ᠦᠵᠤᠮᠤᠴᠢᠨ ︽ᠬᠦᠳᠡᠭᠡ ᠰᠦᠯᠳᠡᠨ︾ ᠲᠡᠭᠡᠷᠡᠬᠢ ᠴᠢᠩᠬᠢᠰ ᠪᠤᠭᠳᠠ ᠪᠦᠷᠳᠡ ᠬᠠᠳᠤᠨ ᠬᠤᠶᠠᠷ ᠤᠨ ᠰᠠᠭᠤᠳᠠᠯ ᠤᠨ ᠲᠤᠬᠠᠢ ᠰᠤᠨᠢᠷᠬᠠᠯ
ᠨᠡᠶᠢᠲᠡᠯᠡᠭᠰᠡᠨ ᠴᠠᠭ᠄
2017/5/4
ᠷᠢ᠊᠂ ᠰᠡᠴᠡᠨᠳᠤ      ᠰᠦᠯᠳᠡ ᠨᠢ ᠨᠢᠭᠡ ᠤᠯᠤᠰ ᠦᠨᠳᠤᠰᠤᠳᠠᠨ᠂ ᠠᠶᠢᠮᠠᠭ ᠪᠦᠯᠦᠭ   ᠤᠨ  ᠰᠦᠷ  ᠬᠦᠴᠤᠨ  ᠂  ᠵᠢᠴᠢ  ᠲᠡᠬᠦᠨ   ᠤ  ᠴᠤᠭ  ᠵᠤᠯᠪᠠᠭ᠎ᠠ᠂  ᠦᠭᠡᠳᠡᠯᠡᠯ  ᠲᠡᠭᠵᠢᠷᠡᠯ  ᠂  ᠵᠦᠩ  ᠪᠡᠯᠭᠡᠳᠡᠯ   ᠢ  ᠢᠯᠡᠷᠬᠡᠶᠢᠯᠡᠵᠤ  ᠪᠠᠶᠢᠳᠠᠭ ᠪᠤᠯ  ᠴᠢᠩᠬᠢᠰ  ᠪᠤᠭᠳᠠ   ᠶᠢ  ᠪᠦᠷᠳᠡ  ᠬᠠᠳᠤᠨ ᠲᠠᠢ   ᠨᠢ  ᠰᠠᠨᠳᠡᠢ  ᠵᠡᠷᠭᠡᠴᠡᠬᠦᠯᠤᠨ  ᠰᠠᠭᠤᠯᠭᠠᠵᠤ᠂  ᠬᠤᠶᠠᠭᠤᠯᠠ   ᠪᠠᠨ  ᠴᠦᠮ  ᠵᠡᠬᠦᠨ  ᠭᠠᠷ   ᠲᠠᠭᠠᠨ  ᠴᠢᠨᠳᠡᠮᠤᠨᠢ  ᠡᠷᠳᠡᠨᠢ   ᠶᠢᠨ  ᠪᠤᠮᠪᠤ  ᠂  ᠡᠪᠤᠷ  ᠲᠡᠭᠡᠷ᠎ᠡ   ᠪᠠᠨ ᠠᠳᠬᠤᠵᠤ᠂  ᠲᠤᠩ  ᠲᠦᠪ  ᠴᠢᠬᠢᠮᠠᠢ  ᠂  ᠡᠨᠡᠷᠢᠩᠬᠦᠢ  ᠶᠡᠬᠡᠮᠰᠤᠭ᠌  ᠤᠪᠤᠷ  ᠪᠠᠶᠢᠳᠠᠯ   ᠢᠶᠠᠷ  ᠵᠢᠷᠤᠭᠰᠠᠨ  ᠭᠠᠶᠢᠬᠠᠮᠰᠢᠭᠳᠤ  ᠲᠦᠷᠢ  ᠦᠵᠤᠮᠤᠴᠢᠨ  ᠪᠠᠷᠠᠭᠤᠨ  ᠬᠤᠰᠢᠭᠤᠨ   ᠤ  ︽ ᠬᠦᠳᠡᠭᠡ  ᠰᠦᠯᠳᠡᠨ  ︾  ᠲᠠᠬᠢᠯᠭ᠎ᠠ   ᠶᠢᠨ  ᠲᠠᠯᠪᠠᠭ᠎ᠠ  ᠲᠡᠭᠡᠷ᠎ᠡ  ᠬᠠᠷ᠎ᠠ  ᠤᠶᠢᠰᠤᠨ   ᠪᠠᠬᠢ   ᠪᠠᠷ   ᠲᠤᠳᠤᠬᠠᠨ ᠵᠢᠷᠤᠭᠳᠠᠵᠤ  ᠪᠠᠶᠢᠳᠠᠭ  ᠃      ᠲᠡᠭᠷᠢᠯᠢᠭ   ᠲᠦᠷᠤ  ᠂  ᠠᠯᠳᠠᠨ  ᠤᠭᠰᠠᠭ᠎ᠠ  ᠂  ᠡᠵᠡᠨ  ᠬᠤᠶᠢᠮᠤᠷ   ᠤᠨ  ᠪᠠᠶᠢᠷᠢ  ᠰᠠᠭᠤᠷᠢ  ᠭᠤᠤᠯᠯᠠᠭᠰᠠᠨ  ᠦᠩᠭᠡᠷᠡᠭᠰᠡᠨ  ᠵᠠᠭᠤᠨ   ᠳᠤ  ᠡᠶᠢᠨ ᠬᠦ  ᠵᠢᠷᠤᠭ  ᠲᠦᠷᠢ  ᠲᠤᠭ  ᠰᠦᠯᠳᠡᠨ  ᠲᠡᠭᠡᠷ᠎ᠡ  ᠪᠠᠶᠢᠨ᠎ᠠ  ᠭᠡᠳᠡᠭ  ᠶᠡᠷᠤᠨᠢ ᠰᠡᠳᠬᠢᠬᠦ   ᠶᠢᠨ ᠠᠷᠭ᠎ᠠ ᠦᠭᠡᠢ ᠵᠡᠬᠦᠳᠤ  ᠮᠦᠷᠤᠭᠡᠳᠤᠯ ᠰᠢᠭ᠋  ᠪᠠᠰᠠ ᠴᠦ ᠬᠡᠨ  ᠨᠢᠭᠡᠨ   ᠤ  ᠲᠠᠮ  ᠲᠠᠯᠳᠠ   ᠶᠢᠨ  ᠤᠷᠢᠳᠠᠴᠢ  ᠪᠡᠶᠡᠯᠡᠯ  ᠵᠦᠩᠨᠡᠯ  ᠮᠡᠳᠤ ᠠᠵᠠᠢ᠃  ᠨᠡᠩ  ᠴᠦ  ᠲᠤᠷ᠎ᠠ  ᠵᠤᠷᠢᠭ ᠤᠨ   ᠨᠢᠭᠡᠨ  ᠠᠶᠢᠮᠠᠭ  ᠪᠦᠯᠦᠭ   ᠤᠨ  ᠰᠦᠯᠳᠡ   ᠶᠢ ᠪᠤᠤ  ᠬᠡᠯᠡ  ᠂  ᠦᠴᠤᠬᠡᠨ  ᠨᠢᠭᠡᠨ  ᠤᠪᠤᠭ  ᠢᠵᠠᠭᠤᠷᠳᠡᠨ   ᠠᠴᠠ  ᠡᠵᠡᠨ  ᠬᠠᠭᠠᠳ   ᠤᠨ  ᠰᠠᠨᠳᠡᠢ   ᠶᠢᠨ ᠲᠡᠷᠭᠡᠳᠡ  ᠪᠦᠰᠡᠬᠦᠢ  ᠬᠦᠮᠤᠨ   ᠢ  ᠶᠠᠭ ᠢᠩᠬᠢᠵᠤ ᠵᠡᠷᠭᠡᠴᠡᠬᠦᠯᠤᠨ  ᠰᠠᠭᠤᠯᠭᠠᠵᠤ  ᠲᠦᠷᠤ  ᠬᠦᠷᠤᠨ   ᠤ  ᠶᠤᠰᠤ  ᠲᠢᠭᠯᠢᠮ   ᠢᠶᠠᠨ  ᠠᠶᠢᠯᠠᠳᠬᠠᠳᠠᠭ  ᠦᠷᠤᠰᠢᠶᠠᠯᠳᠤ ᠬᠠᠭᠠᠨ   ᠤ ᠡᠶᠡᠪᠡᠷᠬᠦᠤ ᠲᠦᠷᠤ   ᠡᠪᠡᠷᠢᠯᠳᠤ  ᠰᠠᠢᠳ᠂  ᠸᠠᠩ  ᠬᠦᠩ   ᠠᠴᠠ ᠪᠠᠶᠠᠳ  ᠨᠤᠶᠠᠳ   ᠤᠳ   ᠲᠤ  ᠬᠦᠷᠳᠡᠯ᠎ᠡ  ᠲᠡᠶᠢᠮᠤ ᠬᠦᠮᠦᠯᠢᠭ  ᠶᠢᠷᠳᠢᠨᠴᠤ ᠬᠠᠮᠢᠭ᠎ᠠ  ᠪᠠᠶᠢᠯ᠎ᠠ  ᠃  ᠨᠡᠷ᠎ᠡ  ᠲᠦᠷᠤ  ᠮᠠᠨᠳᠤᠭᠰᠠᠨ  ᠬᠠᠨ᠎ᠠ   ᠶᠢᠨ  ᠵᠢᠷᠤᠭ᠂  ᠬᠡᠪᠢᠰ ᠲᠤᠷᠭ᠎ᠠ  ᠪᠦᠰ᠂  ᠱᠠᠭᠠᠵᠢᠩ  ᠰᠠᠪᠠ  ᠡᠳ᠋ᠯᠡᠯ   ᠤᠨ  ᠠᠯᠢ  ᠦᠨᠴᠦᠭ  ᠪᠦᠯᠦᠩ   ᠲᠤᠨᠢ  ᠵᠢᠷᠤᠭᠳᠠᠵᠤ  ᠪᠠᠶᠢᠭᠰᠠᠨ ᠪᠤᠢ  ᠃      ᠶᠠᠮᠠᠷ ᠤᠷᠴᠢᠨ  ᠦᠶ᠎ᠡ   ᠶᠢᠨ  ᠨᠡᠶᠢᠭᠡᠮ᠂  ᠤᠯᠤᠰ  ᠬᠦᠷᠤᠨ ᠤ ᠬᠦᠭᠵᠢᠯ ᠲᠠᠪᠰᠢᠯᠳᠠ᠂  ᠦᠨᠳᠤᠰᠤᠳᠠᠨ  ᠶᠠᠰᠤᠳᠠᠨ   ᠤ ᠵᠦᠷᠢᠴᠡᠯ ᠮᠦᠷᠬᠦᠯᠳᠡᠭᠡᠨ ᠢᠶᠠᠷ  ᠲᠤᠷᠠᠳᠤᠳᠠᠭ  ᠬᠦᠮᠤᠨ   ᠤ  ᠡᠷᠬᠡ  ᠂  ᠠᠷᠠᠳᠴᠢᠯᠠᠯ   ᠤᠨ  ᠬᠦᠮᠤᠯᠢᠭ  ᠦᠵᠡᠯ  ᠂  ᠰᠢᠳᠤᠷᠭᠤ  ᠶᠤᠰᠤᠨ   ᠤ   ᠪᠡᠶᠡᠯᠡᠯ  ᠲᠡᠮᠡᠤᠬᠦᠯᠤᠯ   ᠤᠨ  ᠴᠠᠭ  ᠴᠦ  ᠪᠢᠰᠢ  ᠃  ᠡᠶᠢᠮᠤ ᠶᠡᠭᠡ  ᠡᠷᠬᠡ  ᠲᠡᠭᠰᠢ  ᠂  ᠬᠠᠶᠢᠷ᠎ᠠ ᠬᠦᠨᠳᠤᠳᠬᠡᠯ   ᠤᠨ  ᠵᠡᠷᠭᠡᠴᠡᠯ᠂  ᠪᠤᠯᠪᠠᠰᠤᠨ ᠶᠤᠰᠤᠷᠬᠠᠭ ᠮᠤᠷᠠᠯ ᠵᠦᠢᠴᠡᠯᠡᠯ ᠡᠷᠳᠡᠨ ᠳᠤ  ᠪᠠᠶᠢᠨ᠎ᠠ  ᠭᠡᠳᠡᠭ ᠬᠠᠴᠢᠨ᠃   ᠬᠡᠳᠤᠶᠢᠪᠡᠷ  ᠮᠠᠨ ᠤ ᠲᠡᠭᠡᠷ᠎ᠡ ᠦᠶ᠎ᠡ ᠶᠢᠨ ᠬᠢᠨᠢ  ᠡᠪᠤᠭᠡᠳ  ᠲᠡᠭᠡᠳᠤᠰ ᠬᠠᠳᠠᠬᠢᠨ  ᠤᠪᠤᠭ   ᠤᠨ  ᠶᠠᠰᠤᠳᠠᠨ  ᠪᠤᠯᠪᠠᠴᠤ  ᠮᠢᠨᠤ  ᠬᠤᠪᠢ   ᠳᠤ  ᠦᠵᠤᠮᠤᠴᠢᠨ   ᠤ  ᠬᠠᠳᠠᠬᠢᠨᠴᠤᠳ ᠤᠨ  ᠵᠢᠷᠤᠮ   ᠢᠶᠠᠷ  ᠨᠠᠷᠠᠨ ᠤ ᠠᠯᠳᠠᠨ ᠠᠮᠢᠰᠬᠤᠯ ᠲᠤᠭᠠᠯᠠᠩ ᠨᠠᠮᠢᠷᠠᠬᠤ ᠡᠨᠡ  ᠬᠦᠳᠡᠭᠡ  ᠰᠦᠯᠳᠡ   ᠶᠢ  ᠤᠨᠴᠠ ᠶᠢᠨ ᠶᠡᠭᠡ ᠪᠠᠷ   ᠰᠤᠨᠢᠷᠬᠠᠳᠠᠭ  ᠰᠠᠨ  ᠃  ᠡᠨᠡ  ᠪᠤᠯ  ᠰᠠᠨᠠᠭᠠᠨ   ᠳᠤ ᠦᠭᠡᠢ ᠨᠢᠭᠡᠨ ᠪᠠᠶᠢᠷᠠᠰᠢᠭᠤᠯᠤᠯᠳᠠ᠂  ᠵᠢᠷᠤᠭᠴᠢᠨ ᠤ  ᠠᠬᠤᠢ  ᠢᠯᠡᠷᠬᠡᠶᠢᠯᠡᠯ  ᠤᠭᠳᠤ  ᠪᠢᠰᠢ  ᠶᠤᠮ᠃  ᠲᠦᠷᠤ  ᠲᠦᠮᠡᠨ   ᠤ  ᠡᠪ  ᠨᠠᠶᠢᠷ  ᠂  ᠪᠦᠯᠬᠦᠮᠳᠡᠯ  ᠨᠢᠭᠳᠤᠷᠠᠯ   ᠤᠨ  ᠬᠦᠴᠤᠨ  ᠂  ᠬᠠᠮᠳᠤ ᠶᠢᠨ ᠬᠠᠶᠢᠷ᠎ᠠ  ᠰᠡᠳᠬᠢᠯᠭᠡ   ᠶᠢ  ᠬᠠᠷᠠᠭᠤᠯᠤᠭᠰᠠᠨ ᠡᠷᠬᠡ  ᠪᠠᠷᠢᠵᠤ  ᠡᠵᠡᠨ  ᠰᠠᠭᠤᠬᠤ   ᠶᠢᠨ  ᠤᠳᠤᠷᠢᠳᠤᠭᠴᠢ  ᠤᠬᠠᠭᠠᠯᠢᠭ  ᠤᠳᠬ᠎ᠠ  ᠂  ᠲᠡᠤᠬᠡ   ᠶᠢᠨ  ᠲᠠᠯᠳᠠᠴᠢ  ᠵᠠᠩᠬᠢᠯᠭ᠎ᠠ  ᠠᠭᠤᠯᠠᠵᠤ  ᠪᠠᠶᠢᠨ᠎ᠠ  ᠭᠡᠵᠤ  ᠰᠠᠨᠠᠭᠠᠰᠢᠷᠠᠨ  ᠪᠤᠳᠤᠬᠤ  ᠲᠤᠳᠤᠮ  ᠪᠤᠳᠤᠯ   ᠤᠨ  ᠨᠢᠭᠡᠨ ᠭᠠᠴᠢᠯᠠᠩ  ᠪᠤᠯᠵᠤ  ᠡᠴᠢᠨᠡᠬᠡᠨ ᠭᠠᠯᠠᠪ   ᠤᠨ  ᠲᠤᠭᠤᠰᠤ  ᠦᠩᠭᠡᠭᠰᠡᠨ ︽ ᠬᠦᠳᠡᠭᠡ  ᠰᠦᠯᠳᠡ︾   ᠶᠢᠨ  ᠲᠤᠭ  ᠲᠠᠯᠪᠠᠭ᠎ᠠ  ᠨᠠᠮᠠᠢᠢ  ᠴᠢᠯᠠᠭᠤᠨ  ᠲᠤᠳᠤᠷ᠎ᠠ  ᠰᠢᠷᠭᠤᠵᠤ ᠤᠷᠤᠬᠤ   ᠠᠴᠠ  ᠲᠤᠤᠷ᠎ᠠ  ᠦᠭᠡᠢ ᠰᠤᠷᠪᠤᠯᠵᠢ  ᠪᠢᠴᠢᠭ   ᠤᠨ  ᠮᠤᠬᠤᠷᠳᠡᠯ   ᠳᠤ  ᠭᠠᠰᠠᠯᠭᠠᠳᠠᠭ᠃      ᠠᠷᠤ  ᠬᠠᠩᠭᠠᠢ  ᠦᠵᠤᠮ   ᠤᠨ  ᠴᠠᠭᠠᠨ  ᠠᠭᠤᠯᠠᠨ ᠠᠴᠠ ᠲᠦᠷᠪᠡᠨ  ᠵᠠᠭᠤᠭᠠᠳ  ᠵᠢᠯ   ᠤᠨ  ᠡᠮᠤᠨ᠎ᠡ  ᠭᠤᠪᠢ   ᠶᠢᠨ  ᠤᠮᠠᠷ᠎ᠠ   ᠳᠤ  ᠨᠡᠬᠦᠳᠡᠯᠵᠤ  ᠢᠷᠡᠭᠰᠡᠨ  ᠭᠡᠬᠦ  ᠲᠡᠮᠳᠡᠭᠯᠡᠯ   ᠲᠠᠢ  ᠦᠵᠤᠮᠤᠴᠢᠨ  ᠮᠤᠩᠭᠤᠯᠴᠤᠳ  ᠂  ᠦᠨᠤ  ᠴᠦ  ᠭᠡᠰᠡᠨ  ᠲᠡᠯᠡᠬᠡᠢ   ᠶᠢᠨ  ᠮᠤᠩᠭᠤᠯ  ᠤᠭᠰᠠᠭᠠᠳᠠᠨ   ᠤ  ᠲᠡᠤᠬᠡᠨ   ᠳᠤ  ᠯᠤᠳᠤ  ᠶᠡᠭᠡ  ᠬᠤᠪᠢ  ᠨᠡᠮᠡᠬᠦᠷᠢ   ᠲᠠᠢ  ᠶᠠᠪᠤᠭ᠎ᠠ  ᠪᠦᠭᠡᠳ ᠡᠷᠴᠢᠮ  ᠰᠦᠯᠵᠢᠶᠡᠨ   ᠳᠤ  ᠰᠤᠩᠭᠤᠳᠠᠭ ᠲᠡᠯᠭᠡᠴᠡ   ᠲᠠᠢ  ᠂  ᠡᠷᠡᠨ  ᠦᠶ᠎ᠡ   ᠳᠤ  ᠨᠡᠬᠦᠳᠡᠯ ᠮᠠᠯᠵᠢᠯ ᠤᠨ  ᠰᠤᠨᠢᠷᠬᠠᠯ   ᠲᠠᠢ  ᠠᠶᠢᠮᠠᠭ  ᠪᠦᠯᠦᠭ  ᠪᠢᠯᠡ  ᠃      ᠬᠡᠳᠤᠶᠢᠪᠡᠷ  ᠮᠤᠩᠭᠤᠯ   ᠤᠨ  ᠲᠤᠯᠭᠠᠭᠤᠷᠢ  ᠪᠢᠴᠢᠭ   ᠤᠳ   ᠲᠤ  ᠦᠵᠤᠮᠤᠴᠢᠨ  ᠠᠶᠢᠮᠠᠭ   ᠨᠢ  ᠤᠶᠢᠷᠠᠳ  ᠲᠦᠮᠡᠨ   ᠤ ᠰᠠᠯᠪᠤᠷᠢ  ᠲᠤᠳᠤᠷ᠎ᠠ ᠰᠤᠳᠤᠯᠤᠭᠳᠠᠨ ᠭᠠᠷᠳᠠᠭ  ᠴᠦ   ᠮᠤᠩᠭᠤᠯ   ᠤᠨ  ᠠᠯᠳᠠᠨ  ᠤᠷᠤᠭ   ᠤᠨ  ᠪᠦᠷᠢᠯᠳᠤᠬᠦᠨ   ᠢᠶᠠᠷ   ᠶᠠᠭᠠᠬᠢᠬᠤ ᠶᠢᠨ ᠠᠷᠭ᠎ᠠ  ᠦᠭᠡᠢ ᠨᠢᠷᠤᠭᠤᠨ ᠮᠤᠩᠭᠤᠯ ᠤᠨ  ᠤᠭᠰᠠᠭ᠎ᠠ ᠭᠠᠷᠪᠠᠯᠢ   ᠳᠤ ᠪᠠᠭᠳᠠᠳᠠᠭ  ᠃  ᠦᠵᠤᠮᠤᠴᠢᠨ  ᠬᠦᠮᠤᠰ  ᠠᠶᠢᠯ  ᠰᠠᠭᠠᠬᠠᠯᠳᠠ   ᠶᠢᠨ ᠡᠪ  ᠨᠠᠶᠢᠷ   ᠢ  ᠶᠡᠬᠡᠳᠡ  ᠴᠢᠬᠤᠯᠠᠴᠢᠯᠠᠨ  ᠂  ᠠᠶᠢᠯ   ᠤᠨ  ᠬᠦᠮᠤᠨ   ᠤ  ᠠᠮᠢ  ᠨᠢᠭᠡ  ᠂  ᠰᠠᠭᠠᠬᠠᠯᠳᠠ   ᠶᠢᠨ  ᠤᠯᠠᠨ ᠤ  ᠰᠠᠨᠠᠭ᠎ᠠ  ᠨᠢᠭᠡ   ᠭᠡᠵᠤ ᠨᠡᠶᠢᠭᠡᠮᠴᠢᠯᠡᠨ  ᠪᠦᠬᠦᠳᠡ  ᠨᠡᠶᠢᠳᠡᠮ ᠳᠡᠭᠡᠨ  ᠪᠤᠯᠪᠠᠰᠤᠨ ᠲᠠᠷᠤᠤᠬᠠᠨ ᠤᠷᠤᠰᠢᠬᠤ   ᠶᠢ  ᠵᠢᠷᠤᠮᠯᠡᠳᠡᠭ  ᠃  ᠡᠨᠡ  ᠲᠤᠬᠠᠢ  ᠠᠵᠢᠭᠯᠠᠯᠳᠠ  ᠶᠡᠬᠡᠴᠤᠤᠯ ᠤᠨ  ᠬᠢᠨᠢ ᠤᠪᠤᠷ  ᠰᠤᠷᠳᠡᠯ   ᠠᠴᠠ ᠴᠦ ᠢᠯᠡ ᠲᠤᠳᠤᠷᠬᠠᠢ  ᠬᠠᠷᠠᠭᠳᠠᠳᠠᠭ  ᠃      ︽ ᠬᠦᠳᠡᠭᠡ  ᠰᠦᠯᠳᠡ︾  ᠲᠠᠬᠢᠬᠤ  ᠡᠳᠤᠷ ᠦᠵᠤᠮᠤᠴᠢᠨ   ᠤ  ᠪᠦᠬᠦ  ᠠᠷᠠᠳ ᠤᠨ  ᠴᠤᠭᠯᠠᠭᠠᠨ  ᠪᠤᠯᠵᠤ  ᠂  ᠬᠠᠮᠢᠭᠠᠨᠡᠬᠢ ᠶᠢᠨ   ᠬᠡᠨ  ᠭᠡᠭᠴᠢ  ᠂  ᠠᠯᠢ  ᠨᠤᠳᠤᠭ   ᠤᠨ  ᠶᠠᠮᠠᠷ  ᠤᠪᠤᠭᠳᠠᠨ  ᠪᠤᠯᠬᠤ   ᠪᠠᠨ ᠲᠠᠬᠢᠯᠭᠠᠨ ᠳᠤ  ᠤᠷᠤᠯᠴᠬᠤ  ᠬᠦᠮᠤᠰ  ᠴᠡᠭᠡ  ᠠᠮᠰᠠᠬᠤ   ᠶᠢᠨ  ᠦᠶ᠎ᠡ   ᠳᠤ  ᠴᠦᠮ  ᠢᠯᠭᠤᠮ᠎ᠠ ᠲᠤᠳᠤᠷᠬᠠᠢ ᠦᠴᠢᠳᠡᠭ   ᠵᠠᠩᠰᠢᠯ   ᠲᠠᠢ  ᠃  ᠦᠵᠤᠮᠤᠴᠢᠨ  ᠸᠠᠩ  ᠨᠤᠶᠠᠨ  ᠴᠦ  ᠲᠠᠬᠢᠯᠭ᠎ᠠ   ᠶᠢᠨ ᠦᠶ᠎ᠡ   ᠳᠤ  ᠤᠷᠳᠤᠴᠢᠨ ᠤᠪᠤᠭ ᠤᠨ  ︽ ᠬᠦᠳᠡᠭᠡ  ᠰᠦᠯᠳᠡᠨ︾  ᠵᠠᠩᠬᠢ   ᠳᠤ  ᠮᠡᠬᠦᠶᠢᠨ  ᠮᠦᠷᠬᠦᠵᠤ ᠬᠦᠨᠳᠤᠳᠬᠡᠯ ᠦᠵᠡᠬᠦᠯᠳᠡᠭ ᠬᠡᠬᠦ   ᠪᠠᠷ  ︽ ᠬᠦᠳᠡᠭᠡ  ᠰᠦᠯᠳᠡᠨ︾   ᠳᠤ  ᠠᠤᠭ᠎ᠠ  ᠶᠡᠭᠡ  ᠲᠡᠭᠷᠢᠯᠢᠭ  ᠶᠤᠰᠤ  ᠵᠦᠢ  ᠠᠭᠤᠯᠤᠭᠳᠠᠵᠤ  ᠴᠠᠭᠠᠨ᠎ᠠ   ᠪᠠᠨ  ᠨᠢᠭᠡᠯᠡ  ᠶᠡᠷᠤ  ᠪᠤᠰᠤ   ᠶᠢᠨ  ᠨᠢᠭᠤᠴᠠᠬᠠᠢ  ᠲᠠᠯᠳᠠ   ᠶᠢᠨ  ᠬᠦᠴᠤ  ᠡᠨᠧᠷᠬᠢ  ᠲᠠᠪᠬᠤᠷ ᠲᠠᠪᠬᠤᠷ  ᠤᠷᠤᠰᠢᠵᠤ  ᠪᠤᠢ  ᠃  ᠦᠵᠤᠮᠤᠴᠢᠨ  ᠬᠦᠮᠤᠰ  ᠬᠡᠵᠢᠶ᠎ᠡ  ᠡᠬᠦᠷᠢᠳᠡ  ᠬᠠᠨᠢ  ᠢᠵᠢᠯᠢ  ᠂  ᠭᠡᠷ  ᠪᠦᠯᠢ  ᠠᠶᠢᠯ  ᠰᠠᠭᠠᠬᠠᠯᠳᠠ ᠳᠠᠭᠠᠨ  ᠲᠦᠪ  ᠭᠤᠤᠯᠴᠢ   ᠢᠶᠠᠷ  ᠬᠠᠨᠳᠤᠵᠤ  ᠂  ᠡᠨᠡᠷᠢᠯ  ᠬᠠᠶᠢᠷ᠎ᠠ  ᠂  ᠠᠴᠢᠯᠠᠯ  ᠵᠢᠷᠤᠮ   ᠢ  ᠬᠦᠢᠴᠡᠳᠬᠡᠳᠡᠭ᠃  ︽ ᠬᠦᠳᠡᠭᠡ  ᠰᠦᠯᠳᠡᠨ  ︾  ᠲᠡᠭᠡᠷᠡᠬᠢ  ᠡᠨᠡ  ᠰᠠᠨᠠᠭ᠎ᠠ  ᠵᠤᠷᠢᠯᠭ᠎ᠠ  ᠡᠵᠡᠨ  ᠴᠢᠩᠭᠢᠰ  ᠂ ᠡᠬᠡ  ᠪᠦᠷᠳᠡ  ᠬᠠᠳᠤᠨ   ᠢᠶᠠᠷ  ᠦᠯᠢᠭᠡᠷᠯᠡᠨ  ᠪᠢᠳᠡᠨ   ᠤ  ᠮᠦᠩᠬᠡᠳᠡ  ᠰᠠᠬᠢᠬᠤ  ᠲᠦᠪᠰᠢᠨ  ᠡᠩᠬᠡ  ᠲᠦᠷᠤ  ᠂  ᠭᠠᠯ  ᠭᠤᠯᠤᠮᠳᠠ  ᠂  ᠠᠶᠢᠯ  ᠰᠠᠭᠠᠬᠠᠯᠳᠠ  ᠂  ᠬᠦᠮᠤᠨ  ᠠᠷᠠᠳ   ᠤᠨ  ᠮᠢᠨᠢ  ᠡᠪ  ᠨᠢᠭᠳᠠᠷᠠᠯ   ᠤᠨ  ᠲᠢᠭ  ᠵᠠᠶ᠋ᠢᠭ  ᠪᠤᠶᠤ  ᠃      ᠦᠵᠤᠮᠤᠴᠢᠨᠴᠤᠤᠯ  ᠡᠨᠡ  ᠠᠷᠠᠳᠴᠢᠯᠠᠯ   ᠤᠨ  ᠠᠯᠳᠠᠨ  ᠪᠤᠮᠪᠤ  ᠪᠠᠷᠢᠭᠰᠠᠨ  ᠴᠢᠩᠬᠢᠰ  ᠪᠤᠭᠳᠠ  ᠂  ᠪᠦᠷᠳᠡ  ᠬᠠᠳᠤᠨ   ᠲᠠᠢ  ︽ᠬᠦᠳᠡᠭᠡ  ᠰᠦᠯᠳᠡ︾   ᠪᠠᠨ  ᠤᠮᠠᠷᠠᠳᠤ  ᠶᠤᠸ᠋ᠨᠨ ᠤᠯᠤᠰ   ᠤᠨ  ᠦᠶ᠎ᠡ   ᠳᠤ 140 ᠵᠢᠯ  ᠲᠠᠬᠢᠵᠤ  ᠮᠠᠨᠵᠤ  ᠴᠢᠩ  ᠤᠯᠤᠰ ᠤᠨ  ᠦᠶ᠎ᠡ   ᠳᠤ 270 ᠭᠠᠷᠤᠢ  ᠵᠢᠯ ᠲᠠᠬᠢᠵᠤ  ᠂  ᠬᠤᠱᠤᠢ  ᠰᠡᠴᠡᠨ  ᠴᠢᠨ  ᠸᠠᠩ   ᠤᠨ  ᠰᠤᠳᠨᠠᠮᠷᠠᠪᠳᠠᠨ ᠤ  ᠦᠶ᠎ᠡ   ᠳᠤ 30 ᠵᠢᠯ ᠲᠠᠬᠢᠵᠤ  ᠂ 1947 ᠤᠨ ᠳᠤ ᠲᠠᠬᠢᠯᠭ᠎ᠠ  ᠵᠤᠭᠰᠠᠳᠠᠯ᠎ᠠ 450  ᠵᠢᠯ  ᠲᠠᠬᠢᠵᠠᠢ  ᠃      2005 ᠤᠨ   ᠳᠤ  ᠰᠡᠷᠬᠦᠭᠡᠨ  ᠲᠠᠬᠢᠳᠠᠯ᠎ᠠ   ᠪᠠᠨ60 ᠵᠢᠯ  ᠵᠠᠪᠰᠠᠷᠯᠠᠪᠠ  ᠃      ︽ ᠬᠦᠳᠡᠭᠡ  ᠰᠦᠯᠳᠡ︾   ᠨᠢ  ᠮᠤᠩᠭᠤᠯ   ᠤᠨ  ᠡᠯ᠎ᠡ  ᠢᠵᠠᠭᠤᠷᠳᠠᠨ ᠤᠪᠤᠭ ᠠᠶᠢᠮᠠᠭ ᠤᠨ   ᠲᠤᠭ ᠰᠦᠯᠳᠡᠨ ᠲᠤᠳᠤᠷ᠎ᠠ   ᠪᠠᠨ  ᠢᠯᠡ  ᠪᠤᠳᠠᠳᠠᠢ  ᠂  ᠲᠡᠤᠬᠡᠨ  ᠬᠦᠮᠤᠨ   ᠤ  ᠰᠢᠳᠤᠭᠡᠨ   ᠲᠠᠢ  ᠪᠠᠶᠢᠳᠠᠭ ᠠᠴᠠ  ᠠᠭᠤᠯᠭ᠎ᠠ  ᠬᠡᠶᠢᠰᠪᠤᠷᠢᠯᠡᠭᠳᠡᠬᠦ  ᠦᠭᠡᠢ  ᠃  ᠢᠳᠡᠭᠡᠯ  ᠠᠯᠤᠰ  ᠠᠯᠭᠠᠰᠠᠳᠠᠭ ᠦᠭᠡᠢ  ᠃  ᠪᠢᠳᠡᠨ   ᠤ  ᠯᠡ  ᠦᠷᠬᠦᠯᠵᠢᠯᠡᠯ  ᠮᠠᠨ   ᠤ ᠤᠭ  ᠡᠬᠦᠰᠤᠯ  ᠡᠬᠢ  ᠲᠡᠷᠡ  ᠶᠤᠮ  ᠭᠡᠰᠡᠨ  ᠲᠠᠰᠤᠯᠳᠠᠰᠢ  ᠦᠭᠡᠢ  ᠂  ᠤᠮᠠᠷᠳᠠᠰᠢ  ᠦᠭᠡᠢ  ᠤᠶᠤᠨ  ᠤᠬᠠᠭᠠᠨ   ᠤ  ᠭᠡᠷᠡᠯᠳᠤ  ᠵᠤᠯᠠ  ︽ ᠬᠦᠳᠡᠭᠡ  ᠰᠦᠯᠳᠡ︾  ᠮᠦᠩᠬᠡ  ᠲᠡᠭᠷᠢ   ᠳᠤ  ᠠᠰᠠᠵᠤ  ᠪᠠᠶᠢᠳᠠᠭ  ᠃  ᠡᠨᠡ  ᠲᠤᠭ  ᠰᠦᠯᠳᠡ   ᠶᠢ  ᠤᠨ  ᠵᠢᠯ   ᠤᠨ  ᠠᠳᠠᠷᠭᠠᠨ  ᠰᠠᠯᠬᠢᠨ   ᠤ  ᠠᠶᠠᠰ   ᠢᠶᠠᠷ  ᠦᠵᠤᠮᠤᠴᠢᠨ   ᠤ  ᠲᠦᠷᠪᠡᠨ  ᠤᠯᠠᠷᠢᠯ   ᠤᠨ  ᠲᠠᠯ᠎ᠠ  ᠨᠤᠳᠤᠭ   ᠲᠤ  ᠭᠠᠩᠳᠠᠨ  ᠪᠠᠭᠤᠷᠠᠰᠢ  ᠦᠭᠡᠢ  ᠰᠦᠷ  ᠬᠦᠴᠤᠨ  ᠂  ᠡᠪ  ᠨᠠᠶᠢᠷ   ᠤᠨ  ᠤᠷᠤᠰᠢᠯ  ᠲᠤᠭᠳᠠᠨᠢᠯ   ᠢᠶᠠᠷ  ᠨᠠᠮᠢᠷᠠᠭᠤᠯᠵᠤ ᠢᠷᠡᠭᠰᠡᠨ   ᠢ  ᠲᠤᠷᠠᠰᠠᠬᠤᠶ᠎ᠠ  ᠡᠯᠢᠭᠡ  ᠵᠢᠷᠤᠬᠡᠨ   ᠤ  ᠡᠰ  ᠴᠢᠰᠤ  ᠦᠪᠡᠷ ᠤᠨ  ᠡᠷᠬᠡ  ᠦᠭᠡᠢ  ᠴᠡᠭᠡᠵᠢ  ᠦᠭᠰᠤᠨ  ᠤᠷᠬᠢᠬᠤ  ᠶᠤᠮ  ᠃      ᠡᠨᠡ  ᠰᠦᠯᠳᠡᠨ   ᠳᠤ  ᠮᠦᠩᠬᠡ  ᠲᠡᠭᠷᠢ   ᠶᠢᠨ  ᠠᠤᠭ᠎ᠠ  ᠡᠪ ᠪᠦᠯᠬᠦᠮᠳᠡᠯ ᠤᠨ  ᠡᠷᠴᠢᠮ  ᠂  ᠮᠤᠷᠠᠯ  ᠪᠤᠯᠪᠠᠰᠤᠨ   ᠤ  ᠡᠪ  ᠨᠠᠶᠢᠷ ᠤᠨ  ᠲᠡᠬᠦᠰ  ᠬᠦᠴᠤ  ᠂ ᠮᠠᠨ ᠤ ᠲᠠᠨ ᠤ ᠦᠭᠡᠢ  ᠪᠡᠯᠭᠡ  ᠲᠡᠮᠪᠡᠷᠢᠯᠳᠤ   ᠡᠶ᠎ᠡ  ᠵᠤᠬᠢᠴᠠᠯ   ᠤᠨ  ᠤᠷᠠᠢ  ᠂  ᠮᠠᠯᠴᠢᠨ ᠮᠤᠩᠭᠤᠯ  ᠨᠡᠬᠦᠳᠡᠯᠴᠢᠨ   ᠤ  ᠡᠷᠮᠡᠬᠡᠢ  ᠬᠠᠳᠠᠨ  ᠵᠤᠷᠢᠭ  ᠰᠠᠨᠠᠭᠠᠨ ᠤ  ᠰᠢᠳᠤᠭᠡᠨ  ᠂  ᠮᠠᠷᠭᠤᠰᠢ  ᠦᠭᠡᠢ  ᠤᠩᠭᠤᠨ  ᠲᠠᠷᠬᠠᠨ  ᠲᠤᠭᠳᠠᠴᠠᠯᠳᠤ  ᠨᠤᠳᠤᠭ  ᠤᠰᠤ  ᠪᠠᠭᠳᠠᠯᠴᠠᠨ᠎ᠠ᠃      ᠡᠨᠡ  ᠰᠦᠯᠳᠡᠨ   ᠳᠤ  ᠶᠢᠷᠳᠢᠨᠴᠤ   ᠶᠢᠨ  ᠠᠷᠭ᠎ᠠ  ᠪᠢᠯᠢᠭ ᠤᠨ  ᠴᠢᠨᠠᠷ  ᠂  ᠨᠠᠷᠠ  ᠰᠠᠷᠠᠨ   ᠤ  ᠤᠶᠤᠯᠢᠭ  ᠢᠯᠴᠢ  ᠡᠨᠧᠷᠬᠢ  ᠂  ᠭᠠᠯ  ᠤᠰᠤᠨ   ᠤ  ᠤᠯᠠᠷᠢᠯ ᠲᠦᠯᠵᠢᠯ ᠤᠨ  ᠰᠢᠮ᠎ᠡ᠂  ᠡᠷ᠎ᠡ  ᠡᠮ᠎ᠡ   ᠶᠢᠨ  ᠵᠠᠶᠠᠭ᠎ᠠ  ᠪᠠᠷᠢᠯᠳᠤᠯᠭ᠎ᠠ  ᠪᠠᠭᠳᠠᠯᠴᠠᠨ᠎ᠠ  ᠃      ᠡᠨᠡ  ᠰᠦᠯᠳᠡ  ᠦᠵᠤᠮᠤᠴᠨ  ᠠᠶᠢᠮᠠᠭ  ᠪᠦᠯᠦᠭ   ᠤᠨ  ᠲᠦᠷᠤ  ᠲᠦᠮᠡᠨ   ᠢ  ᠲᠦᠯᠤᠭᠡᠯᠡᠨ  ᠠᠰᠠᠵᠤ  ᠂  ᠠᠤᠭ᠎ᠠ  ᠶᠡᠭᠡ  ᠠᠴᠢ  ᠡᠨᠡᠷᠢᠯ  ᠂  ᠡᠷᠬᠢᠮ  ᠲᠡᠭᠡᠳᠤ  ᠡᠷᠬᠡ  ᠴᠢᠯᠤᠭᠡ  ᠂  ᠨᠢᠭᠳᠠᠷᠠᠯ  ᠪᠦᠯᠬᠦᠮᠳᠡᠯ   ᠤᠨ  ᠰᠦᠷ  ᠬᠦᠴᠤᠨ  ᠂  ᠦᠨᠢᠳᠡ  ᠬᠠᠭᠠᠴᠠᠰᠢ  ᠦᠭᠡᠢ  ᠬᠠᠶᠢᠷ᠎ᠠ  ᠰᠡᠳᠬᠢᠯᠭᠡ  ᠂  ᠪᠠᠳᠤ  ᠵᠢᠷᠤᠮᠯᠠᠯ   ᠢ  ᠢᠯᠡᠷᠬᠡᠶᠢᠯᠵᠤ  ᠪᠠᠶᠢᠭ᠎ᠠ  ᠶᠤᠮ  ᠃  ᠮᠢᠨᠤ  ᠬᠤᠪᠢ   ᠳᠤ  ︽ ᠬᠦᠳᠡᠭᠡ  ᠰᠦᠯᠳᠡᠨ  ︾  ᠲᠡᠭᠡᠷᠡᠬᠡᠢ  ᠴᠢᠩᠬᠢᠰ  ᠪᠤᠭᠳᠠ  ᠪᠦᠷᠳᠡ  ᠬᠠᠳᠤᠨ  ᠬᠤᠶᠠᠷ   ᠤᠨ  ᠡᠷᠳᠡᠨ ᠤ  ᠠᠳᠠᠯ᠎ᠠ  ᠡᠳᠤᠭᠡ   ᠶᠢᠨ  ᠰᠢᠭ᠋  ᠡᠨᠡ  ᠲᠦᠷᠢ   ᠶᠢ  ᠡᠷᠬᠡ  ᠴᠢᠯᠤᠭᠡᠨ   ᠤ  ᠵᠡᠷᠭᠡᠴᠡᠯ  ᠂  ᠡᠪ  ᠨᠠᠶᠢᠷ   ᠤᠨ  ᠵᠡᠷᠭᠡᠴᠡᠯ  ᠂  ᠡᠵᠡᠨ  ᠲᠦᠷᠤ  ᠪᠠᠷᠢᠬᠤ   ᠶᠢᠨ  ᠵᠡᠷᠭᠡᠴᠡᠯ᠂  ᠡᠷᠬᠢᠮ  ᠲᠡᠭᠡᠳᠤ  ᠠᠷᠠᠳᠴᠢᠯᠠᠯ  ᠭᠡᠵᠤ  ᠰᠠᠨᠠᠨ᠎ᠠ  ᠃                                                           ᠰᠢᠯᠢ ᠶᠢᠨ ᠭᠤᠤᠯ ᠠᠶᠢᠮᠠᠭ ᠤᠨ  ᠵᠡᠬᠦᠨ ᠦᠵᠤᠮᠤᠴᠢᠨ                               ᠬᠤᠰᠢᠭᠤᠨ ᠤ ᠤᠳᠬ᠎ᠠ ᠤᠷᠠᠯᠢᠭ ᠤᠨ ᠬᠢᠨ ᠬᠤᠯᠪᠤᠭ᠎ᠠ
 
ᠢᠷᠡᠯᠲᠡ᠄ ᠷᠢ᠊᠂ ᠰᠡᠴᠡᠨᠳᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号