ᠮᠤᠩᠭᠤᠯ ᠤᠯᠤᠰ ᠤᠨ ᠡᠷᠳᠡᠨᠢᠴᠠᠭᠠᠨ ᠰᠤᠮᠤᠨ ᠳᠠᠬᠢ ᠦᠵᠦᠮᠦᠴᠢᠨ  ︵ᠬᠤᠶᠠᠷ︶
ᠨᠡᠶᠢᠲᠡᠯᠡᠭᠰᠡᠨ ᠴᠠᠭ᠄
2017/6/19
                ᠮᠤᠩᠭᠤᠯ ᠤᠯᠤᠰ ᠤᠨ ᠡᠷᠳᠡᠨᠢᠴᠠᠭᠠᠨ ᠰᠤᠮᠤᠨ ᠳᠠᠬᠢ ᠦᠵᠦᠮᠦᠴᠢᠨ  ︵ᠬᠤᠶᠠᠷ︶      ᠵᠢᠷᠭᠤᠳᠤᠭᠠᠷ ᠪᠦᠯᠦᠭ  ᠤᠷᠤᠢ ᠶᠢᠨ ᠲᠡᠭᠡᠳᠦ ᠰᠢᠳᠦᠭᠡᠨ᠂ ᠤᠷᠴᠢᠯᠠᠩ ᠤᠨ ᠰᠠᠶᠢᠨ ᠬᠦᠮᠦᠰ ᠭᠡᠬᠦ ᠬᠡᠰᠡᠭ ᠲᠤ      ⑴  ᠦᠯᠵᠡᠶᠢᠪᠠᠶᠠᠷ ᠵᠠᠵᠠ ︵1927 — 1992︶       ᠤᠯᠠᠨ ᠲᠦᠮᠡᠨ ᠳᠤ ᠵᠠᠵᠠ ᠭᠡᠵᠦ ᠨᠡᠷᠡᠯᠡᠭᠳᠡᠭᠰᠡᠨ ᠷ᠊  ᠦᠯᠵᠡᠶᠢᠪᠠᠶᠠᠷ᠂ ᠯᠤᠤ ᠵᠢᠯ ᠲᠠᠢ᠂ ᠰᠢᠯᠢ ᠶᠢᠨ ᠭᠤᠤᠯ ᠠᠶᠢᠮᠠᠭ ᠤᠨ ᠵᠡᠭᠦᠨ ᠦᠵᠦᠮᠦᠴᠢᠨ ᠬᠤᠰᠢᠭᠤᠨ ᠤ ᠨᠤᠲᠤᠭ ᠲᠤ ᠲᠦᠷᠦᠭᠰᠡᠨ᠂ 1949 ᠤᠨ ᠳᠤ ᠠᠷᠤ ᠮᠤᠩᠭᠤᠯ ᠳᠤ ᠦᠪᠦᠷᠯᠡᠭᠴᠢ ᠨᠤᠲᠤᠭ ᠠᠴᠠ ᠷ᠊  ᠲᠡᠵᠢᠳ᠂ ᠷ᠊  ᠷᠠᠮ᠂ ᠷ᠊  ᠨᠠᠷᠠᠨᠭᠡᠷᠡᠯ ᠨᠠᠷ ᠤᠨ ᠢᠶᠠᠨ ᠬᠠᠮᠳᠤ ᠤᠷᠤᠵᠦ ᠢᠷᠡᠭᠰᠡᠨ᠃       ᠡᠷᠳᠡᠨᠢᠴᠠᠭᠠᠨ ᠰᠤᠮᠤᠨ ᠳᠤ ᠬᠤᠷᠰᠢᠶᠠᠯᠠᠬᠤ ᠬᠦᠳᠡᠯᠭᠡᠭᠡᠨ ᠦᠷᠨᠢᠭᠰᠡᠨ 1955 — 1956 ᠤᠨ ᠳᠤ ᠬᠦᠭᠵᠢᠯ ᠤᠨ ᠵᠠᠮ ᠨᠢᠭᠡᠳᠦᠯ ᠳᠤ ᠷᠠᠳᠨ᠎ᠠ ᠶᠢᠨ ᠦᠯᠵᠡᠶᠢᠪᠠᠶᠠᠷ ᠲᠤᠮᠢᠯᠠᠭᠳᠠᠵᠦ᠂ ᠬᠠᠮᠳᠤ ᠶᠢᠨ ᠦᠮᠴᠢᠳᠦ ᠲᠤᠯᠠᠭᠠᠭᠤᠷᠢᠯᠠᠨ ᠦᠢᠯᠡᠳᠪᠦᠷᠢᠯᠡᠯ ᠢᠶᠠᠨ ᠶᠠᠪᠤᠭᠤᠯᠵᠦ᠂ ᠪᠦᠳᠦᠭᠡᠭᠳᠡᠭᠦᠨ ᠦᠢᠯᠡᠳᠪᠦᠷᠢᠯᠡᠨ ᠪᠤᠷᠤᠯᠠᠭᠤᠯᠵᠦ᠂ ᠦᠪᠡᠷ ᠢ ᠪᠠᠨ ᠰᠠᠩᠬᠦᠵᠢᠭᠤᠯᠵᠦ᠂ ᠠᠵᠦ ᠠᠬᠤᠢ ᠶᠢᠨ ᠲᠤᠭᠠᠴᠠᠭ᠎ᠠ ᠶᠢᠨ ᠵᠠᠷᠴᠢᠮ ᠢᠶᠠᠷ ᠠᠵᠯᠯᠠᠵᠦ ᠡᠬᠢᠯᠡᠭᠰᠡᠨ᠂ ᠤᠳᠠᠯ ᠦᠭᠡᠢ 1956 — 1960 ᠤᠨ ᠳᠤ ᠵᠤᠲᠤᠯ ᠰᠤᠮᠤᠨ ᠤ ᠲᠡᠯᠭᠡᠷᠡᠬᠦ ᠨᠢᠭᠡᠳᠦᠯ ᠤᠨ ᠲᠠᠷᠤᠭ᠎ᠠ ᠪᠠᠷ ᠠᠵᠢᠯᠯᠠᠵᠦ᠂ ᠲᠦᠯᠦᠪᠯᠦᠭᠡ ᠪᠠᠨ ᠪᠦᠷᠢᠳᠭᠡᠯ ᠲᠤᠭᠠᠴᠠᠭ᠎ᠠ ᠨᠡᠪᠲᠡᠷᠡᠬᠦᠯᠬᠦ᠂ ᠰᠠᠭᠤᠷᠢ ᠭᠡᠰᠡᠭ ᠵᠤᠬᠢᠶᠠᠨ ᠪᠠᠶᠢᠭᠤᠯᠤᠨ᠂ ᠬᠦᠮᠦᠨ ᠪᠦᠷᠢ ᠶᠢᠨ ᠬᠢᠭᠰᠡᠨ ᠠᠵᠢᠯ ᠢ ᠬᠦᠳᠡᠯᠮᠦᠷᠢ ᠦᠷᠳᠡᠭ ᠢᠶᠠᠷ ᠪᠦᠷᠢᠳᠭᠡᠨ᠂ ᠬᠦᠯᠦᠰᠦ ᠶᠢ ᠨᠢ ᠬᠢᠭᠰᠡᠨ ᠤ ᠬᠢᠷᠢ ᠪᠠᠷ ᠤᠯᠭᠤᠬᠤ ᠠᠵᠢᠯ ᠢ ᠭᠦᠢᠴᠡᠳᠭᠡᠭᠰᠡᠨ᠂ 1961 — 1967 ᠤᠨ ᠳᠤ ᠨᠠᠷᠠᠨ ᠰᠤᠮᠤᠨ ᠤ ᠤᠷᠬᠢᠯ ᠨᠢᠭᠡᠳᠦᠯ ᠤᠨ ᠲᠠᠷᠤᠭ᠎ᠠ᠂ 1968 — 1970 ᠤᠨ ᠳᠤ ᠬᠠᠯᠵᠠᠨ ᠰᠤᠮᠤᠨ ᠤ ᠬᠦᠳᠡᠯᠮᠦᠷᠢ ᠨᠢᠭᠡᠳᠦᠯ ᠤᠨ ᠲᠠᠷᠤᠭ᠎ᠠ᠂ 1971 — 1978 ᠤᠨ ᠳᠤ ᠡᠷᠳᠡᠨᠢᠴᠠᠭᠠᠨ ᠰᠤᠮᠤᠨ ᠤ ᠵᠢᠷᠭᠠᠯ ᠤᠨ ᠵᠠᠮ ᠨᠢᠭᠡᠳᠦᠯ ᠤᠨ ᠲᠠᠷᠤᠭ᠎ᠠ ᠪᠠᠷ ᠠᠵᠢᠯᠯᠠᠵᠦ ᠪᠠᠶᠢᠭᠠᠳ 1979 ᠤᠨ ᠠᠴᠠ ᠰᠦᠬᠡᠪᠠᠭᠠᠳᠤᠷ ᠠᠶᠢᠮᠠᠭ ᠤᠨ ᠬᠠᠯᠵᠠᠨ ᠰᠤᠮᠤᠨ ᠤ ᠬᠦᠳᠡᠯᠮᠦᠷᠢ ᠨᠢᠭᠡᠳᠦᠯ ᠤᠨ ᠬᠠᠷᠢᠶ᠎ᠠ ᠲᠠᠯ᠎ᠠ ᠪᠤᠯᠠᠭ ᠤᠨ ᠦᠨᠢᠶᠡᠨ ᠤ ᠹᠧᠷᠠᠮ ᠤᠨ ᠡᠷᠬᠢᠯᠡᠭᠴᠢ ᠪᠠᠷ ᠠᠵᠢᠯᠯᠠᠵᠠᠢ᠃       ᠷ᠊  ᠦᠯᠵᠡᠶᠢᠪᠠᠶᠠᠷ ᠨᠠᠷᠠᠨ ᠰᠤᠮᠤᠨ ᠤ ᠬᠠᠷᠢᠶᠠᠳᠤ ᠨᠠᠴᠤᠭᠨᠢᠮ᠎ᠡ ᠲᠠᠢ ᠭᠡᠷ ᠪᠦᠯᠢ ᠪᠤᠯᠵᠦ ᠤᠯᠠᠨ ᠰᠠᠶᠢᠬᠠᠨ ᠬᠡᠤᠬᠡᠳ ᠤᠨ ᠡᠴᠢᠭᠡ ᠡᠬᠡ ᠪᠤᠯᠵᠠᠢ᠃ ᠷ᠊  ᠦᠯᠵᠡᠶᠢᠪᠠᠶᠠᠷ ᠡᠬᠡ ᠤᠷᠤᠨ ᠤ ᠮᠠᠨᠢ ᠢᠷᠡᠭᠡᠳᠦᠢ ᠶᠢ ᠵᠠᠯᠭᠠᠮᠵᠢᠯᠠᠬᠤ ᠬᠦᠴᠦ ᠲᠤᠯᠭᠠᠭᠤᠷᠢ ᠪᠤᠯᠤᠭᠰᠠᠨ ᠵᠠᠯᠠᠭᠤ ᠦᠶ᠎ᠡ ᠶᠢ ᠬᠠᠯᠠᠮᠵᠢᠯᠠᠨ ᠬᠦᠮᠦᠵᠢᠭᠦᠯᠬᠦ ᠳᠤ ᠦᠪᠡᠷ ᠤᠨ ᠰᠤᠷᠴᠤ ᠮᠡᠳᠡᠭᠰᠡᠨ ᠵᠦᠢᠯ ᠮᠦᠨ ᠠᠵᠢᠯ ᠠᠮᠢᠳᠤᠷᠠᠯ ᠢᠶᠠᠷ ᠢᠶᠠᠨ ᠬᠤᠷᠠᠮᠳᠤᠭᠤᠯᠤᠭᠰᠠᠨ ᠲᠤᠷᠰᠢᠯᠭ᠎ᠠ ᠠᠷᠭ᠎ᠠ ᠪᠠᠷᠢᠯ ᠢᠶᠠᠨ ᠵᠤᠷᠢᠭᠤᠯᠤᠭᠰᠠᠨ ᠶᠤᠮ᠃ ᠷᠠᠳᠨ᠎ᠠ ᠶᠢᠨ ᠬᠡᠤᠬᠡᠳ ᠤᠳ ᠠᠷᠤ ᠮᠤᠩᠭᠤᠯ ᠳᠤ ᠤᠷᠤᠵᠦ ᠢᠷᠡᠬᠦ ᠳᠤ ᠲᠦᠷᠦᠭᠰᠡᠨ ᠠᠬ᠎ᠠ ᠡᠷᠬᠢᠮᠪᠠᠳᠤ ᠨᠢ ᠦᠪᠦᠷ ᠮᠤᠩᠭᠤᠯ ᠳᠤ ᠦᠯᠡᠳᠡᠭᠰᠡᠨ ᠶᠤᠮ ᠪᠠᠶᠢᠯ᠎ᠠ᠃ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠰᠢᠯᠢ ᠶᠢᠨ ᠭᠤᠤᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠤ ᠪᠦᠬᠦ ᠬᠢᠲᠡᠳ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ︵ᠪ᠊  ᠬ᠊  ᠠ᠊  ᠢ᠊  ᠬ᠊︶ ᠶᠢᠨ ᠪᠠᠶᠢᠩᠭᠤ ᠶᠢᠨ ᠬᠤᠷᠢᠶᠠᠨ ᠤ ︵ᠳ᠋ᠧᠫᠤᠲ᠋ᠠᠲ︶ ᠠᠭᠰᠠᠨ ᠲᠠᠷᠠᠭᠠᠬᠠᠨ ᠪᠦᠬᠡ ᠷ᠊  ᠡᠷᠬᠢᠮᠪᠠᠳᠤ ᠪ᠊  ᠨ᠊  ᠮ᠊  ᠠ᠊  ᠤ᠊ ᠶᠢᠨ ᠡᠷᠳᠡᠨᠢᠴᠠᠭᠠᠨ ᠰᠤᠮᠤᠨ ᠤ ᠵᠢᠷᠭᠠᠯ ᠤᠨ ᠵᠠᠮ ᠨᠢᠭᠡᠳᠦᠯ ᠤᠨ ᠲᠠᠷᠤᠭ᠎ᠠ ᠪᠠᠷ ᠠᠵᠢᠯᠯᠠᠵᠦ᠂ ᠠ᠊  ᠢ᠊  ᠭ᠊ ᠶᠢᠨ ᠳ᠋ᠧᠫᠤᠲ᠋ᠠᠲ ᠪᠠᠶᠢᠭᠰᠠᠨ ᠦᠪᠡᠷ ᠤᠨ ᠲᠦᠷᠦᠭᠰᠡᠨ ᠲᠡᠭᠦᠤ ᠷ᠊  ᠦᠯᠵᠡᠶᠢᠪᠠᠶᠠᠷ ᠲᠠᠢ ᠠᠭᠤᠯᠵᠠᠬᠤ ᠬᠦᠰᠡᠯᠳᠡ ᠲᠠᠯᠪᠢᠵᠦ᠂ 1988 ᠤᠨ ᠳᠤ ᠪᠡᠶᠡᠯᠡᠭᠳᠡᠭᠰᠡᠨ ᠲᠡᠤᠬᠡ ᠲᠠᠢ᠃ ᠷ᠊  ᠦᠯᠵᠡᠶᠢᠪᠠᠶᠠᠷ ᠢ ᠤᠯᠠᠨ ᠵᠢᠯ ᠠᠵᠢᠯᠯᠠᠭᠰᠠᠨ ᠬᠦᠳᠡᠯᠮᠦᠷᠢ ᠵᠢᠳᠭᠦᠯ ᠢ ᠨᠢ ᠲᠦᠷᠦ ᠵᠠᠰᠠᠭ ᠦᠨᠡᠯᠡᠵᠦ ᠠᠯᠳᠠᠨ ᠭᠠᠳᠠᠰᠤ ᠤᠳᠤᠨ᠂ ᠤᠢ ᠶᠢᠨ ᠮᠧᠲᠠᠯ ᠤᠳ ᠢᠶᠠᠷ ᠱᠠᠩᠨᠠᠵᠡᠢ᠂ ᠷ᠊  ᠦᠯᠵᠡᠶᠢᠪᠠᠶᠠᠷ 1971 — 1978 ᠤᠨ ᠳᠤ ᠡᠷᠳᠡᠨᠢᠴᠠᠭᠠᠨ ᠰᠤᠮᠤ ᠨᠢᠭᠡᠳᠦᠯ ᠤᠨ ᠲᠠᠷᠤᠭ᠎ᠠ ᠪᠠᠶᠢᠭᠰᠠᠨ ᠪᠤᠯ ᠬᠦᠤ ᠦ᠊  ᠮᠠᠨᠳᠤ ᠨᠢ 2000 — 2004 ᠤᠨ ᠳᠤ ᠵᠠᠰᠠᠭ ᠲᠠᠷᠤᠭ᠎ᠠ ᠪᠠᠷ ᠠᠵᠢᠯᠯᠠᠭᠰᠠᠨ ᠶᠤᠮ᠃      ⑵ ᠡᠷᠳᠡᠮ ᠮᠡᠳᠡᠯᠭᠡ ᠶᠢᠨ ᠲᠦᠴᠡᠭᠡ ᠲᠠᠸ᠎ᠠ ᠶᠢᠨ ᠮᠤᠤᠨᠤᠬᠠᠢ ︵1942 — 1999︶      ᠴᠠᠭ ᠲᠦᠷᠦ ᠶᠢᠨ ᠪᠠᠶᠢᠳᠠᠯ ᠦᠭᠡᠷᠡᠴᠢᠯᠡᠭᠳᠡᠭᠰᠡᠨ ᠲᠡᠷᠡ ᠵᠢᠯ ᠤᠳ ᠲᠤ᠂ ᠰᠢᠯᠢ ᠶᠢᠨ ᠭᠤᠤᠯ ᠠᠶᠢᠮᠠᠭ ᠤᠨ ᠵᠡᠭᠦᠨ ᠦᠵᠦᠮᠦᠴᠢᠨ ᠬᠤᠰᠢᠭᠤᠨ ᠤ ᠨᠤᠲᠤᠭ ᠲᠤ ᠠᠵᠦ ᠲᠦᠷᠦᠵᠦ ᠠᠮᠢᠳᠤᠷᠠᠵᠦ ᠪᠠᠶᠢᠭᠰᠠᠨ ᠭ᠊  ᠲᠠᠸ᠎ᠠ᠂ ᠨ᠊  ᠠᠮᠢᠪᠦ᠋ᠬᠡ ᠨᠠᠷ 1947 — 1948 ᠤᠨ ᠳᠤ ᠴᠢᠯᠠᠭᠤᠨ ᠲᠤᠪᠤᠭ᠂ ᠠᠭᠤᠰᠬᠢ ᠪᠠᠷ ᠲᠠᠮᠵᠢᠨ ᠠᠷᠤ ᠮᠤᠩᠭᠤᠯ ᠳᠤ ᠤᠷᠤᠵᠦ ᠢᠷᠡᠭᠡᠳ ᠵᠠᠰᠲ᠋ᠠᠪ ᠤᠨ ᠲᠠᠷᠤᠭ᠎ᠠ ᠴᠤᠬᠤᠷ ᠭᠤᠨᠴᠤᠭ ᠤᠭᠳᠤᠨ ᠠᠪᠴᠤ ᠬᠠᠯᠳᠠᠷ ᠤᠨ ᠭᠤᠪᠢ ᠳᠤ ᠨᠤᠲᠤᠭᠰᠢᠬᠤ ᠵᠦᠪᠰᠢᠶᠡᠷᠡᠯ ᠦᠭᠴᠤ ᠪᠠᠶᠢᠵᠦ ᠪᠢᠯᠡ᠃ ᠭ᠊  ᠲᠠᠸ᠎ᠠ ᠶᠢᠨ ᠬᠢ ᠬᠤᠶᠠᠷ ᠬᠦᠮᠦᠨ᠂ ᠨᠢᠭᠡ ᠦᠬᠢᠨ ᠲᠠᠢ᠂ ᠠᠳᠤᠭᠤᠴᠢᠨ ᠭ᠊  ᠲᠠᠸ᠎ᠠ ᠶᠢᠨ ᠳᠤ 1942 ᠤᠨ ᠳᠤ ᠨᠢᠭᠡᠨ ᠬᠦᠤ ᠲᠦᠷᠦᠭᠰᠡᠨ ᠨᠢ ᠳ᠋᠊  ᠮᠤᠤᠨᠤᠬᠠᠢ ᠪᠦᠭᠡᠳ ᠦᠰᠴᠤ ᠲᠤᠷᠨᠢᠭᠰᠠᠨ ᠤᠷᠴᠢᠨ ᠨᠢ ᠬᠤᠸᠠ ᠭᠦᠪᠡ᠂ ᠴᠠᠪ ᠲᠤᠯᠤᠭᠠᠶᠢᠳ ᠪᠦᠬᠦᠢ ᠬᠡᠭᠡᠷ᠎ᠡ ᠲᠠᠯ᠎ᠠ᠂ ᠠᠳᠤᠭᠤ ᠮᠠᠯ᠂ ᠠᠭᠳᠠ ᠮᠤᠷᠢᠳ ᠤᠨ ᠲᠦᠪᠦᠷᠭᠡᠨ᠂ ᠲᠠᠯ᠎ᠠ ᠲᠦᠭᠦᠷᠡᠩ ᠨᠠᠯᠠᠶᠢᠭᠰᠠᠨ ᠬᠤᠨᠢᠨ ᠰᠦᠷᠦᠭ᠂ ᠲᠤᠯᠤᠭᠠᠶᠢᠳ ᠲᠠᠪᠠᠨ ᠪᠡᠯᠴᠢᠭᠰᠡᠨ ᠲᠡᠮᠡᠭᠡᠨ ᠰᠦᠷᠦᠭ᠂ ᠠᠰᠠᠷᠠᠯᠳᠤ ᠠᠪᠤ᠂ ᠡᠨᠡᠷᠢᠯᠳᠦ ᠡᠵᠢ᠂ ᠠᠬ᠎ᠠ ᠲᠡᠭᠦᠤ᠂ ᠠᠨᠳᠠ ᠨᠦᠬᠦᠳ᠂ ᠨᠤᠲᠤᠭ ᠤᠰᠤᠨ ᠤ ᠬᠠᠮᠳᠤ ᠤᠯᠠᠨ ᠪᠠᠶᠢᠯ᠎ᠠ᠃ ᠠᠳᠤᠭᠤᠴᠢᠨ ᠭ᠊  ᠲᠠᠸ᠎ᠠ ᠠᠶᠠ ᠶᠢᠨ ᠬᠦᠤ ᠳ᠋᠊  ᠮᠤᠤᠨᠤᠬᠠᠢ ᠠᠯᠢᠪᠠ ᠳᠤ ᠬᠤᠷᠴᠠ ᠱᠠᠯᠠᠮᠠᠭᠠᠢ᠂ ᠡᠷᠳᠡᠴᠢ᠂ ᠤᠨᠴᠤᠭᠤᠢ ᠠᠪᠢᠶᠠᠰ ᠲᠠᠢ ᠬᠡᠤᠬᠡᠳ ᠤᠨ ᠨᠢᠭᠡ ᠪᠠᠶᠢᠯ᠎ᠠ᠂ ᠬᠦᠭᠵᠢᠯ ᠤᠨ ᠵᠠᠮ ᠨᠢᠭᠡᠳᠦᠯ ᠤᠨ 3000 — 5000 ᠠᠳᠤᠭᠤᠨ ᠠᠴᠠ ᠲᠡᠷᠡ ᠪᠠᠷ ᠤᠨᠤᠭ᠎ᠠ ᠦᠭᠡᠢ ᠮᠤᠷᠢ᠂ ᠤᠷᠭᠠᠯᠠᠭᠦᠢ ᠠᠳᠤᠭᠤ ᠪᠠᠶᠢᠬᠤ ᠦᠭᠡᠢ ᠪᠤᠯᠪᠠᠤ︕       ᠳ᠋᠊  ᠮᠤᠤᠨᠤᠬᠠᠢ ᠶᠠᠮᠠᠷ ᠮᠤᠷᠢ ᠤᠨᠤᠬᠤ ᠪᠠᠨ ᠰᠢᠨᠵᠢᠯᠡᠬᠦ ᠳᠡᠭᠡᠨ ᠭᠠᠷᠮᠠᠭᠠᠢ᠂ ᠮᠤᠷᠢ ᠤᠨᠤᠵᠦ ᠤᠷᠭ᠎ᠠ ᠪᠠᠨ ᠪᠠᠷᠢᠭᠠᠳ᠂ ᠡᠰᠡᠪᠡᠯ ᠠᠩ ᠤᠨ ᠫᠤᠤ ᠪᠠᠷ ᠴᠢᠨ᠋ᠸ᠎ᠠ᠂ ᠲᠠᠷᠪᠠᠭ᠎ᠠ᠂ ᠵᠡᠭᠡᠷ᠎ᠡ ᠭᠡᠳ ᠠᠩ ᠪᠤᠯᠭᠠᠨ ᠢ ᠨᠤᠮᠤᠬᠠᠳᠬᠠᠬᠤ ᠨᠢ ᠪᠠᠭ᠋ᠠᠷᠬᠠᠯᠳᠠᠢ᠃       ᠳ᠋᠊  ᠮᠤᠤᠨᠤᠬᠠᠢ᠂ ᠬᠤᠷᠵᠢᠯᠤ ᠠᠵᠢᠶ᠎ᠠ ᠶᠢᠨ ᠬᠦᠤ ᠪᠠᠯᠵᠢᠨᠨᠢᠮ᠎ᠠ ᠶᠢᠨ ᠤᠳᠠᠭᠠᠬᠢ᠂ ᠡᠷᠳᠡᠨᠢᠴᠠᠭᠠᠨ ᠨᠤᠲᠤᠭ ᠤᠨ ᠦᠪᠦᠷᠯᠡᠭᠴᠢᠳ ᠠᠴᠠ ᠭᠠᠳᠠᠭᠠᠳᠤ ᠳᠤ ᠰᠤᠷᠭᠠᠭᠤᠯᠢ ᠲᠡᠭᠦᠰᠦᠭᠴᠢᠳ ᠤᠨ ᠠᠩᠬᠠᠳᠠᠭᠴᠢ ᠨᠢ ᠪᠢᠯᠡ᠃       ᠳ᠋᠊  ᠮᠤᠤᠨᠤᠬᠠᠢ ᠢᠷᠺᠤᠲᠺᠢᠰ ᠬᠤᠳᠠᠨ᠎ᠠ ᠨᠢᠭᠡ ᠵᠢᠯ ᠤᠨ ᠬᠡᠯᠡᠨ ᠤ ᠪᠡᠯᠡᠳᠭᠡᠯ ᠬᠢᠵᠦ᠂ ᠺᠢᠨᠤᠪ ᠬᠤᠳᠠ ᠶᠢᠨ ᠶᠡᠭᠡ ᠰᠤᠷᠭᠠᠭᠤᠯᠢ ᠳᠤ 1963 — 1967 ᠤᠨ ᠳᠤ ᠰᠤᠷᠤᠯᠴᠠᠵᠦ ᠲᠡᠭᠦᠰᠦᠭᠰᠡᠨ᠃ 1968 ᠤᠨ ᠳᠤ ᠳ᠋᠊  ᠮᠤᠤᠨᠤᠬᠠᠢ᠂ ᠤ  ᠭᠡᠰᠢᠭᠳᠦ ᠨᠠᠷ ᠭᠡᠷᠯᠡᠵᠦ᠂ ᠮ᠊  ᠲᠦᠮᠡᠨᠨᠠᠰᠤᠳᠤ᠂ ᠮ᠊  ᠲᠦᠮᠡᠨᠵᠢᠷᠭᠠᠯ ᠨᠠᠷ ᠢ ᠲᠦᠷᠦᠭᠦᠯᠵᠦ ᠦᠰᠭᠡᠨ ᠬᠦᠮᠦᠵᠢᠭᠦᠯᠦᠭᠰᠡᠨ᠃ ᠲᠡᠷᠡ ᠪᠠᠷ ᠬᠤᠷᠢᠨ ᠬᠤᠶᠠᠷ ᠠᠪᠲ᠋ᠤ᠋ ᠪᠠᠭᠠᠵᠢ ᠳᠤ ᠶᠡᠷᠦᠩᠬᠡᠢ ᠢᠨᠵᠧᠨᠧᠷ᠂ 1971 ᠤᠨ ᠠᠴᠠ ᠱ᠊  ᠤ  ᠲ᠊  ᠢ᠊  ᠰ᠊ ᠶᠢᠨ ᠮᠧᠬᠠᠨᠢᠺ ᠢᠨᠵᠧᠨᠧᠷ ᠤᠨ ᠹᠠᠺᠤᠯᠲ᠋ᠧᠲ ᠳᠤ ᠪᠠᠭᠰᠢ᠂ ᠲᠢᠩᠬᠢᠮ ᠤᠨ ᠡᠷᠬᠢᠯᠡᠭᠴᠢ᠂ ᠤᠷᠤᠯᠠᠭᠴᠢ ᠵᠠᠬᠢᠷᠤᠯ ᠢᠶᠠᠷ ᠠᠵᠢᠯᠯᠠᠵᠠᠢ᠃ ᠳ᠋᠊  ᠮᠤᠤᠨᠤᠬᠠᠢ ᠲᠧᠭᠨᠢᠭ ᠤᠨ ᠰᠢᠨᠵᠢᠯᠡᠬᠦ ᠤᠬᠠᠭᠠᠨ ᠢ ᠮᠤᠩᠭᠤᠯ ᠤᠯᠤᠰ ᠲᠤ ᠰᠢᠨᠡᠴᠢᠯᠡᠯ ᠬᠢᠬᠦ ᠰᠤᠷᠭᠠᠯᠳᠠ ᠶᠢᠨ ᠲᠧᠭᠨᠢᠭᠯᠦᠬᠢ ᠶᠢ ᠪᠤᠯᠪᠠᠰᠤᠷᠠᠩᠭᠤᠢ ᠪᠤᠯᠭᠠᠬᠤ ᠳᠤ ᠬᠤᠪᠢ ᠨᠡᠮᠡᠷᠢ ᠤᠷᠤᠭᠤᠯᠤᠭᠰᠠᠨ ᠬᠦᠮᠦᠨ ᠪᠢᠯᠡ᠃                   ᠲᠤᠯᠤᠳᠤᠭᠠᠷ ᠪᠦᠯᠦᠭ   ᠪᠷᠡᠨᠳᠡ ᠡᠷᠳᠡᠨᠢᠴᠠᠭᠠᠨ      ⑴ ᠤᠭᠤᠴᠠᠨ ᠰᠡᠭᠦᠯᠳᠦ ᠪᠤᠶᠤ ᠦᠵᠦᠮᠦᠴᠢᠨ ᠬᠤᠨᠢ ᠬᠡᠮᠡᠬᠦ ᠭᠡᠰᠡᠭ       ᠦᠵᠦᠮᠦᠴᠢᠨ ᠤᠮᠤᠭ ᠤᠨ ᠬᠤᠨᠢ ᠦᠷᠡᠵᠢᠭᠦᠯᠬᠦ ᠤᠯᠤᠰ ᠤᠨ ᠦᠷᠡᠵᠢᠯ ᠤᠨ ᠹᠧᠷᠠᠮ ᠮ᠊  ᠠ᠊  ᠬᠠ᠊  ᠨ᠊ —  ᠶᠢᠨ ᠲᠦᠪ ᠬᠤᠷᠢᠶ᠎ᠠ᠂ ᠪ᠊  ᠨ᠊  ᠮ᠊  ᠤ — ᠶᠢᠨ ᠰ᠊  ᠨ᠊  ᠵ᠊ — ᠠᠴᠠ 1970 ᠤᠨ ᠳᠤ ︽ᠮᠠᠯ ᠠᠵᠦ ᠠᠬᠤᠢ ᠶᠢᠨ ᠦᠷᠡᠵᠢᠯ ᠤᠨ ᠠᠵᠢᠯ ᠢ ᠰᠠᠶᠢᠵᠢᠷᠠᠭᠤᠯᠬᠤ ᠠᠷᠭ᠎ᠠ ᠬᠡᠮᠵᠢᠶᠡᠨ ᠤ ᠲᠤᠬᠠᠢ︾ ᠭᠠᠷᠭᠠᠭᠰᠠᠨ 79\196 ᠳ᠋ᠤᠭᠠᠷ ᠲᠤᠭᠳᠠᠭᠠᠯ ᠤᠨ ᠵᠢᠭᠠᠯᠳᠠ ᠶᠢ ᠦᠨᠳᠦᠰᠦᠯᠡᠨ᠂ ᠰᠦᠬᠡᠪᠠᠭᠠᠳᠤᠷ ᠠᠶᠢᠮᠠᠭ ᠤᠨ ᠡᠷᠳᠡᠨᠢᠴᠠᠭᠠᠨ ᠰᠤᠮᠤᠨ ᠳᠤ 1971 ᠤᠨ ᠳᠤ ᠪᠠᠶᠢᠭᠤᠯᠤᠭᠳᠠᠵᠠᠢ᠃ ᠦᠷᠡᠵᠢᠯ ᠤᠨ ᠹᠧᠷᠠᠮ ᠤᠨ ᠭᠤᠤᠯ ᠵᠤᠷᠢᠯᠭ᠎ᠠ ᠨᠢ ᠦᠵᠦᠮᠦᠴᠢᠨ ᠤᠮᠤᠭ ᠤᠨ ᠬᠤᠨᠢ ᠶᠢ ︵ᠦᠪᠡᠷ ᠲᠤᠲᠤᠷ᠎ᠠ ᠨᠢ︶ ᠴᠡᠪᠡᠷ ᠢᠶᠠᠷ ᠦᠷᠡᠵᠢᠭᠦᠯᠵᠦ ᠬᠤᠨᠢᠨ ᠤ ᠲᠤᠭ᠎ᠠ ᠲᠤᠯᠤᠭᠠᠢ ᠶᠢ ᠤᠯᠠᠰᠢᠷᠠᠭᠤᠯᠤᠨ᠎ᠠ᠂ ᠮᠢᠬ᠎ᠠ ᠦᠭᠡᠬᠦ ᠶᠢᠨ ᠭᠠᠷᠴᠠ ᠴᠢᠨᠠᠷ ᠢ ᠨᠡᠮᠡᠭᠳᠡᠭᠦᠯᠦᠨ᠂ ᠦᠷᠡᠵᠢᠯ ᠤᠨ ᠬᠤᠴᠠ ᠪᠡᠯᠡᠳᠦᠵᠦ ᠬᠤᠳᠠᠯᠳᠤᠬᠤ ᠶᠠᠪᠤᠳᠠᠯ ᠶᠤᠮ᠃ ᠡᠶᠢᠮᠦ ᠳᠤ ᠮ᠊  ᠠ᠊  ᠠ᠊ — ᠶᠢᠨ ᠦᠢᠯᠡᠳᠪᠦᠷᠢᠯᠡᠯ ᠤᠨ ᠠᠰᠠᠭᠤᠳᠠᠯ ᠢ ᠵᠢᠯ ᠤᠨ ᠲᠤᠷᠰᠢ ᠡᠷᠬᠢᠯᠡᠨ ᠢᠯᠠᠩᠭᠤᠶ᠎ᠠ ᠬᠤᠨᠢ ᠶᠢ ᠠᠷᠠᠴᠢᠯᠠᠨ ᠲᠡᠵᠢᠭᠡᠬᠦ᠂ ᠲᠦᠯ ᠪᠤᠶᠢᠵᠢᠭᠤᠯᠬᠤ᠂ ᠤᠳᠤᠷ ᠵᠤᠬᠢᠶᠠᠨ ᠶᠠᠪᠤᠭᠤᠯᠬᠤ᠂ ᠲᠦᠷᠦᠯ ᠪᠦᠷᠢ ᠶᠢᠨ ᠲᠡᠵᠢᠭᠡᠯ ᠪᠡᠯᠡᠳᠭᠡᠬᠦ᠂ ᠬᠠᠰᠢᠶ᠎ᠠ ᠰᠠᠷᠠᠪᠴᠢ ᠪᠠᠷᠢᠬᠤ᠂ ᠬᠤᠳᠳᠤᠭ ᠤᠰᠤ ᠪᠠᠷ ᠬᠠᠩᠭᠠᠬᠤ᠂ ᠠᠰᠢᠭ ᠰᠢᠮ᠎ᠡ ᠶᠢ ᠠᠰᠢᠭᠯᠠᠬᠤ ᠵᠡᠷᠭᠡ ᠠᠵᠢᠯ ᠢ ᠭᠦᠢᠴᠡᠳᠭᠡᠭᠰᠡᠨ᠂ ᠦᠷᠡᠵᠢᠯ ᠤᠨ ᠹᠧᠷᠠᠮ ᠤᠨ ᠲᠠᠷᠤᠭ᠎ᠠ ᠪᠠᠷ ᠳ᠋᠊  ᠭᠠᠩᠰᠦ᠋ᠬᠡ᠂ ᠮ᠊  ᠭᠦᠯᠦᠭᠡ᠂ ᠯ᠊  ᠯᠾᠭᠪᠠ᠂ ᠵᠤ ᠲᠧᠭᠨᠢᠭᠴᠢ  ᠤ  ᠡᠩᠬᠡᠳᠤᠶᠠᠭ᠎ᠠ᠂ ᠳ᠋᠊  ᠱᠤᠪᠤᠤᠬᠠᠢ᠂ ᠲᠤᠮᠳᠠ ᠪᠤᠯᠪᠠᠰᠤᠷᠠᠯ ᠲᠠᠢ ᠵᠤ ᠲᠧᠭᠨᠢᠭᠴᠢ ᠭ᠊  ᠤᠯᠠᠭᠠᠨᠬᠦᠤ᠂ ᠶ᠊  ᠮᠢᠨᠵᠠᠢ ᠨᠠᠷ ᠠᠵᠢᠯᠯᠠᠵᠦ ᠪᠠᠶᠢᠪᠠ᠃ ᠲᠤᠰ ᠹᠧᠷᠠᠮ ᠰᠦᠬᠡᠪᠠᠭᠠᠳᠤᠷ ᠠᠶᠢᠮᠠᠭ ᠤᠨ ᠡᠷᠳᠡᠨᠢᠴᠠᠭᠠᠨ ᠰᠤᠮᠤᠨ ᠤ ︽ᠵᠢᠷᠭᠠᠯ ᠤᠨ ᠵᠠᠮ︾ ᠨᠢᠭᠡᠳᠦᠯ ᠤᠨ ᠭᠤᠷᠪᠠᠳᠤᠭᠠᠷ ᠪᠠᠷᠢᠭᠠᠳᠠ ᠶᠢᠨ ᠠᠷᠤᠪᠤᠯᠠᠭ᠂ ᠨᠦᠬᠡᠳᠦ᠂ ᠬᠠᠶᠢᠷᠳᠦ᠂ ᠲᠤᠳᠬᠤᠨ᠎ᠠ᠂ ᠬᠠᠪᠢᠷᠭ᠎ᠠ᠂ ᠲᠡᠷᠭᠡᠳᠦ᠂ ᠬᠠᠯᠳᠠᠷ ᠤᠨ ᠭᠤᠪᠢ ᠵᠡᠷᠭᠡ  927,1 ᠼᠧᠨᠲᠨᠧᠷ ᠲᠡᠵᠢᠭᠡᠯ ᠤᠨ ᠨᠦᠭᠡᠴᠡ ᠪᠦᠬᠦᠢ  252,9 ᠮᠢᠩᠭᠠᠨ ᠭᠠ ᠪᠡᠯᠴᠢᠭᠡᠷ ᠢ ᠬᠠᠮᠤᠷᠴᠤ ᠪᠠᠶᠢᠪᠠ᠃ 1971 ᠤᠨ ᠳᠤ ︽ᠵᠢᠷᠭᠠᠯ ᠤᠨ ᠵᠠᠮ︾ ᠨᠢᠭᠡᠳᠦᠯ ᠤᠨ 22168 ᠬᠤᠨᠢᠨ ᠳᠤ ᠠᠩᠭᠢᠯᠠᠯᠳᠠ ᠬᠢᠵᠦ᠂ ᠰᠢᠯᠢᠮᠠᠯ ᠪᠠ 1 ᠠᠩᠭᠢ ᠳᠤ 3916 ᠡᠮ᠎ᠡ ᠬᠤᠨᠢ ᠪᠠ ᠦᠬᠢᠨ ᠲᠦᠯᠦᠭ᠂ 2 ᠠᠩᠬᠢ ᠳᠤ 3921᠂ 2 ᠠᠩᠬᠢ ᠳᠤ 4021 ᠦᠷᠡᠵᠢᠯ ᠤᠨ ᠰᠢᠯᠢᠮᠠᠯ ᠬᠤᠴᠠ 117᠂ 1 ᠠᠩᠬᠢ ᠶᠢᠨ ᠬᠤᠴᠠ 228᠂ 2 ᠠᠩᠬᠢ ᠶᠢᠨ 164 ᠬᠤᠴᠠ ᠶᠢ ᠠᠩᠭᠢᠯᠠᠨ ᠢᠯᠭᠠᠵᠠᠢ᠃ ᠦᠷᠡᠵᠢᠯ ᠹᠧᠷᠠᠮ ᠤᠨ ᠪᠤᠬ᠎ᠠ᠂ ᠪᠤᠤᠷ᠎ᠠ ᠰᠢᠷᠡᠭᠡ᠂ ᠲᠡᠷᠭᠡᠳᠦ ᠵᠡᠷᠭᠡ ᠨᠤᠲᠤᠭ ᠲᠤ ᠪᠤᠯᠠᠭ ᠭᠤᠷᠤᠬ᠎ᠠ ᠪᠠᠶᠢᠬᠤ ᠠᠴᠠ ᠭᠠᠳᠠᠨ᠎ᠠ ᠦᠷᠦᠮᠳᠡᠮᠡᠯ ᠬᠤᠳᠳᠤᠭ 22᠂ ᠠᠭᠤᠷᠬᠠᠢ ᠪᠤᠯᠤᠨ ᠪᠠᠶᠠᠳᠠᠨ ᠴᠠᠭᠠᠷᠢᠭᠳᠤ ᠬᠤᠳᠳᠤᠭ 29 ᠲᠠᠢ ᠪᠤᠯᠵᠦ᠂ ᠡᠪᠦᠯ ᠤᠨ ᠪᠡᠯᠴᠢᠭᠡᠷ ᠤᠨ 45 ᠬᠤᠪᠢ ᠂ ᠵᠠᠭᠤᠨ ᠤ ᠪᠡᠯᠴᠢᠭᠡᠷ ᠤᠨ 78 ᠬᠤᠪᠢ ᠤᠰᠤ ᠪᠠᠷ ᠬᠠᠩᠭᠠᠵᠠᠢ᠃       ᠹᠧᠷᠠᠮ ᠤᠨ ᠪᠦᠬᠦ ᠮᠠᠯ ᠬᠤᠨᠢᠨ ᠲᠤᠯᠤᠭᠠᠢ ᠳᠤ ᠰᠢᠯᠵᠢᠭᠦᠯᠦᠭᠰᠡᠨ ᠢᠶᠠᠷ 33,6 ᠮᠢᠩᠭ᠎ᠠ ᠬᠦᠷᠴᠤ ᠡᠮ᠎ᠡ ᠬᠤᠨᠢ ᠲᠦᠯᠦᠭ᠂ ᠦᠷᠡᠵᠢᠯ ᠤᠨ ᠬᠤᠴᠠ ᠨᠢᠭᠡ ᠡᠭᠡᠯᠵᠢ ᠶᠢᠨ ᠬᠠᠰᠢᠶ᠎ᠠ ᠪᠠᠷ ᠪᠦᠷᠢᠨ ᠬᠠᠩᠭᠠᠭᠳᠠᠵᠦ᠂ ᠵᠢᠯ ᠳᠤ ᠪᠠᠶᠢᠭᠠᠯᠢ ᠶᠢᠨ ᠬᠠᠳᠤᠯᠠᠩ 1000 ᠲᠡ᠊  ᠬᠠᠳᠤᠵᠦ ᠪᠠᠭᠰᠢᠷᠮᠠᠯ ᠲᠡᠵᠢᠭᠡᠯ 380 ᠲᠠ᠊  ᠪᠡᠯᠡᠳᠭᠡᠨ ᠲᠤᠰ ᠲᠤᠰ ᠠᠰᠢᠭᠯᠠᠵᠦ ᠪᠠᠶᠢᠪᠡ᠃ ᠳ᠋ᠤᠽᠧᠨ᠋ᠲ ᠵ᠊  ᠭᠤᠨᠴᠤᠭᠵᠠᠪ ᠡᠨᠡ ᠬᠤᠨᠢ ᠪᠠᠶᠢᠭᠠᠯᠢ ᠴᠠᠭ ᠠᠭᠤᠷ ᠤᠨ ᠨᠦᠬᠦᠴᠡᠯ ᠳᠤ ᠲᠡᠰᠪᠦᠷᠢᠳᠡᠢ᠂ ᠪᠡᠯᠴᠢᠭᠡᠷ ᠤᠨ ᠮᠠᠯᠵᠢᠯᠠᠭᠠᠨ ᠳᠤ ᠵᠤᠬᠢᠴᠠᠭᠰᠠᠨ᠂ ᠮᠢᠬ᠎ᠠ ᠦᠭᠡᠬᠦᠨ ᠤ ᠬᠡᠪᠰᠢᠯ ᠤᠨ ᠴᠢᠬᠢᠷᠠᠭ ᠬᠤᠨᠢ ᠶᠤᠮ᠃ ᠠᠮᠢᠳᠤ ᠶᠢᠨ ᠵᠢᠩ ᠢᠶᠠᠷ ᠢᠶᠠᠨ ᠬᠤᠴᠠ 75KG᠂ ᠡᠮ᠎ᠡ ᠬᠤᠨᠢ 66KG᠂ ᠲᠦᠯᠦᠭ 58KG᠂ ᠬᠤᠷᠠᠭ᠎ᠠ ᠨᠠᠮᠤᠷ ᠤᠨ ᠵᠢᠩᠨᠡᠯᠳᠡ ᠪᠠᠷ 37,7KG  ᠬᠦᠷᠦᠨ᠎ᠡ᠃ ᠦᠵᠦᠮᠦᠴᠢᠨ ᠬᠤᠨᠢᠨ ᠤ ᠰᠡᠷᠪᠡᠭᠡ ᠶᠢᠨ ᠦᠨᠳᠦᠷ 64,6CM᠂ ᠲᠠᠰᠢᠭᠤ ᠤᠷᠳᠤ 68,9CM᠂ ᠴᠡᠭᠡᠵᠢᠨ ᠤ ᠪᠦᠰᠡᠯᠡᠭᠦᠷ 86,7CM᠂ ᠴᠡᠭᠡᠵᠢᠨ ᠤ ᠭᠦᠨ 30,6CM᠂ ᠰᠢᠯᠪᠢᠨ ᠤ ᠪᠦᠰᠡᠯᠡᠭᠦᠷ 8,0CM᠂ ᠶᠡᠷᠦ ᠶᠢᠨ ᠬᠤᠨᠢᠨ ᠤ ᠰᠡᠭᠡᠷ 13᠂ ᠬᠠᠪᠢᠷᠭ᠎ᠠ 13 ᠬᠤᠤᠰ ᠪᠠᠶᠢᠬᠤ ᠳᠤ ᠦᠵᠦᠮᠦᠴᠢᠨ ᠤᠮᠤᠭ ᠤᠨ ᠬᠤᠨᠢᠨ ᠤ ᠬᠠᠪᠢᠷᠭ᠎ᠠ ᠰᠡᠭᠡᠷ 14CM ᠬᠤᠤᠰ ᠪᠠᠶᠢᠬᠤ ᠶᠢᠨ ᠵᠡᠷᠭᠡᠴᠡᠭᠡ᠂ ᠢᠯᠡᠭᠦᠤ ᠬᠠᠷᠢᠴᠠᠭ᠎ᠠ ᠲᠠᠢ᠂ ᠬᠤᠨᠢᠨ ᠨᠢᠷᠤᠭᠤ 7 ᠪᠠᠶᠢᠳᠠᠭ ᠭᠡᠵᠦ ᠪᠢᠴᠢᠭᠰᠡᠨ ᠪᠠᠶᠢᠳᠠᠭ᠃       ⑵ ᠦᠵᠦᠮᠦᠴᠢᠨ ᠬᠤᠨᠢᠨ ᠤ ᠲᠠᠪᠠᠭᠤ ᠲᠠᠯ᠎ᠠ ᠤᠳ       ᠪᠠᠭ᠎ᠠ ᠵᠠᠷᠤᠳᠠᠯ ᠢᠶᠠᠷ ᠦᠨᠳᠦᠷ ᠠᠰᠢᠭ ᠰᠢᠮ᠎ᠡ ᠦᠭᠬᠦ ᠪᠤᠯᠤᠮᠵᠢᠳᠡᠢ ᠮᠠᠯ ᠰᠦᠷᠦᠭ ᠢ ᠦᠰᠭᠡᠬᠦ ᠨᠢ ᠵᠠᠬ᠎ᠠ ᠵᠡᠭᠡᠯᠢ ᠶᠢᠨ ᠨᠦᠬᠦᠴᠡᠯ ᠠᠴᠠ ᠡᠭᠦᠳᠦᠨ ᠭᠠᠷᠴᠤ ᠪᠤᠢ ᠱᠠᠭᠠᠷᠳᠠᠯᠭ᠎ᠠ ᠪᠢᠯᠡ᠃ ᠬᠦᠮᠦᠨ ᠬᠦᠴᠦ᠂ ᠪᠡᠯᠴᠢᠭᠡᠷ ᠤᠰᠤ᠂ ᠡᠪᠡᠰᠦ ᠲᠡᠵᠢᠭᠡᠯ᠂ ᠬᠠᠰᠢᠶ᠎ᠠ ᠰᠠᠷᠠᠪᠴᠢ ᠪᠤᠯᠤᠨ ᠡᠮᠴᠢᠯᠡᠭᠡ ᠦᠢᠯᠡᠴᠢᠯᠡᠭᠡ ᠵᠡᠷᠭᠡᠪᠡᠷ ᠬᠠᠩᠭᠠᠬᠤ ᠳᠤ ᠵᠠᠷᠤᠳᠠᠯ ᠦᠨᠳᠦᠷ᠂ ᠠᠰᠢᠭ ᠰᠢᠮ᠎ᠡ ᠮᠠᠭᠤᠳᠠᠢ ᠤᠯᠠᠨ ᠲᠤᠭᠠᠨ ᠤ ᠮᠠᠯ ᠲᠠᠢ ᠪᠤᠯ ᠠᠮᠠᠨ ᠳᠤ ᠴᠤ ᠦᠭᠡᠢ᠂ ᠬᠠᠮᠠᠷ ᠳᠤ ᠴᠤ ᠦᠭᠡᠢ ᠪᠤᠯᠬᠤ ᠨᠢ ᠲᠤᠲᠤᠷᠬᠠᠢ᠂ ᠲᠡᠶᠢᠮᠦ ᠠᠴᠠ ᠦᠪᠡᠷ ᠲᠡᠭᠡᠨ ᠪᠠᠶᠢᠬᠤ ᠬᠢᠵᠠᠭᠠᠷᠯᠠᠭᠳᠠᠮᠠᠯ ᠨᠦᠭᠡᠴᠡ ᠪᠠᠷ ᠠᠰᠢᠭᠳᠠᠢ ᠪᠢᠽᠨᠧᠷ ᠡᠷᠬᠢᠯᠡᠬᠦ ᠰᠢᠯᠭᠠᠭᠤᠷ ᠲᠤ ᠲᠤᠬᠢᠷᠠᠭᠰᠠᠨ ᠮᠠᠯ ᠤᠨ ᠨᠢᠭᠡ ᠨᠢ ᠦᠵᠦᠮᠦᠴᠢᠨ ᠬᠤᠨᠢ ᠪᠠᠶᠢᠵᠦ ᠪᠤᠯᠬᠤ ᠠᠵᠠᠢ᠃ ᠤᠳᠤ ᠪᠠᠷ ᠰᠦᠬᠡᠪᠠᠭᠠᠳᠤᠷ ᠠᠶᠢᠮᠠᠭ ᠤᠨ ᠡᠷᠳᠡᠨᠢᠴᠠᠭᠠᠨ ᠰᠤᠮᠤᠨ ᠳᠤ ᠦᠰᠭᠡᠨ ᠦᠷᠡᠵᠢᠭᠦᠯᠵᠦ ᠪᠠᠶᠢᠭ᠎ᠠ ᠡᠨᠡᠬᠦ ᠡᠭᠦᠯᠳᠡᠷ ᠢ ᠪᠠᠷᠠᠭᠤᠨ ᠮᠤᠩᠭᠤᠯ ᠤᠨ ᠦᠭᠡᠬᠦᠨ ᠰᠡᠭᠦᠯᠳᠦ ᠬᠤᠨᠢ ᠲᠠᠢ ᠭᠠᠷᠤᠯ ᠡᠭᠦᠰᠦᠯ ᠨᠢᠭᠡᠳᠡᠢ ᠭᠡᠵᠦ ᠦᠵᠡᠳᠡᠭ ᠠᠵᠠᠢ᠃      ⑶ ᠪᠡᠯᠴᠢᠭᠡᠷ ᠢᠶᠠᠷ ᠲᠠᠷᠭᠤᠯᠠᠬᠤ ᠴᠢᠳᠠᠪᠤᠷᠢ       ᠦᠵᠦᠮᠦᠴᠢᠨ ᠬᠤᠨᠢ ᠲᠠᠯ᠎ᠠ ᠭᠡᠭᠡᠷ᠎ᠡ ᠶᠢᠨ ᠪᠦᠰᠡ ᠳᠤ ᠵᠤᠬᠢᠴᠠᠭᠰᠠᠨ ᠴᠢᠬᠢᠷᠠᠭ ᠪᠡᠶ᠎ᠡ ᠲᠠᠢ᠂ ᠲᠡᠰᠪᠦᠷᠢ ᠬᠠᠳᠠᠭᠤᠵᠢᠯᠳᠠᠢ᠂ ᠦᠷᠭᠡᠨ ᠭᠦᠨ ᠴᠡᠭᠡᠵᠢ ᠲᠠᠢ᠂ ᠵᠤ ᠨᠢᠷᠤᠭᠤ ᠲᠡᠭᠰᠢ ᠤᠷᠳᠤ᠂ ᠲᠤᠮᠤ ᠦᠭᠡᠭᠦᠨ ᠰᠡᠭᠦᠯ ᠲᠠᠢ᠂ ᠮᠢᠬ᠎ᠠ ᠦᠭᠡᠬᠦ ᠬᠡᠪᠰᠢᠯ ᠤᠨ ᠬᠤᠨᠢ ᠶᠤᠮ᠃ ᠵᠢᠯ ᠤᠨ ᠲᠦᠷᠪᠡᠨ ᠤᠯᠠᠷᠢᠯ ᠳᠤ ᠪᠡᠯᠴᠢᠭᠡᠷ ᠤᠨ ᠮᠠᠯᠠᠯᠭ᠎ᠠ ᠪᠠᠷ ᠲᠠᠷᠭᠤ ᠬᠦᠴᠦ ᠠᠪᠳᠠᠭ ᠤᠨᠴᠠᠯᠢᠭ ᠲᠠᠢ ᠠᠵᠠᠢ᠃ ᠠᠷᠪᠠᠳᠤᠭᠠᠷ ᠰᠠᠷ᠎ᠠ ᠶᠢᠨ ᠡᠴᠦᠰ ᠢᠶᠠᠷ ᠪᠡᠯᠴᠢᠭᠡᠷ ᠢᠶᠠᠷ ᠲᠠᠷᠭᠤᠯᠠᠭᠰᠠᠨ ᠦᠷᠡᠵᠢᠯ ᠤᠨ ᠬᠤᠴᠠ 73KG᠂ ᠡᠮ᠎ᠡ ᠬᠤᠨᠢ 61KG᠂ ᠡᠷ᠎ᠡ ᠲᠦᠯᠦᠭ 50KG ᠬᠦᠷᠳᠡᠭ᠃ ᠵᠤᠨ ᠨᠠᠮᠤᠷ ᠤᠨ ᠤᠯᠠᠷᠢᠯ ᠳᠤ ᠦᠰᠪᠦᠷᠢ ᠨᠠᠰᠤ ᠲᠠᠢ ᠨᠢ ᠨᠠᠰᠤ ᠭᠦᠢᠴᠡᠭᠰᠡᠨ ᠠᠴᠠ ᠪᠠᠨ ᠢᠯᠡᠭᠦᠤ ᠲᠠᠷᠭᠤᠯᠠᠳᠠᠭ᠂ ᠬᠠᠪᠤᠷ 20KG ᠠᠮᠢᠳᠤ ᠶᠢᠨ ᠵᠢᠩ ᠲᠠᠢ ᠡᠷ᠎ᠡ ᠬᠤᠷᠠᠭ᠎ᠠ ᠶᠢ ᠪᠡᠯᠴᠢᠭᠡᠷ ᠢᠶᠠᠷ ᠲᠠᠷᠭᠤᠯᠠᠭᠤᠯᠵᠦ ᠲᠦᠷᠪᠡᠨ ᠰᠠᠷ᠎ᠠ ᠶᠢᠨ ᠲᠠᠷᠠᠭ᠎ᠠ ᠦᠵᠡᠬᠦ ᠳᠤ 40KG ᠬᠦᠷᠴᠤ ᠪᠠᠶᠢᠵᠠᠢ᠃       ᠦᠵᠦᠮᠦᠴᠢᠨ ᠬᠤᠨᠢ ᠶᠢ ᠪᠡᠯᠴᠢᠭᠡᠷ ᠢᠶᠠᠷ ᠲᠡᠭᠡᠳᠦ ᠵᠡᠷᠭᠡ ᠶᠢᠨ ᠲᠠᠷᠭᠤ ᠬᠦᠴᠦ ᠠᠪᠤᠭᠤᠯᠳᠠᠭ ᠬᠦᠮᠦᠨ ᠤ ᠨᠢᠭᠡ ᠨᠢ ᠮᠠᠯᠴᠢᠨ ᠨ᠊᠂ ᠮᠦᠩᠬᠡ ᠶᠤᠮ᠃ ᠲᠡᠷᠡ ᠪᠠᠷ᠄ ︽ᠮᠠᠨᠠᠶᠢᠬᠢ ᠮᠠᠯ ᠢᠶᠠᠨ ᠨᠤᠭᠤᠭ᠎ᠠ ᠴᠤᠬᠤᠶᠢᠵᠦ᠂ ᠢᠷᠭᠤᠢ ᠨᠢᠳᠦᠯᠡᠬᠦ ᠠᠴᠠ ᠡᠬᠢᠯᠡᠭᠡᠳ ᠡᠪᠡᠰᠦᠨ ᠤ ᠰᠦᠯ ᠲᠠᠰᠤᠷᠠᠵᠦ ᠡᠪᠦᠯ ᠤᠨ ᠵᠢᠪᠠᠷ ᠴᠢᠩᠭᠠᠷᠠᠳᠠᠯ᠎ᠠ ᠤᠳᠤᠷᠯᠠᠳᠠᠭ᠃ ᠬᠤᠷ ᠲᠠᠷᠭᠤ ᠲᠠᠢ ᠮᠠᠯ ᠠᠰᠢᠭ ᠶᠡᠬᠡᠳᠡᠢ᠂ ᠲᠦᠯ ᠨᠢ ᠡᠷᠡᠭᠦᠯ ᠴᠢᠬᠢᠷᠠᠭ᠂ ᠦᠰᠦᠯᠳᠡ ᠰᠠᠶᠢᠳᠠᠢ ᠪᠠᠶᠢᠳᠠᠭ︾ ᠭᠡᠵᠦ ᠶᠠᠷᠢᠭᠰᠠᠨ ᠶᠤᠮ᠃ ᠡᠳᠡᠨᠡᠶᠢᠬᠢ ᠮᠤᠬᠤᠯᠠᠭ ᠲᠡᠷᠭᠡ ᠲᠠᠢ᠂ ᠮᠠᠯ ᠢᠶᠠᠨ ᠪᠡᠯᠴᠢᠭᠡᠷ ᠲᠤᠨᠢ ᠬᠤᠳᠠᠯᠠᠭᠤᠯᠬᠤ ᠮᠠᠶ᠋ᠢᠭ ᠢᠶᠠᠷ ᠤᠳᠤᠷ ᠬᠢᠨ᠎ᠡ᠃ ᠪᠠᠰᠠ ᠬᠤᠷᠠᠭ᠎ᠠ ᠶᠢ ᠬᠠᠰᠢᠶ᠎ᠠ ᠰᠠᠷᠠᠪᠴᠢᠨ ᠳᠤ ᠪᠢᠰᠢ ᠭᠡᠭᠡᠷ᠎ᠡ ᠪᠤᠶᠢᠵᠢᠭᠤᠯᠤᠨ᠎ᠠ᠂ ᠡᠭᠦᠨ ᠢ ᠲᠡᠳᠡ ︽ᠲᠤᠭᠤᠬᠤ︾ ᠠᠷᠭ᠎ᠠ ᠨᠡᠷᠡᠯᠡᠳᠡᠭ ᠪᠠᠶᠢᠨ᠎ᠠ᠃ ᠬᠠᠪᠤᠷ ᠡᠷᠳᠡ ᠬᠤᠶᠠᠳᠤᠭᠠᠷ ᠰᠠᠷ᠎ᠠ ᠶᠢᠨ ᠰᠡᠭᠦᠯᠴᠢ ᠭᠤᠷᠪᠠᠳᠤᠭᠠᠷ ᠰᠠᠷ᠎ᠠ ᠶᠢᠨ ᠡᠬᠢ ᠪᠠᠷ ᠲᠦᠯᠯᠡᠭᠦᠯᠦᠨ᠎ᠡ᠂ ᠬᠤᠷᠠᠭ᠎ᠠ ᠶᠢ ᠭᠤᠤᠯ ᠨᠢ ᠡᠬᠡ ᠢ ᠨᠢ ᠲᠠᠭᠠᠭᠤᠯᠤᠨ ᠪᠡᠯᠴᠢᠭᠡᠷ ᠲᠤ ᠶᠠᠪᠤᠭᠤᠯᠵᠦ ᠡᠬᠡ ᠲᠠᠢ ᠨᠢ ᠪᠤᠶᠢᠵᠢᠭᠤᠯᠤᠨ᠎ᠠ᠃ ᠡᠨᠡ ᠨᠢ ᠦᠵᠦᠮᠦᠴᠢᠨ ᠬᠤᠨᠢᠨ ᠤ ᠲᠠᠯ᠎ᠠ ᠬᠡᠭᠡᠷ᠎ᠡ ᠶᠢᠨ ᠪᠡᠯᠴᠢᠭᠡᠷ ᠲᠤ ᠲᠠᠰᠤᠨ ᠵᠤᠬᠢᠴᠠᠭᠰᠠᠨ ᠴᠢᠨᠡᠷ ᠤᠨ ᠨᠢᠭᠡ ᠢᠯᠡᠷᠡᠯ ᠶᠤᠮ᠃ ᠦᠵᠦᠮᠦᠴᠢᠨ ᠬᠤᠨᠢ ᠶᠡᠭᠡ ᠲᠤᠭᠰᠢᠨ ᠲᠤᠯᠠ ᠪᠤᠭᠤᠨᠢ ᠤᠷᠭ᠎ᠠ ᠪᠠᠷ ᠪᠠᠷᠢᠨ᠎ᠠ᠂ ᠡᠨᠡ ᠪᠤᠯ ᠦᠵᠦᠮᠦᠴᠢᠨ ᠬᠤᠨᠢ ᠪᠡᠯᠴᠢᠭᠡᠷ ᠢᠶᠠᠷ ᠲᠡᠭᠡᠳᠦ ᠵᠡᠷᠭᠡ ᠶᠢᠨ ᠲᠠᠷᠭᠤ ᠬᠦᠴᠦ ᠠᠪᠴᠤ ᠴᠢᠳᠠᠳᠠᠭ ᠤᠨ ᠨᠢᠭᠡ ᠶᠢ ᠢᠯᠡᠷᠡᠯ ᠪᠦᠭᠡᠳ ᠬᠢᠮᠳᠡ ᠲᠦᠰᠦᠷ ᠦᠷᠳᠡᠭ ᠢᠶᠠᠷ ᠠᠮᠳᠠ ᠴᠢᠨᠠᠷ ᠰᠠᠶᠢᠳᠠᠢ ᠮᠢᠬ᠎ᠠ ᠪᠡᠯᠡᠳᠭᠡᠬᠦ  ᠪᠤᠯᠤᠮᠵᠢᠳᠡᠢ ᠶᠢ ᠬᠠᠷᠠᠭᠤᠯᠵᠦ ᠪᠠᠶᠢᠨ᠎ᠠ᠃ ᠢᠯᠠᠩᠭᠤᠶ᠎ᠠ ᠵᠤᠨ ᠨᠠᠮᠤᠷ ᠤᠨ ᠤᠯᠠᠷᠢᠯ ᠳᠤ ᠪᠡᠯᠴᠢᠭᠡᠷ ᠤᠨ ᠲᠦᠷᠦᠯ ᠪᠦᠷᠢ ᠶᠢᠨ ᠤᠷᠭᠤᠮᠠᠯ ᠢᠶᠠᠷ ᠢᠳᠡᠰᠢᠯᠡᠨ ᠶᠡᠭᠡ ᠬᠡᠮᠵᠢᠶᠡᠨ ᠤ ᠮᠢᠬ᠎ᠠ ᠦᠭᠡᠬᠦ ᠬᠤᠷᠠᠮᠳᠤᠭᠤᠯᠳᠠᠭ ᠪᠢᠤᠯᠤᠬᠢ ᠶᠢᠨ ᠤᠨᠴᠠᠯᠢᠭ ᠰᠢᠨᠵᠢ ᠪᠠᠨ ᠦᠷ᠎ᠡ ᠲᠦᠯ ᠳᠡᠭᠡᠨ ᠲᠠᠮᠵᠢᠭᠤᠯᠳᠠᠭ ᠴᠢᠳᠠᠪᠤᠷᠢᠳᠡᠢ᠂ ᠡᠪᠡᠰᠦᠨ ᠤ ᠰᠤᠷᠭᠤᠭ ᠤᠰᠤᠨ ᠤ ᠲᠤᠩᠭᠠᠯᠠᠭ ᠲᠤ ᠲᠠᠪᠠ ᠢᠶᠠᠷ ᠢᠶᠠᠨ ᠶᠠᠪᠤᠭᠰᠠᠨ ᠬᠤᠨᠢ ᠨᠠᠮᠤᠷ ᠤᠨ ᠤᠯᠠᠷᠢᠯ ᠳᠤ 60 — 70KG ᠬᠦᠷᠴᠤ ᠪᠢᠷᠠᠭᠤ ᠶᠢᠨ ᠲᠦᠢᠳᠡᠢ ᠵᠢᠩ ᠲᠠᠳᠠᠳᠠᠭ ᠪᠠᠶᠢᠨ᠎ᠠ᠃       ⑶ ᠢᠯᠡᠭᠦᠤ ᠨᠤᠭᠤᠯᠤᠮ᠎ᠠ ᠮᠢᠬᠠᠨ ᠤ ᠭᠠᠷᠴᠠ ᠨᠡᠮᠡᠭᠳᠡᠭᠦᠯᠦᠨ᠎ᠡ       ᠦᠵᠦᠮᠦᠴᠢᠨ ᠬᠤᠨᠢᠨ ᠤ ᠮᠢᠬᠠᠨ ᠤ ᠠᠰᠢᠭ ᠰᠢᠮ᠎ᠡ ᠶᠢ ᠨᠡᠮᠡᠭᠳᠡᠭᠦᠯᠬᠦ ᠨᠦᠯᠦᠭᠡ ᠪᠦᠬᠦᠢ ᠶᠠᠰᠤᠨ ᠤ ᠲᠤᠭ᠎ᠠ  ᠨᠢ ᠮᠤᠩᠭᠤᠯ ᠬᠤᠨᠢᠨ ᠤ ᠠᠴᠠ ᠢᠯᠡᠭᠦᠤ ᠪᠠᠶᠢᠳᠠᠭ᠂ ᠶᠡᠷᠦ ᠶᠢᠨ ᠬᠤᠨᠢᠨ ᠤ ᠰᠡᠭᠡᠷ 13᠂ ᠬᠠᠪᠢᠷᠭ᠎ᠠ 13 ᠬᠤᠤᠰ ᠪᠠᠶᠢᠬᠤ ᠳᠤ ᠦᠵᠦᠮᠦᠴᠢᠨ ᠡᠭᠦᠯᠳᠡᠷ ᠤᠨ ᠵᠠᠷᠢᠮ ᠬᠤᠨᠢᠨ ᠤ ᠰᠡᠭᠡᠷ 14᠂ ᠬᠠᠪᠢᠷᠭ᠎ᠠ ᠮᠦᠨ ᠲᠡᠳᠦᠢ ᠪᠠᠶᠢᠬᠤ ᠶᠢᠨ ᠵᠡᠷᠭᠡᠴᠡᠭᠡ ᠢᠯᠡᠭᠦᠤ ᠬᠠᠷᠴᠠᠭ᠎ᠠ ᠲᠠᠢ ᠨᠢ ᠲᠤᠯᠤᠭᠠᠨ ᠨᠢᠷᠤᠭᠤ ᠲᠠᠢ ᠪᠠᠶᠢᠳᠠᠭ ᠠᠵᠢ᠃ ᠡᠶᠢᠨᠬᠦ ᠨᠢᠷᠤᠭᠤ ᠨᠤᠭᠤᠯᠤᠮ᠎ᠠ ᠶᠠᠰᠤᠨ ᠤ ᠲᠤᠭ᠎ᠠ ᠨᠢ ᠢᠯᠡᠭᠦᠤ ᠪᠠᠷ ᠠᠮᠢᠳᠤ ᠶᠢᠨ ᠵᠢᠩ᠂ ᠮᠢᠬ᠎ᠠ ᠶᠢᠨ ᠭᠠᠷᠴᠠ ᠮᠦᠨ ᠠᠳᠠᠯᠢ ᠨᠡᠮᠡᠭᠳᠡᠳᠡᠭ ᠪᠠᠶᠢᠨ᠎ᠠ ᠢᠯᠡᠭᠦᠤ ᠨᠤᠭᠤᠯᠤᠮ᠎ᠠ ᠬᠤᠨᠢᠨ ᠤ ᠨᠢᠳᠦᠯᠭᠠᠨ ᠤ ᠵᠢᠩ ᠨᠢ ᠵᠢᠷ ᠤᠨ ᠬᠤᠨᠢᠨ ᠤ ᠠᠴᠠ 200 ᠭᠷᠡᠮ ᠢᠶᠠᠷ ᠢᠯᠡᠭᠦᠤ ᠪᠠᠶᠢᠨ᠎ᠠ᠃ ᠢᠯᠡᠭᠦᠤ ᠨᠤᠭᠤᠯᠤᠮ᠎ᠠ ᠲᠠᠢ ᠬᠤᠨᠢᠨ ᠤ ᠤᠳᠤᠮᠰᠢᠯ ᠤᠨ ᠤᠨᠴᠠᠯᠢᠭ ᠨᠢ ᠦᠷ᠎ᠡ ᠲᠦᠯ ᠳᠡᠭᠡᠨ 85 — 100 ᠬᠤᠪᠢ ᠲᠠᠮᠵᠢᠵᠦ ᠪᠠᠶᠢᠭ᠎ᠠ ᠶᠢ ᠰᠤᠳᠤᠯᠠᠭᠠᠴᠢᠳ ᠲᠤᠭᠳᠠᠭᠠᠵᠠᠢ᠃ ᠮᠠᠯ ᠦᠷᠡᠵᠢᠯ ᠤᠨ ᠠᠯᠪᠠᠨ ᠤ ᠲᠠᠷᠤᠭ᠎ᠠ ᠳ᠋᠊  ᠪᠤᠳᠢ᠄ ︽ᠮᠠᠨ ᠤ ᠠᠯᠪᠠ ᠬᠤᠶᠠᠷ ᠵᠢᠯ ᠤᠨ ᠡᠮᠦᠨ᠎ᠡ ᠡᠷᠳᠡᠨᠢᠴᠠᠭᠠᠨ ᠠᠴᠠ 30 ᠭᠠᠷᠤᠢ ᠢᠯᠡᠭᠦᠤ ᠨᠤᠭᠤᠯᠤᠮ᠎ᠠ  ᠲᠠᠢ ᠬᠤᠨᠢ ᠠᠪᠴᠢᠷᠠᠵᠦ᠂ ᠦᠷ᠎ᠡ ᠲᠦᠯ ᠢᠶᠠᠷ ᠨᠢ ᠬᠤᠴᠠ ᠲᠠᠯᠪᠢᠭᠠᠳ ᠪᠠᠶᠢᠨ᠎ᠠ᠂ ᠦᠨᠦᠳᠦᠷ ᠦᠵᠦᠮᠦᠴᠢᠨ ᠬᠤᠨᠢᠨ ᠤ ᠲᠤᠭ᠎ᠠ 62 ᠮᠢᠩᠭ᠎ᠠ ᠳᠤ ᠬᠦᠷᠴᠤ᠂ ᠡᠨᠡ ᠡᠭᠦᠯᠳᠡᠷ ᠢᠶᠠᠷ ᠰᠠᠶᠢᠵᠢᠷᠠᠭᠤᠯᠤᠭᠰᠠᠨ ᠬᠤᠨᠢ 220 ᠭᠠᠷᠤᠢ ᠮᠢᠩᠭ᠎ᠠ ᠪᠤᠯᠤᠭᠠᠳ ᠪᠠᠶᠢᠨ᠎ᠠ᠃ ᠮᠠᠨ ᠤ ᠪᠠᠷᠠᠭᠤᠨ ᠠᠶᠢᠮᠠᠭ ᠤᠳ ᠰᠡᠭᠦᠯ ᠤᠨ ᠦᠶ᠎ᠡ ᠳᠤ ᠦᠵᠦᠮᠦᠴᠢᠨ ᠬᠤᠨᠢ ᠶᠢ ᠦᠷᠡᠵᠢᠯ ᠤᠨ ᠬᠤᠴᠠ᠂ ᠦᠬᠢᠨ ᠲᠦᠯᠦᠭ ᠬᠤᠳᠠᠯᠳᠤᠨ ᠠᠪᠴᠤ ᠪᠠᠶᠢᠭ᠎ᠠ︾ ᠭᠡᠵᠦ ᠶᠠᠷᠢᠯ᠎ᠠ᠃       ᠡᠷᠳᠡᠨᠢᠴᠠᠭᠠᠨ ᠰᠤᠮᠤᠨ ᠤ ︽ᠴᠠᠭᠠᠨ ᠰᠡᠷᠡᠭᠡᠳᠦ︾ ᠬᠤᠷᠰᠢᠶ᠎ᠠ ᠦᠵᠦᠮᠦᠴᠢᠨ ᠬᠤᠨᠢ ᠶᠢ ᠠᠰᠢᠭ ᠰᠢᠮ᠎ᠡ ᠪᠠᠷ  ᠨᠢ ᠠᠩᠭᠢᠯᠠᠨ ᠢᠯᠭᠠᠵᠦ᠂ ᠴᠡᠪᠡᠷ ᠢᠶᠠᠷ ᠨᠢ ᠦᠰᠭᠡᠨ ᠦᠷᠡᠵᠢᠭᠦᠯᠵᠦ᠂ ᠦᠷᠡᠵᠢᠯ ᠤᠨ ᠬᠤᠴᠠ᠂ ᠦᠬᠢᠨ ᠲᠦᠯᠦᠭ ᠪᠤᠶᠢᠵᠢᠭᠤᠯᠤᠨ ᠬᠤᠳᠠᠯᠳᠤᠳᠠᠭ ᠪᠠᠶᠢᠨ᠎ᠠ᠃ ᠰᠡᠭᠦᠯ ᠤᠨ ᠲᠦᠷᠪᠡᠨ ᠵᠢᠯ ᠳᠤ 400 ᠰᠢᠬᠠᠮ ᠦᠬᠢᠨ ᠲᠦᠯᠦᠭ᠂ ᠬᠤᠴᠠ ᠬᠤᠳᠠᠯᠳᠤᠭᠰᠠᠨ ᠪᠦᠭᠡᠳ ᠲᠦᠪ ᠪᠤᠯᠤᠨ ᠪᠠᠷᠠᠭᠤᠨ ᠠᠶᠢᠮᠠᠭ ᠤᠳ ᠶᠢᠨ ᠮᠠᠯᠴᠢᠳ ᠠᠪᠴᠠᠢ᠃ ᠦᠨᠦᠳᠦᠷ ᠤᠨ ᠪᠠᠶᠢᠳᠠᠯ ᠢᠶᠠᠷ ᠦᠬᠢᠨ ᠲᠦᠯᠦᠭ 25 — 30᠂ ᠲᠦᠯᠦᠭ ᠬᠤᠴᠠ 35 — 40 ᠮᠢᠩᠭᠠᠨ ᠲᠦᠭᠦᠷᠢᠭ ᠤᠨ ᠬᠠᠩᠰᠢ ᠲᠠᠢ ᠪᠠᠶᠢᠨ᠎ᠠ᠃ ᠲᠡᠭᠡᠷ᠎ᠡ ᠦᠭᠦᠯᠡᠭᠰᠡᠨ ᠲᠠᠪᠠᠭᠤ ᠲᠠᠯ᠎ᠠ ᠤᠳ ᠨᠢ ᠦᠵᠦᠮᠦᠴᠢᠨ ᠬᠤᠨᠢ ᠦᠰᠭᠡᠨ ᠦᠷᠡᠵᠢᠭᠦᠯᠬᠦ ᠪᠢᠽᠨᠧᠰ ᠶᠢᠨ ᠬᠤᠪᠢ ᠳᠤ ᠢᠯᠡᠭᠦᠬᠡᠨ ᠲᠠᠪᠠᠭᠤ ᠲᠠᠯ᠎ᠠ ᠶᠢ ᠤᠯᠭᠤᠵᠦ ᠪᠤᠯᠬᠤ ᠰᠢᠨᠵᠢ ᠴᠢᠨᠠᠷ ᠤᠳ ᠪᠠᠶᠢᠵᠦ ᠪᠤᠯᠬᠤ ᠠᠵᠠᠢ᠃ ᠵᠦᠪᠬᠡᠨ ᠮᠢᠬᠠᠨ ᠤ ᠴᠢᠭᠯᠡᠯᠳᠡ ᠪᠠᠷ ᠴᠤ ᠦᠰᠭᠡᠨ ᠦᠷᠡᠵᠢᠭᠦᠯᠬᠦ ᠪᠤᠰᠤ᠂ ᠮᠦᠨ ᠦᠷᠡᠵᠢᠯ ᠤᠨ ᠰᠢᠯᠢᠮᠡᠯ ᠮᠠᠯ ᠤᠨ ᠪᠢᠽᠨᠧᠰ ᠶᠢᠨ ᠨᠢᠭᠡᠨ ᠴᠢᠬᠤᠯᠠ ᠡᠬᠢ ᠡᠭᠦᠰᠪᠦᠷᠢ ᠨᠢ ᠡᠨᠡᠬᠦ ᠡᠭᠦᠯᠳᠡᠷ ᠤᠨ ᠬᠤᠨᠢ ᠪᠠᠶᠢᠵᠦ ᠪᠤᠯᠬᠤ ᠠᠵᠠᠢ᠃               ︵ᠭ᠊᠂ ᠰᠦᠬᠡ  ᠂ ᠬᠦᠳᠡᠭᠡ ᠶᠢᠨ ᠪᠢᠽᠨᠧᠰ ᠮᠡᠳᠡᠭᠡ᠂ 2004 ᠤᠨ ︶       ᠶᠢᠰᠦᠳᠦᠭᠡᠷ ᠪᠦᠯᠦᠭ  ᠤᠭᠤᠷᠴᠠᠭ ᠨᠠᠮᠤᠬᠠᠨ ᠲᠤᠯᠤᠭᠠᠶᠢᠳ ᠲᠠᠢ ᠤᠯᠠᠨ ᠤ ᠬᠦᠯ ᠤᠨ ᠭᠠᠵᠠᠷ      ⑴ ᠦᠵᠦᠮᠦᠴᠢᠨ ᠤᠮᠤᠭ ᠤᠨ ᠬᠤᠨᠢ ᠶᠢ ᠡᠭᠦᠯᠳᠡᠷ ᠪᠤᠯᠭᠠᠭᠰᠠᠳ ᠤᠨ ᠨᠢᠭᠡ — ᠮᠢᠨᠵᠠᠢ       ᠮᠢᠨᠵᠠᠢ᠂ 1975 ᠤᠨ ᠳᠤ ᠬ᠊  ᠠ᠊  ᠠ᠊ — ᠶᠢᠨ ᠲᠧᠭᠨᠢᠺᠤᠮ ᠢ ᠮᠠᠯ ᠵᠦᠢᠴᠢ ᠮᠡᠷᠭᠡᠵᠢᠯ ᠢᠶᠠᠷ ᠲᠡᠭᠦᠰᠴᠤ᠂ ᠦᠵᠦᠮᠦᠴᠢᠨ ᠤᠮᠤᠭ ᠤᠨ ᠬᠤᠨᠢ ᠦᠷᠡᠵᠢᠭᠦᠯᠬᠦ ᠤᠯᠤᠰ ᠤᠨ ᠦᠷᠡᠵᠢᠯ ᠹᠧᠷᠡᠮ ᠳᠤ ᠳ᠋ᠦᠩ ᠪᠦᠷᠢᠳᠭᠡᠭᠴᠢ᠂ ᠵᠤ ᠲᠧᠭᠨᠢᠭᠴᠢ ᠪᠠᠷ ᠠᠵᠢᠯ ᠤᠨ ᠭᠠᠷᠤᠭ᠎ᠠ ᠪᠠᠨ ᠡᠬᠢᠯᠡᠭᠰᠡᠨ᠂ ᠲᠡᠷᠡ ᠦᠶ᠎ᠡ ᠳᠤ ᠹᠧᠷᠡᠮ ᠤᠨ ᠲᠠᠷᠤᠭ᠎ᠠ ᠪᠠᠳᠮᠠᠰᠦ᠋ᠷᠦᠩ᠂ ᠵᠤ ᠲᠧᠭᠨᠢᠭᠴᠢ ᠤᠯᠠᠭᠠᠨᠬᠦᠤ᠂ ᠲᠤᠭ᠎ᠠ ᠪᠦᠷᠢᠳᠭᠡᠭᠴᠢ ᠲᠤᠷᠵᠢ᠂ ᠠᠵᠦ ᠠᠬᠤᠢ ᠦᠭᠦᠯᠭᠦᠢ᠂ ᠬᠡᠪᠯᠡᠯ ᠬᠦᠷᠭᠡᠭᠴᠢ ᠲᠡᠭᠦᠰ᠂ ᠡᠩᠧᠨᠲ ᠪᠠᠳᠢᠷᠴᠢᠨ᠂ ᠤᠯᠤᠰ ᠤᠨ ᠠᠪᠤᠷᠭᠤ ᠮᠠᠯᠴᠢᠨ ᠪᠠᠶ᠋ᠰᠬᠤᠯᠠᠩ᠂ ᠬᠠᠯᠳᠠᠷ᠎ᠡ᠂ ᠠᠯᠳᠠᠨᠭᠡᠷᠡᠯ᠂ ᠯᠾᠠᠮᠤᠰᠦ᠋ᠷᠦᠩ᠂ ᠵᠠᠳᠠᠮᠪᠠ᠂ ᠠᠶᠢᠮᠠᠭ ᠤᠨ ᠠᠪᠤᠷᠭᠤ ᠮᠠᠯᠴᠢᠨ ᠮᠦᠩᠭᠡ᠂ ᠬᠤᠨᠢᠴᠢᠨ ᠲᠡᠮᠦᠷ᠎ᠡ᠂ ᠲᠤᠭᠳᠠᠬᠤ᠂ ᠤᠷᠯᠤᠮ᠂ ᠵᠠᠩᠭᠢ᠂ ᠵᠠᠮᠰᠤ᠂ ᠲᠤᠪᠤᠤ᠂ ᠶᠠᠩᠰᠤᠨ᠂ ᠠᠮᠢᠪᠦ᠋ᠬᠡ᠂ ᠪᠠᠭᠠᠳᠤᠷ᠂ ᠲᠦᠭᠦᠷᠡᠩᠵᠡᠭᠠᠨ᠂ ᠵᠢᠯᠤᠭᠤᠴᠢ ᠠᠯᠳᠠᠨᠭᠡᠷᠡᠯ ᠨᠠᠷ ᠤᠨ ᠭᠠᠷ ᠲᠡᠭᠡᠷ᠎ᠡ ᠢᠷᠡᠵᠦ ᠡᠪᠡᠰᠦ ᠤᠷᠭᠤᠮᠠᠯ᠂ ᠡᠪᠦᠯᠵᠢᠶ᠎ᠡ ᠬᠠᠪᠤᠷᠵᠢᠶ᠎ᠠ᠂ ᠤᠳᠤᠷ ᠤᠨ ᠨᠤᠲᠤᠭ ᠢ ᠵᠢᠭᠠᠯᠭᠠᠨ ᠵᠦᠪᠯᠡᠭᠡ ᠠᠪᠴᠤ ᠠᠵᠢᠯᠯᠠᠭᠰᠠᠨ ᠤ ᠦᠷ᠎ᠡ ᠳ᠋ᠦᠩ ᠳᠤ ᠦᠵᠦᠮᠦᠴᠢᠨ ᠤᠮᠤᠭ ᠤᠨ ᠬᠤᠨᠢ ᠶᠢ ᠡᠭᠦᠯᠳᠡᠷ ᠪᠤᠯᠭᠠᠵᠦ ᠴᠢᠳᠠᠭᠰᠠᠨ᠂ ᠴᠢᠨᠡᠷ ᠰᠲ᠋ᠠᠨᠳᠠᠷᠲ ᠶᠢᠨ ᠱᠠᠭᠠᠷᠳᠠᠯᠭ᠎ᠠ ᠬᠠᠩᠭᠠᠭᠰᠠᠨ ᠦᠵᠦᠮᠦᠴᠢᠨ ᠡᠭᠦᠯᠳᠡᠷ ᠤᠨ  ᠬᠤᠨᠢᠨ ᠤ ᠫᠠᠲ᠋ᠧᠨ᠋ᠲ ᠭᠡᠷᠡᠴᠢᠯᠡᠭᠡ ᠶᠢ ᠲᠠᠷᠠᠭᠠᠬᠢ ᠨᠡᠷ᠎ᠡ ᠪᠦᠬᠦᠢ ᠬᠦᠮᠦᠰ ᠠᠪᠤᠭᠰᠠᠨ᠂ ᠡᠭᠦᠨ ᠳᠤ᠄ ᠬ᠊  ᠠ᠊  ᠠ᠊ — ᠶᠢᠨ ᠶᠡᠭᠡ ᠰᠤᠷᠭᠠᠭᠤᠯᠢ ᠶᠢᠨ ᠪᠠᠭᠰᠢ ᠳ᠋ᠤᠺᠲ᠋ᠤᠷ᠂ ᠳ᠋ᠤᠼᠧᠨ᠋ᠲ ᠵ᠊  ᠭᠤᠨᠴᠤᠭᠵᠠᠪ ᠰᠤᠮᠤ ᠨᠢᠭᠡᠳᠦᠯ ᠤᠨ ᠲᠠᠷᠤᠭ᠎ᠠ ᠷ᠊  ᠦᠯᠵᠡᠶᠢᠪᠠᠶᠠᠷ᠂ ᠮᠠᠯ ᠵᠦᠢᠴᠢ ᠶ᠊  ᠮᠢᠨᠵᠠᠢ᠂ ᠮᠠᠯ ᠵᠦᠢᠴᠢ ᠹᠧᠷᠡᠮ ᠤᠨ ᠲᠠᠷᠤᠭ᠎ᠠ ᠮ᠊  ᠭᠠᠩᠰᠦ᠋ᠬᠡ᠂ ᠮᠠᠯ ᠵᠦᠢᠴᠢ ᠬ᠋᠊  ᠤᠯᠠᠭᠠᠨᠬᠦᠤ᠂ ᠠᠪᠤᠷᠭᠤ ᠮᠠᠯᠴᠢᠨ ᠳ᠋᠊  ᠪᠠᠶᠠᠰᠬᠤᠯᠠᠩ᠂ ᠬᠤᠴᠠ ᠮᠠᠯᠯᠠᠭᠴᠢ ᠲ᠊  ᠪᠠᠳᠤᠬᠤᠶᠠᠭ ᠨᠠᠷ ᠪᠤᠯᠤᠨ᠎ᠠ᠃       ᠮᠢᠨᠵᠠᠢ ᠨᠢ ᠮᠠᠯᠴᠢᠳ ᠢᠶᠠᠷ ᠲᠤᠭᠤᠷᠢᠵᠦ ᠤᠯᠠᠨ ᠬᠤᠨᠤᠭ ᠶᠠᠪᠤᠬᠤ ᠳᠠᠭᠠᠨ ᠬᠠᠳᠬᠤᠭ᠎ᠠ ᠠᠪᠤᠭᠰᠠᠨ ᠢᠶᠠᠨ ᠮᠡᠳᠡᠬᠦ ᠦᠭᠡᠢ ᠬᠦᠨᠳᠦᠷᠡᠭᠦᠯᠵᠦ᠂ ᠬᠡᠪᠳᠡᠯᠭᠡ ᠳᠤ ᠤᠷᠤᠵᠦ ᠪᠠᠶᠢᠯ᠎ᠠ᠃ ᠨᠢᠭᠡᠨ ᠤᠳᠠᠭ᠎ᠠ ᠮᠠᠯᠴᠢᠳ ᠢᠶᠠᠷ ᠲᠤᠭᠤᠷᠢᠵᠦ ᠶᠠᠪᠤᠬᠤ ᠳᠠᠭᠠᠨ ᠤᠯᠠᠭᠠᠨᠬᠦᠤ ᠶᠢᠨ ᠤᠨᠤᠵᠦ ᠶᠠᠪᠤᠭᠰᠠᠨ ᠮᠤᠷᠢ ᠵᠤᠭᠰᠤᠭᠰᠠᠨ ᠲᠤᠯᠠ ᠦᠪᠡᠷ ᠤᠨ ᠢᠶᠠᠨ ᠮᠤᠷᠢ ᠶᠢ ᠦᠭᠭᠦᠭᠡᠳ ᠶᠠᠪᠤᠭᠤᠯᠵᠠᠢ᠃ ᠦᠪᠡᠷ ᠢᠶᠠᠨ ᠤᠯᠠᠭᠠᠨᠬᠦᠤ ᠶᠢᠨ ᠮᠤᠷᠢ ᠶᠢ ᠠᠪᠴᠤ ᠦᠯᠡᠳᠡᠵᠡᠢ᠃ ᠮᠤᠷᠢ ᠨᠢ ᠴᠤ ᠡᠪᠡᠰᠦ ᠢᠳᠡᠵᠦ ᠴᠢᠳᠠᠬᠤ ᠦᠭᠡᠢ ᠦᠪᠡᠷ ᠤᠨ ᠬᠢᠨᠢ ᠪᠡᠶ᠎ᠡ ᠶᠢᠨ ᠪᠠᠶᠢᠳᠠᠯ ᠮᠠᠭᠤ ᠪᠠᠶᠢᠭᠰᠠᠨ ᠲᠤᠯᠠ ᠤᠯᠠᠭᠠᠨᠬᠦᠤ ᠶᠢ ᠬᠦᠯᠢᠶᠡᠭᠰᠡᠭᠡᠷ ᠤᠷᠤᠢ ᠶᠢᠨ ᠨᠠᠷᠠᠨ ᠵᠢᠷᠭᠠᠵᠦ ᠪᠠᠶᠢᠯ᠎ᠠ᠃ ᠵᠤ ᠤᠯᠠᠭᠠᠨ ᠮᠤᠷᠢᠳ ᠠᠪᠴᠢᠷᠠᠵᠦ ᠮᠤᠷᠳᠠᠬᠤ ᠳᠤ ᠮᠠᠰᠢᠨ ᠳᠤ ᠰᠠᠭᠤᠭᠰᠠᠨ ᠮᠡᠳᠦ ᠲᠦᠭᠦᠯᠵᠡᠵᠦ ᠪᠠᠶᠢᠯ᠎ᠠ᠃ ᠭᠤᠨᠴᠤᠭ ᠭᠤᠸᠠᠢ ᠲᠠᠢ ᠲᠠᠭᠠᠷᠠᠵᠦ ᠭᠡᠷ ᠲᠤᠨᠢ ᠢᠷᠡᠭᠡᠳ ᠵᠤ ᠤᠯᠠᠭᠠᠨ ᠮᠠᠨᠠᠢ ᠡᠨᠡ ᠬᠦᠮᠦᠨ ᠡᠳᠦᠷᠵᠢᠨ ᠬᠦᠳᠡᠭᠡ ᠪᠠᠶᠢᠭᠰᠠᠨ ᠠᠮᠢ ᠨᠢ ᠶᠡᠭᠡ ᠴᠢᠩᠭᠠᠷᠠᠭᠰᠠᠨ ᠪᠠᠶᠢᠭ᠎ᠠ ᠭᠡᠵᠦ ᠬᠡᠯᠡᠪᠡ᠃ ᠭᠡᠳᠡᠯ᠎ᠡ ᠲᠤᠩᠭᠤ ᠲᠡᠭᠡᠳᠡᠢ ᠶᠢᠨ ᠠᠬ᠎ᠠ ᠬᠤᠶᠠᠷ ᠬᠦᠭᠰᠢᠨ ᠡᠪᠦᠭᠡᠨ ᠪᠠᠶᠢᠭᠰᠠᠨ ᠲᠤᠯᠠ ᠪᠡᠷᠢ ᠷᠤᠵᠤᠢ ᠳᠤ ᠡᠬᠡᠳᠡᠢ ᠠᠶᠢᠷᠠᠭ᠂ ᠪᠤᠯᠠᠭ ᠤᠨ ᠬᠦᠢᠳᠡᠨ ᠤᠰᠤ ᠲᠠᠢ ᠬᠤᠯᠢᠭᠠᠳ ᠡᠨᠡ ᠬᠦᠤ ᠳᠤ ᠦᠭ ᠭᠡᠵᠦ ᠬᠡᠯᠡᠯ᠎ᠡ᠃ ᠲᠡᠭᠡᠭᠡᠳ ᠤᠤᠭᠤᠬᠤ ᠳᠤ ᠬᠤᠶᠠᠷ ᠬᠠᠮᠠᠷ ᠤᠨ ᠨᠦᠬᠡ ᠪᠠᠷ ᠭᠠᠷᠴᠤ ᠵᠢᠭᠤᠷᠠᠭ᠎ᠠ ᠨᠢ ᠲᠠᠯᠪᠢᠭᠳᠠᠭᠰᠠᠨ᠂ ᠪᠠᠳᠤᠠᠦ᠋ᠯᠵᠡᠢ ᠠᠭ᠎ᠠ ᠶᠢᠨ ᠬᠦᠭᠰᠢᠨ ᠲᠡᠯᠭᠡᠷ ᠨᠠᠮᠠᠶᠢ ᠦᠵᠡᠵᠦ᠂ ᠴᠢᠰᠦᠨ ᠬᠠᠳᠬᠤᠭ᠎ᠠ ᠪᠤᠯᠤᠭᠰᠠᠨ ᠪᠠᠶᠢᠨ᠎ᠠ ᠭᠡᠳ ᠰᠤᠵᠠᠭ᠎ᠠ ᠮᠢᠬ᠎ᠠ ᠶᠢ ᠨᠢ ᠬᠠᠭᠤᠯᠤᠨ᠎ᠠ ᠭᠡᠪᠡ᠃ ᠲᠡᠭᠡᠭᠡᠳ ᠲᠦᠳᠡ ᠤᠳᠠᠯ ᠦᠭᠡᠢ ᠰᠤᠵᠠᠭ᠎ᠠ ᠮᠢᠬᠠᠨ ᠠᠴᠠ ᠬᠠᠳᠬᠤᠨ ᠴᠢᠩᠭᠠᠭᠠᠵᠦ ᠰᠢᠷ᠎ᠠ ᠲᠤᠰᠤ ᠲᠦᠷᠬᠢᠵᠦ ᠢᠯᠢᠵᠦ ᠪᠠᠶᠢᠯ᠎ᠠ᠃ ᠭᠡᠰᠡᠨ ᠴᠤ ᠬᠠᠯᠠᠭᠤᠨ ᠪᠠᠭᠤᠷᠠᠬᠤ ᠦᠭᠡᠢ ᠪᠠᠶᠢᠭᠰᠠᠭᠠᠷ ᠪᠠᠷᠢᠭᠠᠳᠠ ᠳᠠᠭᠠᠨ ᠢᠷᠡᠪᠡ᠃ ᠪᠠᠷᠢᠭᠠᠳᠠ ᠠᠴᠠ ᠰᠤᠮᠤ ᠤᠷᠤᠵᠦ ᠬᠦᠷᠭᠡᠨ᠂ ᠠᠬ᠎ᠠ ᠦᠯᠵᠡᠶᠢᠬᠤᠳᠤᠭ ᠶᠢᠨ ᠳᠠᠭᠠᠨ ᠨᠡᠯᠢᠶᠡᠳ ᠤᠯᠠᠨ ᠬᠤᠨᠤᠭ ᠬᠡᠪᠳᠡᠭᠡᠳ ᠲᠡᠭᠡᠷᠳᠡᠬᠦ ᠦᠭᠡᠢ ᠪᠤᠯᠬᠤᠷ ᠨᠢ ᠡᠴᠢᠭᠡ ᠡᠬᠡ ᠢᠶᠠᠨ ᠪᠠᠷᠠᠳᠠᠬᠤ ᠪᠠᠷ ᠴᠢᠯᠦᠭᠡ ᠠᠪᠴᠤ ᠹᠧᠷᠠᠮ ᠤᠨ ᠵᠢᠯᠤᠭᠤᠴᠢ ᠠᠩᠭᠤᠰᠢ ᠠᠯᠳᠠᠨᠭᠡᠷᠡᠯ ᠲᠠᠢ ᠰᠦ 08᠂ 22 ᠮᠠᠰᠢᠨ ᠬᠦᠯᠦᠭᠯᠡᠨ ᠲᠠᠷᠢᠭᠠᠩᠭ᠎ᠠ ᠰᠤᠮᠤᠨ ᠤ ᠲᠦᠪ ᠤᠷᠤᠵᠦ ᠡᠵᠢ ᠪᠠᠷ ᠢᠶᠠᠨ ᠡᠮᠴᠢᠯᠡᠭᠦᠯᠦᠭᠰᠡᠨ᠂ 1975 ᠤᠨ ᠠᠴᠠ ᠡᠷᠳᠡᠨᠢᠴᠠᠭᠠᠨ ᠳᠤ ᠠᠵᠢᠯᠯᠠᠵᠦ ᠠᠮᠢᠳᠤᠷᠠᠵᠦ ᠪᠠᠶᠢᠬᠤ ᠬᠤᠭᠤᠴᠠᠭᠠᠨ ᠳᠠᠭᠠᠨ ᠦᠪᠡᠷ ᠤᠨ ᠮᠡᠳᠡᠯᠭᠡ ᠪᠤᠯᠪᠠᠰᠤᠷᠠᠯ ᠢᠶᠠᠨ ᠲᠠᠶᠢᠴᠢᠯᠠᠨ ᠦᠷ᠎ᠡ ᠪᠦᠳᠦᠭᠡᠯ ᠲᠠᠢ ᠨᠡᠷ᠎ᠡ ᠬᠦᠨᠳᠦᠳᠡᠢ ᠪᠠᠷ ᠬᠦᠳᠡᠯᠮᠦᠷᠢᠯᠡᠵᠦ ᠪᠠᠶᠢᠭᠰᠠᠨ ᠨᠢ ᠮᠡᠳᠡᠬᠦ ᠬᠦᠮᠦᠰ ᠡᠳᠦᠷ ᠠᠴᠠ ᠡᠳᠦᠷ ᠲᠤ ᠬᠤᠪᠤᠷᠳᠠᠵᠦ ᠪᠠᠶᠢᠨ᠎ᠠ᠃ ᠮᠤᠷᠢ ᠬᠤᠷᠳᠤᠯᠠᠭᠤᠯᠵᠦ ᠰᠤᠮᠤᠨ ᠤ ᠮᠠᠩᠯᠠᠢ ᠤᠶᠠᠭᠠᠴᠢ ᠴᠤᠯᠠ ᠠᠪᠤᠭᠰᠠᠨ ᠪᠠ ᠶᠦᠭᠵᠦᠷ ᠤᠨ ᠬᠦᠯᠦᠭ ᠮ᠊  ᠰ᠊  ᠤ  ᠭ᠊ — ᠨᠢ ᠨᠠᠷᠢᠨ ᠪᠢᠴᠢᠭ ᠤᠨ ᠲᠠᠷᠤᠭ᠎ᠠ ᠪᠠᠷ 2014 ᠤᠨ ᠬᠦᠷᠳᠡᠯ᠎ᠡ ᠠᠵᠢᠯᠯᠠᠵᠦ ᠪᠠᠶᠢᠯ᠎ᠠ᠂ 1977 — 1978 ᠤᠨ ᠳᠤ ᠰᠤᠮᠤᠨ ᠤ ᠭ᠊  ᠵ᠊  ᠡ᠊ — ᠶᠢᠨ ᠬᠤᠯᠪᠤᠭᠠᠨ ᠤ ᠲᠠᠷᠤᠭ᠎ᠠ ᠪᠠᠶᠢᠬᠤ ᠳᠠᠭᠠᠨ ᠢᠯᠡᠳᠭᠡᠯᠳᠦ ᠶᠢᠨ ᠡᠵᠡᠨ ᠬᠠᠯᠳᠠᠷ᠎ᠠ ᠶᠢᠨ ᠭᠠᠩᠪᠤᠯᠤᠳ᠂ ᠬᠢᠩᠭ᠎ᠠ ᠶᠢᠨ ᠪᠠᠳᠤᠬᠦ᠋ᠷᠡᠯ ᠨᠠᠷ ᠢ ᠤᠷᠢᠯᠭ᠎ᠠ ᠪᠠᠷ ᠨᠢᠭᠡ ᠵᠢᠯ ᠤᠨ ᠪᠡᠯᠡᠳᠭᠡᠯ ᠲᠠᠢ ᠪᠠᠷ ᠬ᠊  ᠠ᠊  ᠠ᠊  ᠳ᠋᠊ ᠰ᠊ — ᠶᠢ ᠮᠠᠯ ᠵᠦᠢᠴᠢ ᠮᠡᠷᠭᠡᠵᠢᠯ ᠢᠶᠠᠷ ᠲᠡᠭᠦᠰᠭᠡᠭᠰᠡᠨ ᠠᠴᠠ ᠭᠠᠳᠠᠨ᠎ᠠ ᠨᠢᠭᠡᠳᠦᠭᠡᠷ ᠪᠠᠷᠢᠭᠠᠳᠠ ᠶᠢᠨ ᠠᠳᠤᠭᠤᠴᠢᠨ ᠴ᠊  ᠦᠯᠵᠡᠢ᠂ ᠲᠦᠷᠪᠡᠳᠦᠭᠡᠷ ᠪᠠᠭ ᠤᠨ ᠠ᠊  ᠠᠯᠳᠠᠨᠭᠡᠷᠡᠯ ᠨᠠᠷ ᠢ ᠮᠤᠷᠢᠨ ᠰᠫᠤᠷᠲ ᠶᠢᠨ ᠮᠠᠰᠲ᠋ᠧᠷ ᠪᠤᠯᠭᠠᠵᠦ ᠪᠠᠶᠢᠯ᠎ᠠ᠃ ᠠᠶᠢᠮᠠᠭ ᠤᠨ ᠬᠡᠮᠵᠢᠶᠡᠨ ᠳᠤ ᠵᠤᠬᠢᠶᠠᠭᠳᠠᠭᠰᠠᠨ ᠤᠷᠠᠯᠢᠭ ᠰᠫᠤᠷᠲ ᠶᠢᠨ ᠨᠠᠭᠠᠳᠤᠮ ᠤᠳ ᠲᠤ ᠤᠳᠠᠭ᠎ᠠ ᠲᠠᠷᠠᠭ᠎ᠠ ᠤᠷᠤᠯᠴᠠᠵᠦ ᠭᠤᠷᠪᠠᠳᠤᠭᠠᠷ ᠪᠠᠶᠢᠷᠢ ᠠᠴᠠ ᠬᠤᠶᠢᠰᠢ ᠤᠷᠤᠵᠦ ᠪᠠᠶᠢᠭᠠᠬᠦᠢ ᠪᠠ 1968᠂ 1969 ᠤᠨ ᠤ ᠰᠦᠬᠡᠪᠠᠭᠠᠳᠤᠷ ᠤᠨ ᠠᠶᠢᠮᠠᠭ ᠤᠨ ᠲᠡᠰᠢᠭᠦᠷ ᠤᠨ ᠠᠪᠤᠷᠭᠤ᠂ ᠰᠠᠭᠰᠤ ᠪᠤᠯᠧᠪᠤᠯᠢᠤᠷ ᠠᠶᠢᠮᠠᠭ ᠤᠨ ᠠᠪᠤᠷᠭᠤ ᠴᠤᠯᠠ ᠶᠢ ᠨᠢᠭᠡ ᠪᠤᠰᠤ ᠤᠳᠠᠭ᠎ᠠ ᠠᠪᠴᠤ ᠪᠠᠶᠢᠯ᠎ᠠ᠃ ᠠᠵᠢᠯ ᠬᠦᠳᠡᠯᠮᠦᠷᠢ ᠶᠢ ᠨᠢ ᠦᠨᠳᠦᠷ ᠦᠨᠡᠯᠡᠵᠦ ᠰᠤᠮᠤᠨ ᠤ ᠳ᠋ᠧᠫᠤᠲ᠋ᠠᠲ ᠪᠠᠷ ᠬᠤᠶᠠᠷ ᠤᠳᠠᠭ᠎ᠠ᠂ ᠰᠤᠮᠤᠨ ᠤ ᠢᠷᠭᠡᠳ ᠤᠨ ᠲᠦᠯᠦᠭᠡᠯᠡᠭᠴᠢ ᠪᠠᠷ ᠬᠤᠶᠠᠷ ᠤᠳᠠᠭ᠎ᠠ᠂ ᠠᠶᠢᠮᠠᠭ ᠤᠨ ᠬᠤᠪᠢᠰᠬᠠᠯᠴᠢ ᠵᠠᠯᠠᠭᠤᠴᠦᠳ ᠤᠨ ᠬᠤᠷᠢᠶᠠᠨ ᠤ ᠪᠠᠭ᠎ᠠ᠂ ᠪᠦᠬᠦᠳᠡ ᠬᠤᠷᠠᠯ᠂ ᠠᠶᠢᠮᠠᠭ ᠤᠨ ᠦᠢᠯᠡᠳᠪᠦᠷᠢᠴᠢᠨ ᠤ ᠡᠪᠯᠡᠯ ᠤᠨ ᠪᠠᠭ᠎ᠠ ᠬᠤᠷᠠᠯ ᠤᠨ ᠭᠡᠰᠢᠭᠦᠨ ᠢᠶᠠᠷ ᠰᠤᠩᠭᠤᠭᠳᠠᠵᠦ᠂ ᠢᠳᠡᠪᠬᠢ ᠵᠢᠳᠭᠦᠯᠳᠡᠢ ᠠᠵᠢᠯᠯᠠᠵᠦ ᠪᠠᠶᠢᠯ᠎ᠠ᠃       ᠮᠢᠨᠵᠠᠢ 1955 ᠤᠨ ᠳᠤ ᠲᠦᠷᠦᠭᠰᠡᠨ᠂ 1975 ᠤᠨ ᠳᠤ ᠡᠬᠡᠨᠡᠷ ᠲᠤᠩᠭᠠᠯᠠᠭ ᠲᠠᠢ ᠪᠠᠨ ᠭᠡᠷ ᠪᠦᠯᠢ ᠪᠤᠯᠵᠦ ᠤᠯᠠᠨ ᠰᠠᠶᠢᠬᠠᠨ ᠬᠡᠤᠬᠡᠳ ᠲᠠᠢ ᠦᠨᠢᠷ ᠦᠳᠭᠡᠨ ᠠᠮᠢᠳᠤᠷᠠᠵᠦ ᠪᠠᠶᠢᠨ᠎ᠠ᠃ ᠲᠡᠭᠡᠳᠦ ᠪᠤᠯᠪᠠᠰᠤᠷᠠᠯ ᠲᠠᠢ ᠬᠤᠶᠠᠷ᠂ ᠪᠦᠷᠢᠨ ᠲᠤᠮᠳᠠ ᠳᠤ ᠪᠤᠯᠪᠠᠰᠤᠷᠠᠯ ᠲᠠᠢ ᠨᠢᠭᠡ᠂ ᠪᠦᠷᠢᠨ ᠪᠤᠰᠤ ᠪᠤᠯᠪᠠᠰᠤᠷᠠᠯ ᠲᠠᠢ ᠲᠦᠷᠪᠡᠨ ᠬᠡᠤᠬᠡᠳ  ᠲᠠᠢ᠂ ᠠᠴᠢ ᠵᠢᠭᠡ ᠠᠷᠪᠪᠠᠨ ᠨᠢᠭᠡᠭᠦᠯᠡ ᠪᠤᠯᠵᠠᠢ᠃         ᠡᠷᠳᠡᠨᠢᠴᠠᠭᠠᠨ ᠰᠤᠮᠤᠨ ᠤ ᠤᠶᠢᠯᠠᠯᠭ᠎ᠠ  ︽ᠬᠠᠮᠢᠭ᠎ᠠ ᠠᠴᠠ ᠴᠤ ᠬᠠᠷᠠᠳᠠᠭ ᠬᠠᠨ ᠠᠭᠤᠯᠠ ᠮᠢᠨᠢ︾ ᠭᠡᠬᠦ ᠨᠤᠮ ᠠᠴᠠ ᠤᠷᠢᠶᠠᠩᠬᠠᠨ ᠤ᠂ ᠶᠤᠨᠳᠤᠨ ᠰᠢᠨ᠎ᠡ ᠮᠤᠩᠭᠤᠯ‌ᠡᠴᠡ ᠲᠡᠭᠦᠪᠦᠷᠢᠯᠡᠨ ᠬᠦᠷᠪᠡᠭᠦᠯᠪᠠᠢ᠃
 
ᠢᠷᠡᠯᠲᠡ᠄ ᠤᠷᠢᠶᠠᠩᠬᠠᠨ ᠤ᠂ ᠶᠤᠨᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号