ᠷᠢ᠊᠂ ᠰᠡᠴᠡᠨᠳᠤ | ᠰᠦᠯᠳᠡ ᠨᠢ ᠨᠢᠭᠡ ᠤᠯᠤᠰ ᠦᠨᠳᠤᠰᠤᠳᠠᠨ᠂ ᠠᠶᠢᠮᠠᠭ ᠪᠦᠯᠦᠭ ᠤᠨ ᠰᠦᠷ ᠬᠦᠴᠤᠨ ᠂ ᠵᠢᠴᠢ | ᠲᠡᠬᠦᠨ ᠤ ᠴᠤᠭ ᠵᠤᠯᠪᠠᠭ᠎ᠠ᠂ ᠦᠭᠡᠳᠡᠯᠡᠯ ᠲᠡᠭᠵᠢᠷᠡᠯ ᠂ ᠵᠦᠩ ᠪᠡᠯᠭᠡᠳᠡᠯ ᠢ ᠢᠯᠡᠷᠬᠡᠶᠢᠯᠡᠵᠤ ᠪᠠᠶᠢᠳᠠᠭ | ᠪᠤᠯ ᠴᠢᠩᠬᠢᠰ ᠪᠤᠭᠳᠠ ᠶᠢ ᠪᠦᠷᠳᠡ ᠬᠠᠳᠤᠨ ᠲᠠᠢ ᠨᠢ ᠰᠠᠨᠳᠡᠢ ᠵᠡᠷᠭᠡᠴᠡᠬᠦᠯᠤᠨ ᠰᠠᠭᠤᠯᠭᠠᠵᠤ᠂ | ᠬᠤᠶᠠᠭᠤᠯᠠ ᠪᠠᠨ ᠴᠦᠮ ᠵᠡᠬᠦᠨ ᠭᠠᠷ ᠲᠠᠭᠠᠨ ᠴᠢᠨᠳᠡᠮᠤᠨᠢ ᠡᠷᠳᠡᠨᠢ ᠶᠢᠨ ᠪᠤᠮᠪᠤ ᠂ ᠡᠪᠤᠷ ᠲᠡᠭᠡᠷ᠎ᠡ | ᠪᠠᠨ ᠠᠳᠬᠤᠵᠤ᠂ ᠲᠤᠩ ᠲᠦᠪ ᠴᠢᠬᠢᠮᠠᠢ ᠂ ᠡᠨᠡᠷᠢᠩᠬᠦᠢ ᠶᠡᠬᠡᠮᠰᠤᠭ᠌ ᠤᠪᠤᠷ ᠪᠠᠶᠢᠳᠠᠯ ᠢᠶᠠᠷ ᠵᠢᠷᠤᠭᠰᠠᠨ | ᠭᠠᠶᠢᠬᠠᠮᠰᠢᠭᠳᠤ ᠲᠦᠷᠢ ᠦᠵᠤᠮᠤᠴᠢᠨ ᠪᠠᠷᠠᠭᠤᠨ ᠬᠤᠰᠢᠭᠤᠨ ᠤ ︽ ᠬᠦᠳᠡᠭᠡ ᠰᠦᠯᠳᠡᠨ ︾ ᠲᠠᠬᠢᠯᠭ᠎ᠠ | ᠶᠢᠨ ᠲᠠᠯᠪᠠᠭ᠎ᠠ ᠲᠡᠭᠡᠷ᠎ᠡ ᠬᠠᠷ᠎ᠠ ᠤᠶᠢᠰᠤᠨ ᠪᠠᠬᠢ ᠪᠠᠷ ᠲᠤᠳᠤᠬᠠᠨ ᠵᠢᠷᠤᠭᠳᠠᠵᠤ ᠪᠠᠶᠢᠳᠠᠭ ᠃ | ᠲᠡᠭᠷᠢᠯᠢᠭ ᠲᠦᠷᠤ ᠂ ᠠᠯᠳᠠᠨ ᠤᠭᠰᠠᠭ᠎ᠠ ᠂ ᠡᠵᠡᠨ ᠬᠤᠶᠢᠮᠤᠷ ᠤᠨ ᠪᠠᠶᠢᠷᠢ ᠰᠠᠭᠤᠷᠢ | ᠭᠤᠤᠯᠯᠠᠭᠰᠠᠨ ᠦᠩᠭᠡᠷᠡᠭᠰᠡᠨ ᠵᠠᠭᠤᠨ ᠳᠤ ᠡᠶᠢᠨ ᠬᠦ ᠵᠢᠷᠤᠭ ᠲᠦᠷᠢ ᠲᠤᠭ ᠰᠦᠯᠳᠡᠨ ᠲᠡᠭᠡᠷ᠎ᠡ ᠪᠠᠶᠢᠨ᠎ᠠ | ᠭᠡᠳᠡᠭ ᠶᠡᠷᠤᠨᠢ ᠰᠡᠳᠬᠢᠬᠦ ᠶᠢᠨ ᠠᠷᠭ᠎ᠠ ᠦᠭᠡᠢ ᠵᠡᠬᠦᠳᠤ ᠮᠦᠷᠤᠭᠡᠳᠤᠯ ᠰᠢᠭ᠋ ᠪᠠᠰᠠ ᠴᠦ ᠬᠡᠨ ᠨᠢᠭᠡᠨ ᠤ | ᠲᠠᠮ ᠲᠠᠯᠳᠠ ᠶᠢᠨ ᠤᠷᠢᠳᠠᠴᠢ ᠪᠡᠶᠡᠯᠡᠯ ᠵᠦᠩᠨᠡᠯ ᠮᠡᠳᠤ ᠠᠵᠠᠢ᠃ ᠨᠡᠩ ᠴᠦ ᠲᠤᠷ᠎ᠠ ᠵᠤᠷᠢᠭ ᠤᠨ | ᠨᠢᠭᠡᠨ ᠠᠶᠢᠮᠠᠭ ᠪᠦᠯᠦᠭ ᠤᠨ ᠰᠦᠯᠳᠡ ᠶᠢ ᠪᠤᠤ ᠬᠡᠯᠡ ᠂ ᠦᠴᠤᠬᠡᠨ ᠨᠢᠭᠡᠨ ᠤᠪᠤᠭ ᠢᠵᠠᠭᠤᠷᠳᠡᠨ | ᠠᠴᠠ ᠡᠵᠡᠨ ᠬᠠᠭᠠᠳ ᠤᠨ ᠰᠠᠨᠳᠡᠢ ᠶᠢᠨ ᠲᠡᠷᠭᠡᠳᠡ ᠪᠦᠰᠡᠬᠦᠢ ᠬᠦᠮᠤᠨ ᠢ ᠶᠠᠭ ᠢᠩᠬᠢᠵᠤ | ᠵᠡᠷᠭᠡᠴᠡᠬᠦᠯᠤᠨ ᠰᠠᠭᠤᠯᠭᠠᠵᠤ ᠲᠦᠷᠤ ᠬᠦᠷᠤᠨ ᠤ ᠶᠤᠰᠤ ᠲᠢᠭᠯᠢᠮ ᠢᠶᠠᠨ ᠠᠶᠢᠯᠠᠳᠬᠠᠳᠠᠭ ᠦᠷᠤᠰᠢᠶᠠᠯᠳᠤ | ᠬᠠᠭᠠᠨ ᠤ ᠡᠶᠡᠪᠡᠷᠬᠦᠤ ᠲᠦᠷᠤ ᠡᠪᠡᠷᠢᠯᠳᠤ ᠰᠠᠢᠳ᠂ ᠸᠠᠩ ᠬᠦᠩ ᠠᠴᠠ ᠪᠠᠶᠠᠳ ᠨᠤᠶᠠᠳ ᠤᠳ ᠲᠤ | ᠬᠦᠷᠳᠡᠯ᠎ᠡ ᠲᠡᠶᠢᠮᠤ ᠬᠦᠮᠦᠯᠢᠭ ᠶᠢᠷᠳᠢᠨᠴᠤ ᠬᠠᠮᠢᠭ᠎ᠠ ᠪᠠᠶᠢᠯ᠎ᠠ ᠃ ᠨᠡᠷ᠎ᠡ ᠲᠦᠷᠤ ᠮᠠᠨᠳᠤᠭᠰᠠᠨ ᠬᠠᠨ᠎ᠠ ᠶᠢᠨ | ᠵᠢᠷᠤᠭ᠂ ᠬᠡᠪᠢᠰ ᠲᠤᠷᠭ᠎ᠠ ᠪᠦᠰ᠂ ᠱᠠᠭᠠᠵᠢᠩ ᠰᠠᠪᠠ ᠡᠳ᠋ᠯᠡᠯ ᠤᠨ ᠠᠯᠢ ᠦᠨᠴᠦᠭ ᠪᠦᠯᠦᠩ ᠲᠤᠨᠢ | ᠵᠢᠷᠤᠭᠳᠠᠵᠤ ᠪᠠᠶᠢᠭᠰᠠᠨ ᠪᠤᠢ ᠃ | ᠶᠠᠮᠠᠷ ᠤᠷᠴᠢᠨ ᠦᠶ᠎ᠡ ᠶᠢᠨ ᠨᠡᠶᠢᠭᠡᠮ᠂ ᠤᠯᠤᠰ ᠬᠦᠷᠤᠨ ᠤ ᠬᠦᠭᠵᠢᠯ ᠲᠠᠪᠰᠢᠯᠳᠠ᠂ ᠦᠨᠳᠤᠰᠤᠳᠠᠨ | ᠶᠠᠰᠤᠳᠠᠨ ᠤ ᠵᠦᠷᠢᠴᠡᠯ ᠮᠦᠷᠬᠦᠯᠳᠡᠭᠡᠨ ᠢᠶᠠᠷ ᠲᠤᠷᠠᠳᠤᠳᠠᠭ ᠬᠦᠮᠤᠨ ᠤ ᠡᠷᠬᠡ ᠂ ᠠᠷᠠᠳᠴᠢᠯᠠᠯ ᠤᠨ | ᠬᠦᠮᠤᠯᠢᠭ ᠦᠵᠡᠯ ᠂ ᠰᠢᠳᠤᠷᠭᠤ ᠶᠤᠰᠤᠨ ᠤ ᠪᠡᠶᠡᠯᠡᠯ ᠲᠡᠮᠡᠤᠬᠦᠯᠤᠯ ᠤᠨ ᠴᠠᠭ ᠴᠦ ᠪᠢᠰᠢ ᠃ | ᠡᠶᠢᠮᠤ ᠶᠡᠭᠡ ᠡᠷᠬᠡ ᠲᠡᠭᠰᠢ ᠂ ᠬᠠᠶᠢᠷ᠎ᠠ ᠬᠦᠨᠳᠤᠳᠬᠡᠯ ᠤᠨ ᠵᠡᠷᠭᠡᠴᠡᠯ᠂ ᠪᠤᠯᠪᠠᠰᠤᠨ ᠶᠤᠰᠤᠷᠬᠠᠭ ᠮᠤᠷᠠᠯ | ᠵᠦᠢᠴᠡᠯᠡᠯ ᠡᠷᠳᠡᠨ ᠳᠤ ᠪᠠᠶᠢᠨ᠎ᠠ ᠭᠡᠳᠡᠭ ᠬᠠᠴᠢᠨ᠃ ᠬᠡᠳᠤᠶᠢᠪᠡᠷ ᠮᠠᠨ ᠤ ᠲᠡᠭᠡᠷ᠎ᠡ ᠦᠶ᠎ᠡ ᠶᠢᠨ ᠬᠢᠨᠢ | ᠡᠪᠤᠭᠡᠳ ᠲᠡᠭᠡᠳᠤᠰ ᠬᠠᠳᠠᠬᠢᠨ ᠤᠪᠤᠭ ᠤᠨ ᠶᠠᠰᠤᠳᠠᠨ ᠪᠤᠯᠪᠠᠴᠤ ᠮᠢᠨᠤ ᠬᠤᠪᠢ ᠳᠤ ᠦᠵᠤᠮᠤᠴᠢᠨ ᠤ | ᠬᠠᠳᠠᠬᠢᠨᠴᠤᠳ ᠤᠨ ᠵᠢᠷᠤᠮ ᠢᠶᠠᠷ ᠨᠠᠷᠠᠨ ᠤ ᠠᠯᠳᠠᠨ ᠠᠮᠢᠰᠬᠤᠯ ᠲᠤᠭᠠᠯᠠᠩ ᠨᠠᠮᠢᠷᠠᠬᠤ ᠡᠨᠡ ᠬᠦᠳᠡᠭᠡ ᠰᠦᠯᠳᠡ | ᠶᠢ ᠤᠨᠴᠠ ᠶᠢᠨ ᠶᠡᠭᠡ ᠪᠠᠷ ᠰᠤᠨᠢᠷᠬᠠᠳᠠᠭ ᠰᠠᠨ ᠃ ᠡᠨᠡ ᠪᠤᠯ ᠰᠠᠨᠠᠭᠠᠨ ᠳᠤ ᠦᠭᠡᠢ ᠨᠢᠭᠡᠨ | ᠪᠠᠶᠢᠷᠠᠰᠢᠭᠤᠯᠤᠯᠳᠠ᠂ ᠵᠢᠷᠤᠭᠴᠢᠨ ᠤ ᠠᠬᠤᠢ ᠢᠯᠡᠷᠬᠡᠶᠢᠯᠡᠯ ᠤᠭᠳᠤ ᠪᠢᠰᠢ ᠶᠤᠮ᠃ ᠲᠦᠷᠤ ᠲᠦᠮᠡᠨ ᠤ | ᠡᠪ ᠨᠠᠶᠢᠷ ᠂ ᠪᠦᠯᠬᠦᠮᠳᠡᠯ ᠨᠢᠭᠳᠤᠷᠠᠯ ᠤᠨ ᠬᠦᠴᠤᠨ ᠂ ᠬᠠᠮᠳᠤ ᠶᠢᠨ ᠬᠠᠶᠢᠷ᠎ᠠ ᠰᠡᠳᠬᠢᠯᠭᠡ ᠶᠢ | ᠬᠠᠷᠠᠭᠤᠯᠤᠭᠰᠠᠨ ᠡᠷᠬᠡ ᠪᠠᠷᠢᠵᠤ ᠡᠵᠡᠨ ᠰᠠᠭᠤᠬᠤ ᠶᠢᠨ ᠤᠳᠤᠷᠢᠳᠤᠭᠴᠢ ᠤᠬᠠᠭᠠᠯᠢᠭ ᠤᠳᠬ᠎ᠠ ᠂ ᠲᠡᠤᠬᠡ | ᠶᠢᠨ ᠲᠠᠯᠳᠠᠴᠢ ᠵᠠᠩᠬᠢᠯᠭ᠎ᠠ ᠠᠭᠤᠯᠠᠵᠤ ᠪᠠᠶᠢᠨ᠎ᠠ ᠭᠡᠵᠤ ᠰᠠᠨᠠᠭᠠᠰᠢᠷᠠᠨ ᠪᠤᠳᠤᠬᠤ ᠲᠤᠳᠤᠮ ᠪᠤᠳᠤᠯ ᠤᠨ | ᠨᠢᠭᠡᠨ ᠭᠠᠴᠢᠯᠠᠩ ᠪᠤᠯᠵᠤ ᠡᠴᠢᠨᠡᠬᠡᠨ ᠭᠠᠯᠠᠪ ᠤᠨ ᠲᠤᠭᠤᠰᠤ ᠦᠩᠭᠡᠭᠰᠡᠨ ︽ ᠬᠦᠳᠡᠭᠡ ᠰᠦᠯᠳᠡ︾ ᠶᠢᠨ | ᠲᠤᠭ ᠲᠠᠯᠪᠠᠭ᠎ᠠ ᠨᠠᠮᠠᠢᠢ ᠴᠢᠯᠠᠭᠤᠨ ᠲᠤᠳᠤᠷ᠎ᠠ ᠰᠢᠷᠭᠤᠵᠤ ᠤᠷᠤᠬᠤ ᠠᠴᠠ ᠲᠤᠤᠷ᠎ᠠ ᠦᠭᠡᠢ ᠰᠤᠷᠪᠤᠯᠵᠢ | ᠪᠢᠴᠢᠭ ᠤᠨ ᠮᠤᠬᠤᠷᠳᠡᠯ ᠳᠤ ᠭᠠᠰᠠᠯᠭᠠᠳᠠᠭ᠃ | ᠠᠷᠤ ᠬᠠᠩᠭᠠᠢ ᠦᠵᠤᠮ ᠤᠨ ᠴᠠᠭᠠᠨ ᠠᠭᠤᠯᠠᠨ ᠠᠴᠠ ᠲᠦᠷᠪᠡᠨ ᠵᠠᠭᠤᠭᠠᠳ ᠵᠢᠯ ᠤᠨ ᠡᠮᠤᠨ᠎ᠡ | ᠭᠤᠪᠢ ᠶᠢᠨ ᠤᠮᠠᠷ᠎ᠠ ᠳᠤ ᠨᠡᠬᠦᠳᠡᠯᠵᠤ ᠢᠷᠡᠭᠰᠡᠨ ᠭᠡᠬᠦ ᠲᠡᠮᠳᠡᠭᠯᠡᠯ ᠲᠠᠢ ᠦᠵᠤᠮᠤᠴᠢᠨ ᠮᠤᠩᠭᠤᠯᠴᠤᠳ ᠂ | ᠦᠨᠤ ᠴᠦ ᠭᠡᠰᠡᠨ ᠲᠡᠯᠡᠬᠡᠢ ᠶᠢᠨ ᠮᠤᠩᠭᠤᠯ ᠤᠭᠰᠠᠭᠠᠳᠠᠨ ᠤ ᠲᠡᠤᠬᠡᠨ ᠳᠤ ᠯᠤᠳᠤ ᠶᠡᠭᠡ ᠬᠤᠪᠢ | ᠨᠡᠮᠡᠬᠦᠷᠢ ᠲᠠᠢ ᠶᠠᠪᠤᠭ᠎ᠠ ᠪᠦᠭᠡᠳ ᠡᠷᠴᠢᠮ ᠰᠦᠯᠵᠢᠶᠡᠨ ᠳᠤ ᠰᠤᠩᠭᠤᠳᠠᠭ ᠲᠡᠯᠭᠡᠴᠡ ᠲᠠᠢ ᠂ ᠡᠷᠡᠨ | ᠦᠶ᠎ᠡ ᠳᠤ ᠨᠡᠬᠦᠳᠡᠯ ᠮᠠᠯᠵᠢᠯ ᠤᠨ ᠰᠤᠨᠢᠷᠬᠠᠯ ᠲᠠᠢ ᠠᠶᠢᠮᠠᠭ ᠪᠦᠯᠦᠭ ᠪᠢᠯᠡ ᠃ | ᠬᠡᠳᠤᠶᠢᠪᠡᠷ ᠮᠤᠩᠭᠤᠯ ᠤᠨ ᠲᠤᠯᠭᠠᠭᠤᠷᠢ ᠪᠢᠴᠢᠭ ᠤᠳ ᠲᠤ ᠦᠵᠤᠮᠤᠴᠢᠨ ᠠᠶᠢᠮᠠᠭ ᠨᠢ | ᠤᠶᠢᠷᠠᠳ ᠲᠦᠮᠡᠨ ᠤ ᠰᠠᠯᠪᠤᠷᠢ ᠲᠤᠳᠤᠷ᠎ᠠ ᠰᠤᠳᠤᠯᠤᠭᠳᠠᠨ ᠭᠠᠷᠳᠠᠭ ᠴᠦ ᠮᠤᠩᠭᠤᠯ ᠤᠨ ᠠᠯᠳᠠᠨ ᠤᠷᠤᠭ | ᠤᠨ ᠪᠦᠷᠢᠯᠳᠤᠬᠦᠨ ᠢᠶᠠᠷ ᠶᠠᠭᠠᠬᠢᠬᠤ ᠶᠢᠨ ᠠᠷᠭ᠎ᠠ ᠦᠭᠡᠢ ᠨᠢᠷᠤᠭᠤᠨ ᠮᠤᠩᠭᠤᠯ ᠤᠨ ᠤᠭᠰᠠᠭ᠎ᠠ ᠭᠠᠷᠪᠠᠯᠢ | ᠳᠤ ᠪᠠᠭᠳᠠᠳᠠᠭ ᠃ ᠦᠵᠤᠮᠤᠴᠢᠨ ᠬᠦᠮᠤᠰ ᠠᠶᠢᠯ ᠰᠠᠭᠠᠬᠠᠯᠳᠠ ᠶᠢᠨ ᠡᠪ ᠨᠠᠶᠢᠷ ᠢ ᠶᠡᠬᠡᠳᠡ | ᠴᠢᠬᠤᠯᠠᠴᠢᠯᠠᠨ ᠂ ᠠᠶᠢᠯ ᠤᠨ ᠬᠦᠮᠤᠨ ᠤ ᠠᠮᠢ ᠨᠢᠭᠡ ᠂ ᠰᠠᠭᠠᠬᠠᠯᠳᠠ ᠶᠢᠨ ᠤᠯᠠᠨ ᠤ ᠰᠠᠨᠠᠭ᠎ᠠ ᠨᠢᠭᠡ | ᠭᠡᠵᠤ ᠨᠡᠶᠢᠭᠡᠮᠴᠢᠯᠡᠨ ᠪᠦᠬᠦᠳᠡ ᠨᠡᠶᠢᠳᠡᠮ ᠳᠡᠭᠡᠨ ᠪᠤᠯᠪᠠᠰᠤᠨ ᠲᠠᠷᠤᠤᠬᠠᠨ ᠤᠷᠤᠰᠢᠬᠤ ᠶᠢ ᠵᠢᠷᠤᠮᠯᠡᠳᠡᠭ ᠃ | ᠡᠨᠡ ᠲᠤᠬᠠᠢ ᠠᠵᠢᠭᠯᠠᠯᠳᠠ ᠶᠡᠬᠡᠴᠤᠤᠯ ᠤᠨ ᠬᠢᠨᠢ ᠤᠪᠤᠷ ᠰᠤᠷᠳᠡᠯ ᠠᠴᠠ ᠴᠦ ᠢᠯᠡ ᠲᠤᠳᠤᠷᠬᠠᠢ | ᠬᠠᠷᠠᠭᠳᠠᠳᠠᠭ ᠃ | ︽ ᠬᠦᠳᠡᠭᠡ ᠰᠦᠯᠳᠡ︾ ᠲᠠᠬᠢᠬᠤ ᠡᠳᠤᠷ ᠦᠵᠤᠮᠤᠴᠢᠨ ᠤ ᠪᠦᠬᠦ ᠠᠷᠠᠳ ᠤᠨ ᠴᠤᠭᠯᠠᠭᠠᠨ | ᠪᠤᠯᠵᠤ ᠂ ᠬᠠᠮᠢᠭᠠᠨᠡᠬᠢ ᠶᠢᠨ ᠬᠡᠨ ᠭᠡᠭᠴᠢ ᠂ ᠠᠯᠢ ᠨᠤᠳᠤᠭ ᠤᠨ ᠶᠠᠮᠠᠷ ᠤᠪᠤᠭᠳᠠᠨ ᠪᠤᠯᠬᠤ ᠪᠠᠨ | ᠲᠠᠬᠢᠯᠭᠠᠨ ᠳᠤ ᠤᠷᠤᠯᠴᠬᠤ ᠬᠦᠮᠤᠰ ᠴᠡᠭᠡ ᠠᠮᠰᠠᠬᠤ ᠶᠢᠨ ᠦᠶ᠎ᠡ ᠳᠤ ᠴᠦᠮ ᠢᠯᠭᠤᠮ᠎ᠠ ᠲᠤᠳᠤᠷᠬᠠᠢ | ᠦᠴᠢᠳᠡᠭ ᠵᠠᠩᠰᠢᠯ ᠲᠠᠢ ᠃ ᠦᠵᠤᠮᠤᠴᠢᠨ ᠸᠠᠩ ᠨᠤᠶᠠᠨ ᠴᠦ ᠲᠠᠬᠢᠯᠭ᠎ᠠ ᠶᠢᠨ ᠦᠶ᠎ᠡ ᠳᠤ | ᠤᠷᠳᠤᠴᠢᠨ ᠤᠪᠤᠭ ᠤᠨ ︽ ᠬᠦᠳᠡᠭᠡ ᠰᠦᠯᠳᠡᠨ︾ ᠵᠠᠩᠬᠢ ᠳᠤ ᠮᠡᠬᠦᠶᠢᠨ ᠮᠦᠷᠬᠦᠵᠤ ᠬᠦᠨᠳᠤᠳᠬᠡᠯ | ᠦᠵᠡᠬᠦᠯᠳᠡᠭ ᠬᠡᠬᠦ ᠪᠠᠷ ︽ ᠬᠦᠳᠡᠭᠡ ᠰᠦᠯᠳᠡᠨ︾ ᠳᠤ ᠠᠤᠭ᠎ᠠ ᠶᠡᠭᠡ ᠲᠡᠭᠷᠢᠯᠢᠭ ᠶᠤᠰᠤ ᠵᠦᠢ | ᠠᠭᠤᠯᠤᠭᠳᠠᠵᠤ ᠴᠠᠭᠠᠨ᠎ᠠ ᠪᠠᠨ ᠨᠢᠭᠡᠯᠡ ᠶᠡᠷᠤ ᠪᠤᠰᠤ ᠶᠢᠨ ᠨᠢᠭᠤᠴᠠᠬᠠᠢ ᠲᠠᠯᠳᠠ ᠶᠢᠨ ᠬᠦᠴᠤ ᠡᠨᠧᠷᠬᠢ | ᠲᠠᠪᠬᠤᠷ ᠲᠠᠪᠬᠤᠷ ᠤᠷᠤᠰᠢᠵᠤ ᠪᠤᠢ ᠃ ᠦᠵᠤᠮᠤᠴᠢᠨ ᠬᠦᠮᠤᠰ ᠬᠡᠵᠢᠶ᠎ᠡ ᠡᠬᠦᠷᠢᠳᠡ ᠬᠠᠨᠢ ᠢᠵᠢᠯᠢ ᠂ | ᠭᠡᠷ ᠪᠦᠯᠢ ᠠᠶᠢᠯ ᠰᠠᠭᠠᠬᠠᠯᠳᠠ ᠳᠠᠭᠠᠨ ᠲᠦᠪ ᠭᠤᠤᠯᠴᠢ ᠢᠶᠠᠷ ᠬᠠᠨᠳᠤᠵᠤ ᠂ ᠡᠨᠡᠷᠢᠯ ᠬᠠᠶᠢᠷ᠎ᠠ ᠂ | ᠠᠴᠢᠯᠠᠯ ᠵᠢᠷᠤᠮ ᠢ ᠬᠦᠢᠴᠡᠳᠬᠡᠳᠡᠭ᠃ ︽ ᠬᠦᠳᠡᠭᠡ ᠰᠦᠯᠳᠡᠨ ︾ ᠲᠡᠭᠡᠷᠡᠬᠢ ᠡᠨᠡ ᠰᠠᠨᠠᠭ᠎ᠠ ᠵᠤᠷᠢᠯᠭ᠎ᠠ | ᠡᠵᠡᠨ ᠴᠢᠩᠭᠢᠰ ᠂ ᠡᠬᠡ ᠪᠦᠷᠳᠡ ᠬᠠᠳᠤᠨ ᠢᠶᠠᠷ ᠦᠯᠢᠭᠡᠷᠯᠡᠨ ᠪᠢᠳᠡᠨ ᠤ ᠮᠦᠩᠬᠡᠳᠡ ᠰᠠᠬᠢᠬᠤ | ᠲᠦᠪᠰᠢᠨ ᠡᠩᠬᠡ ᠲᠦᠷᠤ ᠂ ᠭᠠᠯ ᠭᠤᠯᠤᠮᠳᠠ ᠂ ᠠᠶᠢᠯ ᠰᠠᠭᠠᠬᠠᠯᠳᠠ ᠂ ᠬᠦᠮᠤᠨ ᠠᠷᠠᠳ ᠤᠨ ᠮᠢᠨᠢ | ᠡᠪ ᠨᠢᠭᠳᠠᠷᠠᠯ ᠤᠨ ᠲᠢᠭ ᠵᠠᠶ᠋ᠢᠭ ᠪᠤᠶᠤ ᠃ | ᠦᠵᠤᠮᠤᠴᠢᠨᠴᠤᠤᠯ ᠡᠨᠡ ᠠᠷᠠᠳᠴᠢᠯᠠᠯ ᠤᠨ ᠠᠯᠳᠠᠨ ᠪᠤᠮᠪᠤ ᠪᠠᠷᠢᠭᠰᠠᠨ ᠴᠢᠩᠬᠢᠰ ᠪᠤᠭᠳᠠ ᠂ | ᠪᠦᠷᠳᠡ ᠬᠠᠳᠤᠨ ᠲᠠᠢ ︽ᠬᠦᠳᠡᠭᠡ ᠰᠦᠯᠳᠡ︾ ᠪᠠᠨ ᠤᠮᠠᠷᠠᠳᠤ ᠶᠤᠸ᠋ᠨᠨ ᠤᠯᠤᠰ ᠤᠨ ᠦᠶ᠎ᠡ ᠳᠤ | 140 ᠵᠢᠯ ᠲᠠᠬᠢᠵᠤ ᠮᠠᠨᠵᠤ ᠴᠢᠩ ᠤᠯᠤᠰ ᠤᠨ ᠦᠶ᠎ᠡ ᠳᠤ 270 ᠭᠠᠷᠤᠢ ᠵᠢᠯ ᠲᠠᠬᠢᠵᠤ ᠂ ᠬᠤᠱᠤᠢ | ᠰᠡᠴᠡᠨ ᠴᠢᠨ ᠸᠠᠩ ᠤᠨ ᠰᠤᠳᠨᠠᠮᠷᠠᠪᠳᠠᠨ ᠤ ᠦᠶ᠎ᠡ ᠳᠤ 30 ᠵᠢᠯ ᠲᠠᠬᠢᠵᠤ ᠂ 1947 ᠤᠨ ᠳᠤ | ᠲᠠᠬᠢᠯᠭ᠎ᠠ ᠵᠤᠭᠰᠠᠳᠠᠯᠠ 450 ᠵᠢᠯ ᠲᠠᠬᠢᠵᠠᠢ ᠃ | 2005 ᠤᠨ ᠳᠤ ᠰᠡᠷᠬᠦᠭᠡᠨ ᠲᠠᠬᠢᠳᠠᠯᠠ ᠪᠠᠨ60 ᠵᠢᠯ ᠵᠠᠪᠰᠠᠷᠯᠠᠪᠠ ᠃ | ︽ ᠬᠦᠳᠡᠭᠡ ᠰᠦᠯᠳᠡ︾ ᠨᠢ ᠮᠤᠩᠭᠤᠯ ᠤᠨ ᠡᠯ᠎ᠡ ᠢᠵᠠᠭᠤᠷᠳᠠᠨ ᠤᠪᠤᠭ ᠠᠶᠢᠮᠠᠭ ᠤᠨ ᠲᠤᠭ | ᠰᠦᠯᠳᠡᠨ ᠲᠤᠳᠤᠷ᠎ᠠ ᠪᠠᠨ ᠢᠯᠡ ᠪᠤᠳᠠᠳᠠᠢ ᠂ ᠲᠡᠤᠬᠡᠨ ᠬᠦᠮᠤᠨ ᠤ ᠰᠢᠳᠤᠭᠡᠨ ᠲᠠᠢ ᠪᠠᠶᠢᠳᠠᠭ ᠠᠴᠠ | ᠠᠭᠤᠯᠭ᠎ᠠ ᠬᠡᠶᠢᠰᠪᠤᠷᠢᠯᠡᠭᠳᠡᠬᠦ ᠦᠭᠡᠢ ᠃ ᠢᠳᠡᠭᠡᠯ ᠠᠯᠤᠰ ᠠᠯᠭᠠᠰᠠᠳᠠᠭ ᠦᠭᠡᠢ ᠃ ᠪᠢᠳᠡᠨ ᠤ ᠯᠡ | ᠦᠷᠬᠦᠯᠵᠢᠯᠡᠯ ᠮᠠᠨ ᠤ ᠤᠭ ᠡᠬᠦᠰᠤᠯ ᠡᠬᠢ ᠲᠡᠷᠡ ᠶᠤᠮ ᠭᠡᠰᠡᠨ ᠲᠠᠰᠤᠯᠳᠠᠰᠢ ᠦᠭᠡᠢ ᠂ ᠤᠮᠠᠷᠳᠠᠰᠢ | ᠦᠭᠡᠢ ᠤᠶᠤᠨ ᠤᠬᠠᠭᠠᠨ ᠤ ᠭᠡᠷᠡᠯᠳᠤ ᠵᠤᠯᠠ ︽ ᠬᠦᠳᠡᠭᠡ ᠰᠦᠯᠳᠡ︾ ᠮᠦᠩᠬᠡ ᠲᠡᠭᠷᠢ ᠳᠤ ᠠᠰᠠᠵᠤ | ᠪᠠᠶᠢᠳᠠᠭ ᠃ ᠡᠨᠡ ᠲᠤᠭ ᠰᠦᠯᠳᠡ ᠶᠢ ᠤᠨ ᠵᠢᠯ ᠤᠨ ᠠᠳᠠᠷᠭᠠᠨ ᠰᠠᠯᠬᠢᠨ ᠤ ᠠᠶᠠᠰ ᠢᠶᠠᠷ | ᠦᠵᠤᠮᠤᠴᠢᠨ ᠤ ᠲᠦᠷᠪᠡᠨ ᠤᠯᠠᠷᠢᠯ ᠤᠨ ᠲᠠᠯ᠎ᠠ ᠨᠤᠳᠤᠭ ᠲᠤ ᠭᠠᠩᠳᠠᠨ ᠪᠠᠭᠤᠷᠠᠰᠢ ᠦᠭᠡᠢ ᠰᠦᠷ | ᠬᠦᠴᠤᠨ ᠂ ᠡᠪ ᠨᠠᠶᠢᠷ ᠤᠨ ᠤᠷᠤᠰᠢᠯ ᠲᠤᠭᠳᠠᠨᠢᠯ ᠢᠶᠠᠷ ᠨᠠᠮᠢᠷᠠᠭᠤᠯᠵᠤ ᠢᠷᠡᠭᠰᠡᠨ ᠢ ᠲᠤᠷᠠᠰᠠᠬᠤᠶᠠ | ᠡᠯᠢᠭᠡ ᠵᠢᠷᠤᠬᠡᠨ ᠤ ᠡᠰ ᠴᠢᠰᠤ ᠦᠪᠡᠷ ᠤᠨ ᠡᠷᠬᠡ ᠦᠭᠡᠢ ᠴᠡᠭᠡᠵᠢ ᠦᠭᠰᠤᠨ ᠤᠷᠬᠢᠬᠤ ᠶᠤᠮ ᠃ | ᠡᠨᠡ ᠰᠦᠯᠳᠡᠨ ᠳᠤ ᠮᠦᠩᠬᠡ ᠲᠡᠭᠷᠢ ᠶᠢᠨ ᠠᠤᠭ᠎ᠠ ᠡᠪ ᠪᠦᠯᠬᠦᠮᠳᠡᠯ ᠤᠨ ᠡᠷᠴᠢᠮ ᠂ ᠮᠤᠷᠠᠯ | ᠪᠤᠯᠪᠠᠰᠤᠨ ᠤ ᠡᠪ ᠨᠠᠶᠢᠷ ᠤᠨ ᠲᠡᠬᠦᠰ ᠬᠦᠴᠤ ᠂ ᠮᠠᠨ ᠤ ᠲᠠᠨ ᠤ ᠦᠭᠡᠢ ᠪᠡᠯᠭᠡ ᠲᠡᠮᠪᠡᠷᠢᠯᠳᠤ ᠡᠶ᠎ᠡ | ᠵᠤᠬᠢᠴᠠᠯ ᠤᠨ ᠤᠷᠠᠢ ᠂ ᠮᠠᠯᠴᠢᠨ ᠮᠤᠩᠭᠤᠯ ᠨᠡᠬᠦᠳᠡᠯᠴᠢᠨ ᠤ ᠡᠷᠮᠡᠬᠡᠢ ᠬᠠᠳᠠᠨ ᠵᠤᠷᠢᠭ ᠰᠠᠨᠠᠭᠠᠨ ᠤ | ᠰᠢᠳᠤᠭᠡᠨ ᠂ ᠮᠠᠷᠭᠤᠰᠢ ᠦᠭᠡᠢ ᠤᠩᠭᠤᠨ ᠲᠠᠷᠬᠠᠨ ᠲᠤᠭᠳᠠᠴᠠᠯᠳᠤ ᠨᠤᠳᠤᠭ ᠤᠰᠤ ᠪᠠᠭᠳᠠᠯᠴᠠᠨ᠎ᠠ᠃ | ᠡᠨᠡ ᠰᠦᠯᠳᠡᠨ ᠳᠤ ᠶᠢᠷᠳᠢᠨᠴᠤ ᠶᠢᠨ ᠠᠷᠭ᠎ᠠ ᠪᠢᠯᠢᠭ ᠤᠨ ᠴᠢᠨᠠᠷ ᠂ ᠨᠠᠷᠠ ᠰᠠᠷᠠᠨ ᠤ | ᠤᠶᠤᠯᠢᠭ ᠢᠯᠴᠢ ᠡᠨᠧᠷᠬᠢ ᠂ ᠭᠠᠯ ᠤᠰᠤᠨ ᠤ ᠤᠯᠠᠷᠢᠯ ᠲᠦᠯᠵᠢᠯ ᠤᠨ ᠰᠢᠮ᠎ᠡ᠂ ᠡᠷ᠎ᠡ ᠡᠮ᠎ᠡ ᠶᠢᠨ | ᠵᠠᠶᠠᠭ᠎ᠠ ᠪᠠᠷᠢᠯᠳᠤᠯᠭ᠎ᠠ ᠪᠠᠭᠳᠠᠯᠴᠠᠨ᠎ᠠ ᠃ | ᠡᠨᠡ ᠰᠦᠯᠳᠡ ᠦᠵᠤᠮᠤᠴᠨ ᠠᠶᠢᠮᠠᠭ ᠪᠦᠯᠦᠭ ᠤᠨ ᠲᠦᠷᠤ ᠲᠦᠮᠡᠨ ᠢ ᠲᠦᠯᠤᠭᠡᠯᠡᠨ ᠠᠰᠠᠵᠤ ᠂ | ᠠᠤᠭ᠎ᠠ ᠶᠡᠭᠡ ᠠᠴᠢ ᠡᠨᠡᠷᠢᠯ ᠂ ᠡᠷᠬᠢᠮ ᠲᠡᠭᠡᠳᠤ ᠡᠷᠬᠡ ᠴᠢᠯᠤᠭᠡ ᠂ ᠨᠢᠭᠳᠠᠷᠠᠯ ᠪᠦᠯᠬᠦᠮᠳᠡᠯ ᠤᠨ | ᠰᠦᠷ ᠬᠦᠴᠤᠨ ᠂ ᠦᠨᠢᠳᠡ ᠬᠠᠭᠠᠴᠠᠰᠢ ᠦᠭᠡᠢ ᠬᠠᠶᠢᠷ᠎ᠠ ᠰᠡᠳᠬᠢᠯᠭᠡ ᠂ ᠪᠠᠳᠤ ᠵᠢᠷᠤᠮᠯᠠᠯ ᠢ | ᠢᠯᠡᠷᠬᠡᠶᠢᠯᠵᠤ ᠪᠠᠶᠢᠭ᠎ᠠ ᠶᠤᠮ ᠃ ᠮᠢᠨᠤ ᠬᠤᠪᠢ ᠳᠤ ︽ ᠬᠦᠳᠡᠭᠡ ᠰᠦᠯᠳᠡᠨ ︾ ᠲᠡᠭᠡᠷᠡᠬᠡᠢ ᠴᠢᠩᠬᠢᠰ | ᠪᠤᠭᠳᠠ ᠪᠦᠷᠳᠡ ᠬᠠᠳᠤᠨ ᠬᠤᠶᠠᠷ ᠤᠨ ᠡᠷᠳᠡᠨ ᠤ ᠠᠳᠠᠯ᠎ᠠ ᠡᠳᠤᠭᠡ ᠶᠢᠨ ᠰᠢᠭ᠋ ᠡᠨᠡ ᠲᠦᠷᠢ ᠶᠢ | ᠡᠷᠬᠡ ᠴᠢᠯᠤᠭᠡᠨ ᠤ ᠵᠡᠷᠭᠡᠴᠡᠯ ᠂ ᠡᠪ ᠨᠠᠶᠢᠷ ᠤᠨ ᠵᠡᠷᠭᠡᠴᠡᠯ ᠂ ᠡᠵᠡᠨ ᠲᠦᠷᠤ ᠪᠠᠷᠢᠬᠤ ᠶᠢᠨ | ᠵᠡᠷᠭᠡᠴᠡᠯ᠂ ᠡᠷᠬᠢᠮ ᠲᠡᠭᠡᠳᠤ ᠠᠷᠠᠳᠴᠢᠯᠠᠯ ᠭᠡᠵᠤ ᠰᠠᠨᠠᠨ᠎ᠠ ᠃ | | | ᠰᠢᠯᠢ ᠶᠢᠨ ᠭᠤᠤᠯ ᠠᠶᠢᠮᠠᠭ ᠤᠨ ᠵᠡᠬᠦᠨ ᠦᠵᠤᠮᠤᠴᠢᠨ | ᠬᠤᠰᠢᠭᠤᠨ ᠤ ᠤᠳᠬ᠎ᠠ ᠤᠷᠠᠯᠢᠭ ᠤᠨ ᠬᠢᠨ ᠬᠤᠯᠪᠤᠭ᠎ᠠ |