ᠭᠣ ᠲᠠᠪᠬᠠᠢ | ︽ᠬᠦᠩᠬᠡᠷ ᠴᠡᠴᠡᠭ︾ ᠤᠨ ᠭᠠᠶᠢᠬᠠᠮᠰᠢᠭ | | ᠭᠤᠣᠯ ᠠᠭᠤᠯᠭ᠎ᠠ᠄ ᠲᠣᠰ ᠦᠭᠦᠯᠡᠯ ᠳᠤ ᠵᠡᠭᠦᠨ ᠦᠵᠦᠮᠦᠴᠢᠨ ᠬᠤᠰᠢᠭᠤᠨ ᠤ ᠠᠬᠠᠮᠠᠳ ᠵᠣᠬᠢᠶᠠᠯᠴᠢ ᠨᠡ᠊ | ᠲᠡᠮᠡᠴᠡᠯᠲᠦ ᠭᠤᠸᠠᠢ ᠶᠢᠨ ︽ᠬᠦᠩᠬᠡᠷ ᠰᠣᠨᠢᠷᠬᠠᠭᠰᠠᠨ ᠪᠣᠳᠣᠯ︾ ᠬᠡᠮᠡᠬᠦ ᠨᠢᠭᠡᠨ ᠰᠢᠯᠦᠭ ᠪᠠᠷ ᠵᠢᠱᠢᠶ᠎ᠡ ᠲᠠᠳᠠᠨ | ᠳᠠᠭᠤᠣ ᠰᠢᠯᠦᠭ ᠬᠢᠭᠡᠳ ᠡᠮᠲᠦ ᠣᠷᠭᠤᠮᠠᠯ ᠤᠨ ᠣᠶᠠᠯᠳᠣᠯ᠂ ᠮᠣᠩᠭᠤᠯ ᠡᠮ ᠪᠠ ᠨᠣᠲᠤᠭ ᠪᠡᠯᠴᠡᠭᠡᠷ ᠢᠶᠠᠨ | ᠬᠠᠮᠠᠭᠠᠯᠠᠬᠤ ᠶᠢ ᠴᠢᠬᠤᠯᠴᠢᠯᠠᠭᠰᠠᠨ ᠪᠦᠭᠡᠳ ᠲᠡᠭᠦᠪᠡᠷ ᠳᠠᠮᠵᠢᠭᠤᠯᠣᠨ ᠮᠠᠯᠴᠢᠨ ᠲᠦᠮᠡᠨ ᠤ ᠨᠢᠭᠡᠨ ᠰᠢᠷᠬᠢᠭ ᠡᠪᠡᠰᠣ᠂ | ᠨᠢᠭᠡ ᠪᠣᠲᠠ ᠴᠡᠴᠡᠭᠡᠰ ᠢᠶᠠᠨ ᠬᠦᠷᠲᠡᠯ᠎ᠡ ᠬᠠᠷᠠᠵᠦ ᠬᠠᠶᠢᠷᠠᠯᠠᠨ ᠬᠠᠮᠠᠭᠠᠯᠠᠳᠠᠭ ᠰᠠᠶᠢᠨ ᠰᠠᠶᠢᠬᠠᠨ ᠵᠠᠩ ᠴᠢᠨᠠᠷ ᠢ ᠨᠢ | ᠪᠢᠰᠢᠷᠡᠨ ᠪᠠᠭ᠋ᠠᠳᠣᠵᠦ ᠦᠭᠦᠯᠡᠭᠰᠡᠨ ᠪᠠᠶᠢᠨ᠎ᠠ᠃ | ᠵᠠᠩᠭᠢᠯᠭ᠎ᠠ ᠶᠢᠨ ᠦᠭᠡᠰ᠄ ᠬᠦᠩᠬᠡᠷ ᠴᠡᠴᠡᠭ᠃ ᠡᠮᠲᠦ ᠣᠷᠭᠤᠮᠠᠯ ︽ᠨᠠᠪᠴᠢᠷᠬᠠᠭ ᠣᠷᠳᠣᠣᠴᠠ︾᠂ | ᠮᠣᠩᠭᠤᠯ ᠡᠮ ᠰᠠᠷᠠᠳᠨᠠᠭ ︵ᠬᠠᠷ᠎ᠠ ᠰᠠᠷᠠᠳ︶᠂ ᠳ᠋ᠠᠭᠱᠠ᠃ | ᠦᠵᠦᠮᠦᠴᠢᠨ ᠨᠣᠲᠤᠭ ᠪᠣᠯ ᠲᠡᠣᠬᠡᠨ ᠠᠴᠠ ᠠᠪᠣᠭᠠᠳ ᠡᠪᠡᠰᠣ ᠣᠷᠭᠤᠮᠠᠯ ᠰᠠᠬᠤᠯᠠᠭ ᠲᠠᠩᠰᠤᠭ᠂ | ᠣᠯᠠᠷᠢᠯ ᠤᠨ ᠥᠩᠭᠡ ᠠᠭᠠᠷ ᠢᠯᠭᠠᠮ ᠲᠣᠳᠣ ᠪᠠᠶᠢᠳᠠᠭ ᠪᠣᠯᠬᠤᠷ ᠡᠯ᠎ᠡ ᠵᠦᠢᠯ ᠤᠨ ᠡᠮᠲᠦ ᠣᠷᠭᠤᠮᠠᠯ ᠡᠯᠪᠡᠭ | ᠳᠡᠯᠪᠡᠭ ᠣᠷᠭᠤᠳᠠᠭ ᠭᠠᠵᠠᠷ ᠤᠨ ᠨᠢᠭᠡ ᠶᠤᠮ᠃ ᠵᠢᠱᠢᠶᠡᠯᠡᠪᠡᠯ ᠳᠤ ᠵᠥᠪᠬᠡᠨ ᠶᠠᠭᠠᠨ ᠥᠩᠭᠡ ᠶᠢᠨ ᠣᠷᠭᠤᠮᠠᠯ ᠭᠡᠬᠦ | ᠳᠤ ᠯᠡ ᠬᠤᠩᠭᠤᠷ ᠵᠣᠯᠠ᠂ ᠵᠢᠷᠦᠭᠸᠠ᠂ ᠣᠷᠳᠣᠣᠴᠠ᠂ ᠪᠠᠱᠠᠭ᠎ᠠ᠂ ᠭᠠᠩᠭ᠎ᠠ ᠡᠪᠡᠰᠣ ᠭᠡᠬᠦᠴᠢᠯᠡᠨ ᠴᠡᠴᠡᠭ | ᠬᠤᠸᠠᠷ ᠤᠳ ᠣᠯᠠᠨ ᠳᠡᠯᠭᠡᠷᠡᠳᠡᠭ ᠶᠤᠮ᠃ ᠲᠡᠭᠦᠨ ᠤ ᠲᠣᠲᠣᠷ᠎ᠠ ᠠᠴᠠ ᠠᠳᠡ ︽ᠬᠦᠩᠬᠦᠷ ᠴᠡᠴᠡᠭ︾ ᠬᠡᠮᠡᠬᠦ | ᠨᠢᠭᠡᠨ ᠰᠢᠯᠦᠭ ᠢᠶᠠᠷ ᠰᠡᠳᠣᠪᠯᠡᠵᠦ᠂ ᠲᠡᠭᠦᠨ ᠢ ᠲᠠᠨᠢᠯᠴᠠᠭᠤᠯᠬᠤ ᠶᠢᠨ ᠵᠡᠷᠭᠡᠴᠡᠭᠡᠪᠡᠷ ᠣᠷᠭᠤᠮᠠᠯ᠂ ᠡᠮᠲᠦ ᠪᠣᠳᠠᠰ᠂ | ᠮᠣᠩᠭᠤᠯ ᠡᠮ ᠤᠨ ᠨᠡᠷ᠎ᠡ ᠲᠣᠮᠢᠶ᠎ᠠ ᠵᠡᠷᠭᠡ ᠲᠠᠯ᠎ᠠ ᠪᠠᠷ ᠠᠳᠠᠯᠢᠳᠬᠠᠨ ᠬᠠᠷᠢᠴᠠᠭᠤᠯᠵᠦ ᠡᠮᠲᠦ ᠴᠢᠨᠠᠷ ᠪᠠ ᠣᠶᠠᠩᠭ᠎ᠠ | ᠰᠢᠯᠦᠭ ᠤᠨ ᠣᠶᠠᠯᠳᠠᠯ ᠭᠠᠶᠢᠬᠠᠮᠰᠢᠭ ᠢ ᠦᠭᠦᠯᠡᠶ᠎ᠡ᠃ | ᠮᠣᠩᠭᠤᠯ ᠡᠮ ᠢ ᠪᠠᠭᠲᠠᠭᠠᠭᠰᠠᠨ ᠬᠡᠭᠡᠷ᠎ᠡ ᠲᠠᠯ᠎ᠠ ᠶᠢᠨ ᠥᠩᠭᠡ ᠢᠯᠭᠠᠷᠠᠭᠰᠠᠨ ᠴᠡᠴᠡᠭ ᠨᠠᠪᠴᠢ ᠪᠠᠨ ᠰᠢᠯᠦᠭᠯᠡᠨ | ᠮᠠᠭᠲᠠᠳᠠᠭ ᠪᠣᠯ ᠮᠣᠩᠭᠤᠯ ᠰᠢᠯᠦᠭᠴᠢ ᠶᠢᠨ ᠪᠠᠰᠠ ᠨᠢᠭᠡᠨ ᠣᠨᠴᠠᠯᠢᠭ ᠶᠤᠮ᠃ ᠵᠢᠱᠢᠶᠡᠯᠡᠬᠦ ᠳᠤ ᠶᠡᠭᠡ ᠡᠮᠴᠢ | ᠢᠰᠢᠳᠠᠠᠽᠡᠡᠸᠠᠩᠵᠢᠯ ᠤᠨ ᠰᠢᠯᠦᠭ᠂ ᠬᠡᠰᠢᠭᠪᠡᠲᠦ ᠶᠢᠨ ᠰᠢᠯᠦᠭ᠂ ᠮᠡᠷᠭᠡᠨ ᠭᠡᠭᠡᠨ ᠤ ᠰᠢᠯᠦᠭᠯᠡᠯ ᠳᠤ ᠪᠦᠷ ᠮᠣᠩᠭᠤᠯ | ᠡᠮ ᠡᠮᠨᠡᠯᠭᠡ ᠪᠠᠷ ᠰᠡᠳᠣᠪᠯᠡᠭᠰᠡᠨ ᠰᠢᠯᠦᠭ ᠪᠠᠶᠢᠳᠠᠭ ᠶᠤᠮ᠃ ᠰᠡᠭᠦᠯ ᠤᠨᠦᠶ᠎ᠡ ᠶᠢᠨ ᠵᠣᠬᠢᠶᠠᠯᠴᠢ ᠰᠢᠯᠦᠭᠴᠢ ᠨᠡᠷ ᠴᠦ | ᠪᠠᠰᠠ ᠣᠷᠭᠤᠮᠠᠯ ᠤᠨ ᠮᠠᠭᠲᠠᠭᠠᠯ᠂ ᠡᠮ ᠡᠮᠨᠡᠯᠭᠡ ᠶᠢᠨ ᠲᠣᠬᠠᠢ ᠲᠠᠢ ᠰᠢᠯᠦᠭ ᠣᠶᠠᠩᠭ᠎ᠠ ᠣᠯᠠᠠᠲᠠ ᠨᠠᠶᠢᠷᠠᠭᠤᠯᠣᠭᠰᠠᠨ | ᠪᠠᠶᠢᠳᠠᠭ ᠶᠣᠮ᠃ ᠳᠣᠬᠠᠶᠢᠯᠠᠪᠠᠯ ᠵᠡᠭᠦᠨ ᠦᠵᠦᠮᠦᠴᠢᠨ ᠤ ᠠᠬᠠᠮᠠᠳ ᠵᠣᠬᠢᠶᠠᠯᠴᠢ ᠨᠠ᠊ ᠲᠡᠮᠡᠴᠡᠯᠲᠦ ᠭᠤᠸᠠᠢ ᠶᠢᠨ ︽ | ᠬᠡᠭᠡᠷ᠎ᠡ ᠶᠢᠨ ᠣᠳᠠᠪᠠᠯ᠎ᠠ︾ ᠪᠠ ︽ᠬᠦᠩᠬᠡᠷ ᠰᠣᠨᠢᠷᠬᠠᠭᠰᠠᠨ ᠪᠣᠳᠣᠯ ︾ ᠭᠡᠬᠦ ᠵᠡᠷᠭᠡ ᠶᠢᠨ ᠰᠢᠯᠦᠭ ᠪᠢᠴᠢᠵᠦ | ᠨᠡᠶᠢᠲᠡᠯᠡᠭᠰᠡᠨ ᠪᠠᠶᠢᠳᠠᠭ ᠶᠤᠮ᠃ ᠵᠡᠭᠦᠨ ᠦᠵᠦᠮᠦᠴᠢᠨ ᠤ ᠠᠬᠠᠮᠠᠳ ᠵᠣᠬᠢᠶᠠᠯᠴᠢ ᠫᠡ᠊ ᠳᠣᠭᠠᠷ ᠭᠤᠸᠠᠢ ᠴᠦ ᠭᠡᠳ ︽ | ᠵᠠᠫᠣᠽᠢᠽᠢ ᠴᠡᠴᠡᠭ︾᠂ ︽ᠠᠷᠣᠷᠠ ᠶᠢᠨ ᠨᠠᠶᠢᠷ︾ ᠭᠡᠬᠦ ᠮᠡᠲᠦ ᠶᠢᠨ ᠰᠢᠯᠦᠭ ᠮᠠᠭᠲᠠᠭᠠᠯ ᠨᠡᠶᠢᠲᠡᠯᠡᠭᠦᠯᠵᠦ᠂ ᠮᠣᠩᠭᠤᠯ | ᠡᠮ ᠪᠠ ᠣᠷᠭᠤᠮᠠᠯ ᠢ ᠣᠶᠠᠩᠭᠠᠯᠠᠵᠦ ᠰᠢᠯᠦᠭᠯᠡᠭᠰᠡᠨ ᠪᠠᠶᠢᠳᠠᠭ ᠶᠤᠮ᠃ ᠲᠡᠭᠦᠨ ᠤ ᠲᠣᠳᠣᠷ᠎ᠠ ᠠᠴᠠ ᠦᠵᠦᠮᠦᠴᠢᠨ ᠤ | ᠠᠬᠠᠮᠠᠳ ᠢᠷᠠᠭᠤ ᠨᠠᠶᠢᠷᠠᠭᠴᠢ ᠨᠡ᠊ ᠲᠡᠮᠡᠴᠡᠯᠲᠦ ᠭᠤᠸᠠᠢ ᠶᠢᠨ 1980 ᠭᠠᠳ ᠣᠨ ᠳᠤ ᠨᠡᠶᠢᠲᠡᠯᠡᠭᠰᠡᠨ ︽ᠬᠦᠩᠬᠡᠷ | ᠰᠣᠨᠢᠷᠬᠠᠭᠰᠠᠨ ᠪᠣᠳᠣᠯ︾ ᠬᠡᠮᠡᠬᠦ ᠨᠢᠭᠡᠨ ᠮᠠᠭᠲᠠᠭᠠᠯ ᠰᠢᠯᠦᠭ ᠲᠠᠢ ᠣᠶᠠᠯᠳᠣᠭᠤᠯᠵᠦ᠂ ᠮᠣᠩᠭᠤᠯ ᠡᠮ ᠡᠮᠨᠡᠯᠭᠡ ᠪᠠ | ᠮᠣᠩᠭᠤᠯ ᠳᠠᠭᠤᠣ ᠰᠢᠯᠦᠭ ᠤᠨ ᠠᠭᠤᠰᠣᠯᠴᠠᠯ ᠵᠣᠬᠢᠴᠠᠯ ᠢ ᠰᠣᠨᠢᠷᠬᠠᠭᠤᠯᠣᠶᠠ᠃ | ᠨᠡ᠊ ᠲᠡᠮᠡᠴᠡᠯᠲᠦ ᠭᠤᠸᠠᠢ ᠨᠢᠭᠡ ᠣᠳᠠᠭ᠎ᠠ ᠠᠵᠢᠯ ᠢᠶᠠᠷ ᠣᠣᠯ ᠤᠨ ᠬᠦᠷᠢᠶᠡᠨᠠᠭᠤᠷ ᠰᠣᠮᠣᠨ ᠳᠤ ᠬᠥᠳᠡᠭᠡ | ᠪᠠᠭᠤᠯᠭᠠᠭᠰᠠᠨ ᠪᠠᠶᠢᠵᠡᠢ᠃ ᠲᠡᠭᠡᠭᠡᠳ ᠲᠠᠯ᠎ᠠ ᠰᠢᠯᠢ ᠶᠢ ᠪᠦᠷᠬᠦᠭᠰᠡᠨ ᠬᠦᠷᠡᠩ ᠶᠠᠭᠠᠨ ︽ᠬᠦᠩᠬᠡᠷ ᠴᠡᠴᠡᠭ ︾ ᠢ | ᠦᠵᠡᠭᠡᠳ ᠣᠷᠠᠮᠠ ᠪᠠᠬ᠎ᠠ ᠨᠢ ᠣᠨᠳᠣᠷᠴᠦ᠄ ︽ ᠬᠦᠷᠡᠩ ᠶᠠᠭᠠᠨ ᠴᠡᠴᠡᠭ ᠢ / ᠬᠦᠰᠡᠷ᠎ᠡ ᠳᠡᠯᠭᠡᠭᠡᠳ ᠬᠠᠶᠠᠭᠰᠠᠨ | ᠰᠢᠭ / ᠬᠦᠷᠢᠶᠡᠲᠦ ᠬᠠᠲᠠᠳᠦ ᠶᠢᠨ ᠰᠢᠯᠢ ᠪᠠᠷ / ᠬᠦᠩᠬᠡᠷ ᠴᠡᠴᠡᠭ ᠤᠨ ᠣᠷᠭᠤᠭᠰᠠᠨ ᠭᠡᠵᠡᠢ ᠡ ᠁︾ ᠭᠡᠵᠦ | ᠥᠪᠡᠷ ᠤᠨ ᠡᠷᠬᠡ ᠦᠭᠡᠢ ᠪᠠᠭ᠋ᠠᠷᠠᠨ ᠰᠢᠯᠦᠭᠯᠡᠭᠰᠡᠨ ᠪᠡᠶᠢᠵᠡᠢ᠃ ᠳᠣᠬᠠᠢ ᠦᠶᠡᠰ ᠬᠦᠮᠦᠰ ᠲᠡᠭᠦᠨ ᠢ ᠢᠷᠠᠭᠤ ᠨᠠᠶᠢᠷᠠᠭ | ᠲᠡᠳᠣᠢ ᠭᠡᠮᠡᠨ ᠳᠡᠮᠡᠢ ᠶᠡᠭᠡ ᠠᠩᠬᠠᠷᠠᠭᠰᠠᠨ ᠦᠭᠡᠢ ᠥᠩᠭᠡᠷᠭᠡᠵᠡᠢ᠃ ᠣᠳᠣ ᠪᠣᠯᠣᠭᠠᠳ ︽ᠬᠦᠩᠬᠡᠷ ᠴᠡᠴᠡᠭ︾ ᠢ | ᠰᠠᠨᠠᠭᠠᠨ ᠳᠤ ᠣᠷᠣᠬᠤ ᠳᠤ ᠰᠠᠶ᠋ᠢ ᠥᠨᠥᠬᠢ ᠣᠶᠠᠩᠭ᠎ᠠ ᠶᠢᠨ ᠶᠠᠭᠠᠨ ᠴᠡᠴᠡᠭ ᠪᠣᠳᠣᠭᠳᠠᠵᠡᠢ᠃ ᠢᠩᠭᠢᠭᠡᠳ | ᠠᠰᠠᠭᠤᠵᠦ ᠰᠣᠷᠣᠭᠯᠠᠭᠰᠠᠨ ᠪᠣᠯᠪᠠᠴᠦ ︽ᠲᠣᠳᠣᠷᠠᠬᠠᠢ ᠮᠡᠳᠡᠬᠦ︾ ᠬᠦᠮᠦᠨ ᠴᠥᠭᠡᠷᠡᠭᠰᠡᠨ ᠨᠢ ᠬᠠᠷᠢᠨ ᠬᠠᠷᠠᠮᠰᠠᠯᠲᠠᠢ | ᠪᠠᠶᠢᠯ᠎ᠠ᠃ ᠲᠡᠭᠡᠭᠡᠪᠡᠴᠦ ᠵᠣᠯ ᠢᠶᠠᠷ ᠣᠣᠯ ᠤᠨ ᠴᠠᠭᠠᠠᠨᠠᠭᠤᠷ ᠰᠣᠮᠣᠨ ᠤ ᠮᠣᠩᠭᠤᠯ ᠡᠮᠴᠢ ᠪᠠᠲᠦ ᠭᠤᠸᠠᠢ᠂ ᠣᠣᠯ ᠤᠨ | ᠬᠦᠷᠢᠶᠡᠲᠦᠨᠠᠭᠤᠷ ᠰᠣᠮᠣᠨ ᠤ ᠮᠣᠩᠭᠤᠯ ᠡᠮᠴᠢ ᠵᠠᠩ ᠰᠢᠪᠠᠭᠤ ᠨᠥᠬᠦᠷ᠂ ᠬᠤᠰᠢᠭᠤ ᠮᠣᠩᠭᠤᠯ ᠡᠮᠨᠡᠯᠭᠡ ᠶᠢᠨ | ᠬᠤᠷᠢᠶᠠᠨ ᠤ ᠡᠮᠴᠢ ᠪᠣᠶᠠᠠᠲᠦ ᠵᠡᠷᠭᠡ ᠨᠥᠬᠦᠳ ︽ ᠬᠦᠩᠬᠡᠷ ᠴᠡᠴᠡᠭ︾ ᠢ ᠲᠡᠭᠦᠨ ᠣᠯᠣᠭᠰᠠᠨ ᠰᠠᠭᠤᠷᠢᠨ ᠳᠡᠭᠡᠷ᠎ᠡ | ᠠᠯᠠᠱᠠ ᠠᠶᠢᠮᠠᠭ ᠤᠨ ᠲᠠᠨᠢᠯ ᠡᠮᠴᠢ ᠴᠣᠭᠲᠦ ᠭᠤᠸᠠᠢ᠂ ᠥᠪᠥᠷ ᠮᠣᠩᠭᠤᠯ ᠤᠨ ᠡᠮᠨᠡᠯᠭᠡ ᠶᠢᠨ ᠶᠡᠭᠡ ᠰᠣᠷᠭᠠᠭᠤᠯᠢ | ᠶᠢᠨ ᠠᠬᠠᠮᠠᠳ ᠪᠠᠭᠰᠢ ᠰᠡᠷᠡᠩᠨᠠᠮᠵᠢᠯ᠂ ᠳᠠᠸᠠ ᠨᠡᠷ ᠠᠴᠠ ᠯᠡᠪᠯᠡᠭ᠌ᠰᠠᠨ ᠰᠠᠭᠤᠷᠢᠨ ᠳᠡᠭᠡᠷ᠎ᠡ ᠬᠦᠷᠡᠩ ᠶᠠᠭᠠᠨ ᠥᠩᠭᠡ | ᠲᠠᠢ ︽ᠬᠦᠩᠬᠡᠷ ᠴᠡᠴᠡᠭ︾ ᠭᠡᠳᠡᠭ ᠨᠢ ᠳᠠᠷᠣᠢ ᠡᠮᠲᠦ ᠣᠷᠭᠤᠮᠠᠯ ︽ᠨᠠᠪᠴᠢᠷᠬᠠᠭ ᠣᠷᠳᠣᠣᠴᠠ︾ ᠮᠥᠨ | ᠪᠣᠯᠣᠯᠲᠠᠢ ᠭᠡᠵᠦ ᠰᠢᠨᠵᠢᠯᠡᠭᠰᠡᠨ ᠪᠠᠶᠢᠨ᠎ᠠ | ᠨᠢᠭᠡ ᠳᠤ᠂ ᠬᠥᠳᠡᠭᠡ ᠶᠢᠨ ︽ᠬᠦᠩᠬᠡᠷ ᠴᠡᠴᠡᠭ ︾ ᠤᠨ ᠲᠣᠬᠠᠢ᠃ | ᠰᠢᠯᠢ ᠶᠢᠨ ᠭᠤᠣᠯ ᠠᠶᠢᠮᠠᠭ ᠤᠨ ᠡᠯ᠎ᠡ ᠭᠠᠵᠠᠷ ᠲᠤ ᠨᠡᠶᠢᠳᠡᠮ ᠣᠷᠭᠤᠳᠠᠭ ᠭᠡᠳᠡᠭ ᠪᠣᠯᠪᠠᠴᠦ᠂ ᠮᠠᠨ ᠤ | ᠵᠡᠭᠦᠨ ᠦᠵᠦᠮᠦᠴᠢᠨ ᠬᠤᠰᠢᠭᠤᠨ ᠤ ᠵᠡᠭᠦᠨ ᠡᠮᠦᠨ᠎ᠡ ᠬᠡᠳᠣᠨ ᠰᠣᠮᠣ ᠪᠠᠷ ᠢᠯᠡᠭᠦᠣ ᠣᠷᠭᠤᠳᠠᠭ ᠪᠠᠶᠢᠨ᠎ᠠ᠃ ᠳᠠᠷᠣᠢ | ᠣᠣᠯ ᠤᠨ ᠬᠦᠷᠢᠶᠡᠲᠦᠨᠠᠭᠤᠷ ᠰᠣᠮᠣᠨ ᠤ ᠬᠠᠲᠠᠲᠦ ᠶᠢᠨ ᠰᠢᠯᠢ᠂ ᠣᠣᠯ ᠤᠨ ᠴᠠᠭᠠᠠᠨᠠᠭᠤᠷ ᠰᠣᠮᠣᠨ ᠤ ᠪᠣᠮᠲᠦ ᠶᠢᠨ | ᠲᠠᠯ᠎ᠠ ᠵᠡᠷᠭᠡ ᠰᠢᠯᠢᠷᠬᠡᠭ ᠡᠯᠰᠣᠷᠬᠡᠭ ᠭᠠᠵᠠᠷ ᠲᠤ ᠭᠤᠣᠯᠳᠠᠭᠤ ᠣᠷᠭᠤᠳᠠᠭ ᠪᠠᠶᠢᠭᠰᠠᠨ ᠪᠠᠶᠢᠨ᠎ᠠ᠃ ︽ᠬᠦᠩᠬᠡᠷ | ᠴᠡᠴᠡᠭ ︾ ᠭᠡᠰᠡᠨ ᠦᠭᠡ ᠶᠢ ︽ᠬᠦᠩᠬᠡ︾ ᠭᠡᠳᠡᠭ ᠶᠠᠭᠠᠨ ᠴᠡᠴᠡᠭ ᠪᠣᠯᠪᠠᠣ᠂ ᠬᠦᠮᠡᠯᠢ ᠪᠣᠶᠣ ᠲᠠᠭᠠᠨ᠎ᠠ ᠴᠦ | ᠶᠤᠮ ᠦᠦ ᠭᠡᠵᠦ ᠣᠯᠠᠨ ᠲᠠᠯ᠎ᠠ ᠪᠠᠷ ᠠᠳᠠᠯᠢᠳᠬᠠᠯᠠ᠃ ᠬᠠᠷᠢᠴᠠᠭᠤᠯᠣᠭᠰᠠᠨ ᠤ ᠳ᠋ᠦᠩ ᠲᠤ ᠨᠠ᠊ ᠲᠡᠮᠡᠴᠡᠯᠲᠦ ᠭᠤᠸᠠᠢ | ᠶᠢᠨ ᠮᠠᠭᠲᠠᠭᠰᠠᠨ ᠲᠡᠷᠡ ᠬᠦ ︽ᠬᠦᠩᠬᠡᠷ ᠴᠡᠴᠡᠭ︾ ᠭᠡᠳᠡᠭ ᠪᠣᠯ ᠠᠷᠠᠢ ᠴᠦ ᠪᠢᠰᠢ ᠮᠠᠶ᠋ᠢᠭ ᠲᠠᠢ ᠪᠦᠭᠡᠳ | ᠦᠵᠦᠮᠦᠴᠢᠨ ᠳᠤ ᠦᠷᠬᠦᠯᠵᠢ ᠣᠷᠭᠤᠳᠠᠭ ᠬᠤᠨᠴᠢᠷ ︵黄芪︶᠂ ᠬᠠᠯᠢᠶᠠᠷ ︵茗葱︶᠂ ᠬᠦᠩᠬᠡᠯ ︵沙葱 | ︶ ᠴᠦ ᠪᠢᠰᠢ᠂ ᠪᠦᠭᠡᠳ ᠬᠦᠮᠡᠯᠢ ︵蒙古 葱︶᠂ ᠮᠠᠩᠭᠢᠷ ︵山葱 —知母︶ ᠪᠣᠶᠣ ᠲᠠᠭᠠᠨ᠎ᠠ | ︵多根葱︶ ᠵᠡᠷᠭᠡ ᠶᠢᠨ ᠬᠦᠷᠡᠩ ᠪᠣᠶᠣ ᠶᠠᠭᠠᠨ ᠥᠩᠭᠡᠲᠦ ᠴᠡᠴᠡᠭ ᠣᠷᠭᠤᠮᠠᠯ ᠤᠳ ᠠᠯᠢ ᠨᠢ ᠴᠦ ᠠᠷᠠᠢ | ᠪᠢᠰᠢ ᠪᠠᠶᠢᠯ᠎ᠠ᠃ | ᠬᠠᠷᠢᠴᠠᠭᠤᠯᠣᠭᠰᠠᠨ ᠤ ᠳ᠋ᠦᠩ ᠳᠤ ᠥᠭᠡᠷ᠎ᠡ ᠨᠢᠭᠡᠨ ᠵᠦᠢᠯ ᠤᠨ ᠮᠣᠩᠭᠤᠯ ᠡᠮ ︽ᠬᠠᠷ᠎ᠠ ᠰᠠᠷᠠᠳ︾ ᠭᠡᠳᠡᠭ | ᠪᠣᠶᠣ ᠲᠦᠪᠡᠳ ᠢᠶᠠᠷ ︽ ᠰᠠᠷᠠᠳᠨᠠᠭ ᠪᠣᠶᠣ ᠳ᠋ᠠᠭᠱᠠ︾ ᠭᠡᠳᠡᠭ ᠮᠥᠨ ᠪᠣᠯᠪᠠᠣ ᠭᠡᠮᠡᠨ ᠳᠥᠰᠥᠭᠯᠡᠪᠡ᠃ ᠳᠠᠷᠣᠢ | ᠬᠢᠲᠠᠳ ᠢᠶᠠᠷ ︽多叶棘豆 ᠪᠣᠶᠣ 黑萼棘豆︾ ᠭᠡᠳᠡᠭ ᠣᠷᠭᠤᠮᠠᠯ ᠮᠥᠨ ᠪᠣᠯᠣᠯᠲᠠᠢ ᠭᠡᠮᠡᠨ | ᠰᠦᠪᠡᠭᠴᠢᠯᠡᠭᠰᠡᠨ ᠪᠠᠶᠢᠨ᠎ᠠ᠃ | ᠬᠤᠶᠠᠷ ᠲᠤ᠂ ︽ᠬᠦᠩᠬᠡᠷ ᠴᠡᠴᠡᠭ ︾ ᠤᠨ ᠠᠮᠠᠳᠠ ᠴᠢᠳᠠᠯ ᠤᠨ ᠲᠣᠬᠠᠢ ᠃ | ᠨᠡ᠊ ᠲᠡᠮᠡᠴᠡᠯᠲᠦ ᠭᠤᠸᠠᠢ ᠰᠢᠯᠦᠭ ᠲᠡᠭᠡᠨ ᠪᠠᠰᠠ᠄ ︽ ᠁ ᠬᠤᠷᠣᠬᠠᠶᠢᠲᠦ ᠱᠠᠯᠪᠠᠭ ᠣᠣᠭᠤᠭᠰᠠᠨ ᠠᠴᠠ | / ᠬᠤᠨᠢᠨ ᠤ ᠭᠡᠳᠡᠰᠣᠨ ᠳᠤ ᠦᠷᠵᠢᠳᠡᠭ / ᠬᠤᠳᠣᠭᠤᠳᠣᠨ ᠬᠠᠲᠠᠶᠢᠷ ᠡᠪᠡᠳᠴᠢᠨ ᠤ / ᠬᠤᠭ ᠢ ᠠᠷᠢᠯᠭᠠᠵᠦ | ᠬᠥᠭᠡᠭᠡᠳᠡᠭ︾ ᠭᠡᠵᠦ / ᠬᠦᠩᠬᠡᠷ ᠴᠡᠴᠡᠭ ᠤᠨ ᠦᠢᠯᠡᠳᠣᠯ ᠢ / ᠬᠦᠣᠷᠨᠢᠵᠦ ᠰᠠᠶᠢᠬᠠᠨ ᠶᠠᠷᠢᠳᠠᠭ / ᠳᠣᠷᠰᠢᠯᠭᠠᠲᠦ | ᠬᠠᠰᠢᠷ ᠮᠠᠯᠴᠢᠳ ᠤᠨ / ᠳᠣᠷᠠᠳᠴᠦ ᠪᠠᠶᠢᠭᠰᠠᠨ ᠨᠢ ᠰᠠᠨᠠᠭᠳᠠᠨ᠎ᠠ ᠁ ᠬᠥᠯ ᠤᠨ ᠰᠡᠭᠡᠷ ᠰᠡᠯᠬᠦᠷᠡᠬᠦ / ᠬᠥᠩᠭᠡᠨ | ᠴᠢᠨᠠᠷ ᠤᠨ ᠪᠠᠮ / ᠬᠦᠨᠳᠦᠢ ᠬᠡᠪᠡᠯᠢ ᠶᠢ ᠳᠦᠭᠦᠷᠭᠡᠬᠦ / ᠬᠥᠭᠡᠪᠥᠷ ᠣᠰᠣᠨ ᠪᠡᠲᠡᠭᠢ / ᠰᠢᠨ᠎ᠡ ᠬᠠᠭᠤᠴᠢᠨ ᠪᠦᠬᠦᠨ | ᠢ / ᠰᠢᠭᠡᠰᠣᠨ ᠮᠥᠷ ᠢᠶᠠᠷ ᠣᠳᠣᠭᠤᠯᠬᠤ / ᠬᠠᠷ᠎ᠠ ᠰᠠᠷᠠᠳ ᠬᠡᠮᠡᠭᠴᠢ / ᠬᠠᠪᠣᠩ ᠤᠨ ᠲᠣᠭᠤᠯᠭ᠎ᠠ ᠶᠢᠨ ᠡᠮ ᠁ | ︾ ᠭᠡᠮᠡᠨ ᠲᠣᠰ ᠣᠷᠭᠤᠮᠠᠯ ᠤᠨ ᠲᠦᠪᠡᠳ ᠮᠣᠩᠭᠤᠯ ᠨᠡᠷ᠎ᠡ ᠪᠠ ᠬᠤᠷᠣᠬᠠᠢ ᠬᠥᠭᠡᠭᠡᠵᠦ᠂ ᠰᠢᠭᠡᠯᠭᠡᠬᠦ᠂ ᠨᠢᠶᠠᠨ ᠢ | ᠨᠢᠲᠣᠯᠠᠬᠤ ᠦᠢᠯᠡᠳᠣᠯ ᠢ ᠴᠦ ᠰᠢᠯᠦᠭᠯᠡᠭᠰᠡᠨ ᠪᠠᠶᠢᠳᠠᠭ ᠶᠤᠮ᠃ ᠡᠨᠡ ᠨᠢ ᠮᠥᠨ ᠴᠦ ᠮᠠᠯᠴᠢᠳ ᠤᠨ ᠬᠡᠯᠡᠳᠡᠭ ︽ | ᠬᠠᠲᠠᠶᠢᠷ ᠤᠨ ᠶᠠᠭᠠᠨ ᠴᠡᠴᠡᠭ᠂ ᠴᠠᠭᠠᠨ ᠴᠡᠴᠡᠭ ᠁︾ ᠲᠠᠢ ᠴᠢᠳᠠᠯ ᠦᠢᠯᠡᠳᠣᠯ ᠤᠨ ᠲᠠᠯ᠎ᠠ ᠪᠠᠷ ᠶᠠᠪ ᠴᠠᠪ | ᠨᠡᠶᠢᠴᠡᠵᠦ ᠪᠠᠶᠢᠭ᠎ᠠ ᠶᠤᠮ᠃ ᠮᠠᠯᠴᠢᠳ ᠤᠨ ᠣᠯᠠᠮᠵᠢᠯᠠᠯᠲᠦ ᠬᠡᠯᠡᠯᠭᠡ ᠪᠠᠷ ᠪᠣᠯ ︽ᠬᠦᠩᠬᠡᠷ ᠴᠡᠴᠡᠭ︾ ᠨᠢ ᠮᠠᠯ ᠤᠨ | ᠡᠪᠡᠳᠴᠢᠨ ᠳᠤ ᠳᠣᠰᠠ ᠲᠠᠢ ᠪᠠᠷ ᠪᠠᠷᠠᠬᠤ ᠦᠭᠡᠢ ᠡᠮ ᠬᠤᠪᠣᠷ ᠦᠶ᠎ᠡ ᠳᠤ ︽ᠬᠤᠷᠣᠬᠠᠢ ᠶᠢ ᠬᠥᠭᠡᠭᠡᠨ᠂ ᠰᠢᠷ᠎ᠠ | ᠣᠰᠣ ᠶᠢ ᠬᠠᠲᠠᠭᠠᠬᠤ ᠪᠠ ᠴᠢᠰᠣ ᠶᠢ ᠰᠢᠩᠭᠢᠷᠡᠭᠦᠯᠦᠨᠠ︾ ᠭᠡᠵᠦ ᠣᠣᠭᠤᠳᠠᠭ ᠪᠠᠶᠢᠪᠠ ᠭᠡᠨ᠎ᠡ᠃ ᠣᠷᠭᠤᠮᠠᠯ ᠤᠨ | ᠰᠣᠳᠣᠯᠭᠠᠨ ᠢ ᠦᠨᠳᠦᠰᠦᠯᠡᠪᠡᠯ ︽ᠬᠠᠷ᠎ᠠ ᠰᠠᠷᠠᠳ ︵ᠬᠦᠩᠬᠡᠷ ᠴᠡᠴᠡᠭ︶᠄ ︽100 ᠰᠡᠡᠲ᠋ᠢᠮᠧᠲᠷ ᠤᠨ ᠲᠥᠯᠥᠪ | ᠥᠨᠳᠣᠷ ᠣᠷᠭᠤᠳᠠᠭ ᠣᠷᠭᠤᠮᠠᠯ᠂ 7 — 8 ᠳ᠋ᠣᠭᠠᠷ ᠰᠠᠷ᠎ᠠ ᠳᠤ ᠬᠠᠪᠣᠷ ᠪᠠ ᠨᠠᠮᠣᠷ ᠬᠤᠶᠠᠷᠲᠠ ᠴᠡᠴᠡᠭ ᠳᠡᠯᠭᠡᠳᠡᠭ | ᠣᠷᠭᠤᠮᠠᠯ ᠪᠣᠯᠣᠨ᠎ᠠ᠃ ᠡᠮ ᠤᠨ ᠨᠣᠮ ᠳᠡᠭᠡᠷ᠎ᠡ ︽ᠣᠷᠳᠣᠣᠴᠠ︾ ᠶᠢ ᠠᠮᠲᠠᠯᠢᠭ ᠪᠦᠭᠡᠳ ᠪᠦᠯᠢᠶᠡᠨ ᠴᠢᠨᠠᠷ ᠲᠠᠢ᠂ | ᠭᠤᠣᠯᠳᠠᠭᠤ ᠪᠦᠭᠡᠷ᠎ᠡ ᠪᠠᠷ ᠳᠠᠮᠵᠢᠵᠦ᠂ ᠳᠠᠪᠣᠰᠠᠩ ᠳᠤ ᠰᠢᠩᠭᠢᠨᠡ︾ ᠭᠡᠰᠡᠨ ᠪᠠᠶᠢᠳᠠᠭ ᠪᠠ ᠮᠥᠨ ᠴᠦ ︽ᠬᠤᠣᠷ᠎ᠠ | ᠶᠢ ᠲᠠᠶᠢᠯᠣᠨ᠂ ᠶᠠᠷ᠎ᠠ ᠶᠢ ᠠᠨᠠᠭᠠᠨ᠂ ᠰᠢᠭᠡᠯᠭᠡᠨ᠂ ᠬᠠᠪᠣᠩ ᠢ ᠬᠠᠷᠢᠭᠤᠯᠬᠤ᠂ ᠬᠤᠳᠣᠭᠤᠳᠣ ᠤ ᠴᠢᠩᠬ᠎ᠠ᠂ ᠣᠰᠣᠨ | ᠬᠠᠪᠣᠩ ᠶᠢ ᠵᠠᠰᠠᠨ᠎ᠠ᠃ ᠬᠡᠷᠪᠡ ᠬᠠᠨᠳᠠ ᠡᠮ ᠪᠣᠯᠭᠠᠪᠠᠯ ᠪᠢᠲᠡᠭᠦᠣ ᠬᠠᠪᠣᠳᠠᠷ ᠢ ᠬᠠᠷᠢᠭᠤᠯᠣᠨ᠎ᠠ︾ ᠭᠡᠰᠡᠨ ᠪᠠᠶᠢᠳᠠᠭ | ᠶᠣᠮ ᠃ | ᠭᠤᠷᠪᠠ ᠳᠤ᠂ ︽ᠬᠦᠩᠬᠡᠷ ᠴᠡᠴᠡᠭ︾ ᠤᠨ ᠨᠡᠷ᠎ᠡ ᠲᠣᠮᠢᠶ᠎ᠠ ᠶᠢᠨ ᠲᠣᠬᠠᠢ᠃ | ︽ᠬᠦᠩᠬᠡᠷ︾ ᠭᠡᠰᠡᠨ ᠨᠡᠷ᠎ᠡ ᠶᠢᠨ ᠲᠣᠬᠠᠢ ᠮᠢᠨᠣ ᠪᠣᠳᠣᠬᠤ ᠪᠠᠷ ᠴᠡᠴᠡᠭ ᠤᠨ ᠬᠢᠨᠢ ᠬᠦᠮᠦᠷᠡᠶᠢᠵᠦ | ᠣᠷᠭᠤᠭᠰᠠᠨ ᠶᠠᠩᠵᠦ ᠬᠡᠯᠪᠡᠷᠢ ᠪᠠᠷ ᠨᠢ ᠥᠭᠭᠦᠭᠰᠡᠨ ᠨᠣᠲᠤᠭ ᠤᠨ ᠬᠦᠮᠦᠰ ᠤᠨ ᠳᠠᠭᠤᠳᠠᠯᠭ᠎ᠠ ᠪᠣᠶᠣ ᠮᠠᠯᠴᠢᠳ ᠤᠨ | ᠥᠭᠭᠦᠭᠰᠡᠨ ᠨᠡᠷ᠎ᠡ ᠪᠠᠶᠢᠵᠦ ᠮᠡᠳᠡᠨ᠎ᠡ ᠭᠡᠵᠦ ᠪᠣᠳᠣᠯ᠎ᠠ᠃ ᠳᠠᠬᠢᠭᠠᠳ ᠬᠡᠯᠡᠪᠡᠯ ︽ᠬᠦᠩᠬᠡᠷ ᠴᠡᠴᠡᠭ︾ ᠭᠡᠳᠡᠭ ᠢ | ᠣᠷᠭᠤᠮᠠᠯ ᠤᠨ ᠨᠣᠮ ᠲᠡᠪᠲᠡᠷ ᠪᠣᠶᠣ ᠮᠣᠩᠭᠤᠯ ᠡᠮ ᠤᠨ ᠨᠡᠷᠡᠰ ᠲᠤ ᠶᠡᠷᠦ ᠬᠠᠷᠠᠭᠳᠠᠬᠤ ᠦᠭᠡᠢ ᠪᠠᠶᠢᠨ᠎ᠠ᠃ | ᠴᠢᠨᠠᠭᠰᠢᠯᠠᠪᠠᠯ ᠥᠪᠥᠷ ᠮᠣᠩᠭᠤᠯ ᠤᠨ ᠡᠯ᠎ᠡ ᠭᠠᠵᠠᠷ ᠤᠨ ᠡᠮᠴᠢ ᠡᠷᠳᠡᠮᠲᠡᠨ ᠨᠡᠷ ᠠᠴᠠ ᠠᠰᠠᠭᠤᠵᠦ ᠰᠣᠷᠣᠭᠯᠠᠭᠠᠳ | ᠴᠦ ᠮᠡᠳᠡᠬᠦ ᠬᠦᠮᠦᠰ ᠦᠭᠡᠢ ᠪᠠᠶᠢᠨ᠎ᠠ᠃ ᠭᠡᠪᠡᠴᠦ ᠮᠣᠩᠭᠤᠯ ᠬᠡᠯᠡᠨ ᠤ ᠵᠠᠷᠢᠮ ︽ᠲᠣᠯᠢ ᠪᠢᠴᠢᠭ︾ ᠲᠤ ᠬᠠᠷᠢᠨ ︽ | ᠬᠦᠩᠬᠡᠷ ︾ ᠭᠡᠳᠡᠭ ᠦᠭᠡ ᠶᠢᠨ ᠢᠵᠠᠭᠤᠷ ᠢ ᠪᠣᠯ ᠬᠦᠮᠦᠭᠡᠷ᠂ ᠬᠤᠮᠢᠭᠠᠷ᠂ ᠬᠤᠩᠬᠤᠷ ᠭᠡᠬᠦ ᠣᠳᠬ᠎ᠠ ᠲᠠᠢ ᠭᠡᠮᠡᠨ | ᠲᠠᠶᠢᠯᠠᠪᠣᠷᠢᠯᠠᠭᠰᠠᠨ ᠬᠠᠷᠠᠭᠳᠠᠨ᠎ᠠ᠃ ᠥᠭᠡᠷ᠎ᠡ ᠪᠠᠷ ᠬᠡᠯᠡᠪᠡᠯ ᠴᠡᠴᠡᠭ ᠨᠢ ᠬᠡᠵᠢᠶᠡᠳᠡ ᠳᠣᠳᠣᠭᠰᠢ ᠪᠠᠨ ᠬᠤᠮᠢᠭᠠᠷ | ᠣᠷᠭᠤᠵᠦ᠂ ᠬᠦᠩᠬᠦᠷ ᠬᠠᠷᠠᠭᠳᠠᠳᠠᠭ ᠪᠣᠯᠬᠤᠷ ᠨᠢ ︽ᠬᠦᠩᠬᠡᠷ ᠴᠡᠴᠡᠭ ︾ ᠭᠡᠰᠡᠨ ᠪᠣᠯᠪᠠᠣ ᠭᠡᠵᠦ ᠪᠣᠳᠣᠵᠦ | ᠪᠠᠶᠢᠨ᠎ᠠ᠃ ᠡᠭᠦᠨ ᠤ ᠳ᠋ᠦᠩ ᠳᠤ ᠮᠠᠯᠴᠢᠳ ᠤᠨ ᠬᠡᠯᠡᠳᠡᠭ ᠲᠡᠷᠡ ᠬᠦ ︽ᠬᠦᠷᠡᠩ ᠶᠠᠭᠠᠨ ᠴᠡᠴᠡᠭ︾ ᠪᠣᠶᠣ ᠨᠡ᠊ | ᠲᠡᠮᠡᠴᠡᠯᠲᠦ ᠶᠢᠨ ᠰᠢᠯᠦᠭᠯᠡᠭᠰᠡᠨ ︽ᠬᠦᠩᠬᠡᠷ ᠴᠡᠴᠡᠭ︾ ᠭᠡᠳᠡᠭ ᠨᠢ ᠳᠠᠷᠣᠢ ᠪᠣᠷᠴᠠᠭ ᠤᠨ ᠢᠵᠠᠭᠤᠷ ᠲᠤ ᠣᠯᠠᠨ | ᠨᠠᠰᠣᠲᠦ ᠣᠷᠭᠤᠮᠠᠯ ︽ᠨᠠᠪᠴᠢᠷᠬᠠᠭ ᠣᠷᠳᠣᠣᠴᠠ ︵多叶棘豆︶︾ ᠪᠣᠶᠣ ︽ᠶᠠᠭᠠᠨ ᠣᠷᠳᠣᠴᠠ ︵兰 | 花 棘 豆︶︾ ᠶᠢᠨ ᠲᠥᠷᠥᠯ ᠲᠤ ᠣᠷᠭᠤᠮᠠᠯ ᠮᠥᠨ ᠭᠡᠵᠦ ᠪᠣᠳᠣᠭᠳᠠᠯ᠎ᠠ᠃ ᠳᠠᠷᠣᠢ ᠮᠣᠩᠭᠤᠯ ᠡᠮ ︽ | ᠬᠠᠷ᠎ᠠ ᠰᠠᠷᠠᠳ — 黑萼棘豆︾ ᠮᠥᠨ ᠪᠣᠯᠣᠨ᠎ᠠ᠃ ᠥᠭᠡᠷ᠎ᠡ ᠪᠠᠷ ᠬᠡᠯᠡᠪᠡᠯ ᠬᠠᠷᠢᠴᠠᠭᠤᠯᠣᠭᠰᠠᠨ ᠪᠣᠶᠣ | ᠡᠰᠢ ᠪᠠᠷᠢᠮᠲᠠ ᠠᠴᠠ ᠦᠵᠡᠬᠦᠯᠡᠷ ᠨᠠ᠊ ᠲᠡᠮᠡᠴᠡᠯᠲᠦ ᠭᠤᠸᠠᠢ ᠶᠢᠨ ᠰᠣᠨᠢᠷᠬᠠᠭᠰᠠᠨ ︽ᠬᠦᠩᠬᠡᠷ ᠴᠡᠴᠡᠭ︾ ᠭᠡᠳᠡᠭ ᠨᠢ | ᠡᠮᠲᠦ ᠣᠷᠭᠤᠮᠠᠯ — ︽ᠣᠷᠳᠣᠣᠴᠠ︾ ᠶᠢ ᠵᠢᠭᠠᠭᠰᠠᠨ ᠪᠠᠶᠢᠵᠡᠢ ᠭᠡᠵᠦ ᠪᠣᠳᠣᠬᠤ ᠶᠢᠨ ᠳᠠᠭᠤ ᠲᠡᠷᠡ ᠨᠢᠭᠡᠨ ᠵᠢᠯ | ᠨᠢ ᠣᠨᠴᠠᠭᠠᠢ ᠥᠷᠭᠡᠨ ᠬᠡᠪᠴᠢᠶ᠎ᠡ ᠪᠠᠷ ᠳᠡᠯᠭᠡᠷᠡᠵᠦ᠂ ᠰᠢᠯᠦᠭᠴᠢ ᠤᠨ ᠮᠠᠨᠢ ᠠᠪᠢᠶᠠᠰ ᠪᠢᠯᠢᠭ ᠨᠢ ᠣᠨᠳᠣᠷᠴᠦ ᠂ | ᠥᠪᠡᠷ ᠤᠨ ᠡᠷᠬᠡ ᠦᠭᠡᠢ ᠮᠠᠭᠲᠠᠨ ᠰᠢᠯᠦᠭᠯᠡᠭᠰᠡᠨ ᠪᠠᠶᠢᠵᠡᠢ ᠭᠡᠳᠡᠭ ᠢ ᠪᠢᠰᠢᠷᠡᠯ᠎ᠡ᠃ | ᠪᠠᠭᠠᠴᠢᠯᠠᠭᠠᠳ ᠬᠡᠯᠡᠪᠡᠯ᠂ ᠨᠠ᠊ ᠲᠡᠮᠡᠴᠡᠯᠲᠦ ᠭᠤᠸᠠᠢ ᠲᠡᠷᠡ ᠣᠳᠠᠭ᠎ᠠ ᠪᠠᠨ ᠣᠣᠯ ᠤᠨ ᠬᠦᠷᠢᠶᠡᠲᠦᠨᠠᠭᠤᠷ | ᠰᠣᠮᠣᠨ ᠤ ︽ᠬᠦᠷᠢᠶᠡᠲᠦ ᠬᠠᠳᠠᠲᠦ︾ ᠭᠡᠳᠡᠭ ᠰᠢᠯᠢ ᠵᠢᠯᠭ᠎ᠠ ᠪᠠᠷ ᠶᠠᠪᠣᠬᠤ ᠳᠠᠭᠠᠨ ᠯᠠᠪᠲᠠᠶᠢᠶ᠎ᠠ ︽ᠬᠦᠩᠬᠡᠷ | ᠴᠡᠴᠡᠭ︾ ᠤᠨ ᠨᠡᠶᠢᠳᠡᠮ ᠳᠡᠯᠭᠡᠷᠡᠭᠰᠡᠨ ᠢ ᠬᠠᠷᠠᠭᠠᠳ ᠪᠠᠭ᠋ᠠᠷᠠᠭᠰᠠᠨ ᠪᠠᠶᠢᠵᠡᠢ᠃ ᠰᠢᠯᠦᠭ ᠳᠠᠬᠢ ︽ᠥᠨᠥ ᠵᠢᠯ ᠤᠨ | ᠬᠤᠪᠢ ᠳᠤ ᠯᠠ / ᠥᠪᠴᠢ ᠰᠢᠯᠢ ᠶᠢ ᠪᠦᠷᠬᠦᠭᠰᠡᠨ ᠨᠢ / ᠥᠭᠡᠳᠡᠯᠡᠵᠦ ᠪᠠᠶᠢᠭ᠎ᠠ ᠠᠮᠢᠳᠣᠷᠠᠯ ᠤᠨ / ᠥᠯᠵᠡᠢ ᠪᠡᠯᠭᠡ | ᠶᠢᠨ ᠲᠡᠮᠳᠡᠭ ᠦᠦ ᠁︾ ᠭᠡᠵᠦ ᠪᠢᠴᠢᠭᠰᠡᠨ ᠠᠴᠠ ᠪᠣᠳᠣᠬᠤ ᠳᠤ ︽ᠬᠦᠩᠬᠡᠷ ᠴᠡᠴᠡᠭ ︾ ᠨᠢ ᠲᠡᠷᠡ ᠨᠢᠭᠡᠨ | ᠵᠢᠯ ᠨᠢ ᠣᠨ ᠣᠨ ᠠᠴᠠ ᠣᠨᠴᠠᠭᠠᠢ ᠣᠷᠭᠤᠴᠠ ᠰᠠᠶᠢᠲᠠᠢ ᠪᠠᠶᠢᠭᠰᠠᠨ ᠪᠣᠯᠣᠯᠲᠠᠢ ᠭᠡᠵᠦ ᠪᠣᠳᠣᠭᠳᠠᠯ᠎ᠠ᠃ | ᠲᠡᠷᠡ ᠮᠥᠷᠲᠡᠭᠡᠨ ᠨᠡ᠊ ᠲᠡᠮᠡᠴᠡᠯᠲᠦ ᠭᠤᠸᠠᠢ᠄ ︽ ᠁ ᠣᠨ ᠳᠤ ᠬᠤᠶᠠᠷᠲᠠ ᠳᠡᠯᠭᠡᠷᠡᠳᠡᠭ / ᠣᠨᠴᠠᠭᠠᠢ | ᠴᠢᠨᠠᠷ ᠢ ᠨᠢ ᠰᠣᠨᠢᠷᠬᠠᠯ᠎ᠠ / ᠣᠯᠣᠭᠰᠠᠨ ᠡᠪᠡᠳᠴᠢᠨ ᠢ ᠠᠨᠠᠭᠠᠳᠠᠭ / ᠣᠪᠠᠳᠢᠰ ᠡᠷᠳᠡᠮ ᠢ ᠨᠢ ᠭᠠᠶᠢᠬᠠᠯ᠎ᠠ᠃ | ᠣᠷᠭᠤᠮᠠᠯ ᠤᠨ ᠰᠢᠨᠵᠢᠯᠡᠭᠴᠢ ᠪᠣᠯᠣᠭᠰᠠᠨ ᠪᠣᠯ / ᠠᠭᠤᠰᠮᠠᠯ ᠪᠣᠯᠭᠠᠭᠠᠳ ᠰᠣᠳᠣᠯᠠᠬᠤ ᠰᠠᠠ / ᠠᠭᠤᠰᠬᠢᠨ ᠳᠤ ᠬᠡᠷᠪᠡ | ᠳᠣᠰᠠᠲᠠᠢ ᠪᠣᠯ / ᠣᠰᠣᠨ ᠳᠤ ᠴᠢᠨᠠᠭᠠᠳ ᠭᠦᠷᠲᠡᠬᠦ ᠰᠠᠠ︾ ᠭᠡᠮᠡᠨ ᠰᠢᠯᠦᠭ ᠢᠶᠠᠨ ᠲᠡᠭᠦᠰᠭᠡᠭᠰᠡᠨ ᠨᠢ ᠠᠬᠠᠮᠠᠳ | ᠭᠤᠸᠠᠢ ᠮᠣᠩᠭᠤᠯ ᠡᠮ ᠤᠨ ᠲᠣᠬᠠᠢ ᠬᠦᠰᠡᠯ ᠵᠣᠷᠢᠯᠲᠡ ᠪᠠᠨ ᠪᠢᠳᠡᠨ ᠳᠡᠭᠡᠨ ᠨᠠᠶᠢᠳᠠᠭᠰᠠᠨ ᠴᠦ ᠶᠣᠮ ᠦᠦ ᠳ᠋ᠠ | ᠭᠡᠮᠡᠨ ᠪᠣᠳᠣᠯᠭᠠᠰᠢᠷᠠᠨ᠂ ᠣᠷᠣᠢ ᠳᠣᠷᠣᠢ ᠣᠬᠠᠨ ᠰᠡᠬᠡᠭᠰᠡᠨ ᠳᠡᠭᠡᠨ ᠭᠡᠮᠰᠢᠵᠦ ᠭᠡᠩᠰᠡᠷᠴᠦ ᠰᠠᠭᠤᠯ᠎ᠠ᠃ | ᠢᠩᠭᠢᠬᠦᠯᠡᠷ ᠲᠣᠰ ᠬᠦᠮᠦᠨ ᠤ ᠰᠡᠳᠬᠢᠯ ᠰᠠᠨᠠᠭ᠎ᠠ ᠴᠦ ᠬᠥᠭᠰᠡᠨ᠄ ︽ᠬᠠᠷᠠᠴᠠ ᠶᠢ ᠰᠡᠷᠭᠦᠭᠡᠭᠰᠡᠨ ᠬᠦᠩᠬᠡᠷ ᠶᠠᠭᠠᠨ | ᠴᠡᠴᠡᠭ ᠨᠢ / ᠬᠠᠪᠣᠩ ᠢ ᠠᠷᠢᠯᠭᠠᠬᠤ ᠷᠢᠳ᠋ ᠰᠢᠳ᠋ ᠲᠠᠢ ᠪᠠᠶᠢᠵᠡᠢ ᠳ᠋ᠠ / ᠬᠠᠩᠬᠤᠯᠠᠮᠠ ᠠᠩᠭᠢᠯᠣᠮ᠎ᠠ ᠲᠡᠷᠡ | ᠬᠦᠩᠬᠡᠷ ᠴᠡᠴᠡᠭᠡᠰ ᠢᠶᠠᠨ / ᠬᠠᠶᠢᠵᠦ ᠣᠯᠣᠭᠠᠳ ᠰᠢᠨᠵᠢᠯᠡᠵᠦ ᠰᠠᠭᠤᠶ᠎ᠠ ᠁︾ ᠭᠡᠮᠡᠨ ᠪᠣᠳᠣᠭᠳᠠᠵᠦ᠂ | ᠬᠤᠵᠢᠮᠳᠠᠵᠦ ᠣᠬᠠᠭᠠᠷᠠᠭᠰᠠᠨ ᠳᠠᠭᠠᠨ ᠬᠠᠷᠠᠮᠰᠠᠵᠦ ᠪᠢᠯᠡ᠃ ᠢᠩᠭᠢᠬᠦ ᠳᠡᠭᠡᠨ ᠲᠠᠯ᠎ᠠ ᠬᠥᠳᠡᠭᠡ ᠶᠢᠨ ᠣᠷᠭᠤᠮᠠᠯ ᠤᠨ | ᠷᠢᠳ᠋ ᠰᠢᠳ᠋ ᠨᠢ ᠬᠡᠪ ᠢᠶᠠᠷ ᠢᠶᠠᠨ ᠪᠣᠯᠣᠭᠠᠰᠠᠢ᠂ ᠲᠠᠭᠠᠰᠢᠶᠠᠵᠦ ᠪᠠᠭ᠋ᠠᠷᠬᠠᠭᠰᠠᠨ ᠬᠦᠮᠦᠰ ᠨᠢ ᠰᠢᠯᠦᠭᠴᠢ ᠰᠢᠨᠵᠢᠭᠡᠴᠢ | ᠯᠡ ᠪᠠᠶᠢᠭᠠᠰᠠᠢ ᠭᠡᠰᠡᠨ ᠬᠦᠰᠡᠯ ᠢᠷᠦᠭᠡᠯ ᠢᠶᠠᠨ ᠲᠠᠯᠪᠢᠵᠦ ᠰᠠᠭᠤᠯ᠎ᠠ᠃ | | ᠯᠡᠪᠯᠡᠯᠲᠠ ᠪᠣᠯᠭᠠᠭᠰᠠᠨ ᠨᠣᠮ ᠲᠡᠪᠲᠡᠷ᠄ | ︽ ᠦᠵᠦᠮᠦᠴᠢᠨ ᠤ ᠨᠡᠷ᠎ᠡ ᠴᠣᠣᠲᠦ ᠡᠮᠴᠢᠳ ᠳᠣᠮᠴᠢᠳ︾᠃ 443 ᠳ᠋ᠣᠭᠠᠷ ᠨᠢᠭᠤᠷ ᠲᠤ᠃ | ᠥᠪᠥᠷ ᠮᠣᠩᠭᠤᠯ ᠤᠨ ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ᠃ 2004 ᠣᠨ ᠳᠤ | ︽ ᠮᠣᠩᠭᠤᠯ ᠲᠦᠪᠡᠳ ᠬᠢᠲᠠᠳ ᠬᠠᠪᠰᠣᠷᠭᠠᠭᠰᠠᠨ ᠡᠮ ᠤᠨ ᠨᠡᠷᠡᠰ︾᠃ 83 ᠳ᠋ᠣᠭᠠᠷ ᠨᠢᠭᠤᠷ ᠲᠤ᠃ | ᠥᠪᠥᠷ ᠮᠣᠩᠭᠤᠯ ᠤᠨ ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ᠃ 7998 ᠣᠨ ᠳᠤ | ︽ ᠦᠵᠦᠮᠦᠴᠢᠨ ᠤ ᠡᠮᠲᠦ ᠣᠷᠭᠤᠮᠠᠯ ᠤᠨ ᠵᠢᠷᠣᠭᠲᠦ ᠲᠣᠯᠢ︾᠃ 146 ᠳ᠋ᠣᠭᠠᠷ ᠨᠢᠭᠤᠷ ᠲᠤ᠃ ᠥᠪᠥᠷ | ᠮᠣᠩᠭᠤᠯ ᠤᠨ ᠬᠡᠪᠯᠡᠯ ᠤᠨ ᠪᠦᠯᠦᠭᠯᠡᠯ᠃ | ᠥᠪᠥᠷ ᠮᠣᠩᠭᠤᠯ ᠤᠨ ᠰᠢᠨᠵᠢᠯᠡᠬᠦ ᠣᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ᠃ 2014 ᠣᠨ ᠳᠤ | ︽ ᠪᠠᠢ ᠳ᠋ᠦ᠋ ᠰᠦᠯᠵᠢᠶ᠎ᠡ百度︾ ᠠᠴᠠ ᠰᠢᠷᠪᠡᠯᠲᠡ ᠬᠢᠵᠦ ᠬᠠᠷᠭᠤᠭᠤᠯᠪᠠ᠃ | 2018 .6 . 28 ᠤ ᠡᠳᠣᠷ ᠰᠢᠷᠪᠢᠪᠡ᠃ | | ᠵᠣᠬᠢᠶᠠᠭᠴᠢ ᠄ ᠭᠣ ᠲᠠᠪᠬᠠᠢ᠃ | ᠬᠠᠶᠠᠭ᠄ ᠰᠢᠯᠢ ᠶᠢᠨ ᠭᠤᠣᠯ ᠠᠶᠢᠮᠠᠭ ᠤᠨ ᠵᠡᠭᠦᠨ ᠦᠵᠦᠮᠦᠴᠢᠨ ᠬᠤᠰᠢᠭᠤᠨ ᠤ ᠮᠣᠩᠭᠤᠯ ᠡᠮ ᠡᠮᠨᠡᠯᠭᠡ ᠶᠢᠨ | ᠡᠷᠳᠡᠮ ᠰᠢᠨᠵᠢᠯᠡᠭᠡᠨ ᠤ ᠨᠡᠶᠢᠭᠡᠮᠯᠢᠭ ᠤᠨ ᠭᠡᠰᠢᠭᠦᠨ᠃ ︵ ᠬᠤᠰᠢᠭᠤ ᠮᠣᠩᠭᠤᠯ ᠡᠮᠨᠡᠯᠭᠡ ᠶᠢᠨ ᠬᠤᠷᠢᠶᠠᠨ ᠳᠤ︶᠃ | 2018.1.1 ᠤ ᠡᠳᠣᠷ᠃ |