ᠮᠤᠩᠭᠤᠯ ᠤᠷᠳᠤ ᠶᠢᠨ ᠲᠠᠭᠤᠤ ᠶᠢᠨ ᠤᠨᠴᠠᠯᠢᠭ ᠪᠠ ᠲᠠᠭᠤᠯᠠᠯᠭ᠎ᠠ ᠶᠢᠨ ᠤᠷ᠎ᠠ ᠳᠡᠮ ᠤᠨ ᠲᠤᠬᠠᠢ
ᠨᠡᠶᠢᠲᠡᠯᠡᠭᠰᠡᠨ ᠴᠠᠭ᠄
2017/4/28
ᠤᠷᠢᠶᠠᠩᠬᠠᠨ ᠵᠠ᠊᠂ ᠲᠡᠮᠴᠤᠭ                              — ᠦᠵᠦᠮᠦᠴᠢᠨ ᠤᠷᠳᠤ ᠶᠢᠨ ᠲᠠᠭᠤᠤ ᠶᠢᠨ ᠲᠠᠭᠤᠯᠠᠯᠭ᠎ᠠ ᠶᠢᠨ                                   ᠤᠨᠴᠠᠯᠢᠭ ᠪᠠ ᠲᠠᠭᠤᠯᠠᠯᠭ᠎ᠠ ᠶᠢᠨ ᠵᠢᠷᠤᠮ ᠢ ᠰᠢᠨᠵᠢᠯᠡᠬᠦ ᠨᠢ          ᠠᠭᠤᠯᠭ᠎ᠠ ᠶᠢᠨ ᠲᠤᠪᠴᠢ᠄ ᠦᠵᠦᠮᠦᠴᠢᠨ ᠤᠷᠳᠤ ᠶᠢᠨ ᠲᠠᠭᠤᠤ ᠶᠢᠨ ᠲᠠᠭᠤᠯᠠᠯᠭ᠎ᠠ ᠶᠢᠨ ᠤᠨᠴᠠᠯᠢᠭ᠂ ᠲᠠᠭᠤᠯᠠᠯᠭ᠎ᠠ ᠶᠢᠨ ᠤᠷ᠎ᠠ ᠬᠡᠪᠰᠢᠯ ᠵᠡᠷᠭᠡ ᠲᠠᠯ᠎ᠠ ᠠᠴᠠ ᠠᠵᠢᠭᠯᠠᠯᠳᠠ ᠬᠢᠵᠦ᠂ ᠦᠵᠦᠮᠦᠴᠢᠨ ᠤᠷᠳᠤ ᠶᠢᠨ ᠲᠠᠭᠤᠤ ᠶᠢᠨ ᠪᠤᠰᠤᠳ ᠭᠠᠵᠠᠷ ᠤᠷᠤᠨ ᠤ ᠤᠷᠳᠤ ᠶᠢᠨ ᠲᠠᠭᠤᠤ ᠠᠴᠠ ᠢᠯᠭᠠᠭᠳᠠᠬᠤ ᠦᠪᠡᠷᠮᠢᠴᠡ ᠤᠨᠴᠠᠯᠢᠭ ᠬᠢᠭᠡᠳ ᠲᠠᠭᠤᠯᠠᠯᠭ᠎ᠠ ᠶᠢᠨ ᠬᠡᠪ ᠨᠠᠮᠪᠠ ᠶᠢᠨ ᠲᠠᠯ᠎ᠠ ᠪᠠᠷ ᠨᠠᠷᠢᠨ ᠲᠤᠭᠠᠴᠠᠵᠦ᠂ ᠦᠵᠦᠮᠦᠴᠢᠨ ᠭᠠᠵᠠᠷ ᠤᠷᠤᠨ ᠤ ᠲᠠᠭᠤᠯᠠᠯᠭ᠎ᠠ ᠶᠢᠨ ᠵᠢᠷᠤᠮ ᠪᠠ ᠲᠦᠷᠢᠯᠭᠡ ᠶᠢ ᠲᠤᠳᠤᠷᠬᠠᠶᠢᠯᠠᠨ ᠦᠭᠦᠯᠡᠭᠰᠡᠨ ᠪᠠᠶᠢᠨ᠎ᠠ᠃      ᠵᠠᠩᠬᠢᠯᠭ᠎ᠠ ᠶᠢᠨ ᠦᠭᠡ᠄ ᠦᠵᠦᠮᠦᠴᠢᠨ ᠤᠷᠳᠤ ᠶᠢᠨ ᠲᠠᠭᠤᠤ ᠶᠢᠨ ᠦᠪᠡᠷᠮᠢᠴᠡ ᠤᠨᠴᠠᠯᠢᠭ᠂ ᠲᠠᠭᠤᠯᠠᠯᠭ᠎ᠠ ᠶᠢᠨ ᠤᠷ᠎ᠠ ᠬᠡᠪᠰᠢᠯ ᠪᠠ ᠵᠢᠷᠤᠮ᠂ ᠲᠠᠭᠤᠤ ᠶᠢᠨ ᠲᠦᠷᠢᠯᠭᠡ᠃      ᠤᠷᠳᠤ ᠶᠢᠨ ᠲᠠᠭᠤᠤ ᠪᠤᠯ ᠮᠤᠩᠭᠤᠯ ᠦᠨᠳᠦᠰᠦᠳᠡᠨ ᠤ ᠨᠡᠭᠦᠳᠡᠯ ᠮᠠᠯᠵᠢᠯ ᠤᠨ ᠠᠮᠢᠳᠤᠷᠠᠯ ᠦᠢᠯᠡᠳᠪᠦᠷᠢᠯᠡᠯ ᠤᠨ ᠲᠤᠮᠳᠠ ᠠᠴᠠ ᠠᠶᠠᠨᠳᠠᠭᠠᠨ ᠡᠭᠦᠰᠴᠤ ᠮᠠᠰᠢ ᠤᠷᠳᠤ ᠤᠳᠠᠭᠠᠨ ᠲᠡᠤᠬᠡᠨ ᠬᠤᠭᠤᠴᠠᠭᠠᠨ᠎ᠠ ᠪᠦᠷᠢᠯᠳᠦᠭᠰᠡᠨ ᠬᠤᠭᠤᠯᠠᠢ ᠤᠷᠠᠯᠢᠭ ᠤᠨ ᠤᠯᠠᠮᠵᠢᠯᠠᠯᠳᠤ ᠬᠡᠯᠪᠡᠷᠢ ᠪᠤᠯᠤᠨ᠎ᠠ᠃ ᠮᠤᠩᠭᠤᠯ ᠤᠨ ᠲᠠᠯ᠎ᠠ ᠨᠤᠲᠤᠭ ᠪᠤᠯ ᠤᠷᠳᠤ ᠶᠢᠨ ᠲᠠᠭᠤᠤ ᠭᠡᠬᠦ ᠡᠨᠡᠬᠦ ᠢᠵᠠᠭᠤᠷ ᠰᠤᠶᠤᠯ ᠤᠨ ᠲᠠᠷᠬᠠᠨ ᠦᠯᠦᠭᠡᠢ ᠪᠦᠭᠡᠳ ᠮᠠᠯᠴᠢᠨ ᠲᠦᠮᠡᠨ ᠪᠤᠯ ᠤᠷᠳᠤ ᠶᠢᠨ ᠲᠠᠭᠤᠤ ᠶᠢᠨ ᠡᠭᠦᠰᠦᠯ ᠬᠦᠭᠵᠢᠯ ᠤᠨ ᠡᠬᠢ ᠪᠤᠯᠠᠭ ᠭᠡᠵᠦ ᠤᠶᠢᠯᠠᠭᠠᠬᠤ ᠳᠤ ᠦᠨᠠᠮᠰᠢᠭᠦᠰᠢᠳᠡᠢ ᠪᠠᠶᠢᠨ᠎ᠠ᠃ ᠮᠤᠩᠭᠤᠯ ᠤᠷᠳᠤ ᠶᠢᠨ ᠲᠠᠭᠤᠤ ᠨᠢ ᠲᠤᠰ ᠦᠨᠳᠦᠰᠦᠳᠡᠨ ᠤ ᠲᠡᠤᠬᠡᠨ ᠶᠠᠪᠤᠴᠠ ᠬᠢᠭᠡᠳ ᠵᠠᠩ ᠦᠢᠯᠡ ᠶᠢ ᠠᠮᠠ ᠪᠠᠷ ᠤᠯᠠᠮᠵᠢᠯᠠᠭᠰᠠᠨ ᠰᠤᠶᠤᠯ ᠤᠨ ᠠᠴᠢᠶᠠᠯᠠᠪᠤᠷᠢ ᠪᠤᠯᠵᠦ᠂ ᠦᠶ᠎ᠡ ᠶᠢᠨ ᠦᠶ᠎ᠡ ᠬᠤᠶᠢᠴᠢ ᠶᠢᠨ ᠬᠤᠶᠢᠴᠢᠰ ᠲᠤ ᠵᠠᠯᠭᠠᠮᠵᠢᠯᠠᠭᠤᠯᠳᠠᠭ ᠪᠤᠳᠠᠰ ᠤᠨ ᠪᠤᠰᠤ ᠰᠤᠶᠤᠯ ᠤᠨ ᠦᠨᠡᠳᠦ ᠦᠪ ᠬᠦᠷᠦᠩᠭᠡ ᠪᠤᠯᠤᠭᠰᠠᠭᠠᠷ ᠢᠷᠡᠭᠰᠡᠨ ᠪᠠᠶᠢᠳᠠᠭ᠃ ᠮᠤᠩᠭᠤᠯ ᠤᠷᠳᠤ ᠶᠢᠨ ᠲᠠᠭᠤᠤ ᠳᠤ ᠦᠵᠦᠮᠦᠴᠢᠨ ᠠᠷᠠᠳ ᠤᠨ ᠤᠷᠳᠤ ᠶᠢᠨ ᠲᠠᠭᠤᠤ᠂ ᠬᠠᠯᠬ᠎ᠠ ᠠᠷᠠᠳ ᠤᠨ ᠤᠷᠳᠤ ᠶᠢᠨ ᠲᠠᠭᠤᠤ᠂ ᠬᠦᠯᠦᠨ ᠪᠤᠶᠢᠷ ᠠᠷᠠᠳ ᠤᠨ ᠤᠷᠳᠤ ᠶᠢᠨ ᠲᠠᠭᠤᠤ᠂ ᠠᠯᠠᠱᠠ ᠠᠷᠠᠳ ᠤᠨ ᠤᠷᠳᠤ ᠶᠢᠨ ᠲᠠᠭᠤᠤ᠂ ᠳᠡᠭᠡᠳᠦ ᠮᠤᠩᠭᠤᠯ ᠤᠨ ᠠᠷᠠᠳ ᠤᠨ ᠤᠷᠳᠤ ᠶᠢᠨ ᠲᠠᠭᠤᠤ᠂ ᠤᠷᠳᠤᠰ ᠠᠷᠠᠳ ᠤᠨ ᠤᠷᠳᠤ ᠶᠢᠨ ᠲᠠᠭᠤᠤ᠂ ᠬᠤᠷᠴᠢᠨ ᠠᠷᠠᠳ ᠤᠨ ᠤᠷᠳᠤ ᠶᠢᠨ ᠲᠠᠭᠤᠤ ᠵᠡᠷᠭᠡ ᠭᠠᠵᠠᠷ ᠤᠷᠤᠨ ᠤ ᠤᠨᠴᠠᠯᠢᠭ ᠢ ᠬᠠᠳᠠᠭᠠᠯᠠᠵᠦ᠂ ᠲᠠᠭᠤᠯᠠᠨ ᠤᠷᠠᠯᠠᠬᠤᠢ ᠶᠢᠨ ᠤᠯᠠᠨ ᠢᠷᠠᠭᠤ ᠦᠩᠭᠡ ᠶᠢ ᠢᠯᠡᠷᠡᠭᠦᠯᠦᠭᠰᠡᠨ ᠵᠦᠢᠯ ᠬᠡᠯᠪᠡᠷᠢ ᠤᠳ ᠪᠠᠭᠳᠠᠵᠦ ᠪᠠᠶᠢᠳᠠᠭ᠃ ᠤᠷᠳᠤ ᠶᠢᠨ ᠲᠠᠭᠤᠤ ᠪᠤᠯ ᠢᠵᠠᠭᠤᠷ ᠰᠤᠶᠤᠯ ᠪᠤᠯᠤᠭᠰᠠᠨ ᠤ ᠬᠤᠪᠢ ᠳᠤ᠂ ᠲᠡᠷᠡ ᠪᠤᠯ ᠲᠤᠬᠠᠢ ᠶᠢᠨ ᠪᠠᠶᠢᠭᠠᠯᠢ ᠤᠷᠴᠢᠨ ᠤ ᠤᠨᠴᠠᠯᠢᠭ᠂ ᠨᠡᠭᠦᠳᠡᠯ ᠮᠠᠯᠵᠢᠯ ᠤᠨ ᠵᠠᠩ ᠦᠢᠯᠡ ᠶᠢᠨ ᠤᠨᠴᠠᠯᠢᠭ᠂ ᠠᠷᠠᠳ ᠤᠨ ᠬᠢᠨᠢ ᠵᠠᠩ ᠴᠢᠨᠠᠷ ᠤᠨ ᠤᠨᠴᠠᠯᠢᠭ ᠵᠡᠷᠭᠡ ᠭᠤᠷᠪᠠᠨ ᠤᠨᠴᠠᠯᠢᠭ ᠤᠨ ᠬᠡᠪ ᠨᠠᠮᠪᠡ ᠶᠢ ᠬᠠᠳᠠᠭᠠᠯᠠᠨ ᠤᠳᠤᠮᠰᠢᠭᠰᠠᠨ ᠪᠠᠶᠢᠨ᠎ᠠ᠃                   ᠨᠢᠭᠡ᠂ ᠤᠷᠳᠤ ᠶᠢᠨ ᠲᠠᠭᠤᠤ ᠶᠢᠨ ᠲᠠᠭᠤᠯᠠᠯᠭ᠎ᠠ ᠶᠢᠨ ᠤᠨᠴᠠᠯᠢᠭ      ᠪᠠᠶᠢᠭᠠᠯᠢ ᠤᠷᠴᠢᠨ ᠤ ᠤᠨᠴᠠᠯᠢᠭ — ᠬᠦᠮᠦᠨ ᠪᠠᠶᠢᠭᠠᠯᠢ ᠤᠶᠠᠯᠳᠤᠨ ᠨᠢᠭᠡᠳᠬᠦ ᠵᠢᠮ᠎ᠡ ᠪᠠᠷ ᠬᠦᠮᠦᠨ ᠶᠠᠷᠤᠨᠢ ᠪᠠᠶᠢᠭᠠᠯᠢ ᠶᠢᠨ ᠤᠷᠴᠢᠨ ᠳᠠᠭᠠᠨ ᠠᠭᠤᠰᠤᠨ ᠲᠦᠷᠦᠳᠡᠭ ᠤᠴᠢᠷ ᠲᠠᠢ᠃ ᠤᠷᠳᠤ ᠶᠢᠨ ᠲᠠᠭᠤᠤ ᠴᠤ ᠠᠳᠠᠯᠢ ᠲᠡᠭᠦᠨ ᠤ ᠪᠠᠶᠢᠭᠠᠯᠢ ᠶᠢᠨ ᠦᠩᠭᠡ ᠲᠦᠷᠬᠦ ᠪᠠᠨ ᠲᠠᠭᠤᠯᠠᠯᠭ᠎ᠠ ᠶᠢᠨ ᠬᠡᠪ ᠨᠠᠮᠪᠠ ᠳᠠᠭᠠᠨ ᠰᠢᠩᠭᠡᠨ ᠠᠭᠤᠰᠬᠠᠭᠰᠠᠨ ᠲᠡᠷᠤᠢ ᠪᠦᠰᠡ ᠨᠤᠲᠤᠭ ᠢᠶᠠᠷ ᠢᠯᠭᠠᠨ ᠦᠵᠡᠬᠦ ᠳᠤ ᠡᠶᠢᠮᠦ ᠪᠠᠶᠢᠳᠠᠭ᠃ ᠵᠢᠱᠢᠶᠡᠯᠡᠪᠡᠯ᠄ ᠪᠠᠷᠠᠭᠤᠨ ︵ᠲᠡᠭᠡᠳᠦ︶ ᠮᠤᠩᠭᠤᠯ ᠤᠨ ᠤᠷᠳᠤ ᠶᠢᠨ ᠲᠠᠭᠤᠤ ᠶᠢᠨ ᠡᠭᠡᠰᠢᠭ ᠨᠢ ᠲᠡᠭᠡᠭᠦᠷ ᠡᠬᠢᠯᠡᠬᠦ ᠪᠦᠭᠡᠳ ᠬᠦᠭ ᠢᠶᠠᠨ ᠡᠷᠡᠰᠳᠡᠭᠦᠤ ᠡᠷᠭᠦᠬᠦ ᠪᠠ ᠲᠤᠷᠤᠭᠰᠢ ᠪᠠᠭᠤᠯᠭᠠᠬᠤ ᠳᠠᠭᠠᠨ ᠤᠭᠵᠢᠮ ᠪᠠᠶᠢᠵᠦ᠂ ᠡᠭᠡᠰᠢᠭ ᠨᠤᠭᠤᠯᠠᠭ᠎ᠠ ᠴᠦᠭᠡᠨ ᠶᠠᠭ ᠯᠡ ᠴᠠᠰᠣᠳᠤ ᠤᠷᠭᠢᠯ ᠪᠤᠶᠤ ᠦᠨᠳᠦᠷᠯᠢᠭ ᠤᠨ ᠤᠷᠤᠰᠬᠠᠯ ᠢ ᠲᠤᠰᠬᠠᠵᠦ᠂ ᠪᠠᠶᠢᠭᠠᠯᠢ ᠶᠢᠨ ᠤᠨᠴᠠᠯᠢᠭ ᠢᠶᠠᠨ ᠰᠢᠩᠭᠡᠭᠡᠭᠰᠡᠨ ᠪᠠᠶᠢᠨ᠎ᠠ᠃ ᠬᠠᠯᠬ᠎ᠠ ᠤᠷᠳᠤ ᠶᠢᠨ ᠲᠠᠭᠤᠤ ᠶᠢᠨ ᠡᠭᠡᠰᠢᠭ ᠨᠢ ᠨᠠᠮᠤᠬᠠᠨ ᠮᠦᠷᠳᠡᠭᠡᠨ ᠡᠷᠡᠰᠳᠡᠭᠦᠤ ᠡᠬᠢᠯᠡᠬᠦ ᠪᠦᠭᠡᠳ ᠳᠡᠭᠡᠭᠰᠢ ᠡᠭᠡᠰᠢᠭᠷᠡᠬᠦ ᠶᠠᠪᠤᠴᠠ ᠳᠠᠭᠠᠨ ᠤᠯᠠᠨ ᠨᠤᠭᠤᠴᠠᠭᠤᠯᠤᠨ ᠤᠶᠠᠩᠭᠠᠷᠠᠭᠤᠯᠤᠨ᠎ᠠ᠂ ᠡᠨᠡ ᠨᠢ ᠮᠤᠩᠭᠤᠯ ᠤᠨ ᠠᠭᠤᠳᠠᠮ ᠬᠠᠩᠭᠠᠢ ᠶᠢᠨ ᠲᠡᠨᠢᠭᠦᠨ ᠦᠨᠳᠦᠷᠯᠢᠭ  ᠪᠠ ᠲᠡᠭᠦᠨ ᠠᠴᠠ ᠤᠨᠳᠤᠷᠤᠭᠰᠠᠨ ᠤᠯᠠᠨ ᠭᠤᠤᠯ ᠭᠤᠷᠤᠬ᠎ᠠ ᠶᠢᠨ ᠤᠷᠤᠰᠬᠠᠯ ᠤᠨ ᠲᠤᠯᠬᠢᠶᠠᠨ ᠵᠢᠴᠢ ᠭᠤᠪᠢ ᠲᠤᠯᠤᠭᠠᠳ ᠤᠨ ᠦᠩᠭᠡ ᠪᠤᠳᠤᠭ ᠶᠢ ᠭᠦᠨ ᠬᠠᠳᠠᠭᠠᠯᠠᠭᠰᠠᠨ ᠪᠠᠶᠢᠳᠠᠭ᠃ ᠦᠵᠦᠮᠦᠴᠢᠨ ᠤᠷᠳᠤ ᠶᠢᠨ ᠲᠠᠭᠤᠤ ᠶᠢᠨ ᠡᠭᠡᠰᠢᠭ ᠨᠢ ᠨᠠᠮᠤᠬᠠᠨ ᠵᠦᠭᠡᠯᠡᠨ ᠠᠭᠤᠵᠢᠭᠤ ᠲᠠᠶᠢᠪᠤᠭᠤ ᠡᠬᠢᠯᠡᠬᠦ ᠪᠦᠭᠡᠳ ᠳᠡᠭᠡᠭᠰᠢ ᠡᠭᠡᠰᠢᠭᠯᠡᠬᠦ ᠳᠡᠭᠡᠨ ᠤᠳᠠᠭᠠᠨ ᠤᠶᠠᠩᠭᠠᠯᠢᠭ ᠪᠠᠶᠢᠵᠦ᠂ ᠰᠠᠷᠠᠭᠤᠯ ᠲᠠᠯ᠎ᠠ ᠶᠢᠨ ᠴᠡᠯᠭᠡᠷ ᠠᠭᠤᠳᠠᠮ᠂ ᠠᠭᠠᠷ ᠠᠮᠢᠰᠬᠤᠯ ᠤᠨ ᠴᠡᠪᠡᠷ ᠰᠤᠷᠭᠤᠭ᠂ ᠪᠤᠯᠠᠭ ᠤᠷᠭᠢᠯᠤᠮᠠᠯ ᠤᠨ ᠵᠦᠭᠡᠯᠡᠨ ᠮᠡᠯᠮᠡᠯᠵᠡᠭᠡᠨ ᠢ ᠰᠢᠩᠭᠡᠭᠡᠰᠡᠨ ᠪᠠᠶᠢᠳᠠᠭ᠃ ᠡᠨᠡ ᠮᠡᠳᠦ ᠪᠠᠷ ᠨᠠᠷᠢᠨ ᠠᠵᠢᠭᠯᠠᠯᠳᠠ ᠬᠢᠪᠡᠯ᠂ ᠬᠦᠯᠦᠨ ᠪᠦᠢᠷ ᠪᠠ ᠠᠯᠠᠭᠱᠠ ᠵᠡᠷᠭᠡ ᠭᠠᠵᠠᠷ ᠤᠷᠤᠨ ᠤ ᠤᠷᠳᠤ ᠶᠢᠨ ᠲᠠᠭᠤᠤ ᠶᠢᠨ ᠡᠭᠡᠰᠢᠭ ᠨᠢ ᠶᠠᠮᠠᠷ ᠨᠢᠭᠡᠨ ᠲᠠᠯ᠎ᠠ ᠠᠴᠠ ᠲᠡᠭᠦᠨ ᠤ ᠪᠠᠶᠢᠭᠠᠯᠢ ᠤᠷᠴᠢᠨ ᠨᠤᠲᠤᠭ ᠤᠰᠤᠨ ᠤ ᠤᠨᠴᠠᠯᠢᠭ ᠢᠶᠠᠨ ᠰᠢᠩᠭᠡᠭᠡᠭᠰᠡᠨ ᠭᠡᠳᠡᠭ ᠢ ᠦᠭᠡᠶᠢᠰᠭᠡᠵᠦ ᠪᠤᠯᠬᠤ ᠦᠭᠡᠢ ᠶᠤᠮ᠃ ᠡᠨᠡ ᠪᠤᠯ ᠬᠦᠮᠦᠨ ᠪᠠ ᠪᠠᠶᠢᠭᠠᠯᠢ ᠶᠢᠨ ᠨᠢᠭᠡᠳᠦᠯ ᠤᠨ ᠤᠷᠳᠤ ᠶᠢᠨ ᠲᠠᠭᠤᠤ ᠳᠤ ᠬᠠᠳᠠᠭᠠᠯᠠᠭᠳᠠᠵᠦ ᠪᠠᠶᠢᠭ᠎ᠠ ᠤᠨᠴᠠᠯᠢᠭ ᠪᠦᠭᠡᠳ ᠰᠠᠯᠵᠦ ᠪᠤᠯᠤᠰᠢ ᠦᠭᠡᠢ ᠭᠡᠰᠡᠭ ᠪᠤᠯᠤᠨ᠎ᠠ᠃      ᠮᠤᠩᠭᠤᠯ ᠬᠦᠮᠦᠨ ᠪᠤᠯ ᠪᠠᠶᠢᠭᠠᠯᠢ ᠳᠠᠭᠠᠨ ᠬᠠᠶᠢᠷᠠᠳᠠᠢ᠂ ᠲᠦᠷᠦᠭᠰᠡᠨ ᠭᠠᠵᠠᠷ ᠰᠢᠷᠤᠢ ᠳᠠᠭᠠᠨ ᠰᠡᠳᠭᠢᠯᠭᠡ ᠎ ᠲᠠᠢ ᠬᠦᠮᠦᠰ ᠶᠤᠮ᠃ ᠤᠷᠳᠤ ᠶᠢᠨ ᠲᠠᠭᠤᠤ ᠶᠢᠨ ᠲᠠᠭᠤᠯᠠᠯᠭ᠎ᠠ ᠶᠢᠨ ᠠᠭᠤᠯᠭ᠎ᠠ ᠳᠤ ᠠᠭᠤᠯᠠ ᠤᠰᠤ ᠪᠠᠨ ᠮᠠᠭᠳᠠᠨ ᠲᠠᠭᠤᠯᠠᠬᠤ ᠳᠠᠭᠠᠨ ᠵᠠᠪᠠᠯ ᠠᠪᠤ ᠡᠵᠢ ᠲᠠᠢ ᠪᠠᠨ ᠬᠤᠯᠪᠤᠨ ᠲᠠᠭᠤᠯᠠᠳᠠᠭ᠃ ᠡᠶᠢᠮᠦᠷᠬᠦ ᠲᠠᠭᠤᠤ ᠨᠢ ᠪᠦᠬᠦ ᠤᠷᠳᠤ ᠶᠢᠨ ᠲᠠᠭᠤᠤ ᠶᠢᠨ ᠤᠯᠠᠩᠬᠢ ᠲᠤᠭ᠎ᠠ ᠶᠢ ᠡᠵᠡᠯᠡᠨ᠎ᠡ᠃ ᠡᠶᠢᠮᠦᠷᠬᠦ ᠲᠠᠭᠤᠯᠠᠯᠭ᠎ᠠ ᠪᠠᠷ ︽ᠤᠨᠠᠭᠰᠠᠨ ᠰᠢᠷᠦᠢ ᠠᠯᠳᠠ᠂ ᠤᠤᠭᠤᠭᠰᠠᠨ ᠤᠰᠤ ᠷᠠᠰᠢᠶᠠᠨ︾ ᠭᠡᠳᠡᠭ ᠶᠤᠰᠤ ᠶᠢ ᠳᠡᠭᠡᠳᠦᠯᠡᠨ ᠶᠠᠪᠤᠬᠤ ᠶᠢ ᠦᠷ᠎ᠡ ᠬᠤᠶᠢᠴᠢᠰ ᠲᠠᠭᠠᠨ ᠤᠯᠠᠮᠵᠢᠯᠠᠨ ᠵᠠᠯᠭᠠᠮᠵᠢᠯᠠᠭᠤᠯᠬᠤ ᠵᠤᠷᠢᠯᠭ᠎ᠠ ᠲᠤ ᠬᠦᠷᠳᠡᠭ ᠪᠠᠶᠢᠨ᠎ᠠ᠃      ᠨᠡᠭᠦᠳᠡᠯ ᠮᠠᠯᠵᠢᠯ ᠤᠨ ᠤᠨᠴᠠᠯᠢᠭ — ᠮᠤᠷᠢ ᠪᠤᠯ ᠨᠡᠭᠦᠳᠡᠯ ᠮᠠᠯᠵᠢᠯ ᠤᠨ ᠭᠤᠤᠯ ᠦᠢᠯᠡᠳᠪᠦᠷᠢᠯᠡᠯ ᠤᠨ ᠬᠦᠴᠦᠨ ᠪᠤᠯᠵᠦ ᠪᠠᠶᠢᠳᠠᠭ ᠪᠠ ᠭᠤᠤᠯ ᠴᠢᠮᠡᠭᠡ ᠬᠤᠯᠪᠤᠭᠠᠨ ᠤ ᠴᠢᠬᠤᠯᠠ ᠪᠠᠭᠠᠵᠢ ᠬᠡᠷᠡᠭᠰᠡᠯ ᠤᠨ ᠦᠢᠯᠡᠳᠦᠯ ᠢ ᠭᠠᠷᠭᠠᠭᠰᠠᠭᠠᠷ ᠢᠷᠡᠭᠰᠡᠨ ᠠᠮᠢᠳᠠᠨ ᠶᠤᠮ᠃ ᠡᠶᠢᠮᠦ ᠠᠴᠠ ᠤᠷᠳᠤ ᠶᠢᠨ ᠲᠠᠭᠤᠤ ᠶᠢᠨ ᠲᠤᠳᠤᠷᠠᠬᠢ ᠮᠤᠷᠢ ᠪᠤᠯ ᠨᠡᠭᠦᠳᠡᠯ ᠮᠡᠯᠵᠢᠯ ᠤᠨ ᠪᠡᠯᠭᠡ ᠳᠡᠮᠳᠡᠭ ᠶᠤᠮ᠂ ᠰᠦᠷᠦᠭ ᠬᠠᠷᠢᠭᠤᠯᠬᠤ᠂ ᠠᠶᠠᠨ ᠠᠩᠨᠠᠯ ᠳᠤ ᠶᠠᠪᠤᠬᠤ᠂ ᠤᠷᠤᠭ ᠬᠤᠷᠢᠮ ᠬᠢᠬᠦ᠂ ᠤᠳᠤᠷᠯᠠᠵᠦ ᠨᠡᠭᠦᠳᠡᠯᠯᠡᠬᠦ ᠳᠤ ᠲᠡᠭᠦᠨ ᠠᠴᠠ ᠰᠠᠯᠵᠦ ᠪᠤᠯᠤᠰᠢ ᠦᠭᠡᠢ ᠪᠠᠶᠢᠳᠠᠭ᠃ ᠮᠤᠷᠢ ᠪᠠᠨ ᠮᠠᠭᠳᠠᠨ ᠲᠠᠭᠤᠯᠠᠭᠰᠠᠨ ᠲᠠᠭᠤᠤ ᠨᠢ ᠪᠦᠬᠦ ᠤᠷᠳᠤ ᠶᠢᠨ ᠲᠠᠭᠤᠤ ᠶᠢᠨ ᠵᠤᠩᠭᠢᠯᠠᠬᠤ ᠲᠤᠭ᠎ᠠ ᠶᠢ ᠡᠵᠡᠯᠡᠳᠡᠭ ᠰᠠᠨ᠃ ᠭᠡᠭᠡᠷ᠎ᠡ ᠬᠦᠳᠡᠭᠡ ᠶᠠᠪᠤᠬᠤ ᠳᠤ ᠮᠤᠷᠢ ᠪᠤᠯ ᠰᠠᠶ᠋ᠢ ᠬᠠᠨᠢ ᠪᠤᠯᠵᠦ᠂ ᠠᠶᠤᠯ ᠲᠦᠭᠰᠢᠭᠦᠷᠢ ᠠᠴᠠ ᠵᠠᠶᠢᠯᠠᠬᠤ᠂ ᠬᠦᠴᠢᠷ ᠪᠡᠷᠬᠡ ᠶᠢ ᠲᠠᠪᠠᠭ᠋ᠤ ᠳᠤ ᠴᠢᠬᠤᠯᠠ ᠦᠢᠯᠡᠳᠦᠯ ᠦᠵᠡᠭᠦᠯᠳᠡᠭ᠃ ᠮᠤᠷᠢ ᠭᠡᠬᠦ ᠡᠷᠳᠡᠨᠢ ᠪᠠᠶᠢᠭᠰᠠᠨ ᠠᠴᠠ ᠠᠪᠤ ᠡᠵᠢ ᠎ ᠲᠠᠢ ᠪᠠᠨ ᠵᠤᠯᠭᠠᠬᠤ᠂ ᠠᠮᠠᠷᠠᠭ ᠬᠤᠩᠭᠤᠷ ᠲᠠᠢ ᠪᠠᠨ ᠠᠭᠤᠯᠵᠠᠬᠤ᠂ ᠠᠵᠦ ᠦᠢᠯᠡᠰ ᠢᠶᠠᠨ ᠪᠡᠶᠡᠯᠡᠭᠦᠯᠬᠦ ᠵᠡᠷᠭᠡ ᠳᠤ ᠰᠠᠨᠠᠭᠰᠠᠨ ᠶᠤᠰᠤᠭᠠᠷ ᠪᠤᠯᠭᠠᠳᠠᠭ ᠪᠠᠶᠢᠨ᠎ᠠ᠃      ᠠᠷᠠᠳ ᠤᠨ ᠵᠠᠩ ᠴᠢᠨᠠᠷ ᠤᠨ ᠤᠨᠴᠠᠯᠢᠭ — ᠨᠡᠭᠦᠳᠡᠯᠴᠢᠨ ᠮᠠᠯᠴᠢᠳ ᠪᠤᠯ ᠠᠭᠤᠳᠠᠮ ᠲᠠᠯ᠎ᠠ ᠰᠢᠭ᠋ ᠢᠶᠠᠨ ᠴᠠᠭᠠᠬᠠᠨ ᠰᠡᠳᠭᠢᠯ ᠲᠠᠢ᠂ ᠦᠨᠡᠨᠴᠢ ᠰᠢᠳᠤᠷᠭᠤ᠂ ᠬᠠᠷᠢᠯᠴᠠᠨ ᠲᠤᠰᠠᠯᠠᠯᠴᠠᠬᠤ᠂ ᠬᠠᠷᠢᠯᠴᠠᠨ ᠬᠦᠨᠳᠦᠳᠭᠡᠬᠦ ᠶᠢ ᠡᠷᠬᠢᠮᠯᠡᠳᠡᠭ ᠬᠦᠮᠦᠰ ᠪᠦᠭᠡᠳ ᠵᠠᠯᠢ ᠮᠡᠭᠡ ᠪᠠ ᠬᠤᠯᠠᠭᠠᠢ ᠬᠤᠳᠠᠯ ᠢ ᠵᠢᠭᠰᠢᠳᠡᠭ ᠪᠤᠯᠪᠠᠰᠤᠨ ᠵᠠᠩ ᠰᠤᠷᠳᠠᠬᠤᠨ ᠲᠠᠢ ᠪᠠᠶᠢᠳᠠᠭ᠂ ᠡᠨᠡ ᠨᠢ ᠨᠡᠭᠦᠳᠡᠯ ᠮᠠᠯᠵᠢᠯ ᠤᠨ ᠬᠢᠨᠢ ᠰᠢᠯᠢᠳᠡᠭ ᠤᠷᠴᠢᠨ ᠠᠴᠠ ᠰᠢᠯᠳᠠᠠᠭᠠᠯᠠᠭᠳᠠᠨ ᠬᠦᠮᠦᠵᠢᠭᠳᠡᠭᠰᠡᠨ ᠳᠤ ᠪᠠᠶᠢᠬᠤ ᠶᠤᠮ᠃ ᠨᠡᠭᠦᠳᠡᠯᠴᠢᠳ ᠬᠠᠷᠠᠬᠠᠨ ᠪᠠᠭ᠎ᠠ ᠠᠴᠠ ᠪᠠᠨ ᠭᠡᠷ ᠤᠨ ᠬᠦᠮᠦᠵᠢᠯ ᠤᠨ ᠬᠠᠳᠠᠭᠤᠬᠠᠨ ᠰᠤᠷᠭᠠᠯ ᠢ ᠬᠦᠷᠳᠡᠵᠦ᠂ ᠪᠠᠶᠢᠭᠠᠯᠢ ᠤᠷᠴᠢᠨ ᠪᠠ ᠮᠠᠯ ᠰᠦᠷᠦᠭ ᠲᠠᠢ ᠪᠠᠨ ᠡᠷᠳᠡ ᠲᠠᠰᠤᠯᠠᠯᠴᠠᠨ ᠲᠠᠨᠢᠯᠴᠠᠵᠦ᠂ ᠠᠳᠠᠯ ᠬᠦᠳᠡᠯᠮᠦᠷᠢ ᠳᠤ ᠪᠠᠭ᠎ᠠ ᠠᠴᠠ ᠪᠠᠨ ᠲᠠᠪᠳᠠᠭᠳᠠᠵᠦ᠂ ᠨᠡᠭᠦᠳᠡᠯ ᠤᠨ ᠤᠯᠠᠨ ᠰᠢᠯᠳᠠᠭᠠᠨ ᠠᠴᠠ ᠬᠠᠷᠢᠯᠴᠠᠨ ᠲᠤᠰᠠᠯᠠᠯᠴᠠᠬᠤ᠂ ᠬᠦᠮᠦᠨ ᠳᠤ ᠲᠤᠰᠠ ᠬᠦᠷᠭᠡᠬᠦ ᠵᠠᠩ ᠴᠢᠨᠠᠷ ᠲᠠᠢ ᠪᠤᠯᠵᠦ ᠬᠦᠮᠦᠵᠢᠳᠡᠭ᠃ ᠤᠪᠤᠭ᠎ᠠ ᠯᠤᠤᠰ ᠢᠶᠠᠨ ᠳᠠᠬᠢᠵᠦ ᠨᠤᠲᠤᠭ ᠤᠰᠤᠨ ᠢᠶᠠᠨ ᠬᠠᠶᠢᠷᠠᠯᠠᠨ᠎ᠠ᠂ ᠭᠠᠯ ᠲᠤᠯᠭ᠎ᠠ ᠪᠠᠨ ᠳᠠᠬᠢᠵᠦ ᠠᠮᠢᠳᠤᠷᠠᠯ ᠢᠶᠠᠨ ᠬᠠᠶᠢᠷᠠᠯᠠᠨ᠎ᠠ᠂ ᠰᠦᠯᠳᠡ ᠲᠡᠭᠷᠢ ᠪᠠᠨ ᠳᠠᠬᠢᠵᠦ ᠲᠡᠤᠬᠡ ᠪᠠᠨ ᠬᠠᠶᠢᠷᠠᠯᠠᠨ᠎ᠠ᠂ ᠲᠠᠯᠠᠯᠭ᠎ᠠ ᠬᠤᠷᠤᠶᠢᠯᠭ᠎ᠠ ᠬᠢᠵᠦ ᠮᠠᠯ ᠰᠦᠷᠦᠭ ᠢᠶᠠᠨ ᠬᠠᠶᠢᠷᠠᠯᠠᠨ᠎ᠠ᠂ ᠳᠡᠳᠡ ᠪᠤᠯ ᠬᠠᠶᠢᠷ᠎ᠠ ᠰᠡᠳᠭᠢᠯᠭᠡ ᠪᠠᠳᠤ ᠵᠢᠷᠤᠮ ᠬᠤᠶᠠᠷ ᠢ ᠡᠷᠬᠢᠮ ᠳᠤ ᠦᠵᠡᠵᠦ᠂ ᠠᠰᠢᠭ ᠢ ᠲᠡᠪᠴᠢᠳᠡᠭ ᠬᠦᠮᠦᠰ ᠶᠤᠮ᠂ ᠡᠶᠢᠮᠦ ᠪᠠᠷ ᠠᠷᠠᠳ ᠤᠨ ᠤᠷᠳᠤ ᠶᠢᠨ ᠲᠠᠭᠤᠤ ᠶᠢᠨ ᠡᠭᠡᠰᠢᠯᠡᠩ ᠨᠢ ᠰᠡᠳᠭᠢᠯ ᠤᠨ ᠬᠠᠶᠢᠯᠠᠩ ᠠᠴᠠ ᠡᠭᠦᠰᠤᠭ᠍ᠰᠠᠨ ᠰᠠᠨᠠᠵᠦ ᠮᠦᠷᠦᠭᠡᠳᠤᠭ᠍ᠰᠡᠨ᠂ ᠮᠠᠭᠳᠠᠵᠦ ᠪᠢᠰᠢᠷᠡᠭᠰᠡᠨ᠂ ᠢᠷᠦᠭᠡᠨ ᠵᠦᠩᠨᠡᠭᠰᠡᠨ ᠤᠶᠠᠩᠭ᠎ᠠ ᠶᠢᠨ ᠰᠤᠳᠤᠨ᠂ ᠤᠯᠠᠮᠵᠢᠯᠠᠯ ᠤᠨ ᠤᠳᠤᠨ ᠪᠤᠯᠵᠦ ᠢᠯᠡᠷᠡᠳᠡᠭ ᠪᠠᠶᠢᠨ᠎ᠠ᠃      ᠤᠷᠳᠤ ᠶᠢᠨ ᠲᠠᠭᠤᠤ ᠶᠢᠨ ᠬᠠᠮᠳᠤ ᠶᠢᠨ ᠢᠵᠢᠯ ᠲᠠᠯ᠎ᠠ ᠭᠡᠪᠡᠯ ᠲᠠᠭᠤᠤ ᠬᠤᠭᠤᠯᠠᠢ ᠶᠢᠨ ᠠᠶᠠᠯᠠᠭᠤ ᠨᠢ ᠤᠷᠳᠤ ᠡᠭᠡᠰᠢᠭᠷᠡᠨ ᠭᠠᠷᠭᠠᠬᠤ ᠳᠡᠭᠡᠷ᠎ᠡ ᠤᠨᠴᠠᠯᠢᠭᠳᠠᠵᠦ ᠪᠠᠶᠢᠳᠠᠭ ᠪᠠ ᠮᠠᠯᠵᠢᠬᠤ ᠦᠢᠯᠡᠳᠪᠦᠷᠢᠯᠡᠯ ᠠᠮᠢᠳᠤᠷᠠᠯ ᠢᠶᠠᠨ ᠵᠢᠷᠤᠭᠯᠠᠵᠦ᠂ ᠠᠪᠤ ᠠᠵᠢ᠂ ᠠᠮᠠᠷᠠᠭ ᠬᠤᠩᠭᠤᠷ᠂ ᠰᠠᠳᠤᠨ ᠲᠦᠷᠦᠯ ᠢᠶᠠᠨ ᠪᠠᠶᠢᠭᠠᠯᠢ ᠶᠢᠨ ᠦᠵᠡᠮᠵᠢ ᠶᠢᠨ ᠠᠭᠤᠯᠠ ᠤᠰᠤ ᠪᠠ ᠲᠠᠰᠤᠯᠴᠠᠵᠦ ᠢᠵᠢᠯᠰᠢᠭᠰᠡᠨ ᠠᠭᠳᠠ ᠮᠤᠷᠢ ᠲᠠᠢ ᠪᠠᠨ ᠬᠤᠯᠪᠤᠨ ᠪᠠᠶᠢᠵᠦ᠂ ᠢᠷᠦᠭᠡᠨ ᠮᠠᠭᠳᠠᠬᠤ᠂ ᠰᠠᠨᠠᠨ ᠮᠦᠷᠦᠭᠡᠳᠬᠦ᠂ ᠲᠤᠷᠠᠰᠤᠨ ᠰᠠᠨᠠᠭᠠᠯᠵᠠᠬᠤ ᠵᠡᠷᠭᠡ ᠬᠡᠯᠪᠡᠷᠢ ᠪᠠᠷ ᠭᠤᠤᠯᠳᠠᠢ ᠲᠠᠭᠤᠯᠠᠵᠦ᠂ ᠪᠠᠶᠢᠭᠠᠯᠢ ᠨᠤᠲᠤᠭ ᠳᠠᠭᠠᠨ ᠬᠠᠶᠢᠷᠠᠳᠠᠢ᠂ ᠠᠮᠢᠳᠤᠷᠠᠯ ᠳᠠᠭᠠᠨ ᠬᠠᠶᠢᠷᠠᠳᠠᠢ ᠪᠠᠶᠢᠭ᠎ᠠ ᠵᠠᠩ ᠴᠢᠨᠠᠷ ᠳᠡᠭᠡᠷ᠎ᠡ ᠲᠤᠰᠬᠠᠯ ᠢᠶᠠᠨ ᠤᠯᠤᠭᠰᠠᠨ ᠪᠠᠶᠢᠳᠠᠭ ᠶᠤᠮ᠃            ᠬᠤᠶᠠᠷ᠂ ᠦᠵᠦᠮᠦᠴᠢᠨ ᠤᠷᠳᠤ ᠶᠢᠨ ᠲᠠᠭᠤᠤ ᠶᠢᠨ ᠲᠠᠭᠤᠯᠠᠯᠭ᠎ᠠ ᠶᠢᠨ ᠤᠷ᠎ᠠ ᠬᠡᠪᠰᠢᠯ      ᠦᠵᠦᠮᠦᠴᠢᠨ ᠨᠤᠲᠤᠭ ᠪᠤᠯ ᠤᠷᠳᠤ ᠶᠢᠨ ᠲᠠᠭᠤᠤ ᠶᠢᠨ ᠦᠯᠦᠭᠡᠢ᠂ ᠤᠷᠳᠤ ᠶᠢᠨ ᠲᠠᠭᠤᠤ ᠶᠢᠨ ᠰᠤᠶᠤᠯ ᠪᠦᠬᠦᠢ ᠠᠷᠠᠳ ᠲᠦᠮᠡᠨ ᠲᠠᠢ ᠡᠭᠡᠰᠢᠭ ᠤᠶᠠᠩᠭ᠎ᠠ ᠶᠢᠨ ᠤᠷᠤᠨ ᠪᠠᠶᠢᠭ᠎ᠠ ᠶᠤᠮ᠃ ᠦᠵᠦᠮᠦᠴᠢᠨ ᠤᠷᠳᠤ ᠶᠢᠨ ᠲᠠᠭᠤᠤ ᠨᠢ ᠡᠷᠳᠡᠨ ᠤ ᠲᠠᠭᠤ ᠬᠤᠭᠤᠯᠠᠢ ᠶᠢᠨ ᠤᠷᠠᠯᠠᠬᠤᠢ ᠶᠢ ᠭᠠᠶᠢᠬᠠᠭᠤᠯᠤᠭᠰᠠᠨ᠂ ᠲᠡᠤᠬᠡ ᠶᠢᠨ ᠤᠯᠠ ᠮᠦᠷ ᠎ ᠢᠶᠠᠨ ᠲᠠᠮᠠᠭᠠᠯᠠᠭᠰᠠᠨ᠂ ᠲᠠᠯ᠎ᠠ ᠨᠤᠲᠤᠭ ᠤᠨ ᠮᠠᠯᠴᠢᠨ ᠲᠦᠮᠡᠨ ᠤ ᠰᠦ ᠴᠠᠶᠢᠯᠭᠠᠨ ᠰᠡᠳᠭᠢᠯᠭᠡ ᠶᠢ ᠢᠯᠡᠷᠡᠭᠦᠯᠦᠭᠰᠡᠨ ᠨᠢᠭᠡᠨ ᠵᠦᠢᠯ ᠤᠨ ᠰᠤᠶᠤᠯ ᠤᠷᠠᠯᠢᠭ ᠤᠨ ᠬᠡᠯᠪᠡᠷᠢ ᠪᠤᠯᠤᠨ᠎ᠠ᠃ ᠲᠠᠭᠤᠯᠠᠯᠭ᠎ᠠ ᠶᠢᠨ ᠬᠤᠪᠢ ᠳᠤ ᠭᠤᠩᠭᠠᠨᠠᠬᠤ᠂ ᠢᠰᠬᠢᠷᠤᠬᠦ᠂ ᠲᠠᠭᠤᠯᠠᠬᠤ᠂ ᠴᠤᠭᠤᠷᠳᠠᠬᠤ ᠵᠡᠷᠭᠡ ᠲᠠᠭᠤ ᠬᠤᠭᠤᠯᠠᠢ ᠶᠢᠨ ᠦᠩᠭᠡ ᠡᠭᠡᠰᠢᠭᠯᠡᠭᠡᠨ ᠪᠠᠶᠢᠳᠠᠭ᠃ ᠲᠡᠭᠡᠪᠡᠯ ᠠᠬᠠᠮᠠᠳ ᠪᠤᠭᠤᠷᠤᠯ ᠤᠨ ᠤᠯᠠᠮᠵᠢᠯᠠᠨ ᠶᠠᠷᠢᠬᠤ ᠶᠢ ᠵᠦᠢᠴᠢᠯᠡᠪᠡᠯ ᠲᠠᠭᠤᠯᠠᠬᠤᠢ ᠶᠢᠨ ᠤᠷ᠎ᠠ ᠮᠡᠷᠭᠡᠵᠢᠯ ᠳᠤ᠄ ᠲᠠᠭᠤᠤ ᠶᠢᠨ ᠡᠷᠭᠦᠯᠳᠡ᠂ ᠡᠭᠡᠰᠢᠭ ᠨᠤᠭᠤᠯᠠᠭ᠎ᠠ᠂ ᠴᠠᠶᠢᠷᠠᠭᠤᠯᠬᠤ ︵ᠰᠢᠷᠤᠩᠬᠠᠶᠢᠯᠠᠬᠤ︶᠂ ᠰᠢᠷᠭᠤᠭᠤᠯᠬᠤ ︵ᠪᠤᠷᠵᠢᠭᠠᠯᠠᠬᠤ︶᠂ ᠠᠮᠢᠰᠬᠤᠭ᠎ᠠ ᠵᠤᠬᠢᠴᠠᠭᠤᠯᠬᠤ᠂ ᠤᠷ᠎ᠠ ᠡᠪ ᠵᠡᠷᠭᠡ ᠳᠠᠪᠳᠠᠮᠵᠢ ᠪᠠᠶᠢᠬᠤ ᠰᠢᠭ᠋ ᠠᠵᠢᠭᠯᠠᠭᠳᠠᠨ᠎ᠠ᠃      ᠲᠠᠭᠤᠯᠠᠬᠤ ᠶᠠᠪᠤᠴᠠ ᠳᠤ᠂ ᠤᠷᠳᠤ ᠶᠢᠨ ᠲᠠᠭᠤᠤ ᠶᠢᠨ ᠲᠠᠭᠤᠯᠠᠯᠭ᠎ᠠ ᠶᠢᠨ ᠲᠤᠮᠳᠠᠬᠢ ᠡᠷᠭᠦᠯᠳᠡ ᠪᠤᠯ ᠬᠤᠭᠤᠯᠠᠢ ᠠᠶᠠᠯᠠᠭᠤ ᠶᠢ ᠲᠦᠪᠰᠢᠨ ᠡᠬᠢᠯᠡᠭᠰᠡᠨ ᠢᠶᠠᠨ ᠡᠭᠡᠰᠢᠭ ᠠᠶᠠᠰ ᠢᠶᠠᠨ ᠳᠠᠬᠢᠨ ᠳᠡᠭᠡᠭᠰᠢ ᠡᠷᠭᠦᠨ ᠲᠤᠩᠭᠠᠯᠠᠭᠵᠢᠭᠤᠯᠬᠤ ᠶᠢ ᠬᠡᠯᠡᠨ᠎ᠡ᠃ ᠦᠭᠡᠷ᠎ᠡ ᠪᠠᠷ ᠬᠡᠯᠡᠪᠡᠯ ᠲᠠᠭᠤᠤ ᠶᠢᠨ ᠦᠩᠭᠡ ᠪᠠᠨ ᠨᠠᠷᠢᠨ ᠵᠦᠭ ᠱᠠᠳᠤ ᠳᠠᠪᠰᠢᠭᠤᠯᠬᠤ ᠶᠠᠪᠤᠳᠠᠯ ᠪᠤᠯᠤᠨ᠎ᠠ᠂ ᠡᠷᠭᠦᠯᠳᠡ ᠪᠤᠯ ᠲᠠᠭᠤᠤ ᠶᠢᠨ ᠪᠦᠬᠦ ᠶᠠᠪᠤᠴᠠ ᠳᠤ ᠲᠤᠤᠱᠯᠠᠭᠳᠠᠵᠦ ᠪᠠᠶᠢᠳᠠᠭ᠃      ᠨᠤᠭᠤᠯᠠᠭ᠎ᠠ ᠪᠤᠯ ᠲᠠᠭᠤ ᠬᠤᠭᠤᠯᠠᠢ ᠠᠴᠠ ᠭᠠᠷᠬᠤ ᠡᠭᠡᠰᠢᠭ ᠢ ᠰᠤᠨᠤᠰᠪᠦᠷᠢᠳᠡᠢ ᠡᠪᠯᠡᠬᠦᠨ ᠪᠤᠯᠠᠭᠠᠬᠤ ᠶᠢᠨ ᠲᠠᠭᠠᠤ ᠳᠤ ᠲᠠᠭᠤᠤ ᠶᠢ ᠡᠭᠡᠰᠢᠭᠯᠡᠬᠦ ᠪᠠᠷ ᠳᠡᠮᠵᠢᠨ ᠤᠯᠠᠮ ᠭᠤᠶᠢᠳᠡ ᠰᠤᠨᠤᠰᠬᠤᠯᠠᠩ ᠲᠠᠢ ᠪᠤᠯᠭᠠᠳᠠᠭ ᠶᠤᠮ᠃ ᠲᠠᠭᠤᠤ ᠶᠢᠨ ᠡᠭᠡᠰᠢᠭ ᠨᠤᠭᠤᠯᠠᠭ᠎ᠠ ᠳᠤ ᠬᠤᠭᠤᠯᠠᠢ ᠨᠤᠭᠤᠴᠠᠭ᠎ᠠ᠂ ᠡᠷᠭᠢᠯᠳᠡ ᠡᠭᠡᠰᠢᠭ ᠭᠡᠵᠦ ᠪᠤᠢ᠃ ᠲᠠᠭᠤᠤ ᠶᠢᠨ ᠪᠦᠳᠦᠴᠡ ᠶᠢᠨ ᠪᠠᠶᠢᠳᠠᠯ ᠢᠶᠠᠨ ᠦᠵᠡᠵᠦ᠂ ᠡᠳᠡᠭᠡᠷ ᠡᠭᠡᠰᠢᠭ ᠨᠤᠭᠤᠯᠠᠭ᠎ᠠ ᠶᠢᠨ ᠵᠤᠬᠢᠵᠠᠮᠵᠢ ᠶᠢ ᠲᠠᠭᠠᠷᠠᠭᠤᠯᠳᠠᠭ᠃      ᠴᠠᠶᠢᠷᠠᠭᠤᠯᠬᠤ ︵ᠰᠢᠷᠤᠩᠬᠠᠶᠢᠯᠠᠬᠤ︶ ᠪᠤᠯ ᠲᠠᠭᠤᠤ ᠶᠢᠨ ᠡᠷᠭᠦᠯᠳᠡ ᠶᠢᠨ ᠬᠠᠮᠤᠭ ᠤᠨ ᠳᠡᠭᠡᠳᠦ ᠲᠦᠪᠰᠢᠨ ᠲᠠᠷᠤᠢ ᠬᠤᠭᠤᠯᠠᠢ ᠶᠢᠨ ᠬᠠᠮᠤᠭ ᠨᠠᠷᠢᠨ ᠲᠦᠪᠰᠢᠨ ᠢ ᠬᠡᠯᠡᠳᠡᠭ᠃ ᠰᠢᠷᠤᠩᠬᠠᠶᠢᠯᠠᠬᠤ ᠪᠤᠯ ᠴᠠᠶᠢᠷᠠᠭᠤᠯᠬᠤ ᠲᠦᠪᠰᠢᠨ ᠎ ᠢ ᠤᠯᠠᠨ ᠢᠶᠠᠷ ᠢᠶᠠᠨ ᠬᠠᠪᠰᠤᠷᠤᠨ ᠲᠠᠭᠤᠯᠠᠨ ᠭᠠᠷᠭᠠᠬᠤ ᠶᠢ ᠰᠢᠷᠤᠩᠬᠠᠶᠢᠯᠬᠤ ᠭᠡᠵᠦ ᠬᠡᠯᠡᠳᠡᠭ᠃ ᠨᠢᠭᠡ ᠬᠦᠮᠦᠨ ᠤ ᠲᠠᠭᠤᠤ ᠶᠢᠨ ᠬᠠᠮᠤᠭ ᠤᠨ ᠳᠡᠭᠡᠳᠦ ᠲᠦᠪᠰᠢᠨ ᠢ ᠴᠠᠶᠢᠷᠠᠭᠤᠯᠬᠤ ᠭᠡᠵᠦ᠂ ᠬᠠᠮ ᠲᠠᠭᠤᠤ ᠶᠢᠨ ᠲᠠᠭᠤᠯᠠᠯᠭ᠎ᠠ ᠶᠢᠨ ᠬᠠᠮᠤᠭ ᠤᠨ ᠳᠡᠭᠡᠳᠦ ᠲᠦᠪᠰᠢᠨ ᠢ ᠰᠤᠨᠤᠰᠬᠤᠯᠠᠩ ᠤᠨ ᠬᠤᠪᠢ ᠳᠤ ᠰᠢᠷᠤᠩᠬᠠᠶᠢᠯᠠᠬᠤ ᠬᠡᠨ᠎ᠡ᠃      ᠰᠢᠷᠭᠤᠭᠤᠯᠬᠤ ᠪᠠ ᠪᠤᠷᠵᠢᠭᠠᠯᠠᠬᠤ ᠪᠤᠯ ᠲᠠᠭᠤᠤ ᠶᠢᠨ ᠴᠠᠶᠢᠷᠠᠭᠤᠯᠬᠤ ᠲᠦᠪᠰᠢᠨ ᠢ ᠲᠠᠩᠨᠠᠢ ᠶᠢᠨ ᠡᠭᠡᠰᠢᠭ ᠎ ᠢᠶᠠᠷ ᠤᠷᠪᠠᠭᠤᠯᠤᠨ ᠭᠠᠷᠭᠠᠬᠤ ᠶᠢ ᠬᠡᠯᠡᠨ᠎ᠡ᠃ ᠡᠨᠡ ᠨᠢ ᠮᠦᠨᠴᠤ ᠬᠤᠭᠤᠯᠠᠢ ᠶᠢᠨ ᠡᠭᠡᠰᠢᠭ ᠭᠠᠷᠭᠠᠬᠤ ᠶᠢ ᠪᠤᠷᠵᠢᠭᠠᠯᠠᠨ ᠵᠤᠬᠢᠴᠠᠭᠤᠯᠬᠤ ᠤᠷ᠎ᠠ ᠮᠡᠷᠭᠡᠵᠢᠯ ᠪᠤᠯᠤᠨ᠎ᠠ᠃ ᠪᠤᠷᠵᠢᠭᠠᠯᠠᠬᠤ ᠨᠢ ᠲᠤᠮᠳᠠ ᠬᠤᠭᠤᠪᠤᠷᠢ ᠬᠤᠭᠤᠯᠠᠢ ᠶᠢᠨ ᠬᠡᠯᠪᠡᠷᠢ ᠪᠠᠷ ᠲᠠᠭᠤᠯᠠᠬᠤ ᠪᠠ ᠤᠯᠠᠨᠳᠠ ᠰᠢᠷᠭᠤᠭᠤᠯᠬᠤ ᠡᠭᠡᠰᠢᠭ ᠠᠶᠠᠯᠠᠭᠤ ᠶᠢᠨ ᠵᠤᠬᠢᠴᠠᠯ ᠢ ᠬᠡᠯᠨᠳᠡᠭ᠂ ᠬᠤᠭᠤᠯᠠᠢ ᠶᠢᠨ ᠬᠦᠴᠤ ᠪᠠᠷ ᠴᠠᠶᠢᠷᠠᠭᠤᠯᠬᠤ ᠪᠢᠰᠢ ᠬᠤᠭᠤᠯᠠᠢ ᠶᠢᠨ ᠡᠪ ᠢᠶᠠᠷ ᠵᠦᠭᠡᠯᠡᠷᠡᠭᠦᠯᠬᠦ ᠪᠤᠯᠤᠨ᠎ᠠ᠃ ᠪᠤᠷᠵᠢᠭᠠᠨ ᠠᠶᠠᠯᠠᠭᠤ ᠪᠤᠯ ᠬᠤᠭᠤᠯᠠᠢ ᠳᠤ ᠡᠪᠳᠡᠢ᠂ ᠰᠤᠨᠤᠰᠬᠤᠯᠠᠩ ᠪᠠᠷ ᠭᠤᠶᠢᠳᠡ ᠪᠠᠶᠢᠳᠠᠭ ᠤᠨᠴᠠᠯᠢᠭ ᠲᠠᠢ ᠶᠤᠮ᠃ ᠡᠶᠢᠮᠦ ᠎ ᠪᠠᠷ ᠲᠡᠭᠡᠷᠡᠬᠢ ᠲᠠᠭᠤᠯᠠᠯᠭ᠎ᠠ ᠶᠢᠨ ᠤᠷ᠎ᠠ ᠮᠡᠷᠭᠡᠵᠢᠯ ᠢ ᠠᠰᠢᠭᠯᠠᠨ ᠤᠷᠳᠤ ᠶᠢᠨ ᠲᠠᠭᠤᠤ ᠶᠢ ᠲᠠᠭᠤᠯᠠᠬᠤ ᠳᠤ ᠵᠠᠳᠠᠭᠠᠢ ᠲᠠᠭᠤᠯᠠᠬᠤ ᠪᠠ ᠪᠤᠷᠵᠢᠭᠠᠯᠠᠵᠦ ᠲᠠᠭᠤᠯᠠᠬᠤ ᠭᠡᠵᠦ ᠢᠯᠭᠠᠨ ᠬᠡᠯᠡᠯᠴᠡᠳᠡᠭ ᠶᠤᠮᠰᠠᠨ᠃      ᠠᠮᠢᠰᠬᠤᠭ᠎ᠠ ᠵᠤᠬᠢᠴᠠᠭᠤᠯᠬᠤ ᠪᠤᠯ ᠤᠷᠳᠤ ᠶᠢᠨ ᠲᠠᠭᠤᠤ ᠳᠤ ᠲᠤᠤᠱᠯᠠᠭᠳᠠᠬᠤ ᠬᠤᠭᠤᠯᠠᠢ ᠶᠢᠨ ᠦᠩᠭᠡ ᠶᠢ ᠲᠤᠬᠢᠷᠠᠭᠤᠯᠬᠤ ᠠᠮᠢᠰᠬᠤᠯ ᠤᠨ ᠵᠤᠬᠢᠴᠠᠯ ᠢ ᠬᠡᠯᠡᠳᠡᠭ᠃ ᠤᠷᠳᠤ ᠶᠢᠨ ᠲᠠᠭᠤᠤ ᠶᠢᠨ ᠦᠩᠭᠡ ᠲᠤᠳᠤᠷᠠᠭᠤᠯᠬᠤ ᠠᠮᠢᠰᠬᠤᠯ ᠤᠨ ᠬᠦᠴᠦᠨ ᠨᠢ ᠤᠷᠳᠤ ᠪᠠᠶᠢᠳᠠᠭ ᠢᠶᠠᠷ ᠢᠶᠠᠨ ᠪᠤᠰᠤᠳ ᠲᠠᠭᠤᠤ ᠠᠴᠠ ᠢᠯᠭᠠᠭᠳᠠᠬᠤ ᠤᠨᠴᠠᠯᠢᠭ ᠪᠤᠯᠤᠨ᠎ᠠ᠃ ᠭᠡᠳᠡᠯ᠎ᠡ ᠡᠨᠡ ᠪᠤᠯ ᠤᠷᠳᠤ ᠶᠢᠨ ᠲᠠᠭᠤᠤ ᠶᠢᠨ ᠶᠡᠷᠦᠩᠬᠡᠢ ᠠᠮᠢᠰᠬᠤᠯ ᠤᠨ ᠲᠠᠯ᠎ᠠ ᠠᠴᠠ ᠦᠭᠦᠯᠡᠭᠰᠡᠨ ᠲᠡᠳᠦᠢ ᠠᠴᠠ ᠪᠢᠰᠢ ᠤᠷᠳᠤ ᠶᠢᠨ ᠲᠠᠭᠤᠤ ᠶᠢᠨ ᠪᠦᠬᠦ ᠲᠠᠭᠤᠯᠠᠯᠭ᠎ᠠ ᠶᠢᠨ ᠶᠠᠪᠤᠴᠠ ᠳᠤ ᠤᠷᠳᠤ ᠪᠤᠭᠤᠨᠢ ᠠᠮᠢᠰᠬᠤᠯ ᠢ ᠲᠠᠭᠤᠤ ᠶᠢᠨ ᠪᠦᠳᠦᠴᠡ ᠠᠴᠠ ᠪᠠᠨ ᠪᠤᠯᠵᠦ ᠲᠤᠬᠢᠷᠠᠭᠤᠯᠤᠨ ᠲᠠᠭᠤᠯᠠᠬᠤ ᠨᠢ ᠤᠷ᠎ᠠ ᠡᠪ ᠲᠠᠢ ᠰᠢᠭᠤᠳ ᠬᠤᠯᠪᠤᠭᠳᠠᠵᠦ ᠪᠠᠶᠢᠳᠠᠭ᠂ ᠡᠶᠢᠮᠦ ᠠᠴᠠ ᠤᠷᠳᠤ ᠶᠢᠨ ᠲᠠᠭᠤᠤ ᠳᠤ ᠠᠮᠢᠰᠬᠤᠭ᠎ᠠ ᠵᠤᠬᠢᠴᠠᠭᠤᠯᠬᠤ ᠪᠤᠯ ᠠᠩᠬᠠᠷᠤᠭᠤᠰᠢᠳᠠᠢ ᠴᠢᠬᠤᠯᠠ ᠵᠦᠢᠯ ᠪᠤᠯᠤᠨ᠎ᠠ᠃      ᠲᠠᠭᠤᠤ ᠶᠢᠨ ᠤᠷ᠎ᠠ ᠡᠪ ᠭᠡᠵᠦ ᠬᠡᠯᠡᠯᠴᠡᠳᠡᠭ ᠨᠢ ᠬᠤᠭᠤᠯᠠᠢ ᠶᠢᠨ ᠤᠶᠠᠩᠭᠠᠯᠠᠬᠤ ᠴᠢᠳᠠᠪᠬᠢ ᠰᠠᠶᠢᠨ ᠪᠠᠶᠢᠳᠠᠭ ᠪᠠ ᠡᠭᠡᠰᠢᠭ ᠨᠤᠭᠤᠯᠠᠭ᠎ᠠ ᠭᠠᠷᠠᠭᠠᠬᠤ ᠳᠠᠭᠠᠨ ᠤᠶᠠᠩᠭᠠᠨ ᠴᠢᠮᠡᠭ ᠤᠷᠤᠭᠤᠯᠬᠤ ᠶᠢ ᠬᠡᠯᠡᠨ᠎ᠡ᠃ ᠬᠤᠭᠤᠯᠠᠢ ᠰᠠᠶᠢᠳᠠᠢ ᠪᠤᠯᠪᠠᠴᠤ ᠤᠷ᠎ᠡ ᠡᠪ ᠢᠶᠠᠷ ᠠᠨᠠᠢ ᠪᠤᠯ ᠰᠤᠨᠤᠰᠪᠤᠷᠢ ᠮᠠᠭᠤᠳᠠᠢ ᠪᠠᠶᠢᠳᠠᠭ ᠪᠠ ᠬᠦᠮᠦᠨ ᠤ ᠰᠡᠳᠭᠢᠯ ᠳᠤ ᠬᠦᠷᠴᠤ ᠳᠡᠶᠢᠯᠬᠦ ᠦᠭᠡᠢ ᠪᠠᠶᠢᠳᠠᠭ᠃ ᠵᠢᠱᠢᠶᠡᠯᠡᠪᠡᠯ᠄ ᠦᠵᠦᠮᠦᠴᠢᠨ ᠤ ᠡᠷᠳᠡ ᠦᠶ᠎ᠡ ᠶᠢᠨ ᠲᠠᠭᠤᠴᠢᠳ ᠠᠴᠠ ᠰᠡᠷᠡᠩᠪᠠᠽᠠᠷ᠂ ᠲᠠᠪᠠᠭ ᠨᠠᠷ ᠤᠨ ︽ᠰᠢᠵᠢᠷ ᠪᠤᠭᠳᠠ ᠶᠢᠨ ᠰᠢᠯᠢ︾᠂ ᠤᠷᠴᠢᠨ ᠦᠶ᠎ᠡ ᠠᠴᠠ ᠰᠧᠷᠡᠳ ᠪᠠ ᠮᠧᠳᠡᠭ ᠨᠠᠷ ᠤᠨ ︽ᠰᠡᠷᠢᠭᠦᠨ ᠰᠠᠶᠢᠬᠠᠨ ᠬᠠᠩᠭᠠᠢ︾ ᠵᠡᠷᠭᠡ ᠬᠤᠶᠠᠷ ᠰᠢᠷᠤᠩᠬᠠᠢ ᠲᠠᠢ ᠲᠤᠮᠤ ᠲᠠᠭᠤᠤ ᠶᠢ ᠲᠠᠭᠤᠯᠠᠬᠤ ᠶᠠᠪᠤᠴᠠ ᠳᠠᠬᠢ ᠤᠷ᠎ᠠ ᠡᠪ ᠢᠶᠠᠷ ᠠᠯᠳᠠᠷᠰᠢᠨ᠂ ᠬᠤᠭᠤᠯᠠᠢ ᠶᠢᠨ ᠴᠢᠳᠠᠯ ᠢ ᠭᠠᠶᠢᠬᠠᠭᠤᠯᠤᠭᠰᠠᠨ ᠪᠤᠯᠬᠤᠷ ᠤᠳᠤ ᠪᠤᠯᠳᠠᠯ᠎ᠠ ᠲᠤᠷᠠᠰᠤᠭᠳᠠᠨ ᠶᠡᠷᠢᠭ᠌ᠳᠠᠵᠦ᠂ ᠰᠤᠨᠤᠰᠤᠭᠠᠳ ᠮᠤᠬᠤᠰᠢ ᠦᠭᠡᠢ ᠪᠠᠶᠢᠳᠠᠭ᠃      ᠤᠷᠳᠤ ᠠᠶᠠᠯᠠᠭᠤᠨ ᠤ ᠬᠠᠪᠰᠤᠷᠤᠮᠵᠢ ᠬᠦᠭᠵᠢᠮ ᠪᠤᠯ ᠤᠯᠠᠨ ᠤ ᠮᠡᠳᠡᠭᠡᠵᠢ ᠪᠠᠷ ᠬᠢᠯᠭᠠᠰᠤᠨ ᠬᠦᠪᠴᠢ ᠲᠠᠢ ᠮᠤᠷᠢᠨ ᠬᠤᠭᠤᠷ ᠪᠤᠯ ᠬᠠᠮᠤᠭ ᠤᠨ ᠲᠤᠬᠢᠷᠠᠮᠵᠢᠳᠠᠢ ᠬᠦᠭᠵᠢᠮᠳᠡᠭᠦᠷ ᠪᠤᠯᠤᠨ᠎ᠠ᠃ ᠨᠤᠲᠤᠭ ᠤᠨ ᠠᠬᠠᠮᠠᠳ ᠮᠤᠷᠢᠨ ᠬᠤᠭᠤᠷᠴᠢᠳ ᠤᠨ ᠬᠡᠯᠡᠬᠦ ᠪᠠᠷ ᠪᠤᠯ ᠮᠤᠷᠢᠨ ᠬᠤᠭᠤᠷ ᠤᠨ ︽ᠬᠦᠭ︾᠎ ᠢ ᠲᠠᠭᠠᠷᠠᠭᠤᠯᠬᠤ ᠳᠤ ᠲᠠᠩ ᠬᠦᠭ ᠪᠤᠶᠤ ᠪᠤᠷᠵᠢᠭᠠᠨ ︵ᠲᠠᠪᠬᠤᠷ ᠬᠦᠭ ᠴᠤ ᠭᠡᠳᠡᠭ︶ ᠬᠦᠭ ᠭᠡᠵᠦ ᠢᠯᠭᠠᠨ ᠶᠠᠷᠢᠳᠠᠭ᠃ ᠲᠠᠩ ᠬᠦᠭ ᠲᠤ ᠪᠤᠯ ᠬᠦᠪᠴᠢ ᠎ ᠶᠢᠨ ᠨᠠᠷᠢᠨ ᠪᠤᠶᠤ ᠪᠦᠳᠦᠭᠦᠨ ᠤᠳᠠᠰᠤ ᠶᠢᠨ ᠬᠡᠪ ᠨᠠᠮᠪᠠ ᠶᠢ ᠠᠰᠢᠭᠯᠠᠵᠦ᠂ ᠴᠠᠶᠢᠷᠠᠭᠤᠯᠬᠤ ᠪᠠ ᠰᠢᠷᠭᠤᠭᠤᠯᠠᠬᠤ ᠶᠢ ᠨᠠᠷᠢᠨ ᠤᠳᠠᠰᠤᠨ ᠳᠤ ᠬᠦᠭᠵᠢᠮᠳᠡᠬᠦ ᠪᠦᠭᠡᠳ ᠬᠦᠪᠴᠢᠨ ᠳᠡᠭᠡᠷᠡᠬᠢ ᠬᠤᠷᠤᠭᠤᠨ ᠤ ᠳᠡᠭᠡᠭᠰᠢ ᠲᠤᠷᠤᠭᠰᠢ ᠶᠠᠪᠤᠬᠤ ᠲᠠᠷᠤᠯᠳᠠ ᠶᠢᠨ ᠵᠠᠢ ᠨᠢ ᠬᠤᠯᠠ ᠪᠤᠯᠳᠠᠭ ᠪᠦᠭᠡᠳ ᠰᠢᠷᠭᠤᠭᠤᠯᠬᠤ ᠨᠠᠷᠢᠨ ᠠᠶᠠᠰ ᠢ ᠪᠦᠳᠦᠭᠦᠨ ᠵᠦᠭ ᠤᠷᠪᠠᠭᠤᠯᠤᠨ ᠲᠠᠷᠤᠵᠦ ᠪᠤᠯᠳᠠᠭ ᠦᠭᠡᠢ᠃ ᠪᠤᠷᠵᠢᠭᠠᠨ ᠬᠦᠭ ᠲᠤ ᠬᠠᠷᠢᠨ ᠴᠠᠶᠢᠷᠠᠭᠤᠯᠬᠤ ᠭᠡᠪᠡᠯ ᠨᠠᠷᠢᠨ ᠤᠳᠠᠰᠤᠨ ᠳᠤ ᠲᠠᠷᠤᠵᠦ᠂ ᠰᠢᠷᠭᠤᠭᠤᠯᠠᠬᠤ ᠭᠡᠪᠡᠯ ᠪᠦᠳᠦᠭᠦᠨ ᠤᠳᠠᠰᠤᠨ ᠳᠤ ᠤᠷᠪᠠᠭᠤᠯᠤᠨ ᠲᠠᠷᠤᠳᠠᠭ᠂ ᠡᠶᠢᠮᠦ ᠠᠴᠠ ᠬᠤᠭᠤᠯᠠᠢ ᠲᠠᠭᠠᠭᠤᠯᠬᠤ ᠎ ᠳᠤ ᠮᠤᠷᠢᠨ ᠬᠤᠭᠤᠷ ᠤᠯᠠᠩᠬᠢ ᠳᠠᠭᠠᠨ ︽ᠪᠤᠷᠵᠢᠭᠠᠨ ᠬᠦᠭ︾᠎ ᠲᠤ ᠲᠠᠭᠠᠷᠠᠭᠤᠯᠳᠠᠭ ᠪᠠᠶᠢᠨ᠎ᠠ᠃          ᠭᠤᠷᠪᠠ   ᠦᠵᠦᠮᠦᠴᠢᠨ ᠤᠷᠳᠤ ᠶᠢᠨ ᠲᠠᠭᠤᠤ ᠶᠢᠨ ᠲᠠᠭᠤᠯᠠᠯᠭ᠎ᠠ ᠶᠢᠨ ᠵᠢᠷᠤᠮ ᠪᠠ ᠲᠦᠷᠢᠯᠭᠡ ᠶᠢᠨ ᠲᠤᠬᠠᠢ      ᠮᠠᠨ ᠤ ᠤᠷᠤᠨ ᠤ ᠤᠷᠳᠤ ᠶᠢᠨ ᠲᠠᠭᠤᠤ ᠶᠢᠨ ᠡᠯ᠎ᠡ ᠨᠤᠲᠤᠭ ᠤᠨ ᠠᠶᠠᠯᠠᠭᠤ ᠳᠤ ᠦᠵᠦᠮᠦᠴᠢᠨ ᠲᠢᠭ ᠪᠠᠷᠢᠯ ᠬᠠᠮᠤᠭ ᠠᠴᠠ ᠤᠬᠢ ᠰᠠᠶᠢᠬᠠᠨ ᠨᠢ ᠪᠦᠭᠡᠳ ᠤᠷᠳᠤ ᠶᠢᠨ ᠲᠠᠭᠤᠤ ᠶᠢᠨ ᠤᠯᠠᠨ ᠬᠡᠯᠪᠡᠷᠢ ᠨᠢ ᠡᠨᠡ ᠨᠤᠲᠤᠭ ᠤᠨ ᠲᠠᠭᠤᠯᠠᠯᠭ᠎ᠠ ᠳᠤ ᠪᠦᠷᠢᠨ ᠰᠢᠩᠭᠡᠵᠦ᠂ ᠲᠡᠤᠬᠡᠨ ᠤᠷᠳᠤ ᠶᠢᠨ ᠲᠠᠭᠤᠤ ᠬᠠᠮᠤᠭ ᠠᠷᠪᠢᠨ ᠬᠠᠳᠠᠭᠠᠯᠠᠭᠳᠠᠵᠦ ᠪᠠᠶᠢᠭ᠎ᠠ ᠭᠠᠵᠠᠷ ᠤᠷᠤᠨ ᠪᠤᠯᠤᠨ᠎ᠠ᠃ ᠡᠭᠦᠨ ᠠᠴᠠ ᠦᠵᠦᠮᠦᠴᠢᠨ ᠤᠷᠳᠤ ᠶᠢᠨ ᠲᠠᠭᠤᠤ ᠶᠢᠨ ᠠᠶᠠᠯᠠᠭᠤ ᠨᠢ ᠰᠢᠯᠢ ᠶᠢᠨ ᠭᠤᠤᠯ ᠎ ᠤᠨ ᠡᠯ᠎ᠡ ᠭᠠᠵᠠᠷ ᠤᠷᠤᠨ ᠤ ᠤᠷᠳᠤ ᠶᠢᠨ ᠲᠠᠭᠤᠤ ᠶᠢᠨ ᠲᠦᠯᠦᠭᠡᠯᠡᠭᠴᠢ ᠪᠤᠯᠵᠦ᠂ ᠲᠤᠰ ᠭᠠᠵᠠᠷ ᠤᠷᠤᠨ ᠤ ᠲᠠᠭᠤᠯᠠᠯᠭ᠎ᠠ ᠶᠢᠨ ᠭᠤᠤᠯ ᠬᠡᠯᠪᠡᠷᠢ ᠪᠤᠯᠤᠭᠰᠠᠨ ᠶᠤᠮ᠃      ᠤᠷᠳᠤ ᠶᠢᠨ ᠲᠠᠭᠤᠤ ᠶᠢᠨ ᠤᠯᠠᠨ ᠬᠡᠯᠪᠡᠷᠢ ᠳᠤ᠄ ᠶᠡᠭᠡ ᠤᠷᠳᠤ ᠶᠢᠨ ᠲᠠᠭᠤᠤ᠂ ᠡᠩ ᠤᠨ ᠤᠷᠳᠤ ᠶᠢᠨ ᠲᠠᠭᠤᠤ᠂ ᠨᠠᠶᠢᠷ ᠤᠨ ᠤᠷᠳᠤ ᠶᠢᠨ ᠲᠠᠭᠤᠤ᠂ ᠤᠷᠤᠭ ᠶᠢᠨ ᠤᠷᠳᠤ ᠶᠢᠨ ᠲᠠᠭᠤᠤ᠂ ᠱᠠᠰᠢᠨ ᠲᠦᠷᠦ ᠶᠢᠨ ᠤᠷᠳᠤ ᠶᠢᠨ ᠲᠠᠭᠤᠤ ᠭᠡᠵᠦ ᠢᠯᠭᠠᠳᠠᠭ᠃ ᠦᠵᠦᠮᠦᠴᠢᠨ ᠳᠤ ᠤᠷᠳᠤ ᠶᠢᠨ ᠲᠠᠭᠤᠤ ᠶᠢ ᠬᠠᠮᠢᠶ᠎ᠡ ᠡᠷᠡᠭᠡ ᠦᠭᠡᠢ ᠲᠠᠭᠤᠯᠠᠬᠤ ᠪᠢᠰᠢ᠂ ᠶᠡᠭᠡ ᠶᠤᠰᠤ ᠲᠢᠭᠯᠢᠮ ᠲᠠᠢ ᠪᠠᠶᠢᠵᠦ᠂ ᠶᠠᠮᠠᠷ ᠠᠭᠤᠯᠭ᠎ᠠ ᠲᠠᠢ ᠲᠠᠭᠤᠤ ᠶᠢ ᠶᠠᠮᠠᠷ ᠤᠷᠴᠢᠨ ᠳᠤ ᠬᠡᠷᠡᠭᠯᠡᠳᠡᠭ ᠭᠡᠵᠦ ᠨᠠᠰᠤᠳᠠᠶᠢᠴᠤᠤᠯ ᠶᠠᠷᠢᠳᠠᠭ᠃ ᠵᠢᠱᠢᠶᠡᠯᠡᠪᠡᠯ᠄ ᠵᠠᠰᠠᠭ ᠲᠦᠷᠦ ᠶᠢᠨ ᠶᠡᠭᠡ ᠨᠠᠶᠢᠷ ᠪᠤᠶᠤ ᠶᠡᠬᠡᠴᠤᠤᠯ ᠳᠤ ᠪᠤᠯ ᠶᠡᠭᠡ ᠲᠠᠭᠤᠤ ︵ᠲᠦᠷᠦ ᠶᠢᠨ ᠲᠠᠭᠤᠤ︶᠎ ᠪᠠᠷ ᠡᠬᠢᠯᠡᠵᠦ᠂ ᠱᠠᠰᠢᠨ ᠲᠦᠷᠦ ᠶᠢᠨ ᠲᠠᠭᠤᠤ ᠪᠠ ᠵᠢᠷ ᠤᠨ ᠤᠷᠳᠤ ᠶᠢᠨ ᠲᠠᠭᠤᠤ ᠪᠠᠷ ᠦᠷᠭᠦᠯᠵᠢᠯᠡᠭᠦᠯᠦᠨ ᠲᠠᠭᠤᠯᠠᠵᠦ ᠨᠠᠶᠢᠷᠯᠠᠳᠠᠭ᠂ ᠭᠡᠪᠡᠴᠤ ᠶᠡᠭᠡ ᠵᠤᠪᠠᠨᠢᠩᠭᠤᠢ ᠪᠤᠶᠤ ᠢᠨᠠᠭ ᠠᠮᠠᠷᠠᠭ ᠤᠨ ᠦᠬᠡᠰ ᠲᠠᠢ ᠲᠠᠭᠤᠤ ᠶᠢ ᠲᠠᠭᠤᠯᠠᠳᠠᠭ ᠦᠭᠡᠢ᠃ ᠤᠷᠤᠭ ᠬᠤᠷᠢᠮ ᠳᠤ ᠪᠤᠯ ᠬᠠᠷᠢᠨ ᠬᠦᠷᠭᠡᠵᠦ ᠮᠤᠷᠳᠠᠭᠤᠯᠬᠤ ᠪᠠ ᠰᠠᠨᠠᠵᠦ ᠮᠦᠷᠦᠭᠡᠳᠦᠭᠰᠡᠨ ᠤᠷᠳᠤ  ᠶᠢᠨ ᠲᠠᠭᠤᠤ ᠶᠢ ᠲᠠᠭᠤᠯᠠᠳᠠᠭ ᠵᠢᠷᠤᠮ ᠲᠠᠢ᠃ ᠦᠨᠳᠦᠷ ᠨᠠᠰᠤᠳᠠᠨ ᠤ ᠪᠠᠶᠠᠷ ᠤᠨ ᠨᠠᠶᠢᠷ ᠲᠤ ᠭᠤᠤᠯᠳᠠᠭᠤ ᠠᠪᠤ ᠡᠵᠢ ᠪᠠᠨ ᠮᠠᠭᠳᠠᠭᠰᠠᠨ ᠪᠠ ᠰᠢᠨ᠎ᠡ ᠶᠢᠨ ᠵᠤᠯᠭᠠᠯᠳᠠ ᠶᠢᠨ ᠤᠷᠳᠤ ᠶᠢᠨ ᠲᠠᠭᠤᠤ ᠨᠤᠭᠤᠳ ᠢ ᠲᠠᠭᠤᠯᠠᠬᠤ ᠠᠴᠠ ᠪᠢᠰᠢ ᠢᠨᠠᠭ ᠠᠮᠠᠷᠠᠭ ᠶᠢᠨ ᠪᠠ ᠵᠤᠪᠠᠨᠢᠩᠭᠤᠢ ᠦᠭᠡᠰ ᠲᠠᠢ ᠲᠠᠭᠤᠤ ᠶᠢ ᠴᠡᠭᠡᠷᠯᠡᠳᠡᠭ ᠪᠠᠶᠢᠵᠠᠢ᠃ ᠢᠨᠠᠭ ᠠᠮᠠᠷᠠᠭ ᠤᠨ ᠲᠠᠭᠤᠤ ᠶᠢ ᠦᠶ᠎ᠡ ᠬᠤᠷᠠᠭ ᠤᠨ ᠨᠦᠬᠦᠳ ᠵᠠᠭᠤᠷ᠎ᠠ ᠬᠦᠤᠷᠡᠯᠳᠤᠨ ᠨᠠᠶᠢᠷᠠᠯᠳᠤᠬᠤ ᠳᠤ ᠲᠠᠭᠤᠯᠠᠨ ᠬᠦᠭᠵᠢᠵᠦ᠂ ᠵᠤᠪᠠᠨᠢᠩᠭᠤᠢ ᠦᠬᠡᠰ ᠤᠨ ᠲᠠᠭᠤᠤ ᠶᠢ ᠰᠤᠷᠭᠠᠨ ᠬᠦᠮᠦᠵᠢᠭᠦᠯᠬᠦ ᠵᠤᠷᠢᠯᠳᠠ ᠪᠠᠷ ᠲᠤᠮᠤᠭ ᠦᠯᠢᠭᠡᠷ ᠢ ᠨᠢ ᠶᠡᠷᠢᠵᠦ ᠠᠬᠠᠮᠠᠳ ᠨᠢ ᠬᠡᠤᠬᠡᠳ ᠎ ᠲᠡᠭᠡᠨ ᠲᠠᠭᠤᠯᠠᠵᠦ ᠦᠭᠭᠦᠳᠡᠭ᠃ ᠡᠭᠦᠨ ᠠᠴᠠ ᠤᠷᠳᠤ ᠶᠢᠨ ᠲᠠᠭᠤᠤ ᠶᠢᠨ ᠠᠭᠤᠯᠭ᠎ᠠ ᠶᠢᠨ ᠬᠤᠪᠢ ᠳᠤ ᠲᠡᠭᠦᠨ ᠤ ᠲᠠᠭᠤᠯᠠᠯᠭ᠎ᠠ ᠶᠢᠨ ᠬᠢᠨᠢ ᠤᠷᠴᠢᠨ ᠪᠠᠶᠢᠬᠤ ᠬᠡᠷᠡᠭᠳᠡᠢ ᠪᠠᠶᠢᠳᠠᠭ᠃ ᠶᠡᠬᠡᠰ ᠪᠠ ᠨᠠᠰᠤᠳᠠᠠᠶᠢᠴᠤᠤᠯ ᠤᠨ ᠲᠡᠷᠭᠡᠳᠡ ᠤᠭ ᠨᠢ ᠢᠨᠠᠭ ᠠᠮᠠᠷᠠᠭ ᠤᠨ ᠪᠠ ᠵᠤᠪᠠᠨᠢᠩᠭᠤᠢ ᠤᠳᠬ᠎ᠠ ᠲᠠᠢ ᠲᠠᠭᠤᠤ ᠶᠢ ᠴᠡᠭᠡᠷᠯᠡᠳᠡᠭ ᠪᠠᠶᠢᠭᠰᠠᠨ ᠶᠤᠮ᠃ ᠲᠡᠭᠡᠷᠡᠬᠢ ᠪᠤᠯ ᠲᠠᠭᠤᠯᠠᠯᠭ᠎ᠠ ᠶᠢᠨ ᠬᠦᠷᠢᠶ᠎ᠡ ᠴᠠᠷ᠎ᠠ ᠶᠢᠨ ᠤᠷᠴᠢᠨ ᠢ ᠲᠦᠬᠦᠮ ᠦᠭᠦᠯᠡᠪᠡ᠃      ᠰᠢᠯᠢ ᠶᠢᠨ ᠭᠤᠤᠯ ᠤᠨ ᠠᠷᠠᠳ ᠤᠨ ᠤᠷᠳᠤ ᠶᠢᠨ ᠲᠠᠭᠤᠤ ᠳᠤ ᠦᠵᠦᠮᠦᠴᠢᠨ ᠠᠶᠠᠯᠠᠭᠤ ᠪᠠ ᠠᠪᠠᠭ᠎ᠠ ᠠᠶᠠᠯᠠᠭᠤ ᠭᠡᠵᠦ ᠢᠯᠭᠠᠳᠠᠭ᠃ ᠠᠪᠠᠭ᠎ᠠ ᠠᠶᠠᠯᠠᠭᠤ ᠳᠤ ᠲᠠᠷᠬᠠᠨ ᠲᠠᠭᠤᠴᠢᠨ ᠯᠾᠠᠵᠠᠪ ᠤᠨ ᠲᠠᠭᠤᠯᠠᠭᠰᠠᠨ ᠤᠷᠳᠤ ᠶᠢᠨ ᠲᠠᠭᠤᠤ ᠪᠤᠯᠤᠨ ᠴᠤᠭᠤᠷ ᠲᠠᠭᠤᠤ ᠪᠠᠷ ᠭᠤᠤᠯᠯᠠᠭᠰᠠᠨ ᠲᠠᠭᠤᠯᠠᠬᠤ ᠬᠡᠯᠪᠡᠷᠢ ᠪᠤᠯᠤᠨ᠎ᠠ᠃ ᠤᠳᠤᠬᠠᠨ ᠤ ᠤᠷᠠᠯᠢᠭ ᠤᠨ ᠲᠠᠶᠢᠰᠠᠨ ᠳᠤ᠂ ᠦᠪᠦᠷ ᠮᠤᠩᠭᠤᠯ ᠳᠤ ᠲᠠᠭᠤᠯᠠᠭᠳᠠᠨ ᠪᠠᠶᠢᠭ᠎ᠠ ︽ᠠᠷᠤ ᠬᠦᠪᠴᠢ ᠶᠢᠨ ᠤᠨᠠᠭ᠎ᠠ︾᠂ ︽ᠵᠢᠷᠤᠭ᠎ᠠ ᠶᠢᠨ ᠵᠢᠷᠤᠭ᠎ᠠ ᠤᠯᠠᠭᠠᠨ︾᠂ ︽ᠡᠷ᠎ᠡ ᠪᠤᠷᠤ ᠬᠠᠷᠴᠠᠭᠠᠢ︾ ᠵᠡᠷᠭᠡ ᠤᠷᠳᠤ ᠶᠢᠨ ᠲᠠᠭᠤᠤ ᠪᠤᠯ ᠦᠵᠦᠮᠦᠴᠢᠨ ᠲᠠᠭᠤᠯᠠᠯᠭ᠎ᠠ ᠶᠢᠨ ᠬᠡᠪ ᠨᠠᠮᠪᠠ ᠪᠢᠰᠢ ᠶᠤᠮ᠃ ᠡᠨᠡ ᠪᠤᠯ ᠠᠯᠳᠠᠷᠳᠤ ᠲᠠᠭᠤᠴᠢᠳ ᠤᠨ ᠠᠶᠠᠯᠠᠭᠤ ᠶᠢᠨ ᠲᠠᠭᠤᠷᠢᠶᠠᠮᠠᠯ ᠬᠦᠭ ᠠᠶᠠᠯᠠᠭᠤ ᠪᠤᠯᠬᠤ ᠶᠤᠮ᠃ ᠭᠠᠵᠠᠷ ᠤᠷᠤᠨ ᠤᠯᠠᠨ ᠪᠠᠶᠢᠳᠠᠭ ᠨᠢ ᠲᠠᠭᠤᠯᠠᠯᠭ᠎ᠠ ᠶᠢᠨ ᠬᠡᠪ ᠨᠠᠮᠪᠠ ᠶᠢᠨ ᠤᠯᠠᠨ ᠲᠠᠯᠠᠰ ᠢ ᠬᠠᠳᠠᠭᠠᠯᠠᠭᠰᠠᠨ ᠪᠠᠶᠢᠳᠠᠭ ᠪᠠ ᠦᠵᠦᠮᠦᠴᠢᠨ ᠤᠷᠳᠤ ᠶᠢᠨ ᠲᠠᠭᠤᠯᠠᠯᠭ᠎ᠠ ᠴᠤ ᠦᠪᠡᠷ ᠤᠨ ᠦᠪᠡᠷᠮᠢᠴᠡ ᠤᠨᠴᠠᠯᠢᠭ ᠨᠢ ᠪᠠᠶᠢᠳᠠᠭ᠂ ᠡᠨᠡ ᠪᠤᠯ ᠤᠷᠠᠯᠢᠭ᠃ ᠠᠯᠢ ᠭᠠᠵᠠᠷ ᠤᠨ ᠲᠠᠭᠤᠴᠢᠳ ᠪᠤᠯᠤᠭᠰᠠᠨ ᠴᠤ ᠬᠠᠮᠢᠶ᠎ᠠ ᠦᠭᠡᠢ ᠴᠢ ᠲᠤᠷ᠎ᠠ ᠶᠢᠨ ᠨᠢᠭᠡᠨ ᠭᠠᠵᠠᠷ ᠤᠷᠤᠨ ᠤ ᠤᠨᠴᠠᠯᠢᠭ ᠲᠠᠢ ᠲᠠᠭᠤᠯᠠᠯᠭ᠎ᠠ ᠶᠢ ᠡᠷᠬᠢᠮᠯᠡᠪᠡᠯ ᠵᠤᠬᠢᠯᠳᠠᠢ᠂ ᠬᠡᠳᠦᠶᠢᠪᠡᠷ ᠨᠢᠭᠡ ᠲᠠᠭᠤᠤ ᠪᠤᠯᠪᠠᠴᠤ ᠲᠠᠭᠤᠯᠠᠯᠭ᠎ᠠ ᠶᠢᠨ ᠬᠤᠪᠢ ᠳᠤ ᠲᠡᠷᠡ ᠨᠢ ᠭᠠᠵᠠᠷ ᠤᠷᠤᠨ ᠤ ᠦᠩᠭᠡ ᠪᠤᠳᠤᠭ ᠢ ᠰᠠᠭᠤᠯᠭᠠᠪᠠᠯ ᠤᠯᠠᠮ ᠭᠤᠶᠤ ᠲᠠᠭᠠᠯᠠᠮᠵᠢᠳᠠᠢ ᠪᠦᠭᠡᠳ ᠭᠤᠶᠢᠳᠡ ᠰᠤᠨᠤᠰᠪᠤᠷᠢᠳᠡᠢ ᠪᠠᠶᠢᠳᠠᠭ᠃ ᠭᠡᠪᠡᠴᠤ ᠭᠠᠵᠠᠷ ᠤᠷᠤᠨ ᠤ ᠲᠠᠭᠤᠯᠠᠯᠭ᠎ᠠ ᠶᠢᠨ ᠬᠡᠪ ᠨᠠᠮᠪᠠ ᠪᠤᠯᠤᠨ ᠤᠨᠴᠠᠯᠢᠭ ᠢ ᠨᠢ ᠠᠯᠳᠠᠭᠳᠠᠭᠤᠯᠤᠨ ᠬᠤᠳᠬᠤᠯᠳᠤᠭᠤᠯᠤᠨ ᠲᠠᠭᠤᠯᠠᠵᠦ ᠪᠤᠯᠬᠤ ᠦᠭᠡᠢ᠃      ᠦᠵᠦᠮᠦᠴᠢᠨ ᠨᠤᠲᠤᠭ ᠲᠤ᠂ ᠦᠪᠡᠷᠮᠢᠴᠡ ᠤᠨᠴᠠᠯᠢᠭ ᠲᠠᠢ ᠤᠷᠳᠤ ᠶᠢᠨ ᠲᠠᠭᠤᠤ ᠪᠠᠨ ᠬᠦᠳᠡᠭᠡ ᠶᠢᠨ ᠮᠠᠯᠴᠢᠳ ᠨᠠᠶᠢᠷ ᠨᠠᠭᠠᠳᠤᠮ᠂ ᠤᠷᠤᠭ ᠬᠤᠷᠢᠮ ᠳᠤ ᠮᠦᠨ ᠨᠠᠨᠳᠢᠩᠨᠠᠨ ᠲᠠᠭᠤᠯᠠᠭᠰᠠᠭᠷ ᠵᠠᠩᠰᠢᠭᠰᠠᠨ ᠴᠢᠭ ᠢᠶᠠᠷ ᠢᠶᠠᠨ ᠪᠤᠢ᠂ ᠡᠨᠡ ᠪᠤᠯ ᠤᠯᠠᠮᠵᠢᠯᠠᠯ᠃ ᠮᠠᠯᠴᠢᠳ ᠤᠨ ᠲᠤᠮᠳᠠ ᠤᠳᠤ ᠪᠤᠯᠳᠠᠯ᠎ᠠ ᠤᠷᠳᠤ ᠶᠢᠨ ᠲᠠᠭᠤᠤ ᠶᠢᠨ ᠡᠬᠢ ᠪᠠᠶᠠᠯᠢᠭ ᠎ ᠨᠢ ᠬᠠᠳᠠᠭᠠᠯᠠᠭᠳᠠᠭᠰᠠᠭᠠᠷ ᠪᠠᠶᠢᠭ᠎ᠠ᠂ ᠡᠨᠡ ᠨᠢ ᠨᠡᠭᠦᠳᠡᠯ ᠮᠠᠯᠵᠢᠯ ᠤᠨ ᠦᠢᠯᠡᠳᠪᠦᠷᠢᠯᠡᠯ ᠠᠮᠢᠳᠤᠷᠠᠯ ᠢᠶᠠᠨ ᠠᠭᠠᠵᠢᠮ ᠪᠤᠯᠳᠠᠯ᠎ᠠ ᠪᠠᠷᠢᠮᠳᠠᠯᠠᠭᠰᠠᠨ ᠲᠠᠢ ᠨᠢᠭᠳᠠ ᠬᠤᠯᠪᠤᠭ᠎ᠠ ᠲᠠᠢ ᠪᠠᠶᠢᠵᠦ ᠲᠠᠭᠠᠷᠠᠨ᠎ᠠ᠃ ᠬᠦᠳᠡᠭᠡ ᠶᠢᠨ ᠮᠠᠯᠴᠢᠳ ᠤᠨ ᠵᠠᠩᠰᠢᠯ ᠢᠶᠠᠷ ᠪᠤᠯ ᠤᠷᠳᠤ ᠶᠢᠨ ᠲᠠᠭᠤᠤ ᠲᠠᠭᠤᠯᠠᠬᠤ ᠪᠦᠷᠢ ᠰᠡᠭᠦᠯ ᠳᠤᠨᠢ ︽ᠲᠠᠭᠤᠤ ᠲᠦᠷᠢᠬᠦ︾ ᠭᠡᠵᠦ ᠡᠷᠭᠦᠯᠭᠡ ᠠᠶᠠᠰ ᠲᠠᠭᠤᠯᠠᠳᠠᠭ᠂ ᠲᠠᠭᠤᠤ ᠲᠦᠷᠢᠬᠦ ᠳᠤ ᠤᠯᠠᠨ ᠢᠶᠠᠷ ᠢᠶᠠᠨ ︽ᠲᠠᠭᠤᠤ ᠪᠠᠨ ᠡᠷᠭᠦᠭᠡᠳ ᠨᠠᠶᠢᠷᠠᠯᠳᠠᠢ᠂ ᠠᠶᠠᠬᠠᠨ ᠢᠶᠠᠨ ᠨᠠᠢ ᠳ᠋ᠤᠤ ᠵᠠᠢ︾᠂ ︽ᠬᠦᠭᠵᠢᠨ ᠰᠠᠭᠤᠭᠠᠳ ᠨᠠᠶᠢᠷᠠᠯᠳᠠᠢ᠂ ᠠᠶᠠᠬᠠᠨ ᠢᠶᠠᠨ ᠨᠠᠢ ᠳ᠋ᠤᠤ ᠵᠠᠢ︾ ᠭᠡᠬᠦ ᠮᠡᠳᠦ ᠤᠯᠠᠨ ᠦᠭᠡᠰ ᠤᠨ ᠰᠠᠩ ᠲᠠᠢ ︽ᠲᠠᠭᠤᠤ ᠶᠢᠨ ᠲᠦᠷᠢᠯᠭᠡ︾ ᠬᠢᠳᠡᠭ ᠨᠢ ᠨᠠᠶᠢᠷ ᠢ ᠤᠯᠠᠮ ᠲᠦᠪ ᠬᠢᠴᠢᠶᠡᠩᠭᠦᠢ ᠬᠡᠪ ᠨᠠᠮᠪᠠ ᠲᠠᠢ ᠪᠠᠶᠢᠯᠭᠠᠳᠠᠭ ᠪᠠ ᠭᠤᠶᠢᠳᠡ ᠰᠠᠶᠢᠬᠠᠨ ᠰᠤᠨᠤᠰᠬᠤᠯᠠᠩ ᠲᠠᠢ ᠪᠠᠶᠢᠳᠠᠭ᠃ ᠡᠨᠡ ᠪᠤᠯ ᠦᠵᠦᠮᠦᠴᠢᠨ ᠨᠤᠲᠤᠭ ᠲᠤ ᠬᠠᠳᠠᠭᠠᠯᠠᠭᠳᠠᠵᠦ ᠪᠠᠶᠢᠭ᠎ᠠ ᠲᠠᠭᠤᠯᠠᠯᠭ᠎ᠠ ᠶᠢᠨ ᠪᠠᠰᠠ ᠨᠢᠭᠡᠨ ᠤᠨᠴᠠᠯᠢᠭ ᠪᠤᠶᠤ᠃ ᠦᠵᠦᠮᠦᠴᠢᠨ ᠤᠷᠳᠤ ᠶᠢᠨ ᠲᠠᠭᠤᠤ ᠨᠢ ᠲᠠᠯ᠎ᠠ ᠨᠤᠲᠤᠭ ᠤᠨ ᠤᠷᠠᠯᠢᠭ ᠤᠨ ᠰᠤᠩᠭᠤᠳᠠᠭ ᠪᠦᠳᠦᠭᠡᠯ ᠪᠤᠯᠤᠭᠰᠠᠨ ᠤ ᠬᠤᠪᠢ ᠳᠤ ᠲᠡᠭᠦᠨ ᠤ ᠢᠷᠠᠭᠤ ᠡᠭᠡᠰᠢᠭᠯᠡᠩ ᠤᠨ ᠭᠤᠸ᠎ᠠ ᠰᠤᠨᠤᠰᠬᠤᠯᠠᠩ ᠤᠨ ᠮᠦᠨ ᠴᠢᠨᠠᠷ ᠢ ᠭᠦᠨᠵᠡᠭᠡᠢ ᠦᠢᠯᠡᠭᠠᠵᠦ᠂ ᠦᠪᠡᠷᠮᠢᠴᠡ ᠤᠨᠴᠠᠯᠢᠭ ᠪᠦᠬᠦᠢ ᠦᠨᠳᠦᠷ ᠬᠡᠮᠵᠢᠶᠡᠨ ᠤ ᠲᠠᠭᠤᠯᠠᠯᠭ᠎ᠠ ᠶᠢᠨ ᠬᠡᠪ ᠨᠠᠮᠪᠠ ᠬᠢᠭᠡᠳ ᠦᠨᠦᠷ ᠠᠮᠳᠠ ᠶᠢ ᠭᠦᠨᠴᠠ ᠲᠠᠢ ᠬᠠᠳᠠᠭᠠᠯᠠᠨ᠂ ᠤᠯᠠᠮᠵᠢᠯᠠᠨ ᠦᠯᠡᠳᠡᠭᠡᠬᠦ ᠵᠤᠷᠢᠭᠤᠯᠤᠯᠳᠠ ᠪᠠᠷ ᠲᠤᠰ ᠰᠢᠨᠵᠢᠯᠡᠭᠡᠨ ᠢ ᠬᠢᠯ᠎ᠡ᠃            ᠲᠦᠷᠪᠡ   ᠦᠵᠦᠮᠦᠴᠢᠨ ᠤᠷᠳᠤ ᠶᠢᠨ ᠲᠠᠭᠤᠤ ᠬᠢᠭᠡᠳ ᠲᠡᠭᠦᠨ ᠤ ᠲᠡᠤᠬᠡᠨ ᠤᠯᠠ ᠮᠦᠷ      ᠦᠪᠦᠷ ᠮᠤᠩᠭᠤᠯ ᠤᠨ ᠵᠡᠭᠦᠨ ᠦᠵᠦᠮᠦᠴᠢᠨ ᠬᠤᠰᠢᠭᠤ ᠪᠤᠯ ᠤᠯᠠᠮᠵᠢᠯᠠᠯᠳᠤ ᠰᠠᠶᠢᠬᠠᠨ ᠤᠷᠳᠤ ᠶᠢᠨ ᠲᠠᠭᠤᠤ ᠶᠢᠨ ᠦᠯᠦᠭᠡᠢ ᠪᠦᠭᠡᠳ ᠤᠷᠳᠤ ᠶᠢᠨ ᠲᠠᠭᠤᠤ ᠪᠠᠨ ᠲᠡᠭᠡᠳᠦᠯᠡᠨ ᠤᠯᠠᠮᠵᠢᠯᠠᠳᠠᠭ ᠤᠶᠤᠨ ᠤ ᠨᠠᠷᠠ ᠢᠪᠡᠭᠡᠭᠰᠡᠨ ᠠᠷᠠᠳ ᠲᠦᠮᠡᠨ ᠲᠠᠢ ᠶᠤᠮ᠃ ᠳᠡᠳᠡᠨ ᠤ ᠲᠤᠮᠳᠠ ᠦᠪᠡᠷ ᠤᠨ ᠬᠢᠨᠢ ᠤᠨᠴᠠᠯᠢᠭ ᠲᠠᠢ ᠤᠷᠳᠤ ᠶᠢᠨ ᠲᠠᠭᠤᠤ ᠶᠢᠨ ᠡᠬᠢ ᠪᠠᠶᠠᠯᠢᠭ ᠡᠯᠪᠡᠭ ᠪᠠᠶᠢᠳᠠᠭ ᠢᠶᠠᠷ ︽ᠦᠵᠦᠮᠦᠴᠢᠨ ᠠᠷᠠᠳ ᠤᠨ ᠤᠷᠳᠤ ᠶᠢᠨ ᠲᠠᠭᠤᠤ︾ ᠭᠡᠵᠦ ᠲᠠᠶᠠᠩ ᠳᠤ ᠠᠯᠳᠠᠷᠰᠢᠭᠰᠠᠨ ᠪᠢᠯᠡ᠃ ᠤᠷᠳᠤ ᠶᠢᠨ ᠲᠠᠭᠤᠤ ᠨᠢ ᠲᠠᠯ᠎ᠠ ᠨᠤᠲᠤᠭ ᠤᠨ ᠠᠮᠠᠨ ᠤᠯᠠᠮᠵᠢᠯᠠᠯ ᠤᠨ ᠲᠡᠤᠬᠡ ᠰᠤᠶᠤᠯ ᠤᠨ ᠠᠴᠢᠶᠠᠯᠠᠪᠤᠷᠢ ᠪᠤᠯᠤᠭᠰᠠᠨ ᠤ ᠬᠤᠪᠢ ᠳᠤ ᠮᠠᠰᠢ ᠤᠯᠠᠨ ᠲᠠᠯ᠎ᠠ ᠠᠴᠠ ᠢᠮ ᠲᠠᠮᠠᠭ᠎ᠠ ᠪᠠᠨ ᠲᠤᠷᠠᠶᠢᠯᠭᠠᠭᠰᠠᠭᠠᠷ ᠢᠷᠡᠭᠰᠡᠨ᠂ ᠡᠭᠦᠨ ᠳᠤ ᠴᠠᠭ ᠦᠶ᠎ᠡ ᠶᠢᠨ ᠤᠬᠢ ᠰᠢᠯᠢᠳᠡᠭ ᠲᠠᠭᠤᠴᠢᠳ ᠮᠠᠨᠢ ᠡᠨᠡᠬᠦ ᠤᠶᠠᠩᠭ᠎ᠠ ᠶᠢᠨ ᠠᠴᠢᠶ᠎ᠠ ᠬᠦᠰᠭᠡ ᠲᠤ ᠰᠠᠠᠷᠠᠭᠤᠯ ᠳᠡᠷᠳᠡᠩ ᠵᠠᠮ ᠢ ᠨᠡᠭᠡᠭᠡᠵᠦ᠂ ᠤᠷᠠᠨ ᠴᠡᠭᠡᠯᠭᠡᠨ ᠬᠤᠭᠤᠯᠠᠢ ᠪᠠᠷ ᠢᠶᠠᠨ ᠤᠷᠠᠯᠢᠭ ᠰᠤᠶᠤᠯ ᠤᠨ ᠡᠷᠳᠡᠨᠢ ᠶᠢᠨ ᠰᠤᠪᠤᠷᠭ᠎ᠠ ᠶᠢ ᠪᠤᠰᠬᠠᠭᠰᠠᠨ ᠪᠠᠶᠢᠳᠠᠭ᠃      ᠤᠷᠳᠤ ᠶᠢᠨ ᠲᠠᠭᠤᠤ ᠠᠴᠠ ᠠᠶᠢᠮᠠᠭ ᠪᠦᠯᠦᠭ ᠤᠨ ᠲᠡᠤᠬᠡᠨ ᠤᠯᠠ ᠮᠦᠷ ᠢᠶᠠᠨ ᠲᠤᠳᠤᠷᠬᠠᠢ ᠳᠡᠮᠳᠡᠭᠯᠡᠵᠦ ᠪᠠᠶᠢᠳᠠᠭ᠃ ᠡᠨᠡ ᠲᠤᠬᠠᠢ ᠪᠢᠳᠡ ᠮᠤᠩᠭᠤᠯ ᠤᠯᠤᠰ ᠤᠨ ᠪᠠᠷᠠᠭᠤᠨ ᠪᠡᠶ᠎ᠡ ᠶᠢᠨ ᠠᠯᠳᠠᠢ ᠨᠢᠷᠤᠭᠤ ᠪᠠ ᠬᠠᠩᠭᠠᠢ ᠨᠢᠷᠤᠭᠤ ᠪᠠᠷ 2006 — 2008 ᠤᠨ ᠤ ᠬᠤᠶᠠᠷ ᠤᠳᠠᠭᠠᠨ ᠤ ︽ᠦᠵᠦᠮᠦᠴᠢᠨ ᠤ ᠤᠤᠭᠠᠯ ᠨᠤᠲᠤᠭ ᠢᠶᠠᠨ ᠬᠠᠶᠢᠨ ᠰᠢᠨᠵᠢᠬᠦ︾ ᠠᠵᠢᠯᠯᠠᠭᠠᠨ ᠤ ᠵᠠᠮ ᠮᠦᠷ ᠠᠴᠠ ᠤᠯᠵᠦ ᠮᠡᠳᠡᠭᠰᠡᠨ᠃      ︽ᠦᠯᠢ ᠶᠢᠨ ᠲᠠᠪᠠᠭ᠎ᠠ︾᠂ ︽ᠬᠢᠰᠭᠢᠳᠡᠯ ᠰᠡᠶᠢᠳᠤ︾ ᠭᠡᠬᠦ ᠤᠷᠳᠤ ᠶᠢᠨ ᠲᠠᠭᠤᠤ ᠶᠢᠨ ᠲᠤᠬᠠᠢ᠃ ᠲᠤᠰ ᠬᠤᠶᠠᠷ ᠠᠷᠠᠳ ᠤᠨ ᠤᠷᠳᠤ ᠶᠢᠨ ᠲᠠᠭᠤᠤ ᠪᠤᠯ ᠦᠵᠦᠮᠦᠴᠢᠨ ᠤ ᠶᠡᠭᠡ ᠨᠡᠭᠦᠳᠡᠯ ᠤᠨ ᠵᠠᠮ ᠮᠦᠷ ᠤᠨ ᠠᠭᠤᠯᠠ ᠤᠰᠤᠨ ᠤ ᠨᠡᠷ᠎ᠡ ᠲᠠᠢ ᠰᠢᠭᠤᠳ ᠤᠶᠠᠯᠳᠤᠵᠦ ᠪᠠᠶᠢᠬᠤ ᠠᠴᠠ ᠦᠵᠡᠪᠡᠯ ᠠᠯᠳᠠᠢ ᠨᠢᠷᠤᠭᠤ ᠪᠠᠷ ᠨᠤᠲᠤᠭᠯᠠᠵᠦ ᠪᠠᠶᠢᠬᠤ ᠦᠶ᠎ᠡ ᠵᠤᠬᠢᠶᠠᠭᠳᠠᠨ ᠲᠠᠭᠤᠯᠠᠭᠳᠠᠭᠰᠠᠨ ᠰᠢᠭ᠋ ᠠᠵᠢᠭᠯᠠᠭᠳᠠᠨ᠎ᠠ᠃ ᠦᠵᠦᠮᠦᠴᠢᠨ ᠤᠷᠳᠤ ᠶᠢᠨ ᠲᠠᠭᠤᠤ ᠳᠤ ᠡᠳᠡᠭᠡᠷ ᠲᠠᠭᠤᠤ ᠨᠤᠭᠤᠳ ᠳᠡᠮᠳᠡᠭᠯᠡᠭᠳᠡᠵᠦ ᠪᠠᠶᠢᠬᠤ ᠪᠠ ᠤᠳᠤ ᠪᠤᠯᠳᠠᠯ᠎ᠠ ᠦᠷᠭᠡᠨ ᠢᠶᠠᠷ ᠲᠠᠭᠤᠯᠠᠭᠳᠠᠵᠦ ᠪᠤᠢ᠃      ᠬᠤᠪᠳᠤ ᠬᠤᠳᠠ ᠠᠴᠠ ᠪᠠᠷᠠᠭᠤᠨ ᠡᠮᠦᠨ᠎ᠡ ᠬᠤᠷᠢᠭᠠᠳ ᠭᠠᠵᠠᠷ ᠤᠨ ᠤᠷᠴᠢᠮ ᠳᠤ ︽ᠶᠡᠭᠡ ᠦᠯᠢ︾ ᠭᠡᠬᠦ ᠠᠭᠤᠯᠠᠷᠬᠠᠭ ᠭᠠᠵᠠᠷ ᠤᠷᠤᠨ ᠪᠤᠢ ᠪᠦᠭᠡᠳ ᠲᠡᠭᠦᠨ ᠠᠴᠠ ᠤᠷᠤᠭᠰᠢ ︽ᠦᠯᠢ ᠶᠢᠨ ᠲᠠᠪᠠᠭ᠎ᠠ︾ ᠭᠡᠵᠦ ᠦᠨᠳᠦᠷ ᠲᠠᠪᠠᠭ᠎ᠠ ᠪᠠᠶᠢᠳᠠᠭ᠃ ᠲᠤᠰ ᠲᠠᠪᠠᠭ᠎ᠠ ᠠᠴᠠ ᠵᠡᠭᠦᠨᠰᠢ ᠴᠢᠭᠯᠡᠯ ᠳᠤ ︽ᠬᠤᠪᠳᠤ ᠶᠢᠨ ᠶᠢᠨ ᠰᠢᠷᠡᠭᠡ︾ ᠭᠡᠬᠦ ᠡᠮᠦᠨᠡᠰᠢ ᠤᠮᠠᠷᠠᠰᠢ ᠤᠷᠳᠤᠯᠠᠭᠰᠠᠨ ᠲᠡᠪ ᠳᠡᠭᠰᠢᠭᠡᠨ ᠴᠤᠬᠤᠮ ᠰᠢᠷᠡᠭᠡ ᠭᠡᠮᠡᠷᠬᠡᠨ ᠦᠨᠳᠦᠷ ᠨᠢᠷᠤᠭᠤ ᠪᠠᠶᠢᠨ᠎ᠠ᠃ ᠡᠳᠡᠭᠡᠷ ᠭᠠᠵᠠᠷ ᠨᠢ ᠦᠵᠦᠮᠦᠴᠢᠨ ᠤ ᠠᠮᠠᠨ ᠤᠯᠠᠮᠵᠢᠯᠠᠯ ᠳᠠᠬᠢ ︽ᠦᠵᠦᠮ ᠤᠨ ᠴᠠᠭᠠᠨ ᠠᠭᠤᠯᠠ︾᠂ ︽ᠲᠦᠷᠦᠭᠡ ᠬᠠᠩᠭᠢᠨᠠᠭᠤᠷ ᠤᠨ ᠬᠠᠪᠴᠢᠯ︾ ᠵᠡᠷᠭᠡ ᠠᠭᠤᠯᠠ ᠤᠰᠤᠨ ᠠᠴᠠ ᠵᠡᠭᠦᠨ ᠤᠷᠤᠭᠰᠢ ᠤᠶᠢᠷᠠᠯᠴᠠᠭ᠎ᠠ ᠪᠠᠶᠢᠬᠤ ᠶᠤᠮ᠃ ᠡᠶᠢᠮᠦ ᠠᠴᠠ ᠲᠤᠰ ᠤᠷᠳᠤ ᠶᠢᠨ ᠲᠠᠭᠤᠤ ᠨᠤᠭᠤᠳ ᠴᠤ ᠠᠮᠠᠨ ᠤᠯᠠᠮᠵᠢᠯᠠᠯ ᠤᠨ ᠠᠴᠢᠶᠠᠯᠠᠪᠤᠷᠢ ᠪᠤᠯᠵᠦ᠂ ᠦᠵᠦᠮᠦᠴᠢᠨ ᠶᠡᠭᠡ ᠨᠡᠭᠦᠳᠡᠯ ᠤᠨ ᠪᠡᠯᠭᠡ ᠳᠡᠮᠳᠡᠭ ᠪᠤᠯᠵᠦ ᠤᠯᠠᠮᠵᠢᠯᠠᠭᠳᠠᠭᠰᠠᠨ ᠪᠠᠶᠢᠵᠦ ᠲᠠᠭᠠᠷᠠᠨ᠎ᠠ᠃ ᠦᠵᠦᠮᠦᠴᠢᠨᠴᠤᠳ ᠡᠳᠡᠭᠡᠷ ᠲᠠᠭᠤᠤ ᠶᠢ ᠠᠯᠳᠠᠢ ᠨᠢᠷᠤᠭᠤ ᠠᠴᠠ ᠵᠡᠭᠦᠨᠰᠢᠯᠡᠨ ᠬᠠᠩᠭᠠᠢ ᠨᠢᠷᠤᠭᠤ ᠵᠦᠭ ᠨᠡᠭᠦᠨ ᠰᠢᠯᠵᠢᠬᠦ ᠦᠶ᠎ᠡ ᠵᠤᠬᠢᠶᠠᠭᠳᠠᠭᠰᠠᠨ ᠰᠢᠭ᠋ ᠲᠦᠯᠦᠪ ᠲᠠᠢ᠃      ︽ᠶᠡᠭᠡ ᠪᠤᠭᠳᠠ ᠪᠤᠯᠠᠭᠠᠨ ᠬᠠᠩᠭᠠᠢ︾ ᠭᠡᠬᠦ ᠦᠵᠦᠮᠦᠴᠢᠨ ᠠᠷᠠᠳ ᠤᠨ ᠲᠦᠷᠦ ᠶᠢᠨ ᠶᠡᠭᠡ ᠲᠠᠭᠤᠤ ᠪᠤᠢ᠃ ᠤᠷᠢᠳᠦ ᠦᠵᠦᠮᠦᠴᠢᠨ ᠠᠶᠢᠮᠠᠭ ᠤᠨ ᠠᠬᠠᠯᠠᠭᠴᠢ ᠨᠤᠶᠠᠨ ᠢᠶᠠᠷ ᠬᠠᠭᠠᠨ ᠪᠠᠯᠭᠠᠰᠤ ᠳᠤ ᠮᠤᠷᠢᠯᠠᠬᠤ ᠳᠠᠭᠠᠨ ᠲᠠᠭᠤᠯᠠᠭᠰᠠᠨ ᠲᠠᠭᠤᠤ ᠭᠡᠵᠦ ᠤᠯᠠᠮᠵᠢᠯᠠᠨ ᠶᠠᠷᠢᠭᠳᠠᠳᠠᠭ᠃ ᠲᠤᠰ ᠲᠠᠭᠤᠤ ᠶᠢ ᠵᠤᠬᠢᠶᠠᠭᠳᠠᠭᠰᠠᠨ ᠴᠠᠭ ᠬᠤᠭᠤᠴᠠᠭ᠎ᠠ ᠶᠢᠨ ᠲᠠᠯ᠎ᠠ ᠪᠠᠷ ᠬᠡᠯᠡᠪᠡᠯ ᠬᠠᠩᠭᠠᠢ ᠨᠢᠷᠤᠭᠤ ᠪᠠᠷ ᠮᠠᠯᠵᠢᠨ ᠪᠠᠶᠢᠵᠦ ᠪᠠᠶᠢᠭᠠᠳ ᠭᠤᠪᠢ ᠵᠦᠭ ᠰᠢᠯᠵᠢᠬᠦ ᠳᠡᠭᠡᠨ ᠲᠠᠭᠤᠯᠠᠭᠳᠠᠭᠰᠠᠨ ᠨᠢ ᠲᠤᠳᠤᠷᠬᠠᠢ ᠪᠠᠶᠢᠵᠦ᠂ ᠭᠠᠵᠠᠷ ᠤᠰᠤᠨ ᠤ ᠨᠡᠷᠡᠶᠢᠳᠦᠯ ᠨᠢ ᠤᠳᠤ ᠪᠤᠯᠳᠠᠯ᠎ᠠ ᠬᠠᠳᠠᠭᠠᠯᠠᠭᠳᠠᠨ ᠪᠤᠢ᠃ ᠬᠠᠩᠭᠠᠢ ᠨᠢᠷᠤᠭᠤ ᠪᠤᠯ ᠮᠤᠩᠭᠤᠯ ᠤᠯᠤᠰ ᠤᠨ ᠠᠷᠤ ᠬᠠᠩᠭᠠᠢ᠂ ᠪᠠᠶᠠᠠᠬᠤᠩᠭᠤᠷ᠂ ᠵᠠᠪᠬᠠᠨ᠂ ᠦᠪᠦᠷ ᠬᠠᠩᠭᠠᠢ ᠵᠡᠷᠭᠡ ᠠᠶᠢᠮᠠᠭ ᠤᠨ ᠨᠤᠲᠤᠭ ᠳᠡᠪᠢᠰᠭᠡᠷ ᠢᠶᠠᠷ ᠬᠦᠨᠳ᠋ᠨᠯᠢᠳᠦᠨ ᠪᠠᠶᠢᠭ᠎ᠠ ᠤᠷᠳᠤ ᠨᠢᠷᠤᠭᠤ ᠪᠤᠯᠤᠨ᠎ᠠ᠃ ᠬᠠᠩᠭᠠᠢ ᠨᠢᠷᠤᠭᠤ ᠶᠢᠨ ᠵᠡᠭᠦᠨ ᠬᠡᠰᠡᠭ ᠪᠤᠯᠬᠤ ᠠᠷᠤ ᠬᠠᠩᠭᠠᠢ ᠠᠶᠢᠮᠠᠭ ᠤᠨ ᠨᠤᠲᠤᠭ ᠲᠤ ︽ᠪᠤᠯᠠᠭᠠᠨ ᠠᠭᠤᠯᠠ︾ ᠭᠡᠵᠦ ᠪᠤᠢ᠂ ᠬᠠᠩᠭᠠᠢ ᠨᠢᠷᠤᠭᠤ ᠠᠴᠠ ᠵᠡᠭᠦᠨ ᠤᠷᠤᠭᠰᠢ ᠪᠠᠶᠠᠠᠬᠤᠩᠭᠤᠷ ᠠᠶᠢᠮᠠᠭ ᠤᠨ ᠨᠤᠲᠤᠭ ᠤᠨ ᠵᠡᠭᠦᠨ ᠡᠮᠦᠨ᠎ᠡ ᠬᠡᠰᠡᠭ ᠲᠤ ︽ᠶᠡᠭᠡ ᠪᠤᠭᠳᠡ ᠠᠭᠤᠯᠠ︾ ᠭᠡᠬᠦ ᠳᠠᠯᠠᠢ ᠶᠢᠨ ᠲᠦᠪᠰᠢᠨ ᠠᠴᠠ ᠳᠡᠭᠡᠭᠰᠢ 3957 ᠮᠧᠲᠷ ᠡᠷᠭᠦᠭᠳᠡᠵᠦ ᠪᠠᠶᠢᠭ᠎ᠠ ᠶᠡᠭᠡ ᠠᠭᠤᠯᠠ ᠪᠠᠶᠢᠳᠠᠭ᠂ ᠤᠶᠢᠷᠠᠯᠴᠠᠭ᠎ᠠ ᠬᠤᠷᠮᠤᠢ ᠳᠤᠨᠢ ︽ᠤᠷᠤᠭ︾ ᠭᠡᠮᠡᠬᠦ ᠶᠡᠭᠡ ᠨᠠᠭᠤᠷ ᠪᠤᠢ᠃ ᠲᠤᠰ ᠨᠠᠭᠤᠷ ᠢ ᠠᠷᠪᠢᠵᠢᠭᠤᠯᠤᠨ ᠤᠨᠳᠤᠷᠤᠭᠤᠯᠵᠦ ᠪᠠᠶᠢᠭ᠎ᠠ ᠨᠢ ᠬᠠᠩᠭᠠᠢ ᠶᠢᠨ ᠨᠢᠷᠤᠭᠤ ᠠᠴᠠ ᠡᠬᠢ ᠠᠪᠤᠭᠰᠠᠨ ︽ᠲᠦᠢ ᠶᠢᠨ ᠭᠤᠤᠯ︾᠎ ᠤᠨ ᠴᠢᠳᠬᠤᠯᠠᠩ ᠪᠤᠯᠤᠨ᠎ᠠ᠃ ᠡᠭᠦᠨ ᠠᠴᠠ ᠦᠵᠦᠮᠦᠴᠢᠨᠴᠤᠳ᠂ ᠳᠡᠭᠡᠷ᠎ᠡ ᠦᠶ᠎ᠡ ᠳᠡᠭᠡᠨ ᠰᠠᠭᠤᠷᠢᠰᠢᠨ ᠨᠤᠲᠤᠭᠰᠢᠵᠦ ᠪᠠᠶᠢᠭᠰᠠᠨ ᠭᠠᠵᠠᠷ ᠢᠶᠠᠨ ︽ᠶᠡᠭᠡ ᠪᠤᠭᠳᠠ — ᠪᠤᠯᠠᠭᠠᠨ — ᠬᠠᠩᠭᠠᠢ︾ ᠭᠡᠵᠦ ᠲᠤᠮᠢᠶᠠᠯᠠᠭᠠᠳ ᠲᠠᠭᠤᠤ ᠡᠭᠡᠰᠢᠭ ᠢᠶᠠᠷ ᠢᠶᠠᠨ ᠬᠠᠳᠠᠭᠠᠯᠠᠨ ᠤᠯᠠᠮᠵᠢᠯᠠᠭᠰᠠᠨ ᠪᠦᠭᠡᠳ ᠰᠡᠭᠦᠯᠡᠷ ᠨᠢ ᠦᠵᠦᠮᠦᠴᠢᠨ ᠠᠶᠢᠮᠠᠭ ᠤᠨ ︽ᠰᠦᠯᠳᠡ ᠲᠠᠭᠤᠤ︾ ᠪᠤᠯᠤᠨ ᠳᠡᠭᠡᠵᠢᠯᠡᠭᠳᠡᠭᠰᠡᠨ ᠪᠠᠶᠢᠨ᠎ᠠ᠃ ᠳᠡᠭᠡᠷᠡᠬᠢ ᠪᠤᠯ ᠦᠵᠦᠮᠦᠴᠢᠨ ᠤᠷᠳᠤ ᠶᠢᠨ ᠲᠠᠭᠤᠤ ᠲᠤᠳᠤᠷᠠᠬᠢ ᠠᠩᠬᠠᠨ ᠤ ᠲᠡᠤᠬᠡᠨ ᠢᠯᠡᠷᠡᠯ ᠤᠨ ᠲᠤᠰᠬᠠᠯ ᠭᠡᠵᠦ ᠦᠵᠡᠨ᠎ᠡ᠃                       ᠲᠠᠪᠤ   ᠤᠷᠳᠤ ᠶᠢᠨ ᠲᠠᠭᠤᠤ ᠶᠢᠨ ᠦᠯᠦᠭᠡᠢ ᠦᠵᠦᠮᠦᠴᠢᠨ      ᠤᠷᠳᠤ ᠬᠤᠭᠤᠴᠠᠭᠠᠨ ᠤ ᠲᠡᠤᠬᠡᠨ ᠶᠠᠪᠤᠴᠠ ᠳᠤ ᠦᠵᠦᠮᠦᠴᠢᠨ ᠲᠦᠮᠡᠨ ᠤᠷᠳᠤ ᠶᠢᠨ ᠲᠠᠭᠤᠤ ᠪᠠᠨ ᠲᠠᠭᠤᠯᠠᠨ ᠤᠯᠠᠮᠵᠢᠯᠠᠵᠦ᠂ ᠵᠤᠬᠢᠶᠠᠨ ᠪᠦᠳᠦᠭᠡᠨ ᠵᠠᠯᠭᠠᠮᠵᠢᠯᠠᠭᠤᠯᠤᠭᠰᠠᠭᠠᠷ ᠲᠠᠭᠤᠤ ᠬᠤᠭᠤᠯᠠᠢ ᠶᠢᠨ ᠰᠤᠶᠤᠯ ᠤᠷᠠᠯᠢᠭ ᠤᠨ ᠲᠤᠭᠳᠠᠴᠠ ᠶᠢ ᠡᠭᠦᠳᠦᠨ ᠪᠦᠳᠦᠭᠡᠵᠦ ᠪᠠᠶᠠᠯᠢᠭᠵᠢᠭᠤᠯᠤᠭᠰᠠᠨ ᠪᠠᠶᠢᠳᠠᠭ᠃ ᠦᠪᠡᠷ ᠤᠨ ᠤᠨᠴᠠᠯᠢᠭ ᠪᠦᠬᠦᠢ ᠲᠤᠭᠳᠠᠴᠠ ᠲᠠᠢ ᠪᠤᠯᠤᠭᠰᠠᠨ ᠢᠶᠠᠷ ᠦᠵᠦᠮᠦᠴᠢᠨ ᠮᠠᠯᠴᠢᠨ ᠲᠦᠮᠡᠨ ᠤᠳᠤ ᠪᠤᠯᠳᠠᠯ᠎ᠠ ᠨᠠᠢᠮᠠᠨ ᠨᠠᠰᠤᠳᠠᠢ ᠵᠢᠭᠠᠯ ᠠᠴᠠ ᠨᠠᠶᠠ ᠬᠦᠷᠦᠭᠰᠡᠨ ᠪᠤᠭᠤᠷᠤᠯ ᠬᠦᠷᠳᠡᠯ᠎ᠡ ᠤᠷᠳᠤ ᠶᠢᠨ ᠲᠠᠭᠤᠤ ᠪᠠᠨ ᠲᠠᠭᠤᠯᠠᠵᠦ ᠴᠢᠳᠠᠬᠤ ᠪᠠᠷ ᠪᠠᠷᠠᠬᠤ ᠦᠭᠡᠢ ᠲᠦᠷᠦ ᠶᠢᠨ ᠶᠡᠭᠡ ᠨᠠᠶᠢᠷ᠂ ᠵᠢᠯ ᠰᠠᠷ᠎ᠠ ᠶᠢᠨ ᠪᠠᠶᠠᠷ᠂ ᠤᠷᠤᠭ ᠬᠤᠷᠢᠮ᠂ ᠨᠠᠰᠤᠨ ᠪᠠᠶᠠᠷ ᠤᠨ ᠨᠠᠶᠢᠷ᠂ ᠡᠩ ᠤᠨ ᠭᠡᠷ ᠤᠨ ᠨᠠᠶᠢᠷ ᠵᠡᠷᠭᠡ ᠪᠠᠶᠠᠷ ᠨᠠᠶᠢᠷ ᠤᠨ ᠴᠤᠭᠯᠠᠭᠠᠨ ᠢᠶᠠᠨ ᠤᠷᠳᠤ ᠶᠢᠨ ᠲᠠᠭᠤᠤ ᠪᠠᠷ ᠢᠶᠠᠨ ᠴᠡᠩᠭᠡᠯᠳᠤᠨ ᠬᠦᠭᠡᠷᠤᠯᠳᠦᠵᠦ᠂ ᠲᠡᠰ ᠲᠠᠷᠠᠮ ᠲᠠᠢ ᠶᠠᠪᠤᠭᠳᠠᠭᠤᠯᠳᠠᠭ᠃ ᠨᠠᠰᠤᠳᠠᠶᠢᠴᠤᠤᠯ ᠤᠨ ᠬᠡᠯᠡᠬᠦ ᠪᠠᠷ ᠨᠠᠰᠤᠳᠠᠢ ᠪᠤᠭᠤᠷᠤᠯ ᠤᠳ ᠠᠶᠢᠯ ᠭᠡᠷ ᠲᠤᠨᠢ ᠮᠤᠷᠢᠯᠠᠨ ᠰᠠᠭᠠᠳᠠᠪᠠᠯ ᠪᠡᠷᠢᠶᠡᠳ ᠨᠠᠷ ᠨᠢ ᠲᠦᠷᠦ ᠶᠢᠨ ᠬᠤᠪᠴᠠᠰᠤ ᠪᠠᠨ ᠡᠮᠦᠰᠴᠤ ᠤᠭᠳᠤᠨ ᠠᠪᠬᠤ ᠪᠠ ᠠᠷᠢᠬᠢ ᠬᠡᠮᠨᠡᠨ ᠪᠠᠷᠢᠬᠤ ᠶᠢᠨ ᠵᠨᠷᠭᠡᠴᠡᠭᠡ ᠪᠠᠷ ᠤᠷᠳᠤ ᠶᠢᠨ ᠲᠠᠭᠤᠤ ᠪᠠᠨ ᠬᠠᠩᠭᠢᠨᠠᠭᠤᠯᠤᠨ ᠡᠷᠭᠦᠳᠡᠭ ᠤᠴᠢᠷ ᠶᠤᠰᠤ ᠲᠠᠢ᠃ ᠡᠶᠢᠮᠦ ᠪᠠᠷ ᠤᠯᠠᠩᠬᠢ ᠠᠶᠢᠯ ᠤᠨ ᠪᠡᠷᠢᠶᠡᠳ ᠬᠦᠪᠡᠭᠦᠳ ᠤᠷᠳᠤ ᠶᠢᠨ ᠲᠠᠭᠤᠤ ᠶᠢ ᠶᠡᠭᠡ ᠬᠡᠮᠵᠢᠶ᠎ᠡ ᠪᠠᠷ ᠲᠠᠭᠤᠯᠠᠨ ᠰᠤᠷᠤᠭᠰᠠᠨ ᠪᠠᠶᠢᠬᠤ ᠤᠴᠢᠷ ᠲᠠᠢ ᠶᠤᠮ ᠭᠡᠨ᠎ᠡ᠃ ᠲᠠᠭᠤᠤ ᠡᠷᠭᠦᠬᠦ ᠳᠡᠭᠡᠨ ᠵᠠᠪᠠᠯ ᠲᠠᠭᠤᠤ ᠶᠢᠨ ᠠᠭᠤᠯᠭ᠎ᠠ ᠪᠠᠨ ᠮᠡᠳᠡᠭᠰᠡᠨ ᠪᠠᠶᠢᠬᠤ ᠬᠡᠷᠡᠭᠳᠡᠢ᠂ ᠬᠡᠮᠵᠢᠶ᠎ᠡ ᠪᠠᠷᠢᠮᠵᠢᠶ᠎ᠠ ᠲᠠᠢ ᠪᠠᠶᠢᠵᠦ᠂ ᠪᠤᠯᠪᠠᠰᠤᠨ ᠶᠤᠰᠤᠷᠬᠠᠭ ᠬᠠᠨᠳᠤᠳᠠᠭ᠂ ᠶᠤᠰᠤ ᠴᠡᠭᠡᠷ ᠢ ᠠᠯᠳᠠᠭᠰᠠᠨ ᠠᠭᠤᠯᠭ᠎ᠠ ᠪᠦᠬᠦᠢ ᠲᠠᠭᠤᠤ ᠶᠢ  ᠴᠡᠭᠡᠷᠯᠡᠳᠡᠭ ᠰᠠᠨ᠃      ᠡᠨᠡᠬᠦ ᠪᠤᠯᠪᠠᠰᠤᠨ ᠤᠷᠠᠯᠢᠭ ᠰᠤᠶᠤᠯ ᠨᠢ ︽ᠰᠤᠶᠤᠯ ᠤᠨ ᠬᠤᠪᠢᠰᠬᠠᠯ ᠤᠨ ᠰᠠᠮᠠᠭᠤᠷᠠᠯ︾᠎ ᠤᠨ ᠦᠶ᠎ᠡ ᠳᠤ ᠹᠸᠤᠳᠠᠯ ᠬᠦᠷᠦᠩᠭᠡᠳᠦ ᠶᠤᠰᠤᠨ ᠤ ᠶᠠᠭᠤᠮ᠎ᠠ ᠪᠠᠷ ᠬᠦᠳᠭᠡᠭᠳᠡᠨ᠂ ᠲᠠᠭᠤᠯᠠᠭᠳᠠᠬᠤ ᠪᠠᠨ ᠪᠤᠯᠢᠵᠦ ᠨᠢᠭᠡᠨ ᠦᠶ᠎ᠡ ᠲᠠᠰᠤᠷᠠᠪᠠ᠃ 1978 ᠤᠨ ᠤ ᠦᠭᠡᠷᠡᠴᠢᠯᠡᠯᠳᠡ ᠬᠢᠵᠦ ᠴᠢᠯᠦᠭᠡᠳᠡᠢ ᠶᠠᠪᠤᠯᠴᠠᠠᠭᠰᠠᠨ ᠠᠴᠠ ᠨᠠᠰᠢ᠂ ᠲᠠᠮᠳᠤᠭᠯᠠᠨ ᠲᠠᠰᠤᠷᠠᠭᠰᠠᠨ ᠦᠨᠳᠦᠰᠦᠳᠡᠨ ᠤ ᠮᠠᠨᠢ ᠰᠤᠶᠤᠯ ᠳᠠᠬᠢᠨ ᠠᠮᠢᠯᠠᠯ ᠤᠨ ᠬᠦᠴᠦᠨ ᠢᠶᠠᠨ ᠤᠯᠵᠦ᠂ ᠤᠤᠯ ᠰᠡᠷᠭᠦᠯᠳᠡ ᠪᠠᠨ ᠡᠬᠢᠯᠡᠪᠡ᠂ ᠡᠭᠦᠨ ᠳᠤ ᠨᠠᠰᠤᠳᠠᠶᠢᠴᠤᠳ ᠨᠢ ᠤᠷᠳᠤ ᠶᠢᠨ ᠲᠠᠭᠤᠤ ᠶᠢᠨ ᠤᠷᠠᠯᠢᠭ ᠤᠨ ᠭᠤᠸ᠎ᠠ ᠰᠠᠶᠢᠬᠠᠨ ᠢ ᠢᠯᠡᠷᠡᠭᠦᠯᠵᠦ᠂ ᠦᠷ᠎ᠡ ᠬᠤᠶᠢᠴᠢᠰ ᠲᠠᠭᠠᠨ ᠲᠠᠭᠤᠯᠠᠨ ᠰᠤᠷᠭᠠᠵᠦ᠂ ᠪᠠᠶᠠᠷ ᠨᠠᠶᠢᠷ ᠪᠠ ᠤᠷᠤᠭ ᠬᠤᠷᠢᠮ ᠳᠡᠭᠡᠷ᠎ᠡ ᠳᠠᠬᠢᠨ ᠲᠠᠭᠤᠯᠠᠬᠤ ᠪᠤᠯᠤᠭᠰᠠᠨ ᠶᠤᠮ᠃ ᠳᠡᠭᠡᠷ᠎ᠡ ᠵᠠᠭᠤᠨ ᠤ ᠨᠠᠶᠠᠭᠠᠳ ᠤᠨ ᠤ ᠡᠬᠢ ᠪᠠᠷ ᠦᠵᠦᠮᠦᠴᠢᠨ ᠤ ᠨᠢᠭᠡᠨ ᠦᠶ᠎ᠡ ᠶᠢᠨ ᠤᠷᠠᠯᠢᠭᠴᠢᠨ ᠪᠦᠭᠡᠳ ᠠᠯᠳᠠᠷᠳᠤ ᠮᠤᠷᠢᠨ ᠬᠤᠭᠤᠷᠴᠢᠨ ᠰᠠᠩᠵᠠᠢ ᠭᠤᠸᠠᠢ᠂ ᠤᠶᠤᠨ ᠤᠬᠠᠭᠠᠨ ᠢᠶᠠᠨ ᠰᠢᠪᠬᠠᠵᠦ ᠦᠤᠵᠦ ᠲᠠᠰᠤᠷᠠᠭᠰᠠᠨ ᠤᠷᠳᠤ ᠶᠢᠨ ᠲᠠᠭᠤᠤ ᠪᠠᠨ ᠴᠤᠭᠯᠠᠭᠤᠯᠤᠨ᠂ ᠦᠷ᠎ᠡ ᠬᠤᠶᠢᠴᠢᠰ ᠲᠠᠭᠠᠨ ᠵᠠᠯᠭᠠᠭᠤᠯᠬᠤ ᠶᠢᠨ ᠲᠤᠰᠠᠳᠠ᠂ ᠠᠬᠠᠮᠠᠳ ᠪᠤᠭᠤᠷᠤᠯ ᠠᠴᠠ ᠪᠠᠨ ᠠᠰᠠᠭᠤᠨ ᠦᠭᠡ ᠠᠶᠠᠯᠠᠭᠤ ᠶᠢ ᠎ ᠨᠢ ᠨᠤᠲᠯᠠᠨ ᠳᠡᠮᠳᠡᠭᠯᠡᠵᠦ᠂ ︽ᠦᠵᠦᠮᠦᠴᠢᠨ ᠠᠷᠠᠳ ᠤᠨ ᠲᠠᠭᠤᠤ︾ ᠭᠡᠬᠦ ᠨᠤᠮ ᠳᠡᠪᠳᠡᠷ ᠢ ᠵᠤᠬᠢᠶᠠᠨ ᠪᠦᠳᠦᠭᠡᠵᠦ᠂ ᠦᠵᠦᠮᠦᠴᠢᠨ ᠤᠷᠳᠤ ᠶᠢᠨ ᠲᠠᠭᠤᠤ ᠪᠠᠨ ᠴᠤᠭᠯᠠᠭᠤᠯᠬᠤ᠂ ᠨᠤᠲᠯᠠᠨ ᠳᠡᠮᠳᠡᠭᠯᠡᠬᠦ ᠬᠠᠮᠤᠭ ᠠᠩᠬᠠᠨ ᠤ ᠠᠯᠳᠠᠨ ᠰᠠᠭᠤᠷᠢ ᠶᠢ ᠳᠠᠯᠪᠢᠭᠰᠠᠨ ᠶᠤᠮ᠃ ᠡᠨᠡ ᠬᠦᠮᠦᠨ ᠪᠤᠯ ᠦᠵᠦᠮᠦᠴᠢᠨ ᠤᠷᠳᠤ ᠶᠢᠨ ᠲᠠᠭᠤᠤ ᠶᠢ ᠬᠠᠮᠤᠭ ᠠᠩᠬ᠎ᠠ ᠦᠰᠦᠭ ᠨᠤᠲ ᠪᠠᠷ ᠢᠯᠡᠳᠭᠡᠭᠰᠡᠨ ᠲᠠᠭᠤᠤ ᠤᠷᠠᠯᠢᠭ ᠤᠨ ᠠᠪᠤᠷᠭᠤ ᠲᠠᠷᠬᠠᠨ ᠪᠤᠯᠵᠦ᠂ ᠮᠦᠬᠦᠨ ᠰᠦᠨᠦᠵᠦ ᠪᠠᠶᠢᠭ᠎ᠠ ᠤᠷᠳᠤ ᠶᠢᠨ ᠲᠠᠭᠤᠤ ᠳᠠᠭᠠᠨ ᠠᠪᠤᠷᠠᠯᠳᠠ ᠬᠢᠭᠰᠡᠨ ᠶᠤᠮ᠃      ᠬᠤᠷᠢᠨ ᠵᠢᠯ ᠤᠨ ᠲᠠᠷᠠᠭ᠎ᠠ ᠲᠠᠷᠤᠢ 2004 ᠤᠨ ᠳᠤ᠂ ᠵᠡᠭᠦᠨ ᠦᠵᠦᠮᠦᠴᠢᠨ ᠬᠤᠰᠢᠭᠤᠨ ᠤ ᠵᠢᠭᠠᠬᠤ ᠶᠢ ᠰᠤᠳᠤᠯᠬᠤ ᠲᠠᠰᠤᠭ ᠤᠨ ᠡᠷᠬᠢᠯᠡᠭᠴᠢ ᠪᠦᠭᠡᠳ ᠪᠦᠬᠦ ᠤᠯᠤᠰ ᠤᠨ ᠵᠢᠭᠠᠬᠤ ᠶᠢ ᠰᠤᠳᠤᠯᠤᠭᠴᠢ ᠠ᠊᠂ ᠬᠦᠭᠡ ᠶᠢᠨ ᠰᠠᠨᠠᠭᠠᠴᠢᠯᠭ᠎ᠠ ᠪᠠᠷ ︽ᠦᠵᠦᠮᠦᠴᠢᠨ ᠤᠷᠳᠤ ᠲᠠᠭᠤᠤ ᠶᠢᠨ ᠨᠡᠶᠢᠭᠡᠮᠯᠢᠭ︾᠎ ᠶᠢ ᠬᠠᠤᠯᠢ ᠶᠤᠰᠤᠨ ᠤ ᠤᠯᠠᠨ ᠲᠦᠮᠡᠨᠴᠢ ᠵᠤᠬᠢᠶᠠᠨ ᠪᠠᠶᠢᠭᠤᠯᠤᠯᠳᠠ ᠪᠤᠯᠭᠠᠨ ᠪᠠᠶᠢᠭᠤᠯᠪᠠ᠃ ᠲᠡᠮᠴᠤᠭ᠂ ᠠ᠊ ᠬᠦᠭᠡ ᠨᠠᠷ ᠤᠨ ᠲᠠᠭᠠᠭᠤᠯᠤᠭᠰᠠᠨ ᠡᠨᠡᠬᠦ ᠨᠡᠶᠢᠭᠡᠮᠯᠢᠭ ᠨᠢ ᠤᠯᠠᠨ ᠤᠳᠠᠭᠠᠨ ᠤ ᠤᠷᠳᠤ ᠶᠢᠨ ᠲᠠᠭᠤᠤ ᠶᠢᠨ ᠲᠠᠭᠤᠯᠠᠯᠭ᠎ᠠ ᠶᠢ ᠵᠤᠬᠢᠶᠠᠨ ᠪᠠᠶᠢᠭᠤᠯᠤᠭᠰᠠᠨ ᠪᠠ ᠲᠠᠭᠤᠤ ᠬᠤᠭᠤᠯᠠᠢ ᠶᠢᠨ ᠲᠦᠷᠢ ᠰᠢᠩᠭᠡᠭᠡᠯᠳᠡ ᠶᠢ ᠦᠷᠭᠡᠨ ᠢᠶᠠᠷ ᠴᠤᠭᠯᠠᠭᠤᠯᠤᠨ ᠬᠠᠳᠠᠭᠠᠯᠠᠵᠦ᠂ ᠪᠠᠰᠠ ᠦᠵᠦᠮᠦᠴᠢᠨ ᠲᠡᠤᠬᠡ ᠰᠤᠳᠤᠯᠭᠠᠴᠢ ᠨᠠ᠊ ᠪᠦᠬᠡᠬᠠᠳᠠ ᠨᠠᠷ ᠤᠨ ᠴᠤᠭᠯᠠᠭᠤᠯᠭ᠎ᠠ ︽ᠦᠵᠦᠮᠦᠴᠢᠨ ᠠᠷᠠᠳ ᠤᠨ ᠲᠤᠮᠤᠭᠳᠤ ᠲᠠᠭᠤᠤ︾᠂ ︽ᠦᠵᠦᠮᠦᠴᠢᠨ ᠤᠷᠠᠯᠢᠭᠴᠢᠳ︾ ᠵᠡᠷᠭᠡ ᠨᠤᠮ ᠢ ᠬᠡᠪᠯᠡᠭᠦᠯᠦᠨ ᠳᠡᠪᠳᠡᠷᠯᠡᠨ ᠲᠠᠷᠬᠠᠭᠠᠵᠦ᠂ ᠦᠵᠦᠮᠦᠴᠢᠨ ᠤᠷᠳᠤ ᠶᠢᠨ ᠲᠠᠭᠤᠤ ᠬᠢᠭᠡᠳ ᠲᠠᠭᠤᠴᠢᠳ ᠢᠶᠠᠨ ᠲᠠᠨᠢᠯᠴᠠᠭᠤᠯᠬᠤ ᠪᠠᠷ ᠲᠠᠮᠵᠢᠭᠤᠯᠤᠨ᠂ ᠦᠵᠦᠮᠦᠴᠢᠨ ᠤᠷᠳᠤ ᠶᠢᠨ ᠲᠠᠭᠤᠤ ᠶᠢᠨ ᠬᠡᠪ ᠨᠠᠮᠪᠠ᠂ ᠭᠤᠶᠢᠳᠡ ᠰᠠᠶᠢᠬᠠᠨ ᠢ ᠨᠡᠶᠢᠭᠡᠮ ᠨᠡᠶᠢᠳᠡ ᠳᠤ ᠤᠯᠠᠮ ᠤᠶᠢᠯᠠᠭᠠᠭᠤᠯᠵᠦ᠂ ᠤᠯᠤᠰ ᠤᠷᠤᠨ ᠤ ᠲᠠᠶᠢᠰᠠᠨ ᠤ ᠤᠷᠠᠯᠢᠭ ᠪᠤᠯᠭᠠᠬᠤ ᠳᠤ ᠴᠢᠬᠤᠯᠠ ᠬᠤᠪᠢ ᠨᠡᠮᠡᠭᠦᠷᠢ ᠪᠠᠨ ᠭᠠᠷᠭᠠᠵᠦ ᠪᠤᠢ᠃ ᠡᠨᠡ ᠪᠤᠯ ᠦᠵᠦᠮᠦᠴᠢᠨ ᠤᠷᠳᠤ ᠶᠢᠨ ᠲᠠᠭᠤᠤ ᠶᠢᠨ ᠬᠡᠯᠪᠡᠷᠢ ᠪᠠᠷ ᠬᠠᠮᠤᠭ ᠠᠩᠬᠠᠨ ᠤ ᠵᠤᠬᠢᠶᠠᠨ ᠪᠠᠶᠢᠭᠤᠯᠤᠯᠳᠠ ᠲᠠᠢ ᠪᠠᠷ ᠨᠡᠶᠢᠭᠡᠮ ᠨᠡᠶᠢᠳᠡ ᠳᠤ ᠬᠠᠨᠳᠤᠵᠦ ᠪᠠᠶᠢᠭ᠎ᠠ ᠶᠠᠪᠤᠳᠠᠯ ᠪᠤᠯᠤᠨ᠎ᠠ᠃      ᠤᠷᠳᠤ ᠶᠢᠨ ᠲᠠᠭᠤᠤ ᠪᠠᠨ ᠳᠡᠯᠡᠬᠡᠢ ᠶᠢᠨ ᠪᠤᠳᠠᠰ ᠤᠨ ᠪᠤᠰᠤ ᠰᠤᠶᠤᠯ ᠤᠨ ᠦᠪ ᠳᠤ ᠳᠡᠮᠳᠡᠭᠯᠡᠭᠦᠯᠦᠭᠰᠡᠨ ᠲᠤᠰ ᠨᠡᠶᠢᠭᠡᠮᠯᠢᠭ ᠨᠢ 2005 ᠤᠨ ᠳᠤ ᠭᠠᠴᠠᠭ᠎ᠠ ᠰᠤᠮᠤ ᠢᠶᠠᠷ ᠨᠢᠭᠡᠴᠢᠯᠡᠨ ᠮᠠᠯᠴᠢᠨ ᠲᠠᠭᠤᠴᠢᠳ ᠤᠨ ᠤᠷᠳᠤ ᠶᠢᠨ ᠲᠠᠭᠤᠤ ᠶᠢᠨ ᠬᠠᠮ ᠲᠠᠭᠤᠯᠠᠯᠭ᠎ᠠ ᠶᠢ ᠵᠤᠬᠢᠶᠠᠨ ᠪᠠᠶᠢᠭᠤᠯᠤᠨ ᠤᠷᠤᠯᠳᠤᠭᠤᠯᠤᠭᠰᠠᠨ ᠤ ᠬᠠᠮᠳᠤ ︽ᠮᠢᠩᠭᠠᠨ ᠬᠦᠮᠦᠨ ᠤ ᠤᠷᠳᠤ ᠶᠢᠨ ᠲᠠᠭᠤᠤ︾᠎ ᠶᠢᠨ ᠲᠠᠭᠤᠯᠠᠯᠭ᠎ᠠ ᠶᠢ ᠦᠵᠦᠮᠦᠴᠢᠨ ᠠᠭᠤᠳᠠᠮ ᠲᠠᠯᠠᠪᠠᠢ ᠳᠠᠭᠠᠨ ᠠᠮᠵᠢᠯᠳᠠ ᠲᠠᠢ ᠬᠢᠭᠰᠡᠨ ᠪᠠᠶᠢᠨ᠎ᠠ᠂ ᠡᠨᠡ ᠨᠢ ᠲᠠᠭᠤᠯᠠᠯᠭ᠎ᠠ ᠶᠢᠨ ᠬᠤᠪᠢ ᠳᠤ ᠮᠠᠯᠴᠢᠳ ᠤᠨ ᠨᠢᠭᠡᠳᠦᠭᠰᠡᠨ ᠵᠤᠷᠢᠭ ᠰᠠᠨᠠᠭ᠎ᠠ ᠪᠦᠬᠦᠢ ᠤᠷᠳᠤ ᠶᠢᠨ ᠲᠠᠭᠤᠤ ᠶᠢᠨ ᠢᠵᠢᠯ ᠲᠠᠯ᠎ᠠ ᠵᠢᠴᠢ ᠤᠶᠠᠩᠭᠠᠯᠢᠭ ᠴᠢᠨᠠᠷ ᠪᠠ ᠰᠢᠷᠤᠩᠬᠠᠢ ᠴᠢᠨᠠᠷ ᠢ ᠭᠦᠢᠴᠡᠳ ᠢᠯᠡᠷᠡᠭᠦᠯᠦᠭᠰᠡᠨ ᠪᠠᠶᠢᠨ᠎ᠠ᠂ ᠦᠪᠦᠷ ᠮᠤᠩᠭᠤᠯ ᠤᠨ ᠲᠧᠯᠸᠢᠰ ᠬᠤᠷᠢᠶ᠎ᠠ ᠲᠠᠢ ᠬᠠᠮᠳᠤᠷᠠᠨ ᠭᠤᠴᠢ ᠰᠢᠬᠠᠮ ᠲᠡᠤᠬᠡᠨ ᠤᠷᠳᠤ ᠶᠢᠨ ᠲᠠᠭᠤᠤ ᠪᠠ ᠲᠠᠭᠤᠴᠢᠳ ᠤᠨ ︽ᠦᠵᠦᠮᠦᠴᠢᠨ ᠤᠷᠳᠤ ᠶᠢᠨ ᠲᠠᠭᠤᠤ︾ ᠭᠡᠬᠦ ᠴᠤᠮᠤᠭ ᠢ ᠦᠢᠯᠡᠳᠴᠤ᠂ ᠤᠷᠤᠨ ᠤ ᠲᠧᠯᠸᠢᠰ ᠤᠨ ︽ᠲᠠᠮᠢᠷ ᠤᠷᠠᠯᠢᠭ︾ ᠳᠡᠯᠭᠡᠴᠡ ᠪᠠᠷ ᠤᠯᠤᠰ ᠤᠷᠤᠨ ᠪᠠ ᠳᠡᠯᠡᠬᠡᠢ ᠨᠡᠶᠢᠳᠡ ᠳᠤ ᠨᠠᠷ᠎ᠠ ᠨᠦᠯᠦᠭᠡ ᠪᠠᠨ ᠦᠷᠭᠡᠳᠭᠡᠭᠰᠡᠨ ᠪᠠᠶᠢᠳᠠᠭ᠂ ᠡᠭᠦᠨ ᠤ ᠬᠠᠮᠳᠤ ᠤᠯᠠᠨ ᠤᠳᠠᠭᠠᠨ ᠤ ᠱᠠᠩᠨᠠᠯᠳᠤ ᠤᠷᠤᠯᠳᠤᠭᠠᠨ ᠢ ᠵᠤᠬᠢᠶᠠᠨ ᠪᠠᠶᠢᠭᠤᠯᠤᠭᠰᠡᠨ ᠪᠦᠭᠡᠳ ᠲᠤᠮᠳᠠᠳᠤ ᠪᠠᠭ᠎ᠠ ᠰᠤᠷᠭᠠᠭᠤᠯᠢ ᠶᠢᠨ ᠬᠡᠤᠬᠡᠳ ᠪᠠᠭᠠᠴᠤᠳ ᠲᠤ ᠵᠢᠭᠠᠨ ᠰᠤᠷᠭᠠᠬᠤ ᠪᠤᠯᠵᠦ᠂ ᠤᠯᠠᠮᠵᠢᠯᠠᠵᠦ ᠵᠠᠯᠭᠠᠮᠵᠢᠯᠠᠬᠤ ᠠᠵᠢᠯ ᠢ ᠴᠤ ᠰᠠᠶᠢᠳᠤᠷ ᠠᠳᠬᠤᠭᠰᠠᠨ ᠪᠠᠶᠢᠨ᠎ᠠ᠃      ᠤᠶᠢᠷ᠎ᠠ ᠶᠢᠨ ᠵᠢᠯ ᠤᠳ ᠲᠤ ᠲᠤᠰ ᠨᠡᠶᠢᠭᠡᠮᠯᠢᠭ ᠨᠢ᠂ ᠵᠠᠰᠠᠭ ᠤᠨ ᠭᠠᠵᠠᠷ ᠤᠨ ᠳᠡᠮᠵᠢᠯᠭᠡ ᠲᠠᠢ ᠪᠠᠷ ᠪᠦᠬᠦ ᠤᠷᠤᠨ ᠤ ︽ᠯᠾᠠᠵᠠᠪ ᠬᠤᠨᠳᠠᠭᠠᠳᠤ︾᠂ ︽ᠪᠤᠶᠠᠨᠳᠡᠯᠭᠡᠷ ᠬᠤᠨᠳᠠᠭᠠᠳᠤ︾ ᠤᠷᠳᠤ ᠶᠢᠨ ᠲᠠᠭᠤᠤ ᠶᠢᠨ ᠲᠤᠮᠤᠬᠠᠨ ᠤᠷᠤᠯᠳᠤᠭᠠᠨ ᠢ ᠬᠤᠰᠢᠭᠤᠨ ᠳᠠᠭᠠᠨ ᠲᠠᠭᠠᠭᠠᠴᠢᠯᠠᠨ ᠡᠷᠬᠢᠯᠡᠵᠦ ᠠᠮᠵᠢᠯᠳᠠ ᠲᠠᠢ ᠪᠤᠯᠤᠭᠰᠠᠨ ᠪᠦᠭᠡᠳ ᠤᠷᠳᠤ ᠶᠢᠨ ᠲᠠᠭᠤᠤ ᠪᠠᠨ ᠠᠪᠤᠷᠠᠨ ᠬᠦᠭᠵᠢᠭᠦᠯᠬᠦ᠂ ᠤᠯᠠᠮᠵᠢᠯᠠᠨ ᠪᠠᠳᠠᠷᠠᠭᠤᠯᠬᠤ ᠳᠤ ᠴᠢᠬᠤᠯᠠ ᠶᠡᠭᠡ ᠠᠬᠢᠭᠤᠯᠬᠤ ᠦᠢᠯᠠᠳᠦᠯ ᠢ ᠦᠵᠡᠭᠦᠯᠦᠭᠰᠡᠨ ᠪᠠᠶᠢᠭ᠎ᠠ ᠶᠤᠮ᠃                                                      
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号