| ᠬᠡᠷᠦᠯᠦᠨ ᠤ ᠬᠦᠪᠡᠭᠡᠨ ᠳᠠᠬᠢ ᠬᠦᠳᠡᠭᠡ ᠨᠠᠶᠢᠷ | — ᠲᠤᠷᠤᠨᠠᠳᠦ ᠠᠶᠢᠮᠠᠭ ᠤᠨ ᠰᠡᠷᠭᠦᠯᠡᠩ ᠰᠤᠮᠤᠨ ᠤ | ᠨᠠᠶᠢᠷ ᠤᠨ ᠵᠠᠯᠠᠯᠭ᠎ᠠ ᠳᠤ ᠠᠶᠠᠯᠠᠭᠰᠠᠨ ᠳᠡᠮᠳᠡᠭᠯᠡᠯ | | ᠴᠠᠭᠠᠨ ᠪᠠᠷᠰ ᠵᠢᠯ ᠤᠨ ᠳᠡᠯᠭᠡᠷ ᠵᠤᠨ ᠤ ᠲᠤᠮᠳᠠ ᠰᠠᠷ᠎ᠠ ᠶᠢᠨ ᠰᠢᠷᠠᠭᠴᠢᠨ ᠬᠤᠨᠢᠨ ᠢᠪᠡᠭᠡᠯᠳᠦ ᠡᠳᠦᠷ᠃ | ᠤᠯᠢᠶᠠᠰᠤᠳᠠᠢ ᠶᠢᠨ ᠲᠡᠭᠷᠢ ᠴᠡᠯᠮᠡᠭ ᠬᠠᠯᠠᠭᠤᠨ᠂ ᠡᠨᠡ ᠡᠳᠦᠷ ᠮᠤᠩᠭᠤᠯ ᠤᠯᠤᠰ ᠤᠨ ᠲᠤᠷᠤᠨᠠᠳᠦ ᠠᠶᠢᠮᠠᠭ ᠤᠨ | ᠰᠡᠷᠭᠦᠯᠡᠩ ᠰᠤᠮᠤᠨ ᠤ ᠵᠠᠰᠠᠭ ᠳᠠᠷᠤᠭ᠎ᠠ ᠭᠦᠷᠷᠠᠭᠴᠠ ᠶᠢᠨ ᠨᠠᠶᠢᠷ ᠤᠨ ᠤᠷᠢᠯᠭ᠎ᠠ ᠪᠠᠷ ᠤᠯᠤᠰ ᠲᠦᠷᠦ ᠶᠢᠨ | ᠵᠦᠪᠯᠡᠯᠭᠡᠨ ᠤ ᠳᠡᠳ᠋ ᠲᠡᠷᠢᠭᠦᠯᠡᠭᠴᠢ ᠳᠡᠮᠴᠤᠭ ᠢᠶᠠᠷ ᠳᠠᠷᠤᠭᠠᠯᠠᠭᠤᠯᠤᠭᠰᠠᠨ ᠮᠠᠨ ᠤ ᠬᠤᠰᠢᠭᠤᠨ ᠤ | ᠲᠦᠯᠦᠭᠡᠯᠡᠭᠴᠢᠳ ᠤᠨ ᠪᠦᠯᠬᠦᠮ ᠤᠮᠠᠷ᠎ᠠ ᠵᠦᠭ ᠮᠤᠷᠳᠠᠯ᠎ᠠ᠂ ᠬᠠᠳᠠᠪᠴᠢ ᠪᠤᠭᠤᠮᠳᠠ ᠶᠢ ᠳᠠᠪᠠᠭ᠋ᠤ ᠳᠤ ᠡᠪᠦᠭᠡᠨ | ᠤᠪᠤᠭ᠎ᠠ ᠶᠢᠨ ᠬᠡᠶᠢᠮᠦᠷᠢ᠂ ᠬᠤᠷᠭᠤ ᠠᠭᠤᠯᠠ ᠶᠢᠨ ᠰᠦᠷ ᠡᠬᠡ ᠤᠷᠤᠨ ᠤ ᠮᠠᠨᠢ ᠠᠭᠤᠯᠠᠰ ᠳᠠᠯ᠎ᠠ ᠶᠢᠨ ᠤᠨᠢᠶᠠᠷ | ᠲᠠᠢ ᠪᠠᠨ ᠴᠡᠩᠭᠡᠷᠯᠡᠨ ᠦᠳᠡᠵᠦ ᠪᠠᠶᠢᠯ᠎ᠠ᠃ ᠮᠠᠨ ᠤ ᠭᠤᠷᠪᠡᠨ ᠳᠡᠷᠭᠡ ᠪᠢᠴᠢᠭᠳᠦ ᠪᠤᠭᠤᠮᠳᠡ ᠶᠢ ᠦᠩᠭᠡᠷᠡᠬᠦ ᠳᠤ | ᠵᠠᠩᠵᠤᠨ ᠠᠭᠤᠯᠠ ᠤᠭᠳᠤᠨ ᠡᠩᠭᠡᠷᠯᠡᠵᠦ᠂ ᠭᠠᠴᠤᠯᠠᠩ ᠤᠨ ᠵᠠᠮ ᠰᠠᠷᠠᠭᠤᠯᠬᠠᠨ ᠳᠠᠯ᠎ᠠ ᠶᠢᠨ ᠭᠦᠨ ᠳᠤ ᠰᠢᠷᠭᠤᠨ᠎ᠠ᠃ | ᠬᠡᠳᠦᠨ ᠵᠠᠭᠤᠨ ᠤ ᠭᠠᠵᠠᠷ ᠶᠠᠪᠤᠭᠰᠠᠨ ᠴᠤ ᠰᠠᠷᠠᠭᠤᠯ ᠳᠠᠯ᠎ᠠ ᠮᠦᠨ ᠯᠠ ᠦᠷᠭᠦᠯᠵᠢᠯᠡᠭᠰᠡᠭᠡᠷ᠃ ᠡᠨᠡ ᠦᠨᠡᠬᠡᠷ | ᠦᠵᠦᠮᠦᠴᠢᠨ ᠤ ︿︿ᠵᠤᠩᠬᠢᠷ ᠯᠤᠤᠵᠠᠢ ᠶᠢᠨ ᠰᠢᠯᠢ﹀﹀ ᠭᠡᠬᠦ ᠤᠷᠳᠦ ᠶᠢᠨ ᠳᠠᠭᠤᠤ ᠳᠤ ᠭᠠᠷᠳᠠᠭ ︽ᠬᠠᠯᠬ᠎ᠠ ᠯᠤᠤᠵᠠᠢ︾ | ᠶᠢᠨ ᠰᠢᠯᠢ ᠨᠢ ᠮᠦᠨ ᠪᠠᠶᠢᠬᠤ ᠭᠡᠵᠦ ᠪᠢ ᠲᠤᠲᠤᠷ᠎ᠠ ᠪᠠᠨ ᠰᠡᠳᠭᠢᠨᠡ᠄ | ︽ ᠵᠤᠩᠬᠢᠷ ᠯᠤᠤᠵᠠᠢ ᠶᠢᠨ ᠰᠢᠯᠢ ᠶᠢ ᠪᠠᠨ᠂ ᠲᠡᠷᠭᠡᠭᠦᠯᠵᠦ ᠶᠠᠭᠠᠬᠢᠵᠦ ᠯᠡ ᠲᠤᠭᠤᠯᠬᠤ ᠪᠤᠢ ᠳ᠋ᠠ | ᠵᠢᠩᠬᠢᠨᠢ ᠠᠮᠠᠷᠠᠭ ᠳᠡᠭᠦᠤ ᠶᠢ ᠪᠠᠨ᠂ ᠵᠠᠶᠢᠳᠠᠭᠤᠯᠵᠦ ᠶᠠᠭᠠᠬᠢᠵᠦ ᠯᠡ ᠤᠷᠬᠢᠨ᠎ᠠ ᠪᠤᠢ ᠳ᠋ᠡ | ᠬᠠᠯᠬ᠎ᠠ ᠯᠤᠤᠵᠠᠢ ᠶᠢᠨ ᠰᠢᠯᠢ ᠶᠢ ᠪᠠᠨ ᠭᠠᠩᠬᠠᠭᠤᠯᠵᠦ ᠶᠠᠭᠠᠬᠢᠵᠦ ᠯᠠ ᠲᠤᠭᠤᠯᠬᠤ ᠪᠤᠢ ᠳ᠋ᠡ | ᠭᠠᠭᠴᠠᠬᠠᠨ ᠬᠠᠶᠢᠷᠠᠳᠠᠢ ᠲᠡᠭᠦᠤ ᠶᠢ ᠪᠠᠨ᠂ ᠭᠠᠩᠰᠠᠷᠠᠭᠤᠯᠵᠦ ᠶᠠᠭᠠᠬᠢᠵᠦ ᠯᠡ ᠤᠷᠬᠢᠬᠤᠪ ᠳ᠋ᠡ︾ ᠭᠡᠵᠦ | ᠦᠵᠦᠮᠦᠴᠢᠨ ᠠᠷᠠᠳ ᠤᠨ ᠤᠷᠳᠦ ᠶᠢᠨ ᠲᠠᠭᠤᠤ ᠶᠢᠨ ᠬᠦᠨ ᠤᠳᠬ᠎ᠠ ᠲᠡᠤᠬᠡ ᠶᠢᠨ ᠮᠦᠷ ᠢ ᠳᠠᠮᠠᠭᠠᠯᠠᠨ᠂ ᠤᠶᠠᠩᠭ᠎ᠠ | ᠡᠭᠡᠰᠢᠭ ᠢᠶᠠᠷ ᠢᠶᠠᠨ ᠤᠭᠤᠷᠠᠭ ᠳᠠᠷᠢᠬᠢᠨ ᠳᠤ ᠬᠠᠷᠢᠭᠤ ᠰᠤᠷᠠᠭ ᠢᠶᠠᠷ ᠢᠪᠡᠯᠦᠨᠡ᠃ | ᠵᠡᠭᠦᠨᠰᠢ ᠰᠢᠯᠢ ᠶᠢᠨ ᠲᠤᠮᠳᠠ ᠬᠦᠬᠡᠷᠡᠨ ᠪᠤᠢ ᠠᠭᠤᠯᠠ ᠶᠢ ︿︿ᠬᠠᠯᠬ᠎ᠠ ᠴᠠᠭᠠᠨ ᠠᠭᠤᠯᠠ﹀﹀ ᠭᠡᠵᠦ | ᠳᠠᠮᠴᠤᠭ ᠭᠤᠸᠠᠢ ᠵᠢᠭᠠᠵᠦ ᠶᠠᠷᠢᠨ᠎ᠠ᠂ ᠡᠷᠳᠡ ᠴᠠᠭ ᠲᠤ ᠦᠵᠦᠮᠦᠴᠢᠨ ᠤ ᠪᠦᠭᠡᠨᠡᠷ ᠠᠶᠢᠮᠠᠭ ᠮᠤᠩᠭᠤᠯ ᠤᠨ ᠠᠷᠤ | ᠬᠠᠩᠭᠠᠢ ᠠᠴᠠ ᠨᠡᠭᠦᠵᠦ ᠢᠷᠡᠬᠦ ᠳᠤ ᠡᠨᠡ ᠬᠠᠯᠬ᠎ᠠ ᠴᠠᠭᠠᠨ ᠠᠭᠤᠯᠠᠨ ᠳᠤ ᠪᠠᠶᠢᠵᠦ ᠪᠠᠶᠢᠭᠠᠳ ᠦᠵᠦᠮᠦᠴᠢᠨ | ᠨᠤᠲᠤᠭ ᠲᠤ ᠨᠡᠭᠦᠵᠦ ᠢᠷᠡᠯ᠎ᠠ ᠭᠡᠳᠡᠭ᠂ ᠮᠠᠨᠠᠶᠢᠬᠢᠨ ᠤ ᠳᠡᠭᠡᠳᠦᠰ ᠡᠨᠡ ᠬᠠᠪᠢ ᠪᠠᠷ ᠮᠠᠯᠵᠢᠵᠦ ᠪᠠᠶᠢᠭᠰᠠᠨ ᠪᠠᠶᠢᠨ᠎ᠠ | ᠰᠢᠤ ᠭᠡᠵᠦ ᠪᠢ ᠦᠭᠡ ᠦᠷᠭᠦᠯᠵᠢᠯᠡᠭᠦᠯᠦᠨ᠎ᠠ᠂ ᠪᠢᠳᠡᠨ ᠲᠠᠢ ᠬᠠᠮᠳᠦ ᠨᠠᠶᠠᠨ ᠲᠤᠯᠤᠭᠠᠳᠠᠢ ᠶᠡᠭᠡ ᠨᠠᠰᠤᠳᠠᠨ | ᠬᠠᠪᠬᠠᠴᠢᠨ ᠤᠪᠤᠭᠳᠦ ᠤᠳᠤᠰᠦᠷᠦᠩ ᠡᠵᠢ ᠶᠠᠪᠤᠵᠦ ᠪᠠᠶᠢᠭ᠎ᠠ ᠲᠤᠯᠠ ᠦᠳᠡ ᠪᠤᠯᠬᠤ ᠪᠠᠷ ᠲᠡᠷᠭᠡ ᠵᠤᠭᠰᠤᠵᠦ | ᠨᠠᠰᠤᠳᠠᠨ ᠳᠤ ᠴᠠᠢ ᠤᠤᠭᠤᠯᠭᠠᠵᠦ ᠦᠳᠡᠯᠡᠬᠦ ᠭᠡᠬᠦ ᠳᠤ ᠲᠡᠷᠡ ᠪᠠᠷ ︿︿ᠶᠠᠭᠤ ᠶᠢ ᠨᠢ ᠦᠳᠡᠯᠡᠬᠦ ᠪᠤᠢ᠂ ᠵᠠᠮ ᠢᠶᠠᠨ | ᠬᠤᠷᠤᠭᠠᠭᠰᠠᠨ ᠨᠢ ᠳᠡᠭᠡᠷ᠎ᠡ ᠪᠠᠶᠢᠬᠤ﹀﹀᠂ ︿︿ᠲᠠ ᠵᠢᠳᠭᠦᠵᠦ ᠪᠠᠶᠢᠬᠤ ᠦᠭᠡᠢ ᠤᠤ﹀﹀ ᠭᠡᠪᠡᠯ ︿︿ᠰᠠᠶ᠋ᠢᠬᠠᠨ ᠭᠠᠷᠴᠤ | ᠢᠷᠡᠴᠢᠭᠡᠳ ᠶᠠᠭᠤᠨ ᠳᠤ ᠵᠢᠳᠭᠦᠬᠦ ᠶᠤᠮ﹀﹀ ᠭᠡᠵᠦ ᠢᠨᠢᠶᠡᠮᠰᠦᠭᠯᠡᠨ ᠬᠡᠯᠡᠨ᠎ᠡ᠂ ᠨᠠᠰᠤᠳᠠᠨ ᠦᠨᠡᠬᠡᠷ ᠪᠡᠶ᠎ᠡ ᠬᠦᠩᠭᠡᠨ | ᠳᠡᠩᠬᠡᠬᠡ ᠰᠠᠶᠢᠨ ᠪᠠᠶᠢᠨ᠎ᠠ᠂ ᠪᠢᠳᠡ ᠪᠠᠶᠠᠷᠳᠠᠢ ᠪᠠᠷ ᠰᠢᠯᠢ ᠶᠢᠨ ᠵᠠᠮ ᠢᠶᠠᠷ ᠦᠷᠭᠦᠯᠵᠢᠯᠡᠨ ᠳᠠᠪᠬᠢᠭᠤᠯᠤᠨ᠎ᠠ᠂ ᠤᠶᠢᠷ᠎ᠠ | ᠬᠠᠪᠢ ᠬᠡᠳᠤᠨ ᠵᠠᠭᠤᠨ ᠭᠠᠵᠠᠷ ᠨᠡᠯᠤᠶᠢᠮᠡ᠂ ᠬᠠᠷᠠᠭ᠎ᠠ ᠴᠢᠯᠡᠭᠡᠮᠡ ᠲᠠᠯ᠎ᠠ ᠳᠤ ᠠᠭᠤᠯᠡ ᠴᠤ ᠦᠭᠡᠢ ᠤᠰᠤ ᠴᠤ | ᠠᠯᠠᠭ᠎ᠠ᠂ ᠵᠤᠨ ᠤ ᠰᠢᠳᠠᠭᠠᠮ᠎ᠠ ᠬᠠᠯᠠᠭᠤᠨ ᠨᠠᠷᠠᠨ ᠤ ᠢᠯᠴᠢᠨ ᠳᠤ ᠤᠷᠭᠤᠭᠰᠠᠨ ᠪᠡᠯᠴᠢᠭᠡᠷ ᠰᠢᠳᠠᠨ ᠭᠠᠩᠳᠠᠵᠦ | ᠬᠠᠯᠳᠤᠷᠯᠠᠭᠰᠠᠭᠠᠷ ᠰᠢᠯᠢ ᠶᠢᠨ ᠴᠡᠩᠭᠡᠷ ᠵᠡᠷᠭᠡᠯᠭᠡᠨ ᠲᠠᠢ ᠵᠠᠯᠭᠠᠵᠠᠢ᠃ ᠡᠨᠡ ᠠᠭᠤᠳᠠᠮ ᠲᠠᠯ᠎ᠠ ᠰᠢᠯᠢ ᠴᠤ ᠪᠠᠰᠠ ᠯᠡ | ᠭᠠᠩᠳᠠᠵᠠᠢ᠂ ᠶᠠᠳᠠᠬᠤ ᠳᠤ ᠵᠡᠭᠡᠷ᠎ᠡ ᠶᠢᠨ ᠪᠠᠷ᠎ᠠ ᠴᠤ ᠦᠵᠡᠭᠳᠡᠬᠦ ᠦᠭᠡᠢ ᠶᠤᠮ ᠪᠢᠯᠡ᠃ ᠬᠤᠶᠢᠰᠢ ᠰᠤᠨᠤᠯᠵᠠᠭᠰᠠᠨ | ᠲᠤᠰᠤᠨ ᠠᠭᠤᠷᠬᠠᠢ ᠶᠢᠨ ᠵᠠᠰᠠᠮᠠᠯ ᠵᠠᠮ ᠢᠶᠠᠷ ᠶᠠᠪᠤᠭᠰᠠᠭᠠᠷ ᠵᠠᠮ ᠵᠠᠰᠠᠬᠤ ᠠᠩᠭᠢ ᠶᠢᠨ ᠬᠢᠨ ᠤ ᠴᠠᠭᠠᠨ ᠱᠠᠨᠪᠤᠤ ᠭᠡᠷ | ᠴᠠᠶᠢᠯᠵᠠᠨ᠎ᠠ᠂ ᠲᠡᠷᠭᠡᠳᠡ ᠨᠢ ᠤᠯᠠᠨ ᠠᠴᠢᠶᠠᠨ ᠤ ᠮᠠᠰᠢᠨ ᠲᠡᠷᠭᠡ᠂ ᠰᠢᠷᠤᠢ ᠮᠠᠯᠳᠠᠵᠦ ᠲᠦᠯᠬᠢᠬᠦ ᠮᠠᠰᠢᠨ ᠨᠤᠭᠤᠳ | ᠬᠦᠷᠢᠶᠠᠯᠡᠨ ᠵᠤᠭᠰᠤᠨ᠎ᠠ᠂ ᠪᠢᠳᠡᠨ ᠢ ᠭᠡᠷ ᠤᠨ ᠬᠠᠵᠠᠭᠤ ᠳᠤᠨᠢ ᠬᠦᠷᠴᠤ᠂ ᠵᠠᠮ ᠠᠰᠠᠭᠤᠬᠤ ᠪᠠᠷ ᠭᠡᠷ ᠲᠤ | ᠤᠷᠤᠬᠤ ᠳᠤ ᠶᠠᠭ ᠦᠳᠡ ᠪᠤᠯᠵᠦ᠂ ᠠᠵᠢᠯᠴᠢᠳ ᠬᠤᠭᠤᠯᠠ ᠴᠠᠢ ᠪᠠᠨ ᠢᠳᠡᠵᠦ ᠤᠤᠭᠤᠵᠦ ᠪᠠᠶᠢᠪᠠ᠂ ᠲᠡᠳᠡ | ᠪᠦᠬᠦᠨ ᠢᠶᠠᠷ ᠢᠶᠠᠨ ᠬᠠᠯᠬ᠎ᠠ ᠮᠤᠩᠭᠤᠯᠴᠤᠳ ᠪᠠᠶᠢᠨ᠎ᠠ᠂ ᠮᠤᠩᠭᠤᠯ ᠵᠠᠩ ᠢᠶᠠᠷ ᠢᠶᠠᠨ ᠮᠡᠨᠳᠦᠴᠢᠯᠡᠭᠰᠡᠨ ᠢᠶᠠᠨ | ᠴᠤᠶᠢᠪᠠᠯᠰᠠᠩ ᠬᠤᠳᠠ ᠬᠦᠷᠬᠦ ᠤᠴᠢᠷ ᠢᠶᠠᠨ ᠬᠡᠯᠡᠭᠡᠳ ᠵᠠᠮ ᠠᠰᠠᠭᠤᠯ᠎ᠠ᠂ ᠲᠡᠭᠡᠬᠦ ᠳᠤ ᠲᠡᠳᠡ ᠦᠨᠡᠨᠴᠢ ᠴᠠᠭᠠᠬᠠᠨ | ᠵᠠᠩ ᠢᠶᠠᠷ ᠢᠶᠠᠨ ᠭᠠᠷᠴᠤ ᠢᠷᠡᠭᠡᠳ ᠪᠠᠷᠠᠭᠤᠨ ᠬᠤᠶᠢᠰᠢ ᠪᠠᠨ ᠵᠢᠭᠠᠵᠦ᠄ | — ᠤᠳᠤ ᠲᠠᠨᠠᠷ ᠵᠠᠮ ᠰᠠᠯᠬᠤ ᠪᠤᠯᠤᠯ᠎ᠠ ᠳ᠋ᠠ᠂ ᠲᠡᠷᠡ ᠬᠦᠬᠡᠷᠡᠵᠦ ᠪᠠᠶᠢᠭ᠎ᠠ ᠠᠭᠤᠯᠠ ᠶᠢᠨ ᠬᠤᠶᠢᠭᠤᠷ | ᠰᠢᠭ᠋ ᠴᠢᠭᠯᠡᠵᠦ ᠶᠠᠪᠤᠭᠠᠷᠠᠢ ︕ ᠭᠡᠬᠦ ᠶᠤᠮ᠂ ᠪᠢᠳᠡ ᠦᠭᠡ ᠵᠠᠯᠭᠠᠨ᠄ | — ᠲᠡᠷᠡ ᠬᠠᠷᠠᠭᠳᠠᠵᠦ ᠪᠠᠶᠢᠭ᠎ᠠ ᠠᠭᠤᠯᠠ ᠨᠢ ᠶᠠᠮᠠᠷ ᠨᠠᠷᠠ ᠲᠠᠢ ᠠᠭᠤᠯᠠ ᠪᠤᠯᠪᠠ︖ ᠭᠡᠬᠦᠶᠡ | — ᠲᠡᠷᠡ ᠠᠭᠤᠯᠠ ᠶᠢ ᠮᠠᠳᠠᠳ ᠬᠠᠨ ᠭᠡᠳᠡᠭ ᠭᠡᠬᠦ ᠶᠤᠮ᠂ ᠰᠢᠭᠤᠳ ᠵᠠᠮ ᠪᠠᠶᠢᠬᠤ ᠡᠰᠡᠬᠦ ᠶᠢ | ᠠᠰᠠᠭᠤᠬᠤ ᠳᠤ ᠲᠡᠷᠡ ᠬᠦᠮᠦᠨ ᠢᠶᠠᠷ᠄ | — ᠲᠠᠨᠠᠷ ᠢᠩᠭᠢᠭᠡᠳ ᠪᠠᠷᠠᠭᠤᠨ ᠬᠤᠶᠢᠰᠢ ᠰᠠᠯᠤᠭᠠᠳ ᠭᠠᠷᠪᠠᠯ ᠮᠠᠳᠠᠳ ᠰᠤᠮᠤᠨ ᠳᠤ ᠬᠦᠷᠬᠦ ᠶᠡᠭᠡ ᠵᠠᠮ | ᠲᠠᠭᠠᠷᠠᠨ᠎ᠠ᠃ | ᠪᠢᠳᠡ ᠵᠠᠮ ᠢᠶᠠᠨ ᠠᠰᠠᠭᠤᠭᠠᠳ ᠵᠢᠭᠠᠭᠰᠠᠨ ᠶᠤᠰᠤᠭᠠᠷ ᠲᠡᠷᠭᠡ ᠬᠦᠳᠡᠯᠪᠡ᠂ ᠲᠡᠷᠡ ᠬᠦᠬᠡᠷᠤᠨ ᠪᠤᠢ ᠮᠠᠳᠠᠳ | ᠠᠭᠤᠯᠠ ᠪᠠᠰᠠᠴᠤ ᠬᠤᠯᠠ ᠪᠠᠶᠢᠨ᠎ᠠ ᠳ᠋ᠠ᠂ ᠵᠤᠳᠠᠯ ᠬᠠᠨ᠂ ᠲᠠᠷᠬᠠᠨ ᠬᠠᠨ᠂ ᠮᠠᠳᠠᠳ ᠬᠠᠨ ᠢ ᠠᠬ᠎ᠠ ᠲᠡᠭᠦᠤ ᠭᠤᠷᠪᠠᠨ | ᠬᠠᠨ ᠭᠡᠳᠡᠭ ᠪᠦᠭᠡᠳ ᠤᠤᠯ ᠤᠨ ᠬᠠᠳᠠᠬᠢᠨ ᠬᠤᠰᠢᠭᠤ ᠶᠢᠨ ᠨᠤᠲᠤᠭ ᠪᠠᠶᠢᠭᠰᠠᠨ ᠲᠤᠬᠠᠢ ᠶᠡᠷᠢᠯᠴᠠᠭᠰᠠᠭᠠᠷ ᠵᠡᠮ ᠢᠶᠠᠨ | ᠦᠷᠭᠦᠯᠵᠢᠯᠡᠭᠦᠯᠦᠨ᠎ᠡ᠃ ᠲᠤᠭᠤᠷᠢᠮ ᠤᠨ ᠲᠠᠯ᠎ᠠ ᠶᠢ ᠲᠤᠭᠤᠯᠬᠤ ᠳᠤ ᠦᠳᠡ ᠦᠩᠭᠡᠷᠡᠪᠡ᠂ ᠪᠠᠭᠠᠨ᠎ᠠ ᠶᠢᠨ | ᠭᠤᠪᠢ ᠶᠢᠨ ᠪᠠᠷᠠᠭᠤᠨ ᠲᠡᠨᠵᠢᠨ ᠳᠡᠭᠡᠷ᠎ᠡ ᠵᠤᠰᠠᠵᠦ ᠪᠠᠶᠢᠭ᠎ᠠ ᠮᠦᠩᠬᠡᠳᠠᠮᠠᠭᠠ ᠶᠢᠨ ᠭᠡᠬᠦ ᠠᠶᠢᠯ ᠠᠴᠠ ᠵᠠᠮ ᠰᠤᠷᠠᠨ | ᠶᠠᠪᠤᠭᠰᠠᠭᠠᠷ ᠪᠦᠷᠢᠳᠦᠨ ᠭᠤᠤᠯ ᠢ ᠭᠡᠳᠦᠯᠦᠨ ᠶᠡᠭᠡ ᠬᠦᠷ ᠢ ᠲᠤᠭᠤᠯᠬᠤᠶᠠ ᠲᠠᠯ᠎ᠠ ᠶᠢ ᠪᠦᠷᠬᠦᠭᠰᠡᠨ ᠵᠡᠭᠡᠷ᠎ᠡ ᠶᠢᠨ | ᠰᠦᠷᠦᠭ ᠰᠢᠷᠭᠠᠯᠳᠤᠨ ᠭᠦᠶᠦᠬᠦ ᠲᠠᠭᠠᠷᠠᠯᠳᠤᠪᠠ᠂ ᠶᠠᠭ ᠰᠢᠷᠠᠭᠴᠢᠨ ᠢᠨᠵᠠᠭᠠᠯᠠᠬᠤ ᠦᠶ᠎ᠡ ᠲᠠᠭᠠᠷᠠᠭᠰᠠᠨ ᠢᠶᠠᠷ ᠤᠯᠠᠨ | ᠨᠢᠯᠬ᠎ᠠ ᠢᠨᠵᠠᠭ᠎ᠠ ᠡᠬᠡ ᠪᠠᠨ ᠲᠠᠭᠠᠵᠦ ᠭᠦᠶᠦᠯᠳᠦᠨ᠎ᠡ᠂ ᠨᠢᠭᠡ ᠢᠨᠵᠠᠭ᠎ᠠ ᠰᠦᠷᠦᠭ ᠠᠴᠠ ᠪᠠᠨ ᠰᠠᠯᠤᠨ ᠭᠦᠶᠦᠬᠦ ᠨᠢ | ᠲᠡᠷᠡ᠃ ᠡᠨᠡ ᠪᠤᠯ ᠰᠠᠶ᠋ᠢ ᠬᠦᠳᠡᠭᠡ ᠰᠢᠯᠢ ᠶᠢᠨ ᠦᠨᠡᠨ ᠲᠦᠷᠬᠦ ᠶᠤᠮ᠂ ᠦᠨᠡᠬᠡᠷ ᠨᠢᠳᠦ ᠶᠢ ᠪᠠᠶᠠᠰᠬᠠᠮ᠎ᠠ | ᠪᠠᠶᠢᠭᠠᠯᠢ ᠶᠢᠨ ᠦᠵᠡᠮᠵᠢ ᠡ᠂ ᠦᠩᠭᠡᠷᠡᠭᠰᠡᠨ ᠬᠤᠷᠢᠳᠤᠭᠠᠷ ᠵᠠᠭᠤᠨ ᠤ ᠲᠠᠯᠠᠭᠠᠳ ᠤᠨ ᠳᠤ ᠮᠠᠨᠠᠶᠢᠬᠢᠨ ᠤ | ᠦᠵᠦᠮᠦᠴᠢᠨ ᠳᠠᠯ᠎ᠠ ᠳᠤ ᠴᠤ ᠵᠡᠭᠡᠷ᠎ᠡ ᠶᠢᠨ ᠰᠦᠷᠦᠭ ᠤᠳ ᠲᠠᠪᠤᠨ ᠬᠤᠰᠢᠭᠤ ᠮᠠᠯ ᠲᠠᠢ ᠢᠵᠢᠯᠰᠢᠨ᠂ ᠭᠤᠤᠯ | ᠨᠠᠭᠤᠷ ᠠᠴᠠ ᠤᠮᠳᠠᠯᠠᠨ᠂ ︽ᠭᠦᠳ ᠭᠦᠳ︾ ᠭᠡᠭᠰᠡᠭᠡᠷ ᠳᠠᠭᠤ ᠪᠠᠨ ᠠᠪᠤᠯᠴᠠᠨ ᠶᠠᠪᠤᠵᠦ ᠪᠠᠶᠢᠭᠰᠠᠨ ᠡᠭᠡ | ᠪᠠᠶᠢᠭᠠᠯᠢ ᠶᠢᠨ ᠡᠶᠡᠰᠡᠭ ᠪᠦᠭᠡᠳ ᠭᠤᠶᠤᠮᠰᠤᠭ ᠪᠠᠶᠢᠳᠠᠯ ᠢ ᠠᠷᠭ᠎ᠠ ᠦᠭᠡᠢ ᠰᠠᠨᠠᠭᠳᠠᠭᠤᠯᠤᠨ᠎ᠠ᠂ ᠪᠠᠰᠠ ᠡᠷᠬᠡ ᠦᠬᠡᠢ | ᠤᠷᠠᠮᠰᠢᠭᠤᠯᠤᠨᠠ᠂ ᠤᠯᠠᠨ ᠢᠶᠠᠷ ᠰᠢᠷᠭᠠᠯ ᠵᠡᠭᠡᠷ᠎ᠡ ᠶᠢᠨ ᠭᠦᠰᠢᠷᠡᠭᠡ ᠭᠠᠵᠠᠷ ᠬᠦᠳᠡᠯᠬᠦ ᠮᠡᠳᠦ ᠦᠵᠡᠭᠳᠡᠯ ᠢ ᠬᠠᠷᠠᠭᠠᠳ | ᠦᠪᠡᠷ ᠤᠨ ᠰᠠᠨᠠᠮᠰᠠᠷ ᠦᠭᠡᠢ ᠲᠠᠭᠤᠨ ᠠᠯᠳᠠᠨ ᠪᠠᠭ᠋ᠠᠷᠤᠵᠠᠭᠠᠨᠠ᠄ | — ᠡᠨᠡ ᠶᠠᠮᠠᠷ ᠰᠠᠶᠢᠬᠠᠨ ᠪᠤᠢ︖ ᠭᠦᠭᠡᠷᠤᠬᠦᠨ ᠬᠦᠶᠦᠭᠡ ᠢᠨᠵᠠᠭ᠎ᠠ ᠶᠢ ᠨᠢ ᠦᠵᠡᠭᠡᠴᠢ︕ | — ᠮᠤᠩᠭᠤᠯ ᠭᠡᠳᠡᠭ ᠴᠢᠨᠢ ᠴᠠᠭᠠᠨ ᠵᠡᠭᠡᠷ᠎ᠡ ᠪᠦᠷᠭᠦᠭᠰᠡᠨ ᠰᠠᠶᠢᠬᠠᠨ ᠭᠠᠵᠠᠷ ᠪᠠᠶᠢᠨ᠎ᠠ᠂ | — ᠡᠶᠢᠮᠦ ᠡᠪᠡᠰᠦ ᠪᠡᠯᠴᠢᠭᠡᠷ ᠲᠡᠩᠴᠡᠭᠦᠬᠡᠨ ᠰᠢᠯᠢ ᠭᠠᠵᠠᠷ ᠲᠤ ᠡᠨᠡ ᠠᠮᠢᠳᠠᠨ ᠦᠷᠡᠵᠢᠬᠦ ᠦᠭᠡᠢ | ᠶᠠᠭᠠᠬᠢᠬᠤᠪ ᠳ᠋ᠠ | — ᠬᠠᠢ᠂ ᠤᠤᠯ ᠨᠢ ᠮᠠᠨᠠᠶᠢᠬᠢᠨ ᠪᠠᠰᠠ ᠡᠶᠢᠮᠦ ᠪᠠᠶᠢᠭᠰᠠᠨ ᠰᠢᠳᠠ᠂ ᠤᠳᠤ ᠦᠵᠡᠭᠡᠳ ᠦᠭᠭᠦᠶ᠎ᠡ ᠶᠠᠭᠤ | ᠴᠤ ᠪᠠᠶᠢᠬᠤ ᠦᠭᠡᠢ ᠭᠡᠵᠦ ᠬᠠᠷᠠᠮᠰᠠᠬᠤ ᠮᠦᠷᠳᠡᠬᠡᠨ ᠠᠳᠠᠭᠠᠷᠬᠠᠭᠰᠠᠨ ᠰᠢᠭ᠋ ᠬᠡᠯᠡᠯᠴᠡᠨ᠎ᠡ᠂ ᠬᠦᠮᠦᠨ ᠤ ᠪᠠᠶᠢᠭᠠᠯᠢ | ᠤᠷᠴᠢᠨ ᠬᠡᠳᠦᠢ ᠰᠠᠶᠢᠬᠠᠨ ᠢᠶᠠᠷ ᠢᠶᠠᠨ ᠪᠠᠶᠢᠨᠠᠪ ᠭᠡᠵᠦ ᠪᠠᠭ᠋ᠠᠳᠤᠨ ᠶᠠᠷᠢᠯᠳᠤᠭᠰᠠᠭᠠᠷ ᠬᠤᠶᠢᠳᠦ ᠵᠦᠭ ᠤᠨ | ᠤᠪᠤᠭᠠᠳᠤ ᠶᠢᠨ ᠵᠠᠮ ᠢᠶᠠᠷ ᠲᠤᠭᠤᠰᠤ ᠮᠠᠨᠠᠷᠠᠭᠤᠯᠤᠭᠰᠠᠭᠠᠷ ᠱᠤᠷᠪᠤᠭ ︵ᠰᠢᠷᠪᠠᠭ︶ ᠤᠨ ᠨᠠᠭᠤᠷ ᠤᠨ ᠪᠠᠷᠠᠭᠤᠨ | ᠳᠡᠭᠡᠷ᠎ᠡ ᠲᠡᠷᠭᠡ ᠵᠤᠭᠰᠤᠵᠦ ᠰᠡᠭᠦᠯ ᠢᠶᠠᠨ ᠬᠦᠯᠢᠶᠡᠪᠡ᠂ ᠵᠠᠮ ᠤᠨ ᠵᠡᠭᠦᠨ ᠳᠠᠯ᠎ᠠ ᠳᠠᠬᠢ ᠤᠶᠢᠷᠠᠯᠴᠠᠭ᠎ᠠ ᠠᠶᠢᠯ ᠤᠨ | ᠭᠠᠳᠠᠨ᠎ᠠ ᠬᠦᠷᠬᠦ ᠳᠤ ᠨᠢᠭᠡᠨ ᠮᠠᠯᠴᠢᠨ ᠬᠦᠮᠦᠨ ᠭᠠᠷᠴᠤ ᠢᠷᠡᠨ᠎ᠡ᠂ ᠶᠡᠷᠢᠯᠴᠠᠭᠠᠨ ᠤ ᠲᠤᠮᠳᠠ ᠠᠴᠠ ᠴᠤᠶᠢᠪᠠᠯᠰᠠᠩ | ᠬᠤᠳᠠ ᠬᠤᠯᠠ ᠦᠭᠡᠢ ᠶᠢ ᠮᠡᠳᠡᠪᠡ᠂ ᠡᠳᠡᠨᠡᠶᠢᠬᠢᠨ ᠤ ᠮᠠᠯ ᠨᠢ ᠤᠳᠤᠷ ᠶᠠᠪᠤᠭᠰᠠᠨ ᠭᠡᠨ᠎ᠡ᠂ ᠵᠦᠰᠦᠮᠡᠯ ᠮᠤᠳᠤᠨ | ᠪᠠᠶᠢᠰᠢᠩ ᠨᠢ ᠬᠦᠬᠡᠷᠤᠨ ᠬᠤᠪᠠᠭ᠋ᠠᠶᠢᠷᠠᠵᠦ ᠮᠠᠭᠤᠳᠠᠭᠰᠠᠨ ᠰᠢᠨᠵᠢᠳᠡᠢ ᠬᠠᠷᠠᠭᠳᠠᠨ᠎ᠠ᠂ ᠬᠤᠨᠢᠨ ᠤ ᠬᠤᠷᠤᠭ᠎ᠠ ᠨᠢ ᠴᠤ | ᠮᠤᠳᠤᠨ ᠵᠦᠰᠦᠮᠡᠯ ᠪᠠᠨᠰᠠᠨ ᠬᠡᠷᠡᠮ ᠪᠤᠯᠤᠨ᠎ᠠ᠂ ᠬᠠᠰᠢᠯᠠ ᠤᠢ ᠮᠤᠳᠤ ᠡᠯᠪᠡᠭ ᠪᠠᠶᠠᠯᠢᠭ ᠲᠠᠢ ᠭᠠᠵᠠᠷ ᠤᠶᠢᠷᠠᠯᠴᠠᠭ᠎ᠠ | ᠪᠠᠶᠢᠬᠤ ᠨᠢ ᠲᠡᠮᠳᠡᠭᠷᠡᠨᠡ᠃ ᠰᠡᠭᠦᠯ ᠤᠨ ᠬᠤᠴᠤᠷᠤᠭᠰᠠᠨ ᠲᠡᠷᠬᠡ ᠴᠠᠬᠢᠯᠭᠠᠨ ᠴᠡᠨᠡᠭ ᠭᠦᠷᠦᠯᠴᠡᠬᠦ ᠦᠭᠡᠢ | ᠪᠤᠯᠤᠭᠰᠠᠨ ᠢᠶᠠᠷ ᠪᠢᠳᠡ ᠠᠳᠡ ᠠᠴᠠ ᠪᠤᠴᠠᠨ ᠬᠦᠷᠴᠤ ᠠᠪᠴᠢᠷᠠᠭᠰᠠᠨ᠂ ᠤᠷᠤᠢ ᠶᠢᠨ ᠵᠢᠷᠭᠤᠭᠠᠨ ᠴᠠᠭ ᠤᠨ | ᠪᠠᠷᠤᠭ ᠲᠤ ᠬᠡᠷᠦᠯᠦᠨ ᠭᠤᠤᠯ ᠤᠨ ᠵᠡᠭᠦᠨ ᠭᠦᠤᠷ ︵ᠬᠦᠭᠦᠷᠭᠡ︶ ᠢᠶᠠᠷ ᠭᠠᠳᠤᠯᠵᠦ᠂ ᠲᠤᠷᠤᠨᠠᠳᠤ ᠠᠶᠢᠮᠠᠭ ᠤᠨ | ᠲᠦᠪ — ᠴᠤᠶᠢᠪᠠᠯᠰᠠᠩ ᠬᠤᠳᠠ ᠳᠤ ᠬᠦᠷᠴᠤ ᠢᠷᠡᠵᠡᠢ᠃ ᠰᠡᠷᠭᠦᠯᠡᠩ ᠰᠤᠮᠤᠨ ᠤ ᠵᠠᠰᠠᠭ ᠳᠠᠷᠤᠭ᠎ᠠ ᠭᠦᠷᠷᠠᠭᠴᠠ᠂ | ᠠᠷᠠᠳ ᠤᠨ ᠬᠤᠷᠠᠯ ᠤᠨ ᠲᠠᠷᠤᠭ᠎ᠠ ᠪᠠᠳᠤᠰᠦ᠋ᠬᠡ ᠨᠠᠷ ᠠᠳᠡ ᠮᠠᠨ ᠤ ᠪᠦᠯᠭᠦᠮ ᠢ ᠲᠤᠰᠴᠤ ᠠᠪᠴᠠᠢ᠂ ᠠᠶᠢᠮᠠᠭ ᠤᠨ | ᠵᠠᠰᠠᠭ ᠤᠷᠤᠯᠠᠭᠴᠢ ᠲᠠᠷᠤᠭ᠎ᠠ ᠭᠡᠰᠢᠭᠳᠦᠭ᠌ᠳᠠᠬᠤ ᠠᠪᠤᠭᠠᠢ ᠪᠠᠷ ︽ᠬᠡᠷᠦᠯᠦᠨ ᠪᠠᠭᠤᠳᠠᠯ︾ ᠳᠤ ᠪᠢᠳᠡᠨ ᠢ ᠬᠦᠯᠢᠶᠡᠨ | ᠠᠪᠴᠤ ᠠᠭᠤᠯᠵᠠᠭᠰᠠᠨ ᠪᠦᠭᠡᠳ ᠵᠤᠴᠢᠯᠠᠪᠠ᠃ ᠠᠶᠢᠮᠠᠭ ᠤᠨ ᠰᠠᠬᠢᠯᠭ᠎ᠠ ᠬᠢᠨᠠᠨ ᠪᠠᠶᠢᠴᠠᠭᠠᠭᠴᠢ ᠲᠠᠷᠤᠭ᠎ᠠ ᠪᠦᠭᠡᠳ | ᠦᠵᠦᠮᠦᠴᠢᠨ ᠶᠠᠰᠤᠳᠠᠨ ᠲᠦᠪᠳᠤᠨᠨᠢᠮᠠ ᠨᠠᠷ ᠤᠷᠤᠯᠴᠠᠪᠠ᠂ ᠭᠡᠰᠢᠭᠳᠦᠭ᠌ᠳᠠᠬᠤ ᠲᠠᠷᠤᠭ᠎ᠠ᠄ ᠲᠠᠨᠠᠷ ᠲᠡᠷᠡ ᠬᠤᠯᠠ | ᠭᠠᠵᠠᠷ ᠠᠴᠠ ᠬᠤᠶᠠᠷ ᠤᠷᠤᠨ ᠤ ᠨᠦᠬᠦᠷᠰᠡᠭ ᠬᠠᠷᠢᠴᠠᠭ᠎ᠠ ᠶᠢᠨ ᠲᠤᠰᠠᠳᠠ ᠢᠷᠡᠭᠰᠡᠨ ᠳᠤ ᠲᠤᠲᠤᠨᠤᠰᠤᠭ ᠢᠶᠠᠷ | ᠤᠭᠳᠤᠵᠦ ᠪᠠᠶᠢᠬᠤ ᠪᠠᠨ ᠢᠯᠡᠳᠭᠡᠬᠦ ᠳᠤ ᠪᠦᠯᠬᠦᠮ ᠤᠨ ᠲᠠᠷᠤᠭ᠎ᠠ ᠲᠡᠮᠴᠤᠭ ᠢᠶᠠᠷ ᠵᠠᠰᠠᠭ ᠨᠤᠶᠠᠨ ᠤ ᠡᠨᠡ ᠮᠡᠳᠦ | ᠬᠠᠯᠠᠭᠤᠨ ᠢᠶᠠᠷ ᠤᠭᠳᠤᠵᠦ ᠵᠤᠴᠢᠯᠠᠭ᠎ᠠ ᠬᠢᠭᠰᠡᠨ ᠳᠤ ᠦᠭᠡ ᠬᠡᠯᠡᠵᠦ ᠬᠠᠷᠢᠭᠤ ᠲᠠᠯᠠᠷᠬᠠᠭᠰᠠᠨ ᠤ ᠬᠠᠮᠳᠤ ︽ᠠᠯᠳᠠᠨ | ᠲᠦᠷᠦᠭᠡ︾ ᠶᠢᠨ ᠱᠤᠭᠤᠮᠠᠯ ᠬᠠᠳᠠᠭ ᠲᠡᠷᠢᠭᠦᠳᠡᠨ ᠤ ᠲᠤᠷᠠᠰᠬᠠᠯ ᠤᠨ ᠪᠤᠳᠠᠰ ᠢ ᠲᠡᠭᠦᠨ ᠳᠤ ᠪᠡᠯᠭᠡᠯᠡᠪᠡ᠃ | ᠬᠠᠮᠳᠤ ᠶᠢᠨ ᠦᠭᠡ ᠬᠡᠯᠡ ᠲᠠᠢ᠂ ᠬᠠᠮᠳᠤ ᠶᠢᠨ ᠲᠡᠤᠬᠡ ᠭᠠᠷᠤᠯ ᠤᠭᠰᠠᠭ᠎ᠠ ᠤᠳᠤᠮ ᠨᠢᠭᠡᠳᠢ ᠲᠠᠢ ᠪᠤᠯᠬᠤᠷ | ᠬᠠᠷᠢᠯᠴᠠᠨ ᠲᠠᠨᠢᠯᠴᠠᠨ ᠤᠶᠢᠯᠠᠭᠠᠯᠴᠠᠵᠦ᠂ ᠬᠤᠵᠢᠮ ᠤᠨ ᠨᠦᠬᠦᠷᠰᠡᠭ ᠬᠠᠷᠢᠴᠠᠭ᠎ᠠ ᠶᠢ ᠠᠬᠢᠭᠤᠯᠬᠤ ᠳᠠᠯ᠎ᠠ ᠪᠠᠷ ᠰᠠᠨᠠᠯ | ᠪᠤᠳᠤᠯ ᠢᠶᠠᠨ ᠰᠤᠯᠢᠯᠴᠠᠬᠤ ᠶᠢᠨ ᠳᠠᠭᠠᠤ ᠳᠤ ᠳᠠᠭᠤᠤ ᠳᠠᠭᠤᠯᠠᠨ ᠲᠤᠩ ᠬᠦᠷ ᠭᠦᠭᠵᠢᠶᠡᠨ ᠲᠠᠢ ᠪᠠᠶᠢᠯ᠎ᠠ᠃ | ᠵᠤᠴᠢᠯᠠᠭ᠎ᠠ ᠶᠢᠨ ᠳᠠᠷᠠᠭ᠎ᠠ᠂ ᠭᠦᠷᠷᠠᠭᠴᠠ ᠶᠢᠨ ᠳᠠᠭᠠᠭᠤᠯᠭ᠎ᠠ ᠪᠠᠷ ᠦᠳᠡᠰᠢ ᠶᠢᠨ ᠬᠦᠨ ᠳᠤ ᠰᠡᠷᠭᠦᠯᠡᠩ | ᠰᠤᠮᠤ ᠶᠢ ᠵᠤᠷᠢᠯ᠎ᠠ᠂ ᠨᠡᠯᠢᠶᠡᠳ ᠶᠠᠪᠤᠵᠦ ᠰᠤᠮᠤᠨ ᠲᠦᠪ ᠤᠶᠢᠷᠠᠳᠤᠬᠤ ᠳᠤ ᠨᠢᠭᠡᠨ ᠨᠠᠷᠢᠨ ᠤᠷᠤᠰᠬᠠᠯ ᠲᠠᠢ ᠭᠤᠤᠯ ᠢ | ᠭᠡᠳᠦᠯᠤᠨᠡ᠂ ᠵᠠᠰᠠᠭ ᠳᠠᠷᠤᠭ᠎ᠠ ᠠᠴᠠ ᠡᠭᠦᠨ ᠢ ︽ᠭᠠᠯ ᠭᠤᠤᠯ︾ ᠭᠡᠳᠡᠭ ᠭᠡᠨ᠎ᠡ᠂ ᠤᠳᠠᠯ ᠦᠭᠡᠢ ᠰᠤᠮᠤᠨ | ᠲᠦᠪ ᠲᠤ ᠬᠦᠷᠴᠤ ᠢᠷᠡᠬᠦ ᠳᠤ ᠰᠤᠮᠤᠨ ᠤ ᠬᠡᠳᠦᠨ ᠬᠠᠷᠢᠭᠤᠴᠠᠯᠠᠭᠠᠳᠠᠨ ᠪᠢᠳᠡᠨ ᠢ ᠤᠭᠳᠤᠨ ᠠᠪᠴᠤ᠂ ᠴᠡᠪᠡᠷ | ᠲᠤᠬᠢᠯᠠᠭ ᠪᠠᠭᠤᠳᠠᠯ ᠲᠤᠬᠢᠷᠠᠭᠤᠯᠤᠭᠰᠠᠨ ᠢᠶᠠᠨ ᠪᠠᠰᠠ ᠤᠭᠳᠤᠬᠤ ᠵᠤᠴᠢᠯᠭ᠎ᠠ ᠬᠢᠪᠡ᠂ ᠰᠤᠮᠤᠨ ᠤ | ᠬᠠᠷᠢᠭᠤᠴᠠᠯᠭᠠᠳᠠᠳ ᠭᠡᠪᠡᠯ᠄ ᠵᠠᠰᠠᠭ ᠳᠠᠷᠤᠭ᠎ᠠ ᠭᠦᠷᠷᠠᠭᠴᠠ᠂ ᠵᠠᠰᠠᠭ ᠤᠷᠤᠯᠠᠭᠴᠢ ᠳᠠᠮᠪᠢᠳᠤᠭᠠᠷ᠂ ᠵᠠᠰᠠᠭ ᠤᠨ | ᠳᠠᠮᠠᠭᠠᠨ ᠳᠠᠷᠤᠭ᠎ᠠ ᠵᠢᠷᠭᠠᠯᠰᠠᠶᠢᠬᠠᠨ᠂ ᠶᠡᠭᠡ ᠬᠤᠷᠠᠯ ᠤᠨ ᠳᠠᠮᠠᠭᠠᠨ ᠳᠠᠷᠤᠭ᠎ᠠ ᠤᠶᠤᠨᠳᠡᠯᠭᠡᠷ ᠨᠠᠷ ᠪᠠᠶᠢᠵᠦ᠂ ᠪᠠᠶᠠᠷ | ᠭᠦᠷᠭᠡᠵᠦ ᠳᠠᠯᠠᠷᠬᠠᠯ ᠢᠯᠡᠷᠬᠡᠶᠢᠯᠡᠬᠦ ᠶᠢᠨ ᠬᠠᠮᠳᠤ ᠪᠦᠯᠬᠦᠮ ᠤᠨ ᠨᠦᠬᠦᠳ ᠤᠨ ᠪᠠᠭᠤᠳᠠᠯ ᠬᠤᠨᠤᠭ᠂ ᠢᠳᠡᠵᠦ | ᠤᠤᠭᠤᠬᠤ ᠭᠠᠵᠠᠷ ᠢ ᠪᠦᠷᠢᠨ ᠰᠠᠶᠢᠬᠠᠨ ᠲᠤᠬᠢᠷᠠᠭᠤᠯᠤᠭᠰᠠᠨ ᠪᠦᠭᠡᠳ ᠨᠠᠶᠢᠷ ᠤᠨ ᠨᠠᠷᠢᠨ ᠪᠠᠶᠢᠷᠢᠯᠠᠭᠤᠯᠤᠯᠳᠠ ᠢ ᠴᠤ | ᠪᠢᠳᠡᠨ ᠳᠤ ᠬᠡᠯᠡᠵᠦ ᠦᠭᠭᠦᠭᠰᠡᠨ ᠪᠠᠶᠢᠭ᠎ᠠ ᠶᠤᠮ᠃ ᠪᠠᠰᠠ ᠦᠢᠯᠡᠴᠢᠯᠡᠭᠡᠨ ᠤ ᠲᠤᠰᠬᠠᠢ ᠬᠦᠮᠦᠰ ᠭᠠᠷᠭᠠᠨ ᠲᠦᠭᠦᠮ | ᠦᠵᠡᠭᠦᠯᠦᠭᠰᠡᠨ ᠵᠡᠷᠭᠡ ᠠᠴᠠ ᠶᠡᠭᠡ ᠨᠠᠷᠢᠨ ᠲᠤᠬᠢᠷᠠᠭᠤᠯᠤᠭᠰᠠᠨ ᠨᠢ ᠢᠯᠡᠷᠬᠡᠢ᠃ | 7 ᠰᠠᠷ᠎ᠠ ᠶᠢᠨ 9 ᠤ ᠡᠳᠦᠷ᠂ ᠦᠷᠯᠦᠭᠡ ᠡᠭᠦᠯᠡᠷᠭᠡᠭ᠂ ᠨᠠᠮ ᠲᠤᠭᠳᠠᠭᠤᠨ ᠪᠠᠶᠢᠯ᠎ᠡ᠂ ᠰᠤᠮᠤᠨ ᠲᠦᠪ ᠤᠨ | ᠬᠤᠶᠢᠳᠦ ᠤᠷᠤᠢ ᠳᠤ ᠭᠠᠷᠬᠤ ᠳᠤ ᠤᠯᠠᠨ ᠮᠤᠷᠢᠳ ᠤᠶᠠᠭᠰᠠᠨ ᠤᠶᠠᠭᠠᠴᠢᠳ ᠰᠦᠯᠵᠢᠯᠳᠤᠨ ᠳᠠᠪᠬᠢᠯᠳᠤᠬᠤ ᠪᠦᠭᠡᠳ | ᠨᠠᠶᠢᠷᠴᠢᠳ ᠲᠤᠪᠤ ᠮᠠᠶᠢᠬᠠᠨ ᠢᠶᠠᠷ ᠠᠳᠡ ᠲᠡᠨᠳᠡ ᠪᠠᠭᠤᠴᠢᠬᠠᠭᠰᠠᠨ ᠬᠠᠷᠠᠭᠳᠠᠨ᠎ᠠ᠂ ᠡᠷᠳᠡᠨᠢ ᠤᠪᠤᠭᠠᠨ ᠤ ᠡᠩᠭᠡᠷ ᠭᠠᠯ | ᠭᠤᠤᠯ ᠤᠨ ᠵᠡᠭᠦᠨ ᠳᠠᠨᠵᠢᠨ ᠳᠡᠭᠡᠷ᠎ᠡ ᠰᠤᠮᠤᠨ ᠲᠦᠪ ᠤᠨ ᠪᠠᠷᠢᠯᠭ᠎ᠠ ᠵᠢᠭᠳᠡᠷᠡᠨ᠎ᠡ᠂ ᠡᠷᠳᠡᠨᠢ ᠤᠪᠤᠭᠠᠨ ᠠᠴᠠ ᠵᠡᠭᠦᠨᠰᠢ | ᠦᠭᠭᠢᠶᠡᠮᠦᠷ ᠤᠨ ᠪᠦᠳᠦᠭᠦᠨ ᠨᠦᠭᠳᠤᠶᠢᠵᠦ᠂ ᠪᠠᠷᠠᠭᠤᠨ ᠬᠤᠶᠢᠰᠢ ᠪᠠᠭ᠎ᠠ ᠵᠠᠶᠢᠳᠠᠢ ᠱᠤᠪᠬᠤ ᠦᠨᠳᠦᠷ ᠠᠭᠤᠯᠠ ᠶᠢ | ᠰᠡᠷᠭᠦᠯᠡᠩ ᠬᠠᠶᠢᠷᠬᠠᠨ ᠭᠡᠳᠡᠭ ᠪᠠᠶᠢᠨ᠎ᠠ᠂ ᠤᠷᠤᠢ ᠳᠡᠭᠡᠷ᠎ᠡ ᠪᠠᠨ ᠤᠪᠤᠭ᠎ᠠ ᠳᠠᠬᠢᠯᠭ᠎ᠠ ᠲᠠᠢ᠃ ᠲᠤᠰ ᠰᠤᠮᠦ | ᠪᠠᠶᠢᠭᠤᠯᠤᠭᠳᠠᠬᠤ ᠳᠠᠭᠠᠨ ᠡᠨᠡ ᠬᠠᠶᠢᠷᠬᠠᠨ ᠤ ᠨᠡᠷ᠎ᠡ ᠪᠠᠷ ᠵᠠᠰᠠᠭ ᠵᠠᠬᠢᠷᠭᠠᠨ ᠤ ᠠᠯᠳᠠᠷ ᠪᠤᠯᠭᠠᠨ ᠨᠡᠷᠡᠰᠢᠭᠦᠯᠦᠭᠰᠡᠨ | ᠪᠠᠶᠢᠳᠠᠭ᠃ ᠭᠠᠯ ᠭᠤᠤᠯ ᠭᠡᠳᠡᠭ ᠨᠢ᠂ ᠡᠷᠳᠡ ᠦᠶ᠎ᠡ ᠳᠤ ᠮᠤᠩᠭᠤᠯ ᠤᠨ ᠨᠢᠭᠡᠨ ᠡᠬᠡ ᠤᠷᠤᠨᠴᠢ ᠵᠠᠩᠵᠤᠨ | ᠮᠠᠨᠵᠤ ᠶᠢᠨ ᠴᠡᠷᠢᠭ ᠲᠠᠢ ᠪᠠᠶᠢᠯᠳᠤᠬᠤ ᠳᠠᠭᠠᠨ ᠬᠦᠴᠦᠨ ᠮᠡᠬᠦᠰᠳᠡᠬᠦ ᠪᠤᠯᠬᠤᠶ᠎ᠠ ᠡᠨᠡ ᠭᠤᠤᠯ ᠤᠨ ᠤᠷᠤᠰᠬᠠᠯ ᠢ | ᠠᠰᠢᠭᠯᠠᠨ᠂ ᠬᠦᠪᠡᠭᠡ ᠶᠢ ᠨᠢ ᠲᠠᠭᠠᠨ ᠪᠤᠷᠤᠭᠤᠯᠤᠨ ᠦᠳᠦᠭᠡᠨ ᠪᠠᠶᠢᠯᠳᠤᠭᠰᠠᠭᠠᠷ ᠢᠷᠡᠭᠡᠳ ᠤᠷᠤᠢ ᠪᠤᠯᠬᠤ ᠳᠤ | ᠬᠤᠶᠠᠷ ᠳᠠᠯ᠎ᠠ ᠪᠠᠷ ᠢᠶᠠᠨ ᠪᠠᠶᠢᠯᠳᠤᠬᠤ ᠪᠠᠨ ᠵᠤᠭᠰᠤᠵᠦ᠂ ᠳᠠᠶᠢᠰᠤᠨ ᠤ ᠴᠡᠷᠢᠭ ᠰᠦᠨᠢ ᠤᠷᠤᠶᠢᠳᠠᠭᠰᠠᠨ ᠪᠤᠯᠬᠤᠷ | ᠨᠡᠬᠡᠬᠦ ᠪᠠᠨ ᠪᠤᠯᠢᠵᠦ ᠭᠤᠤᠯ ᠤᠨ ᠵᠡᠬᠦᠨ ᠲᠤᠬᠤᠢ ᠳᠤᠨᠢ ᠪᠠᠭᠤᠳᠠᠯᠯᠠᠳᠠᠭ ᠶᠤᠮ ᠪᠠᠶᠢᠨ᠎ᠠ᠂ ᠲᠡᠷᠡ ᠵᠠᠩᠵᠤᠨ | ᠭᠤᠤᠯ ᠤᠨ ᠤᠯᠤᠮ ᠭᠡᠳᠦᠯᠦᠨ ᠪᠠᠷᠠᠭᠤᠨ ᠳᠡᠭᠡᠷ᠎ᠡ ᠬᠦᠪᠡᠭᠡᠨ ᠳᠤ ᠴᠡᠷᠢᠭ ᠢᠶᠠᠨ ᠭᠱᠠᠨ ᠠᠮᠠᠷᠠᠭᠤᠯᠤᠨ ᠬᠤᠭᠤᠯᠠ | ᠪᠤᠳᠠᠭ᠎ᠠ ᠢᠳᠡᠭᠦᠯᠦᠭᠰᠡᠨ ᠢᠶᠠᠨ ᠰᠡᠮᠡᠭᠡᠷ ᠳᠠᠬᠢᠨ ᠰᠦᠨᠢ ᠪᠠᠶᠢᠯᠳᠤᠬᠤ ᠪᠠᠷ ᠪᠡᠯᠡᠳᠭᠡᠵᠠᠢ᠃ ᠰᠦᠨᠢ ᠠᠭᠠᠵᠢᠮ | ᠪᠤᠯᠬᠤ ᠳᠤ ᠮᠠᠨᠵᠤ ᠶᠢᠨ ᠴᠡᠷᠢᠭ ᠬᠦᠮᠦᠨ ᠤᠯᠠᠨ ᠪᠦᠭᠡᠳ ᠪᠠᠷᠤᠭ ᠲᠡᠶᠢᠯᠦᠭᠰᠡᠨ ᠬᠦᠴᠦᠨ ᠳᠡᠭᠡᠨ ᠰᠠᠨᠠᠭ᠎ᠠ ᠠᠮᠤᠷᠯᠢᠨ | ᠶᠠᠳᠠᠷᠠᠭᠰᠠᠨ ᠤ ᠡᠷᠬᠡ ᠪᠠᠷ ᠤᠨᠳᠠᠭᠰᠠᠨ ᠪᠤᠯᠤᠯᠳᠠᠢ᠂ ᠭᠡᠷᠡᠯ ᠭᠡᠭᠡ ᠭᠡᠵᠦ ᠠᠯᠠᠭ᠎ᠠ᠃ ᠡᠨᠡ ᠦᠶ᠎ᠡ ᠦᠨᠦ ᠵᠠᠩᠵᠤᠨ | ᠰᠠᠯᠬᠢ ᠪᠠᠷᠠᠭᠤᠨ᠎ᠠ ᠠᠴᠠ ᠬᠦᠴᠦᠳᠡᠢ ᠰᠠᠯᠬᠢᠯᠠᠭᠰᠠᠨ ᠪᠠ ᠭᠤᠤᠯ ᠤᠨ ᠬᠦᠪᠡᠭᠡ ᠶᠢᠨ ᠦᠯᠦᠩ ᠡᠪᠡᠰᠦᠨ ᠤ ᠦᠨᠳᠦᠷ | ᠪᠦᠭᠡᠳ ᠨᠢᠭᠳᠠ ᠤᠷᠭᠤᠭᠰᠠᠨ ᠢ ᠦᠵᠡᠭᠡᠳ ᠲᠤᠩ ᠶᠡᠭᠡ ᠪᠠᠶᠠᠷᠯᠠᠵᠦ᠂ ᠲᠡᠷᠤᠢ ᠲᠦᠷᠭᠡᠨ ᠴᠡᠷᠢᠭ ᠲᠡᠭᠡᠨ ᠵᠠᠷᠯᠢᠭ | ᠪᠠᠭᠤᠯᠠᠭᠠᠨ᠂ ᠴᠡᠷᠢᠭ ᠪᠦᠷᠢ ᠲᠤ ᠭᠠᠯ ᠠᠪᠤᠭᠤᠯᠤᠨ ᠳᠠᠶᠢᠰᠤᠨ ᠤ ᠴᠡᠷᠢᠭ ᠤᠨ ᠳᠡᠭᠡᠷ᠎ᠡ ᠳᠠᠯ᠎ᠠ ᠶᠢ ᠪᠦᠰᠡᠯᠡᠨ ᠨᠢᠭᠡ | ᠵᠡᠷᠭᠡ ᠪᠠᠷ ᠡᠪᠡᠰᠦᠨ ᠳᠤ ᠭᠠᠯ ᠵᠤᠯᠭᠠᠭᠤᠯᠤᠨ ᠲᠦᠢᠮᠡᠷᠳᠡᠨ ᠤᠰᠠᠳᠬᠠᠬᠤ ᠠᠷᠭ᠎ᠠ ᠶᠢ ᠬᠡᠷᠡᠭᠯᠡᠵᠦ᠂ ᠪᠠᠰᠠ ᠭᠤᠤᠯ ᠤᠨ | ᠪᠠᠷᠠᠭᠤᠨ ᠬᠦᠪᠡᠭᠡ ᠶᠢ ᠲᠡᠮᠡᠴᠡᠨ ᠢᠷᠡᠬᠦ ᠳᠠᠶᠢᠰᠤᠨ ᠢ ᠴᠤ ᠤᠰᠠᠳᠬᠠᠬᠤ ᠡᠭᠦᠷᠭᠡ ᠶᠢ ᠲᠤᠰᠢᠶᠠᠵᠠᠢ᠂ ᠭᠡᠨᠡᠳᠳᠡ ᠪᠠᠷ | ᠤᠷᠬᠢᠬᠤ ᠭᠠᠯ ᠲᠦᠢᠮᠡᠷ ᠤᠨ ᠬᠡᠪᠴᠢᠶ᠎ᠡ ᠦᠷᠭᠡᠨ᠂ ᠬᠠᠷ᠎ᠠ ᠤᠳᠤᠭ᠎ᠠ ᠪᠤᠷᠬᠢᠷᠠᠨ ᠲᠦᠢᠮᠡᠷ ᠤᠨ ᠰᠤᠷ ᠲᠦᠷᠡᠯᠵᠡᠨ᠎ᠡ᠂ | ᠮᠠᠨᠵᠦ ᠶᠢᠨ ᠴᠡᠷᠢᠭ ᠬᠡᠳᠦᠢ ᠤᠯᠠᠨ ᠴᠤ ᠨᠦᠭᠦᠭᠡ ᠡᠳᠡᠭᠡᠳ ᠤᠨ ᠢᠶᠠᠨ ᠬᠦᠴᠦᠨ ᠢ ᠳᠡᠩᠳᠡᠭᠦᠤ ᠪᠠᠰᠤᠭᠰᠠᠨ ᠤ | ᠲᠡᠭᠡᠷ᠎ᠡ ᠭᠠᠯ ᠢᠶᠠᠷ ᠪᠠᠶᠢᠯᠳᠤᠬᠤ ᠶᠢ ᠶᠢᠰᠦᠨ ᠵᠡᠭᠦᠳᠦᠨ ᠳᠤ ᠴᠤ ᠪᠠᠶᠢᠭᠰᠠᠨ ᠦᠭᠡᠢ ᠪᠤᠯᠬᠤᠷ ᠶᠡᠭᠡ ᠲᠦᠢᠮᠡᠷ ᠤᠨ | ᠠᠶᠤᠯ ᠠᠴᠠ ᠵᠠᠶᠢᠯᠠᠬᠤ ᠠᠴᠠ ᠨᠢᠭᠡᠨᠳᠡ ᠬᠤᠵᠢᠮᠳᠠᠵᠠᠢ᠃ ᠢᠩᠭᠢᠭᠡᠳ ᠶᠡᠬᠡᠩᠬᠢ ᠴᠡᠷᠢᠭ ᠨᠢ ᠰᠢᠳᠠᠵᠦ ᠦᠬᠦᠭᠰᠡᠨ | ᠬᠠᠷᠠᠰᠠᠯᠳᠤ ᠬᠡᠷᠡᠭ ᠢᠶᠠᠷ ᠮᠠᠨᠵᠦ ᠶᠢᠨ ᠴᠡᠷᠢᠭ ᠤᠨ ᠢᠯᠠᠭᠳᠠᠯ ᠢᠶᠠᠷ ᠲᠡᠭᠦᠰᠴᠤ᠂ ᠡᠨᠡᠬᠦ ᠡᠬᠡ ᠤᠷᠤᠨᠴᠢ ᠵᠠᠩᠵᠤᠨ ᠤ | ᠤᠷᠠᠨ ᠠᠷᠭ᠎ᠠ ᠪᠠᠷ ᠳᠠᠶᠢᠰᠦᠨ ᠢᠶᠠᠨ ᠢᠯᠠᠭᠰᠠᠨ ᠪᠠᠭᠠᠳᠤᠷᠯᠢᠭ ᠠᠵᠢᠯᠯᠠᠭ᠎ᠠ ᠶᠢ ᠠᠳᠡᠬᠢ ᠶᠢᠨ ᠬᠦᠮᠦᠰ ᠲᠤᠷᠠᠰᠤᠨ | ᠤᠯᠠᠮᠵᠢᠯᠠᠬᠤ ᠶᠢᠨ ᠬᠠᠮᠳᠤ ᠡᠨᠡ ᠭᠤᠤᠯ ᠢ ︽ᠭᠠᠯ ᠭᠤᠤᠯ︾ ᠭᠡᠵᠦ ᠨᠡᠷᠡᠯᠡᠭᠰᠡᠨ ᠪᠠᠶᠢᠵᠠᠢ᠃ | ᠭᠠᠯ ᠭᠤᠤᠯ ᠤᠨ ᠬᠦᠪᠡᠭᠡᠨ ᠳᠤ ᠰᠡᠷᠭᠦᠯᠡᠩ ᠰᠤᠮᠤ ᠪᠠᠶᠢᠷᠢᠰᠢᠵᠦ᠂ ᠲᠡᠭᠦᠨ ᠤ ᠨᠤᠮᠢᠨ ᠨᠤᠭᠤᠭᠠᠨ | ᠲᠠᠨᠵᠢᠨ ᠳᠡᠭᠡᠷ᠎ᠡ ᠮᠠᠯᠴᠢᠳ ᠢᠶᠠᠨ ᠪᠠᠶᠠᠰᠬᠠᠭᠰᠠᠨ ᠰᠤᠮᠤᠨ ᠤ ᠶᠡᠭᠡ ᠨᠠᠶᠢᠷ ᠶᠠᠪᠤᠭᠳᠠᠬᠤ ᠪᠠᠷ ᠪᠠᠶᠢᠨ᠎ᠠ᠂ ᠬᠤᠶᠢᠮᠤᠷ | ᠳᠤᠨᠢ ᠲᠤᠮᠤ ᠴᠡᠴᠡᠷ ᠮᠠᠶᠢᠬᠠᠨ ᠢ ᠳᠠᠳᠠᠵᠦ᠂ ᠲᠤᠮᠳᠠ ᠪᠠᠨ ᠲᠤᠭ ᠤᠨ ᠦᠨᠳᠦᠷᠬᠡᠨ ᠡᠰᠢ ᠶᠢ ᠪᠤᠰᠬᠠᠵᠦ᠂ | ᠡᠮᠦᠨ᠎ᠡ ᠪᠠᠨ ᠬᠤᠶᠠᠷ ᠢᠵᠢᠯᠬᠡᠨ ᠵᠢᠵᠢᠭ ᠪᠦᠬᠡ ᠭᠠᠷᠬᠤ ᠬᠦᠬᠡ ᠮᠠᠶᠢᠬᠠᠨ ᠪᠠᠷᠢᠭᠰᠠᠨ ᠡᠨᠡᠬᠦ ᠨᠠᠶᠢᠷ ᠤᠨ ᠳᠡᠯᠡᠪᠡᠢ ᠶᠢ | ᠰᠤᠮᠤᠨ ᠲᠦᠪ ᠠᠴᠠ ᠪᠠᠷᠠᠭᠤᠨᠰᠢᠬᠢ ᠳᠡᠭᠰᠢ ᠰᠠᠶᠢᠬᠠᠨ ᠵᠦᠯᠭᠡ ᠨᠤᠭᠤᠭᠠᠨ ᠡᠩᠭᠡᠷ ᠲᠤ ᠵᠠᠰᠠᠭᠰᠠᠨ ᠪᠠᠶᠢᠨ᠎ᠠ᠂ ᠲᠤᠮᠤ | ᠴᠡᠴᠡᠷ ᠤᠨ ᠲᠡᠭᠡᠪᠦᠷ ᠤᠨ ᠬᠠᠶᠠᠭ᠎ᠠ ᠪᠠᠷ ᠲᠠᠪᠤᠨ ᠦᠩᠭᠡ ᠶᠢᠨ ᠵᠡᠯ᠎ᠡ ᠬᠡᠶᠢᠮᠦᠷᠢ ᠳᠠᠭᠠᠭᠰᠠᠨ ᠨᠢ ᠰᠤᠯᠤᠩᠭᠠᠷᠠᠨ | ᠬᠠᠷᠠᠭᠳᠠᠵᠦ ᠤᠯᠠᠮ ᠲᠤᠬᠢᠯᠠᠭ ᠦᠵᠡᠮᠵᠢᠳᠡᠢ ᠪᠤᠯᠭᠠᠵᠠᠢ᠃ ᠦᠷᠯᠦᠭᠡ ᠡᠷᠳᠡ ᠳᠤ 22 ᠺᠢᠯᠤᠮᠧᠲᠷ ᠤᠨ ᠠᠯᠤᠰ ᠠᠴᠠ | ᠳᠠᠯᠪᠢᠭᠰᠠᠨ ᠠᠵᠢᠷᠭᠠᠨ ᠤᠷᠤᠯᠳᠤᠭᠠᠨ ᠢᠷᠡᠭᠰᠡᠨ ᠤ ᠳᠠᠷᠠᠭ᠎ᠠ ᠨᠠᠶᠢᠷ ᠦᠪᠡᠳᠡᠭᠰᠢ ᠶᠡᠬᠡᠪᠡᠷ ᠪᠠᠷ ᠡᠬᠢᠯᠡᠨ᠎ᠡ᠂ | ᠠᠷᠠᠳ ᠤᠨ ᠬᠤᠪᠢᠰᠬᠠᠯ ᠢᠯᠠᠭᠰᠠᠨ 89 ᠵᠢᠯ ᠤᠨ ᠤᠢ ᠶᠢ ᠲᠤᠷᠠᠰᠬᠠᠨ ᠪᠡᠯᠭᠡᠯᠡᠭᠰᠡᠨ ᠡᠨᠡᠬᠦ ᠨᠠᠶᠢᠷ ᠤᠨ | ᠶᠤᠰᠤᠯᠠᠯ ᠤᠨ ᠡᠬᠢᠨ ᠳᠤ ᠰᠤᠮᠤᠨ ᠤ ᠵᠠᠰᠠᠭ ᠳᠠᠷᠤᠭ᠎ᠠ ᠭᠦᠷᠷᠠᠭᠴᠠ ᠪᠤᠯᠤᠨ ᠠᠷᠠᠳ ᠤᠨ ᠬᠤᠷᠠᠯ ᠤᠨ ᠲᠠᠷᠤᠭ᠎ᠠ | ᠪᠠᠳᠤᠰᠦ᠋ᠬᠡ ᠬᠤᠶᠠᠭᠤᠯᠠ ᠳᠠᠶᠢᠰᠠᠨ ᠤ ᠡᠮᠦᠨ᠎ᠡ ᠭᠠᠷᠴᠤ᠂ ᠭᠦᠷᠷᠠᠭᠴᠠ ᠲᠠᠷᠤᠭ᠎ᠠ ᠠᠴᠠ ᠨᠠᠶᠢᠷ ᠡᠬᠢᠯᠡᠭᠰᠡᠨ ᠢ | ᠵᠠᠷᠯᠠᠬᠤᠶ᠎ᠠ ᠲᠦᠷᠪᠡᠨ ᠨᠠᠷᠠ ᠠᠯᠳᠠᠷᠳᠦ ᠬᠦᠮᠦᠰ ᠠᠴᠠ ᠤᠯᠤᠰ ᠤᠨ ᠲᠤᠭ ᠢ ᠨᠠᠶᠢᠷ ᠤᠨ ᠳᠠᠯᠠᠪᠠᠢ ᠶᠢᠨ ᠲᠦᠪ | ᠲᠤᠮᠳᠠ ᠠᠭᠠᠵᠢᠮ ᠢᠶᠠᠷ ᠮᠠᠨᠳᠤᠭᠤᠯᠬᠤ ᠳᠤ ᠤᠯᠠᠨ ᠢᠶᠠᠷ ᠢᠶᠠᠨ ᠬᠢᠴᠢᠶᠡᠩᠭᠦᠶᠢᠯᠡᠨ ᠪᠠᠷᠠᠭᠤᠨ ᠭᠠᠷ ᠢᠶᠠᠨ | ᠴᠡᠭᠡᠵᠢᠨ ᠳᠡᠭᠡᠨ ᠨᠠᠭᠠᠯᠳᠤᠭᠤᠯᠤᠨ ᠲᠦᠪᠯᠡᠬᠦᠨ ᠵᠤᠭᠰᠤᠨ᠎ᠠ᠂ ᠲᠤᠭ ᠮᠠᠨᠳᠤᠭᠤᠯᠤᠭᠰᠠᠨ ᠤ ᠳᠠᠷᠠᠭ᠎ᠠ ᠳᠠᠭᠤᠴᠢᠳ | ᠬᠦᠭᠵᠢᠮᠴᠢᠳ ᠠᠴᠠ ᠨᠠᠶᠢᠷᠴᠢᠳ ᠲᠠᠭᠠᠨ ᠤᠷᠠᠨ ᠪᠦᠵᠢᠭ ᠢᠶᠠᠨ ᠪᠦᠵᠢᠭᠯᠡᠵᠦ᠂ ᠰᠦᠯᠳᠡ ᠳᠠᠭᠤᠤ ᠪᠠᠨ | ᠬᠠᠩᠭᠢᠨᠠᠭᠤᠯᠤᠨ᠂ ᠮᠤᠷᠢᠨ ᠬᠤᠭᠤᠷ ᠤᠨ ᠠᠶᠠᠯᠠᠭᠤ ᠪᠠᠨ ᠬᠦᠭᠵᠢᠮᠳᠡᠬᠦ ᠳᠠᠷᠠᠭᠠᠯᠠᠯ ᠢᠶᠠᠷ ᠨᠠᠶᠢᠷ ᠤᠨ ᠡᠬᠢᠯᠡᠯᠳᠡ ᠶᠢᠨ | ᠶᠤᠰᠤᠯᠠᠯ ᠶᠠᠪᠤᠭᠳᠠᠨ᠎ᠠ᠂ | ᠦᠵᠦᠮᠦᠴᠢᠨ ᠤ ᠲᠦᠯᠦᠭᠡᠯᠡᠭᠴᠢᠳ ᠤᠨ ᠪᠦᠯᠬᠦᠮ ᠤᠨ ᠲᠠᠷᠤᠭ᠎ᠠ ᠳᠡᠮᠴᠤᠭ ᠠᠴᠠ ᠪᠠᠶᠠᠷ ᠤᠨ ᠦᠭᠡ | ᠬᠡᠯᠡᠵᠦ ᠮᠡᠨᠳᠦᠴᠢᠯᠡᠯ ᠬᠦᠷᠭᠡᠭᠰᠡᠨ ᠤ ᠬᠠᠮᠳᠤ ᠬᠤᠰᠢᠭᠤ ᠵᠠᠰᠠᠭ ᠢᠶᠠᠨ ᠲᠦᠯᠦᠭᠡᠯᠡᠨ ᠨᠠᠶᠢᠷ ᠤᠨ ᠪᠠᠶᠠᠷ ᠲᠤ | ᠠᠷᠠᠳ ᠤᠨ ᠵᠤᠭᠤᠰ ᠲᠦᠮᠡᠨ ᠲᠦᠭᠦᠷᠢᠭ ᠤᠨ ᠪᠡᠯᠡᠭ ᠢ ᠬᠦᠷᠷᠠᠭᠴᠠ ᠲᠠᠷᠤᠭ᠎ᠠ ᠳᠤ ᠭᠠᠷᠳᠠᠭᠤᠯᠬᠤ ᠳᠤ ᠤᠯᠠᠨ ᠢᠶᠠᠷ | ᠨᠢᠵᠢᠭᠢᠨᠡᠳᠡᠯ᠎ᠡ ᠠᠯᠠᠭ᠎ᠠ ᠳᠠᠰᠢᠨ ᠲᠠᠯᠠᠷᠬᠠᠯ ᠢᠯᠡᠷᠬᠡᠶᠢᠯᠡᠪᠡ᠃ ᠮᠠᠨᠳᠤᠬᠤᠪᠤᠯᠠᠭ ᠪᠠᠯᠭᠠᠰᠤᠨ ᠤ ᠴᠤᠭᠳᠤ ᠳᠠᠷᠤᠭ᠎ᠠ ᠴᠤ | ᠭᠠᠷᠴᠤ ᠵᠤᠴᠢᠨ ᠤ ᠶᠤᠰᠤᠭᠠᠷ ᠰᠡᠷᠭᠦᠯᠡᠩ ᠰᠤᠮᠤᠨ ᠤ ᠨᠠᠶᠢᠷᠴᠢᠳ ᠲᠦᠮᠡᠨ ᠳᠤ ᠪᠠᠶᠠᠷ ᠳᠠᠯᠠᠷᠬᠠᠯ ᠬᠦᠷᠭᠡᠬᠦ ᠶᠢᠨ | ᠬᠠᠮᠳᠤ ᠨᠠᠶᠢᠷ ᠨᠠᠭᠠᠳᠤᠮ ᠤᠨ ᠲᠦᠭᠦᠷᠡᠩ ᠠᠮᠵᠢᠯᠳᠠ ᠶᠢ ᠵᠦᠩᠨᠡᠭᠰᠡᠨ ᠪᠠᠶᠢᠭ᠎ᠠ ᠶᠤᠮ᠃ ᠨᠠᠶᠢᠷ ᠨᠢ ᠬᠠᠯᠬ᠎ᠠ ᠶᠢᠨ | ᠱᠤᠳᠤᠭᠳᠤ ᠪᠦᠭᠡ ᠶᠢᠨ ᠪᠠᠷᠢᠯᠳᠤᠭᠠᠨ ᠢ ᠶᠠᠪᠤᠭᠳᠠᠭᠤᠯᠤᠭᠰᠠᠨ ᠶᠤᠮ᠂ ᠡᠮᠦᠨ᠎ᠡ ᠪᠠᠶᠢᠭ᠎ᠠ ᠪᠦᠬᠡ ᠶᠢᠨ ᠭᠠᠷᠤᠭ᠎ᠠ | ᠮᠠᠶᠢᠬᠠᠨ ᠠᠴᠠ ᠠᠶᠢᠮᠠᠭ ᠤᠨ ᠨᠠᠴᠢᠨ ᠪᠠᠳᠤᠮᠦ᠋ᠩᠬᠡ ᠵᠡᠷᠭᠡ ᠠᠪᠤᠷᠭᠤ ᠪᠦᠬᠡᠴᠤᠳ ᠱᠤᠩᠬᠤᠷ ᠤᠨ ᠳᠡᠪᠢᠯᠭᠡ ᠪᠠᠷ | ᠰᠦᠷᠯᠡᠨ ᠮᠠᠭᠰᠢᠵᠦ᠂ ᠤᠯᠤᠰ ᠤᠨ ᠲᠤᠭ ᠢ ᠪᠦᠬᠦᠯᠢ ᠡᠷᠬᠢᠭᠰᠡᠨ ᠢᠶᠠᠨ ᠬᠢᠨᠠᠭᠴᠢ ᠶᠢᠨ ᠲᠡᠷᠭᠡᠳᠡ ᠬᠦᠷᠴᠤ | ᠮᠠᠯᠠᠭᠠᠢ ᠪᠠᠨ ᠦᠯᠡᠳᠡᠭᠡᠵᠦ ᠲᠤᠰᠤᠭᠤᠷ ᠢᠶᠠᠨ ᠬᠠᠶᠠᠭᠰᠠᠨ ᠢᠶᠠᠨ ᠳᠠᠬᠢᠨ ᠬᠢᠨᠠᠭᠴᠢ ᠪᠠᠷ ᠮᠠᠯᠠᠭᠠᠢ ᠪᠠᠨ | ᠳᠠᠯᠪᠢᠭᠤᠯᠬᠤ ᠳᠠᠭᠠᠨ ᠪᠠᠶ᠎ᠠ ᠶᠢ ᠨᠢ ᠪᠦᠬᠦᠯᠢ ᠡᠷᠭᠢᠭᠰᠡᠨ ᠢᠶᠠᠨ ᠲᠤᠭ ᠰᠦᠯᠳᠡ ᠶᠢ ᠲᠤᠭᠤᠷᠢᠨ ᠮᠠᠭᠰᠢᠭᠰᠠᠭᠠᠷ | ᠪᠤᠴᠠᠨ᠎ᠠ᠃ ᠡᠭᠦᠨ ᠳᠤ ᠰᠤᠨᠢᠷᠬᠠᠭᠤᠰᠢᠳᠠᠢ ᠨᠢ ᠬᠤᠶᠠᠷ ᠳᠠᠯ᠎ᠠ ᠠᠴᠠ ᠭᠠᠷᠬᠤ ᠪᠦᠬᠡ ᠶᠢᠨ ᠬᠢᠨᠠᠭᠴᠢ ᠨᠢ ᠤᠯᠠᠭᠠᠨ | ᠬᠦᠬᠡ ᠬᠤᠶᠠᠷ ᠦᠩᠭᠡ ᠶᠢᠨ ᠬᠤᠪᠴᠠᠰᠤ ᠡᠮᠦᠰᠴᠤ᠂ ᠦᠪᠡᠷ ᠤᠨ ᠭᠠᠷᠤᠭᠠᠨ ᠤ ᠪᠦᠬᠡ ᠪᠠᠨ ᠬᠤᠶᠠᠷ ᠳᠠᠯ᠎ᠠ ᠠᠴᠠ | ᠬᠢᠨᠡᠳᠡᠭ ᠪᠠᠶᠢᠨ᠎ᠠ᠃ ᠪᠦᠬᠡ ᠶᠢᠨ ᠱᠤᠳᠤᠭ ᠨᠢ ᠤᠯᠠᠭᠠᠨ ᠪᠠ ᠬᠦᠭᠡ ᠦᠩᠭᠡᠳᠡᠢ ᠭᠤᠤᠯᠳᠠᠭᠤ ᠪᠠᠶᠢᠬᠤ ᠪᠦᠬᠡᠳ | ᠶᠠᠭᠠᠨ ᠦᠩᠭᠡ ᠲᠠᠢ ᠪᠠᠰᠠ ᠪᠤᠢ᠂ ᠮᠠᠨ ᠤ ᠬᠤᠰᠢᠭᠤᠨ ᠠᠴᠠ ᠠᠪᠤᠷᠭᠤ ᠪᠠᠶᠠᠷᠪᠠᠭᠠᠳᠤᠷ ᠡᠨᠡ ᠤᠳᠠᠭ᠎ᠠ ᠶᠢᠨ | ᠪᠠᠷᠢᠯᠳᠤᠭᠠᠨ ᠳᠤ ᠤᠷᠤᠯᠴᠠᠭᠠᠳ ᠬᠤᠶᠠᠷ ᠲᠠᠩ ᠡᠷᠭᠢᠭᠡᠳ ᠵᠠᠭᠠᠨ ᠡᠷᠬᠢᠮᠪᠠᠶᠠᠷ ᠲᠤ ᠬᠦᠯᠳᠡᠭᠦᠯᠦᠭᠰᠡᠨ ᠪᠠᠶᠢᠭ᠎ᠠ ᠶᠤᠮ | ᠃ 64 ᠪᠦᠬᠡᠴᠢᠨ ᠤᠷᠤᠯᠴᠠᠭᠰᠠᠨ ᠬᠠᠯᠬ᠎ᠠ ᠪᠦᠬᠡ ᠶᠢᠨ ᠪᠠᠷᠢᠯᠳᠤᠭᠠᠨ ᠳᠤ ᠪᠤᠯᠠᠭᠠᠨ ᠰᠤᠮᠤᠨ ᠤ ᠵᠠᠭᠠᠨ ᠴᠤᠯᠠ ᠲᠠᠢ | ᠡᠷᠬᠢᠮᠪᠠᠶᠠᠷ ᠲᠡᠷᠢᠭᠦᠯᠡᠵᠦ᠂ ᠰᠡᠷᠭᠦᠯᠡᠩ ᠰᠤᠮᠤᠨ ᠤ ᠨᠠᠴᠢᠨ ᠴᠤᠯᠠ ᠲᠠᠢ ᠪᠠᠳᠤᠵᠤᠷᠢᠭ ᠲᠡᠳ᠋ᠯᠡᠭᠰᠡᠨ᠂ ᠦᠰᠪᠦᠷᠢ ᠶᠢᠨ | ᠪᠦᠭᠡ ᠶᠢᠨ ᠪᠠᠷᠢᠯᠳᠤᠭᠠᠨ ᠳᠤ ᠯᠾᠬᠠᠪᠠᠰᠦ᠋ᠷᠦᠩ ᠲᠡᠷᠢᠭᠦᠯᠡᠨ ᠰᠡᠷᠭᠦᠯᠡᠩᠪᠠᠭᠠᠳᠤᠷ ᠲᠡᠳ᠋ᠯᠡᠭᠰᠡᠨ ᠪᠠᠶᠢᠵᠦ ᠪᠢᠯᠡ᠃ | ᠨᠠᠶᠢᠷ ᠡᠬᠢᠯᠡᠬᠦ ᠦᠷᠯᠦᠭᠡ ᠠᠵᠢᠷᠭᠠᠨ ᠤᠷᠤᠯᠳᠤᠭᠠᠨ ᠢᠶᠠᠨ ᠲᠠᠯᠪᠢᠭᠰᠠᠨ᠂ ᠳᠠᠮᠪᠢᠳᠤᠭᠠᠷ ᠵᠠᠰᠠᠭ ᠤᠷᠤᠯᠠᠭᠴᠢ ᠠᠴᠠ | ᠠᠵᠢᠷᠭᠠᠨ ᠤ ᠤᠷᠤᠯᠳᠤᠭᠠᠨ ᠤ ᠳ᠋ᠦᠩ ᠢ ᠨᠡᠶᠢᠳᠡᠯᠡᠨ᠎ᠡ᠂ 53 ᠲᠤᠭᠠᠨ ᠤ ᠠᠵᠢᠷᠭᠠᠨ ᠤᠷᠤᠯᠳᠤᠭᠠᠨ ᠳᠤ᠄ | ᠬᠡᠷᠦᠯᠦᠨ ᠰᠤᠮᠤᠨ ᠤ ᠬᠠᠷᠢᠶᠠᠳᠤ ᠢᠳᠡᠭᠡᠯ ᠤᠨ ᠪᠤᠷᠤ ᠠᠵᠢᠷᠭ᠎ᠠ ᠲᠡᠷᠢᠭᠦᠯᠡᠵᠦ | ᠬᠡᠷᠤᠯᠤᠨ ᠰᠤᠮᠤᠨ ᠤ ᠬᠠᠷᠢᠶᠠᠳᠤ ᠡᠷᠳᠡᠨᠢᠴᠤᠭᠳᠤ ᠶᠢᠨ ᠬᠡᠭᠡᠷ ᠠᠵᠢᠷᠭ᠎ᠠ ᠠᠮᠠᠨ ᠬᠦᠵᠦᠭᠦᠯᠡᠵᠦ | ᠬᠡᠷᠦᠯᠦᠨ ᠰᠤᠮᠤᠨ ᠤ ᠬᠠᠷᠢᠶᠠᠳᠤ ᠰᠤᠮᠢᠶᠠᠪᠠᠭᠠᠳᠤᠷ ᠤᠨ ᠬᠤᠸᠠ ᠬᠠᠯᠵᠠᠨ ᠠᠵᠢᠷᠭ᠎ᠠ ᠭᠤᠳᠠᠭᠠᠷᠯᠠᠵᠦ | ᠰᠡᠷᠭᠦᠯᠡᠩ ᠰᠤᠮᠤᠨ ᠤ ᠬᠠᠷᠢᠶᠠᠳᠤ ᠡᠷᠳᠡᠨᠢᠪᠠᠭᠠᠳᠤᠷ ᠤᠨ ᠬᠡᠭᠡᠷ ᠠᠵᠢᠷᠭ᠎ᠠ ᠲᠦᠳᠦᠭᠡᠷᠯᠡᠨ | ᠬᠡᠷᠦᠯᠦᠨ ᠰᠤᠮᠤᠨ ᠤ ᠢᠳᠡᠭᠡᠯ ᠤᠨ ᠬᠤᠸᠠ ᠠᠵᠢᠷᠭ᠎ᠠ ᠲᠡᠷᠢᠬᠢᠨ ᠲᠠᠪᠤ ᠳᠤ ᠲᠤᠰ ᠲᠤᠰ ᠢᠷᠡᠭᠰᠡᠨ | ᠪᠠᠶᠢᠨ᠎ᠠ᠃ ᠤᠨᠤᠭᠠᠴᠢᠨ ᠬᠡᠤᠬᠡᠳ ᠰᠤᠳᠤᠨ ᠲᠠᠪᠤᠨ ᠬᠦᠯᠦᠭ ᠢᠶᠠᠨ ᠤᠨᠤᠵᠦ ᠴᠤᠯᠠ ᠪᠠᠨ ᠳᠠᠭᠤᠳᠠᠭᠤᠯᠬᠤ ᠪᠠᠷ | ᠨᠠᠶᠢᠷ ᠤᠨ ᠳᠠᠯᠠᠪᠠᠢ ᠳᠤ ᠤᠷᠤᠵᠦ ᠢᠷᠡᠬᠦ ᠳᠤ ᠳᠠᠭᠤᠳᠠᠭᠠᠴᠢ ᠠᠴᠠ ᠮᠤᠷᠢᠨ ᠴᠤᠯᠠ ᠪᠠᠨ ᠤᠶᠠᠩᠭᠠᠯᠠᠨ ᠮᠠᠭᠳᠠᠨ | ᠰᠢᠯᠦᠭᠯᠡᠨ᠎ᠡ᠃ ᠮᠤᠷᠢᠨ ᠱᠠᠩ ᠦᠭᠬᠦ ᠳᠤ ᠲᠠᠭᠤᠳᠠᠭᠠᠴᠢ ᠳᠤ ᠰᠦᠨ ᠤ ᠳᠡᠭᠡᠵᠢ ᠪᠠᠨ ᠠᠮᠬᠠᠷᠠᠭᠤᠯᠤᠨ᠂ ᠤᠨᠤᠭᠰᠠᠨ | ᠮᠤᠷᠢᠨ ᠠᠴᠠ ᠨᠢ ᠡᠬᠢᠯᠡᠨ ᠴᠤᠯᠠᠳᠤ ᠮᠤᠷᠢᠳ ᠢᠶᠠᠨ ᠤᠷᠢᠳᠡᠪᠡᠷ ᠠᠶᠢᠷᠠᠭ ᠰᠦ ᠪᠠᠷ ᠮᠢᠯᠢᠶᠠᠭᠰᠠᠨ ᠢᠶᠠᠨ ᠱᠠᠩ ᠢᠶᠠᠨ | ᠤᠯᠭᠤᠯ᠎ᠠ᠃ ᠨᠠᠶᠢᠷ ᠨᠠᠭᠠᠳᠤᠮ ᠨᠢ ᠮᠤᠷᠢᠳᠠᠨ ᠶᠠᠰᠤᠳᠠᠨ ᠤ ᠪᠠᠶᠠᠷ ᠬᠦᠷ ᠪᠤᠯᠬᠤ ᠳᠤ ᠠᠯᠤᠰ ᠲᠤ ᠨᠤᠭᠤᠭᠠᠨ | ᠳᠠᠯ᠎ᠠ ᠶᠢᠨ ᠴᠡᠩᠬᠡᠷ ᠤᠨᠢᠶᠠᠷ ᠳᠠᠶᠢᠪᠤᠩ ᠳᠡᠨᠢᠭᠦᠨ ᠰᠠᠭᠠᠳᠠᠨ᠎ᠠ᠃ | ᠨᠠᠶᠢᠷ ᠤᠨ ᠬᠦᠷᠢᠶ᠎ᠡ ᠬᠦᠭᠵᠢᠶᠡᠨ ᠨᠠᠷᠭᠢᠶᠠᠨ ᠲᠠᠢ᠂ ᠦᠵᠡᠮᠤᠷ ᠪᠠᠶᠠᠨ᠃ ᠲᠠᠯᠠᠪᠠᠢ ᠳᠤ ᠪᠦᠬᠡ ᠪᠠᠷᠢᠯᠳᠤᠵᠦ | ᠪᠠᠶᠢᠬᠤ ᠳᠤ ᠪᠠᠷᠠᠭᠤᠨ ᠲᠠᠯ᠎ᠠ ᠪᠠᠷ ᠪᠠᠭᠠᠴᠤᠳ ᠲᠡᠭᠦᠵᠢᠩ ᠨᠠᠭᠠᠳᠬᠤ᠂ ᠱᠠᠳᠤᠯᠵᠢᠨ ᠲᠠᠪᠠᠭ᠋ᠤ ᠵᠡᠷᠭᠡ ᠪᠠᠷ ᠪᠦᠭᠡᠮᠨᠡᠷᠡᠨ | ᠤᠷᠤᠯᠳᠤᠨ ᠪᠠᠶᠢᠯ᠎ᠠ᠂ ᠨᠠᠶᠢᠷ ᠤᠨ ᠬᠦᠷᠢᠶ᠎ᠡ ᠵᠠᠬᠠᠯᠠᠨ ᠡᠪᠦᠭᠡᠳ ᠨᠠᠰᠤᠳᠠᠳ ᠪᠦᠭᠡᠮ ᠪᠦᠭᠡᠮ ᠢᠶᠠᠷ ᠰᠠᠭᠤᠵᠦ | ᠵᠤᠭᠤᠭᠳᠠᠬᠤ ᠶᠢᠨ ᠲᠠᠭᠠᠤ ᠳᠤ ᠪᠦᠬᠡ ᠰᠤᠨᠢᠷᠬᠠᠨ᠎ᠠ᠂ ᠤᠯᠠᠩᠬᠢ ᠦᠵᠡᠭᠴᠢᠳ ᠮᠤᠷᠢᠳᠡᠢ ᠰᠤᠨᠢᠷᠬᠠᠬᠤ ᠶᠢᠨ ᠬᠠᠮᠳᠤ | ᠤᠷᠤᠯᠳᠤᠭᠠᠨ ᠤ ᠮᠤᠷᠢᠳ ᠢᠶᠠᠨ ᠭᠦᠳᠦᠯᠦᠨ᠂ ᠵᠡᠭᠦᠨᠰᠢ ᠪᠠᠷᠠᠭᠤᠨᠰᠢ ᠲᠠᠪᠬᠢᠯᠳᠤᠨ ᠤᠷᠤᠯᠳᠤᠭᠠᠨ ᠳᠤ ᠳᠠᠯᠪᠢᠬᠤ ᠪᠠᠷ | ᠶᠠᠭᠠᠷᠠᠯᠳᠤᠨ᠎ᠠ᠃ | ᠬᠠᠯᠬ᠎ᠠ ᠶᠢᠨ ᠮᠤᠷᠢᠨ ᠤᠷᠤᠯᠳᠤᠭᠠᠨ ᠤ ᠲᠦᠷᠦᠯ ᠤᠯᠠᠨ ᠪᠠᠶᠢᠳᠠᠭ᠄ ᠠᠵᠢᠷᠭ᠎ᠠ ᠶᠢᠨ ᠤᠷᠤᠯᠳᠤᠭᠠᠨ᠂ | ᠬᠤᠷᠳᠤᠨ ᠮᠤᠷᠢᠨ ᠤ ᠤᠷᠤᠯᠳᠤᠭᠠᠨ᠂ ᠰᠤᠶᠤᠯᠠᠩ ᠮᠤᠷᠢᠨ ᠤ ᠤᠷᠤᠯᠳᠤᠭᠠᠨ᠂ ᠬᠢᠵᠠᠯᠠᠩ ᠮᠤᠷᠢᠨ ᠤ ᠤᠷᠤᠯᠳᠤᠭᠠᠨ᠂ | ᠦᠷᠢᠶᠠᠨ ᠤ ᠤᠷᠤᠯᠳᠤᠭᠠᠨ᠂ ᠲᠠᠭ᠎ᠠ ᠶᠢᠨ ᠤᠷᠤᠯᠳᠤᠭᠠᠨ ᠵᠡᠷᠭᠡ ᠪᠤᠢ᠂ ᠡᠭᠦᠨ ᠳᠤ ᠰᠤᠶᠤᠯᠠᠩ ᠮᠤᠷᠢᠨ ᠤ | ᠤᠷᠤᠯᠳᠤᠭᠠᠨ ᠢ ᠶᠡᠬᠡᠳᠡ ᠬᠦᠨᠳᠦᠳᠭᠡᠨ ᠦᠵᠡᠵᠦ᠂ ᠲᠡᠷᠢᠭᠦᠯᠡᠭᠰᠡᠨ ᠮᠤᠷᠢ ᠨᠢ ᠬᠤᠵᠢᠮ ᠭᠦᠶᠦᠳᠡᠭ ᠮᠤᠷᠢ ᠪᠤᠯᠬᠤ | ᠭᠡᠬᠦ ᠪᠦᠭᠡᠳ ᠰᠤᠶᠤᠯᠠᠩ ᠮᠤᠷᠢᠨ ᠤ ᠤᠷᠤᠯᠳᠤᠭᠠᠨ ᠤ ᠲᠤᠭᠤᠰᠤᠨ ᠳᠤ ᠤᠷᠤᠪᠠᠯ ᠡᠪᠡᠳᠴᠢᠨ ᠲᠠᠬᠤᠯ ᠬᠦᠷᠳᠡᠭ | ᠦᠭᠡᠢ ᠭᠡᠨ᠎ᠡ ᠯᠡᠢ᠃ 7 ᠰᠠᠷ᠎ᠠ ᠶᠢᠨ 10 ᠡᠳᠦᠷ᠂ ᠪᠢᠳᠡ ᠲᠠᠭ᠎ᠠ ᠶᠢᠨ ᠤᠷᠤᠯᠳᠤᠭᠠᠨ ᠢ ᠨᠢ ᠲᠡᠷᠭᠡ ᠲᠠᠢ ᠲᠠᠭᠠᠵᠦ | ᠦᠵᠡᠭᠰᠡᠨ᠂ ᠠᠳᠡᠬᠢ ᠭᠠᠵᠠᠷ ᠤᠷᠤᠯᠳᠤᠭᠠᠨ ᠮᠤᠷᠢᠳ ᠢ ᠳᠠᠯᠪᠢᠬᠤ ᠪᠠᠷ ᠶᠠᠪᠤᠬᠤ ᠳᠤ ᠠᠯᠬᠤᠭᠤᠯᠵᠦ ᠭᠠᠯᠭᠢᠭᠤᠯᠵᠦ | ᠶᠠᠪᠤᠬᠤ ᠪᠢᠰᠢ ᠬᠠᠷᠢᠨ ᠰᠢᠷᠦᠭᠦᠨ ᠲᠤᠩᠰᠢᠶᠡ ᠰᠡᠭᠡᠭᠡ ᠪᠠᠷ ᠶᠠᠭᠠᠷᠠᠪᠴᠢᠯᠠᠨ ᠲᠤᠭᠤᠬᠤ ᠨᠢ ᠲᠡᠷᠡ᠂ ᠡᠳᠡᠨ ᠤ | ᠬᠡᠯᠡᠬᠦ ᠪᠠᠷ ᠰᠢᠷᠦᠭᠦᠨ ᠬᠦᠭᠡᠭᠡᠬᠦ ᠨᠢ ᠮᠤᠷᠢᠳ ᠤᠷᠤᠯᠳᠤᠭᠠᠨ ᠤ ᠭᠠᠵᠠᠷ ᠢᠶᠠᠨ ᠬᠦᠷᠬᠦ ᠳᠤ ᠬᠦᠯᠦᠷᠠᠨ ᠴᠢᠬᠢᠭᠳᠡᠬᠦ ᠪᠠᠷ | ᠪᠡᠶ᠎ᠡ ᠨᠢ ᠲᠠᠯᠪᠢᠭᠳᠠᠵᠦ ᠭᠦᠶᠦᠵᠦ ᠡᠬᠢᠯᠡᠬᠦ ᠳᠤ ᠴᠡᠭᠡᠵᠢ ᠨᠢ ᠪᠠᠴᠢᠮᠳᠠᠳᠠᠭ ᠦᠭᠡᠢ ᠭᠡᠵᠦ ᠶᠠᠷᠢᠬᠤ ᠶᠤᠮ ᠪᠢᠯᠡ᠂ ᠡᠨᠡ | ᠬᠠᠷᠢᠨ ᠲᠤᠩᠭᠠᠭᠤᠰᠢᠳᠠᠢ ᠶᠠᠪᠤᠳᠠᠯ᠂ ᠨᠢᠭᠡ ᠳᠤ ᠮᠤᠷᠢᠨ ᠤ ᠭᠦᠶᠦᠳᠡᠯ ᠳᠤ ᠲᠤᠰᠠᠳᠠᠢ᠂ ᠬᠤᠶᠠᠷ ᠲᠤ ᠴᠠᠭ | ᠠᠷᠪᠢᠯᠠᠬᠤ ᠳᠤ ᠠᠰᠢᠭᠳᠠᠢ᠂ ᠭᠤᠷᠪᠠ ᠳᠤ ᠨᠠᠶᠢᠷᠴᠢᠳ ᠰᠤᠨᠢᠷᠬᠠᠬᠤ ᠳᠤ ᠲᠦᠭᠦᠮ ᠪᠠᠶᠢᠨ᠎ᠠ᠃ ᠲᠦᠴᠢ ᠭᠠᠷᠤᠢ | ᠲᠠᠭ᠎ᠠ ᠶᠢ ᠲᠡᠷᠡ ᠮᠡᠳᠦ ᠰᠡᠭᠡᠭᠡ ᠪᠠᠷ ᠲᠤᠭᠤᠭᠰᠠᠭᠠᠷ ᠭᠠᠷᠤᠨ ᠤ ᠭᠠᠵᠠᠷ ᠬᠦᠷᠳᠡᠯ᠎ᠡ ᠠᠷᠪᠠᠨ ᠬᠤᠶᠠᠷ ᠺᠢᠯᠤᠮᠧᠲᠷ ᠤᠨ | ᠦᠵᠦᠭᠦᠷ ᠲᠤ ᠬᠦᠭᠡᠭᠡᠪᠡ᠂ ᠢᠩᠭᠢᠭᠡᠳ ᠪᠤᠳᠤᠬᠤ ᠳᠤ ᠶᠠᠪᠤᠵᠦ ᠪᠤᠴᠠᠬᠤ ᠲᠠᠢ ᠡᠨᠡ ᠤᠷᠤᠯᠳᠤᠭᠠᠨ ᠤ ᠲᠠᠭ᠎ᠠ ᠨᠢ | ᠲᠦᠴᠢᠨ ᠲᠦᠷᠪᠡᠨ ᠭᠠᠵᠠᠷ ᠲᠠᠪᠬᠢᠵᠦ ᠪᠠᠶᠢᠬᠤ ᠶᠤᠮ᠃ ᠲᠠᠭ᠎ᠠ ᠳᠠᠯᠪᠢᠬᠤ ᠭᠠᠵᠠᠷ ᠬᠦᠷᠬᠦ ᠳᠤ ᠨᠤᠭᠤᠭᠠᠨ ᠲᠤᠤᠷ | ᠬᠤᠷᠢᠭ᠎ᠠ ᠪᠡᠯᠡᠳᠭᠡᠨ᠂ ᠤᠯᠠᠨ ᠲᠠᠭ᠎ᠠ ᠬᠤᠷᠢᠭᠠᠨ ᠤ ᠭᠠᠵᠠᠷ ᠢᠶᠠᠨ ᠬᠦᠷᠦᠮᠡᠭᠴᠡ ᠲᠤᠤᠷ ᠬᠤᠷᠢᠭ᠎ᠠ ᠪᠠᠨ ᠰᠡᠭᠦᠵᠦ | ᠦᠭᠬᠦ ᠲᠠᠢ ᠵᠡᠷᠭᠡ ᠤᠷᠤᠯᠳᠤᠭᠠᠨ ᠡᠬᠢᠯᠡᠯ᠎ᠡ᠂ ᠤᠯᠠᠨ ᠲᠠᠭ᠎ᠠ ᠪᠦᠬᠡᠮ ᠭᠠᠷᠤᠭᠰᠠᠨ ᠢᠶᠠᠨ ᠠᠭᠠᠵᠢᠮ ᠢᠶᠠᠷ ᠰᠤᠪᠤᠷᠠᠯᠠ᠂ | ᠵᠠᠷᠢᠮ ᠲᠠᠭ᠎ᠠ ᠶᠢᠨ ᠭᠦᠶᠦᠳᠡᠯ ᠤᠨ ᠬᠤᠷᠳᠤᠨ ᠭᠡᠵᠢ᠂ ᠨᠡᠬᠡᠯᠳᠡ ᠨᠢ ᠰᠢᠷᠦᠭᠦᠨ ᠪᠠᠶᠢᠨ᠎ᠠ᠂ ᠲᠠᠭᠠᠷᠢᠯᠡᠨ ᠭᠠᠷᠤᠭᠰᠠᠭᠠᠷ | ᠲᠠᠰᠤᠷᠠᠨ ᠬᠤᠯᠠᠳᠠᠬᠬᠤ ᠶᠢ ᠶᠠᠭᠠᠬᠢᠨ᠎ᠡ ᠭᠡᠬᠦᠪ᠃ ᠡᠭᠦᠨ ᠠᠴᠠ ᠦᠵᠡᠬᠦ ᠳᠤ ᠲᠠᠭ᠎ᠠ ᠶᠢᠨ ᠭᠦᠶᠦᠳᠡᠯ ᠰᠠᠶᠢᠬᠠᠨ | ᠤᠶᠠᠭ᠎ᠠ ᠲᠡᠩᠴᠡᠭᠦᠯᠵᠦ ᠴᠢᠳᠠᠪᠠᠯ ᠭᠤᠴᠢᠨ ᠭᠠᠵᠠᠷ ᠢ ᠭᠦᠶᠦᠬᠦ ᠨᠢ ᠨᠠᠭᠠᠳᠤᠮ ᠤᠨ ᠯᠡ ᠬᠡᠷᠡᠭ ᠶᠤᠮ ᠪᠠᠶᠢᠨ᠎ᠠ᠂ | ᠬᠠᠰᠢᠯᠡ ᠡᠳ᠋ᠯᠡᠵᠦ ᠴᠠᠭᠠᠷᠠᠭᠤᠯᠬᠤ ᠳᠤ ᠪᠠᠶᠢᠳᠠᠭ ᠤᠴᠢᠷ᠂ ᠦᠨᠡᠨ ᠳᠡᠭᠡᠨ ᠮᠠᠨᠠᠶᠢᠬᠢᠨ ᠤ ᠠᠯᠤᠰ ᠤᠨ ᠮᠤᠷᠢᠨ ᠤ | ᠤᠷᠤᠯᠳᠤᠭᠠᠨ ᠲᠠᠢ ᠲᠠᠭ᠎ᠠ ᠶᠢᠨ ᠤᠷᠤᠯᠳᠤᠭᠠᠨ ᠨᠢ ᠲᠡᠩᠴᠡᠬᠦ ᠪᠤᠯᠪᠠ᠂ ᠡᠨᠡ ᠪᠤᠯ ᠨᠢᠭᠡᠨ ᠬᠠᠷᠢᠴᠠᠭᠤᠯᠤᠰᠢᠳᠠᠢ | ᠶᠠᠪᠤᠳᠠᠯ ᠪᠠᠶᠢᠯ᠎ᠠ᠂ ᠬᠡᠷᠤᠯᠤᠨ ᠭᠤᠤᠯ ᠤᠨ ᠠᠳᠤᠭᠤᠳ ᠭᠦᠶᠦᠳᠡᠯ ᠲᠠᠢ ᠲᠦᠷᠦᠳᠡᠭ ᠭᠡᠰᠡᠨ ᠨᠢ ᠦᠨᠡᠨ ᠪᠠᠶᠢᠭᠰᠠᠨ | ᠴᠤ ᠮᠠᠭᠠᠳ᠃ ᠡᠨᠡ ᠤᠳᠠᠭᠠᠨ ᠤ ᠲᠠᠭ᠎ᠠ ᠶᠢᠨ ᠤᠷᠤᠯᠳᠤᠭᠠᠨ ᠳᠤ᠄ | ᠬᠡᠷᠤᠯᠤᠨ ᠰᠤᠮᠤᠨ ᠤ ᠪᠠᠳᠤᠵᠢᠷᠭᠠᠯ ᠤᠨ ᠪᠤᠷᠤ ᠲᠠᠭ᠎ᠠ ᠲᠡᠷᠢᠭᠦᠯᠡᠨ᠂ | ᠬᠡᠷᠤᠯᠤᠨ ᠰᠤᠮᠤᠨ ᠤ ᠭᠠᠩᠪᠠᠭᠠᠳᠤᠷ ᠤᠨ ᠬᠦᠷᠡᠩ ᠲᠠᠭ᠎ᠠ ᠠᠮᠠᠨ ᠬᠦᠵᠦᠭᠦᠯᠡᠵᠦ | ᠰᠡᠷᠭᠦᠯᠡᠩ ᠰᠤᠮᠤᠨ ᠤ ᠨᠡᠷᠡᠭᠦᠶᠢᠪᠠᠭᠠᠳᠤᠷ ᠤᠨ ᠬᠠᠷ᠎ᠠ ᠰᠠᠭᠠᠷᠠᠯ ᠲᠠᠭ᠎ᠠ ᠭᠤᠳᠠᠭᠠᠷᠯᠠᠵᠦ | ᠪᠠᠶᠠᠠᠳᠦ᠋ᠮᠡᠨ ᠰᠤᠮᠤᠨ ᠤ ᠵᠢᠷᠭᠠᠯᠰᠠᠶᠢᠬᠠᠨ ᠤ ᠲᠡᠯᠳᠦ ᠬᠤᠸᠠ ᠲᠠᠭ᠎ᠠ ᠲᠦᠳᠦᠭᠡᠷᠯᠡᠨ | ᠪᠠᠶᠠᠠᠳᠦ᠋ᠮᠡᠨ ᠰᠤᠮᠤᠨ ᠤ ᠦᠯᠵᠡᠶᠢᠰᠠᠶᠢᠬᠠᠨ ᠤ ᠰᠢᠷᠭ᠎ᠠ ᠲᠠᠭ᠎ᠠ ᠲᠡᠷᠢᠬᠢᠨ ᠲᠠᠪᠤ ᠳᠤ ᠤᠷᠤᠵᠦ᠂ ᠨᠠᠶᠢᠷ ᠤᠨ | ᠱᠠᠩ ᠲᠤᠰᠤᠭᠰᠠᠨ ᠪᠠᠶᠢᠨ᠎ᠠ᠃ | ᠰᠡᠷᠭᠦᠯᠡᠩ ᠰᠤᠮᠤᠨ ᠤ ᠨᠠᠶᠢᠷ ᠲᠤ ᠵᠠᠯᠠᠭᠳᠠᠭᠰᠠᠨ ᠴᠢᠬᠤᠯᠠ ᠰᠢᠯᠳᠠᠭᠠᠨ ᠪᠤᠯ ᠦᠵᠦᠮᠦᠴᠢᠨᠴᠤᠳ ᠤᠨ ᠴᠢᠰᠦ | ᠮᠢᠬᠠᠨ ᠤ ᠭᠡᠯᠬᠢᠶ᠎ᠡ ᠲᠠᠢ ᠠᠴᠠ ᠪᠤᠯᠤᠭᠰᠠᠨ ᠶᠤᠮ᠂ ᠳᠡᠯᠡᠬᠡᠢ ᠶᠢᠨ ᠬᠤᠶᠠᠳᠤᠭᠠᠷ ᠲᠠᠶᠢᠨ ᠤ ᠰᠡᠭᠦᠯᠴᠢ 1945 | ᠤᠨ ᠳᠤ ᠶᠠᠫᠤᠨ ᠤ ᠲᠦᠷᠢᠮᠡᠬᠡᠶᠢᠯᠡᠭᠴᠢᠳ ᠤᠨ ᠲᠠᠷᠤᠯᠠᠯ ᠠᠴᠠ ᠠᠩᠭᠢᠵᠢᠷᠠᠬᠤ ᠶᠢᠨ ᠲᠤᠰᠠᠳᠠ᠂ ᠤᠤᠯ ᠤᠨ | ᠦᠵᠦᠮᠦᠴᠢᠨ ᠵᠡᠭᠦᠨ ᠭᠠᠷᠤᠨ ᠬᠤᠰᠢᠭᠤᠨ ᠤ ᠮᠢᠨᠵᠤᠤᠷᠳᠤᠷᠵᠢ ᠸᠠᠩ ᠤᠨ ᠲᠠᠭᠠᠭᠤᠯᠭ᠎ᠠ ᠪᠠᠷ ᠶᠡᠬᠡᠩᠬᠢ ᠠᠶᠢᠯ ᠡᠷᠦᠬᠡ | ᠨᠢ ᠮᠤᠩᠭᠤᠯ ᠤᠯᠤᠰ ᠲᠤ ᠨᠡᠭᠦᠵᠦ ᠤᠷᠤᠭᠰᠠᠨ ᠢᠶᠠᠷ ᠮᠠᠰᠢ ᠤᠯᠠᠨ ᠶᠠᠰᠤ ᠴᠢᠰᠦᠨ ᠤ ᠪᠠᠷᠢᠯᠳᠤᠯᠭ᠎ᠠ ᠲᠠᠢ ᠰᠠᠳᠤᠨ | ᠲᠦᠷᠦᠯ ᠰᠠᠯᠵᠦ ᠪᠤᠳᠠᠷᠠᠭᠰᠠᠨ ᠲᠡᠤᠬᠡᠨ ᠶᠠᠪᠤᠳᠠᠯ ᠭᠠᠷᠤᠭᠰᠠᠨ ᠶᠤᠮ᠂ ᠶᠡᠷᠡᠭᠡᠳ ᠤᠨ ᠠᠴᠠ ᠬᠤᠶᠠᠷ ᠤᠯᠤᠰ ᠤᠨ | ᠭᠠᠳᠠᠭᠠᠳᠤ ᠬᠠᠷᠢᠴᠠᠭ᠎ᠠ ᠰᠠᠶᠢᠵᠢᠷᠠᠭᠰᠠᠨ ᠠᠴᠠ ᠵᠡᠭᠦᠨ ᠦᠵᠦᠮᠦᠴᠢᠨ ᠤ ᠬᠠᠳᠠᠪᠴᠢ ᠪᠠᠷ ᠬᠢᠯᠢ ᠶᠢᠨ ᠪᠤᠭᠤᠮᠳᠠ | ᠨᠡᠭᠡᠭᠡᠵᠦ᠂ ᠨᠦᠬᠦᠷᠰᠡᠭ ᠢᠶᠠᠷ ᠶᠠᠪᠤᠯᠴᠠᠬᠤ ᠪᠤᠯᠤᠭᠰᠠᠨ ᠢᠶᠠᠷ ᠮᠠᠨ ᠤ ᠪᠦᠯᠬᠦᠮ ᠤᠨ ᠭᠡᠰᠢᠭᠦᠨ ᠪᠤᠯᠤᠭᠰᠠᠨ ᠵᠤᠷᠢᠭᠳᠤ᠂ | ᠰᠡᠴᠡᠨᠭᠡᠷᠡᠯ᠂ ᠪᠠᠳᠤᠵᠢᠷᠭᠠᠯ ᠨᠠᠷ ᠰᠠᠳᠤᠨ ᠲᠦᠷᠦᠯ ᠢᠶᠠᠨ ᠠᠳᠡ ᠢᠷᠡᠵᠦ ᠡᠷᠭᠢᠵᠦ ᠦᠵᠡᠭᠰᠡᠨ ᠪᠠᠶᠢᠨ᠎ᠠ᠃ | ᠰᠡᠷᠭᠦᠯᠡᠩ ᠰᠤᠮᠤᠨ ᠤ ᠤᠯᠠᠩᠬᠢ ᠮᠠᠯᠴᠢᠳ ᠪᠤᠯ ᠦᠵᠦᠮᠦᠴᠢᠨ ᠶᠠᠰᠤᠳᠠᠨ ᠪᠠᠶᠢᠭ᠎ᠠ ᠶᠤᠮ᠃ ᠡᠶᠢᠮᠦ ᠪᠠᠷ | ᠮᠤᠩᠭᠤᠯ ᠤᠨ ᠰᠦᠬᠡᠪᠠᠭᠠᠳᠤᠷ ᠪᠠ ᠲᠤᠷᠤᠨᠠᠳᠤ ᠠᠶᠢᠮᠠᠭ ᠲᠤ ᠦᠵᠦᠮᠦᠴᠢᠨ ᠶᠠᠰᠤᠳᠠᠨ ᠤᠯᠠᠨ ᠲᠠᠷᠬᠠᠭᠰᠠᠨ | ᠪᠠᠶᠢᠳᠠᠭ ᠢᠶᠠᠷ ᠬᠢᠯᠢ ᠶᠢᠨ ᠬᠤᠰᠢᠭᠤ ᠪᠤᠯᠤᠭᠰᠠᠨ ᠵᠡᠭᠦᠨ ᠦᠵᠦᠮᠦᠴᠢᠨ ᠬᠤᠰᠢᠭᠤ ᠨᠢ ᠠᠵᠦ ᠠᠬᠤᠢ ᠰᠤᠶᠤᠯ ᠤᠨ | ᠲᠠᠯ᠎ᠠ ᠪᠠᠷ ᠤᠯᠠᠨ ᠬᠠᠷᠢᠴᠠᠭ᠎ᠠ ᠶᠠᠪᠤᠯᠴᠠᠭ᠎ᠠ ᠶᠢ ᠨᠡᠭᠡᠭᠡᠭᠰᠡᠨ ᠪᠠᠶᠢᠳᠠᠭ᠃ | ᠪᠢᠳᠡ ᠴᠤᠶᠢᠪᠠᠯᠰᠠᠩ ᠬᠤᠳᠠ ᠳᠤ ᠦᠨᠵᠢᠬᠦ ᠳᠡᠭᠡᠨ ︵7,12︶ ᠠᠳᠡᠬᠢ ᠴᠤᠶᠢᠪᠠᠯᠰᠠᠩ ᠤᠨ ᠲᠡᠤᠬᠡ ᠶᠢᠨ | ᠮᠦᠽᠸᠢ ᠪᠠᠷ ᠲᠤᠭᠤᠷᠢᠨ ᠦᠵᠡᠭᠰᠡᠨ᠂ ᠮᠦᠽᠸᠢ ᠶᠢᠨ ᠪᠠᠷᠢᠯᠭ᠎ᠠ ᠶᠢᠨ ᠡᠮᠦᠨ᠎ᠡ ᠮᠠᠷᠱᠠᠯ ᠴᠤᠶᠢᠪᠠᠯᠰᠠᠩ ᠤᠨ ᠱᠤᠭᠤᠮᠠᠯ | ᠰᠦᠨᠳᠡᠷᠯᠡᠨ᠂ ᠨᠤᠮᠤᠨ ᠬᠠᠨ ᠤ ᠲᠠᠶᠢᠨ ᠢ ᠠᠳᠡᠬᠢ ᠨᠦᠭᠡᠨ ᠭᠡᠷ ᠠᠴᠠ ᠵᠢᠯᠤᠭᠤᠳᠴᠤ ᠢᠯᠠᠯᠳᠠ ᠳᠤ ᠬᠦᠷᠭᠡᠭᠰᠡᠨ | ᠭᠡᠬᠦ ᠵᠡᠷᠭᠡ ᠲᠠᠶᠢᠨ ᠪᠠᠶᠢᠯᠳᠤᠭᠠᠨ ᠤ ᠪᠢᠰᠢᠷᠡᠮ᠎ᠡ ᠰᠠᠶᠢᠬᠠᠨ ᠲᠤᠷᠠᠰᠬᠠᠯ ᠤᠨ ᠦᠵᠡᠮᠵᠢ ᠤᠯᠠᠨᠳᠠᠢ ᠪᠠᠶᠢᠯ᠎ᠠ᠃ ᠲᠡᠷᠡ | ᠡᠳᠦᠷ ᠤᠨ ᠦᠳᠡ ᠠᠴᠠ ᠬᠤᠶᠢᠰᠢ ᠪᠢᠳᠡ ᠬᠡᠷᠤᠯᠤᠨ ᠮᠦᠷᠡᠨ ᠤ ᠭᠤᠶᠢᠳᠡ ᠰᠠᠶᠢᠬᠠᠨ ᠮᠡᠯᠨᠮᠡᠯᠵᠡᠭᠡᠨ ᠢ ᠰᠤᠨᠢᠷᠬᠠᠭᠰᠠᠨ | ᠨᠢ ᠪᠠᠰᠠ ᠨᠢᠭᠡᠨ ᠮᠠᠷᠳᠠᠭᠳᠠᠰᠢ ᠦᠭᠡᠢ ᠡᠷᠭᠢᠴᠡᠭᠦᠯᠦᠯ ᠪᠤᠯᠤᠭᠰᠠᠨ ᠪᠠᠶᠢᠭ᠎ᠠ᠃ ᠬᠡᠨᠳᠡᠢ ᠨᠢᠷᠤᠭᠤᠨ ᠤ ᠪᠤᠷᠬᠠᠨ | ᠬᠠᠯᠳᠤᠨ ᠠᠭᠤᠯᠠᠨ ᠠᠴᠠ ᠡᠬᠢ ᠠᠪᠤᠭᠰᠠᠨ ᠬᠡᠷᠤᠯᠤᠨ ᠮᠦᠷᠡᠨ ᠲᠤᠷᠤᠨ᠎ᠠ ᠵᠦᠭ ᠮᠤᠷᠤᠯᠵᠠᠨ ᠤᠷᠤᠰᠤᠭᠰᠠᠭᠠᠷ | ᠦᠵᠦᠮᠦᠴᠢᠨ ᠠᠶᠢᠮᠠᠭ ᠤᠨ ᠲᠡᠤᠬᠡᠨ ᠮᠠᠯᠵᠢᠯ ᠢ ᠰᠢᠪᠡᠨᠡᠨ ᠪᠠᠶᠢᠨ᠎ᠠ᠂ ︽ᠮᠤᠩᠭᠤᠯ ᠤᠨ ᠨᠡᠭᠦᠳᠡᠯᠯᠡᠬᠦ ᠮᠠᠯᠵᠢᠯ ᠤᠨ | ᠳᠡᠮᠳᠡᠭᠯᠡᠯ︾ ᠤᠨ ᠦᠵᠦᠮᠦᠴᠢᠨ ᠤ ᠪᠦᠯᠦᠭ ᠲᠤ ᠦᠵᠦᠮᠦᠴᠢᠨ ᠬᠤᠶᠠᠷ ᠬᠤᠰᠢᠭᠤ᠄ ︽ᠲᠡᠭᠡᠳᠦ ᠡᠷᠳᠡᠮᠳᠦ ᠶᠢᠨ | ᠬᠤᠶᠠᠳᠤᠭᠠᠷ ᠤᠨ ᠳᠤ ᠬᠠᠷᠢᠶᠠᠳᠤ ᠢᠷᠭᠡᠳ ᠢᠶᠠᠨ ᠲᠠᠭᠠᠭᠤᠯᠵᠦ ᠬᠡᠷᠤᠯᠤᠨ ᠠᠴᠠ ᠢᠷᠡᠵᠦ ᠤᠷᠤᠵᠦ ᠦᠭᠪᠠᠢ᠂ ᠁ | ︾ ᠭᠡᠰᠡᠨ ᠳᠡᠮᠳᠡᠭᠯᠡᠯ ᠢ ᠦᠨᠳᠦᠰᠦᠯᠡᠪᠡᠯ᠂ ᠪᠠᠷᠤᠭ ᠲᠦᠷᠪᠡᠨ ᠵᠠᠭᠤᠨ ᠵᠢᠯ ᠤᠨ ᠡᠮᠦᠨ᠎ᠡ ᠮᠠᠨ ᠤ ᠦᠵᠦᠮᠦᠴᠢᠨ ᠤ | ᠲᠡᠭᠡᠳᠦᠰ ᠨᠠᠷ ᠡᠨᠡ ᠶᠡᠭᠡ ᠭᠤᠤᠯ ᠤᠨ ᠤᠰᠤᠨ ᠢ ᠤᠮᠳᠠᠯᠠᠨ᠂ ᠲᠡᠭᠦᠨ ᠤ ᠬᠦᠪᠡᠭᠡ ᠪᠠᠷ ᠨᠡᠭᠦᠳᠡᠯ ᠮᠠᠯᠵᠢᠯ ᠢᠶᠠᠨ | ᠬᠢᠵᠦ ᠪᠠᠶᠢᠭᠰᠠᠨ ᠪᠠᠶᠢᠨ᠎ᠠ᠂ ᠦᠨᠦᠳᠦᠷ ᠪᠢᠳᠡ ᠲᠡᠭᠡᠳᠦ ᠤᠳ ᠤᠨ ᠢᠶᠠᠨ ᠤᠤᠭᠤᠭᠰᠠᠨ ᠤᠰᠤᠨ ᠠᠴᠠ ᠠᠮᠳᠠᠯᠠᠵᠦ᠂ | ᠠᠮᠢᠰᠬᠤᠭᠰᠠᠨ ᠠᠭᠠᠷ ᠢᠶᠠᠷ ᠨᠢ ᠴᠡᠭᠡᠵᠢ ᠪᠠᠨ ᠠᠭᠤᠵᠢᠷᠠᠭᠤᠯᠵᠦ᠂ ᠭᠤᠯᠤᠮᠳᠠ ᠪᠠᠨ ᠲᠠᠮᠠᠭᠠᠯᠠᠭᠰᠠᠨ ᠬᠦᠷᠦᠰᠦᠨ ᠳᠤᠨᠢ | ᠬᠦᠯ ᠬᠢᠰᠬᠢᠵᠦ ᠶᠠᠪᠤᠬᠤ ᠳᠠᠭᠠᠨ ᠶᠤᠰᠤᠳᠠᠢ ᠨᠢᠳᠦ ᠰᠡᠷᠭᠦᠨ ᠰᠡᠳᠭᠢᠯ ᠪᠠᠶᠠᠰᠴᠤ᠂ ᠤᠷᠮᠠᠰᠢᠨ ᠬᠦᠭᠰᠡᠵᠦ ᠪᠠᠶᠢᠨ᠎ᠠ᠂ | ᠪᠢᠳᠡ ᠮᠦᠷᠡᠨ ᠤ ᠬᠦᠪᠡᠭᠡᠨ ᠳᠤ ᠢᠷᠡᠮᠡᠭᠴᠡ ᠴᠠᠭᠠᠨ ᠰᠦ ᠶᠢᠨ ᠰᠠᠴᠤᠯᠢ ᠡᠷᠭᠦᠨ ᠲᠠᠭᠠᠳᠬᠠᠯ ᠮᠦᠷᠭᠦᠯ ᠬᠢᠵᠦ᠂ | ᠮᠦᠷᠡᠨ ᠭᠤᠤᠯ ᠤᠨ ᠢᠶᠠᠨ ᠦᠭᠭᠢᠶᠡᠮᠦᠷ ᠭᠡᠰᠢᠭ ᠲᠤ ᠰᠦᠰᠦᠭᠯᠡᠪᠡ᠃ ᠴᠤᠶᠢᠪᠠᠯᠰᠠᠩ ᠬᠤᠳᠠ ᠲᠤᠰ ᠭᠤᠤᠯ ᠤᠨ | ᠬᠦᠪᠡᠭᠡ ᠳᠤ ᠪᠠᠶᠢᠷᠢᠰᠢᠨ᠂ ᠬᠦᠮᠦᠨ ᠠᠷᠠᠳ ᠨᠢ ᠭᠤᠤᠯ ᠤᠨ ᠡᠶᠡᠰᠡᠭ ᠲᠤᠯᠠᠭᠠᠨ ᠤᠷᠤᠰᠬᠠᠯ ᠳᠤ ᠪᠦᠭᠡᠮ | ᠪᠦᠭᠡᠮ ᠢᠶᠠᠷ ᠤᠮᠪᠠᠵᠦ ᠲᠠᠭᠠᠳᠠᠢ ᠵᠤᠭᠠᠴᠠᠨ᠎ᠠ᠂ ᠮᠠᠨ ᠤ ᠬᠡᠳᠦᠭᠦᠯᠡ ᠴᠤ ᠤᠰᠤᠨ ᠤ ᠲᠤᠩᠭᠠᠯᠠᠭ ᠲᠤ ᠪᠡᠶ᠎ᠡ ᠪᠠᠨ | ᠷᠠᠰᠢᠶᠠᠯᠠᠪᠠ᠂ ᠬᠡᠷᠦᠯᠤᠨ ᠭᠤᠤᠯ ᠭᠡᠵᠦ ᠶᠠᠮᠠᠷ ᠤᠷᠤᠰᠬᠠᠯ ᠪᠠᠶᠢᠳᠠᠭ ᠪᠤᠯ ᠤᠴᠢᠵᠦ ᠨᠢᠭᠡ ᠦᠵᠡᠬᠦ ᠶᠤᠮᠰᠠᠨ ᠭᠡᠳᠡᠭ | ᠪᠤᠳᠤᠯ ᠰᠡᠳᠭᠢᠯ ᠳᠤ ᠤᠷᠭᠤᠭᠰᠠᠨ ᠪᠠᠶᠢᠳᠠᠭ ᠪᠤᠯ ᠦᠨᠦᠳᠦᠷ ᠬᠠᠷᠢᠨ ᠮᠠᠰᠢ ᠲᠠᠭᠠᠯᠠᠮᠵᠢᠳᠠᠢ ᠤᠮᠪᠠᠨ ᠲᠠᠭᠠᠯᠠᠬᠤ | ᠪᠤᠯᠤᠭᠰᠠᠨ ᠳᠠᠭᠠᠨ ᠪᠢᠳᠡ ᠪᠦᠬᠦᠨ ᠪᠠᠶᠠᠷᠳᠠᠢ᠃ ᠮᠦᠷᠡᠨ ᠪᠤᠯᠤᠨ ᠴᠠᠯᠭᠢᠯᠠᠭᠰᠠᠨ ᠮᠦᠩᠬᠡ ᠤᠷᠤᠰᠬᠠᠯ ᠲᠠᠢ ᠬᠡᠷᠦᠯᠦᠨ | ᠮᠠᠨᠢ᠂ ᠦᠨᠢᠳᠡ ᠠᠮᠤᠭᠤᠯᠠᠩ ᠤᠷᠭᠢᠯᠤᠭᠠᠷᠠᠢ᠂ ᠮᠤᠩᠭᠤᠯ ᠲᠤᠭᠤᠷᠭᠠᠳᠠᠨ ᠤ ᠪᠠᠨ ᠠᠮᠢᠳᠤᠷᠠᠯ ᠲᠠᠢ ᠦᠨᠢᠳᠡ ᠵᠢᠷᠭᠠᠨ | ᠤᠷᠤᠰᠤᠭᠭᠠᠷᠠᠢ︕ | ᠴᠠᠭᠠᠨ ᠪᠠᠷᠰ ᠵᠢᠯ ᠤᠨ ᠳᠡᠯᠭᠡᠷ ᠵᠤᠨ ᠤ ᠲᠤᠮᠳᠠ ᠰᠠᠷ᠎ᠠ ᠳᠤ | ᠲᠤᠷᠠᠰᠬᠠᠨ ᠲᠡᠮᠳᠡᠭᠯᠡᠪᠡ᠃ | | |