ᠬᠡᠷᠦᠯᠦᠨ ᠤ ᠬᠦᠪᠡᠭᠡᠨ ᠳᠠᠬᠢ ᠬᠦᠳᠡᠭᠡ ᠨᠠᠶᠢᠷ
ᠨᠡᠶᠢᠲᠡᠯᠡᠭᠰᠡᠨ ᠴᠠᠭ᠄
2017/6/19
                                            ᠬᠡᠷᠦᠯᠦᠨ ᠤ ᠬᠦᠪᠡᠭᠡᠨ ᠳᠠᠬᠢ ᠬᠦᠳᠡᠭᠡ ᠨᠠᠶᠢᠷ                                —  ᠲᠤᠷᠤᠨᠠᠳᠦ ᠠᠶᠢᠮᠠᠭ ᠤᠨ ᠰᠡᠷᠭᠦᠯᠡᠩ ᠰᠤᠮᠤᠨ ᠤ                                    ᠨᠠᠶᠢᠷ ᠤᠨ ᠵᠠᠯᠠᠯᠭ᠎ᠠ ᠳᠤ ᠠᠶᠠᠯᠠᠭᠰᠠᠨ ᠳᠡᠮᠳᠡᠭᠯᠡᠯ          ᠴᠠᠭᠠᠨ ᠪᠠᠷᠰ ᠵᠢᠯ ᠤᠨ ᠳᠡᠯᠭᠡᠷ ᠵᠤᠨ ᠤ ᠲᠤᠮᠳᠠ ᠰᠠᠷ᠎ᠠ ᠶᠢᠨ ᠰᠢᠷᠠᠭᠴᠢᠨ ᠬᠤᠨᠢᠨ ᠢᠪᠡᠭᠡᠯᠳᠦ ᠡᠳᠦᠷ᠃ ᠤᠯᠢᠶᠠᠰᠤᠳᠠᠢ ᠶᠢᠨ ᠲᠡᠭᠷᠢ ᠴᠡᠯᠮᠡᠭ ᠬᠠᠯᠠᠭᠤᠨ᠂ ᠡᠨᠡ ᠡᠳᠦᠷ ᠮᠤᠩᠭᠤᠯ ᠤᠯᠤᠰ ᠤᠨ ᠲᠤᠷᠤᠨᠠᠳᠦ ᠠᠶᠢᠮᠠᠭ ᠤᠨ ᠰᠡᠷᠭᠦᠯᠡᠩ ᠰᠤᠮᠤᠨ ᠤ ᠵᠠᠰᠠᠭ ᠳᠠᠷᠤᠭ᠎ᠠ ᠭᠦᠷᠷᠠᠭᠴᠠ ᠶᠢᠨ ᠨᠠᠶᠢᠷ ᠤᠨ ᠤᠷᠢᠯᠭ᠎ᠠ ᠪᠠᠷ ᠤᠯᠤᠰ ᠲᠦᠷᠦ ᠶᠢᠨ ᠵᠦᠪᠯᠡᠯᠭᠡᠨ ᠤ ᠳᠡᠳ᠋ ᠲᠡᠷᠢᠭᠦᠯᠡᠭᠴᠢ ᠳᠡᠮᠴᠤᠭ ᠢᠶᠠᠷ ᠳᠠᠷᠤᠭᠠᠯᠠᠭᠤᠯᠤᠭᠰᠠᠨ ᠮᠠᠨ ᠤ ᠬᠤᠰᠢᠭᠤᠨ ᠤ ᠲᠦᠯᠦᠭᠡᠯᠡᠭᠴᠢᠳ ᠤᠨ ᠪᠦᠯᠬᠦᠮ ᠤᠮᠠᠷ᠎ᠠ ᠵᠦᠭ ᠮᠤᠷᠳᠠᠯ᠎ᠠ᠂ ᠬᠠᠳᠠᠪᠴᠢ ᠪᠤᠭᠤᠮᠳᠠ ᠶᠢ ᠳᠠᠪᠠᠭ᠋ᠤ ᠳᠤ ᠡᠪᠦᠭᠡᠨ ᠤᠪᠤᠭ᠎ᠠ ᠶᠢᠨ ᠬᠡᠶᠢᠮᠦᠷᠢ᠂ ᠬᠤᠷᠭᠤ ᠠᠭᠤᠯᠠ ᠶᠢᠨ ᠰᠦᠷ ᠡᠬᠡ ᠤᠷᠤᠨ ᠤ ᠮᠠᠨᠢ ᠠᠭᠤᠯᠠᠰ ᠳᠠᠯ᠎ᠠ ᠶᠢᠨ ᠤᠨᠢᠶᠠᠷ  ᠲᠠᠢ ᠪᠠᠨ ᠴᠡᠩᠭᠡᠷᠯᠡᠨ ᠦᠳᠡᠵᠦ ᠪᠠᠶᠢᠯ᠎ᠠ᠃ ᠮᠠᠨ ᠤ ᠭᠤᠷᠪᠡᠨ ᠳᠡᠷᠭᠡ ᠪᠢᠴᠢᠭᠳᠦ ᠪᠤᠭᠤᠮᠳᠡ ᠶᠢ ᠦᠩᠭᠡᠷᠡᠬᠦ ᠳᠤ ᠵᠠᠩᠵᠤᠨ ᠠᠭᠤᠯᠠ ᠤᠭᠳᠤᠨ ᠡᠩᠭᠡᠷᠯᠡᠵᠦ᠂ ᠭᠠᠴᠤᠯᠠᠩ ᠤᠨ ᠵᠠᠮ ᠰᠠᠷᠠᠭᠤᠯᠬᠠᠨ ᠳᠠᠯ᠎ᠠ ᠶᠢᠨ ᠭᠦᠨ ᠳᠤ ᠰᠢᠷᠭᠤᠨ᠎ᠠ᠃ ᠬᠡᠳᠦᠨ ᠵᠠᠭᠤᠨ ᠤ ᠭᠠᠵᠠᠷ ᠶᠠᠪᠤᠭᠰᠠᠨ ᠴᠤ ᠰᠠᠷᠠᠭᠤᠯ ᠳᠠᠯ᠎ᠠ ᠮᠦᠨ ᠯᠠ ᠦᠷᠭᠦᠯᠵᠢᠯᠡᠭᠰᠡᠭᠡᠷ᠃ ᠡᠨᠡ ᠦᠨᠡᠬᠡᠷ ᠦᠵᠦᠮᠦᠴᠢᠨ ᠤ ︿︿ᠵᠤᠩᠬᠢᠷ ᠯᠤᠤᠵᠠᠢ ᠶᠢᠨ ᠰᠢᠯᠢ﹀﹀ ᠭᠡᠬᠦ ᠤᠷᠳᠦ ᠶᠢᠨ ᠳᠠᠭᠤᠤ ᠳᠤ ᠭᠠᠷᠳᠠᠭ ︽ᠬᠠᠯᠬ᠎ᠠ ᠯᠤᠤᠵᠠᠢ︾ ᠶᠢᠨ ᠰᠢᠯᠢ ᠨᠢ ᠮᠦᠨ ᠪᠠᠶᠢᠬᠤ ᠭᠡᠵᠦ ᠪᠢ ᠲᠤᠲᠤᠷ᠎ᠠ ᠪᠠᠨ ᠰᠡᠳᠭᠢᠨ᠎ᠡ᠄           ︽ ᠵᠤᠩᠬᠢᠷ ᠯᠤᠤᠵᠠᠢ ᠶᠢᠨ ᠰᠢᠯᠢ ᠶᠢ ᠪᠠᠨ᠂ ᠲᠡᠷᠭᠡᠭᠦᠯᠵᠦ ᠶᠠᠭᠠᠬᠢᠵᠦ ᠯᠡ ᠲᠤᠭᠤᠯᠬᠤ ᠪᠤᠢ ᠳ᠋ᠠ            ᠵᠢᠩᠬᠢᠨᠢ ᠠᠮᠠᠷᠠᠭ ᠳᠡᠭᠦᠤ ᠶᠢ ᠪᠠᠨ᠂ ᠵᠠᠶᠢᠳᠠᠭᠤᠯᠵᠦ ᠶᠠᠭᠠᠬᠢᠵᠦ ᠯᠡ ᠤᠷᠬᠢᠨ᠎ᠠ ᠪᠤᠢ ᠳ᠋ᠡ            ᠬᠠᠯᠬ᠎ᠠ ᠯᠤᠤᠵᠠᠢ ᠶᠢᠨ ᠰᠢᠯᠢ ᠶᠢ ᠪᠠᠨ ᠭᠠᠩᠬᠠᠭᠤᠯᠵᠦ ᠶᠠᠭᠠᠬᠢᠵᠦ ᠯᠠ ᠲᠤᠭᠤᠯᠬᠤ ᠪᠤᠢ ᠳ᠋ᠡ          ᠭᠠᠭᠴᠠᠬᠠᠨ ᠬᠠᠶᠢᠷᠠᠳᠠᠢ ᠲᠡᠭᠦᠤ ᠶᠢ ᠪᠠᠨ᠂ ᠭᠠᠩᠰᠠᠷᠠᠭᠤᠯᠵᠦ ᠶᠠᠭᠠᠬᠢᠵᠦ ᠯᠡ ᠤᠷᠬᠢᠬᠤᠪ ᠳ᠋ᠡ︾ ᠭᠡᠵᠦ ᠦᠵᠦᠮᠦᠴᠢᠨ ᠠᠷᠠᠳ ᠤᠨ ᠤᠷᠳᠦ ᠶᠢᠨ ᠲᠠᠭᠤᠤ ᠶᠢᠨ ᠬᠦᠨ ᠤᠳᠬ᠎ᠠ ᠲᠡᠤᠬᠡ ᠶᠢᠨ ᠮᠦᠷ ᠢ ᠳᠠᠮᠠᠭᠠᠯᠠᠨ᠂ ᠤᠶᠠᠩᠭ᠎ᠠ ᠡᠭᠡᠰᠢᠭ ᠢᠶᠠᠷ ᠢᠶᠠᠨ ᠤᠭᠤᠷᠠᠭ ᠳᠠᠷᠢᠬᠢᠨ ᠳᠤ ᠬᠠᠷᠢᠭᠤ ᠰᠤᠷᠠᠭ ᠢᠶᠠᠷ ᠢᠪᠡᠯᠦᠨ᠎ᠡ᠃           ᠵᠡᠭᠦᠨᠰᠢ ᠰᠢᠯᠢ ᠶᠢᠨ ᠲᠤᠮᠳᠠ ᠬᠦᠬᠡᠷᠡᠨ ᠪᠤᠢ ᠠᠭᠤᠯᠠ ᠶᠢ ︿︿ᠬᠠᠯᠬ᠎ᠠ ᠴᠠᠭᠠᠨ ᠠᠭᠤᠯᠠ﹀﹀ ᠭᠡᠵᠦ ᠳᠠᠮᠴᠤᠭ ᠭᠤᠸᠠᠢ ᠵᠢᠭᠠᠵᠦ ᠶᠠᠷᠢᠨ᠎ᠠ᠂ ᠡᠷᠳᠡ ᠴᠠᠭ ᠲᠤ ᠦᠵᠦᠮᠦᠴᠢᠨ ᠤ ᠪᠦᠭᠡᠨᠡᠷ ᠠᠶᠢᠮᠠᠭ ᠮᠤᠩᠭᠤᠯ ᠤᠨ ᠠᠷᠤ ᠬᠠᠩᠭᠠᠢ ᠠᠴᠠ ᠨᠡᠭᠦᠵᠦ ᠢᠷᠡᠬᠦ ᠳᠤ ᠡᠨᠡ ᠬᠠᠯᠬ᠎ᠠ ᠴᠠᠭᠠᠨ ᠠᠭᠤᠯᠠᠨ ᠳᠤ ᠪᠠᠶᠢᠵᠦ ᠪᠠᠶᠢᠭᠠᠳ ᠦᠵᠦᠮᠦᠴᠢᠨ ᠨᠤᠲᠤᠭ ᠲᠤ ᠨᠡᠭᠦᠵᠦ ᠢᠷᠡᠯ᠎ᠠ ᠭᠡᠳᠡᠭ᠂ ᠮᠠᠨᠠᠶᠢᠬᠢᠨ ᠤ ᠳᠡᠭᠡᠳᠦᠰ ᠡᠨᠡ ᠬᠠᠪᠢ ᠪᠠᠷ ᠮᠠᠯᠵᠢᠵᠦ ᠪᠠᠶᠢᠭᠰᠠᠨ ᠪᠠᠶᠢᠨ᠎ᠠ ᠰᠢᠤ ᠭᠡᠵᠦ ᠪᠢ ᠦᠭᠡ ᠦᠷᠭᠦᠯᠵᠢᠯᠡᠭᠦᠯᠦᠨ᠎ᠠ᠂ ᠪᠢᠳᠡᠨ ᠲᠠᠢ ᠬᠠᠮᠳᠦ ᠨᠠᠶᠠᠨ ᠲᠤᠯᠤᠭᠠᠳᠠᠢ ᠶᠡᠭᠡ ᠨᠠᠰᠤᠳᠠᠨ ᠬᠠᠪᠬᠠᠴᠢᠨ ᠤᠪᠤᠭᠳᠦ ᠤᠳᠤᠰᠦᠷᠦᠩ ᠡᠵᠢ ᠶᠠᠪᠤᠵᠦ ᠪᠠᠶᠢᠭ᠎ᠠ ᠲᠤᠯᠠ ᠦᠳᠡ ᠪᠤᠯᠬᠤ ᠪᠠᠷ ᠲᠡᠷᠭᠡ ᠵᠤᠭᠰᠤᠵᠦ ᠨᠠᠰᠤᠳᠠᠨ ᠳᠤ ᠴᠠᠢ ᠤᠤᠭᠤᠯᠭᠠᠵᠦ ᠦᠳᠡᠯᠡᠬᠦ ᠭᠡᠬᠦ ᠳᠤ ᠲᠡᠷᠡ ᠪᠠᠷ ︿︿ᠶᠠᠭᠤ ᠶᠢ ᠨᠢ ᠦᠳᠡᠯᠡᠬᠦ ᠪᠤᠢ᠂ ᠵᠠᠮ ᠢᠶᠠᠨ ᠬᠤᠷᠤᠭᠠᠭᠰᠠᠨ ᠨᠢ ᠳᠡᠭᠡᠷ᠎ᠡ ᠪᠠᠶᠢᠬᠤ﹀﹀᠂ ︿︿ᠲᠠ ᠵᠢᠳᠭᠦᠵᠦ ᠪᠠᠶᠢᠬᠤ ᠦᠭᠡᠢ ᠤᠤ﹀﹀ ᠭᠡᠪᠡᠯ ︿︿ᠰᠠᠶ᠋ᠢᠬᠠᠨ ᠭᠠᠷᠴᠤ ᠢᠷᠡᠴᠢᠭᠡᠳ ᠶᠠᠭᠤᠨ ᠳᠤ ᠵᠢᠳᠭᠦᠬᠦ ᠶᠤᠮ﹀﹀ ᠭᠡᠵᠦ ᠢᠨᠢᠶᠡᠮᠰᠦᠭᠯᠡᠨ ᠬᠡᠯᠡᠨ᠎ᠡ᠂ ᠨᠠᠰᠤᠳᠠᠨ ᠦᠨᠡᠬᠡᠷ ᠪᠡᠶ᠎ᠡ ᠬᠦᠩᠭᠡᠨ ᠳᠡᠩᠬᠡᠬᠡ ᠰᠠᠶᠢᠨ ᠪᠠᠶᠢᠨ᠎ᠠ᠂ ᠪᠢᠳᠡ ᠪᠠᠶᠠᠷᠳᠠᠢ ᠪᠠᠷ ᠰᠢᠯᠢ ᠶᠢᠨ ᠵᠠᠮ ᠢᠶᠠᠷ ᠦᠷᠭᠦᠯᠵᠢᠯᠡᠨ ᠳᠠᠪᠬᠢᠭᠤᠯᠤᠨ᠎ᠠ᠂ ᠤᠶᠢᠷ᠎ᠠ ᠬᠠᠪᠢ ᠬᠡᠳᠤᠨ ᠵᠠᠭᠤᠨ ᠭᠠᠵᠠᠷ ᠨᠡᠯᠤᠶᠢᠮ᠎ᠡ᠂ ᠬᠠᠷᠠᠭ᠎ᠠ ᠴᠢᠯᠡᠭᠡᠮ᠎ᠡ ᠲᠠᠯ᠎ᠠ ᠳᠤ ᠠᠭᠤᠯᠡ ᠴᠤ ᠦᠭᠡᠢ ᠤᠰᠤ ᠴᠤ ᠠᠯᠠᠭ᠎ᠠ᠂ ᠵᠤᠨ ᠤ ᠰᠢᠳᠠᠭᠠᠮ᠎ᠠ ᠬᠠᠯᠠᠭᠤᠨ ᠨᠠᠷᠠᠨ ᠤ ᠢᠯᠴᠢᠨ ᠳᠤ ᠤᠷᠭᠤᠭᠰᠠᠨ ᠪᠡᠯᠴᠢᠭᠡᠷ ᠰᠢᠳᠠᠨ ᠭᠠᠩᠳᠠᠵᠦ ᠬᠠᠯᠳᠤᠷᠯᠠᠭᠰᠠᠭᠠᠷ ᠰᠢᠯᠢ ᠶᠢᠨ ᠴᠡᠩᠭᠡᠷ ᠵᠡᠷᠭᠡᠯᠭᠡᠨ ᠲᠠᠢ ᠵᠠᠯᠭᠠᠵᠠᠢ᠃ ᠡᠨᠡ ᠠᠭᠤᠳᠠᠮ ᠲᠠᠯ᠎ᠠ ᠰᠢᠯᠢ ᠴᠤ ᠪᠠᠰᠠ ᠯᠡ ᠭᠠᠩᠳᠠᠵᠠᠢ᠂ ᠶᠠᠳᠠᠬᠤ ᠳᠤ ᠵᠡᠭᠡᠷ᠎ᠡ ᠶᠢᠨ ᠪᠠᠷ᠎ᠠ ᠴᠤ ᠦᠵᠡᠭᠳᠡᠬᠦ ᠦᠭᠡᠢ ᠶᠤᠮ ᠪᠢᠯᠡ᠃ ᠬᠤᠶᠢᠰᠢ ᠰᠤᠨᠤᠯᠵᠠᠭᠰᠠᠨ ᠲᠤᠰᠤᠨ ᠠᠭᠤᠷᠬᠠᠢ ᠶᠢᠨ ᠵᠠᠰᠠᠮᠠᠯ ᠵᠠᠮ ᠢᠶᠠᠷ ᠶᠠᠪᠤᠭᠰᠠᠭᠠᠷ ᠵᠠᠮ ᠵᠠᠰᠠᠬᠤ ᠠᠩᠭᠢ ᠶᠢᠨ ᠬᠢᠨ ᠤ ᠴᠠᠭᠠᠨ ᠱᠠᠨᠪᠤᠤ ᠭᠡᠷ ᠴᠠᠶᠢᠯᠵᠠᠨ᠎ᠠ᠂ ᠲᠡᠷᠭᠡᠳᠡ ᠨᠢ ᠤᠯᠠᠨ ᠠᠴᠢᠶᠠᠨ ᠤ ᠮᠠᠰᠢᠨ ᠲᠡᠷᠭᠡ᠂ ᠰᠢᠷᠤᠢ ᠮᠠᠯᠳᠠᠵᠦ ᠲᠦᠯᠬᠢᠬᠦ ᠮᠠᠰᠢᠨ ᠨᠤᠭᠤᠳ ᠬᠦᠷᠢᠶᠠᠯᠡᠨ ᠵᠤᠭᠰᠤᠨ᠎ᠠ᠂ ᠪᠢᠳᠡᠨ ᠢ ᠭᠡᠷ ᠤᠨ ᠬᠠᠵᠠᠭᠤ ᠳᠤᠨᠢ ᠬᠦᠷᠴᠤ᠂ ᠵᠠᠮ ᠠᠰᠠᠭᠤᠬᠤ ᠪᠠᠷ ᠭᠡᠷ ᠲᠤ ᠤᠷᠤᠬᠤ ᠳᠤ ᠶᠠᠭ ᠦᠳᠡ ᠪᠤᠯᠵᠦ᠂ ᠠᠵᠢᠯᠴᠢᠳ ᠬᠤᠭᠤᠯᠠ ᠴᠠᠢ ᠪᠠᠨ ᠢᠳᠡᠵᠦ ᠤᠤᠭᠤᠵᠦ ᠪᠠᠶᠢᠪᠠ᠂ ᠲᠡᠳᠡ ᠪᠦᠬᠦᠨ ᠢᠶᠠᠷ ᠢᠶᠠᠨ ᠬᠠᠯᠬ᠎ᠠ ᠮᠤᠩᠭᠤᠯᠴᠤᠳ ᠪᠠᠶᠢᠨ᠎ᠠ᠂ ᠮᠤᠩᠭᠤᠯ ᠵᠠᠩ ᠢᠶᠠᠷ ᠢᠶᠠᠨ ᠮᠡᠨᠳᠦᠴᠢᠯᠡᠭᠰᠡᠨ ᠢᠶᠠᠨ ᠴᠤᠶᠢᠪᠠᠯᠰᠠᠩ ᠬᠤᠳᠠ ᠬᠦᠷᠬᠦ ᠤᠴᠢᠷ ᠢᠶᠠᠨ ᠬᠡᠯᠡᠭᠡᠳ ᠵᠠᠮ ᠠᠰᠠᠭᠤᠯ᠎ᠠ᠂ ᠲᠡᠭᠡᠬᠦ ᠳᠤ ᠲᠡᠳᠡ ᠦᠨᠡᠨᠴᠢ ᠴᠠᠭᠠᠬᠠᠨ ᠵᠠᠩ ᠢᠶᠠᠷ ᠢᠶᠠᠨ ᠭᠠᠷᠴᠤ ᠢᠷᠡᠭᠡᠳ ᠪᠠᠷᠠᠭᠤᠨ ᠬᠤᠶᠢᠰᠢ ᠪᠠᠨ ᠵᠢᠭᠠᠵᠦ᠄       — ᠤᠳᠤ ᠲᠠᠨᠠᠷ ᠵᠠᠮ ᠰᠠᠯᠬᠤ ᠪᠤᠯᠤᠯ᠎ᠠ ᠳ᠋ᠠ᠂ ᠲᠡᠷᠡ ᠬᠦᠬᠡᠷᠡᠵᠦ ᠪᠠᠶᠢᠭ᠎ᠠ ᠠᠭᠤᠯᠠ ᠶᠢᠨ ᠬᠤᠶᠢᠭᠤᠷ ᠰᠢᠭ᠋ ᠴᠢᠭᠯᠡᠵᠦ ᠶᠠᠪᠤᠭᠠᠷᠠᠢ  ︕ ᠭᠡᠬᠦ ᠶᠤᠮ᠂ ᠪᠢᠳᠡ ᠦᠭᠡ ᠵᠠᠯᠭᠠᠨ᠄       — ᠲᠡᠷᠡ ᠬᠠᠷᠠᠭᠳᠠᠵᠦ ᠪᠠᠶᠢᠭ᠎ᠠ ᠠᠭᠤᠯᠠ ᠨᠢ ᠶᠠᠮᠠᠷ ᠨᠠᠷ᠎ᠠ ᠲᠠᠢ ᠠᠭᠤᠯᠠ ᠪᠤᠯᠪᠠ︖ ᠭᠡᠬᠦᠶ᠎ᠡ       — ᠲᠡᠷᠡ ᠠᠭᠤᠯᠠ ᠶᠢ ᠮᠠᠳᠠᠳ ᠬᠠᠨ ᠭᠡᠳᠡᠭ  ᠭᠡᠬᠦ ᠶᠤᠮ᠂ ᠰᠢᠭᠤᠳ ᠵᠠᠮ ᠪᠠᠶᠢᠬᠤ ᠡᠰᠡᠬᠦ ᠶᠢ ᠠᠰᠠᠭᠤᠬᠤ ᠳᠤ ᠲᠡᠷᠡ ᠬᠦᠮᠦᠨ ᠢᠶᠠᠷ᠄       — ᠲᠠᠨᠠᠷ ᠢᠩᠭᠢᠭᠡᠳ ᠪᠠᠷᠠᠭᠤᠨ ᠬᠤᠶᠢᠰᠢ ᠰᠠᠯᠤᠭᠠᠳ ᠭᠠᠷᠪᠠᠯ ᠮᠠᠳᠠᠳ ᠰᠤᠮᠤᠨ ᠳᠤ ᠬᠦᠷᠬᠦ ᠶᠡᠭᠡ ᠵᠠᠮ ᠲᠠᠭᠠᠷᠠᠨ᠎ᠠ᠃       ᠪᠢᠳᠡ ᠵᠠᠮ ᠢᠶᠠᠨ ᠠᠰᠠᠭᠤᠭᠠᠳ ᠵᠢᠭᠠᠭᠰᠠᠨ ᠶᠤᠰᠤᠭᠠᠷ ᠲᠡᠷᠭᠡ ᠬᠦᠳᠡᠯᠪᠡ᠂ ᠲᠡᠷᠡ ᠬᠦᠬᠡᠷᠤᠨ ᠪᠤᠢ ᠮᠠᠳᠠᠳ ᠠᠭᠤᠯᠠ ᠪᠠᠰᠠᠴᠤ ᠬᠤᠯᠠ ᠪᠠᠶᠢᠨ᠎ᠠ ᠳ᠋ᠠ᠂ ᠵᠤᠳᠠᠯ ᠬᠠᠨ᠂ ᠲᠠᠷᠬᠠᠨ ᠬᠠᠨ᠂ ᠮᠠᠳᠠᠳ ᠬᠠᠨ ᠢ ᠠᠬ᠎ᠠ ᠲᠡᠭᠦᠤ ᠭᠤᠷᠪᠠᠨ ᠬᠠᠨ ᠭᠡᠳᠡᠭ ᠪᠦᠭᠡᠳ ᠤᠤᠯ ᠤᠨ ᠬᠠᠳᠠᠬᠢᠨ ᠬᠤᠰᠢᠭᠤ ᠶᠢᠨ ᠨᠤᠲᠤᠭ ᠪᠠᠶᠢᠭᠰᠠᠨ ᠲᠤᠬᠠᠢ ᠶᠡᠷᠢᠯᠴᠠᠭᠰᠠᠭᠠᠷ ᠵᠡᠮ ᠢᠶᠠᠨ ᠦᠷᠭᠦᠯᠵᠢᠯᠡᠭᠦᠯᠦᠨ᠎ᠡ᠃ ᠲᠤᠭᠤᠷᠢᠮ ᠤᠨ ᠲᠠᠯ᠎ᠠ ᠶᠢ ᠲᠤᠭᠤᠯᠬᠤ ᠳᠤ ᠦᠳᠡ ᠦᠩᠭᠡᠷᠡᠪᠡ᠂ ᠪᠠᠭᠠᠨ᠎ᠠ ᠶᠢᠨ ᠭᠤᠪᠢ ᠶᠢᠨ ᠪᠠᠷᠠᠭᠤᠨ ᠲᠡᠨᠵᠢᠨ ᠳᠡᠭᠡᠷ᠎ᠡ ᠵᠤᠰᠠᠵᠦ ᠪᠠᠶᠢᠭ᠎ᠠ ᠮᠦᠩᠬᠡᠳᠠᠮᠠᠭ᠎ᠠ ᠶᠢᠨ ᠭᠡᠬᠦ ᠠᠶᠢᠯ ᠠᠴᠠ ᠵᠠᠮ ᠰᠤᠷᠠᠨ ᠶᠠᠪᠤᠭᠰᠠᠭᠠᠷ ᠪᠦᠷᠢᠳᠦᠨ ᠭᠤᠤᠯ ᠢ ᠭᠡᠳᠦᠯᠦᠨ ᠶᠡᠭᠡ ᠬᠦᠷ ᠢ ᠲᠤᠭᠤᠯᠬᠤᠶ᠎ᠠ ᠲᠠᠯ᠎ᠠ ᠶᠢ ᠪᠦᠷᠬᠦᠭᠰᠡᠨ ᠵᠡᠭᠡᠷ᠎ᠡ ᠶᠢᠨ ᠰᠦᠷᠦᠭ ᠰᠢᠷᠭᠠᠯᠳᠤᠨ ᠭᠦᠶᠦᠬᠦ ᠲᠠᠭᠠᠷᠠᠯᠳᠤᠪᠠ᠂ ᠶᠠᠭ ᠰᠢᠷᠠᠭᠴᠢᠨ ᠢᠨᠵᠠᠭᠠᠯᠠᠬᠤ ᠦᠶ᠎ᠡ ᠲᠠᠭᠠᠷᠠᠭᠰᠠᠨ ᠢᠶᠠᠷ ᠤᠯᠠᠨ ᠨᠢᠯᠬ᠎ᠠ ᠢᠨᠵᠠᠭ᠎ᠠ ᠡᠬᠡ ᠪᠠᠨ ᠲᠠᠭᠠᠵᠦ ᠭᠦᠶᠦᠯᠳᠦᠨ᠎ᠡ᠂ ᠨᠢᠭᠡ ᠢᠨᠵᠠᠭ᠎ᠠ ᠰᠦᠷᠦᠭ ᠠᠴᠠ ᠪᠠᠨ ᠰᠠᠯᠤᠨ ᠭᠦᠶᠦᠬᠦ ᠨᠢ ᠲᠡᠷᠡ᠃ ᠡᠨᠡ ᠪᠤᠯ ᠰᠠᠶ᠋ᠢ ᠬᠦᠳᠡᠭᠡ ᠰᠢᠯᠢ ᠶᠢᠨ ᠦᠨᠡᠨ ᠲᠦᠷᠬᠦ ᠶᠤᠮ᠂ ᠦᠨᠡᠬᠡᠷ ᠨᠢᠳᠦ ᠶᠢ ᠪᠠᠶᠠᠰᠬᠠᠮ᠎ᠠ ᠪᠠᠶᠢᠭᠠᠯᠢ ᠶᠢᠨ ᠦᠵᠡᠮᠵᠢ ᠡ᠂ ᠦᠩᠭᠡᠷᠡᠭᠰᠡᠨ ᠬᠤᠷᠢᠳᠤᠭᠠᠷ ᠵᠠᠭᠤᠨ ᠤ ᠲᠠᠯᠠᠭᠠᠳ ᠤᠨ ᠳᠤ ᠮᠠᠨᠠᠶᠢᠬᠢᠨ ᠤ ᠦᠵᠦᠮᠦᠴᠢᠨ ᠳᠠᠯ᠎ᠠ ᠳᠤ ᠴᠤ ᠵᠡᠭᠡᠷ᠎ᠡ ᠶᠢᠨ ᠰᠦᠷᠦᠭ ᠤᠳ ᠲᠠᠪᠤᠨ ᠬᠤᠰᠢᠭᠤ ᠮᠠᠯ ᠲᠠᠢ ᠢᠵᠢᠯᠰᠢᠨ᠂ ᠭᠤᠤᠯ ᠨᠠᠭᠤᠷ ᠠᠴᠠ ᠤᠮᠳᠠᠯᠠᠨ᠂ ︽ᠭᠦᠳ ᠭᠦᠳ︾ ᠭᠡᠭᠰᠡᠭᠡᠷ ᠳᠠᠭᠤ ᠪᠠᠨ ᠠᠪᠤᠯᠴᠠᠨ ᠶᠠᠪᠤᠵᠦ ᠪᠠᠶᠢᠭᠰᠠᠨ ᠡᠭᠡ ᠪᠠᠶᠢᠭᠠᠯᠢ ᠶᠢᠨ ᠡᠶᠡᠰᠡᠭ ᠪᠦᠭᠡᠳ ᠭᠤᠶᠤᠮᠰᠤᠭ ᠪᠠᠶᠢᠳᠠᠯ ᠢ ᠠᠷᠭ᠎ᠠ ᠦᠭᠡᠢ ᠰᠠᠨᠠᠭᠳᠠᠭᠤᠯᠤᠨ᠎ᠠ᠂ ᠪᠠᠰᠠ ᠡᠷᠬᠡ ᠦᠬᠡᠢ ᠤᠷᠠᠮᠰᠢᠭᠤᠯᠤᠨ᠎ᠠ᠂ ᠤᠯᠠᠨ ᠢᠶᠠᠷ ᠰᠢᠷᠭᠠᠯ ᠵᠡᠭᠡᠷ᠎ᠡ ᠶᠢᠨ ᠭᠦᠰᠢᠷᠡᠭᠡ ᠭᠠᠵᠠᠷ ᠬᠦᠳᠡᠯᠬᠦ ᠮᠡᠳᠦ ᠦᠵᠡᠭᠳᠡᠯ ᠢ ᠬᠠᠷᠠᠭᠠᠳ ᠦᠪᠡᠷ ᠤᠨ ᠰᠠᠨᠠᠮᠰᠠᠷ ᠦᠭᠡᠢ ᠲᠠᠭᠤᠨ ᠠᠯᠳᠠᠨ ᠪᠠᠭ᠋ᠠᠷᠤᠵᠠᠭᠠᠨ᠎ᠠ᠄        — ᠡᠨᠡ ᠶᠠᠮᠠᠷ ᠰᠠᠶᠢᠬᠠᠨ ᠪᠤᠢ︖ ᠭᠦᠭᠡᠷᠤᠬᠦᠨ ᠬᠦᠶᠦᠭᠡ ᠢᠨᠵᠠᠭ᠎ᠠ ᠶᠢ ᠨᠢ ᠦᠵᠡᠭᠡᠴᠢ︕        — ᠮᠤᠩᠭᠤᠯ ᠭᠡᠳᠡᠭ ᠴᠢᠨᠢ ᠴᠠᠭᠠᠨ ᠵᠡᠭᠡᠷ᠎ᠡ ᠪᠦᠷᠭᠦᠭᠰᠡᠨ ᠰᠠᠶᠢᠬᠠᠨ ᠭᠠᠵᠠᠷ ᠪᠠᠶᠢᠨ᠎ᠠ᠂        — ᠡᠶᠢᠮᠦ ᠡᠪᠡᠰᠦ ᠪᠡᠯᠴᠢᠭᠡᠷ ᠲᠡᠩᠴᠡᠭᠦᠬᠡᠨ ᠰᠢᠯᠢ ᠭᠠᠵᠠᠷ ᠲᠤ ᠡᠨᠡ ᠠᠮᠢᠳᠠᠨ ᠦᠷᠡᠵᠢᠬᠦ ᠦᠭᠡᠢ ᠶᠠᠭᠠᠬᠢᠬᠤᠪ ᠳ᠋ᠠ      — ᠬᠠᠢ᠂ ᠤᠤᠯ ᠨᠢ ᠮᠠᠨᠠᠶᠢᠬᠢᠨ ᠪᠠᠰᠠ ᠡᠶᠢᠮᠦ ᠪᠠᠶᠢᠭᠰᠠᠨ ᠰᠢᠳᠠ᠂ ᠤᠳᠤ ᠦᠵᠡᠭᠡᠳ ᠦᠭᠭᠦᠶ᠎ᠡ ᠶᠠᠭᠤ ᠴᠤ ᠪᠠᠶᠢᠬᠤ ᠦᠭᠡᠢ ᠭᠡᠵᠦ ᠬᠠᠷᠠᠮᠰᠠᠬᠤ ᠮᠦᠷᠳᠡᠬᠡᠨ ᠠᠳᠠᠭᠠᠷᠬᠠᠭᠰᠠᠨ ᠰᠢᠭ᠋ ᠬᠡᠯᠡᠯᠴᠡᠨ᠎ᠡ᠂ ᠬᠦᠮᠦᠨ ᠤ ᠪᠠᠶᠢᠭᠠᠯᠢ ᠤᠷᠴᠢᠨ ᠬᠡᠳᠦᠢ ᠰᠠᠶᠢᠬᠠᠨ ᠢᠶᠠᠷ ᠢᠶᠠᠨ ᠪᠠᠶᠢᠨᠠᠪ ᠭᠡᠵᠦ ᠪᠠᠭ᠋ᠠᠳᠤᠨ ᠶᠠᠷᠢᠯᠳᠤᠭᠰᠠᠭᠠᠷ ᠬᠤᠶᠢᠳᠦ ᠵᠦᠭ ᠤᠨ ᠤᠪᠤᠭᠠᠳᠤ ᠶᠢᠨ ᠵᠠᠮ ᠢᠶᠠᠷ ᠲᠤᠭᠤᠰᠤ ᠮᠠᠨᠠᠷᠠᠭᠤᠯᠤᠭᠰᠠᠭᠠᠷ ᠱᠤᠷᠪᠤᠭ ︵ᠰᠢᠷᠪᠠᠭ︶ ᠤᠨ ᠨᠠᠭᠤᠷ ᠤᠨ ᠪᠠᠷᠠᠭᠤᠨ ᠳᠡᠭᠡᠷ᠎ᠡ ᠲᠡᠷᠭᠡ ᠵᠤᠭᠰᠤᠵᠦ ᠰᠡᠭᠦᠯ ᠢᠶᠠᠨ ᠬᠦᠯᠢᠶᠡᠪᠡ᠂ ᠵᠠᠮ ᠤᠨ ᠵᠡᠭᠦᠨ ᠳᠠᠯ᠎ᠠ ᠳᠠᠬᠢ ᠤᠶᠢᠷᠠᠯᠴᠠᠭ᠎ᠠ ᠠᠶᠢᠯ ᠤᠨ ᠭᠠᠳᠠᠨ᠎ᠠ ᠬᠦᠷᠬᠦ ᠳᠤ ᠨᠢᠭᠡᠨ ᠮᠠᠯᠴᠢᠨ ᠬᠦᠮᠦᠨ ᠭᠠᠷᠴᠤ ᠢᠷᠡᠨ᠎ᠡ᠂ ᠶᠡᠷᠢᠯᠴᠠᠭᠠᠨ ᠤ ᠲᠤᠮᠳᠠ ᠠᠴᠠ ᠴᠤᠶᠢᠪᠠᠯᠰᠠᠩ ᠬᠤᠳᠠ ᠬᠤᠯᠠ ᠦᠭᠡᠢ ᠶᠢ ᠮᠡᠳᠡᠪᠡ᠂ ᠡᠳᠡᠨᠡᠶᠢᠬᠢᠨ ᠤ ᠮᠠᠯ ᠨᠢ ᠤᠳᠤᠷ ᠶᠠᠪᠤᠭᠰᠠᠨ ᠭᠡᠨ᠎ᠡ᠂ ᠵᠦᠰᠦᠮᠡᠯ ᠮᠤᠳᠤᠨ ᠪᠠᠶᠢᠰᠢᠩ ᠨᠢ ᠬᠦᠬᠡᠷᠤᠨ ᠬᠤᠪᠠᠭ᠋ᠠᠶᠢᠷᠠᠵᠦ ᠮᠠᠭᠤᠳᠠᠭᠰᠠᠨ ᠰᠢᠨᠵᠢᠳᠡᠢ ᠬᠠᠷᠠᠭᠳᠠᠨ᠎ᠠ᠂ ᠬᠤᠨᠢᠨ ᠤ ᠬᠤᠷᠤᠭ᠎ᠠ ᠨᠢ ᠴᠤ ᠮᠤᠳᠤᠨ ᠵᠦᠰᠦᠮᠡᠯ ᠪᠠᠨᠰᠠᠨ ᠬᠡᠷᠡᠮ ᠪᠤᠯᠤᠨ᠎ᠠ᠂ ᠬᠠᠰᠢᠯᠠ ᠤᠢ ᠮᠤᠳᠤ ᠡᠯᠪᠡᠭ ᠪᠠᠶᠠᠯᠢᠭ ᠲᠠᠢ ᠭᠠᠵᠠᠷ ᠤᠶᠢᠷᠠᠯᠴᠠᠭ᠎ᠠ ᠪᠠᠶᠢᠬᠤ ᠨᠢ ᠲᠡᠮᠳᠡᠭᠷᠡᠨ᠎ᠡ᠃ ᠰᠡᠭᠦᠯ ᠤᠨ ᠬᠤᠴᠤᠷᠤᠭᠰᠠᠨ ᠲᠡᠷᠬᠡ ᠴᠠᠬᠢᠯᠭᠠᠨ ᠴᠡᠨᠡᠭ ᠭᠦᠷᠦᠯᠴᠡᠬᠦ ᠦᠭᠡᠢ ᠪᠤᠯᠤᠭᠰᠠᠨ ᠢᠶᠠᠷ ᠪᠢᠳᠡ ᠠᠳᠡ ᠠᠴᠠ ᠪᠤᠴᠠᠨ ᠬᠦᠷᠴᠤ ᠠᠪᠴᠢᠷᠠᠭᠰᠠᠨ᠂ ᠤᠷᠤᠢ ᠶᠢᠨ ᠵᠢᠷᠭᠤᠭᠠᠨ ᠴᠠᠭ ᠤᠨ ᠪᠠᠷᠤᠭ ᠲᠤ ᠬᠡᠷᠦᠯᠦᠨ ᠭᠤᠤᠯ ᠤᠨ ᠵᠡᠭᠦᠨ ᠭᠦᠤᠷ ︵ᠬᠦᠭᠦᠷᠭᠡ︶ ᠢᠶᠠᠷ ᠭᠠᠳᠤᠯᠵᠦ᠂ ᠲᠤᠷᠤᠨᠠᠳᠤ ᠠᠶᠢᠮᠠᠭ ᠤᠨ ᠲᠦᠪ — ᠴᠤᠶᠢᠪᠠᠯᠰᠠᠩ ᠬᠤᠳᠠ ᠳᠤ ᠬᠦᠷᠴᠤ ᠢᠷᠡᠵᠡᠢ᠃ ᠰᠡᠷᠭᠦᠯᠡᠩ ᠰᠤᠮᠤᠨ ᠤ ᠵᠠᠰᠠᠭ ᠳᠠᠷᠤᠭ᠎ᠠ ᠭᠦᠷᠷᠠᠭᠴᠠ᠂ ᠠᠷᠠᠳ ᠤᠨ ᠬᠤᠷᠠᠯ ᠤᠨ ᠲᠠᠷᠤᠭ᠎ᠠ ᠪᠠᠳᠤᠰᠦ᠋ᠬᠡ ᠨᠠᠷ ᠠᠳᠡ ᠮᠠᠨ ᠤ ᠪᠦᠯᠭᠦᠮ ᠢ ᠲᠤᠰᠴᠤ ᠠᠪᠴᠠᠢ᠂ ᠠᠶᠢᠮᠠᠭ ᠤᠨ ᠵᠠᠰᠠᠭ ᠤᠷᠤᠯᠠᠭᠴᠢ ᠲᠠᠷᠤᠭ᠎ᠠ ᠭᠡᠰᠢᠭᠳᠦᠭ᠌ᠳᠠᠬᠤ ᠠᠪᠤᠭᠠᠢ ᠪᠠᠷ ︽ᠬᠡᠷᠦᠯᠦᠨ ᠪᠠᠭᠤᠳᠠᠯ︾ ᠳᠤ ᠪᠢᠳᠡᠨ ᠢ ᠬᠦᠯᠢᠶᠡᠨ ᠠᠪᠴᠤ ᠠᠭᠤᠯᠵᠠᠭᠰᠠᠨ ᠪᠦᠭᠡᠳ ᠵᠤᠴᠢᠯᠠᠪᠠ᠃ ᠠᠶᠢᠮᠠᠭ ᠤᠨ ᠰᠠᠬᠢᠯᠭ᠎ᠠ ᠬᠢᠨᠠᠨ ᠪᠠᠶᠢᠴᠠᠭᠠᠭᠴᠢ ᠲᠠᠷᠤᠭ᠎ᠠ ᠪᠦᠭᠡᠳ ᠦᠵᠦᠮᠦᠴᠢᠨ ᠶᠠᠰᠤᠳᠠᠨ ᠲᠦᠪᠳᠤᠨᠨᠢᠮ᠎ᠠ ᠨᠠᠷ ᠤᠷᠤᠯᠴᠠᠪᠠ᠂ ᠭᠡᠰᠢᠭᠳᠦᠭ᠌ᠳᠠᠬᠤ ᠲᠠᠷᠤᠭ᠎ᠠ᠄ ᠲᠠᠨᠠᠷ ᠲᠡᠷᠡ ᠬᠤᠯᠠ ᠭᠠᠵᠠᠷ ᠠᠴᠠ ᠬᠤᠶᠠᠷ ᠤᠷᠤᠨ ᠤ ᠨᠦᠬᠦᠷᠰᠡᠭ ᠬᠠᠷᠢᠴᠠᠭ᠎ᠠ ᠶᠢᠨ ᠲᠤᠰᠠᠳᠠ ᠢᠷᠡᠭᠰᠡᠨ ᠳᠤ ᠲᠤᠲᠤᠨᠤᠰᠤᠭ ᠢᠶᠠᠷ ᠤᠭᠳᠤᠵᠦ ᠪᠠᠶᠢᠬᠤ ᠪᠠᠨ ᠢᠯᠡᠳᠭᠡᠬᠦ ᠳᠤ ᠪᠦᠯᠬᠦᠮ ᠤᠨ ᠲᠠᠷᠤᠭ᠎ᠠ ᠲᠡᠮᠴᠤᠭ ᠢᠶᠠᠷ ᠵᠠᠰᠠᠭ ᠨᠤᠶᠠᠨ ᠤ ᠡᠨᠡ ᠮᠡᠳᠦ ᠬᠠᠯᠠᠭᠤᠨ ᠢᠶᠠᠷ ᠤᠭᠳᠤᠵᠦ ᠵᠤᠴᠢᠯᠠᠭ᠎ᠠ ᠬᠢᠭᠰᠡᠨ ᠳᠤ ᠦᠭᠡ ᠬᠡᠯᠡᠵᠦ ᠬᠠᠷᠢᠭᠤ ᠲᠠᠯᠠᠷᠬᠠᠭᠰᠠᠨ ᠤ ᠬᠠᠮᠳᠤ ︽ᠠᠯᠳᠠᠨ ᠲᠦᠷᠦᠭᠡ︾ ᠶᠢᠨ ᠱᠤᠭᠤᠮᠠᠯ ᠬᠠᠳᠠᠭ ᠲᠡᠷᠢᠭᠦᠳᠡᠨ ᠤ ᠲᠤᠷᠠᠰᠬᠠᠯ ᠤᠨ ᠪᠤᠳᠠᠰ ᠢ ᠲᠡᠭᠦᠨ ᠳᠤ ᠪᠡᠯᠭᠡᠯᠡᠪᠡ᠃ ᠬᠠᠮᠳᠤ ᠶᠢᠨ ᠦᠭᠡ ᠬᠡᠯᠡ ᠲᠠᠢ᠂ ᠬᠠᠮᠳᠤ ᠶᠢᠨ ᠲᠡᠤᠬᠡ ᠭᠠᠷᠤᠯ ᠤᠭᠰᠠᠭ᠎ᠠ ᠤᠳᠤᠮ ᠨᠢᠭᠡᠳᠢ ᠲᠠᠢ ᠪᠤᠯᠬᠤᠷ ᠬᠠᠷᠢᠯᠴᠠᠨ ᠲᠠᠨᠢᠯᠴᠠᠨ ᠤᠶᠢᠯᠠᠭᠠᠯᠴᠠᠵᠦ᠂ ᠬᠤᠵᠢᠮ ᠤᠨ ᠨᠦᠬᠦᠷᠰᠡᠭ ᠬᠠᠷᠢᠴᠠᠭ᠎ᠠ ᠶᠢ ᠠᠬᠢᠭᠤᠯᠬᠤ ᠳᠠᠯ᠎ᠠ ᠪᠠᠷ ᠰᠠᠨᠠᠯ ᠪᠤᠳᠤᠯ ᠢᠶᠠᠨ ᠰᠤᠯᠢᠯᠴᠠᠬᠤ ᠶᠢᠨ ᠳᠠᠭᠠᠤ ᠳᠤ ᠳᠠᠭᠤᠤ ᠳᠠᠭᠤᠯᠠᠨ ᠲᠤᠩ ᠬᠦᠷ ᠭᠦᠭᠵᠢᠶᠡᠨ ᠲᠠᠢ ᠪᠠᠶᠢᠯ᠎ᠠ᠃       ᠵᠤᠴᠢᠯᠠᠭ᠎ᠠ ᠶᠢᠨ ᠳᠠᠷᠠᠭ᠎ᠠ᠂ ᠭᠦᠷᠷᠠᠭᠴᠠ ᠶᠢᠨ ᠳᠠᠭᠠᠭᠤᠯᠭ᠎ᠠ ᠪᠠᠷ ᠦᠳᠡᠰᠢ ᠶᠢᠨ ᠬᠦᠨ ᠳᠤ ᠰᠡᠷᠭᠦᠯᠡᠩ ᠰᠤᠮᠤ ᠶᠢ ᠵᠤᠷᠢᠯ᠎ᠠ᠂ ᠨᠡᠯᠢᠶᠡᠳ ᠶᠠᠪᠤᠵᠦ ᠰᠤᠮᠤᠨ ᠲᠦᠪ ᠤᠶᠢᠷᠠᠳᠤᠬᠤ ᠳᠤ ᠨᠢᠭᠡᠨ ᠨᠠᠷᠢᠨ ᠤᠷᠤᠰᠬᠠᠯ ᠲᠠᠢ ᠭᠤᠤᠯ ᠢ ᠭᠡᠳᠦᠯᠤᠨ᠎ᠡ᠂ ᠵᠠᠰᠠᠭ ᠳᠠᠷᠤᠭ᠎ᠠ ᠠᠴᠠ ᠡᠭᠦᠨ ᠢ ︽ᠭᠠᠯ ᠭᠤᠤᠯ︾ ᠭᠡᠳᠡᠭ ᠭᠡᠨ᠎ᠡ᠂ ᠤᠳᠠᠯ ᠦᠭᠡᠢ ᠰᠤᠮᠤᠨ ᠲᠦᠪ ᠲᠤ ᠬᠦᠷᠴᠤ ᠢᠷᠡᠬᠦ ᠳᠤ ᠰᠤᠮᠤᠨ ᠤ ᠬᠡᠳᠦᠨ ᠬᠠᠷᠢᠭᠤᠴᠠᠯᠠᠭᠠᠳᠠᠨ ᠪᠢᠳᠡᠨ ᠢ ᠤᠭᠳᠤᠨ ᠠᠪᠴᠤ᠂ ᠴᠡᠪᠡᠷ ᠲᠤᠬᠢᠯᠠᠭ ᠪᠠᠭᠤᠳᠠᠯ ᠲᠤᠬᠢᠷᠠᠭᠤᠯᠤᠭᠰᠠᠨ ᠢᠶᠠᠨ ᠪᠠᠰᠠ ᠤᠭᠳᠤᠬᠤ ᠵᠤᠴᠢᠯᠭ᠎ᠠ ᠬᠢᠪᠡ᠂ ᠰᠤᠮᠤᠨ ᠤ ᠬᠠᠷᠢᠭᠤᠴᠠᠯᠭᠠᠳᠠᠳ ᠭᠡᠪᠡᠯ᠄ ᠵᠠᠰᠠᠭ ᠳᠠᠷᠤᠭ᠎ᠠ ᠭᠦᠷᠷᠠᠭᠴᠠ᠂ ᠵᠠᠰᠠᠭ ᠤᠷᠤᠯᠠᠭᠴᠢ ᠳᠠᠮᠪᠢᠳᠤᠭᠠᠷ᠂ ᠵᠠᠰᠠᠭ ᠤᠨ ᠳᠠᠮᠠᠭᠠᠨ ᠳᠠᠷᠤᠭ᠎ᠠ ᠵᠢᠷᠭᠠᠯᠰᠠᠶᠢᠬᠠᠨ᠂ ᠶᠡᠭᠡ ᠬᠤᠷᠠᠯ ᠤᠨ ᠳᠠᠮᠠᠭᠠᠨ ᠳᠠᠷᠤᠭ᠎ᠠ ᠤᠶᠤᠨᠳᠡᠯᠭᠡᠷ ᠨᠠᠷ ᠪᠠᠶᠢᠵᠦ᠂ ᠪᠠᠶᠠᠷ ᠭᠦᠷᠭᠡᠵᠦ ᠳᠠᠯᠠᠷᠬᠠᠯ ᠢᠯᠡᠷᠬᠡᠶᠢᠯᠡᠬᠦ ᠶᠢᠨ ᠬᠠᠮᠳᠤ ᠪᠦᠯᠬᠦᠮ ᠤᠨ ᠨᠦᠬᠦᠳ ᠤᠨ ᠪᠠᠭᠤᠳᠠᠯ ᠬᠤᠨᠤᠭ᠂ ᠢᠳᠡᠵᠦ ᠤᠤᠭᠤᠬᠤ ᠭᠠᠵᠠᠷ ᠢ ᠪᠦᠷᠢᠨ ᠰᠠᠶᠢᠬᠠᠨ ᠲᠤᠬᠢᠷᠠᠭᠤᠯᠤᠭᠰᠠᠨ ᠪᠦᠭᠡᠳ ᠨᠠᠶᠢᠷ ᠤᠨ ᠨᠠᠷᠢᠨ ᠪᠠᠶᠢᠷᠢᠯᠠᠭᠤᠯᠤᠯᠳᠠ ᠢ ᠴᠤ ᠪᠢᠳᠡᠨ ᠳᠤ ᠬᠡᠯᠡᠵᠦ ᠦᠭᠭᠦᠭᠰᠡᠨ ᠪᠠᠶᠢᠭ᠎ᠠ ᠶᠤᠮ᠃ ᠪᠠᠰᠠ ᠦᠢᠯᠡᠴᠢᠯᠡᠭᠡᠨ ᠤ ᠲᠤᠰᠬᠠᠢ ᠬᠦᠮᠦᠰ ᠭᠠᠷᠭᠠᠨ ᠲᠦᠭᠦᠮ ᠦᠵᠡᠭᠦᠯᠦᠭᠰᠡᠨ ᠵᠡᠷᠭᠡ ᠠᠴᠠ ᠶᠡᠭᠡ ᠨᠠᠷᠢᠨ ᠲᠤᠬᠢᠷᠠᠭᠤᠯᠤᠭᠰᠠᠨ ᠨᠢ ᠢᠯᠡᠷᠬᠡᠢ᠃       7 ᠰᠠᠷ᠎ᠠ ᠶᠢᠨ 9 ᠤ ᠡᠳᠦᠷ᠂ ᠦᠷᠯᠦᠭᠡ ᠡᠭᠦᠯᠡᠷᠭᠡᠭ᠂ ᠨᠠᠮ ᠲᠤᠭᠳᠠᠭᠤᠨ ᠪᠠᠶᠢᠯ᠎ᠡ᠂ ᠰᠤᠮᠤᠨ ᠲᠦᠪ ᠤᠨ ᠬᠤᠶᠢᠳᠦ ᠤᠷᠤᠢ ᠳᠤ ᠭᠠᠷᠬᠤ ᠳᠤ ᠤᠯᠠᠨ ᠮᠤᠷᠢᠳ ᠤᠶᠠᠭᠰᠠᠨ ᠤᠶᠠᠭᠠᠴᠢᠳ ᠰᠦᠯᠵᠢᠯᠳᠤᠨ ᠳᠠᠪᠬᠢᠯᠳᠤᠬᠤ ᠪᠦᠭᠡᠳ ᠨᠠᠶᠢᠷᠴᠢᠳ ᠲᠤᠪᠤ ᠮᠠᠶᠢᠬᠠᠨ ᠢᠶᠠᠷ ᠠᠳᠡ ᠲᠡᠨᠳᠡ ᠪᠠᠭᠤᠴᠢᠬᠠᠭᠰᠠᠨ ᠬᠠᠷᠠᠭᠳᠠᠨ᠎ᠠ᠂ ᠡᠷᠳᠡᠨᠢ ᠤᠪᠤᠭᠠᠨ ᠤ ᠡᠩᠭᠡᠷ ᠭᠠᠯ ᠭᠤᠤᠯ ᠤᠨ ᠵᠡᠭᠦᠨ ᠳᠠᠨᠵᠢᠨ ᠳᠡᠭᠡᠷ᠎ᠡ ᠰᠤᠮᠤᠨ ᠲᠦᠪ ᠤᠨ ᠪᠠᠷᠢᠯᠭ᠎ᠠ ᠵᠢᠭᠳᠡᠷᠡᠨ᠎ᠡ᠂ ᠡᠷᠳᠡᠨᠢ ᠤᠪᠤᠭᠠᠨ ᠠᠴᠠ ᠵᠡᠭᠦᠨᠰᠢ ᠦᠭᠭᠢᠶᠡᠮᠦᠷ ᠤᠨ ᠪᠦᠳᠦᠭᠦᠨ ᠨᠦᠭᠳᠤᠶᠢᠵᠦ᠂ ᠪᠠᠷᠠᠭᠤᠨ ᠬᠤᠶᠢᠰᠢ ᠪᠠᠭ᠎ᠠ ᠵᠠᠶᠢᠳᠠᠢ ᠱᠤᠪᠬᠤ ᠦᠨᠳᠦᠷ ᠠᠭᠤᠯᠠ ᠶᠢ ᠰᠡᠷᠭᠦᠯᠡᠩ ᠬᠠᠶᠢᠷᠬᠠᠨ ᠭᠡᠳᠡᠭ ᠪᠠᠶᠢᠨ᠎ᠠ᠂ ᠤᠷᠤᠢ ᠳᠡᠭᠡᠷ᠎ᠡ ᠪᠠᠨ ᠤᠪᠤᠭ᠎ᠠ ᠳᠠᠬᠢᠯᠭ᠎ᠠ ᠲᠠᠢ᠃ ᠲᠤᠰ ᠰᠤᠮᠦ ᠪᠠᠶᠢᠭᠤᠯᠤᠭᠳᠠᠬᠤ ᠳᠠᠭᠠᠨ ᠡᠨᠡ ᠬᠠᠶᠢᠷᠬᠠᠨ ᠤ ᠨᠡᠷ᠎ᠡ ᠪᠠᠷ ᠵᠠᠰᠠᠭ ᠵᠠᠬᠢᠷᠭᠠᠨ ᠤ ᠠᠯᠳᠠᠷ ᠪᠤᠯᠭᠠᠨ ᠨᠡᠷᠡᠰᠢᠭᠦᠯᠦᠭᠰᠡᠨ ᠪᠠᠶᠢᠳᠠᠭ᠃ ᠭᠠᠯ ᠭᠤᠤᠯ ᠭᠡᠳᠡᠭ ᠨᠢ᠂ ᠡᠷᠳᠡ ᠦᠶ᠎ᠡ ᠳᠤ ᠮᠤᠩᠭᠤᠯ ᠤᠨ ᠨᠢᠭᠡᠨ ᠡᠬᠡ ᠤᠷᠤᠨᠴᠢ ᠵᠠᠩᠵᠤᠨ ᠮᠠᠨᠵᠤ ᠶᠢᠨ ᠴᠡᠷᠢᠭ ᠲᠠᠢ ᠪᠠᠶᠢᠯᠳᠤᠬᠤ ᠳᠠᠭᠠᠨ ᠬᠦᠴᠦᠨ ᠮᠡᠬᠦᠰᠳᠡᠬᠦ ᠪᠤᠯᠬᠤᠶ᠎ᠠ ᠡᠨᠡ ᠭᠤᠤᠯ ᠤᠨ ᠤᠷᠤᠰᠬᠠᠯ ᠢ ᠠᠰᠢᠭᠯᠠᠨ᠂ ᠬᠦᠪᠡᠭᠡ ᠶᠢ ᠨᠢ ᠲᠠᠭᠠᠨ ᠪᠤᠷᠤᠭᠤᠯᠤᠨ ᠦᠳᠦᠭᠡᠨ ᠪᠠᠶᠢᠯᠳᠤᠭᠰᠠᠭᠠᠷ ᠢᠷᠡᠭᠡᠳ ᠤᠷᠤᠢ ᠪᠤᠯᠬᠤ ᠳᠤ ᠬᠤᠶᠠᠷ ᠳᠠᠯ᠎ᠠ ᠪᠠᠷ ᠢᠶᠠᠨ ᠪᠠᠶᠢᠯᠳᠤᠬᠤ ᠪᠠᠨ ᠵᠤᠭᠰᠤᠵᠦ᠂ ᠳᠠᠶᠢᠰᠤᠨ ᠤ ᠴᠡᠷᠢᠭ ᠰᠦᠨᠢ ᠤᠷᠤᠶᠢᠳᠠᠭᠰᠠᠨ ᠪᠤᠯᠬᠤᠷ ᠨᠡᠬᠡᠬᠦ ᠪᠠᠨ ᠪᠤᠯᠢᠵᠦ ᠭᠤᠤᠯ ᠤᠨ ᠵᠡᠬᠦᠨ ᠲᠤᠬᠤᠢ ᠳᠤᠨᠢ ᠪᠠᠭᠤᠳᠠᠯᠯᠠᠳᠠᠭ ᠶᠤᠮ ᠪᠠᠶᠢᠨ᠎ᠠ᠂ ᠲᠡᠷᠡ ᠵᠠᠩᠵᠤᠨ ᠭᠤᠤᠯ ᠤᠨ ᠤᠯᠤᠮ ᠭᠡᠳᠦᠯᠦᠨ ᠪᠠᠷᠠᠭᠤᠨ ᠳᠡᠭᠡᠷ᠎ᠡ ᠬᠦᠪᠡᠭᠡᠨ ᠳᠤ ᠴᠡᠷᠢᠭ ᠢᠶᠠᠨ ᠭᠱᠠᠨ ᠠᠮᠠᠷᠠᠭᠤᠯᠤᠨ ᠬᠤᠭᠤᠯᠠ ᠪᠤᠳᠠᠭ᠎ᠠ ᠢᠳᠡᠭᠦᠯᠦᠭᠰᠡᠨ ᠢᠶᠠᠨ ᠰᠡᠮᠡᠭᠡᠷ ᠳᠠᠬᠢᠨ ᠰᠦᠨᠢ ᠪᠠᠶᠢᠯᠳᠤᠬᠤ ᠪᠠᠷ ᠪᠡᠯᠡᠳᠭᠡᠵᠠᠢ᠃ ᠰᠦᠨᠢ ᠠᠭᠠᠵᠢᠮ ᠪᠤᠯᠬᠤ ᠳᠤ ᠮᠠᠨᠵᠤ ᠶᠢᠨ ᠴᠡᠷᠢᠭ ᠬᠦᠮᠦᠨ ᠤᠯᠠᠨ ᠪᠦᠭᠡᠳ ᠪᠠᠷᠤᠭ ᠲᠡᠶᠢᠯᠦᠭᠰᠡᠨ ᠬᠦᠴᠦᠨ ᠳᠡᠭᠡᠨ ᠰᠠᠨᠠᠭ᠎ᠠ ᠠᠮᠤᠷᠯᠢᠨ ᠶᠠᠳᠠᠷᠠᠭᠰᠠᠨ ᠤ ᠡᠷᠬᠡ ᠪᠠᠷ ᠤᠨᠳᠠᠭᠰᠠᠨ ᠪᠤᠯᠤᠯᠳᠠᠢ᠂ ᠭᠡᠷᠡᠯ ᠭᠡᠭᠡ ᠭᠡᠵᠦ ᠠᠯᠠᠭ᠎ᠠ᠃ ᠡᠨᠡ ᠦᠶ᠎ᠡ ᠦᠨᠦ ᠵᠠᠩᠵᠤᠨ ᠰᠠᠯᠬᠢ ᠪᠠᠷᠠᠭᠤᠨ᠎ᠠ ᠠᠴᠠ ᠬᠦᠴᠦᠳᠡᠢ ᠰᠠᠯᠬᠢᠯᠠᠭᠰᠠᠨ ᠪᠠ ᠭᠤᠤᠯ ᠤᠨ ᠬᠦᠪᠡᠭᠡ ᠶᠢᠨ ᠦᠯᠦᠩ ᠡᠪᠡᠰᠦᠨ ᠤ ᠦᠨᠳᠦᠷ ᠪᠦᠭᠡᠳ ᠨᠢᠭᠳᠠ ᠤᠷᠭᠤᠭᠰᠠᠨ ᠢ ᠦᠵᠡᠭᠡᠳ ᠲᠤᠩ ᠶᠡᠭᠡ ᠪᠠᠶᠠᠷᠯᠠᠵᠦ᠂ ᠲᠡᠷᠤᠢ ᠲᠦᠷᠭᠡᠨ ᠴᠡᠷᠢᠭ ᠲᠡᠭᠡᠨ ᠵᠠᠷᠯᠢᠭ ᠪᠠᠭᠤᠯᠠᠭᠠᠨ᠂ ᠴᠡᠷᠢᠭ ᠪᠦᠷᠢ ᠲᠤ ᠭᠠᠯ ᠠᠪᠤᠭᠤᠯᠤᠨ ᠳᠠᠶᠢᠰᠤᠨ ᠤ ᠴᠡᠷᠢᠭ ᠤᠨ ᠳᠡᠭᠡᠷ᠎ᠡ ᠳᠠᠯ᠎ᠠ ᠶᠢ ᠪᠦᠰᠡᠯᠡᠨ ᠨᠢᠭᠡ ᠵᠡᠷᠭᠡ ᠪᠠᠷ ᠡᠪᠡᠰᠦᠨ ᠳᠤ ᠭᠠᠯ ᠵᠤᠯᠭᠠᠭᠤᠯᠤᠨ ᠲᠦᠢᠮᠡᠷᠳᠡᠨ ᠤᠰᠠᠳᠬᠠᠬᠤ ᠠᠷᠭ᠎ᠠ ᠶᠢ ᠬᠡᠷᠡᠭᠯᠡᠵᠦ᠂ ᠪᠠᠰᠠ ᠭᠤᠤᠯ ᠤᠨ ᠪᠠᠷᠠᠭᠤᠨ ᠬᠦᠪᠡᠭᠡ ᠶᠢ ᠲᠡᠮᠡᠴᠡᠨ ᠢᠷᠡᠬᠦ ᠳᠠᠶᠢᠰᠤᠨ ᠢ ᠴᠤ ᠤᠰᠠᠳᠬᠠᠬᠤ ᠡᠭᠦᠷᠭᠡ ᠶᠢ ᠲᠤᠰᠢᠶᠠᠵᠠᠢ᠂ ᠭᠡᠨᠡᠳᠳᠡ ᠪᠠᠷ ᠤᠷᠬᠢᠬᠤ ᠭᠠᠯ ᠲᠦᠢᠮᠡᠷ ᠤᠨ ᠬᠡᠪᠴᠢᠶ᠎ᠡ ᠦᠷᠭᠡᠨ᠂ ᠬᠠᠷ᠎ᠠ ᠤᠳᠤᠭ᠎ᠠ ᠪᠤᠷᠬᠢᠷᠠᠨ ᠲᠦᠢᠮᠡᠷ ᠤᠨ ᠰᠤᠷ ᠲᠦᠷᠡᠯᠵᠡᠨ᠎ᠡ᠂ ᠮᠠᠨᠵᠦ ᠶᠢᠨ ᠴᠡᠷᠢᠭ ᠬᠡᠳᠦᠢ ᠤᠯᠠᠨ ᠴᠤ ᠨᠦᠭᠦᠭᠡ ᠡᠳᠡᠭᠡᠳ ᠤᠨ ᠢᠶᠠᠨ ᠬᠦᠴᠦᠨ ᠢ ᠳᠡᠩᠳᠡᠭᠦᠤ ᠪᠠᠰᠤᠭᠰᠠᠨ ᠤ ᠲᠡᠭᠡᠷ᠎ᠡ ᠭᠠᠯ ᠢᠶᠠᠷ ᠪᠠᠶᠢᠯᠳᠤᠬᠤ ᠶᠢ ᠶᠢᠰᠦᠨ ᠵᠡᠭᠦᠳᠦᠨ ᠳᠤ ᠴᠤ ᠪᠠᠶᠢᠭᠰᠠᠨ ᠦᠭᠡᠢ ᠪᠤᠯᠬᠤᠷ ᠶᠡᠭᠡ ᠲᠦᠢᠮᠡᠷ ᠤᠨ ᠠᠶᠤᠯ ᠠᠴᠠ ᠵᠠᠶᠢᠯᠠᠬᠤ ᠠᠴᠠ ᠨᠢᠭᠡᠨᠳᠡ ᠬᠤᠵᠢᠮᠳᠠᠵᠠᠢ᠃ ᠢᠩᠭᠢᠭᠡᠳ ᠶᠡᠬᠡᠩᠬᠢ ᠴᠡᠷᠢᠭ ᠨᠢ ᠰᠢᠳᠠᠵᠦ ᠦᠬᠦᠭᠰᠡᠨ ᠬᠠᠷᠠᠰᠠᠯᠳᠤ ᠬᠡᠷᠡᠭ ᠢᠶᠠᠷ ᠮᠠᠨᠵᠦ ᠶᠢᠨ ᠴᠡᠷᠢᠭ ᠤᠨ ᠢᠯᠠᠭᠳᠠᠯ ᠢᠶᠠᠷ ᠲᠡᠭᠦᠰᠴᠤ᠂ ᠡᠨᠡᠬᠦ ᠡᠬᠡ ᠤᠷᠤᠨᠴᠢ ᠵᠠᠩᠵᠤᠨ ᠤ ᠤᠷᠠᠨ ᠠᠷᠭ᠎ᠠ ᠪᠠᠷ ᠳᠠᠶᠢᠰᠦᠨ ᠢᠶᠠᠨ ᠢᠯᠠᠭᠰᠠᠨ ᠪᠠᠭᠠᠳᠤᠷᠯᠢᠭ ᠠᠵᠢᠯᠯᠠᠭ᠎ᠠ ᠶᠢ ᠠᠳᠡᠬᠢ ᠶᠢᠨ ᠬᠦᠮᠦᠰ ᠲᠤᠷᠠᠰᠤᠨ ᠤᠯᠠᠮᠵᠢᠯᠠᠬᠤ ᠶᠢᠨ ᠬᠠᠮᠳᠤ ᠡᠨᠡ ᠭᠤᠤᠯ ᠢ ︽ᠭᠠᠯ ᠭᠤᠤᠯ︾ ᠭᠡᠵᠦ ᠨᠡᠷᠡᠯᠡᠭᠰᠡᠨ ᠪᠠᠶᠢᠵᠠᠢ᠃         ᠭᠠᠯ ᠭᠤᠤᠯ ᠤᠨ ᠬᠦᠪᠡᠭᠡᠨ ᠳᠤ ᠰᠡᠷᠭᠦᠯᠡᠩ ᠰᠤᠮᠤ ᠪᠠᠶᠢᠷᠢᠰᠢᠵᠦ᠂ ᠲᠡᠭᠦᠨ ᠤ ᠨᠤᠮᠢᠨ ᠨᠤᠭᠤᠭᠠᠨ ᠲᠠᠨᠵᠢᠨ ᠳᠡᠭᠡᠷ᠎ᠡ ᠮᠠᠯᠴᠢᠳ ᠢᠶᠠᠨ ᠪᠠᠶᠠᠰᠬᠠᠭᠰᠠᠨ ᠰᠤᠮᠤᠨ ᠤ ᠶᠡᠭᠡ ᠨᠠᠶᠢᠷ ᠶᠠᠪᠤᠭᠳᠠᠬᠤ ᠪᠠᠷ ᠪᠠᠶᠢᠨ᠎ᠠ᠂ ᠬᠤᠶᠢᠮᠤᠷ  ᠳᠤᠨᠢ ᠲᠤᠮᠤ ᠴᠡᠴᠡᠷ ᠮᠠᠶᠢᠬᠠᠨ ᠢ ᠳᠠᠳᠠᠵᠦ᠂ ᠲᠤᠮᠳᠠ ᠪᠠᠨ ᠲᠤᠭ ᠤᠨ ᠦᠨᠳᠦᠷᠬᠡᠨ ᠡᠰᠢ ᠶᠢ ᠪᠤᠰᠬᠠᠵᠦ᠂ ᠡᠮᠦᠨ᠎ᠡ ᠪᠠᠨ ᠬᠤᠶᠠᠷ ᠢᠵᠢᠯᠬᠡᠨ ᠵᠢᠵᠢᠭ ᠪᠦᠬᠡ ᠭᠠᠷᠬᠤ ᠬᠦᠬᠡ ᠮᠠᠶᠢᠬᠠᠨ ᠪᠠᠷᠢᠭᠰᠠᠨ ᠡᠨᠡᠬᠦ ᠨᠠᠶᠢᠷ ᠤᠨ ᠳᠡᠯᠡᠪᠡᠢ ᠶᠢ ᠰᠤᠮᠤᠨ ᠲᠦᠪ ᠠᠴᠠ ᠪᠠᠷᠠᠭᠤᠨᠰᠢᠬᠢ ᠳᠡᠭᠰᠢ ᠰᠠᠶᠢᠬᠠᠨ ᠵᠦᠯᠭᠡ ᠨᠤᠭᠤᠭᠠᠨ ᠡᠩᠭᠡᠷ ᠲᠤ ᠵᠠᠰᠠᠭᠰᠠᠨ ᠪᠠᠶᠢᠨ᠎ᠠ᠂ ᠲᠤᠮᠤ ᠴᠡᠴᠡᠷ ᠤᠨ ᠲᠡᠭᠡᠪᠦᠷ ᠤᠨ ᠬᠠᠶᠠᠭ᠎ᠠ ᠪᠠᠷ ᠲᠠᠪᠤᠨ ᠦᠩᠭᠡ ᠶᠢᠨ ᠵᠡᠯ᠎ᠡ ᠬᠡᠶᠢᠮᠦᠷᠢ ᠳᠠᠭᠠᠭᠰᠠᠨ ᠨᠢ ᠰᠤᠯᠤᠩᠭᠠᠷᠠᠨ ᠬᠠᠷᠠᠭᠳᠠᠵᠦ ᠤᠯᠠᠮ ᠲᠤᠬᠢᠯᠠᠭ ᠦᠵᠡᠮᠵᠢᠳᠡᠢ ᠪᠤᠯᠭᠠᠵᠠᠢ᠃ ᠦᠷᠯᠦᠭᠡ ᠡᠷᠳᠡ ᠳᠤ 22 ᠺᠢᠯᠤᠮᠧᠲᠷ ᠤᠨ ᠠᠯᠤᠰ ᠠᠴᠠ ᠳᠠᠯᠪᠢᠭᠰᠠᠨ ᠠᠵᠢᠷᠭᠠᠨ ᠤᠷᠤᠯᠳᠤᠭᠠᠨ ᠢᠷᠡᠭᠰᠡᠨ ᠤ ᠳᠠᠷᠠᠭ᠎ᠠ ᠨᠠᠶᠢᠷ ᠦᠪᠡᠳᠡᠭᠰᠢ ᠶᠡᠬᠡᠪᠡᠷ ᠪᠠᠷ ᠡᠬᠢᠯᠡᠨ᠎ᠡ᠂ ᠠᠷᠠᠳ ᠤᠨ ᠬᠤᠪᠢᠰᠬᠠᠯ ᠢᠯᠠᠭᠰᠠᠨ 89 ᠵᠢᠯ ᠤᠨ ᠤᠢ ᠶᠢ ᠲᠤᠷᠠᠰᠬᠠᠨ ᠪᠡᠯᠭᠡᠯᠡᠭᠰᠡᠨ ᠡᠨᠡᠬᠦ ᠨᠠᠶᠢᠷ ᠤᠨ ᠶᠤᠰᠤᠯᠠᠯ ᠤᠨ ᠡᠬᠢᠨ ᠳᠤ ᠰᠤᠮᠤᠨ ᠤ ᠵᠠᠰᠠᠭ ᠳᠠᠷᠤᠭ᠎ᠠ ᠭᠦᠷᠷᠠᠭᠴᠠ ᠪᠤᠯᠤᠨ ᠠᠷᠠᠳ ᠤᠨ ᠬᠤᠷᠠᠯ ᠤᠨ ᠲᠠᠷᠤᠭ᠎ᠠ ᠪᠠᠳᠤᠰᠦ᠋ᠬᠡ ᠬᠤᠶᠠᠭᠤᠯᠠ ᠳᠠᠶᠢᠰᠠᠨ ᠤ ᠡᠮᠦᠨ᠎ᠡ ᠭᠠᠷᠴᠤ᠂ ᠭᠦᠷᠷᠠᠭᠴᠠ ᠲᠠᠷᠤᠭ᠎ᠠ ᠠᠴᠠ ᠨᠠᠶᠢᠷ ᠡᠬᠢᠯᠡᠭᠰᠡᠨ ᠢ ᠵᠠᠷᠯᠠᠬᠤᠶ᠎ᠠ ᠲᠦᠷᠪᠡᠨ ᠨᠠᠷ᠎ᠠ ᠠᠯᠳᠠᠷᠳᠦ ᠬᠦᠮᠦᠰ ᠠᠴᠠ ᠤᠯᠤᠰ ᠤᠨ ᠲᠤᠭ ᠢ ᠨᠠᠶᠢᠷ ᠤᠨ ᠳᠠᠯᠠᠪᠠᠢ ᠶᠢᠨ ᠲᠦᠪ ᠲᠤᠮᠳᠠ ᠠᠭᠠᠵᠢᠮ ᠢᠶᠠᠷ ᠮᠠᠨᠳᠤᠭᠤᠯᠬᠤ ᠳᠤ ᠤᠯᠠᠨ ᠢᠶᠠᠷ ᠢᠶᠠᠨ ᠬᠢᠴᠢᠶᠡᠩᠭᠦᠶᠢᠯᠡᠨ ᠪᠠᠷᠠᠭᠤᠨ ᠭᠠᠷ ᠢᠶᠠᠨ ᠴᠡᠭᠡᠵᠢᠨ ᠳᠡᠭᠡᠨ ᠨᠠᠭᠠᠯᠳᠤᠭᠤᠯᠤᠨ ᠲᠦᠪᠯᠡᠬᠦᠨ ᠵᠤᠭᠰᠤᠨ᠎ᠠ᠂ ᠲᠤᠭ ᠮᠠᠨᠳᠤᠭᠤᠯᠤᠭᠰᠠᠨ ᠤ ᠳᠠᠷᠠᠭ᠎ᠠ ᠳᠠᠭᠤᠴᠢᠳ ᠬᠦᠭᠵᠢᠮᠴᠢᠳ ᠠᠴᠠ ᠨᠠᠶᠢᠷᠴᠢᠳ ᠲᠠᠭᠠᠨ ᠤᠷᠠᠨ ᠪᠦᠵᠢᠭ ᠢᠶᠠᠨ ᠪᠦᠵᠢᠭᠯᠡᠵᠦ᠂ ᠰᠦᠯᠳᠡ ᠳᠠᠭᠤᠤ ᠪᠠᠨ ᠬᠠᠩᠭᠢᠨᠠᠭᠤᠯᠤᠨ᠂ ᠮᠤᠷᠢᠨ ᠬᠤᠭᠤᠷ ᠤᠨ ᠠᠶᠠᠯᠠᠭᠤ ᠪᠠᠨ ᠬᠦᠭᠵᠢᠮᠳᠡᠬᠦ ᠳᠠᠷᠠᠭᠠᠯᠠᠯ ᠢᠶᠠᠷ ᠨᠠᠶᠢᠷ ᠤᠨ ᠡᠬᠢᠯᠡᠯᠳᠡ ᠶᠢᠨ ᠶᠤᠰᠤᠯᠠᠯ ᠶᠠᠪᠤᠭᠳᠠᠨ᠎ᠠ᠂          ᠦᠵᠦᠮᠦᠴᠢᠨ ᠤ ᠲᠦᠯᠦᠭᠡᠯᠡᠭᠴᠢᠳ ᠤᠨ ᠪᠦᠯᠬᠦᠮ ᠤᠨ ᠲᠠᠷᠤᠭ᠎ᠠ ᠳᠡᠮᠴᠤᠭ ᠠᠴᠠ ᠪᠠᠶᠠᠷ ᠤᠨ ᠦᠭᠡ ᠬᠡᠯᠡᠵᠦ ᠮᠡᠨᠳᠦᠴᠢᠯᠡᠯ ᠬᠦᠷᠭᠡᠭᠰᠡᠨ ᠤ ᠬᠠᠮᠳᠤ ᠬᠤᠰᠢᠭᠤ ᠵᠠᠰᠠᠭ ᠢᠶᠠᠨ ᠲᠦᠯᠦᠭᠡᠯᠡᠨ ᠨᠠᠶᠢᠷ ᠤᠨ ᠪᠠᠶᠠᠷ ᠲᠤ ᠠᠷᠠᠳ ᠤᠨ ᠵᠤᠭᠤᠰ ᠲᠦᠮᠡᠨ ᠲᠦᠭᠦᠷᠢᠭ ᠤᠨ ᠪᠡᠯᠡᠭ ᠢ ᠬᠦᠷᠷᠠᠭᠴᠠ ᠲᠠᠷᠤᠭ᠎ᠠ ᠳᠤ ᠭᠠᠷᠳᠠᠭᠤᠯᠬᠤ ᠳᠤ ᠤᠯᠠᠨ ᠢᠶᠠᠷ ᠨᠢᠵᠢᠭᠢᠨᠡᠳᠡᠯ᠎ᠡ ᠠᠯᠠᠭ᠎ᠠ ᠳᠠᠰᠢᠨ ᠲᠠᠯᠠᠷᠬᠠᠯ ᠢᠯᠡᠷᠬᠡᠶᠢᠯᠡᠪᠡ᠃ ᠮᠠᠨᠳᠤᠬᠤᠪᠤᠯᠠᠭ ᠪᠠᠯᠭᠠᠰᠤᠨ ᠤ ᠴᠤᠭᠳᠤ ᠳᠠᠷᠤᠭ᠎ᠠ ᠴᠤ ᠭᠠᠷᠴᠤ ᠵᠤᠴᠢᠨ ᠤ ᠶᠤᠰᠤᠭᠠᠷ ᠰᠡᠷᠭᠦᠯᠡᠩ ᠰᠤᠮᠤᠨ ᠤ ᠨᠠᠶᠢᠷᠴᠢᠳ ᠲᠦᠮᠡᠨ ᠳᠤ ᠪᠠᠶᠠᠷ ᠳᠠᠯᠠᠷᠬᠠᠯ ᠬᠦᠷᠭᠡᠬᠦ ᠶᠢᠨ ᠬᠠᠮᠳᠤ ᠨᠠᠶᠢᠷ ᠨᠠᠭᠠᠳᠤᠮ ᠤᠨ ᠲᠦᠭᠦᠷᠡᠩ ᠠᠮᠵᠢᠯᠳᠠ ᠶᠢ ᠵᠦᠩᠨᠡᠭᠰᠡᠨ ᠪᠠᠶᠢᠭ᠎ᠠ ᠶᠤᠮ᠃ ᠨᠠᠶᠢᠷ ᠨᠢ ᠬᠠᠯᠬ᠎ᠠ ᠶᠢᠨ ᠱᠤᠳᠤᠭᠳᠤ ᠪᠦᠭᠡ ᠶᠢᠨ ᠪᠠᠷᠢᠯᠳᠤᠭᠠᠨ ᠢ ᠶᠠᠪᠤᠭᠳᠠᠭᠤᠯᠤᠭᠰᠠᠨ ᠶᠤᠮ᠂ ᠡᠮᠦᠨ᠎ᠡ ᠪᠠᠶᠢᠭ᠎ᠠ ᠪᠦᠬᠡ ᠶᠢᠨ ᠭᠠᠷᠤᠭ᠎ᠠ ᠮᠠᠶᠢᠬᠠᠨ ᠠᠴᠠ ᠠᠶᠢᠮᠠᠭ ᠤᠨ ᠨᠠᠴᠢᠨ ᠪᠠᠳᠤᠮᠦ᠋ᠩᠬᠡ ᠵᠡᠷᠭᠡ ᠠᠪᠤᠷᠭᠤ ᠪᠦᠬᠡᠴᠤᠳ ᠱᠤᠩᠬᠤᠷ ᠤᠨ ᠳᠡᠪᠢᠯᠭᠡ ᠪᠠᠷ ᠰᠦᠷᠯᠡᠨ ᠮᠠᠭᠰᠢᠵᠦ᠂ ᠤᠯᠤᠰ ᠤᠨ ᠲᠤᠭ ᠢ ᠪᠦᠬᠦᠯᠢ ᠡᠷᠬᠢᠭᠰᠡᠨ ᠢᠶᠠᠨ ᠬᠢᠨᠠᠭᠴᠢ ᠶᠢᠨ ᠲᠡᠷᠭᠡᠳᠡ ᠬᠦᠷᠴᠤ ᠮᠠᠯᠠᠭᠠᠢ ᠪᠠᠨ ᠦᠯᠡᠳᠡᠭᠡᠵᠦ ᠲᠤᠰᠤᠭᠤᠷ ᠢᠶᠠᠨ ᠬᠠᠶᠠᠭᠰᠠᠨ ᠢᠶᠠᠨ ᠳᠠᠬᠢᠨ ᠬᠢᠨᠠᠭᠴᠢ ᠪᠠᠷ ᠮᠠᠯᠠᠭᠠᠢ ᠪᠠᠨ ᠳᠠᠯᠪᠢᠭᠤᠯᠬᠤ ᠳᠠᠭᠠᠨ ᠪᠠᠶ᠎ᠠ ᠶᠢ ᠨᠢ ᠪᠦᠬᠦᠯᠢ ᠡᠷᠭᠢᠭᠰᠡᠨ ᠢᠶᠠᠨ ᠲᠤᠭ ᠰᠦᠯᠳᠡ ᠶᠢ ᠲᠤᠭᠤᠷᠢᠨ ᠮᠠᠭᠰᠢᠭᠰᠠᠭᠠᠷ ᠪᠤᠴᠠᠨ᠎ᠠ᠃ ᠡᠭᠦᠨ ᠳᠤ ᠰᠤᠨᠢᠷᠬᠠᠭᠤᠰᠢᠳᠠᠢ ᠨᠢ ᠬᠤᠶᠠᠷ ᠳᠠᠯ᠎ᠠ ᠠᠴᠠ ᠭᠠᠷᠬᠤ ᠪᠦᠬᠡ ᠶᠢᠨ ᠬᠢᠨᠠᠭᠴᠢ ᠨᠢ ᠤᠯᠠᠭᠠᠨ ᠬᠦᠬᠡ ᠬᠤᠶᠠᠷ ᠦᠩᠭᠡ ᠶᠢᠨ ᠬᠤᠪᠴᠠᠰᠤ ᠡᠮᠦᠰᠴᠤ᠂ ᠦᠪᠡᠷ ᠤᠨ ᠭᠠᠷᠤᠭᠠᠨ ᠤ ᠪᠦᠬᠡ ᠪᠠᠨ ᠬᠤᠶᠠᠷ ᠳᠠᠯ᠎ᠠ ᠠᠴᠠ ᠬᠢᠨᠡᠳᠡᠭ ᠪᠠᠶᠢᠨ᠎ᠠ᠃ ᠪᠦᠬᠡ ᠶᠢᠨ ᠱᠤᠳᠤᠭ ᠨᠢ ᠤᠯᠠᠭᠠᠨ ᠪᠠ ᠬᠦᠭᠡ ᠦᠩᠭᠡᠳᠡᠢ ᠭᠤᠤᠯᠳᠠᠭᠤ ᠪᠠᠶᠢᠬᠤ ᠪᠦᠬᠡᠳ ᠶᠠᠭᠠᠨ ᠦᠩᠭᠡ ᠲᠠᠢ ᠪᠠᠰᠠ ᠪᠤᠢ᠂ ᠮᠠᠨ ᠤ ᠬᠤᠰᠢᠭᠤᠨ ᠠᠴᠠ ᠠᠪᠤᠷᠭᠤ ᠪᠠᠶᠠᠷᠪᠠᠭᠠᠳᠤᠷ ᠡᠨᠡ ᠤᠳᠠᠭ᠎ᠠ ᠶᠢᠨ ᠪᠠᠷᠢᠯᠳᠤᠭᠠᠨ ᠳᠤ ᠤᠷᠤᠯᠴᠠᠭᠠᠳ ᠬᠤᠶᠠᠷ ᠲᠠᠩ ᠡᠷᠭᠢᠭᠡᠳ ᠵᠠᠭᠠᠨ ᠡᠷᠬᠢᠮᠪᠠᠶᠠᠷ ᠲᠤ ᠬᠦᠯᠳᠡᠭᠦᠯᠦᠭᠰᠡᠨ ᠪᠠᠶᠢᠭ᠎ᠠ ᠶᠤᠮ ᠃ 64 ᠪᠦᠬᠡᠴᠢᠨ ᠤᠷᠤᠯᠴᠠᠭᠰᠠᠨ ᠬᠠᠯᠬ᠎ᠠ ᠪᠦᠬᠡ ᠶᠢᠨ ᠪᠠᠷᠢᠯᠳᠤᠭᠠᠨ ᠳᠤ ᠪᠤᠯᠠᠭᠠᠨ ᠰᠤᠮᠤᠨ ᠤ ᠵᠠᠭᠠᠨ ᠴᠤᠯᠠ ᠲᠠᠢ ᠡᠷᠬᠢᠮᠪᠠᠶᠠᠷ ᠲᠡᠷᠢᠭᠦᠯᠡᠵᠦ᠂ ᠰᠡᠷᠭᠦᠯᠡᠩ ᠰᠤᠮᠤᠨ ᠤ ᠨᠠᠴᠢᠨ ᠴᠤᠯᠠ ᠲᠠᠢ ᠪᠠᠳᠤᠵᠤᠷᠢᠭ ᠲᠡᠳ᠋ᠯᠡᠭᠰᠡᠨ᠂ ᠦᠰᠪᠦᠷᠢ ᠶᠢᠨ ᠪᠦᠭᠡ ᠶᠢᠨ ᠪᠠᠷᠢᠯᠳᠤᠭᠠᠨ ᠳᠤ ᠯᠾᠬᠠᠪᠠᠰᠦ᠋ᠷᠦᠩ ᠲᠡᠷᠢᠭᠦᠯᠡᠨ ᠰᠡᠷᠭᠦᠯᠡᠩᠪᠠᠭᠠᠳᠤᠷ ᠲᠡᠳ᠋ᠯᠡᠭᠰᠡᠨ ᠪᠠᠶᠢᠵᠦ ᠪᠢᠯᠡ᠃ ᠨᠠᠶᠢᠷ ᠡᠬᠢᠯᠡᠬᠦ ᠦᠷᠯᠦᠭᠡ ᠠᠵᠢᠷᠭᠠᠨ ᠤᠷᠤᠯᠳᠤᠭᠠᠨ ᠢᠶᠠᠨ ᠲᠠᠯᠪᠢᠭᠰᠠᠨ᠂ ᠳᠠᠮᠪᠢᠳᠤᠭᠠᠷ ᠵᠠᠰᠠᠭ ᠤᠷᠤᠯᠠᠭᠴᠢ ᠠᠴᠠ ᠠᠵᠢᠷᠭᠠᠨ ᠤ ᠤᠷᠤᠯᠳᠤᠭᠠᠨ ᠤ ᠳ᠋ᠦᠩ ᠢ ᠨᠡᠶᠢᠳᠡᠯᠡᠨ᠎ᠡ᠂ 53 ᠲᠤᠭᠠᠨ ᠤ ᠠᠵᠢᠷᠭᠠᠨ ᠤᠷᠤᠯᠳᠤᠭᠠᠨ ᠳᠤ᠄         ᠬᠡᠷᠦᠯᠦᠨ ᠰᠤᠮᠤᠨ ᠤ ᠬᠠᠷᠢᠶᠠᠳᠤ ᠢᠳᠡᠭᠡᠯ ᠤᠨ ᠪᠤᠷᠤ ᠠᠵᠢᠷᠭ᠎ᠠ ᠲᠡᠷᠢᠭᠦᠯᠡᠵᠦ                         ᠬᠡᠷᠤᠯᠤᠨ ᠰᠤᠮᠤᠨ ᠤ ᠬᠠᠷᠢᠶᠠᠳᠤ ᠡᠷᠳᠡᠨᠢᠴᠤᠭᠳᠤ ᠶᠢᠨ ᠬᠡᠭᠡᠷ ᠠᠵᠢᠷᠭ᠎ᠠ ᠠᠮᠠᠨ ᠬᠦᠵᠦᠭᠦᠯᠡᠵᠦ         ᠬᠡᠷᠦᠯᠦᠨ ᠰᠤᠮᠤᠨ ᠤ ᠬᠠᠷᠢᠶᠠᠳᠤ ᠰᠤᠮᠢᠶᠠᠪᠠᠭᠠᠳᠤᠷ ᠤᠨ ᠬᠤᠸᠠ ᠬᠠᠯᠵᠠᠨ ᠠᠵᠢᠷᠭ᠎ᠠ ᠭᠤᠳᠠᠭᠠᠷᠯᠠᠵᠦ         ᠰᠡᠷᠭᠦᠯᠡᠩ ᠰᠤᠮᠤᠨ ᠤ ᠬᠠᠷᠢᠶᠠᠳᠤ ᠡᠷᠳᠡᠨᠢᠪᠠᠭᠠᠳᠤᠷ ᠤᠨ ᠬᠡᠭᠡᠷ ᠠᠵᠢᠷᠭ᠎ᠠ ᠲᠦᠳᠦᠭᠡᠷᠯᠡᠨ         ᠬᠡᠷᠦᠯᠦᠨ ᠰᠤᠮᠤᠨ ᠤ ᠢᠳᠡᠭᠡᠯ ᠤᠨ ᠬᠤᠸᠠ ᠠᠵᠢᠷᠭ᠎ᠠ ᠲᠡᠷᠢᠬᠢᠨ ᠲᠠᠪᠤ ᠳᠤ ᠲᠤᠰ ᠲᠤᠰ ᠢᠷᠡᠭᠰᠡᠨ ᠪᠠᠶᠢᠨ᠎ᠠ᠃ ᠤᠨᠤᠭᠠᠴᠢᠨ ᠬᠡᠤᠬᠡᠳ ᠰᠤᠳᠤᠨ ᠲᠠᠪᠤᠨ ᠬᠦᠯᠦᠭ ᠢᠶᠠᠨ ᠤᠨᠤᠵᠦ ᠴᠤᠯᠠ ᠪᠠᠨ ᠳᠠᠭᠤᠳᠠᠭᠤᠯᠬᠤ ᠪᠠᠷ ᠨᠠᠶᠢᠷ ᠤᠨ ᠳᠠᠯᠠᠪᠠᠢ ᠳᠤ ᠤᠷᠤᠵᠦ ᠢᠷᠡᠬᠦ ᠳᠤ ᠳᠠᠭᠤᠳᠠᠭᠠᠴᠢ ᠠᠴᠠ ᠮᠤᠷᠢᠨ ᠴᠤᠯᠠ ᠪᠠᠨ ᠤᠶᠠᠩᠭᠠᠯᠠᠨ ᠮᠠᠭᠳᠠᠨ ᠰᠢᠯᠦᠭᠯᠡᠨ᠎ᠡ᠃ ᠮᠤᠷᠢᠨ ᠱᠠᠩ ᠦᠭᠬᠦ ᠳᠤ ᠲᠠᠭᠤᠳᠠᠭᠠᠴᠢ ᠳᠤ ᠰᠦᠨ ᠤ ᠳᠡᠭᠡᠵᠢ ᠪᠠᠨ ᠠᠮᠬᠠᠷᠠᠭᠤᠯᠤᠨ᠂ ᠤᠨᠤᠭᠰᠠᠨ ᠮᠤᠷᠢᠨ ᠠᠴᠠ ᠨᠢ ᠡᠬᠢᠯᠡᠨ ᠴᠤᠯᠠᠳᠤ ᠮᠤᠷᠢᠳ ᠢᠶᠠᠨ ᠤᠷᠢᠳᠡᠪᠡᠷ ᠠᠶᠢᠷᠠᠭ ᠰᠦ ᠪᠠᠷ ᠮᠢᠯᠢᠶᠠᠭᠰᠠᠨ ᠢᠶᠠᠨ ᠱᠠᠩ ᠢᠶᠠᠨ ᠤᠯᠭᠤᠯ᠎ᠠ᠃ ᠨᠠᠶᠢᠷ ᠨᠠᠭᠠᠳᠤᠮ ᠨᠢ ᠮᠤᠷᠢᠳᠠᠨ ᠶᠠᠰᠤᠳᠠᠨ ᠤ ᠪᠠᠶᠠᠷ ᠬᠦᠷ ᠪᠤᠯᠬᠤ ᠳᠤ ᠠᠯᠤᠰ ᠲᠤ ᠨᠤᠭᠤᠭᠠᠨ ᠳᠠᠯ᠎ᠠ ᠶᠢᠨ ᠴᠡᠩᠬᠡᠷ ᠤᠨᠢᠶᠠᠷ ᠳᠠᠶᠢᠪᠤᠩ ᠳᠡᠨᠢᠭᠦᠨ ᠰᠠᠭᠠᠳᠠᠨ᠎ᠠ᠃         ᠨᠠᠶᠢᠷ ᠤᠨ ᠬᠦᠷᠢᠶ᠎ᠡ ᠬᠦᠭᠵᠢᠶᠡᠨ ᠨᠠᠷᠭᠢᠶᠠᠨ ᠲᠠᠢ᠂ ᠦᠵᠡᠮᠤᠷ ᠪᠠᠶᠠᠨ᠃ ᠲᠠᠯᠠᠪᠠᠢ ᠳᠤ ᠪᠦᠬᠡ ᠪᠠᠷᠢᠯᠳᠤᠵᠦ ᠪᠠᠶᠢᠬᠤ ᠳᠤ ᠪᠠᠷᠠᠭᠤᠨ ᠲᠠᠯ᠎ᠠ ᠪᠠᠷ ᠪᠠᠭᠠᠴᠤᠳ ᠲᠡᠭᠦᠵᠢᠩ ᠨᠠᠭᠠᠳᠬᠤ᠂ ᠱᠠᠳᠤᠯᠵᠢᠨ ᠲᠠᠪᠠᠭ᠋ᠤ ᠵᠡᠷᠭᠡ ᠪᠠᠷ ᠪᠦᠭᠡᠮᠨᠡᠷᠡᠨ ᠤᠷᠤᠯᠳᠤᠨ ᠪᠠᠶᠢᠯ᠎ᠠ᠂ ᠨᠠᠶᠢᠷ ᠤᠨ ᠬᠦᠷᠢᠶ᠎ᠡ ᠵᠠᠬᠠᠯᠠᠨ ᠡᠪᠦᠭᠡᠳ ᠨᠠᠰᠤᠳᠠᠳ ᠪᠦᠭᠡᠮ ᠪᠦᠭᠡᠮ ᠢᠶᠠᠷ ᠰᠠᠭᠤᠵᠦ ᠵᠤᠭᠤᠭᠳᠠᠬᠤ ᠶᠢᠨ ᠲᠠᠭᠠᠤ ᠳᠤ ᠪᠦᠬᠡ ᠰᠤᠨᠢᠷᠬᠠᠨ᠎ᠠ᠂ ᠤᠯᠠᠩᠬᠢ ᠦᠵᠡᠭᠴᠢᠳ ᠮᠤᠷᠢᠳᠡᠢ ᠰᠤᠨᠢᠷᠬᠠᠬᠤ ᠶᠢᠨ ᠬᠠᠮᠳᠤ ᠤᠷᠤᠯᠳᠤᠭᠠᠨ ᠤ ᠮᠤᠷᠢᠳ ᠢᠶᠠᠨ ᠭᠦᠳᠦᠯᠦᠨ᠂ ᠵᠡᠭᠦᠨᠰᠢ ᠪᠠᠷᠠᠭᠤᠨᠰᠢ ᠲᠠᠪᠬᠢᠯᠳᠤᠨ ᠤᠷᠤᠯᠳᠤᠭᠠᠨ ᠳᠤ ᠳᠠᠯᠪᠢᠬᠤ ᠪᠠᠷ ᠶᠠᠭᠠᠷᠠᠯᠳᠤᠨ᠎ᠠ᠃         ᠬᠠᠯᠬ᠎ᠠ ᠶᠢᠨ ᠮᠤᠷᠢᠨ ᠤᠷᠤᠯᠳᠤᠭᠠᠨ ᠤ ᠲᠦᠷᠦᠯ ᠤᠯᠠᠨ ᠪᠠᠶᠢᠳᠠᠭ᠄ ᠠᠵᠢᠷᠭ᠎ᠠ ᠶᠢᠨ ᠤᠷᠤᠯᠳᠤᠭᠠᠨ᠂ ᠬᠤᠷᠳᠤᠨ ᠮᠤᠷᠢᠨ ᠤ ᠤᠷᠤᠯᠳᠤᠭᠠᠨ᠂ ᠰᠤᠶᠤᠯᠠᠩ ᠮᠤᠷᠢᠨ ᠤ ᠤᠷᠤᠯᠳᠤᠭᠠᠨ᠂ ᠬᠢᠵᠠᠯᠠᠩ ᠮᠤᠷᠢᠨ ᠤ ᠤᠷᠤᠯᠳᠤᠭᠠᠨ᠂ ᠦᠷᠢᠶᠠᠨ ᠤ ᠤᠷᠤᠯᠳᠤᠭᠠᠨ᠂ ᠲᠠᠭ᠎ᠠ ᠶᠢᠨ ᠤᠷᠤᠯᠳᠤᠭᠠᠨ ᠵᠡᠷᠭᠡ ᠪᠤᠢ᠂ ᠡᠭᠦᠨ ᠳᠤ ᠰᠤᠶᠤᠯᠠᠩ ᠮᠤᠷᠢᠨ ᠤ ᠤᠷᠤᠯᠳᠤᠭᠠᠨ ᠢ ᠶᠡᠬᠡᠳᠡ ᠬᠦᠨᠳᠦᠳᠭᠡᠨ ᠦᠵᠡᠵᠦ᠂ ᠲᠡᠷᠢᠭᠦᠯᠡᠭᠰᠡᠨ ᠮᠤᠷᠢ ᠨᠢ ᠬᠤᠵᠢᠮ ᠭᠦᠶᠦᠳᠡᠭ ᠮᠤᠷᠢ ᠪᠤᠯᠬᠤ ᠭᠡᠬᠦ ᠪᠦᠭᠡᠳ ᠰᠤᠶᠤᠯᠠᠩ ᠮᠤᠷᠢᠨ ᠤ ᠤᠷᠤᠯᠳᠤᠭᠠᠨ ᠤ ᠲᠤᠭᠤᠰᠤᠨ ᠳᠤ ᠤᠷᠤᠪᠠᠯ ᠡᠪᠡᠳᠴᠢᠨ ᠲᠠᠬᠤᠯ ᠬᠦᠷᠳᠡᠭ ᠦᠭᠡᠢ ᠭᠡᠨ᠎ᠡ ᠯᠡᠢ᠃ 7 ᠰᠠᠷ᠎ᠠ ᠶᠢᠨ 10 ᠡᠳᠦᠷ᠂ ᠪᠢᠳᠡ ᠲᠠᠭ᠎ᠠ ᠶᠢᠨ ᠤᠷᠤᠯᠳᠤᠭᠠᠨ ᠢ ᠨᠢ ᠲᠡᠷᠭᠡ ᠲᠠᠢ ᠲᠠᠭᠠᠵᠦ ᠦᠵᠡᠭᠰᠡᠨ᠂ ᠠᠳᠡᠬᠢ ᠭᠠᠵᠠᠷ ᠤᠷᠤᠯᠳᠤᠭᠠᠨ ᠮᠤᠷᠢᠳ ᠢ ᠳᠠᠯᠪᠢᠬᠤ ᠪᠠᠷ ᠶᠠᠪᠤᠬᠤ ᠳᠤ ᠠᠯᠬᠤᠭᠤᠯᠵᠦ ᠭᠠᠯᠭᠢᠭᠤᠯᠵᠦ ᠶᠠᠪᠤᠬᠤ ᠪᠢᠰᠢ ᠬᠠᠷᠢᠨ ᠰᠢᠷᠦᠭᠦᠨ ᠲᠤᠩᠰᠢᠶ᠎ᠡ ᠰᠡᠭᠡᠭᠡ ᠪᠠᠷ ᠶᠠᠭᠠᠷᠠᠪᠴᠢᠯᠠᠨ ᠲᠤᠭᠤᠬᠤ ᠨᠢ ᠲᠡᠷᠡ᠂ ᠡᠳᠡᠨ ᠤ ᠬᠡᠯᠡᠬᠦ ᠪᠠᠷ ᠰᠢᠷᠦᠭᠦᠨ ᠬᠦᠭᠡᠭᠡᠬᠦ ᠨᠢ ᠮᠤᠷᠢᠳ ᠤᠷᠤᠯᠳᠤᠭᠠᠨ ᠤ ᠭᠠᠵᠠᠷ ᠢᠶᠠᠨ ᠬᠦᠷᠬᠦ ᠳᠤ ᠬᠦᠯᠦᠷᠠᠨ ᠴᠢᠬᠢᠭᠳᠡᠬᠦ ᠪᠠᠷ ᠪᠡᠶ᠎ᠡ ᠨᠢ ᠲᠠᠯᠪᠢᠭᠳᠠᠵᠦ ᠭᠦᠶᠦᠵᠦ ᠡᠬᠢᠯᠡᠬᠦ ᠳᠤ ᠴᠡᠭᠡᠵᠢ ᠨᠢ ᠪᠠᠴᠢᠮᠳᠠᠳᠠᠭ ᠦᠭᠡᠢ ᠭᠡᠵᠦ ᠶᠠᠷᠢᠬᠤ ᠶᠤᠮ ᠪᠢᠯᠡ᠂ ᠡᠨᠡ ᠬᠠᠷᠢᠨ ᠲᠤᠩᠭᠠᠭᠤᠰᠢᠳᠠᠢ ᠶᠠᠪᠤᠳᠠᠯ᠂ ᠨᠢᠭᠡ ᠳᠤ ᠮᠤᠷᠢᠨ ᠤ ᠭᠦᠶᠦᠳᠡᠯ ᠳᠤ ᠲᠤᠰᠠᠳᠠᠢ᠂ ᠬᠤᠶᠠᠷ ᠲᠤ ᠴᠠᠭ ᠠᠷᠪᠢᠯᠠᠬᠤ ᠳᠤ ᠠᠰᠢᠭᠳᠠᠢ᠂ ᠭᠤᠷᠪᠠ ᠳᠤ ᠨᠠᠶᠢᠷᠴᠢᠳ ᠰᠤᠨᠢᠷᠬᠠᠬᠤ ᠳᠤ ᠲᠦᠭᠦᠮ ᠪᠠᠶᠢᠨ᠎ᠠ᠃ ᠲᠦᠴᠢ ᠭᠠᠷᠤᠢ ᠲᠠᠭ᠎ᠠ ᠶᠢ ᠲᠡᠷᠡ ᠮᠡᠳᠦ ᠰᠡᠭᠡᠭᠡ ᠪᠠᠷ ᠲᠤᠭᠤᠭᠰᠠᠭᠠᠷ ᠭᠠᠷᠤᠨ ᠤ ᠭᠠᠵᠠᠷ ᠬᠦᠷᠳᠡᠯ᠎ᠡ ᠠᠷᠪᠠᠨ ᠬᠤᠶᠠᠷ ᠺᠢᠯᠤᠮᠧᠲᠷ ᠤᠨ ᠦᠵᠦᠭᠦᠷ ᠲᠤ ᠬᠦᠭᠡᠭᠡᠪᠡ᠂ ᠢᠩᠭᠢᠭᠡᠳ ᠪᠤᠳᠤᠬᠤ ᠳᠤ ᠶᠠᠪᠤᠵᠦ ᠪᠤᠴᠠᠬᠤ ᠲᠠᠢ ᠡᠨᠡ ᠤᠷᠤᠯᠳᠤᠭᠠᠨ ᠤ ᠲᠠᠭ᠎ᠠ ᠨᠢ ᠲᠦᠴᠢᠨ ᠲᠦᠷᠪᠡᠨ ᠭᠠᠵᠠᠷ ᠲᠠᠪᠬᠢᠵᠦ ᠪᠠᠶᠢᠬᠤ ᠶᠤᠮ᠃ ᠲᠠᠭ᠎ᠠ ᠳᠠᠯᠪᠢᠬᠤ ᠭᠠᠵᠠᠷ ᠬᠦᠷᠬᠦ ᠳᠤ ᠨᠤᠭᠤᠭᠠᠨ ᠲᠤᠤᠷ ᠬᠤᠷᠢᠭ᠎ᠠ ᠪᠡᠯᠡᠳᠭᠡᠨ᠂ ᠤᠯᠠᠨ ᠲᠠᠭ᠎ᠠ ᠬᠤᠷᠢᠭᠠᠨ ᠤ ᠭᠠᠵᠠᠷ ᠢᠶᠠᠨ ᠬᠦᠷᠦᠮᠡᠭᠴᠡ ᠲᠤᠤᠷ ᠬᠤᠷᠢᠭ᠎ᠠ ᠪᠠᠨ ᠰᠡᠭᠦᠵᠦ ᠦᠭᠬᠦ ᠲᠠᠢ ᠵᠡᠷᠭᠡ ᠤᠷᠤᠯᠳᠤᠭᠠᠨ ᠡᠬᠢᠯᠡᠯ᠎ᠡ᠂ ᠤᠯᠠᠨ ᠲᠠᠭ᠎ᠠ ᠪᠦᠬᠡᠮ ᠭᠠᠷᠤᠭᠰᠠᠨ ᠢᠶᠠᠨ ᠠᠭᠠᠵᠢᠮ ᠢᠶᠠᠷ ᠰᠤᠪᠤᠷᠠᠯ᠎ᠠ᠂ ᠵᠠᠷᠢᠮ ᠲᠠᠭ᠎ᠠ ᠶᠢᠨ ᠭᠦᠶᠦᠳᠡᠯ ᠤᠨ ᠬᠤᠷᠳᠤᠨ ᠭᠡᠵᠢ᠂ ᠨᠡᠬᠡᠯᠳᠡ ᠨᠢ ᠰᠢᠷᠦᠭᠦᠨ ᠪᠠᠶᠢᠨ᠎ᠠ᠂ ᠲᠠᠭᠠᠷᠢᠯᠡᠨ ᠭᠠᠷᠤᠭᠰᠠᠭᠠᠷ ᠲᠠᠰᠤᠷᠠᠨ ᠬᠤᠯᠠᠳᠠᠬᠬᠤ ᠶᠢ ᠶᠠᠭᠠᠬᠢᠨ᠎ᠡ ᠭᠡᠬᠦᠪ᠃ ᠡᠭᠦᠨ ᠠᠴᠠ ᠦᠵᠡᠬᠦ ᠳᠤ ᠲᠠᠭ᠎ᠠ ᠶᠢᠨ ᠭᠦᠶᠦᠳᠡᠯ ᠰᠠᠶᠢᠬᠠᠨ ᠤᠶᠠᠭ᠎ᠠ ᠲᠡᠩᠴᠡᠭᠦᠯᠵᠦ ᠴᠢᠳᠠᠪᠠᠯ ᠭᠤᠴᠢᠨ ᠭᠠᠵᠠᠷ ᠢ ᠭᠦᠶᠦᠬᠦ ᠨᠢ ᠨᠠᠭᠠᠳᠤᠮ ᠤᠨ ᠯᠡ ᠬᠡᠷᠡᠭ ᠶᠤᠮ ᠪᠠᠶᠢᠨ᠎ᠠ᠂ ᠬᠠᠰᠢᠯᠡ ᠡᠳ᠋ᠯᠡᠵᠦ ᠴᠠᠭᠠᠷᠠᠭᠤᠯᠬᠤ ᠳᠤ ᠪᠠᠶᠢᠳᠠᠭ ᠤᠴᠢᠷ᠂ ᠦᠨᠡᠨ ᠳᠡᠭᠡᠨ ᠮᠠᠨᠠᠶᠢᠬᠢᠨ ᠤ ᠠᠯᠤᠰ ᠤᠨ ᠮᠤᠷᠢᠨ ᠤ ᠤᠷᠤᠯᠳᠤᠭᠠᠨ ᠲᠠᠢ ᠲᠠᠭ᠎ᠠ ᠶᠢᠨ ᠤᠷᠤᠯᠳᠤᠭᠠᠨ ᠨᠢ ᠲᠡᠩᠴᠡᠬᠦ ᠪᠤᠯᠪᠠ᠂ ᠡᠨᠡ ᠪᠤᠯ ᠨᠢᠭᠡᠨ ᠬᠠᠷᠢᠴᠠᠭᠤᠯᠤᠰᠢᠳᠠᠢ ᠶᠠᠪᠤᠳᠠᠯ ᠪᠠᠶᠢᠯ᠎ᠠ᠂ ᠬᠡᠷᠤᠯᠤᠨ ᠭᠤᠤᠯ ᠤᠨ ᠠᠳᠤᠭᠤᠳ ᠭᠦᠶᠦᠳᠡᠯ ᠲᠠᠢ ᠲᠦᠷᠦᠳᠡᠭ ᠭᠡᠰᠡᠨ ᠨᠢ ᠦᠨᠡᠨ ᠪᠠᠶᠢᠭᠰᠠᠨ ᠴᠤ ᠮᠠᠭᠠᠳ᠃ ᠡᠨᠡ ᠤᠳᠠᠭᠠᠨ ᠤ ᠲᠠᠭ᠎ᠠ ᠶᠢᠨ ᠤᠷᠤᠯᠳᠤᠭᠠᠨ ᠳᠤ᠄       ᠬᠡᠷᠤᠯᠤᠨ ᠰᠤᠮᠤᠨ ᠤ ᠪᠠᠳᠤᠵᠢᠷᠭᠠᠯ ᠤᠨ ᠪᠤᠷᠤ ᠲᠠᠭ᠎ᠠ ᠲᠡᠷᠢᠭᠦᠯᠡᠨ᠂       ᠬᠡᠷᠤᠯᠤᠨ ᠰᠤᠮᠤᠨ ᠤ ᠭᠠᠩᠪᠠᠭᠠᠳᠤᠷ ᠤᠨ ᠬᠦᠷᠡᠩ ᠲᠠᠭ᠎ᠠ ᠠᠮᠠᠨ ᠬᠦᠵᠦᠭᠦᠯᠡᠵᠦ       ᠰᠡᠷᠭᠦᠯᠡᠩ ᠰᠤᠮᠤᠨ ᠤ ᠨᠡᠷᠡᠭᠦᠶᠢᠪᠠᠭᠠᠳᠤᠷ ᠤᠨ ᠬᠠᠷ᠎ᠠ ᠰᠠᠭᠠᠷᠠᠯ ᠲᠠᠭ᠎ᠠ ᠭᠤᠳᠠᠭᠠᠷᠯᠠᠵᠦ       ᠪᠠᠶᠠᠠᠳᠦ᠋ᠮᠡᠨ ᠰᠤᠮᠤᠨ ᠤ ᠵᠢᠷᠭᠠᠯᠰᠠᠶᠢᠬᠠᠨ ᠤ ᠲᠡᠯᠳᠦ ᠬᠤᠸᠠ ᠲᠠᠭ᠎ᠠ ᠲᠦᠳᠦᠭᠡᠷᠯᠡᠨ       ᠪᠠᠶᠠᠠᠳᠦ᠋ᠮᠡᠨ ᠰᠤᠮᠤᠨ ᠤ ᠦᠯᠵᠡᠶᠢᠰᠠᠶᠢᠬᠠᠨ ᠤ ᠰᠢᠷᠭ᠎ᠠ ᠲᠠᠭ᠎ᠠ ᠲᠡᠷᠢᠬᠢᠨ ᠲᠠᠪᠤ ᠳᠤ ᠤᠷᠤᠵᠦ᠂ ᠨᠠᠶᠢᠷ ᠤᠨ ᠱᠠᠩ ᠲᠤᠰᠤᠭᠰᠠᠨ ᠪᠠᠶᠢᠨ᠎ᠠ᠃       ᠰᠡᠷᠭᠦᠯᠡᠩ ᠰᠤᠮᠤᠨ ᠤ ᠨᠠᠶᠢᠷ ᠲᠤ ᠵᠠᠯᠠᠭᠳᠠᠭᠰᠠᠨ ᠴᠢᠬᠤᠯᠠ ᠰᠢᠯᠳᠠᠭᠠᠨ ᠪᠤᠯ ᠦᠵᠦᠮᠦᠴᠢᠨᠴᠤᠳ ᠤᠨ ᠴᠢᠰᠦ ᠮᠢᠬᠠᠨ ᠤ ᠭᠡᠯᠬᠢᠶ᠎ᠡ ᠲᠠᠢ ᠠᠴᠠ ᠪᠤᠯᠤᠭᠰᠠᠨ ᠶᠤᠮ᠂ ᠳᠡᠯᠡᠬᠡᠢ ᠶᠢᠨ ᠬᠤᠶᠠᠳᠤᠭᠠᠷ ᠲᠠᠶᠢᠨ ᠤ ᠰᠡᠭᠦᠯᠴᠢ 1945 ᠤᠨ ᠳᠤ ᠶᠠᠫᠤᠨ ᠤ ᠲᠦᠷᠢᠮᠡᠬᠡᠶᠢᠯᠡᠭᠴᠢᠳ ᠤᠨ ᠲᠠᠷᠤᠯᠠᠯ ᠠᠴᠠ ᠠᠩᠭᠢᠵᠢᠷᠠᠬᠤ ᠶᠢᠨ ᠲᠤᠰᠠᠳᠠ᠂ ᠤᠤᠯ ᠤᠨ ᠦᠵᠦᠮᠦᠴᠢᠨ ᠵᠡᠭᠦᠨ ᠭᠠᠷᠤᠨ ᠬᠤᠰᠢᠭᠤᠨ ᠤ ᠮᠢᠨᠵᠤᠤᠷᠳᠤᠷᠵᠢ ᠸᠠᠩ ᠤᠨ ᠲᠠᠭᠠᠭᠤᠯᠭ᠎ᠠ ᠪᠠᠷ ᠶᠡᠬᠡᠩᠬᠢ ᠠᠶᠢᠯ ᠡᠷᠦᠬᠡ  ᠨᠢ ᠮᠤᠩᠭᠤᠯ ᠤᠯᠤᠰ ᠲᠤ ᠨᠡᠭᠦᠵᠦ ᠤᠷᠤᠭᠰᠠᠨ ᠢᠶᠠᠷ ᠮᠠᠰᠢ ᠤᠯᠠᠨ ᠶᠠᠰᠤ ᠴᠢᠰᠦᠨ ᠤ ᠪᠠᠷᠢᠯᠳᠤᠯᠭ᠎ᠠ ᠲᠠᠢ ᠰᠠᠳᠤᠨ ᠲᠦᠷᠦᠯ ᠰᠠᠯᠵᠦ ᠪᠤᠳᠠᠷᠠᠭᠰᠠᠨ ᠲᠡᠤᠬᠡᠨ ᠶᠠᠪᠤᠳᠠᠯ ᠭᠠᠷᠤᠭᠰᠠᠨ ᠶᠤᠮ᠂ ᠶᠡᠷᠡᠭᠡᠳ ᠤᠨ ᠠᠴᠠ ᠬᠤᠶᠠᠷ ᠤᠯᠤᠰ ᠤᠨ ᠭᠠᠳᠠᠭᠠᠳᠤ ᠬᠠᠷᠢᠴᠠᠭ᠎ᠠ ᠰᠠᠶᠢᠵᠢᠷᠠᠭᠰᠠᠨ ᠠᠴᠠ ᠵᠡᠭᠦᠨ ᠦᠵᠦᠮᠦᠴᠢᠨ ᠤ ᠬᠠᠳᠠᠪᠴᠢ ᠪᠠᠷ ᠬᠢᠯᠢ ᠶᠢᠨ ᠪᠤᠭᠤᠮᠳᠠ ᠨᠡᠭᠡᠭᠡᠵᠦ᠂ ᠨᠦᠬᠦᠷᠰᠡᠭ ᠢᠶᠠᠷ ᠶᠠᠪᠤᠯᠴᠠᠬᠤ ᠪᠤᠯᠤᠭᠰᠠᠨ ᠢᠶᠠᠷ ᠮᠠᠨ ᠤ ᠪᠦᠯᠬᠦᠮ ᠤᠨ ᠭᠡᠰᠢᠭᠦᠨ ᠪᠤᠯᠤᠭᠰᠠᠨ ᠵᠤᠷᠢᠭᠳᠤ᠂ ᠰᠡᠴᠡᠨᠭᠡᠷᠡᠯ᠂ ᠪᠠᠳᠤᠵᠢᠷᠭᠠᠯ ᠨᠠᠷ ᠰᠠᠳᠤᠨ ᠲᠦᠷᠦᠯ ᠢᠶᠠᠨ ᠠᠳᠡ ᠢᠷᠡᠵᠦ ᠡᠷᠭᠢᠵᠦ ᠦᠵᠡᠭᠰᠡᠨ ᠪᠠᠶᠢᠨ᠎ᠠ᠃ ᠰᠡᠷᠭᠦᠯᠡᠩ ᠰᠤᠮᠤᠨ ᠤ ᠤᠯᠠᠩᠬᠢ ᠮᠠᠯᠴᠢᠳ ᠪᠤᠯ ᠦᠵᠦᠮᠦᠴᠢᠨ ᠶᠠᠰᠤᠳᠠᠨ ᠪᠠᠶᠢᠭ᠎ᠠ ᠶᠤᠮ᠃ ᠡᠶᠢᠮᠦ ᠪᠠᠷ ᠮᠤᠩᠭᠤᠯ ᠤᠨ ᠰᠦᠬᠡᠪᠠᠭᠠᠳᠤᠷ ᠪᠠ ᠲᠤᠷᠤᠨᠠᠳᠤ ᠠᠶᠢᠮᠠᠭ ᠲᠤ ᠦᠵᠦᠮᠦᠴᠢᠨ ᠶᠠᠰᠤᠳᠠᠨ ᠤᠯᠠᠨ ᠲᠠᠷᠬᠠᠭᠰᠠᠨ ᠪᠠᠶᠢᠳᠠᠭ ᠢᠶᠠᠷ ᠬᠢᠯᠢ ᠶᠢᠨ ᠬᠤᠰᠢᠭᠤ ᠪᠤᠯᠤᠭᠰᠠᠨ ᠵᠡᠭᠦᠨ ᠦᠵᠦᠮᠦᠴᠢᠨ ᠬᠤᠰᠢᠭᠤ ᠨᠢ ᠠᠵᠦ ᠠᠬᠤᠢ ᠰᠤᠶᠤᠯ ᠤᠨ ᠲᠠᠯ᠎ᠠ ᠪᠠᠷ ᠤᠯᠠᠨ ᠬᠠᠷᠢᠴᠠᠭ᠎ᠠ ᠶᠠᠪᠤᠯᠴᠠᠭ᠎ᠠ ᠶᠢ ᠨᠡᠭᠡᠭᠡᠭᠰᠡᠨ ᠪᠠᠶᠢᠳᠠᠭ᠃       ᠪᠢᠳᠡ ᠴᠤᠶᠢᠪᠠᠯᠰᠠᠩ ᠬᠤᠳᠠ ᠳᠤ ᠦᠨᠵᠢᠬᠦ ᠳᠡᠭᠡᠨ ︵7,12︶ ᠠᠳᠡᠬᠢ ᠴᠤᠶᠢᠪᠠᠯᠰᠠᠩ ᠤᠨ ᠲᠡᠤᠬᠡ ᠶᠢᠨ ᠮᠦᠽᠸᠢ ᠪᠠᠷ ᠲᠤᠭᠤᠷᠢᠨ ᠦᠵᠡᠭᠰᠡᠨ᠂ ᠮᠦᠽᠸᠢ ᠶᠢᠨ ᠪᠠᠷᠢᠯᠭ᠎ᠠ ᠶᠢᠨ ᠡᠮᠦᠨ᠎ᠡ ᠮᠠᠷᠱᠠᠯ ᠴᠤᠶᠢᠪᠠᠯᠰᠠᠩ ᠤᠨ ᠱᠤᠭᠤᠮᠠᠯ ᠰᠦᠨᠳᠡᠷᠯᠡᠨ᠂ ᠨᠤᠮᠤᠨ ᠬᠠᠨ ᠤ ᠲᠠᠶᠢᠨ ᠢ ᠠᠳᠡᠬᠢ ᠨᠦᠭᠡᠨ ᠭᠡᠷ ᠠᠴᠠ ᠵᠢᠯᠤᠭᠤᠳᠴᠤ ᠢᠯᠠᠯᠳᠠ ᠳᠤ ᠬᠦᠷᠭᠡᠭᠰᠡᠨ ᠭᠡᠬᠦ ᠵᠡᠷᠭᠡ ᠲᠠᠶᠢᠨ ᠪᠠᠶᠢᠯᠳᠤᠭᠠᠨ ᠤ ᠪᠢᠰᠢᠷᠡᠮ᠎ᠡ ᠰᠠᠶᠢᠬᠠᠨ ᠲᠤᠷᠠᠰᠬᠠᠯ ᠤᠨ ᠦᠵᠡᠮᠵᠢ ᠤᠯᠠᠨᠳᠠᠢ ᠪᠠᠶᠢᠯ᠎ᠠ᠃ ᠲᠡᠷᠡ ᠡᠳᠦᠷ ᠤᠨ ᠦᠳᠡ ᠠᠴᠠ ᠬᠤᠶᠢᠰᠢ ᠪᠢᠳᠡ ᠬᠡᠷᠤᠯᠤᠨ ᠮᠦᠷᠡᠨ ᠤ ᠭᠤᠶᠢᠳᠡ ᠰᠠᠶᠢᠬᠠᠨ ᠮᠡᠯᠨᠮᠡᠯᠵᠡᠭᠡᠨ ᠢ ᠰᠤᠨᠢᠷᠬᠠᠭᠰᠠᠨ  ᠨᠢ ᠪᠠᠰᠠ ᠨᠢᠭᠡᠨ ᠮᠠᠷᠳᠠᠭᠳᠠᠰᠢ ᠦᠭᠡᠢ ᠡᠷᠭᠢᠴᠡᠭᠦᠯᠦᠯ ᠪᠤᠯᠤᠭᠰᠠᠨ ᠪᠠᠶᠢᠭ᠎ᠠ᠃ ᠬᠡᠨᠳᠡᠢ ᠨᠢᠷᠤᠭᠤᠨ ᠤ ᠪᠤᠷᠬᠠᠨ ᠬᠠᠯᠳᠤᠨ ᠠᠭᠤᠯᠠᠨ ᠠᠴᠠ ᠡᠬᠢ ᠠᠪᠤᠭᠰᠠᠨ ᠬᠡᠷᠤᠯᠤᠨ ᠮᠦᠷᠡᠨ ᠲᠤᠷᠤᠨ᠎ᠠ ᠵᠦᠭ ᠮᠤᠷᠤᠯᠵᠠᠨ ᠤᠷᠤᠰᠤᠭᠰᠠᠭᠠᠷ ᠦᠵᠦᠮᠦᠴᠢᠨ ᠠᠶᠢᠮᠠᠭ ᠤᠨ ᠲᠡᠤᠬᠡᠨ ᠮᠠᠯᠵᠢᠯ ᠢ ᠰᠢᠪᠡᠨᠡᠨ ᠪᠠᠶᠢᠨ᠎ᠠ᠂ ︽ᠮᠤᠩᠭᠤᠯ ᠤᠨ ᠨᠡᠭᠦᠳᠡᠯᠯᠡᠬᠦ ᠮᠠᠯᠵᠢᠯ ᠤᠨ ᠳᠡᠮᠳᠡᠭᠯᠡᠯ︾ ᠤᠨ ᠦᠵᠦᠮᠦᠴᠢᠨ ᠤ ᠪᠦᠯᠦᠭ ᠲᠤ ᠦᠵᠦᠮᠦᠴᠢᠨ ᠬᠤᠶᠠᠷ ᠬᠤᠰᠢᠭᠤ᠄ ︽ᠲᠡᠭᠡᠳᠦ ᠡᠷᠳᠡᠮᠳᠦ ᠶᠢᠨ ᠬᠤᠶᠠᠳᠤᠭᠠᠷ ᠤᠨ ᠳᠤ ᠬᠠᠷᠢᠶᠠᠳᠤ ᠢᠷᠭᠡᠳ ᠢᠶᠠᠨ ᠲᠠᠭᠠᠭᠤᠯᠵᠦ ᠬᠡᠷᠤᠯᠤᠨ ᠠᠴᠠ ᠢᠷᠡᠵᠦ ᠤᠷᠤᠵᠦ ᠦᠭᠪᠠᠢ᠂ ᠁︾ ᠭᠡᠰᠡᠨ ᠳᠡᠮᠳᠡᠭᠯᠡᠯ ᠢ ᠦᠨᠳᠦᠰᠦᠯᠡᠪᠡᠯ᠂ ᠪᠠᠷᠤᠭ ᠲᠦᠷᠪᠡᠨ ᠵᠠᠭᠤᠨ ᠵᠢᠯ ᠤᠨ ᠡᠮᠦᠨ᠎ᠡ ᠮᠠᠨ ᠤ ᠦᠵᠦᠮᠦᠴᠢᠨ ᠤ ᠲᠡᠭᠡᠳᠦᠰ ᠨᠠᠷ ᠡᠨᠡ ᠶᠡᠭᠡ ᠭᠤᠤᠯ ᠤᠨ ᠤᠰᠤᠨ ᠢ ᠤᠮᠳᠠᠯᠠᠨ᠂ ᠲᠡᠭᠦᠨ ᠤ ᠬᠦᠪᠡᠭᠡ ᠪᠠᠷ ᠨᠡᠭᠦᠳᠡᠯ ᠮᠠᠯᠵᠢᠯ ᠢᠶᠠᠨ ᠬᠢᠵᠦ ᠪᠠᠶᠢᠭᠰᠠᠨ ᠪᠠᠶᠢᠨ᠎ᠠ᠂ ᠦᠨᠦᠳᠦᠷ ᠪᠢᠳᠡ ᠲᠡᠭᠡᠳᠦ ᠤᠳ ᠤᠨ ᠢᠶᠠᠨ ᠤᠤᠭᠤᠭᠰᠠᠨ ᠤᠰᠤᠨ ᠠᠴᠠ ᠠᠮᠳᠠᠯᠠᠵᠦ᠂ ᠠᠮᠢᠰᠬᠤᠭᠰᠠᠨ ᠠᠭᠠᠷ ᠢᠶᠠᠷ ᠨᠢ ᠴᠡᠭᠡᠵᠢ ᠪᠠᠨ ᠠᠭᠤᠵᠢᠷᠠᠭᠤᠯᠵᠦ᠂ ᠭᠤᠯᠤᠮᠳᠠ ᠪᠠᠨ ᠲᠠᠮᠠᠭᠠᠯᠠᠭᠰᠠᠨ ᠬᠦᠷᠦᠰᠦᠨ ᠳᠤᠨᠢ ᠬᠦᠯ ᠬᠢᠰᠬᠢᠵᠦ ᠶᠠᠪᠤᠬᠤ ᠳᠠᠭᠠᠨ ᠶᠤᠰᠤᠳᠠᠢ ᠨᠢᠳᠦ ᠰᠡᠷᠭᠦᠨ ᠰᠡᠳᠭᠢᠯ ᠪᠠᠶᠠᠰᠴᠤ᠂ ᠤᠷᠮᠠᠰᠢᠨ ᠬᠦᠭᠰᠡᠵᠦ ᠪᠠᠶᠢᠨ᠎ᠠ᠂ ᠪᠢᠳᠡ ᠮᠦᠷᠡᠨ ᠤ ᠬᠦᠪᠡᠭᠡᠨ ᠳᠤ ᠢᠷᠡᠮᠡᠭᠴᠡ ᠴᠠᠭᠠᠨ ᠰᠦ ᠶᠢᠨ ᠰᠠᠴᠤᠯᠢ ᠡᠷᠭᠦᠨ ᠲᠠᠭᠠᠳᠬᠠᠯ ᠮᠦᠷᠭᠦᠯ ᠬᠢᠵᠦ᠂ ᠮᠦᠷᠡᠨ ᠭᠤᠤᠯ ᠤᠨ ᠢᠶᠠᠨ ᠦᠭᠭᠢᠶᠡᠮᠦᠷ ᠭᠡᠰᠢᠭ ᠲᠤ ᠰᠦᠰᠦᠭᠯᠡᠪᠡ᠃ ᠴᠤᠶᠢᠪᠠᠯᠰᠠᠩ ᠬᠤᠳᠠ ᠲᠤᠰ ᠭᠤᠤᠯ ᠤᠨ ᠬᠦᠪᠡᠭᠡ ᠳᠤ ᠪᠠᠶᠢᠷᠢᠰᠢᠨ᠂ ᠬᠦᠮᠦᠨ ᠠᠷᠠᠳ ᠨᠢ ᠭᠤᠤᠯ ᠤᠨ ᠡᠶᠡᠰᠡᠭ ᠲᠤᠯᠠᠭᠠᠨ ᠤᠷᠤᠰᠬᠠᠯ ᠳᠤ ᠪᠦᠭᠡᠮ ᠪᠦᠭᠡᠮ ᠢᠶᠠᠷ ᠤᠮᠪᠠᠵᠦ ᠲᠠᠭᠠᠳᠠᠢ ᠵᠤᠭᠠᠴᠠᠨ᠎ᠠ᠂ ᠮᠠᠨ ᠤ ᠬᠡᠳᠦᠭᠦᠯᠡ ᠴᠤ ᠤᠰᠤᠨ ᠤ ᠲᠤᠩᠭᠠᠯᠠᠭ ᠲᠤ ᠪᠡᠶ᠎ᠡ ᠪᠠᠨ ᠷᠠᠰᠢᠶᠠᠯᠠᠪᠠ᠂ ᠬᠡᠷᠦᠯᠤᠨ ᠭᠤᠤᠯ ᠭᠡᠵᠦ ᠶᠠᠮᠠᠷ ᠤᠷᠤᠰᠬᠠᠯ ᠪᠠᠶᠢᠳᠠᠭ ᠪᠤᠯ ᠤᠴᠢᠵᠦ ᠨᠢᠭᠡ ᠦᠵᠡᠬᠦ ᠶᠤᠮᠰᠠᠨ ᠭᠡᠳᠡᠭ ᠪᠤᠳᠤᠯ ᠰᠡᠳᠭᠢᠯ ᠳᠤ ᠤᠷᠭᠤᠭᠰᠠᠨ ᠪᠠᠶᠢᠳᠠᠭ ᠪᠤᠯ ᠦᠨᠦᠳᠦᠷ ᠬᠠᠷᠢᠨ ᠮᠠᠰᠢ ᠲᠠᠭᠠᠯᠠᠮᠵᠢᠳᠠᠢ ᠤᠮᠪᠠᠨ ᠲᠠᠭᠠᠯᠠᠬᠤ ᠪᠤᠯᠤᠭᠰᠠᠨ ᠳᠠᠭᠠᠨ ᠪᠢᠳᠡ ᠪᠦᠬᠦᠨ ᠪᠠᠶᠠᠷᠳᠠᠢ᠃ ᠮᠦᠷᠡᠨ ᠪᠤᠯᠤᠨ ᠴᠠᠯᠭᠢᠯᠠᠭᠰᠠᠨ ᠮᠦᠩᠬᠡ ᠤᠷᠤᠰᠬᠠᠯ ᠲᠠᠢ ᠬᠡᠷᠦᠯᠦᠨ ᠮᠠᠨᠢ᠂ ᠦᠨᠢᠳᠡ ᠠᠮᠤᠭᠤᠯᠠᠩ ᠤᠷᠭᠢᠯᠤᠭᠠᠷᠠᠢ᠂ ᠮᠤᠩᠭᠤᠯ ᠲᠤᠭᠤᠷᠭᠠᠳᠠᠨ ᠤ ᠪᠠᠨ ᠠᠮᠢᠳᠤᠷᠠᠯ ᠲᠠᠢ ᠦᠨᠢᠳᠡ ᠵᠢᠷᠭᠠᠨ ᠤᠷᠤᠰᠤᠭᠭᠠᠷᠠᠢ︕                                       ᠴᠠᠭᠠᠨ ᠪᠠᠷᠰ ᠵᠢᠯ ᠤᠨ ᠳᠡᠯᠭᠡᠷ ᠵᠤᠨ ᠤ ᠲᠤᠮᠳᠠ ᠰᠠᠷ᠎ᠠ ᠳᠤ ᠲᠤᠷᠠᠰᠬᠠᠨ ᠲᠡᠮᠳᠡᠭᠯᠡᠪᠡ᠃                                    
 
ᠢᠷᠡᠯᠲᠡ᠄ ᠤᠷᠢᠶᠠᠩᠬᠠᠨ ᠤ᠂ ᠶᠤᠨᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号