| ᠮᠤᠩᠭᠤᠯ ᠤᠯᠤᠰ ᠤᠨ ᠡᠷᠳᠡᠨᠢᠴᠠᠭᠠᠨ ᠰᠤᠮᠤᠨ ᠳᠠᠬᠢ ᠦᠵᠦᠮᠦᠴᠢᠨ ︵ᠨᠢᠭᠡ︶ | ᠨᠢᠭᠡᠳᠦᠭᠡᠷ ᠪᠦᠯᠦᠭ ᠲᠡᠤᠬᠡ ᠲᠦᠴᠡᠭᠡ ᠤᠳᠤᠮ ᠭᠠᠷᠪᠠᠯᠢ | ⑴ ᠰᠦᠬᠡᠪᠠᠭᠠᠳᠤᠷ ᠠᠶᠢᠮᠠᠭ ᠤᠨ ᠡᠷᠳᠡᠨᠢᠴᠠᠭᠠᠨ ᠰᠤᠮᠤᠨ ᠤ ᠬᠦᠮᠦᠨ ᠠᠮᠠ ᠶᠢᠨ ᠤᠭ ᠭᠠᠷᠪᠠᠯᠢ᠂ | ᠤᠪᠤᠭ ᠤᠨ ᠪᠦᠷᠢᠯᠳᠦᠬᠦᠨ ᠬᠡᠮᠡᠬᠦ ᠬᠡᠰᠡᠭ ᠲᠤ᠄ | ᠦᠵᠦᠮᠦᠴᠢᠨ — ᠰᠦᠬᠡᠪᠠᠭᠠᠳᠤᠷ ᠠᠶᠢᠮᠠᠭ ᠤᠨ ᠡᠷᠳᠡᠨᠢᠴᠠᠭᠠᠨ ᠰᠤᠮᠤᠨ ᠤ ᠲᠦᠪ ᠪᠤᠯᠤᠨ 1 ᠳ᠋ᠤᠭᠡᠷ | ᠪᠠᠭ ᠲᠤ ᠦᠵᠦᠮᠦᠴᠢᠨ ᠨᠠᠷ ᠰᠠᠭᠤᠨ᠎ᠠ᠂ ᠠᠳᠡ ᠠᠴᠠ ᠦᠪᠦᠷ ᠮᠤᠩᠭᠤᠯ ᠤᠨ ᠵᠡᠭᠦᠨ ᠦᠵᠦᠮᠦᠴᠢᠨ | ᠬᠤᠰᠢᠭᠤᠨ ᠠᠴᠠ ᠢᠷᠡᠭᠰᠡᠳ ᠨᠢ ᠲᠤᠷᠤᠨᠠᠳᠤ ᠠᠶᠢᠮᠠᠭ ᠤᠨ ᠰᠡᠷᠭᠦᠯᠡᠩ᠂ ᠪᠠᠶᠠᠠᠳᠦ᠋ᠮᠡᠨ᠂ ᠪᠤᠯᠠᠭᠠᠨ | ᠰᠤᠮᠤᠨ ᠤᠳ ᠲᠤ ᠭᠤᠤᠯᠴᠢᠯᠠᠨ ᠰᠠᠭᠤᠳᠠᠭ᠃ ᠡᠭᠦᠨ ᠠᠴᠠ ᠭᠠᠳᠠᠨ᠎ᠠ ᠰᠦᠬᠡᠪᠠᠭᠠᠳᠤᠷ ᠠᠶᠢᠮᠠᠭ ᠤᠨ ᠪᠠᠷᠭᠤᠨ — | ᠤᠷᠳᠤ᠂ ᠲᠦᠮᠡᠨᠴᠤᠭᠳᠤ᠂ ᠲᠤᠷᠤᠨᠠᠳᠤ ᠠᠶᠢᠮᠠᠭ ᠤᠨ ᠴᠤᠶᠢᠪᠠᠯᠰᠠᠩ ︵ᠬᠡᠷᠦᠯᠦᠨ ᠰᠤᠮᠤ︶᠂ ᠤᠯᠠᠭᠠᠨᠪᠠᠭᠠᠳᠤᠷ | ᠬᠤᠳᠠ ᠪᠤᠯᠤᠨ ᠪᠤᠰᠤᠳ ᠨᠤᠲᠤᠭ ᠲᠤ ᠰᠢᠯᠵᠢᠨ ᠰᠠᠭᠤᠭᠰᠠᠨ ᠦᠵᠦᠮᠦᠴᠢᠨᠴᠦᠳ ᠴᠦᠬᠡᠨ ᠦᠭᠡᠢ ᠪᠤᠢ᠃ | ᠦᠵᠦᠮᠦᠴᠢᠨ ᠶᠠᠰᠤᠳᠠᠨ ᠨᠢ ᠤᠶᠤᠨ ᠤ ᠰᠤᠶᠤᠯ ᠤᠨ ᠦᠪᠡᠷᠮᠢᠴᠡ ᠤᠯᠠᠮᠵᠢᠯᠠᠯ᠂ ᠶᠤᠰᠤ ᠵᠠᠩᠰᠢᠯ᠂ ᠮᠠᠯ ᠮᠠᠯᠵᠢᠬᠤ | ᠠᠷᠭ᠎ᠠ ᠤᠬᠠᠭᠠᠨ᠂ ᠠᠵᠢᠯᠴᠢ ᠬᠦᠳᠡᠯᠮᠦᠷᠢᠴᠢ ᠲᠠᠳᠬᠠᠯ ᠬᠡᠪᠰᠢᠯ ᠢᠶᠠᠨ ᠡᠳᠦᠭᠡ ᠬᠦᠷᠳᠡᠯ᠎ᠡ ᠰᠠᠶᠢᠳᠦᠷ | ᠬᠠᠳᠠᠭᠠᠯᠠᠭᠰᠠᠭᠠᠷ ᠢᠷᠡᠭᠰᠡᠨ ᠤᠨᠴᠠᠯᠢᠭ ᠲᠠᠢ᠃ | ᠡᠨᠡᠬᠦ ᠰᠦᠬᠡᠪᠠᠭᠠᠳᠤᠷ ᠠᠶᠢᠮᠠᠭ ᠤᠨ ᠡᠷᠳᠡᠨᠢᠴᠠᠭᠠᠨ ᠰᠤᠮᠤ ᠨᠢ᠂ ᠬᠠᠭᠤᠴᠢᠨ ᠢᠶᠠᠷ ᠰᠡᠴᠡᠨ ᠬᠠᠨ ᠠᠶᠢᠮᠠᠭ ᠤᠨ | ᠬᠤᠷᠴᠠ ᠸᠠᠩ ᠤᠨ ᠬᠤᠰᠢᠭᠤ ᠨᠡᠷ᠎ᠡ ᠲᠠᠢ ᠪᠠᠶᠢᠭᠠᠳ 1923 ᠤᠨ ᠤ ᠡᠴᠦᠰ ᠢᠶᠠᠷ ᠬᠠᠨ ᠬᠡᠨᠳᠡᠢ ᠠᠭᠤᠯᠠ ᠶᠢᠨ | ᠠᠶᠢᠮᠠᠭ ᠤᠨ ᠵᠤᠳᠠᠯ ᠬᠠᠨ ᠠᠭᠤᠯᠠ ᠶᠢᠨ ᠬᠤᠰᠢᠭᠤ ᠪᠤᠯᠵᠠᠢ᠃ ᠶᠦᠭᠵᠦᠷ ᠬᠤᠳᠤᠭᠳᠤ ᠶᠢᠨ ᠱᠠᠪᠢ ᠨᠢ ᠬᠠᠭᠤᠴᠢᠨ | ᠨᠠᠷᠠ ᠢᠶᠠᠨ ᠬᠠᠳᠠᠭᠠᠯᠠᠵᠦ ᠦᠯᠡᠳᠡᠭᠰᠡᠨ᠂ 1925 ᠤᠨ ᠤ 5 ᠰᠠᠷ᠎ᠠ ᠶᠢᠨ 29 ᠡᠳᠦᠷ᠂ ᠵᠠᠰᠠᠭ ᠤᠨ ᠭᠠᠵᠠᠷ ᠤᠨ | ᠲᠤᠭᠳᠠᠭᠠᠯ ᠭᠠᠷᠴᠤ᠂ ᠶᠦᠭᠵᠦᠷ ᠬᠤᠳᠤᠭᠳᠤ ᠶᠢᠨ ᠱᠠᠪᠢ ᠶᠢ ᠡᠷᠳᠡᠨᠢᠴᠠᠭᠠᠨ ᠠᠭᠤᠯᠠ ᠶᠢᠨ ᠬᠤᠰᠢᠭᠤ ᠭᠡᠵᠦ | ᠨᠡᠷᠡᠯᠡᠭᠰᠡᠨ ᠢᠶᠠᠷ ᠨᠢᠭᠡ ᠭᠠᠵᠠᠷ ᠲᠤ ᠬᠤᠶᠠᠷ ᠬᠤᠰᠢᠭᠤ ᠵᠡᠷᠭᠡᠴᠡᠨ ᠠᠵᠢᠯᠯᠠᠬᠤ ᠪᠤᠯᠤᠭᠰᠠᠨ᠂ 1930 — | 1931 ᠤᠨ ᠳᠤ ᠬᠤᠷᠠᠯᠳᠤᠭᠰᠠᠨ ᠨᠠᠮ ᠤᠨ ᠠᠩᠬᠠᠳᠤᠭᠠᠷ ᠪᠠᠭ᠎ᠠ ᠬᠤᠷᠠᠯ᠂ ᠤᠯᠤᠰ ᠤᠨ 16 ᠳ᠋ᠤᠭᠠᠷ ᠪᠠᠭ᠎ᠠ | ᠬᠤᠷᠠᠯ ᠢᠶᠠᠷ ᠤᠯᠤᠰ ᠤᠨ ᠬᠤᠰᠢᠭᠤᠳ ᠢ ᠲᠠᠳᠠᠨ ᠪᠠᠭᠤᠯᠭᠠᠵᠦ ᠲᠡᠷᠡ ᠦᠶ᠎ᠡ ᠶᠢᠨ 5 ᠠᠶᠢᠮᠠᠭ ᠢ 13 ᠠᠶᠢᠮᠠᠭ | ᠪᠤᠯᠭᠠᠬᠤ ᠰᠡᠢᠳᠪᠦᠷᠢ ᠭᠠᠷᠭᠠᠬᠤ ᠳᠤ ᠬᠠᠨ ᠬᠡᠨᠳᠡᠢ ᠠᠭᠤᠯᠠ ᠶᠢᠨ ᠠᠶᠢᠮᠠᠭ ᠬᠡᠨᠳᠡᠢ᠂ ᠲᠤᠷᠤᠨᠠᠳᠤ ᠠᠶᠢᠮᠠᠭ ᠪᠤᠯᠵᠦ᠂ | ᠡᠷᠳᠡᠨᠢᠴᠠᠭᠠᠨ ᠠᠭᠤᠯᠠ ᠶᠢᠨ ᠬᠤᠰᠢᠭᠤ ᠲᠠᠳᠠᠨ ᠪᠠᠭᠤᠭᠳᠠᠵᠦ᠂ 1931 ᠤᠨ ᠤ 7 ᠰᠠᠷ᠎ᠠ ᠳᠤ ᠲᠤᠷᠤᠨᠠᠳᠤ | ᠠᠶᠢᠮᠠᠭ ᠤᠨ ᠵᠤᠳᠠᠯ᠂ ᠤᠷᠳᠤ᠂ ᠴᠢᠨ᠋ᠸ᠎ᠠ ᠭᠤᠤᠯ ᠰᠤᠮᠤ ᠤᠳ ᠪᠤᠯᠵᠦ᠂ 1934 ᠤᠨ ᠳᠤ ᠴᠢᠨ᠋ᠸ᠎ᠠ ᠭᠤᠤᠯ ᠰᠤᠮᠤ | ᠨᠢ᠂ ᠨᠦᠬᠦᠭᠡ ᠬᠤᠶᠠᠷ ᠰᠤᠮᠤᠨ ᠳᠠᠭᠠᠨ ᠨᠡᠶᠢᠯᠡᠭᠰᠡᠨ ᠪᠠᠶᠢᠨ᠎ᠠ᠃ ᠵᠤᠳᠠᠯ᠂ ᠤᠷᠳᠤ ᠰᠤᠮᠤᠳ ᠨᠢ ᠲᠤᠷᠤᠨᠠᠳᠤ | ᠠᠶᠢᠮᠠᠭ ᠲᠤ ᠬᠠᠷᠢᠶᠠᠯᠠᠭᠳᠠᠵᠦ ᠪᠠᠶᠢᠭᠠᠳ 1942 ᠤᠨ ᠠᠴᠠ ᠵᠢᠪᠬᠤᠯᠠᠩ ᠰᠢᠷᠭ᠎ᠠ ᠠᠶᠢᠮᠠᠭ ᠲᠤ ︵1943 | ᠤᠨ ᠤ 2 ᠰᠠᠷ᠎ᠠ ᠶᠢᠨ 20 ᠳᠤ ᠲᠤᠭᠳᠠᠭᠠᠯ ᠢᠶᠠᠷ ᠰᠦᠬᠡᠪᠠᠭᠠᠳᠤᠷ ᠠᠶᠢᠮᠠᠭ ᠨᠡᠷ᠎ᠡ ᠲᠠᠢ ᠪᠤᠯᠤᠨ᠎ᠠ︶ ᠬᠠᠷᠢᠶᠠᠯᠠᠭᠳᠠᠬᠤ | ᠪᠤᠯᠵᠠᠢ᠃ ᠵᠤᠳᠠᠯ᠂ ᠤᠷᠳᠤ ᠰᠤᠮᠤᠳ ᠨᠢ 1961 ᠤᠨ ᠳᠤ ᠨᠢᠭᠡᠳᠴᠤ ᠡᠷᠳᠡᠨᠢᠴᠠᠭᠠᠨ ᠰᠤᠮᠤ ︽ᠵᠢᠷᠭᠠᠯ ᠤᠨ ᠵᠠᠮ | ︾ ᠨᠢᠭᠡᠳᠦᠯ ᠪᠠᠶᠢᠭᠤᠯᠤᠭᠳᠠᠭᠰᠠᠨ᠂ ᠡᠷᠳᠡᠨᠢᠴᠠᠭᠠᠨ ᠤ ᠦᠵᠦᠮᠦᠴᠢᠨᠴᠦᠳ ᠲᠡᠭᠡᠷᠡᠬᠢ ᠬᠤᠶᠠᠷ ᠰᠤᠮᠤ ᠠᠴᠠ ᠤᠷᠳᠤ | ᠰᠤᠮᠤᠨ ᠳᠤ ᠬᠠᠷᠢᠶᠠᠯᠠᠭᠳᠠᠵᠦ ᠪᠠᠶᠢᠪᠠ᠃ | ᠦᠵᠦᠮᠦᠴᠢᠨ ᠨᠦᠭᠦᠳ ᠠᠩᠬ᠎ᠠ ᠲᠤᠰ ᠨᠤᠲᠤᠭ ᠲᠤ ᠢᠷᠡᠵᠦ ᠰᠠᠭᠤᠬᠤ ᠪᠤᠯᠤᠭᠰᠠᠨ ᠲᠤᠬᠠᠢ ᠨᠤᠲᠤᠭ ᠤᠨ | ᠬᠢᠨ ᠤ ᠶᠠᠷᠢᠵᠦ ᠪᠠᠶᠢᠬᠤ ᠪᠠᠷ ︽1945 ᠤᠨ ᠤ ᠴᠢᠯᠦᠭᠡᠯᠡᠬᠦ ᠲᠠᠶᠢᠨ ᠤ ᠦᠶ᠎ᠡ ᠳᠤ ᠤᠯᠵᠠᠯᠠᠭᠳᠠᠭᠰᠠᠨ | ᠶᠠᠫᠤᠨᠴᠤᠳ ᠢ ᠠᠷᠤ ᠮᠤᠩᠭᠤᠯ ᠳᠤ ᠬᠦᠷᠭᠡᠵᠦ ᠢᠷᠡᠬᠦ ᠳᠤ ᠲᠠᠩᠳᠠ 18 — 19 ᠨᠠᠰᠤᠨ ᠤ ᠵᠠᠯᠠᠭᠤᠰ ᠶᠠᠪᠤᠭᠰᠠᠨ | ᠪᠦᠭᠡᠳ ᠶᠠᠫᠤᠨᠴᠤᠳ ᠢ ᠬᠦᠷᠭᠡᠵᠦ ᠢᠷᠡᠴᠢᠭᠡᠳ ᠪᠤᠴᠠᠵᠦ ᠤᠴᠢᠭᠠᠳ ᠦᠯᠡᠳᠡᠭᠰᠡᠨ ᠬᠦᠮᠦᠰ ᠢᠶᠠᠨ ᠨᠡᠭᠦᠯᠭᠡᠵᠦ | ᠢᠷᠡᠭᠰᠡᠨ ᠪᠠᠶᠢᠨ᠎ᠠ᠂ ᠤᠴᠢᠷ ᠮᠡᠳᠡᠬᠦ ᠬᠦᠮᠦᠰ ᠬᠦᠷᠦᠭᠡ ᠬᠢᠬᠦ ᠨᠡᠷᠡᠶᠢᠳᠦᠯ ᠢᠶᠠᠷ ᠶᠠᠪᠤᠬᠤ ᠳᠠᠭᠠᠨ ᠠᠷᠤ ᠮᠤᠩᠭᠤᠯ ᠳᠤ | ᠨᠦᠬᠦᠴᠡᠯ ᠪᠠᠶᠢᠳᠠᠯ ᠢ ᠰᠤᠳᠤᠯᠤᠭᠠᠳ ᠪᠤᠴᠠᠳᠠᠭ ᠪᠠᠶᠢᠭᠰᠠᠨ ᠪᠠ ᠲᠡᠭᠡᠷ᠎ᠡ ᠦᠶ᠎ᠡ ᠳᠤ ᠡᠬᠢᠯᠡᠭᠡᠳ ᠠᠷᠪᠠᠨ ᠬᠡᠳᠦ | ᠬᠤᠷᠢᠭᠠᠳ ᠠᠶᠢᠯ ᠢᠷᠡᠭᠰᠡᠨ᠂ ᠰᠡᠭᠦᠯ ᠳᠡᠭᠡᠨ 1945 ᠤᠨ ᠠᠴᠠ 1949 ᠤᠨ ᠤ ᠬᠤᠭᠤᠷᠤᠨᠳᠤ 40 ᠭᠡᠳ | ᠡᠷᠦᠬᠡ ᠤᠷᠤᠵᠦ ᠢᠷᠡᠭᠰᠡᠨ ᠪᠤᠯᠤᠯᠳᠠᠢ ᠶᠤᠮ︾⑴ ᠭᠡᠬᠦ ᠳᠡᠭᠡᠨ 1945 ᠤᠨ ᠳᠤ ᠪᠠᠰᠠ ᠬᠦᠮᠦᠰ ᠲᠤᠰ | ᠰᠤᠮᠤᠨ ᠳᠤ ᠤᠷᠤᠵᠦ ᠢᠷᠡᠭᠰᠡᠨ ᠤ ᠨᠢᠭᠡ ᠪᠠᠭ ᠨᠢ ᠬᠠᠭᠤᠴᠢᠳ ᠨᠦᠬᠦᠭᠡ ᠪᠠᠭ ᠨᠢ ᠦᠵᠦᠮᠦᠴᠢᠨ ᠨᠦᠭᠦᠳ | ᠪᠠᠶᠢᠭᠰᠠᠨ ᠪᠠᠶᠢᠨ᠎ᠠ᠃ ᠠᠷᠠᠳ ᠤᠨ ᠠᠪᠢᠶᠠᠰᠳᠠᠨ ᠠᠬᠠᠮᠠᠳ ᠨᠠᠰᠤᠳᠠᠨ ᠰᠸ᠊᠂ ᠭᠡᠰᠢᠭ ︵73 ᠨᠠᠰᠤ᠂ ᠡᠮᠡᠭᠳᠡᠢ᠂ | 2006︶ ᠭᠤᠸᠠᠢ ︽ᠤᠷᠢᠳᠦ ᠦᠪᠦᠷ ᠮᠤᠩᠭᠤᠯ ᠳᠤ ᠰᠤᠷᠭᠠᠭᠤᠯᠢ ᠶᠢᠨ ᠰᠤᠷᠤᠭᠴᠢ ᠪᠠᠶᠢᠬᠤ ᠳᠤ ᠬᠤᠶᠠᠷ ᠶᠠᠫᠤᠨ᠂ | ᠨᠢᠭᠡ ᠮᠤᠩᠭᠤᠯ ᠪᠠᠭᠰᠢ ᠪᠠᠶᠢᠭᠰᠠᠨ᠂ ᠨᠢᠭᠡ ᠡᠳᠦᠷ ᠰᠤᠷᠭᠠᠭᠤᠯᠢ ᠲᠡᠭᠡᠷ᠎ᠡ ᠢᠷᠡᠭᠰᠡᠨ ᠴᠢᠨᠢ ᠨᠦᠭᠦᠭᠡ ᠶᠠᠫᠤᠨ ᠪᠠᠭᠰᠢ | ᠨᠠᠷ ᠪᠠᠶᠢᠭᠰᠠᠨ ᠦᠭᠡᠢ᠂ ᠬᠠᠷᠢᠨ ᠨᠢᠭᠡ ᠮᠤᠩᠭᠤᠯ ᠪᠠᠭᠰᠢ ᠯᠡ ᠪᠠᠶᠢᠭᠰᠠᠨ᠂ ᠁ ᠪᠢᠳᠡ ᠰᠤᠷᠭᠠᠭᠤᠯᠢ ᠠᠴᠠ | ᠭᠠᠷᠤᠭᠠᠳ ᠢᠷᠡᠬᠦ ᠳᠤ ᠰᠤᠷᠭᠠᠭᠤᠯᠢ ᠶᠢ ᠶᠠᠪᠠᠭᠠᠨ ᠴᠡᠷᠢᠭ ᠪᠦᠰᠡᠯᠡᠴᠢᠭᠰᠡᠨ ᠪᠠᠶᠢᠭᠰᠠᠨ᠂ ᠪᠢ ᠴᠤ ᠨᠢᠭᠡᠳᠦᠭᠡᠷ | ᠠᠩᠬᠢ ᠶᠢᠨ ᠵᠢᠭᠠᠬᠠᠨ ᠬᠡᠤᠬᠡᠳ ᠪᠤᠯᠬᠤᠷ ᠶᠠᠭᠤ ᠪᠠᠨ ᠴᠤ ᠮᠡᠳᠡᠭᠦᠪ᠂ ᠴᠡᠷᠢᠭ ᠤᠳ ᠶᠢᠨ ᠬᠤᠭᠤᠷᠤᠨᠳᠤᠭᠤᠷ ᠭᠠᠷᠬᠤ | ᠭᠡᠵᠦ ᠵᠢᠳᠭᠦᠯᠡᠬᠦ ᠳᠤ ᠲᠤᠯᠤᠭᠠᠢ ᠶᠢ ᠮᠠᠨᠢ ᠢᠯᠢᠭᠡᠳ ᠭᠠᠷᠭᠠᠭᠰᠠᠨ᠂ ᠪᠢ ᠴᠤ ᠭᠠᠷᠤᠭᠠᠳ ᠶᠠᠪᠤᠭᠰᠠᠨ᠂ ᠬᠦᠳᠡᠭᠡ | ᠮᠤᠳᠤᠨ ᠲᠤᠲᠤᠷ᠎ᠠ ᠬᠤᠶᠠᠷ ᠬᠤᠨᠤᠭ ᠨᠢᠭᠤᠭᠳᠠᠵᠦ ᠬᠡᠪᠳᠡᠵᠦ ᠪᠠᠶᠢᠭᠠᠳ ︵ᠮᠠᠨ ᠤ ᠠᠪᠤ ᠬᠦᠷᠦᠭᠡᠳ ᠤᠴᠢᠭᠰᠠᠨ | ᠪᠠᠶᠢᠭᠰᠠᠨ ᠶᠤᠮ︶ ᠲᠠᠷᠠᠭ᠎ᠠ ᠨᠢ ᠲᠡᠨᠳᠡ ᠨᠢᠭᠡ ᠠᠶᠢᠯ ᠳᠤ ᠪᠠᠶᠢᠵᠦ ᠪᠠᠶᠢᠭᠠᠳ ᠢᠨᠠᠭᠰᠢ ᠨᠡᠭᠦᠵᠦ ᠢᠷᠡᠭᠰᠡᠨ᠂ ᠤᠳᠠᠯ | ᠦᠭᠡᠢ ᠬᠤᠶᠠᠷ ᠬᠤᠨᠤᠭᠠᠳ ᠤᠷᠢᠳᠦ ᠬᠢᠯᠢ ᠲᠡᠭᠡᠷ᠎ᠡ ᠢᠷᠡᠭᠰᠡᠨ᠂ ᠮᠤᠩᠭᠤᠯ ᠴᠡᠷᠢᠭ ᠤᠳ ᠪᠢᠳᠡᠨ ᠢ ᠬᠠᠮᠠᠭᠠᠯᠠᠵᠦ | ᠶᠠᠪᠤᠭᠰᠠᠨ᠂ ᠲᠡᠭᠡᠬᠦ ᠦᠭᠡᠢ ᠪᠤᠯ ᠤᠷᠤᠰ ᠴᠡᠷᠢᠭ ᠤᠳ ᠬᠦᠮᠦᠨ ᠠᠮᠢᠳᠠᠨ ᠢ ᠨᠢ ᠠᠶᠤᠯᠭᠠᠵᠦ᠂ ᠮᠠᠯ᠂ ᠠᠴᠢᠶ᠎ᠠ | ᠪᠠᠷᠠᠭ᠎ᠠ ᠶᠢ ᠨᠢ ᠪᠤᠯᠢᠶᠠᠵᠦ ᠠᠪᠳᠠᠭ ᠪᠠᠶᠢᠭᠰᠠᠨ᠂ ᠨᠢᠭᠡ ᠮᠡᠳᠡᠬᠦ ᠳᠤ ᠦᠭᠭᠢᠶᠡᠮᠦᠷ ᠤᠨ ᠲᠡᠨᠳᠡ ᠪᠤᠭᠤ ᠶᠢᠨ | ᠬᠠᠰᠢᠶᠠᠨ ᠳᠤ ᠲᠤᠯᠤᠭᠠᠳ ᠢᠷᠡᠭᠰᠡᠨ ᠪᠠᠶᠢᠭᠰᠠᠨ᠂ ᠢᠷᠡᠭᠰᠡᠨ ᠬᠦᠮᠦᠰ ᠤᠷᠳᠤ᠂ ᠵᠤᠳᠤᠯ ᠰᠤᠮᠤᠨ ᠳᠤ | ᠬᠠᠷᠢᠶᠠᠯᠠᠭᠳᠠᠳᠠᠭ᠂ ᠬᠠᠮᠤᠭ ᠤᠨ ᠲᠦᠷᠦᠭᠦᠨ ᠳᠤ ᠢᠷᠡᠭᠰᠡᠨ ᠨᠢ 28 ᠡᠷᠦᠬᠡ ᠢᠷᠡᠵᠦ ᠪᠠᠶᠢᠭᠰᠠᠨ᠂ ᠬᠠᠮᠤᠭ ᠤᠨ | ᠰᠡᠭᠦᠯ ᠳᠤ᠂ 1948 ᠤᠨ ᠳᠤ 11 ᠡᠷᠦᠬᠡ ᠨᠢᠭᠡ ᠤᠷᠤᠵᠦ ᠢᠷᠡᠭᠰᠡᠨ᠂ ᠶᠡᠭᠡ ᠰᠠᠶᠢᠬᠠᠨ ᠡᠬᠡᠨᠡᠷ ᠬᠤᠪᠴᠠᠰᠤ | ᠲᠠᠢ ᠬᠦᠮᠦᠰ ᠢᠷᠡᠵᠦ ᠪᠠᠶᠢᠭᠰᠠᠨ᠂ ᠮᠠᠨ ᠤ ᠬᠢ ᠬᠠᠮᠤᠭ ᠤᠨ ᠬᠢᠨ ᠤ 1945 ᠤᠨ ᠤ ᠬᠢ ᠳᠤ ᠢᠷᠡᠭᠰᠡᠨ᠂ | ᠪᠢᠳᠡᠨ ᠢ ᠲᠦᠷᠪᠡᠵᠦ ᠢᠷᠡᠬᠦ ᠳᠤ ᠬᠦᠮᠦᠰ ᠵᠠᠮ ᠳᠤ ᠲᠤᠰᠴᠤ ᠤᠭᠳᠤᠵᠦ ᠠᠪᠴᠤ ᠪᠠᠶᠢᠭ᠎ᠠ ᠦᠭᠡᠢ᠂ ᠪᠢᠳᠡ | ᠲᠦᠷᠪᠡᠵᠦ ᠢᠷᠡᠵᠦ ᠪᠠᠶᠢᠭ᠎ᠠ ᠪᠤᠯᠬᠤᠷ ᠨᠤᠬᠠᠢ ᠶᠢᠨ ᠠᠮᠠ ᠶᠢ ᠬᠦᠷᠳᠡᠯ᠎ᠡ ᠴᠢᠮᠡᠭᠡ ᠦᠭᠡᠢ ᠪᠠᠶᠢᠯᠭᠠᠬᠤ ᠶᠢᠨ ᠲᠤᠯᠨᠳᠠ | ᠵᠢᠭᠤᠷᠠᠳᠠᠯᠠ ᠨᠢ ᠪᠤᠭᠤᠴᠢᠭᠰᠠᠨ ᠢᠷᠡᠵᠦ ᠪᠠᠶᠢᠭᠰᠠᠨ᠂ ᠤᠯᠠᠨ ᠮᠠᠯ ᠲᠠᠢ ᠪᠠᠶᠠᠴᠤᠳ ᠤᠷᠤᠵᠦ ᠢᠷᠡᠵᠦ ᠪᠠᠶᠢᠭᠰᠠᠨ︾ | ᠬᠡᠮᠡᠨ ᠬᠠᠭᠤᠴᠢᠯᠠᠭᠰᠠᠨ ᠶᠤᠮ᠃ | ᠬᠠᠷᠢᠨ ᠲᠤᠰ ᠰᠤᠮᠤᠨ ᠤ ᠮᠢᠩᠭᠠᠳᠤ ᠮᠠᠯᠴᠢᠨ ᠨ᠊᠂ ᠮᠦᠩᠬᠡ ᠭᠤᠸᠠᠢ ︵75 ᠨᠠᠰᠤᠳᠠᠢ᠂ ᠡᠷᠡᠭᠳᠡᠢ᠂ | 2006︶᠄ ︽1945 ᠤᠨ ᠤ ᠪᠠᠶᠢᠯᠳᠤᠭᠠᠨ ᠤ ᠦᠶ᠎ᠡ 6 ᠰᠠᠷ᠎ᠠ ᠶᠢᠨ 6᠂ 7 ᠤ ᠦᠶ᠎ᠡ ᠳᠤ ᠪᠠᠶᠢᠬᠤ᠂ | ᠮᠠᠨᠠᠶᠢᠬᠢ ᠪᠦᠷ ᠬᠤᠯᠠ ᠬᠦᠬᠡᠬᠤᠳᠠ ᠶᠢᠨ ᠤᠷᠢᠳᠦ ᠠᠴᠠ ᠦᠬᠡᠷ ᠲᠡᠷᠭᠡ ᠪᠠᠷ ᠶᠠᠭ 30 ᠬᠤᠨᠤᠭ ᠨᠡᠭᠦᠭᠡᠳ | ᠪᠢᠴᠢᠭᠳᠦ ᠶᠢᠨ ᠠᠳᠡ ᠯᠾᠠᠴᠢᠨᠸᠠᠩᠳᠠᠨ ᠠᠭᠤᠯᠠ ᠶᠢᠨ ᠤᠷᠴᠢᠮ ᠳᠤ ᠬᠦᠷᠴᠤ ᠢᠷᠡᠭᠰᠡᠨ᠂ ᠦᠪᠦᠷ ᠮᠤᠩᠭᠤᠯ ᠤᠨ | 49 ᠬᠤᠰᠢᠭᠤ ᠲᠠᠢ ᠪᠠᠶᠢᠭᠰᠠᠨ᠂ ᠲᠡᠷᠡ ᠤᠯᠠᠨ ᠬᠤᠰᠢᠭᠤᠳ ᠠᠴᠠ ᠬᠦᠮᠦᠰ ᠨᠡᠭᠦᠵᠦ ᠢᠷᠡᠨ᠎ᠡ ᠭᠡᠳᠡᠭ ᠪᠤᠯ ᠨᠦᠰᠡᠷ | ᠶᠠᠭᠤᠮ᠎ᠠ ᠪᠤᠯᠤᠨ᠎ᠠ ᠳ᠋ᠠ᠂ ᠭᠡᠳᠡᠯ᠎ᠡ ᠬᠢᠳᠠᠳ ᠤᠳ᠂ ᠬᠢᠳᠡᠳ ᠲᠤ ᠠᠷᠠᠳᠴᠢᠯᠠᠯ ᠲᠤᠭᠳᠠᠭᠰᠠᠨ ᠭᠡᠵᠦ ᠬᠡᠯᠡᠭᠡᠳ ᠁ | ᠲᠡᠭᠡᠭᠰᠡᠨ ᠴᠢᠨᠢ ᠨᠦᠭᠦᠬᠡ ᠬᠦᠮᠦᠰ ᠴᠢᠨᠢ ᠪᠤᠴᠠᠭᠠᠳ ᠨᠡᠭᠦᠨ᠎ᠡ ᠰᠢᠤ ᠳ᠋ᠧ᠂ ᠪᠤᠴᠠᠵᠦ ᠨᠡᠭᠦᠭᠡᠳ᠂ ᠲᠡᠭᠦᠨ ᠠᠴᠠ | ᠠᠷᠪᠠᠨ ᠲᠠᠪᠤᠬᠠᠨ ᠪᠠᠷᠠᠭᠤᠨ ᠦᠵᠦᠮᠦᠴᠢᠨ ᠠᠶᠢᠯ 1945 ᠤᠨ ᠤ ᠵᠤᠨ ᠤᠷᠤᠵᠦ ᠢᠷᠡᠭᠰᠡᠨ᠂ ᠪᠢ ᠠᠷᠪᠠᠨ | ᠲᠠᠪᠤᠨ ᠨᠠᠰᠤᠳᠠᠢ ᠪᠠᠶᠢᠭᠰᠠᠨ᠂ ᠮᠠᠨ ᠤ ᠡᠴᠢᠭᠡ ᠪᠠᠶᠠᠨ ᠨᠠᠮᠤᠷᠠᠢ ᠶᠢᠨ ᠬᠢ 7 ᠬᠡᠤᠬᠡᠳ ᠲᠠᠢ ᠠᠴᠠ 4 ᠬᠡᠤᠬᠡᠳ ᠨᠢ | ᠤᠷᠤᠵᠦ ᠢᠷᠡᠭᠰᠡᠨ᠂ ᠪᠢ ᠭᠠᠭᠴᠠᠭᠠᠷ ᠢᠶᠠᠨ ᠡᠷᠡᠭᠳᠡᠢ᠂ ᠮᠠᠨ ᠤ 4000 ᠬᠤᠨᠢ ᠲᠠᠢ᠂ 1000 ᠠᠳᠤᠭᠤ ᠲᠠᠢ᠂ | 300 ᠦᠬᠡᠷ ᠲᠠᠢ᠂ ᠲᠡᠮᠡᠭᠡ ᠶᠠᠷᠤ ᠪᠠᠶᠢᠬᠤ ᠦᠭᠡᠢ᠂ 7 ᠢᠮᠠᠭ᠎ᠠ ᠲᠠᠢ ᠠᠶᠢᠯ ᠪᠠᠶᠢᠭᠰᠠᠨ᠃ ᠮᠠᠨ ᠤ ᠮᠠᠯ ᠢ ᠲᠦᠷ | ᠬᠤᠷᠢᠶᠠᠭᠰᠠᠨ᠂ ᠮᠠᠨ ᠤ ᠠᠪᠤ ᠨᠤᠤᠰᠤ ᠲᠤᠳᠠᠭᠤᠯᠤᠭᠰᠠᠨ ᠬᠡᠷᠡᠭ ᠢᠶᠠᠷ 1952 ᠤᠨ ᠳᠤ ᠱᠤᠷᠤᠩ ᠳᠤ | ᠶᠠᠪᠤᠭᠤᠯᠤᠭᠰᠠᠨ᠂ 1953 ᠤᠨ ᠳᠤ᠂ ᠮᠠᠯ ᠢᠶᠠᠨ ᠲᠡᠶᠢᠯᠬᠦ ᠦᠭᠡᠢ ᠪᠤᠯᠬᠤᠷ ᠤᠯᠤᠰ ᠲᠤ ᠦᠭᠭᠦᠶ᠎ᠡ ᠭᠡᠳ | ᠦᠭᠭᠦᠭᠰᠡᠨ︾ ᠭᠡᠵᠦ ᠦᠭᠭᠦᠯᠦᠭᠰᠡᠨ ᠶᠤᠮ᠃ ᠢᠷᠡᠭᠰᠡᠨ ᠮᠠᠯ ᠬᠦᠷᠦᠩᠬᠡ ᠪᠦᠬᠦᠢ ᠠᠶᠢᠯ ᠤᠨ ᠲᠠᠯ᠎ᠠ ᠪᠠᠷ ᠦᠭᠡᠷ᠎ᠡ | ᠵᠦᠷᠢᠭᠦᠤ ᠲᠠᠢ ᠪᠠᠰᠠ ᠨᠢᠭᠡᠨ ᠮᠡᠳᠡᠭᠡ ᠪᠠᠶᠢᠭ᠎ᠠ ᠶᠢ ᠠᠳᠡ ᠲᠤᠷᠠᠳᠪᠠᠯ ᠪᠠᠶᠠᠨ ᠨᠠᠮᠤᠷᠠᠢ ︵ᠬᠤᠨᠢᠨ ᠰᠦᠷᠦᠭ ᠨᠢ | 10000 ᠭᠠᠷᠤᠢ ᠪᠠᠶᠢᠭᠰᠠᠨ︶᠂ ᠲᠡᠮᠦᠷᠴᠡᠷᠡᠨ ︵ᠦᠬᠡᠷ ᠨᠢ 2000 ᠭᠠᠷᠴᠤ ᠪᠠᠶᠢᠭᠰᠠᠨ︶᠂ ᠵᠠᠪᠵᠢᠳ᠂ | ᠬᠤᠷᠵᠠᠶᠢᠯᠾᠠ᠂ ᠪᠠᠳᠤ ᠲᠠᠶᠢᠵᠢ ᠵᠡᠷᠭᠡ ᠤᠯᠠᠨ ᠮᠠᠯ ᠲᠠᠢ ᠬᠦᠮᠦᠰ ᠪᠠᠶᠢᠭᠰᠠᠨ ᠭᠡᠰᠡᠨ ᠮᠡᠳᠡᠭᠡ ᠪᠠᠶᠢᠨ᠎ᠠ᠃ ᠨᠡᠭᠦᠵᠦ | ᠢᠷᠡᠭᠰᠡᠨ ᠦᠵᠦᠮᠦᠴᠢᠨ ᠨᠦᠭᠦᠳ ᠤᠨ ᠶᠡᠬᠡᠩᠬᠢ ᠨᠢ ᠲᠤᠰ ᠰᠤᠮᠤᠨ ᠤ ᠬᠦᠨᠳᠡᠯᠡᠨ ᠬᠠᠶᠢᠯᠠᠰᠤᠳᠦ ᠭᠡᠳᠡᠭ ᠭᠠᠵᠠᠷ | ᠰᠠᠭᠤᠷᠢᠰᠢᠭᠰᠠᠨ ᠪᠠᠶᠢᠨ᠎ᠠ᠃ ᠦᠵᠦᠮᠦᠴᠢᠨ ᠨᠦᠭᠦᠳ ᠠᠷᠤ ᠮᠤᠩᠭᠤᠯ ᠳᠤ ᠨᠡᠭᠦᠵᠦ ᠢᠷᠡᠬᠦ ᠬᠦᠰᠡᠯ ᠡᠷᠮᠡᠯᠵᠡᠯᠡᠯ ᠲᠠᠢ | ᠪᠠᠶᠢᠭᠰᠠᠭᠠᠷ ᠢᠷᠡᠭᠰᠡᠨ ᠢ ᠵᠠᠷᠢᠮ ᠭᠠᠵᠠᠷ ᠤᠰᠤᠨ ᠤ ᠨᠡᠷ᠎ᠡ᠂ ᠠᠬᠤᠢ ᠶᠢᠨ ᠲᠠᠳᠬᠠᠯ ᠬᠡᠪᠰᠢᠯ ᠬᠡᠷᠡᠴᠢᠯᠡᠳᠡᠭ᠃ | ᠲᠤᠬᠠᠶᠢᠯᠠᠪᠠᠯ᠂ ᠭ᠊᠂ ᠭᠠᠩᠪᠤᠯᠤᠳ᠄ ︽ᠡᠭᠦᠳᠡ ᠬᠠᠳᠠᠪᠴᠢ ᠨᠡᠷ᠎ᠡ ᠲᠠᠢ 2 ᠭᠠᠵᠠᠷ ᠪᠠᠶᠢᠳᠠᠭ᠂ ᠡᠨᠡ ᠡᠭᠦᠳᠡ ᠨᠢ | ᠤᠳᠤ ᠶᠢᠨ ᠪᠢᠴᠢᠭᠳᠦ ᠶᠢᠨ ᠬᠢᠯᠢ ᠶᠢᠨ ᠪᠤᠭᠤᠮᠳᠠ ᠪᠠᠶᠢᠭ᠎ᠠ ᠭᠠᠵᠠᠷ ᠤᠷᠴᠢᠮ ᠪᠤᠢ᠃ ᠦᠵᠦᠮᠦᠴᠢᠨ ᠨᠦᠭᠦᠳ ᠮᠠᠨ ᠤ | ᠡᠭᠦᠳᠡ ᠬᠤᠶᠢᠰᠢ ᠪᠠᠨ ᠬᠠᠷᠠᠵᠦ ᠪᠠᠶᠢᠳᠠᠭ ᠭᠡᠵᠦ ᠶᠠᠷᠢᠳᠠᠭ ᠪᠦᠭᠡᠳ ᠪᠢᠳᠡ ︵ᠠᠷᠤ ᠮᠤᠩᠭᠤᠯ︶ ᠡᠭᠦᠳᠡ ᠪᠠᠷ ᠢᠶᠠᠨ | ᠤᠷᠤᠵᠦ ᠢᠷᠡᠭᠰᠡᠨ ᠤᠯᠤᠰ ᠤᠳ ᠭᠡᠵᠦ ᠶᠠᠷᠢᠳᠠᠭ᠃ ᠪᠠᠰᠠ ᠡᠮᠡᠭᠡᠯ ᠤᠨ ᠪᠦᠭᠦᠷᠭᠡ ᠶᠢ ᠬᠤᠶᠢᠰᠢ ᠬᠠᠷᠠᠭᠤᠯᠵᠦ | ᠲᠠᠯᠪᠢᠳᠠᠭ᠂ ᠡᠨᠡ ᠨᠢ ᠦᠵᠦᠮᠦᠴᠢᠨ ᠨᠦᠭᠦᠳ ᠤᠨ ᠠᠷᠤ ᠮᠤᠩᠭᠤᠯ ᠳᠤ ᠤᠷᠤᠵᠦ ᠢᠷᠡᠬᠦ ᠬᠦᠰᠡᠯ ᠪᠤᠳᠤᠯ ᠲᠠᠢ ᠨᠢ | ᠬᠤᠯᠪᠤᠭᠠᠳᠠᠢ᠂ ᠤᠳᠤ ᠬᠦᠷᠳᠡᠯ᠎ᠡ ᠪᠢᠳᠡ ᠡᠮᠡᠭᠡᠯ ᠢᠶᠠᠨ ᠬᠤᠶᠢᠰᠢ ᠬᠠᠷᠠᠭᠤᠯᠵᠦ ᠲᠠᠯᠪᠢᠳᠠᠭ᠂ ᠪᠠᠷᠠᠭᠤᠨ ᠵᠡᠭᠦᠨ | ᠬᠠᠳᠠᠪᠴᠢ ᠭᠡᠵᠦ ᠬᠤᠶᠠᠷ ᠠᠭᠤᠯᠠ ᠬᠢᠯᠢ ᠶᠢᠨ ᠴᠠᠭᠠᠨ᠎ᠠ 6᠂ 7 ᠺᠢᠯᠤᠮᠧᠲᠷ ᠲᠤ ᠪᠤᠢ᠃ ᠤᠳᠤ ᠴᠤ ᠭᠡᠰᠡᠨ | ᠬᠠᠳᠠᠪᠴᠢ ᠶᠢᠨ ᠵᠠᠰᠲ᠋ᠠᠪ ᠭᠡᠵᠦ ᠪᠠᠶᠢᠳᠠᠭ︾ ᠬᠡᠮᠡᠨ ᠶᠠᠷᠢᠭᠰᠠᠨ ᠶᠤᠮ᠃ ᠤᠳᠤ ᠰᠦᠬᠡᠪᠠᠭᠠᠳᠤᠷ ᠠᠶᠢᠮᠠᠭ ᠤᠨ | ᠡᠷᠳᠡᠨᠢᠴᠠᠭᠠᠨ ᠰᠤᠮᠤᠨ ᠤ ᠲᠦᠪ ᠳᠤ 200 — 300 ᠦᠵᠦᠮᠦᠴᠢᠨ᠂ ᠨᠢᠭᠡᠳᠦᠭᠡᠷ ᠪᠠᠭ ᠲᠤ 100 ᠭᠠᠷᠤᠢ | ᠡᠷᠦᠬᠡ᠂ 350 ᠬᠦᠮᠦᠨ ︵210 ᠡᠷᠦᠬᠡ᠂ 700 ᠭᠠᠷᠤᠢ ᠬᠦᠮᠦᠨ︶ ᠨᠢ ᠦᠵᠦᠮᠦᠴᠢᠨ ᠪᠠᠶᠢᠨ᠎ᠠ᠃ | ⑵ ᠦᠵᠦᠮᠦᠴᠢᠨ ᠤ ᠲᠡᠤᠬᠡ᠂ ᠤᠭᠰᠠᠭ᠎ᠠ ᠭᠠᠷᠪᠠᠯᠢ ᠬᠡᠮᠡᠬᠦ ᠭᠡᠰᠡᠭ ᠲᠤ | ᠦᠵᠦᠮᠦᠴᠢᠨ ᠤᠭᠰᠠᠭᠠᠳᠠᠨ ᠨᠢ ᠠᠯᠢ ᠦᠶ᠎ᠡ ᠳᠤ᠂ ᠶᠠᠮᠠᠷ ᠭᠠᠵᠠᠷ ᠲᠤ᠂ ᠶᠠᠭᠠᠬᠢᠵᠦ ᠤᠪᠤᠭ ᠤᠭᠰᠠᠭ᠎ᠠ | ᠠᠶᠢᠮᠠᠭ ᠪᠤᠯᠵᠦ ᠪᠦᠷᠢᠯᠳᠦᠭᠰᠡᠨ ᠭᠡᠳᠡᠭ ᠢ ᠨᠠᠷᠢᠨ ᠲᠤᠲᠤᠷᠬᠠᠶᠢᠯᠠᠵᠦ᠂ ᠤᠨ ᠲᠠᠷᠠᠭᠠᠯᠠᠨ ᠲᠡᠮᠳᠡᠭᠯᠡᠭᠰᠡᠨ ᠪᠠᠷᠢᠮᠳᠠ | ᠪᠢᠴᠢᠭ᠂ ᠲᠡᠤᠬᠡᠨ ᠲᠡᠮᠳᠡᠭᠯᠡᠯ ᠤᠳᠤ ᠪᠠᠷ ᠬᠠᠷᠠᠬᠠᠨ ᠤᠯᠳᠠᠭ᠎ᠠ ᠦᠭᠡᠢ ᠪᠤᠯᠤᠯᠳᠠᠢ᠃ ᠭᠡᠪᠡᠴᠦ ᠬᠡᠳᠦᠶᠢᠨ ᠠᠴᠠ | ᠡᠬᠢᠯᠡᠨ ᠦᠵᠦᠮᠦᠴᠢᠨ ᠬᠡᠮᠡᠨ ᠨᠡᠷᠡᠯᠡᠬᠦ ᠪᠤᠯᠤᠭᠰᠠᠨ ᠲᠤᠬᠠᠢ ᠳᠤ ᠦᠵᠦᠮᠦᠴᠢᠨ ᠭᠦᠩ ᠭᠤᠮᠪᠤᠵᠠᠪ ᠤᠨ ᠵᠤᠬᠢᠶᠠᠭᠰᠠᠨ | ︽ᠭᠠᠩᠭ᠎ᠠ ᠶᠢᠨ ᠤᠷᠤᠰᠬᠠᠯ︾᠂ ︽ᠴᠢᠩ ᠤᠯᠤᠰ ᠤᠨ ᠲᠡᠤᠬᠡᠨ ᠨᠤᠤᠷᠠᠭ︾᠂ ᠲᠤᠲᠤᠷᠠᠬᠢ ᠦᠵᠦᠮᠦᠴᠢᠨ ᠤ | ᠪᠦᠯᠦᠭ᠂ ︽ᠮᠤᠩᠭᠤᠯ ᠤᠨ ᠨᠡᠬᠦᠬᠦ ᠮᠠᠯᠵᠢᠯ ᠲᠡᠮᠳᠡᠭᠯᠡᠯ︾ ᠵᠡᠷᠭᠡ ᠲᠤ ︽ᠶᠤᠸᠠᠨ ᠤᠯᠤᠰ ᠤᠨ ᠲᠠᠶᠢᠽᠦ ᠬᠠᠭᠠᠨ ᠤ | ᠠᠷᠪᠠᠨ ᠵᠢᠷᠭᠤᠳᠤᠭᠠᠷ ᠦᠶ᠎ᠡ ᠶᠢᠨ ᠠᠴᠢ ᠲᠦᠷᠦᠪᠤᠯᠤᠳ ᠬᠠᠩᠭᠠᠢ ᠠᠭᠤᠯᠠ ᠠᠴᠠ ᠭᠤᠪᠢ ᠳᠤ ᠰᠢᠯᠵᠢᠨ ᠮᠠᠯᠵᠢᠨ | ᠰᠠᠭᠤᠪᠠ᠂ ᠲᠡᠭᠦᠨ ᠤ ᠬᠦᠪᠡᠭᠦᠨ ᠪᠤᠳᠢ ᠠᠯᠠᠭ ᠵᠠᠯᠭᠠᠮᠵᠢᠯᠠᠪᠠ᠂ ᠲᠡᠭᠦᠨ ᠳᠤ ᠭᠤᠷᠪᠠᠨ ᠬᠦᠪᠡᠭᠦᠨ ᠲᠠᠢ᠂ ᠤᠤᠭᠠᠨ | ᠨᠢ ᠬᠦᠳᠡᠨ ᠬᠠᠨ᠂ ᠬᠤᠶᠠᠳᠤᠭᠠᠷ ᠨᠢ ᠬᠦᠴᠦᠳᠦ ᠮᠡᠷᠭᠡᠨ ᠲᠠᠶᠢᠵᠢ᠂ ᠭᠤᠳᠠᠭᠠᠷ ᠨᠢ ᠤᠩᠭᠤᠨ ᠲᠤᠷᠠᠯ ᠨᠤᠶᠠᠨ᠂ | ᠤᠩᠭᠤᠨ ᠲᠤᠷᠠᠯ ᠬᠠᠷᠢᠶᠠᠳᠦ ᠠᠶᠢᠮᠠᠭ ᠢᠶᠠᠨ ᠬᠡᠮᠡᠨ ᠨᠠᠷᠡᠶᠢᠳᠪᠠ︾ ᠭᠡᠮᠡᠨ ᠨᠢᠭᠡᠨ ᠢᠵᠢᠯ ᠪᠠᠳᠤᠯᠠᠨ ᠲᠡᠮᠳᠡᠭᠯᠡᠭᠰᠡᠨ | ᠪᠠᠶᠢᠨ᠎ᠠ᠃ | ︽ᠡᠷᠳᠡᠨᠢ ᠲᠤᠨᠤᠮᠠᠯ ᠨᠡᠷᠡᠳᠦ ᠰᠤᠳᠤᠷ ᠤᠷᠤᠰᠢᠪᠠ︾᠂ ︽ᠭᠠᠩᠭ᠎ᠠ ᠶᠢᠨ ᠤᠷᠤᠰᠬᠠᠯ︾᠂ ︽ᠠᠯᠳᠠᠨ | ᠬᠦᠷᠳᠦᠨ ᠮᠢᠩᠭᠠᠨ ᠬᠡᠭᠡᠰᠦᠳᠦ︾ ᠵᠡᠷᠭᠡ ᠮᠤᠩᠭᠤᠯ ᠤᠨ ᠲᠡᠤᠬᠡᠨ ᠰᠤᠷᠪᠤᠯᠵᠢ ᠪᠢᠴᠢᠭ ᠲᠤ ᠦᠵᠦᠮᠦᠴᠢᠨ | ᠮᠤᠩᠭᠤᠯᠴᠦᠳ ᠤᠨ ᠵᠠᠰᠠᠭ ᠵᠠᠬᠢᠷᠭᠠᠨ ᠤ ᠬᠠᠷᠢᠶ᠎ᠠ᠂ ᠨᠤᠶᠠᠳ ᠤᠨ ᠤᠭ ᠡᠬᠡ ᠶᠢ ᠴᠢᠩᠭᠢᠰ ᠬᠠᠭᠠᠨ᠂ ᠲᠡᠭᠦᠨ ᠤ | ᠬᠦᠤ ᠲᠤᠯᠤᠢ ᠠᠴᠠ ᠨᠠᠰᠢ ᠰᠢᠭᠤᠳ ᠦᠶ᠎ᠡ ᠵᠠᠯᠭᠠᠨ ᠲᠡᠮᠳᠡᠭᠯᠡᠵᠦ ᠦᠯᠡᠳᠡᠭᠡᠭᠰᠡᠨ ᠨᠢ ᠪᠠᠶᠢᠳᠠᠭ᠃ ᠲᠤᠬᠠᠶᠢᠯᠠᠪᠠᠯ᠂ | ︽ᠡᠷᠳᠡᠨᠢ ᠲᠤᠨᠤᠮᠠᠯ ᠨᠡᠷᠡᠳᠦ ᠰᠤᠳᠤᠷ ᠤᠷᠤᠰᠢᠪᠠ︾ ᠬᠡᠮᠡᠬᠦ ᠨᠡᠷᠡᠳᠡᠢ ᠠᠯᠳᠠᠨ ᠬᠠᠭᠠᠨ ᠤ ᠲᠤᠭᠤᠵᠢ ᠶᠢ | ᠦᠵᠦᠮᠦᠴᠢᠨ ᠤ ᠭᠤᠷᠪᠠᠳᠤᠭᠠᠷ ᠤᠳᠠᠭ᠎ᠠ ᠶᠢᠨ ᠬᠤᠱᠤᠢ ᠰᠡᠴᠡᠨ ᠴᠢᠨ ᠸᠠᠩ ᠰᠤᠳᠠᠨᠠᠢ ᠶᠢᠨ ᠦᠶ᠎ᠡ ᠳᠤ ᠸᠠᠩ ᠤᠨ | ᠤᠷᠳᠤᠨ ᠳᠤ ᠬᠠᠳᠠᠭᠠᠯᠠᠬᠤ ᠳᠠᠭᠠᠨ ᠬᠠᠭᠤᠳᠠᠰᠤ ᠪᠤᠯᠭᠠᠨ ᠲᠠᠭᠠᠯᠳᠤᠭᠤᠯᠤᠨ ᠬᠠᠳᠠᠭᠠᠯᠠᠵᠠᠢ᠃ ᠶᠡᠷᠦᠩᠬᠡᠢ ᠳᠡᠭᠡᠨ | 300 ᠭᠠᠷᠤᠢ ᠵᠢᠯ ᠤᠨ ᠡᠮᠦᠨ᠎ᠡ ᠪᠤᠶᠤ 1689 ᠤᠨ ᠳᠤ ᠰᠤᠳᠠᠨᠠᠢ ᠴᠢᠨ ᠸᠠᠩ ᠢ ᠨᠠᠰᠤ ᠨᠦᠭᠴᠢᠬᠦ ᠠᠴᠠ ᠡᠮᠦᠨ᠎ᠡ | ᠪᠢᠴᠢᠵᠦ ᠦᠯᠡᠳᠡᠭᠡᠭᠰᠡᠨ ᠪᠠᠶᠢᠵᠦ ᠪᠤᠯᠬᠤ ᠡᠨᠡᠬᠦ ᠲᠡᠮᠳᠡᠭᠯᠡᠯ ᠤᠨ ᠵᠠᠷᠢᠮ ᠦᠶ᠎ᠡ ᠲᠠᠷᠠᠭᠠᠯᠠᠯ ᠳᠤ ᠪᠠᠭ᠎ᠠ ᠵᠡᠷᠭᠡ ᠲᠠᠰᠢᠶ᠎ᠠ | ᠪᠠᠶᠢᠳᠠᠭ ᠪᠤᠯᠪᠠᠴᠤ ᠦᠵᠦᠮᠦᠴᠢᠨ ᠮᠤᠩᠭᠤᠯᠴᠤᠳ ᠤᠨ ᠤᠭᠰᠠᠭ᠎ᠠ ᠭᠠᠷᠪᠠᠯᠢ ᠶᠢ ᠲᠤᠭᠳᠠᠭᠠᠬᠤ ᠳᠤ ᠲᠦᠢᠯ ᠤᠨ | ᠦᠨ᠎ᠡ ᠴᠡᠨ᠎ᠡ ᠲᠠᠢ ᠬᠡᠷᠡᠭᠯᠡᠭᠳᠡᠬᠦᠨ ᠪᠤᠯᠵᠦ ᠪᠠᠶᠢᠨ᠎ᠠ᠃ ᠲᠡᠭᠦᠨ ᠳᠤ ᠲᠡᠮᠳᠡᠭᠯᠡᠭᠰᠡᠨ ᠨᠢ᠄ | ⒈ ᠴᠢᠩᠭᠢᠰ ᠬᠠᠭᠠᠨ᠂⒉ ᠲᠤᠯᠤᠢ᠂⒊ ᠬᠤᠪᠢᠯᠠᠢ ᠬᠠᠭᠠᠨ᠂⒋ ᠴᠢᠩᠭᠢᠮ ᠲᠠᠶᠢᠵᠢ᠂⒌ ᠳ᠋ᠠᠷᠮᠠᠪᠠᠯᠠ᠂⒍ | ᠪᠤᠶᠠᠨᠳᠤ ᠬᠠᠭᠠᠨ᠂⒎ ᠵᠠᠶᠠᠭᠠᠳᠤ ᠬᠠᠭᠠᠨ᠂⒏ ᠲᠤᠭᠤᠯᠠᠩ ᠲᠡᠮᠦᠷ ᠬᠠᠭᠠᠨ᠂⒐ ᠤᠰᠬᠠᠯ ᠬᠠᠭᠠᠨ᠂⒑ | ᠬᠠᠷᠭᠤᠴᠠᠭ ᠲᠦᠭᠦᠷᠡᠩ ᠬᠤᠩ ᠲᠠᠶᠢᠵᠢ᠂⒒ ᠠᠵᠠᠢ ᠲᠠᠶᠢᠵᠢ᠂⒓ ᠬᠠᠷᠭᠤᠴᠠᠭ ᠲᠠᠶᠢᠵᠢ᠂⒔ ᠪᠤᠯᠬᠤ ᠵᠢᠨᠤᠩ᠂ | ⒕ ᠲᠠᠶᠠᠩ ᠬᠠᠭᠠᠨ᠂⒖ ᠲᠦᠷᠦᠪᠤᠯᠤᠳ᠂⒗ ᠪᠤᠳᠢ ᠠᠯᠠᠭ ᠬᠠᠭᠠᠨ᠂⒘ ᠲᠤᠷᠵᠢ ᠰᠡᠴᠡᠨ ᠵᠢᠨᠤᠩ ᠴᠢᠨ ᠸᠠᠩ᠂ | ⒙ ᠠᠴᠢᠳᠦ ᠡᠷᠳᠡᠨᠢ ᠬᠤᠩ ᠲᠠᠶᠢᠵᠢ᠂⒚ ᠰᠡᠴᠡᠨ ᠴᠢᠨ ᠸᠠᠩ ᠴᠠᠭᠠᠨᠪᠠᠪᠠᠢ᠂⒛ ᠰᠡᠴᠡᠨ ᠴᠢᠨ ᠸᠠᠩ ᠰᠤᠳᠠᠨᠠᠢ ︵ | ᠡᠷᠳᠡᠨᠢ ᠲᠤᠨᠤᠮᠠᠯ᠂ 184185︶ ᠭᠡᠵᠡᠢ᠃ | ⑶ ᠦᠵᠦᠮᠦᠴᠢᠨ ᠬᠡᠮᠡᠨ ᠨᠡᠷᠡᠶᠢᠳᠦᠭᠰᠡᠨ ᠤᠴᠢᠷ ᠬᠡᠬᠦ ᠭᠡᠰᠡᠭ ᠲᠤ | ᠤᠯᠠᠩᠬᠢ ᠰᠤᠳᠤᠯᠠᠭᠠᠴᠢᠳ ︽ᠦᠵᠦᠮᠦᠴᠢᠨ︾ ᠬᠡᠮᠡᠬᠦ ᠲᠤᠪᠯᠤᠭᠰᠠᠨ ᠨᠡᠷ᠎ᠡ ᠲᠠᠢ ᠤᠭᠰᠠᠭᠠᠳᠠᠨ ᠢ ᠪᠦᠯᠦᠭ | ᠲᠡᠤᠬᠡ ᠶᠢᠨ ᠲᠠᠪᠴᠠᠩ ᠳᠤ ᠲᠦᠷᠦᠪᠤᠯᠤᠳ ᠠᠴᠠ ᠤᠩᠭᠤᠨ ᠲᠤᠷᠠᠯ ᠨᠤᠶᠠᠨ ᠤ ᠦᠶ᠎ᠡ ᠪᠤᠶᠤ ᠹᠸᠤᠳᠠᠯ ᠤᠨ | ᠪᠤᠳᠠᠷᠠᠯ ᠤᠨ ᠰᠢᠨ᠎ᠡ ᠦᠶ᠎ᠡ ᠲᠠᠢ ᠲᠠᠪᠬᠤᠴᠠᠨ ᠭᠠᠷᠴᠤ ᠢᠷᠡᠵᠦ ᠪᠠᠶᠢᠭ᠎ᠠ ᠨᠢ ᠲᠤᠬᠠᠶᠢᠯᠠᠭᠰᠠᠨ ᠶᠠᠰᠤᠳᠠᠨ ᠤ | ᠬᠤᠪᠢ ᠳᠤ ᠠᠩᠬᠢ ᠪᠦᠷᠢᠯᠳᠦᠭᠰᠡᠨ ᠪᠤᠯᠬᠤ ᠨᠢ ᠮᠡᠳᠡᠭᠳᠡᠵᠦ ᠪᠠᠶᠢᠭ᠎ᠠ ᠶᠢᠨ ᠲᠡᠭᠡᠷ᠎ᠡ ᠶᠠᠮᠠᠷ ᠪᠤᠯᠪᠠᠴᠤ ᠲᠠᠶᠠᠩ | ᠬᠠᠭᠠᠨ ᠤ ᠬᠠᠷᠢᠶᠠᠳᠤ ᠵᠢᠷᠭᠤᠭᠠᠨ ᠲᠦᠮᠡᠨ ᠪᠤᠶᠤ ᠵᠢᠷᠭᠤᠭᠠᠨ ᠶᠡᠭᠡ ᠤᠯᠤᠰ ᠤᠨ ᠵᠡᠭᠦᠨ ᠭᠤᠷᠪᠠᠨ ᠲᠦᠮᠡᠨ ᠤ | ᠪᠦᠷᠢᠯᠳᠦᠬᠦᠨ ᠳᠤ ᠪᠠᠭᠳᠠᠭᠠᠵᠦ ᠪᠠᠶᠢᠭᠰᠠᠨ ᠭᠡᠳᠡᠭ ᠨᠢ ᠲᠤᠲᠤᠷᠬᠠᠢ ︵ᠳ᠋ᠢᠰᠡᠨ 1990᠂ 129︶ ᠬᠡᠮᠡᠨ | ᠦᠵᠦᠮᠦᠴᠢᠨ ᠠᠶᠢᠮᠠᠭ ᠤᠭᠰᠠᠭ᠎ᠠ ᠴᠤᠬᠤᠮ ᠡᠨᠡ ᠦᠶ᠎ᠡ ᠠᠴᠠ ᠪᠤᠢ ᠪᠤᠯᠤᠭᠰᠠᠨ ᠭᠡᠵᠦ ᠦᠵᠡᠭᠰᠡᠭᠡᠷ ᠢᠷᠡᠵᠡᠢ᠃ | ᠡᠭᠦᠪᠡᠷ ᠦᠵᠡᠪᠡᠯ ᠦᠵᠦᠮᠦᠴᠢᠨ ᠠᠶᠢᠮᠠᠭ ᠨᠢ ᠮᠤᠩᠭᠤᠯ ᠤᠨ ᠹᠸᠤᠳᠠᠯ ᠤᠨ ᠪᠤᠳᠠᠷᠠᠯ ᠤᠨ ᠦᠶᠡᠰ ᠲᠤ᠂ | ᠪᠠᠳᠤᠮᠦ᠋ᠩᠬᠡ ᠲᠠᠶᠠᠩ ᠬᠠᠭᠠᠨ ᠤᠯᠤᠰ ᠭᠦᠷᠦᠨ ᠢᠶᠠᠨ ᠦᠪᠡᠷ ᠤᠨ ᠬᠦᠪᠡᠭᠦᠳ ᠲᠡᠭᠡᠨ ᠦᠮᠴᠢᠯᠡᠵᠦ ᠦᠭᠭᠦᠭᠰᠡᠨ | ᠠᠷᠪᠠᠨ ᠵᠢᠷᠭᠤᠳᠤᠭᠠᠷ ᠵᠠᠭᠤᠨ ᠤ ᠰᠡᠭᠦᠯᠡᠷ ᠪᠤᠶᠤ ︽ᠡᠷᠳᠡᠨᠢ ᠶᠢᠨ ᠲᠤᠪᠴᠢ︾ ᠳᠤ ᠦᠬᠦᠯᠡᠭᠰᠡᠨᠴᠢᠯᠡᠨ ᠤᠩᠭᠤᠨ | ᠲᠤᠷᠠᠯ ᠨᠤᠶᠠᠨ ᠤ ᠡᠴᠢᠭᠡ ᠪᠤᠳᠢ ᠠᠯᠠᠭ ᠬᠠᠭᠠᠨ ᠲᠦᠴᠢᠨ ᠨᠢᠭᠡᠨ ᠨᠠᠰᠤᠨ ᠳᠠᠭᠠᠨ ᠬᠦᠬᠡ ᠯᠤᠤ ᠵᠢᠯ ᠬᠠᠭᠠᠨ | ᠰᠠᠭᠤᠵᠦ ︵1544 ᠤᠨ︶᠂ ᠲᠦᠷᠪᠡᠨ ᠤᠨ ᠪᠤᠯᠤᠭᠠᠳ ᠤᠯᠡᠭ᠌ᠴᠢᠨ ᠬᠤᠨᠢᠨ ᠵᠢᠯ ︵1547 ᠤᠨ︶ ᠨᠠᠰᠤ | ᠪᠠᠷᠠᠭᠰᠠᠨ ᠠᠴᠠ ᠬᠤᠶᠢᠰᠢ ᠠᠩᠬ᠎ᠠ ᠪᠦᠷᠢᠯᠳᠦᠨ ᠲᠤᠭᠳᠠᠭᠰᠠᠨ ᠮᠡᠳᠦ ᠪᠠᠶᠢᠨ᠎ᠠ᠃ | ᠲᠡᠤᠬᠡ ᠶᠢᠨ ᠲᠤᠯᠭᠤᠷ ᠪᠢᠴᠢᠭ᠂ ᠰᠤᠳᠤᠯᠭᠠᠨ ᠤ ᠵᠤᠬᠢᠶᠠᠯ ᠰᠡᠯᠳᠡ ᠠᠴᠠ ᠨᠠᠷᠢᠨ ᠱᠦᠭᠦᠵᠦ ᠦᠵᠡᠪᠡᠯ᠂ | ᠦᠵᠦᠮᠦᠴᠢᠨ ᠤᠪᠤᠭ ᠤᠭᠰᠠᠭ᠎ᠠ᠂ ᠤᠲᠤᠭ ᠠᠶᠢᠮᠠᠭ ᠤᠨ ᠪᠦᠷᠢᠳᠦᠯ ᠨᠢ ᠡᠭᠦᠨ ᠠᠴᠠ ᠨᠡᠯᠢᠶᠡᠳ ᠡᠷᠳᠡ ᠡᠭᠦᠰᠴᠤ | ᠪᠦᠷᠢᠯᠳᠦᠭᠰᠡᠨ ᠪᠤᠯᠤᠯᠳᠠᠢ᠂ ᠲᠤᠬᠠᠶᠢᠯᠠᠪᠠᠯ᠄ ᠲᠡᠤᠬᠡᠴᠢ ᠯᠤᠪᠰᠠᠩᠳᠠᠨᠵᠢᠨ ᠤ ᠵᠤᠬᠢᠶᠠᠭᠰᠠᠨ ᠮᠤᠩᠭᠤᠯ ᠤᠨ ᠲᠡᠤᠬᠡ ᠶᠢᠨ | ᠲᠤᠯᠭᠤᠷ ᠪᠢᠴᠢᠭ ᠪᠤᠯᠬᠤ ︽ᠠᠯᠳᠠᠨ ᠲᠤᠪᠴᠢ︾ ᠳᠤ᠄ ︽᠁ ᠬᠦᠪᠡᠭᠦᠨ ᠠᠪᠬᠠᠢ ᠪᠠᠨ ︵ᠤᠯᠤᠰ ᠪᠤᠯᠤᠳ︶ | ᠬᠤᠤᠷᠯᠠᠭᠤᠯᠤᠭᠰᠠᠨ ᠲᠤᠯᠠ ᠲᠠᠶᠠᠩ ᠬᠠᠭᠠᠨ ᠴᠡᠷᠢᠭᠯᠡᠨ ᠮᠤᠷᠳᠠᠪᠠ᠂ ᠪᠠᠷᠠᠭᠤᠨ ᠲᠦᠮᠡᠨ ᠰᠤᠨᠤᠰᠤᠭᠠᠳ ᠤᠭᠳᠤᠨ | ᠴᠡᠷᠢᠭ ᠮᠤᠷᠳᠡᠵᠦ᠂ ᠲᠠᠯᠠᠨ ᠲᠡᠷᠢᠭᠦᠨ ᠳᠤ ᠵᠤᠯᠭᠠᠯᠳᠤᠪᠠ᠂ ᠠᠯᠠᠭᠴᠢᠭᠤᠳ ᠤᠨ ᠴᠠᠭᠠᠨ ᠵᠠᠭᠠᠷᠢᠨ᠂ ᠦᠵᠦᠮᠦᠴᠢᠨ ᠤ | ᠠᠯᠳᠤᠩᠬᠡ ᠪᠠᠭᠰᠢ ᠬᠤᠶᠠᠭᠤᠯᠠ ᠢᠷᠸ᠎ᠠ ᠦᠵᠡᠵᠦ᠂ ᠬᠠᠭᠠᠨ ᠳᠤ ᠠᠶᠢᠯᠠᠳᠬᠠᠪᠠ︾ ︵ ᠠᠯᠳᠠᠨ ᠲᠤᠪᠴᠢ᠂ | 1990᠂179︶ ᠭᠡᠵᠡᠢ᠃ ᠡᠨᠡ ᠨᠢ ᠦᠢᠯᠡ ᠶᠠᠪᠤᠳᠠᠯ ᠪᠤᠯ ᠤᠩᠭᠤᠨ ᠲᠤᠷᠠᠯ ᠨᠤᠶᠠᠨ ᠤ ᠦᠪᠡᠷ ᠤᠨ ᠬᠠᠷᠢᠶᠠᠳᠤ | ᠠᠶᠢᠮᠠᠭ ᠢᠶᠠᠨ ᠦᠵᠦᠮᠦᠴᠢᠨ ᠬᠡᠮᠡᠨ ᠨᠡᠷᠡᠶᠢᠳᠬᠦ ᠠᠴᠠ ᠪᠠᠷᠤᠭ ᠬᠠᠭᠠᠰ ᠵᠠᠭᠤᠨ ᠵᠢᠯ ᠤᠨ ᠡᠮᠦᠨ᠎ᠡ ᠪᠤᠶᠤ 1510 | ᠤᠨ ᠤᠨ ᠤ ᠦᠶ᠎ᠡ ᠪᠠᠷ ᠭᠠᠷᠤᠭᠰᠠᠨ ᠹᠸᠤᠳᠠᠯ ᠨᠤᠶᠠᠳ ᠤᠨ ᠪᠤᠰᠤᠯᠭ᠎ᠠ ᠲᠠᠢ ᠬᠤᠯᠪᠤᠭᠠᠳᠠᠢ ᠮᠡᠳᠡᠭᠡ ᠪᠠᠶᠢᠨ᠎ᠠ᠂ | ᠮᠦᠨ ᠵᠠᠩ ᠮᠤ᠋ ᠶᠢᠨ ᠵᠤᠬᠢᠶᠠᠭᠰᠠᠨ ︽ᠮᠤᠩᠭᠤᠯ ᠤᠨ ᠬᠤᠰᠢᠭᠤ ᠨᠤᠲᠤᠭ ᠤᠨ ᠲᠡᠮᠳᠡᠭᠯᠡᠯ︾ ᠳᠤ᠄ ︽ᠲᠦᠷᠦᠪᠤᠯᠤᠳ | ᠂ ᠪᠠᠷᠰᠪᠤᠯᠤᠳ᠂ ᠠᠯᠴᠤᠪᠤᠯᠤᠳ᠂ ᠸᠠᠴᠢᠷᠪᠤᠯᠤᠳ ᠨᠠᠷ ᠭᠤᠪᠢ ᠶᠢᠨ ᠭᠠᠵᠠᠷ ᠠᠴᠠ ᠡᠮᠦᠨ᠎ᠡ ᠴᠠᠭᠠᠨ ᠬᠡᠷᠡᠮ ᠠᠴᠠ | ᠤᠷᠢᠳᠠᠬᠢ ᠭᠠᠵᠠᠷ ᠲᠤ ᠨᠡᠭᠦᠵᠦ ᠰᠠᠭᠤᠭᠠᠳ᠂ ᠲᠤᠲᠤᠭᠠᠳᠤ ᠵᠠᠰᠠᠭ ᠠᠳᠬᠠᠨ᠂ ᠨᠠᠢᠮᠠᠨ᠂ ᠪᠠᠭᠠᠷᠢᠨ᠂ ᠵᠠᠷᠤᠳ᠂ | ᠭᠡᠰᠢᠭᠳᠡᠨ᠂ ᠦᠵᠦᠮᠦᠴᠢᠨ᠂ ᠬᠠᠭᠤᠴᠢᠳ᠂ ᠰᠦᠨᠢᠳ᠂ ᠤᠷᠳᠤᠰ ᠡᠨᠡ ᠶᠢᠰᠦᠨ ᠠᠶᠢᠮᠠᠭ ᠤᠨ ᠡᠪᠦᠭᠡ ᠪᠤᠯᠵᠠᠢ︾ | ᠭᠡᠵᠦ ᠪᠤᠢ᠃ ᠡᠭᠦᠨ ᠢ ᠨᠠᠷᠢᠨ ᠲᠤᠷᠠᠳᠪᠠᠯ ᠪᠠᠷᠰᠪᠤᠯᠤᠳ ᠪᠠᠷᠠᠭᠤᠨ ᠭᠤᠷᠪᠠᠨ ᠲᠦᠮᠡᠨ ᠢ᠂ ᠠᠯᠴᠤᠪᠤᠯᠤᠳ ᠪᠠᠭᠠᠷᠢᠨ | ᠂ ᠵᠠᠷᠤᠳ ᠠᠶᠢᠮᠠᠭ ᠢ᠂ ᠸᠠᠴᠢᠷᠪᠤᠯᠤᠳ ᠭᠡᠰᠢᠭᠳᠡᠨ ᠠᠶᠢᠮᠠᠭ ᠢ᠂ ᠲᠦᠷᠦᠪᠤᠯᠤᠳ ᠦᠵᠦᠮᠦᠴᠢᠨ᠂ ᠬᠠᠭᠤᠴᠢᠳ᠂ | ᠰᠦᠨᠢᠳ᠂ ᠠᠤᠬᠠᠨ᠂ ᠨᠠᠢᠮᠠᠨ ᠵᠡᠷᠭᠡ ᠲᠠᠪᠤᠨ ᠠᠶᠢᠮᠠᠭ ᠢ ᠲᠤᠰ ᠲᠤᠰ ᠦᠮᠴᠢᠯᠡᠭᠰᠡᠨ ᠪᠠᠶᠢᠨ᠎ᠠ᠃ | ᠲᠡᠭᠡᠪᠡᠯ ᠡᠭᠦᠨ ᠠᠴᠠ ᠪᠦᠷ ᠡᠮᠦᠨ᠎ᠡ ᠠᠷᠪᠠᠨ ᠭᠤᠷᠪᠠᠳᠤᠭᠠᠷ ᠵᠠᠭᠤᠨ ᠤ ᠦᠶ᠎ᠡ ᠳᠤ ᠦᠵᠦᠮᠦᠴᠢᠨ | ᠤᠭᠰᠠᠭᠠᠳᠠᠨ ᠪᠠᠶᠢᠭᠰᠠᠨ ᠲᠤᠬᠠᠢ ᠲᠡᠤᠬᠡ ᠶᠢᠨ ᠵᠠᠷᠢᠮ ᠰᠤᠷᠪᠤᠯᠵᠢ ᠳᠤ ᠮᠡᠳᠡᠭᠡᠯᠡᠵᠦ ᠪᠠᠶᠢᠨ᠎ᠠ᠂ ᠵᠢᠱᠢᠶᠡᠯᠡᠪᠡᠯ᠂ | ᠳ᠋ᠾᠷᠮᠠ ᠭᠦᠤᠰᠢ ᠶᠢᠨ ᠵᠤᠬᠢᠶᠠᠭᠰᠠᠨ ︽ᠠᠯᠳᠠᠨ ᠬᠦᠷᠳᠦᠨ ᠮᠢᠩᠭᠠᠨ ᠭᠡᠭᠡᠰᠦᠳᠦ ᠪᠢᠴᠢᠭ︾ ᠲᠤ ᠴᠢᠩᠭᠢᠰ ᠬᠠᠭᠠᠨ | ︽ᠲᠡᠭᠷᠢ ᠶᠢᠨ ᠵᠠᠶᠠᠭ᠎ᠠ ᠪᠠᠷ ᠲᠡᠯᠡᠬᠡᠢ ᠳ᠋ᠠᠬᠢᠨ ᠢ ᠠᠷᠪᠠᠨ ᠬᠤᠶᠠᠷ ᠶᠡᠭᠡ ᠬᠠᠭᠠᠨ ᠢ ᠪᠡᠶ᠎ᠡ ᠪᠠᠷ ᠤᠯᠠᠩᠬᠢ ᠶᠢ | ᠤᠷᠤᠭᠤᠯᠵᠦ ᠠᠪᠤᠭᠠᠳ ᠁ ᠬᠦᠴᠦᠨ ᠤ ᠬᠦᠷᠳᠦ ᠶᠢ ᠡᠷᠭᠢᠭᠦᠯᠵᠦ᠂ ᠴᠠᠬᠠᠷ᠂ ᠲᠦᠮᠡᠳ᠂ ᠤᠶᠢᠷᠠᠳ᠂ | ᠬᠡᠷᠡᠶᠢᠳ ᠲᠡᠷᠢᠭᠦᠳᠡᠨ ᠲᠠᠯᠠᠨ ᠬᠤᠶᠠᠷ ᠤᠳᠤᠭ ᠠᠶᠢᠮᠠᠭ ᠢ ᠮᠤᠩᠭᠤᠯ ᠤᠯᠤᠰ᠂ ᠬᠠᠴᠧ᠂ ᠡᠨᠡᠳᠬᠡᠭ᠂ ᠲᠠᠩᠭᠠᠳ᠂ | ᠲᠦᠪᠡᠳ᠂ ᠬᠢᠳᠡᠳ᠂ ᠵᠦᠷᠴᠢᠳ᠂ ᠪᠢᠳᠡᠭᠦᠳ᠂ ᠷᠤᠮ᠂ ᠤᠷᠤᠩᠭ᠎ᠠ᠂ ᠬᠤᠶᠢᠳ᠂ ᠬᠤᠳᠤᠩ ᠲᠡᠷᠢᠭᠦᠳᠡᠨ ᠭᠤᠴᠢᠨ | ᠨᠢᠭᠡᠨ ᠬᠠᠷᠢ᠂ ᠱᠠᠷᠠᠢ ᠭᠤᠯ᠂ ᠰᠤᠯᠤᠩᠭᠤᠳ᠂ ᠨᠠᠶᠤ ᠶᠢ᠂ ᠵᠤᠬᠠᠨ ᠲᠡᠷᠢᠭᠦᠳᠡᠨ ᠨᠠᠢᠮᠠᠨ ᠵᠠᠬ᠎ᠠ᠂ ᠵᠤᠭᠳᠠ ᠤᠯᠤᠰ᠂ | ᠦᠬᠢᠨ ᠤᠯᠤᠰ᠂ ᠴᠡᠭᠡᠵᠢᠨ᠎ᠡ ᠨᠢᠳᠦᠳᠦ ᠤᠯᠤᠰ᠂ ᠨᠤᠬᠠᠢ ᠲᠤᠯᠤᠭᠠᠶᠢᠳᠦ ᠤᠯᠤᠰ᠂ ᠲᠦᠷᠪᠡᠨ ᠦᠭᠡᠷ᠎ᠡ ᠬᠠᠷᠢ | ᠤᠯᠤᠰ ᠲᠡᠷᠢᠭᠦᠳᠡᠨ ᠢ ᠡᠷᠬᠡᠨ ᠳᠡᠭᠡᠨ ᠤᠷᠤᠭᠤᠯᠵᠦ ᠶᠡᠬᠡᠳᠡ ᠵᠠᠯᠠᠨ ᠲᠤᠷ᠎ᠠ ᠪᠠᠷ ᠵᠢᠷᠭᠠᠭᠰᠠᠨ︾ ︵1980᠂ 64︶ | ᠬᠡᠮᠡᠨ ᠭᠠᠷᠴᠤ ᠪᠤᠢ ᠪᠦᠭᠡᠳ ᠡᠭᠦᠨ ᠢ ᠲᠡᠤᠬᠡᠴᠢ ᠢᠨᠵᠡᠨᠠᠰᠢ ᠲᠤᠲᠤᠷᠠᠭᠤᠯᠵᠦ ︽ᠬᠦᠭᠡ ᠰᠤᠳᠤᠷ︾ ︵1235᠂ | 1236︶ ᠬᠡᠮᠡᠬᠦ ᠲᠡᠤᠬᠡᠨ ᠷᠤᠮᠠᠨ ᠳᠠᠭᠠᠨ ︽ᠲᠡᠳᠦᠢ ᠭᠤᠴᠢᠨ ᠵᠢᠷᠭᠤᠭᠠᠨ ᠶᠡᠭᠡ ᠤᠯᠤᠰ᠂ ᠲᠠᠯᠠᠨ ᠬᠤᠶᠠᠷ ᠪᠠᠭ᠎ᠠ | ᠠᠶᠢᠮᠠᠭ ᠢ ᠭᠤᠷᠪᠠᠨ ᠠᠶᠢᠮᠠᠭ ᠶᠢᠰᠦᠨ ᠬᠦᠷᠢᠶ᠎ᠡ ᠲᠤᠭᠤᠷᠢᠭᠤᠯᠤᠨ ᠠᠩᠬᠢ ᠠᠩᠬᠢ ᠪᠠᠷ ᠲᠤᠰ ᠲᠤᠰ ᠤᠨ ᠲᠤᠭ ᠢ | ᠪᠤᠰᠬᠠᠭᠤᠯᠵᠦ᠂ ᠮᠦᠨᠬᠦ ᠶᠢᠰᠦᠨ ᠦᠩᠭᠡ ᠪᠠᠷ ᠬᠤᠪᠢᠶᠠᠵᠠᠢ ᠁ ᠭᠤᠴᠢᠨ ᠵᠢᠷᠭᠤᠭᠠᠨ ᠶᠡᠭᠡ ᠤᠯᠤᠰ ᠲᠠᠯᠠᠨ | ᠬᠤᠶᠠᠷ ᠪᠠᠭ᠎ᠠ ᠠᠶᠢᠮᠠᠭ ᠢ ᠲᠤᠭᠠᠴᠢᠪᠠᠰᠤ ᠬᠦᠯᠢᠭ ᠲᠠᠩᠭᠤᠳ᠂ ᠬᠠᠷᠯᠤᠭ ᠤᠯᠤᠰ ᠤᠨ ᠠᠷᠰᠯᠠᠨ᠂ ᠲᠤᠭᠮᠤᠭ ᠤᠯᠤᠰ | ᠂ ᠭᠤᠷᠯᠤᠰ ᠤᠯᠤᠰ᠂ ᠨᠠᠢᠮᠠᠨ ᠤᠯᠤᠰ᠂ ᠬᠡᠷᠡᠶᠢᠳ ᠤᠯᠤᠰ᠂ ᠰᠢᠷ᠎ᠠ ᠰᠠᠷᠳᠠᠭᠤᠯ᠂ ᠰᠤᠯᠤᠩᠭᠤᠳ ᠤᠯᠤᠰ᠂ | ᠵᠦᠷᠢᠳ ᠤᠯᠤᠰ᠂ ᠬᠠᠷ᠎ᠠ ᠴᠡᠷᠢᠭ᠂ ᠲᠠᠲ᠋ᠠᠷ᠂ ᠲᠠᠶᠢᠴᠢᠭᠤᠳ᠂ ᠮᠠᠩᠨᠤᠭᠳᠤ᠂ ᠴᠢᠮᠡᠳ᠂ ᠮᠡᠷᠬᠢᠳ᠂ ᠵᠤᠯᠠᠢ᠂ | ᠮᠠᠶᠢᠯᠵᠢ᠂ ᠴᠢᠵᠢᠯᠵᠢ᠂ ᠢᠵᠢᠯᠵᠢ᠂ ᠭᠤᠷᠯᠤᠰᠤᠨ᠂ ᠵᠠᠯᠢᠷᠤᠨ᠂ ᠬᠠᠵᠢᠭᠤᠳ᠂ ᠱᠢᠯᠳᠡᠳ᠂ ᠬᠠᠷᠭᠠᠢ᠂ ᠬᠠᠷᠠᠯᠳᠠᠢ᠂ | ᠦᠯᠬᠦ᠂ ᠲᠤᠷᠭᠤᠳ᠂ ᠰᠠᠯᠵᠢᠭᠤᠳ᠂ ᠤᠶᠢᠷᠠᠳ᠂ ᠦᠭᠡᠯᠦᠳ᠂ ᠸᠠᠩᠭᠦᠪ᠂ ᠪᠡᠳᠡᠭᠦᠨᠡ᠂ ᠲᠦᠷᠪᠡᠳ᠂ ᠤᠷᠤᠳ᠂ | ᠬᠤᠩᠭᠢᠷᠠᠳ᠂ ᠯᠠᠶᠢᠬᠠᠳ᠂ ᠬᠠᠳᠠᠬᠢᠨ᠂ ᠵᠠᠯᠠᠶᠢᠳ᠂ ᠵᠠᠯᠢᠷᠤᠳ᠂ ᠬᠠᠴᠢᠬᠤᠳ᠂ ᠠᠩᠭᠠᠷᠠᠭ᠂ ᠰᠠᠯᠢᠤ᠂ ᠱᠠᠯᠵᠢᠳᠠᠢ᠂ | ᠰᠠᠰᠤᠬᠠ ᠦᠵᠠᠢ᠂ ᠦᠤᠰᠢᠨ᠂ ᠰᠠᠯᠴᠢᠭᠤᠳ᠂ ᠬᠠᠷᠠᠨᠤᠳ᠂ ᠬᠠᠨᠴᠤᠳ᠂ ᠤᠷᠢᠶᠠᠩᠬᠠᠨ᠂ ᠪᠢᠳᠡᠭᠦᠳ᠂ ᠬᠢᠯᠤᠰᠤᠨ | ᠂ ᠮᠢᠬᠠᠰ᠂ ᠤᠷᠤᠩᠭ᠎ᠠ᠂ ᠰᠦᠨᠢᠳ᠂ ᠤᠷᠠᠳ᠂ ᠲᠦᠷᠪᠡᠳ᠂ ᠵᠦᠯᠳᠡᠨ᠂ ᠴᠠᠬᠠᠷ᠂ ᠬᠠᠯᠬ᠎ᠠ᠂ ᠬᠤᠩᠬᠢᠳ᠂ | ᠬᠤᠩᠵᠨᠯᠠ᠂ ᠭᠠᠭᠴᠠ ᠬᠦᠯᠳᠦ᠂ ᠦᠬᠢᠨ᠂ ᠲᠦᠮᠡᠳ᠂ ᠵᠦᠷᠴᠢᠳ᠂ ᠷᠤᠮ᠂ ᠤᠴᠤᠩᠭᠠ᠂ ᠬᠤᠶᠢᠴᠢ᠂ | ᠤᠩᠭᠤᠳ᠂ ᠬᠡᠶᠢᠴᠦᠳ᠂ ᠦᠵᠡᠭᠡᠳ᠂ ᠵᠦᠷᠬᠢᠨ᠂ ᠵᠤᠤᠰ᠂ ᠮᠢᠩᠭᠠᠨ᠂ ᠦᠵᠦᠮᠦᠴᠢᠨ᠂ ᠵᠠᠷᠤᠳ᠂ ᠵᠠᠯᠢ᠂ ᠬᠠᠳᠠᠷ | ᠲᠤᠤᠴᠢᠨ᠂ ᠬᠤᠷᠢ᠂ ᠵᠦᠢᠷᠡᠳ᠂ ᠪᠢᠷᠯᠠᠰ᠂ ᠬᠤᠷᠴᠢᠳ᠂ ᠤᠳᠬᠤᠨ᠂ ᠰᠦᠷᠳᠦ᠂ ᠮᠤᠤᠮᠢᠩᠭᠠᠨ᠂ ᠰᠠᠯᠴᠢᠭᠤᠳ᠂ | ᠮᠤᠨ᠂ ᠮᠤᠩᠭᠤᠯᠵᠢᠪᠤ᠂ ᠤᠷᠳᠤᠰ᠂ ᠤᠯᠠᠭᠠᠨᠴᠠᠪ᠂ ᠭᠤᠷᠬᠠ᠂ ᠢᠬᠢᠷ᠎ᠡ᠂ ᠵᠢᠷᠢᠮ ᠡᠳᠡᠭᠡᠷ ᠤᠯᠤᠰ ᠠᠶᠢᠮᠠᠭ ᠤᠳ | ᠭᠠᠵᠠᠷ ᠤᠨ ᠬᠦᠷᠦᠰᠦ ᠶᠢ ᠬᠤᠷᠢᠨ ᠭᠠᠵᠠᠷ ᠢᠯᠡᠭᠦᠤ ᠲᠤᠭᠤᠷᠢᠨ ᠪᠦᠷᠭᠦᠵᠡᠢ︾ ︵ᠬᠦᠬᠡ ᠰᠤᠳᠤᠷ᠂ 1235᠂ | 1236︶ ᠬᠡᠮᠡᠨ ᠪᠢᠴᠢᠭᠰᠡᠨ ᠪᠠᠶᠢᠳᠠᠭ᠃ | ᠦᠪᠦᠷ ᠮᠤᠩᠭᠤᠯ ᠤᠨ ᠵᠠᠷᠢᠮ ᠰᠤᠳᠤᠯᠠᠭᠠᠴᠢ ᠦᠵᠦᠮᠦᠴᠢᠨ ᠢ ᠤᠢ ᠶᠢᠨ ᠢᠷᠭᠡᠨ ᠬᠡᠮᠡᠨ ᠦᠵᠡᠵᠦ ︽ | ᠮᠤᠩᠭᠤᠯ ᠤᠨ ᠨᠢᠭᠤᠴᠠ ᠲᠤᠪᠴᠢᠶᠠᠨ︾ ᠤ 239 ᠳ᠋ᠤᠭᠠᠷ ᠵᠦᠢᠯ ᠳᠤ ᠦᠨᠳᠦᠰᠦᠯᠡᠨ ᠤᠢ ᠶᠢᠨ ᠢᠷᠭᠡᠳ ᠴᠢᠩᠭᠢᠰ | ᠬᠠᠭᠠᠨ ᠤ ᠤᠤᠭᠠᠨ ᠬᠦᠤ ᠵᠦᠴᠢ ᠳᠤ ᠲᠠᠭᠠᠷ᠎ᠠ ᠤᠷᠤᠵᠦ ᠢᠷᠡᠭᠰᠡᠨ ᠦᠶ᠎ᠡ ᠠᠴᠠ ︵1207︶ ᠦᠵᠦᠮᠦᠴᠢᠨ ᠨᠠᠷ | ᠮᠤᠩᠭᠤᠯ ᠤᠨ ᠬᠤᠯᠪᠤᠭᠠᠨ ᠳᠤ ᠨᠢᠭᠡᠳᠦᠭᠰᠡᠨ ᠬᠡᠮᠡᠨ ᠦᠵᠡᠭᠰᠡᠨ ᠨᠢ ᠪᠤᠢ᠃ | ᠦᠪᠦᠷ ᠮᠤᠩᠭᠤᠯ ᠤᠨ ᠰᠤᠳᠤᠯᠠᠭᠠᠴᠢ ᠭᠤ᠂ ᠷᠠᠭᠸ᠎ᠠ ︽ᠦᠵᠦᠮᠦᠴᠢᠨ ᠮᠤᠩᠭᠤᠯᠴᠦᠳ︾ ᠬᠡᠮᠡᠬᠦ | ᠵᠤᠬᠢᠶᠠᠯ ᠳᠠᠭᠠᠨ ︽ᠦᠵᠦᠮᠦᠴᠢᠨ ᠠᠶᠢᠮᠠᠭ ᠶᠤᠸᠠᠨ ᠤᠯᠤᠰ ᠤᠨ ᠪᠠᠳᠤᠮᠦ᠋ᠩᠭᠡ ᠲᠠᠶᠠᠩ ᠬᠠᠭᠠᠨ ᠤ ᠦᠶ᠎ᠡ ᠳᠤ | ᠵᠢᠷᠭᠤᠭᠠᠨ ᠲᠦᠮᠡᠨ ᠤ ᠨᠢᠭᠡᠨ ᠵᠡᠭᠦᠨ ᠭᠠᠷᠤᠨ ᠴᠠᠬᠠᠷ ᠲᠦᠮᠡᠨ ᠳᠤ ᠪᠠᠭᠳᠠᠨ ᠲᠤᠭᠠᠯᠠᠭᠳᠠᠵᠦ ᠢᠷᠡᠵᠡᠢ︾ ᠭᠡᠵᠦ | ᠦᠵᠡᠭᠰᠡᠨ ᠪᠠᠶᠢᠨ᠎ᠠ᠃ ᠠᠳᠡ ᠦᠭᠦᠯᠡᠵᠦ ᠪᠤᠢ ᠪᠤᠭᠳᠠ ᠴᠢᠩᠭᠢᠰ ᠬᠠᠭᠠᠨ ᠤ ᠵᠢᠷᠭᠤᠭᠠᠨ ᠲᠦᠮᠡᠨ ᠭᠡᠭᠴᠢ ᠨᠢ᠄ | ᠤᠷᠳᠤᠰ ᠨᠢᠭᠡᠨ ᠲᠦᠮᠡᠨ᠂ ᠠᠷᠪᠠᠨ ᠬᠤᠶᠠᠷ ᠲᠦᠮᠡᠳ ᠨᠢᠭᠡᠨ ᠲᠦᠮᠡᠨ᠂ ᠶᠦᠩᠰᠢᠶᠡᠪᠦ᠂ ᠠᠷᠰᠤᠳ᠂ ᠬᠠᠷᠠᠴᠢᠨ | ᠨᠢᠭᠡᠨ ᠲᠦᠮᠡᠨ᠂ ᠪᠠᠷᠠᠭᠤᠨ ᠭᠤᠷᠪᠠᠨ ᠲᠦᠮᠡᠨ ᠭᠡᠭᠴᠢ ᠡᠳᠡ ᠪᠤᠢ᠃ ᠴᠠᠬᠠᠷ ᠨᠢᠭᠡᠨ ᠲᠦᠮᠡᠨ᠂ ᠬᠠᠯᠬ᠎ᠠ ᠨᠢᠭᠡᠨ | ᠲᠦᠮᠡᠨ᠂ ᠤᠷᠢᠶᠠᠩᠬᠠᠢ ᠨᠢᠭᠡᠨ ᠲᠦᠮᠡᠨ ᠵᠡᠭᠦᠨ ᠭᠤᠷᠪᠠᠨ ᠲᠦᠮᠡᠨ ᠭᠡᠭᠴᠢ ᠡᠳᠡ ᠪᠤᠢ ︵ᠯᠤᠪᠰᠠᠩᠳᠠᠨᠵᠢᠨ᠂ | 1990᠂ 147︶᠃ ︽ᠠᠯᠳᠠᠨ ᠬᠦᠷᠳᠦᠨ ᠮᠢᠩᠭᠠᠨ ᠬᠡᠭᠡᠰᠦᠳᠦ ᠪᠢᠴᠢᠭ︾ ᠲᠤ ︽ᠰᠠᠶᠢᠨ ᠳ᠋ᠠ ᠨᠤᠶᠠᠨ ᠤ | ᠠᠬᠠᠮᠠᠳ ᠬᠦᠪᠡᠭᠦᠨ ᠲᠦᠷᠦᠪᠤᠯᠤᠳ ᠨᠠᠢᠮᠠᠨ ᠤᠳᠤᠭ ᠴᠠᠬᠠᠷ ᠤᠯᠤᠰ ᠢ ᠡᠵᠡᠯᠡᠭᠰᠡᠨ︾ ︵1980᠂ 178︶ | ᠬᠡᠮᠡᠭᠡᠳ ︽ᠴᠠᠬᠠᠷ ᠨᠠᠢᠮᠠᠨ ᠤᠳᠤᠭ ᠢ ᠦᠯᠭᠡ ᠶᠢᠨ ᠵᠡᠭᠦᠨ ᠲᠦᠷᠪᠡᠨ ᠤᠳᠤᠭ ᠪᠠ ᠠᠷᠤ ᠶᠢᠨ ᠲᠦᠷᠪᠡᠨ ᠤᠲᠤᠭ | ᠬᠡᠮᠡᠨ ᠬᠤᠪᠢᠶᠠᠬᠤ ᠠᠵᠠᠢ᠂ ᠦᠯᠬᠡ ᠶᠢᠨ ᠵᠡᠭᠦᠨ ᠲᠦᠷᠪᠡᠨ ᠤᠲᠤᠭ ᠨᠢ ᠠᠤᠬᠠᠨ᠂ ᠰᠦᠨᠢᠳ᠂ ᠨᠠᠢᠮᠠᠨ᠂ | ᠦᠵᠦᠮᠦᠴᠢᠨ ᠪᠤᠯᠬᠤ ᠪᠠ ᠠᠷᠤ ᠶᠢᠨ ᠲᠦᠷᠪᠡᠨ ᠤᠲᠤᠭ ᠨᠢ ᠵᠦᠢᠳ᠂ ᠪᠤᠷᠤᠳ᠂ ᠠᠯᠠᠭ᠂ ᠠᠯᠠᠭᠴᠤᠳ ᠪᠤᠯᠤᠨ᠎ᠠ︾ | ᠬᠡᠮᠡᠨ ᠲᠤᠲᠤᠯᠠᠵᠠᠢ᠃ ᠡᠭᠦᠨ ᠢ ᠫᠧᠷᠤᠹᠧᠰᠰᠤᠷ ᠴᠤᠶᠢᠵᠢ ︽ᠦᠯᠭᠡ ᠪᠠ ᠠᠷᠤ ᠬᠡᠮᠡᠭᠰᠡᠨ ᠨᠢ ᠬᠢᠩᠭᠠᠨ | ᠨᠢᠷᠤᠭᠤ ᠪᠠᠷ ᠭᠤᠤᠯ ᠪᠤᠯᠭᠠᠨ ᠦᠭᠦᠯᠡᠵᠦ ᠪᠤᠢ︾ ︵1990᠂ 3︶ ᠭᠡᠰᠡᠨ ᠪᠠᠶᠢᠨ᠎ᠠ᠃ | ᠰᠤᠷᠪᠤᠯᠵᠢ ᠪᠢᠴᠢᠭ ᠤᠨ ᠮᠡᠳᠡᠭᠡᠨ ᠠᠴᠠ ᠦᠵᠡᠪᠡᠯ᠂ ᠦᠵᠦᠮᠦᠴᠢᠨ ᠠᠶᠢᠮᠠᠭ ᠭᠡᠬᠦ ᠨᠡᠷᠡᠶᠢᠳᠦᠯ ᠤᠨ ᠡᠭᠦᠰᠦᠯ | ᠨᠢ ᠠᠷᠪᠠᠨ ᠵᠢᠷᠭᠤᠳᠤᠭᠠᠷ ᠰᠡᠭᠦᠯᠴᠢ ᠦᠶ᠎ᠡ ᠶᠢᠨ ᠤᠩᠭᠤᠨ ᠲᠤᠷᠠᠯ ᠨᠤᠶᠠᠨ ᠤ ᠦᠶ᠎ᠡ ᠳᠤ ᠪᠤᠢ ᠪᠤᠯᠤᠭᠰᠠᠨ ᠪᠢᠰᠢ | ᠠᠷᠪᠠᠨ ᠭᠤᠷᠪᠠᠳᠤᠭᠠᠷ ᠵᠠᠭᠤᠨ ᠤ ᠡᠬᠢ ᠪᠠᠷ ᠴᠢᠩᠬᠢᠰ ᠬᠠᠭᠠᠨ ᠤ ᠪᠠᠶᠢᠭᠤᠯᠤᠭᠰᠠᠨ ᠶᠡᠭᠡ ᠮᠤᠩᠭᠤᠯ ᠤᠨ ᠦᠶᠡᠰ | ᠨᠢᠭᠡᠨ ᠪᠠᠭ᠎ᠠ ᠠᠶᠢᠮᠠᠭ ᠢ ᠤᠭᠰᠠᠭᠠᠳᠠᠨ ᠤ ᠪᠠᠶᠢᠭᠤᠯᠤᠮᠵᠢ ᠪᠠᠷ ᠢᠯᠡᠷᠡᠵᠦ ᠪᠠᠶᠢᠵᠠᠢ᠃ | ᠤᠩᠭᠤᠨ ᠲᠤᠷᠠᠯ ᠨᠤᠶᠠᠨ ᠦᠪᠡᠷ ᠤᠨ ᠬᠠᠷᠢᠶᠠᠳᠤ ᠠᠶᠢᠮᠠᠭ ᠢᠶᠠᠨ ᠬᠡᠮᠡᠨ ᠨᠡᠷᠡᠶᠢᠳᠴᠠᠢ ᠭᠡᠰᠡᠨ ᠨᠢ | ᠦᠵᠦᠮᠦᠴᠢᠨ ᠬᠡᠮᠡᠬᠦ ᠨᠡᠷᠡᠶᠢᠳᠦᠯ ᠰᠢᠨ᠎ᠡ ᠪᠠᠷ ᠡᠭᠦᠰᠴᠤ ᠪᠤᠢ ᠪᠤᠯᠤᠭᠰᠠᠨ ᠶᠠᠪᠤᠳᠠᠯ ᠬᠠᠷᠠᠬᠠᠨ ᠪᠢᠰᠢ ᠪᠦᠭᠡᠳ | ᠦᠵᠦᠮ ᠤᠨ ᠴᠠᠭᠠᠨ ᠠᠭᠤᠯᠠᠨ ᠳᠤ ᠨᠤᠲᠤᠭᠯᠠᠵᠦ ᠪᠠᠶᠢᠭᠰᠠᠨ ᠤᠤᠯ ᠤᠨ ᠭᠠᠵᠠᠷ ᠤᠷᠤᠨ᠂ ᠡᠷᠬᠢᠯᠡᠵᠦ ᠪᠠᠶᠢᠭᠰᠠᠨ | ᠠᠵᠢᠯ ᠲᠦᠷᠦᠯ ᠤᠨ ᠨᠡᠷᠡᠶᠢᠳᠦᠯ ᠠᠴᠠ ᠪᠠᠨ ᠵᠠᠰᠠᠭ ᠵᠠᠬᠢᠷᠭᠠᠨ ᠤ ᠨᠢᠭᠡᠴᠡ ᠪᠤᠯᠤᠨ ᠤᠯᠠᠮᠵᠢᠯᠠᠯᠳᠤ ᠨᠡᠷ᠎ᠡ ᠪᠠᠨ | ᠰᠡᠷᠭᠦᠭᠡᠨ ᠬᠡᠷᠡᠭᠯᠡᠭᠰᠡᠨ ᠪᠤᠯᠪᠠᠤ ᠭᠡᠵᠦ ᠦᠵᠡᠮᠡᠷ ᠪᠠᠶᠢᠭ᠎ᠠ ᠶᠤᠮ᠃ | ᠦᠵᠦᠮᠦᠴᠢᠨ ᠬᠡᠮᠡᠬᠦ ᠨᠡᠷᠡᠶᠢᠳᠦᠯ ᠤᠨ ᠲᠠᠯ᠎ᠠ ᠪᠠᠷ ᠰᠤᠳᠤᠯᠠᠭᠠᠴᠢᠳ ᠶᠠᠩᠵᠦ ᠪᠦᠷᠢ ᠶᠢᠨ ᠰᠠᠨᠠᠯ᠂ ᠲᠠᠭᠠᠮᠠᠭ | ᠲᠡᠪᠰᠢᠭᠦᠯᠦᠭᠰᠡᠭᠡᠷ ᠢᠷᠡᠵᠡᠢ᠃ ᠤᠷᠤᠰ ᠤᠨ ᠨᠡᠷᠡᠳᠦ ᠰᠢᠨᠵᠢᠭᠡᠴᠢ ᠢ᠊᠂ ᠲᠢᠮᠤᠺᠤᠪᠰᠺᠢᠨ ︽1820 —1821 | ᠤᠨ ᠳᠤ ᠮᠤᠩᠭᠤᠯ ᠢ ᠲᠠᠭᠠᠷᠢᠵᠦ ᠬᠢᠳᠡᠳ ᠲᠤ ᠠᠶᠠᠯᠠᠭᠰᠠᠨ ᠨᠢ︾ ᠭᠡᠳᠡᠭ ᠵᠤᠬᠢᠶᠠᠯ ᠳᠠᠭᠠᠨ ᠲᠡᠷᠡ ᠦᠶ᠎ᠡ ᠶᠢᠨ | ᠦᠵᠦᠮᠦᠴᠢᠨ ᠤ ᠲᠤᠬᠠᠢ ᠲᠤᠪᠴᠢ ᠦᠭᠦᠯᠡᠵᠦ᠂ ᠦᠵᠦᠮᠦᠴᠢᠨ ᠭᠡᠳᠡᠭ ᠨᠢ ︽ᠦᠵᠡᠮᠦᠷᠴᠢ︾᠂ ︽ᠦᠵᠡᠮᠦᠷᠴᠢᠨ︾ | ︵1924᠂ 254︶ ᠭᠡᠵᠦ ᠲᠡᠮᠳᠡᠭᠯᠡᠭᠰᠡᠨ ᠪᠤᠯ ᠠᠺᠠᠳᠧᠮᠢᠴᠢ ᠪ᠊᠂ ᠷᠢᠨᠴᠢᠨ ︽ᠮᠤᠩᠭᠤᠯ ᠪᠢᠴᠢᠭ ᠤᠨ ᠬᠡᠯᠡᠨ ᠤ | ᠵᠦᠢ︾ ᠭᠤᠳᠠᠭᠠᠷ ᠲᠡᠪᠳᠡᠷ ᠲᠡᠭᠡᠨ ︽ᠦᠵᠦᠮᠦᠴᠢᠨ ᠭᠡᠳᠡᠭ ᠨᠢ ᠦᠵᠡᠮᠵᠢ ᠬᠠᠷᠠᠬᠤ ᠶᠢᠨ ︽ᠦᠵᠡᠮᠨᠷᠴᠢ︾ ᠭᠡᠳᠡᠭ | ᠦᠭᠡ ᠠᠴᠠ ᠡᠭᠦᠰᠦᠯᠳᠡᠢ᠂ ᠤᠭ ᠲᠠᠭᠠᠨ ᠦᠵᠡᠮᠡᠷᠴᠢᠨ ᠪᠠᠶᠢᠭᠰᠠᠨ ᠢᠶᠠᠨ ᠦᠵᠦᠮᠴᠢᠨ ᠪᠤᠯᠤᠨ ᠰᠤᠨᠵᠢᠷᠠᠵᠠᠢ︾ ︵ | 2007᠂ 187︶ ᠭᠡᠵᠡᠢ᠃ ᠮᠦᠨ ᠦᠵᠡᠮᠵᠢ ᠲᠠᠢ ᠰᠢᠯᠢᠮᠠᠯ ᠭᠡᠰᠡᠨ ᠦᠭᠡ ᠶᠢᠨ ᠦᠨᠳᠦᠰᠦ ᠢᠵᠠᠭᠤᠷ ᠢ | ᠬᠦᠭᠡᠭᠡᠵᠦ ᠪᠢᠴᠢᠭᠰᠡᠨ ᠲᠠᠠᠭᠠᠮᠠᠭᠯᠠᠯ ᠪᠤᠯᠬᠤ ᠠᠴᠠ ᠪᠤᠳᠠᠳᠤ ᠲᠡᠤᠬᠡ ᠠᠴᠠ ᠡᠭᠦᠳᠦᠯᠳᠡᠢ ᠨᠤᠳᠠᠯᠠᠭ᠎ᠠ ᠬᠠᠷᠠᠬᠠᠨ ᠪᠢᠰᠢ | ᠪᠤᠯᠤᠯᠳᠠᠢ᠃ | ᠡᠷᠳᠡᠮᠳᠡᠨ ᠵ᠊᠂ ᠭᠤᠨᠴᠤᠭᠵᠠᠪ ︽ᠮᠤᠩᠭᠤᠯ ᠬᠤᠨᠢ︾ ᠪᠦᠳᠦᠭᠡᠯ ᠳᠡᠭᠡᠨ ᠦᠵᠦᠮᠦᠴᠢᠨ ᠬᠤᠨᠢ ᠶᠢ ᠲᠠᠯ᠎ᠠ | ᠪᠦᠷᠢ ᠠᠴᠠ ᠨᠢ ᠠᠵᠢᠭᠯᠠᠨ ᠰᠤᠳᠤᠯᠤᠭᠰᠠᠨ ᠤ ᠵᠡᠷᠭᠡᠴᠡᠭᠡ ᠦᠵᠦᠮᠦᠴᠢᠨ ᠭᠡᠳᠡᠭ ᠦᠭᠡ ᠶᠢᠨ ᠭᠠᠷᠤᠯ ᠬᠢᠭᠡᠳ | ᠲᠡᠳᠡᠨ ᠤ ᠠᠮᠢᠳᠤᠷᠠᠵᠦ ᠢᠷᠡᠭᠰᠡᠨ ᠭᠠᠵᠠᠷ ᠤᠷᠤᠨ ᠢ ᠲᠤᠲᠤᠷᠠᠭᠤᠯᠤᠨ ᠭᠠᠷᠭᠠᠭᠰᠠᠨ ᠪᠠᠶᠢᠨ᠎ᠠ᠃ | ︵ᠳ᠋᠊ ᠨᠠᠷᠠᠨᠴᠡᠴᠡᠭ᠂ ᠳ᠋᠊ ᠲᠤᠯᠭᠠᠷᠰᠦ᠋ᠷᠦᠩ ︽ᠦᠵᠦᠮᠦᠴᠢᠨ ᠤ ᠲᠡᠤᠬᠡ ᠰᠤᠶᠤᠯ ᠤᠨ ᠤᠶᠢᠯᠠᠯᠭ᠎ᠠ︾︶ | ᠡᠷᠳᠡᠨᠢᠴᠠᠭᠠᠨ ᠰᠤᠮᠤᠨ ᠤ ᠤᠶᠢᠯᠠᠯᠭ᠎ᠠ ︽ᠬᠠᠮᠢᠭ᠎ᠠ ᠠᠴᠠ ᠴᠤ ᠬᠠᠷᠠᠳᠠᠭ ᠬᠠᠨ ᠠᠭᠤᠯᠠ ᠮᠢᠨᠢ︾ ᠭᠡᠬᠦ ᠨᠤᠮ ᠠᠴᠠ | ᠤᠷᠢᠶᠠᠩᠬᠠᠨ ᠤ᠂ ᠶᠤᠨᠳᠤᠨ ᠰᠢᠨ᠎ᠡ ᠮᠤᠩᠭᠤᠯ ᠠᠴᠠ ᠲᠡᠭᠦᠪᠦᠷᠢᠯᠡᠨ ᠬᠦᠷᠪᠡᠭᠦᠯᠪᠠᠢ᠃ |