ᠳᠣᠮᠤᠭ ᠲᠡᠣᠬᠡᠲᠦ  ︽ᠳᠣᠯᠣᠭᠠᠳ  ᠤᠨ ᠭᠤᠪᠢ︾
ᠨᠡᠶᠢᠲᠡᠯᠡᠭᠰᠡᠨ ᠴᠠᠭ᠄
2017/7/14
ᠭᠣ ᠲᠠᠪᠬᠠᠢ                             ᠳᠣᠮᠤᠭ ᠲᠡᠣᠬᠡᠲᠦ  ︽ᠳᠣᠯᠣᠭᠠᠳ   ᠤᠨ ᠭᠤᠪᠢ      ᠮᠣᠩᠭᠤᠯ ᠣᠷᠣᠨ ᠳᠤ  ︽ ᠳᠣᠯᠤᠭ᠎ᠠ︾ ᠪᠣᠶᠣ ᠲᠤᠭ᠎ᠠ ᠬᠡᠮᠵᠢᠶ᠎ᠡ ᠪᠠᠷ ᠨᠡᠷᠡᠯᠡᠭᠰᠡᠨ ᠭᠠᠵᠠᠷ ᠣᠰᠣᠨ ᠤ ᠨᠡᠷ᠎ᠡ ᠮᠠᠰᠢ ᠣᠯᠠᠨ ᠳᠣᠬᠢᠶᠠᠯᠳᠣᠨ᠎ᠠ᠃ ᠵᠢᠱᠢᠶᠡᠯᠡᠪᠡᠯ  ᠄ ᠭᠠᠭᠴᠠ ᠮᠣᠳᠣ᠂ ᠬᠤᠶᠠᠷ ᠡᠭᠦᠳᠡ᠂ ᠭᠤᠷᠪᠠᠨ ᠰᠢᠯᠢ᠂ ᠳᠥᠷᠪᠡᠯᠵᠢ᠂ ᠲᠠᠪᠣᠨ ᠬᠠᠶᠢᠷᠠᠬᠠᠨ᠂ ᠵᠢᠷᠭᠤᠭᠠᠨ ᠬᠤᠳᠳᠤᠭ ᠭᠡᠬᠦ ᠪᠠ ᠳᠣᠯᠣᠭᠠᠨ ᠨᠠᠭᠤᠷ᠂ ᠳᠣᠯᠣᠭᠠᠳ ᠭᠤᠪᠢ᠂  ᠳᠣᠯᠣᠭᠠᠨ ᠲᠣᠯᠣᠭᠠᠢ ᠭᠡᠬᠦ ᠮᠡᠲᠦ   ᠶᠢᠨ ᠨᠡᠷ᠎ᠡ ᠲᠠᠢ ᠭᠠᠵᠠᠷ ᠣᠯᠠᠨ ᠪᠠᠶᠢᠳᠠᠭ ᠶᠤᠮ᠃ ᠮᠢᠨᠣ ᠠᠳᠡ ᠦᠭᠦᠯᠡᠬᠦ ᠭᠡᠵᠦ ᠪᠠᠶᠢᠭ᠎ᠠ ︽ᠳᠣᠯᠣᠭᠠᠳ ︵ ᠳᠣᠯᠣᠳ︶  ︾ ᠭᠡᠳᠡᠭ ᠭᠠᠵᠠᠷ  ᠪᠣᠯ ᠣᠣᠯ ᠤᠨ ᠦᠵᠦᠮᠦᠴᠢᠨ ᠪᠠᠷᠠᠭᠤᠨ ᠭᠠᠷᠣᠨ ᠬᠤᠰᠢᠭᠤᠨ ᠤ  ︽ᠯᠠᠮᠠ ᠶᠢᠨ ᠬᠦᠷᠢᠶ᠎ᠡ︾ ᠰᠦᠮ᠎ᠡ ᠬᠠᠪᠢ ᠶᠢᠨ ︽ᠳᠣᠯᠣᠳ ᠶᠢᠨ ᠭᠤᠪᠢ︾ ᠪᠣᠯᠣᠨ᠎ᠠ᠃ ᠳᠠᠷᠣᠢ ᠣᠳᠣ ᠶᠢᠨ ᠰᠢᠯᠢ ᠶᠢᠨ ᠭᠤᠣᠯ ᠠᠶᠢᠮᠠᠭ ᠤᠨ ᠵᠡᠭᠦᠨ ᠦᠵᠦᠮᠦᠴᠢᠨ ᠬᠤᠰᠢᠭᠤᠨ ᠤ ᠣᠯᠢᠶᠠᠰᠣᠲᠠᠢ ᠪᠠᠯᠭᠠᠰᠣᠨ ᠤ  ᠪᠠᠷᠠᠭᠤᠨᠳᠡᠬᠢ ᠭᠤᠪᠢ  ᠪᠣᠯᠣᠨ᠎ᠠ  ᠃  ᠴᠣᠬᠤᠮ ᠶᠠᠭᠠᠬᠢᠭᠠᠳ ︽ᠳᠣᠯᠣᠳ︾ ᠭᠡᠬᠦ ᠪᠣᠯᠣᠭᠰᠠᠨ ᠲᠣᠬᠠᠢ ᠡᠷᠳᠡᠮᠲᠡᠳ ᠠᠯᠢ ᠣᠯᠠᠨ ᠲᠠᠶᠢᠯᠠᠪᠦᠷᠢ ᠲᠠᠭᠠᠮᠠᠭᠯᠠᠯ ᠬᠢᠭᠰᠡᠨ ᠪᠠᠶᠢᠳᠠᠭ᠃  ᠲᠡᠳᠡᠭᠡᠷ ᠢ ᠵᠠᠳᠠᠯᠣᠯᠲᠠ ᠶᠢ ᠦᠨᠳᠦᠰᠦᠯᠡᠵᠦ  ᠳᠣᠣᠷ᠎ᠠ ᠪᠢ ᠥᠪᠡᠷ ᠤᠨ ᠦᠵᠡᠯᠲᠡ ᠪᠠᠨ  ᠶᠠᠷᠢᠶ᠎ᠠ  ᠂  ᠵᠠᠰᠠᠵᠦ ᠵᠠᠯᠠᠷᠠᠭᠤᠯᠬᠤ ᠪᠣᠯᠪᠠᠣ᠃      ︽ᠳᠣᠯᠣᠳ︾  ᠭᠡᠳᠡᠭ ᠨᠡᠷ᠎ᠡ ᠶᠢᠨ  ᠲᠣᠬᠠᠢ ᠲᠠᠶᠢᠯᠠᠪᠦᠷᠢᠯᠡᠯ ᠢ ᠲᠣᠰ ᠬᠦᠮᠦᠨ ᠬᠤᠷᠢᠶᠠᠩᠭᠤᠶᠢᠯᠠᠭᠠᠳ ᠳᠣᠣᠷᠠᠬᠢ ᠮᠡᠲᠦ ᠭᠤᠷᠪᠠᠨ ᠲᠠᠯ᠎ᠠ ᠳᠡᠭᠡᠷ᠎ᠡ ᠲᠥᠪᠯᠡᠷᠡᠭᠦᠯᠵᠦ ᠪᠣᠯᠣᠨ᠎ᠠ ᠭᠡᠵᠦ ᠦᠵᠡᠵᠦ ᠪᠠᠶᠢᠨ᠎ᠠ᠃ ᠨᠢᠭᠡᠳᠣᠭᠡᠷ ᠳᠤ  ︽ᠮᠣᠩᠭᠤᠯ ᠵᠠᠷᠬᠤᠴᠢ  ︾ ᠲᠦᠷᠦᠭᠦᠲᠡᠢ ︽ᠳᠣᠯᠣᠭᠠᠨ ᠬᠠᠳ  ︾   ᠢ  ᠠᠳᠡ ᠣᠷᠣᠰᠢᠭᠤᠯᠣᠭᠰᠠᠨ ᠠᠴᠠ ︽ᠳᠣᠯᠣᠭᠠᠨ ᠬᠠᠳ ᠤᠨ ᠲᠣᠯᠣᠭᠠᠢ︾ ᠭᠡᠬᠦ ᠪᠣᠯᠪᠠ  ᠭᠡᠰᠡᠨ ᠲᠡᠣᠬᠡᠨ ᠲᠡᠮᠳᠡᠭᠯᠡᠯ  ᠪᠠᠶᠢᠳᠠᠭ᠃︔  ᠬᠤᠶᠠᠳᠣᠭᠠᠷ ᠲᠤ  ᠂  ᠨᠣᠲᠤᠭ ᠣᠰᠣᠨ ᠤ ᠪᠢᠴᠢᠭ ᠲᠡᠮᠳᠡᠭᠯᠡᠯ   ᠢ ᠦᠨᠳᠦᠰᠦᠯᠡᠪᠡᠯ ᠪᠠᠷᠤᠭ 1800  ᠣᠨ ᠤ  ᠲᠥᠯᠥᠪ ᠳᠤ ︽ ᠯᠠᠮᠠ ᠶᠢᠨ ᠬᠦᠷᠢᠶ᠎ᠡ ᠰᠦᠮ᠎ᠡ︾ ᠳᠤ ᠬᠠᠷᠢᠶᠠᠲᠦ ᠨᠣᠲᠤᠭ ᠭᠠᠷᠭᠠᠵᠦ ᠥᠭᠭᠦ ᠳᠡᠭᠡᠨ ᠪᠠᠰᠠ ︽ᠭᠤᠷᠪᠠᠨ  ᠳᠣᠯᠣᠭᠠᠨ︾  ᠨᠣᠲᠤᠭ   ᠢ ᠵᠢᠭᠠᠵᠦ ᠥᠭᠭᠦᠭᠰᠡᠨ ᠠᠴᠠ ︽ᠳᠣᠯᠣᠭᠠᠳ︾ ᠬᠡᠮᠡᠬᠦ ᠪᠣᠯᠪᠠ ᠬᠡᠮᠡᠬᠦ ᠬᠡᠯᠡᠯᠭᠡ ᠪᠠᠰᠠ ᠪᠠᠶᠢᠳᠠᠭ︔  ᠭᠤᠷᠪᠠᠳᠣᠭᠠᠷ ᠲᠤ  ᠂ ᠠᠷᠠᠳ ᠤᠨ ᠣᠯᠠᠮᠵᠢᠯᠠᠯᠲᠦ ᠶᠠᠷᠢᠶᠠᠨ ᠳᠤ ᠡᠨᠡ ᠬᠠᠪᠢ ᠶᠢᠨ ᠨᠣᠲᠤᠭ ᠢ ᠳᠣᠯᠣᠭᠠᠨ ᠳᠣᠯᠤᠭ᠎ᠠ  ᠶᠢᠨ ᠥᠯᠵᠡᠢ ᠲᠤ ᠲᠤᠭ᠎ᠠ ᠪᠦᠷᠢᠳᠦᠭᠰᠡᠨ ᠨᠣᠲᠤᠭ ᠭᠡᠬᠦ ᠪᠣᠶᠣ  ︽ᠳᠣᠯᠣᠭᠠᠨ ᠡᠷᠳᠡᠨᠢ  ︾ ᠶᠢᠨ ᠰᠢᠨᠵᠢ ᠲᠠᠢ ᠭᠠᠵᠠᠷ  ᠬᠡᠮᠡᠭᠰᠡᠨ ᠠᠴᠠ ᠢᠷᠡᠯᠲᠡᠢ  ᠭᠡᠵᠦ ᠶᠠᠷᠢᠳᠠᠭ  ᠪᠠᠶᠢᠨ᠎ᠠ᠃      ᠲᠣᠰ ᠬᠦᠮᠦᠨ ᠤ  ᠰᠢᠨᠵᠢᠯᠡᠭᠰᠡᠨ ᠢᠶᠠᠷ ᠲᠡᠣᠬᠡᠨ ᠨᠣᠮ ᠲᠡᠪᠲᠡᠷ ᠲᠤ ᠪᠢᠴᠢᠭᠳᠡᠭᠰᠡᠨ ᠪᠣᠶᠣ ᠢᠯᠡᠷᠡᠳᠡᠭ ᠲᠡᠳᠡᠭᠡᠷ ︽ᠳᠣᠯᠣᠳ᠂ ᠳᠣᠯᠣᠳᠣ᠂ ᠳᠣᠯᠣᠭᠠᠨ᠂ ᠳᠣᠯᠣᠳᠠᠢ  ᠁︾ ᠭᠡᠳᠡᠭ ᠭᠠᠵᠠᠷ ᠪᠣᠯ ᠳᠠᠷᠣᠢ  ᠵᠡᠭᠦᠨ ᠦᠵᠦᠮᠦᠴᠢᠨ ᠤ  ᠣᠳᠣ ᠶᠢᠨ ︽ᠳᠣᠯᠣᠳ ᠤᠨ ᠭᠤᠪᠢ︾ ᠮᠥᠨ ᠭᠡᠵᠦ ᠦᠵᠡᠨ᠎ᠡ᠃  ᠣᠴᠢᠷ ᠨᠢ ︽ᠳᠣᠯᠣᠳ︾ ᠭᠡᠳᠡᠭ ᠦᠭᠡ  ᠪᠣᠯ  ᠳᠣᠯᠣ ᠶᠢᠨ ᠳᠣᠭᠠᠨ ᠳᠤ ᠣᠯᠠᠨ ᠲᠤᠭ᠎ᠠ ᠤ  — ‍ᠭᠠᠳ ᠳᠠᠭᠠᠪᠣᠷᠢ ᠵᠠᠯᠭᠠᠭᠠᠳ ︽ᠳᠣᠯᠣᠭᠠᠳ︾ ᠭᠡᠳᠡᠭ ᠦᠭᠡ ᠪᠣᠯᠣᠭᠰᠠᠨ ᠪᠣᠯᠣᠯᠲᠠᠢ ᠭᠡᠵᠦ  ᠪᠣᠳᠣᠵᠦ ᠪᠠᠶᠢᠨ᠎ᠠ᠃ ᠡᠨᠡ ᠲᠣᠬᠠᠢ ᠳᠣᠣᠷ᠎ᠠ ᠪᠢ ᠦᠵᠡᠭᠰᠡᠨ ᠰᠣᠨᠣᠰᠣᠭᠰᠠᠨ ᠪᠠ ᠪᠣᠳᠣᠭᠰᠠᠨ ᠰᠠᠨᠠᠭᠰᠠᠨ ᠢᠶᠠᠨ ᠳᠡᠯᠭᠡᠵᠦ᠂  ᠥᠪᠡᠷ ᠤᠨ  ᠦᠵᠡᠯᠲᠡ ᠪᠠᠨ ᠦᠭᠦᠯᠡᠶ᠎ᠡ      ᠮᠢᠨᠣ ᠣᠶᠢᠯᠠᠭᠠᠰᠠᠨ ᠪᠠᠷ ᠪᠣᠯ ᠲᠡᠷᠡ ᠬᠦ  ︽ᠳᠣᠯᠣᠭᠠᠨ  ᠳᠣᠯᠤᠭ᠎ᠠ  ︾ ᠲᠣᠬᠠᠢ ᠲᠠᠶᠢᠯᠠᠪᠣᠷᠢᠯᠠᠪᠠᠯ ︽ ᠳᠣᠯᠣᠭᠠᠳ︾ ᠢ ᠣᠶᠢᠯᠭᠠᠬᠤ ᠳᠤ ᠳᠥᠭᠦᠮ ᠪᠣᠯᠣᠨ᠎ᠠ᠃   ᠳᠣᠯᠣᠭᠠᠨ ᠳᠣᠯᠣ ᠭᠡᠳᠡᠭ ᠨᠢ ᠳᠠᠷᠣᠢ ᠳᠣᠯᠣᠭᠠᠨ ᠬᠠᠳ ᠂ ᠳᠣᠯᠣᠭᠠᠨ ᠬᠠᠶᠢᠷᠠᠬᠠᠨ᠂ ᠳᠣᠯᠣᠭᠠᠨ ᠣᠷᠣᠢ᠂ ᠳᠣᠯᠣᠭᠠᠨ ᠭᠤᠪᠢ᠂ ᠳᠣᠯᠣᠭᠠᠨ ᠨᠠᠭᠤᠷ ᠣᠰᠣ᠂ ᠳᠣᠯᠣᠭᠠᠨ ᠮᠣᠩᠭᠤᠯ ᠭᠡᠷ᠂ ᠳᠣᠯᠣᠭᠠᠨ ᠵᠠᠩ ᠪᠠᠶᠢᠰᠢᠩ ᠵᠡᠷᠭᠡ ᠭᠠᠵᠠᠷ ᠤᠨ ᠨᠡᠷ᠎ᠡ ᠮᠥᠨ ᠭᠡᠵᠦ ᠪᠣᠳᠣᠨ᠎ᠠ᠃ ᠳᠠᠬᠢᠭᠠᠳ ᠬᠡᠯᠡᠪᠡᠯ ᠦᠵᠦᠮᠦᠴᠢᠨ ᠤ ︽ ᠳᠣᠯᠣᠳ ᠤᠨ ᠭᠤᠪᠢ  ︾  ᠬᠡᠮᠡᠬᠦ ᠨᠡᠷᠡᠶᠢᠳᠡᠯ ᠨᠢ 1956 ᠣᠨ ᠢᠷᠡᠲᠡᠯ᠎ᠡ ︽ᠳᠣᠯᠣᠳᠭᠤᠪᠢ︾ ᠭᠡᠰᠡᠨ ᠨᠡᠷᠡᠶᠢᠳᠡᠯ ᠢᠶᠠᠷ ᠢᠶᠠᠨ ᠪᠠᠶᠢᠭᠰᠠᠨ ᠪᠠ  ︽ᠳᠣᠯᠣᠳᠭᠤᠪᠢ ᠰᠣᠮᠣᠨ︾ ᠲᠥᠪ ᠨᠢ  ︽ᠯᠠᠮᠠ ᠶᠢᠨ ᠬᠦᠷᠢᠶ᠎ᠠ︾   ᠳᠤ  ᠪᠠᠶᠢᠵᠦ᠂ 1966 ᠣᠨ ᠤ ᠰᠡᠭᠦᠯᠴᠢ ᠠᠴᠠ ᠰᠠᠶ᠋ᠢ ᠳᠣᠯᠣᠳ ᠪᠠ ᠯᠠᠮᠠ ᠢ ᠬᠦᠷᠢᠶ᠎ᠡ ᠭᠡᠰᠡᠨ  ᠨᠡᠷᠡᠶᠢᠳᠡᠯ ᠢ ᠰᠣᠯᠢᠵᠦ  ᠂ ︽ᠣᠯᠢᠶᠠᠰᠣᠲᠠᠢ︾ ᠭᠡᠬᠦ ᠪᠣᠯᠣᠭᠰᠠᠨ ᠪᠠᠶᠢᠨ᠎ᠠ᠃ ᠳᠣᠣᠷ᠎ᠠ ᠳᠣᠯᠣᠭᠠᠨ ᠳᠣᠯᠣ  ᠶᠢ ᠳᠦᠭᠦᠮ ᠢᠶᠠᠷ ᠲᠠᠨᠢᠯᠴᠠᠭᠤᠯᠰᠣᠭᠠᠢ᠃                             ᠨᠢᠭᠡ᠂  ᠳᠣᠯᠣᠭᠠᠨ ᠬᠠᠳ ᠤᠨ ᠲᠣᠬᠠᠢ       ︽ ᠯᠣ  ᠠᠯᠲᠠᠨ ᠲᠣᠪᠴᠢ︾ ① ᠬᠡᠮᠡᠬᠦ ᠲᠡᠣᠬᠡᠨ ᠰᠣᠳᠣᠷ ᠲᠤ ᠲᠡᠮᠳᠡᠭᠯᠡᠭᠰᠡᠨ ᠢ  ᠦᠨᠳᠦᠰᠦᠯᠡᠪᠡᠯ ᠣᠮᠠᠷᠠᠲᠦ ᠶᠣᠸᠠᠨ ᠣᠯᠣᠰ ᠤᠨ ᠦᠶ᠎ᠡ ᠳᠤ᠂ ᠮᠣᠩᠭᠤᠯ ᠤᠨ ᠲᠥᠷᠦ ᠣᠶᠢᠷᠠᠳ ᠳᠤ ᠠᠪᠲᠠᠭᠰᠠᠨ ᠳᠤ ︵ᠪᠠᠷᠣᠭᠯᠠᠪᠠᠯ 1468 ᠣᠨ ᠤ ᠲᠥᠯᠥᠪ ᠳᠤ︶  ᠬᠤᠷᠴᠢᠨ ᠤ ︽ ᠦᠨᠡᠡᠪᠣᠯᠣᠳ ︵ᠵᠠᠷᠢᠮ ᠲᠡᠪᠲᠡᠷ ᠲᠤ ᠨᠣᠶᠠᠠᠪᠣᠯᠣᠳ︶ ᠁ ᠬᠠᠭᠠᠨ ᠤ ᠮᠠᠨ ᠤ ᠦᠷ᠎ᠡ ᠦᠭᠡᠢ ᠪᠣᠯᠪᠠᠴᠦ ᠬᠠᠰᠠᠷ ᠤᠨ ᠦᠷ᠎ᠡ ᠪᠢ ᠨᠡᠬᠡᠰᠣ︕ ᠭᠡᠵᠦ ᠣᠯᠣᠬᠤᠢ ᠶᠢᠨ ᠬᠡᠷᠢᠶ᠎ᠡ  ᠠᠴᠠ ᠨᠡᠬᠡᠭᠡᠳ ᠭᠦᠢᠴᠡᠵᠦ ᠮᠠᠭᠤᠯᠢᠬᠠᠢ ᠸᠠᠩ᠂ ᠳᠡᠭᠦᠨᠡᠷ ᠬᠡᠣᠬᠡᠳ ᠲᠠᠢ ᠨᠢ ᠳᠣᠯᠣᠭᠤᠯᠠ ᠶᠢ ᠠᠯᠠᠪᠠᠢ᠃ ᠁ ᠮᠣᠩᠭᠤᠯ ᠵᠠᠷᠬᠤᠴᠢ ᠡᠬᠢᠯᠡᠨ ᠳᠣᠯᠣᠭᠤᠯᠠ ᠶᠢᠨ ᠲᠣᠯᠣᠭᠠᠢ ᠶᠢ ᠣᠭᠲᠠᠯᠠᠵᠦ ᠣᠷᠬᠢᠭᠰᠠᠨ ᠤ ᠲᠣᠯᠠ ᠲᠡᠷᠡ ᠭᠠᠵᠠᠷ ᠢ ᠳᠣᠯᠣᠭᠠᠳ ᠤᠨ ᠲᠣᠯᠣᠭᠠᠢ ᠨᠡᠷᠡᠲᠦ ᠪᠣᠯᠪᠠ ᠁︾ ᠭᠡᠵᠦ ᠲᠡᠮᠳᠡᠭᠯᠡᠭᠰᠡᠨ ᠪᠠᠶᠢᠳᠠᠭ᠃ ᠲᠡᠣᠬᠡᠴᠢᠨ ᠵᠠᠭᠴᠢᠳᠰᠡᠴᠡᠨ ᠠᠪᠣᠭᠠᠢ ᠲᠠᠶᠢᠯᠠᠪᠦᠷᠢᠯᠠᠬᠤ ᠳᠠᠭᠠᠨ ︽ᠬᠡᠷᠡᠶ᠎ᠡ ᠶᠢᠨ ᠣᠯᠣᠬᠤᠢ ᠭᠡᠳᠡᠭ ᠨᠢ ᠵᠡᠭᠦᠨ ᠦᠵᠦᠮᠦᠴᠢᠨ ᠤ ᠣᠯᠠᠭᠠᠢ ᠭᠤᠣᠯ  ᠪᠣᠯᠣᠯᠲᠠᠢ ᠭᠡᠰᠡᠨ ᠪᠠᠶᠢᠳᠠᠭ᠃   ︽ᠯᠣ ᠠᠯᠲᠠᠨ ᠲᠣᠪᠴᠢ  ︾ ᠶᠢ ᠲᠠᠶᠢᠯᠠᠪᠣᠷᠢᠯᠠᠭᠴᠢ ᠴᠣᠶᠢᠵᠢ ᠪᠠᠭᠰᠢ   ᠠᠴᠠ ︽ᠬᠡᠷᠡᠶ᠎ᠡ︾ ᠭᠡᠳᠡᠭ   ᠶᠢ ᠣᠳᠣ ᠶᠢᠨ  ᠵᠡᠭᠦᠨ ᠦᠵᠦᠮᠦᠴᠢᠨ ᠤ ᠥᠩᠲᠦ ᠶᠢᠨ ᠨᠣᠲᠤᠭ ᠲᠤ ᠪᠠᠶᠢᠭ᠎ᠠ ︽ ᠬᠡᠷᠡᠭᠡ ᠬᠠᠳᠠ  ᠮᠥᠨ︾ ᠪᠣᠯᠣᠯᠲᠠᠢ  ᠭᠡᠵᠡᠢ᠃ ᠳ᠋ᠠᠮᠪᠠ  ᠭᠡᠭᠴᠢ ᠪᠠᠭᠰᠢ   ᠶᠢᠨ ᠨᠠᠶᠢᠷᠠᠭᠤᠯᠣᠭᠰᠠᠨ ᠶᠡᠭᠡ ᠰᠣᠷᠭᠠᠭᠤᠯᠢ ᠶᠢᠨ ᠣᠶᠣᠲᠠᠳ ᠤᠨ ᠬᠡᠪ ᠴᠢᠨᠠᠷ ᠤᠨ ᠬᠦᠮᠦᠵᠢᠯ ᠤᠨ ᠲᠡᠪᠲᠡᠷ ︽ᠮᠣᠩᠭᠤᠯ ᠤᠨ ᠲᠡᠣᠬᠡ ᠶᠢᠨ ᠲᠣᠶᠢᠮᠣ︾ ② ᠬᠡᠮᠡᠬᠦ ᠨᠢᠭᠡᠨ ᠲᠡᠪᠲᠡᠷ ᠲᠤ  ︽1468 ᠣᠨ ᠳᠤ ᠮᠣᠯᠣᠨ ᠬᠠᠭᠠᠨ ᠤ ᠥᠰ ᠢ ᠥᠰᠯᠡᠵᠦ ᠮᠠᠭᠤᠯᠢᠬᠠᠢ ᠸᠠᠩ ᠳᠤ ᠮᠣᠷᠢᠯᠠᠭᠰᠠᠨ ᠳᠤ᠂ ᠬᠠᠰᠠᠷ ᠤᠨ ᠦᠷ᠎ᠡ ᠨᠣᠶᠠᠠᠪᠣᠯᠣᠳ ᠸᠠᠩ ᠲᠡᠭᠦᠨ ᠳᠤ ᠬᠠᠪᠰᠣᠵᠦ ᠮᠠᠭᠤᠯᠢᠬᠠᠢ ᠸᠠᠩ ᠢ ᠪᠠᠷᠢᠵᠦ ᠠᠯᠠᠪᠠ  ︾ ᠭᠡᠰᠡᠨ  ᠵᠡᠷᠭᠡ ᠦᠭᠡᠰ ᠪᠠᠶᠢᠬᠤ ᠠᠴᠠ  ᠪᠣᠳᠣᠬᠤ ᠳᠤ ᠲᠡᠷᠡ ᠬᠦ ᠬᠡᠷᠡᠭ ᠶᠠᠪᠣᠳᠠᠯ ᠨᠢ  ᠣᠳᠣ ᠶᠢᠨ ᠵᠡᠭᠦᠨ ᠦᠵᠦᠮᠦᠴᠢᠨ ᠤ ᠨᠣᠲᠤᠭ ᠲᠤ   ᠭᠠᠷᠣᠭᠰᠠᠨ ᠬᠡᠷᠡᠭ ᠶᠠᠪᠣᠳᠠᠯ ᠪᠣᠯᠣᠯᠲᠠᠢ ᠭᠡᠵᠦ  ᠪᠠᠷᠣᠭᠯᠠᠵᠦ ᠪᠠᠶᠢᠨ᠎ᠠ᠃                             ᠬᠤᠶᠠᠷ᠂ ᠳᠣᠯᠣᠭᠠᠨ ᠬᠠᠶᠢᠷᠠᠬᠠᠨ ᠤ ᠳᠣᠬᠠᠢ      ︽ᠰᠢᠯᠢ ᠶᠢᠨ ᠭᠤᠣᠯ ᠤᠨ ᠭᠠᠵᠠᠷ ᠤᠨ ᠨᠡᠷ᠎ᠡ ᠶᠢᠨ ᠳᠣᠮᠤᠭ︾ ③  ᠬᠡᠮᠡᠬᠦ ᠲᠡᠪᠲᠡᠷ ᠲᠤ ᠲᠡᠮᠳᠡᠭᠯᠡᠭᠰᠡᠨ  ᠠᠴᠠ ᠦᠵᠡᠪᠡᠯ ᠪᠠᠷᠤᠭ ᠦᠵᠦᠮᠦᠴᠢᠨ ᠴᠢᠨ ᠸᠠᠩ ᠪᠠᠯᠵᠣᠷᠠᠪᠵᠡᠢ ᠶᠢᠨ ᠦᠶᠡᠰ ︽ ᠯᠠᠮᠠ   ᠶᠢᠨ ᠬᠦᠷᠢᠶ᠎ᠠ  ︾ ᠰᠦᠮ᠎ᠡ ᠳᠤ ᠬᠠᠷᠢᠶᠠᠲᠦ  ︽ᠬᠤᠷᠢᠨ︾ ᠪᠠ  ︽ᠨᠣᠲᠤᠭ  ︾  ᠵᠢᠭᠠᠵᠦ ᠥᠭᠬᠦ ᠳᠡᠭᠡᠨ  ︽ᠭᠤᠷᠪᠠᠨ   ᠳᠣᠯᠤᠭ᠎ᠠ  ᠲᠤ  ᠨᠣᠳᠤᠭ  ︾ ᠢ  ᠵᠢᠭᠠᠵᠦ ᠥᠭᠭᠦᠪᠡ ᠭᠡᠰᠡᠨ ᠮᠡᠳᠡᠭᠡ ᠪᠠᠶᠢᠳᠠᠭ᠃  ︽ᠲᠡᠷᠡ ᠨᠢ ᠳᠠᠷᠣᠢ ᠣᠳᠣ ᠶᠢᠨ ᠬᠦᠷᠢᠶ᠎ᠡ ᠰᠦᠮ᠎ᠡ ᠶᠢᠨ ᠲᠣᠭᠤᠷᠢᠨ ᠳᠠᠬᠢ ᠡᠭᠦᠳᠡ ᠶᠢᠨ ᠬᠠᠨ᠂ ᠭᠡᠭᠡᠨ ᠬᠠᠨ᠂ ᠳᠦᠰᠢᠶᠡᠲᠦ ᠬᠠᠨ᠂  ᠣᠯᠢᠶᠠᠰᠣᠲᠠᠢ᠂  ᠢᠷᠭᠠᠶᠢᠲᠦ᠂ ᠣᠩᠭᠤᠨ ᠪᠠ ᠰᠡᠷᠭᠦᠯᠡᠩ ᠬᠠᠷᠠᠭᠠᠲᠦ᠂ ︵ ᠰᠠᠶᠢᠬᠠᠨ ᠠᠭᠤᠯᠠ︶᠂  ᠨᠡᠶᠢᠯᠡᠭᠡᠳ ᠳᠣᠯᠣᠭᠠᠨ ᠬᠠᠶᠢᠷᠠᠬᠠᠨ  ︔  ᠪᠠᠶᠠᠨ ᠨᠠᠭᠤᠷ᠂ ᠬᠥᠳᠡᠭᠡ ᠨᠠᠭᠤᠷ᠂ ᠮᠣᠷᠣᠢ ᠨᠠᠭᠤᠷ᠂ ᠴᠠᠭᠠᠨ ᠨᠠᠭᠤᠷ᠂ ᠬᠠᠷ᠎ᠠ ᠨᠠᠭᠤᠷ᠂ ᠭᠠᠰᠢᠭᠤᠨ ᠨᠠᠭᠤᠷ᠂ ᠣᠯᠠᠭᠠᠨ ᠨᠠᠭᠤᠷ  ᠨᠡᠶᠢᠯᠡᠭᠡᠳ ᠳᠣᠯᠣᠭᠠᠨ ᠨᠠᠭᠤᠷ︔ ᠳᠣᠯᠣᠭᠠᠨ ᠲᠣᠯᠣᠭᠠᠢ ︵ ᠪᠠᠶᠠᠠᠷᠬᠡᠲᠦ ᠪᠠᠰᠠ ᠳᠣᠯᠣᠭᠠᠨ ᠡᠷᠳᠡᠨᠢ ᠴᠦ︶︾   ᠶᠢ ᠨᠢᠭᠡᠨ ᠳᠣᠯᠤᠭ᠎ᠠ   ᠪᠠᠷ ᠪᠣᠳᠣᠵᠦ  ᠨᠡᠶᠢᠯᠡᠭᠡᠳ ︽ᠭᠤᠷᠪᠠᠨ ᠳᠣᠯᠤᠭ᠎ᠠ︾ ᠪᠣᠯᠣᠨ᠎ᠠ᠃ ᠢᠩᠭᠢᠭᠡᠳ  ︽ᠯᠠᠮᠠ ᠶᠢᠨ ᠬᠦᠷᠢᠶ᠎ᠡ  ︾ ᠰᠦᠮ᠎ᠡ ᠶᠢᠨ ᠡᠷᠭᠢᠨ ᠲᠣᠭᠤᠷᠢᠨ ᠲᠥᠴᠢᠭᠡᠳ ᠭᠠᠵᠠᠷ ᠢ ᠴᠦᠮ ︽ ᠳᠣᠯᠣᠭᠠᠳ︾ ᠭᠡᠬᠦ ᠪᠣᠶᠣ ︽ᠳᠣᠯᠣᠭᠠᠳᠦ ᠶᠢᠨ ᠭᠤᠪᠢ︾ ᠭᠡᠳᠡᠭ ᠪᠣᠯᠵᠡᠢ ᠭᠡᠵᠦ ᠲᠡᠮᠳᠡᠭᠯᠡᠭᠰᠡᠨ  ᠪᠠᠶᠢᠨ᠎ᠠ᠃                             ᠭᠤᠷᠪᠠ᠂ ᠳᠣᠯᠣᠭᠠᠨ ᠲᠣᠯᠣᠭᠠᠢ ᠶᠢᠨ ᠲᠣᠬᠠᠢ      ︽ᠳᠣᠯᠣᠭᠠᠨ ᠲᠣᠯᠣᠭᠠᠢ︾ ᠭᠡᠳᠡᠭ ᠠᠭᠤᠯᠠ ᠪᠣᠯ ᠣᠳᠣ ᠶᠢᠨ ᠵᠡᠭᠦᠨ ᠦᠵᠦᠮᠦᠴᠢᠨ ᠬᠤᠰᠢᠭᠤᠨ ᠤ ᠬᠤᠰᠢᠭᠤᠨ ᠲᠥᠪ ᠣᠯᠢᠶᠠᠰᠣᠲᠠᠢ ᠪᠠᠯᠭᠠᠰᠣᠨ ᠤ ᠠᠷᠣ ᠶᠢᠨ ᠠᠭᠤᠯᠠ ᠶᠢ  ᠵᠢᠭᠠᠵᠦ ᠪᠠᠶᠢᠨ᠎ᠠ᠃ ᠨᠢᠭᠡ ᠦᠶ᠎ᠡ ᠪᠠᠰᠠ  ︽ᠳᠣᠯᠣᠭᠠᠨ ᠡᠷᠳᠡᠨᠢᠲᠦ ᠣᠷᠣᠢ︾ ④ ᠭᠡᠳᠡᠭ ᠪᠠᠶᠢᠵᠡᠢ᠃ ᠡᠨᠡ ᠠᠭᠤᠯᠠ ᠶᠢ ︽ᠲᠥᠷᠦ ᠶᠢᠨ ᠳᠣᠯᠣᠭᠠᠨ ᠡᠷᠳᠡᠨᠢ ᠶᠢᠨ ᠰᠢᠨᠵᠢ ᠪᠦᠷᠢᠯᠳᠦᠭᠰᠡᠨ ᠭᠠᠵᠠᠷ︾ ᠭᠡᠵᠦ ᠵᠢᠷᠣᠬᠠᠶᠢᠴᠢ ᠨᠠᠷ ᠰᠢᠨᠵᠢᠭᠰᠡᠨ ᠭᠡᠳᠡᠭ ᠲᠡᠮᠳᠡᠭᠯᠡᠯ ᠪᠠᠶᠢᠳᠠᠭ᠃ ᠠᠷᠣ ᠳᠤᠨᠢ ᠷᠠᠰᠢᠶᠠᠨ  ᠣᠰᠣ ᠲᠠᠢ᠂ ᠡᠩᠭᠡᠷ ᠲᠤᠨᠢ ᠲᠠᠯ᠎ᠠ ᠪᠡᠯᠴᠡᠭᠡᠷ ᠲᠠᠢ᠂  ᠣᠯᠠᠭᠠᠢ ᠪᠠᠯᠭᠠᠷ ᠣᠷᠢᠳᠠᠭᠤᠷ ᠬᠤᠶᠢᠭᠤᠷ ᠨᠢ ᠣᠭᠠᠯᠵᠢᠷᠠᠨ ᠣᠷᠣᠰᠣᠭᠰᠠᠨ᠂ ᠮᠡᠯᠡᠶᠢᠭᠰᠡᠨ ᠲᠡᠭᠰᠢ ᠭᠠᠵᠠᠷ ᠭᠠᠭᠴᠠᠭᠠᠷ ᠰᠡᠬᠦᠶᠢᠭᠰᠡᠨ᠂ ᠶᠡᠭᠡ ᠪᠠᠭ᠎ᠠ ᠳᠣᠯᠣᠭᠠᠨ ᠣᠷᠣᠢ ᠲᠠᠢ ᠠᠭᠤᠯᠠ ᠪᠣᠯᠬᠤᠷ  ᠰᠦᠮ᠎ᠡ ᠪᠠᠷᠢᠬᠤ ᠳᠠᠭᠠᠨ ᠪᠡᠯᠭᠡ ᠲᠡᠮᠳᠡᠭ ᠲᠠᠢ ᠰᠠᠶᠢᠨ ᠰᠠᠶᠢᠬᠠᠨ ᠭᠠᠵᠠᠷ ᠭᠡᠮᠡᠨ ᠰᠣᠩᠭᠤᠭᠰᠠᠨ  ᠪᠠᠶᠢᠵᠡᠢ᠃ ᠲᠡᠷᠡ ᠦᠶ᠎ᠡ ᠶᠢᠨ ᠰᠢᠨᠵᠢᠭᠡᠴᠢ ᠠᠴᠠ ︽᠁  ᠣᠪᠣᠭᠠᠨ ᠤ ᠠᠷᠣ ᠳᠤᠨᠢ ᠰᠦᠮ᠎ᠡ ᠪᠠᠨ ᠪᠠᠷᠢᠪᠠᠯ ᠡᠳ᠋ ᠬᠤᠭᠰᠢᠯ ᠢᠶᠠᠷ ᠡᠯᠪᠡᠭ  ᠪᠣᠯᠬᠤ ᠪᠣᠯᠪᠠᠴᠦ ᠯᠠᠮ᠎ᠠ ᠬᠤᠸᠠᠷᠠᠭ ᠳᠤ ᠬᠠᠷᠰᠢ ᠲᠠᠢ᠂ ᠡᠩᠭᠡᠷ  ᠲᠤᠨᠢ ᠰᠦᠮ᠎ᠡ ᠪᠠᠷᠢᠪᠠᠯ ᠬᠠᠷᠢᠨ ᠬᠦᠮᠦᠨ ᠠᠮᠢᠲᠠᠨ ᠳᠤ ᠡᠭᠡᠯᠢ ᠲᠠᠢ ᠪᠠᠶᠢᠵᠦ ᠮᠠᠳᠠᠨ᠎ᠠ ᠁︾ ᠭᠡᠬᠦ ᠳᠤᠨᠢ ᠭᠡᠷᠬᠢᠮᠲᠡᠨ ᠯᠠᠮᠨᠠᠷ ᠶᠠᠷᠢᠯᠴᠠᠭᠠᠳ ᠡᠮᠦᠨ᠎ᠡ ᠡᠩᠭᠡᠷ ᠲᠤᠨᠢ ᠰᠦᠮ᠎ᠡ ᠪᠠᠨ ᠪᠠᠷᠢᠪᠠ ᠭᠡᠳᠡᠭ ᠶᠤᠮ᠃ ᠦᠨᠡᠬᠡᠷ ᠴᠦ ᠲᠡᠶᠢᠮᠣ ᠪᠣᠯᠪᠠᠣ ᠡᠨᠡ ᠰᠦᠮ᠎ᠡ ᠶᠢᠨ ᠯᠠᠮᠠ ᠬᠤᠸᠠᠷᠠᠭ ᠤᠨ ᠲᠤᠭ᠎ᠠ ᠰᠡᠭᠦᠯᠡᠷ ᠨᠢ ᠮᠢᠩᠭ᠎ᠠ ᠶᠢᠨ ᠲᠤᠭ᠎ᠠ ᠶᠢ ᠳᠠᠪᠠᠭᠰᠠᠨ ᠣᠳᠠᠭ᠎ᠠ ᠲᠠᠢ ᠭᠡᠳᠡᠭ ᠶᠤᠮ᠃  ᠬᠤᠷᠠᠯ ᠨᠣᠮ ᠤᠨ ᠲᠠᠯ᠎ᠠ ᠪᠠᠷ ᠮᠠᠶᠢᠳᠠᠷ᠂ ᠴᠣᠶᠢᠷᠸ᠎ᠠ᠂ ᠵᠦᠳᠪᠠ᠂ ᠮᠠᠨᠪᠠ᠂ ᠴᠣᠭᠴᠢᠨ ᠭᠡᠬᠦ ᠮᠡᠲᠦ ᠶᠢᠨ ᠳᠣᠮᠣ ᠳᠣᠮᠣ ᠳᠣᠭᠠᠩ  ᠬᠦᠷᠢᠶ᠎ᠡ ᠲᠠᠢ ᠪᠣᠯᠵᠦ  ᠂ ᠠᠷᠣ ᠭᠠᠵᠠᠷ ᠨᠡᠷ᠎ᠡ ᠮᠠᠠᠳᠣᠭᠰᠠᠨ ᠱᠠᠰᠢᠨ ᠤ  ︽ᠭᠤᠷᠪᠠᠨ ᠬᠦᠷᠢᠶ᠎ᠠ  ︵ ᠪᠣᠭᠳᠠ ᠶᠢᠨ ᠬᠦᠷᠢᠶ᠎ᠠ᠂ ᠪᠠᠭ᠎ᠠ ᠬᠦᠷᠢᠶ᠎ᠠ ᠪᠠ ᠯᠠᠮᠠ ᠢ ᠬᠦᠷᠢᠶ᠎ᠠ︶︾ ᠤ ᠨᠢᠭᠡ ᠭᠡᠵᠦ ᠠᠯᠳᠠᠷ ᠴᠣᠣ ᠮᠠᠠᠳᠣᠭᠰᠠᠨ  ᠂ ᠪᠦᠭᠡᠨᠡᠷ ᠬᠤᠷᠢᠨ᠂ ᠣᠷᠳᠣᠴᠢᠨ ᠬᠤᠷᠢᠨ᠂ ᠭᠡᠭᠡᠨ ᠬᠤᠷᠢᠨ ᠭᠡᠬᠦ ᠬᠠᠷᠢᠶ᠎ᠠ  ᠭᠤᠷᠪᠠᠨ ᠬᠤᠷᠢᠨ ᠲᠠᠢ ᠰᠦᠮ᠎ᠡ ᠪᠣᠯᠣᠭᠰᠠᠨ ᠭᠡᠳᠡᠭ  ᠶᠤᠮ᠃ ᠲᠡᠷᠡ ᠮᠥᠷᠲᠡᠭᠡᠨ ᠳᠣᠯᠣᠭᠠᠨ ᠳᠣᠯᠣᠭᠠᠢ ᠳᠡᠭᠡᠷ᠎ᠡ ︽ ᠴᠢᠩᠭᠢᠰ ᠤᠨ ᠮᠣᠩᠭᠤᠯ ᠭᠡᠷ ᠤᠨ ᠪᠠᠭᠤᠴᠠ︾ ⑤ ᠭᠡᠳᠡᠭ ᠳᠠᠬᠢᠯᠭ᠎ᠠ ᠶᠢᠨ ᠭᠠᠵᠠᠷ ᠪᠣᠶᠣ ᠦᠵᠦᠮᠦᠴᠢᠨ ᠲᠡᠣᠬᠡ ᠶᠢᠨ ᠣᠯᠠ ᠮᠥᠷ ᠲᠠᠢ ᠳᠠᠷᠬᠠᠨ ᠣᠷᠣᠨ ᠶᠤᠮ᠃                              ᠳᠥᠷᠪᠡ᠂ ᠳᠣᠯᠣᠭᠠᠨ ᠭᠤᠪᠢ ᠶᠢᠨ ᠳᠣᠬᠠᠢ      ︽ᠳᠣᠯᠣᠭᠠᠨ ᠭᠤᠪᠢ︾ ᠭᠡᠳᠡᠭ ᠨᠢ ᠣᠣᠯ ᠨᠢ ᠲᠡᠮᠡᠭᠡ ᠶᠠᠪᠣᠬᠤ ᠳᠤ ᠬᠠᠷᠠᠭᠳᠠᠬᠤ ᠦᠭᠡᠢ᠂ ᠠᠶᠢᠯ ᠨᠡᠭᠦᠬᠦ  ᠳᠤ ᠦᠵᠡᠭᠳᠡᠬᠦ ᠦᠭᠡᠢ ᠥᠨᠳᠣᠷ ᠳᠡᠷᠡᠰᠣᠲᠠᠢ ᠭᠤᠪᠢ ᠪᠠᠶᠢᠵᠡᠢ᠃  ᠭᠤᠪᠢ ᠶᠢ ᠡᠮᠦᠨ᠎ᠡ ᠠᠴᠠ ᠬᠤᠶᠢᠰᠢ ᠪᠠᠨ ᠳᠠᠷᠠᠭᠠᠯᠠᠨ ᠲᠣᠭᠠᠯᠠᠪᠠᠯ ᠪᠠᠶᠠᠨ ᠭᠤᠪᠢ  ᠂ ᠪᠤᠨᠲᠠᠷ ᠤᠨ ᠭᠤᠪᠢ ᠬᠦᠷᠲᠡᠯ᠎ᠡ ᠳᠣᠯᠣᠭᠠᠨ ᠭᠤᠪᠢ ᠲᠣᠭᠠᠯᠠᠳᠠᠭ ᠪᠠᠶᠢᠵᠡᠢ ᠃ ᠳᠠᠷᠣᠢ ᠪᠠᠶᠠᠠᠭᠤᠪᠢ᠂ ᠡᠭᠡᠷᠡᠣᠯ ᠤᠨ ᠭᠤᠪᠢ  ᠂  ᠭᠠᠰᠢᠭᠤᠨ ᠤ ᠭᠤᠪᠢ  ᠂  ᠬᠤᠶᠠᠷ ᠪᠣᠯᠣᠩ ᠤᠨ ᠭᠤᠪᠢ᠂ ᠪᠤᠠᠲᠠᠷ ᠤᠨ ᠭᠤᠪᠢ᠂ ᠬᠤᠭᠤᠯᠠᠢ ᠶᠢᠨ ᠭᠤᠪᠢ ᠶᠢ ᠨᠡᠶᠢᠯᠡᠭᠦᠯᠦᠭᠡᠳ ︽ ᠳᠣᠯᠣᠭᠠᠨ ᠭᠤᠪᠢ︾ ᠪᠠᠶᠢᠵᠡᠢ᠃ ᠰᠦᠮ᠎ᠡ  ᠶᠢᠨ ᠪᠠᠷᠠᠭᠤᠨ   ᠳᠠᠬᠢ ᠭᠤᠪᠢ ᠨᠢ ᠶᠠᠭ  ᠲᠡᠳᠡᠭᠡᠷ ᠭᠤᠪᠢ ᠨᠤᠭᠤᠳ ᠤᠨ ᠭᠤᠣᠯ ᠳᠣᠮᠳᠠ ᠨᠢ ᠣᠷᠣᠰᠢᠳᠠᠭ ᠪᠣᠯᠬᠤᠷ ᠠᠴᠠ ᠰᠡᠭᠦᠯᠡᠷ ᠨᠢ ᠬᠦᠮᠦᠰ ᠪᠠᠰᠠ ︽ᠳᠣᠮᠳᠠ ᠭᠤᠪᠢ︾ ᠭᠡᠵᠦ ᠳᠠᠭᠤᠳᠠᠬᠤ ᠪᠣᠯᠣᠭᠰᠠᠨ ᠭᠡᠳᠡᠭ ᠶᠤᠮ᠃ ᠥᠭᠡᠷ᠎ᠡ ᠪᠠᠷ ᠬᠡᠯᠡᠪᠡᠯ ᠳᠠᠷᠣᠢ ᠰᠡᠭᠦᠯ ᠤᠨ ᠦᠶ᠎ᠡ ᠶᠢᠨ  ᠵᠡᠭᠦᠨ ᠦᠵᠦᠮᠦᠴᠢᠨ ᠬᠤᠰᠢᠭᠤᠨ ᠤ ᠣᠣᠯ ᠤᠨ ︽ᠳᠣᠮᠳᠠᠭᠤᠪᠢ ᠰᠣᠮᠣᠨ︾ ᠤ ᠨᠡᠷ᠎ᠡ ᠶᠢᠨ ᠢᠷᠡᠯᠲᠡ   ᠨᠢ ᠪᠣᠯᠣᠨ᠎ᠠ᠃                                ᠲᠠᠪᠤ᠂ ᠳᠣᠯᠣᠭᠠᠨ ᠨᠠᠭᠤᠷ ᠤᠨ ᠲᠣᠬᠠᠢ      ᠨᠡᠯᠢᠶᠠᠳ ᠳᠡᠭᠡᠷ᠎ᠡ ᠦᠶ᠎ᠡ ᠳᠤ ᠪᠣᠯ ︽ᠳᠣᠯᠣᠭᠠᠳ ᠤᠨ ᠭᠤᠪᠢ︾ ᠪᠠᠷ ᠣᠣᠯ ᠨᠢ ᠮᠠᠰᠢ  ᠶᠡᠭᠡ ᠭᠤᠣᠯ᠂ ᠨᠠᠭᠤᠷ᠂ ᠣᠷᠣᠰᠬᠠᠯ ᠲᠠᠢ ᠪᠠᠶᠢᠵᠡᠢ᠃ ᠳᠣᠬᠠᠶᠢᠯᠠᠪᠠᠯ ᠣᠯᠠᠭᠠᠢ ᠭᠤᠣᠯ᠂ ᠰᠡᠶᠡᠯᠵᠢ ᠭᠤᠣᠯ᠂ ᠪᠠᠯᠭᠠᠷ ᠭᠤᠣᠯ᠂ ᠢᠨᠵᠢᠭᠠᠨ ᠭᠤᠣᠯ  ᠭᠡᠬᠦ ᠮᠡᠲᠦ ᠶᠢᠨ ᠭᠤᠣᠯ  ᠪᠣᠯᠠᠭ ᠤᠳ ᠪᠦᠷ ᠡᠭᠦᠪᠡᠷ ᠨᠡᠶᠢᠯᠡᠵᠦ ︽ᠡᠭᠦᠳᠡ ᠶᠢᠨ ᠬᠤᠭᠤᠯᠠᠢ︾  ᠪᠠᠷ ᠣᠮᠠᠷᠠᠰᠢ  ᠣᠷᠣᠰᠴᠦ᠂ ᠬᠠᠲᠠᠪᠴᠢ᠂ ᠪᠢᠴᠢᠭᠲᠦ ᠪᠠᠷ ᠳᠠᠮᠵᠢᠨ ᠴᠢᠨ᠋ᠸ᠎ᠠ ᠭᠤᠣᠯ ᠳᠤ ᠴᠢᠳᠬᠤᠳᠠᠭ  ᠪᠠᠶᠢᠵᠡᠢ᠃  ᠲᠡᠳᠡᠭᠡᠷ ᠶᠡᠭᠡ ᠭᠤᠣᠯ ᠣᠷᠣᠰᠬᠠᠯ   ᠤᠳ ᠳᠠᠲᠠᠭᠤᠷᠠᠭᠰᠠᠨ  ᠦᠶ᠎ᠡ ᠳᠤ ᠬᠤᠩᠬᠤᠷ ᠭᠠᠵᠠᠷ ᠲᠤᠨᠢ ᠨᠠᠭᠤᠷ  ᠲᠣᠭᠲᠠᠨ᠂  ᠲᠣᠭᠠᠯᠠᠬᠤ ᠬᠡᠮᠵᠢᠶᠡᠨ ᠳᠤ ᠬᠦᠷᠳᠡᠭ ᠪᠠᠶᠢᠬ᠎ᠠ ᠭᠡᠵᠦ ᠪᠣᠳᠣᠨ᠎ᠠ  ᠃  ᠣᠶᠢᠷ᠎ᠠ ᠣᠷᠴᠢᠮ ᠤᠨ ᠬᠦᠮᠦᠰ  ᠤᠨ ᠬᠡᠯᠡᠬᠦ ᠪᠠᠷ ᠪᠣᠯ ᠪᠠᠶᠠᠨ ᠨᠠᠭᠤᠷ᠂  ᠬᠦᠳᠡᠭᠡ ᠨᠠᠭᠤᠷ᠂ ᠮᠣᠷᠣᠢ ᠨᠠᠭᠤᠷ᠂ ᠰᠣᠩᠭᠤᠳᠠᠭ ᠤᠨ ᠨᠠᠭᠤᠷ᠂ ᠪᠣᠯᠣᠩ  ᠤᠨ ᠨᠠᠭᠤᠷ᠂ ᠪᠤᠨᠲᠠᠷ ᠤᠨ ᠨᠠᠭᠤᠷ᠂ ᠴᠠᠭᠠᠨ ᠨᠠᠭᠤᠷ ᠭᠡᠬᠦ ᠳᠣᠯᠣᠭᠠᠨ ᠨᠠᠭᠤᠷ   ᠢ ᠵᠢᠭᠠᠳᠠᠭ ᠪᠠᠶᠢᠨ᠎ᠠ  ᠃ ᠪᠠᠰᠠ ᠵᠠᠷᠢᠮ ᠬᠦᠮᠦᠰ ᠨᠢ ᠬᠦᠬᠡ ᠨᠠᠭᠤᠷ ︵ᠰᠣᠩᠭᠤᠳᠠᠭ ᠤᠨ ᠨᠠᠭᠤᠷ︶  ᠂ ᠣᠯᠠᠭᠠᠨ ᠨᠠᠭᠤᠷ᠂  ᠰᠢᠷ᠎ᠠ  ᠨᠠᠭᠤᠷ ︵ ᠱᠣᠭᠤᠮ ᠤᠨ  ᠬᠥᠨᠳᠡᠢ   ᠳᠤ︶᠂ ᠴᠠᠭᠠᠨ ᠨᠠᠭᠤᠷ  ᠂ ᠬᠠᠷ᠎ᠠ ᠨᠠᠭᠤᠷ ᠭᠡᠬᠦ ᠮᠡᠲᠦ ᠪᠠᠷ ᠳᠣᠯᠣᠭᠠᠨ ᠥᠩᠭᠡ ᠶᠢᠨ ᠨᠠᠭᠤᠷ ᠪᠣᠢ ᠭᠡᠬᠦ  ᠴᠦ ᠪᠠᠶᠢᠳᠠᠭ ᠪᠠᠶᠢᠨ᠎ᠠ᠃  ᠪᠠᠰᠠ ︽ᠲᠡᠭᠷᠢ ᠶᠢᠨ ᠳᠣᠯᠣᠭᠠᠨ ᠳᠠᠭᠢᠨᠢ ᠳᠣᠷᠣᠭᠰᠢ ᠪᠠᠭᠤᠵᠦ ᠢᠷᠡᠭᠡᠳ ᠬᠤᠪᠢ ᠬᠤᠪᠢᠨ ᠳᠠᠭᠠᠨ ᠣᠰᠣ ᠲᠠᠳᠠᠵᠦ ⑥ ᠨᠠᠭᠠᠳᠣᠭᠰᠠᠨ ᠠᠴᠠ ᠨᠠᠭᠤᠷ ᠳᠣᠭᠲᠠᠪᠠ ᠭᠡᠨ᠎ᠡ︾ ᠭᠡᠰᠡᠨ ᠳᠣᠮᠤᠭ ᠴᠦ  ᠪᠠᠰᠠ ᠪᠠᠶᠢᠳᠠᠭ  ᠃ ᠪᠠᠰᠠ ︽ ᠁ ᠳᠣᠬᠢᠷ ᠳᠣᠯᠣᠭᠠᠨ ᠣᠳᠣᠨ ᠤ ᠳᠣᠰᠣᠯ  ᠷᠠᠰᠢᠶᠠᠨ ᠨᠢ ᠨᠠᠭᠤᠷ ᠪᠣᠯᠪᠠ  ᠁︾  ᠭᠡᠬᠦ ᠴᠦ ᠪᠠᠶᠢᠳᠠᠭ ᠶᠤᠮ᠃ ᠨᠡᠩ ᠢᠯᠠᠩᠭᠤᠶ᠎ᠠ ᠴᠠᠭᠠᠨ ᠨᠠᠭᠤᠷ ᠪᠣᠯ  ︽ᠲᠣᠭᠰᠢᠨ ᠰᠢᠨᠵᠢ ᠲᠠᠢ ᠨᠠᠭᠤᠷ  ︾  ᠭᠡᠵᠦ  ᠰᠦᠮ᠎ᠡ   ᠶᠢᠨ ᠯᠠᠮᠠ ᠨᠠᠷ ᠠᠴᠠ  ︽ᠨᠣᠮᠣᠬᠠᠳᠬᠠᠯ ᠬᠢᠪᠡ︾ ᠭᠡᠰᠡᠨ  ᠲᠡᠮᠳᠡᠭᠯᠡᠯ ᠴᠦ ᠪᠠᠶᠢᠳᠠᠭ  ᠶᠤᠮ᠃                            ᠵᠢᠷᠭᠤᠭ᠎ᠠ᠂ ᠳᠣᠯᠣᠭᠠᠨ ᠮᠣᠩᠭᠤᠯ ᠭᠡᠷ ᠤᠨ ᠲᠣᠬᠠᠢ      ᠮᠣᠩᠭᠤᠯ ᠭᠠᠵᠠᠷ ᠲᠤ  ᠮᠣᠩᠭᠤᠯ ᠭᠡᠷ ᠢᠶᠠᠷ ᠰᠠᠭᠤᠳᠠᠭ ᠪᠠ ᠢᠯᠠᠩᠭᠤᠶ᠎ᠠ ᠣᠲᠣᠷ ᠨᠡᠭᠦᠳᠡᠯ ᠬᠥᠭᠡᠭᠡᠵᠦ ᠪᠠᠶᠢᠭᠰᠠᠨ  ᠴᠠᠭ ᠦᠶ᠎ᠡ ᠪᠣᠯᠬᠤᠷ ᠠᠯᠢᠪᠠ ᠪᠦᠬᠦᠨ ᠪᠦᠷ ᠮᠣᠩᠭᠤᠯ ᠭᠡᠷ ᠢᠶᠠᠷ ᠪᠠᠶᠢᠭᠰᠠᠨ  ᠭᠡᠳᠡᠭ ᠨᠢ ᠪᠣᠯ ᠪᠣᠳᠠᠳᠠᠢ  ᠲᠠᠢ ᠨᠡᠶᠢᠴᠡᠬᠦ ᠶᠠᠪᠣᠳᠠᠯ ᠶᠤᠮ᠃ ᠡᠭᠦᠨ ᠳᠤ ︽ᠯᠠᠮᠠ ᠶᠢᠨ ᠬᠦᠷᠢᠶ᠎ᠡ︾ ᠰᠦᠮ᠎ᠡ ᠶᠢ ᠠᠩᠬ᠎ᠠ ᠪᠠᠶᠢᠭᠤᠯᠬᠤ ᠦᠶᠡᠰ  ᠳᠤ᠂ ᠰᠦᠮ᠎ᠡ  ᠳᠣᠭᠠᠩ ᠪᠠᠷᠢᠬᠤ ᠠᠴᠠ ᠡᠮᠦᠨ᠎ᠡ ᠪᠣᠶᠣ ᠰᠦᠮ᠎ᠡ ᠪᠠᠷᠢᠬᠤ ᠭᠠᠵᠠᠷ ᠢ ᠰᠣᠩᠭᠤᠵᠦ ᠪᠠᠶᠢᠬᠤ ᠳᠠᠭᠠᠨ ᠯᠠᠮᠨᠠᠷ ᠮᠣᠩᠭᠤᠯ ᠭᠡᠷ  ᠲᠣᠭᠤᠷᠢᠭᠤᠯᠣᠨ ᠪᠠᠷᠢᠵᠦ ᠰᠠᠭᠤᠭᠠᠳ ᠬᠤᠷᠠᠯ ᠬᠤᠷᠠᠳᠠᠭ ⑦ ᠪᠠᠶᠢᠪᠠ ᠭᠡᠳᠡᠭ ᠶᠤᠮ᠃  ᠮᠥᠨᠴᠦ  ᠦᠵᠦᠮᠦᠴᠢᠨ ᠲᠡᠣᠬᠡ ᠰᠣᠳᠣᠯᠭᠠᠨ ᠳᠤ ᠲᠡᠮᠳᠡᠭᠯᠡᠯ ᠲᠠᠢ ︽ᠬᠦᠷᠢᠶ᠎ᠡ ᠰᠦᠮ᠎ᠡ︾ ᠭᠡᠰᠡᠨ ᠨᠡᠷᠡᠶᠢᠳᠡᠯ ᠤᠨ ᠢᠷᠡᠯᠲᠡ ᠭᠡᠵᠦ ᠬᠦᠮᠦᠰ  ᠦᠵᠡᠳᠡᠭ ᠪᠠᠶᠢᠨ᠎ᠠ  ᠃                           ᠳᠣᠯᠤᠭ᠎ᠠ᠂ ᠳᠣᠯᠣᠭᠠᠨ ᠵᠠᠩ ᠪᠠᠶᠢᠰᠢᠩ ᠤᠨ ᠲᠣᠬᠠᠢ      ᠠᠬᠠᠮᠠᠳ ᠤᠨ ᠬᠠᠭᠤᠴᠢᠯᠠᠭᠰᠠᠨ ᠢᠶᠠᠷ ︽ ᠮᠣᠯᠣᠮ ᠯᠠᠮᠠ ᠶᠢᠨ ᠬᠦᠷᠢᠶ᠎ᠠ  ︾ ᠰᠦᠮ᠎ᠡ   ᠶᠢᠨ ᠬᠠᠮᠤᠭ ᠠᠩᠬᠠᠨ ᠤ  ᠪᠠᠷᠢᠯᠭ᠎ᠠ ᠳᠠᠮᠴᠣᠶᠢᠭᠠᠰᠠᠯ ᠯᠢᠩ ᠬᠡᠶᠢᠳ ⑧ ᠢ ᠪᠠᠷᠢᠭᠰᠠᠨ ᠠᠴᠠ ᠳᠠᠷᠠᠭᠠᠬᠠᠨ ᠰᠠᠩ ᠤᠨ ᠬᠦᠪᠡᠭᠦᠳ  ᠤᠨ ᠰᠠᠭᠤᠬᠤ ᠭᠡᠷ ᠭᠡᠮᠡᠨ ᠳᠣᠯᠣᠭᠠᠨ ᠵᠠᠩ ᠬᠦᠬᠡ ᠸᠠᠭᠠᠷ ᠤᠨ ᠪᠠᠶᠢᠰᠢᠩ ᠢ ᠪᠠᠷᠢᠭᠰᠠᠨ ᠪᠠᠶᠢᠵᠡᠢ᠃  ᠬᠦᠮᠦᠰ ᠲᠡᠭᠦᠨ ᠢ  ︽ᠳᠣᠯᠣᠭᠠᠨ ᠵᠠᠩ  ︾ ᠭᠡᠵᠦ ᠨᠡᠷᠡᠯᠡᠭᠰᠡᠨ ᠪᠠᠶᠢᠵᠡᠢ᠃ ᠶᠠᠭᠤ ᠪᠣᠯᠣᠭᠰᠠᠨ ᠴᠦ ᠪᠢᠳᠡᠨ   ᠢ  ᠰᠣᠷᠭᠠᠭᠤᠯᠢ  ᠳᠤ ᠰᠠᠭᠤᠬᠤ   ᠳᠤ ᠲᠡᠷᠡᠬᠦ ︽ᠳᠣᠯᠣᠭᠠᠨ ᠵᠠᠩ  ︾ ᠭᠡᠳᠡᠭ ᠪᠠᠶᠢᠰᠢᠩ ᠪᠣᠯ ᠰᠣᠷᠣᠭᠴᠢ ᠶᠢᠨ ᠪᠠᠶᠢᠷᠢ ᠪᠠᠶᠢᠵᠦ᠂ 1966 ᠣᠨ ᠢᠷᠡᠲᠡᠯ᠎ᠡ ᠪᠦᠷᠢᠨ ᠪᠦᠲᠦᠨ ᠢᠶᠠᠷ ᠢᠶᠠᠨ ᠪᠠᠶᠢᠭᠰᠠᠨ  ᠭᠡᠳᠡᠭ ᠢ ᠣᠣᠯ ᠤᠨ ︽ ᠳᠣᠯᠣᠳᠭᠤᠪᠢ ᠪᠠᠭ᠎ᠠ ᠰᠣᠷᠭᠠᠭᠤᠯᠢ︾ ᠶᠢᠨ ᠰᠣᠷᠣᠭᠴᠢᠳ ᠠᠠᠳᠠᠬᠤ ᠦᠭᠡᠢ ᠮᠡᠳᠡᠬᠦ ᠶᠤᠮ  ᠃      ᠳᠡᠭᠡᠷᠡᠬᠢ ᠬᠡᠳᠣᠨ ᠵᠣᠷᠪᠣᠰ ᠢ ᠬᠤᠷᠢᠶᠠᠩᠭᠤᠶᠢᠯᠠᠭᠠᠳ ᠬᠡᠯᠡᠪᠡᠯ᠂  ᠲᠡᠳᠡᠭᠡᠷ ᠲᠡᠣᠬᠡ ᠶᠢᠨ ᠲᠡᠮᠳᠡᠭᠯᠡᠯ᠂ ᠳᠣᠮᠤᠭ , ᠣᠯᠠᠮᠵᠢᠯᠠᠯ᠂ ᠪᠣᠳᠠᠳᠦ  ᠭᠡᠷᠡᠴᠢ ᠵᠡᠷᠭᠡ ᠠᠴᠠ ᠠᠵᠢᠭᠯᠠᠬᠤ ᠳᠤ ᠡᠳᠣᠭᠡ ᠶᠢᠨ ᠵᠡᠭᠦᠨ ᠦᠵᠦᠮᠦᠴᠢᠨ ᠬᠤᠰᠢᠭᠤᠨ ᠤ ᠲᠥᠪ ᠣᠯᠢᠶᠠᠰᠣᠲᠠᠢ ᠪᠠᠯᠭᠠᠰᠣ ᠪᠣᠯ  ᠲᠡᠣᠬᠡᠨ ᠠᠴᠠ ᠠᠯᠳᠠᠷ ᠲᠠᠢ ︽ᠮᠣᠯᠠᠮ ᠯᠠᠮᠠ ᠶᠢᠨ ᠬᠦᠷᠢᠶ᠎ᠡ︾ ᠰᠦᠮ᠎ᠡ ᠶᠢᠨ ᠬᠠᠷᠢᠶᠠᠲᠦ ᠨᠣᠲᠤᠭ —  ︽ᠳᠣᠯᠣᠭᠠᠳ ᠤᠨ ᠭᠤᠪᠢ  ︾   ᠶᠢᠨ ᠳᠡᠡᠵᠢᠨ ᠳᠡᠭᠡᠷ᠎ᠡ ᠴᠡᠴᠡᠭᠯᠡᠨ ᠬᠥᠭᠵᠢᠭᠰᠡᠨ ᠭᠠᠵᠠᠷ ᠪᠣᠯᠬᠤ ᠨᠢ ᠳᠠᠮᠵᠢᠭ ᠦᠭᠡᠢ ᠶᠤᠮ᠃  ᠮᠥᠨ ᠴᠦ ᠲᠡᠣᠬᠡᠨ ᠳᠤ ᠠᠯᠳᠠᠷ ᠲᠠᠢ ︽ᠳᠣᠯᠣᠭᠠᠨ ᠬᠠᠳ  ︾ ᠤᠨ ᠨᠣᠶᠢᠷᠰᠠᠭᠰᠠᠨ  ᠲᠡᠣᠬᠡ ᠶᠢᠨ ᠳᠣᠷᠠᠰᠬᠠᠯᠲᠦ ᠭᠠᠵᠠᠷ ᠮᠥᠨ ᠭᠡᠵᠦ ᠦᠵᠡᠵᠦ ᠪᠠᠶᠢᠨ᠎ᠠ᠃      ᠢᠩᠭᠢᠬᠦᠯᠡᠷ ︽ᠳᠣᠯᠣᠭᠠᠳ︾ ᠭᠡᠳᠡᠭ ᠭᠠᠵᠠᠷ  ᠪᠣᠯ ᠶᠣᠸᠠᠨ ᠣᠯᠣᠰ ᠤᠨ ᠦᠶ᠎ᠡ ᠠᠴᠠ ᠠᠪᠣᠭᠠᠳ ᠴᠡᠷᠢᠭ ᠳᠠᠶᠢᠨ ᠤ  ᠴᠢᠬᠤᠯᠠ ᠭᠠᠵᠠᠷ ᠪᠠᠶᠢᠭᠰᠠᠨ ᠪᠦᠭᠡᠳ  ︽ᠳᠣᠯᠣᠳ︾   ᠢ ᠪᠠᠰᠠ ᠡᠷᠲᠡᠨ ᠠᠴᠠ ᠳᠣᠮᠤᠭ ᠲᠡᠣᠬᠡ ᠲᠠᠢ ᠭᠠᠵᠠᠷ ᠶᠤᠮ ᠪᠠᠶᠢᠨ᠎ᠠ᠃  ᠪᠠᠰᠠ ᠨᠢᠭᠡᠨ  ᠪᠠᠷᠢᠮᠲᠠ ᠭᠡᠪᠡᠯ ᠣᠳᠣ ᠶᠢᠨ ᠣᠯᠢᠶᠠᠰᠣᠲᠠᠢ ᠪᠠᠯᠭᠠᠰᠣᠨ ᠤ ᠪᠠᠷᠠᠭᠤᠨ ᠡᠮᠦᠨ᠎ᠡ ᠪᠠᠶᠢᠭ᠎ᠠ ︽ ᠣᠩᠭᠤᠨᠳᠣᠷᠠᠯ︾ ᠤᠨ  ᠬᠥᠰᠢᠶ᠎ᠡ ᠲᠠᠢ ᠬᠤᠯᠪᠣᠭᠳᠠᠬᠤ ᠶᠠᠪᠣᠳᠠᠯ ᠪᠣᠯᠣᠨ᠎ᠠ᠃ ᠣᠯᠠᠮᠵᠢᠯᠠᠯ  ᠢᠶᠠᠷ ︽ᠣᠩᠭᠤᠨ ᠴᠠᠪᠴᠢᠷ︾ ᠳᠤ ᠦᠵᠦᠮᠦᠴᠢᠨ ᠤ ᠳᠡᠭᠡᠳᠣᠰ — ᠣᠩᠭᠤᠨᠳᠣᠷᠠᠯ ︵1600 ᠣᠨ ᠤ ᠲᠥᠯᠥᠪ  ᠳᠤ︶ ᠨᠣᠶᠠᠨ ᠤ ᠣᠩᠭᠤᠨ ᠬᠥᠰᠢᠶ᠎ᠡ ᠪᠠᠶᠢᠳᠠᠭ  ᠪᠠᠶᠢᠨ᠎ᠠ᠃ ᠰᠢᠭᠤᠳ ᠬᠡᠯᠡᠪᠡᠯ ᠣᠩᠭᠤᠨᠳᠣᠷᠠᠯ ᠨᠣᠶᠠᠠᠲᠠᠨ ᠲᠠᠭᠠᠯᠠᠯ ᠲᠡᠭᠦᠰᠬᠦ  ᠦᠶ᠎ᠡ ᠳᠤ ᠬᠡᠯᠡᠯᠭᠡᠨ ᠦᠭᠡᠢ  ︽ᠳᠣᠯᠣᠳ︾ ᠨᠣᠳᠤᠭ ᠪᠣᠯ ᠣᠢ ᠮᠣᠳᠣ ᠡᠯᠪᠡᠭ ᠳᠡᠯᠪᠡᠭ᠂ ᠡᠪᠡᠰᠣ ᠣᠷᠭᠤᠮᠠᠯ ᠲᠠᠩᠰᠤᠭ ᠰᠠᠬᠤᠯᠠᠭ᠂ ᠣᠰᠣ ᠪᠣᠯᠠᠭ ᠣᠷᠭᠢᠯᠣᠮ᠎ᠠ ᠴᠠᠯᠭᠢᠯᠣᠮ᠎ᠠ᠂ ᠭᠠᠩᠭᠠᠨ ᠪᠠᠶᠢᠭᠠᠯᠢ ᠪᠠᠶᠢᠭᠰᠠᠨ‌ᠡᠴᠠ ᠨ‍‌ᠠᠳᠡ ᠣᠷᠣᠰᠢᠭᠤᠯᠣᠭᠰᠠᠨ  ᠪᠣᠯᠣᠯᠲᠠᠢ ᠭᠡᠵᠦ ᠪᠣᠳᠣᠵᠦ ᠪᠠᠶᠢᠨ᠎ᠠ᠃ ᠳᠠᠬᠢᠭᠠᠳ ᠬᠡᠯᠡᠪᠡᠯ ᠦᠵᠦᠮᠦᠴᠢᠨ ᠤ ᠦᠯᠢᠭᠡᠷ ᠳᠣᠮᠤᠭ ᠲᠤ ᠦᠵᠦᠮᠦᠴᠢᠨᠴᠣᠳ ᠬᠠᠲᠠᠪᠴᠢ᠂ ᠡᠭᠦᠳᠡ ᠭᠡᠭᠴᠢ ᠬᠤᠭᠤᠯᠠᠢ ᠪᠠᠨ ᠨᠡᠭᠦᠵᠦ ᠢᠷᠡᠭᠡᠳ  ︽ᠳᠣᠯᠣᠳ  ᠤᠨ ᠭᠤᠪᠢ︾ ᠳᠤ ᠨᠢᠭᠡ ᠬᠤᠭᠤᠴᠠᠭ᠎ᠠ ᠰᠠᠭᠤᠵᠦ᠂  ᠳᠣᠯᠣᠭᠠᠨ ᠲᠣᠯᠣᠭᠠᠢ ᠳᠡᠭᠡᠷ᠎ᠡ ︽ᠡᠪᠦᠭᠡᠨ ᠰᠦᠯᠳᠡ ︵ᠴᠢᠩᠭᠢᠰ ᠤᠨ ᠰᠦᠯᠳᠡ︶︾ ᠪᠠᠨ ᠮᠣᠩᠭᠤᠯ ᠭᠡᠷ   ᠢᠶᠠᠷ  ᠳᠠᠬᠢᠵᠦ ᠪᠠᠶᠢᠭᠰᠠᠨ ᠪᠠ ᠲᠡᠷᠡ ᠬᠦ ᠰᠦᠯᠲᠡᠨ ᠭᠡᠷ ᠤᠨ ᠪᠠᠭᠤᠴᠠ ᠶᠢ ᠣᠳᠣ ︽ᠴᠢᠩᠭᠢᠰ ᠤᠨ ᠭᠡᠷ  ᠪᠠᠭᠤᠴᠠ︾ ⑨ ᠭᠡᠮᠡᠨ ᠬᠦᠨᠳᠦᠳᠭᠡᠨ ᠰᠠᠬᠢᠵᠦ  ᠬᠠᠮᠠᠭᠠᠯᠠᠵᠦ ᠪᠠᠶᠢᠨ᠎ᠠ ᠃ ᠢᠯᠠᠩᠭᠤᠶ᠎ᠠ ᠰᠢᠷ᠎ᠠ ᠶᠢᠨ ᠱᠠᠰᠢᠨ ᠳᠡᠯᠭᠡᠷᠡᠭᠰᠡᠨ ᠠᠴᠠ ᠳᠠᠷᠠᠭ᠎ᠠ  ᠮᠣᠩᠭᠤᠯ ᠭᠠᠵᠠᠷ ᠲᠤ 1.3.5.7.9 ᠤᠨ ᠲᠤᠭ᠎ᠠ ᠶᠢ ᠪᠡᠯᠭᠡ ᠳᠡᠮᠪᠡᠷᠢ ᠲᠠᠢ  ᠲᠤᠭ᠎ᠠ ᠭᠡᠮᠡᠨ ᠦᠵᠡᠳᠡᠭ   ᠠᠴᠠ  ᠪᠣᠯᠵᠦ᠂ ᠭᠠᠵᠠᠷ   ᠢ ᠲᠤᠭ᠎ᠠ ᠪᠠᠷ ᠢᠯᠡᠭᠦᠣ ᠬᠡᠯᠡᠬᠦ  ᠪᠣᠯᠵᠡᠢ ᠭᠡᠮᠡᠷ ᠪᠠᠶᠢᠨ᠎ᠠ᠃        ᠣᠳᠣᠬᠠᠨ ᠳᠤ ︽ᠳᠣᠯᠣᠭᠠᠳ︾ ᠨᠣᠲᠤᠭ — ᠣᠯᠢᠶᠠᠰᠣᠲᠠᠢ ᠪᠠᠯᠭᠠᠰᠣ ᠨᠢ ᠰᠢᠨ᠎ᠡ ᠡᠷᠡᠨ ᠤ ᠬᠥᠭᠵᠢᠯ ᠢ ᠬᠤᠷᠣᠶᠢᠯᠠᠨ᠂  ᠦᠨᠳᠦᠰᠦᠲᠡᠨ ᠨᠦᠭᠦᠳ ᠪᠠᠲᠦ ᠪᠦᠯᠬᠦᠮᠳᠡᠨ᠂ ᠬᠢᠯᠢ ᠬᠢᠵᠠᠭᠠᠷ ᠠᠮᠣᠷ  ᠲᠥᠪᠰᠢᠨ ᠪᠠᠶᠢᠵᠦ᠂  ᠠᠵᠦ ᠦᠢᠯᠡᠳᠪᠦᠷᠢᠯᠡᠯ ᠬᠥᠭᠵᠢᠨ᠂  ᠠᠷᠠᠳ ᠤᠨ ᠠᠮᠢᠳᠣᠷᠠᠯ ᠰᠠᠶᠢᠵᠢᠷᠠᠭᠰᠠᠨ ᠪᠠ ᠣᠳᠣᠬᠢᠴᠢᠯᠡᠯ ᠢᠷᠡᠭᠡᠳᠣᠢ ᠶᠢ ᠳᠠᠯᠠᠯᠣᠭᠰᠠᠨ᠂ ᠬᠤᠰᠢᠭᠤ ᠨᠣᠲᠤᠭ ᠤᠨ ᠣᠯᠣᠰ ᠲᠥᠷᠦ᠂ ᠠᠵᠦ ᠠᠬᠤᠢ᠂ ᠰᠣᠶᠣᠯ᠂ ᠵᠠᠮ ᠨᠡᠪᠲᠡᠷᠡᠯᠭᠡ ᠶᠢᠨ ᠵᠠᠬᠢᠷᠭᠠᠨ ᠤ ᠭᠤᠣᠯ ᠲᠥᠪ ᠪᠣᠯᠣᠭᠰᠠᠨ ᠪᠦᠭᠡᠳ ᠦᠵᠦᠮᠦᠴᠢᠨ ᠨᠣᠲᠤᠭ ᠤᠨ ᠪᠠᠰᠠ ᠨᠢᠭᠡᠨ ᠣᠳᠣᠨ ᠰᠣᠳᠣᠨ ᠪᠣᠯᠵᠦ  ᠴᠣᠣᠷᠢᠶᠠᠳᠣᠨ᠂  ᠠᠰᠠᠷ ᠲᠠᠭᠲᠦ ᠰᠦᠨᠳᠡᠷᠡᠯᠡᠨ᠂ ᠠᠶᠠᠯᠠᠯ ᠵᠣᠭᠠᠴᠠᠯ ᠰᠦᠯᠵᠢᠯᠳᠣᠨ᠂ ᠡᠳᠣᠷ ᠠᠴᠠ ᠪᠠᠨ ᠡᠳᠣᠷ ᠥᠭᠡᠳᠡᠯᠡᠨ ᠮᠠᠠᠳᠣᠭᠰᠠᠨ ᠬᠤᠲᠠ ᠪᠠᠯᠭᠠᠰᠣ ᠪᠣᠯᠣᠭᠰᠠᠨ  ᠪᠠᠶᠢᠨ᠎ᠠ  ᠃                     ᠵᠡᠭᠦᠨ ᠦᠵᠦᠮᠦᠴᠢᠨ ᠬᠤᠰᠢᠭᠤᠨ ᠤ ᠰᠣᠶᠣᠯ ᠲᠡᠣᠬᠡ ᠶᠢᠨ ᠨᠡᠶᠢᠭᠡᠮᠯᠢᠭ ᠤᠨ ᠭᠡᠰᠢᠭᠦᠨ                                                   2017.7.7 ᠳᠤᠯᠠᠪᠯᠠᠯᠲᠠ ᠪᠣᠯᠭᠠᠭᠰᠠᠨ ᠮᠠᠲ᠋ᠧᠷᠢᠶᠠᠯ᠄      ① ︽ ᠯᠣ  ᠠᠯᠲᠠᠨ ᠲᠣᠪᠴᠢ︾᠃ 599 ᠳ᠋ᠣᠭᠠᠷ ᠨᠢᠭᠤᠷ᠃ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠃ 1983 ᠣᠨ᠃      ②︽ ᠮᠣᠩᠭᠤᠯ ᠤᠨ ᠲᠡᠣᠬᠡ ᠶᠢᠨ ᠲᠣᠶᠢᠮᠣ︾᠃ 108 ᠳ᠋ᠣᠭᠠᠷ ᠨᠢᠭᠤᠷ ᠲᠤ᠃ ᠳᠣᠲᠣᠭᠠᠳᠦ ᠬᠡᠪᠯᠡᠯ᠃ ︵ ᠳ᠋ᠠᠮᠪᠠ︶ 2004 ᠣᠨ᠃      ③ ⑥ ︽ ᠰᠢᠯᠢ ᠶᠢᠨ ᠭᠤᠣᠯ ᠤᠨ ᠭᠠᠵᠠᠷ ᠤᠨ ᠨᠡᠷ᠎ᠡ ᠶᠢᠨ ᠳᠣᠮᠤᠭ︾᠃ 210  ᠂ 211  ᠳ᠋ᠣᠭᠡᠷ ᠨᠢᠭᠤᠷ ᠲᠤ᠃      ᠥᠪᠥᠷ ᠮᠣᠩᠭᠤᠯ ᠤᠨ ᠰᠣᠶᠣᠯ ᠤᠨ ᠬᠡᠪᠯᠡᠯ ᠤᠨ ᠬᠤᠷᠢᠶ᠎ᠠ᠃ 2012 ᠣᠨ᠃      ④ ⑦⑧  ︽ ᠦᠵᠦᠮᠦᠴᠢᠨ ᠮᠣᠯᠣᠮ ᠯᠠᠮᠠ ᠶᠢᠨ ᠨᠠᠮᠲᠠᠷ︾᠃ 28  ᠂ 29  ᠳ᠋ᠣᠭᠡᠷ ᠨᠢᠭᠤᠷ ᠲᠤ᠃ ᠳᠣᠲᠣᠭᠠᠳᠦ ᠬᠡᠪᠯᠡᠯ᠃      ᠵᠡᠭᠦᠨ ᠦᠵᠦᠮᠦᠴᠢᠨ ᠬᠤᠰᠢᠭᠤᠨ ᠤ  ᠣᠯᠣᠰ ᠲᠥᠷᠦ ᠶᠢᠨ ᠵᠥᠪᠡᠯᠡᠯᠭᠡᠨ᠃ 1990 ᠣᠨ᠃      ⑤  ⑨ ︽ ᠡᠵᠢᠨᠠᠭᠤᠷ︾ ᠰᠡᠳᠭᠦᠯ  ᠃ 2006 ᠣᠨ ᠤ  2 ᠳ᠋ᠣᠭᠠᠷ ᠬᠤᠭᠤᠴᠠᠭ᠎ᠠ ᠳᠤ᠃                                          
 
ᠢᠷᠡᠯᠲᠡ᠄ ᠵᠡᠭᠦᠨ ᠦᠵᠦᠮᠦᠴᠢᠨ ᠬᠤᠰᠢᠭᠤᠨ ᠤ ᠰᠣᠶᠣᠯ ᠲᠡᠣᠬᠡ ᠶᠢᠨ ᠨᠡᠶᠢᠭᠡᠮᠯᠢᠭ ᠤᠨ ᠭᠡᠰᠢᠭᠦᠨ ᠭᠣ ᠲᠠᠪᠬᠠᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号