ᠤᠷᠢᠶᠠᠩᠬᠠᠨ ᠤ᠂ ᠶᠤᠨᠳᠤᠨ | ᠬᠠᠯᠬ᠎ᠠ ᠶᠢᠨ ᠠᠭᠤᠳᠠᠮ ᠨᠤᠲᠤᠭ ᠬᠠᠯᠠᠮᠵᠢ ᠶᠢᠨ ᠤᠨᠳᠤᠷᠤᠯ ᠲᠠᠢ ᠴᠤᠭᠯᠠᠭᠠᠨ | — ᠬᠦᠩᠭᠠᠷᠠᠪᠳᠠᠨ ᠸᠠᠩᠳᠠᠨ ᠤ 85 ᠨᠠᠰᠤᠨ ᠤ | ᠪᠠᠶᠠᠷ ᠵᠢᠴᠢ ︿ᠬᠦᠳᠡᠯᠮᠦᠷᠢ ᠶᠢᠨ ᠤᠯᠠᠭᠠᠨ ᠲᠤᠭ ᠤᠳᠤᠨ﹀ ᠤ ᠮᠢᠯᠢᠶᠠᠯᠭ᠎ᠠ ᠳᠤ | ᠨᠢᠭᠡ | ᠰᠢᠷ᠎ᠠ ᠨᠤᠬᠠᠢ ᠵᠢᠯ ᠤᠨ ᠨᠠᠮᠤᠷ ᠤᠨ ᠲᠤᠮᠳᠠ ᠰᠠᠷ᠎ᠠ ᠶᠢᠨ ᠰᠢᠨ᠎ᠡ ᠶᠢᠨ ᠲᠦᠷᠪᠡᠨ ᠤ ᠨᠠᠮᠤᠬᠠᠨ ᠰᠠᠶᠢᠬᠠᠨ | ᠡᠳᠦᠷ ᠪᠠᠶᠢᠵᠦ ᠪᠢᠯᠡ᠃ ᠦᠷᠯᠦᠭᠡ ᠶᠢᠨ ᠲᠦᠷᠪᠡᠨ ᠴᠠᠭ ᠲᠤ᠂ ᠬᠠᠯᠬ᠎ᠠ ᠳᠤ ᠪᠦᠬᠦᠢ ︽ᠵᠢᠭᠠᠬᠠᠨ ᠸᠠᠩ︾ ᠤᠨ | ᠨᠠᠶᠠᠨ ᠲᠠᠪᠤᠨ ᠨᠠᠰᠤᠨ ᠤ ᠪᠠᠶᠠᠷ ᠵᠢᠴᠢ ᠮᠤᠩᠭᠤᠯ ᠤᠯᠤᠰ ᠤᠨ ᠬᠦᠳᠡᠯᠮᠦᠷᠢ ᠶᠢᠨ ᠤᠯᠠᠭᠠᠨ ᠤᠳᠤᠨ ᠱᠠᠩᠨᠠᠯ ᠤᠨ | ᠮᠢᠯᠢᠶᠠᠯᠭ᠎ᠠ ᠶᠢᠨ ᠨᠠᠭᠠᠳᠤᠮ ᠳᠤ ᠤᠷᠤᠯᠴᠠᠬᠤ ᠪᠦᠯᠬᠦᠮ ᠤᠯᠢᠶᠠᠰᠤᠳᠠᠢ ᠠᠴᠠ ᠮᠤᠷᠳᠠᠪᠠ᠃ ᠲᠦᠯᠦᠭᠡᠯᠡᠭᠴᠢᠳ ᠤᠨ | ᠪᠦᠯᠬᠦᠮ ᠨᠢ ᠮᠦᠩᠬᠡᠪᠠᠭᠠᠳᠤᠷ ᠢᠶᠠᠷ ᠪᠦᠯᠬᠦᠮ ᠤᠨ ᠲᠠᠷᠤᠭ᠎ᠠ ᠪᠤᠯᠭᠠᠭᠰᠠᠨ ᠤ ᠶᠤᠨᠳᠤᠨ᠂ ᠲᠡᠮᠴᠤᠭ᠂ ᠷᠢ᠊ ᠰᠡᠴᠡᠨᠳᠦ᠂ | ᠲᠡᠮᠦᠷᠪᠠᠭᠠᠳᠤᠷ᠂ ᠨᠠᠷᠠᠠᠴᠤᠭᠳᠤ᠂ ᠨᠠᠰᠤᠠᠮᠦ᠋ᠩᠬᠡ ᠵᠡᠷᠭᠡ ᠬᠤᠷᠢ ᠰᠢᠬᠠᠮ ᠬᠦᠮᠦᠰ ᠢᠶᠠᠷ ᠪᠦᠷᠢᠯᠳᠦᠪᠠ᠃ | ᠦᠭᠡ ᠡᠪ ᠲᠠᠭᠠᠷᠠᠭᠰᠠᠨ ᠪᠦᠯᠬᠦᠮ ᠤᠨ ᠬᠢᠨ ᠴᠠᠭ ᠲᠦᠷᠦ ᠶᠢᠨ ᠰᠠᠶᠢᠬᠠᠨ ᠵᠠᠮ ᠬᠠᠷᠭᠤᠢ ᠶᠢᠨ ᠲᠦᠬᠦᠮ | ᠪᠤᠯᠤᠭᠰᠠᠨ ᠢ ᠬᠡᠯᠡᠯᠴᠡᠭᠰᠡᠭᠡᠷ ᠬᠠᠷ᠎ᠠ ᠭᠤᠪᠢ ᠤᠷᠤᠬᠤ ᠳᠤ ᠦᠷ ᠤᠨ ᠬᠡᠬᠡ ᠤᠷᠤᠵᠦ ᠪᠠᠶᠢᠯ᠎ᠠ᠃ ᠮᠦᠩᠬᠡᠪᠠᠭᠠᠳᠤᠷ᠂ | ᠲᠡᠮᠴᠤᠭ ᠪᠤᠯ ᠡᠬᠡᠪᠤᠯᠠᠭ ᠰᠤᠮᠤ ᠪᠠᠷ ᠨᠤᠲᠤᠭ ᠲᠠᠢ᠂ ᠨᠤᠲᠤᠭ ᠤᠨ ᠪᠠᠷ᠎ᠠ ᠪᠠᠨ ᠬᠠᠷᠠᠭᠰᠠᠨ ᠲᠡᠮᠴᠤᠭ ᠭᠤᠸᠠᠢ | ᠰᠢᠪᠠᠷ ᠤᠨ ᠴᠠᠪᠴᠢᠷ ᠭᠡᠮᠡᠬᠦ ᠭᠠᠵᠠᠷ ᠤᠨ ᠬᠤᠶᠢᠭᠤᠷ ᠭᠠᠷᠬᠤ ᠳᠤ᠄ ︽ᠲᠡᠭᠡᠷ᠎ᠡ ᠵᠠᠭᠤᠨ ᠤ ᠲᠠᠪᠢᠭᠠᠳ ᠤᠨ ᠤ | ᠦᠶ᠎ᠡ ᠳᠤ᠂ ᠡᠷᠬᠢᠮ ᠠᠮᠪᠠ ᠶᠢᠨ ᠮᠠᠨᠠᠶᠢᠬᠢᠨ ᠲᠠᠢ ᠬᠡᠵᠢᠶᠡᠳᠡ ᠠᠶᠢᠯ ᠰᠠᠭᠠᠬᠠᠯᠳᠠ ᠶᠠᠪᠤᠳᠠᠭ ᠪᠠᠶᠢᠵᠠᠢ᠃ ᠨᠢᠭᠡᠨ | ᠤᠳᠠᠭ᠎ᠠ ᠡᠨᠡ ᠰᠢᠪᠠᠷ ᠤᠨ ᠴᠠᠪᠴᠢᠷ ᠤᠨ ᠬᠤᠶᠢᠳᠦ ᠬᠦᠪᠡᠭᠡᠨ ᠳᠤ ᠠᠶᠢᠮᠠᠭ ᠤᠨ ᠨᠢᠭᠡ ᠲᠠᠷᠤᠭ᠎ᠠ ᠪᠠᠭ᠎ᠠ ᠮᠠᠰᠢᠨ ᠲᠠᠢ | ᠪᠠᠨ ᠶᠠᠪᠤᠵᠦ ᠪᠠᠶᠢᠭᠠᠳ ᠰᠢᠪᠠᠷᠳᠠᠭᠠᠳ ᠭᠠᠷᠭᠠᠵᠦ ᠲᠡᠶᠢᠯᠬᠦ ᠦᠭᠡᠢ ᠠᠷᠭ᠎ᠠ ᠪᠠᠨ ᠪᠠᠷᠠᠵᠦ ᠪᠠᠶᠢᠵᠠᠢ᠃ ᠨᠠᠷᠠ ᠰᠢᠩᠭᠡᠬᠦ | ᠴᠤ ᠤᠶᠢᠷᠠᠳᠤᠨ᠎ᠡ᠃ ᠲᠡᠭᠡᠵᠦ ᠪᠠᠶᠢᠳᠠᠯ᠎ᠠ ᠵᠡᠭᠦᠨ ᠬᠤᠶᠢᠳᠦ ᠡᠩᠬᠡᠷ ᠢᠶᠠᠷ ᠨᠢᠭᠡᠨ ᠮᠤᠷᠢᠳᠠᠨ ᠶᠠᠪᠤᠬᠤ ᠬᠠᠷᠠᠭᠳᠠᠬᠤ ᠳᠤ | ᠡᠨᠡ ᠬᠡᠳᠦᠭᠦᠯᠡ ᠤᠯᠵᠦ ᠦᠵᠡᠭᠡᠳ ᠭᠠᠷ ᠲᠠᠯᠠᠯᠤᠨ ᠲᠠᠭᠤᠳᠠᠬᠤ ᠳᠤ ᠲᠡᠷᠡ ᠬᠦᠮᠦᠨ ᠤᠯᠵᠦ ᠦᠵᠡᠭᠰᠡᠨ ᠪᠤᠯᠤᠯᠳᠡᠢ | ᠲᠡᠳᠡᠨ ᠵᠦᠭ ᠬᠦᠷᠴᠦ ᠢᠷᠡᠵᠡᠢ᠃ ᠠᠶᠢᠮᠠᠭ ᠤᠨ ᠲᠠᠷᠤᠭ᠎ᠠ ᠨᠠᠷ ᠴᠦ ᠠᠮᠪᠠ ᠶᠢ ᠲᠠᠨᠢᠬᠤ ᠪᠤᠯᠬᠤᠷ ᠠᠮᠤᠷ | ᠠᠰᠠᠭᠤᠯᠴᠠᠨ ᠮᠠᠨᠳᠤ ᠮᠡᠳᠡᠯᠴᠡᠭᠰᠡᠨ ᠢᠶᠠᠨ ᠲᠠᠷᠤᠭ᠎ᠠ ᠭᠤᠸᠠᠢ᠄ ᠵᠠ᠂ ᠴᠢ ᠢᠷᠡᠭᠰᠡᠨ ᠨᠢ ᠰᠠᠶᠢᠨ ᠪᠤᠯᠤᠯ᠎ᠠ᠃ ᠪᠢᠳᠡ | ᠠᠳᠡ ᠰᠠᠭᠠᠳᠠᠭᠠᠳ ᠨᠢᠭᠡ ᠡᠳᠦᠷ ᠪᠤᠯᠴᠢᠬᠠᠯ᠎ᠠ᠂ ᠪᠢᠳᠡᠨ ᠢ ᠨᠢᠭᠡ ᠤᠨᠤᠭ᠎ᠠ ᠳᠤ ᠵᠠᠯᠭᠠᠭᠤᠯᠪᠡᠯ ᠶᠠᠮᠠᠷ ᠪᠤᠢ︖ ᠭᠡᠬᠦ | ᠳᠤ ᠡᠷᠬᠢᠮᠪᠠᠳᠤ ᠭᠤᠸᠠᠢ ᠰᠢᠪᠠᠷᠳᠠᠭᠰᠠᠨ ᠲᠡᠷᠭᠡ ᠶᠢ ᠨᠢᠭᠡ ᠲᠤᠭᠤᠷᠢᠵᠦ ᠦᠵᠡᠭᠡᠳ᠄ ᠲᠡᠷᠭᠡᠨ ᠤ ᠠᠷᠤ ᠶᠢᠨ ᠲᠡᠮᠦᠷ | ᠠᠴᠠ ᠪᠠᠷᠢᠭᠠᠳ ᠡᠷᠭᠦᠪᠡᠯ ᠭᠠᠷᠭᠠᠴᠢᠬᠠᠬᠤ ᠦᠭᠡᠢ ᠤᠤ︕ ᠭᠡᠰᠡᠨ ᠳᠤ ᠱᠤᠭ ᠶᠦᠮᠦᠷᠯᠢᠭ ᠦᠬᠡ ᠲᠠᠢ ᠡᠷᠢᠶᠡᠨ | ᠲᠡᠮᠳᠢᠨ ᠭᠡᠬᠦ ᠵᠢᠯᠤᠭᠤᠴᠢ᠄ ᠡᠷᠬᠢᠮᠪᠠᠳᠤ ᠡ᠂ ᠲᠠ ᠴᠢᠨᠢ ᠪᠦᠬᠡ ᠬᠦᠮᠦᠨ ᠭᠡᠬᠦ ᠠᠴᠠ ᠪᠢᠰᠢ᠂ ᠶᠠᠮᠠᠷ ᠲᠠᠭᠠᠨ | ᠠᠷᠰᠯᠠᠨ ᠵᠠᠭᠠᠨ ᠪᠤᠯᠵᠦ ᠤᠤ︖︾ ᠭᠡᠰᠡᠨ ᠳᠤ ᠡᠷᠬᠢᠮ ᠠᠮᠪᠠ᠄ ᠶᠠᠭᠤ ᠪᠤᠯᠤᠭᠰᠠᠨ ᠴᠤ ᠪᠢ ᠨᠢᠭᠡ ᠡᠷᠭᠦᠵᠦ | ᠦᠵᠡᠶ᠎ᠡ᠂ ᠲᠠᠨᠤᠰ ᠪᠤᠳᠠᠨ ᠤ ᠦᠨᠳᠦᠰᠦ᠂ ᠬᠠᠳᠠ ᠴᠢᠯᠠᠭᠤ ᠲᠡᠭᠦᠵᠦ ᠪᠤᠯᠤ ᠲᠤᠤᠷ᠎ᠠ ᠨᠢ ᠬᠢᠬᠦ ᠶᠢ ᠪᠤᠳᠤ ᠭᠡᠰᠡᠨ | ᠢᠶᠠᠨ ᠲᠡᠷᠭᠡᠨ ᠤ ᠠᠷᠤ ᠶᠢᠨ ᠲᠡᠮᠦᠷ ᠵᠢᠶᠠᠰᠠ ᠠᠴᠠ ᠲᠡᠷᠯᠢᠭ ᠤᠨ ᠲᠤᠷᠤᠭᠤ ᠪᠠᠨ ᠲᠠᠪᠬᠤᠷᠯᠠᠵᠦ ᠪᠠᠷᠢᠭᠠᠳ | ᠬᠢᠰᠭᠢᠴᠠ ᠪᠠᠨ ᠯᠠᠪᠳᠠᠭᠤᠨ ᠵᠤᠭᠰᠤᠭᠰᠠᠨ ᠢᠶᠠᠨ ᠭᠡᠨᠡᠳᠳᠡ ᠬᠦᠴᠦᠯᠠᠨ ᠡᠷᠭᠦᠭᠦ ᠳᠤ᠂ ᠰᠢᠪᠠᠷ ᠲᠤ ᠭᠦᠨ | ᠰᠢᠭᠢᠳᠦᠭᠰᠡᠨ ᠲᠡᠷᠭᠡᠨ ᠪᠤᠯᠤ ᠶᠢ ᠤᠰᠤ ᠰᠢᠪᠠᠷ ᠢ ᠨᠢ ᠭᠤᠷᠴᠢᠭᠢᠨᠡᠳᠡᠯᠡ ᠭᠤᠭᠤᠵᠢᠭᠤᠯᠵᠦ ᠰᠢᠪᠠᠷ ᠠᠴᠠ ᠰᠤᠭᠤᠯᠤᠨ | ᠭᠠᠷᠭᠠᠭᠰᠠᠨ ᠳᠤ ᠲᠡᠷᠡ ᠬᠡᠳᠦᠭᠦᠯᠡ ᠴᠤ ᠪᠤᠯᠤ ᠲᠤᠤᠷ᠎ᠠ ᠨᠢ ᠪᠤᠳᠠ ᠴᠢᠯᠠᠭᠤ ᠪᠠᠨ ᠬᠢᠵᠦ ᠠᠮᠵᠢᠵᠠᠢ᠃ ᠵᠢᠯᠤᠭᠤᠴᠢ | ᠭᠤᠸᠠᠢ ᠴᠤ ᠲᠡᠷᠭᠡ ᠪᠠᠨ ᠨᠤᠴᠤᠭᠠᠨ ᠤᠬᠤᠷᠢᠭᠤᠯᠤᠭᠰᠠᠨ ᠴᠢᠨᠢ ᠲᠡᠮᠡᠢ ᠬᠦᠴᠦ ᠤᠷᠤᠭᠰᠠᠨ ᠦᠭᠡᠢ ᠬᠤᠪᠬᠤ | ᠦᠰᠦᠷᠦᠨ ᠭᠠᠷᠤᠯ᠎ᠠ ᠭᠡᠳᠡᠭ᠃ ᠪᠠᠶᠠᠷᠯᠠᠭᠰᠠᠨ ᠲᠠᠷᠤᠭ᠎ᠠ ᠢᠶᠠᠷ᠄ ᠡᠷᠬᠢᠮᠪᠠᠳᠤ ᠲᠠ ᠶᠠᠮᠠᠷ ᠶᠡᠭᠡ ᠴᠢᠳᠠᠯ ᠲᠠᠢ ᠬᠦᠮᠦᠨ | ᠪᠤᠢ᠂ ᠬᠡᠷᠪᠡ ᠲᠠ ᠢᠷᠡᠭᠰᠡᠨ ᠦᠭᠡᠢ ᠪᠤᠯ ᠪᠢᠳᠡ ᠬᠡᠳᠦᠭᠦᠯᠡ ᠡᠨᠡ ᠰᠢᠪᠠᠷ ᠲᠠᠢ ᠵᠢᠭᠤᠷᠠᠭᠠᠳ ᠬᠡᠳᠦ ᠬᠤᠨᠤᠬᠤ ᠶᠤᠮ | ᠪᠤᠤ ᠮᠡᠳᠡ︕ ᠭᠡᠵᠦ ᠰᠡᠳᠭᠢᠯ ᠬᠦᠳᠡᠯᠤᠨ ᠬᠡᠯᠡᠵᠡᠢ᠃ ᠡᠷᠬᠢᠮ ᠠᠮᠪᠠ ᠴᠤ ᠲᠡᠳᠡᠨ ᠢ ᠲᠠᠭᠠᠭᠤᠯᠤᠨ ᠭᠡᠷ ᠲᠡᠭᠡᠨ | ᠠᠪᠠᠴᠢᠨ ᠵᠤᠴᠢᠯᠠᠯ᠎ᠠ ᠭᠡᠳᠡᠭ︾ ᠭᠡᠵᠦ ᠬᠠᠭᠤᠴᠢᠯᠠᠯ᠎ᠠ᠃ ᠪᠢᠳᠡᠨ ᠢ ᠪᠠᠶᠠᠨ ᠪᠤᠯᠠᠭ ᠤᠨ ᠵᠡᠭᠦᠨ ᠬᠤᠶᠢᠨ᠎ᠠ ᠬᠦᠷᠬᠦ ᠳᠤ | ᠤᠯᠠᠭᠠᠨ ᠨᠠᠷᠠᠨ ᠤ ᠲᠤᠶᠠᠭ᠎ᠠ ᠠᠭᠤᠯᠠ ᠶᠢᠨ ᠲᠤᠯᠤᠭᠠᠢ ᠶᠢ ᠲᠠᠭᠠᠯᠠᠵᠦ ᠪᠠᠶᠢᠪᠠ᠃ | ᠪᠢᠳᠡ ᠪᠡᠯᠭᠦᠳᠡᠢ ᠪᠠᠯᠭᠠᠰᠤᠨ ᠳᠤ ᠦᠷᠯᠦᠭᠡ ᠶᠢᠨ ᠴᠠᠢ ᠤᠤᠭᠤᠵᠦ ᠠᠮᠤᠰᠬᠢᠭᠡᠳ ᠲᠠᠬᠢᠨ ᠰᠦᠨᠢᠳ ᠵᠡᠬᠦᠨ | ᠬᠤᠰᠢᠭᠤ ᠶᠢ ᠲᠠᠮᠵᠢᠨ ᠬᠦᠬᠡᠷᠦᠨ ᠰᠢᠯᠡᠷᠡᠭᠰᠡᠨ ᠲᠠᠮᠤᠴᠢ ᠶᠢᠨ ᠠᠭᠤᠳᠠᠮ ᠲᠠᠯ᠎ᠠ ᠶᠢ ᠲᠤᠭᠤᠯᠤᠭᠰᠠᠭᠠᠷ 11 ᠴᠠᠭ | ᠲᠤ ᠡᠷᠢᠶᠠᠨ ᠬᠤᠳᠠ ᠳᠤ ᠢᠷᠡᠵᠡᠢ᠃ ᠤᠷᠤᠢ ᠲᠡᠭᠡᠷ᠎ᠡ ᠠᠴᠠ ᠤᠭᠳᠠᠷᠭᠤᠢ ᠶᠢᠨ ᠨᠠᠷᠠᠨ ᠲᠤᠯᠠᠶᠢᠵᠦ᠂ ᠨᠠᠮᠤᠷ ᠤᠨ | ᠰᠢᠷ᠎ᠠ ᠨᠠᠷᠠ ᠭᠡᠳᠡᠭ ᠨᠢ ᠪᠤᠯᠵᠦ᠂ ᠬᠦᠯᠦᠰᠦ ᠠᠰᠬᠠᠷᠠᠭᠤᠯᠤᠨ ᠪᠠᠶᠢᠯ᠎ᠠ᠃ ᠬᠢᠯᠢ ᠲᠠᠪᠠᠭ᠋ᠤ ᠫᠠᠰᠫᠤᠷᠲ ᠢᠶᠠᠨ | ᠠᠪᠤᠭᠰᠠᠨ ᠢᠶᠠᠨ ᠴᠠᠢ ᠴᠤ ᠤᠤᠭᠤᠵᠦ ᠠᠮᠵᠢᠯ ᠦᠭᠡᠢ ᠪᠠᠷ ᠵᠠᠮ ᠢᠶᠠᠨ ᠬᠤᠷᠤᠭᠠᠬᠤ ᠶᠢ ᠪᠤᠳᠤᠵᠦ᠂ ᠮᠤᠩᠭᠤᠯ | ᠤᠯᠤᠰ ᠤᠨ ᠠᠶᠠᠠᠴᠢᠨ ᠤ ᠮᠠᠰᠢᠨ ᠳᠤ ᠭᠠᠷᠬᠤ ᠳᠤ ᠮᠠᠰᠢ ᠴᠡᠪᠡᠷ ᠲᠤᠬᠢᠯᠢᠭ ᠬᠠᠨ ᠤᠯᠤᠰ ᠤᠨ ᠬᠢᠴᠡ ᠪᠦᠬᠦᠢ | ᠭᠤᠶᠤᠮᠰᠤᠭ ᠮᠠᠰᠢᠨ ᠪᠠᠶᠢᠪᠠ᠃ ᠤᠯᠠᠭᠠᠠᠪᠠᠭᠠᠳᠤᠷ ᠬᠤᠳᠠ ᠬᠦᠷᠳᠡᠯ᠎ᠡ 180 ᠶᠤᠸᠠᠨ ᠬᠤᠷᠢᠶᠠᠨ᠎ᠠ᠃ 1 ᠴᠠᠭ ᠶᠢᠨ | ᠦᠶ᠎ᠡ ᠳᠤ ᠲᠡᠷᠭᠡᠨ ᠳᠤ ᠭᠠᠷᠴᠤ ᠡᠷᠢᠶᠡᠨ ᠤ ᠬᠢᠯᠢ ᠶᠢᠨ ᠪᠤᠭᠤᠮᠳᠠ— ᠮᠤᠩᠭᠤᠯ ᠤᠨ ᠵᠠᠮ ᠤᠨ ᠦᠳᠡ ᠬᠢᠯᠢ ᠶᠢᠨ | ᠪᠤᠭᠤᠮᠳᠠ ᠢᠶᠠᠷ ᠭᠦᠢᠴᠡᠳᠭᠡᠯ ᠰᠢᠯᠭᠠᠯᠳᠠ ᠬᠢᠯᠭᠡᠭᠰᠡᠭᠡᠷ ᠭᠤᠷᠪᠠᠨ ᠴᠠᠭ ᠲᠤ ᠰᠠᠶ᠋ᠢ ᠵᠤᠷᠢᠭᠰᠠᠨ ᠵᠠᠮ ᠳᠠᠭᠠᠨ ᠤᠷᠤᠵᠠᠢ | ᠃ ᠬᠤᠶᠢᠰᠢ ᠪᠠᠭ᠎ᠠ ᠶᠠᠪᠤᠭᠠᠳ ︽ᠵᠠᠮ ᠤᠨ ᠦᠳᠡ︾ ᠭᠡᠬᠦ ᠲᠤᠮᠤ ᠬᠠᠭᠠᠯᠭ᠎ᠠ ᠶᠢᠨ ᠲᠡᠨᠳᠡ ᠲᠡᠷᠭᠡ ᠵᠤᠭᠰᠤᠨ᠎ᠠ᠂ | ᠲᠤᠰ ᠡᠭᠦᠳᠡ ᠶᠢᠨ ᠬᠤᠶᠠᠷ ᠲᠠᠯ᠎ᠠ ᠳᠤ ᠲᠡᠮᠡᠭᠡᠨ ᠤ ᠬᠡᠳᠦᠨ ᠱᠤᠭᠤᠮᠠᠯ ᠢ ᠪᠦᠳᠦᠭᠡᠵᠦ ᠲᠠᠯᠪᠢᠭᠰᠠᠨ ᠨᠢ ᠡᠷᠬᠡ | ᠦᠭᠡᠢ ᠲᠡᠤᠬᠡ ᠶᠢᠨ ᠡᠷᠭᠢᠴᠡᠭᠦᠯᠦᠯ ᠳᠤ ᠤᠷᠤᠭᠤᠯᠤᠭᠰᠠᠨ ᠪᠤᠯᠤᠯᠳᠠᠢ᠂ ᠲᠡᠮᠦᠷᠪᠠᠭᠠᠳᠤᠷ ᠭᠤᠸᠠᠢ ᠬᠡᠳᠦ | ᠠᠵᠢᠭᠯᠠᠭᠰᠠᠨ ᠢᠶᠠᠨ᠄ ︽ᠮᠠᠨ ᠤ ᠲᠡᠭᠡᠳᠦ ᠤᠳ ᠤᠨ ᠬᠡᠯᠡᠳᠡᠭ ᠭᠠᠯᠪᠠ ᠱᠠᠩᠬᠤ ᠶᠢᠨ ᠭᠤᠪᠢ ᠠᠴᠠ ᠭᠠᠭᠴᠠ | ᠪᠦᠬᠦᠳᠦ ᠲᠡᠮᠡᠭᠡ ᠲᠠᠢ ᠢᠷᠡᠯ᠎ᠡ ᠭᠡᠳᠡᠭ᠃ ᠲᠡᠷᠡ ᠤᠯᠠᠮᠵᠢᠯᠠᠯ ᠢ ᠮᠦᠷᠳᠡᠵᠦ ᠠᠳᠡ ᠱᠤᠭᠤᠭᠰᠠᠨ ᠪᠢᠰᠢ ᠪᠤᠢ ᠳ᠋ᠠ︕ | ︾ ᠭᠡᠵᠦ ᠶᠠᠷᠢᠨ᠎ᠠ᠃ ᠮᠦᠩᠬᠡᠪᠠᠭᠠᠳᠤᠷ ᠡᠯᠭᠦᠵᠦ᠄ ︽ᠡᠨᠡ ᠭᠤᠪᠢ ᠪᠠᠷᠤᠭ ᠭᠠᠯᠪᠠ ᠱᠠᠩᠬᠤ ᠶᠢᠨ ᠭᠤᠪᠢ ᠶᠢᠨ ᠨᠢᠭᠡ | ᠭᠡᠰᠡᠭ ᠪᠠᠶᠢᠵᠦ ᠴᠤ ᠮᠡᠳᠡᠨ᠎ᠡ ᠰᠢᠤ᠂ ᠬᠠᠰᠢᠯᠠ ᠲᠡᠮᠡᠭᠡ ᠶᠡᠬᠡᠳᠡᠢ ᠭᠠᠵᠠᠷ ᠶᠤᠮ ᠪᠠᠶᠢᠨ᠎ᠠ︾ ᠭᠡᠬᠦ ᠳᠤ ᠷᠢ᠊ ᠰᠡᠴᠡᠨᠳᠦ᠄ | ︽ᠭᠤᠪᠢ ᠨᠤᠲᠤᠭ ᠲᠡᠮᠡᠭᠡ ᠲᠠᠢ ᠰᠠᠶᠢᠬᠠᠨ᠂ ᠭᠤᠪᠢ ᠶᠢᠨ ᠤᠯᠠᠭᠠᠨ ᠲᠡᠮᠡᠭᠡ ᠭᠡᠵᠦ ᠮᠤᠩᠭᠤᠯ ᠤᠷᠤᠨ ᠳᠠᠭᠠᠨ | ᠨᠡᠷᠡᠳᠡᠢ᠂ ᠶᠡᠷᠦ ᠨᠢ ᠡᠯᠡᠰᠦ ᠮᠠᠩᠬᠠᠨ ᠳᠤ ᠬᠡᠷᠡᠭᠯᠡᠬᠦ ᠴᠢᠬᠤᠯᠠ ᠤᠨᠤᠯᠭ᠎ᠠ ᠪᠤᠯᠵᠦ ᠢᠷᠡᠭᠰᠡᠨ ᠤᠷᠳᠤ ᠤᠳᠠᠭᠠᠨ | ᠲᠡᠤᠬᠡ ᠲᠠᠢ︾ ᠭᠡᠵᠦ ᠶᠠᠷᠢᠯᠴᠠᠭᠰᠠᠭᠠᠷ ᠲᠡᠷᠭᠡᠨ ᠳᠡᠭᠡᠨ ᠭᠠᠷᠴᠤ ᠵᠠᠮ ᠢᠶᠠᠨ ᠬᠤᠷᠤᠭᠠᠨ᠎ᠠ᠃ | ᠡᠨᠡ ᠨᠠᠮᠤᠷ ᠭᠤᠪᠢ ᠲᠠᠯ᠎ᠠ ᠶᠢᠨ ᠪᠡᠯᠴᠢᠭᠡᠷ ᠲᠤ ᠶᠡᠭᠡ ᠬᠤᠷ᠎ᠠ ᠤᠰᠤ ᠪᠠᠭᠤᠭᠰᠠᠨ ᠢᠶᠠᠷ ᠬᠤᠩᠬᠤᠷ ᠭᠠᠵᠠᠷ | ᠪᠤᠯᠭᠠᠨ ᠨᠠᠭᠤᠷ ᠲᠤᠭᠳᠠᠨ ᠮᠡᠯᠳᠡᠶᠢᠵᠦ᠂ ᠤᠷᠢᠳᠦ ᠡᠮᠦᠨ᠎ᠡ ᠭᠠᠷᠤᠭ᠎ᠠ ᠦᠭᠡᠢ ᠡᠪᠡᠰᠦ ᠪᠡᠯᠴᠢᠭᠡᠷ ᠤᠷᠭᠤᠯ᠎ᠠ ᠭᠡᠯᠴᠡᠨ᠎ᠡ | ᠃ ᠡᠨᠡ ᠤᠳᠠᠭ᠎ᠠ ᠶᠢᠨ ᠶᠡᠭᠡ ᠦᠶᠡᠷ ᠲᠤ ᠲᠡᠮᠦᠷ ᠵᠠᠮ ᠲᠠᠰᠤᠷᠠᠵᠦ ᠬᠡᠳᠦᠨ ᠡᠳᠦᠷ ᠭᠠᠯ ᠲᠡᠷᠭᠡ ᠵᠤᠭᠰᠤᠯ᠎ᠠ ᠭᠡᠵᠦ | ᠴᠤ ᠲᠤᠭᠤᠯᠳᠠᠨ᠎ᠠ᠃ ᠨᠡᠯᠢᠶᠡᠳ ᠤᠳᠠᠭᠠᠨ ᠠᠶᠠᠯᠠᠭᠰᠠᠭᠠᠷ ᠰᠠᠶᠢᠨ ᠱᠠᠨᠳᠠ ᠬᠡᠮᠡᠬᠦ ᠭᠠᠵᠠᠷ ᠢᠷᠡᠵᠦ ᠲᠦᠷ | ᠪᠠᠭᠤᠳᠠᠯᠯᠠᠵᠠᠢ᠃ ᠲᠡᠨᠳᠡ ᠠᠴᠠ ᠤᠷᠤᠢ ᠶᠢᠨ ᠢᠳᠡᠬᠦ ᠬᠤᠭᠤᠯᠠ ᠪᠤᠤᠰᠠ ᠠᠪᠴᠤ ᠲᠠᠬᠢᠨ ᠲᠡᠷᠭᠡᠨ᠎ᠡ ᠭᠠᠷᠴᠤ | ᠬᠡᠳᠦᠭᠦᠯᠡ ᠬᠤᠪᠢᠶᠠᠯᠴᠠᠨ ᠵᠤᠭᠤᠭᠯᠠᠭᠰᠠᠭᠠᠷ ᠠᠶᠠᠨ ᠢᠶᠠᠨ ᠦᠷᠭᠦᠯᠵᠢᠯᠡᠭᠦᠯᠵᠡᠢ᠃ | 9 ᠰᠠᠷ᠎ᠠ ᠶᠢᠨ 14 ᠤ ᠡᠳᠦᠷ᠃ ᠪᠢᠳᠡ ᠰᠦᠨᠢ ᠲᠤᠮᠳᠠ ᠶᠢᠨ 1 ᠴᠠᠭ ᠦᠩᠭᠡᠷᠡᠭᠡᠭᠡᠳ ᠤᠯᠠᠭᠠᠠᠪᠠᠭᠠᠳᠤᠷ | ᠬᠤᠳᠠ ᠳᠤ ᠬᠦᠷᠴᠦ ᠲᠡᠷᠭᠡᠨ ᠠᠴᠠ ᠪᠠᠭᠤᠬᠤ ᠳᠤ᠂ ᠰᠦᠨᠢ ᠶᠢᠨ ᠤᠳᠤᠳ ᠭᠢᠯᠠᠯᠵᠠᠨ ᠰᠡᠷᠢᠭᠦᠨ ᠰᠠᠯᠬᠢ ᠦᠯᠢᠶᠡᠨ | ᠵᠢᠩᠭᠢᠨᠠᠮ᠎ᠠ ᠪᠠᠶᠢᠯ᠎ᠠ᠃ ᠬᠦᠩᠭᠠᠷᠠᠪᠳᠠᠨ ᠤ ᠬᠦᠷᠭᠡᠨ ᠭᠠᠩᠪᠠᠳᠤ ᠵᠠᠬᠢᠷᠤᠯ ᠪᠤᠯᠤᠨ ᠬᠡᠤᠬᠡᠨ ᠠᠳᠢᠶ᠎ᠠ ᠨᠠᠷ ᠪᠢᠳᠡᠨ ᠢ | ᠬᠠᠯᠠᠭᠤᠨ ᠢᠶᠠᠷ ᠤᠭᠳᠤᠨ ᠠᠪᠤᠭᠠᠳ ᠭᠤᠷᠪᠠᠳᠤᠭᠠᠷ ᠬᠤᠷᠢᠶᠠᠯᠠᠯ ᠤᠨ ᠪᠤᠷᠬᠠᠠᠳᠤ ᠪᠠᠭᠤᠳᠠᠯ ᠳᠤ ᠲᠤᠬᠢᠷᠠᠭᠤᠯᠤᠭᠰᠠᠨ | ᠪᠠᠶᠢᠭ᠎ᠠ ᠶᠤᠮ᠃ ᠭᠠᠩᠪᠠᠳᠤ᠄ ︽ᠲᠠᠨᠠᠷ ᠰᠠᠶᠢᠬᠠᠨ ᠠᠮᠤᠰᠬᠢ᠂ ᠮᠠᠷᠭᠠᠰᠢ ᠦᠳᠡ ᠠᠴᠠ ᠬᠤᠶᠢᠰᠢ ᠲᠤᠮᠳᠠᠭᠤᠪᠢ ᠳᠤ | ᠶᠠᠪᠤᠬᠤ ᠪᠠᠷ ᠪᠤᠯᠤᠶ᠎ᠠ᠂ ᠶᠠᠭᠠᠷᠠᠭᠰᠠᠨ ᠤ ᠬᠡᠷᠡᠭ ᠦᠭᠡᠢ᠂ ᠰᠠᠶᠢᠨ ᠠᠮᠠᠷᠠᠭᠠᠷᠠᠢ︕︾ ᠭᠡᠵᠦ ᠲᠤᠬᠤᠨᠢᠭᠤᠯᠤᠭᠠᠳ | ᠶᠠᠪᠤᠯ᠎ᠠ᠃ ᠬᠤᠷᠢᠨ ᠨᠢᠭᠡᠨ ᠴᠠᠭ ᠤᠨ ᠤᠷᠳᠤ ᠠᠶᠠᠨ ᠬᠦᠭᠡᠭᠡᠭᠰᠡᠨ ᠪᠢᠳᠡ ᠴᠤ ᠶᠡᠭᠡ ᠶᠠᠳᠠᠷᠠᠭᠰᠠᠨ ᠪᠤᠯᠬᠤᠷ ᠤᠷᠤᠨ | ᠲᠡᠭᠡᠷ᠎ᠡ ᠪᠠᠨ ᠭᠠᠷᠤᠮᠠᠭᠴᠠ ᠤᠨᠳᠠᠵᠦ ᠤᠷᠬᠢᠵᠠᠢ᠃ | ᠲᠦᠨᠵᠢᠠᠭᠠᠷᠪᠤ ᠪᠤᠭᠳᠠ ᠠᠭᠤᠯᠠ ᠰᠦᠭᠯᠡᠶᠢᠨ ᠲᠦᠩᠬᠡᠶᠢᠬᠦ ᠳᠤ ᠠᠷᠤ ᠬᠤᠷᠮᠤᠢ ᠪᠠᠷ ᠨᠢ ᠲᠤᠤᠯᠠ ᠭᠤᠤᠯ ᠤᠨ | ᠲᠤᠩᠭᠠᠯᠠᠭ ᠤᠷᠤᠰᠬᠠᠯ ᠪᠠᠷᠠᠭᠤᠨᠰᠢ ᠱᠤᠤᠬᠢᠨ ᠤᠷᠤᠰᠤᠨ᠎ᠠ᠃ ᠨᠠᠶᠢᠰᠯᠠᠯ ᠤᠯᠠᠭᠠᠠᠪᠠᠭᠠᠳᠤᠷ ᠬᠤᠳᠠ ᠨᠠᠷᠭᠢᠶᠠᠨᠳᠤ | ᠬᠦᠭᠵᠢᠯ ᠢᠶᠠᠨ ᠡᠭᠡᠰᠢᠭᠯᠡᠬᠦ ᠳᠤ ᠨᠠᠷᠠᠨ ᠤ ᠠᠯᠳᠠᠨ ᠭᠡᠷᠡᠯ ᠬᠦᠮᠦᠨ ᠵᠤᠨ ᠢᠶᠠᠨ ᠢᠪᠡᠭᠡᠨ᠎ᠡ᠃ ᠦᠳᠡ ᠶᠢᠨ ᠪᠠᠷᠤᠭ | ᠲᠤ᠂ ᠲᠤᠷᠤᠨᠠᠳᠤ ᠠᠶᠢᠮᠠᠭ ᠤᠨ ᠤᠯᠤᠰ ᠤᠨ ᠭᠠᠪᠢᠶᠠᠳᠤ ᠡ᠊ᠳ᠋ ᠤᠨ ᠵᠠᠰᠠᠭᠴᠢ᠂ ᠦᠵᠦᠮᠦᠴᠢᠨ ᠰᠤᠳᠤᠯᠤᠯ ᠢ | ᠲᠡᠮᠵᠢᠬᠦ ᠨᠡᠶᠢᠭᠡᠮᠯᠢᠭ ᠤᠨ ᠲᠡᠷᠢᠭᠦᠨ ᠲᠦᠪᠳᠠᠠᠨᠢᠮᠠ ᠭᠤᠸᠠᠢ ᠪᠢᠳᠡᠨ ᠢ ᠬᠦᠯᠢᠶᠠᠨ ᠠᠪᠴᠤ ᠵᠤᠴᠢᠯᠯᠠᠭᠠ ᠬᠢᠪᠡ᠂ | ᠲᠡᠷᠡ᠄ ᠮᠠᠨ ᠤ ᠨᠤᠶᠠᠠᠳᠠᠨ ᠤ 85 ᠨᠠᠰᠤᠨ ᠤ ᠪᠠᠶᠠᠷ ᠵᠢᠴᠢ ᠬᠦᠳᠡᠯᠮᠦᠷᠢ ᠶᠢᠨ ᠤᠯᠠᠭᠠᠨ ᠲᠤᠭ ᠤᠳᠤᠨ ᠤ | ᠮᠢᠯᠢᠶᠠᠯᠭ᠎ᠠ ᠶᠢᠨ ᠨᠠᠶᠢᠷ ᠨᠠᠭᠠᠳᠤᠮ ᠳᠤ᠂ ᠲᠠᠨᠠᠷ ᠲᠡᠷᠡ ᠬᠤᠯᠠ ᠠᠴᠠ ᠰᠡᠳᠭᠢᠯ ᠭᠠᠷᠭᠠᠵᠦ ᠬᠦᠷᠦᠯᠴᠠᠨ ᠢᠷᠡᠭᠰᠡᠨ | ᠳᠤ ᠪᠢ ᠲᠤᠩ ᠲᠠᠯᠠᠷᠬᠠᠵᠦ ᠪᠠᠶᠢᠨ᠎ᠠ ᠭᠡᠰᠡᠨ ᠪᠦᠭᠡᠳ ᠮᠦᠩᠬᠡᠪᠠᠭᠠᠳᠤᠷ᠂ ᠲᠡᠮᠴᠤᠭ ᠵᠡᠷᠭᠡ ᠲᠠᠷᠤᠭ᠎ᠠ ᠨᠠᠷ ᠪᠠ ᠤᠯᠠᠨ | ᠳᠤ ᠤᠭᠳᠤᠵᠦ ᠪᠠᠶᠢᠬᠤ ᠪᠠᠨ ᠢᠯᠡᠳᠭᠡᠵᠦ ᠭᠡᠮ ᠲᠡᠪᠰᠢᠭᠦᠯᠪᠡ᠃ ᠮᠤᠩᠭᠤᠯ ᠤᠯᠤᠰ ᠤᠨ ᠢᠷᠠᠨ ᠤᠯᠤᠰ ᠲᠤ | ᠰᠠᠭᠤᠭ᠎ᠠ ᠡᠯᠴᠢᠨ ᠳ᠋ᠠᠮᠪᠢᠨᠢᠮ᠎ᠠ᠂ ᠲᠤᠷᠤᠨᠠᠳᠤ ᠶᠢᠨ ᠰᠡᠷᠭᠦᠯᠡᠩ ᠰᠤᠮᠤᠨ ᠤ ᠢᠷᠭᠡᠳ ᠤᠨ ᠬᠤᠷᠠᠯ ᠤᠨ ᠲᠠᠷᠤᠭ᠎ᠠ | ᠴᠤᠭᠳᠤᠵᠠᠪ᠂ ᠤᠯᠤᠰ ᠤᠨ ︽ᠬᠤᠤᠰ ᠠᠪᠤᠷᠭᠤ ᠮᠠᠯᠴᠢᠨ︾ ᠤᠳᠠᠷᠰᠠᠳ ᠨᠠᠷ ᠲᠠᠢ ᠲᠠᠨᠢᠯᠴᠠᠨ ᠵᠤᠭᠤᠭ ᠲᠡᠯᠭᠡᠪᠡ᠃ | ᠳ᠋ᠠᠮᠪᠢᠨᠢᠮ᠎ᠠ᠄ ᠪᠢ ᠤᠷᠢᠳᠦ ᠭᠦᠷᠰᠢ ᠲᠠᠢ ᠤᠯᠠᠨ ᠶᠠᠪᠤᠯᠴᠠᠳᠠᠭ ᠦᠭᠡᠢ᠃ ᠮᠠᠨ ᠤ ᠲᠦᠪᠳᠡᠠᠨᠢᠮᠠ ᠭᠤᠸᠠᠢ ᠪᠤᠯ | ᠦᠵᠦᠮᠦᠴᠢᠨ ᠰᠤᠳᠤᠯᠤᠯ ᠢ ᠲᠡᠮᠵᠢᠬᠦ ᠨᠡᠶᠢᠭᠡᠮᠯᠢᠭ ᠤᠨ ᠲᠠᠷᠤᠭ᠎ᠠ ᠶᠢᠨ ᠲᠤᠰᠢᠶᠠᠯ ᠢ ᠤᠯᠠᠨ ᠵᠢᠯ ᠬᠠᠷᠢᠭᠤᠴᠠᠵᠦ | ᠢᠷᠡᠭᠰᠡᠨ᠂ ᠵᠠᠷᠢᠮ ᠨᠢ ᠨᠢᠭᠡ ᠨᠠᠰᠤ ᠪᠠᠷ ᠨᠢ ᠬᠠᠷᠢᠭᠤᠴᠠᠭᠤᠯᠬᠤ ᠭᠡᠳ ᠪᠠᠶᠢᠳᠠᠭ᠃ ᠮᠦᠨᠴᠦ ᠲᠤᠷᠤᠨᠠᠳᠤ ᠠᠶᠢᠮᠠᠭ | ᠤᠨ ᠰᠠᠩ ᠤᠨ ᠶᠠᠮᠤᠨ ᠤ ᠲᠠᠷᠤᠭ᠎ᠠ ᠪᠠᠷ ᠨᠢᠭᠡ ᠨᠠᠰᠤ ᠪᠠᠷ ᠢᠶᠠᠨ ᠠᠵᠢᠯᠯᠠᠭᠰᠠᠨ ᠤᠯᠤᠰ ᠤᠨ ᠭᠠᠪᠢᠶᠠᠳᠤ ᠡᠳ᠋ ᠤᠨ | ᠵᠠᠰᠠᠭᠴᠢ ᠶᠤᠮ᠂ ᠤᠯᠤᠰ ᠤᠨ ᠬᠡᠮᠵᠢᠶᠡᠨ ᠤ ᠭᠠᠪᠢᠶᠠᠳᠤ ᠪᠤᠯᠤᠨ᠎ᠠ ᠭᠡᠳᠡᠭ ᠪᠤᠯ ᠪᠢᠳᠡᠨ ᠪᠦᠬᠦᠨ ᠤ ᠪᠠᠭ᠋ᠠᠷᠬᠠᠯ᠂ | ᠦᠵᠦᠮᠦᠴᠢᠨ ᠲᠦᠮᠡᠨ ᠤ ᠮᠠᠨᠢ ᠤᠮᠤᠭᠰᠢᠯ ᠶᠤᠮ᠃ ᠲᠦᠪᠳᠡᠠᠨᠢᠮᠠ ᠭᠤᠸᠠᠢ ᠪᠤᠯ ᠰᠠᠳᠤᠨ ᠲᠦᠷᠦᠯ ᠤᠨ ᠬᠤᠪᠢ | ᠳᠤ ᠴᠤ ᠲᠡᠷᠡ᠂ ᠠᠯᠪᠠᠨ ᠶᠠᠪᠤᠳᠠᠯ ᠤᠨ ᠤᠴᠢᠷ ᠲᠤ ᠲᠡᠷᠡ ᠤᠷᠢᠳᠦ ᠬᠦᠷᠰᠢ ᠲᠠᠢ ᠪᠠᠨ ᠤᠯᠠᠨ ᠶᠠᠪᠤᠯᠴᠠᠳᠠᠭ ᠡᠶᠢᠮᠦ | ᠬᠦᠮᠦᠨ᠂ ᠡᠨᠡ ᠮᠠᠨᠢ ᠶᠠᠪᠤᠵᠦ ᠢᠷᠡᠭᠰᠡᠨ ᠢᠶᠠᠨ ᠨᠠᠳᠠ ᠳᠤ ᠦᠷᠭᠦᠯᠵᠢ ᠶᠠᠷᠢᠳᠠᠭ᠃ ᠬᠤᠪᠢ ᠶᠢᠨ ᠶᠠᠪᠤᠳᠠᠯ ᠪᠤᠶᠤ | ᠠᠯᠪᠠᠨ ᠶᠠᠪᠤᠳᠠᠯ ᠢᠶᠠᠷ ᠬᠦᠷᠬᠦ ᠳᠤ ᠯᠡ ᠰᠠᠶᠢᠬᠠᠨ ᠬᠦᠯᠢᠶᠡᠵᠦ ᠠᠪᠳᠠᠭ ᠶᠤᠮ ᠪᠠᠶᠢᠨ᠎ᠠ᠃ ᠪᠢ ᠰᠤᠨᠤᠰᠤᠭᠠᠳ ᠲᠤᠩ | ᠶᠡᠭᠡ ᠪᠠᠶᠠᠷᠳᠠᠢ ᠪᠠᠶᠢᠨ᠎ᠠ ᠬᠡᠮᠡᠨ ᠬᠤᠨᠳᠠᠭ᠎ᠠ ᠡᠷᠭᠦᠵᠦ ᠲᠠᠯᠠᠷᠬᠠᠯ ᠢᠯᠡᠷᠬᠡᠶᠢᠯᠡᠨ᠎ᠡ᠃ ᠲᠠᠶᠢᠯᠠᠯᠭ᠎ᠠ ᠳᠤ ᠮᠦᠩᠬᠡᠪᠠᠭᠠᠳᠤᠷ | ᠲᠠᠷᠤᠭ᠎ᠠ ᠪᠤᠯᠤᠨ ᠲᠡᠮᠴᠤᠭ᠂ ᠤ ᠶᠤᠨᠳᠤᠨ᠂ ᠨᠠᠷᠠᠠᠴᠤᠭᠳᠤ᠂ ᠷᠢ᠊ ᠰᠡᠴᠡᠨᠳᠦ᠂ ᠠ᠊ ᠲᠠᠮᠦᠷᠪᠠᠭᠠᠳᠤᠷ ᠨᠠᠷ ᠤᠷᠤᠯᠴᠠᠵᠦ | ᠂ ᠶᠠᠷᠢᠶ᠎ᠠ ᠬᠦᠷᠦᠭᠡ ᠪᠤᠯᠵᠦ ᠪᠢᠯᠠ᠃ | ᠦᠳᠡ ᠠᠴᠠ ᠬᠤᠶᠢᠰᠢ ᠭᠠᠩᠪᠠᠳᠤ ᠵᠠᠬᠢᠷᠤᠯ ᠤᠨ ᠲᠤᠬᠢᠷᠠᠭᠤᠯᠤᠭᠰᠠᠨ ᠠᠷᠪᠠ ᠭᠠᠷᠤᠢ ᠲᠡᠷᠭᠡ ᠵᠤᠴᠢᠳ ᠢᠶᠠᠨ | ᠲᠤᠰᠴᠤ᠂ ᠨᠠᠭᠠᠳᠤᠮ ᠳᠤ ᠬᠡᠷᠡᠭᠰᠡᠬᠦ ᠶᠠᠭᠤᠮᠠᠰ ᠢᠶᠠᠨ ᠲᠡᠭᠡᠭᠡᠵᠦ ᠤᠯᠠᠭᠠᠠᠪᠠᠭᠠᠳᠤᠷ ᠠᠴᠠ ᠮᠤᠷᠳᠡᠵᠦ᠂ 300 | ᠺᠢᠯᠤᠮᠧᠲᠷ ᠤᠨ ᠠᠯᠤᠰ ᠲᠤ ᠪᠠᠶᠢᠭ᠎ᠠ ᠲᠤᠮᠳᠠᠭᠤᠪᠢ ᠠᠶᠢᠮᠠᠭ ᠢ ᠵᠤᠷᠢᠯ᠎ᠠ᠃ | ᠨᠠᠮᠤᠷ ᠤᠨ ᠰᠢᠷᠭᠠᠯ ᠦᠩᠭᠡ ᠪᠠᠷ ᠬᠤᠴᠠᠭᠳᠠᠭᠰᠠᠨ ᠭᠤᠪᠢ ᠲᠠᠯ᠎ᠠ | ᠨᠠᠷᠢᠨ ᠬᠠᠷᠭᠤᠢ ᠵᠤᠷᠠᠶᠢᠨ ᠲᠡᠭᠷᠢ ᠶᠢᠨ ᠬᠠᠶᠠᠭ᠎ᠠ ᠲᠠᠢ ᠵᠠᠯᠭᠠᠯᠳᠤᠨᠡ | ᠨᠠᠰᠤᠨ ᠪᠠᠶᠠᠷ ᠤᠨ ᠦᠯᠵᠡᠶᠢᠳᠦ ᠤᠴᠠᠷᠠᠯ ᠬᠠᠯᠬ᠎ᠠ ᠦᠵᠦᠮᠦᠴᠢᠨ ᠢ ᠬᠤᠯᠪᠤᠵᠦ | ᠨᠠᠯᠠᠭᠠᠷ ᠬᠦᠳᠡᠭᠡ ᠶᠢᠨ ᠭᠤᠪᠢ ᠶᠢᠨ ᠴᠡᠭᠡᠯ ᠳᠤ ᠵᠢᠷᠭᠠᠯᠳᠤ ᠲᠠᠭᠤᠯᠠᠯ ᠪᠢᠴᠢᠭᠯᠡᠨ᠎ᠡ᠃ | ᠬᠦᠩᠭᠠᠷᠠᠪᠳᠠᠨ ᠭᠤᠸᠠᠢ ᠬᠦᠭᠰᠢᠨ ᠦᠯᠵᠠᠶᠢᠪᠠᠶᠠᠷ ᠤᠨ ᠨᠤᠲᠤᠭ ᠪᠤᠯᠬᠤ ᠰᠠᠶᠢᠠᠴᠠᠭᠠᠨ ᠰᠤᠮᠤᠨ ᠳᠤ | ᠰᠠᠭᠤᠷᠢᠰᠢᠨ ᠰᠠᠭᠤᠬᠤ ᠪᠤᠯᠤᠭᠰᠠᠨ ᠪᠠᠶᠢᠪᠠ᠃ ᠭᠡᠤᠬᠡᠨ ᠠᠳᠢᠶ᠎ᠠ ᠶᠢᠨ ᠬᠢᠨᠢ ᠬᠠᠨᠢ ᠨᠦᠬᠦᠷ ᠭᠠᠩᠪᠠᠳᠤ ᠭᠤᠸᠠᠢ ᠶᠢᠨ | ᠲᠦᠷᠦᠭᠰᠡᠨ ᠨᠤᠲᠤᠭ ᠤᠰᠤᠨ ᠨᠢ ᠠᠳᠡ ᠪᠠᠶᠢᠵᠦ᠂ ᠢᠩᠬᠢᠵᠦ ᠲᠠᠪᠢᠯᠠᠩ ᠲᠠᠭᠠᠷᠠᠵᠦ ᠵᠠᠶᠠᠭ᠎ᠠ ᠬᠤᠯᠪᠤᠭᠰᠠᠨ ᠪᠠᠶᠢᠵᠠᠢ | ᠃ ᠠᠶᠢᠮᠠᠭ ᠤᠨ ᠲᠦᠪ ᠠᠴᠠ ᠬᠤᠶᠢᠰᠢ ᠪᠠᠶᠢᠭ᠎ᠠ ᠲᠡᠯᠭᠡᠷᠴᠤᠭᠳᠤ ᠰᠤᠮᠤᠨ ᠤ ᠡᠮᠦᠨ᠎ᠡ ᠲᠡᠭᠰᠢᠬᠡᠨ ᠰᠢᠷ᠎ᠠ ᠬᠠᠪᠳᠠᠭᠠᠢ | ᠲᠡᠭᠡᠷ᠎ᠡ ᠪᠢᠳᠡ ᠠᠷᠤ ᠲᠡᠷᠭᠡ ᠪᠠᠨ ᠬᠦᠯᠢᠶᠡᠵᠦ ᠪᠦᠭᠡᠮᠨᠠᠷᠠᠪᠠ᠃ ᠡᠨᠡ ᠤᠳᠠᠭ᠎ᠠ ᠶᠢᠨ ᠨᠠᠭᠠᠳᠤᠮ ᠳᠤ ᠬᠦᠯᠦᠨ ᠪᠦᠢᠷ | ᠠᠶᠢᠮᠠᠭ ᠠᠴᠠ ᠨᠢᠭᠡ ᠬᠦᠨᠳᠦᠳᠦ ᠵᠤᠴᠢᠨ ᠢᠷᠡᠭᠰᠡᠨ ᠨᠢ ᠲᠠᠭᠤᠴᠢᠨ ᠠᠯᠳᠠᠠᠪᠤᠳᠢ ᠪᠠᠶᠢᠯ᠎ᠠ᠃ ᠠᠯᠳᠠᠠᠪᠤᠳᠢ ᠪᠤᠯ | ᠡᠸ᠋ᠩᠬᠢ ᠦᠨᠳᠦᠰᠦᠳᠡᠨ᠂ ᠲᠠᠭᠤᠤ ᠤᠷᠠᠯᠢᠭ ᠲᠤ ᠪᠠᠭ᠋ᠠᠳᠠᠢ ᠮᠦᠷᠳᠡᠭᠡᠨ ᠠᠪᠢᠶᠠᠰᠤᠯᠢᠭ ᠤᠷᠠᠨ ᠲᠠᠭᠤᠯᠠᠯᠭ᠎ᠠ ᠶᠢᠨ | ᠮᠡᠷᠭᠡᠵᠢᠯ ᠲᠠᠢ᠃ ᠲᠡᠭᠦᠨ ᠤ ᠪᠠᠭ᠎ᠠ ᠪᠢᠴᠢᠬᠠᠨ ᠨᠢ ᠵᠡᠭᠦᠨ ᠦᠵᠦᠮᠦᠴᠢᠨ ᠬᠤᠰᠢᠭᠤᠨ ᠤ ᠲᠧᠯᠸᠢᠰ ᠬᠤᠷᠢᠶᠠᠨ ᠤ ᠬ᠋᠊ | ᠂ ᠪᠡᠷᠰ ᠲᠤ ᠮᠤᠷᠳᠠᠭᠰᠠᠨ ᠶᠤᠮ ᠪᠠᠶᠢᠵᠠᠢ᠃ ᠢᠩᠭᠢᠵᠦ ᠲᠠᠨᠢᠯᠴᠠᠨ ᠨᠢᠭᠡ ᠲᠡᠷᠭᠡᠨ ᠳᠤ ᠠᠶᠠᠯᠠᠵᠦ ᠲᠤᠮᠳᠠᠭᠤᠪᠢ | ᠠᠶᠢᠮᠠᠭ ᠲᠤ ᠬᠠᠮᠳᠤ ᠶᠠᠪᠤᠭ᠎ᠠ ᠮᠠᠨᠢ ᠡᠨᠡ ᠪᠢᠯᠡ᠃ ᠲᠡᠯᠭᠡᠷᠴᠤᠭᠳᠤ ᠰᠤᠮᠤᠨ ᠤ ᠠᠯᠤᠰ ᠤᠨ ᠪᠠᠷ᠎ᠠ ᠲᠠᠢ | ᠤᠳᠬᠠᠠᠪᠠᠭᠠᠳᠤᠷ᠂ ᠠᠯᠳᠠᠠᠪᠤᠳᠢ ᠪᠢᠳᠡ ᠲᠤᠷᠠᠰᠬᠠᠯ ᠤᠨ ᠰᠡᠭᠦᠳᠡᠷ ᠠᠪᠬᠤᠭᠤᠯᠪᠠ᠃ ᠲᠡᠨᠳᠡ ᠠᠴᠠ ᠲᠡᠮᠡᠢ ᠬᠤᠯᠠ | ᠦᠭᠡᠢ ᠠᠶᠢᠮᠠᠭ ᠤᠨ ᠨᠤᠲᠤᠭ ᠤᠨ ᠵᠠᠭᠠᠭ ᠪᠤᠯᠬᠤ ᠬᠠᠭᠠᠯᠭᠠᠳᠤ ᠤᠪᠤᠭᠠᠨ ᠲᠡᠭᠡᠷ᠎ᠡ ᠬᠦᠷᠬᠦ ᠳᠤ ᠲᠤᠮᠳᠠᠭᠤᠪᠢ | ᠠᠶᠢᠮᠠᠭ ᠤᠨ ᠲᠠᠭᠤᠯᠠᠯᠳᠤ ᠵᠦᠴᠦᠭᠡ ᠶᠢᠨ ᠪᠦᠯᠬᠦᠮ ᠤᠨ ᠲᠠᠭᠤᠴᠢᠳ ᠨᠠᠷ ᠪᠢᠳᠡᠨ ᠢ ᠤᠭᠳᠤᠨ ᠠᠪᠴᠤ᠂ ᠴᠠᠭᠠᠨ | ᠢᠳᠡᠭᠡᠨ ᠠᠮᠬᠠᠷᠠᠭᠤᠯᠵᠦ ᠴᠡᠭᠡ ᠬᠡᠮᠨᠡᠨ ᠲᠠᠭᠤᠤ ᠬᠤᠭᠤᠷ ᠡᠭᠦᠰᠭᠡᠭᠰᠡᠨ ᠬᠠᠯᠠᠭᠤᠨ ᠤᠭᠳᠤᠯᠭ᠎ᠠ ᠪᠤᠯᠵᠦ | ᠬᠦᠨᠳᠦᠳᠭᠡᠯ ᠲᠠᠢ ᠪᠠᠷ ᠲᠤᠰᠴᠤ ᠠᠪᠤᠭᠰᠠᠨ ᠪᠠᠶᠢᠯ᠎ᠠ᠃ | ᠰᠦᠷᠯᠢᠭ ᠲᠡᠭᠳᠡᠷᠳᠦ ᠬᠠᠳᠠᠨ ᠠᠰᠬ᠎ᠠ ᠶᠢᠨ ᠡᠩᠬᠡᠷ ᠲᠤ ᠪᠠᠶᠢᠷᠢᠯᠠᠭᠰᠠᠨ ︽ᠠᠮᠠᠨ ᠬᠦᠨᠳᠡᠢ︾ ᠬᠡᠮᠡᠬᠦ | ᠵᠢᠭᠤᠯᠴᠢᠯᠠᠯ ᠤᠨ ᠭᠠᠵᠠᠷ ᠤᠨ ᠢᠰᠡᠭᠡᠢ ᠦᠷᠦᠭᠡᠨ ᠳᠤ ᠬᠤᠨᠤᠭ ᠲᠤᠬᠢᠷᠠᠭᠤᠯᠪᠠ᠃ ᠴᠡᠪᠡᠷ ᠰᠠᠷᠠᠭᠤᠯ ᠤᠷᠴᠢᠨ᠂ | ᠪᠠᠶᠠᠨ ᠰᠢᠷᠡᠭᠡ ᠦᠷᠦᠭᠡᠰᠦᠳᠡᠢ᠃ ᠠᠳᠤᠭᠤᠨ ᠮᠢᠬᠠᠨ ᠤ ᠭᠡᠷᠡᠴᠢᠮᠡᠯ᠂ ᠠᠷᠢᠭᠤᠨ ᠴᠡᠭᠡ ᠶᠢᠨ ᠦᠨᠦᠷ᠂ ᠰᠡᠳᠭᠢᠯ ᠳᠤ | ᠬᠦᠷᠴᠦ ᠲᠠᠭᠠᠯᠠᠮᠵᠢᠳᠠᠢ ᠰᠠᠨᠠᠭᠳᠠᠭᠤᠯᠤᠨ᠎ᠠ᠃ ᠮᠠᠨ ᠤ ᠨᠢᠭᠡ ᠭᠡᠷ ᠲᠤ ᠨᠠᠶᠠᠨ ᠨᠠᠰᠤ ᠶᠢ ᠲᠠᠪᠠᠭᠰᠠᠨ ᠶᠠᠩᠭᠠᠳ ᠤ᠂ | ᠵᠠᠳᠠᠮᠪᠠ ︵ᠤᠯᠤᠰ ᠤᠨ ᠪᠠᠷᠢᠯᠭ᠎ᠠ ᠶᠢᠨ ᠢᠨᠵᠧᠨᠧᠷ︶᠂ ᠨᠠᠶᠠᠨ ᠨᠠᠰᠤ ᠶᠢ ᠲᠦᠬᠦᠵᠦ ᠶᠠᠪᠤᠭ᠎ᠠ ᠰᠠᠶᠢᠠᠪᠤᠶᠠᠨ ︵ | ᠤᠯᠤᠰ ᠤᠨ ᠭᠠᠵᠠᠷ ᠵᠦᠢ ᠶᠢᠨ ᠡᠷᠳᠡᠮᠳᠡᠨ︶᠂ ᠵᠢᠷᠤᠭ ᠲᠦᠷᠰᠦ ᠰᠡᠭᠦᠳᠡᠷᠯᠡᠭᠴᠢ ᠲᠦᠷᠦᠮᠠᠨᠳᠤᠬᠤ ᠨᠠᠷ ᠷᠢ᠊᠂ | ᠰᠡᠴᠡᠨᠳᠦ ᠪᠢᠳᠡ ᠲᠠᠪᠤᠭᠤᠯᠠ ᠲᠤᠭᠤᠨᠤ ᠲᠠᠢ ᠭᠡᠷ ᠲᠤ ᠲᠤᠯᠤᠭᠠᠢ ᠬᠤᠯᠪᠤᠨ ᠲᠤᠭᠤᠭ᠎ᠠ ᠲᠠᠢ ᠬᠤᠭᠤᠯᠠᠨ ᠳᠤ | ᠬᠤᠰᠢᠭᠤ ᠲᠦᠷᠢᠨ ᠰᠠᠭᠤᠵᠠᠢ᠃ ᠮᠤᠩᠭᠤᠯ ᠤᠯᠤᠰ ᠤᠨ ᠡᠨᠡ ᠭᠤᠷᠪᠠᠨ ᠬᠦᠮᠦᠨ ᠪᠤᠯ ᠲᠤᠷᠤᠨᠠᠳᠤ ᠠᠶᠢᠮᠠᠭ ᠢᠶᠠᠷ | ᠨᠤᠲᠤᠭᠳᠠᠢ ᠦᠵᠦᠮᠦᠴᠢᠨ ᠬᠦᠮᠦᠰ ᠪᠤᠯᠤᠨ᠎ᠠ᠃ ᠪᠢᠳᠡ ᠦᠤᠬᠡ ᠲᠡᠤᠬᠡ ᠪᠠᠨ ᠬᠡᠯᠡᠯᠴᠡᠨ᠂ ᠦᠬᠡ ᠠᠮᠠ ᠪᠠᠨ | ᠤᠯᠤᠯᠴᠠᠨ ᠲᠠᠨᠢᠯᠴᠠᠭᠰᠠᠨ ᠪᠦᠭᠡᠳ ᠵᠠᠳᠠᠮᠪᠠ ᠨᠠᠰᠤᠳᠠᠨ ᠪᠢᠳᠡᠨ ᠳᠤ ︽ᠵᠦᠪ ᠠᠮᠢᠳᠤᠷᠠᠬᠤ᠂ ᠤᠷᠳᠤ ᠨᠠᠰᠤᠯᠠᠬᠤ | ᠤᠬᠠᠭᠠᠨ ᠠᠴᠠ︾ ᠭᠡᠬᠦ ᠦᠪᠡᠷ ᠤᠨ ᠨᠠᠶᠢᠷᠠᠭᠤᠯᠤᠭᠰᠠᠨ ᠨᠤᠮ ᠢᠶᠠᠨ ᠪᠡᠯᠭᠡᠯᠡᠨ ᠬᠦᠷᠭᠡᠪᠡ᠃ | ᠤᠷᠤᠢ ᠨᠢ ᠬᠦᠩᠭᠠᠷᠠᠪᠳᠠᠨ ᠨᠠᠰᠤᠳᠠᠨ ᠪᠢᠳᠡᠨ ᠤ ᠢᠷᠡᠭᠰᠡᠨ ᠢ ᠰᠤᠨᠤᠰᠤᠭᠠᠳ ᠪᠠᠭᠤᠳᠠᠯ ᠤᠨ ᠭᠠᠵᠠᠷ ᠢᠷᠡᠬᠦ | ᠳᠤ ᠮᠠᠨ ᠤ ᠪᠦᠯᠬᠦᠮ ᠤᠨ ᠬᠢᠨ ᠤᠷᠢᠳᠠᠪᠠᠷ ᠬᠦᠷᠴᠦ ᠮᠠᠨᠳᠤ ᠠᠰᠠᠭᠤᠨ ᠵᠤᠯᠭᠠᠭᠰᠠᠨ ᠪᠠᠶᠢᠭ᠎ᠠ ᠶᠤᠮ᠃ ᠨᠠᠰᠤᠳᠠᠨ | ᠭᠤᠸᠠᠢ ᠶᠡᠬᠡᠳᠡ ᠪᠠᠶᠠᠷᠯᠠᠨ᠄ ︽ᠲᠠᠨᠠᠷ ᠠᠯᠤᠰ ᠬᠤᠯᠠ ᠦᠵᠦᠮᠦᠴᠢᠨ ᠠᠴᠠ ᠠᠳᠡ ᠬᠦᠷᠦᠯᠴᠠᠨ ᠵᠤᠯᠭᠠᠬᠤ ᠪᠠᠷ | ᠢᠷᠡᠭᠰᠡᠨ ᠳᠤ ᠪᠢ ᠲᠤᠩ ᠪᠠᠶᠠᠷᠯᠠᠵᠦ ᠪᠠᠶᠢᠨ᠎ᠠ︾ ᠭᠡᠳ ᠰᠠᠷᠬᠤᠳ ᠡᠷᠭᠦᠨ ᠭᠡᠰᠢᠭ ᠭᠦᠷᠳᠡᠭᠡᠵᠦ ᠪᠠᠶᠢᠯ᠎ᠠ᠃ ᠪᠢᠳᠡ | ᠴᠤ ᠸᠠᠩᠳᠠᠨ ᠳᠤ ᠢᠷᠦᠭᠡᠯ ᠲᠠᠢ ᠬᠡᠮ ᠪᠠᠷᠢᠨ᠂ ᠤᠷᠳᠤ ᠶᠢᠨ ᠲᠠᠭᠤᠤ ᠪᠠᠨ ᠲᠠᠭᠤᠯᠠᠵᠦ ᠬᠦᠷ ᠨᠡᠮᠡᠷᠢᠯᠡᠨ᠎ᠡ᠃ ᠲᠡᠷᠡ | ᠤᠷᠤᠢ ᠮᠠᠨᠠᠶᠢᠬᠢᠨ ᠲᠤᠷᠤᠨᠠᠳᠤ ᠠᠶᠢᠮᠠᠭ ᠤᠨ ᠰᠡᠷᠭᠦᠯᠡᠩ ᠰᠤᠮᠤᠨ ᠤ ᠭᠡᠷ ᠲᠤ ᠬᠦᠷᠴᠦ ᠬᠠᠷᠢᠯᠴᠠᠨ ᠲᠠᠨᠢᠯᠴᠠᠨ᠂ | ᠴᠤᠭᠳᠤᠵᠠᠪ ᠲᠠᠷᠤᠭ᠎ᠠ᠂ ᠠᠪᠤᠷᠭᠤ ᠮᠠᠯᠴᠢᠨ ᠤᠳᠠᠷᠰᠠᠳ ᠨᠠᠷ ᠤᠭᠳᠤᠨ ᠠᠪᠴᠤ ᠨᠤᠲᠤᠭ ᠤᠨ ᠭᠠᠷᠤᠯᠳᠠ ᠪᠠᠨ | ᠲᠡᠯᠭᠡᠵᠦ ᠬᠦᠷ ᠪᠠᠶᠠᠷ ᠪᠤᠯᠤᠭᠰᠠᠨ ᠪᠠᠶᠢᠵᠦ ᠪᠢᠯᠡ᠃ | ᠬᠤᠶᠠᠷ | 9 ᠰᠠᠷ᠎ᠠ ᠶᠢᠨ 15 ᠤ ᠡᠳᠦᠷ᠃ ᠴᠡᠯᠮᠡᠭ ᠲᠤᠩᠭᠠᠯᠠᠭ᠂ ᠬᠦᠭᠡ ᠤᠬᠳᠠᠷᠭᠤᠢ ᠶᠢᠨ ᠴᠡᠭᠡᠯ ᠳᠤ ᠬᠤᠷᠨᠭᠠᠨ | ᠴᠠᠭᠠᠨ ᠡᠭᠦᠯᠡᠰ ᠬᠦᠪᠪᠦᠯᠵᠡᠨ ᠨᠡᠭᠦᠵᠦ᠂ ᠭᠤᠪᠢ ᠶᠢᠨ ᠨᠤᠭᠤᠭᠠᠨ ᠲᠠᠯ᠎ᠠ ᠳᠤ ᠲᠤᠮᠳᠠᠭᠤᠪᠢ ᠠᠶᠢᠮᠠᠭ ᠤᠨ ᠤᠯᠠᠨ | ᠪᠠᠷᠢᠯᠭ᠎ᠠ ᠤᠳᠨᠠᠮᠤᠭᠤᠨ ᠲᠠᠶᠢᠪᠤᠩ ᠰᠠᠭᠠᠳᠠᠨ᠎ᠠ᠃ ᠪᠢᠳᠡ ᠦᠷᠯᠦᠭᠡ ᠶᠢᠨ ᠴᠠᠢ ᠪᠠᠨ ᠤᠤᠭᠤᠭᠠᠳ ᠡᠷᠳᠡ ᠶᠢᠨ | ᠰᠠᠶᠢᠬᠠᠨ ᠳᠤ ᠲᠤᠷᠠᠰᠬᠠᠯ ᠤᠨ ᠰᠡᠭᠦᠳᠡᠷ ᠠᠪᠬᠤᠭᠤᠯᠵᠠᠢ᠃ ᠵᠢᠭᠤᠯᠴᠢᠯᠠᠯ ᠤᠨ ᠭᠠᠵᠠᠷ ᠠᠴᠠ ᠠᠶᠢᠮᠠᠭ ᠤᠨ ︽ᠲᠦᠪ | ᠬᠠᠯᠬ᠎ᠠ ᠶᠢᠨ ᠲᠠᠭᠤᠯᠠᠯᠳᠤ ᠵᠦᠴᠦᠭᠡ ᠶᠢᠨ ᠲᠢᠶᠠᠲᠷ︾ ᠲᠤ ᠰᠢᠭᠤᠳ ᠬᠦᠷᠪᠡ᠃ ᠲᠠᠶᠢᠰᠠᠨ ᠤ ᠲᠤᠮᠤ ᠬᠦᠰᠢᠭᠡ | ᠲᠡᠭᠡᠷ᠎ᠡ ︽ᠲᠤᠮᠳᠠᠭᠤᠪᠢ ᠠᠶᠢᠮᠠᠭ ᠤᠨ ᠤᠷᠤᠰᠢᠨ ᠰᠠᠭᠤᠭᠴᠢ᠂ ᠵᠡᠭᠦᠨ ᠦᠵᠦᠮᠦᠴᠢᠨ ᠬᠤᠰᠢᠭᠤᠨ ᠤ ᠡᠷᠳᠡᠨᠢ | ᠪᠡᠶᠢᠯᠡ᠂ ᠵᠢᠶᠦ᠋ᠨ ᠸᠠᠩ ᠮ᠊᠂ ᠰᠤᠳᠨᠠᠮᠳᠤᠷᠵᠢ ᠶᠢᠨ ︿ᠬᠦᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠤᠳᠤᠨ﹀ | ᠤ ᠮᠢᠯᠢᠶᠠᠯᠭ᠎ᠠ︾ ᠭᠡᠬᠦ ᠺᠢᠷᠢᠯ ᠦᠰᠦᠭ ᠤᠨ ᠬᠦᠨᠳᠡᠯᠡᠨ ᠢᠯᠡᠷᠬᠡᠶᠢᠯᠡᠯ ᠢ ᠴᠡᠭᠡᠨ ᠬᠦᠰᠢᠬᠡ ᠲᠡᠭᠡᠷ᠎ᠡ ᠲᠤᠷᠠᠶᠢᠳᠠᠯ᠎ᠠ | ᠪᠢᠴᠢᠵᠡᠢ᠃ ᠦᠰᠦᠭ ᠤᠨ ᠲᠡᠭᠡᠷ᠎ᠡ ᠲᠠᠯ᠎ᠠ ᠶᠢᠨ ᠪᠠᠷᠠᠭᠤᠨ ᠦᠨᠴᠦᠭ ᠲᠤ ︽ᠬᠦᠳᠡᠯᠮᠦᠷᠢ ᠶᠢᠨ ᠤᠯᠠᠭᠠᠨ ᠲᠤᠭ︾ | ᠶᠢᠨ ᠮᠧᠲᠠᠯ ᠤᠨ ᠵᠢᠷᠤᠭ᠂ ᠲᠤᠮᠳᠠ ᠨᠢ ᠶᠢᠰᠦᠨ ᠴᠠᠭᠠᠨ ᠲᠤᠭ ᠰᠦᠯᠳᠡ᠂ ᠵᠡᠭᠦᠨ ᠲᠠᠯ᠎ᠠ ᠳᠤᠨᠢ ᠵᠢᠭᠠᠬᠠᠨ ᠸᠠᠩ | ᠤᠨ ᠬᠦᠷᠦᠭ ᠢ ᠵᠢᠷᠤᠭᠯᠠᠨ ᠪᠠᠶᠢᠷᠢᠯᠠᠭᠤᠯᠵᠠᠢ᠃ ︽ᠭᠠᠩ ᠢᠯᠴᠢ ᠺᠤᠮᠫᠠᠨᠢ︾ ᠶᠢᠨ ᠡᠷᠬᠢᠯᠡᠭᠰᠡᠨ ᠡᠨᠡ ᠤᠳᠠᠭ᠎ᠠ | ᠶᠢᠨ ᠴᠤᠭᠯᠠᠭᠠᠨ ᠳᠤ ᠲᠤᠮᠳᠠᠭᠤᠪᠢ ᠠᠶᠢᠮᠠᠭ ᠤᠨ ᠤᠳᠤᠷᠢᠳᠤᠯᠭ᠎ᠠ᠂ ᠲᠤᠷᠤᠨᠠᠳᠤ ᠶᠢᠨ ᠲᠡᠮᠦᠷ ᠵᠠᠮ ᠤᠨ ᠲᠠᠰᠤᠭ ᠤᠨ | ᠤᠳᠤᠷᠢᠳᠤᠯᠭ᠎ᠠ᠂ ᠦᠵᠦᠮᠦᠴᠢᠨ ᠰᠤᠳᠤᠯᠤᠯ ᠢ ᠲᠡᠮᠵᠢᠬᠦ ᠨᠡᠶᠢᠭᠡᠮᠯᠢᠭ ᠪᠤᠯᠤᠨ ᠦᠪᠦᠷ ᠮᠤᠩᠭᠤᠯ ᠤᠨ ᠵᠡᠭᠦᠨ | ᠦᠵᠦᠮᠦᠴᠢᠨ ᠬᠤᠰᠢᠭᠤᠨ ᠤ ᠲᠦᠯᠦᠭᠡᠯᠡᠭᠴᠢᠳ ᠤᠨ ᠪᠦᠯᠬᠦᠮ ᠤᠨ ᠬᠢᠨ᠂ ᠠᠪᠠᠭ᠎ᠠ ᠬᠤᠰᠢᠭᠤᠨ ᠤ ᠰᠠᠳᠦᠨ | ᠲᠦᠷᠦᠯ ᠨᠠᠷ ᠵᠡᠷᠭᠡ ᠤᠯᠠᠨ ᠲᠠᠯ᠎ᠠ ᠶᠢᠨ ᠬᠦᠮᠦᠰ ᠤᠷᠤᠯᠴᠠᠪᠠ᠃ ᠭᠠᠩᠪᠠᠳᠤ ᠵᠠᠬᠢᠷᠤᠯ ᠠᠴᠠ ᠬᠦᠩᠭᠠᠷᠠᠪᠳᠠᠨ | ᠭᠤᠸᠠᠢ ᠶᠢᠨ 85 ᠨᠠᠰᠤᠨ ᠤ ᠪᠠᠶᠠᠷ᠂ ᠤᠯᠤᠰ ᠤᠨ ︿ᠬᠦᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠤᠳᠤᠨ | ﹀ ᠤ ᠮᠢᠯᠢᠶᠠᠯᠭ᠎ᠠ ᠶᠢᠨ ᠴᠤᠭᠯᠠᠭᠠᠨ ᠡᠬᠢᠯᠡᠭᠰᠡᠨ ᠢ ᠵᠠᠷᠯᠠᠪᠠ᠃ ᠴᠤᠭᠯᠠᠭᠠᠨ ᠡᠷᠬᠢᠯᠡᠭᠴᠢ ᠠᠴᠠ ︽ᠲᠤᠮᠳᠠᠭᠤᠪᠢ | ᠠᠶᠢᠮᠠᠭ ᠲᠤ ᠤᠷᠤᠰᠢᠨ ᠰᠠᠭᠤᠭᠴᠢ᠂ ᠵᠡᠭᠦᠨ ᠦᠵᠦᠮᠦᠴᠢᠨ ᠬᠤᠰᠢᠭᠤᠨ ᠤ ᠡᠷᠳᠡᠨᠢ ᠪᠡᠶᠢᠯᠡ᠂ ᠵᠢᠶᠦ᠋ᠨ ᠸᠠᠩ ᠮ᠊᠂ | ᠰᠤᠳᠨᠠᠮᠳᠤᠷᠵᠢ ᠶᠢᠨ ᠲᠤᠪᠴᠢ ᠨᠠᠮᠳᠠᠷ︾ ᠢ ᠲᠠᠨᠢᠯᠴᠠᠭᠤᠯᠤᠭᠰᠠᠨ ᠤ ᠬᠠᠮᠳᠤ ᠲᠤᠮᠳᠠᠭᠤᠪᠢ ᠠᠶᠢᠮᠠᠭ ᠪᠤᠯᠤᠨ | ᠲᠤᠷᠤᠨᠠᠳᠤ ᠶᠢᠨ ᠲᠡᠮᠦᠷ ᠵᠠᠮ ᠤᠨ ᠰᠠᠯᠠᠭ᠎ᠠ ᠮᠦᠴᠢᠷ ᠠᠴᠠ ᠮᠢᠯᠢᠶᠠᠯᠭ᠎ᠠ ᠶᠢᠨ ᠴᠢᠭᠤᠯᠭᠠᠨ ᠲᠡᠭᠡᠷ᠎ᠡ ᠪᠠᠶᠠᠷ ᠤᠨ ᠦᠬᠡ | ᠬᠡᠯᠡᠭᠰᠡᠨ ᠪᠦᠭᠡᠳ ᠬᠦᠩᠭᠠᠷᠠᠪᠳᠠᠨ ᠭᠤᠸᠠᠢ ᠳᠤ ᠠᠯᠳᠠᠨ ᠮᠧᠲᠠᠯ ᠵᠡᠭᠦᠯᠭᠡᠨ ᠢᠷᠠᠭᠤ ᠠᠯᠳᠠᠷ ᠤᠨ ᠦᠨᠡᠮᠯᠡᠯ | ᠤᠯᠭᠤᠵᠠᠢ᠃ ᠵᠡᠭᠦᠨ ᠦᠵᠦᠮᠦᠴᠢᠨ ᠬᠤᠰᠢᠭᠤᠨ ᠤ ᠲᠦᠯᠦᠭᠡᠯᠡᠭᠴᠢᠳ ᠤᠨ ᠪᠦᠯᠬᠦᠮ ᠤᠨ ᠲᠠᠷᠤᠭ᠎ᠠ ᠪᠤᠷᠵᠢᠭᠢᠨ | ᠮᠦᠩᠬᠡᠪᠠᠭᠠᠳᠤᠷ ᠪᠠᠶᠠᠷ ᠤᠨ ᠦᠬᠡ ᠬᠡᠯᠡᠭᠰᠡᠨ ᠤ ᠬᠠᠮᠳᠤ ᠬᠦᠩᠭᠠᠷᠠᠪᠳᠠᠨ ᠸᠠᠩᠳᠠᠨ ᠳᠤ ᠵᠡᠭᠦᠨ ᠦᠵᠦᠮᠦᠴᠢᠨ | ᠬᠤᠰᠢᠭᠤᠨ ᠤ ᠨᠠᠮ ᠵᠠᠰᠠᠭ ᠤᠨ ᠤᠳᠤᠷᠢᠳᠤᠯᠭ᠎ᠠ ᠶᠢᠨ ᠪᠠᠶᠠᠷ ᠤᠨ ᠮᠠᠨᠳᠤᠴᠢᠯᠠᠯ ᠢ ᠲᠠᠮᠵᠢᠭᠤᠯᠤᠭᠰᠠᠨ ᠪᠠᠶᠢᠯ᠎ᠠ᠃ | ᠲᠤᠷᠤᠨᠠᠳᠤ ᠶᠢᠨ ᠲᠦᠪᠳᠠᠠᠨᠢᠮᠠ᠂ ᠵᠡᠭᠦᠨ ᠦᠵᠦᠮᠦᠴᠢᠨ ᠤ ᠤ᠂ ᠶᠤᠨᠳᠤᠨ ᠤᠷᠢᠯᠭ᠎ᠠ ᠪᠠᠷ ᠲᠤᠰ ᠲᠤᠰ ᠦᠬᠡ | ᠬᠡᠯᠡᠵᠦ ᠪᠠᠶᠠᠷ ᠬᠦᠷᠭᠡᠵᠡᠢ᠃ ᠬᠦᠩᠭᠠᠷᠠᠪᠳᠠᠨ ︵ᠰᠤᠳᠨᠠᠮᠳᠤᠪᠵᠠᠢ︶ ᠤ ᠲᠤᠪᠴᠢ ᠲᠡᠤᠬᠡ ᠠᠴᠠ ᠲᠦᠬᠦᠮ | ᠲᠤᠷᠠᠳᠪᠠᠯ᠄ | ᠮᠢᠨᠵᠤᠤᠷᠳᠤᠷᠵᠢ ᠶᠢᠨ ᠰᠤᠳᠨᠠᠮᠳᠤᠪᠵᠠᠢ ᠪᠤᠯ ᠴᠢᠩᠭᠢᠰ ᠬᠠᠭᠠᠨ ᠤ ᠭᠤᠴᠢᠨ ᠲᠦᠷᠪᠡᠳᠦᠭᠡᠷ ᠦᠶ᠎ᠡ ᠶᠢᠨ | ᠠᠴᠢ᠂ ᠤᠤᠯ ᠤᠨ ᠦᠵᠦᠮᠦᠴᠢᠨ ᠵᠡᠭᠦᠨ ᠭᠠᠷᠤᠨ ᠬᠤᠰᠢᠭᠤᠨ ᠤ ᠠᠷᠪᠠᠨ ᠲᠠᠪᠤᠳᠤᠭᠠᠷ ᠦᠶ᠎ᠡ ᠶᠢᠨ ᠸᠠᠩ ᠪᠤᠯᠬᠤ | ᠪᠦᠭᠡᠳ ᠤᠳᠤ ᠶᠢᠨ ᠡᠷᠡᠭᠦᠯ ᠮᠠᠨᠳᠤ ᠪᠠᠶᠢᠭ᠎ᠠ ᠬᠠᠮᠤᠭ ᠰᠡᠭᠦᠯᠴᠢ ᠶᠢᠨ ᠨᠤᠶᠠᠨᠳᠠᠨ ᠪᠤᠯᠤᠨ᠎ᠠ᠃ ᠲᠤᠰ ᠸᠠᠩᠳᠠᠨ | 1945 ᠤᠨ ᠤ ᠲᠡᠯᠡᠬᠡᠢ ᠶᠢᠨ ᠬᠤᠶᠠᠳᠤᠭᠠᠷ ᠲᠠᠶᠢᠨ ᠤ ᠦᠶ᠎ᠡ᠂ ᠲᠦᠷᠦ ᠶᠢᠨ ᠤᠯᠠᠷᠢᠯ ᠬᠤᠪᠢᠰᠤᠯ ᠤᠨ ᠰᠢᠯᠳᠠᠭᠠᠨ | ᠢᠶᠠᠷ ᠠᠷᠤ ᠮᠤᠩᠭᠤᠯ ᠳᠤ ᠨᠡᠭᠦᠵᠦ ᠪᠡᠶᠢᠯᠡ ᠸᠠᠩ ᠤᠨ ᠵᠡᠷᠭᠡ ᠢ ᠨᠢ ᠪᠠᠶᠢᠯᠭᠠᠭᠰᠠᠨ ᠪᠦᠭᠡᠳ ᠠᠷᠠᠳ ᠤᠨ ᠬᠤᠪᠢᠰᠬᠠᠯ | ᠤᠨ ᠶᠤᠰᠤ ᠲᠢᠭᠯᠢᠮ ᠢ ᠲᠠᠭᠠᠭᠰᠠᠨ ᠪᠠᠶᠢᠪᠠ᠃ ᠠᠷᠪᠠᠨ ᠨᠠᠰᠤᠳᠠᠢ ᠵᠢᠭᠠᠬᠠᠨ ᠸᠠᠩ ᠮᠠᠨᠢ ᠮᠤᠩᠭᠤᠯ ᠤᠯᠤᠰ ᠤᠨ | ᠴᠤᠶᠢᠪᠠᠯᠰᠠᠩ ᠠᠶᠢᠮᠠᠭ ᠤᠨ 10 ᠵᠢᠯ ᠤᠨ ᠲᠦᠷᠢᠮᠳᠤ ᠰᠤᠷᠭᠠᠭᠤᠯᠢ ᠳᠤ ᠰᠤᠷᠤᠯᠴᠠᠨ ᠰᠤᠷᠤᠯᠭ᠎ᠠ ᠲᠡᠭᠦᠰᠦᠭᠡᠳ | ᠬᠤᠵᠢᠮ ᠨᠢ ᠪᠠᠶᠠᠠᠳᠦ᠋ᠮᠡᠨ ᠲᠡᠮᠦᠷ ᠵᠠᠮ ᠤᠨ ᠲᠠᠰᠤᠭ ᠤᠨ ᠠᠵᠢᠯᠴᠢᠨ ᠪᠤᠯᠵᠠᠢ᠃ ᠡᠨᠡᠬᠦ ᠠᠵᠢᠯ ᠤᠨ ᠪᠠᠶᠢᠷᠢ ᠲᠡᠭᠡᠷ᠎ᠡ | ᠲᠡᠷᠡ 38 ᠵᠢᠯ ᠲᠡᠰᠪᠦᠷᠢ ᠬᠠᠳᠠᠭᠤᠵᠢᠯᠳᠠᠢ ᠠᠵᠢᠯᠯᠠᠬᠤ ᠳᠠᠭᠠᠨ ᠪᠠᠶᠢᠭᠤᠯᠭ᠎ᠠ ᠨᠢᠭᠡᠴᠡ ᠶᠢᠨ ︽ᠬᠦᠳᠡᠯᠮᠦᠷᠢ ᠶᠢᠨ | ᠠᠪᠤᠷᠭᠤ︾ ᠪᠠᠷ ᠤᠯᠠᠠᠳᠠ ᠰᠢᠯᠭᠠᠷᠠᠨ ᠦᠨᠡᠯᠡᠭᠳᠡᠭᠰᠡᠨ ᠭᠠᠷᠮᠠᠭᠠᠢ ᠠᠵᠢᠯᠴᠢᠨ ᠪᠤᠯᠤᠭᠰᠠᠨ᠂ 2001 ᠤᠨ ᠳᠤ | ᠦᠨᠳᠦᠷ ᠨᠠᠰᠤᠨ ᠤ ᠲᠡᠳᠭᠦᠪᠦᠷᠢ ᠲᠤ ᠭᠠᠷᠤᠭᠰᠠᠨ ᠪᠠᠶᠢᠯ᠎ᠠ᠃ ᠭᠡᠪᠡᠴᠦ ᠲᠡᠷᠡ ᠪᠡᠶ᠎ᠡ ᠠᠮᠵᠢᠭᠰᠠᠨ ᠦᠭᠡᠢ ᠪᠠᠷ | ᠲᠤᠮᠳᠠᠭᠤᠪᠢ ᠠᠶᠢᠮᠠᠭ ᠤᠨ ︽ᠭᠠᠩ ᠢᠯᠴᠢ ᠺᠤᠮᠫᠠᠨᠢ︾ ᠳᠤ ᠬᠦᠷᠴᠦ ᠠᠵᠢᠯᠯᠠᠵᠦ᠂ ᠬᠡᠳᠦᠶᠢᠪᠡᠷ ᠨᠠᠰᠤ | ᠠᠭᠰᠢᠷᠠᠭᠰᠠᠨ ᠪᠤᠯᠪᠠᠴᠤ ᠮᠠᠰᠢ ᠬᠠᠷᠢᠭᠤᠴᠠᠯᠭᠠᠳᠠᠢ ᠪᠠᠷ ᠠᠵᠢᠯ ᠡᠬᠦᠷᠭᠡ ᠪᠠᠨ ᠪᠡᠶᠡᠯᠡᠭᠦᠯᠵᠦ ᠢᠷᠡᠭᠰᠡᠨ ᠢᠶᠠᠷ ᠺᠤᠮᠫᠠᠨᠢ | ᠶᠢᠨ ᠤᠯᠠᠨ ᠤ ︽ᠠᠮᠪᠠ︾ ᠡᠷᠭᠦᠮᠵᠢᠯᠡᠭᠳᠡᠨ ᠢᠳᠡᠭᠡᠯ ᠬᠦᠨᠳᠦᠳᠭᠡᠯ ᠢ ᠤᠯᠵᠦ ᠡᠳᠦᠭᠡ ᠳᠤᠷ ᠬᠦᠷᠳᠡᠯ᠎ᠡ ᠨᠡᠶᠢᠭᠡᠮ | ᠨᠡᠶᠢᠳᠡ ᠳᠤ ᠬᠦᠴᠦᠨ ᠴᠢᠷᠮᠠᠶᠢᠯᠭ᠎ᠠ ᠪᠠᠨ ᠦᠵᠡᠭᠦᠯᠦᠭᠰᠡᠭᠡᠷ ᠢᠷᠡᠪᠡ᠃ ᠲᠡᠷᠡ ᠮᠠᠯ ᠠᠵᠦ ᠠᠬᠤᠢ᠂ ᠲᠡᠮᠦᠷ ᠵᠠᠮ ᠤᠨ | ᠦᠢᠯᠡᠰ᠂ ᠠᠭᠤᠷᠬᠠᠢ ᠠᠬᠤᠶᠢᠯᠠᠯ ᠵᠡᠷᠭᠡ ᠤᠯᠠᠨ ᠠᠵᠢᠯ ᠤᠨ ᠹᠷᠣᠨᠲ ᠲᠡᠭᠡᠷ᠎ᠡ 67 ᠵᠢᠯ ᠨᠢᠭᠡᠨ ᠡᠳᠦᠷ ᠮᠡᠳᠦ | ᠠᠵᠢᠯᠯᠠᠪᠠ᠃ ᠨᠠᠶᠠᠨ ᠲᠠᠪᠤᠨ ᠦᠨᠳᠦᠷ ᠨᠠᠰᠤ ᠬᠦᠷᠳᠡᠯ᠎ᠡ ᠠᠵᠢᠯᠯᠠᠳᠠᠭ ᠡᠶᠢᠮᠦ ᠪᠤᠭᠤᠷᠤᠯ ᠲᠡᠯᠡᠬᠡᠢ ᠶᠢᠨ ᠲᠡᠤᠬᠡᠨ ᠳᠤ | ᠶᠡᠭᠡ ᠬᠤᠪᠤᠷ ᠪᠠᠶᠢᠬ᠎ᠠ︕ ᠮᠤᠩᠭᠤᠯ ᠤᠯᠤᠰ ᠠᠴᠠ ᠬᠦᠩᠭᠠᠷᠠᠪᠳᠠᠨ ᠭᠤᠸᠠᠢ ᠶᠢᠨ ᠡᠨᠡᠬᠦ ᠮᠢᠳᠠᠷᠠᠰᠢ ᠦᠭᠡᠢ ᠵᠤᠷᠢᠭ | ᠰᠠᠨᠠᠭ᠎ᠠ ᠶᠢ ᠦᠨᠳᠦᠷ ᠦᠨᠡᠯᠡᠵᠦ ︽ᠬᠦᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠤᠳᠤᠨ︾ ᠢᠶᠠᠷ | ᠱᠠᠩᠨᠠᠭᠤᠯᠤᠭᠰᠠᠨ ᠪᠠᠶᠢᠨ᠎ᠠ᠃ ᠦᠨᠦᠳᠦᠷ ᠲᠤᠮᠳᠠᠭᠤᠪᠢ ᠠᠶᠢᠮᠠᠭ ᠤᠨ ︽ᠭᠠᠩ ᠢᠯᠴᠢ ᠺᠤᠮᠫᠠᠨᠢ︾᠂ ᠦᠵᠦᠮᠦᠴᠢᠨ | ᠰᠤᠳᠤᠯᠤᠯ ᠢ ᠲᠡᠮᠵᠢᠬᠦ ᠨᠡᠶᠢᠭᠡᠮᠯᠢᠭ ᠠᠴᠠ ᠨᠠᠰᠤᠳᠠᠨ ᠭᠤᠸᠠᠢ ᠳᠤ ᠮᠢᠯᠢᠶᠠᠯᠭ᠎ᠠ ᠶᠢᠨ ᠨᠠᠶᠢᠷ ᠬᠢᠵᠦ ᠲᠤᠷᠠᠰᠬᠠᠨ | ᠲᠡᠮᠳᠡᠭᠯᠡᠵᠦ ᠪᠠᠶᠢᠭ᠎ᠠ ᠶᠠᠪᠤᠳᠠᠯ ᠪᠤᠯ ᠴᠢᠬᠤᠯᠠ ᠤᠳᠤᠬᠢ ᠠᠴᠢ ᠬᠤᠯᠪᠤᠭᠳᠠᠯ ᠲᠠᠢ ᠦᠢᠯᠡ ᠶᠠᠪᠤᠳᠠᠯ ᠪᠤᠯᠬᠤ ᠶᠤᠮ᠃ | ᠮᠤᠩᠭᠤᠯ ᠤᠯᠤᠰ ᠤᠨ ᠢᠷᠭᠡᠨ᠂ ᠦᠵᠦᠮᠦᠴᠢᠨ ᠤ ᠵᠢᠭᠠᠬᠠᠨ ᠸᠠᠩ ︵ᠰᠤᠳᠨᠠᠮᠳᠤᠪᠵᠠᠢ︶ ᠪᠤᠯ ᠴᠢᠩᠭᠢᠰ | ᠬᠠᠭᠠᠨ ᠤ ᠠᠯᠳᠠᠨ ᠤᠷᠤᠭᠳᠠᠨ ᠤ ᠦᠷ᠎ᠡ ᠬᠤᠶᠢᠴᠢᠰ᠂ ᠮᠦᠨᠴᠦ ᠨᠢᠭᠡᠨ ᠲᠡᠤᠬᠡᠨ ᠬᠦᠮᠦᠨ ᠮᠦᠨ᠃ ᠦᠵᠦᠮᠦᠴᠢᠨ | ᠤ ᠲᠡᠤᠬᠡᠨ ᠳᠠᠬᠢ ᠬᠠᠮᠤᠭ ᠡᠴᠦᠰ ᠤᠨ ᠪᠡᠶᠢᠯᠡ ᠸᠠᠩ ᠭᠡᠬᠦ ᠲᠡᠤᠬᠡᠨ ᠬᠠᠭᠤᠳᠠᠰᠤᠨ ᠳᠤ ᠨᠠᠷᠠ ᠨᠢ ᠲᠤᠷᠠᠶᠢᠵᠦ | ᠪᠠᠶᠢᠬᠤ ᠪᠠᠷ ᠦᠯᠦ ᠪᠠᠷᠠᠮ ᠪᠠᠰᠠ ᠦᠵᠦᠮᠦᠴᠢᠨ ᠲᠡᠤᠬᠡ ᠶᠢᠨ ᠠᠴᠢᠶᠠᠯᠠᠪᠤᠷᠢ ᠪᠠ ᠦᠷᠭᠦᠯᠵᠢᠯᠡᠬᠦᠯᠬᠦ ᠦᠢᠯᠡᠳᠦᠯ ᠢ | ᠭᠠᠷᠭᠠᠭᠰᠠᠨ ᠶᠤᠮ᠃ 2015 ᠤᠨ ᠳᠤ ᠦᠵᠦᠮᠦᠴᠢᠨ ᠵᠡᠭᠦᠨ ᠭᠠᠷᠤᠨ ᠬᠤᠰᠢᠭᠤᠨ ᠤ ᠤᠯᠠᠮᠵᠢᠯᠠᠯᠳᠤ ᠬᠦᠳᠡᠭᠡ | ᠰᠦᠯᠳᠡ ᠶᠢᠨ ᠲᠠᠬᠢᠯᠭ᠎ᠠ ᠶᠢ ᠰᠡᠷᠭᠦᠭᠡᠨ ᠦᠢᠯᠡᠳᠦᠬᠦ ᠶᠢ ᠵᠦᠪᠰᠢᠶᠡᠷᠡᠭᠰᠡᠨ ᠪᠦᠭᠡᠳ ᠰᠦᠯᠳᠡᠨ ᠤ ᠨᠡᠭᠡᠭᠡᠯᠳᠡ ᠶᠢᠨ | ᠶᠤᠰᠤᠯᠠᠯ ᠳᠤ ᠪᠡᠶ᠎ᠡ ᠪᠠᠷ ᠢᠶᠠᠨ ᠤᠷᠤᠯᠴᠠᠨ᠂ ᠵᠡᠭᠦᠨ ᠦᠵᠦᠮᠦᠴᠢᠨ ᠬᠤᠰᠢᠭᠤᠨ ᠤ ᠬᠤᠰᠢᠭᠤ ᠲᠠᠷᠤᠭ᠎ᠠ | ᠪᠦᠬᠡᠴᠢᠯᠠᠭᠤ ᠶᠢᠨ ᠬᠠᠮᠳᠤ ᠬᠦᠰᠢᠭᠡ ᠰᠡᠭᠦᠵᠦ ᠤᠯᠠᠨ ᠤ ᠮᠡᠯᠮᠡᠢ ᠳᠤ ᠵᠤᠯᠭᠠᠭᠤᠯᠤᠭᠰᠠᠨ ᠪᠠᠶᠢᠭ᠎ᠠ ᠶᠤᠮ᠃ 2018 | ᠤᠨ ᠤ ᠵᠡᠭᠦᠨ ᠦᠵᠦᠮᠦᠴᠢᠨ ᠬᠤᠰᠢᠭᠤᠨ ᠤ ᠬᠦᠳᠡᠭᠡ ᠰᠦᠯᠳᠡ ᠶᠢᠨ ᠲᠠᠬᠢᠯᠭ᠎ᠠ ᠳᠤ ᠲᠠᠬᠢᠨᠳᠠ ᠢᠷᠡᠵᠦ ᠤᠷᠤᠯᠴᠠᠨ | ᠲᠡᠭᠡᠳᠦ ᠶᠢᠨ ᠭᠡᠭᠡᠨ ᠢᠶᠠᠨ ᠪᠠᠶᠠᠷᠯᠠᠭᠤᠯᠤᠭᠰᠠᠨ ᠢᠶᠠᠷ ᠪᠠᠷᠠᠬᠤ ᠦᠭᠡᠢ ᠦᠵᠦᠮᠦᠴᠢᠨ ᠨᠤᠲᠤᠭ ᠲᠤ ᠴᠢᠩᠭᠢᠰ ᠬᠠᠭᠠᠨ | ᠤ ᠲᠠᠬᠢᠯᠭ᠎ᠠ ᠶᠢ ᠤᠯᠠᠮᠵᠢᠯᠠᠨ ᠦᠪᠯᠡᠬᠦ ᠳᠤ ᠬᠤᠪᠢ ᠨᠡᠮᠡᠷᠢ ᠪᠠᠨ ᠦᠵᠡᠭᠦᠯᠪᠡ᠃ ᠡᠨᠡ ᠪᠤᠯ ᠦᠨᠡᠯᠡᠭᠦᠰᠢᠳᠡᠢ ᠨᠢᠭᠡᠨ | ᠲᠡᠤᠬᠡᠨ ᠶᠠᠪᠤᠳᠠᠯ ᠪᠤᠯᠤᠨ ᠲᠡᠮᠳᠡᠭᠯᠡᠭᠳᠡᠵᠦ ᠪᠤᠢ᠃ ᠦᠵᠦᠮᠦᠴᠢᠨ ᠠᠶᠢᠮᠠᠭ ᠬᠡᠳᠦᠶᠢᠪᠡᠷ ᠲᠤᠮᠳᠠᠳᠤ ᠮᠤᠩᠭᠤᠯ ᠬᠤᠶᠠᠷ | ᠤᠯᠤᠰ ᠲᠤ ᠠᠵᠦ ᠲᠦᠷᠦᠨ ᠠᠮᠢᠳᠤᠷᠠᠨ ᠪᠠᠶᠢᠪᠠᠴᠤ ᠤᠳᠤᠮ ᠤᠭᠰᠠᠭ᠎ᠠ ᠨᠢᠭᠡᠳᠡᠢ᠂ ᠦᠬᠡ ᠬᠡᠯᠡ ᠨᠢᠭᠡᠳᠡᠢ᠂ ᠲᠡᠤᠬᠡ | ᠰᠤᠶᠤᠯ ᠨᠢ ᠨᠢᠭᠡᠳᠡᠢ ᠪᠠᠶᠢᠳᠠᠭ ᠢᠶᠠᠷ ᠬᠤᠵᠢᠮ ᠬᠤᠶᠠᠷ ᠤᠯᠤᠰ ᠤᠨ ᠰᠤᠶᠤᠯ ᠤᠨ ᠬᠠᠷᠢᠯᠴᠠᠭᠠᠨ ᠳᠤ ᠭᠡᠰᠡᠨ᠂ ᠠᠵᠦ | ᠠᠬᠤᠢ ᠶᠢᠨ ᠰᠤᠯᠢᠴᠠᠭᠠᠨ ᠳᠤ ᠴᠤ ᠭᠡᠰᠡᠨ ᠨᠢᠭᠡᠨ ᠡᠶ᠎ᠡ ᠨᠡᠶᠢᠷ ᠲᠠᠢ᠂ ᠬᠤᠶᠠᠷ ᠤᠯᠤᠰ ᠤᠨ ᠨᠦᠬᠦᠷᠯᠡᠯ ᠳᠤ | ᠠᠰᠢᠭᠳᠠᠢ ᠨᠢᠭᠡᠨ ᠰᠤᠶᠤᠯ ᠤᠨ ᠭᠢᠯᠡᠰ ᠴᠢᠭ ᠢᠶᠠᠷ ᠲᠤᠲᠤᠷᠠᠨ᠎ᠠ ᠭᠡᠳᠡᠭ ᠲᠤ ᠢᠳᠡᠭᠡᠯᠳᠡᠢ ᠪᠠᠶᠢᠨ᠎ᠠ ᠭᠡᠵᠦ ᠤ᠂ | ᠶᠤᠨᠳᠤᠨ ᠢᠶᠠᠷ ᠤᠯᠠᠨ ᠳᠤ ᠬᠠᠨᠳᠤᠨ ᠨᠠᠶᠢᠳᠠᠨ ᠤᠴᠢᠷᠯᠠᠵᠠᠢ᠃ | ᠪᠠᠶᠠᠷ ᠤᠨ ᠶᠠᠷᠢᠶᠠᠨ ᠤ ᠲᠠᠷᠠᠭ᠎ᠠ᠂ ᠲᠤᠮᠳᠠᠭᠤᠪᠢ ᠠᠶᠢᠮᠠᠭ ᠤᠨ ᠲᠠᠭᠤᠯᠠᠯᠳᠤ ᠵᠦᠴᠦᠭᠡ ᠶᠢᠨ ᠪᠦᠯᠬᠦᠮ ᠤᠨ | ᠰᠢᠯᠢᠳᠡᠭ ᠲᠤᠭᠯᠠᠯᠳᠠ ᠶᠢ ᠰᠤᠨᠢᠷᠬᠠᠪᠠ᠃ ᠲᠤᠭᠯᠠᠯᠳᠠ ᠶᠢᠨ ᠲᠠᠯᠠᠪᠠᠢ ᠶᠢᠨ ᠵᠠᠰᠠᠯ ᠤᠨᠴᠤᠭᠤᠢ ᠰᠠᠶᠢᠬᠠᠨ ᠨᠢᠳᠦ | ᠬᠢᠯᠠᠰᠤᠮ᠎ᠠ ᠪᠠᠶᠢᠵᠦ᠂ ᠭᠡᠷᠡᠯ ᠤᠨ ᠲᠤᠬᠢᠷᠠᠭᠤᠯᠭ᠎ᠠ ᠵᠤᠬᠢᠮᠵᠢᠳᠡᠢ᠂ ᠲᠤᠭᠯᠠᠭᠴᠢ ᠶᠢᠨ ᠬᠤᠪᠴᠠᠰᠤ ᠵᠠᠰᠠᠯ ᠦᠵᠡᠮᠵᠢᠳᠡᠢ | ᠂ ᠲᠠᠭᠤᠯᠠᠯᠭ᠎ᠠ ᠶᠢᠨ ᠤᠷᠠᠯᠢᠭ ᠡᠳᠡᠭᠡᠳ ᠡᠭᠡᠰᠢᠭᠯᠡᠩ ᠲᠠᠢ᠃ ᠬᠠᠯᠬ᠎ᠠ ᠠᠷᠠᠳ ᠤᠨ ᠤᠷᠳᠤ ᠶᠢᠨ ᠲᠠᠭᠤᠤ᠂ ᠪᠤᠭᠤᠨᠢ | ᠲᠠᠭᠤᠤ᠂ ᠮᠤᠩᠭᠤᠯ ᠤᠷᠠᠨ ᠪᠦᠵᠢᠭ᠂ ᠮᠤᠷᠢᠨ ᠬᠤᠭᠤᠷ ᠪᠤᠯᠤᠨ ᠮᠤᠩᠭᠤᠯ ᠶᠠᠳᠤᠭ᠎ᠠ ᠶᠢᠨ ᠭᠤᠴᠤᠯᠠᠯ᠂ | ᠦᠵᠦᠮᠦᠴᠢᠨ ᠠᠷᠠᠳ ᠤᠨ ᠲᠠᠭᠤᠤ ᠵᠡᠷᠭᠡ ᠤᠯᠠᠨ ᠰᠠᠶᠢᠬᠠᠨ ᠲᠦᠷᠰᠦᠯᠡᠯ ᠪᠦᠬᠦᠢ ᠲᠠᠭᠤᠤ ᠬᠤᠭᠤᠯᠠᠢ ᠶᠢᠨ ᠤᠷᠠᠯᠢᠭ | ᠤᠨ ᠭᠤᠶᠤᠮᠰᠤᠭ ᠢ ᠰᠤᠨᠢᠷᠬᠠᠭᠤᠯᠪᠠ᠃ ᠪᠢᠳᠡ ᠤᠷᠠᠨ ᠰᠠᠶᠢᠬᠠᠨ ᠤ ᠲᠤᠭᠯᠠᠯᠳᠠ ᠶᠢ ᠰᠡᠳᠭᠢᠯ ᠪᠠᠭ᠋ᠠᠳᠤᠨ | ᠰᠤᠨᠢᠷᠬᠠᠵᠦ ᠦᠵᠡᠭᠰᠰᠡᠨ ᠢᠶᠠᠨ᠄ ︽ᠶᠠᠮᠠᠷ ᠰᠠᠶᠢᠬᠠᠨ ᠲᠤᠭᠯᠠᠯᠳᠠ ᠪᠤᠢ᠂ ᠲᠠᠭᠤᠴᠢᠳ ᠪᠦᠵᠢᠭᠴᠢᠳ ᠤᠨ ᠠᠪᠢᠶᠠᠰ | ᠴᠢᠳᠠᠪᠤᠷᠢ ᠢᠶᠠᠷ ᠦᠵᠡᠬᠦ ᠳᠤ ᠶᠡᠭᠡ ᠦᠨᠳᠦᠷ ᠪᠤᠯᠪᠠᠰᠤᠷᠠᠯ ᠲᠠᠢ ᠬᠦᠮᠦᠰ ᠪᠠᠶᠢᠨ᠎ᠠ ᠰᠢᠤ︾ ᠭᠡᠬᠦ ᠳᠤ ᠭᠠᠩᠪᠠᠳᠤ | ᠭᠤᠸᠠᠢ ᠤᠮᠤᠭᠯᠠᠩᠭᠤᠢ ᠪᠠᠷ᠄ ︽ᠲᠡᠶᠢᠮᠦ ᠰᠢᠤ᠂ ᠮᠠᠨ ᠤ ᠲᠤᠮᠳᠠᠭᠤᠪᠢ ᠶᠢᠨ ᠲᠠᠭᠤᠯᠠᠯᠳᠤ ᠵᠦᠴᠦᠭᠡ ᠶᠢᠨ ᠪᠦᠯᠬᠦᠮ | ᠪᠤᠯ ᠮᠤᠩᠭᠤᠯ ᠤᠯᠤᠰ ᠲᠠᠭᠠᠨ ᠪᠠᠰᠠ ᠠᠯᠳᠠᠷᠳᠠᠢ᠂ ᠭᠠᠳᠠᠭᠠᠳᠤ ᠳᠤ ᠭᠠᠷᠴᠤ ᠲᠤᠭᠯᠠᠳᠠᠭ ᠤᠯᠤᠰ ᠶᠤᠮ ᠳ᠋ᠠ︕︾ | ᠭᠡᠨ᠎ᠡ᠃ ᠲᠤᠭᠯᠠᠯᠳᠠ ᠨᠢ ᠤᠯᠠᠨ ᠤ ᠬᠠᠯᠠᠭᠤᠨ ᠠᠯᠠᠭ᠎ᠠ ᠲᠠᠰᠢᠯᠳᠠ᠂ ︽ᠨᠠᠶᠢᠷᠯᠠᠨ ᠪᠦᠵᠢᠭᠯᠡᠶ᠎ᠡ︾ ᠭᠡᠬᠦ ᠤᠷᠠᠨ | ᠪᠦᠵᠢᠭ ᠤᠨ ᠬᠦᠷ ᠬᠦᠭᠵᠢᠶᠡᠨ ᠤ ᠲᠤᠮᠳᠠ ᠠᠮᠵᠢᠯᠳᠠ ᠲᠠᠢ ᠦᠨᠳᠦᠷᠯᠡᠪᠡ᠃ ᠦᠳᠡ ᠠᠴᠠ ᠬᠤᠶᠢᠰᠢ ᠰᠤᠶᠤᠯᠠᠩ | ᠮᠤᠷᠢ ᠪᠤᠯᠤᠨ ᠲᠠᠭ᠎ᠠ ᠶᠢᠨ ᠤᠷᠤᠯᠳᠤᠭᠠᠨ ᠶᠠᠪᠤᠭᠤᠯᠤᠭᠰᠠᠨ᠂ ᠨᠠᠶᠢᠷᠠᠭᠳᠠᠭᠰᠠᠨ ᠮᠤᠷᠢᠳ ᠢ ᠰᠦ ᠴᠠᠭ᠎ᠠ ᠪᠠᠷ | ᠮᠢᠯᠢᠶᠠᠭᠰᠠᠨ ᠢᠶᠠᠨ ᠴᠤᠯᠠ ᠶᠢ ᠨᠢ ᠲᠠᠭᠤᠳᠠᠵᠦ᠂ ᠮᠠᠩᠨᠠᠢ ᠶᠢᠨ ᠮᠧᠲᠠᠯ ᠪᠠ ᠡᠳ᠋ ᠪᠤᠳᠠᠰ ᠤᠨ ᠱᠠᠩᠨᠠᠯ ᠤᠯᠭᠤᠭᠰᠠᠨ | ᠪᠠᠶᠢᠨ᠎ᠠ᠃ | ᠤᠷᠤᠢ ᠨᠢ ᠠᠶᠢᠮᠠᠭ ᠤᠨ ᠰᠤᠶᠤᠯ ᠤᠨ ᠦᠷᠭᠦᠭᠡᠨ ᠳᠤ ᠤᠭᠳᠤᠯᠭ᠎ᠠ ᠵᠤᠴᠢᠯᠭ᠎ᠠ ᠶᠢᠨ ᠨᠠᠶᠢᠷ ᠪᠤᠯᠪᠠ᠃ | ᠲᠢᠩᠬᠢᠮ ᠨᠢ ᠬᠤᠶᠠᠷ ᠲᠠᠪᠬᠤᠷ ᠠᠰᠠᠷᠯᠢᠭ ᠮᠤᠩᠭᠤᠯ ᠭᠡᠷ ᠤᠨ ᠬᠡᠯᠪᠡᠷᠢ ᠲᠠᠢ ᠭᠤᠸᠠᠯᠢᠭ ᠪᠠᠷᠢᠯᠭ᠎ᠠ ᠪᠠᠶᠢᠭᠰᠠᠨ | ᠪᠦᠭᠡᠳ ᠭᠡᠷ ᠲᠤᠲᠤᠷ᠎ᠠ ᠤᠷᠤᠪᠠᠯ ᠠᠭᠤᠵᠢᠮ ᠰᠠᠷᠠᠭᠤᠯᠭᠠᠨ ᠭᠡᠳᠡᠭ ᠨᠢ ᠡᠳᠡᠭᠡᠳ ᠰᠠᠶᠢᠬᠠᠨ ᠬᠠᠷᠠᠭᠳᠠᠨ᠎ᠠ᠃ | ᠬᠤᠶᠢᠮᠦᠷ ᠬᠠᠨ᠎ᠠ ᠲᠠᠭᠠᠭᠤᠯᠤᠨ ᠮᠤᠩᠭᠤᠯ ᠤᠨ ᠶᠡᠭᠡ ᠬᠠᠭᠠᠳ ᠤᠨ ᠭᠤᠴᠢ ᠭᠠᠷᠤᠢ ᠬᠦᠷᠦᠭ ᠢ ᠡᠩᠨᠡᠭᠦᠯᠦᠨ | ᠡᠯᠭᠦᠵᠦ᠂ ᠡᠵᠡᠨ ᠴᠢᠩᠭᠢᠰ ᠤᠨ ᠬᠦᠷᠦᠭ ᠲᠦᠪ ᠲᠤᠮᠳᠠ ᠨᠢ ᠰᠠᠭᠠᠳᠠᠭᠰᠠᠨ ᠢᠶᠠᠷ ᠤᠯᠠᠮ ᠲᠤᠬᠢᠯᠢᠭ ᠰᠦᠷᠯᠡᠭᠦᠨ | ᠪᠤᠯᠵᠠᠢ᠃ ᠨᠠᠢᠮᠠᠨ ᠲᠤᠯᠭᠠᠭᠤᠷᠢᠳᠦ ᠡᠨᠡ ᠲᠤᠮᠤ ᠭᠡᠷ ᠤᠨ ᠪᠠᠭᠳᠠᠭᠠᠮᠵᠢ ᠶᠢ ᠪᠠᠷᠤᠭ ︽ᠮᠢᠩᠭᠠᠨ ᠬᠤᠨᠢᠨ ᠤ ᠬᠤᠳᠠ︾ | ᠴᠢᠨᠡᠭᠡ ᠭᠡᠮᠡᠷ ᠠᠭᠤᠵᠢᠮ ᠨᠢᠵᠢᠭᠡᠷ ᠪᠠᠶᠢᠯ᠎ᠠ᠃ ᠭᠤᠶᠤᠮᠰᠤᠭ ᠰᠠᠶᠢᠯᠪᠦᠷᠢᠳᠡᠢ ᠦᠷᠭᠡᠨ ᠰᠢᠷᠡᠭᠡ ᠶᠢᠨ ᠲᠡᠭᠡᠷ᠎ᠡ ᠬᠠᠯᠬ᠎ᠠ | ᠶᠢᠨ ᠬᠦᠨᠳᠦᠳᠭᠡᠯ ᠤᠨ ᠶᠤᠰᠤᠯᠠᠯ ᠳᠤ ᠬᠡᠷᠡᠭᠯᠡᠳᠡᠭ ᠲᠤᠮᠤ ᠲᠠᠪᠠᠭ ᠢ ᠤᠯᠠ ᠪᠤᠤᠪᠤ ᠪᠠᠷ ᠵᠢᠭᠢᠷᠬᠡᠯᠡᠨ ᠴᠠᠭᠠᠨ ᠢᠳᠡᠭᠡᠨ | ᠢᠶᠠᠷ ᠪᠦᠷᠢᠵᠦ ᠨᠠᠮᠪᠠᠯᠢᠭ ᠵᠠᠰᠠᠵᠦ᠂ ᠬᠠᠵᠠᠭᠤ ᠳᠤᠨᠢ ᠪᠠᠰᠠ ᠨᠢᠭᠡᠨ ᠲᠤᠮᠤ ᠢᠷᠭᠡ ᠶᠢᠨ ᠰᠢᠭᠦᠰᠦ ᠲᠠᠯᠪᠢᠭᠠᠰᠤᠳᠠᠢ᠃ | ᠲᠤᠭᠤᠷᠢᠭᠤᠯᠤᠨ ᠵᠠᠰᠠᠭᠰᠠᠨ ᠠᠶᠠᠭᠠᠨ ᠰᠢᠷᠡᠭᠡ ᠲᠡᠭᠡᠷ᠎ᠡ ᠴᠠᠭᠠᠨ ᠢᠳᠡᠭᠡᠨ ᠤ ᠲᠠᠪᠠᠭ ᠭᠡᠳᠡᠯ᠎ᠡ ᠵᠢᠮᠢᠰᠯᠢᠭ ᠢᠳᠡᠭᠡᠨ ᠤ | ᠲᠠᠪᠠᠭ ᠭᠡᠳ ᠮᠠᠰᠢ ᠤᠯᠠᠨ ᠵᠦᠢᠯᠳᠡ ᠪᠠᠷ ᠲᠠᠩᠰᠤᠭᠯᠠᠨ ᠵᠠᠰᠠᠵᠠᠢ᠃ ᠭᠡᠷ ᠤᠨ ᠬᠤᠶᠢᠮᠦᠷ ᠲᠤ ᠤᠭᠠᠯᠵᠠᠨ ᠬᠡ | ᠪᠦᠬᠦᠢ ᠦᠨᠳᠦᠷ ᠲᠦᠰᠢᠯᠭᠡ ᠲᠠᠢ ᠬᠤᠶᠠᠷ ᠠᠭᠤᠵᠢᠮ ᠰᠠᠨᠳᠠᠯᠢ ᠲᠡᠭᠡᠷ᠎ᠡ ᠬᠦᠩᠭᠠᠷᠠᠪᠳᠠᠨ ᠨᠤᠶᠠᠨ ᠪᠤᠯᠤᠨ ᠲᠡᠭᠦᠨ ᠤ | ᠬᠠᠳᠤᠭᠳᠠᠢ ᠦᠯᠵᠡᠶᠢᠪᠠᠶᠠᠷ ᠮᠤᠷᠢᠯᠠᠨ ᠰᠠᠭᠠᠳᠠᠬᠤ ᠳᠤ ᠪᠢᠳᠡ ᠬᠤᠶᠠᠷ ᠲᠠᠯ᠎ᠠ ᠳᠤᠨᠢ ᠵᠢᠭᠦᠷᠯᠡᠨ ᠰᠠᠭᠤᠵᠠᠭᠠᠪᠠ᠃ | ᠬᠦᠨᠳᠦᠳᠭᠡᠯ ᠤᠨ ᠨᠠᠶᠢᠷ ᠢ ᠭᠠᠩ ᠢᠯᠴᠢ ᠺᠤᠮᠫᠠᠨᠢ ᠵᠤᠬᠢᠶᠠᠨ ᠪᠠᠶᠢᠭᠤᠯᠤᠨ ᠵᠠᠰᠠᠵᠦ᠂ ᠵᠠᠬᠢᠷᠤᠯ ᠭᠠᠩᠪᠠᠳᠤ | ᠡᠷᠬᠢᠯᠡᠵᠦ ᠶᠠᠪᠤᠭᠤᠯᠪᠠ᠃ ᠲᠡᠷᠡ ᠬᠡᠯᠡᠬᠦ ᠳᠡᠭᠡᠨ᠄ ︽ᠨᠠᠰᠤᠳᠠᠨ ᠪᠤᠯ ᠮᠢᠨᠤ ᠬᠠᠳᠠᠮ ᠠᠪᠤ ᠶᠤᠮ᠃ ᠨᠠᠮᠠᠶᠢ | ᠨᠡᠭᠦᠷᠡᠰᠦᠨ ᠠᠭᠤᠷᠬᠠᠢ ᠡᠷᠬᠢᠯᠡᠬᠦ ᠦᠶ᠎ᠡ ᠳᠤ ︿ᠭᠠᠩ ᠢᠯᠴᠢ ᠺᠤᠮᠫᠠᠨᠢ﹀ ᠳᠤ ᠢᠷᠡᠵᠦ ᠠᠵᠢᠯᠯᠠᠭᠰᠠᠨ᠂ ᠤᠳᠤ | ᠨᠢᠭᠡᠨᠳᠡ 18 ᠵᠢᠯ ᠪᠤᠯᠴᠢᠬᠠᠯ᠎ᠠ᠃ ᠠᠷᠪᠠᠨ ᠨᠠᠢᠮᠠᠨ ᠵᠢᠯ ᠤᠨ ᠲᠤᠷᠰᠢ ᠬᠠᠳᠠᠮ ᠠᠪᠤ ᠮᠢᠨᠢ ᠨᠠᠮᠠᠶᠢ ᠲᠦᠷᠦᠭᠰᠡᠨ ᠬᠦᠤ | ᠪᠠᠨ ᠰᠢᠭ᠋ ᠬᠠᠷᠠᠭᠠᠯᠵᠠᠨ ᠬᠠᠪᠰᠤᠷᠴᠦ᠂ ᠺᠤᠮᠫᠠᠨᠢ ᠶᠢᠨ ᠠᠵᠢᠯ ᠢ ᠭᠢᠯᠠᠷᠠᠳᠠᠯ᠎ᠠ ᠪᠡᠶᠡᠯᠡᠭᠦᠯᠵᠦ ᠢᠷᠡᠭᠰᠡᠨ᠂ ᠺᠤᠮᠫᠠᠨᠢ ᠶᠢᠨ | ᠭᠠᠳᠠᠨ᠎ᠠ ᠲᠤᠲᠤᠨ᠎ᠠ ᠠᠵᠢᠯ ᠳᠤ ᠬᠡᠵᠢᠶᠡᠳᠡ ᠰᠠᠨᠠᠭ᠎ᠠ ᠲᠠᠯᠪᠢᠵᠦ᠂ ᠮᠠᠰᠢ ᠬᠠᠷᠢᠭᠤᠴᠠᠯᠭ᠎ᠠ ᠲᠠᠢ ᠮᠠᠨᠠᠵᠦ ᠬᠠᠷᠠᠵᠦ | ᠪᠠᠶᠢᠳᠠᠭ ᠶᠤᠮ᠃ ᠺᠤᠮᠫᠠᠨᠢ ᠶᠢᠨ ᠶᠠᠭᠤᠮ᠎ᠠ ᠶᠢ ᠪᠤᠰᠤᠳ ᠲᠤ ᠨᠢᠭᠤᠷ ᠬᠠᠷᠠᠵᠦ ᠲᠠᠯ᠎ᠠ ᠵᠠᠰᠠᠬᠤ ᠶᠠᠪᠤᠳᠠᠯ ᠭᠡᠵᠦ | ᠪᠠᠶᠢᠳᠠᠭ ᠦᠭᠡᠢ᠃ ᠠᠵᠢᠯ ᠦᠢᠯᠡᠰ ᠲᠡᠭᠡᠨ ᠦᠨᠡᠨᠴᠢ ᠰᠢᠳᠦᠷᠭᠤ ᠶᠡᠭᠡ ᠬᠦᠨᠳᠦᠳᠭᠡᠯᠳᠡᠢ ᠨᠠᠰᠤᠳᠠᠨ ᠶᠤᠮ ᠡ︾ | ᠭᠡᠵᠦ ᠰᠡᠳᠭᠢᠯ ᠬᠦᠳᠡᠯᠤᠨ ᠶᠠᠷᠢᠵᠦ ᠪᠠᠶᠢᠭᠰᠠᠨ ᠢᠶᠠᠨ᠄ ︽ᠪᠢ ᠤᠳᠤ ᠠᠪᠤ ᠢᠶᠠᠨ ᠦᠳᠡᠯᠦᠭᠡ ᠨᠠᠰᠤᠨ ᠳᠤᠨᠢ | ᠵᠢᠷᠭᠠᠭᠤᠯᠤᠶ᠎ᠠ ᠬᠡᠮᠡᠨ ᠤᠯᠠᠭᠠᠠᠪᠠᠭᠠᠳᠤᠷ ᠬᠤᠳᠠ ᠳᠤ ᠭᠡᠷ ᠤᠷᠤᠨ ᠰᠠᠭᠤᠴᠠ ᠶᠢᠨ ᠭᠠᠵᠠᠷ ᠬᠤᠳᠠᠯᠳᠤᠨ ᠠᠪᠤᠭᠰᠠᠨ | ᠪᠦᠭᠡᠳ ᠲᠠᠷᠠᠭ᠎ᠠ ᠵᠢᠯ ᠠᠴᠠ ᠰᠢᠭᠦᠷᠳᠦ ᠠᠬ᠎ᠠ ᠲᠠᠢ ᠬᠤᠷᠰᠢᠵᠦ ᠪᠠᠷᠢᠭᠠᠳ᠂ ᠨᠠᠰᠤᠳᠠᠨ ᠳᠠᠭᠠᠨ ᠬᠤᠳᠠ ᠳᠤ ᠭᠡᠷ | ᠤᠷᠤᠨ ᠲᠠᠢ ᠪᠤᠯᠭᠠᠵᠦ ᠦᠭᠭᠦᠨ᠎ᠡ︾ ᠭᠡᠰᠡᠨ ᠢᠶᠠᠨ ᠤᠷᠤᠨ ᠰᠠᠭᠤᠴᠠ ᠶᠢᠨ ᠭᠠᠷ ᠭᠦᠢᠴᠡᠳᠭᠡᠯ ᠤᠨ ᠪᠢᠴᠢᠭ | ᠲᠠᠩᠰᠠ ᠶᠢ ᠬᠦᠩᠭᠠᠷᠠᠪᠳᠠᠨ ᠪᠤᠯᠤᠨ ᠲᠡᠭᠦᠨ ᠤ ᠬᠠᠳᠤᠨ ᠳᠤ ᠭᠠᠷᠳᠠᠭᠤᠯᠤᠨ ᠡᠷᠭᠦᠯ᠎ᠡ᠃ ᠡᠶᠢᠮᠦᠷᠬᠦ ᠬᠠᠶᠢᠷ᠎ᠠ | ᠬᠠᠯᠠᠮᠵᠢ ᠶᠢᠨ ᠨᠠᠨᠳᠢᠨ ᠭᠡᠯᠬᠢᠶ᠎ᠡ ᠮᠦᠩᠭᠦᠨ ᠭᠤᠤᠯ ᠪᠤᠯᠤᠨ ᠤᠷᠤᠰᠴᠤ ᠤᠷᠬᠢᠯᠬᠤ ᠳᠤ ᠡᠨᠡᠬᠦ ᠬᠦᠮᠦᠨ ᠤ ᠰᠡᠳᠭᠢᠯ ᠢ | ᠬᠦᠳᠡᠯᠭᠡᠮ᠎ᠡ ᠦᠢᠯᠡ ᠶᠠᠪᠤᠳᠠᠯ ᠳᠤ ᠰᠠᠭᠠᠳᠠᠭᠰᠠᠨ ᠤᠯᠠᠨ ᠪᠦᠬᠦᠳᠡᠭᠡᠷ ᠪᠠᠶᠠᠰᠴᠤ ᠠᠯᠠᠭ᠎ᠠ ᠲᠠᠰᠢᠨ ᠪᠠᠶᠠᠷ ᠬᠦᠷᠭᠡᠨ᠎ᠡ᠃ | | ᠭᠠᠩᠪᠠᠳᠤ ᠪᠤᠯ ᠬᠦᠳᠡᠷ ᠴᠢᠬᠢᠷᠠᠭ ᠴᠤᠭᠴᠠᠰ ᠲᠠᠢ ᠬᠡᠪ ᠲᠤᠮᠳᠠ ᠶᠢᠨ ᠪᠡᠶ᠎ᠡ ᠲᠠᠢ᠂ ᠰᠡᠳᠭᠢᠯ ᠢᠳᠡᠭᠡᠯ ᠢ | ᠡᠷᠬᠢᠮᠯᠡᠳᠡᠭ ᠲᠦᠪ ᠭᠤᠤᠯᠴᠢ ᠶᠢ ᠪᠠᠷᠢᠮᠳᠠᠯᠠᠳᠠᠭ ᠮᠤᠩᠭᠤᠯ ᠡᠷ᠎ᠡ ᠪᠤᠯᠬᠤ ᠶᠤᠮ᠃ ᠲᠡᠷᠡ ᠭᠠᠯ ᠵᠠᠯᠠᠭᠤ ᠨᠠᠰᠤᠨ | ᠳᠠᠭᠠᠨ ᠡᠷᠳᠡᠮ ᠮᠡᠷᠭᠡᠵᠢᠯ ᠢ ᠬᠠᠶᠢᠵᠦ᠂ ᠭᠠᠳᠠᠭᠠᠳᠤ ᠬᠦᠷᠦᠨ ᠳᠤ ᠭᠠᠷᠴᠤ᠂ ᠤᠷᠤᠰ ᠠᠩᠭ᠍ᠯᠢ ᠭᠧᠷᠮᠠᠨ ᠵᠡᠷᠭᠡ ᠤᠯᠠᠨ | ᠬᠡᠯᠡ ᠰᠤᠶᠤᠯ ᠳᠤ ᠨᠡᠪᠳᠡᠷᠡᠭᠰᠡᠨ ᠢᠶᠠᠷ ᠬᠠᠷᠠᠭ᠎ᠠ ᠪᠠᠨ ᠬᠤᠯᠠᠳᠬᠠᠵᠦ᠂ ᠲᠡᠯᠡᠬᠡᠢ ᠬᠠᠶᠢᠭᠰᠠᠨ ᠮᠡᠳᠡᠯᠭᠡ ᠮᠡᠳᠡᠴᠡ ᠲᠠᠢ | ᠪᠤᠯᠵᠦ ᠬᠦᠮᠦᠵᠢᠨ ᠶᠠᠪᠤᠭᠰᠠᠨ ᠪᠠᠶᠢᠵᠠᠢ᠃ ᠤᠯᠤᠰ ᠲᠠᠭᠠᠨ ᠬᠠᠷᠢᠭᠰᠠᠨ ᠤ ᠲᠠᠷᠠᠭ᠎ᠠ ᠦᠨᠳᠦᠰᠦᠨ ᠱᠠᠳᠤᠨ ᠤ ᠠᠯᠪᠠ | ᠠᠵᠢᠯ ᠪᠠ ᠠᠶᠢᠮᠠᠭ ᠤᠨ ᠱᠠᠳᠤᠨ ᠤ ᠤᠳᠤᠷᠢᠳᠬᠤ ᠠᠵᠢᠯ ᠵᠡᠷᠭᠡ ᠶᠢ ᠬᠠᠷᠢᠭᠤᠴᠠᠨ᠂ ᠤᠯᠤᠰ ᠭᠡᠷ ᠲᠡᠭᠡᠨ ᠤᠶᠤᠨ | ᠢᠶᠠᠨ ᠰᠢᠪᠬᠠᠨ ᠵᠢᠳᠭᠦᠯ ᠢᠶᠠᠨ ᠦᠵᠡᠭᠦᠯᠵᠦ ᠵᠠᠯᠠᠭᠤ ᠢᠳᠡᠷ ᠨᠠᠰᠤ ᠪᠠᠨ ᠵᠤᠷᠢᠭᠤᠯᠵᠦ ᠶᠠᠪᠤᠵᠠᠢ᠃ ᠵᠠᠰᠠᠭ ᠲᠦᠷᠦ | ᠶᠢᠨ ᠠᠵᠢᠯ᠂ ᠠᠵᠦ ᠠᠬᠤᠶᠢᠯᠠᠯ ᠤᠨ ᠠᠵᠢᠯ ᠠᠯᠢ ᠶᠢ ᠨᠢ ᠡᠷᠬᠢᠯᠡᠨ ᠬᠢᠭᠰᠡᠨ ᠴᠤ ᠠᠮᠵᠢᠯᠳᠠ ᠳᠤ ᠬᠦᠷᠳᠡᠭ ᠶᠢᠨ | ᠤᠴᠢᠷ ᠨᠡᠶᠢᠭᠡᠮ ᠨᠡᠶᠢᠳᠡ ᠮᠠᠯᠴᠢᠨ ᠤᠯᠠᠨ ᠳᠠᠭᠠᠨ ᠲᠤᠰᠠ ᠲᠡᠮᠵᠢᠯᠭᠡ ᠪᠤᠯᠵᠦ ᠶᠠᠪᠤᠳᠠᠭ ᠢᠶᠠᠷ ᠠᠷᠠᠳ ᠲᠦᠮᠡᠨ ᠤ | ᠪᠠᠨ ᠬᠦᠷᠢᠶᠡᠯᠡᠯ ᠢ ᠬᠦᠨ ᠤᠯᠤᠭᠰᠠᠨ ᠪᠠᠶᠢᠯ᠎ᠠ᠃ ᠤᠷᠳᠤ ᠬᠤᠭᠤᠴᠠᠭᠠᠨ ᠤ ᠲᠤᠷᠰᠢ ᠲᠡᠷᠡ ︽ᠭᠠᠩ ᠢᠯᠴᠢ | ᠺᠤᠮᠫᠠᠨᠢ︾ ᠶᠢ ᠪᠠᠶᠢᠭᠤᠯᠤᠨ ᠲᠠᠷᠤᠭᠠᠯᠠᠵᠦ᠂ ᠪᠦᠬᠦ ᠠᠶᠢᠮᠠᠭ ᠤᠨ ᠢᠯᠴᠢ ᠲᠤᠯᠠᠭᠠᠯᠭ᠎ᠠ ᠶᠢᠨ ᠠᠵᠢᠯ ᠢ ᠡᠷᠴᠢᠮᠳᠡᠢ | ᠬᠢᠵᠦ᠂ ᠨᠡᠶᠢᠭᠡᠮ ᠠᠷᠠᠳ ᠲᠠᠭᠠᠨ ᠬᠠᠯᠠᠭᠤᠨ ᠲᠤᠯᠠᠭᠠᠨ ᠢ ᠬᠦᠷᠭᠡᠵᠦ ᠪᠤᠶᠠᠨ ᠤ ᠦᠢᠯᠡᠰ ᠢ ᠬᠢᠵᠦ ᠵᠢᠳᠭᠦᠭᠰᠡᠭᠡᠷ ᠡ︕ | | ᠲᠤᠮᠳᠠᠭᠤᠪᠢ ᠠᠶᠢᠮᠠᠭ ᠤᠨ ᠲᠠᠭᠤᠯᠠᠯᠳᠤ ᠵᠦᠴᠦᠭᠡ ᠶᠢᠨ ᠪᠦᠯᠬᠦᠮ ᠤᠨ ᠬᠢᠨ ᠬᠦᠩᠭᠠᠷᠠᠪᠳᠠᠨ ᠤ ᠨᠠᠶᠢᠷ | ᠨᠠᠭᠠᠳᠤᠮ ᠳᠤ ᠲᠤᠰᠬᠠᠢ ᠵᠤᠷᠢᠭᠤᠯᠤᠭᠰᠠᠨ ᠡᠭᠡᠰᠢᠭ ᠲᠠᠭᠤᠤ ᠲᠠᠢ ᠤᠷᠠᠨ ᠰᠠᠶᠢᠬᠠᠨ ᠤ ᠲᠤᠭᠯᠠᠯᠳᠠ ᠭᠠᠷᠭᠠᠨ᠎ᠠ᠃ | ᠲᠦᠪ ᠲᠤᠮᠳᠠ ᠲᠠᠪᠠᠭᠯᠠᠨ ᠲᠠᠯᠪᠢᠭᠰᠠᠨ ᠢᠷᠭᠡ ᠶᠢᠨ ᠰᠢᠭᠦᠰᠦ ᠶᠢ ᠲᠡᠪᠰᠢᠬᠦᠯᠬᠦ ᠪᠠᠷ ᠵᠡᠭᠦᠨ ᠦᠵᠦᠮᠦᠴᠢᠨ | ᠬᠤᠰᠢᠭᠤᠨ ᠤ ᠢᠷᠦᠭᠡᠯᠴᠢ ᠪ᠊᠂ ᠨᠠᠷᠠᠠᠴᠤᠭᠳᠤ ᠠᠴᠠ ︽ᠢᠷᠭᠡ ᠶᠢᠨ ᠰᠢᠭᠦᠰᠦ ᠬᠦᠨᠳᠡᠬᠦ ᠢᠷᠦᠭᠡᠯ︾ ᠢ ᠬᠡᠯᠡᠭᠰᠡᠨ ᠤ | ᠲᠠᠷᠠᠭ᠎ᠠ᠂ ᠰᠦᠬᠡᠪᠠᠭᠠᠳᠤᠷ ᠠᠶᠢᠮᠠᠭ ᠤᠨ ᠡᠷᠳᠡᠨᠢᠴᠠᠭᠠᠨ ᠰᠤᠮᠤ ᠪᠠᠷ ᠨᠤᠲᠤᠭᠳᠠᠢ ᠬᠠᠳᠠᠬᠢᠨ ᠪ᠊᠂ ᠰᠢᠬᠦᠷᠳᠦ ᠭᠤᠸᠠᠢ | ᠢᠷᠭᠡ ᠶᠢᠨ ᠪᠦᠬᠦᠯᠢ ᠰᠢᠭᠦᠰᠦ ᠶᠢ ᠬᠦᠨᠳᠡᠵᠦ᠂ ᠲᠡᠭᠡᠵᠢ ᠶᠢ ᠨᠢ ᠭᠠᠯ ᠲᠤᠯᠭ᠎ᠠ ᠳᠤ ᠡᠷᠭᠦᠭᠰᠡᠨ ᠢᠶᠠᠨ ᠤᠭᠤᠴᠠ | ᠪᠤᠯᠭᠠᠨ ᠵᠠᠰᠠᠭᠰᠠᠨ ᠢᠶᠠᠷ ᠤᠯᠠᠨ ᠳᠤ ᠨᠤᠶᠠᠨ ᠤ ᠭᠡᠰᠢᠭ ᠪᠤᠯᠭᠠᠨ ᠲᠦᠭᠡᠭᠡᠨ᠎ᠡ᠃ ᠰᠢᠬᠦᠷᠳᠦ ᠪᠤᠯ 1943 ᠤᠨ ᠳᠤ | ᠡᠴᠢᠭᠡ ᠪᠠᠯᠵᠢᠨᠢᠩᠪᠤ ᠡᠬᠡ ᠪᠦᠳᠡᠳ ᠤᠨ ᠬᠤᠶᠠᠳᠤᠭᠠᠷ ᠬᠦᠪᠡᠭᠦᠨ ᠪᠤᠯᠵᠦ ᠲᠦᠷᠦᠵᠠᠢ᠃ ᠲᠡᠷᠡ ᠪᠠᠭ᠎ᠠ ᠨᠠᠰᠤᠨ | ᠠᠴᠠ ᠴᠢᠨ᠋ᠸ᠎ᠠ ᠭᠤᠤᠯ ᠤᠨ ᠰᠤᠷᠭᠠᠭᠤᠯᠢ ᠳᠤ ᠨᠠᠢᠮᠠᠨ ᠵᠢᠯ ᠤᠨ ᠲᠦᠷᠢᠮᠳᠤ ᠰᠤᠷᠭᠠᠭᠤᠯᠢ ᠳᠤ ᠰᠤᠷᠤᠯᠭ᠎ᠠ | ᠲᠡᠭᠦᠰᠭᠡᠭᠡᠳ ᠡᠷᠳᠡᠮ ᠰᠤᠶᠤᠯ ᠤᠨ ᠮᠦᠷ ᠬᠦᠭᠡᠭᠡᠵᠦ᠂ ᠤᠯᠤᠰ ᠤᠨ ᠠᠯᠪᠠᠨ ᠳᠤ ᠵᠢᠳᠭᠦᠵᠦ᠂ ᠤᠯᠤᠰ ᠤᠨ ᠡᠳ᠋ | ᠤᠨ ᠵᠠᠰᠠᠭ ᠤᠨ ᠠᠵᠢᠯ ᠳᠤ ᠭᠠᠪᠰᠢᠭᠠᠶᠢᠯᠠᠨ ᠠᠵᠢᠯᠯᠠᠵᠦ᠂ ︽ᠤᠯᠤᠰ ᠤᠨ ᠭᠠᠪᠢᠶᠠᠳᠦ ᠡᠳ᠋ ᠤᠨ ᠵᠠᠰᠠᠭᠴᠢ︾ | ᠪᠤᠯᠤᠭᠰᠠᠨ ᠮᠦᠷᠳᠡᠭᠡᠨ ᠬᠤᠵᠢᠮ ᠨᠢ ᠤᠯᠤᠰ ᠤᠨ ᠠᠵᠦ ᠠᠬᠤᠢ ᠶᠢᠨ ᠬᠦᠭᠵᠢᠯᠳᠡ ᠳᠤ ᠬᠤᠪᠢ ᠨᠡᠮᠡᠷᠢ ᠪᠠᠨ | ᠤᠷᠤᠭᠤᠯᠵᠦ᠂ ᠤᠯᠠᠨ ᠲᠦᠷᠦᠯ ᠤᠨ ᠬᠤᠪᠢ ᠶᠢᠨ ᠡᠵᠡᠩᠨᠡᠯᠳᠡ ᠶᠢᠨ ᠠᠵᠦ ᠠᠬᠤᠶᠢᠯᠠᠯ ᠪᠠᠶᠢᠭᠤᠯᠤᠨ ᠠᠰᠢᠭ | ᠤᠷᠤᠯᠭ᠎ᠠ ᠡᠭᠦᠳᠴᠤ ᠠᠮᠵᠢᠯᠳᠠ ᠳᠤ ᠬᠦᠷᠦᠭᠰᠡᠨ ᠪᠠᠶᠢᠭ᠎ᠠ ᠶᠤᠮ᠃ ᠲᠡᠷᠡ ᠪᠤᠯ ᠰᠤᠨᠤᠷ ᠠᠨᠠᠢ ᠲᠦᠯᠡᠢ ᠬᠦᠮᠦᠨ | ᠪᠤᠯᠪᠠᠴᠤ ᠺᠢᠷᠢᠯ ᠦᠰᠦᠭ ᠤᠨ ᠪᠢᠴᠢᠮᠡᠯ ᠢᠶᠠᠷ ᠬᠦᠮᠦᠨ ᠲᠠᠢ ᠨᠡᠪᠳᠡᠷᠡᠯᠴᠡᠨ ᠦᠪᠡᠷ ᠲᠡᠭᠡᠨ ᠪᠤᠯ ᠶᠠᠷᠢᠴᠢᠬᠠᠳᠠᠭ | ᠬᠦᠮᠦᠨ ᠪᠠᠶᠢᠯ᠎ᠠ᠃ | ᠮᠠᠨ ᠤ ᠪᠦᠯᠬᠦᠮ ᠤᠨ ᠤᠯᠠᠭᠤᠯᠠ ᠦᠵᠦᠮᠦᠴᠢᠨ ᠤ ᠪᠠᠨ ᠵᠤᠷᠰᠢᠯ ᠶᠤᠰᠤᠭᠠᠷ ᠸᠠᠩᠳᠠᠨ ᠳᠤ ᠵᠢᠯ | ᠤᠷᠤᠭᠤᠯᠬᠤ ᠶᠤᠰᠤᠨ ᠢ ᠭᠦᠢᠴᠡᠳᠭᠡᠪᠡ᠃ ᠰᠦᠯᠳᠡᠨ ᠲᠠᠭᠠᠭᠠᠮᠠᠯ ᠮᠦᠩᠬᠡᠪᠠᠭᠠᠳᠤᠷ ᠠᠴᠠ ᠵᠡᠭᠦᠨ ᠦᠵᠦᠮᠦᠴᠢᠨ | ᠬᠤᠰᠢᠭᠤᠨ ᠤ ᠬᠦᠳᠡᠭᠡ ᠰᠦᠯᠳᠡ ᠶᠢᠨ ᠵᠦᠪᠯᠡᠯ ᠢᠶᠠᠨ ᠲᠦᠯᠦᠭᠡᠯᠡᠨ ︽ᠤᠳᠤᠮ ᠵᠠᠯᠭᠠᠭᠰᠠᠠᠨ ᠬᠡᠷᠬᠢᠮ ᠤᠭᠰᠠᠭ᠎ᠠ | ᠤᠯᠠᠮᠵᠢᠯᠠᠭᠰᠠᠨ ᠴᠠᠳᠢᠭ︾ ᠬᠡᠮᠡᠬᠦ ᠤᠷᠠᠨ ᠪᠢᠴᠢᠯᠭᠡ ᠶᠢᠨ ᠡᠯᠭᠦᠮᠡᠯ ᠪᠤᠯᠤᠨ ᠮᠤᠷᠢᠨ ᠤ ᠭᠠᠤᠯᠢᠨ ᠱᠤᠭᠤᠮᠠᠯ | ᠲᠡᠷᠢᠭᠦᠳᠡᠨ ᠢ ᠪᠡᠯᠭᠡᠯᠡᠨ ᠬᠦᠷᠭᠡᠪᠡ᠃ ᠲᠡᠷᠢᠭᠦᠯᠡᠭᠴᠢ ᠲᠡᠮᠴᠤᠭ ᠵᠡᠭᠦᠨ ᠦᠵᠦᠮᠦᠴᠢᠨ ᠬᠤᠰᠢᠭᠤᠨ ᠤ ᠰᠤᠶᠤᠯ | ᠲᠡᠤᠬᠡ ᠶᠢᠨ ᠨᠡᠶᠢᠭᠡᠮᠯᠢᠭ ᠢᠶᠠᠨ ᠲᠦᠯᠦᠭᠡᠯᠡᠵᠦ ︽ᠲᠡᠭᠡᠳᠦᠰ ᠴᠢᠩᠭᠢᠰ ᠤᠨ ᠪᠤᠷᠵᠢᠭᠢᠨ ᠢᠵᠠᠭᠤᠷ ᠲᠡᠯᠡᠬᠡᠢ ᠳᠤ | ᠠᠤᠭ᠎ᠠ ᠠᠯᠳᠠᠨ ᠤᠷᠤᠭᠳᠠᠨ︾ ᠭᠡᠬᠦ ᠬᠡᠮᠡᠷᠯᠢᠭ ᠲᠤᠭ ᠪᠤᠯᠤᠨ ᠦᠵᠦᠮᠦᠴᠢᠨ ᠬᠤᠨᠢᠨ ᠤ ᠭᠠᠤᠯᠢᠨ ᠱᠤᠭᠤᠮᠠᠯ | ᠪᠡᠯᠭᠡᠯᠡᠵᠡᠢ᠃ ᠢᠷᠦᠭᠡᠯᠴᠢ ᠨᠠᠰᠤᠨᠮᠦ᠋ᠩᠭᠡ ᠪᠠᠷ ᠮᠦᠩᠭᠦᠨ ᠠᠶᠠᠭ᠎ᠠ ᠳᠤ ᠰᠠᠷᠬᠤᠳ ᠮᠡᠯᠮᠡᠯᠵᠡᠭᠦᠯᠦᠭᠰᠡᠨ ᠢᠶᠠᠨ ︽ | ᠠᠷᠢᠬᠢᠨ ᠢᠷᠦᠭᠡᠯ︾ ᠬᠡᠯᠡᠵᠦ᠂ ᠪᠦᠯᠬᠦᠮ ᠤᠨ ᠤᠯᠠᠨ ᠢᠶᠠᠷ ᠸᠠᠩᠳᠠᠨ ᠳᠤ ᠪᠠᠶᠠᠷ ᠤᠨ ᠬᠡᠮ ᠢᠶᠠᠨ ᠪᠠᠷᠢᠭᠰᠠᠨ ᠤ | ᠲᠠᠭᠠᠤ ᠳᠤ ︽ᠦᠰᠴᠤ ᠲᠦᠷᠦᠭᠰᠡᠨ ᠦᠵᠦᠮᠦᠴᠢᠨ ᠨᠤᠲᠤᠭ︾ ᠢᠶᠠᠨ ᠦᠨᠳᠦᠷ ᠲᠠᠭᠤᠨ ᠢᠶᠠᠷ ᠲᠠᠭᠤᠯᠠᠵᠦ | ᠡᠷᠭᠦᠭᠰᠡᠨ ᠳᠤ ᠨᠠᠰᠤᠳᠠᠨ ᠭᠤᠸᠠᠢ ᠪᠠᠶᠠᠷᠯᠠᠨ ᠲᠠᠯᠠᠷᠬᠠᠵᠦ ᠪᠠᠶᠢᠬᠤ ᠪᠠᠨ ᠢᠯᠡᠳᠭᠡᠨ ᠰᠠᠷᠬᠤᠳ ᠢ ᠬᠦᠨᠳᠦᠷᠴᠦ | ᠪᠠᠶᠢᠪᠠ᠃ | ᠠᠶᠢᠮᠠᠭ ᠤᠨ ᠲᠠᠭᠤᠯᠠᠯᠳᠤ ᠵᠦᠴᠦᠭᠡ ᠶᠢᠨ ᠪᠦᠯᠬᠦᠮ ᠤᠨ ᠠᠯᠳᠠᠷᠳᠦ ᠲᠠᠭᠤᠴᠢᠳ ᠤᠷᠳᠤ ᠶᠢᠨ ᠲᠠᠭᠤᠤ ᠪᠠᠨ | ᠬᠠᠩᠭᠢᠨᠠᠭᠤᠯᠤᠨ ᠤᠷᠠᠨ ᠪᠦᠵᠢᠭ ᠢᠶᠠᠨ ᠪᠦᠵᠢᠭᠯᠡᠵᠦ᠂ ᠨᠠᠶᠢᠷ ᠤᠨ ᠬᠦᠭ ᠦᠨᠳᠦᠷ ᠬᠡᠮᠵᠢᠶᠡᠨ ᠳᠤ ᠬᠦᠷᠴᠦ ᠪᠠᠶᠢᠯ᠎ᠠ᠃ | ᠦᠪᠦᠷ ᠮᠤᠩᠭᠤᠯ ᠤᠨ ᠬᠦᠯᠦᠨ ᠪᠤᠶᠢᠷ ᠠᠶᠢᠮᠠᠭ ᠤᠨ ᠡᠮᠡᠭᠳᠡᠢ ᠲᠠᠭᠤᠴᠢᠨ ᠠᠯᠳᠠᠠᠪᠤᠳᠢ ᠭᠤᠸᠠᠢ ︽ᠮᠤᠩᠭᠤᠯ ᠤᠨ | ᠲᠠᠯ᠎ᠠ ᠨᠤᠲᠤᠭ︾ ᠭᠡᠬᠦ ᠲᠠᠭᠤᠤ ᠪᠠᠨ ᠡᠷᠭᠦᠵᠦ ᠸᠠᠩᠳᠠᠨ ᠪᠤᠯᠤᠨ ᠤᠯᠠᠨ ᠤ ᠲᠠᠭᠠᠰᠢᠶᠠᠯ ᠳᠤ ᠬᠦᠷᠴᠦ ᠪᠠᠶᠢᠯ᠎ᠠ᠃ | ᠲᠦᠭᠦᠵᠢᠭᠡ ᠠᠯᠤᠰ ᠠᠴᠠ ᠢᠷᠡᠭᠡᠳ \ ᠲᠦᠭᠦᠷᠡᠩ ᠠᠮᠢᠰᠬᠤᠭ᠎ᠠ ᠠᠪᠬᠤ ᠳᠤ ᠮᠢᠨᠢ | ᠮᠦᠩᠭᠡ ᠶᠢᠨ ᠤᠰᠤ ᠶᠢ ᠠᠮᠰᠠᠬᠤ ᠰᠢᠭ᠋ \ ᠴᠠᠯᠮᠠᠨ ᠴᠠᠯᠮᠠᠨ ᠤᠤᠭᠤᠵᠢᠮ | ᠶᠠᠭᠠᠬᠢᠭᠰᠠᠨ ᠴᠡᠩᠬᠡᠭ ᠶᠤᠮ ᠪᠤᠢ \ ᠮᠤᠩᠭᠤᠯ ᠤᠨ ᠠᠷᠢᠭᠤᠨ ᠠᠭᠠᠷ | ᠶᠠᠭᠠᠬᠢᠭᠰᠠᠨ ᠴᠡᠯᠮᠡᠭ ᠶᠤᠮ ᠪᠤᠢ \ ᠮᠤᠩᠭᠤᠯ ᠤᠨ ᠬᠦᠭᠡ ᠲᠡᠭᠷᠢ | ᠠᠶᠠᠨ ᠤ ᠰᠢᠪᠠᠭᠤᠳ ᠤᠨ ᠴᠤᠪᠤᠭ᠎ᠠ \ ᠠᠯᠵᠢᠶᠠᠨ ᠴᠤᠴᠠᠵᠦ ᠭᠠᠳᠤᠯᠠᠭᠠᠳ | ᠠᠯᠠᠭ ᠨᠢᠳᠦᠨ ᠤ ᠦᠵᠦᠭᠦᠷ ᠲᠤ \ ᠬᠠᠶᠠᠭ᠎ᠠ ᠬᠢᠵᠠᠭᠠᠷ ᠦᠭᠡᠢ ᠴᠡᠯᠡᠶᠢᠭᠡᠳ | ᠶᠠᠮᠠᠷ ᠠᠭᠤᠳᠠᠮ ᠶᠤᠮ ᠪᠤᠢ \ ᠮᠤᠩᠭᠤᠯ ᠤᠨ ᠲᠠᠯ᠎ᠠ ᠨᠤᠲᠤᠭ | ᠶᠠᠭᠠᠬᠢᠭᠰᠠᠨ ᠠᠭᠤᠵᠢᠭᠤ ᠶᠤᠮ ᠪᠤᠢ \ ᠮᠤᠩᠭᠤᠯ ᠬᠦᠮᠦᠨ ᠤ ᠰᠡᠳᠭᠢᠯ ᠁ | ᠡᠨᠡ ᠤᠳᠠᠭ᠎ᠠ ᠶᠢᠨ ᠲᠠᠶᠢᠯᠠᠯᠭ᠎ᠠ ᠨᠢᠵᠢᠭᠡᠷ ᠶᠡᠭᠡ ᠪᠠᠶᠢᠵᠦ᠂ ᠪᠠᠷᠤᠭ ᠬᠤᠶᠠᠷ ᠵᠠᠭᠤᠨ ᠬᠦᠮᠦᠨ ᠳᠤ ᠬᠦᠷᠴᠠᠢ᠃ | ᠨᠡᠶᠢᠷ ᠠᠭᠠᠵᠢᠮ ᠪᠤᠯᠳᠠᠯ᠎ᠠ ᠦᠷᠭᠦᠯᠵᠢᠯᠡᠵᠦ᠂ ᠬᠤᠶᠠᠷ ᠤᠷᠤᠨ ᠤ ᠠᠷᠠᠳ ᠲᠦᠮᠡᠨ ᠤ ᠰᠤᠶᠤᠯ ᠤᠨ ᠭᠡᠯᠬᠢᠶ᠎ᠡ | ᠨᠦᠬᠦᠷᠯᠡᠯ ᠤᠨ ᠲᠠᠭᠤᠨ ᠪᠤᠯᠤᠨ ᠠᠭᠠᠷ ᠲᠤ ᠴᠤᠤᠷᠢᠶᠠᠳᠤᠨ᠎ᠠ᠃ | ᠭᠤᠷᠪᠠ | 9 ᠰᠠᠷ᠎ᠠ ᠶᠢᠨ 16 ᠡᠳᠦᠷ᠃ ᠦᠷᠯᠦᠭᠡ ᠴᠡᠯᠮᠡᠭ ᠲᠤᠩᠭᠠᠯᠠᠭ᠂ ᠨᠠᠮᠤᠭᠤᠨ ᠲᠠᠶᠢᠪᠤᠩ ᠰᠠᠯᠬᠢ ᠦᠭᠡᠢ᠃ | ᠶᠤᠰᠤᠳᠠᠢ ᠨᠠᠯᠠᠭᠠᠷ ᠨᠠᠮᠤᠷ ᠰᠠᠭᠠᠳᠠᠵᠦ᠂ ᠨᠠᠷᠠ ᠲᠤᠯᠠᠶᠢᠵᠦ ᠴᠡᠪᠡᠷ ᠠᠮᠢᠰᠬᠤᠯ ᠳᠤ ᠬᠦᠮᠦᠨ ᠠᠮᠢᠳᠠᠨ ᠲᠠᠶᠢᠪᠤᠷᠠᠨᠠ᠃ | ᠬᠦᠬᠡ ᠤᠭᠳᠠᠷᠭᠤᠢ ᠳᠤ ᠮᠤᠩᠭᠤᠯ ᠤᠯᠤᠰ ᠤᠨ ᠰᠤᠶᠤᠮᠪᠤ ᠶᠢᠨ ᠰᠦᠯᠳᠡ ᠲᠠᠢ ᠤᠯᠠᠭᠠᠨ ᠠᠯᠠᠭ ᠲᠦᠷᠦ ᠶᠢᠨ | ᠲᠠᠯᠪᠠᠭ᠎ᠠ ᠨᠠᠶᠢᠷ ᠤᠨ ᠲᠠᠯᠠᠪᠠᠢ ᠤᠨ ᠲᠤᠮᠳᠠ ᠠᠶᠠᠷᠯᠠᠨ ᠨᠠᠮᠢᠷᠠᠨ᠎ᠠ᠃ ᠪᠦᠬᠡ ᠶᠢᠨ ᠪᠠᠷᠢᠯᠳᠤᠭᠠᠨ ᠡᠬᠢᠯᠡᠬᠦ ᠪᠤᠯᠤᠯ᠎ᠠ᠂ | ᠲᠠᠯᠠᠪᠠᠢ ᠶᠢᠨ ᠬᠤᠶᠢᠮᠦᠷ ᠲᠠᠶᠢᠰᠠᠨ ᠳᠤ ᠭᠤᠤᠯ ᠡᠵᠡᠨ ᠸᠠᠩᠳᠠᠨ ᠭᠤᠸᠠᠢ ᠲᠦᠪ ᠲᠤᠮᠳᠠ ᠳᠤᠷ ᠰᠠᠭᠠᠳᠠᠵᠦ᠂ ᠨᠠᠶᠢᠷ | ᠰᠤᠨᠢᠷᠬᠠᠵᠦ ᠪᠠᠶᠢᠨ᠎ᠠ᠃ ᠪᠦᠬᠡ ᠶᠢᠨ ᠮᠠᠭᠳᠠᠭᠤ ᠤᠶᠠᠩᠭᠠᠯᠠᠨ ᠡᠬᠡᠰᠢᠭᠯᠡᠭᠰᠡᠨ ᠤ ᠲᠠᠷᠠᠭ᠎ᠠ᠂ ᠬᠠᠯᠬ᠎ᠠ ᠶᠢᠨ ᠡᠯ᠎ᠡ | ᠭᠠᠵᠠᠷ ᠠᠴᠠ ᠢᠷᠡᠭᠰᠡᠨ ᠪᠦᠬᠡᠴᠦᠳ ᠵᠤᠳᠤᠭ ᠱᠤᠳᠤᠭ ᠢᠶᠠᠷ ᠵᠠᠰᠠᠵᠦ ᠨᠠᠶᠢᠷ ᠤᠨ ᠲᠠᠯᠠᠪᠠᠢ ᠳᠤ ᠮᠠᠭᠰᠢᠨ ᠤᠷᠤᠵᠦ | ᠢᠷᠡᠨ᠎ᠡ᠃ ᠡᠨᠡ ᠤᠳᠠᠭ᠎ᠠ ᠶᠢᠨ ᠨᠠᠶᠢᠷ ᠲᠤ 128 ᠰᠢᠯᠢᠳᠡᠭ ᠪᠦᠬᠡᠴᠦᠳ ᠪᠠᠷᠢᠯᠳᠤᠪᠠ᠃ ᠨᠠᠶᠢᠷ ᠤᠨ ᠬᠦᠷᠢᠶ᠎ᠡ ᠪᠠᠷ | ᠠᠯᠤᠰ ᠠᠴᠠ ᠢᠷᠡᠭᠰᠡᠨ ᠵᠤᠴᠢᠳ ᠰᠠᠨᠳᠠᠯᠢ ᠲᠠᠯᠪᠢᠨ ᠲᠤᠭᠤᠷᠢᠨ ᠰᠠᠭᠤᠵᠦ ᠲᠠᠭᠠᠳᠠᠢ ᠰᠤᠨᠢᠷᠬᠠᠨᠡ᠃ ᠨᠠᠭᠠᠳᠤᠮᠴᠢᠳ | ᠨᠤᠭᠤᠭᠠᠨ ᠲᠠᠯ᠎ᠠ ᠶᠢᠨ ᠨᠠᠮᠤᠭᠤᠨ ᠤᠷᠴᠢᠨ ᠳᠤ ᠪᠦᠬᠡ ᠰᠤᠨᠢᠷᠬᠠᠬᠤ ᠳᠠᠭᠠᠨ ᠴᠡᠭᠡ ᠰᠢᠮᠠᠨ ᠪᠤᠤᠪᠤ ᠪᠤᠭᠤᠷᠰᠤᠭ | ᠢᠳᠠᠨ ᠴᠡᠩᠭᠡᠯ ᠤᠨ ᠲᠠᠯᠠᠢ ᠳᠤ ᠲᠠᠩᠰᠤᠭᠯᠠᠨᠠ᠃ ᠢᠯᠠᠭᠰᠠᠨ ᠪᠦᠬᠡ ᠶᠢᠨ ᠪᠤᠤᠪᠤ ᠶᠢᠨ ᠭᠡᠰᠢᠭ ᠴᠤ ᠵᠠᠯᠭ᠎ᠠ ᠪᠠᠷ | ᠠᠯᠠᠭ᠎ᠠ ᠲᠦᠭᠦᠷᠭᠡᠵᠦ ᠪᠠᠶᠢᠯ᠎ᠠ᠃ ᠪᠦᠬᠡ ᠶᠢᠨ ᠪᠠᠷᠢᠯᠳᠤᠭᠠᠨ ᠳᠤ ᠳ᠋ᠦᠩ ᠳᠤ ᠰᠦᠬᠡᠪᠠᠭᠠᠳᠤᠷ ᠠᠶᠢᠮᠠᠭ ᠤᠨ | ᠡᠷᠳᠡᠨᠢᠴᠠᠭᠠᠨ ᠰᠤᠮᠤᠨ ᠤ ᠦᠰᠬᠦᠪᠠᠶᠠᠷ ᠲᠡᠷᠢᠭᠦᠯᠡᠵᠦ᠂ ᠲᠤᠮᠳᠠᠭᠤᠪᠢ ᠠᠶᠢᠮᠠᠭ ᠤᠨ ᠳ᠋ᠠᠱᠢ ᠲᠡᠳ᠋ᠯᠡᠭᠰᠡᠨ ᠪᠠᠶᠢᠭ᠎ᠠ | ᠶᠤᠮ᠃ ᠬᠦᠮᠦᠰ ᠤᠨ ᠬᠡᠯᠡᠯᠴᠡᠬᠦ ᠪᠠᠷ ᠦᠰᠬᠦᠪᠠᠶᠠᠷ ᠪᠤᠯ ᠰᠢᠬᠦᠷᠳᠦ ᠶᠢᠨ ᠠᠪᠴᠢᠷᠠᠭᠰᠠᠨ ᠵᠠᠯᠠᠭᠤ ᠪᠦᠬᠡ᠂ | ᠦᠵᠦᠮᠦᠴᠢᠨ ᠬᠡᠤᠬᠡᠳ ᠬᠡᠬᠦ ᠶᠤᠮ᠃ ᠡᠨᠡ ᠬᠤᠶᠠᠷ ᠵᠠᠯᠠᠭᠤ ᠪᠦᠬᠡ ᠪᠡᠶ᠎ᠡ ᠨᠢ ᠲᠡᠩᠴᠡᠭᠦᠤ ᠪᠦᠭᠡᠳ ᠬᠦᠳᠡᠷᠯᠢᠭ᠂ | ᠪᠦᠬᠡ ᠶᠢᠨ ᠡᠷᠳᠡᠮ ᠬᠢᠴᠠ ᠪᠠᠷ ᠤᠷᠠᠨ ᠱᠠᠯᠠᠮᠠᠭᠠᠢ᠂ ᠰᠠᠶᠢᠬᠠᠨ ᠪᠦᠬᠡᠴᠦᠳ ᠪᠠᠶᠢᠯ᠎ᠡ᠃ ᠳ᠋ᠠᠱᠢ ᠶᠢᠨ ᠪᠡᠶ᠎ᠡ ᠦᠰᠪᠠᠶᠠᠷ | ᠢ ᠪᠤᠳᠤᠪᠠᠯ ᠶᠡᠭᠡ ᠮᠠᠷᠢᠶᠠᠯᠢᠭ ᠴᠤᠯᠠᠷᠬᠤ ᠪᠡᠶ᠎ᠡ ᠮᠠᠷᠢᠶ᠎ᠠ ᠲᠡᠩᠴᠡᠭᠰᠡᠨ ᠪᠦᠬᠡ᠂ ᠦᠰᠬᠦᠪᠠᠶᠠᠷ ᠳ᠋ᠠᠱᠢ ᠶᠢ ᠪᠤᠳᠤᠪᠠᠯ | ᠨᠠᠷᠢᠨ ᠡᠴᠡᠩᠬᠡᠶᠢᠪᠳᠤᠷ ᠪᠤᠯᠪᠠᠴᠤ ᠰᠢᠷᠪᠤᠰᠤ ᠴᠢᠩᠭ᠎ᠠ ᠬᠢᠴᠡ ᠲᠦᠭᠦᠷᠡᠩ ᠪᠦᠬᠡ ᠪᠠᠶᠢᠨ᠎ᠠ᠃ ᠤᠯᠠᠨ ᠬᠦᠮᠦᠰ | ᠬᠤᠶᠠᠷ ᠲᠠᠰᠤᠷᠬᠠᠢ ᠪᠦᠬᠡ ᠲᠠᠢ ᠪᠠᠨ ᠲᠤᠷᠠᠰᠬᠠᠯ ᠤᠨ ᠰᠡᠭᠦᠳᠡᠷ ᠠᠪᠬᠤᠭᠤᠯᠬᠤ ᠪᠠᠷ ᠶᠠᠭᠠᠷᠠᠯᠳᠤᠵᠦ ᠪᠠᠶᠢᠯ᠎ᠠ᠃ | ᠦᠳᠡ ᠪᠤᠯᠬᠤ ᠳᠤ ᠨᠠᠭᠠᠳᠤᠮ ᠤᠨ ᠬᠠᠮᠤᠭ ᠰᠡᠭᠦᠯᠴᠢ ᠶᠢᠨ ᠠᠭᠤᠯᠭ᠎ᠠ ᠦᠨᠳᠦᠷᠯᠡᠵᠦ᠂ ᠸᠠᠩᠳᠠᠨ ᠭᠤᠸᠠᠢ | ᠰᠢᠪᠦᠭᠡ ᠶᠢᠨ ᠲᠦᠷᠪᠡᠨ ᠪᠦᠬᠡ ᠶᠢ ᠦᠨᠦᠷᠯᠡᠨ ᠲᠠᠭᠠᠯᠠᠵᠦ ᠱᠠᠩᠨᠠᠯ ᠭᠠᠷᠳᠠᠭᠤᠯᠤᠨ᠎ᠠ᠃ ᠮᠠᠨ ᠤ ᠦᠪᠦᠷ ᠮᠤᠩᠭᠤᠯ | ᠠᠴᠠ ᠬᠦᠷᠦᠭᠰᠡᠨ ᠪᠦᠯᠬᠦᠮ ᠤᠨ ᠬᠢᠨ ᠸᠠᠩᠳᠠᠨ ᠪᠤᠯᠤᠨ ᠠᠬᠠᠮᠠᠳ ᠨᠠᠰᠤᠳᠠᠳ ᠲᠠᠢ ᠲᠤᠷᠨᠰᠬᠠᠯ ᠤᠨ ᠭᠡᠷᠡᠯ ᠵᠢᠷᠤᠭ | ᠠᠪᠬᠤᠭᠤᠯᠤᠭᠰᠠᠨ ᠢᠶᠠᠨ ᠲᠤᠮᠤ ᠮᠤᠩᠭᠤᠯ ᠭᠡᠷ ᠲᠤ ᠬᠦᠨᠳᠦᠳᠭᠡᠯ ᠤᠨ ᠠᠭᠤᠯᠵᠠᠯᠳᠠ ᠦᠳᠡᠯᠳᠡ ᠶᠢᠨ ᠬᠤᠷᠢᠮ | ᠨᠠᠶᠢᠷ ᠲᠤ ᠤᠷᠤᠯᠴᠠᠪᠠ᠃ ᠭᠠᠩᠪᠠᠳᠤ ᠵᠠᠬᠢᠷᠤᠯ ᠨᠠᠶᠢᠷ ᠲᠡᠭᠡᠷ᠎ᠡ ᠤᠯᠠᠨ ᠳᠤ ᠬᠠᠨᠳᠤᠨ ᠬᠡᠯᠡᠬᠦ ᠳᠡᠭᠡᠨ᠄ ︽ᠡᠨᠡ | ᠤᠳᠠᠭ᠎ᠠ ᠶᠢᠨ ᠨᠠᠰᠤᠳᠠᠨ ᠤ ᠨᠠᠶᠢᠷ ᠨᠠᠭᠠᠳᠤᠮ ᠤᠯᠠᠨ ᠤ ᠴᠢᠷᠮᠠᠶᠢᠯᠭ᠎ᠠ ᠪᠠᠷ ᠮᠠᠰᠢ ᠠᠮᠵᠢᠯᠳᠠ ᠲᠠᠢ ᠪᠤᠯᠤᠯ᠎ᠠ᠂ | ᠨᠠᠰᠤᠳᠠᠨ ᠤ ᠪᠠᠨ ᠪᠤᠶᠠᠨ ᠳᠤ ᠰᠢᠳᠦᠭᠰᠡᠨ ᠤ ᠪᠠᠶᠢᠬ᠎ᠠ︕ ᠤᠯᠠᠨ ᠭᠠᠵᠠᠷ ᠤᠨ ᠰᠠᠶᠢᠨ ᠪᠦᠬᠡᠴᠦᠳ ᠨᠠᠶᠢᠷ ᠤᠨ | ᠴᠢᠮᠡᠭ ᠪᠤᠯᠵᠦ ᠪᠠᠷᠢᠯᠳᠤᠯ᠎ᠠ᠂ ᠨᠤᠲᠤᠭ ᠤᠨ ᠮᠠᠯᠴᠢᠳ ᠮᠠᠨᠢ ᠰᠤᠶᠤᠯᠠᠩ ᠮᠤᠷᠢ᠂ ᠲᠠᠭ᠎ᠠ ᠶᠢᠨ ᠤᠷᠤᠯᠳᠤᠭᠠᠨ ᠳᠤ | ᠢᠷᠡᠵᠦ ᠤᠷᠤᠯᠴᠠᠯ᠎ᠠ᠃ ᠨᠠᠶᠢᠷ ᠤᠨ ᠠᠭᠤᠯᠭ᠎ᠠ ᠲᠡᠭᠦᠰ ᠪᠦᠷᠢᠳᠴᠤ ᠶᠠᠪᠤᠭᠳᠠᠭᠰᠠᠨ ᠳᠤ ᠪᠢ ᠲᠤᠩ ᠲᠠᠯᠠᠷᠬᠠᠵᠦ | ᠪᠠᠶᠢᠨ᠎ᠠ︾ ᠭᠡᠵᠦ ᠲᠤᠭᠳᠤᠯᠤᠭᠰᠠᠨ ᠰᠡᠳᠭᠢᠯ ᠢᠶᠠᠷ ᠬᠤᠷᠠᠭᠰᠠᠨ ᠤᠯᠠᠨ ᠤ ᠰᠠᠶᠢᠨ ᠰᠠᠶᠢᠬᠠᠨ ᠦᠯᠵᠡᠢ ᠪᠡᠯᠭᠡ ᠲᠠᠢ | ᠶᠠᠪᠤᠬᠤ ᠶᠢ ᠵᠦᠩᠨᠡᠨ ᠬᠤᠨᠳᠠᠭ᠎ᠠ ᠡᠷᠭᠦᠨ᠎ᠡ᠃ ᠲᠡᠷᠡ ᠪᠠᠰᠠ᠄ ︽ᠮᠠᠨ ᠤ ᠠᠪᠤ ᠶᠢᠨ ᠬᠡᠶᠢᠮᠦᠷᠢ ᠦᠭᠡᠳᠡ ᠪᠠᠶᠢᠨ᠎ᠠ᠂ | ᠬᠠᠰᠢᠯᠠ ᠦᠵᠦᠮᠦᠴᠢᠨ ᠸᠠᠩ ᠪᠤᠯᠬᠤᠷ ᠨᠢ ᠦᠵᠦᠮᠦᠴᠢᠨ ᠬᠦᠤ ᠨᠢ ᠲᠡᠷᠢᠭᠦᠯᠡᠴᠢᠭᠡᠯᠡ︾ ᠭᠡᠵᠦ ᠶᠠᠷᠢᠵᠦ ᠪᠠᠶᠢᠭᠰᠠᠨ | ᠨᠢ ᠰᠠᠨᠠᠭᠠᠨ ᠳᠤ ᠤᠷᠤᠬᠤ ᠶᠤᠮ ᠪᠢᠯᠡ᠃ | ︽ᠵᠢᠭᠠᠬᠠᠨ ᠸᠠᠩ︾ ᠬᠦᠩᠭᠠᠷᠠᠪᠳᠠᠨ ᠬᠠᠳᠤᠨ ᠲᠠᠢ ᠪᠠᠨ ᠭᠤᠤᠯ ᠰᠢᠷᠡᠭᠡᠨ ᠳᠤ ᠰᠠᠭᠠᠳᠠᠭᠰᠠᠨ ᠢᠶᠠᠨ | ᠬᠤᠨᠳᠠᠭ᠎ᠠ ᠡᠷᠭᠦᠨ᠄ ︽ᠦᠨᠦᠳᠦᠷ ᠨᠠᠳᠠ ᠳᠤ ᠵᠤᠷᠢᠭᠤᠯᠤᠭᠰᠠᠨ ᠮᠢᠯᠢᠶᠠᠯᠭ᠎ᠠ ᠶᠢᠨ ᠨᠠᠶᠢᠷ ᠨᠠᠭᠠᠳᠤᠮ ᠮᠠᠰᠢ | ᠠᠮᠵᠢᠯᠳᠠ ᠲᠠᠢ ᠦᠨᠳᠦᠷᠯᠡᠯ᠎ᠡ᠂ ᠡᠨᠡ ᠦᠢᠯᠡ ᠠᠵᠢᠯᠯᠠᠭ᠎ᠠ ᠶᠢ ᠵᠤᠬᠢᠶᠠᠨ ᠪᠠᠶᠢᠭᠤᠯᠤᠭᠰᠠᠨ ︿ᠭᠠᠩ ᠢᠯᠴᠢ ᠺᠤᠮᠫᠠᠨᠢ﹀ | ᠶᠢᠨ ᠪᠦᠬᠦ ᠤᠳᠤᠷᠢᠳᠤᠯᠭ᠎ᠠ ᠠᠵᠢᠯᠳᠠᠳ᠂ ᠠᠯᠤᠰ ᠬᠤᠯᠠ ᠶᠢᠨ ᠦᠵᠦᠮᠦᠴᠢᠨ ᠨᠤᠲᠤᠭ ᠠᠴᠠ ᠢᠷᠡᠭᠰᠡᠨ | ᠬᠦᠨᠳᠦᠳᠦ ᠵᠤᠴᠢᠳ᠂ ᠲᠤᠷᠤᠨᠠᠳᠤ ᠠᠶᠢᠮᠠᠭ ᠠᠴᠠ ᠢᠷᠡᠭᠰᠡᠨ ᠨᠡᠶᠢᠵᠠ ᠨᠦᠬᠦᠳ ᠰᠠᠳᠤᠨ ᠲᠦᠷᠦᠯ᠂ ᠡᠵᠢ ᠶᠢᠨ | ᠮᠢᠨᠢ ᠨᠤᠲᠤᠭ ᠠᠪᠠᠭ᠎ᠠ ᠠᠴᠠ ᠢᠷᠡᠭᠰᠡᠨ ᠲᠡᠭᠦᠤ ᠨᠠᠷ ᠰᠠᠳᠤᠨ ᠲᠦᠷᠦᠯ ᠪᠤᠯᠤᠨ ᠠᠳᠡ ᠮᠤᠷᠢᠯᠠᠨ ᠰᠠᠭᠠᠳᠠᠭᠰᠠᠨ | ᠪᠦᠬᠦ ᠨᠠᠶᠢᠵᠠ ᠠᠨᠳᠠ ᠨᠠᠷ ᠲᠠᠭᠠᠨ ᠪᠠᠶᠠᠷᠯᠠᠨ ᠲᠠᠯᠠᠷᠬᠠᠭᠰᠠᠨ ᠰᠡᠳᠭᠢᠯ ᠢᠶᠠᠨ ᠢᠯᠡᠳᠭᠡᠵᠦ ᠭᠡᠮ ᠡᠷᠭᠦᠵᠦ ᠪᠠᠶᠢᠨ᠎ᠠ᠂ | ᠲᠠᠨᠠᠷ ᠲᠡᠪᠡᠳᠡᠢ ᠰᠠᠭᠤᠵᠦ ᠰᠠᠶᠢᠬᠠᠨ ᠨᠠᠶᠢᠷᠯᠠᠵᠦ ᠬᠦᠭᠵᠢᠭᠡᠷᠡᠢ︕ ᠲᠡ ᠪᠦᠬᠦᠨ ᠤ ᠡᠷᠡᠭᠦᠯ ᠮᠡᠨᠳᠦ᠂ ᠭᠡᠷ ᠪᠦᠯᠢ | ᠶᠢᠨ ᠵᠤᠯ ᠵᠢᠷᠭᠠᠯ ᠢ ᠪᠡᠯᠭᠡᠳᠡᠶ᠎ᠡ︕︾ ᠭᠡᠵᠦ ᠤᠯᠠᠨ ᠳᠤ ᠬᠠᠨᠳᠤᠨ ᠬᠤᠨᠳᠠᠭ᠎ᠠ ᠡᠷᠭᠦᠨ ᠭᠡᠰᠢᠭ ᠤᠨ ᠬᠡᠮ ᠢᠶᠠᠨ | ᠡᠷᠭᠦᠯ᠎ᠡ᠃ ᠪᠢᠳᠡ ᠨᠠᠰᠤᠳᠠᠨ ᠤ ᠪᠠᠨ ᠢᠷᠦᠭᠡᠯ ᠤᠨ ᠬᠡᠮ ᠢ ᠲᠤᠭᠳᠠᠭᠠᠵᠦ᠂ ᠨᠢᠭᠡ ᠦᠶ᠎ᠡ ᠨᠠᠶᠢᠷᠯᠠᠭᠰᠠᠨ ᠢᠶᠠᠨ | ᠤᠯᠠᠭᠠᠠᠪᠠᠭᠳᠤᠷ ᠬᠤᠳᠠ ᠳᠤ ᠪᠤᠴᠠᠬᠤ ᠪᠠᠨ ᠬᠡᠯᠡᠭᠰᠡᠨ ᠳᠤ ᠸᠠᠩᠳᠠᠨ ᠬᠤᠪᠢ ᠭᠡᠰᠢᠭ ᠲᠦᠭᠡᠭᠡᠵᠦ ᠭᠠᠷ ᠢᠶᠠᠷ ᠢᠶᠠᠨ | ᠭᠠᠷᠳᠠᠭᠤᠯᠤᠨ ᠦᠭᠴᠦ ᠪᠠᠶᠢᠯ᠎ᠠ᠃ ᠭᠠᠩᠪᠠᠳᠤ ᠭᠤᠸᠠᠢ ᠦᠪᠡᠷ ᠤᠨ ᠲᠡᠭᠦᠤ ᠭᠠᠩᠪᠠᠭᠠᠳᠤᠷ ᠤᠨ ᠲᠡᠷᠬᠡ ᠶᠢ | ᠲᠤᠬᠢᠷᠠᠭᠤᠯᠵᠦ ᠦᠭᠭᠦᠭᠰᠡᠨ ᠳᠤ ᠪᠢᠳᠡ ᠸᠠᠩᠳᠠᠨ ᠳᠤ ᠰᠠᠯᠬᠤ ᠶᠤᠰᠤ ᠬᠢᠵᠦ ᠠᠶᠠᠷᠯᠠᠯ᠎ᠠ︕ | ᠲᠦᠷᠪᠡᠭᠰᠡᠨ ᠲᠠᠶᠢᠨ ᠤ ᠰᠠᠮᠠᠭᠤᠨ ᠴᠠᠭ ᠲᠤ ᠲᠦᠷᠦᠵᠦ ᠵᠠᠶᠠᠭᠠᠭᠰᠠᠨ ᠴᠤ | ᠲᠦᠷᠦ ᠶᠢᠨ ᠠᠮᠤᠭᠤᠯᠠᠩ ᠴᠠᠭ ᠳᠠᠭᠠᠨ ᠦᠢᠯᠡᠰ ᠲᠡᠭᠡᠨ ᠵᠢᠳᠭᠦᠭᠰᠡᠨ | ᠲᠦᠪᠰᠢᠨ ᠠᠭᠤᠳᠠᠮ ᠪᠤᠳᠤᠯ ᠤᠶᠤᠨ ᠢ ᠴᠡᠭᠡᠵᠢᠨ ᠳᠡᠭᠡᠨ ᠠᠭᠤᠯᠤᠭᠰᠠᠨ | ᠲᠦᠷᠦᠯᠬᠢ ᠴᠠᠶᠢᠯᠭᠠᠨ ᠰᠡᠳᠭᠢᠯᠳᠠᠢ ︽ᠲᠦᠷᠦ ᠶᠢᠨ ᠤᠳᠤᠨ︾ ᠸᠠᠩᠳᠠᠨ ᠮᠢᠨᠢ ᠬᠦᠨᠳᠦᠳᠭᠡᠯᠳᠡᠢ︕ | ᠤᠯᠠᠭᠠᠠᠪᠠᠭᠠᠳᠤᠷ ᠬᠤᠳᠠᠨ᠎ᠠ ᠪᠢᠳᠡ ᠬᠤᠶᠠᠷ ᠡᠳᠦᠷ ᠰᠠᠭᠠᠳᠠᠵᠦ ᠬᠤᠳᠠ ᠶᠢᠨ ᠦᠩᠬᠡ ᠦᠵᠡᠮᠵᠢ ᠶᠢ | ᠰᠤᠨᠢᠷᠬᠠᠨ᠎ᠠ᠃ ᠰᠦᠬᠡᠪᠠᠭᠠᠳᠤᠷ ᠠᠭᠤᠳᠠᠮ ᠲᠠᠯᠠᠪᠠᠢ᠂ ᠵᠢᠪᠰᠡᠨᠳᠠᠮᠪᠠ ᠶᠢᠨ ᠰᠦᠮ᠎ᠡ᠂ ᠨᠠᠷᠠᠨ ᠲᠤᠤᠯᠠ ᠵᠠᠬ᠎ᠠ ᠵᠡᠭᠡᠯᠢ | ᠪᠠᠷ ᠵᠤᠭᠠᠴᠠᠨ ᠲᠤᠭᠤᠷᠢᠪᠡ᠂ ᠪᠠᠰᠠ ᠭᠠᠩᠪᠠᠳᠤ ᠶᠢᠨ ᠪᠦᠰᠡᠭᠦᠢ ᠠᠳᠢᠶ᠎ᠠ ᠶᠢᠨ ᠲᠠᠭᠠᠭᠤᠯᠭ᠎ᠠ ᠪᠠᠷ ᠮᠤᠩᠭᠤᠯ ᠤᠯᠤᠰ | ᠤᠨ ᠨᠡᠷᠡᠳᠦ ᠪᠦᠳᠦᠭᠳᠡᠭᠦᠨ ︽ᠭᠤᠪᠢ︾ ᠲᠡᠮᠳᠡᠭᠳᠦ ᠢᠮᠠᠭᠠᠨ ᠨᠤᠯᠤᠤᠷ ᠤᠨ ᠲᠡᠯᠭᠡᠭᠦᠷ ᠢᠶᠠᠷ ᠤᠷᠤᠵᠦ᠂ ᠬᠦᠩᠭᠡᠨ | ᠭᠤᠸᠠᠯᠢᠭ ᠮᠦᠷᠳᠡᠭᠡᠨ ᠴᠠᠪᠠᠷ ᠴᠡᠮᠴᠡᠭᠡᠷ ᠡᠮᠦᠰᠭᠡᠯ ᠤᠨ ᠵᠦᠢᠯ ᠠᠴᠠ ᠬᠡᠳᠦᠨ ᠵᠠᠬ᠎ᠠ ᠶᠢ ᠰᠤᠨᠢᠭᠤᠴᠢᠯᠠᠨ | ᠠᠪᠴᠠᠭᠠᠨᠠ᠃ ᠦᠳᠡ ᠳᠤ ᠠᠳᠢᠶ᠎ᠠ ᠭᠤᠸᠠᠢ ᠪᠢᠳᠡᠨ ᠢ ᠰᠤᠯᠤᠩᠭᠤᠰ ᠬᠤᠭᠤᠯᠠᠨ ᠠᠰᠠᠷ ᠲᠤ ᠤᠷᠢᠵᠦ᠂ ᠬᠠᠷᠢ | ᠬᠦᠷᠤᠨ ᠤ ᠢᠳᠡᠭᠡᠨ ᠢᠶᠠᠷ ᠵᠤᠴᠢᠯᠠᠵᠦ ᠬᠠᠯᠠᠭᠤᠮᠰᠤᠭ ᠰᠠᠶᠢᠬᠠᠨ ᠬᠠᠯᠠᠭᠤᠨ ᠵᠤᠭᠤᠭ ᠲᠡᠯᠭᠡᠵᠦ ᠠᠮᠤᠰᠬᠢᠯᠭᠡᠭᠰᠡᠨ | ᠪᠠᠶᠢᠵᠦ ᠪᠢᠯᠡ᠃ | 9 ᠰᠠᠷ᠎ᠠ ᠶᠢᠨ 19 ᠡᠳᠦᠷ᠃ ᠭᠠᠩᠪᠠᠳᠤ ᠠᠳᠢᠶ᠎ᠠ ᠬᠤᠶᠠᠭᠤᠯᠠ ᠪᠢᠳᠡᠨ ᠤ ᠠᠮᠤᠷ ᠲᠦᠪᠰᠢᠨ ᠢ | ᠪᠤᠳᠤᠯᠬᠢᠯᠡᠵᠦ ᠪᠠᠳᠤᠯᠭᠠᠳᠠᠢ ᠬᠡᠮᠡᠨ ᠶᠡᠭᠡ ᠬᠦᠷᠭᠡᠨ ᠢᠶᠠᠨ ᠠᠮᠧᠷᠢᠺᠡ ᠬᠢᠴᠡ ᠲᠠᠢ ᠬᠤᠷᠳᠤᠨ ᠲᠡᠷᠭᠡ ᠪᠠᠷ | ᠤᠯᠠᠭᠠᠠᠪᠠᠭᠠᠳᠤᠷ — ᠵᠠᠮ ᠤᠨ ᠦᠳᠡ ᠬᠢᠯᠢ ᠶᠢᠨ ᠪᠤᠭᠤᠮᠳᠠ ᠬᠦᠷᠳᠡᠯ᠎ᠡ ᠬᠦᠷᠭᠡᠭᠦᠯᠵᠦ ᠦᠭᠪᠡ᠃ ᠦᠷᠯᠦᠭᠡ | ᠶᠢᠨ 7 ᠴᠠᠭ ᠲᠤ ᠬᠤᠳᠠ ᠠᠴᠠ ᠭᠠᠷᠴᠤ᠂ ᠪᠤᠭᠳᠠ ᠠᠭᠤᠯᠠ ᠶᠢᠨ ᠪᠠᠷᠠᠭᠤᠨ ᠲᠤᠭᠤᠤᠷ ᠦᠩᠭᠡᠷᠡᠨ᠂ ᠲᠦᠪ | ᠠᠶᠢᠮᠠᠭ ᠶᠢ ᠲᠠᠮᠵᠢᠨ᠂ ᠭᠤᠪᠢ ᠰᠦᠮᠪᠦᠷ ᠠᠶᠢᠮᠠᠭ᠂ ᠲᠤᠮᠳᠠᠭᠤᠪᠢ ᠠᠶᠢᠮᠠᠭ᠂ ᠲᠤᠷᠤᠨ᠎ᠠ ᠭᠤᠪᠢ ᠠᠶᠢᠮᠠᠭ ᠤᠨ | ᠦᠷᠭᠡᠨ ᠠᠭᠤᠳᠠᠮ ᠨᠤᠲᠤᠭ ᠢ ᠲᠡᠮᠵᠢᠭ᠌ᠰᠠᠭᠠᠷ ᠦᠳᠡ ᠠᠴᠠ ᠬᠤᠶᠢᠰᠢ ᠭᠤᠷᠪᠠᠨ ᠴᠠᠭ ᠲᠤ ᠡᠷᠢᠶᠡᠨ ᠬᠤᠳᠠ | ᠬᠦᠷᠴᠦ ᠢᠷᠡᠵᠡᠢ᠃ ᠡᠨᠡ ᠤᠳᠠᠭ᠎ᠠ ᠶᠢᠨ ᠲᠤᠯᠤᠭᠠᠨ ᠡᠳᠦᠷ ᠤᠨ ᠠᠶᠠᠯᠠᠯ ᠮᠠᠨᠢ ᠦᠯᠵᠡᠢ ᠮᠦᠷ ᠲᠠᠢ ᠠᠮᠤᠷ | ᠠᠮᠤᠭᠤᠯᠠᠩ ᠶᠠᠪᠤᠭᠳᠠᠵᠦ᠂ ᠤᠯᠠᠨ ᠰᠠᠶᠢᠬᠠᠨ ᠬᠠᠯᠬ᠎ᠠ ᠨᠤᠲᠤᠭ ᠤᠨ ᠦᠩᠭᠡ ᠦᠵᠡᠮᠵᠢ᠂ ᠬᠦᠮᠦᠨ ᠵᠤᠨ ᠤ | ᠲᠤᠯᠠᠭᠠᠨ ᠬᠠᠯᠠᠭᠤᠨ ᠰᠡᠳᠭᠢᠯ ᠳᠤ ᠱᠤᠩᠪᠠᠵᠦ᠂ ᠤᠯᠠᠨ ᠰᠠᠶᠢᠬᠠᠨ ᠤᠯᠵᠠ ᠤᠮᠤᠭ ᠲᠠᠢ᠂ ᠲᠦᠷᠦᠭᠳᠡᠯ ᠰᠠᠭᠤᠳᠠᠯ | ᠲᠠᠢ ᠬᠠᠷᠢᠵᠦ ᠢᠷᠡᠭᠰᠡᠨ ᠪᠠᠶᠢᠵᠦ ᠪᠢᠯᠡ᠃ |