| ᠮᠤᠩᠭᠤᠯ ᠤᠯᠤᠰ ᠤᠨ ᠡᠷᠳᠡᠨᠢᠴᠠᠭᠠᠨ ᠰᠤᠮᠤᠨ ᠳᠠᠬᠢ ᠦᠵᠦᠮᠦᠴᠢᠨ ︵ᠬᠤᠶᠠᠷ︶ | ᠵᠢᠷᠭᠤᠳᠤᠭᠠᠷ ᠪᠦᠯᠦᠭ ᠤᠷᠤᠢ ᠶᠢᠨ ᠲᠡᠭᠡᠳᠦ ᠰᠢᠳᠦᠭᠡᠨ᠂ ᠤᠷᠴᠢᠯᠠᠩ ᠤᠨ ᠰᠠᠶᠢᠨ ᠬᠦᠮᠦᠰ ᠭᠡᠬᠦ | ᠬᠡᠰᠡᠭ ᠲᠤ | ⑴ ᠦᠯᠵᠡᠶᠢᠪᠠᠶᠠᠷ ᠵᠠᠵᠠ ︵1927 — 1992︶ | ᠤᠯᠠᠨ ᠲᠦᠮᠡᠨ ᠳᠤ ᠵᠠᠵᠠ ᠭᠡᠵᠦ ᠨᠡᠷᠡᠯᠡᠭᠳᠡᠭᠰᠡᠨ ᠷ᠊ ᠦᠯᠵᠡᠶᠢᠪᠠᠶᠠᠷ᠂ ᠯᠤᠤ ᠵᠢᠯ ᠲᠠᠢ᠂ ᠰᠢᠯᠢ ᠶᠢᠨ ᠭᠤᠤᠯ | ᠠᠶᠢᠮᠠᠭ ᠤᠨ ᠵᠡᠭᠦᠨ ᠦᠵᠦᠮᠦᠴᠢᠨ ᠬᠤᠰᠢᠭᠤᠨ ᠤ ᠨᠤᠲᠤᠭ ᠲᠤ ᠲᠦᠷᠦᠭᠰᠡᠨ᠂ 1949 ᠤᠨ ᠳᠤ ᠠᠷᠤ | ᠮᠤᠩᠭᠤᠯ ᠳᠤ ᠦᠪᠦᠷᠯᠡᠭᠴᠢ ᠨᠤᠲᠤᠭ ᠠᠴᠠ ᠷ᠊ ᠲᠡᠵᠢᠳ᠂ ᠷ᠊ ᠷᠠᠮ᠂ ᠷ᠊ ᠨᠠᠷᠠᠨᠭᠡᠷᠡᠯ ᠨᠠᠷ ᠤᠨ ᠢᠶᠠᠨ ᠬᠠᠮᠳᠤ | ᠤᠷᠤᠵᠦ ᠢᠷᠡᠭᠰᠡᠨ᠃ | ᠡᠷᠳᠡᠨᠢᠴᠠᠭᠠᠨ ᠰᠤᠮᠤᠨ ᠳᠤ ᠬᠤᠷᠰᠢᠶᠠᠯᠠᠬᠤ ᠬᠦᠳᠡᠯᠭᠡᠭᠡᠨ ᠦᠷᠨᠢᠭᠰᠡᠨ 1955 — 1956 ᠤᠨ ᠳᠤ | ᠬᠦᠭᠵᠢᠯ ᠤᠨ ᠵᠠᠮ ᠨᠢᠭᠡᠳᠦᠯ ᠳᠤ ᠷᠠᠳᠨ᠎ᠠ ᠶᠢᠨ ᠦᠯᠵᠡᠶᠢᠪᠠᠶᠠᠷ ᠲᠤᠮᠢᠯᠠᠭᠳᠠᠵᠦ᠂ ᠬᠠᠮᠳᠤ ᠶᠢᠨ ᠦᠮᠴᠢᠳᠦ | ᠲᠤᠯᠠᠭᠠᠭᠤᠷᠢᠯᠠᠨ ᠦᠢᠯᠡᠳᠪᠦᠷᠢᠯᠡᠯ ᠢᠶᠠᠨ ᠶᠠᠪᠤᠭᠤᠯᠵᠦ᠂ ᠪᠦᠳᠦᠭᠡᠭᠳᠡᠭᠦᠨ ᠦᠢᠯᠡᠳᠪᠦᠷᠢᠯᠡᠨ ᠪᠤᠷᠤᠯᠠᠭᠤᠯᠵᠦ᠂ | ᠦᠪᠡᠷ ᠢ ᠪᠠᠨ ᠰᠠᠩᠬᠦᠵᠢᠭᠤᠯᠵᠦ᠂ ᠠᠵᠦ ᠠᠬᠤᠢ ᠶᠢᠨ ᠲᠤᠭᠠᠴᠠᠭ᠎ᠠ ᠶᠢᠨ ᠵᠠᠷᠴᠢᠮ ᠢᠶᠠᠷ ᠠᠵᠯᠯᠠᠵᠦ ᠡᠬᠢᠯᠡᠭᠰᠡᠨ᠂ | ᠤᠳᠠᠯ ᠦᠭᠡᠢ 1956 — 1960 ᠤᠨ ᠳᠤ ᠵᠤᠲᠤᠯ ᠰᠤᠮᠤᠨ ᠤ ᠲᠡᠯᠭᠡᠷᠡᠬᠦ ᠨᠢᠭᠡᠳᠦᠯ ᠤᠨ ᠲᠠᠷᠤᠭ᠎ᠠ ᠪᠠᠷ | ᠠᠵᠢᠯᠯᠠᠵᠦ᠂ ᠲᠦᠯᠦᠪᠯᠦᠭᠡ ᠪᠠᠨ ᠪᠦᠷᠢᠳᠭᠡᠯ ᠲᠤᠭᠠᠴᠠᠭ᠎ᠠ ᠨᠡᠪᠲᠡᠷᠡᠬᠦᠯᠬᠦ᠂ ᠰᠠᠭᠤᠷᠢ ᠭᠡᠰᠡᠭ ᠵᠤᠬᠢᠶᠠᠨ ᠪᠠᠶᠢᠭᠤᠯᠤᠨ᠂ | ᠬᠦᠮᠦᠨ ᠪᠦᠷᠢ ᠶᠢᠨ ᠬᠢᠭᠰᠡᠨ ᠠᠵᠢᠯ ᠢ ᠬᠦᠳᠡᠯᠮᠦᠷᠢ ᠦᠷᠳᠡᠭ ᠢᠶᠠᠷ ᠪᠦᠷᠢᠳᠭᠡᠨ᠂ ᠬᠦᠯᠦᠰᠦ ᠶᠢ ᠨᠢ ᠬᠢᠭᠰᠡᠨ ᠤ | ᠬᠢᠷᠢ ᠪᠠᠷ ᠤᠯᠭᠤᠬᠤ ᠠᠵᠢᠯ ᠢ ᠭᠦᠢᠴᠡᠳᠭᠡᠭᠰᠡᠨ᠂ 1961 — 1967 ᠤᠨ ᠳᠤ ᠨᠠᠷᠠᠨ ᠰᠤᠮᠤᠨ ᠤ ᠤᠷᠬᠢᠯ | ᠨᠢᠭᠡᠳᠦᠯ ᠤᠨ ᠲᠠᠷᠤᠭ᠎ᠠ᠂ 1968 — 1970 ᠤᠨ ᠳᠤ ᠬᠠᠯᠵᠠᠨ ᠰᠤᠮᠤᠨ ᠤ ᠬᠦᠳᠡᠯᠮᠦᠷᠢ ᠨᠢᠭᠡᠳᠦᠯ ᠤᠨ | ᠲᠠᠷᠤᠭ᠎ᠠ᠂ 1971 — 1978 ᠤᠨ ᠳᠤ ᠡᠷᠳᠡᠨᠢᠴᠠᠭᠠᠨ ᠰᠤᠮᠤᠨ ᠤ ᠵᠢᠷᠭᠠᠯ ᠤᠨ ᠵᠠᠮ ᠨᠢᠭᠡᠳᠦᠯ ᠤᠨ | ᠲᠠᠷᠤᠭ᠎ᠠ ᠪᠠᠷ ᠠᠵᠢᠯᠯᠠᠵᠦ ᠪᠠᠶᠢᠭᠠᠳ 1979 ᠤᠨ ᠠᠴᠠ ᠰᠦᠬᠡᠪᠠᠭᠠᠳᠤᠷ ᠠᠶᠢᠮᠠᠭ ᠤᠨ ᠬᠠᠯᠵᠠᠨ ᠰᠤᠮᠤᠨ ᠤ | ᠬᠦᠳᠡᠯᠮᠦᠷᠢ ᠨᠢᠭᠡᠳᠦᠯ ᠤᠨ ᠬᠠᠷᠢᠶ᠎ᠠ ᠲᠠᠯ᠎ᠠ ᠪᠤᠯᠠᠭ ᠤᠨ ᠦᠨᠢᠶᠡᠨ ᠤ ᠹᠧᠷᠠᠮ ᠤᠨ ᠡᠷᠬᠢᠯᠡᠭᠴᠢ ᠪᠠᠷ ᠠᠵᠢᠯᠯᠠᠵᠠᠢ᠃ | ᠷ᠊ ᠦᠯᠵᠡᠶᠢᠪᠠᠶᠠᠷ ᠨᠠᠷᠠᠨ ᠰᠤᠮᠤᠨ ᠤ ᠬᠠᠷᠢᠶᠠᠳᠤ ᠨᠠᠴᠤᠭᠨᠢᠮᠡ ᠲᠠᠢ ᠭᠡᠷ ᠪᠦᠯᠢ ᠪᠤᠯᠵᠦ ᠤᠯᠠᠨ ᠰᠠᠶᠢᠬᠠᠨ | ᠬᠡᠤᠬᠡᠳ ᠤᠨ ᠡᠴᠢᠭᠡ ᠡᠬᠡ ᠪᠤᠯᠵᠠᠢ᠃ ᠷ᠊ ᠦᠯᠵᠡᠶᠢᠪᠠᠶᠠᠷ ᠡᠬᠡ ᠤᠷᠤᠨ ᠤ ᠮᠠᠨᠢ ᠢᠷᠡᠭᠡᠳᠦᠢ ᠶᠢ ᠵᠠᠯᠭᠠᠮᠵᠢᠯᠠᠬᠤ | ᠬᠦᠴᠦ ᠲᠤᠯᠭᠠᠭᠤᠷᠢ ᠪᠤᠯᠤᠭᠰᠠᠨ ᠵᠠᠯᠠᠭᠤ ᠦᠶ᠎ᠡ ᠶᠢ ᠬᠠᠯᠠᠮᠵᠢᠯᠠᠨ ᠬᠦᠮᠦᠵᠢᠭᠦᠯᠬᠦ ᠳᠤ ᠦᠪᠡᠷ ᠤᠨ ᠰᠤᠷᠴᠤ ᠮᠡᠳᠡᠭᠰᠡᠨ | ᠵᠦᠢᠯ ᠮᠦᠨ ᠠᠵᠢᠯ ᠠᠮᠢᠳᠤᠷᠠᠯ ᠢᠶᠠᠷ ᠢᠶᠠᠨ ᠬᠤᠷᠠᠮᠳᠤᠭᠤᠯᠤᠭᠰᠠᠨ ᠲᠤᠷᠰᠢᠯᠭ᠎ᠠ ᠠᠷᠭ᠎ᠠ ᠪᠠᠷᠢᠯ ᠢᠶᠠᠨ ᠵᠤᠷᠢᠭᠤᠯᠤᠭᠰᠠᠨ | ᠶᠤᠮ᠃ ᠷᠠᠳᠨ᠎ᠠ ᠶᠢᠨ ᠬᠡᠤᠬᠡᠳ ᠤᠳ ᠠᠷᠤ ᠮᠤᠩᠭᠤᠯ ᠳᠤ ᠤᠷᠤᠵᠦ ᠢᠷᠡᠬᠦ ᠳᠤ ᠲᠦᠷᠦᠭᠰᠡᠨ ᠠᠬ᠎ᠠ ᠡᠷᠬᠢᠮᠪᠠᠳᠤ ᠨᠢ | ᠦᠪᠦᠷ ᠮᠤᠩᠭᠤᠯ ᠳᠤ ᠦᠯᠡᠳᠡᠭᠰᠡᠨ ᠶᠤᠮ ᠪᠠᠶᠢᠯ᠎ᠠ᠃ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ | ᠰᠢᠯᠢ ᠶᠢᠨ ᠭᠤᠤᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠤ ᠪᠦᠬᠦ ᠬᠢᠲᠡᠳ ᠤᠨ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ︵ᠪ᠊ ᠬ᠊ ᠠ᠊ ᠢ᠊ ᠬ᠊︶ ᠶᠢᠨ ᠪᠠᠶᠢᠩᠭᠤ ᠶᠢᠨ ᠬᠤᠷᠢᠶᠠᠨ ᠤ ︵ᠳ᠋ᠧᠫᠤᠲ᠋ᠠᠲ︶ | ᠠᠭᠰᠠᠨ ᠲᠠᠷᠠᠭᠠᠬᠠᠨ ᠪᠦᠬᠡ ᠷ᠊ ᠡᠷᠬᠢᠮᠪᠠᠳᠤ ᠪ᠊ ᠨ᠊ ᠮ᠊ ᠠ᠊ ᠤ᠊ ᠶᠢᠨ ᠡᠷᠳᠡᠨᠢᠴᠠᠭᠠᠨ ᠰᠤᠮᠤᠨ ᠤ ᠵᠢᠷᠭᠠᠯ ᠤᠨ ᠵᠠᠮ | ᠨᠢᠭᠡᠳᠦᠯ ᠤᠨ ᠲᠠᠷᠤᠭ᠎ᠠ ᠪᠠᠷ ᠠᠵᠢᠯᠯᠠᠵᠦ᠂ ᠠ᠊ ᠢ᠊ ᠭ᠊ ᠶᠢᠨ ᠳ᠋ᠧᠫᠤᠲ᠋ᠠᠲ ᠪᠠᠶᠢᠭᠰᠠᠨ ᠦᠪᠡᠷ ᠤᠨ ᠲᠦᠷᠦᠭᠰᠡᠨ ᠲᠡᠭᠦᠤ | ᠷ᠊ ᠦᠯᠵᠡᠶᠢᠪᠠᠶᠠᠷ ᠲᠠᠢ ᠠᠭᠤᠯᠵᠠᠬᠤ ᠬᠦᠰᠡᠯᠳᠡ ᠲᠠᠯᠪᠢᠵᠦ᠂ 1988 ᠤᠨ ᠳᠤ ᠪᠡᠶᠡᠯᠡᠭᠳᠡᠭᠰᠡᠨ ᠲᠡᠤᠬᠡ ᠲᠠᠢ᠃ ᠷ᠊ | ᠦᠯᠵᠡᠶᠢᠪᠠᠶᠠᠷ ᠢ ᠤᠯᠠᠨ ᠵᠢᠯ ᠠᠵᠢᠯᠯᠠᠭᠰᠠᠨ ᠬᠦᠳᠡᠯᠮᠦᠷᠢ ᠵᠢᠳᠭᠦᠯ ᠢ ᠨᠢ ᠲᠦᠷᠦ ᠵᠠᠰᠠᠭ ᠦᠨᠡᠯᠡᠵᠦ ᠠᠯᠳᠠᠨ | ᠭᠠᠳᠠᠰᠤ ᠤᠳᠤᠨ᠂ ᠤᠢ ᠶᠢᠨ ᠮᠧᠲᠠᠯ ᠤᠳ ᠢᠶᠠᠷ ᠱᠠᠩᠨᠠᠵᠡᠢ᠂ ᠷ᠊ ᠦᠯᠵᠡᠶᠢᠪᠠᠶᠠᠷ 1971 — 1978 | ᠤᠨ ᠳᠤ ᠡᠷᠳᠡᠨᠢᠴᠠᠭᠠᠨ ᠰᠤᠮᠤ ᠨᠢᠭᠡᠳᠦᠯ ᠤᠨ ᠲᠠᠷᠤᠭ᠎ᠠ ᠪᠠᠶᠢᠭᠰᠠᠨ ᠪᠤᠯ ᠬᠦᠤ ᠦ᠊ ᠮᠠᠨᠳᠤ ᠨᠢ 2000 — | 2004 ᠤᠨ ᠳᠤ ᠵᠠᠰᠠᠭ ᠲᠠᠷᠤᠭ᠎ᠠ ᠪᠠᠷ ᠠᠵᠢᠯᠯᠠᠭᠰᠠᠨ ᠶᠤᠮ᠃ | ⑵ ᠡᠷᠳᠡᠮ ᠮᠡᠳᠡᠯᠭᠡ ᠶᠢᠨ ᠲᠦᠴᠡᠭᠡ ᠲᠠᠸᠠ ᠶᠢᠨ ᠮᠤᠤᠨᠤᠬᠠᠢ ︵1942 — 1999︶ | ᠴᠠᠭ ᠲᠦᠷᠦ ᠶᠢᠨ ᠪᠠᠶᠢᠳᠠᠯ ᠦᠭᠡᠷᠡᠴᠢᠯᠡᠭᠳᠡᠭᠰᠡᠨ ᠲᠡᠷᠡ ᠵᠢᠯ ᠤᠳ ᠲᠤ᠂ ᠰᠢᠯᠢ ᠶᠢᠨ ᠭᠤᠤᠯ ᠠᠶᠢᠮᠠᠭ ᠤᠨ | ᠵᠡᠭᠦᠨ ᠦᠵᠦᠮᠦᠴᠢᠨ ᠬᠤᠰᠢᠭᠤᠨ ᠤ ᠨᠤᠲᠤᠭ ᠲᠤ ᠠᠵᠦ ᠲᠦᠷᠦᠵᠦ ᠠᠮᠢᠳᠤᠷᠠᠵᠦ ᠪᠠᠶᠢᠭᠰᠠᠨ ᠭ᠊ ᠲᠠᠸᠠ᠂ ᠨ᠊ | ᠠᠮᠢᠪᠦ᠋ᠬᠡ ᠨᠠᠷ 1947 — 1948 ᠤᠨ ᠳᠤ ᠴᠢᠯᠠᠭᠤᠨ ᠲᠤᠪᠤᠭ᠂ ᠠᠭᠤᠰᠬᠢ ᠪᠠᠷ ᠲᠠᠮᠵᠢᠨ ᠠᠷᠤ | ᠮᠤᠩᠭᠤᠯ ᠳᠤ ᠤᠷᠤᠵᠦ ᠢᠷᠡᠭᠡᠳ ᠵᠠᠰᠲ᠋ᠠᠪ ᠤᠨ ᠲᠠᠷᠤᠭ᠎ᠠ ᠴᠤᠬᠤᠷ ᠭᠤᠨᠴᠤᠭ ᠤᠭᠳᠤᠨ ᠠᠪᠴᠤ ᠬᠠᠯᠳᠠᠷ ᠤᠨ | ᠭᠤᠪᠢ ᠳᠤ ᠨᠤᠲᠤᠭᠰᠢᠬᠤ ᠵᠦᠪᠰᠢᠶᠡᠷᠡᠯ ᠦᠭᠴᠤ ᠪᠠᠶᠢᠵᠦ ᠪᠢᠯᠡ᠃ ᠭ᠊ ᠲᠠᠸᠠ ᠶᠢᠨ ᠬᠢ ᠬᠤᠶᠠᠷ ᠬᠦᠮᠦᠨ᠂ ᠨᠢᠭᠡ | ᠦᠬᠢᠨ ᠲᠠᠢ᠂ ᠠᠳᠤᠭᠤᠴᠢᠨ ᠭ᠊ ᠲᠠᠸᠠ ᠶᠢᠨ ᠳᠤ 1942 ᠤᠨ ᠳᠤ ᠨᠢᠭᠡᠨ ᠬᠦᠤ ᠲᠦᠷᠦᠭᠰᠡᠨ ᠨᠢ ᠳ᠋᠊ ᠮᠤᠤᠨᠤᠬᠠᠢ | ᠪᠦᠭᠡᠳ ᠦᠰᠴᠤ ᠲᠤᠷᠨᠢᠭᠰᠠᠨ ᠤᠷᠴᠢᠨ ᠨᠢ ᠬᠤᠸᠠ ᠭᠦᠪᠡ᠂ ᠴᠠᠪ ᠲᠤᠯᠤᠭᠠᠶᠢᠳ ᠪᠦᠬᠦᠢ ᠬᠡᠭᠡᠷ᠎ᠡ ᠲᠠᠯ᠎ᠠ᠂ | ᠠᠳᠤᠭᠤ ᠮᠠᠯ᠂ ᠠᠭᠳᠠ ᠮᠤᠷᠢᠳ ᠤᠨ ᠲᠦᠪᠦᠷᠭᠡᠨ᠂ ᠲᠠᠯ᠎ᠠ ᠲᠦᠭᠦᠷᠡᠩ ᠨᠠᠯᠠᠶᠢᠭᠰᠠᠨ ᠬᠤᠨᠢᠨ ᠰᠦᠷᠦᠭ᠂ | ᠲᠤᠯᠤᠭᠠᠶᠢᠳ ᠲᠠᠪᠠᠨ ᠪᠡᠯᠴᠢᠭᠰᠡᠨ ᠲᠡᠮᠡᠭᠡᠨ ᠰᠦᠷᠦᠭ᠂ ᠠᠰᠠᠷᠠᠯᠳᠤ ᠠᠪᠤ᠂ ᠡᠨᠡᠷᠢᠯᠳᠦ ᠡᠵᠢ᠂ ᠠᠬ᠎ᠠ ᠲᠡᠭᠦᠤ᠂ | ᠠᠨᠳᠠ ᠨᠦᠬᠦᠳ᠂ ᠨᠤᠲᠤᠭ ᠤᠰᠤᠨ ᠤ ᠬᠠᠮᠳᠤ ᠤᠯᠠᠨ ᠪᠠᠶᠢᠯ᠎ᠠ᠃ ᠠᠳᠤᠭᠤᠴᠢᠨ ᠭ᠊ ᠲᠠᠸᠠ ᠠᠶ᠎ᠠ ᠶᠢᠨ ᠬᠦᠤ ᠳ᠋᠊ | ᠮᠤᠤᠨᠤᠬᠠᠢ ᠠᠯᠢᠪᠠ ᠳᠤ ᠬᠤᠷᠴᠠ ᠱᠠᠯᠠᠮᠠᠭᠠᠢ᠂ ᠡᠷᠳᠡᠴᠢ᠂ ᠤᠨᠴᠤᠭᠤᠢ ᠠᠪᠢᠶᠠᠰ ᠲᠠᠢ ᠬᠡᠤᠬᠡᠳ ᠤᠨ ᠨᠢᠭᠡ ᠪᠠᠶᠢᠯ᠎ᠠ᠂ | ᠬᠦᠭᠵᠢᠯ ᠤᠨ ᠵᠠᠮ ᠨᠢᠭᠡᠳᠦᠯ ᠤᠨ 3000 — 5000 ᠠᠳᠤᠭᠤᠨ ᠠᠴᠠ ᠲᠡᠷᠡ ᠪᠠᠷ ᠤᠨᠤᠭ᠎ᠠ ᠦᠭᠡᠢ ᠮᠤᠷᠢ᠂ | ᠤᠷᠭᠠᠯᠠᠭᠦᠢ ᠠᠳᠤᠭᠤ ᠪᠠᠶᠢᠬᠤ ᠦᠭᠡᠢ ᠪᠤᠯᠪᠠᠤ︕ | ᠳ᠋᠊ ᠮᠤᠤᠨᠤᠬᠠᠢ ᠶᠠᠮᠠᠷ ᠮᠤᠷᠢ ᠤᠨᠤᠬᠤ ᠪᠠᠨ ᠰᠢᠨᠵᠢᠯᠡᠬᠦ ᠳᠡᠭᠡᠨ ᠭᠠᠷᠮᠠᠭᠠᠢ᠂ ᠮᠤᠷᠢ ᠤᠨᠤᠵᠦ ᠤᠷᠭ᠎ᠠ ᠪᠠᠨ | ᠪᠠᠷᠢᠭᠠᠳ᠂ ᠡᠰᠡᠪᠡᠯ ᠠᠩ ᠤᠨ ᠫᠤᠤ ᠪᠠᠷ ᠴᠢᠨ᠋ᠸ᠎ᠠ᠂ ᠲᠠᠷᠪᠠᠭ᠎ᠠ᠂ ᠵᠡᠭᠡᠷ᠎ᠡ ᠭᠡᠳ ᠠᠩ ᠪᠤᠯᠭᠠᠨ ᠢ ᠨᠤᠮᠤᠬᠠᠳᠬᠠᠬᠤ ᠨᠢ | ᠪᠠᠭ᠋ᠠᠷᠬᠠᠯᠳᠠᠢ᠃ | ᠳ᠋᠊ ᠮᠤᠤᠨᠤᠬᠠᠢ᠂ ᠬᠤᠷᠵᠢᠯᠤ ᠠᠵᠢᠶ᠎ᠠ ᠶᠢᠨ ᠬᠦᠤ ᠪᠠᠯᠵᠢᠨᠨᠢᠮ᠎ᠠ ᠶᠢᠨ ᠤᠳᠠᠭᠠᠬᠢ᠂ ᠡᠷᠳᠡᠨᠢᠴᠠᠭᠠᠨ | ᠨᠤᠲᠤᠭ ᠤᠨ ᠦᠪᠦᠷᠯᠡᠭᠴᠢᠳ ᠠᠴᠠ ᠭᠠᠳᠠᠭᠠᠳᠤ ᠳᠤ ᠰᠤᠷᠭᠠᠭᠤᠯᠢ ᠲᠡᠭᠦᠰᠦᠭᠴᠢᠳ ᠤᠨ ᠠᠩᠬᠠᠳᠠᠭᠴᠢ ᠨᠢ ᠪᠢᠯᠡ᠃ | ᠳ᠋᠊ ᠮᠤᠤᠨᠤᠬᠠᠢ ᠢᠷᠺᠤᠲᠺᠢᠰ ᠬᠤᠳᠠᠨ᠎ᠠ ᠨᠢᠭᠡ ᠵᠢᠯ ᠤᠨ ᠬᠡᠯᠡᠨ ᠤ ᠪᠡᠯᠡᠳᠭᠡᠯ ᠬᠢᠵᠦ᠂ ᠺᠢᠨᠤᠪ ᠬᠤᠳᠠ ᠶᠢᠨ | ᠶᠡᠭᠡ ᠰᠤᠷᠭᠠᠭᠤᠯᠢ ᠳᠤ 1963 — 1967 ᠤᠨ ᠳᠤ ᠰᠤᠷᠤᠯᠴᠠᠵᠦ ᠲᠡᠭᠦᠰᠦᠭᠰᠡᠨ᠃ 1968 ᠤᠨ ᠳᠤ ᠳ᠋᠊ | ᠮᠤᠤᠨᠤᠬᠠᠢ᠂ ᠤ ᠭᠡᠰᠢᠭᠳᠦ ᠨᠠᠷ ᠭᠡᠷᠯᠡᠵᠦ᠂ ᠮ᠊ ᠲᠦᠮᠡᠨᠨᠠᠰᠤᠳᠤ᠂ ᠮ᠊ ᠲᠦᠮᠡᠨᠵᠢᠷᠭᠠᠯ ᠨᠠᠷ ᠢ ᠲᠦᠷᠦᠭᠦᠯᠵᠦ ᠦᠰᠭᠡᠨ | ᠬᠦᠮᠦᠵᠢᠭᠦᠯᠦᠭᠰᠡᠨ᠃ ᠲᠡᠷᠡ ᠪᠠᠷ ᠬᠤᠷᠢᠨ ᠬᠤᠶᠠᠷ ᠠᠪᠲ᠋ᠤ᠋ ᠪᠠᠭᠠᠵᠢ ᠳᠤ ᠶᠡᠷᠦᠩᠬᠡᠢ ᠢᠨᠵᠧᠨᠧᠷ᠂ 1971 | ᠤᠨ ᠠᠴᠠ ᠱ᠊ ᠤ ᠲ᠊ ᠢ᠊ ᠰ᠊ ᠶᠢᠨ ᠮᠧᠬᠠᠨᠢᠺ ᠢᠨᠵᠧᠨᠧᠷ ᠤᠨ ᠹᠠᠺᠤᠯᠲ᠋ᠧᠲ ᠳᠤ ᠪᠠᠭᠰᠢ᠂ ᠲᠢᠩᠬᠢᠮ ᠤᠨ | ᠡᠷᠬᠢᠯᠡᠭᠴᠢ᠂ ᠤᠷᠤᠯᠠᠭᠴᠢ ᠵᠠᠬᠢᠷᠤᠯ ᠢᠶᠠᠷ ᠠᠵᠢᠯᠯᠠᠵᠠᠢ᠃ ᠳ᠋᠊ ᠮᠤᠤᠨᠤᠬᠠᠢ ᠲᠧᠭᠨᠢᠭ ᠤᠨ ᠰᠢᠨᠵᠢᠯᠡᠬᠦ ᠤᠬᠠᠭᠠᠨ ᠢ | ᠮᠤᠩᠭᠤᠯ ᠤᠯᠤᠰ ᠲᠤ ᠰᠢᠨᠡᠴᠢᠯᠡᠯ ᠬᠢᠬᠦ ᠰᠤᠷᠭᠠᠯᠳᠠ ᠶᠢᠨ ᠲᠧᠭᠨᠢᠭᠯᠦᠬᠢ ᠶᠢ ᠪᠤᠯᠪᠠᠰᠤᠷᠠᠩᠭᠤᠢ ᠪᠤᠯᠭᠠᠬᠤ ᠳᠤ ᠬᠤᠪᠢ | ᠨᠡᠮᠡᠷᠢ ᠤᠷᠤᠭᠤᠯᠤᠭᠰᠠᠨ ᠬᠦᠮᠦᠨ ᠪᠢᠯᠡ᠃ | ᠲᠤᠯᠤᠳᠤᠭᠠᠷ ᠪᠦᠯᠦᠭ ᠪᠷᠡᠨᠳᠡ ᠡᠷᠳᠡᠨᠢᠴᠠᠭᠠᠨ | ⑴ ᠤᠭᠤᠴᠠᠨ ᠰᠡᠭᠦᠯᠳᠦ ᠪᠤᠶᠤ ᠦᠵᠦᠮᠦᠴᠢᠨ ᠬᠤᠨᠢ ᠬᠡᠮᠡᠬᠦ ᠭᠡᠰᠡᠭ | ᠦᠵᠦᠮᠦᠴᠢᠨ ᠤᠮᠤᠭ ᠤᠨ ᠬᠤᠨᠢ ᠦᠷᠡᠵᠢᠭᠦᠯᠬᠦ ᠤᠯᠤᠰ ᠤᠨ ᠦᠷᠡᠵᠢᠯ ᠤᠨ ᠹᠧᠷᠠᠮ ᠮ᠊ ᠠ᠊ ᠬᠠ᠊ ᠨ᠊ — | ᠶᠢᠨ ᠲᠦᠪ ᠬᠤᠷᠢᠶ᠎ᠠ᠂ ᠪ᠊ ᠨ᠊ ᠮ᠊ ᠤ — ᠶᠢᠨ ᠰ᠊ ᠨ᠊ ᠵ᠊ — ᠠᠴᠠ 1970 ᠤᠨ ᠳᠤ ︽ᠮᠠᠯ ᠠᠵᠦ | ᠠᠬᠤᠢ ᠶᠢᠨ ᠦᠷᠡᠵᠢᠯ ᠤᠨ ᠠᠵᠢᠯ ᠢ ᠰᠠᠶᠢᠵᠢᠷᠠᠭᠤᠯᠬᠤ ᠠᠷᠭ᠎ᠠ ᠬᠡᠮᠵᠢᠶᠡᠨ ᠤ ᠲᠤᠬᠠᠢ︾ ᠭᠠᠷᠭᠠᠭᠰᠠᠨ 79\196 | ᠳ᠋ᠤᠭᠠᠷ ᠲᠤᠭᠳᠠᠭᠠᠯ ᠤᠨ ᠵᠢᠭᠠᠯᠳᠠ ᠶᠢ ᠦᠨᠳᠦᠰᠦᠯᠡᠨ᠂ ᠰᠦᠬᠡᠪᠠᠭᠠᠳᠤᠷ ᠠᠶᠢᠮᠠᠭ ᠤᠨ ᠡᠷᠳᠡᠨᠢᠴᠠᠭᠠᠨ ᠰᠤᠮᠤᠨ ᠳᠤ | 1971 ᠤᠨ ᠳᠤ ᠪᠠᠶᠢᠭᠤᠯᠤᠭᠳᠠᠵᠠᠢ᠃ ᠦᠷᠡᠵᠢᠯ ᠤᠨ ᠹᠧᠷᠠᠮ ᠤᠨ ᠭᠤᠤᠯ ᠵᠤᠷᠢᠯᠭ᠎ᠠ ᠨᠢ ᠦᠵᠦᠮᠦᠴᠢᠨ | ᠤᠮᠤᠭ ᠤᠨ ᠬᠤᠨᠢ ᠶᠢ ︵ᠦᠪᠡᠷ ᠲᠤᠲᠤᠷ᠎ᠠ ᠨᠢ︶ ᠴᠡᠪᠡᠷ ᠢᠶᠠᠷ ᠦᠷᠡᠵᠢᠭᠦᠯᠵᠦ ᠬᠤᠨᠢᠨ ᠤ ᠲᠤᠭ᠎ᠠ ᠲᠤᠯᠤᠭᠠᠢ ᠶᠢ | ᠤᠯᠠᠰᠢᠷᠠᠭᠤᠯᠤᠨᠠ᠂ ᠮᠢᠬ᠎ᠠ ᠦᠭᠡᠬᠦ ᠶᠢᠨ ᠭᠠᠷᠴᠠ ᠴᠢᠨᠠᠷ ᠢ ᠨᠡᠮᠡᠭᠳᠡᠭᠦᠯᠦᠨ᠂ ᠦᠷᠡᠵᠢᠯ ᠤᠨ ᠬᠤᠴᠠ ᠪᠡᠯᠡᠳᠦᠵᠦ | ᠬᠤᠳᠠᠯᠳᠤᠬᠤ ᠶᠠᠪᠤᠳᠠᠯ ᠶᠤᠮ᠃ ᠡᠶᠢᠮᠦ ᠳᠤ ᠮ᠊ ᠠ᠊ ᠠ᠊ — ᠶᠢᠨ ᠦᠢᠯᠡᠳᠪᠦᠷᠢᠯᠡᠯ ᠤᠨ ᠠᠰᠠᠭᠤᠳᠠᠯ ᠢ ᠵᠢᠯ ᠤᠨ | ᠲᠤᠷᠰᠢ ᠡᠷᠬᠢᠯᠡᠨ ᠢᠯᠠᠩᠭᠤᠶ᠎ᠠ ᠬᠤᠨᠢ ᠶᠢ ᠠᠷᠠᠴᠢᠯᠠᠨ ᠲᠡᠵᠢᠭᠡᠬᠦ᠂ ᠲᠦᠯ ᠪᠤᠶᠢᠵᠢᠭᠤᠯᠬᠤ᠂ ᠤᠳᠤᠷ ᠵᠤᠬᠢᠶᠠᠨ | ᠶᠠᠪᠤᠭᠤᠯᠬᠤ᠂ ᠲᠦᠷᠦᠯ ᠪᠦᠷᠢ ᠶᠢᠨ ᠲᠡᠵᠢᠭᠡᠯ ᠪᠡᠯᠡᠳᠭᠡᠬᠦ᠂ ᠬᠠᠰᠢᠶ᠎ᠠ ᠰᠠᠷᠠᠪᠴᠢ ᠪᠠᠷᠢᠬᠤ᠂ ᠬᠤᠳᠳᠤᠭ ᠤᠰᠤ ᠪᠠᠷ | ᠬᠠᠩᠭᠠᠬᠤ᠂ ᠠᠰᠢᠭ ᠰᠢᠮ᠎ᠡ ᠶᠢ ᠠᠰᠢᠭᠯᠠᠬᠤ ᠵᠡᠷᠭᠡ ᠠᠵᠢᠯ ᠢ ᠭᠦᠢᠴᠡᠳᠭᠡᠭᠰᠡᠨ᠂ ᠦᠷᠡᠵᠢᠯ ᠤᠨ ᠹᠧᠷᠠᠮ ᠤᠨ | ᠲᠠᠷᠤᠭ᠎ᠠ ᠪᠠᠷ ᠳ᠋᠊ ᠭᠠᠩᠰᠦ᠋ᠬᠡ᠂ ᠮ᠊ ᠭᠦᠯᠦᠭᠡ᠂ ᠯ᠊ ᠯᠾᠭᠪᠠ᠂ ᠵᠤ ᠲᠧᠭᠨᠢᠭᠴᠢ ᠤ ᠡᠩᠬᠡᠳᠤᠶᠠᠭᠠ᠂ ᠳ᠋᠊ | ᠱᠤᠪᠤᠤᠬᠠᠢ᠂ ᠲᠤᠮᠳᠠ ᠪᠤᠯᠪᠠᠰᠤᠷᠠᠯ ᠲᠠᠢ ᠵᠤ ᠲᠧᠭᠨᠢᠭᠴᠢ ᠭ᠊ ᠤᠯᠠᠭᠠᠨᠬᠦᠤ᠂ ᠶ᠊ ᠮᠢᠨᠵᠠᠢ ᠨᠠᠷ ᠠᠵᠢᠯᠯᠠᠵᠦ ᠪᠠᠶᠢᠪᠠ᠃ | ᠲᠤᠰ ᠹᠧᠷᠠᠮ ᠰᠦᠬᠡᠪᠠᠭᠠᠳᠤᠷ ᠠᠶᠢᠮᠠᠭ ᠤᠨ ᠡᠷᠳᠡᠨᠢᠴᠠᠭᠠᠨ ᠰᠤᠮᠤᠨ ᠤ ︽ᠵᠢᠷᠭᠠᠯ ᠤᠨ ᠵᠠᠮ︾ ᠨᠢᠭᠡᠳᠦᠯ ᠤᠨ | ᠭᠤᠷᠪᠠᠳᠤᠭᠠᠷ ᠪᠠᠷᠢᠭᠠᠳᠠ ᠶᠢᠨ ᠠᠷᠤᠪᠤᠯᠠᠭ᠂ ᠨᠦᠬᠡᠳᠦ᠂ ᠬᠠᠶᠢᠷᠳᠦ᠂ ᠲᠤᠳᠬᠤᠨᠠ᠂ ᠬᠠᠪᠢᠷᠭ᠎ᠠ᠂ ᠲᠡᠷᠭᠡᠳᠦ᠂ | ᠬᠠᠯᠳᠠᠷ ᠤᠨ ᠭᠤᠪᠢ ᠵᠡᠷᠭᠡ 927,1 ᠼᠧᠨᠲᠨᠧᠷ ᠲᠡᠵᠢᠭᠡᠯ ᠤᠨ ᠨᠦᠭᠡᠴᠡ ᠪᠦᠬᠦᠢ 252,9 ᠮᠢᠩᠭᠠᠨ ᠭᠠ | ᠪᠡᠯᠴᠢᠭᠡᠷ ᠢ ᠬᠠᠮᠤᠷᠴᠤ ᠪᠠᠶᠢᠪᠠ᠃ 1971 ᠤᠨ ᠳᠤ ︽ᠵᠢᠷᠭᠠᠯ ᠤᠨ ᠵᠠᠮ︾ ᠨᠢᠭᠡᠳᠦᠯ ᠤᠨ 22168 | ᠬᠤᠨᠢᠨ ᠳᠤ ᠠᠩᠭᠢᠯᠠᠯᠳᠠ ᠬᠢᠵᠦ᠂ ᠰᠢᠯᠢᠮᠠᠯ ᠪᠠ 1 ᠠᠩᠭᠢ ᠳᠤ 3916 ᠡᠮ᠎ᠡ ᠬᠤᠨᠢ ᠪᠠ ᠦᠬᠢᠨ ᠲᠦᠯᠦᠭ᠂ 2 | ᠠᠩᠬᠢ ᠳᠤ 3921᠂ 2 ᠠᠩᠬᠢ ᠳᠤ 4021 ᠦᠷᠡᠵᠢᠯ ᠤᠨ ᠰᠢᠯᠢᠮᠠᠯ ᠬᠤᠴᠠ 117᠂ 1 ᠠᠩᠬᠢ ᠶᠢᠨ ᠬᠤᠴᠠ | 228᠂ 2 ᠠᠩᠬᠢ ᠶᠢᠨ 164 ᠬᠤᠴᠠ ᠶᠢ ᠠᠩᠭᠢᠯᠠᠨ ᠢᠯᠭᠠᠵᠠᠢ᠃ ᠦᠷᠡᠵᠢᠯ ᠹᠧᠷᠠᠮ ᠤᠨ ᠪᠤᠬ᠎ᠠ᠂ ᠪᠤᠤᠷ᠎ᠠ | ᠰᠢᠷᠡᠭᠡ᠂ ᠲᠡᠷᠭᠡᠳᠦ ᠵᠡᠷᠭᠡ ᠨᠤᠲᠤᠭ ᠲᠤ ᠪᠤᠯᠠᠭ ᠭᠤᠷᠤᠬ᠎ᠠ ᠪᠠᠶᠢᠬᠤ ᠠᠴᠠ ᠭᠠᠳᠠᠨ᠎ᠠ ᠦᠷᠦᠮᠳᠡᠮᠡᠯ ᠬᠤᠳᠳᠤᠭ 22᠂ | ᠠᠭᠤᠷᠬᠠᠢ ᠪᠤᠯᠤᠨ ᠪᠠᠶᠠᠳᠠᠨ ᠴᠠᠭᠠᠷᠢᠭᠳᠤ ᠬᠤᠳᠳᠤᠭ 29 ᠲᠠᠢ ᠪᠤᠯᠵᠦ᠂ ᠡᠪᠦᠯ ᠤᠨ ᠪᠡᠯᠴᠢᠭᠡᠷ ᠤᠨ 45 ᠬᠤᠪᠢ | ᠂ ᠵᠠᠭᠤᠨ ᠤ ᠪᠡᠯᠴᠢᠭᠡᠷ ᠤᠨ 78 ᠬᠤᠪᠢ ᠤᠰᠤ ᠪᠠᠷ ᠬᠠᠩᠭᠠᠵᠠᠢ᠃ | ᠹᠧᠷᠠᠮ ᠤᠨ ᠪᠦᠬᠦ ᠮᠠᠯ ᠬᠤᠨᠢᠨ ᠲᠤᠯᠤᠭᠠᠢ ᠳᠤ ᠰᠢᠯᠵᠢᠭᠦᠯᠦᠭᠰᠡᠨ ᠢᠶᠠᠷ 33,6 ᠮᠢᠩᠭ᠎ᠠ ᠬᠦᠷᠴᠤ ᠡᠮ᠎ᠡ | ᠬᠤᠨᠢ ᠲᠦᠯᠦᠭ᠂ ᠦᠷᠡᠵᠢᠯ ᠤᠨ ᠬᠤᠴᠠ ᠨᠢᠭᠡ ᠡᠭᠡᠯᠵᠢ ᠶᠢᠨ ᠬᠠᠰᠢᠶ᠎ᠠ ᠪᠠᠷ ᠪᠦᠷᠢᠨ ᠬᠠᠩᠭᠠᠭᠳᠠᠵᠦ᠂ ᠵᠢᠯ ᠳᠤ | ᠪᠠᠶᠢᠭᠠᠯᠢ ᠶᠢᠨ ᠬᠠᠳᠤᠯᠠᠩ 1000 ᠲᠡ᠊ ᠬᠠᠳᠤᠵᠦ ᠪᠠᠭᠰᠢᠷᠮᠠᠯ ᠲᠡᠵᠢᠭᠡᠯ 380 ᠲᠠ᠊ ᠪᠡᠯᠡᠳᠭᠡᠨ ᠲᠤᠰ ᠲᠤᠰ | ᠠᠰᠢᠭᠯᠠᠵᠦ ᠪᠠᠶᠢᠪᠡ᠃ ᠳ᠋ᠤᠽᠧᠨ᠋ᠲ ᠵ᠊ ᠭᠤᠨᠴᠤᠭᠵᠠᠪ ᠡᠨᠡ ᠬᠤᠨᠢ ᠪᠠᠶᠢᠭᠠᠯᠢ ᠴᠠᠭ ᠠᠭᠤᠷ ᠤᠨ ᠨᠦᠬᠦᠴᠡᠯ ᠳᠤ | ᠲᠡᠰᠪᠦᠷᠢᠳᠡᠢ᠂ ᠪᠡᠯᠴᠢᠭᠡᠷ ᠤᠨ ᠮᠠᠯᠵᠢᠯᠠᠭᠠᠨ ᠳᠤ ᠵᠤᠬᠢᠴᠠᠭᠰᠠᠨ᠂ ᠮᠢᠬ᠎ᠠ ᠦᠭᠡᠬᠦᠨ ᠤ ᠬᠡᠪᠰᠢᠯ ᠤᠨ ᠴᠢᠬᠢᠷᠠᠭ ᠬᠤᠨᠢ | ᠶᠤᠮ᠃ ᠠᠮᠢᠳᠤ ᠶᠢᠨ ᠵᠢᠩ ᠢᠶᠠᠷ ᠢᠶᠠᠨ ᠬᠤᠴᠠ 75KG᠂ ᠡᠮ᠎ᠡ ᠬᠤᠨᠢ 66KG᠂ ᠲᠦᠯᠦᠭ 58KG᠂ | ᠬᠤᠷᠠᠭ᠎ᠠ ᠨᠠᠮᠤᠷ ᠤᠨ ᠵᠢᠩᠨᠡᠯᠳᠡ ᠪᠠᠷ 37,7KG ᠬᠦᠷᠦᠨ᠎ᠡ᠃ ᠦᠵᠦᠮᠦᠴᠢᠨ ᠬᠤᠨᠢᠨ ᠤ ᠰᠡᠷᠪᠡᠭᠡ ᠶᠢᠨ ᠦᠨᠳᠦᠷ | 64,6CM᠂ ᠲᠠᠰᠢᠭᠤ ᠤᠷᠳᠤ 68,9CM᠂ ᠴᠡᠭᠡᠵᠢᠨ ᠤ ᠪᠦᠰᠡᠯᠡᠭᠦᠷ 86,7CM᠂ ᠴᠡᠭᠡᠵᠢᠨ ᠤ ᠭᠦᠨ | 30,6CM᠂ ᠰᠢᠯᠪᠢᠨ ᠤ ᠪᠦᠰᠡᠯᠡᠭᠦᠷ 8,0CM᠂ ᠶᠡᠷᠦ ᠶᠢᠨ ᠬᠤᠨᠢᠨ ᠤ ᠰᠡᠭᠡᠷ 13᠂ ᠬᠠᠪᠢᠷᠭ᠎ᠠ 13 | ᠬᠤᠤᠰ ᠪᠠᠶᠢᠬᠤ ᠳᠤ ᠦᠵᠦᠮᠦᠴᠢᠨ ᠤᠮᠤᠭ ᠤᠨ ᠬᠤᠨᠢᠨ ᠤ ᠬᠠᠪᠢᠷᠭ᠎ᠠ ᠰᠡᠭᠡᠷ 14CM ᠬᠤᠤᠰ ᠪᠠᠶᠢᠬᠤ ᠶᠢᠨ | ᠵᠡᠷᠭᠡᠴᠡᠭᠡ᠂ ᠢᠯᠡᠭᠦᠤ ᠬᠠᠷᠢᠴᠠᠭ᠎ᠠ ᠲᠠᠢ᠂ ᠬᠤᠨᠢᠨ ᠨᠢᠷᠤᠭᠤ 7 ᠪᠠᠶᠢᠳᠠᠭ ᠭᠡᠵᠦ ᠪᠢᠴᠢᠭᠰᠡᠨ ᠪᠠᠶᠢᠳᠠᠭ᠃ | ⑵ ᠦᠵᠦᠮᠦᠴᠢᠨ ᠬᠤᠨᠢᠨ ᠤ ᠲᠠᠪᠠᠭᠤ ᠲᠠᠯ᠎ᠠ ᠤᠳ | ᠪᠠᠭ᠎ᠠ ᠵᠠᠷᠤᠳᠠᠯ ᠢᠶᠠᠷ ᠦᠨᠳᠦᠷ ᠠᠰᠢᠭ ᠰᠢᠮ᠎ᠡ ᠦᠭᠬᠦ ᠪᠤᠯᠤᠮᠵᠢᠳᠡᠢ ᠮᠠᠯ ᠰᠦᠷᠦᠭ ᠢ ᠦᠰᠭᠡᠬᠦ ᠨᠢ ᠵᠠᠬ᠎ᠠ | ᠵᠡᠭᠡᠯᠢ ᠶᠢᠨ ᠨᠦᠬᠦᠴᠡᠯ ᠠᠴᠠ ᠡᠭᠦᠳᠦᠨ ᠭᠠᠷᠴᠤ ᠪᠤᠢ ᠱᠠᠭᠠᠷᠳᠠᠯᠭ᠎ᠠ ᠪᠢᠯᠡ᠃ ᠬᠦᠮᠦᠨ ᠬᠦᠴᠦ᠂ ᠪᠡᠯᠴᠢᠭᠡᠷ ᠤᠰᠤ᠂ | ᠡᠪᠡᠰᠦ ᠲᠡᠵᠢᠭᠡᠯ᠂ ᠬᠠᠰᠢᠶ᠎ᠠ ᠰᠠᠷᠠᠪᠴᠢ ᠪᠤᠯᠤᠨ ᠡᠮᠴᠢᠯᠡᠭᠡ ᠦᠢᠯᠡᠴᠢᠯᠡᠭᠡ ᠵᠡᠷᠭᠡᠪᠡᠷ ᠬᠠᠩᠭᠠᠬᠤ ᠳᠤ ᠵᠠᠷᠤᠳᠠᠯ | ᠦᠨᠳᠦᠷ᠂ ᠠᠰᠢᠭ ᠰᠢᠮ᠎ᠡ ᠮᠠᠭᠤᠳᠠᠢ ᠤᠯᠠᠨ ᠲᠤᠭᠠᠨ ᠤ ᠮᠠᠯ ᠲᠠᠢ ᠪᠤᠯ ᠠᠮᠠᠨ ᠳᠤ ᠴᠤ ᠦᠭᠡᠢ᠂ ᠬᠠᠮᠠᠷ ᠳᠤ ᠴᠤ | ᠦᠭᠡᠢ ᠪᠤᠯᠬᠤ ᠨᠢ ᠲᠤᠲᠤᠷᠬᠠᠢ᠂ ᠲᠡᠶᠢᠮᠦ ᠠᠴᠠ ᠦᠪᠡᠷ ᠲᠡᠭᠡᠨ ᠪᠠᠶᠢᠬᠤ ᠬᠢᠵᠠᠭᠠᠷᠯᠠᠭᠳᠠᠮᠠᠯ ᠨᠦᠭᠡᠴᠡ ᠪᠠᠷ ᠠᠰᠢᠭᠳᠠᠢ | ᠪᠢᠽᠨᠧᠷ ᠡᠷᠬᠢᠯᠡᠬᠦ ᠰᠢᠯᠭᠠᠭᠤᠷ ᠲᠤ ᠲᠤᠬᠢᠷᠠᠭᠰᠠᠨ ᠮᠠᠯ ᠤᠨ ᠨᠢᠭᠡ ᠨᠢ ᠦᠵᠦᠮᠦᠴᠢᠨ ᠬᠤᠨᠢ ᠪᠠᠶᠢᠵᠦ ᠪᠤᠯᠬᠤ ᠠᠵᠠᠢ᠃ | ᠤᠳᠤ ᠪᠠᠷ ᠰᠦᠬᠡᠪᠠᠭᠠᠳᠤᠷ ᠠᠶᠢᠮᠠᠭ ᠤᠨ ᠡᠷᠳᠡᠨᠢᠴᠠᠭᠠᠨ ᠰᠤᠮᠤᠨ ᠳᠤ ᠦᠰᠭᠡᠨ ᠦᠷᠡᠵᠢᠭᠦᠯᠵᠦ ᠪᠠᠶᠢᠭ᠎ᠠ ᠡᠨᠡᠬᠦ | ᠡᠭᠦᠯᠳᠡᠷ ᠢ ᠪᠠᠷᠠᠭᠤᠨ ᠮᠤᠩᠭᠤᠯ ᠤᠨ ᠦᠭᠡᠬᠦᠨ ᠰᠡᠭᠦᠯᠳᠦ ᠬᠤᠨᠢ ᠲᠠᠢ ᠭᠠᠷᠤᠯ ᠡᠭᠦᠰᠦᠯ ᠨᠢᠭᠡᠳᠡᠢ ᠭᠡᠵᠦ ᠦᠵᠡᠳᠡᠭ | ᠠᠵᠠᠢ᠃ | ⑶ ᠪᠡᠯᠴᠢᠭᠡᠷ ᠢᠶᠠᠷ ᠲᠠᠷᠭᠤᠯᠠᠬᠤ ᠴᠢᠳᠠᠪᠤᠷᠢ | ᠦᠵᠦᠮᠦᠴᠢᠨ ᠬᠤᠨᠢ ᠲᠠᠯ᠎ᠠ ᠭᠡᠭᠡᠷ᠎ᠡ ᠶᠢᠨ ᠪᠦᠰᠡ ᠳᠤ ᠵᠤᠬᠢᠴᠠᠭᠰᠠᠨ ᠴᠢᠬᠢᠷᠠᠭ ᠪᠡᠶ᠎ᠡ ᠲᠠᠢ᠂ ᠲᠡᠰᠪᠦᠷᠢ | ᠬᠠᠳᠠᠭᠤᠵᠢᠯᠳᠠᠢ᠂ ᠦᠷᠭᠡᠨ ᠭᠦᠨ ᠴᠡᠭᠡᠵᠢ ᠲᠠᠢ᠂ ᠵᠤ ᠨᠢᠷᠤᠭᠤ ᠲᠡᠭᠰᠢ ᠤᠷᠳᠤ᠂ ᠲᠤᠮᠤ ᠦᠭᠡᠭᠦᠨ ᠰᠡᠭᠦᠯ ᠲᠠᠢ᠂ | ᠮᠢᠬ᠎ᠠ ᠦᠭᠡᠬᠦ ᠬᠡᠪᠰᠢᠯ ᠤᠨ ᠬᠤᠨᠢ ᠶᠤᠮ᠃ ᠵᠢᠯ ᠤᠨ ᠲᠦᠷᠪᠡᠨ ᠤᠯᠠᠷᠢᠯ ᠳᠤ ᠪᠡᠯᠴᠢᠭᠡᠷ ᠤᠨ ᠮᠠᠯᠠᠯᠭ᠎ᠠ ᠪᠠᠷ ᠲᠠᠷᠭᠤ | ᠬᠦᠴᠦ ᠠᠪᠳᠠᠭ ᠤᠨᠴᠠᠯᠢᠭ ᠲᠠᠢ ᠠᠵᠠᠢ᠃ ᠠᠷᠪᠠᠳᠤᠭᠠᠷ ᠰᠠᠷ᠎ᠠ ᠶᠢᠨ ᠡᠴᠦᠰ ᠢᠶᠠᠷ ᠪᠡᠯᠴᠢᠭᠡᠷ ᠢᠶᠠᠷ ᠲᠠᠷᠭᠤᠯᠠᠭᠰᠠᠨ | ᠦᠷᠡᠵᠢᠯ ᠤᠨ ᠬᠤᠴᠠ 73KG᠂ ᠡᠮ᠎ᠡ ᠬᠤᠨᠢ 61KG᠂ ᠡᠷ᠎ᠡ ᠲᠦᠯᠦᠭ 50KG ᠬᠦᠷᠳᠡᠭ᠃ ᠵᠤᠨ | ᠨᠠᠮᠤᠷ ᠤᠨ ᠤᠯᠠᠷᠢᠯ ᠳᠤ ᠦᠰᠪᠦᠷᠢ ᠨᠠᠰᠤ ᠲᠠᠢ ᠨᠢ ᠨᠠᠰᠤ ᠭᠦᠢᠴᠡᠭᠰᠡᠨ ᠠᠴᠠ ᠪᠠᠨ ᠢᠯᠡᠭᠦᠤ ᠲᠠᠷᠭᠤᠯᠠᠳᠠᠭ᠂ ᠬᠠᠪᠤᠷ | 20KG ᠠᠮᠢᠳᠤ ᠶᠢᠨ ᠵᠢᠩ ᠲᠠᠢ ᠡᠷ᠎ᠡ ᠬᠤᠷᠠᠭ᠎ᠠ ᠶᠢ ᠪᠡᠯᠴᠢᠭᠡᠷ ᠢᠶᠠᠷ ᠲᠠᠷᠭᠤᠯᠠᠭᠤᠯᠵᠦ ᠲᠦᠷᠪᠡᠨ ᠰᠠᠷ᠎ᠠ ᠶᠢᠨ | ᠲᠠᠷᠠᠭ᠎ᠠ ᠦᠵᠡᠬᠦ ᠳᠤ 40KG ᠬᠦᠷᠴᠤ ᠪᠠᠶᠢᠵᠠᠢ᠃ | ᠦᠵᠦᠮᠦᠴᠢᠨ ᠬᠤᠨᠢ ᠶᠢ ᠪᠡᠯᠴᠢᠭᠡᠷ ᠢᠶᠠᠷ ᠲᠡᠭᠡᠳᠦ ᠵᠡᠷᠭᠡ ᠶᠢᠨ ᠲᠠᠷᠭᠤ ᠬᠦᠴᠦ ᠠᠪᠤᠭᠤᠯᠳᠠᠭ ᠬᠦᠮᠦᠨ ᠤ | ᠨᠢᠭᠡ ᠨᠢ ᠮᠠᠯᠴᠢᠨ ᠨ᠊᠂ ᠮᠦᠩᠬᠡ ᠶᠤᠮ᠃ ᠲᠡᠷᠡ ᠪᠠᠷ᠄ ︽ᠮᠠᠨᠠᠶᠢᠬᠢ ᠮᠠᠯ ᠢᠶᠠᠨ ᠨᠤᠭᠤᠭ᠎ᠠ ᠴᠤᠬᠤᠶᠢᠵᠦ᠂ ᠢᠷᠭᠤᠢ | ᠨᠢᠳᠦᠯᠡᠬᠦ ᠠᠴᠠ ᠡᠬᠢᠯᠡᠭᠡᠳ ᠡᠪᠡᠰᠦᠨ ᠤ ᠰᠦᠯ ᠲᠠᠰᠤᠷᠠᠵᠦ ᠡᠪᠦᠯ ᠤᠨ ᠵᠢᠪᠠᠷ ᠴᠢᠩᠭᠠᠷᠠᠳᠠᠯᠠ ᠤᠳᠤᠷᠯᠠᠳᠠᠭ᠃ ᠬᠤᠷ | ᠲᠠᠷᠭᠤ ᠲᠠᠢ ᠮᠠᠯ ᠠᠰᠢᠭ ᠶᠡᠬᠡᠳᠡᠢ᠂ ᠲᠦᠯ ᠨᠢ ᠡᠷᠡᠭᠦᠯ ᠴᠢᠬᠢᠷᠠᠭ᠂ ᠦᠰᠦᠯᠳᠡ ᠰᠠᠶᠢᠳᠠᠢ ᠪᠠᠶᠢᠳᠠᠭ︾ ᠭᠡᠵᠦ | ᠶᠠᠷᠢᠭᠰᠠᠨ ᠶᠤᠮ᠃ ᠡᠳᠡᠨᠡᠶᠢᠬᠢ ᠮᠤᠬᠤᠯᠠᠭ ᠲᠡᠷᠭᠡ ᠲᠠᠢ᠂ ᠮᠠᠯ ᠢᠶᠠᠨ ᠪᠡᠯᠴᠢᠭᠡᠷ ᠲᠤᠨᠢ ᠬᠤᠳᠠᠯᠠᠭᠤᠯᠬᠤ ᠮᠠᠶ᠋ᠢᠭ ᠢᠶᠠᠷ | ᠤᠳᠤᠷ ᠬᠢᠨ᠎ᠡ᠃ ᠪᠠᠰᠠ ᠬᠤᠷᠠᠭ᠎ᠠ ᠶᠢ ᠬᠠᠰᠢᠶ᠎ᠠ ᠰᠠᠷᠠᠪᠴᠢᠨ ᠳᠤ ᠪᠢᠰᠢ ᠭᠡᠭᠡᠷ᠎ᠡ ᠪᠤᠶᠢᠵᠢᠭᠤᠯᠤᠨ᠎ᠠ᠂ ᠡᠭᠦᠨ ᠢ ᠲᠡᠳᠡ | ︽ᠲᠤᠭᠤᠬᠤ︾ ᠠᠷᠭ᠎ᠠ ᠨᠡᠷᠡᠯᠡᠳᠡᠭ ᠪᠠᠶᠢᠨ᠎ᠠ᠃ ᠬᠠᠪᠤᠷ ᠡᠷᠳᠡ ᠬᠤᠶᠠᠳᠤᠭᠠᠷ ᠰᠠᠷ᠎ᠠ ᠶᠢᠨ ᠰᠡᠭᠦᠯᠴᠢ ᠭᠤᠷᠪᠠᠳᠤᠭᠠᠷ | ᠰᠠᠷ᠎ᠠ ᠶᠢᠨ ᠡᠬᠢ ᠪᠠᠷ ᠲᠦᠯᠯᠡᠭᠦᠯᠦᠨᠡ᠂ ᠬᠤᠷᠠᠭ᠎ᠠ ᠶᠢ ᠭᠤᠤᠯ ᠨᠢ ᠡᠬᠡ ᠢ ᠨᠢ ᠲᠠᠭᠠᠭᠤᠯᠤᠨ ᠪᠡᠯᠴᠢᠭᠡᠷ ᠲᠤ | ᠶᠠᠪᠤᠭᠤᠯᠵᠦ ᠡᠬᠡ ᠲᠠᠢ ᠨᠢ ᠪᠤᠶᠢᠵᠢᠭᠤᠯᠤᠨ᠎ᠠ᠃ ᠡᠨᠡ ᠨᠢ ᠦᠵᠦᠮᠦᠴᠢᠨ ᠬᠤᠨᠢᠨ ᠤ ᠲᠠᠯ᠎ᠠ ᠬᠡᠭᠡᠷ᠎ᠡ ᠶᠢᠨ | ᠪᠡᠯᠴᠢᠭᠡᠷ ᠲᠤ ᠲᠠᠰᠤᠨ ᠵᠤᠬᠢᠴᠠᠭᠰᠠᠨ ᠴᠢᠨᠡᠷ ᠤᠨ ᠨᠢᠭᠡ ᠢᠯᠡᠷᠡᠯ ᠶᠤᠮ᠃ ᠦᠵᠦᠮᠦᠴᠢᠨ ᠬᠤᠨᠢ ᠶᠡᠭᠡ ᠲᠤᠭᠰᠢᠨ | ᠲᠤᠯᠠ ᠪᠤᠭᠤᠨᠢ ᠤᠷᠭ᠎ᠠ ᠪᠠᠷ ᠪᠠᠷᠢᠨ᠎ᠠ᠂ ᠡᠨᠡ ᠪᠤᠯ ᠦᠵᠦᠮᠦᠴᠢᠨ ᠬᠤᠨᠢ ᠪᠡᠯᠴᠢᠭᠡᠷ ᠢᠶᠠᠷ ᠲᠡᠭᠡᠳᠦ ᠵᠡᠷᠭᠡ ᠶᠢᠨ ᠲᠠᠷᠭᠤ | ᠬᠦᠴᠦ ᠠᠪᠴᠤ ᠴᠢᠳᠠᠳᠠᠭ ᠤᠨ ᠨᠢᠭᠡ ᠶᠢ ᠢᠯᠡᠷᠡᠯ ᠪᠦᠭᠡᠳ ᠬᠢᠮᠳᠡ ᠲᠦᠰᠦᠷ ᠦᠷᠳᠡᠭ ᠢᠶᠠᠷ ᠠᠮᠳᠠ ᠴᠢᠨᠠᠷ ᠰᠠᠶᠢᠳᠠᠢ | ᠮᠢᠬ᠎ᠠ ᠪᠡᠯᠡᠳᠭᠡᠬᠦ ᠪᠤᠯᠤᠮᠵᠢᠳᠡᠢ ᠶᠢ ᠬᠠᠷᠠᠭᠤᠯᠵᠦ ᠪᠠᠶᠢᠨ᠎ᠠ᠃ ᠢᠯᠠᠩᠭᠤᠶ᠎ᠠ ᠵᠤᠨ ᠨᠠᠮᠤᠷ ᠤᠨ ᠤᠯᠠᠷᠢᠯ ᠳᠤ | ᠪᠡᠯᠴᠢᠭᠡᠷ ᠤᠨ ᠲᠦᠷᠦᠯ ᠪᠦᠷᠢ ᠶᠢᠨ ᠤᠷᠭᠤᠮᠠᠯ ᠢᠶᠠᠷ ᠢᠳᠡᠰᠢᠯᠡᠨ ᠶᠡᠭᠡ ᠬᠡᠮᠵᠢᠶᠡᠨ ᠤ ᠮᠢᠬ᠎ᠠ ᠦᠭᠡᠬᠦ | ᠬᠤᠷᠠᠮᠳᠤᠭᠤᠯᠳᠠᠭ ᠪᠢᠤᠯᠤᠬᠢ ᠶᠢᠨ ᠤᠨᠴᠠᠯᠢᠭ ᠰᠢᠨᠵᠢ ᠪᠠᠨ ᠦᠷ᠎ᠡ ᠲᠦᠯ ᠳᠡᠭᠡᠨ ᠲᠠᠮᠵᠢᠭᠤᠯᠳᠠᠭ ᠴᠢᠳᠠᠪᠤᠷᠢᠳᠡᠢ᠂ | ᠡᠪᠡᠰᠦᠨ ᠤ ᠰᠤᠷᠭᠤᠭ ᠤᠰᠤᠨ ᠤ ᠲᠤᠩᠭᠠᠯᠠᠭ ᠲᠤ ᠲᠠᠪᠠ ᠢᠶᠠᠷ ᠢᠶᠠᠨ ᠶᠠᠪᠤᠭᠰᠠᠨ ᠬᠤᠨᠢ ᠨᠠᠮᠤᠷ ᠤᠨ ᠤᠯᠠᠷᠢᠯ ᠳᠤ | 60 — 70KG ᠬᠦᠷᠴᠤ ᠪᠢᠷᠠᠭᠤ ᠶᠢᠨ ᠲᠦᠢᠳᠡᠢ ᠵᠢᠩ ᠲᠠᠳᠠᠳᠠᠭ ᠪᠠᠶᠢᠨ᠎ᠠ᠃ | ⑶ ᠢᠯᠡᠭᠦᠤ ᠨᠤᠭᠤᠯᠤᠮᠠ ᠮᠢᠬᠠᠨ ᠤ ᠭᠠᠷᠴᠠ ᠨᠡᠮᠡᠭᠳᠡᠭᠦᠯᠦᠨ᠎ᠡ | ᠦᠵᠦᠮᠦᠴᠢᠨ ᠬᠤᠨᠢᠨ ᠤ ᠮᠢᠬᠠᠨ ᠤ ᠠᠰᠢᠭ ᠰᠢᠮ᠎ᠡ ᠶᠢ ᠨᠡᠮᠡᠭᠳᠡᠭᠦᠯᠬᠦ ᠨᠦᠯᠦᠭᠡ ᠪᠦᠬᠦᠢ ᠶᠠᠰᠤᠨ ᠤ ᠲᠤᠭ᠎ᠠ | ᠨᠢ ᠮᠤᠩᠭᠤᠯ ᠬᠤᠨᠢᠨ ᠤ ᠠᠴᠠ ᠢᠯᠡᠭᠦᠤ ᠪᠠᠶᠢᠳᠠᠭ᠂ ᠶᠡᠷᠦ ᠶᠢᠨ ᠬᠤᠨᠢᠨ ᠤ ᠰᠡᠭᠡᠷ 13᠂ ᠬᠠᠪᠢᠷᠭ᠎ᠠ 13 ᠬᠤᠤᠰ | ᠪᠠᠶᠢᠬᠤ ᠳᠤ ᠦᠵᠦᠮᠦᠴᠢᠨ ᠡᠭᠦᠯᠳᠡᠷ ᠤᠨ ᠵᠠᠷᠢᠮ ᠬᠤᠨᠢᠨ ᠤ ᠰᠡᠭᠡᠷ 14᠂ ᠬᠠᠪᠢᠷᠭ᠎ᠠ ᠮᠦᠨ ᠲᠡᠳᠦᠢ ᠪᠠᠶᠢᠬᠤ ᠶᠢᠨ | ᠵᠡᠷᠭᠡᠴᠡᠭᠡ ᠢᠯᠡᠭᠦᠤ ᠬᠠᠷᠴᠠᠭ᠎ᠠ ᠲᠠᠢ ᠨᠢ ᠲᠤᠯᠤᠭᠠᠨ ᠨᠢᠷᠤᠭᠤ ᠲᠠᠢ ᠪᠠᠶᠢᠳᠠᠭ ᠠᠵᠢ᠃ ᠡᠶᠢᠨᠬᠦ ᠨᠢᠷᠤᠭᠤ ᠨᠤᠭᠤᠯᠤᠮᠠ | ᠶᠠᠰᠤᠨ ᠤ ᠲᠤᠭ᠎ᠠ ᠨᠢ ᠢᠯᠡᠭᠦᠤ ᠪᠠᠷ ᠠᠮᠢᠳᠤ ᠶᠢᠨ ᠵᠢᠩ᠂ ᠮᠢᠬ᠎ᠠ ᠶᠢᠨ ᠭᠠᠷᠴᠠ ᠮᠦᠨ ᠠᠳᠠᠯᠢ ᠨᠡᠮᠡᠭᠳᠡᠳᠡᠭ ᠪᠠᠶᠢᠨ᠎ᠠ | ᠢᠯᠡᠭᠦᠤ ᠨᠤᠭᠤᠯᠤᠮᠠ ᠬᠤᠨᠢᠨ ᠤ ᠨᠢᠳᠦᠯᠭᠠᠨ ᠤ ᠵᠢᠩ ᠨᠢ ᠵᠢᠷ ᠤᠨ ᠬᠤᠨᠢᠨ ᠤ ᠠᠴᠠ 200 ᠭᠷᠡᠮ ᠢᠶᠠᠷ ᠢᠯᠡᠭᠦᠤ | ᠪᠠᠶᠢᠨ᠎ᠠ᠃ ᠢᠯᠡᠭᠦᠤ ᠨᠤᠭᠤᠯᠤᠮᠠ ᠲᠠᠢ ᠬᠤᠨᠢᠨ ᠤ ᠤᠳᠤᠮᠰᠢᠯ ᠤᠨ ᠤᠨᠴᠠᠯᠢᠭ ᠨᠢ ᠦᠷ᠎ᠡ ᠲᠦᠯ ᠳᠡᠭᠡᠨ 85 — | 100 ᠬᠤᠪᠢ ᠲᠠᠮᠵᠢᠵᠦ ᠪᠠᠶᠢᠭ᠎ᠠ ᠶᠢ ᠰᠤᠳᠤᠯᠠᠭᠠᠴᠢᠳ ᠲᠤᠭᠳᠠᠭᠠᠵᠠᠢ᠃ ᠮᠠᠯ ᠦᠷᠡᠵᠢᠯ ᠤᠨ ᠠᠯᠪᠠᠨ ᠤ ᠲᠠᠷᠤᠭ᠎ᠠ | ᠳ᠋᠊ ᠪᠤᠳᠢ᠄ ︽ᠮᠠᠨ ᠤ ᠠᠯᠪᠠ ᠬᠤᠶᠠᠷ ᠵᠢᠯ ᠤᠨ ᠡᠮᠦᠨ᠎ᠡ ᠡᠷᠳᠡᠨᠢᠴᠠᠭᠠᠨ ᠠᠴᠠ 30 ᠭᠠᠷᠤᠢ ᠢᠯᠡᠭᠦᠤ ᠨᠤᠭᠤᠯᠤᠮᠠ | ᠲᠠᠢ ᠬᠤᠨᠢ ᠠᠪᠴᠢᠷᠠᠵᠦ᠂ ᠦᠷ᠎ᠡ ᠲᠦᠯ ᠢᠶᠠᠷ ᠨᠢ ᠬᠤᠴᠠ ᠲᠠᠯᠪᠢᠭᠠᠳ ᠪᠠᠶᠢᠨ᠎ᠠ᠂ ᠦᠨᠦᠳᠦᠷ ᠦᠵᠦᠮᠦᠴᠢᠨ | ᠬᠤᠨᠢᠨ ᠤ ᠲᠤᠭ᠎ᠠ 62 ᠮᠢᠩᠭ᠎ᠠ ᠳᠤ ᠬᠦᠷᠴᠤ᠂ ᠡᠨᠡ ᠡᠭᠦᠯᠳᠡᠷ ᠢᠶᠠᠷ ᠰᠠᠶᠢᠵᠢᠷᠠᠭᠤᠯᠤᠭᠰᠠᠨ ᠬᠤᠨᠢ 220 ᠭᠠᠷᠤᠢ | ᠮᠢᠩᠭ᠎ᠠ ᠪᠤᠯᠤᠭᠠᠳ ᠪᠠᠶᠢᠨ᠎ᠠ᠃ ᠮᠠᠨ ᠤ ᠪᠠᠷᠠᠭᠤᠨ ᠠᠶᠢᠮᠠᠭ ᠤᠳ ᠰᠡᠭᠦᠯ ᠤᠨ ᠦᠶ᠎ᠡ ᠳᠤ ᠦᠵᠦᠮᠦᠴᠢᠨ ᠬᠤᠨᠢ ᠶᠢ | ᠦᠷᠡᠵᠢᠯ ᠤᠨ ᠬᠤᠴᠠ᠂ ᠦᠬᠢᠨ ᠲᠦᠯᠦᠭ ᠬᠤᠳᠠᠯᠳᠤᠨ ᠠᠪᠴᠤ ᠪᠠᠶᠢᠭ᠎ᠠ︾ ᠭᠡᠵᠦ ᠶᠠᠷᠢᠯ᠎ᠠ᠃ | ᠡᠷᠳᠡᠨᠢᠴᠠᠭᠠᠨ ᠰᠤᠮᠤᠨ ᠤ ︽ᠴᠠᠭᠠᠨ ᠰᠡᠷᠡᠭᠡᠳᠦ︾ ᠬᠤᠷᠰᠢᠶ᠎ᠠ ᠦᠵᠦᠮᠦᠴᠢᠨ ᠬᠤᠨᠢ ᠶᠢ ᠠᠰᠢᠭ ᠰᠢᠮ᠎ᠡ ᠪᠠᠷ | ᠨᠢ ᠠᠩᠭᠢᠯᠠᠨ ᠢᠯᠭᠠᠵᠦ᠂ ᠴᠡᠪᠡᠷ ᠢᠶᠠᠷ ᠨᠢ ᠦᠰᠭᠡᠨ ᠦᠷᠡᠵᠢᠭᠦᠯᠵᠦ᠂ ᠦᠷᠡᠵᠢᠯ ᠤᠨ ᠬᠤᠴᠠ᠂ ᠦᠬᠢᠨ ᠲᠦᠯᠦᠭ | ᠪᠤᠶᠢᠵᠢᠭᠤᠯᠤᠨ ᠬᠤᠳᠠᠯᠳᠤᠳᠠᠭ ᠪᠠᠶᠢᠨ᠎ᠠ᠃ ᠰᠡᠭᠦᠯ ᠤᠨ ᠲᠦᠷᠪᠡᠨ ᠵᠢᠯ ᠳᠤ 400 ᠰᠢᠬᠠᠮ ᠦᠬᠢᠨ ᠲᠦᠯᠦᠭ᠂ | ᠬᠤᠴᠠ ᠬᠤᠳᠠᠯᠳᠤᠭᠰᠠᠨ ᠪᠦᠭᠡᠳ ᠲᠦᠪ ᠪᠤᠯᠤᠨ ᠪᠠᠷᠠᠭᠤᠨ ᠠᠶᠢᠮᠠᠭ ᠤᠳ ᠶᠢᠨ ᠮᠠᠯᠴᠢᠳ ᠠᠪᠴᠠᠢ᠃ | ᠦᠨᠦᠳᠦᠷ ᠤᠨ ᠪᠠᠶᠢᠳᠠᠯ ᠢᠶᠠᠷ ᠦᠬᠢᠨ ᠲᠦᠯᠦᠭ 25 — 30᠂ ᠲᠦᠯᠦᠭ ᠬᠤᠴᠠ 35 — 40 ᠮᠢᠩᠭᠠᠨ | ᠲᠦᠭᠦᠷᠢᠭ ᠤᠨ ᠬᠠᠩᠰᠢ ᠲᠠᠢ ᠪᠠᠶᠢᠨ᠎ᠠ᠃ ᠲᠡᠭᠡᠷ᠎ᠡ ᠦᠭᠦᠯᠡᠭᠰᠡᠨ ᠲᠠᠪᠠᠭᠤ ᠲᠠᠯ᠎ᠠ ᠤᠳ ᠨᠢ ᠦᠵᠦᠮᠦᠴᠢᠨ ᠬᠤᠨᠢ | ᠦᠰᠭᠡᠨ ᠦᠷᠡᠵᠢᠭᠦᠯᠬᠦ ᠪᠢᠽᠨᠧᠰ ᠶᠢᠨ ᠬᠤᠪᠢ ᠳᠤ ᠢᠯᠡᠭᠦᠬᠡᠨ ᠲᠠᠪᠠᠭᠤ ᠲᠠᠯ᠎ᠠ ᠶᠢ ᠤᠯᠭᠤᠵᠦ ᠪᠤᠯᠬᠤ ᠰᠢᠨᠵᠢ | ᠴᠢᠨᠠᠷ ᠤᠳ ᠪᠠᠶᠢᠵᠦ ᠪᠤᠯᠬᠤ ᠠᠵᠠᠢ᠃ ᠵᠦᠪᠬᠡᠨ ᠮᠢᠬᠠᠨ ᠤ ᠴᠢᠭᠯᠡᠯᠳᠡ ᠪᠠᠷ ᠴᠤ ᠦᠰᠭᠡᠨ ᠦᠷᠡᠵᠢᠭᠦᠯᠬᠦ ᠪᠤᠰᠤ᠂ | ᠮᠦᠨ ᠦᠷᠡᠵᠢᠯ ᠤᠨ ᠰᠢᠯᠢᠮᠡᠯ ᠮᠠᠯ ᠤᠨ ᠪᠢᠽᠨᠧᠰ ᠶᠢᠨ ᠨᠢᠭᠡᠨ ᠴᠢᠬᠤᠯᠠ ᠡᠬᠢ ᠡᠭᠦᠰᠪᠦᠷᠢ ᠨᠢ ᠡᠨᠡᠬᠦ ᠡᠭᠦᠯᠳᠡᠷ ᠤᠨ | ᠬᠤᠨᠢ ᠪᠠᠶᠢᠵᠦ ᠪᠤᠯᠬᠤ ᠠᠵᠠᠢ᠃ ︵ᠭ᠊᠂ ᠰᠦᠬᠡ ᠂ ᠬᠦᠳᠡᠭᠡ ᠶᠢᠨ ᠪᠢᠽᠨᠧᠰ ᠮᠡᠳᠡᠭᠡ᠂ 2004 | ᠤᠨ ︶ | ᠶᠢᠰᠦᠳᠦᠭᠡᠷ ᠪᠦᠯᠦᠭ ᠤᠭᠤᠷᠴᠠᠭ ᠨᠠᠮᠤᠬᠠᠨ ᠲᠤᠯᠤᠭᠠᠶᠢᠳ ᠲᠠᠢ ᠤᠯᠠᠨ ᠤ ᠬᠦᠯ ᠤᠨ ᠭᠠᠵᠠᠷ | ⑴ ᠦᠵᠦᠮᠦᠴᠢᠨ ᠤᠮᠤᠭ ᠤᠨ ᠬᠤᠨᠢ ᠶᠢ ᠡᠭᠦᠯᠳᠡᠷ ᠪᠤᠯᠭᠠᠭᠰᠠᠳ ᠤᠨ ᠨᠢᠭᠡ — ᠮᠢᠨᠵᠠᠢ | ᠮᠢᠨᠵᠠᠢ᠂ 1975 ᠤᠨ ᠳᠤ ᠬ᠊ ᠠ᠊ ᠠ᠊ — ᠶᠢᠨ ᠲᠧᠭᠨᠢᠺᠤᠮ ᠢ ᠮᠠᠯ ᠵᠦᠢᠴᠢ ᠮᠡᠷᠭᠡᠵᠢᠯ ᠢᠶᠠᠷ | ᠲᠡᠭᠦᠰᠴᠤ᠂ ᠦᠵᠦᠮᠦᠴᠢᠨ ᠤᠮᠤᠭ ᠤᠨ ᠬᠤᠨᠢ ᠦᠷᠡᠵᠢᠭᠦᠯᠬᠦ ᠤᠯᠤᠰ ᠤᠨ ᠦᠷᠡᠵᠢᠯ ᠹᠧᠷᠡᠮ ᠳᠤ ᠳ᠋ᠦᠩ | ᠪᠦᠷᠢᠳᠭᠡᠭᠴᠢ᠂ ᠵᠤ ᠲᠧᠭᠨᠢᠭᠴᠢ ᠪᠠᠷ ᠠᠵᠢᠯ ᠤᠨ ᠭᠠᠷᠤᠭ᠎ᠠ ᠪᠠᠨ ᠡᠬᠢᠯᠡᠭᠰᠡᠨ᠂ ᠲᠡᠷᠡ ᠦᠶ᠎ᠡ ᠳᠤ ᠹᠧᠷᠡᠮ ᠤᠨ | ᠲᠠᠷᠤᠭ᠎ᠠ ᠪᠠᠳᠮᠠᠰᠦ᠋ᠷᠦᠩ᠂ ᠵᠤ ᠲᠧᠭᠨᠢᠭᠴᠢ ᠤᠯᠠᠭᠠᠨᠬᠦᠤ᠂ ᠲᠤᠭ᠎ᠠ ᠪᠦᠷᠢᠳᠭᠡᠭᠴᠢ ᠲᠤᠷᠵᠢ᠂ ᠠᠵᠦ ᠠᠬᠤᠢ | ᠦᠭᠦᠯᠭᠦᠢ᠂ ᠬᠡᠪᠯᠡᠯ ᠬᠦᠷᠭᠡᠭᠴᠢ ᠲᠡᠭᠦᠰ᠂ ᠡᠩᠧᠨᠲ ᠪᠠᠳᠢᠷᠴᠢᠨ᠂ ᠤᠯᠤᠰ ᠤᠨ ᠠᠪᠤᠷᠭᠤ ᠮᠠᠯᠴᠢᠨ ᠪᠠᠶ᠋ᠰᠬᠤᠯᠠᠩ᠂ | ᠬᠠᠯᠳᠠᠷᠡ᠂ ᠠᠯᠳᠠᠨᠭᠡᠷᠡᠯ᠂ ᠯᠾᠠᠮᠤᠰᠦ᠋ᠷᠦᠩ᠂ ᠵᠠᠳᠠᠮᠪᠠ᠂ ᠠᠶᠢᠮᠠᠭ ᠤᠨ ᠠᠪᠤᠷᠭᠤ ᠮᠠᠯᠴᠢᠨ ᠮᠦᠩᠭᠡ᠂ ᠬᠤᠨᠢᠴᠢᠨ | ᠲᠡᠮᠦᠷ᠎ᠡ᠂ ᠲᠤᠭᠳᠠᠬᠤ᠂ ᠤᠷᠯᠤᠮ᠂ ᠵᠠᠩᠭᠢ᠂ ᠵᠠᠮᠰᠤ᠂ ᠲᠤᠪᠤᠤ᠂ ᠶᠠᠩᠰᠤᠨ᠂ ᠠᠮᠢᠪᠦ᠋ᠬᠡ᠂ ᠪᠠᠭᠠᠳᠤᠷ᠂ | ᠲᠦᠭᠦᠷᠡᠩᠵᠡᠭᠠᠨ᠂ ᠵᠢᠯᠤᠭᠤᠴᠢ ᠠᠯᠳᠠᠨᠭᠡᠷᠡᠯ ᠨᠠᠷ ᠤᠨ ᠭᠠᠷ ᠲᠡᠭᠡᠷ᠎ᠡ ᠢᠷᠡᠵᠦ ᠡᠪᠡᠰᠦ ᠤᠷᠭᠤᠮᠠᠯ᠂ ᠡᠪᠦᠯᠵᠢᠶ᠎ᠡ | ᠬᠠᠪᠤᠷᠵᠢᠶ᠎ᠠ᠂ ᠤᠳᠤᠷ ᠤᠨ ᠨᠤᠲᠤᠭ ᠢ ᠵᠢᠭᠠᠯᠭᠠᠨ ᠵᠦᠪᠯᠡᠭᠡ ᠠᠪᠴᠤ ᠠᠵᠢᠯᠯᠠᠭᠰᠠᠨ ᠤ ᠦᠷ᠎ᠡ ᠳ᠋ᠦᠩ ᠳᠤ | ᠦᠵᠦᠮᠦᠴᠢᠨ ᠤᠮᠤᠭ ᠤᠨ ᠬᠤᠨᠢ ᠶᠢ ᠡᠭᠦᠯᠳᠡᠷ ᠪᠤᠯᠭᠠᠵᠦ ᠴᠢᠳᠠᠭᠰᠠᠨ᠂ ᠴᠢᠨᠡᠷ ᠰᠲ᠋ᠠᠨᠳᠠᠷᠲ ᠶᠢᠨ ᠱᠠᠭᠠᠷᠳᠠᠯᠭ᠎ᠠ | ᠬᠠᠩᠭᠠᠭᠰᠠᠨ ᠦᠵᠦᠮᠦᠴᠢᠨ ᠡᠭᠦᠯᠳᠡᠷ ᠤᠨ ᠬᠤᠨᠢᠨ ᠤ ᠫᠠᠲ᠋ᠧᠨ᠋ᠲ ᠭᠡᠷᠡᠴᠢᠯᠡᠭᠡ ᠶᠢ ᠲᠠᠷᠠᠭᠠᠬᠢ ᠨᠡᠷ᠎ᠡ ᠪᠦᠬᠦᠢ ᠬᠦᠮᠦᠰ | ᠠᠪᠤᠭᠰᠠᠨ᠂ ᠡᠭᠦᠨ ᠳᠤ᠄ ᠬ᠊ ᠠ᠊ ᠠ᠊ — ᠶᠢᠨ ᠶᠡᠭᠡ ᠰᠤᠷᠭᠠᠭᠤᠯᠢ ᠶᠢᠨ ᠪᠠᠭᠰᠢ ᠳ᠋ᠤᠺᠲ᠋ᠤᠷ᠂ ᠳ᠋ᠤᠼᠧᠨ᠋ᠲ ᠵ᠊ | ᠭᠤᠨᠴᠤᠭᠵᠠᠪ ᠰᠤᠮᠤ ᠨᠢᠭᠡᠳᠦᠯ ᠤᠨ ᠲᠠᠷᠤᠭ᠎ᠠ ᠷ᠊ ᠦᠯᠵᠡᠶᠢᠪᠠᠶᠠᠷ᠂ ᠮᠠᠯ ᠵᠦᠢᠴᠢ ᠶ᠊ ᠮᠢᠨᠵᠠᠢ᠂ ᠮᠠᠯ ᠵᠦᠢᠴᠢ | ᠹᠧᠷᠡᠮ ᠤᠨ ᠲᠠᠷᠤᠭ᠎ᠠ ᠮ᠊ ᠭᠠᠩᠰᠦ᠋ᠬᠡ᠂ ᠮᠠᠯ ᠵᠦᠢᠴᠢ ᠬ᠋᠊ ᠤᠯᠠᠭᠠᠨᠬᠦᠤ᠂ ᠠᠪᠤᠷᠭᠤ ᠮᠠᠯᠴᠢᠨ ᠳ᠋᠊ ᠪᠠᠶᠠᠰᠬᠤᠯᠠᠩ᠂ | ᠬᠤᠴᠠ ᠮᠠᠯᠯᠠᠭᠴᠢ ᠲ᠊ ᠪᠠᠳᠤᠬᠤᠶᠠᠭ ᠨᠠᠷ ᠪᠤᠯᠤᠨ᠎ᠠ᠃ | ᠮᠢᠨᠵᠠᠢ ᠨᠢ ᠮᠠᠯᠴᠢᠳ ᠢᠶᠠᠷ ᠲᠤᠭᠤᠷᠢᠵᠦ ᠤᠯᠠᠨ ᠬᠤᠨᠤᠭ ᠶᠠᠪᠤᠬᠤ ᠳᠠᠭᠠᠨ ᠬᠠᠳᠬᠤᠭ᠎ᠠ ᠠᠪᠤᠭᠰᠠᠨ ᠢᠶᠠᠨ | ᠮᠡᠳᠡᠬᠦ ᠦᠭᠡᠢ ᠬᠦᠨᠳᠦᠷᠡᠭᠦᠯᠵᠦ᠂ ᠬᠡᠪᠳᠡᠯᠭᠡ ᠳᠤ ᠤᠷᠤᠵᠦ ᠪᠠᠶᠢᠯ᠎ᠠ᠃ ᠨᠢᠭᠡᠨ ᠤᠳᠠᠭ᠎ᠠ ᠮᠠᠯᠴᠢᠳ ᠢᠶᠠᠷ ᠲᠤᠭᠤᠷᠢᠵᠦ | ᠶᠠᠪᠤᠬᠤ ᠳᠠᠭᠠᠨ ᠤᠯᠠᠭᠠᠨᠬᠦᠤ ᠶᠢᠨ ᠤᠨᠤᠵᠦ ᠶᠠᠪᠤᠭᠰᠠᠨ ᠮᠤᠷᠢ ᠵᠤᠭᠰᠤᠭᠰᠠᠨ ᠲᠤᠯᠠ ᠦᠪᠡᠷ ᠤᠨ ᠢᠶᠠᠨ ᠮᠤᠷᠢ ᠶᠢ | ᠦᠭᠭᠦᠭᠡᠳ ᠶᠠᠪᠤᠭᠤᠯᠵᠠᠢ᠃ ᠦᠪᠡᠷ ᠢᠶᠠᠨ ᠤᠯᠠᠭᠠᠨᠬᠦᠤ ᠶᠢᠨ ᠮᠤᠷᠢ ᠶᠢ ᠠᠪᠴᠤ ᠦᠯᠡᠳᠡᠵᠡᠢ᠃ ᠮᠤᠷᠢ ᠨᠢ ᠴᠤ | ᠡᠪᠡᠰᠦ ᠢᠳᠡᠵᠦ ᠴᠢᠳᠠᠬᠤ ᠦᠭᠡᠢ ᠦᠪᠡᠷ ᠤᠨ ᠬᠢᠨᠢ ᠪᠡᠶ᠎ᠡ ᠶᠢᠨ ᠪᠠᠶᠢᠳᠠᠯ ᠮᠠᠭᠤ ᠪᠠᠶᠢᠭᠰᠠᠨ ᠲᠤᠯᠠ ᠤᠯᠠᠭᠠᠨᠬᠦᠤ ᠶᠢ | ᠬᠦᠯᠢᠶᠡᠭᠰᠡᠭᠡᠷ ᠤᠷᠤᠢ ᠶᠢᠨ ᠨᠠᠷᠠᠨ ᠵᠢᠷᠭᠠᠵᠦ ᠪᠠᠶᠢᠯ᠎ᠠ᠃ ᠵᠤ ᠤᠯᠠᠭᠠᠨ ᠮᠤᠷᠢᠳ ᠠᠪᠴᠢᠷᠠᠵᠦ ᠮᠤᠷᠳᠠᠬᠤ ᠳᠤ | ᠮᠠᠰᠢᠨ ᠳᠤ ᠰᠠᠭᠤᠭᠰᠠᠨ ᠮᠡᠳᠦ ᠲᠦᠭᠦᠯᠵᠡᠵᠦ ᠪᠠᠶᠢᠯ᠎ᠠ᠃ ᠭᠤᠨᠴᠤᠭ ᠭᠤᠸᠠᠢ ᠲᠠᠢ ᠲᠠᠭᠠᠷᠠᠵᠦ ᠭᠡᠷ ᠲᠤᠨᠢ ᠢᠷᠡᠭᠡᠳ | ᠵᠤ ᠤᠯᠠᠭᠠᠨ ᠮᠠᠨᠠᠢ ᠡᠨᠡ ᠬᠦᠮᠦᠨ ᠡᠳᠦᠷᠵᠢᠨ ᠬᠦᠳᠡᠭᠡ ᠪᠠᠶᠢᠭᠰᠠᠨ ᠠᠮᠢ ᠨᠢ ᠶᠡᠭᠡ ᠴᠢᠩᠭᠠᠷᠠᠭᠰᠠᠨ ᠪᠠᠶᠢᠭ᠎ᠠ ᠭᠡᠵᠦ | ᠬᠡᠯᠡᠪᠡ᠃ ᠭᠡᠳᠡᠯ᠎ᠡ ᠲᠤᠩᠭᠤ ᠲᠡᠭᠡᠳᠡᠢ ᠶᠢᠨ ᠠᠬ᠎ᠠ ᠬᠤᠶᠠᠷ ᠬᠦᠭᠰᠢᠨ ᠡᠪᠦᠭᠡᠨ ᠪᠠᠶᠢᠭᠰᠠᠨ ᠲᠤᠯᠠ ᠪᠡᠷᠢ ᠷᠤᠵᠤᠢ ᠳᠤ | ᠡᠬᠡᠳᠡᠢ ᠠᠶᠢᠷᠠᠭ᠂ ᠪᠤᠯᠠᠭ ᠤᠨ ᠬᠦᠢᠳᠡᠨ ᠤᠰᠤ ᠲᠠᠢ ᠬᠤᠯᠢᠭᠠᠳ ᠡᠨᠡ ᠬᠦᠤ ᠳᠤ ᠦᠭ ᠭᠡᠵᠦ ᠬᠡᠯᠡᠯ᠎ᠡ᠃ ᠲᠡᠭᠡᠭᠡᠳ | ᠤᠤᠭᠤᠬᠤ ᠳᠤ ᠬᠤᠶᠠᠷ ᠬᠠᠮᠠᠷ ᠤᠨ ᠨᠦᠬᠡ ᠪᠠᠷ ᠭᠠᠷᠴᠤ ᠵᠢᠭᠤᠷᠠᠭᠠ ᠨᠢ ᠲᠠᠯᠪᠢᠭᠳᠠᠭᠰᠠᠨ᠂ ᠪᠠᠳᠤᠠᠦ᠋ᠯᠵᠡᠢ | ᠠᠭ᠎ᠠ ᠶᠢᠨ ᠬᠦᠭᠰᠢᠨ ᠲᠡᠯᠭᠡᠷ ᠨᠠᠮᠠᠶᠢ ᠦᠵᠡᠵᠦ᠂ ᠴᠢᠰᠦᠨ ᠬᠠᠳᠬᠤᠭ᠎ᠠ ᠪᠤᠯᠤᠭᠰᠠᠨ ᠪᠠᠶᠢᠨ᠎ᠠ ᠭᠡᠳ ᠰᠤᠵᠠᠭ᠎ᠠ | ᠮᠢᠬ᠎ᠠ ᠶᠢ ᠨᠢ ᠬᠠᠭᠤᠯᠤᠨ᠎ᠠ ᠭᠡᠪᠡ᠃ ᠲᠡᠭᠡᠭᠡᠳ ᠲᠦᠳᠡ ᠤᠳᠠᠯ ᠦᠭᠡᠢ ᠰᠤᠵᠠᠭ᠎ᠠ ᠮᠢᠬᠠᠨ ᠠᠴᠠ ᠬᠠᠳᠬᠤᠨ | ᠴᠢᠩᠭᠠᠭᠠᠵᠦ ᠰᠢᠷ᠎ᠠ ᠲᠤᠰᠤ ᠲᠦᠷᠬᠢᠵᠦ ᠢᠯᠢᠵᠦ ᠪᠠᠶᠢᠯ᠎ᠠ᠃ ᠭᠡᠰᠡᠨ ᠴᠤ ᠬᠠᠯᠠᠭᠤᠨ ᠪᠠᠭᠤᠷᠠᠬᠤ ᠦᠭᠡᠢ ᠪᠠᠶᠢᠭᠰᠠᠭᠠᠷ | ᠪᠠᠷᠢᠭᠠᠳᠠ ᠳᠠᠭᠠᠨ ᠢᠷᠡᠪᠡ᠃ ᠪᠠᠷᠢᠭᠠᠳᠠ ᠠᠴᠠ ᠰᠤᠮᠤ ᠤᠷᠤᠵᠦ ᠬᠦᠷᠭᠡᠨ᠂ ᠠᠬ᠎ᠠ ᠦᠯᠵᠡᠶᠢᠬᠤᠳᠤᠭ ᠶᠢᠨ ᠳᠠᠭᠠᠨ | ᠨᠡᠯᠢᠶᠡᠳ ᠤᠯᠠᠨ ᠬᠤᠨᠤᠭ ᠬᠡᠪᠳᠡᠭᠡᠳ ᠲᠡᠭᠡᠷᠳᠡᠬᠦ ᠦᠭᠡᠢ ᠪᠤᠯᠬᠤᠷ ᠨᠢ ᠡᠴᠢᠭᠡ ᠡᠬᠡ ᠢᠶᠠᠨ ᠪᠠᠷᠠᠳᠠᠬᠤ ᠪᠠᠷ ᠴᠢᠯᠦᠭᠡ | ᠠᠪᠴᠤ ᠹᠧᠷᠠᠮ ᠤᠨ ᠵᠢᠯᠤᠭᠤᠴᠢ ᠠᠩᠭᠤᠰᠢ ᠠᠯᠳᠠᠨᠭᠡᠷᠡᠯ ᠲᠠᠢ ᠰᠦ 08᠂ 22 ᠮᠠᠰᠢᠨ ᠬᠦᠯᠦᠭᠯᠡᠨ ᠲᠠᠷᠢᠭᠠᠩᠭ᠎ᠠ | ᠰᠤᠮᠤᠨ ᠤ ᠲᠦᠪ ᠤᠷᠤᠵᠦ ᠡᠵᠢ ᠪᠠᠷ ᠢᠶᠠᠨ ᠡᠮᠴᠢᠯᠡᠭᠦᠯᠦᠭᠰᠡᠨ᠂ 1975 ᠤᠨ ᠠᠴᠠ ᠡᠷᠳᠡᠨᠢᠴᠠᠭᠠᠨ ᠳᠤ | ᠠᠵᠢᠯᠯᠠᠵᠦ ᠠᠮᠢᠳᠤᠷᠠᠵᠦ ᠪᠠᠶᠢᠬᠤ ᠬᠤᠭᠤᠴᠠᠭᠠᠨ ᠳᠠᠭᠠᠨ ᠦᠪᠡᠷ ᠤᠨ ᠮᠡᠳᠡᠯᠭᠡ ᠪᠤᠯᠪᠠᠰᠤᠷᠠᠯ ᠢᠶᠠᠨ ᠲᠠᠶᠢᠴᠢᠯᠠᠨ ᠦᠷ᠎ᠡ | ᠪᠦᠳᠦᠭᠡᠯ ᠲᠠᠢ ᠨᠡᠷ᠎ᠡ ᠬᠦᠨᠳᠦᠳᠡᠢ ᠪᠠᠷ ᠬᠦᠳᠡᠯᠮᠦᠷᠢᠯᠡᠵᠦ ᠪᠠᠶᠢᠭᠰᠠᠨ ᠨᠢ ᠮᠡᠳᠡᠬᠦ ᠬᠦᠮᠦᠰ ᠡᠳᠦᠷ ᠠᠴᠠ ᠡᠳᠦᠷ ᠲᠤ | ᠬᠤᠪᠤᠷᠳᠠᠵᠦ ᠪᠠᠶᠢᠨ᠎ᠠ᠃ ᠮᠤᠷᠢ ᠬᠤᠷᠳᠤᠯᠠᠭᠤᠯᠵᠦ ᠰᠤᠮᠤᠨ ᠤ ᠮᠠᠩᠯᠠᠢ ᠤᠶᠠᠭᠠᠴᠢ ᠴᠤᠯᠠ ᠠᠪᠤᠭᠰᠠᠨ ᠪᠠ | ᠶᠦᠭᠵᠦᠷ ᠤᠨ ᠬᠦᠯᠦᠭ ᠮ᠊ ᠰ᠊ ᠤ ᠭ᠊ — ᠨᠢ ᠨᠠᠷᠢᠨ ᠪᠢᠴᠢᠭ ᠤᠨ ᠲᠠᠷᠤᠭ᠎ᠠ ᠪᠠᠷ 2014 ᠤᠨ ᠬᠦᠷᠳᠡᠯ᠎ᠡ | ᠠᠵᠢᠯᠯᠠᠵᠦ ᠪᠠᠶᠢᠯ᠎ᠠ᠂ 1977 — 1978 ᠤᠨ ᠳᠤ ᠰᠤᠮᠤᠨ ᠤ ᠭ᠊ ᠵ᠊ ᠡ᠊ — ᠶᠢᠨ ᠬᠤᠯᠪᠤᠭᠠᠨ ᠤ | ᠲᠠᠷᠤᠭ᠎ᠠ ᠪᠠᠶᠢᠬᠤ ᠳᠠᠭᠠᠨ ᠢᠯᠡᠳᠭᠡᠯᠳᠦ ᠶᠢᠨ ᠡᠵᠡᠨ ᠬᠠᠯᠳᠠᠷ᠎ᠠ ᠶᠢᠨ ᠭᠠᠩᠪᠤᠯᠤᠳ᠂ ᠬᠢᠩᠭ᠎ᠠ ᠶᠢᠨ ᠪᠠᠳᠤᠬᠦ᠋ᠷᠡᠯ ᠨᠠᠷ ᠢ | ᠤᠷᠢᠯᠭ᠎ᠠ ᠪᠠᠷ ᠨᠢᠭᠡ ᠵᠢᠯ ᠤᠨ ᠪᠡᠯᠡᠳᠭᠡᠯ ᠲᠠᠢ ᠪᠠᠷ ᠬ᠊ ᠠ᠊ ᠠ᠊ ᠳ᠋᠊ ᠰ᠊ — ᠶᠢ ᠮᠠᠯ ᠵᠦᠢᠴᠢ ᠮᠡᠷᠭᠡᠵᠢᠯ ᠢᠶᠠᠷ | ᠲᠡᠭᠦᠰᠭᠡᠭᠰᠡᠨ ᠠᠴᠠ ᠭᠠᠳᠠᠨ᠎ᠠ ᠨᠢᠭᠡᠳᠦᠭᠡᠷ ᠪᠠᠷᠢᠭᠠᠳᠠ ᠶᠢᠨ ᠠᠳᠤᠭᠤᠴᠢᠨ ᠴ᠊ ᠦᠯᠵᠡᠢ᠂ ᠲᠦᠷᠪᠡᠳᠦᠭᠡᠷ ᠪᠠᠭ ᠤᠨ ᠠ᠊ | ᠠᠯᠳᠠᠨᠭᠡᠷᠡᠯ ᠨᠠᠷ ᠢ ᠮᠤᠷᠢᠨ ᠰᠫᠤᠷᠲ ᠶᠢᠨ ᠮᠠᠰᠲ᠋ᠧᠷ ᠪᠤᠯᠭᠠᠵᠦ ᠪᠠᠶᠢᠯ᠎ᠠ᠃ ᠠᠶᠢᠮᠠᠭ ᠤᠨ ᠬᠡᠮᠵᠢᠶᠡᠨ ᠳᠤ | ᠵᠤᠬᠢᠶᠠᠭᠳᠠᠭᠰᠠᠨ ᠤᠷᠠᠯᠢᠭ ᠰᠫᠤᠷᠲ ᠶᠢᠨ ᠨᠠᠭᠠᠳᠤᠮ ᠤᠳ ᠲᠤ ᠤᠳᠠᠭ᠎ᠠ ᠲᠠᠷᠠᠭ᠎ᠠ ᠤᠷᠤᠯᠴᠠᠵᠦ ᠭᠤᠷᠪᠠᠳᠤᠭᠠᠷ | ᠪᠠᠶᠢᠷᠢ ᠠᠴᠠ ᠬᠤᠶᠢᠰᠢ ᠤᠷᠤᠵᠦ ᠪᠠᠶᠢᠭᠠᠬᠦᠢ ᠪᠠ 1968᠂ 1969 ᠤᠨ ᠤ ᠰᠦᠬᠡᠪᠠᠭᠠᠳᠤᠷ ᠤᠨ ᠠᠶᠢᠮᠠᠭ ᠤᠨ | ᠲᠡᠰᠢᠭᠦᠷ ᠤᠨ ᠠᠪᠤᠷᠭᠤ᠂ ᠰᠠᠭᠰᠤ ᠪᠤᠯᠧᠪᠤᠯᠢᠤᠷ ᠠᠶᠢᠮᠠᠭ ᠤᠨ ᠠᠪᠤᠷᠭᠤ ᠴᠤᠯᠠ ᠶᠢ ᠨᠢᠭᠡ ᠪᠤᠰᠤ ᠤᠳᠠᠭ᠎ᠠ ᠠᠪᠴᠤ | ᠪᠠᠶᠢᠯ᠎ᠠ᠃ ᠠᠵᠢᠯ ᠬᠦᠳᠡᠯᠮᠦᠷᠢ ᠶᠢ ᠨᠢ ᠦᠨᠳᠦᠷ ᠦᠨᠡᠯᠡᠵᠦ ᠰᠤᠮᠤᠨ ᠤ ᠳ᠋ᠧᠫᠤᠲ᠋ᠠᠲ ᠪᠠᠷ ᠬᠤᠶᠠᠷ ᠤᠳᠠᠭ᠎ᠠ᠂ | ᠰᠤᠮᠤᠨ ᠤ ᠢᠷᠭᠡᠳ ᠤᠨ ᠲᠦᠯᠦᠭᠡᠯᠡᠭᠴᠢ ᠪᠠᠷ ᠬᠤᠶᠠᠷ ᠤᠳᠠᠭ᠎ᠠ᠂ ᠠᠶᠢᠮᠠᠭ ᠤᠨ ᠬᠤᠪᠢᠰᠬᠠᠯᠴᠢ ᠵᠠᠯᠠᠭᠤᠴᠦᠳ ᠤᠨ | ᠬᠤᠷᠢᠶᠠᠨ ᠤ ᠪᠠᠭ᠎ᠠ᠂ ᠪᠦᠬᠦᠳᠡ ᠬᠤᠷᠠᠯ᠂ ᠠᠶᠢᠮᠠᠭ ᠤᠨ ᠦᠢᠯᠡᠳᠪᠦᠷᠢᠴᠢᠨ ᠤ ᠡᠪᠯᠡᠯ ᠤᠨ ᠪᠠᠭ᠎ᠠ ᠬᠤᠷᠠᠯ ᠤᠨ | ᠭᠡᠰᠢᠭᠦᠨ ᠢᠶᠠᠷ ᠰᠤᠩᠭᠤᠭᠳᠠᠵᠦ᠂ ᠢᠳᠡᠪᠬᠢ ᠵᠢᠳᠭᠦᠯᠳᠡᠢ ᠠᠵᠢᠯᠯᠠᠵᠦ ᠪᠠᠶᠢᠯ᠎ᠠ᠃ | ᠮᠢᠨᠵᠠᠢ 1955 ᠤᠨ ᠳᠤ ᠲᠦᠷᠦᠭᠰᠡᠨ᠂ 1975 ᠤᠨ ᠳᠤ ᠡᠬᠡᠨᠡᠷ ᠲᠤᠩᠭᠠᠯᠠᠭ ᠲᠠᠢ ᠪᠠᠨ ᠭᠡᠷ ᠪᠦᠯᠢ | ᠪᠤᠯᠵᠦ ᠤᠯᠠᠨ ᠰᠠᠶᠢᠬᠠᠨ ᠬᠡᠤᠬᠡᠳ ᠲᠠᠢ ᠦᠨᠢᠷ ᠦᠳᠭᠡᠨ ᠠᠮᠢᠳᠤᠷᠠᠵᠦ ᠪᠠᠶᠢᠨ᠎ᠠ᠃ ᠲᠡᠭᠡᠳᠦ ᠪᠤᠯᠪᠠᠰᠤᠷᠠᠯ ᠲᠠᠢ | ᠬᠤᠶᠠᠷ᠂ ᠪᠦᠷᠢᠨ ᠲᠤᠮᠳᠠ ᠳᠤ ᠪᠤᠯᠪᠠᠰᠤᠷᠠᠯ ᠲᠠᠢ ᠨᠢᠭᠡ᠂ ᠪᠦᠷᠢᠨ ᠪᠤᠰᠤ ᠪᠤᠯᠪᠠᠰᠤᠷᠠᠯ ᠲᠠᠢ ᠲᠦᠷᠪᠡᠨ ᠬᠡᠤᠬᠡᠳ | ᠲᠠᠢ᠂ ᠠᠴᠢ ᠵᠢᠭᠡ ᠠᠷᠪᠪᠠᠨ ᠨᠢᠭᠡᠭᠦᠯᠡ ᠪᠤᠯᠵᠠᠢ᠃ | ᠡᠷᠳᠡᠨᠢᠴᠠᠭᠠᠨ ᠰᠤᠮᠤᠨ ᠤ ᠤᠶᠢᠯᠠᠯᠭ᠎ᠠ ︽ᠬᠠᠮᠢᠭ᠎ᠠ ᠠᠴᠠ ᠴᠤ ᠬᠠᠷᠠᠳᠠᠭ ᠬᠠᠨ ᠠᠭᠤᠯᠠ ᠮᠢᠨᠢ︾ ᠭᠡᠬᠦ | ᠨᠤᠮ ᠠᠴᠠ ᠤᠷᠢᠶᠠᠩᠬᠠᠨ ᠤ᠂ ᠶᠤᠨᠳᠤᠨ ᠰᠢᠨ᠎ᠡ ᠮᠤᠩᠭᠤᠯᠡᠴᠡ ᠲᠡᠭᠦᠪᠦᠷᠢᠯᠡᠨ ᠬᠦᠷᠪᠡᠭᠦᠯᠪᠠᠢ᠃ | |