ᠭᠣ ᠲᠠᠪᠬᠠᠢ | | ᠳᠣᠮᠤᠭ ᠲᠡᠣᠬᠡᠲᠦ ︽ᠳᠣᠯᠣᠭᠠᠳ ᠤᠨ ᠭᠤᠪᠢ ︾ | | ᠮᠣᠩᠭᠤᠯ ᠣᠷᠣᠨ ᠳᠤ ︽ ᠳᠣᠯᠤᠭ᠎ᠠ︾ ᠪᠣᠶᠣ ᠲᠤᠭ᠎ᠠ ᠬᠡᠮᠵᠢᠶ᠎ᠡ ᠪᠠᠷ ᠨᠡᠷᠡᠯᠡᠭᠰᠡᠨ ᠭᠠᠵᠠᠷ ᠣᠰᠣᠨ ᠤ | ᠨᠡᠷ᠎ᠡ ᠮᠠᠰᠢ ᠣᠯᠠᠨ ᠳᠣᠬᠢᠶᠠᠯᠳᠣᠨᠠ᠃ ᠵᠢᠱᠢᠶᠡᠯᠡᠪᠡᠯ ᠄ ᠭᠠᠭᠴᠠ ᠮᠣᠳᠣ᠂ ᠬᠤᠶᠠᠷ ᠡᠭᠦᠳᠡ᠂ ᠭᠤᠷᠪᠠᠨ ᠰᠢᠯᠢ᠂ | ᠳᠥᠷᠪᠡᠯᠵᠢ᠂ ᠲᠠᠪᠣᠨ ᠬᠠᠶᠢᠷᠠᠬᠠᠨ᠂ ᠵᠢᠷᠭᠤᠭᠠᠨ ᠬᠤᠳᠳᠤᠭ ᠭᠡᠬᠦ ᠪᠠ ᠳᠣᠯᠣᠭᠠᠨ ᠨᠠᠭᠤᠷ᠂ ᠳᠣᠯᠣᠭᠠᠳ ᠭᠤᠪᠢ᠂ | ᠳᠣᠯᠣᠭᠠᠨ ᠲᠣᠯᠣᠭᠠᠢ ᠭᠡᠬᠦ ᠮᠡᠲᠦ ᠶᠢᠨ ᠨᠡᠷ᠎ᠡ ᠲᠠᠢ ᠭᠠᠵᠠᠷ ᠣᠯᠠᠨ ᠪᠠᠶᠢᠳᠠᠭ ᠶᠤᠮ᠃ ᠮᠢᠨᠣ ᠠᠳᠡ ᠦᠭᠦᠯᠡᠬᠦ ᠭᠡᠵᠦ | ᠪᠠᠶᠢᠭ᠎ᠠ ︽ᠳᠣᠯᠣᠭᠠᠳ ︵ ᠳᠣᠯᠣᠳ︶ ︾ ᠭᠡᠳᠡᠭ ᠭᠠᠵᠠᠷ ᠪᠣᠯ ᠣᠣᠯ ᠤᠨ ᠦᠵᠦᠮᠦᠴᠢᠨ ᠪᠠᠷᠠᠭᠤᠨ ᠭᠠᠷᠣᠨ | ᠬᠤᠰᠢᠭᠤᠨ ᠤ ︽ᠯᠠᠮᠠ ᠶᠢᠨ ᠬᠦᠷᠢᠶ᠎ᠡ︾ ᠰᠦᠮ᠎ᠡ ᠬᠠᠪᠢ ᠶᠢᠨ ︽ᠳᠣᠯᠣᠳ ᠶᠢᠨ ᠭᠤᠪᠢ︾ ᠪᠣᠯᠣᠨ᠎ᠠ᠃ ᠳᠠᠷᠣᠢ | ᠣᠳᠣ ᠶᠢᠨ ᠰᠢᠯᠢ ᠶᠢᠨ ᠭᠤᠣᠯ ᠠᠶᠢᠮᠠᠭ ᠤᠨ ᠵᠡᠭᠦᠨ ᠦᠵᠦᠮᠦᠴᠢᠨ ᠬᠤᠰᠢᠭᠤᠨ ᠤ ᠣᠯᠢᠶᠠᠰᠣᠲᠠᠢ ᠪᠠᠯᠭᠠᠰᠣᠨ ᠤ | ᠪᠠᠷᠠᠭᠤᠨᠳᠡᠬᠢ ᠭᠤᠪᠢ ᠪᠣᠯᠣᠨ᠎ᠠ ᠃ ᠴᠣᠬᠤᠮ ᠶᠠᠭᠠᠬᠢᠭᠠᠳ ︽ᠳᠣᠯᠣᠳ︾ ᠭᠡᠬᠦ ᠪᠣᠯᠣᠭᠰᠠᠨ ᠲᠣᠬᠠᠢ ᠡᠷᠳᠡᠮᠲᠡᠳ | ᠠᠯᠢ ᠣᠯᠠᠨ ᠲᠠᠶᠢᠯᠠᠪᠦᠷᠢ ᠲᠠᠭᠠᠮᠠᠭᠯᠠᠯ ᠬᠢᠭᠰᠡᠨ ᠪᠠᠶᠢᠳᠠᠭ᠃ ᠲᠡᠳᠡᠭᠡᠷ ᠢ ᠵᠠᠳᠠᠯᠣᠯᠲᠠ ᠶᠢ ᠦᠨᠳᠦᠰᠦᠯᠡᠵᠦ ᠳᠣᠣᠷ᠎ᠠ | ᠪᠢ ᠥᠪᠡᠷ ᠤᠨ ᠦᠵᠡᠯᠲᠡ ᠪᠠᠨ ᠶᠠᠷᠢᠶ᠎ᠠ ᠂ ᠵᠠᠰᠠᠵᠦ ᠵᠠᠯᠠᠷᠠᠭᠤᠯᠬᠤ ᠪᠣᠯᠪᠠᠣ᠃ | ︽ᠳᠣᠯᠣᠳ︾ ᠭᠡᠳᠡᠭ ᠨᠡᠷ᠎ᠡ ᠶᠢᠨ ᠲᠣᠬᠠᠢ ᠲᠠᠶᠢᠯᠠᠪᠦᠷᠢᠯᠡᠯ ᠢ ᠲᠣᠰ ᠬᠦᠮᠦᠨ ᠬᠤᠷᠢᠶᠠᠩᠭᠤᠶᠢᠯᠠᠭᠠᠳ | ᠳᠣᠣᠷᠠᠬᠢ ᠮᠡᠲᠦ ᠭᠤᠷᠪᠠᠨ ᠲᠠᠯ᠎ᠠ ᠳᠡᠭᠡᠷ᠎ᠡ ᠲᠥᠪᠯᠡᠷᠡᠭᠦᠯᠵᠦ ᠪᠣᠯᠣᠨ᠎ᠠ ᠭᠡᠵᠦ ᠦᠵᠡᠵᠦ ᠪᠠᠶᠢᠨ᠎ᠠ᠃ ᠨᠢᠭᠡᠳᠣᠭᠡᠷ ᠳᠤ | ︽ᠮᠣᠩᠭᠤᠯ ᠵᠠᠷᠬᠤᠴᠢ ︾ ᠲᠦᠷᠦᠭᠦᠲᠡᠢ ︽ᠳᠣᠯᠣᠭᠠᠨ ᠬᠠᠳ ︾ ᠢ ᠠᠳᠡ ᠣᠷᠣᠰᠢᠭᠤᠯᠣᠭᠰᠠᠨ ᠠᠴᠠ ︽ | ᠳᠣᠯᠣᠭᠠᠨ ᠬᠠᠳ ᠤᠨ ᠲᠣᠯᠣᠭᠠᠢ︾ ᠭᠡᠬᠦ ᠪᠣᠯᠪᠠ ᠭᠡᠰᠡᠨ ᠲᠡᠣᠬᠡᠨ ᠲᠡᠮᠳᠡᠭᠯᠡᠯ ᠪᠠᠶᠢᠳᠠᠭ᠃︔ ᠬᠤᠶᠠᠳᠣᠭᠠᠷ ᠲᠤ | ᠂ ᠨᠣᠲᠤᠭ ᠣᠰᠣᠨ ᠤ ᠪᠢᠴᠢᠭ ᠲᠡᠮᠳᠡᠭᠯᠡᠯ ᠢ ᠦᠨᠳᠦᠰᠦᠯᠡᠪᠡᠯ ᠪᠠᠷᠤᠭ 1800 ᠣᠨ ᠤ ᠲᠥᠯᠥᠪ ᠳᠤ ︽ | ᠯᠠᠮᠠ ᠶᠢᠨ ᠬᠦᠷᠢᠶ᠎ᠡ ᠰᠦᠮ᠎ᠡ︾ ᠳᠤ ᠬᠠᠷᠢᠶᠠᠲᠦ ᠨᠣᠲᠤᠭ ᠭᠠᠷᠭᠠᠵᠦ ᠥᠭᠭᠦ ᠳᠡᠭᠡᠨ ᠪᠠᠰᠠ ︽ᠭᠤᠷᠪᠠᠨ ᠳᠣᠯᠣᠭᠠᠨ︾ | ᠨᠣᠲᠤᠭ ᠢ ᠵᠢᠭᠠᠵᠦ ᠥᠭᠭᠦᠭᠰᠡᠨ ᠠᠴᠠ ︽ᠳᠣᠯᠣᠭᠠᠳ︾ ᠬᠡᠮᠡᠬᠦ ᠪᠣᠯᠪᠠ ᠬᠡᠮᠡᠬᠦ ᠬᠡᠯᠡᠯᠭᠡ ᠪᠠᠰᠠ ᠪᠠᠶᠢᠳᠠᠭ︔ | ᠭᠤᠷᠪᠠᠳᠣᠭᠠᠷ ᠲᠤ ᠂ ᠠᠷᠠᠳ ᠤᠨ ᠣᠯᠠᠮᠵᠢᠯᠠᠯᠲᠦ ᠶᠠᠷᠢᠶᠠᠨ ᠳᠤ ᠡᠨᠡ ᠬᠠᠪᠢ ᠶᠢᠨ ᠨᠣᠲᠤᠭ ᠢ ᠳᠣᠯᠣᠭᠠᠨ ᠳᠣᠯᠤᠭ᠎ᠠ | ᠶᠢᠨ ᠥᠯᠵᠡᠢ ᠲᠤ ᠲᠤᠭ᠎ᠠ ᠪᠦᠷᠢᠳᠦᠭᠰᠡᠨ ᠨᠣᠲᠤᠭ ᠭᠡᠬᠦ ᠪᠣᠶᠣ ︽ᠳᠣᠯᠣᠭᠠᠨ ᠡᠷᠳᠡᠨᠢ ︾ ᠶᠢᠨ ᠰᠢᠨᠵᠢ ᠲᠠᠢ | ᠭᠠᠵᠠᠷ ᠬᠡᠮᠡᠭᠰᠡᠨ ᠠᠴᠠ ᠢᠷᠡᠯᠲᠡᠢ ᠭᠡᠵᠦ ᠶᠠᠷᠢᠳᠠᠭ ᠪᠠᠶᠢᠨ᠎ᠠ᠃ | ᠲᠣᠰ ᠬᠦᠮᠦᠨ ᠤ ᠰᠢᠨᠵᠢᠯᠡᠭᠰᠡᠨ ᠢᠶᠠᠷ ᠲᠡᠣᠬᠡᠨ ᠨᠣᠮ ᠲᠡᠪᠲᠡᠷ ᠲᠤ ᠪᠢᠴᠢᠭᠳᠡᠭᠰᠡᠨ ᠪᠣᠶᠣ ᠢᠯᠡᠷᠡᠳᠡᠭ | ᠲᠡᠳᠡᠭᠡᠷ ︽ᠳᠣᠯᠣᠳ᠂ ᠳᠣᠯᠣᠳᠣ᠂ ᠳᠣᠯᠣᠭᠠᠨ᠂ ᠳᠣᠯᠣᠳᠠᠢ ᠁︾ ᠭᠡᠳᠡᠭ ᠭᠠᠵᠠᠷ ᠪᠣᠯ ᠳᠠᠷᠣᠢ ᠵᠡᠭᠦᠨ | ᠦᠵᠦᠮᠦᠴᠢᠨ ᠤ ᠣᠳᠣ ᠶᠢᠨ ︽ᠳᠣᠯᠣᠳ ᠤᠨ ᠭᠤᠪᠢ︾ ᠮᠥᠨ ᠭᠡᠵᠦ ᠦᠵᠡᠨ᠎ᠡ᠃ ᠣᠴᠢᠷ ᠨᠢ ︽ᠳᠣᠯᠣᠳ︾ | ᠭᠡᠳᠡᠭ ᠦᠭᠡ ᠪᠣᠯ ᠳᠣᠯᠣ ᠶᠢᠨ ᠳᠣᠭᠠᠨ ᠳᠤ ᠣᠯᠠᠨ ᠲᠤᠭ᠎ᠠ ᠤ — ᠭᠠᠳ ᠳᠠᠭᠠᠪᠣᠷᠢ ᠵᠠᠯᠭᠠᠭᠠᠳ ︽ | ᠳᠣᠯᠣᠭᠠᠳ︾ ᠭᠡᠳᠡᠭ ᠦᠭᠡ ᠪᠣᠯᠣᠭᠰᠠᠨ ᠪᠣᠯᠣᠯᠲᠠᠢ ᠭᠡᠵᠦ ᠪᠣᠳᠣᠵᠦ ᠪᠠᠶᠢᠨ᠎ᠠ᠃ ᠡᠨᠡ ᠲᠣᠬᠠᠢ ᠳᠣᠣᠷ᠎ᠠ ᠪᠢ | ᠦᠵᠡᠭᠰᠡᠨ ᠰᠣᠨᠣᠰᠣᠭᠰᠠᠨ ᠪᠠ ᠪᠣᠳᠣᠭᠰᠠᠨ ᠰᠠᠨᠠᠭᠰᠠᠨ ᠢᠶᠠᠨ ᠳᠡᠯᠭᠡᠵᠦ᠂ ᠥᠪᠡᠷ ᠤᠨ ᠦᠵᠡᠯᠲᠡ ᠪᠠᠨ ᠦᠭᠦᠯᠡᠶ᠎ᠡ | ᠃ | ᠮᠢᠨᠣ ᠣᠶᠢᠯᠠᠭᠠᠰᠠᠨ ᠪᠠᠷ ᠪᠣᠯ ᠲᠡᠷᠡ ᠬᠦ ︽ᠳᠣᠯᠣᠭᠠᠨ ᠳᠣᠯᠤᠭ᠎ᠠ ︾ ᠲᠣᠬᠠᠢ ᠲᠠᠶᠢᠯᠠᠪᠣᠷᠢᠯᠠᠪᠠᠯ ︽ | ᠳᠣᠯᠣᠭᠠᠳ︾ ᠢ ᠣᠶᠢᠯᠭᠠᠬᠤ ᠳᠤ ᠳᠥᠭᠦᠮ ᠪᠣᠯᠣᠨ᠎ᠠ᠃ ᠳᠣᠯᠣᠭᠠᠨ ᠳᠣᠯᠣ ᠭᠡᠳᠡᠭ ᠨᠢ ᠳᠠᠷᠣᠢ ᠳᠣᠯᠣᠭᠠᠨ ᠬᠠᠳ | ᠂ ᠳᠣᠯᠣᠭᠠᠨ ᠬᠠᠶᠢᠷᠠᠬᠠᠨ᠂ ᠳᠣᠯᠣᠭᠠᠨ ᠣᠷᠣᠢ᠂ ᠳᠣᠯᠣᠭᠠᠨ ᠭᠤᠪᠢ᠂ ᠳᠣᠯᠣᠭᠠᠨ ᠨᠠᠭᠤᠷ ᠣᠰᠣ᠂ ᠳᠣᠯᠣᠭᠠᠨ | ᠮᠣᠩᠭᠤᠯ ᠭᠡᠷ᠂ ᠳᠣᠯᠣᠭᠠᠨ ᠵᠠᠩ ᠪᠠᠶᠢᠰᠢᠩ ᠵᠡᠷᠭᠡ ᠭᠠᠵᠠᠷ ᠤᠨ ᠨᠡᠷ᠎ᠡ ᠮᠥᠨ ᠭᠡᠵᠦ ᠪᠣᠳᠣᠨ᠎ᠠ᠃ ᠳᠠᠬᠢᠭᠠᠳ ᠬᠡᠯᠡᠪᠡᠯ | ᠦᠵᠦᠮᠦᠴᠢᠨ ᠤ ︽ ᠳᠣᠯᠣᠳ ᠤᠨ ᠭᠤᠪᠢ ︾ ᠬᠡᠮᠡᠬᠦ ᠨᠡᠷᠡᠶᠢᠳᠡᠯ ᠨᠢ 1956 ᠣᠨ ᠢᠷᠡᠲᠡᠯ᠎ᠡ ︽ | ᠳᠣᠯᠣᠳᠭᠤᠪᠢ︾ ᠭᠡᠰᠡᠨ ᠨᠡᠷᠡᠶᠢᠳᠡᠯ ᠢᠶᠠᠷ ᠢᠶᠠᠨ ᠪᠠᠶᠢᠭᠰᠠᠨ ᠪᠠ ︽ᠳᠣᠯᠣᠳᠭᠤᠪᠢ ᠰᠣᠮᠣᠨ︾ ᠲᠥᠪ ᠨᠢ ︽ | ᠯᠠᠮᠠ ᠶᠢᠨ ᠬᠦᠷᠢᠶ᠎ᠠ︾ ᠳᠤ ᠪᠠᠶᠢᠵᠦ᠂ 1966 ᠣᠨ ᠤ ᠰᠡᠭᠦᠯᠴᠢ ᠠᠴᠠ ᠰᠠᠶ᠋ᠢ ᠳᠣᠯᠣᠳ ᠪᠠ ᠯᠠᠮᠠ ᠢ ᠬᠦᠷᠢᠶ᠎ᠡ | ᠭᠡᠰᠡᠨ ᠨᠡᠷᠡᠶᠢᠳᠡᠯ ᠢ ᠰᠣᠯᠢᠵᠦ ᠂ ︽ᠣᠯᠢᠶᠠᠰᠣᠲᠠᠢ︾ ᠭᠡᠬᠦ ᠪᠣᠯᠣᠭᠰᠠᠨ ᠪᠠᠶᠢᠨ᠎ᠠ᠃ ᠳᠣᠣᠷ᠎ᠠ ᠳᠣᠯᠣᠭᠠᠨ ᠳᠣᠯᠣ | ᠶᠢ ᠳᠦᠭᠦᠮ ᠢᠶᠠᠷ ᠲᠠᠨᠢᠯᠴᠠᠭᠤᠯᠰᠣᠭᠠᠢ᠃ | | ᠨᠢᠭᠡ᠂ ᠳᠣᠯᠣᠭᠠᠨ ᠬᠠᠳ ᠤᠨ ᠲᠣᠬᠠᠢ | ︽ ᠯᠣ ᠠᠯᠲᠠᠨ ᠲᠣᠪᠴᠢ︾ ① ᠬᠡᠮᠡᠬᠦ ᠲᠡᠣᠬᠡᠨ ᠰᠣᠳᠣᠷ ᠲᠤ ᠲᠡᠮᠳᠡᠭᠯᠡᠭᠰᠡᠨ ᠢ ᠦᠨᠳᠦᠰᠦᠯᠡᠪᠡᠯ | ᠣᠮᠠᠷᠠᠲᠦ ᠶᠣᠸᠠᠨ ᠣᠯᠣᠰ ᠤᠨ ᠦᠶ᠎ᠡ ᠳᠤ᠂ ᠮᠣᠩᠭᠤᠯ ᠤᠨ ᠲᠥᠷᠦ ᠣᠶᠢᠷᠠᠳ ᠳᠤ ᠠᠪᠲᠠᠭᠰᠠᠨ ᠳᠤ ︵ᠪᠠᠷᠣᠭᠯᠠᠪᠠᠯ | 1468 ᠣᠨ ᠤ ᠲᠥᠯᠥᠪ ᠳᠤ︶ ᠬᠤᠷᠴᠢᠨ ᠤ ︽ ᠦᠨᠡᠡᠪᠣᠯᠣᠳ ︵ᠵᠠᠷᠢᠮ ᠲᠡᠪᠲᠡᠷ ᠲᠤ ᠨᠣᠶᠠᠠᠪᠣᠯᠣᠳ︶ ᠁ | ᠬᠠᠭᠠᠨ ᠤ ᠮᠠᠨ ᠤ ᠦᠷ᠎ᠡ ᠦᠭᠡᠢ ᠪᠣᠯᠪᠠᠴᠦ ᠬᠠᠰᠠᠷ ᠤᠨ ᠦᠷ᠎ᠡ ᠪᠢ ᠨᠡᠬᠡᠰᠣ︕ ᠭᠡᠵᠦ ᠣᠯᠣᠬᠤᠢ ᠶᠢᠨ ᠬᠡᠷᠢᠶ᠎ᠡ | ᠠᠴᠠ ᠨᠡᠬᠡᠭᠡᠳ ᠭᠦᠢᠴᠡᠵᠦ ᠮᠠᠭᠤᠯᠢᠬᠠᠢ ᠸᠠᠩ᠂ ᠳᠡᠭᠦᠨᠡᠷ ᠬᠡᠣᠬᠡᠳ ᠲᠠᠢ ᠨᠢ ᠳᠣᠯᠣᠭᠤᠯᠠ ᠶᠢ ᠠᠯᠠᠪᠠᠢ᠃ ᠁ | ᠮᠣᠩᠭᠤᠯ ᠵᠠᠷᠬᠤᠴᠢ ᠡᠬᠢᠯᠡᠨ ᠳᠣᠯᠣᠭᠤᠯᠠ ᠶᠢᠨ ᠲᠣᠯᠣᠭᠠᠢ ᠶᠢ ᠣᠭᠲᠠᠯᠠᠵᠦ ᠣᠷᠬᠢᠭᠰᠠᠨ ᠤ ᠲᠣᠯᠠ ᠲᠡᠷᠡ ᠭᠠᠵᠠᠷ ᠢ | ᠳᠣᠯᠣᠭᠠᠳ ᠤᠨ ᠲᠣᠯᠣᠭᠠᠢ ᠨᠡᠷᠡᠲᠦ ᠪᠣᠯᠪᠠ ᠁︾ ᠭᠡᠵᠦ ᠲᠡᠮᠳᠡᠭᠯᠡᠭᠰᠡᠨ ᠪᠠᠶᠢᠳᠠᠭ᠃ ᠲᠡᠣᠬᠡᠴᠢᠨ | ᠵᠠᠭᠴᠢᠳᠰᠡᠴᠡᠨ ᠠᠪᠣᠭᠠᠢ ᠲᠠᠶᠢᠯᠠᠪᠦᠷᠢᠯᠠᠬᠤ ᠳᠠᠭᠠᠨ ︽ᠬᠡᠷᠡᠶᠡ ᠶᠢᠨ ᠣᠯᠣᠬᠤᠢ ᠭᠡᠳᠡᠭ ᠨᠢ ᠵᠡᠭᠦᠨ ᠦᠵᠦᠮᠦᠴᠢᠨ ᠤ | ᠣᠯᠠᠭᠠᠢ ᠭᠤᠣᠯ ᠪᠣᠯᠣᠯᠲᠠᠢ ᠭᠡᠰᠡᠨ ᠪᠠᠶᠢᠳᠠᠭ᠃ ︽ᠯᠣ ᠠᠯᠲᠠᠨ ᠲᠣᠪᠴᠢ ︾ ᠶᠢ ᠲᠠᠶᠢᠯᠠᠪᠣᠷᠢᠯᠠᠭᠴᠢ ᠴᠣᠶᠢᠵᠢ | ᠪᠠᠭᠰᠢ ᠠᠴᠠ ︽ᠬᠡᠷᠡᠶᠡ︾ ᠭᠡᠳᠡᠭ ᠶᠢ ᠣᠳᠣ ᠶᠢᠨ ᠵᠡᠭᠦᠨ ᠦᠵᠦᠮᠦᠴᠢᠨ ᠤ ᠥᠩᠲᠦ ᠶᠢᠨ ᠨᠣᠲᠤᠭ ᠲᠤ | ᠪᠠᠶᠢᠭ᠎ᠠ ︽ ᠬᠡᠷᠡᠭᠡ ᠬᠠᠳᠠ ᠮᠥᠨ︾ ᠪᠣᠯᠣᠯᠲᠠᠢ ᠭᠡᠵᠡᠢ᠃ ᠳ᠋ᠠᠮᠪᠠ ᠭᠡᠭᠴᠢ ᠪᠠᠭᠰᠢ ᠶᠢᠨ ᠨᠠᠶᠢᠷᠠᠭᠤᠯᠣᠭᠰᠠᠨ | ᠶᠡᠭᠡ ᠰᠣᠷᠭᠠᠭᠤᠯᠢ ᠶᠢᠨ ᠣᠶᠣᠲᠠᠳ ᠤᠨ ᠬᠡᠪ ᠴᠢᠨᠠᠷ ᠤᠨ ᠬᠦᠮᠦᠵᠢᠯ ᠤᠨ ᠲᠡᠪᠲᠡᠷ ︽ᠮᠣᠩᠭᠤᠯ ᠤᠨ ᠲᠡᠣᠬᠡ ᠶᠢᠨ | ᠲᠣᠶᠢᠮᠣ︾ ② ᠬᠡᠮᠡᠬᠦ ᠨᠢᠭᠡᠨ ᠲᠡᠪᠲᠡᠷ ᠲᠤ ︽1468 ᠣᠨ ᠳᠤ ᠮᠣᠯᠣᠨ ᠬᠠᠭᠠᠨ ᠤ ᠥᠰ ᠢ ᠥᠰᠯᠡᠵᠦ | ᠮᠠᠭᠤᠯᠢᠬᠠᠢ ᠸᠠᠩ ᠳᠤ ᠮᠣᠷᠢᠯᠠᠭᠰᠠᠨ ᠳᠤ᠂ ᠬᠠᠰᠠᠷ ᠤᠨ ᠦᠷ᠎ᠡ ᠨᠣᠶᠠᠠᠪᠣᠯᠣᠳ ᠸᠠᠩ ᠲᠡᠭᠦᠨ ᠳᠤ ᠬᠠᠪᠰᠣᠵᠦ | ᠮᠠᠭᠤᠯᠢᠬᠠᠢ ᠸᠠᠩ ᠢ ᠪᠠᠷᠢᠵᠦ ᠠᠯᠠᠪᠠ ︾ ᠭᠡᠰᠡᠨ ᠵᠡᠷᠭᠡ ᠦᠭᠡᠰ ᠪᠠᠶᠢᠬᠤ ᠠᠴᠠ ᠪᠣᠳᠣᠬᠤ ᠳᠤ ᠲᠡᠷᠡ ᠬᠦ ᠬᠡᠷᠡᠭ | ᠶᠠᠪᠣᠳᠠᠯ ᠨᠢ ᠣᠳᠣ ᠶᠢᠨ ᠵᠡᠭᠦᠨ ᠦᠵᠦᠮᠦᠴᠢᠨ ᠤ ᠨᠣᠲᠤᠭ ᠲᠤ ᠭᠠᠷᠣᠭᠰᠠᠨ ᠬᠡᠷᠡᠭ ᠶᠠᠪᠣᠳᠠᠯ ᠪᠣᠯᠣᠯᠲᠠᠢ ᠭᠡᠵᠦ | ᠪᠠᠷᠣᠭᠯᠠᠵᠦ ᠪᠠᠶᠢᠨ᠎ᠠ᠃ | | ᠬᠤᠶᠠᠷ᠂ ᠳᠣᠯᠣᠭᠠᠨ ᠬᠠᠶᠢᠷᠠᠬᠠᠨ ᠤ ᠳᠣᠬᠠᠢ | ︽ᠰᠢᠯᠢ ᠶᠢᠨ ᠭᠤᠣᠯ ᠤᠨ ᠭᠠᠵᠠᠷ ᠤᠨ ᠨᠡᠷ᠎ᠡ ᠶᠢᠨ ᠳᠣᠮᠤᠭ︾ ③ ᠬᠡᠮᠡᠬᠦ ᠲᠡᠪᠲᠡᠷ ᠲᠤ ᠲᠡᠮᠳᠡᠭᠯᠡᠭᠰᠡᠨ | ᠠᠴᠠ ᠦᠵᠡᠪᠡᠯ ᠪᠠᠷᠤᠭ ᠦᠵᠦᠮᠦᠴᠢᠨ ᠴᠢᠨ ᠸᠠᠩ ᠪᠠᠯᠵᠣᠷᠠᠪᠵᠡᠢ ᠶᠢᠨ ᠦᠶᠡᠰ ︽ ᠯᠠᠮᠠ ᠶᠢᠨ ᠬᠦᠷᠢᠶ᠎ᠠ ︾ | ᠰᠦᠮ᠎ᠡ ᠳᠤ ᠬᠠᠷᠢᠶᠠᠲᠦ ︽ᠬᠤᠷᠢᠨ︾ ᠪᠠ ︽ᠨᠣᠲᠤᠭ ︾ ᠵᠢᠭᠠᠵᠦ ᠥᠭᠬᠦ ᠳᠡᠭᠡᠨ ︽ᠭᠤᠷᠪᠠᠨ ᠳᠣᠯᠤᠭ᠎ᠠ | ᠲᠤ ᠨᠣᠳᠤᠭ ︾ ᠢ ᠵᠢᠭᠠᠵᠦ ᠥᠭᠭᠦᠪᠡ ᠭᠡᠰᠡᠨ ᠮᠡᠳᠡᠭᠡ ᠪᠠᠶᠢᠳᠠᠭ᠃ ︽ᠲᠡᠷᠡ ᠨᠢ ᠳᠠᠷᠣᠢ ᠣᠳᠣ ᠶᠢᠨ ᠬᠦᠷᠢᠶ᠎ᠡ | ᠰᠦᠮ᠎ᠡ ᠶᠢᠨ ᠲᠣᠭᠤᠷᠢᠨ ᠳᠠᠬᠢ ᠡᠭᠦᠳᠡ ᠶᠢᠨ ᠬᠠᠨ᠂ ᠭᠡᠭᠡᠨ ᠬᠠᠨ᠂ ᠳᠦᠰᠢᠶᠡᠲᠦ ᠬᠠᠨ᠂ ᠣᠯᠢᠶᠠᠰᠣᠲᠠᠢ᠂ | ᠢᠷᠭᠠᠶᠢᠲᠦ᠂ ᠣᠩᠭᠤᠨ ᠪᠠ ᠰᠡᠷᠭᠦᠯᠡᠩ ᠬᠠᠷᠠᠭᠠᠲᠦ᠂ ︵ ᠰᠠᠶᠢᠬᠠᠨ ᠠᠭᠤᠯᠠ︶᠂ ᠨᠡᠶᠢᠯᠡᠭᠡᠳ ᠳᠣᠯᠣᠭᠠᠨ | ᠬᠠᠶᠢᠷᠠᠬᠠᠨ ︔ ᠪᠠᠶᠠᠨ ᠨᠠᠭᠤᠷ᠂ ᠬᠥᠳᠡᠭᠡ ᠨᠠᠭᠤᠷ᠂ ᠮᠣᠷᠣᠢ ᠨᠠᠭᠤᠷ᠂ ᠴᠠᠭᠠᠨ ᠨᠠᠭᠤᠷ᠂ ᠬᠠᠷ᠎ᠠ ᠨᠠᠭᠤᠷ᠂ | ᠭᠠᠰᠢᠭᠤᠨ ᠨᠠᠭᠤᠷ᠂ ᠣᠯᠠᠭᠠᠨ ᠨᠠᠭᠤᠷ ᠨᠡᠶᠢᠯᠡᠭᠡᠳ ᠳᠣᠯᠣᠭᠠᠨ ᠨᠠᠭᠤᠷ︔ ᠳᠣᠯᠣᠭᠠᠨ ᠲᠣᠯᠣᠭᠠᠢ ︵ ᠪᠠᠶᠠᠠᠷᠬᠡᠲᠦ | ᠪᠠᠰᠠ ᠳᠣᠯᠣᠭᠠᠨ ᠡᠷᠳᠡᠨᠢ ᠴᠦ︶︾ ᠶᠢ ᠨᠢᠭᠡᠨ ᠳᠣᠯᠤᠭ᠎ᠠ ᠪᠠᠷ ᠪᠣᠳᠣᠵᠦ ᠨᠡᠶᠢᠯᠡᠭᠡᠳ ︽ᠭᠤᠷᠪᠠᠨ ᠳᠣᠯᠤᠭ᠎ᠠ︾ | ᠪᠣᠯᠣᠨ᠎ᠠ᠃ ᠢᠩᠭᠢᠭᠡᠳ ︽ᠯᠠᠮᠠ ᠶᠢᠨ ᠬᠦᠷᠢᠶ᠎ᠡ ︾ ᠰᠦᠮ᠎ᠡ ᠶᠢᠨ ᠡᠷᠭᠢᠨ ᠲᠣᠭᠤᠷᠢᠨ ᠲᠥᠴᠢᠭᠡᠳ ᠭᠠᠵᠠᠷ ᠢ | ᠴᠦᠮ ︽ ᠳᠣᠯᠣᠭᠠᠳ︾ ᠭᠡᠬᠦ ᠪᠣᠶᠣ ︽ᠳᠣᠯᠣᠭᠠᠳᠦ ᠶᠢᠨ ᠭᠤᠪᠢ︾ ᠭᠡᠳᠡᠭ ᠪᠣᠯᠵᠡᠢ ᠭᠡᠵᠦ ᠲᠡᠮᠳᠡᠭᠯᠡᠭᠰᠡᠨ | ᠪᠠᠶᠢᠨ᠎ᠠ᠃ | | ᠭᠤᠷᠪᠠ᠂ ᠳᠣᠯᠣᠭᠠᠨ ᠲᠣᠯᠣᠭᠠᠢ ᠶᠢᠨ ᠲᠣᠬᠠᠢ | ︽ᠳᠣᠯᠣᠭᠠᠨ ᠲᠣᠯᠣᠭᠠᠢ︾ ᠭᠡᠳᠡᠭ ᠠᠭᠤᠯᠠ ᠪᠣᠯ ᠣᠳᠣ ᠶᠢᠨ ᠵᠡᠭᠦᠨ ᠦᠵᠦᠮᠦᠴᠢᠨ ᠬᠤᠰᠢᠭᠤᠨ ᠤ | ᠬᠤᠰᠢᠭᠤᠨ ᠲᠥᠪ ᠣᠯᠢᠶᠠᠰᠣᠲᠠᠢ ᠪᠠᠯᠭᠠᠰᠣᠨ ᠤ ᠠᠷᠣ ᠶᠢᠨ ᠠᠭᠤᠯᠠ ᠶᠢ ᠵᠢᠭᠠᠵᠦ ᠪᠠᠶᠢᠨ᠎ᠠ᠃ ᠨᠢᠭᠡ ᠦᠶ᠎ᠡ ᠪᠠᠰᠠ | ︽ᠳᠣᠯᠣᠭᠠᠨ ᠡᠷᠳᠡᠨᠢᠲᠦ ᠣᠷᠣᠢ︾ ④ ᠭᠡᠳᠡᠭ ᠪᠠᠶᠢᠵᠡᠢ᠃ ᠡᠨᠡ ᠠᠭᠤᠯᠠ ᠶᠢ ︽ᠲᠥᠷᠦ ᠶᠢᠨ ᠳᠣᠯᠣᠭᠠᠨ | ᠡᠷᠳᠡᠨᠢ ᠶᠢᠨ ᠰᠢᠨᠵᠢ ᠪᠦᠷᠢᠯᠳᠦᠭᠰᠡᠨ ᠭᠠᠵᠠᠷ︾ ᠭᠡᠵᠦ ᠵᠢᠷᠣᠬᠠᠶᠢᠴᠢ ᠨᠠᠷ ᠰᠢᠨᠵᠢᠭᠰᠡᠨ ᠭᠡᠳᠡᠭ ᠲᠡᠮᠳᠡᠭᠯᠡᠯ ᠪᠠᠶᠢᠳᠠᠭ᠃ | ᠠᠷᠣ ᠳᠤᠨᠢ ᠷᠠᠰᠢᠶᠠᠨ ᠣᠰᠣ ᠲᠠᠢ᠂ ᠡᠩᠭᠡᠷ ᠲᠤᠨᠢ ᠲᠠᠯ᠎ᠠ ᠪᠡᠯᠴᠡᠭᠡᠷ ᠲᠠᠢ᠂ ᠣᠯᠠᠭᠠᠢ ᠪᠠᠯᠭᠠᠷ ᠣᠷᠢᠳᠠᠭᠤᠷ | ᠬᠤᠶᠢᠭᠤᠷ ᠨᠢ ᠣᠭᠠᠯᠵᠢᠷᠠᠨ ᠣᠷᠣᠰᠣᠭᠰᠠᠨ᠂ ᠮᠡᠯᠡᠶᠢᠭᠰᠡᠨ ᠲᠡᠭᠰᠢ ᠭᠠᠵᠠᠷ ᠭᠠᠭᠴᠠᠭᠠᠷ ᠰᠡᠬᠦᠶᠢᠭᠰᠡᠨ᠂ ᠶᠡᠭᠡ ᠪᠠᠭ᠎ᠠ | ᠳᠣᠯᠣᠭᠠᠨ ᠣᠷᠣᠢ ᠲᠠᠢ ᠠᠭᠤᠯᠠ ᠪᠣᠯᠬᠤᠷ ᠰᠦᠮ᠎ᠡ ᠪᠠᠷᠢᠬᠤ ᠳᠠᠭᠠᠨ ᠪᠡᠯᠭᠡ ᠲᠡᠮᠳᠡᠭ ᠲᠠᠢ ᠰᠠᠶᠢᠨ ᠰᠠᠶᠢᠬᠠᠨ ᠭᠠᠵᠠᠷ | ᠭᠡᠮᠡᠨ ᠰᠣᠩᠭᠤᠭᠰᠠᠨ ᠪᠠᠶᠢᠵᠡᠢ᠃ ᠲᠡᠷᠡ ᠦᠶ᠎ᠡ ᠶᠢᠨ ᠰᠢᠨᠵᠢᠭᠡᠴᠢ ᠠᠴᠠ ︽᠁ ᠣᠪᠣᠭᠠᠨ ᠤ ᠠᠷᠣ ᠳᠤᠨᠢ | ᠰᠦᠮ᠎ᠡ ᠪᠠᠨ ᠪᠠᠷᠢᠪᠠᠯ ᠡᠳ᠋ ᠬᠤᠭᠰᠢᠯ ᠢᠶᠠᠷ ᠡᠯᠪᠡᠭ ᠪᠣᠯᠬᠤ ᠪᠣᠯᠪᠠᠴᠦ ᠯᠠᠮᠠ ᠬᠤᠸᠠᠷᠠᠭ ᠳᠤ ᠬᠠᠷᠰᠢ ᠲᠠᠢ᠂ ᠡᠩᠭᠡᠷ | ᠲᠤᠨᠢ ᠰᠦᠮ᠎ᠡ ᠪᠠᠷᠢᠪᠠᠯ ᠬᠠᠷᠢᠨ ᠬᠦᠮᠦᠨ ᠠᠮᠢᠲᠠᠨ ᠳᠤ ᠡᠭᠡᠯᠢ ᠲᠠᠢ ᠪᠠᠶᠢᠵᠦ ᠮᠠᠳᠠᠨ᠎ᠠ ᠁︾ ᠭᠡᠬᠦ ᠳᠤᠨᠢ | ᠭᠡᠷᠬᠢᠮᠲᠡᠨ ᠯᠠᠮᠨᠠᠷ ᠶᠠᠷᠢᠯᠴᠠᠭᠠᠳ ᠡᠮᠦᠨ᠎ᠡ ᠡᠩᠭᠡᠷ ᠲᠤᠨᠢ ᠰᠦᠮ᠎ᠡ ᠪᠠᠨ ᠪᠠᠷᠢᠪᠠ ᠭᠡᠳᠡᠭ ᠶᠤᠮ᠃ ᠦᠨᠡᠬᠡᠷ ᠴᠦ | ᠲᠡᠶᠢᠮᠣ ᠪᠣᠯᠪᠠᠣ ᠡᠨᠡ ᠰᠦᠮ᠎ᠡ ᠶᠢᠨ ᠯᠠᠮᠠ ᠬᠤᠸᠠᠷᠠᠭ ᠤᠨ ᠲᠤᠭ᠎ᠠ ᠰᠡᠭᠦᠯᠡᠷ ᠨᠢ ᠮᠢᠩᠭ᠎ᠠ ᠶᠢᠨ ᠲᠤᠭ᠎ᠠ ᠶᠢ ᠳᠠᠪᠠᠭᠰᠠᠨ | ᠣᠳᠠᠭ᠎ᠠ ᠲᠠᠢ ᠭᠡᠳᠡᠭ ᠶᠤᠮ᠃ ᠬᠤᠷᠠᠯ ᠨᠣᠮ ᠤᠨ ᠲᠠᠯ᠎ᠠ ᠪᠠᠷ ᠮᠠᠶᠢᠳᠠᠷ᠂ ᠴᠣᠶᠢᠷᠸ᠎ᠠ᠂ ᠵᠦᠳᠪᠠ᠂ ᠮᠠᠨᠪᠠ᠂ | ᠴᠣᠭᠴᠢᠨ ᠭᠡᠬᠦ ᠮᠡᠲᠦ ᠶᠢᠨ ᠳᠣᠮᠣ ᠳᠣᠮᠣ ᠳᠣᠭᠠᠩ ᠬᠦᠷᠢᠶ᠎ᠡ ᠲᠠᠢ ᠪᠣᠯᠵᠦ ᠂ ᠠᠷᠣ ᠭᠠᠵᠠᠷ ᠨᠡᠷ᠎ᠡ ᠮᠠᠠᠳᠣᠭᠰᠠᠨ | ᠱᠠᠰᠢᠨ ᠤ ︽ᠭᠤᠷᠪᠠᠨ ᠬᠦᠷᠢᠶ᠎ᠠ ︵ ᠪᠣᠭᠳᠠ ᠶᠢᠨ ᠬᠦᠷᠢᠶ᠎ᠠ᠂ ᠪᠠᠭ᠎ᠠ ᠬᠦᠷᠢᠶ᠎ᠠ ᠪᠠ ᠯᠠᠮᠠ ᠢ ᠬᠦᠷᠢᠶ᠎ᠠ︶︾ ᠤ | ᠨᠢᠭᠡ ᠭᠡᠵᠦ ᠠᠯᠳᠠᠷ ᠴᠣᠣ ᠮᠠᠠᠳᠣᠭᠰᠠᠨ ᠂ ᠪᠦᠭᠡᠨᠡᠷ ᠬᠤᠷᠢᠨ᠂ ᠣᠷᠳᠣᠴᠢᠨ ᠬᠤᠷᠢᠨ᠂ ᠭᠡᠭᠡᠨ ᠬᠤᠷᠢᠨ ᠭᠡᠬᠦ | ᠬᠠᠷᠢᠶ᠎ᠠ ᠭᠤᠷᠪᠠᠨ ᠬᠤᠷᠢᠨ ᠲᠠᠢ ᠰᠦᠮ᠎ᠡ ᠪᠣᠯᠣᠭᠰᠠᠨ ᠭᠡᠳᠡᠭ ᠶᠤᠮ᠃ ᠲᠡᠷᠡ ᠮᠥᠷᠲᠡᠭᠡᠨ ᠳᠣᠯᠣᠭᠠᠨ ᠳᠣᠯᠣᠭᠠᠢ | ᠳᠡᠭᠡᠷ᠎ᠡ ︽ ᠴᠢᠩᠭᠢᠰ ᠤᠨ ᠮᠣᠩᠭᠤᠯ ᠭᠡᠷ ᠤᠨ ᠪᠠᠭᠤᠴᠠ︾ ⑤ ᠭᠡᠳᠡᠭ ᠳᠠᠬᠢᠯᠭ᠎ᠠ ᠶᠢᠨ ᠭᠠᠵᠠᠷ ᠪᠣᠶᠣ | ᠦᠵᠦᠮᠦᠴᠢᠨ ᠲᠡᠣᠬᠡ ᠶᠢᠨ ᠣᠯᠠ ᠮᠥᠷ ᠲᠠᠢ ᠳᠠᠷᠬᠠᠨ ᠣᠷᠣᠨ ᠶᠤᠮ᠃ | | ᠳᠥᠷᠪᠡ᠂ ᠳᠣᠯᠣᠭᠠᠨ ᠭᠤᠪᠢ ᠶᠢᠨ ᠳᠣᠬᠠᠢ | ︽ᠳᠣᠯᠣᠭᠠᠨ ᠭᠤᠪᠢ︾ ᠭᠡᠳᠡᠭ ᠨᠢ ᠣᠣᠯ ᠨᠢ ᠲᠡᠮᠡᠭᠡ ᠶᠠᠪᠣᠬᠤ ᠳᠤ ᠬᠠᠷᠠᠭᠳᠠᠬᠤ ᠦᠭᠡᠢ᠂ ᠠᠶᠢᠯ ᠨᠡᠭᠦᠬᠦ | ᠳᠤ ᠦᠵᠡᠭᠳᠡᠬᠦ ᠦᠭᠡᠢ ᠥᠨᠳᠣᠷ ᠳᠡᠷᠡᠰᠣᠲᠠᠢ ᠭᠤᠪᠢ ᠪᠠᠶᠢᠵᠡᠢ᠃ ᠭᠤᠪᠢ ᠶᠢ ᠡᠮᠦᠨ᠎ᠡ ᠠᠴᠠ ᠬᠤᠶᠢᠰᠢ ᠪᠠᠨ | ᠳᠠᠷᠠᠭᠠᠯᠠᠨ ᠲᠣᠭᠠᠯᠠᠪᠠᠯ ᠪᠠᠶᠠᠨ ᠭᠤᠪᠢ ᠂ ᠪᠤᠨᠲᠠᠷ ᠤᠨ ᠭᠤᠪᠢ ᠬᠦᠷᠲᠡᠯ᠎ᠡ ᠳᠣᠯᠣᠭᠠᠨ ᠭᠤᠪᠢ ᠲᠣᠭᠠᠯᠠᠳᠠᠭ ᠪᠠᠶᠢᠵᠡᠢ | ᠃ ᠳᠠᠷᠣᠢ ᠪᠠᠶᠠᠠᠭᠤᠪᠢ᠂ ᠡᠭᠡᠷᠡᠣᠯ ᠤᠨ ᠭᠤᠪᠢ ᠂ ᠭᠠᠰᠢᠭᠤᠨ ᠤ ᠭᠤᠪᠢ ᠂ ᠬᠤᠶᠠᠷ ᠪᠣᠯᠣᠩ ᠤᠨ ᠭᠤᠪᠢ᠂ | ᠪᠤᠠᠲᠠᠷ ᠤᠨ ᠭᠤᠪᠢ᠂ ᠬᠤᠭᠤᠯᠠᠢ ᠶᠢᠨ ᠭᠤᠪᠢ ᠶᠢ ᠨᠡᠶᠢᠯᠡᠭᠦᠯᠦᠭᠡᠳ ︽ ᠳᠣᠯᠣᠭᠠᠨ ᠭᠤᠪᠢ︾ ᠪᠠᠶᠢᠵᠡᠢ᠃ ᠰᠦᠮ᠎ᠡ | ᠶᠢᠨ ᠪᠠᠷᠠᠭᠤᠨ ᠳᠠᠬᠢ ᠭᠤᠪᠢ ᠨᠢ ᠶᠠᠭ ᠲᠡᠳᠡᠭᠡᠷ ᠭᠤᠪᠢ ᠨᠤᠭᠤᠳ ᠤᠨ ᠭᠤᠣᠯ ᠳᠣᠮᠳᠠ ᠨᠢ ᠣᠷᠣᠰᠢᠳᠠᠭ | ᠪᠣᠯᠬᠤᠷ ᠠᠴᠠ ᠰᠡᠭᠦᠯᠡᠷ ᠨᠢ ᠬᠦᠮᠦᠰ ᠪᠠᠰᠠ ︽ᠳᠣᠮᠳᠠ ᠭᠤᠪᠢ︾ ᠭᠡᠵᠦ ᠳᠠᠭᠤᠳᠠᠬᠤ ᠪᠣᠯᠣᠭᠰᠠᠨ ᠭᠡᠳᠡᠭ ᠶᠤᠮ᠃ | ᠥᠭᠡᠷ᠎ᠡ ᠪᠠᠷ ᠬᠡᠯᠡᠪᠡᠯ ᠳᠠᠷᠣᠢ ᠰᠡᠭᠦᠯ ᠤᠨ ᠦᠶ᠎ᠡ ᠶᠢᠨ ᠵᠡᠭᠦᠨ ᠦᠵᠦᠮᠦᠴᠢᠨ ᠬᠤᠰᠢᠭᠤᠨ ᠤ ᠣᠣᠯ ᠤᠨ ︽ | ᠳᠣᠮᠳᠠᠭᠤᠪᠢ ᠰᠣᠮᠣᠨ︾ ᠤ ᠨᠡᠷ᠎ᠡ ᠶᠢᠨ ᠢᠷᠡᠯᠲᠡ ᠨᠢ ᠪᠣᠯᠣᠨ᠎ᠠ᠃ | | ᠲᠠᠪᠤ᠂ ᠳᠣᠯᠣᠭᠠᠨ ᠨᠠᠭᠤᠷ ᠤᠨ ᠲᠣᠬᠠᠢ | ᠨᠡᠯᠢᠶᠠᠳ ᠳᠡᠭᠡᠷ᠎ᠡ ᠦᠶ᠎ᠡ ᠳᠤ ᠪᠣᠯ ︽ᠳᠣᠯᠣᠭᠠᠳ ᠤᠨ ᠭᠤᠪᠢ︾ ᠪᠠᠷ ᠣᠣᠯ ᠨᠢ ᠮᠠᠰᠢ ᠶᠡᠭᠡ ᠭᠤᠣᠯ᠂ | ᠨᠠᠭᠤᠷ᠂ ᠣᠷᠣᠰᠬᠠᠯ ᠲᠠᠢ ᠪᠠᠶᠢᠵᠡᠢ᠃ ᠳᠣᠬᠠᠶᠢᠯᠠᠪᠠᠯ ᠣᠯᠠᠭᠠᠢ ᠭᠤᠣᠯ᠂ ᠰᠡᠶᠡᠯᠵᠢ ᠭᠤᠣᠯ᠂ ᠪᠠᠯᠭᠠᠷ ᠭᠤᠣᠯ᠂ | ᠢᠨᠵᠢᠭᠠᠨ ᠭᠤᠣᠯ ᠭᠡᠬᠦ ᠮᠡᠲᠦ ᠶᠢᠨ ᠭᠤᠣᠯ ᠪᠣᠯᠠᠭ ᠤᠳ ᠪᠦᠷ ᠡᠭᠦᠪᠡᠷ ᠨᠡᠶᠢᠯᠡᠵᠦ ︽ᠡᠭᠦᠳᠡ ᠶᠢᠨ ᠬᠤᠭᠤᠯᠠᠢ︾ | ᠪᠠᠷ ᠣᠮᠠᠷᠠᠰᠢ ᠣᠷᠣᠰᠴᠦ᠂ ᠬᠠᠲᠠᠪᠴᠢ᠂ ᠪᠢᠴᠢᠭᠲᠦ ᠪᠠᠷ ᠳᠠᠮᠵᠢᠨ ᠴᠢᠨ᠋ᠸ᠎ᠠ ᠭᠤᠣᠯ ᠳᠤ ᠴᠢᠳᠬᠤᠳᠠᠭ ᠪᠠᠶᠢᠵᠡᠢ᠃ | ᠲᠡᠳᠡᠭᠡᠷ ᠶᠡᠭᠡ ᠭᠤᠣᠯ ᠣᠷᠣᠰᠬᠠᠯ ᠤᠳ ᠳᠠᠲᠠᠭᠤᠷᠠᠭᠰᠠᠨ ᠦᠶ᠎ᠡ ᠳᠤ ᠬᠤᠩᠬᠤᠷ ᠭᠠᠵᠠᠷ ᠲᠤᠨᠢ ᠨᠠᠭᠤᠷ | ᠲᠣᠭᠲᠠᠨ᠂ ᠲᠣᠭᠠᠯᠠᠬᠤ ᠬᠡᠮᠵᠢᠶᠡᠨ ᠳᠤ ᠬᠦᠷᠳᠡᠭ ᠪᠠᠶᠢᠬ᠎ᠠ ᠭᠡᠵᠦ ᠪᠣᠳᠣᠨ᠎ᠠ ᠃ ᠣᠶᠢᠷ᠎ᠠ ᠣᠷᠴᠢᠮ ᠤᠨ ᠬᠦᠮᠦᠰ | ᠤᠨ ᠬᠡᠯᠡᠬᠦ ᠪᠠᠷ ᠪᠣᠯ ᠪᠠᠶᠠᠨ ᠨᠠᠭᠤᠷ᠂ ᠬᠦᠳᠡᠭᠡ ᠨᠠᠭᠤᠷ᠂ ᠮᠣᠷᠣᠢ ᠨᠠᠭᠤᠷ᠂ ᠰᠣᠩᠭᠤᠳᠠᠭ ᠤᠨ ᠨᠠᠭᠤᠷ᠂ ᠪᠣᠯᠣᠩ | ᠤᠨ ᠨᠠᠭᠤᠷ᠂ ᠪᠤᠨᠲᠠᠷ ᠤᠨ ᠨᠠᠭᠤᠷ᠂ ᠴᠠᠭᠠᠨ ᠨᠠᠭᠤᠷ ᠭᠡᠬᠦ ᠳᠣᠯᠣᠭᠠᠨ ᠨᠠᠭᠤᠷ ᠢ ᠵᠢᠭᠠᠳᠠᠭ ᠪᠠᠶᠢᠨ᠎ᠠ ᠃ ᠪᠠᠰᠠ | ᠵᠠᠷᠢᠮ ᠬᠦᠮᠦᠰ ᠨᠢ ᠬᠦᠬᠡ ᠨᠠᠭᠤᠷ ︵ᠰᠣᠩᠭᠤᠳᠠᠭ ᠤᠨ ᠨᠠᠭᠤᠷ︶ ᠂ ᠣᠯᠠᠭᠠᠨ ᠨᠠᠭᠤᠷ᠂ ᠰᠢᠷ᠎ᠠ ᠨᠠᠭᠤᠷ ︵ | ᠱᠣᠭᠤᠮ ᠤᠨ ᠬᠥᠨᠳᠡᠢ ᠳᠤ︶᠂ ᠴᠠᠭᠠᠨ ᠨᠠᠭᠤᠷ ᠂ ᠬᠠᠷ᠎ᠠ ᠨᠠᠭᠤᠷ ᠭᠡᠬᠦ ᠮᠡᠲᠦ ᠪᠠᠷ ᠳᠣᠯᠣᠭᠠᠨ ᠥᠩᠭᠡ ᠶᠢᠨ | ᠨᠠᠭᠤᠷ ᠪᠣᠢ ᠭᠡᠬᠦ ᠴᠦ ᠪᠠᠶᠢᠳᠠᠭ ᠪᠠᠶᠢᠨ᠎ᠠ᠃ ᠪᠠᠰᠠ ︽ᠲᠡᠭᠷᠢ ᠶᠢᠨ ᠳᠣᠯᠣᠭᠠᠨ ᠳᠠᠭᠢᠨᠢ ᠳᠣᠷᠣᠭᠰᠢ ᠪᠠᠭᠤᠵᠦ | ᠢᠷᠡᠭᠡᠳ ᠬᠤᠪᠢ ᠬᠤᠪᠢᠨ ᠳᠠᠭᠠᠨ ᠣᠰᠣ ᠲᠠᠳᠠᠵᠦ ⑥ ᠨᠠᠭᠠᠳᠣᠭᠰᠠᠨ ᠠᠴᠠ ᠨᠠᠭᠤᠷ ᠳᠣᠭᠲᠠᠪᠠ ᠭᠡᠨ᠎ᠡ︾ ᠭᠡᠰᠡᠨ | ᠳᠣᠮᠤᠭ ᠴᠦ ᠪᠠᠰᠠ ᠪᠠᠶᠢᠳᠠᠭ ᠃ ᠪᠠᠰᠠ ︽ ᠁ ᠳᠣᠬᠢᠷ ᠳᠣᠯᠣᠭᠠᠨ ᠣᠳᠣᠨ ᠤ ᠳᠣᠰᠣᠯ ᠷᠠᠰᠢᠶᠠᠨ ᠨᠢ | ᠨᠠᠭᠤᠷ ᠪᠣᠯᠪᠠ ᠁︾ ᠭᠡᠬᠦ ᠴᠦ ᠪᠠᠶᠢᠳᠠᠭ ᠶᠤᠮ᠃ ᠨᠡᠩ ᠢᠯᠠᠩᠭᠤᠶ᠎ᠠ ᠴᠠᠭᠠᠨ ᠨᠠᠭᠤᠷ ᠪᠣᠯ ︽ᠲᠣᠭᠰᠢᠨ | ᠰᠢᠨᠵᠢ ᠲᠠᠢ ᠨᠠᠭᠤᠷ ︾ ᠭᠡᠵᠦ ᠰᠦᠮ᠎ᠡ ᠶᠢᠨ ᠯᠠᠮᠠ ᠨᠠᠷ ᠠᠴᠠ ︽ᠨᠣᠮᠣᠬᠠᠳᠬᠠᠯ ᠬᠢᠪᠡ︾ ᠭᠡᠰᠡᠨ ᠲᠡᠮᠳᠡᠭᠯᠡᠯ | ᠴᠦ ᠪᠠᠶᠢᠳᠠᠭ ᠶᠤᠮ᠃ | | ᠵᠢᠷᠭᠤᠭ᠎ᠠ᠂ ᠳᠣᠯᠣᠭᠠᠨ ᠮᠣᠩᠭᠤᠯ ᠭᠡᠷ ᠤᠨ ᠲᠣᠬᠠᠢ | ᠮᠣᠩᠭᠤᠯ ᠭᠠᠵᠠᠷ ᠲᠤ ᠮᠣᠩᠭᠤᠯ ᠭᠡᠷ ᠢᠶᠠᠷ ᠰᠠᠭᠤᠳᠠᠭ ᠪᠠ ᠢᠯᠠᠩᠭᠤᠶ᠎ᠠ ᠣᠲᠣᠷ ᠨᠡᠭᠦᠳᠡᠯ ᠬᠥᠭᠡᠭᠡᠵᠦ | ᠪᠠᠶᠢᠭᠰᠠᠨ ᠴᠠᠭ ᠦᠶ᠎ᠡ ᠪᠣᠯᠬᠤᠷ ᠠᠯᠢᠪᠠ ᠪᠦᠬᠦᠨ ᠪᠦᠷ ᠮᠣᠩᠭᠤᠯ ᠭᠡᠷ ᠢᠶᠠᠷ ᠪᠠᠶᠢᠭᠰᠠᠨ ᠭᠡᠳᠡᠭ ᠨᠢ ᠪᠣᠯ ᠪᠣᠳᠠᠳᠠᠢ | ᠲᠠᠢ ᠨᠡᠶᠢᠴᠡᠬᠦ ᠶᠠᠪᠣᠳᠠᠯ ᠶᠤᠮ᠃ ᠡᠭᠦᠨ ᠳᠤ ︽ᠯᠠᠮᠠ ᠶᠢᠨ ᠬᠦᠷᠢᠶ᠎ᠡ︾ ᠰᠦᠮ᠎ᠡ ᠶᠢ ᠠᠩᠬ᠎ᠠ ᠪᠠᠶᠢᠭᠤᠯᠬᠤ ᠦᠶᠡᠰ | ᠳᠤ᠂ ᠰᠦᠮ᠎ᠡ ᠳᠣᠭᠠᠩ ᠪᠠᠷᠢᠬᠤ ᠠᠴᠠ ᠡᠮᠦᠨ᠎ᠡ ᠪᠣᠶᠣ ᠰᠦᠮ᠎ᠡ ᠪᠠᠷᠢᠬᠤ ᠭᠠᠵᠠᠷ ᠢ ᠰᠣᠩᠭᠤᠵᠦ ᠪᠠᠶᠢᠬᠤ ᠳᠠᠭᠠᠨ | ᠯᠠᠮᠨᠠᠷ ᠮᠣᠩᠭᠤᠯ ᠭᠡᠷ ᠲᠣᠭᠤᠷᠢᠭᠤᠯᠣᠨ ᠪᠠᠷᠢᠵᠦ ᠰᠠᠭᠤᠭᠠᠳ ᠬᠤᠷᠠᠯ ᠬᠤᠷᠠᠳᠠᠭ ⑦ ᠪᠠᠶᠢᠪᠠ ᠭᠡᠳᠡᠭ ᠶᠤᠮ᠃ | ᠮᠥᠨᠴᠦ ᠦᠵᠦᠮᠦᠴᠢᠨ ᠲᠡᠣᠬᠡ ᠰᠣᠳᠣᠯᠭᠠᠨ ᠳᠤ ᠲᠡᠮᠳᠡᠭᠯᠡᠯ ᠲᠠᠢ ︽ᠬᠦᠷᠢᠶ᠎ᠡ ᠰᠦᠮ᠎ᠡ︾ ᠭᠡᠰᠡᠨ ᠨᠡᠷᠡᠶᠢᠳᠡᠯ ᠤᠨ | ᠢᠷᠡᠯᠲᠡ ᠭᠡᠵᠦ ᠬᠦᠮᠦᠰ ᠦᠵᠡᠳᠡᠭ ᠪᠠᠶᠢᠨ᠎ᠠ ᠃ | | ᠳᠣᠯᠤᠭ᠎ᠠ᠂ ᠳᠣᠯᠣᠭᠠᠨ ᠵᠠᠩ ᠪᠠᠶᠢᠰᠢᠩ ᠤᠨ ᠲᠣᠬᠠᠢ | ᠠᠬᠠᠮᠠᠳ ᠤᠨ ᠬᠠᠭᠤᠴᠢᠯᠠᠭᠰᠠᠨ ᠢᠶᠠᠷ ︽ ᠮᠣᠯᠣᠮ ᠯᠠᠮᠠ ᠶᠢᠨ ᠬᠦᠷᠢᠶ᠎ᠠ ︾ ᠰᠦᠮ᠎ᠡ ᠶᠢᠨ ᠬᠠᠮᠤᠭ | ᠠᠩᠬᠠᠨ ᠤ ᠪᠠᠷᠢᠯᠭ᠎ᠠ ᠳᠠᠮᠴᠣᠶᠢᠭᠠᠰᠠᠯ ᠯᠢᠩ ᠬᠡᠶᠢᠳ ⑧ ᠢ ᠪᠠᠷᠢᠭᠰᠠᠨ ᠠᠴᠠ ᠳᠠᠷᠠᠭᠠᠬᠠᠨ ᠰᠠᠩ ᠤᠨ ᠬᠦᠪᠡᠭᠦᠳ | ᠤᠨ ᠰᠠᠭᠤᠬᠤ ᠭᠡᠷ ᠭᠡᠮᠡᠨ ᠳᠣᠯᠣᠭᠠᠨ ᠵᠠᠩ ᠬᠦᠬᠡ ᠸᠠᠭᠠᠷ ᠤᠨ ᠪᠠᠶᠢᠰᠢᠩ ᠢ ᠪᠠᠷᠢᠭᠰᠠᠨ ᠪᠠᠶᠢᠵᠡᠢ᠃ ᠬᠦᠮᠦᠰ | ᠲᠡᠭᠦᠨ ᠢ ︽ᠳᠣᠯᠣᠭᠠᠨ ᠵᠠᠩ ︾ ᠭᠡᠵᠦ ᠨᠡᠷᠡᠯᠡᠭᠰᠡᠨ ᠪᠠᠶᠢᠵᠡᠢ᠃ ᠶᠠᠭᠤ ᠪᠣᠯᠣᠭᠰᠠᠨ ᠴᠦ ᠪᠢᠳᠡᠨ ᠢ ᠰᠣᠷᠭᠠᠭᠤᠯᠢ | ᠳᠤ ᠰᠠᠭᠤᠬᠤ ᠳᠤ ᠲᠡᠷᠡᠬᠦ ︽ᠳᠣᠯᠣᠭᠠᠨ ᠵᠠᠩ ︾ ᠭᠡᠳᠡᠭ ᠪᠠᠶᠢᠰᠢᠩ ᠪᠣᠯ ᠰᠣᠷᠣᠭᠴᠢ ᠶᠢᠨ ᠪᠠᠶᠢᠷᠢ ᠪᠠᠶᠢᠵᠦ᠂ | 1966 ᠣᠨ ᠢᠷᠡᠲᠡᠯ᠎ᠡ ᠪᠦᠷᠢᠨ ᠪᠦᠲᠦᠨ ᠢᠶᠠᠷ ᠢᠶᠠᠨ ᠪᠠᠶᠢᠭᠰᠠᠨ ᠭᠡᠳᠡᠭ ᠢ ᠣᠣᠯ ᠤᠨ ︽ ᠳᠣᠯᠣᠳᠭᠤᠪᠢ ᠪᠠᠭ᠎ᠠ | ᠰᠣᠷᠭᠠᠭᠤᠯᠢ︾ ᠶᠢᠨ ᠰᠣᠷᠣᠭᠴᠢᠳ ᠠᠠᠳᠠᠬᠤ ᠦᠭᠡᠢ ᠮᠡᠳᠡᠬᠦ ᠶᠤᠮ ᠃ | ᠳᠡᠭᠡᠷᠡᠬᠢ ᠬᠡᠳᠣᠨ ᠵᠣᠷᠪᠣᠰ ᠢ ᠬᠤᠷᠢᠶᠠᠩᠭᠤᠶᠢᠯᠠᠭᠠᠳ ᠬᠡᠯᠡᠪᠡᠯ᠂ ᠲᠡᠳᠡᠭᠡᠷ ᠲᠡᠣᠬᠡ ᠶᠢᠨ ᠲᠡᠮᠳᠡᠭᠯᠡᠯ᠂ | ᠳᠣᠮᠤᠭ , ᠣᠯᠠᠮᠵᠢᠯᠠᠯ᠂ ᠪᠣᠳᠠᠳᠦ ᠭᠡᠷᠡᠴᠢ ᠵᠡᠷᠭᠡ ᠠᠴᠠ ᠠᠵᠢᠭᠯᠠᠬᠤ ᠳᠤ ᠡᠳᠣᠭᠡ ᠶᠢᠨ ᠵᠡᠭᠦᠨ ᠦᠵᠦᠮᠦᠴᠢᠨ | ᠬᠤᠰᠢᠭᠤᠨ ᠤ ᠲᠥᠪ ᠣᠯᠢᠶᠠᠰᠣᠲᠠᠢ ᠪᠠᠯᠭᠠᠰᠣ ᠪᠣᠯ ᠲᠡᠣᠬᠡᠨ ᠠᠴᠠ ᠠᠯᠳᠠᠷ ᠲᠠᠢ ︽ᠮᠣᠯᠠᠮ ᠯᠠᠮᠠ ᠶᠢᠨ ᠬᠦᠷᠢᠶ᠎ᠡ︾ | ᠰᠦᠮ᠎ᠡ ᠶᠢᠨ ᠬᠠᠷᠢᠶᠠᠲᠦ ᠨᠣᠲᠤᠭ — ︽ᠳᠣᠯᠣᠭᠠᠳ ᠤᠨ ᠭᠤᠪᠢ ︾ ᠶᠢᠨ ᠳᠡᠡᠵᠢᠨ ᠳᠡᠭᠡᠷ᠎ᠡ ᠴᠡᠴᠡᠭᠯᠡᠨ | ᠬᠥᠭᠵᠢᠭᠰᠡᠨ ᠭᠠᠵᠠᠷ ᠪᠣᠯᠬᠤ ᠨᠢ ᠳᠠᠮᠵᠢᠭ ᠦᠭᠡᠢ ᠶᠤᠮ᠃ ᠮᠥᠨ ᠴᠦ ᠲᠡᠣᠬᠡᠨ ᠳᠤ ᠠᠯᠳᠠᠷ ᠲᠠᠢ ︽ᠳᠣᠯᠣᠭᠠᠨ | ᠬᠠᠳ ︾ ᠤᠨ ᠨᠣᠶᠢᠷᠰᠠᠭᠰᠠᠨ ᠲᠡᠣᠬᠡ ᠶᠢᠨ ᠳᠣᠷᠠᠰᠬᠠᠯᠲᠦ ᠭᠠᠵᠠᠷ ᠮᠥᠨ ᠭᠡᠵᠦ ᠦᠵᠡᠵᠦ ᠪᠠᠶᠢᠨ᠎ᠠ᠃ | ᠢᠩᠭᠢᠬᠦᠯᠡᠷ ︽ᠳᠣᠯᠣᠭᠠᠳ︾ ᠭᠡᠳᠡᠭ ᠭᠠᠵᠠᠷ ᠪᠣᠯ ᠶᠣᠸᠠᠨ ᠣᠯᠣᠰ ᠤᠨ ᠦᠶ᠎ᠡ ᠠᠴᠠ ᠠᠪᠣᠭᠠᠳ ᠴᠡᠷᠢᠭ | ᠳᠠᠶᠢᠨ ᠤ ᠴᠢᠬᠤᠯᠠ ᠭᠠᠵᠠᠷ ᠪᠠᠶᠢᠭᠰᠠᠨ ᠪᠦᠭᠡᠳ ︽ᠳᠣᠯᠣᠳ︾ ᠢ ᠪᠠᠰᠠ ᠡᠷᠲᠡᠨ ᠠᠴᠠ ᠳᠣᠮᠤᠭ ᠲᠡᠣᠬᠡ ᠲᠠᠢ | ᠭᠠᠵᠠᠷ ᠶᠤᠮ ᠪᠠᠶᠢᠨ᠎ᠠ᠃ ᠪᠠᠰᠠ ᠨᠢᠭᠡᠨ ᠪᠠᠷᠢᠮᠲᠠ ᠭᠡᠪᠡᠯ ᠣᠳᠣ ᠶᠢᠨ ᠣᠯᠢᠶᠠᠰᠣᠲᠠᠢ ᠪᠠᠯᠭᠠᠰᠣᠨ ᠤ ᠪᠠᠷᠠᠭᠤᠨ | ᠡᠮᠦᠨ᠎ᠡ ᠪᠠᠶᠢᠭ᠎ᠠ ︽ ᠣᠩᠭᠤᠨᠳᠣᠷᠠᠯ︾ ᠤᠨ ᠬᠥᠰᠢᠶ᠎ᠡ ᠲᠠᠢ ᠬᠤᠯᠪᠣᠭᠳᠠᠬᠤ ᠶᠠᠪᠣᠳᠠᠯ ᠪᠣᠯᠣᠨ᠎ᠠ᠃ ᠣᠯᠠᠮᠵᠢᠯᠠᠯ | ᠢᠶᠠᠷ ︽ᠣᠩᠭᠤᠨ ᠴᠠᠪᠴᠢᠷ︾ ᠳᠤ ᠦᠵᠦᠮᠦᠴᠢᠨ ᠤ ᠳᠡᠭᠡᠳᠣᠰ — ᠣᠩᠭᠤᠨᠳᠣᠷᠠᠯ ︵1600 ᠣᠨ ᠤ ᠲᠥᠯᠥᠪ | ᠳᠤ︶ ᠨᠣᠶᠠᠨ ᠤ ᠣᠩᠭᠤᠨ ᠬᠥᠰᠢᠶ᠎ᠡ ᠪᠠᠶᠢᠳᠠᠭ ᠪᠠᠶᠢᠨ᠎ᠠ᠃ ᠰᠢᠭᠤᠳ ᠬᠡᠯᠡᠪᠡᠯ ᠣᠩᠭᠤᠨᠳᠣᠷᠠᠯ ᠨᠣᠶᠠᠠᠲᠠᠨ ᠲᠠᠭᠠᠯᠠᠯ | ᠲᠡᠭᠦᠰᠬᠦ ᠦᠶ᠎ᠡ ᠳᠤ ᠬᠡᠯᠡᠯᠭᠡᠨ ᠦᠭᠡᠢ ︽ᠳᠣᠯᠣᠳ︾ ᠨᠣᠳᠤᠭ ᠪᠣᠯ ᠣᠢ ᠮᠣᠳᠣ ᠡᠯᠪᠡᠭ ᠳᠡᠯᠪᠡᠭ᠂ ᠡᠪᠡᠰᠣ | ᠣᠷᠭᠤᠮᠠᠯ ᠲᠠᠩᠰᠤᠭ ᠰᠠᠬᠤᠯᠠᠭ᠂ ᠣᠰᠣ ᠪᠣᠯᠠᠭ ᠣᠷᠭᠢᠯᠣᠮ᠎ᠠ ᠴᠠᠯᠭᠢᠯᠣᠮᠠ᠂ ᠭᠠᠩᠭᠠᠨ ᠪᠠᠶᠢᠭᠠᠯᠢ ᠪᠠᠶᠢᠭᠰᠠᠨᠡᠴᠠ | ᠨᠠᠳᠡ ᠣᠷᠣᠰᠢᠭᠤᠯᠣᠭᠰᠠᠨ ᠪᠣᠯᠣᠯᠲᠠᠢ ᠭᠡᠵᠦ ᠪᠣᠳᠣᠵᠦ ᠪᠠᠶᠢᠨ᠎ᠠ᠃ ᠳᠠᠬᠢᠭᠠᠳ ᠬᠡᠯᠡᠪᠡᠯ ᠦᠵᠦᠮᠦᠴᠢᠨ ᠤ ᠦᠯᠢᠭᠡᠷ | ᠳᠣᠮᠤᠭ ᠲᠤ ᠦᠵᠦᠮᠦᠴᠢᠨᠴᠣᠳ ᠬᠠᠲᠠᠪᠴᠢ᠂ ᠡᠭᠦᠳᠡ ᠭᠡᠭᠴᠢ ᠬᠤᠭᠤᠯᠠᠢ ᠪᠠᠨ ᠨᠡᠭᠦᠵᠦ ᠢᠷᠡᠭᠡᠳ ︽ᠳᠣᠯᠣᠳ | ᠤᠨ ᠭᠤᠪᠢ︾ ᠳᠤ ᠨᠢᠭᠡ ᠬᠤᠭᠤᠴᠠᠭ᠎ᠠ ᠰᠠᠭᠤᠵᠦ᠂ ᠳᠣᠯᠣᠭᠠᠨ ᠲᠣᠯᠣᠭᠠᠢ ᠳᠡᠭᠡᠷ᠎ᠡ ︽ᠡᠪᠦᠭᠡᠨ ᠰᠦᠯᠳᠡ ︵ | ᠴᠢᠩᠭᠢᠰ ᠤᠨ ᠰᠦᠯᠳᠡ︶︾ ᠪᠠᠨ ᠮᠣᠩᠭᠤᠯ ᠭᠡᠷ ᠢᠶᠠᠷ ᠳᠠᠬᠢᠵᠦ ᠪᠠᠶᠢᠭᠰᠠᠨ ᠪᠠ ᠲᠡᠷᠡ ᠬᠦ ᠰᠦᠯᠲᠡᠨ ᠭᠡᠷ ᠤᠨ | ᠪᠠᠭᠤᠴᠠ ᠶᠢ ᠣᠳᠣ ︽ᠴᠢᠩᠭᠢᠰ ᠤᠨ ᠭᠡᠷ ᠪᠠᠭᠤᠴᠠ︾ ⑨ ᠭᠡᠮᠡᠨ ᠬᠦᠨᠳᠦᠳᠭᠡᠨ ᠰᠠᠬᠢᠵᠦ ᠬᠠᠮᠠᠭᠠᠯᠠᠵᠦ ᠪᠠᠶᠢᠨ᠎ᠠ | ᠃ ᠢᠯᠠᠩᠭᠤᠶ᠎ᠠ ᠰᠢᠷ᠎ᠠ ᠶᠢᠨ ᠱᠠᠰᠢᠨ ᠳᠡᠯᠭᠡᠷᠡᠭᠰᠡᠨ ᠠᠴᠠ ᠳᠠᠷᠠᠭ᠎ᠠ ᠮᠣᠩᠭᠤᠯ ᠭᠠᠵᠠᠷ ᠲᠤ 1.3.5.7.9 ᠤᠨ | ᠲᠤᠭ᠎ᠠ ᠶᠢ ᠪᠡᠯᠭᠡ ᠳᠡᠮᠪᠡᠷᠢ ᠲᠠᠢ ᠲᠤᠭ᠎ᠠ ᠭᠡᠮᠡᠨ ᠦᠵᠡᠳᠡᠭ ᠠᠴᠠ ᠪᠣᠯᠵᠦ᠂ ᠭᠠᠵᠠᠷ ᠢ ᠲᠤᠭ᠎ᠠ ᠪᠠᠷ ᠢᠯᠡᠭᠦᠣ | ᠬᠡᠯᠡᠬᠦ ᠪᠣᠯᠵᠡᠢ ᠭᠡᠮᠡᠷ ᠪᠠᠶᠢᠨ᠎ᠠ᠃ | ᠣᠳᠣᠬᠠᠨ ᠳᠤ ︽ᠳᠣᠯᠣᠭᠠᠳ︾ ᠨᠣᠲᠤᠭ — ᠣᠯᠢᠶᠠᠰᠣᠲᠠᠢ ᠪᠠᠯᠭᠠᠰᠣ ᠨᠢ ᠰᠢᠨ᠎ᠡ ᠡᠷᠡᠨ ᠤ ᠬᠥᠭᠵᠢᠯ ᠢ | ᠬᠤᠷᠣᠶᠢᠯᠠᠨ᠂ ᠦᠨᠳᠦᠰᠦᠲᠡᠨ ᠨᠦᠭᠦᠳ ᠪᠠᠲᠦ ᠪᠦᠯᠬᠦᠮᠳᠡᠨ᠂ ᠬᠢᠯᠢ ᠬᠢᠵᠠᠭᠠᠷ ᠠᠮᠣᠷ ᠲᠥᠪᠰᠢᠨ ᠪᠠᠶᠢᠵᠦ᠂ | ᠠᠵᠦ ᠦᠢᠯᠡᠳᠪᠦᠷᠢᠯᠡᠯ ᠬᠥᠭᠵᠢᠨ᠂ ᠠᠷᠠᠳ ᠤᠨ ᠠᠮᠢᠳᠣᠷᠠᠯ ᠰᠠᠶᠢᠵᠢᠷᠠᠭᠰᠠᠨ ᠪᠠ ᠣᠳᠣᠬᠢᠴᠢᠯᠡᠯ ᠢᠷᠡᠭᠡᠳᠣᠢ ᠶᠢ | ᠳᠠᠯᠠᠯᠣᠭᠰᠠᠨ᠂ ᠬᠤᠰᠢᠭᠤ ᠨᠣᠲᠤᠭ ᠤᠨ ᠣᠯᠣᠰ ᠲᠥᠷᠦ᠂ ᠠᠵᠦ ᠠᠬᠤᠢ᠂ ᠰᠣᠶᠣᠯ᠂ ᠵᠠᠮ ᠨᠡᠪᠲᠡᠷᠡᠯᠭᠡ ᠶᠢᠨ | ᠵᠠᠬᠢᠷᠭᠠᠨ ᠤ ᠭᠤᠣᠯ ᠲᠥᠪ ᠪᠣᠯᠣᠭᠰᠠᠨ ᠪᠦᠭᠡᠳ ᠦᠵᠦᠮᠦᠴᠢᠨ ᠨᠣᠲᠤᠭ ᠤᠨ ᠪᠠᠰᠠ ᠨᠢᠭᠡᠨ ᠣᠳᠣᠨ ᠰᠣᠳᠣᠨ | ᠪᠣᠯᠵᠦ ᠴᠣᠣᠷᠢᠶᠠᠳᠣᠨ᠂ ᠠᠰᠠᠷ ᠲᠠᠭᠲᠦ ᠰᠦᠨᠳᠡᠷᠡᠯᠡᠨ᠂ ᠠᠶᠠᠯᠠᠯ ᠵᠣᠭᠠᠴᠠᠯ ᠰᠦᠯᠵᠢᠯᠳᠣᠨ᠂ ᠡᠳᠣᠷ ᠠᠴᠠ ᠪᠠᠨ | ᠡᠳᠣᠷ ᠥᠭᠡᠳᠡᠯᠡᠨ ᠮᠠᠠᠳᠣᠭᠰᠠᠨ ᠬᠤᠲᠠ ᠪᠠᠯᠭᠠᠰᠣ ᠪᠣᠯᠣᠭᠰᠠᠨ ᠪᠠᠶᠢᠨ᠎ᠠ ᠃ | | ᠵᠡᠭᠦᠨ ᠦᠵᠦᠮᠦᠴᠢᠨ ᠬᠤᠰᠢᠭᠤᠨ ᠤ ᠰᠣᠶᠣᠯ ᠲᠡᠣᠬᠡ ᠶᠢᠨ ᠨᠡᠶᠢᠭᠡᠮᠯᠢᠭ ᠤᠨ ᠭᠡᠰᠢᠭᠦᠨ | 2017.7.7 ᠳᠤ | | | ᠯᠠᠪᠯᠠᠯᠲᠠ ᠪᠣᠯᠭᠠᠭᠰᠠᠨ ᠮᠠᠲ᠋ᠧᠷᠢᠶᠠᠯ᠄ | ① ︽ ᠯᠣ ᠠᠯᠲᠠᠨ ᠲᠣᠪᠴᠢ︾᠃ 599 ᠳ᠋ᠣᠭᠠᠷ ᠨᠢᠭᠤᠷ᠃ ᠥᠪᠥᠷ ᠮᠣᠩᠭᠤᠯ ᠤᠨ ᠠᠷᠠᠳ ᠤᠨ | ᠬᠡᠪᠯᠡᠯ ᠤᠨ ᠬᠤᠷᠢᠶ᠎ᠠ᠃ 1983 ᠣᠨ᠃ | ②︽ ᠮᠣᠩᠭᠤᠯ ᠤᠨ ᠲᠡᠣᠬᠡ ᠶᠢᠨ ᠲᠣᠶᠢᠮᠣ︾᠃ 108 ᠳ᠋ᠣᠭᠠᠷ ᠨᠢᠭᠤᠷ ᠲᠤ᠃ ᠳᠣᠲᠣᠭᠠᠳᠦ ᠬᠡᠪᠯᠡᠯ᠃ | ︵ ᠳ᠋ᠠᠮᠪᠠ︶ 2004 ᠣᠨ᠃ | ③ ⑥ ︽ ᠰᠢᠯᠢ ᠶᠢᠨ ᠭᠤᠣᠯ ᠤᠨ ᠭᠠᠵᠠᠷ ᠤᠨ ᠨᠡᠷ᠎ᠡ ᠶᠢᠨ ᠳᠣᠮᠤᠭ︾᠃ 210 ᠂ 211 ᠳ᠋ᠣᠭᠡᠷ | ᠨᠢᠭᠤᠷ ᠲᠤ᠃ | ᠥᠪᠥᠷ ᠮᠣᠩᠭᠤᠯ ᠤᠨ ᠰᠣᠶᠣᠯ ᠤᠨ ᠬᠡᠪᠯᠡᠯ ᠤᠨ ᠬᠤᠷᠢᠶ᠎ᠠ᠃ 2012 ᠣᠨ᠃ | ④ ⑦⑧ ︽ ᠦᠵᠦᠮᠦᠴᠢᠨ ᠮᠣᠯᠣᠮ ᠯᠠᠮᠠ ᠶᠢᠨ ᠨᠠᠮᠲᠠᠷ︾᠃ 28 ᠂ 29 ᠳ᠋ᠣᠭᠡᠷ ᠨᠢᠭᠤᠷ ᠲᠤ᠃ | ᠳᠣᠲᠣᠭᠠᠳᠦ ᠬᠡᠪᠯᠡᠯ᠃ | ᠵᠡᠭᠦᠨ ᠦᠵᠦᠮᠦᠴᠢᠨ ᠬᠤᠰᠢᠭᠤᠨ ᠤ ᠣᠯᠣᠰ ᠲᠥᠷᠦ ᠶᠢᠨ ᠵᠥᠪᠡᠯᠡᠯᠭᠡᠨ᠃ 1990 ᠣᠨ᠃ | ⑤ ⑨ ︽ ᠡᠵᠢᠨᠠᠭᠤᠷ︾ ᠰᠡᠳᠭᠦᠯ ᠃ 2006 ᠣᠨ ᠤ 2 ᠳ᠋ᠣᠭᠠᠷ ᠬᠤᠭᠤᠴᠠᠭ᠎ᠠ ᠳᠤ᠃ | |