ᠤᠷᠢᠶᠠᠩᠬᠠᠨ ᠵᠠ᠊᠂ ᠲᠡᠮᠴᠤᠭ | — ᠦᠵᠦᠮᠦᠴᠢᠨ ᠤᠷᠳᠤ ᠶᠢᠨ ᠲᠠᠭᠤᠤ ᠶᠢᠨ ᠲᠠᠭᠤᠯᠠᠯᠭ᠎ᠠ ᠶᠢᠨ | ᠤᠨᠴᠠᠯᠢᠭ ᠪᠠ ᠲᠠᠭᠤᠯᠠᠯᠭ᠎ᠠ ᠶᠢᠨ ᠵᠢᠷᠤᠮ ᠢ ᠰᠢᠨᠵᠢᠯᠡᠬᠦ ᠨᠢ | | | ᠠᠭᠤᠯᠭ᠎ᠠ ᠶᠢᠨ ᠲᠤᠪᠴᠢ᠄ ᠦᠵᠦᠮᠦᠴᠢᠨ ᠤᠷᠳᠤ ᠶᠢᠨ ᠲᠠᠭᠤᠤ ᠶᠢᠨ ᠲᠠᠭᠤᠯᠠᠯᠭ᠎ᠠ ᠶᠢᠨ ᠤᠨᠴᠠᠯᠢᠭ᠂ | ᠲᠠᠭᠤᠯᠠᠯᠭ᠎ᠠ ᠶᠢᠨ ᠤᠷ᠎ᠠ ᠬᠡᠪᠰᠢᠯ ᠵᠡᠷᠭᠡ ᠲᠠᠯ᠎ᠠ ᠠᠴᠠ ᠠᠵᠢᠭᠯᠠᠯᠳᠠ ᠬᠢᠵᠦ᠂ ᠦᠵᠦᠮᠦᠴᠢᠨ ᠤᠷᠳᠤ ᠶᠢᠨ | ᠲᠠᠭᠤᠤ ᠶᠢᠨ ᠪᠤᠰᠤᠳ ᠭᠠᠵᠠᠷ ᠤᠷᠤᠨ ᠤ ᠤᠷᠳᠤ ᠶᠢᠨ ᠲᠠᠭᠤᠤ ᠠᠴᠠ ᠢᠯᠭᠠᠭᠳᠠᠬᠤ ᠦᠪᠡᠷᠮᠢᠴᠡ ᠤᠨᠴᠠᠯᠢᠭ ᠬᠢᠭᠡᠳ | ᠲᠠᠭᠤᠯᠠᠯᠭ᠎ᠠ ᠶᠢᠨ ᠬᠡᠪ ᠨᠠᠮᠪᠠ ᠶᠢᠨ ᠲᠠᠯ᠎ᠠ ᠪᠠᠷ ᠨᠠᠷᠢᠨ ᠲᠤᠭᠠᠴᠠᠵᠦ᠂ ᠦᠵᠦᠮᠦᠴᠢᠨ ᠭᠠᠵᠠᠷ ᠤᠷᠤᠨ ᠤ | ᠲᠠᠭᠤᠯᠠᠯᠭ᠎ᠠ ᠶᠢᠨ ᠵᠢᠷᠤᠮ ᠪᠠ ᠲᠦᠷᠢᠯᠭᠡ ᠶᠢ ᠲᠤᠳᠤᠷᠬᠠᠶᠢᠯᠠᠨ ᠦᠭᠦᠯᠡᠭᠰᠡᠨ ᠪᠠᠶᠢᠨ᠎ᠠ᠃ | ᠵᠠᠩᠬᠢᠯᠭ᠎ᠠ ᠶᠢᠨ ᠦᠭᠡ᠄ ᠦᠵᠦᠮᠦᠴᠢᠨ ᠤᠷᠳᠤ ᠶᠢᠨ ᠲᠠᠭᠤᠤ ᠶᠢᠨ ᠦᠪᠡᠷᠮᠢᠴᠡ ᠤᠨᠴᠠᠯᠢᠭ᠂ | ᠲᠠᠭᠤᠯᠠᠯᠭ᠎ᠠ ᠶᠢᠨ ᠤᠷ᠎ᠠ ᠬᠡᠪᠰᠢᠯ ᠪᠠ ᠵᠢᠷᠤᠮ᠂ ᠲᠠᠭᠤᠤ ᠶᠢᠨ ᠲᠦᠷᠢᠯᠭᠡ᠃ | ᠤᠷᠳᠤ ᠶᠢᠨ ᠲᠠᠭᠤᠤ ᠪᠤᠯ ᠮᠤᠩᠭᠤᠯ ᠦᠨᠳᠦᠰᠦᠳᠡᠨ ᠤ ᠨᠡᠭᠦᠳᠡᠯ ᠮᠠᠯᠵᠢᠯ ᠤᠨ ᠠᠮᠢᠳᠤᠷᠠᠯ | ᠦᠢᠯᠡᠳᠪᠦᠷᠢᠯᠡᠯ ᠤᠨ ᠲᠤᠮᠳᠠ ᠠᠴᠠ ᠠᠶᠠᠨᠳᠠᠭᠠᠨ ᠡᠭᠦᠰᠴᠤ ᠮᠠᠰᠢ ᠤᠷᠳᠤ ᠤᠳᠠᠭᠠᠨ ᠲᠡᠤᠬᠡᠨ ᠬᠤᠭᠤᠴᠠᠭᠠᠨ᠎ᠠ | ᠪᠦᠷᠢᠯᠳᠦᠭᠰᠡᠨ ᠬᠤᠭᠤᠯᠠᠢ ᠤᠷᠠᠯᠢᠭ ᠤᠨ ᠤᠯᠠᠮᠵᠢᠯᠠᠯᠳᠤ ᠬᠡᠯᠪᠡᠷᠢ ᠪᠤᠯᠤᠨ᠎ᠠ᠃ ᠮᠤᠩᠭᠤᠯ ᠤᠨ ᠲᠠᠯ᠎ᠠ ᠨᠤᠲᠤᠭ ᠪᠤᠯ | ᠤᠷᠳᠤ ᠶᠢᠨ ᠲᠠᠭᠤᠤ ᠭᠡᠬᠦ ᠡᠨᠡᠬᠦ ᠢᠵᠠᠭᠤᠷ ᠰᠤᠶᠤᠯ ᠤᠨ ᠲᠠᠷᠬᠠᠨ ᠦᠯᠦᠭᠡᠢ ᠪᠦᠭᠡᠳ ᠮᠠᠯᠴᠢᠨ ᠲᠦᠮᠡᠨ ᠪᠤᠯ | ᠤᠷᠳᠤ ᠶᠢᠨ ᠲᠠᠭᠤᠤ ᠶᠢᠨ ᠡᠭᠦᠰᠦᠯ ᠬᠦᠭᠵᠢᠯ ᠤᠨ ᠡᠬᠢ ᠪᠤᠯᠠᠭ ᠭᠡᠵᠦ ᠤᠶᠢᠯᠠᠭᠠᠬᠤ ᠳᠤ ᠦᠨᠠᠮᠰᠢᠭᠦᠰᠢᠳᠡᠢ ᠪᠠᠶᠢᠨ᠎ᠠ᠃ | ᠮᠤᠩᠭᠤᠯ ᠤᠷᠳᠤ ᠶᠢᠨ ᠲᠠᠭᠤᠤ ᠨᠢ ᠲᠤᠰ ᠦᠨᠳᠦᠰᠦᠳᠡᠨ ᠤ ᠲᠡᠤᠬᠡᠨ ᠶᠠᠪᠤᠴᠠ ᠬᠢᠭᠡᠳ ᠵᠠᠩ ᠦᠢᠯᠡ ᠶᠢ ᠠᠮᠠ ᠪᠠᠷ | ᠤᠯᠠᠮᠵᠢᠯᠠᠭᠰᠠᠨ ᠰᠤᠶᠤᠯ ᠤᠨ ᠠᠴᠢᠶᠠᠯᠠᠪᠤᠷᠢ ᠪᠤᠯᠵᠦ᠂ ᠦᠶ᠎ᠡ ᠶᠢᠨ ᠦᠶ᠎ᠡ ᠬᠤᠶᠢᠴᠢ ᠶᠢᠨ ᠬᠤᠶᠢᠴᠢᠰ ᠲᠤ | ᠵᠠᠯᠭᠠᠮᠵᠢᠯᠠᠭᠤᠯᠳᠠᠭ ᠪᠤᠳᠠᠰ ᠤᠨ ᠪᠤᠰᠤ ᠰᠤᠶᠤᠯ ᠤᠨ ᠦᠨᠡᠳᠦ ᠦᠪ ᠬᠦᠷᠦᠩᠭᠡ ᠪᠤᠯᠤᠭᠰᠠᠭᠠᠷ ᠢᠷᠡᠭᠰᠡᠨ ᠪᠠᠶᠢᠳᠠᠭ᠃ | ᠮᠤᠩᠭᠤᠯ ᠤᠷᠳᠤ ᠶᠢᠨ ᠲᠠᠭᠤᠤ ᠳᠤ ᠦᠵᠦᠮᠦᠴᠢᠨ ᠠᠷᠠᠳ ᠤᠨ ᠤᠷᠳᠤ ᠶᠢᠨ ᠲᠠᠭᠤᠤ᠂ ᠬᠠᠯᠬ᠎ᠠ ᠠᠷᠠᠳ ᠤᠨ | ᠤᠷᠳᠤ ᠶᠢᠨ ᠲᠠᠭᠤᠤ᠂ ᠬᠦᠯᠦᠨ ᠪᠤᠶᠢᠷ ᠠᠷᠠᠳ ᠤᠨ ᠤᠷᠳᠤ ᠶᠢᠨ ᠲᠠᠭᠤᠤ᠂ ᠠᠯᠠᠱᠠ ᠠᠷᠠᠳ ᠤᠨ ᠤᠷᠳᠤ ᠶᠢᠨ | ᠲᠠᠭᠤᠤ᠂ ᠳᠡᠭᠡᠳᠦ ᠮᠤᠩᠭᠤᠯ ᠤᠨ ᠠᠷᠠᠳ ᠤᠨ ᠤᠷᠳᠤ ᠶᠢᠨ ᠲᠠᠭᠤᠤ᠂ ᠤᠷᠳᠤᠰ ᠠᠷᠠᠳ ᠤᠨ ᠤᠷᠳᠤ ᠶᠢᠨ ᠲᠠᠭᠤᠤ᠂ | ᠬᠤᠷᠴᠢᠨ ᠠᠷᠠᠳ ᠤᠨ ᠤᠷᠳᠤ ᠶᠢᠨ ᠲᠠᠭᠤᠤ ᠵᠡᠷᠭᠡ ᠭᠠᠵᠠᠷ ᠤᠷᠤᠨ ᠤ ᠤᠨᠴᠠᠯᠢᠭ ᠢ ᠬᠠᠳᠠᠭᠠᠯᠠᠵᠦ᠂ ᠲᠠᠭᠤᠯᠠᠨ | ᠤᠷᠠᠯᠠᠬᠤᠢ ᠶᠢᠨ ᠤᠯᠠᠨ ᠢᠷᠠᠭᠤ ᠦᠩᠭᠡ ᠶᠢ ᠢᠯᠡᠷᠡᠭᠦᠯᠦᠭᠰᠡᠨ ᠵᠦᠢᠯ ᠬᠡᠯᠪᠡᠷᠢ ᠤᠳ ᠪᠠᠭᠳᠠᠵᠦ ᠪᠠᠶᠢᠳᠠᠭ᠃ | ᠤᠷᠳᠤ ᠶᠢᠨ ᠲᠠᠭᠤᠤ ᠪᠤᠯ ᠢᠵᠠᠭᠤᠷ ᠰᠤᠶᠤᠯ ᠪᠤᠯᠤᠭᠰᠠᠨ ᠤ ᠬᠤᠪᠢ ᠳᠤ᠂ ᠲᠡᠷᠡ ᠪᠤᠯ ᠲᠤᠬᠠᠢ ᠶᠢᠨ ᠪᠠᠶᠢᠭᠠᠯᠢ | ᠤᠷᠴᠢᠨ ᠤ ᠤᠨᠴᠠᠯᠢᠭ᠂ ᠨᠡᠭᠦᠳᠡᠯ ᠮᠠᠯᠵᠢᠯ ᠤᠨ ᠵᠠᠩ ᠦᠢᠯᠡ ᠶᠢᠨ ᠤᠨᠴᠠᠯᠢᠭ᠂ ᠠᠷᠠᠳ ᠤᠨ ᠬᠢᠨᠢ ᠵᠠᠩ ᠴᠢᠨᠠᠷ ᠤᠨ | ᠤᠨᠴᠠᠯᠢᠭ ᠵᠡᠷᠭᠡ ᠭᠤᠷᠪᠠᠨ ᠤᠨᠴᠠᠯᠢᠭ ᠤᠨ ᠬᠡᠪ ᠨᠠᠮᠪᠡ ᠶᠢ ᠬᠠᠳᠠᠭᠠᠯᠠᠨ ᠤᠳᠤᠮᠰᠢᠭᠰᠠᠨ ᠪᠠᠶᠢᠨ᠎ᠠ᠃ | ᠨᠢᠭᠡ᠂ ᠤᠷᠳᠤ ᠶᠢᠨ ᠲᠠᠭᠤᠤ ᠶᠢᠨ ᠲᠠᠭᠤᠯᠠᠯᠭ᠎ᠠ ᠶᠢᠨ ᠤᠨᠴᠠᠯᠢᠭ | ᠪᠠᠶᠢᠭᠠᠯᠢ ᠤᠷᠴᠢᠨ ᠤ ᠤᠨᠴᠠᠯᠢᠭ — ᠬᠦᠮᠦᠨ ᠪᠠᠶᠢᠭᠠᠯᠢ ᠤᠶᠠᠯᠳᠤᠨ ᠨᠢᠭᠡᠳᠬᠦ ᠵᠢᠮ᠎ᠡ ᠪᠠᠷ ᠬᠦᠮᠦᠨ | ᠶᠠᠷᠤᠨᠢ ᠪᠠᠶᠢᠭᠠᠯᠢ ᠶᠢᠨ ᠤᠷᠴᠢᠨ ᠳᠠᠭᠠᠨ ᠠᠭᠤᠰᠤᠨ ᠲᠦᠷᠦᠳᠡᠭ ᠤᠴᠢᠷ ᠲᠠᠢ᠃ ᠤᠷᠳᠤ ᠶᠢᠨ ᠲᠠᠭᠤᠤ ᠴᠤ ᠠᠳᠠᠯᠢ | ᠲᠡᠭᠦᠨ ᠤ ᠪᠠᠶᠢᠭᠠᠯᠢ ᠶᠢᠨ ᠦᠩᠭᠡ ᠲᠦᠷᠬᠦ ᠪᠠᠨ ᠲᠠᠭᠤᠯᠠᠯᠭ᠎ᠠ ᠶᠢᠨ ᠬᠡᠪ ᠨᠠᠮᠪᠠ ᠳᠠᠭᠠᠨ ᠰᠢᠩᠭᠡᠨ ᠠᠭᠤᠰᠬᠠᠭᠰᠠᠨ | ᠲᠡᠷᠤᠢ ᠪᠦᠰᠡ ᠨᠤᠲᠤᠭ ᠢᠶᠠᠷ ᠢᠯᠭᠠᠨ ᠦᠵᠡᠬᠦ ᠳᠤ ᠡᠶᠢᠮᠦ ᠪᠠᠶᠢᠳᠠᠭ᠃ ᠵᠢᠱᠢᠶᠡᠯᠡᠪᠡᠯ᠄ ᠪᠠᠷᠠᠭᠤᠨ ︵ᠲᠡᠭᠡᠳᠦ︶ | ᠮᠤᠩᠭᠤᠯ ᠤᠨ ᠤᠷᠳᠤ ᠶᠢᠨ ᠲᠠᠭᠤᠤ ᠶᠢᠨ ᠡᠭᠡᠰᠢᠭ ᠨᠢ ᠲᠡᠭᠡᠭᠦᠷ ᠡᠬᠢᠯᠡᠬᠦ ᠪᠦᠭᠡᠳ ᠬᠦᠭ ᠢᠶᠠᠨ ᠡᠷᠡᠰᠳᠡᠭᠦᠤ ᠡᠷᠭᠦᠬᠦ | ᠪᠠ ᠲᠤᠷᠤᠭᠰᠢ ᠪᠠᠭᠤᠯᠭᠠᠬᠤ ᠳᠠᠭᠠᠨ ᠤᠭᠵᠢᠮ ᠪᠠᠶᠢᠵᠦ᠂ ᠡᠭᠡᠰᠢᠭ ᠨᠤᠭᠤᠯᠠᠭ᠎ᠠ ᠴᠦᠭᠡᠨ ᠶᠠᠭ ᠯᠡ ᠴᠠᠰᠣᠳᠤ ᠤᠷᠭᠢᠯ | ᠪᠤᠶᠤ ᠦᠨᠳᠦᠷᠯᠢᠭ ᠤᠨ ᠤᠷᠤᠰᠬᠠᠯ ᠢ ᠲᠤᠰᠬᠠᠵᠦ᠂ ᠪᠠᠶᠢᠭᠠᠯᠢ ᠶᠢᠨ ᠤᠨᠴᠠᠯᠢᠭ ᠢᠶᠠᠨ ᠰᠢᠩᠭᠡᠭᠡᠭᠰᠡᠨ ᠪᠠᠶᠢᠨ᠎ᠠ᠃ | ᠬᠠᠯᠬ᠎ᠠ ᠤᠷᠳᠤ ᠶᠢᠨ ᠲᠠᠭᠤᠤ ᠶᠢᠨ ᠡᠭᠡᠰᠢᠭ ᠨᠢ ᠨᠠᠮᠤᠬᠠᠨ ᠮᠦᠷᠳᠡᠭᠡᠨ ᠡᠷᠡᠰᠳᠡᠭᠦᠤ ᠡᠬᠢᠯᠡᠬᠦ ᠪᠦᠭᠡᠳ ᠳᠡᠭᠡᠭᠰᠢ | ᠡᠭᠡᠰᠢᠭᠷᠡᠬᠦ ᠶᠠᠪᠤᠴᠠ ᠳᠠᠭᠠᠨ ᠤᠯᠠᠨ ᠨᠤᠭᠤᠴᠠᠭᠤᠯᠤᠨ ᠤᠶᠠᠩᠭᠠᠷᠠᠭᠤᠯᠤᠨᠠ᠂ ᠡᠨᠡ ᠨᠢ ᠮᠤᠩᠭᠤᠯ ᠤᠨ ᠠᠭᠤᠳᠠᠮ | ᠬᠠᠩᠭᠠᠢ ᠶᠢᠨ ᠲᠡᠨᠢᠭᠦᠨ ᠦᠨᠳᠦᠷᠯᠢᠭ ᠪᠠ ᠲᠡᠭᠦᠨ ᠠᠴᠠ ᠤᠨᠳᠤᠷᠤᠭᠰᠠᠨ ᠤᠯᠠᠨ ᠭᠤᠤᠯ ᠭᠤᠷᠤᠬ᠎ᠠ ᠶᠢᠨ | ᠤᠷᠤᠰᠬᠠᠯ ᠤᠨ ᠲᠤᠯᠬᠢᠶᠠᠨ ᠵᠢᠴᠢ ᠭᠤᠪᠢ ᠲᠤᠯᠤᠭᠠᠳ ᠤᠨ ᠦᠩᠭᠡ ᠪᠤᠳᠤᠭ ᠶᠢ ᠭᠦᠨ ᠬᠠᠳᠠᠭᠠᠯᠠᠭᠰᠠᠨ ᠪᠠᠶᠢᠳᠠᠭ᠃ | ᠦᠵᠦᠮᠦᠴᠢᠨ ᠤᠷᠳᠤ ᠶᠢᠨ ᠲᠠᠭᠤᠤ ᠶᠢᠨ ᠡᠭᠡᠰᠢᠭ ᠨᠢ ᠨᠠᠮᠤᠬᠠᠨ ᠵᠦᠭᠡᠯᠡᠨ ᠠᠭᠤᠵᠢᠭᠤ ᠲᠠᠶᠢᠪᠤᠭᠤ ᠡᠬᠢᠯᠡᠬᠦ ᠪᠦᠭᠡᠳ | ᠳᠡᠭᠡᠭᠰᠢ ᠡᠭᠡᠰᠢᠭᠯᠡᠬᠦ ᠳᠡᠭᠡᠨ ᠤᠳᠠᠭᠠᠨ ᠤᠶᠠᠩᠭᠠᠯᠢᠭ ᠪᠠᠶᠢᠵᠦ᠂ ᠰᠠᠷᠠᠭᠤᠯ ᠲᠠᠯ᠎ᠠ ᠶᠢᠨ ᠴᠡᠯᠭᠡᠷ ᠠᠭᠤᠳᠠᠮ᠂ ᠠᠭᠠᠷ | ᠠᠮᠢᠰᠬᠤᠯ ᠤᠨ ᠴᠡᠪᠡᠷ ᠰᠤᠷᠭᠤᠭ᠂ ᠪᠤᠯᠠᠭ ᠤᠷᠭᠢᠯᠤᠮᠠᠯ ᠤᠨ ᠵᠦᠭᠡᠯᠡᠨ ᠮᠡᠯᠮᠡᠯᠵᠡᠭᠡᠨ ᠢ ᠰᠢᠩᠭᠡᠭᠡᠰᠡᠨ ᠪᠠᠶᠢᠳᠠᠭ᠃ | ᠡᠨᠡ ᠮᠡᠳᠦ ᠪᠠᠷ ᠨᠠᠷᠢᠨ ᠠᠵᠢᠭᠯᠠᠯᠳᠠ ᠬᠢᠪᠡᠯ᠂ ᠬᠦᠯᠦᠨ ᠪᠦᠢᠷ ᠪᠠ ᠠᠯᠠᠭᠱᠠ ᠵᠡᠷᠭᠡ ᠭᠠᠵᠠᠷ ᠤᠷᠤᠨ ᠤ ᠤᠷᠳᠤ ᠶᠢᠨ | ᠲᠠᠭᠤᠤ ᠶᠢᠨ ᠡᠭᠡᠰᠢᠭ ᠨᠢ ᠶᠠᠮᠠᠷ ᠨᠢᠭᠡᠨ ᠲᠠᠯ᠎ᠠ ᠠᠴᠠ ᠲᠡᠭᠦᠨ ᠤ ᠪᠠᠶᠢᠭᠠᠯᠢ ᠤᠷᠴᠢᠨ ᠨᠤᠲᠤᠭ ᠤᠰᠤᠨ ᠤ | ᠤᠨᠴᠠᠯᠢᠭ ᠢᠶᠠᠨ ᠰᠢᠩᠭᠡᠭᠡᠭᠰᠡᠨ ᠭᠡᠳᠡᠭ ᠢ ᠦᠭᠡᠶᠢᠰᠭᠡᠵᠦ ᠪᠤᠯᠬᠤ ᠦᠭᠡᠢ ᠶᠤᠮ᠃ ᠡᠨᠡ ᠪᠤᠯ ᠬᠦᠮᠦᠨ ᠪᠠ | ᠪᠠᠶᠢᠭᠠᠯᠢ ᠶᠢᠨ ᠨᠢᠭᠡᠳᠦᠯ ᠤᠨ ᠤᠷᠳᠤ ᠶᠢᠨ ᠲᠠᠭᠤᠤ ᠳᠤ ᠬᠠᠳᠠᠭᠠᠯᠠᠭᠳᠠᠵᠦ ᠪᠠᠶᠢᠭ᠎ᠠ ᠤᠨᠴᠠᠯᠢᠭ ᠪᠦᠭᠡᠳ ᠰᠠᠯᠵᠦ | ᠪᠤᠯᠤᠰᠢ ᠦᠭᠡᠢ ᠭᠡᠰᠡᠭ ᠪᠤᠯᠤᠨ᠎ᠠ᠃ | ᠮᠤᠩᠭᠤᠯ ᠬᠦᠮᠦᠨ ᠪᠤᠯ ᠪᠠᠶᠢᠭᠠᠯᠢ ᠳᠠᠭᠠᠨ ᠬᠠᠶᠢᠷᠠᠳᠠᠢ᠂ ᠲᠦᠷᠦᠭᠰᠡᠨ ᠭᠠᠵᠠᠷ ᠰᠢᠷᠤᠢ ᠳᠠᠭᠠᠨ ᠰᠡᠳᠭᠢᠯᠭᠡ | ᠲᠠᠢ ᠬᠦᠮᠦᠰ ᠶᠤᠮ᠃ ᠤᠷᠳᠤ ᠶᠢᠨ ᠲᠠᠭᠤᠤ ᠶᠢᠨ ᠲᠠᠭᠤᠯᠠᠯᠭ᠎ᠠ ᠶᠢᠨ ᠠᠭᠤᠯᠭ᠎ᠠ ᠳᠤ ᠠᠭᠤᠯᠠ ᠤᠰᠤ ᠪᠠᠨ ᠮᠠᠭᠳᠠᠨ | ᠲᠠᠭᠤᠯᠠᠬᠤ ᠳᠠᠭᠠᠨ ᠵᠠᠪᠠᠯ ᠠᠪᠤ ᠡᠵᠢ ᠲᠠᠢ ᠪᠠᠨ ᠬᠤᠯᠪᠤᠨ ᠲᠠᠭᠤᠯᠠᠳᠠᠭ᠃ ᠡᠶᠢᠮᠦᠷᠬᠦ ᠲᠠᠭᠤᠤ ᠨᠢ ᠪᠦᠬᠦ ᠤᠷᠳᠤ ᠶᠢᠨ | ᠲᠠᠭᠤᠤ ᠶᠢᠨ ᠤᠯᠠᠩᠬᠢ ᠲᠤᠭ᠎ᠠ ᠶᠢ ᠡᠵᠡᠯᠡᠨ᠎ᠡ᠃ ᠡᠶᠢᠮᠦᠷᠬᠦ ᠲᠠᠭᠤᠯᠠᠯᠭ᠎ᠠ ᠪᠠᠷ ︽ᠤᠨᠠᠭᠰᠠᠨ ᠰᠢᠷᠦᠢ ᠠᠯᠳᠠ᠂ | ᠤᠤᠭᠤᠭᠰᠠᠨ ᠤᠰᠤ ᠷᠠᠰᠢᠶᠠᠨ︾ ᠭᠡᠳᠡᠭ ᠶᠤᠰᠤ ᠶᠢ ᠳᠡᠭᠡᠳᠦᠯᠡᠨ ᠶᠠᠪᠤᠬᠤ ᠶᠢ ᠦᠷ᠎ᠡ ᠬᠤᠶᠢᠴᠢᠰ ᠲᠠᠭᠠᠨ | ᠤᠯᠠᠮᠵᠢᠯᠠᠨ ᠵᠠᠯᠭᠠᠮᠵᠢᠯᠠᠭᠤᠯᠬᠤ ᠵᠤᠷᠢᠯᠭ᠎ᠠ ᠲᠤ ᠬᠦᠷᠳᠡᠭ ᠪᠠᠶᠢᠨ᠎ᠠ᠃ | ᠨᠡᠭᠦᠳᠡᠯ ᠮᠠᠯᠵᠢᠯ ᠤᠨ ᠤᠨᠴᠠᠯᠢᠭ — ᠮᠤᠷᠢ ᠪᠤᠯ ᠨᠡᠭᠦᠳᠡᠯ ᠮᠠᠯᠵᠢᠯ ᠤᠨ ᠭᠤᠤᠯ ᠦᠢᠯᠡᠳᠪᠦᠷᠢᠯᠡᠯ ᠤᠨ | ᠬᠦᠴᠦᠨ ᠪᠤᠯᠵᠦ ᠪᠠᠶᠢᠳᠠᠭ ᠪᠠ ᠭᠤᠤᠯ ᠴᠢᠮᠡᠭᠡ ᠬᠤᠯᠪᠤᠭᠠᠨ ᠤ ᠴᠢᠬᠤᠯᠠ ᠪᠠᠭᠠᠵᠢ ᠬᠡᠷᠡᠭᠰᠡᠯ ᠤᠨ ᠦᠢᠯᠡᠳᠦᠯ ᠢ | ᠭᠠᠷᠭᠠᠭᠰᠠᠭᠠᠷ ᠢᠷᠡᠭᠰᠡᠨ ᠠᠮᠢᠳᠠᠨ ᠶᠤᠮ᠃ ᠡᠶᠢᠮᠦ ᠠᠴᠠ ᠤᠷᠳᠤ ᠶᠢᠨ ᠲᠠᠭᠤᠤ ᠶᠢᠨ ᠲᠤᠳᠤᠷᠠᠬᠢ ᠮᠤᠷᠢ ᠪᠤᠯ | ᠨᠡᠭᠦᠳᠡᠯ ᠮᠡᠯᠵᠢᠯ ᠤᠨ ᠪᠡᠯᠭᠡ ᠳᠡᠮᠳᠡᠭ ᠶᠤᠮ᠂ ᠰᠦᠷᠦᠭ ᠬᠠᠷᠢᠭᠤᠯᠬᠤ᠂ ᠠᠶᠠᠨ ᠠᠩᠨᠠᠯ ᠳᠤ ᠶᠠᠪᠤᠬᠤ᠂ ᠤᠷᠤᠭ | ᠬᠤᠷᠢᠮ ᠬᠢᠬᠦ᠂ ᠤᠳᠤᠷᠯᠠᠵᠦ ᠨᠡᠭᠦᠳᠡᠯᠯᠡᠬᠦ ᠳᠤ ᠲᠡᠭᠦᠨ ᠠᠴᠠ ᠰᠠᠯᠵᠦ ᠪᠤᠯᠤᠰᠢ ᠦᠭᠡᠢ ᠪᠠᠶᠢᠳᠠᠭ᠃ ᠮᠤᠷᠢ ᠪᠠᠨ | ᠮᠠᠭᠳᠠᠨ ᠲᠠᠭᠤᠯᠠᠭᠰᠠᠨ ᠲᠠᠭᠤᠤ ᠨᠢ ᠪᠦᠬᠦ ᠤᠷᠳᠤ ᠶᠢᠨ ᠲᠠᠭᠤᠤ ᠶᠢᠨ ᠵᠤᠩᠭᠢᠯᠠᠬᠤ ᠲᠤᠭ᠎ᠠ ᠶᠢ ᠡᠵᠡᠯᠡᠳᠡᠭ ᠰᠠᠨ᠃ | ᠭᠡᠭᠡᠷ᠎ᠡ ᠬᠦᠳᠡᠭᠡ ᠶᠠᠪᠤᠬᠤ ᠳᠤ ᠮᠤᠷᠢ ᠪᠤᠯ ᠰᠠᠶ᠋ᠢ ᠬᠠᠨᠢ ᠪᠤᠯᠵᠦ᠂ ᠠᠶᠤᠯ ᠲᠦᠭᠰᠢᠭᠦᠷᠢ ᠠᠴᠠ ᠵᠠᠶᠢᠯᠠᠬᠤ᠂ ᠬᠦᠴᠢᠷ | ᠪᠡᠷᠬᠡ ᠶᠢ ᠲᠠᠪᠠᠭ᠋ᠤ ᠳᠤ ᠴᠢᠬᠤᠯᠠ ᠦᠢᠯᠡᠳᠦᠯ ᠦᠵᠡᠭᠦᠯᠳᠡᠭ᠃ ᠮᠤᠷᠢ ᠭᠡᠬᠦ ᠡᠷᠳᠡᠨᠢ ᠪᠠᠶᠢᠭᠰᠠᠨ ᠠᠴᠠ ᠠᠪᠤ ᠡᠵᠢ | ᠲᠠᠢ ᠪᠠᠨ ᠵᠤᠯᠭᠠᠬᠤ᠂ ᠠᠮᠠᠷᠠᠭ ᠬᠤᠩᠭᠤᠷ ᠲᠠᠢ ᠪᠠᠨ ᠠᠭᠤᠯᠵᠠᠬᠤ᠂ ᠠᠵᠦ ᠦᠢᠯᠡᠰ ᠢᠶᠠᠨ ᠪᠡᠶᠡᠯᠡᠭᠦᠯᠬᠦ ᠵᠡᠷᠭᠡ ᠳᠤ | ᠰᠠᠨᠠᠭᠰᠠᠨ ᠶᠤᠰᠤᠭᠠᠷ ᠪᠤᠯᠭᠠᠳᠠᠭ ᠪᠠᠶᠢᠨ᠎ᠠ᠃ | ᠠᠷᠠᠳ ᠤᠨ ᠵᠠᠩ ᠴᠢᠨᠠᠷ ᠤᠨ ᠤᠨᠴᠠᠯᠢᠭ — ᠨᠡᠭᠦᠳᠡᠯᠴᠢᠨ ᠮᠠᠯᠴᠢᠳ ᠪᠤᠯ ᠠᠭᠤᠳᠠᠮ ᠲᠠᠯ᠎ᠠ ᠰᠢᠭ᠋ ᠢᠶᠠᠨ | ᠴᠠᠭᠠᠬᠠᠨ ᠰᠡᠳᠭᠢᠯ ᠲᠠᠢ᠂ ᠦᠨᠡᠨᠴᠢ ᠰᠢᠳᠤᠷᠭᠤ᠂ ᠬᠠᠷᠢᠯᠴᠠᠨ ᠲᠤᠰᠠᠯᠠᠯᠴᠠᠬᠤ᠂ ᠬᠠᠷᠢᠯᠴᠠᠨ ᠬᠦᠨᠳᠦᠳᠭᠡᠬᠦ ᠶᠢ | ᠡᠷᠬᠢᠮᠯᠡᠳᠡᠭ ᠬᠦᠮᠦᠰ ᠪᠦᠭᠡᠳ ᠵᠠᠯᠢ ᠮᠡᠭᠡ ᠪᠠ ᠬᠤᠯᠠᠭᠠᠢ ᠬᠤᠳᠠᠯ ᠢ ᠵᠢᠭᠰᠢᠳᠡᠭ ᠪᠤᠯᠪᠠᠰᠤᠨ ᠵᠠᠩ ᠰᠤᠷᠳᠠᠬᠤᠨ ᠲᠠᠢ | ᠪᠠᠶᠢᠳᠠᠭ᠂ ᠡᠨᠡ ᠨᠢ ᠨᠡᠭᠦᠳᠡᠯ ᠮᠠᠯᠵᠢᠯ ᠤᠨ ᠬᠢᠨᠢ ᠰᠢᠯᠢᠳᠡᠭ ᠤᠷᠴᠢᠨ ᠠᠴᠠ ᠰᠢᠯᠳᠠᠠᠭᠠᠯᠠᠭᠳᠠᠨ ᠬᠦᠮᠦᠵᠢᠭᠳᠡᠭᠰᠡᠨ ᠳᠤ | ᠪᠠᠶᠢᠬᠤ ᠶᠤᠮ᠃ ᠨᠡᠭᠦᠳᠡᠯᠴᠢᠳ ᠬᠠᠷᠠᠬᠠᠨ ᠪᠠᠭ᠎ᠠ ᠠᠴᠠ ᠪᠠᠨ ᠭᠡᠷ ᠤᠨ ᠬᠦᠮᠦᠵᠢᠯ ᠤᠨ ᠬᠠᠳᠠᠭᠤᠬᠠᠨ ᠰᠤᠷᠭᠠᠯ ᠢ | ᠬᠦᠷᠳᠡᠵᠦ᠂ ᠪᠠᠶᠢᠭᠠᠯᠢ ᠤᠷᠴᠢᠨ ᠪᠠ ᠮᠠᠯ ᠰᠦᠷᠦᠭ ᠲᠠᠢ ᠪᠠᠨ ᠡᠷᠳᠡ ᠲᠠᠰᠤᠯᠠᠯᠴᠠᠨ ᠲᠠᠨᠢᠯᠴᠠᠵᠦ᠂ ᠠᠳᠠᠯ | ᠬᠦᠳᠡᠯᠮᠦᠷᠢ ᠳᠤ ᠪᠠᠭ᠎ᠠ ᠠᠴᠠ ᠪᠠᠨ ᠲᠠᠪᠳᠠᠭᠳᠠᠵᠦ᠂ ᠨᠡᠭᠦᠳᠡᠯ ᠤᠨ ᠤᠯᠠᠨ ᠰᠢᠯᠳᠠᠭᠠᠨ ᠠᠴᠠ ᠬᠠᠷᠢᠯᠴᠠᠨ | ᠲᠤᠰᠠᠯᠠᠯᠴᠠᠬᠤ᠂ ᠬᠦᠮᠦᠨ ᠳᠤ ᠲᠤᠰᠠ ᠬᠦᠷᠭᠡᠬᠦ ᠵᠠᠩ ᠴᠢᠨᠠᠷ ᠲᠠᠢ ᠪᠤᠯᠵᠦ ᠬᠦᠮᠦᠵᠢᠳᠡᠭ᠃ ᠤᠪᠤᠭ᠎ᠠ ᠯᠤᠤᠰ ᠢᠶᠠᠨ | ᠳᠠᠬᠢᠵᠦ ᠨᠤᠲᠤᠭ ᠤᠰᠤᠨ ᠢᠶᠠᠨ ᠬᠠᠶᠢᠷᠠᠯᠠᠨ᠎ᠠ᠂ ᠭᠠᠯ ᠲᠤᠯᠭ᠎ᠠ ᠪᠠᠨ ᠳᠠᠬᠢᠵᠦ ᠠᠮᠢᠳᠤᠷᠠᠯ ᠢᠶᠠᠨ ᠬᠠᠶᠢᠷᠠᠯᠠᠨ᠎ᠠ᠂ | ᠰᠦᠯᠳᠡ ᠲᠡᠭᠷᠢ ᠪᠠᠨ ᠳᠠᠬᠢᠵᠦ ᠲᠡᠤᠬᠡ ᠪᠠᠨ ᠬᠠᠶᠢᠷᠠᠯᠠᠨ᠎ᠠ᠂ ᠲᠠᠯᠠᠯᠭ᠎ᠠ ᠬᠤᠷᠤᠶᠢᠯᠭᠠ ᠬᠢᠵᠦ ᠮᠠᠯ ᠰᠦᠷᠦᠭ ᠢᠶᠠᠨ | ᠬᠠᠶᠢᠷᠠᠯᠠᠨ᠎ᠠ᠂ ᠳᠡᠳᠡ ᠪᠤᠯ ᠬᠠᠶᠢᠷ᠎ᠠ ᠰᠡᠳᠭᠢᠯᠭᠡ ᠪᠠᠳᠤ ᠵᠢᠷᠤᠮ ᠬᠤᠶᠠᠷ ᠢ ᠡᠷᠬᠢᠮ ᠳᠤ ᠦᠵᠡᠵᠦ᠂ ᠠᠰᠢᠭ ᠢ | ᠲᠡᠪᠴᠢᠳᠡᠭ ᠬᠦᠮᠦᠰ ᠶᠤᠮ᠂ ᠡᠶᠢᠮᠦ ᠪᠠᠷ ᠠᠷᠠᠳ ᠤᠨ ᠤᠷᠳᠤ ᠶᠢᠨ ᠲᠠᠭᠤᠤ ᠶᠢᠨ ᠡᠭᠡᠰᠢᠯᠡᠩ ᠨᠢ ᠰᠡᠳᠭᠢᠯ ᠤᠨ | ᠬᠠᠶᠢᠯᠠᠩ ᠠᠴᠠ ᠡᠭᠦᠰᠤᠭ᠍ᠰᠠᠨ ᠰᠠᠨᠠᠵᠦ ᠮᠦᠷᠦᠭᠡᠳᠤᠭ᠍ᠰᠡᠨ᠂ ᠮᠠᠭᠳᠠᠵᠦ ᠪᠢᠰᠢᠷᠡᠭᠰᠡᠨ᠂ ᠢᠷᠦᠭᠡᠨ ᠵᠦᠩᠨᠡᠭᠰᠡᠨ | ᠤᠶᠠᠩᠭ᠎ᠠ ᠶᠢᠨ ᠰᠤᠳᠤᠨ᠂ ᠤᠯᠠᠮᠵᠢᠯᠠᠯ ᠤᠨ ᠤᠳᠤᠨ ᠪᠤᠯᠵᠦ ᠢᠯᠡᠷᠡᠳᠡᠭ ᠪᠠᠶᠢᠨ᠎ᠠ᠃ | ᠤᠷᠳᠤ ᠶᠢᠨ ᠲᠠᠭᠤᠤ ᠶᠢᠨ ᠬᠠᠮᠳᠤ ᠶᠢᠨ ᠢᠵᠢᠯ ᠲᠠᠯ᠎ᠠ ᠭᠡᠪᠡᠯ ᠲᠠᠭᠤᠤ ᠬᠤᠭᠤᠯᠠᠢ ᠶᠢᠨ ᠠᠶᠠᠯᠠᠭᠤ ᠨᠢ ᠤᠷᠳᠤ | ᠡᠭᠡᠰᠢᠭᠷᠡᠨ ᠭᠠᠷᠭᠠᠬᠤ ᠳᠡᠭᠡᠷ᠎ᠡ ᠤᠨᠴᠠᠯᠢᠭᠳᠠᠵᠦ ᠪᠠᠶᠢᠳᠠᠭ ᠪᠠ ᠮᠠᠯᠵᠢᠬᠤ ᠦᠢᠯᠡᠳᠪᠦᠷᠢᠯᠡᠯ ᠠᠮᠢᠳᠤᠷᠠᠯ ᠢᠶᠠᠨ | ᠵᠢᠷᠤᠭᠯᠠᠵᠦ᠂ ᠠᠪᠤ ᠠᠵᠢ᠂ ᠠᠮᠠᠷᠠᠭ ᠬᠤᠩᠭᠤᠷ᠂ ᠰᠠᠳᠤᠨ ᠲᠦᠷᠦᠯ ᠢᠶᠠᠨ ᠪᠠᠶᠢᠭᠠᠯᠢ ᠶᠢᠨ ᠦᠵᠡᠮᠵᠢ ᠶᠢᠨ ᠠᠭᠤᠯᠠ | ᠤᠰᠤ ᠪᠠ ᠲᠠᠰᠤᠯᠴᠠᠵᠦ ᠢᠵᠢᠯᠰᠢᠭᠰᠡᠨ ᠠᠭᠳᠠ ᠮᠤᠷᠢ ᠲᠠᠢ ᠪᠠᠨ ᠬᠤᠯᠪᠤᠨ ᠪᠠᠶᠢᠵᠦ᠂ ᠢᠷᠦᠭᠡᠨ ᠮᠠᠭᠳᠠᠬᠤ᠂ ᠰᠠᠨᠠᠨ | ᠮᠦᠷᠦᠭᠡᠳᠬᠦ᠂ ᠲᠤᠷᠠᠰᠤᠨ ᠰᠠᠨᠠᠭᠠᠯᠵᠠᠬᠤ ᠵᠡᠷᠭᠡ ᠬᠡᠯᠪᠡᠷᠢ ᠪᠠᠷ ᠭᠤᠤᠯᠳᠠᠢ ᠲᠠᠭᠤᠯᠠᠵᠦ᠂ ᠪᠠᠶᠢᠭᠠᠯᠢ ᠨᠤᠲᠤᠭ ᠳᠠᠭᠠᠨ | ᠬᠠᠶᠢᠷᠠᠳᠠᠢ᠂ ᠠᠮᠢᠳᠤᠷᠠᠯ ᠳᠠᠭᠠᠨ ᠬᠠᠶᠢᠷᠠᠳᠠᠢ ᠪᠠᠶᠢᠭ᠎ᠠ ᠵᠠᠩ ᠴᠢᠨᠠᠷ ᠳᠡᠭᠡᠷ᠎ᠡ ᠲᠤᠰᠬᠠᠯ ᠢᠶᠠᠨ ᠤᠯᠤᠭᠰᠠᠨ ᠪᠠᠶᠢᠳᠠᠭ | ᠶᠤᠮ᠃ | ᠬᠤᠶᠠᠷ᠂ ᠦᠵᠦᠮᠦᠴᠢᠨ ᠤᠷᠳᠤ ᠶᠢᠨ ᠲᠠᠭᠤᠤ ᠶᠢᠨ ᠲᠠᠭᠤᠯᠠᠯᠭ᠎ᠠ ᠶᠢᠨ ᠤᠷ᠎ᠠ ᠬᠡᠪᠰᠢᠯ | ᠦᠵᠦᠮᠦᠴᠢᠨ ᠨᠤᠲᠤᠭ ᠪᠤᠯ ᠤᠷᠳᠤ ᠶᠢᠨ ᠲᠠᠭᠤᠤ ᠶᠢᠨ ᠦᠯᠦᠭᠡᠢ᠂ ᠤᠷᠳᠤ ᠶᠢᠨ ᠲᠠᠭᠤᠤ ᠶᠢᠨ ᠰᠤᠶᠤᠯ | ᠪᠦᠬᠦᠢ ᠠᠷᠠᠳ ᠲᠦᠮᠡᠨ ᠲᠠᠢ ᠡᠭᠡᠰᠢᠭ ᠤᠶᠠᠩᠭ᠎ᠠ ᠶᠢᠨ ᠤᠷᠤᠨ ᠪᠠᠶᠢᠭ᠎ᠠ ᠶᠤᠮ᠃ ᠦᠵᠦᠮᠦᠴᠢᠨ ᠤᠷᠳᠤ ᠶᠢᠨ | ᠲᠠᠭᠤᠤ ᠨᠢ ᠡᠷᠳᠡᠨ ᠤ ᠲᠠᠭᠤ ᠬᠤᠭᠤᠯᠠᠢ ᠶᠢᠨ ᠤᠷᠠᠯᠠᠬᠤᠢ ᠶᠢ ᠭᠠᠶᠢᠬᠠᠭᠤᠯᠤᠭᠰᠠᠨ᠂ ᠲᠡᠤᠬᠡ ᠶᠢᠨ ᠤᠯᠠ ᠮᠦᠷ | ᠢᠶᠠᠨ ᠲᠠᠮᠠᠭᠠᠯᠠᠭᠰᠠᠨ᠂ ᠲᠠᠯ᠎ᠠ ᠨᠤᠲᠤᠭ ᠤᠨ ᠮᠠᠯᠴᠢᠨ ᠲᠦᠮᠡᠨ ᠤ ᠰᠦ ᠴᠠᠶᠢᠯᠭᠠᠨ ᠰᠡᠳᠭᠢᠯᠭᠡ ᠶᠢ ᠢᠯᠡᠷᠡᠭᠦᠯᠦᠭᠰᠡᠨ | ᠨᠢᠭᠡᠨ ᠵᠦᠢᠯ ᠤᠨ ᠰᠤᠶᠤᠯ ᠤᠷᠠᠯᠢᠭ ᠤᠨ ᠬᠡᠯᠪᠡᠷᠢ ᠪᠤᠯᠤᠨ᠎ᠠ᠃ ᠲᠠᠭᠤᠯᠠᠯᠭ᠎ᠠ ᠶᠢᠨ ᠬᠤᠪᠢ ᠳᠤ ᠭᠤᠩᠭᠠᠨᠠᠬᠤ᠂ | ᠢᠰᠬᠢᠷᠤᠬᠦ᠂ ᠲᠠᠭᠤᠯᠠᠬᠤ᠂ ᠴᠤᠭᠤᠷᠳᠠᠬᠤ ᠵᠡᠷᠭᠡ ᠲᠠᠭᠤ ᠬᠤᠭᠤᠯᠠᠢ ᠶᠢᠨ ᠦᠩᠭᠡ ᠡᠭᠡᠰᠢᠭᠯᠡᠭᠡᠨ ᠪᠠᠶᠢᠳᠠᠭ᠃ ᠲᠡᠭᠡᠪᠡᠯ | ᠠᠬᠠᠮᠠᠳ ᠪᠤᠭᠤᠷᠤᠯ ᠤᠨ ᠤᠯᠠᠮᠵᠢᠯᠠᠨ ᠶᠠᠷᠢᠬᠤ ᠶᠢ ᠵᠦᠢᠴᠢᠯᠡᠪᠡᠯ ᠲᠠᠭᠤᠯᠠᠬᠤᠢ ᠶᠢᠨ ᠤᠷ᠎ᠠ ᠮᠡᠷᠭᠡᠵᠢᠯ ᠳᠤ᠄ | ᠲᠠᠭᠤᠤ ᠶᠢᠨ ᠡᠷᠭᠦᠯᠳᠡ᠂ ᠡᠭᠡᠰᠢᠭ ᠨᠤᠭᠤᠯᠠᠭ᠎ᠠ᠂ ᠴᠠᠶᠢᠷᠠᠭᠤᠯᠬᠤ ︵ᠰᠢᠷᠤᠩᠬᠠᠶᠢᠯᠠᠬᠤ︶᠂ ᠰᠢᠷᠭᠤᠭᠤᠯᠬᠤ ︵ | ᠪᠤᠷᠵᠢᠭᠠᠯᠠᠬᠤ︶᠂ ᠠᠮᠢᠰᠬᠤᠭ᠎ᠠ ᠵᠤᠬᠢᠴᠠᠭᠤᠯᠬᠤ᠂ ᠤᠷ᠎ᠠ ᠡᠪ ᠵᠡᠷᠭᠡ ᠳᠠᠪᠳᠠᠮᠵᠢ ᠪᠠᠶᠢᠬᠤ ᠰᠢᠭ᠋ ᠠᠵᠢᠭᠯᠠᠭᠳᠠᠨ᠎ᠠ᠃ | ᠲᠠᠭᠤᠯᠠᠬᠤ ᠶᠠᠪᠤᠴᠠ ᠳᠤ᠂ ᠤᠷᠳᠤ ᠶᠢᠨ ᠲᠠᠭᠤᠤ ᠶᠢᠨ ᠲᠠᠭᠤᠯᠠᠯᠭ᠎ᠠ ᠶᠢᠨ ᠲᠤᠮᠳᠠᠬᠢ ᠡᠷᠭᠦᠯᠳᠡ ᠪᠤᠯ | ᠬᠤᠭᠤᠯᠠᠢ ᠠᠶᠠᠯᠠᠭᠤ ᠶᠢ ᠲᠦᠪᠰᠢᠨ ᠡᠬᠢᠯᠡᠭᠰᠡᠨ ᠢᠶᠠᠨ ᠡᠭᠡᠰᠢᠭ ᠠᠶᠠᠰ ᠢᠶᠠᠨ ᠳᠠᠬᠢᠨ ᠳᠡᠭᠡᠭᠰᠢ ᠡᠷᠭᠦᠨ | ᠲᠤᠩᠭᠠᠯᠠᠭᠵᠢᠭᠤᠯᠬᠤ ᠶᠢ ᠬᠡᠯᠡᠨ᠎ᠡ᠃ ᠦᠭᠡᠷ᠎ᠡ ᠪᠠᠷ ᠬᠡᠯᠡᠪᠡᠯ ᠲᠠᠭᠤᠤ ᠶᠢᠨ ᠦᠩᠭᠡ ᠪᠠᠨ ᠨᠠᠷᠢᠨ ᠵᠦᠭ ᠱᠠᠳᠤ | ᠳᠠᠪᠰᠢᠭᠤᠯᠬᠤ ᠶᠠᠪᠤᠳᠠᠯ ᠪᠤᠯᠤᠨ᠎ᠠ᠂ ᠡᠷᠭᠦᠯᠳᠡ ᠪᠤᠯ ᠲᠠᠭᠤᠤ ᠶᠢᠨ ᠪᠦᠬᠦ ᠶᠠᠪᠤᠴᠠ ᠳᠤ ᠲᠤᠤᠱᠯᠠᠭᠳᠠᠵᠦ ᠪᠠᠶᠢᠳᠠᠭ᠃ | ᠨᠤᠭᠤᠯᠠᠭ᠎ᠠ ᠪᠤᠯ ᠲᠠᠭᠤ ᠬᠤᠭᠤᠯᠠᠢ ᠠᠴᠠ ᠭᠠᠷᠬᠤ ᠡᠭᠡᠰᠢᠭ ᠢ ᠰᠤᠨᠤᠰᠪᠦᠷᠢᠳᠡᠢ ᠡᠪᠯᠡᠬᠦᠨ ᠪᠤᠯᠠᠭᠠᠬᠤ ᠶᠢᠨ | ᠲᠠᠭᠠᠤ ᠳᠤ ᠲᠠᠭᠤᠤ ᠶᠢ ᠡᠭᠡᠰᠢᠭᠯᠡᠬᠦ ᠪᠠᠷ ᠳᠡᠮᠵᠢᠨ ᠤᠯᠠᠮ ᠭᠤᠶᠢᠳᠡ ᠰᠤᠨᠤᠰᠬᠤᠯᠠᠩ ᠲᠠᠢ ᠪᠤᠯᠭᠠᠳᠠᠭ ᠶᠤᠮ᠃ | ᠲᠠᠭᠤᠤ ᠶᠢᠨ ᠡᠭᠡᠰᠢᠭ ᠨᠤᠭᠤᠯᠠᠭ᠎ᠠ ᠳᠤ ᠬᠤᠭᠤᠯᠠᠢ ᠨᠤᠭᠤᠴᠠᠭ᠎ᠠ᠂ ᠡᠷᠭᠢᠯᠳᠡ ᠡᠭᠡᠰᠢᠭ ᠭᠡᠵᠦ ᠪᠤᠢ᠃ ᠲᠠᠭᠤᠤ ᠶᠢᠨ | ᠪᠦᠳᠦᠴᠡ ᠶᠢᠨ ᠪᠠᠶᠢᠳᠠᠯ ᠢᠶᠠᠨ ᠦᠵᠡᠵᠦ᠂ ᠡᠳᠡᠭᠡᠷ ᠡᠭᠡᠰᠢᠭ ᠨᠤᠭᠤᠯᠠᠭ᠎ᠠ ᠶᠢᠨ ᠵᠤᠬᠢᠵᠠᠮᠵᠢ ᠶᠢ ᠲᠠᠭᠠᠷᠠᠭᠤᠯᠳᠠᠭ᠃ | ᠴᠠᠶᠢᠷᠠᠭᠤᠯᠬᠤ ︵ᠰᠢᠷᠤᠩᠬᠠᠶᠢᠯᠠᠬᠤ︶ ᠪᠤᠯ ᠲᠠᠭᠤᠤ ᠶᠢᠨ ᠡᠷᠭᠦᠯᠳᠡ ᠶᠢᠨ ᠬᠠᠮᠤᠭ ᠤᠨ ᠳᠡᠭᠡᠳᠦ ᠲᠦᠪᠰᠢᠨ | ᠲᠠᠷᠤᠢ ᠬᠤᠭᠤᠯᠠᠢ ᠶᠢᠨ ᠬᠠᠮᠤᠭ ᠨᠠᠷᠢᠨ ᠲᠦᠪᠰᠢᠨ ᠢ ᠬᠡᠯᠡᠳᠡᠭ᠃ ᠰᠢᠷᠤᠩᠬᠠᠶᠢᠯᠠᠬᠤ ᠪᠤᠯ ᠴᠠᠶᠢᠷᠠᠭᠤᠯᠬᠤ ᠲᠦᠪᠰᠢᠨ | ᠢ ᠤᠯᠠᠨ ᠢᠶᠠᠷ ᠢᠶᠠᠨ ᠬᠠᠪᠰᠤᠷᠤᠨ ᠲᠠᠭᠤᠯᠠᠨ ᠭᠠᠷᠭᠠᠬᠤ ᠶᠢ ᠰᠢᠷᠤᠩᠬᠠᠶᠢᠯᠬᠤ ᠭᠡᠵᠦ ᠬᠡᠯᠡᠳᠡᠭ᠃ ᠨᠢᠭᠡ ᠬᠦᠮᠦᠨ ᠤ | ᠲᠠᠭᠤᠤ ᠶᠢᠨ ᠬᠠᠮᠤᠭ ᠤᠨ ᠳᠡᠭᠡᠳᠦ ᠲᠦᠪᠰᠢᠨ ᠢ ᠴᠠᠶᠢᠷᠠᠭᠤᠯᠬᠤ ᠭᠡᠵᠦ᠂ ᠬᠠᠮ ᠲᠠᠭᠤᠤ ᠶᠢᠨ ᠲᠠᠭᠤᠯᠠᠯᠭ᠎ᠠ ᠶᠢᠨ | ᠬᠠᠮᠤᠭ ᠤᠨ ᠳᠡᠭᠡᠳᠦ ᠲᠦᠪᠰᠢᠨ ᠢ ᠰᠤᠨᠤᠰᠬᠤᠯᠠᠩ ᠤᠨ ᠬᠤᠪᠢ ᠳᠤ ᠰᠢᠷᠤᠩᠬᠠᠶᠢᠯᠠᠬᠤ ᠬᠡᠨ᠎ᠡ᠃ | ᠰᠢᠷᠭᠤᠭᠤᠯᠬᠤ ᠪᠠ ᠪᠤᠷᠵᠢᠭᠠᠯᠠᠬᠤ ᠪᠤᠯ ᠲᠠᠭᠤᠤ ᠶᠢᠨ ᠴᠠᠶᠢᠷᠠᠭᠤᠯᠬᠤ ᠲᠦᠪᠰᠢᠨ ᠢ ᠲᠠᠩᠨᠠᠢ ᠶᠢᠨ ᠡᠭᠡᠰᠢᠭ | ᠢᠶᠠᠷ ᠤᠷᠪᠠᠭᠤᠯᠤᠨ ᠭᠠᠷᠭᠠᠬᠤ ᠶᠢ ᠬᠡᠯᠡᠨ᠎ᠡ᠃ ᠡᠨᠡ ᠨᠢ ᠮᠦᠨᠴᠤ ᠬᠤᠭᠤᠯᠠᠢ ᠶᠢᠨ ᠡᠭᠡᠰᠢᠭ ᠭᠠᠷᠭᠠᠬᠤ ᠶᠢ | ᠪᠤᠷᠵᠢᠭᠠᠯᠠᠨ ᠵᠤᠬᠢᠴᠠᠭᠤᠯᠬᠤ ᠤᠷ᠎ᠠ ᠮᠡᠷᠭᠡᠵᠢᠯ ᠪᠤᠯᠤᠨ᠎ᠠ᠃ ᠪᠤᠷᠵᠢᠭᠠᠯᠠᠬᠤ ᠨᠢ ᠲᠤᠮᠳᠠ ᠬᠤᠭᠤᠪᠤᠷᠢ ᠬᠤᠭᠤᠯᠠᠢ ᠶᠢᠨ | ᠬᠡᠯᠪᠡᠷᠢ ᠪᠠᠷ ᠲᠠᠭᠤᠯᠠᠬᠤ ᠪᠠ ᠤᠯᠠᠨᠳᠠ ᠰᠢᠷᠭᠤᠭᠤᠯᠬᠤ ᠡᠭᠡᠰᠢᠭ ᠠᠶᠠᠯᠠᠭᠤ ᠶᠢᠨ ᠵᠤᠬᠢᠴᠠᠯ ᠢ ᠬᠡᠯᠨᠳᠡᠭ᠂ | ᠬᠤᠭᠤᠯᠠᠢ ᠶᠢᠨ ᠬᠦᠴᠤ ᠪᠠᠷ ᠴᠠᠶᠢᠷᠠᠭᠤᠯᠬᠤ ᠪᠢᠰᠢ ᠬᠤᠭᠤᠯᠠᠢ ᠶᠢᠨ ᠡᠪ ᠢᠶᠠᠷ ᠵᠦᠭᠡᠯᠡᠷᠡᠭᠦᠯᠬᠦ ᠪᠤᠯᠤᠨ᠎ᠠ᠃ ᠪᠤᠷᠵᠢᠭᠠᠨ | ᠠᠶᠠᠯᠠᠭᠤ ᠪᠤᠯ ᠬᠤᠭᠤᠯᠠᠢ ᠳᠤ ᠡᠪᠳᠡᠢ᠂ ᠰᠤᠨᠤᠰᠬᠤᠯᠠᠩ ᠪᠠᠷ ᠭᠤᠶᠢᠳᠡ ᠪᠠᠶᠢᠳᠠᠭ ᠤᠨᠴᠠᠯᠢᠭ ᠲᠠᠢ ᠶᠤᠮ᠃ ᠡᠶᠢᠮᠦ | ᠪᠠᠷ ᠲᠡᠭᠡᠷᠡᠬᠢ ᠲᠠᠭᠤᠯᠠᠯᠭ᠎ᠠ ᠶᠢᠨ ᠤᠷ᠎ᠠ ᠮᠡᠷᠭᠡᠵᠢᠯ ᠢ ᠠᠰᠢᠭᠯᠠᠨ ᠤᠷᠳᠤ ᠶᠢᠨ ᠲᠠᠭᠤᠤ ᠶᠢ ᠲᠠᠭᠤᠯᠠᠬᠤ ᠳᠤ ᠵᠠᠳᠠᠭᠠᠢ | ᠲᠠᠭᠤᠯᠠᠬᠤ ᠪᠠ ᠪᠤᠷᠵᠢᠭᠠᠯᠠᠵᠦ ᠲᠠᠭᠤᠯᠠᠬᠤ ᠭᠡᠵᠦ ᠢᠯᠭᠠᠨ ᠬᠡᠯᠡᠯᠴᠡᠳᠡᠭ ᠶᠤᠮᠰᠠᠨ᠃ | ᠠᠮᠢᠰᠬᠤᠭ᠎ᠠ ᠵᠤᠬᠢᠴᠠᠭᠤᠯᠬᠤ ᠪᠤᠯ ᠤᠷᠳᠤ ᠶᠢᠨ ᠲᠠᠭᠤᠤ ᠳᠤ ᠲᠤᠤᠱᠯᠠᠭᠳᠠᠬᠤ ᠬᠤᠭᠤᠯᠠᠢ ᠶᠢᠨ ᠦᠩᠭᠡ ᠶᠢ | ᠲᠤᠬᠢᠷᠠᠭᠤᠯᠬᠤ ᠠᠮᠢᠰᠬᠤᠯ ᠤᠨ ᠵᠤᠬᠢᠴᠠᠯ ᠢ ᠬᠡᠯᠡᠳᠡᠭ᠃ ᠤᠷᠳᠤ ᠶᠢᠨ ᠲᠠᠭᠤᠤ ᠶᠢᠨ ᠦᠩᠭᠡ ᠲᠤᠳᠤᠷᠠᠭᠤᠯᠬᠤ | ᠠᠮᠢᠰᠬᠤᠯ ᠤᠨ ᠬᠦᠴᠦᠨ ᠨᠢ ᠤᠷᠳᠤ ᠪᠠᠶᠢᠳᠠᠭ ᠢᠶᠠᠷ ᠢᠶᠠᠨ ᠪᠤᠰᠤᠳ ᠲᠠᠭᠤᠤ ᠠᠴᠠ ᠢᠯᠭᠠᠭᠳᠠᠬᠤ ᠤᠨᠴᠠᠯᠢᠭ | ᠪᠤᠯᠤᠨ᠎ᠠ᠃ ᠭᠡᠳᠡᠯ᠎ᠡ ᠡᠨᠡ ᠪᠤᠯ ᠤᠷᠳᠤ ᠶᠢᠨ ᠲᠠᠭᠤᠤ ᠶᠢᠨ ᠶᠡᠷᠦᠩᠬᠡᠢ ᠠᠮᠢᠰᠬᠤᠯ ᠤᠨ ᠲᠠᠯ᠎ᠠ ᠠᠴᠠ ᠦᠭᠦᠯᠡᠭᠰᠡᠨ | ᠲᠡᠳᠦᠢ ᠠᠴᠠ ᠪᠢᠰᠢ ᠤᠷᠳᠤ ᠶᠢᠨ ᠲᠠᠭᠤᠤ ᠶᠢᠨ ᠪᠦᠬᠦ ᠲᠠᠭᠤᠯᠠᠯᠭ᠎ᠠ ᠶᠢᠨ ᠶᠠᠪᠤᠴᠠ ᠳᠤ ᠤᠷᠳᠤ ᠪᠤᠭᠤᠨᠢ ᠠᠮᠢᠰᠬᠤᠯ ᠢ | ᠲᠠᠭᠤᠤ ᠶᠢᠨ ᠪᠦᠳᠦᠴᠡ ᠠᠴᠠ ᠪᠠᠨ ᠪᠤᠯᠵᠦ ᠲᠤᠬᠢᠷᠠᠭᠤᠯᠤᠨ ᠲᠠᠭᠤᠯᠠᠬᠤ ᠨᠢ ᠤᠷ᠎ᠠ ᠡᠪ ᠲᠠᠢ ᠰᠢᠭᠤᠳ | ᠬᠤᠯᠪᠤᠭᠳᠠᠵᠦ ᠪᠠᠶᠢᠳᠠᠭ᠂ ᠡᠶᠢᠮᠦ ᠠᠴᠠ ᠤᠷᠳᠤ ᠶᠢᠨ ᠲᠠᠭᠤᠤ ᠳᠤ ᠠᠮᠢᠰᠬᠤᠭ᠎ᠠ ᠵᠤᠬᠢᠴᠠᠭᠤᠯᠬᠤ ᠪᠤᠯ | ᠠᠩᠬᠠᠷᠤᠭᠤᠰᠢᠳᠠᠢ ᠴᠢᠬᠤᠯᠠ ᠵᠦᠢᠯ ᠪᠤᠯᠤᠨ᠎ᠠ᠃ | ᠲᠠᠭᠤᠤ ᠶᠢᠨ ᠤᠷ᠎ᠠ ᠡᠪ ᠭᠡᠵᠦ ᠬᠡᠯᠡᠯᠴᠡᠳᠡᠭ ᠨᠢ ᠬᠤᠭᠤᠯᠠᠢ ᠶᠢᠨ ᠤᠶᠠᠩᠭᠠᠯᠠᠬᠤ ᠴᠢᠳᠠᠪᠬᠢ ᠰᠠᠶᠢᠨ ᠪᠠᠶᠢᠳᠠᠭ | ᠪᠠ ᠡᠭᠡᠰᠢᠭ ᠨᠤᠭᠤᠯᠠᠭ᠎ᠠ ᠭᠠᠷᠠᠭᠠᠬᠤ ᠳᠠᠭᠠᠨ ᠤᠶᠠᠩᠭᠠᠨ ᠴᠢᠮᠡᠭ ᠤᠷᠤᠭᠤᠯᠬᠤ ᠶᠢ ᠬᠡᠯᠡᠨ᠎ᠡ᠃ ᠬᠤᠭᠤᠯᠠᠢ ᠰᠠᠶᠢᠳᠠᠢ | ᠪᠤᠯᠪᠠᠴᠤ ᠤᠷ᠎ᠡ ᠡᠪ ᠢᠶᠠᠷ ᠠᠨᠠᠢ ᠪᠤᠯ ᠰᠤᠨᠤᠰᠪᠤᠷᠢ ᠮᠠᠭᠤᠳᠠᠢ ᠪᠠᠶᠢᠳᠠᠭ ᠪᠠ ᠬᠦᠮᠦᠨ ᠤ ᠰᠡᠳᠭᠢᠯ ᠳᠤ ᠬᠦᠷᠴᠤ | ᠳᠡᠶᠢᠯᠬᠦ ᠦᠭᠡᠢ ᠪᠠᠶᠢᠳᠠᠭ᠃ ᠵᠢᠱᠢᠶᠡᠯᠡᠪᠡᠯ᠄ ᠦᠵᠦᠮᠦᠴᠢᠨ ᠤ ᠡᠷᠳᠡ ᠦᠶ᠎ᠡ ᠶᠢᠨ ᠲᠠᠭᠤᠴᠢᠳ ᠠᠴᠠ ᠰᠡᠷᠡᠩᠪᠠᠽᠠᠷ᠂ | ᠲᠠᠪᠠᠭ ᠨᠠᠷ ᠤᠨ ︽ᠰᠢᠵᠢᠷ ᠪᠤᠭᠳᠠ ᠶᠢᠨ ᠰᠢᠯᠢ︾᠂ ᠤᠷᠴᠢᠨ ᠦᠶ᠎ᠡ ᠠᠴᠠ ᠰᠧᠷᠡᠳ ᠪᠠ ᠮᠧᠳᠡᠭ ᠨᠠᠷ ᠤᠨ ︽ | ᠰᠡᠷᠢᠭᠦᠨ ᠰᠠᠶᠢᠬᠠᠨ ᠬᠠᠩᠭᠠᠢ︾ ᠵᠡᠷᠭᠡ ᠬᠤᠶᠠᠷ ᠰᠢᠷᠤᠩᠬᠠᠢ ᠲᠠᠢ ᠲᠤᠮᠤ ᠲᠠᠭᠤᠤ ᠶᠢ ᠲᠠᠭᠤᠯᠠᠬᠤ ᠶᠠᠪᠤᠴᠠ ᠳᠠᠬᠢ | ᠤᠷ᠎ᠠ ᠡᠪ ᠢᠶᠠᠷ ᠠᠯᠳᠠᠷᠰᠢᠨ᠂ ᠬᠤᠭᠤᠯᠠᠢ ᠶᠢᠨ ᠴᠢᠳᠠᠯ ᠢ ᠭᠠᠶᠢᠬᠠᠭᠤᠯᠤᠭᠰᠠᠨ ᠪᠤᠯᠬᠤᠷ ᠤᠳᠤ ᠪᠤᠯᠳᠠᠯ᠎ᠠ | ᠲᠤᠷᠠᠰᠤᠭᠳᠠᠨ ᠶᠡᠷᠢᠭ᠌ᠳᠠᠵᠦ᠂ ᠰᠤᠨᠤᠰᠤᠭᠠᠳ ᠮᠤᠬᠤᠰᠢ ᠦᠭᠡᠢ ᠪᠠᠶᠢᠳᠠᠭ᠃ | ᠤᠷᠳᠤ ᠠᠶᠠᠯᠠᠭᠤᠨ ᠤ ᠬᠠᠪᠰᠤᠷᠤᠮᠵᠢ ᠬᠦᠭᠵᠢᠮ ᠪᠤᠯ ᠤᠯᠠᠨ ᠤ ᠮᠡᠳᠡᠭᠡᠵᠢ ᠪᠠᠷ ᠬᠢᠯᠭᠠᠰᠤᠨ ᠬᠦᠪᠴᠢ ᠲᠠᠢ | ᠮᠤᠷᠢᠨ ᠬᠤᠭᠤᠷ ᠪᠤᠯ ᠬᠠᠮᠤᠭ ᠤᠨ ᠲᠤᠬᠢᠷᠠᠮᠵᠢᠳᠠᠢ ᠬᠦᠭᠵᠢᠮᠳᠡᠭᠦᠷ ᠪᠤᠯᠤᠨ᠎ᠠ᠃ ᠨᠤᠲᠤᠭ ᠤᠨ ᠠᠬᠠᠮᠠᠳ ᠮᠤᠷᠢᠨ | ᠬᠤᠭᠤᠷᠴᠢᠳ ᠤᠨ ᠬᠡᠯᠡᠬᠦ ᠪᠠᠷ ᠪᠤᠯ ᠮᠤᠷᠢᠨ ᠬᠤᠭᠤᠷ ᠤᠨ ︽ᠬᠦᠭ︾ ᠢ ᠲᠠᠭᠠᠷᠠᠭᠤᠯᠬᠤ ᠳᠤ ᠲᠠᠩ ᠬᠦᠭ ᠪᠤᠶᠤ | ᠪᠤᠷᠵᠢᠭᠠᠨ ︵ᠲᠠᠪᠬᠤᠷ ᠬᠦᠭ ᠴᠤ ᠭᠡᠳᠡᠭ︶ ᠬᠦᠭ ᠭᠡᠵᠦ ᠢᠯᠭᠠᠨ ᠶᠠᠷᠢᠳᠠᠭ᠃ ᠲᠠᠩ ᠬᠦᠭ ᠲᠤ ᠪᠤᠯ ᠬᠦᠪᠴᠢ | ᠶᠢᠨ ᠨᠠᠷᠢᠨ ᠪᠤᠶᠤ ᠪᠦᠳᠦᠭᠦᠨ ᠤᠳᠠᠰᠤ ᠶᠢᠨ ᠬᠡᠪ ᠨᠠᠮᠪᠠ ᠶᠢ ᠠᠰᠢᠭᠯᠠᠵᠦ᠂ ᠴᠠᠶᠢᠷᠠᠭᠤᠯᠬᠤ ᠪᠠ ᠰᠢᠷᠭᠤᠭᠤᠯᠠᠬᠤ ᠶᠢ | ᠨᠠᠷᠢᠨ ᠤᠳᠠᠰᠤᠨ ᠳᠤ ᠬᠦᠭᠵᠢᠮᠳᠡᠬᠦ ᠪᠦᠭᠡᠳ ᠬᠦᠪᠴᠢᠨ ᠳᠡᠭᠡᠷᠡᠬᠢ ᠬᠤᠷᠤᠭᠤᠨ ᠤ ᠳᠡᠭᠡᠭᠰᠢ ᠲᠤᠷᠤᠭᠰᠢ ᠶᠠᠪᠤᠬᠤ | ᠲᠠᠷᠤᠯᠳᠠ ᠶᠢᠨ ᠵᠠᠢ ᠨᠢ ᠬᠤᠯᠠ ᠪᠤᠯᠳᠠᠭ ᠪᠦᠭᠡᠳ ᠰᠢᠷᠭᠤᠭᠤᠯᠬᠤ ᠨᠠᠷᠢᠨ ᠠᠶᠠᠰ ᠢ ᠪᠦᠳᠦᠭᠦᠨ ᠵᠦᠭ ᠤᠷᠪᠠᠭᠤᠯᠤᠨ | ᠲᠠᠷᠤᠵᠦ ᠪᠤᠯᠳᠠᠭ ᠦᠭᠡᠢ᠃ ᠪᠤᠷᠵᠢᠭᠠᠨ ᠬᠦᠭ ᠲᠤ ᠬᠠᠷᠢᠨ ᠴᠠᠶᠢᠷᠠᠭᠤᠯᠬᠤ ᠭᠡᠪᠡᠯ ᠨᠠᠷᠢᠨ ᠤᠳᠠᠰᠤᠨ ᠳᠤ ᠲᠠᠷᠤᠵᠦ᠂ | ᠰᠢᠷᠭᠤᠭᠤᠯᠠᠬᠤ ᠭᠡᠪᠡᠯ ᠪᠦᠳᠦᠭᠦᠨ ᠤᠳᠠᠰᠤᠨ ᠳᠤ ᠤᠷᠪᠠᠭᠤᠯᠤᠨ ᠲᠠᠷᠤᠳᠠᠭ᠂ ᠡᠶᠢᠮᠦ ᠠᠴᠠ ᠬᠤᠭᠤᠯᠠᠢ ᠲᠠᠭᠠᠭᠤᠯᠬᠤ | ᠳᠤ ᠮᠤᠷᠢᠨ ᠬᠤᠭᠤᠷ ᠤᠯᠠᠩᠬᠢ ᠳᠠᠭᠠᠨ ︽ᠪᠤᠷᠵᠢᠭᠠᠨ ᠬᠦᠭ︾ ᠲᠤ ᠲᠠᠭᠠᠷᠠᠭᠤᠯᠳᠠᠭ ᠪᠠᠶᠢᠨ᠎ᠠ᠃ | ᠭᠤᠷᠪᠠ ᠦᠵᠦᠮᠦᠴᠢᠨ ᠤᠷᠳᠤ ᠶᠢᠨ ᠲᠠᠭᠤᠤ ᠶᠢᠨ ᠲᠠᠭᠤᠯᠠᠯᠭ᠎ᠠ ᠶᠢᠨ ᠵᠢᠷᠤᠮ ᠪᠠ ᠲᠦᠷᠢᠯᠭᠡ ᠶᠢᠨ | ᠲᠤᠬᠠᠢ | ᠮᠠᠨ ᠤ ᠤᠷᠤᠨ ᠤ ᠤᠷᠳᠤ ᠶᠢᠨ ᠲᠠᠭᠤᠤ ᠶᠢᠨ ᠡᠯ᠎ᠡ ᠨᠤᠲᠤᠭ ᠤᠨ ᠠᠶᠠᠯᠠᠭᠤ ᠳᠤ ᠦᠵᠦᠮᠦᠴᠢᠨ ᠲᠢᠭ ᠪᠠᠷᠢᠯ | ᠬᠠᠮᠤᠭ ᠠᠴᠠ ᠤᠬᠢ ᠰᠠᠶᠢᠬᠠᠨ ᠨᠢ ᠪᠦᠭᠡᠳ ᠤᠷᠳᠤ ᠶᠢᠨ ᠲᠠᠭᠤᠤ ᠶᠢᠨ ᠤᠯᠠᠨ ᠬᠡᠯᠪᠡᠷᠢ ᠨᠢ ᠡᠨᠡ ᠨᠤᠲᠤᠭ ᠤᠨ | ᠲᠠᠭᠤᠯᠠᠯᠭ᠎ᠠ ᠳᠤ ᠪᠦᠷᠢᠨ ᠰᠢᠩᠭᠡᠵᠦ᠂ ᠲᠡᠤᠬᠡᠨ ᠤᠷᠳᠤ ᠶᠢᠨ ᠲᠠᠭᠤᠤ ᠬᠠᠮᠤᠭ ᠠᠷᠪᠢᠨ ᠬᠠᠳᠠᠭᠠᠯᠠᠭᠳᠠᠵᠦ ᠪᠠᠶᠢᠭ᠎ᠠ | ᠭᠠᠵᠠᠷ ᠤᠷᠤᠨ ᠪᠤᠯᠤᠨ᠎ᠠ᠃ ᠡᠭᠦᠨ ᠠᠴᠠ ᠦᠵᠦᠮᠦᠴᠢᠨ ᠤᠷᠳᠤ ᠶᠢᠨ ᠲᠠᠭᠤᠤ ᠶᠢᠨ ᠠᠶᠠᠯᠠᠭᠤ ᠨᠢ ᠰᠢᠯᠢ ᠶᠢᠨ | ᠭᠤᠤᠯ ᠤᠨ ᠡᠯ᠎ᠡ ᠭᠠᠵᠠᠷ ᠤᠷᠤᠨ ᠤ ᠤᠷᠳᠤ ᠶᠢᠨ ᠲᠠᠭᠤᠤ ᠶᠢᠨ ᠲᠦᠯᠦᠭᠡᠯᠡᠭᠴᠢ ᠪᠤᠯᠵᠦ᠂ ᠲᠤᠰ ᠭᠠᠵᠠᠷ ᠤᠷᠤᠨ ᠤ | ᠲᠠᠭᠤᠯᠠᠯᠭ᠎ᠠ ᠶᠢᠨ ᠭᠤᠤᠯ ᠬᠡᠯᠪᠡᠷᠢ ᠪᠤᠯᠤᠭᠰᠠᠨ ᠶᠤᠮ᠃ | ᠤᠷᠳᠤ ᠶᠢᠨ ᠲᠠᠭᠤᠤ ᠶᠢᠨ ᠤᠯᠠᠨ ᠬᠡᠯᠪᠡᠷᠢ ᠳᠤ᠄ ᠶᠡᠭᠡ ᠤᠷᠳᠤ ᠶᠢᠨ ᠲᠠᠭᠤᠤ᠂ ᠡᠩ ᠤᠨ ᠤᠷᠳᠤ ᠶᠢᠨ | ᠲᠠᠭᠤᠤ᠂ ᠨᠠᠶᠢᠷ ᠤᠨ ᠤᠷᠳᠤ ᠶᠢᠨ ᠲᠠᠭᠤᠤ᠂ ᠤᠷᠤᠭ ᠶᠢᠨ ᠤᠷᠳᠤ ᠶᠢᠨ ᠲᠠᠭᠤᠤ᠂ ᠱᠠᠰᠢᠨ ᠲᠦᠷᠦ ᠶᠢᠨ | ᠤᠷᠳᠤ ᠶᠢᠨ ᠲᠠᠭᠤᠤ ᠭᠡᠵᠦ ᠢᠯᠭᠠᠳᠠᠭ᠃ ᠦᠵᠦᠮᠦᠴᠢᠨ ᠳᠤ ᠤᠷᠳᠤ ᠶᠢᠨ ᠲᠠᠭᠤᠤ ᠶᠢ ᠬᠠᠮᠢᠶ᠎ᠡ ᠡᠷᠡᠭᠡ ᠦᠭᠡᠢ | ᠲᠠᠭᠤᠯᠠᠬᠤ ᠪᠢᠰᠢ᠂ ᠶᠡᠭᠡ ᠶᠤᠰᠤ ᠲᠢᠭᠯᠢᠮ ᠲᠠᠢ ᠪᠠᠶᠢᠵᠦ᠂ ᠶᠠᠮᠠᠷ ᠠᠭᠤᠯᠭ᠎ᠠ ᠲᠠᠢ ᠲᠠᠭᠤᠤ ᠶᠢ ᠶᠠᠮᠠᠷ ᠤᠷᠴᠢᠨ ᠳᠤ | ᠬᠡᠷᠡᠭᠯᠡᠳᠡᠭ ᠭᠡᠵᠦ ᠨᠠᠰᠤᠳᠠᠶᠢᠴᠤᠤᠯ ᠶᠠᠷᠢᠳᠠᠭ᠃ ᠵᠢᠱᠢᠶᠡᠯᠡᠪᠡᠯ᠄ ᠵᠠᠰᠠᠭ ᠲᠦᠷᠦ ᠶᠢᠨ ᠶᠡᠭᠡ ᠨᠠᠶᠢᠷ ᠪᠤᠶᠤ | ᠶᠡᠬᠡᠴᠤᠤᠯ ᠳᠤ ᠪᠤᠯ ᠶᠡᠭᠡ ᠲᠠᠭᠤᠤ ︵ᠲᠦᠷᠦ ᠶᠢᠨ ᠲᠠᠭᠤᠤ︶ ᠪᠠᠷ ᠡᠬᠢᠯᠡᠵᠦ᠂ ᠱᠠᠰᠢᠨ ᠲᠦᠷᠦ ᠶᠢᠨ ᠲᠠᠭᠤᠤ ᠪᠠ | ᠵᠢᠷ ᠤᠨ ᠤᠷᠳᠤ ᠶᠢᠨ ᠲᠠᠭᠤᠤ ᠪᠠᠷ ᠦᠷᠭᠦᠯᠵᠢᠯᠡᠭᠦᠯᠦᠨ ᠲᠠᠭᠤᠯᠠᠵᠦ ᠨᠠᠶᠢᠷᠯᠠᠳᠠᠭ᠂ ᠭᠡᠪᠡᠴᠤ ᠶᠡᠭᠡ ᠵᠤᠪᠠᠨᠢᠩᠭᠤᠢ | ᠪᠤᠶᠤ ᠢᠨᠠᠭ ᠠᠮᠠᠷᠠᠭ ᠤᠨ ᠦᠬᠡᠰ ᠲᠠᠢ ᠲᠠᠭᠤᠤ ᠶᠢ ᠲᠠᠭᠤᠯᠠᠳᠠᠭ ᠦᠭᠡᠢ᠃ ᠤᠷᠤᠭ ᠬᠤᠷᠢᠮ ᠳᠤ ᠪᠤᠯ ᠬᠠᠷᠢᠨ | ᠬᠦᠷᠭᠡᠵᠦ ᠮᠤᠷᠳᠠᠭᠤᠯᠬᠤ ᠪᠠ ᠰᠠᠨᠠᠵᠦ ᠮᠦᠷᠦᠭᠡᠳᠦᠭᠰᠡᠨ ᠤᠷᠳᠤ ᠶᠢᠨ ᠲᠠᠭᠤᠤ ᠶᠢ ᠲᠠᠭᠤᠯᠠᠳᠠᠭ ᠵᠢᠷᠤᠮ ᠲᠠᠢ᠃ | ᠦᠨᠳᠦᠷ ᠨᠠᠰᠤᠳᠠᠨ ᠤ ᠪᠠᠶᠠᠷ ᠤᠨ ᠨᠠᠶᠢᠷ ᠲᠤ ᠭᠤᠤᠯᠳᠠᠭᠤ ᠠᠪᠤ ᠡᠵᠢ ᠪᠠᠨ ᠮᠠᠭᠳᠠᠭᠰᠠᠨ ᠪᠠ ᠰᠢᠨ᠎ᠡ ᠶᠢᠨ | ᠵᠤᠯᠭᠠᠯᠳᠠ ᠶᠢᠨ ᠤᠷᠳᠤ ᠶᠢᠨ ᠲᠠᠭᠤᠤ ᠨᠤᠭᠤᠳ ᠢ ᠲᠠᠭᠤᠯᠠᠬᠤ ᠠᠴᠠ ᠪᠢᠰᠢ ᠢᠨᠠᠭ ᠠᠮᠠᠷᠠᠭ ᠶᠢᠨ ᠪᠠ ᠵᠤᠪᠠᠨᠢᠩᠭᠤᠢ | ᠦᠭᠡᠰ ᠲᠠᠢ ᠲᠠᠭᠤᠤ ᠶᠢ ᠴᠡᠭᠡᠷᠯᠡᠳᠡᠭ ᠪᠠᠶᠢᠵᠠᠢ᠃ ᠢᠨᠠᠭ ᠠᠮᠠᠷᠠᠭ ᠤᠨ ᠲᠠᠭᠤᠤ ᠶᠢ ᠦᠶ᠎ᠡ ᠬᠤᠷᠠᠭ ᠤᠨ ᠨᠦᠬᠦᠳ | ᠵᠠᠭᠤᠷ᠎ᠠ ᠬᠦᠤᠷᠡᠯᠳᠤᠨ ᠨᠠᠶᠢᠷᠠᠯᠳᠤᠬᠤ ᠳᠤ ᠲᠠᠭᠤᠯᠠᠨ ᠬᠦᠭᠵᠢᠵᠦ᠂ ᠵᠤᠪᠠᠨᠢᠩᠭᠤᠢ ᠦᠬᠡᠰ ᠤᠨ ᠲᠠᠭᠤᠤ ᠶᠢ ᠰᠤᠷᠭᠠᠨ | ᠬᠦᠮᠦᠵᠢᠭᠦᠯᠬᠦ ᠵᠤᠷᠢᠯᠳᠠ ᠪᠠᠷ ᠲᠤᠮᠤᠭ ᠦᠯᠢᠭᠡᠷ ᠢ ᠨᠢ ᠶᠡᠷᠢᠵᠦ ᠠᠬᠠᠮᠠᠳ ᠨᠢ ᠬᠡᠤᠬᠡᠳ ᠲᠡᠭᠡᠨ ᠲᠠᠭᠤᠯᠠᠵᠦ | ᠦᠭᠭᠦᠳᠡᠭ᠃ ᠡᠭᠦᠨ ᠠᠴᠠ ᠤᠷᠳᠤ ᠶᠢᠨ ᠲᠠᠭᠤᠤ ᠶᠢᠨ ᠠᠭᠤᠯᠭ᠎ᠠ ᠶᠢᠨ ᠬᠤᠪᠢ ᠳᠤ ᠲᠡᠭᠦᠨ ᠤ ᠲᠠᠭᠤᠯᠠᠯᠭ᠎ᠠ ᠶᠢᠨ | ᠬᠢᠨᠢ ᠤᠷᠴᠢᠨ ᠪᠠᠶᠢᠬᠤ ᠬᠡᠷᠡᠭᠳᠡᠢ ᠪᠠᠶᠢᠳᠠᠭ᠃ ᠶᠡᠬᠡᠰ ᠪᠠ ᠨᠠᠰᠤᠳᠠᠠᠶᠢᠴᠤᠤᠯ ᠤᠨ ᠲᠡᠷᠭᠡᠳᠡ ᠤᠭ ᠨᠢ ᠢᠨᠠᠭ | ᠠᠮᠠᠷᠠᠭ ᠤᠨ ᠪᠠ ᠵᠤᠪᠠᠨᠢᠩᠭᠤᠢ ᠤᠳᠬ᠎ᠠ ᠲᠠᠢ ᠲᠠᠭᠤᠤ ᠶᠢ ᠴᠡᠭᠡᠷᠯᠡᠳᠡᠭ ᠪᠠᠶᠢᠭᠰᠠᠨ ᠶᠤᠮ᠃ ᠲᠡᠭᠡᠷᠡᠬᠢ ᠪᠤᠯ | ᠲᠠᠭᠤᠯᠠᠯᠭ᠎ᠠ ᠶᠢᠨ ᠬᠦᠷᠢᠶ᠎ᠡ ᠴᠠᠷ᠎ᠠ ᠶᠢᠨ ᠤᠷᠴᠢᠨ ᠢ ᠲᠦᠬᠦᠮ ᠦᠭᠦᠯᠡᠪᠡ᠃ | ᠰᠢᠯᠢ ᠶᠢᠨ ᠭᠤᠤᠯ ᠤᠨ ᠠᠷᠠᠳ ᠤᠨ ᠤᠷᠳᠤ ᠶᠢᠨ ᠲᠠᠭᠤᠤ ᠳᠤ ᠦᠵᠦᠮᠦᠴᠢᠨ ᠠᠶᠠᠯᠠᠭᠤ ᠪᠠ ᠠᠪᠠᠭ᠎ᠠ | ᠠᠶᠠᠯᠠᠭᠤ ᠭᠡᠵᠦ ᠢᠯᠭᠠᠳᠠᠭ᠃ ᠠᠪᠠᠭ᠎ᠠ ᠠᠶᠠᠯᠠᠭᠤ ᠳᠤ ᠲᠠᠷᠬᠠᠨ ᠲᠠᠭᠤᠴᠢᠨ ᠯᠾᠠᠵᠠᠪ ᠤᠨ ᠲᠠᠭᠤᠯᠠᠭᠰᠠᠨ | ᠤᠷᠳᠤ ᠶᠢᠨ ᠲᠠᠭᠤᠤ ᠪᠤᠯᠤᠨ ᠴᠤᠭᠤᠷ ᠲᠠᠭᠤᠤ ᠪᠠᠷ ᠭᠤᠤᠯᠯᠠᠭᠰᠠᠨ ᠲᠠᠭᠤᠯᠠᠬᠤ ᠬᠡᠯᠪᠡᠷᠢ ᠪᠤᠯᠤᠨ᠎ᠠ᠃ ᠤᠳᠤᠬᠠᠨ ᠤ | ᠤᠷᠠᠯᠢᠭ ᠤᠨ ᠲᠠᠶᠢᠰᠠᠨ ᠳᠤ᠂ ᠦᠪᠦᠷ ᠮᠤᠩᠭᠤᠯ ᠳᠤ ᠲᠠᠭᠤᠯᠠᠭᠳᠠᠨ ᠪᠠᠶᠢᠭ᠎ᠠ ︽ᠠᠷᠤ ᠬᠦᠪᠴᠢ ᠶᠢᠨ ᠤᠨᠠᠭ᠎ᠠ︾᠂ | ︽ᠵᠢᠷᠤᠭ᠎ᠠ ᠶᠢᠨ ᠵᠢᠷᠤᠭ᠎ᠠ ᠤᠯᠠᠭᠠᠨ︾᠂ ︽ᠡᠷ᠎ᠡ ᠪᠤᠷᠤ ᠬᠠᠷᠴᠠᠭᠠᠢ︾ ᠵᠡᠷᠭᠡ ᠤᠷᠳᠤ ᠶᠢᠨ ᠲᠠᠭᠤᠤ ᠪᠤᠯ | ᠦᠵᠦᠮᠦᠴᠢᠨ ᠲᠠᠭᠤᠯᠠᠯᠭ᠎ᠠ ᠶᠢᠨ ᠬᠡᠪ ᠨᠠᠮᠪᠠ ᠪᠢᠰᠢ ᠶᠤᠮ᠃ ᠡᠨᠡ ᠪᠤᠯ ᠠᠯᠳᠠᠷᠳᠤ ᠲᠠᠭᠤᠴᠢᠳ ᠤᠨ ᠠᠶᠠᠯᠠᠭᠤ ᠶᠢᠨ | ᠲᠠᠭᠤᠷᠢᠶᠠᠮᠠᠯ ᠬᠦᠭ ᠠᠶᠠᠯᠠᠭᠤ ᠪᠤᠯᠬᠤ ᠶᠤᠮ᠃ ᠭᠠᠵᠠᠷ ᠤᠷᠤᠨ ᠤᠯᠠᠨ ᠪᠠᠶᠢᠳᠠᠭ ᠨᠢ ᠲᠠᠭᠤᠯᠠᠯᠭ᠎ᠠ ᠶᠢᠨ ᠬᠡᠪ | ᠨᠠᠮᠪᠠ ᠶᠢᠨ ᠤᠯᠠᠨ ᠲᠠᠯᠠᠰ ᠢ ᠬᠠᠳᠠᠭᠠᠯᠠᠭᠰᠠᠨ ᠪᠠᠶᠢᠳᠠᠭ ᠪᠠ ᠦᠵᠦᠮᠦᠴᠢᠨ ᠤᠷᠳᠤ ᠶᠢᠨ ᠲᠠᠭᠤᠯᠠᠯᠭ᠎ᠠ ᠴᠤ | ᠦᠪᠡᠷ ᠤᠨ ᠦᠪᠡᠷᠮᠢᠴᠡ ᠤᠨᠴᠠᠯᠢᠭ ᠨᠢ ᠪᠠᠶᠢᠳᠠᠭ᠂ ᠡᠨᠡ ᠪᠤᠯ ᠤᠷᠠᠯᠢᠭ᠃ ᠠᠯᠢ ᠭᠠᠵᠠᠷ ᠤᠨ ᠲᠠᠭᠤᠴᠢᠳ | ᠪᠤᠯᠤᠭᠰᠠᠨ ᠴᠤ ᠬᠠᠮᠢᠶ᠎ᠠ ᠦᠭᠡᠢ ᠴᠢ ᠲᠤᠷ᠎ᠠ ᠶᠢᠨ ᠨᠢᠭᠡᠨ ᠭᠠᠵᠠᠷ ᠤᠷᠤᠨ ᠤ ᠤᠨᠴᠠᠯᠢᠭ ᠲᠠᠢ ᠲᠠᠭᠤᠯᠠᠯᠭ᠎ᠠ ᠶᠢ | ᠡᠷᠬᠢᠮᠯᠡᠪᠡᠯ ᠵᠤᠬᠢᠯᠳᠠᠢ᠂ ᠬᠡᠳᠦᠶᠢᠪᠡᠷ ᠨᠢᠭᠡ ᠲᠠᠭᠤᠤ ᠪᠤᠯᠪᠠᠴᠤ ᠲᠠᠭᠤᠯᠠᠯᠭ᠎ᠠ ᠶᠢᠨ ᠬᠤᠪᠢ ᠳᠤ ᠲᠡᠷᠡ ᠨᠢ ᠭᠠᠵᠠᠷ | ᠤᠷᠤᠨ ᠤ ᠦᠩᠭᠡ ᠪᠤᠳᠤᠭ ᠢ ᠰᠠᠭᠤᠯᠭᠠᠪᠠᠯ ᠤᠯᠠᠮ ᠭᠤᠶᠤ ᠲᠠᠭᠠᠯᠠᠮᠵᠢᠳᠠᠢ ᠪᠦᠭᠡᠳ ᠭᠤᠶᠢᠳᠡ ᠰᠤᠨᠤᠰᠪᠤᠷᠢᠳᠡᠢ | ᠪᠠᠶᠢᠳᠠᠭ᠃ ᠭᠡᠪᠡᠴᠤ ᠭᠠᠵᠠᠷ ᠤᠷᠤᠨ ᠤ ᠲᠠᠭᠤᠯᠠᠯᠭ᠎ᠠ ᠶᠢᠨ ᠬᠡᠪ ᠨᠠᠮᠪᠠ ᠪᠤᠯᠤᠨ ᠤᠨᠴᠠᠯᠢᠭ ᠢ ᠨᠢ ᠠᠯᠳᠠᠭᠳᠠᠭᠤᠯᠤᠨ | ᠬᠤᠳᠬᠤᠯᠳᠤᠭᠤᠯᠤᠨ ᠲᠠᠭᠤᠯᠠᠵᠦ ᠪᠤᠯᠬᠤ ᠦᠭᠡᠢ᠃ | ᠦᠵᠦᠮᠦᠴᠢᠨ ᠨᠤᠲᠤᠭ ᠲᠤ᠂ ᠦᠪᠡᠷᠮᠢᠴᠡ ᠤᠨᠴᠠᠯᠢᠭ ᠲᠠᠢ ᠤᠷᠳᠤ ᠶᠢᠨ ᠲᠠᠭᠤᠤ ᠪᠠᠨ ᠬᠦᠳᠡᠭᠡ ᠶᠢᠨ | ᠮᠠᠯᠴᠢᠳ ᠨᠠᠶᠢᠷ ᠨᠠᠭᠠᠳᠤᠮ᠂ ᠤᠷᠤᠭ ᠬᠤᠷᠢᠮ ᠳᠤ ᠮᠦᠨ ᠨᠠᠨᠳᠢᠩᠨᠠᠨ ᠲᠠᠭᠤᠯᠠᠭᠰᠠᠭᠷ ᠵᠠᠩᠰᠢᠭᠰᠠᠨ ᠴᠢᠭ ᠢᠶᠠᠷ ᠢᠶᠠᠨ | ᠪᠤᠢ᠂ ᠡᠨᠡ ᠪᠤᠯ ᠤᠯᠠᠮᠵᠢᠯᠠᠯ᠃ ᠮᠠᠯᠴᠢᠳ ᠤᠨ ᠲᠤᠮᠳᠠ ᠤᠳᠤ ᠪᠤᠯᠳᠠᠯ᠎ᠠ ᠤᠷᠳᠤ ᠶᠢᠨ ᠲᠠᠭᠤᠤ ᠶᠢᠨ ᠡᠬᠢ ᠪᠠᠶᠠᠯᠢᠭ | ᠨᠢ ᠬᠠᠳᠠᠭᠠᠯᠠᠭᠳᠠᠭᠰᠠᠭᠠᠷ ᠪᠠᠶᠢᠭ᠎ᠠ᠂ ᠡᠨᠡ ᠨᠢ ᠨᠡᠭᠦᠳᠡᠯ ᠮᠠᠯᠵᠢᠯ ᠤᠨ ᠦᠢᠯᠡᠳᠪᠦᠷᠢᠯᠡᠯ ᠠᠮᠢᠳᠤᠷᠠᠯ ᠢᠶᠠᠨ ᠠᠭᠠᠵᠢᠮ | ᠪᠤᠯᠳᠠᠯ᠎ᠠ ᠪᠠᠷᠢᠮᠳᠠᠯᠠᠭᠰᠠᠨ ᠲᠠᠢ ᠨᠢᠭᠳᠠ ᠬᠤᠯᠪᠤᠭ᠎ᠠ ᠲᠠᠢ ᠪᠠᠶᠢᠵᠦ ᠲᠠᠭᠠᠷᠠᠨ᠎ᠠ᠃ ᠬᠦᠳᠡᠭᠡ ᠶᠢᠨ ᠮᠠᠯᠴᠢᠳ ᠤᠨ | ᠵᠠᠩᠰᠢᠯ ᠢᠶᠠᠷ ᠪᠤᠯ ᠤᠷᠳᠤ ᠶᠢᠨ ᠲᠠᠭᠤᠤ ᠲᠠᠭᠤᠯᠠᠬᠤ ᠪᠦᠷᠢ ᠰᠡᠭᠦᠯ ᠳᠤᠨᠢ ︽ᠲᠠᠭᠤᠤ ᠲᠦᠷᠢᠬᠦ︾ ᠭᠡᠵᠦ ᠡᠷᠭᠦᠯᠭᠡ | ᠠᠶᠠᠰ ᠲᠠᠭᠤᠯᠠᠳᠠᠭ᠂ ᠲᠠᠭᠤᠤ ᠲᠦᠷᠢᠬᠦ ᠳᠤ ᠤᠯᠠᠨ ᠢᠶᠠᠷ ᠢᠶᠠᠨ ︽ᠲᠠᠭᠤᠤ ᠪᠠᠨ ᠡᠷᠭᠦᠭᠡᠳ ᠨᠠᠶᠢᠷᠠᠯᠳᠠᠢ᠂ | ᠠᠶᠠᠬᠠᠨ ᠢᠶᠠᠨ ᠨᠠᠢ ᠳ᠋ᠤᠤ ᠵᠠᠢ︾᠂ ︽ᠬᠦᠭᠵᠢᠨ ᠰᠠᠭᠤᠭᠠᠳ ᠨᠠᠶᠢᠷᠠᠯᠳᠠᠢ᠂ ᠠᠶᠠᠬᠠᠨ ᠢᠶᠠᠨ ᠨᠠᠢ ᠳ᠋ᠤᠤ ᠵᠠᠢ︾ ᠭᠡᠬᠦ | ᠮᠡᠳᠦ ᠤᠯᠠᠨ ᠦᠭᠡᠰ ᠤᠨ ᠰᠠᠩ ᠲᠠᠢ ︽ᠲᠠᠭᠤᠤ ᠶᠢᠨ ᠲᠦᠷᠢᠯᠭᠡ︾ ᠬᠢᠳᠡᠭ ᠨᠢ ᠨᠠᠶᠢᠷ ᠢ ᠤᠯᠠᠮ ᠲᠦᠪ | ᠬᠢᠴᠢᠶᠡᠩᠭᠦᠢ ᠬᠡᠪ ᠨᠠᠮᠪᠠ ᠲᠠᠢ ᠪᠠᠶᠢᠯᠭᠠᠳᠠᠭ ᠪᠠ ᠭᠤᠶᠢᠳᠡ ᠰᠠᠶᠢᠬᠠᠨ ᠰᠤᠨᠤᠰᠬᠤᠯᠠᠩ ᠲᠠᠢ ᠪᠠᠶᠢᠳᠠᠭ᠃ ᠡᠨᠡ ᠪᠤᠯ | ᠦᠵᠦᠮᠦᠴᠢᠨ ᠨᠤᠲᠤᠭ ᠲᠤ ᠬᠠᠳᠠᠭᠠᠯᠠᠭᠳᠠᠵᠦ ᠪᠠᠶᠢᠭ᠎ᠠ ᠲᠠᠭᠤᠯᠠᠯᠭ᠎ᠠ ᠶᠢᠨ ᠪᠠᠰᠠ ᠨᠢᠭᠡᠨ ᠤᠨᠴᠠᠯᠢᠭ ᠪᠤᠶᠤ᠃ | ᠦᠵᠦᠮᠦᠴᠢᠨ ᠤᠷᠳᠤ ᠶᠢᠨ ᠲᠠᠭᠤᠤ ᠨᠢ ᠲᠠᠯ᠎ᠠ ᠨᠤᠲᠤᠭ ᠤᠨ ᠤᠷᠠᠯᠢᠭ ᠤᠨ ᠰᠤᠩᠭᠤᠳᠠᠭ ᠪᠦᠳᠦᠭᠡᠯ ᠪᠤᠯᠤᠭᠰᠠᠨ ᠤ | ᠬᠤᠪᠢ ᠳᠤ ᠲᠡᠭᠦᠨ ᠤ ᠢᠷᠠᠭᠤ ᠡᠭᠡᠰᠢᠭᠯᠡᠩ ᠤᠨ ᠭᠤᠸ᠎ᠠ ᠰᠤᠨᠤᠰᠬᠤᠯᠠᠩ ᠤᠨ ᠮᠦᠨ ᠴᠢᠨᠠᠷ ᠢ ᠭᠦᠨᠵᠡᠭᠡᠢ | ᠦᠢᠯᠡᠭᠠᠵᠦ᠂ ᠦᠪᠡᠷᠮᠢᠴᠡ ᠤᠨᠴᠠᠯᠢᠭ ᠪᠦᠬᠦᠢ ᠦᠨᠳᠦᠷ ᠬᠡᠮᠵᠢᠶᠡᠨ ᠤ ᠲᠠᠭᠤᠯᠠᠯᠭ᠎ᠠ ᠶᠢᠨ ᠬᠡᠪ ᠨᠠᠮᠪᠠ ᠬᠢᠭᠡᠳ | ᠦᠨᠦᠷ ᠠᠮᠳᠠ ᠶᠢ ᠭᠦᠨᠴᠠ ᠲᠠᠢ ᠬᠠᠳᠠᠭᠠᠯᠠᠨ᠂ ᠤᠯᠠᠮᠵᠢᠯᠠᠨ ᠦᠯᠡᠳᠡᠭᠡᠬᠦ ᠵᠤᠷᠢᠭᠤᠯᠤᠯᠳᠠ ᠪᠠᠷ ᠲᠤᠰ ᠰᠢᠨᠵᠢᠯᠡᠭᠡᠨ ᠢ | ᠬᠢᠯ᠎ᠡ᠃ | ᠲᠦᠷᠪᠡ ᠦᠵᠦᠮᠦᠴᠢᠨ ᠤᠷᠳᠤ ᠶᠢᠨ ᠲᠠᠭᠤᠤ ᠬᠢᠭᠡᠳ ᠲᠡᠭᠦᠨ ᠤ ᠲᠡᠤᠬᠡᠨ ᠤᠯᠠ ᠮᠦᠷ | ᠦᠪᠦᠷ ᠮᠤᠩᠭᠤᠯ ᠤᠨ ᠵᠡᠭᠦᠨ ᠦᠵᠦᠮᠦᠴᠢᠨ ᠬᠤᠰᠢᠭᠤ ᠪᠤᠯ ᠤᠯᠠᠮᠵᠢᠯᠠᠯᠳᠤ ᠰᠠᠶᠢᠬᠠᠨ ᠤᠷᠳᠤ ᠶᠢᠨ | ᠲᠠᠭᠤᠤ ᠶᠢᠨ ᠦᠯᠦᠭᠡᠢ ᠪᠦᠭᠡᠳ ᠤᠷᠳᠤ ᠶᠢᠨ ᠲᠠᠭᠤᠤ ᠪᠠᠨ ᠲᠡᠭᠡᠳᠦᠯᠡᠨ ᠤᠯᠠᠮᠵᠢᠯᠠᠳᠠᠭ ᠤᠶᠤᠨ ᠤ ᠨᠠᠷᠠ | ᠢᠪᠡᠭᠡᠭᠰᠡᠨ ᠠᠷᠠᠳ ᠲᠦᠮᠡᠨ ᠲᠠᠢ ᠶᠤᠮ᠃ ᠳᠡᠳᠡᠨ ᠤ ᠲᠤᠮᠳᠠ ᠦᠪᠡᠷ ᠤᠨ ᠬᠢᠨᠢ ᠤᠨᠴᠠᠯᠢᠭ ᠲᠠᠢ ᠤᠷᠳᠤ ᠶᠢᠨ | ᠲᠠᠭᠤᠤ ᠶᠢᠨ ᠡᠬᠢ ᠪᠠᠶᠠᠯᠢᠭ ᠡᠯᠪᠡᠭ ᠪᠠᠶᠢᠳᠠᠭ ᠢᠶᠠᠷ ︽ᠦᠵᠦᠮᠦᠴᠢᠨ ᠠᠷᠠᠳ ᠤᠨ ᠤᠷᠳᠤ ᠶᠢᠨ ᠲᠠᠭᠤᠤ︾ ᠭᠡᠵᠦ | ᠲᠠᠶᠠᠩ ᠳᠤ ᠠᠯᠳᠠᠷᠰᠢᠭᠰᠠᠨ ᠪᠢᠯᠡ᠃ ᠤᠷᠳᠤ ᠶᠢᠨ ᠲᠠᠭᠤᠤ ᠨᠢ ᠲᠠᠯ᠎ᠠ ᠨᠤᠲᠤᠭ ᠤᠨ ᠠᠮᠠᠨ ᠤᠯᠠᠮᠵᠢᠯᠠᠯ ᠤᠨ ᠲᠡᠤᠬᠡ | ᠰᠤᠶᠤᠯ ᠤᠨ ᠠᠴᠢᠶᠠᠯᠠᠪᠤᠷᠢ ᠪᠤᠯᠤᠭᠰᠠᠨ ᠤ ᠬᠤᠪᠢ ᠳᠤ ᠮᠠᠰᠢ ᠤᠯᠠᠨ ᠲᠠᠯ᠎ᠠ ᠠᠴᠠ ᠢᠮ ᠲᠠᠮᠠᠭ᠎ᠠ ᠪᠠᠨ | ᠲᠤᠷᠠᠶᠢᠯᠭᠠᠭᠰᠠᠭᠠᠷ ᠢᠷᠡᠭᠰᠡᠨ᠂ ᠡᠭᠦᠨ ᠳᠤ ᠴᠠᠭ ᠦᠶ᠎ᠡ ᠶᠢᠨ ᠤᠬᠢ ᠰᠢᠯᠢᠳᠡᠭ ᠲᠠᠭᠤᠴᠢᠳ ᠮᠠᠨᠢ ᠡᠨᠡᠬᠦ | ᠤᠶᠠᠩᠭ᠎ᠠ ᠶᠢᠨ ᠠᠴᠢᠶ᠎ᠠ ᠬᠦᠰᠭᠡ ᠲᠤ ᠰᠠᠠᠷᠠᠭᠤᠯ ᠳᠡᠷᠳᠡᠩ ᠵᠠᠮ ᠢ ᠨᠡᠭᠡᠭᠡᠵᠦ᠂ ᠤᠷᠠᠨ ᠴᠡᠭᠡᠯᠭᠡᠨ | ᠬᠤᠭᠤᠯᠠᠢ ᠪᠠᠷ ᠢᠶᠠᠨ ᠤᠷᠠᠯᠢᠭ ᠰᠤᠶᠤᠯ ᠤᠨ ᠡᠷᠳᠡᠨᠢ ᠶᠢᠨ ᠰᠤᠪᠤᠷᠭ᠎ᠠ ᠶᠢ ᠪᠤᠰᠬᠠᠭᠰᠠᠨ ᠪᠠᠶᠢᠳᠠᠭ᠃ | ᠤᠷᠳᠤ ᠶᠢᠨ ᠲᠠᠭᠤᠤ ᠠᠴᠠ ᠠᠶᠢᠮᠠᠭ ᠪᠦᠯᠦᠭ ᠤᠨ ᠲᠡᠤᠬᠡᠨ ᠤᠯᠠ ᠮᠦᠷ ᠢᠶᠠᠨ ᠲᠤᠳᠤᠷᠬᠠᠢ ᠳᠡᠮᠳᠡᠭᠯᠡᠵᠦ | ᠪᠠᠶᠢᠳᠠᠭ᠃ ᠡᠨᠡ ᠲᠤᠬᠠᠢ ᠪᠢᠳᠡ ᠮᠤᠩᠭᠤᠯ ᠤᠯᠤᠰ ᠤᠨ ᠪᠠᠷᠠᠭᠤᠨ ᠪᠡᠶ᠎ᠡ ᠶᠢᠨ ᠠᠯᠳᠠᠢ ᠨᠢᠷᠤᠭᠤ ᠪᠠ ᠬᠠᠩᠭᠠᠢ | ᠨᠢᠷᠤᠭᠤ ᠪᠠᠷ 2006 — 2008 ᠤᠨ ᠤ ᠬᠤᠶᠠᠷ ᠤᠳᠠᠭᠠᠨ ᠤ ︽ᠦᠵᠦᠮᠦᠴᠢᠨ ᠤ ᠤᠤᠭᠠᠯ ᠨᠤᠲᠤᠭ ᠢᠶᠠᠨ | ᠬᠠᠶᠢᠨ ᠰᠢᠨᠵᠢᠬᠦ︾ ᠠᠵᠢᠯᠯᠠᠭᠠᠨ ᠤ ᠵᠠᠮ ᠮᠦᠷ ᠠᠴᠠ ᠤᠯᠵᠦ ᠮᠡᠳᠡᠭᠰᠡᠨ᠃ | ︽ᠦᠯᠢ ᠶᠢᠨ ᠲᠠᠪᠠᠭ᠎ᠠ︾᠂ ︽ᠬᠢᠰᠭᠢᠳᠡᠯ ᠰᠡᠶᠢᠳᠤ︾ ᠭᠡᠬᠦ ᠤᠷᠳᠤ ᠶᠢᠨ ᠲᠠᠭᠤᠤ ᠶᠢᠨ ᠲᠤᠬᠠᠢ᠃ ᠲᠤᠰ | ᠬᠤᠶᠠᠷ ᠠᠷᠠᠳ ᠤᠨ ᠤᠷᠳᠤ ᠶᠢᠨ ᠲᠠᠭᠤᠤ ᠪᠤᠯ ᠦᠵᠦᠮᠦᠴᠢᠨ ᠤ ᠶᠡᠭᠡ ᠨᠡᠭᠦᠳᠡᠯ ᠤᠨ ᠵᠠᠮ ᠮᠦᠷ ᠤᠨ ᠠᠭᠤᠯᠠ | ᠤᠰᠤᠨ ᠤ ᠨᠡᠷ᠎ᠡ ᠲᠠᠢ ᠰᠢᠭᠤᠳ ᠤᠶᠠᠯᠳᠤᠵᠦ ᠪᠠᠶᠢᠬᠤ ᠠᠴᠠ ᠦᠵᠡᠪᠡᠯ ᠠᠯᠳᠠᠢ ᠨᠢᠷᠤᠭᠤ ᠪᠠᠷ ᠨᠤᠲᠤᠭᠯᠠᠵᠦ ᠪᠠᠶᠢᠬᠤ | ᠦᠶ᠎ᠡ ᠵᠤᠬᠢᠶᠠᠭᠳᠠᠨ ᠲᠠᠭᠤᠯᠠᠭᠳᠠᠭᠰᠠᠨ ᠰᠢᠭ᠋ ᠠᠵᠢᠭᠯᠠᠭᠳᠠᠨ᠎ᠠ᠃ ᠦᠵᠦᠮᠦᠴᠢᠨ ᠤᠷᠳᠤ ᠶᠢᠨ ᠲᠠᠭᠤᠤ ᠳᠤ ᠡᠳᠡᠭᠡᠷ | ᠲᠠᠭᠤᠤ ᠨᠤᠭᠤᠳ ᠳᠡᠮᠳᠡᠭᠯᠡᠭᠳᠡᠵᠦ ᠪᠠᠶᠢᠬᠤ ᠪᠠ ᠤᠳᠤ ᠪᠤᠯᠳᠠᠯ᠎ᠠ ᠦᠷᠭᠡᠨ ᠢᠶᠠᠷ ᠲᠠᠭᠤᠯᠠᠭᠳᠠᠵᠦ ᠪᠤᠢ᠃ | ᠬᠤᠪᠳᠤ ᠬᠤᠳᠠ ᠠᠴᠠ ᠪᠠᠷᠠᠭᠤᠨ ᠡᠮᠦᠨ᠎ᠡ ᠬᠤᠷᠢᠭᠠᠳ ᠭᠠᠵᠠᠷ ᠤᠨ ᠤᠷᠴᠢᠮ ᠳᠤ ︽ᠶᠡᠭᠡ ᠦᠯᠢ︾ ᠭᠡᠬᠦ | ᠠᠭᠤᠯᠠᠷᠬᠠᠭ ᠭᠠᠵᠠᠷ ᠤᠷᠤᠨ ᠪᠤᠢ ᠪᠦᠭᠡᠳ ᠲᠡᠭᠦᠨ ᠠᠴᠠ ᠤᠷᠤᠭᠰᠢ ︽ᠦᠯᠢ ᠶᠢᠨ ᠲᠠᠪᠠᠭ᠎ᠠ︾ ᠭᠡᠵᠦ ᠦᠨᠳᠦᠷ | ᠲᠠᠪᠠᠭ᠎ᠠ ᠪᠠᠶᠢᠳᠠᠭ᠃ ᠲᠤᠰ ᠲᠠᠪᠠᠭ᠎ᠠ ᠠᠴᠠ ᠵᠡᠭᠦᠨᠰᠢ ᠴᠢᠭᠯᠡᠯ ᠳᠤ ︽ᠬᠤᠪᠳᠤ ᠶᠢᠨ ᠶᠢᠨ ᠰᠢᠷᠡᠭᠡ︾ ᠭᠡᠬᠦ ᠡᠮᠦᠨᠡᠰᠢ | ᠤᠮᠠᠷᠠᠰᠢ ᠤᠷᠳᠤᠯᠠᠭᠰᠠᠨ ᠲᠡᠪ ᠳᠡᠭᠰᠢᠭᠡᠨ ᠴᠤᠬᠤᠮ ᠰᠢᠷᠡᠭᠡ ᠭᠡᠮᠡᠷᠬᠡᠨ ᠦᠨᠳᠦᠷ ᠨᠢᠷᠤᠭᠤ ᠪᠠᠶᠢᠨ᠎ᠠ᠃ ᠡᠳᠡᠭᠡᠷ | ᠭᠠᠵᠠᠷ ᠨᠢ ᠦᠵᠦᠮᠦᠴᠢᠨ ᠤ ᠠᠮᠠᠨ ᠤᠯᠠᠮᠵᠢᠯᠠᠯ ᠳᠠᠬᠢ ︽ᠦᠵᠦᠮ ᠤᠨ ᠴᠠᠭᠠᠨ ᠠᠭᠤᠯᠠ︾᠂ ︽ᠲᠦᠷᠦᠭᠡ | ᠬᠠᠩᠭᠢᠨᠠᠭᠤᠷ ᠤᠨ ᠬᠠᠪᠴᠢᠯ︾ ᠵᠡᠷᠭᠡ ᠠᠭᠤᠯᠠ ᠤᠰᠤᠨ ᠠᠴᠠ ᠵᠡᠭᠦᠨ ᠤᠷᠤᠭᠰᠢ ᠤᠶᠢᠷᠠᠯᠴᠠᠭ᠎ᠠ ᠪᠠᠶᠢᠬᠤ ᠶᠤᠮ᠃ | ᠡᠶᠢᠮᠦ ᠠᠴᠠ ᠲᠤᠰ ᠤᠷᠳᠤ ᠶᠢᠨ ᠲᠠᠭᠤᠤ ᠨᠤᠭᠤᠳ ᠴᠤ ᠠᠮᠠᠨ ᠤᠯᠠᠮᠵᠢᠯᠠᠯ ᠤᠨ ᠠᠴᠢᠶᠠᠯᠠᠪᠤᠷᠢ ᠪᠤᠯᠵᠦ᠂ | ᠦᠵᠦᠮᠦᠴᠢᠨ ᠶᠡᠭᠡ ᠨᠡᠭᠦᠳᠡᠯ ᠤᠨ ᠪᠡᠯᠭᠡ ᠳᠡᠮᠳᠡᠭ ᠪᠤᠯᠵᠦ ᠤᠯᠠᠮᠵᠢᠯᠠᠭᠳᠠᠭᠰᠠᠨ ᠪᠠᠶᠢᠵᠦ ᠲᠠᠭᠠᠷᠠᠨ᠎ᠠ᠃ | ᠦᠵᠦᠮᠦᠴᠢᠨᠴᠤᠳ ᠡᠳᠡᠭᠡᠷ ᠲᠠᠭᠤᠤ ᠶᠢ ᠠᠯᠳᠠᠢ ᠨᠢᠷᠤᠭᠤ ᠠᠴᠠ ᠵᠡᠭᠦᠨᠰᠢᠯᠡᠨ ᠬᠠᠩᠭᠠᠢ ᠨᠢᠷᠤᠭᠤ ᠵᠦᠭ ᠨᠡᠭᠦᠨ | ᠰᠢᠯᠵᠢᠬᠦ ᠦᠶ᠎ᠡ ᠵᠤᠬᠢᠶᠠᠭᠳᠠᠭᠰᠠᠨ ᠰᠢᠭ᠋ ᠲᠦᠯᠦᠪ ᠲᠠᠢ᠃ | ︽ᠶᠡᠭᠡ ᠪᠤᠭᠳᠠ ᠪᠤᠯᠠᠭᠠᠨ ᠬᠠᠩᠭᠠᠢ︾ ᠭᠡᠬᠦ ᠦᠵᠦᠮᠦᠴᠢᠨ ᠠᠷᠠᠳ ᠤᠨ ᠲᠦᠷᠦ ᠶᠢᠨ ᠶᠡᠭᠡ ᠲᠠᠭᠤᠤ ᠪᠤᠢ᠃ | ᠤᠷᠢᠳᠦ ᠦᠵᠦᠮᠦᠴᠢᠨ ᠠᠶᠢᠮᠠᠭ ᠤᠨ ᠠᠬᠠᠯᠠᠭᠴᠢ ᠨᠤᠶᠠᠨ ᠢᠶᠠᠷ ᠬᠠᠭᠠᠨ ᠪᠠᠯᠭᠠᠰᠤ ᠳᠤ ᠮᠤᠷᠢᠯᠠᠬᠤ ᠳᠠᠭᠠᠨ | ᠲᠠᠭᠤᠯᠠᠭᠰᠠᠨ ᠲᠠᠭᠤᠤ ᠭᠡᠵᠦ ᠤᠯᠠᠮᠵᠢᠯᠠᠨ ᠶᠠᠷᠢᠭᠳᠠᠳᠠᠭ᠃ ᠲᠤᠰ ᠲᠠᠭᠤᠤ ᠶᠢ ᠵᠤᠬᠢᠶᠠᠭᠳᠠᠭᠰᠠᠨ ᠴᠠᠭ | ᠬᠤᠭᠤᠴᠠᠭ᠎ᠠ ᠶᠢᠨ ᠲᠠᠯ᠎ᠠ ᠪᠠᠷ ᠬᠡᠯᠡᠪᠡᠯ ᠬᠠᠩᠭᠠᠢ ᠨᠢᠷᠤᠭᠤ ᠪᠠᠷ ᠮᠠᠯᠵᠢᠨ ᠪᠠᠶᠢᠵᠦ ᠪᠠᠶᠢᠭᠠᠳ ᠭᠤᠪᠢ ᠵᠦᠭ | ᠰᠢᠯᠵᠢᠬᠦ ᠳᠡᠭᠡᠨ ᠲᠠᠭᠤᠯᠠᠭᠳᠠᠭᠰᠠᠨ ᠨᠢ ᠲᠤᠳᠤᠷᠬᠠᠢ ᠪᠠᠶᠢᠵᠦ᠂ ᠭᠠᠵᠠᠷ ᠤᠰᠤᠨ ᠤ ᠨᠡᠷᠡᠶᠢᠳᠦᠯ ᠨᠢ ᠤᠳᠤ ᠪᠤᠯᠳᠠᠯ᠎ᠠ | ᠬᠠᠳᠠᠭᠠᠯᠠᠭᠳᠠᠨ ᠪᠤᠢ᠃ ᠬᠠᠩᠭᠠᠢ ᠨᠢᠷᠤᠭᠤ ᠪᠤᠯ ᠮᠤᠩᠭᠤᠯ ᠤᠯᠤᠰ ᠤᠨ ᠠᠷᠤ ᠬᠠᠩᠭᠠᠢ᠂ ᠪᠠᠶᠠᠠᠬᠤᠩᠭᠤᠷ᠂ ᠵᠠᠪᠬᠠᠨ᠂ | ᠦᠪᠦᠷ ᠬᠠᠩᠭᠠᠢ ᠵᠡᠷᠭᠡ ᠠᠶᠢᠮᠠᠭ ᠤᠨ ᠨᠤᠲᠤᠭ ᠳᠡᠪᠢᠰᠭᠡᠷ ᠢᠶᠠᠷ ᠬᠦᠨᠳ᠋ᠨᠯᠢᠳᠦᠨ ᠪᠠᠶᠢᠭ᠎ᠠ ᠤᠷᠳᠤ ᠨᠢᠷᠤᠭᠤ ᠪᠤᠯᠤᠨ᠎ᠠ᠃ | ᠬᠠᠩᠭᠠᠢ ᠨᠢᠷᠤᠭᠤ ᠶᠢᠨ ᠵᠡᠭᠦᠨ ᠬᠡᠰᠡᠭ ᠪᠤᠯᠬᠤ ᠠᠷᠤ ᠬᠠᠩᠭᠠᠢ ᠠᠶᠢᠮᠠᠭ ᠤᠨ ᠨᠤᠲᠤᠭ ᠲᠤ ︽ᠪᠤᠯᠠᠭᠠᠨ ᠠᠭᠤᠯᠠ︾ | ᠭᠡᠵᠦ ᠪᠤᠢ᠂ ᠬᠠᠩᠭᠠᠢ ᠨᠢᠷᠤᠭᠤ ᠠᠴᠠ ᠵᠡᠭᠦᠨ ᠤᠷᠤᠭᠰᠢ ᠪᠠᠶᠠᠠᠬᠤᠩᠭᠤᠷ ᠠᠶᠢᠮᠠᠭ ᠤᠨ ᠨᠤᠲᠤᠭ ᠤᠨ ᠵᠡᠭᠦᠨ ᠡᠮᠦᠨ᠎ᠡ | ᠬᠡᠰᠡᠭ ᠲᠤ ︽ᠶᠡᠭᠡ ᠪᠤᠭᠳᠡ ᠠᠭᠤᠯᠠ︾ ᠭᠡᠬᠦ ᠳᠠᠯᠠᠢ ᠶᠢᠨ ᠲᠦᠪᠰᠢᠨ ᠠᠴᠠ ᠳᠡᠭᠡᠭᠰᠢ 3957 ᠮᠧᠲᠷ ᠡᠷᠭᠦᠭᠳᠡᠵᠦ | ᠪᠠᠶᠢᠭ᠎ᠠ ᠶᠡᠭᠡ ᠠᠭᠤᠯᠠ ᠪᠠᠶᠢᠳᠠᠭ᠂ ᠤᠶᠢᠷᠠᠯᠴᠠᠭ᠎ᠠ ᠬᠤᠷᠮᠤᠢ ᠳᠤᠨᠢ ︽ᠤᠷᠤᠭ︾ ᠭᠡᠮᠡᠬᠦ ᠶᠡᠭᠡ ᠨᠠᠭᠤᠷ ᠪᠤᠢ᠃ | ᠲᠤᠰ ᠨᠠᠭᠤᠷ ᠢ ᠠᠷᠪᠢᠵᠢᠭᠤᠯᠤᠨ ᠤᠨᠳᠤᠷᠤᠭᠤᠯᠵᠦ ᠪᠠᠶᠢᠭ᠎ᠠ ᠨᠢ ᠬᠠᠩᠭᠠᠢ ᠶᠢᠨ ᠨᠢᠷᠤᠭᠤ ᠠᠴᠠ ᠡᠬᠢ ᠠᠪᠤᠭᠰᠠᠨ ︽ | ᠲᠦᠢ ᠶᠢᠨ ᠭᠤᠤᠯ︾ ᠤᠨ ᠴᠢᠳᠬᠤᠯᠠᠩ ᠪᠤᠯᠤᠨ᠎ᠠ᠃ ᠡᠭᠦᠨ ᠠᠴᠠ ᠦᠵᠦᠮᠦᠴᠢᠨᠴᠤᠳ᠂ ᠳᠡᠭᠡᠷ᠎ᠡ ᠦᠶ᠎ᠡ ᠳᠡᠭᠡᠨ | ᠰᠠᠭᠤᠷᠢᠰᠢᠨ ᠨᠤᠲᠤᠭᠰᠢᠵᠦ ᠪᠠᠶᠢᠭᠰᠠᠨ ᠭᠠᠵᠠᠷ ᠢᠶᠠᠨ ︽ᠶᠡᠭᠡ ᠪᠤᠭᠳᠠ — ᠪᠤᠯᠠᠭᠠᠨ — ᠬᠠᠩᠭᠠᠢ︾ ᠭᠡᠵᠦ | ᠲᠤᠮᠢᠶᠠᠯᠠᠭᠠᠳ ᠲᠠᠭᠤᠤ ᠡᠭᠡᠰᠢᠭ ᠢᠶᠠᠷ ᠢᠶᠠᠨ ᠬᠠᠳᠠᠭᠠᠯᠠᠨ ᠤᠯᠠᠮᠵᠢᠯᠠᠭᠰᠠᠨ ᠪᠦᠭᠡᠳ ᠰᠡᠭᠦᠯᠡᠷ ᠨᠢ ᠦᠵᠦᠮᠦᠴᠢᠨ | ᠠᠶᠢᠮᠠᠭ ᠤᠨ ︽ᠰᠦᠯᠳᠡ ᠲᠠᠭᠤᠤ︾ ᠪᠤᠯᠤᠨ ᠳᠡᠭᠡᠵᠢᠯᠡᠭᠳᠡᠭᠰᠡᠨ ᠪᠠᠶᠢᠨ᠎ᠠ᠃ ᠳᠡᠭᠡᠷᠡᠬᠢ ᠪᠤᠯ ᠦᠵᠦᠮᠦᠴᠢᠨ | ᠤᠷᠳᠤ ᠶᠢᠨ ᠲᠠᠭᠤᠤ ᠲᠤᠳᠤᠷᠠᠬᠢ ᠠᠩᠬᠠᠨ ᠤ ᠲᠡᠤᠬᠡᠨ ᠢᠯᠡᠷᠡᠯ ᠤᠨ ᠲᠤᠰᠬᠠᠯ ᠭᠡᠵᠦ ᠦᠵᠡᠨ᠎ᠡ᠃ | ᠲᠠᠪᠤ ᠤᠷᠳᠤ ᠶᠢᠨ ᠲᠠᠭᠤᠤ ᠶᠢᠨ ᠦᠯᠦᠭᠡᠢ ᠦᠵᠦᠮᠦᠴᠢᠨ | ᠤᠷᠳᠤ ᠬᠤᠭᠤᠴᠠᠭᠠᠨ ᠤ ᠲᠡᠤᠬᠡᠨ ᠶᠠᠪᠤᠴᠠ ᠳᠤ ᠦᠵᠦᠮᠦᠴᠢᠨ ᠲᠦᠮᠡᠨ ᠤᠷᠳᠤ ᠶᠢᠨ ᠲᠠᠭᠤᠤ ᠪᠠᠨ | ᠲᠠᠭᠤᠯᠠᠨ ᠤᠯᠠᠮᠵᠢᠯᠠᠵᠦ᠂ ᠵᠤᠬᠢᠶᠠᠨ ᠪᠦᠳᠦᠭᠡᠨ ᠵᠠᠯᠭᠠᠮᠵᠢᠯᠠᠭᠤᠯᠤᠭᠰᠠᠭᠠᠷ ᠲᠠᠭᠤᠤ ᠬᠤᠭᠤᠯᠠᠢ ᠶᠢᠨ ᠰᠤᠶᠤᠯ | ᠤᠷᠠᠯᠢᠭ ᠤᠨ ᠲᠤᠭᠳᠠᠴᠠ ᠶᠢ ᠡᠭᠦᠳᠦᠨ ᠪᠦᠳᠦᠭᠡᠵᠦ ᠪᠠᠶᠠᠯᠢᠭᠵᠢᠭᠤᠯᠤᠭᠰᠠᠨ ᠪᠠᠶᠢᠳᠠᠭ᠃ ᠦᠪᠡᠷ ᠤᠨ ᠤᠨᠴᠠᠯᠢᠭ | ᠪᠦᠬᠦᠢ ᠲᠤᠭᠳᠠᠴᠠ ᠲᠠᠢ ᠪᠤᠯᠤᠭᠰᠠᠨ ᠢᠶᠠᠷ ᠦᠵᠦᠮᠦᠴᠢᠨ ᠮᠠᠯᠴᠢᠨ ᠲᠦᠮᠡᠨ ᠤᠳᠤ ᠪᠤᠯᠳᠠᠯ᠎ᠠ ᠨᠠᠢᠮᠠᠨ ᠨᠠᠰᠤᠳᠠᠢ | ᠵᠢᠭᠠᠯ ᠠᠴᠠ ᠨᠠᠶᠠ ᠬᠦᠷᠦᠭᠰᠡᠨ ᠪᠤᠭᠤᠷᠤᠯ ᠬᠦᠷᠳᠡᠯ᠎ᠡ ᠤᠷᠳᠤ ᠶᠢᠨ ᠲᠠᠭᠤᠤ ᠪᠠᠨ ᠲᠠᠭᠤᠯᠠᠵᠦ ᠴᠢᠳᠠᠬᠤ ᠪᠠᠷ ᠪᠠᠷᠠᠬᠤ | ᠦᠭᠡᠢ ᠲᠦᠷᠦ ᠶᠢᠨ ᠶᠡᠭᠡ ᠨᠠᠶᠢᠷ᠂ ᠵᠢᠯ ᠰᠠᠷ᠎ᠠ ᠶᠢᠨ ᠪᠠᠶᠠᠷ᠂ ᠤᠷᠤᠭ ᠬᠤᠷᠢᠮ᠂ ᠨᠠᠰᠤᠨ ᠪᠠᠶᠠᠷ ᠤᠨ ᠨᠠᠶᠢᠷ᠂ | ᠡᠩ ᠤᠨ ᠭᠡᠷ ᠤᠨ ᠨᠠᠶᠢᠷ ᠵᠡᠷᠭᠡ ᠪᠠᠶᠠᠷ ᠨᠠᠶᠢᠷ ᠤᠨ ᠴᠤᠭᠯᠠᠭᠠᠨ ᠢᠶᠠᠨ ᠤᠷᠳᠤ ᠶᠢᠨ ᠲᠠᠭᠤᠤ ᠪᠠᠷ ᠢᠶᠠᠨ ᠴᠡᠩᠭᠡᠯᠳᠤᠨ | ᠬᠦᠭᠡᠷᠤᠯᠳᠦᠵᠦ᠂ ᠲᠡᠰ ᠲᠠᠷᠠᠮ ᠲᠠᠢ ᠶᠠᠪᠤᠭᠳᠠᠭᠤᠯᠳᠠᠭ᠃ ᠨᠠᠰᠤᠳᠠᠶᠢᠴᠤᠤᠯ ᠤᠨ ᠬᠡᠯᠡᠬᠦ ᠪᠠᠷ ᠨᠠᠰᠤᠳᠠᠢ | ᠪᠤᠭᠤᠷᠤᠯ ᠤᠳ ᠠᠶᠢᠯ ᠭᠡᠷ ᠲᠤᠨᠢ ᠮᠤᠷᠢᠯᠠᠨ ᠰᠠᠭᠠᠳᠠᠪᠠᠯ ᠪᠡᠷᠢᠶᠡᠳ ᠨᠠᠷ ᠨᠢ ᠲᠦᠷᠦ ᠶᠢᠨ ᠬᠤᠪᠴᠠᠰᠤ ᠪᠠᠨ ᠡᠮᠦᠰᠴᠤ | ᠤᠭᠳᠤᠨ ᠠᠪᠬᠤ ᠪᠠ ᠠᠷᠢᠬᠢ ᠬᠡᠮᠨᠡᠨ ᠪᠠᠷᠢᠬᠤ ᠶᠢᠨ ᠵᠨᠷᠭᠡᠴᠡᠭᠡ ᠪᠠᠷ ᠤᠷᠳᠤ ᠶᠢᠨ ᠲᠠᠭᠤᠤ ᠪᠠᠨ ᠬᠠᠩᠭᠢᠨᠠᠭᠤᠯᠤᠨ | ᠡᠷᠭᠦᠳᠡᠭ ᠤᠴᠢᠷ ᠶᠤᠰᠤ ᠲᠠᠢ᠃ ᠡᠶᠢᠮᠦ ᠪᠠᠷ ᠤᠯᠠᠩᠬᠢ ᠠᠶᠢᠯ ᠤᠨ ᠪᠡᠷᠢᠶᠡᠳ ᠬᠦᠪᠡᠭᠦᠳ ᠤᠷᠳᠤ ᠶᠢᠨ ᠲᠠᠭᠤᠤ ᠶᠢ | ᠶᠡᠭᠡ ᠬᠡᠮᠵᠢᠶ᠎ᠡ ᠪᠠᠷ ᠲᠠᠭᠤᠯᠠᠨ ᠰᠤᠷᠤᠭᠰᠠᠨ ᠪᠠᠶᠢᠬᠤ ᠤᠴᠢᠷ ᠲᠠᠢ ᠶᠤᠮ ᠭᠡᠨ᠎ᠡ᠃ ᠲᠠᠭᠤᠤ ᠡᠷᠭᠦᠬᠦ ᠳᠡᠭᠡᠨ ᠵᠠᠪᠠᠯ | ᠲᠠᠭᠤᠤ ᠶᠢᠨ ᠠᠭᠤᠯᠭ᠎ᠠ ᠪᠠᠨ ᠮᠡᠳᠡᠭᠰᠡᠨ ᠪᠠᠶᠢᠬᠤ ᠬᠡᠷᠡᠭᠳᠡᠢ᠂ ᠬᠡᠮᠵᠢᠶ᠎ᠡ ᠪᠠᠷᠢᠮᠵᠢᠶ᠎ᠠ ᠲᠠᠢ ᠪᠠᠶᠢᠵᠦ᠂ ᠪᠤᠯᠪᠠᠰᠤᠨ | ᠶᠤᠰᠤᠷᠬᠠᠭ ᠬᠠᠨᠳᠤᠳᠠᠭ᠂ ᠶᠤᠰᠤ ᠴᠡᠭᠡᠷ ᠢ ᠠᠯᠳᠠᠭᠰᠠᠨ ᠠᠭᠤᠯᠭ᠎ᠠ ᠪᠦᠬᠦᠢ ᠲᠠᠭᠤᠤ ᠶᠢ ᠴᠡᠭᠡᠷᠯᠡᠳᠡᠭ ᠰᠠᠨ᠃ | ᠡᠨᠡᠬᠦ ᠪᠤᠯᠪᠠᠰᠤᠨ ᠤᠷᠠᠯᠢᠭ ᠰᠤᠶᠤᠯ ᠨᠢ ︽ᠰᠤᠶᠤᠯ ᠤᠨ ᠬᠤᠪᠢᠰᠬᠠᠯ ᠤᠨ ᠰᠠᠮᠠᠭᠤᠷᠠᠯ︾ ᠤᠨ ᠦᠶ᠎ᠡ ᠳᠤ | ᠹᠸᠤᠳᠠᠯ ᠬᠦᠷᠦᠩᠭᠡᠳᠦ ᠶᠤᠰᠤᠨ ᠤ ᠶᠠᠭᠤᠮ᠎ᠠ ᠪᠠᠷ ᠬᠦᠳᠭᠡᠭᠳᠡᠨ᠂ ᠲᠠᠭᠤᠯᠠᠭᠳᠠᠬᠤ ᠪᠠᠨ ᠪᠤᠯᠢᠵᠦ ᠨᠢᠭᠡᠨ ᠦᠶ᠎ᠡ | ᠲᠠᠰᠤᠷᠠᠪᠠ᠃ 1978 ᠤᠨ ᠤ ᠦᠭᠡᠷᠡᠴᠢᠯᠡᠯᠳᠡ ᠬᠢᠵᠦ ᠴᠢᠯᠦᠭᠡᠳᠡᠢ ᠶᠠᠪᠤᠯᠴᠠᠠᠭᠰᠠᠨ ᠠᠴᠠ ᠨᠠᠰᠢ᠂ ᠲᠠᠮᠳᠤᠭᠯᠠᠨ | ᠲᠠᠰᠤᠷᠠᠭᠰᠠᠨ ᠦᠨᠳᠦᠰᠦᠳᠡᠨ ᠤ ᠮᠠᠨᠢ ᠰᠤᠶᠤᠯ ᠳᠠᠬᠢᠨ ᠠᠮᠢᠯᠠᠯ ᠤᠨ ᠬᠦᠴᠦᠨ ᠢᠶᠠᠨ ᠤᠯᠵᠦ᠂ ᠤᠤᠯ | ᠰᠡᠷᠭᠦᠯᠳᠡ ᠪᠠᠨ ᠡᠬᠢᠯᠡᠪᠡ᠂ ᠡᠭᠦᠨ ᠳᠤ ᠨᠠᠰᠤᠳᠠᠶᠢᠴᠤᠳ ᠨᠢ ᠤᠷᠳᠤ ᠶᠢᠨ ᠲᠠᠭᠤᠤ ᠶᠢᠨ ᠤᠷᠠᠯᠢᠭ ᠤᠨ ᠭᠤᠸ᠎ᠠ | ᠰᠠᠶᠢᠬᠠᠨ ᠢ ᠢᠯᠡᠷᠡᠭᠦᠯᠵᠦ᠂ ᠦᠷ᠎ᠡ ᠬᠤᠶᠢᠴᠢᠰ ᠲᠠᠭᠠᠨ ᠲᠠᠭᠤᠯᠠᠨ ᠰᠤᠷᠭᠠᠵᠦ᠂ ᠪᠠᠶᠠᠷ ᠨᠠᠶᠢᠷ ᠪᠠ ᠤᠷᠤᠭ ᠬᠤᠷᠢᠮ | ᠳᠡᠭᠡᠷ᠎ᠡ ᠳᠠᠬᠢᠨ ᠲᠠᠭᠤᠯᠠᠬᠤ ᠪᠤᠯᠤᠭᠰᠠᠨ ᠶᠤᠮ᠃ ᠳᠡᠭᠡᠷ᠎ᠡ ᠵᠠᠭᠤᠨ ᠤ ᠨᠠᠶᠠᠭᠠᠳ ᠤᠨ ᠤ ᠡᠬᠢ ᠪᠠᠷ ᠦᠵᠦᠮᠦᠴᠢᠨ ᠤ | ᠨᠢᠭᠡᠨ ᠦᠶ᠎ᠡ ᠶᠢᠨ ᠤᠷᠠᠯᠢᠭᠴᠢᠨ ᠪᠦᠭᠡᠳ ᠠᠯᠳᠠᠷᠳᠤ ᠮᠤᠷᠢᠨ ᠬᠤᠭᠤᠷᠴᠢᠨ ᠰᠠᠩᠵᠠᠢ ᠭᠤᠸᠠᠢ᠂ ᠤᠶᠤᠨ | ᠤᠬᠠᠭᠠᠨ ᠢᠶᠠᠨ ᠰᠢᠪᠬᠠᠵᠦ ᠦᠤᠵᠦ ᠲᠠᠰᠤᠷᠠᠭᠰᠠᠨ ᠤᠷᠳᠤ ᠶᠢᠨ ᠲᠠᠭᠤᠤ ᠪᠠᠨ ᠴᠤᠭᠯᠠᠭᠤᠯᠤᠨ᠂ ᠦᠷ᠎ᠡ | ᠬᠤᠶᠢᠴᠢᠰ ᠲᠠᠭᠠᠨ ᠵᠠᠯᠭᠠᠭᠤᠯᠬᠤ ᠶᠢᠨ ᠲᠤᠰᠠᠳᠠ᠂ ᠠᠬᠠᠮᠠᠳ ᠪᠤᠭᠤᠷᠤᠯ ᠠᠴᠠ ᠪᠠᠨ ᠠᠰᠠᠭᠤᠨ ᠦᠭᠡ ᠠᠶᠠᠯᠠᠭᠤ ᠶᠢ | ᠨᠢ ᠨᠤᠲᠯᠠᠨ ᠳᠡᠮᠳᠡᠭᠯᠡᠵᠦ᠂ ︽ᠦᠵᠦᠮᠦᠴᠢᠨ ᠠᠷᠠᠳ ᠤᠨ ᠲᠠᠭᠤᠤ︾ ᠭᠡᠬᠦ ᠨᠤᠮ ᠳᠡᠪᠳᠡᠷ ᠢ ᠵᠤᠬᠢᠶᠠᠨ ᠪᠦᠳᠦᠭᠡᠵᠦ᠂ | ᠦᠵᠦᠮᠦᠴᠢᠨ ᠤᠷᠳᠤ ᠶᠢᠨ ᠲᠠᠭᠤᠤ ᠪᠠᠨ ᠴᠤᠭᠯᠠᠭᠤᠯᠬᠤ᠂ ᠨᠤᠲᠯᠠᠨ ᠳᠡᠮᠳᠡᠭᠯᠡᠬᠦ ᠬᠠᠮᠤᠭ ᠠᠩᠬᠠᠨ ᠤ ᠠᠯᠳᠠᠨ | ᠰᠠᠭᠤᠷᠢ ᠶᠢ ᠳᠠᠯᠪᠢᠭᠰᠠᠨ ᠶᠤᠮ᠃ ᠡᠨᠡ ᠬᠦᠮᠦᠨ ᠪᠤᠯ ᠦᠵᠦᠮᠦᠴᠢᠨ ᠤᠷᠳᠤ ᠶᠢᠨ ᠲᠠᠭᠤᠤ ᠶᠢ ᠬᠠᠮᠤᠭ ᠠᠩᠬ᠎ᠠ | ᠦᠰᠦᠭ ᠨᠤᠲ ᠪᠠᠷ ᠢᠯᠡᠳᠭᠡᠭᠰᠡᠨ ᠲᠠᠭᠤᠤ ᠤᠷᠠᠯᠢᠭ ᠤᠨ ᠠᠪᠤᠷᠭᠤ ᠲᠠᠷᠬᠠᠨ ᠪᠤᠯᠵᠦ᠂ ᠮᠦᠬᠦᠨ ᠰᠦᠨᠦᠵᠦ ᠪᠠᠶᠢᠭ᠎ᠠ | ᠤᠷᠳᠤ ᠶᠢᠨ ᠲᠠᠭᠤᠤ ᠳᠠᠭᠠᠨ ᠠᠪᠤᠷᠠᠯᠳᠠ ᠬᠢᠭᠰᠡᠨ ᠶᠤᠮ᠃ | ᠬᠤᠷᠢᠨ ᠵᠢᠯ ᠤᠨ ᠲᠠᠷᠠᠭ᠎ᠠ ᠲᠠᠷᠤᠢ 2004 ᠤᠨ ᠳᠤ᠂ ᠵᠡᠭᠦᠨ ᠦᠵᠦᠮᠦᠴᠢᠨ ᠬᠤᠰᠢᠭᠤᠨ ᠤ ᠵᠢᠭᠠᠬᠤ ᠶᠢ | ᠰᠤᠳᠤᠯᠬᠤ ᠲᠠᠰᠤᠭ ᠤᠨ ᠡᠷᠬᠢᠯᠡᠭᠴᠢ ᠪᠦᠭᠡᠳ ᠪᠦᠬᠦ ᠤᠯᠤᠰ ᠤᠨ ᠵᠢᠭᠠᠬᠤ ᠶᠢ ᠰᠤᠳᠤᠯᠤᠭᠴᠢ ᠠ᠊᠂ ᠬᠦᠭᠡ ᠶᠢᠨ | ᠰᠠᠨᠠᠭᠠᠴᠢᠯᠭ᠎ᠠ ᠪᠠᠷ ︽ᠦᠵᠦᠮᠦᠴᠢᠨ ᠤᠷᠳᠤ ᠲᠠᠭᠤᠤ ᠶᠢᠨ ᠨᠡᠶᠢᠭᠡᠮᠯᠢᠭ︾ ᠶᠢ ᠬᠠᠤᠯᠢ ᠶᠤᠰᠤᠨ ᠤ ᠤᠯᠠᠨ ᠲᠦᠮᠡᠨᠴᠢ | ᠵᠤᠬᠢᠶᠠᠨ ᠪᠠᠶᠢᠭᠤᠯᠤᠯᠳᠠ ᠪᠤᠯᠭᠠᠨ ᠪᠠᠶᠢᠭᠤᠯᠪᠠ᠃ ᠲᠡᠮᠴᠤᠭ᠂ ᠠ᠊ ᠬᠦᠭᠡ ᠨᠠᠷ ᠤᠨ ᠲᠠᠭᠠᠭᠤᠯᠤᠭᠰᠠᠨ ᠡᠨᠡᠬᠦ | ᠨᠡᠶᠢᠭᠡᠮᠯᠢᠭ ᠨᠢ ᠤᠯᠠᠨ ᠤᠳᠠᠭᠠᠨ ᠤ ᠤᠷᠳᠤ ᠶᠢᠨ ᠲᠠᠭᠤᠤ ᠶᠢᠨ ᠲᠠᠭᠤᠯᠠᠯᠭ᠎ᠠ ᠶᠢ ᠵᠤᠬᠢᠶᠠᠨ ᠪᠠᠶᠢᠭᠤᠯᠤᠭᠰᠠᠨ ᠪᠠ | ᠲᠠᠭᠤᠤ ᠬᠤᠭᠤᠯᠠᠢ ᠶᠢᠨ ᠲᠦᠷᠢ ᠰᠢᠩᠭᠡᠭᠡᠯᠳᠡ ᠶᠢ ᠦᠷᠭᠡᠨ ᠢᠶᠠᠷ ᠴᠤᠭᠯᠠᠭᠤᠯᠤᠨ ᠬᠠᠳᠠᠭᠠᠯᠠᠵᠦ᠂ ᠪᠠᠰᠠ | ᠦᠵᠦᠮᠦᠴᠢᠨ ᠲᠡᠤᠬᠡ ᠰᠤᠳᠤᠯᠭᠠᠴᠢ ᠨᠠ᠊ ᠪᠦᠬᠡᠬᠠᠳᠠ ᠨᠠᠷ ᠤᠨ ᠴᠤᠭᠯᠠᠭᠤᠯᠭ᠎ᠠ ︽ᠦᠵᠦᠮᠦᠴᠢᠨ ᠠᠷᠠᠳ ᠤᠨ | ᠲᠤᠮᠤᠭᠳᠤ ᠲᠠᠭᠤᠤ︾᠂ ︽ᠦᠵᠦᠮᠦᠴᠢᠨ ᠤᠷᠠᠯᠢᠭᠴᠢᠳ︾ ᠵᠡᠷᠭᠡ ᠨᠤᠮ ᠢ ᠬᠡᠪᠯᠡᠭᠦᠯᠦᠨ ᠳᠡᠪᠳᠡᠷᠯᠡᠨ ᠲᠠᠷᠬᠠᠭᠠᠵᠦ᠂ | ᠦᠵᠦᠮᠦᠴᠢᠨ ᠤᠷᠳᠤ ᠶᠢᠨ ᠲᠠᠭᠤᠤ ᠬᠢᠭᠡᠳ ᠲᠠᠭᠤᠴᠢᠳ ᠢᠶᠠᠨ ᠲᠠᠨᠢᠯᠴᠠᠭᠤᠯᠬᠤ ᠪᠠᠷ ᠲᠠᠮᠵᠢᠭᠤᠯᠤᠨ᠂ ᠦᠵᠦᠮᠦᠴᠢᠨ | ᠤᠷᠳᠤ ᠶᠢᠨ ᠲᠠᠭᠤᠤ ᠶᠢᠨ ᠬᠡᠪ ᠨᠠᠮᠪᠠ᠂ ᠭᠤᠶᠢᠳᠡ ᠰᠠᠶᠢᠬᠠᠨ ᠢ ᠨᠡᠶᠢᠭᠡᠮ ᠨᠡᠶᠢᠳᠡ ᠳᠤ ᠤᠯᠠᠮ ᠤᠶᠢᠯᠠᠭᠠᠭᠤᠯᠵᠦ᠂ | ᠤᠯᠤᠰ ᠤᠷᠤᠨ ᠤ ᠲᠠᠶᠢᠰᠠᠨ ᠤ ᠤᠷᠠᠯᠢᠭ ᠪᠤᠯᠭᠠᠬᠤ ᠳᠤ ᠴᠢᠬᠤᠯᠠ ᠬᠤᠪᠢ ᠨᠡᠮᠡᠭᠦᠷᠢ ᠪᠠᠨ ᠭᠠᠷᠭᠠᠵᠦ ᠪᠤᠢ᠃ ᠡᠨᠡ | ᠪᠤᠯ ᠦᠵᠦᠮᠦᠴᠢᠨ ᠤᠷᠳᠤ ᠶᠢᠨ ᠲᠠᠭᠤᠤ ᠶᠢᠨ ᠬᠡᠯᠪᠡᠷᠢ ᠪᠠᠷ ᠬᠠᠮᠤᠭ ᠠᠩᠬᠠᠨ ᠤ ᠵᠤᠬᠢᠶᠠᠨ ᠪᠠᠶᠢᠭᠤᠯᠤᠯᠳᠠ ᠲᠠᠢ ᠪᠠᠷ | ᠨᠡᠶᠢᠭᠡᠮ ᠨᠡᠶᠢᠳᠡ ᠳᠤ ᠬᠠᠨᠳᠤᠵᠦ ᠪᠠᠶᠢᠭ᠎ᠠ ᠶᠠᠪᠤᠳᠠᠯ ᠪᠤᠯᠤᠨ᠎ᠠ᠃ | ᠤᠷᠳᠤ ᠶᠢᠨ ᠲᠠᠭᠤᠤ ᠪᠠᠨ ᠳᠡᠯᠡᠬᠡᠢ ᠶᠢᠨ ᠪᠤᠳᠠᠰ ᠤᠨ ᠪᠤᠰᠤ ᠰᠤᠶᠤᠯ ᠤᠨ ᠦᠪ ᠳᠤ ᠳᠡᠮᠳᠡᠭᠯᠡᠭᠦᠯᠦᠭᠰᠡᠨ | ᠲᠤᠰ ᠨᠡᠶᠢᠭᠡᠮᠯᠢᠭ ᠨᠢ 2005 ᠤᠨ ᠳᠤ ᠭᠠᠴᠠᠭ᠎ᠠ ᠰᠤᠮᠤ ᠢᠶᠠᠷ ᠨᠢᠭᠡᠴᠢᠯᠡᠨ ᠮᠠᠯᠴᠢᠨ ᠲᠠᠭᠤᠴᠢᠳ ᠤᠨ ᠤᠷᠳᠤ ᠶᠢᠨ | ᠲᠠᠭᠤᠤ ᠶᠢᠨ ᠬᠠᠮ ᠲᠠᠭᠤᠯᠠᠯᠭ᠎ᠠ ᠶᠢ ᠵᠤᠬᠢᠶᠠᠨ ᠪᠠᠶᠢᠭᠤᠯᠤᠨ ᠤᠷᠤᠯᠳᠤᠭᠤᠯᠤᠭᠰᠠᠨ ᠤ ᠬᠠᠮᠳᠤ ︽ᠮᠢᠩᠭᠠᠨ ᠬᠦᠮᠦᠨ ᠤ | ᠤᠷᠳᠤ ᠶᠢᠨ ᠲᠠᠭᠤᠤ︾ ᠶᠢᠨ ᠲᠠᠭᠤᠯᠠᠯᠭ᠎ᠠ ᠶᠢ ᠦᠵᠦᠮᠦᠴᠢᠨ ᠠᠭᠤᠳᠠᠮ ᠲᠠᠯᠠᠪᠠᠢ ᠳᠠᠭᠠᠨ ᠠᠮᠵᠢᠯᠳᠠ ᠲᠠᠢ ᠬᠢᠭᠰᠡᠨ | ᠪᠠᠶᠢᠨ᠎ᠠ᠂ ᠡᠨᠡ ᠨᠢ ᠲᠠᠭᠤᠯᠠᠯᠭ᠎ᠠ ᠶᠢᠨ ᠬᠤᠪᠢ ᠳᠤ ᠮᠠᠯᠴᠢᠳ ᠤᠨ ᠨᠢᠭᠡᠳᠦᠭᠰᠡᠨ ᠵᠤᠷᠢᠭ ᠰᠠᠨᠠᠭ᠎ᠠ ᠪᠦᠬᠦᠢ | ᠤᠷᠳᠤ ᠶᠢᠨ ᠲᠠᠭᠤᠤ ᠶᠢᠨ ᠢᠵᠢᠯ ᠲᠠᠯ᠎ᠠ ᠵᠢᠴᠢ ᠤᠶᠠᠩᠭᠠᠯᠢᠭ ᠴᠢᠨᠠᠷ ᠪᠠ ᠰᠢᠷᠤᠩᠬᠠᠢ ᠴᠢᠨᠠᠷ ᠢ ᠭᠦᠢᠴᠡᠳ | ᠢᠯᠡᠷᠡᠭᠦᠯᠦᠭᠰᠡᠨ ᠪᠠᠶᠢᠨ᠎ᠠ᠂ ᠦᠪᠦᠷ ᠮᠤᠩᠭᠤᠯ ᠤᠨ ᠲᠧᠯᠸᠢᠰ ᠬᠤᠷᠢᠶ᠎ᠠ ᠲᠠᠢ ᠬᠠᠮᠳᠤᠷᠠᠨ ᠭᠤᠴᠢ ᠰᠢᠬᠠᠮ ᠲᠡᠤᠬᠡᠨ | ᠤᠷᠳᠤ ᠶᠢᠨ ᠲᠠᠭᠤᠤ ᠪᠠ ᠲᠠᠭᠤᠴᠢᠳ ᠤᠨ ︽ᠦᠵᠦᠮᠦᠴᠢᠨ ᠤᠷᠳᠤ ᠶᠢᠨ ᠲᠠᠭᠤᠤ︾ ᠭᠡᠬᠦ ᠴᠤᠮᠤᠭ ᠢ ᠦᠢᠯᠡᠳᠴᠤ᠂ | ᠤᠷᠤᠨ ᠤ ᠲᠧᠯᠸᠢᠰ ᠤᠨ ︽ᠲᠠᠮᠢᠷ ᠤᠷᠠᠯᠢᠭ︾ ᠳᠡᠯᠭᠡᠴᠡ ᠪᠠᠷ ᠤᠯᠤᠰ ᠤᠷᠤᠨ ᠪᠠ ᠳᠡᠯᠡᠬᠡᠢ ᠨᠡᠶᠢᠳᠡ ᠳᠤ ᠨᠠᠷᠠ | ᠨᠦᠯᠦᠭᠡ ᠪᠠᠨ ᠦᠷᠭᠡᠳᠭᠡᠭᠰᠡᠨ ᠪᠠᠶᠢᠳᠠᠭ᠂ ᠡᠭᠦᠨ ᠤ ᠬᠠᠮᠳᠤ ᠤᠯᠠᠨ ᠤᠳᠠᠭᠠᠨ ᠤ ᠱᠠᠩᠨᠠᠯᠳᠤ ᠤᠷᠤᠯᠳᠤᠭᠠᠨ ᠢ | ᠵᠤᠬᠢᠶᠠᠨ ᠪᠠᠶᠢᠭᠤᠯᠤᠭᠰᠡᠨ ᠪᠦᠭᠡᠳ ᠲᠤᠮᠳᠠᠳᠤ ᠪᠠᠭ᠎ᠠ ᠰᠤᠷᠭᠠᠭᠤᠯᠢ ᠶᠢᠨ ᠬᠡᠤᠬᠡᠳ ᠪᠠᠭᠠᠴᠤᠳ ᠲᠤ ᠵᠢᠭᠠᠨ | ᠰᠤᠷᠭᠠᠬᠤ ᠪᠤᠯᠵᠦ᠂ ᠤᠯᠠᠮᠵᠢᠯᠠᠵᠦ ᠵᠠᠯᠭᠠᠮᠵᠢᠯᠠᠬᠤ ᠠᠵᠢᠯ ᠢ ᠴᠤ ᠰᠠᠶᠢᠳᠤᠷ ᠠᠳᠬᠤᠭᠰᠠᠨ ᠪᠠᠶᠢᠨ᠎ᠠ᠃ | ᠤᠶᠢᠷ᠎ᠠ ᠶᠢᠨ ᠵᠢᠯ ᠤᠳ ᠲᠤ ᠲᠤᠰ ᠨᠡᠶᠢᠭᠡᠮᠯᠢᠭ ᠨᠢ᠂ ᠵᠠᠰᠠᠭ ᠤᠨ ᠭᠠᠵᠠᠷ ᠤᠨ ᠳᠡᠮᠵᠢᠯᠭᠡ ᠲᠠᠢ ᠪᠠᠷ ᠪᠦᠬᠦ | ᠤᠷᠤᠨ ᠤ ︽ᠯᠾᠠᠵᠠᠪ ᠬᠤᠨᠳᠠᠭᠠᠳᠤ︾᠂ ︽ᠪᠤᠶᠠᠨᠳᠡᠯᠭᠡᠷ ᠬᠤᠨᠳᠠᠭᠠᠳᠤ︾ ᠤᠷᠳᠤ ᠶᠢᠨ ᠲᠠᠭᠤᠤ ᠶᠢᠨ ᠲᠤᠮᠤᠬᠠᠨ | ᠤᠷᠤᠯᠳᠤᠭᠠᠨ ᠢ ᠬᠤᠰᠢᠭᠤᠨ ᠳᠠᠭᠠᠨ ᠲᠠᠭᠠᠭᠠᠴᠢᠯᠠᠨ ᠡᠷᠬᠢᠯᠡᠵᠦ ᠠᠮᠵᠢᠯᠳᠠ ᠲᠠᠢ ᠪᠤᠯᠤᠭᠰᠠᠨ ᠪᠦᠭᠡᠳ ᠤᠷᠳᠤ ᠶᠢᠨ | ᠲᠠᠭᠤᠤ ᠪᠠᠨ ᠠᠪᠤᠷᠠᠨ ᠬᠦᠭᠵᠢᠭᠦᠯᠬᠦ᠂ ᠤᠯᠠᠮᠵᠢᠯᠠᠨ ᠪᠠᠳᠠᠷᠠᠭᠤᠯᠬᠤ ᠳᠤ ᠴᠢᠬᠤᠯᠠ ᠶᠡᠭᠡ ᠠᠬᠢᠭᠤᠯᠬᠤ ᠦᠢᠯᠠᠳᠦᠯ ᠢ | ᠦᠵᠡᠭᠦᠯᠦᠭᠰᠡᠨ ᠪᠠᠶᠢᠭ᠎ᠠ ᠶᠤᠮ᠃ | |