ᠠᠯᠳᠠᠢ — ᠦᠵᠦᠮ ᠤᠨ ᠲᠠᠭᠤᠯᠠᠯ
ᠨᠡᠶᠢᠲᠡᠯᠡᠭᠰᠡᠨ ᠴᠠᠭ᠄
2017/6/19
              ᠠᠯᠳᠠᠢ — ᠦᠵᠦᠮ ᠤᠨ ᠲᠠᠭᠤᠯᠠᠯ                                   — ᠲᠡᠤᠬᠡ ᠲᠤᠮᠤᠭ ᠤᠨ ᠰᠤᠨᠤᠰᠬᠤᠯᠠᠩ             ⑴ ᠤᠷᠤᠰᠢᠯ       ᠤᠨ ᠤ ᠪᠤᠭᠤᠷᠤᠯ ᠠᠯᠳᠠᠢ ᠠᠴᠠ       ᠤᠯᠠᠨ ᠲᠤᠮᠤᠭ ᠤᠨ ᠴᠠᠳᠢᠭ ᠲᠠᠢ       ᠤᠯᠠᠨ ᠲᠤᠮᠤᠭ ᠤᠨ ᠡᠭᠦᠰᠦᠯ ᠠᠴᠠ       ᠤᠨᠴᠭᠤᠢ ᠨᠢᠭᠡᠨ ᠲᠠᠭᠤᠯᠠᠯ ᠪᠤᠢ       ᠠᠬᠠᠮᠠᠳ ᠲᠡᠭᠡᠳᠦ ᠶᠢᠨ ᠵᠤᠭᠤᠭ ᠲᠤ       ᠠᠯᠳᠠᠷ ᠨᠡᠷ᠎ᠡ ᠲᠤᠶᠠᠭᠠᠯᠠᠳᠠᠭ       ᠠᠷᠢᠭᠤᠨ ᠲᠠᠷᠬᠠᠨ ᠠᠯᠳᠠᠢ ᠠᠴᠠ ᠨᠢ       ᠠᠰᠢᠳᠠ ᠶᠢᠨ ᠲᠠᠪᠢᠯᠠᠩ ᠬᠠᠩᠬᠤᠯᠠᠳᠠᠭ       ᠦᠵᠦᠮᠦᠴᠢᠨ ᠬᠡᠮᠡᠬᠦ ᠨᠢᠭᠡᠨ ᠨᠠᠷ᠎ᠠ       ᠦᠨᠳᠦᠷᠯᠢᠭ ᠠᠯᠳᠠᠢ ᠠᠴᠠ ᠡᠯᠭᠦᠭᠡᠰᠦᠳᠡᠢ       ᠦᠨᠢᠳᠡ ᠠᠩᠭᠢᠵᠢᠷᠠᠭᠰᠠᠨ ᠨᠤᠲᠤᠭ ᠠᠴᠠ ᠪᠠᠨ       ᠦᠵᠦᠮ ᠤᠨ ᠭᠡᠯᠬᠢᠶ᠎ᠡ ᠪᠠᠷ ᠬᠤᠯᠪᠤᠭᠠᠳᠠᠢ       ᠭᠤᠯᠤᠮᠳᠠ ᠴᠤᠭᠯᠠᠳᠠᠭ ᠭᠠᠵᠠᠷ ᠰᠠᠨ ᠭᠡᠵᠦ       ᠠᠯᠳᠠᠢ ᠶᠢᠨ ᠵᠤᠭᠤᠭ ᠲᠡᠯᠭᠡᠭᠳᠡᠳᠡᠭ       ᠭᠤᠨᠳᠠᠵᠦ ᠮᠠᠨᠳᠤᠵᠦ ᠶᠠᠪᠤᠭᠰᠠᠨ ᠢ       ᠠᠯᠳᠠᠢ ᠶᠢᠨ ᠵᠡᠷᠭᠡᠯᠭᠡᠨ ᠪᠢᠴᠢᠭᠯᠡᠳᠡᠭ       ᠪᠠᠶᠢᠭᠠᠯ ᠨᠠᠭᠤᠷ ᠢᠶᠠᠷ ᠤᠷᠤᠩᠨᠠᠬᠤ ᠳᠠᠭᠠᠨ       ᠠᠩᠴᠢᠨ ᠭᠦᠷᠦᠭᠡᠴᠢᠨ ᠪᠠᠶᠢᠯ᠎ᠠ ᠭᠡᠬᠦ       ᠪᠠᠷᠠᠭᠤᠨ ᠠᠯᠳᠠᠢ ᠳᠤ ᠤᠷᠤᠰᠢᠭᠠᠳ       ᠨᠡᠭᠦᠳᠡᠯᠴᠢᠨ ᠮᠠᠯᠴᠢᠨ ᠪᠤᠯᠤᠯ᠎ᠠ ᠭᠡᠬᠦ       ᠮᠤᠩᠭᠤᠯ ᠠᠯᠳᠠᠢ ᠶᠢᠨ ᠦᠨᠳᠦᠷᠯᠢᠭ ᠭᠡᠵᠦ       ᠲᠡᠯᠡᠬᠡᠢ ᠶᠢᠨ ᠰᠤᠳᠤᠯᠤᠯ ᠳᠤ ᠲᠡᠮᠳᠡᠭᠯᠡᠳᠡᠭ       ᠮᠤᠷᠢᠳᠡᠨ ᠦᠨᠳᠦᠰᠦᠳᠡᠨ ᠤ ᠦᠯᠦᠭᠡᠢ ᠭᠡᠵᠦ       ᠶᠢᠷᠳᠢᠨᠴᠤ ᠶᠢᠨ ᠬᠦᠮᠦᠰ ᠱᠠᠭᠰᠢᠳᠠᠭ ᠰᠠᠨ᠃               ⑵ ᠠᠯᠳᠠᠢ       ᠪᠠᠯᠠᠷ ᠢᠵᠠᠭᠤᠷ ᠤᠨ ᠲᠡᠤᠬᠡ ᠶᠢ ᠰᠢᠷᠭᠠᠬᠤ ᠳᠤ       ᠪᠤᠭᠤᠷᠤᠯ ᠤᠨ ᠲᠦᠷᠰᠦ ᠪᠠᠷ ᠡᠪᠦᠭᠡᠷᠡᠳᠡᠭ ᠠᠯᠳᠠᠢ       ᠪᠠᠶᠢᠭᠠᠯᠢ ᠦᠵᠡᠮᠵᠢ ᠳᠤᠨᠢ ᠬᠠᠷᠠᠭ᠎ᠠ ᠪᠡᠯᠴᠢᠭᠡᠬᠦ ᠳᠤ       ᠲᠠᠭᠢᠨᠢ ᠶᠢᠨ ᠰᠢᠳᠢ ᠪᠠᠷ ᠵᠠᠯᠠᠭᠤᠵᠢᠳᠠᠭ ᠠᠯᠳᠠᠢ       ᠪᠠᠭᠠᠳᠤᠷᠯᠢᠭ ᠲᠡᠭᠡᠳᠦ ᠶᠢᠨ ᠦᠢᠯᠡ ᠶᠢ ᠲᠤᠩᠭᠠᠬᠤ ᠳᠤ       ᠲᠤᠭᠤᠯᠭ᠎ᠠ ᠶᠢᠨ ᠰᠢᠨᠵᠢ ᠪᠠᠷ ᠵᠢᠪᠬᠤᠭᠠᠵᠢᠳᠠᠭ ᠠᠯᠳᠠᠢ       ᠪᠠᠳᠠᠷᠠᠭᠰᠠᠨ ᠮᠤᠩᠭᠤᠯ ᠤᠨ ᠲᠤᠤᠯᠢᠰ ᠢ ᠬᠠᠶᠢᠯᠠᠬᠤ ᠳᠤ       ᠦᠯᠦᠭᠡᠢ ᠶᠢᠨ ᠲᠦᠷᠬᠦ ᠪᠠᠷ ᠮᠦᠩᠬᠡᠵᠢᠳᠡᠭ ᠠᠯᠳᠠᠢ       ᠰᠢᠵᠢᠷ ᠨᠢ ᠤᠶᠢᠯᠤᠭᠰᠠᠨ ᠨᠠᠷᠠᠨ ᠤ       ᠲᠤᠶᠠᠭ᠎ᠠ ᠪᠠᠷ ᠰᠢᠮᠡᠵᠢᠭᠰᠡᠨ ᠭᠦᠷᠦᠰᠦᠨ ᠳᠤᠨᠢ       ᠰᠢᠷᠭᠡᠭ ᠢᠶᠠᠷ ᠪᠤᠳᠠᠯᠠᠬᠤ ᠤᠷᠭᠤᠮᠠᠯ ᠤᠳ       ᠲᠡᠭᠷᠢ ᠵᠠᠯᠪᠠᠷᠢᠨ ᠪᠠᠶᠢᠭᠠᠯᠢᠰᠢᠯ᠎ᠠ ᠭᠡᠬᠦ       ᠲᠤᠯᠠᠩ ᠨᠢ ᠭᠡᠶᠢᠭᠰᠡᠨ ᠰᠠᠷᠠᠨ ᠤ       ᠭᠡᠷᠡᠯ ᠢᠶᠠᠷ ᠰᠦᠯᠡᠭᠰᠡᠨ ᠤᠢ ᠳᠤ       ᠡᠭᠦᠷ ᠢᠶᠠᠷ ᠵᠢᠷᠭᠠᠭᠰᠠᠨ ᠠᠮᠢᠳᠠᠳ ᠤᠳ       ᠭᠠᠵᠠᠷ ᠲᠠᠭᠠᠳᠬᠠᠨ ᠲᠠᠶᠢᠪᠤᠷᠠᠪᠠ ᠭᠡᠬᠦ       ᠱᠤᠪᠬᠤ ᠨᠢ ᠰᠦᠷᠯᠢᠭ ᠬᠠᠶᠢᠷᠬᠠᠳ       ᠬᠤᠷᠮᠤᠢ ᠨᠢ ᠵᠠᠯᠭᠠᠯᠳᠤᠨ ᠠᠮᠠᠷᠠᠭᠯᠠᠵᠦ       ᠱᠤᠩᠬᠤᠷ ᠤᠨ ᠲᠡᠭᠦᠯᠢᠭᠡ ᠮᠤᠬᠤᠭᠠᠬᠤ       ᠦᠨᠳᠦᠷᠯᠢᠭ ᠤᠨ ᠮᠦᠩᠭᠦᠨ ᠤᠷᠬᠢᠯ ᠤᠳ       ᠮᠡᠯᠮᠡᠭᠡ ᠨᠢ ᠤᠶᠠᠬᠠᠨ ᠤᠰᠤᠨ ᠳᠤ ᠨᠢ       ᠶᠠᠩᠵᠦ ᠶᠢᠨ ᠵᠢᠭᠦᠷᠳᠡᠨ ᠢᠨᠠᠭᠰᠢᠭᠠᠳ       ᠮᠡᠩᠭᠡᠨ ᠴᠤᠬᠤᠷ ᠪᠤᠭᠤ ᠰᠤᠭᠤ       ᠭᠠᠩᠭ᠎ᠠ ᠶᠢᠨ ᠪᠡᠷᠬᠡ ᠪᠠᠷ ᠤᠷᠤᠮᠳᠠᠯ᠎ᠠ ᠭᠡᠬᠦ       ᠬᠠᠶᠠᠯᠠᠭ᠎ᠠ ᠨᠢ ᠲᠠᠪᠠᠯᠭᠠᠯᠠᠭᠰᠠᠨ ᠪᠡᠯᠴᠢᠭᠡᠷ ᠢᠶᠠᠷ       ᠴᠠᠭᠠᠨ ᠵᠡᠭᠡᠷ᠎ᠡ ᠨᠦᠭᠦᠳ ᠰᠢᠷᠭᠠᠯᠳᠤᠭᠠᠳ       ᠬᠠᠶᠢᠴᠢᠨ ᠡᠪᠡᠷ ᠲᠠᠢ ᠶᠠᠩᠭᠢᠷ ᠤᠳ       ᠬᠠᠨᠢᠰᠠᠬᠤ ᠶᠢᠨ ᠭᠤᠷᠢᠮ ᠢᠶᠠᠷ ᠢᠵᠢᠯᠰᠢᠯ᠎ᠡ ᠭᠡᠬᠦ       ᠰᠦᠮᠪᠦᠷᠡᠭᠡ ᠨᠢ ᠡᠭᠦᠯᠡᠳᠡᠭᠰᠡᠨ ᠬᠠᠶᠢᠷᠬᠠᠳ       ᠲᠡᠬᠢᠨᠢ ᠶᠢᠨ ᠯᠢᠩᠬᠤᠸ᠎ᠠ ᠲᠦᠷᠰᠦᠯᠡᠭᠳᠡᠭᠡᠳ       ᠵᠦᠮᠪᠦᠷᠡᠭᠡ ᠨᠢ ᠤᠷᠬᠢᠯᠤᠭᠰᠠᠨ ᠪᠤᠯᠠᠭ ᠨᠤᠭᠤᠳ       ᠲᠦᠷᠪᠡᠨ ᠵᠦᠭ ᠲᠡᠭᠡᠨ ᠬᠠᠶ᠋ᠢᠭ ᠲᠠᠢ ᠭᠡᠬᠦ                 ⑶ ᠦᠵᠦᠮ ᠠᠭᠤᠯᠠ       ᠦᠵᠦᠮ ᠮᠤᠨᠴᠤᠭᠯᠠᠭᠰᠠᠨ ᠠᠭᠤᠯᠠᠰ ᠲᠠᠨᠢ       ᠦᠩᠭᠡ ᠶᠢᠨ ᠰᠤᠯᠤᠩᠭ᠎ᠠ ᠴᠠᠶᠢᠷᠠᠪᠠ ᠭᠡᠬᠦ       ᠦᠩᠰᠢᠵᠦ ᠰᠢᠮᠡᠵᠢᠭᠰᠡᠨ ᠲᠠᠨᠵᠢᠨ ᠳᠤᠨᠢ       ᠦᠷᠭᠦᠭᠡ ᠪᠠᠭᠤᠴᠠ ᠪᠠᠨ ᠲᠠᠮᠠᠭᠠᠯᠠᠭᠰᠠᠨ ᠭᠡᠬᠦ       ᠲᠠᠩᠰᠤᠭ ᠴᠠᠭᠠᠨ ᠠᠭᠤᠯᠠ ᠶᠢᠨ ᠢᠶᠠᠨ       ᠲᠠᠷᠬᠠᠨ ᠰᠦᠷ ᠲᠤ ᠲᠠᠭᠠᠳᠬᠠᠭᠰᠠᠨ ᠭᠡᠬᠦ       ᠲᠠᠪᠤᠨ ᠡᠷᠳᠡᠨᠢ ᠶᠢᠨ ᠲᠠᠯᠠᠯᠭ᠎ᠠ ᠪᠠᠨ       ᠲᠠᠯᠠᠢ ᠶᠡᠭᠡ ᠪᠠᠷ ᠬᠤᠷᠤᠶᠢᠯᠠᠯ᠎ᠠ ᠭᠡᠬᠦ       ᠦᠨᠳᠦᠷᠯᠢᠭ ᠤᠨ ᠴᠠᠰᠤᠳᠤ ᠬᠠᠶᠢᠷᠬᠠᠳ ᠤᠨ       ᠦᠵᠦᠮ ᠤᠨ ᠤᠷᠤᠨ ᠢ ᠡᠵᠡᠯᠡᠬᠦ ᠳᠡᠭᠡᠨ       ᠦᠭᠡᠬᠦᠨ ᠰᠡᠭᠦᠯ ᠲᠠᠢ ᠬᠤᠨᠢᠳ ᠤᠨ       ᠦᠷᠡᠵᠢ ᠶᠢ ᠨᠢ ᠲᠡᠭᠡᠵᠢᠯᠠᠵᠦ ᠠᠪᠤᠯ᠎ᠠ ᠭᠡᠬᠦ       ᠦᠵᠦᠮ ᠵᠢᠮᠢᠰ ᠤᠨ ᠦᠩ ᠢᠶᠠᠷ       ᠦᠩᠭᠡᠯᠢᠭ ᠵᠢᠰᠦᠯᠢᠭ ᠲᠦᠷᠦᠳᠡᠭ ᠭᠡᠬᠦ       ᠦᠭᠯᠢᠭᠡᠳᠦ ᠠᠭᠤᠯᠠᠰ ᠤᠨ ᠦᠮᠦᠭ ᠠᠴᠠ       ᠦᠯᠴᠢᠷ ᠰᠢᠨᠳᠠᠰᠤ ᠲᠠᠢ ᠲᠦᠷᠦᠳᠡᠭ ᠭᠡᠬᠦ       ᠦᠨᠢᠷ ᠪᠠᠶᠠᠯᠢᠭ ᠨᠤᠲᠤᠭ ᠤᠨ ᠢᠶᠠᠨ       ᠦᠷᠭᠡᠨ ᠲᠠᠩᠰᠤᠭ ᠢ ᠮᠦᠩᠬᠡᠯᠡᠬᠦ ᠭᠡᠵᠦ       ᠡᠪᠦᠭᠡᠳ ᠤᠨ ᠵᠢᠷᠦᠬᠡᠨ ᠤᠨᠳᠤᠷᠤᠯ ᠢᠶᠠᠷ       ᠦᠵᠦᠮᠦᠴᠢᠨ ᠠᠶᠢᠮᠠᠭ ᠭᠡᠵᠦ ᠨᠡᠷᠡᠰᠢᠭᠦᠯᠦᠯ᠎ᠡ ᠭᠡᠬᠦ           ⑷ ᠴᠢᠩᠭᠢᠰ ᠤᠨ ᠦᠶ᠎ᠡ       ᠦᠷᠯᠦᠭ ᠴᠢᠩᠭᠢᠰ ᠤᠨ ᠴᠠᠭ ᠲᠤ       ᠦᠨᠳᠦᠷ ᠠᠯᠳᠠᠢ ᠳᠠᠭᠠᠨ ᠪᠠᠶᠢᠯ᠎ᠠ ᠭᠡᠬᠦ       ᠦᠵᠦᠮ ᠤᠨ ᠴᠠᠭᠠᠨ ᠠᠭᠤᠯᠠᠨ ᠳᠠᠭᠠᠨ       ᠦᠭᠡᠳᠡ ᠡᠰᠡᠷᠡᠭ ᠮᠠᠯᠵᠢᠯ᠎ᠠ ᠭᠡᠬᠦ       ᠲᠡᠭᠷᠢ ᠯᠤᠤᠰ ᠤᠨ ᠡᠵᠡᠳ ᠢ       ᠲᠠᠬᠢᠬᠤ ᠶᠡᠭᠡ ᠶᠤᠰᠤᠨ ᠢᠶᠠᠷ       ᠲᠡᠮᠦᠵᠢᠨ ᠬᠠᠭᠠᠨ ᠵᠠᠷᠯᠢᠭᠯᠠᠵᠦ       ᠲᠡᠮᠳᠡᠭᠳᠡᠶ᠎ᠡ ᠭᠠᠵᠠᠷ ᠢ ᠰᠤᠩᠭᠤᠬᠤ ᠳᠠᠭᠠᠨ       ᠠᠯᠳᠠᠢ — ᠬᠠᠨ ᠤ ᠤᠷᠤᠨ ᠢ       ᠠᠯᠢᠪᠠ ᠪᠦᠷᠢᠳᠦᠭᠰᠡᠨ ᠭᠠᠵᠠᠷ ᠬᠡᠮᠡᠨ       ᠠᠷᠪᠠᠨ ᠲᠦᠮᠡᠨ ᠠᠳᠤᠭᠤᠳ ᠠᠴᠠ       ᠠᠯᠢᠶ᠎ᠠ ᠤᠨᠠᠭ᠎ᠠ ᠤᠳ ᠢ ᠨᠤᠭᠳᠤᠯᠠᠭᠤᠯᠵᠦ       ᠨᠠᠶᠠᠨ ᠨᠢᠭᠡᠨ ᠭᠡᠭᠦᠤ ᠵᠡᠯᠡᠯᠭᠡᠳ       ᠨᠠᠨᠳᠢᠨ ᠴᠡᠭᠡ ᠬᠦᠷᠦᠩᠭᠡᠯᠡᠭᠡᠳ       ᠠᠷᠢᠭᠤᠨ ᠪᠡᠯᠭᠡᠳᠦ ᠰᠠᠴᠤᠯᠢ ᠪᠠᠷ       ᠷᠠᠪᠨᠠᠢ ᠲᠠᠬᠢᠯᠭ᠎ᠠ ᠪᠠᠨ ᠡᠷᠭᠦᠯ᠎ᠡ ᠭᠡᠬᠦ         ⑸ ᠨᠤᠲᠤᠭ ᠤᠨ ᠠᠯᠳᠠᠷ       ᠭᠠᠵᠠᠷ ᠤᠰᠤᠨ ᠨᠤᠲᠤᠭ ᠤᠨ       ᠭᠠᠷᠤᠯ ᠨᠠᠷ᠎ᠠ ᠶᠢ ᠤᠯᠠᠮᠵᠢᠯᠠᠬᠤ ᠳᠠᠭᠠᠨ       ᠭᠠᠭᠴᠠ ᠪᠦᠬᠦᠳᠦ ᠲᠡᠮᠡᠭᠡ ᠲᠠᠢ       ᠭᠠᠯᠪᠠ ᠱᠠᠩᠬᠤ ᠶᠢᠨ ᠭᠤᠪᠢ ᠭᠡᠬᠦ       ᠦᠵᠦᠮ ᠤᠨ ᠴᠠᠭᠠᠨ ᠠᠭᠤᠯᠠ       ᠦᠯᠦᠩᠬᠦ ᠭᠤᠤᠯ ᠤᠨ ᠤᠰᠤᠨ       ᠬᠤᠪᠳᠤ ᠶᠢᠨ ᠴᠡᠩᠬᠡᠷ ᠨᠠᠭᠤᠷ       ᠬᠤᠩᠭᠤᠷ ᠦᠯᠦᠩ ᠤᠨ ᠲᠠᠪᠠᠭ᠎ᠠ ᠭᠡᠬᠦ       ᠬᠤᠨᠢ ᠮᠠᠶᠢᠯᠠᠬᠤ ᠶᠢᠨ ᠭᠠᠵᠠᠷ       ᠬᠤᠨᠢᠳ ᠢᠶᠠᠨ ᠦᠰᠭᠡᠭᠰᠡᠨ ᠴᠢᠮᠡᠭᠡ       ᠬᠤᠩᠭᠤᠷ ᠨᠠᠮᠤᠷ ᠤᠨ ᠤᠯᠠᠷᠢᠯ ᠢᠶᠠᠷ       ᠬᠤᠯᠠ ᠳᠠᠭᠠᠨ ᠤᠳᠤᠷᠯᠠᠭᠰᠠᠨ ᠶᠠᠷᠢᠶ᠎ᠠ ᠲᠠᠢ       ᠴᠠᠰᠤᠳᠤ ᠬᠠᠶᠢᠷᠬᠠᠳ ᠤᠨ ᠤᠷᠤᠶᠢᠳ ᠨᠢ       ᠠᠷᠭᠤᠮᠠᠭ ᠤᠨ ᠲᠡᠯ ᠰᠢᠭ ᠪᠠᠶᠢᠳᠠᠭ ᠢᠶᠠᠷ       ᠦᠵᠦᠮᠦᠴᠢᠨ ᠠᠳᠤᠭᠤᠳ ᠤᠨ ᠴᠠᠭᠠᠨ ᠵᠢᠰᠦᠮ       ᠡᠭᠦᠨ ᠠᠴᠠ ᠪᠤᠯᠵᠦ ᠤᠳᠤᠮᠰᠢᠯ᠎ᠠ ᠭᠡᠬᠦ       ᠲᠦᠷᠦᠭᠡ ᠬᠠᠩᠭᠢᠨᠠᠭᠤᠷ ᠤᠨ ᠬᠠᠪᠴᠢᠯ ᠢᠶᠠᠷ       ᠲᠦᠷᠭᠡᠨ ᠰᠠᠭᠠᠷᠠᠯ ᠤᠨ ᠦᠤᠷᠰᠡᠭᠡᠨ ᠪᠤᠢ       ᠲᠦᠷᠦ ᠶᠢᠨ ᠮᠤᠩᠭᠤᠯ ᠠᠯᠪᠠᠨ ᠳᠠᠭᠠᠨ       ᠲᠦᠷᠦᠭᠦᠯᠡᠨ ᠵᠢᠳᠭᠦᠭᠰᠡᠨ ᠭᠠᠪᠢᠶ᠎ᠠ ᠪᠤᠢ           ⑹ ᠲᠦᠷᠦᠪᠤᠯᠤᠳ ᠤᠨ ᠦᠶ᠎ᠡ       ᠲᠦᠷᠦᠪᠤᠯᠤᠳ ᠤᠨ ᠠᠯᠤᠰ ᠤᠨ ᠡᠵᠡᠮᠰᠢᠯ       ᠲᠦᠮᠡᠨ ᠭᠠᠵᠠᠷ ᠤᠨ ᠠᠶᠠᠨ ᠤ ᠬᠠᠰᠠᠭ       ᠲᠦᠷᠦᠯᠬᠢ ᠨᠤᠲᠤᠭ ᠠᠯᠳᠠᠢ ᠨᠢᠷᠤᠭᠤᠳ ᠠᠴᠠ       ᠲᠡᠷᠡ ᠡᠷᠡᠨ ᠳᠤ ᠰᠠᠯᠤᠯ᠎ᠠ ᠭᠡᠳᠡᠭ       ᠨᠠᠷᠠᠨ ᠮᠠᠨᠳᠤᠬᠤ ᠶᠢᠨ ᠵᠦᠭ       ᠨᠤᠶᠠᠨ ᠤ ᠮᠡᠷᠭᠡᠨ ᠰᠡᠴᠡ       ᠨᠡᠬᠦᠬᠦ ᠠᠶᠢᠮᠠᠭ ᠤᠨ ᠠᠶᠠᠨ       ᠲᠡᠤᠬᠡ ᠶᠢᠨ ᠬᠦᠷᠳᠦ ᠪᠠᠷ ᠡᠷᠭᠢᠪᠡ       ᠴᠦᠷᠭᠦᠯᠡᠭᠡ ᠨᠢ ᠴᠢᠯᠡᠭᠰᠡᠨ ᠨᠡᠭᠦᠳᠡᠯ       ᠬᠠᠩᠭᠠᠢ ᠶᠢᠨ ᠪᠡᠯ ᠢ ᠰᠦᠯᠵᠢᠯᠡᠵᠦ       ᠴᠤᠪᠤᠭ᠎ᠠ ᠨᠢ ᠴᠠᠭᠠᠷᠠᠭᠰᠠᠨ ᠮᠠᠯ ᠤᠳ       ᠤᠷᠬᠤᠨ ᠤ ᠠᠶᠢᠵᠠᠮ ᠢᠶᠠᠷ ᠤᠮᠳᠠᠯᠠᠪᠠ       ᠮᠠᠯᠵᠢᠯ ᠤᠨ ᠢᠵᠠᠭᠤᠷ ᠦᠮᠴᠢ       ᠭᠤᠪᠢ ᠶᠢᠨ ᠡᠮᠦᠨᠡᠬᠢ ᠪᠡᠯᠴᠢᠭᠡᠷ       ᠮᠠᠯ ᠦᠰᠭᠡᠬᠦ ᠶᠢᠨ ᠪᠤᠶᠠᠨ       ᠪᠡᠯᠴᠢᠭᠡᠷ ᠦᠷᠭᠡᠵᠢᠬᠦ ᠶᠢᠨ ᠶᠤᠰᠤᠨ       ᠤᠮᠠᠷᠠᠳᠤ ᠶᠤᠸᠠᠨ ᠤ ᠦᠶ᠎ᠡ       ᠤᠷᠤᠭᠰᠢ ᠬᠤᠶᠢᠰᠢ ᠨᠨᠡᠭᠦᠳᠡᠯᠯᠡᠵᠦ       ᠤᠨᠤᠨ ᠭᠤᠤᠯ ᠤᠨ ᠬᠦᠪᠡᠭᠡᠨ ᠠᠴᠠ       ᠨᠢᠭᠤᠬᠤ ︵ᠯᠤᠤᠬ᠎ᠠ︶ ᠶᠢᠨ ᠭᠤᠤᠯ ᠢ ᠦᠭᠰᠦᠯ᠎ᠡ ᠭᠡᠬᠦ           ⑺ ᠤᠩᠭᠤᠨ ᠲᠤᠷᠠᠯ ᠤᠨ ᠦᠶ᠎ᠡ       ᠭᠤᠤᠯᠴᠢ ᠤᠩᠭᠤᠨ ᠲᠤᠷᠠᠯ       ᠭᠤᠪᠢ ᠶᠢᠨ ᠡᠮᠦᠨ᠎ᠡ ᠪᠡᠯᠴᠢᠭᠡᠷᠯᠡᠭᠰᠡᠨ ᠴᠤ       ᠭᠤᠪᠠᠢ ᠦᠵᠦᠮ ᠠᠭᠤᠯᠠ ᠪᠠᠨ       ᠭᠤᠤᠯ ᠲᠠᠢ ᠭᠤᠳᠤᠯᠢ ᠲᠠᠢ ᠨᠢ ᠲᠤᠷᠠᠰᠤᠮᠵᠢᠯᠠᠬᠤ ᠳᠠᠭᠠᠨ       ᠡᠪᠦᠭᠡ ᠲᠡᠭᠡᠳᠦ ᠶᠢᠨ ᠮᠦᠷ       ᠦᠯᠦᠭᠡᠢ ᠪᠤᠯᠤᠭᠰᠠᠨ ᠠᠯᠳᠠᠢ ᠶᠢᠨ       ᠦᠨᠳᠦᠷ ᠠᠴᠢ ᠶᠢ ᠨᠢ ᠰᠡᠳᠭᠢᠮᠵᠢᠯᠡᠨ       ᠦᠷᠭᠡᠨ ᠭᠡᠰᠢᠭ ᠢ ᠨᠢ ᠲᠡᠭᠡᠵᠢᠯᠡᠬᠦ ᠳᠡᠭᠡᠨ       ᠦᠵᠦᠮ ᠤᠨ ᠮᠤᠨᠴᠤᠭ ᠢᠶᠠᠷ ᠪᠡᠯᠭᠡᠳᠡᠵᠦ       ᠦᠭᠡᠳᠡᠯᠡᠬᠦ ᠶᠢᠨ ᠪᠤᠶᠠᠨ ᠢ ᠵᠦᠩᠨᠡᠵᠦ       ᠦᠪᠡᠷ ᠤᠨ ᠬᠠᠷᠢᠶᠠᠳᠤ ᠪᠦᠬᠦᠨ ᠢ       ᠦᠵᠦᠮᠦᠴᠢᠨ ᠨᠠᠷ᠎ᠠ ᠪᠠᠷ ᠮᠦᠩᠬᠡᠯᠡᠯ᠎ᠡ ᠭᠡᠬᠦ       ᠠᠯᠳᠠᠨ ᠬᠢᠩᠭᠠᠨ ᠤ ᠬᠤᠷᠮᠤᠢ ᠪᠠᠷ       ᠠᠮᠢᠳᠤᠷᠠᠯ ᠬᠤᠶᠢᠴᠢᠯᠠᠵᠦ ᠨᠤᠲᠤᠭᠯᠠᠬᠤ ᠳᠠᠭᠠᠨ       ᠠᠯᠳᠠᠢ ᠦᠵᠦᠮ ᠤᠨ ᠠᠭᠤᠯᠠ ᠪᠠᠨ       ᠠᠷᠢᠭᠤᠨ ᠲᠤᠯᠳᠤᠨ ᠳᠠᠭᠠᠨ ᠰᠠᠨᠠᠭᠠᠯᠵᠠᠳᠠᠭ ᠪᠠᠶᠢᠨ᠎ᠠ       ᠡᠬᠡ ᠪᠠᠨ ᠰᠠᠨᠠᠭᠰᠠᠨ ᠨᠢᠯᠬ᠎ᠠ ᠶᠢᠨ       ᠡᠯᠢᠭᠡ ᠲᠠᠳᠠᠳᠠᠭ ᠤᠨ ᠶᠤᠰᠤᠨ ᠢᠶᠠᠷ       ᠨᠤᠲᠤᠭ ᠢᠶᠠᠨ ᠲᠤᠷᠠᠰᠳᠠᠭ ᠦᠵᠦᠮᠦᠴᠢᠨᠴᠤᠳ       ᠨᠤᠮᠢᠨ ᠠᠯᠳᠠᠢ ᠪᠠᠨ ᠲᠦᠷᠭᠦᠯᠡᠳᠡᠭ ᠪᠤᠢ       ᠦᠵᠦᠮ ᠠᠭᠤᠯᠠ ᠶᠢᠨ ᠶᠠᠩᠵᠦ ᠪᠠᠷ       ᠦᠨᠳᠦᠷᠭᠡᠨ ᠬᠤᠪᠴᠠᠰᠤ ᠵᠤᠬᠢᠶᠠᠯ᠎ᠠ ᠭᠡᠬᠦ       ᠦᠷᠭᠡᠨ ᠡᠩᠳᠡᠢ ᠬᠤᠷᠮᠤᠢ ᠨᠢ       ᠦᠩᠯᠢᠭ ᠪᠡᠯ ᠢ ᠨᠢ ᠶᠠᠩᠵᠤᠯᠠᠯ᠎ᠠ ᠭᠡᠬᠦ       ᠬᠦᠴᠦᠳᠦ ᠵᠢᠭᠦᠷ ᠤᠨ ᠰᠢᠳᠢᠳᠡᠢ       ᠠᠯᠳᠠᠢ ᠶᠢᠨ ᠪᠦᠷᠭᠦᠳ ᠡᠷᠡᠯᠭᠡᠭ       ᠬᠦᠴᠦᠨ ᠴᠢᠳᠠᠯ ᠢ ᠨᠢ ᠢᠯᠡᠷᠬᠡᠶᠢᠯᠡᠵᠦ       ᠪᠦᠬᠡ ᠶᠢᠨ ᠲᠡᠪᠢᠯᠭᠡ ᠪᠤᠯᠭᠠᠯ᠎ᠠ ᠭᠡᠬᠦ       ᠪᠤᠶᠠᠨ ᠤ ᠵᠦᠭ ᠪᠠᠷᠠᠭᠤᠨ ᠬᠤᠶᠢᠨ᠎ᠠ ᠭᠡᠵᠦ       ᠲᠤᠭᠤᠭ᠎ᠠ ᠪᠠᠨ ᠭᠡᠯᠳᠡᠶᠢᠯᠭᠡᠨ ᠲᠠᠯᠪᠢᠳᠠᠭ       ᠪᠤᠴᠠᠬᠤ ᠵᠦᠭ ᠪᠠᠷᠠᠭᠤᠨ ᠬᠤᠶᠢᠨ᠎ᠠ ᠭᠡᠵᠦ       ᠡᠮᠡᠭᠡᠯ ᠤᠨ ᠪᠦᠭᠦᠷᠭᠡ ᠪᠠᠨ ᠬᠠᠨᠳᠤᠭᠤᠯᠳᠠᠭ ᠰᠠᠨ           ⑻ ᠲᠤᠷᠵᠢ ᠵᠢᠨᠤᠩ ᠤᠨ ᠦᠶ᠎ᠡ       ᠬᠠᠨᠠᠭᠠᠷ ᠠᠭᠤᠳᠠᠮ ᠲᠠᠯ᠎ᠠ       ᠬᠠᠯᠬ᠎ᠠ ᠶᠢᠨ ᠰᠠᠶᠢᠬᠠᠨ ᠪᠡᠯᠴᠢᠭᠡᠷ       ᠬᠡᠷᠦᠯᠦᠨ ᠮᠦᠷᠡᠨ ᠢ ᠬᠦᠪᠡᠭᠡᠯᠡᠵᠦ       ᠬᠦᠳᠡᠭᠡᠯᠡᠨ ᠮᠠᠯᠵᠢᠭᠰᠠᠨ ᠨᠡᠭᠦᠳᠡᠯ       ᠦᠷᠬᠡᠨ ᠮᠤᠩᠭᠤᠯ ᠨᠤᠲᠤᠭ ᠲᠠᠭᠠᠨ       ᠦᠵᠦᠮᠦᠴᠢᠨ ᠬᠠᠰᠠᠭ ᠤᠨ ᠰᠦᠯᠵᠢᠶ᠎ᠡ ᠪᠠᠷ       ᠦᠯᠵᠡᠢ ᠵᠠᠩᠬᠢᠶ᠎ᠠ ᠮᠦᠷ ᠠᠴᠠ ᠨᠢ       ᠦᠭᠡᠳᠡᠯᠡᠬᠦ ᠶᠢᠨ ᠪᠤᠶᠠᠨ ᠢ ᠬᠷᠢᠶᠠᠭᠰᠠᠨ ᠪᠠᠶᠢᠬᠤ       ᠨᠤᠶᠠᠷᠬᠠᠭᠴᠢ ᠵᠠᠰᠠᠭ ᠤᠨ ᠴᠢᠩ ᠠᠴᠠ       ᠨᠤᠶᠠᠳ ᠤᠨ ᠴᠤᠭᠯᠠᠭᠠᠨ ᠬᠢᠵᠦ       ᠨᠤᠲᠤᠭ ᠤᠰᠤᠨ ᠢ ᠬᠤᠪᠢᠶᠠᠬᠤ ᠪᠠᠷ       ᠨᠤᠷᠤᠮ ᠭᠤᠯᠤᠮᠳᠠ ᠶᠢ ᠲᠤᠭᠳᠠᠭᠠᠬᠤ ᠪᠠᠷ       ᠪᠦᠬᠦᠯᠢ ᠬᠤᠨᠢᠨ ᠰᠢᠭᠦᠰᠦ ᠪᠠᠷ       ᠪᠦᠬᠦᠳᠡ ᠤᠯᠠᠨ ᠢ ᠲᠠᠶᠢᠯᠠᠪᠠ ᠭᠡᠬᠦ ᠳᠤ       ᠡᠵᠡᠨ ᠤ ᠴᠢᠨᠡᠳᠦ ᠤᠬᠠᠭᠠᠨ ᠢ       ᠦᠵᠦᠮᠦᠴᠢᠨ ᠲᠤᠷᠵᠢ ᠰᠡᠴᠡᠯᠡᠪᠡ ᠭᠡᠨ᠎ᠡ       ᠤᠭᠤᠴᠠᠨ ᠭᠡᠰᠡᠭ ᠢ ᠪᠦᠬᠦᠯᠢ ᠳᠤᠨᠢ       ᠤᠭᠳᠤᠴᠢᠨ ᠠᠪᠴᠤ ᠡᠮᠬᠦᠯᠡᠭᠰᠡᠨ ᠢᠶᠠᠷ       ᠰᠡᠴᠡᠨ ᠴᠤᠯᠠ ᠭᠦᠷᠳᠡᠵᠦ       ᠬᠤᠱᠤᠢ ᠵᠡᠷᠭᠡ ᠳᠤᠷ ᠲᠡᠪᠰᠢᠪᠡ ᠭᠡᠨ᠎ᠡ       ᠬᠤᠨᠢᠨ ᠰᠢᠨᠵᠢ ᠶᠢᠨ ᠨᠤᠲᠤᠭ ᠢ       ᠬᠠᠭᠠᠨ ᠡᠵᠡᠨ ᠰᠤᠶᠤᠷᠬᠠᠯ᠎ᠠ ᠭᠡᠬᠦ       ᠤᠭᠤᠴᠠᠨ ᠬᠡᠯᠪᠡᠷᠢ ᠶᠢᠨ ᠪᠡᠯᠭᠡ ᠪᠠᠷ       ᠤᠩᠭᠤᠢ ᠨᠤᠶᠠᠨ ᠤ ᠤᠯᠵᠠ ᠪᠤᠯᠭᠠᠯ᠎ᠠ ᠭᠡᠬᠦ            ⑼ ᠨᠤᠲᠤᠭᠰᠢᠭᠰᠠᠨ ᠨᠢ       ᠢᠪᠢᠯᠦᠭᠡ ᠨᠢ ᠤᠷᠬᠢᠯᠤᠭ᠎ᠠ ᠡᠵᠢ ᠶᠢᠨ       ᠡᠩᠭᠦᠷᠡᠢ ᠰᠦᠨ ᠲᠠᠪᠤᠰᠤ ᠨᠢ       ᠡᠷᠭᠢᠬᠦ ᠰᠡᠳᠭᠢᠯ ᠢ ᠨᠢ ᠠᠷᠭᠠᠮᠵᠢᠭᠰᠠᠨ ᠢᠶᠠᠷ       ᠡᠩᠭᠡ ᠲᠠᠯ᠎ᠠ ᠪᠠᠨ ᠬᠠᠶᠢᠷᠠᠯᠠᠭᠰᠠᠨ ᠪᠠᠶᠢᠬᠤ       ᠰᠠᠬᠤᠯᠠᠭ ᠨᠢ ᠵᠤᠵᠠᠭᠠᠨ ᠬᠢᠩᠭᠠᠨ ᠤᠢ ᠶᠢᠨ       ᠨᠠᠮᠠᠭ᠎ᠠ ᠪᠠᠷ ᠮᠦᠰᠢᠶᠡᠬᠦ ᠨᠠᠷᠠᠰᠤ ᠨᠤᠭᠤᠳ       ᠰᠠᠯᠬᠤ ᠪᠤᠳᠤᠯ ᠢ ᠨᠢ ᠰᠢᠵᠢᠮᠳᠡᠭᠰᠡᠨ ᠢᠶᠠᠷ       ᠰᠠᠶᠢᠬᠠᠨ ᠮᠦᠴᠢᠷ ᠢᠶᠠᠨ ᠰᠤᠶᠤᠷᠬᠠᠭᠰᠠᠨ ᠪᠠᠶᠢᠬᠤ       ᠪᠤᠯᠠᠭᠯᠠᠭ᠎ᠠ ᠨᠢ ᠲᠦᠯᠭᠢᠨ ᠤᠷᠤᠰᠬᠠᠯ ᠲᠠᠢ       ᠪᠠᠯᠭᠠᠷ᠂ ᠤᠯᠠᠭᠠᠢ ᠶᠢᠨ ᠭᠤᠤᠯ ᠨᠢ       ᠪᠤᠴᠠᠬᠤ ᠰᠠᠨᠠᠭ᠎ᠠ ᠶᠢ ᠨᠢ ᠠᠭᠤᠰᠬᠠᠭᠰᠠᠨ ᠢᠶᠠᠷ       ᠪᠤᠯᠤᠷ ᠤᠨ ᠷᠠᠰᠢᠶᠠᠨ ᠢᠶᠠᠨ ᠢᠪᠡᠭᠡᠭᠰᠡᠨ ᠪᠠᠶᠢᠬᠤ       ᠤᠩᠭᠤᠨ ᠰᠡᠴᠡ ᠶᠢ ᠨᠢ ᠤᠭᠤᠰᠤᠷᠯᠠᠬᠤ ᠭᠡᠵᠦ       ᠤᠪᠤᠭ᠎ᠠ ᠬᠠᠶᠢᠷᠬᠠᠨ ᠪᠤᠰᠬᠠᠭᠰᠠᠨ ᠪᠠᠶᠢᠬᠤ       ᠤᠩᠭᠤᠢ᠂ ᠪᠠᠶᠠᠨ ᠤᠪᠤᠭ᠎ᠠ ᠪᠠᠷ       ᠤᠶᠤᠨ ᠤ ᠰᠢᠳᠦᠭᠡᠨ ᠲᠤᠯᠭᠠᠭᠤᠷᠢᠯᠠᠭᠰᠠᠨ ᠪᠠᠶᠢᠬᠤ       ᠵᠠᠶᠠᠭᠠᠳᠤ ᠭᠤᠪᠢ ᠶᠢᠨ ᠲᠠᠯ᠎ᠠ       ᠵᠠᠭᠠᠭ ᠭᠡᠴᠡ ᠪᠠᠷ ᠬᠢᠵᠠᠭᠠᠷᠯᠠᠭᠳᠠᠵᠦ       ᠵᠠᠰᠠᠭ ᠲᠦᠷᠦ ᠶᠢᠨ ᠶᠤᠰᠤᠨ ᠢᠶᠠᠷ         ᠵᠠᠯᠭᠠᠮᠵᠢ ᠦᠶ᠎ᠡ ᠪᠠᠨ ᠨᠤᠲᠤᠭᠯᠠᠭᠤᠯᠪᠠᠢ            ⑽ ᠮᠦᠷᠦᠭᠡᠳᠦᠯ       ᠦᠷᠭᠡᠨ ᠲᠡᠯᠡᠬᠡᠢ ᠶᠢᠨ ᠴᠢᠬᠢᠨ᠎ᠡ       ᠦᠵᠦᠮᠦᠴᠢᠨ ᠲᠠᠯ᠎ᠠ ᠭᠡᠵᠦ ᠠᠯᠳᠠᠷᠰᠢᠨᠠᠮ       ᠦᠨᠤ ᠶᠢᠨ ᠰᠠᠶᠢᠬᠠᠨ ᠡᠷᠡᠨ ᠤ       ᠮᠢᠨᠤ ᠬᠠᠯᠠᠮᠵᠢᠳᠦ ᠨᠤᠲᠤᠭ ᠰᠠᠨ       ᠠᠯᠳᠠᠢ — ᠦᠵᠦᠮ ᠤᠨ ᠭᠡᠯᠬᠢᠶᠡᠰᠦ ᠪᠤᠯ       ᠠᠭᠤᠤ ᠲᠡᠭᠡᠳᠦᠰ ᠤᠨ ᠮᠠᠨᠢ ᠲᠠᠭᠤᠯᠠᠯ ᠶᠤᠮ       ᠮᠤᠩᠭᠤᠯ — ᠦᠨᠳᠦᠷᠯᠢᠭ ᠤᠨ ᠬᠤᠯᠪᠤᠭ᠎ᠠ ᠪᠤᠯ       ᠮᠦᠩᠬᠡ ᠵᠢᠷᠭᠠᠯᠠᠩ ᠤᠨ ᠴᠢᠪᠬᠠᠳᠠᠰᠤ ᠶᠤᠮ       ᠢᠬᠢᠷ᠎ᠡ ᠬᠤᠶᠠᠷ ᠦᠵᠦᠮᠦᠴᠢᠨ ᠤ       ᠡᠭᠡᠰᠢᠭ ᠲᠠᠭᠤᠤ ᠶᠢᠨ ᠴᠤᠬᠢᠯᠭ᠎ᠠ ᠶᠤᠮ       ᠢᠵᠢᠯ ᠬᠤᠤᠰ ᠨᠤᠲᠤᠭ ᠠᠴᠠ       ᠡᠰᠡᠨᠢᠨ ᠮᠠᠨᠳᠤᠭᠰᠠᠨ ᠲᠡᠤᠬᠡ ᠲᠠᠢ ᠶᠤᠮ       ᠰᠠᠯᠵᠦ ᠤᠳᠠᠭᠰᠠᠨ ᠦᠯᠦᠭᠡᠢ       ᠲᠦᠮᠡᠨ ᠭᠠᠵᠠᠷ ᠤᠨ ᠠᠯᠤᠰ       ᠰᠠᠨᠠᠵᠦ ᠮᠦᠷᠦᠭᠡᠳᠤᠭ᠍ᠰᠡᠨ ᠤᠨ                  ᠮᠢᠩᠭᠠᠨ ᠨᠠᠮᠤᠷ ᠤᠨ ᠵᠡᠭᠦᠳᠦᠨ᠃                                            ᠤᠷᠢᠶᠠᠩᠬᠠᠨ ᠤ᠂ ᠶᠤᠨᠳᠤᠨ
 
ᠢᠷᠡᠯᠲᠡ᠄ ᠤᠷᠢᠶᠠᠩᠬᠠᠨ ᠤ᠂ ᠶᠤᠨᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号