ᠮᠤᠩᠭᠤᠯ ᠤᠯᠤᠰ ᠤᠨ ᠡᠷᠳᠡᠨᠢᠴᠠᠭᠠᠨ ᠰᠤᠮᠤᠨ ᠳᠠᠬᠢ ᠦᠵᠦᠮᠦᠴᠢᠨ  ︵ᠭᠤᠷᠪᠠ︶
ᠨᠡᠶᠢᠲᠡᠯᠡᠭᠰᠡᠨ ᠴᠠᠭ᠄
2017/6/19
               ᠮᠤᠩᠭᠤᠯ ᠤᠯᠤᠰ ᠤᠨ ᠡᠷᠳᠡᠨᠢᠴᠠᠭᠠᠨ ᠰᠤᠮᠤᠨ ᠳᠠᠬᠢ ᠦᠵᠦᠮᠦᠴᠢᠨ  ︵ᠭᠤᠷᠪᠠ︶         ᠠᠷᠪᠠᠳᠤᠭᠠᠷ ᠪᠦᠯᠦᠭ  ᠠᠮᠢᠳᠤᠷᠠᠯ ᠪᠠᠶᠠᠨ ᠢ ᠨᠤᠳᠠᠯᠠᠭᠰᠠᠨ ᠠᠯᠳᠠᠨ ᠰᠠᠶᠢᠬᠠᠨ ᠲᠤᠷᠠᠰᠤᠮᠵᠢ ᠤᠳ      ⑴ ᠦᠵᠦᠮᠦᠴᠢᠨ ᠪᠦᠬᠡᠴᠦᠳ ᠤᠨ ᠦᠯᠡᠮᠵᠢ ᠭᠠᠶᠢᠬᠠᠮᠰᠢᠭ ᠭᠡᠬᠦ ᠬᠡᠰᠡᠭ ᠲᠤ       ᠦᠵᠦᠮᠦᠴᠢᠨ ᠪᠦᠬᠡᠴᠦᠳ ᠤᠨ ᠲᠤᠬᠠᠢ ᠲᠤᠷᠠᠰᠬᠤ ᠳᠠᠭᠠᠨ ᠡᠬᠡ ᠮᠤᠩᠭᠤᠯ ᠨᠤᠲᠤᠭ ᠳᠠᠭᠠᠨ ᠨᠡᠭᠦᠳᠡᠯᠯᠡᠨ ᠢᠷᠡᠵᠦ ᠠᠮᠢᠳᠤᠷᠠᠵᠦ ᠪᠠᠶᠢᠭᠰᠠᠨ ᠨᠤᠲᠤᠭ ᠤᠨ ᠪᠤᠭᠤᠷᠤᠯ ᠲᠡᠭᠡᠳᠦᠰ ᠢᠶᠠᠨ ᠡᠬᠢᠯᠡᠨ ᠲᠤᠷᠠᠰᠮᠤ᠂ ᠦᠵᠦᠮᠦᠴᠢᠨ ᠤ ᠠᠯᠳᠠᠷᠳᠤ ᠪᠦᠭᠡ ᠨ᠊  ᠴᠤᠶᠢᠵᠦᠦ 512 ᠪᠦᠬᠡ ᠳᠤ ᠬᠤᠶᠠᠷ ᠲᠡᠷᠢᠭᠦᠯᠨᠵᠦ᠂ ᠨᠢᠭᠡ ᠦᠵᠦᠭᠦᠷᠯᠡᠭᠰᠡᠨ ᠪᠤᠯ 256 ᠪᠦᠬᠡ ᠳᠤ ᠬᠡᠳᠦ ᠬᠡᠳᠦᠨ ᠤᠳᠠᠭ᠎ᠠ ᠲᠡᠷᠢᠭᠦᠯᠡᠵᠦ ᠦᠵᠦᠭᠦᠷᠯᠡᠭᠰᠡᠨ ᠪᠠᠷᠢᠮᠳᠠ ᠨᠢ ᠬᠦᠬᠡ ᠪᠡᠴᠢᠨ ᠵᠢᠯ ᠪᠤᠶᠤ 1944 ᠤᠨ ᠳᠤ ᠰᠢᠯᠢ ᠶᠢᠨ ᠭᠤᠤᠯ ᠤᠨ ᠠᠷᠪᠠᠨ ᠬᠤᠰᠢᠭᠤ ᠴᠢᠭᠤᠯᠭᠠᠨ ᠤ ᠶᠡᠭᠡ ᠨᠠᠶᠢᠷ ᠲᠤ 512 ᠪᠦᠭᠡ ᠪᠠᠷᠢᠯᠳᠤᠵᠦ ᠬᠦᠷᠢᠶ᠎ᠡ ᠪᠤᠶᠠᠨᠴᠤᠭᠳᠤ ᠲᠡᠷᠢᠭᠦᠯᠡᠵᠦ ᠨᠠᠮᠰᠤᠷᠠᠢ ᠶᠢᠨ ᠴᠤᠶᠢᠵᠤᠤ ᠲᠡᠳ᠋ᠯᠡᠪᠡ ︵ᠦᠵᠦᠭᠦᠷᠯᠡᠪᠡ︶ ᠭᠡᠵᠦ ︽ᠦᠵᠦᠮᠦᠴᠢᠨ ᠪᠦᠭᠡ︾ ᠨᠤᠮ ᠳᠤ ᠪᠢᠴᠢᠵᠡᠢ᠃ ᠡᠨᠡ ᠠᠯᠳᠠᠷᠳᠦ ᠪᠦᠭᠡ ᠶᠢᠨ ᠵᠤᠳᠤᠭ ᠰᠦᠬᠡᠪᠠᠭᠠᠳᠤᠷ ᠠᠶᠢᠮᠠᠭ ᠤᠨ ᠤᠷᠤᠨ ᠨᠤᠲᠤᠭ ᠤᠨ ᠮᠦᠽᠸᠢ ᠳᠤ ᠬᠠᠳᠠᠭᠠᠯᠠᠭᠳᠠᠵᠦ ᠪᠠᠶᠢᠨ᠎ᠠ᠃ ᠴᠠᠭᠠᠨ ᠯᠤᠤ ᠵᠢᠯ ᠪᠤᠶᠤ 1940 ᠤᠨ ᠳᠤ ᠦᠪᠦᠷ ᠮᠤᠩᠭᠤᠯ ᠠᠴᠠ ᠶᠠᠫᠤᠨ ᠤᠯᠤᠰ ᠲᠤ ᠪᠦᠬᠡ ᠪᠤᠯᠤᠨ ᠲᠠᠭᠤᠤ ᠬᠦᠭᠵᠢᠮᠴᠢᠳ ᠨᠡᠶᠢᠯᠡᠭᠰᠡᠨ ᠭᠤᠷᠪᠠᠨ ᠵᠠᠭᠤᠭᠠᠳ ᠬᠦᠮᠦᠨ ᠤ ᠪᠦᠷᠢᠯᠳᠦᠬᠦᠨ ᠲᠠᠢ ᠵᠢᠭᠤᠯᠠᠴᠢᠯᠠᠬᠤ ᠤᠷᠢᠯᠭ᠎ᠠ ᠶᠢᠨ ᠲᠤᠭᠯᠠᠯᠳᠠ ᠶᠠᠪᠤᠭᠳᠠᠵᠦ ᠪᠦᠬᠡ ᠶᠢᠨ ᠦᠵᠡᠬᠦᠯᠬᠦ ᠪᠠᠷᠢᠯᠳᠤᠭᠠᠨ ᠳᠤ 128 ᠪᠦᠬᠡ ᠪᠠᠷᠢᠯᠳᠤᠭᠰᠠᠨ ᠠᠴᠠ ᠲᠤᠬᠠᠢ ᠶᠢᠨ ᠦᠶ᠎ᠡ ᠶᠢᠨ ᠪᠠᠷᠠᠭᠤᠨ ᠦᠵᠦᠮᠦᠴᠢᠨ ᠬᠤᠰᠢᠭᠤᠨ ᠤ ᠰᠢᠨ᠎ᠡ ᠰᠦᠮ᠎ᠡ ᠶᠢᠨ ᠡᠰᠡᠷᠡᠭ ᠭᠡᠳᠡᠭ ᠪᠦᠬᠡ ᠲᠡᠷᠢᠭᠦᠯᠡᠵᠡᠢ᠃ ᠮᠦᠨ ᠡᠨᠡ ᠦᠶ᠎ᠡ ᠪᠠᠷ ᠶᠠᠫᠤᠨᠴᠤᠳ ᠦᠵᠦᠮᠦᠴᠢᠨ ᠪᠦᠬᠡᠴᠦᠳ ᠢ ᠰᠤᠮᠤᠤ ᠶᠢᠨ ᠬᠤᠶᠠᠷ ᠶᠡᠭᠡ ᠠᠪᠤᠷᠭᠤ ᠲᠠᠢ ᠪᠠᠨ ᠪᠠᠷᠢᠯᠳᠤᠭᠤᠯᠬᠤ ᠳᠤ ᠡᠰᠡᠷᠡᠭ ᠬᠤᠶᠠᠭᠤᠯᠠ ᠶᠢ ᠨᠢ ᠬᠦᠨᠳᠡᠷᠡᠬᠦ ᠪᠤᠶᠤ ᠬᠦᠮᠦᠷᠢᠬᠦ ᠮᠡᠭᠡ ᠪᠠᠷ ᠢᠯᠠᠵᠦ ᠶᠠᠫᠤᠨᠴᠤᠳ ᠢ ᠠᠯᠮᠠᠶᠢᠷᠠᠭᠤᠯᠤᠨ ᠭᠠᠶᠢᠬᠠᠰᠢᠷᠠᠭᠤᠯᠵᠠᠢ᠃ ᠮᠦᠨ ᠡᠨᠡ ᠪᠠᠷᠢᠯᠳᠤᠭᠠᠨ ᠳᠤ ᠤᠷᠤᠯᠴᠠᠭᠰᠠᠨ ᠪᠦᠬᠡᠴᠦᠳ ᠢ ᠱᠠᠩᠨᠠᠵᠦ ᠤᠷᠠᠮᠰᠢᠭᠤᠯᠵᠦ ᠪᠠᠶᠢᠭᠰᠠᠨ ᠢ ᠲᠤᠲᠤ ᠵᠢᠱᠢᠶ᠎ᠡ ᠨᠢ᠄ ᠴᠤᠶᠢᠵᠤᠤ ᠠᠪᠤᠭᠠᠢ ᠳᠤ ᠫᠦᠨᠴᠢᠨ ᠭᠡᠳᠡᠭ ᠬᠦᠭᠵᠢᠮ ᠬᠠᠳᠠᠭᠠᠯᠠᠭᠳᠠᠵᠦ ᠪᠠᠶᠢᠭᠰᠠᠨ ᠠᠴᠠ 1970 ‍ᠭᠠᠳ ᠤᠨ ᠤ ᠦᠶ᠎ᠡ ᠳᠤ ᠰᠤᠮᠤᠨ ᠤ ᠺᠯᠤᠪ ᠤᠨ ᠠᠭᠤᠯᠠᠬᠤ ᠳᠤ ᠪᠠᠶᠢᠵᠦ ᠪᠠᠶᠢᠭᠠᠳ 1990 ‍ᠭᠠᠳ ᠤᠨ ᠤ ᠦᠶ᠎ᠡ ᠳᠤ ᠠᠯᠠᠭ᠎ᠠ ᠪᠤᠯᠵᠦ ᠨᠢᠭᠡ ᠲᠤᠷᠠᠰᠬᠠᠯ ᠤᠨ ᠵᠡᠮᠰᠡᠭ ᠦᠷᠡᠨ ᠲᠠᠷᠠᠨ ᠪᠤᠯᠤᠭᠰᠠᠨ ᠲᠡᠮᠳᠡᠭᠯᠡᠯ ᠲᠠᠢ ᠲᠡᠤᠬᠡ ᠪᠢᠴᠢᠭᠳᠡᠵᠡᠢ᠃       ᠲᠡᠭᠦᠨᠴᠢᠯᠡᠨ ᠡᠨᠡ ᠠᠯᠳᠠᠷᠳᠤ ᠪᠦᠬᠡ ᠶᠢᠨ ᠤᠳᠤᠮ ᠦᠪᠡᠷ ᠢᠶᠠᠷ ᠨᠢ ᠲᠠᠭᠤᠰᠤᠭᠰᠠᠨ ᠨᠢ ᠬᠠᠷᠠᠮᠰᠠᠯᠳᠠᠢ ᠶᠤᠮ ᠃ ᠮᠦᠨ ᠮᠦᠩᠭᠡ ᠶᠢᠨ ᠶᠢᠨ ᠲᠡᠮᠦᠷ ᠭᠡᠵᠦ ᠰᠠᠶᠢᠨ ᠪᠦᠬᠡ ᠪᠠᠶᠢᠵᠠᠢ᠃ ᠡᠨᠡ ᠪᠦᠬᠡ 512 ᠪᠦᠬᠡ ᠳᠤ᠂ ᠲᠡᠭᠡᠷ᠎ᠡ ᠲᠦᠷᠪᠡ ᠲᠤ ᠬᠤᠶᠠᠷ ᠤᠳᠠᠭ᠎ᠠ ᠦᠯᠡᠳᠡᠵᠦ᠂ 256 ᠪᠦᠬᠡ ᠳᠤ ᠬᠤᠶᠠᠷ ᠤᠳᠠᠭ᠎ᠠ ᠲᠡᠷᠢᠭᠦᠯᠡᠵᠦ᠂ ᠭᠤᠷᠪᠠ ᠲᠡᠳ᠋ᠯᠡᠵᠡᠢ᠃ ᠡᠳᠡᠭᠡᠷ ᠨᠢ ᠦᠵᠦᠮᠦᠴᠢᠨ ᠤ ᠲᠡᠭᠡᠳᠦᠰ ᠬᠢᠷᠢ ᠰᠠᠶᠢᠨ ᠪᠦᠬᠡᠴᠦᠳ ᠲᠠᠢ ᠪᠠᠶᠢᠭᠰᠠᠨ ᠢ ᠬᠠᠷᠠᠭᠤᠯᠵᠦ ᠪᠠᠶᠢᠭ᠎ᠠ ᠬᠡᠷᠡᠭ᠃ ᠮᠤᠩᠭᠤᠯ ᠳᠤ ᠢᠷᠡᠭᠰᠡᠨ ᠴᠦᠭᠡᠨ ᠬᠡᠳᠦᠨ ᠦᠵᠦᠮᠦᠴᠢᠨ ᠨᠦᠭᠦᠳ ᠠᠴᠠ ᠲᠦᠷᠦᠭᠰᠡᠨ ᠠᠶᠢᠮᠠᠭ ᠰᠤᠮᠤᠨ ᠤ ᠴᠤᠯᠠ ᠲᠠᠢ ᠪᠦᠬᠡᠴᠦᠳ ᠭᠡᠪᠡᠯ᠄      ⒈ ᠠᠶᠢᠮᠠᠭ ᠤᠨ ᠠᠷᠰᠯᠠᠨ ᠪᠠᠶ᠋ᠬᠠᠷᠬᠡᠳᠦ ᠶᠢᠨ ᠨᠤᠮᠤᠨᠭᠡᠷᠡᠯ      ⒉ ᠠᠶᠢᠮᠠᠭ ᠤᠨ ᠠᠷᠰᠯᠠᠨ ᠪᠠᠯᠵᠢᠨᠨᠢᠩᠪᠤ ᠶᠢᠨ ᠴᠤᠭᠰᠤᠮ      ⒊ ᠴᠡᠷᠢᠭ ᠤᠨ ᠠᠷᠰᠯᠠᠨ ᠲᠡᠮᠦᠷ ᠤᠨ ᠫᠧᠯᠵᠡᠢ      ⒋ ᠠᠶᠢᠮᠠᠭ ᠤᠨ ᠵᠠᠭᠠᠨ ᠲᠠᠯᠠᠢ ᠶᠢᠨ ᠡᠷᠬᠢᠮ      ⒌ ᠠᠶᠢᠮᠠᠭ ᠤᠨ ᠵᠠᠭᠠᠨ ᠴᠤᠭᠰᠤᠮ ᠤᠨ ᠮᠦᠩᠬᠡᠪᠠᠳᠤ      ⒍ ᠠᠶᠢᠮᠠᠭ ᠤᠨ ᠨᠠᠴᠢᠨ ᠵᠠᠳᠠᠮᠪᠠ ᠶᠢᠨ ᠪᠠᠭᠠᠳᠤᠷᠴᠤᠭᠳᠤ      ⒎ ᠰᠤᠮᠤᠨ ᠤ ᠵᠠᠭᠠᠨ ᠲᠠᠮᠢᠷᠠᠨ ᠤ ᠪᠠᠭᠠᠳᠤᠷ      ⒏ ᠰᠤᠮᠤᠨ ᠤ ᠵᠠᠭᠠᠨ ᠦᠯᠵᠡᠶᠢᠬᠤᠳᠤᠭ ᠤᠨ ᠤᠷᠳᠤᠨᠠᠰᠤᠨ      ⒐ ᠰᠤᠮᠤᠨ ᠤ ᠵᠠᠭᠠᠨ ᠤᠷᠳᠤᠨᠠᠰᠤᠳᠤ ᠶᠢᠨ ᠲᠦᠮᠡᠨᠳᠡᠮᠪᠡᠷᠡᠯ      ⒑ ᠰᠤᠮᠤᠨ ᠤ ᠵᠠᠭᠠᠨ ᠵᠢᠭᠮᠢᠳ ᠤᠨ ᠲᠠᠪᠬᠠᠢ      ⒒ ᠰᠤᠮᠤᠨ ᠤ ᠨᠠᠴᠢᠨ ᠭᠦᠯᠦᠭᠡ ᠶᠢᠨ ᠵᠢᠮᠪᠠ      ⒓ ᠰᠤᠮᠤᠨ ᠨᠠᠴᠢᠨ ᠮᠦᠩᠬᠡ ᠶᠢᠨ ᠰᠠᠶᠢᠨᠪᠠᠶᠠᠷ      ⒔ ᠰᠤᠮᠤᠨ ᠤ ᠨᠠᠴᠢᠨ ᠴᠤᠭᠰᠤᠮ ᠤᠨ ᠪᠠᠳᠤᠬᠤᠶᠠᠭ ᠡᠳᠡᠭᠡᠷ ᠪᠦᠬᠡᠴᠦᠳ ᠲᠦᠷᠦᠨ ᠭᠠᠷᠤᠭᠠᠳ ᠪᠠᠶᠢᠨ᠎ᠠ᠃      ᠲᠡᠭᠦᠨ ᠠᠴᠠ ᠭᠠᠳᠠᠨ᠎ᠠ ᠦᠵᠦᠮᠦᠴᠢᠨ ᠪᠦᠬᠡᠴᠦᠳ ᠮᠠᠨᠢ ᠭᠠᠶᠢᠬᠠᠯᠳᠠᠢ ᠪᠠᠶᠠᠷᠳᠠᠢ ᠪᠠᠶᠢᠵᠠᠢ᠂ ᠲᠤᠬᠠᠶᠢᠯᠠᠪᠠᠯ᠄ ᠨᠤᠷᠪᠤ ᠶᠢᠨ ᠦᠯᠵᠡᠶᠢᠬᠤᠳᠤᠭ᠂ ᠤᠨᠠᠭ᠎ᠠ ᠶᠢᠨ ᠲᠤᠯᠮ᠎ᠠ᠂ ᠵᠤᠮ᠎ᠠ ᠶᠢᠨ ᠬᠤᠤᠬᠠᠢ᠂ ᠪᠠᠳᠤ ᠶᠢᠨ ᠯᠢᠩᠬᠸ᠎ᠠ ᠵᠡᠷᠭᠡ ᠮᠠᠭᠤᠬᠠᠨ ᠡᠷᠡᠰ ᠢ ᠲᠠᠭᠠᠭᠤᠯᠬᠤ ᠦᠭᠡᠢ ᠪᠠᠶᠠᠷ ᠲᠠᠢ ᠪᠠᠰᠠ ᠡᠷᠡᠮᠡᠭᠡᠢ ᠨᠢ ᠬᠡᠳᠦᠶᠢᠳᠦᠭᠰᠡᠨ ᠪᠦᠰᠡᠭᠦᠶᠢᠴᠦᠳ ᠶᠤᠮ᠃ ᠲᠡᠳᠡ ᠨᠠᠷ ᠨᠢ ᠶᠠᠮᠠᠷ ᠴᠤ ᠡᠮᠨᠢᠭ ᠠᠳᠤᠭᠤ ᠶᠢ ᠴᠢᠬᠢᠳᠦᠭᠡᠳ ᠠᠪᠬᠤ ᠳᠤ ᠲᠡᠯ ᠢ ᠨᠢ ᠬᠠᠶᠢᠴᠢᠯᠠᠭᠠᠳ ᠲᠠᠭᠤᠰᠳᠠᠯ᠎ᠠ ᠴᠠᠬᠢᠷᠠᠭᠤᠯᠤᠭᠠᠳ ᠰᠢᠭᠡᠰᠦ ᠨᠢ ᠱᠦᠭᠦᠷᠡᠭᠡᠳ ᠵᠤᠭᠰᠤᠵᠦ ᠪᠠᠶᠢᠳᠠᠭ ᠪᠠᠶᠢᠵᠠᠢ᠃ ᠮᠦᠨ ᠦᠯᠵᠡᠶᠢᠬᠤᠳᠤᠭ ᠠᠨᠢᠶ᠎ᠠ ᠶᠢᠨ ᠡᠪᠦᠭᠡᠨ ᠠᠯᠳᠠᠨᠭᠡᠷᠡᠯ ᠨᠧᠷᠨ᠎ᠡ ᠠᠵᠢᠶ᠎ᠠ ᠵᠠᠯᠠᠭᠤ ᠽᠠᠨᠳᠠᠨ ᠨᠠᠰᠤᠨ ᠳᠠᠭᠠᠨ ᠡᠮᠨᠢᠭ ᠲᠤᠭᠰᠢᠨ ᠤᠭᠳᠤ ᠲᠦᠪᠡᠭᠰᠢᠶᠡᠳᠡᠭ ᠦᠭᠡᠢ ᠪᠠᠶᠢᠵᠠᠢ᠂ ᠶᠠᠮᠠᠷ ᠴᠤ ᠡᠮᠨᠢᠭ ᠠᠳᠤᠭᠤ ᠶᠢ ᠤᠨᠤᠭᠠᠳ ᠢᠷᠡᠬᠦ ᠳᠡᠭᠡᠨ ᠠᠨᠢᠶ᠎ᠠ ᠶᠢ ᠲᠠᠭᠤᠳᠠᠭᠠᠳ ᠭᠠᠷᠤᠭᠠᠳ ᠤᠴᠢᠬᠤ ᠪᠠᠷ ᠨᠢ ᠴᠤᠯᠪᠤᠭᠤᠷ ᠢᠶᠠᠨ ᠰᠢᠳᠡᠭᠡᠳ ᠦᠭᠭᠦᠴᠢᠳᠡᠭ᠂ ᠴᠤᠯᠪᠤᠭᠤᠷ ᠠᠴᠠ ᠨᠢ ᠲᠡᠳᠡᠵᠦ ᠠᠪᠴᠢᠷᠠᠭᠠᠳ ᠴᠢᠬᠢᠳᠡᠬᠦ ᠳᠤ ᠲᠠᠷᠤᠴᠢᠬᠠᠳᠠᠭ ᠪᠠᠶᠢᠭᠰᠠᠨ ᠰᠠᠨ᠃      1970 ‍ᠭᠠᠳ ᠤᠨ ᠤ ᠦᠶᠡᠰ ᠤᠤᠵᠠ ᠠᠪᠤ ᠶᠢᠨ ᠬᠢ ᠪᠠᠶᠠᠠᠬᠤᠰᠢᠭᠤ ᠪᠠᠷ ᠬᠠᠪᠤᠷᠵᠢᠵᠦ ᠪᠠᠶᠢᠯ᠎ᠠ᠂ ᠨᠢᠭᠡᠨ ᠬᠠᠪᠤᠷ ᠯᠢᠩᠬᠸ᠎ᠠ ᠡᠭᠡᠴᠢ ᠬᠤᠳᠳᠤᠭ ᠲᠡᠭᠡᠷ᠎ᠡ ᠬᠤᠨᠢ ᠪᠠᠨ ᠤᠰᠤᠯᠠᠭᠠᠳ ᠪᠠᠶᠢᠵᠦ ᠪᠠᠶᠢᠳᠠᠯ᠎ᠠ ᠤᠷᠤᠭ᠎ᠠ ᠨᠢ ᠤᠷᠤᠭᠰᠠᠨ ᠪᠠᠭ᠎ᠠ ᠨᠠᠰᠤᠨ ᠤ ᠬᠠᠷ᠎ᠠ ᠪᠤᠤᠷ᠎ᠠ ᠢᠷᠡᠵᠦ ᠶᠠᠪᠤᠭ᠎ᠠ ᠬᠠᠷᠠᠭᠳᠠᠵᠠᠢ᠃ ᠰᠠᠨᠠᠭᠠᠨ ᠳᠤ ᠴᠤ ᠦᠭᠡᠢ ᠬᠤᠨᠢ ᠪᠠᠨ ᠶᠠᠪᠠᠭᠠᠨ ᠡᠷᠭᠢᠬᠦᠯᠵᠦ ᠶᠠᠪᠤᠳᠠᠯ᠎ᠠ ᠬᠠᠷᠢᠨ ᠨᠦᠬᠦᠭᠡ ᠬᠠᠷ᠎ᠠ ᠪᠤᠤᠷ᠎ᠡ ᠦᠪᠡᠷ ᠯᠦᠭᠡ ᠨᠢ ᠱᠤᠤᠭᠢᠭᠠᠳ ᠤᠷᠤᠵᠦ ᠢᠷᠡᠪᠡ ᠭᠡᠨ᠎ᠡ᠂ ᠲᠡᠭᠡᠬᠦ ᠪᠠᠷ ᠨᠢ ᠵᠦᠷᠢᠭᠡᠳ ᠯᠡ ᠡᠪᠦᠳᠦᠭ᠂ ᠤᠷᠢᠳᠦ ᠪᠦᠬᠦ ᠬᠤᠶᠠᠷ ᠠᠴᠠ ᠨᠢ ᠪᠠᠷᠢᠵᠦ ᠠᠪᠤᠭᠠᠳ ᠲᠤᠭᠳᠤᠷᠴᠤ ᠤᠨᠠᠭᠠᠳ ᠬᠦᠯᠢᠵᠦ ᠪᠠᠶᠢᠭᠰᠠᠨ ᠭᠡᠳᠡᠭ᠃ ᠡᠨᠡ ᠮᠡᠳᠦᠴᠢᠯᠡᠨ ᠤᠯᠠᠨ ᠤᠯᠠᠨ ᠰᠤᠳᠤᠨ ᠰᠤᠨᠢᠨ ᠦᠢᠯᠡ ᠶᠠᠪᠤᠳᠠᠯ  ᠲᠤᠭᠤᠯᠵᠦ ᠬᠠᠷᠠᠵᠦ ᠪᠠᠶᠢᠭᠰᠠᠨ ᠠᠴᠠ ᠰᠠᠨᠠᠭᠠᠨ ᠳᠤ ᠦᠯᠡᠳᠡᠭᠰᠡᠨ ᠲᠦᠢᠮᠦ ᠲᠡᠳᠦᠢ ᠶᠢ ᠤᠨᠠᠭᠰᠠᠨ ᠰᠢᠷᠦᠢ ᠤᠬᠢᠶᠠᠭᠰᠠᠨ ᠤᠰᠤ᠂ ᠤᠷᠤᠭ ᠰᠠᠳᠤᠨ ᠤᠤᠭᠠᠯ ᠰᠠᠭᠤᠭᠠᠯ ᠨᠤᠲᠤᠭ ᠢᠶᠠᠨ ᠤᠷᠬᠢᠨ ᠡᠷᠳᠡ ᠲᠡᠭᠡᠳᠦᠰ ᠤᠨ ᠭᠠᠯ ᠭᠤᠯᠤᠮᠳᠠ ᠬᠠᠯᠠᠬᠤ ᠲᠦᠮᠡᠨ ᠢᠶᠠᠨ ᠵᠤᠷᠢᠨ ᠨᠡᠭᠦᠳᠡᠯᠯᠡᠨ ᠢᠷᠡᠭᠰᠡᠨ ᠦᠵᠦᠮᠦᠴᠢᠨ ᠡᠪᠦᠭᠡ ᠲᠡᠭᠡᠳᠦᠰ ᠮᠢᠨᠢ ᠲᠤᠬᠠᠢ ᠶᠢᠨ ᠦᠶ᠎ᠡ ᠶᠢᠨ ᠤᠷᠤᠭ᠎ᠠ ᠪᠤᠰᠤᠭ᠎ᠠ ᠴᠠᠭ ᠦᠶ᠎ᠡ ᠶᠢᠨ ᠪᠠᠶᠢᠳᠠᠯ ᠠᠴᠠ ᠬᠤᠵᠢᠮ ᠤᠨ ᠠᠮᠢᠳᠤᠷᠠᠯ ᠤᠨ ᠢᠶᠠᠨ ᠵᠠᠮ ᠮᠦᠷ ᠤᠨ ᠰᠡᠢᠳ ᠢ ᠵᠦᠪ ᠬᠠᠷᠠᠵᠦ ᠰᠤᠩᠭᠤᠭᠰᠠᠨ ᠢ ᠡᠳᠦᠭᠡ ᠴᠠᠭ ᠲᠤ ᠠᠮᠢᠳᠤᠷᠠᠨ ᠪᠤᠢ ᠦᠵᠦᠮᠦᠴᠢᠨ ᠤ ᠦᠷ᠎ᠡ ᠰᠡᠳᠦ ᠪᠢᠳᠡ ᠪᠦᠬᠦᠨ ᠤ ᠠᠮᠢᠳᠤᠷᠠᠯ ᠪᠡᠯᠡᠬᠡᠨ ᠨᠤᠳᠠᠯᠠᠨ᠎ᠠ᠃      ᠦᠵᠦᠮᠦᠴᠢᠨ ᠡᠪᠦᠭᠡ ᠲᠡᠭᠡᠳᠦᠰ ᠤᠨ ᠢᠶᠠᠨ ᠠᠯᠤᠰ ᠢ ᠪᠤᠳᠤᠭᠰᠠᠨ ᠬᠤᠯᠠᠴᠢ ᠪᠤᠳᠤᠯ ᠠᠮᠢᠳᠤᠷᠠᠯ ᠢ ᠲᠤᠩᠭᠠᠭᠰᠠᠨ ᠭᠡᠭᠡᠨ ᠤᠬᠠᠭᠠᠨ ᠳᠤ ᠵᠠᠯᠪᠠᠷᠢᠵᠦ ᠡᠨᠡᠬᠦ ᠲᠤᠷᠠᠰᠤᠮᠵᠢ ᠶᠢ ᠲᠡᠷᠭᠡᠯᠡᠪᠡ᠂ ᠴᠦᠭᠡᠨ ᠬᠤᠨᠤᠭ ᠤᠨ ᠲᠠᠪᠴᠢᠭᠤ ᠬᠤᠭᠤᠴᠠᠭᠠᠨ ᠳᠤ ᠦᠪᠡᠷᠳᠡᠭᠡᠨ ᠤᠯᠳᠠᠭᠰᠠᠨ ᠠᠮᠢᠳᠤᠷᠠᠯ ᠢ ᠮᠠᠷᠳᠠᠭᠰᠠᠨ᠂ ᠭᠡᠭᠡᠭᠰᠡᠨ᠂ ᠤᠨ ᠰᠠᠷ᠎ᠠ ᠶᠢ ᠠᠳᠡᠭᠦᠷᠡᠵᠦ ᠠᠨᠳᠤᠭᠤᠷᠨᠭᠰᠠᠨ ᠵᠡᠷᠭᠡ ᠵᠦᠢᠯ ᠪᠠᠶᠢᠬᠤ ᠶᠢ ᠦᠭᠡᠶᠢᠰᠭᠡᠬᠦ ᠦᠭᠡᠢ᠂ ᠡᠭᠦᠨ ᠤ ᠤᠴᠢᠷ ᠦᠵᠦᠮᠦᠴᠢᠨ ᠤ ᠦᠷ᠎ᠡ ᠰᠡᠳᠦ ᠲᠡ ᠪᠦᠬᠦᠨ ᠠᠴᠠ ᠬᠦᠯᠢᠴᠡᠨ ᠦᠭᠭᠦᠮᠦ᠂ ᠡᠪᠦᠭᠡ ᠲᠡᠭᠡᠳᠦᠰ ᠠᠴᠠ ᠦᠳᠡᠭᠦᠰ ᠪᠤᠭᠤᠷᠤᠯ ᠳᠤ ᠮᠢᠨᠢ ᠶᠠᠷᠢᠬᠤ ᠳᠠᠭᠠᠨ ᠤᠭ ᠤᠤᠯ ᠲᠡᠭᠡᠳᠦᠰ ᠤᠨ ᠨᠤᠲᠤᠭ ᠢᠶᠠᠨ ᠬᠤᠨᠢ ᠮᠠᠶᠢᠯᠠᠬᠤ᠂ ᠲᠦᠷᠦᠭᠡ ᠬᠠᠩᠭᠢᠨᠠᠬᠤ᠂ ᠦᠵᠦᠮ ᠤᠨ ᠠᠭᠤᠯᠠ ᠠᠴᠠ ᠨᠡᠭᠦᠨ ᠭᠠᠷᠴᠤ ᠤᠳᠤ ᠶᠢᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠵᠡᠭᠦᠨ ᠦᠵᠦᠮᠦᠴᠢᠨ ᠬᠤᠰᠢᠭᠤᠨ ᠤ ᠨᠤᠲᠤᠭ ᠲᠤ ᠠᠮᠢᠳᠤᠷᠠᠨ ᠰᠠᠭᠤᠭᠰᠠᠨ ᠭᠡᠵᠦ ᠬᠡᠯᠡᠯᠴᠡᠳᠡᠭ ᠪᠢᠯᠡ᠃ ᠴᠢᠩᠭᠢᠬᠦ ᠳᠡᠭᠡᠨ ᠭᠠᠤᠯᠢ ︵ᠰᠤᠯᠤᠩᠭᠤᠰ︶ ᠤᠯᠤᠰ ᠤᠨ ᠨᠤᠲᠤᠭ ᠢ ᠡᠵᠡᠯᠡᠨ ᠰᠠᠭᠤᠭᠰᠠᠨ ᠭᠡᠯᠴᠡᠳᠡᠭ ᠶᠤᠮ᠃ ᠡᠭᠦᠨ ᠤ ᠤᠴᠢᠷ ᠶᠠᠪᠤᠳᠠᠯ ᠢ ᠡᠷᠳᠡᠮᠳᠡᠨ ᠮᠡᠷᠭᠡᠳ᠂ ᠲᠡᠤᠬᠡ ᠰᠤᠳᠤᠯᠠᠭᠠᠴᠢᠳ ᠱᠦᠭᠦᠨ ᠲᠤᠩᠭᠠᠵᠦ ᠲᠤᠲᠤᠷᠠᠭᠤᠯᠬᠤ ᠪᠤᠢ᠂ ᠵᠠ ᠭᠡᠳ ᠤᠯᠠᠨ ᠢ ᠨᠤᠷᠱᠤᠨ ᠦᠭᠦᠯᠡᠮᠦ︕      ᠦᠵᠦᠮᠦᠴᠢᠨ ᠨᠦᠭᠦᠳ ᠮᠤᠩᠭᠤᠯ ᠳᠤ ᠤᠷᠤᠵᠦ ᠢᠷᠡᠬᠦ ᠳᠡᠭᠡᠨ ᠭᠤᠷᠪᠠ ᠲᠠᠰᠤᠷᠠᠵᠦ ᠤᠷᠤᠵᠦ ᠢᠷᠡᠭᠰᠡᠨ ᠪᠠᠷᠢᠮᠳᠠ ᠶᠢ ᠡᠳᠦᠭᠡ ᠮᠡᠳᠡᠬᠦ ᠴᠦᠬᠡᠨ ᠬᠦᠮᠦᠰ ᠤᠨ ᠨᠢᠭᠡ ᠨᠢ ᠶᠠᠭᠠᠬᠢᠬᠤ ᠠᠷᠭ᠎ᠠ ᠦᠭᠡᠢ ᠮᠢᠨᠤ ᠪᠡᠶ᠎ᠡ ᠶᠤᠮ᠃      ⑴ ᠡᠬᠢᠨ ᠤ ᠬᠢᠨᠢ 1945 ᠤᠨ ᠳᠤ 29 ᠡᠷᠦᠬᠡ ᠠᠶᠢᠯ ᠨᠡᠭᠦᠳᠡᠯᠯᠡᠨ ᠢᠷᠡᠵᠡᠢ᠃ ᠡᠭᠦᠨ ᠳᠤ᠄      ᠡᠷᠳᠡᠨᠢ ᠶᠢᠨ ᠲᠠᠮᠢᠷᠠᠨᠵᠠᠪ      ᠬᠡᠤᠬᠡᠨ ᠤ ᠨᠢᠮ᠎ᠠ ᠭᠠᠷᠠᠭ      ᠁  ᠬᠤᠷᠵᠢᠯᠬ᠎ᠠ      ᠪᠦᠤᠳᠢ ᠶᠢᠨ ᠯᠾᠠᠰᠦ᠋ᠷᠦᠩ      ᠤᠨᠳᠦᠢ ᠶᠢᠨ ᠤᠷᠳᠤᠨᠠᠰᠤᠨ      ᠪᠠᠳᠤᠯᠠᠬᠤ ᠶᠢᠨ ᠠᠯᠳᠠᠨᠭᠡᠷᠡᠯ      ᠵᠢᠮᠪᠠ ᠶᠢᠨ ᠷᠠᠰᠢ      ᠷᠠᠰᠢ ᠶᠢᠨ ᠴᠢᠮᠡᠳ      ᠮᠦᠨ ᠤ ᠲᠡᠮᠦᠷ      ᠷᠠᠪᠳᠠᠨ ᠤ ᠭᠤᠮᠪᠤ       ᠁  ᠤᠤᠪᠠᠢ      ᠁  ᠲᠤᠭᠤᠭᠠᠨᠳᠡᠮᠦᠷ      ᠁  ᠲᠠᠯᠠᠢ      ᠴᠢᠮᠡᠳ ᠤᠨ ᠭᠤᠮᠪᠤ      ᠁  ᠪᠠᠳᠤᠸᠠᠴᠢᠷ      ᠪᠠᠳᠠᠷᠠᠬᠤ ᠶᠢᠨ ᠵᠠᠳᠠᠮᠪᠠ      ᠴᠠᠭᠠᠨᠯᠠᠮ᠎ᠠ ᠶᠢᠨ ᠪᠠᠳᠮ᠎ᠠ      ᠬᠤᠷᠠᠭ᠎ᠠ ᠶᠢᠨ ᠵᠢᠮᠪᠠ      ᠤᠨᠠᠭ᠎ᠠ ᠶᠢᠨ ᠲᠤᠯᠮ᠎ᠠ      ᠲᠦᠮᠡᠨ ᠤ ᠷᠢᠨᠴᠢᠨ       ᠪᠦᠭᠡ ᠶᠢᠨ ᠪᠠᠳᠤ       ᠪᠠᠯᠵᠢᠷ ᠤᠨ ᠵᠢᠭᠮᠢᠳ       ᠁  ᠬᠤᠳᠠᠯᠠᠪᠠᠶᠠᠷ       ᠪᠠᠪᠤᠤ ᠶᠢᠨ ᠲᠡᠮᠪᠡᠷᠡᠯ       ᠤᠨᠠᠭ᠎ᠠ ᠶᠢᠨ ᠸᠠᠴᠢᠷ      ᠨᠤᠷᠪᠤ ᠶᠢᠨ ᠬᠠᠷᠠᠪᠤᠤ      ᠬᠠᠷᠠᠪᠤᠤ ᠶᠢᠨ ᠪᠤᠶᠠᠨᠳᠤ       ᠁  ᠰᠤᠳᠨᠠᠮᠵᠠᠮᠰᠤ        ᠁  ᠪᠠᠶᠠᠷᠳᠤ ︵ᠭᠤᠤᠯᠠ︶       ᠵᠤᠤᠵᠠᠢ ᠶᠢᠨ ᠠᠵᠢᠶ᠎ᠠ ᠵᠡᠷᠭᠡ ᠬᠤᠷᠢ ᠶᠢᠰᠦᠨ ᠡᠷᠦᠬᠡ ᠪᠤᠯᠤᠨ᠎ᠠ᠃      ⑵ ᠲᠡᠭᠡᠭᠡᠳ ᠬᠤᠶᠠᠳᠠᠬᠢ ᠨᠡᠭᠦᠳᠡᠯ ᠪᠤᠶᠤ 1947 ᠤᠨ ᠳᠤ ᠲᠤᠤᠷᠠᠬᠢ ᠨᠡᠷ᠎ᠡ ᠪᠦᠬᠦᠢ ᠬᠤᠷᠢᠨ ᠡᠷᠦᠬᠡ ᠤᠷᠤᠵᠦ ᠢᠷᠡᠵᠡᠢ᠃ ᠡᠭᠦᠨ ᠳᠤ᠄      ᠰᠤᠳᠨᠠᠮ ᠤᠨ ᠵᠠᠳᠠᠮᠪᠠ       ᠁  ᠲᠠᠭᠸ᠎ᠠ       ᠁  ᠵᠤᠮ᠎ᠠ       ᠰᠧᠷᠨ᠋ᠤᠳ ᠤᠨ ᠪᠠᠨᠭᠠᠳᠤᠷ       ᠁  ᠲᠡᠮᠦᠷᠠᠠᠷᠰᠯᠠᠨ ︵ᠤᠳᠬᠤᠨ ᠠᠶᠠ︶       ᠲᠡᠩᠰᠦ᠋ᠷᠦᠩ ᠤᠨ ᠪᠠᠭᠠᠳᠤᠷ ︵ᠵᠢᠭᠠᠬᠠᠨ︶       ᠲᠡᠩᠰᠦ᠋ᠷᠦᠩ ᠤᠨ ᠪᠠᠭᠠᠳᠤᠷ ︵ᠪᠦᠳᠦᠭᠦᠨ︶       ᠰᠠᠮᠳᠠᠨ ᠤ ᠲᠤᠭᠳᠠᠬᠤ       ᠤᠷᠳᠤᠨᠠᠰᠤᠨ ᠤ ᠪᠤᠶ᠋ᠬᠠᠠᠷᠪᠢᠵᠢᠬᠤ ︵ᠭᠦᠨᠵᠢᠳ ᠠᠨᠢᠶ᠎ᠠ︶       ᠁  ᠭᠤᠨᠴᠤᠭ ︵ᠤᠩᠭᠤᠷᠬᠠᠢ︶       ᠤᠷᠢᠬᠠᠨ ᠤ ᠲᠡᠮᠪᠡᠷᠡᠯ       ᠮᠦᠨ ᠤ ᠸᠠᠩᠵᠢᠯ        ᠁  ᠵᠢᠷᠵᠠ       ᠬᠠᠷᠠᠨ᠎ᠠ ᠶᠢᠨ ᠯᠾᠠᠮᠦᠰᠦᠷᠦᠩ ︵ᠮᠡᠶᠢᠷᠡᠨ ᠠᠪᠤ︶       ᠡᠮᠳᠡ ᠶᠢᠨ ᠵᠠᠳᠠᠮᠪᠠ ︵ᠠᠵᠢᠶ᠎ᠠ︶        ᠁  ᠲᠠᠮᠢᠷᠠᠨ ︵ᠳ᠋ᠦᠳᠡᠢ ᠠᠪᠤ︶        ᠳ᠋ᠧᠴᠢᠨᠬᠤᠷᠯᠤᠤ ᠶᠢᠨ ᠪᠠᠳᠤᠠᠦ᠋ᠯᠵᠡᠢ       ᠲᠡᠮᠦᠷ ᠤᠨ ᠬᠦᠯᠦᠭᠡ       ᠦᠯᠵᠡᠢ ᠶᠢᠨ ᠭᠤᠨᠴᠤᠭ       ᠁  ᠲᠤᠪᠵᠠᠢ ᠡᠳᠡᠭᠡᠷ ᠬᠤᠷᠢᠨ ᠬᠤᠶᠠᠷ ᠡᠷᠦᠬᠡ ᠪᠤᠯᠤᠨ᠎ᠠ᠃      ⑶ ᠭᠤᠷᠪᠠᠳᠡᠬᠢ ᠨᠡᠭᠦᠳᠡᠯ ᠪᠤᠶᠤ 1949 ᠤᠨ ᠳᠤ ᠤᠷᠤᠵᠦ ᠢᠷᠡᠭᠰᠡᠨ ᠡᠷᠦᠬᠡ ᠠᠶᠢᠯ ᠤᠳ᠂ ᠡᠭᠦᠨ ᠳᠤ       ᠷᠠᠳᠨ᠎ᠠ ᠶᠢᠨ ᠦᠯᠵᠡᠶᠢᠪᠠᠶᠠᠷ       ᠠᠪᠤᠵᠠᠢ ︵ᠸᠠᠩᠴᠤᠭ︶       ᠁  ᠪᠠᠶ᠋ᠬᠠᠷᠬᠡᠳᠦ ᠶᠢᠨ ᠨᠤᠮᠤᠨᠭᠡᠷᠡᠯ       ᠤᠨᠢᠶᠡ ᠶᠢᠨ ᠴᠢᠮᠡᠳ       ᠭᠤᠮᠪᠤ ᠶᠢᠨ ᠰᠧᠷᠠᠤᠳ       ᠬᠤᠳᠠᠯᠠ ᠶᠢᠨ ᠰᠧᠷᠠᠤᠳ       ᠬᠤᠳᠠᠯᠠ ᠶᠢᠨ ᠲᠠᠸ᠎ᠠ       ᠮᠦᠨ ᠤ ᠭᠧᠨᠳᠤᠨᠵᠠᠮᠰᠤ       ᠬᠡᠰᠢᠭᠳᠦ ᠶᠢᠨ ᠪᠠᠳᠤ       ᠮᠦᠨ ᠤ ᠲᠤᠭᠤᠳᠤᠭ       ᠪᠠᠳᠤ ᠶᠢᠨ ᠷᠤᠯᠵᠢᠳ ᠡᠳᠡᠭᠡᠷ ᠠᠷᠪᠠᠨ ᠡᠷᠦᠬᠡ ᠠᠶᠢᠯ ᠪᠤᠯᠤᠨ᠎ᠠ᠃       ᠡᠳᠡᠭᠡᠷ ᠨᠡᠭᠦᠵᠦ ᠢᠷᠡᠭᠰᠡᠨ ᠠᠶᠢᠯ ᠤᠳ ᠢ ᠵᠠᠰᠠᠭ ᠵᠠᠬᠢᠷᠭᠠᠨ ᠤ ᠠᠩᠬᠠᠨ ᠱᠠᠳᠤᠨ ᠤ ᠨᠢᠭᠡᠴᠡ ᠤᠷᠳᠤ ᠰᠤᠮᠤ ᠶᠢᠨ ᠶᠢᠰᠦᠳᠦᠭᠡᠷ ᠪᠠᠭ ᠪᠤᠯᠤᠭᠰᠠᠨ ᠶᠤᠮ᠃ ᠪᠠᠭ ᠤᠨ ᠠᠩᠬᠠᠨ ᠤ ᠲᠠᠷᠤᠭ᠎ᠠ ᠪᠠᠷ ᠪᠠᠷᠠᠭᠤᠨ ᠬᠠᠭᠤᠴᠢᠳ ᠤᠨ ᠪᠠᠶᠠᠷᠮᠠᠩᠨᠠᠢ ᠮᠡᠶᠢᠷᠡᠨ ᠢ ᠰᠤᠩᠭᠤᠵᠦ ᠪᠠᠶᠢᠵᠠᠢ᠃ ᠮᠦᠨ ᠠᠬᠠᠯᠠᠬᠤ ᠤᠬᠠᠭᠤᠯᠤᠭᠴᠢ ᠪᠠᠷ ᠬᠠᠯᠬ᠎ᠠ ᠤᠷᠤᠰ ᠭᠤᠩᠭ᠎ᠠ ︵ᠪᠠᠪᠠᠭ︶ ᠶᠢ ᠲᠤᠮᠢᠯᠠᠵᠦ᠂ ᠠᠴᠢ᠂ ᠲᠡᠯ ᠤᠨ ᠭᠤᠤᠯ᠂ ᠤᠰᠤᠨ ᠬᠦᠯ᠂ ᠤᠷᠳᠤ ᠶᠢᠨ ᠭᠤᠤᠯ᠂ ᠦᠭᠭᠢᠶᠡᠮᠦᠷ᠂ ᠯᠠ ᠶᠢᠨ ᠤᠯᠠᠭᠠᠨ ᠬᠤᠩᠬᠤᠷ᠂ ᠶᠡᠭᠡ ᠪᠠᠭ᠎ᠠ ᠬᠠᠪᠴᠢᠯ᠂ ᠬᠤᠶᠠᠷ ᠨᠦᠬᠡᠳᠦ᠂ ᠪᠠᠶᠠᠨ ᠠᠭᠤᠯᠠ᠂ ᠪᠢᠯᠢᠭ ᠤᠨ ᠤᠪᠤᠭ᠎ᠠ᠂ ᠵᠡᠷᠭᠡ ᠭᠠᠵᠠᠷ ᠤᠳ ᠢᠶᠠᠷ ᠨᠤᠲᠤᠭᠯᠠᠨ ᠰᠠᠭᠤᠵᠠᠢ᠃ 1950 ᠤᠨ ᠠᠴᠠ ᠡᠬᠢᠯᠡᠨ ᠠᠯᠪᠠᠨ ᠵᠢᠷᠤᠮ ᠤᠨ ᠮᠢᠬ᠎ᠠ᠂ ᠰᠦ᠂ ᠨᠤᠤᠰᠤ ᠨᠤᠯᠤᠤᠷ ᠠᠪᠳᠠᠭ ᠪᠤᠯᠤᠭᠰᠠᠨ ᠤᠴᠢᠷ ᠶᠢᠰᠦᠳᠦᠭᠡᠷ ᠪᠠᠭ ᠤᠨ ᠠᠷᠠᠳ ᠤᠳ 1955 ᠤᠨ ᠢ ᠬᠦᠷᠳᠡᠯ᠎ᠡ ᠠᠴᠠ᠂ ᠲᠡᠯ ᠤᠨ ᠭᠤᠤᠯ ᠳᠤ ᠵᠤᠰᠠᠵᠦ ᠠᠯᠪᠠᠨ ᠵᠢᠷᠤᠮ ᠤᠨ ᠰᠦ ᠪᠠᠨ ᠰᠦᠨ ᠲᠠᠰᠤᠭ ᠲᠤ ᠲᠤᠰᠢᠶᠠᠳᠠᠭ ᠪᠠᠶᠢᠪᠡ᠃ ᠰᠦᠨ ᠲᠠᠰᠤᠭ ᠤᠨ ᠡᠷᠬᠢᠯᠡᠭᠴᠢ ᠪᠠᠷ ᠪᠠᠳᠮᠠᠰᠠᠮᠪᠤᠤ ᠠᠵᠢᠯᠯᠠᠵᠦ ᠪᠠᠶᠢᠯ᠎ᠠ᠃       1952 ᠤᠨ ᠳᠤ᠂ ᠠᠩᠬ᠎ᠠ ᠤᠳᠠᠭ᠎ᠠ ᠬᠡᠤᠬᠡᠳ ᠤᠨ ᠪᠠᠶᠠᠷ ᠢ ᠲᠡᠮᠳᠡᠭᠯᠡᠵᠦ᠂ ᠲᠤᠷᠪᠠᠢ ᠠᠵᠢᠶ᠎ᠠ ᠪᠤᠳᠠᠭ᠎ᠠ ᠴᠢᠨᠠᠵᠦ ᠲᠠᠰᠤᠭ ᠤᠨ ᠪᠦᠬᠦ ᠭᠡᠤᠬᠡᠳ ᠤᠳ ᠲᠤ ᠦᠭᠴᠤ ᠡᠬᠡᠳᠡᠢ ᠴᠠᠠᠭᠠᠯᠭ᠎ᠠ ᠠᠶᠠᠳᠠᠢ ᠶᠠᠭᠤᠮ᠎ᠠ ᠪᠤᠯᠵᠦ ᠪᠠᠶᠢᠪᠠ᠃ ᠴᠤᠶᠢᠵᠦᠤ ᠠᠪᠤᠭᠠᠢ ᠬᠡᠤᠬᠡᠳ ᠪᠦᠷᠢ ᠳᠤ ᠨᠢᠬᠡ ᠨᠢᠬᠡ ᠲᠡᠪᠳᠡᠷ ᠬᠠᠷᠠᠨᠳᠠ᠂ ᠱᠤᠸᠠᠵᠠ᠂ ᠬᠠᠭᠤᠷᠠᠢ ᠤ ᠦᠭᠴᠤ ᠪᠠᠶᠢᠭᠰᠠᠨ ᠨᠢ ᠲᠤᠲᠤᠬᠠᠨ ᠦᠯᠡᠳᠡᠵᠡᠢ᠃ ᠡᠨᠡ ᠴᠠᠭ ᠤᠨ ᠠᠯᠪᠠᠨ ᠵᠢᠷᠤᠮ ᠤᠨ ᠨᠤᠭᠳᠠᠯ ᠶᠠᠮᠠᠷ ᠵᠡᠷᠭᠡ ᠬᠠᠳᠠᠭᠤ ᠬᠠᠷᠭᠢᠰ ᠪᠠᠶᠢᠭᠰᠠᠨ ᠢ ᠦᠵᠦᠭ ᠢᠶᠠᠷ ᠢᠯᠡᠳᠭᠡᠬᠦ ᠳᠤ ᠪᠡᠷᠬᠡ᠃ ᠲᠤᠬᠠᠶᠢᠯᠠᠪᠠᠯ᠄ 1954 ᠤᠨ ᠳᠤ  ᠭᠤᠴᠢᠬᠠᠨ ᠺᠢᠯᠦ᠋ ᠨᠤᠤᠰᠤ ᠲᠤᠳᠠᠭᠤᠯᠤᠭᠰᠠᠨ ᠤ ᠬᠢᠨᠢ ᠲᠦᠯᠦᠭᠡ ᠦᠵᠦᠮᠦᠴᠢᠨ ᠬᠤᠶᠠᠷ ᠦᠳᠡᠭᠦᠰ ᠪᠤᠯᠬᠤ ᠬ᠊  ᠨᠠᠮᠤᠷᠠᠢ᠂ ᠬ᠊  ᠪᠠᠳᠤ ᠨᠠᠷ ᠲᠤ ᠭᠤᠷᠪᠠᠨ ᠵᠢᠯ ᠤᠨ ᠶᠠᠯ᠎ᠠ ᠤᠨᠤᠭᠠᠵᠦ ᠪᠠᠶᠢᠭᠰᠠᠨ ᠠᠴᠠ ᠲᠤᠲᠤᠷᠬᠠᠢ᠃ ᠲᠤᠬᠠᠢ ᠶᠢᠨ ᠴᠠᠭ ᠦᠶ᠎ᠡ ᠳᠤ ᠨᠦᠬᠦᠴᠡᠯ ᠪᠠᠶᠢᠳᠠᠯ ᠬᠤᠪᠢ ᠶᠢᠨ ᠮ᠊  ᠠ᠊  ᠠ᠊ ᠡᠷᠬᠢᠯᠡᠨ ᠠᠮᠢᠳᠤᠷᠠᠬᠤ ᠳᠤ ᠡᠨᠡ ᠮᠡᠳᠦ ᠲᠠᠷᠤᠮᠳᠠ ᠬᠦᠨᠳᠦᠷᠡᠯ ᠵᠠᠬ᠎ᠠ ᠠᠴᠠ ᠠᠪᠤᠨ ᠪᠠᠶᠢᠭᠰᠠᠨ ᠤ ᠤᠯᠠᠮ ᠠᠴᠠ 1955 ᠤᠨ ᠳᠤ ᠠ᠊  ᠦᠯᠵᠡᠶᠢᠪᠠᠶᠠᠷ ᠲᠦᠷᠦᠭᠦᠳᠡᠢ ᠬᠡᠰᠡᠭ ᠬᠦᠮᠦᠰ ᠰᠠᠶᠢᠨ ᠲᠤᠷ᠎ᠠ ᠠᠴᠠ ᠪᠠᠨ ᠨᠢᠭᠡᠳᠦᠨ ᠬᠡᠯᠡᠯᠴᠡᠵᠦ ︽ᠬᠦᠭᠵᠢᠯ ᠤᠨ ᠵᠠᠮ︾ ᠨᠢᠭᠡᠳᠦᠯ ᠢ ᠡᠭᠦᠰᠭᠡᠨ ᠪᠠᠶᠢᠭᠤᠯᠵᠦ᠂ ᠶᠢᠰᠦ ᠵᠢᠷᠭᠤᠳᠤᠭᠠᠷ ᠪᠠᠭ ᠤᠨ ᠬᠢᠨ ︵ᠬᠠᠭᠤᠴᠢᠳ︶ ᠢ ᠡᠯᠰᠡᠨ ᠨᠢᠭᠡᠤᠴᠤ ᠠᠩᠬᠠᠨ ᠤ ᠲᠠᠷᠤᠭ᠎ᠠ ᠪᠠᠷ ᠠ᠊  ᠦᠯᠵᠡᠶᠢᠪᠠᠶᠠᠷ ᠢ ᠰᠤᠩᠭᠤᠭᠰᠠᠨ ᠪᠠᠶᠢᠳᠠᠭ᠃ ᠲᠡᠭᠡᠭᠡᠳ ᠵᠡᠭᠦᠨ ᠠᠷᠠᠭᠠᠳᠤ ᠶᠢᠨ ᠠᠭᠤᠯᠠᠨ ᠳᠤ ᠬᠤᠪᠢ ᠨᠡᠶᠢᠯᠡᠭᠰᠡᠨ ᠬᠦᠷᠦᠩᠭᠡ ᠪᠠᠷ ᠢᠶᠠᠨ ᠲᠠᠪᠤᠨ ᠬᠠᠩᠭᠠᠢ ᠭᠡᠷ ᠪᠠᠷᠢᠵᠦ᠂ ᠨᠢᠭᠡᠳᠦᠯ ᠤᠨ ᠢᠶᠠᠨ ᠭᠤᠯᠤᠮᠳᠠ ᠶᠢ ᠪᠠᠳᠠᠷᠠᠭᠠᠭᠰᠠᠨ᠂ ᠦᠨᠦ ᠴᠠᠭ ᠤᠨ ᠦᠩᠭᠡᠵᠢᠨ ᠲᠡᠭᠵᠢᠬᠦ ᠠᠮᠢᠳᠤᠷᠠᠯ ᠤᠨ ᠵᠠᠮ ᠢ ᠨᠡᠭᠡᠭᠡᠭᠰᠡᠨ ᠲᠡᠤᠬᠡ ᠲᠠᠢ᠃ ᠡᠨᠡᠬᠦ ᠭᠡᠷ ᠢᠶᠠᠨ ︽ᠺᠤᠨ᠋ᠲ᠋ᠤᠷ︾ ᠬᠡᠮᠡᠭᠡᠳ ᠮᠠᠨᠠᠭᠠᠴᠢ ᠰᠠᠬᠢᠭᠤᠯ ᠢᠶᠠᠷ ᠨᠢ ᠲᠤᠪᠵᠠᠢ ᠠᠵᠢᠶ᠎ᠠ ᠶᠢᠨ ᠠᠬ᠎ᠠ ᠵᠠᠮᠰᠤ ᠭᠤᠸᠠᠢ ᠶᠢ ᠰᠠᠭᠤᠯᠭᠠᠬᠤ ᠪᠤᠯᠤᠭᠰᠠᠨ ᠢᠶᠠᠷ ᠲᠦᠳᠡ ᠤᠳᠠᠯ ᠦᠭᠡᠢ ︽ᠺᠤᠨ᠋ᠲ᠋ᠤᠷ ᠤᠨ ᠠᠪᠤ︾ ᠬᠡᠮᠡᠨ ᠠᠪᠠᠭᠠᠶᠢᠯᠠᠭᠳᠠᠵᠦ᠂ ᠡᠳᠦᠭᠡ ᠡᠨᠡ ᠲᠡᠤᠬᠡᠳᠦ ᠭᠠᠵᠠᠷ ᠢ ᠤᠳᠤ ᠴᠤ ᠭᠡᠰᠡᠨ ︽ᠺᠤᠨ᠋ᠲ᠋ᠤᠷ ᠬᠠᠳᠠ︾ ᠬᠡᠮᠡᠨ ᠨᠡᠷᠡᠯᠡᠭᠰᠡᠭᠡᠷ ᠪᠠᠶᠢᠭ᠎ᠠ ᠪᠢᠯᠡ᠃ ᠢᠩᠭᠢᠵᠦ ᠭᠤᠷᠪᠠᠨ ᠤᠳᠠᠭ᠎ᠠ ᠠᠶᠢᠯ ᠬᠤᠳᠠᠯᠠᠭᠠᠷ ᠢᠶᠠᠨ ᠠᠯᠳᠠᠨ ᠨᠤᠲᠤᠭ ᠢᠶᠠᠨ ᠤᠷᠬᠢᠨ ᠤᠯᠠᠨ ᠢᠶᠠᠷ ᠢᠶᠠᠨ ᠬᠢᠯᠢ ᠲᠠᠪᠠᠨ ᠨᠨᠡᠭᠦᠵᠦ ᠢᠷᠡᠭᠰᠡᠨ ᠤᠴᠢᠷ ᠰᠢᠯᠳᠠᠭᠠᠨ ᠨᠢ ᠶᠠᠫᠤᠨ ᠤ ᠡᠵᠡᠷᠬᠡᠭᠯᠡᠯ ᠪᠤᠯᠤᠨ ᠬᠢᠳᠡᠳ ᠤᠨ ᠵᠠᠰᠠᠭᠯᠠᠯ ᠢ ᠬᠦᠰᠡᠭᠡ ᠦᠭᠡᠢ ᠲᠡᠭᠡᠷ᠎ᠡ ᠬᠠᠮᠤᠭ ᠤᠨ ᠭᠤᠤᠯ ᠨᠢ ᠦᠪᠦᠷ ᠮᠤᠩᠭᠤᠯ ᠢᠶᠠᠨ ᠪᠡᠶ᠎ᠡ ᠪᠠᠨ ᠲᠠᠭᠠᠭᠠᠭᠰᠠᠨ ᠵᠠᠰᠠᠭᠯᠠᠯ ᠲᠠᠢ ᠲᠤᠰᠠᠭᠠᠷ ᠤᠯᠤᠰ ᠪᠠᠶᠢᠭᠤᠯᠬᠤ ᠬᠦᠰᠡᠯ ᠮᠦᠷᠦᠭᠡᠳᠦᠯ ᠨᠢ ᠬᠠᠭᠠᠭᠳᠠᠭᠰᠠᠨ ᠤᠴᠢᠷ ᠠᠴᠠ ᠲᠤᠰᠠᠭᠠᠷ ᠲᠤᠭᠳᠠᠨᠢᠭᠰᠠᠨ ᠮᠤᠩᠭᠤᠯ ᠳᠠᠭᠠᠨ ᠤᠴᠢᠵᠦ ᠦᠷ᠎ᠡ ᠬᠡᠤᠬᠡᠳ᠂ ᠢᠷᠡᠭᠡᠳᠦᠢ ᠬᠤᠶᠢᠴᠢ ᠪᠠᠨ ᠮᠤᠩᠭᠤᠯ ᠢᠶᠠᠷ ᠨᠢ ᠠᠪᠴᠤ ᠦᠯᠡᠳᠡᠬᠦ ᠬᠤᠯᠠᠴᠢ ᠤᠬᠠᠭᠠᠨ ᠲᠡᠳᠦᠢ ᠦᠭᠡᠢ ᠯᠠᠮᠠᠬᠠᠢ ᠶᠢᠨ ᠮᠠᠨᠢ ᠵᠠᠬᠢᠭᠰᠠᠨ ᠡᠷᠳᠡᠨ ᠤ ᠢᠷᠦᠭᠡᠯ ᠪᠠᠶᠢᠭᠰᠠᠨ ᠶᠤᠮ᠃ ᠡᠭᠦᠨ ᠤ ᠪᠠᠳᠤᠯᠠᠭ᠎ᠠ ᠨᠢ ᠲᠤᠤᠷᠠᠬᠢ ᠬᠤᠶᠠᠷ ᠲᠦᠷᠪᠡᠨ ᠮᠦᠷᠳᠦ ᠠᠴᠠ ᠲᠤᠲᠤᠷᠬᠠᠢ ᠪᠤᠯᠤᠨ᠎ᠠ᠃ ᠡᠭᠦᠨ ᠳᠤ 1945 ᠤᠨ ᠳᠤ ᠤᠷᠤᠵᠦ ᠢᠷᠡᠬᠦ ᠳᠡᠭᠡᠨ᠄       ︽ ᠤᠯᠠᠨ ᠮᠤᠩᠭᠤᠯ ᠢᠶᠠᠨ ᠨᠢᠭᠡᠳᠭᠡᠭᠰᠡᠨ       ᠤᠳᠤᠨᠤᠨ ᠵᠤᠷᠢᠭ ᠲᠠᠢ ᠴᠤᠶᠢᠪᠠᠯᠰᠠᠩ ᠮᠢᠨᠢ        ᠪᠦᠬᠦᠶᠢᠯᠡ ᠮᠤᠩᠭᠤᠯ ᠢᠶᠠᠨ ᠨᠢᠭᠡᠳᠭᠡᠭᠰᠡᠨ       ᠪᠢᠯᠢᠬᠦᠨ ᠤᠬᠠᠭᠠᠨ ᠲᠠᠢ ᠴᠤᠶᠢᠪᠠᠯᠰᠠᠩ ᠮᠢᠨᠢ ᠁︾ ᠭᠡᠰᠡᠨ ᠲᠠᠭᠤᠤ ᠲᠠᠢ ᠪᠠᠶᠢᠭᠰᠠᠨ ᠪᠤᠯ 1949 ᠤᠨ ᠳᠤ ᠤᠷᠤᠵᠦ ᠢᠷᠡᠬᠦ ᠳᠡᠭᠡᠨ᠄       ︽ᠤᠭ ᠤᠨ ᠮᠢᠨᠢ ᠨᠤᠲᠤᠭ ᠠᠴᠠ ᠭᠠᠷᠭᠠᠭᠰᠠᠨ       ᠤᠨᠳᠠᠷᠠᠬᠤ ᠶᠢ ᠰᠢᠬᠠᠭᠰᠠᠨ ᠪᠠᠯᠤᠤ ᠵᠦᠨ       ᠪᠠᠭ᠎ᠠ ᠶᠢᠨ ᠮᠢᠨᠢ ᠨᠤᠲᠤᠭ ᠠᠴᠠ ᠭᠠᠷᠭᠠᠭᠰᠠᠨ       ᠪᠠᠯᠠᠷᠠᠬᠤ ᠶᠢ ᠰᠢᠬᠠᠭᠰᠠᠨ ᠪᠠᠯᠤᠤ ᠵᠦᠨ ᠁︾ ᠭᠡᠰᠡᠨ ᠬᠤᠶᠠᠷ ᠲᠠᠭᠤᠤ ᠲᠠᠢ ᠤᠷᠤᠵᠦ ᠢᠷᠡᠭᠰᠡᠨ ᠠᠴᠠ ᠲᠤᠲᠤᠷᠬᠠᠢ ᠬᠠᠷᠠᠭᠳᠠᠨ᠎ᠠ᠃ ᠬᠠᠷᠠᠮᠰᠠᠯᠳᠠᠢ ᠨᠢ ᠡᠨᠡ ᠬᠤᠶᠠᠷ ᠲᠠᠭᠤᠤ ᠶᠢ ᠪᠦᠳᠦᠨ ᠢᠶᠠᠷ ᠨᠢ ᠮᠡᠳᠡᠬᠦ ᠬᠦᠮᠦᠨ ᠡᠳᠦᠭᠡ ᠦᠭᠡᠢ ᠪᠤᠯᠵᠠᠢ᠃       ᠶᠡᠷᠦ ᠨᠢ ᠶᠠᠫᠤᠨ ᠤ ᠡᠵᠡᠷᠬᠡᠭᠯᠡᠯ᠂ ᠭᠤᠮᠢᠨᠳᠠᠩ ᠤᠨ ᠲᠦᠷᠢᠮᠭᠡᠶᠢᠯᠡᠯ ᠠᠴᠠ ᠨᠤᠲᠤᠭ ᠤᠰᠤ ᠪᠠᠨ ᠬᠠᠮᠠᠭᠠᠯᠠᠵᠦ ᠦᠪᠡᠷ ᠤᠨ ᠢᠶᠠᠷ ᠪᠠᠶᠢᠬᠤ ᠭᠡᠰᠡᠨ ᠪᠤᠳᠤᠯ ᠲᠠᠢ ᠪᠠᠶᠢᠭᠰᠠᠨ ᠬᠦᠮᠦᠰ ᠢ ᠲᠠᠷᠤᠩᠭᠤᠶᠢᠯᠠᠬᠤ᠂ ᠦᠭᠡᠶᠢᠬᠢᠬᠦ ᠪᠤᠳᠤᠯᠭ᠎ᠠ ᠶᠢ ᠶᠠᠫᠤᠨ ᠬᠢᠳᠡᠳ ᠬᠤᠶᠠᠷ ᠤᠨ ᠠᠯᠢ ᠠᠯᠢᠨ ᠴᠤ ᠶᠠᠪᠤᠭᠤᠯᠵᠦ ᠪᠠᠶᠢᠭᠰᠠᠨ ᠨᠢ 1943 ᠤᠨ ᠤ ᠪᠠᠷᠢᠪᠴᠢᠯᠠᠭᠠᠨ ᠠᠴᠠ ᠤᠶᠢᠯᠠᠭᠠᠭᠳᠠᠨ᠎ᠠ᠂ ᠡᠨᠡ ᠪᠠᠷᠢᠪᠴᠢᠯᠠᠭ᠎ᠠ ᠶᠢ ᠡᠬᠢᠯᠡᠬᠦ ᠰᠢᠯᠳᠠᠭᠠᠨ ᠨᠢ ᠠᠷᠤ ᠮᠤᠩᠭᠤᠯ ᠲᠠᠢ ᠬᠠᠷᠢᠴᠠᠳᠠᠭ ᠪᠤᠯᠤᠨ ᠲᠠᠩᠨᠠᠭᠤᠯ ᠤᠨ ᠡᠭᠦᠷᠭᠡ ᠭᠦᠢᠴᠡᠳᠭᠡᠵᠦ ᠪᠠᠶᠢᠭᠰᠠᠨ ᠭᠡᠰᠡᠨ ᠬᠠᠷᠠᠳᠠᠯᠭ᠎ᠠ ᠠᠴᠠ ᠡᠭᠦᠰᠦᠯᠳᠡᠢ ᠪᠠᠶᠢᠳᠠᠭ᠃ ᠡᠨᠡ ᠨᠢ ᠤᠷᠤ ᠦᠨᠳᠦᠰᠦ ᠦᠭᠡᠢ ᠬᠠᠷᠠᠳᠠᠯᠭ᠎ᠠ ᠪᠠᠶᠢᠭᠠᠭᠦᠢ ᠶᠤᠮ᠃ ᠶᠤᠸᠠᠨ ᠭᠡᠪᠡᠯ 1943 ᠤᠨ ᠳᠤ ᠶᠠᠫᠤᠨ ᠤ ᠬᠦᠯᠦᠰᠦᠨ ᠤ ᠴᠠᠭᠳᠠᠭ᠎ᠠ ᠪᠤᠯᠤᠨ ᠴᠡᠷᠢᠭ ᠤᠳ ᠲᠤ ᠪᠠᠷᠢᠪᠴᠢᠯᠠᠭᠳᠠᠭᠰᠠᠨ ᠪᠤᠯᠤᠨ ᠪᠠᠷᠢᠪᠴᠢᠯᠭᠠᠨ ᠠᠴᠠ ᠵᠢᠭᠤᠳᠠᠨ ᠮᠤᠩᠭᠤᠯ ᠳᠤ ᠤᠷᠤᠵᠦ ᠢᠷᠡᠭᠰᠡᠨ ᠬᠦᠮᠦᠰ ᠤᠨ ᠦᠢᠯᠡᠰ ᠨᠢ ᠲᠡᠯᠳᠡ ᠴᠤ ᠲᠤᠭᠤᠯᠤᠭᠰᠠᠨ ᠠᠮᠢᠳᠤᠷᠠᠯ ᠠᠴᠠ ᠲᠤᠲᠤᠷᠬᠠᠢ ᠰᠠᠶᠢᠨ ᠮᠡᠳᠡᠭᠳᠡᠳᠡᠭ ᠶᠤᠮ᠃ ᠡᠭᠦᠨ ᠳᠤ᠄ ᠬᠤᠷᠵᠢᠯᠬ᠎ᠠ᠂ ᠡ᠊  ᠲᠠᠮᠢᠷᠠᠨᠵᠠᠪ᠂ ᠵ᠊  ᠷᠠᠰᠢ ᠨᠠᠷ ᠤᠨ ᠵᠡᠷᠭᠡ ᠤᠯᠠᠨ ᠬᠦᠮᠦᠰ ᠢ ᠦᠵᠦᠮᠦᠴᠢᠨ ᠸᠠᠩ ᠤᠨ ᠶᠠᠮᠤ ᠪᠤᠶᠤ ᠪᠠᠨᠳᠢᠳᠡ ᠭᠡᠭᠡᠨ ᠬᠡᠶᠢᠳ ᠳᠡᠭᠡᠷ᠎ᠡ ᠲᠤᠰᠬᠠᠢ ᠱᠤᠷᠤᠩ ᠳᠤ ᠬᠤᠷᠢᠵᠦ ᠡᠷᠡᠭᠦᠳᠡᠨ ᠲᠠᠮᠤᠯᠠᠵᠦ ᠪᠠᠺᠲ᠋ᠧᠷᠯᠤᠬᠢ ᠶᠢᠨ ᠵᠡᠪᠰᠡᠭ ᠤᠨ ᠲᠤᠷᠰᠢᠯᠳᠠ ᠳᠤ ᠤᠷᠤᠭᠤᠯᠵᠦ ᠪᠠᠶᠢᠭᠰᠠᠨ ᠠᠴᠠ ᠲᠤᠲᠤᠷᠬᠠᠢ ᠬᠠᠷᠠᠭᠳᠠᠳᠠᠭ᠃       ᠷᠠᠰᠢ ᠠᠵᠢᠶ᠎ᠠ ᠪᠤᠯᠤᠨ ᠬᠤᠷᠵᠢᠯᠬ᠎ᠠ ᠠᠵᠢᠶ᠎ᠠ ᠶᠢᠨ ᠬᠤᠩᠭᠤ ᠶᠢᠨ ᠮᠢᠬ᠎ᠠ ᠶᠢ ᠲᠦᠷᠪᠡᠨ ᠬᠤᠷᠤᠭᠤ ᠦᠷᠭᠡᠨ ᠤᠯᠠᠶᠢᠰᠭᠠᠭᠰᠠᠨ ᠲᠡᠮᠦᠷ ᠢᠶᠠᠷ ᠬᠠᠶᠢᠷᠠᠭᠰᠠᠨ ᠠᠴᠠ ᠪᠤᠯᠵᠦ ᠷᠠᠰᠢ ᠠᠵᠢᠶ᠎ᠠ ᠪᠠᠶᠢᠩᠭᠤ ᠶᠢᠨ ᠰᠠᠭᠤᠮᠠᠭᠠᠢ ᠪᠤᠯᠤᠭᠰᠠᠨ ᠪᠤᠯ ᠬᠤᠷᠵᠢᠯᠬ᠎ᠠ ᠠᠵᠢᠶ᠎ᠠ ᠶᠢᠨ ᠦᠷᠦᠭᠡᠰᠦᠨ ᠬᠦᠯ ᠲᠠᠳᠠᠩᠬᠠᠢ᠂ ᠮᠢᠨᠤ ᠠᠪᠤ ᠡ᠊  ᠲᠠᠮᠢᠷᠠᠨᠵᠠᠪ ᠨᠠᠷ ᠰᠦᠷᠢᠶ᠎ᠡ ᠪᠠᠷ ᠬᠠᠯᠳᠠᠪᠤᠷᠢ ᠠᠪᠤᠭᠰᠠᠨ ᠤ ᠤᠯᠠᠮ ᠠᠴᠠ ᠲᠦᠴᠢᠨ ᠬᠡᠳᠦᠨ ᠨᠠᠰᠤᠨ ᠳᠠᠭᠠᠨ ᠪᠤᠷᠬᠠᠨ ᠪᠤᠯᠴᠠᠭᠠᠵᠦ ᠪᠤᠮᠪᠠ ᠶᠢᠨ ᠰᠠᠶᠢᠬᠠᠨ ᠤᠷᠤᠨ ᠳᠠᠭᠠᠨ ᠠᠮᠢᠳᠤᠷᠠᠬᠤ ᠪᠤᠷᠬᠠᠳ ᠤᠨ ᠬᠠᠶᠢᠷᠠᠯᠠᠭᠰᠠᠨ ᠭᠡᠰᠢᠭ ᠢ ᠪᠦᠳᠦᠨ ᠭᠦᠷᠳᠡᠵᠦ ᠴᠢᠳᠠᠭ᠎ᠠ ᠦᠭᠡᠢ ᠭᠠᠰᠢᠭᠤᠨ ᠦᠨᠡᠨ ᠤ ᠭᠡᠷᠡᠴᠢ ᠤᠳ ᠪᠢᠯᠡ᠃ ᠭᠡᠬᠦ ᠳᠡᠭᠡᠨ ᠲᠡᠳᠡ ᠪᠢᠳᠡᠨ ᠢ ᠨᠠᠰᠢ ᠨᠢ ᠵᠦᠭᠯᠡᠭᠦᠯᠵᠦ ᠶᠡᠭᠡ ᠤᠬᠠᠭᠠᠨ ᠤ ᠬᠦᠳᠦᠴᠢ ᠪᠤᠯᠵᠠᠭᠠᠭᠰᠠᠨ ᠭᠠᠪᠢᠶᠠᠳᠠᠨ ᠨᠤᠭᠤᠳ ᠪᠢᠯᠡ᠃ ᠪ᠊  ᠲᠡᠮᠪᠡᠷᠡᠯ᠂ ᠤ  ᠨᠢᠮ᠎ᠡ ᠨᠠᠷ ᠢ ᠪᠠᠷᠢᠪᠴᠢᠯᠠᠬᠤ ᠪᠠᠷ ᠶᠠᠫᠤᠨ ᠤ ᠴᠡᠷᠢᠭ ᠪᠤᠯᠤᠨ ᠬᠦᠯᠦᠰᠦᠨ ᠴᠠᠭᠳᠠᠭ᠎ᠠ ︵ᠲᠧ ᠡᠤ︶ ᠨᠡᠶᠢᠯᠡᠭᠰᠡᠨ ᠠᠷᠪᠠᠨ ᠮᠤᠷᠢ ᠲᠠᠢ ᠬᠦᠮᠦᠨ ᠢᠷᠡᠭᠰᠡᠨ ᠪᠤᠯᠪᠠᠴᠤ ᠪᠠᠷᠢᠪᠴᠢᠯᠠᠵᠦ ᠴᠢᠳᠠᠭ᠎ᠠ ᠦᠭᠡᠢ ᠪᠠᠶᠢᠨ᠎ᠠ᠂ ᠡᠭᠦᠨ ᠤ ᠤᠴᠢᠷ ᠨᠢ ᠲᠡᠮᠪᠡᠷᠡᠯ ᠪᠠᠭ᠎ᠠ ᠶᠢᠨ ᠦᠷᠭᠡᠨ ᠠᠬ᠎ᠠ ᠭ᠊  ᠴᠢᠮᠡᠳ ᠬᠤᠨᠢᠨ ᠳᠤ ᠶᠠᠪᠤᠭᠠᠳ ᠭᠡᠷ ᠲᠡᠭᠡᠨ ᠢᠷᠡᠬᠦ ᠲᠠᠭᠠᠷᠠᠵᠦ ᠬᠡᠷᠡᠭ ᠪᠢᠰᠢᠳᠡᠭᠰᠡᠨ ᠢ ᠤᠶᠢᠯᠠᠭᠠᠳ᠂ ᠤᠭᠰᠠᠷᠠᠭ᠎ᠠ ᠲᠠᠢ ᠲᠡᠷᠭᠡ ᠨᠦᠭᠦᠳ ᠠᠴᠠ ᠤᠶᠠᠭᠠᠳᠠᠢ ᠪᠠᠶᠢᠭᠰᠠᠨ ᠮᠤᠷᠢᠳ ᠠᠴᠠ ᠬᠤᠶᠠᠷ ᠮᠤᠷᠢ ᠶᠢ  ᠨᠢ ᠠᠪᠴᠤ ᠭᠡᠷ ᠤᠨ ᠠᠷᠤ ᠳᠤ ᠠᠪᠠᠴᠠᠭᠠᠳ ᠪᠤᠴᠠᠨ ᠤᠴᠢᠵᠦ ᠬᠠᠮᠳᠤ ︵ᠮᠤᠤᠬᠠᠯᠠᠢ  ︶ ᠪᠠᠶᠢᠭᠰᠠᠨ ᠠᠷᠭ᠎ᠠ ᠶᠢ ᠲᠡᠷᠭᠡ ᠲᠠᠮᠨᠠᠭᠤᠯᠤᠨ ᠪᠦᠮᠪᠦᠷᠢᠭᠦᠯᠵᠦ᠂ ᠤᠶᠠᠭᠠᠳᠠᠢ ᠮᠤᠷᠢᠳ ᠢ ᠦᠷᠭᠦᠭᠡᠨ ᠤᠶᠢᠮᠡᠭᠦᠯᠵᠦ ᠶᠠᠫᠤᠨ ᠤ ᠴᠡᠷᠢᠭ ᠤᠳ ᠢ ᠮᠤᠷᠢ ᠲᠠᠢ ᠪᠠᠨ ᠬᠦᠭᠡᠭᠡᠴᠡᠯᠳᠦᠨ ᠪᠠᠶᠢᠬᠤ ᠬᠤᠭᠤᠷᠤᠨᠳᠤ ᠨᠦᠭᠦᠭᠡ ᠬᠤᠶᠠᠷ ᠢ ᠪᠠᠨ ᠵᠢᠭᠤᠳᠠᠭᠤᠯᠤᠭᠰᠠᠨ ᠲᠡᠤᠬᠡ ᠲᠠᠢ ᠶᠤᠮ ᠪᠢᠯᠡ᠃ ᠡᠨᠡ ᠬᠤᠶᠠᠷ ᠰ᠊  ᠵᠠᠳᠠᠮᠪᠠ ᠲᠠᠢ ᠪᠠᠨ ᠨᠡᠶᠢᠯᠡᠵᠦ ᠭᠤᠷᠪᠠᠭᠤᠯᠠ ᠪᠤᠯᠤᠭᠠᠳ ᠬᠢᠯᠢ ᠲᠠᠪᠠᠭᠰᠠᠨ᠂ ᠢᠩᠭᠢᠵᠦ ᠶᠠᠪᠤᠬᠤ ᠳᠠᠭᠠᠨ ᠯᠠᠮᠠᠬᠠᠢ ᠶᠢᠨ ᠢᠶᠠᠨ ᠤᠪᠤᠭᠠᠨ ᠳᠤ ︵ᠯᠾᠠᠴᠢᠨᠸᠠᠩᠳᠠᠳ︶ ᠭᠠᠷᠴᠤ ᠵᠤᠯᠠ ᠡᠷᠭᠦᠨ ᠦᠯᠡᠳᠡᠭᠰᠡᠨ ᠪᠤᠯᠤᠨ ᠰᠢᠷᠦᠢ ᠳᠤ ᠤᠷᠤᠭᠰᠠᠨ ᠨᠦᠬᠦᠳ ᠢ ᠮᠢᠨᠢ ᠪᠠᠭ᠎ᠠ ᠵᠤᠪᠠᠭᠠᠰᠠᠢ ᠭᠡᠵᠦ ᠵᠠᠯᠪᠠᠷᠢᠵᠦ ᠮᠦᠷᠭᠦᠵᠦ ᠪᠠᠶᠢᠯ᠎ᠠ ᠬᠡᠮᠡᠨ ᠬᠤᠵᠢᠮ ᠦᠪᠡᠷᠰᠡᠳ ᠢᠶᠠᠨ ᠶᠠᠷᠢᠭᠰᠠᠨ ᠪᠠᠶᠢᠳᠠᠭ᠃ ᠡᠨᠡ ᠭᠤᠷᠪᠠᠨ ᠬᠦᠮᠦᠨ ᠢ ᠬᠢᠯᠢ ᠶᠢᠨ ᠵᠠᠰᠲ᠋ᠠᠪ ᠶᠢᠨ ᠴᠡᠷᠢᠭ ᠤᠳ ᠲᠤᠰᠤᠨ ᠠᠪᠴᠤ ᠤᠲᠷᠶᠠᠲ ᠢᠶᠠᠷ ᠢᠶᠠᠨ ᠲᠠᠮᠵᠢᠭᠤᠯᠤᠨ ᠪᠤᠯᠠᠭᠠᠨ ᠠᠶᠢᠮᠠᠭ ᠲᠤ ᠠᠪᠠᠭᠠᠴᠢᠨ ᠰᠠᠭᠤᠯᠭᠠᠭᠰᠠᠨ ᠪᠠᠶᠢᠳᠠᠭ᠃ ᠡᠳᠡᠭᠡᠷ ᠬᠦᠮᠦᠰ 1945 ᠤᠨ ᠳᠤ ᠠᠷᠤ ᠭᠡᠷ ᠤᠨ ᠢᠶᠠᠨ ᠬᠢᠯᠢ ᠲᠠᠪᠠᠨ ᠤᠷᠤᠵᠦ ᠢᠷᠡᠬᠦ ᠳᠤ ᠡᠷᠳᠡᠨᠢᠴᠠᠭᠠᠨ ᠳᠤ ᠢᠷᠡᠵᠦ ᠰᠠᠭᠤᠷᠢᠰᠢᠨ ᠠᠮᠢᠳᠤᠷᠠᠭᠰᠠᠨ ᠤᠴᠢᠷ ᠲᠠᠢ ᠠᠩᠬᠠᠯᠠᠨ ᠠᠭᠦᠵᠦ ᠢᠷᠡᠭᠰᠡᠨ 29 ᠡᠷᠦᠬᠡ ᠶᠢᠨ ᠲᠤᠭᠠᠨ ᠳᠤ ᠨᠡᠷ᠎ᠡ ᠶᠢ ᠨᠢ ᠤᠷᠤᠭᠤᠯᠤᠭᠰᠠᠨ ᠤᠴᠢᠷ ᠡᠶᠢᠮᠦ᠂ ᠪᠢᠳᠡᠨ ᠤ ᠡᠪᠦᠭᠡ ᠲᠡᠭᠡᠳᠦᠰ ᠡᠨᠡ ᠮᠤᠩᠭᠤᠯ ᠤᠯᠤᠰ ᠢ ᠲᠤᠰᠠᠭᠠᠷ ᠲᠤᠭᠳᠠᠨᠢᠯ ᠤᠨ ᠲᠦᠯᠦᠭᠡ ᠠᠮᠢ ᠨᠠᠰᠤ ᠪᠠᠨ ᠵᠤᠷᠢᠭᠤᠯᠵᠦ ᠶᠠᠪᠤᠭᠰᠠᠨ ᠪᠠᠷᠢᠮᠳᠠ ᠨᠤᠳᠠᠯᠠᠭ᠎ᠠ ᠲᠤᠬᠠᠢ ᠶᠢᠨ ᠦᠶ᠎ᠡ ᠶᠢᠨ ᠴᠢᠨ᠋ᠸ᠎ᠠ ᠭᠤᠤᠯ ᠤᠨ ᠬᠢᠯᠢ ᠶᠢᠨ ᠬᠤᠭᠤᠷᠤᠨᠳᠤ ᠶᠢᠨ ᠲᠠᠪᠤᠳᠤᠭᠠᠷ ᠲᠠᠰᠤᠭ ᠤᠨ ᠲᠠᠷᠤᠭ᠎ᠠ᠂ ᠬᠤᠰᠢᠭᠤ ᠰᠤᠮᠤ ᠤᠳ ᠶᠢᠨ ᠠᠷᠪᠠᠢ ᠬᠡᠭᠡᠷ᠎ᠡ ᠶᠢᠨ ᠭᠠᠷ ᠤᠨ ᠦᠰᠦᠭ ᠲᠠᠢ ᠷᠠᠫᠤᠷᠲ ᠠᠴᠠ ᠲᠤᠲᠤᠷᠬᠠᠢ ᠪᠠᠶᠢᠭ᠎ᠠ᠂ ᠰᠦᠬᠡᠪᠠᠭᠠᠳᠤᠷ ᠠᠶᠢᠮᠠᠭ ᠤᠨ ᠲᠠᠩᠨᠠᠭᠤᠯ ᠤᠨ ᠠᠷᠬᠢᠪ ᠲᠤ ᠪᠠᠶᠢᠭ᠎ᠠ ᠭᠡᠵᠦ ᠴᠤᠭᠳᠤ ᠵᠠᠶᠢᠵᠠ ᠮᠢᠨᠢ 1990 ᠬᠡᠳ ᠤᠨ ᠳᠤ ᠪᠠᠶᠢᠭᠰᠠᠨ ᠢ ᠲᠤᠲᠤᠷᠬᠠᠢ ᠰᠠᠨᠠᠵᠦ ᠪᠠᠶᠢᠨ᠎ᠠ᠃       ⑵ ᠨᠢᠭᠡ ᠨᠢ ᠲᠠᠭᠤᠴᠢ᠂ ᠨᠦᠭᠦᠭᠡ ᠨᠢ ᠤᠷᠭᠠᠴᠢ ᠦᠵᠦᠮᠦᠴᠢᠨ ᠭᠡᠬᠦ ᠭᠡᠰᠡᠭ ᠲᠤ       ᠦᠵᠦᠮᠦᠴᠢᠨ ᠤᠷᠠᠯᠢᠭ ᠤᠷᠠᠨ ᠰᠠᠶᠢᠬᠠᠨ ᠤ ᠲᠠᠯ᠎ᠠ ᠪᠠᠷ ᠲᠤᠷᠠᠰᠬᠤ ᠦᠭᠡᠢ ᠦᠩᠭᠡᠷᠡᠬᠦ ᠠᠷᠭ᠎ᠠ ᠦᠭᠡᠢ᠂ ᠦᠵᠦᠮᠦᠴᠢᠨ ᠲᠡᠭᠡᠳᠦ ᠠᠴᠠ ᠮᠠᠨᠢ ᠲᠠᠭᠤᠤ ᠬᠦᠭᠵᠢᠮ ᠤᠨ ᠲᠠᠯ᠎ᠠ ᠪᠠᠷ ᠶᠠᠮᠠᠷ ᠠᠪᠢᠶ᠋ᠰ ᠪᠢᠯᠢᠭ ᠲᠠᠢ ᠬᠦᠮᠦᠰ ᠪᠠᠶᠢᠳᠠᠭ ᠢ ᠦᠳᠡᠭᠦᠰ ᠬᠡᠯᠡᠯᠴᠡᠬᠦ ᠳᠡᠭᠡᠨ ︽ᠦᠵᠦᠮᠦᠴᠢᠨ ᠬᠤᠶᠠᠭᠤᠯᠠ ᠶᠠᠪᠤᠪᠠᠯ ᠨᠢᠭᠡ ᠨᠢ ᠲᠠᠭᠤᠴᠢ᠂ ᠨᠦᠬᠦᠭᠡ ᠨᠢ ᠤᠷᠭᠠᠴᠢ︾ ᠭᠡᠰᠡᠨ ᠦᠭᠡ ᠲᠠᠢ ᠭᠡᠵᠦ ᠶᠠᠷᠢᠯᠴᠠᠳᠠᠭ ᠪᠢᠯᠡ᠃ ᠦᠵᠦᠮᠦᠴᠢᠨ ᠠᠯᠳᠠᠷᠳᠦ ᠲᠠᠭᠤᠴᠢ᠂ ᠬᠦᠭᠵᠢᠮᠴᠢᠨ ᠲᠠᠭᠸ᠎ᠠ ︵1905 — 1950︶ ᠬᠠᠭᠤᠴᠢᠨ ᠤ ᠪᠠᠷᠠᠭᠤᠨ ᠦᠵᠦᠮᠦᠴᠢᠨ ᠬᠤᠰᠢᠭᠤᠨ ᠤ ᠬᠡᠷᠡᠶᠢᠳ ᠰᠤᠮᠤᠨ ᠤ ᠪᠤᠷᠵᠢᠬᠢᠨ ᠤᠪᠤᠭᠳᠤ ᠬᠦᠮᠦᠨ ᠪᠦᠭᠡᠳ ᠦᠵᠦᠮᠦᠴᠢᠨ ᠸᠠᠩ ᠤᠨ ᠤᠷᠳᠤᠨ ᠤ ᠬᠦᠭᠵᠢᠮᠴᠢᠨ᠂ ᠴᠢᠭᠤᠯᠭᠠᠨ ᠲᠠᠭᠠᠭᠠᠮᠠᠯ ︽ᠬᠤᠷᠢᠨ ᠤ ᠵᠠᠭᠢᠷᠤᠭᠴᠢ︾ ᠭᠡᠷᠬᠢᠮ ᠲᠠᠢ ︵ᠱᠠᠩᠨᠠᠭᠰᠠᠨ ᠭᠡᠷᠬᠢᠮ︶ ᠪᠠᠶᠢᠵᠠᠢ᠃ ᠰᠠᠶᠢᠬᠠᠨ ᠲᠠᠭᠤᠯᠠᠬᠤ ᠠᠴᠠ ᠭᠠᠳᠠᠨ᠎ᠠ ᠬᠤᠭᠤᠷ᠂ ᠬᠤᠭᠤᠴᠢᠷ᠂ ᠯᠢᠩᠪᠤ᠂ ᠶᠤᠤᠴᠢᠨ᠂ ᠱᠠᠨᠵᠠ᠂ ᠶᠠᠳᠤᠭ᠎ᠠ ᠪᠠᠷ ᠰᠠᠶᠢᠨ ᠬᠦᠭᠵᠢᠮᠳᠠᠳᠡᠭ ᠲᠡᠷᠡ ᠲᠤᠰᠤᠮ ᠢᠶᠠᠨ ᠱᠠᠨᠵᠠ ᠬᠦᠭᠵᠢᠮ ᠢ ᠤᠨᠴᠤᠭᠤᠢ ᠲᠤᠭᠯᠠᠳᠠᠭ ᠪᠠᠶᠢᠵᠠᠢ᠃ 1942 ᠤᠨ ᠳᠤ᠂ ᠦᠵᠦᠮᠦᠴᠢᠨ ᠸᠠᠩ ᠤᠨ ᠤᠷᠳᠤᠨ ᠤ ᠲᠠᠭᠤᠴᠢᠳ ᠬᠦᠭᠵᠢᠮᠴᠢᠳ ᠶᠠᠫᠤᠨ᠂ ᠰᠤᠯᠤᠩᠭᠤᠰ ᠤᠯᠤᠰ ᠢᠶᠠᠷ ᠠᠶᠢᠯᠠᠴᠢᠯᠠᠨ ᠲᠤᠭᠯᠠᠬᠤ ᠳᠤ ᠤᠷᠤᠯᠴᠠᠵᠦ ᠪᠠᠶᠢᠭᠰᠠᠨ ᠠᠴᠠ ᠭᠠᠳᠠᠨ᠎ᠠ ︽ᠴᠤᠮᠪᠤᠨ ᠲᠤᠭᠤᠷᠠᠶᠢᠳᠦ ᠬᠦᠷᠡᠩ︾᠂ ︽ᠰᠠᠳᠠᠷ ᠰᠠᠳᠠᠷ ᠰᠠᠯᠬᠢ︾ ᠵᠡᠷᠭᠡ ᠲᠠᠭᠤᠤ ᠨᠤᠭᠤᠳ ᠢ ᠵᠤᠬᠢᠶᠠᠭᠰᠠᠨ ᠭᠡᠵᠦ ︽ᠲᠠᠭᠤᠤ ᠬᠤᠭᠤᠷ ᠤᠨ ᠦᠯᠦᠭᠡᠢ ᠦᠵᠦᠮᠦᠴᠢᠨ︾ ᠭᠡᠬᠦ ᠨᠤᠮ ᠳᠤ ᠪᠢᠴᠢᠭᠳᠡᠵᠡᠢ᠃ ᠮᠦᠨ ᠡᠨᠡ ᠨᠤᠮ ᠳᠤ ᠮᠢᠨᠤ ᠡᠵᠢ ᠶᠢᠨ ᠲᠦᠷᠦᠭᠰᠡᠨ ᠲᠡᠭᠦᠤ ᠬᠠᠨᠳᠠ ᠶᠢᠨ ︵ᠠᠶᠤᠰᠢ︶ ᠲᠤᠬᠠᠢ ᠪᠢᠴᠢᠬᠦ ᠳᠡᠭᠡᠨ 1954 ᠤᠨ ᠳᠤ ᠪᠤᠯᠤᠭᠰᠠᠨ ᠰᠢᠯᠢ ᠶᠢᠨ ᠭᠤᠤᠯ ᠠᠶᠢᠮᠠᠭ ᠤᠨ ᠶᠡᠭᠡ ᠨᠠᠶᠢᠷ ᠲᠡᠭᠡᠷ᠎ᠡ ︽ᠰᠤᠶᠤᠭ ᠪᠤᠷᠤ︾ ᠢ ᠲᠠᠭᠤᠯᠠᠵᠦ ᠮᠦᠩᠭᠦᠨ ᠮᠧᠲᠠᠯ 1959 ᠤᠨ ᠳᠤ ᠰᠢᠯᠢ ᠶᠢᠨ ᠭᠤᠤᠯ ᠤᠨ ᠤᠷᠠᠨ ᠰᠠᠶᠢᠬᠠᠨᠴᠦᠳ ᠤᠨ ᠤᠷᠤᠯᠳᠤᠭᠠᠨ ᠳᠤ ᠲᠠᠬᠢᠨ ᠮᠦᠩᠭᠦᠨ ᠮᠧᠲᠠᠯ ᠠᠪᠴᠤ ᠪᠠᠶᠢᠭᠰᠠᠨ ᠪᠠ 1988 ᠤᠨ ᠳᠤ ᠵᠡᠭᠦᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠠᠴᠠ ᠠᠷᠠᠳ ᠤᠨ ᠲᠠᠭᠤᠴᠢᠨ ᠴᠤᠯᠠ ᠡᠷᠭᠦᠮᠵᠢᠯᠡᠪᠡ ᠭᠡᠵᠦ ᠪᠢᠴᠢᠵᠡᠢ᠃ ᠡᠨᠡ ᠮᠡᠳᠦ ᠲᠤᠷᠠᠰᠬᠤ ᠶᠢᠨ ᠤᠴᠢᠷ ᠠᠳᠡ ᠢᠷᠡᠭᠰᠡᠨ ᠦᠵᠦᠮᠦᠴᠢᠨ ᠨᠦᠭᠦᠳ ᠮᠠᠨᠢ ᠶᠠᠮᠠᠷᠰᠢᠤ ᠲᠠᠭᠤᠤ ᠬᠤᠭᠤᠷ ᠤᠨ ᠠᠪᠢᠶᠠᠰ ᠲᠠᠢ ᠶᠢ ᠲᠤᠲᠤᠳᠬᠠᠬᠤ ᠭᠡᠰᠡᠨ ᠪᠢᠯᠡ᠃ ᠦᠵᠦᠮᠦᠴᠢᠨ ᠲᠠᠭᠤᠴᠢᠳ ᠬᠦᠭᠵᠢᠮᠴᠢᠳ ᠭᠡᠪᠡᠯ ᠲᠤᠷᠠᠳᠤᠭᠠᠳ ᠪᠠᠷᠠᠬᠤ ᠦᠭᠡᠢ ᠤᠯᠠᠨ ᠤᠴᠢᠷ ᠲᠡᠷᠡ ᠪᠤᠯᠭᠠᠨ ᠢ ᠡᠰᠡ ᠲᠤᠭᠠᠴᠢᠨ ᠦᠭᠦᠯᠡᠬᠦ  ᠨᠢ 1960 ᠤᠨ ᠳᠤ ᠡᠷᠳᠡᠨᠢᠴᠠᠭᠠᠨ ᠰᠤᠮᠤᠨ ᠤ ᠤᠷᠠᠯᠢᠭ ᠤᠨ ᠭᠤᠷᠪᠠᠨ ᠬᠤᠨᠤᠭ ᠢ ᠪᠠᠷᠠᠭᠤᠨ ᠤᠷᠳᠤ ᠬᠤᠳᠠ ᠳᠤ ᠶᠠᠪᠤᠭᠤᠯᠬᠤ ᠳᠤ ᠲ᠊  ᠷᠢᠨᠴᠢᠨ᠂ ᠡ᠊  ᠲᠤᠷᠵᠢ᠂ ᠤ  ᠵᠠᠮᠪᠠᠯᠵᠠᠪ ᠨᠠᠷ ᠭᠤᠤᠯᠯᠠᠨ ᠬᠦᠭᠵᠢᠮᠴᠢᠨ ᠢᠶᠠᠷ ᠤᠷᠤᠯᠴᠠᠵᠦ ᠪᠠᠶᠢᠪᠠ᠃ ᠮᠤᠩᠭᠤᠯ ᠤᠨ ᠠᠷᠠᠳ ᠲᠦᠮᠡᠨ ᠤ ᠤᠷᠠᠯᠢᠭ ᠤᠨ ᠶᠡᠭᠡ ᠨᠠᠭᠠᠳᠤᠮ ᠳᠤ ᠲ᠊  ᠷᠢᠨᠴᠢᠨ ᠯᠢᠩᠪᠤ ᠶᠢᠨ ᠭᠤᠴᠤᠯᠠᠯ ᠢᠶᠠᠷ ︵ᠡᠭᠦᠷ ᠰᠡᠭᠦᠯᠳᠦ︶ ᠬᠦᠷᠡᠯ ᠮᠧᠲᠠᠯ ᠠᠪᠴᠤ᠂ ᠮᠦᠨ ᠵᠢᠭᠡ ᠬᠦᠤ ᠷ᠊  ᠰᠦᠬᠡᠪᠠᠭᠠᠳᠤᠷ ᠨᠢ ᠨᠠᠶᠢᠷᠠᠭ ᠪᠠᠶᠠᠨ ᠬᠤᠭᠤᠷ ᠢᠶᠠᠷ ᠠᠯᠳᠠᠨ ᠮᠧᠲᠠᠯ ᠠᠪᠴᠤ ᠪᠠᠶᠢᠭᠰᠠᠨ ᠠᠴᠠ ᠦᠵᠦᠮᠦᠴᠢᠨ ᠦᠷ᠎ᠡ ᠰᠡᠳᠦ ᠶᠢᠨ ᠠᠪᠢᠶᠠᠰ ᠦᠨᠡᠨ ᠤᠨᠳᠤᠷᠠᠭ᠎ᠠ ᠲᠠᠢ ᠶᠢ ᠢᠯᠡᠳᠭᠡᠨ᠎ᠡ᠃ ᠤᠯᠤᠰ ᠤᠨ ᠲᠡᠷᠢᠭᠦᠨ ᠤ ᠤᠷᠠᠨ ᠰᠠᠶᠢᠬᠠᠨᠴᠢ ᠰ᠊  ᠭᠡᠰᠢᠭ᠂ ᠪ᠊  ᠮᠤᠬᠤᠷ᠎ᠠ ᠨᠠᠷ ᠦᠵᠦᠮᠦᠴᠢᠨ ᠠᠷᠠᠳ ᠤᠨ ᠲᠠᠭᠤᠤ ︽ᠮᠠᠨᠠᠷᠠᠵᠦ ᠪᠠᠶᠢᠭ᠎ᠠ ᠰᠢᠯᠢ︾ ᠶᠢ ᠮᠢᠨᠤ ᠡᠵᠢ ᠫ᠊  ᠤᠳ᠋ᠪᠠᠯ᠎ᠠ ᠢᠶᠠᠷ ᠵᠢᠭᠠᠯᠭᠠᠨ ᠪᠦᠬᠦ ᠠᠷᠠᠳ ᠲᠦᠮᠡᠨ ᠤ ᠢᠵᠠᠭᠤᠷ ᠤᠷᠠᠯᠢᠭ ᠤᠨ ᠶᠡᠭᠡ ᠨᠠᠭᠠᠳᠤᠮ ᠳᠤ ᠤᠷᠤᠯᠴᠠᠵᠦ ᠠᠯᠳᠠᠨ ᠮᠧᠲᠠᠯ ᠠᠪᠴᠤ ᠪᠠᠶᠢᠯ᠎ᠠ᠃ ᠡᠭᠦᠨ ᠠᠴᠠ ᠭᠠᠳᠠᠨ᠎ᠠ ᠤᠷᠠᠯᠢᠭ ᠰᠤᠶᠤᠯ ᠢᠶᠠᠷ ᠶᠠᠪᠤᠵᠦ ᠪᠠᠶᠢᠭ᠎ᠠ ᠦᠭᠡᠢ ᠴᠤ ᠦᠨᠡᠨ ᠠᠪᠢᠶᠠᠰ ᠪᠢᠯᠢᠭ ᠲᠠᠢ ᠪᠠᠶᠢᠭᠰᠠᠨ ᠪ᠊  ᠪᠠᠯᠵᠢᠨᠢᠮ᠎ᠠ᠂ ᠳ᠋᠊  ᠱᠢᠷᠦ ︵ᠲᠠᠭᠸ᠎ᠠ ᠶᠢᠨ︶᠂ ᠤ  ᠤᠷᠯᠤᠮ᠂ ᠳ᠋᠊  ᠤᠳᠬᠤᠨᠪᠠᠶᠠᠷ ᠵᠡᠷᠭᠡ ᠤᠯᠠᠨ ᠵᠠᠯᠭᠠᠮᠵᠢ ᠬᠠᠯᠠᠭ᠎ᠠ ᠪᠠᠶᠢᠭᠰᠠᠨ ᠪᠢᠯᠡ᠃ ᠤᠳᠤ ᠦᠶ᠎ᠡ ᠶᠢᠨ ᠬᠢᠨ ᠠᠴᠠ ᠭᠡᠪᠡᠯ ᠴᠢᠯᠦᠭᠡᠳᠦ ᠤᠷᠠᠨ ᠪᠦᠳᠦᠭᠡᠯᠴᠢ ᠠ᠊  ᠤᠶᠤᠨᠭᠡᠷᠡᠯ᠂ ᠰᠤᠶᠤᠯ ᠤᠨ ᠲᠦᠪ ᠤᠨ ᠦᠪ ᠰᠡᠳᠦ ᠤᠷᠳᠤ ᠶᠢᠨ ᠲᠠᠭᠤᠴᠢᠨ ᠢᠶᠠᠷ ᠪᠦᠷᠢᠳᠭᠡᠭᠳᠡᠭᠰᠡᠨ ᠪ᠊  ᠴᠡᠷᠢᠨᠳᠤᠷᠵᠢ ︵ᠦᠨᠳᠦᠷ︶᠂ ᠴᠢᠯᠦᠭᠡᠳᠦ ᠤᠷᠠᠨ ᠪᠦᠳᠦᠭᠡᠯᠴᠢ ᠡ᠊  ᠤᠷᠳᠤᠨᠠᠰᠤᠨ ᠵᠡᠷᠭᠡ ᠶᠢ ᠲᠤᠷᠠᠳᠬᠤ ᠳᠤ ᠲᠠᠭᠠᠳᠠᠢ ᠪᠠᠶᠢᠨ᠎ᠠ᠃        ᠦᠵᠦᠮᠦᠴᠢᠨ ᠨᠦᠭᠦᠳ ᠠᠪᠠᠯᠠᠵᠦ ᠬᠦᠷᠦᠭᠡᠯᠡᠬᠦ ᠲᠠᠯ᠎ᠠ ᠪᠠᠷ ᠢᠶᠠᠨ ᠦᠪᠡᠷᠮᠢᠴᠡ ᠠᠷᠭ᠎ᠠ ᠪᠠᠷᠢᠯ ᠲᠠᠢ ᠬᠦᠮᠦᠰ ᠂ ᠠᠩᠴᠢ ᠨᠤᠬᠠᠢ ᠤᠯᠠᠨᠳᠠᠢ᠂ ᠴᠢᠨ᠋ᠸ᠎ᠠ ᠠᠪᠠᠯᠠᠬᠤ ᠳᠤ ᠲᠤᠮᠤᠭᠯᠠᠬᠤ ᠪᠤᠶᠤ ᠦᠷᠭᠦᠭᠡᠨ ᠮᠤᠷᠢ ᠪᠠᠷ ᠲᠠᠮᠵᠢᠭᠤᠯᠤᠨ ᠬᠦᠭᠡᠭᠡᠵᠦ ᠴᠤᠬᠢᠬᠤ ᠠᠴᠠ ᠭᠠᠳᠠᠨ᠎ᠠ ᠨᠤᠬᠠᠢ ᠪᠠᠷ ᠪᠠᠷᠢᠭᠤᠯᠳᠠᠭ ᠠᠪᠠᠯᠠᠬᠤ ᠭᠡᠬᠦ ᠠᠴᠠ ᠢᠯᠡᠭᠦᠤ ᠤᠷ᠎ᠡ ᠲᠦᠢᠬᠡ ᠪᠠᠨ ᠭᠠᠶᠢᠬᠠᠭᠤᠯᠤᠭᠰᠠᠨ ᠰᠤᠷᠢᠯᠭ᠎ᠠ᠂ ᠰᠢᠯᠭᠠᠯᠳᠠ ᠪᠤᠯᠭᠠᠳᠠᠭ ᠪᠠᠶᠢᠨ᠎ᠠ᠃ ᠮᠤᠷᠢ ᠪᠠᠷ ᠬᠦᠭᠡᠭᠡᠵᠦ ᠨᠠᠮᠨᠠᠬᠤ ᠲᠠᠯᠠᠢ ᠠᠪᠤᠭᠠᠢ ᠶᠢ ᠦᠨᠡᠬᠡᠷ ᠭᠠᠶᠢᠬᠠᠯᠳᠠᠢ ᠪᠠᠶᠢᠭᠰᠠᠨ ᠭᠡᠳᠡᠭ᠂ ᠡᠨᠡ ᠲᠠᠯ᠎ᠠ ᠪᠠᠷ ᠠᠯᠳᠠᠨᠭᠡᠷᠡᠯ ᠪᠤᠶᠤ ᠨᠧᠷᠨ᠎ᠡ ᠠᠵᠢᠶ᠎ᠠ ᠶᠢᠨ ᠬᠠᠭᠤᠴᠢᠯᠠᠭᠰᠠᠨ ᠢ ᠰᠤᠨᠢᠷᠬᠠᠭᠤᠯᠪᠠᠯ᠄ 1953 ᠤᠨ ᠤ ᠡᠪᠦᠯ᠂ ᠶᠢᠰᠦᠳᠦᠭᠡᠷ ᠪᠠᠭ ᠤᠨ ᠲᠦᠯᠦᠪᠯᠡᠭᠡ ᠪᠠᠨ ᠪᠡᠶᠡᠯᠡᠭᠦᠯᠬᠦ ᠪᠠᠷ ᠬᠠᠯᠳᠠᠷ ᠤᠨ ᠭᠤᠪᠢ ᠤᠷᠤᠭᠤ ᠴᠢᠨ᠋ᠸ᠎ᠠ ᠶᠢᠨ ᠠᠪᠠ ᠳᠤ ᠶᠠᠪᠤᠬᠤ ᠳᠤ ᠤᠷᠳᠤ ᠶᠢᠨ ᠭᠤᠤᠯ ᠤᠨ ᠵᠢᠭᠰᠡᠨ ᠠᠴᠠ ᠲᠤᠯᠤᠭ᠎ᠠ ᠨᠠᠢᠮᠠᠨ ᠴᠢᠨ᠋ᠸ᠎ᠠ ᠪᠤᠰᠴᠠᠢ᠃ ᠲᠠᠯᠠᠢ ᠠᠪᠤᠭᠠᠢ ᠭᠤᠷᠪᠠ ᠶᠢ ᠨᠢ ᠴᠤᠪᠤᠭᠤᠯᠤᠭᠠᠳ ᠴᠤᠬᠢᠵᠦ ᠪᠠᠶᠢᠭᠰᠠᠨ ᠭᠡᠳᠡᠭ᠃ ᠲᠡᠷᠡ ᠪᠠᠷ ᠶᠠᠪᠤᠬᠤ ᠳᠠᠭᠠᠨ ᠵᠠᠶᠢᠵᠠ ᠶᠢᠨ ᠠᠳᠤᠭᠤᠨ ᠤ ᠬᠠᠷ᠎ᠠ ᠪᠤᠤᠳᠠᠩ ᠮᠤᠷᠢ ᠲᠠᠢ ᠲᠦᠭᠡ ᠬᠢᠷᠢ ᠶᠢᠨ ᠲᠠᠰᠢᠭᠤᠷ ᠢᠶᠠᠷ ᠯᠡ ᠴᠤᠬᠢᠴᠢᠬᠠᠳᠠᠭ᠂ ᠴᠢᠨ᠋ᠸ᠎ᠠ ᠶᠢ ᠬᠦᠭᠡᠭᠡᠵᠦ ᠭᠦᠢᠴᠡᠭᠡᠳ ᠨᠢᠭᠡ ᠬᠡᠯᠪᠡᠷᠢᠭᠡᠳ ᠵᠦᠢᠯ ᠲᠠᠭᠤᠰᠬᠠᠳᠠᠭ ᠭᠡᠵᠦ ᠤᠷᠠᠮᠳᠠᠶᠢᠬᠠᠨ ᠬᠠᠭᠤᠴᠢᠯᠠᠵᠦ ᠪᠠᠶᠢᠯ᠎ᠠ᠃ ᠮᠦᠨ ᠲᠤᠯᠮ᠎ᠠ ᠠᠵᠢᠶ᠎ᠠ ᠬᠠᠭᠤᠴᠢᠯᠠᠬᠤ ᠳᠠᠭᠠᠨ ᠮᠠᠨ ᠤ ᠴᠤᠶᠢᠵᠤᠤ ᠪᠤᠯ ᠠᠮᠢᠳᠠᠨ ᠤ ᠪᠠᠶᠢᠷᠢᠰᠢᠯ᠂ ᠭᠦᠶᠦᠳᠡᠯ ᠰᠠᠭᠤᠳᠠᠯ ᠢ ᠤᠨᠴᠤᠭᠤᠢ ᠮᠡᠳᠡᠳᠡᠭ ᠬᠦᠮᠦᠨ ᠪᠠᠶᠢᠯ᠎ᠠ᠃ 1959 ᠤᠨ ᠳᠤ ᠠᠩ ᠤᠨ ᠦᠰᠦᠨ ᠤ ᠲᠦᠯᠦᠪᠯᠡᠭᠡ ᠶᠢ ᠪᠡᠶᠡᠯᠡᠭᠦᠯᠬᠦ ᠭᠡᠳ ᠦᠭᠭᠢᠶᠡᠮᠦᠷ᠂ ᠤᠯᠠᠭᠠᠨ ᠭᠤᠤ᠂ ᠤᠷᠳᠤ ᠶᠢᠨ ᠭᠤᠤᠯ ᠲᠡᠰᠢ ᠪᠠᠨ ᠬᠦᠷᠦᠭᠡᠯᠡᠬᠦ ᠪᠠᠷ ᠭᠠᠷᠤᠭᠠᠳ ᠬᠤᠶᠠᠷ ᠡᠳᠦᠷ ᠬᠦᠷᠦᠭᠡᠯᠡᠴᠢᠭᠡᠳ ᠤᠷᠤᠢ ᠨᠢ ᠠᠶᠢᠯ ᠳᠤ ᠴᠤᠭᠯᠠᠭᠠᠳ ᠪᠠᠶᠢᠭᠰᠠᠨ ᠴᠢᠨᠢ ᠴᠦᠢᠵᠦᠤ ︽ᠮᠠᠷᠭᠠᠰᠢ ᠦᠭᠭᠢᠶᠡᠮᠦᠷ ᠢ ᠲᠠᠬᠢᠭᠠᠳ ᠲᠤᠮᠤᠭᠯᠠᠨ᠎ᠠ᠂ ᠴᠠᠭᠠᠨ ᠴᠢᠯᠠᠭᠤᠳᠤ ᠠᠴᠠ ᠴᠢᠨ᠋ᠸ᠎ᠠ ᠪᠤᠰᠤᠭᠠᠳ ᠤᠷᠢᠳᠦ ᠦᠭᠡᠳᠡ ᠪᠠᠨ ᠤᠯᠠᠭᠠᠨ ᠭᠤᠤᠯᠠᠭᠠᠳ ᠭᠠᠷᠤᠨ᠎ᠠ᠂ ᠲᠤᠯᠮᠠᠵᠠᠪ ᠴᠢ ᠭᠤᠤ ᠶᠢᠨ ᠬᠤᠶᠢᠳᠦ ᠲᠡᠭᠡᠷ᠎ᠡ ᠪᠠᠶᠢᠵᠦ ᠪᠠᠢ᠂ ᠴᠢᠮᠡᠳ ᠤᠷᠤᠭᠤ ᠰᠠᠶᠢᠨ ᠰᠢᠬᠠᠵᠦ ᠦᠭ᠂ ᠴᠢᠮᠡᠳ ᠭᠤᠤ ᠶᠢᠨ ᠤᠷᠢᠳᠦ ᠲᠡᠭᠡᠷ᠎ᠡ ᠠᠮᠠᠳᠠᠭᠠᠳ ᠴᠤᠬᠢᠵᠦ ᠠᠪ︾ ᠭᠡᠵᠦ ᠪᠠᠶᠢᠨ᠎ᠠ ᠭᠡᠨ᠎ᠡ᠃ ᠲᠡᠭᠡᠬᠦ ᠪᠠᠷ ᠨᠢ ᠲᠤᠯᠮ᠎ᠠ ᠠᠵᠢᠶ᠎ᠠ ᠴᠢ ᠶᠠᠮᠠᠷ ᠤᠶᠠᠭᠠᠳᠠᠢ ᠨᠤᠬᠠᠢ ᠪᠠᠨ ᠲᠠᠯᠪᠢᠭᠠᠳ ᠲᠤᠭᠤᠯᠭᠠᠬᠤ ᠭᠡᠵᠦ ᠪᠠᠶᠢᠭ᠎ᠠ ᠪᠢᠰᠢ ᠭᠡᠰᠡᠨ ᠰᠢᠤ ᠶᠠᠭᠤᠮ᠎ᠠ  ᠪᠤᠳᠦᠭᠠᠳ ᠯᠡ ᠦᠩᠭᠡᠷᠴᠠᠢ᠃ ᠭᠡᠳᠡᠯ᠎ᠡ ᠮᠠᠷᠭᠠᠰᠢ ᠦᠷᠯᠦᠭᠡ ᠨᠢ ᠶᠠᠭ ᠬᠡᠯᠡᠭᠰᠡᠨ ᠢᠶᠠᠷ ᠨᠢ ᠦᠷᠭᠦᠭᠡᠯᠭᠡᠨ ᠤ ᠴᠢᠨ᠋ᠸ᠎ᠠ ᠢᠷᠡᠬᠦ ᠳᠤ ᠬᠤᠷᠳᠤᠨ ᠬᠡᠬᠡᠷ ᠮᠤᠷᠢ ᠲᠠᠢ ᠪᠠᠨ ᠲᠠᠭᠠᠷᠢᠭᠠᠳ ᠤᠷᠭᠠᠯᠠᠭᠠᠳ ᠠᠪᠴᠤ ᠪᠠᠶᠢᠯ᠎ᠠ᠃ ᠲᠡᠭᠡᠬᠦ ᠳᠡᠭᠡᠨ ᠵᠠᠪᠠᠯ ᠴᠢᠮᠡᠳ ᠪᠠᠶᠢᠬᠤ ᠳᠠᠭᠠᠨ ᠶᠠᠭᠠᠬᠢᠬᠤᠪ ᠭᠡᠵᠦ ᠪᠤᠳᠤᠭᠠᠳ ᠪᠠᠶᠢᠬᠤ ᠨᠢ ᠲᠡᠷᠡ ᠭᠡᠵᠦ 2005 ᠤᠨ ᠳᠤ ᠨᠠᠳᠠᠳᠤ ᠬᠠᠭᠤᠴᠢᠯᠠᠵᠦ ᠪᠠᠶᠢᠯ᠎ᠠ᠂ ᠲᠡᠭᠡᠳᠦᠯ ᠲᠡᠭᠡᠰ ᠶᠠᠷᠢᠬᠤ ᠦᠭᠡᠢ᠂ ᠲᠡᠷ᠎ᠡ ᠲᠡᠭᠡᠷ᠎ᠡ ᠲᠤᠯᠤᠭᠠᠢ ᠲᠠᠯᠪᠢᠩᠭᠤᠳᠠ ᠲᠠᠮᠠᠢ ᠤᠨᠳᠠᠭᠤᠯᠬᠤ ᠦᠭᠡᠢ ᠲᠡᠩᠳᠡᠭᠦᠤ ᠰᠠᠶᠢᠬᠠᠨ ᠦᠨᠡᠨ ᠦᠯᠢᠭᠡᠷ᠂ ᠲᠡᠤᠬᠡ ᠶᠠᠷᠢᠵᠦ ᠦᠭᠭᠦᠳᠡᠭ ᠰᠠᠨ᠂ ᠦᠳᠡᠯᠡᠬᠦ ᠨᠠᠰᠤᠨ ᠤ ᠡᠷᠬᠡ ᠪᠠᠷ ᠡᠳᠦᠶᠢᠬᠢᠨ ᠶᠠᠭᠤᠮ᠎ᠠ ᠲᠤᠭᠳᠠᠭᠠᠵᠦ ᠦᠯᠡᠳᠡᠵᠦ ᠳ᠋ᠧ᠃       1959 ᠤᠨ ᠳᠤ᠂ ᠨᠢᠭᠡᠳᠦᠯᠵᠢᠬᠦ ᠬᠦᠳᠡᠯᠭᠡᠭᠡᠨ ᠲᠠᠭᠤᠰᠴᠤ ᠵᠢᠵᠢᠭ ᠨᠢᠭᠡᠳᠦᠯ ᠤᠳ ᠢ ᠨᠢᠭᠡᠳᠭᠡᠨ ᠰᠤᠮᠤ ᠨᠢᠭᠡᠳᠦᠯ ᠪᠤᠯᠭᠠᠬᠤ ᠳᠤ ᠡᠷᠳᠡᠨᠢᠴᠠᠭᠠᠨ ᠰᠤᠮᠤ ᠶᠢᠨ ︽ᠵᠢᠷᠭᠠᠯ ᠤᠨ ᠵᠠᠮ︾ ᠨᠢᠭᠡᠳᠦᠯ ᠪᠤᠯᠭᠠᠨ᠂ ︽ᠬᠦᠭᠵᠢᠯ ᠤᠨ ᠵᠠᠮ︾ ᠨᠢᠭᠡᠳᠦᠯ ᠢ ᠭᠤᠷᠪᠠᠳᠤᠭᠠᠷ ᠪᠠᠷᠢᠭᠠᠳᠠ ᠪᠤᠯᠭᠠᠪᠠ᠃ ᠭᠤᠷᠪᠠᠳᠤᠭᠠᠷ ᠪᠠᠭ ᠤᠨ ᠰᠠᠭᠠᠯᠢᠴᠢᠳ 1960 ᠤᠨ ᠳᠤ ︽ᠵᠢᠷᠭᠠᠯ ᠤᠨ ᠵᠠᠮ︾ ᠨᠢᠭᠡᠳᠦᠯ ᠤᠨ ᠠᠩᠬᠠᠨ ᠤ ︽ᠰᠤᠼᠠᠯᠢᠰᠲ ᠬᠦᠳᠡᠯᠮᠦᠷᠢ ᠶᠢᠨ ᠲᠦᠯᠦᠭᠡ︾ ᠬᠦᠳᠡᠯᠭᠡᠭᠡᠨ ᠢ ᠦᠵᠦᠮᠦᠴᠢᠨ ᠡᠵᠢ ᠡᠬᠡᠴᠦᠳ ᠮᠠᠨᠢ ᠡᠭᠦᠰᠭᠡᠪᠡ᠃ ᠡᠭᠦᠨ ᠳᠤ᠄ ᠲᠦᠯᠦᠭᠡ ᠪᠠᠷᠢᠭᠠᠳᠠ ᠶᠢᠨ ᠠᠬᠠᠯᠠᠭᠴᠢ ᠪᠠᠷ ᠵ᠊  ᠬᠤᠤᠬᠠᠢ ᠠᠵᠢᠶ᠎ᠠ᠂ ᠦᠬᠡᠷᠴᠢᠨ ᠢᠶᠠᠷ ᠤ  ᠵᠠᠮᠪᠠᠯᠵᠠᠪ ︵ᠵᠠᠨ᠎ᠠ ᠠᠪᠤ︶᠂ ᠰᠠᠭᠠᠯᠢᠴᠢᠳ ᠨᠢ ᠫ᠊  ᠤᠳ᠋ᠪᠠᠯ᠎ᠠ ︵ᠮᠢᠨᠤ ᠡᠵᠢ︶᠂ ᠤ ᠲᠤᠯᠮ᠎ᠠ ︵ᠠᠨᠢᠶ᠎ᠠ︶᠂ ᠪ᠊  ᠯᠢᠩᠬᠸ᠎ᠠ ︵ᠮᠠᠩᠭ᠎ᠠ ᠡᠭᠡᠴᠢ︶᠂ ᠯ᠊  ᠦᠨᠢᠷ ︵ᠵᠠᠶᠢᠵᠠ ᠶᠢᠨ ᠠᠨᠢᠶ᠎ᠠ︶᠂ ᠳ᠋᠊  ᠳ᠋ᠤᠲ᠋ᠤᠤ ︵ᠠᠮ᠎ᠠ︶᠂ ᠪ᠊  ᠨᠠᠪᠴᠢ ︵ᠵᠠᠨᠵᠠ︶᠂ ᠳ᠋᠊  ᠨᠠᠩᠰᠠᠯ ︵ᠠᠨᠵᠠ ᠪᠤᠶᠤ ᠮᠢᠨᠤ ᠡᠭᠡᠴᠢ︶  ᠡᠳᠡᠭᠡᠷ ᠬᠦᠮᠦᠰ ᠰᠠᠨᠠᠭ᠎ᠠ ᠨᠢᠭᠡᠳᠦᠨ ᠵᠢᠯ ᠤᠨ ᠬᠤᠭᠤᠴᠠᠭ᠎ᠠ ᠲᠠᠢ ᠡᠭᠦᠷᠭᠡ ᠠᠪᠤᠨ ᠠᠵᠢᠯᠯᠠᠬᠤ ᠳᠠᠭᠠᠨ ᠲᠠᠪᠤᠨ ᠮᠤᠷᠢᠨ ᠲᠡᠷᠭᠡ ᠲᠠᠢ ᠲᠡᠭᠦᠪᠡᠷ ᠢᠶᠠᠨ ᠦᠨᠢᠶᠡᠨ ᠤ ᠪᠠᠨ ᠡᠪᠡᠰᠦ ᠲᠡᠵᠢᠭᠡᠯ ᠢ ᠲᠡᠭᠡᠭᠡᠪᠦᠷᠢᠯᠡᠳᠡᠭ ᠪᠠᠶᠢᠪᠠ᠃ ᠮᠦᠨ ᠦᠪᠡᠷᠰᠡᠳ ᠤᠨ ᠬᠦᠴᠦ ᠪᠠᠷ 120 ᠦᠨᠢᠶᠡᠨ ᠤ ᠰᠠᠷᠠᠪᠴᠢᠳᠠᠢ ᠬᠠᠰᠢᠶ᠎ᠠ ᠪᠠᠷᠢᠭᠰᠠᠨ ᠪᠢᠯᠡ᠃ ᠡᠨᠡ ᠬᠠᠰᠢᠶ᠎ᠠ ᠬᠦᠨᠳᠡᠯᠡᠨ ᠬᠠᠶᠢᠯᠠᠰᠤᠳᠠᠢ ᠳᠤ ᠡᠳᠦᠭᠡ ᠤ  ᠡᠷᠳᠡᠨᠢᠪᠠᠭᠠᠳᠤᠷ ᠤᠨ ᠡᠵᠡᠮᠰᠢᠯ ᠳᠤ ᠪᠠᠶᠢᠭ᠎ᠠ᠂ 1962 ᠤᠨ ᠳᠤ ︽ᠵᠢᠷᠭᠠᠯ ᠤᠨ ᠵᠠᠮ︾ ᠨᠢᠭᠡᠳᠦᠯ ᠪᠠᠷᠢᠭᠠᠳᠠ ᠪᠠᠨ ᠮᠠᠯ ᠢᠶᠠᠷ ᠨᠢ ᠲᠦᠷᠦᠯᠵᠢᠭᠦᠯᠬᠦ ᠳᠤ ᠡᠳᠡᠭᠡᠷ ᠰᠠᠭᠠᠯᠢᠴᠢᠳ ᠤᠨ ᠰᠠᠭᠠᠵᠦ ᠪᠠᠶᠢᠭᠰᠠᠨ ᠦᠨᠢᠶ᠎ᠡ ᠶᠢ ᠲᠠᠪᠤᠳᠤᠭᠠᠷ ᠪᠠᠷᠢᠭᠠᠳᠠ ᠳᠤ ᠰᠢᠯᠵᠢᠭᠦᠯᠦᠭᠡᠳ ᠬᠤᠨᠢ ᠮᠠᠯᠯᠠᠭᠴᠢ ᠪᠤᠯᠤᠭᠰᠠᠨ ᠪᠢᠯᠡ᠃ ᠦᠵᠦᠮᠦᠴᠢᠨ ᠬᠠᠭᠤᠴᠢᠳ ᠭᠡᠵᠦ ᠶᠠᠮᠠᠷᠬᠤᠤ ᠠᠵᠢᠯᠰᠠᠭ ᠮᠠᠯᠴᠢ ᠬᠦᠮᠦᠰ ᠪᠠᠶᠢᠭᠰᠠᠨ ᠢ ᠡᠷᠳᠡᠨᠢᠴᠠᠭᠠᠨ ᠰᠤᠮᠤ ᠠᠴᠠ ᠲᠦᠷᠦᠭᠰᠡᠨ ᠠᠷᠪᠠᠨ ᠤᠯᠤᠰ ᠤᠨ ᠠᠪᠤᠷᠭᠤ ᠮᠠᠯᠴᠢᠨ ᠤ ᠲᠤᠯᠤᠭ᠎ᠠ ᠨᠢ ᠦᠵᠦᠮᠦᠴᠢᠨ᠂ ᠬᠠᠭᠤᠴᠢᠳ ᠪᠠᠶᠢᠭᠰᠠᠨ ᠠᠴᠠ ᠲᠤᠲᠤᠷᠬᠠᠢ ᠪᠢᠯᠡ᠃ ᠢᠩᠭᠢᠭᠡᠳ ᠦᠵᠦᠮᠦᠴᠢᠨ ᠠᠴᠠ ᠲᠦᠷᠦᠭᠰᠡᠨ ᠬᠦᠳᠡᠯᠮᠦᠷᠢ ᠶᠢᠨ ᠰᠠᠶᠢᠴᠦᠳ ᠢᠶᠠᠨ ᠲᠤᠷᠠᠳᠤᠶ᠎ᠠ᠂ ᠤᠯᠤᠰ ᠤᠨ ᠠᠪᠤᠷᠭᠤ ᠮᠠᠯᠴᠢᠨ ᠳᠤ᠄       ⒈ ᠳ᠋᠊  ᠵᠠᠳᠠᠮᠪᠠ᠂ ᠪᠢᠴᠢᠬᠠᠨ ᠲᠠᠶᠢᠯᠪᠦᠷᠢ ᠵᠡᠭᠦᠶ᠎ᠡ᠄ ᠲᠤᠬᠠᠢ ᠶᠢᠨ ᠦᠶ᠎ᠡ᠂ ᠵᠠᠳᠠᠮᠪᠠ ᠶᠢᠨ ᠰᠠᠭᠤᠷᠢ ᠶᠢᠨ ᠠᠬᠯᠠᠭᠴᠢ ᠨ᠊  ᠦᠯᠵᠡᠶᠢᠬᠤᠶᠠᠭ ᠠᠨᠢᠶ᠎ᠠ ᠪᠠᠶᠢᠭᠰᠠᠨ᠂ ᠨᠠᠮ ᠤᠨ ᠭᠡᠰᠢᠭᠦᠨ ᠭᠡᠳᠡᠭ ᠢᠶᠠᠷ ᠨᠢ ᠵᠠᠳᠠᠮᠪᠠ ᠳᠤ ᠠᠪᠤᠷᠭᠤ ᠮᠠᠯᠴᠢᠨ ᠲᠤᠷᠠᠰᠬᠠᠯ ᠤᠨ ᠪᠢᠴᠢᠭ ᠲᠠᠢ ᠭᠡᠷ ᠢ ᠨᠢ ᠦᠭᠴᠤ᠂ ᠠᠪᠤᠷᠭᠤ ᠮᠠᠯᠴᠢᠨ ᠤ ᠦᠨᠡᠮᠯᠡᠬᠦ ᠪᠤᠯᠤᠨ ᠮᠧᠲᠠᠯ ᠢ ᠦᠯᠵᠡᠶᠢᠬᠤᠳᠤᠭ ᠠᠨᠢᠶ᠎ᠠ ᠳᠤ ᠦᠭᠴᠤ ᠪᠠᠶᠢᠯ᠎ᠠ᠂ ᠡᠨᠡ ᠪᠤᠯ ᠨᠠᠮ ᠢᠶᠠᠷ ᠦᠭᠡᠳᠡ ᠨᠢ ᠲᠠᠳᠠᠬᠤ ᠬᠠᠷᠠᠯᠭᠠᠨ ᠪᠤᠳᠤᠯᠭ᠎ᠠ ᠪᠠᠶᠢᠭᠰᠠᠨ᠂ ᠤᠳᠤ ᠴᠤ ᠭᠡᠰᠡᠨ ᠬᠦᠴᠦᠳᠠᠢ ᠪᠠᠶᠢᠭ᠎ᠠ ᠰᠢᠤ ᠭᠡᠳᠡᠭ ᠭᠠᠰᠢᠭᠤᠨ ᠦᠨᠡᠨ ᠢ ᠬᠡᠯᠡᠬᠦ ᠪᠠᠶᠢᠨ᠎ᠠ᠃      ⒉ ᠪᠠᠳᠤᠸᠠᠴᠢᠷ ᠤᠨ ᠬᠠᠯᠳᠠᠷ᠎ᠠ      ⒊ ᠤᠨᠠᠭ᠎ᠠ ᠶᠢᠨ ᠸᠠᠴᠢᠷ᠂ ᠡᠨᠡ ᠭᠤᠷᠪᠠ ᠨᠢ ᠦᠵᠦᠮᠦᠴᠢᠨ ᠪᠤᠰᠤᠳ ᠲᠦᠷᠪᠡ ᠨᠢ ᠬᠠᠭᠤᠴᠢᠳ ᠭᠡᠪᠡᠴᠤ ᠦᠵᠦᠮᠦᠴᠢᠨ᠂ ᠬᠠᠭᠤᠴᠢᠳ ᠤᠨ ᠴᠤᠪᠤᠭᠠᠨ ᠳᠤ ᠢᠷᠡᠭᠰᠡᠨ ᠵᠠᠮ ᠨᠢ ᠨᠢᠭᠡ᠂ ᠴᠤᠭᠯᠠᠭᠠᠳ ᠰᠠᠭᠤᠭᠰᠠᠨ ᠨᠤᠲᠤᠭ ᠨᠢ ᠨᠢᠭᠡ ᠪᠤᠯᠬᠤᠷ ᠤᠨᠴᠠᠯᠠᠯ᠎ᠠ᠃ ᠬᠦᠳᠡᠯᠮᠦᠷᠢ ᠶᠢᠨ ᠬᠦᠯᠦᠰᠦ ᠬᠦᠴᠦ ᠪᠠᠨ ᠤᠷᠤᠰᠬᠠᠭᠰᠠᠨ ᠪᠦᠬᠦᠨ ᠬᠦᠮᠦᠨ ᠢ ᠰᠠᠶᠢᠨ ᠰᠠᠶᠢᠬᠠᠨ ᠶᠠᠪᠤᠭᠤᠯᠳᠠᠭ ᠤᠨ ᠨᠢᠭᠡ ᠮᠡᠳᠦ ᠶᠢᠨ ᠵᠢᠱᠢᠶ᠎ᠡ ᠪᠢᠳᠡᠨ ᠳᠤ ᠤᠯᠠᠨ ᠪᠤᠢ᠃      ᠲᠠᠸ᠎ᠠ ᠶᠢᠨ ᠪᠠᠶᠠᠰᠬᠤᠯᠠᠩ᠂ ᠫᠠᠯᠮ᠎ᠠ ᠶᠢᠨ ᠠᠯᠳᠠᠨᠭᠡᠷᠡᠯ᠂ ᠭᠤᠮᠪᠤ ᠶᠢᠨ ᠯᠾᠠᠮᠦᠰᠦ᠋ᠷᠦᠩ᠂ ᠨᠠᠮᠵᠢᠯ ᠤᠨ ᠰᠠᠮᠪᠤᠤ ᠨᠠᠷ ᠪᠤᠯᠤᠨ ᠦᠵᠦᠮᠦᠴᠢᠨ ᠨᠦᠭᠦᠳ ᠠᠴᠠ ᠲᠦᠷᠦ ᠶᠢᠨ ᠲᠡᠭᠡᠳᠦ ᠱᠠᠩᠨᠠᠯ᠂ ᠤᠳᠤᠨ ᠮᠧᠲᠠᠯ ᠢᠶᠠᠷ ᠱᠠᠩᠨᠠᠭᠤᠯᠤᠭᠰᠠᠨ ᠬᠦᠮᠦᠰ᠄       ᠬᠦᠳᠡᠯᠮᠦᠷᠢ ᠶᠢᠨ ᠪᠠᠭᠠᠳᠤᠷ ᠯᠢᠩᠬᠸ᠎ᠠ᠂ ᠰᠤᠨᠳᠤᠢ ︵ᠴᠢᠨ᠋ᠸ᠎ᠠ ᠭᠤᠤᠯ ᠤᠨ ᠠᠭᠤᠷᠬᠠᠢ ᠶᠢᠨ ᠦᠷᠦᠮᠳᠡᠭᠦᠷᠴᠢ︶᠂ ᠬᠦᠳᠡᠯᠮᠦᠷᠢ ᠶᠢᠨ ᠭᠠᠪᠢᠶᠠᠨ ᠤ ᠤᠯᠠᠭᠠᠨ ᠲᠤᠭ ᠤᠨ ᠤᠳᠤᠨ ᠢᠶᠠᠷ᠂ ᠤᠨᠠᠭ᠎ᠠ ᠶᠢᠨ ᠸᠠᠴᠢᠷ᠂ ᠨᠠᠮᠤᠷᠠᠢ ᠶᠢᠨ ᠮᠦᠩᠬᠡ ᠠᠯᠳᠠᠨ ᠭᠠᠳᠠᠰᠤ ᠤᠳᠤᠨ᠂ ᠬᠦᠳᠡᠯᠮᠦᠷᠢ ᠶᠢᠨ ᠬᠦᠨᠳᠦᠳᠦ ᠮᠧᠲᠠᠯ 70᠂ 80 ᠵᠢᠯ ᠤᠨ ᠤᠢ ᠶᠢᠨ ᠮᠧᠲᠠᠯ ᠤᠳ ᠢᠶᠠᠷ ᠱᠠᠩᠨᠠᠭᠳᠠᠭᠰᠠᠨ᠃       ᠠᠯᠳᠠᠨ ᠭᠠᠳᠠᠰᠤ ᠤᠳᠤᠨ ᠢᠶᠠᠷ ᠯᠾᠠᠮᠦᠰᠦ᠋ᠷᠦᠩ ᠤᠨ ᠦᠨᠢᠷ ︵ᠰᠠᠭᠠᠯᠢᠴᠢᠨ︶᠂ ᠰᠤᠳᠨᠠᠮᠵᠠᠮᠰᠤ ᠶᠢᠨ ᠪᠠᠳᠤᠰᠦ᠋ᠬᠡ ︵ᠪᠠᠷᠢᠯᠭᠠᠴᠢᠨ︶᠂ ᠷᠠᠳᠨ᠎ᠠ ᠶᠢᠨ ᠦᠯᠵᠡᠶᠢᠪᠠᠶᠠᠷ ︵ᠰᠤᠮᠤ ᠨᠢᠭᠡᠳᠦᠯ ᠤᠨ ᠲᠠᠷᠤᠭ᠎ᠠ︶᠂ ᠲᠠᠮᠢᠷᠠᠨ ᠤ ᠰᠤᠨᠳᠤᠢ ︵ᠲᠦᠷᠦ ᠵᠠᠬᠢᠷᠭᠠᠨ ᠤ ᠠᠵᠢᠯᠳᠠᠨ︶᠂ ᠰᠤᠨᠳᠤᠢ ᠶᠢᠨ ᠲᠡᠮᠦᠷ ︵ᠴᠢᠨ᠋ᠸ᠎ᠠ ᠭᠤᠤᠯ ᠠᠭᠤᠷᠬᠠᠢ ᠶᠢᠨ ᠦᠷᠦᠮᠳᠡᠭᠦᠷᠴᠢ︶ ᠲᠤᠰ ᠲᠤᠰ ᠱᠠᠩᠨᠠᠭᠤᠯᠤᠭᠰᠠᠨ ᠪᠤᠯ ᠬᠦᠳᠡᠯᠮᠦᠷᠢ ᠶᠢᠨ ᠬᠦᠨᠳᠦᠳᠦ ᠮᠧᠲᠠᠯ ᠪᠤᠯᠤᠨ ᠤᠢ ᠶᠢᠨ ᠮᠧᠲᠠᠯ ᠤᠳ ᠢᠶᠠᠷ ᠤᠯᠠᠨ ᠬᠦᠮᠦᠨ ᠱᠠᠩᠨᠠᠭᠤᠯᠤᠭᠰᠠᠨ ᠪᠠᠶᠢᠳᠠᠭ᠃ ᠤᠨᠴᠠᠯᠠᠨ ᠲᠤᠷᠠᠳᠪᠠᠯ᠄ ᠨᠠᠮᠤᠷᠠᠢ ᠶᠢᠨ ᠮᠦᠩᠬᠡ ᠰᠤᠮᠤᠨ ᠤ ᠠᠩᠬᠠᠨ ᠤ ᠭᠤᠷᠪᠠᠨ ᠮᠢᠩᠭᠠᠳᠤ ᠮᠠᠯᠴᠢᠨ ᠪᠠ 2001 ᠤᠨ ᠳᠤ ᠮᠢᠩᠭᠠᠨ ᠲᠦᠯ ᠤᠨ ᠪᠤᠶᠤ ᠮᠢᠩᠭᠠᠨ ᠬᠤᠷᠠᠭ᠎ᠠ ᠶᠢᠨ ᠪᠠᠶᠠᠷ ᠬᠢᠬᠦ ᠪᠠᠶᠢᠭᠰᠠᠨ ᠶᠤᠮ᠃ ᠦᠵᠦᠮᠦᠴᠢᠨ ᠲᠦᠮᠡᠨ ᠤ ᠪᠠᠨ ᠠᠵᠢᠯ ᠬᠦᠳᠡᠯᠮᠦᠷᠢ᠂ ᠠᠯᠳᠠᠷ ᠬᠦᠨᠳᠦ ᠶᠢᠨ ᠲᠠᠯ᠎ᠠ ᠪᠠᠷ ᠦᠵᠦᠪᠬᠡᠨ ᠡᠨᠡᠤᠬᠡᠨ ᠬᠡᠳᠦ ᠶᠢ ᠴᠤᠬᠤᠰ ᠲᠤᠷᠠᠳᠪᠠ᠃        ⑶ ᠦᠵᠦᠮᠦᠴᠢᠨ ᠮᠡᠷᠭᠡᠨ ᠫᠤᠤᠴᠢᠳ ᠤ᠂ ᠤᠷᠳᠤᠨᠠᠰᠤᠨ ︵ᠠᠪᠵᠠᠢ ᠠᠪᠤ︶ ᠤ ᠲᠤᠬᠠᠢ ᠭᠡᠬᠦ ᠭᠡᠰᠡᠭ ᠲᠤ        ᠦᠵᠦᠮᠦᠴᠢᠨ ᠨᠦᠭᠦᠳ ︽ᠵᠢᠷᠠᠨ ᠴᠡᠷᠢᠭ ᠤᠨ ᠪᠦᠯᠬᠦᠮ︾ ᠭᠡᠰᠡᠨ ᠵᠢᠷᠠᠨᠳᠤ ᠶᠢᠨ ᠵᠤᠬᠢᠶᠠᠨ ᠪᠠᠶᠢᠭᠤᠯᠤᠯᠳᠠ  ᠲᠠᠢ᠂ ᠦᠪᠡᠷᠰᠡᠳ ᠢ ᠪᠠᠨ ᠪᠤᠯᠤᠨ ᠬᠢᠯᠢ ᠪᠠᠨ ᠬᠠᠮᠠᠭᠠᠯᠠᠬᠤ ᠬᠢᠯᠢ ᠶᠢᠨ ᠬᠠᠷᠠᠭᠤᠯ ᠤᠨ ᠰᠤᠮᠤ ᠲᠠᠢ ᠪᠠᠶᠢᠵᠠᠢ᠃ ᠠᠪᠵᠠᠢ ᠠᠪᠤ ᠬᠤᠷᠭᠤ ᠶᠢᠨ ᠰᠢᠷᠡᠭᠡᠳᠦ ᠶᠢᠨ ᠬᠠᠷᠠᠭᠤᠯ ᠤᠨ ᠵᠠᠩᠭᠢ ᠪᠠᠶᠢᠭᠰᠠᠨ ᠠᠴᠠ ᠭᠠᠳᠠᠨ᠎ᠠ ᠪᠤᠭᠳᠠ ᠬᠠᠭᠠᠨᠳᠤ ᠮᠤᠩᠭᠤᠯ ᠤᠯᠤᠰ ᠤᠨ ᠦᠪᠦᠷᠯᠡᠭᠴᠢ ᠨᠤᠲᠤᠭ ᠢ ᠴᠢᠯᠦᠭᠡᠯᠡᠬᠦ ᠪᠠᠷ ᠤᠷᠤᠭᠰᠠᠨ ᠮᠠᠭᠰᠤᠷᠵᠠᠪ ᠤᠨ ᠴᠡᠷᠢᠭ ᠲᠠᠢ ᠲᠠᠶᠢᠨ ᠳᠤ ᠤᠷᠤᠯᠴᠠᠵᠦ ᠶᠠᠪᠤᠵᠠᠢ᠃ ᠴᠢᠩᠬᠢᠵᠦ ᠶᠠᠪᠤᠬᠤ ᠳᠠᠭᠠᠨ ᠦᠵᠤᠮᠦᠴᠢᠨ ᠤ ᠮᠡᠷᠭᠡᠨ ᠫᠤᠤᠴᠢ ᠤᠷᠳᠤᠨᠠᠰᠤᠨ ᠭᠡᠵᠦ ᠠᠯᠳᠠᠷᠰᠢᠭᠰᠠᠨ ᠭᠡᠳᠡᠭ᠃ ᠭᠤᠷᠪᠠᠨ ᠤᠯᠤᠰ ᠤᠨ ᠬᠡᠯᠡᠯᠴᠡᠭᠡᠷ ᠮᠤᠩᠭᠤᠯ ᠴᠡᠷᠢᠭ ᠢ ᠡᠭᠡᠭᠦᠯᠦᠨ ᠲᠠᠳᠠᠬᠤ ᠳᠤ ᠬᠠᠳᠠᠨ ᠪᠠᠭᠠᠳᠤᠷ ᠮᠠᠭᠰᠤᠷᠵᠠᠪ ᠦᠵᠦᠮᠦᠴᠢᠨ ᠠᠴᠠ ᠬᠠᠮᠳᠤᠷᠠᠨ ᠲᠠᠶᠢᠨ ᠳᠤ ᠤᠷᠤᠯᠴᠠᠭᠰᠠᠨ ᠴᠡᠷᠢᠭ ᠤᠳ ᠠᠴᠠ ᠱᠠᠩ ᠬᠠᠷᠠᠮᠵᠢ ᠭᠦᠷᠳᠡᠭᠡᠭᠰᠡᠨ ᠪᠠᠶᠢᠳᠠᠭ᠃ ᠠᠪᠵᠠᠢ ᠠᠪᠤ ᠳᠤ ᠮᠦᠩᠭᠦᠨ ᠲᠤᠨᠤᠭᠯᠠᠯ ᠲᠠᠢ ᠤᠷᠤᠰ ᠸᠢᠨᠲ᠋ᠤᠪ ᠦᠭᠭᠦᠭᠰᠡᠨ ᠢ 1931 ᠤᠨ ᠳᠤ ᠶᠠᠫᠤᠨᠴᠤᠳ ᠬᠤᠷᠢᠶᠠᠭᠠᠳ ᠠᠪᠴᠢᠭᠰᠠᠨ ᠭᠡᠵᠦ ᠬᠠᠭᠤᠴᠢᠯᠠᠳᠠᠭ ᠰᠠᠨ᠃ ᠲᠡᠭᠦᠨ ᠤ ᠬᠡᠷᠬᠢᠨ ᠫᠤᠤᠳᠠᠳᠠᠭ ᠲᠠᠯ᠎ᠠ ᠪᠠᠷ ᠮ᠊  ᠲᠡᠮᠦᠷ ︵ᠭᠦᠤᠭᠡ︶ ᠢᠩᠬᠢᠵᠦ ᠬᠠᠭᠤᠴᠢᠯᠠᠵᠦ ᠪᠢᠯᠡ᠂ ᠮᠠᠨ ᠤ ᠦᠵᠦᠮᠦᠴᠢᠨ ᠳᠤ ᠤᠨᠳᠤᠤ ᠠᠪᠵᠠᠢ᠂ ᠵᠢᠷᠠᠨ ᠴᠡᠷᠢᠭ ᠤᠨ ᠰᠧ ᠲᠠᠷᠤᠭ᠎ᠠ ᠭᠡᠰᠡᠨ ᠭᠠᠷᠭᠤᠨ ᠬᠤᠶᠠᠷ ᠫᠤᠤᠴᠢ ᠪᠠᠶᠢᠵᠠᠢ᠂ ᠬᠠᠷᠠᠭᠤᠯ ᠤᠨ ᠪᠤᠯᠤᠨ ᠵᠢᠷᠠᠨ ᠴᠡᠷᠢᠭ ᠤᠨ ᠬᠢᠨ ᠬᠤᠭᠤᠷᠤᠨᠳᠤ ᠮᠡᠯᠵᠢᠶ᠎ᠡ ᠲᠠᠯᠪᠢᠵᠦ᠂ ᠮᠢᠨ᠎ᠡ ᠬᠠᠷᠪᠤᠬᠤ ᠪᠤᠯᠵᠦ ᠡᠨᠡ ᠨᠢ ᠨᠠᠷᠢᠬᠠᠨ ᠤᠷᠳᠤ ᠰᠤᠷ ᠢᠶᠠᠷ ᠤᠭᠤᠰᠤᠷᠯᠠᠭᠰᠠᠨ ᠢᠰᠡᠭᠡᠢ ᠪᠦᠮᠪᠦᠭᠡ ᠶᠢ ᠮᠤᠷᠢᠨ ᠤ ᠭᠦᠶᠦᠳᠡᠯ ᠲᠤᠮᠳᠠ ᠫᠤᠤᠳᠠᠬᠤ ᠡᠷᠳᠡᠮ᠂ ᠲᠡᠭᠡᠬᠦ ᠳᠡᠭᠡᠨ ᠲᠡᠭᠦᠨ ᠢ ᠮᠤᠷᠢᠳᠡᠢ ᠬᠦᠮᠦᠨ ᠴᠢᠷᠴᠤ ᠲᠠᠪᠬᠢᠨ᠎ᠠ᠂ ᠫᠤᠤᠳᠠᠬᠤ ᠬᠦᠮᠦᠨ ᠴᠤ ᠪᠠᠰᠠ ᠮᠤᠷᠢ ᠲᠠᠢ ᠦᠭᠡᠳᠡ ᠦᠭᠡᠳᠡ ᠠᠴᠠ ᠪᠠᠨ ᠵᠦᠷᠢᠭᠡᠳ ᠦᠩᠭᠡᠷᠡᠬᠦ ᠳᠤ ᠯᠡ ᠫᠤᠤᠳᠠᠨ᠎ᠠ᠂ ᠮᠠᠨ ᠤ ᠠᠪᠵᠠᠢ ᠡᠭᠦᠨ ᠢ ᠠᠯᠳᠠᠵᠦ ᠫᠤᠤᠳᠠᠬᠤ ᠶᠢ ᠪᠢᠳᠡ ᠶᠡᠷᠦ ᠦᠵᠡᠭᠡ ᠦᠭᠡᠢ᠂ ᠴᠢᠩᠭᠢᠬᠦ ᠳᠡᠭᠡᠨ ᠬᠤᠶᠠᠷ ᠠᠴᠠ ᠭᠤᠷᠪᠠᠨ ᠤᠳᠠᠭ᠎ᠠ ᠫᠤᠤᠳᠠᠵᠦ ᠠᠮᠵᠢᠳᠠᠭ ᠪᠠᠶᠢᠯ᠎ᠠ ᠭᠡᠵᠦ ᠬᠠᠭᠤᠴᠢ ᠬᠦᠭᠡᠷᠴᠤ ᠪᠠᠶᠢᠵᠦ ᠪᠢᠯᠠ᠃ ᠲᠡᠳᠡᠨ ᠤ ᠦᠷ᠎ᠡ ᠰᠡᠳᠦ ᠪᠤᠯᠬᠤ ᠤ  ᠵᠠᠮᠪᠠᠯᠵᠠᠪ ︵ᠠᠪᠵᠠᠢ ᠶᠢᠨ ᠬᠦᠤ︶᠂ ᠦ᠊  ᠤᠷᠳᠤᠨᠠᠰᠤᠨ᠂ ᠳ᠋᠊  ᠪᠠᠭᠠᠳᠤᠷ᠂ ᠳ᠋᠊  ᠠᠮᠢᠪᠦ᠋ᠬᠡ ᠭᠡᠳ ᠤᠯᠠᠨ ᠬᠦᠮᠦᠨ ᠪᠠᠶᠢᠪᠠ᠃ ᠪᠢᠳᠡᠨ ᠤ ᠦᠶ᠎ᠡ ᠶᠢᠨ ᠠᠴᠠ ᠴ᠊  ᠤᠷᠳᠤᠨᠠᠰᠤᠨ ︵ᠡᠮᠴᠢ︶᠂ ᠲ᠊  ᠮᠡᠨᠳᠦᠪᠠᠶᠠᠷ ᠬᠤᠶᠠᠷ ᠢ ᠲᠤᠷᠠᠰᠬᠤ ᠦᠭᠡᠢ ᠪᠠᠶᠢᠬᠤ ᠶᠢᠨ ᠠᠷᠭ᠎ᠠ ᠦᠭᠡᠢ᠂ ᠪᠠᠭ᠎ᠠ ᠶᠢᠨ ᠨᠦᠬᠦᠷ ᠲ᠊ ᠮᠡᠨᠳᠦᠪᠠᠶᠠᠷ ᠪᠢᠳᠡᠨ ᠤ ᠬᠡᠳᠦᠨ ᠬᠡᠤᠬᠡᠳ ᠭᠡᠷ ᠤᠷᠤᠨ ᠢᠶᠠᠨ ᠰᠠᠨᠠᠬᠤ ᠶᠢᠨ ᠡᠪᠡᠳᠴᠢᠨ ᠢᠶᠠᠷ 1959 ᠤᠨ ᠤ 10 ᠰᠠᠷ᠎ᠠ ᠳᠤ ᠬᠤᠶᠢᠨ᠎ᠡ ᠬᠤᠶᠢᠨ᠎ᠡ ᠠᠴᠠ ᠪᠠᠨ ᠴᠤᠪᠤᠭᠠᠳ ᠰᠤᠷᠭᠠᠭᠤᠯᠢ ᠠᠴᠠ ᠭᠠᠷᠴᠠᠭᠠᠵᠦ ᠪᠢᠯᠡ᠃       1960 ᠤᠨ ᠤ ᠨᠠᠮᠤᠷ 9 ᠰᠠᠷ᠎ᠠ ᠶᠢᠨ ᠰᠡᠭᠦᠯᠴᠢ ᠪᠠᠷ ᠮᠠᠨᠳᠤᠪᠠᠶᠠᠷ ᠤᠨ ᠬᠢ ᠮᠠᠨᠢ ᠪᠠᠶᠠᠨ ᠬᠤᠰᠢᠭᠤᠨ ᠤ ᠠᠷᠤ ᠳᠤ ᠨᠠᠮᠤᠷᠵᠢᠵᠦ ᠪᠠᠶᠢᠵᠦ᠂ ᠨᠢᠭᠡᠨ ᠡᠳᠦᠷ ᠮᠠᠨ ᠤ ᠬᠦᠮᠦᠨ ᠺᠠᠯᠢᠪᠷ ᠫᠤᠤ ᠪᠠᠨ ᠡᠭᠦᠷᠴᠢᠭᠡᠳ ᠪᠠᠶᠠᠨ ᠬᠤᠰᠢᠭᠤᠨ ᠳᠤ ᠬᠤᠨᠢ ᠬᠠᠷᠢᠭᠤᠯᠤᠭᠠᠳ ᠶᠠᠪᠤᠵᠦ ᠪᠠᠶᠢᠵᠦ᠂ ᠭᠡᠳᠡᠯ᠎ᠡ ᠰᠡᠭᠦᠯ ᠤᠪᠤᠭᠠᠨ ᠤ ᠠᠷᠤ ᠪᠠᠷ ᠨᠢᠭᠡ ᠪᠠᠷᠠᠭᠠᠨ ᠮᠤᠷᠢ ᠲᠠᠢ ᠬᠦᠮᠦᠨ ᠬᠡᠳᠦᠨ ᠵᠡᠭᠡᠷ᠎ᠡ ᠡᠯᠳᠡᠭᠡᠳ ᠫᠤᠤᠳᠠᠭᠠᠳ ᠶᠠᠪᠤᠵᠦ ᠪᠠᠶᠢᠨ᠎ᠠ ᠭᠡᠨ᠎ᠡ᠂ ᠠᠵᠢᠭᠯᠠᠭᠠᠳ ᠬᠠᠷᠠᠳᠠᠯ᠎ᠠ ᠡᠮᠪᠧ ᠮᠠᠨᠢ ︵ᠲᠡᠮᠪᠡᠷᠡᠯ︶ ᠪᠠᠶᠢᠨ᠎ᠠ ᠭᠡᠨ᠎ᠡ᠂ ᠲᠡᠭᠡᠭᠰᠡᠨ ᠨᠦᠬᠦᠭᠡ ᠬᠡᠳᠦᠨ ᠵᠡᠭᠡᠷ᠎ᠡ ᠨᠢ ᠪᠠᠶᠠᠨ ᠬᠤᠰᠢᠭᠤᠨ ᠤ ᠠᠷᠤ ᠪᠠᠷ ᠤᠷᠤᠭᠠᠳ ᠢᠷᠡᠵᠦ᠂ ᠮᠠᠨ ᠤ ᠬᠦᠮᠦᠨ ᠠᠮᠠᠳᠠᠵᠦ ᠠᠪᠤᠭᠠᠳ ᠬᠡᠪᠳᠡᠵᠦ ᠪᠠᠶᠢᠭᠠᠳ ᠬᠠᠷᠪᠤᠭᠰᠠᠨ ᠴᠢᠨᠢ ᠭᠠᠭᠴᠠ ᠪᠦᠳᠦᠭᠦᠨ ᠤᠭᠤᠨᠤ ᠪᠠᠶᠢᠨ᠎ᠠ ᠭᠡᠨ᠎ᠡ᠂ ᠫᠤᠤᠳᠠᠭᠠᠳ ᠯᠡ ᠤᠷᠬᠢᠵᠦ᠂ ᠤᠭᠤᠨᠤ ᠴᠤ ᠤᠶᠢᠴᠢᠭᠠᠳ ᠯᠡ ᠦᠭᠴᠤ᠂ ᠬᠦᠭᠡᠷᠦᠭᠰᠡᠨ ᠴᠤ ᠭᠡᠵᠦ ᠤᠬᠠᠭᠠᠨ ᠦᠭᠡᠢ᠂ ᠮᠤᠷᠢ ᠪᠠᠨ ᠠᠪᠴᠢᠷᠠᠭᠠᠳ ᠤᠭᠤᠨᠤ ᠪᠠᠨ ᠭᠠᠨᠵᠤᠭᠠᠯᠠᠬᠤ ᠭᠡᠰᠡᠨ ᠲᠠᠭᠠᠭᠠᠳᠠᠭ ᠦᠭᠡᠢ ᠭᠡᠨ᠎ᠡ᠂ ᠴᠤᠯᠪᠤᠭᠤᠷ ᠢᠶᠠᠨ ᠲᠠᠶᠢᠯᠵᠦ ᠠᠪᠤᠭᠠᠳ ᠡᠪᠡᠷ ᠠᠴᠠ ᠨᠢ ᠤᠭᠤᠰᠤᠷᠯᠠᠭᠠᠳ ᠭᠡᠷ ᠵᠦᠭ ᠢᠶᠠᠨ ᠲᠠᠪᠬᠢᠴᠢᠬᠠᠵᠦ᠂ ᠭᠠᠳᠠᠨ᠎ᠠ ᠪᠠᠨ ᠢᠷᠡᠭᠡᠳ᠄ ︽ᠡᠵᠢ ᠡ᠂ ᠪᠢ ᠵᠡᠭᠡᠷ᠎ᠡ ᠠᠯᠠᠠᠴᠢᠬᠠᠯ᠎ᠠ︾ ᠭᠡᠴᠢᠭᠡᠳ ᠯᠡ ᠭᠡᠷ ᠲᠡᠭᠡᠨ ᠤᠷᠤᠭᠠᠳ ᠵᠡᠯᠭᠡᠨ ᠴᠠᠢ ᠵᠠᠯᠬᠢᠯᠠᠵᠦ ᠪᠠᠶᠢᠭᠰᠠᠨ ᠴᠢᠨᠨᠢ ᠮᠤᠷᠢᠨ ᠲᠤᠭᠤᠷᠠᠢ ᠫᠢᠴᠢᠭᠢᠨᠡᠭᠡᠳ ᠮᠤᠷᠢ ᠲᠠᠢ ᠬᠦᠮᠦᠨ ᠭᠠᠳᠠᠨ᠎ᠠ ᠨᠢ ᠢᠷᠡᠵᠦ ᠭᠡᠰᠡᠨ ᠳ᠋ᠧ᠂ ᠮᠠᠨ ᠤ ᠬᠦᠮᠦᠨ ᠴᠤ ᠡᠮᠪᠧ ᠮᠠᠮ᠎ᠠ ᠢᠷᠡᠯ᠎ᠡ ᠭᠡᠵᠦ ᠠᠶᠤᠭᠠᠳ ᠡᠵᠢ ᠶᠢᠨ ᠢᠶᠠᠨ ᠠᠷᠤ ᠪᠠᠷ ᠤᠷᠤᠭᠠᠳ ᠨᠢᠭᠤᠭᠳᠠᠴᠢᠬᠠᠵᠦ᠂ ᠲᠡᠭᠡᠭᠰᠡᠨ ᠴᠢᠨᠢ ᠭᠠᠳᠠᠨ᠎ᠠ ᠠᠴᠠ ᠡᠮᠪᠧ ᠮᠠᠮ᠎ᠠ ︽ᠭᠦ᠋ ᠶᠢ᠂ ᠲᠤᠷᠪᠠᠢ ᠲᠠᠨ ᠤ ᠵᠤᠯᠪᠢᠩ ᠮᠢᠨᠤ ᠤᠭᠤᠨᠤ ᠶᠢ ᠠᠯᠠᠭᠠᠳ ᠠᠪᠴᠢᠬᠠᠯ᠎ᠠ ᠶᠤᠮ ᠤᠤ︖︾  ᠭᠡᠵᠦ ᠠᠰᠠᠭᠤᠵᠦ᠂ ᠡᠮᠪᠧ ᠮᠠᠮ᠎ᠠ ︽ᠡᠴᠢᠭᠡ ᠴᠢᠨᠢ ᠲᠤᠭᠤ︕︾ ᠭᠡᠴᠢᠭᠡᠳ ᠲᠠᠪᠬᠢᠭᠠᠳ ᠶᠠᠪᠤᠴᠢᠭᠰᠠᠨ ᠭᠡᠳᠡᠭ᠃ ᠠᠩᠬᠠᠨ ᠤ ᠬᠢᠨᠢ ᠠᠩ ᠡᠶᠢᠮᠦ ᠯᠡ ᠬᠦᠭᠵᠢᠯᠳᠡᠢ ᠲᠤᠷᠠᠰᠤᠮᠵᠢᠳᠡᠢ ᠪᠠᠶᠢᠵᠦ ᠪᠢᠯᠡ᠃ ᠮᠠᠨ ᠤ ᠮᠡᠨᠳᠦᠪᠠᠶᠠᠷ ᠪᠤᠯ ᠶᠤᠰᠤᠳᠠᠢ ᠯᠡ ᠬᠦᠬᠡ ᠰᠤᠮᠤ ᠬᠦᠰᠡᠷ ᠲᠤᠰᠬᠠᠬᠤ ᠦᠭᠡᠢ ᠫᠤᠤᠴᠢ ᠪᠢᠯᠡ᠃ ᠲᠠᠷᠪᠠᠭ᠎ᠠ ᠠᠩᠨᠠᠬᠤ ᠳᠠᠭᠠᠨ ᠬᠦᠮᠦᠰ ᠰᠢᠭ ᠭᠦᠶᠦᠵᠦ᠂ ᠮᠦᠯᠬᠦᠨ᠎ᠡ ᠭᠡᠵᠦ ᠦᠭᠡᠢ᠂ ᠮᠤᠷᠢ ᠲᠠᠢ ᠴᠤ ᠪᠠᠢ᠂ ᠮᠤᠲ᠋ᠤᠽᠢᠺᠢᠯ ᠲᠠᠢ ᠴᠤ ᠪᠠᠢ ᠬᠠᠷᠠᠭᠰᠠᠨ ᠭᠠᠵᠠᠷ ᠠᠴᠠ ᠪᠠᠨ ᠫᠤᠤᠳᠠᠳᠠᠭ᠂ ᠮᠤᠷᠢ ᠮᠤᠲ᠋ᠤᠽᠦᠺᠢᠯ ᠠᠴᠠ ᠪᠠᠭᠤᠳᠠᠭ ᠴᠤ ᠦᠭᠡᠢ ᠪᠠᠶᠢᠭᠰᠠᠨ ᠨᠦᠬᠦᠷ ᠢᠶᠠᠨ ᠲᠤᠷᠠᠰᠬᠤ ᠲᠤᠰᠤᠮ ᠨᠢᠳᠦᠨ ᠳᠤ ᠮᠢᠨᠢ ᠬᠠᠷᠠᠭᠳᠠᠬᠤ ᠰᠢᠭ᠋ ᠪᠤᠯᠵᠦ ᠪᠠᠶᠢᠨ᠎ᠠ᠃       ᠠᠳᠡ ᠪᠠᠰᠠ ᠨᠢᠭᠡ ᠬᠦᠭᠵᠢᠶᠡᠨ ᠲᠠᠢ ᠲᠤᠷᠠᠰᠤᠮᠵᠢ ᠲᠠᠢ ᠬᠠᠭᠤᠴᠢᠯᠠᠪᠠᠯ᠂ ᠨᠠᠶᠠᠨ ᠬᠡᠳᠦᠨ ᠤᠨ ᠳᠤ ᠪᠠᠶᠠᠠᠮᠦ᠋ᠩᠬᠡ ᠲᠠᠢ ᠪᠠᠨ ᠬᠤᠶᠠᠭᠤᠯᠠ ᠮᠤᠲ᠋ᠤᠽᠢᠺᠢᠯ ᠲᠠᠢ ᠭᠤᠷᠪᠠᠳᠤᠭᠠᠷ ᠪᠠᠷᠢᠭᠠᠳᠠ ᠶᠢᠨ ᠲᠦᠪ ᠸᠠᠴᠢᠷ ᠬᠤᠳᠠ ᠳᠤ ᠤᠷᠤᠶᠢᠬᠠᠨ ᠪᠤᠴᠠᠵᠦ ᠶᠠᠪᠤᠵᠦ᠂ ᠮᠠᠨ ᠤ ᠬᠤᠶᠠᠷ ᠶᠢᠨ ᠪᠠᠷᠢᠭᠠᠳᠠ ᠶᠢᠨ ᠲᠦᠪ ᠤᠷᠤᠳᠠᠭ ᠨᠢ ᠵᠤᠬᠢᠶᠠᠨ ᠨᠡᠷᠡᠮᠡᠯ ᠤᠤᠭᠤᠬᠤ ᠠᠵᠢᠯ ᠲᠠᠢ ᠪᠠᠶᠢᠭ᠎ᠠ ᠦᠭᠡᠢ ᠶᠤᠮ᠃ ᠤᠷᠤᠶᠢᠬᠠᠨ ᠪᠤᠴᠠᠬᠤ ᠳᠠᠭᠠᠨ ᠮᠡᠨᠳᠦᠪᠠᠶᠠᠷ ᠨᠢ ᠵᠠᠮ ᠳᠠᠭᠠᠨ ᠬᠡᠳᠦᠨ ᠰᠠᠶᠢᠬᠠᠨ ᠲᠠᠷᠪᠠᠭ᠎ᠠ ᠫᠤᠤᠳᠠᠵᠦ ᠠᠪᠤᠭᠠᠳ ᠶᠠᠪᠤᠨ᠎ᠠ ᠭᠡᠵᠦ ᠭᠡᠨ᠎ᠡ᠂ ᠲᠡᠭᠡᠭᠰᠡᠨ ᠮᠠᠨ ᠤ ᠪᠡᠶᠠᠠᠮᠦ᠋ᠩᠬᠡ ᠠᠮᠠ ᠲᠡᠰᠬᠦ ᠪᠢᠰᠢ᠂ ᠴᠢᠮᠠᠶᠢ ᠡᠳᠦᠢ ᠤᠷᠤᠢ ᠲᠠᠷᠪᠠᠭ᠎ᠠ ᠫᠤᠤᠳᠠᠳᠠᠭ ᠶᠤᠮ ᠪᠤᠯ ᠪᠢ ᠠᠯᠠᠭᠰᠠᠨ ᠪᠦᠬᠦᠳᠡ ᠶᠢ ᠴᠢᠨᠢ ᠡᠪᠦᠷᠳᠦᠯᠡᠨ᠎ᠡ ᠭᠡᠵᠦ ᠠᠮᠠ ᠭᠠᠷᠴᠤ ᠳ᠋ᠠ᠂ ᠲᠡᠭᠡᠭᠰᠡᠨ ᠨᠦᠬᠦᠭᠡ ᠬᠢ ᠨᠢ 18 ᠲᠠᠷᠪᠠᠭ᠎ᠠ ᠫᠤᠤᠳᠠᠵᠦ ᠡᠪᠦᠷᠳᠦᠯᠡᠭᠦᠯᠦᠭᠰᠡᠨ ᠲᠤᠬᠠᠢ ᠬᠦᠷ ᠬᠦᠭᠡᠷᠴᠡᠭ ᠪᠤᠯᠤᠨ ᠶᠠᠷᠢᠳᠠᠭ ᠰᠠᠨ᠃       ᠦᠵᠦᠮᠦᠴᠢᠨ ᠤ ᠪᠠᠶᠠᠷ ᠲᠠᠢ ᠬᠡᠤᠬᠡᠨ ᠨᠦᠭᠦᠳ ᠠᠴᠠ ᠨᠠᠩᠰᠠᠯ ᠠᠨᠵᠠ ᠪᠠᠨ ᠲᠡᠮᠪᠡᠷᠡᠯ ᠪᠠᠭᠰᠢ ᠶᠢᠨ ᠲᠡᠭᠦᠤ ᠮᠠᠷᠳᠠᠴᠢᠬᠠᠵᠦ᠂ ᠦᠨᠳᠦᠷ ᠲᠡᠩᠬᠡᠯᠵᠡᠭᠰᠡᠨ ᠰᠠᠶᠢᠬᠠᠨ ᠬᠦᠮᠦᠨ ᠪᠠᠶᠢᠭᠰᠠᠨ᠂ ᠤᠳᠤ ᠪᠠᠨ ᠠᠵᠢᠭᠠᠳ ᠪᠠᠶᠢᠬᠤ ᠳᠤ ᠠᠨᠵᠠ ᠶᠢᠨ ᠬᠢᠷᠢ ᠶᠢᠨ ᠪᠡᠶ᠎ᠡ ᠲᠠᠢ ᠡᠮᠡᠭᠳᠡᠢ ᠪᠠᠶᠢᠳᠤᠭᠠᠢ ᠡᠷᠡᠭᠳᠡᠢ ᠬᠦᠮᠦᠨ ᠴᠤ ᠠᠯᠠᠭ᠎ᠠ ᠪᠤᠯᠵᠡᠢ᠃ ᠠᠳᠡ ᠪᠠᠰᠠ ᠬᠡᠳᠦᠨ ᠡᠭᠡᠴᠢ ᠨᠠᠷ ᠢᠶᠠᠨ ᠲᠤᠷᠠᠰᠬᠤ ᠠᠴᠠ ᠠᠷᠭ᠎ᠠ ᠦᠭᠡᠢ᠂ ︽ᠬᠦᠭᠵᠢᠯ ᠤᠨ ᠵᠠᠮ︾ ᠨᠢᠭᠡᠳᠦᠯ ᠨᠢᠭᠡᠳᠦᠯ ᠤᠨ ᠢᠶᠠᠨ ᠤᠢ ᠶᠢ ᠵᠢᠯ ᠪᠤᠯᠭᠠᠨ ᠲᠡᠮᠳᠡᠭᠯᠡᠬᠦ᠂ 1957᠂ 1958᠂ 1959 ᠤᠨ ᠨᠤᠭᠤᠳ ᠲᠤ ᠪᠠᠶᠠᠷ ᠢᠶᠠᠷ ᠢᠶᠠᠨ ᠫᠠᠢ ᠫᠤᠤᠳᠠᠬᠤ ᠲᠡᠮᠡᠴᠡᠭᠡᠨ ᠶᠡᠭᠡ ᠶᠠᠪᠤᠭᠤᠯᠳᠠᠭ᠂ ᠡᠷᠡᠭᠳᠡᠢ ᠡᠮᠡᠭᠳᠡᠢ ᠬᠤᠷᠢᠨ ᠲᠠᠪᠤᠨ ᠮᠧᠲᠷ ᠲᠤ ᠤᠴᠺᠤᠪ ᠲᠠᠢ ᠫᠠᠢ ᠲᠠᠯᠪᠢᠵᠦ ᠪᠠᠶᠢᠭᠠᠳ ᠯᠡ ᠫᠤᠤᠳᠠᠨ᠎ᠠ᠂ 1957 ᠤᠨ ᠳᠤ ᠦ᠊  ᠤᠷᠳᠤᠨᠠᠰᠤᠨ ︵ᠤᠤᠵᠠ ᠠᠪᠤ︶᠂ 1958 ᠤᠨ ᠳᠤ ᠳ᠋᠊  ᠪᠠᠭᠠᠳᠤᠷ ︵ᠪᠠᠪᠠ᠂ ᠮᠢᠨᠤ ᠠᠬ᠎ᠠ︶᠂ 1959 ᠤᠨ ᠳᠤ ᠠᠬᠢᠭᠠᠳ ᠤᠤᠵᠠ ᠠᠪᠤ 30 ᠤᠨᠤᠵᠦ ᠲᠡᠷᠢᠭᠦᠯᠨᠵᠦ ᠪᠠᠶᠢᠭᠰᠠᠨ᠃ ᠡᠮᠡᠭᠳᠡᠶᠢᠴᠦᠳ ᠠᠴᠠ ᠷ᠊  ᠶᠠᠩᠵᠢᠮ᠎ᠠ ︵ᠢᠨᠵᠧ ᠠᠪᠤ ᠶᠢᠨ︶᠂ 1957᠂ 1958 ᠤᠨ ᠳᠤ 30 ᠫᠤᠤᠳᠠᠵᠦ᠂ 1959 ᠤᠨ ᠳᠤ ᠪ᠊  ᠯᠢᠩᠬᠸ᠎ᠠ ︵ᠮᠠᠩᠭ᠎ᠠ ᠡᠭᠡᠴᠢ︶ 30 ᠫᠤᠤᠳᠠᠵᠦ ᠲᠡᠷᠢᠭᠦᠯᠡᠵᠦ ᠪᠠᠶᠢᠭᠰᠠᠨ ᠪᠤᠯ 1964 ᠤᠨ ᠳᠤ ᠪᠠᠷᠢᠭᠠᠳᠠ ᠶᠢᠨ ᠡᠳᠦᠷᠯᠢᠭ ᠳᠡᠬᠡᠷ᠎ᠡ ᠡᠷᠡᠭᠳᠡᠶᠢᠴᠦᠳ ᠠᠴᠠ ᠴ᠊  ᠦᠬᠦᠯᠭᠦᠢ ︵ᠦ᠂ ᠠᠬ᠎ᠠ︶᠂ ᠲ᠊  ᠮᠡᠨᠳᠦᠪᠠᠶᠠᠷ ᠬᠤᠶᠠᠷ ᠡᠬᠢᠨ ᠤ ᠭᠤᠷᠪᠠᠨ ᠰᠤᠮᠤᠨ ᠳᠠᠭᠠᠨ 30 ᠫᠤᠤᠳᠠᠵᠦ ᠲᠡᠩᠴᠡᠨ᠂ ᠠᠬᠢᠨ ᠫᠤᠤᠳᠠᠭᠠᠳ ᠮᠠᠨᠳᠤᠪᠠᠶᠠᠷ ᠠᠬᠢᠨ 30 ᠫᠤᠤᠳᠠᠭᠠᠳ᠂ ᠦ ᠠᠬ᠎ᠠ ᠬᠤᠷᠢᠨ ᠶᠢᠰᠦ ᠫᠤᠤᠳᠠᠵᠦ ᠪᠠᠶᠢᠯ᠎ᠠ᠃ ᠡᠮᠡᠭᠳᠡᠶᠢᠴᠦᠳ ᠠᠴᠠ ᠪ᠊  ᠯᠢᠩᠬᠸ᠎ᠠ᠂ ᠬ᠊  ᠬᠤᠸᠠᠷ᠎ᠠ ᠬᠤᠶᠠᠷ ᠲᠠᠬᠢᠨ 30 ᠤᠨᠤᠭᠠᠳᠠᠢ ᠪᠠᠷ ᠲᠡᠩᠴᠡᠨ ᠠᠬᠢᠭᠠᠳ ᠫᠤᠤᠳᠠᠭᠠᠳ᠂ ᠯᠢᠩᠬᠸ᠎ᠠ ᠡᠭᠡᠴᠢ 30 ᠶᠢᠨ ᠤᠨᠤ ᠫᠤᠤᠳᠠᠵᠦ ᠲᠡᠷᠢᠭᠦᠯᠡᠭᠰᠡᠨ ᠪᠠᠶᠢᠵᠦ ᠪᠢᠯᠡ᠃      ⑷ ᠦᠵᠦᠮᠦᠴᠢᠨ ᠮᠠᠯ ᠮᠠᠯᠯᠠᠬᠤ ᠶᠢᠨ ᠤᠨᠴᠠᠯᠢᠭ      ᠬᠤᠨᠢ ᠶᠢ ᠲᠦᠯᠯᠡᠩᠭᠦᠳᠡ ᠬᠤᠷᠠᠭ᠎ᠠ ᠲᠠᠢ ᠨᠢ ᠡᠬᠡᠯᠡᠷ ᠪᠠᠶᠢᠯᠭᠠᠵᠦ 14 ᠬᠤᠨᠤᠳᠠᠯ᠎ᠠ ᠡᠳᠦᠷ ᠲᠤ ᠲᠦᠷᠪᠡᠨ ᠤᠳᠠᠭ᠎ᠠ ᠲᠤᠭᠤᠵᠦ ᠡᠬᠡ ᠬᠤᠷᠠᠭ᠎ᠠ ᠪᠠᠷ ᠨᠢ ᠨᠡᠶᠢᠯᠡᠭᠦᠯᠵᠦ ᠬᠦᠬᠦᠭᠦᠯᠳᠡᠭ ᠠᠴᠠ ᠬᠤᠷᠠᠭ᠎ᠠ ᠠᠮᠠᠷᠬᠠᠨ ᠲᠤᠷᠨᠢᠳᠠᠭ᠃ ᠡᠭᠦᠨ ᠢ ᠡᠪᠦᠭᠡ ᠲᠡᠭᠡᠳᠦ ᠠᠴᠠ ᠮᠠᠨᠢ ᠦᠰᠦᠨ ᠤ ᠬᠢᠨᠢ ᠭᠠᠯ ᠪᠦᠬᠦᠭᠡ ᠦᠭᠡᠢ ᠲᠦᠯ ᠭᠡᠵᠦ ᠶᠠᠷᠢᠳᠠᠭ᠃ ᠮᠦᠨ ᠬᠤᠨᠢ ᠲᠤᠭᠤᠵᠦ ᠰᠤᠷᠭᠠᠭᠰᠠᠨ ᠮᠤᠷᠢ ᠰᠠᠶᠢᠨ ᠤᠷᠭᠠᠴᠢ ᠮᠤᠷᠢ ᠪᠤᠯᠤᠨ᠎ᠠ ᠭᠡᠳᠡᠭ᠃ ᠨᠠᠮᠤᠷ ᠤᠷᠤᠶᠢᠳᠠᠭᠠᠳ ᠰᠡᠷᠢᠭᠦᠰᠴᠤ ᠡᠬᠢᠯᠡᠬᠦ ᠦᠶ᠎ᠡ ᠬᠤᠨᠢᠳ ᠤᠰᠤᠯᠠᠬᠤ ᠳᠠᠭᠠᠨ ᠴᠦᠭᠡᠷᠡᠭᠦᠯᠵᠦ ᠦᠭᠡᠬᠦᠨ ᠲᠠᠷᠭᠤ ᠶᠢ ᠨᠢ ᠴᠠᠮᠪᠠᠶᠢᠷᠠᠭᠤᠯ ᠭᠡᠵᠦ ᠰᠤᠷᠭᠠᠳᠠᠭ᠃ ᠡᠨᠡ ᠨᠢ ᠶᠠᠭᠤ ᠭᠡᠬᠦᠪᠡᠷ ᠤᠰᠤᠯᠠᠬᠤ ᠨᠢ ᠶᠡᠬᠡᠳᠡᠭᠰᠡᠨ ᠮᠠᠯ ᠡᠪᠦᠯ ᠭᠦᠢᠳᠡᠨ ᠤᠷᠤᠬᠤ ᠪᠠᠷ ᠠᠮᠠᠷᠬᠠᠨ ᠲᠤᠷᠠᠳᠠᠭ᠂ ᠤᠰᠤ ᠨᠢ ᠲᠠᠭᠠᠷᠠᠵᠦ ᠪᠠᠶᠢᠭ᠎ᠠ ᠦᠭᠡᠢ ᠶᠢ ᠲᠦᠭᠦᠭᠡᠷᠡᠭᠰᠡᠨ ᠮᠠᠯ ᠤᠨ ᠢᠶᠠᠨ ᠦᠭᠡᠭᠦᠨ ᠠᠴᠠ ᠭᠠᠯ ᠳᠤ ᠰᠢᠷᠠᠭᠠᠳ ᠯᠡ ᠮᠡᠳᠡᠴᠢᠭᠡᠳᠡᠭ᠃ ᠤᠰᠤ ᠶᠡᠬᠡᠳᠡᠭᠰᠡᠨ ᠪᠤᠯ ᠰᠢᠷᠠᠬᠤ ᠳᠤ ᠮᠠᠰᠢ ᠶᠡᠭᠡ ᠱᠠᠵᠢᠭᠢᠨᠠᠳᠠᠭ ᠪᠤᠯ ᠤᠰᠤ ᠨᠢ ᠲᠠᠭᠠᠷᠠᠵᠦ ᠪᠠᠶᠢᠪᠠᠯ ᠶᠠᠮᠠᠷ ᠴᠤ ᠴᠢᠮᠡᠭᠡ ᠦᠭᠡᠢ ᠲᠤᠰᠤᠨ ᠨᠢ ᠤᠷᠤᠰᠴᠤ ᠪᠠᠶᠢᠳᠠᠭ᠃ ᠠᠳᠤᠭᠤᠨ ᠳᠤ ᠡᠷᠡᠮᠡᠭᠡᠢ ᠤᠷᠭᠠᠴᠢᠳ ᠤᠨ ᠢᠶᠠᠨ ᠲᠤᠬᠠᠢ ᠲᠤᠷᠠᠰᠬᠤ ᠳᠤ ᠦᠵᠦᠮᠦᠴᠢᠨ ᠨᠦᠭᠦᠳ ᠮᠠᠨᠢ ᠲᠡᠭᠡᠷ᠎ᠡ ᠦᠶ᠎ᠡ ᠳᠤ ᠵᠤᠨ ᠤ ᠡᠬᠢᠨ ᠰᠠᠷ᠎ᠠ ᠭᠠᠷᠤᠭᠠᠳ ᠠᠳᠤᠭᠤ ᠪᠠᠨ ᠲᠡᠯᠯᠡᠳᠡᠭ ᠵᠠᠩᠰᠢᠯ ᠲᠠᠢ ᠪᠠᠶᠢᠵᠦ᠂ ᠠᠳᠤᠭᠤ ᠪᠠᠨ ᠲᠡᠯᠯᠡᠵᠦ ᠲᠠᠭᠤᠰᠤᠭᠠᠳ ᠬᠤᠭᠤᠯᠠᠶᠢᠯᠠᠬᠤ ᠪᠤᠶᠤ ᠶᠠᠪᠠᠭᠠᠨ ᠰᠢᠷᠭᠤᠭ᠎ᠠ ᠬᠢᠵᠦ᠂ ᠬᠡᠨ ᠨᠢ ᠰᠠᠶᠢᠨ ᠤᠷᠭᠠᠴᠢ ᠪᠤᠯᠬᠤ ᠪᠠᠨ ᠦᠵᠡᠯᠴᠡᠳᠡᠭ᠃ ᠢᠩᠭᠢᠬᠦ ᠳᠡᠭᠡᠨ ᠬᠤᠭᠤᠯᠠᠢ ᠶᠢᠨ ᠠᠳᠠᠭ ᠲᠤᠨᠢ ᠰᠠᠶᠢᠨ ᠢᠶᠠᠨ ᠵᠤᠭᠰᠤᠭᠠᠵᠦ ᠮᠤᠷᠢ ᠲᠠᠢ ᠪᠠᠨ ᠦᠯᠡᠳᠡᠶ᠎ᠡ ᠭᠡᠯᠴᠡᠳᠡᠭ᠃ ᠬᠤᠭᠤᠯᠠᠢ ᠳᠤ ᠲᠠᠯᠪᠢᠭᠠᠳ ᠰᠤᠷᠴᠢᠬᠠᠭᠰᠠᠨ ᠠᠵᠢᠷᠭ᠎ᠠ ᠬᠤᠶᠠᠷ ᠲᠠᠰᠢ ᠪᠠᠨ ᠬᠠᠯᠢᠷᠴᠤ ᠰᠢᠳᠤᠷᠤᠭᠠᠳ ᠯᠡ ᠲᠠᠭᠠᠷᠢᠳᠠᠭ᠃ ᠡᠭᠦᠨ ᠳᠤ ᠮᠠᠭᠤᠬᠠᠨ ᠤᠷᠭᠠᠴᠢᠳ ᠲᠠᠳᠠᠵᠦ ᠠᠮᠵᠢᠯ ᠦᠭᠡᠢ ᠤᠷᠭ᠎ᠠ ᠪᠠᠨ ᠠᠯᠳᠠᠳᠠᠭ ᠤᠴᠢᠷ ᠠᠴᠠ ᠬᠤᠭᠤᠯᠠᠢ ᠶᠢᠨ ᠠᠳᠠᠭ ᠲᠤ ᠰᠠᠶᠢᠨ ᠢᠶᠠᠨ ᠵᠤᠭᠰᠤᠭᠠᠳᠠᠭ᠂ ᠡᠬᠦᠨ ᠳᠤ ᠰᠢᠯᠭᠠᠷᠠᠭᠰᠠᠨ ᠬᠦᠮᠦᠰ ᠭᠡᠪᠡᠯ᠄ ᠲᠠᠮᠢᠷᠠᠨᠵᠠᠪ ︵ᠮᠢᠨᠤ ᠠᠪᠤ︶᠂ ᠪᠠᠳᠮᠠᠰᠦ᠋ᠷᠦᠩ ︵ᠵᠠᠭᠠᠨ ᠠᠪᠤᠭᠠᠢ︶᠂ ᠲᠠᠸ᠎ᠠ ︵ᠠᠶᠠ︶᠂ ᠵᠠᠭᠠᠨ ᠠᠪᠤᠭᠠᠢ ᠶᠢᠨ ᠤᠨᠴᠠᠯᠢᠭ ᠨᠢ ᠶᠠᠮᠠᠷ ᠴᠤ ᠰᠢᠷᠭᠤᠭᠠᠨ ᠤ ᠠᠳᠤᠭᠤ ᠶᠢ ᠤᠷᠭᠠᠯᠠᠳᠠᠭ ᠦᠭᠡᠢ ᠴᠠᠭᠠᠳᠤ ᠲᠠᠯᠦ ᠶᠢᠨ ᠬᠢᠨᠢ ᠡᠪᠦᠳᠦᠭ ᠢ ᠠᠯᠳᠠᠬᠤ ᠦᠭᠡᠢ ᠭᠤᠶᠠᠳᠠᠳᠠᠭ ᠬᠦᠮᠦᠨ ᠪᠠᠶᠢᠭᠰᠠᠨ ᠪᠤᠯ ᠨᠦᠬᠦᠭᠡ ᠬᠤᠶᠠᠷ ᠨᠢ ᠶᠠᠮᠠᠷ ᠴᠤ ᠬᠠᠩᠬᠠᠯ ᠠᠳᠤᠭᠤ ᠪᠠᠶᠢᠭᠰᠠᠨ ᠴᠤ ᠭᠡᠰᠡᠨ ᠪᠤᠰᠤᠭ᠎ᠠ ᠭᠠᠷᠭᠠᠵᠦ ᠪᠠᠶᠢᠭᠰᠠᠨ ᠦᠭᠡᠢ ᠭᠡᠵᠦ ᠨᠠᠰᠤᠳᠠᠨ ᠨᠤᠭᠤᠳ ᠬᠠᠭᠤᠴᠢᠯᠠᠳᠠᠭ᠃ ᠮᠢᠨᠤ ᠮᠡᠳᠡᠬᠦ ᠠᠴᠠ ᠲᠠᠸ᠎ᠠ ︵ᠠᠶᠠ︶᠂ ᠠᠮᠢᠪᠦ᠋ᠬᠡ ︵ᠠᠪᠪᠤᠤ︶᠂ ᠪᠠᠳᠤ ︵ᠪᠠᠵᠠᠢ︶᠂ ᠪᠠᠭᠠᠳᠤᠷ ︵ᠪᠠᠪᠠ︶᠂ ᠲᠠᠪᠬᠠᠢ ︵ᠬᠡᠯᠡᠭᠦᠢ︶᠂ ᠴᠢᠮᠡᠳ ︵ᠠᠪᠤᠭᠠᠢ︶᠂ ᠴᠢᠮᠡᠳ ︵ᠪᠠ︶᠂ ᠦᠯᠵᠡᠶᠢᠪᠠᠶᠠᠷ ︵ᠵᠠᠵᠠ︶ ᠬᠡᠭᠦᠴᠢᠯᠡᠨ ᠰᠠᠶᠢᠨ ᠤᠷᠭᠠᠴᠢᠳ ᠪᠤᠯ ᠪᠢᠳᠡᠨ ᠤ ᠦᠶ᠎ᠡ ᠶᠢᠨ ᠬᠢᠨ ᠠᠴᠠ ᠡᠷᠬᠢᠮ᠂ ᠯᠾᠠᠮᠤᠤ ᠨᠠᠷ ᠢ ᠲᠤᠷᠠᠰᠬᠤ ᠳᠤ ᠬᠠᠩᠭᠠᠯᠳᠠᠢ᠃       ᠡᠳᠡᠭᠡᠷ ᠠᠴᠠ ᠵᠠᠷᠢᠮ ᠤᠨᠴᠠᠯᠢᠭ ᠤᠳ ᠢ ᠲᠤᠷᠠᠳᠪᠠᠯ᠄ ᠲᠠᠸ᠎ᠠ᠂ ᠴᠢᠮᠡᠳ ᠪᠠ ᠬᠤᠶᠠᠷ ᠮᠠᠰᠢ ᠴᠡᠪᠡᠷᠬᠡᠨ ᠤᠷᠭᠠᠯᠠᠳᠠᠭ ᠪᠤᠯ ᠴᠢᠮᠡᠳ ᠠᠪᠤᠭᠠᠢ ᠪᠤᠯᠬᠤᠷ ᠤᠷᠭᠠᠯᠠᠭᠰᠠᠨ ᠶᠠᠮᠠᠷ ᠴᠤ ᠡᠮᠨᠢᠭ ᠠᠳᠤᠭᠤ ᠶᠢ ᠬᠤᠪᠤᠭᠤᠴᠢᠯᠠᠵᠦ ᠲᠠᠳᠠᠭᠠᠳ ᠠᠪᠤᠭᠠᠳ ᠢᠷᠡᠳᠡᠭ᠃ ᠯᠾᠠᠮᠤᠤ ᠪᠤᠯᠬᠤᠷ ᠶᠠᠪᠠᠭᠠᠨ ᠰᠢᠷᠭᠤᠭᠠᠨ ᠳᠤ ᠦᠨᠡᠬᠡᠷ ᠶᠢᠨ ᠠᠭᠳᠠᠢ᠂ ᠶᠠᠮᠠᠷ ᠴᠤ ᠲᠤᠮᠤ ᠠᠳᠤᠭᠤ ᠶᠢ ᠪᠤᠰᠤᠭ᠎ᠠ ᠭᠠᠷᠭᠠᠳᠠᠭ ᠦᠭᠡᠢ ᠪᠠᠶᠢᠭᠰᠠᠨ᠂ ᠭᠠᠯᠪᠠᠳᠠᠷᠠᠬᠤ ᠶᠢᠨ ᠬᠠᠭᠤᠴᠢᠯᠠᠭᠰᠠᠨ ᠢ ᠦᠭᠦᠯᠡᠪᠡᠯ᠄ ︽ᠮᠠᠨ ᠤ ᠪᠠᠶᠠᠷ ᠲᠠᠷᠤᠭ᠎ᠠ ᠦᠨᠡᠬᠡᠷ ᠶᠢᠨ ᠤᠷᠭᠠᠴᠢ ᠬᠦᠮᠦᠨ ᠰᠢᠤ︾ ᠭᠡᠳ ᠶᠠᠷᠢᠵᠦ ᠪᠠᠶᠢᠨ᠎ᠠ᠂ 1961 ᠤᠨ ᠤ ᠬᠠᠪᠤᠷ ᠠᠳᠤᠭᠤ ᠲᠡᠯᠯᠡᠭᠡᠳ ᠲᠠᠭᠤᠰᠴᠤ ᠪᠠᠶᠢᠬᠤ ᠳᠤ ᠪᠠᠶᠠᠷ ᠲᠠᠷᠤᠭ᠎ᠠ ᠢᠷᠡᠭᠡᠳ ᠵᠠ᠂ ᠲᠦᠯᠦᠪᠯᠡᠭᠡ ᠪᠠᠨ ᠪᠡᠶᠡᠯᠡᠭᠦᠯᠬᠦ ᠨᠢ ᠤᠤ ᠭᠡᠵᠦ ᠠᠰᠠᠭᠤᠵᠦ ᠪᠠᠶᠢᠨ᠎ᠠ᠂ ︽ᠲᠡᠯ ᠲᠤᠳᠠᠬᠤ ᠨᠢ︾ ᠭᠡᠵᠦ ᠠᠳᠤᠭᠤᠴᠢᠨ ᠬᠡᠯᠡᠵᠦ ᠪᠠᠶᠢᠨ᠎ᠠ᠂ ᠲᠡᠭᠡᠭᠰᠡᠨ ᠲᠠᠷᠤᠭ᠎ᠠ ᠡᠨᠡ ᠤᠯᠠᠨ ᠲᠡᠯ ᠲᠠᠢ ᠠᠳᠤᠭᠤ ᠴᠢᠨᠢ ᠪᠦᠬᠦᠳᠡ ᠠᠵᠢᠷᠭ᠎ᠠ ᠶᠤᠮ ᠤᠤ︖ ᠭᠡᠵᠦ ᠠᠰᠠᠭᠤᠭᠰᠠᠨ ᠴᠢᠨᠢ ᠠᠳᠤᠭᠤᠴᠢᠨ ᠨᠢ ᠲᠤᠯᠤᠭᠠᠢ ᠪᠠᠨ ᠨᠢᠭᠡ ᠢᠯᠢᠵᠦ ᠠᠪᠤᠭᠠᠳ ︽ᠦᠭᠡᠢ ᠯᠡ ᠳ᠋ᠧ᠂ ᠠᠳᠡ ᠠᠷᠪᠠᠨ ᠲᠦᠷᠪᠡ᠂ ᠲᠠᠪᠤᠨ ᠰᠠᠯᠬᠢᠨ ᠠᠴᠠ ᠦᠭᠡᠷ᠎ᠡ ᠶᠠᠭᠤᠮ᠎ᠠ ᠪᠡᠶ᠎ᠡ ᠳᠡᠭᠡᠨ ᠬᠦᠷᠭᠡᠭᠡ ᠦᠭᠡᠢ ᠬᠠᠩᠬᠠᠯ ᠠᠳᠤᠭᠤ ᠪᠠᠶᠢᠨ᠎ᠠ︾ ᠭᠡᠬᠦ ᠳᠤ ᠪᠠᠶᠢᠨ᠎ᠠ ᠭᠡᠨ᠎ᠡ᠂ ᠲᠡᠷᠡ ᠴᠢᠨᠢ ᠪᠠᠷᠢᠵᠦ ᠪᠤᠯᠳᠠᠭ ᠦᠭᠡᠢ ᠤᠩᠭᠤᠯᠴᠢᠭᠰᠠᠨ ᠶᠤᠮ ᠤᠤ ᠭᠡᠵᠦ ᠠᠰᠠᠭᠤᠭᠰᠠᠨ ᠳᠤ ︽ᠪᠢᠳᠡᠨ ᠳᠤ ᠯᠠᠪ ᠤᠷᠭᠠᠯᠠᠴᠢᠬᠤ ᠬᠦᠮᠦᠨ ᠠᠯᠠᠭ᠎ᠠ︾ ᠭᠡᠰᠡᠨ ᠳᠤ᠄ ᠪᠢ ᠨᠢᠭᠡ ᠤᠷᠭᠠᠯᠠᠵᠦ ᠦᠵᠡᠪᠡᠯ ᠶᠠᠭᠠᠬᠢᠬᠤᠪ ᠭᠡᠰᠡᠨ ᠴᠢᠨᠢ ᠵᠠᠯᠠᠭᠤᠴᠤᠳ ᠨᠢ ᠨᠡᠯᠢᠶᠡᠳ ᠵᠢᠭ ᠵᠢᠭ ᠭᠡᠯᠴᠡᠨ ᠱᠤᠤᠯᠠᠬᠤ ᠮᠠᠶ᠋ᠢᠭ ᠲᠠᠢ ᠪᠠᠶᠢᠨ᠎ᠠ ᠭᠡᠨ᠎ᠡ᠃ ᠲᠡᠭᠡᠬᠦ ᠳᠤᠨᠢ ᠵᠠᠵᠠ ᠲᠡᠨᠳᠡ ᠪᠠᠶᠢᠭᠰᠠᠨ ᠤᠷᠭ᠎ᠠ ᠨᠦᠭᠦᠳ ᠠᠴᠠ ᠠᠪᠴᠤ ᠲᠡᠪᠢᠵᠦ ᠦᠵᠡᠵᠦ ᠪᠠᠶᠢᠭᠰᠠᠨ ᠢᠶᠠᠨ ᠨᠢᠭᠡ ᠤᠷᠭ᠎ᠠ ᠶᠢᠨ ᠴᠡᠭᠡᠵᠢ ᠶᠢ ᠬᠤᠭᠤᠯᠵᠦ ᠴᠠᠰᠢ ᠬᠠᠶᠠᠭᠰᠠᠨ ᠢᠶᠠᠨ ᠦᠭᠡᠷ᠎ᠡ ᠨᠢᠭᠡ ᠶᠤᠵᠤᠭᠤᠷ ᠢ ᠴᠠᠭᠠᠰᠢ ᠪᠠᠨ ᠬᠠᠶᠠᠴᠢᠭᠠᠳ ᠨᠦᠬᠦᠭᠡ ᠪᠠᠷᠢᠵᠦ ᠦᠯᠡᠳᠡᠭᠰᠡᠨ ᠤᠷᠭᠠᠨ ᠤ ᠪᠠᠨ ᠴᠡᠭᠡᠵᠢ ᠶᠤᠵᠤᠭᠤᠷ ᠢ ᠬᠤᠭᠤᠷᠤᠨᠳᠤ  ᠳᠤᠨᠢ ᠵᠠᠯᠭᠠᠴᠢᠭᠠᠳ ᠵᠠ᠂ ᠲᠡᠷᠡ ᠤᠩᠭᠤᠨ ᠠᠳᠤᠭᠤ ᠨᠤᠭᠤᠳ ᠢᠶᠠᠨ ᠨᠠᠳᠠ ᠳᠤ ᠰᠢᠷᠭᠤᠯᠠᠭᠠᠳ ᠦᠭ ᠭᠡᠰᠡᠨ᠂ ᠨᠢᠭᠡᠨ ᠨᠠᠰᠤᠳᠠᠢ ᠬᠦᠮᠦᠨ ᠨᠦᠭᠦᠭᠡ ᠵᠠᠯᠠᠭᠤᠴᠦᠳ ᠢ ᠲᠦᠷᠭᠡᠨ ᠭᠡᠵᠦ ᠱᠠᠭᠠᠷᠳᠠᠨ ᠠᠳᠤᠭᠤ ᠶᠢ ᠬᠤᠷᠢᠶᠠᠯᠭᠠᠨ ᠰᠢᠷᠭᠤᠭᠤᠯᠵᠦ ᠦᠭᠬᠦ ᠳᠤ ᠪᠦᠭᠦᠳᠡ ᠶᠢ ᠴᠤᠪᠤᠭᠤᠯᠤᠨ ᠰᠢᠳᠡᠵᠦ ᠭᠠᠶᠢᠬᠠᠭᠤᠯᠤᠭᠰᠠᠨ ᠭᠡᠳᠡᠭ᠃ ᠢᠩᠭᠢᠵᠦ ᠪᠤᠳᠤᠬᠤ ᠠᠴᠠ ᠮᠠᠨ ᠤ ᠦᠵᠦᠮᠦᠴᠢᠨ ᠲᠡᠭᠡᠳᠦᠰ ᠶᠠᠮᠠᠷ ᠰᠢᠤᠬᠠᠨ ᠤᠷᠭᠠᠴᠢᠳ ᠪᠠᠶᠢᠭᠰᠠᠨ ᠨᠢ ᠲᠤᠲᠤᠷᠬᠠᠢ᠂ ᠠᠳᠡ ᠪᠠᠰᠠ ᠨᠢᠭᠡᠨ ᠵᠦᠢᠯ ᠢ ᠲᠤᠷᠠᠳᠬᠤ ᠳᠤ ᠦᠯᠵᠡᠶᠢᠪᠡᠶᠠᠷ ᠵᠠᠵᠠ᠂ ᠡᠷᠬᠢᠮ ᠬᠤᠶᠠᠷ ᠤᠷᠭᠠᠨ ᠤ ᠬᠤᠨᠤᠤᠷ ᠭᠠᠷᠭᠠᠬᠤ ᠳᠠᠭᠠᠨ ᠦᠨᠡᠬᠡᠷ ᠭᠠᠶᠢᠬᠠᠯᠳᠠᠢ ᠬᠤᠷᠴᠠ ᠬᠢᠳᠤᠭ᠎ᠠ ᠪᠠᠷ ᠭᠠᠭᠴᠠ ᠭᠠᠭᠴᠠ ᠯᠡ ᠲᠠᠳᠠᠳᠠᠭ ᠪᠠᠶᠢᠭᠰᠠᠨ ᠪᠢᠯᠡ        ᠠᠳᠡ ᠨᠢᠭᠡ ᠵᠦᠢᠯ ᠢ ᠲᠤᠷᠠᠳᠪᠠᠯ᠂ ᠮᠠᠨ ᠤ ᠰᠤᠮᠤᠨ ᠠᠴᠠ ᠰᠤᠷ ᠤᠨ ᠰᠫᠤᠷᠲ ᠪᠠᠷ ᠭᠠᠭᠴᠠ ᠬᠦᠮᠦᠨ ᠮᠠᠰᠲ᠋ᠧᠷ ᠪᠤᠯᠤᠭᠰᠠᠨ ᠨᠢ ᠲᠤᠯᠮ᠎ᠠ ᠶᠢᠨ ᠫᠦᠷᠪᠦ ᠬᠡᠮᠡᠬᠦ ᠦᠵᠦᠮᠦᠴᠢᠨ ᠦᠷ᠎ᠡ ᠰᠡᠳᠦ ᠶᠢᠨ ᠨᠢᠭᠡᠨ ᠪᠤᠯᠤᠨ᠎ᠠ᠃ ᠦᠵᠦᠮᠦᠴᠢᠨ ᠤ ᠦᠷ᠎ᠡ ᠬᠡᠤᠬᠡᠳ ᠤᠳ ᠠᠴᠠ ᠰᠤᠷᠭᠠᠭᠤᠯᠢ ᠰᠤᠶᠤᠯ ᠤᠨ ᠮᠦᠷ ᠬᠦᠭᠡᠭᠡᠨ ᠮᠡᠳᠡᠯᠭᠡ ᠮᠡᠷᠭᠡᠵᠢᠯ ᠡᠵᠡᠮᠰᠢᠭᠰᠡᠨ ᠮᠡᠷᠭᠡᠵᠢᠯ ᠤᠨ ᠦᠨᠳᠦᠷ ᠲᠦᠪᠰᠢᠨ ᠳᠤ ᠠᠵᠢᠯᠯᠠᠵᠦ ᠪᠠᠶᠢᠭᠰᠠᠨ ᠪᠤᠯᠤᠨ ᠪᠠᠶᠢᠭ᠎ᠠ ᠬᠦᠮᠦᠰ ᠠᠴᠠ ᠪᠠᠰᠠ ᠲᠤᠷᠠᠰᠬᠤ ᠠᠴᠠ ᠦᠭᠡᠷ᠎ᠡ ᠠᠷᠭ᠎ᠠ ᠦᠭᠡᠢ᠂ ᠡᠭᠦᠨ ᠳᠤ ᠮᠤᠩᠭᠤᠯ ᠤᠯᠤᠰ ᠤᠨ ᠭᠠᠪᠢᠶᠠᠳᠤ ᠡᠳ᠋ ᠤᠨ ᠵᠠᠰᠠᠭᠴᠢ ᠪ᠊  ᠰᠢᠭᠦᠷᠳᠦ᠂ ᠭᠠᠪᠢᠶᠠᠳᠦ ᠠᠴᠠ ᠲᠤᠳᠠᠬᠤ ᠦᠭᠡᠢ ᠠᠵᠢᠯ ᠦᠢᠯᠡᠰ ᠢᠶᠠᠷ ᠢᠶᠠᠨ ᠲᠤᠲᠤᠷᠠᠭᠰᠠᠨ ᠠᠪᠤᠲ ᠶᠢᠨ ᠢᠨᠵᠧᠨᠧᠷ ᠳ᠋᠊  ᠮᠤᠤᠨᠤᠬᠠᠢ᠂ ᠬᠦᠮᠦᠨ ᠤ ᠶᠡᠭᠡ ᠡᠮᠴᠢ ᠼ᠊  ᠤᠷᠳᠤᠨᠠᠰᠤᠨ᠂ ᠲᠤᠯᠠᠭᠠᠨ ᠤ ᠡᠷᠴᠢᠮ ᠬᠦᠴᠦᠨ ᠤ ᠢᠨᠵᠧᠨᠧᠷ ᠲᠤᠷᠪᠢᠨᠽᠲ ᠳ᠋᠊  ᠬᠦᠷᠡᠯᠰᠦ᠋ᠬᠡ᠂ ᠪᠠᠭ᠎ᠠ ᠠᠩᠬᠢ ᠶᠢᠨ ᠪᠠᠭᠰᠢ᠂ ᠠᠷᠠᠳ ᠤᠨ ᠪᠤᠯᠪᠠᠰᠤᠷᠠᠯ ᠤᠨ ᠲᠡᠷᠢᠭᠦᠨ ᠤ ᠠᠵᠢᠯᠳᠠᠨ᠂ ︽ᠪᠠᠭᠰᠢ ᠶᠢᠨ ᠠᠯᠳᠠᠷ︾ ᠠᠯᠳᠠᠨ ᠮᠧᠲᠠᠯ᠂ 70᠂ 80᠂ 90 ᠵᠢᠯ ᠤᠨ ᠤᠢ ᠶᠢᠨ ᠮᠧᠲᠠᠯ ᠲᠠᠢ ᠶᠢᠰᠦᠨ ᠡᠷᠳᠡᠨᠢ᠂ ᠰᠠᠶᠢᠬᠠᠨ ᠡᠵᠢ᠂ ᠨᠢᠭᠦᠯᠡᠰᠦᠩᠭᠦᠢ ᠦᠢᠯᠡᠰᠳᠡᠨ ᠵᠡᠷᠭᠡ ᠡᠷᠭᠦᠮᠵᠢᠯᠠᠯ ᠲᠠᠢ ᠲᠡᠤᠭᠦᠪᠦᠷᠢ ᠳᠤ ᠭᠠᠷᠤᠭᠰᠠᠨ ᠴᠤ ᠭᠡᠰᠡᠨ ᠤᠳᠤ ᠪᠠᠭᠰᠢᠯᠠᠭᠰᠠᠭᠠᠷ ᠪᠠᠶᠢᠭ᠎ᠠ ᠪ᠊  ᠤᠳ᠋ᠪᠠᠯ᠎ᠠ ᠨᠠᠷ ᠢ ᠪᠠᠨ ᠲᠤᠷᠠᠰᠬᠤ ᠦᠭᠡᠢ ᠪᠠᠶᠢᠬᠤ ᠶᠢᠨ ᠠᠷᠭ᠎ᠠ ᠦᠭᠡᠢ᠂ ᠡᠨᠡᠬᠦ ᠲᠤᠷᠠᠰᠤᠮᠵᠢ ᠶᠢ ᠲᠡᠷᠡᠯᠡᠬᠦ ᠳᠡᠭᠡᠨ ᠭᠡᠨ ᠨᠢᠭᠡᠨ ᠳᠤ ᠦᠵᠦᠮᠦᠴᠢᠨ ᠲᠦᠮᠡᠨ ᠢᠶᠠᠨ ᠭᠠᠶᠢᠬᠠᠭᠤᠯᠬᠤ ᠭᠡᠰᠡᠨ ᠦᠭᠡᠢ ᠵᠦᠪᠬᠡᠨ ᠲᠡᠳᠡᠨ ᠤ ᠪᠠᠨ ᠠᠮᠢᠳᠤᠷᠠᠯ ᠤᠨ ᠦᠨᠡᠨ ᠳᠤ ᠲᠦᠰᠢᠭᠯᠡᠨ ᠪᠤᠳᠠᠳᠤ ᠪᠠᠷᠢᠮᠳᠠ ᠶᠢ ᠦᠨᠳᠦᠰᠦᠯᠡᠨ ᠦᠷ᠎ᠡ ᠤᠳᠤᠮ ᠳᠤᠨᠢ ᠲᠤᠷᠠᠰᠤᠮᠵᠢ ᠪᠤᠯᠤᠭᠠᠰᠠᠢ ᠭᠡᠰᠡᠨ ᠶᠤᠮ᠃ ᠦᠪᠡᠷ ᠤᠨ ᠢᠶᠠᠨ ᠮᠤᠯᠬᠢ ᠤᠬᠠᠭᠠᠨ ᠪᠤᠯᠬᠢ ᠪᠤᠳᠤᠯ ᠤᠨ ᠬᠢᠷᠢ ᠪᠠᠷ ᠲᠤᠷᠠᠰᠤᠮᠵᠢ ᠲᠡᠳᠦᠢ ᠲᠤᠷᠠᠰᠪᠠ᠃        ︽ᠮᠠᠭᠤ ᠨᠤᠬᠠᠢ ᠶᠢᠨ ᠰᠠᠨᠠᠭ᠎ᠠ ᠠᠯᠤᠰ ᠤᠨ ᠭᠤᠷᠪᠠᠨ ᠵᠡᠭᠡᠷ᠎ᠡ ᠳᠤ︾ ᠭᠡᠳᠡᠭᠴᠢᠯᠡᠨ ᠨᠠᠰᠤ ᠪᠤᠶᠠᠨ ᠮᠢᠨᠢ ᠬᠦᠷᠪᠡᠯ ᠠᠷᠠᠢ ᠲᠡᠯᠭᠡᠷᠡᠩᠭᠦᠢ ᠵᠢᠷᠤᠭ ᠬᠦᠷᠦᠭ ᠲᠠᠢ ᠨᠢ ᠭᠡᠭᠡᠨ ᠲᠡᠭᠡᠳᠦᠰ ᠤᠨ ᠢᠶᠠᠨ ᠠᠵᠢᠯ ᠬᠦᠳᠡᠯᠮᠦᠷᠢ ᠠᠷᠢᠭᠤᠨ ᠰᠡᠳᠭᠢᠯ ᠦᠢᠯᠡᠰ ᠢ ᠲᠤᠰᠬᠠᠴᠢᠬᠤ ᠶᠤᠮᠰᠠᠨ ᠭᠡᠰᠡᠨ ᠪᠤᠳᠤᠯ ᠲᠡᠭᠡᠭᠡᠵᠦ ᠶᠠᠪᠤᠨ᠎ᠠ᠂ ᠰᠠᠶᠢᠨ ᠦᠢᠯᠡᠰ ᠲᠡᠯᠭᠡᠷᠡᠳᠦᠭᠡᠢ᠂ ᠤᠯᠠᠮ ᠰᠠᠶᠢᠨ ᠠᠮᠤᠭᠤᠯᠠᠩ ᠪᠤᠯᠳᠤᠭᠠᠢ ᠭᠡᠳ ᠡᠨᠡᠬᠦ ᠦᠴᠦᠬᠡᠨ ᠲᠤᠷᠠᠰᠤᠮᠵᠢ ᠪᠠᠨ ᠦᠨᠳᠦᠷᠯᠡᠶ᠎ᠡ︕                  ᠡᠷᠳᠡᠨᠢᠴᠠᠭᠠᠨ ᠰᠤᠮᠤᠨ ᠤ ᠤᠶᠢᠯᠠᠯᠭ᠎ᠠ  ︽ᠬᠠᠮᠢᠭ᠎ᠠ ᠠᠴᠠ ᠴᠤ ᠬᠠᠷᠠᠳᠠᠭ ᠬᠠᠨ ᠠᠭᠤᠯᠠ ᠮᠢᠨᠢ︾ ᠭᠡᠬᠦ ᠨᠤᠮ ᠠᠴᠠ ᠤᠷᠢᠶᠠᠩᠬᠠᠨ ᠤ᠂ ᠶᠤᠨᠳᠤᠨ ᠰᠢᠨ᠎ᠡ ᠮᠤᠩᠭᠤᠯ ᠰᠦᠰᠭ ᠠᠴᠠ ᠲᠡᠭᠦᠪᠦᠷᠢᠯᠡᠨ ᠬᠦᠷᠪᠡᠭᠦᠯᠪᠠᠢ᠃
 
ᠢᠷᠡᠯᠲᠡ᠄ ᠤᠷᠢᠶᠠᠩᠬᠠᠨ ᠤ᠂ ᠶᠤᠨᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号