ᠴᠢᠨ ᠱᠢ ᠬᠤᠸᠠᠩ ᠤᠨ ᠤᠩᠭᠤᠨ ᠤ 9 ᠳᠤᠮᠤ ᠨᠢᠭᠤᠴᠠ
ᠨᠡᠶᠢᠲᠡᠯᠡᠭᠰᠡᠨ ᠴᠠᠭ᠄
2024/4/1
      ᠴᠢᠨ ᠱᠢ ᠬᠤᠸᠠᠩ ᠤᠨ ᠥᠩᠭᠡᠷᠡᠯᠳᠡ ᠶᠠᠪᠤᠴᠠ ᠳᠢᠪ ᠳᠡᠯᠡᠬᠡᠢ ᠳᠤ ᠠᠯᠳᠠᠷᠳᠠᠢ᠂ ᠲᠥᠮᠡᠨ ᠤᠯᠠᠨ ᠤ ᠠᠩᠬᠠᠷᠤᠯ ᠢ ᠳᠠᠳᠠᠭᠰᠠᠨ ᠢᠶᠠᠷ ᠪᠠᠷᠠᠬᠤ ᠥᠭᠡᠢ ᠳᠡᠭᠦᠨ ᠤ ᠤᠩᠭᠤᠨ ᠨᠢ ᠪᠠᠰᠠ ᠤᠯᠠᠨ ᠬᠠᠴᠢᠨ ᠭᠠᠶᠢᠬᠠᠮᠰᠢᠭ ᠪᠠ ᠨᠢᠭᠤᠴᠠ ᠲᠠᠢ ᠪᠠᠶᠢᠵᠤ᠂ ᠡᠳᠤᠭᠡ ᠮᠥᠨ ᠤᠯᠠᠨ ᠨᠢᠭᠤᠴᠠ ᠨᠢ ᠳᠠᠶᠢᠯᠤᠭᠳᠠᠭ᠎ᠠ ᠥᠭᠡᠢ ᠪᠠᠶᠢᠭᠰᠠᠭᠠᠷ ᠶᠤᠮ᠃ ᠡᠭᠦᠨ ᠳᠤ ᠭᠤᠤᠯᠳᠠᠭᠤ ᠶᠢᠰᠤᠨ ᠨᠢᠭᠤᠴᠠ ᠨᠢ ᠬᠠᠮᠤᠭ ᠠᠩᠬᠠᠷᠤᠭᠤᠰᠢᠳᠡᠢ ᠪᠠᠶᠢᠳᠠᠭ᠃      ᠨᠢᠭᠡᠳᠤᠭᠡᠷ ᠨᠢᠭᠤᠴᠠ᠄ ᠤᠩᠭᠤᠨ ᠤ ᠭᠤᠤᠯ ᠤᠷᠳᠤᠨ ᠨᠢ ᠴᠤᠬᠤᠮ ᠭᠡᠴᠢᠨᠡᠨ ᠭᠥᠨ ᠳᠤ ᠪᠠᠶᠢᠷᠢᠰᠢᠵᠤ ᠪᠠᠶᠢᠬᠤ ᠪᠤᠢ︖ ᠬᠠᠮᠤᠭ ᠤᠨ ᠰᠢᠨ᠎ᠠ ᠪᠠᠶᠢᠴᠠᠭᠠᠨ ᠰᠢᠨᠵᠢᠯᠡᠭᠰᠡᠨ ᠢ ᠥᠨᠳᠤᠰᠥᠯᠡᠪᠡᠯ᠂ ᠴᠢᠨ ᠱᠢ ᠬᠤᠸᠠᠩ ᠤᠨ ᠤᠩᠭᠤᠨ ᠤ ᠰᠠᠭᠤᠷᠢ ᠵᠡᠭᠦᠨᠰᠢ ᠪᠠᠷᠠᠭᠤᠨᠰᠢ 260 ᠮᠧᠲᠷ ᠤᠷᠳᠤ᠂ ᠡᠮᠤᠨᠡᠰᠢ ᠬᠤᠶᠢᠰᠢ 160 ᠮᠧᠲᠷ ᠥᠷᠭᠡᠨ᠂ ᠶᠡᠷᠤᠩᠬᠡᠢ ᠳᠠᠯᠠᠪᠠᠢ ᠨᠢ 4.16 ᠲᠥᠮᠡᠨ ᠳᠡᠭᠰᠢ ᠲᠥᠷᠪᠡᠯᠵᠢᠨ ᠮᠧᠲᠷ ᠪᠠᠶᠢᠵᠤ᠂ 5 ᠬᠥᠯ ᠪᠥᠮᠪᠤᠭᠡᠨ ᠤ ᠳᠠᠯᠠᠪᠤᠷ ᠤᠨ ᠵᠡᠷᠭᠡ ᠶᠡᠭᠡ ᠪᠠᠶᠢᠳᠠᠭ᠃      ᠰᠢᠨᠵᠢᠯᠡᠬᠦ ᠤᠬᠠᠭᠠᠨᠳᠠᠨ ᠨᠠᠷ ᠤᠩᠭᠤᠨ ᠤ ᠤᠷᠳᠤᠨ ᠤ ᠶᠡᠭᠡ ᠲᠥᠯᠥᠪ ᠪᠠᠶᠢᠳᠠᠯ ᠢ ᠲᠥᠰᠥᠭᠡᠯᠡᠵᠤ ᠪᠠᠶᠢᠪᠠᠴᠤ ᠤᠷᠳᠤᠨ ᠤ ᠪᠠᠶᠢᠷᠢᠰᠢᠭ᠎ᠠ ᠭᠥᠨ ᠤ ᠬᠡᠮᠵᠢᠶ᠎ᠠ ᠴᠤᠬᠤᠮ ᠬᠡᠳᠤᠢ ᠪᠤᠯᠬᠤ ᠶᠢ ᠤᠳᠤ ᠪᠠᠰᠠ ᠪᠤᠳᠠᠳᠠᠢ ᠳᠤᠭᠳᠠᠭᠠᠵᠤ ᠳᠡᠶᠢᠯᠤᠭᠡ ᠥᠭᠡᠢ ᠪᠠᠶᠢᠭᠰᠠᠭᠠᠷ᠃      ᠬᠤᠶᠠᠳᠤᠭᠠᠷ ᠨᠢᠭᠤᠴᠠ᠄ ᠭᠠᠵᠠᠷ ᠳᠤᠤᠷᠠᠬᠢ ᠤᠷᠳᠤᠨ ᠨᠢ ᠴᠤᠬᠤᠮ ᠬᠡᠳᠤᠨ ᠡᠭᠦᠳᠡ ᠲᠠᠢ ᠪᠤᠢ︖ ᠴᠢᠨ ᠱᠢ ᠬᠤᠸᠠᠩ ᠤᠨ ᠤᠩᠭᠤᠨ ᠤ ᠡᠭᠦᠳᠡ ᠶᠢᠨ ᠳᠤᠬᠠᠢ ︽ᠰᠤᠳᠤᠷ ᠪᠢᠴᠢᠭ︾ ᠲᠤ ᠭᠤᠷᠪᠠᠨ ᠡᠭᠦᠳᠡ ᠲᠠᠢ ᠭᠡᠮᠡᠨ ᠳᠡᠮᠳᠡᠭᠯᠡᠵᠤ ᠪᠠᠶᠢᠪᠠᠴᠤ ᠤᠳᠤ ᠮᠥᠨ ᠪᠤᠳᠠᠳᠠᠢ ᠰᠢᠨᠵᠢᠯᠡᠵᠤ ᠳᠤᠭᠳᠠᠭᠠᠬᠤ ᠶᠢᠨ ᠠᠷᠭ᠎ᠠ ᠥᠭᠡᠢ ᠪᠠᠶᠢᠭᠰᠠᠭᠠᠷ᠃      ᠭᠤᠷᠪᠠᠳᠤᠭᠠᠷ ᠨᠢᠭᠤᠴᠠ᠄ ᠭᠠᠵᠠᠷ ᠳᠤᠤᠷᠠᠬᠢ ᠤᠷᠳᠤᠨ ᠤ ᠳᠡᠭᠡᠷᠡᠬᠢ ︽ᠳᠡᠭᠷᠢ ᠶᠢᠨ ᠪᠢᠴᠢᠭ︾ ᠨᠢ ᠶᠠᠮᠠᠷ ᠤᠳᠬ᠎ᠠ ᠲᠠᠢ ᠪᠤᠢ︖ ᠴᠢᠨ ᠱᠢ ᠬᠤᠸᠠᠩ ᠤᠨ ᠤᠩᠭᠤᠨ ᠤ ᠭᠤᠤᠯ ᠤᠷᠳᠤᠨ ᠤ ᠳᠡᠭᠡᠷ᠎ᠠ ᠳᠠᠯ᠎ᠠ ᠳᠤ ᠬᠥᠮᠥᠨ ᠳᠤ ᠳᠠᠨᠢᠭᠳᠠᠬᠤ ᠥᠭᠡᠢ ᠰᠤᠨᠢᠨ ᠵᠢᠷᠤᠭ ᠪᠠᠶᠢᠵᠤ᠂ ᠤᠯᠠᠨ ᠳᠤᠰᠬᠠᠢ ᠮᠡᠷᠭᠡᠵᠢᠯᠳᠡᠨ ᠰᠤᠪᠢᠨ ᠰᠡᠳᠬᠢᠭᠰᠡᠨ ᠪᠤᠯᠪᠠᠴᠤ ᠡᠳᠤᠭᠡ ᠮᠥᠨ ᠥᠨᠡᠨ ᠤᠳᠬ᠎ᠠ ᠶᠢ ᠮᠡᠳᠡᠭᠡᠳᠤᠢ ᠪᠠᠶᠢᠭᠰᠠᠭᠠᠷ᠃      ᠲᠥᠷᠪᠡᠳᠤᠭᠡᠷ ᠨᠢᠭᠤᠴᠠ᠄ ᠭᠠᠵᠠᠷ ᠳᠤᠤᠷᠠᠬᠢ ᠤᠷᠳᠤᠨ ᠤ ᠳᠤᠳᠤᠷ᠎ᠠ ᠮᠥᠩᠭᠦᠨ ᠤᠰᠤᠨ ᠭᠤᠤᠯ ᠲᠠᠢ ᠤᠤ︖ ᠡᠷᠳᠡᠨ ᠤ ︽ᠰᠤᠳᠤᠷ ᠪᠢᠴᠢᠭ︾ ᠲᠤ ᠴᠢᠨ ᠱᠢ ᠬᠤᠸᠠᠩ ᠤᠨ ᠤᠩᠭᠤᠨ ᠤ ᠳᠤᠳᠤᠷ᠎ᠠ ᠮᠥᠩᠭᠦᠨ ᠤᠰᠤᠨ ᠭᠤᠤᠯ ᠲᠠᠢ ᠭᠡᠮᠡᠨ ᠳᠡᠮᠳᠡᠭᠯᠡᠵᠤ᠂ ᠤᠳᠤ ᠶᠢᠨ ᠬᠠᠶᠢᠨ ᠰᠢᠨᠵᠢᠯᠡᠭᠡ ᠪᠠᠷ ᠳᠠᠮᠵᠢᠨ ᠤᠩᠭᠤᠨ ᠤ ᠬᠥᠷᠤᠰᠤᠨ ᠳᠤ  ᠬᠢ ᠮᠥᠩᠬᠦᠨ ᠤᠰᠤᠨ ᠤ ᠠᠭᠤᠯᠤᠭᠳᠠᠴᠠ ᠬᠡᠪ ᠤᠨ ᠪᠤᠰᠤ ᠪᠠᠶᠢᠬᠤ ᠶᠢ ᠮᠡᠳᠡᠭᠰᠡᠨ ᠪᠤᠯᠪᠠᠴᠤ ᠤᠩᠭᠤᠨ ᠤ ᠳᠤᠳᠤᠷ᠎ᠠ ᠥᠨᠡᠭᠡᠷ ᠮᠥᠩᠭᠦᠨ ᠤᠰᠤᠨ ᠭᠤᠤᠯ ᠤᠷᠤᠰᠢᠵᠤ ᠪᠠᠶᠢᠬᠤ ᠡᠰᠡᠬᠦ ᠳᠤᠬᠠᠢ ᠨᠡᠩ ᠪᠠᠳᠤᠳᠠᠢ ᠭᠡᠷᠡᠴᠢ ᠪᠠᠷᠢᠮᠳᠠ ᠤᠯᠤᠭ᠎ᠠ ᠥᠭᠡᠢ ᠪᠠᠶᠢᠭᠰᠠᠭᠠᠷ᠃      ᠳᠠᠪᠤᠳᠤᠭᠠᠷ ᠨᠢᠭᠤᠴᠠ᠄ ᠭᠠᠵᠠᠷ ᠳᠤᠤᠷᠠᠬᠢ ᠤᠷᠳᠤᠨ ᠤ ᠳᠤᠳᠤᠷ᠎ᠠ ᠴᠤᠬᠤᠮ ᠬᠡᠴᠢᠨᠡᠨ ᠡᠳ᠋ ᠡᠷᠳᠡᠨᠢᠰ ᠬᠠᠳᠠᠭᠠᠯᠠᠭᠳᠠᠵᠤ ᠪᠠᠶᠢᠬᠤ ᠪᠤᠢ︖ ︽ᠰᠤᠳᠤᠷ ᠪᠢᠴᠢᠭ︾  ᠲᠤ ᠴᠢᠨ ᠱᠢ ᠬᠤᠸᠠᠩ ᠤᠨ ᠤᠩᠭᠤᠨ ᠤ ᠳᠤᠳᠤᠷ᠎ᠠ ᠠᠯᠳᠠ ᠮᠥᠩᠬᠦ᠂ ᠬᠠᠰ ᠰᠤᠪᠤᠳ ᠳᠠᠨ᠎ᠠ ᠵᠡᠷᠭᠡ ᠳᠤᠭ᠎ᠠ ᠳᠤᠮᠰᠢ ᠥᠭᠡᠢ ᠬᠤᠪᠤᠷ ᠡᠳ᠋ ᠡᠷᠳᠡᠨᠢ ᠬᠠᠳᠠᠭᠠᠯᠠᠪᠠ ᠭᠡᠵᠤ ᠳᠡᠮᠳᠡᠭᠯᠡᠵᠤ ᠪᠠᠶᠢᠭ᠎ᠠ ᠪᠤᠯᠪᠠᠴᠤ ᠤᠩᠭᠤᠨ ᠳᠤ ᠴᠤᠬᠤᠮ ᠬᠡᠴᠢᠨᠡᠨ ᠵᠥᠢᠯ ᠤᠨ ᠡᠳ᠋ ᠡᠷᠳᠡᠨᠢ ᠬᠠᠳᠠᠭᠠᠯᠠᠭᠳᠠᠵᠤ ᠪᠠᠶᠢᠬᠤ ᠶᠢ ᠤᠳᠤ ᠪᠤᠯᠳᠠᠯ᠎ᠠ ᠮᠥᠨ ᠰᠢᠨᠵᠢᠯᠡᠵᠤ ᠮᠡᠳᠡᠬᠦ ᠶᠢᠨ ᠠᠷᠭ᠎ᠠ ᠥᠭᠡᠢ ᠪᠠᠶᠢᠭᠰᠠᠭᠠᠷ᠃      ᠵᠢᠷᠭᠤᠳᠤᠭᠠᠷ ᠨᠢᠭᠤᠴᠠ᠄ ᠴᠢᠨ ᠱᠢ ᠬᠤᠸᠠᠩ ᠤᠨ ᠤᠩᠭᠤᠨ ᠤ ᠠᠪᠰᠠ ᠨᠢ ᠮᠤᠳᠤ ᠶᠤᠮ ᠤᠤ ᠵᠡᠰ ᠶᠤᠮ ᠤᠤ︖ ︽ᠰᠤᠳᠤᠷ ᠪᠢᠴᠢᠭ︾ ᠲᠤ ᠴᠢᠨ ᠱᠢ ᠬᠤᠸᠠᠩ ᠢ ᠵᠡᠰ ᠠᠪᠰᠠᠨ ᠳᠤ ᠬᠢᠪᠡ ᠭᠡᠵᠤ ᠳᠡᠮᠳᠡᠭᠯᠡᠵᠤ ᠪᠠᠶᠢᠭ᠎ᠠ ᠪᠤᠯᠪᠠᠴᠤ ᠳᠡᠤᠬᠡ ᠰᠤᠳᠤᠷ ᠤᠨ ᠮᠡᠷᠭᠡᠵᠢᠯᠳᠡᠨ ᠨᠠᠷ ᠡᠭᠦᠨ ᠤ ᠳᠤᠬᠠᠢ ᠰᠡᠵᠢᠭᠯᠡᠯᠳᠡᠢ ᠪᠤᠢ᠃      ᠳᠤᠯᠤᠳᠤᠭᠠᠷ ᠨᠢᠭᠤᠴᠠ᠄ ᠭᠠᠵᠠᠷ ᠳᠤᠤᠷᠠᠬᠢ ᠤᠷᠳᠤᠨ ᠤ ᠭᠠᠳᠠᠷᠭᠤ ᠤᠷᠤᠨ ᠵᠠᠢ ᠪᠠᠶᠢᠬᠤ ᠤᠤ︖ ᠳᠡᠤᠬᠡ ᠰᠤᠳᠤᠷ ᠤᠨ ᠳᠡᠮᠳᠡᠭᠯᠡᠯ ᠪᠠ ᠤᠳᠤ ᠥᠶ᠎ᠠ ᠶᠢᠨ ᠬᠠᠶᠢᠨ ᠰᠢᠨᠵᠢᠯᠡᠭᠰᠡᠨ ᠢ ᠥᠨᠳᠤᠰᠥᠯᠡᠪᠡᠯ᠂ ᠴᠢᠨ ᠱᠢ ᠬᠤᠸᠠᠩ ᠤᠨ ᠤᠩᠭᠤᠨ ᠤ ᠭᠠᠳᠠᠷᠭᠤ ᠤᠷᠤᠨ ᠵᠠᠢ ᠪᠠᠶᠢᠬᠤ ᠪᠤᠯᠤᠮᠵᠢ ᠲᠠᠢ᠃      ᠨᠠᠢᠮᠠᠳᠤᠭᠠᠷ ᠨᠢᠭᠤᠴᠠ᠄ ᠭᠠᠵᠠᠷ ᠳᠤᠤᠷᠠᠬᠢ ᠤᠷᠳᠤᠨ ᠤ ᠳᠤᠳᠤᠷ᠎ᠠ ᠬᠠᠮᠠᠭᠠᠯᠠᠯᠳᠠ ᠶᠢᠨ ᠨᠢᠭᠤᠴᠠ ᠰᠤᠮᠤ ᠪᠠᠶᠢᠨᠠᠤ︖ ︽ᠰᠤᠳᠤᠷ ᠪᠢᠴᠢᠭ︾ ᠲᠤ ᠴᠢᠨ ᠱᠢ ᠬᠤᠸᠠᠩ ᠤᠨ ᠤᠩᠭᠤᠨ ᠤ ᠳᠤᠳᠤᠷ᠎ᠠ ᠥᠪᠡᠰᠤᠪᠠᠨ ᠬᠠᠷᠪᠤᠬᠤ ᠨᠢᠭᠤᠴᠠ ᠰᠤᠮᠤ ᠲᠠᠢ ᠭᠡᠵᠤ ᠳᠡᠮᠳᠡᠭᠯᠡᠵᠤ ᠪᠠᠶᠢᠳᠠᠭ᠃ ᠥᠨᠡᠭᠡᠷ ᠨᠢᠭᠤᠴᠠ ᠰᠤᠮᠤ ᠪᠠᠶᠢᠬᠤ ᠡᠰᠡᠬᠦ ᠳᠤᠬᠠᠢ ᠤᠳᠤᠬᠠᠨ ᠳᠤ ᠪᠠᠳᠤᠳᠠᠢ ᠨᠤᠳᠠᠯᠠᠵᠤ ᠳᠡᠶᠢᠯᠤᠭᠡ ᠥᠭᠡᠢ ᠪᠠᠶᠢᠭᠰᠠᠭᠠᠷ᠃      ᠶᠢᠰᠤᠳᠤᠭᠡᠷ ᠨᠢᠭᠤᠴᠠ᠄ ᠴᠢᠨ ᠱᠠᠢ ᠬᠤᠸᠠᠩ ᠤᠨ ᠬᠡᠭᠦᠷ ᠪᠡᠶ᠎ᠠ ᠪᠥᠷᠢᠨ ᠪᠥᠳᠤᠨ ᠪᠠᠶᠢᠬᠤ ᠤᠤ︖ ᠴᠢᠨ ᠱᠢ ᠬᠤᠸᠠᠩ ᠠᠶᠠᠨ ᠤ ᠭᠤᠳᠤᠰ ᠥᠬᠦᠵᠤ᠂ ᠪᠠᠰᠠ ᠶᠠᠭ ᠵᠤᠨ ᠤ ᠤᠯᠠᠷᠢᠯ ᠬᠠᠷᠭᠤᠵᠤ᠂ ᠤᠩᠭᠤᠨ ᠳᠤ ᠠᠪᠠᠴᠢᠨ ᠤᠷᠤᠰᠢᠭᠤᠯᠳᠠᠯ᠎ᠠ 50 ᠭᠠᠷᠤᠢ ᠡᠳᠤᠷ ᠬᠡᠷᠡᠭᠰᠡᠭᠰᠡᠨ ᠳᠤᠯᠠ ᠳᠡᠭᠦᠨ ᠤ ᠮᠢᠬᠠᠨ ᠪᠡᠶ᠎ᠠ ᠪᠥᠷᠢᠨ ᠪᠥᠳᠤᠨ ᠪᠠᠶᠢᠬᠤ ᠪᠤᠯᠤᠮᠵᠢ ᠮᠠᠰᠢ ᠪᠠᠭ᠎ᠠ ᠶᠤᠮ᠃
 
ᠢᠷᠡᠯᠲᠡ᠄ ᠳᠠᠯᠠᠳ ᠬᠤᠰᠢᠭᠤᠨ ᠤ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号