| ᠠᠯᠳᠠᠢ — ᠦᠵᠦᠮ ᠤᠨ ᠲᠠᠭᠤᠯᠠᠯ | — ᠲᠡᠤᠬᠡ ᠲᠤᠮᠤᠭ ᠤᠨ ᠰᠤᠨᠤᠰᠬᠤᠯᠠᠩ | ⑴ ᠤᠷᠤᠰᠢᠯ | ᠤᠨ ᠤ ᠪᠤᠭᠤᠷᠤᠯ ᠠᠯᠳᠠᠢ ᠠᠴᠠ | ᠤᠯᠠᠨ ᠲᠤᠮᠤᠭ ᠤᠨ ᠴᠠᠳᠢᠭ ᠲᠠᠢ | ᠤᠯᠠᠨ ᠲᠤᠮᠤᠭ ᠤᠨ ᠡᠭᠦᠰᠦᠯ ᠠᠴᠠ | ᠤᠨᠴᠭᠤᠢ ᠨᠢᠭᠡᠨ ᠲᠠᠭᠤᠯᠠᠯ ᠪᠤᠢ | ᠠᠬᠠᠮᠠᠳ ᠲᠡᠭᠡᠳᠦ ᠶᠢᠨ ᠵᠤᠭᠤᠭ ᠲᠤ | ᠠᠯᠳᠠᠷ ᠨᠡᠷ᠎ᠡ ᠲᠤᠶᠠᠭᠠᠯᠠᠳᠠᠭ | ᠠᠷᠢᠭᠤᠨ ᠲᠠᠷᠬᠠᠨ ᠠᠯᠳᠠᠢ ᠠᠴᠠ ᠨᠢ | ᠠᠰᠢᠳᠠ ᠶᠢᠨ ᠲᠠᠪᠢᠯᠠᠩ ᠬᠠᠩᠬᠤᠯᠠᠳᠠᠭ | ᠦᠵᠦᠮᠦᠴᠢᠨ ᠬᠡᠮᠡᠬᠦ ᠨᠢᠭᠡᠨ ᠨᠠᠷᠠ | ᠦᠨᠳᠦᠷᠯᠢᠭ ᠠᠯᠳᠠᠢ ᠠᠴᠠ ᠡᠯᠭᠦᠭᠡᠰᠦᠳᠡᠢ | ᠦᠨᠢᠳᠡ ᠠᠩᠭᠢᠵᠢᠷᠠᠭᠰᠠᠨ ᠨᠤᠲᠤᠭ ᠠᠴᠠ ᠪᠠᠨ | ᠦᠵᠦᠮ ᠤᠨ ᠭᠡᠯᠬᠢᠶ᠎ᠡ ᠪᠠᠷ ᠬᠤᠯᠪᠤᠭᠠᠳᠠᠢ | ᠭᠤᠯᠤᠮᠳᠠ ᠴᠤᠭᠯᠠᠳᠠᠭ ᠭᠠᠵᠠᠷ ᠰᠠᠨ ᠭᠡᠵᠦ | ᠠᠯᠳᠠᠢ ᠶᠢᠨ ᠵᠤᠭᠤᠭ ᠲᠡᠯᠭᠡᠭᠳᠡᠳᠡᠭ | ᠭᠤᠨᠳᠠᠵᠦ ᠮᠠᠨᠳᠤᠵᠦ ᠶᠠᠪᠤᠭᠰᠠᠨ ᠢ | ᠠᠯᠳᠠᠢ ᠶᠢᠨ ᠵᠡᠷᠭᠡᠯᠭᠡᠨ ᠪᠢᠴᠢᠭᠯᠡᠳᠡᠭ | ᠪᠠᠶᠢᠭᠠᠯ ᠨᠠᠭᠤᠷ ᠢᠶᠠᠷ ᠤᠷᠤᠩᠨᠠᠬᠤ ᠳᠠᠭᠠᠨ | ᠠᠩᠴᠢᠨ ᠭᠦᠷᠦᠭᠡᠴᠢᠨ ᠪᠠᠶᠢᠯ᠎ᠠ ᠭᠡᠬᠦ | ᠪᠠᠷᠠᠭᠤᠨ ᠠᠯᠳᠠᠢ ᠳᠤ ᠤᠷᠤᠰᠢᠭᠠᠳ | ᠨᠡᠭᠦᠳᠡᠯᠴᠢᠨ ᠮᠠᠯᠴᠢᠨ ᠪᠤᠯᠤᠯ᠎ᠠ ᠭᠡᠬᠦ | ᠮᠤᠩᠭᠤᠯ ᠠᠯᠳᠠᠢ ᠶᠢᠨ ᠦᠨᠳᠦᠷᠯᠢᠭ ᠭᠡᠵᠦ | ᠲᠡᠯᠡᠬᠡᠢ ᠶᠢᠨ ᠰᠤᠳᠤᠯᠤᠯ ᠳᠤ ᠲᠡᠮᠳᠡᠭᠯᠡᠳᠡᠭ | ᠮᠤᠷᠢᠳᠡᠨ ᠦᠨᠳᠦᠰᠦᠳᠡᠨ ᠤ ᠦᠯᠦᠭᠡᠢ ᠭᠡᠵᠦ | ᠶᠢᠷᠳᠢᠨᠴᠤ ᠶᠢᠨ ᠬᠦᠮᠦᠰ ᠱᠠᠭᠰᠢᠳᠠᠭ ᠰᠠᠨ᠃ | ⑵ ᠠᠯᠳᠠᠢ | ᠪᠠᠯᠠᠷ ᠢᠵᠠᠭᠤᠷ ᠤᠨ ᠲᠡᠤᠬᠡ ᠶᠢ ᠰᠢᠷᠭᠠᠬᠤ ᠳᠤ | ᠪᠤᠭᠤᠷᠤᠯ ᠤᠨ ᠲᠦᠷᠰᠦ ᠪᠠᠷ ᠡᠪᠦᠭᠡᠷᠡᠳᠡᠭ ᠠᠯᠳᠠᠢ | ᠪᠠᠶᠢᠭᠠᠯᠢ ᠦᠵᠡᠮᠵᠢ ᠳᠤᠨᠢ ᠬᠠᠷᠠᠭ᠎ᠠ ᠪᠡᠯᠴᠢᠭᠡᠬᠦ ᠳᠤ | ᠲᠠᠭᠢᠨᠢ ᠶᠢᠨ ᠰᠢᠳᠢ ᠪᠠᠷ ᠵᠠᠯᠠᠭᠤᠵᠢᠳᠠᠭ ᠠᠯᠳᠠᠢ | ᠪᠠᠭᠠᠳᠤᠷᠯᠢᠭ ᠲᠡᠭᠡᠳᠦ ᠶᠢᠨ ᠦᠢᠯᠡ ᠶᠢ ᠲᠤᠩᠭᠠᠬᠤ ᠳᠤ | ᠲᠤᠭᠤᠯᠭ᠎ᠠ ᠶᠢᠨ ᠰᠢᠨᠵᠢ ᠪᠠᠷ ᠵᠢᠪᠬᠤᠭᠠᠵᠢᠳᠠᠭ ᠠᠯᠳᠠᠢ | ᠪᠠᠳᠠᠷᠠᠭᠰᠠᠨ ᠮᠤᠩᠭᠤᠯ ᠤᠨ ᠲᠤᠤᠯᠢᠰ ᠢ ᠬᠠᠶᠢᠯᠠᠬᠤ ᠳᠤ | ᠦᠯᠦᠭᠡᠢ ᠶᠢᠨ ᠲᠦᠷᠬᠦ ᠪᠠᠷ ᠮᠦᠩᠬᠡᠵᠢᠳᠡᠭ ᠠᠯᠳᠠᠢ | ᠰᠢᠵᠢᠷ ᠨᠢ ᠤᠶᠢᠯᠤᠭᠰᠠᠨ ᠨᠠᠷᠠᠨ ᠤ | ᠲᠤᠶᠠᠭ᠎ᠠ ᠪᠠᠷ ᠰᠢᠮᠡᠵᠢᠭᠰᠡᠨ ᠭᠦᠷᠦᠰᠦᠨ ᠳᠤᠨᠢ | ᠰᠢᠷᠭᠡᠭ ᠢᠶᠠᠷ ᠪᠤᠳᠠᠯᠠᠬᠤ ᠤᠷᠭᠤᠮᠠᠯ ᠤᠳ | ᠲᠡᠭᠷᠢ ᠵᠠᠯᠪᠠᠷᠢᠨ ᠪᠠᠶᠢᠭᠠᠯᠢᠰᠢᠯᠠ ᠭᠡᠬᠦ | ᠲᠤᠯᠠᠩ ᠨᠢ ᠭᠡᠶᠢᠭᠰᠡᠨ ᠰᠠᠷᠠᠨ ᠤ | ᠭᠡᠷᠡᠯ ᠢᠶᠠᠷ ᠰᠦᠯᠡᠭᠰᠡᠨ ᠤᠢ ᠳᠤ | ᠡᠭᠦᠷ ᠢᠶᠠᠷ ᠵᠢᠷᠭᠠᠭᠰᠠᠨ ᠠᠮᠢᠳᠠᠳ ᠤᠳ | ᠭᠠᠵᠠᠷ ᠲᠠᠭᠠᠳᠬᠠᠨ ᠲᠠᠶᠢᠪᠤᠷᠠᠪᠠ ᠭᠡᠬᠦ | ᠱᠤᠪᠬᠤ ᠨᠢ ᠰᠦᠷᠯᠢᠭ ᠬᠠᠶᠢᠷᠬᠠᠳ | ᠬᠤᠷᠮᠤᠢ ᠨᠢ ᠵᠠᠯᠭᠠᠯᠳᠤᠨ ᠠᠮᠠᠷᠠᠭᠯᠠᠵᠦ | ᠱᠤᠩᠬᠤᠷ ᠤᠨ ᠲᠡᠭᠦᠯᠢᠭᠡ ᠮᠤᠬᠤᠭᠠᠬᠤ | ᠦᠨᠳᠦᠷᠯᠢᠭ ᠤᠨ ᠮᠦᠩᠭᠦᠨ ᠤᠷᠬᠢᠯ ᠤᠳ | ᠮᠡᠯᠮᠡᠭᠡ ᠨᠢ ᠤᠶᠠᠬᠠᠨ ᠤᠰᠤᠨ ᠳᠤ ᠨᠢ | ᠶᠠᠩᠵᠦ ᠶᠢᠨ ᠵᠢᠭᠦᠷᠳᠡᠨ ᠢᠨᠠᠭᠰᠢᠭᠠᠳ | ᠮᠡᠩᠭᠡᠨ ᠴᠤᠬᠤᠷ ᠪᠤᠭᠤ ᠰᠤᠭᠤ | ᠭᠠᠩᠭ᠎ᠠ ᠶᠢᠨ ᠪᠡᠷᠬᠡ ᠪᠠᠷ ᠤᠷᠤᠮᠳᠠᠯᠠ ᠭᠡᠬᠦ | ᠬᠠᠶᠠᠯᠠᠭ᠎ᠠ ᠨᠢ ᠲᠠᠪᠠᠯᠭᠠᠯᠠᠭᠰᠠᠨ ᠪᠡᠯᠴᠢᠭᠡᠷ ᠢᠶᠠᠷ | ᠴᠠᠭᠠᠨ ᠵᠡᠭᠡᠷ᠎ᠡ ᠨᠦᠭᠦᠳ ᠰᠢᠷᠭᠠᠯᠳᠤᠭᠠᠳ | ᠬᠠᠶᠢᠴᠢᠨ ᠡᠪᠡᠷ ᠲᠠᠢ ᠶᠠᠩᠭᠢᠷ ᠤᠳ | ᠬᠠᠨᠢᠰᠠᠬᠤ ᠶᠢᠨ ᠭᠤᠷᠢᠮ ᠢᠶᠠᠷ ᠢᠵᠢᠯᠰᠢᠯᠡ ᠭᠡᠬᠦ | ᠰᠦᠮᠪᠦᠷᠡᠭᠡ ᠨᠢ ᠡᠭᠦᠯᠡᠳᠡᠭᠰᠡᠨ ᠬᠠᠶᠢᠷᠬᠠᠳ | ᠲᠡᠬᠢᠨᠢ ᠶᠢᠨ ᠯᠢᠩᠬᠤᠸ᠎ᠠ ᠲᠦᠷᠰᠦᠯᠡᠭᠳᠡᠭᠡᠳ | ᠵᠦᠮᠪᠦᠷᠡᠭᠡ ᠨᠢ ᠤᠷᠬᠢᠯᠤᠭᠰᠠᠨ ᠪᠤᠯᠠᠭ ᠨᠤᠭᠤᠳ | ᠲᠦᠷᠪᠡᠨ ᠵᠦᠭ ᠲᠡᠭᠡᠨ ᠬᠠᠶ᠋ᠢᠭ ᠲᠠᠢ ᠭᠡᠬᠦ | ⑶ ᠦᠵᠦᠮ ᠠᠭᠤᠯᠠ | ᠦᠵᠦᠮ ᠮᠤᠨᠴᠤᠭᠯᠠᠭᠰᠠᠨ ᠠᠭᠤᠯᠠᠰ ᠲᠠᠨᠢ | ᠦᠩᠭᠡ ᠶᠢᠨ ᠰᠤᠯᠤᠩᠭ᠎ᠠ ᠴᠠᠶᠢᠷᠠᠪᠠ ᠭᠡᠬᠦ | ᠦᠩᠰᠢᠵᠦ ᠰᠢᠮᠡᠵᠢᠭᠰᠡᠨ ᠲᠠᠨᠵᠢᠨ ᠳᠤᠨᠢ | ᠦᠷᠭᠦᠭᠡ ᠪᠠᠭᠤᠴᠠ ᠪᠠᠨ ᠲᠠᠮᠠᠭᠠᠯᠠᠭᠰᠠᠨ ᠭᠡᠬᠦ | ᠲᠠᠩᠰᠤᠭ ᠴᠠᠭᠠᠨ ᠠᠭᠤᠯᠠ ᠶᠢᠨ ᠢᠶᠠᠨ | ᠲᠠᠷᠬᠠᠨ ᠰᠦᠷ ᠲᠤ ᠲᠠᠭᠠᠳᠬᠠᠭᠰᠠᠨ ᠭᠡᠬᠦ | ᠲᠠᠪᠤᠨ ᠡᠷᠳᠡᠨᠢ ᠶᠢᠨ ᠲᠠᠯᠠᠯᠭ᠎ᠠ ᠪᠠᠨ | ᠲᠠᠯᠠᠢ ᠶᠡᠭᠡ ᠪᠠᠷ ᠬᠤᠷᠤᠶᠢᠯᠠᠯ᠎ᠠ ᠭᠡᠬᠦ | ᠦᠨᠳᠦᠷᠯᠢᠭ ᠤᠨ ᠴᠠᠰᠤᠳᠤ ᠬᠠᠶᠢᠷᠬᠠᠳ ᠤᠨ | ᠦᠵᠦᠮ ᠤᠨ ᠤᠷᠤᠨ ᠢ ᠡᠵᠡᠯᠡᠬᠦ ᠳᠡᠭᠡᠨ | ᠦᠭᠡᠬᠦᠨ ᠰᠡᠭᠦᠯ ᠲᠠᠢ ᠬᠤᠨᠢᠳ ᠤᠨ | ᠦᠷᠡᠵᠢ ᠶᠢ ᠨᠢ ᠲᠡᠭᠡᠵᠢᠯᠠᠵᠦ ᠠᠪᠤᠯ᠎ᠠ ᠭᠡᠬᠦ | ᠦᠵᠦᠮ ᠵᠢᠮᠢᠰ ᠤᠨ ᠦᠩ ᠢᠶᠠᠷ | ᠦᠩᠭᠡᠯᠢᠭ ᠵᠢᠰᠦᠯᠢᠭ ᠲᠦᠷᠦᠳᠡᠭ ᠭᠡᠬᠦ | ᠦᠭᠯᠢᠭᠡᠳᠦ ᠠᠭᠤᠯᠠᠰ ᠤᠨ ᠦᠮᠦᠭ ᠠᠴᠠ | ᠦᠯᠴᠢᠷ ᠰᠢᠨᠳᠠᠰᠤ ᠲᠠᠢ ᠲᠦᠷᠦᠳᠡᠭ ᠭᠡᠬᠦ | ᠦᠨᠢᠷ ᠪᠠᠶᠠᠯᠢᠭ ᠨᠤᠲᠤᠭ ᠤᠨ ᠢᠶᠠᠨ | ᠦᠷᠭᠡᠨ ᠲᠠᠩᠰᠤᠭ ᠢ ᠮᠦᠩᠬᠡᠯᠡᠬᠦ ᠭᠡᠵᠦ | ᠡᠪᠦᠭᠡᠳ ᠤᠨ ᠵᠢᠷᠦᠬᠡᠨ ᠤᠨᠳᠤᠷᠤᠯ ᠢᠶᠠᠷ | ᠦᠵᠦᠮᠦᠴᠢᠨ ᠠᠶᠢᠮᠠᠭ ᠭᠡᠵᠦ ᠨᠡᠷᠡᠰᠢᠭᠦᠯᠦᠯᠡ ᠭᠡᠬᠦ | ⑷ ᠴᠢᠩᠭᠢᠰ ᠤᠨ ᠦᠶ᠎ᠡ | ᠦᠷᠯᠦᠭ ᠴᠢᠩᠭᠢᠰ ᠤᠨ ᠴᠠᠭ ᠲᠤ | ᠦᠨᠳᠦᠷ ᠠᠯᠳᠠᠢ ᠳᠠᠭᠠᠨ ᠪᠠᠶᠢᠯ᠎ᠠ ᠭᠡᠬᠦ | ᠦᠵᠦᠮ ᠤᠨ ᠴᠠᠭᠠᠨ ᠠᠭᠤᠯᠠᠨ ᠳᠠᠭᠠᠨ | ᠦᠭᠡᠳᠡ ᠡᠰᠡᠷᠡᠭ ᠮᠠᠯᠵᠢᠯᠠ ᠭᠡᠬᠦ | ᠲᠡᠭᠷᠢ ᠯᠤᠤᠰ ᠤᠨ ᠡᠵᠡᠳ ᠢ | ᠲᠠᠬᠢᠬᠤ ᠶᠡᠭᠡ ᠶᠤᠰᠤᠨ ᠢᠶᠠᠷ | ᠲᠡᠮᠦᠵᠢᠨ ᠬᠠᠭᠠᠨ ᠵᠠᠷᠯᠢᠭᠯᠠᠵᠦ | ᠲᠡᠮᠳᠡᠭᠳᠡᠶᠡ ᠭᠠᠵᠠᠷ ᠢ ᠰᠤᠩᠭᠤᠬᠤ ᠳᠠᠭᠠᠨ | ᠠᠯᠳᠠᠢ — ᠬᠠᠨ ᠤ ᠤᠷᠤᠨ ᠢ | ᠠᠯᠢᠪᠠ ᠪᠦᠷᠢᠳᠦᠭᠰᠡᠨ ᠭᠠᠵᠠᠷ ᠬᠡᠮᠡᠨ | ᠠᠷᠪᠠᠨ ᠲᠦᠮᠡᠨ ᠠᠳᠤᠭᠤᠳ ᠠᠴᠠ | ᠠᠯᠢᠶ᠎ᠠ ᠤᠨᠠᠭ᠎ᠠ ᠤᠳ ᠢ ᠨᠤᠭᠳᠤᠯᠠᠭᠤᠯᠵᠦ | ᠨᠠᠶᠠᠨ ᠨᠢᠭᠡᠨ ᠭᠡᠭᠦᠤ ᠵᠡᠯᠡᠯᠭᠡᠳ | ᠨᠠᠨᠳᠢᠨ ᠴᠡᠭᠡ ᠬᠦᠷᠦᠩᠭᠡᠯᠡᠭᠡᠳ | ᠠᠷᠢᠭᠤᠨ ᠪᠡᠯᠭᠡᠳᠦ ᠰᠠᠴᠤᠯᠢ ᠪᠠᠷ | ᠷᠠᠪᠨᠠᠢ ᠲᠠᠬᠢᠯᠭ᠎ᠠ ᠪᠠᠨ ᠡᠷᠭᠦᠯ᠎ᠡ ᠭᠡᠬᠦ | ⑸ ᠨᠤᠲᠤᠭ ᠤᠨ ᠠᠯᠳᠠᠷ | ᠭᠠᠵᠠᠷ ᠤᠰᠤᠨ ᠨᠤᠲᠤᠭ ᠤᠨ | ᠭᠠᠷᠤᠯ ᠨᠠᠷᠠ ᠶᠢ ᠤᠯᠠᠮᠵᠢᠯᠠᠬᠤ ᠳᠠᠭᠠᠨ | ᠭᠠᠭᠴᠠ ᠪᠦᠬᠦᠳᠦ ᠲᠡᠮᠡᠭᠡ ᠲᠠᠢ | ᠭᠠᠯᠪᠠ ᠱᠠᠩᠬᠤ ᠶᠢᠨ ᠭᠤᠪᠢ ᠭᠡᠬᠦ | ᠦᠵᠦᠮ ᠤᠨ ᠴᠠᠭᠠᠨ ᠠᠭᠤᠯᠠ | ᠦᠯᠦᠩᠬᠦ ᠭᠤᠤᠯ ᠤᠨ ᠤᠰᠤᠨ | ᠬᠤᠪᠳᠤ ᠶᠢᠨ ᠴᠡᠩᠬᠡᠷ ᠨᠠᠭᠤᠷ | ᠬᠤᠩᠭᠤᠷ ᠦᠯᠦᠩ ᠤᠨ ᠲᠠᠪᠠᠭ᠎ᠠ ᠭᠡᠬᠦ | ᠬᠤᠨᠢ ᠮᠠᠶᠢᠯᠠᠬᠤ ᠶᠢᠨ ᠭᠠᠵᠠᠷ | ᠬᠤᠨᠢᠳ ᠢᠶᠠᠨ ᠦᠰᠭᠡᠭᠰᠡᠨ ᠴᠢᠮᠡᠭᠡ | ᠬᠤᠩᠭᠤᠷ ᠨᠠᠮᠤᠷ ᠤᠨ ᠤᠯᠠᠷᠢᠯ ᠢᠶᠠᠷ | ᠬᠤᠯᠠ ᠳᠠᠭᠠᠨ ᠤᠳᠤᠷᠯᠠᠭᠰᠠᠨ ᠶᠠᠷᠢᠶ᠎ᠠ ᠲᠠᠢ | ᠴᠠᠰᠤᠳᠤ ᠬᠠᠶᠢᠷᠬᠠᠳ ᠤᠨ ᠤᠷᠤᠶᠢᠳ ᠨᠢ | ᠠᠷᠭᠤᠮᠠᠭ ᠤᠨ ᠲᠡᠯ ᠰᠢᠭ ᠪᠠᠶᠢᠳᠠᠭ ᠢᠶᠠᠷ | ᠦᠵᠦᠮᠦᠴᠢᠨ ᠠᠳᠤᠭᠤᠳ ᠤᠨ ᠴᠠᠭᠠᠨ ᠵᠢᠰᠦᠮ | ᠡᠭᠦᠨ ᠠᠴᠠ ᠪᠤᠯᠵᠦ ᠤᠳᠤᠮᠰᠢᠯᠠ ᠭᠡᠬᠦ | ᠲᠦᠷᠦᠭᠡ ᠬᠠᠩᠭᠢᠨᠠᠭᠤᠷ ᠤᠨ ᠬᠠᠪᠴᠢᠯ ᠢᠶᠠᠷ | ᠲᠦᠷᠭᠡᠨ ᠰᠠᠭᠠᠷᠠᠯ ᠤᠨ ᠦᠤᠷᠰᠡᠭᠡᠨ ᠪᠤᠢ | ᠲᠦᠷᠦ ᠶᠢᠨ ᠮᠤᠩᠭᠤᠯ ᠠᠯᠪᠠᠨ ᠳᠠᠭᠠᠨ | ᠲᠦᠷᠦᠭᠦᠯᠡᠨ ᠵᠢᠳᠭᠦᠭᠰᠡᠨ ᠭᠠᠪᠢᠶ᠎ᠠ ᠪᠤᠢ | ⑹ ᠲᠦᠷᠦᠪᠤᠯᠤᠳ ᠤᠨ ᠦᠶ᠎ᠡ | ᠲᠦᠷᠦᠪᠤᠯᠤᠳ ᠤᠨ ᠠᠯᠤᠰ ᠤᠨ ᠡᠵᠡᠮᠰᠢᠯ | ᠲᠦᠮᠡᠨ ᠭᠠᠵᠠᠷ ᠤᠨ ᠠᠶᠠᠨ ᠤ ᠬᠠᠰᠠᠭ | ᠲᠦᠷᠦᠯᠬᠢ ᠨᠤᠲᠤᠭ ᠠᠯᠳᠠᠢ ᠨᠢᠷᠤᠭᠤᠳ ᠠᠴᠠ | ᠲᠡᠷᠡ ᠡᠷᠡᠨ ᠳᠤ ᠰᠠᠯᠤᠯ᠎ᠠ ᠭᠡᠳᠡᠭ | ᠨᠠᠷᠠᠨ ᠮᠠᠨᠳᠤᠬᠤ ᠶᠢᠨ ᠵᠦᠭ | ᠨᠤᠶᠠᠨ ᠤ ᠮᠡᠷᠭᠡᠨ ᠰᠡᠴᠡ | ᠨᠡᠬᠦᠬᠦ ᠠᠶᠢᠮᠠᠭ ᠤᠨ ᠠᠶᠠᠨ | ᠲᠡᠤᠬᠡ ᠶᠢᠨ ᠬᠦᠷᠳᠦ ᠪᠠᠷ ᠡᠷᠭᠢᠪᠡ | ᠴᠦᠷᠭᠦᠯᠡᠭᠡ ᠨᠢ ᠴᠢᠯᠡᠭᠰᠡᠨ ᠨᠡᠭᠦᠳᠡᠯ | ᠬᠠᠩᠭᠠᠢ ᠶᠢᠨ ᠪᠡᠯ ᠢ ᠰᠦᠯᠵᠢᠯᠡᠵᠦ | ᠴᠤᠪᠤᠭ᠎ᠠ ᠨᠢ ᠴᠠᠭᠠᠷᠠᠭᠰᠠᠨ ᠮᠠᠯ ᠤᠳ | ᠤᠷᠬᠤᠨ ᠤ ᠠᠶᠢᠵᠠᠮ ᠢᠶᠠᠷ ᠤᠮᠳᠠᠯᠠᠪᠠ | ᠮᠠᠯᠵᠢᠯ ᠤᠨ ᠢᠵᠠᠭᠤᠷ ᠦᠮᠴᠢ | ᠭᠤᠪᠢ ᠶᠢᠨ ᠡᠮᠦᠨᠡᠬᠢ ᠪᠡᠯᠴᠢᠭᠡᠷ | ᠮᠠᠯ ᠦᠰᠭᠡᠬᠦ ᠶᠢᠨ ᠪᠤᠶᠠᠨ | ᠪᠡᠯᠴᠢᠭᠡᠷ ᠦᠷᠭᠡᠵᠢᠬᠦ ᠶᠢᠨ ᠶᠤᠰᠤᠨ | ᠤᠮᠠᠷᠠᠳᠤ ᠶᠤᠸᠠᠨ ᠤ ᠦᠶ᠎ᠡ | ᠤᠷᠤᠭᠰᠢ ᠬᠤᠶᠢᠰᠢ ᠨᠨᠡᠭᠦᠳᠡᠯᠯᠡᠵᠦ | ᠤᠨᠤᠨ ᠭᠤᠤᠯ ᠤᠨ ᠬᠦᠪᠡᠭᠡᠨ ᠠᠴᠠ | ᠨᠢᠭᠤᠬᠤ ︵ᠯᠤᠤᠬ᠎ᠠ︶ ᠶᠢᠨ ᠭᠤᠤᠯ ᠢ ᠦᠭᠰᠦᠯᠡ ᠭᠡᠬᠦ | ⑺ ᠤᠩᠭᠤᠨ ᠲᠤᠷᠠᠯ ᠤᠨ ᠦᠶ᠎ᠡ | ᠭᠤᠤᠯᠴᠢ ᠤᠩᠭᠤᠨ ᠲᠤᠷᠠᠯ | ᠭᠤᠪᠢ ᠶᠢᠨ ᠡᠮᠦᠨ᠎ᠡ ᠪᠡᠯᠴᠢᠭᠡᠷᠯᠡᠭᠰᠡᠨ ᠴᠤ | ᠭᠤᠪᠠᠢ ᠦᠵᠦᠮ ᠠᠭᠤᠯᠠ ᠪᠠᠨ | ᠭᠤᠤᠯ ᠲᠠᠢ ᠭᠤᠳᠤᠯᠢ ᠲᠠᠢ ᠨᠢ ᠲᠤᠷᠠᠰᠤᠮᠵᠢᠯᠠᠬᠤ ᠳᠠᠭᠠᠨ | ᠡᠪᠦᠭᠡ ᠲᠡᠭᠡᠳᠦ ᠶᠢᠨ ᠮᠦᠷ | ᠦᠯᠦᠭᠡᠢ ᠪᠤᠯᠤᠭᠰᠠᠨ ᠠᠯᠳᠠᠢ ᠶᠢᠨ | ᠦᠨᠳᠦᠷ ᠠᠴᠢ ᠶᠢ ᠨᠢ ᠰᠡᠳᠭᠢᠮᠵᠢᠯᠡᠨ | ᠦᠷᠭᠡᠨ ᠭᠡᠰᠢᠭ ᠢ ᠨᠢ ᠲᠡᠭᠡᠵᠢᠯᠡᠬᠦ ᠳᠡᠭᠡᠨ | ᠦᠵᠦᠮ ᠤᠨ ᠮᠤᠨᠴᠤᠭ ᠢᠶᠠᠷ ᠪᠡᠯᠭᠡᠳᠡᠵᠦ | ᠦᠭᠡᠳᠡᠯᠡᠬᠦ ᠶᠢᠨ ᠪᠤᠶᠠᠨ ᠢ ᠵᠦᠩᠨᠡᠵᠦ | ᠦᠪᠡᠷ ᠤᠨ ᠬᠠᠷᠢᠶᠠᠳᠤ ᠪᠦᠬᠦᠨ ᠢ | ᠦᠵᠦᠮᠦᠴᠢᠨ ᠨᠠᠷᠠ ᠪᠠᠷ ᠮᠦᠩᠬᠡᠯᠡᠯᠡ ᠭᠡᠬᠦ | ᠠᠯᠳᠠᠨ ᠬᠢᠩᠭᠠᠨ ᠤ ᠬᠤᠷᠮᠤᠢ ᠪᠠᠷ | ᠠᠮᠢᠳᠤᠷᠠᠯ ᠬᠤᠶᠢᠴᠢᠯᠠᠵᠦ ᠨᠤᠲᠤᠭᠯᠠᠬᠤ ᠳᠠᠭᠠᠨ | ᠠᠯᠳᠠᠢ ᠦᠵᠦᠮ ᠤᠨ ᠠᠭᠤᠯᠠ ᠪᠠᠨ | ᠠᠷᠢᠭᠤᠨ ᠲᠤᠯᠳᠤᠨ ᠳᠠᠭᠠᠨ ᠰᠠᠨᠠᠭᠠᠯᠵᠠᠳᠠᠭ ᠪᠠᠶᠢᠨ᠎ᠠ | ᠡᠬᠡ ᠪᠠᠨ ᠰᠠᠨᠠᠭᠰᠠᠨ ᠨᠢᠯᠬ᠎ᠠ ᠶᠢᠨ | ᠡᠯᠢᠭᠡ ᠲᠠᠳᠠᠳᠠᠭ ᠤᠨ ᠶᠤᠰᠤᠨ ᠢᠶᠠᠷ | ᠨᠤᠲᠤᠭ ᠢᠶᠠᠨ ᠲᠤᠷᠠᠰᠳᠠᠭ ᠦᠵᠦᠮᠦᠴᠢᠨᠴᠤᠳ | ᠨᠤᠮᠢᠨ ᠠᠯᠳᠠᠢ ᠪᠠᠨ ᠲᠦᠷᠭᠦᠯᠡᠳᠡᠭ ᠪᠤᠢ | ᠦᠵᠦᠮ ᠠᠭᠤᠯᠠ ᠶᠢᠨ ᠶᠠᠩᠵᠦ ᠪᠠᠷ | ᠦᠨᠳᠦᠷᠭᠡᠨ ᠬᠤᠪᠴᠠᠰᠤ ᠵᠤᠬᠢᠶᠠᠯ᠎ᠠ ᠭᠡᠬᠦ | ᠦᠷᠭᠡᠨ ᠡᠩᠳᠡᠢ ᠬᠤᠷᠮᠤᠢ ᠨᠢ | ᠦᠩᠯᠢᠭ ᠪᠡᠯ ᠢ ᠨᠢ ᠶᠠᠩᠵᠤᠯᠠᠯᠠ ᠭᠡᠬᠦ | ᠬᠦᠴᠦᠳᠦ ᠵᠢᠭᠦᠷ ᠤᠨ ᠰᠢᠳᠢᠳᠡᠢ | ᠠᠯᠳᠠᠢ ᠶᠢᠨ ᠪᠦᠷᠭᠦᠳ ᠡᠷᠡᠯᠭᠡᠭ | ᠬᠦᠴᠦᠨ ᠴᠢᠳᠠᠯ ᠢ ᠨᠢ ᠢᠯᠡᠷᠬᠡᠶᠢᠯᠡᠵᠦ | ᠪᠦᠬᠡ ᠶᠢᠨ ᠲᠡᠪᠢᠯᠭᠡ ᠪᠤᠯᠭᠠᠯ᠎ᠠ ᠭᠡᠬᠦ | ᠪᠤᠶᠠᠨ ᠤ ᠵᠦᠭ ᠪᠠᠷᠠᠭᠤᠨ ᠬᠤᠶᠢᠨ᠎ᠠ ᠭᠡᠵᠦ | ᠲᠤᠭᠤᠭ᠎ᠠ ᠪᠠᠨ ᠭᠡᠯᠳᠡᠶᠢᠯᠭᠡᠨ ᠲᠠᠯᠪᠢᠳᠠᠭ | ᠪᠤᠴᠠᠬᠤ ᠵᠦᠭ ᠪᠠᠷᠠᠭᠤᠨ ᠬᠤᠶᠢᠨ᠎ᠠ ᠭᠡᠵᠦ | ᠡᠮᠡᠭᠡᠯ ᠤᠨ ᠪᠦᠭᠦᠷᠭᠡ ᠪᠠᠨ ᠬᠠᠨᠳᠤᠭᠤᠯᠳᠠᠭ ᠰᠠᠨ | ⑻ ᠲᠤᠷᠵᠢ ᠵᠢᠨᠤᠩ ᠤᠨ ᠦᠶ᠎ᠡ | ᠬᠠᠨᠠᠭᠠᠷ ᠠᠭᠤᠳᠠᠮ ᠲᠠᠯ᠎ᠠ | ᠬᠠᠯᠬ᠎ᠠ ᠶᠢᠨ ᠰᠠᠶᠢᠬᠠᠨ ᠪᠡᠯᠴᠢᠭᠡᠷ | ᠬᠡᠷᠦᠯᠦᠨ ᠮᠦᠷᠡᠨ ᠢ ᠬᠦᠪᠡᠭᠡᠯᠡᠵᠦ | ᠬᠦᠳᠡᠭᠡᠯᠡᠨ ᠮᠠᠯᠵᠢᠭᠰᠠᠨ ᠨᠡᠭᠦᠳᠡᠯ | ᠦᠷᠬᠡᠨ ᠮᠤᠩᠭᠤᠯ ᠨᠤᠲᠤᠭ ᠲᠠᠭᠠᠨ | ᠦᠵᠦᠮᠦᠴᠢᠨ ᠬᠠᠰᠠᠭ ᠤᠨ ᠰᠦᠯᠵᠢᠶ᠎ᠡ ᠪᠠᠷ | ᠦᠯᠵᠡᠢ ᠵᠠᠩᠬᠢᠶ᠎ᠠ ᠮᠦᠷ ᠠᠴᠠ ᠨᠢ | ᠦᠭᠡᠳᠡᠯᠡᠬᠦ ᠶᠢᠨ ᠪᠤᠶᠠᠨ ᠢ ᠬᠷᠢᠶᠠᠭᠰᠠᠨ ᠪᠠᠶᠢᠬᠤ | ᠨᠤᠶᠠᠷᠬᠠᠭᠴᠢ ᠵᠠᠰᠠᠭ ᠤᠨ ᠴᠢᠩ ᠠᠴᠠ | ᠨᠤᠶᠠᠳ ᠤᠨ ᠴᠤᠭᠯᠠᠭᠠᠨ ᠬᠢᠵᠦ | ᠨᠤᠲᠤᠭ ᠤᠰᠤᠨ ᠢ ᠬᠤᠪᠢᠶᠠᠬᠤ ᠪᠠᠷ | ᠨᠤᠷᠤᠮ ᠭᠤᠯᠤᠮᠳᠠ ᠶᠢ ᠲᠤᠭᠳᠠᠭᠠᠬᠤ ᠪᠠᠷ | ᠪᠦᠬᠦᠯᠢ ᠬᠤᠨᠢᠨ ᠰᠢᠭᠦᠰᠦ ᠪᠠᠷ | ᠪᠦᠬᠦᠳᠡ ᠤᠯᠠᠨ ᠢ ᠲᠠᠶᠢᠯᠠᠪᠠ ᠭᠡᠬᠦ ᠳᠤ | ᠡᠵᠡᠨ ᠤ ᠴᠢᠨᠡᠳᠦ ᠤᠬᠠᠭᠠᠨ ᠢ | ᠦᠵᠦᠮᠦᠴᠢᠨ ᠲᠤᠷᠵᠢ ᠰᠡᠴᠡᠯᠡᠪᠡ ᠭᠡᠨ᠎ᠡ | ᠤᠭᠤᠴᠠᠨ ᠭᠡᠰᠡᠭ ᠢ ᠪᠦᠬᠦᠯᠢ ᠳᠤᠨᠢ | ᠤᠭᠳᠤᠴᠢᠨ ᠠᠪᠴᠤ ᠡᠮᠬᠦᠯᠡᠭᠰᠡᠨ ᠢᠶᠠᠷ | ᠰᠡᠴᠡᠨ ᠴᠤᠯᠠ ᠭᠦᠷᠳᠡᠵᠦ | ᠬᠤᠱᠤᠢ ᠵᠡᠷᠭᠡ ᠳᠤᠷ ᠲᠡᠪᠰᠢᠪᠡ ᠭᠡᠨ᠎ᠡ | ᠬᠤᠨᠢᠨ ᠰᠢᠨᠵᠢ ᠶᠢᠨ ᠨᠤᠲᠤᠭ ᠢ | ᠬᠠᠭᠠᠨ ᠡᠵᠡᠨ ᠰᠤᠶᠤᠷᠬᠠᠯ᠎ᠠ ᠭᠡᠬᠦ | ᠤᠭᠤᠴᠠᠨ ᠬᠡᠯᠪᠡᠷᠢ ᠶᠢᠨ ᠪᠡᠯᠭᠡ ᠪᠠᠷ | ᠤᠩᠭᠤᠢ ᠨᠤᠶᠠᠨ ᠤ ᠤᠯᠵᠠ ᠪᠤᠯᠭᠠᠯ᠎ᠠ ᠭᠡᠬᠦ | ⑼ ᠨᠤᠲᠤᠭᠰᠢᠭᠰᠠᠨ ᠨᠢ | ᠢᠪᠢᠯᠦᠭᠡ ᠨᠢ ᠤᠷᠬᠢᠯᠤᠭᠠ ᠡᠵᠢ ᠶᠢᠨ | ᠡᠩᠭᠦᠷᠡᠢ ᠰᠦᠨ ᠲᠠᠪᠤᠰᠤ ᠨᠢ | ᠡᠷᠭᠢᠬᠦ ᠰᠡᠳᠭᠢᠯ ᠢ ᠨᠢ ᠠᠷᠭᠠᠮᠵᠢᠭᠰᠠᠨ ᠢᠶᠠᠷ | ᠡᠩᠭᠡ ᠲᠠᠯ᠎ᠠ ᠪᠠᠨ ᠬᠠᠶᠢᠷᠠᠯᠠᠭᠰᠠᠨ ᠪᠠᠶᠢᠬᠤ | ᠰᠠᠬᠤᠯᠠᠭ ᠨᠢ ᠵᠤᠵᠠᠭᠠᠨ ᠬᠢᠩᠭᠠᠨ ᠤᠢ ᠶᠢᠨ | ᠨᠠᠮᠠᠭ᠎ᠠ ᠪᠠᠷ ᠮᠦᠰᠢᠶᠡᠬᠦ ᠨᠠᠷᠠᠰᠤ ᠨᠤᠭᠤᠳ | ᠰᠠᠯᠬᠤ ᠪᠤᠳᠤᠯ ᠢ ᠨᠢ ᠰᠢᠵᠢᠮᠳᠡᠭᠰᠡᠨ ᠢᠶᠠᠷ | ᠰᠠᠶᠢᠬᠠᠨ ᠮᠦᠴᠢᠷ ᠢᠶᠠᠨ ᠰᠤᠶᠤᠷᠬᠠᠭᠰᠠᠨ ᠪᠠᠶᠢᠬᠤ | ᠪᠤᠯᠠᠭᠯᠠᠭᠠ ᠨᠢ ᠲᠦᠯᠭᠢᠨ ᠤᠷᠤᠰᠬᠠᠯ ᠲᠠᠢ | ᠪᠠᠯᠭᠠᠷ᠂ ᠤᠯᠠᠭᠠᠢ ᠶᠢᠨ ᠭᠤᠤᠯ ᠨᠢ | ᠪᠤᠴᠠᠬᠤ ᠰᠠᠨᠠᠭ᠎ᠠ ᠶᠢ ᠨᠢ ᠠᠭᠤᠰᠬᠠᠭᠰᠠᠨ ᠢᠶᠠᠷ | ᠪᠤᠯᠤᠷ ᠤᠨ ᠷᠠᠰᠢᠶᠠᠨ ᠢᠶᠠᠨ ᠢᠪᠡᠭᠡᠭᠰᠡᠨ ᠪᠠᠶᠢᠬᠤ | ᠤᠩᠭᠤᠨ ᠰᠡᠴᠡ ᠶᠢ ᠨᠢ ᠤᠭᠤᠰᠤᠷᠯᠠᠬᠤ ᠭᠡᠵᠦ | ᠤᠪᠤᠭ᠎ᠠ ᠬᠠᠶᠢᠷᠬᠠᠨ ᠪᠤᠰᠬᠠᠭᠰᠠᠨ ᠪᠠᠶᠢᠬᠤ | ᠤᠩᠭᠤᠢ᠂ ᠪᠠᠶᠠᠨ ᠤᠪᠤᠭ᠎ᠠ ᠪᠠᠷ | ᠤᠶᠤᠨ ᠤ ᠰᠢᠳᠦᠭᠡᠨ ᠲᠤᠯᠭᠠᠭᠤᠷᠢᠯᠠᠭᠰᠠᠨ ᠪᠠᠶᠢᠬᠤ | ᠵᠠᠶᠠᠭᠠᠳᠤ ᠭᠤᠪᠢ ᠶᠢᠨ ᠲᠠᠯ᠎ᠠ | ᠵᠠᠭᠠᠭ ᠭᠡᠴᠡ ᠪᠠᠷ ᠬᠢᠵᠠᠭᠠᠷᠯᠠᠭᠳᠠᠵᠦ | ᠵᠠᠰᠠᠭ ᠲᠦᠷᠦ ᠶᠢᠨ ᠶᠤᠰᠤᠨ ᠢᠶᠠᠷ | ᠵᠠᠯᠭᠠᠮᠵᠢ ᠦᠶ᠎ᠡ ᠪᠠᠨ ᠨᠤᠲᠤᠭᠯᠠᠭᠤᠯᠪᠠᠢ | ⑽ ᠮᠦᠷᠦᠭᠡᠳᠦᠯ | ᠦᠷᠭᠡᠨ ᠲᠡᠯᠡᠬᠡᠢ ᠶᠢᠨ ᠴᠢᠬᠢᠨ᠎ᠡ | ᠦᠵᠦᠮᠦᠴᠢᠨ ᠲᠠᠯ᠎ᠠ ᠭᠡᠵᠦ ᠠᠯᠳᠠᠷᠰᠢᠨᠠᠮ | ᠦᠨᠤ ᠶᠢᠨ ᠰᠠᠶᠢᠬᠠᠨ ᠡᠷᠡᠨ ᠤ | ᠮᠢᠨᠤ ᠬᠠᠯᠠᠮᠵᠢᠳᠦ ᠨᠤᠲᠤᠭ ᠰᠠᠨ | ᠠᠯᠳᠠᠢ — ᠦᠵᠦᠮ ᠤᠨ ᠭᠡᠯᠬᠢᠶᠡᠰᠦ ᠪᠤᠯ | ᠠᠭᠤᠤ ᠲᠡᠭᠡᠳᠦᠰ ᠤᠨ ᠮᠠᠨᠢ ᠲᠠᠭᠤᠯᠠᠯ ᠶᠤᠮ | ᠮᠤᠩᠭᠤᠯ — ᠦᠨᠳᠦᠷᠯᠢᠭ ᠤᠨ ᠬᠤᠯᠪᠤᠭ᠎ᠠ ᠪᠤᠯ | ᠮᠦᠩᠬᠡ ᠵᠢᠷᠭᠠᠯᠠᠩ ᠤᠨ ᠴᠢᠪᠬᠠᠳᠠᠰᠤ ᠶᠤᠮ | ᠢᠬᠢᠷ᠎ᠡ ᠬᠤᠶᠠᠷ ᠦᠵᠦᠮᠦᠴᠢᠨ ᠤ | ᠡᠭᠡᠰᠢᠭ ᠲᠠᠭᠤᠤ ᠶᠢᠨ ᠴᠤᠬᠢᠯᠭ᠎ᠠ ᠶᠤᠮ | ᠢᠵᠢᠯ ᠬᠤᠤᠰ ᠨᠤᠲᠤᠭ ᠠᠴᠠ | ᠡᠰᠡᠨᠢᠨ ᠮᠠᠨᠳᠤᠭᠰᠠᠨ ᠲᠡᠤᠬᠡ ᠲᠠᠢ ᠶᠤᠮ | ᠰᠠᠯᠵᠦ ᠤᠳᠠᠭᠰᠠᠨ ᠦᠯᠦᠭᠡᠢ | ᠲᠦᠮᠡᠨ ᠭᠠᠵᠠᠷ ᠤᠨ ᠠᠯᠤᠰ | ᠰᠠᠨᠠᠵᠦ ᠮᠦᠷᠦᠭᠡᠳᠤᠭ᠍ᠰᠡᠨ ᠤᠨ | ᠮᠢᠩᠭᠠᠨ ᠨᠠᠮᠤᠷ ᠤᠨ ᠵᠡᠭᠦᠳᠦᠨ᠃ | ᠤᠷᠢᠶᠠᠩᠬᠠᠨ ᠤ᠂ ᠶᠤᠨᠳᠤᠨ |