ᠤᠷᠢᠶᠠᠩᠬᠠᠨ ᠤ᠂ ᠶᠤᠨᠳᠤᠨ | ᠦᠪᠦᠷ ᠮᠤᠩᠭᠤᠯ ᠤᠨ ᠬᠦᠭᠵᠢᠯ ᠬᠤᠪᠢᠷᠠᠯᠳᠠ ᠶᠢᠨ ᠲᠤᠬᠠᠢ ᠮᠦᠴᠢᠳ ᠦᠭᠦᠯᠡᠬᠦ ᠨᠢ | — ᠤᠷᠤᠨ ᠪᠠᠶᠢᠭᠤᠯᠤᠭᠳᠠᠭᠰᠠᠨ 70 ᠵᠢᠯ ᠤᠨ ᠤᠢ ᠲᠤᠷᠠᠰᠬᠠᠨ ᠲᠡᠮᠳᠡᠭᠯᠡᠶ᠎ᠡ | ᠦᠰᠴᠦ ᠲᠦᠷᠦᠭᠰᠡᠨ᠂ ᠠᠮᠢᠳᠤᠷᠠᠨ ᠤᠯᠠᠷᠢᠭᠰᠠᠨ ᠬᠠᠯᠠᠭᠤᠨ ᠦᠯᠦᠭᠡᠢ ᠦᠪᠦᠷ ᠮᠤᠩᠭᠤᠯ ᠮᠠᠨᠢ ᠲᠡᠤᠬᠡ ᠶᠢᠨ | ᠤᠯᠠᠨ ᠤᠳᠠᠭᠠᠨ ᠤ ᠨᠤᠭᠤᠷᠤᠯ ᠪᠦᠳᠦᠷᠢᠯ ᠢ ᠲᠤᠭᠤᠯᠤᠨ᠂ ᠲᠠᠷᠤᠯᠠᠯ ᠮᠦᠯᠵᠢᠯᠠᠯᠳᠦ ᠬᠠᠭᠠᠰ ᠹᠸᠤᠳᠠᠯ ᠬᠠᠭᠠᠰ | ᠺᠤᠯᠦᠨᠢ ᠶᠢᠨ ᠤᠷᠤᠨ ᠪᠠᠶᠢᠭᠰᠠᠨ ᠠᠴᠠ ᠲᠤᠮᠳᠠᠳᠤ ᠤᠯᠤᠰ ᠤᠨ ᠡᠪ ᠬᠠᠮᠳᠤ ᠨᠠᠮ ᠪᠤᠯᠤᠨ ᠦᠪᠦᠷ ᠮᠤᠩᠭᠤᠯ ᠤᠨ | ᠤᠯᠠᠭᠠᠠᠬᠦᠤ ᠪᠠᠷ ᠲᠦᠯᠦᠭᠡᠯᠡᠭᠦᠯᠦᠭᠰᠡᠨ ᠡᠪ ᠬᠠᠮᠳᠤᠴᠦᠳ ᠨᠢ ᠠᠷᠠᠳ ᠲᠦᠮᠡᠨ ᠤ ᠡᠷᠬᠡ ᠴᠢᠯᠦᠭᠡᠨ ᠤ ᠲᠦᠯᠦᠭᠡ | ᠬᠠᠳᠠᠭᠤᠵᠢᠯᠳᠠᠢ ᠪᠠᠷ᠂ ᠤᠷᠳᠤ ᠬᠤᠭᠤᠴᠠᠭ᠎ᠠ ᠪᠠᠷ ᠵᠡᠪᠰᠡᠭᠳᠦ ᠲᠡᠮᠴᠡᠯ ᠶᠠᠪᠤᠭᠤᠯᠵᠦ᠂ 1947 ᠤᠨ ᠳᠤ | ᠤᠯᠠᠭᠠᠠᠬᠤᠳᠠ ᠳᠤ᠂ ᠦᠪᠦᠷ ᠮᠤᠩᠭᠤᠯ ᠤᠷᠤᠨ ᠤ ᠵᠠᠰᠠᠭ ᠤᠨ ᠤᠷᠳᠤᠨ ᠢ ᠪᠠᠶᠢᠭᠤᠯᠵᠦ᠂ ᠲᠤᠮᠳᠠᠳᠤ ᠤᠯᠤᠰ ᠤᠨ | ᠡᠪ ᠬᠠᠮᠳᠤ ᠨᠠᠮ ᠤᠨ ᠤᠳᠤᠷᠢᠳᠤᠯᠭ᠎ᠠ ᠶᠢᠨ ᠲᠤᠤᠷᠠᠬᠢ ᠦᠪᠡᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ ᠢ | ᠲᠤᠩᠬᠠᠭᠯᠠᠵᠦ᠂ ᠲᠠᠯ᠎ᠠ ᠶᠢᠨ ᠮᠠᠯᠴᠢᠨ ᠲᠦᠮᠡᠨ ᠤ ᠤᠯᠤᠰ ᠲᠦᠷᠦ ᠶᠢᠨ ᠡᠷᠬᠡ ᠴᠢᠯᠦᠭᠡ ᠶᠢ ᠤᠯᠭᠤᠵᠦ᠂ ᠵᠤᠯ | ᠵᠢᠷᠭᠠᠯᠳᠤ ᠠᠮᠢᠳᠤᠷᠠᠯ ᠤᠨ ᠵᠠᠮ ᠢ ᠡᠯᠭᠦᠯᠡᠭᠰᠡᠨ ᠪᠠᠶᠢᠪᠡ᠃ ᠡᠨᠡ ᠪᠤᠯ ᠮᠠᠨ ᠤ ᠤᠷᠤᠨ ᠤ ᠲᠡᠤᠬᠡᠨ ᠬᠠᠭᠤᠳᠠᠰᠤᠨ | ᠳᠠᠬᠢ ᠰᠠᠴᠤᠷᠠᠩᠭᠤᠢ ᠲᠤᠮᠤᠬᠠᠨ ᠦᠢᠯᠡ ᠬᠡᠷᠡᠭ ᠪᠤᠯᠤᠨ᠎ᠠ᠃ ᠲᠠᠯᠠᠨ ᠵᠢᠯ ᠤᠨ ᠦᠢᠯᠡᠳᠪᠦᠷᠢᠯᠡᠯ ᠠᠮᠢᠳᠤᠷᠠᠯ ᠤᠨ | ᠲᠡᠤᠬᠡᠨ ᠶᠠᠪᠤᠴᠠ ᠳᠤ᠂ ᠪᠠᠰᠠ ᠤᠯᠠᠨ ᠤᠳᠠᠭᠠᠨ ᠤ ᠱᠤᠭᠤᠮ ᠤᠨ ᠲᠡᠮᠡᠴᠡᠯ ᠤᠨ ᠬᠠᠳᠠᠭᠤ ᠪᠡᠷᠭᠡ ᠨᠤᠭᠤᠷᠠᠯ | ᠪᠦᠳᠦᠷᠢᠯ ᠢ ᠲᠤᠭᠤᠯᠤᠭᠰᠠᠨ ᠪᠤᠯᠪᠠᠴᠤ᠂ ᠡᠴᠦᠰ ᠲᠡᠭᠡᠨ ᠳ᠋ᠧᠩ ᠰᠢᠶᠤᠤ ᠫᠢᠩ ᠪᠠᠷ ᠲᠦᠯᠦᠭᠡᠯᠡᠭᠦᠯᠦᠭᠰᠡᠨ ᠲᠤᠮᠳᠠᠳᠤ | ᠤᠯᠤᠰ ᠤᠨ ᠡᠪ ᠬᠠᠮᠳᠤ ᠨᠠᠮ ᠤᠨ ᠰᠤᠳᠤ ᠮᠡᠷᠬᠡᠨ ᠤᠳᠤᠷᠢᠳᠤᠯᠭ᠎ᠠ ᠶᠢ ᠲᠠᠭᠠᠵᠦ᠂ ︽ᠦᠭᠡᠷᠡᠴᠢᠯᠡᠯᠳᠡ ᠬᠢᠵᠦ | ᠴᠢᠯᠦᠭᠡᠳᠡᠢ ᠶᠠᠪᠤᠯᠴᠠᠬᠤ︾ ᠲᠦᠷᠦ ᠶᠢᠨ ᠪᠤᠳᠤᠯᠭ᠎ᠠ ᠶᠢᠨ ᠵᠦᠪ ᠵᠠᠮ ᠢ ᠤᠯᠵᠦ᠂ ᠠᠷᠠᠳ ᠮᠠᠯᠴᠢᠳ ᠠᠮᠢᠳᠤᠷᠠᠯ ᠤᠨ | ᠬᠢᠷᠢ ᠬᠡᠮᠵᠢᠶ᠎ᠡ ᠨᠢ ᠶᠡᠬᠡᠪᠡᠷ ᠲᠡᠭᠡᠭᠰᠢᠯᠡᠵᠦ᠂ ᠲᠠᠯ᠎ᠠ ᠨᠤᠲᠤᠭ ᠲᠡᠤᠬᠡᠨ ᠳᠤ ᠭᠠᠷᠤᠭ᠎ᠠ ᠦᠭᠡᠢ ᠶᠡᠭᠡ ᠬᠦᠭᠵᠢᠯᠳᠡ | ᠬᠤᠪᠢᠷᠠᠯᠳᠠ ᠶᠢᠨ ᠴᠠᠭ ᠦᠶ᠎ᠡ ᠳᠤ ᠤᠷᠤᠭᠰᠠᠨ ᠶᠤᠮ᠃ ᠡᠨᠡ ᠪᠤᠯ ᠲᠡᠤᠬᠡ ᠶᠢᠨ ᠦᠨᠡᠨ ᠪᠠᠶᠢᠳᠠᠯ ᠪᠤᠯᠤᠨ᠎ᠠ᠃ | ᠭᠡᠳᠡᠯ᠎ᠡ ᠵᠠᠷᠢᠮ ᠬᠦᠮᠦᠰ ᠨᠠᠮᠠᠶᠢ ᠴᠢ ᠦᠪᠦᠷ ᠮᠤᠩᠭᠤᠯ ᠤᠨ ᠬᠦᠭᠵᠢᠯᠳᠡ ᠶᠢ ᠬᠤᠳᠠᠯ ᠢᠶᠠᠷ ᠦᠨᠡᠯᠡᠵᠦ ᠪᠠᠶᠢᠨ᠎ᠠ ᠭᠡᠵᠦ | ᠬᠡᠯᠡᠬᠦ ᠮᠠᠭᠠᠳ᠃ ᠲᠡᠭᠡᠪᠡᠯ ᠪᠢᠳᠡ ᠦᠪᠦᠷ ᠮᠤᠩᠭᠤᠯ ᠤᠨ ᠡᠬᠢᠨ ᠤ ᠦᠶ᠎ᠡ ᠶᠢᠨ ᠪᠠᠶᠢᠳᠠᠯ ᠢ ᠤᠳᠤᠬᠢ ᠴᠠᠭ ᠦᠶ᠎ᠡ | ᠲᠠᠢ ᠬᠠᠷᠢᠴᠠᠭᠤᠯᠵᠦ ᠦᠵᠡᠰᠦᠭᠡᠢ᠄ | ⒈ ᠠᠷᠠᠳ ᠲᠦᠮᠡᠨ ᠤ ᠹᠸᠤᠳᠠᠯ ᠤᠨ ᠦᠶ᠎ᠡ ᠶᠢᠨ ᠡᠷᠬᠡ ᠴᠢᠯᠦᠭᠡ | ᠲᠠᠷᠤᠯᠠᠯ ᠮᠦᠯᠵᠢᠯᠳᠦ ᠨᠠᠶᠢᠭᠡᠮ ᠳᠤ ᠠᠷᠠᠳ ᠲᠦᠮᠡᠨ ᠬᠤᠪᠢ ᠬᠦᠮᠦᠨ ᠤ ᠦᠭᠡ ᠬᠡᠯᠡᠬᠦ ᠡᠷᠬᠡ ᠴᠢᠯᠦᠭᠡ᠂ | ᠪᠡᠶ᠎ᠡ ᠶᠢᠨ ᠡᠷᠬᠡ ᠴᠢᠯᠦᠭᠡ᠂ ᠴᠢᠯᠦᠭᠡᠳᠦ ᠠᠮᠢᠳᠤᠷᠠᠯ ᠤᠨ ᠡᠷᠬᠡ ᠴᠢᠯᠦᠭᠡ᠂ ᠬᠦᠳᠡᠯᠮᠦᠷᠢ ᠶᠢᠨ ᠡᠷᠬᠡ ᠴᠢᠯᠦᠭᠡ ᠭᠡᠵᠦ | ᠪᠠᠶᠢᠭᠰᠠᠨ ᠦᠭᠡᠢ ᠶᠤᠮ᠂ ᠮᠦᠯᠵᠢᠭᠴᠢ ᠠᠩᠬᠢ ᠠᠴᠠ ᠲᠡᠳᠡᠨ ᠢ ᠵᠦᠪᠬᠡᠨ ᠠᠵᠢᠯ ᠬᠦᠳᠡᠯᠮᠦᠷᠢ ᠳᠤ ᠵᠠᠷᠤᠵᠦ᠂ | ᠢᠳᠡᠬᠦ ᠤᠤᠭᠤᠬᠤ ᠶᠢ ᠨᠢ ᠮᠦᠴᠢᠳ ᠬᠠᠩᠭᠠᠬᠤ ᠪᠠᠷ ᠬᠦᠳᠡᠯᠮᠦᠷᠢ ᠶᠢᠨ ᠬᠠᠷᠢᠭᠤᠯᠳᠠ ᠪᠤᠯᠭᠠᠳᠠᠭ ᠲᠡᠳᠦᠢ ᠯᠡ | ᠪᠠᠶᠢᠭᠰᠠᠨ ᠶᠤᠮ᠃ ᠪᠠᠭ᠎ᠠ ᠯᠡ ᠤᠰᠤᠯᠳᠠᠪᠠᠯ ᠬᠠᠷᠢᠶᠠᠭᠳᠠᠨ ᠴᠤᠬᠢᠭᠳᠠᠵᠦ᠂ ᠴᠢᠨᠠᠭᠰᠢᠯᠠᠪᠠᠯ ᠠᠷᠠᠰᠤ ᠮᠢᠬᠠᠨ ᠤ ᠲᠠᠮᠤ | ᠦᠵᠡᠭᠦᠯᠬᠦ ᠳᠤ ᠲᠡᠭᠦᠨ ᠢ ᠬᠠᠮᠠᠭᠠᠯᠠᠵᠦ ᠦᠮᠦᠭᠡᠷᠡᠬᠦ ᠬᠦᠮᠦᠨ ᠴᠤ ᠦᠭᠡᠢ ᠪᠠᠶᠢᠳᠠᠭ᠃ ᠮᠠᠯᠵᠢᠬᠤ ᠤᠷᠤᠨ ᠳᠤ | ᠤᠯᠠᠩᠬᠢ ᠶᠠᠳᠠᠭᠤᠴᠦᠳ ᠨᠢ ᠪᠠᠶᠠᠳ ᠨᠤᠶᠠᠳ ᠪᠠ ᠲᠠᠪᠬᠤᠷᠭᠠᠳᠠᠳ ᠤᠨ ᠪᠤᠭᠤᠯ ᠵᠠᠷᠤᠴᠠ ᠪᠤᠯᠵᠦ᠂ ᠡᠷᠡᠭᠳᠡᠶᠢᠴᠦᠳ | ᠨᠢ ᠮᠠᠯ ᠤᠨ ᠬᠦᠮᠦᠨ ᠪᠤᠯᠵᠦ᠂ ᠠᠯᠢᠪᠠ ᠬᠠᠷ᠎ᠠ ᠪᠤᠷᠤ ᠠᠵᠢᠯ ᠳᠤ ᠵᠠᠷᠤᠭᠳᠠᠨ᠂ ᠪᠦᠰᠡᠭᠦᠶᠢᠴᠦᠳ ᠨᠢ ᠰᠦ ᠰᠠᠭᠠᠯᠢ᠂ | ᠭᠡᠷ ᠤᠨ ᠠᠵᠢᠯ ᠲᠦᠷᠦᠯ᠂ ᠤᠶᠤᠳᠠᠯ ᠬᠢᠳᠡᠯ ᠳᠤᠨᠢ ᠪᠤᠷᠪᠢ ᠨᠤᠭᠤᠷᠤᠯ ᠦᠭᠡᠢ ᠠᠵᠢᠯᠯᠠᠳᠠᠭ ᠪᠠᠶᠢᠨ᠎ᠠ᠃ ᠵᠢᠯ ᠤᠨ | ᠬᠦᠯᠦᠰᠦ ᠤᠯᠭᠤᠮᠵᠢ ᠨᠢ ᠵᠦᠪᠬᠡᠨ ᠠᠮᠢᠳᠤᠷᠠᠯ ᠢᠶᠠᠨ ᠠᠷᠭᠠᠴᠠᠬᠤ ᠶᠠᠪᠤᠳᠠᠯ ᠪᠠᠶᠢᠳᠠᠭ᠃ ᠲᠤᠬᠠᠢ ᠶᠢᠨ ᠦᠶ᠎ᠡ ᠶᠢᠨ | ᠨᠡᠶᠢᠭᠡᠮ ᠨᠢ ᠲᠡᠳᠡᠨ ᠤ ᠠᠮᠢᠳᠤᠷᠠᠯ ᠤᠨ ᠲᠦᠯᠦᠭᠡ ᠰᠠᠨᠠᠭᠠᠰᠢᠷᠠᠬᠤ ᠪᠠ ᠲᠡᠮᠵᠢᠯᠭᠡ ᠦᠵᠡᠭᠦᠯᠬᠦ ᠶᠠᠪᠤᠳᠠᠯ ᠭᠡᠵᠦ | ᠪᠠᠶᠢᠭ᠎ᠠ ᠦᠭᠡᠢ᠂ ᠶᠠᠳᠠᠭᠤ ᠬᠦᠮᠦᠰ ᠤᠨ ᠬᠦᠯᠳᠡᠵᠦ ᠦᠬᠦᠬᠦ᠂ ᠦᠯᠪᠡᠷᠴᠦ ᠦᠬᠦᠬᠦ᠂ ᠭᠠᠮᠰᠢᠭ ᠠᠴᠠ ᠪᠤᠯᠵᠦ | ᠭᠠᠴᠢᠭᠳᠠᠨ ᠦᠬᠦᠬᠦ ᠶᠢ ᠶᠡᠷᠦ ᠠᠴᠠ ᠬᠠᠮᠢᠶᠠᠷᠳᠠᠭ ᠦᠭᠡᠢ ᠪᠠᠯᠠᠷ ᠲᠦᠷᠦ ᠪᠠᠶᠢᠭᠰᠠᠨ ᠪᠦᠭᠡᠳ ᠴᠦᠬᠡᠨ ᠲᠤᠭᠠᠳᠠᠨ | ᠨᠢ ᠵᠢᠷᠭᠠᠨ ᠴᠡᠩᠭᠡᠵᠦ᠂ ᠤᠯᠠᠩᠬᠢ ᠲᠤᠭᠠᠳᠠᠨ ᠨᠢ ᠬᠠᠯᠠ ᠵᠤᠪᠠᠯᠠᠩ ᠦᠵᠡᠳᠡᠭ ᠬᠠᠷᠠᠩᠭᠤᠢ ᠨᠡᠶᠢᠭᠡᠮ ᠪᠠᠶᠢᠭᠰᠠᠨ ᠢ | ᠲᠡᠤᠬᠡ ᠭᠡᠷᠡᠴᠢᠯᠡᠨ᠎ᠡ᠃ | ᠬᠠᠷᠢᠴᠠᠭᠤᠯᠤᠯ᠄ ᠠᠷᠠᠳ ᠲᠦᠮᠡᠨ ᠤ ᠤᠳᠤᠬᠢ ᠡᠷᠬᠡ ᠴᠢᠯᠦᠭᠡ | ᠡᠨᠡ ᠲᠠᠯ᠎ᠠ ᠪᠠᠷ ᠲᠤᠮᠳᠠᠳᠤ ᠤᠯᠤᠰ ᠤᠨ ᠡᠪ ᠬᠠᠮᠳᠤᠴᠦᠳ ᠠᠷᠠᠳ ᠲᠦᠮᠡᠨ ᠤ ᠴᠢᠯᠦᠭᠡᠯᠡᠯᠳᠡ ᠶᠢᠨ ᠦᠢᠯᠡᠰ | ᠤᠨ ᠲᠦᠯᠦᠭᠡ 28 ᠵᠢᠯ ᠤᠨ ᠵᠡᠪᠰᠡᠭᠳᠦ ᠲᠡᠮᠡᠴᠡᠯ ᠢ ᠶᠠᠪᠤᠭᠤᠯᠵᠦ ᠬᠠᠭᠠᠰ ᠹᠸᠤᠳᠠᠯ ᠬᠠᠭᠠᠰ ᠺᠤᠯᠤᠨᠢ ᠶᠢᠨ | ᠬᠠᠭᠤᠴᠢᠨ ᠲᠦᠷᠦ ᠶᠢ ᠲᠦᠯᠬᠢᠨ ᠤᠨᠠᠭᠠᠵᠦ᠂ 1949 ᠤᠨ ᠳᠤ ᠲᠤᠮᠳᠠᠳᠤ ᠤᠯᠤᠰ ᠤᠨ ᠠᠷᠠᠳ ᠲᠦᠮᠡᠨ ᠡᠷᠬᠡ | ᠴᠢᠯᠦᠭᠡ ᠪᠠᠨ ᠤᠯᠵᠦ᠂ ᠤᠯᠤᠰ ᠤᠨ ᠡᠵᠡᠨ ᠪᠤᠯᠵᠦ ᠴᠢᠳᠠᠭᠰᠠᠨ ᠶᠤᠮ᠃ ᠡᠨᠡ ᠪᠤᠯ ᠤᠯᠤᠰ ᠲᠦᠷᠦ ᠶᠢᠨ | ᠦᠨᠳᠦᠰᠦᠨ ᠠᠰᠠᠭᠤᠳᠠᠯ ᠢ ᠠᠮᠵᠢᠯᠳᠠ ᠲᠠᠢ ᠰᠡᠢᠳᠪᠦᠷᠢᠯᠡᠵᠦ᠂ ᠠᠷᠠᠳ ᠲᠦᠮᠡᠨ ᠡᠵᠡᠨ ᠮᠡᠳᠡᠭᠰᠡᠨ ᠰᠢᠨ᠎ᠡ ᠲᠦᠷᠦ | ᠶᠢ ᠴᠤᠭᠴᠠᠯᠠᠬᠤ ᠶᠢᠨ ᠰᠠᠭᠤᠷᠢ ᠶᠢ ᠲᠠᠯᠪᠢᠭᠰᠠᠨ ᠪᠠᠶᠢᠪᠠ᠃ ᠶᠠᠮᠠᠷ ᠦᠨᠳᠦᠰᠦᠨ ᠬᠤᠪᠢᠷᠠᠯᠳᠠ ᠭᠠᠷᠤᠭᠰᠠᠨ ᠲᠤᠬᠠᠢ | ᠵᠠᠳᠠᠯᠬᠤ ᠳᠤ ᠤᠯᠤᠰ ᠲᠦᠷᠦ ᠶᠢᠨ ᠲᠠᠯ᠎ᠠ ᠳᠤ ᠠᠪᠴᠤ ᠬᠡᠯᠡᠪᠡᠯ | ⑴ ᠮᠦᠯᠵᠢᠯ ᠤᠨ ᠪᠠᠶᠢᠭᠤᠯᠤᠯ ᠤᠰᠠᠳᠴᠤ᠂ ᠰᠢᠨ᠎ᠡ ᠲᠦᠷᠦ ᠪᠠᠶᠢᠭᠤᠯᠤᠭᠳᠠᠵᠦ᠂ ᠠᠷᠠᠳ ᠲᠦᠮᠡᠨ ᠤ | ᠲᠦᠯᠦᠭᠡ ᠵᠠᠰᠠᠭ ᠶᠠᠪᠤᠭᠤᠯᠬᠤ ᠪᠤᠯᠪᠠ᠃ | ⑵ ᠤᠯᠠᠨ ᠲᠤᠭᠠᠳᠠᠨ ᠤ ᠠᠵᠦ ᠠᠮᠢᠳᠤᠷᠠᠯ ᠨᠢ ᠰᠠᠶᠢᠵᠢᠷᠠᠵᠦ᠂ ᠦᠬᠡ ᠬᠡᠯᠡᠬᠦ ᠡᠷᠬᠡ ᠴᠢᠯᠦᠭᠡ ᠲᠠᠢ ᠪᠤᠯᠵᠦ᠂ | ᠴᠢᠯᠦᠭᠡᠳᠦ ᠠᠮᠢᠳᠤᠷᠠᠯ ᠢᠶᠠᠨ ᠬᠢᠬᠦ ᠪᠤᠯᠪᠠ᠃ | ⑶ᠬᠦᠮᠦᠨ ᠨᠢ ᠬᠦᠮᠦᠨ ᠢᠶᠠᠨ ᠲᠠᠷᠤᠯᠠᠵᠦ ᠮᠦᠯᠵᠢᠬᠦ ᠶᠠᠪᠤᠳᠠᠯ ᠦᠭᠡᠢ ᠪᠤᠯᠵᠦ᠂ ᠪᠡᠶ᠎ᠡ ᠶᠢᠨ ᠲᠠᠷᠴᠢᠯᠭᠠᠯᠠᠯ | ᠠᠮᠰᠠᠬᠤ ᠦᠭᠡᠢ ᠪᠤᠯᠪᠠ᠃ ᠬᠤᠤᠷᠯᠠᠯ ᠠᠮᠰᠠᠭᠰᠠᠨ ᠴᠤ ᠬᠡᠯᠡᠬᠦ ᠭᠠᠵᠠᠷ ᠲᠠᠢ᠂ ᠲᠦᠪ ᠭᠤᠤᠯᠴᠢ ᠪᠠᠷ ᠶᠠᠪᠤᠭᠤᠯᠬᠤ | ᠲᠦᠷᠦ ᠶᠢᠨ ᠪᠠᠶᠢᠭᠤᠯᠤᠮᠵᠢ ᠲᠠᠢ ᠪᠤᠯᠪᠠ᠃ ᠪᠡᠯ ᠢᠯᠠᠩᠭᠤᠶ᠎ᠠ ᠡᠮᠡᠭᠳᠡᠶᠢᠴᠦᠳ ᠤᠨ ᠡᠷᠬᠡ ᠴᠢᠯᠦᠭᠡ᠂ ᠤᠷᠤᠭ | ᠬᠤᠷᠢᠮ ᠤᠨ ᠡᠷᠬᠡ ᠴᠢᠯᠦᠭᠡ ᠵᠡᠷᠭᠡ ᠁ | ⑷ ᠮᠤᠩᠭᠤᠯ ᠰᠤᠷᠭᠠᠨ ᠬᠦᠮᠦᠵᠢᠯ ᠤᠨ ᠡᠷᠬᠡ ᠴᠢᠯᠦᠭᠡ ᠶᠢ ᠤᠯᠵᠦ᠂ ᠮᠤᠩᠭᠤᠯ ᠦᠬᠡ ᠬᠡᠯᠡᠨ ᠤ | ᠰᠤᠷᠭᠠᠭᠤᠯᠢ ᠶᠢ ᠲᠦᠭᠡᠮᠡᠯᠵᠢᠭᠦᠯᠵᠦ᠂ ᠰᠤᠮᠤ ᠪᠦᠬᠦᠨ ᠰᠤᠷᠭᠠᠭᠤᠯᠢ ᠲᠠᠢ᠂ ᠮᠠᠯᠴᠢᠳ ᠤᠨ ᠦᠷ᠎ᠡ ᠬᠡᠤᠬᠡᠳ ᠰᠤᠶᠤᠯ | ᠭᠡᠭᠡᠷᠡᠯ ᠤᠨ ᠵᠠᠮ ᠢᠶᠠᠷ ᠶᠠᠪᠤᠬᠤ ᠪᠤᠯᠪᠠ᠃ ᠡᠨᠡ ᠪᠤᠯ ᠬᠡᠳᠦᠨ ᠵᠠᠭᠤᠨ ᠵᠢᠯ ᠳᠤ ᠭᠠᠷᠤᠭ᠎ᠠ ᠦᠭᠡᠢ ᠬᠦᠷᠢᠶ᠎ᠡ | ᠬᠡᠪᠴᠢᠶ᠎ᠠ ᠪᠠᠷ ᠦᠷᠭᠡᠨ᠂ ᠦᠨᠳᠦᠰᠦᠨ ᠤᠯᠠᠨ ᠲᠦᠮᠡᠨ ᠳᠤ ᠰᠤᠶᠤᠯ ᠤᠨ ᠠᠰᠢᠭ ᠭᠦᠷᠳᠡᠭᠡᠭᠰᠡᠨ ᠰᠤᠶᠤᠯ ᠭᠡᠭᠡᠷᠡᠯ | ᠤᠨ ᠶᠡᠭᠡ ᠲᠡᠤᠬᠡᠨ ᠲᠠᠪᠰᠢᠯᠳᠠ ᠭᠡᠵᠦ ᠦᠵᠡᠯᠳᠡᠢ᠃ ᠡᠨᠡ ᠪᠤᠯ ᠦᠪᠦᠷ ᠮᠤᠩᠭᠤᠯ ᠤᠷᠤᠨ ᠤ ᠰᠤᠶᠤᠯ ᠰᠤᠷᠭᠠᠨ | ᠬᠦᠮᠦᠵᠢᠯ ᠤᠨ ᠲᠠᠯ᠎ᠠ ᠪᠠᠷ ᠤᠯᠤᠭᠰᠠᠨ ᠯᠤᠳᠤ ᠶᠡᠭᠡ ᠠᠮᠵᠢᠯᠳᠠ ᠪᠦᠳᠦᠭᠡᠯ ᠶᠤᠮ᠃ ᠨᠡᠩ ᠢᠯᠠᠩᠭᠤᠶ᠎ᠠ ᠪᠤᠰᠤᠭ᠎ᠠ | ᠮᠤᠩᠭᠤᠯ ᠦᠰᠦᠭ ᠢᠶᠠᠨ ᠪᠤᠰᠤᠭ᠎ᠠ ᠬᠡᠪ ᠨᠢ ᠬᠠᠳᠠᠭᠠᠯᠠᠵᠦ ᠬᠦᠭᠵᠢᠭᠦᠯᠦᠨ ᠵᠠᠯᠭᠠᠮᠵᠢᠯᠠᠭᠰᠠᠨ ᠮᠤᠩᠭᠤᠯ ᠲᠡᠤᠬᠡ ᠶᠢᠨ | ᠬᠠᠭᠤᠳᠠᠰᠤ ᠪᠠᠨ ᠦᠨᠢᠳᠡ ᠬᠠᠳᠠᠭᠠᠯᠠᠭᠰᠠᠨ ᠶᠤᠮ᠃ | ⑸ᠤᠯᠤᠰ ᠠᠴᠠ ︽ᠦᠨᠳᠦᠰᠦᠨ ᠬᠠᠤᠯᠢ︾ ᠶᠢ ᠲᠤᠭᠳᠠᠭᠠᠵᠦ ᠬᠡᠷᠡᠭᠵᠢᠭᠦᠯᠪᠡ᠃ ︽ᠦᠨᠳᠦᠰᠦᠨ ᠬᠠᠤᠯᠢ︾ | ᠳᠤ ᠠᠷᠠᠳ ᠢᠷᠭᠡᠳ ᠤᠨ ᠰᠠᠨᠠᠯ ᠢᠶᠠᠨ ᠬᠡᠯᠡᠬᠦ᠂ ᠬᠡᠪᠯᠡᠨ ᠨᠡᠶᠢᠳᠡᠯᠡᠬᠦ᠂ ᠬᠤᠷᠠᠯ ᠴᠤᠭᠯᠠᠭ᠎ᠠ ᠬᠢᠬᠦ᠂ ᠵᠢᠭᠰᠠᠭᠠᠯ | ᠶᠠᠪᠤᠭᠤᠯᠬᠤ᠂ ᠰᠦᠷ ᠦᠵᠡᠭᠦᠯᠬᠦ ᠡᠷᠬᠡ ᠴᠢᠯᠦᠭᠡ ᠶᠢ ᠪᠠᠳᠤᠯᠠᠪᠠ᠃ ᠲᠡᠷᠡ ᠮᠦᠷᠳᠡᠭᠡᠨ ᠠᠷᠠᠳ ᠢᠷᠭᠡᠨ ᠤ ᠪᠡᠶ᠎ᠡ | ᠶᠢᠨ ᠡᠷᠬᠡ ᠴᠢᠯᠦᠭᠡᠨ ᠳᠤ ᠬᠠᠯᠳᠠᠵᠦ ᠪᠤᠯᠬᠤ ᠦᠭᠡᠢ ᠭᠡᠵᠦ ᠲᠤᠭᠳᠠᠭᠠᠭᠰᠠᠨ ᠪᠠᠶᠢᠳᠠᠭ᠃ | ᠡᠪ ᠬᠠᠮᠳᠤ ᠨᠠᠮ ᠤᠨ ᠤᠳᠤᠷᠢᠳᠤᠯᠭ᠎ᠠ ᠲᠤᠤᠷ᠎ᠠ ᠮᠠᠯᠴᠢᠨ ᠲᠦᠮᠡᠨ ᠲᠠᠯᠠᠨ ᠵᠢᠯ ᠤᠨ ᠲᠤᠷᠰᠢ᠂ ᠦᠬᠡ ᠬᠡᠯᠡᠬᠦ | ᠡᠷᠬᠡ ᠴᠢᠯᠦᠭᠡ᠂ ᠦᠬᠡ ᠬᠡᠯᠡ ᠦᠰᠦᠭ ᠪᠢᠴᠢᠭ ᠤᠨ ᠡᠷᠬᠡ ᠴᠢᠯᠦᠭᠡ ᠪᠤᠯᠤᠨ ᠪᠡᠶ᠎ᠡ ᠶᠢᠨ ᠡᠷᠬᠡ ᠴᠢᠯᠦᠭᠡ ᠪᠠᠨ | ᠤᠯᠵᠦ᠂ ᠠᠮᠤᠷ ᠠᠮᠤᠭᠤᠯᠠᠩ ᠠᠵᠦ ᠲᠦᠷᠦᠭᠰᠡᠭᠡᠷ ᠵᠢᠷᠭᠠᠯᠳᠤ ᠠᠮᠢᠳᠤᠷᠠᠯ ᠢᠶᠠᠨ ᠴᠤᠭᠴᠠᠯᠠᠭᠰᠠᠭᠠᠷ ᠢᠷᠡᠭᠰᠡᠨ | ᠪᠠᠶᠢᠨ᠎ᠠ᠃ ᠪᠢᠳᠡ ᠰᠤᠶᠤᠯ ᠤᠨ ᠬᠤᠪᠢᠰᠬᠠᠯ ᠤᠨ ᠬᠠᠷᠠᠰᠠᠯᠳᠦ ᠬᠡᠷᠡᠭ ᠢ ᠭᠠᠷᠭᠠᠪᠠᠯ᠂ ᠶᠡᠷᠦᠩᠬᠡᠢ ᠳᠡᠭᠡᠨ ᠰᠠᠷᠠᠭᠤᠯ | ᠲᠡᠷᠳᠡᠩ ᠵᠠᠮ ᠢᠶᠠᠷ ᠶᠠᠪᠤᠵᠦ ᠢᠷᠡᠭᠰᠡᠨ ᠢ ᠲᠡᠤᠬᠡ ᠭᠡᠷᠨᠴᠢᠯᠡᠨᠡ᠃ ᠨᠡᠩ ᠢᠯᠠᠩᠭᠤᠶ᠎ᠠ ︽ᠦᠭᠡᠷᠡᠴᠢᠯᠡᠯᠳᠡ ᠬᠢᠵᠦ | ᠴᠢᠯᠦᠭᠡᠳᠡᠢ ᠶᠠᠪᠤᠯᠴᠠᠬᠤ︾ ᠲᠦᠷᠦ ᠶᠢᠨ ᠪᠤᠳᠤᠯᠭ᠎ᠠ ᠶᠢ ᠬᠡᠷᠡᠭᠵᠢᠭᠦᠯᠦᠭᠰᠡᠨ ᠠᠴᠠ ᠨᠠᠰᠢ ᠲᠠᠯ᠎ᠠ ᠶᠢᠨ ᠮᠠᠯᠴᠢᠳ ᠤᠨ | ᠠᠮᠢᠳᠤᠷᠠᠯ ᠤᠨ ᠬᠢᠷᠢ ᠲᠦᠪᠰᠢᠨ ᠪᠠ ᠲᠠᠯ᠎ᠠ ᠨᠤᠲᠤᠭ ᠤᠨ ᠨᠡᠶᠢᠭᠡᠮ ᠤᠨ ᠲᠠᠪᠰᠢᠯᠳᠠ ᠦᠳᠳᠦᠷ ᠲᠦᠷᠭᠡᠨ | ᠲᠡᠭᠡᠭᠰᠢᠯᠡᠨ ᠲᠡᠭᠵᠢᠷᠡᠵᠦ᠂ ᠲᠡᠤᠬᠡᠨ ᠳᠤ ᠭᠠᠷᠤᠭ᠎ᠠ ᠦᠭᠡᠢ ᠴᠡᠴᠡᠭᠯᠡᠨ ᠬᠦᠭᠵᠢᠭᠰᠡᠨ ᠭᠡᠳᠡᠭ ᠢ ᠤᠯᠵᠦ ᠬᠠᠷᠠᠬᠤ | ᠬᠡᠷᠡᠭᠳᠡᠢ᠃ | ᠶᠡᠭᠡ ᠲᠠᠯ᠎ᠠ ᠠᠴᠠ ᠠᠪᠴᠤ ᠬᠡᠯᠡᠪᠡᠯ᠂ ᠮᠠᠨ ᠤ ᠤᠯᠤᠰ ᠪᠤᠯ ᠲᠦᠷᠦ ᠲᠦᠪᠰᠢᠨ ᠲᠦᠮᠡᠨ ᠠᠮᠤᠭᠤᠯᠠᠩ᠂ | ᠦᠨᠳᠦᠰᠦᠳᠡᠨ ᠪᠦᠬᠦᠨ ᠡᠷᠬᠡ ᠲᠡᠭᠰᠢ᠂ ᠠᠷᠠᠳ ᠪᠦᠬᠦᠨ ᠵᠢᠷᠭᠠᠯᠠᠩ ᠲᠠᠢ ᠪᠠᠶᠢᠬᠤ ᠦᠨᠳᠦᠰᠦᠨ ᠨᠡᠶᠢᠭᠡᠮ ᠤᠨ | ᠪᠠᠶᠢᠭᠤᠯᠤᠯ ᠢ ᠴᠤᠭᠴᠠᠯᠠᠭᠰᠠᠨ ᠶᠤᠮ᠃ ᠭᠡᠪᠡᠴᠦ ᠲᠦᠷᠦ ᠶᠢᠨ ᠪᠤᠳᠤᠯᠭ᠎ᠠ ᠶᠢᠨ ᠵᠠᠷᠢᠮ ᠲᠠᠯ᠎ᠠ ᠪᠠᠷ ᠲᠤᠤᠷᠠᠳᠤ ᠨᠢᠭᠡᠨ | ᠱᠠᠳᠤ ᠨᠢ ᠡᠷᠬᠡ ᠪᠠᠨ ᠲᠤᠷ᠎ᠠ ᠪᠠᠷ ᠬᠡᠷᠡᠭᠯᠡᠬᠦ ᠪᠠ ᠦᠢᠯᠡᠳᠦᠬᠦ᠂ ᠮᠠᠯᠴᠢᠳ ᠤᠨ ᠦᠨᠳᠦᠰᠦᠨ ᠠᠰᠢᠭ ᠡᠷᠬᠡ ᠳᠤ | ᠬᠠᠯᠳᠠᠬᠤ ᠪᠤᠶᠤ ᠭᠡᠳᠦᠷᠡᠬᠦᠯᠬᠦ᠂ ᠠᠷᠢᠭᠤᠨ ᠴᠢᠭᠴᠢ ᠪᠠᠷ ᠵᠠᠰᠠᠭ ᠶᠠᠪᠤᠭᠤᠯᠬᠤ ᠦᠭᠡᠢ ᠢᠯᠵᠠᠷᠠᠨ ᠲᠤᠷᠤᠶᠢᠳᠠᠬᠤ᠂ | ᠤᠯᠤᠰ ᠤᠨ ᠦᠨᠳᠦᠰᠦᠨ ᠬᠠᠤᠯᠢ ᠠᠴᠠ ᠵᠦᠷᠢᠴᠡᠬᠦ ᠶᠠᠪᠤᠳᠠᠯ ᠭᠠᠷᠴᠤ ᠪᠠᠶᠢᠬᠤ ᠶᠢ ᠪᠢᠳᠡ ᠦᠭᠡᠶᠢᠰᠭᠡᠬᠦ ᠦᠭᠡᠢ ᠶᠤᠮ | ᠃ | ⒉ ᠨᠡᠶᠢᠭᠡᠮ ᠤᠨ ᠲᠠᠪᠰᠢᠯᠳᠠ ᠠᠷᠠᠳ ᠤᠨ ᠠᠮᠢᠳᠤᠷᠠᠯ ᠤᠨ ᠲᠡᠭᠡᠭᠰᠢᠯᠡᠯᠳᠡ | ᠮᠠᠯᠴᠢᠨ ᠲᠦᠮᠡᠨ ᠦᠨᠡᠨᠬᠦ ᠲᠠᠯ᠎ᠠ ᠨᠤᠲᠤᠭ ᠤᠨ ᠡᠵᠡᠨ ᠪᠤᠯᠪᠠ᠃ ᠹᠸᠤᠳᠠᠯ ᠤᠨ ᠨᠡᠶᠢᠭᠡᠮ ᠤᠨ ᠶᠠᠳᠠᠭᠤ | ᠶᠠᠳᠠᠭᠤᠯᠢᠭ ᠮᠠᠯᠴᠢᠳ ᠪᠡᠶ᠎ᠡ ᠪᠠᠨ ᠲᠠᠭᠠᠭᠠᠭᠰᠠᠨ ᠡᠷᠬᠡ ᠴᠢᠯᠦᠭᠡ ᠪᠠ ᠨᠤᠲᠤᠭ ᠤᠷᠤᠨ ᠤ ᠡᠵᠡᠮᠰᠢᠯ ᠭᠡᠵᠦ ᠪᠠᠶᠢᠭᠰᠠᠨ | ᠦᠭᠡᠢ ᠪᠦᠭᠡᠳ ᠶᠠᠮᠠᠷ ᠨᠢᠭᠡᠨ ᠢᠵᠠᠭᠤᠷᠳᠠᠨ᠂ ᠪᠠᠶᠠᠳ ᠨᠤᠶᠠᠳ ᠪᠠ ᠰᠦᠮ᠎ᠡ ᠬᠡᠶᠢᠳ ᠤᠨ ᠬᠠᠷᠢᠶᠠᠳᠤ ᠢᠷᠭᠡᠳ ᠭᠡᠬᠦ | ᠪᠤᠶᠤ ᠪᠤᠭᠤᠯ ᠵᠠᠷᠤᠴᠠ ᠪᠤᠯᠬᠤ ᠠᠴᠠ ᠪᠢᠰᠢ ᠪᠡᠯᠴᠢᠭᠡᠷ ᠨᠤᠲᠤᠭ ᠤᠨ ᠡᠵᠡᠨ ᠪᠢᠰᠢ ᠪᠠᠶᠢᠳᠠᠭ᠃ ᠵᠦᠪᠬᠡᠨ ᠤᠪᠤᠭ | ᠤᠳᠤᠮ ᠤᠨ ᠬᠠᠮᠳᠤ ᠶᠢᠨ ᠪᠠ ᠵᠠᠰᠠᠭ ᠨᠤᠶᠠᠳ ᠤᠨ ᠬᠠᠮᠢᠶᠠᠷᠤᠯᠳᠠ ᠶᠢᠨ ᠨᠤᠲᠤᠭ ᠪᠡᠯᠴᠢᠭᠡᠷ ᠢ ᠦᠪᠡᠷ ᠤᠨ ᠨᠤᠲᠤᠭ | ᠭᠡᠵᠦ ᠦᠵᠡᠬᠦ ᠲᠡᠳᠦᠢ᠃ ᠲᠠᠷᠤᠢ ᠰᠢᠳᠦᠯᠭᠡ ᠪᠢᠰᠢᠷᠡᠯ ᠤᠨ ᠬᠠᠷᠢᠶᠠᠨ ᠤ ᠭᠠᠵᠠᠷ ᠤᠷᠤᠨ ᠢᠶᠠᠨ ᠦᠪᠡᠷ ᠤᠨ ᠨᠤᠲᠤᠭ | ᠭᠡᠵᠦ ᠲᠡᠭᠡᠳᠦᠯᠠᠨ ᠦᠵᠡᠳᠡᠭ ᠶᠠᠪᠤᠳᠠᠯ ᠪᠤᠯᠤᠨ᠎ᠠ᠃ ᠶᠠᠫᠤᠨ ᠲᠦᠷᠢᠮᠡᠭᠡᠶᠢᠯᠡᠭᠴᠢᠳ ᠪᠠ ᠬᠠᠷ᠎ᠠ ᠴᠡᠷᠢᠭ ᠤᠨ | ᠲᠡᠭᠡᠷᠡᠮᠳᠡᠯ᠂ ᠲᠤᠩᠰᠢᠭᠤᠷ ᠨᠠᠶᠢᠮᠠᠴᠢᠨ ᠤ ᠮᠦᠯᠵᠢᠯ᠂ ᠲᠡᠭᠡᠷᠡᠮ ᠬᠤᠯᠠᠭᠠᠢ ᠶᠢᠨ ᠲᠠᠯᠬᠢᠭᠳᠠᠯ ᠵᠡᠷᠭᠡ ᠠᠴᠠ ᠪᠤᠯᠵᠦ | ᠤᠯᠠᠩᠬᠢ ᠮᠠᠯᠴᠢᠨ ᠡᠷᠦᠬᠡ ᠴᠦᠯᠪᠡᠭᠳᠡᠵᠦ ᠮᠠᠯ ᠰᠦᠷᠦᠭ ᠭᠡᠵᠦ ᠦᠭᠡᠢ᠂ ᠬᠡᠳᠦᠨ ᠪᠠᠶᠠᠨ ᠮᠠᠯᠴᠢᠳ ᠤᠨ ᠢᠶᠠᠨ | ᠰᠦᠷᠦᠭ ᠢ ᠬᠠᠷᠠᠵᠦ ᠠᠮᠢ ᠵᠠᠭᠤᠵᠦ ᠪᠤᠷᠤ ᠡᠳᠦᠷ ᠢ ᠦᠩᠭᠡᠷᠡᠭᠡᠳᠡᠭ ᠪᠠᠶᠢᠭᠰᠠᠨ ᠲᠡᠤᠬᠡᠨ ᠭᠠᠰᠢᠭᠤᠨ ᠢ ᠠᠮᠰᠠᠵᠦ | ᠪᠠᠶᠢᠪᠠ᠃ ᠲᠡᠷᠡ ᠦᠶ᠎ᠡ ᠶᠢᠨ ᠮᠠᠯᠴᠢᠳ ᠤᠨ ᠠᠮᠢᠳᠤᠷᠠᠯ ᠤᠨ ᠶᠠᠳᠠᠭᠤᠷᠠᠯ ᠬᠤᠭᠤᠰᠤᠷᠠᠯ ᠨᠢ ᠲᠦᠢᠯ ᠳᠠᠭᠠᠨ | ᠲᠤᠯᠤᠭᠰᠠᠨ ᠭᠡᠳᠡᠭ ᠢ ᠠᠬᠠᠮᠠᠳ ᠤᠨ ᠶᠠᠷᠢᠶ᠎ᠠ᠂ ᠲᠡᠣᠬᠡ ᠲᠡᠮᠳᠡᠭᠯᠡᠯ ᠠᠴᠠ ᠲᠤᠲᠤᠷᠬᠠᠢ ᠮᠡᠳᠡᠵᠦ ᠪᠤᠯᠤᠨ᠎ᠠ᠃ | ᠴᠢᠯᠦᠭᠡᠯᠡᠭᠳᠡᠬᠦ ᠶᠢᠨ ᠡᠬᠢᠨ ᠳᠤ᠂ ᠮᠠᠯᠵᠢᠬᠤ ᠤᠷᠤᠨ ᠳᠤ ᠰᠦᠷᠦᠭ ᠤᠨ ᠲᠦᠷᠢᠮ ᠢ ᠬᠡᠷᠡᠭᠵᠢᠭᠦᠯᠵᠦ᠂ | ᠵᠤᠬᠢᠬᠤ ᠲᠦᠯ ᠮᠠᠯ ᠢ ᠬᠦᠯᠦᠰᠦᠨ ᠳᠤ ᠪᠤᠳᠤᠳᠠᠭ ᠪᠠ ᠰᠠᠭᠠᠯᠢ ᠶᠢᠨ ᠦᠨᠢᠶ᠎ᠡ᠂ ᠨᠤᠤᠰᠤ ᠭᠠᠷᠤᠯᠳᠠ ᠶᠢ ᠬᠡᠷᠡᠭᠯᠡᠵᠦ | ᠵᠤᠬᠢᠬᠤ ᠠᠰᠢᠭ ᠬᠦᠷᠳᠡᠳᠡᠭ ᠪᠠᠶᠢᠵᠠᠢ᠃ ᠵᠠᠷᠢᠮ ᠠᠩᠴᠢᠨ ᠠᠶᠢᠯ ᠨᠢ ᠠᠩ ᠠᠪᠠ ᠢᠶᠠᠨ ᠬᠦᠭᠡᠭᠡᠵᠦ ᠡᠳᠦᠷ ᠤᠨ | ᠬᠦᠨᠡᠰᠦ ᠪᠠᠨ ᠬᠠᠩᠭᠠᠳᠠᠭ ᠪᠠᠶᠢᠯ᠎ᠠ ᠭᠡᠳᠡᠭ᠃ ᠡᠶᠢᠮᠦ ᠠᠴᠠ ᠠᠷᠠᠳ ᠤᠨ ᠠᠮᠢᠳᠤᠷᠠᠯ ᠪᠠᠳᠤᠯᠠᠭ᠎ᠠ ᠦᠭᠡᠢ ᠪᠠᠶᠢᠵᠦ᠂ | ᠠᠮᠢ ᠵᠢᠭᠤᠬᠤ ᠳᠤ ᠪᠡᠷᠬᠡ ᠪᠠᠶᠢᠭᠰᠠᠨ ᠶᠤᠮ᠃ | ᠵᠡᠭᠦᠨ ᠦᠵᠦᠮᠦᠴᠢᠨ ᠤ 1949 ᠤᠨ ᠤ ᠲᠤᠭ᠎ᠠ ᠪᠠᠷᠢᠮᠳ᠋ᠨ ᠪᠠᠷ᠂ ᠬᠦᠮᠦᠨ ᠠᠮᠠ 9600᠂ ᠡᠭᠦᠨ ᠳᠤ | ᠮᠠᠯᠵᠢᠬᠤ ᠬᠦᠮᠦᠨ ᠠᠮᠠ 8563᠂ ᠮᠠᠯ ᠤᠨ ᠲᠤᠭ᠎ᠠ 29 ᠲᠦᠮᠨ᠋ᠡ ᠲᠤᠯᠤᠭᠠᠢ ᠪᠠᠶᠢᠪᠠ᠃ | ᠬᠠᠷᠢᠴᠠᠭᠤᠯᠤᠯ᠄ | 1956 ᠤᠨ ᠳᠤ ᠬᠤᠰᠢᠭᠤ ᠪᠠᠶᠢᠭᠤᠯᠤᠭᠳᠠᠬᠤ ᠦᠶ᠎ᠡ ᠬᠦᠷᠳᠡᠯᠡᠬᠢ ᠤᠬᠤᠷᠬᠠᠨ 7 ᠵᠢᠯ ᠤᠨ ᠲᠤᠲᠤᠷ᠎ᠠ | ᠮᠠᠯ ᠤᠨ ᠲᠤᠭ᠎ᠠ 913,937 ᠲᠤᠯᠤᠭᠠᠢ ᠪᠤᠯᠵᠦ᠂ 61 ᠲᠦᠮᠡᠨ ᠮᠠᠯ ᠴᠡᠪᠡᠷ ᠦᠰᠪᠠ᠃ ᠬᠦᠮᠦᠨ ᠠᠮᠠ ᠴᠤ 1 | ᠮᠢᠩᠭ᠎ᠠ ᠭᠠᠷᠤᠢ ᠴᠡᠪᠡᠷ ᠦᠰᠪᠡ᠃ ᠡᠨᠡ ᠶᠠᠭᠤ ᠶᠢ ᠬᠠᠷᠠᠭᠤᠯᠵᠦ ᠪᠠᠶᠢᠬᠤ ᠪᠤᠢ ᠭᠡᠪᠡᠯ ᠤᠯᠤᠰ ᠭᠡᠷ ᠡᠩᠬᠡ ᠲᠦᠪᠰᠢᠨ | ᠂ ᠨᠡᠶᠢᠭᠡᠮ ᠲᠤᠭᠳᠠᠭᠤᠨ ᠠᠮᠤᠭᠤᠯᠠᠩ᠂ ᠮᠠᠯᠴᠢᠳ ᠲᠦᠮᠡᠨ ᠵᠤᠯ ᠵᠢᠷᠭᠠᠯᠳᠠᠢ ᠡᠵᠡᠨ ᠬᠦᠮᠦᠨ ᠪᠤᠯᠵᠦ᠂ | ᠦᠢᠯᠡᠳᠪᠦᠷᠢᠯᠡᠯ ᠠᠮᠢᠳᠤᠷᠠᠯ ᠢᠶᠠᠨ ᠡᠵᠨᠩᠨᠡᠬᠦ ᠪᠤᠯᠤᠭᠰᠠᠨ ᠢ ᠬᠠᠷᠠᠭᠤᠯᠵᠦ ᠪᠠᠶᠢᠨ᠎ᠠ᠃ | ᠰᠤᠶᠤᠯ ᠤᠨ ᠶᠡᠭᠡ ᠬᠤᠪᠢᠰᠬᠠᠯ ᠤᠨ ᠲᠤᠮᠳᠠ ᠤᠯᠤᠰ ᠲᠦᠷᠦ ᠶᠢ ᠭᠡᠳᠦ ᠬᠦᠭᠡᠭᠡᠴᠡᠯᠳᠦᠭᠰᠡᠨ ᠢᠶᠠᠷ ᠮᠠᠩᠵᠠᠨ | ᠲᠤᠭᠤᠭ᠎ᠠ ᠲᠦᠰᠢᠬᠦ ᠬᠦᠮᠦᠨ ᠤᠯᠨᠳᠠᠵᠦ ᠮᠠᠯᠵᠢᠬᠤ ᠦᠢᠯᠡᠳᠪᠦᠷᠢᠯᠡᠯ ᠤᠨ ᠬᠦᠭᠵᠢᠯᠳᠡ ᠶᠡᠬᠡᠪᠡᠷ ᠨᠦᠯᠦᠭᠡᠯᠡᠭᠳᠡᠨ᠂ | ᠮᠠᠯ ᠤᠨ ᠲᠤᠭ᠎ᠠ ᠲᠤᠯᠤᠭᠠᠢ ᠶᠡᠬᠡᠪᠡᠷ ᠪᠠᠭᠤᠷᠠᠪᠠ᠃ ᠮᠡᠯᠴᠢᠳ ᠤᠨ ᠤᠯᠤᠰ ᠲᠦᠷᠦ ᠶᠢᠨ ᠡᠷᠬᠡ ᠴᠢᠯᠦᠭᠡ ᠶᠡᠬᠡᠪᠡᠷ | ᠬᠦᠨᠳᠡᠭᠳᠡᠭᠰᠡᠨ ᠪᠦᠬᠡᠳ ᠤᠯᠠᠨ ᠲᠤᠭᠠᠨ ᠤ ᠮᠠᠯᠴᠢᠳ ᠬᠢᠯᠢᠰ ᠭᠦᠵᠢᠷ ᠪᠤᠷᠤᠭᠤ ᠬᠡᠷᠡᠭ ᠲᠤ ᠬᠤᠯᠪᠤᠭᠳᠠᠪᠠ᠃ | ᠭᠡᠪᠡᠴᠦ ᠮᠠᠤ ᠽᠧ ᠳ᠋ᠦᠩ ᠤᠨ ᠴᠤᠬᠤᠯᠠᠪᠤᠷᠢ ᠲᠠᠢ᠂ ᠨᠠᠮ ᠤᠨ ᠲᠦᠪ ᠬᠤᠷᠢᠶ᠎ᠠ 1969 ᠤᠨ ᠤ 5 ᠰᠠᠷ᠎ᠠ ᠶᠢᠨ | 22 ᠡᠳᠦᠷ ᠤᠨ ᠪᠢᠴᠢᠭ ᠮᠠᠲ᠋ᠧᠷᠢᠶᠠᠯ ᠢᠶᠠᠷ ᠵᠤᠭᠰᠤᠭᠠᠭᠰᠠᠨ ᠪᠦᠭᠡᠳ ᠴᠠᠭᠠᠳᠬᠠᠬᠤ ᠠᠵᠢᠯ ᠢ ᠬᠢᠭᠰᠡᠨ ᠶᠤᠮ᠃ ᠡᠨᠡ | ᠨᠢ ᠡᠪ ᠬᠠᠮᠳᠤ ᠨᠠᠮ ᠠᠴᠠ ᠮᠡᠳᠡᠷᠡᠭᠰᠡᠨ ︽ᠰᠤᠶᠤᠯ ᠤᠨ ᠶᠡᠭᠡ ᠬᠤᠪᠢᠰᠬᠠᠯ ᠤᠨ ᠰᠠᠮᠠᠭᠤᠷᠠᠯ᠂ ᠦᠷᠭᠡᠳᠭᠡᠭᠰᠡᠨ | ᠠᠯᠳᠠᠭ᠎ᠠ︾ ᠪᠤᠯᠬᠤ ᠪᠦᠭᠡᠳ ᠳ᠋ᠧᠩ ᠰᠢᠶᠤᠤ ᠫᠢᠩ ᠠᠴᠠ ᠲᠤᠩᠭᠤᠷᠤᠭᠰᠠᠨ ᠲᠡᠤᠬᠡ ᠶᠢ ᠲᠠᠬᠢᠨ ᠲᠤᠩᠭᠤᠷᠤᠭᠤᠯᠵᠦ᠂ | ᠨᠠᠮ ᠤᠨ ᠲᠡᠤᠬᠡ ᠶᠢᠨ ᠬᠦᠨᠳᠦ ᠰᠤᠷᠭᠠᠮᠵᠢ ᠭᠡᠵᠦ ᠳ᠋ᠦᠩᠨᠡᠭᠳᠡᠭᠰᠡᠨ ᠶᠤᠮ᠃ | ᠬᠠᠷᠢᠴᠠᠭᠤᠯᠤᠯ᠄ | ᠭᠡᠳᠡᠯ᠎ᠡ ᠤᠳᠤ ᠨᠡᠶᠢᠭᠡᠮ ᠵᠢᠷᠤᠮᠳᠤ ᠦᠭᠡᠷᠡᠴᠢᠯᠡᠯᠡᠳᠡ ᠶᠢ ᠦᠩᠭᠡᠷᠡᠭᠡᠭᠡᠳ ᠮᠠᠯᠴᠢᠳ ᠨᠤᠲᠤᠭ ᠪᠡᠯᠴᠢᠭᠡᠷ᠂ | ᠮᠠᠯ ᠰᠦᠷᠦᠭ ᠢ ᠡᠷᠬᠡ ᠲᠡᠭᠰᠢ ᠪᠠᠷ ᠡᠵᠡᠩᠨᠡᠬᠦ ᠪᠤᠯᠤᠭᠰᠠᠨ ᠪᠦᠭᠡᠳ ᠨᠡᠩ ᠬᠤᠤᠰ ᠲᠠᠭᠠᠭᠠᠴᠢᠯᠠᠯᠳᠠ ᠶᠢᠨ ᠲᠦᠷᠢᠮ ᠢ | ᠬᠡᠷᠡᠭᠵᠢᠭᠦᠯᠦᠭᠰᠡᠨ ᠠᠴᠠ ᠨᠠᠰᠢ᠂ ᠮᠠᠯᠴᠢᠳ ᠮᠠᠯ ᠰᠦᠷᠦᠭ ᠪᠤᠯᠤᠨ ᠨᠤᠲᠤᠭ ᠪᠡᠯᠴᠢᠭᠡᠷ ᠢ ᠴᠤ ᠦᠮᠴᠢᠯᠡᠬᠦ ᠬᠦᠷᠦᠩᠬᠡ | ᠶᠢᠨ ᠡᠷᠬᠡ ᠶᠢ ᠤᠯᠵᠦ᠂ ᠤᠯᠤᠰ ᠠᠴᠠ ᠬᠠᠤᠯᠢ ᠶᠤᠰᠤᠭᠠᠷ ᠡᠵᠡᠩᠨᠡᠭᠦᠯᠪᠡ᠃ ᠡᠨᠡ ᠪᠤᠯ ᠲᠡᠤᠬᠡᠨ ᠳᠤ ᠭᠠᠷᠤᠭ᠎ᠠ | ᠦᠭᠡᠢ ᠠᠷᠠᠳᠴᠢᠯᠡᠯ ᠤᠨ ᠡᠷᠬᠡ ᠶᠢ ᠠᠷᠠᠳ ᠲᠦᠮᠡᠨ ᠳᠤ ᠤᠯᠭᠤᠭᠰᠠᠨ ᠲᠦᠷᠦ ᠶᠢᠨ ᠪᠠᠶᠢᠭᠤᠯᠤᠮᠵᠢ᠂ ᠦᠪᠡᠷᠳᠡᠭᠡᠨ | ᠵᠠᠰᠠᠬᠤ ᠶᠢᠨ ᠨᠢᠭᠡ ᠠᠭᠤᠯᠭ᠎ᠠ ᠭᠡᠵᠦ ᠦᠵᠡᠵᠦ ᠪᠤᠯᠤᠨ᠎ᠠ᠂ ᠮᠠᠯᠴᠢᠳ ᠮᠠᠨᠢ ᠦᠷᠭᠡᠨ ᠶᠡᠭᠡ ᠨᠤᠲᠤᠭ ᠪᠡᠯᠴᠢᠭᠡᠷ ᠢ | ᠬᠤᠪᠢᠳᠡᠨ ᠡᠵᠡᠮᠰᠢᠵᠦ᠂ ᠮᠠᠯ ᠰᠦᠷᠦᠭ ᠢᠶᠠᠨ ᠦᠮᠴᠢᠯᠡᠬᠦ ᠪᠤᠯᠤᠭᠰᠠᠨ ᠨᠢ ᠦᠨᠳᠦᠰᠦᠨ ᠠᠮᠢᠳᠤᠷᠠᠯ ᠤᠨ ᠰᠠᠭᠤᠷᠢ | ᠶᠢᠨ ᠠᠯᠳᠠᠨ ᠵᠢᠯᠤᠭᠤ ᠶᠢ ᠠᠳᠬᠤᠭᠤᠯᠤᠯ᠎ᠠ ᠭᠡᠰᠡᠨ ᠦᠭᠡ᠃ ᠡᠨᠡ ᠪᠤᠯ ᠨᠠᠮ ᠤᠨ ᠪᠤᠳᠤᠯᠭ᠎ᠠ ᠤᠯᠤᠰ ᠤᠨ ᠬᠠᠤᠯᠢ | ᠶᠢᠨ ᠠᠴᠢ ᠭᠠᠪᠢᠶ᠎ᠠ ᠪᠤᠯᠬᠤ ᠶᠤᠮ᠃ | ᠲᠠᠯᠠᠨ ᠵᠢᠯ ᠤᠨ ᠲᠤᠷᠰᠢ᠂ ᠦᠪᠦᠷ ᠮᠤᠩᠭᠤᠯ ᠤᠷᠤᠨ ᠮᠠᠨᠢ ᠨᠠᠮ ᠤᠨ ᠲᠦᠷᠦ ᠶᠢᠨ ᠪᠤᠳᠤᠯᠭ᠎ᠠ ᠶᠢᠨ | ᠲᠤᠶᠠᠭᠠᠯᠠᠯ ᠲᠤᠤᠷ᠎ᠠ᠂ ᠮᠠᠯᠴᠢᠨ ᠲᠦᠮᠡᠨ ᠤ ᠡᠷᠬᠡ ᠴᠢᠯᠦᠭᠡᠳᠦ ᠵᠢᠷᠭᠠᠯᠳᠤ ᠠᠮᠢᠳᠤᠷᠠᠯ ᠢ ᠲᠠᠰᠤᠷᠠᠯᠳᠠ ᠦᠭᠡᠢ | ᠰᠠᠶᠢᠵᠢᠷᠠᠭᠤᠯᠤᠭᠰᠠᠨ ᠮᠦᠷᠳᠡᠭᠡᠨ ᠨᠡᠶᠢᠭᠡᠮ ᠤᠨ ᠪᠠᠶᠢᠷᠢ ᠰᠠᠭᠤᠷᠢ ᠶᠢ ᠲᠡᠭᠡᠭᠰᠢᠯᠡᠭᠦᠯᠵᠦ᠂ ᠨᠡᠶᠢᠭᠡᠮ ᠤᠨ ᠬᠦᠭᠵᠢᠯᠳᠡ | ᠶᠢ ᠦᠷᠭᠦᠯᠵᠢᠯᠡᠨ ᠠᠬᠢᠭᠤᠯᠤᠭᠰᠠᠭᠠᠷ ᠢᠷᠡᠭᠰᠡᠨ ᠢ ᠤᠳᠤ ᠶᠢᠨ ᠲᠠᠪᠢ ᠵᠢᠷᠠᠭᠠᠳ ᠨᠠᠰᠤᠨ ᠤ ᠬᠦᠮᠦᠰ ᠪᠦᠬᠦᠨ ᠮᠡᠳᠡᠬᠦ | ᠪᠠᠶᠢᠬ᠎ᠠ᠃ ᠨᠡᠩ ᠢᠯᠠᠩᠭᠤᠶ᠎ᠠ 1978 ᠤᠨ ᠠᠴᠠ ᠨᠠᠰᠢ ᠠᠵᠦ ᠠᠬᠤᠢ ᠶᠢᠨ ᠬᠦᠭᠵᠢᠯᠳᠡ ᠶᠢ ᠴᠢᠬᠤᠯᠡᠴᠢᠯᠠᠭᠰᠠᠨ | ᠢᠶᠠᠷ ᠲᠠᠯ᠎ᠠ ᠨᠤᠲᠤᠭ ᠤᠨ ᠲᠠᠪᠰᠢᠯᠳᠠ ᠦᠳᠳᠤᠷ ᠲᠦᠷᠭᠡᠨ ᠬᠤᠪᠢᠷᠠᠭᠰᠠᠨ ᠭᠡᠳᠡᠭ ᠢ ᠮᠡᠳᠡᠷᠡᠬᠦ ᠬᠡᠷᠡᠭᠳᠡᠢ᠃ | ① ᠨᠡᠶᠢᠭᠡᠮ ᠤᠨ ᠲᠠᠪᠰᠢᠯᠳᠠ ᠶᠢᠨ ᠲᠠᠯ᠎ᠠ ᠪᠠᠷ᠂ ᠤᠷᠤᠨ ᠤ ᠪᠤᠳᠠᠳᠤ ᠬᠦᠴᠦᠨ ᠴᠢᠩᠭᠠᠷᠠᠵᠦ᠂ ᠵᠠᠮ | ᠨᠡᠪᠳᠡᠷᠡᠭᠦᠯᠭᠡ᠂ ᠴᠢᠮᠡᠭᠡ ᠬᠤᠯᠪᠤᠭ᠎ᠠ᠂ ᠠᠷᠠᠯᠵᠢᠶ᠎ᠠ ᠬᠤᠳᠠᠯᠳᠤᠭ᠎ᠠ᠂ ᠵᠠᠬ᠎ᠠ ᠲᠡᠯᠭᠡᠭᠦᠷ᠂ ᠡᠮ ᠡᠮᠨᠡᠯᠭᠡ᠂ ᠰᠤᠶᠤᠯ | ᠵᠤᠭᠠᠴᠠᠯ ᠵᠡᠷᠭᠡ ᠤᠯᠠᠨ ᠭᠤᠭᠴᠤᠭᠠᠨ ᠤ ᠬᠤᠪᠢᠷᠠᠯᠳᠠ ᠨᠢ ᠤᠷᠢᠳᠦ ᠭᠠᠷᠤᠭ᠎ᠠ ᠦᠭᠡᠢ ᠶᠡᠭᠡ ᠰᠠᠶᠢᠨ ᠴᠡᠴᠡᠭᠯᠡᠨ | ᠬᠦᠭᠵᠢᠯᠳᠡ ᠲᠠᠢ ᠪᠤᠯᠪᠠ᠃ ᠵᠢᠱᠢᠶᠡᠯᠡᠪᠡᠯ᠄ ᠵᠠᠰᠠᠮᠠᠯ ᠵᠠᠮ ᠤᠨ ᠪᠦᠳᠦᠭᠡᠨ ᠪᠠᠶᠢᠭᠤᠯᠤᠯᠳᠠ ᠨᠢ ᠬᠤᠰᠢᠭᠤᠨ ᠲᠦᠪ | ᠳᠤ ᠤᠯᠤᠰ ᠪᠤᠶᠤ ᠤᠷᠤᠨ ᠤ ᠲᠡᠰ ᠤᠨ ᠵᠠᠮ ᠨᠡᠪᠳᠡᠷᠡᠵᠦ᠂ ᠭᠠᠵᠠᠷ ᠤᠷᠤᠨ ᠤ ᠵᠠᠮ ᠱᠤᠭᠤᠮ ᠨᠢ ᠰᠤᠮᠤ ᠶᠢ | ᠪᠦᠷᠬᠦᠭᠰᠡᠨ ᠬᠡᠯᠪᠡᠷᠢ ᠲᠠᠢ ᠪᠤᠯᠵᠦ᠂ ᠡᠩᠬᠦᠯ ᠲᠤᠩᠬᠤᠯ ᠵᠠᠮ ᠨᠡᠪᠳᠡᠷᠡᠬᠦᠯᠭᠡ ᠶᠢᠨ ᠬᠤᠴᠤᠷᠤᠩᠭᠤᠢ ᠪᠠᠶᠢᠳᠠᠯ ᠢ | ᠦᠨᠳᠦᠰᠦᠨ ᠳᠡᠭᠡᠨ ᠬᠤᠪᠢᠷᠠᠭᠤᠯᠪᠠ᠃ ᠨᠠᠶᠠᠭᠠᠳ ᠤᠨ ᠤ ᠡᠬᠢ ᠬᠦᠷᠳᠡᠯ᠎ᠡ ᠮᠤᠷᠢ ᠪᠠᠷ ᠵᠠᠮ ᠬᠠᠷᠢᠯᠴᠠᠭᠠᠨ ᠤ | ᠭᠤᠤᠯ ᠪᠠᠭᠠᠵᠢ ᠪᠤᠯᠭᠠᠵᠦ ᠪᠠᠶᠢᠭᠰᠠᠨ ᠮᠠᠯᠴᠢᠳ ᠮᠠᠨᠢ ᠠᠶᠢᠯ ᠪᠦᠬᠦᠨ ᠮᠤᠲ᠋ᠤᠷ ᠲᠠᠢ᠂ ᠮᠤᠲ᠋ᠤᠷ ᠠᠴᠠ ᠭᠤᠸᠠᠯᠢᠭ | ᠮᠠᠰᠢᠨ ᠲᠡᠷᠭᠡ ᠳᠤ ᠰᠠᠭᠤᠬᠤ ᠪᠤᠯᠵᠦ ᠴᠢᠮᠡᠭᠡ ᠬᠤᠯᠪᠤᠭ᠎ᠠ᠂ ᠠᠴᠢᠶ᠎ᠠ ᠵᠦᠭᠡᠭᠡᠪᠦᠷᠢ ᠨᠢ ᠤᠳᠤᠬᠢᠴᠢᠯᠠᠯᠳᠠ ᠶᠢ | ᠪᠡᠶᠡᠯᠡᠭᠦᠯᠦᠭᠰᠡᠨ ᠶᠤᠮ᠃ ᠴᠢᠮᠡᠭᠡ ᠬᠤᠯᠪᠤᠭᠠᠨ ᠤ ᠲᠠᠯ᠎ᠠ ᠪᠠᠷ ᠵᠠᠬᠢᠳᠠᠯ ᠤᠨ ᠰᠢᠤᠳᠠᠨ ᠭᠤᠪᠢᠭᠤᠯᠭ᠎ᠠ ᠪᠠᠶᠢᠭᠰᠠᠨ | ᠠᠴᠠ ᠮᠠᠯᠴᠢᠳ ᠤᠳᠠᠰᠤ ᠪᠠᠷ ᠬᠠᠷᠢᠯᠴᠠᠬᠤ ᠪᠤᠯᠵᠦ᠂ ᠨᠡᠩ ᠤᠶᠢᠷ᠎ᠠ ᠠᠴᠠ ᠭᠡᠷ ᠲᠡᠭᠡᠨ ᠰᠠᠭᠤᠵᠦ ᠤᠯᠤᠰ ᠤᠨ | ᠲᠤᠲᠤᠭᠠᠳᠤ ᠭᠠᠳᠠᠭᠠᠳᠤ ᠳᠤ ᠸᠢᠴᠠᠲ ᠪᠠᠷ ᠨᠡᠪᠳᠡᠷᠡᠯᠴᠡᠬᠦ ᠪᠤᠯᠤᠭᠰᠠᠨ᠃ ᠠᠷᠠᠯᠵᠢᠶ᠎ᠠ ᠬᠤᠳᠠᠯᠳᠤᠭ᠎ᠠ ᠴᠢᠯᠦᠭᠡᠳᠡᠢ | ᠪᠤᠯᠵᠦ᠂ ᠵᠠᠬ᠎ᠠ ᠲᠡᠯᠭᠡᠭᠦᠷᠵᠢᠯᠡᠯᠳᠡ ᠲᠠᠰᠢ ᠬᠠᠨᠳᠤᠵᠦ᠂ ᠮᠠᠯ ᠪᠠ ᠮᠠᠯ ᠤᠨ ᠠᠰᠢᠭ ᠰᠢᠮ᠎ᠡ ᠶᠢᠨ ᠭᠠᠷᠤᠯᠳᠠ ᠪᠠᠨ | ᠦᠪᠡᠷᠳᠡᠭᠡᠨ ᠪᠤᠷᠤᠯᠠᠭᠤᠯᠵᠦ ᠠᠰᠢᠭ ᠡᠭᠦᠳᠬᠦ ᠪᠤᠯᠪᠠ᠃ | ② ᠮᠠᠯᠴᠢᠳ ᠤᠨ ᠠᠮᠢᠳᠤᠷᠠᠯ ᠤᠨ ᠲᠠᠯ᠎ᠠ ᠪᠠᠷ᠂ ᠢᠰᠡᠭᠡᠢ ᠭᠡᠷ ᠲᠤ ᠰᠠᠭᠤᠵᠦ ᠪᠠᠶᠢᠭᠰᠠᠨ ᠢᠶᠠᠨ | ᠭᠤᠶᠤᠮᠰᠤᠭ ᠪᠠᠶᠢᠰᠢᠩ ᠭᠡᠷ ᠲᠤ ᠰᠠᠭᠤᠬᠤ ᠪᠤᠯᠵᠦ᠂ ᠬᠠᠯᠠᠭᠤᠨ ᠳᠤ ᠰᠢᠷᠠᠭᠳᠠᠬᠤ ᠦᠭᠡᠢ ᠭᠦᠢᠳᠡᠨ ᠳᠤ ᠬᠦᠷᠦᠬᠦ | ᠦᠭᠡᠢ᠂ ᠦᠬᠡᠷ ᠲᠡᠷᠭᠡᠨ ᠤ ᠨᠡᠭᠦᠳᠡᠯ ᠬᠢᠵᠦ ᠪᠠᠶᠢᠭᠰᠠᠨ ᠵᠦᠳᠡᠭᠦᠷᠢᠳᠡᠢ ᠠᠮᠢᠳᠤᠷᠠᠯ ᠠᠴᠠ ᠠᠩᠭᠢᠵᠢᠷᠠᠵᠦ᠂ | ᠰᠠᠭᠤᠷᠢᠰᠢᠯ ᠳᠤ ᠰᠠᠭᠤᠵᠦ᠂ ᠴᠤᠭᠴᠠ ᠠᠮᠵᠢᠭᠤᠨ ᠮᠠᠯᠵᠢᠯ ᠢ ᠬᠢᠬᠦ ᠪᠤᠯᠪᠠ᠃ ᠲᠡᠷᠡ ᠮᠦᠷᠳᠡᠭᠡᠨ ᠬᠤᠳᠠ ᠳᠤ | ᠦᠨᠳᠦᠷ ᠠᠰᠠᠷ ᠲᠤ ᠰᠠᠭᠳᠠᠨ᠂ ᠦᠷ᠎ᠡ ᠬᠡᠤᠬᠡᠳ ᠤᠨ ᠢᠶᠠᠨ ᠰᠤᠶᠤᠯ ᠬᠦᠷᠳᠡᠭᠡᠬᠦ ᠳᠤ ᠲᠦᠬᠦᠮ ᠨᠦᠬᠦᠴᠡᠯ ᠲᠠᠢ | ᠪᠤᠯᠤᠭᠰᠠᠨ ᠪᠠᠶᠢᠨ᠎ᠠ᠃ | ③ ᠡᠳᠦᠷ ᠲᠤᠲᠤᠮ ᠤᠨ ᠬᠠᠩᠭᠠᠯᠭ᠎ᠠ ᠶᠢᠨ ᠬᠡᠷᠡᠭᠴᠡᠭᠡ ᠨᠢ ᠪᠦᠷᠢᠨ ᠭᠦᠢᠴᠡᠳ ᠨᠡᠶᠢᠭᠡᠮ ᠠᠴᠠ | ᠬᠠᠩᠭᠠᠭᠳᠠᠬᠤ ᠪᠤᠯᠤᠭᠰᠠᠨ ᠢᠶᠠᠷ ᠠᠮᠢᠳᠤᠷᠠᠯ ᠤᠨ ᠬᠡᠷᠡᠭᠴᠡᠭᠡᠨ ᠳᠤ ᠲᠤᠳᠠᠭᠳᠠᠬᠤ ᠵᠦᠢᠯ ᠭᠡᠵᠦ ᠵᠤᠪᠠᠭ᠋ᠤ ᠶᠠᠭᠤᠮ᠎ᠠ | ᠦᠭᠡᠢ ᠪᠤᠯᠵᠦ᠂ ᠪᠦᠬᠦᠨ ᠢ ᠪᠡᠯᠡᠨᠴᠢᠯᠡᠬᠦ ᠲᠡᠰᠢ ᠬᠠᠨᠳᠤᠭᠰᠠᠨ ᠪᠠᠶᠢᠨ᠎ᠠ᠃ | ④ ᠤᠯᠤᠰ ᠠᠴᠠ ᠬᠦᠴᠢᠷᠳᠡᠯᠳᠡᠢ ᠡᠷᠦᠬᠡ ᠶᠢ ᠲᠡᠮᠵᠢᠵᠦ ᠨᠦᠬᠦᠪᠦᠷᠢ ᠤᠯᠭᠤᠬᠤ᠂ ᠡᠮ ᠡᠮᠨᠡᠯᠭᠡ ᠶᠢᠨ | ᠵᠠᠷᠤᠳᠠᠯ ᠳᠤ ᠲᠠᠩᠰᠠ ᠴᠠᠶᠢᠷᠠᠭᠤᠯᠵᠦ ᠦᠭᠬᠦ᠂ ᠲᠠᠷᠢᠶᠠᠯᠠᠩ ᠤᠨ ᠮᠠᠰᠢᠨ ᠨᠦᠬᠦᠪᠦᠷᠢ ᠦᠭᠬᠦ᠂ ᠭᠠᠩ ᠭᠠᠴᠢᠭ ᠤᠨ | ᠨᠦᠬᠦᠪᠦᠷᠢ ᠤᠯᠭᠤᠬᠤ ᠪᠤᠯᠵᠦ ᠨᠡᠩ ᠢᠯᠠᠩᠭᠤᠶ᠎ᠠ ᠤᠯᠤᠰ ᠠᠴᠠ ᠮᠠᠯᠴᠢᠳ ᠲᠤ ᠨᠤᠲᠤᠭ ᠪᠡᠯᠴᠢᠭᠡᠷ ᠤᠨ ᠨᠦᠬᠦᠪᠦᠷᠢ | ᠮᠦᠩᠬᠦ ᠵᠢᠴᠢ ᠪᠢᠳᠡᠬᠦᠮᠵᠢᠯᠡᠭᠰᠡᠨ ᠨᠦᠬᠦᠪᠦᠷᠢ ᠵᠡᠷᠭᠡ ᠶᠢ ᠤᠯᠭᠤᠬᠤ ᠪᠤᠯᠤᠭᠰᠠᠨ ᠵᠡᠷᠭᠡ ᠨᠢ ᠲᠡᠤᠬᠡᠨ ᠳᠤ | ᠭᠠᠷᠤᠭᠠᠳᠤᠢ ᠦᠭᠭᠢᠶᠡᠮᠦᠷ ᠲᠦᠷᠦ ᠶᠢᠨ ᠪᠤᠳᠤᠯᠭ᠎ᠠ ᠶᠢᠨ ᠤᠨᠴᠠᠭᠠᠢ ᠬᠠᠷᠠᠭᠠᠯᠵᠠᠯᠠᠯ ᠤᠨ ᠢᠯᠡᠷᠡᠯ ᠶᠤᠮ᠃ | ⑤ ᠮᠠᠯ ᠰᠦᠷᠦᠭ ᠢ ᠡᠷᠦᠭᠡ ᠳᠤ ᠲᠡᠭᠰᠢ ᠪᠠᠷ ᠬᠤᠪᠢᠶᠠᠨ ᠦᠭᠭᠦᠭᠰᠡᠨ ᠢᠶᠠᠷ ᠮᠠᠯᠴᠢᠳ ᠨᠢᠷᠤᠭᠤ ᠭᠡᠳᠡᠭᠡᠷ | ᠪᠤᠯᠵᠦ᠂ ᠦᠪᠡᠷᠳᠡᠭᠡᠨ ᠡᠵᠡᠩᠨᠡᠬᠦ ᠦᠢᠯᠡᠰ ᠲᠠᠢ ᠪᠤᠯᠤᠭᠰᠠᠨ ᠢᠶᠠᠷ ᠪᠦᠬᠦ ᠬᠤᠰᠢᠭᠤᠨ ᠳᠤ 1949 ᠤᠨ ᠳᠤ 29 | ᠲᠦᠮᠡᠨ ᠲᠤᠯᠤᠭᠠᠢ ᠪᠠᠶᠢᠭᠰᠠᠨ ᠠᠴᠠ 1996 ᠤᠨ ᠪᠤᠯᠬᠤ ᠳᠤ 300 ᠲᠦᠮᠡᠨ ᠲᠤᠯᠤᠭᠠᠢ ᠶᠢ ᠲᠠᠪᠠᠭᠰᠠᠨ ᠶᠤᠮ᠃ | ᠡᠨᠡ ᠪᠤᠯ ᠲᠡᠷᠡ ᠴᠢᠭ ᠢᠶᠠᠷ ᠢᠶᠠᠨ ᠮᠠᠯᠴᠢᠳ ᠤᠨ ᠰᠢᠭᠤᠳ ᠠᠰᠢᠭ ᠬᠦᠷᠳᠡᠬᠦ ᠦᠪ ᠬᠦᠷᠦᠩᠭᠡ ᠪᠤᠯᠤᠨ᠎ᠠ᠃ | ⑥ ᠨᠤᠲᠤᠭ ᠪᠡᠯᠴᠢᠭᠡᠷ ᠢ ᠡᠷᠦᠬᠡ ᠳᠤ ᠦᠮᠴᠢᠯᠡᠨ ᠬᠡᠷᠡᠭᠯᠡᠬᠦ ᠪᠤᠯᠤᠭᠰᠠᠨ ᠢᠶᠠᠷ ᠦᠯᠦ ᠪᠠᠷᠠᠮ ᠨᠤᠲᠤᠭ | ᠪᠡᠯᠴᠢᠭᠡᠷ ᠭᠠᠵᠠᠷ ᠰᠢᠷᠦᠢ ᠶᠢ ᠡᠷᠦᠬᠡ ᠳᠤ ᠦᠮᠴᠢᠯᠡᠬᠦᠯᠬᠦ ᠡᠷᠬᠡ ᠶᠢ ᠤᠯᠭᠤᠵᠦ᠂ ᠡᠷᠦᠬᠡ ᠨᠢ ᠭᠠᠳᠠᠭᠰᠢ | ᠲᠦᠷᠢᠶᠡᠰᠦᠯᠡᠭᠦᠯᠦᠨ ᠦᠭᠬᠦ ᠪᠤᠶᠤ ᠲᠠᠭᠠᠭᠠᠴᠢᠯᠠᠭᠤᠯᠤᠨ ᠦᠭᠬᠦ᠂ ᠭᠠᠵᠠᠷ ᠰᠢᠷᠦᠢ ᠶᠢ ᠰᠢᠯᠵᠢᠭᠦᠯᠦᠨ ᠦᠭᠬᠦ ᠡᠷᠬᠡ | ᠵᠡᠷᠭᠡ ᠤᠨᠴᠠᠭᠠᠢ ᠬᠦᠷᠦᠩᠭᠡ ᠶᠢᠨ ᠡᠷᠬᠡ ᠶᠢ ᠤᠯᠤᠰ ᠠᠴᠠ ᠬᠠᠤᠯᠢ ᠪᠠᠷ ᠤᠯᠭᠤᠪᠠ᠃ ᠨᠤᠲᠤᠭ ᠪᠡᠯᠴᠢᠭᠡᠷ ᠤᠨ | ᠠᠰᠢᠭ ᠢ ᠭᠦᠷᠳᠡᠬᠦ ᠪᠠ ᠭᠠᠵᠠᠷ ᠰᠢᠷᠦᠢ ᠶᠢᠨ ᠠᠰᠢᠭ ᠢ ᠴᠤ ᠭᠦᠷᠳᠡᠬᠦ ᠪᠤᠯᠤᠭᠰᠠᠨ ᠪᠠᠶᠢᠨ᠎ᠠ᠃ | ⒊ ᠲᠡᠤᠬᠡ ᠪᠠᠨ ᠡᠷᠬᠢᠵᠦ ᠬᠠᠷᠠᠬᠤ ᠪᠤᠶᠤ ᠪᠤᠳᠠᠳᠤ ᠠᠮᠢᠳᠤᠷᠠᠯ ᠢᠶᠠᠨ ᠬᠡᠮᠵᠢᠨ ᠦᠵᠡᠬᠦ | ᠡᠬᠡ ᠤᠷᠤᠨ — ᠦᠪᠦᠷ ᠮᠤᠩᠭᠤᠯ ᠤᠨ ᠬᠦᠭᠵᠢᠯᠳᠡ ᠨᠢ ᠲᠠᠯᠠᠨ ᠵᠢᠯ ᠤᠨ ᠲᠤᠷᠰᠢ ᠬᠠᠯᠠᠭᠤᠨ ᠡᠯᠢᠭᠡᠨ | ᠳᠡᠭᠡᠨ ᠮᠠᠠᠯᠴᠢᠨ ᠲᠦᠮᠡᠨ᠂ ᠠᠷᠠᠳ ᠢᠷᠭᠡᠳ ᠢᠶᠠᠨ ᠪᠦᠤᠪᠠᠶᠢᠯᠠᠨ ᠦᠷᠡᠵᠢᠭᠦᠯᠵᠦ᠂ ᠠᠮᠤᠷ ᠠᠮᠤᠭᠤᠯᠠᠩ ᠠᠵᠦ | ᠲᠦᠷᠦᠭᠦᠯᠵᠦ᠂ ᠨᠡᠶᠢᠭᠡᠮ ᠵᠢᠷᠤᠮ ᠤᠨ ᠲᠠᠪᠠᠭᠤᠯᠢᠭ ᠢᠶᠠᠷ ᠨᠢᠰᠬᠦ ᠮᠡᠳᠦ ᠲᠦᠷᠭᠡᠨ ᠬᠦᠭᠵᠢᠵᠦ᠂ ᠨᠡᠶᠢᠭᠡᠮ | ᠤᠷᠤᠭᠰᠢᠯᠠᠯᠳᠠ ᠲᠠᠢ᠂ ᠠᠷᠠᠳ ᠲᠦᠮᠡᠨ ᠵᠢᠷᠭᠠᠯᠳᠠᠢ᠂ ᠠᠵᠦ ᠠᠬᠤᠢ ᠶᠢᠨ ᠬᠦᠭᠵᠢᠯᠳᠡ ᠪᠠᠳᠠᠷᠠᠩᠭᠤᠢ ᠪᠤᠯᠤᠭᠰᠠᠨ | ᠶᠤᠮ᠃ ᠡᠨᠡ ᠪᠤᠯ ᠦᠪᠦᠷ ᠮᠤᠩᠭᠤᠯ ᠤᠨ ᠲᠡᠤᠬᠡᠨ ᠦᠩᠭᠡᠷᠡᠯᠳᠡ ᠪᠠ ᠤᠳᠤᠬᠢ ᠪᠤᠳᠠᠳᠤ ᠪᠠᠶᠢᠳᠠᠯ ᠶᠤᠮ᠃ ᠪᠢᠳᠡ | ᠲᠡᠤᠬᠡ ᠪᠠ ᠤᠳᠤᠬᠢ ᠶᠢ ᠬᠠᠷᠢᠴᠠᠭᠤᠯᠵᠦ᠂ ᠨᠡᠶᠢᠭᠡᠮ ᠵᠢᠷᠤᠮ ᠤᠨ ᠲᠠᠪᠠᠭᠤᠯᠢᠭ ᠢᠶᠠᠨ ᠦᠵᠡᠬᠦ ᠬᠡᠷᠡᠭᠳᠡᠢ ᠮᠦᠷᠳᠡᠭᠡᠨ | ᠮᠡᠳᠡᠷᠡᠬᠦ ᠴᠢᠬᠤᠯᠠᠳᠠᠢ ᠶᠤᠮ᠃ | ᠤᠳᠤᠬᠠᠨ ᠤᠯᠠᠩᠬᠢ ᠵᠠᠯᠠᠭᠤᠴᠦᠳ᠂ ᠨᠡᠶᠢᠭᠡᠮ ᠤᠨ ᠲᠡᠤᠬᠡ ᠶᠢᠨ ᠦᠩᠭᠡᠷᠡᠯᠳᠡ ᠶᠢᠨ ᠮᠡᠳᠡᠯᠭᠡ ᠪᠠ | ᠲᠤᠷᠰᠢᠯᠭ᠎ᠠ ᠦᠭᠡᠢ ᠠᠴᠠ ᠵᠦᠪᠬᠡᠨ ᠨᠢᠳᠦᠨ ᠡᠮᠦᠨᠡᠬᠢ ᠴᠦᠯᠳᠦ ᠮᠦᠯᠳᠦ ᠶᠠᠷᠢᠶ᠎ᠠ ᠶᠢ ᠦᠨᠡᠮᠰᠢᠵᠦ᠂ ᠨᠠᠮ ᠪᠠ | ᠤᠯᠤᠰ ᠤᠨ ᠲᠦᠷᠦ ᠶᠢᠨ ᠪᠤᠳᠤᠯᠭ᠎ᠠ ᠶᠢᠨ ᠵᠦᠪ ᠤᠨᠤᠪᠴᠢᠳᠠᠢ ᠴᠢᠨᠠᠷ᠂ ᠡᠬᠡ ᠤᠷᠤᠨ ᠤ ᠠᠰᠤᠷᠤ ᠶᠡᠭᠡ | ᠬᠦᠭᠵᠢᠯᠳᠡ᠂ ᠠᠷᠠᠳ ᠲᠦᠮᠡᠨ ᠤ ᠠᠮᠢᠳᠤᠷᠠᠯ ᠤᠨ ᠲᠡᠭᠡᠭᠡᠭᠰᠢᠯᠡᠯᠳᠡ᠂ ᠨᠡᠶᠢᠭᠡᠮ ᠤᠨ ᠲᠠᠪᠰᠢᠯᠳᠠ ᠶᠢ ᠦᠵᠡᠵᠦ | ᠦᠨᠡᠯᠡᠬᠦ ᠲᠤᠷ᠎ᠠ ᠦᠭᠡᠢ ᠪᠠᠶᠢᠳᠠᠭ ᠪᠦᠭᠡᠳ ᠠᠷᠠᠳᠴᠢᠯᠡᠯ ᠡᠷᠬᠡ ᠴᠢᠯᠦᠭᠡ ᠦᠭᠡᠢ ᠭᠡᠬᠦ᠂ ᠦᠩᠭᠡᠷᠡᠭᠰᠡᠨ ᠢᠶᠠᠨ | ᠮᠠᠭᠳᠠᠭᠠᠳ ᠤᠳᠤᠬᠢ ᠪᠠᠨ ᠮᠠᠭᠤᠯᠠᠬᠤ ᠪᠠ ᠰᠢᠭᠦᠮᠵᠢᠯᠡᠬᠦ ᠨᠢ ᠤᠯᠠᠨ ᠪᠠᠶᠢᠳᠠᠭ ᠰᠠᠨ᠃ ᠡᠨᠡ ᠪᠤᠯ ᠤᠳᠤᠬᠢ | ᠵᠠᠯᠠᠭᠤᠴᠦᠳ ᠤᠨ ᠲᠡᠤᠬᠡ ᠶᠢᠨ ᠮᠡᠳᠡᠯᠭᠡ᠂ ᠦᠨᠡᠨ ᠠᠴᠠ ᠵᠦᠪ ᠢ ᠡᠷᠢᠬᠦ᠂ ᠨᠢᠭᠡ ᠶᠢ ᠬᠤᠶᠠᠷᠯᠠᠬᠤ ᠠᠷᠭ᠎ᠠ ᠵᠡᠷᠭᠡ | ᠶᠢ ᠮᠡᠳᠡᠬᠦ ᠦᠭᠡᠢ ᠪᠠᠶᠢᠬᠤ ᠶᠢᠨ ᠢᠯᠡᠷᠡᠯ ᠶᠤᠮ᠃ ᠤᠯᠠᠩᠬᠢ ᠨᠦᠬᠦᠳ ᠶᠡᠬᠡᠳᠡ ᠮᠡᠳᠡᠮᠡᠭᠡᠶᠢᠷᠡᠵᠦ ᠮᠤᠩᠭᠤᠯ ᠤᠯᠤᠰ | ᠤᠨ ᠠᠷᠠᠳᠴᠢᠯᠠᠯ ᠤᠨ ᠪᠠᠶᠢᠭᠤᠯᠤᠯ ᠶᠢ ᠮᠠᠭᠳᠠᠵᠦ᠂ ᠠᠷᠠᠳ ᠲᠦᠮᠡᠨ ᠤ ᠰᠠᠨᠠᠯ ᠢᠶᠠᠷ ᠡᠷᠬᠡ ᠴᠢᠯᠦᠭᠡ ᠲᠠᠢ | ᠠᠮᠢᠳᠤᠷᠠᠵᠦ ᠪᠠᠶᠢᠨ᠎ᠠ ᠭᠡᠵᠦ ᠬᠡᠯᠡᠬᠦ ᠲᠤᠷᠠᠳᠠᠢ᠃ ᠮᠢᠨᠤ ᠦᠵᠡᠬᠦ ᠪᠠᠷ ᠡᠭᠦᠨ ᠳᠤ ᠶᠠᠮᠠᠷ ᠠᠷᠠᠳᠴᠢᠯᠠᠯ ᠢ ᠬᠡᠷᠡᠭᠵᠢᠭᠦᠯᠬᠦ | ᠭᠡᠳᠡᠭ ᠨᠢ ᠴᠢᠬᠤᠯᠠ ᠶᠤᠮ᠃ ᠤᠳᠤ ᠶᠢᠨ ᠮᠤᠩᠭᠤᠯ ᠤᠨ ᠠᠷᠠᠳᠴᠢᠯᠠᠯ ᠨᠢ ᠮᠢᠨᠤ ᠦᠵᠡᠬᠦ ᠪᠠᠷ ᠤᠯᠠᠨ ᠨᠠᠮᠳᠤ | ᠭᠡᠳᠦᠷᠬᠡᠢ ᠦᠵᠡᠯ ᠤᠨ ᠠᠷᠠᠳᠴᠢᠯᠠᠯ ᠪᠤᠯᠬᠤ ᠪᠦᠭᠡᠳ ᠮᠦᠨᠴᠦ ᠠᠭᠤᠯᠠᠨ ᠤᠷᠤᠢ ᠶᠢᠨ ᠦᠵᠡᠯ᠂ ᠠᠶᠢᠮᠠᠭᠴᠢᠯᠠᠬᠤ | ᠦᠵᠡᠯ ᠢᠶᠠᠷ ᠢᠯᠡᠷᠡᠵᠦ ᠪᠠᠶᠢᠬᠤ ᠶᠤᠮ᠃ ᠡᠶᠢᠮᠦᠷᠬᠦ ᠲᠦᠪᠯᠡᠷᠡᠯ ᠦᠭᠡᠢ ᠠᠷᠠᠳᠴᠢᠯᠠᠯ ᠪᠤᠯ ᠤᠯᠤᠰ ᠤᠷᠤᠨ ᠤ | ᠬᠦᠭᠵᠢᠯᠳᠠ ᠳᠤ ᠠᠰᠢᠭ ᠦᠭᠡᠢ᠂ ᠠᠷᠠᠳ ᠲᠦᠮᠡᠨ ᠤ ᠠᠮᠢᠳᠤᠷᠠᠯ ᠤᠨ ᠬᠢᠷᠢ ᠲᠦᠪᠰᠢᠨ ᠲᠡᠭᠡᠭᠡᠭᠰᠢᠯᠡᠭᠦ ᠪᠠᠷ ᠠᠨᠠᠢ᠂ | ᠲᠡᠯᠡᠬᠡᠢ ᠨᠡᠶᠢᠳᠡ ᠶᠢᠨ ᠬᠦᠭᠵᠢᠯᠳᠡ ᠠᠴᠠ ᠬᠤᠴᠤᠷᠤᠭᠰᠠᠨ ᠰᠠᠮᠠᠭᠤᠷᠠᠯ ᠤᠨ ᠪᠠᠶᠢᠳᠠᠯ ᠳᠤ ᠤᠷᠤᠵᠦ ᠮᠡᠳᠡᠨ᠎ᠡ᠃ | ᠲᠡᠤᠬᠡ ᠶᠢᠨ ᠰᠤᠷᠭᠠᠮᠵᠢ ᠢᠶᠠᠷ ᠤᠳᠤᠬᠢ ᠶᠢ ᠬᠠᠷᠠᠬᠤ᠂ ᠠᠷᠠᠳ ᠤᠨ ᠠᠮᠢᠳᠤᠷᠠᠯ ᠤᠨ ᠲᠦᠪᠰᠢᠨ ᠢᠶᠠᠷ ᠡᠬᠡ ᠤᠷᠤᠨ | ᠤ ᠪᠠᠨ ᠲᠤᠯᠠᠭᠠᠨ ᠪᠦᠯᠢᠶᠡᠨ ᠢ ᠮᠡᠳᠡᠷᠡᠨ ᠦᠨᠡᠯᠡᠬᠦ ᠤᠴᠢᠷ ᠲᠠᠢ ᠶᠤᠮ᠃ | ᠮᠠᠨ ᠤ ᠤᠯᠤᠰ ᠪᠠ ᠤᠷᠤᠨ ᠤ ᠠᠵᠦ ᠠᠬᠤᠢ ᠶᠢᠨ ᠬᠦᠴᠦᠨ ᠪᠤᠵᠠᠭᠠᠶᠢᠷᠠᠵᠦ᠂ ᠡᠯ᠎ᠡ ᠲᠠᠯ᠎ᠠ ᠶᠢᠨ | ᠬᠦᠭᠵᠢᠯᠳᠡ ᠪᠤᠯ ᠠᠭᠤᠤ ᠶᠡᠭᠡ ᠶᠤᠮ᠃ ᠦᠨᠳᠦᠰᠦᠳᠡᠨ ᠤ ᠰᠤᠶᠤᠯ ᠤᠨ ᠬᠦᠭᠵᠢᠯᠳᠡ ᠪᠠᠳᠠᠷᠠᠩᠭᠤᠢ᠂ ᠠᠷᠠᠳ ᠤᠨ | ᠠᠮᠢᠳᠤᠷᠠᠯ ᠴᠡᠴᠡᠭᠯᠡᠩᠭᠦᠢ᠂ ᠲᠦᠷᠦ ᠲᠦᠪᠰᠢᠨ ᠲᠦᠮᠡᠨ ᠠᠮᠤᠭᠤᠯᠠᠩ ᠪᠠᠶᠢᠬᠤ ᠪᠤᠯ ᠤᠯᠤᠰ ᠤᠷᠤᠨ ᠤ ᠮᠠᠨᠢ | ᠲᠠᠪᠠᠭᠤᠯᠢᠭ ᠶᠤᠮ᠃ ᠲᠠᠬᠢᠪᠠᠯ ᠪᠢᠳᠡ ᠡᠸᠤᠷᠦ᠋ᠫᠠ ᠶᠢᠨ ᠤᠯᠤᠰ ᠤᠳ ᠤᠨ ᠬᠤᠷᠢ ᠭᠤᠴᠢᠨ ᠵᠢᠯ ᠤᠨ ᠲᠠᠶᠢᠨ | ᠲᠠᠵᠢᠨ ᠨᠢ ᠠᠷᠠᠳ ᠲᠦᠮᠡᠨ ᠢᠶᠠᠨ ᠭᠠᠰᠠᠯᠠᠩ ᠤᠨ ᠲᠠᠯᠠᠢ ᠳᠤ ᠵᠢᠪᠪᠦᠭᠦᠯᠵᠦ ᠭᠦᠢᠴᠡᠪᠡ᠃ ᠠᠷᠠᠳ ᠲᠦᠮᠡᠨ ᠡᠬᠡ | ᠤᠷᠤᠨ ᠳᠠᠭᠠᠨ ᠠᠮᠢᠳᠤᠷᠠᠵᠦ ᠴᠢᠳᠠᠬᠤ ᠦᠭᠡᠢ ᠪᠤᠯᠬᠤ ᠳᠠᠭᠠᠨ ᠭᠠᠳᠠᠷ ᠤᠯᠤᠰ ᠲᠤ ᠴᠠᠭᠠᠴᠢᠯᠠᠨ ᠶᠠᠪᠤᠵᠦ ᠪᠠᠶᠢᠨ᠎ᠠ᠃ | ᠦᠯᠡᠳᠡᠭᠰᠡᠨ ᠨᠢ ᠡᠳᠦᠷ ᠲᠡᠭᠡᠨ ᠠᠮᠤᠷ ᠵᠢᠮᠤᠷ ᠠᠵᠦ ᠲᠦᠷᠦᠵᠦ ᠴᠢᠳᠠᠬᠤ ᠦᠭᠡᠢ᠂ ᠠᠶᠤᠨ ᠰᠦᠷᠳᠡᠬᠦ᠂ ᠢᠳᠡᠬᠦ | ᠪᠤᠳᠠᠭ᠎ᠠ ᠦᠭᠡᠢ ᠡᠮᠦᠰᠬᠦ ᠬᠤᠪᠴᠠᠰᠤ ᠦᠭᠡᠢ᠂ ᠭᠠᠴᠢᠭᠳᠠᠯ ᠵᠤᠪᠠᠯᠠᠩ ᠤᠨ ᠲᠠᠭᠤᠨ ᠤ ᠲᠤᠮᠳᠠ ᠠᠮᠢᠳᠤᠷᠠᠵᠦ | ᠪᠠᠶᠢᠨ᠎ᠠ᠃ ᠲᠡᠨᠳᠡ ᠠᠷᠠᠳ ᠲᠦᠮᠡᠨ ᠡᠷᠬᠡ ᠴᠢᠯᠦᠭᠡᠳᠡᠢ ᠭᠡᠵᠦ ᠶᠠᠷᠢᠬᠤ ᠤᠴᠢᠷ ᠪᠠᠶᠢᠨᠠᠤ︖ | ᠪᠢᠳᠡ ᠤᠯᠠᠨ ᠦᠨᠳᠦᠰᠦᠳᠡᠨ ᠢᠶᠠᠷ ᠪᠦᠷᠢᠯᠳᠦᠭᠰᠡᠨ ᠲᠤᠮᠳᠠᠳᠤ ᠤᠯᠤᠰ ᠲᠤ ᠠᠮᠢᠳᠤᠷᠠᠵᠦ ᠪᠠᠶᠢᠨ᠎ᠠ᠃ | ᠠᠮᠢᠳᠤᠷᠠᠬᠤ ᠳᠠᠭᠠᠨ ᠵᠤᠯ ᠵᠢᠷᠭᠠᠯ ᠲᠠᠢ᠂ ᠠᠮᠤᠷ ᠲᠠᠶᠢᠪᠤᠩ ᠠᠮᠢᠳᠤᠷᠠᠵᠦ ᠪᠠᠶᠢᠨ᠎ᠠ᠃ ᠤᠯᠤᠰ ᠠᠴᠠ ︽ᠦᠨᠳᠦᠰᠦᠨ | ᠬᠠᠤᠯᠢ︾᠂ ︽ᠦᠨᠳᠦᠰᠦᠳᠡᠨ ᠤ ᠤᠷᠤᠨ ᠤ ᠦᠪᠡᠷᠳᠡᠭᠡᠨ ᠵᠠᠰᠠᠬᠤ ᠬᠠᠤᠯᠢ︾ ᠵᠡᠷᠭᠡ ᠮᠠᠰᠢ ᠤᠯᠠᠨ ᠴᠦᠭᠡᠨ | ᠲᠤᠭᠠᠳᠤ ᠦᠨᠳᠦᠰᠦᠳᠡᠨ ᠤ ᠭᠠᠵᠠᠷ ᠤᠷᠤᠨ ᠳᠤ ᠲᠤᠬᠢᠷᠠᠭᠰᠠᠨ ᠬᠠᠤᠯᠢ ᠲᠦᠷᠢᠮ ᠢ ᠲᠤᠭᠳᠠᠭᠠᠵᠦ᠂ ᠨᠤᠲᠤᠭ | ᠪᠡᠯᠴᠢᠭᠡᠷ ᠢ ᠡᠷᠦᠬᠡ ᠳᠤ ᠲᠠᠭᠠᠭᠠᠴᠢᠯᠠᠭᠤᠯᠤᠨ ᠦᠭᠬᠦ ᠪᠤᠶᠤ ᠦᠮᠴᠢᠯᠡᠭᠦᠯᠦᠨ ᠦᠭᠭᠦᠭᠰᠡᠨ ᠮᠦᠷᠳᠡᠭᠡᠨ ᠨᠤᠲᠤᠭ | ᠪᠡᠯᠴᠢᠭᠡᠷ ᠤᠨ ᠨᠦᠬᠦᠪᠦᠷᠢ ᠦᠭᠬᠦ ᠵᠡᠷᠭᠡ ᠮᠠᠰᠢ ᠤᠯᠠᠨ ᠦᠭᠭᠢᠶᠡᠮᠦᠷ ᠪᠤᠳᠤᠯᠭ᠎ᠠ ᠪᠠ ᠠᠷᠭ᠎ᠠ ᠬᠡᠮᠵᠢᠶ᠎ᠡ ᠶᠢ ᠠᠪᠴᠤ | ᠪᠤᠢ᠃ ᠡᠨᠡ ᠨᠢ ᠡᠷᠬᠡ ᠴᠢᠯᠦᠭᠡ ᠪᠢᠰᠢ ᠭᠡᠵᠢ ᠤᠤ︖ ᠤᠳᠤ ᠪᠤᠯ ᠵᠦᠪᠬᠡᠨ ᠮᠠᠨ ᠤ ᠴᠦᠭᠡᠨ ᠲᠤᠭᠠᠳᠤ | ᠦᠨᠳᠦᠰᠦᠳᠡᠨ ᠤ ᠬᠦᠮᠦᠨ ᠪᠦᠷᠢᠯᠳᠦᠭᠦᠨ ᠤ ᠬᠡᠪ ᠴᠢᠨᠠᠷ ᠮᠡᠳᠡᠭᠰᠡᠨ ᠬᠡᠷᠡᠭ᠂ ᠲᠠᠷᠤᠢ ᠬᠦᠭᠵᠢᠬᠦ ᠪᠠ ᠲᠤᠷᠦᠶᠢᠳᠠᠬᠤ | ᠨᠢ ᠦᠨᠳᠦᠰᠦᠳᠡᠨ ᠤ ᠲᠤᠲᠤᠭᠠᠳᠤ ᠶᠢᠨ ᠪᠦᠯᠬᠦᠮᠳᠡᠯ᠂ ᠦᠨᠳᠦᠰᠦᠳᠡᠨ ᠤ ᠲᠤᠲᠤᠭᠠᠳᠦᠬᠢ ᠤᠴᠢᠷ ᠢᠶᠠᠨ ᠶᠠᠭᠠᠬᠢᠵᠦ | ᠦᠪᠡᠷᠳᠡᠭᠡᠨ ᠰᠡᠢᠳᠪᠦᠷᠢᠯᠡᠬᠦ ᠡᠰᠡᠬᠦ ᠪᠠᠷ ᠲᠤᠭᠳᠠᠭᠠᠭᠳᠠᠨ᠎ᠠ᠃ ᠤᠯᠠᠨ ᠢᠶᠠᠷ ᠢᠶᠠᠨ ᠨᠢᠭᠡᠳᠦᠭᠰᠡᠨ ᠵᠣᠷᠢᠭ ᠰᠠᠨᠠᠭ᠎ᠠ ᠪᠠᠷ | ︽ᠲᠤᠤᠭᠠᠷᠪᠠᠯ ᠲᠠᠭᠤᠨ ᠨᠢᠭᠡ᠂ ᠲᠤᠭᠳᠤᠷᠪᠠᠯ ᠬᠦᠴᠦᠨ ᠨᠢᠭᠡ︾ ᠪᠠᠶᠢᠵᠦ᠂ ᠨᠢᠳᠦᠨ ᠡᠮᠦᠨᠡᠬᠢ ᠤᠴᠢᠷ ᠢᠶᠠᠨ ᠰᠠᠨᠠᠯ | ᠨᠢᠭᠡᠳᠦᠨ ᠬᠢᠬᠦ ᠶᠢ ᠰᠠᠨᠠᠭᠠᠴᠢᠯᠠᠨ᠎ᠠ᠃ ᠬᠠᠷᠢᠨ ︽ᠤᠭᠤᠳᠠᠨ ᠳᠤ ᠬᠢᠭᠰᠡᠨ ᠢᠮᠠᠭᠠᠨ ᠡᠪᠡᠷ ᠰᠢᠭ᠋︾ ᠨᠢᠭᠡ ᠨᠢ ᠦᠬᠡ | ᠰᠠᠨᠠᠯ ᠲᠤᠷᠠᠳᠤᠪᠠᠯ ᠨᠦᠭᠦᠭᠡ ᠨᠢ ᠨᠢᠴᠤᠭᠠᠭᠠᠳ ᠪᠠᠶᠢᠪᠠᠯ ᠶᠠᠮᠠᠷ ᠦᠢᠯᠡ ᠶᠠᠪᠤᠳᠠᠯ ᠨᠢ ᠪᠦᠳᠦᠬᠦ ᠠᠵᠠᠢ︕ | ᠠᠰᠠᠭᠤᠳᠠᠯ ᠢ ᠨᠢᠭᠡ ᠨᠢᠭᠡ ᠪᠠᠷ ᠰᠡᠢᠳᠪᠦᠷᠢᠯᠡᠬᠦ ᠶᠢ ᠱᠠᠭᠠᠷᠳᠠᠬᠤ ᠨᠢ ᠵᠦᠢᠳᠡᠢ᠂ ᠶᠠᠭᠤ ᠯᠠ ᠭᠡᠪᠡᠯ ᠨᠠᠮ ᠲᠦᠷᠦ ᠳᠤ | ᠬᠠᠷᠢᠶᠠᠯ ᠵᠦᠭᠡᠯ ᠬᠢᠬᠦ ᠪᠠ ᠶᠡᠭᠡ ᠦᠬᠡ ᠶᠠᠷᠢᠵᠦ ᠪᠠᠶᠢᠬᠤ ᠨᠢ ᠤᠭᠳᠤ ᠪᠤᠷᠤᠭᠤ ᠮᠦᠷᠳᠡᠭᠡᠨ ᠪᠦᠳᠦᠰᠢ ᠦᠭᠡᠢ | ᠶᠠᠪᠤᠳᠠᠯ ᠶᠤᠮ᠃ ᠬᠠᠷᠢᠨ ᠮᠤᠩᠭᠤᠯ ᠦᠨᠳᠦᠰᠦᠳᠡᠨ ᠤ ᠪᠠᠨ ᠦᠪ ᠰᠤᠶᠤᠯ ᠢ ᠬᠡᠷᠬᠢᠨ ᠬᠠᠳᠠᠭᠠᠯᠠᠨ ᠦᠯᠡᠳᠡᠭᠡᠬᠦ ᠪᠠ | ᠤᠯᠠᠮᠵᠢᠯᠠᠨ ᠵᠠᠯᠭᠠᠮᠵᠢᠯᠠᠨ ᠠᠪᠬᠤ᠂ ᠬᠡᠷᠬᠢᠨ ᠬᠤᠶᠢᠴᠢ ᠦᠶ᠎ᠡ ᠶᠢᠨ ᠰᠤᠷᠭᠠᠨ ᠬᠦᠮᠦᠵᠢᠯ ᠳᠤ ᠦᠨᠳᠦᠰᠦᠳᠡᠨ ᠤ ᠵᠠᠩ | ᠦᠢᠯᠡ᠂ ᠦᠤᠬᠡ ᠲᠡᠤᠬᠡ ᠪᠠᠨ ᠤᠷᠤᠭᠤᠯᠬᠤ ᠵᠢᠴᠢ ᠪᠠᠭᠰᠢ ᠶᠢᠨ ᠴᠢᠨᠠᠷ ᠴᠢᠨᠰᠠᠭ᠎ᠠ ᠶᠢ ᠬᠡᠷᠬᠢᠨ ᠰᠠᠶᠢᠵᠢᠷᠠᠭᠤᠯᠬᠤ | ᠵᠡᠷᠭᠡ ᠦᠨᠳᠦᠰᠦᠨ ᠠᠰᠠᠭᠤᠳᠠᠯ ᠳᠤ ᠰᠡᠳᠭᠢᠯ ᠲᠠᠯᠪᠢᠵᠦ ᠪᠤᠳᠠᠳᠠᠢ ᠰᠠᠨᠠᠯ ᠢᠶᠠᠨ ᠢᠯᠡᠭᠦᠭᠡᠨ ᠲᠤᠷᠠᠳᠬᠤ ᠶᠢ | ᠵᠠᠯᠠᠭᠤᠴᠦᠳ ᠪᠠᠭᠠᠴᠦᠳ ᠲᠠᠭᠠᠨ ᠰᠠᠨᠠᠭᠠᠴᠢᠯᠠᠵᠦ ᠪᠠᠶᠢᠨ᠎ᠠ᠃ | | | | | | |