ᠤᠷᠢᠶᠠᠩᠬᠠᠨ ᠤ᠂ ᠶᠤᠨᠳᠤᠨ | | ᠴᠠᠭᠠᠨ ᠠᠳᠤᠭᠤᠨ ᠤ ᠠᠯᠳᠠᠷᠰᠢᠯ ᠴᠠᠶᠢᠯᠭᠠᠨ ᠡᠵᠡᠳ ᠤᠨ ᠪᠠᠶᠠᠰᠤᠯ | — ᠦᠵᠦᠮᠦᠴᠢᠨ ᠴᠠᠭᠠᠨ ᠠᠳᠤᠭᠤᠨ ᠤ ᠤᠳᠤᠮ ᠤᠭᠰᠢᠯ ᠢ ᠨᠤᠳᠠᠯᠠᠬᠤ | ᠬᠤᠷᠠᠯ ᠪᠠᠯᠭᠠᠷᠭᠤᠤᠯ ᠳᠤ ᠪᠤᠯᠤᠭᠰᠠᠨ ᠲᠤᠬᠠᠢ ᠲᠡᠮᠳᠡᠭᠯᠡᠯ | | ᠨᠢᠭᠡ ᠴᠠᠭᠠᠨ ᠠᠳᠤᠭᠤᠨ ᠤ ᠶᠡᠷᠦᠩᠬᠡᠢ ᠦᠢᠯᠡ ᠶᠠᠪᠤᠳᠠᠯ ᠤᠨ ᠲᠤᠪᠴᠢ | ᠪᠠᠷᠠᠭᠤᠨ ᠦᠵᠦᠮᠦᠴᠢᠨ ᠬᠤᠰᠢᠭᠤ ᠨᠢ ︽ᠴᠢᠩᠭᠢᠰ ᠬᠠᠭᠠᠨ ᠤ ᠴᠠᠭᠠᠨ ᠠᠳᠤᠭᠤ ᠬᠢᠭᠡᠳ ᠦᠵᠦᠮᠦᠴᠢᠨ | ᠴᠠᠭᠠᠨ ᠠᠳᠤᠭᠤᠨ ᠤ ᠤᠳᠤᠮ ᠤᠭᠰᠢᠯ ᠢ ᠰᠤᠳᠤᠯᠤᠨ ᠶᠠᠷᠢᠯᠴᠠᠬᠤ ᠬᠤᠷᠠᠯ︾ ᠢ 2017 ᠤᠨ ᠤ 6 ᠰᠠᠷ᠎ᠠ ᠶᠢᠨ | 25 — 27 ᠡᠳᠦᠷ ᠬᠦᠷᠳᠡᠯ᠎ᠡ ᠪᠠᠯᠭᠠᠷ ᠭᠤᠤᠯ ᠪᠠᠯᠭᠠᠰᠤᠨ ᠳᠤ ᠠᠮᠵᠢᠯᠳ᠋ᠳᠠ ᠲᠠᠢ ᠶᠠᠪᠤᠭᠳᠠᠪᠠ᠃ ᠪᠠᠷᠠᠭᠤᠨ | ᠦᠵᠦᠮᠦᠴᠢᠨ ᠬᠤᠰᠢᠭᠤᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠠᠴᠠ ᠤᠯᠠᠮᠵᠢᠯᠠᠯᠳᠤ ᠮᠠᠯ ᠠᠵᠦ ᠠᠬᠤᠢ | ᠶᠢᠨ ᠰᠢᠯᠢᠳᠡᠭ ᠡᠭᠦᠯᠳᠡᠷ ᠤᠨ ᠤᠨᠴᠠᠯᠢᠭ ᠪᠤᠯᠤᠭᠰᠠᠨ ︽ᠦᠵᠦᠮᠦᠴᠢᠨ ᠴᠠᠭᠠᠨ ᠠᠳᠤᠭᠤ︾ ᠪᠠᠨ ᠲᠤᠪᠤᠶᠢᠯᠭᠠᠭᠰᠠᠨ | ᠠᠳᠤᠭᠤᠨ ᠤ ᠦᠢᠯᠡᠰ ᠢ ᠬᠦᠭᠵᠢᠬᠦᠯᠬᠦ ᠴᠢᠭᠯᠡᠯᠳᠡ ᠶᠢ ᠲᠤᠭᠳᠠᠭᠠᠨ ᠭᠡᠷᠡᠭᠵᠢᠭᠦᠯᠵᠦ᠂ ᠴᠠᠭᠠᠨ ᠠᠳᠤᠭᠤ ᠪᠠᠨ | ᠬᠠᠮᠠᠭᠠᠯᠠᠨ ᠬᠦᠭᠵᠢᠬᠦᠯᠬᠦ ᠪᠤᠳᠠᠳᠠᠢ ᠠᠷᠭ᠎ᠠ ᠬᠡᠮᠵᠢᠶ᠎ᠡ ᠶᠢ ᠠᠪᠴᠤ᠂ ᠴᠠᠭᠠᠨ ᠠᠳᠤᠭᠤᠨ ᠤ ᠰᠦᠷᠦᠭ ᠢ ᠦᠰᠭᠡᠨ | ᠪᠤᠶᠢᠵᠢᠭᠤᠯᠬᠤ ᠪᠠ ᠲᠤᠰᠬᠠᠢ ᠡᠷᠦᠬᠡ ᠶᠢ ᠲᠤᠭᠳᠠᠭᠠᠬᠤ᠂ ᠴᠠᠭᠠᠨ ᠠᠳᠤᠭᠤᠨ ᠤ ᠲᠤᠰᠬᠠᠢ ᠬᠤᠷᠰᠢᠶᠡᠵᠢᠯ ᠢ | ᠪᠠᠶᠢᠭᠤᠯᠬᠤ᠂ ᠴᠠᠭᠠᠭᠴᠢ ᠭᠡᠭᠦᠤ ᠶᠢᠨ ᠴᠡᠭᠡ ᠶᠢ ᠪᠤᠯᠪᠠᠰᠤᠷᠠᠭᠤᠯᠬᠤ᠂ ᠦᠪᠯᠡᠨ ᠤᠯᠠᠮᠵᠢᠯᠠᠭᠴᠢ ᠶᠢ ᠨᠡᠷᠡᠶᠢᠳᠦᠬᠦ | ᠵᠡᠷᠭᠡ ᠠᠵᠢᠯ ᠢ ᠭᠠᠷᠳᠠᠨ ᠬᠢᠵᠦ᠂ ᠬᠤᠰᠢᠭᠤ ᠡᠳ᠋ ᠤᠨ ᠵᠠᠰᠠᠭ ᠠᠴᠠ ᠨᠦᠬᠦᠪᠦᠷᠢ ᠤᠯᠭᠤᠬᠤ ᠵᠡᠷᠭᠡ ᠬᠦᠴᠦᠨ | ᠪᠦᠬᠦᠢ ᠠᠷᠭ᠎ᠠ ᠬᠡᠮᠵᠢᠶ᠎ᠡ ᠶᠢ ᠠᠪᠤᠭᠰᠠᠨ ᠢᠶᠠᠷ ᠦᠯᠦ ᠪᠠᠷᠠᠮ ᠴᠠᠭᠠᠨ ᠠᠳᠤᠭᠤᠨ ᠤ ᠠᠯᠳᠠᠷᠰᠢᠭᠤᠯᠬᠤ ᠠᠵᠢᠯ ᠢ ᠴᠤ | ᠵᠡᠷᠭᠡ ᠳᠤᠨᠢ ᠠᠳᠬᠤᠭᠰᠠᠨ ᠪᠠᠶᠢᠭ᠎ᠠ ᠶᠤᠮ᠃ | ᠠᠷᠪᠠᠭᠠᠳ ᠵᠢᠯ ᠤᠨ ᠲᠤᠷᠰᠢ᠂ ᠲᠤᠰ ᠬᠤᠰᠢᠭᠤ ᠨᠢ ᠴᠠᠭᠠᠨ ᠠᠳᠤᠭᠤᠨ ᠤ ᠠᠵᠢᠯ ᠦᠢᠯᠡᠰ ᠢ ᠰᠤᠯᠠᠷᠠᠯ | ᠦᠭᠡᠢ ᠠᠳᠬᠤᠵᠦ᠂ ᠦᠵᠡᠭᠦᠯᠬᠦ ᠠᠴᠠ ᠰᠦᠷᠦᠭ ᠲᠠᠢ᠂ ᠦᠷᠡᠵᠢᠭᠦᠯᠬᠦ ᠠᠴᠠ ᠡᠷᠦᠬᠡ ᠲᠠᠢ᠂ ᠠᠰᠢᠭᠯᠠᠬᠤ ᠠᠴᠠ | ᠦᠢᠯᠡᠰ ᠲᠠᠢ ᠪᠤᠯᠭᠠᠵᠦ ᠢᠷᠡᠭᠰᠡᠨ ᠢᠶᠠᠷ 2009 ᠤᠨ ᠳᠤ ᠪᠦᠬᠦ ᠤᠯᠤᠰ ᠤᠨ ᠮᠤᠩᠭᠤᠯ ᠠᠳᠤᠭᠤ ᠶᠢ ᠬᠠᠮᠠᠭᠠᠯᠠᠨ | ᠪᠤᠶᠢᠵᠢᠭᠤᠯᠬᠤ ᠬᠤᠰᠢᠭᠤ ᠰᠢᠶᠠᠨ ᠢᠶᠠᠷ ᠲᠤᠭᠳᠠᠭᠠᠭᠳᠠᠵᠦ᠂ ᠲᠤᠬᠠᠢ ᠶᠢᠨ ᠵᠢᠯ ᠠᠳᠤᠭᠤᠨ ᠤ ᠶᠡᠷᠦᠩᠬᠡᠢ ᠲᠤᠭ᠎ᠠ | ᠲᠤᠯᠤᠭᠠᠢ 4 ᠲᠦᠮᠡ ᠶᠢ ᠲᠠᠪᠠᠵᠦ᠂ ᠡᠭᠦᠨ ᠳᠤ ᠴᠠᠭᠠᠨ ᠠᠳᠤᠭᠤ ᠨᠢ ᠲᠦᠮᠡᠨ ᠲᠤᠯᠤᠭᠠᠢ ᠲᠦᠬᠦᠭᠰᠡᠨ ᠪᠠᠶᠢᠯ᠎ᠠ᠃ | 2012 ᠤᠨ ᠳᠤ᠂ ᠲᠤᠮᠳᠠᠳᠤ ᠤᠯᠤᠰ ᠤᠨ ᠠᠳᠤᠭᠤᠨ ᠦᠢᠯᠡᠰ ᠤᠨ ᠨᠡᠶᠢᠭᠡᠮᠯᠢᠭ ᠳᠤ ︽ᠴᠠᠭᠠᠨ ᠠᠳᠤᠭᠤᠨ ᠤ | ᠨᠤᠲᠤᠭ︾ ᠢᠶᠠᠷ ᠦᠨᠡᠯᠡᠭᠳᠡᠭᠰᠡᠨ ᠢᠶᠠᠷ ᠪᠡᠯᠭᠡᠯᠡᠨ ᠲᠤᠷᠠᠰᠬᠠᠵᠦ᠂ ᠪᠠᠷᠠᠭᠤᠨ ᠦᠵᠦᠮᠦᠴᠢᠨ ᠬᠤᠰᠢᠭᠤᠨ ᠤ ᠴᠠᠭᠠᠨ | ᠠᠳᠤᠭᠤᠨ ᠤ ᠨᠠᠶᠢᠷ ᠢ ᠦᠪᠡᠳᠡᠭᠰᠢ ᠶᠡᠬᠡᠪᠡᠷ ᠬᠢᠵᠦ᠂ ᠲᠡᠯᠡᠬᠡᠢ ᠨᠡᠶᠢᠳᠡ ᠳᠤ ᠨᠤᠲᠤᠭ ᠤᠷᠤᠨ ᠤ ᠪᠠᠨ ᠠᠯᠳᠠᠷ ᠢ | ᠲᠠᠭᠤᠷᠢᠰᠤᠭᠤᠯᠤᠭᠰᠠᠨ ᠪᠠᠶᠢᠨ᠎ᠠ᠃ ᠴᠠᠭᠠᠨ ᠠᠳᠤᠭᠤᠨ ᠰᠤᠶᠤᠯ ᠢ ᠳᠡᠯᠡᠬᠡᠢ ᠳᠤ ᠭᠠᠶᠢᠬᠠᠭᠤᠯᠤᠭᠰᠠᠨ ᠡᠨᠡ | ᠤᠳᠠᠭᠠᠨ ᠤ ᠨᠠᠶᠢᠷ ᠤᠨ ᠪᠦᠬᠦ ᠶᠠᠪᠤᠴᠠ ᠠᠴᠠ ᠲᠡᠷᠡ ᠤᠯᠠᠨ ᠲᠤᠭᠠᠨ ᠤ ᠴᠠᠭᠠᠨ ᠠᠳᠤᠭᠤᠳ ᠬᠤᠨ ᠤ ᠰᠦᠷᠦᠭ | ᠮᠡᠳᠦ᠂ ᠲᠤᠷᠭᠠᠨ ᠨᠤᠭᠤᠭᠠᠨ ᠲᠠᠯ᠎ᠠ ᠳᠤ ᠳᠡᠪᠬᠡᠷᠡᠯᠳᠦᠨᠡ᠂ ᠴᠠᠭᠠᠨ ᠮᠤᠷᠢᠨ ᠤ ᠤᠷᠤᠯᠳᠤᠭᠠᠨ᠂ ᠴᠠᠭᠠᠨ | ᠦᠷᠢᠶ᠎ᠡ ᠶᠢᠨ ᠤᠷᠤᠯᠳᠤᠭᠠᠨ᠂ ᠴᠠᠭᠠᠨ ᠲᠠᠭ᠎ᠠ ᠶᠢᠨ ᠤᠷᠤᠯᠳᠤᠭᠠᠨ ᠴᠤᠭ ᠵᠢᠪᠬᠤᠭ᠎ᠠ ᠲᠠᠢ ᠶᠠᠪᠤᠭᠳᠠᠨ᠎ᠠ᠂ ᠬᠤᠭᠤᠯᠠᠢ | ᠰᠢᠷᠭᠤᠭ᠎ᠠ ᠶᠢᠨ ᠲᠤᠮᠳᠠᠭᠤᠷ ᠴᠠᠭᠠᠨ ᠠᠵᠢᠷᠭ᠎ᠠ ᠲᠠᠯ ᠪᠤᠰᠬᠠᠨ ᠲᠠᠭᠠᠷᠢᠨ ᠲᠡᠭᠦᠯᠢᠨᠡ᠂ ᠵᠡᠯᠡᠯᠡᠭᠰᠡᠨ ᠤᠨᠠᠭ᠎ᠠ | ᠰᠠᠭᠠᠭᠰᠠᠨ ᠭᠡᠭᠦᠤ ᠴᠦᠮ ᠴᠠᠭᠠᠨ ᠵᠢᠰᠦᠮ ᠢᠶᠠᠷ ᠮᠠᠯᠮᠠᠢ ᠮᠢᠯᠢᠶᠡᠨᠡ᠂ ᠤᠨᠤᠭᠰᠠᠨ ᠮᠤᠷᠢᠳ ᠨᠢ ᠴᠠᠭᠠᠨ ᠪᠤᠶᠤ | ᠴᠠᠠᠭᠠᠨ ᠰᠠᠷᠠᠯ ᠠᠭᠳᠠ ᠤᠳ ᠠᠮᠠᠭᠠᠢ ᠬᠦᠨᠳᠦᠷᠤᠨ ᠵᠤᠤᠵᠠᠢ ᠬᠤᠯᠪᠤᠨ ᠲᠠᠪᠬᠢᠯᠳᠤᠨᠠ᠂ ᠴᠠᠭᠠᠨ ᠭᠡᠭᠦᠤ ᠶᠢᠨ | ᠴᠡᠭᠡ ᠪᠠᠷ ᠤᠮᠳᠠ ᠬᠠᠷᠢᠭᠤᠯᠤᠨ᠎ᠠ᠂ ᠶᠠᠭᠠᠬᠢᠭᠰᠠᠨ ᠴᠤᠭ ᠵᠢᠪᠬᠤᠭᠠᠯᠢᠭ ᠴᠠᠭᠠᠨ ᠠᠳᠤᠭᠤᠨ ᠤ ᠵᠠᠩ ᠦᠢᠯᠡ ᠶᠢᠨ | ᠪᠦᠷᠢᠨ ᠲᠤᠰᠬᠠᠯ᠂ ᠲᠡᠯᠡᠬᠡᠢ ᠳᠤ ᠬᠤᠪᠤᠷᠬᠠᠨ ᠠᠮᠢᠳᠤᠷᠠᠯ ᠦᠢᠯᠡᠰ ᠤᠨ ᠲᠡᠭᠡᠳᠦ ᠲᠦᠪᠰᠢᠨ ᠪᠤᠯᠬᠤ ᠠᠵᠠᠢ᠃ | 2014 ᠤᠨ ᠳᠤ᠂ ᠲᠤᠮᠳᠠᠳᠤ ᠤᠯᠤᠰ ᠤᠨ ᠠᠳᠤᠭᠤᠨ ᠤ ᠦᠢᠯᠡᠰ ᠤᠨ ᠨᠡᠶᠢᠭᠡᠮᠯᠢᠭ᠂ ᠤᠯᠤᠰ ᠤᠨ | ᠠᠳᠤᠭᠤᠨ ᠤ ᠦᠢᠯᠡᠰ ᠤᠨ ᠵᠢᠭᠤᠴᠢᠯᠠᠭᠤᠷ ᠤᠨ ᠲᠦᠪ ᠵᠢᠴᠢ ᠦᠪᠦᠷ ᠮᠤᠩᠭᠤᠯ ᠤᠨ ᠰᠢᠯᠢ ᠶᠢᠨ ᠭᠤᠤᠯ ᠠᠶᠢᠮᠠᠭ | ᠤᠨ ᠠᠳᠤᠭᠤᠨ ᠤ ᠦᠢᠯᠡᠰ ᠤᠨ ᠨᠡᠶᠢᠭᠡᠮᠯᠢᠭ᠂ ᠪᠠᠷᠠᠭᠤᠨ ᠦᠵᠦᠮᠦᠴᠢᠨ ᠬᠤᠰᠢᠭᠤᠨ ᠤ ᠴᠠᠭᠠᠨ ᠠᠳᠤᠭᠤᠨ ᠤ | ᠨᠡᠶᠢᠭᠡᠮᠯᠢᠭ ᠠᠴᠠ ᠭᠤᠤᠯᠯᠠᠨ ᠡᠷᠬᠢᠯᠡᠭᠰᠡᠨ ︽ᠬᠤᠶᠠᠳᠤᠭᠠᠷ ᠬᠤᠭᠤᠴᠠᠭᠠᠨ ᠤ ᠲᠤᠮᠳᠠᠳᠤ ᠤᠯᠤᠰ ᠤᠨ ᠴᠠᠭᠠᠨ | ᠠᠳᠤᠭᠤᠨ ᠤ ᠨᠤᠲᠤᠭ ᠤᠨ ᠰᠤᠶᠤᠯ ᠤᠨ ᠨᠠᠶᠢᠷ ᠵᠢᠴᠢ ᠲᠤᠮᠳᠠᠳᠤ ᠤᠯᠤᠰ ᠤᠨ ᠠᠳᠤᠭᠤᠨ ᠤ ᠰᠤᠶᠤᠯ ᠤᠷᠠᠯᠢᠭ | ᠰᠤᠳᠤᠯᠤᠯ ᠤᠨ ᠬᠦᠷᠢᠶᠡᠯᠡᠩ ᠪᠠᠶᠢᠭᠤᠯᠤᠭᠳᠠᠭᠰᠠᠨ ᠢᠶᠠᠨ ᠪᠡᠯᠭᠡᠯᠡᠬᠦ ᠠᠵᠢᠯᠯᠠᠭ᠎ᠠ︾ ᠪᠡᠭᠡᠵᠢᠩ ᠤᠨ ᠠᠷᠠᠳ ᠤᠨ ᠶᠡᠭᠡ | ᠬᠤᠷᠠᠯ ᠤᠨ ᠲᠢᠩᠬᠢᠮ ᠤᠨ ᠦᠪᠦᠷ ᠮᠤᠩᠭᠤᠯ ᠤᠨ ᠲᠢᠩᠬᠢᠮ ᠳᠤ ᠦᠪᠡᠳᠡᠭᠰᠢ ᠶᠠᠪᠤᠭᠳᠠᠵᠠᠢ᠃ ᠡᠨᠡ ᠤᠳᠠᠭ᠎ᠠ ᠶᠢᠨ | ᠰᠤᠶᠤᠯ ᠤᠨ ᠨᠠᠶᠢᠷ ᠤᠨ ᠰᠢᠷᠢᠰ ᠠᠵᠢᠯᠯᠠᠭ᠎ᠠ ᠳᠤ᠂ ︽ᠠᠷᠪᠠᠨ ᠰᠢᠯᠢᠳᠡᠭ ᠴᠠᠭᠠᠨ ᠰᠦᠷᠦᠭ︾ ᠤᠨ | ᠰᠢᠯᠭᠠᠷᠠᠭᠤᠯᠤᠯᠳᠠ᠂ ︽ᠠᠷᠪᠠᠨ ᠰᠢᠯᠢᠳᠡᠭ ᠴᠠᠭᠠᠨ ᠠᠳᠤᠭᠤᠨ ᠤ ᠭᠡᠷᠡᠯ ᠵᠢᠷᠤᠭᠴᠢ︾ ᠶᠢᠨ ᠲᠡᠯᠭᠡᠨ ᠦᠵᠡᠭᠦᠯᠦᠯᠭᠡ | ᠶᠢᠨ ᠠᠳᠠᠯᠢᠳᠬᠠᠯ ᠵᠢᠴᠢ ︽ᠠᠳᠤᠭᠤᠨ ᠰᠤᠶᠤᠯ ᠤᠨ ᠤᠷᠠᠯᠢᠭ ᠮᠡᠷᠭᠡᠵᠢᠯ ᠤᠨ ᠪᠦᠳᠦᠭᠡᠯ ᠤᠨ ᠦᠵᠡᠭᠦᠯᠦᠯᠭᠡ︾᠂ | ︽ᠲᠤᠮᠳᠠᠳᠤ ᠤᠯᠤᠰ ᠤᠨ ᠠᠳᠤᠭᠤᠨ ᠰᠤᠶᠤᠯ ᠤᠨ ᠮᠦᠽᠸᠢ ᠶᠢᠨ ᠤᠨ ᠤ ᠲᠡᠯᠭᠡᠨ ᠦᠵᠡᠭᠦᠯᠦᠯᠭᠡ︾ ᠵᠡᠷᠭᠡ | ᠤᠯᠠᠨ ᠵᠦᠢᠯ ᠤᠨ ᠬᠠᠪᠤᠯᠢᠭ ᠰᠠᠶᠢᠬᠠᠨ ᠪᠠᠶᠠᠯᠢᠭ ᠠᠭᠤᠯᠭ᠎ᠠ ᠨᠢ ᠦᠷᠭᠡᠨ ᠤᠯᠠᠨ ᠠᠳᠤᠭᠤ ᠪᠠᠨ ᠬᠠᠶᠢᠷᠠᠯᠠᠳᠠᠭ | ᠬᠦᠮᠦᠰ ᠢ ᠤᠷᠠᠯᠢᠭ ᠤᠨ ᠶᠢᠷᠳᠢᠨᠴᠤ ᠳᠤ ᠤᠮᠪᠠᠭᠤᠯᠤᠭᠰᠠᠨ ᠰᠤᠶᠤᠯ ᠤᠨ ᠦᠪᠡᠳᠡᠭᠰᠢ ᠲᠠᠶᠢᠯᠠᠯᠭ᠎ᠠ ᠪᠤᠯᠤᠭᠰᠠᠨ | ᠪᠠᠶᠢᠨ᠎ᠠ᠃ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠲᠡᠳ᠋ ᠬᠤᠷᠢᠶᠠᠨ ᠲᠠᠷᠤᠭ᠎ᠠ | ᠪᠦᠬᠡ ᠠᠴᠠ ︽ᠲᠤᠮᠳᠠᠳᠤ ᠤᠯᠤᠰ ᠤᠨ ᠴᠠᠭᠠᠨ ᠠᠳᠤᠭᠤᠨ ᠤ ᠨᠤᠲᠤᠭ︾ ᠭᠡᠬᠦ ᠪᠢᠴᠢᠭᠡᠰᠦ ᠪᠢᠴᠢᠵᠦ᠂ ᠪᠠᠷᠠᠭᠤᠨ | ᠦᠵᠦᠮᠦᠴᠢᠨ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠤ ᠲᠠᠷᠢᠭᠦᠯᠡᠭᠴᠢ ᠮᠦᠩᠬᠡ ᠳᠤ ᠭᠠᠷᠳᠠᠭᠤᠯᠤᠭᠰᠠᠨ | ᠨᠢ ᠪᠠᠰᠠ ᠨᠢᠭᠡᠨ ᠲᠡᠤᠬᠡᠨ ᠶᠠᠪᠤᠳᠠᠯ ᠪᠤᠯᠵᠦ ᠲᠡᠮᠳᠡᠭᠯᠡᠭᠳᠡᠪᠡ᠃ | ᠬᠤᠶᠠᠷ ᠰᠤᠳᠤᠯᠤᠨ ᠶᠠᠷᠢᠯᠴᠠᠬᠤ ᠬᠤᠷᠠᠯ ᠤᠨ ᠲᠦᠬᠦᠮ ᠲᠡᠮᠳᠡᠭᠯᠡᠯ | ᠤᠯᠠᠭᠴᠢᠨ ᠲᠡᠬᠢᠶ᠎ᠠ ᠵᠢᠯ ᠤᠨ ᠵᠤᠨ ᠤ ᠰᠡᠭᠦᠯ ᠰᠠᠷ᠎ᠠ ᠶᠢᠨ ᠰᠢᠨ᠎ᠡ ᠶᠢᠨ ᠬᠤᠶᠠᠷ ᠤᠨ ᠬᠠᠷᠠᠭᠴᠢᠨ ᠬᠤᠨᠢᠨ | ᠡᠳᠦᠷ ᠪᠠᠶᠢᠯ᠎ᠠ᠃ ᠪᠦᠭᠴᠢᠮ᠎ᠡ ᠬᠠᠯᠠᠭᠤᠨ᠂ ᠴᠡᠩᠭᠡᠷ ᠤᠭᠳᠠᠷᠭᠤᠢ ᠳᠤ ᠬᠠᠶᠠ ᠬᠤᠷᠠᠭᠠᠨ ᠡᠭᠦᠯᠡ ᠨᠡᠭᠦᠵᠦ᠂ ᠠᠯᠤᠰ | ᠲᠤ ᠠᠭᠤᠯᠠᠰ ᠤᠨ ᠪᠠᠷ᠎ᠠ ᠤᠯᠠᠭᠠᠨ ᠨᠢᠴᠦᠭᠦᠨ ᠬᠠᠷᠠᠭᠳᠠᠵᠦ᠂ ᠭᠤᠤ ᠰᠤᠪᠠᠭ ᠢᠶᠠᠷ ᠨᠢ ᠨᠤᠭᠤᠭᠠᠨ ᠦᠩᠭᠡ | ᠰᠠᠭᠤᠨ᠎ᠠ᠃ ᠶᠡᠭᠡ ᠯᠡ ᠭᠠᠩᠰᠢᠩᠭᠤᠢ ᠪᠠᠶᠢᠬᠤ ᠨᠢ ᠲᠤᠲᠤᠷᠠᠨ᠎ᠠ᠃ ᠤᠶᠢᠷ᠎ᠠ ᠶᠢᠨ ᠬᠡᠳᠦᠨ ᠡᠳᠦᠷ ᠤᠨ 30 ᠭᠷᠠᠳᠦ᠋ᠰ | ᠠᠴᠠ ᠲᠡᠭᠡᠭᠰᠢᠬᠢ ᠦᠨᠳᠦᠷ ᠬᠠᠯᠠᠭᠤᠨ ᠨᠢ ᠬᠦᠮᠦᠨ ᠮᠠᠯ ᠢ ᠠᠷᠭ᠎ᠠ ᠪᠠᠷᠠᠭᠳᠠᠭᠤᠯᠤᠨ᠎ᠠ᠃ | ᠦᠳᠡ ᠠᠴᠠ ᠬᠤᠶᠢᠰᠢ᠂ ᠵᠡᠭᠦᠨ ᠦᠵᠦᠮᠦᠴᠢᠨ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠤ | ᠲᠡᠷᠢᠭᠦᠯᠡᠭᠴᠢ ᠰᠤᠮᠢᠶ᠎ᠠ ᠲᠡᠷᠢᠭᠦᠳᠡᠢ ᠲᠤᠩᠭᠠᠯᠠᠭ᠂ ᠷᠢ᠊ ᠰᠡᠴᠡᠨᠳᠦ ᠪᠢᠳᠡ ᠲᠦᠷᠪᠡᠭᠦᠯᠡ ᠪᠠᠷᠠᠭᠤᠨ ᠦᠵᠦᠮᠦᠴᠢᠨ | ᠬᠤᠰᠢᠭᠤᠨ ᠳᠤ ᠴᠠᠭᠠᠨ ᠠᠳᠤᠭᠤᠨ ᠤ ᠰᠤᠳᠤᠯᠭᠠᠨ ᠤ ᠬᠤᠷᠠᠯ ᠳᠤ ᠤᠷᠤᠯᠴᠠᠬᠤ ᠪᠠᠷ ᠬᠦᠷᠦᠯᠴᠡᠭᠰᠡᠨ ᠶᠤᠮ᠃ | ᠪᠢᠳᠡ ᠪᠠᠯᠭᠠᠷᠭᠤᠤᠯ ᠪᠠᠯᠭᠠᠰᠤᠨ ᠳᠤ ᠬᠦᠷᠴᠦ ︽ᠦᠵᠦᠮᠦᠴᠢᠨ ᠪᠠᠭᠤᠳᠠᠯ︾ ᠳᠤ ᠨᠠᠷᠠ ᠮᠡᠳᠡᠭᠦᠯᠦᠨ ᠰᠠᠭᠤᠭᠰᠠᠨ | ᠶᠤᠮ᠃ ᠪᠠᠷᠠᠭᠤᠨ ᠦᠵᠦᠮᠦᠴᠢᠨ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠤ ᠲᠡᠷᠢᠭᠦᠯᠡᠭᠴᠢ ᠮᠦᠩᠭᠡ | ᠭᠤᠸᠠᠢ ᠪᠢᠳᠡᠨ ᠢ ᠤᠭᠳᠤᠨ ᠠᠪᠤᠭᠰᠠᠨ ᠪᠦᠭᠡᠳ ᠬᠤᠷᠠᠯ ᠤᠨ ᠶᠠᠪᠤᠴᠠ ᠶᠢᠨ ᠲᠤᠬᠠᠢ ᠲᠦᠬᠦᠮ ᠲᠠᠨᠢᠯᠴᠠᠭᠤᠯᠤᠨ | ᠶᠠᠷᠢᠵᠦ ᠦᠭᠭᠦᠭᠰᠡᠨ᠃ | ᠰᠢᠨ᠎ᠡ ᠶᠢᠨ ᠭᠤᠷᠪᠠᠨ ᠪᠠᠶᠠᠨ ᠤᠪᠤᠭᠠᠨ ᠤ ᠲᠠᠬᠢᠯᠭ᠎ᠠ ᠶᠢᠨ ᠡᠳᠦᠷ ᠪᠠᠶᠢᠵᠦ ᠪᠢᠯᠡ᠃ ᠡᠨᠡ ᠡᠳᠦᠷ ᠪᠠᠶᠠᠨ | ᠤᠪᠤᠭᠠᠨ ᠲᠠᠬᠢᠯᠭ᠎ᠠ ᠯᠤᠤᠰ ᠪᠠᠶᠠᠰᠬᠤ ᠡᠳᠦᠷ ᠰᠢᠤ᠂ ᠦᠳᠡ ᠠᠴᠠ ᠬᠤᠶᠢᠰᠢ ᠪᠤᠷᠤᠭᠠᠨ ᠤᠷᠤᠨ᠎ᠠ ᠳ᠋ᠠ ᠭᠡᠪᠡᠯ ᠮᠡᠨ | ᠤ ᠨᠦᠬᠦᠭᠡ ᠬᠡᠳᠦᠭᠦᠯᠡ᠄ ︽ᠲᠡᠶᠢᠮᠦ ᠪᠤᠯ ᠬᠦᠮᠦᠨ ᠮᠠᠯ ᠦᠭᠡᠢ ᠪᠠᠶᠠᠷᠯᠠᠨ᠎ᠠ᠂ ᠡᠨᠡ ᠭᠠᠩ ᠲᠠᠶᠢᠯᠤᠭᠳᠠᠪᠠᠯ ᠶᠠᠮᠠᠷ | ᠰᠠᠶᠢᠨ ᠪᠤᠢ᠂ ᠴᠢᠨᠤ ᠠᠮᠠ ᠶᠢ ᠲᠤᠰᠤᠯᠠᠮᠠᠷ ᠪᠠᠶᠢᠨ᠎ᠠ︾ ᠭᠡᠵᠡᠭᠡᠨ᠎ᠡ᠃ ᠮᠦᠩᠭᠡ ᠲᠠᠷᠤᠭ᠎ᠠ ᠶᠢᠨ ᠲᠠᠭᠠᠭᠤᠯᠭ᠎ᠠ ᠪᠠᠷ | ᠮᠠᠨ ᠤ ᠬᠤᠷᠠᠯ ᠤᠨ ᠬᠦᠮᠦᠰ ᠭᠤᠷᠪᠠᠨ ᠲᠡᠷᠭᠡᠨ ᠳᠤ ᠬᠤᠪᠢᠶᠠᠨ ᠰᠠᠭᠤᠵᠦ ᠪᠠᠯᠭᠠᠷᠭᠤᠤᠯ ᠠᠴᠠ ᠮᠤᠷᠳᠡᠵᠦ᠂ ᠵᠡᠭᠦᠨ | ᠬᠤᠶᠢᠳᠦ ᠵᠦᠭ ᠤᠯᠠᠭᠠᠨ ᠬᠠᠭᠠᠯᠭ᠎ᠠ ᠰᠤᠮᠤ ᠶᠢᠨ ᠡᠷᠬᠡᠳᠦ ᠤᠪᠤᠭ᠎ᠠ ᠭᠠᠴᠠᠭ᠎ᠠ ᠶᠢ ᠴᠢᠭᠯᠡᠪᠡ᠃ ᠵᠠᠮ ᠤᠨ ᠲᠤᠮᠳᠠ | ᠤᠯᠠᠭᠠᠨ ᠬᠠᠭᠠᠯᠭ᠎ᠠ ᠰᠦᠮ᠎ᠡ ᠶᠢ ᠲᠠᠮᠵᠢᠬᠤ ᠳᠤ ᠪᠢ ᠦᠭᠡ ᠡᠯᠭᠦᠵᠦ᠄ ︽ᠡᠨᠡ ᠰᠦᠮ᠎ᠡ ᠶᠢᠨ ᠲᠡᠭᠡᠳᠦ ᠦᠶ᠎ᠡ ᠶᠢᠨ | ᠭᠡᠭᠡᠨᠳᠡᠨ ᠢᠶᠠᠷ ᠶᠦᠭᠵᠦᠷ ᠯᠠᠮᠨᠬᠠᠢ ᠶᠢᠨ ᠰᠦᠮ᠎ᠡ ᠳᠤ ᠰᠠᠭᠠᠳᠠᠵᠦ ᠪᠠᠶᠢᠬᠤ ᠳᠠᠭᠠᠨ᠂ ᠲᠡᠨᠳᠡ ᠠᠴᠠ ᠰᠦᠮ᠎ᠡ ᠶᠢᠨ | ᠭᠡᠷᠬᠢᠮᠳᠡᠨ ᠳᠡᠭᠡᠨ ᠦᠭᠡ ᠬᠡᠯᠡᠭᠦᠯᠵᠦ᠄ ︽ᠪᠢ ᠤᠯᠠᠨ ᠠᠮᠢᠳᠠᠨ ᠤ ᠡᠪᠡᠳᠴᠢᠨ ᠵᠤᠪᠠᠯᠠᠩ ᠢ ᠠᠷᠢᠯᠭᠠᠬᠤ ᠶᠢᠨ | ᠲᠤᠰᠠᠳᠠ ᠨᠤᠲᠤᠭ ᠲᠠᠭᠠᠨ ᠷᠠᠰᠢᠶᠠᠨ ᠭᠠᠷᠭᠠᠨ᠎ᠠ᠂ ᠲᠠᠨᠠᠷ ᠰᠦᠮ᠎ᠡ ᠶᠢᠨ ᠬᠠᠪᠢ ︵ᠷᠠᠰᠢᠶᠠᠨ ᠪᠠᠶᠢᠬᠤ ᠭᠠᠵᠠᠷ︶ ᠪᠠᠷ | ᠬᠤᠳᠳᠤᠭ ᠮᠠᠯᠳᠠᠨ ᠭᠠᠷᠭᠠᠭᠠᠳ ᠨᠠᠳᠠᠳᠤ ᠴᠢᠮᠡᠭᠡ ᠢᠷᠡᠭᠦᠯ︕︾ ᠭᠡᠵᠡᠢ᠃ ᠪᠠᠭᠰᠢ ᠭᠡᠭᠡᠨ ᠤ ᠠᠶᠢᠯᠠᠳᠤᠯ ᠢᠶᠠᠷ | ᠲᠡᠷᠡ ᠭᠠᠵᠠᠷ ᠨᠢ ᠬᠤᠳᠳᠤᠭ ᠢᠶᠠᠨ ᠭᠠᠷᠭᠠᠮᠠᠭᠴᠠ ᠨᠢᠭᠡ ᠯᠠᠮᠠ ᠲᠠᠪᠬᠢᠭᠤᠯᠵᠦ ᠠᠶᠢᠯᠠᠳᠬᠠᠭᠰᠠᠨ ᠳᠤ ᠪᠠᠭᠰᠢ ᠭᠡᠭᠡᠨ | ᠲᠤᠤᠷ᠎ᠠ ᠪᠠᠨ ᠲᠡᠷᠡ ᠤᠴᠢᠭᠰᠠᠨ ᠯᠠᠮᠠ ᠶᠢ ᠪᠡᠶ᠎ᠡ ᠪᠠᠷ ᠢᠶᠠᠨ ᠲᠠᠭᠠᠭᠤᠯᠤᠨ᠂ ᠬᠦᠨᠳᠡᠯᠡᠨ ᠬᠠᠶᠢᠯᠠᠰᠤᠳᠤ ᠶᠢᠨ | ᠷᠠᠰᠢᠶᠠᠨ ᠠᠴᠠ ᠴᠠᠪᠡᠷ ᠰᠠᠪᠠᠨ ᠳᠤ ᠵᠠᠯᠠᠵᠦ ᠠᠪᠴᠤ ᠦᠭᠭᠦᠭᠡᠳ ᠰᠢᠭᠤᠳ ᠪᠤᠴᠠᠭᠠᠵᠠᠢ᠃ ᠲᠡᠷᠡ ᠯᠠᠮᠠ | ᠷᠠᠰᠢᠶᠠᠨ ᠢᠶᠠᠨ ᠠᠪᠴᠤ ᠦᠷ ᠤᠨ ᠬᠠᠷᠠᠩᠭᠤᠢ ᠪᠠᠷ ᠮᠤᠷᠳᠠᠵᠦ ᠲᠠᠪᠬᠢᠭᠰᠠᠭᠠᠷ ᠤᠷᠤᠢ ᠶᠢᠨ ᠲᠤᠭᠤᠭ᠎ᠠ ᠲᠠᠯᠪᠢᠬᠤ | ᠦᠶ᠎ᠡ ᠪᠠᠷ ᠤᠯᠠᠭᠠᠨ ᠬᠠᠭᠠᠯᠭ᠎ᠠ ᠰᠦᠮ᠎ᠡ ᠳᠡᠭᠡᠨ ᠢᠷᠡᠵᠦ ᠲᠡᠷᠡ ᠬᠤᠳᠳᠤᠭ ᠲᠤ ᠷᠠᠰᠢᠶᠠᠨ ᠢᠶᠠᠨ ᠵᠠᠯᠠᠭᠰᠠᠨ ᠪᠠᠶᠢᠵᠠᠢ | ᠃ ᠢᠩᠭᠢᠭᠡᠳ ᠶᠦᠭᠵᠦᠷ ᠯᠠᠮᠠᠬᠠᠢ ᠶᠢᠨ ᠰᠦᠮ᠎ᠡ ᠬᠠᠪᠢ ᠶᠢᠨ ᠬᠦᠨᠳᠡᠯᠡᠨ ᠬᠠᠶᠢᠯᠠᠰᠤᠳᠤ ᠶᠢᠨ ᠷᠠᠰᠢᠶᠠᠨ ᠠᠴᠠ | ᠤᠪᠠᠳᠢᠰ ᠤᠨ ᠬᠦᠴᠦᠨ ᠢᠶᠠᠷ ᠷᠠᠰᠢᠶᠠᠨ ᠵᠠᠯᠠᠨ ᠰᠢᠯᠵᠢᠭᠦᠯᠦᠭᠰᠡᠨ ᠢᠶᠠᠷ ᠤᠯᠠᠭᠠᠨ ᠬᠠᠭᠠᠯᠭ᠎ᠠ ᠰᠦᠮ᠎ᠡ ᠨᠢ ᠬᠦᠮᠦᠨ | ᠠᠮᠢᠳᠠᠨ ᠤ ᠡᠪᠡᠳᠴᠢᠨ ᠢ ᠠᠷᠬᠠᠭ ᠢ ᠠᠷᠢᠯᠭᠠᠬᠤ ᠠᠷᠢᠭᠤᠨ ᠲᠤᠩᠭᠠᠯᠠᠭ ᠷᠠᠰᠢᠶᠠᠨ ᠲᠠᠢ ᠪᠤᠯᠤᠯ᠎ᠠ ᠭᠡᠳᠡᠭ᠃ ᠲᠡᠷᠡ | ᠷᠠᠰᠢᠶᠠᠨ ᠨᠢ ᠡᠨᠡ ᠰᠦᠮ᠎ᠡ ᠠᠴᠠ ᠬᠠᠮᠢᠭᠠᠰᠢ ᠪᠠᠶᠢᠬᠤ ᠪᠤᠢ ᠭᠡᠬᠦ ᠳᠤ᠂ ᠨᠢᠭᠡ ᠵᠠᠯᠠᠭᠤ᠄ ︽ᠠᠳᠡ ᠠᠴᠠ ᠵᠡᠭᠦᠨ | ᠤᠷᠤᠭᠰᠢ ᠪᠠᠶᠢᠨ᠎ᠠ︾᠂ ︽ᠬᠡᠳᠦᠢ ᠬᠤᠯᠠ ᠪᠠᠶᠢᠬᠤ ᠪᠤᠢ︖︾ ᠭᠡᠪᠡᠯ ︽ᠪᠠᠷᠤᠭ ᠭᠤᠴᠢ ᠲᠦᠴᠢᠭᠡᠳ ᠭᠠᠵᠠᠷ | ᠪᠠᠶᠢᠨ᠎ᠠ︾ ᠭᠡᠬᠦ ᠶᠤᠮ᠃ ᠡᠨᠡᠬᠦ ᠬᠠᠭᠠᠯᠭ᠎ᠠ ᠶᠢᠨ ᠷᠠᠰᠢᠶᠠᠨ ᠨᠢ ᠤᠳᠤ ᠶᠢᠨ ᠤᠯᠠᠭᠠᠨ ᠬᠠᠭᠠᠯᠭ᠎ᠠ ᠰᠤᠮᠤᠨ ᠤ | ᠰᠠᠷᠠᠭᠤᠯ ᠭᠠᠴᠠᠭ᠎ᠠ ᠶᠢᠨ ᠨᠤᠲᠤᠭ ᠲᠤ ᠬᠠᠷᠢᠶᠠᠯᠠᠭᠳᠠᠵᠦ ᠪᠤᠢ᠃ ᠢᠩᠬᠢᠵᠦ ᠶᠠᠷᠢᠯᠴᠠᠭᠰᠠᠭᠠᠷ ᠡᠷᠭᠡᠳᠦ ᠭᠠᠴᠠᠭ᠎ᠠ ᠶᠢᠨ | ᠨᠤᠭᠤᠭᠠᠨ ᠲᠠᠯ ᠳᠤ ᠵᠢᠭᠳᠡᠯᠡᠨ ᠪᠠᠷᠢᠭᠰᠠᠨ ᠬᠡᠳᠦᠨ ᠠᠶᠢᠯ ᠭᠡᠷ ᠤᠨ ᠭᠠᠳᠠᠨ᠎ᠠ ᠢᠷᠡᠪᠡ᠃ ᠲᠡᠷᠭᠡᠨ ᠠᠴᠠ ᠪᠠᠭᠤᠪᠠᠯ | ᠭᠡᠷ ᠠᠴᠠ ᠤᠷᠤᠭᠰᠢ ᠨᠡᠯᠢᠶᠡᠳ ᠵᠠᠢ ᠲᠠᠢ ᠭᠠᠵᠠᠷ ᠤᠨᠠᠭ᠎ᠠ ᠵᠡᠯᠡᠯᠡᠨ ᠤᠶᠠᠵᠦ᠂ ᠤᠷᠳᠤ ᠵᠡᠯ᠎ᠡ ᠠᠴᠠ ᠬᠡᠳᠦᠨ ᠲᠡᠯ | ᠨᠢ ᠤᠷᠳᠤᠯᠠᠭᠰᠠᠨ ᠴᠠᠭᠠᠨ ᠠᠵᠢᠷᠭ᠎ᠠ᠂ ᠤᠯᠠᠨ ᠴᠠᠭᠠᠨ ᠬᠡᠭᠦᠳ ᠢ ᠤᠶᠠᠭᠰᠠᠨ ᠪᠠᠶᠢᠯ᠎ᠠ᠃ ᠪᠢᠳᠡᠨ ᠢ ᠬᠦᠷᠬᠦ ᠳᠤ᠂ | ᠤᠷᠤᠯᠳᠤᠭᠠᠨ ᠤ ᠮᠤᠷᠢᠳ ᠶᠠᠪᠤᠬᠤ ᠪᠠᠷ ᠪᠡᠯᠡᠳᠦᠨ ᠰᠠᠩ ᠡᠷᠬᠢᠵᠦ ᠪᠠᠶᠢᠬᠤ ᠨᠢ ᠦᠵᠡᠭᠴᠢᠳ ᠤᠨ ᠠᠩᠬᠠᠷᠤᠯ ᠢ | ᠲᠡᠳᠡᠨ᠎ᠡ᠃ ᠢᠩᠭᠢᠭᠡᠳ ᠡᠷᠬᠡᠳᠦ ᠤᠪᠤᠭ᠎ᠠ ᠭᠠᠴᠠᠭ᠎ᠠ ᠶᠢᠨ ︽ᠦᠵᠦᠮᠦᠴᠢᠨ ᠴᠠᠭᠠᠨ ᠠᠳᠤᠭᠤᠨ ᠤ ᠲᠤᠰᠬᠠᠢ | ᠬᠤᠷᠰᠢᠶᠡᠯᠡᠯ︾ ᠠᠴᠠ ᠮᠠᠨ ᠤ ᠰᠤᠳᠤᠯᠤᠨ ᠶᠠᠷᠢᠯᠴᠠᠬᠤ ᠬᠤᠷᠠᠯ ᠤᠨ ᠪᠦᠬᠦ ᠪᠦᠷᠢᠯᠳᠦᠭᠦᠨ ᠳᠤ ᠴᠠᠭᠠᠨ ᠮᠤᠷᠢᠨ ᠤ | ᠤᠷᠤᠯᠳᠤᠭᠠᠨ ᠤ ᠦᠵᠡᠭᠦᠯᠦᠯᠭᠡ ᠰᠤᠨᠢᠷᠬᠠᠭᠤᠯᠪᠠ᠃ ᠡᠨᠡ ᠤᠳᠠᠭᠠᠨ ᠤ ᠠᠯᠤᠰ ᠤᠨ ᠮᠤᠷᠢᠨ ᠤ ᠤᠷᠤᠯᠳᠤᠭᠠᠨ ᠳᠤ᠂ | ᠦᠯᠵᠠᠶᠢᠬᠤᠳᠤᠭ ᠤᠨ ᠪᠤᠷᠤ ᠮᠤᠷᠢ ᠲᠡᠷᠢᠭᠦᠯᠡᠵᠦ᠂ ᠭᠡᠷᠡᠯᠳᠦ ᠶᠢᠨ ᠠᠯᠠᠭ ᠮᠤᠷᠢ ᠲᠡᠳ᠋ᠯᠡᠨ᠂ ᠲᠤᠭᠳᠠᠬᠤ ᠶᠢᠨ ᠰᠠᠷᠠᠯ | ᠮᠤᠷᠢ ᠭᠤᠳᠠᠭᠠᠷᠯᠠᠵᠦ᠂ ᠪᠠᠶᠠᠨᠪᠠᠭᠠᠳᠤᠷ ᠤᠨ ᠪᠤᠷᠤ ᠮᠤᠷᠢ ᠲᠦᠳᠡᠭᠡᠷᠯᠡᠪᠡ᠃ ᠲᠠᠷᠠᠭ᠎ᠠ ᠨᠢ ᠴᠠᠭᠠᠨ ᠠᠳᠤᠭᠤᠨ ᠤ | ᠰᠦᠷᠦᠭ ᠢ ᠴᠠᠶᠢᠯᠵᠠᠭᠤᠯᠤᠨ ᠬᠦᠭᠡᠭᠡᠵᠦ ᠢᠷᠡᠬᠦ ᠨᠢ ᠵᠢᠷᠤᠭ ᠮᠡᠳᠦ ᠭᠤᠶᠤᠬᠠᠨ᠃ ᠡᠨᠡ ᠦᠨᠡᠬᠡᠷ ᠡᠷᠳᠡ ᠦᠶ᠎ᠡ ᠶᠢᠨ | ᠴᠢᠩᠭᠢᠰ ᠬᠠᠭᠠᠨ ᠪᠤᠯᠤᠨ ᠬᠤᠪᠢᠯᠠᠢ ᠬᠠᠭᠠᠨ ᠤ ᠠᠷᠪᠠᠨ ᠲᠦᠮᠡᠨ ᠴᠠᠭᠠᠨ ᠠᠳᠤᠭᠤ ᠶᠢ ᠡᠷᠬᠡ ᠦᠭᠡᠢ | ᠪᠤᠳᠤᠭᠳᠠᠭᠤᠯᠤᠨ᠎ᠠ᠃ ᠠᠳᠤᠭᠤᠳ ᠢᠶᠠᠨ ᠤᠶᠢᠷᠠᠳᠤᠭᠤᠯᠤᠭᠠᠳ ᠤᠯᠠᠨ ᠤᠷᠭᠠᠴᠢᠳ ᠬᠤᠭᠤᠯᠠᠢ ᠰᠢᠷᠭᠤᠭ᠎ᠠ | ᠲᠠᠯᠪᠢᠵᠦ ᠠᠵᠢᠷᠭ᠎ᠠ ᠲᠠᠭᠠᠷᠢᠭᠤᠯᠵᠦ᠂ ᠤᠷᠭᠠᠯᠠᠬᠤ ᠡᠷᠳᠡᠮ ᠢᠶᠠᠨ ᠦᠵᠡᠭᠦᠯᠦᠨ᠎ᠡ᠂ ᠡᠮᠨᠢᠭᠴᠢᠨ ᠠᠴᠠ ᠡᠮᠨᠢᠭ ᠴᠠᠭᠠᠨ | ᠦᠷᠢᠶ᠎ᠡ ᠶᠢ ᠲᠤᠶᠢᠯᠠᠭᠤᠯᠤᠨ ᠡᠷ᠎ᠡ ᠵᠤᠷᠢᠭ ᠤᠨ ᠬᠦᠪᠴᠢ ᠰᠢᠯᠭᠠᠨ᠎ᠠ᠃ ᠡᠨᠡ ᠪᠦᠬᠦᠨ ᠨᠢ ᠦᠵᠦᠮᠦᠴᠢᠨ ᠨᠤᠲᠤᠭ | ᠤᠨ ᠪᠠᠶᠢᠭᠠᠯᠢᠯᠢᠭ ᠤᠨᠴᠠᠯᠢᠭ ᠠᠴᠠ ᠢᠯᠡᠷᠡᠬᠦ ᠨᠡᠭᠦᠳᠡᠯ ᠮᠠᠯᠵᠢᠯ ᠤᠨ ᠭᠠᠶᠢᠬᠠᠮᠰᠢᠭ ᠪᠤᠯᠬᠤ ᠮᠦᠷᠳᠡᠭᠡᠨ ᠴᠠᠭᠠᠨ | ᠠᠳᠤᠭᠤᠨ ᠤ ᠪᠠᠭ᠋ᠠᠳᠤᠳ ᠤᠨ ᠤᠷᠮ᠎ᠠ ᠵᠤᠷᠢᠭ ᠢ ᠬᠦᠭᠵᠢᠭᠡᠨ᠎ᠡ᠃ | ᠲᠤᠰ ᠴᠠᠭᠠᠨ ᠠᠳᠤᠭᠤᠨ ᠤ ᠲᠤᠰᠬᠠᠢ ᠬᠤᠷᠰᠢᠶᠡᠯᠡᠯ ᠤᠨ ᠡᠷᠬᠢᠯᠡᠭᠴᠢ ᠪᠤᠶᠠᠠᠳᠤ᠂ ᠲᠡᠳ᠋ ᠡᠷᠬᠢᠯᠡᠭᠴᠢ | ᠬᠤᠪᠢᠰᠬᠠᠯᠳᠤ᠂ ᠨᠠᠷᠢᠨ ᠪᠢᠴᠢᠭᠡᠴᠢ ᠲᠠᠯᠠᠢ ᠨᠠᠷ ᠪᠠᠶᠢᠵᠦ᠂ ᠮᠠᠯᠴᠢᠳ ᠢᠶᠠᠨ ᠲᠠᠭᠠᠭᠤᠯᠤᠨ ᠴᠠᠭᠠᠨ ᠠᠳᠤᠭᠤᠨ ᠤ | ᠡᠵᠡᠩᠨᠡᠯᠳᠡ ᠶᠢ ᠬᠢᠵᠦ᠂ ᠨᠤᠲᠤᠭ ᠪᠡᠯᠴᠢᠭᠡᠷ ᠢᠶᠠᠨ ᠦᠷᠭᠡᠳᠭᠡᠨ ᠴᠡᠭᠡ ᠰᠠᠭᠠᠯᠢ ᠶᠢᠨ ᠦᠢᠯᠡᠰ ᠢ ᠡᠷᠬᠢᠯᠡᠵᠦ᠂ | ᠴᠠᠭᠠᠨ ᠰᠦᠷᠦᠭ ᠢᠶᠠᠨ ᠪᠦᠭᠡᠮᠨᠡᠷᠡᠭᠦᠯᠦᠨ ᠮᠠᠯᠵᠢᠬᠤ᠂ ᠦᠷᠡᠵᠢᠭᠦᠯᠦᠨ ᠪᠤᠶᠢᠵᠢᠭᠤᠯᠬᠤ ᠠᠵᠢᠯ ᠢ ᠬᠡᠳᠦᠨ ᠵᠢᠯ | ᠬᠦᠴᠦᠳᠡᠢ ᠠᠳᠬᠤᠭᠰᠠᠨ ᠢᠶᠠᠷ ᠦᠨᠦ ᠪᠤᠯᠬᠤ ᠳᠤ ᠴᠠᠭᠠᠨ ᠠᠳᠤᠭᠤᠨ ᠤ ᠲᠤᠭ᠎ᠠ ᠲᠤᠯᠤᠭᠠᠢ 7 ᠲᠦᠮᠡ ᠶᠢ | ᠲᠠᠪᠠᠭᠰᠠᠨ ᠭᠡᠵᠦ ᠲᠠᠨᠢᠯᠴᠠᠭᠤᠯᠤᠨ᠎ᠠ᠃ ᠪᠢᠳᠡ ᠴᠠᠭᠠᠨ ᠴᠡᠭᠡᠨ ᠤ ᠲᠠᠶᠢᠯᠠᠯᠭ᠎ᠠ ᠪᠠᠷ ᠵᠤᠴᠢᠯᠠᠭᠤᠯᠵᠦ᠂ ᠪᠠᠶᠠᠷ | ᠲᠠᠯᠠᠷᠬᠠᠯ ᠢᠶᠠᠨ ᠢᠯᠡᠳᠭᠡᠭᠰᠡᠭᠡᠷ ᠠᠳᠡ ᠠᠴᠠ ᠰᠠᠯᠬᠤ ᠶᠤᠰᠤ ᠭᠦᠢᠴᠡᠳᠭᠡᠨ ᠪᠤᠴᠠᠯ᠎ᠠ᠃ | ᠦᠳᠡ ᠠᠴᠠ ᠬᠤᠶᠢᠨ᠎ᠠ᠂ ᠮᠦᠩᠭᠡ ᠲᠠᠷᠤᠭ᠎ᠠ ᠶᠢᠨ ᠲᠠᠭᠠᠭᠤᠯᠭ᠎ᠠ ᠪᠠᠷ᠂ ᠪᠠᠷᠠᠭᠤᠨ ᠦᠵᠦᠮᠦᠴᠢᠨ | ᠬᠤᠰᠢᠭᠤᠨ ᠤ ︽ᠡᠷ᠎ᠡ ᠶᠢᠨ ᠭᠤᠷᠪᠠᠨ ᠨᠠᠭᠠᠳᠤᠮ︾ ᠲᠡᠤᠬᠡ ᠶᠢᠨ ᠮᠦᠽᠸᠢ ᠶᠢᠨ ᠦᠵᠡᠰᠭᠦᠯᠡᠩ ᠤᠨ ᠠᠰᠠᠷ᠂ | ᠪᠠᠭ᠋ᠠᠷᠤᠮ᠎ᠠ ᠰᠠᠶᠢᠬᠠᠨ ᠪᠠᠷᠠᠭᠤᠨ ᠦᠵᠦᠮᠦᠴᠢᠨ ᠰᠡᠳᠭᠢᠯ ᠢ ᠲᠠᠳᠠᠬᠤ ᠬᠤᠳᠠ ᠪᠠᠯᠭᠠᠰᠤ ︽ᠲᠦᠯᠦᠪᠵᠢᠭᠦᠯᠭᠡ ᠶᠢᠨ | ᠦᠵᠡᠭᠦᠯᠭᠡ ᠶᠢᠨ ᠭᠠᠵᠠᠷ︾᠂ ︽ᠲᠤᠮᠳᠠᠳᠤ ᠤᠯᠤᠰ ᠤᠨ ᠴᠠᠭᠠᠨ ᠠᠳᠤᠭᠤᠨ ᠤ ᠨᠤᠲᠤᠭ︾ ᠭᠡᠬᠦ ᠱᠤᠭᠤᠮᠠᠯ | ᠪᠠᠷᠢᠯᠭ᠎ᠠ ᠵᠡᠷᠭᠡ ᠮᠠᠰᠢ ᠤᠯᠠᠨ ᠬᠦᠭᠵᠢᠯᠳᠡ ᠶᠢᠨ ᠠᠤᠭ᠎ᠠ ᠲᠦᠷᠰᠦ ᠪᠠᠶᠢᠳᠠᠯ ᠢ ᠰᠤᠨᠢᠷᠬᠠᠵᠦ᠂ ᠤᠯᠠᠨ ᠰᠠᠶᠢᠬᠠᠨ | ᠲᠦᠷᠦᠭᠳᠡᠯ ᠢ ᠡᠪᠦᠷᠯᠡᠭᠰᠡᠭᠡᠷ ᠤᠷᠮ᠎ᠠ ᠪᠠᠭ᠋ᠠᠳᠠᠢ ᠪᠠᠷ ᠨᠢᠭᠡ ᠡᠳᠦᠷ ᠤᠨ ᠡᠭᠦᠷᠭᠡ ᠪᠠᠨ ᠪᠡᠶᠡᠯᠡᠭᠦᠯᠪᠡ᠃ ᠪᠢᠳᠡᠨ ᠢ | ᠲᠦᠩᠭᠡᠵᠢ ᠪᠠᠭᠤᠳᠠᠯ ᠳᠠᠭᠠᠨ ᠤᠷᠤᠬᠤ ᠳᠤ᠂ ᠡᠭᠦᠯᠡᠰᠢᠨ ᠪᠦᠷᠭᠦᠶᠢᠵᠦ ᠲᠡᠭᠷᠢ ᠲᠤᠤᠭᠠᠷᠴᠤ᠂ ᠵᠦᠭᠡᠯᠡᠨ ᠪᠤᠷᠤᠭᠠᠨ | ᠤᠷᠤᠪᠠ᠃ ᠠᠭᠤᠷ ᠠᠮᠢᠰᠬᠤᠯ ᠰᠤᠷᠭᠤᠭᠵᠢᠨ ᠴᠡᠪᠡᠷᠰᠢᠵᠦ᠂ ᠠᠯᠠᠭ ᠴᠡᠴᠡᠭᠡᠰ ᠮᠦᠰᠢᠶᠡᠨ ᠠᠯᠳᠠᠨ ᠴᠡᠭᠴᠦᠬᠡᠢ | ᠵᠢᠷᠬᠢᠨ ᠤᠷᠭᠤᠮᠠᠯ ᠮᠤᠳᠤᠳ ᠮᠦᠴᠢᠷ ᠲᠡᠯᠭᠡᠨ ᠪᠠᠶᠠᠰᠤᠨ᠎ᠠ᠃ | ᠰᠢᠨ᠎ᠡ ᠶᠢᠨ ᠲᠦᠷᠪᠡᠨ ᠤ ᠡᠳᠦᠷ᠂ ᠪᠠᠶ᠋ᠬᠠᠠᠭᠤᠯᠠ ᠶᠢᠨ ᠡᠩᠭᠡᠷ ᠲᠤ᠂ ︽ᠴᠢᠩᠭᠢᠰ ᠬᠠᠭᠠᠨ ᠤ ᠴᠠᠭᠠᠨ | ᠠᠳᠤᠭᠤ ᠬᠢᠭᠡᠳ ᠦᠵᠦᠮᠦᠴᠢᠨ ᠴᠠᠭᠠᠨ ᠠᠳᠤᠭᠤᠨ ᠤ ᠤᠳᠤᠮ ᠤᠭᠰᠢᠯ ᠢ ᠰᠤᠳᠤᠯᠤᠨ ᠶᠠᠷᠢᠯᠴᠠᠬᠤ ᠬᠤᠷᠠᠯ︾ ᠢ | ᠵᠢᠩᠬᠢᠨᠢ ᠪᠠᠷ ᠬᠤᠷᠠᠯᠳᠤᠭᠤᠯᠪᠠ᠃ ᠲᠤᠰ ᠡᠷᠳᠡᠮ ᠰᠢᠨᠵᠢᠯᠡᠭᠡᠨ ᠤ ᠬᠤᠷᠠᠯ ᠳᠤ ᠦᠪᠦᠷ ᠮᠤᠩᠭᠤᠯ ᠤᠨ ᠲᠠᠷᠢᠶᠠᠯᠠᠩ | ᠤᠨ ᠶᠡᠭᠡ ᠰᠤᠷᠭᠠᠭᠤᠯᠢ ᠶᠢᠨ ᠲᠡᠳ᠋ ᠲᠠᠷᠤᠭ᠎ᠠ᠂ ᠫᠷᠤᠹᠧᠰᠰᠤᠷ ᠮᠠᠩᠯᠠᠢ᠂ ᠮᠤᠩᠭᠤᠯ ᠰᠤᠳᠤᠯᠤᠯ ᠲᠦᠪ ᠤᠨ | ᠡᠷᠬᠢᠯᠡᠭᠴᠢ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠫᠷᠤᠹᠧᠰᠰᠤᠷ᠂ ᠳ᠋ᠤᠺᠲ᠋ᠤᠷ ᠤᠨ ᠵᠢᠯᠤᠭᠤᠳᠤᠭᠴᠢ | ᠪᠠᠭᠰᠢ ᠴᠢᠮᠡᠳᠳᠤᠷᠵᠢ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠵᠢᠭᠤᠯᠴᠢᠯᠠᠯ ᠤᠨ ᠰᠠᠯᠪᠤᠷᠢ | ᠶᠢᠨ ᠫᠷᠤᠹᠧᠰᠰᠤᠷ ᠪᠠᠶᠠᠠᠴᠠᠭᠠᠨ᠂ ᠦᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ | ᠰᠤᠳᠤᠯᠤᠭᠴᠢ ᠴᠢ᠊ ᠰᠡᠴᠡᠨ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠭᠠᠭᠤᠯᠢ ᠶᠢᠨ ᠮᠤᠩᠭᠤᠯ ᠰᠤᠳᠤᠯᠤᠯ | ᠤᠨ ᠬᠦᠷᠢᠶᠡᠯᠡᠩ ᠤᠨ ᠫᠷᠤᠹᠧᠰᠰᠤᠷ ᠨᠠᠰᠤᠠᠠᠦ᠋ᠯᠵᠠᠢ᠂ ᠲᠤᠮᠳᠠᠳᠤ ᠤᠯᠤᠰ ᠤᠨ ᠠᠷᠠᠳ ᠤᠨ ᠶᠡᠭᠡ ᠰᠤᠷᠭᠠᠭᠤᠯᠢ ᠶᠢᠨ | ᠫᠷᠤᠹᠧᠰᠰᠤᠷ ᠲᠦᠷᠦᠪᠠᠶᠠᠷ ᠵᠡᠷᠭᠡ ᠡᠷᠳᠡᠮᠳᠡᠨ ᠮᠡᠷᠭᠡᠳ ᠤᠷᠤᠯᠴᠠᠭᠰᠠᠨ ᠪᠦᠭᠡᠳ ᠡᠷᠳᠡᠮ ᠰᠢᠨᠵᠢᠯᠡᠭᠡᠨ ᠤ ᠦᠭᠦᠯᠡᠯ | ᠪᠤᠶᠤ ᠶᠠᠷᠢᠶ᠎ᠠ ᠪᠠᠨ ᠨᠡᠶᠢᠳᠡᠯᠡᠪᠡ᠃ | ᠪᠠᠰᠠ ᠠᠳᠤᠭᠤᠨ ᠦᠢᠯᠡᠰ ᠤᠨ ᠬᠠᠮᠢᠶ᠎ᠠ ᠪᠦᠬᠦᠢ ᠪᠠᠶᠢᠭᠤᠯᠭ᠎ᠠ ᠨᠢᠭᠡᠴᠡ ᠠᠴᠠ ᠲᠤᠮᠳᠠᠳᠤ ᠤᠯᠤᠰ ᠤᠨ | ᠠᠳᠤᠭᠤᠨ ᠦᠢᠯᠡᠰ ᠤᠨ ᠨᠡᠶᠢᠭᠡᠮᠯᠢᠭ ᠤᠨ ᠲᠡᠳ᠋ ᠨᠠᠷᠢᠨ ᠪᠢᠴᠢᠭ ᠤᠨ ᠲᠠᠷᠤᠭ᠎ᠠ ᠵᠠᠩ ᠴᠦᠨ᠂ ᠤᠤᠯ ᠤᠨ ᠠᠶᠢᠮᠠᠭ | ᠤᠨ ᠠᠷᠠᠳ ᠤᠨ ᠬᠤᠷᠠᠯ ᠤᠨ ᠠᠵᠢᠯᠯᠠᠬᠤ ᠬᠤᠷᠢᠶᠠᠨ ᠤ ᠲᠡᠳ᠋ ᠡᠷᠬᠢᠯᠡᠭᠴᠢ ᠠᠯᠳᠠᠠᠪᠤᠶᠠᠨ᠂ ᠰᠢᠯᠢ ᠶᠢᠨ ᠭᠤᠤᠯ | ᠠᠶᠢᠮᠠᠭ ᠤᠨ ᠠᠵᠢᠯ ᠮᠡᠷᠭᠡᠵᠢᠯ ᠤᠨ ᠲᠡᠭᠡᠳᠦ ᠰᠤᠷᠭᠠᠭᠤᠯᠢ ᠶᠢᠨ ᠲᠠᠷᠤᠭ᠎ᠠ ᠲᠡᠷᠢᠭᠦᠨ᠂ ᠦᠪᠦᠷ ᠮᠤᠩᠭᠤᠯ ᠤᠨ | ᠠᠳᠤᠭᠤᠨ ᠦᠢᠯᠡᠰ ᠤᠨ ᠨᠡᠶᠢᠭᠡᠮᠯᠢᠭ ᠤᠨ ᠨᠠᠷᠢᠨ ᠪᠢᠴᠢᠭ ᠤᠨ ᠲᠠᠷᠤᠭ᠎ᠠ ᠭᠤᠤ ᠰᠢᠤᠸᠠᠢ ᠹᠧᠩ ᠨᠠᠷ ᠬᠦᠷᠦᠯᠴᠠᠨ | ᠢᠷᠡᠭᠰᠡᠨ ᠪᠠ ᠤᠷᠳᠤᠰ ᠬᠤᠳᠠ ᠶᠢᠨ ᠴᠢᠩᠭᠢᠰ ᠬᠠᠭᠠᠨ ᠤ ᠰᠤᠳᠤᠯᠤᠯ ᠤᠨ ᠬᠦᠷᠢᠶᠡᠯᠡᠩ ᠤᠨ ᠲᠠᠷᠤᠭ᠎ᠠ ᠸᠠᠴᠢᠷ᠂ | ᠤᠤᠯ ᠤᠨ ᠤᠩᠭᠤᠨ ᠤ ᠵᠢᠭᠤᠯᠴᠢᠯᠠᠯ ᠤᠨ ᠬᠠᠮᠢᠶᠠᠷᠤᠯᠳᠠ ᠶᠢᠨ ᠲᠡᠳ᠋ ᠡᠷᠬᠢᠯᠡᠭᠴᠢ ᠨᠠᠴᠤᠭ᠂ ᠸᠠᠩ ᠸᠧᠢ ᠳ᠋ᠦᠩ᠂ | ᠮᠦᠩᠬᠡᠴᠢᠯᠠᠭᠤ᠂ ᠬᠠᠰ᠂ ᠵᠡᠭᠦᠨ ᠦᠵᠦᠮᠦᠴᠢᠨ ᠬᠤᠰᠢᠭᠤᠨ ᠠᠴᠠ ᠤᠯᠤᠰ ᠲᠦᠷᠦ ᠶᠢᠨ ᠵᠦᠪᠯᠡᠯᠭᠡᠨ ᠤ | ᠲᠡᠷᠢᠭᠦᠯᠡᠭᠴᠢ ᠰᠤᠮᠢᠶ᠎ᠠ᠂ ᠤ ᠶᠤᠨᠳᠤᠨ᠂ ᠪᠦᠬᠡᠬᠠᠳᠠ᠂ ᠲᠤᠩᠭᠠᠯᠠᠭ᠂ ᠷᠢ᠊ ᠰᠡᠴᠡᠨᠳᠤ ᠨᠠᠷ ᠢᠷᠡᠵᠦ ᠤᠷᠤᠯᠴᠠᠵᠠᠢ᠃ | ᠬᠤᠷᠠᠯ ᠳᠤ ᠡᠯ᠎ᠡ ᠲᠤᠰᠬᠠᠢ ᠮᠡᠷᠭᠡᠵᠢᠯᠳᠠ᠂ ᠫᠷᠤᠹᠧᠰᠰᠤᠷ᠂ ᠪᠠᠷᠠᠭᠤᠨ ᠦᠵᠦᠮᠦᠴᠢᠨ ᠬᠤᠰᠢᠭᠤᠨ ᠤ ᠨᠠᠮ ᠵᠠᠰᠠᠭ | ᠤᠨ ᠤᠳᠤᠷᠢᠳᠤᠯᠭ᠎ᠠ᠂ ᠪᠤᠰᠤᠳ ᠤᠷᠢᠵᠦ ᠵᠠᠯᠠᠭᠰᠠᠨ ᠠᠠᠬᠠᠮᠠᠳ ᠨᠦᠬᠦᠳ᠂ ᠡᠯ᠎ᠡ ᠰᠤᠮᠤᠨ ᠤ ᠮᠠᠯᠴᠢᠳ ᠤᠨ | ᠲᠦᠯᠦᠭᠡᠯᠡᠭᠴᠢ ᠵᠡᠷᠭᠡ ᠲᠠᠪᠢ ᠭᠠᠷᠤᠢ ᠬᠦᠮᠦᠨ ᠤᠷᠤᠯᠴᠠᠭᠰᠠᠨ ᠶᠤᠮ᠃ | ᠬᠤᠷᠠᠯ ᠢ ᠪᠠᠷᠠᠭᠤᠨ ᠦᠵᠦᠮᠦᠴᠢᠨ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠤ ᠲᠡᠷᠢᠭᠦᠯᠡᠭᠴᠢ | ᠮᠦᠩᠭᠡ ᠡᠷᠬᠢᠯᠡᠵᠦ᠂ ᠬᠤᠰᠢᠭᠤ ᠨᠠᠮ ᠤᠨ ᠬᠤᠷᠢᠶᠠᠨ ᠤ ᠱᠦᠵᠢ ᠪᠠᠢ ᠶᠦᠩ ᠴᠦᠨ ᠬᠤᠷᠠᠯ ᠡᠬᠢᠯᠡᠬᠦ ᠦᠬᠡ ᠬᠡᠯᠡᠵᠦ | ᠂ ᠬᠤᠰᠢᠭᠤ ᠲᠠᠷᠤᠭ᠎ᠠ ᠴᠢᠯᠠᠭᠤ ᠤᠭᠳᠤᠯᠭ᠎ᠠ ᠶᠢᠨ ᠶᠠᠷᠢᠶ᠎ᠠ ᠬᠢᠵᠦ᠂ ᠦᠵᠦᠮᠦᠴᠢᠨ ᠴᠠᠭᠠᠨ ᠠᠳᠤᠭᠤᠨ ᠤ ᠲᠡᠤᠬᠡᠨ | ᠢᠷᠡᠯᠳᠡ ᠵᠢᠴᠢ ᠤᠳᠤᠬᠢ ᠪᠠᠶᠢᠳᠠᠯ ᠤᠨ ᠲᠤᠬᠠᠢ ᠲᠠᠨᠢᠯᠴᠠᠭᠤᠯᠪᠠ᠃ ᠠᠶᠢᠮᠠᠭ ᠤᠨ ᠠᠳᠤᠭᠤᠨ ᠦᠢᠯᠡᠰ ᠤᠨ ᠠᠯᠪᠠᠨ | ᠭᠡᠷ ᠤᠨ ᠡᠷᠬᠢᠯᠡᠭᠴᠢ ᠵᠠᠩ ᠮᠧᠩ᠂ ᠲᠤᠰᠬᠠᠢ ᠮᠡᠷᠭᠡᠵᠢᠯ ᠤᠨ ᠲᠤᠭᠤᠶᠢᠯᠠᠩ ᠤᠨ ᠲᠠᠷᠤᠭ᠎ᠠ ᠴᠢᠮᠡᠳᠳᠤᠷᠵᠢ ᠵᠡᠷᠭᠡ | ᠤᠳᠤᠷᠢᠳᠤᠯᠭ᠎ᠠ ᠨᠠᠷ ᠶᠠᠷᠢᠶ᠎ᠠ ᠲᠠᠯᠪᠢᠭᠰᠠᠨ ᠪᠠᠶᠢᠨ᠎ᠠ᠃ | ᠴᠢᠮᠡᠳᠳᠤᠷᠵᠢ ᠠᠴᠠ ᠪᠠᠷᠠᠭᠤᠨ ᠦᠵᠦᠮᠦᠴᠢᠨ ᠬᠤᠰᠢᠭᠤᠨ ᠤ ᠡᠨᠡ ᠤᠳᠠᠭ᠎ᠠ ᠶᠢᠨ ᠡᠷᠳᠡᠮ ᠰᠢᠨᠵᠢᠯᠡᠭᠡᠨ ᠤ | ᠬᠤᠷᠠᠯ ᠢ ᠡᠷᠬᠢᠯᠡᠵᠦ ᠪᠠᠶᠢᠬᠤ ᠨᠢ ᠲᠡᠤᠬᠡ ᠶᠢᠨ ᠤᠯᠠᠮᠵᠢᠯᠠᠯ ᠤᠨ ᠰᠤᠶᠤᠯ ᠢᠶᠠᠨ ᠤᠯᠠᠮ ᠲᠤᠳᠤᠷᠠᠭᠤᠯᠬᠤ᠂ ᠲᠠᠯ᠎ᠠ | ᠨᠤᠲᠤᠭ ᠤᠨ ᠰᠤᠶᠤᠯ ᠢᠶᠠᠨ ᠬᠠᠮᠠᠭᠠᠯᠠᠬᠤ᠂ ᠮᠠᠯᠴᠢᠳ ᠤᠨ ᠠᠮᠢᠳᠤᠷᠠᠯ ᠢ ᠰᠠᠶᠢᠵᠢᠷᠠᠭᠤᠯᠬᠤ᠂ ᠪᠡᠯᠴᠢᠭᠡᠷ ᠠᠮᠢ ᠠᠬᠤᠢ | ᠪᠠᠨ ᠲᠤᠬᠢᠳᠡᠢ ᠡᠵᠡᠩᠨᠡᠬᠦ ᠵᠡᠷᠭᠡ ᠤᠯᠠᠨ ᠠᠭᠤᠯᠭ᠎ᠠ ᠶᠢ ᠲᠦᠪᠯᠡᠷᠡᠩᠭᠦᠢ ᠲᠤᠰᠬᠠᠭᠰᠠᠨ ᠮᠠᠰᠢ ᠴᠢᠬᠤᠯᠠ ᠠᠴᠢ | ᠬᠤᠯᠪᠤᠭᠳᠠᠯ ᠲᠠᠢ ᠶᠤᠮ ᠭᠡᠵᠦ ᠴᠢᠬᠤᠯᠠᠴᠢᠯᠠᠪᠠ᠃ ᠬᠤᠷᠠᠯ ᠠᠴᠠ ᠬᠠᠮᠳᠤ ᠶᠢᠨ ᠲᠤᠷᠠᠰᠬᠠᠯ ᠤᠨ ᠰᠡᠭᠦᠳᠡᠷ ᠵᠢᠷᠤᠭᠯᠠᠨ | ᠦᠯᠡᠳᠡᠭᠡᠭᠰᠡᠨ ᠪᠦᠭᠡᠳ ᠪᠠᠰᠠ ᠬᠤᠷᠠᠯ ᠤᠨ ᠬᠤᠭᠤᠴᠠᠭᠠᠨ ᠤ ᠲᠤᠰᠬᠠᠢ ᠮᠡᠷᠭᠡᠵᠢᠯ ᠤᠨ ᠲᠤᠭᠤᠶᠢᠯᠠᠩ ᠢ ᠪᠠᠶᠢᠭᠤᠯᠵᠠᠢ | ᠃ ᠴᠠᠭᠠᠨ ᠠᠳᠤᠭᠤᠨ ᠤ ᠲᠤᠰᠬᠠᠢ ᠨᠠᠶᠢᠷᠠᠭᠤᠯᠤᠭᠰᠠᠨ ᠹᠢᠯᠢᠮ ᠢ ᠰᠤᠨᠢᠷᠬᠠᠭᠰᠠᠨ ᠢᠶᠠᠨ ᠦᠷᠭᠦᠯᠵᠢᠯᠡᠨ ᠡᠷᠳᠡᠮ | ᠰᠢᠨᠵᠢᠯᠡᠭᠨ ᠤ ᠶᠠᠷᠢᠶ᠎ᠠ ᠪᠠᠨ ᠡᠬᠢᠯᠡᠭᠦᠯᠪᠡ᠃ | ⒈ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠫᠷᠤᠹᠧᠰᠰᠤᠷ ᠨᠠᠰᠤᠠᠠᠦ᠋ᠯᠵᠠᠢ ︽ᠮᠤᠩᠭᠤᠯ | ᠤᠨ ᠬᠠᠭᠠᠨᠳᠤ ᠲᠦᠷᠦ ᠶᠢᠨ ᠲᠦᠪ ᠪᠠ ᠴᠠᠭᠠᠨ ᠠᠳᠤᠭᠤ︾ | ⒉ ᠦᠪᠦᠷ ᠮᠤᠩᠭᠤᠯ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠫᠷᠤᠹᠧᠰᠰᠤᠷ ᠴᠢ᠊ ᠰᠡᠴᠡᠨ ︽ | ᠦᠨᠳᠡᠭᠡᠨ ᠴᠠᠭᠠᠨ ᠬᠠᠭᠤᠴᠢᠨ ᠴᠠᠬᠠᠷ ᠲᠠᠢ ᠬᠤᠯᠪᠤᠭᠳᠠᠬᠤ ᠨᠢ︾ | ⒊ᠦᠪᠦᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠲᠡᠳ᠋ ᠲᠠᠷᠤᠭ᠎ᠠ᠂ ᠫᠷᠤᠹᠧᠰᠰᠤᠷ ᠮᠠᠩᠯᠠᠢ | ⒋ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠲᠡᠤᠬᠡ ᠰᠤᠶᠤᠯ ᠤᠨ ᠬᠦᠷᠢᠶᠡᠯᠡᠩ ᠤᠨ | ᠫᠷᠤᠹᠧᠰᠰᠤᠷ ᠮᠦᠷᠡᠨ | ⒌ ᠤᠷᠳᠤᠰ ᠬᠤᠳᠠ ᠶᠢᠨ ᠴᠢᠩᠭᠢᠰ ᠤᠨ ᠤᠩᠭᠤᠨ ᠤ ᠲᠠᠬᠢᠯᠭ᠎ᠠ ᠰᠤᠶᠤᠯ ᠤᠨ ᠠᠯᠪᠠᠨ ᠭᠡᠷ ᠤᠨ ᠤᠤᠯ | ᠤᠨ ᠡᠷᠬᠢᠯᠡᠭᠴᠢ ᠸᠠᠩ ᠸᠧᠢ ᠳ᠋ᠦᠩ ︽ᠴᠠᠭᠠᠨ ᠠᠳᠤᠭᠤ ᠪᠠ ᠲᠠᠷᠬᠠᠳ ᠤᠨ ᠲᠠᠬᠢᠯᠭ᠎ᠠ ᠰᠤᠶᠤᠯ ᠤᠨ ᠬᠠᠷᠢᠴᠠᠭ᠎ᠠ︾ | ⒍ ᠵᠡᠭᠦᠨ ᠦᠵᠦᠮᠦᠴᠢᠨ ᠬᠤᠰᠢᠭᠤᠨ ᠤ ᠵᠠᠩ ᠦᠢᠯᠡ ᠰᠤᠳᠤᠯᠤᠭᠴᠢ ᠤᠷᠢᠶᠠᠩᠬᠠᠨ ᠤ᠂ ᠶᠤᠨᠳᠤᠨ ︽ | ᠬᠤᠪᠢᠯᠠᠢ ᠬᠠᠭᠠᠨ ᠤ ᠴᠠᠭᠠᠨ ᠰᠦᠷᠦᠭ ᠬᠢᠭᠡᠳ ᠦᠵᠦᠮᠦᠴᠢᠨ ᠴᠠᠭᠠᠨ ᠠᠳᠤᠭᠤᠨ ᠤ ᠤᠳᠤᠮ ᠤᠭᠰᠢᠯ ᠤᠨ ᠲᠤᠬᠠᠢ | ᠰᠢᠨᠵᠢᠯᠡᠬᠦ ᠨᠢ︾ | ᠪᠠᠶᠠᠠᠴᠠᠭᠠᠨ᠂ ᠲᠦᠷᠦᠪᠠᠶᠠᠷ᠂ ᠵᠠᠩ ᠮᠧᠩ᠂ ᠨᠠᠴᠤᠭ᠂ ᠨ᠊ ᠪᠦᠬᠡᠬᠠᠳᠠ᠂ ᠤᠶᠤᠨᠳᠠᠯᠠᠢ ᠵᠡᠷᠭᠡ ᠡᠷᠳᠡᠮᠳᠡᠳ | ᠨᠠᠷ ᠠᠮᠠᠨ ᠶᠠᠷᠢᠶᠠᠨ ᠤ ᠢᠯᠡᠳᠭᠡᠯ ᠬᠢᠪᠡ᠃ ᠡᠷᠳᠡᠮ ᠰᠢᠨᠵᠢᠯᠡᠭᠡᠨ ᠤ ᠡᠳᠡᠭᠡᠳ ᠤᠨ ᠶᠠᠷᠢᠶᠠᠨ ᠤ ᠭᠤᠤᠯ ᠠᠭᠤᠯᠭ᠎ᠠ | ᠨᠢ ᠴᠠᠭᠠᠨ ᠠᠳᠤᠭᠤ ᠪᠤᠯ ᠪᠠᠶᠢᠭᠠᠯᠢ ᠶᠢᠨ ᠠᠶᠠᠠᠳᠠᠭᠠᠨ ᠤ ᠰᠦᠷᠦᠭᠯᠡᠯ ᠪᠢᠰᠢ᠂ ᠬᠠᠷᠢᠨ ᠬᠦᠮᠦᠨ ᠤ ᠤᠬᠠᠮᠰᠠᠷᠳᠦ | ᠠᠵᠢᠯᠯᠠᠭ᠎ᠠ ᠠᠴᠠ ᠪᠤᠢ ᠪᠤᠯᠤᠭᠰᠠᠨ ᠦᠷ᠎ᠡ ᠳ᠋ᠦᠩ ᠭᠡᠵᠦ ᠦᠵᠡᠭᠰᠡᠨ ᠪᠦᠭᠡᠳ ᠦᠵᠦᠮᠦᠴᠢᠨ ᠴᠠᠭᠠᠨ ᠠᠳᠤᠭᠤᠨ ᠤ | ᠤᠭᠰᠢᠯ ᠭᠠᠷᠪᠠᠯᠢ ᠶᠢ ᠮᠤᠩᠭᠤᠯ ᠠᠳᠤᠭᠤᠨ ᠤ ᠰᠢᠯᠢᠳᠡᠭ ᠲᠦᠷᠦᠯ ᠤᠨ ᠡᠭᠦᠯᠳᠡᠷ ᠪᠦᠭᠡᠳ ᠴᠢᠩᠭᠢᠰ ᠬᠠᠭᠠᠨ ᠤ | ᠴᠠᠭᠠᠨ ᠠᠳᠤᠭᠤᠨ ᠤ ᠤᠳᠤᠮ ᠤᠭᠰᠢᠯ ᠨᠢᠭᠡᠳᠦᠯᠳᠡᠢ ᠭᠡᠰᠡᠨ ᠦᠷ᠎ᠡ ᠳ᠋ᠦᠩ ᠢ ᠭᠠᠷᠭᠠᠵᠦ᠂ ᠲᠤᠰᠬᠠᠢ ᠮᠡᠷᠭᠡᠵᠢᠯ ᠤᠨ | ᠲᠤᠭᠤᠶᠢᠯᠠᠩ ᠤᠨ ᠬᠤᠷᠠᠯ ᠢ ᠬᠢᠵᠦ ︽ᠴᠢᠩᠭᠢᠰ ᠤᠨ ᠴᠠᠭᠠᠨ ᠠᠳᠤᠭᠤ ᠬᠢᠭᠡᠳ ᠦᠵᠦᠮᠦᠴᠢᠨ ᠴᠠᠭᠠᠨ ᠠᠳᠤᠭᠤᠨ ᠤ | ᠤᠳᠤᠮ ᠤᠭᠰᠢᠯ ᠢ ᠰᠤᠳᠤᠯᠤᠨ ᠶᠠᠷᠢᠯᠴᠠᠬᠤ ᠬᠤᠷᠠᠯ︾ ᠤᠨ ᠲᠤᠰᠬᠠᠢ ᠮᠡᠷᠭᠡᠯᠵᠢᠳᠡᠳ ᠤᠨ ᠰᠠᠨᠠᠯ ᠤᠨ ᠪᠢᠴᠢᠭ ᠢ | ᠵᠦᠪᠰᠢᠶᠡᠷᠡᠵᠦ᠂ ᠡᠷᠳᠡᠮᠳᠡᠳ ᠠᠴᠠ ᠭᠠᠷ ᠤᠨ ᠦᠰᠦᠭ ᠵᠢᠷᠤᠵᠦ ᠪᠠᠳᠤᠯᠠᠪᠡ᠃ | ᠮᠦᠩᠬᠡ ᠲᠡᠷᠢᠭᠦᠯᠡᠭᠴᠢ ᠠᠴᠠ ᠳ᠋ᠦᠩᠨᠡᠯᠳᠡ ᠶᠢᠨ ᠬᠤᠷᠠᠯ ᠢ ᠡᠷᠬᠢᠯᠡᠵᠦ᠂ ᠮᠠᠩᠯᠠᠢ ᠫᠷᠤᠹᠧᠰᠰᠤᠷ ᠠᠴᠠ | ᠳ᠋ᠦᠩᠨᠡᠯᠳᠡ ᠶᠢᠨ ᠶᠠᠷᠢᠶ᠎ᠠ ᠬᠢᠭᠰᠡᠨ ᠢᠶᠠᠨ ᠡᠷᠳᠡᠮᠳᠡᠳ ᠤᠨ ᠨᠤᠳᠠᠯᠠᠯ ᠤᠨ ᠪᠢᠴᠢᠭ ᠢ ᠮᠦᠩᠭᠡ ᠲᠠᠷᠤᠭ᠎ᠠ ᠳᠤ | ᠭᠠᠷᠳᠠᠭᠤᠯᠪᠠ᠃ ᠡᠨᠡ ᠤᠳᠠᠭ᠎ᠠ ᠶᠢᠨ ᠰᠢᠨᠵᠢᠯᠡᠭᠡᠨ ᠤ ᠬᠤᠷᠠᠯ ᠪᠤᠯ ᠦᠵᠦᠮᠦᠴᠢᠨ ᠤ ᠬᠡᠶᠢᠮᠦᠷᠢ ᠰᠦᠯᠳᠡ ᠶᠢ | ᠮᠠᠨᠳᠤᠭᠤᠯᠤᠭᠰᠠᠨ ᠶᠡᠭᠡ ᠴᠤᠭᠯᠠᠭᠠᠨ᠂ ᠴᠠᠭᠠᠨ ᠠᠳᠤᠭᠤᠨ ᠤ ᠦᠢᠯᠡᠰ ᠤᠨ ᠬᠦᠭᠵᠢᠯᠳᠡ ᠶᠢ ᠴᠠᠭᠠᠨ ᠮᠦᠷ ᠲᠠᠢ | ᠲᠤᠲᠤᠷᠠᠭᠤᠯᠤᠭᠰᠠᠨ ᠦᠪ ᠰᠤᠶᠤᠯ ᠤᠨ ᠢᠯᠠᠯᠳᠠ ᠶᠢᠨ ᠶᠡᠭᠡ ᠬᠤᠷᠠᠯ ᠪᠤᠯᠤᠨ ᠦᠨᠳᠦᠷᠯᠡᠯ᠎ᠡ᠃ ᠨᠠᠮ ᠵᠠᠰᠠᠭ ᠤᠨ | ᠤᠳᠤᠷᠢᠳᠤᠯᠭ᠎ᠠ ᠶᠢᠨ ᠵᠦᠪ ᠰᠠᠨᠠᠭ᠎ᠠ᠂ ᠡᠷᠳᠡᠮᠳᠡᠳ ᠤᠨ ᠦᠨᠡᠯᠡᠯᠳᠡ ᠶᠢᠨ ᠡᠷᠬᠢᠮ ᠤᠬᠠᠭᠠᠨ᠂ ᠦᠷᠭᠡᠨ ᠤᠯᠠᠨ | ᠮᠠᠯᠴᠢᠳ ᠤᠨ ᠴᠠᠶᠢᠯᠭᠠᠨ ᠰᠡᠳᠭᠢᠯ ᠤᠨ ᠨᠢᠭᠡᠳᠦᠯ ᠳᠤ ᠲᠡᠭᠷᠢ ᠯᠤᠤᠰ ᠪᠠᠶᠠᠰᠤᠨ ᠲᠠᠭᠠᠯᠠᠵᠦ ᠤᠷᠤᠢ ᠨᠢ ᠶᠡᠭᠡ ᠬᠤᠷ᠎ᠠ | ᠪᠠᠨ ᠬᠠᠶᠢᠷᠠᠯᠠᠵᠦ ᠵᠢᠷᠭᠠᠭᠠᠭᠰᠠᠨ ᠪᠠᠶᠢᠵᠦ ᠪᠢᠯᠡ᠃ | 2017,06,30 | | | | |