨ ᠲᠣᠬᠠᠢ᠃      ︽ᠬᠦᠩᠬᠡᠷ︾ ᠭᠡᠰᠡᠨ ᠨᠡᠷ᠎ᠡ ᠶᠢᠨ ᠲᠣᠬᠠᠢ ᠮᠢᠨᠣ ᠪᠣᠳᠣᠬᠤ ᠪᠠᠷ ᠴᠡᠴᠡᠭ ᠤᠨ ᠬᠢᠨᠢ ᠬᠦᠮᠦᠷᠡᠶᠢᠵᠦ ᠣᠷᠭᠤᠭᠰᠠᠨ ᠶᠠᠩᠵᠦ ᠬᠡᠯᠪᠡᠷᠢ ᠪᠠᠷ ᠨᠢ ᠥᠭᠭᠦᠭᠰᠡᠨ ᠨᠣᠲᠤᠭ ᠤᠨ ᠬᠦᠮᠦᠰ ᠤᠨ ᠳᠠᠭᠤᠳᠠᠯᠭ᠎ᠠ ᠪᠣᠶᠣ ᠮᠠᠯᠴᠢᠳ ᠤᠨ ᠥᠭᠭᠦᠭᠰᠡᠨ ᠨᠡᠷ᠎ᠡ ᠪᠠᠶᠢᠵᠦ ᠮᠡᠳᠡᠨ᠎ᠡ ᠭᠡᠵᠦ ᠪᠣᠳᠣᠯ᠎ᠠ᠃  ᠳᠠᠬᠢᠭᠠᠳ ᠬᠡᠯᠡᠪᠡᠯ ︽ᠬᠦᠩᠬᠡᠷ ᠴᠡᠴᠡᠭ︾ ᠭᠡᠳᠡᠭ  ᠢ ᠣᠷᠭᠤᠮᠠᠯ ᠤᠨ ᠨᠣᠮ ᠲᠡᠪᠲᠡᠷ ᠪᠣᠶᠣ ᠮᠣᠩᠭᠤᠯ ᠡᠮ ᠤᠨ ᠨᠡᠷᠡᠰ ᠲᠤ ᠶᠡᠷᠦ ᠬᠠᠷᠠᠭᠳᠠᠬᠤ ᠦᠭᠡᠢ ᠪᠠᠶᠢᠨ᠎ᠠ᠃ ᠴᠢᠨᠠᠭᠰᠢᠯᠠᠪᠠᠯ ᠥᠪᠥᠷ ᠮᠣᠩᠭᠤᠯ ᠤᠨ ᠡᠯ᠎ᠡ ᠭᠠᠵᠠᠷ ᠤᠨ ᠡᠮᠴᠢ ᠡᠷᠳᠡᠮᠲᠡᠨ ᠨᠡᠷ ᠠᠴᠠ ᠠᠰᠠᠭᠤᠵᠦ ᠰᠣᠷᠣᠭᠯᠠᠭᠠᠳ ᠴᠦ ᠮᠡᠳᠡᠬᠦ ᠬᠦᠮᠦᠰ ᠦᠭᠡᠢ ᠪᠠᠶᠢᠨ᠎ᠠ᠃ ᠭᠡᠪᠡᠴᠦ ᠮᠣᠩᠭᠤᠯ ᠬᠡᠯᠡᠨ ᠤ ᠵᠠᠷᠢᠮ ︽ᠲᠣᠯᠢ ᠪᠢᠴᠢᠭ︾ ᠲᠤ ᠬᠠᠷᠢᠨ ︽ᠬᠦᠩᠬᠡᠷ  ︾ ᠭᠡᠳᠡᠭ ᠦᠭᠡ   ᠶᠢᠨ ᠢᠵᠠᠭᠤᠷ   ᠢ ᠪᠣᠯ ᠬᠦᠮᠦᠭᠡᠷ᠂ ᠬᠤᠮᠢᠭᠠᠷ᠂ ᠬᠤᠩᠬᠤᠷ ᠭᠡᠬᠦ ᠣᠳᠬ᠎ᠠ ᠲᠠᠢ ᠭᠡᠮᠡᠨ ᠲᠠᠶᠢᠯᠠᠪᠣᠷᠢᠯᠠᠭᠰᠠᠨ ᠬᠠᠷᠠᠭᠳᠠᠨ᠎ᠠ᠃ ᠥᠭᠡᠷ᠎ᠡ ᠪᠠᠷ ᠬᠡᠯᠡᠪᠡᠯ ᠴᠡᠴᠡᠭ ᠨᠢ ᠬᠡᠵᠢᠶᠡᠳᠡ ᠳᠣᠳᠣᠭᠰᠢ ᠪᠠᠨ ᠬᠤᠮᠢᠭᠠᠷ ᠣᠷᠭᠤᠵᠦ᠂ ᠬᠦᠩᠬᠦᠷ ᠬᠠᠷᠠᠭᠳᠠᠳᠠᠭ ᠪᠣᠯᠬᠤᠷ ᠨᠢ ︽ᠬᠦᠩᠬᠡᠷ ᠴᠡᠴᠡᠭ  ︾ ᠭᠡᠰᠡᠨ ᠪᠣᠯᠪᠠᠣ ᠭᠡᠵᠦ ᠪᠣᠳᠣᠵᠦ ᠪᠠᠶᠢᠨ᠎ᠠ᠃ ᠡᠭᠦᠨ ᠤ ᠳ᠋ᠦᠩ ᠳᠤ ᠮᠠᠯᠴᠢᠳ ᠤᠨ ᠬᠡᠯᠡᠳᠡᠭ ᠲᠡᠷᠡ ᠬᠦ ︽ᠬᠦᠷᠡᠩ ᠶᠠᠭᠠᠨ ᠴᠡᠴᠡᠭ︾ ᠪᠣᠶᠣ  ᠨᠡ᠊ ᠲᠡᠮᠡᠴᠡᠯᠲᠦ ᠶᠢᠨ ᠰᠢᠯᠦᠭᠯᠡᠭᠰᠡᠨ ︽ᠬᠦᠩᠬᠡᠷ ᠴᠡᠴᠡᠭ︾ ᠭᠡᠳᠡᠭ ᠨᠢ ᠳᠠᠷᠣᠢ ᠪᠣᠷᠴᠠᠭ ᠤᠨ ᠢᠵᠠᠭᠤᠷ ᠲᠤ ᠣᠯᠠᠨ ᠨᠠᠰᠣᠲᠦ ᠣᠷᠭᠤᠮᠠᠯ ︽ᠨᠠᠪᠴᠢᠷᠬᠠᠭ ᠣᠷᠳᠣᠣᠴᠠ ︵多叶棘豆︶︾ ᠪᠣᠶᠣ ︽ᠶᠠᠭᠠᠨ ᠣᠷᠳᠣᠴᠠ ︵兰 花 棘 豆︶︾ ᠶᠢᠨ ᠲᠥᠷᠥᠯ ᠲᠤ ᠣᠷᠭᠤᠮᠠᠯ ᠮᠥᠨ ᠭᠡᠵᠦ ᠪᠣᠳᠣᠭᠳᠠᠯ᠎ᠠ᠃ ᠳᠠᠷᠣᠢ ᠮᠣᠩᠭᠤᠯ ᠡᠮ ︽ᠬᠠᠷ᠎ᠠ ᠰᠠᠷᠠᠳ — 黑萼棘豆︾ ᠮᠥᠨ ᠪᠣᠯᠣᠨ᠎ᠠ᠃ ᠥᠭᠡᠷ᠎ᠡ ᠪᠠᠷ ᠬᠡᠯᠡᠪᠡᠯ ᠬᠠᠷᠢᠴᠠᠭᠤᠯᠣᠭᠰᠠᠨ ᠪᠣᠶᠣ ᠡᠰᠢ ᠪᠠᠷᠢᠮᠲᠠ ᠠᠴᠠ ᠦᠵᠡᠬᠦᠯᠡᠷ ᠨᠠ᠊ ᠲᠡᠮᠡᠴᠡᠯᠲᠦ ᠭᠤᠸᠠᠢ ᠶᠢᠨ ᠰᠣᠨᠢᠷᠬᠠᠭᠰᠠᠨ ︽ᠬᠦᠩᠬᠡᠷ ᠴᠡᠴᠡᠭ︾ ᠭᠡᠳᠡᠭ ᠨᠢ ᠡᠮᠲᠦ ᠣᠷᠭᠤᠮᠠᠯ — ︽ᠣᠷᠳᠣᠣᠴᠠ︾  ᠶᠢ ᠵᠢᠭᠠᠭᠰᠠᠨ ᠪᠠᠶᠢᠵᠡᠢ ᠭᠡᠵᠦ ᠪᠣᠳᠣᠬᠤ ᠶᠢᠨ ᠳᠠᠭᠤ ᠲᠡᠷᠡ ᠨᠢᠭᠡᠨ ᠵᠢᠯ  ᠨᠢ ᠣᠨᠴᠠᠭᠠᠢ ᠥᠷᠭᠡᠨ ᠬᠡᠪᠴᠢᠶ᠎ᠡ  ᠪᠠᠷ ᠳᠡᠯᠭᠡᠷᠡᠵᠦ᠂ ᠰᠢᠯᠦᠭᠴᠢ ᠤᠨ ᠮᠠᠨᠢ ᠠᠪᠢᠶᠠᠰ ᠪᠢᠯᠢᠭ ᠨᠢ ᠣᠨᠳᠣᠷᠴᠦ  ᠂ ᠥᠪᠡᠷ ᠤᠨ ᠡᠷᠬᠡ ᠦᠭᠡᠢ ᠮᠠᠭᠲᠠᠨ ᠰᠢᠯᠦᠭᠯᠡᠭᠰᠡᠨ ᠪᠠᠶᠢᠵᠡᠢ ᠭᠡᠳᠡᠭ ᠢ ᠪᠢᠰᠢᠷᠡᠯ᠎ᠡ᠃        ᠪᠠᠭᠠᠴᠢᠯᠠᠭᠠᠳ ᠬᠡᠯᠡᠪᠡᠯ᠂ ᠨᠠ᠊ ᠲᠡᠮᠡᠴᠡᠯᠲᠦ ᠭᠤᠸᠠᠢ ᠲᠡᠷᠡ ᠣᠳᠠᠭ᠎ᠠ ᠪᠠᠨ ᠣᠣᠯ ᠤᠨ ᠬᠦᠷᠢᠶᠡᠲᠦᠨᠠᠭᠤᠷ ᠰᠣᠮᠣᠨ ᠤ ︽ᠬᠦᠷᠢᠶᠡᠲᠦ ᠬᠠᠳᠠᠲᠦ︾ ᠭᠡᠳᠡᠭ ᠰᠢᠯᠢ  ᠵᠢᠯᠭ᠎ᠠ ᠪᠠᠷ ᠶᠠᠪᠣᠬᠤ ᠳᠠᠭᠠᠨ ᠯᠠᠪᠲᠠᠶᠢᠶ᠎ᠠ ︽ᠬᠦᠩᠬᠡᠷ ᠴᠡᠴᠡᠭ︾ ᠤᠨ ᠨᠡᠶᠢᠳᠡᠮ ᠳᠡᠯᠭᠡᠷᠡᠭᠰᠡᠨ ᠢ ᠬᠠᠷᠠᠭᠠᠳ ᠪᠠᠭ᠋ᠠᠷᠠᠭᠰᠠᠨ ᠪᠠᠶᠢᠵᠡᠢ᠃ ᠰᠢᠯᠦᠭ   ᠳᠠᠬᠢ ︽ᠥᠨᠥ ᠵᠢᠯ ᠤᠨ ᠬᠤᠪᠢ ᠳᠤ ᠯᠠ / ᠥᠪᠴᠢ ᠰᠢᠯᠢ ᠶᠢ ᠪᠦᠷᠬᠦᠭᠰᠡᠨ ᠨᠢ / ᠥᠭᠡᠳᠡᠯᠡᠵᠦ ᠪᠠᠶᠢᠭ᠎ᠠ ᠠᠮᠢᠳᠣᠷᠠᠯ ᠤᠨ / ᠥᠯᠵᠡᠢ ᠪᠡᠯᠭᠡ  ᠶᠢᠨ ᠲᠡᠮᠳᠡᠭ ᠦᠦ ᠁︾ ᠭᠡᠵᠦ ᠪᠢᠴᠢᠭᠰᠡᠨ ᠠᠴᠠ ᠪᠣᠳᠣᠬᠤ ᠳᠤ ︽ᠬᠦᠩᠬᠡᠷ ᠴᠡᠴᠡᠭ  ︾ ᠨᠢ ᠲᠡᠷᠡ ᠨᠢᠭᠡᠨ ᠵᠢᠯ ᠨᠢ ᠣᠨ ᠣᠨ ᠠᠴᠠ ᠣᠨᠴᠠᠭᠠᠢ ᠣᠷᠭᠤᠴᠠ  ᠰᠠᠶᠢᠲᠠᠢ ᠪᠠᠶᠢᠭᠰᠠᠨ ᠪᠣᠯᠣᠯᠲᠠᠢ ᠭᠡᠵᠦ  ᠪᠣᠳᠣᠭᠳᠠᠯ᠎ᠠ᠃      ᠲᠡᠷᠡ ᠮᠥᠷᠲᠡᠭᠡᠨ ᠨᠡ᠊ ᠲᠡᠮᠡᠴᠡᠯᠲᠦ ᠭᠤᠸᠠᠢ᠄ ︽ ᠁ ᠣᠨ ᠳᠤ ᠬᠤᠶᠠᠷᠲᠠ ᠳᠡᠯᠭᠡᠷᠡᠳᠡᠭ  / ᠣᠨᠴᠠᠭᠠᠢ ᠴᠢᠨᠠᠷ ᠢ ᠨᠢ ᠰᠣᠨᠢᠷᠬᠠᠯ᠎ᠠ / ᠣᠯᠣᠭᠰᠠᠨ ᠡᠪᠡᠳᠴᠢᠨ ᠢ ᠠᠨᠠᠭᠠᠳᠠᠭ / ᠣᠪᠠᠳᠢᠰ ᠡᠷᠳᠡᠮ ᠢ ᠨᠢ ᠭᠠᠶᠢᠬᠠᠯ᠎ᠠ᠃ ᠣᠷᠭᠤᠮᠠᠯ ᠤᠨ ᠰᠢᠨᠵᠢᠯᠡᠭᠴᠢ ᠪᠣᠯᠣᠭᠰᠠᠨ ᠪᠣᠯ / ᠠᠭᠤᠰᠮᠠᠯ ᠪᠣᠯᠭᠠᠭᠠᠳ ᠰᠣᠳᠣᠯᠠᠬᠤ ᠰᠠᠠ / ᠠᠭᠤᠰᠬᠢᠨ ᠳᠤ ᠬᠡᠷᠪᠡ ᠳᠣᠰᠠᠲᠠᠢ ᠪᠣᠯ / ᠣᠰᠣᠨ ᠳᠤ ᠴᠢᠨᠠᠭᠠᠳ ᠭᠦᠷᠲᠡᠬᠦ ᠰᠠᠠ︾  ᠭᠡᠮᠡᠨ ᠰᠢᠯᠦᠭ ᠢᠶᠠᠨ ᠲᠡᠭᠦᠰᠭᠡᠭᠰᠡᠨ ᠨᠢ ᠠᠬᠠᠮᠠᠳ ᠭᠤᠸᠠᠢ ᠮᠣᠩᠭᠤᠯ ᠡᠮ ᠤᠨ ᠲᠣᠬᠠᠢ ᠬᠦᠰᠡᠯ  ᠵᠣᠷᠢᠯᠲᠡ ᠪᠠᠨ ᠪᠢᠳᠡᠨ ᠳᠡᠭᠡᠨ ᠨᠠᠶᠢᠳᠠᠭᠰᠠᠨ ᠴᠦ  ᠶᠣᠮ ᠦᠦ ᠳ᠋ᠠ ᠭᠡᠮᠡᠨ ᠪᠣᠳᠣᠯᠭᠠᠰᠢᠷᠠᠨ᠂ ᠣᠷᠣᠢ  ᠳᠣᠷᠣᠢ ᠣᠬᠠᠨ ᠰᠡᠬᠡᠭᠰᠡᠨ ᠳᠡᠭᠡᠨ ᠭᠡᠮᠰᠢᠵᠦ ᠭᠡᠩᠰᠡᠷᠴᠦ ᠰᠠᠭᠤᠯ᠎ᠠ᠃ ᠢᠩᠭᠢᠬᠦᠯᠡᠷ ᠲᠣᠰ ᠬᠦᠮᠦᠨ  ᠤ ᠰᠡᠳᠬᠢᠯ ᠰᠠᠨᠠᠭ᠎ᠠ ᠴᠦ ᠬᠥᠭᠰᠡᠨ᠄ ︽ᠬᠠᠷᠠᠴᠠ ᠶᠢ ᠰᠡᠷᠭᠦᠭᠡᠭᠰᠡᠨ ᠬᠦᠩᠬᠡᠷ ᠶᠠᠭᠠᠨ ᠴᠡᠴᠡᠭ ᠨᠢ /  ᠬᠠᠪᠣᠩ ᠢ  ᠠᠷᠢᠯᠭᠠᠬᠤ ᠷᠢᠳ᠋ ᠰᠢᠳ᠋ ᠲᠠᠢ ᠪᠠᠶᠢᠵᠡᠢ ᠳ᠋ᠠ / ᠬᠠᠩᠬᠤᠯᠠᠮ᠎ᠠ ᠠᠩᠭᠢᠯᠣᠮ᠎ᠠ ᠲᠡᠷᠡ  ᠬᠦᠩᠬᠡᠷ ᠴᠡᠴᠡᠭᠡᠰ ᠢᠶᠠᠨ / ᠬᠠᠶᠢᠵᠦ ᠣᠯᠣᠭᠠᠳ ᠰᠢᠨᠵᠢᠯᠡᠵᠦ  ᠰᠠᠭᠤᠶ᠎ᠠ  ᠁︾ ᠭᠡᠮᠡᠨ ᠪᠣᠳᠣᠭᠳᠠᠵᠦ᠂ ᠬᠤᠵᠢᠮᠳᠠᠵᠦ ᠣᠬᠠᠭᠠᠷᠠᠭᠰᠠᠨ ᠳᠠᠭᠠᠨ ᠬᠠᠷᠠᠮᠰᠠᠵᠦ ᠪᠢᠯᠡ᠃ ᠢᠩᠭᠢᠬᠦ ᠳᠡᠭᠡᠨ ᠲᠠᠯ᠎ᠠ  ᠬᠥᠳᠡᠭᠡ ᠶᠢᠨ ᠣᠷᠭᠤᠮᠠᠯ ᠤᠨ ᠷᠢᠳ᠋ ᠰᠢᠳ᠋ ᠨᠢ ᠬᠡᠪ ᠢᠶᠠᠷ ᠢᠶᠠᠨ ᠪᠣᠯᠣᠭᠠᠰᠠᠢ᠂  ᠲᠠᠭᠠᠰᠢᠶᠠᠵᠦ ᠪᠠᠭ᠋ᠠᠷᠬᠠᠭᠰᠠᠨ  ᠬᠦᠮᠦᠰ ᠨᠢ ᠰᠢᠯᠦᠭᠴᠢ ᠰᠢᠨᠵᠢᠭᠡᠴᠢ ᠯᠡ ᠪᠠᠶᠢᠭᠠᠰᠠᠢ ᠭᠡᠰᠡᠨ  ᠬᠦᠰᠡᠯ ᠢᠷᠦᠭᠡᠯ ᠢᠶᠠᠨ ᠲᠠᠯᠪᠢᠵᠦ ᠰᠠᠭᠤᠯ᠎ᠠ᠃                  ᠯᠡᠪᠯᠡᠯᠲᠠ ᠪᠣᠯᠭᠠᠭᠰᠠᠨ ᠨᠣᠮ ᠲᠡᠪᠲᠡᠷ᠄ ︽ ᠦᠵᠦᠮᠦᠴᠢᠨ ᠤ ᠨᠡᠷ᠎ᠡ ᠴᠣᠣᠲᠦ ᠡᠮᠴᠢᠳ ᠳᠣᠮᠴᠢᠳ︾᠃ 443  ᠳ᠋ᠣᠭᠠᠷ ᠨᠢᠭᠤᠷ ᠲᠤ᠃ ᠥᠪᠥᠷ ᠮᠣᠩᠭᠤᠯ ᠤᠨ ᠰᠢᠨᠵᠢᠯᠡᠬᠦ ᠣᠬᠠᠭᠠᠨ ᠲᠧᠭᠨᠢᠭ  ᠮᠡᠷᠭᠡᠵᠢᠯ ᠤᠨ ᠬᠡᠪᠯᠡᠯ ᠤᠨ ᠬᠤᠷᠢᠶ᠎ᠠ᠃ 2004 ᠣᠨ ᠳᠤ︽ ᠮᠣᠩᠭᠤᠯ  ᠲᠦᠪᠡᠳ ᠬᠢᠲᠠᠳ ᠬᠠᠪᠰᠣᠷᠭᠠᠭᠰᠠᠨ ᠡᠮ ᠤᠨ ᠨᠡᠷᠡᠰ︾᠃ 83 ᠳ᠋ᠣᠭᠠᠷ ᠨᠢᠭᠤᠷ ᠲᠤ᠃ᠥᠪᠥᠷ ᠮᠣᠩᠭᠤᠯ ᠤᠨ ᠰᠢᠨᠵᠢᠯᠡᠬᠦ ᠣᠬᠠᠭᠠᠨ ᠲᠧᠭᠨᠢᠭ  ᠮᠡᠷᠭᠡᠵᠢᠯ ᠤᠨ ᠬᠡᠪᠯᠡᠯ ᠤᠨ ᠬᠤᠷᠢᠶ᠎ᠠ᠃ 7998 ᠣᠨ ᠳᠤ ︽ ᠦᠵᠦᠮᠦᠴᠢᠨ ᠤ ᠡᠮᠲᠦ ᠣᠷᠭᠤᠮᠠᠯ ᠤᠨ ᠵᠢᠷᠣᠭᠲᠦ ᠲᠣᠯᠢ︾᠃ 146 ᠳ᠋ᠣᠭᠠᠷ ᠨᠢᠭᠤᠷ ᠲᠤ᠃ ᠥᠪᠥᠷ ᠮᠣᠩᠭᠤᠯ ᠤᠨ ᠬᠡᠪᠯᠡᠯ ᠤᠨ ᠪᠦᠯᠦᠭᠯᠡᠯ᠃ᠥᠪᠥᠷ ᠮᠣᠩᠭᠤᠯ ᠤᠨ ᠰᠢᠨᠵᠢᠯᠡᠬᠦ ᠣᠬᠠᠭᠠᠨ ᠲᠧᠭᠨᠢᠭ  ᠮᠡᠷᠭᠡᠵᠢᠯ ᠤᠨ ᠬᠡᠪᠯᠡᠯ ᠤᠨ ᠬᠤᠷᠢᠶ᠎ᠠ᠃ 2014 ᠣᠨ ᠳᠤ ︽  ᠪᠠᠢ ᠳ᠋ᠦ᠋ ᠰᠦᠯᠵᠢᠶ᠎ᠡ百度︾   ᠠᠴᠠ ᠰᠢᠷᠪᠡᠯᠲᠡ ᠬᠢᠵᠦ ᠬᠠᠷᠭᠤᠭᠤᠯᠪᠠ᠃ 2018 .6 . 28 ᠤ ᠡᠳᠣᠷ ᠰᠢᠷᠪᠢᠪᠡ᠃                                          ᠵᠣᠬᠢᠶᠠᠭᠴᠢ  ᠄ ᠭᠣ ᠲᠠᠪᠬᠠᠢ᠃ ᠬᠠᠶᠠᠭ᠄  ᠰᠢᠯᠢ ᠶᠢᠨ ᠭᠤᠣᠯ ᠠᠶᠢᠮᠠᠭ ᠤᠨ ᠵᠡᠭᠦᠨ ᠦᠵᠦᠮᠦᠴᠢᠨ ᠬᠤᠰᠢᠭᠤᠨ ᠤ ᠮᠣᠩᠭᠤᠯ ᠡᠮ ᠡᠮᠨᠡᠯᠭᠡ ᠶᠢᠨᠡᠷᠳᠡᠮ ᠰᠢᠨᠵᠢᠯᠡᠭᠡᠨ ᠤ ᠨᠡᠶᠢᠭᠡᠮᠯᠢᠭ ᠤᠨ ᠭᠡᠰᠢᠭᠦᠨ᠃ ︵ ᠬᠤᠰᠢᠭᠤ ᠮᠣᠩᠭᠤᠯ ᠡᠮᠨᠡᠯᠭᠡ ᠶᠢᠨ ᠬᠤᠷᠢᠶᠠᠨ ᠳᠤ︶᠃                                                  2018.1.1 ᠤ ᠡᠳᠣᠷ᠃
 
ᠢᠷᠡᠯᠲᠡ᠄ ᠭᠣ ᠲᠠᠪᠬᠠᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号