ᠮᠢᠩᠭ᠎ᠠ ᠶᠢᠨ ᠠᠪᠤᠷᠭᠤ ᠪᠠᠳᠤᠵᠢᠷᠭᠠᠯ
ᠨᠡᠶᠢᠲᠡᠯᠡᠭᠰᠡᠨ ᠴᠠᠭ᠄
2017/7/17
ᠤᠷᠢᠶᠠᠩᠬᠠᠨ ᠤ᠂ ᠶᠤᠨᠳᠤᠨ        ᠮᠢᠩᠭ᠎ᠠ ᠶᠢᠨ ᠠᠪᠤᠷᠭᠤ ᠪᠠᠳᠤᠵᠢᠷᠭᠠᠯ                   —  ᠪᠦᠬᠦ ᠤᠷᠤᠨ ᠤ ᠶᠢᠰᠦᠳᠦᠭᠡᠷ ᠬᠤᠭᠤᠴᠠᠭᠠᠨ ᠤ ᠪᠡᠶ᠎ᠡ ᠲᠠᠮᠢᠷ ᠤᠨ                       ᠴᠤᠭᠯᠠᠭᠠᠨ ᠤ ᠪᠦᠬᠡ ᠶᠢᠨ ᠠᠪᠤᠷᠭᠤ ᠪᠠᠳᠤᠵᠢᠷᠭᠠᠯ ᠳᠤ ᠪᠡᠯᠭᠡᠯᠡᠪᠡ ᠲᠠᠪᠤᠨ ᠦᠩᠭᠡ ᠶᠢᠨ ᠵᠠᠩᠬᠢᠶ᠎ᠠ ᠨᠢ ᠠᠷᠰᠯᠠᠨ ᠤ ᠲᠡᠯ ᠰᠢᠭ ᠰᠦᠷ ᠲᠠᠢ ᠲᠠᠪᠢ ᠯᠠᠩ ᠤᠨ ᠮᠦᠩᠭᠦᠨ ᠵᠤᠳᠤᠭ ᠨᠢ ᠨᠠᠷᠠᠨ ᠤ ᠲᠤᠶᠠᠭᠠᠨ ᠳᠤ ᠭᠢᠯᠠᠯᠵᠠᠨ᠎ᠠ ᠲᠡᠪᠢᠯᠬᠡ ᠮᠠᠬᠰᠢᠯᠳᠡ ᠬᠤᠶᠠᠷ ᠨᠢ ᠬᠦᠴᠦᠳᠦ ᠪᠦᠷᠭᠦᠳ ᠤᠨ ᠵᠢᠪᠬᠤᠭ᠎ᠠ ᠲᠠᠢ ᠲᠡᠯᠭᠡ ᠤᠷᠠᠨ ᠪᠠᠷᠢᠯᠳᠤᠭᠠᠨ ᠨᠢ ᠬᠦᠮᠦᠨ ᠵᠤᠨ ᠢᠶᠠᠨ ᠪᠠᠶᠠᠰᠬᠠᠨ᠎ᠠ       ᠠᠷᠠᠳ ᠤᠨ ᠨᠠᠶᠢᠷ ᠤᠨ ᠴᠢᠮᠡᠭ ᠪᠤᠯᠤᠭᠰᠠᠨ       ᠠᠪᠤᠷᠭᠤ ᠪᠠᠳᠤᠵᠢᠷᠭᠠᠯ ᠢᠶᠠᠨ ᠲᠠᠭᠤᠯᠠᠶ᠎ᠠ ᠳ᠋ᠠ  ᠬᠦᠳᠡᠷᠯᠢᠭ ᠴᠢᠬᠢᠷᠠᠭ ᠪᠡᠶ᠎ᠡ ᠳᠡᠭᠡᠨ ᠪᠠᠷᠰ ᠤᠨ ᠬᠦᠴᠦᠨ ᠲᠡᠭᠦᠯᠳᠡᠷ  ᠬᠦᠭᠵᠢᠶᠡᠯᠢᠭ ᠬᠤᠷᠴᠠ ᠤᠶᠤᠨ ᠳᠠᠭᠠᠨ ᠤᠷᠠᠨ ᠡᠷᠳᠡᠮ ᠲᠡᠯᠭᠡᠷ  ᠬᠦᠴᠦᠨ ᠢᠳᠡᠯᠢᠭ ᠴᠤᠬᠢᠶ᠎ᠠ ᠳᠤᠨᠢ ᠬᠦᠷᠦᠰᠦᠳᠦ ᠲᠡᠨᠵᠢ ᠬᠤᠳᠤᠯᠵᠠᠳᠠᠭ  ᠬᠦᠶᠦᠯᠭᠡ ᠲᠠᠳᠠᠭ᠎ᠠ ᠡᠷᠳᠡᠮ ᠢᠶᠠᠷ ᠬᠦᠴᠦᠳᠠᠨ ᠡᠷᠡᠰ ᠢ ᠨᠤᠭᠤᠷᠠᠭᠤᠯᠳᠠᠭ        ᠦᠵᠦᠮᠦᠴᠢᠨ ᠨᠤᠲᠤᠭ ᠤᠨ ᠢᠳᠡᠷᠬᠡᠭ ᠬᠦᠪᠡᠭᠦᠨ        ᠦᠵᠦᠭᠦᠷ ᠪᠦᠬᠡ ᠪᠠᠷ ᠪᠠᠳᠤᠵᠢᠷᠭᠠᠯ ᠲᠤᠲᠤᠷᠠᠨ᠎ᠠ ᠠᠯᠳᠠᠨ ᠬᠢᠯᠢ ᠶᠢᠨ ᠰᠢᠷᠦᠢ ᠠᠴᠠ ᠬᠡᠶᠢᠮᠦᠷᠢ ᠰᠦᠯᠳᠡᠯᠡᠨ ᠪᠤᠶᠢᠵᠢᠭᠰᠠᠨ ᠠᠪᠤᠷᠭᠤ ᠪᠦᠬᠡ ᠶᠢᠨ ᠲᠠᠭᠤᠯᠠᠯ ᠢᠶᠠᠷ ᠰᠢᠨᠳᠠᠰᠦ ᠰᠢᠯᠭᠠᠨ ᠲᠤᠷᠨᠢᠭᠰᠠᠨ ᠠᠷᠤ ᠦᠪᠦᠷ ᠮᠤᠩᠭᠤᠯ ᠤᠨ ᠠᠯᠳᠠᠷᠳᠦ ᠤᠯᠠᠨ ᠬᠦᠴᠦᠳᠠᠨ ᠢ ᠠᠯᠳᠠᠯ ᠦᠭᠡᠢ ᠬᠠᠶᠠᠯᠠᠭᠰᠠᠭᠷ ᠨᠠᠶᠢᠷ ᠤᠨ ᠤᠳᠤᠨ ᠪᠤᠯᠤᠭᠰᠠᠨ        ᠮᠢᠩᠭᠠᠨ ᠪᠦᠬᠡ ᠶᠢᠨ ᠵᠢᠪᠬᠤᠭᠠᠳᠤ ᠲᠡᠷᠢᠭᠦᠨ        ᠮᠠᠩᠯᠠᠢ ᠠᠪᠤᠷᠭᠤ ᠪᠠᠳᠤᠵᠢᠷᠭᠠᠯ ᠲᠠᠭᠤᠷᠢᠰᠤᠯᠳᠠᠢ᠃                        ᠤᠯᠢᠶᠠᠰᠤᠳᠠᠢ ᠳᠤ᠂ 2017 ᠤᠨ ᠤ ᠲᠡᠯᠭᠡᠷ ᠵᠤᠨ ᠤ ᠤᠯᠠᠷᠢᠯ ᠳᠤ                    
 
ᠢᠷᠡᠯᠲᠡ᠄ ᠤᠷᠢᠶᠠᠩᠬᠠᠨ ᠤ᠂ ᠶᠤᠨᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号