ᠤᠷᠢᠶᠠᠩᠬᠠᠨ ᠤ᠂ ᠶᠤᠨᠳᠤᠨ | ᠠᠯᠳᠠᠨ ᠵᠢᠯᠤᠭᠤᠳᠤ ᠪᠠᠶᠠᠨ ᠤᠨᠳᠤᠷᠤᠯ ︵ᠨᠢᠭᠡ︶ | — ᠦᠭᠡᠷᠡᠴᠢᠯᠡᠯᠳᠡ ᠨᠡᠭᠡᠭᠡᠯᠳᠡ ᠶᠢᠨ 40 ᠵᠢᠯ ᠳᠤ | ᠵᠤᠷᠢᠭᠤᠯᠤᠭᠰᠠᠨ ᠡᠷᠦᠬᠡ ᠭᠡᠷ ᠤᠨ ᠲᠡᠭᠵᠢᠷᠠᠯ ᠤᠨ ᠪᠠᠷᠢᠮᠳᠠᠳᠤ ᠤᠷᠠᠨ ᠵᠤᠬᠢᠶᠠᠯ | | ᠨᠢᠭᠡ᠂ ᠭᠡᠷ ᠪᠦᠯᠢ ᠶᠢᠨ ᠠᠮᠢᠳᠤᠷᠠᠯ ᠤᠨ ᠡᠬᠢᠯᠡᠯ | ᠦᠨᠳᠦᠷ ᠵᠤ ᠨᠢ ᠠᠯᠤᠰ ᠠᠴᠠ ᠬᠦᠭᠡᠷᠡᠨ ᠬᠠᠷᠠᠭᠠᠨ ᠤ ᠦᠵᠦᠭᠦᠷ ᠨᠡᠯᠦᠶᠢᠵᠦ | ᠦᠷᠭᠡᠨ ᠬᠦᠨᠳᠡᠢ ᠨᠢ ᠨᠤᠭᠤᠭᠠᠷᠠᠨ ᠴᠡᠴᠡᠭ ᠤᠨ ᠲᠠᠪᠠᠯᠭᠠᠨ ᠭᠡᠶᠢᠰᠦᠨᠡ | ᠦᠨᠢᠷ ᠰᠦᠷᠦᠭ ᠤᠨ ᠰᠢᠮᠡᠳᠦ ᠪᠡᠯᠴᠢᠭᠡᠷ ᠡᠵᠢ ᠶᠢᠨ ᠮᠢᠨᠢ ᠨᠤᠲᠤᠭ | ᠦᠵᠦᠮᠦᠴᠢᠨ ᠨᠤᠲᠤᠭ ᠤᠨ ᠪᠠᠷᠠᠭᠤᠨ ᠵᠠᠬ᠎ᠠ ᠲᠤᠭᠤᠭᠠᠳᠤ ᠭᠠᠵᠠᠷ ᠰᠠᠶᠢᠬᠠᠨ | — ︽ᠪᠠᠶᠠᠵᠢᠯ ᠤᠨ ᠬᠠᠷᠭᠤᠢ ᠳᠠᠬᠢ ᠮᠢᠨᠤ ᠨᠤᠲᠤᠭ︾ ᠭᠡᠬᠦ ᠨᠠᠶᠢᠷᠠᠭ ᠠᠴᠠ | ᠰᠢᠷ᠎ᠠ ᠮᠤᠷᠢᠨ ᠵᠢᠯ ᠤᠨ ᠵᠤᠨ ᠪᠠᠶᠢᠵᠦ ᠯᠡ ᠳ᠋ᠠ᠂ ᠨᠦᠢᠳᠡᠨ ᠴᠢᠬᠢᠭ ᠬᠠᠮᠠᠷ ᠠᠩᠭᠢᠯᠠᠭᠤᠯᠤᠭᠰᠠᠨ ᠡᠪᠡᠰᠦᠨ ᠤ | ᠰᠡᠬᠦᠳᠡᠷᠢ ᠭᠢᠯᠠᠯᠵᠠᠭᠰᠠᠨ ᠨᠢᠭᠡᠨ ᠦᠷᠯᠦᠭᠡ ᠡᠷᠳᠡ ᠪᠠᠷ᠂ ᠪᠠᠶᠠᠨ ᠵᠤᠰᠠᠯᠠᠩ ᠤᠨ ᠦᠨᠳᠦᠷ ᠠᠴᠠ ᠨᠢᠭᠡᠨ ᠠᠶᠢᠯ | ᠨᠡᠭᠦᠭᠰᠡᠭᠡᠷ ᠲᠤᠭᠤᠭᠠᠳᠤ ᠶᠢᠨ ᠡᠮᠦᠨ᠎ᠡ ᠲᠡᠨᠵᠢᠨ᠎ᠡ ᠪᠠᠭᠤᠵᠦ ᠭᠡᠷ ᠢᠶᠠᠨ ᠪᠠᠷᠢᠨ᠎ᠠ᠂ ᠲᠠᠪᠤᠨ ᠬᠠᠨ᠎ᠠ ᠲᠠᠢ ᠭᠡᠷ ᠢᠶᠠᠨ | ᠪᠤᠰᠬᠠᠵᠦ᠂ ᠬᠡᠳᠦᠨ ᠲᠡᠷᠭᠡ ᠪᠠᠨ ᠨᠠᠶᠢᠷᠠᠭᠰᠠᠨ ᠢᠶᠠᠨ ᠵᠡᠯ᠎ᠡ ᠪᠠᠨ ᠲᠠᠳᠠᠵᠦ ᠭᠠᠳᠠᠰᠤᠯᠠᠭᠠᠳ ᠬᠡᠳᠦᠨ ᠲᠤᠭᠤᠯ ᠢᠶᠠᠨ | ᠤᠶᠠᠨ᠎ᠠ᠃ ᠦᠩᠭᠡ ᠶᠢᠨ ᠴᠡᠴᠡᠭ ᠲᠡᠯᠭᠡᠷᠡᠭᠡᠳ ᠦᠶᠡᠳᠡᠨ ᠤᠷᠭᠤᠮᠠᠯ ᠲᠤᠬᠢᠯᠵᠠᠵᠦ᠂ ᠠᠬᠢ ᠲᠠᠭᠠᠨ᠎ᠠ ᠦᠨᠦᠷ | ᠬᠠᠩᠬᠤᠯᠠᠭᠰᠠᠨ ᠪᠠᠶᠢᠭᠠᠯᠢ ᠶᠢᠨ ᠲᠠᠩᠰᠤᠭ ᠲᠤᠭᠤᠭᠠᠳᠤ ᠭᠠᠵᠠᠷ ᠰᠠᠭᠠᠳᠠᠵᠠᠢ᠃ ᠨᠢᠭᠡ ᠮᠤᠷᠢᠳᠠᠨ ᠬᠦᠯᠦᠪᠦᠷᠢ ᠶᠢᠨ | ᠦᠬᠡᠷ ᠪᠤᠯᠤᠨ ᠬᠡᠳᠦᠨ ᠦᠨᠢᠶᠡᠳ ᠢᠶᠠᠨ ᠮᠠᠨᠢᠳᠦ ᠶᠢᠨ ᠭᠤᠤᠯ ᠤᠨ ᠤᠰᠤᠨ ᠵᠦᠭ ᠬᠦᠭᠡᠭᠡᠵᠦ ᠲᠠᠯᠪᠢᠨ᠎ᠠ᠂ ᠠᠯᠤᠰ | ᠠᠴᠠ ᠲᠤᠭᠤᠨᠤ ᠪᠠᠷ ᠨᠢ ᠤᠳᠤᠭ᠎ᠠ ᠰᠤᠭᠤᠨᠤᠭᠯᠠᠬᠤ ᠪᠠᠷ ᠬᠡᠷᠭᠡᠢ ᠨᠢ ᠭᠡᠷ ᠲᠤᠲᠤᠷ᠎ᠠ ᠵᠤᠤᠬ᠎ᠠ ᠪᠠᠨ ᠰᠢᠪᠠᠭᠰᠠᠨ ᠢᠶᠠᠨ | ᠴᠠᠢ ᠪᠠᠨ ᠪᠡᠯᠨᠳᠦᠨ ᠠᠮᠵᠢᠬᠤ ᠨᠢ ᠪᠤᠯᠤᠯᠳᠠᠢ᠃ ᠡᠨᠡ ᠪᠤᠯ ᠮᠠᠨᠢᠳᠦ — ᠰᠢᠨᠠᠭᠠᠨ ᠢᠶᠠᠷ ᠪᠡᠯᠴᠢᠭᠡᠷ ᠲᠠᠢ᠂ | ᠲᠤᠭᠤᠭᠠᠳᠤ ᠬᠡᠮᠡᠬᠦ ᠭᠠᠵᠠᠷ ᠢᠶᠠᠷ ᠨᠤᠲᠤᠭᠳᠠᠢ ᠮᠠᠯᠴᠢᠨ ᠡᠷᠳᠡᠮᠳᠡᠭᠦᠰ ᠤᠨ ᠬᠢ ᠪᠤᠯᠤᠨ᠎ᠠ᠃ ᠲᠡᠭᠦᠨ ᠤ ᠬᠡᠷᠭᠡᠢ ᠰᠠᠷᠠᠨ | ᠭᠡᠳᠡᠭ᠃ ᠭᠡᠷ ᠲᠡᠭᠡᠨ ᠤᠢ ᠬᠦᠷᠦᠭᠰᠡᠨ ᠶᠡᠭᠡ ᠬᠦᠤ ᠲᠠᠢ ᠪᠠᠨ ᠭᠤᠷᠪᠠᠭᠤᠯᠠ ᠠᠵᠠᠢ᠃ | ᠨᠢᠭᠡᠳᠦᠯ ᠪᠠᠷᠢᠭᠠᠳᠠ ᠶᠢᠨ ᠦᠶ᠎ᠡ ᠪᠠᠶᠢᠵᠤ᠂ ᠬᠠᠮᠲᠦ ᠶᠢᠨ ᠲᠣᠭᠤᠭᠠᠨ ᠠᠴᠠ ᠬᠤᠰᠣᠮ ᠬᠥᠰᠡᠵᠤ ᠬᠥᠨᠡᠰᠦ | ᠵᠠᠯᠭᠠᠭᠤᠯᠵᠤ ᠪᠠᠶᠢᠭᠰᠠᠨ ᠴᠠᠭ᠃ ᠰᠠᠶ᠋ᠢᠬᠠᠨ ᠠᠶᠢᠯ ᠭᠡᠷ ᠪᠤᠯᠵᠦ ᠶᠠᠪᠤᠭ᠎ᠠ ᠡᠳᠡᠨᠡᠶᠢᠬᠢᠨ ᠳᠤ ᠪᠤᠰᠤᠳ ᠬᠦᠷᠦᠩᠭᠡ | ᠭᠡᠮᠡᠷ ᠶᠠᠭᠤᠮ᠎ᠠ ᠠᠯᠠᠭ᠎ᠠ᠂ ᠪᠠᠰᠠ ᠮᠠᠯ ᠰᠦᠷᠦᠭ ᠭᠡᠵᠦ ᠤᠯᠵᠦ ᠲᠠᠭᠠᠭᠠᠴᠢᠯᠠᠭᠠᠳᠤᠢ ᠪᠤᠯᠬᠤᠷ ᠠᠳᠡ ᠲᠡᠨᠳᠡ ᠠᠴᠠ | ᠬᠡᠳᠦᠨ ᠲᠤᠭᠤᠯ ᠲᠠᠢ ᠦᠨᠢᠶ᠎ᠡ ᠴᠤᠭᠯᠠᠭᠤᠯᠵᠦ ᠪᠤᠷᠤ ᠡᠳᠦᠷ ᠬᠤᠨᠤᠭ ᠢ ᠦᠩᠭᠡᠷᠡᠭᠡᠨ᠎ᠡ᠃ ᠠᠰᠢᠭ ᠤᠷᠤᠯᠭ᠎ᠠ ᠭᠡᠪᠡᠯ | ᠬᠠᠮᠲᠦ ᠪᠠᠶᠢᠭᠰᠠᠨ ᠤ ᠡᠷᠬᠡ ᠪᠠᠷ ᠮᠠᠯᠵᠢᠯ ᠠᠴᠠ ᠪᠣᠰᠣᠳ ᠢᠯᠡᠭᠦᠤ ᠬᠥᠳᠡᠯᠮᠥᠷᠢ ᠳᠤ ᠣᠷᠣᠯᠴᠠᠵᠦ ᠠᠮᠢ ᠲᠡᠵᠢᠭᠡᠨ᠎ᠡ᠂ | ᠡᠳᠦᠷ ᠪᠦᠷᠢ ᠶᠢᠨ ᠠᠷᠪᠠᠨ ᠬᠤᠪᠢ ᠲᠡᠮᠳᠡᠭᠯᠡᠵᠤ ᠬᠤᠪᠢ ᠪᠦᠷᠢ ᠶᠢᠨ ᠦᠨ᠎ᠠ ᠨᠢ 0,12 ᠲᠦᠭᠦᠷᠢᠭ ᠲᠡᠳᠦᠢ ᠯᠠ | ᠪᠠᠶᠢᠯ᠎ᠠ᠃ ᠨᠠᠮᠣᠷ ᠤᠨ ᠡᠪᠡᠰᠦ ᠬᠠᠳᠣᠯᠠᠩ᠂ ᠮᠠᠯ ᠤᠨ ᠬᠤᠷᠤᠭ᠎ᠠ ᠬᠠᠰᠢᠶ᠎ᠠ ᠪᠠᠷᠢᠬᠤ᠂ ᠡᠪᠡᠰᠦᠨ ᠬᠥᠷᠢᠶᠡᠯᠡᠩ | ᠪᠣᠰᠬᠠᠬᠤ᠂ ᠬᠤᠨᠢᠨ ᠤ ᠭᠠᠷ ᠬᠡᠬᠡᠯᠲᠦᠯᠭᠡ ᠶᠢᠨ ᠮᠡᠷᠭᠡᠵᠢᠯ ᠤᠨ ᠠᠵᠢᠯ᠂ ᠬᠠᠪᠤᠷ ᠲᠦᠯ ᠤᠨ ᠦᠶ᠎ᠡ ᠠᠶᠢᠯ ᠤᠨ | ᠰᠠᠭᠠᠬᠤ ︵ᠬᠤᠷᠠᠭᠠᠯᠠᠭᠰᠠᠨ ᠬᠤᠨᠢᠳ︶ ᠶᠢ ᠬᠠᠷᠢᠭᠤᠯᠬᠤ ᠵᠡᠷᠭᠡ ᠦᠢᠯᠡᠳᠪᠦᠷᠢᠯᠡᠯ ᠤᠨ ᠠᠵᠢᠯᠯᠠᠭᠠᠨ ᠳᠤ | ᠤᠷᠤᠯᠴᠠᠵᠦ᠂ ᠭᠡᠷ ᠪᠦᠯᠢ ᠶᠢᠨ ᠠᠮᠢᠳᠤᠷᠠᠯ ᠢᠶᠠᠨ ᠲᠦᠩᠭᠡᠵᠢ ᠠᠷᠭᠠᠴᠠᠬᠤ ᠲᠡᠳᠦᠢ᠃ ᠡᠨᠡ ᠨᠢ ᠦᠷᠭᠦᠯᠵᠢ ᠶᠢᠨ | ᠴᠢᠨᠠᠷᠳᠠᠢ ᠠᠵᠢᠯ ᠪᠤᠰᠤ ᠲᠤᠯᠠ ᠤᠯᠵᠠᠪᠤᠷᠢ ᠪᠠᠷ ᠲᠤᠩ ᠢᠯᠠᠮ ᠦᠭᠡᠢ ᠪᠠᠭ᠎ᠠ ᠪᠠᠶᠢᠭᠰᠠᠨ ᠶᠤᠮ᠂ ᠲᠡᠷᠡ ᠬᠡᠷᠭᠡᠢ ᠲᠠᠢ | ᠪᠠᠨ ᠨᠢᠭᠡ ᠰᠦᠷᠦᠭ ᠠᠪᠴᠤ ᠲᠠᠭᠠᠭᠠᠴᠢᠯᠠᠨ ᠬᠠᠷᠢᠭᠤᠯᠤᠶ᠎ᠠ ᠭᠡᠵᠦ ᠵᠦᠪᠳᠡᠪᠡᠴᠦ ᠪᠠᠷᠢᠭᠠᠳᠠ ᠠᠴᠠ ᠲᠤᠬᠢᠷᠠᠭᠤᠯᠤᠭᠠ | ᠦᠭᠡᠢ ᠪᠠᠶᠢᠭᠰᠠᠭᠠᠷ᠃ ᠠᠮᠤ ᠪᠤᠳᠠᠭ᠎ᠠ ᠪᠦᠰ ᠪᠠᠷᠠᠭ᠎ᠠ ᠶᠢᠨ ᠢᠷᠡᠯᠳᠡ ᠭᠡᠪᠡᠯ ᠰᠠᠷ᠎ᠠ ᠶᠢᠨ ᠭᠤᠴᠢᠨ ᠵᠢᠩ ᠰᠢᠷ᠎ᠠ | ᠪᠤᠳᠠᠭ᠎ᠠ᠂ ᠬᠤᠷᠢᠨ ᠵᠢᠩ ᠴᠠᠭᠠᠨ ᠭᠤᠯᠢᠷ ᠪᠠᠶᠢᠵᠦ᠂ ᠨᠢᠭᠡ ᠬᠦᠮᠦᠨ ᠤ ᠨᠢᠭᠡ ᠲᠡᠪᠡᠯ ᠤᠨ ᠪᠠᠷᠠᠭ᠎ᠠ᠂ ᠬᠦᠪᠦᠩ | ᠬᠤᠶᠠᠷ ᠵᠢᠩ ᠶᠢ ᠬᠠᠩᠭᠠᠨ ᠪᠤᠷᠤᠯᠠᠭᠤᠯᠭ᠎ᠠ ᠶᠢᠨ ᠬᠤᠷᠰᠢᠶ᠎ᠠ ᠪᠠ ᠠᠮᠤ ᠪᠤᠳᠠᠭᠠᠨ ᠤ ᠦᠷᠳᠡᠭᠡᠨ ᠠᠴᠠ ᠬᠤᠳᠠᠯᠳᠤᠨ | ᠠᠪᠴᠤ ᠡᠳᠦᠷ ᠬᠤᠨᠤᠭ ᠢ ᠨᠦᠭᠴᠢᠭᠡᠨ᠎ᠡ᠃ | ᠲᠡᠷᠡ ᠬᠠᠪᠤᠷ᠂ ᠬᠤᠨᠢᠨ ᠤ ᠲᠦᠯ ᠲᠡᠭᠡᠷ᠎ᠡ ᠰᠠᠭᠠᠬᠤ ᠬᠠᠷᠢᠭᠤᠯᠬᠤ ᠠᠵᠢᠯ ᠳᠤ ᠲᠤᠬᠢᠷᠠᠭᠤᠯᠤᠭᠳᠠᠯᠠ᠃ | ᠬᠠᠪᠣᠷ ᠤᠨ ᠨᠢᠭᠡᠨ ᠡᠳᠦᠷ᠂ ᠡᠷᠳᠡᠮᠳᠡᠭᠦᠰ ᠭᠡᠷᠭᠡᠢ ᠲᠠᠢ ᠪᠠᠨ ᠬᠤᠨᠢᠨ ᠳᠠᠭᠠᠨ ᠭᠠᠷᠴᠦ ᠰᠠᠭᠠᠬᠤ ᠪᠠᠨ ᠲᠤᠭᠤᠬᠤ ᠪᠠᠷ | ᠶᠠᠪᠤᠵᠠᠢ᠃ ︽ᠭᠥᠬᠦᠭᠦᠯᠵᠤ ᠠᠪᠤᠭᠤᠯᠬᠤ︾ ᠶᠠᠪᠣᠳᠠᠯ ᠢᠶᠠᠷ ᠪᠠᠭ᠎ᠠ ᠠᠭᠠᠵᠢᠮᠳᠠᠭᠰᠠᠨ ᠪᠠᠶᠢᠵᠤ ᠳ᠋ᠠ᠂ ᠬᠡᠷᠭᠡᠢ ᠨᠢ ᠭᠡᠷ | ᠲᠡᠭᠡᠨ ᠣᠷᠣᠵᠤ ᠦᠵᠡᠭᠦ ᠳᠤ ᠬᠠᠨᠵᠣᠨ ᠲᠡᠭᠡᠷ᠎ᠠ ᠥᠯᠥᠭᠡᠶᠢᠲᠠᠢ ᠪᠠᠶᠢᠭᠰᠠᠨ ᠪᠢᠴᠢᠬᠠᠨ ᠬᠦᠤ ᠨᠢ ᠪᠠᠷ᠎ᠠ ᠠᠯᠠᠭ᠎ᠠ | ᠪᠠᠶᠢᠯ᠎ᠠ᠃ ᠪᠠᠴᠢᠮᠳᠠᠨ ᠠᠵᠢᠭᠯᠠᠪᠠᠯ ᠵᠤᠤᠬ᠎ᠠ ᠶᠢᠨ ᠦᠨᠡᠰᠦᠨ ᠨᠥᠬᠡᠨ ᠳᠤ ᠬᠤᠶᠠᠷ ᠬᠥᠯ ᠨᠢ ᠴᠣᠬᠤᠢᠢᠵᠤ | ᠬᠠᠷᠠᠭᠳᠠᠭᠰᠠᠨ ᠳᠤ ︽ᠪᠠᠷᠠᠪᠠ︕︾ ᠬᠡᠮᠡᠨ ᠲᠠᠭᠠᠤ ᠠᠯᠳᠠᠨ ᠶᠠᠭᠠᠷᠠᠨ ᠲᠡᠪᠡᠷᠢᠵᠤ ᠠᠪᠬᠤ ᠳᠤ ᠨᠢᠭᠤᠷ ᠲᠣᠯᠣᠭᠠᠢ | ᠠᠮᠠ ᠬᠠᠮᠠᠷ ᠴᠥᠮ ᠦᠨᠡᠰᠦ ᠪᠣᠯᠵᠤ᠂ ᠡᠰᠡᠯ᠎ᠡ ᠪᠦᠲᠦᠵᠤ ᠦᠬᠦᠭᠰᠡᠨ ᠪᠠᠶᠢᠵᠠᠢ᠃ ᠪᠠᠭ᠎ᠠ ᠣᠳᠠᠭᠰᠠᠨ ᠪᠣᠯ | ᠬᠠᠷᠠᠯᠠᠬᠤ ᠨᠢ ᠲᠡᠷᠡ᠂ ᠭᠡᠷᠭᠡᠢ ᠮᠠᠨᠢ ᠨᠢᠭᠤᠷ ᠴᠢᠷᠠᠢ ᠶᠢ ᠨᠢ ᠴᠡᠪᠡᠷᠯᠡᠭᠰᠡᠨ ᠢᠶᠠᠨ ᠠᠮᠢᠰᠬᠤᠭ᠎ᠠ ᠲᠠᠢ ᠪᠠᠶᠢᠬᠤ ᠳᠤᠨᠢ | ᠪᠠᠶᠠᠷᠯᠠᠵᠤ᠂ ᠡᠬᠡ ᠬᠥᠮᠥᠨ ᠤ ᠶᠡᠭᠡ ᠬᠠᠶᠢᠷ᠎ᠠ ᠪᠠᠷ ᠨᠢᠯᠪᠣᠰᠣ ᠣᠨᠠᠭᠠᠨ ᠥᠨᠥᠰᠴᠦ᠂ ᠬᠠᠯᠠᠭᠤᠨ ᠬᠠᠴᠠᠷ ᠲᠠᠭᠠᠨ | ᠨᠠᠭᠠᠯᠳᠣᠭᠤᠯᠣᠨ ᠡᠩᠬᠦᠷᠡᠶᠢᠯᠡᠵᠠᠢ᠃ ᠲᠡᠷᠡ ᠦᠶ᠎ᠡ ᠳᠤ᠂ ᠵᠠᠯᠠᠭᠤ ᠡᠴᠢᠭᠡ ᠡᠬᠡᠴᠦᠯ ᠬᠡᠤᠬᠡᠳ ᠢᠶᠠᠨ ᠬᠠᠶᠢᠷᠠᠯᠠᠪᠠᠴᠤ | ᠬᠡᠤᠬᠡᠳ ᠢᠶᠠᠨ ᠡᠷᠬᠡᠯᠡᠬᠦᠯᠬᠦ ᠶᠠᠪᠤᠳᠠᠯ ᠭᠡᠵᠦ ᠦᠭᠡᠢ᠂ ᠬᠤᠨᠢᠨ ᠳᠠᠭᠠᠨ ᠶᠠᠪᠤᠪᠠᠯ ᠬᠡᠤᠬᠡᠳ ᠢᠶᠠᠨ ᠤᠶᠠᠵᠦ | ᠠᠷᠭᠠᠮᠵᠢᠭᠠᠳ ᠲᠠᠯᠪᠢᠳᠠᠭ ᠪᠤᠯᠵᠠᠢ᠃ ᠡᠷᠬᠡ ᠶᠢ ᠰᠤᠷᠭᠠᠬᠤ ᠪᠠᠷ ᠪᠡᠷᠬᠡ ᠶᠢ ᠰᠤᠷᠭ᠎ᠠ ᠭᠡᠳᠡᠭᠴᠢᠯᠡᠨ ᠨᠢᠯᠭ᠎ᠠ ᠬᠡᠤᠬᠡᠳ | ᠲᠤ ᠪᠠᠷᠢᠳᠠᠭ ᠨᠠᠭᠠᠳᠤᠮ ᠤᠨ ᠵᠦᠢᠯᠳᠡ ᠶᠢ ᠦᠭᠴᠤ ᠬᠠᠭᠤᠷᠠᠭᠠᠳ ᠠᠵᠢᠯ ᠳᠠᠭᠠᠨ ᠶᠠᠭᠠᠷᠠᠨ᠎ᠠ᠂ ᠤᠬᠢᠯᠠᠵᠦ | ᠲᠡᠪᠬᠡᠴᠡᠬᠦ ᠶᠠᠪᠤᠳᠠᠯ ᠢ ᠬᠠᠷᠠᠭᠠᠯᠵᠠᠬᠤ ᠵᠠᠪ ᠦᠭᠡᠢ᠂ ᠢᠩᠭᠢᠭᠡᠳ ᠤᠳᠠᠪᠠᠯ ᠬᠡᠤᠬᠡᠳ ᠤᠬᠢᠯᠠᠵᠦ ᠪᠠᠶᠢᠭᠠᠳ | ᠠᠶᠠᠠᠳᠠᠭᠠᠨ ᠤᠨᠳᠠᠴᠢᠳᠠᠭ ᠵᠠᠩᠰᠢᠯ ᠲᠠᠢ ᠪᠤᠯᠴᠢᠳᠠᠭ ᠪᠠᠶᠢᠨ᠎ᠠ᠃ ᠡᠨᠡ ᠮᠡᠳᠦ ᠪᠠᠷ ᠬᠤᠶᠠᠷ ᠰᠠᠷ᠎ᠠ ᠰᠢᠬᠠᠮ ᠰᠠᠭᠠᠬᠤ | ᠬᠠᠷᠢᠭᠤᠯᠤᠭᠠᠳ ᠵᠠᠭᠤ ᠰᠢᠬᠠᠮ ᠵᠤᠭᠤᠰ ᠤᠯᠳᠠᠭ ᠪᠠᠶᠢᠯ᠎ᠠ᠃ | ︽ᠰᠤᠶᠤᠯ ᠤᠨ ᠬᠤᠪᠢᠰᠬᠠᠯ ᠤᠨ ᠰᠠᠮᠠᠭᠤᠷᠠᠯ︾ ᠤᠨ ᠭᠠᠢ ᠪᠠᠷ ᠤᠯᠤᠰ ᠬᠤᠴᠤᠷᠤᠩᠭᠤᠢ ᠨᠡᠶᠢᠭᠡᠮ ᠶᠠᠳᠠᠭᠤ | ᠪᠤᠯᠬᠤᠷ ᠨᠡᠶᠢᠭᠡᠮ ᠤᠨ ᠬᠡᠷᠡᠭᠯᠡᠭᠡᠨ ᠤ ᠲᠠᠸᠠᠷ ᠭᠡᠵᠦ ᠬᠤᠪᠤᠷ ᠴᠤᠬᠠᠭ ᠵᠦᠪᠬᠡᠨ ᠤᠯᠤᠰ ᠤᠨ ᠬᠤᠪᠢᠶᠠᠷᠢᠯᠠᠯᠳᠠ ᠲᠠᠢ | ᠠᠮᠢᠳᠤᠷᠠᠯ ᠤᠨ ᠲᠤᠭᠳᠠᠭᠰᠠᠨ ᠵᠢᠭᠠᠯᠳᠠ ᠲᠠᠢ ᠪᠤᠳᠠᠰ ᠶᠢ ᠬᠤᠳᠠᠯᠳᠤᠨ ᠠᠪᠤᠨ᠎ᠠ᠂ ᠡᠨᠡᠬᠦ ᠬᠤᠴᠤᠷᠤᠩᠭᠤᠢ ᠪᠤᠯᠪᠠᠴᠤ | ᠲᠤᠭᠳᠠᠭᠤᠨ ᠠᠮᠢᠳᠤᠷᠠᠯ ᠤᠨ ᠤᠷᠴᠢᠨ ᠳᠤ ᠮᠠᠯᠴᠢᠳ ᠲᠠᠰᠴᠤ᠂ ᠬᠠᠭᠤᠴᠢᠨ ᠨᠡᠶᠢᠭᠡᠮ ᠤᠨ ᠲᠠᠷᠤᠯᠠᠯ ᠮᠦᠯᠵᠢᠯ ᠲᠠᠢ | ᠬᠠᠷᠢᠴᠠᠭᠤᠯᠤᠭᠠᠳ᠂ ᠶᠠᠳᠠᠭᠤ ᠪᠠᠶᠠᠨ ᠤ ᠵᠦᠷᠢᠶ᠎ᠡ ᠦᠭᠡᠢ᠂ ᠰᠠᠶᠢᠬᠠᠨ ᠨᠡᠶᠢᠭᠡᠮ ᠳᠤ ᠮᠠᠩᠨᠠᠢ ᠲᠡᠨᠡᠶᠢᠨ ᠠᠮᠢᠳᠤᠷᠡᠵᠦ | ᠪᠠᠶᠢᠨ᠎ᠠ ᠭᠡᠵᠦ ᠰᠡᠳᠭᠢᠭᠡᠳ ᠡᠪ ᠬᠠᠮᠳᠤ ᠨᠠᠮ ᠳᠠᠭᠠᠨ ᠬᠦᠨ ᠲᠠᠯᠠᠷᠬᠠᠵᠦ᠂ ᠬᠠᠷᠢᠨ ᠦᠢᠯᠡᠳᠪᠦᠷᠢᠯᠡᠯ ᠠᠮᠢᠳᠤᠷᠠᠯ | ᠳᠠᠭᠠᠨ ᠰᠠᠨᠠᠭ᠎ᠠ ᠲᠦᠭᠦᠷᠡᠩ ᠰᠡᠳᠭᠢᠯ ᠪᠠᠶᠠᠨ ᠠᠵᠦ ᠲᠦᠷᠦᠬᠦ ᠪᠤᠯᠵᠠᠢ᠃ ᠮᠠᠯᠴᠢᠳ ᠮᠠᠨᠢ ᠦᠪᠡᠷ ᠤᠨ ᠰᠤᠶᠤᠯ | ᠪᠤᠯᠬᠤ ᠨᠡᠭᠦᠳᠡᠯ ᠮᠠᠯᠵᠢᠯ ᠤᠨ ᠴᠠᠭ ᠦᠶ᠎ᠡ ᠳᠤ ᠪᠠᠶᠢᠭᠰᠠᠨ ᠢᠶᠠᠷ ᠨᠡᠶᠢᠭᠡᠮ ᠶᠠᠳᠠᠭᠤ ᠪᠠᠶᠢᠭᠰᠠᠨ ᠴᠤ ᠲᠠᠪᠤᠨ | ᠬᠤᠰᠢᠭᠤ ᠮᠠᠯ ᠤᠨ ᠠᠰᠢᠭ ᠰᠢᠮ᠎ᠡ ᠶᠢᠨ ᠭᠠᠷᠤᠯᠳᠠ ᠪᠠᠨ ᠲᠠᠳᠮᠠᠭᠠᠢ ᠠᠰᠢᠭᠯᠠᠵᠦ᠂ ᠠᠮᠢᠳᠤᠷᠠᠯ ᠢᠶᠠᠨ ᠭᠦᠢᠴᠡᠳ | ᠨᠦᠬᠦᠪᠦᠷᠢᠯᠳᠡᠭ ᠪᠠᠶᠢᠭᠰᠠᠨ ᠪᠦᠭᠡᠳ ᠠᠯᠢᠪᠠ ᠬᠡᠷᠡᠭᠯᠡᠭᠡᠨ ᠤ ᠬᠡᠷᠡᠭᠰᠡᠯ ᠤᠨ ᠵᠦᠢᠯᠳᠡ ᠶᠢ ᠦᠪᠡᠷ ᠤᠨ ᠬᠤᠶᠠᠷ ᠭᠠᠷ | ᠢᠶᠠᠷ ᠢᠶᠠᠨ ᠬᠠᠩᠭᠠᠳᠠᠭ ᠬᠦᠳᠡᠯᠮᠦᠷᠢᠴᠢ ᠵᠠᠩ ᠰᠤᠷᠳᠠᠯ ᠢᠶᠠᠨ ᠪᠠᠷᠢᠮᠳᠠᠯᠠᠭᠰᠠᠭᠠᠷ ᠪᠠᠶᠢᠪᠠ᠃ ᠵᠢᠱᠢᠶᠡᠯᠡᠪᠡᠯ ᠢᠰᠡᠭᠡᠢ ᠭᠡᠷ | ᠢᠶᠠᠨ ᠦᠪᠡᠷᠳᠡᠭᠡᠨ ᠬᠢᠵᠦ ᠴᠢᠳᠠᠬᠤ᠂ ᠢᠰᠡᠭᠡᠢ ᠨᠤᠤᠰᠤ ᠪᠠᠨ ᠦᠪᠡᠷᠳᠡᠭᠡᠨ ᠪᠤᠯᠪᠠᠰᠤᠷᠠᠭᠤᠯᠵᠦ ᠴᠢᠳᠠᠬᠤ᠂ ᠠᠯᠢᠪᠠ | ᠤᠶᠤᠳᠠᠯ ᠬᠢᠳᠡᠯ᠂ ᠰᠦ ᠴᠠᠭ᠎ᠠ ᠪᠤᠯᠪᠠᠰᠤᠷᠠᠭᠤᠯᠬᠤ᠂ ᠰᠤᠷ ᠡᠳ᠋ᠯᠡᠯ ᠬᠢᠬᠦ᠂ ᠮᠤᠷᠢᠨ ᠡᠳ᠋ᠯᠡᠯ ᠶᠠᠩᠵᠤᠯᠠᠬᠤ᠂ ᠲᠡᠷᠭᠡ | ᠬᠦᠰᠭᠡ ᠪᠠᠨ ᠬᠢᠬᠦ ᠪᠠ ᠰᠡᠯᠪᠢᠨ ᠵᠠᠰᠠᠬᠤ ᠵᠡᠷᠭᠡ ᠠᠯᠢ ᠤᠯᠠᠨ ᠠᠮᠢᠳᠤᠷᠠᠯ ᠦᠢᠯᠡᠳᠪᠦᠷᠢᠯᠡᠯ ᠤᠨ ᠦᠨᠳᠦᠰᠦᠨ | ᠬᠡᠷᠡᠭᠰᠡᠯ ᠢᠶᠠᠨ ᠦᠪᠡᠷᠳᠡᠭᠡᠨ ᠬᠢᠵᠦ ᠡᠳ᠋ᠯᠡᠵᠦ ᠴᠢᠳᠠᠬᠤ ᠠᠪᠢᠶᠠᠰ ᠪᠢᠯᠢᠭ ᠤᠢ ᠤᠬᠠᠭᠠᠨ ᠬᠦᠮᠦᠨ ᠪᠦᠬᠦᠨ ᠠᠶᠢᠯ | ᠪᠤᠯᠭᠠᠨ ᠳᠤ ᠪᠠᠶᠢᠳᠠᠭ᠂ ᠶᠡᠷᠦ ᠠᠴᠠ ᠬᠦᠮᠦᠨ ᠤ ᠭᠠᠷ ᠬᠠᠷᠠᠳᠠᠭ ᠦᠭᠡᠢ ᠤᠷᠠᠨ ᠲᠠᠷᠬᠠᠨ ᠪᠡᠶ᠎ᠡ ᠪᠠᠨ ᠲᠠᠭᠠᠭᠠᠭᠰᠠᠨ | ᠠᠮᠢᠳᠤᠷᠠᠯ ᠤᠨ ᠬᠦᠴᠦᠰᠦ ᠲᠠᠢ ᠮᠠᠯᠴᠢᠳ ᠪᠠᠶᠢᠭᠰᠠᠨ ᠨᠢ ᠲᠤᠬᠠᠢ ᠶᠢᠨ ᠦᠶ᠎ᠡ ᠶᠢᠨ ᠦᠨᠡᠨ ᠪᠠᠶᠢᠳᠠᠯ ᠶᠤᠮᠰᠠᠨ᠃ | ᠬᠠᠪᠣᠷ ᠤᠨ ᠪᠦᠷᠦᠩᠬᠦᠢ ᠰᠠᠯᠬᠢᠨ ᠳᠤ ᠡᠷᠦᠬᠡᠨ ᠬᠤᠰᠢᠭᠤ ᠲᠡᠷᠪᠡᠯᠵᠡᠵᠤ ᠂ | ᠬᠠᠮᠠᠬᠤᠤᠯ ᠬᠠᠵᠠᠭᠠᠷ ᠡᠪᠡᠰᠦ ᠨᠦᠭᠦᠳ ᠠᠮᠠᠭᠠᠢ ᠵᠢᠯᠣᠭᠤ ᠦᠭᠡᠢ ᠬᠡᠶᠢᠰᠦᠨ᠎ᠠ | ᠬᠠᠷᠠᠨᠳᠠᠨ ᠪᠣᠷᠠᠨᠳᠤᠨ ᠬᠤᠷᠠᠭ᠎ᠠ ᠤᠳ ᠬᠤᠷᠤᠭ᠎ᠠ ᠶᠢᠨ ᠨᠥᠮᠣᠷᠢ ᠪᠥᠮᠪᠤᠶᠢᠨᠠ | ᠬᠠᠷᠠᠴᠦ ᠨᠡᠭᠦᠳᠡᠯᠴᠢᠨ ᠮᠠᠯᠴᠢᠳ ᠮᠠᠨᠢ ᠦᠢᠯᠡ ᠬᠢᠰᠡ ᠪᠠᠷ ᠪᠣᠵᠢᠭᠢᠨᠠᠨᠠᠮ᠃ | — ︽ᠲᠦᠷᠦᠭᠦᠣ ᠵᠠᠭᠤᠨ ᠤ ᠤᠯᠠᠷᠢᠯ ᠳᠤ︾ ᠭᠡᠬᠦ ᠰᠢᠯᠦᠭ ᠠᠴᠠ | ᠬᠤᠶᠠᠷ᠂ ᠦᠬᠡᠷᠴᠢᠨ ᠪᠤᠯᠤᠭᠰᠠᠨ ᠨᠢ | ᠨᠡᠭᠦᠳᠡᠯ ᠮᠠᠯᠵᠢᠯ ᠤᠨ ᠭᠤᠤᠯ ᠲᠤᠯᠭᠤᠷ | ᠬᠦᠯᠤᠪᠦᠷᠢ ᠶᠢᠨ ᠲᠤᠷᠪᠢᠳᠦ ᠱᠠᠷ ᠤᠳ ᠮᠢᠨᠤ | ᠵᠢᠳᠬᠦᠬᠦ ᠲᠡᠷᠭᠡᠨ ᠤ ᠠᠷᠠᠭ᠎ᠠ ᠪᠤᠯᠤᠭᠰᠠᠨ | ᠬᠦᠵᠦᠭᠦᠨ ᠭᠠᠪᠢᠶ᠋ᠳᠤ ᠪᠠᠭᠠᠳᠤᠷ ᠤᠳ | ᠨᠡᠯᠦᠭᠡᠷ ᠰᠦᠨ ᠤ ᠬᠦᠷᠦᠩᠭᠡ ᠪᠢᠯᠬᠠᠭᠤᠯᠤᠭᠰᠠᠨ | ᠰᠠᠭᠠᠯᠢ ᠶᠢᠨ ᠦᠭᠭᠢᠶᠡᠮᠦᠷ ᠦᠨᠢᠶᠡᠳ ᠮᠢᠨᠤ | ᠨᠡᠷᠡᠰᠢᠭ ᠢᠳᠡᠭᠡᠨ ᠤ ᠲᠡᠭᠡᠵᠢ ᠪᠤᠯᠤᠭᠰᠠᠨ | ᠲᠡᠯᠡᠩ ᠤᠨ ᠵᠢᠳᠭᠦᠯᠳᠦ ᠭᠠᠪᠢᠶᠠᠳᠠᠳ | ᠠᠮᠢᠳᠤᠷᠠᠯ ᠤᠨ ᠪᠤᠶᠠᠨ ᠢ ᠲᠡᠭᠡᠵᠢᠯᠡᠭᠰᠡᠨ | ᠠᠵᠠ ᠶᠢᠨ ᠭᠡᠰᠢᠭ ᠦᠬᠡᠷ ᠡᠷᠳᠡᠨᠢ ᠪᠠᠨ ᠮᠠᠭᠳᠠᠨ ᠲᠠᠭᠤᠯᠠᠮᠤ︕ | — ︽ᠦᠵᠦᠮᠦᠴᠢᠨ ᠦᠬᠡᠷ ᠢᠶᠠᠨ ᠮᠠᠭᠳᠠᠨ ᠢᠷᠦᠭᠡᠮᠤ︾ ᠭᠡᠬᠦ ᠰᠢᠯᠦᠭ ᠠᠴᠠ | ᠮᠠᠯ ᠰᠦᠷᠦᠭ ᠲᠠᠭᠠᠭᠠᠴᠢᠯᠠᠨ ᠮᠠᠯᠵᠢᠬᠤ ᠨᠢ ᠭᠡᠷ ᠪᠦᠯᠢ ᠶᠢᠨ ᠠᠵᠤ ᠠᠮᠢᠳᠣᠷᠠᠯ ᠲᠠᠢ ᠰᠢᠭᠤᠳ | ᠬᠤᠯᠪᠣᠭᠳᠠᠨ᠎ᠠ᠂ ᠡᠷᠳᠡᠮᠳᠡᠭᠦᠰ ᠪᠦᠰᠡᠭᠦᠢ ᠲᠠᠢ ᠪᠠᠨ ᠮᠠᠯ ᠬᠠᠷᠠᠵᠤ ᠵᠣᠭᠤᠰ ᠣᠯᠣᠨ ᠠᠮᠢᠳᠤᠷᠠᠯ ᠤᠨ ᠬᠡᠷᠡᠭᠰᠡᠯ ᠶᠠᠭᠤ | ᠠᠪᠬᠤ᠂ ᠶᠠᠭᠠᠬᠢᠵᠤ ᠪᠣᠰᠣᠳ ᠠᠴᠠ ᠬᠤᠴᠣᠷᠬᠤ ᠦᠭᠡᠢ ᠥᠭᠡᠳᠡᠯᠡᠵᠤ ᠶᠠᠪᠣᠬᠤ ᠲᠣᠬᠠᠢ ᠢᠮᠠᠭᠳᠠ ᠵᠥᠪᠳᠡᠯᠴᠡᠨ | ᠨᠢᠭᠡᠨ ᠢᠶᠠᠨ ᠵᠣᠷᠢᠭᠵᠢᠭᠤᠯᠳᠠᠭ ᠪᠠᠶᠢᠯ᠎ᠠ᠂ ᠠᠷᠪᠢᠯᠠᠨ ᠭᠠᠮᠨᠠᠵᠤ ᠡᠷᠥᠬᠡ ᠭᠡᠷ ᠢᠶᠠᠨ ᠡᠵᠡᠩᠨᠡᠬᠦ ᠪᠣᠯ ᠠᠮᠢᠳᠣᠷᠠᠬᠤ ᠶᠢᠨ | ᠪᠠᠲᠣᠯᠠᠭ᠎ᠠ ᠳᠡᠭᠵᠢᠷᠡᠬᠦ ᠶᠢᠨ ᠦᠨᠳᠦᠰᠦ ᠭᠡᠳᠡᠭ ᠢ ᠲᠡᠷᠡ ᠦᠶ᠎ᠡ ᠠᠴᠠ ᠣᠬᠠᠮᠰᠠᠷᠠᠭᠰᠠᠨ ᠪᠠᠶᠢᠵᠠᠢ᠃ ᠡᠳᠡᠨᠡᠶᠢᠬᠢᠨ | ᠳᠤ ᠠᠪᠴᠦ ᠬᠡᠯᠡᠪᠡᠯ ᠳᠠᠯᠠᠭᠠᠳ ᠣᠨ ᠤ ᠮᠣᠷᠢᠨ ᠵᠢᠯ ᠠᠮᠢᠳᠤᠷᠠᠯ ᠳᠡᠭᠵᠢᠷᠡᠵᠤ ᠬᠡᠶᠢᠮᠣᠷᠢ ᠮᠠᠨᠳᠣᠭᠰᠠᠨ ᠣᠨ ᠭᠡᠬᠦ | ᠳᠤ ᠪᠣᠯᠬᠤ ᠶᠣᠮ᠂ ᠲᠡᠭᠦᠨ ᠤ ᠬᠤᠷᠢᠨ ᠲᠠᠪᠤ ᠶᠢᠨ ᠵᠢᠯ ᠤᠷᠤᠬᠤ ᠳᠤ᠂ ᠠᠪᠠᠭ᠎ᠠ ᠠᠬ᠎ᠠ ᠨᠠᠮᠬᠠᠢ ᠠᠴᠠ ᠬᠠᠯᠠᠭᠤᠨ | ᠬᠤᠰᠢᠭᠤ ᠲᠠᠢ ᠦᠬᠡᠷ ᠢᠶᠠᠷ ᠣᠷᠣᠭᠤᠯᠣᠭᠰᠠᠨ᠂ ᠨᠠᠮᠣᠷ ᠬᠤᠳᠠᠯᠳᠣᠬᠤ ᠳᠤ ᠭᠤᠷᠪᠠᠨ ᠵᠠᠭᠤ ᠭᠠᠷᠣᠢ ᠶᠢᠨ ᠶᠡᠭᠡ | ᠦᠨ᠎ᠡ ᠪᠠᠷ ᠠᠷᠠᠯᠵᠢᠶᠠᠯᠠᠭᠰᠠᠨ ᠣᠴᠢᠷ ᠨᠢᠭᠡ ᠶᠠᠭᠤᠮ᠎ᠠ ᠪᠣᠯᠭᠠᠬᠤ ᠭᠡᠵᠤ ᠠᠶᠢᠮᠠᠭ ᠠᠴᠠ ᠡᠮᠡᠭᠡᠯ ᠤᠨ ᠮᠥᠩᠭᠦᠨ | ᠡᠳ᠋ᠯᠡᠯ ᠠᠪᠣᠭᠰᠠᠨ ᠰᠠᠨ᠃ ᠨᠠᠢᠮᠠᠨ ᠭᠠᠨᠵᠤᠭ᠎ᠠ ᠲᠠᠢ ᠭᠤᠶᠣᠬᠠᠨ ᠮᠥᠩᠭᠦᠨ ᠡᠮᠡᠭᠡᠯ ᠪᠦᠷᠢᠯᠳᠦᠭᠦᠯᠣᠨ ᠬᠡᠶᠢᠲᠦ | ᠰᠠᠭᠠᠷᠠᠯ ᠤᠨ ᠨᠢᠷᠤᠭᠤᠨ ᠳᠤ ᠳᠣᠬᠤᠵᠤ᠂ ᠵᠢᠯᠣᠭᠤ ᠰᠦᠢᠵᠤ ᠣᠶᠠᠬᠤ ᠳᠠᠭᠠᠨ ᠴᠤᠭ ᠵᠣᠯᠪᠣᠭ᠎ᠠ ᠰᠡᠷᠭᠦᠨ ᠶᠠᠪᠣᠭ᠎ᠠ | ᠡᠷ᠎ᠡ ᠬᠦᠮᠥᠨ ᠤ ᠵᠢᠮᠰᠡᠭ ᠭᠡᠵᠤ ᠳᠣᠲᠣᠷ᠎ᠠ ᠪᠠᠨ ᠪᠠᠭ᠋ᠠᠷᠬᠠᠵᠤ᠂ ᠠᠮᠪᠠ ᠭᠤᠸᠠᠢ ᠳᠤ ᠰᠡᠳᠭᠢᠯ ᠳᠡᠭᠡᠨ ᠲᠠᠯᠠᠷᠬᠠᠨ | ᠶᠠᠪᠣᠵᠤ ᠪᠢᠯᠡ᠃ | ᠮᠥᠨ ᠵᠢᠯ ᠤᠨ ᠵᠣᠨ ᠤ ᠲᠤᠭ᠎ᠠ ᠪᠠᠷ ᠬᠠᠮᠲᠦ ᠶᠢᠨ ᠨᠢᠭᠡᠨ ᠰᠦᠷᠦᠭ ᠦᠬᠡᠷ ᠶᠢ ᠡᠷᠳᠡᠮᠳᠡᠭᠦᠰ ᠲᠤ | ᠲᠠᠭᠠᠭᠠᠴᠢᠯᠠᠭᠤᠯᠤᠨ ᠥᠭᠭᠦᠭᠰᠡᠨ ᠢᠶᠠᠷ ᠲᠡᠷᠡ ᠦᠬᠡᠷᠴᠢᠨ ᠪᠣᠯᠪᠠ᠃ ᠵᠠᠭᠤ ᠭᠠᠷᠣᠢ ᠦᠬᠡᠷ ᠢᠶᠠᠨ ᠪᠦᠷᠢᠳᠭᠡᠬᠦ ᠪᠠ | ᠵᠢᠰᠦᠯᠡᠨ ᠲᠠᠨᠢᠬᠤ ᠪᠣᠯ ᠦᠬᠡᠷᠴᠢᠨ ᠲᠡᠭᠦᠨ ᠤ ᠣᠷᠢᠳᠠᠴᠢ ᠠᠵᠢᠯ ᠤᠨ ᠱᠠᠭᠠᠷᠳᠠᠯᠭ᠎ᠠ ᠪᠣᠯᠵᠠᠢ᠂ ᠨᠡᠯᠢᠶᠡᠳ ᠡᠳᠦᠷ | ᠰᠦᠷᠦᠭ ᠢᠶᠠᠨ ᠬᠤᠷᠢᠶᠠᠨ ᠪᠦᠷᠢᠳᠭᠡᠵᠤ᠂ ᠲᠥᠷᠥᠯ ᠢᠶᠠᠷ ᠢᠯᠭᠠᠵᠤ ᠵᠢᠰᠦ ᠪᠠᠷ ᠴᠡᠭᠡᠵᠢᠯᠡᠬᠦ ᠭᠡᠵᠤ ᠪᠠᠭᠠᠬᠠᠨ | ᠮᠤᠩᠭᠢᠨᠠᠪᠠ᠃ ᠦᠬᠡᠷ ᠰᠦᠷᠦᠭ ᠨᠢ ᠮᠠᠨᠢᠲᠦ ᠶᠢᠨ ᠭᠤᠤᠯ ᠡᠰᠡᠪᠡᠯ ᠰᠢᠨᠠᠭᠠᠨ ᠭᠤᠤᠯ᠂ ᠴᠠᠭᠠᠨ ᠵᠢᠷᠢᠮ ᠪᠢᠰᠢ ᠪᠣᠯ | ᠴᠠᠶᠢᠳᠠᠮ ᠤᠨ ᠱᠠᠤ᠂ ᠬᠠᠷ᠎ᠠ ᠲᠡᠯ ᠭᠡᠲᠡᠯ᠎ᠡ ᠬᠠᠷᠠᠭᠠᠨᠠᠲᠦ ᠲᠠᠯ᠎ᠠ ᠭᠡᠳ ᠥᠷᠭᠡᠨ ᠠᠭᠤᠳᠠᠮ ᠪᠡᠯᠴᠢᠭᠡᠷ ᠲᠡᠭᠡᠷ᠎ᠡ ᠳᠤᠷ᠎ᠠ | ᠪᠠᠷ ᠢᠶᠠᠨ ᠪᠡᠯᠴᠢᠳᠡᠭ ᠪᠠᠶᠢᠯ᠎ᠠ᠃ ᠡᠨᠡ ᠨᠢ ᠬᠡᠳᠦ᠋ᠪᠡᠷ ᠮᠣᠷᠢᠨ ᠤ ᠵᠦᠳᠡᠷᠡᠭᠡ ᠪᠡᠶ᠎ᠡ ᠶᠢᠨ ᠴᠢᠯᠡᠭᠡ ᠲᠠᠢ ᠪᠠᠶᠢᠳᠠᠭ | ᠪᠣᠯᠪᠠᠴᠦ ᠠᠶᠢᠯ ᠭᠡᠷ ᠪᠣᠯᠣᠭᠠᠳ ᠠᠩᠬ᠎ᠠ ᠣᠳᠠᠭ᠎ᠠ ᠰᠦᠷᠦᠭ ᠠᠪᠴᠦ ᠪᠠᠶᠢᠭ᠎ᠠ ᠪᠣᠯᠬᠤᠷ ᠶᠡᠭᠡ ᠣᠷᠠᠮᠰᠢᠯ ᠲᠠᠢ | ᠪᠠᠶᠢᠭᠰᠠᠨ ᠢ ᠶᠠᠭᠤᠨ ᠦᠭᠦᠯᠡᠬᠦ ᠠᠵᠠᠢ᠃ ᠪᠠᠷᠢᠭᠠᠳᠠ ᠶᠢᠨ ᠵᠢᠯ ᠤᠨ ᠡᠴᠦᠰ ᠤᠨ ᠬᠤᠷᠠᠯ ᠲᠡᠭᠡᠷ᠎ᠡ ᠬᠤᠪᠢᠶᠠᠷᠢᠯᠠᠯᠳᠠ | ᠶᠢᠨ ᠨᠠᠷᠢᠨ ᠳᠠᠩᠰᠠ ᠨᠡᠶᠢᠲᠡᠯᠡᠬᠦ ᠳᠤ ᠦᠬᠡᠷ ᠬᠠᠷᠠᠭᠤᠯᠣᠭᠰᠠᠨ ᠣᠷᠣᠯᠭ᠎ᠠ ᠲᠠᠪᠣᠨ ᠵᠠᠭᠤ ᠭᠠᠷᠣᠢ ᠲᠥᠭᠦᠷᠢᠭ | ᠣᠯᠣᠭᠰᠠᠨ ᠨᠢ ᠡᠷᠳᠡᠮᠳᠡᠭᠦᠰ ᠲᠤ ᠣᠷᠢᠲᠦ ᠰᠤᠨᠤᠰᠳᠠᠭ᠎ᠠ ᠦᠭᠡᠢ ᠶᠡᠭᠡ ᠲᠤᠭ᠎ᠠ ᠳᠣᠭᠤᠯᠳᠠᠬᠤ ᠶᠣᠮ ᠪᠢᠯᠡ᠂ ᠪᠡᠯᠡᠨ | ᠵᠣᠭᠤᠰ ᠢᠶᠠᠨ ᠡᠪᠦᠷᠳᠦᠯᠡᠨ ᠭᠡᠷ ᠲᠡᠭᠡᠨ ᠬᠠᠷᠢᠬᠤ ᠳᠤ ᠭᠡᠷᠭᠡᠢ ᠰᠠᠷᠠᠨ ᠭᠤᠸᠠᠢ ᠪᠠᠶᠠᠷᠯᠠᠨ᠄ ︽ᠣᠶᠣᠳᠠᠯ ᠤᠨ ᠮᠠᠰᠢᠨ | ᠠᠪᠣᠨ᠎ᠠ︾ ᠭᠡᠵᠤ ᠰᠦᠢᠳ ᠪᠣᠯᠬᠤ ᠳᠤ ᠲᠡᠷᠡ ᠴᠦ ᠪᠠᠶᠠᠷᠳᠠᠢ ᠵᠥᠪᠰᠢᠶᠡᠷᠡᠨ᠎ᠠ᠂ ᠭᠡᠬᠦ ᠳᠤ ᠣᠯᠬᠤᠶ᠎ᠠ ᠪᠡᠷᠬᠡ | ᠶᠠᠪᠣᠳᠠᠯ᠃ ᠣᠴᠢᠷ ᠨᠢ ᠳᠣᠬᠠᠢ ᠶᠢᠨ ᠦᠶ᠎ᠡ ᠬᠡᠷᠡᠭᠯᠡᠭᠡᠨ ᠤ ᠵᠦᠢᠯᠳᠡ ᠬᠤᠪᠣᠷ᠂ ᠲᠤᠭ᠎ᠠ ᠲᠠᠢ ᠬᠡᠲᠦ ᠪᠠᠨ ᠨᠢᠭᠡᠲᠦᠯ | ᠠᠴᠠ ᠪᠠᠷᠢᠭᠠᠳᠠ ᠳᠤ ᠬᠤᠪᠢᠶᠠᠷᠢᠯᠠᠬᠤ᠂ ᠪᠠᠷᠢᠭᠠᠳᠠ ᠠᠴᠠ ᠭᠡᠰᠢᠭᠦᠳ ᠳᠤ ᠨᠣᠭᠳᠠᠭᠤᠯᠣᠨᠠ᠃ ᠬᠡᠲᠦ ᠬᠤᠨᠤᠭ ᠤᠨ | ᠲᠠᠷᠠᠭ᠎ᠠ ᠲᠡᠷᠡ ᠪᠠᠷ᠂ ᠬᠤᠸᠠ ᠲᠡᠮᠡᠭᠡ ᠪᠠᠨ ᠬᠥᠯᠦᠵᠤ᠂ ᠨᠢᠭᠡᠳᠦᠯ ᠳᠤ ᠬᠦᠷᠴᠦ ᠬᠤᠷᠰᠢᠶᠠᠨ ᠤ ᠡᠷᠬᠢᠯᠡᠭᠴᠢ ᠭᠤᠸᠠᠢ | ᠶᠢ ᠡᠷᠢᠵᠠᠢ᠂ ᠵᠠᠪᠰᠢᠶᠠᠨ ᠢᠶᠠᠷ ᠪᠣᠳᠠᠰ ᠣᠷᠣᠭᠤᠯᠬᠤ ᠲᠠᠭᠠᠷᠠᠵᠤ᠂ ᠱᠠᠩᠬᠠᠢ ᠬᠢᠴᠡ ᠲᠠᠢ ︽ᠲᠠᠯᠠᠪᠴᠢᠳᠦ ᠬᠦᠮᠥᠨ︾ | ᠲᠡᠮᠳᠡᠭᠲᠦ ᠭᠤᠶᠣᠮᠰᠤᠭ ᠣᠶᠣᠳᠠᠯ ᠤᠨ ᠮᠠᠰᠢᠨ ᠬᠤᠳᠠᠯᠳᠤᠨ ᠠᠪᠣᠭᠠᠳ ᠣᠯᠵᠠ ᠣᠮᠣᠭᠳᠠᠢ ᠬᠠᠷᠢᠵᠤ ᠭᠡᠷᠭᠡᠢ ᠳᠡᠭᠡᠨ | ᠭᠠᠷᠳᠠᠭᠤᠯᠣᠯ᠎ᠠ᠂ ᠬᠡᠷᠭᠡᠢ ᠬᠢᠨᠢ ᠪᠠᠶᠠᠷᠯᠠᠵᠤ ᠪᠠᠶᠢᠬᠤ ᠭᠡᠵᠢ ᠳ᠋ᠠ᠂ ᠶᠠᠭ ᠯᠠ ᠣᠷᠬᠤᠳᠠᠢ ᠣᠯᠣᠭᠰᠠᠨ ᠰᠢᠭ᠋ ᠪᠠᠷᠢᠨ | ᠤᠭᠰᠠᠷᠠᠵᠦ ᠪᠠᠶᠢᠨ ᠳ᠋ᠠᠬᠢᠨ ᠵᠥᠯᠬᠦᠵᠤ ᠯᠡ ᠭᠠᠷᠤᠯ᠎ᠠ᠃ ᠠᠶᠢᠯ ᠭᠡᠷ ᠲᠤ ᠪᠠᠰᠠ ᠨᠢᠭᠡᠨ ᠭᠤᠶᠤᠮᠰᠤᠭ ᠡᠳ᠋ ᠨᠡᠮᠡᠭᠳᠡᠵᠦ | ᠂ ᠭᠡᠷ ᠲᠤᠲᠤᠷ᠎ᠠ ᠨᠢ ᠭᠡᠭᠡ ᠭᠡᠷᠡᠯ ᠨᠡᠮᠡᠭᠳᠡᠭᠰᠡᠨ ᠰᠢᠭ ᠪᠠᠶᠠᠷᠯᠠᠵᠠᠭᠠᠨ᠎ᠠ᠃ | ᠵᠣᠭᠤᠰ ᠢᠶᠠᠨ ᠬᠤᠷᠠᠮᠳᠤᠭᠤᠯᠤᠨ ᠡᠳ᠋ ᠪᠣᠯᠭᠠᠬᠤ ᠪᠣᠯ ᠡᠨᠡ ᠠᠶᠢᠯ ᠤᠨ ᠬᠠᠮᠲᠦ ᠶᠢᠨ ᠬᠥᠰᠡᠯ᠂ ᠶᠦᠮᠵᠢᠭᠦᠨ | ᠴᠢᠨᠡᠭᠡᠯᠢᠭ ᠴᠡᠪᠡᠷ ᠳᠣᠬᠢᠯᠢᠭ ᠠᠶᠢᠯ ᠶᠢ ᠭᠦᠢᠴᠡᠬᠦ ᠪᠣᠯ ᠵᠣᠷᠢᠯᠭ᠎ᠠ ᠪᠠᠶᠢᠭ᠎ᠠ ᠶᠣᠮ᠃ ᠰᠢᠷ᠎ᠠ ᠮᠣᠷᠢᠨ ᠵᠢᠯ ᠤᠨ ᠡᠪᠦᠯ | ᠤᠨ ᠡᠬᠢᠨ ᠰᠠᠷ᠎ᠠ ᠪᠠᠷ᠂ ᠡᠳᠡᠨᠡᠶᠢᠬᠢᠨ ᠰᠢᠨ᠎ᠡ ᠰᠦᠮ᠎ᠡ ᠶᠢᠨ ᠡᠮᠥᠨᠡᠬᠢ ᠬᠠᠷᠠᠭᠠᠨᠠᠲᠦ ᠲᠠᠯ᠎ᠠ ᠳᠤ ᠪᠠᠭᠤᠳᠠᠯᠯᠠᠵᠤ᠂ | ᠲᠡᠨᠳᠡ ᠪᠠᠨ ᠡᠪᠦᠯ ᠤᠨ ᠢᠳᠡᠰᠢ ᠪᠠᠨ ᠪᠠᠵᠠᠭᠠᠭᠰᠠᠨ ᠪᠠᠶᠢᠵᠠᠢ᠂ ᠪᠦᠰᠡᠭᠦᠢ ᠨᠢ ᠪᠡᠶ᠎ᠡ ᠬᠦᠨᠳᠦ ᠪᠠᠶᠢᠭᠰᠠᠨ ᠴᠦ | ᠢᠳᠡᠰᠢᠨ ᠤ ᠭᠡᠳᠡᠰᠦ ᠳᠣᠲᠣᠷ ᠢᠶᠠᠨ ᠴᠡᠪᠡᠷᠯᠡᠨ ᠠᠷᠢᠯᠭᠠᠵᠤ ᠵᠠᠶᠢᠳᠠᠰᠤᠯᠠᠨ ᠬᠥᠯᠳᠡᠭᠡᠨ᠎ᠡ᠃ ᠡᠷᠳᠡᠮᠳᠡᠭᠦᠰ ᠠᠬ᠎ᠠ ᠲᠠᠢ | ᠪᠠᠨ ᠬᠤᠶᠠᠭᠤᠯᠠ ᠡᠪᠳᠡᠵᠤ ᠰᠠᠯᠭᠠᠬᠤ ᠠᠵᠢᠯ ᠢᠶᠠᠨ ᠳᠠᠭᠤᠰᠬᠠᠬᠤ ᠳᠤ ᠦᠳᠡᠰᠢ ᠶᠢᠨ ᠪᠦᠷᠦᠢ ᠪᠣᠯᠵᠠᠢ᠂ ᠬᠦᠪᠡᠭᠦᠨ | ᠬᠦᠷᠡᠯᠰᠦ᠋ᠬᠡ ᠴᠦ ᠠᠬ᠎ᠠ ᠶᠢᠨ ᠠᠪᠴᠦ ᠥᠭᠭᠦᠭᠰᠡᠨ ᠲᠣᠭᠯᠠᠭᠠᠮ ᠤᠨ ᠪᠠᠭ᠎ᠠ ᠲᠡᠷᠭᠡ ᠪᠠᠷ ︽ᠦᠳ ᠦᠳ︾ ᠭᠡᠵᠤ | ᠬᠥᠭᠡᠷᠦᠨ ᠨᠠᠭᠠᠳᠣᠨ᠎ᠠ᠂ ᠨᠢᠭᠡ ᠡᠳᠦᠷ ᠨᠣᠤᠷᠠᠯᠳᠣᠭᠰᠠᠨ ᠢᠶᠠᠷ ᠶᠠᠳᠠᠷᠠᠵᠤ ᠡᠷᠳᠡ ᠰᠢᠭ ᠠᠮᠣᠰᠭᠢᠵᠠᠢ᠃ ᠳᠡᠮᠡᠢ | ᠣᠳᠠᠭ᠎ᠠ ᠦᠭᠡᠢ ᠪᠠᠶᠢᠬᠤ ᠳᠤ ᠭᠡᠷᠭᠡᠢ ᠨᠢ᠄ ︽ᠬᠤᠴᠠᠯᠯᠠᠭᠠ ᠪᠣᠯᠣᠯᠲᠠᠢ᠂ ᠭᠡᠳᠡᠰᠦᠨ ᠳᠡᠭᠡᠭᠦᠷ ᠬᠠᠳᠬᠤᠯᠠᠨ ᠡᠪᠡᠳᠬᠦ | ᠶᠣᠮ︾ ᠭᠡᠵᠤ ᠰᠢᠪᠡᠨᠡᠨ ᠬᠡᠯᠡᠬᠦ ᠨᠢ ᠪᠢᠯᠡ᠂ ᠲᠡᠷᠡ ᠰᠠᠨᠳᠣᠷᠤᠨ ᠪᠣᠰᠴᠦ᠂ ᠠᠶᠢᠯ ᠠᠴᠠ ᠬᠦᠮᠥᠨ ᠳᠠᠭᠤᠳᠠᠬᠤ ᠪᠠᠷ | ᠶᠠᠭᠠᠷᠠᠤ ᠶᠠᠪᠣᠯ᠎ᠠ᠂ ᠪᠡᠷᠭᠡᠳ ᠨᠠᠷ ᠣᠢᠢᠷᠠᠯᠴᠠᠭ᠎ᠠ ᠪᠠᠶᠢᠭᠰᠠᠨ ᠢᠶᠠᠷ ᠲᠠᠷᠣᠢ ᠳᠤᠨᠢ ᠭᠦᠷᠥᠯᠴᠡᠨ ᠢᠷᠡᠵᠠᠢ᠂ ᠢᠩᠭᠡᠭᠡᠳ | ᠡᠪᠦᠯ ᠤᠨ ᠡᠬᠢᠨ ᠰᠠᠷᠠᠶᠢᠨ ᠠᠷᠪᠠᠨ ᠬᠤᠶᠠᠷ ᠤᠨ ᠡᠳᠦᠷ ᠨᠢᠭᠡᠨ ᠬᠥᠭᠡᠷᠦᠬᠦᠨ ᠬᠡᠤᠬᠡᠨ ᠲᠠᠢ ᠪᠣᠯᠣᠭᠰᠠᠨ ᠶᠣᠮ᠂ | ᠨᠠᠷᠠᠲᠦ ᠶᠢᠨ ᠵᠠᠢ ᠳᠤ ᠬᠦᠤ ᠭᠡᠤᠬᠡᠨ ᠳᠡᠭᠰᠢ ᠵᠠᠶᠠᠭᠠᠭᠰᠠᠨ ᠳᠤ ᠡᠷᠳᠡᠮᠳᠡᠭᠦᠰ ᠬᠤᠪᠢ ᠭᠠᠳᠠᠨ᠎ᠠ ᠪᠠᠶᠠᠷᠯᠠᠬᠤ ᠦᠭᠡᠢ | ᠬᠡᠷᠬᠢᠨ ᠴᠢᠳᠠᠬᠤ ᠪᠣᠢ︕ ᠡᠵᠢ ᠨᠢ ᠠᠴᠢ ᠬᠡᠤᠬᠡᠨ ᠢᠶᠠᠨ ᠠᠮᠠᠨ ᠳᠠᠭᠠᠨ ᠬᠢᠪᠡᠯ ᠬᠠᠶᠢᠯᠣᠮᠠᠷ ᠠᠯᠠᠭᠠᠨ ᠳᠡᠭᠡᠷ᠎ᠠ ᠪᠠᠨ | ᠲᠠᠯᠪᠢᠪᠠᠯ ᠪᠥᠮᠪᠥᠷᠢᠮᠡᠷ ᠡᠷᠳᠡᠨᠢ ᠮᠡᠲᠦ ᠡᠨᠡᠷᠢᠵᠤ᠂ ᠣᠢ ᠪᠢᠯᠢᠭ ᠰᠠᠶᠢᠳᠠᠢ ᠦᠰᠦᠨ ᠪᠤᠶᠢᠵᠢᠬᠤ ᠶᠢ ᠪᠡᠯᠭᠡᠰᠢᠶᠡᠨ ︽ | ᠡᠷᠳᠡᠨᠢᠪᠢᠯᠢᠭ︾ ᠭᠡᠰᠡᠨ ᠬᠤᠪᠣᠷᠬᠠᠨ ᠨᠡᠷ᠎ᠡ ᠬᠠᠶᠢᠷᠠᠯᠠᠵᠠᠢ᠃ | ᠠᠪᠤ ᠡᠵᠢ ᠶᠢᠨ ᠲᠦᠰᠢᠭ ᠲᠠᠢ ᠰᠠᠶᠢᠬᠠᠨ | ᠠᠬ᠎ᠠ ᠲᠡᠭᠦᠤ ᠶᠢᠨ ᠭᠡᠯᠬᠢᠶ᠎ᠡ ᠲᠠᠢ ᠰᠠᠶᠢᠬᠠᠨ | ᠠᠩᠭ᠎ᠠ ᠨᠢᠯᠬ᠎ᠠ ᠶᠢᠨ ᠪᠦᠤᠪᠠᠢ ᠲᠠᠢ ᠰᠠᠶᠢᠬᠠᠨ | ᠠᠷᠢᠭᠤᠨ ᠬᠤᠯᠪᠤᠭ᠎ᠠ ᠶᠢᠨ ᠵᠢᠷᠭᠠᠯ ᠲᠠᠢ ᠰᠠᠶᠢᠬᠠᠨ | — ︽ᠰᠠᠶᠢᠬᠠᠨ︾ ᠭᠡᠬᠦ ᠨᠠᠶᠢᠷᠠᠭ ᠠᠴᠠ | ᠭᠤᠷᠪᠠ᠂ ︽ᠬᠤᠶᠠᠷ ᠢ ᠲᠤᠭᠳᠠᠭᠠᠵᠦ ᠨᠢᠭᠡ ᠶᠢ ᠱᠠᠩᠨᠠᠬᠤ︾ ᠲᠦᠷᠢᠮ ᠢ ᠬᠡᠷᠡᠭᠵᠢᠭᠦᠯᠦᠭᠰᠡᠨ ᠨᠢ | ᠠᠯᠳᠠᠷ ᠬᠦᠨᠲᠦ ᠶᠢᠨ ᠭᠢᠯᠪᠠᠭ᠎ᠠ ᠪᠣᠯ ᠨᠠᠮ ᠪᠠᠶᠢᠭᠰᠠᠨ | ᠠᠮᠢᠳᠣᠷᠠᠯ ᠤᠨ ᠵᠠᠮ ᠢ ᠲᠡᠷᠡ ᠵᠢᠭᠠᠪᠠ | ᠠᠤᠭ᠎ᠠ ᠬᠠᠷᠠᠯᠳᠠ ᠨᠢ ᠰᠠᠷᠠᠭᠤᠯᠬᠠᠨ ᠪᠣᠯᠬᠤᠷ | ᠠᠰᠢᠳᠠ ᠶᠢᠨ ᠦᠢᠯᠡᠰ ᠨᠢ ᠮᠥᠩᠬᠡ ᠦᠭᠡᠳᠡᠯᠡᠨ᠎ᠡ | — ︽ᠰᠡᠳᠭᠢᠯ ᠳᠤ ᠠᠮᠢᠯᠠᠭᠰᠠᠨ ᠨᠠᠷᠠ︾ ᠭᠡᠬᠦ ᠰᠢᠯᠦᠭ ᠠᠴᠠ | 1978 ᠣᠨ ᠳᠤ ᠨᠠᠮ ᠤᠨ ︽11,3︾ ᠪᠦᠭᠦᠳᠠ ᠬᠤᠷᠠᠯᠳᠣᠭᠠᠨ ᠢᠶᠠᠷ ᠵᠡᠭᠦᠨ ᠤ ᠦᠵᠡᠯ ᠤᠨ ᠠᠯᠳᠠᠭ᠎ᠠ | ᠶᠢ ᠡᠬᠢᠯᠡᠨ ᠵᠠᠯᠠᠷᠠᠭᠤᠯᠵᠤ᠂ ᠬᠥᠳᠡᠭᠡ ᠳᠣᠰᠬᠤᠨ ᠳᠤ ︽ᠬᠤᠶᠠᠷ ᠢ ᠳᠣᠭᠳᠠᠭᠠᠵᠤ᠂ ᠨᠢᠭᠡ ᠶᠢ ᠱᠠᠩᠨᠠᠬᠤ︾ ᠲᠥᠷᠢᠮ | ᠢ ᠬᠡᠷᠡᠭᠵᠢᠭᠦᠯᠵᠦ᠂ ᠬᠦᠳᠡᠭᠡ ᠠᠵᠦ ᠠᠬᠤᠢ ᠠᠮᠢᠯᠠᠯ ᠤᠨ ᠬᠦᠴᠦᠨ ᠢᠶᠠᠨ ᠤᠯᠵᠦ᠂ ᠮᠠᠯᠴᠢᠨ ᠲᠦᠮᠡᠨ ᠮᠠᠩᠨᠠᠢ | ᠲᠡᠨᠡᠶᠢᠨ ᠠᠵᠢᠯᠯᠠᠬᠤ ᠪᠤᠯᠪᠠ᠃ ᠤᠮᠠᠷᠠᠳᠤ ᠶᠢᠨ ᠲᠠᠯ᠎ᠠ ᠨᠤᠲᠤᠭ ᠲᠤ ᠤᠷᠢᠬᠠᠨ ᠬᠠᠪᠤᠷ ᠤᠨ ᠵᠦᠬᠡᠯᠡᠨ ᠬᠤᠷ᠎ᠠ | ᠢᠪᠡᠭᠡᠵᠦ᠂ ᠴᠡᠴᠡᠭᠳᠦ ᠰᠠᠶᠢᠬᠠᠨ ᠵᠤᠨ ᠤ ᠠᠮᠢᠰᠬᠤᠯ ᠮᠠᠯᠴᠢᠳ ᠤᠨ ᠰᠡᠳᠭᠢᠯ ᠢ ᠢᠯᠪᠢᠨ᠎ᠠ᠃ | ᠰᠢᠷᠠᠭᠴᠢᠨ ᠬᠤᠨᠢᠨ ᠵᠢᠯ ᠤᠨ ᠵᠤᠨ ᠢᠶᠠᠷ᠂ ᠡᠷᠳᠡᠮᠳᠡᠭᠦᠰ ᠦᠬᠡᠷ ᠰᠦᠷᠦᠭ ᠢᠶᠠᠨ ᠲᠠᠭᠠᠭᠠᠴᠢᠯᠠᠨ | ᠬᠠᠷᠢᠭᠤᠯᠤᠭᠰᠠᠨ ᠨᠢᠭᠡ ᠵᠢᠯ ᠤᠨ ᠤᠢ ᠪᠤᠯᠵᠦ᠂ ᠵᠤᠨ ᠤ ᠮᠠᠯ ᠤᠨ ᠲᠤᠭ᠎ᠠ ᠪᠦᠷᠢᠳᠭᠡᠯ ᠳᠤ ᠦᠬᠡᠷ ᠰᠦᠷᠦᠭ ᠤᠨ | ᠬᠠᠮᠠᠭᠠᠯᠠᠯᠳᠠ ᠨᠢ ᠮᠡᠨᠳᠦ ᠤᠨᠳᠤᠷᠤᠯᠳᠠ ᠠᠪᠴᠤ᠂ ᠲᠦᠯ ᠮᠠᠯ ᠢᠶᠠᠨ ᠵᠠᠭᠤᠨ ᠤ ᠶᠡᠷᠡ ᠪᠠᠷ ᠮᠡᠨᠳᠦ ᠲᠤᠰᠤᠭᠰᠠᠨ | ᠢᠶᠠᠷ᠂ ᠮᠠᠨᠢᠳᠦ ᠶᠢᠨ ᠭᠤᠤᠯ ᠤᠨ ᠬᠦᠪᠡᠭᠡᠨ᠎ᠡ ᠰᠦᠨ ᠤ ᠬᠤᠷ᠎ᠠ ᠪᠠᠭᠤᠵᠦ᠂ ᠦᠨᠢᠶᠡᠳ ᠲᠤᠭᠤᠯ ᠤᠨ ᠮᠦᠭᠡᠷᠡᠬᠦ | ᠲᠠᠭᠤᠨ ᠬᠦᠨᠳᠡᠢ ᠲᠠᠭᠠᠨ ᠦᠷᠭᠦᠯᠵᠢᠯᠡᠨ᠎ᠡ᠃ ᠬᠡᠷᠭᠡᠢ ᠰᠠᠷᠠᠨ ᠨᠢ ᠰᠦ ᠰᠠᠭᠠᠯᠢ ᠳᠠᠭᠠᠨ ᠶᠠᠭᠠᠷᠠᠵᠦ᠂ ᠭᠡᠷ ᠤᠨ | ᠲᠡᠭᠡᠪᠦᠷ ᠲᠡᠭᠡᠭᠦᠷ ᠬᠤᠷᠤᠳ ᠪᠢᠰᠢᠯᠠᠭ ᠢᠶᠠᠨ ᠦᠷᠦᠵᠦ ᠬᠠᠳᠠᠭᠠᠨ᠂ ᠭᠡᠷ ᠲᠤ ᠬᠤᠶᠠᠷ ᠲᠤᠭᠤᠭ᠎ᠠ ᠳᠤ | ᠬᠠᠯᠠᠭᠤᠯᠤᠭᠰᠠᠨ ᠦᠷᠦᠮ ᠬᠦᠰᠢᠷᠡᠨ ᠲᠡᠪᠡᠶᠢᠵᠦ᠂ ᠪᠠᠰᠠ ᠠᠶᠢᠷᠠᠭ ᠪᠦᠯᠢᠬᠦ ᠲᠠᠭᠤᠨ ᠬᠦᠷᠴᠢᠭᠨᠡᠵᠦ᠂ ᠶᠤᠰᠤᠳᠠᠢ | ᠮᠠᠯᠴᠢᠨ ᠠᠶᠢᠯ ᠤᠨ ᠪᠠᠶᠠᠯᠢᠭ ᠬᠦᠷᠦᠩᠭᠡ ᠦᠳᠭᠡᠷᠡᠨᠡ᠃ ᠭᠤᠤᠯ ᠤᠨ ᠤᠰᠤᠨ ᠠᠴᠠ ᠨᠠᠰᠢ᠂ ᠡᠷᠳᠡᠮᠳᠡᠭᠦᠰ ᠰᠠᠷᠠᠯ | ᠮᠤᠷᠢ ᠪᠠᠨ ᠤᠨᠤᠵᠦ᠂ ᠲᠤᠭᠤᠯᠯᠠᠭᠰᠠᠨ ᠦᠨᠢᠶᠡᠳ ᠢᠶᠠᠨ ᠰᠠᠯᠭᠠᠵᠦ᠂ ᠠᠭᠠᠵᠢᠮ ᠢᠶᠠᠷ ᠵᠡᠯ᠎ᠡ ᠵᠦᠭ ᠲᠤ | ᠤᠶᠢᠷᠠᠳᠤᠭᠤᠯᠵᠦ ᠶᠠᠪᠤᠨ᠎ᠠ᠃ | ᠨᠢᠭᠡᠨ ᠡᠳᠦᠷ ᠪᠠᠷᠢᠭᠠᠳᠠ ᠲᠡᠭᠡᠷ᠎ᠡ ᠬᠤᠷᠠᠯ ᠲᠠᠢ ᠭᠡᠵᠦ ᠴᠢᠮᠡᠭᠡ ᠢᠷᠡᠵᠡᠢ᠃ ᠡᠷᠳᠡᠮᠳᠡᠭᠦᠰ ᠪᠤᠯ ᠴᠡᠷᠢᠭ ᠤᠨ | ᠠᠯᠪᠠ ᠬᠠᠭᠠᠵᠦ ᠪᠠᠶᠢᠬᠤ ᠳᠠᠭᠠᠨ ᠡᠪ ᠬᠠᠮᠳᠤ ᠨᠠᠮ ᠳᠤ ᠡᠯᠰᠡᠭᠳᠡᠭᠰᠡᠨ ᠢᠳᠡᠪᠬᠢᠳᠡᠨ ᠵᠠᠯᠠᠭᠤ ᠪᠠᠶᠢᠭ᠎ᠠ ᠶᠤᠮ᠃ | ᠮᠠᠷᠭᠠᠰᠢ ᠨᠢ ᠡᠷᠳᠡᠯᠡᠨ ᠤᠯᠠᠭᠠᠨ ᠮᠤᠷᠢ ᠪᠠᠷ ᠢᠶᠠᠨ ᠵᠢᠷᠠᠨ ᠭᠠᠵᠠᠷ ᠤᠨ ᠠᠯᠤᠰ ᠲᠤ ᠪᠠᠶᠢᠭ᠎ᠠ ᠠᠯᠪᠠᠨ ᠭᠡᠷ ᠵᠦᠭ | ᠲᠠᠪᠬᠢᠭᠤᠯᠤᠨ᠎ᠠ᠃ ᠬᠤᠷᠠᠯ ᠳᠤ ᠨᠠᠮ ᠤᠨ ᠭᠡᠰᠢᠭᠦᠳ ᠬᠢᠭᠡᠳ ᠵᠠᠬᠢᠷᠤᠯ ᠤᠨ ᠺᠤᠮᠢᠰ ᠤᠨ ᠭᠡᠰᠢᠭᠦᠳ ᠢᠶᠠᠷ | ᠪᠦᠷᠢᠯᠳᠦᠭᠰᠡᠨ ᠬᠤᠷᠢ ᠰᠢᠬᠠᠮ ᠬᠦᠮᠦᠨ ᠤᠷᠤᠯᠴᠠᠭᠰᠠᠨ ᠴᠤᠭᠯᠠᠭᠠᠨ ᠪᠤᠯᠪᠠ᠃ ᠬᠤᠷᠠᠯ ᠲᠡᠭᠡᠷ᠎ᠡ᠂ ᠨᠠᠮ ᠤᠨ ᠡᠭᠦᠷ | ᠤᠨ ᠱᠦᠵᠢ ᠦᠨᠢᠷ ᠭᠤᠸᠠᠢ ᠲᠡᠭᠡᠳᠦ ᠱᠠᠳᠤᠨ ᠤ ᠵᠢᠭᠠᠪᠤᠷᠢ ᠶᠢ ᠤᠯᠠᠮᠵᠢᠯᠠᠨ᠎ᠠ᠃ ᠲᠠᠷᠤᠢ ᠰᠢᠯᠢ ᠶᠢᠨ ᠭᠤᠤᠯ | ᠠᠶᠢᠮᠠᠭ ᠤᠨ ᠵᠠᠬᠢᠷᠭ᠎ᠠ ᠠᠴᠠ ︽1979᠂ 95 ᠲᠤᠭᠠᠳᠤ︾ ᠪᠢᠴᠢᠭ ᠮᠠᠲ᠋ᠧᠷᠢᠶᠠᠯ ᠢ ᠪᠠᠭᠤᠯᠭᠠᠵᠦ᠂ ︽ᠮᠠᠯᠵᠢᠬᠤ | ᠤᠷᠤᠨ ᠤ ᠠᠷᠠᠳ ᠤᠨ ᠬᠦᠩᠱᠧ ᠶᠢᠨ ᠦᠨᠳᠦᠰᠦᠨ ᠲᠤᠭᠠᠴᠠᠭ᠎ᠠ ᠶᠢᠨ ᠨᠢᠭᠡᠴᠡ ᠠᠴᠠ ᠮᠠᠯ ᠰᠦᠷᠦᠭ ᠤᠨ | ᠦᠢᠯᠡᠳᠪᠦᠷᠢᠯᠡᠯ ᠤᠨ ᠲᠤᠭᠤᠶᠢᠯᠠᠩ ᠳᠤ ︿ᠬᠤᠶᠠᠷ ᠢ ᠲᠤᠭᠳᠠᠭᠠᠵᠦ ᠨᠢᠭᠡ ᠶᠢ ᠱᠠᠩᠨᠠᠬᠤ﹀ ᠲᠦᠷᠢᠮ ᠢ ᠬᠡᠷᠡᠭᠵᠢᠭᠦᠯᠬᠦ | ᠲᠤᠬᠠᠢ ᠪᠠᠶᠢᠷᠢᠯᠠᠭᠤᠯᠤᠯᠳᠠ︾ ᠶᠢ ᠨᠡᠶᠢᠳᠡᠯᠡᠪᠡ᠃ ᠦ᠊ ᠱᠦᠵᠢ ᠠᠴᠠ᠄ ︽ᠤᠳᠤ ᠮᠠᠯᠴᠢᠳ ᠤᠨ ᠪᠠᠶᠠᠵᠢᠨ | ᠦᠬᠡᠳᠡᠯᠡᠬᠦ ᠴᠠᠭ ᠪᠤᠯᠵᠠᠢ᠃ ᠲᠡᠭᠡᠳᠦ ᠱᠠᠳᠤᠨ ᠠᠴᠠ ︿ᠬᠤᠶᠠᠷ ᠢ ᠲᠤᠭᠳᠠᠭᠠᠵᠦ᠂ ᠨᠢᠭᠡ ᠶᠢ ᠱᠠᠩᠨᠠᠬᠤ ᠲᠦᠷᠢᠮ﹀ | ᠢ ᠬᠡᠷᠡᠭᠵᠢᠬᠦᠯᠬᠦ ᠪᠠᠷ ᠪᠤᠯᠵᠠᠢ᠃ ᠡᠨᠡ ᠪᠤᠯ ᠨᠠᠮ ᠤᠨ ᠲᠦᠷᠦ ᠶᠢᠨ ᠪᠤᠳᠤᠯᠭ᠎ᠠ ᠶᠢᠨ ᠰᠠᠶᠢᠨ ᠰᠢᠤ︕ ᠡᠮᠦᠨ᠎ᠡ ᠵᠢᠯ | ᠤᠳ ᠲᠤ᠂ ᠬᠤᠪᠢᠨ ᠳᠠᠭᠠᠨ ᠮᠠᠯ ᠦᠯᠡᠳᠡᠭᠡᠪᠡᠯ ᠬᠦᠷᠦᠩᠭᠡᠳᠦ ᠶᠤᠰᠤᠨ ᠤ ᠰᠡᠭᠦᠯ ᠢ ᠲᠠᠰᠤᠯᠠᠨ᠎ᠠ ᠭᠡᠳ ᠵᠦᠪᠰᠢᠶᠡᠷᠡᠬᠦ | ᠦᠭᠡᠢ ᠪᠠᠶᠢᠭᠰᠠᠨ︾ ᠭᠡᠵᠦ ᠤᠯᠠᠨ ᠲᠠᠯ᠎ᠠ ᠪᠠᠷ ᠲᠠᠶᠢᠯᠪᠤᠷᠢᠯᠠᠨ ᠶᠠᠷᠢᠨ᠎ᠠ᠃ ᠪᠠᠷᠢᠭᠠᠳᠠ ᠶᠢᠨ ᠲᠠᠷᠤᠭ᠎ᠠ ᠯᠠᠮᠵᠠᠪ ᠠᠴᠠ | ᠄ ︽ᠲᠡᠭᠡᠳᠦ ᠱᠠᠳᠤᠨ ᠤ ᠵᠢᠭᠠᠪᠤᠷᠢ ᠶᠢ ᠮᠠᠨ ᠤ ᠪᠠᠷᠢᠭᠠᠳᠠ ᠳᠠᠭᠠᠨ ᠶᠠᠭᠠᠬᠢᠵᠦ᠂ ᠶᠠᠮᠠᠷ ᠠᠷᠭ᠎ᠠ ᠪᠠᠷ | ᠨᠠᠶᠢᠳᠠᠪᠤᠷᠢᠵᠢᠭᠤᠯᠤᠨ᠎ᠠ ᠭᠡᠳᠡᠭ ᠪᠤᠯ ᠪᠠᠰᠠ ᠨᠢᠭᠡᠨ ᠴᠢᠬᠤᠯᠠ ᠵᠦᠪᠳᠡᠬᠦ ᠰᠡᠳᠤᠪ ᠪᠤᠯᠤᠨ᠎ᠠ᠂ ᠶᠠᠭᠤ ᠪᠤᠯᠤᠭᠰᠠᠨ ᠴᠤ | ᠪᠤᠳᠠᠳᠠᠢ ᠨᠤᠷᠮ᠎ᠠ ᠲᠤᠭᠳᠠᠭᠠᠵᠦ᠂ ᠪᠠᠷᠢᠮᠵᠢᠶ᠎ᠠ ᠭᠠᠷᠭᠠᠵᠦ᠂ ᠲᠠᠪᠠᠭᠰᠠᠨ ᠭᠡᠰᠡᠭ ᠢ ᠭᠡᠰᠢᠭᠦᠳ ᠲᠤ ᠦᠨ᠎ᠡ | ᠲᠦᠯᠦᠪᠦᠷᠢ ᠦᠭᠡᠢ ᠦᠭᠴᠦ ᠬᠤᠪᠢᠨ ᠳᠠᠭᠠᠨ ᠮᠠᠯ ᠰᠦᠷᠦᠭ ᠲᠠᠢ ᠪᠤᠯᠬᠤ ᠶᠢ ᠵᠤᠷᠢᠭᠵᠢᠭᠤᠯᠤᠨ᠎ᠠ︾ ᠭᠡᠵᠦ ᠶᠠᠷᠢᠨ᠎ᠠ | ᠃ ᠡᠭᠦᠨ ᠳᠤ ᠪᠢ ᠴᠢᠬᠢ ᠪᠠᠨ ᠢᠳᠡᠭᠡᠵᠦ ᠶᠠᠳᠠᠨ ᠰᠤᠨᠤᠰᠤᠨ᠎ᠠ᠃ ᠲᠡᠷᠡ ᠬᠤᠷᠠᠯ ᠢᠶᠠᠷ ᠬᠡᠷᠡᠭᠵᠢᠬᠦᠯᠬᠦ ᠲᠦᠰᠦᠪ ᠤᠨ | ᠭᠤᠤᠯ ᠠᠭᠤᠯᠭ᠎ᠠ ᠶᠢ ᠶᠠᠷᠢᠯᠴᠠᠨ᠂ ᠭᠡᠰᠢᠭᠦᠳ ᠤᠨ ᠲᠦᠯᠦᠭᠡᠯᠡᠭᠴᠢᠳ ᠤᠨ ᠬᠤᠷᠠᠯ ᠢᠶᠠᠷ ᠶᠠᠷᠢᠯᠴᠠᠨ ᠲᠤᠭᠳᠠᠭᠠᠬᠤ | ᠪᠠᠷ ᠪᠤᠯᠵᠦ ᠬᠤᠷᠠᠯ ᠲᠠᠷᠬᠠᠪᠠ᠃ | ᠡᠷᠳᠡᠮᠳᠡᠭᠦᠰ ᠭᠡᠷ ᠲᠡᠭᠡᠨ ᠬᠠᠷᠢᠭᠠᠳ ᠴᠠᠢ ᠤᠤᠭᠤᠬᠤ ᠵᠠᠭᠤᠷ᠎ᠠ᠄ ︽ᠤᠳᠤ ᠮᠠᠨ ᠤ ᠮᠠᠯᠴᠢᠳ ᠤᠨ | ᠪᠠᠶᠠᠵᠢᠬᠤ ᠴᠠᠭ ᠢᠷᠡᠵᠡᠢ︾ ᠭᠡᠬᠦ ᠳᠤ ᠪᠦᠰᠡᠭᠦᠢ ᠨᠢ᠄ ︽ᠶᠠᠭᠠᠬᠢᠵᠦ ᠪᠠᠶᠠᠵᠢᠬᠤ ᠶᠤᠮ ᠳ᠋ᠠ︖︾᠂ ︽ᠪᠠᠷᠢᠭᠠᠳᠠ | ᠶᠢᠨ ᠬᠤᠷᠠᠯ ᠢᠶᠠᠷ ᠮᠠᠯ ᠤᠨ ᠲᠤᠭ᠎ᠠ ᠲᠤᠯᠤᠭᠠᠢ ᠪᠤᠶᠤ ᠭᠠᠷᠤᠯᠳᠠ ᠳᠤ ᠬᠠᠷᠢᠴᠠᠯ ᠨᠤᠷᠮ᠎ᠠ ᠲᠤᠭᠳᠠᠭᠠᠵᠦ᠂ ᠲᠠᠪᠠᠭᠰᠠᠨ | ᠭᠡᠰᠡᠭ ᠢ ᠨᠢ ᠭᠡᠰᠢᠭᠦᠳ ᠲᠤ ᠦᠭᠭᠦᠨ᠎ᠡ ᠭᠡᠨ᠎ᠡ︾ ᠭᠡᠬᠦ ᠳᠤ᠄ ︽ᠲᠡᠶᠢᠮᠦ ᠰᠠᠶᠢᠬᠠᠨ ᠵᠡᠭᠦᠳᠦ ᠪᠠᠰᠠ ᠪᠡᠶᠡᠯᠡᠭᠳᠡᠬᠦ | ᠶᠤᠮ ᠤᠤ︖︾᠂ ᠲᠡᠷᠡ᠄ ︽ᠲᠡᠷᠡ ᠪᠠᠰᠠ ᠬᠡᠯᠡᠬᠦ ᠶᠢᠨ ᠠᠷᠭ᠎ᠠ ᠦᠭᠡᠢ᠂ ᠵᠢᠱᠢᠶᠡᠯᠡᠪᠡᠯ ᠮᠠᠨ ᠤ ᠦᠬᠡᠷ ᠢᠶᠠᠷ | ᠪᠤᠳᠤᠪᠠᠯ ᠬᠠᠮᠠᠭᠠᠯᠠᠯᠳᠠ ᠶᠢᠨ ᠨᠤᠷᠮ᠎ᠠ %97 ᠪᠠᠷ ᠪᠤᠳᠤᠪᠠᠯ ᠬᠠᠮᠠᠭᠠᠯᠠᠯᠳᠠ ᠴᠢᠨᠢ ᠪᠦᠷᠢᠨ ᠪᠤᠯ 3 ᠦᠬᠡᠷ | ᠤᠯᠤᠨ᠎ᠠ᠂ ᠦᠷᠡᠵᠢᠯᠳᠡ ᠪᠤᠶᠢᠵᠢᠯᠳᠡ ᠶᠢᠨ ᠨᠤᠷᠮ᠎ᠠ ᠶᠢ %85 ᠪᠠᠷ ᠪᠤᠳᠤᠪᠠᠯ ᠲᠡᠭᠦᠨ ᠠᠴᠠ ᠲᠡᠭᠡᠭᠰᠢ ᠲᠤᠭᠤᠯ | ᠪᠤᠶᠢᠵᠢᠭᠤᠯᠤᠭᠰᠠᠨ ᠪᠤᠯ ᠪᠦᠬᠦᠨ ᠢᠶᠠᠷ ᠢᠶᠠᠨ ᠴᠢᠨᠦᠬᠢ ᠪᠤᠯᠤᠨ᠎ᠠ︾ ᠭᠡᠵᠦ ᠲᠠᠶᠢᠯᠪᠤᠷᠢᠯᠠᠬᠤ ᠳᠤ ᠬᠡᠷᠭᠡᠢ ᠨᠢ᠄ ︽ | ᠲᠡᠭᠡᠪᠡᠯ ᠶᠤᠰᠤᠳᠠᠢ ᠤᠯᠬᠤ ᠨᠢ ᠴᠤ ᠠᠷᠪᠢᠨ ᠲᠤᠯᠠ ᠪᠠᠶᠠᠵᠢᠵᠦ ᠮᠡᠳᠡᠨ᠎ᠡ᠂ ᠭᠡᠳᠡᠯ᠎ᠡ ᠬᠠᠮᠳᠤ ᠨᠡᠶᠢᠳᠡ ᠲᠡᠶᠢᠮᠦ | ᠠᠷᠪᠢᠨ ᠮᠠᠯ ᠢ ᠴᠢᠮ᠎ᠡ ᠳᠤ ᠵᠦᠭᠡᠷ ᠦᠭᠭᠦᠴᠢᠭᠡᠨᠡ ᠭᠡᠵᠢ ᠤᠤ︕︾ ᠭᠡᠵᠦ ᠲᠠᠳᠠᠭᠠᠯᠵᠠᠨ ᠠᠰᠠᠭᠤᠪᠠᠯ᠄ ︽ | ᠲᠡᠭᠡᠭᠰᠡᠨ ᠴᠤ ᠨᠤᠷᠮ᠎ᠠ ᠨᠢ ᠭᠡᠳᠦ ᠦᠨᠳᠦᠷ ᠪᠤᠯ ᠲᠡᠶᠢᠮᠦ ᠠᠷᠪᠢᠨ ᠮᠠᠯ ᠢ ᠠᠮᠠᠷᠬᠠᠨ ᠤᠯᠤᠨ᠎ᠠ ᠭᠡᠳᠡᠭ ᠭᠤᠷᠢ ᠦᠭᠡᠢ | ᠬᠡᠷᠡᠭ ᠡ᠂ ᠬᠠᠰᠢᠯᠠ ᠴᠢᠷᠮᠠᠶᠢᠯᠭ᠎ᠠ ᠤᠷᠤᠨ᠎ᠠ ᠰᠢᠤ︾ ᠭᠡᠵᠦ ᠢᠷᠡᠭᠡᠳᠦᠢ ᠶᠢᠨ ᠠᠮᠢᠳᠤᠷᠠᠯ ᠤᠨ ᠲᠦᠯᠦᠭᠡ ᠰᠠᠨᠠᠭ᠎ᠠ | ᠪᠤᠯᠤᠨ ᠶᠠᠷᠢᠯᠳᠤᠨ᠎ᠠ᠃ | ᠲᠡᠷᠡ ᠡᠪᠦᠯ ᠤᠨ ᠲᠠᠰᠤᠯᠠᠨ ᠪᠤᠳᠤᠯᠳᠠ ᠳᠤ ᠡᠳᠡᠨᠡᠶᠢᠬᠢᠨ ᠦᠬᠡᠷ ᠰᠦᠷᠦᠭ ᠶᠢᠨ ᠬᠠᠮᠠᠭᠠᠯᠠᠯᠳᠠ ᠪᠤᠶᠤ ᠲᠥᠯ | ᠤᠨ ᠪᠤᠶᠢᠵᠢᠯᠳᠠ ᠨᠢ ᠦᠨᠳᠥᠷ ᠪᠤᠯᠬᠤᠷ᠂ ᠳᠠᠪᠠᠭᠤᠯᠣᠭᠰᠠᠨ ᠭᠡᠰᠡᠭ ᠤᠨ ᠱᠠᠩᠨᠠᠯ ᠭᠡᠵᠤ ᠲᠠᠪᠤ ᠵᠢᠷᠭᠤᠭᠠᠨ ᠲᠣᠭᠤᠯ | ᠪᠢᠷᠠᠭᠤ ᠤᠯᠤᠭᠰᠠᠨ ᠢᠶᠠᠷ ᠨᠦᠬᠦᠷ ᠬᠡᠷᠭᠡᠢ ᠬᠤᠶᠠᠭᠤᠯᠠ ᠤᠬᠠᠭᠠᠨ ᠦᠭᠡᠢ ᠪᠠᠶᠠᠷᠯᠠᠵᠠᠢ᠃ ᠲᠡᠷᠡ ᠵᠢᠯ ᠤᠨ ᠠᠰᠢᠭ | ᠤᠷᠤᠯᠭ᠎ᠠ ᠶᠢᠨ ᠬᠤᠪᠢᠶᠠᠷᠢᠯᠠᠯᠳᠠ ᠳᠤ ᠤᠯᠠᠩᠬᠢ ᠠᠶᠢᠯ ᠡᠷᠦᠬᠡ ᠲᠠᠪᠠᠭᠤᠯᠤᠭᠰᠠᠨ ᠭᠡᠰᠡᠭ ᠤᠨ ᠱᠠᠩᠨᠠᠯ ᠤᠯᠵᠦ | ᠲᠡᠭᠡᠷ᠎ᠡ ᠲᠠᠯ᠎ᠠ ᠶᠢᠨ ᠬᠤᠨᠢᠴᠢᠨ ᠡᠷᠦᠬᠡ 60 —70 ᠬᠤᠷᠠᠭ᠎ᠠ ᠤᠯᠤᠭᠰᠠᠨ ᠳᠤ ᠠᠬᠠᠮᠠᠳ ᠮᠠᠯᠴᠢᠳ ᠶᠡᠬᠡᠪᠡᠷ | ᠰᠤᠴᠢᠨ ᠪᠠᠶᠠᠷᠯᠠᠵᠦ᠄ ︽ᠵᠠ᠂ ᠡᠨᠡ ᠪᠤᠯ ᠨᠠᠮ ᠤᠨ ᠲᠦᠷᠦ ᠶᠢᠨ ᠪᠤᠳᠤᠯᠭ᠎ᠠ ᠵᠦᠪ ᠡᠷᠭᠢᠭᠰᠡᠨ ᠤ ᠰᠠᠶᠢᠨ ᠰᠢᠤ᠂ | ᠮᠠᠨ ᠤ ᠮᠠᠯᠴᠢᠳ ᠶᠤᠰᠤᠳᠠᠢ ᠪᠠᠶᠠᠵᠢᠬᠤ ᠴᠠᠭ ᠲᠤᠯᠵᠠᠢ᠂ ᠨᠢᠭᠡ ᠵᠢᠯ ᠳᠤ ᠨᠢᠭᠡ ᠰᠦᠷᠦᠭ ᠬᠤᠨᠢ ᠤᠯᠤᠨ᠎ᠠ ᠭᠡᠳᠡᠭ | ᠴᠢᠨᠢ︕︾ ᠭᠡᠬᠦ ᠳᠤ ᠵᠠᠷᠢᠮ ᠨᠢ᠄ ︽ᠲᠡᠶᠢᠮᠦ ᠰᠢᠳᠠ᠂ ᠰᠤᠶᠤᠯ ᠤᠨ ᠬᠤᠪᠢᠰᠬᠠᠯ ᠤᠨ ᠦᠶ᠎ᠡ ᠳᠤ᠂ ᠬᠤᠪᠢᠨ ᠤ | ᠮᠠᠯ ᠦᠯᠡᠳᠡᠭᠡᠪᠡᠯ ᠬᠦᠷᠦᠩᠭᠡᠳᠦ ᠶᠤᠰᠤᠨ ᠤ ᠰᠡᠭᠦᠯ ᠢ ᠲᠠᠰᠤᠳᠠᠨ᠎ᠠ ᠭᠡᠳ ᠮᠠᠯᠴᠢᠨ ᠪᠢᠳᠡᠨ ᠤ ᠠᠮᠢᠳᠤᠷᠠᠯ ᠢ ᠶᠠᠭ | ᠦᠭᠡᠳᠡᠯᠡᠭᠦᠯᠬᠦ ᠦᠭᠡᠢ ᠪᠠᠶᠢᠭᠰᠠᠨ ᠰᠢᠤ᠂ ᠬᠠᠰᠢᠯᠠ ᠡᠪ ᠬᠠᠮᠳᠤ ᠨᠠᠮ ᠮᠢᠨᠢ ᠵᠦᠪ ᠬᠠᠷᠠᠬᠤ ᠶᠤᠮ ᠪᠠᠶᠢᠨ᠎ᠠ︾ ᠭᠡᠵᠦ | ᠢᠳᠡᠭᠡᠯ ᠲᠠᠢ ᠪᠠᠶᠠᠷᠯᠠᠩᠭᠤᠢ ᠪᠠᠷ ᠬᠦᠤᠷᠨᠢᠯᠳᠤᠨ ᠶᠠᠷᠢᠯᠴᠠᠵᠦ ᠪᠠᠶᠢᠯ᠎ᠠ᠃ | ᠬᠤᠪᠢ ᠶᠢᠨ ᠭᠡᠬᠦ ᠮᠠᠯ ᠲᠠᠢ ᠪᠤᠯᠴᠢᠬᠠᠯ᠎ᠠ᠂ ᠪᠠᠰᠠ ᠬᠠᠮᠳᠤ ᠶᠢᠨ ᠦᠬᠡᠷ ᠰᠦᠷᠦᠭ ᠤᠨ ᠤᠷᠤᠯᠭ᠎ᠠ ᠨᠢ | ᠦᠨᠡᠭᠡᠷ ᠪᠠᠶᠠᠵᠢᠯ ᠤᠨ ᠵᠠᠮ ᠢᠶᠠᠷ ᠬᠦᠳᠦᠯᠵᠦ᠂ ᠠᠮᠢᠳᠤᠷᠠᠯ ᠤᠨ ᠬᠢᠷᠢ ᠲᠦᠪᠰᠢᠨ ᠲᠡᠭᠡᠭᠰᠢᠯᠡᠬᠦ ᠳᠤ ᠠᠵᠦ ᠠᠬᠤᠢ | ᠶᠢᠨ ᠦᠨᠳᠦᠰᠦᠨ ᠨᠦᠬᠦᠴᠡᠯ ᠢ ᠪᠦᠷᠢᠯᠳᠦᠭᠦᠯᠵᠦ ᠦᠭᠴᠠᠢ᠃ ᠭᠠᠭᠴᠠᠬᠦ ᠴᠢᠷᠮᠠᠶᠢᠨ ᠠᠵᠢᠯᠠᠯᠬᠤ ᠪᠠᠨ ᠮᠡᠳᠡ︕ | ᠮᠣᠩᠭᠤᠯ ᠭᠡᠷ ᠤᠨ ᠨᠦᠬᠦᠴᠠᠯ ᠪᠠ ᠠᠮᠢᠳᠣᠷᠠᠯ ᠤᠨ ᠬᠢᠷᠢ ᠬᠡᠮᠵᠢᠶ᠎ᠡ ᠡᠳᠦᠷ ᠠᠴᠠ ᠡᠲᠦᠷ ᠰᠠᠶᠢᠵᠢᠷᠠᠵᠤ᠂ ᠬᠡᠪᠢᠰ | ᠬᠠᠶᠠᠯᠠᠬᠤ᠂ ᠭᠡᠷ ᠤᠨ ᠮᠣᠳᠣ ᠶᠢ ᠪᠣᠳᠤᠭ ᠰᠠᠭᠤᠯᠭᠠᠬᠤ᠂ ᠭᠡᠷ ᠳᠣᠲᠣᠷᠠᠬᠢ ᠠᠪᠳᠠᠷ᠎ᠠ ᠬᠤᠷᠭᠤ ᠶᠢ ᠰᠢᠨᠡᠳᠭᠡᠬᠦ ᠵᠢᠴᠢ | ᠭᠠᠳᠠᠨᠠᠬᠢ ᠬᠠᠮ ᠠᠪᠳᠠᠷ᠎ᠠ ᠪᠠᠨ ᠰᠢᠨ᠎ᠡ ᠪᠠᠷ ᠬᠢᠯᠭᠡᠬᠦ᠂ ᠲᠡᠷᠭᠡ ᠬᠦᠰᠭᠡ ᠨᠡᠮᠡᠬᠦ ᠵᠡᠷᠭᠡ ᠳᠥᠪᠬᠢᠨᠡᠭᠦᠯᠦᠯᠳᠡ | ᠬᠢᠭᠰᠡᠨ ᠢᠶᠠᠷ ᠪᠠᠷᠢᠭᠠᠳᠠ ᠳᠠᠭᠠᠨ ᠨᠡᠯᠢᠶᠡᠳ ᠳᠡᠭᠡᠭᠦᠷ ᠣᠷᠣᠬᠤ ᠡᠷᠦᠬᠡ ᠶᠢᠨ ᠨᠢᠭᠡ ᠪᠤᠯᠤᠯ᠎ᠠ᠃ ᠰᠢᠷᠠᠭᠴᠢᠨ ᠬᠤᠨᠢᠨ | ᠵᠢᠯ ᠢᠶᠠᠨ ᠦᠳᠡᠵᠤ ᠬᠠᠷ᠎ᠠ ᠪᠡᠴᠢ ᠵᠢᠯ ᠢᠶᠠᠨ ᠣᠭᠳᠤᠬᠤ ᠵᠠᠢ ᠳᠤ ᠡᠳᠡᠨᠡᠶᠢᠬᠢᠨ ᠳᠡᠭᠡᠲᠦ ᠰᠢᠨᠠᠭᠠᠨ ᠭᠡᠳᠡᠭ ᠭᠠᠵᠠᠷ | ᠡᠪᠦᠯᠵᠢᠵᠠᠢ᠂ ᠬᠦᠭᠦᠬᠡ ᠰᠠᠷ᠎ᠠ ᠶᠢᠨ ᠬᠤᠷᠢᠨ ᠲᠣᠯᠣᠭᠠᠨ ᠳᠤ ᠪᠦᠰᠡᠭᠦᠢ ᠰᠠᠷᠠᠨ ᠨᠢ ᠬᠤᠶᠠᠳᠣᠭᠠᠷ ᠬᠥᠤ ᠪᠠᠨ | ᠬᠥᠩᠭᠡᠵᠢᠪᠡ᠂ ᠠᠬ᠎ᠠ ᠠᠴᠠ ᠨᠢ ᠬᠠᠰ ᠴᠢᠯᠠᠭᠤ ᠠᠳᠠᠯᠢ ᠵᠣᠷᠢᠭ ᠬᠠᠳᠠᠭᠤ ᠥᠭᠡᠳᠡ ᠡᠰᠡᠷᠡᠭ ᠶᠠᠪᠣᠬᠤ ᠶᠢ ᠨᠢ | ᠵᠦᠩᠨᠡᠵᠤ ︽ᠬᠠᠰᠡᠷᠳᠡᠨᠢ︾ ᠭᠡᠰᠡᠨ ᠰᠠᠶᠢᠬᠠᠨ ᠨᠡᠷ᠎ᠡ ᠣᠯᠭᠤᠵᠠᠢ᠃ ᠡᠨᠡ ᠬᠡᠤᠬᠡᠳ ᠢ ᠣᠢ ᠥᠩᠭᠡᠷᠡᠭᠰᠡᠨ ᠲᠠᠷᠠᠭ᠎ᠠ | ᠨᠢᠭᠡᠨ ᠡᠳᠦᠷ ᠲᠡᠭᠦᠨ ᠤ ᠠᠪᠠᠭ᠎ᠠ ᠠᠬ᠎ᠠ ᠭᠤᠸᠠᠢ ᠨᠠᠮᠬᠠᠢ ᠠᠶᠢᠯᠴᠢᠯᠠᠷ᠎ᠠ ᠢᠷᠡᠪᠡ᠃ ᠡᠨᠡ ᠦᠶ᠎ᠡ ᠵᠣᠤᠬᠠᠨ ᠤ ᠵᠡᠭᠦᠨ | ᠲᠠᠯ᠎ᠠ ᠳᠤ ᠥᠨᠥ ᠬᠦᠤ ᠠᠶᠠᠭ᠎ᠠ ᠠᠴᠠ ᠪᠠᠨ ᠴᠠᠢ ᠶᠢᠨ ᠪᠣᠳᠠᠭ᠎ᠠ ᠠᠳᠬᠤᠨ ᠠᠪᠴᠦ ᠠᠮᠠᠨ ᠳᠠᠭᠠᠨ ᠬᠢᠭᠰᠡᠨ ᠢᠶᠠᠷ | ᠬᠠᠴᠠᠷ ᠳᠦᠭᠦᠷᠡᠩ ᠪᠣᠳᠠᠭ᠎ᠠ ᠨᠠᠭᠠᠯᠳᠤᠭᠤᠯᠣᠨ᠂ ᠵᠡᠭᠦᠨ ᠰᠢᠷᠳᠡᠭ ᠢᠶᠠᠷ ᠪᠣᠲᠠᠷᠠᠭᠠᠨ ᠪᠠᠶᠢᠬᠤ ᠶᠢ ᠦᠵᠡᠭᠰᠡᠨ ᠠᠬ᠎ᠠ | ᠨᠢ᠄ ︽ᠡᠨᠡ ᠬᠦᠮᠥᠨ ᠢ ᠦᠵᠡᠯ ᠳ᠋ᠠ᠂ ᠶᠠᠮᠠᠷ ᠭᠥᠭᠡᠷᠦᠬᠦᠨ ᠪᠣᠢ᠂ ᠮᠥᠳᠳᠦ ᠪᠣᠳᠠᠭ᠎ᠠ ᠲᠠᠢ ᠡᠷ᠎ᠠ ᠪᠣᠯᠬᠤ | ᠰᠢᠨᠵᠢᠳᠠᠢ ᠳ᠋ᠠ︾ ᠭᠡᠵᠤ ᠥᠬᠦᠭᠡᠷᠳᠡᠨ ᠬᠡᠯᠡᠬᠦ ᠳᠤ ᠡᠷᠳᠡᠮᠳᠡᠭᠦᠰ᠄ ︽ᠲᠡᠭᠡᠪᠡᠯ ᠴᠢᠮ᠎ᠠ ᠳᠤ ᠡᠨᠡ ᠬᠡᠤᠬᠡᠳ ᠢ | ᠥᠭᠭᠦᠴᠢᠭᠡᠶᠠ᠂ ᠲᠠ ᠠᠪᠣᠭᠠᠳ ᠶᠠᠪᠣᠭᠠᠷᠠᠢ︕︾ ᠭᠡᠵᠤ ᠴᠣᠤᠭᠢᠭᠤᠯᠵᠠᠢ᠃ ᠬᠤᠵᠢᠮ ᠨᠢ ᠠᠪᠠᠭ᠎ᠠ ᠠᠬ᠎ᠠ ᠨᠢ᠄ ︽ | ᠮᠠᠨ ᠤ ᠡᠷᠳᠡᠮᠳᠡᠭᠦᠰ ᠡᠨᠡ ᠬᠦᠤ ᠪᠠᠨ ᠨᠠᠳᠠ ᠳᠤ ᠥᠭᠭᠦᠭᠰᠡᠨ ᠶᠣᠮ︾ ᠭᠡᠳ ᠬᠠᠰᠡᠷᠳᠡᠨᠢ ᠶᠢ ᠪᠠᠭ᠎ᠠ ᠰᠣᠷᠭᠠᠭᠤᠯᠢ | ᠠᠴᠠ ᠳᠣᠮᠳᠠᠲᠦ ᠰᠣᠷᠭᠠᠭᠤᠯᠢ ᠲᠡᠭᠦᠰᠲᠡᠯ᠎ᠡ ᠰᠣᠮᠣᠨ ᠠᠴᠠ ᠬᠤᠰᠢᠭᠤᠨᠳᠦ ᠬᠦᠷᠦᠭᠰᠡᠨ ᠴᠦ ᠠᠰᠠᠷᠠᠨ ᠬᠠᠷᠠᠭᠠᠯᠵᠠᠵᠤ | ᠂ ᠰᠣᠶᠣᠯ ᠤᠨ ᠮᠥᠷ ᠬᠥᠭᠡᠯᠭᠡᠵᠤ᠂ ᠲᠥᠷᠥᠭᠰᠡᠨ ᠲᠠᠢ ᠪᠠᠨ ᠠᠳᠠᠯᠢ ᠬᠠᠶᠢᠷᠠᠯᠠᠵᠤ ᠥᠰᠭᠡᠭᠰᠡᠨ ᠶᠡᠭᠡ ᠡᠨᠡᠷᠢᠯ᠂ | ᠲᠠᠬᠢᠪᠠᠯ ᠣᠯᠠᠨ ᠬᠡᠤᠬᠡᠳ ᠲᠠᠢ ᠲᠡᠭᠦᠨ ᠤ ᠳᠠᠷᠣᠭᠠᠰᠤ ᠶᠢ ᠬᠥᠩᠬᠡᠯᠡᠭᠰᠡᠨ ᠠᠴᠢ ᠶᠢ ᠨᠢ ᠡᠷᠳᠡᠮᠳᠡᠭᠦᠰ ᠭᠤᠸᠠᠢ | ᠰᠡᠳᠭᠢᠯ ᠳᠡᠭᠡᠨ ᠬᠠᠳᠠᠩᠰᠢᠭᠤᠯᠵᠤ ᠶᠠᠪᠣᠳᠠᠭ ᠪᠤᠯᠵᠠᠢ᠃ | ᠰᠢᠷᠠᠭᠴᠢᠨ ᠬᠤᠨᠢᠨ ᠵᠢᠯ ᠤᠨ ᠡᠪᠦᠯ ᠤᠨ ᠢᠳᠡᠰᠢᠨ ᠤ ᠦᠶ᠎ᠠ ᠪᠠᠷ ᠡᠳᠡᠨᠡᠶᠢᠬᠢᠨ ᠦᠬᠡᠷ ᠢᠶᠠᠷ ᠴᠠᠶᠢᠳᠠᠮ ᠤᠨ | ᠱᠠᠤ ᠭᠡᠬᠦ ᠪᠣᠳᠠ ᠶᠡᠬᠡᠲᠠᠢ ᠭᠠᠵᠠᠷ ᠡᠪᠦᠯᠵᠢᠪᠡ᠃ ᠡᠪᠦᠯ ᠤᠨ ᠨᠢᠭᠡᠨ ᠣᠷᠣᠢ ᠡᠷᠳᠡᠮᠳᠡᠭᠦᠰ ᠣᠷᠭ᠎ᠠ ᠪᠠᠨ ᠴᠢᠷᠴᠦ᠂ | ᠮᠣᠷᠢ ᠲᠠᠢ ᠪᠠᠨ ᠱᠣᠭᠰᠢᠭᠤᠯᠣᠭᠰᠠᠭᠠᠷ ᠴᠠᠷᠢᠭ ᠤᠨ ᠬᠤᠭᠤᠯᠠᠢ ᠠᠴᠠ ᠰᠦᠷᠦᠭ ᠢᠶᠠᠨ ᠬᠤᠷᠢᠶᠠᠭᠠᠳ ᠭᠡᠷ ᠲᠡᠭᠡᠨ | ᠬᠠᠷᠢᠬᠤ ᠳᠤ ᠨᠢᠭᠡᠨ ᠮᠠᠰᠢᠨ ᠲᠡᠷᠭᠡ ᠢᠷᠡᠭᠰᠡᠨ ᠨᠢ ᠠᠶᠢᠮᠠᠭ ᠤᠨ ᠪᠠᠶᠢᠴᠠᠭᠠᠬᠤ ᠬᠤᠷᠢᠶᠠᠨ ᠳᠤ ᠠᠵᠢᠯ ᠲᠠᠢ ᠬᠠᠮᠲᠦ | ᠰᠣᠷᠣᠭᠴᠢ ᠪᠣᠯᠬᠤ ᠬᠦᠬᠡ ᠭᠡᠭᠴᠢ ᠠᠨᠳᠠ ᠨᠢ ᠪᠠᠶᠢᠯ᠎ᠠ᠂ ᠶᠡᠬᠡᠪᠡᠷ ᠪᠠᠶᠠᠷᠯᠠᠯᠳᠤᠨ ᠮᠡᠨᠲᠦ ᠠᠰᠠᠭᠤᠯᠴᠠᠭᠰᠠᠨ ᠢᠶᠠᠨ | ᠠᠷᠢᠬᠢ ᠬᠠᠯᠠᠭᠤᠯᠣᠨ ᠠᠷᠵᠠ ᠨᠡᠷᠡᠵᠤ ᠦᠳᠡᠰᠢ ᠶᠢᠨ ᠴᠠᠭ ᠢ ᠨᠥᠭᠴᠢᠭᠡᠪᠡ᠂ ᠭᠡᠨᠡᠳᠳᠠ ᠠᠨᠳᠠ ᠨᠢ᠄ ︽ᠴᠢ | ᠰᠣᠨᠣᠰᠴᠦ ᠪᠠᠶᠢᠭᠠᠷᠠᠢ᠂ ᠡᠨᠡ ᠶᠠᠭᠤ ᠪᠣᠢ︖︾ ᠭᠡᠳ ᠳᠦᠷᠪᠡᠯᠵᠢᠨ ᠬᠠᠷ᠎ᠠ ᠬᠠᠶᠢᠷᠴᠠᠭ ᠭᠠᠷᠭᠠᠭᠠᠳ ᠨᠢᠭᠡᠨ | ᠳᠣᠪᠴᠢ ᠶᠢ ᠨᠢ ᠳᠠᠷᠣᠬᠤ ᠳᠤ ᠶᠠᠭ ᠯᠠ ᠰᠠᠶ᠋ᠢ ᠶᠢᠨ ᠲᠡᠳᠡᠨᠤᠰ ᠤᠨ ᠬᠥᠭᠡᠷᠤᠯᠲᠦᠵᠤ ᠪᠠᠶᠢᠭᠰᠠᠨ ᠳᠣᠭᠤᠯᠳᠠᠬᠤ ᠶᠣᠮ | ᠂ ᠲᠡᠷᠡ ᠶᠡᠭᠡ ᠬᠠᠴᠢᠷᠬᠠᠵᠤ ᠴᠢᠬᠢ ᠪᠠᠨ ᠢᠲᠡᠭᠡᠵᠤ ᠶᠠᠳᠠᠨ ᠴᠢᠩᠨᠠᠬᠤ ᠳᠤ ᠲᠡᠳᠡ ᠤᠯᠠᠮ ᠵᠢᠳᠭᠦᠯᠦᠨ | ᠱᠣᠭᠤᠷᠠᠬᠠᠨᠠ᠃ ᠡ᠊ ᠭᠤᠸᠠᠢ᠄ ︽ᠡᠨᠡ ᠶᠠᠮᠠᠷ ᠱᠤᠭ ᠲᠠᠢ ᠡᠳ᠋ ᠭᠡᠭᠴᠢ ᠪᠣᠢ᠂ ᠲᠠᠷᠣᠢ ᠳᠠᠭᠠᠨ ᠰᠢᠩᠭᠡᠭᠡᠴᠢᠨᠡ | ᠭᠡᠳᠡᠭ ᠴᠢᠨᠢ︾ ᠭᠡᠳ ᠭᠠᠶᠢᠬᠠᠬᠤ ᠳᠤ᠄ ︽ᠡᠨᠡ ᠪᠣᠯ ᠳᠠᠭᠤᠨ ᠰᠢᠩᠭᠡᠭᠦᠷ ᠤᠨ ᠮᠠᠰᠢᠨ ᠭᠡᠳᠡᠭ᠂ ᠣᠤᠯ ᠨᠢ ᠣᠯᠣᠰ | ᠠᠴᠠ ᠴᠡᠷᠢᠭ ᠤᠨ ᠶᠠᠪᠣᠳᠠᠯ ᠳᠤ ᠬᠡᠷᠡᠭᠯᠡᠵᠤ ᠪᠠᠶᠢᠭᠰᠠᠨ ᠪᠣᠯ ᠤᠳᠤ ᠨᠠᠷᠢᠯᠢᠭ ᠬᠢᠴᠡ ᠲᠠᠢ ᠪᠣᠯᠭᠠᠭᠠᠳ ᠠᠷᠠᠳ ᠤᠨ | ᠨᠠᠭᠠᠳᠣᠮ ᠵᠣᠭᠠᠴᠠᠯ ᠳᠤ ᠬᠡᠷᠡᠭᠯᠡᠬᠦ ᠪᠣᠯᠵᠠᠢ︾ ᠭᠡᠵᠤ ᠠᠨᠳᠠ ᠨᠢ ᠲᠠᠶᠢᠯᠪᠣᠷᠢᠯᠠᠨ ᠶᠠᠷᠢᠵᠤ ᠪᠠᠶᠢᠪᠠ᠂ ᠡᠨᠡ | ᠭᠠᠶᠢᠬᠠᠯᠲᠠᠢ ᠡᠳ᠋ ᠣᠯᠳᠠᠳᠠᠭ ᠪᠣᠯ ᠣᠯᠵᠤ ᠥᠭᠬᠦ ᠶᠢ ᠬᠦᠰᠡᠭᠰᠡᠨ ᠳᠤ ᠲᠡᠷᠡ ᠬᠤᠤᠰ ᠬᠡᠷᠡᠭᠯᠡᠭᠦᠷᠲᠦ ᠰᠢᠩᠭᠡᠭᠦᠷ | ᠮᠠᠰᠢᠨ ᠣᠯᠵᠤ ᠥᠭᠬᠦ ᠪᠠᠷ ᠲᠤᠬᠢᠷᠠᠯᠴᠠᠵᠠᠢ᠂ ᠰᠠᠷ᠎ᠠ ᠶᠢᠨ ᠳᠠᠷᠠᠭ᠎ᠠ᠂ ᠠᠶᠢᠯ ᠳᠤ ᠪᠠᠶᠢᠪᠠᠯ ᠦᠵᠡᠮᠦᠷ ᠲᠠᠢ ᠠᠪᠳᠠᠷ᠎ᠠ | ᠳᠡᠭᠡᠷ᠎ᠠ ᠳᠣᠤᠭᠠᠷᠪᠠᠯ ᠰᠣᠨᠢᠷᠬᠠᠯᠲᠠᠢ ᠨᠢᠭᠡ ᠰᠢᠶᠠᠩᠭᠠᠩ ᠬᠢᠴᠡᠲᠠᠢ ᠬᠤᠤᠰ ᠬᠡᠷᠡᠭᠯᠡᠭᠦᠷᠲᠦ ᠲᠠᠭᠤᠨ ᠰᠢᠩᠭᠡᠭᠦᠷ | ᠠᠪᠣᠭᠰᠠᠨ ᠨᠢ ᠬᠤᠪᠣᠷ ᠨᠠᠬᠳᠢᠨ ᠡᠳ᠋ ᠪᠣᠯᠵᠤ᠂ ᠬᠤᠯᠠ ᠶᠢᠨ ᠭᠡᠶᠢᠴᠢᠳ ᠤᠨ ᠪᠠᠭ᠋ᠠᠷᠬᠠᠯ ᠣᠢᠢᠷ᠎ᠠ ᠰᠠᠳᠦᠨ ᠤ | ᠰᠣᠨᠢᠷᠬᠠᠯ ᠶᠢ ᠳᠠᠲᠠᠭᠰᠠᠨ ᠰᠠᠶᠢᠬᠠᠨ ᠲᠣᠭᠯᠠᠭᠠᠮ ᠪᠣᠯᠣᠭᠰᠠᠨ ᠪᠠᠶᠢᠯ᠎ᠠ᠃ | ᠲᠡᠭᠡᠳᠦ ᠶᠢᠨ ᠰᠦᠯᠳᠡ ᠢᠪᠡᠭᠡᠳᠡᠭ ᠤᠨ ᠡᠷᠬᠡ ᠪᠠᠷ | ᠲᠡᠯᠭᠡᠷ ᠡᠨᠡ ᠭᠤᠯᠤᠮᠳᠠ ᠪᠠᠨ ᠬᠠᠶᠢᠷᠠᠯᠠᠵᠦ ᠶᠠᠪᠤᠳᠠᠭ | ᠠᠭᠤᠤ ᠠᠳᠠᠯ᠎ᠠ ᠦᠴᠦᠭᠡᠨ ᠮᠢᠨᠤ ᠭᠤᠯᠤᠮᠳᠠ | ᠠᠰᠢᠳᠠ ᠴᠡᠴᠡᠭᠯᠡᠬᠦ ᠮᠦᠩᠭᠡ ᠶᠢᠨ ᠭᠤᠯᠤᠮᠳᠠ᠃ | — ︽ᠭᠤᠯᠤᠮᠳᠠ ᠪᠠᠨ ᠭᠡᠵᠦ︾ ᠭᠡᠬᠦ ᠰᠢᠯᠦᠭ ᠠᠴᠠ | ᠲᠦᠷᠪᠡ᠂ ᠪᠠᠷᠢᠭᠠᠳᠠ ᠶᠢᠨ ᠠᠵᠢᠯ ᠬᠢᠭᠰᠡᠨ ᠨᠢ | ᠪᠡᠶ᠎ᠠ ᠶᠢ ᠮᠢᠨᠢ ᠲᠥᠷᠥᠭᠦᠯᠦᠭᠰᠡᠨ ᠠᠪᠤ ᠡᠵᠢ ᠡᠨᠡᠷᠢᠯᠲᠠᠢ | ᠪᠢᠯᠢᠭ ᠢ ᠮᠢᠨᠢ ᠬᠥᠮᠥᠵᠢᠬᠦᠯᠦᠭᠰᠡᠨ ᠠᠭᠤᠤ ᠨᠠᠮ ᠭᠡᠷᠡᠯᠲᠠᠢ | ᠠᠮᠢᠳᠣᠷᠠᠯ ᠢ ᠮᠢᠨᠢ ᠬᠠᠶᠢᠷᠠᠯᠠᠭᠰᠠᠨ ᠡᠬᠡ ᠣᠷᠣᠨ ᠥᠷᠨᠢᠯᠲᠠᠢ | ᠠᠯᠢᠪᠠ ᠪᠠᠨ ᠪᠢ ᠲᠡᠳᠡᠨ ᠳᠤ ᠵᠣᠷᠢᠭᠤᠯᠣᠨ᠎ᠠ | — ︽ᠰᠡᠳᠭᠢᠯ ᠳᠤ ᠠᠮᠢᠯᠠᠭᠰᠠᠨ ᠨᠠᠷᠠ︾ ᠭᠡᠬᠦ ᠨᠠᠶᠢᠷᠠᠭ ᠠᠴᠠ | ᠴᠠᠭᠠᠨ ᠪᠡᠴᠢ ᠵᠢᠯ ᠤᠨ ᠡᠪᠦᠯ ᠶᠡᠬᠡᠯ᠎ᠠ ᠵᠣᠤᠳᠠᠷᠠᠬᠤ ᠪᠣᠯᠬᠤᠷ ᠡᠷᠳᠡᠮᠳᠡᠭᠦᠰ ᠤᠨ ᠬᠢᠨ ᠡᠬᠡᠪᠣᠯᠠᠭ ᠮᠠᠯᠵᠢᠯ ᠤᠨ | ᠲᠠᠯᠠᠪᠠᠢ ᠶᠢᠨ ᠰᠠᠶᠢᠨ ᠣᠰᠣ ᠭᠡᠬᠦ ᠭᠠᠵᠠᠷ ᠡᠪᠦᠯᠵᠢᠭᠡᠳ ᠴᠠᠭᠠᠭᠴᠢᠨ ᠳᠠᠬᠢᠶ᠎ᠠ ᠵᠢᠯ ᠤᠨ ᠴᠠᠭᠠᠨ ᠰᠠᠷ᠎ᠠ ᠭᠠᠷᠭᠠᠭᠠᠳ | ᠰᠢᠨ᠎ᠡ ᠶᠢᠨ ᠳᠥᠷᠪᠡᠨ ᠳᠤ ᠨᠣᠲᠤᠭ ᠲᠠᠭᠠᠨ ᠪᠣᠴᠠᠨ ᠨᠡᠭᠦᠵᠤ᠂ ᠰᠢᠨ᠎ᠠ ᠰᠦᠮ᠎ᠠ ᠶᠢᠨ ᠪᠠᠷᠠᠭᠤᠨ ᠡᠮᠥᠨ᠎ᠠ ᠪᠠᠭᠤᠵᠠᠢ᠂ | ᠴᠠᠰᠤ ᠬᠠᠭᠵᠢᠷᠠᠨ ᠦᠶ᠎ᠡ ᠦᠶ᠎ᠡ ᠡᠪᠡᠰᠦ ᠰᠢᠷᠠᠯᠠᠨ ᠬᠡᠶᠢᠰᠴᠦ ᠪᠠᠶᠢᠪᠠ᠃ | ᠵᠢᠯ ᠰᠠᠷ᠎ᠠ ᠶᠢᠨ ᠰᠢᠨ᠎ᠡ ᠶᠢᠨ ᠨᠢᠭᠡᠨ ᠤ ᠦᠷᠯᠦᠭᠡ ᠨᠠᠷᠠᠨ ᠤ ᠡᠷᠳᠡ ᠳᠤ᠂ ᠡᠷᠳᠡᠮᠳᠡᠭᠦᠰ ᠭᠤᠸᠠᠢ ᠬᠤᠷᠳᠤᠨ | ᠤᠯᠠᠭᠠᠨ ᠮᠤᠷᠢ ᠪᠠᠨ ᠤᠨᠤᠵᠦ᠂ ᠠᠬ᠎ᠠ ᠶᠢᠨ ᠳᠠᠭᠠᠨ ᠬᠦᠷᠴᠦ᠂ ᠪᠤᠭᠤᠷᠤᠯ ᠡᠵᠢ ᠳᠡᠭᠡᠨ ᠡᠩᠬᠡ ᠮᠡᠨᠳᠦ ᠶᠢᠨ | ᠵᠤᠯᠭᠠᠯᠳᠠ ᠬᠢᠬᠦᠶ᠎ᠡ ᠡᠬᠡ ᠬᠦᠮᠦᠨ ᠤ ᠬᠠᠯᠠᠭᠤᠨ ᠬᠠᠶᠢᠷ᠎ᠠ ᠪᠠᠷ ᠦᠨᠦᠰᠦᠨ ᠢᠷᠡᠭᠡᠳᠦᠢ ᠶᠢᠨ ᠰᠠᠶᠢᠨ ᠤ ᠢᠷᠦᠭᠡᠯ ᠢ | ᠲᠠᠯᠪᠢᠭᠤᠯᠵᠦ ᠪᠢᠯᠡ᠃ ᠲᠡᠭᠦᠨ ᠤ ᠡᠵᠢ ᠪᠤᠯ ᠴᠠᠭ ᠦᠶ᠎ᠡ ᠶᠢᠨ ᠶᠠᠮᠠᠷ ᠴᠤ ᠲᠠᠭᠤᠤ ᠶᠢ ᠮᠡᠳᠡᠬᠦ ᠪᠦᠭᠡᠳ ᠠᠷᠠᠳ ᠤᠨ | ᠤᠷᠳᠤ ᠶᠢᠨ ᠲᠠᠭᠤᠤ ᠶᠢ ᠴᠤ ᠬᠠᠩᠭᠢᠨᠠᠳᠠᠯ᠎ᠠ ᠲᠠᠭᠤᠯᠠᠳᠠᠭ ᠬᠦᠮᠦᠨ ᠪᠠᠶᠢᠵᠠᠢ᠃ ᠴᠠᠭᠠᠨ ᠰᠠᠷ᠎ᠠ ᠶᠢᠨ ᠰᠢᠨᠡᠳ ᠤᠨ | ᠨᠢᠭᠡᠨ ᠤᠷᠤᠢ᠂ ᠡᠵᠢ ᠨᠢ ᠡᠳᠡᠨᠡᠢ ᠳᠤ ᠢᠷᠡᠵᠦ ᠬᠤᠨᠤᠭᠯᠠᠭᠰᠠᠨ ᠪᠠᠶᠢᠪᠠ᠃ ᠬᠤᠭᠤᠯᠠᠨ ᠤ ᠲᠠᠷᠠᠭ᠎ᠠ ᠨᠡᠯᠢᠶᠡᠳ | ᠰᠡᠯᠡᠭᠦᠤ ᠪᠤᠯᠬᠤᠷ ᠮᠤᠷᠢᠨ ᠬᠤᠭᠤᠷ ᠬᠦᠭᠵᠢᠮᠳᠡᠭᠰᠡᠨ ᠢᠶᠠᠨ ᠲᠡᠷᠡ ᠳᠤ᠄ ︽ᠡᠵᠢ ᠲᠠ ︿ᠰᠢᠵᠢᠷ ᠪᠤᠭᠳᠠ ᠶᠢᠨ ᠰᠢᠯᠢ | ﹀ ᠪᠠᠨ ᠨᠢᠭᠡ ᠭᠠᠷᠭᠠᠴᠢ ᠳ᠋ᠠ︕︾ ᠭᠡᠰᠡᠨ ᠳᠤ ᠡᠵᠢ ᠨᠢ ᠮᠦᠰᠢᠶᠡᠩᠭᠦᠢ ᠴᠢᠷᠠᠢ ᠪᠠᠷ᠄ ︽ᠤᠳᠤ ᠶᠠᠭᠤᠨ ᠤ ᠬᠢᠨᠢ | ᠬᠤᠭᠤᠯᠠᠢ ᠭᠠᠷᠬᠤ ᠪᠤᠢ ᠶᠤᠮ ᠳ᠋ᠠ︕︾ ᠭᠡᠭᠦᠯᠡᠷ᠄ ︽ᠲᠠ ᠲᠤᠭᠤᠤᠷ ᠰᠢᠭ᠋ ᠡᠬᠢᠯᠡᠪᠡᠯ ᠲᠠᠭᠤᠯᠠᠴᠢᠯᠭᠦᠢ ᠳ᠋ᠠ︾ | ᠭᠡᠵᠦ ᠦᠷᠨᠢᠭᠦᠯᠵᠠᠢ᠃ ᠨᠠᠰᠤᠳᠠᠨ ᠭᠤᠸᠠᠢ ᠮᠦᠩᠭᠦᠨ ᠪᠤᠭᠤᠷᠤᠯ ᠦᠰᠦ ᠪᠠᠨ ᠢᠯᠪᠢᠭᠰᠡᠭᠡᠷ ᠮᠤᠷᠢᠨ | ᠬᠤᠭᠤᠷ ᠢᠶᠠᠷ ᠢᠶᠠᠨ ᠬᠠᠪᠰᠤᠷᠴᠢᠬᠠ ᠭᠡᠰᠡᠨ ᠰᠢᠭ ᠡᠷᠳᠡᠮᠳᠡᠭᠦᠰ ᠵᠦᠭ ᠬᠠᠷᠠᠭᠠᠳ᠄ ︽ᠰᠢᠵᠢᠷ ᠪᠤᠭᠳᠠ ᠶᠢᠨ | ᠰᠢᠯᠢ ᠳᠤ ᠰᠢᠵᠢᠷᠬᠡᠨ ᠭᠤᠷᠭᠤᠤᠯᠳᠠᠢ ᠨᠢ ᠲᠤᠩᠭᠤᠳᠤᠨ᠎ᠠ ᠁︾ ᠭᠡᠵᠦ ᠡᠪᠯᠡᠭᠦᠬᠡᠨ ᠡᠷᠭᠦᠵᠦ ᠬᠠᠩᠭᠢᠨᠠᠳᠠᠯ᠎ᠠ | ᠲᠠᠭᠤᠯᠠᠵᠦ ᠰᠢᠤ᠃ ᠲᠡᠷᠡ ᠰᠢᠩᠭᠡᠭᠡᠯᠳᠡ ᠶᠢᠨ ᠮᠠᠰᠢᠨ ᠢᠶᠠᠨ ᠨᠡᠭᠡᠭᠡᠭᠰᠡᠨ ᠢᠶᠠᠨ ᠬᠤᠭᠤᠷ ᠢᠶᠠᠷ ᠬᠠᠪᠰᠤᠷᠴᠠᠢ᠃ | ᠠᠭᠤᠳᠠᠮ ᠴᠡᠯᠭᠡᠷ ᠲᠠᠯ᠎ᠠ ᠳᠠᠭᠠᠨ ᠴᠡᠴᠡᠭ ᠤᠨ ᠲᠠᠪᠠᠯᠭᠠᠨ ᠬᠠᠯᠢᠭᠤᠷᠠᠬᠤᠶᠠ ᠤᠷᠳᠤ ᠶᠢᠨ ᠲᠠᠭᠤᠤ ᠶᠢᠨ ᠢᠷᠠᠭᠤ | ᠡᠭᠡᠰᠢᠭ ᠢᠶᠠᠷ ᠮᠤᠩᠭᠤᠯ ᠬᠦᠮᠦᠨ ᠤ ᠴᠤᠭ ᠵᠤᠷᠢᠭ ᠪᠠᠳᠠᠷᠠᠨ᠎ᠠ᠂ ᠲᠡᠷᠡ ᠡᠵᠢ ᠠᠴᠠ ᠪᠠᠨ ᠮᠠᠰᠢ ᠤᠯᠠᠨ ᠤᠷᠳᠤ ᠶᠢᠨ | ᠲᠠᠭᠤᠤ ᠰᠢᠩᠭᠡᠭᠡᠨ ᠠᠪᠴᠤ ᠰᠤᠷᠤᠭᠠᠳ ᠤᠷᠤᠭ ᠬᠤᠷᠢᠮ ᠲᠡᠭᠡᠷ᠎ᠡ ᠤᠷᠳᠤ ᠶᠢᠨ ᠲᠠᠭᠤᠤ ᠪᠠᠨ ᠡᠷᠭᠦᠵᠦ᠂ ᠬᠤᠭᠤᠯᠠᠢ | ᠬᠠᠩᠭᠢᠨᠠᠭᠤᠯᠤᠨ ᠶᠠᠪᠤᠬᠤ ᠪᠤᠯᠵᠠᠢ᠃ ᠲᠡᠷᠡ ᠵᠢᠯ ᠲᠡᠭᠦᠨ ᠤ ᠪᠦᠰᠡᠭᠦᠢ ᠬᠤᠷᠢᠨ ᠲᠠᠪᠤ ᠶᠢᠨ ᠰᠡᠭᠦᠳᠡᠷ ᠵᠡᠷᠭᠡᠴᠡᠭᠰᠡᠨ᠂ | ᠪᠠᠷᠰ ᠰᠠᠷ᠎ᠠ ᠶᠢᠨ ᠬᠤᠷᠢᠨ ᠵᠢᠷᠭᠤᠭᠠᠨ ᠳᠤ ᠪᠠᠰᠠ ᠨᠢᠭᠡᠨ ᠬᠦᠪᠡᠭᠦᠨ ᠲᠠᠢ ᠪᠣᠯᠵᠠᠢ᠂ ᠠᠴᠢᠯᠠᠯᠳᠤ ᠡᠮᠡᠭᠡ ᠨᠢ ᠠᠴᠢ | ᠬᠦᠤ ᠶᠢᠨ ᠢᠶᠠᠨ ᠤᠢ ᠤᠬᠠᠭᠠᠨ ᠰᠠᠶᠢᠳᠠᠢ ᠪᠣᠯᠠᠭ ᠶᠢᠨ ᠣᠰᠤᠨ ᠮᠡᠲᠦ ᠠᠷᠢᠭᠤᠨ ᠰᠡᠳᠭᠢᠯ ᠲᠠᠢ ᠡᠷᠳᠡᠮ ᠮᠡᠳᠡᠯᠭᠡ | ᠲᠠᠢ ᠪᠣᠯᠬᠤ ᠶᠢ ᠪᠡᠯᠭᠡᠳᠡᠨ ︽ᠰᠡᠷᠭᠦᠯᠡᠩᠪᠣᠯᠠᠭ︾ ᠭᠡᠳᠡᠭ ᠨᠡᠷ᠎ᠠ ᠬᠠᠶᠢᠷᠠᠯᠠᠵᠤ ᠪᠢᠯᠡ᠃ | ᠲᠡᠯᠭᠡᠷ ᠵᠣᠨ ᠤ ᠴᠡᠴᠡᠭᠳᠦ ᠬᠦᠳᠡᠭᠡ ᠢᠨᠵᠠᠭᠠᠨ ᠵᠦᠰᠦ ᠪᠠᠭᠤᠭᠰᠠᠨ ᠢᠶᠠᠷ ᠪᠡᠯᠴᠢᠭᠡᠷ ᠦᠳᠭᠡᠷᠡᠨ ᠬᠦᠭᠡᠷᠡᠵᠦ᠂ | ᠰᠢᠯᠢ ᠶᠢᠨ ᠪᠡᠯᠴᠢᠭᠡᠷ ᠳᠠᠬᠢ ᠦᠬᠡᠷ ᠤᠳ ᠮᠠᠨᠢᠳᠦ — ᠰᠢᠨᠠᠭᠠᠨ ᠭᠤᠤᠯ ᠵᠦᠭ ᠰᠦᠷᠦᠭ ᠰᠦᠷᠦᠭ ᠢᠶᠠᠷ | ᠴᠤᠪᠤᠬᠤ ᠬᠠᠷᠠᠭᠳᠠᠨ᠎ᠠ᠃ ᠡᠷᠳᠡᠮᠳᠡᠭᠦᠰ᠂ ᠨᠢᠭᠡᠲᠦᠯ ᠤᠨ ᠵᠢᠷᠭᠤᠲᠣᠭᠠᠷ ᠬᠤᠭᠤᠴᠠᠭᠠᠨ ᠤ ᠠᠷᠠᠳ ᠤᠨ | ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ ᠪᠠᠷ ᠰᠤᠩᠭᠤᠭᠳᠠᠨ ᠣᠷᠣᠯᠴᠠᠬᠤ ᠳᠤ ᠣᠤᠯ ᠤᠨ | ᠪᠠᠷᠢᠭᠠᠳᠠ ᠶᠢᠨ ᠳᠠᠷᠤᠭ᠎ᠠ ᠪᠠᠶᠢᠭᠰᠠᠨ ᠯᠠᠮᠵᠠᠪ ᠶᠢ ᠨᠢᠭᠡᠲᠦᠯ ᠤᠨ ᠳᠡᠳ᠋ ᠳᠠᠷᠤᠭ᠎ᠠ ᠪᠠᠷ ᠰᠣᠩᠭᠤᠨ ᠳᠡᠪᠰᠢᠭᠦᠯᠦᠭᠰᠡᠨ | ᠪᠠᠶᠢᠵᠠᠢ᠃ ᠡᠶᠢᠮᠦ ᠠᠴᠠ ᠲᠡᠷᠡ ᠪᠠᠷᠢᠭᠠᠳᠠ ᠶᠢᠨ ᠳᠠᠷᠤᠭ᠎ᠠ ᠪᠠᠷ ᠰᠣᠩᠭᠤᠭᠳᠠᠨ ᠠᠵᠢᠯᠯᠠᠬᠤ ᠪᠤᠯᠵᠦ ᠪᠢᠯᠡ᠂ ᠲᠣᠬᠠᠢ | ᠶᠢᠨ ᠦᠶ᠎ᠡ ᠲᠤᠰ ᠪᠠᠷᠢᠭᠠᠳᠠ ᠨᠢ ᠨᠣᠲᠤᠭ ᠠᠭᠤᠳᠠᠮ᠂ ᠬᠦᠮᠥᠨ ᠠᠮᠠ ᠣᠯᠠᠨ᠂ ᠮᠠᠯ ᠰᠦᠷᠦᠭ ᠵᠣᠵᠠᠭᠠᠨ ᠪᠠᠶᠢᠵᠤ᠂ | ᠪᠦᠬᠦ ᠨᠣᠲᠤᠭ ᠤᠨ ᠢᠶᠠᠨ ᠳᠣᠮᠳᠠ ᠠᠴᠠ ᠣᠷᠣᠭᠰᠢ ᠡᠮᠥᠨ᠎ᠡ ᠲᠠᠯ᠎ᠠ ᠪᠠᠷ ᠢᠶᠠᠨ ᠲᠥᠪᠯᠡᠷᠡᠨ᠂ ᠬᠤᠶᠢᠲᠦ ᠠᠭᠤᠯᠠᠨ | ᠡᠩᠭᠡᠷ ᠠᠴᠠ ᠴᠢᠨᠠᠭᠰᠢ ᠳᠡᠮᠡᠢ ᠭᠠᠷᠳᠠᠭ ᠦᠭᠡᠢ᠂ ᠵᠥᠪᠬᠡᠨ ᠨᠠᠮᠣᠷ ᠤᠨ ᠬᠠᠳᠣᠯᠠᠩ ᠬᠠᠳᠣᠵᠤ ᠣᠷᠣᠭᠤᠯᠳᠠᠭ ᠠᠴᠠ | ᠶᠡᠬᠡᠩᠬᠡᠢ ᠨᠣᠲᠤᠭ ᠢᠶᠠᠨ ᠠᠲᠠᠷᠰᠢᠭᠤᠯᠣᠨ ᠣᠷᠬᠢᠳᠠᠭ ᠪᠠᠶᠢᠵᠠᠢ᠃ ᠲᠡᠷᠡ ᠦᠶ᠎ᠡ ᠬᠠᠮᠲᠦ ᠠᠴᠠ ᠲᠣᠭᠤᠴᠠᠭ᠎ᠠ ᠬᠢᠵᠤ᠂ | ᠭᠡᠰᠢᠭᠦᠨ ᠲᠥᠮᠡᠨ ᠤ ᠣᠷᠣᠯᠭ᠎ᠠ ᠲᠠᠢ ᠬᠤᠯᠪᠣᠭᠳᠠᠬᠤ ᠰᠦᠷᠦᠭ ᠳᠣᠬᠢᠷᠠᠭᠤᠯᠬᠤ᠂ ᠨᠣᠲᠤᠭ ᠰᠠᠭᠤᠴᠠ ᠶᠢ ᠵᠣᠬᠢᠰᠲᠠᠢ | ᠠᠰᠢᠭᠯᠠᠨ ᠡᠵᠡᠮᠰᠢᠬᠦ᠂ ᠠᠷᠠᠳ ᠠᠴᠠ ᠡᠷᠬᠢᠯᠡᠭᠰᠡᠨ ᠪᠠᠭ᠎ᠠ ᠰᠣᠷᠭᠠᠭᠤᠯᠢ ᠲᠠᠢ ᠪᠣᠯᠬᠤᠷ ᠰᠣᠷᠬᠤ ᠨᠠᠰᠣᠨ ᠤ ᠭᠡᠤᠬᠡᠳ | ᠢ ᠰᠣᠷᠣᠯᠴᠠᠭᠤᠯᠬᠤ ᠪᠠ ᠰᠣᠷᠭᠠᠭᠤᠯᠢ ᠶᠢᠨ ᠬᠠᠮᠢᠶᠠᠷᠣᠯᠳᠠ᠂ ᠭᠡᠰᠢᠭᠦᠳ ᠤᠨ ᠠᠰᠢᠭ ᠣᠷᠣᠯᠭ᠎ᠠ ᠬᠤᠪᠢᠶᠠᠷᠢᠯᠠᠬᠤ᠂ | ᠪᠣᠰᠣᠳ ᠪᠠᠷᠢᠭᠠᠳᠠ ᠠᠴᠠ ᠲᠣᠬᠢᠷᠠᠭᠤᠯᠳᠠᠭ ᠦᠢᠯᠡᠳᠪᠦᠷᠢᠯᠡᠯ ᠤᠨ ᠴᠢᠨᠠᠷᠲᠠᠢ ᠠᠵᠢᠯᠯᠠᠭ᠎ᠠ ᠨᠤᠭᠤᠳ ᠵᠡᠷᠭᠡ ᠵᠣᠬᠢᠶᠠᠨ | ᠪᠠᠶᠢᠭᠤᠯᠬᠤ ᠠᠵᠢᠯ ᠲᠠᠢ ᠨᠣᠤᠷᠠᠯᠳᠣᠬᠤ ᠪᠣᠯᠪᠠ᠃ | ᠲᠣᠬᠠᠢ ᠶᠢᠨ ᠦᠶ᠎ᠡ ᠶᠢᠨ ᠨᠣᠲᠤᠭ ᠪᠡᠯᠴᠢᠭᠡᠷ ᠤᠨ ᠡᠵᠡᠮᠰᠢᠬᠦ ᠠᠷᠭ᠎ᠠ ᠭᠡᠪᠡᠯ ᠨᠣᠲᠤᠭ ᠤᠨ ᠲᠣᠮᠳᠠ | ᠭᠡᠰᠡᠭ ᠢᠶᠠᠷ ᠬᠠᠪᠣᠷᠵᠢᠶ᠎ᠠ ᠦᠯᠡᠳᠡᠭᠡᠵᠤ᠂ ᠭᠤᠤᠯ ᠵᠠᠳᠠᠭᠠᠢ ᠲᠠᠢ ᠭᠠᠵᠠᠷ ᠢᠶᠠᠷ ᠵᠣᠰᠠᠵᠤ᠂ ᠴᠥᠯᠡᠷᠡᠬᠦ ᠰᠢᠭ | ᠪᠡᠯᠴᠢᠭᠡᠷ ᠢᠶᠠᠷ ᠬᠦᠷᠴᠦ ᠡᠪᠦᠯᠵᠢᠳᠡᠭ ᠨᠡᠭᠦᠳᠡᠯ ᠮᠠᠯᠵᠢᠯ ᠪᠣᠯᠣᠨ᠎ᠠ᠃ ᠳ᠋ᠠᠵᠠᠢ ᠠᠴᠠ ᠰᠣᠷᠣᠯᠴᠠᠭᠰᠠᠨ ᠢᠶᠠᠷ ᠬᠡᠲᠦᠨ | ᠰᠠᠭᠤᠷᠢ ᠬᠡᠷᠡᠮ ᠬᠠᠰᠢᠶ᠎ᠠ᠂ ᠬᠠᠪᠣᠷᠵᠢᠶ᠎ᠠ ᠪᠠᠷ ᠬᠡᠲᠦᠨ ᠲᠠᠩᠰᠠ ᠰᠢᠪᠠᠷ ᠪᠠᠶᠢᠰᠢᠩ᠂ ᠨᠡᠯᠢᠶᠡᠳ ᠠᠮᠰᠠᠷ ᠬᠤᠳᠲᠤᠭ | ᠠᠴᠠ ᠣᠨᠳᠣᠤ ᠦᠨᠲᠦᠰᠦᠨ ᠪᠦᠲᠦᠭᠡᠨ ᠪᠠᠶᠢᠭᠤᠯᠣᠯᠳᠠ ᠶᠢᠨ ᠵᠥᠢᠯᠳᠡ ᠭᠡᠮᠡᠷ ᠶᠠᠭᠤᠮ᠎ᠠ ᠦᠭᠡᠢ ᠪᠠᠶᠢᠪᠠ᠃ ᠬᠠᠷᠢᠨ | ᠪᠠᠷᠢᠭᠠᠳᠠ ᠶᠢᠨ ᠲᠣᠳᠣᠭᠠᠲᠦ ᠡᠵᠡᠩᠨᠡᠯᠳᠡ ᠨᠡᠯᠢᠶᠡᠳ ᠰᠠᠶᠢᠨ ᠪᠠᠶᠢᠵᠤ᠂ ᠭᠤᠴᠢ ᠳᠥᠴᠢᠨ ᠲᠥᠮᠡᠨ ᠲᠥᠭᠦᠷᠢᠭ ᠤᠨ | ᠬᠤᠷᠠᠮᠳᠣᠯ ᠲᠠᠢ᠂ ᠮᠠᠰᠢᠨ ᠲᠠᠷᠺᠲ᠋ᠤᠷ ᠭᠤᠷᠪᠠᠨ ᠰᠠᠭᠤᠷᠢ᠂ ᠪᠠᠭ᠎ᠠ ᠬᠡᠯᠪᠡᠷᠢ ᠶᠢᠨ ᠡᠪᠡᠰᠦ ᠬᠠᠳᠣᠬᠤ ᠮᠠᠰᠢᠨ | ᠳᠥᠬᠦᠷᠦᠮᠵᠢ ᠲᠠᠢ᠂ ᠭᠤᠷᠪᠠᠨ ᠲᠥᠮᠡ ᠭᠠᠷᠣᠢ ᠲᠣᠯᠣᠭᠠᠢ ᠮᠠᠯ ᠰᠦᠷᠦᠭ ᠲᠠᠢ᠂ ᠳᠠᠪᠠᠭᠤᠯᠣᠭᠰᠠᠨ ᠭᠡᠰᠡᠭ ᠶᠢ | ᠭᠡᠰᠢᠭᠦᠳ ᠲᠤ ᠬᠤᠪᠢᠶᠠᠷᠢᠯᠡᠨ ᠱᠠᠩᠨᠠᠳᠠᠭ ᠪᠠᠶᠢᠭᠰᠠᠨ ᠢᠶᠠᠷ ᠢᠳᠡᠪᠬᠢᠵᠢᠯ ᠰᠠᠶᠢᠳᠠᠢ ᠨᠢᠭᠡᠨ ᠬᠠᠮᠲᠦ ᠶᠢᠨ ᠪᠣᠳᠠᠲᠦ | ᠴᠣᠭᠴᠠ ᠪᠠᠶᠢᠭᠰᠠᠨ ᠶᠣᠮ᠃ ᠭᠡᠰᠢᠭᠦᠨ ᠲᠥᠮᠡᠨ ᠤ ᠨᠠᠶᠢᠳᠠᠯᠭ᠎ᠠ ᠪᠠᠷ ᠬᠦᠯᠢᠶᠡᠭᠰᠡᠨ ᠡᠭᠦᠷᠭᠡ ᠲᠤᠰᠢᠶᠠᠯ ᠨᠢ ᠲᠡᠭᠦᠨ | ᠳᠤ ᠠᠪᠴᠦ ᠬᠡᠯᠡᠪᠡᠯ ᠪᠦᠬᠦ ᠲᠠᠯ᠎ᠠ ᠶᠢ ᠬᠠᠷᠠᠭᠠᠯᠵᠠᠨ᠂ ᠭᠡᠰᠢᠭᠦᠳ ᠤᠨ ᠣᠷᠣᠯᠭ᠎ᠠ ᠶᠢ ᠨᠡᠮᠡᠭᠳᠡᠭᠦᠯᠬᠦ᠂ ᠬᠠᠮᠲᠦ ᠶᠢᠨ | ᠬᠤᠷᠠᠮᠳᠤᠯ ᠶᠢ ᠦᠨᠡᠨᠬᠦ ᠮᠠᠯᠴᠢᠨ ᠲᠥᠮᠡᠨ ᠤ ᠠᠰᠢᠭ ᠳᠣᠰᠠ ᠬᠢᠭᠡᠳ ᠲᠠᠬᠢᠨ ᠦᠢᠯᠡᠳᠪᠦᠷᠢᠯᠡᠯ ᠳᠤ ᠬᠡᠷᠡᠭᠯᠡᠬᠦ ᠪᠣᠯ | ᠲᠡᠭᠦᠨ ᠤ ᠶᠡᠷᠦᠩᠬᠡᠢ ᠪᠣᠳᠣᠯᠬᠢᠯᠠᠯ ᠪᠠ ᠬᠢᠳᠡᠯ ᠪᠣᠯᠵᠤ ᠪᠠᠶᠢᠪᠠ᠃ ᠲᠠᠭᠠᠭᠠᠴᠢᠯᠠᠭᠰᠠᠨ ᠰᠦᠷᠦᠭ ᠢᠶᠠᠨ ᠬᠠᠷᠢᠭᠤᠯᠬᠤ | ᠪᠠ ᠪᠠᠷᠢᠭᠠᠳᠠ ᠶᠢᠨ ᠲᠠᠷᠤᠭ᠎ᠠ ᠶᠢᠨ ᠠᠵᠢᠯ ᠢ ᠬᠠᠷᠢᠭᠤᠴᠠᠬᠤ ᠨᠢ ᠡᠷᠳᠡᠮᠳᠡᠭᠦᠰ ᠲᠤ ᠬᠢᠭᠡᠳ ᠪᠠᠷᠠᠰᠢ ᠦᠭᠡᠢ ᠶᠠᠪᠤᠳᠠᠯ | ᠤᠯᠠᠳᠠᠵᠠᠢ᠃ | ᠬᠠᠷ᠎ᠠ ᠨᠤᠬᠠᠢ ᠵᠢᠯ᠂ ᠬᠤᠷ᠎ᠠ ᠪᠣᠷᠣᠭᠠᠨ ᠲᠡᠭᠰᠢ ᠮᠠᠯ ᠰᠦᠷᠦᠭ ᠥᠨᠢᠷ ᠥᠰᠥᠭᠰᠡᠨ ᠢᠶᠠᠷ ᠵᠣᠨ ᠨᠢ ᠰᠢᠯᠢ | ᠶᠢᠨ ᠭᠤᠤᠯ ᠠᠶᠢᠮᠠᠭ ᠶᠡᠭᠡ ᠨᠠᠶᠢᠷ ᠢᠶᠠᠨ ᠪᠤᠯᠠᠭᠠᠨ ᠠᠭᠤᠯᠠ ᠶᠢᠨ ᠵᠡᠭᠦᠨ ᠡᠮᠥᠨ᠎ᠠ ᠡᠩᠭᠡᠷ ᠲᠤ ᠬᠢᠭᠰᠡᠨ᠂ ᠠᠬᠠᠮᠠᠳ | ᠱᠦᠵᠢ ᠲᠠᠢ ᠪᠠᠨ ᠵᠥᠪᠳᠡᠯᠴᠡᠨ ᠮᠠᠯᠴᠢᠨ ᠲᠥᠮᠡᠨ ᠢᠶᠠᠨ ᠰᠠᠶᠢᠳᠣᠷ ᠨᠠᠶᠢᠷ ᠰᠣᠨᠢᠷᠬᠠᠭᠤᠯᠬᠤ ᠶᠢᠨ ᠲᠣᠰᠠᠳᠠ ᠭᠤᠷᠪᠠᠨ | ᠮᠣᠩᠭᠤᠯ ᠭᠡᠷ ᠪᠠᠷᠢᠬᠤ᠂ ︽ᠴᠢᠯᠣᠭᠡᠯᠡᠬᠦ ᠲᠡᠮᠳᠡᠭᠲᠦ︾ ᠠᠴᠢᠶᠠᠨ ᠤ ᠮᠠᠰᠢᠨ ᠢᠶᠠᠷ ᠨᠠᠶᠢᠷᠴᠢᠳ ᠢ ᠡᠭᠡᠯᠵᠢᠯᠡᠨ | ᠵᠥᠭᠡᠪᠦᠷᠢᠯᠡᠬᠦ ᠲᠣᠬᠠᠢ ᠨᠠᠷᠢᠨ ᠪᠠᠶᠢᠷᠢᠯᠠᠭᠤᠯᠣᠭᠰᠠᠨ ᠢᠶᠠᠷ ᠮᠠᠯᠴᠢᠳ ᠶᠡᠭᠡ ᠰᠡᠳᠭᠢᠯ ᠬᠠᠨᠣᠮᠵᠢᠲᠠᠢ ᠪᠠᠶᠢᠭᠰᠠᠨ ᠳ᠋ᠠᠭ᠂ | ᠡᠨᠡ ᠣᠳᠠᠭᠠᠨ ᠤ 1024 ᠪᠦᠬᠡ ᠲᠠᠢ ᠲᠣᠮᠥ ᠨᠠᠶᠢᠷ ᠲᠤ ᠲᠤᠰ ᠪᠠᠷᠢᠭᠠᠳᠠ ᠶᠢᠨ ᠮᠠᠯᠴᠢᠨ ᠮᠢᠩᠭᠠᠨ ᠤ ᠭᠧᠨᠳᠤᠨ | ᠳᠥᠲᠡᠭᠡᠷᠯᠡᠵᠤ᠂ ᠬᠦᠨᠲᠦ ᠱᠠᠩ ᠭᠦᠷᠲᠡᠭᠰᠡᠨ ᠶᠣᠮ᠂ ᠨᠠᠶᠢᠷ ᠤᠨ ᠲᠠᠷᠠᠭ᠎ᠠ᠂ ᠡᠷᠳᠡᠮᠳᠡᠭᠦᠰ ᠭᠤᠸᠠᠢ ᠦᠯᠡᠳᠡᠵᠤ᠂ ︽ | ᠵᠢᠷᠭᠠᠯ︾ ᠲᠡᠮᠳᠡᠭᠲᠦ 250 ᠣᠯᠠᠭᠠᠨ ᠥᠩᠭᠡᠳᠠᠢ ᠭᠠᠯᠳᠦ ᠪᠣᠯᠣ ᠠᠪᠣᠭᠰᠠᠨ ᠨᠢ ᠲᠠᠶᠠᠭᠠᠷ ᠤᠨ ᠰᠣᠨᠢᠷᠬᠠᠯ ᠶᠢ | ᠲᠠᠳᠠᠭᠰᠠᠨ ᠮᠠᠰᠢᠨ ᠲᠧᠭᠨᠢᠭ ᠣᠳᠣᠬᠢᠴᠢᠯᠠᠯ ᠤᠨ ᠪᠡᠯᠭᠡ ᠲᠡᠮᠳᠡᠭ ᠢᠶᠠᠷ ᠦᠵᠡᠭᠳᠡᠭᠰᠡᠨ ᠬᠤᠪᠢᠯᠭᠠᠨ ᠬᠥᠯᠦᠭ ᠪᠣᠯᠵᠠᠢ᠃ | ᠣᠰᠣᠯᠠᠵᠤ ᠡᠪᠡᠰᠦᠯᠡᠬᠦ ᠶᠠᠪᠣᠳᠠᠯ ᠦᠭᠡᠢ᠂ ᠣᠯᠠᠭ᠎ᠠ ᠶᠠᠪᠣᠯᠭᠠᠨ ᠳᠤ ᠬᠤᠷᠳᠦᠨ᠂ ᠡᠳ᠋ᠯᠡᠬᠦ ᠳᠤ ᠳᠥᠭᠦᠮ ᠦᠵᠡᠬᠦ | ᠳᠤ ᠰᠠᠶᠢᠬᠠᠨ ᠭᠡᠵᠤ ᠱᠠᠭᠰᠢᠭᠳᠠᠪᠠ᠃ | ᠲᠤᠯᠭ᠎ᠠ ᠶᠢᠨ ᠮᠦᠩᠭᠡ ᠭᠠᠯ ᠳᠠᠭᠠᠨ ᠮᠠᠨᠳᠤᠬᠤ ᠰᠤᠷ ᠤᠨ ᠲᠦᠯᠦ ᠲᠠᠢ | ᠲᠤᠭᠤᠭᠠᠳᠤ ᠰᠢᠨᠠᠭᠠᠨ ᠤ ᠤᠷᠤᠰᠬᠠᠯ ᠳᠠᠭᠠᠨ ᠠᠯᠳᠠᠷᠯᠠᠬᠤ ᠤᠶᠠᠩᠭ᠎ᠠ ᠶᠢᠨ ᠨᠤᠲ ᠲᠠᠢ | ᠲᠠᠯᠠᠢ ᠰᠢᠷᠡᠭᠡ ᠪᠠᠷ ᠦᠷᠦᠭᠳᠡᠭᠰᠡᠨ ᠪᠠᠶᠠᠨ ᠰᠦᠷᠦᠭ ᠤᠨ ᠪᠢᠯᠬᠠᠭ᠎ᠠ ᠲᠠᠢ | ᠲᠠᠶᠢᠴᠢᠨ ᠰᠦᠷᠯᠢᠭ ᠤᠪᠤᠭᠠᠨ ᠳᠠᠭᠠᠨ ᠡᠩᠭᠡ ᠠᠮᠤᠭᠤᠯᠠᠩ ᠤᠨ ᠴᠤᠤᠷᠠᠢ ᠲᠠᠢ | — ︽ᠪᠠᠳᠠᠷᠠᠬᠤ ᠨᠤᠲᠤᠭ ᠤᠨ ᠤᠶᠠᠩᠭ᠎ᠠ︾ ᠭᠡᠬᠦ ᠨᠠᠶᠢᠷᠠᠭ ᠠᠴᠠ ︵ | ᠦᠷᠭᠦᠯᠵᠢᠯᠡᠯ ᠪᠤᠢ︶ | |