ᠮᠤᠩᠭᠤᠯ ᠤᠯᠤᠰ ᠤᠨ ᠡᠷᠳᠡᠨᠢᠴᠠᠭᠠᠨ ᠰᠤᠮᠤᠨ ᠳᠠᠬᠢ ᠦᠵᠦᠮᠦᠴᠢᠨ  ︵ᠨᠢᠭᠡ︶
ᠨᠡᠶᠢᠲᠡᠯᠡᠭᠰᠡᠨ ᠴᠠᠭ᠄
2017/6/19
                ᠮᠤᠩᠭᠤᠯ ᠤᠯᠤᠰ ᠤᠨ ᠡᠷᠳᠡᠨᠢᠴᠠᠭᠠᠨ ᠰᠤᠮᠤᠨ ᠳᠠᠬᠢ ᠦᠵᠦᠮᠦᠴᠢᠨ  ︵ᠨᠢᠭᠡ︶            ᠨᠢᠭᠡᠳᠦᠭᠡᠷ ᠪᠦᠯᠦᠭ   ᠲᠡᠤᠬᠡ  ᠲᠦᠴᠡᠭᠡ ᠤᠳᠤᠮ ᠭᠠᠷᠪᠠᠯᠢ      ⑴  ᠰᠦᠬᠡᠪᠠᠭᠠᠳᠤᠷ ᠠᠶᠢᠮᠠᠭ ᠤᠨ ᠡᠷᠳᠡᠨᠢᠴᠠᠭᠠᠨ ᠰᠤᠮᠤᠨ ᠤ ᠬᠦᠮᠦᠨ ᠠᠮᠠ ᠶᠢᠨ ᠤᠭ ᠭᠠᠷᠪᠠᠯᠢ᠂ ᠤᠪᠤᠭ ᠤᠨ ᠪᠦᠷᠢᠯᠳᠦᠬᠦᠨ ᠬᠡᠮᠡᠬᠦ ᠬᠡᠰᠡᠭ ᠲᠤ᠄     ᠦᠵᠦᠮᠦᠴᠢᠨ — ᠰᠦᠬᠡᠪᠠᠭᠠᠳᠤᠷ ᠠᠶᠢᠮᠠᠭ ᠤᠨ ᠡᠷᠳᠡᠨᠢᠴᠠᠭᠠᠨ ᠰᠤᠮᠤᠨ ᠤ ᠲᠦᠪ ᠪᠤᠯᠤᠨ 1 ᠳ᠋ᠤᠭᠡᠷ ᠪᠠᠭ ᠲᠤ ᠦᠵᠦᠮᠦᠴᠢᠨ ᠨᠠᠷ ᠰᠠᠭᠤᠨ᠎ᠠ᠂ ᠠᠳᠡ ᠠᠴᠠ ᠦᠪᠦᠷ ᠮᠤᠩᠭᠤᠯ ᠤᠨ ᠵᠡᠭᠦᠨ ᠦᠵᠦᠮᠦᠴᠢᠨ ᠬᠤᠰᠢᠭᠤᠨ ᠠᠴᠠ ᠢᠷᠡᠭᠰᠡᠳ ᠨᠢ ᠲᠤᠷᠤᠨᠠᠳᠤ ᠠᠶᠢᠮᠠᠭ ᠤᠨ ᠰᠡᠷᠭᠦᠯᠡᠩ᠂ ᠪᠠᠶᠠᠠᠳᠦ᠋ᠮᠡᠨ᠂ ᠪᠤᠯᠠᠭᠠᠨ ᠰᠤᠮᠤᠨ ᠤᠳ ᠲᠤ ᠭᠤᠤᠯᠴᠢᠯᠠᠨ ᠰᠠᠭᠤᠳᠠᠭ᠃ ᠡᠭᠦᠨ ᠠᠴᠠ ᠭᠠᠳᠠᠨ᠎ᠠ ᠰᠦᠬᠡᠪᠠᠭᠠᠳᠤᠷ ᠠᠶᠢᠮᠠᠭ ᠤᠨ ᠪᠠᠷᠭᠤᠨ — ᠤᠷᠳᠤ᠂ ᠲᠦᠮᠡᠨᠴᠤᠭᠳᠤ᠂ ᠲᠤᠷᠤᠨᠠᠳᠤ ᠠᠶᠢᠮᠠᠭ ᠤᠨ ᠴᠤᠶᠢᠪᠠᠯᠰᠠᠩ ︵ᠬᠡᠷᠦᠯᠦᠨ ᠰᠤᠮᠤ︶᠂ ᠤᠯᠠᠭᠠᠨᠪᠠᠭᠠᠳᠤᠷ ᠬᠤᠳᠠ ᠪᠤᠯᠤᠨ ᠪᠤᠰᠤᠳ ᠨᠤᠲᠤᠭ ᠲᠤ ᠰᠢᠯᠵᠢᠨ ᠰᠠᠭᠤᠭᠰᠠᠨ ᠦᠵᠦᠮᠦᠴᠢᠨᠴᠦᠳ ᠴᠦᠬᠡᠨ ᠦᠭᠡᠢ ᠪᠤᠢ᠃ ᠦᠵᠦᠮᠦᠴᠢᠨ ᠶᠠᠰᠤᠳᠠᠨ ᠨᠢ ᠤᠶᠤᠨ ᠤ ᠰᠤᠶᠤᠯ ᠤᠨ ᠦᠪᠡᠷᠮᠢᠴᠡ ᠤᠯᠠᠮᠵᠢᠯᠠᠯ᠂ ᠶᠤᠰᠤ ᠵᠠᠩᠰᠢᠯ᠂ ᠮᠠᠯ ᠮᠠᠯᠵᠢᠬᠤ ᠠᠷᠭ᠎ᠠ ᠤᠬᠠᠭᠠᠨ᠂ ᠠᠵᠢᠯᠴᠢ ᠬᠦᠳᠡᠯᠮᠦᠷᠢᠴᠢ ᠲᠠᠳᠬᠠᠯ ᠬᠡᠪᠰᠢᠯ ᠢᠶᠠᠨ ᠡᠳᠦᠭᠡ ᠬᠦᠷᠳᠡᠯ᠎ᠡ ᠰᠠᠶᠢᠳᠦᠷ ᠬᠠᠳᠠᠭᠠᠯᠠᠭᠰᠠᠭᠠᠷ ᠢᠷᠡᠭᠰᠡᠨ ᠤᠨᠴᠠᠯᠢᠭ ᠲᠠᠢ᠃      ᠡᠨᠡᠬᠦ ᠰᠦᠬᠡᠪᠠᠭᠠᠳᠤᠷ ᠠᠶᠢᠮᠠᠭ ᠤᠨ ᠡᠷᠳᠡᠨᠢᠴᠠᠭᠠᠨ ᠰᠤᠮᠤ ᠨᠢ᠂ ᠬᠠᠭᠤᠴᠢᠨ ᠢᠶᠠᠷ ᠰᠡᠴᠡᠨ ᠬᠠᠨ ᠠᠶᠢᠮᠠᠭ ᠤᠨ ᠬᠤᠷᠴᠠ ᠸᠠᠩ ᠤᠨ ᠬᠤᠰᠢᠭᠤ ᠨᠡᠷ᠎ᠡ ᠲᠠᠢ ᠪᠠᠶᠢᠭᠠᠳ 1923 ᠤᠨ ᠤ ᠡᠴᠦᠰ ᠢᠶᠠᠷ ᠬᠠᠨ ᠬᠡᠨᠳᠡᠢ ᠠᠭᠤᠯᠠ ᠶᠢᠨ ᠠᠶᠢᠮᠠᠭ ᠤᠨ ᠵᠤᠳᠠᠯ ᠬᠠᠨ ᠠᠭᠤᠯᠠ ᠶᠢᠨ ᠬᠤᠰᠢᠭᠤ ᠪᠤᠯᠵᠠᠢ᠃ ᠶᠦᠭᠵᠦᠷ ᠬᠤᠳᠤᠭᠳᠤ ᠶᠢᠨ ᠱᠠᠪᠢ ᠨᠢ ᠬᠠᠭᠤᠴᠢᠨ ᠨᠠᠷ᠎ᠠ ᠢᠶᠠᠨ ᠬᠠᠳᠠᠭᠠᠯᠠᠵᠦ ᠦᠯᠡᠳᠡᠭᠰᠡᠨ᠂ 1925 ᠤᠨ ᠤ 5 ᠰᠠᠷ᠎ᠠ ᠶᠢᠨ 29 ᠡᠳᠦᠷ᠂ ᠵᠠᠰᠠᠭ ᠤᠨ ᠭᠠᠵᠠᠷ ᠤᠨ ᠲᠤᠭᠳᠠᠭᠠᠯ ᠭᠠᠷᠴᠤ᠂ ᠶᠦᠭᠵᠦᠷ ᠬᠤᠳᠤᠭᠳᠤ ᠶᠢᠨ ᠱᠠᠪᠢ ᠶᠢ ᠡᠷᠳᠡᠨᠢᠴᠠᠭᠠᠨ ᠠᠭᠤᠯᠠ ᠶᠢᠨ ᠬᠤᠰᠢᠭᠤ ᠭᠡᠵᠦ ᠨᠡᠷᠡᠯᠡᠭᠰᠡᠨ ᠢᠶᠠᠷ ᠨᠢᠭᠡ ᠭᠠᠵᠠᠷ ᠲᠤ ᠬᠤᠶᠠᠷ ᠬᠤᠰᠢᠭᠤ ᠵᠡᠷᠭᠡᠴᠡᠨ ᠠᠵᠢᠯᠯᠠᠬᠤ ᠪᠤᠯᠤᠭᠰᠠᠨ᠂ 1930 — 1931 ᠤᠨ ᠳᠤ ᠬᠤᠷᠠᠯᠳᠤᠭᠰᠠᠨ ᠨᠠᠮ ᠤᠨ ᠠᠩᠬᠠᠳᠤᠭᠠᠷ ᠪᠠᠭ᠎ᠠ ᠬᠤᠷᠠᠯ᠂ ᠤᠯᠤᠰ ᠤᠨ 16 ᠳ᠋ᠤᠭᠠᠷ ᠪᠠᠭ᠎ᠠ ᠬᠤᠷᠠᠯ ᠢᠶᠠᠷ ᠤᠯᠤᠰ ᠤᠨ ᠬᠤᠰᠢᠭᠤᠳ ᠢ ᠲᠠᠳᠠᠨ ᠪᠠᠭᠤᠯᠭᠠᠵᠦ ᠲᠡᠷᠡ ᠦᠶ᠎ᠡ ᠶᠢᠨ 5 ᠠᠶᠢᠮᠠᠭ ᠢ 13 ᠠᠶᠢᠮᠠᠭ ᠪᠤᠯᠭᠠᠬᠤ ᠰᠡᠢᠳᠪᠦᠷᠢ ᠭᠠᠷᠭᠠᠬᠤ ᠳᠤ ᠬᠠᠨ ᠬᠡᠨᠳᠡᠢ ᠠᠭᠤᠯᠠ ᠶᠢᠨ ᠠᠶᠢᠮᠠᠭ ᠬᠡᠨᠳᠡᠢ᠂ ᠲᠤᠷᠤᠨᠠᠳᠤ ᠠᠶᠢᠮᠠᠭ ᠪᠤᠯᠵᠦ᠂ ᠡᠷᠳᠡᠨᠢᠴᠠᠭᠠᠨ ᠠᠭᠤᠯᠠ ᠶᠢᠨ ᠬᠤᠰᠢᠭᠤ ᠲᠠᠳᠠᠨ ᠪᠠᠭᠤᠭᠳᠠᠵᠦ᠂ 1931 ᠤᠨ ᠤ 7 ᠰᠠᠷ᠎ᠠ ᠳᠤ ᠲᠤᠷᠤᠨᠠᠳᠤ ᠠᠶᠢᠮᠠᠭ ᠤᠨ ᠵᠤᠳᠠᠯ᠂ ᠤᠷᠳᠤ᠂ ᠴᠢᠨ᠋ᠸ᠎ᠠ ᠭᠤᠤᠯ ᠰᠤᠮᠤ ᠤᠳ ᠪᠤᠯᠵᠦ᠂ 1934 ᠤᠨ ᠳᠤ ᠴᠢᠨ᠋ᠸ᠎ᠠ ᠭᠤᠤᠯ ᠰᠤᠮᠤ  ᠨᠢ᠂ ᠨᠦᠬᠦᠭᠡ ᠬᠤᠶᠠᠷ ᠰᠤᠮᠤᠨ ᠳᠠᠭᠠᠨ ᠨᠡᠶᠢᠯᠡᠭᠰᠡᠨ ᠪᠠᠶᠢᠨ᠎ᠠ᠃ ᠵᠤᠳᠠᠯ᠂ ᠤᠷᠳᠤ ᠰᠤᠮᠤᠳ ᠨᠢ ᠲᠤᠷᠤᠨᠠᠳᠤ ᠠᠶᠢᠮᠠᠭ ᠲᠤ ᠬᠠᠷᠢᠶᠠᠯᠠᠭᠳᠠᠵᠦ ᠪᠠᠶᠢᠭᠠᠳ 1942 ᠤᠨ ᠠᠴᠠ ᠵᠢᠪᠬᠤᠯᠠᠩ ᠰᠢᠷᠭ᠎ᠠ ᠠᠶᠢᠮᠠᠭ ᠲᠤ ︵1943 ᠤᠨ ᠤ 2 ᠰᠠᠷ᠎ᠠ ᠶᠢᠨ 20 ᠳᠤ ᠲᠤᠭᠳᠠᠭᠠᠯ ᠢᠶᠠᠷ ᠰᠦᠬᠡᠪᠠᠭᠠᠳᠤᠷ ᠠᠶᠢᠮᠠᠭ ᠨᠡᠷ᠎ᠡ ᠲᠠᠢ ᠪᠤᠯᠤᠨ᠎ᠠ︶ ᠬᠠᠷᠢᠶᠠᠯᠠᠭᠳᠠᠬᠤ ᠪᠤᠯᠵᠠᠢ᠃ ᠵᠤᠳᠠᠯ᠂ ᠤᠷᠳᠤ ᠰᠤᠮᠤᠳ ᠨᠢ 1961 ᠤᠨ ᠳᠤ ᠨᠢᠭᠡᠳᠴᠤ ᠡᠷᠳᠡᠨᠢᠴᠠᠭᠠᠨ ᠰᠤᠮᠤ ︽ᠵᠢᠷᠭᠠᠯ ᠤᠨ ᠵᠠᠮ ︾ ᠨᠢᠭᠡᠳᠦᠯ ᠪᠠᠶᠢᠭᠤᠯᠤᠭᠳᠠᠭᠰᠠᠨ᠂ ᠡᠷᠳᠡᠨᠢᠴᠠᠭᠠᠨ ᠤ ᠦᠵᠦᠮᠦᠴᠢᠨᠴᠦᠳ ᠲᠡᠭᠡᠷᠡᠬᠢ ᠬᠤᠶᠠᠷ ᠰᠤᠮᠤ ᠠᠴᠠ ᠤᠷᠳᠤ ᠰᠤᠮᠤᠨ ᠳᠤ ᠬᠠᠷᠢᠶᠠᠯᠠᠭᠳᠠᠵᠦ ᠪᠠᠶᠢᠪᠠ᠃      ᠦᠵᠦᠮᠦᠴᠢᠨ ᠨᠦᠭᠦᠳ ᠠᠩᠬ᠎ᠠ ᠲᠤᠰ ᠨᠤᠲᠤᠭ ᠲᠤ ᠢᠷᠡᠵᠦ ᠰᠠᠭᠤᠬᠤ ᠪᠤᠯᠤᠭᠰᠠᠨ ᠲᠤᠬᠠᠢ ᠨᠤᠲᠤᠭ ᠤᠨ  ᠬᠢᠨ ᠤ ᠶᠠᠷᠢᠵᠦ ᠪᠠᠶᠢᠬᠤ ᠪᠠᠷ ︽1945 ᠤᠨ ᠤ ᠴᠢᠯᠦᠭᠡᠯᠡᠬᠦ ᠲᠠᠶᠢᠨ ᠤ ᠦᠶ᠎ᠡ ᠳᠤ ᠤᠯᠵᠠᠯᠠᠭᠳᠠᠭᠰᠠᠨ ᠶᠠᠫᠤᠨᠴᠤᠳ ᠢ ᠠᠷᠤ ᠮᠤᠩᠭᠤᠯ ᠳᠤ ᠬᠦᠷᠭᠡᠵᠦ ᠢᠷᠡᠬᠦ ᠳᠤ ᠲᠠᠩᠳᠠ 18 — 19 ᠨᠠᠰᠤᠨ ᠤ ᠵᠠᠯᠠᠭᠤᠰ ᠶᠠᠪᠤᠭᠰᠠᠨ ᠪᠦᠭᠡᠳ ᠶᠠᠫᠤᠨᠴᠤᠳ ᠢ ᠬᠦᠷᠭᠡᠵᠦ ᠢᠷᠡᠴᠢᠭᠡᠳ ᠪᠤᠴᠠᠵᠦ ᠤᠴᠢᠭᠠᠳ ᠦᠯᠡᠳᠡᠭᠰᠡᠨ ᠬᠦᠮᠦᠰ ᠢᠶᠠᠨ ᠨᠡᠭᠦᠯᠭᠡᠵᠦ ᠢᠷᠡᠭᠰᠡᠨ ᠪᠠᠶᠢᠨ᠎ᠠ᠂ ᠤᠴᠢᠷ ᠮᠡᠳᠡᠬᠦ ᠬᠦᠮᠦᠰ ᠬᠦᠷᠦᠭᠡ ᠬᠢᠬᠦ ᠨᠡᠷᠡᠶᠢᠳᠦᠯ ᠢᠶᠠᠷ ᠶᠠᠪᠤᠬᠤ ᠳᠠᠭᠠᠨ ᠠᠷᠤ ᠮᠤᠩᠭᠤᠯ ᠳᠤ ᠨᠦᠬᠦᠴᠡᠯ ᠪᠠᠶᠢᠳᠠᠯ ᠢ ᠰᠤᠳᠤᠯᠤᠭᠠᠳ ᠪᠤᠴᠠᠳᠠᠭ ᠪᠠᠶᠢᠭᠰᠠᠨ ᠪᠠ ᠲᠡᠭᠡᠷ᠎ᠡ ᠦᠶ᠎ᠡ ᠳᠤ ᠡᠬᠢᠯᠡᠭᠡᠳ ᠠᠷᠪᠠᠨ ᠬᠡᠳᠦ ᠬᠤᠷᠢᠭᠠᠳ ᠠᠶᠢᠯ ᠢᠷᠡᠭᠰᠡᠨ᠂ ᠰᠡᠭᠦᠯ ᠳᠡᠭᠡᠨ 1945 ᠤᠨ ᠠᠴᠠ 1949 ᠤᠨ ᠤ ᠬᠤᠭᠤᠷᠤᠨᠳᠤ 40 ᠭᠡᠳ ᠡᠷᠦᠬᠡ ᠤᠷᠤᠵᠦ ᠢᠷᠡᠭᠰᠡᠨ ᠪᠤᠯᠤᠯᠳᠠᠢ ᠶᠤᠮ︾⑴ ᠭᠡᠬᠦ ᠳᠡᠭᠡᠨ 1945 ᠤᠨ ᠳᠤ ᠪᠠᠰᠠ ᠬᠦᠮᠦᠰ ᠲᠤᠰ ᠰᠤᠮᠤᠨ ᠳᠤ ᠤᠷᠤᠵᠦ ᠢᠷᠡᠭᠰᠡᠨ ᠤ ᠨᠢᠭᠡ ᠪᠠᠭ ᠨᠢ ᠬᠠᠭᠤᠴᠢᠳ ᠨᠦᠬᠦᠭᠡ ᠪᠠᠭ ᠨᠢ ᠦᠵᠦᠮᠦᠴᠢᠨ ᠨᠦᠭᠦᠳ ᠪᠠᠶᠢᠭᠰᠠᠨ ᠪᠠᠶᠢᠨ᠎ᠠ᠃ ᠠᠷᠠᠳ ᠤᠨ ᠠᠪᠢᠶᠠᠰᠳᠠᠨ ᠠᠬᠠᠮᠠᠳ ᠨᠠᠰᠤᠳᠠᠨ ᠰᠸ᠊᠂ ᠭᠡᠰᠢᠭ  ︵73 ᠨᠠᠰᠤ᠂ ᠡᠮᠡᠭᠳᠡᠢ᠂ 2006︶ ᠭᠤᠸᠠᠢ ︽ᠤᠷᠢᠳᠦ ᠦᠪᠦᠷ ᠮᠤᠩᠭᠤᠯ ᠳᠤ ᠰᠤᠷᠭᠠᠭᠤᠯᠢ ᠶᠢᠨ ᠰᠤᠷᠤᠭᠴᠢ ᠪᠠᠶᠢᠬᠤ ᠳᠤ ᠬᠤᠶᠠᠷ ᠶᠠᠫᠤᠨ᠂ ᠨᠢᠭᠡ ᠮᠤᠩᠭᠤᠯ ᠪᠠᠭᠰᠢ ᠪᠠᠶᠢᠭᠰᠠᠨ᠂ ᠨᠢᠭᠡ ᠡᠳᠦᠷ ᠰᠤᠷᠭᠠᠭᠤᠯᠢ ᠲᠡᠭᠡᠷ᠎ᠡ ᠢᠷᠡᠭᠰᠡᠨ ᠴᠢᠨᠢ ᠨᠦᠭᠦᠭᠡ ᠶᠠᠫᠤᠨ ᠪᠠᠭᠰᠢ ᠨᠠᠷ ᠪᠠᠶᠢᠭᠰᠠᠨ ᠦᠭᠡᠢ᠂ ᠬᠠᠷᠢᠨ ᠨᠢᠭᠡ ᠮᠤᠩᠭᠤᠯ ᠪᠠᠭᠰᠢ ᠯᠡ ᠪᠠᠶᠢᠭᠰᠠᠨ᠂ ᠁ ᠪᠢᠳᠡ ᠰᠤᠷᠭᠠᠭᠤᠯᠢ ᠠᠴᠠ ᠭᠠᠷᠤᠭᠠᠳ ᠢᠷᠡᠬᠦ ᠳᠤ ᠰᠤᠷᠭᠠᠭᠤᠯᠢ ᠶᠢ ᠶᠠᠪᠠᠭᠠᠨ ᠴᠡᠷᠢᠭ ᠪᠦᠰᠡᠯᠡᠴᠢᠭᠰᠡᠨ ᠪᠠᠶᠢᠭᠰᠠᠨ᠂ ᠪᠢ ᠴᠤ ᠨᠢᠭᠡᠳᠦᠭᠡᠷ ᠠᠩᠬᠢ ᠶᠢᠨ ᠵᠢᠭᠠᠬᠠᠨ ᠬᠡᠤᠬᠡᠳ ᠪᠤᠯᠬᠤᠷ ᠶᠠᠭᠤ ᠪᠠᠨ ᠴᠤ ᠮᠡᠳᠡᠭᠦᠪ᠂ ᠴᠡᠷᠢᠭ ᠤᠳ ᠶᠢᠨ ᠬᠤᠭᠤᠷᠤᠨᠳᠤᠭᠤᠷ ᠭᠠᠷᠬᠤ ᠭᠡᠵᠦ ᠵᠢᠳᠭᠦᠯᠡᠬᠦ ᠳᠤ ᠲᠤᠯᠤᠭᠠᠢ ᠶᠢ ᠮᠠᠨᠢ ᠢᠯᠢᠭᠡᠳ ᠭᠠᠷᠭᠠᠭᠰᠠᠨ᠂ ᠪᠢ ᠴᠤ ᠭᠠᠷᠤᠭᠠᠳ ᠶᠠᠪᠤᠭᠰᠠᠨ᠂ ᠬᠦᠳᠡᠭᠡ ᠮᠤᠳᠤᠨ ᠲᠤᠲᠤᠷ᠎ᠠ ᠬᠤᠶᠠᠷ ᠬᠤᠨᠤᠭ ᠨᠢᠭᠤᠭᠳᠠᠵᠦ ᠬᠡᠪᠳᠡᠵᠦ ᠪᠠᠶᠢᠭᠠᠳ ︵ᠮᠠᠨ ᠤ ᠠᠪᠤ ᠬᠦᠷᠦᠭᠡᠳ ᠤᠴᠢᠭᠰᠠᠨ ᠪᠠᠶᠢᠭᠰᠠᠨ ᠶᠤᠮ︶ ᠲᠠᠷᠠᠭ᠎ᠠ ᠨᠢ ᠲᠡᠨᠳᠡ ᠨᠢᠭᠡ ᠠᠶᠢᠯ ᠳᠤ ᠪᠠᠶᠢᠵᠦ ᠪᠠᠶᠢᠭᠠᠳ ᠢᠨᠠᠭᠰᠢ ᠨᠡᠭᠦᠵᠦ ᠢᠷᠡᠭᠰᠡᠨ᠂ ᠤᠳᠠᠯ ᠦᠭᠡᠢ ᠬᠤᠶᠠᠷ ᠬᠤᠨᠤᠭᠠᠳ ᠤᠷᠢᠳᠦ ᠬᠢᠯᠢ ᠲᠡᠭᠡᠷ᠎ᠡ ᠢᠷᠡᠭᠰᠡᠨ᠂ ᠮᠤᠩᠭᠤᠯ ᠴᠡᠷᠢᠭ ᠤᠳ ᠪᠢᠳᠡᠨ ᠢ ᠬᠠᠮᠠᠭᠠᠯᠠᠵᠦ ᠶᠠᠪᠤᠭᠰᠠᠨ᠂ ᠲᠡᠭᠡᠬᠦ ᠦᠭᠡᠢ ᠪᠤᠯ ᠤᠷᠤᠰ ᠴᠡᠷᠢᠭ ᠤᠳ ᠬᠦᠮᠦᠨ ᠠᠮᠢᠳᠠᠨ ᠢ ᠨᠢ ᠠᠶᠤᠯᠭᠠᠵᠦ᠂ ᠮᠠᠯ᠂ ᠠᠴᠢᠶ᠎ᠠ ᠪᠠᠷᠠᠭ᠎ᠠ ᠶᠢ ᠨᠢ ᠪᠤᠯᠢᠶᠠᠵᠦ ᠠᠪᠳᠠᠭ ᠪᠠᠶᠢᠭᠰᠠᠨ᠂ ᠨᠢᠭᠡ ᠮᠡᠳᠡᠬᠦ ᠳᠤ ᠦᠭᠭᠢᠶᠡᠮᠦᠷ ᠤᠨ ᠲᠡᠨᠳᠡ ᠪᠤᠭᠤ ᠶᠢᠨ ᠬᠠᠰᠢᠶᠠᠨ ᠳᠤ ᠲᠤᠯᠤᠭᠠᠳ ᠢᠷᠡᠭᠰᠡᠨ ᠪᠠᠶᠢᠭᠰᠠᠨ᠂ ᠢᠷᠡᠭᠰᠡᠨ ᠬᠦᠮᠦᠰ ᠤᠷᠳᠤ᠂ ᠵᠤᠳᠤᠯ ᠰᠤᠮᠤᠨ ᠳᠤ ᠬᠠᠷᠢᠶᠠᠯᠠᠭᠳᠠᠳᠠᠭ᠂ ᠬᠠᠮᠤᠭ ᠤᠨ ᠲᠦᠷᠦᠭᠦᠨ ᠳᠤ ᠢᠷᠡᠭᠰᠡᠨ ᠨᠢ 28 ᠡᠷᠦᠬᠡ ᠢᠷᠡᠵᠦ ᠪᠠᠶᠢᠭᠰᠠᠨ᠂ ᠬᠠᠮᠤᠭ ᠤᠨ ᠰᠡᠭᠦᠯ ᠳᠤ᠂ 1948 ᠤᠨ ᠳᠤ 11 ᠡᠷᠦᠬᠡ ᠨᠢᠭᠡ ᠤᠷᠤᠵᠦ ᠢᠷᠡᠭᠰᠡᠨ᠂ ᠶᠡᠭᠡ ᠰᠠᠶᠢᠬᠠᠨ ᠡᠬᠡᠨᠡᠷ ᠬᠤᠪᠴᠠᠰᠤ  ᠲᠠᠢ ᠬᠦᠮᠦᠰ ᠢᠷᠡᠵᠦ ᠪᠠᠶᠢᠭᠰᠠᠨ᠂ ᠮᠠᠨ ᠤ ᠬᠢ ᠬᠠᠮᠤᠭ ᠤᠨ ᠬᠢᠨ ᠤ 1945 ᠤᠨ ᠤ ᠬᠢ ᠳᠤ ᠢᠷᠡᠭᠰᠡᠨ᠂ ᠪᠢᠳᠡᠨ ᠢ ᠲᠦᠷᠪᠡᠵᠦ ᠢᠷᠡᠬᠦ ᠳᠤ ᠬᠦᠮᠦᠰ ᠵᠠᠮ ᠳᠤ ᠲᠤᠰᠴᠤ ᠤᠭᠳᠤᠵᠦ ᠠᠪᠴᠤ ᠪᠠᠶᠢᠭ᠎ᠠ ᠦᠭᠡᠢ᠂ ᠪᠢᠳᠡ ᠲᠦᠷᠪᠡᠵᠦ ᠢᠷᠡᠵᠦ ᠪᠠᠶᠢᠭ᠎ᠠ ᠪᠤᠯᠬᠤᠷ ᠨᠤᠬᠠᠢ ᠶᠢᠨ ᠠᠮᠠ ᠶᠢ ᠬᠦᠷᠳᠡᠯ᠎ᠡ ᠴᠢᠮᠡᠭᠡ ᠦᠭᠡᠢ ᠪᠠᠶᠢᠯᠭᠠᠬᠤ ᠶᠢᠨ ᠲᠤᠯᠨᠳᠠ ᠵᠢᠭᠤᠷᠠᠳᠠᠯ᠎ᠠ ᠨᠢ ᠪᠤᠭᠤᠴᠢᠭᠰᠠᠨ ᠢᠷᠡᠵᠦ ᠪᠠᠶᠢᠭᠰᠠᠨ᠂ ᠤᠯᠠᠨ ᠮᠠᠯ ᠲᠠᠢ ᠪᠠᠶᠠᠴᠤᠳ ᠤᠷᠤᠵᠦ ᠢᠷᠡᠵᠦ ᠪᠠᠶᠢᠭᠰᠠᠨ︾ ᠬᠡᠮᠡᠨ ᠬᠠᠭᠤᠴᠢᠯᠠᠭᠰᠠᠨ ᠶᠤᠮ᠃      ᠬᠠᠷᠢᠨ ᠲᠤᠰ ᠰᠤᠮᠤᠨ ᠤ ᠮᠢᠩᠭᠠᠳᠤ ᠮᠠᠯᠴᠢᠨ ᠨ᠊᠂ ᠮᠦᠩᠬᠡ ᠭᠤᠸᠠᠢ ︵75 ᠨᠠᠰᠤᠳᠠᠢ᠂ ᠡᠷᠡᠭᠳᠡᠢ᠂ 2006︶᠄ ︽1945 ᠤᠨ ᠤ ᠪᠠᠶᠢᠯᠳᠤᠭᠠᠨ ᠤ ᠦᠶ᠎ᠡ 6 ᠰᠠᠷ᠎ᠠ ᠶᠢᠨ 6᠂ 7 ᠤ ᠦᠶ᠎ᠡ ᠳᠤ ᠪᠠᠶᠢᠬᠤ᠂ ᠮᠠᠨᠠᠶᠢᠬᠢ ᠪᠦᠷ ᠬᠤᠯᠠ ᠬᠦᠬᠡᠬᠤᠳᠠ ᠶᠢᠨ ᠤᠷᠢᠳᠦ ᠠᠴᠠ ᠦᠬᠡᠷ ᠲᠡᠷᠭᠡ ᠪᠠᠷ ᠶᠠᠭ 30 ᠬᠤᠨᠤᠭ ᠨᠡᠭᠦᠭᠡᠳ ᠪᠢᠴᠢᠭᠳᠦ ᠶᠢᠨ ᠠᠳᠡ ᠯᠾᠠᠴᠢᠨᠸᠠᠩᠳᠠᠨ ᠠᠭᠤᠯᠠ ᠶᠢᠨ ᠤᠷᠴᠢᠮ ᠳᠤ ᠬᠦᠷᠴᠤ ᠢᠷᠡᠭᠰᠡᠨ᠂ ᠦᠪᠦᠷ ᠮᠤᠩᠭᠤᠯ ᠤᠨ 49 ᠬᠤᠰᠢᠭᠤ ᠲᠠᠢ ᠪᠠᠶᠢᠭᠰᠠᠨ᠂ ᠲᠡᠷᠡ ᠤᠯᠠᠨ ᠬᠤᠰᠢᠭᠤᠳ ᠠᠴᠠ ᠬᠦᠮᠦᠰ ᠨᠡᠭᠦᠵᠦ ᠢᠷᠡᠨ᠎ᠡ ᠭᠡᠳᠡᠭ ᠪᠤᠯ ᠨᠦᠰᠡᠷ ᠶᠠᠭᠤᠮ᠎ᠠ ᠪᠤᠯᠤᠨ᠎ᠠ ᠳ᠋ᠠ᠂ ᠭᠡᠳᠡᠯ᠎ᠡ ᠬᠢᠳᠠᠳ ᠤᠳ᠂ ᠬᠢᠳᠡᠳ ᠲᠤ ᠠᠷᠠᠳᠴᠢᠯᠠᠯ ᠲᠤᠭᠳᠠᠭᠰᠠᠨ ᠭᠡᠵᠦ ᠬᠡᠯᠡᠭᠡᠳ ᠁ ᠲᠡᠭᠡᠭᠰᠡᠨ ᠴᠢᠨᠢ ᠨᠦᠭᠦᠬᠡ ᠬᠦᠮᠦᠰ ᠴᠢᠨᠢ ᠪᠤᠴᠠᠭᠠᠳ ᠨᠡᠭᠦᠨ᠎ᠡ ᠰᠢᠤ ᠳ᠋ᠧ᠂ ᠪᠤᠴᠠᠵᠦ ᠨᠡᠭᠦᠭᠡᠳ᠂ ᠲᠡᠭᠦᠨ ᠠᠴᠠ ᠠᠷᠪᠠᠨ ᠲᠠᠪᠤᠬᠠᠨ ᠪᠠᠷᠠᠭᠤᠨ ᠦᠵᠦᠮᠦᠴᠢᠨ ᠠᠶᠢᠯ 1945 ᠤᠨ ᠤ ᠵᠤᠨ ᠤᠷᠤᠵᠦ ᠢᠷᠡᠭᠰᠡᠨ᠂ ᠪᠢ ᠠᠷᠪᠠᠨ ᠲᠠᠪᠤᠨ ᠨᠠᠰᠤᠳᠠᠢ ᠪᠠᠶᠢᠭᠰᠠᠨ᠂ ᠮᠠᠨ ᠤ ᠡᠴᠢᠭᠡ ᠪᠠᠶᠠᠨ ᠨᠠᠮᠤᠷᠠᠢ ᠶᠢᠨ ᠬᠢ 7 ᠬᠡᠤᠬᠡᠳ ᠲᠠᠢ ᠠᠴᠠ 4 ᠬᠡᠤᠬᠡᠳ ᠨᠢ ᠤᠷᠤᠵᠦ ᠢᠷᠡᠭᠰᠡᠨ᠂ ᠪᠢ ᠭᠠᠭᠴᠠᠭᠠᠷ ᠢᠶᠠᠨ ᠡᠷᠡᠭᠳᠡᠢ᠂ ᠮᠠᠨ ᠤ 4000 ᠬᠤᠨᠢ ᠲᠠᠢ᠂ 1000 ᠠᠳᠤᠭᠤ ᠲᠠᠢ᠂ 300 ᠦᠬᠡᠷ ᠲᠠᠢ᠂ ᠲᠡᠮᠡᠭᠡ ᠶᠠᠷᠤ ᠪᠠᠶᠢᠬᠤ ᠦᠭᠡᠢ᠂ 7 ᠢᠮᠠᠭ᠎ᠠ ᠲᠠᠢ ᠠᠶᠢᠯ ᠪᠠᠶᠢᠭᠰᠠᠨ᠃ ᠮᠠᠨ ᠤ ᠮᠠᠯ ᠢ ᠲᠦᠷ ᠬᠤᠷᠢᠶᠠᠭᠰᠠᠨ᠂ ᠮᠠᠨ ᠤ ᠠᠪᠤ ᠨᠤᠤᠰᠤ ᠲᠤᠳᠠᠭᠤᠯᠤᠭᠰᠠᠨ ᠬᠡᠷᠡᠭ ᠢᠶᠠᠷ 1952 ᠤᠨ ᠳᠤ ᠱᠤᠷᠤᠩ ᠳᠤ ᠶᠠᠪᠤᠭᠤᠯᠤᠭᠰᠠᠨ᠂ 1953 ᠤᠨ ᠳᠤ᠂ ᠮᠠᠯ ᠢᠶᠠᠨ ᠲᠡᠶᠢᠯᠬᠦ ᠦᠭᠡᠢ ᠪᠤᠯᠬᠤᠷ ᠤᠯᠤᠰ ᠲᠤ ᠦᠭᠭᠦᠶ᠎ᠡ ᠭᠡᠳ ᠦᠭᠭᠦᠭᠰᠡᠨ︾ ᠭᠡᠵᠦ ᠦᠭᠭᠦᠯᠦᠭᠰᠡᠨ ᠶᠤᠮ᠃ ᠢᠷᠡᠭᠰᠡᠨ ᠮᠠᠯ ᠬᠦᠷᠦᠩᠬᠡ ᠪᠦᠬᠦᠢ ᠠᠶᠢᠯ ᠤᠨ ᠲᠠᠯ᠎ᠠ ᠪᠠᠷ ᠦᠭᠡᠷ᠎ᠡ ᠵᠦᠷᠢᠭᠦᠤ ᠲᠠᠢ ᠪᠠᠰᠠ ᠨᠢᠭᠡᠨ ᠮᠡᠳᠡᠭᠡ ᠪᠠᠶᠢᠭ᠎ᠠ ᠶᠢ ᠠᠳᠡ ᠲᠤᠷᠠᠳᠪᠠᠯ ᠪᠠᠶᠠᠨ ᠨᠠᠮᠤᠷᠠᠢ ︵ᠬᠤᠨᠢᠨ ᠰᠦᠷᠦᠭ ᠨᠢ 10000 ᠭᠠᠷᠤᠢ ᠪᠠᠶᠢᠭᠰᠠᠨ︶᠂ ᠲᠡᠮᠦᠷᠴᠡᠷᠡᠨ ︵ᠦᠬᠡᠷ ᠨᠢ 2000 ᠭᠠᠷᠴᠤ ᠪᠠᠶᠢᠭᠰᠠᠨ︶᠂ ᠵᠠᠪᠵᠢᠳ᠂ ᠬᠤᠷᠵᠠᠶᠢᠯᠾᠠ᠂ ᠪᠠᠳᠤ ᠲᠠᠶᠢᠵᠢ ᠵᠡᠷᠭᠡ ᠤᠯᠠᠨ ᠮᠠᠯ ᠲᠠᠢ ᠬᠦᠮᠦᠰ ᠪᠠᠶᠢᠭᠰᠠᠨ ᠭᠡᠰᠡᠨ ᠮᠡᠳᠡᠭᠡ ᠪᠠᠶᠢᠨ᠎ᠠ᠃ ᠨᠡᠭᠦᠵᠦ ᠢᠷᠡᠭᠰᠡᠨ ᠦᠵᠦᠮᠦᠴᠢᠨ ᠨᠦᠭᠦᠳ ᠤᠨ ᠶᠡᠬᠡᠩᠬᠢ ᠨᠢ ᠲᠤᠰ ᠰᠤᠮᠤᠨ ᠤ ᠬᠦᠨᠳᠡᠯᠡᠨ ᠬᠠᠶᠢᠯᠠᠰᠤᠳᠦ ᠭᠡᠳᠡᠭ ᠭᠠᠵᠠᠷ ᠰᠠᠭᠤᠷᠢᠰᠢᠭᠰᠠᠨ ᠪᠠᠶᠢᠨ᠎ᠠ᠃ ᠦᠵᠦᠮᠦᠴᠢᠨ ᠨᠦᠭᠦᠳ ᠠᠷᠤ ᠮᠤᠩᠭᠤᠯ ᠳᠤ ᠨᠡᠭᠦᠵᠦ ᠢᠷᠡᠬᠦ ᠬᠦᠰᠡᠯ ᠡᠷᠮᠡᠯᠵᠡᠯᠡᠯ ᠲᠠᠢ ᠪᠠᠶᠢᠭᠰᠠᠭᠠᠷ ᠢᠷᠡᠭᠰᠡᠨ ᠢ ᠵᠠᠷᠢᠮ ᠭᠠᠵᠠᠷ ᠤᠰᠤᠨ ᠤ ᠨᠡᠷ᠎ᠡ᠂ ᠠᠬᠤᠢ ᠶᠢᠨ ᠲᠠᠳᠬᠠᠯ ᠬᠡᠪᠰᠢᠯ ᠬᠡᠷᠡᠴᠢᠯᠡᠳᠡᠭ᠃ ᠲᠤᠬᠠᠶᠢᠯᠠᠪᠠᠯ᠂ ᠭ᠊᠂ ᠭᠠᠩᠪᠤᠯᠤᠳ᠄ ︽ᠡᠭᠦᠳᠡ ᠬᠠᠳᠠᠪᠴᠢ ᠨᠡᠷ᠎ᠡ ᠲᠠᠢ 2 ᠭᠠᠵᠠᠷ ᠪᠠᠶᠢᠳᠠᠭ᠂ ᠡᠨᠡ ᠡᠭᠦᠳᠡ ᠨᠢ ᠤᠳᠤ ᠶᠢᠨ ᠪᠢᠴᠢᠭᠳᠦ ᠶᠢᠨ ᠬᠢᠯᠢ ᠶᠢᠨ ᠪᠤᠭᠤᠮᠳᠠ ᠪᠠᠶᠢᠭ᠎ᠠ ᠭᠠᠵᠠᠷ ᠤᠷᠴᠢᠮ ᠪᠤᠢ᠃ ᠦᠵᠦᠮᠦᠴᠢᠨ ᠨᠦᠭᠦᠳ ᠮᠠᠨ ᠤ ᠡᠭᠦᠳᠡ ᠬᠤᠶᠢᠰᠢ ᠪᠠᠨ ᠬᠠᠷᠠᠵᠦ ᠪᠠᠶᠢᠳᠠᠭ ᠭᠡᠵᠦ ᠶᠠᠷᠢᠳᠠᠭ ᠪᠦᠭᠡᠳ ᠪᠢᠳᠡ ︵ᠠᠷᠤ ᠮᠤᠩᠭᠤᠯ︶ ᠡᠭᠦᠳᠡ ᠪᠠᠷ ᠢᠶᠠᠨ ᠤᠷᠤᠵᠦ ᠢᠷᠡᠭᠰᠡᠨ ᠤᠯᠤᠰ ᠤᠳ ᠭᠡᠵᠦ ᠶᠠᠷᠢᠳᠠᠭ᠃ ᠪᠠᠰᠠ ᠡᠮᠡᠭᠡᠯ ᠤᠨ ᠪᠦᠭᠦᠷᠭᠡ ᠶᠢ ᠬᠤᠶᠢᠰᠢ ᠬᠠᠷᠠᠭᠤᠯᠵᠦ ᠲᠠᠯᠪᠢᠳᠠᠭ᠂ ᠡᠨᠡ ᠨᠢ ᠦᠵᠦᠮᠦᠴᠢᠨ ᠨᠦᠭᠦᠳ ᠤᠨ ᠠᠷᠤ ᠮᠤᠩᠭᠤᠯ ᠳᠤ ᠤᠷᠤᠵᠦ ᠢᠷᠡᠬᠦ ᠬᠦᠰᠡᠯ ᠪᠤᠳᠤᠯ ᠲᠠᠢ ᠨᠢ ᠬᠤᠯᠪᠤᠭᠠᠳᠠᠢ᠂ ᠤᠳᠤ ᠬᠦᠷᠳᠡᠯ᠎ᠡ ᠪᠢᠳᠡ ᠡᠮᠡᠭᠡᠯ ᠢᠶᠠᠨ ᠬᠤᠶᠢᠰᠢ ᠬᠠᠷᠠᠭᠤᠯᠵᠦ ᠲᠠᠯᠪᠢᠳᠠᠭ᠂ ᠪᠠᠷᠠᠭᠤᠨ ᠵᠡᠭᠦᠨ ᠬᠠᠳᠠᠪᠴᠢ ᠭᠡᠵᠦ ᠬᠤᠶᠠᠷ ᠠᠭᠤᠯᠠ ᠬᠢᠯᠢ ᠶᠢᠨ ᠴᠠᠭᠠᠨ᠎ᠠ 6᠂ 7 ᠺᠢᠯᠤᠮᠧᠲᠷ ᠲᠤ ᠪᠤᠢ᠃ ᠤᠳᠤ ᠴᠤ ᠭᠡᠰᠡᠨ ᠬᠠᠳᠠᠪᠴᠢ ᠶᠢᠨ ᠵᠠᠰᠲ᠋ᠠᠪ ᠭᠡᠵᠦ ᠪᠠᠶᠢᠳᠠᠭ︾ ᠬᠡᠮᠡᠨ ᠶᠠᠷᠢᠭᠰᠠᠨ ᠶᠤᠮ᠃ ᠤᠳᠤ ᠰᠦᠬᠡᠪᠠᠭᠠᠳᠤᠷ ᠠᠶᠢᠮᠠᠭ ᠤᠨ ᠡᠷᠳᠡᠨᠢᠴᠠᠭᠠᠨ ᠰᠤᠮᠤᠨ ᠤ ᠲᠦᠪ ᠳᠤ 200 — 300 ᠦᠵᠦᠮᠦᠴᠢᠨ᠂ ᠨᠢᠭᠡᠳᠦᠭᠡᠷ ᠪᠠᠭ ᠲᠤ 100 ᠭᠠᠷᠤᠢ ᠡᠷᠦᠬᠡ᠂ 350 ᠬᠦᠮᠦᠨ ︵210 ᠡᠷᠦᠬᠡ᠂ 700 ᠭᠠᠷᠤᠢ ᠬᠦᠮᠦᠨ︶ ᠨᠢ ᠦᠵᠦᠮᠦᠴᠢᠨ ᠪᠠᠶᠢᠨ᠎ᠠ᠃        ⑵ ᠦᠵᠦᠮᠦᠴᠢᠨ ᠤ ᠲᠡᠤᠬᠡ᠂ ᠤᠭᠰᠠᠭ᠎ᠠ ᠭᠠᠷᠪᠠᠯᠢ ᠬᠡᠮᠡᠬᠦ ᠭᠡᠰᠡᠭ ᠲᠤ       ᠦᠵᠦᠮᠦᠴᠢᠨ ᠤᠭᠰᠠᠭᠠᠳᠠᠨ ᠨᠢ ᠠᠯᠢ ᠦᠶ᠎ᠡ ᠳᠤ᠂ ᠶᠠᠮᠠᠷ ᠭᠠᠵᠠᠷ ᠲᠤ᠂ ᠶᠠᠭᠠᠬᠢᠵᠦ ᠤᠪᠤᠭ ᠤᠭᠰᠠᠭ᠎ᠠ ᠠᠶᠢᠮᠠᠭ ᠪᠤᠯᠵᠦ ᠪᠦᠷᠢᠯᠳᠦᠭᠰᠡᠨ ᠭᠡᠳᠡᠭ ᠢ ᠨᠠᠷᠢᠨ ᠲᠤᠲᠤᠷᠬᠠᠶᠢᠯᠠᠵᠦ᠂ ᠤᠨ ᠲᠠᠷᠠᠭᠠᠯᠠᠨ ᠲᠡᠮᠳᠡᠭᠯᠡᠭᠰᠡᠨ ᠪᠠᠷᠢᠮᠳᠠ ᠪᠢᠴᠢᠭ᠂ ᠲᠡᠤᠬᠡᠨ ᠲᠡᠮᠳᠡᠭᠯᠡᠯ ᠤᠳᠤ ᠪᠠᠷ ᠬᠠᠷᠠᠬᠠᠨ ᠤᠯᠳᠠᠭ᠎ᠠ ᠦᠭᠡᠢ ᠪᠤᠯᠤᠯᠳᠠᠢ᠃ ᠭᠡᠪᠡᠴᠦ ᠬᠡᠳᠦᠶᠢᠨ ᠠᠴᠠ ᠡᠬᠢᠯᠡᠨ ᠦᠵᠦᠮᠦᠴᠢᠨ ᠬᠡᠮᠡᠨ ᠨᠡᠷᠡᠯᠡᠬᠦ ᠪᠤᠯᠤᠭᠰᠠᠨ ᠲᠤᠬᠠᠢ ᠳᠤ ᠦᠵᠦᠮᠦᠴᠢᠨ ᠭᠦᠩ ᠭᠤᠮᠪᠤᠵᠠᠪ ᠤᠨ ᠵᠤᠬᠢᠶᠠᠭᠰᠠᠨ ︽ᠭᠠᠩᠭ᠎ᠠ ᠶᠢᠨ ᠤᠷᠤᠰᠬᠠᠯ︾᠂ ︽ᠴᠢᠩ ᠤᠯᠤᠰ ᠤᠨ ᠲᠡᠤᠬᠡᠨ ᠨᠤᠤᠷᠠᠭ︾᠂ ᠲᠤᠲᠤᠷᠠᠬᠢ ᠦᠵᠦᠮᠦᠴᠢᠨ ᠤ ᠪᠦᠯᠦᠭ᠂ ︽ᠮᠤᠩᠭᠤᠯ ᠤᠨ ᠨᠡᠬᠦᠬᠦ ᠮᠠᠯᠵᠢᠯ ᠲᠡᠮᠳᠡᠭᠯᠡᠯ︾ ᠵᠡᠷᠭᠡ ᠲᠤ ︽ᠶᠤᠸᠠᠨ ᠤᠯᠤᠰ ᠤᠨ ᠲᠠᠶᠢᠽᠦ ᠬᠠᠭᠠᠨ ᠤ ᠠᠷᠪᠠᠨ ᠵᠢᠷᠭᠤᠳᠤᠭᠠᠷ ᠦᠶ᠎ᠡ ᠶᠢᠨ ᠠᠴᠢ ᠲᠦᠷᠦᠪᠤᠯᠤᠳ ᠬᠠᠩᠭᠠᠢ ᠠᠭᠤᠯᠠ ᠠᠴᠠ ᠭᠤᠪᠢ ᠳᠤ ᠰᠢᠯᠵᠢᠨ ᠮᠠᠯᠵᠢᠨ ᠰᠠᠭᠤᠪᠠ᠂ ᠲᠡᠭᠦᠨ ᠤ ᠬᠦᠪᠡᠭᠦᠨ ᠪᠤᠳᠢ ᠠᠯᠠᠭ ᠵᠠᠯᠭᠠᠮᠵᠢᠯᠠᠪᠠ᠂ ᠲᠡᠭᠦᠨ ᠳᠤ ᠭᠤᠷᠪᠠᠨ ᠬᠦᠪᠡᠭᠦᠨ ᠲᠠᠢ᠂ ᠤᠤᠭᠠᠨ  ᠨᠢ ᠬᠦᠳᠡᠨ ᠬᠠᠨ᠂ ᠬᠤᠶᠠᠳᠤᠭᠠᠷ ᠨᠢ ᠬᠦᠴᠦᠳᠦ ᠮᠡᠷᠭᠡᠨ ᠲᠠᠶᠢᠵᠢ᠂ ᠭᠤᠳᠠᠭᠠᠷ ᠨᠢ ᠤᠩᠭᠤᠨ ᠲᠤᠷᠠᠯ ᠨᠤᠶᠠᠨ᠂ ᠤᠩᠭᠤᠨ ᠲᠤᠷᠠᠯ ᠬᠠᠷᠢᠶᠠᠳᠦ ᠠᠶᠢᠮᠠᠭ ᠢᠶᠠᠨ ᠬᠡᠮᠡᠨ ᠨᠠᠷᠡᠶᠢᠳᠪᠠ︾ ᠭᠡᠮᠡᠨ ᠨᠢᠭᠡᠨ ᠢᠵᠢᠯ ᠪᠠᠳᠤᠯᠠᠨ ᠲᠡᠮᠳᠡᠭᠯᠡᠭᠰᠡᠨ ᠪᠠᠶᠢᠨ᠎ᠠ᠃       ︽ᠡᠷᠳᠡᠨᠢ ᠲᠤᠨᠤᠮᠠᠯ ᠨᠡᠷᠡᠳᠦ ᠰᠤᠳᠤᠷ ᠤᠷᠤᠰᠢᠪᠠ︾᠂ ︽ᠭᠠᠩᠭ᠎ᠠ ᠶᠢᠨ ᠤᠷᠤᠰᠬᠠᠯ︾᠂ ︽ᠠᠯᠳᠠᠨ ᠬᠦᠷᠳᠦᠨ ᠮᠢᠩᠭᠠᠨ ᠬᠡᠭᠡᠰᠦᠳᠦ︾ ᠵᠡᠷᠭᠡ ᠮᠤᠩᠭᠤᠯ ᠤᠨ ᠲᠡᠤᠬᠡᠨ ᠰᠤᠷᠪᠤᠯᠵᠢ ᠪᠢᠴᠢᠭ ᠲᠤ ᠦᠵᠦᠮᠦᠴᠢᠨ ᠮᠤᠩᠭᠤᠯᠴᠦᠳ ᠤᠨ ᠵᠠᠰᠠᠭ ᠵᠠᠬᠢᠷᠭᠠᠨ ᠤ ᠬᠠᠷᠢᠶ᠎ᠠ᠂ ᠨᠤᠶᠠᠳ ᠤᠨ ᠤᠭ ᠡᠬᠡ ᠶᠢ ᠴᠢᠩᠭᠢᠰ ᠬᠠᠭᠠᠨ᠂ ᠲᠡᠭᠦᠨ ᠤ ᠬᠦᠤ ᠲᠤᠯᠤᠢ ᠠᠴᠠ ᠨᠠᠰᠢ ᠰᠢᠭᠤᠳ ᠦᠶ᠎ᠡ ᠵᠠᠯᠭᠠᠨ ᠲᠡᠮᠳᠡᠭᠯᠡᠵᠦ ᠦᠯᠡᠳᠡᠭᠡᠭᠰᠡᠨ ᠨᠢ ᠪᠠᠶᠢᠳᠠᠭ᠃ ᠲᠤᠬᠠᠶᠢᠯᠠᠪᠠᠯ᠂ ︽ᠡᠷᠳᠡᠨᠢ ᠲᠤᠨᠤᠮᠠᠯ ᠨᠡᠷᠡᠳᠦ ᠰᠤᠳᠤᠷ ᠤᠷᠤᠰᠢᠪᠠ︾ ᠬᠡᠮᠡᠬᠦ ᠨᠡᠷᠡᠳᠡᠢ ᠠᠯᠳᠠᠨ ᠬᠠᠭᠠᠨ ᠤ ᠲᠤᠭᠤᠵᠢ ᠶᠢ ᠦᠵᠦᠮᠦᠴᠢᠨ ᠤ ᠭᠤᠷᠪᠠᠳᠤᠭᠠᠷ ᠤᠳᠠᠭ᠎ᠠ ᠶᠢᠨ ᠬᠤᠱᠤᠢ ᠰᠡᠴᠡᠨ ᠴᠢᠨ ᠸᠠᠩ ᠰᠤᠳᠠᠨᠠᠢ ᠶᠢᠨ ᠦᠶ᠎ᠡ ᠳᠤ ᠸᠠᠩ ᠤᠨ ᠤᠷᠳᠤᠨ ᠳᠤ ᠬᠠᠳᠠᠭᠠᠯᠠᠬᠤ ᠳᠠᠭᠠᠨ ᠬᠠᠭᠤᠳᠠᠰᠤ ᠪᠤᠯᠭᠠᠨ ᠲᠠᠭᠠᠯᠳᠤᠭᠤᠯᠤᠨ ᠬᠠᠳᠠᠭᠠᠯᠠᠵᠠᠢ᠃ ᠶᠡᠷᠦᠩᠬᠡᠢ ᠳᠡᠭᠡᠨ 300 ᠭᠠᠷᠤᠢ ᠵᠢᠯ ᠤᠨ ᠡᠮᠦᠨ᠎ᠡ ᠪᠤᠶᠤ 1689 ᠤᠨ ᠳᠤ ᠰᠤᠳᠠᠨᠠᠢ ᠴᠢᠨ ᠸᠠᠩ ᠢ ᠨᠠᠰᠤ ᠨᠦᠭᠴᠢᠬᠦ ᠠᠴᠠ ᠡᠮᠦᠨ᠎ᠡ ᠪᠢᠴᠢᠵᠦ ᠦᠯᠡᠳᠡᠭᠡᠭᠰᠡᠨ ᠪᠠᠶᠢᠵᠦ ᠪᠤᠯᠬᠤ ᠡᠨᠡᠬᠦ ᠲᠡᠮᠳᠡᠭᠯᠡᠯ ᠤᠨ ᠵᠠᠷᠢᠮ ᠦᠶ᠎ᠡ ᠲᠠᠷᠠᠭᠠᠯᠠᠯ ᠳᠤ ᠪᠠᠭ᠎ᠠ ᠵᠡᠷᠭᠡ ᠲᠠᠰᠢᠶ᠎ᠠ ᠪᠠᠶᠢᠳᠠᠭ ᠪᠤᠯᠪᠠᠴᠤ ᠦᠵᠦᠮᠦᠴᠢᠨ ᠮᠤᠩᠭᠤᠯᠴᠤᠳ ᠤᠨ ᠤᠭᠰᠠᠭ᠎ᠠ ᠭᠠᠷᠪᠠᠯᠢ ᠶᠢ ᠲᠤᠭᠳᠠᠭᠠᠬᠤ ᠳᠤ ᠲᠦᠢᠯ ᠤᠨ ᠦᠨ᠎ᠡ ᠴᠡᠨ᠎ᠡ ᠲᠠᠢ ᠬᠡᠷᠡᠭᠯᠡᠭᠳᠡᠬᠦᠨ ᠪᠤᠯᠵᠦ ᠪᠠᠶᠢᠨ᠎ᠠ᠃ ᠲᠡᠭᠦᠨ ᠳᠤ ᠲᠡᠮᠳᠡᠭᠯᠡᠭᠰᠡᠨ ᠨᠢ᠄      ⒈ ᠴᠢᠩᠭᠢᠰ ᠬᠠᠭᠠᠨ᠂⒉ ᠲᠤᠯᠤᠢ᠂⒊ ᠬᠤᠪᠢᠯᠠᠢ ᠬᠠᠭᠠᠨ᠂⒋ ᠴᠢᠩᠭᠢᠮ ᠲᠠᠶᠢᠵᠢ᠂⒌ ᠳ᠋ᠠᠷᠮᠠᠪᠠᠯ᠎ᠠ᠂⒍ ᠪᠤᠶᠠᠨᠳᠤ ᠬᠠᠭᠠᠨ᠂⒎ ᠵᠠᠶᠠᠭᠠᠳᠤ ᠬᠠᠭᠠᠨ᠂⒏ ᠲᠤᠭᠤᠯᠠᠩ ᠲᠡᠮᠦᠷ ᠬᠠᠭᠠᠨ᠂⒐ ᠤᠰᠬᠠᠯ ᠬᠠᠭᠠᠨ᠂⒑ ᠬᠠᠷᠭᠤᠴᠠᠭ ᠲᠦᠭᠦᠷᠡᠩ ᠬᠤᠩ ᠲᠠᠶᠢᠵᠢ᠂⒒ ᠠᠵᠠᠢ ᠲᠠᠶᠢᠵᠢ᠂⒓ ᠬᠠᠷᠭᠤᠴᠠᠭ ᠲᠠᠶᠢᠵᠢ᠂⒔ ᠪᠤᠯᠬᠤ ᠵᠢᠨᠤᠩ᠂⒕ ᠲᠠᠶᠠᠩ ᠬᠠᠭᠠᠨ᠂⒖ ᠲᠦᠷᠦᠪᠤᠯᠤᠳ᠂⒗ ᠪᠤᠳᠢ ᠠᠯᠠᠭ ᠬᠠᠭᠠᠨ᠂⒘ ᠲᠤᠷᠵᠢ ᠰᠡᠴᠡᠨ ᠵᠢᠨᠤᠩ ᠴᠢᠨ ᠸᠠᠩ᠂⒙ ᠠᠴᠢᠳᠦ ᠡᠷᠳᠡᠨᠢ ᠬᠤᠩ ᠲᠠᠶᠢᠵᠢ᠂⒚ ᠰᠡᠴᠡᠨ ᠴᠢᠨ ᠸᠠᠩ ᠴᠠᠭᠠᠨᠪᠠᠪᠠᠢ᠂⒛ ᠰᠡᠴᠡᠨ ᠴᠢᠨ ᠸᠠᠩ ᠰᠤᠳᠠᠨᠠᠢ ︵ᠡᠷᠳᠡᠨᠢ ᠲᠤᠨᠤᠮᠠᠯ᠂ 184185︶ ᠭᠡᠵᠡᠢ᠃      ⑶ ᠦᠵᠦᠮᠦᠴᠢᠨ ᠬᠡᠮᠡᠨ ᠨᠡᠷᠡᠶᠢᠳᠦᠭᠰᠡᠨ ᠤᠴᠢᠷ ᠬᠡᠬᠦ ᠭᠡᠰᠡᠭ ᠲᠤ      ᠤᠯᠠᠩᠬᠢ ᠰᠤᠳᠤᠯᠠᠭᠠᠴᠢᠳ ︽ᠦᠵᠦᠮᠦᠴᠢᠨ︾ ᠬᠡᠮᠡᠬᠦ ᠲᠤᠪᠯᠤᠭᠰᠠᠨ ᠨᠡᠷ᠎ᠡ ᠲᠠᠢ ᠤᠭᠰᠠᠭᠠᠳᠠᠨ ᠢ ᠪᠦᠯᠦᠭ ᠲᠡᠤᠬᠡ ᠶᠢᠨ ᠲᠠᠪᠴᠠᠩ ᠳᠤ ᠲᠦᠷᠦᠪᠤᠯᠤᠳ ᠠᠴᠠ ᠤᠩᠭᠤᠨ ᠲᠤᠷᠠᠯ ᠨᠤᠶᠠᠨ ᠤ ᠦᠶ᠎ᠡ ᠪᠤᠶᠤ ᠹᠸᠤᠳᠠᠯ ᠤᠨ ᠪᠤᠳᠠᠷᠠᠯ ᠤᠨ ᠰᠢᠨ᠎ᠡ ᠦᠶ᠎ᠡ ᠲᠠᠢ ᠲᠠᠪᠬᠤᠴᠠᠨ ᠭᠠᠷᠴᠤ ᠢᠷᠡᠵᠦ ᠪᠠᠶᠢᠭ᠎ᠠ ᠨᠢ ᠲᠤᠬᠠᠶᠢᠯᠠᠭᠰᠠᠨ ᠶᠠᠰᠤᠳᠠᠨ ᠤ ᠬᠤᠪᠢ ᠳᠤ ᠠᠩᠬᠢ ᠪᠦᠷᠢᠯᠳᠦᠭᠰᠡᠨ ᠪᠤᠯᠬᠤ ᠨᠢ ᠮᠡᠳᠡᠭᠳᠡᠵᠦ ᠪᠠᠶᠢᠭ᠎ᠠ ᠶᠢᠨ ᠲᠡᠭᠡᠷ᠎ᠡ ᠶᠠᠮᠠᠷ ᠪᠤᠯᠪᠠᠴᠤ ᠲᠠᠶᠠᠩ ᠬᠠᠭᠠᠨ ᠤ ᠬᠠᠷᠢᠶᠠᠳᠤ ᠵᠢᠷᠭᠤᠭᠠᠨ ᠲᠦᠮᠡᠨ ᠪᠤᠶᠤ ᠵᠢᠷᠭᠤᠭᠠᠨ ᠶᠡᠭᠡ ᠤᠯᠤᠰ ᠤᠨ ᠵᠡᠭᠦᠨ ᠭᠤᠷᠪᠠᠨ ᠲᠦᠮᠡᠨ ᠤ ᠪᠦᠷᠢᠯᠳᠦᠬᠦᠨ ᠳᠤ ᠪᠠᠭᠳᠠᠭᠠᠵᠦ ᠪᠠᠶᠢᠭᠰᠠᠨ ᠭᠡᠳᠡᠭ ᠨᠢ ᠲᠤᠲᠤᠷᠬᠠᠢ ︵ᠳ᠋ᠢᠰᠡᠨ 1990᠂ 129︶ ᠬᠡᠮᠡᠨ ᠦᠵᠦᠮᠦᠴᠢᠨ ᠠᠶᠢᠮᠠᠭ ᠤᠭᠰᠠᠭ᠎ᠠ ᠴᠤᠬᠤᠮ ᠡᠨᠡ ᠦᠶ᠎ᠡ ᠠᠴᠠ ᠪᠤᠢ ᠪᠤᠯᠤᠭᠰᠠᠨ ᠭᠡᠵᠦ ᠦᠵᠡᠭᠰᠡᠭᠡᠷ ᠢᠷᠡᠵᠡᠢ᠃ ᠡᠭᠦᠪᠡᠷ ᠦᠵᠡᠪᠡᠯ ᠦᠵᠦᠮᠦᠴᠢᠨ ᠠᠶᠢᠮᠠᠭ ᠨᠢ ᠮᠤᠩᠭᠤᠯ ᠤᠨ ᠹᠸᠤᠳᠠᠯ ᠤᠨ ᠪᠤᠳᠠᠷᠠᠯ ᠤᠨ ᠦᠶᠡᠰ ᠲᠤ᠂ ᠪᠠᠳᠤᠮᠦ᠋ᠩᠬᠡ ᠲᠠᠶᠠᠩ ᠬᠠᠭᠠᠨ ᠤᠯᠤᠰ ᠭᠦᠷᠦᠨ ᠢᠶᠠᠨ ᠦᠪᠡᠷ ᠤᠨ ᠬᠦᠪᠡᠭᠦᠳ ᠲᠡᠭᠡᠨ ᠦᠮᠴᠢᠯᠡᠵᠦ ᠦᠭᠭᠦᠭᠰᠡᠨ ᠠᠷᠪᠠᠨ ᠵᠢᠷᠭᠤᠳᠤᠭᠠᠷ ᠵᠠᠭᠤᠨ ᠤ ᠰᠡᠭᠦᠯᠡᠷ ᠪᠤᠶᠤ ︽ᠡᠷᠳᠡᠨᠢ ᠶᠢᠨ ᠲᠤᠪᠴᠢ︾ ᠳᠤ ᠦᠬᠦᠯᠡᠭᠰᠡᠨᠴᠢᠯᠡᠨ ᠤᠩᠭᠤᠨ ᠲᠤᠷᠠᠯ ᠨᠤᠶᠠᠨ ᠤ ᠡᠴᠢᠭᠡ ᠪᠤᠳᠢ ᠠᠯᠠᠭ ᠬᠠᠭᠠᠨ ᠲᠦᠴᠢᠨ ᠨᠢᠭᠡᠨ ᠨᠠᠰᠤᠨ ᠳᠠᠭᠠᠨ ᠬᠦᠬᠡ ᠯᠤᠤ ᠵᠢᠯ ᠬᠠᠭᠠᠨ ᠰᠠᠭᠤᠵᠦ ︵1544 ᠤᠨ︶᠂ ᠲᠦᠷᠪᠡᠨ ᠤᠨ ᠪᠤᠯᠤᠭᠠᠳ ᠤᠯᠡᠭ᠌ᠴᠢᠨ ᠬᠤᠨᠢᠨ ᠵᠢᠯ ︵1547 ᠤᠨ︶ ᠨᠠᠰᠤ ᠪᠠᠷᠠᠭᠰᠠᠨ ᠠᠴᠠ ᠬᠤᠶᠢᠰᠢ ᠠᠩᠬ᠎ᠠ ᠪᠦᠷᠢᠯᠳᠦᠨ ᠲᠤᠭᠳᠠᠭᠰᠠᠨ ᠮᠡᠳᠦ ᠪᠠᠶᠢᠨ᠎ᠠ᠃      ᠲᠡᠤᠬᠡ ᠶᠢᠨ ᠲᠤᠯᠭᠤᠷ ᠪᠢᠴᠢᠭ᠂ ᠰᠤᠳᠤᠯᠭᠠᠨ ᠤ ᠵᠤᠬᠢᠶᠠᠯ ᠰᠡᠯᠳᠡ ᠠᠴᠠ ᠨᠠᠷᠢᠨ ᠱᠦᠭᠦᠵᠦ ᠦᠵᠡᠪᠡᠯ᠂ ᠦᠵᠦᠮᠦᠴᠢᠨ ᠤᠪᠤᠭ ᠤᠭᠰᠠᠭ᠎ᠠ᠂ ᠤᠲᠤᠭ ᠠᠶᠢᠮᠠᠭ ᠤᠨ ᠪᠦᠷᠢᠳᠦᠯ ᠨᠢ ᠡᠭᠦᠨ ᠠᠴᠠ ᠨᠡᠯᠢᠶᠡᠳ ᠡᠷᠳᠡ ᠡᠭᠦᠰᠴᠤ ᠪᠦᠷᠢᠯᠳᠦᠭᠰᠡᠨ ᠪᠤᠯᠤᠯᠳᠠᠢ᠂ ᠲᠤᠬᠠᠶᠢᠯᠠᠪᠠᠯ᠄ ᠲᠡᠤᠬᠡᠴᠢ ᠯᠤᠪᠰᠠᠩᠳᠠᠨᠵᠢᠨ ᠤ ᠵᠤᠬᠢᠶᠠᠭᠰᠠᠨ ᠮᠤᠩᠭᠤᠯ ᠤᠨ ᠲᠡᠤᠬᠡ ᠶᠢᠨ ᠲᠤᠯᠭᠤᠷ ᠪᠢᠴᠢᠭ ᠪᠤᠯᠬᠤ ︽ᠠᠯᠳᠠᠨ ᠲᠤᠪᠴᠢ︾ ᠳᠤ᠄ ︽᠁ ᠬᠦᠪᠡᠭᠦᠨ ᠠᠪᠬᠠᠢ ᠪᠠᠨ ︵ᠤᠯᠤᠰ ᠪᠤᠯᠤᠳ︶ ᠬᠤᠤᠷᠯᠠᠭᠤᠯᠤᠭᠰᠠᠨ ᠲᠤᠯᠠ ᠲᠠᠶᠠᠩ ᠬᠠᠭᠠᠨ ᠴᠡᠷᠢᠭᠯᠡᠨ ᠮᠤᠷᠳᠠᠪᠠ᠂ ᠪᠠᠷᠠᠭᠤᠨ ᠲᠦᠮᠡᠨ ᠰᠤᠨᠤᠰᠤᠭᠠᠳ ᠤᠭᠳᠤᠨ ᠴᠡᠷᠢᠭ ᠮᠤᠷᠳᠡᠵᠦ᠂ ᠲᠠᠯᠠᠨ ᠲᠡᠷᠢᠭᠦᠨ ᠳᠤ ᠵᠤᠯᠭᠠᠯᠳᠤᠪᠠ᠂ ᠠᠯᠠᠭᠴᠢᠭᠤᠳ ᠤᠨ ᠴᠠᠭᠠᠨ ᠵᠠᠭᠠᠷᠢᠨ᠂ ᠦᠵᠦᠮᠦᠴᠢᠨ ᠤ ᠠᠯᠳᠤᠩᠬᠡ ᠪᠠᠭᠰᠢ ᠬᠤᠶᠠᠭᠤᠯᠠ ᠢᠷᠸ᠎ᠠ ᠦᠵᠡᠵᠦ᠂ ᠬᠠᠭᠠᠨ ᠳᠤ ᠠᠶᠢᠯᠠᠳᠬᠠᠪᠠ︾ ︵ ᠠᠯᠳᠠᠨ ᠲᠤᠪᠴᠢ᠂ 1990᠂179︶ ᠭᠡᠵᠡᠢ᠃ ᠡᠨᠡ ᠨᠢ ᠦᠢᠯᠡ ᠶᠠᠪᠤᠳᠠᠯ ᠪᠤᠯ ᠤᠩᠭᠤᠨ ᠲᠤᠷᠠᠯ ᠨᠤᠶᠠᠨ ᠤ ᠦᠪᠡᠷ ᠤᠨ ᠬᠠᠷᠢᠶᠠᠳᠤ ᠠᠶᠢᠮᠠᠭ ᠢᠶᠠᠨ ᠦᠵᠦᠮᠦᠴᠢᠨ ᠬᠡᠮᠡᠨ ᠨᠡᠷᠡᠶᠢᠳᠬᠦ ᠠᠴᠠ ᠪᠠᠷᠤᠭ ᠬᠠᠭᠠᠰ ᠵᠠᠭᠤᠨ ᠵᠢᠯ ᠤᠨ ᠡᠮᠦᠨ᠎ᠡ ᠪᠤᠶᠤ 1510 ᠤᠨ ᠤᠨ ᠤ ᠦᠶ᠎ᠡ ᠪᠠᠷ ᠭᠠᠷᠤᠭᠰᠠᠨ ᠹᠸᠤᠳᠠᠯ ᠨᠤᠶᠠᠳ ᠤᠨ ᠪᠤᠰᠤᠯᠭ᠎ᠠ ᠲᠠᠢ ᠬᠤᠯᠪᠤᠭᠠᠳᠠᠢ ᠮᠡᠳᠡᠭᠡ ᠪᠠᠶᠢᠨ᠎ᠠ᠂ ᠮᠦᠨ ᠵᠠᠩ ᠮᠤ᠋ ᠶᠢᠨ ᠵᠤᠬᠢᠶᠠᠭᠰᠠᠨ ︽ᠮᠤᠩᠭᠤᠯ ᠤᠨ ᠬᠤᠰᠢᠭᠤ ᠨᠤᠲᠤᠭ ᠤᠨ ᠲᠡᠮᠳᠡᠭᠯᠡᠯ︾ ᠳᠤ᠄ ︽ᠲᠦᠷᠦᠪᠤᠯᠤᠳ ᠂ ᠪᠠᠷᠰᠪᠤᠯᠤᠳ᠂ ᠠᠯᠴᠤᠪᠤᠯᠤᠳ᠂ ᠸᠠᠴᠢᠷᠪᠤᠯᠤᠳ ᠨᠠᠷ ᠭᠤᠪᠢ ᠶᠢᠨ ᠭᠠᠵᠠᠷ ᠠᠴᠠ ᠡᠮᠦᠨ᠎ᠡ ᠴᠠᠭᠠᠨ ᠬᠡᠷᠡᠮ ᠠᠴᠠ ᠤᠷᠢᠳᠠᠬᠢ ᠭᠠᠵᠠᠷ ᠲᠤ ᠨᠡᠭᠦᠵᠦ ᠰᠠᠭᠤᠭᠠᠳ᠂ ᠲᠤᠲᠤᠭᠠᠳᠤ ᠵᠠᠰᠠᠭ ᠠᠳᠬᠠᠨ᠂ ᠨᠠᠢᠮᠠᠨ᠂ ᠪᠠᠭᠠᠷᠢᠨ᠂ ᠵᠠᠷᠤᠳ᠂ ᠭᠡᠰᠢᠭᠳᠡᠨ᠂ ᠦᠵᠦᠮᠦᠴᠢᠨ᠂ ᠬᠠᠭᠤᠴᠢᠳ᠂ ᠰᠦᠨᠢᠳ᠂ ᠤᠷᠳᠤᠰ ᠡᠨᠡ ᠶᠢᠰᠦᠨ ᠠᠶᠢᠮᠠᠭ ᠤᠨ ᠡᠪᠦᠭᠡ ᠪᠤᠯᠵᠠᠢ︾ ᠭᠡᠵᠦ ᠪᠤᠢ᠃ ᠡᠭᠦᠨ ᠢ ᠨᠠᠷᠢᠨ ᠲᠤᠷᠠᠳᠪᠠᠯ ᠪᠠᠷᠰᠪᠤᠯᠤᠳ ᠪᠠᠷᠠᠭᠤᠨ ᠭᠤᠷᠪᠠᠨ ᠲᠦᠮᠡᠨ ᠢ᠂ ᠠᠯᠴᠤᠪᠤᠯᠤᠳ ᠪᠠᠭᠠᠷᠢᠨ ᠂ ᠵᠠᠷᠤᠳ ᠠᠶᠢᠮᠠᠭ ᠢ᠂ ᠸᠠᠴᠢᠷᠪᠤᠯᠤᠳ ᠭᠡᠰᠢᠭᠳᠡᠨ ᠠᠶᠢᠮᠠᠭ ᠢ᠂ ᠲᠦᠷᠦᠪᠤᠯᠤᠳ ᠦᠵᠦᠮᠦᠴᠢᠨ᠂ ᠬᠠᠭᠤᠴᠢᠳ᠂ ᠰᠦᠨᠢᠳ᠂ ᠠᠤᠬᠠᠨ᠂ ᠨᠠᠢᠮᠠᠨ ᠵᠡᠷᠭᠡ ᠲᠠᠪᠤᠨ ᠠᠶᠢᠮᠠᠭ ᠢ ᠲᠤᠰ ᠲᠤᠰ ᠦᠮᠴᠢᠯᠡᠭᠰᠡᠨ ᠪᠠᠶᠢᠨ᠎ᠠ᠃      ᠲᠡᠭᠡᠪᠡᠯ ᠡᠭᠦᠨ ᠠᠴᠠ ᠪᠦᠷ ᠡᠮᠦᠨ᠎ᠡ ᠠᠷᠪᠠᠨ ᠭᠤᠷᠪᠠᠳᠤᠭᠠᠷ ᠵᠠᠭᠤᠨ ᠤ ᠦᠶ᠎ᠡ ᠳᠤ ᠦᠵᠦᠮᠦᠴᠢᠨ ᠤᠭᠰᠠᠭᠠᠳᠠᠨ ᠪᠠᠶᠢᠭᠰᠠᠨ ᠲᠤᠬᠠᠢ ᠲᠡᠤᠬᠡ ᠶᠢᠨ ᠵᠠᠷᠢᠮ ᠰᠤᠷᠪᠤᠯᠵᠢ ᠳᠤ ᠮᠡᠳᠡᠭᠡᠯᠡᠵᠦ ᠪᠠᠶᠢᠨ᠎ᠠ᠂ ᠵᠢᠱᠢᠶᠡᠯᠡᠪᠡᠯ᠂ ᠳ᠋ᠾᠷᠮ᠎ᠠ ᠭᠦᠤᠰᠢ ᠶᠢᠨ ᠵᠤᠬᠢᠶᠠᠭᠰᠠᠨ ︽ᠠᠯᠳᠠᠨ ᠬᠦᠷᠳᠦᠨ ᠮᠢᠩᠭᠠᠨ ᠭᠡᠭᠡᠰᠦᠳᠦ ᠪᠢᠴᠢᠭ︾ ᠲᠤ ᠴᠢᠩᠭᠢᠰ ᠬᠠᠭᠠᠨ ︽ᠲᠡᠭᠷᠢ ᠶᠢᠨ ᠵᠠᠶᠠᠭ᠎ᠠ ᠪᠠᠷ ᠲᠡᠯᠡᠬᠡᠢ ᠳ᠋ᠠᠬᠢᠨ ᠢ ᠠᠷᠪᠠᠨ ᠬᠤᠶᠠᠷ ᠶᠡᠭᠡ ᠬᠠᠭᠠᠨ ᠢ ᠪᠡᠶ᠎ᠡ ᠪᠠᠷ ᠤᠯᠠᠩᠬᠢ ᠶᠢ ᠤᠷᠤᠭᠤᠯᠵᠦ ᠠᠪᠤᠭᠠᠳ ᠁ ᠬᠦᠴᠦᠨ ᠤ ᠬᠦᠷᠳᠦ ᠶᠢ ᠡᠷᠭᠢᠭᠦᠯᠵᠦ᠂ ᠴᠠᠬᠠᠷ᠂ ᠲᠦᠮᠡᠳ᠂ ᠤᠶᠢᠷᠠᠳ᠂ ᠬᠡᠷᠡᠶᠢᠳ ᠲᠡᠷᠢᠭᠦᠳᠡᠨ ᠲᠠᠯᠠᠨ ᠬᠤᠶᠠᠷ ᠤᠳᠤᠭ ᠠᠶᠢᠮᠠᠭ ᠢ ᠮᠤᠩᠭᠤᠯ ᠤᠯᠤᠰ᠂ ᠬᠠᠴᠧ᠂ ᠡᠨᠡᠳᠬᠡᠭ᠂ ᠲᠠᠩᠭᠠᠳ᠂ ᠲᠦᠪᠡᠳ᠂ ᠬᠢᠳᠡᠳ᠂ ᠵᠦᠷᠴᠢᠳ᠂ ᠪᠢᠳᠡᠭᠦᠳ᠂ ᠷᠤᠮ᠂ ᠤᠷᠤᠩᠭ᠎ᠠ᠂ ᠬᠤᠶᠢᠳ᠂ ᠬᠤᠳᠤᠩ ᠲᠡᠷᠢᠭᠦᠳᠡᠨ ᠭᠤᠴᠢᠨ ᠨᠢᠭᠡᠨ ᠬᠠᠷᠢ᠂ ᠱᠠᠷᠠᠢ ᠭᠤᠯ᠂ ᠰᠤᠯᠤᠩᠭᠤᠳ᠂ ᠨᠠᠶᠤ ᠶᠢ᠂ ᠵᠤᠬᠠᠨ ᠲᠡᠷᠢᠭᠦᠳᠡᠨ ᠨᠠᠢᠮᠠᠨ ᠵᠠᠬ᠎ᠠ᠂ ᠵᠤᠭᠳᠠ ᠤᠯᠤᠰ᠂ ᠦᠬᠢᠨ ᠤᠯᠤᠰ᠂ ᠴᠡᠭᠡᠵᠢᠨ᠎ᠡ ᠨᠢᠳᠦᠳᠦ ᠤᠯᠤᠰ᠂ ᠨᠤᠬᠠᠢ ᠲᠤᠯᠤᠭᠠᠶᠢᠳᠦ ᠤᠯᠤᠰ᠂ ᠲᠦᠷᠪᠡᠨ ᠦᠭᠡᠷ᠎ᠡ ᠬᠠᠷᠢ ᠤᠯᠤᠰ ᠲᠡᠷᠢᠭᠦᠳᠡᠨ ᠢ ᠡᠷᠬᠡᠨ ᠳᠡᠭᠡᠨ ᠤᠷᠤᠭᠤᠯᠵᠦ ᠶᠡᠬᠡᠳᠡ ᠵᠠᠯᠠᠨ ᠲᠤᠷ᠎ᠠ ᠪᠠᠷ ᠵᠢᠷᠭᠠᠭᠰᠠᠨ︾ ︵1980᠂ 64︶ ᠬᠡᠮᠡᠨ ᠭᠠᠷᠴᠤ ᠪᠤᠢ ᠪᠦᠭᠡᠳ ᠡᠭᠦᠨ ᠢ ᠲᠡᠤᠬᠡᠴᠢ ᠢᠨᠵᠡᠨᠠᠰᠢ ᠲᠤᠲᠤᠷᠠᠭᠤᠯᠵᠦ ︽ᠬᠦᠭᠡ ᠰᠤᠳᠤᠷ︾ ︵1235᠂ 1236︶ ᠬᠡᠮᠡᠬᠦ ᠲᠡᠤᠬᠡᠨ ᠷᠤᠮᠠᠨ ᠳᠠᠭᠠᠨ ︽ᠲᠡᠳᠦᠢ ᠭᠤᠴᠢᠨ ᠵᠢᠷᠭᠤᠭᠠᠨ ᠶᠡᠭᠡ ᠤᠯᠤᠰ᠂ ᠲᠠᠯᠠᠨ ᠬᠤᠶᠠᠷ ᠪᠠᠭ᠎ᠠ ᠠᠶᠢᠮᠠᠭ ᠢ ᠭᠤᠷᠪᠠᠨ ᠠᠶᠢᠮᠠᠭ ᠶᠢᠰᠦᠨ ᠬᠦᠷᠢᠶ᠎ᠡ ᠲᠤᠭᠤᠷᠢᠭᠤᠯᠤᠨ ᠠᠩᠬᠢ ᠠᠩᠬᠢ ᠪᠠᠷ ᠲᠤᠰ ᠲᠤᠰ ᠤᠨ ᠲᠤᠭ ᠢ ᠪᠤᠰᠬᠠᠭᠤᠯᠵᠦ᠂ ᠮᠦᠨᠬᠦ ᠶᠢᠰᠦᠨ ᠦᠩᠭᠡ ᠪᠠᠷ ᠬᠤᠪᠢᠶᠠᠵᠠᠢ ᠁ ᠭᠤᠴᠢᠨ ᠵᠢᠷᠭᠤᠭᠠᠨ ᠶᠡᠭᠡ ᠤᠯᠤᠰ ᠲᠠᠯᠠᠨ ᠬᠤᠶᠠᠷ ᠪᠠᠭ᠎ᠠ ᠠᠶᠢᠮᠠᠭ ᠢ ᠲᠤᠭᠠᠴᠢᠪᠠᠰᠤ ᠬᠦᠯᠢᠭ ᠲᠠᠩᠭᠤᠳ᠂ ᠬᠠᠷᠯᠤᠭ ᠤᠯᠤᠰ ᠤᠨ ᠠᠷᠰᠯᠠᠨ᠂ ᠲᠤᠭᠮᠤᠭ ᠤᠯᠤᠰ ᠂ ᠭᠤᠷᠯᠤᠰ ᠤᠯᠤᠰ᠂ ᠨᠠᠢᠮᠠᠨ ᠤᠯᠤᠰ᠂ ᠬᠡᠷᠡᠶᠢᠳ ᠤᠯᠤᠰ᠂ ᠰᠢᠷ᠎ᠠ ᠰᠠᠷᠳᠠᠭᠤᠯ᠂ ᠰᠤᠯᠤᠩᠭᠤᠳ ᠤᠯᠤᠰ᠂ ᠵᠦᠷᠢᠳ ᠤᠯᠤᠰ᠂ ᠬᠠᠷ᠎ᠠ ᠴᠡᠷᠢᠭ᠂ ᠲᠠᠲ᠋ᠠᠷ᠂ ᠲᠠᠶᠢᠴᠢᠭᠤᠳ᠂ ᠮᠠᠩᠨᠤᠭᠳᠤ᠂ ᠴᠢᠮᠡᠳ᠂ ᠮᠡᠷᠬᠢᠳ᠂ ᠵᠤᠯᠠᠢ᠂ ᠮᠠᠶᠢᠯᠵᠢ᠂ ᠴᠢᠵᠢᠯᠵᠢ᠂ ᠢᠵᠢᠯᠵᠢ᠂ ᠭᠤᠷᠯᠤᠰᠤᠨ᠂ ᠵᠠᠯᠢᠷᠤᠨ᠂ ᠬᠠᠵᠢᠭᠤᠳ᠂ ᠱᠢᠯᠳᠡᠳ᠂ ᠬᠠᠷᠭᠠᠢ᠂ ᠬᠠᠷᠠᠯᠳᠠᠢ᠂ ᠦᠯᠬᠦ᠂ ᠲᠤᠷᠭᠤᠳ᠂ ᠰᠠᠯᠵᠢᠭᠤᠳ᠂ ᠤᠶᠢᠷᠠᠳ᠂ ᠦᠭᠡᠯᠦᠳ᠂ ᠸᠠᠩᠭᠦᠪ᠂ ᠪᠡᠳᠡᠭᠦᠨ᠎ᠡ᠂ ᠲᠦᠷᠪᠡᠳ᠂ ᠤᠷᠤᠳ᠂ ᠬᠤᠩᠭᠢᠷᠠᠳ᠂ ᠯᠠᠶᠢᠬᠠᠳ᠂ ᠬᠠᠳᠠᠬᠢᠨ᠂ ᠵᠠᠯᠠᠶᠢᠳ᠂ ᠵᠠᠯᠢᠷᠤᠳ᠂ ᠬᠠᠴᠢᠬᠤᠳ᠂ ᠠᠩᠭᠠᠷᠠᠭ᠂ ᠰᠠᠯᠢᠤ᠂ ᠱᠠᠯᠵᠢᠳᠠᠢ᠂ ᠰᠠᠰᠤᠬ᠎ᠠ ᠦᠵᠠᠢ᠂ ᠦᠤᠰᠢᠨ᠂ ᠰᠠᠯᠴᠢᠭᠤᠳ᠂ ᠬᠠᠷᠠᠨᠤᠳ᠂ ᠬᠠᠨᠴᠤᠳ᠂ ᠤᠷᠢᠶᠠᠩᠬᠠᠨ᠂ ᠪᠢᠳᠡᠭᠦᠳ᠂ ᠬᠢᠯᠤᠰᠤᠨ ᠂ ᠮᠢᠬᠠᠰ᠂ ᠤᠷᠤᠩᠭ᠎ᠠ᠂ ᠰᠦᠨᠢᠳ᠂ ᠤᠷᠠᠳ᠂ ᠲᠦᠷᠪᠡᠳ᠂ ᠵᠦᠯᠳᠡᠨ᠂ ᠴᠠᠬᠠᠷ᠂ ᠬᠠᠯᠬ᠎ᠠ᠂ ᠬᠤᠩᠬᠢᠳ᠂ ᠬᠤᠩᠵᠨᠯᠠ᠂ ᠭᠠᠭᠴᠠ ᠬᠦᠯᠳᠦ᠂ ᠦᠬᠢᠨ᠂ ᠲᠦᠮᠡᠳ᠂ ᠵᠦᠷᠴᠢᠳ᠂ ᠷᠤᠮ᠂ ᠤᠴᠤᠩᠭ᠎ᠠ᠂ ᠬᠤᠶᠢᠴᠢ᠂ ᠤᠩᠭᠤᠳ᠂ ᠬᠡᠶᠢᠴᠦᠳ᠂ ᠦᠵᠡᠭᠡᠳ᠂ ᠵᠦᠷᠬᠢᠨ᠂ ᠵᠤᠤᠰ᠂ ᠮᠢᠩᠭᠠᠨ᠂ ᠦᠵᠦᠮᠦᠴᠢᠨ᠂ ᠵᠠᠷᠤᠳ᠂ ᠵᠠᠯᠢ᠂ ᠬᠠᠳᠠᠷ ᠲᠤᠤᠴᠢᠨ᠂ ᠬᠤᠷᠢ᠂ ᠵᠦᠢᠷᠡᠳ᠂ ᠪᠢᠷᠯᠠᠰ᠂ ᠬᠤᠷᠴᠢᠳ᠂ ᠤᠳᠬᠤᠨ᠂ ᠰᠦᠷᠳᠦ᠂ ᠮᠤᠤᠮᠢᠩᠭᠠᠨ᠂ ᠰᠠᠯᠴᠢᠭᠤᠳ᠂ ᠮᠤᠨ᠂ ᠮᠤᠩᠭᠤᠯᠵᠢᠪᠤ᠂ ᠤᠷᠳᠤᠰ᠂ ᠤᠯᠠᠭᠠᠨᠴᠠᠪ᠂ ᠭᠤᠷᠬ᠎ᠠ᠂ ᠢᠬᠢᠷ᠎ᠡ᠂ ᠵᠢᠷᠢᠮ ᠡᠳᠡᠭᠡᠷ ᠤᠯᠤᠰ ᠠᠶᠢᠮᠠᠭ ᠤᠳ ᠭᠠᠵᠠᠷ ᠤᠨ ᠬᠦᠷᠦᠰᠦ ᠶᠢ ᠬᠤᠷᠢᠨ ᠭᠠᠵᠠᠷ ᠢᠯᠡᠭᠦᠤ ᠲᠤᠭᠤᠷᠢᠨ ᠪᠦᠷᠭᠦᠵᠡᠢ︾ ︵ᠬᠦᠬᠡ ᠰᠤᠳᠤᠷ᠂ 1235᠂ 1236︶ ᠬᠡᠮᠡᠨ ᠪᠢᠴᠢᠭᠰᠡᠨ ᠪᠠᠶᠢᠳᠠᠭ᠃      ᠦᠪᠦᠷ ᠮᠤᠩᠭᠤᠯ ᠤᠨ ᠵᠠᠷᠢᠮ ᠰᠤᠳᠤᠯᠠᠭᠠᠴᠢ ᠦᠵᠦᠮᠦᠴᠢᠨ ᠢ ᠤᠢ ᠶᠢᠨ ᠢᠷᠭᠡᠨ ᠬᠡᠮᠡᠨ ᠦᠵᠡᠵᠦ  ︽ᠮᠤᠩᠭᠤᠯ ᠤᠨ ᠨᠢᠭᠤᠴᠠ ᠲᠤᠪᠴᠢᠶᠠᠨ︾ ᠤ 239 ᠳ᠋ᠤᠭᠠᠷ ᠵᠦᠢᠯ ᠳᠤ ᠦᠨᠳᠦᠰᠦᠯᠡᠨ ᠤᠢ ᠶᠢᠨ ᠢᠷᠭᠡᠳ ᠴᠢᠩᠭᠢᠰ ᠬᠠᠭᠠᠨ ᠤ ᠤᠤᠭᠠᠨ ᠬᠦᠤ ᠵᠦᠴᠢ ᠳᠤ ᠲᠠᠭᠠᠷ᠎ᠠ ᠤᠷᠤᠵᠦ ᠢᠷᠡᠭᠰᠡᠨ ᠦᠶ᠎ᠡ ᠠᠴᠠ ︵1207︶ ᠦᠵᠦᠮᠦᠴᠢᠨ ᠨᠠᠷ ᠮᠤᠩᠭᠤᠯ ᠤᠨ ᠬᠤᠯᠪᠤᠭᠠᠨ ᠳᠤ ᠨᠢᠭᠡᠳᠦᠭᠰᠡᠨ ᠬᠡᠮᠡᠨ ᠦᠵᠡᠭᠰᠡᠨ ᠨᠢ ᠪᠤᠢ᠃      ᠦᠪᠦᠷ ᠮᠤᠩᠭᠤᠯ ᠤᠨ ᠰᠤᠳᠤᠯᠠᠭᠠᠴᠢ ᠭᠤ᠂ ᠷᠠᠭᠸ᠎ᠠ ︽ᠦᠵᠦᠮᠦᠴᠢᠨ ᠮᠤᠩᠭᠤᠯᠴᠦᠳ︾ ᠬᠡᠮᠡᠬᠦ ᠵᠤᠬᠢᠶᠠᠯ ᠳᠠᠭᠠᠨ ︽ᠦᠵᠦᠮᠦᠴᠢᠨ ᠠᠶᠢᠮᠠᠭ ᠶᠤᠸᠠᠨ ᠤᠯᠤᠰ ᠤᠨ ᠪᠠᠳᠤᠮᠦ᠋ᠩᠭᠡ ᠲᠠᠶᠠᠩ ᠬᠠᠭᠠᠨ ᠤ ᠦᠶ᠎ᠡ ᠳᠤ ᠵᠢᠷᠭᠤᠭᠠᠨ ᠲᠦᠮᠡᠨ ᠤ ᠨᠢᠭᠡᠨ ᠵᠡᠭᠦᠨ ᠭᠠᠷᠤᠨ ᠴᠠᠬᠠᠷ ᠲᠦᠮᠡᠨ ᠳᠤ ᠪᠠᠭᠳᠠᠨ ᠲᠤᠭᠠᠯᠠᠭᠳᠠᠵᠦ ᠢᠷᠡᠵᠡᠢ︾ ᠭᠡᠵᠦ ᠦᠵᠡᠭᠰᠡᠨ ᠪᠠᠶᠢᠨ᠎ᠠ᠃ ᠠᠳᠡ ᠦᠭᠦᠯᠡᠵᠦ ᠪᠤᠢ ᠪᠤᠭᠳᠠ ᠴᠢᠩᠭᠢᠰ ᠬᠠᠭᠠᠨ ᠤ ᠵᠢᠷᠭᠤᠭᠠᠨ ᠲᠦᠮᠡᠨ ᠭᠡᠭᠴᠢ ᠨᠢ᠄ ᠤᠷᠳᠤᠰ ᠨᠢᠭᠡᠨ ᠲᠦᠮᠡᠨ᠂ ᠠᠷᠪᠠᠨ ᠬᠤᠶᠠᠷ ᠲᠦᠮᠡᠳ ᠨᠢᠭᠡᠨ ᠲᠦᠮᠡᠨ᠂ ᠶᠦᠩᠰᠢᠶᠡᠪᠦ᠂ ᠠᠷᠰᠤᠳ᠂ ᠬᠠᠷᠠᠴᠢᠨ ᠨᠢᠭᠡᠨ ᠲᠦᠮᠡᠨ᠂ ᠪᠠᠷᠠᠭᠤᠨ ᠭᠤᠷᠪᠠᠨ ᠲᠦᠮᠡᠨ ᠭᠡᠭᠴᠢ ᠡᠳᠡ ᠪᠤᠢ᠃ ᠴᠠᠬᠠᠷ ᠨᠢᠭᠡᠨ ᠲᠦᠮᠡᠨ᠂ ᠬᠠᠯᠬ᠎ᠠ ᠨᠢᠭᠡᠨ ᠲᠦᠮᠡᠨ᠂ ᠤᠷᠢᠶᠠᠩᠬᠠᠢ ᠨᠢᠭᠡᠨ ᠲᠦᠮᠡᠨ ᠵᠡᠭᠦᠨ ᠭᠤᠷᠪᠠᠨ ᠲᠦᠮᠡᠨ ᠭᠡᠭᠴᠢ ᠡᠳᠡ ᠪᠤᠢ ︵ᠯᠤᠪᠰᠠᠩᠳᠠᠨᠵᠢᠨ᠂ 1990᠂ 147︶᠃ ︽ᠠᠯᠳᠠᠨ ᠬᠦᠷᠳᠦᠨ ᠮᠢᠩᠭᠠᠨ ᠬᠡᠭᠡᠰᠦᠳᠦ ᠪᠢᠴᠢᠭ︾ ᠲᠤ ︽ᠰᠠᠶᠢᠨ ᠳ᠋ᠠ ᠨᠤᠶᠠᠨ ᠤ ᠠᠬᠠᠮᠠᠳ ᠬᠦᠪᠡᠭᠦᠨ ᠲᠦᠷᠦᠪᠤᠯᠤᠳ ᠨᠠᠢᠮᠠᠨ ᠤᠳᠤᠭ ᠴᠠᠬᠠᠷ ᠤᠯᠤᠰ ᠢ ᠡᠵᠡᠯᠡᠭᠰᠡᠨ︾ ︵1980᠂ 178︶ ᠬᠡᠮᠡᠭᠡᠳ ︽ᠴᠠᠬᠠᠷ ᠨᠠᠢᠮᠠᠨ ᠤᠳᠤᠭ ᠢ ᠦᠯᠭᠡ ᠶᠢᠨ ᠵᠡᠭᠦᠨ ᠲᠦᠷᠪᠡᠨ ᠤᠳᠤᠭ ᠪᠠ ᠠᠷᠤ ᠶᠢᠨ ᠲᠦᠷᠪᠡᠨ ᠤᠲᠤᠭ ᠬᠡᠮᠡᠨ ᠬᠤᠪᠢᠶᠠᠬᠤ ᠠᠵᠠᠢ᠂ ᠦᠯᠬᠡ ᠶᠢᠨ ᠵᠡᠭᠦᠨ ᠲᠦᠷᠪᠡᠨ ᠤᠲᠤᠭ ᠨᠢ ᠠᠤᠬᠠᠨ᠂ ᠰᠦᠨᠢᠳ᠂ ᠨᠠᠢᠮᠠᠨ᠂ ᠦᠵᠦᠮᠦᠴᠢᠨ ᠪᠤᠯᠬᠤ ᠪᠠ ᠠᠷᠤ ᠶᠢᠨ ᠲᠦᠷᠪᠡᠨ ᠤᠲᠤᠭ ᠨᠢ ᠵᠦᠢᠳ᠂ ᠪᠤᠷᠤᠳ᠂ ᠠᠯᠠᠭ᠂ ᠠᠯᠠᠭᠴᠤᠳ ᠪᠤᠯᠤᠨ᠎ᠠ︾ ᠬᠡᠮᠡᠨ ᠲᠤᠲᠤᠯᠠᠵᠠᠢ᠃ ᠡᠭᠦᠨ ᠢ ᠫᠧᠷᠤᠹᠧᠰᠰᠤᠷ ᠴᠤᠶᠢᠵᠢ ︽ᠦᠯᠭᠡ ᠪᠠ ᠠᠷᠤ ᠬᠡᠮᠡᠭᠰᠡᠨ ᠨᠢ ᠬᠢᠩᠭᠠᠨ ᠨᠢᠷᠤᠭᠤ ᠪᠠᠷ ᠭᠤᠤᠯ ᠪᠤᠯᠭᠠᠨ ᠦᠭᠦᠯᠡᠵᠦ ᠪᠤᠢ︾ ︵1990᠂ 3︶ ᠭᠡᠰᠡᠨ ᠪᠠᠶᠢᠨ᠎ᠠ᠃       ᠰᠤᠷᠪᠤᠯᠵᠢ ᠪᠢᠴᠢᠭ ᠤᠨ ᠮᠡᠳᠡᠭᠡᠨ ᠠᠴᠠ ᠦᠵᠡᠪᠡᠯ᠂ ᠦᠵᠦᠮᠦᠴᠢᠨ ᠠᠶᠢᠮᠠᠭ ᠭᠡᠬᠦ ᠨᠡᠷᠡᠶᠢᠳᠦᠯ ᠤᠨ ᠡᠭᠦᠰᠦᠯ  ᠨᠢ ᠠᠷᠪᠠᠨ ᠵᠢᠷᠭᠤᠳᠤᠭᠠᠷ ᠰᠡᠭᠦᠯᠴᠢ ᠦᠶ᠎ᠡ ᠶᠢᠨ ᠤᠩᠭᠤᠨ ᠲᠤᠷᠠᠯ ᠨᠤᠶᠠᠨ ᠤ ᠦᠶ᠎ᠡ ᠳᠤ ᠪᠤᠢ ᠪᠤᠯᠤᠭᠰᠠᠨ ᠪᠢᠰᠢ ᠠᠷᠪᠠᠨ ᠭᠤᠷᠪᠠᠳᠤᠭᠠᠷ ᠵᠠᠭᠤᠨ ᠤ ᠡᠬᠢ ᠪᠠᠷ ᠴᠢᠩᠬᠢᠰ ᠬᠠᠭᠠᠨ ᠤ ᠪᠠᠶᠢᠭᠤᠯᠤᠭᠰᠠᠨ ᠶᠡᠭᠡ ᠮᠤᠩᠭᠤᠯ ᠤᠨ ᠦᠶᠡᠰ ᠨᠢᠭᠡᠨ ᠪᠠᠭ᠎ᠠ ᠠᠶᠢᠮᠠᠭ ᠢ ᠤᠭᠰᠠᠭᠠᠳᠠᠨ ᠤ ᠪᠠᠶᠢᠭᠤᠯᠤᠮᠵᠢ ᠪᠠᠷ ᠢᠯᠡᠷᠡᠵᠦ ᠪᠠᠶᠢᠵᠠᠢ᠃       ᠤᠩᠭᠤᠨ ᠲᠤᠷᠠᠯ ᠨᠤᠶᠠᠨ ᠦᠪᠡᠷ ᠤᠨ ᠬᠠᠷᠢᠶᠠᠳᠤ ᠠᠶᠢᠮᠠᠭ ᠢᠶᠠᠨ ᠬᠡᠮᠡᠨ ᠨᠡᠷᠡᠶᠢᠳᠴᠠᠢ ᠭᠡᠰᠡᠨ ᠨᠢ ᠦᠵᠦᠮᠦᠴᠢᠨ ᠬᠡᠮᠡᠬᠦ ᠨᠡᠷᠡᠶᠢᠳᠦᠯ ᠰᠢᠨ᠎ᠡ ᠪᠠᠷ ᠡᠭᠦᠰᠴᠤ ᠪᠤᠢ ᠪᠤᠯᠤᠭᠰᠠᠨ ᠶᠠᠪᠤᠳᠠᠯ ᠬᠠᠷᠠᠬᠠᠨ ᠪᠢᠰᠢ ᠪᠦᠭᠡᠳ ᠦᠵᠦᠮ ᠤᠨ ᠴᠠᠭᠠᠨ ᠠᠭᠤᠯᠠᠨ ᠳᠤ ᠨᠤᠲᠤᠭᠯᠠᠵᠦ ᠪᠠᠶᠢᠭᠰᠠᠨ ᠤᠤᠯ ᠤᠨ ᠭᠠᠵᠠᠷ ᠤᠷᠤᠨ᠂ ᠡᠷᠬᠢᠯᠡᠵᠦ ᠪᠠᠶᠢᠭᠰᠠᠨ ᠠᠵᠢᠯ ᠲᠦᠷᠦᠯ ᠤᠨ ᠨᠡᠷᠡᠶᠢᠳᠦᠯ ᠠᠴᠠ ᠪᠠᠨ ᠵᠠᠰᠠᠭ ᠵᠠᠬᠢᠷᠭᠠᠨ ᠤ ᠨᠢᠭᠡᠴᠡ ᠪᠤᠯᠤᠨ ᠤᠯᠠᠮᠵᠢᠯᠠᠯᠳᠤ ᠨᠡᠷ᠎ᠡ ᠪᠠᠨ ᠰᠡᠷᠭᠦᠭᠡᠨ ᠬᠡᠷᠡᠭᠯᠡᠭᠰᠡᠨ ᠪᠤᠯᠪᠠᠤ ᠭᠡᠵᠦ ᠦᠵᠡᠮᠡᠷ ᠪᠠᠶᠢᠭ᠎ᠠ ᠶᠤᠮ᠃      ᠦᠵᠦᠮᠦᠴᠢᠨ ᠬᠡᠮᠡᠬᠦ ᠨᠡᠷᠡᠶᠢᠳᠦᠯ ᠤᠨ ᠲᠠᠯ᠎ᠠ ᠪᠠᠷ ᠰᠤᠳᠤᠯᠠᠭᠠᠴᠢᠳ ᠶᠠᠩᠵᠦ ᠪᠦᠷᠢ ᠶᠢᠨ ᠰᠠᠨᠠᠯ᠂ ᠲᠠᠭᠠᠮᠠᠭ ᠲᠡᠪᠰᠢᠭᠦᠯᠦᠭᠰᠡᠭᠡᠷ ᠢᠷᠡᠵᠡᠢ᠃ ᠤᠷᠤᠰ ᠤᠨ ᠨᠡᠷᠡᠳᠦ ᠰᠢᠨᠵᠢᠭᠡᠴᠢ ᠢ᠊᠂ ᠲᠢᠮᠤᠺᠤᠪᠰᠺᠢᠨ ︽1820 —1821 ᠤᠨ ᠳᠤ ᠮᠤᠩᠭᠤᠯ ᠢ ᠲᠠᠭᠠᠷᠢᠵᠦ ᠬᠢᠳᠡᠳ ᠲᠤ ᠠᠶᠠᠯᠠᠭᠰᠠᠨ ᠨᠢ︾ ᠭᠡᠳᠡᠭ ᠵᠤᠬᠢᠶᠠᠯ ᠳᠠᠭᠠᠨ ᠲᠡᠷᠡ ᠦᠶ᠎ᠡ ᠶᠢᠨ ᠦᠵᠦᠮᠦᠴᠢᠨ ᠤ ᠲᠤᠬᠠᠢ ᠲᠤᠪᠴᠢ ᠦᠭᠦᠯᠡᠵᠦ᠂ ᠦᠵᠦᠮᠦᠴᠢᠨ ᠭᠡᠳᠡᠭ ᠨᠢ ︽ᠦᠵᠡᠮᠦᠷᠴᠢ︾᠂ ︽ᠦᠵᠡᠮᠦᠷᠴᠢᠨ︾ ︵1924᠂ 254︶ ᠭᠡᠵᠦ ᠲᠡᠮᠳᠡᠭᠯᠡᠭᠰᠡᠨ ᠪᠤᠯ ᠠᠺᠠᠳᠧᠮᠢᠴᠢ ᠪ᠊᠂ ᠷᠢᠨᠴᠢᠨ ︽ᠮᠤᠩᠭᠤᠯ ᠪᠢᠴᠢᠭ ᠤᠨ ᠬᠡᠯᠡᠨ ᠤ ᠵᠦᠢ︾ ᠭᠤᠳᠠᠭᠠᠷ ᠲᠡᠪᠳᠡᠷ ᠲᠡᠭᠡᠨ ︽ᠦᠵᠦᠮᠦᠴᠢᠨ ᠭᠡᠳᠡᠭ ᠨᠢ ᠦᠵᠡᠮᠵᠢ ᠬᠠᠷᠠᠬᠤ ᠶᠢᠨ ︽ᠦᠵᠡᠮᠨᠷᠴᠢ︾ ᠭᠡᠳᠡᠭ ᠦᠭᠡ ᠠᠴᠠ ᠡᠭᠦᠰᠦᠯᠳᠡᠢ᠂ ᠤᠭ ᠲᠠᠭᠠᠨ ᠦᠵᠡᠮᠡᠷᠴᠢᠨ ᠪᠠᠶᠢᠭᠰᠠᠨ ᠢᠶᠠᠨ ᠦᠵᠦᠮᠴᠢᠨ ᠪᠤᠯᠤᠨ ᠰᠤᠨᠵᠢᠷᠠᠵᠠᠢ︾ ︵2007᠂ 187︶ ᠭᠡᠵᠡᠢ᠃ ᠮᠦᠨ ᠦᠵᠡᠮᠵᠢ ᠲᠠᠢ ᠰᠢᠯᠢᠮᠠᠯ ᠭᠡᠰᠡᠨ ᠦᠭᠡ ᠶᠢᠨ ᠦᠨᠳᠦᠰᠦ ᠢᠵᠠᠭᠤᠷ ᠢ ᠬᠦᠭᠡᠭᠡᠵᠦ ᠪᠢᠴᠢᠭᠰᠡᠨ ᠲᠠᠠᠭᠠᠮᠠᠭᠯᠠᠯ ᠪᠤᠯᠬᠤ ᠠᠴᠠ ᠪᠤᠳᠠᠳᠤ ᠲᠡᠤᠬᠡ ᠠᠴᠠ ᠡᠭᠦᠳᠦᠯᠳᠡᠢ ᠨᠤᠳᠠᠯᠠᠭ᠎ᠠ ᠬᠠᠷᠠᠬᠠᠨ ᠪᠢᠰᠢ ᠪᠤᠯᠤᠯᠳᠠᠢ᠃       ᠡᠷᠳᠡᠮᠳᠡᠨ ᠵ᠊᠂ ᠭᠤᠨᠴᠤᠭᠵᠠᠪ ︽ᠮᠤᠩᠭᠤᠯ ᠬᠤᠨᠢ︾ ᠪᠦᠳᠦᠭᠡᠯ ᠳᠡᠭᠡᠨ ᠦᠵᠦᠮᠦᠴᠢᠨ ᠬᠤᠨᠢ ᠶᠢ ᠲᠠᠯ᠎ᠠ ᠪᠦᠷᠢ ᠠᠴᠠ ᠨᠢ ᠠᠵᠢᠭᠯᠠᠨ ᠰᠤᠳᠤᠯᠤᠭᠰᠠᠨ ᠤ ᠵᠡᠷᠭᠡᠴᠡᠭᠡ ᠦᠵᠦᠮᠦᠴᠢᠨ ᠭᠡᠳᠡᠭ ᠦᠭᠡ ᠶᠢᠨ ᠭᠠᠷᠤᠯ ᠬᠢᠭᠡᠳ ᠲᠡᠳᠡᠨ ᠤ ᠠᠮᠢᠳᠤᠷᠠᠵᠦ ᠢᠷᠡᠭᠰᠡᠨ ᠭᠠᠵᠠᠷ ᠤᠷᠤᠨ ᠢ ᠲᠤᠲᠤᠷᠠᠭᠤᠯᠤᠨ ᠭᠠᠷᠭᠠᠭᠰᠠᠨ ᠪᠠᠶᠢᠨ᠎ᠠ᠃                 ︵ᠳ᠋᠊  ᠨᠠᠷᠠᠨᠴᠡᠴᠡᠭ᠂ ᠳ᠋᠊  ᠲᠤᠯᠭᠠᠷᠰᠦ᠋ᠷᠦᠩ  ︽ᠦᠵᠦᠮᠦᠴᠢᠨ ᠤ ᠲᠡᠤᠬᠡ ᠰᠤᠶᠤᠯ ᠤᠨ ᠤᠶᠢᠯᠠᠯᠭ᠎ᠠ︾︶ᠡᠷᠳᠡᠨᠢᠴᠠᠭᠠᠨ ᠰᠤᠮᠤᠨ ᠤ ᠤᠶᠢᠯᠠᠯᠭ᠎ᠠ  ︽ᠬᠠᠮᠢᠭ᠎ᠠ ᠠᠴᠠ ᠴᠤ ᠬᠠᠷᠠᠳᠠᠭ ᠬᠠᠨ ᠠᠭᠤᠯᠠ ᠮᠢᠨᠢ︾ ᠭᠡᠬᠦ ᠨᠤᠮ ᠠᠴᠠ                    ᠤᠷᠢᠶᠠᠩᠬᠠᠨ ᠤ᠂ ᠶᠤᠨᠳᠤᠨ ᠰᠢᠨ᠎ᠡ ᠮᠤᠩᠭᠤᠯ ᠠᠴᠠ ᠲᠡᠭᠦᠪᠦᠷᠢᠯᠡᠨ ᠬᠦᠷᠪᠡᠭᠦᠯᠪᠠᠢ᠃
 
ᠢᠷᠡᠯᠲᠡ᠄ ᠤᠷᠢᠶᠠᠩᠬᠠᠨ ᠤ᠂ ᠶᠤᠨᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号