ᠤᠷᠢᠶᠠᠩᠬᠠᠨ ᠤ᠂ ᠶᠤᠨᠳᠤᠨ | ᠠᠯᠳᠠᠨ ᠵᠢᠯᠤᠭᠤᠳᠤ ᠪᠠᠶᠠᠨ ᠤᠨᠳᠤᠷᠤᠯ | ᠭᠠᠷᠴᠠᠭ | ᠨᠢᠭᠡ᠂ ᠭᠡᠷ ᠪᠦᠯᠢ ᠶᠢᠨ ᠠᠮᠢᠳᠤᠷᠠᠯ ᠤᠨ ᠡᠬᠢᠯᠡᠯ | ᠬᠤᠶᠠᠷ᠂ ᠦᠬᠡᠷᠴᠢᠨ ᠪᠤᠯᠤᠭᠰᠠᠨ ᠨᠢ | ᠭᠤᠷᠪᠠ᠂ ︽ᠬᠤᠶᠠᠷ ᠢ ᠲᠤᠭᠳᠠᠭᠠᠵᠦ ᠨᠢᠭᠡ ᠶᠢ ᠱᠠᠩᠨᠠᠬᠤ︾ ᠲᠦᠷᠢᠮ ᠢ ᠬᠡᠷᠡᠭᠵᠢᠭᠦᠯᠦᠭᠰᠡᠨ ᠨᠢ | ᠲᠦᠷᠪᠡ᠂ ᠪᠠᠷᠢᠭᠠᠳᠠ ᠶᠢᠨ ᠠᠵᠢᠯ ᠬᠢᠭᠰᠡᠨ ᠨᠢ | ᠲᠠᠪᠤ᠂ ᠬᠤᠤᠰ ᠲᠠᠭᠠᠭᠠᠴᠢᠯᠠᠯᠳᠠ ᠶᠢᠨ ᠲᠦᠷᠢᠮ ᠢ ᠬᠡᠷᠡᠭᠵᠢᠭᠦᠯᠦᠭᠰᠡᠨ ᠨᠢ | ᠵᠢᠷᠭᠤᠭ᠎ᠠ᠂ ᠦᠨᠳᠦᠰᠦᠨ ᠪᠦᠳᠦᠭᠡᠨ ᠪᠠᠶᠢᠭᠤᠯᠤᠯᠳᠠ ᠶᠢ ᠠᠳᠬᠤᠭᠰᠠᠨ ᠨᠢ | ᠲᠤᠯᠤᠭ᠎ᠠ᠂ ᠰᠢᠨ᠎ᠡ ᠮᠠᠶ᠋ᠢᠭ ᠤᠨ ᠤᠷᠤᠨ ᠰᠠᠭᠤᠴᠠ ᠳᠤ ᠤᠷᠤᠭᠰᠠᠨ ᠨᠢ | ᠨᠠᠢᠮᠡ᠂ ᠮᠠᠯ ᠢᠶᠠᠨ ᠦᠰᠭᠡᠵᠦ ᠮᠢᠩᠭᠠᠳᠤ ᠶᠢᠨ ᠡᠷᠦᠬᠡ ᠪᠤᠯᠤᠭᠰᠠᠨ ᠨᠢ | ᠠᠯᠳᠠᠨ ᠵᠢᠯᠤᠭᠤᠳᠤ ᠪᠠᠶᠠᠨ ᠤᠨᠳᠤᠷᠤᠯ | — ᠤᠯᠤᠰ ᠪᠠᠶᠢᠭᠤᠯᠤᠭᠳᠠᠭᠰᠠᠨ 70 ᠵᠢᠯ᠃ ᠦᠭᠡᠷᠡᠴᠢᠯᠡᠯᠳᠡ | ᠨᠡᠭᠡᠭᠡᠯᠳᠡ ᠶᠢᠨ 40 ᠵᠢᠯ ᠤᠨ ᠤᠢ ᠳᠤ ᠵᠤᠷᠢᠭᠤᠯᠪᠠ | ᠨᠢᠭᠡ᠂ ᠭᠡᠷ ᠪᠦᠯᠢ ᠶᠢᠨ ᠠᠮᠢᠳᠤᠷᠠᠯ ᠤᠨ ᠡᠬᠢᠯᠡᠯ | ᠦᠨᠳᠦᠷ ᠵᠤ ᠨᠢ ᠠᠯᠤᠰ ᠠᠴᠠ ᠬᠦᠭᠡᠷᠡᠨ ᠬᠠᠷᠠᠭᠠᠨ ᠤ ᠦᠵᠦᠭᠦᠷ ᠨᠡᠯᠦᠶᠢᠵᠦ | ᠦᠷᠭᠡᠨ ᠬᠦᠨᠳᠡᠢ ᠨᠢ ᠨᠤᠭᠤᠭᠠᠷᠠᠨ ᠴᠡᠴᠡᠭ ᠤᠨ ᠲᠠᠪᠠᠯᠭᠠᠨ ᠭᠡᠶᠢᠰᠦᠨᠡ | ᠦᠨᠢᠷ ᠰᠦᠷᠦᠭ ᠤᠨ ᠰᠢᠮᠡᠳᠦ ᠪᠡᠯᠴᠢᠭᠡᠷ ᠡᠵᠢ ᠶᠢᠨ ᠮᠢᠨᠢ ᠨᠤᠲᠤᠭ | ᠦᠵᠦᠮᠦᠴᠢᠨ ᠨᠤᠲᠤᠭ ᠤᠨ ᠪᠠᠷᠠᠭᠤᠨ ᠵᠠᠬ᠎ᠠ ᠲᠤᠭᠤᠭᠠᠳᠤ ᠭᠠᠵᠠᠷ ᠰᠠᠶᠢᠬᠠᠨ | — ︽ᠪᠠᠶᠠᠵᠢᠯ ᠤᠨ ᠬᠠᠷᠭᠤᠢ ᠳᠠᠬᠢ ᠮᠢᠨᠤ ᠨᠤᠲᠤᠭ︾ ᠭᠡᠬᠦ ᠨᠠᠶᠢᠷᠠᠭ ᠠᠴᠠ | ᠰᠢᠷ᠎ᠠ ᠮᠤᠷᠢᠨ ᠵᠢᠯ ᠤᠨ ᠵᠤᠨ ᠪᠠᠶᠢᠵᠦ ᠯᠡ ᠳ᠋ᠠ᠂ ᠨᠦᠢᠳᠡᠨ ᠴᠢᠬᠢᠭ ᠬᠠᠮᠠᠷ ᠠᠩᠭᠢᠯᠠᠭᠤᠯᠤᠭᠰᠠᠨ ᠡᠪᠡᠰᠦᠨ ᠤ | ᠰᠡᠬᠦᠳᠡᠷᠢ ᠭᠢᠯᠠᠯᠵᠠᠭᠰᠠᠨ ᠨᠢᠭᠡᠨ ᠦᠷᠯᠦᠭᠡ ᠡᠷᠳᠡ ᠪᠠᠷ᠂ ᠪᠠᠶᠠᠨ ᠵᠤᠰᠠᠯᠠᠩ ᠤᠨ ᠦᠨᠳᠦᠷ ᠠᠴᠠ ᠨᠢᠭᠡᠨ ᠠᠶᠢᠯ | ᠨᠡᠭᠦᠭᠰᠡᠭᠡᠷ ᠲᠤᠭᠤᠭᠠᠳᠤ ᠶᠢᠨ ᠡᠮᠦᠨ᠎ᠡ ᠲᠡᠨᠵᠢᠨ᠎ᠡ ᠪᠠᠭᠤᠵᠦ ᠭᠡᠷ ᠢᠶᠠᠨ ᠪᠠᠷᠢᠨ᠎ᠠ᠂ ᠲᠠᠪᠤᠨ ᠬᠠᠨ᠎ᠠ ᠲᠠᠢ ᠭᠡᠷ ᠢᠶᠠᠨ | ᠪᠤᠰᠬᠠᠵᠦ᠂ ᠬᠡᠳᠦᠨ ᠲᠡᠷᠭᠡ ᠪᠠᠨ ᠨᠠᠶᠢᠷᠠᠭᠰᠠᠨ ᠢᠶᠠᠨ ᠵᠡᠯ᠎ᠡ ᠪᠠᠨ ᠲᠠᠳᠠᠵᠦ ᠭᠠᠳᠠᠰᠤᠯᠠᠭᠠᠳ ᠬᠡᠳᠦᠨ ᠲᠤᠭᠤᠯ ᠢᠶᠠᠨ | ᠤᠶᠠᠨ᠎ᠠ᠃ ᠦᠩᠭᠡ ᠶᠢᠨ ᠴᠡᠴᠡᠭ ᠲᠡᠯᠭᠡᠷᠡᠭᠡᠳ ᠦᠶᠡᠳᠡᠨ ᠤᠷᠭᠤᠮᠠᠯ ᠲᠤᠬᠢᠯᠵᠠᠵᠦ᠂ ᠠᠬᠢ ᠲᠠᠭᠠᠨ᠎ᠠ ᠦᠨᠦᠷ | ᠬᠠᠩᠬᠤᠯᠠᠭᠰᠠᠨ ᠪᠠᠶᠢᠭᠠᠯᠢ ᠶᠢᠨ ᠲᠠᠩᠰᠤᠭ ᠲᠤᠭᠤᠭᠠᠳᠤ ᠭᠠᠵᠠᠷ ᠰᠠᠭᠠᠳᠠᠵᠠᠢ᠃ ᠨᠢᠭᠡ ᠮᠤᠷᠢᠳᠠᠨ ᠬᠦᠯᠦᠪᠦᠷᠢ ᠶᠢᠨ | ᠦᠬᠡᠷ ᠪᠤᠯᠤᠨ ᠬᠡᠳᠦᠨ ᠦᠨᠢᠶᠡᠳ ᠢᠶᠠᠨ ᠮᠠᠨᠢᠳᠦ ᠶᠢᠨ ᠭᠤᠤᠯ ᠤᠨ ᠤᠰᠤᠨ ᠵᠦᠭ ᠬᠦᠭᠡᠭᠡᠵᠦ ᠲᠠᠯᠪᠢᠨ᠎ᠠ᠂ ᠠᠯᠤᠰ | ᠠᠴᠠ ᠲᠤᠭᠤᠨᠤ ᠪᠠᠷ ᠨᠢ ᠤᠳᠤᠭ᠎ᠠ ᠰᠤᠭᠤᠨᠤᠭᠯᠠᠬᠤ ᠪᠠᠷ ᠬᠡᠷᠭᠡᠢ ᠨᠢ ᠭᠡᠷ ᠲᠤᠲᠤᠷ᠎ᠠ ᠵᠤᠤᠬ᠎ᠠ ᠪᠠᠨ ᠰᠢᠪᠠᠭᠰᠠᠨ ᠢᠶᠠᠨ | ᠴᠠᠢ ᠪᠠᠨ ᠪᠡᠯᠨᠳᠦᠨ ᠠᠮᠵᠢᠬᠤ ᠨᠢ ᠪᠤᠯᠤᠯᠳᠠᠢ᠃ ᠡᠨᠡ ᠪᠤᠯ ᠮᠠᠨᠢᠳᠦ — ᠰᠢᠨᠠᠭᠠᠨ ᠢᠶᠠᠷ ᠪᠡᠯᠴᠢᠭᠡᠷ ᠲᠠᠢ᠂ | ᠲᠤᠭᠤᠭᠠᠳᠤ ᠬᠡᠮᠡᠬᠦ ᠭᠠᠵᠠᠷ ᠢᠶᠠᠷ ᠨᠤᠲᠤᠭᠳᠠᠢ ᠮᠠᠯᠴᠢᠨ ᠡᠷᠳᠡᠮᠳᠡᠭᠦᠰ ᠤᠨ ᠬᠢ ᠪᠤᠯᠤᠨ᠎ᠠ᠃ ᠲᠡᠭᠦᠨ ᠤ ᠬᠡᠷᠭᠡᠢ ᠰᠠᠷᠠᠨ | ᠭᠡᠳᠡᠭ᠃ ᠭᠡᠷ ᠲᠡᠭᠡᠨ ᠤᠢ ᠬᠦᠷᠦᠭᠰᠡᠨ ᠶᠡᠭᠡ ᠬᠦᠤ ᠲᠠᠢ ᠪᠠᠨ ᠭᠤᠷᠪᠠᠭᠤᠯᠠ ᠠᠵᠠᠢ᠃ | ᠨᠢᠭᠡᠳᠦᠯ ᠪᠠᠷᠢᠭᠠᠳᠠ ᠶᠢᠨ ᠦᠶ᠎ᠡ ᠪᠠᠶᠢᠵᠤ᠂ ᠬᠠᠮᠲᠦ ᠶᠢᠨ ᠲᠣᠭᠤᠭᠠᠨ ᠠᠴᠠ ᠬᠤᠰᠣᠮ ᠬᠥᠰᠡᠵᠤ ᠬᠥᠨᠡᠰᠦ | ᠵᠠᠯᠭᠠᠭᠤᠯᠵᠤ ᠪᠠᠶᠢᠭᠰᠠᠨ ᠴᠠᠭ᠃ ᠰᠠᠶ᠋ᠢᠬᠠᠨ ᠠᠶᠢᠯ ᠭᠡᠷ ᠪᠤᠯᠵᠦ ᠶᠠᠪᠤᠭ᠎ᠠ ᠡᠳᠡᠨᠡᠶᠢᠬᠢᠨ ᠳᠤ ᠪᠤᠰᠤᠳ ᠬᠦᠷᠦᠩᠭᠡ | ᠭᠡᠮᠡᠷ ᠶᠠᠭᠤᠮ᠎ᠠ ᠠᠯᠠᠭ᠎ᠠ᠂ ᠪᠠᠰᠠ ᠮᠠᠯ ᠰᠦᠷᠦᠭ ᠭᠡᠵᠦ ᠤᠯᠵᠦ ᠲᠠᠭᠠᠭᠠᠴᠢᠯᠠᠭᠠᠳᠤᠢ ᠪᠤᠯᠬᠤᠷ ᠠᠳᠡ ᠲᠡᠨᠳᠡ ᠠᠴᠠ | ᠬᠡᠳᠦᠨ ᠲᠤᠭᠤᠯ ᠲᠠᠢ ᠦᠨᠢᠶ᠎ᠡ ᠴᠤᠭᠯᠠᠭᠤᠯᠵᠦ ᠪᠤᠷᠤ ᠡᠳᠦᠷ ᠬᠤᠨᠤᠭ ᠢ ᠦᠩᠭᠡᠷᠡᠭᠡᠨ᠎ᠡ᠃ ᠠᠰᠢᠭ ᠤᠷᠤᠯᠭ᠎ᠠ ᠭᠡᠪᠡᠯ | ᠬᠠᠮᠲᠦ ᠪᠠᠶᠢᠭᠰᠠᠨ ᠤ ᠡᠷᠬᠡ ᠪᠠᠷ ᠮᠠᠯᠵᠢᠯ ᠠᠴᠠ ᠪᠣᠰᠣᠳ ᠢᠯᠡᠭᠦᠤ ᠬᠥᠳᠡᠯᠮᠥᠷᠢ ᠳᠤ ᠣᠷᠣᠯᠴᠠᠵᠦ ᠠᠮᠢ ᠲᠡᠵᠢᠭᠡᠨ᠎ᠡ᠂ | ᠡᠳᠦᠷ ᠪᠦᠷᠢ ᠶᠢᠨ ᠠᠷᠪᠠᠨ ᠬᠤᠪᠢ ᠲᠡᠮᠳᠡᠭᠯᠡᠵᠤ ᠬᠤᠪᠢ ᠪᠦᠷᠢ ᠶᠢᠨ ᠦᠨ᠎ᠠ ᠨᠢ 0,12 ᠲᠦᠭᠦᠷᠢᠭ ᠲᠡᠳᠦᠢ ᠯᠠ | ᠪᠠᠶᠢᠯ᠎ᠠ᠃ ᠨᠠᠮᠣᠷ ᠤᠨ ᠡᠪᠡᠰᠦ ᠬᠠᠳᠣᠯᠠᠩ᠂ ᠮᠠᠯ ᠤᠨ ᠬᠤᠷᠤᠭ᠎ᠠ ᠬᠠᠰᠢᠶ᠎ᠠ ᠪᠠᠷᠢᠬᠤ᠂ ᠡᠪᠡᠰᠦᠨ ᠬᠥᠷᠢᠶᠡᠯᠡᠩ | ᠪᠣᠰᠬᠠᠬᠤ᠂ ᠬᠤᠨᠢᠨ ᠤ ᠭᠠᠷ ᠬᠡᠬᠡᠯᠲᠦᠯᠭᠡ ᠶᠢᠨ ᠮᠡᠷᠭᠡᠵᠢᠯ ᠤᠨ ᠠᠵᠢᠯ᠂ ᠬᠠᠪᠤᠷ ᠲᠦᠯ ᠤᠨ ᠦᠶ᠎ᠡ ᠠᠶᠢᠯ ᠤᠨ | ᠰᠠᠭᠠᠬᠤ ︵ᠬᠤᠷᠠᠭᠠᠯᠠᠭᠰᠠᠨ ᠬᠤᠨᠢᠳ︶ ᠶᠢ ᠬᠠᠷᠢᠭᠤᠯᠬᠤ ᠵᠡᠷᠭᠡ ᠦᠢᠯᠡᠳᠪᠦᠷᠢᠯᠡᠯ ᠤᠨ ᠠᠵᠢᠯᠯᠠᠭᠠᠨ ᠳᠤ | ᠤᠷᠤᠯᠴᠠᠵᠦ᠂ ᠭᠡᠷ ᠪᠦᠯᠢ ᠶᠢᠨ ᠠᠮᠢᠳᠤᠷᠠᠯ ᠢᠶᠠᠨ ᠲᠦᠩᠭᠡᠵᠢ ᠠᠷᠭᠠᠴᠠᠬᠤ ᠲᠡᠳᠦᠢ᠃ ᠡᠨᠡ ᠨᠢ ᠦᠷᠭᠦᠯᠵᠢ ᠶᠢᠨ | ᠴᠢᠨᠠᠷᠳᠠᠢ ᠠᠵᠢᠯ ᠪᠤᠰᠤ ᠲᠤᠯᠠ ᠤᠯᠵᠠᠪᠤᠷᠢ ᠪᠠᠷ ᠲᠤᠩ ᠢᠯᠠᠮ ᠦᠭᠡᠢ ᠪᠠᠭ᠎ᠠ ᠪᠠᠶᠢᠭᠰᠠᠨ ᠶᠤᠮ᠂ ᠲᠡᠷᠡ ᠬᠡᠷᠭᠡᠢ ᠲᠠᠢ | ᠪᠠᠨ ᠨᠢᠭᠡ ᠰᠦᠷᠦᠭ ᠠᠪᠴᠤ ᠲᠠᠭᠠᠭᠠᠴᠢᠯᠠᠨ ᠬᠠᠷᠢᠭᠤᠯᠤᠶ᠎ᠠ ᠭᠡᠵᠦ ᠵᠦᠪᠳᠡᠪᠡᠴᠦ ᠪᠠᠷᠢᠭᠠᠳᠠ ᠠᠴᠠ ᠲᠤᠬᠢᠷᠠᠭᠤᠯᠤᠭᠠ | ᠦᠭᠡᠢ ᠪᠠᠶᠢᠭᠰᠠᠭᠠᠷ᠃ ᠠᠮᠤ ᠪᠤᠳᠠᠭ᠎ᠠ ᠪᠦᠰ ᠪᠠᠷᠠᠭ᠎ᠠ ᠶᠢᠨ ᠢᠷᠡᠯᠳᠡ ᠭᠡᠪᠡᠯ ᠰᠠᠷ᠎ᠠ ᠶᠢᠨ ᠭᠤᠴᠢᠨ ᠵᠢᠩ ᠰᠢᠷ᠎ᠠ | ᠪᠤᠳᠠᠭ᠎ᠠ᠂ ᠬᠤᠷᠢᠨ ᠵᠢᠩ ᠴᠠᠭᠠᠨ ᠭᠤᠯᠢᠷ ᠪᠠᠶᠢᠵᠦ᠂ ᠨᠢᠭᠡ ᠬᠦᠮᠦᠨ ᠤ ᠨᠢᠭᠡ ᠲᠡᠪᠡᠯ ᠤᠨ ᠪᠠᠷᠠᠭ᠎ᠠ᠂ ᠬᠦᠪᠦᠩ | ᠬᠤᠶᠠᠷ ᠵᠢᠩ ᠶᠢ ᠬᠠᠩᠭᠠᠨ ᠪᠤᠷᠤᠯᠠᠭᠤᠯᠭ᠎ᠠ ᠶᠢᠨ ᠬᠤᠷᠰᠢᠶ᠎ᠠ ᠪᠠ ᠠᠮᠤ ᠪᠤᠳᠠᠭᠠᠨ ᠤ ᠦᠷᠳᠡᠭᠡᠨ ᠠᠴᠠ ᠬᠤᠳᠠᠯᠳᠤᠨ | ᠠᠪᠴᠤ ᠡᠳᠦᠷ ᠬᠤᠨᠤᠭ ᠢ ᠨᠦᠭᠴᠢᠭᠡᠨ᠎ᠡ᠃ | ᠲᠡᠷᠡ ᠬᠠᠪᠤᠷ᠂ ᠬᠤᠨᠢᠨ ᠤ ᠲᠦᠯ ᠲᠡᠭᠡᠷ᠎ᠡ ᠰᠠᠭᠠᠬᠤ ᠬᠠᠷᠢᠭᠤᠯᠬᠤ ᠠᠵᠢᠯ ᠳᠤ ᠲᠤᠬᠢᠷᠠᠭᠤᠯᠤᠭᠳᠠᠯᠠ᠃ | ᠬᠠᠪᠣᠷ ᠤᠨ ᠨᠢᠭᠡᠨ ᠡᠳᠦᠷ᠂ ᠡᠷᠳᠡᠮᠳᠡᠭᠦᠰ ᠭᠡᠷᠭᠡᠢ ᠲᠠᠢ ᠪᠠᠨ ᠬᠤᠨᠢᠨ ᠳᠠᠭᠠᠨ ᠭᠠᠷᠴᠦ ᠰᠠᠭᠠᠬᠤ ᠪᠠᠨ ᠲᠤᠭᠤᠬᠤ ᠪᠠᠷ | ᠶᠠᠪᠤᠵᠠᠢ᠃ ︽ᠭᠥᠬᠦᠭᠦᠯᠵᠤ ᠠᠪᠤᠭᠤᠯᠬᠤ︾ ᠶᠠᠪᠣᠳᠠᠯ ᠢᠶᠠᠷ ᠪᠠᠭ᠎ᠠ ᠠᠭᠠᠵᠢᠮᠳᠠᠭᠰᠠᠨ ᠪᠠᠶᠢᠵᠤ ᠳ᠋ᠠ᠂ ᠬᠡᠷᠭᠡᠢ ᠨᠢ ᠭᠡᠷ | ᠲᠡᠭᠡᠨ ᠣᠷᠣᠵᠤ ᠦᠵᠡᠭᠦ ᠳᠤ ᠬᠠᠨᠵᠣᠨ ᠲᠡᠭᠡᠷ᠎ᠠ ᠥᠯᠥᠭᠡᠶᠢᠲᠠᠢ ᠪᠠᠶᠢᠭᠰᠠᠨ ᠪᠢᠴᠢᠬᠠᠨ ᠬᠦᠤ ᠨᠢ ᠪᠠᠷ᠎ᠠ ᠠᠯᠠᠭ᠎ᠠ | ᠪᠠᠶᠢᠯ᠎ᠠ᠃ ᠪᠠᠴᠢᠮᠳᠠᠨ ᠠᠵᠢᠭᠯᠠᠪᠠᠯ ᠵᠤᠤᠬ᠎ᠠ ᠶᠢᠨ ᠦᠨᠡᠰᠦᠨ ᠨᠥᠬᠡᠨ ᠳᠤ ᠬᠤᠶᠠᠷ ᠬᠥᠯ ᠨᠢ ᠴᠣᠬᠤᠢᠢᠵᠤ | ᠬᠠᠷᠠᠭᠳᠠᠭᠰᠠᠨ ᠳᠤ ︽ᠪᠠᠷᠠᠪᠠ︕︾ ᠬᠡᠮᠡᠨ ᠲᠠᠭᠠᠤ ᠠᠯᠳᠠᠨ ᠶᠠᠭᠠᠷᠠᠨ ᠲᠡᠪᠡᠷᠢᠵᠤ ᠠᠪᠬᠤ ᠳᠤ ᠨᠢᠭᠤᠷ ᠲᠣᠯᠣᠭᠠᠢ | ᠠᠮᠠ ᠬᠠᠮᠠᠷ ᠴᠥᠮ ᠦᠨᠡᠰᠦ ᠪᠣᠯᠵᠤ᠂ ᠡᠰᠡᠯ᠎ᠡ ᠪᠦᠲᠦᠵᠤ ᠦᠬᠦᠭᠰᠡᠨ ᠪᠠᠶᠢᠵᠠᠢ᠃ ᠪᠠᠭ᠎ᠠ ᠣᠳᠠᠭᠰᠠᠨ ᠪᠣᠯ | ᠬᠠᠷᠠᠯᠠᠬᠤ ᠨᠢ ᠲᠡᠷᠡ᠂ ᠭᠡᠷᠭᠡᠢ ᠮᠠᠨᠢ ᠨᠢᠭᠤᠷ ᠴᠢᠷᠠᠢ ᠶᠢ ᠨᠢ ᠴᠡᠪᠡᠷᠯᠡᠭᠰᠡᠨ ᠢᠶᠠᠨ ᠠᠮᠢᠰᠬᠤᠭ᠎ᠠ ᠲᠠᠢ ᠪᠠᠶᠢᠬᠤ ᠳᠤᠨᠢ | ᠪᠠᠶᠠᠷᠯᠠᠵᠤ᠂ ᠡᠬᠡ ᠬᠥᠮᠥᠨ ᠤ ᠶᠡᠭᠡ ᠬᠠᠶᠢᠷ᠎ᠠ ᠪᠠᠷ ᠨᠢᠯᠪᠣᠰᠣ ᠣᠨᠠᠭᠠᠨ ᠥᠨᠥᠰᠴᠦ᠂ ᠬᠠᠯᠠᠭᠤᠨ ᠬᠠᠴᠠᠷ ᠲᠠᠭᠠᠨ | ᠨᠠᠭᠠᠯᠳᠣᠭᠤᠯᠣᠨ ᠡᠩᠬᠦᠷᠡᠶᠢᠯᠡᠵᠠᠢ᠃ ᠲᠡᠷᠡ ᠦᠶ᠎ᠡ ᠳᠤ᠂ ᠵᠠᠯᠠᠭᠤ ᠡᠴᠢᠭᠡ ᠡᠬᠡᠴᠦᠯ ᠬᠡᠤᠬᠡᠳ ᠢᠶᠠᠨ ᠬᠠᠶᠢᠷᠠᠯᠠᠪᠠᠴᠤ | ᠬᠡᠤᠬᠡᠳ ᠢᠶᠠᠨ ᠡᠷᠬᠡᠯᠡᠬᠦᠯᠬᠦ ᠶᠠᠪᠤᠳᠠᠯ ᠭᠡᠵᠦ ᠦᠭᠡᠢ᠂ ᠬᠤᠨᠢᠨ ᠳᠠᠭᠠᠨ ᠶᠠᠪᠤᠪᠠᠯ ᠬᠡᠤᠬᠡᠳ ᠢᠶᠠᠨ ᠤᠶᠠᠵᠦ | ᠠᠷᠭᠠᠮᠵᠢᠭᠠᠳ ᠲᠠᠯᠪᠢᠳᠠᠭ ᠪᠤᠯᠵᠠᠢ᠃ ᠡᠷᠬᠡ ᠶᠢ ᠰᠤᠷᠭᠠᠬᠤ ᠪᠠᠷ ᠪᠡᠷᠬᠡ ᠶᠢ ᠰᠤᠷᠭ᠎ᠠ ᠭᠡᠳᠡᠭᠴᠢᠯᠡᠨ ᠨᠢᠯᠭ᠎ᠠ ᠬᠡᠤᠬᠡᠳ | ᠲᠤ ᠪᠠᠷᠢᠳᠠᠭ ᠨᠠᠭᠠᠳᠤᠮ ᠤᠨ ᠵᠦᠢᠯᠳᠡ ᠶᠢ ᠦᠭᠴᠤ ᠬᠠᠭᠤᠷᠠᠭᠠᠳ ᠠᠵᠢᠯ ᠳᠠᠭᠠᠨ ᠶᠠᠭᠠᠷᠠᠨ᠎ᠠ᠂ ᠤᠬᠢᠯᠠᠵᠦ | ᠲᠡᠪᠬᠡᠴᠡᠬᠦ ᠶᠠᠪᠤᠳᠠᠯ ᠢ ᠬᠠᠷᠠᠭᠠᠯᠵᠠᠬᠤ ᠵᠠᠪ ᠦᠭᠡᠢ᠂ ᠢᠩᠭᠢᠭᠡᠳ ᠤᠳᠠᠪᠠᠯ ᠬᠡᠤᠬᠡᠳ ᠤᠬᠢᠯᠠᠵᠦ ᠪᠠᠶᠢᠭᠠᠳ | ᠠᠶᠠᠠᠳᠠᠭᠠᠨ ᠤᠨᠳᠠᠴᠢᠳᠠᠭ ᠵᠠᠩᠰᠢᠯ ᠲᠠᠢ ᠪᠤᠯᠴᠢᠳᠠᠭ ᠪᠠᠶᠢᠨ᠎ᠠ᠃ ᠡᠨᠡ ᠮᠡᠳᠦ ᠪᠠᠷ ᠬᠤᠶᠠᠷ ᠰᠠᠷ᠎ᠠ ᠰᠢᠬᠠᠮ ᠰᠠᠭᠠᠬᠤ | ᠬᠠᠷᠢᠭᠤᠯᠤᠭᠠᠳ ᠵᠠᠭᠤ ᠰᠢᠬᠠᠮ ᠵᠤᠭᠤᠰ ᠤᠯᠳᠠᠭ ᠪᠠᠶᠢᠯ᠎ᠠ᠃ | ︽ᠰᠤᠶᠤᠯ ᠤᠨ ᠬᠤᠪᠢᠰᠬᠠᠯ ᠤᠨ ᠰᠠᠮᠠᠭᠤᠷᠠᠯ︾ ᠤᠨ ᠭᠠᠢ ᠪᠠᠷ ᠤᠯᠤᠰ ᠬᠤᠴᠤᠷᠤᠩᠭᠤᠢ ᠨᠡᠶᠢᠭᠡᠮ ᠶᠠᠳᠠᠭᠤ | ᠪᠤᠯᠬᠤᠷ ᠨᠡᠶᠢᠭᠡᠮ ᠤᠨ ᠬᠡᠷᠡᠭᠯᠡᠭᠡᠨ ᠤ ᠲᠠᠸᠠᠷ ᠭᠡᠵᠦ ᠬᠤᠪᠤᠷ ᠴᠤᠬᠠᠭ ᠵᠦᠪᠬᠡᠨ ᠤᠯᠤᠰ ᠤᠨ ᠬᠤᠪᠢᠶᠠᠷᠢᠯᠠᠯᠳᠠ ᠲᠠᠢ | ᠠᠮᠢᠳᠤᠷᠠᠯ ᠤᠨ ᠲᠤᠭᠳᠠᠭᠰᠠᠨ ᠵᠢᠭᠠᠯᠳᠠ ᠲᠠᠢ ᠪᠤᠳᠠᠰ ᠶᠢ ᠬᠤᠳᠠᠯᠳᠤᠨ ᠠᠪᠤᠨ᠎ᠠ᠂ ᠡᠨᠡᠬᠦ ᠬᠤᠴᠤᠷᠤᠩᠭᠤᠢ ᠪᠤᠯᠪᠠᠴᠤ | ᠲᠤᠭᠳᠠᠭᠤᠨ ᠠᠮᠢᠳᠤᠷᠠᠯ ᠤᠨ ᠤᠷᠴᠢᠨ ᠳᠤ ᠮᠠᠯᠴᠢᠳ ᠲᠠᠰᠴᠤ᠂ ᠬᠠᠭᠤᠴᠢᠨ ᠨᠡᠶᠢᠭᠡᠮ ᠤᠨ ᠲᠠᠷᠤᠯᠠᠯ ᠮᠦᠯᠵᠢᠯ ᠲᠠᠢ | ᠬᠠᠷᠢᠴᠠᠭᠤᠯᠤᠭᠠᠳ᠂ ᠶᠠᠳᠠᠭᠤ ᠪᠠᠶᠠᠨ ᠤ ᠵᠦᠷᠢᠶ᠎ᠡ ᠦᠭᠡᠢ᠂ ᠰᠠᠶᠢᠬᠠᠨ ᠨᠡᠶᠢᠭᠡᠮ ᠳᠤ ᠮᠠᠩᠨᠠᠢ ᠲᠡᠨᠡᠶᠢᠨ ᠠᠮᠢᠳᠤᠷᠡᠵᠦ | ᠪᠠᠶᠢᠨ᠎ᠠ ᠭᠡᠵᠦ ᠰᠡᠳᠭᠢᠭᠡᠳ ᠡᠪ ᠬᠠᠮᠳᠤ ᠨᠠᠮ ᠳᠠᠭᠠᠨ ᠬᠦᠨ ᠲᠠᠯᠠᠷᠬᠠᠵᠦ᠂ ᠬᠠᠷᠢᠨ ᠦᠢᠯᠡᠳᠪᠦᠷᠢᠯᠡᠯ ᠠᠮᠢᠳᠤᠷᠠᠯ | ᠳᠠᠭᠠᠨ ᠰᠠᠨᠠᠭ᠎ᠠ ᠲᠦᠭᠦᠷᠡᠩ ᠰᠡᠳᠭᠢᠯ ᠪᠠᠶᠠᠨ ᠠᠵᠦ ᠲᠦᠷᠦᠬᠦ ᠪᠤᠯᠵᠠᠢ᠃ ᠮᠠᠯᠴᠢᠳ ᠮᠠᠨᠢ ᠦᠪᠡᠷ ᠤᠨ ᠰᠤᠶᠤᠯ | ᠪᠤᠯᠬᠤ ᠨᠡᠭᠦᠳᠡᠯ ᠮᠠᠯᠵᠢᠯ ᠤᠨ ᠴᠠᠭ ᠦᠶ᠎ᠡ ᠳᠤ ᠪᠠᠶᠢᠭᠰᠠᠨ ᠢᠶᠠᠷ ᠨᠡᠶᠢᠭᠡᠮ ᠶᠠᠳᠠᠭᠤ ᠪᠠᠶᠢᠭᠰᠠᠨ ᠴᠤ ᠲᠠᠪᠤᠨ | ᠬᠤᠰᠢᠭᠤ ᠮᠠᠯ ᠤᠨ ᠠᠰᠢᠭ ᠰᠢᠮ᠎ᠡ ᠶᠢᠨ ᠭᠠᠷᠤᠯᠳᠠ ᠪᠠᠨ ᠲᠠᠳᠮᠠᠭᠠᠢ ᠠᠰᠢᠭᠯᠠᠵᠦ᠂ ᠠᠮᠢᠳᠤᠷᠠᠯ ᠢᠶᠠᠨ ᠭᠦᠢᠴᠡᠳ | ᠨᠦᠬᠦᠪᠦᠷᠢᠯᠳᠡᠭ ᠪᠠᠶᠢᠭᠰᠠᠨ ᠪᠦᠭᠡᠳ ᠠᠯᠢᠪᠠ ᠬᠡᠷᠡᠭᠯᠡᠭᠡᠨ ᠤ ᠬᠡᠷᠡᠭᠰᠡᠯ ᠤᠨ ᠵᠦᠢᠯᠳᠡ ᠶᠢ ᠦᠪᠡᠷ ᠤᠨ ᠬᠤᠶᠠᠷ ᠭᠠᠷ | ᠢᠶᠠᠷ ᠢᠶᠠᠨ ᠬᠠᠩᠭᠠᠳᠠᠭ ᠬᠦᠳᠡᠯᠮᠦᠷᠢᠴᠢ ᠵᠠᠩ ᠰᠤᠷᠳᠠᠯ ᠢᠶᠠᠨ ᠪᠠᠷᠢᠮᠳᠠᠯᠠᠭᠰᠠᠭᠠᠷ ᠪᠠᠶᠢᠪᠠ᠃ ᠵᠢᠱᠢᠶᠡᠯᠡᠪᠡᠯ ᠢᠰᠡᠭᠡᠢ ᠭᠡᠷ | ᠢᠶᠠᠨ ᠦᠪᠡᠷᠳᠡᠭᠡᠨ ᠬᠢᠵᠦ ᠴᠢᠳᠠᠬᠤ᠂ ᠢᠰᠡᠭᠡᠢ ᠨᠤᠤᠰᠤ ᠪᠠᠨ ᠦᠪᠡᠷᠳᠡᠭᠡᠨ ᠪᠤᠯᠪᠠᠰᠤᠷᠠᠭᠤᠯᠵᠦ ᠴᠢᠳᠠᠬᠤ᠂ ᠠᠯᠢᠪᠠ | ᠤᠶᠤᠳᠠᠯ ᠬᠢᠳᠡᠯ᠂ ᠰᠦ ᠴᠠᠭ᠎ᠠ ᠪᠤᠯᠪᠠᠰᠤᠷᠠᠭᠤᠯᠬᠤ᠂ ᠰᠤᠷ ᠡᠳ᠋ᠯᠡᠯ ᠬᠢᠬᠦ᠂ ᠮᠤᠷᠢᠨ ᠡᠳ᠋ᠯᠡᠯ ᠶᠠᠩᠵᠤᠯᠠᠬᠤ᠂ ᠲᠡᠷᠭᠡ | ᠬᠦᠰᠭᠡ ᠪᠠᠨ ᠬᠢᠬᠦ ᠪᠠ ᠰᠡᠯᠪᠢᠨ ᠵᠠᠰᠠᠬᠤ ᠵᠡᠷᠭᠡ ᠠᠯᠢ ᠤᠯᠠᠨ ᠠᠮᠢᠳᠤᠷᠠᠯ ᠦᠢᠯᠡᠳᠪᠦᠷᠢᠯᠡᠯ ᠤᠨ ᠦᠨᠳᠦᠰᠦᠨ | ᠬᠡᠷᠡᠭᠰᠡᠯ ᠢᠶᠠᠨ ᠦᠪᠡᠷᠳᠡᠭᠡᠨ ᠬᠢᠵᠦ ᠡᠳ᠋ᠯᠡᠵᠦ ᠴᠢᠳᠠᠬᠤ ᠠᠪᠢᠶᠠᠰ ᠪᠢᠯᠢᠭ ᠤᠢ ᠤᠬᠠᠭᠠᠨ ᠬᠦᠮᠦᠨ ᠪᠦᠬᠦᠨ ᠠᠶᠢᠯ | ᠪᠤᠯᠭᠠᠨ ᠳᠤ ᠪᠠᠶᠢᠳᠠᠭ᠂ ᠶᠡᠷᠦ ᠠᠴᠠ ᠬᠦᠮᠦᠨ ᠤ ᠭᠠᠷ ᠬᠠᠷᠠᠳᠠᠭ ᠦᠭᠡᠢ ᠤᠷᠠᠨ ᠲᠠᠷᠬᠠᠨ ᠪᠡᠶ᠎ᠡ ᠪᠠᠨ ᠲᠠᠭᠠᠭᠠᠭᠰᠠᠨ | ᠠᠮᠢᠳᠤᠷᠠᠯ ᠤᠨ ᠬᠦᠴᠦᠰᠦ ᠲᠠᠢ ᠮᠠᠯᠴᠢᠳ ᠪᠠᠶᠢᠭᠰᠠᠨ ᠨᠢ ᠲᠤᠬᠠᠢ ᠶᠢᠨ ᠦᠶ᠎ᠡ ᠶᠢᠨ ᠦᠨᠡᠨ ᠪᠠᠶᠢᠳᠠᠯ ᠶᠤᠮᠰᠠᠨ᠃ | ᠬᠠᠪᠣᠷ ᠤᠨ ᠪᠦᠷᠦᠩᠬᠦᠢ ᠰᠠᠯᠬᠢᠨ ᠳᠤ ᠡᠷᠦᠬᠡᠨ ᠬᠤᠰᠢᠭᠤ ᠲᠡᠷᠪᠡᠯᠵᠡᠵᠤ ᠂ | ᠬᠠᠮᠠᠬᠤᠤᠯ ᠬᠠᠵᠠᠭᠠᠷ ᠡᠪᠡᠰᠦ ᠨᠦᠭᠦᠳ ᠠᠮᠠᠭᠠᠢ ᠵᠢᠯᠣᠭᠤ ᠦᠭᠡᠢ ᠬᠡᠶᠢᠰᠦᠨ᠎ᠠ | ᠬᠠᠷᠠᠨᠳᠠᠨ ᠪᠣᠷᠠᠨᠳᠤᠨ ᠬᠤᠷᠠᠭ᠎ᠠ ᠤᠳ ᠬᠤᠷᠤᠭ᠎ᠠ ᠶᠢᠨ ᠨᠥᠮᠣᠷᠢ ᠪᠥᠮᠪᠤᠶᠢᠨᠠ | ᠬᠠᠷᠠᠴᠦ ᠨᠡᠭᠦᠳᠡᠯᠴᠢᠨ ᠮᠠᠯᠴᠢᠳ ᠮᠠᠨᠢ ᠦᠢᠯᠡ ᠬᠢᠰᠡ ᠪᠠᠷ ᠪᠣᠵᠢᠭᠢᠨᠠᠨᠠᠮ᠃ | — ︽ᠲᠦᠷᠦᠭᠦᠣ ᠵᠠᠭᠤᠨ ᠤ ᠤᠯᠠᠷᠢᠯ ᠳᠤ︾ ᠭᠡᠬᠦ ᠰᠢᠯᠦᠭ ᠠᠴᠠ | ᠬᠤᠶᠠᠷ᠂ ᠦᠬᠡᠷᠴᠢᠨ ᠪᠤᠯᠤᠭᠰᠠᠨ ᠨᠢ | ᠨᠡᠭᠦᠳᠡᠯ ᠮᠠᠯᠵᠢᠯ ᠤᠨ ᠭᠤᠤᠯ ᠲᠤᠯᠭᠤᠷ | ᠬᠦᠯᠤᠪᠦᠷᠢ ᠶᠢᠨ ᠲᠤᠷᠪᠢᠳᠦ ᠱᠠᠷ ᠤᠳ ᠮᠢᠨᠤ | ᠵᠢᠳᠬᠦᠬᠦ ᠲᠡᠷᠭᠡᠨ ᠤ ᠠᠷᠠᠭ᠎ᠠ ᠪᠤᠯᠤᠭᠰᠠᠨ | ᠬᠦᠵᠦᠭᠦᠨ ᠭᠠᠪᠢᠶ᠋ᠳᠤ ᠪᠠᠭᠠᠳᠤᠷ ᠤᠳ | ᠨᠡᠯᠦᠭᠡᠷ ᠰᠦᠨ ᠤ ᠬᠦᠷᠦᠩᠭᠡ ᠪᠢᠯᠬᠠᠭᠤᠯᠤᠭᠰᠠᠨ | ᠰᠠᠭᠠᠯᠢ ᠶᠢᠨ ᠦᠭᠭᠢᠶᠡᠮᠦᠷ ᠦᠨᠢᠶᠡᠳ ᠮᠢᠨᠤ | ᠨᠡᠷᠡᠰᠢᠭ ᠢᠳᠡᠭᠡᠨ ᠤ ᠲᠡᠭᠡᠵᠢ ᠪᠤᠯᠤᠭᠰᠠᠨ | ᠲᠡᠯᠡᠩ ᠤᠨ ᠵᠢᠳᠭᠦᠯᠳᠦ ᠭᠠᠪᠢᠶᠠᠳᠠᠳ | ᠠᠮᠢᠳᠤᠷᠠᠯ ᠤᠨ ᠪᠤᠶᠠᠨ ᠢ ᠲᠡᠭᠡᠵᠢᠯᠡᠭᠰᠡᠨ | ᠠᠵᠠ ᠶᠢᠨ ᠭᠡᠰᠢᠭ ᠦᠬᠡᠷ ᠡᠷᠳᠡᠨᠢ ᠪᠠᠨ ᠮᠠᠭᠳᠠᠨ ᠲᠠᠭᠤᠯᠠᠮᠤ︕ | — ︽ᠦᠵᠦᠮᠦᠴᠢᠨ ᠦᠬᠡᠷ ᠢᠶᠠᠨ ᠮᠠᠭᠳᠠᠨ ᠢᠷᠦᠭᠡᠮᠤ︾ ᠭᠡᠬᠦ ᠰᠢᠯᠦᠭ ᠠᠴᠠ | ᠮᠠᠯ ᠰᠦᠷᠦᠭ ᠲᠠᠭᠠᠭᠠᠴᠢᠯᠠᠨ ᠮᠠᠯᠵᠢᠬᠤ ᠨᠢ ᠭᠡᠷ ᠪᠦᠯᠢ ᠶᠢᠨ ᠠᠵᠤ ᠠᠮᠢᠳᠣᠷᠠᠯ ᠲᠠᠢ ᠰᠢᠭᠤᠳ | ᠬᠤᠯᠪᠣᠭᠳᠠᠨ᠎ᠠ᠂ ᠡᠷᠳᠡᠮᠳᠡᠭᠦᠰ ᠪᠦᠰᠡᠭᠦᠢ ᠲᠠᠢ ᠪᠠᠨ ᠮᠠᠯ ᠬᠠᠷᠠᠵᠤ ᠵᠣᠭᠤᠰ ᠣᠯᠣᠨ ᠠᠮᠢᠳᠤᠷᠠᠯ ᠤᠨ ᠬᠡᠷᠡᠭᠰᠡᠯ ᠶᠠᠭᠤ | ᠠᠪᠬᠤ᠂ ᠶᠠᠭᠠᠬᠢᠵᠤ ᠪᠣᠰᠣᠳ ᠠᠴᠠ ᠬᠤᠴᠣᠷᠬᠤ ᠦᠭᠡᠢ ᠥᠭᠡᠳᠡᠯᠡᠵᠤ ᠶᠠᠪᠣᠬᠤ ᠲᠣᠬᠠᠢ ᠢᠮᠠᠭᠳᠠ ᠵᠥᠪᠳᠡᠯᠴᠡᠨ | ᠨᠢᠭᠡᠨ ᠢᠶᠠᠨ ᠵᠣᠷᠢᠭᠵᠢᠭᠤᠯᠳᠠᠭ ᠪᠠᠶᠢᠯ᠎ᠠ᠂ ᠠᠷᠪᠢᠯᠠᠨ ᠭᠠᠮᠨᠠᠵᠤ ᠡᠷᠥᠬᠡ ᠭᠡᠷ ᠢᠶᠠᠨ ᠡᠵᠡᠩᠨᠡᠬᠦ ᠪᠣᠯ ᠠᠮᠢᠳᠣᠷᠠᠬᠤ ᠶᠢᠨ | ᠪᠠᠲᠣᠯᠠᠭ᠎ᠠ ᠳᠡᠭᠵᠢᠷᠡᠬᠦ ᠶᠢᠨ ᠦᠨᠳᠦᠰᠦ ᠭᠡᠳᠡᠭ ᠢ ᠲᠡᠷᠡ ᠦᠶ᠎ᠡ ᠠᠴᠠ ᠣᠬᠠᠮᠰᠠᠷᠠᠭᠰᠠᠨ ᠪᠠᠶᠢᠵᠠᠢ᠃ ᠡᠳᠡᠨᠡᠶᠢᠬᠢᠨ | ᠳᠤ ᠠᠪᠴᠦ ᠬᠡᠯᠡᠪᠡᠯ ᠳᠠᠯᠠᠭᠠᠳ ᠣᠨ ᠤ ᠮᠣᠷᠢᠨ ᠵᠢᠯ ᠠᠮᠢᠳᠤᠷᠠᠯ ᠳᠡᠭᠵᠢᠷᠡᠵᠤ ᠬᠡᠶᠢᠮᠣᠷᠢ ᠮᠠᠨᠳᠣᠭᠰᠠᠨ ᠣᠨ ᠭᠡᠬᠦ | ᠳᠤ ᠪᠣᠯᠬᠤ ᠶᠣᠮ᠂ ᠲᠡᠭᠦᠨ ᠤ ᠬᠤᠷᠢᠨ ᠲᠠᠪᠤ ᠶᠢᠨ ᠵᠢᠯ ᠤᠷᠤᠬᠤ ᠳᠤ᠂ ᠠᠪᠠᠭ᠎ᠠ ᠠᠬ᠎ᠠ ᠨᠠᠮᠬᠠᠢ ᠠᠴᠠ ᠬᠠᠯᠠᠭᠤᠨ | ᠬᠤᠰᠢᠭᠤ ᠲᠠᠢ ᠦᠬᠡᠷ ᠢᠶᠠᠷ ᠣᠷᠣᠭᠤᠯᠣᠭᠰᠠᠨ᠂ ᠨᠠᠮᠣᠷ ᠬᠤᠳᠠᠯᠳᠣᠬᠤ ᠳᠤ ᠭᠤᠷᠪᠠᠨ ᠵᠠᠭᠤ ᠭᠠᠷᠣᠢ ᠶᠢᠨ ᠶᠡᠭᠡ | ᠦᠨ᠎ᠡ ᠪᠠᠷ ᠠᠷᠠᠯᠵᠢᠶᠠᠯᠠᠭᠰᠠᠨ ᠣᠴᠢᠷ ᠨᠢᠭᠡ ᠶᠠᠭᠤᠮ᠎ᠠ ᠪᠣᠯᠭᠠᠬᠤ ᠭᠡᠵᠤ ᠠᠶᠢᠮᠠᠭ ᠠᠴᠠ ᠡᠮᠡᠭᠡᠯ ᠤᠨ ᠮᠥᠩᠭᠦᠨ | ᠡᠳ᠋ᠯᠡᠯ ᠠᠪᠣᠭᠰᠠᠨ ᠰᠠᠨ᠃ ᠨᠠᠢᠮᠠᠨ ᠭᠠᠨᠵᠤᠭ᠎ᠠ ᠲᠠᠢ ᠭᠤᠶᠣᠬᠠᠨ ᠮᠥᠩᠭᠦᠨ ᠡᠮᠡᠭᠡᠯ ᠪᠦᠷᠢᠯᠳᠦᠭᠦᠯᠣᠨ ᠬᠡᠶᠢᠲᠦ | ᠰᠠᠭᠠᠷᠠᠯ ᠤᠨ ᠨᠢᠷᠤᠭᠤᠨ ᠳᠤ ᠳᠣᠬᠤᠵᠤ᠂ ᠵᠢᠯᠣᠭᠤ ᠰᠦᠢᠵᠤ ᠣᠶᠠᠬᠤ ᠳᠠᠭᠠᠨ ᠴᠤᠭ ᠵᠣᠯᠪᠣᠭ᠎ᠠ ᠰᠡᠷᠭᠦᠨ ᠶᠠᠪᠣᠭ᠎ᠠ | ᠡᠷ᠎ᠡ ᠬᠦᠮᠥᠨ ᠤ ᠵᠢᠮᠰᠡᠭ ᠭᠡᠵᠤ ᠳᠣᠲᠣᠷ᠎ᠠ ᠪᠠᠨ ᠪᠠᠭ᠋ᠠᠷᠬᠠᠵᠤ᠂ ᠠᠮᠪᠠ ᠭᠤᠸᠠᠢ ᠳᠤ ᠰᠡᠳᠭᠢᠯ ᠳᠡᠭᠡᠨ ᠲᠠᠯᠠᠷᠬᠠᠨ | ᠶᠠᠪᠣᠵᠤ ᠪᠢᠯᠡ᠃ | ᠮᠥᠨ ᠵᠢᠯ ᠤᠨ ᠵᠣᠨ ᠤ ᠲᠤᠭ᠎ᠠ ᠪᠠᠷ ᠬᠠᠮᠲᠦ ᠶᠢᠨ ᠨᠢᠭᠡᠨ ᠰᠦᠷᠦᠭ ᠦᠬᠡᠷ ᠶᠢ ᠡᠷᠳᠡᠮᠳᠡᠭᠦᠰ ᠲᠤ | ᠲᠠᠭᠠᠭᠠᠴᠢᠯᠠᠭᠤᠯᠤᠨ ᠥᠭᠭᠦᠭᠰᠡᠨ ᠢᠶᠠᠷ ᠲᠡᠷᠡ ᠦᠬᠡᠷᠴᠢᠨ ᠪᠣᠯᠪᠠ᠃ ᠵᠠᠭᠤ ᠭᠠᠷᠣᠢ ᠦᠬᠡᠷ ᠢᠶᠠᠨ ᠪᠦᠷᠢᠳᠭᠡᠬᠦ ᠪᠠ | ᠵᠢᠰᠦᠯᠡᠨ ᠲᠠᠨᠢᠬᠤ ᠪᠣᠯ ᠦᠬᠡᠷᠴᠢᠨ ᠲᠡᠭᠦᠨ ᠤ ᠣᠷᠢᠳᠠᠴᠢ ᠠᠵᠢᠯ ᠤᠨ ᠱᠠᠭᠠᠷᠳᠠᠯᠭ᠎ᠠ ᠪᠣᠯᠵᠠᠢ᠂ ᠨᠡᠯᠢᠶᠡᠳ ᠡᠳᠦᠷ | ᠰᠦᠷᠦᠭ ᠢᠶᠠᠨ ᠬᠤᠷᠢᠶᠠᠨ ᠪᠦᠷᠢᠳᠭᠡᠵᠤ᠂ ᠲᠥᠷᠥᠯ ᠢᠶᠠᠷ ᠢᠯᠭᠠᠵᠤ ᠵᠢᠰᠦ ᠪᠠᠷ ᠴᠡᠭᠡᠵᠢᠯᠡᠬᠦ ᠭᠡᠵᠤ ᠪᠠᠭᠠᠬᠠᠨ | ᠮᠤᠩᠭᠢᠨᠠᠪᠠ᠃ ᠦᠬᠡᠷ ᠰᠦᠷᠦᠭ ᠨᠢ ᠮᠠᠨᠢᠲᠦ ᠶᠢᠨ ᠭᠤᠤᠯ ᠡᠰᠡᠪᠡᠯ ᠰᠢᠨᠠᠭᠠᠨ ᠭᠤᠤᠯ᠂ ᠴᠠᠭᠠᠨ ᠵᠢᠷᠢᠮ ᠪᠢᠰᠢ ᠪᠣᠯ | ᠴᠠᠶᠢᠳᠠᠮ ᠤᠨ ᠱᠠᠤ᠂ ᠬᠠᠷ᠎ᠠ ᠲᠡᠯ ᠭᠡᠲᠡᠯ᠎ᠡ ᠬᠠᠷᠠᠭᠠᠨᠠᠲᠦ ᠲᠠᠯ᠎ᠠ ᠭᠡᠳ ᠥᠷᠭᠡᠨ ᠠᠭᠤᠳᠠᠮ ᠪᠡᠯᠴᠢᠭᠡᠷ ᠲᠡᠭᠡᠷ᠎ᠡ ᠳᠤᠷ᠎ᠠ | ᠪᠠᠷ ᠢᠶᠠᠨ ᠪᠡᠯᠴᠢᠳᠡᠭ ᠪᠠᠶᠢᠯ᠎ᠠ᠃ ᠡᠨᠡ ᠨᠢ ᠬᠡᠳᠦ᠋ᠪᠡᠷ ᠮᠣᠷᠢᠨ ᠤ ᠵᠦᠳᠡᠷᠡᠭᠡ ᠪᠡᠶ᠎ᠡ ᠶᠢᠨ ᠴᠢᠯᠡᠭᠡ ᠲᠠᠢ ᠪᠠᠶᠢᠳᠠᠭ | ᠪᠣᠯᠪᠠᠴᠦ ᠠᠶᠢᠯ ᠭᠡᠷ ᠪᠣᠯᠣᠭᠠᠳ ᠠᠩᠬ᠎ᠠ ᠣᠳᠠᠭ᠎ᠠ ᠰᠦᠷᠦᠭ ᠠᠪᠴᠦ ᠪᠠᠶᠢᠭ᠎ᠠ ᠪᠣᠯᠬᠤᠷ ᠶᠡᠭᠡ ᠣᠷᠠᠮᠰᠢᠯ ᠲᠠᠢ | ᠪᠠᠶᠢᠭᠰᠠᠨ ᠢ ᠶᠠᠭᠤᠨ ᠦᠭᠦᠯᠡᠬᠦ ᠠᠵᠠᠢ᠃ ᠪᠠᠷᠢᠭᠠᠳᠠ ᠶᠢᠨ ᠵᠢᠯ ᠤᠨ ᠡᠴᠦᠰ ᠤᠨ ᠬᠤᠷᠠᠯ ᠲᠡᠭᠡᠷ᠎ᠡ ᠬᠤᠪᠢᠶᠠᠷᠢᠯᠠᠯᠳᠠ | ᠶᠢᠨ ᠨᠠᠷᠢᠨ ᠳᠠᠩᠰᠠ ᠨᠡᠶᠢᠲᠡᠯᠡᠬᠦ ᠳᠤ ᠦᠬᠡᠷ ᠬᠠᠷᠠᠭᠤᠯᠣᠭᠰᠠᠨ ᠣᠷᠣᠯᠭ᠎ᠠ ᠲᠠᠪᠣᠨ ᠵᠠᠭᠤ ᠭᠠᠷᠣᠢ ᠲᠥᠭᠦᠷᠢᠭ | ᠣᠯᠣᠭᠰᠠᠨ ᠨᠢ ᠡᠷᠳᠡᠮᠳᠡᠭᠦᠰ ᠲᠤ ᠣᠷᠢᠲᠦ ᠰᠤᠨᠤᠰᠳᠠᠭ᠎ᠠ ᠦᠭᠡᠢ ᠶᠡᠭᠡ ᠲᠤᠭ᠎ᠠ ᠳᠣᠭᠤᠯᠳᠠᠬᠤ ᠶᠣᠮ ᠪᠢᠯᠡ᠂ ᠪᠡᠯᠡᠨ | ᠵᠣᠭᠤᠰ ᠢᠶᠠᠨ ᠡᠪᠦᠷᠳᠦᠯᠡᠨ ᠭᠡᠷ ᠲᠡᠭᠡᠨ ᠬᠠᠷᠢᠬᠤ ᠳᠤ ᠭᠡᠷᠭᠡᠢ ᠰᠠᠷᠠᠨ ᠭᠤᠸᠠᠢ ᠪᠠᠶᠠᠷᠯᠠᠨ᠄ ︽ᠣᠶᠣᠳᠠᠯ ᠤᠨ ᠮᠠᠰᠢᠨ | ᠠᠪᠣᠨ᠎ᠠ︾ ᠭᠡᠵᠤ ᠰᠦᠢᠳ ᠪᠣᠯᠬᠤ ᠳᠤ ᠲᠡᠷᠡ ᠴᠦ ᠪᠠᠶᠠᠷᠳᠠᠢ ᠵᠥᠪᠰᠢᠶᠡᠷᠡᠨ᠎ᠠ᠂ ᠭᠡᠬᠦ ᠳᠤ ᠣᠯᠬᠤᠶ᠎ᠠ ᠪᠡᠷᠬᠡ | ᠶᠠᠪᠣᠳᠠᠯ᠃ ᠣᠴᠢᠷ ᠨᠢ ᠳᠣᠬᠠᠢ ᠶᠢᠨ ᠦᠶ᠎ᠡ ᠬᠡᠷᠡᠭᠯᠡᠭᠡᠨ ᠤ ᠵᠦᠢᠯᠳᠡ ᠬᠤᠪᠣᠷ᠂ ᠲᠤᠭ᠎ᠠ ᠲᠠᠢ ᠬᠡᠲᠦ ᠪᠠᠨ ᠨᠢᠭᠡᠲᠦᠯ | ᠠᠴᠠ ᠪᠠᠷᠢᠭᠠᠳᠠ ᠳᠤ ᠬᠤᠪᠢᠶᠠᠷᠢᠯᠠᠬᠤ᠂ ᠪᠠᠷᠢᠭᠠᠳᠠ ᠠᠴᠠ ᠭᠡᠰᠢᠭᠦᠳ ᠳᠤ ᠨᠣᠭᠳᠠᠭᠤᠯᠣᠨᠠ᠃ ᠬᠡᠲᠦ ᠬᠤᠨᠤᠭ ᠤᠨ | ᠲᠠᠷᠠᠭ᠎ᠠ ᠲᠡᠷᠡ ᠪᠠᠷ᠂ ᠬᠤᠸᠠ ᠲᠡᠮᠡᠭᠡ ᠪᠠᠨ ᠬᠥᠯᠦᠵᠤ᠂ ᠨᠢᠭᠡᠳᠦᠯ ᠳᠤ ᠬᠦᠷᠴᠦ ᠬᠤᠷᠰᠢᠶᠠᠨ ᠤ ᠡᠷᠬᠢᠯᠡᠭᠴᠢ ᠭᠤᠸᠠᠢ | ᠶᠢ ᠡᠷᠢᠵᠠᠢ᠂ ᠵᠠᠪᠰᠢᠶᠠᠨ ᠢᠶᠠᠷ ᠪᠣᠳᠠᠰ ᠣᠷᠣᠭᠤᠯᠬᠤ ᠲᠠᠭᠠᠷᠠᠵᠤ᠂ ᠱᠠᠩᠬᠠᠢ ᠬᠢᠴᠡ ᠲᠠᠢ ︽ᠲᠠᠯᠠᠪᠴᠢᠳᠦ ᠬᠦᠮᠥᠨ︾ | ᠲᠡᠮᠳᠡᠭᠲᠦ ᠭᠤᠶᠣᠮᠰᠤᠭ ᠣᠶᠣᠳᠠᠯ ᠤᠨ ᠮᠠᠰᠢᠨ ᠬᠤᠳᠠᠯᠳᠤᠨ ᠠᠪᠣᠭᠠᠳ ᠣᠯᠵᠠ ᠣᠮᠣᠭᠳᠠᠢ ᠬᠠᠷᠢᠵᠤ ᠭᠡᠷᠭᠡᠢ ᠳᠡᠭᠡᠨ | ᠭᠠᠷᠳᠠᠭᠤᠯᠣᠯ᠎ᠠ᠂ ᠬᠡᠷᠭᠡᠢ ᠬᠢᠨᠢ ᠪᠠᠶᠠᠷᠯᠠᠵᠤ ᠪᠠᠶᠢᠬᠤ ᠭᠡᠵᠢ ᠳ᠋ᠠ᠂ ᠶᠠᠭ ᠯᠠ ᠣᠷᠬᠤᠳᠠᠢ ᠣᠯᠣᠭᠰᠠᠨ ᠰᠢᠭ᠋ ᠪᠠᠷᠢᠨ | ᠤᠭᠰᠠᠷᠠᠵᠦ ᠪᠠᠶᠢᠨ ᠳ᠋ᠠᠬᠢᠨ ᠵᠥᠯᠬᠦᠵᠤ ᠯᠡ ᠭᠠᠷᠤᠯ᠎ᠠ᠃ ᠠᠶᠢᠯ ᠭᠡᠷ ᠲᠤ ᠪᠠᠰᠠ ᠨᠢᠭᠡᠨ ᠭᠤᠶᠤᠮᠰᠤᠭ ᠡᠳ᠋ ᠨᠡᠮᠡᠭᠳᠡᠵᠦ | ᠂ ᠭᠡᠷ ᠲᠤᠲᠤᠷ᠎ᠠ ᠨᠢ ᠭᠡᠭᠡ ᠭᠡᠷᠡᠯ ᠨᠡᠮᠡᠭᠳᠡᠭᠰᠡᠨ ᠰᠢᠭ ᠪᠠᠶᠠᠷᠯᠠᠵᠠᠭᠠᠨ᠎ᠠ᠃ | ᠵᠣᠭᠤᠰ ᠢᠶᠠᠨ ᠬᠤᠷᠠᠮᠳᠤᠭᠤᠯᠤᠨ ᠡᠳ᠋ ᠪᠣᠯᠭᠠᠬᠤ ᠪᠣᠯ ᠡᠨᠡ ᠠᠶᠢᠯ ᠤᠨ ᠬᠠᠮᠲᠦ ᠶᠢᠨ ᠬᠥᠰᠡᠯ᠂ ᠶᠦᠮᠵᠢᠭᠦᠨ | ᠴᠢᠨᠡᠭᠡᠯᠢᠭ ᠴᠡᠪᠡᠷ ᠳᠣᠬᠢᠯᠢᠭ ᠠᠶᠢᠯ ᠶᠢ ᠭᠦᠢᠴᠡᠬᠦ ᠪᠣᠯ ᠵᠣᠷᠢᠯᠭ᠎ᠠ ᠪᠠᠶᠢᠭ᠎ᠠ ᠶᠣᠮ᠃ ᠰᠢᠷ᠎ᠠ ᠮᠣᠷᠢᠨ ᠵᠢᠯ ᠤᠨ ᠡᠪᠦᠯ | ᠤᠨ ᠡᠬᠢᠨ ᠰᠠᠷ᠎ᠠ ᠪᠠᠷ᠂ ᠡᠳᠡᠨᠡᠶᠢᠬᠢᠨ ᠰᠢᠨ᠎ᠡ ᠰᠦᠮ᠎ᠡ ᠶᠢᠨ ᠡᠮᠥᠨᠡᠬᠢ ᠬᠠᠷᠠᠭᠠᠨᠠᠲᠦ ᠲᠠᠯ᠎ᠠ ᠳᠤ ᠪᠠᠭᠤᠳᠠᠯᠯᠠᠵᠤ᠂ | ᠲᠡᠨᠳᠡ ᠪᠠᠨ ᠡᠪᠦᠯ ᠤᠨ ᠢᠳᠡᠰᠢ ᠪᠠᠨ ᠪᠠᠵᠠᠭᠠᠭᠰᠠᠨ ᠪᠠᠶᠢᠵᠠᠢ᠂ ᠪᠦᠰᠡᠭᠦᠢ ᠨᠢ ᠪᠡᠶ᠎ᠡ ᠬᠦᠨᠳᠦ ᠪᠠᠶᠢᠭᠰᠠᠨ ᠴᠦ | ᠢᠳᠡᠰᠢᠨ ᠤ ᠭᠡᠳᠡᠰᠦ ᠳᠣᠲᠣᠷ ᠢᠶᠠᠨ ᠴᠡᠪᠡᠷᠯᠡᠨ ᠠᠷᠢᠯᠭᠠᠵᠤ ᠵᠠᠶᠢᠳᠠᠰᠤᠯᠠᠨ ᠬᠥᠯᠳᠡᠭᠡᠨ᠎ᠡ᠃ ᠡᠷᠳᠡᠮᠳᠡᠭᠦᠰ ᠠᠬ᠎ᠠ ᠲᠠᠢ | ᠪᠠᠨ ᠬᠤᠶᠠᠭᠤᠯᠠ ᠡᠪᠳᠡᠵᠤ ᠰᠠᠯᠭᠠᠬᠤ ᠠᠵᠢᠯ ᠢᠶᠠᠨ ᠳᠠᠭᠤᠰᠬᠠᠬᠤ ᠳᠤ ᠦᠳᠡᠰᠢ ᠶᠢᠨ ᠪᠦᠷᠦᠢ ᠪᠣᠯᠵᠠᠢ᠂ ᠬᠦᠪᠡᠭᠦᠨ | ᠬᠦᠷᠡᠯᠰᠦ᠋ᠬᠡ ᠴᠦ ᠠᠬ᠎ᠠ ᠶᠢᠨ ᠠᠪᠴᠦ ᠥᠭᠭᠦᠭᠰᠡᠨ ᠲᠣᠭᠯᠠᠭᠠᠮ ᠤᠨ ᠪᠠᠭ᠎ᠠ ᠲᠡᠷᠭᠡ ᠪᠠᠷ ︽ᠦᠳ ᠦᠳ︾ ᠭᠡᠵᠤ | ᠬᠥᠭᠡᠷᠦᠨ ᠨᠠᠭᠠᠳᠣᠨ᠎ᠠ᠂ ᠨᠢᠭᠡ ᠡᠳᠦᠷ ᠨᠣᠤᠷᠠᠯᠳᠣᠭᠰᠠᠨ ᠢᠶᠠᠷ ᠶᠠᠳᠠᠷᠠᠵᠤ ᠡᠷᠳᠡ ᠰᠢᠭ ᠠᠮᠣᠰᠭᠢᠵᠠᠢ᠃ ᠳᠡᠮᠡᠢ | ᠣᠳᠠᠭ᠎ᠠ ᠦᠭᠡᠢ ᠪᠠᠶᠢᠬᠤ ᠳᠤ ᠭᠡᠷᠭᠡᠢ ᠨᠢ᠄ ︽ᠬᠤᠴᠠᠯᠯᠠᠭᠠ ᠪᠣᠯᠣᠯᠲᠠᠢ᠂ ᠭᠡᠳᠡᠰᠦᠨ ᠳᠡᠭᠡᠭᠦᠷ ᠬᠠᠳᠬᠤᠯᠠᠨ ᠡᠪᠡᠳᠬᠦ | ᠶᠣᠮ︾ ᠭᠡᠵᠤ ᠰᠢᠪᠡᠨᠡᠨ ᠬᠡᠯᠡᠬᠦ ᠨᠢ ᠪᠢᠯᠡ᠂ ᠲᠡᠷᠡ ᠰᠠᠨᠳᠣᠷᠤᠨ ᠪᠣᠰᠴᠦ᠂ ᠠᠶᠢᠯ ᠠᠴᠠ ᠬᠦᠮᠥᠨ ᠳᠠᠭᠤᠳᠠᠬᠤ ᠪᠠᠷ | ᠶᠠᠭᠠᠷᠠᠤ ᠶᠠᠪᠣᠯ᠎ᠠ᠂ ᠪᠡᠷᠭᠡᠳ ᠨᠠᠷ ᠣᠢᠢᠷᠠᠯᠴᠠᠭ᠎ᠠ ᠪᠠᠶᠢᠭᠰᠠᠨ ᠢᠶᠠᠷ ᠲᠠᠷᠣᠢ ᠳᠤᠨᠢ ᠭᠦᠷᠥᠯᠴᠡᠨ ᠢᠷᠡᠵᠠᠢ᠂ ᠢᠩᠭᠡᠭᠡᠳ | ᠡᠪᠦᠯ ᠤᠨ ᠡᠬᠢᠨ ᠰᠠᠷᠠᠶᠢᠨ ᠠᠷᠪᠠᠨ ᠬᠤᠶᠠᠷ ᠤᠨ ᠡᠳᠦᠷ ᠨᠢᠭᠡᠨ ᠬᠥᠭᠡᠷᠦᠬᠦᠨ ᠬᠡᠤᠬᠡᠨ ᠲᠠᠢ ᠪᠣᠯᠣᠭᠰᠠᠨ ᠶᠣᠮ᠂ | ᠨᠠᠷᠠᠲᠦ ᠶᠢᠨ ᠵᠠᠢ ᠳᠤ ᠬᠦᠤ ᠭᠡᠤᠬᠡᠨ ᠳᠡᠭᠰᠢ ᠵᠠᠶᠠᠭᠠᠭᠰᠠᠨ ᠳᠤ ᠡᠷᠳᠡᠮᠳᠡᠭᠦᠰ ᠬᠤᠪᠢ ᠭᠠᠳᠠᠨ᠎ᠠ ᠪᠠᠶᠠᠷᠯᠠᠬᠤ ᠦᠭᠡᠢ | ᠬᠡᠷᠬᠢᠨ ᠴᠢᠳᠠᠬᠤ ᠪᠣᠢ︕ ᠡᠵᠢ ᠨᠢ ᠠᠴᠢ ᠬᠡᠤᠬᠡᠨ ᠢᠶᠠᠨ ᠠᠮᠠᠨ ᠳᠠᠭᠠᠨ ᠬᠢᠪᠡᠯ ᠬᠠᠶᠢᠯᠣᠮᠠᠷ ᠠᠯᠠᠭᠠᠨ ᠳᠡᠭᠡᠷ᠎ᠠ ᠪᠠᠨ | ᠲᠠᠯᠪᠢᠪᠠᠯ ᠪᠥᠮᠪᠥᠷᠢᠮᠡᠷ ᠡᠷᠳᠡᠨᠢ ᠮᠡᠲᠦ ᠡᠨᠡᠷᠢᠵᠤ᠂ ᠣᠢ ᠪᠢᠯᠢᠭ ᠰᠠᠶᠢᠳᠠᠢ ᠦᠰᠦᠨ ᠪᠤᠶᠢᠵᠢᠬᠤ ᠶᠢ ᠪᠡᠯᠭᠡᠰᠢᠶᠡᠨ ︽ | ᠡᠷᠳᠡᠨᠢᠪᠢᠯᠢᠭ︾ ᠭᠡᠰᠡᠨ ᠬᠤᠪᠣᠷᠬᠠᠨ ᠨᠡᠷ᠎ᠡ ᠬᠠᠶᠢᠷᠠᠯᠠᠵᠠᠢ᠃ | ᠠᠪᠤ ᠡᠵᠢ ᠶᠢᠨ ᠲᠦᠰᠢᠭ ᠲᠠᠢ ᠰᠠᠶᠢᠬᠠᠨ | ᠠᠬ᠎ᠠ ᠲᠡᠭᠦᠤ ᠶᠢᠨ ᠭᠡᠯᠬᠢᠶ᠎ᠡ ᠲᠠᠢ ᠰᠠᠶᠢᠬᠠᠨ | ᠠᠩᠭ᠎ᠠ ᠨᠢᠯᠬ᠎ᠠ ᠶᠢᠨ ᠪᠦᠤᠪᠠᠢ ᠲᠠᠢ ᠰᠠᠶᠢᠬᠠᠨ | ᠠᠷᠢᠭᠤᠨ ᠬᠤᠯᠪᠤᠭ᠎ᠠ ᠶᠢᠨ ᠵᠢᠷᠭᠠᠯ ᠲᠠᠢ ᠰᠠᠶᠢᠬᠠᠨ | — ︽ᠰᠠᠶᠢᠬᠠᠨ︾ ᠭᠡᠬᠦ ᠨᠠᠶᠢᠷᠠᠭ ᠠᠴᠠ | ᠭᠤᠷᠪᠠ᠂ ︽ᠬᠤᠶᠠᠷ ᠢ ᠲᠤᠭᠳᠠᠭᠠᠵᠦ ᠨᠢᠭᠡ ᠶᠢ ᠱᠠᠩᠨᠠᠬᠤ︾ ᠲᠦᠷᠢᠮ ᠢ ᠬᠡᠷᠡᠭᠵᠢᠭᠦᠯᠦᠭᠰᠡᠨ ᠨᠢ | ᠠᠯᠳᠠᠷ ᠬᠦᠨᠲᠦ ᠶᠢᠨ ᠭᠢᠯᠪᠠᠭ᠎ᠠ ᠪᠣᠯ ᠨᠠᠮ ᠪᠠᠶᠢᠭᠰᠠᠨ | ᠠᠮᠢᠳᠣᠷᠠᠯ ᠤᠨ ᠵᠠᠮ ᠢ ᠲᠡᠷᠡ ᠵᠢᠭᠠᠪᠠ | ᠠᠤᠭ᠎ᠠ ᠬᠠᠷᠠᠯᠳᠠ ᠨᠢ ᠰᠠᠷᠠᠭᠤᠯᠬᠠᠨ ᠪᠣᠯᠬᠤᠷ | ᠠᠰᠢᠳᠠ ᠶᠢᠨ ᠦᠢᠯᠡᠰ ᠨᠢ ᠮᠥᠩᠬᠡ ᠦᠭᠡᠳᠡᠯᠡᠨ᠎ᠡ | — ︽ᠰᠡᠳᠭᠢᠯ ᠳᠤ ᠠᠮᠢᠯᠠᠭᠰᠠᠨ ᠨᠠᠷᠠ︾ ᠭᠡᠬᠦ ᠰᠢᠯᠦᠭ ᠠᠴᠠ | 1978 ᠣᠨ ᠳᠤ ᠨᠠᠮ ᠤᠨ ︽11,3︾ ᠪᠦᠭᠦᠳᠠ ᠬᠤᠷᠠᠯᠳᠣᠭᠠᠨ ᠢᠶᠠᠷ ᠵᠡᠭᠦᠨ ᠤ ᠦᠵᠡᠯ ᠤᠨ ᠠᠯᠳᠠᠭ᠎ᠠ | ᠶᠢ ᠡᠬᠢᠯᠡᠨ ᠵᠠᠯᠠᠷᠠᠭᠤᠯᠵᠤ᠂ ᠬᠥᠳᠡᠭᠡ ᠳᠣᠰᠬᠤᠨ ᠳᠤ ︽ᠬᠤᠶᠠᠷ ᠢ ᠳᠣᠭᠳᠠᠭᠠᠵᠤ᠂ ᠨᠢᠭᠡ ᠶᠢ ᠱᠠᠩᠨᠠᠬᠤ︾ ᠲᠥᠷᠢᠮ | ᠢ ᠬᠡᠷᠡᠭᠵᠢᠭᠦᠯᠵᠦ᠂ ᠬᠦᠳᠡᠭᠡ ᠠᠵᠦ ᠠᠬᠤᠢ ᠠᠮᠢᠯᠠᠯ ᠤᠨ ᠬᠦᠴᠦᠨ ᠢᠶᠠᠨ ᠤᠯᠵᠦ᠂ ᠮᠠᠯᠴᠢᠨ ᠲᠦᠮᠡᠨ ᠮᠠᠩᠨᠠᠢ | ᠲᠡᠨᠡᠶᠢᠨ ᠠᠵᠢᠯᠯᠠᠬᠤ ᠪᠤᠯᠪᠠ᠃ ᠤᠮᠠᠷᠠᠳᠤ ᠶᠢᠨ ᠲᠠᠯ᠎ᠠ ᠨᠤᠲᠤᠭ ᠲᠤ ᠤᠷᠢᠬᠠᠨ ᠬᠠᠪᠤᠷ ᠤᠨ ᠵᠦᠬᠡᠯᠡᠨ ᠬᠤᠷ᠎ᠠ | ᠢᠪᠡᠭᠡᠵᠦ᠂ ᠴᠡᠴᠡᠭᠳᠦ ᠰᠠᠶᠢᠬᠠᠨ ᠵᠤᠨ ᠤ ᠠᠮᠢᠰᠬᠤᠯ ᠮᠠᠯᠴᠢᠳ ᠤᠨ ᠰᠡᠳᠭᠢᠯ ᠢ ᠢᠯᠪᠢᠨ᠎ᠠ᠃ | ᠰᠢᠷᠠᠭᠴᠢᠨ ᠬᠤᠨᠢᠨ ᠵᠢᠯ ᠤᠨ ᠵᠤᠨ ᠢᠶᠠᠷ᠂ ᠡᠷᠳᠡᠮᠳᠡᠭᠦᠰ ᠦᠬᠡᠷ ᠰᠦᠷᠦᠭ ᠢᠶᠠᠨ ᠲᠠᠭᠠᠭᠠᠴᠢᠯᠠᠨ | ᠬᠠᠷᠢᠭᠤᠯᠤᠭᠰᠠᠨ ᠨᠢᠭᠡ ᠵᠢᠯ ᠤᠨ ᠤᠢ ᠪᠤᠯᠵᠦ᠂ ᠵᠤᠨ ᠤ ᠮᠠᠯ ᠤᠨ ᠲᠤᠭ᠎ᠠ ᠪᠦᠷᠢᠳᠭᠡᠯ ᠳᠤ ᠦᠬᠡᠷ ᠰᠦᠷᠦᠭ ᠤᠨ | ᠬᠠᠮᠠᠭᠠᠯᠠᠯᠳᠠ ᠨᠢ ᠮᠡᠨᠳᠦ ᠤᠨᠳᠤᠷᠤᠯᠳᠠ ᠠᠪᠴᠤ᠂ ᠲᠦᠯ ᠮᠠᠯ ᠢᠶᠠᠨ ᠵᠠᠭᠤᠨ ᠤ ᠶᠡᠷᠡ ᠪᠠᠷ ᠮᠡᠨᠳᠦ ᠲᠤᠰᠤᠭᠰᠠᠨ | ᠢᠶᠠᠷ᠂ ᠮᠠᠨᠢᠳᠦ ᠶᠢᠨ ᠭᠤᠤᠯ ᠤᠨ ᠬᠦᠪᠡᠭᠡᠨ᠎ᠡ ᠰᠦᠨ ᠤ ᠬᠤᠷ᠎ᠠ ᠪᠠᠭᠤᠵᠦ᠂ ᠦᠨᠢᠶᠡᠳ ᠲᠤᠭᠤᠯ ᠤᠨ ᠮᠦᠭᠡᠷᠡᠬᠦ | ᠲᠠᠭᠤᠨ ᠬᠦᠨᠳᠡᠢ ᠲᠠᠭᠠᠨ ᠦᠷᠭᠦᠯᠵᠢᠯᠡᠨ᠎ᠡ᠃ ᠬᠡᠷᠭᠡᠢ ᠰᠠᠷᠠᠨ ᠨᠢ ᠰᠦ ᠰᠠᠭᠠᠯᠢ ᠳᠠᠭᠠᠨ ᠶᠠᠭᠠᠷᠠᠵᠦ᠂ ᠭᠡᠷ ᠤᠨ | ᠲᠡᠭᠡᠪᠦᠷ ᠲᠡᠭᠡᠭᠦᠷ ᠬᠤᠷᠤᠳ ᠪᠢᠰᠢᠯᠠᠭ ᠢᠶᠠᠨ ᠦᠷᠦᠵᠦ ᠬᠠᠳᠠᠭᠠᠨ᠂ ᠭᠡᠷ ᠲᠤ ᠬᠤᠶᠠᠷ ᠲᠤᠭᠤᠭ᠎ᠠ ᠳᠤ | ᠬᠠᠯᠠᠭᠤᠯᠤᠭᠰᠠᠨ ᠦᠷᠦᠮ ᠬᠦᠰᠢᠷᠡᠨ ᠲᠡᠪᠡᠶᠢᠵᠦ᠂ ᠪᠠᠰᠠ ᠠᠶᠢᠷᠠᠭ ᠪᠦᠯᠢᠬᠦ ᠲᠠᠭᠤᠨ ᠬᠦᠷᠴᠢᠭᠨᠡᠵᠦ᠂ ᠶᠤᠰᠤᠳᠠᠢ | ᠮᠠᠯᠴᠢᠨ ᠠᠶᠢᠯ ᠤᠨ ᠪᠠᠶᠠᠯᠢᠭ ᠬᠦᠷᠦᠩᠭᠡ ᠦᠳᠭᠡᠷᠡᠨᠡ᠃ ᠭᠤᠤᠯ ᠤᠨ ᠤᠰᠤᠨ ᠠᠴᠠ ᠨᠠᠰᠢ᠂ ᠡᠷᠳᠡᠮᠳᠡᠭᠦᠰ ᠰᠠᠷᠠᠯ | ᠮᠤᠷᠢ ᠪᠠᠨ ᠤᠨᠤᠵᠦ᠂ ᠲᠤᠭᠤᠯᠯᠠᠭᠰᠠᠨ ᠦᠨᠢᠶᠡᠳ ᠢᠶᠠᠨ ᠰᠠᠯᠭᠠᠵᠦ᠂ ᠠᠭᠠᠵᠢᠮ ᠢᠶᠠᠷ ᠵᠡᠯ᠎ᠡ ᠵᠦᠭ ᠲᠤ | ᠤᠶᠢᠷᠠᠳᠤᠭᠤᠯᠵᠦ ᠶᠠᠪᠤᠨ᠎ᠠ᠃ | ᠨᠢᠭᠡᠨ ᠡᠳᠦᠷ ᠪᠠᠷᠢᠭᠠᠳᠠ ᠲᠡᠭᠡᠷ᠎ᠡ ᠬᠤᠷᠠᠯ ᠲᠠᠢ ᠭᠡᠵᠦ ᠴᠢᠮᠡᠭᠡ ᠢᠷᠡᠵᠡᠢ᠃ ᠡᠷᠳᠡᠮᠳᠡᠭᠦᠰ ᠪᠤᠯ ᠴᠡᠷᠢᠭ ᠤᠨ | ᠠᠯᠪᠠ ᠬᠠᠭᠠᠵᠦ ᠪᠠᠶᠢᠬᠤ ᠳᠠᠭᠠᠨ ᠡᠪ ᠬᠠᠮᠳᠤ ᠨᠠᠮ ᠳᠤ ᠡᠯᠰᠡᠭᠳᠡᠭᠰᠡᠨ ᠢᠳᠡᠪᠬᠢᠳᠡᠨ ᠵᠠᠯᠠᠭᠤ ᠪᠠᠶᠢᠭ᠎ᠠ ᠶᠤᠮ᠃ | ᠮᠠᠷᠭᠠᠰᠢ ᠨᠢ ᠡᠷᠳᠡᠯᠡᠨ ᠤᠯᠠᠭᠠᠨ ᠮᠤᠷᠢ ᠪᠠᠷ ᠢᠶᠠᠨ ᠵᠢᠷᠠᠨ ᠭᠠᠵᠠᠷ ᠤᠨ ᠠᠯᠤᠰ ᠲᠤ ᠪᠠᠶᠢᠭ᠎ᠠ ᠠᠯᠪᠠᠨ ᠭᠡᠷ ᠵᠦᠭ | ᠲᠠᠪᠬᠢᠭᠤᠯᠤᠨ᠎ᠠ᠃ ᠬᠤᠷᠠᠯ ᠳᠤ ᠨᠠᠮ ᠤᠨ ᠭᠡᠰᠢᠭᠦᠳ ᠬᠢᠭᠡᠳ ᠵᠠᠬᠢᠷᠤᠯ ᠤᠨ ᠺᠤᠮᠢᠰ ᠤᠨ ᠭᠡᠰᠢᠭᠦᠳ ᠢᠶᠠᠷ | ᠪᠦᠷᠢᠯᠳᠦᠭᠰᠡᠨ ᠬᠤᠷᠢ ᠰᠢᠬᠠᠮ ᠬᠦᠮᠦᠨ ᠤᠷᠤᠯᠴᠠᠭᠰᠠᠨ ᠴᠤᠭᠯᠠᠭᠠᠨ ᠪᠤᠯᠪᠠ᠃ ᠬᠤᠷᠠᠯ ᠲᠡᠭᠡᠷ᠎ᠡ᠂ ᠨᠠᠮ ᠤᠨ ᠡᠭᠦᠷ | ᠤᠨ ᠱᠦᠵᠢ ᠦᠨᠢᠷ ᠭᠤᠸᠠᠢ ᠲᠡᠭᠡᠳᠦ ᠱᠠᠳᠤᠨ ᠤ ᠵᠢᠭᠠᠪᠤᠷᠢ ᠶᠢ ᠤᠯᠠᠮᠵᠢᠯᠠᠨ᠎ᠠ᠃ ᠲᠠᠷᠤᠢ ᠰᠢᠯᠢ ᠶᠢᠨ ᠭᠤᠤᠯ | ᠠᠶᠢᠮᠠᠭ ᠤᠨ ᠵᠠᠬᠢᠷᠭ᠎ᠠ ᠠᠴᠠ ︽1979᠂ 95 ᠲᠤᠭᠠᠳᠤ︾ ᠪᠢᠴᠢᠭ ᠮᠠᠲ᠋ᠧᠷᠢᠶᠠᠯ ᠢ ᠪᠠᠭᠤᠯᠭᠠᠵᠦ᠂ ︽ᠮᠠᠯᠵᠢᠬᠤ | ᠤᠷᠤᠨ ᠤ ᠠᠷᠠᠳ ᠤᠨ ᠬᠦᠩᠱᠧ ᠶᠢᠨ ᠦᠨᠳᠦᠰᠦᠨ ᠲᠤᠭᠠᠴᠠᠭ᠎ᠠ ᠶᠢᠨ ᠨᠢᠭᠡᠴᠡ ᠠᠴᠠ ᠮᠠᠯ ᠰᠦᠷᠦᠭ ᠤᠨ | ᠦᠢᠯᠡᠳᠪᠦᠷᠢᠯᠡᠯ ᠤᠨ ᠲᠤᠭᠤᠶᠢᠯᠠᠩ ᠳᠤ ︿ᠬᠤᠶᠠᠷ ᠢ ᠲᠤᠭᠳᠠᠭᠠᠵᠦ ᠨᠢᠭᠡ ᠶᠢ ᠱᠠᠩᠨᠠᠬᠤ﹀ ᠲᠦᠷᠢᠮ ᠢ ᠬᠡᠷᠡᠭᠵᠢᠭᠦᠯᠬᠦ | ᠲᠤᠬᠠᠢ ᠪᠠᠶᠢᠷᠢᠯᠠᠭᠤᠯᠤᠯᠳᠠ︾ ᠶᠢ ᠨᠡᠶᠢᠳᠡᠯᠡᠪᠡ᠃ ᠦ᠊ ᠱᠦᠵᠢ ᠠᠴᠠ᠄ ︽ᠤᠳᠤ ᠮᠠᠯᠴᠢᠳ ᠤᠨ ᠪᠠᠶᠠᠵᠢᠨ | ᠦᠬᠡᠳᠡᠯᠡᠬᠦ ᠴᠠᠭ ᠪᠤᠯᠵᠠᠢ᠃ ᠲᠡᠭᠡᠳᠦ ᠱᠠᠳᠤᠨ ᠠᠴᠠ ︿ᠬᠤᠶᠠᠷ ᠢ ᠲᠤᠭᠳᠠᠭᠠᠵᠦ᠂ ᠨᠢᠭᠡ ᠶᠢ ᠱᠠᠩᠨᠠᠬᠤ ᠲᠦᠷᠢᠮ﹀ | ᠢ ᠬᠡᠷᠡᠭᠵᠢᠬᠦᠯᠬᠦ ᠪᠠᠷ ᠪᠤᠯᠵᠠᠢ᠃ ᠡᠨᠡ ᠪᠤᠯ ᠨᠠᠮ ᠤᠨ ᠲᠦᠷᠦ ᠶᠢᠨ ᠪᠤᠳᠤᠯᠭ᠎ᠠ ᠶᠢᠨ ᠰᠠᠶᠢᠨ ᠰᠢᠤ︕ ᠡᠮᠦᠨ᠎ᠡ ᠵᠢᠯ | ᠤᠳ ᠲᠤ᠂ ᠬᠤᠪᠢᠨ ᠳᠠᠭᠠᠨ ᠮᠠᠯ ᠦᠯᠡᠳᠡᠭᠡᠪᠡᠯ ᠬᠦᠷᠦᠩᠭᠡᠳᠦ ᠶᠤᠰᠤᠨ ᠤ ᠰᠡᠭᠦᠯ ᠢ ᠲᠠᠰᠤᠯᠠᠨ᠎ᠠ ᠭᠡᠳ ᠵᠦᠪᠰᠢᠶᠡᠷᠡᠬᠦ | ᠦᠭᠡᠢ ᠪᠠᠶᠢᠭᠰᠠᠨ︾ ᠭᠡᠵᠦ ᠤᠯᠠᠨ ᠲᠠᠯ᠎ᠠ ᠪᠠᠷ ᠲᠠᠶᠢᠯᠪᠤᠷᠢᠯᠠᠨ ᠶᠠᠷᠢᠨ᠎ᠠ᠃ ᠪᠠᠷᠢᠭᠠᠳᠠ ᠶᠢᠨ ᠲᠠᠷᠤᠭ᠎ᠠ ᠯᠠᠮᠵᠠᠪ ᠠᠴᠠ | ᠄ ︽ᠲᠡᠭᠡᠳᠦ ᠱᠠᠳᠤᠨ ᠤ ᠵᠢᠭᠠᠪᠤᠷᠢ ᠶᠢ ᠮᠠᠨ ᠤ ᠪᠠᠷᠢᠭᠠᠳᠠ ᠳᠠᠭᠠᠨ ᠶᠠᠭᠠᠬᠢᠵᠦ᠂ ᠶᠠᠮᠠᠷ ᠠᠷᠭ᠎ᠠ ᠪᠠᠷ | ᠨᠠᠶᠢᠳᠠᠪᠤᠷᠢᠵᠢᠭᠤᠯᠤᠨ᠎ᠠ ᠭᠡᠳᠡᠭ ᠪᠤᠯ ᠪᠠᠰᠠ ᠨᠢᠭᠡᠨ ᠴᠢᠬᠤᠯᠠ ᠵᠦᠪᠳᠡᠬᠦ ᠰᠡᠳᠤᠪ ᠪᠤᠯᠤᠨ᠎ᠠ᠂ ᠶᠠᠭᠤ ᠪᠤᠯᠤᠭᠰᠠᠨ ᠴᠤ | ᠪᠤᠳᠠᠳᠠᠢ ᠨᠤᠷᠮ᠎ᠠ ᠲᠤᠭᠳᠠᠭᠠᠵᠦ᠂ ᠪᠠᠷᠢᠮᠵᠢᠶ᠎ᠠ ᠭᠠᠷᠭᠠᠵᠦ᠂ ᠲᠠᠪᠠᠭᠰᠠᠨ ᠭᠡᠰᠡᠭ ᠢ ᠭᠡᠰᠢᠭᠦᠳ ᠲᠤ ᠦᠨ᠎ᠡ | ᠲᠦᠯᠦᠪᠦᠷᠢ ᠦᠭᠡᠢ ᠦᠭᠴᠦ ᠬᠤᠪᠢᠨ ᠳᠠᠭᠠᠨ ᠮᠠᠯ ᠰᠦᠷᠦᠭ ᠲᠠᠢ ᠪᠤᠯᠬᠤ ᠶᠢ ᠵᠤᠷᠢᠭᠵᠢᠭᠤᠯᠤᠨ᠎ᠠ︾ ᠭᠡᠵᠦ ᠶᠠᠷᠢᠨ᠎ᠠ | ᠃ ᠡᠭᠦᠨ ᠳᠤ ᠪᠢ ᠴᠢᠬᠢ ᠪᠠᠨ ᠢᠳᠡᠭᠡᠵᠦ ᠶᠠᠳᠠᠨ ᠰᠤᠨᠤᠰᠤᠨ᠎ᠠ᠃ ᠲᠡᠷᠡ ᠬᠤᠷᠠᠯ ᠢᠶᠠᠷ ᠬᠡᠷᠡᠭᠵᠢᠬᠦᠯᠬᠦ ᠲᠦᠰᠦᠪ ᠤᠨ | ᠭᠤᠤᠯ ᠠᠭᠤᠯᠭ᠎ᠠ ᠶᠢ ᠶᠠᠷᠢᠯᠴᠠᠨ᠂ ᠭᠡᠰᠢᠭᠦᠳ ᠤᠨ ᠲᠦᠯᠦᠭᠡᠯᠡᠭᠴᠢᠳ ᠤᠨ ᠬᠤᠷᠠᠯ ᠢᠶᠠᠷ ᠶᠠᠷᠢᠯᠴᠠᠨ ᠲᠤᠭᠳᠠᠭᠠᠬᠤ | ᠪᠠᠷ ᠪᠤᠯᠵᠦ ᠬᠤᠷᠠᠯ ᠲᠠᠷᠬᠠᠪᠠ᠃ | ᠡᠷᠳᠡᠮᠳᠡᠭᠦᠰ ᠭᠡᠷ ᠲᠡᠭᠡᠨ ᠬᠠᠷᠢᠭᠠᠳ ᠴᠠᠢ ᠤᠤᠭᠤᠬᠤ ᠵᠠᠭᠤᠷ᠎ᠠ᠄ ︽ᠤᠳᠤ ᠮᠠᠨ ᠤ ᠮᠠᠯᠴᠢᠳ ᠤᠨ | ᠪᠠᠶᠠᠵᠢᠬᠤ ᠴᠠᠭ ᠢᠷᠡᠵᠡᠢ︾ ᠭᠡᠬᠦ ᠳᠤ ᠪᠦᠰᠡᠭᠦᠢ ᠨᠢ᠄ ︽ᠶᠠᠭᠠᠬᠢᠵᠦ ᠪᠠᠶᠠᠵᠢᠬᠤ ᠶᠤᠮ ᠳ᠋ᠠ︖︾᠂ ︽ᠪᠠᠷᠢᠭᠠᠳᠠ | ᠶᠢᠨ ᠬᠤᠷᠠᠯ ᠢᠶᠠᠷ ᠮᠠᠯ ᠤᠨ ᠲᠤᠭ᠎ᠠ ᠲᠤᠯᠤᠭᠠᠢ ᠪᠤᠶᠤ ᠭᠠᠷᠤᠯᠳᠠ ᠳᠤ ᠬᠠᠷᠢᠴᠠᠯ ᠨᠤᠷᠮ᠎ᠠ ᠲᠤᠭᠳᠠᠭᠠᠵᠦ᠂ ᠲᠠᠪᠠᠭᠰᠠᠨ | ᠭᠡᠰᠡᠭ ᠢ ᠨᠢ ᠭᠡᠰᠢᠭᠦᠳ ᠲᠤ ᠦᠭᠭᠦᠨ᠎ᠡ ᠭᠡᠨ᠎ᠡ︾ ᠭᠡᠬᠦ ᠳᠤ᠄ ︽ᠲᠡᠶᠢᠮᠦ ᠰᠠᠶᠢᠬᠠᠨ ᠵᠡᠭᠦᠳᠦ ᠪᠠᠰᠠ ᠪᠡᠶᠡᠯᠡᠭᠳᠡᠬᠦ | ᠶᠤᠮ ᠤᠤ︖︾᠂ ᠲᠡᠷᠡ᠄ ︽ᠲᠡᠷᠡ ᠪᠠᠰᠠ ᠬᠡᠯᠡᠬᠦ ᠶᠢᠨ ᠠᠷᠭ᠎ᠠ ᠦᠭᠡᠢ᠂ ᠵᠢᠱᠢᠶᠡᠯᠡᠪᠡᠯ ᠮᠠᠨ ᠤ ᠦᠬᠡᠷ ᠢᠶᠠᠷ | ᠪᠤᠳᠤᠪᠠᠯ ᠬᠠᠮᠠᠭᠠᠯᠠᠯᠳᠠ ᠶᠢᠨ ᠨᠤᠷᠮ᠎ᠠ %97 ᠪᠠᠷ ᠪᠤᠳᠤᠪᠠᠯ ᠬᠠᠮᠠᠭᠠᠯᠠᠯᠳᠠ ᠴᠢᠨᠢ ᠪᠦᠷᠢᠨ ᠪᠤᠯ 3 ᠦᠬᠡᠷ | ᠤᠯᠤᠨ᠎ᠠ᠂ ᠦᠷᠡᠵᠢᠯᠳᠡ ᠪᠤᠶᠢᠵᠢᠯᠳᠡ ᠶᠢᠨ ᠨᠤᠷᠮ᠎ᠠ ᠶᠢ %85 ᠪᠠᠷ ᠪᠤᠳᠤᠪᠠᠯ ᠲᠡᠭᠦᠨ ᠠᠴᠠ ᠲᠡᠭᠡᠭᠰᠢ ᠲᠤᠭᠤᠯ | ᠪᠤᠶᠢᠵᠢᠭᠤᠯᠤᠭᠰᠠᠨ ᠪᠤᠯ ᠪᠦᠬᠦᠨ ᠢᠶᠠᠷ ᠢᠶᠠᠨ ᠴᠢᠨᠦᠬᠢ ᠪᠤᠯᠤᠨ᠎ᠠ︾ ᠭᠡᠵᠦ ᠲᠠᠶᠢᠯᠪᠤᠷᠢᠯᠠᠬᠤ ᠳᠤ ᠬᠡᠷᠭᠡᠢ ᠨᠢ᠄ ︽ | ᠲᠡᠭᠡᠪᠡᠯ ᠶᠤᠰᠤᠳᠠᠢ ᠤᠯᠬᠤ ᠨᠢ ᠴᠤ ᠠᠷᠪᠢᠨ ᠲᠤᠯᠠ ᠪᠠᠶᠠᠵᠢᠵᠦ ᠮᠡᠳᠡᠨ᠎ᠡ᠂ ᠭᠡᠳᠡᠯ᠎ᠡ ᠬᠠᠮᠳᠤ ᠨᠡᠶᠢᠳᠡ ᠲᠡᠶᠢᠮᠦ | ᠠᠷᠪᠢᠨ ᠮᠠᠯ ᠢ ᠴᠢᠮ᠎ᠡ ᠳᠤ ᠵᠦᠭᠡᠷ ᠦᠭᠭᠦᠴᠢᠭᠡᠨᠡ ᠭᠡᠵᠢ ᠤᠤ︕︾ ᠭᠡᠵᠦ ᠲᠠᠳᠠᠭᠠᠯᠵᠠᠨ ᠠᠰᠠᠭᠤᠪᠠᠯ᠄ ︽ | ᠲᠡᠭᠡᠭᠰᠡᠨ ᠴᠤ ᠨᠤᠷᠮ᠎ᠠ ᠨᠢ ᠭᠡᠳᠦ ᠦᠨᠳᠦᠷ ᠪᠤᠯ ᠲᠡᠶᠢᠮᠦ ᠠᠷᠪᠢᠨ ᠮᠠᠯ ᠢ ᠠᠮᠠᠷᠬᠠᠨ ᠤᠯᠤᠨ᠎ᠠ ᠭᠡᠳᠡᠭ ᠭᠤᠷᠢ ᠦᠭᠡᠢ | ᠬᠡᠷᠡᠭ ᠡ᠂ ᠬᠠᠰᠢᠯᠠ ᠴᠢᠷᠮᠠᠶᠢᠯᠭ᠎ᠠ ᠤᠷᠤᠨ᠎ᠠ ᠰᠢᠤ︾ ᠭᠡᠵᠦ ᠢᠷᠡᠭᠡᠳᠦᠢ ᠶᠢᠨ ᠠᠮᠢᠳᠤᠷᠠᠯ ᠤᠨ ᠲᠦᠯᠦᠭᠡ ᠰᠠᠨᠠᠭ᠎ᠠ | ᠪᠤᠯᠤᠨ ᠶᠠᠷᠢᠯᠳᠤᠨ᠎ᠠ᠃ | ᠲᠡᠷᠡ ᠡᠪᠦᠯ ᠤᠨ ᠲᠠᠰᠤᠯᠠᠨ ᠪᠤᠳᠤᠯᠳᠠ ᠳᠤ ᠡᠳᠡᠨᠡᠶᠢᠬᠢᠨ ᠦᠬᠡᠷ ᠰᠦᠷᠦᠭ ᠶᠢᠨ ᠬᠠᠮᠠᠭᠠᠯᠠᠯᠳᠠ ᠪᠤᠶᠤ | ᠲᠥᠯ ᠤᠨ ᠪᠤᠶᠢᠵᠢᠯᠳᠠ ᠨᠢ ᠦᠨᠳᠥᠷ ᠪᠤᠯᠬᠤᠷ᠂ ᠳᠠᠪᠠᠭᠤᠯᠣᠭᠰᠠᠨ ᠭᠡᠰᠡᠭ ᠤᠨ ᠱᠠᠩᠨᠠᠯ ᠭᠡᠵᠤ ᠲᠠᠪᠤ ᠵᠢᠷᠭᠤᠭᠠᠨ | ᠲᠣᠭᠤᠯ ᠪᠢᠷᠠᠭᠤ ᠤᠯᠤᠭᠰᠠᠨ ᠢᠶᠠᠷ ᠨᠦᠬᠦᠷ ᠬᠡᠷᠭᠡᠢ ᠬᠤᠶᠠᠭᠤᠯᠠ ᠤᠬᠠᠭᠠᠨ ᠦᠭᠡᠢ ᠪᠠᠶᠠᠷᠯᠠᠵᠠᠢ᠃ ᠲᠡᠷᠡ ᠵᠢᠯ ᠤᠨ | ᠠᠰᠢᠭ ᠤᠷᠤᠯᠭ᠎ᠠ ᠶᠢᠨ ᠬᠤᠪᠢᠶᠠᠷᠢᠯᠠᠯᠳᠠ ᠳᠤ ᠤᠯᠠᠩᠬᠢ ᠠᠶᠢᠯ ᠡᠷᠦᠬᠡ ᠲᠠᠪᠠᠭᠤᠯᠤᠭᠰᠠᠨ ᠭᠡᠰᠡᠭ ᠤᠨ ᠱᠠᠩᠨᠠᠯ | ᠤᠯᠵᠦ ᠲᠡᠭᠡᠷ᠎ᠡ ᠲᠠᠯ᠎ᠠ ᠶᠢᠨ ᠬᠤᠨᠢᠴᠢᠨ ᠡᠷᠦᠬᠡ 60 —70 ᠬᠤᠷᠠᠭ᠎ᠠ ᠤᠯᠤᠭᠰᠠᠨ ᠳᠤ ᠠᠬᠠᠮᠠᠳ ᠮᠠᠯᠴᠢᠳ | ᠶᠡᠬᠡᠪᠡᠷ ᠰᠤᠴᠢᠨ ᠪᠠᠶᠠᠷᠯᠠᠵᠦ᠄ ︽ᠵᠠ᠂ ᠡᠨᠡ ᠪᠤᠯ ᠨᠠᠮ ᠤᠨ ᠲᠦᠷᠦ ᠶᠢᠨ ᠪᠤᠳᠤᠯᠭ᠎ᠠ ᠵᠦᠪ ᠡᠷᠭᠢᠭᠰᠡᠨ ᠤ ᠰᠠᠶᠢᠨ | ᠰᠢᠤ᠂ ᠮᠠᠨ ᠤ ᠮᠠᠯᠴᠢᠳ ᠶᠤᠰᠤᠳᠠᠢ ᠪᠠᠶᠠᠵᠢᠬᠤ ᠴᠠᠭ ᠲᠤᠯᠵᠠᠢ᠂ ᠨᠢᠭᠡ ᠵᠢᠯ ᠳᠤ ᠨᠢᠭᠡ ᠰᠦᠷᠦᠭ ᠬᠤᠨᠢ ᠤᠯᠤᠨ᠎ᠠ | ᠭᠡᠳᠡᠭ ᠴᠢᠨᠢ︕︾ ᠭᠡᠬᠦ ᠳᠤ ᠵᠠᠷᠢᠮ ᠨᠢ᠄ ︽ᠲᠡᠶᠢᠮᠦ ᠰᠢᠳᠠ᠂ ᠰᠤᠶᠤᠯ ᠤᠨ ᠬᠤᠪᠢᠰᠬᠠᠯ ᠤᠨ ᠦᠶ᠎ᠡ ᠳᠤ᠂ | ᠬᠤᠪᠢᠨ ᠤ ᠮᠠᠯ ᠦᠯᠡᠳᠡᠭᠡᠪᠡᠯ ᠬᠦᠷᠦᠩᠭᠡᠳᠦ ᠶᠤᠰᠤᠨ ᠤ ᠰᠡᠭᠦᠯ ᠢ ᠲᠠᠰᠤᠳᠠᠨ᠎ᠠ ᠭᠡᠳ ᠮᠠᠯᠴᠢᠨ ᠪᠢᠳᠡᠨ ᠤ ᠠᠮᠢᠳᠤᠷᠠᠯ | ᠢ ᠶᠠᠭ ᠦᠭᠡᠳᠡᠯᠡᠭᠦᠯᠬᠦ ᠦᠭᠡᠢ ᠪᠠᠶᠢᠭᠰᠠᠨ ᠰᠢᠤ᠂ ᠬᠠᠰᠢᠯᠠ ᠡᠪ ᠬᠠᠮᠳᠤ ᠨᠠᠮ ᠮᠢᠨᠢ ᠵᠦᠪ ᠬᠠᠷᠠᠬᠤ ᠶᠤᠮ ᠪᠠᠶᠢᠨ᠎ᠠ︾ | ᠭᠡᠵᠦ ᠢᠳᠡᠭᠡᠯ ᠲᠠᠢ ᠪᠠᠶᠠᠷᠯᠠᠩᠭᠤᠢ ᠪᠠᠷ ᠬᠦᠤᠷᠨᠢᠯᠳᠤᠨ ᠶᠠᠷᠢᠯᠴᠠᠵᠦ ᠪᠠᠶᠢᠯ᠎ᠠ᠃ | ᠬᠤᠪᠢ ᠶᠢᠨ ᠭᠡᠬᠦ ᠮᠠᠯ ᠲᠠᠢ ᠪᠤᠯᠴᠢᠬᠠᠯ᠎ᠠ᠂ ᠪᠠᠰᠠ ᠬᠠᠮᠳᠤ ᠶᠢᠨ ᠦᠬᠡᠷ ᠰᠦᠷᠦᠭ ᠤᠨ ᠤᠷᠤᠯᠭ᠎ᠠ ᠨᠢ | ᠦᠨᠡᠭᠡᠷ ᠪᠠᠶᠠᠵᠢᠯ ᠤᠨ ᠵᠠᠮ ᠢᠶᠠᠷ ᠬᠦᠳᠦᠯᠵᠦ᠂ ᠠᠮᠢᠳᠤᠷᠠᠯ ᠤᠨ ᠬᠢᠷᠢ ᠲᠦᠪᠰᠢᠨ ᠲᠡᠭᠡᠭᠰᠢᠯᠡᠬᠦ ᠳᠤ ᠠᠵᠦ ᠠᠬᠤᠢ | ᠶᠢᠨ ᠦᠨᠳᠦᠰᠦᠨ ᠨᠦᠬᠦᠴᠡᠯ ᠢ ᠪᠦᠷᠢᠯᠳᠦᠭᠦᠯᠵᠦ ᠦᠭᠴᠠᠢ᠃ ᠭᠠᠭᠴᠠᠬᠦ ᠴᠢᠷᠮᠠᠶᠢᠨ ᠠᠵᠢᠯᠠᠯᠬᠤ ᠪᠠᠨ ᠮᠡᠳᠡ︕ | ᠮᠣᠩᠭᠤᠯ ᠭᠡᠷ ᠤᠨ ᠨᠦᠬᠦᠴᠠᠯ ᠪᠠ ᠠᠮᠢᠳᠣᠷᠠᠯ ᠤᠨ ᠬᠢᠷᠢ ᠬᠡᠮᠵᠢᠶ᠎ᠡ ᠡᠳᠦᠷ ᠠᠴᠠ ᠡᠲᠦᠷ ᠰᠠᠶᠢᠵᠢᠷᠠᠵᠤ᠂ ᠬᠡᠪᠢᠰ | ᠬᠠᠶᠠᠯᠠᠬᠤ᠂ ᠭᠡᠷ ᠤᠨ ᠮᠣᠳᠣ ᠶᠢ ᠪᠣᠳᠤᠭ ᠰᠠᠭᠤᠯᠭᠠᠬᠤ᠂ ᠭᠡᠷ ᠳᠣᠲᠣᠷᠠᠬᠢ ᠠᠪᠳᠠᠷ᠎ᠠ ᠬᠤᠷᠭᠤ ᠶᠢ ᠰᠢᠨᠡᠳᠭᠡᠬᠦ ᠵᠢᠴᠢ | ᠭᠠᠳᠠᠨᠠᠬᠢ ᠬᠠᠮ ᠠᠪᠳᠠᠷ᠎ᠠ ᠪᠠᠨ ᠰᠢᠨ᠎ᠡ ᠪᠠᠷ ᠬᠢᠯᠭᠡᠬᠦ᠂ ᠲᠡᠷᠭᠡ ᠬᠦᠰᠭᠡ ᠨᠡᠮᠡᠬᠦ ᠵᠡᠷᠭᠡ ᠳᠥᠪᠬᠢᠨᠡᠭᠦᠯᠦᠯᠳᠡ | ᠬᠢᠭᠰᠡᠨ ᠢᠶᠠᠷ ᠪᠠᠷᠢᠭᠠᠳᠠ ᠳᠠᠭᠠᠨ ᠨᠡᠯᠢᠶᠡᠳ ᠳᠡᠭᠡᠭᠦᠷ ᠣᠷᠣᠬᠤ ᠡᠷᠦᠬᠡ ᠶᠢᠨ ᠨᠢᠭᠡ ᠪᠤᠯᠤᠯ᠎ᠠ᠃ ᠰᠢᠷᠠᠭᠴᠢᠨ ᠬᠤᠨᠢᠨ | ᠵᠢᠯ ᠢᠶᠠᠨ ᠦᠳᠡᠵᠤ ᠬᠠᠷ᠎ᠠ ᠪᠡᠴᠢ ᠵᠢᠯ ᠢᠶᠠᠨ ᠣᠭᠳᠤᠬᠤ ᠵᠠᠢ ᠳᠤ ᠡᠳᠡᠨᠡᠶᠢᠬᠢᠨ ᠳᠡᠭᠡᠲᠦ ᠰᠢᠨᠠᠭᠠᠨ ᠭᠡᠳᠡᠭ ᠭᠠᠵᠠᠷ | ᠡᠪᠦᠯᠵᠢᠵᠠᠢ᠂ ᠬᠦᠭᠦᠬᠡ ᠰᠠᠷ᠎ᠠ ᠶᠢᠨ ᠬᠤᠷᠢᠨ ᠲᠣᠯᠣᠭᠠᠨ ᠳᠤ ᠪᠦᠰᠡᠭᠦᠢ ᠰᠠᠷᠠᠨ ᠨᠢ ᠬᠤᠶᠠᠳᠣᠭᠠᠷ ᠬᠥᠤ ᠪᠠᠨ | ᠬᠥᠩᠭᠡᠵᠢᠪᠡ᠂ ᠠᠬ᠎ᠠ ᠠᠴᠠ ᠨᠢ ᠬᠠᠰ ᠴᠢᠯᠠᠭᠤ ᠠᠳᠠᠯᠢ ᠵᠣᠷᠢᠭ ᠬᠠᠳᠠᠭᠤ ᠥᠭᠡᠳᠡ ᠡᠰᠡᠷᠡᠭ ᠶᠠᠪᠣᠬᠤ ᠶᠢ ᠨᠢ | ᠵᠦᠩᠨᠡᠵᠤ ︽ᠬᠠᠰᠡᠷᠳᠡᠨᠢ︾ ᠭᠡᠰᠡᠨ ᠰᠠᠶᠢᠬᠠᠨ ᠨᠡᠷ᠎ᠡ ᠣᠯᠭᠤᠵᠠᠢ᠃ ᠡᠨᠡ ᠬᠡᠤᠬᠡᠳ ᠢ ᠣᠢ ᠥᠩᠭᠡᠷᠡᠭᠰᠡᠨ ᠲᠠᠷᠠᠭ᠎ᠠ | ᠨᠢᠭᠡᠨ ᠡᠳᠦᠷ ᠲᠡᠭᠦᠨ ᠤ ᠠᠪᠠᠭ᠎ᠠ ᠠᠬ᠎ᠠ ᠭᠤᠸᠠᠢ ᠨᠠᠮᠬᠠᠢ ᠠᠶᠢᠯᠴᠢᠯᠠᠷ᠎ᠠ ᠢᠷᠡᠪᠡ᠃ ᠡᠨᠡ ᠦᠶ᠎ᠡ ᠵᠣᠤᠬᠠᠨ ᠤ ᠵᠡᠭᠦᠨ | ᠲᠠᠯ᠎ᠠ ᠳᠤ ᠥᠨᠥ ᠬᠦᠤ ᠠᠶᠠᠭ᠎ᠠ ᠠᠴᠠ ᠪᠠᠨ ᠴᠠᠢ ᠶᠢᠨ ᠪᠣᠳᠠᠭ᠎ᠠ ᠠᠳᠬᠤᠨ ᠠᠪᠴᠦ ᠠᠮᠠᠨ ᠳᠠᠭᠠᠨ ᠬᠢᠭᠰᠡᠨ ᠢᠶᠠᠷ | ᠬᠠᠴᠠᠷ ᠳᠦᠭᠦᠷᠡᠩ ᠪᠣᠳᠠᠭ᠎ᠠ ᠨᠠᠭᠠᠯᠳᠤᠭᠤᠯᠣᠨ᠂ ᠵᠡᠭᠦᠨ ᠰᠢᠷᠳᠡᠭ ᠢᠶᠠᠷ ᠪᠣᠲᠠᠷᠠᠭᠠᠨ ᠪᠠᠶᠢᠬᠤ ᠶᠢ ᠦᠵᠡᠭᠰᠡᠨ ᠠᠬ᠎ᠠ | ᠨᠢ᠄ ︽ᠡᠨᠡ ᠬᠦᠮᠥᠨ ᠢ ᠦᠵᠡᠯ ᠳ᠋ᠠ᠂ ᠶᠠᠮᠠᠷ ᠭᠥᠭᠡᠷᠦᠬᠦᠨ ᠪᠣᠢ᠂ ᠮᠥᠳᠳᠦ ᠪᠣᠳᠠᠭ᠎ᠠ ᠲᠠᠢ ᠡᠷ᠎ᠠ ᠪᠣᠯᠬᠤ | ᠰᠢᠨᠵᠢᠳᠠᠢ ᠳ᠋ᠠ︾ ᠭᠡᠵᠤ ᠥᠬᠦᠭᠡᠷᠳᠡᠨ ᠬᠡᠯᠡᠬᠦ ᠳᠤ ᠡᠷᠳᠡᠮᠳᠡᠭᠦᠰ᠄ ︽ᠲᠡᠭᠡᠪᠡᠯ ᠴᠢᠮ᠎ᠠ ᠳᠤ ᠡᠨᠡ ᠬᠡᠤᠬᠡᠳ ᠢ | ᠥᠭᠭᠦᠴᠢᠭᠡᠶᠠ᠂ ᠲᠠ ᠠᠪᠣᠭᠠᠳ ᠶᠠᠪᠣᠭᠠᠷᠠᠢ︕︾ ᠭᠡᠵᠤ ᠴᠣᠤᠭᠢᠭᠤᠯᠵᠠᠢ᠃ ᠬᠤᠵᠢᠮ ᠨᠢ ᠠᠪᠠᠭ᠎ᠠ ᠠᠬ᠎ᠠ ᠨᠢ᠄ ︽ | ᠮᠠᠨ ᠤ ᠡᠷᠳᠡᠮᠳᠡᠭᠦᠰ ᠡᠨᠡ ᠬᠦᠤ ᠪᠠᠨ ᠨᠠᠳᠠ ᠳᠤ ᠥᠭᠭᠦᠭᠰᠡᠨ ᠶᠣᠮ︾ ᠭᠡᠳ ᠬᠠᠰᠡᠷᠳᠡᠨᠢ ᠶᠢ ᠪᠠᠭ᠎ᠠ ᠰᠣᠷᠭᠠᠭᠤᠯᠢ | ᠠᠴᠠ ᠳᠣᠮᠳᠠᠲᠦ ᠰᠣᠷᠭᠠᠭᠤᠯᠢ ᠲᠡᠭᠦᠰᠲᠡᠯ᠎ᠡ ᠰᠣᠮᠣᠨ ᠠᠴᠠ ᠬᠤᠰᠢᠭᠤᠨᠳᠦ ᠬᠦᠷᠦᠭᠰᠡᠨ ᠴᠦ ᠠᠰᠠᠷᠠᠨ ᠬᠠᠷᠠᠭᠠᠯᠵᠠᠵᠤ | ᠂ ᠰᠣᠶᠣᠯ ᠤᠨ ᠮᠥᠷ ᠬᠥᠭᠡᠯᠭᠡᠵᠤ᠂ ᠲᠥᠷᠥᠭᠰᠡᠨ ᠲᠠᠢ ᠪᠠᠨ ᠠᠳᠠᠯᠢ ᠬᠠᠶᠢᠷᠠᠯᠠᠵᠤ ᠥᠰᠭᠡᠭᠰᠡᠨ ᠶᠡᠭᠡ ᠡᠨᠡᠷᠢᠯ᠂ | ᠲᠠᠬᠢᠪᠠᠯ ᠣᠯᠠᠨ ᠬᠡᠤᠬᠡᠳ ᠲᠠᠢ ᠲᠡᠭᠦᠨ ᠤ ᠳᠠᠷᠣᠭᠠᠰᠤ ᠶᠢ ᠬᠥᠩᠬᠡᠯᠡᠭᠰᠡᠨ ᠠᠴᠢ ᠶᠢ ᠨᠢ ᠡᠷᠳᠡᠮᠳᠡᠭᠦᠰ ᠭᠤᠸᠠᠢ | ᠰᠡᠳᠭᠢᠯ ᠳᠡᠭᠡᠨ ᠬᠠᠳᠠᠩᠰᠢᠭᠤᠯᠵᠤ ᠶᠠᠪᠣᠳᠠᠭ ᠪᠤᠯᠵᠠᠢ᠃ | ᠰᠢᠷᠠᠭᠴᠢᠨ ᠬᠤᠨᠢᠨ ᠵᠢᠯ ᠤᠨ ᠡᠪᠦᠯ ᠤᠨ ᠢᠳᠡᠰᠢᠨ ᠤ ᠦᠶ᠎ᠠ ᠪᠠᠷ ᠡᠳᠡᠨᠡᠶᠢᠬᠢᠨ ᠦᠬᠡᠷ ᠢᠶᠠᠷ ᠴᠠᠶᠢᠳᠠᠮ ᠤᠨ | ᠱᠠᠤ ᠭᠡᠬᠦ ᠪᠣᠳᠠ ᠶᠡᠬᠡᠲᠠᠢ ᠭᠠᠵᠠᠷ ᠡᠪᠦᠯᠵᠢᠪᠡ᠃ ᠡᠪᠦᠯ ᠤᠨ ᠨᠢᠭᠡᠨ ᠣᠷᠣᠢ ᠡᠷᠳᠡᠮᠳᠡᠭᠦᠰ ᠣᠷᠭ᠎ᠠ ᠪᠠᠨ ᠴᠢᠷᠴᠦ᠂ | ᠮᠣᠷᠢ ᠲᠠᠢ ᠪᠠᠨ ᠱᠣᠭᠰᠢᠭᠤᠯᠣᠭᠰᠠᠭᠠᠷ ᠴᠠᠷᠢᠭ ᠤᠨ ᠬᠤᠭᠤᠯᠠᠢ ᠠᠴᠠ ᠰᠦᠷᠦᠭ ᠢᠶᠠᠨ ᠬᠤᠷᠢᠶᠠᠭᠠᠳ ᠭᠡᠷ ᠲᠡᠭᠡᠨ | ᠬᠠᠷᠢᠬᠤ ᠳᠤ ᠨᠢᠭᠡᠨ ᠮᠠᠰᠢᠨ ᠲᠡᠷᠭᠡ ᠢᠷᠡᠭᠰᠡᠨ ᠨᠢ ᠠᠶᠢᠮᠠᠭ ᠤᠨ ᠪᠠᠶᠢᠴᠠᠭᠠᠬᠤ ᠬᠤᠷᠢᠶᠠᠨ ᠳᠤ ᠠᠵᠢᠯ ᠲᠠᠢ ᠬᠠᠮᠲᠦ | ᠰᠣᠷᠣᠭᠴᠢ ᠪᠣᠯᠬᠤ ᠬᠦᠬᠡ ᠭᠡᠭᠴᠢ ᠠᠨᠳᠠ ᠨᠢ ᠪᠠᠶᠢᠯ᠎ᠠ᠂ ᠶᠡᠬᠡᠪᠡᠷ ᠪᠠᠶᠠᠷᠯᠠᠯᠳᠤᠨ ᠮᠡᠨᠲᠦ ᠠᠰᠠᠭᠤᠯᠴᠠᠭᠰᠠᠨ ᠢᠶᠠᠨ | ᠠᠷᠢᠬᠢ ᠬᠠᠯᠠᠭᠤᠯᠣᠨ ᠠᠷᠵᠠ ᠨᠡᠷᠡᠵᠤ ᠦᠳᠡᠰᠢ ᠶᠢᠨ ᠴᠠᠭ ᠢ ᠨᠥᠭᠴᠢᠭᠡᠪᠡ᠂ ᠭᠡᠨᠡᠳᠳᠠ ᠠᠨᠳᠠ ᠨᠢ᠄ ︽ᠴᠢ | ᠰᠣᠨᠣᠰᠴᠦ ᠪᠠᠶᠢᠭᠠᠷᠠᠢ᠂ ᠡᠨᠡ ᠶᠠᠭᠤ ᠪᠣᠢ︖︾ ᠭᠡᠳ ᠳᠦᠷᠪᠡᠯᠵᠢᠨ ᠬᠠᠷ᠎ᠠ ᠬᠠᠶᠢᠷᠴᠠᠭ ᠭᠠᠷᠭᠠᠭᠠᠳ ᠨᠢᠭᠡᠨ | ᠳᠣᠪᠴᠢ ᠶᠢ ᠨᠢ ᠳᠠᠷᠣᠬᠤ ᠳᠤ ᠶᠠᠭ ᠯᠠ ᠰᠠᠶ᠋ᠢ ᠶᠢᠨ ᠲᠡᠳᠡᠨᠤᠰ ᠤᠨ ᠬᠥᠭᠡᠷᠤᠯᠲᠦᠵᠤ ᠪᠠᠶᠢᠭᠰᠠᠨ ᠳᠣᠭᠤᠯᠳᠠᠬᠤ ᠶᠣᠮ | ᠂ ᠲᠡᠷᠡ ᠶᠡᠭᠡ ᠬᠠᠴᠢᠷᠬᠠᠵᠤ ᠴᠢᠬᠢ ᠪᠠᠨ ᠢᠲᠡᠭᠡᠵᠤ ᠶᠠᠳᠠᠨ ᠴᠢᠩᠨᠠᠬᠤ ᠳᠤ ᠲᠡᠳᠡ ᠤᠯᠠᠮ ᠵᠢᠳᠭᠦᠯᠦᠨ | ᠱᠣᠭᠤᠷᠠᠬᠠᠨᠠ᠃ ᠡ᠊ ᠭᠤᠸᠠᠢ᠄ ︽ᠡᠨᠡ ᠶᠠᠮᠠᠷ ᠱᠤᠭ ᠲᠠᠢ ᠡᠳ᠋ ᠭᠡᠭᠴᠢ ᠪᠣᠢ᠂ ᠲᠠᠷᠣᠢ ᠳᠠᠭᠠᠨ ᠰᠢᠩᠭᠡᠭᠡᠴᠢᠨᠡ | ᠭᠡᠳᠡᠭ ᠴᠢᠨᠢ︾ ᠭᠡᠳ ᠭᠠᠶᠢᠬᠠᠬᠤ ᠳᠤ᠄ ︽ᠡᠨᠡ ᠪᠣᠯ ᠳᠠᠭᠤᠨ ᠰᠢᠩᠭᠡᠭᠦᠷ ᠤᠨ ᠮᠠᠰᠢᠨ ᠭᠡᠳᠡᠭ᠂ ᠣᠤᠯ ᠨᠢ ᠣᠯᠣᠰ | ᠠᠴᠠ ᠴᠡᠷᠢᠭ ᠤᠨ ᠶᠠᠪᠣᠳᠠᠯ ᠳᠤ ᠬᠡᠷᠡᠭᠯᠡᠵᠤ ᠪᠠᠶᠢᠭᠰᠠᠨ ᠪᠣᠯ ᠤᠳᠤ ᠨᠠᠷᠢᠯᠢᠭ ᠬᠢᠴᠡ ᠲᠠᠢ ᠪᠣᠯᠭᠠᠭᠠᠳ ᠠᠷᠠᠳ ᠤᠨ | ᠨᠠᠭᠠᠳᠣᠮ ᠵᠣᠭᠠᠴᠠᠯ ᠳᠤ ᠬᠡᠷᠡᠭᠯᠡᠬᠦ ᠪᠣᠯᠵᠠᠢ︾ ᠭᠡᠵᠤ ᠠᠨᠳᠠ ᠨᠢ ᠲᠠᠶᠢᠯᠪᠣᠷᠢᠯᠠᠨ ᠶᠠᠷᠢᠵᠤ ᠪᠠᠶᠢᠪᠠ᠂ ᠡᠨᠡ | ᠭᠠᠶᠢᠬᠠᠯᠲᠠᠢ ᠡᠳ᠋ ᠣᠯᠳᠠᠳᠠᠭ ᠪᠣᠯ ᠣᠯᠵᠤ ᠥᠭᠬᠦ ᠶᠢ ᠬᠦᠰᠡᠭᠰᠡᠨ ᠳᠤ ᠲᠡᠷᠡ ᠬᠤᠤᠰ ᠬᠡᠷᠡᠭᠯᠡᠭᠦᠷᠲᠦ ᠰᠢᠩᠭᠡᠭᠦᠷ | ᠮᠠᠰᠢᠨ ᠣᠯᠵᠤ ᠥᠭᠬᠦ ᠪᠠᠷ ᠲᠤᠬᠢᠷᠠᠯᠴᠠᠵᠠᠢ᠂ ᠰᠠᠷ᠎ᠠ ᠶᠢᠨ ᠳᠠᠷᠠᠭ᠎ᠠ᠂ ᠠᠶᠢᠯ ᠳᠤ ᠪᠠᠶᠢᠪᠠᠯ ᠦᠵᠡᠮᠦᠷ ᠲᠠᠢ ᠠᠪᠳᠠᠷ᠎ᠠ | ᠳᠡᠭᠡᠷ᠎ᠠ ᠳᠣᠤᠭᠠᠷᠪᠠᠯ ᠰᠣᠨᠢᠷᠬᠠᠯᠲᠠᠢ ᠨᠢᠭᠡ ᠰᠢᠶᠠᠩᠭᠠᠩ ᠬᠢᠴᠡᠲᠠᠢ ᠬᠤᠤᠰ ᠬᠡᠷᠡᠭᠯᠡᠭᠦᠷᠲᠦ ᠲᠠᠭᠤᠨ ᠰᠢᠩᠭᠡᠭᠦᠷ | ᠠᠪᠣᠭᠰᠠᠨ ᠨᠢ ᠬᠤᠪᠣᠷ ᠨᠠᠬᠳᠢᠨ ᠡᠳ᠋ ᠪᠣᠯᠵᠤ᠂ ᠬᠤᠯᠠ ᠶᠢᠨ ᠭᠡᠶᠢᠴᠢᠳ ᠤᠨ ᠪᠠᠭ᠋ᠠᠷᠬᠠᠯ ᠣᠢᠢᠷ᠎ᠠ ᠰᠠᠳᠦᠨ ᠤ | ᠰᠣᠨᠢᠷᠬᠠᠯ ᠶᠢ ᠳᠠᠲᠠᠭᠰᠠᠨ ᠰᠠᠶᠢᠬᠠᠨ ᠲᠣᠭᠯᠠᠭᠠᠮ ᠪᠣᠯᠣᠭᠰᠠᠨ ᠪᠠᠶᠢᠯ᠎ᠠ᠃ | ᠲᠡᠭᠡᠳᠦ ᠶᠢᠨ ᠰᠦᠯᠳᠡ ᠢᠪᠡᠭᠡᠳᠡᠭ ᠤᠨ ᠡᠷᠬᠡ ᠪᠠᠷ | ᠲᠡᠯᠭᠡᠷ ᠡᠨᠡ ᠭᠤᠯᠤᠮᠳᠠ ᠪᠠᠨ ᠬᠠᠶᠢᠷᠠᠯᠠᠵᠦ ᠶᠠᠪᠤᠳᠠᠭ | ᠠᠭᠤᠤ ᠠᠳᠠᠯ᠎ᠠ ᠦᠴᠦᠭᠡᠨ ᠮᠢᠨᠤ ᠭᠤᠯᠤᠮᠳᠠ | ᠠᠰᠢᠳᠠ ᠴᠡᠴᠡᠭᠯᠡᠬᠦ ᠮᠦᠩᠭᠡ ᠶᠢᠨ ᠭᠤᠯᠤᠮᠳᠠ᠃ | — ︽ᠭᠤᠯᠤᠮᠳᠠ ᠪᠠᠨ ᠭᠡᠵᠦ︾ ᠭᠡᠬᠦ ᠰᠢᠯᠦᠭ ᠠᠴᠠ | ᠲᠦᠷᠪᠡ᠂ ᠪᠠᠷᠢᠭᠠᠳᠠ ᠶᠢᠨ ᠠᠵᠢᠯ ᠬᠢᠭᠰᠡᠨ ᠨᠢ | ᠪᠡᠶ᠎ᠠ ᠶᠢ ᠮᠢᠨᠢ ᠲᠥᠷᠥᠭᠦᠯᠦᠭᠰᠡᠨ ᠠᠪᠤ ᠡᠵᠢ ᠡᠨᠡᠷᠢᠯᠲᠠᠢ | ᠪᠢᠯᠢᠭ ᠢ ᠮᠢᠨᠢ ᠬᠥᠮᠥᠵᠢᠬᠦᠯᠦᠭᠰᠡᠨ ᠠᠭᠤᠤ ᠨᠠᠮ ᠭᠡᠷᠡᠯᠲᠠᠢ | ᠠᠮᠢᠳᠣᠷᠠᠯ ᠢ ᠮᠢᠨᠢ ᠬᠠᠶᠢᠷᠠᠯᠠᠭᠰᠠᠨ ᠡᠬᠡ ᠣᠷᠣᠨ ᠥᠷᠨᠢᠯᠲᠠᠢ | ᠠᠯᠢᠪᠠ ᠪᠠᠨ ᠪᠢ ᠲᠡᠳᠡᠨ ᠳᠤ ᠵᠣᠷᠢᠭᠤᠯᠣᠨ᠎ᠠ | — ︽ᠰᠡᠳᠭᠢᠯ ᠳᠤ ᠠᠮᠢᠯᠠᠭᠰᠠᠨ ᠨᠠᠷᠠ︾ ᠭᠡᠬᠦ ᠨᠠᠶᠢᠷᠠᠭ ᠠᠴᠠ | ᠴᠠᠭᠠᠨ ᠪᠡᠴᠢ ᠵᠢᠯ ᠤᠨ ᠡᠪᠦᠯ ᠶᠡᠬᠡᠯ᠎ᠠ ᠵᠣᠤᠳᠠᠷᠠᠬᠤ ᠪᠣᠯᠬᠤᠷ ᠡᠷᠳᠡᠮᠳᠡᠭᠦᠰ ᠤᠨ ᠬᠢᠨ ᠡᠬᠡᠪᠣᠯᠠᠭ ᠮᠠᠯᠵᠢᠯ ᠤᠨ | ᠲᠠᠯᠠᠪᠠᠢ ᠶᠢᠨ ᠰᠠᠶᠢᠨ ᠣᠰᠣ ᠭᠡᠬᠦ ᠭᠠᠵᠠᠷ ᠡᠪᠦᠯᠵᠢᠭᠡᠳ ᠴᠠᠭᠠᠭᠴᠢᠨ ᠳᠠᠬᠢᠶ᠎ᠠ ᠵᠢᠯ ᠤᠨ ᠴᠠᠭᠠᠨ ᠰᠠᠷ᠎ᠠ ᠭᠠᠷᠭᠠᠭᠠᠳ | ᠰᠢᠨ᠎ᠡ ᠶᠢᠨ ᠳᠥᠷᠪᠡᠨ ᠳᠤ ᠨᠣᠲᠤᠭ ᠲᠠᠭᠠᠨ ᠪᠣᠴᠠᠨ ᠨᠡᠭᠦᠵᠤ᠂ ᠰᠢᠨ᠎ᠠ ᠰᠦᠮ᠎ᠠ ᠶᠢᠨ ᠪᠠᠷᠠᠭᠤᠨ ᠡᠮᠥᠨ᠎ᠠ ᠪᠠᠭᠤᠵᠠᠢ᠂ | ᠴᠠᠰᠤ ᠬᠠᠭᠵᠢᠷᠠᠨ ᠦᠶ᠎ᠡ ᠦᠶ᠎ᠡ ᠡᠪᠡᠰᠦ ᠰᠢᠷᠠᠯᠠᠨ ᠬᠡᠶᠢᠰᠴᠦ ᠪᠠᠶᠢᠪᠠ᠃ | ᠵᠢᠯ ᠰᠠᠷ᠎ᠠ ᠶᠢᠨ ᠰᠢᠨ᠎ᠡ ᠶᠢᠨ ᠨᠢᠭᠡᠨ ᠤ ᠦᠷᠯᠦᠭᠡ ᠨᠠᠷᠠᠨ ᠤ ᠡᠷᠳᠡ ᠳᠤ᠂ ᠡᠷᠳᠡᠮᠳᠡᠭᠦᠰ ᠭᠤᠸᠠᠢ ᠬᠤᠷᠳᠤᠨ | ᠤᠯᠠᠭᠠᠨ ᠮᠤᠷᠢ ᠪᠠᠨ ᠤᠨᠤᠵᠦ᠂ ᠠᠬ᠎ᠠ ᠶᠢᠨ ᠳᠠᠭᠠᠨ ᠬᠦᠷᠴᠦ᠂ ᠪᠤᠭᠤᠷᠤᠯ ᠡᠵᠢ ᠳᠡᠭᠡᠨ ᠡᠩᠬᠡ ᠮᠡᠨᠳᠦ ᠶᠢᠨ | ᠵᠤᠯᠭᠠᠯᠳᠠ ᠬᠢᠬᠦᠶ᠎ᠡ ᠡᠬᠡ ᠬᠦᠮᠦᠨ ᠤ ᠬᠠᠯᠠᠭᠤᠨ ᠬᠠᠶᠢᠷ᠎ᠠ ᠪᠠᠷ ᠦᠨᠦᠰᠦᠨ ᠢᠷᠡᠭᠡᠳᠦᠢ ᠶᠢᠨ ᠰᠠᠶᠢᠨ ᠤ ᠢᠷᠦᠭᠡᠯ ᠢ | ᠲᠠᠯᠪᠢᠭᠤᠯᠵᠦ ᠪᠢᠯᠡ᠃ ᠲᠡᠭᠦᠨ ᠤ ᠡᠵᠢ ᠪᠤᠯ ᠴᠠᠭ ᠦᠶ᠎ᠡ ᠶᠢᠨ ᠶᠠᠮᠠᠷ ᠴᠤ ᠲᠠᠭᠤᠤ ᠶᠢ ᠮᠡᠳᠡᠬᠦ ᠪᠦᠭᠡᠳ ᠠᠷᠠᠳ ᠤᠨ | ᠤᠷᠳᠤ ᠶᠢᠨ ᠲᠠᠭᠤᠤ ᠶᠢ ᠴᠤ ᠬᠠᠩᠭᠢᠨᠠᠳᠠᠯ᠎ᠠ ᠲᠠᠭᠤᠯᠠᠳᠠᠭ ᠬᠦᠮᠦᠨ ᠪᠠᠶᠢᠵᠠᠢ᠃ ᠴᠠᠭᠠᠨ ᠰᠠᠷ᠎ᠠ ᠶᠢᠨ ᠰᠢᠨᠡᠳ ᠤᠨ | ᠨᠢᠭᠡᠨ ᠤᠷᠤᠢ᠂ ᠡᠵᠢ ᠨᠢ ᠡᠳᠡᠨᠡᠢ ᠳᠤ ᠢᠷᠡᠵᠦ ᠬᠤᠨᠤᠭᠯᠠᠭᠰᠠᠨ ᠪᠠᠶᠢᠪᠠ᠃ ᠬᠤᠭᠤᠯᠠᠨ ᠤ ᠲᠠᠷᠠᠭ᠎ᠠ ᠨᠡᠯᠢᠶᠡᠳ | ᠰᠡᠯᠡᠭᠦᠤ ᠪᠤᠯᠬᠤᠷ ᠮᠤᠷᠢᠨ ᠬᠤᠭᠤᠷ ᠬᠦᠭᠵᠢᠮᠳᠡᠭᠰᠡᠨ ᠢᠶᠠᠨ ᠲᠡᠷᠡ ᠳᠤ᠄ ︽ᠡᠵᠢ ᠲᠠ ︿ᠰᠢᠵᠢᠷ ᠪᠤᠭᠳᠠ ᠶᠢᠨ ᠰᠢᠯᠢ | ﹀ ᠪᠠᠨ ᠨᠢᠭᠡ ᠭᠠᠷᠭᠠᠴᠢ ᠳ᠋ᠠ︕︾ ᠭᠡᠰᠡᠨ ᠳᠤ ᠡᠵᠢ ᠨᠢ ᠮᠦᠰᠢᠶᠡᠩᠭᠦᠢ ᠴᠢᠷᠠᠢ ᠪᠠᠷ᠄ ︽ᠤᠳᠤ ᠶᠠᠭᠤᠨ ᠤ ᠬᠢᠨᠢ | ᠬᠤᠭᠤᠯᠠᠢ ᠭᠠᠷᠬᠤ ᠪᠤᠢ ᠶᠤᠮ ᠳ᠋ᠠ︕︾ ᠭᠡᠭᠦᠯᠡᠷ᠄ ︽ᠲᠠ ᠲᠤᠭᠤᠤᠷ ᠰᠢᠭ᠋ ᠡᠬᠢᠯᠡᠪᠡᠯ ᠲᠠᠭᠤᠯᠠᠴᠢᠯᠭᠦᠢ ᠳ᠋ᠠ︾ | ᠭᠡᠵᠦ ᠦᠷᠨᠢᠭᠦᠯᠵᠠᠢ᠃ ᠨᠠᠰᠤᠳᠠᠨ ᠭᠤᠸᠠᠢ ᠮᠦᠩᠭᠦᠨ ᠪᠤᠭᠤᠷᠤᠯ ᠦᠰᠦ ᠪᠠᠨ ᠢᠯᠪᠢᠭᠰᠡᠭᠡᠷ ᠮᠤᠷᠢᠨ | ᠬᠤᠭᠤᠷ ᠢᠶᠠᠷ ᠢᠶᠠᠨ ᠬᠠᠪᠰᠤᠷᠴᠢᠬᠠ ᠭᠡᠰᠡᠨ ᠰᠢᠭ ᠡᠷᠳᠡᠮᠳᠡᠭᠦᠰ ᠵᠦᠭ ᠬᠠᠷᠠᠭᠠᠳ᠄ ︽ᠰᠢᠵᠢᠷ ᠪᠤᠭᠳᠠ ᠶᠢᠨ | ᠰᠢᠯᠢ ᠳᠤ ᠰᠢᠵᠢᠷᠬᠡᠨ ᠭᠤᠷᠭᠤᠤᠯᠳᠠᠢ ᠨᠢ ᠲᠤᠩᠭᠤᠳᠤᠨ᠎ᠠ ᠁︾ ᠭᠡᠵᠦ ᠡᠪᠯᠡᠭᠦᠬᠡᠨ ᠡᠷᠭᠦᠵᠦ ᠬᠠᠩᠭᠢᠨᠠᠳᠠᠯ᠎ᠠ | ᠲᠠᠭᠤᠯᠠᠵᠦ ᠰᠢᠤ᠃ ᠲᠡᠷᠡ ᠰᠢᠩᠭᠡᠭᠡᠯᠳᠡ ᠶᠢᠨ ᠮᠠᠰᠢᠨ ᠢᠶᠠᠨ ᠨᠡᠭᠡᠭᠡᠭᠰᠡᠨ ᠢᠶᠠᠨ ᠬᠤᠭᠤᠷ ᠢᠶᠠᠷ ᠬᠠᠪᠰᠤᠷᠴᠠᠢ᠃ | ᠠᠭᠤᠳᠠᠮ ᠴᠡᠯᠭᠡᠷ ᠲᠠᠯ᠎ᠠ ᠳᠠᠭᠠᠨ ᠴᠡᠴᠡᠭ ᠤᠨ ᠲᠠᠪᠠᠯᠭᠠᠨ ᠬᠠᠯᠢᠭᠤᠷᠠᠬᠤᠶᠠ ᠤᠷᠳᠤ ᠶᠢᠨ ᠲᠠᠭᠤᠤ ᠶᠢᠨ ᠢᠷᠠᠭᠤ | ᠡᠭᠡᠰᠢᠭ ᠢᠶᠠᠷ ᠮᠤᠩᠭᠤᠯ ᠬᠦᠮᠦᠨ ᠤ ᠴᠤᠭ ᠵᠤᠷᠢᠭ ᠪᠠᠳᠠᠷᠠᠨ᠎ᠠ᠂ ᠲᠡᠷᠡ ᠡᠵᠢ ᠠᠴᠠ ᠪᠠᠨ ᠮᠠᠰᠢ ᠤᠯᠠᠨ ᠤᠷᠳᠤ ᠶᠢᠨ | ᠲᠠᠭᠤᠤ ᠰᠢᠩᠭᠡᠭᠡᠨ ᠠᠪᠴᠤ ᠰᠤᠷᠤᠭᠠᠳ ᠤᠷᠤᠭ ᠬᠤᠷᠢᠮ ᠲᠡᠭᠡᠷ᠎ᠡ ᠤᠷᠳᠤ ᠶᠢᠨ ᠲᠠᠭᠤᠤ ᠪᠠᠨ ᠡᠷᠭᠦᠵᠦ᠂ ᠬᠤᠭᠤᠯᠠᠢ | ᠬᠠᠩᠭᠢᠨᠠᠭᠤᠯᠤᠨ ᠶᠠᠪᠤᠬᠤ ᠪᠤᠯᠵᠠᠢ᠃ ᠲᠡᠷᠡ ᠵᠢᠯ ᠲᠡᠭᠦᠨ ᠤ ᠪᠦᠰᠡᠭᠦᠢ ᠬᠤᠷᠢᠨ ᠲᠠᠪᠤ ᠶᠢᠨ ᠰᠡᠭᠦᠳᠡᠷ ᠵᠡᠷᠭᠡᠴᠡᠭᠰᠡᠨ᠂ | ᠪᠠᠷᠰ ᠰᠠᠷ᠎ᠠ ᠶᠢᠨ ᠬᠤᠷᠢᠨ ᠵᠢᠷᠭᠤᠭᠠᠨ ᠳᠤ ᠪᠠᠰᠠ ᠨᠢᠭᠡᠨ ᠬᠦᠪᠡᠭᠦᠨ ᠲᠠᠢ ᠪᠣᠯᠵᠠᠢ᠂ ᠠᠴᠢᠯᠠᠯᠳᠤ ᠡᠮᠡᠭᠡ ᠨᠢ ᠠᠴᠢ | ᠬᠦᠤ ᠶᠢᠨ ᠢᠶᠠᠨ ᠤᠢ ᠤᠬᠠᠭᠠᠨ ᠰᠠᠶᠢᠳᠠᠢ ᠪᠣᠯᠠᠭ ᠶᠢᠨ ᠣᠰᠤᠨ ᠮᠡᠲᠦ ᠠᠷᠢᠭᠤᠨ ᠰᠡᠳᠭᠢᠯ ᠲᠠᠢ ᠡᠷᠳᠡᠮ ᠮᠡᠳᠡᠯᠭᠡ | ᠲᠠᠢ ᠪᠣᠯᠬᠤ ᠶᠢ ᠪᠡᠯᠭᠡᠳᠡᠨ ︽ᠰᠡᠷᠭᠦᠯᠡᠩᠪᠣᠯᠠᠭ︾ ᠭᠡᠳᠡᠭ ᠨᠡᠷ᠎ᠠ ᠬᠠᠶᠢᠷᠠᠯᠠᠵᠤ ᠪᠢᠯᠡ᠃ | ᠲᠡᠯᠭᠡᠷ ᠵᠣᠨ ᠤ ᠴᠡᠴᠡᠭᠳᠦ ᠬᠦᠳᠡᠭᠡ ᠢᠨᠵᠠᠭᠠᠨ ᠵᠦᠰᠦ ᠪᠠᠭᠤᠭᠰᠠᠨ ᠢᠶᠠᠷ ᠪᠡᠯᠴᠢᠭᠡᠷ ᠦᠳᠭᠡᠷᠡᠨ ᠬᠦᠭᠡᠷᠡᠵᠦ᠂ | ᠰᠢᠯᠢ ᠶᠢᠨ ᠪᠡᠯᠴᠢᠭᠡᠷ ᠳᠠᠬᠢ ᠦᠬᠡᠷ ᠤᠳ ᠮᠠᠨᠢᠳᠦ — ᠰᠢᠨᠠᠭᠠᠨ ᠭᠤᠤᠯ ᠵᠦᠭ ᠰᠦᠷᠦᠭ ᠰᠦᠷᠦᠭ ᠢᠶᠠᠷ | ᠴᠤᠪᠤᠬᠤ ᠬᠠᠷᠠᠭᠳᠠᠨ᠎ᠠ᠃ ᠡᠷᠳᠡᠮᠳᠡᠭᠦᠰ᠂ ᠨᠢᠭᠡᠲᠦᠯ ᠤᠨ ᠵᠢᠷᠭᠤᠲᠣᠭᠠᠷ ᠬᠤᠭᠤᠴᠠᠭᠠᠨ ᠤ ᠠᠷᠠᠳ ᠤᠨ | ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠪᠠᠷ ᠰᠤᠩᠭᠤᠭᠳᠠᠨ ᠣᠷᠣᠯᠴᠠᠬᠤ ᠳᠤ ᠣᠤᠯ ᠤᠨ | ᠪᠠᠷᠢᠭᠠᠳᠠ ᠶᠢᠨ ᠳᠠᠷᠤᠭ᠎ᠠ ᠪᠠᠶᠢᠭᠰᠠᠨ ᠯᠠᠮᠵᠠᠪ ᠶᠢ ᠨᠢᠭᠡᠲᠦᠯ ᠤᠨ ᠳᠡᠳ᠋ ᠳᠠᠷᠤᠭ᠎ᠠ ᠪᠠᠷ ᠰᠣᠩᠭᠤᠨ ᠳᠡᠪᠰᠢᠭᠦᠯᠦᠭᠰᠡᠨ | ᠪᠠᠶᠢᠵᠠᠢ᠃ ᠡᠶᠢᠮᠦ ᠠᠴᠠ ᠲᠡᠷᠡ ᠪᠠᠷᠢᠭᠠᠳᠠ ᠶᠢᠨ ᠳᠠᠷᠤᠭ᠎ᠠ ᠪᠠᠷ ᠰᠣᠩᠭᠤᠭᠳᠠᠨ ᠠᠵᠢᠯᠯᠠᠬᠤ ᠪᠤᠯᠵᠦ ᠪᠢᠯᠡ᠂ ᠲᠣᠬᠠᠢ | ᠶᠢᠨ ᠦᠶ᠎ᠡ ᠲᠤᠰ ᠪᠠᠷᠢᠭᠠᠳᠠ ᠨᠢ ᠨᠣᠲᠤᠭ ᠠᠭᠤᠳᠠᠮ᠂ ᠬᠦᠮᠥᠨ ᠠᠮᠠ ᠣᠯᠠᠨ᠂ ᠮᠠᠯ ᠰᠦᠷᠦᠭ ᠵᠣᠵᠠᠭᠠᠨ ᠪᠠᠶᠢᠵᠤ᠂ | ᠪᠦᠬᠦ ᠨᠣᠲᠤᠭ ᠤᠨ ᠢᠶᠠᠨ ᠳᠣᠮᠳᠠ ᠠᠴᠠ ᠣᠷᠣᠭᠰᠢ ᠡᠮᠥᠨ᠎ᠡ ᠲᠠᠯ᠎ᠠ ᠪᠠᠷ ᠢᠶᠠᠨ ᠲᠥᠪᠯᠡᠷᠡᠨ᠂ ᠬᠤᠶᠢᠲᠦ ᠠᠭᠤᠯᠠᠨ | ᠡᠩᠭᠡᠷ ᠠᠴᠠ ᠴᠢᠨᠠᠭᠰᠢ ᠳᠡᠮᠡᠢ ᠭᠠᠷᠳᠠᠭ ᠦᠭᠡᠢ᠂ ᠵᠥᠪᠬᠡᠨ ᠨᠠᠮᠣᠷ ᠤᠨ ᠬᠠᠳᠣᠯᠠᠩ ᠬᠠᠳᠣᠵᠤ ᠣᠷᠣᠭᠤᠯᠳᠠᠭ ᠠᠴᠠ | ᠶᠡᠬᠡᠩᠬᠡᠢ ᠨᠣᠲᠤᠭ ᠢᠶᠠᠨ ᠠᠲᠠᠷᠰᠢᠭᠤᠯᠣᠨ ᠣᠷᠬᠢᠳᠠᠭ ᠪᠠᠶᠢᠵᠠᠢ᠃ ᠲᠡᠷᠡ ᠦᠶ᠎ᠡ ᠬᠠᠮᠲᠦ ᠠᠴᠠ ᠲᠣᠭᠤᠴᠠᠭ᠎ᠠ ᠬᠢᠵᠤ᠂ | ᠭᠡᠰᠢᠭᠦᠨ ᠲᠥᠮᠡᠨ ᠤ ᠣᠷᠣᠯᠭ᠎ᠠ ᠲᠠᠢ ᠬᠤᠯᠪᠣᠭᠳᠠᠬᠤ ᠰᠦᠷᠦᠭ ᠳᠣᠬᠢᠷᠠᠭᠤᠯᠬᠤ᠂ ᠨᠣᠲᠤᠭ ᠰᠠᠭᠤᠴᠠ ᠶᠢ ᠵᠣᠬᠢᠰᠲᠠᠢ | ᠠᠰᠢᠭᠯᠠᠨ ᠡᠵᠡᠮᠰᠢᠬᠦ᠂ ᠠᠷᠠᠳ ᠠᠴᠠ ᠡᠷᠬᠢᠯᠡᠭᠰᠡᠨ ᠪᠠᠭ᠎ᠠ ᠰᠣᠷᠭᠠᠭᠤᠯᠢ ᠲᠠᠢ ᠪᠣᠯᠬᠤᠷ ᠰᠣᠷᠬᠤ ᠨᠠᠰᠣᠨ ᠤ ᠭᠡᠤᠬᠡᠳ | ᠢ ᠰᠣᠷᠣᠯᠴᠠᠭᠤᠯᠬᠤ ᠪᠠ ᠰᠣᠷᠭᠠᠭᠤᠯᠢ ᠶᠢᠨ ᠬᠠᠮᠢᠶᠠᠷᠣᠯᠳᠠ᠂ ᠭᠡᠰᠢᠭᠦᠳ ᠤᠨ ᠠᠰᠢᠭ ᠣᠷᠣᠯᠭ᠎ᠠ ᠬᠤᠪᠢᠶᠠᠷᠢᠯᠠᠬᠤ᠂ | ᠪᠣᠰᠣᠳ ᠪᠠᠷᠢᠭᠠᠳᠠ ᠠᠴᠠ ᠲᠣᠬᠢᠷᠠᠭᠤᠯᠳᠠᠭ ᠦᠢᠯᠡᠳᠪᠦᠷᠢᠯᠡᠯ ᠤᠨ ᠴᠢᠨᠠᠷᠲᠠᠢ ᠠᠵᠢᠯᠯᠠᠭ᠎ᠠ ᠨᠤᠭᠤᠳ ᠵᠡᠷᠭᠡ ᠵᠣᠬᠢᠶᠠᠨ | ᠪᠠᠶᠢᠭᠤᠯᠬᠤ ᠠᠵᠢᠯ ᠲᠠᠢ ᠨᠣᠤᠷᠠᠯᠳᠣᠬᠤ ᠪᠣᠯᠪᠠ᠃ | ᠲᠣᠬᠠᠢ ᠶᠢᠨ ᠦᠶ᠎ᠡ ᠶᠢᠨ ᠨᠣᠲᠤᠭ ᠪᠡᠯᠴᠢᠭᠡᠷ ᠤᠨ ᠡᠵᠡᠮᠰᠢᠬᠦ ᠠᠷᠭ᠎ᠠ ᠭᠡᠪᠡᠯ ᠨᠣᠲᠤᠭ ᠤᠨ ᠲᠣᠮᠳᠠ | ᠭᠡᠰᠡᠭ ᠢᠶᠠᠷ ᠬᠠᠪᠣᠷᠵᠢᠶ᠎ᠠ ᠦᠯᠡᠳᠡᠭᠡᠵᠤ᠂ ᠭᠤᠤᠯ ᠵᠠᠳᠠᠭᠠᠢ ᠲᠠᠢ ᠭᠠᠵᠠᠷ ᠢᠶᠠᠷ ᠵᠣᠰᠠᠵᠤ᠂ ᠴᠥᠯᠡᠷᠡᠬᠦ ᠰᠢᠭ | ᠪᠡᠯᠴᠢᠭᠡᠷ ᠢᠶᠠᠷ ᠬᠦᠷᠴᠦ ᠡᠪᠦᠯᠵᠢᠳᠡᠭ ᠨᠡᠭᠦᠳᠡᠯ ᠮᠠᠯᠵᠢᠯ ᠪᠣᠯᠣᠨ᠎ᠠ᠃ ᠳ᠋ᠠᠵᠠᠢ ᠠᠴᠠ ᠰᠣᠷᠣᠯᠴᠠᠭᠰᠠᠨ ᠢᠶᠠᠷ ᠬᠡᠲᠦᠨ | ᠰᠠᠭᠤᠷᠢ ᠬᠡᠷᠡᠮ ᠬᠠᠰᠢᠶ᠎ᠠ᠂ ᠬᠠᠪᠣᠷᠵᠢᠶ᠎ᠠ ᠪᠠᠷ ᠬᠡᠲᠦᠨ ᠲᠠᠩᠰᠠ ᠰᠢᠪᠠᠷ ᠪᠠᠶᠢᠰᠢᠩ᠂ ᠨᠡᠯᠢᠶᠡᠳ ᠠᠮᠰᠠᠷ ᠬᠤᠳᠲᠤᠭ | ᠠᠴᠠ ᠣᠨᠳᠣᠤ ᠦᠨᠲᠦᠰᠦᠨ ᠪᠦᠲᠦᠭᠡᠨ ᠪᠠᠶᠢᠭᠤᠯᠣᠯᠳᠠ ᠶᠢᠨ ᠵᠥᠢᠯᠳᠡ ᠭᠡᠮᠡᠷ ᠶᠠᠭᠤᠮ᠎ᠠ ᠦᠭᠡᠢ ᠪᠠᠶᠢᠪᠠ᠃ ᠬᠠᠷᠢᠨ | ᠪᠠᠷᠢᠭᠠᠳᠠ ᠶᠢᠨ ᠲᠣᠳᠣᠭᠠᠲᠦ ᠡᠵᠡᠩᠨᠡᠯᠳᠡ ᠨᠡᠯᠢᠶᠡᠳ ᠰᠠᠶᠢᠨ ᠪᠠᠶᠢᠵᠤ᠂ ᠭᠤᠴᠢ ᠳᠥᠴᠢᠨ ᠲᠥᠮᠡᠨ ᠲᠥᠭᠦᠷᠢᠭ ᠤᠨ | ᠬᠤᠷᠠᠮᠳᠣᠯ ᠲᠠᠢ᠂ ᠮᠠᠰᠢᠨ ᠲᠠᠷᠺᠲ᠋ᠤᠷ ᠭᠤᠷᠪᠠᠨ ᠰᠠᠭᠤᠷᠢ᠂ ᠪᠠᠭ᠎ᠠ ᠬᠡᠯᠪᠡᠷᠢ ᠶᠢᠨ ᠡᠪᠡᠰᠦ ᠬᠠᠳᠣᠬᠤ ᠮᠠᠰᠢᠨ | ᠳᠥᠬᠦᠷᠦᠮᠵᠢ ᠲᠠᠢ᠂ ᠭᠤᠷᠪᠠᠨ ᠲᠥᠮᠡ ᠭᠠᠷᠣᠢ ᠲᠣᠯᠣᠭᠠᠢ ᠮᠠᠯ ᠰᠦᠷᠦᠭ ᠲᠠᠢ᠂ ᠳᠠᠪᠠᠭᠤᠯᠣᠭᠰᠠᠨ ᠭᠡᠰᠡᠭ ᠶᠢ | ᠭᠡᠰᠢᠭᠦᠳ ᠲᠤ ᠬᠤᠪᠢᠶᠠᠷᠢᠯᠡᠨ ᠱᠠᠩᠨᠠᠳᠠᠭ ᠪᠠᠶᠢᠭᠰᠠᠨ ᠢᠶᠠᠷ ᠢᠳᠡᠪᠬᠢᠵᠢᠯ ᠰᠠᠶᠢᠳᠠᠢ ᠨᠢᠭᠡᠨ ᠬᠠᠮᠲᠦ ᠶᠢᠨ ᠪᠣᠳᠠᠲᠦ | ᠴᠣᠭᠴᠠ ᠪᠠᠶᠢᠭᠰᠠᠨ ᠶᠣᠮ᠃ ᠭᠡᠰᠢᠭᠦᠨ ᠲᠥᠮᠡᠨ ᠤ ᠨᠠᠶᠢᠳᠠᠯᠭ᠎ᠠ ᠪᠠᠷ ᠬᠦᠯᠢᠶᠡᠭᠰᠡᠨ ᠡᠭᠦᠷᠭᠡ ᠲᠤᠰᠢᠶᠠᠯ ᠨᠢ ᠲᠡᠭᠦᠨ | ᠳᠤ ᠠᠪᠴᠦ ᠬᠡᠯᠡᠪᠡᠯ ᠪᠦᠬᠦ ᠲᠠᠯ᠎ᠠ ᠶᠢ ᠬᠠᠷᠠᠭᠠᠯᠵᠠᠨ᠂ ᠭᠡᠰᠢᠭᠦᠳ ᠤᠨ ᠣᠷᠣᠯᠭ᠎ᠠ ᠶᠢ ᠨᠡᠮᠡᠭᠳᠡᠭᠦᠯᠬᠦ᠂ ᠬᠠᠮᠲᠦ ᠶᠢᠨ | ᠬᠤᠷᠠᠮᠳᠤᠯ ᠶᠢ ᠦᠨᠡᠨᠬᠦ ᠮᠠᠯᠴᠢᠨ ᠲᠥᠮᠡᠨ ᠤ ᠠᠰᠢᠭ ᠳᠣᠰᠠ ᠬᠢᠭᠡᠳ ᠲᠠᠬᠢᠨ ᠦᠢᠯᠡᠳᠪᠦᠷᠢᠯᠡᠯ ᠳᠤ ᠬᠡᠷᠡᠭᠯᠡᠬᠦ ᠪᠣᠯ | ᠲᠡᠭᠦᠨ ᠤ ᠶᠡᠷᠦᠩᠬᠡᠢ ᠪᠣᠳᠣᠯᠬᠢᠯᠠᠯ ᠪᠠ ᠬᠢᠳᠡᠯ ᠪᠣᠯᠵᠤ ᠪᠠᠶᠢᠪᠠ᠃ ᠲᠠᠭᠠᠭᠠᠴᠢᠯᠠᠭᠰᠠᠨ ᠰᠦᠷᠦᠭ ᠢᠶᠠᠨ ᠬᠠᠷᠢᠭᠤᠯᠬᠤ | ᠪᠠ ᠪᠠᠷᠢᠭᠠᠳᠠ ᠶᠢᠨ ᠲᠠᠷᠤᠭ᠎ᠠ ᠶᠢᠨ ᠠᠵᠢᠯ ᠢ ᠬᠠᠷᠢᠭᠤᠴᠠᠬᠤ ᠨᠢ ᠡᠷᠳᠡᠮᠳᠡᠭᠦᠰ ᠲᠤ ᠬᠢᠭᠡᠳ ᠪᠠᠷᠠᠰᠢ ᠦᠭᠡᠢ ᠶᠠᠪᠤᠳᠠᠯ | ᠤᠯᠠᠳᠠᠵᠠᠢ᠃ | ᠬᠠᠷ᠎ᠠ ᠨᠤᠬᠠᠢ ᠵᠢᠯ᠂ ᠬᠤᠷ᠎ᠠ ᠪᠣᠷᠣᠭᠠᠨ ᠲᠡᠭᠰᠢ ᠮᠠᠯ ᠰᠦᠷᠦᠭ ᠥᠨᠢᠷ ᠥᠰᠥᠭᠰᠡᠨ ᠢᠶᠠᠷ ᠵᠣᠨ ᠨᠢ ᠰᠢᠯᠢ | ᠶᠢᠨ ᠭᠤᠤᠯ ᠠᠶᠢᠮᠠᠭ ᠶᠡᠭᠡ ᠨᠠᠶᠢᠷ ᠢᠶᠠᠨ ᠪᠤᠯᠠᠭᠠᠨ ᠠᠭᠤᠯᠠ ᠶᠢᠨ ᠵᠡᠭᠦᠨ ᠡᠮᠥᠨ᠎ᠠ ᠡᠩᠭᠡᠷ ᠲᠤ ᠬᠢᠭᠰᠡᠨ᠂ ᠠᠬᠠᠮᠠᠳ | ᠱᠦᠵᠢ ᠲᠠᠢ ᠪᠠᠨ ᠵᠥᠪᠳᠡᠯᠴᠡᠨ ᠮᠠᠯᠴᠢᠨ ᠲᠥᠮᠡᠨ ᠢᠶᠠᠨ ᠰᠠᠶᠢᠳᠣᠷ ᠨᠠᠶᠢᠷ ᠰᠣᠨᠢᠷᠬᠠᠭᠤᠯᠬᠤ ᠶᠢᠨ ᠲᠣᠰᠠᠳᠠ ᠭᠤᠷᠪᠠᠨ | ᠮᠣᠩᠭᠤᠯ ᠭᠡᠷ ᠪᠠᠷᠢᠬᠤ᠂ ︽ᠴᠢᠯᠣᠭᠡᠯᠡᠬᠦ ᠲᠡᠮᠳᠡᠭᠲᠦ︾ ᠠᠴᠢᠶᠠᠨ ᠤ ᠮᠠᠰᠢᠨ ᠢᠶᠠᠷ ᠨᠠᠶᠢᠷᠴᠢᠳ ᠢ ᠡᠭᠡᠯᠵᠢᠯᠡᠨ | ᠵᠥᠭᠡᠪᠦᠷᠢᠯᠡᠬᠦ ᠲᠣᠬᠠᠢ ᠨᠠᠷᠢᠨ ᠪᠠᠶᠢᠷᠢᠯᠠᠭᠤᠯᠣᠭᠰᠠᠨ ᠢᠶᠠᠷ ᠮᠠᠯᠴᠢᠳ ᠶᠡᠭᠡ ᠰᠡᠳᠭᠢᠯ ᠬᠠᠨᠣᠮᠵᠢᠲᠠᠢ ᠪᠠᠶᠢᠭᠰᠠᠨ ᠳ᠋ᠠᠭ᠂ | ᠡᠨᠡ ᠣᠳᠠᠭᠠᠨ ᠤ 1024 ᠪᠦᠬᠡ ᠲᠠᠢ ᠲᠣᠮᠥ ᠨᠠᠶᠢᠷ ᠲᠤ ᠲᠤᠰ ᠪᠠᠷᠢᠭᠠᠳᠠ ᠶᠢᠨ ᠮᠠᠯᠴᠢᠨ ᠮᠢᠩᠭᠠᠨ ᠤ ᠭᠧᠨᠳᠤᠨ | ᠳᠥᠲᠡᠭᠡᠷᠯᠡᠵᠤ᠂ ᠬᠦᠨᠲᠦ ᠱᠠᠩ ᠭᠦᠷᠲᠡᠭᠰᠡᠨ ᠶᠣᠮ᠂ ᠨᠠᠶᠢᠷ ᠤᠨ ᠲᠠᠷᠠᠭ᠎ᠠ᠂ ᠡᠷᠳᠡᠮᠳᠡᠭᠦᠰ ᠭᠤᠸᠠᠢ ᠦᠯᠡᠳᠡᠵᠤ᠂ ︽ | ᠵᠢᠷᠭᠠᠯ︾ ᠲᠡᠮᠳᠡᠭᠲᠦ 250 ᠣᠯᠠᠭᠠᠨ ᠥᠩᠭᠡᠳᠠᠢ ᠭᠠᠯᠳᠦ ᠪᠣᠯᠣ ᠠᠪᠣᠭᠰᠠᠨ ᠨᠢ ᠲᠠᠶᠠᠭᠠᠷ ᠤᠨ ᠰᠣᠨᠢᠷᠬᠠᠯ ᠶᠢ | ᠲᠠᠳᠠᠭᠰᠠᠨ ᠮᠠᠰᠢᠨ ᠲᠧᠭᠨᠢᠭ ᠣᠳᠣᠬᠢᠴᠢᠯᠠᠯ ᠤᠨ ᠪᠡᠯᠭᠡ ᠲᠡᠮᠳᠡᠭ ᠢᠶᠠᠷ ᠦᠵᠡᠭᠳᠡᠭᠰᠡᠨ ᠬᠤᠪᠢᠯᠭᠠᠨ ᠬᠥᠯᠦᠭ ᠪᠣᠯᠵᠠᠢ᠃ | ᠣᠰᠣᠯᠠᠵᠤ ᠡᠪᠡᠰᠦᠯᠡᠬᠦ ᠶᠠᠪᠣᠳᠠᠯ ᠦᠭᠡᠢ᠂ ᠣᠯᠠᠭ᠎ᠠ ᠶᠠᠪᠣᠯᠭᠠᠨ ᠳᠤ ᠬᠤᠷᠳᠦᠨ᠂ ᠡᠳ᠋ᠯᠡᠬᠦ ᠳᠤ ᠳᠥᠭᠦᠮ ᠦᠵᠡᠬᠦ | ᠳᠤ ᠰᠠᠶᠢᠬᠠᠨ ᠭᠡᠵᠤ ᠱᠠᠭᠰᠢᠭᠳᠠᠪᠠ᠃ | ᠲᠤᠯᠭ᠎ᠠ ᠶᠢᠨ ᠮᠦᠩᠭᠡ ᠭᠠᠯ ᠳᠠᠭᠠᠨ ᠮᠠᠨᠳᠤᠬᠤ ᠰᠤᠷ ᠤᠨ ᠲᠦᠯᠦ ᠲᠠᠢ | ᠲᠤᠭᠤᠭᠠᠳᠤ ᠰᠢᠨᠠᠭᠠᠨ ᠤ ᠤᠷᠤᠰᠬᠠᠯ ᠳᠠᠭᠠᠨ ᠠᠯᠳᠠᠷᠯᠠᠬᠤ ᠤᠶᠠᠩᠭ᠎ᠠ ᠶᠢᠨ ᠨᠤᠲ ᠲᠠᠢ | ᠲᠠᠯᠠᠢ ᠰᠢᠷᠡᠭᠡ ᠪᠠᠷ ᠦᠷᠦᠭᠳᠡᠭᠰᠡᠨ ᠪᠠᠶᠠᠨ ᠰᠦᠷᠦᠭ ᠤᠨ ᠪᠢᠯᠬᠠᠭ᠎ᠠ ᠲᠠᠢ | ᠲᠠᠶᠢᠴᠢᠨ ᠰᠦᠷᠯᠢᠭ ᠤᠪᠤᠭᠠᠨ ᠳᠠᠭᠠᠨ ᠡᠩᠭᠡ ᠠᠮᠤᠭᠤᠯᠠᠩ ᠤᠨ ᠴᠤᠤᠷᠠᠢ ᠲᠠᠢ | — ︽ᠪᠠᠳᠠᠷᠠᠬᠤ ᠨᠤᠲᠤᠭ ᠤᠨ ᠤᠶᠠᠩᠭ᠎ᠠ︾ ᠭᠡᠬᠦ ᠨᠠᠶᠢᠷᠠᠭ ᠠᠴᠠ | ᠲᠠᠪᠤ᠂ ᠬᠤᠤᠰ ᠲᠠᠭᠠᠭᠠᠴᠢᠯᠠᠯᠳᠠ ᠶᠢᠨ ᠲᠦᠷᠢᠮ ᠢ ᠬᠡᠷᠡᠭᠵᠢᠭᠦᠯᠦᠭᠰᠡᠨ ᠨᠢ | ᠠᠷᠠᠳ ᠢᠶᠠᠨ ᠪᠠᠶᠠᠵᠢᠭᠤᠯᠬᠤ ᠬᠠᠪᠣᠷ ᠤᠨ ᠬᠤᠷ᠎ᠠ | ᠠᠯᠲᠠᠨ ᠬᠢᠯᠢ ᠪᠠᠷ ᠵᠥᠰᠡᠷᠡᠨᠡ ᠂ | ᠠᠷᠢᠭᠤᠨᠡᠴᠡ ᠠᠷᠢᠭᠤᠨ ᠭᠦᠷᠳᠡᠭᠡᠯ ᠲᠠᠢ | ᠠᠵᠠ ᠶᠢᠨ ᠵᠢᠷᠭᠠᠯᠡᠩᠳᠦ ᠡᠬᠡ ᠣᠷᠣᠨ ᠮᠢᠨᠢ | — ︽ᠨᠠᠮ ᠤᠨ ᠠᠯᠳᠠᠷ︾ ᠭᠡᠬᠦ ᠨᠠᠶᠢᠷᠠᠭ ᠠᠴᠠ | ᠬᠠᠷᠠᠭᠴᠢᠨ ᠭᠠᠭ᠋ᠠᠢ ᠵᠢᠯ ᠪᠣᠯ ᠲᠠᠯ᠎ᠠ ᠨᠣᠲᠤᠭ ᠲᠤ ᠬᠠᠪᠣᠷ ᠤᠨ ᠬᠤᠷ᠎ᠠ ᠪᠠᠭᠤᠵᠤ᠂ ︽ᠮᠠᠩᠵᠠᠨ ᠲᠣᠭᠤᠭ᠎ᠠ | ᠠᠴᠠ ᠪᠣᠳᠠᠭ᠎ᠠ ᠢᠳᠡᠬᠦ︾ ᠶᠠᠪᠣᠳᠠᠯ ᠢ ᠡᠴᠦᠰᠯᠡᠭᠦᠯᠦᠨ᠂ ᠶᠡᠭᠡ ᠲᠠᠭᠠᠭᠠᠴᠢᠯᠠᠯᠳᠠ ᠶᠢ ᠬᠡᠷᠡᠭᠵᠢᠭᠦᠯᠦᠭᠰᠡᠨ ᠣᠨᠴᠠᠭᠠᠢ | ᠣᠨ ᠵᠢᠯ ᠪᠣᠯᠬᠤ ᠶᠣᠮ᠃ ᠡᠨᠡ ᠨᠢ ᠲᠠᠷᠣᠢ ᠬᠠᠮᠲᠦ ᠨᠡᠶᠢᠳᠠ ᠶᠢᠨ ᠮᠠᠯ ᠰᠦᠷᠦᠭ ᠪᠤᠯᠤᠨ ᠨᠤᠲᠤᠭ ᠪᠡᠯᠴᠢᠭᠡᠷ ᠢ | ᠮᠠᠯᠴᠢᠳ ᠲᠤ ᠬᠤᠪᠢᠶᠠᠨ ᠥᠭᠭᠦᠭᠰᠡᠨ ᠢᠶᠠᠷ ᠦᠨᠳᠦᠰᠦᠨ ᠣᠯᠠᠨ ᠲᠥᠮᠡᠨ ᠶᠡᠭᠡ ᠠᠰᠢᠭ ᠭᠦᠷᠳᠡᠭᠰᠡᠨ ᠪᠠᠶᠢᠭ᠎ᠠ ᠶᠤᠮ᠃ | ᠶᠡᠭᠡ ᠲᠠᠭᠠᠭᠠᠴᠢᠯᠠᠯᠳᠠ ᠨᠢ ᠬᠦᠳᠡᠭᠡ ᠠᠵᠦ ᠠᠬᠤᠢ ᠳᠤ ᠦᠨᠳᠦᠰᠦᠨ ᠬᠤᠪᠢᠷᠠᠯᠳᠠ ᠭᠠᠷᠭᠠᠭᠰᠠᠨ ᠲᠤᠮᠤᠬᠠᠨ | ᠦᠭᠡᠷᠡᠴᠢᠯᠡᠯᠳᠡ ᠪᠤᠯᠤᠯ᠎ᠠ᠃ ᠮᠠᠯᠴᠢᠨ ᠠᠶᠢᠯ ᠡᠷᠦᠬᠡ ᠪᠦᠬᠦᠨ ᠬᠤᠪᠢᠨ ᠤ ᠭᠡᠬᠦ ᠠᠴᠠ ᠮᠠᠯ ᠰᠦᠷᠦᠭ ᠲᠠᠢ᠂ ᠦᠪᠡᠷ | ᠤᠨ ᠡᠵᠡᠮᠰᠢᠯ ᠭᠡᠬᠦ ᠠᠴᠠ ᠨᠤᠲᠤᠭ ᠪᠡᠯᠴᠢᠭᠡᠷ ᠲᠠᠢ ᠪᠤᠯᠵᠦ᠂ ᠶᠤᠰᠤᠳᠠᠢ ᠪᠡᠶ᠎ᠡ ᠪᠠᠨ ᠲᠠᠭᠠᠭᠠᠭᠰᠠᠨ ᠴᠢᠯᠦᠭᠡᠳᠦ | ᠶᠢᠷᠳᠢᠨᠴᠤ ᠳᠤ ᠤᠷᠤᠭᠰᠠᠨ ᠢᠶᠠᠷ ᠮᠠᠩᠨᠠᠢ ᠲᠡᠨᠠᠶᠢᠨ ᠪᠠᠶᠠᠷᠯᠠᠨ᠎ᠠ᠃ | ᠪᠠᠷᠢᠭᠠᠳᠠ ᠨᠢ ᠬᠤᠶᠠᠷ ᠲᠥᠮᠡ ᠭᠠᠷᠣᠢ ᠪᠣᠳᠠ ᠪᠣᠭ ᠮᠠᠯ ᠶᠢ 74 ᠡᠷᠦᠬᠡ ᠳᠤ ᠬᠥᠮᠦᠨ ᠠᠮᠠ ᠶᠢᠨ ᠣᠯᠠᠨ | ᠴᠥᠭᠡᠨ ᠤ ᠪᠠᠶᠢᠳᠠᠯ ᠢᠶᠠᠷ ᠭᠤᠷᠪᠠᠨ ᠳᠡᠰ ᠬᠤᠪᠢᠶᠠᠨ ᠣᠨᠣᠭᠳᠠᠭᠤᠯᠣᠨ ᠲᠤᠭᠠᠴᠠᠯᠠᠵᠠᠢ᠃ ᠳᠣᠬᠠᠢ ᠶᠢᠨ ᠦᠶ᠎ᠡ᠂ | ᠡᠷᠳᠡᠮᠳᠡᠭᠦᠰ ᠤᠨ ᠬᠢ 6 ᠬᠦᠮᠥᠨ ᠠᠮᠠ ᠲᠠᠢ᠂ ᠬᠤᠶᠠᠷ ᠵᠠᠭᠤ ᠳᠠᠯ᠎ᠠ ᠰᠢᠬᠠᠮ ᠪᠣᠳᠠ ᠪᠣᠭ ᠮᠠᠯ ᠢ ᠬᠤᠪᠢᠶᠠᠨ | ᠤᠯᠵᠦ᠂ ᠮᠠᠨᠢᠲᠦ ᠶᠢᠨ ᠭᠤᠤᠯ ᠠᠴᠠ ᠵᠡᠭᠦᠨᠰᠢ ᠨᠣᠲᠣᠭᠯᠠᠨ ᠪᠠᠶᠢᠯ᠎ᠠ᠂ ᠮᠠᠯ ᠰᠦᠷᠦᠭ ᠬᠤᠪᠢᠶᠠᠭᠰᠠᠨ ᠤ ᠵᠤᠨ ᠨᠢ | ᠪᠠᠶᠠᠨ ᠵᠣᠰᠠᠯᠠᠩ ᠬᠡᠮᠡᠬᠦ ᠭᠠᠵᠠᠷ ᠤᠨ ᠨᠢᠭᠡᠨ ᠡᠩᠭᠡᠷ ᠨᠦᠮᠦᠷᠢ ᠶᠢᠨ ᠬᠡᠳᠦᠨ ᠳᠡᠷᠡᠰᠦᠲᠠᠢ ᠪᠣᠳᠠᠨ ᠳᠤ 270 | ᠺᠦᠸᠠᠲ ᠮᠧᠲᠷ ᠤᠨ ᠪᠠᠭᠳᠠᠭᠠᠮᠵᠢᠲᠠᠢ ᠮᠠᠯ ᠤᠨ ᠫᠧᠩ ᠬᠤᠷᠤᠭ᠎ᠠ ᠶᠢ ᠥᠪᠡᠷᠳᠡᠭᠡᠨ ᠴᠢᠯᠠᠭᠤ ᠭᠠᠷᠭᠠᠨ᠂ ᠠᠬ᠎ᠠ ᠲᠠᠢ | ᠪᠠᠨ ᠬᠠᠮᠵᠢᠯᠴᠢᠨ ᠪᠣᠰᠬᠠᠭᠰᠠᠨ ᠶᠣᠮ᠂ ᠢᠩᠭᠢᠭᠡᠳ ᠥᠪᠡᠷ ᠤᠨ ᠠᠳᠠᠯ ᠦᠢᠯᠡᠰ ᠢᠶᠠᠨ ᠥᠪᠡᠷᠲᠡᠭᠡᠨ ᠡᠷᠬᠢᠯᠡᠬᠦ | ᠠᠩᠬᠠᠨ ᠤ ᠡᠬᠢᠯᠡᠯᠳᠡ ᠪᠠᠨ ᠠᠯᠬᠤᠭᠰᠠᠨ ᠪᠠᠶᠢᠪᠠ᠃ | ᠨᠠᠮᠣᠷ ᠤᠨ ᠮᠠᠯ ᠬᠤᠳᠠᠯᠳᠤᠭᠠᠨ ᠤ ᠦᠶ᠎ᠡ ᠳᠤ᠂ ᠨᠢᠭᠡᠳᠦᠯ ᠤᠨ ᠲᠦᠪ ᠵᠦᠭ ᠦᠬᠡᠷ ᠬᠤᠨᠢᠳ ᠢ ᠪᠦᠬᠡᠮ | ᠪᠦᠭᠡᠮ ᠢᠶᠠᠷ ᠬᠦᠭᠡᠭᠡᠵᠦ᠂ ᠠᠷᠠᠯᠵᠢᠶᠠᠨ ᠤ ᠭᠠᠵᠠᠷ ᠦᠨ᠎ᠡ ᠬᠠᠩᠰᠢ ᠬᠡᠯᠡᠯᠴᠡᠨ ᠦᠭᠭᠦᠭᠰᠡᠨ ᠢᠶᠠᠷ ᠮᠠᠯᠴᠢᠳ ᠠᠳᠬᠤ | ᠠᠳᠬᠤ ᠪᠠᠷ ᠵᠤᠭᠤᠰ ᠰᠠᠪᠠᠯᠠᠨ᠂ ︽ᠮᠠᠩᠵᠠᠨ ᠲᠤᠭᠤᠭ᠎ᠠ︾ ᠶᠢ ᠪᠤᠳᠤᠪᠠᠯ ᠤᠷᠤᠯᠭ᠎ᠠ ᠶᠢᠨ ᠵᠦᠷᠢᠶ᠎ᠡ ᠠᠳᠠᠯᠢᠳᠬᠠᠰᠢ | ᠦᠭᠡᠢ ᠪᠠᠶᠢᠵᠦ᠂ ᠦᠨᠡᠬᠡᠷ ᠮᠠᠯᠴᠢᠳ ᠪᠦᠬᠦᠨ ᠪᠠᠶᠠᠨ ᠲᠠᠷᠭᠤᠨ ᠠᠮᠢᠳᠤᠷᠠᠯ ᠤᠨ ᠬᠠᠷᠭᠤᠢ ᠶᠢ ᠠᠯᠬᠤᠵᠦ᠂ ᠲᠡᠭᠡᠭᠦᠷ | ᠬᠠᠷᠠᠭ᠎ᠠ ᠲᠠᠢ ᠲᠦᠪᠡᠯᠵᠢᠨ ᠠᠯᠬᠤᠭ᠎ᠠ ᠲᠠᠢ ᠪᠤᠯᠤᠭᠰᠠᠨ ᠬᠠᠷᠠᠭᠳᠠᠨ᠎ᠡ᠃ ᠡᠷᠳᠡᠮᠳᠡᠭᠦᠰ ᠴᠤ ᠡᠭᠦᠨ ᠤ ᠲᠤᠮᠳᠠᠬᠢ | ᠨᠢᠭᠡᠨ ᠪᠠᠶᠢᠯ᠎ᠠ᠃ ᠭᠠᠷ ᠳᠡᠭᠡᠷ᠎ᠠ ᠵᠠᠷᠣᠬᠤ ᠵᠣᠭᠤᠰ ᠲᠠᠢ ᠪᠣᠯᠣᠭᠰᠠᠨ ᠢᠶᠠᠨ ᠭᠡᠷ ᠪᠦᠯᠢ ᠶᠢᠨ ᠬᠡᠷᠡᠭᠰᠡᠯ ᠪᠣᠯᠬᠤ | ᠨᠠᠷᠠᠨ ᠤ ᠡᠨᠧᠷᠭᠢ ᠶᠢᠨ ᠵᠢᠵᠢᠭ ᠳ᠋ᠧᠩ ᠠᠪᠴᠦ᠂ ᠭᠡᠷᠡᠯᠳᠦᠭᠦᠯᠭᠡ ᠢᠶᠠᠨ ᠪᠣᠯᠭᠠᠭᠰᠠᠨ ᠨᠢ ᠣᠢᠢᠷ᠎ᠠ ᠵᠡᠷᠭᠡᠯᠨᠳᠡᠭᠡ ᠳᠡᠭᠡᠨ | ᠪᠠᠭ᠋ᠠᠷᠣᠭᠳᠠᠵᠤ᠂ ᠮᠣᠩᠭᠤᠯ ᠭᠡᠷ ᠪᠣᠯᠪᠠᠴᠦ ᠬᠤᠳᠠ ᠶᠢᠨ ᠠᠶᠢᠯ ᠰᠢᠭ᠋ ᠰᠠᠷᠠᠭᠤᠯᠬᠠᠨ ᠰᠠᠭᠤᠬᠤ ᠪᠣᠯᠵᠠᠢ ᠭᠡᠵᠤ | ᠬᠡᠯᠡᠯᠴᠡᠭᠦᠯᠬᠦ ᠪᠣᠯᠪᠠ᠃ ᠡᠨᠡᠬᠦ ᠵᠢᠵᠢᠭ ᠭᠡᠷᠡᠯᠲᠦᠭᠦᠯᠭᠡ ᠪᠣᠯ ᠡᠪᠬᠡᠵᠦ ᠬᠤᠷᠢᠶᠠᠬᠤ ᠳᠤ ᠳᠥᠭᠦᠮ᠂ ᠡᠳᠦᠷ ᠲᠡᠭᠡᠨ | ᠨᠠᠷᠠᠨ ᠤ ᠡᠨᠧᠷᠭᠢ ᠢᠶᠠᠷ ᠴᠡᠨᠡᠭᠯᠡᠵᠤ᠂ ᠣᠷᠣᠢ ᠳᠠᠭᠠᠨ ᠠᠪᠣᠨ ᠬᠡᠷᠡᠭᠯᠡᠴᠢᠳᠡᠭ ᠥᠷᠲᠡᠭ ᠳᠣᠤᠷ᠎ᠠ ᠬᠡᠷᠡᠭᠴᠡᠭᠡ ᠪᠠᠷ | ᠥᠷᠭᠡᠨ ᠡᠳ᠋ ᠪᠠᠶᠢᠭ᠎ᠠ ᠭᠡᠯᠳᠡᠢ᠃ ᠰᠥᠨᠢ ᠶᠢᠨ ᠭᠡᠷᠡᠯᠲᠦᠭᠦᠯᠭᠡ ᠶᠢ ᠬᠠᠩᠭᠠᠵᠤ᠂ ᠰᠢᠩᠭᠡᠭᠦᠷ ᠷᠠᠳᠢᠤ᠋ ᠪᠠᠨ | ᠰᠣᠨᠣᠰᠴᠢᠳᠠᠭ ᠪᠣᠯᠬᠤᠷ ᠮᠠᠯᠴᠢᠳ ᠤᠨ ᠰᠣᠨᠢᠷᠬᠠᠯ ᠳᠤ ᠶᠡᠬᠡᠳᠡ ᠲᠠᠭᠠᠯᠠᠭᠳᠠᠵᠠᠢ᠃ ᠬᠡᠳᠦᠶᠢᠪᠡᠷ ᠢᠯᠠᠭᠤᠮ ᠦᠭᠡᠢ | ᠵᠢᠵᠢᠭ ᠶᠠᠪᠤᠳᠠᠯ ᠪᠤᠯᠪᠠᠴᠤ ᠪᠦᠷᠦᠢ ᠬᠠᠷᠠᠩᠭᠤᠢ ᠳᠤ ᠲᠤᠰᠤᠨ ᠲᠠᠩᠬᠤ ᠳᠤ ᠳ᠋ᠧᠩ ᠪᠠᠷᠢᠳᠠᠭ ᠴᠠᠭ ᠦᠶ᠎ᠡ ᠶᠢ | ᠡᠴᠦᠰᠯᠡᠭᠦᠯᠪᠡ᠂ ᠰᠢᠨ᠎ᠡ ᠮᠠᠶ᠋ᠢᠭ ᠤᠨ ᠭᠡᠷ ᠪᠦᠯᠢ ᠶᠢᠨ ᠴᠠᠬᠢᠯᠭᠠᠨ ᠬᠡᠷᠡᠭᠯᠡᠬᠦ ᠪᠤᠯᠤᠭᠰᠠᠨ ᠨᠢ ᠰᠢᠨ᠎ᠡ ᠠᠮᠢᠳᠤᠷᠠᠯ ᠤᠨ | ᠡᠬᠢᠯᠡᠯᠳᠡ ᠶᠢᠨ ᠪᠡᠯᠭᠡ ᠲᠡᠮᠳᠡᠭ ᠭᠡᠵᠦ ᠦᠵᠡᠬᠦ ᠲᠡᠭᠡᠨ ᠲᠠᠭᠠᠷᠠᠨ᠎ᠠ᠃ | ᠭᠥᠬᠡ ᠬᠤᠯᠣᠭᠠᠨ᠎ᠠ ᠵᠢᠯ ᠤᠨ ᠬᠠᠪᠣᠷ ᠪᠣᠯ ᠬᠤᠪᠢᠨ ᠤ ᠳᠥᠷᠪᠡᠨ ᠬᠤᠰᠢᠭᠤ ᠮᠠᠯ ᠤᠨ ᠢᠶᠠᠨ ᠲᠥᠯ | ᠳᠤᠰᠣᠭᠰᠠᠨ ᠠᠩᠬᠠᠨ ᠤ ᠵᠢᠯ ᠪᠣᠯᠬᠤ ᠶᠣᠮ᠃ ᠡᠳᠡᠨᠡᠶᠢᠬᠢᠨ ᠰᠢᠨ᠎ᠡ ᠪᠠᠶᠢᠭᠤᠯᠣᠭᠰᠠᠨ ᠫᠧᠩ ᠬᠤᠷᠤᠭ᠎ᠠ ᠲᠠᠢ | ᠬᠠᠪᠣᠷᠵᠢᠶᠠᠨ ᠳᠠᠭᠠᠨ ᠪᠠᠭᠤᠭᠰᠠᠨ᠂ ᠲᠡᠭᠡᠬᠦ ᠳᠤ ᠮᠠᠯ ᠣᠰᠣᠯᠠᠬᠤ ᠬᠤᠳᠳᠤᠭ ᠭᠡᠵᠤ ᠦᠭᠡᠢ᠂ ᠡᠶᠢᠮᠥ ᠪᠠᠷ | ᠡᠷᠳᠡᠮᠳᠡᠭᠦᠰ ᠠᠬ᠎ᠠ ᠲᠠᠢ ᠪᠠᠨ ᠬᠡᠳᠦᠭᠦᠯᠡ ᠨᠢᠭᠡᠨ ᠨᠠᠮ ᠡᠩᠭᠡᠷ ᠭᠠᠵᠠᠷ ᠲᠤ ᠬᠤᠳᠳᠤᠭ ᠠᠮᠰᠠᠷᠯᠠᠨ ᠮᠠᠯᠳᠠᠵᠤ᠂ | ᠭᠤᠷᠪᠠᠨ ᠮᠧᠲᠷ ᠤᠨ ᠭᠦᠨ᠂ ᠬᠠᠳᠠᠨ ᠬᠠᠰᠢᠶᠠᠷᠠᠭᠠ ᠲᠠᠢ ᠠᠭᠤᠳᠠᠮ ᠬᠡᠪᠡᠯᠢ ᠲᠠᠢ ᠣᠰᠣ ᠰᠠᠶᠢᠲᠠᠢ ᠬᠤᠳᠳᠤᠭ | ᠮᠠᠯᠳᠠᠵᠦ᠂ ᠬᠦᠮᠥᠨ ᠮᠠᠯ ᠤᠨ ᠣᠰᠣᠨ ᠤ ᠠᠰᠠᠭᠤᠳᠠᠯ ᠢ ᠰᠡᠢᠳᠪᠦᠷᠢᠯᠡᠵᠠᠢ᠃ ᠵᠣᠨ ᠨᠢ ᠨᠣᠲᠤᠭ ᠪᠡᠯᠴᠢᠭᠡᠷ ᠶᠢ | ᠭᠡᠰᠢᠭᠦᠳ ᠲᠤ ᠬᠤᠪᠢᠳᠠᠨ ᠳᠠᠭᠠᠭᠠᠯᠭᠠᠬᠤ ᠠᠩᠬᠠᠨ ᠤ ᠳᠥᠰᠥᠪ ᠢ ᠭᠠᠷᠭᠠᠵᠤ᠂ ᠭᠡᠰᠡᠭ ᠠᠶᠢᠯ ᠡᠷᠦᠬᠡ ᠶᠢ ᠨᠡᠭᠦᠯᠭᠡᠨ | ᠰᠢᠯᠵᠢᠭᠦᠯᠵᠤ ᠳᠡᠭᠰᠢᠯᠡᠬᠦ ᠳᠤ᠂ ᠲᠡᠷᠡ ᠳᠡᠭᠦᠤ ᠳᠡᠭᠡᠨ ᠣᠤᠯ ᠪᠦᠲᠦᠭᠡᠨ ᠪᠠᠶᠢᠭᠤᠯᠣᠯᠳᠠ ᠲᠠᠢ ᠨᠣᠲᠤᠭ ᠢᠶᠠᠨ | ᠦᠯᠡᠳᠡᠭᠡᠵᠤ᠂ ᠠᠬ᠎ᠠ ᠲᠠᠢ ᠪᠠᠨ ︽ᠲᠣᠭᠤᠭᠠᠲᠦ︾ ᠭᠡᠳᠡᠭ ᠭᠠᠵᠠᠷ ᠨᠣᠲᠤᠭ ᠬᠤᠪᠢᠳᠡᠨ ᠠᠪᠴᠦ ᠰᠠᠭᠤᠷᠢᠰᠢᠬᠤ ᠪᠠᠷ | ᠪᠣᠯᠵᠠᠢ᠂ ᠨᠠᠮᠣᠷ ᠨᠢ ᠬᠤᠶᠠᠷ ᠭᠡᠷ ᠢᠶᠠᠷ ᠢᠶᠠᠨ ᠡᠪᠯᠡᠵᠤ ᠪᠠᠶᠢᠭᠠᠳ ᠪᠠᠷᠢᠭᠠᠳᠠ ᠳᠠᠭᠠᠨ ᠬᠠᠮᠤᠭ ᠠᠩᠬᠠᠨ ᠤ ᠭᠤᠷᠪᠠᠨ | ᠵᠠᠩ ᠰᠠᠭᠤᠷᠢᠰᠢᠯ ᠶᠢ ᠪᠣᠰᠬᠠᠭᠰᠠᠨ ᠪᠠᠶᠢᠯ᠎ᠠ᠂ ᠰᠢᠨᠠᠭᠠᠨ — ᠮᠠᠨᠢᠲᠦ ᠬᠤᠶᠠᠷ ᠭᠤᠤᠯ ᠤᠨ ᠣᠷᠣᠰᠬᠠᠯ ᠳᠣᠮᠳᠠ | ᠪᠠᠶᠢᠷᠢᠰᠢᠭᠰᠠᠨ ᠠᠯᠣᠰ ᠤᠨ ᠬᠠᠷᠠᠭ᠎ᠠ ᠲᠠᠢ ᠡᠨᠡᠬᠦ ᠲᠣᠭᠤᠭᠠᠲᠦ ᠨᠣᠲᠤᠭ ᠨᠢ ᠲᠡᠭᠦᠨ ᠤ ᠦᠶ᠎ᠡ ᠣᠯᠠᠷᠢᠬᠤ ᠥᠨᠢᠳᠡ | ᠶᠢᠨ ᠠᠯᠳᠠᠨ ᠬᠥᠷᠥᠰᠦ ᠪᠤᠯᠵᠦ᠂ ᠦᠷᠡᠵᠢᠯᠲᠦ ᠰᠦᠷᠦᠭ ᠢᠶᠠᠨ ᠥᠰᠭᠡᠬᠦ ᠥᠷᠭᠡᠨ ᠠᠭᠤᠳᠠᠮ ᠪᠡᠯᠴᠢᠭᠡᠷ ᠨᠢ ᠪᠣᠯᠵᠤ | ᠪᠢᠯᠡ᠃ ᠲᠡᠷᠡ ᠨᠠᠮᠣᠷ ᠠᠩᠬ᠎ᠠ ᠣᠳᠠᠭ᠎ᠠ ᠮᠠᠯ ᠢᠶᠠᠨ ᠠᠷᠠᠯᠵᠢᠶᠠᠨ ᠳᠤ ᠬᠤᠳᠠᠯᠳᠤᠭᠠᠳ ᠨᠠᠢᠮᠠᠨ ᠮᠢᠩᠭ᠎ᠠ ᠰᠢᠬᠠᠮ | ᠲᠥᠭᠦᠷᠢᠭ ᠤᠨ ᠣᠷᠣᠯᠭ᠎ᠠ ᠣᠯᠣᠭᠰᠠᠨ ᠨᠢ ᠶᠡᠬᠡᠳᠡ ᠪᠠᠶᠠᠵᠢᠭᠰᠠᠨ ᠰᠢᠭ᠋ ᠰᠠᠨᠠᠭᠳᠠᠵᠤ ᠪᠠᠶᠢᠯ᠎ᠠ᠃ | ᠬᠤᠷ᠎ᠠ ᠶᠢᠨ ᠰᠡᠷᠢᠭᠦᠨ ᠠᠮᠢᠰᠬᠤᠯ ᠲᠠᠢ | ᠬᠤᠸᠠᠷ ᠤᠨ ᠴᠣᠮᠣᠷᠯᠢᠭ ᠮᠢᠷᠠᠯᠵᠠᠭᠠᠨ ᠲᠠᠢ | ᠬᠤᠷᠳᠤᠨ ᠬᠥᠯᠥᠭ ᠤᠨ ᠦᠤᠷᠰᠡᠭᠡᠨ ᠲᠠᠢ | ᠬᠤᠨᠢᠨ ᠰᠦᠷᠦᠭ ᠤᠨ ᠪᠢᠯᠬᠠᠭ᠎ᠠ ᠲᠠᠢ | ᠡᠷᠳᠡᠨᠢᠳᠦ ᠬᠤᠷᠠᠮᠠᠨ ᠲᠣᠭᠤᠭᠠᠲᠤ | ᠡᠵᠢ ᠶᠢᠨ ᠢᠷᠦᠭᠡᠯᠲᠦ ᠨᠤᠲᠤᠭ ᠡ︕ | — ︽ᠪᠤᠳᠤᠯ ᠤᠨ ᠦᠯᠦᠭᠡᠢ︾ ᠭᠡᠬᠦ ᠨᠠᠶᠢᠷᠠᠭ ᠠᠴᠠ | ᠵᠢᠷᠭᠤᠭ᠎ᠠ᠂ ᠦᠨᠳᠦᠰᠦᠨ ᠪᠦᠳᠦᠭᠡᠨ ᠪᠠᠶᠢᠭᠤᠯᠤᠯᠳᠠ ᠶᠢ ᠠᠳᠬᠤᠭᠰᠠᠨ ᠨᠢ | ᠡᠵᠢ ᠶᠢᠨ ᠠᠮᠲᠠᠯᠠᠭᠤᠯᠤᠭᠰᠠᠨ ᠬᠤᠰᠤᠮ ᠢ ᠠᠯᠠᠭ᠎ᠠ ᠲᠣᠰᠣᠨ ᠢᠳᠡᠵᠦ | ᠡᠷᠳᠡᠨᠢ ᠭᠤᠣᠯ ᠤᠨ ᠬᠥᠪᠡᠭᠡ ᠪᠠᠷ ᠬᠤᠷᠠᠭ᠎ᠠ ᠬᠠᠷᠠᠭᠤᠯᠤᠨ ᠲᠣᠭᠯᠠᠬᠤ ᠳᠠᠭᠠᠨ | ᠪᠠᠯᠴᠢᠷ ᠪᠠᠭ᠎ᠠ ᠶᠢᠨ ᠨᠠᠰᠤᠨ ᠠᠴᠠ ᠡᠬᠡ ᠶᠢᠨ ᠬᠠᠶᠢᠷ᠎ᠠ ᠶᠢ ᠬᠦᠷᠳᠡᠵᠦ | ᠪᠠᠳᠠᠷᠠᠬᠤ ᠣᠪᠣᠭᠠᠨ ᠤ ᠠᠷᠤ ᠥᠪᠥᠷ ᠲᠤ ᠠᠭᠠᠷᠤᠯ ᠡᠮᠬᠦᠵᠦ ᠥᠰᠥᠭᠰᠡᠨ ᠪᠢ | — ︽ᠬᠠᠶᠢᠷ᠎ᠠ ᠰᠢᠩᠭᠡᠭᠰᠡᠨ ᠠᠯᠳᠠᠨ ᠬᠢᠯᠢ︾ ᠭᠡᠬᠦ ᠨᠠᠶᠢᠷᠠᠭ ᠠᠴᠠ | ᠪᠠᠷᠢᠭᠠᠳᠠ ᠶᠢᠨ ᠨᠠᠮ ᠤᠨ ᠡᠭᠦᠷ ᠠᠷᠠᠳ ᠤᠨ ᠵᠥᠪᠯᠡᠯ ᠤᠨ ᠬᠤᠷᠠᠯ ᠢᠶᠠᠷ᠂ ᠨᠡᠶᠢᠳᠡ ᠶᠢᠨ ᠬᠤᠷᠠᠮᠳᠣᠯ ᠠᠴᠠ | ᠦᠷᠳᠡᠭ ᠭᠠᠷᠭᠠᠵᠤ᠂ 22 ᠡᠷᠦᠬᠡ ᠶᠢᠨ ᠬᠠᠪᠣᠷᠵᠢᠶᠠᠨ ᠳᠤ 500 ᠮᠦ ᠶᠢᠨ ᠨᠥᠭᠡᠴᠡ ᠪᠡᠯᠴᠢᠭᠡᠷ ᠢ | ᠪᠢᠳᠡᠭᠦᠮᠵᠢᠯᠡᠵᠤ᠂ ᠮᠠᠯ ᠤᠨ ᠥᠰᠦᠯᠳᠡ ᠶᠢ ᠪᠠᠳᠣᠯᠠᠬᠤ ᠪᠠᠷ ᠳᠣᠭᠳᠠᠪᠠ᠂ 4 ᠬᠤᠪᠢ ᠪᠠᠷ ᠪᠣᠳᠣᠪᠠᠯ ᠣᠯᠣᠰ ᠪᠤᠯᠤᠨ | ᠬᠤᠪᠢ ᠲᠠᠯ᠎ᠠ ᠠᠴᠠ ᠲᠣᠰ ᠪᠦᠷᠢ ᠨᠢᠭᠡ ᠬᠤᠪᠢ᠂ ᠪᠠᠷᠢᠭᠠᠳᠠ ᠠᠴᠠ ᠬᠤᠶᠠᠷ ᠬᠤᠪᠢ ᠪᠠᠷ ᠪᠡᠯᠡ ᠣᠷᠣᠭᠤᠯᠬᠤ ᠪᠠᠷ | ᠲᠤᠬᠢᠷᠠᠯᠴᠠᠭᠰᠠᠨ ᠪᠠᠶᠢᠪᠠ᠂ ᠲᠡᠷᠡ ᠦᠶ᠎ᠡ ᠮᠠᠯᠴᠢᠳ ᠨᠣᠲᠤᠭ ᠪᠡᠯᠴᠢᠭᠡᠷ ᠤᠨ ᠬᠠᠮᠠᠭᠠᠯᠠᠯᠳᠠ ᠶᠢ ᠣᠢᠢᠯᠠᠭᠠᠬᠤ ᠦᠭᠡᠢ | ᠪᠠᠶᠢᠵᠤ᠂ ᠬᠦᠷᠢᠶ᠎ᠠ ᠳᠠᠳᠠᠬᠤ ᠳᠣᠷ᠎ᠠ ᠦᠭᠡᠢ ᠣᠴᠢᠷ ᠪᠠᠷᠢᠭᠠᠳᠠ ᠶᠢᠨ ᠲᠠᠷᠤᠭ᠎ᠠ ᠪᠤᠯᠤᠭᠰᠠᠨ ᠲᠡᠷᠡ ᠪᠠᠷ ᠤᠯᠠᠨ ᠳᠤ᠄ | ︽ᠪᠦᠳᠦᠭᠡᠨ ᠪᠠᠶᠢᠭᠤᠯᠵᠦ ᠮᠠᠯ ᠮᠠᠯᠵᠢᠬᠤ ᠪᠤᠯ ᠮᠠᠯ ᠢᠶᠠᠨ ᠦᠰᠭᠡᠵᠦ ᠬᠠᠮᠠᠭᠠᠯᠠᠬᠤ ᠶᠢᠨ ᠦᠨᠳᠦᠰᠦᠨ ᠨᠦᠬᠦᠴᠡᠯ | ᠮᠦᠨ᠂ ᠬᠠᠪᠤᠷᠵᠢᠶᠠᠨ ᠤ ᠡᠪᠡᠰᠦᠨ ᠬᠦᠷᠢᠶ᠎ᠡ ᠪᠤᠯ ᠬᠠᠪᠤᠷ ᠤᠨ ᠭᠠᠴᠢᠭ ᠴᠠᠭ ᠲᠤ᠂ ᠲᠦᠯ ᠢᠶᠠᠨ ᠮᠡᠨᠳᠦ ᠲᠤᠰᠬᠤ | ᠶᠢᠨ ᠵᠠᠩᠬᠢᠯᠭ᠎ᠠ ᠪᠤᠯᠤᠨ᠎ᠠ︾ ᠭᠡᠵᠦ ᠤᠬᠠᠭᠤᠯᠤᠨ ᠲᠠᠶᠢᠴᠢᠯᠠᠭᠰᠠᠨ ᠢᠶᠠᠷ ᠠᠷᠠᠢ ᠭᠡᠵᠦ ᠡᠭᠦᠷᠭᠡ ᠪᠠᠨ ᠪᠡᠶᠡᠯᠡᠭᠦᠯᠵᠡᠢ᠃ | ᠡᠷᠳᠡᠮᠳᠡᠭᠦᠰ ᠴᠤ ᠡᠨᠡᠬᠦ ᠠᠩᠬᠠᠨ ᠤ ᠨᠦᠭᠡᠴᠡ ᠪᠡᠯᠴᠢᠭᠡᠷ ᠤᠨ ᠨᠢᠭᠡ ᠰᠠᠭᠤᠷᠢ ᠡᠪᠡᠰᠦᠨ ᠬᠦᠷᠢᠶ᠎ᠡ ᠶᠢ ᠠᠪᠴᠦ᠂ | ᠲᠣᠭᠤᠭᠠᠲᠦ ᠶᠢᠨ ᠦᠨᠲᠦᠰᠦᠨ ᠪᠠᠶᠢᠭᠤᠯᠣᠯᠳᠠ ᠶᠢᠨ ᠡᠬᠢᠯᠡᠯᠳᠡ ᠪᠣᠯᠭᠠᠨ ᠮᠢᠯᠢᠶᠠᠵᠤ ᠪᠢᠯᠡ᠃ ᠵᠣᠨ ᠤ ᠰᠡᠭᠦᠯ | ᠰᠠᠷ᠎ᠠ ᠳᠤ᠂ ᠪᠦᠰᠡᠭᠦᠢ ᠨᠢ ᠪᠡᠷᠬᠡ ᠬᠦᠩᠭᠡᠵᠢᠯᠳᠡ ᠠᠴᠠ ᠪᠤᠯᠵᠦ᠂ ᠣᠳᠬᠠᠨ ᠬᠦᠤ ᠪᠠᠨ ᠨᠢᠭᠡᠳᠦᠯ ᠤᠨ ᠡᠮᠨᠡᠯᠭᠡ | ᠶᠢᠨ ᠬᠤᠷᠢᠶᠠᠨ ᠳᠤ ᠬᠦᠷᠴᠦ ᠲᠤᠰᠤᠭᠰᠠᠨ᠃ ᠭᠠᠯ ᠤᠨ ᠴᠤᠭ ᠰᠢᠭ᠋ ᠪᠠᠳᠠᠷᠠᠵᠤ᠂ ᠰᠦᠯᠳᠡ ᠬᠡᠶᠢᠮᠣᠷᠢ ᠲᠠᠢ ᠶᠠᠪᠣᠬᠤ | ᠶᠢ ᠨᠢ ᠵᠥᠩᠨᠡᠨ ᠨᠠᠭᠠᠴᠦ ᠡᠵᠢ ᠨᠢ ᠵᠢᠭᠡ ᠬᠦᠤ ᠳᠡᠭᠡᠨ ︽ᠴᠣᠭᠰᠦ᠋ᠯᠳᠡ︾ ᠭᠡᠰᠡᠨ ᠪᠡᠯᠭᠡ ᠳᠡᠮᠪᠡᠷᠨ᠋ᠢ ᠲᠠᠢ | ᠵᠢᠪᠬᠤᠭᠠᠲᠦ ᠨᠡᠷ᠎ᠠ ᠥᠭᠴᠦ ᠪᠢᠯᠡ᠃ | ᠬᠦᠬᠡᠭᠴᠢᠨ ᠦᠬᠡᠷ ᠵᠢᠯ ᠤᠨ ᠵᠣᠨ ᠢᠶᠠᠷ᠂ ᠦᠬᠡᠷ ᠰᠦᠷᠦᠭ ᠤᠨ ᠡᠭᠦᠯᠳᠡᠷ ᠢ ᠰᠠᠶᠢᠵᠢᠷᠠᠭᠤᠯᠬᠤ ᠪᠠᠷ | ᠪᠠᠷᠢᠭᠠᠳᠠ ᠠᠴᠠ ︽ᠲᠠᠯ᠎ᠠ ᠨᠤᠲᠤᠭ ᠤᠨ ᠣᠯᠠᠭᠠᠨ︾ ᠭᠡᠬᠦ ᠲᠠᠪᠣᠨ ᠪᠢᠷᠠᠭᠤᠨ ᠪᠣᠬ᠎ᠠ ᠠᠪᠣᠭᠰᠠᠨ ᠳᠤ ᠡᠷᠳᠡᠮᠳᠡᠭᠦᠰ | ᠶᠢᠨ ᠳᠤ ᠨᠢᠭᠡ ᠶᠢ ᠣᠨᠣᠭᠳᠠᠭᠤᠯᠤᠯᠠ᠂ ᠬᠦᠢᠲᠡᠨ ᠤ ᠲᠠᠭᠠᠭᠠᠴᠠ ᠪᠠᠷ ᠠᠨᠠᠢ ᠴᠦ ᠪᠡᠶ᠎ᠠ ᠲᠤᠮᠤ᠂ ᠨᠣᠮᠣᠬᠠᠨ ᠵᠠᠩ | ᠲᠠᠢ ᠡᠨᠡ ᠪᠣᠬ᠎ᠠ ᠶᠢ ᠡᠪᠦᠯ ᠳᠡᠭᠡᠨ ᠨᠥᠮᠥᠷᠢ ᠳᠤᠯᠠᠭᠠᠨ ᠲᠠᠪᠢᠭᠠᠯ ᠬᠦᠷᠢᠶ᠎ᠡ ᠳᠡᠭᠡᠨ ᠨᠡᠮᠨᠡᠭᠡ ᠬᠢᠴᠢᠭᠰᠡᠨ ᠲᠠᠯᠪᠢᠳᠠᠭ᠃ | ᠡᠨᠡ ᠬᠦᠷᠡᠩ ᠪᠣᠬ᠎ᠠ ᠲᠥᠯ ᠰᠠᠶᠢᠨ ᠣᠴᠢᠷ ᠦᠬᠡᠷ ᠰᠦᠷᠦᠭ ᠨᠢ ᠶᠡᠬᠡᠪᠡᠷ ᠥᠰᠴᠦ ᠵᠠᠭᠤ ᠶᠢᠨ ᠳᠠᠪᠠᠭ᠎ᠠ ᠶᠢ | ᠥᠩᠭᠡᠷᠡᠬᠦ ᠳᠤ ᠲᠤᠰᠤᠭᠰᠠᠨ ᠲᠤᠭᠤᠯ ᠤᠨ ᠤᠯᠠᠩᠬᠢ ᠨᠢ ᠡᠷᠯᠢᠵᠢᠭᠰᠡᠨ ᠤᠯᠠᠭᠠᠨ ᠬᠦᠷᠡᠩ ᠦᠩᠭᠡ ᠪᠤᠯᠤᠭᠰᠠᠨ ᠢᠶᠠᠷ | ᠦᠬᠡᠷ ᠰᠦᠷᠦᠭ ᠨᠢ ᠵᠢᠰᠦᠮ ᠨᠢᠭᠡᠳᠡᠢ ᠬᠠᠷᠠᠭᠳᠠᠨ᠎ᠠ᠂ ᠬᠠᠭᠤᠴᠢ ᠦᠭᠡᠨ ᠳᠤ ︽ᠦᠭᠡᠳᠡᠯᠡᠬᠦ ᠠᠶᠢᠯ ᠤᠨ ᠦᠬᠡ ᠨᠢ | ᠨᠢᠭᠡ᠂ ᠦᠰᠬᠦ ᠮᠠᠯ ᠤᠨ ᠵᠢᠰᠦᠮ ᠨᠢᠭᠡ︾ ᠭᠡᠭᠴᠢ ᠪᠤᠯᠵᠠᠢ᠃ ᠡᠨᠡ ᠨᠢ ᠨᠣᠲᠤᠭ ᠤᠨ ᠦᠬᠡᠷ ᠢ ᠪᠣᠳᠣᠪᠠᠯ | ᠬᠤᠳᠠᠯᠳᠣᠬᠤ ᠳᠤ ᠥᠷᠲᠡᠭ ᠥᠨᠳᠥᠷ ᠪᠠᠶᠢᠵᠦ᠂ ᠰᠦ ᠰᠠᠭᠠᠯᠢ ᠰᠠᠶᠢᠲᠠᠢ ᠦᠨᠢᠶᠡᠳ ᠴᠦ ᠣᠯᠠᠰᠢᠷᠠᠪᠡ᠂ ᠦᠬᠡᠷ | ᠡᠷᠳᠡᠨᠢ ᠠᠴᠠ ᠪᠠᠨ ᠦᠷ᠎ᠠ ᠠᠰᠢᠭ ᠣᠯᠠᠨ ᠴᠦ ᠬᠦᠷᠲᠡᠵᠦ ᠶᠠᠪᠤᠵᠠᠢ᠃ | ᠡᠷᠳᠡᠮᠳᠡᠭᠦᠰ ᠤᠨ ᠪᠠᠰᠠ ᠬᠢᠳᠡᠯ ᠭᠡᠪᠡᠯ ᠬᠤᠨᠢᠨ ᠤ ᠵᠣᠬᠢᠶᠠᠮᠠᠯ ᠬᠡᠭᠡᠯᠲᠦᠭᠦᠯᠭᠡ ᠶᠢᠨ ᠮᠡᠷᠭᠡᠵᠢᠯ ᠪᠤᠯᠤᠨ᠎ᠠ᠃ | ᠲᠡᠷᠡ ᠮᠠᠯ ᠬᠤᠪᠢᠳᠠᠬᠤ ᠳᠤ ᠡᠷᠯᠢᠵᠡ ᠮᠧᠷᠨᠤᠰ ᠬᠤᠨᠢᠳ ᠭᠤᠤᠯᠳᠠᠢ ᠠᠪᠤᠭᠰᠠᠨ ᠣᠴᠢᠷ ᠠᠴᠠ ᠲᠤᠭ᠎ᠠ ᠲᠣᠯᠣᠭᠠᠢ | ᠴᠥᠭᠡᠪᠦᠷ ᠠᠰᠢᠭ ᠥᠨᠳᠥᠷ ᠠᠵᠥ ᠦᠢᠯᠡᠰ ᠡᠷᠬᠢᠯᠡᠬᠦ ᠪᠠᠷ ᠣᠷᠣᠯᠳᠣᠵᠤ᠂ ᠥᠪᠡᠷ ᠤᠨ ᠬᠤᠨᠢᠨ ᠳᠠᠭᠠᠨ ᠭᠠᠷ | ᠬᠡᠭᠡᠯᠲᠦᠯᠭᠡ ᠬᠢᠵᠤ᠂ ᠬᠡᠭᠡᠯ ᠰᠠᠭᠤᠬᠤ ᠨᠣᠷᠮ᠎ᠠ ᠨᠢ ᠥᠨᠳᠥᠷ ᠴᠦ ᠪᠡᠯᠡᠳᠭᠡᠯ ᠳᠥᠬᠦᠷᠥᠮᠵᠢ ᠪᠠᠷᠣᠭᠲᠠᠢ ᠠᠴᠠ ᠲᠥᠯ | ᠲᠣᠰᠬᠤ ᠳᠤ ᠬᠦᠴᠢᠷᠳᠡᠳᠡᠭ ᠪᠠᠶᠢᠯ᠎ᠠ᠂ ᠨᠠᠷᠢᠨ ᠨᠣᠤᠰᠤᠲᠦ ᠬᠤᠷᠠᠭ᠎ᠠ ᠪᠡᠭᠡᠷᠡᠬᠦ ᠨᠢ ᠠᠮᠠᠷᠬᠠᠨ ᠪᠠᠶᠢᠭᠠᠯᠢ ᠶᠢᠨ | ᠲᠡᠰᠪᠦᠷᠢ ᠠᠨᠠᠢ᠂ ᠲᠡᠵᠢᠭᠡᠯ ᠠᠪᠬᠤ ᠪᠠᠷ ᠳᠥᠰᠦᠮᠡᠭ ᠵᠡᠷᠭᠡ ᠤᠨᠴᠠᠯᠢᠭ ᠲᠠᠢ᠃ ᠪᠠᠰᠠ ᠲᠡᠭᠡᠷ᠎ᠡ ᠨᠢ ᠪᠣᠷᠣᠯᠠᠭᠤᠯᠭ᠎ᠠ | ᠶᠢᠨ ᠵᠠᠮ ᠮᠥᠷ ᠦᠭᠡᠢ ᠪᠤᠯᠤᠭᠰᠠᠨ ᠭᠡᠪᠡᠯ ᠨᠡᠩ ᠣᠨᠣᠴᠢᠲᠠᠢ᠃ ᠨᠢᠭᠡ ᠣᠳᠠᠭ᠎ᠠ ᠲᠡᠷᠡ ᠬᠤᠨᠢ ᠪᠠᠨ ᠬᠤᠳᠠᠯᠳᠣᠬᠤ | ᠪᠠᠷ ᠨᠢᠭᠡᠳᠦᠯ ᠤᠨ ᠢᠳᠡᠭᠡᠨ ᠤ ᠺᠣᠮᠫᠠᠨᠢ ᠳᠤ ᠣᠴᠢᠬᠤ ᠳᠤ ᠦᠵᠦᠮᠥᠴᠢᠨ ᠡᠭᠦᠯᠳᠡᠷ ᠤᠨ ᠬᠤᠨᠢ ᠠᠪᠬᠤ ᠠᠴᠠ ᠪᠢᠰᠢ | ᠡᠨᠡ ᠬᠤᠨᠢ ᠶᠢ ᠴᠢᠨᠢ ᠠᠪᠬᠤ ᠦᠭᠡᠢ ᠭᠡᠯ᠎ᠠ᠂ ᠢᠩᠬᠢᠭᠡᠳ ᠠᠷᠭ᠎ᠠ ᠪᠣᠰᠣ ᠬᠤᠨᠢ ᠪᠠᠨ ᠪᠣᠴᠠᠭᠠᠵᠦ ᠭᠡᠯᠢᠯᠡ᠂ ᠨᠣᠤᠰᠣ | ᠨᠢ ᠴᠦ ᠦᠨ᠎ᠡ ᠬᠦᠷᠬᠦ ᠪᠠᠨ ᠪᠣᠯᠢᠪᠠ᠃ ᠲᠡᠷᠡ᠂ ᠬᠤᠨᠢᠨ ᠤ ᠮᠠᠯᠵᠢᠯᠭ᠎ᠠ ᠲᠡᠭᠡᠷ᠎ᠡ ᠭᠡᠳᠦᠨ ᠵᠢᠯ ᠶᠡᠭᠡ ᠠᠰᠢᠭ | ᠠᠯᠳᠠᠵᠠᠢ᠃ ᠦᠵᠦᠮᠦᠴᠢᠨ ᠬᠤᠨᠢ ᠲᠠᠢ ᠠᠶᠢᠯ ᠡᠷᠦᠬᠡ ᠵᠢᠯ ᠪᠦᠷᠢ ᠬᠡᠳᠦᠨ ᠵᠠᠭᠤᠨ ᠬᠤᠨᠢ ᠬᠤᠳᠠᠯᠳᠤᠭᠠᠳ ᠠᠰᠢᠭ | ᠤᠷᠤᠯᠭ᠎ᠠ ᠶᠡᠭᠡ ᠶᠢᠨ ᠲᠡᠭᠡᠷ᠎ᠡ ᠪᠠᠰᠠ ᠨᠤᠲᠤᠭ ᠤᠨ ᠬᠤᠷᠠᠭ᠎ᠠ ᠦᠯᠴᠢᠷ ᠪᠠᠶᠢᠵᠦ ᠲᠦᠯ ᠲᠤᠰᠬᠤ ᠳᠤ ᠲᠦᠬᠦᠮ | ᠪᠠᠶᠢᠵᠠᠢ᠃ ᠡᠭᠦᠨ ᠢ ᠮᠡᠳᠡᠭᠰᠡᠨ ᠲᠡᠷᠡ ᠪᠠᠷ ᠠᠷᠭ᠎ᠠ ᠦᠭᠡᠢ ᠶᠢᠨ ᠡᠷᠬᠡ ᠪᠠᠷ ᠥᠪᠡᠷ ᠤᠨ ᠬᠥᠳᠡᠯᠮᠦᠷᠢ ᠤᠨ ᠦᠷ᠎ᠠ | ᠪᠦᠲᠦᠭᠡᠯ ᠢᠶᠠᠨ ᠬᠠᠶᠢᠷᠠᠯᠠᠭᠰᠠᠨ ᠴᠦ ᠦᠵᠦᠮᠦᠴᠢᠨ ᠬᠤᠨᠢ ᠪᠣᠯᠭᠠᠬᠤ ᠪᠠᠷ ︽ᠴᠠᠭᠠᠨ ᠬᠤᠨᠢ︾ ᠪᠠᠨ ᠬᠤᠪᠢ ᠶᠢᠨ | ᠠᠷᠠᠯᠵᠢᠶᠠᠨ ᠳᠤ ᠶᠡᠬᠡᠮᠴᠢ ᠶᠢ ᠨᠢ ᠬᠤᠳᠠᠯᠳᠣᠵᠤ᠂ ᠵᠥᠪᠬᠡᠨ ᠵᠠᠭᠤ ᠭᠠᠷᠣᠢ ᠲᠣᠯᠣᠭᠠᠢ ᠦᠯᠡᠳᠡᠭᠡᠯ᠎ᠡ᠂ ᠢᠩᠭᠢᠭᠡᠳ | ᠲᠠᠷᠠᠭ᠎ᠠ ᠵᠣᠨ ᠠᠴᠠ ᠨᠢ ᠪᠣᠰᠣᠳ ᠠᠴᠠ ᠦᠵᠦᠮᠦᠴᠢᠨ ᠡᠭᠦᠯᠳᠡᠷ ᠤᠨ ᠬᠤᠨᠢ ᠬᠤᠳᠠᠯᠳᠣᠨ ᠠᠪᠴᠤ ᠰᠦᠷᠦᠭ ᠤᠨ | ᠪᠦᠳᠦᠴᠡ ᠪᠠᠨ ᠦᠭᠡᠷᠡᠴᠢᠯᠡᠵᠦ ᠡᠬᠢᠯᠡᠵᠡᠢ᠂ ᠬᠡᠳᠣᠨ ᠵᠢᠯ ᠳᠠᠷᠠᠭᠠᠯᠠᠨ ᠰᠣᠯᠢᠯᠳᠠ ᠬᠢᠭᠰᠡᠨ ᠪᠦᠭᠡᠳ ᠦᠵᠦᠮᠦᠴᠢᠨ | ᠬᠤᠨᠢᠨ ᠤ ᠰᠢᠯᠢᠳᠡᠭ ᠡᠭᠦᠯᠳᠡᠷ ᠤᠨ ᠬᠤᠴᠠ ᠲᠠᠯᠪᠢᠭᠰᠠᠨ ᠢᠶᠠᠷ ᠠᠭᠠᠵᠢᠮ ᠳᠠᠭᠠᠨ ᠵᠥᠭᠰᠢᠷᠡᠵᠠᠢ᠃ | ᠲᠤᠰ ᠵᠢᠯ ᠳᠤ᠂ ᠵᠠᠰᠠᠭ ᠵᠠᠬᠢᠷᠭᠠᠨ ᠤ ᠪᠠᠶᠢᠭᠤᠯᠤᠮᠵᠢ ᠶᠢᠨ ᠨᠠᠷᠠ ᠶᠢ ᠦᠭᠡᠷᠡᠴᠢᠯᠡᠵᠦ᠂ ᠤᠤᠯ ᠤᠨ ︽ | ᠨᠢᠭᠡᠳᠦᠯ︾ ᠢ ︽ᠰᠤᠮᠤ︾ ᠭᠡᠵᠦ᠂ ︽ᠪᠠᠷᠢᠭᠠᠳᠠ︾ ᠶᠢ ᠡᠬᠢᠯᠡᠭᠡᠳ ︽ᠪᠠᠭ︾ ᠭᠡᠵᠦ ᠪᠠᠶᠢᠭᠰᠠᠨ ᠢᠶᠠᠨ ᠰᠡᠭᠦᠯᠡᠷ | ᠨᠢ ᠲᠠᠬᠢᠨ ᠬᠠᠯᠠᠵᠦ ︽ᠭᠠᠴᠠᠭ᠎ᠠ︾ ᠭᠡᠵᠦ ᠨᠡᠷᠡᠯᠡᠬᠦ ᠪᠤᠯᠤᠭᠰᠠᠨ ᠪᠠᠶᠢᠨ᠎ᠠ᠃ | ᠬᠥᠬᠡᠭᠴᠢᠨ ᠦᠬᠡᠷ ᠵᠢᠯ ᠣᠯᠣᠰ ᠬᠤᠪᠢ ᠶᠢᠨ ᠪᠡᠯᠡ ᠣᠷᠣᠭᠤᠯᠣᠭᠰᠠᠨ ᠨᠢᠭᠡ ᠰᠠᠭᠤᠷᠢ 300 ᠮᠦ ᠶᠢᠨ | ᠡᠪᠡᠰᠦᠨ ᠬᠦᠷᠢᠶ᠎ᠡ ᠶᠢ ᠲᠡᠭᠦᠨ ᠳᠤ ᠪᠠᠷᠢᠭᠠᠳᠠ ᠶᠢᠨ ᠠᠵᠢᠯ ᠤᠨ ᠬᠠᠷᠠᠭᠠᠯᠵᠠᠯᠠᠯ ᠢᠶᠠᠷ ᠥᠭᠴᠦ ᠲᠠᠳᠠᠭᠤᠯᠣᠭᠰᠠᠨ ᠢᠶᠠᠷ | ᠮᠢᠩᠭᠠᠨ ᠮᠦ ᠶᠢᠨ ᠨᠥᠭᠡᠴᠡ ᠪᠡᠯᠴᠢᠭᠡᠷ ᠲᠠᠢ ᠪᠣᠯᠪᠠ᠃ ᠬᠤᠨᠢ ᠦᠬᠡᠷ ᠤᠨ ᠲᠥᠯ ᠳᠣᠰᠬᠤ ᠳᠤ ᠠᠮᠠᠷ᠂ ᠳᠡᠷᠭᠡᠳᠡ | ᠪᠠᠨ ᠲᠥᠯ ᠢᠶᠠᠨ ᠳᠣᠰᠴᠢᠬᠤ ᠪᠣᠯᠬᠤᠷ ᠬᠤᠬᠢᠷᠠᠯ ᠰᠦᠢᠳᠦᠯ ᠪᠠᠭ᠎ᠠ᠂ ᠥᠰᠥᠯᠳᠠ ᠶᠡᠭᠡ ᠪᠣᠯᠣᠭᠰᠠᠨ ᠶᠣᠮ᠃ | ᠣᠷᠣᠯᠭ᠎ᠠ ᠰᠠᠶᠢᠨ ᠬᠠᠳᠠᠭᠠᠯᠠᠮᠵᠢ ᠲᠠᠢ ᠪᠣᠯᠣᠭᠰᠠᠨ ᠢᠶᠠᠷ ᠭᠤᠷᠪᠠᠨ ᠬᠦᠷᠲᠦᠲᠦ ᠮᠣᠲ᠋ᠣᠷ ᠲᠡᠷᠭᠡ ᠪᠣᠯᠣᠨ 14 ᠢᠨᠴ | ᠶᠢᠨ ︽ᠪᠤᠳᠤᠭᠳᠠᠢ ᠵᠢᠷᠤᠭᠳᠤ ᠷᠠᠳᠢᠤ᠋︾᠂ ︽yamaha︾ ᠲᠡᠮᠳᠡᠭᠲᠦ ᠴᠠᠬᠢᠯᠭᠠᠨ ᠭᠠᠷᠭᠠᠬᠤ ᠮᠠᠰᠢᠨ ᠵᠡᠷᠭᠡ ᠶᠢ | ᠠᠪᠴᠦ᠂ ᠨᠡᠯᠢᠶᠡᠳ ᠴᠢᠨᠡᠭᠡᠯᠢᠭ ᠠᠮᠢᠳᠣᠷᠠᠬᠤ ᠪᠣᠯᠵᠠᠢ᠃ ᠡᠨᠡ ᠦᠶ᠎ᠡ ᠳᠤ᠂ ᠮᠠᠯ ᠤᠨ ᠬᠤᠷᠤᠭ᠎ᠠ ᠬᠠᠰᠢᠶ᠎ᠠ ᠬᠢᠭᠡᠳ | ᠨᠦᠭᠡᠴᠡ ᠪᠡᠯᠴᠢᠭᠡᠷ ᠤᠨ ᠡᠪᠡᠰᠦᠨ ᠬᠦᠷᠢᠶ᠎ᠡ ᠶᠢᠨ ᠪᠠᠶᠢᠭᠤᠯᠤᠯᠳᠠ ᠶᠢ ᠰᠠᠶᠢᠨ ᠬᠢᠭᠰᠡᠨ ᠢᠶᠠᠷ ᠮᠠᠯ ᠤᠨ ᠦᠰᠦᠯᠳᠡ ᠶᠢ | ᠪᠠᠳᠤᠯᠠᠬᠤ ᠪᠤᠯᠪᠠ᠃ ᠤᠬᠤᠷᠬᠠᠨ ᠬᠤᠶᠠᠷ ᠵᠢᠯ ᠤᠨ ᠬᠤᠨᠢᠨ ᠤ ᠰᠦᠷᠦᠭ ᠤᠨ ᠪᠦᠳᠦᠴᠡ ᠶᠢᠨ ᠦᠭᠡᠷᠡᠴᠢᠯᠡᠯᠳᠡ | ᠬᠢᠭᠡᠳ ᠨᠤᠲᠤᠭ ᠤᠨ ᠬᠤᠨᠢ 245 ᠲᠤᠯᠤᠭᠠᠢ᠂ ᠦᠬᠡᠷ 54 ᠲᠤᠯᠤᠭᠠᠢ᠂ ᠠᠳᠤᠭᠤ 23 ᠲᠤᠯᠤᠭᠠᠢ ᠪᠤᠯᠤᠨ ᠮᠠᠯ | ᠤᠨ ᠦᠰᠦᠯᠳᠡ ᠶᠢᠨ ᠰᠠᠭᠤᠷᠢ ᠶᠢ ᠲᠠᠯᠪᠢᠭᠰᠠᠨ ᠪᠠᠶᠢᠯ᠎ᠠ᠃ | ᠦᠭᠡᠷ ᠵᠢᠯ ᠤᠨ ᠡᠪᠦᠯ ᠶᠡᠭᠡ ᠵᠤᠳᠠᠷᠠᠬᠤ ᠪᠠᠶᠢᠵᠦ᠂ ᠴᠠᠰᠤ ᠵᠤᠵᠠᠭᠠᠷᠠᠭᠰᠠᠨ ᠢᠶᠠᠷ ᠤᠶᠢᠷ᠎ᠠ ᠬᠠᠪᠢ ᠶᠢᠨ | ᠪᠡᠯᠴᠢᠭᠡᠷ ᠲᠠᠷᠤᠭᠳᠡᠨᠡ᠂ ᠵᠦᠪᠬᠡᠨ ᠲᠤᠭᠤᠭᠠᠳᠤ ᠶᠢᠨ ᠡᠮᠦᠨ᠎ᠡ ᠠᠷᠤ ᠪᠤᠶᠤ ᠵᠡᠭᠦᠨ ᠬᠦᠨᠳᠡᠢ ᠳᠡᠭᠡᠨ ᠴᠤᠬᠢᠭ᠎ᠠ ᠲᠠᠢ | ᠪᠠᠶᠢᠯ᠎ᠠ᠃ ᠬᠡᠳᠦᠶᠢᠪᠡᠷ ᠬᠡᠳᠦ ᠤᠳᠠᠭ᠎ᠠ ᠶᠢᠨ ᠶᠡᠭᠡ ᠰᠢᠭᠤᠷᠭᠠᠨ ᠳᠤ ᠲᠠᠭᠠᠷᠢᠭᠳᠠᠭᠰᠠᠨ ᠪᠤᠯᠪᠠᠴᠤ ᠮᠢᠩᠭᠠᠨ ᠮᠤ᠋ ᠶᠢᠨ | ᠨᠦᠭᠡᠴᠡ ᠪᠡᠯᠴᠢᠭᠡᠷ ᠢᠶᠠᠨ ᠭᠠᠮᠳᠠᠢ ᠪᠦᠭᠡᠳ ᠲᠤᠬᠢᠳᠡᠢ ᠠᠰᠢᠭᠯᠠᠵᠦ᠂ ᠲᠡᠭᠷᠢ ᠲᠤᠭᠳᠠᠭᠤᠨ ᠪᠤᠯ ᠰᠦᠷᠦᠭ ᠢᠶᠠᠨ | ᠪᠡᠯᠴᠢᠭᠡᠷ ᠲᠤ ᠬᠦᠭᠡᠭᠡᠵᠦ ᠬᠠᠷᠢᠭᠤᠯᠤᠨ᠎ᠠ᠃ ᠡᠨᠡ ᠮᠡᠳᠦ ᠪᠠᠷ ᠡᠪᠦᠯ ᠤᠨ ᠭᠤᠤᠯ ᠢ ᠤᠳᠤᠷ ᠬᠠᠶᠢᠳᠠᠭ ᠬᠦᠭᠡᠭᠡᠭᠰᠡᠨ | ᠦᠭᠡᠢ ᠪᠠᠷ ᠦᠩᠭᠡᠷᠡᠭᠡᠵᠡᠢ᠃ ᠴᠠᠭᠠᠨ ᠰᠠᠷ᠎ᠠ ᠤᠶᠢᠷᠠᠳᠤᠨ᠎ᠡ᠂ ᠶᠡᠭᠡ ᠬᠦᠤ ᠨᠢ ᠨᠠᠢᠮᠠᠳᠠᠢ᠂ ᠤᠳᠤ ᠮᠤᠷᠢ ᠤᠨᠤᠬᠤ | ᠪᠤᠯᠤᠯ᠎ᠠ ᠬᠡᠮᠡᠨ ᠡᠷᠳᠡᠮᠳᠡᠭᠦᠰ ᠠᠵᠢᠯ ᠤᠨ ᠴᠢᠯᠦᠭᠡ ᠵᠠᠪ ᠢᠶᠠᠷ ᠢᠶᠠᠨ ᠡᠮᠡᠭᠡᠯ ᠵᠠᠰᠠᠵᠦ ᠤᠷᠤᠯᠳᠤᠨ᠎ᠠ᠃ | ᠰᠢᠩᠭᠡᠬᠦ ᠨᠠᠷᠠᠨ ᠤ ᠤᠯᠠᠪᠢᠷ ᠲᠤᠶᠠᠭ᠎ᠠ ᠴᠠᠪᠴᠢᠷ ᠤᠨ ᠤᠷᠤᠢ ᠪᠠᠷ ᠲᠠᠯᠳᠠᠯᠠᠨ᠂ ᠲᠠᠯᠠᠢ ᠰᠢᠷᠡᠭᠡᠨ ᠤ ᠲᠡᠭᠡᠭᠦᠷ | ᠲᠤᠰᠤᠨ᠎ᠠ᠃ ᠡᠷᠳᠡᠮᠳᠡᠭᠦᠰ ᠤᠷᠤᠢ ᠶᠢᠨ ᠵᠠᠪ ᠴᠢᠯᠦᠭᠡ ᠪᠠᠷ ᠢᠶᠠᠨ ᠶᠡᠭᠡ ᠬᠦᠪᠡᠭᠦᠨ ᠳᠡᠭᠡᠨ ᠮᠦᠩᠭᠦᠨ ᠡᠳ᠋ᠯᠡᠯ ᠪᠦᠬᠦᠢ | ᠡᠮᠡᠭᠡᠯ ᠢ ᠵᠠᠰᠠᠵᠦ᠂ ᠭᠠᠨᠵᠤᠭ᠎ᠠ ᠰᠤᠷᠯᠠᠨᠠ᠃ ᠠᠴᠢᠶ᠎ᠠ ᠲᠠᠢ ᠲᠡᠷᠭᠡᠨ ᠠᠴᠠ ᠤᠷᠭᠤᠭ᠎ᠠ ᠲᠠᠯ ᠲᠠᠢ ᠬᠦᠭᠰᠢᠨ ᠴᠠᠭᠠᠨ | ᠮᠤᠷᠢ ᠲᠤᠯᠤᠭᠠᠢ ᠪᠦᠭᠦᠶᠢᠨ ᠦᠭᠦᠷᠮᠡᠭᠯᠡᠨ ᠵᠤᠭᠰᠤᠨ᠎ᠠ᠂ ᠵᠠᠰᠠᠭᠰᠠᠨ ᠡᠮᠡᠭᠡᠯ ᠢᠶᠠᠨ ᠲᠤᠬᠤᠬᠤ ᠪᠠᠷ ᠭᠠᠷᠬᠤ ᠳᠤ᠂ | ᠪᠢᠴᠢᠬᠠᠨ ᠬᠦᠤ ᠬᠦᠯ ᠨᠢ ᠭᠠᠵᠠᠷ ᠬᠦᠷᠬᠦ ᠦᠭᠡᠢ ᠪᠠᠶᠠᠷᠯᠠᠨ ᠲᠠᠭᠠᠭᠠᠳ ᠬᠤᠷᠮᠦᠶᠢᠳᠤᠨ ᠵᠢᠭᠤᠷᠠᠯᠳᠤᠨ᠎ᠠ᠃ ᠪᠤᠯᠢᠭᠠᠷᠢ | ᠲᠤᠬᠤᠮ ᠢ ᠨᠢ ᠲᠠᠭᠠᠷᠠᠭᠤᠯᠤᠭᠠᠳ ᠤᠯᠤᠩ ᠴᠢᠪᠢᠯᠠᠭᠤᠷ ᠢ ᠨᠢ ᠴᠢᠩᠭᠠᠯᠠᠭᠰᠠᠨ ᠢᠶᠠᠨ᠄ ︽ᠵᠠ︕ ᠬᠦᠤ ᠮᠢᠨᠢ | ᠤᠨᠤᠭᠠᠳ ᠦᠵᠡᠭᠡᠴᠢ︾ ᠭᠡᠳ ᠮᠤᠷᠢᠨ ᠳᠤ ᠡᠷᠭᠦᠨ ᠮᠤᠷᠳᠡᠭᠤᠯᠵᠦ᠂ ᠵᠡᠭᠦᠨ ᠬᠦᠨᠳᠡᠢ ᠵᠦᠭ ᠨᠠᠯᠢᠶᠠᠳ ᠵᠠᠶᠢᠳᠠᠢ | ᠭᠠᠵᠠᠷ ᠢᠶᠠᠷ ᠬᠦᠳᠦᠯᠦᠨ ᠠᠯᠬᠤᠭᠤᠯᠵᠠᠢ᠃ ᠡᠷᠭᠢᠵᠦ ᠭᠡᠷ ᠤᠨ ᠤᠶᠢᠷᠠᠯᠴᠠᠭ᠎ᠠ ᠢᠷᠡᠭᠦᠶ᠎ᠡ ᠡᠮᠡᠭᠡ ᠡᠵᠢ ᠨᠢ ᠭᠠᠷᠴᠤ | ᠢᠷᠡᠭᠡᠳ ᠢᠨᠢᠶᠡᠮᠰᠦᠭᠯᠡᠭᠰᠡᠨ ᠢᠶᠠᠨ᠄ ︽ ᠮᠢᠨᠤ ᠠᠴᠢ ᠴᠢᠨᠢ ᠪᠦᠳᠦᠭᠦᠨ ᠪᠤᠯᠴᠢᠬᠠᠯ᠎ᠠ᠂ ᠴᠢᠳᠠᠯ ᠤᠷᠤᠴᠢᠬᠠᠵᠠᠢ᠂ | ᠡᠮᠡᠭᠡᠯᠳᠦ ᠮᠤᠷᠢ ᠡᠵᠡᠮᠰᠢᠬᠦ ᠪᠠᠷ ᠡᠷ᠎ᠡ ᠪᠤᠯᠤᠯ᠎ᠠ ᠰᠢᠤ︾ ᠭᠡᠵᠦ ᠲᠤᠰᠴᠤ ᠪᠠᠭᠤᠯᠭᠠᠵᠦ ᠠᠪᠤᠭᠠᠳ ᠦᠨᠦᠰᠤᠨ᠎ᠠ᠃ | ᠡᠮᠡᠭᠡ ᠨᠢ ᠠᠴᠢ ᠪᠠᠨ ᠭᠦᠳᠦᠯᠵᠦ᠂ ᠭᠡᠷ ᠲᠤ ᠪᠠᠨ ᠠᠪᠴᠤ ᠤᠷᠤᠭᠠᠳ ᠰᠢᠨ᠎ᠡ ᠡᠮᠡᠭᠡᠯ ᠢ ᠨᠢ ᠮᠢᠯᠢᠶᠠᠭᠠᠳ᠄ ︽ᠵᠠ︕ | ᠬᠦᠤ ᠮᠢᠨᠢ ᠦᠭᠡᠭᠦᠨ ᠲᠡᠭᠡᠷ᠎ᠡ ᠦᠩᠭᠦᠷᠢᠵᠦ᠂ ᠲᠤᠰᠤᠨ ᠲᠡᠭᠡᠷ᠎ᠡ ᠲᠤᠭᠯᠠᠵᠦ᠂ ᠦᠩᠭᠡ ᠲᠠᠢ ᠲᠤᠷᠭ᠎ᠠ ᠡᠳ᠋ᠯᠡᠨ᠂ | ᠦᠯᠦᠭᠡᠢ ᠨᠤᠲᠤᠭ ᠲᠠᠭᠠᠨ ᠡᠵᠡᠨ ᠪᠤᠯᠵᠦ ᠶᠠᠪᠤᠭᠠᠷᠠᠢ︕︾ ᠭᠡᠵᠦ ᠰᠠᠶᠢᠨ ᠰᠠᠶᠢᠬᠠᠨ ᠢ ᠨᠢ ᠢᠷᠦᠭᠡᠨ ᠪᠡᠯᠭᠡᠳᠡᠵᠡᠢ᠃ | ᠪᠢᠴᠢᠬᠠᠨ ᠬᠦᠤ ᠡᠮᠡᠭᠡ ᠶᠢᠨ ᠢᠶᠠᠨ ᠦᠭᠭᠦᠭᠰᠡᠨ ᠵᠤᠭᠤᠰ ᠪᠤᠤᠪᠤ ᠶᠢ ᠠᠪᠴᠦ ᠭᠡᠷ ᠲᠡᠭᠡᠨ ᠬᠦᠷᠴᠦ᠂ ᠡᠬᠡ ᠳᠡᠭᠡᠨ | ᠰᠢᠨ᠎ᠡ ᠡᠮᠡᠭᠡᠯ ᠲᠤᠬᠤᠵᠦ ᠮᠤᠷᠢ ᠤᠨᠤᠭᠰᠠᠨ᠂ ᠡᠮᠡᠭᠡ ᠶᠢᠨ ᠡᠮᠡᠭᠡᠯ ᠮᠢᠯᠢᠶᠠᠭᠰᠠᠨ ᠢ ᠪᠠᠶᠠᠷᠯᠠᠨ ᠶᠠᠷᠢᠬᠤᠢ ᠳᠤ ᠲᠡᠷᠡ | ᠴᠤ ᠦᠭᠦᠭᠡᠷᠳᠡᠨ᠄ ︽ᠮᠢᠨᠤ ᠬᠦᠤ ᠲᠤᠮᠤ ᠪᠤᠯᠴᠢᠭᠰᠠᠨ ᠶᠤᠮ ᠴᠢᠨᠢ ᠲᠡᠭᠡᠯᠭᠦᠢ ᠳ᠋ᠠ︕︾ ᠭᠡᠨ᠎ᠡ᠃ | ᠤᠯᠠᠭᠠᠨ ᠪᠠᠷᠰ ᠵᠢᠯ ᠤᠨ ᠬᠠᠪᠤᠷ᠂ ᠲᠦᠯ ᠲᠤᠰᠬᠤ ᠶᠢᠨ ᠲᠠᠭᠠᠤ ᠳᠤ ᠦᠪᠡᠷ ᠤᠨ ᠨᠦᠭᠡᠴᠡ ᠡᠪᠡᠰᠦᠨ | ᠬᠦᠷᠢᠶ᠎ᠡ ᠳᠡᠭᠡᠨ ᠨᠢᠭᠡᠨ ᠠᠮᠠᠰᠠᠷ ᠬᠤᠳᠳᠤᠭ ᠮᠠᠯᠳᠠᠵᠦ ᠭᠠᠷᠭᠠᠭᠰᠠᠨ ᠪᠦᠭᠡᠳ ᠲᠤᠭᠤᠭᠠᠳᠤ ᠶᠢᠨ ᠬᠠᠭᠤᠴᠢᠨ | ᠬᠤᠳᠳᠤᠭ ︵ᠬᠠᠭᠤᠴᠢᠳ ᠠᠶᠢᠮᠠᠭ ᠤᠨ ᠠᠯᠢ ᠦᠶ᠎ᠡ ᠶᠢᠨ ᠬᠤᠳᠳᠤᠭ ᠢ ᠪᠣᠤ ᠮᠡᠳᠡ︶ ᠤᠨ ᠠᠯᠣᠮ ᠢ ᠣᠯᠵᠤ | ᠠᠪᠣᠭᠠᠳ ᠲᠠᠬᠢᠨ ᠰᠢᠨ᠎ᠠ ᠪᠠᠷ ᠬᠠᠰᠢᠵᠠᠢ᠃ ᠣᠤᠯ ᠬᠤᠳᠳᠤᠭ ᠤᠨ ᠢᠷᠣᠭᠠᠯ ᠨᠢ ᠬᠠᠳᠠᠨ ᠳᠡᠪᠢᠰᠭᠡᠷ ᠲᠡᠭᠡᠷ᠎ᠡ | ᠰᠠᠭᠤᠭᠰᠠᠨ ᠪᠦᠭᠡᠳ ᠮᠣᠳᠣᠨ ᠬᠠᠰᠢᠶᠠᠷᠠᠭᠠ ᠨᠢ ᠲᠡᠷᠡ ᠬᠡᠪ ᠢᠶᠠᠷ ᠢᠶᠠᠨ ᠪᠠᠶᠢᠯ᠎ᠠ᠂ ᠭᠦᠨ ᠨᠢ 2 ᠮᠧᠲᠷ ᠬᠢᠷᠢ ᠲᠠᠢ | ᠣᠰᠣ ᠰᠠᠶᠢᠳᠠᠢ ᠬᠤᠳᠳᠤᠭ ᠪᠣᠯᠬᠤᠷ ᠮᠠᠯ ᠣᠰᠣᠯᠠᠬᠤ ᠳᠤ ᠰᠢᠷᠭᠢᠰᠢ ᠦᠭᠡᠢ ᠪᠠᠶᠠᠨ ᠤᠨᠳᠤᠷᠤᠯ ᠲᠠᠢ ᠭᠡᠵᠦ ᠮᠡᠳᠡ᠃ | ᠰᠣᠮᠣᠨ ᠤ ᠨᠠᠮ ᠤᠨ ᠬᠤᠷᠢᠶᠠᠨ ᠠᠴᠠ ︽ᠪᠣᠯᠪᠠᠰᠤᠨ ᠡᠷᠣᠬᠡ︾ ᠰᠢᠯᠭᠠᠷᠠᠭᠤᠯᠤᠨ ᠱᠠᠩᠨᠠᠬᠤ ᠳᠤ ᠲᠤᠰ ᠪᠠᠷᠢᠭᠠᠳᠠ | ᠠᠴᠠ ᠵᠢᠷᠭᠤᠭᠠᠨ ᠪᠣᠯᠪᠠᠰᠣᠨ ᠡᠷᠦᠬᠡ ᠶᠢᠨ ᠨᠢᠭᠡ ᠪᠣᠯᠵᠤ ᠭᠡᠷ ᠪᠦᠯᠢ ᠶᠢᠨ ᠥᠩᠭᠡ ᠭᠡᠷᠡᠯ ᠣᠯᠵᠠᠢ᠃ ᠮᠥᠨ ᠵᠢᠯ | ᠤᠨ ᠵᠣᠨ᠂ ᠲᠡᠷᠡ ᠠᠬ᠎ᠠ ᠲᠠᠢ ᠪᠠᠨ ᠬᠠᠮᠳᠦᠷᠠᠵᠤ ᠬᠤᠶᠠᠭᠤᠯᠠ ᠬᠤᠶᠠᠷ ᠵᠠᠩ ᠳᠥᠷᠪᠡᠨ ᠳᠠᠰᠤᠯᠭ᠎ᠠ ᠪᠦᠬᠦᠢ ᠰᠢᠨ᠎ᠡ | ᠪᠠᠶᠢᠰᠢᠩ ᠶᠢ ᠰᠣᠮᠣᠨ ᠲᠥᠪ ᠳᠤ ᠪᠠᠷᠢᠭᠤᠯᠵᠦ᠂ ᠡᠵᠢ ᠪᠣᠯᠣᠨ ᠬᠡᠤᠬᠡᠳ ᠤᠳ ᠢᠶᠠᠨ ᠥᠪᠡᠷ ᠤᠨ ᠭᠡᠬᠦ ᠣᠷᠣᠨ | ᠰᠠᠭᠤᠴᠠ ᠲᠠᠢ ᠪᠣᠯᠭᠠᠵᠠᠢ᠂ ᠪᠤᠭᠤᠷᠤᠯ ᠡᠵᠢ ᠪᠠᠨ ᠡᠨᠡ ᠮᠡᠳᠦ ᠠᠴᠢᠯᠠᠨ ᠪᠠᠶᠠᠷᠯᠠᠭᠤᠯᠵᠦ ᠶᠠᠪᠤᠵᠠᠢ᠃ | ᠡᠷᠳᠡᠮᠳᠡᠭᠦᠰ ᠤᠨ ᠡᠵᠢ᠂ ᠦᠷ᠎ᠡ ᠬᠡᠤᠬᠡᠳ ᠤᠨ ᠢᠶᠠᠨ ᠮᠠᠯ ᠰᠦᠷᠦᠭ ᠨᠢ ᠦᠨᠢᠷ ᠦᠰᠴᠤ᠂ ᠬᠦᠳᠡᠭᠡ | ᠰᠤᠮᠤ ᠦᠭᠡᠢ ᠪᠠᠶᠢᠰᠢᠩ ᠭᠡᠷ ᠲᠤ ᠤᠷᠤᠴᠢᠭᠰᠠᠨ ᠦᠭᠡᠳᠡᠯᠡᠬᠦ ᠠᠮᠢᠳᠤᠷᠠᠯ ᠢ ᠨᠢ ᠦᠵᠡᠭᠡᠳ ᠶᠡᠬᠡᠳᠡ ᠰᠡᠳᠭᠢᠯ | ᠬᠦᠳᠡᠯᠤᠨ᠄ ︽ᠪᠢᠳᠡᠨ ᠤ ᠵᠠᠯᠠᠭᠤ ᠳᠤ ᠲᠦᠷᠦ ᠶᠢᠨ ᠦᠢᠮᠡᠭᠡᠨ ᠲᠠᠭᠠᠷᠠᠭᠰᠠᠨ ᠲᠠᠢ᠂ ᠬᠡᠵᠢᠶ᠎ᠡ ᠪᠤᠯᠤᠭᠰᠠᠨ ᠴᠤ | ᠬᠡᠳᠦᠨ ᠮᠠᠯ ᠢᠶᠠᠨ ᠠᠪᠤᠭᠠᠳ ᠲᠡᠭᠡᠷᠡᠮ ᠬᠤᠯᠠᠭᠠᠢ ᠠᠴᠠ ᠵᠠᠶᠢᠯᠠᠨ ᠨᠡᠭᠦᠵᠦ ᠲᠤᠳᠠᠭᠠᠵᠦ ᠶᠠᠪᠤᠨ᠎ᠠ᠂ ᠠᠮᠤᠷ ᠰᠠᠭᠤᠵᠦ | ᠵᠢᠷᠭᠠᠭᠰᠠᠨ ᠤᠳᠠᠭ᠎ᠠ ᠭᠡᠵᠦ ᠨᠢᠭᠡ ᠴᠤ ᠦᠭᠡᠢ᠃ ᠴᠢᠯᠦᠭᠡᠯᠡᠭᠳᠡᠭᠰᠡᠨ ᠤ ᠲᠠᠷᠠᠭ᠎ᠠ ᠭᠡᠳ ᠨᠡᠭᠦᠵᠦ ᠲᠤᠳᠠᠭᠠᠬᠤ | ᠶᠠᠪᠤᠳᠠᠯ ᠦᠭᠡᠢ ᠴᠤ ᠮᠠᠯ ᠬᠦᠷᠦᠩᠭᠡ ᠪᠠᠨ ᠪᠦᠬᠦᠨ ᠢ ᠬᠤᠷᠢᠶᠠᠯᠭᠠᠭᠰᠠᠨ ᠰᠢᠤ᠂ ᠤᠯᠠᠨ ᠬᠡᠤᠬᠡᠳ ᠲᠠᠢ ᠪᠢ ᠮᠠᠰᠢ | ᠶᠡᠭᠡ ᠭᠠᠴᠢᠭᠳᠠᠵᠦ ᠶᠠᠪᠤᠭᠰᠠᠨ ᠶᠤᠮ ᠳ᠋ᠠ︕ ᠭᠡᠳᠡᠯ᠎ᠡ ᠤᠳᠤ ᠴᠢᠨᠢ ᠨᠠᠮ ᠤᠨ ᠢᠶᠠᠨ ᠵᠦᠪ ᠪᠤᠳᠤᠯᠭ᠎ᠠ ᠶᠢᠨ ᠰᠠᠶᠢᠨ | ᠢᠶᠠᠷ ᠦᠪᠡᠷ ᠤᠨ ᠭᠡᠬᠦ ᠨᠤᠲᠤᠭ ᠲᠠᠢ᠂ ᠮᠠᠯ ᠰᠦᠷᠦᠭ ᠲᠠᠢ᠂ ᠲᠤᠬᠢᠯᠠᠭ ᠰᠠᠶᠢᠬᠠᠨ ᠤᠷᠤᠨ ᠰᠠᠭᠤᠴᠠ ᠲᠠᠢ ᠶᠠᠮᠠᠷ | ᠰᠠᠶᠢᠬᠠᠨ ᠵᠢᠷᠭᠠᠯᠳᠠᠢ ᠠᠮᠢᠳᠤᠷᠠᠯ ᠢ ᠬᠢᠵᠦ ᠪᠠᠶᠢᠨᠠᠪ︕ ᠮᠤᠲ᠋ᠤᠷ ᠭᠡᠬᠦ ᠦᠭᠡᠢ ᠪᠤᠯ ᠲᠠᠷᠺᠠᠲ᠋ᠤᠷ ᠭᠡᠳ | ᠮᠠᠰᠢᠨᠴᠢᠯᠠᠭᠰᠠᠨ᠂ ᠡᠶᠢᠮᠦ ᠰᠠᠶᠢᠬᠠᠨ ᠠᠮᠢᠳᠤᠷᠠᠯ ᠢ ᠡᠳ᠋ᠯᠡᠨ᠎ᠡ ᠭᠡᠵᠦ ᠪᠢ ᠵᠡᠭᠦᠳᠦᠨ ᠳᠤ ᠴᠤ ᠪᠠᠶᠢᠭᠰᠠᠨ ᠦᠭᠡᠢ ᠰᠢᠤ︾ | ᠭᠡᠵᠦ ᠡᠷᠭᠢᠴᠡᠭᠦᠯᠦᠯ᠎ᠡ᠃ | ᠤᠯᠠᠭᠴᠢᠨ ᠲᠠᠤᠯᠠᠢ ᠵᠢᠯ ᠤᠨ ᠴᠠᠭᠠᠨ ᠰᠠᠷ᠎ᠠ ᠤᠶᠢᠷᠠᠳᠤᠭᠰᠠᠨ ᠬᠦᠬᠦᠭᠡ ᠰᠠᠷ᠎ᠠ ᠶᠢᠨ ᠬᠤᠷᠢᠳ ᠤᠨ ᠨᠢᠭᠡᠨ | ᠲᠤᠩᠭᠠᠯᠠᠭ ᠡᠳᠦᠷ ᠶᠤᠮᠰᠠᠨ᠃ ᠴᠠᠭᠠᠨ ᠰᠠᠷ᠎ᠠ ᠶᠢᠨ ᠪᠠᠶᠠᠷ ᠢᠶᠠᠨ ᠭᠦᠷ ᠨᠠᠷᠭᠢᠶᠠᠨ ᠲᠠᠢ ᠦᠩᠭᠡᠷᠡᠭᠡᠵᠦ᠂ ᠨᠠᠰᠤᠳᠠᠨ | ᠨᠢᠯᠬ᠎ᠠ ᠪᠠᠨ ᠪᠠᠶᠠᠰᠬᠠᠬᠤ ᠶᠢᠨ ᠲᠤᠰᠠᠳᠠ᠂ ᠡᠷᠳᠡᠮᠳᠡᠭᠦᠰ ᠭᠤᠸᠠᠢ ᠲᠧᠯᠸᠢᠰ ᠤᠨ ᠠᠭᠠᠷ ᠤᠳᠠᠰᠤ ᠶᠢᠨ ᠪᠠᠭᠠᠨ᠎ᠠ ᠶᠢ | ᠠᠬ᠎ᠠ ᠲᠠᠢ ᠪᠠᠨ ᠬᠠᠮᠵᠢᠯᠴᠢᠨ ᠠᠷᠠᠢ ᠯᠡ ᠭᠡᠵᠦ ᠪᠤᠰᠬᠠᠵᠠᠢ᠃ ᠤᠴᠢᠷ ᠨᠢ ᠪᠠᠭᠠᠨ᠎ᠠ ᠶᠢᠨ ᠡᠰᠢ ᠶᠢ ᠮᠤᠳᠤᠨ | ᠲᠡᠷᠭᠡᠨ ᠤ ᠠᠷᠠᠯ ᠪᠤᠶᠤ ᠪᠠᠶᠢᠰᠢᠩ ᠤᠨ ᠨᠢᠷᠤᠭᠤ ᠶᠢ ᠲᠡᠮᠦᠷ ᠤᠳᠠᠰᠤ ᠪᠠᠷ ᠵᠠᠯᠭᠠᠨ ᠡᠷᠦᠭᠰᠡᠨ ᠠᠴᠠ ᠮᠠᠰᠢ ᠬᠦᠨᠳᠦ | ᠪᠦᠭᠡᠳ ᠦᠨᠳᠦᠷ ᠪᠠᠶᠢᠯ᠎ᠠ᠃ ᠠᠭᠠᠷ ᠤᠳᠠᠰᠤᠨ ᠤ ᠴᠢᠭ ᠢ ᠵᠡᠭᠦᠨᠰᠢ ᠲᠦᠰᠢ ᠠᠭᠤᠯᠠ ᠵᠦᠭ ᠬᠠᠨᠳᠤᠭᠤᠯᠤᠨ | ᠤᠭᠰᠤᠷᠴᠤ ᠤᠷᠤᠢ ᠦᠵᠡᠬᠦ ᠪᠠᠷ ᠪᠡᠯᠡᠳᠭᠡᠨ᠎ᠡ᠃ ᠤᠷᠤᠢ ᠨᠢ ᠮᠠᠯ ᠰᠦᠷᠦᠭ ᠢᠶᠠᠨ ᠬᠤᠳᠠᠯᠠᠭᠠᠳ ᠤᠷᠤᠵᠦ | ᠢᠷᠡᠬᠦ ᠳᠤ ᠡᠵᠢ ᠮᠢᠨᠢ ᠮᠠᠰᠢ ᠪᠠᠶᠠᠷᠳᠠᠢ ᠪᠠᠷ᠄ ︽ᠵᠠ︕ ᠬᠦᠤ ᠮᠢᠨᠢ ᠦᠨᠤ ᠤᠷᠤᠢ ᠤᠷᠠᠨ ᠰᠠᠶᠢᠬᠠᠨ ᠭᠠᠷᠳᠠᠭ | ᠪᠢᠯᠢᠤ︖ ᠰᠠᠶᠢᠬᠠᠨ ᠦᠵᠡᠶ᠎ᠡ︕︾ ᠭᠡᠬᠦᠯᠡᠷ ᠲᠡᠷᠡ ᠪᠠᠷ᠄ ︽ᠲᠦᠰᠢ ᠶᠢᠨ ᠤᠷᠤᠢ ᠲᠡᠭᠡᠷ᠎ᠡ ᠲᠠᠮᠵᠢᠭᠤᠯᠬᠤ | ᠦᠷᠳᠡᠭᠡ ᠭᠠᠷᠤᠯ᠎ᠠ ᠭᠡᠰᠡᠨ᠂ ᠭᠠᠷᠤᠯᠭᠦᠢ ᠶᠠᠭᠠᠬᠢᠬᠤᠪ︕︾ ᠭᠡᠵᠦ ᠪᠠᠳᠤᠯᠠᠨ ᠶᠠᠷᠢᠯ᠎ᠠ᠃ ᠲᠡᠭᠦᠨ ᠢ ᠲᠠᠷᠭᠤᠨ | ᠮᠢᠬ᠎ᠠ ᠭᠦᠰᠭᠦᠯᠦᠨ ᠴᠠᠢ ᠤᠤᠭᠤᠬᠤ ᠵᠠᠭᠤᠷ᠎ᠠ ᠡᠵᠢ ᠨᠢ ᠠᠴᠢᠨᠠᠷ ᠢᠶᠠᠨ ᠦᠭᠦᠭᠡᠷᠳᠡᠨ ᠡᠷᠬᠡᠯᠡᠭᠦᠯᠦᠨᠡ᠃ ᠤᠷᠤᠢ ᠶᠢᠨ | ᠨᠠᠢᠮᠠᠨ ᠴᠠᠭ ᠪᠤᠯᠤᠯ᠎ᠠ᠂ ︽YAMAHA︾ ᠲᠡᠮᠳᠡᠭᠳᠦ ᠴᠠᠬᠢᠯᠭᠠᠨ ᠭᠠᠷᠭᠠᠬᠤ ᠮᠠᠰᠢᠨ ᠢᠶᠠᠨ ᠨᠤᠴᠤᠭᠠᠵᠦ᠂ | ᠲᠧᠯᠸᠢᠰ ᠢᠶᠠᠨ ᠨᠡᠭᠡᠭᠡᠪᠡᠯ ᠵᠡᠭᠦᠨ ᠦᠵᠦᠮᠦᠴᠢᠨ ᠤ ᠲᠧᠯᠸᠢᠰ ᠨᠡᠪᠳᠡᠷᠡᠭᠦᠯᠭᠡ ᠨᠢ ︽ᠦᠵᠦᠮᠦᠴᠢᠨ ᠨᠤᠲᠤᠭ︾ ᠭᠡᠬᠦ | ᠬᠦᠭᠵᠢᠮ ᠤᠨ ᠠᠶᠠᠰ ᠢᠶᠠᠷ ᠡᠬᠢᠯᠡᠨ ᠪᠠᠶᠢᠯ᠎ᠠ᠃ ᠪᠤᠳᠤᠭᠳᠤ ᠲᠧᠯᠸᠢᠰ ᠦᠩᠭᠡ ᠢᠯᠭᠠᠷᠠᠨ ᠴᠡᠭᠡᠨ ᠬᠦᠰᠢᠭᠡᠨᠡ | ᠲᠤᠲᠤᠷᠠᠬᠤ ᠳᠤ ᠨᠠᠰᠤᠳᠠᠨ ᠭᠤᠸᠠᠢ ᠠᠩᠬ᠎ᠠ ᠤᠳᠠᠭ᠎ᠠ ᠰᠤᠨᠢᠷᠬᠠᠨ ᠦᠵᠡᠵᠦ ᠪᠠᠶᠢᠬᠤ ᠤᠴᠢᠷ ᠲᠠᠭᠤ ᠠᠯᠳᠠᠨ | ᠭᠠᠶᠢᠬᠠᠨ ᠰᠤᠨᠢᠷᠬᠠᠵᠦ᠄ ︽ᠬᠠᠢ︕ ᠡᠨᠡ ᠶᠠᠮᠠᠷ ᠰᠠᠶᠢᠬᠠᠨ ᠭᠠᠷᠴᠤ ᠪᠠᠶᠢᠨ᠎ᠠ ᠪᠤᠢ᠂ ᠭᠡᠷ ᠲᠡᠭᠡᠨ ᠰᠠᠭᠤᠭᠠᠳ ᠡᠶᠢᠮᠦ | ᠰᠠᠶᠢᠬᠠᠨ ᠶᠠᠭᠤᠮ᠎ᠠ ᠦᠵᠡᠨ᠎ᠡ ᠭᠡᠳᠡᠭ ᠴᠢᠨᠢ᠂ ᠤᠯᠤᠰ ᠤᠨ ᠬᠦᠭᠵᠢᠯ ᠭᠡᠵᠦ ᠦᠨᠡᠬᠡᠷ ᠪᠢᠰᠢᠷᠡᠭᠦᠰᠢᠳᠡᠢ ᠬᠦ᠋︕︾ | ᠭᠡᠵᠦ ᠠᠮᠳᠠᠷᠬᠠᠨ ᠦᠵᠡᠨ᠎ᠡ᠂ ᠲᠡᠭᠡᠵᠦ ᠪᠠᠶᠢᠳᠠᠯ᠎ᠠ ᠰᠦᠨᠢᠳ ᠵᠡᠭᠦᠨ ᠬᠤᠰᠢᠭᠤᠨ ᠤ ᠡᠮᠡᠭᠳᠡᠢ ᠲᠠᠭᠤᠴᠢᠨ ᠬᠠᠰ ᠠᠴᠠ | ᠦᠪᠡᠷᠳᠡᠭᠡᠨ ᠲᠠᠭᠤᠯᠠᠵᠦ ᠶᠠᠳᠤᠭ᠎ᠠ ᠬᠦᠭᠵᠢᠮᠳᠡᠭᠰᠡᠨ ︽ᠮᠤᠩᠭᠤᠯ ᠶᠠᠳᠤᠭ᠎ᠠ︾ ᠪᠠᠨ ᠡᠪᠯᠡᠭᠦᠨ ᠲᠤᠩᠭᠠᠯᠠᠭ | ᠬᠤᠭᠤᠯᠠᠢ ᠡᠳᠡᠭᠡᠳ ᠭᠤᠶᠤᠬᠠᠨ ᠶᠠᠳᠤᠭ᠎ᠠ ᠶᠢᠨ ᠲᠠᠭᠤᠨ ᠲᠠᠢ ᠬᠦᠭ ᠨᠡᠶᠢᠯᠡᠭᠦᠯᠦᠨ ᠭᠠᠷᠭᠠᠬᠤ ᠳᠤ᠂ ᠡᠵᠢ ᠨᠢ | ᠤᠯᠠᠮ ᠭᠠᠶᠢᠬᠠᠰᠢᠷᠠᠨ ᠰᠡᠳᠭᠢᠯ ᠬᠦᠳᠡᠯᠵᠦ᠄ ︽ᠡᠨᠡ ᠴᠤ ᠦᠨᠡᠬᠡᠷ ᠴᠢᠳᠠᠪᠤᠷᠢᠳᠠᠢ ᠬᠦᠮᠦᠨ ᠪᠠᠶᠢᠨ᠎ᠠ᠂ ᠲᠠᠭᠤᠴᠢᠨ | ᠴᠤ ᠬᠦᠮᠦᠨ ᠪᠠᠶᠢᠨ᠎ᠠ ᠰᠢᠤ᠂ ᠲᠧᠯᠸᠢᠰ ᠲᠡᠭᠡᠷ᠎ᠡ ᠭᠠᠷᠬᠤ ᠴᠢᠨᠢ ᠪᠤᠶᠠᠨ ᠲᠠᠢ ᠯᠡ ᠬᠦᠮᠦᠨ ᠳ᠋ᠠ︕︾ ᠭᠡᠵᠦ | ᠮᠠᠭᠳᠠᠨ᠎ᠠ᠃ ᠡᠷᠳᠡᠮᠳᠡᠭᠦᠰ ᠴᠤ ᠪᠠᠰᠠ ᠬᠠᠵᠠᠭᠤ ᠪᠠᠷ ᠨᠢ ᠲᠠᠭᠤᠤ ᠶᠢ ᠨᠢ ᠰᠢᠩᠭᠡᠭᠡᠬᠦ ᠭᠡᠳ ᠪᠠᠴᠢᠮᠳᠠᠨ᠎ᠠ᠃ ᠠᠭᠠᠵᠢᠮ | ᠰᠢᠭ᠋ ᠦᠷᠭᠦᠯᠵᠢᠯᠡᠭᠰᠡᠨ ᠲᠧᠯᠸᠢᠰ ᠵᠦᠴᠦᠭᠡ ︽ᠱᠠᠩᠬᠠᠢ ᠲᠠᠨ ᠤᠯᠤᠮ︾ ᠤᠨ ᠭᠡᠰᠡᠭ ᠦᠵᠡᠭᠳᠡᠯ ᠠᠴᠠ | ᠰᠤᠨᠢᠷᠬᠠᠵᠠᠢ᠃ ᠦᠨᠦ ᠤᠷᠤᠢ ᠨᠠᠰᠤᠳᠠᠢ ᠪᠤᠭᠤᠷᠤᠯ ᠡᠵᠢ ᠴᠤ ᠪᠠᠶᠠᠷᠯᠠᠨ᠎ᠠ᠂ ᠲᠡᠷᠡ ᠪᠠᠰᠠ ᠪᠠᠶᠠᠷᠯᠠᠨ᠎ᠠ᠂ ᠪᠦᠬᠦ | ᠭᠡᠷ ᠪᠠᠷ ᠢᠶᠠᠨ ᠪᠠᠶᠠᠷ ᠭᠦᠷ ᠲᠠᠢ᠂ ᠰᠠᠷᠠᠨ ᠴᠤ ᠴᠠᠢ ᠠᠶᠠᠭᠠᠯᠠᠨ ᠪᠤᠭᠤᠷᠰᠤᠭ ᠲᠠᠯᠪᠢᠵᠦ ᠤᠯᠠᠮ ᠲᠠᠭᠠᠳᠠᠢ ᠯᠡ | ᠵᠤᠭᠤᠭ ᠪᠤᠯᠭᠠᠨ᠎ᠠ᠃ ᠪᠠᠶᠠᠷ ᠤᠨ ᠠᠭᠤᠷ ᠲᠤ ᠵᠤᠳ ᠨᠠᠮᠬᠠᠷᠠᠬᠤ ᠰᠢᠭ᠋ ᠪᠤᠯᠵᠦ᠂ ᠪᠠᠭ᠋ᠠᠳᠤᠯ ᠨᠠᠷᠭᠢᠶᠠᠨ ᠲᠠᠢ ᠠᠶᠢᠯ | ᠡᠷᠦᠬᠡ ᠳᠤ ᠭᠦᠷ ᠪᠢᠯᠬᠠᠷᠨᠠ᠃ ᠪᠤᠭᠤᠷᠤᠯ ᠨᠠᠰᠤᠳᠠᠨ ᠢᠶᠠᠨ ᠪᠠᠶᠠᠷᠯᠠᠭᠤᠯᠵᠦ᠂ ᠪᠤᠳᠤᠯ ᠤᠨ ᠭᠦᠨ ᠳᠡᠭᠡᠨ ᠬᠦᠨᠳᠦᠯᠡᠬᠦ | ᠨᠢ ᠦᠷ᠎ᠡ ᠪᠤᠯᠤᠭᠰᠠᠳ ᠤᠨ ᠡᠭᠦᠷᠭᠡ ᠭᠠᠷᠢᠭᠤᠴᠠᠯᠭᠠ ᠪᠠᠶᠢᠬᠤ ᠳᠠᠭᠠᠨ ᠲᠠᠭᠠᠷᠠᠨ᠎ᠠ᠃ | ᠴᠡᠴᠡᠭᠳᠦ ᠵᠣᠨ ᠦᠷᠦᠴᠠ ᠪᠠᠨ ᠲᠡᠯᠭᠡᠨ ᠰᠠᠭᠠᠳᠠᠨ᠎ᠠ᠂ ᠨᠠᠮ ᠤᠨ ᠡᠭᠦᠷ ᠤᠨ ᠠᠬᠠᠮᠠᠳ ᠱᠦᠵᠢ ᠭᠤᠸᠠᠢ | ᠠᠵᠢᠯ ᠤᠨ ᠠᠮᠠᠷᠠᠯᠳᠠ ᠪᠠᠨ ᠠᠪᠣᠭᠰᠠᠨ ᠳᠤ᠂ ᠡᠷᠳᠡᠮᠳᠡᠭᠦᠰ ᠴᠤ ᠡᠭᠦᠷ ᠤᠨ ᠱᠦᠵᠢ ᠶᠢᠨ ᠳᠣᠰᠢᠶᠠᠯ ᠢ | ᠬᠠᠷᠢᠭᠤᠴᠠᠪᠠ᠃ ᠲᠡᠷᠡ ᠭᠠᠴᠠᠭ᠎ᠠ ᠶᠢᠨ ᠠᠵᠢᠯ ᠬᠠᠷᠢᠭᠤᠴᠠᠭᠰᠠᠨ ᠠᠴᠠ ᠨᠡᠶᠢᠳᠡ ᠶᠢᠨ ᠬᠤᠷᠠᠮᠳᠤᠭᠤᠯᠭ᠎ᠠ ᠶᠢᠨ | ᠮᠦᠩᠭᠦ ᠶᠢ ᠮᠠᠯᠵᠢᠬᠤ ᠦᠢᠯᠡᠳᠪᠦᠷᠢᠯᠡᠯ ᠤᠨ ︽ᠰᠠᠭᠤᠷᠢ ᠪᠦᠳᠦᠭᠡᠨ ᠪᠠᠶᠢᠭᠤᠯᠤᠯᠳᠠ︾ ᠳᠤ ᠵᠠᠷᠤᠴᠠᠭᠤᠯᠬᠤ ᠶᠢ | ᠪᠠᠷᠢᠮᠳᠠᠯᠠᠵᠦ᠂ ᠲᠣᠰ ᠵᠢᠯ ᠳᠤ ᠭᠠᠴᠠᠭ᠎ᠠ ᠠᠴᠠ ᠣᠤᠯ ᠰᠠᠭᠤᠷᠢ ᠡᠷᠦᠬᠡ ᠪᠠᠷ ᠪᠠᠷᠢᠮᠵᠢᠶᠠᠯᠠᠭᠰᠠᠨ ᠭᠤᠷᠪᠠᠨ ᠵᠢᠯ ᠤᠨ | ᠲᠤᠲᠤᠷ᠎ᠠ ᠬᠠᠪᠣᠷ ᠤᠨ ᠨᠥᠭᠡᠴᠡ ᠪᠡᠯᠴᠢᠭᠡᠷ ᠲᠠᠢ ᠪᠣᠯᠭᠠᠬᠤ ᠡᠭᠦᠷᠭᠡ ᠪᠠᠨ ᠪᠡᠶᠡᠯᠡᠭᠦᠯᠦᠭᠰᠡᠨ ᠰᠠᠨ᠃ ᠬᠠᠮᠲᠦ ᠬᠤᠪᠢ | ᠶᠢᠨ ᠪᠡᠯᠡ ᠣᠷᠣᠭᠤᠯᠣᠯᠳᠠ ᠪᠠᠷ ᠡᠳᠡᠨᠡᠶᠢᠬᠢᠨ 270 ᠺᠦᠸᠠᠲ ᠮᠧᠲᠷ ᠤᠨ ᠪᠠᠭᠲᠠᠭᠠᠮᠵᠢᠲᠠᠢ ᠮᠠᠯ ᠤᠨ ᠴᠢᠨᠠᠷ | ᠰᠠᠶᠢᠳᠠᠢ ᠠᠩᠬᠠᠨ ᠤ ᠫᠧᠩ ᠬᠤᠷᠤᠭ᠎ᠠ ᠶᠢ ᠪᠠᠶᠢᠭᠤᠯᠣᠭᠰᠠᠨ ᠨᠢ ᠳᠠᠭᠠᠭᠤᠯᠬᠤ ᠦᠢᠯᠡᠳᠦᠯ ᠦᠵᠡᠭᠦᠯᠪᠡ᠃ | ᠬᠤᠷᠢᠭᠠᠳ ᠮᠠᠯᠴᠢᠨ ᠡᠷᠦᠬᠡ ᠪᠠᠨ ᠲᠠᠶᠢᠴᠢᠯᠠᠵᠦ᠂ ᠬᠤᠷᠤᠭ᠎ᠠ ᠬᠠᠰᠢᠶ᠎ᠠ ᠶᠢᠨ ᠪᠠᠶᠢᠭᠤᠯᠤᠯᠳᠠ ᠬᠢᠬᠦ ᠶᠢ | ᠵᠤᠷᠢᠭᠵᠢᠭᠤᠯᠤᠨ᠂ ᠡᠭᠦᠷᠭᠡ ᠪᠠᠨ ᠪᠠᠶᠠᠯᠠᠭᠦᠯᠵᠠᠢ᠃ ᠰᠤᠮᠤᠨ ᠤ ᠪᠠᠭ᠎ᠠ ᠰᠤᠷᠭᠭᠠᠭᠤᠯᠢ ᠶᠢᠨ ᠰᠢᠨ᠎ᠡ ᠪᠠᠷᠢᠯᠭ᠎ᠠ ᠶᠢᠨ | ᠪᠠᠶᠢᠭᠤᠯᠤᠯᠳᠠ ᠳᠤ ᠬᠠᠮᠳᠤ ᠶᠢᠨ ᠬᠤᠷᠠᠮᠳᠤᠯ ᠠᠴᠠ 5 ᠲᠦᠮᠡᠨ ᠲᠦᠭᠦᠷᠢᠭ ᠬᠠᠨᠳᠢᠪᠯᠠᠨ ᠦᠭᠴᠤ᠂ ᠰᠤᠷᠭᠠᠨ | ᠬᠦᠮᠦᠵᠢᠯ ᠤᠨ ᠠᠵᠢᠯ ᠢ ᠬᠦᠨᠳᠦᠳᠭᠡᠨ ᠦᠵᠡᠵᠦ᠂ ᠲᠡᠮᠵᠢᠨ ᠲᠤᠰᠠᠯᠠᠵᠦ ᠶᠠᠪᠤᠭᠰᠠᠨ ᠪᠠᠶᠢᠪᠠ᠃ | ᠡᠷᠳᠡᠮᠳᠡᠭᠦᠰ ᠭᠤᠸᠠᠢ ᠮᠠᠯᠴᠢᠨ ᠲᠦᠮᠡᠨ ᠢᠶᠠᠨ ᠲᠠᠶᠢᠴᠢᠯᠠᠨ᠂ ᠠᠮᠢᠳᠤᠷᠠᠯ ᠤᠨ ᠬᠡᠯᠪᠡᠷᠢ ᠪᠠᠨ ᠬᠤᠪᠢᠷᠠᠭᠤᠯᠬᠤ | ᠶᠢ ᠤᠬᠠᠭᠤᠯᠵᠦ ᠶᠠᠪᠤᠳᠠᠭ ᠢᠶᠠᠷ ᠵᠢᠯ ᠪᠦᠷᠢ ᠨᠤᠷᠮ᠎ᠠ ᠲᠤᠭᠳᠠᠭᠠᠵᠦ᠂ ᠮᠠᠯ ᠤᠨ ᠴᠢᠨᠠᠷ ᠰᠠᠶᠢᠳᠠᠢ ᠬᠤᠷᠤᠭ᠎ᠠ ᠬᠠᠰᠢᠶ᠎ᠠ᠂ | ᠬᠠᠪᠤᠷᠵᠢᠶᠠᠨ ᠤ ᠨᠦᠭᠡᠴᠡ ᠪᠡᠯᠴᠢᠭᠡᠷ᠂ ᠪᠡᠯᠴᠢᠭᠡᠷ ᠢ ᠡᠷᠦᠭᠡ ᠳᠤ ᠲᠡᠭᠰᠢᠯᠡᠨ ᠲᠠᠭᠠᠭᠠᠴᠢᠯᠠᠭᠤᠯᠬᠤ᠂ ᠬᠤᠳᠳᠤᠭ | ᠤᠰᠤ ᠵᠡᠷᠭᠡ ᠦᠨᠳᠦᠰᠦᠨ ᠪᠠᠶᠢᠭᠤᠯᠤᠯᠳᠠ ᠶᠢ ᠠᠳᠬᠤᠭᠰᠠᠨ ᠢᠶᠠᠷ ᠪᠦᠬᠦ ᠭᠠᠴᠠᠭ᠎ᠠ ᠶᠢᠨ ᠠᠶᠢᠯ ᠡᠷᠦᠬᠡ ᠶᠢᠨ%80 | — %100 ᠬᠦᠷᠭᠡᠵᠦ᠂ ᠠᠶᠢᠯ ᠡᠷᠦᠬᠡ ᠪᠦᠬᠦᠨ ᠤ ᠮᠠᠯᠵᠢᠯᠭ᠎ᠠ ᠶᠢᠨ ᠰᠠᠶᠢᠨ ᠰᠠᠭᠤᠷᠢ ᠶᠢ ᠲᠠᠯᠪᠢᠵᠠᠢ᠃ | ᠡᠷᠳᠡ ᠴᠠᠭ ᠦᠶ᠎ᠡ ᠳᠡᠭᠡᠨ ᠲᠤᠭᠤᠰᠬ᠎ᠠ ᠰᠢᠳᠠᠭᠠᠭᠰᠠᠨ ᠤᠯᠠ ᠮᠦᠷ ᠲᠠᠢ | ᠡᠳᠦᠭᠡ ᠴᠠᠭ ᠪᠤᠯᠳᠠᠯ᠎ᠠ ᠪᠠᠨ ᠡᠪᠳᠡᠷᠬᠡᠢ ᠬᠡᠷᠡᠮ ᠤᠨ ᠪᠠᠭᠤᠷᠢ ᠪᠠᠶᠢᠭᠰᠠᠨ ᠴᠤ | ᠡᠵᠡᠨ ᠪᠤᠯᠤᠭᠰᠠᠨ ᠮᠢᠨᠤ ᠪᠡᠶ᠎ᠡ ᠦᠭᠡᠷᠡᠴᠢᠯᠡᠯᠳᠡ ᠶᠢᠨ ᠵᠠᠮ ᠢᠶᠠᠷ ᠠᠶᠠᠯᠠᠨ | ᠢᠷᠡᠭᠡᠳᠦᠢ ᠶᠢᠨ ᠰᠠᠶᠢᠬᠠᠨ ᠦᠢᠯᠡᠰ ᠢᠶᠠᠷ ᠢᠶᠠᠨ ᠦᠨᠳᠦᠰᠦᠨ ᠬᠤᠪᠢᠷᠠᠯᠳᠠ ᠭᠠᠷᠭᠠᠨ᠎ᠠ︕ | — ︽ᠪᠠᠶᠠᠵᠢᠯ ᠤᠨ ᠬᠠᠷᠭᠤᠢ ᠳᠠᠬᠢ ᠮᠢᠨᠤ ᠨᠤᠲᠤᠭ︾ ᠭᠡᠬᠦ ᠨᠠᠶᠢᠷᠠᠭ ᠠᠴᠠ | ᠲᠤᠯᠤᠭ᠎ᠠ᠂ ᠰᠢᠨ᠎ᠡ ᠮᠠᠶ᠋ᠢᠭ ᠤᠨ ᠤᠷᠤᠨ ᠰᠠᠭᠤᠴᠠ ᠳᠤ ᠤᠷᠤᠭᠰᠠᠨ ᠨᠢ | ᠲᠦᠪᠰᠢᠨ ᠪᠠᠶᠢᠭᠤᠯᠤᠭᠰᠠᠨ ᠭᠡᠷ ᠤᠨ | ᠰᠦᠷ ᠰᠠᠬᠢᠭᠤᠯᠰᠤᠨ ᠪᠦᠬᠦᠳᠡ ᠳᠤᠷ | ᠲᠦᠮᠡᠨ ᠠᠮᠳᠠᠳᠤ ᠰᠠᠴᠤᠯᠢ ᠪᠠᠨ ᠡᠷᠭᠦᠮᠤ | ᠰᠦᠯᠳᠡ ᠪᠠᠳᠤ ᠢᠷᠦᠭᠡᠯ ᠡᠨᠡ ᠭᠡᠷ ᠲᠤ ᠤᠷᠤᠰᠢᠬᠤ ᠪᠤᠯᠳᠤᠭᠠᠢ︕ | — ︽ᠭᠡᠷ ᠤᠨ ᠢᠷᠦᠭᠡᠯ︾ ᠭᠡᠬᠦ ᠨᠠᠶᠢᠷᠠᠭ ᠠᠴᠠ | ᠰᠢᠷ᠎ᠠ ᠯᠤᠤ ᠵᠢᠯ ᠤᠨ ᠵᠣᠨ ᠪᠠᠶᠢᠵᠦ ᠯᠡ ᠳ᠋ᠠ᠃ ᠡᠷᠳᠡᠮᠳᠡᠭᠦᠰ ᠭᠤᠸᠠᠢ ᠥᠪᠡᠷ ᠤᠨ | ᠬᠤᠷᠠᠮᠳᠣᠭᠤᠯᠣᠯ ᠢᠶᠠᠷ ᠢᠶᠠᠨ ᠤᠷᠤᠰ ᠴᠤᠬᠤᠢ ᠶᠢᠨ ᠭᠠᠩᠨᠠᠯ ᠲᠠᠢ ᠲᠣᠭᠤᠰᠬ᠎ᠠ ᠪᠦᠲᠦᠴᠡ ᠲᠠᠢ ᠪᠣᠯᠣᠳ ᠴᠣᠩᠬᠤ | ᠲᠠᠭᠠᠷᠠᠭᠤᠯᠣᠭᠰᠠᠨ ᠭᠤᠷᠪᠠᠨ ᠵᠠᠩ ᠵᠢᠷᠭᠤᠭᠠᠨ ᠳᠠᠰᠣᠯᠭ᠎ᠠ ᠭᠤᠶᠣᠮᠰᠤᠭ ᠣᠷᠣᠨ ᠰᠠᠭᠤᠴᠠ ᠶᠢ ᠪᠣᠰᠬᠠᠭᠰᠠᠨ ᠨᠢ | ᠰᠣᠮᠣᠨ ᠳᠠᠭᠠᠨ ᠣᠷᠦ᠋ᠢᠯᠠᠭᠰᠠᠨ ᠪᠠᠷᠢᠯᠭ᠎ᠠ ᠪᠣᠯᠵᠠᠢ᠂ ᠬᠥᠮᠦᠰ ᠶᠠᠭ ᠬᠤᠳᠠ ᠳᠤ ᠣᠷᠣᠭᠰᠠᠨ ᠰᠢᠭ᠋ ᠭᠡᠵᠤ ᠦᠨᠡᠯᠡᠨ | ᠮᠠᠭᠳᠠᠵᠠᠭᠠᠵᠤ ᠪᠠᠶᠢᠯ᠎ᠠ᠂ ᠣᠢᠢᠷ᠎ᠠ ᠬᠠᠪᠢ ᠶᠢᠨ ᠨᠢᠭᠡᠴᠡ ᠶᠢᠨ ᠲᠣᠭᠤᠷᠢᠨ ᠦᠵᠡᠬᠦ ᠴᠢᠭ᠋ ᠪᠣᠯᠣᠭᠰᠠᠨ ᠪᠠᠶᠢᠪᠠ᠃ | ᠲᠡᠷᠡ ᠨᠠᠮᠣᠷ᠂ ᠲᠡᠷᠡ ᠰᠢᠯᠢᠨᠬᠤᠳᠠ ᠠᠴᠠ ᠰᠢᠨ᠎ᠡ ᠮᠠᠶ᠋ᠢᠭ ᠤᠨ ᠪᠣᠰᠤᠭ᠎ᠠ ᠬᠤᠷᠭᠤ᠂ ᠵᠦᠬᠡᠯᠡᠨ ᠰᠠᠭᠤᠳᠠᠯ ᠪᠤᠶᠤ ︽ | yamaha︾ ᠲᠡᠮᠳᠡᠭᠲᠦ ᠴᠠᠬᠢᠯᠭᠠᠨ ᠬᠥᠭᠵᠢᠮᠳᠡᠭᠦᠷ ᠵᠡᠷᠭᠡ ᠦᠨ᠎ᠠ ᠪᠡᠨ᠎ᠠ ᠲᠠᠢ ᠭᠡᠷ ᠤᠨ ᠡᠳ᠋ᠯᠡᠯ ᠣᠷᠣᠭᠤᠯᠣᠭᠠᠳ | ᠂ ᠭᠢᠯ ᠴᠢᠯ ᠪᠣᠯᠵᠤ᠂ ᠭᠡᠷ ᠡᠷᠦᠬᠡ ᠪᠠᠷ ᠢᠶᠠᠨ ᠬᠥᠭᠰᠦᠨ ᠪᠠᠶᠠᠷᠯᠠᠵᠤ ᠶᠠᠪᠣᠯ᠎ᠠ᠂ ᠥᠭᠡᠳᠡ ᠲᠠᠢ ᠰᠠᠶᠢᠨ ᠮᠠᠯᠴᠢᠨ | ᠪᠣᠯᠵᠤ ᠥᠩᠭᠡᠲᠡᠢ ᠭᠡᠭᠡ ᠲᠠᠢ ᠭᠡᠷ ᠪᠦᠯᠢ ᠪᠤᠯᠵᠦ ᠶᠠᠪᠤᠬᠤ ᠨᠢ ᠡᠷᠳᠡᠮᠳᠡᠭᠦᠰ ᠰᠠᠷᠠᠨ ᠬᠤᠶᠠᠷ ᠤᠨ ᠬᠦᠰᠡᠯ ᠵᠡᠭᠦᠳᠦ | ᠪᠤᠯᠵᠦ ᠪᠠᠶᠢᠯ᠎ᠠ᠃ ᠡᠭᠦᠨ ᠢᠶᠠᠷ ᠮᠠᠯ ᠰᠦᠷᠦᠭ ᠭᠡᠳᠡᠭ ᠡᠨᠡᠬᠦ ᠡᠷᠳᠡᠨᠢ ᠪᠠᠨ ᠨᠡᠩ ᠠᠷᠠᠴᠢᠯᠠᠨ ᠥᠰᠭᠡᠬᠦ ᠣᠷᠠᠮᠰᠢᠯ ᠲᠠᠢ | ᠪᠤᠯᠵᠠᠢ᠃ | ᠰᠢᠷᠠᠭᠴᠢᠨ ᠮᠣᠭᠠᠢ ᠵᠢᠯ ᠢᠶᠠᠨ ᠣᠭᠲᠣᠬᠤ ᠵᠠᠢ ᠳᠤ ᠡᠷᠳᠡᠮᠳᠡᠭᠦᠰ ᠤᠨ ᠭᠤᠴᠢᠨ ᠲᠤᠯᠤᠭ᠎ᠠ ᠤᠷᠤᠬᠤ ᠪᠠ | ᠶᠡᠭᠡ ᠬᠦᠤ ᠶᠢᠨ ᠠᠷᠪᠠᠨ ᠭᠤᠷᠪᠠ ᠶᠢᠨ ᠵᠢᠯ ᠵᠢᠷᠭᠡᠭᠰᠡᠨ ᠪᠠᠶᠢᠵᠠᠢ᠂ ᠰᠢᠨ᠎ᠠ ᠲᠦᠪᠬᠢᠨᠡᠭᠦᠨ ᠤᠷᠤᠨ ᠰᠠᠭᠤᠴᠠ ᠳᠠᠭᠠᠨ | ᠦᠩᠭᠡ ᠶᠢᠨ ᠭᠡᠷᠡᠯ ᠠᠯᠠᠭᠯᠠᠭᠤᠯᠤᠭᠰᠠᠨ ᠴᠠᠬᠢᠯᠭᠠᠨ ᠳ᠋ᠧᠩ ᠲᠤᠸᠠᠠᠯᠠᠭᠤᠯᠵᠦ᠂ ᠴᠡᠭᠡᠨ ᠬᠦᠰᠢᠭᠡ | ᠰᠤᠯᠤᠩᠭᠠᠷᠠᠭᠤᠯᠤᠭᠰᠠᠨ ᠵᠢᠷᠤᠭᠳᠤ ᠷᠠᠳᠢᠤ᠋ ᠰᠤᠨᠢᠷᠬᠠᠴᠢᠭᠰᠠᠨ ᠬᠡᠤᠬᠡᠳ ᠤᠳ ᠲᠠᠢ ᠪᠠᠨ ᠪᠡᠶᠠᠰᠤᠯᠴᠠᠭᠰᠠᠨ ᠬᠦᠭᠵᠢᠶᠡᠨ | ᠨᠠᠷᠭᠢᠶᠠᠨ ᠲᠠᠢ ᠰᠢᠨᠡᠯᠡᠵᠠᠢ᠃ ᠰᠢᠨ᠎ᠡ ᠶᠢᠨ ᠬᠤᠭᠤᠴᠠᠭᠠᠨ ᠳᠤ ᠤᠭᠤᠴᠠ ᠬᠠᠰᠢᠭᠰᠠᠨ ᠭᠤᠤᠯ ᠲᠠᠪᠠᠭ ᠤᠨ | ᠬᠠᠵᠠᠭᠤ ᠪᠠᠷ ᠯᠤᠩᠬᠤᠳᠤ ᠠᠯᠢᠮ᠎ᠠ᠂ ᠨᠠᠷᠢᠨ ᠪᠤᠭᠤᠷᠰᠤᠭ ᠵᠡᠷᠭᠡ ᠠᠮᠳᠠᠳᠤ ᠢᠳᠡᠭᠡᠨ ᠢ ᠦᠷᠦᠵᠦ ᠲᠠᠪᠢᠭᠯᠠᠨ᠂ | ᠮᠤᠷᠢᠨ ᠬᠤᠭᠤᠷ ᠴᠠᠬᠢᠯᠭᠠᠨ ᠬᠦᠭᠵᠢᠮᠳᠡᠭᠦᠷ ᠤᠨ ᠠᠶᠠᠯᠠᠭᠤ ᠡᠭᠦᠰᠭᠡᠨ᠂ ᠬᠡᠤᠬᠡᠳ ᠤᠳ ᠲᠠᠭᠤᠤ ᠲᠠᠭᠤᠯᠠᠨ᠂ | ᠠᠮᠢᠳᠤᠷᠠᠯ ᠤᠨ ᠭᠤᠸ᠎ᠠ ᠰᠠᠶᠢᠬᠠᠨ ᠳᠤ ᠡᠷᠦᠬᠡ ᠭᠡᠷ ᠢᠶᠠᠷ ᠢᠶᠠᠨ ᠰᠤᠭᠳᠤᠭᠤᠷᠠᠵᠦ ᠪᠠᠶᠢᠭᠰᠠᠨ ᠲᠡᠭᠦᠨ ᠳᠤ ᠡᠨᠡ | ᠪᠦᠬᠦᠨ ᠮᠠᠨᠢ ᠰᠢᠨ᠎ᠡ ᠴᠠᠭ ᠦᠶ᠎ᠡ ᠶᠢᠨ ᠬᠦᠭᠵᠢᠯ ᠪᠠᠳᠠᠷᠠᠯ᠂ ᠲᠦᠷᠦ ᠶᠢᠨ ᠠᠯᠳᠠᠨ ᠵᠢᠯᠤᠭᠤ ᠵᠦᠪ ᠡᠷᠬᠢᠭᠰᠡᠨ ᠤ | ᠠᠴᠢ ᠭᠡᠰᠡᠨ ᠪᠤᠳᠤᠯ ᠬᠢᠯᠪᠠᠬᠢᠨ ᠤᠷᠤᠵᠠᠢ᠃ ᠰᠢᠨ᠎ᠡ ᠤᠷᠤᠨ ᠰᠠᠭᠤᠴᠠ ᠪᠠᠶᠢᠭᠤᠯᠤᠭᠰᠠᠨ ᠢᠶᠠᠷ ᠡᠪᠦᠯ ᠬᠠᠪᠤᠷ ᠤᠨ | ᠲᠡᠰᠬᠢᠮ᠎ᠡ ᠭᠦᠢᠳᠡᠨ ᠲᠤᠭᠰᠢᠨ ᠰᠠᠯᠬᠢᠨ ᠠᠴᠠ ᠵᠠᠶᠢᠯᠠᠵᠦ᠂ ᠨᠡᠭᠦᠳᠡᠯ ᠤᠨ ᠶᠠᠷᠰᠢᠭ ᠲᠦᠪᠡᠭ ᠲᠠᠢ ᠠᠳᠠᠯ ᠬᠢᠳᠡᠯ | ᠠᠴᠠ ᠴᠢᠯᠦᠭᠡᠯᠡᠭᠳᠡᠨ᠂ ᠠᠮᠤᠷ ᠲᠤᠭᠳᠠᠭᠤᠨ ᠭᠤᠶᠤᠮᠰᠤᠭ ᠡᠳ᠋ᠯᠡᠯ ᠪᠦᠬᠦᠢ ᠤᠷᠤᠨ ᠰᠠᠭᠤᠴᠠ ᠶᠢᠨ ᠨᠦᠬᠦᠴᠡᠯ | ᠪᠦᠷᠢᠯᠳᠦᠭᠦᠯᠵᠡᠢ᠃ ᠡᠨᠡ ᠨᠢ ᠠᠷᠠᠳ ᠤᠨ ᠠᠮᠢᠳᠤᠷᠠᠯ ᠤᠨ ᠦᠭᠡᠳᠡᠯᠡᠯ ᠲᠡᠭᠵᠢᠷᠡᠯ ᠢ ᠪᠦᠷᠢᠨ ᠲᠤᠰᠬᠠᠨ᠎ᠠ᠃ | ᠴᠠᠭᠠᠨ ᠰᠠᠷ᠎ᠠ ᠶᠢᠨ ᠲᠠᠷᠠᠭ᠎ᠠ᠂ ᠪᠦᠰᠡᠭᠦᠢ ᠰᠠᠷᠠᠨ ᠨᠢ ᠬᠠᠷ᠎ᠠ ᠲᠠᠷᠯᠠᠨ ᠦᠭᠡᠷ ᠲᠡᠭᠡᠨ ᠬᠠᠮ ᠲᠡᠷᠭᠡ ᠪᠠᠨ | ᠬᠦᠯᠦᠴᠢᠭᠰᠡᠨ ᠤᠳᠬᠠᠨ ᠬᠦᠪᠡᠭᠦᠨ ᠢᠶᠠᠨ ᠲᠠᠭᠠᠭᠤᠯᠤᠨ᠂ ᠰᠢᠨᠠᠭᠠᠨ ᠭᠤᠤᠯ ᠤᠨ ᠬᠤᠭᠤᠯᠠᠢ ᠳᠤ ᠨᠤᠳᠤᠭᠳᠠᠢ ᠪᠠᠭ᠎ᠠ | ᠠᠬ᠎ᠠ ᠶᠢᠨ ᠳᠠᠭᠠᠨ ᠲᠦᠷᠭᠦᠮᠴᠢᠯᠡᠬᠦ ᠪᠠᠷ ᠤᠴᠢᠯ᠎ᠠ᠃ ᠬᠠᠷᠢᠬᠤ ᠪᠤᠯᠬᠤᠢ ᠳᠤ ᠨᠠᠭᠠᠴᠤ ᠡᠵᠢ ᠨᠢ ᠪᠢᠴᠢᠬᠠᠨ | ᠵᠢᠭᠡ ᠳᠡᠭᠡᠨ ︽ᠬᠠᠯᠠᠭᠤᠨ ᠬᠤᠰᠢᠭᠤᠳᠤ ᠬᠤᠨᠢ ᠦᠭᠭᠦᠶ᠎ᠡ︾ ᠭᠡᠵᠦ ᠪᠡᠯᠡᠭ ᠬᠠᠶᠢᠷᠠᠯᠠᠬᠤ ᠳᠤ ᠴᠤᠭᠰᠦ᠋ᠯᠳᠡ ᠪᠠᠷ᠄ ︽ | ᠦᠭᠭᠦᠪᠡᠯ ᠤᠳᠤ ᠬᠠᠮ ᠳᠠᠭᠠᠨ ᠲᠡᠭᠡᠭᠡᠳ ᠠᠪᠠᠴᠢᠨ᠎ᠠ︾ ᠭᠡᠵᠦ ᠲᠤᠯᠭᠠᠨ ᠬᠡᠯᠡᠬᠦ ᠳᠤ ᠨᠠᠭᠠᠴᠤ ᠨᠠᠷ ᠨᠢ ᠦᠭᠦᠭᠡᠷᠳᠡᠨ | ᠢᠨᠢᠶᠡᠯᠳᠦᠵᠦ᠄ ︽ᠵᠠ᠂ ᠲᠡᠭᠡᠪᠡᠯ ᠨᠠᠭᠠᠴᠤ ᠨᠢ ᠮᠤᠷᠢ ᠪᠠᠨ ᠡᠮᠡᠭᠡᠯᠯᠡᠭᠡᠳ ᠬᠤᠨᠢ ᠢ ᠴᠢᠨᠢ ᠪᠠᠷᠢᠵᠦ ᠦᠭᠭᠦᠶ᠎ᠡ᠂ ᠮᠢᠨᠤ | ᠵᠢᠭᠡ ᠬᠤᠨᠢ ᠪᠠᠨ ᠲᠦᠮᠡ ᠬᠦᠷᠭᠡ︕︾ ᠭᠡᠳ ᠢᠷᠦᠭᠡᠭᠰᠡᠨ ᠢᠶᠠᠨ ᠨᠢᠭᠡᠨ ᠬᠠᠷ᠎ᠠ ᠬᠤᠩᠰᠢᠶᠠᠷ ᠲᠠᠢ ᠲᠠᠷᠭᠤ | ᠰᠠᠶᠢᠳᠠᠢ ᠵᠤᠰᠠᠭ ᠪᠠᠷᠢᠵᠦ ᠦᠭᠴᠠᠢ᠃ ᠡᠨᠡ ᠵᠤᠰᠠᠭ ᠬᠤᠨᠢ ᠨᠢ ᠲᠠᠷᠠᠭ᠎ᠠ ᠵᠢᠯ ᠠᠴᠠ ᠨᠢ ᠬᠤᠷᠠᠭᠠᠯᠠᠵᠦ ᠡᠬᠢᠯᠡᠭᠰᠡᠨ᠂ | ᠲᠡᠯᠡᠩ ᠰᠦ ᠰᠠᠶᠢᠳᠠᠢ ᠲᠦᠯ ᠦᠷᠡᠵᠢᠯ ᠡᠯᠪᠡᠭ ᠪᠠᠶᠢᠳᠠᠭ ᠢᠶᠠᠷ ᠨᠢ ᠵᠢᠯ ᠪᠦᠷᠢ ᠬᠤᠷᠠᠭ᠎ᠠ ᠲᠠᠭᠠᠭᠤᠯᠴᠢᠭᠰᠠᠨ | ᠪᠠᠶᠢᠳᠠᠭ ᠢᠶᠠᠷ ᠶᠡᠭᠡ ᠯᠡ ᠦᠷᠡᠵᠢᠨ ᠦᠰᠪᠡ᠃ ᠲᠡᠷᠡ ᠵᠤᠨ ᠪᠦᠰᠡᠭᠦᠢ ᠲᠠᠢ ᠪᠠᠨ ᠵᠦᠪᠳᠡᠯᠴᠡᠵᠦ᠂ ᠰᠢᠨᠠᠭᠠᠨ ᠭᠤᠤᠯ | ᠤᠨ ᠪᠠᠷᠠᠭᠤᠨ ᠵᠤ ᠳᠤ ᠪᠠᠶᠢᠭ᠎ᠠ ᠬᠠᠳᠠᠮ ᠠᠬ᠎ᠠ ᠳᠠᠭᠠᠨ᠂ ᠬᠤᠨᠢᠨ ᠰᠦᠷᠦᠭ ᠢᠶᠠᠨ ᠵᠢᠯ ᠪᠦᠷᠢ ᠶᠢᠨ ᠲᠠᠪᠢᠨ | ᠬᠤᠷᠠᠭ᠎ᠠ ᠪᠠᠷ ᠬᠦᠯᠦᠰᠦ ᠪᠤᠯᠭᠠᠨ ᠲᠠᠭᠠᠭᠠᠴᠢᠯᠠᠭᠤᠯᠤᠨ ᠦᠭᠪᠡ᠃ ᠬᠤᠶᠠᠷ ᠬᠤᠨᠢᠨ ᠰᠦᠷᠦᠭ ᠢ | ᠨᠡᠶᠢᠯᠡᠭᠦᠯᠦᠭᠰᠡᠨ ᠢᠶᠠᠷ ᠶᠡᠭᠡᠪᠡᠷ ᠮᠠᠶᠢᠯᠠᠯᠳᠤᠬᠤ ᠳᠤ ᠪᠠᠷᠠᠭᠤᠨ ᠬᠤᠶᠢᠮᠤᠷ ᠰᠠᠭᠤᠵᠦ ᠪᠠᠶᠢᠭᠰᠠᠨ ᠬᠠᠳᠠᠮ ᠡᠵᠢ ᠨᠢ᠄ ︽ | ᠬᠦᠤ ᠬᠦᠷᠭᠡᠨ ᠤ ᠮᠢᠨᠢ ᠬᠤᠨᠢᠳ ᠲᠦᠮᠡ ᠬᠦᠷᠬᠦ ᠪᠤᠯᠳᠤᠭᠠᠢ︕︾ ᠭᠡᠵᠦ ᠠᠮᠠᠨ ᠢᠷᠦᠭᠡᠯ ᠲᠠᠯᠪᠢᠵᠦ ᠪᠠᠶᠢᠯ᠎ᠠ᠃ | ᠴᠠᠭᠠᠨ ᠮᠤᠷᠢᠨ ᠵᠢᠯ ᠤᠨ ᠬᠠᠪᠤᠷ᠂ ᠮᠠᠯ ᠤᠨ ᠦᠰᠦᠯᠳᠡ ᠦᠭᠡᠳᠡ ᠡᠰᠡᠷᠡᠭ ᠪᠠᠶᠢᠵᠦ᠂ ᠤᠨ ᠤ ᠲᠤᠭᠠᠨ ᠳᠤ | 7 ᠵᠠᠭᠤᠨ ᠲᠤᠯᠤᠭᠠᠢ ᠪᠤᠯᠤᠨ ᠦᠨᠢᠷ ᠦᠰᠴᠠᠢ᠃ ᠬᠠᠪᠤᠷ ᠤᠨ ᠲᠦᠯ ᠢᠶᠠᠨ ᠦᠪᠡᠷᠳᠡᠭᠡᠨ ᠭᠠᠳᠠᠨ᠎ᠠ ᠪᠠᠨ | ᠪᠤᠶᠢᠵᠢᠭᠤᠯᠤᠭᠰᠠᠨ ᠴᠤ ᠬᠤᠷᠠᠭ᠎ᠠ ᠴᠠᠭᠠᠯᠠᠬᠤ ᠦᠶ᠎ᠡ ᠳᠤ ᠬᠠᠳᠠᠮ ᠠᠬ᠎ᠠ ᠶᠢᠨ ᠰᠠᠨᠠᠯ ᠢᠶᠠᠷ ᠲᠠᠪᠢᠨ ᠲᠤᠯᠤᠭᠠᠢ ᠦᠬᠢᠨ | ᠬᠤᠷᠠᠭ᠎ᠠ ᠶᠢ ᠰᠢᠯᠢᠵᠦ ᠢᠮ ᠲᠠᠮᠠᠭ᠎ᠠ ᠬᠢᠵᠦ ᠲᠠᠯᠪᠢᠪᠠ᠃ ᠲᠡᠷᠡ ᠦᠶ᠎ᠡ ᠡᠶᠢᠮᠦᠷᠬᠦ ᠦᠨᠳᠦᠷ ᠦᠨ᠎ᠡ ᠬᠠᠩᠰᠢ ᠦᠭᠡᠢ | ᠲᠤᠯᠠ ᠬᠦᠮᠦᠰ ᠭᠠᠶᠢᠬᠠᠯᠳᠤᠵᠦ᠄ ︽ᠬᠠᠳᠠᠮ ᠠᠬ᠎ᠠ ᠳᠠᠭᠠᠨ ᠦᠭᠭᠦᠶ᠎ᠡ ᠭᠡᠵᠦ ᠯᠠ ᠦᠭᠴᠤ ᠪᠠᠶᠢᠨ᠎ᠠ ᠰᠢᠳᠡ᠂ ᠡᠶᠢᠮᠦ | ᠦᠨ᠎ᠡ ᠭᠡᠵᠦ ᠬᠠᠮᠢᠭ᠎ᠠ ᠪᠠᠶᠢᠬᠤᠪ︾ ᠭᠡᠵᠡᠭᠡᠵᠦ ᠪᠠᠶᠢᠪᠠ᠃ ᠡᠭᠦᠨ ᠳᠤ ᠡᠷᠳᠡᠮᠳᠡᠭᠦᠰ᠄ ︽ᠤᠯᠠᠨ ᠬᠡᠤᠬᠡᠳ ᠲᠠᠢ | ᠡᠳᠡᠨᠡᠶᠢᠬᠢ ᠶᠢ ᠮᠠᠨ ᠤ ᠲᠡᠮᠵᠢᠬᠦ ᠦᠭᠡᠢ ᠦᠭᠡᠷ᠎ᠡ ᠬᠡᠨ ᠲᠤᠰᠠᠯᠠᠬᠤ ᠪᠤᠢ︕︾ ᠭᠡᠵᠦ ᠬᠡᠯᠡᠳᠡᠭ ᠪᠠᠶᠢᠪᠠ᠃ ᠲᠡᠷᠡ | ᠨᠠᠮᠤᠷ ᠡᠷᠳᠡᠮᠳᠡᠭᠦᠰ ᠭᠤᠸᠠᠢ ᠪᠦᠰᠡᠭᠦᠢ ᠪᠤᠯᠤᠨ ᠤᠳᠬᠠᠨ ᠬᠦᠤ ᠪᠠᠨ ᠲᠠᠭᠠᠭᠤᠯᠤᠨ᠂ ᠪᠡᠭᠡᠵᠢᠩ ᠬᠦᠬᠡᠬᠤᠳᠠ ᠪᠠᠷ | ᠵᠤᠭᠠᠴᠠᠨ ᠬᠠᠭᠠᠰ ᠰᠠᠷ᠎ᠠ ᠲᠤᠭᠤᠷᠢᠵᠦ᠂ ᠬᠠᠷᠠᠭ᠎ᠠ ᠪᠠᠨ ᠲᠡᠯᠡᠵᠦ ᠨᠢᠳᠦ ᠨᠡᠭᠡᠭᠡᠭᠰᠡᠨ ᠢᠶᠠᠷ ᠦᠪᠡᠷ ᠤᠨ ᠡᠷᠬᠡ ᠦᠭᠡᠢ | ᠤᠯᠤᠰ ᠤᠷᠤᠨ ᠤ ᠬᠦᠭᠵᠢᠯ ᠭᠠᠵᠠᠷ ᠤᠷᠤᠨ ᠤ ᠴᠡᠴᠡᠭᠯᠡᠯ ᠳᠤ ᠰᠡᠳᠭᠢᠯ ᠪᠠᠭ᠋ᠠᠳᠤᠨ ᠶᠠᠪᠤᠭᠰᠠᠨ ᠪᠠᠶᠢᠪᠠ᠃ | ᠡᠷᠳᠡᠮᠳᠡᠭᠦᠰ ᠤᠨ ᠬᠢᠨ ᠲᠡᠭᠡᠳᠦ ᠱᠠᠳᠤᠨ ᠤ ︽ᠪᠦᠳᠦᠭᠡᠨ ᠪᠠᠶᠢᠭᠤᠯᠵᠦ ᠮᠠᠯ ᠮᠠᠯᠵᠢᠬᠤ︾ ᠴᠢᠭᠯᠡᠯᠳᠡ ᠶᠢᠨ | ᠲᠤᠶᠠᠭᠠᠯᠠᠯ ᠢᠶᠠᠷ ᠶᠤᠰᠤᠳᠠᠢ ᠰᠠᠭᠤᠷᠢᠰᠢᠨ ᠰᠠᠭᠤᠵᠦ ᠤᠳᠤᠷᠯᠠᠨ ᠮᠠᠯᠵᠢᠬᠤ ᠶᠢ ᠪᠠᠶᠠᠯᠡᠭᠦᠯᠵᠡᠢ᠃ ᠵᠤᠨ ᠤ ᠲᠡᠯᠭᠡᠷ | ᠤᠯᠠᠷᠢᠯ ᠳᠤ ᠲᠤᠭᠤᠭᠠᠳᠤ ᠶᠢᠨ ᠦᠨᠳᠦᠷ ᠵᠤ ᠲᠡᠭᠡᠷ᠎ᠡ ᠢᠰᠡᠭᠡᠢ ᠴᠠᠭᠠᠨ ᠭᠡᠷ ᠢᠶᠠᠷ ᠢᠶᠠᠨ ᠪᠠᠭᠤᠵᠦ᠂ ᠠᠬᠢ ᠲᠠᠭᠠᠨ᠎ᠠ | ᠠᠩᠬᠢᠯᠤᠭᠰᠠᠨ ᠪᠠᠶᠢᠭᠠᠯᠢ ᠶᠢᠨ ᠲᠠᠩᠰᠤᠭ ᠲᠤ ᠰᠠᠭᠠᠳᠠᠵᠦ᠂ ᠵᠡᠯ᠎ᠡ ᠲᠦᠭᠦᠷᠡᠩ ᠲᠤᠭᠤᠯ ᠤᠶᠠᠵᠦ᠂ ᠠᠶᠢᠷᠠᠭ ᠲᠠᠷᠠᠭ | ᠪᠢᠯᠬᠠᠷᠠᠭᠤᠯᠤᠨ᠂ ᠦᠷᠦᠮ ᠬᠤᠷᠤᠳ ᠦᠷᠦᠵᠦ ᠠᠮᠢᠳᠤᠷᠠᠯ ᠤᠨ ᠲᠠᠩᠰᠤᠭ ᠢᠶᠠᠨ ᠭᠠᠶᠢᠬᠠᠭᠤᠯᠬᠤ ᠪᠤᠯᠵᠠᠢ᠃ ᠡᠷᠦᠬᠡ | ᠭᠡᠷ ᠤᠨ ᠠᠮᠢᠳᠤᠷᠠᠯ ᠤᠨ ᠲᠡᠭᠵᠢᠷᠡᠯ ᠨᠢ ᠤᠨᠤᠬᠤ ᠠᠴᠠ ᠮᠤᠲ᠋ᠤᠷ ᠲᠠᠢ᠂ ᠮᠠᠯ ᠬᠠᠰᠢᠶᠠᠯᠠᠬᠤ ᠠᠴᠠ ᠴᠢᠨᠠᠷ ᠰᠠᠶᠢᠳᠠᠢ | ᠬᠤᠷᠤᠭ᠎ᠠ ᠬᠠᠰᠢᠶ᠎ᠠ ᠲᠠᠢ᠂ ᠰᠤᠨᠢᠷᠬᠠᠬᠤ ᠠᠴᠠ ᠦᠩᠭᠡᠳᠦ ᠲᠧᠯᠸᠢᠰ ᠲᠠᠢ᠂ ᠨᠠᠭᠠᠳᠤᠬᠤ ᠠᠴᠠ ᠬᠤᠭᠤᠷ ᠬᠦᠭᠵᠢᠮ | ᠬᠡᠳᠦᠨ ᠲᠦᠷᠦᠯ᠂ ᠵᠤᠨ ᠨᠠᠮᠤᠷ ᠲᠠᠭᠠᠨ ᠭᠡᠷ ᠢᠶᠠᠷ ᠢᠶᠠᠨ ᠤᠳᠤᠷᠯᠠᠨ ᠮᠠᠯ ᠰᠦᠷᠦᠭ ᠢᠶᠠᠨ ᠲᠠᠷᠭᠤᠯᠠᠭᠤᠯᠤᠨ | ᠬᠤᠷᠯᠠᠭᠤᠯᠵᠦ᠂ ᠡᠪᠦᠯ ᠬᠠᠪᠤᠷ ᠲᠠᠭᠠᠨ ᠰᠢᠨ᠎ᠡ ᠤᠷᠤᠨ ᠰᠠᠭᠤᠴᠠ ᠳᠠᠭᠠᠨ ᠰᠠᠭᠠᠳᠠᠵᠦ᠂ ᠨᠦᠭᠡᠴᠡ ᠪᠡᠯᠴᠢᠭᠡᠷ ᠲᠡᠭᠡᠨ | ᠰᠦᠷᠦᠭ ᠢᠶᠠᠨ ᠪᠡᠯᠴᠢᠭᠡᠷᠯᠡᠨ᠎ᠡ᠃ | ᠪᠠᠷᠢᠭᠠᠳᠠ ᠶᠢᠨ ᠠᠳᠤᠭᠤᠨ ᠰᠦᠷᠦᠭ ᠠᠴᠠ ᠦᠷ᠎ᠡ ᠲᠦᠯ ᠰᠠᠶᠢᠳᠠᠢ ︽ᠪᠦᠳᠦᠭᠦᠨ ᠪᠤᠷᠤ︾ ᠭᠡᠬᠦ ᠠᠵᠢᠷᠭ᠎ᠠ | ᠲᠠᠢ ᠬᠤᠷᠢᠭᠠᠳ ᠲᠤᠭᠠᠨ ᠤ ᠠᠳᠤᠭᠤ ᠶᠢ ᠡᠷᠳᠡᠮᠳᠡᠭᠦᠰ ᠠᠬ᠎ᠠ ᠲᠡᠭᠦᠤ ᠬᠤᠶᠠᠷ ᠬᠤᠪᠢᠴᠢᠯᠠᠨ ᠠᠪᠤᠭᠰᠠᠨ ᠪᠠᠶᠢᠵᠠᠢ᠃ | ᠦᠵᠦᠮᠦᠴᠢᠨ ᠠᠳᠤᠭᠤᠨ ᠤ ᠤᠭᠰᠢᠯ ᠲᠠᠢ ᠡᠳᠡᠭᠡᠷ ᠠᠳᠤᠭᠤᠳ ᠤᠨ ᠲᠤᠲᠤᠷ᠎ᠠ ᠨᠢ ᠨᠢᠭᠡ ᠬᠦᠬᠡ ᠪᠤᠷᠤ ᠡᠷ᠎ᠡ ᠲᠠᠭ᠎ᠠ | ᠪᠠᠶᠢᠵᠦ᠂ ᠲᠠᠷᠠᠭ᠎ᠠ ᠵᠢᠯ ᠨᠢ ᠲᠡᠷᠡ ᠪᠠᠷ ᠮᠤᠷᠢ ᠬᠢᠵᠦ ᠤᠨᠤᠬᠤ ᠭᠡᠳ ᠰᠤᠷᠭᠠᠵᠦ ᠠᠪᠴᠠᠢ᠃ ᠤᠯᠠᠭᠠᠨ ᠮᠤᠷᠢ ᠶᠢ | ᠲᠠᠭ᠎ᠠ ᠵᠢᠯ ᠳᠤᠨᠢ ᠶᠡᠭᠡ ᠬᠦᠤ ᠳᠡᠭᠡᠨ ᠵᠢᠭᠠᠵᠦ ᠦᠭᠭᠦᠭᠰᠡᠨ ᠢᠶᠠᠷ ᠶᠡᠭᠡ ᠬᠦᠣ ᠨᠢ ᠠᠷᠪᠠᠨ ᠲᠦᠷᠪᠡᠳᠡᠢ ᠠᠴᠠ | ᠡᠬᠢᠯᠡᠨ ᠨᠠᠶᠢᠷ ᠨᠠᠭᠠᠳᠤᠮ ᠤᠨ ᠮᠤᠷᠢᠨ ᠤᠷᠤᠯᠳᠤᠭᠠᠨ ᠳᠤ ᠤᠷᠤᠯᠴᠠᠬᠤ ᠪᠤᠯᠵᠠᠢ᠃ ᠲᠤᠰ ᠮᠤᠷᠢᠨ ᠤ ᠤᠨᠴᠠᠯᠢᠭ ᠪᠤᠯ | ᠪᠡᠶ᠎ᠡ ᠴᠤᠭᠴᠠ ᠨᠢ ᠦᠨᠳᠦᠷ᠂ ᠤᠷᠳᠤ ᠨᠢᠷᠤᠭᠤ ᠲᠠᠢ᠂ ᠴᠡᠭᠡᠵᠢ ᠦᠷᠭᠡᠨ ᠲᠠᠰᠢᠶ᠎ᠠ ᠠᠭᠤᠵᠢᠮ᠂ ᠰᠡᠷᠪᠡ ᠪᠤᠰᠤᠭ᠎ᠠ᠂ | ᠲᠠᠷᠭᠤ ᠬᠦᠴᠦ ᠨᠢᠮᠭᠡᠨ ᠠᠪᠴᠤ᠂ ᠤᠶᠠᠭ᠎ᠠ ᠰᠤᠶᠢᠯᠠᠭ᠎ᠠ ᠲᠡᠮᠡᠢ ᠬᠡᠷᠡᠭᠰᠡᠬᠦ ᠦᠭᠡᠢ ᠪᠤᠯᠪᠠᠴᠤ ᠤᠷᠤᠯᠳᠤᠭᠠᠨ ᠳᠤ | ᠤᠷᠤᠯᠴᠠᠬᠤ ᠪᠦᠷᠢ ᠠᠶᠢᠷᠠᠭ ᠤᠨ ᠲᠠᠪᠤ ᠠᠴᠠ ᠪᠠᠭᠤᠬᠤ ᠦᠭᠡᠢ ᠪᠠᠶᠢᠳᠠᠭ ᠠᠵᠠᠢ᠃ | ᠬᠠᠷ᠎ᠠ ᠪᠡᠴᠢᠨ ᠵᠢᠯ ᠤᠨ ᠬᠠᠪᠤᠷ᠂ ᠬᠠᠳᠠᠮ ᠡᠵᠢ ᠠᠯᠳᠠᠠᠴᠡᠴᠡᠭ ᠤᠨ ᠲᠠᠯᠠᠨ ᠭᠤᠷᠪᠠ ᠶᠢᠨ ᠨᠠᠰᠤᠨ ᠪᠠᠶᠠᠷ | ᠤᠨ ᠨᠠᠶᠢᠷ ᠤᠨ ᠲᠦᠴᠢᠭᠡᠳ ᠭᠠᠵᠠᠷ ᠤᠨ ᠠᠯᠤᠰ ᠳᠠᠬᠢ ᠲᠠᠯᠠᠭᠠᠳ ᠮᠤᠷᠢᠳ ᠤᠷᠤᠯᠴᠠᠭᠰᠠᠨ ᠡᠮᠡᠭᠡᠯᠳᠦ ᠮᠤᠷᠢᠨ ᠤ | ᠤᠷᠤᠯᠳᠤᠭᠠᠨ ᠳᠤ ᠠᠬ᠎ᠠ ᠶᠢᠨ ᠬᠢᠨᠢ ᠰᠠᠷᠠᠯ ᠮᠤᠷᠢ ᠲᠡᠷᠢᠭᠦᠯᠡᠵᠦ᠂ ᠬᠦᠤ ᠬᠦᠷᠡᠯ ᠨᠢ ᠤᠯᠠᠭᠠᠨ ᠮᠤᠷᠢ ᠲᠠᠢ ᠪᠠᠨ | ᠲᠡᠳ᠋ᠯᠡᠵᠦ ᠢᠷᠡᠭᠰᠡᠨ ᠢᠶᠠᠷ ᠬᠠᠯᠠᠭᠤᠨ ᠬᠤᠰᠢᠭᠤᠳᠤ ᠢᠷᠭᠡ ᠶᠢᠨ ᠱᠠᠩ ᠬᠦᠷᠳᠡᠵᠡᠢ᠃ ᠭᠤᠳᠠᠭᠠᠷ ᠨᠢ ᠠᠪᠠᠭ᠎ᠠ ᠶᠢᠨ | ᠬᠢᠨᠢ ᠬᠠᠷ᠎ᠠ ᠰᠠᠷᠠᠯ ᠮᠤᠷᠢ ᠢᠷᠡᠭᠰᠡᠨ ᠪᠠᠶᠢᠪᠠ᠃ ᠡᠭᠦᠨ ᠳᠤ ᠲᠤᠷᠠᠳᠤᠭᠤᠰᠢᠳᠠᠢ ᠨᠢ᠂ ᠠᠬ᠎ᠠ ᠲᠡᠭᠦᠤ ᠭᠤᠷᠪᠠ ᠶᠢᠨ | ᠮᠤᠷᠢ ᠬᠠᠪᠴᠢᠶᠠᠷ ᠦᠭᠡᠢ ᠲᠡᠭᠡᠷ᠎ᠡ ᠭᠤᠷᠪᠠ ᠶᠢ ᠠᠪᠤᠭᠰᠠᠨ ᠨᠢ ᠦᠵᠡᠭᠴᠢᠳ ᠤᠯᠠᠨ ᠢᠶᠠᠷ ᠭᠠᠶᠢᠬᠠᠨ ᠱᠠᠭᠰᠢᠵᠦ᠄ ︽ | ᠠᠬ᠎ᠠ ᠲᠡᠭᠦᠤ ᠭᠤᠷᠪᠠ ᠶᠢᠨ ᠬᠡᠶᠢᠮᠦᠷᠢ ᠮᠠᠨᠳᠤᠵᠠᠢ ᠰᠢᠤ︕︾ ᠭᠡᠵᠡᠭᠡᠨ᠎ᠡ᠃ | ᠡᠷᠳᠡᠮᠳᠡᠭᠦᠰ ᠭᠤᠸᠠᠢ᠂ ᠪᠦᠬᠦ ᠭᠠᠴᠠᠭ᠎ᠠ ᠶᠢᠨ ᠮᠠᠯᠴᠢᠳ ᠤᠨ ᠭᠡᠷ ᠤᠷᠤᠨ ᠰᠠᠭᠤᠴᠠ᠂ ᠭᠡᠷ ᠪᠦᠯᠢ ᠶᠢᠨ | ᠭᠡᠷᠡᠯᠳᠦᠭᠦᠯᠭᠡ ᠵᠡᠷᠭᠡ ᠠᠮᠢᠳᠤᠷᠠᠯ ᠤᠨ ᠬᠢᠷᠢ ᠲᠦᠪᠰᠢᠨ ᠤ ᠲᠡᠭᠡᠭᠡᠭᠰᠢᠯᠡᠯᠳᠡ ᠶᠢ ᠠᠳᠬᠤᠬᠤ ᠶᠢ ᠠᠩᠬᠠᠷᠴᠤ᠂ ︽ | ᠪᠤᠯᠪᠠᠰᠤᠨ ᠡᠷᠦᠬᠡ︾ ᠶᠢᠨ ᠪᠠᠶᠢᠭᠤᠯᠤᠯᠳᠠ ᠶᠢᠨ ᠠᠵᠢᠯᠯᠠᠭ᠎ᠠ ᠶᠢ ᠦᠨᠡᠨᠬᠦ ᠦᠷᠨᠢᠭᠦᠯᠵᠡᠢ᠃ ᠤᠬᠤᠷᠬᠠᠨ ᠠᠷᠪᠠᠭᠠᠳ | ᠵᠢᠯ ᠤᠨ ᠬᠤᠭᠤᠷᠤᠨᠳᠤ %60 ᠡᠷᠦᠬᠡ ᠨᠢ ᠤᠯᠠᠭᠠᠨ ᠲᠤᠭᠤᠰᠬᠠᠨ ᠪᠠᠶᠢᠰᠢᠩ ᠲᠠᠢ᠂ ᠰᠠᠯᠬᠢᠨ ᠬᠦᠷᠳᠦᠨ | ᠬᠡᠷᠡᠯᠳᠦᠭᠦᠯᠭᠡ ᠲᠠᠢ ᠬᠤᠰᠢᠭᠤ ᠠᠶᠢᠮᠠᠭ ᠲᠠᠭᠠᠨ ︽ᠪᠤᠯᠪᠠᠰᠤᠨ ᠨᠢᠭᠡᠴᠡ︾ ᠶᠢᠨ ᠠᠯᠳᠠᠷ ᠡᠷᠭᠦᠵᠦ ᠶᠠᠪᠤᠭᠰᠠᠨ | ᠪᠠᠶᠢᠯ᠎ᠠ᠃ | ᠠᠭᠤᠳᠠᠮ ᠴᠡᠭᠡᠵᠢ ᠲᠠᠢ ᠪᠤᠷᠤ ᠪᠠᠨ | ᠤᠷᠤᠯᠳᠤᠭᠠᠨ ᠳᠤ ᠲᠠᠯᠪᠢᠭᠰᠠᠨ ᠤᠳᠠᠭ᠎ᠠ ᠲᠠᠢ | ᠠᠷᠠᠳ ᠤᠨ ᠨᠠᠶᠢᠷ ᠤᠨ ᠴᠢᠮᠡᠭ ᠪᠤᠯᠤᠨ | ᠠᠬᠢ ᠲᠦᠷᠦᠭᠦᠳᠦ ᠶᠢᠨ ᠱᠠᠩᠨᠠᠯ ᠲᠠᠢ | ᠴᠡᠪᠴᠡᠭᠡᠷ ᠬᠤᠷᠳᠤᠨ ᠤᠯᠠᠭᠠᠨ ᠢᠶᠠᠷ | ᠴᠠᠭᠠᠨ ᠰᠠᠷ᠎ᠠ ᠳᠠᠭᠠᠨ ᠲᠠᠪᠬᠢᠭᠤᠯᠤᠨ᠎ᠠ | ᠴᠡᠯ ᠪᠤᠭᠤᠷᠤᠯ ᠡᠵᠢ ᠳᠡᠭᠡᠨ | ᠴᠢᠮᠪᠠᠢ ᠬᠠᠳᠠᠭ ᠤᠨ ᠵᠤᠯᠭᠠᠯᠳᠠ ᠲᠠᠢ | — ︽ᠮᠤᠷᠢᠨ ᠤ ᠰᠠᠶᠢᠬᠠᠨ ᠵᠢᠪᠬᠤᠭ᠎ᠠ︾ ᠭᠡᠬᠦ ᠰᠢᠯᠦᠭ ᠠᠴᠠ | ᠨᠠᠢᠮᠡ᠂ ᠮᠠᠯ ᠢᠶᠠᠨ ᠦᠰᠭᠡᠵᠦ ᠮᠢᠩᠭᠠᠳᠤ ᠶᠢᠨ ᠡᠷᠦᠬᠡ ᠪᠤᠯᠤᠭᠰᠠᠨ ᠨᠢ | ᠲᠡᠭᠡᠳᠦ ᠲᠡᠭᠷᠢ ᠠᠴᠠ ᠢᠪᠡᠭᠡᠭᠰᠡᠨ ᠤᠩᠭᠤᠨ ᠲᠠᠷᠬᠠᠨ ᠰᠦᠷᠦᠭ | ᠲᠡᠨᠢᠭᠡᠷ ᠲᠠᠯ᠎ᠠ ᠳᠠᠭᠠᠨ ᠪᠢᠯᠬᠠᠷᠠᠭᠰᠠᠨ ᠠᠮᠢᠳᠤᠷᠠᠯ ᠤᠨ ᠪᠠᠳᠤ ᠲᠦᠰᠢᠭ | ᠲᠡᠮᠦᠵᠢᠨ ᠴᠢᠩᠭᠢᠰ ᠠᠴᠠ ᠦᠪᠯᠡᠭᠰᠡᠨ ᠠᠷᠢᠭᠤᠨ ᠪᠠᠶᠠᠯᠢᠭ ᠬᠦᠷᠦᠩᠭᠡ | ᠲᠦᠮᠡᠨ ᠢᠷᠭᠡᠳ ᠤᠨ ᠤᠨᠳᠤᠷᠤᠯ᠂ ᠦᠭᠭᠢᠶᠡᠮᠦᠷ ᠲᠡᠭᠰᠢ ᠭᠡᠰᠢᠭ | ᠦᠯᠡᠮᠵᠢ ᠴᠢᠨᠠᠷ ᠤᠨ ᠪᠤᠶᠠᠨ ᠤ ᠲᠡᠭᠡᠵᠢ | ᠦᠯᠦᠭᠡᠢ ᠨᠤᠲᠤᠭ ᠤᠨ ᠲᠠᠪᠤᠨ ᠡᠷᠳᠡᠨᠢ ᠪᠠᠨ ᠮᠠᠭᠳᠠᠮᠤ︕ | — ︽ᠬᠤᠨᠢ ᠡᠷᠳᠡᠨᠢ ᠪᠠᠨ ᠮᠢᠯᠢᠶᠠᠨ ᠢᠦᠷᠭᠡᠮᠤ︾ ᠭᠡᠬᠦ ᠨᠠᠶᠢᠷᠠᠭ ᠠᠴᠠ | ᠰᠠᠬᠤᠯᠠᠭ ᠤᠷᠭᠤᠭᠰᠠᠨ ᠪᠡᠯᠴᠢᠭᠡᠷ ᠰᠢᠷᠭᠠᠯ ᠲᠠᠪᠠᠯᠭᠠᠨ ᠲᠤᠯᠬᠢᠯᠠᠬᠤᠶᠠ ᠰᠠᠷᠠᠭᠤᠯ ᠰᠠᠶᠢᠬᠠᠨ ᠤᠯᠠᠭᠠᠨ | ᠲᠤᠭᠤᠰᠬᠠᠨ ᠪᠠᠶᠢᠰᠢᠩ ᠦᠩᠭᠡ ᠢᠯᠭᠠᠷᠠᠨ ᠬᠠᠷᠠᠭᠳᠠᠨᠠᠮ᠃ ᠴᠠᠪᠴᠢᠷ ᠤᠨ ᠵᠤ ᠨᠢ ᠲᠤᠭᠤᠭᠠᠳᠤ ᠶᠢᠨ ᠬᠤᠩᠭᠤᠷ ᠲᠤ | ᠬᠤᠰᠢᠭᠤ ᠲᠦᠷᠢᠨ ᠪᠠᠷᠤᠯᠠᠶᠢᠵᠦ᠂ ᠪᠠᠰᠠ ᠤᠷᠳᠤᠯᠠᠨ ᠰᠤᠨᠤᠭᠰᠠᠭᠠᠷ ᠮᠠᠨᠢᠳᠦ ᠶᠢᠨ ᠭᠤᠤᠯ ᠬᠠᠪᠢᠷᠭᠠᠯᠠᠨ ᠤᠮᠠᠷᠠᠰᠢ | ᠦᠷᠭᠦᠯᠵᠢᠯᠡᠵᠡᠢ᠃ ᠲᠦᠯ ᠤᠨ ᠲᠠᠭᠤᠨ ᠢᠶᠠᠷ ᠤᠷᠢᠬᠠᠨ ᠬᠠᠪᠤᠷ ᠰᠠᠭᠠᠳᠠᠭᠰᠠᠨ ᠢ ᠮᠡᠳᠡᠬᠡᠯᠡᠵᠦ᠂ ᠵᠢᠯ ᠤᠨ ᠠᠵᠢᠯ | ᠬᠠᠪᠤᠷ ᠲᠠᠭᠠᠨ ᠭᠡᠳᠡᠭᠴᠢᠯᠡᠨ ᠮᠠᠯᠴᠢᠳ ᠤᠨ ᠬᠠᠪᠤᠷ ᠤᠨ ᠶᠠᠭᠠᠷᠠᠤ ᠴᠠᠭ ᠡᠯᠪᠡᠭ ᠬᠤᠷᠢᠶᠠᠯᠳᠠ ᠤᠯᠬᠤ ᠤᠨᠤᠴᠠ | ᠪᠤᠯᠬᠤ ᠨᠢ ᠭᠠᠳᠠᠷᠯᠠᠭᠳᠠᠨ᠎ᠠ᠃ | ᠠᠯᠤᠰ ᠠᠴᠠ ᠰᠠᠭᠠᠬᠤ ᠲᠤᠭᠤᠬᠤ ᠲᠠᠭᠤᠨ ᠦᠭᠡᠷ ᠮᠦᠭᠡᠷᠡᠬᠦ ᠴᠢᠮᠡᠭᠡ ᠲᠤᠭᠤᠯᠳᠠᠬᠤ ᠠᠴᠠ ᠡᠳᠦᠷ ᠤᠨ | ᠠᠵᠢᠯ ᠶᠠᠭᠠᠷᠠᠯᠳᠠᠢ ᠶᠠᠪᠤᠭᠳᠠᠨ᠂ ᠶᠤᠰᠤᠳᠠᠢ ᠤᠨᠤᠭᠰᠠᠨ ᠮᠠᠯᠠᠭᠠᠢ ᠪᠠᠨ ᠠᠪᠬᠤ ᠵᠠᠪ ᠦᠭᠡᠢ᠂ ᠠᠭᠤᠯᠵᠠᠭᠰᠠᠨ ᠪᠦᠬᠦᠨ | ᠲᠠᠢ ᠶᠠᠷᠢᠯᠴᠠᠬᠤ ᠴᠢᠯᠦᠭᠡ ᠦᠭᠡᠢ ᠪᠤᠯᠬᠤ ᠨᠢ ᠡᠨᠡ ᠪᠠᠶᠢᠨ᠎ᠠ᠃ ᠲᠡᠷᠳᠡᠭᠡ ᠬᠦᠳᠦᠯ ᠢᠶᠠᠷ ᠤᠷᠭ᠎ᠠ ᠴᠢᠷᠦᠭᠰᠡᠨ | ᠮᠤᠷᠢᠳᠠᠨ ᠦᠬᠡᠷ ᠰᠦᠷᠦᠭ ᠢᠶᠠᠨ ᠬᠤᠷᠢᠶᠠᠨ᠂ ᠰᠦᠷᠦᠭ ᠤᠨ ᠠᠷᠤ ᠠᠴᠠ ᠭᠡᠳᠦ ᠪᠠᠷ ᠨᠢᠯᠬ᠎ᠠ ᠲᠤᠭᠤᠯ ᠤᠳ ᠢ ᠡᠬᠡ | ᠶᠢ ᠨᠢ ᠲᠠᠭᠠᠭᠤᠯᠤᠨ ᠤᠶᠢᠷᠠᠳᠤᠭᠤᠯᠤᠨᠠ᠃ ᠠᠳᠡᠬᠢ ᠲᠡᠷᠡᠰᠦᠳᠡᠢ ᠬᠤᠭᠤᠯᠠᠢ ᠳᠤ ᠰᠢᠯᠡᠭᠡᠪᠦᠷ ᠪᠠᠷᠢᠭᠰᠠᠨ ᠪᠦᠰᠡᠭᠦᠢ | ᠨᠤᠮᠤᠬᠠᠨ ᠬᠤᠸᠠ ᠮᠤᠷᠢ ᠪᠠᠨ ᠤᠨᠤᠵᠦ᠂ ᠨᠡᠯᠢᠶᠡᠳ ᠬᠤᠨᠢᠨ ᠤ ᠲᠡᠷᠭᠡᠳᠡ ᠡᠬᠡ ᠬᠤᠷᠠᠭ᠎ᠠ ᠶᠢ ᠨᠢ ᠤᠯᠭᠤᠨ | ᠶᠠᠭᠠᠷᠠᠯᠳᠠᠢ᠃ | ᠮᠤᠷᠢᠳᠡᠨ ᠪᠠ ᠪᠦᠰᠡᠭᠦᠢ ᠢᠩᠭᠢᠵᠦ ᠦᠳᠡ ᠶᠢᠨ ᠡᠮᠦᠨ᠎ᠡ ᠠᠵᠢᠯ ᠬᠢᠳᠡᠯ ᠢᠶᠠᠨ ᠲᠠᠭᠤᠰᠬᠠᠵᠦ ᠭᠡᠷ ᠲᠡᠭᠡᠨ | ᠢᠷᠡᠵᠦ ᠦᠳᠡᠯᠡᠬᠦ ᠵᠠᠭᠤᠷ᠎ᠠ᠄ ︽ᠤᠷᠢᠳᠦ ᠰᠦᠨᠢ ᠲᠡᠭᠷᠢ ᠲᠤᠯᠠᠭᠠᠨ ᠪᠤᠯᠬᠤᠷ ᠲᠠᠪᠤᠨ ᠦᠨᠢᠶ᠎ᠡ ᠲᠤᠭᠤᠯᠯᠠᠭᠠᠳ | ᠪᠡᠭᠡᠷᠡᠵᠦ ᠬᠦᠯᠳᠡᠭᠰᠡᠨ ᠦᠭᠡᠢ ᠬᠠᠷᠢᠨ ᠰᠦᠨ ᠳᠡᠭᠡᠨ ᠴᠠᠳᠴᠢᠭᠰᠠᠨ ᠲᠤᠭᠯᠠᠨ ᠪᠠᠶᠢᠵᠦ ᠰᠢᠤ︕︾᠂ ︽ᠦᠷᠯᠦᠭᠡ | ᠲᠠᠪᠢ ᠭᠠᠷᠤᠢ ᠬᠤᠨᠢ ᠶᠢ ᠡᠬᠡ ᠬᠤᠷᠠᠭ᠎ᠠ ᠪᠠᠷ ᠨᠢ ᠢᠯᠭᠠᠬᠤ ᠳᠤ᠂ ᠬᠠᠷᠢᠨ ᠭᠤᠯᠤᠩᠬᠠᠢ ᠭᠡᠵᠦ ᠭᠠᠷᠤᠭᠰᠠᠨ ᠦᠭᠡᠢ | ︾ ᠭᠡᠵᠦ ᠲᠦᠯ ᠨᠢᠯᠬ᠎ᠠ ᠪᠠᠨ ᠠᠮᠵᠢᠯᠳᠠ ᠲᠠᠢ ᠲᠤᠰᠤᠭᠰᠠᠨ ᠢᠶᠠᠨ ᠬᠦᠭᠡᠷᠦᠯᠳᠦᠨ ᠶᠠᠷᠢᠯᠴᠠᠨ᠎ᠠ᠃ ᠡᠷᠳᠡᠮᠳᠡᠭᠦᠰ | ᠰᠠᠷᠠᠨ ᠬᠤᠶᠠᠭᠤᠯᠠ ᠡᠨᠡ ᠮᠡᠳᠦ ᠦᠷᠯᠦᠭᠡ ᠡᠷᠳᠡᠯᠡᠵᠦ᠂ ᠦᠳᠡᠰᠢ ᠠᠭᠠᠵᠢᠮᠳᠠᠵᠦ᠂ ᠶᠠᠳᠠᠷᠠᠬᠤ ᠶᠢᠨ ᠲᠦᠢᠯ ᠳᠤ | ᠬᠦᠷᠳᠡᠭ ᠴᠤ ᠮᠠᠯ ᠰᠦᠷᠦᠭ ᠤᠨ ᠦᠨᠢᠷ ᠦᠰᠦᠯᠳᠡ ᠪᠠᠨ ᠪᠤᠳᠤᠪᠠᠯ ᠶᠠᠳᠠᠷᠠᠭ᠎ᠠ ᠨᠢ ᠲᠠᠶᠢᠯᠤᠭᠳᠠᠳᠠᠭ ᠠᠵᠠᠢ᠃ | ᠲᠤᠭᠤᠭᠠᠳᠤ ᠶᠢᠨ ᠬᠤᠩᠬᠤᠷ ᠢᠶᠠᠷ ᠦᠬᠡᠷ ᠤᠨ ᠰᠦᠷᠦᠭ ᠪᠢᠯᠬᠠᠷᠠᠵᠦ᠂ ᠲᠤᠷᠭᠠᠨ ᠬᠦᠨᠳᠡᠢ ᠪᠠᠷ ᠨᠢ ᠬᠤᠨᠢᠳ | ᠢᠷᠡᠶᠢᠨᠠ᠃ ᠵᠤᠨ ᠤ ᠡᠬᠢᠨ ᠰᠠᠷ᠎ᠠ ᠶᠢᠨ ᠰᠢᠨ᠎ᠡ ᠶᠢᠨ ᠲᠠᠪᠤᠨ ᠳᠤ ᠡᠷᠳᠡᠮᠳᠡᠭᠦᠰ ᠤᠨ ᠬᠢᠨ ᠬᠤᠷᠠᠭ᠎ᠠ ᠢᠰᠢᠭᠡ ᠪᠠᠨ | ᠴᠠᠭᠠᠯᠠᠨ᠎ᠠ᠃ ᠰᠤᠮᠤᠴᠢ ᠡᠪᠦᠭᠡᠨ ᠠᠯᠳᠠᠨ ᠪᠠᠭᠠᠨ᠎ᠠ ᠪᠠᠨ ᠰᠤᠭᠤᠪᠴᠢᠯᠠᠨ ᠢᠷᠡᠵᠦ ᠦᠷᠦᠵᠦ ᠲᠠᠯᠪᠢᠨ᠎ᠠ᠂ ᠰᠠᠷᠠᠨ | ᠭᠤᠸᠠᠢ ᠮᠦᠩᠭᠦᠨ ᠲᠦᠷᠦᠬᠡ ᠪᠠᠨ ᠰᠦ ᠪᠠᠷ ᠮᠢᠯᠢᠶᠠᠨ ᠪᠤᠳᠠᠭ᠎ᠠ ᠤᠷᠬᠢᠨ ᠦᠰᠦᠯᠳᠡ ᠪᠠᠨ ᠪᠡᠯᠭᠡᠳᠡᠨ᠎ᠡ᠃ ᠵᠢᠭᠠᠬᠠᠨ | ᠬᠦᠪᠡᠭᠦᠨ ᠨᠢ ᠰᠦᠷᠦᠭ ᠤᠨ ᠮᠠᠩᠯᠠᠢ ᠭᠡᠵᠦ ᠴᠠᠭᠠᠨ ᠬᠤᠷᠠᠭ᠎ᠠ ᠶᠢᠨ ᠮᠠᠩᠨᠠᠢ ᠶᠢ ᠦᠷᠦᠮ ᠢᠶᠠᠷ ᠮᠢᠯᠢᠶᠠᠵᠦ ᠬᠤᠴᠠ | ᠲᠠᠯᠪᠢᠨ᠂ ᠲᠦᠮᠡ ᠢᠶᠠᠷ ᠦᠷᠡᠵᠢᠬᠦ ᠮᠠᠯ ᠢᠶᠠᠨ ᠬᠠᠷᠠᠭᠠᠳ᠂ ᠲᠦᠭᠦᠷᠡᠩ ᠴᠢᠷᠠᠢ ᠳᠠᠭᠠᠨ ᠢᠨᠢᠶᠡᠮᠰᠤᠭ᠍ᠯᠡᠯ | ᠲᠤᠲᠤᠷᠠᠭᠤᠯᠤᠨᠠ᠃ ᠦᠩᠭᠡᠷᠡᠬᠦ ᠬᠠᠪᠤᠷ ᠤᠨ ᠡᠮᠦᠨᠡᠬᠢ ᠠᠷᠪᠠᠭᠠᠳ ᠵᠢᠯ ᠳᠤ ᠦᠰᠬᠦ ᠮᠠᠯ ᠨᠢ ᠭᠤᠷᠪᠠᠨ ᠵᠠᠭᠤ | ᠪᠠᠶᠢᠭᠰᠠᠨ ᠪᠤᠯ ᠦᠨᠦ ᠵᠦᠪᠬᠡᠨ ᠢᠮᠨᠠᠵᠦ ᠴᠠᠭᠠᠯᠠᠭᠰᠠᠨ ᠲᠦᠯ ᠨᠢ ᠵᠢᠷᠭᠤᠭᠠᠨ ᠵᠠᠭᠤ ᠶᠢᠨ ᠪᠤᠭᠤᠮᠳᠠ ᠶᠢ ᠲᠠᠪᠠᠵᠦ | ᠲᠠᠬᠢᠨ ᠢᠯᠡᠭᠦᠤ ᠪᠠᠷ ᠦᠰᠴᠠᠢ᠃ ᠬᠤᠷᠠᠭ᠎ᠠ ᠴᠠᠭᠠᠯᠠᠬᠤ ᠳᠤ ᠠᠶᠢᠯ ᠰᠠᠭᠠᠬᠠᠯᠳᠠ ᠶᠢᠨ ᠬᠢᠨ ᠢᠷᠡᠵᠦ ᠬᠠᠪᠰᠤᠷᠴᠤ | ᠦᠭᠭᠦᠨ᠎ᠡ᠃ ᠠᠬᠠᠮᠠᠳ ᠲᠤᠮᠤᠭᠠᠳᠠᠳ ᠨᠢ᠄ ︽ᠲᠠᠨ ᠤ ᠮᠠᠯ ᠰᠦᠷᠦᠭ ᠤᠶᠢᠷ᠎ᠠ ᠶᠢᠨ ᠵᠢᠯ ᠳᠤ ᠦᠰᠦᠯᠳᠡ ᠶᠡᠬᠡᠳᠡᠢ | ᠪᠠᠶᠢᠳᠠᠭ ᠨᠢ ᠶᠠᠮᠠᠷ ᠤᠴᠢᠷ ᠠᠴᠠ ᠪᠤᠢ︖︾᠂ ︽ᠡᠨᠡ ᠪᠤᠯ ᠶᠠᠷᠢᠶᠠᠨ ᠦᠭᠡᠢ ᠪᠦᠳᠦᠭᠡᠨ ᠪᠠᠶᠢᠭᠤᠯᠵᠦ᠂ | ᠮᠠᠯᠵᠢᠭᠰᠠᠨ ᠠᠴᠠ ᠮᠠᠯ ᠤᠨ ᠦᠰᠦᠯᠳᠡ ᠲᠤᠭᠳᠠᠭᠤᠨ ᠪᠤᠯᠤᠭᠰᠠᠨ ᠠᠴᠠ ᠰᠢᠤ︕︾ ᠭᠡᠬᠦ ᠳᠤ ᠤᠯᠠᠨ ᠢᠶᠠᠷ | ᠡᠷᠳᠡᠮᠳᠡᠭᠦᠰ ᠰᠠᠷᠠᠨ ᠤ ᠠᠵᠢᠯᠴᠢ ᠬᠦᠳᠡᠯᠮᠦᠷᠢᠴᠢ ᠵᠠᠩ᠂ ᠠᠷᠪᠢᠯᠠᠨ ᠭᠠᠮᠨᠠᠳᠠᠭ ᠰᠤᠷᠳᠠᠯ ᠢ ᠪᠢᠰᠢᠷᠡᠨ᠎ᠡ᠃ | ᠡᠳᠡᠨᠡᠶᠢᠬᠢᠨ ᠤ ᠮᠠᠯ ᠰᠦᠷᠦᠭ ᠡᠨᠡ ᠵᠢᠯ ᠪᠤᠭ ᠮᠠᠯ ᠮᠢᠩᠭ᠎ᠠ ᠶᠢᠨ ᠲᠤᠭ᠎ᠠ ᠶᠢ ᠲᠡᠪᠡᠵᠦ᠂ ᠦᠬᠡᠷ ᠨᠢ ᠬᠤᠶᠠᠷ ᠵᠠᠭᠤᠨ | ᠲᠤᠯᠤᠭᠠᠢ᠂ ᠠᠳᠤᠭᠤ ᠬᠤᠷᠢᠭᠠᠳ ᠲᠤᠯᠤᠭᠠᠢ ᠭᠡᠵᠦ ᠲᠠᠩᠰᠠᠨ᠎ᠠ ᠲᠡᠮᠳᠡᠭᠯᠡᠭᠳᠡᠵᠡᠢ᠃ | ᠤᠯᠠᠭᠠᠨ ᠬᠤᠯᠤᠭᠠᠨ᠎ᠠ ᠵᠢᠯ ᠤᠨ ᠨᠤᠭᠤᠭᠠᠨ ᠪᠦᠷᠢᠳᠦ ᠲᠡᠪᠢᠰᠭᠡᠷᠯᠡᠭᠰᠡᠨ ᠵᠤᠨ ᠤ ᠴᠡᠩᠭᠡᠯᠳᠡᠢ ᠴᠠᠭ ᠲᠤ᠂ | ᠬᠤᠰᠢᠭᠤ ᠪᠠᠶᠢᠭᠤᠯᠤᠭᠳᠠᠭᠰᠠᠨ ᠲᠦᠴᠢᠨ ᠵᠢᠯ ᠤᠨ ᠤᠢ ᠶᠢ ᠲᠤᠬᠢᠶᠠᠯᠳᠤᠭᠤᠯᠵᠦ᠂ ᠮᠠᠯ ᠤᠨ ᠦᠨᠢᠷ | ᠦᠰᠦᠯᠳᠡ300 ᠲᠦᠮᠡ ᠳᠤ ᠬᠦᠷᠦᠭᠰᠡᠨ ᠢᠶᠠᠨ ᠪᠡᠯᠭᠡᠯᠡᠨ ᠠᠷᠠᠳ ᠤᠨ ᠶᠡᠭᠡ ᠨᠠᠶᠢᠷ ᠢᠶᠠᠨ ᠬᠢᠵᠦ᠂ 500 ︽ | ᠬᠦᠳᠡᠯᠮᠦᠷᠢ ᠶᠢᠨ ᠵᠢᠱᠢᠶᠡᠴᠢ︾᠂ ︽ᠮᠢᠩᠭᠠᠳᠤ ᠶᠢᠨ ᠡᠵᠡᠳ︾ ᠢᠶᠠᠨ ᠲᠤᠲᠤᠷᠠᠭᠤᠯᠤᠨ ᠴᠤᠯᠠᠯᠠᠨ ᠱᠠᠩᠨᠠᠠᠵᠠᠢ᠃ | ᠡᠷᠳᠡᠮᠳᠡᠭᠦᠰ ᠪᠦᠰᠡᠭᠦᠢ ᠰᠠᠷᠠᠨ ᠲᠠᠢ ᠪᠠᠨ ᠨᠠᠶᠢᠷ ᠲᠤ ᠤᠷᠢᠭᠳᠠᠨ ᠤᠷᠤᠯᠴᠠᠵᠠᠢ᠂ ᠤᠯᠠᠨ ᠮᠢᠩᠭᠠᠳᠤ ᠶᠢᠨ ᠡᠵᠡᠳ | ᠲᠠᠢ ᠬᠠᠮᠳᠤ ᠡᠷᠳᠡᠮᠳᠡᠭᠦᠰ ︽ᠮᠢᠩᠭᠠᠳᠤ ᠶᠢᠨ ᠡᠷᠦᠬᠡ︾ ᠶᠢᠨ ᠡᠷᠳᠡᠨᠢ ᠶᠢᠨ ᠬᠤᠨᠳᠠᠭ᠎ᠠ ᠶᠢ ᠲᠤᠰᠴᠤ᠂ ᠰᠠᠷᠠᠨ | ᠭᠤᠸᠠᠢ ᠤᠯᠠᠨ ᠬᠦᠳᠡᠯᠮᠦᠷᠢ ᠶᠢᠨ ᠵᠢᠱᠢᠶᠡᠴᠦᠳ ᠤᠨ ᠬᠠᠮᠳᠤ ᠬᠤᠰᠢᠭᠤᠨ ᠤ ᠨᠠᠮ ᠤᠨ ᠬᠤᠷᠢᠶ᠎ᠠ ᠵᠠᠰᠠᠭ ᠤᠨ | ᠤᠷᠳᠤᠨ ᠠᠴᠠ ᠤᠯᠭᠤᠭᠰᠠᠨ ︽ᠬᠦᠳᠡᠯᠮᠦᠷᠢ ᠶᠢᠨ ᠵᠢᠱᠢᠶᠡᠴᠢ︾ ᠶᠢᠨ ᠠᠯᠳᠠᠨ ᠮᠧᠲ᠋ᠠᠯ ᠢᠶᠠᠷ ᠡᠩᠭᠡᠷ ᠢᠶᠠᠨ | ᠮᠢᠯᠢᠶᠠᠯᠭᠠᠵᠦ ᠢᠷᠠᠭᠤ ᠠᠯᠳᠠᠷ ᠲᠤᠰᠤᠭᠠᠳ᠂ ᠦᠪᠡᠷ ᠤᠨ ᠬᠦᠳᠡᠯᠮᠦᠷᠢ ᠶᠢᠨ ᠦᠷ᠎ᠡ ᠪᠦᠳᠦᠭᠡᠯ ᠢᠶᠠᠨ ᠦᠨᠳᠦᠷ | ᠦᠨᠡᠯᠡᠭᠦᠯᠦᠭᠰᠡᠨ ᠳᠡᠭᠡᠨ ᠭᠦᠷ ᠪᠠᠶᠠᠷ ᠪᠢᠯᠬᠠᠭᠤᠯᠤᠨ᠎ᠠ᠃ | ᠡᠬᠡ ᠭᠠᠵᠠᠷ ᠤᠨ ᠲᠣᠷᠭᠠᠨ ᠥᠯᠥᠭᠡᠢ ᠳᠤ | ᠡᠩᠬᠦᠷᠡᠢ ᠬᠦᠮᠥᠵᠢᠭᠰᠡᠨ ᠮᠢᠨᠦ ᠪᠡᠶ᠎ᠠ | ᠡᠬᠡ ᠣᠷᠣᠨ ᠤ ᠪᠠᠨ ᠳᠣᠯᠠᠭᠠᠨ ᠡᠪᠦᠷ ᠳᠡᠭᠡᠷ᠎ᠠ | ᠡᠳ᠋ᠯᠡᠬᠦ ᠶᠢᠨ ᠵᠢᠷᠭᠠᠯ ᠲᠠᠢ ᠠᠷᠠᠳ ᠲᠥᠮᠡᠨ ᠮᠢᠨᠢ | — ︽ᠡᠬᠡ ᠤᠷᠤᠨ ᠮᠢᠨᠢ ᠨᠠᠮᠤᠷᠰᠢᠨ᠎ᠠ︾ ᠭᠡᠬᠦ ᠰᠢᠯᠦᠭ ᠠᠴᠠ | ᠨᠠᠢᠮᠠᠨ ᠲᠡᠬᠢᠯ ᠤᠨ ᠰᠢᠨᠵᠢ ᠪᠠᠷ ᠬᠦᠷᠢᠶᠡᠯᠡᠭᠦᠯᠦᠭᠰᠡᠨ ᠦᠨᠳᠦᠷ ᠲᠠᠬᠢᠯᠭᠠᠳᠤ ᠪᠠᠳᠠᠷᠠᠬᠤ ᠤᠪᠤᠭ᠎ᠠ ᠨᠢ ᠭᠡᠰᠢᠭ | ᠤᠨ ᠪᠠᠶᠠᠨ ᠬᠦᠷᠢᠶ᠎ᠡ ᠲᠠᠳᠠᠵᠦ᠂ ᠬᠤᠷ᠎ᠠ ᠪᠤᠷᠤᠭᠠᠨ ᠲᠡᠭᠰᠢᠷᠡᠨ ᠦᠩᠭᠡ ᠶᠢᠨ ᠴᠡᠴᠡᠭ ᠠᠯᠠᠭᠯᠠᠨ ᠮᠦᠰᠢᠶᠡᠨ᠎ᠡ᠃ | ᠮᠠᠨᠢᠳᠦ — ᠡᠷᠳᠡᠨᠢ — ᠪᠠᠶᠠᠨ ᠵᠢᠷᠦᠬᠡ ᠶᠢᠨ ᠭᠤᠷᠪᠠᠨ ᠭᠤᠤᠯ ᠤᠨ ᠠᠮᠢᠰᠬᠤᠯ ᠦᠷᠭᠡᠨ ᠨᠤᠭᠤᠭᠠᠨ ᠲᠠᠯ᠎ᠠ | ᠳᠠᠭᠠᠨ ᠮᠦᠩᠬᠡᠯᠡᠨ ᠤᠷᠤᠰᠤᠭᠰᠠᠭᠠᠷ ᠦᠨᠢᠷ ᠤᠯᠠᠨ ᠮᠠᠯ ᠰᠦᠷᠦᠭ ᠢᠶᠠᠨ ᠤᠮᠳᠠᠯᠠᠨ ᠵᠢᠷᠭᠠᠨ᠎ᠠ᠃ ᠬᠤᠤᠰ | ᠲᠠᠭᠠᠭᠠᠴᠢᠯᠠᠯᠳᠠ ᠶᠢᠨ ᠬᠦᠨᠳᠦ ᠪᠡᠯᠭᠡ ᠶᠢ ᠭᠦᠷᠳᠡᠭᠰᠡᠨ ᠮᠠᠯᠴᠢᠳ ᠰᠢᠷᠭᠠᠭᠤ ᠬᠦᠳᠡᠯᠮᠦᠷᠢ ᠡᠯᠪᠡᠭ ᠬᠤᠷᠢᠶᠠᠯᠳᠠ ᠶᠢᠨ | ᠦᠷ᠎ᠡ ᠵᠢᠮᠢᠰ ᠰᠠᠭᠤᠵᠦ᠂ ᠭᠠᠴᠠᠭ᠎ᠠ ᠶᠢᠨ ᠪᠦᠬᠦ ᠮᠠᠯ ᠤᠨ ᠦᠨᠢᠷ ᠦᠰᠦᠯᠳᠡ ᠨᠠᠢᠮᠠᠨ ᠲᠦᠮᠡ ᠶᠢᠨ ᠪᠤᠭᠤᠮᠳᠠ ᠶᠢ | ᠲᠠᠪᠠᠭᠰᠠᠨ ᠢᠶᠠᠷ ᠪᠦᠬᠦ ᠬᠤᠰᠢᠭᠤᠨ ᠳᠠᠭᠠᠨ ᠬᠤᠶᠠᠳᠤᠭᠠᠷ ᠲᠤ ᠤᠷᠤᠬᠤ ︽ᠪᠠᠶᠠᠨ ᠭᠠᠴᠠᠭ᠎ᠠ︾ ᠪᠤᠯᠵᠦ᠂ ᠬᠠᠮᠳᠤ | ᠶᠢᠨ ᠢᠷᠠᠭᠤ ᠠᠯᠳᠠᠷ ᠢ ᠤᠯᠤᠭᠠᠳ ᠲᠡᠤᠬᠡ ᠶᠢᠨ ᠰᠢᠨ᠎ᠡ ᠬᠠᠭᠤᠳᠠᠰᠤ ᠶᠢ ᠪᠢᠴᠢᠭᠯᠡᠨ᠎ᠡ᠃ | ᠤᠯᠢᠶᠠᠰᠤᠳᠠᠢ ᠳᠤ᠂ 2019 ᠤᠨ ᠤ 3 ᠰᠠᠷ᠎ᠠ ᠳᠤ ᠪᠢᠴᠢᠪᠡᠢ᠃ | | ᠬᠠᠶ᠋ᠢᠭ᠄ ᠵᠡᠭᠦᠨ ᠦᠵᠦᠮᠦᠴᠢᠨ ᠬᠤᠰᠢᠭᠤᠨ ᠤ ᠠᠬᠠᠮᠠᠳ ᠺᠠᠳᠠᠷ ᠤᠨ ᠲᠤᠪᠴᠢᠶ᠎ᠠ | ᠵᠤᠬᠢᠶᠠᠭᠴᠢ᠄ ᠤᠷᠢᠶᠠᠩᠬᠠᠨ ᠤ᠂ ᠶᠤᠨᠳᠤᠨ᠂ ᠠᠵᠢᠯ ᠠᠴᠠ ᠪᠠᠨ ᠲᠠᠷᠬᠠᠯᠠᠭᠳᠠᠭᠰᠠᠨ ᠠᠬᠠᠮᠠᠳ ᠺᠠᠳᠠᠷ | ᠬᠠᠷᠢᠯᠴᠠᠬᠤ ᠤᠳᠠᠰᠤ᠄ 13654790610 | |